ᠣᠷᠣᠢ ᠦᠭᠡᠢ ᠰᠦᠮ᠎ᠡ – ᠵᠢᠷᠭᠤᠭ᠎ᠠ᠂ ᠪᠠᠷᠠᠪᠠᠩ ᠭᠡᠢᠳ ᠦᠨ ᠱᠠᠪᠢ Оройгүй сүм – Зургаа ᠂ Бэрээвэн гийдийн шавь - Oroigui sum 6
ᠵᠢᠷᠭᠤᠭ᠎ᠠ᠂ ᠪᠠᠷᠠᠪᠠᠩ ᠭᠡᠢᠳ ᠦᠨ ᠱᠠᠪᠢ
ᠡᠷᠳᠡᠨᠢ ᠳ᠋ᠦ᠍ ᠠᠯᠲᠠ ᠨᠢᠭᠡ ᠰᠢᠷ᠎ᠠ
ᠡᠳᠡᠨ ᠳ᠋ᠦ᠍ ᠵᠠᠩᠴᠢ ᠨᠢᠭᠡ ᠰᠢᠷ᠎ᠠ
ᠢᠳᠡᠭᠡᠨ ᠳ᠋ᠦ᠍ ᠤᠭᠤᠷᠠᠭ ᠨᠢᠭᠡ ᠰᠢᠷ᠎ᠠ
ᠲᠥᠪᠡᠳ ᠲᠦ᠍ ᠨᠣᠮ ᠤ᠋ᠨ ᠮᠥᠷ ᠬᠥᠭᠡᠭᠡᠵᠦ ᠣᠴᠢᠭᠰᠠᠨ ᠮᠣᠩᠭᠣᠯᠴᠤᠳ ᠪᠠᠷᠠᠪᠠᠩ ᠶᠤᠮ ᠤᠤ ᠰᠸᠷᠠ ᠬᠡᠢᠳ ᠲᠦ᠍ ᠰᠠᠭᠤᠵᠤ ᠨᠣᠮ ᠦᠵᠡᠳᠡᠭ ᠵᠠᠩᠰᠢᠯ ᠣᠯᠠᠨ ᠣᠨ ᠢ᠋ ᠳᠠᠮᠵᠢᠨ ᠲᠣᠭᠲᠠᠵᠠᠢ᠃ ᠲᠡᠷᠡ ᠶᠣᠰᠣᠭᠠᠷ ᠭᠡᠰᠦᠯ ᠰᠡᠩᠵᠢ ᠶ᠋ᠢ ᠪᠠᠷᠠᠪᠠᠩ ᠬᠡᠢᠳ ᠲᠦ᠍ ᠰᠠᠭᠤᠯᠭᠠᠬᠤ ᠪᠠᠷ ᠪᠣᠯᠪᠠ᠃
- ᠪᠠᠷᠠᠪᠠᠩ ᠬᠡᠢᠳ ᠲᠦ᠍ ᠰᠠᠭᠤᠬᠤ ᠨᠢ ᠳᠡᠭᠡᠷ᠎ᠡ ᠪᠢᠵᠡ ᠳᠡ᠃ ᠪᠣᠭᠳᠠ ᠭᠡᠭᠡᠨ ᠦ᠌ ᠮᠠᠨᠢ ᠬᠤᠪᠢᠯᠭᠠᠨ ᠠᠩᠬ᠎ᠠ ᠠᠷᠠᠪᠨᠠᠶᠢᠯᠠᠭᠰᠠᠨ ᠬᠡᠢᠳ ᠶᠦᠮ᠃ ᠲᠡᠭᠡᠭᠡᠳ ᠮᠢᠨᠦ ᠪᠠᠭ᠎ᠠ ᠳ᠋ᠠᠭᠠᠨ ᠰᠠᠭᠤᠵᠤ ᠪᠠᠢᠭᠰᠠᠨ ᠭᠠᠵᠠᠷ! ᠭᠡᠵᠦ ᠴᠤᠢᠮᠴᠤᠭ ᠭᠡᠯᠦᠩ ᠱᠠᠪᠢ ᠳ᠋ᠠᠭᠠᠨ ᠵᠥᠪᠯᠡᠵᠦ ᠬᠡᠯᠡᠵᠡᠢ᠃ ᠪᠠᠭᠰᠢ ᠶ᠋ᠢᠨ ᠦᠭᠡ ᠲᠡᠭᠦᠨ ᠳ᠋ᠦ᠍ ᠬᠠᠤᠯᠢ ᠪᠣᠯᠬᠣᠷ ᠰᠡᠩᠵᠢ ᠭᠡᠰᠦᠯ ᠳᠠᠭᠤ ᠦᠭᠡᠢ ᠵᠥᠪᠰᠢᠶᠡᠷᠡᠵᠡᠢ᠃ ᠮᠥᠷᠭᠥᠯᠴᠢᠳ ᠴᠦ᠍ ᠪᠠᠷᠠᠪᠠᠩ ᠬᠡᠢᠳ ᠣᠷᠣᠵᠤ ᠲᠡᠨᠳᠡᠬᠢ ᠶ᠋ᠢᠨ ᠨᠠᠨᠳᠢᠨ ᠰᠢᠲᠦᠭᠡᠨ ᠨᠦ᠍ᠭᠦᠳ ᠲᠦ᠍ ᠮᠥᠷᠭᠥᠬᠦ ᠴᠠᠭ ᠪᠣᠯᠤᠭᠰᠠᠨ ᠲᠤᠯᠠ ᠴᠥᠮ ᠢ᠋ᠶ᠋ᠡᠷ ᠢ᠋ᠶ᠋ᠡᠨ ᠬᠠᠮᠲᠤ ᠶᠠᠪᠤᠬᠤ ᠪᠣᠯᠵᠠᠢ᠃
ᠪᠠᠷᠠᠪᠠᠩ ᠬᠡᠢᠳ ᡀᠠᠰᠠ ᠠ᠋ᠴᠠ ᠨᠡᠯᠢᠶᠡᠳ ᠬᠡᠳᠦᠨ ᠰᠠᠭᠠᠬᠠᠯᠲᠠ ᠶ᠋ᠢᠨ ᠬᠣᠯᠠ ᠵᠠᠢᠲᠠᠢ ᠭᠡᠨᠫᠠᠯ ᠠᠭᠤᠯᠠ ᠶ᠋ᠢᠨ ᠥᠪᠥᠷ ᠲᠦ᠍ ᠣᠷᠣᠰᠢᠳᠠᠭ ᠪᠠᠢᠯ᠎ᠠ᠃ ᠲᠡᠷᠡ ᠬᠡᠢᠳ ᠦ᠋ᠨ ᠭᠣᠮᠠᠨ ᠳ᠋ᠠᠴᠠᠩ ᠳ᠋ᠤ᠌ ᠭᠣᠣᠯ ᠲᠥᠯᠥᠪ ᠪᠣᠭᠳᠠ ᠶ᠋ᠢᠨ ᠱᠠᠪᠢ ᠨᠠᠷ ᠰᠠᠭᠤᠨ᠎ᠠ᠃ ᠬᠠᠯᠬ᠎ᠠ ᠠ᠋ᠴᠠ ᠢᠷᠡᠭᠰᠡᠨ ᠬᠥᠮᠦᠰ ᠰᠠᠮᠠᠯᠤ ᠺᠠᠮᠴᠠᠩ( ᠵᠢᠰᠠ) ᠳ᠋ᠤ᠌ ᠬᠠᠮᠢᠶᠠᠷᠳᠠᠭ ᠪᠠᠢᠵᠠᠢ᠃ ᠲᠡᠳᠡ ᠪᠠᠰᠠ ᠬᠠᠯᠬ᠎ᠠ ᠮᠢᠴᠠᠩ ᠪᠣᠯᠤᠨ᠎ᠠ᠃ ᠪᠤᠰᠤᠳ ᠮᠣᠩᠭᠣᠯᠴᠤᠳ ᠲᠤᠰ ᠲᠤᠰ ᠲᠠᠭᠠᠨ ᠥᠪᠡᠷ ᠥᠪᠡᠷ ᠮᠠᠴᠠᠨ ᠳ᠋ᠤ᠌ ᠬᠤᠪᠢᠶᠠᠭᠳᠠᠳᠠᠭ ᠲᠤᠯᠠ ᠲᠣᠷᠭᠤᠳ ᠤ᠋ᠳ ᠲᠣᠷᠭᠤᠳ᠂ ᠥᠭᠡᠯᠡᠳ ᠦ᠋ᠳ ᠴᠤᠾᠠᠨ᠂ ᠥᠪᠥᠷ ᠮᠣᠩᠭᠣᠯᠴᠤᠳ ᠵᠤᠷᠴᠤᠳ ᠮᠢᠴᠠᠩ ᠭᠡᠬᠦᠴᠢᠯᠡᠨ ᠬᠤᠪᠢᠶᠠᠷᠢᠯᠠᠭᠳᠠᠳᠠᠭ ᠪᠠᠢᠵᠠᠢ᠃
ᠪᠠᠷᠠᠪᠠᠩ ᠬᠡᠢᠳ ᠲᠦ᠍ ᠮᠥᠷᠭᠥᠯᠴᠢᠳ ᠥᠷᠯᠥᠭᠡ ᠡᠷᠲᠡᠯᠡᠨ ᠣᠴᠢᠪᠠ᠃ ᠵᠢᠩᠬᠢᠨᠢ ᠨᠡᠷ᠎ᠡ ᠨᠢ ᠪᠠᠯᠳᠠᠨ ᠪᠠᠷᠠᠪᠠᠩ ᠪᠤᠶᠤ ᠦᠷ᠎ᠡ ᠵᠢᠮᠢᠰ ᠦ᠋ᠨ ᠭᠢᠯᠠᠯᠵᠠᠭᠰᠠᠨ ᠣᠪᠣᠭ᠎ᠠ ᠭᠡᠳᠡᠭ ᠡᠨᠡ ᠬᠡᠢᠳ ᠲᠦ᠍ ᠵᠢᠮᠢᠰ ᠮᠣᠳᠣ ᠶᠡᠬᠡ ᠯᠡ ᠣᠯᠠᠨ ᠢ᠋ᠶ᠋ᠠᠷ ᠤᠷᠭᠤᠳᠠᠭ ᠪᠠᠢᠯ᠎ᠠ᠃ ᠭᠡᠨᠫᠠᠯ ᠠᠭᠤᠯᠠ ᠶ᠋ᠢᠨ ᠥᠪᠥᠷ ᠲᠦ᠍ ᠳᠤᠭᠤᠢᠷᠠᠨ ᠣᠷᠣᠰᠢᠬᠤ ᠪᠠᠷᠠᠪᠠᠩ ᠬᠡᠢᠳ ᠦ᠋ᠨ ᠪᠠᠷᠠᠭᠤᠨ ᠤᠷᠢᠲᠤ ᠤᠷᠤᠭᠤ ᠠᠯᠲᠠᠨ ᠣᠷᠣᠢ ᠲᠠᠢ ᠴᠣᠭᠴᠢᠨ ᠳᠤᠭᠠᠩ᠂ ᠳᠠᠯᠠᠢ ᠯᠠᠮᠠ ᠶ᠋ᠢᠨ ᠵᠠᠯᠠᠷᠠᠳᠠᠭ ᠭᠠᠯᠳᠠᠨ ᠫᠤᠪᠷᠠᠩ ᠬᠡᠢᠳ ᠪᠦᠬᠦᠨ ᠡᠴᠡ ᠥᠨᠳᠥᠷ ᠲᠦ᠍ ᠰᠦᠷᠯᠢᠭ ᠰᠠᠢᠬᠠᠨ ᠬᠠᠷᠠᠭᠳᠠᠨ᠎ᠠ᠃ ᠵᠡᠭᠦᠨ ᠤᠷᠢᠳᠤ ᠤᠷᠤᠭᠤ ᠤᠬᠠᠭᠠᠨ ᠲᠡᠵᠢᠭᠡᠭᠴᠢ ᠣᠷᠴᠢᠯᠠᠩ ᠪᠤᠶᠤ ᠯᠤᠰᠠᠯᠯᠢᠩ ᠳ᠋ᠠᠴᠠᠩ ᠳᠡᠷᠡᠨ ᠡᠴᠡ ᠬᠣᠯᠠ ᠦᠭᠡᠢ ᠲᠢᠶᠠᠨ᠂ ᠭᠣᠮᠠᠨ ᠳ᠋ᠠᠴᠠᠩ ᠨᠤᠭᠤᠳ ᠰᠢᠯᠢ ᠰᠢᠯᠢ ᠪᠡᠨ ᠬᠠᠷᠠᠨ ᠣᠷᠣᠰᠢᠳᠠᠭ ᠠᠵᠢ᠃
- ᠲᠡᠷᠡ ᠰᠢᠷᠭᠠᠯ ᠪᠠᠢᠰᠢᠩ ᠪᠣᠭᠳᠠ ᠭᠡᠭᠡᠨ ᠦ᠌ ᠮᠣᠷᠢᠯᠠᠨ ᠢᠷᠡᠬᠦ ᠳ᠋ᠡᠭᠡᠨ ᠵᠠᠯᠠᠷᠠᠳᠠᠭ ᠭᠠᠵᠠᠷ᠂ ᠬᠤᠲᠤᠭᠲᠤ ᠮᠠᠨᠢ ᠰᠢᠷ᠎ᠠ ᠬᠠᠢᠰᠤ᠂ ᠰᠢᠷ᠎ᠠ ᠥᠷᠭᠥᠭᠡ ᠲᠡᠢ ᠪᠠᠢᠬᠤ ᠤᠴᠢᠷ ᠲᠠᠢ ᠪᠣᠯᠬᠣᠷ ᠪᠠᠷᠠᠪᠠᠩ ᠬᠡᠢᠳ ᠲᠦ᠍ ᠲᠡᠭᠦᠨ ᠳ᠋ᠦ᠍ ᠵᠣᠷᠢᠭᠤᠯᠤᠭᠰᠠᠨ ᠥᠷᠭᠥᠭᠡ ᠶ᠋ᠢ ᠰᠢᠷ᠎ᠠ ᠥᠩᠭᠡ ᠪᠡᠷ ᠪᠣᠳᠣᠭᠰᠠᠨ ᠶᠤᠮ ᠭᠡᠵᠦ ᠴᠤᠢᠮᠴᠤᠭ ᠭᠡᠯᠦᠩ ᠱᠠᠪᠢ ᠳ᠋ᠠᠭᠠᠨ ᠬᠡᠯᠡᠭᠡᠳ ᠨᠠᠮᠬᠠᠨ ᠰᠢᠷ᠎ᠠ ᠪᠠᠢᠰᠢᠩ ᠢ᠋ ᠵᠢᠭᠠᠯ᠎ᠠ᠃ ᠭᠡᠰᠦᠯ ᠰᠡᠩᠵᠢ ᠲᠡᠷᠡ ᠪᠦᠬᠦᠨ ᠢ᠋ ᠭᠣᠴᠣ ᠰᠣᠨᠢᠭᠤᠴᠢ ᠨᠢᠳᠦ ᠪᠡᠷ ᠠᠵᠢᠭᠯᠠᠨ ᠬᠠᠷᠠᠵᠤ ᠲᠣᠭᠲᠠᠭᠠᠵᠤ ᠠᠪᠴᠤ ᠪᠠᠢᠯ᠎ᠠ᠃ ᠣᠨᠴᠠᠭᠠᠢ ᠰᠣᠨᠢᠨ᠂ ᠦᠨᠡᠮᠰᠢᠮᠡᠷ ᠦᠭᠡᠢ ᠬᠠᠴᠢᠨ ᠠᠵᠢ᠃
ᠮᠥᠷᠭᠥᠯᠴᠢᠳ ᠢ᠋ ᠪᠠᠷᠠᠪᠠᠩ ᠬᠡᠢᠳ ᠦ᠋ᠨ ᠬᠢᠨ ᠶᠡᠬᠡ ᠯᠡ ᠨᠠᠢᠷᠰᠠᠭ ᠤᠭᠲᠤᠯ᠎ᠠ᠃ ᠬᠠᠯᠬ᠎ᠠ ᠵᠢᠰᠠ ᠶ᠋ᠢᠨ ᠰᠠᠩ ᠠ᠋ᠴᠠ ᠬᠣᠨᠢᠨ ᠤ᠋ ᠭᠦᠯᠦᠦᠰᠡ ᠮᠢᠬ᠎ᠠ ᠨᠢᠭᠡ᠂ ᠠᠷᠪᠠᠭᠠᠳ ᠰᠢᠷᠬᠡᠭ ᠪᠡᠯᠸ ᠪᠤᠶᠤ ᠮᠠᠨᠲᠠᠤ᠂ ᠨᠢᠭᠡ ᠳᠣᠮᠪᠣ ᠲᠠᠷᠠᠭ ᠮᠥᠷᠭᠥᠯᠴᠢᠳ ᠲᠦ᠍ ᠬᠠᠳᠠᠭ ᠤ᠋ᠨ ᠬᠠᠮᠲᠤ ᠡᠷᠭᠦᠨ ᠪᠠᠷᠢᠭᠠᠳ᠄
- ᠬᠠᠯᠬ᠎ᠠ ᠵᠢᠰᠠ ᠮᠥᠷᠭᠥᠯᠴᠢᠳ ᠲᠠ ᠪᠦᠬᠦᠨ ᠢ᠋ ᠠᠶᠠᠨ ᠵᠠᠮ ᠳ᠋ᠠᠭᠠᠨ ᠰᠠᠢᠨ ᠶᠠᠪᠤᠵᠤ ᠢᠷᠡᠭᠰᠡᠨ ᠢ᠋ ᠪᠡᠯᠭᠡᠳᠡᠵᠦ ᠡᠨᠡ ᠬᠡᠰᠢᠭ ᠢ᠋ ᠡᠷᠭᠦᠨ ᠪᠠᠷᠢᠵᠤ ᠪᠠᠢᠨ᠎ᠠ᠃ ᠬᠦᠯᠢᠶᠡᠨ ᠠᠪᠴᠤ ᠰᠣᠶᠣᠷᠬᠠᠨ᠎ᠠ ᠤᠤ︖ ᠭᠡᠵᠦ ᠪᠥᠬᠥᠯᠵᠡᠨ ᠶᠣᠰᠣᠯᠠᠪᠠ᠃ ᠴᠤᠢᠮᠴᠤᠭ ᠭᠡᠯᠦᠩ ᠮᠥᠷᠭᠥᠯᠴᠢᠳ ᠦ᠋ᠨ ᠪᠠᠭ ᠤ᠋ᠨ ᠠᠬᠠᠯᠠᠭᠴᠢ ᠶ᠋ᠢᠨ ᠬᠤᠪᠢ ᠳ᠋ᠤ᠌ ᠲᠡᠷᠡ ᠪᠡᠯᠡᠭ ᠢ᠋ ᠬᠣᠶᠠᠷ ᠭᠠᠷᠳᠠᠨ ᠠᠪᠤᠯ᠎ᠠ᠃ ᠲᠡᠷᠡ ᠪᠡᠯᠡᠭ ᠢ᠋ ᠭᠠᠷᠳᠠᠨ ᠠᠪᠤᠭᠰᠠᠨ ᠪᠣᠯ ᠬᠠᠯᠬ᠎ᠠ ᠵᠢᠰᠠ ᠶ᠋ᠢᠨ ᠬᠢᠨ ᠳ᠋ᠦ᠍ ᠬᠠᠷᠢᠭᠤ ᠡᠷᠭᠦᠯ ᠪᠠᠷᠢᠨ᠎ᠠ ᠭᠡᠰᠡᠨ ᠳᠣᠬᠢᠶ᠎ᠠ ᠶᠤᠮ᠃ ᠡᠭᠦᠨ ᠢ᠋ ᠭᠡᠰᠦᠯ ᠰᠡᠩᠵᠢ ᠳ᠋ᠦ᠍ ᠪᠠᠭᠰᠢ ᠨᠢ ᠥᠴᠥᠭᠡᠳᠦᠷ ᠣᠷᠣᠢ ᠶᠠᠷᠢᠵᠤ ᠥᠭᠴᠡᠢ᠃ ᠬᠡᠷᠪᠡ ᠲᠡᠷᠡ ᠪᠡᠯᠡᠭ ᠢ᠋ ᠠᠪᠬᠤ ᠦᠭᠡᠢ ᠪᠣᠯ ᠨᠢᠷᠪᠠ ᠨᠠᠷ ᠨᠢ ᠬᠡᠨᠡᠭ ᠴᠦ᠍ ᠦᠭᠡᠢ ᠪᠤᠴᠠᠭᠠᠭᠠᠳ ᠠᠪᠴᠤ ᠶᠠᠪᠤᠳᠠᠭ ᠠᠵᠢ᠃ ᠴᠤᠢᠮᠴᠤᠭ ᠭᠡᠯᠦᠩ ᠨᠤᠲᠤᠭ ᠠ᠋ᠴᠠ ᠪᠠᠨ ᠭᠠᠷᠬᠤ ᠳ᠋ᠠᠭᠠᠨ ᠨᠡᠯᠢᠶᠡᠳ ᠪᠠᠨᠴᠢᠨ ᠲᠠᠢ ᠪᠡᠯᠡᠳᠬᠡᠯ ᠰᠠᠢᠲᠠᠢ ᠪᠠᠢᠵᠠᠢ᠃ ᠬᠥᠮᠦᠨ ᠪᠦᠷᠢ ᠳ᠋ᠦ᠍ ᠨᠢᠭᠡ ᠡᠴᠡ ᠳᠣᠭᠣᠭᠰᠢ ᠦᠭᠡᠢ ᠵᠣᠭᠣᠰ ᠲᠦᠭᠡᠭᠡᠨ ᠥᠭᠬᠦ ᠳ᠋ᠦ᠍ ᠲᠡᠭᠦᠨ ᠦ᠌ ᠲᠦᠷᠡᠢᠪᠴᠢ ᠬᠣᠲᠣᠢᠬᠤ ᠦᠭᠡᠢ ᠭᠡᠳᠡᠭ ᠢ᠋ ᠰᠠᠢᠨ ᠮᠡᠳᠡᠵᠦ ᠪᠠᠢᠭᠰᠠᠨ ᠲᠤᠯᠠ ᠴᠤᠢᠮᠴᠤᠭ ᠭᠡᠯᠦᠩ ᠰᠡᠳᠬᠢᠯ ᠥᠶᠥᠭ᠂ ᠪᠠᠷᠳᠠᠮ ᠠᠵᠢ.᠃ 《ᠥᠭᠡᠷ᠎ᠡ ᠶᠠᠭᠤᠨ ᠳ᠋ᠤ᠌ ᠵᠠᠷᠤᠬᠤ ᠪᠣᠢ》 ᠭᠡᠵᠦ ᠲᠡᠷᠡ ᠪᠣᠳᠣᠵᠠᠢ᠃
ᠬᠠᠯᠬ᠎ᠠ ᠵᠢᠰᠠ ᠶ᠋ᠢᠨ ᠬᠢᠨ ᠰᠢᠨ᠎ᠡ ᠮᠥᠷᠭᠥᠯᠴᠢᠳ ᠲᠦ᠍ ᠮᠠᠩᠵᠠ ᠪᠠᠷᠢᠵᠤ ᠠᠭᠰᠢᠭᠠᠭᠰᠠᠨ ᠪᠤᠳᠠᠭ᠎ᠠ᠂ ᠲᠠᠷᠠᠭ᠂ ᠡᠯᠡᠰᠦᠨ ᠰᠢᠬᠢᠷ᠂ ᠲᠣᠰᠣ ᠪᠠᠷ ᠳᠠᠢᠯᠠᠵᠠᠢ᠃ ᠮᠥᠷᠭᠥᠯᠴᠢᠨ ᠪᠠᠷᠠᠪᠠᠩ ᠬᠡᠢᠳ ᠦ᠋ᠨ ᠨᠠᠨᠳᠢᠨ ᠰᠢᠲᠦᠭᠡᠨ ᠨᠦ᠍ᠭᠦᠳ ᠲᠦ᠍ ᠲᠣᠯᠣᠭᠠᠢ ᠲᠠᠷᠠᠭᠠᠯᠠᠨ ᠮᠥᠷᠭᠥᠵᠦ ᠡᠳᠦᠷᠵᠢᠨ ᠶᠠᠪᠤᠵᠠᠭᠠᠵᠤ ᠡᠴᠡᠵᠦ ᠶᠠᠳᠠᠷᠠᠵᠠᠢ᠃ ᠭᠡᠪᠡᠴᠦ ᠰᠡᠳᠬᠢᠯ ᠰᠠᠨᠠᠭ᠎ᠠ ᠥᠭᠡᠳᠡᠷᠡᠭ ᠪᠣᠯᠤᠭᠰᠠᠨ ᠪᠠᠢᠪᠠ᠃
ᠣᠷᠣᠢ ᠴᠤᠢᠮᠴᠤᠭ ᠭᠡᠯᠦᠩ ᠱᠠᠪᠢ ᠰᠡᠩᠵᠢ ᠶ᠋ᠢᠨ ᠬᠠᠮᠲᠤ ᠪᠠᠷᠠᠪᠠᠩ ᠳ᠋ᠤ᠌ ᠦᠯᠡᠳᠡᠵᠦ ᠪᠤᠰᠤᠳ ᠨᠢ ᡀᠠᠰᠠ ᠥᠭᠡᠳᠡ ᠶᠠᠪᠤᠵᠠᠭᠠᠪᠠ᠃ ᠲᠠᠨᠢᠯ ᠯᠠᠮᠠ ᠶ᠋ᠢᠨ ᠳ᠋ᠡᠭᠠᠨ ᠴᠤᠢᠮᠴᠤᠭ ᠱᠠᠪᠢ ᠶ᠋ᠢᠨ ᠬᠠᠮᠲᠤ ᠬᠣᠨᠣᠭᠯᠠᠪᠠ᠃ ᠮᠠᠷᠭᠠᠰᠢ ᠥᠷᠯᠥᠭᠡ ᠨᠢ ᠲᠡᠭᠦᠨ ᠢ᠋ ᠱᠠᠪᠢᠯᠠᠭᠤᠯᠬᠤ ᠭᠣᠮᠠᠨ ᠳ᠋ᠠᠴᠠᠩ ᠳ᠋ᠤ᠌ ᠠᠪᠠᠴᠢᠬᠤ ᠪᠠᠷ ᠪᠣᠯᠵᠠᠢ᠃ ᠰᠡᠩᠵᠢ ᠶ᠋ᠢᠨ ᠨᠣᠢᠷ ᠬᠦᠷᠬᠦ ᠦᠭᠡᠢ ᠶᠡᠬᠡ ᠤᠳᠠᠲᠠᠯ᠎ᠠ ᠬᠥᠷᠪᠡᠵᠦ ᠰᠡᠷᠢᠭᠦᠨ ᠪᠠᠢᠯ᠎ᠠ᠃ ᠪᠠᠷᠠᠪᠠᠩ ᠬᠡᠢᠳ ᠦ᠋ᠨ ᠥᠯᠥᠰᠬᠦᠯᠡᠩ ᠨᠣᠬᠠᠳ ᠰᠥᠨᠢ ᠳᠦᠯᠢ ᠪᠣᠯᠲᠠᠯ᠎ᠠ ᠣᠯᠢᠨ ᠪᠣᠷᠭᠣᠵᠤ ᠦᠶ᠎ᠡ ᠦᠶ᠎ᠡ ᠬᠣᠭᠣᠷᠣᠨᠳᠣ ᠪᠠᠨ ᠠᠭᠰᠤᠷᠤᠨ ᠠᠷᠬᠢᠷᠠᠯᠳᠤᠬᠤ ᠨᠢ ᠲᠣᠳᠣᠬᠠᠨ ᠰᠣᠨᠣᠰᠳᠠᠵᠤ ᠪᠠᠢᠯ᠎ᠠ᠃ ᠰᠡᠩᠵᠢ ᠶ᠋ᠢᠨ ᠰᠡᠳᠬᠢᠯ ᠳ᠋ᠦ᠍ ᠶᠡᠷᠦ ᠪᠤᠰᠤ ᠶ᠋ᠢᠨ ᠪᠣᠳᠣᠯ ᠡᠷᠭᠢᠯᠳᠦᠨ᠎ᠡ᠃ ᠲᠡᠷᠲᠡᠭᠡ ᠬᠣᠯᠠ ᠶ᠋ᠢᠨ ᠮᠢᠩᠭᠠᠨ ᠤ᠋ ᠭᠠᠵᠠᠷ ᠢ᠋ ᠲᠤᠭᠤᠯᠵᠤ ᠪᠤᠷᠬᠠᠨ ᠤ᠋ ᠣᠷᠣᠨ ᠭᠡᠭᠳᠡᠭᠰᠡᠨ ᠲᠥᠪᠡᠳ ᠭᠠᠵᠠᠷ ᠢᠷᠡᠬᠦ ᠳ᠋ᠡᠭᠡᠨ ᠶᠠᠩᠵᠤ ᠪᠦᠷᠢ ᠶ᠋ᠢᠨ ᠶᠠᠭᠤᠮ᠎ᠠ ᠦᠵᠡᠵᠡᠢ᠃ ᠠᠯᠲᠠᠨ ᠣᠷᠣᠢᠲᠤ ᠰᠦᠮ᠎ᠡ ᠳᠤᠭᠠᠩ ᠤ᠋ᠳ᠂ ᠮᠢᠨᠳᠠᠭ ᠲᠤᠰᠢᠶᠠᠯᠳᠤ ᠶᠡᠬᠡᠰ ᠯᠠᠮᠠ ᠨᠠᠷ᠂ ᠪᠥᠭᠡᠰᠦ ᠪᠡᠨ ᠢᠳᠡᠳᠡᠭ ᠭᠤᠶᠤᠯᠭᠠᠴᠢᠨ ᠨᠤᠭᠤᠳ ᠴᠥᠮ ᠢ᠋ ᠲᠡᠷᠡ ᠬᠠᠷᠠᠯ᠎ᠠ᠃ ᠪᠦᠬᠦ ᠶᠠᠭᠤᠮ᠎ᠠ ᠪᠤᠷᠬᠠᠨ ᠱᠠᠰᠢᠨ ᠤ᠋ ᠲᠥᠯᠥᠭᠡ ᠵᠣᠷᠢᠭᠤᠯᠤᠭᠳᠠᠭᠰᠠᠨ ᠢ᠋ ᠴᠦ᠍ ᠮᠥᠨ ᠬᠠᠷᠠᠵᠠᠢ᠃ ᠶᠡᠬᠡᠩᠬᠢ ᠨᠢ ᠦᠯᠦ ᠮᠡᠳᠡᠭᠬᠡᠨ ᠮᠠᠨᠠᠨ ᠳ᠋ᠤ᠌ ᠬᠤᠴᠢᠭᠠᠰᠤᠲᠠᠢ ᠡᠨᠡ ᠣᠷᠴᠢᠯᠠᠩ ᠤ᠋ᠨ ᠮᠥᠨ ᠴᠢᠨᠠᠷ ᠢ᠋ ᠨᠡᠪᠲᠡ ᠣᠢᠯᠠᠭᠠᠬᠤ ᠶ᠋ᠢ ᠰᠡᠩᠵᠢ ᠭᠡᠰᠦᠯ ᠬᠦᠰᠡᠵᠦ ᠪᠠᠢᠯ᠎ᠠ᠃ ᠲᠡᠭᠦᠨ ᠦ᠌ ᠦᠵᠡᠭᠰᠡᠨ᠂ ᠰᠣᠨᠣᠰᠤᠭᠰᠠᠨ ᠳ᠋ᠤ᠌ ᠣᠢᠯᠠᠭᠠᠨ ᠤᠬᠠᠭᠠᠷᠠᠬᠤ ᠠᠷᠭ᠎ᠠ ᠦᠭᠡᠢ ᠪᠢᠲᠡᠭᠦᠯᠢᠭ ᠵᠦᠢᠯ ᠠᠰᠤᠷᠤ ᠶᠡᠬᠡ ᠪᠠᠢᠪᠠ᠃ ᠡᠭᠦᠨ ᠦ᠌ ᠴᠠᠭᠠᠨ᠎ᠠ ᠭᠠᠷᠬᠤ ᠶ᠋ᠢᠨ ᠲᠤᠯᠠᠳᠠ ᠭᠠᠭᠴᠠ ᠬᠦ᠌ ᠶᠡᠬᠡ ᠡᠷᠳᠡᠮ ᠲᠡᠢ ᠬᠥᠮᠦᠨ ᠪᠣᠯᠬᠤ᠂ ᠨᠣᠮ ᠤ᠋ᠨ ᠮᠥᠷ ᠢ᠋ ᠬᠣᠶᠠᠷ ᠦᠭᠡᠢ ᠴᠠᠭ ᠢ᠋ᠶ᠋ᠠᠷ ᠬᠥᠭᠡᠭᠡᠬᠦ ᠶ᠋ᠢ ᠲᠡᠷᠡ ᠥᠪᠡᠷ ᠲᠡᠭᠡᠨ ᠠᠨᠳᠠᠭᠠᠢᠯᠠᠵᠠᠢ᠃
᠁ ᠥᠷᠯᠥᠭᠡ ᠪᠣᠯᠤᠯ᠎ᠠ᠃ ᠪᠠᠷᠠᠪᠠᠩ ᠬᠡᠢᠳ ᠦ᠋ᠨ ᠴᠣᠭᠴᠢᠨ ᠳᠤᠭᠠᠩ ᠤ᠋ᠨ ᠣᠷᠣᠢ ᠳᠡᠭᠡᠷᠡᠬᠢ ᠲᠠᠪᠴᠠᠩ ᠠ᠋ᠴᠠ :
- ᠫᠸᠪ᠂ ᠫᠸᠪ᠂ ᠫᠸᠪ ᠁ ! ᠭᠡᠵᠦ ᠴᠠᠩᠭᠢᠨᠠᠭᠰᠠᠨ ᠳᠠᠭᠤᠤ ᠲᠠᠢ ᠵᠢᠭᠠᠯ ᠬᠦᠦ ᠤᠶᠠᠩᠭᠠᠯᠠᠨ ᠬᠠᠰᠬᠢᠷᠴᠤ ᠡᠬᠢᠯᠡᠯ᠎ᠡ᠃ ᠥᠷᠯᠥᠭᠡᠨ ᠦ᠌ ᠤᠩᠰᠢᠯᠭᠠᠨ ᠳ᠋ᠤ᠌ ᠯᠠᠮᠠ ᠨᠠᠷ ᠢ᠋ ᠳᠠᠭᠤᠳᠠᠵᠤ ᠪᠠᠢᠭ᠎ᠠ ᠨᠢ ᠡᠨᠡ ᠶᠦᠮ᠃ ᠫᠸᠪ ᠭᠡᠳᠡᠭ ᠪᠣᠯ 《ᠮᠣᠷᠢᠯᠠᠭᠲᠤᠨ》 ᠭᠡᠰᠡᠨ ᠤᠳᠬ᠎ᠠ ᠲᠠᠢ᠃
- ᠫᠸᠪ᠂ ᠫᠸᠪ᠂ ᠫᠸᠪ ᠁ ! ᠭᠡᠰᠡᠨ ᠪᠦᠳᠦᠭᠦᠨ ᠬᠥᠮᠦᠨ ᠦ᠌ ᠳᠠᠭᠤᠨ ᠰᠸᠷᠠ ᠬᠡᠢᠳ ᠦ᠋ᠨ ᠴᠣᠭᠴᠢᠨ ᠳᠡᠭᠡᠷ᠎ᠡ ᠡᠴᠡ ᠮᠥᠨ ᠯᠡ ᠤᠶᠠᠩᠭᠠᠯᠠᠵᠤ ᠪᠠᠢᠯ᠎ᠠ᠃ ᠬᠣᠶᠠᠷ ᠳ᠋ᠠᠴᠠᠩ ᠬᠣᠭᠣᠷᠣᠨᠳᠣ ᠪᠠᠨ ᠬᠣᠯᠠ ᠪᠣᠯᠪᠠᠴᠤ ᠪᠡᠶ᠎ᠡ ᠪᠡᠶ᠎ᠡ ᠶ᠋ᠢᠨ ᠴᠤᠤᠷᠢᠶ᠎ᠠ ᠶ᠋ᠢ ᠪᠦᠳᠡᠭᠢ ᠪᠠᠳᠠᠭᠢ ᠰᠣᠨᠣᠰᠬᠤ ᠪᠠᠷ ᠪᠢᠯᠡ᠃ ᠡᠳᠡᠭᠡᠷ ᠬᠡᠢᠳ ᠦ᠋ᠨ ᠳ᠋ᠠᠴᠠᠩ ᠤ᠋ᠳ ᠬᠡᠦᠬᠡᠳ᠂ ᠡᠪᠦᠭᠡᠳ ᠬᠣᠶᠠᠷ ᠢ᠋ᠶ᠋ᠠᠷ ᠳᠠᠭᠤᠳᠠᠯᠭ᠎ᠠ ᠪᠠᠨ ᠶᠠᠪᠤᠭᠤᠯᠳᠠᠭ ᠪᠣᠯ ᠭᠠᠯᠳᠠᠨ ᠬᠡᠢᠳ ᠦ᠋ᠨ ᠬᠢ ᠴᠣᠭᠴᠢᠨ ᠤ᠋ ᠪᠠᠨ ᠣᠷᠣᠢ ᠳᠡᠭᠡᠷᠡᠬᠢ ᠪᠦᠷᠢᠶᠡᠨ ᠱᠠᠲᠤᠨ ᠳ᠋ᠤ᠌ ᠵᠤᠭᠤᠭᠠᠭᠰᠠᠨ ᠲᠣᠮᠣ ᠬᠡᠩᠭᠡᠷᠭᠡ ᠶ᠋ᠢ ᠲᠦᠩ ᠲᠦᠩ ᠬᠢᠯᠭᠡᠨ ᠳᠡᠯᠡᠳᠴᠦ ᠯᠠᠮᠠ ᠨᠠᠷ ᠢ᠋ᠶ᠋ᠠᠨ ᠬᠤᠷᠠᠯ ᠳ᠋ᠤ᠌ ᠤᠷᠢᠨ᠎ᠠ᠃
ᠲᠡᠷᠡ ᠳᠠᠭᠤᠳᠠᠯᠭ᠎ᠠ ᠪᠠᠷ ᠯᠠᠮᠠ ᠨᠠᠷ ᠭᠡᠷ᠂ ᠬᠠᠰᠢᠶᠠᠨ ᠠ᠋ᠴᠠ ᠪᠠᠨ ᠭᠠᠷᠴᠤ ᠵᠦᠭ ᠵᠦᠭ ᠡᠴᠡ ᠴᠤᠭᠯᠠᠷᠠᠨ᠎ᠠ᠃ ᠥᠨᠥᠳᠥᠷ ᠴᠦ᠍ ᠮᠥᠨ ᠲᠡᠢᠨ ᠬᠦ᠌ ᠯᠠᠮᠠ ᠨᠠᠷ ᠴᠤᠭᠯᠠᠷᠠᠵᠤ ᠡᠬᠢᠯᠡᠬᠦ ᠳ᠋ᠦ᠍ ᠲᠡᠳᠡᠨ ᠦ᠌ ᠳᠤᠮᠳᠠ ᠭᠡᠰᠦᠯ ᠰᠡᠩᠵᠢ ᠪᠠᠭᠰᠢ ᠯᠠᠮᠠ ᠶ᠋ᠢ ᠪᠡᠨ ᠳᠠᠭᠠᠭᠠᠳ ᠶᠠᠪᠤᠵᠤ ᠪᠠᠢᠯ᠎ᠠ᠃ ᠪᠠᠭᠰᠢ ᠯᠠᠮᠠ ᠴᠤᠢᠮᠴᠤᠭ ᠨᠢ ᠲᠡᠭᠦᠨ ᠳ᠋ᠦ᠍ ᠪᠦᠬᠦᠢᠯᠡ ᠵᠠᠮ ᠢ᠋ ᠨᠢ ᠵᠢᠭᠠᠵᠤ᠂ ᠨᠣᠮ ᠤ᠋ᠨ ᠰᠢᠷᠡᠭᠡᠨ ᠳ᠋ᠦ᠍ ᠨᠢ ᠰᠠᠭᠤᠯᠭᠠᠵᠤ ᠥᠭᠬᠦ ᠤᠴᠢᠷ ᠲᠠᠢ ᠪᠠᠢᠯ᠎ᠠ᠃
ᠬᠦᠷᠡᠩ ᠤᠯᠠᠭᠠᠨ ᠣᠷᠬᠢᠮᠵᠢ᠂ ᠰᠢᠷ᠎ᠠ ᠳᠡᠪᠡᠯ ᠲᠡᠢ ᠯᠠᠮᠠ ᠨᠠᠷ ᠥᠩᠭᠡ ᠬᠣᠣᠰᠯᠠᠨ ᠠᠭᠠᠵᠢᠮ ᠵᠤᠭᠤᠬᠠᠨ ᠨᠠᠮᠪᠠ ᠲᠠᠢ ᠠᠯᠬᠤᠵᠠᠭᠠᠵᠤ ᠂ ᠡᠷᠢᠭᠡ ᠪᠡᠨ ᠭᠠᠷ ᠲᠠᠭᠠᠨ ᠢᠮᠡᠷᠦᠨ ᠶᠠᠪᠤᠵᠠᠭᠠᠨ᠎ᠠ᠃ ᠴᠣᠭᠴᠢᠨ ᠳᠤᠭᠠᠩ ᠤᠨ ᠡᠭᠦᠳᠡᠨ ᠳ᠋ᠦ᠍ ᠣᠴᠢᠵᠤ᠂ ᠴᠥᠮ ᠢ᠋ᠶ᠋ᠡᠷ ᠢ᠋ᠶ᠋ᠡᠨ ᠵᠢᠭᠳᠡᠷᠡᠨ ᠵᠣᠭᠰᠣᠯ᠎ᠠ᠃ ᠳᠤᠭᠠᠩ ᠤ᠋ᠨ ᠣᠷᠣᠢ ᠳᠡᠭᠡᠷᠡᠬᠢ ᠲᠠᠪᠴᠠᠩ ᠳᠡᠭᠡᠷ᠎ᠡ ᠡᠴᠡ ᠨᠢᠭᠡ ᠯᠠᠮᠠ ᠽᠤᠩᠭᠡᠸ᠎ᠠ ᠶ᠋ᠢᠨ ᠮᠡᠭᠵᠡᠮ ᠢ᠋ ᠭᠤᠷᠪᠠᠨᠲᠠ ᠤᠩᠰᠢᠯ᠎ᠠ᠃ ᠡᠭᠦᠳᠡᠨ ᠳ᠋ᠦ᠍ ᠴᠤᠭᠯᠠᠷᠠᠭᠰᠠᠨ ᠯᠠᠮᠠ ᠨᠠᠷ ᠮᠥᠨ ᠯᠡ ᠲᠡᠭᠦᠨ ᠢ᠋ ᠳᠠᠪᠲᠠᠨ ᠤᠩᠰᠢᠵᠠᠭᠠᠵᠤ ᠪᠠᠢᠯ᠎ᠠ᠃ ᠲᠡᠭᠡᠲᠡᠯ᠎ᠡ ᠲᠠᠷᠭᠤᠨ ᠯᠤᠬᠠᠭᠠᠷ ᠪᠡᠶ᠎ᠡ ᠲᠡᠢ᠂ ᠵᠡᠰ ᠬᠦᠷᠡᠩ ᠴᠢᠷᠠᠢ ᠲᠠᠢ ᠴᠣᠭᠴᠢᠨ ᠤᠩᠵᠠᠳ ᠬᠣᠶᠠᠷ ᠱᠠᠮᠤ ᠶ᠋ᠢᠨ ᠬᠠᠮᠲᠤ ᠬᠦᠷᠦᠯᠴᠡᠨ ᠢᠷᠡᠪᠡ᠃ ᠡᠭᠦᠪᠡᠷ ᠴᠥᠮ ᠪᠦᠷᠢᠳᠦᠯ ᠪᠣᠯᠤᠭᠰᠠᠨ ᠲᠤᠯᠠ ᠴᠣᠭᠴᠢᠨ ᠳᠤᠭᠠᠩ ᠤ᠋ᠨ ᠬᠠᠭᠠᠯᠭ᠎ᠠ ᠴᠠᠯᠠᠰᠬᠢᠨ ᠨᠡᠭᠡᠭᠡᠭᠳᠡᠵᠦ ᠯᠠᠮᠠ ᠨᠠᠷ ᠳᠣᠲᠣᠭᠰᠢ ᠣᠷᠣᠵᠠᠢ᠃
ᠭᠡᠰᠦᠯ ᠰᠡᠩᠵᠢ ᠪᠤᠶᠠᠨᠵᠠᠯᠪᠠᠷᠢᠬᠤ ᠬᠡᠢᠳ ᠲᠦ᠍ ᠠᠷᠪᠠ ᠭᠠᠷᠤᠢ ᠵᠢᠯ ᠰᠠᠭᠤᠵᠤ ᠭᠡᠰᠦᠯ ᠦ᠋ᠨ ᠰᠠᠬᠢᠯ ᠬᠦᠷᠲᠡᠭᠰᠡᠨ ᠲᠤᠯᠠ ᠴᠣᠭᠴᠢᠨ ᠬᠤᠷᠠᠯ ᠳ᠋ᠤ᠌ ᠰᠠᠭᠤᠬᠤ ᠡᠷᠬᠡ ᠲᠡᠢ ᠪᠣᠯᠤᠭᠰᠠᠨ ᠪᠠᠢᠯ᠎ᠠ᠃ ᠭᠡᠪᠡᠴᠦ ᠪᠤᠷᠬᠠᠨ ᠤ᠋ ᠨᠣᠮ ᠢ᠋ ᠨᠠᠷᠢᠨ ᠪᠢᠰᠢᠯᠭᠠᠵᠤ ᠪᠦᠷᠢᠨ ᠡᠷᠳᠡᠮ ᠲᠡᠭᠦᠰ ᠯᠠᠮᠠ ᠪᠣᠯᠬᠤ ᠶ᠋ᠢ ᠲᠡᠷᠡ ᠯᠠ ᠬᠦᠰᠡᠵᠡᠢ᠃ ᠵᠠᠷᠢᠮ ᠵᠦᠢᠯ ᠢ᠋ ᠳᠠᠪᠲᠠᠨ ᠰᠤᠷᠠᠬᠤ ᠳ᠋ᠤ᠌ ᠴᠤ᠌ ᠮᠠᠭᠤ ᠦᠭᠡᠢ ᠭᠡᠵᠦ ᠭᠡᠯᠦᠩ ᠴᠤᠢᠮᠴᠤᠭ ᠱᠠᠪᠢ ᠳ᠋ᠠᠭᠠᠨ ᠰᠤᠷᠭᠠᠵᠠᠢ᠃ ᠶᠡᠷᠦ ᠨᠢ ᠴᠦ᠍ ᠡᠬᠢᠨ ᠡᠴᠡ ᠨᠢ ᠡᠬᠢᠯᠡᠳᠡᠭ ᠵᠢᠮ᠎ᠡ ᠲᠡᠢ ᠠᠵᠢ᠃
ᠴᠢᠨᠠᠳᠤ ᠶ᠋ᠢᠨ ᠨᠣᠮ ᠦᠵᠡᠵᠦ ᠲᠡᠭᠦᠰᠦᠭᠰᠡᠨ ᡀᠠᠷᠠᠮᠪᠠ ᠪᠣᠯᠬᠤ ᠶ᠋ᠢᠨ ᠲᠤᠯᠠᠳᠠ ᠠᠷᠪᠠᠨ ᠭᠤᠷᠪᠠᠨ ᠵᠢᠯ ᠬᠡᠷᠡᠭ ᠲᠡᠢ ᠪᠠᠢᠵᠠᠢ᠃ ᠰᠡᠩᠵᠢ ᠠᠷᠪᠠᠨ ᠬᠡᠳᠦᠨ ᠨᠠᠰᠤᠨ ᠠ᠋ᠴᠠ ᠨᠣᠮ ᠤ᠋ᠨ ᠮᠥᠷ ᠬᠥᠭᠡᠭᠡᠵᠦ ᠴᠢᠨᠠᠳᠤ ᠶ᠋ᠢᠨ ᠠᠩᠬᠠᠨ ᠤ᠋ ᠮᠡᠳᠡᠯᠭᠡ ᠨᠢᠭᠡᠨᠲᠡ ᠣᠯᠵᠤ ᠠᠪᠤᠭᠠᠳ ᠪᠠᠢᠭ᠎ᠠ ᠪᠣᠯᠪᠠᠴᠤ ᠴᠢᠨᠠᠳᠤ ᠶ᠋ᠢᠨ ᠨᠣᠮ ᠢ᠋ ᠳᠠᠬᠢᠨ ᠡᠬᠢᠯᠡᠵᠦ ᠠᠷᠪᠠᠨ ᠭᠤᠷᠪᠠᠨ ᠵᠢᠯ ᠦᠵᠡᠭᠡᠳ ᠭᠠᠷᠬᠤ ᠳ᠋ᠤ᠌ ᠲᠡᠳᠦᠢ ᠯᠡ ᠥᠨᠳᠥᠷ ᠨᠠᠰᠤᠲᠠᠢ ᠪᠣᠯᠴᠢᠬᠠᠮᠠᠷ ᠦᠭᠡᠢ ᠪᠠᠢᠬᠤ ᠲᠤᠯᠠ ᠶᠠᠭᠤᠮᠠᠨ ᠤ᠋ ᠵᠠᠬ᠎ᠠ ᠳ᠋ᠤ᠌ ᠬᠦᠷᠦᠭᠰᠡᠨ ᠦ᠌ ᠬᠢ ᠡᠬᠢᠨ ᠡᠴᠡ ᠨᠢ ᠲᠤᠬᠠᠲᠠᠢ ᠦᠵᠡᠬᠦ ᠶ᠋ᠢ ᠪᠣᠳᠣᠵᠠᠢ᠃ ᠰᠤᠷᠪᠠᠯ ᠰᠤᠷᠤᠭᠰᠠᠨ ᠶᠤᠮ ᠰᠢᠭ᠋ ᠣᠷᠣᠯᠳᠣᠬᠤ ᠶ᠋ᠢ ᠤᠷᠢᠳᠠᠯ ᠪᠣᠯᠭᠠᠪᠠ᠃
ᠴᠢᠨᠠᠳᠤ ᠶ᠋ᠢᠨ ᠨᠣᠮ ᠲᠠᠪᠤᠨ ᠠᠢᠮᠠᠭ ᠰᠠᠪᠠ ᠠ᠋ᠴᠠ ᠪᠦᠷᠢᠳᠳᠡᠭ᠃ ᠨᠠᠮᠳᠡᠯ ᠪᠤᠶᠤ ᠰᠠᠨᠰᠺᠷᠢᠲ ᠢ᠋ᠶ᠋ᠠᠷ ᠫᠠᠷᠠᠮᠠᠨᠠ ᠸᠠᠷᠲ᠋ᠢᠺᠠ ᠰᠤᠳᠤᠯᠵᠤ ᠶᠣᠰᠣ ᠰᠤᠷᠲᠠᠬᠤᠨ ᠤ᠋ ᠤᠬᠠᠭᠠᠨ ᠰᠠᠭᠤᠨ᠎ᠠ᠃ ᠤᠮᠠ ᠪᠤᠶᠤ ᠰᠠᠨᠰᠺᠷᠢᠲ ᠢ᠋ᠶ᠋ᠠᠷ ᠮᠠᠳ᠋ᠶ᠋ᠮᠢᠺᠠ ᠰᠤᠳᠤᠯᠵᠤ ᠭᠦᠨ ᠤᠬᠠᠭᠠᠨ ᠲᠠᠢ ᠪᠣᠯᠤᠨ᠎ᠠ᠃ ᠵᠤᠳ᠋ ᠪᠤᠶᠤ ᠰᠠᠨᠰᠺᠷᠢᠲ ᠢ᠋ᠶ᠋ᠠᠷ ᠠᠪᠢᠳᠠᠷᠮ᠎ᠠ ᠰᠤᠳᠤᠯᠵᠤ ᠣᠷᠴᠢᠯᠠᠩ ᠤ᠋ᠨ ᠮᠡᠳᠡᠯᠭᠡ ᠲᠡᠢ ᠪᠣᠯᠤᠨ᠎ᠠ᠃ ᠲᠣᠯᠢᠪᠠ ᠪᠤᠶᠤ ᠰᠠᠨᠰᠺᠷᠢᠲ ᠢ᠋ᠶ᠋ᠠᠷ ᠸᠠᠨᠠᠢ ᠰᠤᠳᠤᠯᠵᠤ ᠯᠠᠮᠠ ᠶ᠋ᠢᠨ ᠰᠤᠷᠭᠠᠯ ᠳ᠋ᠤ᠌ ᠨᠡᠪᠲᠡᠷᠬᠡᠢ ᠪᠣᠯᠤᠨ᠎ᠠ᠃ ᠴᠢᠨᠠᠳᠤ ᠶ᠋ᠢᠨ ᠡᠨᠡ ᠬᠦ᠌ ᠲᠠᠪᠤᠨ ᠠᠢᠮᠠᠭ ᠰᠠᠪᠠ ᠤᠬᠠᠭᠠᠨ ᠢ᠋ ᠰᠤᠳᠤᠯᠵᠤ ᠥᠪᠡᠷ ᠦ᠋ᠨ ᠣᠶᠤᠨ ᠤ᠋ ᠰᠠᠪᠠᠨ ᠳ᠋ᠤ᠌ ᠪᠠᠭᠲᠠᠭᠠᠵᠤ ᠠᠪᠬᠤ ᠶ᠋ᠢᠨ ᠲᠤᠯᠠ ᠠᠷᠪᠠᠨ ᠭᠤᠷᠪᠠᠨ ᠵᠢᠯ ᠢ᠋ ᠵᠠᠷᠤᠴᠠᠭᠤᠯᠵᠤ ᠬᠡᠳᠦᠨ ᠲᠦᠮᠡᠨ ᠮᠥᠷ ᠰᠢᠯᠦᠭ ᠴᠡᠭᠡᠵᠢᠯᠡᠨ᠎ᠡ᠃ ᠡᠳᠡᠭᠡᠷ ᠨᠣᠮᠯᠠᠯ ᠴᠥᠮ ᠢ᠋ᠶ᠋ᠡᠷ ᠢ᠋ᠶ᠋ᠡᠨ ᠰᠢᠯᠦᠭᠯᠡᠵᠦ ᠪᠢᠴᠢᠭᠰᠡᠨ ᠵᠦᠢᠯ ᠲᠤᠯᠠ ᠴᠡᠭᠡᠵᠢᠯᠡᠬᠦ ᠡᠴᠡ ᠥᠭᠡᠷ᠎ᠡ ᠠᠷᠭ᠎ᠠ ᠦᠭᠡᠢ᠃ ᠪᠠᠰᠠ ᠴᠡᠭᠡᠵᠢᠯᠡᠪᠡᠴᠦ ᠤᠳᠬ᠎ᠠ ᠰᠠᠨᠠᠭ᠎ᠠ ᠶ᠋ᠢ ᠤᠬᠠᠭᠠᠷᠠᠬᠤ ᠳ᠋ᠤ᠌ ᠠᠮᠠᠷ ᠦᠭᠡᠢ᠃ ᠡᠢᠮᠦ ᠳ᠋ᠦ᠍ ᠴᠢᠨᠠᠳᠤ ᠶ᠋ᠢᠨ ᠶᠤᠭᠴᠠᠭᠠ ᠪᠤᠶᠤ ᠲᠠᠢᠯᠪᠤᠷᠢ ᠶ᠋ᠢ ᠰᠤᠳᠤᠯᠤᠨ᠎ᠠ᠃
ᠲᠠᠪᠤᠨ ᠤᠬᠠᠭᠠᠨ ᠤ᠋ ᠨᠣᠮᠯᠠᠯ ᠪᠦᠷᠢ ᠶ᠋ᠢ ᠰᠤᠳᠤᠯᠬᠤ ᠳ᠋ᠤ᠌ ᠨᠠᠮᠳᠡᠯ ᠳ᠋ᠦ᠍ ᠳᠥᠷᠪᠡᠨ ᠵᠢᠩᠳᠠᠭ᠎ᠠ ᠫᠠᠷᠴᠢᠨ ᠳ᠋ᠤ᠌ ᠲᠠᠪᠤᠨ ᠵᠢᠩᠳᠠᠭ᠎ᠠ᠂ ᠤᠮᠠ ᠳ᠋ᠤ᠌ ᠬᠣᠶᠠᠷ ᠵᠢᠩᠳᠠᠭ᠎ᠠ᠂ ᠵᠤᠳ᠋ ᠬᠣᠶᠠᠷ ᠵᠢᠩᠳᠠᠭ᠎ᠠ ᠳᠦᠭᠦᠷᠭᠡᠬᠦ ᠤᠴᠢᠷ ᠲᠠᠢ ᠠᠵᠢ᠃ ᠰᠡᠩᠵᠢ ᠭᠡᠰᠦᠯ ᠨᠠᠮᠳᠡᠯ ᠦ᠋ᠨ ᠬᠠᠳᠠᠭ᠂ ᠵᠤᠮᠪᠷᠠᠢ᠂ ᠰᠢᠳᠤᠪ ᠵᠢᠩᠳᠠᠭ᠎ᠠ ᠶ᠋ᠢ ᠨᠢᠭᠡᠨᠲᠡ ᠨᠤᠲᠤᠭ ᠲᠠᠭᠠᠨ ᠳᠦᠭᠦᠷᠭᠡᠭᠰᠡᠨ ᠪᠠᠢᠯ᠎ᠠ᠃ ᠬᠡᠷᠪᠡ ᠬᠦᠰᠡᠪᠡᠯ ᠡᠳᠡᠭᠡᠷ ᠢ᠋ ᠰᠢᠯᠭᠠᠭᠤᠯᠤᠭᠠᠳ ᠰᠢᠭᠤᠳ ᠶᠣᠯᠴᠠᠨ ᠵᠢᠩᠳᠠᠭᠠᠨ ᠳ᠋ᠤ᠌ ᠣᠷᠣᠵᠤ ᠪᠣᠯᠬᠤ ᠶᠤᠮ᠃ ᠭᠡᠪᠡᠴᠦ ᠲᠡᠭᠡᠬᠦ ᠶ᠋ᠢ ᠰᠡᠩᠵᠢ ᠭᠡᠰᠦᠯ ᠬᠦᠰᠡᠭᠰᠡᠨ ᠦᠭᠡᠢ᠃ ᠲᠡᠷᠡ ᠨᠢ ᠴᠦ᠍ ᠵᠥᠪ ᠪᠣᠯᠵᠠᠢ᠃
ᠭᠡᠰᠦᠯ ᠰᠡᠩᠵᠢ ᠶ᠋ᠢᠨ ᠵᠢᠩᠳᠠᠭᠠᠨ ᠳ᠋ᠤ᠌ ᠠᠷᠪᠠᠨ ᠳᠥᠷᠪᠡᠨ ᠭᠡᠰᠦᠯ ᠣᠷᠣᠵᠠᠢ᠃ ᠭᠠᠭᠴᠠᠬᠠᠨ ᠮᠣᠩᠭᠣᠯ᠂ ᠬᠥᠬᠡᠨᠠᠭᠤᠷ ᠤ᠋ᠨ ᠥᠭᠡᠯᠡᠳ ᠨᠢᠭᠡ᠂ ᠬᠣᠪᠣᠭᠰᠠᠶᠢᠷ ᠤ᠋ᠨ ᠲᠣᠷᠭᠤᠳ ᠨᠢᠭᠡ᠂ ᠪᠤᠰᠤᠳ ᠨᠢ ᠲᠥᠪᠡᠳ ᠦ᠋ᠳ ᠪᠠᠢᠯ᠎ᠠ᠃ ᠲᠡᠭᠡᠬᠦ ᠳ᠋ᠡᠭᠡᠨ ᠪᠣᠳᠫᠠ ᠪᠤᠶᠤ ᡀᠠᠰᠠ ᠶ᠋ᠢᠨ ᠲᠥᠪᠡᠳ ᠦ᠋ᠳ ᠳᠡᠢᠯᠦᠩᠭᠢ ᠠᠵᠢ᠃ ᠬᠡᠳᠦᠨ ᠠᠮᠳᠣᠪᠠ ᠂ ᠺᠠᠮᠪᠠ᠂ ᠵᠣᠨᠪᠠ ᠨᠠᠷ ᠪᠠᠢᠪᠠ᠃ ᠡᠨᠡ ᠨᠢ ᠪᠠᠰᠠ ᠯᠠ ᠲᠥᠪᠡᠳ ᠬᠥᠮᠦᠰ ᠪᠥᠭᠡᠳ ᠭᠠᠭᠴᠠ ᠬᠦ᠌ ᠠᠮᠳᠤᠤ (ᠠᠨᠳᠤᠤ) ᠵᠠᠩ᠂ ᠭᠡᠮ ᠨᠤᠲᠤᠭ ᠤ᠋ᠨ ᠬᠢ ᠭᠡᠳᠡᠭ ᠢ᠋ᠶ᠋ᠡᠨ ᠢᠯᠭᠠᠬᠤ ᠶ᠋ᠢᠨ ᠲᠤᠯᠠᠳᠠ ᠲᠡᠢᠨ ᠬᠦ᠌ ᠥᠪᠡᠷᠰᠡᠳ ᠢ᠋ ᠪᠡᠨ ᠨᠡᠷᠡᠯᠡᠳᠡᠭ ᠪᠠᠢᠵᠠᠢ᠃ ᠨᠢᠭᠡ ᠬᠠᠴᠧ ᠭᠡᠳᠡᠭ ᠨᠢ ᠶᠡᠬᠡ ᠠᠮᠠᠲᠤ ᠭᠡᠮᠡᠨ ᠺᠠᠱᠮᠢᠷ ᠬᠥᠮᠦᠰ ᠢ᠋ ᠲᠥᠪᠡᠳ ᠦ᠋ᠳ ᠬᠣᠴᠢᠯᠠᠳᠠᠭ ᠦᠭᠡ ᠪᠣᠯᠠᠢ᠃ ᠥᠭᠡᠷ᠎ᠡ ᠳ᠋ᠠᠴᠠᠩ ᠳ᠋ᠤ᠌ ᠬᠠᠷᠢᠨ ᠬᠠᠴᠧ ᠨᠠᠷ ᠣᠯᠠᠨ ᠪᠠᠢᠪᠠ᠃
ᠴᠢᠨᠠᠳᠤ ᠶ᠋ᠢᠨ ᠨᠠᠮᠳᠡᠯ ᠦᠵᠡᠬᠦ ᠵᠤᠮᠪᠷᠠᠢ ᠵᠢᠩᠳᠠᠭᠠᠨ ᠳ᠋ᠤ᠌ ᠶᠡᠬᠡᠩᠬᠢ ᠨᠢ ᠮᠣᠩᠭᠣᠯᠴᠤᠳ ᠪᠠᠢᠬᠤ ᠶ᠋ᠢ ᠰᠡᠩᠵᠢ ᠣᠯᠵᠤ ᠮᠡᠳᠡᠭᠡᠳ ᠲᠡᠨᠳᠡ ᠣᠷᠣᠳᠠᠭ ᠪᠠᠢᠵᠤ ᠤᠤ ᠭᠡᠵᠦ ᠡᠷᠡᠭᠡᠯᠵᠡᠭᠰᠡᠨ ᠪᠣᠯᠪᠠᠴᠤ ᠲᠥᠪᠡᠳ ᠬᠡᠯᠡ ᠪᠡᠨ ᠰᠠᠢᠨ ᠰᠤᠷᠬᠤ ᠳ᠋ᠤ᠌ ᠳᠥᠭᠥᠮ ᠭᠡᠮᠡᠨ ᠤᠤᠯ ᠰᠣᠩᠭᠣᠭᠰᠠᠨ ᠵᠢᠩᠳᠠᠭᠠᠨ ᠳ᠋ᠠᠭᠠᠨ ᠰᠤᠷᠬᠤ ᠪᠠᠷ ᠬᠠᠲᠠᠭᠤ ᠰᠢᠢᠳᠴᠡᠢ᠃
ᠴᠣᠭᠴᠢᠨ ᠳᠤᠭᠠᠩ ᠳ᠋ᠤ᠌ ᠬᠣᠷᠢᠨ ᠲᠠᠪᠤᠨ ᠲᠣᠬᠣᠢ ᠥᠨᠳᠥᠷ ᠮᠠᠢᠳᠠᠷ ᠪᠤᠷᠬᠠᠨ ᠢ᠋ ᠪᠠᠯᠪᠤ ᠶ᠋ᠢᠨ ᠳᠠᠷᠬᠠᠨ ᠤᠷᠠᠯᠠᠨ ᠪᠦᠲᠦᠭᠡᠵᠡᠢ᠃ ᠮᠥᠨ ᠽᠤᠩᠭᠡᠸ᠎ᠠ ᠶ᠋ᠢᠨ ᠥᠪᠡᠷ ᠢ᠋ᠶ᠋ᠡᠨ ᠠᠷᠠᠪᠨᠠᠶᠢᠯᠠᠭᠰᠠᠨ ᠭᠡᠳᠡᠭ ᠶᠠᠮᠠᠨᠳᠠᠭ ᠪᠤᠷᠬᠠᠨ ᠤ᠋ ᠬᠥᠷᠥᠭ ᠪᠠᠢᠯ᠎ᠠ᠃ ᠭᠡᠰᠦᠯ ᠰᠡᠩᠵᠢ ᠴᠠᠢ ᠶ᠋ᠢᠨ ᠴᠠᠮ ᠪᠤᠶᠤ ᠵᠠᠪᠰᠠᠷᠯᠠᠭ᠎ᠠ ᠪᠣᠯᠬᠤ ᠳ᠋ᠤ᠌ ᠴᠣᠭᠴᠢᠨ ᠳᠤᠭᠠᠩ ᠤ᠋ᠨ ᠲᠡᠷᠡ ᠬᠦ᠌ ᠨᠠᠨᠳᠢᠨ ᠰᠢᠲᠦᠭᠡᠨ ᠢ᠋ ᠰᠣᠨᠢᠷᠬᠠᠨ ᠦᠵᠡᠯ᠎ᠡ᠃
- ᠡᠨᠡ ᠶᠠᠮᠠᠨᠳᠠᠭ ᠤ᠋ᠨ ᠳᠣᠲᠣᠷ᠎ᠠ ᠨᠢ ᠡᠪᠡᠷᠲᠦ ᠬᠡᠯᠡᠮᠦᠷᠴᠢ ᠷᠤᠯᠤᠤᠴᠠᠪ ᠤ᠋ᠨ ᠱᠠᠷᠢᠯ ᠪᠠᠢᠳᠠᠭ ᠶᠤᠮ᠃ ᠡᠨᠡ ᠷᠤᠯᠤᠤᠴᠠᠪ ᠬᠡᠯᠡᠮᠦᠷᠴᠢ ᠨᠢᠮᠪᠠ ᠬᠢᠵᠦ ᠣᠯᠠᠨ ᠵᠢᠯ ᠦ᠋ᠨ ᠨᠢᠮᠪᠠ ᠳ᠋ᠠᠭᠠᠨ ᠶᠠᠮᠠᠨᠳᠠᠭ ᠱᠦᠭᠯᠡᠵᠦ ᠲᠣᠯᠣᠭᠠᠢ ᠳ᠋ᠤᠨᠢ ᠡᠪᠡᠷ ᠣᠷᠭᠣᠲᠠᠯᠠ ᠰᠠᠭᠤᠭᠰᠠᠨ ᠶᠤᠮ ᠭᠡᠮᠡᠨ ᠭᠡᠯᠦᠩ ᠴᠤᠢᠮᠴᠤᠭ ᠱᠠᠪᠢ ᠳ᠋ᠠᠭᠠᠨ ᠰᠡᠮᠬᠡᠨ ᠲᠠᠢᠯᠪᠤᠷᠢᠯᠠᠪᠠ᠃
《 ᠷᠤᠯᠤᠤᠴᠠᠪ ᠰᠢᠭ᠋ ᠨᠢᠮᠪᠠᠯᠠᠨ ᠬᠢᠴᠢᠶᠡᠩᠭᠦᠢᠯᠡᠵᠦ ᠰᠤᠷᠤᠯᠴᠠ》 ᠭᠡᠰᠡᠨ ᠵᠠᠬᠢᠶᠠᠰᠤ ᠪᠣᠯᠭᠠᠨ ᠲᠡᠭᠦᠨ ᠢ᠋ ᠭᠡᠰᠦᠯ ᠰᠡᠩᠵᠢ ᠤᠬᠠᠭᠠᠷᠠᠵᠠᠢ᠃
ᠴᠣᠭᠴᠢᠨ ᠳ᠋ᠤ᠌ ᠨᠡᠢᠲᠡ ᠶ᠋ᠢᠨ ᠬᠤᠷᠠᠯ ᠥᠨᠳᠥᠷᠯᠡᠮᠡᠭᠴᠡ ᠭᠡᠰᠦᠯ ᠰᠡᠩᠵᠢ ᠰᠣᠩᠭᠣᠵᠤ ᠠᠪᠤᠭᠰᠠᠨ ᠴᠢᠨᠠᠳᠤ ᠨᠣᠮ ᠢ᠋ᠶ᠋ᠠᠨ ᠦᠵᠡᠬᠦ ᠪᠡᠷ ᠭᠣᠮᠠᠨ ᠳ᠋ᠠᠴᠠᠩ ᠳ᠋ᠤ᠌ ᠣᠴᠢᠪᠠ᠃ ᠭᠣᠮᠠᠨ ᠳ᠋ᠠᠴᠠᠩ ᠤ᠋ᠨ ᠡᠭᠦᠳᠡᠨ ᠳᠡᠭᠡᠷ᠎ᠡ ᠭᠤᠷᠪᠠᠨ ᠱᠣᠩ ᠪᠠᠢᠯ᠎ᠠ᠃ ᠲᠡᠳᠡᠨ ᠦ᠌ ᠨᠢᠭᠡ ᠨᠢ ᠬᠣᠭᠣᠰᠣᠨ᠂ ᠬᠣᠶᠠᠷ ᠲᠤ᠌ ᠨᠢ ᠨᠢᠭᠡ ᠨᠢᠭᠡ ᠪᠠᠨᠳᠢ ᠶ᠋ᠢ ᠪᠠᠷᠢᠵᠤ ᠬᠦᠯᠢᠭᠡᠳ ᠪᠥᠭᠰᠡ ᠶ᠋ᠢ ᠨᠢ ᠭᠠᠷᠭᠠᠨ ᠭᠤᠪᠤᠷᠤᠤᠲᠤᠲᠠᠯᠠ ᠨᠢ ᠲᠣᠷᠯᠣᠭᠳᠠᠵᠤ ᠪᠠᠢᠭ᠎ᠠ ᠲᠠᠢ ᠭᠡᠰᠦᠯ ᠲᠣᠬᠢᠶᠠᠯᠳᠤᠵᠤ ᠰᠦᠷᠳᠡᠨ ᠠᠶᠤᠪᠠ᠃ ᠬᠤᠷᠠᠯ ᠤ᠋ᠨ ᠦᠶ᠎ᠡ ᠪᠡᠷ ᠰᠠᠬᠢᠯᠭ᠎ᠠ ᠠᠯᠳᠠᠭᠰᠠᠨ ᠪᠠᠨᠳᠢ ᠨᠠᠷ ᠢ᠋ ᠲᠡᠭᠡᠵᠦ᠂ ᠴᠡᠭᠡᠷᠯᠡᠯ ᠦᠵᠡᠭᠦᠯᠳᠡᠭ ᠠᠵᠢ᠃ ᠲᠡᠪᠡᠷᠢ ᠰᠢᠬᠠᠮ ᠪᠦᠳᠦᠭᠦᠨ ᠱᠣᠩ ᠤ᠋ᠳ ᠰᠢᠷᠭᠠᠯ ᠥᠩᠭᠡ ᠪᠡᠷ ᠭᠢᠯᠲᠠᠭᠠᠨᠠᠲᠠᠯᠠ ᠪᠠᠨ ᠵᠦᠯᠭᠦᠭᠳᠡᠭᠰᠡᠨ ᠢ᠋ ᠪᠣᠳᠣᠪᠠᠯ ᠭᠣᠮᠠᠨ ᠳ᠋ᠠᠴᠠᠩ ᠤ᠋ᠨ ᠬᠤᠸᠠᠷᠠᠭ ᠤ᠋ᠳ ᠣᠯᠠᠨ ᠣᠨ ᠢ᠋ ᠳᠠᠮᠵᠢᠭᠰᠠᠨ ᠤᠯᠠᠮᠵᠢᠯᠠᠯ ᠲᠠᠢ ᠨᠢ ᠢᠯᠡᠷᠬᠡᠢ᠃ ᠪᠠᠰᠠ ᠲᠡᠭᠡᠭᠡᠳ ᠡᠳᠡᠭᠡᠷ ᠱᠣᠩ ᠤ᠋ᠳ ᠢ᠋ ᠲᠡᠪᠡᠷᠢᠵᠤ᠋ ᠪᠠᠷᠬᠢᠷᠠᠭᠰᠠᠨ ᠨᠢ ᠲᠣᠭᠠᠯᠠᠪᠠᠴᠤ ᠪᠠᠷᠠᠰᠢ ᠦᠭᠡᠢ ᠪᠣᠯᠤᠭᠰᠠᠨ ᠪᠣᠯᠤᠯᠲᠠᠢ᠃ ᠱᠣᠩ ᠤ᠋ᠨ ᠢᠷᠣᠭᠠᠷ ᠲᠤ᠌ ᠭᠠᠵᠠᠷ ᠨᠢ ᠬᠦᠷᠲᠡᠯ᠎ᠡ ᠬᠣᠩᠬᠣᠢᠵᠠᠢ᠃
- ᠰᠠᠬᠢᠯ ᠢ᠋ᠶ᠋ᠠᠨ ᠪᠠᠲᠤ ᠰᠠᠬᠢᠵᠤ ᠪᠠᠢᠪᠠᠯ ᠡᠢᠮᠦ ᠶᠠᠭᠤᠮ᠎ᠠ ᠬᠦᠷᠲᠡᠬᠦ ᠦᠭᠡᠢ ᠯᠡ ᠳᠡ᠃ ᠱᠣᠩ ᠤᠶᠠᠭᠤᠯᠵᠤ ᠲᠣᠷᠯᠣᠭᠳᠠᠭᠤᠯᠬᠤ ᠴᠤ᠌ ᠭᠠᠢᠭᠤᠢ ᠵᠦᠢᠯ᠃ ᠬᠠᠷᠢᠨ ᠭᠣᠮᠠᠨ ᠳ᠋ᠠᠴᠠᠩ ᠤ᠋ᠨ ᠲᠢᠭᠪᠠᠷᠠᠨᠵᠠ ᠲᠠᠢ ᠱᠣᠷᠣᠩ ᠳ᠋ᠤ᠌ ᠣᠷᠣᠪᠠᠯ ᠤᠤ ᠲᠡᠷᠡ ᠯᠠ ᠠᠶᠤᠯ ᠲᠠᠢ ᠭᠡᠵᠦ ᠭᠡᠯᠦᠩ ᠴᠤᠢᠮᠴᠤᠭ ᠱᠠᠪᠢ ᠳ᠋ᠠᠭᠠᠨ ᠵᠠᠬᠢᠯ᠎ᠠ᠃ ᠲᠢᠭᠪᠠᠷᠠᠨᠵᠠ ᠲᠠᠢ ᠱᠣᠷᠣᠩ ᠲᠥᠪᠡᠳ ᠭᠠᠵᠠᠷ ᠴᠥᠭᠡᠨ ᠪᠢᠰᠢ ᠶᠦᠮ ᠰᠠᠨᠵᠠᠢ᠃《ᠠᠷᠢᠭᠤᠨ ᠶᠡᠬᠡ ᠬᠤᠲᠤᠭᠲᠤ ᠪᠤᠷᠬᠠᠳ᠂ ᠲᠡᠳᠡᠨ ᠦ᠌ ᠣᠷᠣᠢ ᠶ᠋ᠢᠨ ᠳᠡᠭᠡᠳᠦ ᠨᠢ ᠪᠣᠯᠤᠭᠰᠠᠨ ᠳᠠᠯᠠᠢ ᠯᠠᠮᠠ ᠶ᠋ᠢᠨ ᠵᠠᠯᠠᠷᠠᠨ ᠰᠠᠭᠤᠵᠤ᠂ ᠪᠤᠷᠬᠠᠨ ᠤ᠋ ᠦᠢᠯᠡ ᠪᠦᠲᠦᠭᠡᠳᠡᠭ ᠪᠤᠳᠠᠯᠠᠩ ᠤ᠋ᠨ ᠶᠡᠬᠡ ᠣᠷᠳᠣᠨ ᠤ᠋ ᠵᠡᠭᠦᠨ ᠳᠣᠣᠷᠠᠲᠤ ᠳᠠᠪᠬᠤᠷ ᠲᠤ᠌ ᠬᠦᠷᠲᠡᠯ᠎ᠡ ᠲᠢᠭᠪᠠᠷᠠᠨᠵᠠ ᠲᠠᠢ ᠨᠦᠬᠡᠨ ᠬᠠᠷᠠᠩᠭᠤᠢ ᠱᠣᠷᠣᠩ ᠪᠠᠢᠳᠠᠭ ᠭᠡᠳᠡᠭ ᠢ᠋ ᠱᠠᠪᠢ ᠳ᠋ᠠᠭᠠᠨ ᠬᠡᠯᠡᠶ᠎ᠡ ᠪᠠᠢᠵᠠ》 ᠭᠡᠵᠦ ᠴᠤᠢᠮᠴᠤᠭ ᠭᠡᠯᠦᠩ ᠪᠣᠳᠣᠭᠠᠳ ᠬᠡᠯᠡᠨ ᠳᠡᠭᠡᠷ᠎ᠡ ᠨᠢ ᠲᠡᠷᠡ ᠦᠭᠡ ᠭᠠᠷᠴᠤ ᠢᠷᠡᠭᠰᠡᠨ ᠢ᠋ ᠳ᠋ᠦ᠍ᠷ ᠲᠦᠳᠡᠭᠡᠯᠵᠡᠨ ᠳᠠᠭᠤ ᠪᠠᠨ ᠬᠤᠷᠢᠶᠠᠵᠠᠢ᠃
ᠪᠤᠳᠠᠯᠠᠩ ᠤ᠋ᠨ ᠣᠷᠳᠣᠨ ᠤ᠋ ᠲᠡᠷᠡ ᠬᠦ᠌ ᠱᠣᠷᠣᠩ ᠤ᠋ᠨ ᠬᠠᠮᠤᠭ ᠤ᠋ᠨ ᠠᠶᠤᠮᠰᠢᠭᠲᠠᠢ ᠨᠢ ᠢᠮᠠᠭᠠᠨ ᠤ᠋ ᠤᠭᠤᠴᠠ᠂ ᠲᠢᠭᠪᠠᠷᠠᠨᠵᠠ ᠬᠣᠷᠣᠬᠠᠢ ᠪᠠᠷ ᠲᠦᠭᠦᠷᠡᠭᠰᠡᠨ ᠬᠠᠷᠠᠩᠭᠤᠢ ᠬᠠᠷ᠎ᠠ ᠨᠦᠬᠡ ᠶᠦᠮ᠃ ᠲᠡᠭᠦᠨ ᠤᠷᠤᠭᠤ ᠶᠠᠯᠠᠲᠠᠨ ᠬᠥᠮᠦᠨ ᠢ᠋ ᠨᠢᠴᠦᠭᠦᠯᠡᠭᠡᠳ ᠰᠢᠳᠡᠵᠦ ᠣᠷᠬᠢᠳᠠᠭ᠃ ᠥᠯᠥᠰᠬᠦᠯᠡᠩ ᠬᠣᠷᠣᠬᠠᠢ ᠨᠤᠭᠤᠳ ᠲᠡᠷᠡ ᠳᠣᠣᠷ᠎ᠠ ᠪᠠᠨ ᠨᠥᠭᠥᠭᠡᠬᠢ ᠨᠢᠴᠦᠭᠦᠨ ᠬᠥᠮᠦᠨ ᠢ᠋ ᠲᠠᠯ᠎ᠠ ᠲᠠᠯ᠎ᠠ ᠠ᠋ᠴᠠ ᠨᠢ ᠰᠢᠪᠡᠵᠤ ᠠᠪᠤᠭᠠᠳ ᠢᠳᠡᠵᠦ᠂ ᠵᠤᠯᠭᠠᠭᠠᠵᠤ ᠭᠠᠷᠳᠠᠭ᠃ ᠬᠥᠮᠦᠨ ᠲᠡᠢᠨ ᠬᠦ᠌ ᠳᠢᠭᠪᠠᠷᠠᠨᠵᠠ ᠳ᠋ᠤ᠌ ᠰᠢᠪᠠᠭᠤᠯᠤᠭᠠᠳ ᠲᠤᠩ ᠴᠤ᠌ ᠶᠡᠬᠡ ᠤᠳᠠᠯ ᠦᠭᠡᠢ ᠠᠮᠠ ᠪᠠᠷ ᠨᠢ ᠬᠥᠭᠡᠰᠦ ᠴᠢᠬᠠᠷᠠᠨ ᠠᠮᠢᠰᠬᠤᠯ ᠬᠤᠷᠢᠶᠠᠳᠠᠭ ᠠᠵᠢ᠃ ᠲᠡᠷᠡ ᠪᠣᠯ ᠦᠬᠦᠯ ᠦ᠋ᠨ ᠮᠠᠭᠤ ᠦᠬᠦᠯ ᠪᠠᠢᠳᠠᠭ ᠪᠣᠯᠠᠢ᠃ ᠭᠡᠯᠦᠩ ᠴᠤᠢᠮᠴᠤᠭ ᠮᠡᠳᠡᠳᠡᠭ ᠪᠦᠬᠦᠨ ᠢ᠋ᠶ᠋ᠡᠨ ᠱᠠᠪᠢ ᠳ᠋ᠠᠭᠠᠨ ᠶᠠᠷᠢᠵᠤ ᠥᠭᠴᠦ ᠪᠠᠢᠭ᠎ᠠ ᠪᠣᠯᠪᠠᠴᠤ ᠡᠨᠡ ᠲᠤᠬᠠᠢ ᠶᠠᠷᠢᠬᠤ ᠠ᠋ᠴᠠ ᠲᠦᠪᠡᠭᠰᠢᠶᠡᠵᠡᠢ᠃
ᠭᠣᠮᠠᠨ ᠳ᠋ᠠᠴᠠᠩ ᠳ᠋ᠤ᠌ ᠭᠡᠰᠦᠯ ᠰᠡᠩᠵᠢ ᠶ᠋ᠢᠨ ᠠᠩᠬᠠᠨ ᠤ᠋ ᠴᠣᠢᠳᠣᠭ ᠡᠬᠢᠯᠡᠪᠡ᠃ ᠨᠠᠮᠳᠡᠯ ᠦ᠋ᠨ ᠬᠠᠳᠠᠭ ᠵᠢᠩᠳᠠᠭᠠᠨ ᠤ᠋ ᠴᠣᠢᠳᠣᠭ ᠪᠤᠶᠤ ᠬᠢᠴᠢᠶᠡᠯ ᠦ᠋ᠨ ᠨᠢ ᠴᠠᠭ ᠡᠳᠦᠷ ᠲᠦ᠍ ᠳᠥᠷᠪᠡᠨ ᠤᠳᠠᠭ᠎ᠠ ᠶᠤᠮ᠃ ᠳᠤᠮᠳᠠ ᠪᠠᠨ ᠬᠣᠶᠠᠷ ᠤᠳᠠᠭ᠎ᠠ ᠶ᠋ᠢᠨ ᠴᠣᠢᠨᠳᠠᠮ (ᠵᠠᠪᠰᠠᠷᠯᠠᠭ᠎ᠠ) ᠲᠠᠢ᠂ ᠥᠷᠯᠥᠭᠡᠭᠦᠷ ᠱᠤᠭᠠ ᠴᠣᠢᠷᠣ᠎ᠠ᠂ ᠳᠠᠷᠠᠭ᠎ᠠ ᠦᠳᠡ ᠳᠤᠮᠳᠠ ᠶ᠋ᠢᠨ ᠦᠶ᠎ᠡ ᠳ᠋ᠦ᠍ ᠭᠦᠩᠴᠢᠭ ᠴᠣᠢᠷᠣ᠎ᠠ᠂ ᠣᠷᠣᠢ ᠭᠦᠷᠢᠮ ᠴᠣᠢᠷᠣ᠎ᠠ ᠪᠣᠯᠤᠨ᠎ᠠ ᠃ ᠵᠢᠩᠳᠠᠭᠠᠨ ᠤ᠋ ᠬᠢᠨ ᠨᠢ ᠴᠥᠮ ᠨᠢᠭᠡᠨ ᠢᠵᠢᠯ ᠬᠤᠪᠴᠠᠰᠤ ᠲᠠᠢ ᠪᠠᠢᠯ᠎ᠠ᠃ ᠯᠾᠠᠮᠠᠭᠤᠢ ᠭᠡᠳᠡᠭ ᠲᠠᠪᠰᠢᠭᠠᠷ ᠭᠤᠲᠤᠯ᠂ ᠮᠠᠳᠢᠶᠠᠭ ᠭᠡᠳᠡᠭ ᠳᠣᠲᠣᠭᠤᠷ ᠪᠠᠩᠵᠠᠯ᠂ ᠳ᠋ᠤᠳ᠋ᠭᠤᠢ ᠭᠡᠳᠡᠭ ᠴᠡᠭᠡᠵᠢᠪᠴᠢ᠂ ᠱᠠᠨᠲᠠᠪ ᠭᠡᠳᠡᠭ ᠭᠠᠳᠠᠭᠤᠷ ᠪᠠᠩᠵᠠᠯ᠂ ᠳ᠋ᠠᠭᠠᠮ ᠭᠡᠳᠡᠭ ᠬᠦᠷᠢᠨ ᠤᠯᠠᠭᠠᠨ ᠣᠷᠬᠢᠮᠵᠢ᠂ ᠳᠠᠩᠪᠠ ᠡᠷᠢᠭᠡ ᠴᠠᠪᠢᠷ ᠲᠡᠷᠢᠭᠦᠲᠡᠨ ᠱᠠᠰᠧᠷ ᠮᠠᠯᠠᠭᠠᠢ᠂ ᠰᠸᠨᠢ ᠭᠡᠳᠡᠭ ᠨᠥᠮᠥᠷᠭᠡ ᠡᠳᠡᠭᠡᠷ ᠢ᠋ ᠴᠥᠮ ᠢ᠋ ᠴᠦ᠍ ᠰᠢᠨ᠎ᠡ ᠪᠡᠷ ᠬᠢᠯᠭᠡᠨ ᠡᠮᠦᠰᠦᠭᠰᠡᠨ ᠠᠷᠪᠠᠨ ᠬᠡᠳᠦᠨ ᠨᠠᠰᠤᠨ ᠤ᠋ ᠵᠠᠯᠠᠭᠤᠬᠠᠨ ᠭᠡᠰᠦᠯ ᠨᠠᠷ ᠵᠠᠪᠳᠤᠩ ᠳ᠋ᠤ᠌ ᠡᠩᠨᠡᠨ ᠰᠠᠭᠤᠵᠠᠭᠠᠴᠠᠢ᠃ ᠡᠬᠢᠨ ᠦ᠌ ᠡᠩᠨᠡᠭᠡᠨ ᠳ᠋ᠦ᠍ ᠰᠡᠩᠵᠢ ᠰᠠᠭᠤᠯ᠎ᠠ᠃ ᠣᠳᠣ ᠡᠳᠡᠨᠠᠷ ᠢ᠋ ᠭᠡᠰᠦᠯ ᠪᠢᠰᠢ ᠬᠠᠷᠢᠨ ᠯᠤᠪᠨᠠᠷᠪᠠ ᠨᠠᠷ ᠭᠡᠵᠦ ᠨᠡᠷᠡᠯᠡᠨ᠎ᠡ᠃ ᠥᠭᠡᠷ᠎ᠡ ᠪᠡᠷ ᠬᠡᠯᠡᠪᠡᠯ ᠰᠤᠷᠤᠭᠴᠢᠳ ᠭᠡᠰᠡᠨ ᠦᠭᠡ᠃ ᠬᠡᠷᠪᠡ ᠣᠯᠢᠭᠲᠠᠢ ᠶᠠᠭᠤᠮ᠎ᠠ ᠰᠤᠷᠬᠤ ᠦᠭᠡᠢ ᠮᠠᠩᠭᠤᠤ ᠬᠥᠮᠦᠨ ᠪᠣᠯᠬᠤ ᠨᠢ ᠮᠡᠳᠡᠭᠳᠡᠪᠡᠯ ᠲᠡᠢᠮᠦ ᠭᠡᠰᠦᠯ ᠢ᠋ ᠳ᠋ᠤᠪᠳᠠᠭᠠ ᠪᠣᠯᠭᠠᠨ᠎ᠠ᠃ ᠳ᠋ᠤᠪᠳᠠᠭᠠ ᠪᠣᠯ ᠨᠣᠮ ᠦᠭᠡᠢ᠂ ᠮᠠᠩᠭᠤᠤ ᠲᠣᠯᠣᠭᠠᠢᠲᠠᠨ ᠨᠤᠭᠤᠳ ᠤᠴᠢᠷ ᠬᠠᠷ᠎ᠠ ᠠᠵᠢᠯ ᠳ᠋ᠤ᠌ ᠭᠣᠣᠯᠴᠢᠯᠠᠨ ᠵᠠᠷᠤᠭᠳᠠᠨᠠ᠃ ᠭᠡᠬᠦ ᠳ᠋ᠡᠭᠡᠨ ᠯᠠᠮᠠ ᠶ᠋ᠢᠨ ᠬᠤᠪᠴᠠᠰᠤ ᠪᠠᠷ ᠬᠤᠪᠴᠠᠰᠤᠯᠠᠵᠤ ᠶᠠᠪᠤᠨ᠎ᠠ᠃
- ᠮᠢᠨᠦ ᠱᠠᠪᠢ ᠴᠤ᠌ ᠠᠷᠠᠢ ᠨᠢᠭᠡ ᠳ᠋ᠤᠪᠳᠠᠭᠠ ᠪᠣᠯᠬᠤ ᠬᠥᠮᠦᠨ ᠪᠢᠰᠢ ᠭᠡᠵᠦ ᠭᠡᠯᠦᠩ ᠴᠤᠢᠮᠴᠤᠭ ᠰᠡᠩᠵᠢ ᠶ᠋ᠢ ᠵᠠᠪᠳᠤᠩ ᠳ᠋ᠤᠨᠢ ᠰᠠᠭᠤᠯᠭᠠᠬᠤ ᠳ᠋ᠠᠭᠠᠨ ᠴᠢᠬᠢᠨ ᠳ᠋ᠦ᠍ᠨᠢ ᠰᠢᠪᠡᠨᠡᠬᠦ ᠳ᠋ᠦ᠍ ᠮᠠᠨᠢ ᠡᠷ᠎ᠡ ᠶ᠋ᠢᠨ ᠰᠡᠳᠬᠢᠯ ᠬᠥᠭᠡᠷᠴᠦ ᠵᠣᠷᠢᠭ ᠣᠷᠣᠵᠠᠢ᠃
ᠪᠠᠷᠠᠪᠠᠩ ᠬᠡᠢᠳ ᠪᠣᠯ ᠢᠷᠡᠭᠡᠳᠦᠢ ᠳ᠋ᠦ᠍ ᠰᠢᠨᠵᠢᠭᠴᠢ ᠲᠥᠷᠥᠳᠡᠭ ᠢ᠋ᠶ᠋ᠡᠷ ᠢ᠋ᠶ᠋ᠡᠨ ᠠᠯᠳᠠᠷᠰᠢᠭᠰᠠᠨ ᠪᠢᠯᠡ᠃ ᠪᠠᠰᠠ ᠡᠨᠡ ᠬᠡᠢᠳ ᠦ᠋ᠨ ᠭᠡᠰᠬᠦᠢ ᠨᠠᠷ ᠶᠡᠬᠡ ᠪᠠᠶᠠᠨ ᠶᠤᠮ᠃ ᠤᠴᠢᠷ ᠨᠢ ᡀᠠᠰᠠ ᠮᠣᠩᠯᠠᠮ ᠭᠡᠳᠡᠭ ᠢᠷᠦᠭᠡᠯ ᠤᠩᠰᠢᠬᠤ ᠯᠠᠮᠠ ᠨᠠᠷ ᠤ᠋ᠨ ᠳᠡᠭᠡᠳᠦ ᠴᠢᠭᠤᠯᠭᠠᠨ ᠢ᠋ ᠵᠢᠯ ᠪᠦᠷᠢ ᠶ᠋ᠢᠨ ᠲᠡᠷᠢᠭᠦᠨ ᠰᠠᠷ᠎ᠠ ᠶ᠋ᠢᠨ ᠭᠤᠷᠪᠠᠨ ᠠ᠋ᠴᠠ ᠬᠣᠷᠢᠨ ᠭᠤᠷᠪᠠᠨ ᠬᠦᠷᠲᠡᠯ᠎ᠡ ᠬᠤᠷᠠᠭᠤᠯᠬᠤ ᠳ᠋ᠤ᠌ ᠪᠠᠷᠠᠪᠠᠩ ᠬᠡᠢᠳ ᠦ᠋ᠨ ᠭᠡᠰᠬᠦᠢ ᠨᠠᠷ ᠢ᠋ᠶ᠋ᠠᠷ ᠵᠢᠷᠤᠮ ᠰᠠᠬᠢᠭᠤᠯᠳᠠᠭ᠃ ᠲᠡᠷᠡ ᠣᠯᠠᠨ ᠮᠢᠩᠭᠠᠨ ᠯᠠᠮᠠ ᠨᠠᠷ ᠤ᠋ᠨ ᠴᠤᠭᠯᠠᠷᠠᠬᠤ ᠦᠶ᠎ᠡ ᠳ᠋ᠦ᠍ ᠵᠥᠷᠢᠴᠡᠯ᠂ ᠠᠯᠳᠠᠰ ᠶᠡᠬᠡ ᠭᠠᠷᠳᠠᠭ ᠲᠤᠯᠠ ᠭᠡᠰᠬᠦᠢ ᠨᠠᠷ ᠢᠳᠡᠪᠬᠢᠲᠡᠢ ᠠᠵᠢᠯᠯᠠᠵᠤ ᠪᠦᠬᠦᠢᠯᠡ ᠲᠣᠷᠭᠠᠭᠤᠯᠢ ᠰᠢᠳᠬᠡᠯ ᠦ᠋ᠨ ᠬᠤᠷᠢᠶᠠᠮᠵᠢ ᠶ᠋ᠢ ᠠᠪᠳᠠᠭ ᠶᠤᠮ ᠰᠠᠨᠵᠠᠢ᠃ ᡀᠠᠰᠠ ᠮᠣᠩᠯᠠᠮ ᠤ᠋ᠨ ᠭᠡᠰᠬᠦᠢ ᠪᠣᠯᠬᠤ ᠶ᠋ᠢᠨ ᠲᠤᠯᠠᠳᠠ ᠪᠠᠷᠠᠪᠠᠩ ᠬᠡᠢᠳ ᠦ᠋ᠨ ᠯᠠᠮᠠ ᠨᠠᠷ ᠠᠷᠪᠠᠨ ᠭᠤᠷᠪᠠᠨ ᠮᠡᠬᠡ ᠪᠡᠨ ᠭᠠᠷᠭᠠᠳᠠᠭ᠃ ᠵᠠᠷᠢᠮ ᠳ᠋ᠠᠭᠠᠨ ᠭᠡᠰᠬᠦᠢ ᠶ᠋ᠢᠨ ᠲᠤᠰᠢᠶᠠᠯ ᠢ᠋ ᠳᠥᠷᠪᠡᠨ ᠮᠢᠩᠭᠠᠨ ᠯᠠᠩ ᠮᠥᠩᠭᠥ ᠪᠡᠷ ᠴᠦ᠍ ᠬᠤᠳᠠᠯᠳᠤᠵᠤ ᠠᠪᠳᠠᠭ ᠪᠠᠢᠵᠠᠢ᠃ ᠭᠡᠪᠡᠴᠦ ᠣᠷᠣᠯᠭ᠎ᠠ ᠬᠠᠪᠢ ᠦᠭᠡᠢ ᠢᠯᠡᠭᠦᠦ ᠪᠣᠯᠳᠠᠭ ᠨᠢ ᠯᠠᠪᠲᠠᠢ᠃ ᠬᠣᠷᠢᠨ ᠮᠢᠩᠭᠠᠨ ᠯᠠᠩ ᠲᠣᠰᠪᠣᠷᠢ ᠠ᠋ᠴᠠ ᠭᠠᠭᠴᠠ ᠯᠠᠩ ᠮᠥᠩᠭᠥ ᠠᠪᠬᠤ ᠳ᠋ᠤ᠌ ᠯᠠ ᠵᠠᠷᠤᠯᠭ᠎ᠠ ᠪᠠᠨ ᠣᠷᠣᠯᠭ᠎ᠠ ᠨᠢ ᠲᠠᠪᠤ ᠳᠠᠬᠢᠨ ᠳᠠᠪᠠᠨ᠎ᠠ᠃ ᠢᠯᠠᠩᠭᠤᠶ᠎ᠠ ᠭᠡᠯᠦᠩ ᠰᠠᠬᠢᠯ ᠦᠭᠡᠢ ᠯᠠᠮᠠ ᠨᠠᠷ ᠡᠭᠦᠨ ᠳ᠋ᠦ᠍ ᠶᠡᠬᠡ ᠳᠤᠷᠠᠯᠠᠨ᠎ᠠ᠃ ᠤᠴᠢᠷ ᠨᠢ ᠭᠡᠯᠦᠩ ᠰᠠᠬᠢᠯ ᠦᠭᠡᠢ ᠭᠡᠰᠬᠦᠢ ᠪᠣᠯ ᠶᠠᠯ᠎ᠠ ᠰᠢᠳᠬᠡᠯ ᠣᠨᠣᠭᠠᠬᠤ ᠡᠷᠬᠡ ᠲᠡᠢ᠃ ᠭᠡᠯᠦᠩ ᠰᠠᠬᠢᠯ ᠲᠠᠢ ᠭᠡᠰᠬᠦᠢ ᠰᠢᠳᠬᠡᠯ ᠣᠨᠣᠭᠠᠵᠤ ᠪᠣᠯᠳᠠᠭ ᠦᠭᠡᠢ ᠠᠵᠢ᠃ ᠶᠠᠭᠠᠬᠢᠭᠠᠳ ᠭᠡᠪᠡᠯ ᠵᠠᠷᠢᠮ ᠲᠣᠬᠢᠶᠠᠯᠳᠤᠯ ᠳ᠋ᠤ᠌ ᠴᠠᠭᠠᠵᠠ ᠪᠠᠷ ᠠᠪᠬᠤ ᠶᠠᠯ᠎ᠠ ᠣᠨᠣᠭᠠᠵᠤ ᠪᠣᠯᠤᠨ᠎ᠠ᠃ ᠲᠡᠭᠡᠪᠡᠯ ᠭᠡᠯᠦᠩ ᠰᠠᠬᠢᠯ ᠵᠥᠷᠢᠴᠡᠵᠦ ᠠᠮᠢᠲᠠᠨ ᠤ᠋ ᠠᠮᠢ ᠪᠤᠰᠠᠨᠢᠭᠤᠯᠵᠤ ᠪᠣᠯᠬᠤ ᠦᠭᠡᠢ ᠭᠡᠳᠡᠭ ᠠᠵᠢ᠃ ᠵᠠᠯᠠᠭᠤ ᠳ᠋ᠠᠭᠠᠨ ᠴᠤᠢᠮᠴᠤᠭ ᠭᠡᠯᠦᠩ ᠪᠠᠷᠠᠪᠠᠩ ᠬᠡᠢᠳ ᠲᠦ᠍ ᠰᠤᠷᠴᠤ ᠪᠠᠢᠬᠤ ᠳ᠋ᠠᠭᠠᠨ ᠰᠡᠷᠭᠦᠯᠡᠩ ᠵᠠᠩ ᠭᠠᠷᠭᠠᠵᠤ ᠨᠢᠭᠡ ᠤᠳᠠᠭ᠎ᠠ ᡀᠠᠰᠠ ᠶ᠋ᠢᠨ ᠪᠠᠭ᠎ᠠ ᠮᠣᠩᠯᠠᠮ ᠳ᠋ᠤ᠌ ᠭᠡᠰᠬᠦᠢ ᠪᠡᠷ ᠲᠣᠮᠢᠯᠠᠭᠳᠠᠵᠤ ᠣᠪᠣᠭ᠎ᠠ ᠪᠠᠶᠠᠵᠢᠭᠰᠠᠨ ᠪᠢᠯᠡ᠃ ᠡᠨᠡ ᠲᠤᠬᠠᠢ ᠶ᠋ᠢ ᠪᠡᠨ ᠴᠦ᠍ ᠱᠠᠪᠢ ᠰᠡᠩᠵᠢ ᠳ᠋ᠡᠭᠠᠨ ᠪᠠᠰᠠ ᠶᠠᠷᠢᠭᠰᠠᠨ ᠦᠭᠡᠢ᠃
ᠭᠣᠮᠠᠨ ᠳ᠋ᠠᠴᠠᠩ ᠤ᠋ᠨ ᠲᠡᠷᠢᠭᠦᠨ ᠲᠢᠪ ᠯᠠᠮᠠ ᠨᠢ ᠪᠤᠶᠤ ᠰᠢᠷᠡᠭᠡᠲᠦ ᠯᠠᠮᠠ ᠨᠢ ᠰᠢᠨ᠎ᠡ ᠢᠷᠡᠭᠰᠡᠨ ᠱᠠᠪᠢ ᠨᠠᠷ ᠢ᠋ᠶ᠋ᠠᠨ ᠠᠢᠬᠤᠪᠲᠤᠷ ᠨᠣᠴᠢᠲᠠᠢ ᠰᠢᠨᠵᠢᠨ ᠬᠠᠷᠠᠳᠠᠭ ᠲᠡᠢᠮᠦ ᠵᠠᠩᠰᠢᠯ ᠲᠠᠢ ᠬᠥᠮᠦᠨ ᠪᠠᠢᠵᠠᠢ᠃ ᠲᠡᠷᠡ ᠶᠣᠰᠣᠭᠠᠷ ᠪᠦᠬᠦ ᠯᠡ ᠱᠠᠪᠢ ᠨᠠᠷ ᠢ᠋ᠶ᠋ᠠᠨ ᠥᠷᠥᠮᠳᠡᠨ ᠴᠣᠷᠭᠢᠬᠤ ᠮᠡᠲᠦ ᠬᠠᠷᠠᠴᠠ ᠪᠠᠷ ᠳᠠᠷᠠᠭᠠᠯᠠᠨ ᠠᠵᠢᠵᠤ ᠪᠠᠢᠪᠠ᠃ ᠲᠡᠭᠦᠨ ᠦ᠌ ᠬᠠᠷᠠᠴᠠᠨ ᠠ᠋ᠴᠠ ᠳᠠᠯᠳᠢᠷᠠᠭᠰᠠᠨ ᠬᠥᠮᠦᠨ ᠳ᠋ᠦ᠍ ᠲᠡᠷᠡ ᠶᠡᠬᠡ ᠳᠤᠷ᠎ᠠ ᠦᠭᠡᠢ ᠠᠵᠢ᠃ ᠲᠡᠷᠡ ᠲᠤᠬᠠᠢ ᠰᠡᠩᠵᠢ ᠭᠡᠰᠦᠯ ᠪᠠᠭᠰᠢ ᠠ᠋ᠴᠠ ᠪᠠᠨ ᠰᠣᠨᠣᠰᠴᠤ ᠮᠡᠳᠡᠭᠰᠡᠨ ᠲᠤᠯᠠ ᠲᠢᠪ ᠯᠠᠮᠠ ᠲᠠᠢ ᠬᠠᠷᠠᠴᠠ ᠮᠥᠷᠭᠥᠯᠳᠦᠬᠦ ᠦᠭᠡᠢ ᠶ᠋ᠢ ᠬᠢᠴᠢᠶᠡᠵᠦ ᠪᠠᠢᠪᠠ᠃ ᠭᠡᠪᠡᠴᠦ ᠠᠷᠭ᠎ᠠ ᠪᠤᠶᠤ ᠨᠢᠭᠡ ᠤᠳᠠᠭ᠎ᠠ ᠬᠠᠷᠠᠴᠠ ᠲᠤᠯᠭᠠᠷᠠᠪᠠ᠃ ᠰᠡᠩᠵᠢ ᠨᠢᠳᠦ ᠴᠠᠪᠴᠢᠬᠤ ᠦᠭᠡᠢ ᠶ᠋ᠢ ᠬᠢᠴᠢᠶᠡᠵᠦ ᠲᠢᠪ ᠯᠠᠮᠠ ᠶ᠋ᠢᠨ ᠰᠣᠷᠮᠤᠤᠰᠤᠨ ᠤ᠋ ᠦᠰᠦ ᠶ᠋ᠢ ᠲᠣᠭᠠᠯᠠᠬᠤ ᠭᠡᠵᠦ ᠣᠷᠣᠯᠳᠣᠪᠠ᠃ ᠨᠢᠭᠡ ᠪᠥᠷᠢᠴᠢᠯᠡᠨ ᠲᠣᠭᠠᠯᠠᠬᠤ ᠪᠠᠷ ᠲᠣᠳᠣ ᠬᠠᠷᠠᠬᠤ ᠦᠭᠡᠢ ᠪᠠᠢᠭᠰᠠᠨ ᠪᠣᠯᠪᠠᠴᠤ ᠲᠣᠭᠠᠯᠠᠬᠤ ᠶ᠋ᠢ ᠣᠷᠣᠯᠳᠣᠪᠠ᠃ ᠨᠢᠭᠡᠪᠦᠷᠢᠴᠢᠯᠡᠨ ᠲᠣᠭᠠᠯᠠᠬᠤ ᠪᠠᠷ ᠲᠣᠳᠣ ᠬᠠᠷᠠᠬᠤ ᠦᠭᠡᠢ ᠪᠠᠢᠭᠰᠠᠨ ᠪᠣᠯᠪᠠᠴᠤ ᠲᠣᠭᠠᠯᠠᠬᠤ ᠶ᠋ᠢ ᠤᠷᠤᠯᠳᠤᠨ ᠨᠢᠳᠦ ᠤᠷᠤᠭᠤ ᠨᠢ ᠰᠢᠷᠳᠡᠵᠦ ᠪᠠᠢᠲᠠᠯ᠎ᠠ ᠲᠢᠪ ᠯᠠᠮᠠ ᠥᠪᠡᠷ ᠢ᠋ᠶ᠋ᠡᠨ ᠲᠡᠰᠦᠭᠰᠡᠨ ᠦᠭᠡᠢ ᠬᠠᠷᠠᠴᠠ ᠪᠠᠨ ᠪᠤᠷᠤᠭᠤᠯᠠᠨ ᠥᠭᠡᠷ᠎ᠡ ᠬᠥᠮᠦᠨ ᠤᠷᠤᠭᠤ ᠬᠠᠷᠠᠵᠠᠢ᠃
《ᠶᠠᠮᠠᠷ ᠴᠤ᠌ ᠭᠡᠰᠡᠨ ᠬᠠᠷᠠᠴᠠ ᠪᠠᠨ ᠳᠠᠯᠳᠢᠴᠢᠭᠤᠯᠤᠭᠰᠠᠨ ᠦᠭᠡᠢ᠃ ᠮᠢᠨᠦ ᠲᠤᠬᠠᠢ ᠮᠠᠭᠤ ᠶᠠᠭᠤᠮ᠎ᠠ ᠯᠠ ᠰᠠᠨᠠᠬᠤ ᠦᠭᠡᠢ ᠪᠠᠢᠬ᠎ᠠ!》 ᠭᠡᠵᠦ ᠰᠡᠩᠵᠢ ᠭᠡᠰᠦᠯ ᠪᠣᠳᠣᠪᠠ᠃
ᠠᠷᠰᠯᠠᠭᠲᠤ ᠲᠠᠪᠴᠠᠩ ᠳᠡᠭᠡᠷ᠎ᠡ ᠪᠡᠨ ᠲᠢᠪ ᠯᠠᠮᠠ ᠰᠦᠷᠯᠢᠭ ᠶᠡᠬᠡᠮᠰᠦᠭ ᠰᠠᠭᠤᠬᠤ ᠨᠢ ᠦᠨᠡᠬᠡᠷ ᠠᠢᠳᠠᠰ ᠬᠦᠷᠦᠮᠡᠷ ᠃ ᠴᠠᠭᠠᠨ ᠦᠰᠦᠲᠡᠢ᠂ ᠤᠯᠠᠪᠢᠷ ᠰᠢᠷ᠎ᠠ ᠵᠣᠭᠳᠣᠷ ᠲᠠᠢ ᠳᠥᠷᠪᠡᠨ ᠴᠠᠭᠠᠨ ᠠᠷᠰᠯᠠᠨ ᠪᠠᠷᠠᠭᠤᠨ ᠤᠷᠢᠳᠤ ᠬᠥᠯ ᠢ᠋ᠶ᠋ᠡᠨ ᠳᠡᠭᠡᠭᠰᠢ ᠡᠷᠭᠦᠭᠰᠡᠨ ᠪᠤᠰᠤᠳ ᠬᠥᠯ ᠨᠢ ᠳᠣᠭᠣᠭᠰᠢ ᠪᠠᠨ ᠲᠤᠯᠵᠤ ᠪᠠᠢᠭ᠎ᠠ ᠶ᠋ᠢᠨ ᠳᠡᠭᠡᠷᠡᠬᠢ ᠳᠥᠷᠪᠡᠯᠵᠢᠨ ᠲᠠᠪᠴᠠᠩ ᠨᠢ ᠭᠤᠷᠪᠠᠨ ᠰᠠᠭᠯᠠᠭᠠᠷ ᠶᠡᠨᠳᠡᠷ ᠲᠠᠢ ᠰᠡᠨᠳᠡᠢ᠂ ᠪᠠᠩᠷᠢᠮ ᠢ᠋ᠶ᠋ᠠᠷ ᠴᠢᠮᠡᠭᠯᠡᠭᠳᠡᠵᠡᠢ᠃ ᠲᠡᠭᠦᠨ ᠳᠡᠭᠡᠷ᠎ᠡ ᠲᠢᠪ ᠯᠠᠮᠠ ᠠᠯᠲᠠᠳᠠᠭᠰᠠᠨ ᠱᠤᠪᠤᠤᠳᠤᠢ ᠮᠠᠯᠠᠭᠠᠢ ᠪᠠᠨ ᠡᠮᠦᠰᠴᠦ᠂ ᠶᠡᠬᠡᠮᠰᠦᠭ ᠢ᠋ᠶ᠋ᠡᠷ ᠵᠠᠪᠢᠯᠠᠨ ᠰᠠᠭᠤᠨ᠎ᠠ᠃ ᠴᠠᠰᠤᠲᠤ ᠶ᠋ᠢᠨ ᠴᠠᠭᠠᠨ ᠠᠷᠰᠯᠠᠨ ᠭᠠᠵᠠᠷ᠂ ᠲᠩᠷᠢ ᠶ᠋ᠢᠨ ᠵᠠᠪᠰᠠᠷ ᠲᠤ᠌ ᠱᠠᠰᠢᠨ ᠤ᠋ ᠠᠯᠢᠪᠠ ᠳᠠᠢᠰᠤᠨ ᠢ᠋ ᠰᠦᠷᠳᠡᠭᠦᠯᠦᠨ᠂ ᠣᠮᠣᠭ ᠢ᠋ ᠨᠢ ᠦᠬᠦᠭᠦᠯᠵᠦ᠂ ᠯᠠᠯᠤ ᠪᠣᠯᠤᠨ ᠰᠢᠮᠨᠤᠰ ᠲᠡᠷᠢᠭᠦᠲᠡᠨ ᠢ᠋ ᠨᠣᠮᠣᠬᠠᠳᠬᠠᠨ ᠳᠠᠷᠤᠵᠤ ᠪᠠᠢᠭ᠎ᠠ ᠶ᠋ᠢ ᠪᠡᠯᠭᠡᠳᠡᠵᠦ ᠡᠢᠮᠦ ᠠᠷᠰᠯᠠᠲᠦ ᠲᠠᠪᠴᠠᠩ ᠵᠠᠰᠠᠵᠤ ᠥᠭᠳᠡᠭ ᠢ᠋ ᠭᠡᠰᠦᠯ ᠰᠡᠩᠵᠢ ᠰᠠᠢᠨ ᠮᠡᠳᠡᠵᠦ ᠪᠠᠢᠪᠠ᠃
《ᠪᠤᠶᠠᠨᠵᠠᠯᠪᠠᠷᠢᠬᠤ ᠬᠡᠢᠳ ᠦ᠋ᠨ ᠰᠢᠷᠡᠭᠡᠲᠦ ᠯᠠᠮᠠ ᠶ᠋ᠢᠨ ᠰᠡᠨᠳᠡᠢ ᠪᠠᠰᠠ ᠯᠠ ᠡᠢᠮᠦᠷᠬᠦ ᠪᠢᠯᠡ᠃ ᠠᠷᠭ᠎ᠠ ᠦᠭᠡᠢ ᠯᠡ ᠡᠨᠡ ᠭᠠᠵᠠᠷ ᠠ᠋ᠴᠠ ᠳᠡᠯᠭᠡᠷᠡᠭᠰᠡᠨ ᠱᠠᠵᠢᠨ ᠶᠤᠮ》 ᠭᠡᠵᠦ ᠰᠡᠩᠵᠢ ᠭᠡᠰᠦᠯ ᠪᠣᠳᠣᠵᠤ ᠪᠠᠢᠯ᠎ᠠ᠃
ᠳᠤᠭᠠᠩ ᠳ᠋ᠤ᠌ ᠽᠠᠳᠢ ᠶ᠋ᠢᠨ ᠦᠨᠦᠷᠲᠦ ᠬᠦᠵᠢ ᠣᠩᠭᠣᠳᠴᠤ ᠬᠥᠬᠡᠮᠳᠦᠭ ᠴᠡᠩᠬᠡᠷ ᠤᠲᠤᠭ᠎ᠠ ᠨᠢ ᠲᠢᠪ ᠯᠠᠮᠠ ᠶ᠋ᠢᠨ ᠡᠮᠦᠨᠡᠭᠦᠷ ᠰᠤᠭᠤᠨᠠᠭᠯᠠᠵᠤ ᠪᠠᠢᠯ᠎ᠠ᠃ ᠽᠠᠳᠢ ᠶ᠋ᠢᠨ ᠦᠨᠦᠷ ᠡᠴᠡ ᠮᠣᠭᠠᠢ ᠶᠡᠬᠡ ᠠᠶᠤᠳᠠᠭ ᠪᠣᠯᠬᠣᠷ ᠳᠤᠭᠠᠩ ᠳ᠋ᠤ᠌ ᠮᠣᠭᠠᠢ ᠣᠷᠣᠭᠤᠯᠬᠤ ᠦᠭᠡᠢ ᠶ᠋ᠢᠨ ᠲᠤᠯᠠᠳᠠ ᠽᠠᠳᠢ ᠬᠣᠯᠢᠭᠰᠠᠨ ᠬᠦᠵᠢ ᠬᠡᠷᠡᠭᠯᠡᠳᠡᠭ ᠶᠦᠮ ᠰᠠᠨᠵᠠᠢ᠃ ᠭᠦᠵᠢ ᠳ᠋ᠦ᠍ ᠬᠣᠯᠢᠭᠰᠠᠨ ᠽᠠᠳᠢ ᠶ᠋ᠢᠨ ᠦᠨᠦᠷ ᠬᠠᠩᠬᠤᠯᠬᠤ ᠳ᠋ᠤ᠌ ᠥᠴᠥᠭᠡᠳᠦᠷ ᠮᠥᠷᠭᠥᠯ ᠢ᠋ᠶ᠋ᠡᠷ ᠶᠠᠪᠤᠵᠤ ᠪᠠᠢᠬᠤ ᠳ᠋ᠤ᠌ ᠲᠣᠬᠢᠶᠠᠯᠳᠤᠭᠰᠠᠨ ᠶᠠᠪᠤᠳᠠᠯ ᠢ᠋ ᠰᠡᠩᠵᠢ ᠭᠡᠰᠦᠯ ᠥᠪᠡᠷ ᠦ᠋ᠨ ᠡᠷᠬᠡ ᠦᠭᠡᠢ ᠰᠠᠨᠠᠯ᠎ᠠ᠃ ᠮᠥᠷᠭᠥᠯᠴᠢᠳ ᠦ᠋ᠨ ᠵᠠᠮ ᠤ᠋ᠨ ᠬᠠᠵᠠᠭᠤᠬᠠᠨ ᠲᠠᠯ᠎ᠠ ᠳᠠᠬᠢ ᠨᠢᠭᠡᠨ ᠲᠣᠮᠣ ᠰᠠᠷᠠᠯ ᠪᠤᠯᠤ ᠴᠢᠯᠠᠭᠤᠨ ᠤ᠋ ᠢᠷᠣᠭᠠᠷ ᠲᠤ᠌ ᠮᠣᠭᠠᠢ᠂ ᠬᠦᠷᠪᠡᠯ ᠬᠣᠶᠠᠷ ᠨᠣᠴᠣᠯᠳᠤᠵᠤ ᠪᠠᠢᠭᠰᠠᠨ᠃ ᠬᠦᠷᠪᠡᠯ ᠨᠦᠬᠡ ᠤᠷᠤᠭᠤ ᠭᠦᠶᠦᠨ ᠣᠷᠣᠬᠤ ᠳ᠋ᠤ᠌ ᠬᠣᠢᠨ᠎ᠠ ᠠ᠋ᠴᠠ ᠨᠢ ᠮᠣᠭᠠᠢ ᠬᠥᠭᠡᠭᠡᠵᠦ ᠲᠠᠯ᠎ᠠ ᠪᠡᠶ᠎ᠡ ᠨᠢ ᠳᠠᠯᠳᠠᠷᠠᠭᠰᠠᠨ᠃ ᠲᠡᠭᠡᠭᠰᠡᠨ ᠢ᠋ᠶ᠋ᠡᠨ ᠭᠡᠨᠡᠳᠲᠡ ᠰᠡᠭᠦᠯ ᠦ᠋ᠨ ᠲᠠᠯ᠎ᠠ ᠨᠢ ᠬᠡᠢ ᠭᠣᠵᠣᠯᠵᠠᠨ ᠶᠠᠮᠠᠷ ᠨᠢᠭᠡᠨ ᠶᠠᠭᠤᠮᠠᠨ ᠳ᠋ᠤ᠌ ᠬᠠᠵᠠᠭᠤᠯᠤᠨ ᠵᠣᠪᠠᠬᠤ ᠰᠢᠭ᠋ ᠳᠠᠪᠴᠢᠳᠠᠨ ᠰᠠᠨᠳᠤᠷᠴᠤ ᠶᠡᠬᠡ ᠯᠡ ᠤᠲᠠᠵᠤ ᠪᠠᠢᠵᠤ ᠪᠤᠴᠠᠵᠤ ᠭᠠᠷᠴᠤ ᠢᠷᠡᠭᠡᠳ ᠴᠢᠯᠠᠭᠤᠨ ᠳᠣᠣᠭᠤᠷ ᠰᠢᠷᠭᠤᠭᠰᠠᠨ᠃
- ᠬᠦᠷᠪᠡᠯ ᠶᠡᠬᠡ ᠵᠠᠯᠢ ᠲᠠᠢ ᠠᠮᠢᠲᠠᠨ᠃ ᠨᠦᠬᠡᠨ ᠳᠣᠲᠣᠷ᠎ᠠ ᠪᠠᠨ ᠳᠡᠭᠡᠭᠰᠢ ᠪᠡᠨ ᠡᠭᠴᠡ ᠭᠠᠷᠤᠭᠰᠠᠨ ᠬᠣᠷᠭᠣᠳᠠᠬᠤ ᠭᠠᠵᠠᠷ ᠣᠬᠣᠳᠠᠭ ᠶᠤᠮ᠃ ᠲᠡᠷᠡ ᠳᠣᠲᠣᠷ᠎ᠠ ᠪᠠᠨ ᠨᠢᠭᠤᠭᠳᠠᠵᠤ ᠪᠠᠢᠭᠠᠳ ᠥᠪᠡᠷ ᠢ᠋ ᠪᠡᠨ ᠬᠥᠭᠡᠭᠡᠵᠦ ᠨᠦᠬᠡ ᠤᠷᠤᠭᠤ ᠣᠷᠣᠵᠤ ᠶᠠᠪᠤᠭ᠎ᠠ ᠮᠣᠭᠠᠢ ᠶ᠋ᠢ ᠨᠢᠷᠤᠭᠤ ᠠ᠋ᠴᠠ ᠨᠢ ᠬᠠᠵᠠᠵᠤ ᠵᠠᠯᠬᠠᠭᠠᠳᠠᠭ᠃ ᠮᠣᠭᠠᠢ ᠶᠠᠭᠠᠬᠢᠵᠤ ᠴᠤ᠌ ᠴᠢᠳᠠᠬᠤ ᠦᠭᠡᠢ ᠬᠠᠵᠠᠭᠤᠯᠵᠤ᠂ ᠬᠠᠵᠠᠭᠤᠯᠵᠤ ᠠᠪᠤᠭᠠᠳ ᠪᠤᠴᠠᠵᠤ ᠠᠮᠢ ᠲᠡᠮᠡᠴᠡᠨ ᠭᠠᠷᠴᠤ ᠵᠠᠢᠯᠠᠳᠠᠭ ᠶᠤᠮ᠃ ᠲᠡᠭᠦᠨ ᠡᠴᠡ ᠪᠢᠰᠢ ᠨᠦᠬᠡ ᠦᠭᠡᠢ ᠭᠠᠵᠠᠷ ᠮᠣᠭᠠᠢ᠂ ᠬᠦᠷᠪᠡᠯ ᠬᠣᠶᠠᠷ ᠨᠣᠴᠣᠯᠳᠤᠪᠠᠯ ᠤᠷᠲᠤ ᠬᠠᠢᠷᠬᠠᠨ ᠯᠠ ᠠᠮᠠ ᠲᠠᠢ ᠶᠤᠮ ᠰᠢᠭ᠋ ᠳᠡᠢᠯᠳᠡᠭ ᠯᠡ ᠳᠡ᠃ ᠡᠨᠡᠦᠬᠡᠨ ᠰᠸᠷᠠ ᠳ᠋ᠠᠴᠠᠩ ᠣᠷᠣᠬᠤ ᠵᠠᠮ ᠳ᠋ᠤ᠌ ᠬᠦᠷᠪᠡᠯ᠂ ᠮᠣᠭᠠᠢ ᠬᠣᠶᠠᠷ ᠶᠡᠬᠡ ᠪᠠᠢᠳᠠᠭ᠃ ᠬᠣᠭᠣᠷᠣᠨᠳᠣ ᠪᠠᠨ ᠴᠤ᠌ ᠶᠡᠬᠡ ᠡᠪ ᠲᠦᠨᠵᠢᠨ ᠦᠭᠡᠢ ᠠᠮᠢᠲᠠᠳ᠃ ᠬᠦᠷᠪᠡᠯ ᠦ᠋ᠨ ᠮᠢᠬ᠎ᠠ ᠡᠮ ᠳ᠋ᠦ᠍ ᠣᠷᠣᠳᠠᠭ ᠪᠣᠯᠬᠣᠷ ᠤᠷᠢᠳᠤ ᠴᠠᠭ ᠲᠤ᠌ ᠪᠠᠭᠰᠢ ᠮᠠᠨᠢ ᠶᠡᠬᠡ ᠵᠠᠬᠢᠳᠠᠭ ᠰᠠᠨ᠃ ᠲᠡᠭᠡᠭᠡᠳ ᠯᠡ ᠪᠢ ᠪᠠᠭᠰᠢ ᠳ᠋ᠠᠭᠠᠨ ᠬᠦᠷᠪᠡᠯ ᠦ᠋ᠨ ᠮᠢᠬ᠎ᠠ ᠣᠯᠵᠤ ᠥᠭᠬᠦ ᠭᠡᠵᠦ ᠶᠠᠪᠤᠵᠤ ᠯᠠ ᠡᠨᠡ ᠮᠣᠭᠠᠢ᠂ ᠬᠦᠷᠪᠡᠯ ᠬᠣᠶᠠᠷ ᠤ᠋ᠨ ᠴᠢᠨᠢ ᠲᠠᠭᠠᠷᠠᠮᠵᠢ ᠦᠭᠡᠢ ᠶ᠋ᠢ ᠮᠡᠳᠡᠵᠦ ᠠᠪᠤᠭᠰᠠᠨ ᠶᠤᠮ᠃ ᠬᠦᠷᠪᠡᠯ ᠦ᠋ᠨ ᠮᠢᠬ᠎ᠠ ᠲᠠᠮᠢᠷᠵᠢᠭᠤᠯᠬᠤ ᠳ᠋ᠤ᠌ ᠰᠠᠢᠨ ᠪᠣᠯᠬᠣᠷ ᠮᠣᠭᠠᠢ ᠳᠤᠷᠠᠯᠠᠳᠠᠭ ᠪᠠᠢᠵᠤ ᠪᠣᠯᠬᠤ ᠶᠤᠮ ᠭᠡᠵᠦ ᠥᠴᠥᠭᠡᠳᠦᠷ ᠪᠠᠭᠰᠢ ᠴᠤᠢᠮᠴᠤᠭ ᠭᠡᠯᠦᠩ ᠨᠢ ᠶᠠᠷᠢᠭᠰᠠᠨ ᠢ᠋ ᠰᠡᠩᠵᠢ ᠭᠡᠰᠦᠯ ᠡᠷᠭᠢᠨ ᠰᠠᠨᠠᠯ᠎ᠠ᠃ ᠲᠡᠭᠡᠲᠡᠯ᠎ᠡ ᠬᠥᠨᠳᠡᠯᠡᠨ ᠦ᠌ ᠶᠠᠭᠤᠮ᠎ᠠ ᠪᠣᠳᠣᠵᠤ ᠪᠠᠢᠭ᠎ᠠ ᠶ᠋ᠢ ᠨᠢ ᠳᠠᠭᠠᠵᠤ ᠮᠡᠳᠡᠭᠰᠡᠨ ᠰᠢᠭ ᠲᠢᠪ ᠯᠠᠮᠠ ᠨᠢᠳᠦ ᠪᠡᠨ ᠣᠨᠢᠢᠯᠭᠠᠨ ᠰᠡᠩᠵᠢ ᠭᠡᠰᠦᠯ ᠤᠷᠤᠭᠤ ᠮᠠᠭᠤᠬᠠᠢ ᠬᠠᠷᠠᠪᠠ᠃ ᠰᠡᠩᠵᠢ ᠬᠠᠷᠠᠴᠠ ᠪᠠᠨ ᠪᠤᠷᠤᠭᠤᠯᠠᠵᠤ ᠠᠮᠵᠢᠭᠰᠠᠨ ᠦᠭᠡᠢ᠃
《ᠶᠡᠬᠡ ᠡᠷᠳᠡᠮᠲᠦ ᠯᠠᠮᠠ ᠭᠡᠰᠡᠨ᠃ ᠬᠥᠮᠦᠨ ᠦ᠌ ᠪᠣᠳᠣᠵᠤ ᠪᠠᠢᠭ᠎ᠠ ᠶᠠᠭᠤᠮ᠎ᠠ ᠶ᠋ᠢ ᠬᠦᠯᠢᠶᠡᠨ ᠠᠪᠴᠤ ᠮᠡᠳᠡᠳᠡᠭ ᠶᠦᠮ ᠪᠢᠰᠢ ᠪᠢᠵᠡ᠃ ᠶᠡᠷᠦ ᠨᠢ ᠠᠯᠳᠠᠰ ᠪᠣᠯᠬᠣ ᠨᠢ᠃ ᠥᠭᠡᠷ᠎ᠡ ᠶᠠᠭᠤᠮ᠎ᠠ ᠪᠣᠳᠣᠬᠤ ᠪᠠᠨ ᠪᠣᠯᠢᠶ᠎ᠠ》 ᠭᠡᠵᠦ ᠭᠡᠰᠦᠯ ᠰᠡᠩᠵᠢ ᠪᠣᠳᠣᠵᠤ ᠪᠡᠶ᠎ᠡ ᠪᠡᠨ ᠪᠠᠷᠢᠪᠠ᠃ ᠲᠡᠭᠡᠭᠡᠳ ᠪᠤᠰᠤᠳ ᠤ᠋ᠨ ᠠᠳᠠᠯᠢ ᠨᠢᠳᠦ ᠪᠡᠨ ᠬᠠᠭᠠᠰ ᠠᠨᠢᠵᠤ ᠤᠩᠰᠢᠯᠭ᠎ᠠ ᠶ᠋ᠢ ᠦᠷᠭᠦᠯᠵᠢᠯᠡᠭᠦᠯᠦᠯᠡ᠃ ᠲᠡᠷᠡ ᠤᠩᠰᠢᠯᠭ᠎ᠠ ᠶ᠋ᠢ ᠰᠡᠩᠵᠢ ᠭᠡᠰᠦᠯ ᠠᠯᠢ ᠡᠷᠲᠡ ᠴᠡᠭᠡᠵᠢ ᠪᠡᠷ ᠮᠡᠳᠡᠬᠦ ᠲᠤᠯᠠ ᠲᠡᠢᠨ ᠬᠦ᠌ ᠥᠭᠡᠷ᠎ᠡ ᠶᠠᠭᠤᠮ᠎ᠠ ᠪᠣᠳᠣᠬᠤ ᠵᠠᠢ ᠴᠢᠯᠥᠭᠡ ᠭᠠᠷᠴᠤ ᠪᠠᠢᠵᠠᠢ᠃ ᠭᠡᠲᠡᠯ᠎ᠡ ᠨᠢᠭᠡ ᠵᠢᠩᠳᠠᠭᠠᠨ ᠤ᠋ ᠬᠢᠨ ᠨᠢ ᠶᠡᠬᠡᠩᠬᠢ ᠳ᠋ᠡᠭᠡᠨ ᠲᠡᠷᠡ ᠤᠩᠰᠢᠯᠭ᠎ᠠ ᠳ᠋ᠤ᠌ ᠮᠠᠭᠤ ᠪᠠᠢᠭ᠎ᠠ ᠶ᠋ᠢ ᠰᠡᠩᠵᠢ ᠴᠢᠬᠢ ᠪᠡᠷ ᠢ᠋ᠶ᠋ᠡᠨ ᠮᠠᠲᠠᠷᠠᠵᠤ᠋᠂ ᠳᠣᠲᠣᠷ᠎ᠠ ᠪᠠᠨ ᠭᠣᠯᠣᠬᠤ ᠰᠡᠳᠬᠢᠯ ᠲᠥᠷᠥᠵᠡᠢ᠃
ᠪᠠᠭᠰᠢ ᠭᠡᠯᠦᠩ ᠴᠤᠢᠮᠴᠤᠭ ᠨᠢ ᠵᠥᠭᠡᠯᠡᠨ ᠰᠡᠳᠬᠢᠯ ᠲᠡᠢ ᠬᠥᠮᠦᠨ ᠪᠣᠯᠪᠠᠴᠤ ᠰᠡᠩᠵᠢ ᠭᠡᠰᠦᠯ ᠳ᠋ᠦ᠍ ᠨᠣᠮ ᠵᠢᠭᠠᠬᠤ ᠳ᠋ᠠᠭᠠᠨ ᠠᠢᠬᠤᠪᠲᠤᠷ ᠬᠠᠲᠠᠭᠤ᠂ ᠶᠠᠭᠤᠮ᠎ᠠ ᠯᠠ ᠪᠣᠯᠪᠠᠯ ᠨᠢᠰᠠᠯᠵᠤ᠂ ᠲᠣᠷᠯᠣᠭᠳᠠᠵᠤ᠂ ᠱᠤᠭᠤᠮᠳᠠᠵᠤ ᠰᠢᠳᠬᠡᠳᠡᠭ ᠪᠠᠢᠭᠰᠠᠨ ᠲᠤᠯᠠ ᠰᠠᠢᠨ ᠴᠡᠭᠡᠵᠢᠯᠡᠵᠦ᠂ ᠲᠢᠭ ᠵᠢᠷᠤᠮ ᠳ᠋ᠤ᠌ ᠰᠤᠷᠤᠭᠰᠠᠨ ᠪᠠᠢᠯ᠎ᠠ᠃ ᠤᠩᠰᠢᠯᠭ᠎ᠠ᠂ ᠲᠡᠢᠨ ᠬᠦ᠌ ᠥᠨᠳᠥᠷᠯᠡᠬᠦ ᠳᠥᠭᠥᠵᠦ ᠪᠠᠢᠲᠠᠯ᠎ᠠ ᠭᠠᠳᠠᠨ᠎ᠠ ᠠ᠋ᠴᠠ ᠵᠡᠰ ᠳᠣᠮᠪᠣ ᠨᠤᠭᠤᠳ ᠪᠠᠷᠢᠭᠰᠠᠨ ᠳᠤᠮᠪᠤᠳᠠ ᠨᠤᠭᠤᠳ ᠣᠷᠣᠵᠤ ᠢᠷᠡᠯ᠎ᠡ᠃ ᠳ᠋ᠠᠵᠠ ᠭᠡᠳᠡᠭ ᠲᠠᠩᠬᠢᠮ ᠤ᠋ᠨ ᠴᠠᠢ ᠣᠷᠣᠵᠤ ᠢᠷᠡᠵᠦ ᠪᠠᠢᠭ᠎ᠠ ᠨᠢ ᠡᠨᠡ᠃ ᠳ᠋ᠠᠵᠠ ᠥᠩᠭᠡᠷᠡᠲᠡᠯ᠎ᠡ ᠭᠡᠯᠦᠩ ᠴᠤᠢᠮᠴᠤᠭ ᠱᠠᠪᠢ ᠪᠠᠨ ᠠᠯᠤᠰ ᠠ᠋ᠴᠠ ᠬᠠᠷᠠᠵᠤ ᠪᠠᠢᠭᠠᠳ ᠭᠡᠷ ᠲᠦ᠍ ᠪᠡᠨ ᠬᠠᠷᠢᠬᠤ ᠪᠠᠷ ᠶᠠᠪᠤᠯ᠎ᠠ᠃
ᠢᠩᠭᠢᠵᠦ ᠪᠤᠶᠠᠨᠵᠠᠯᠪᠠᠷᠢᠬᠤ ᠬᠡᠢᠳ ᠡᠴᠡ ᠢᠷᠡᠭᠰᠡᠨ ᠭᠡᠰᠦᠯ ᠰᠡᠩᠵᠢ ᠪᠤᠷᠬᠠᠨ ᠤ᠋ ᠶᠡᠬᠡ ᠬᠣᠲᠠ ᡀᠠᠰᠠ ᠶ᠋ᠢᠨ ᠰᠸ᠋ᠮᠪᠠᠷᠠᠭᠡᠰᠦᠮ ᠭᠡᠳᠡᠭ ᠭᠤᠷᠪᠠᠨ ᠶᠡᠬᠡ ᠬᠡᠢᠳ ᠦ᠋ᠨ ᠨᠢᠭᠡᠨ ᠪᠠᠷᠠᠪᠠᠩ ᠬᠡᠢᠳ ᠲᠦ᠍ ᠴᠢᠨᠠᠳᠤ ᠶ᠋ᠢᠨ ᠨᠣᠮ ᠪᠤᠶᠤ ᠪᠢᠯᠢᠭ ᠴᠢᠨᠠᠷ ᠤ᠋ᠨ ᠤᠬᠠᠭᠠᠨ ᠰᠤᠳᠤᠯᠬᠤ ᠪᠠᠷ ᠢᠷᠡᠵᠦ ᠭᠣᠮᠠᠨ ᠳ᠋ᠠᠴᠠᠩ ᠤ᠋ᠨ ᠨᠠᠮᠳᠡᠯ ᠦ᠋ᠨ ᠬᠠᠳᠠᠭ ᠵᠢᠩᠳᠠᠭᠠᠨ ᠳ᠋ᠤ᠌ ᠱᠠᠪᠢᠯᠠᠨ ᠰᠠᠭᠤᠯ᠎ᠠ᠃ ᠮᠡᠳᠡᠭᠡ ᠣᠷᠣᠭᠰᠠᠨ ᠴᠠᠭ ᠠ᠋ᠴᠠ ᠨᠢ ᠡᠬᠢᠯᠡᠨ ᠡᠨᠡᠷᠢᠯᠲᠦ ᠡᠴᠢᠭᠡ ᠰᠠᠢᠨᠴᠣᠭᠲᠣ᠂ ᠡᠯᠪᠡᠷᠢᠯᠲᠦ ᠡᠬᠡ ᠴᠠᠨᠳᠠ ᠨᠠᠷ ᠰᠡᠩᠵᠢ ᠬᠦᠦ ᠳ᠋ᠦ᠍ ᠡᠷᠳᠡᠮᠲᠦ ᠰᠠᠢᠨ ᠯᠠᠮᠠ ᠪᠣᠯᠬᠤ ᠶ᠋ᠢ ᠮᠥᠷᠥᠭᠡᠳᠦᠨ ᠢᠮᠠᠭᠲᠠ ᠰᠠᠨᠠᠭᠤᠯᠤᠨ ᠬᠡᠯᠡᠵᠦ ᠢᠳᠬᠠᠭᠰᠠᠭᠠᠷ ᠤᠪᠠᠰᠢ᠂ ᠪᠠᠨᠳᠢ ᠰᠠᠬᠢᠯ ᠢ᠋ ᠬᠠᠷ᠎ᠠ ᠪᠠᠭ᠎ᠠ ᠠ᠋ᠴᠠ ᠨᠢ ᠬᠦᠷᠲᠡᠭᠡᠯᠭᠡᠵᠦ ᠤᠯᠠᠮ ᠢ᠋ᠶ᠋ᠠᠷ ᠬᠡᠢᠳ ᠲᠦ᠍ ᠰᠠᠭᠤᠯᠭᠠᠨ ᠭᠡᠰᠦᠯ ᠦ᠋ᠨ ᠰᠠᠬᠢᠯ ᠬᠦᠷᠲᠡᠭᠡᠵᠦ ᠪᠢᠯᠡ᠃ ᠲᠡᠢᠨ ᠬᠦ᠌ ᠲᠡᠳᠡᠨ ᠦ᠌ ᠰᠠᠨᠠᠭ᠎ᠠ ᠠᠮᠤᠷᠠᠭᠰᠠᠨ ᠦᠭᠡᠢ᠃ ᠵᠠᠭᠠᠷ᠂ ᠲᠥᠪᠡᠳ ᠦ᠋ᠨ ᠣᠷᠣᠨ ᠳ᠋ᠤ᠌ ᠬᠦᠦ ᠪᠡᠨ ᠶᠠᠪᠤᠭᠤᠯᠵᠤ ᠯᠠᠮᠠ ᠶ᠋ᠢᠨ ᠳᠡᠭᠡᠳᠦ ᠯᠠᠮᠠ ᠪᠣᠯᠭᠠᠬᠤ ᠶ᠋ᠢ ᠡᠳᠦᠷ᠂ ᠰᠦᠨᠢ ᠦᠭᠡᠢ ᠮᠥᠷᠥᠭᠡᠳᠴᠦ ᠪᠠᠢᠪᠠ᠃ ᠬᠥᠭᠡᠷᠦᠬᠦᠢ ᠡᠴᠢᠭᠡ᠂ ᠡᠬᠡ ᠬᠣᠶᠠᠷ ᠨᠢ ᠥᠪᠡᠷᠰᠡᠳ ᠢ᠋ᠶ᠋ᠡᠨ ᠰᠢᠲᠦᠯᠭᠡ ᠦᠭᠡᠢ᠂ ᠶᠠᠳᠠᠭᠤ ᠬᠠᠷᠠᠴᠤᠤᠯ ᠪᠣᠯᠪᠠᠴᠤ ᠯᠠᠮᠠ ᠬᠦᠦ ᠲᠡᠢ ᠪᠣᠯᠬᠤ ᠨᠢ ᠨᠢᠭᠡᠨ ᠨᠠᠰᠤᠨ ᠤ᠋ ᠨᠢ ᠠᠷᠢᠭᠤᠨ ᠳᠡᠭᠡᠳᠦ ᠬᠦᠰᠡᠯᠡᠩ ᠪᠠᠢᠵᠠᠢ᠃ ᠨᠡᠭᠡᠷᠡᠨ ᠴᠦ᠍ ᠯᠠᠮᠠ ᠨᠠᠷ ᠯᠠ ᠬᠥᠮᠦᠨ ᠠᠷᠠᠳ ᠤ᠋ᠨ ᠳᠣᠲᠣᠷ᠎ᠠ ᠠ᠋ᠴᠠ ᠡᠷᠬᠢᠮ ᠳᠡᠭᠡᠳᠦᠰ ᠭᠡᠭᠳᠡᠵᠦ᠂ ᠯᠠᠮᠠ ᠲᠠᠢ ᠲᠥᠷᠦᠵᠢ᠂ ᠯᠠᠮᠠ ᠲᠠᠢ ᠦᠬᠦᠬᠦ ᠨᠢ ᠠᠵᠠ ᠵᠠᠶᠠᠭ᠎ᠠ ᠪᠣᠯᠵᠤ ᠪᠠᠢᠳᠠᠭ ᠪᠣᠯᠬᠣᠷ ᠡᠴᠢᠭᠡ ᠡᠬᠡ ᠶ᠋ᠢᠨ ᠳᠡᠭᠡᠳᠦ ᠮᠥᠷᠥᠭᠡᠳᠦᠯ ᠲᠡᠷᠡ ᠪᠠᠢᠵᠠᠢ᠃ ᠣᠳᠣ ᠭᠡᠰᠦᠯ ᠰᠡᠩᠵᠢ ᠡᠴᠢᠭᠡ ᠡᠬᠡ ᠶ᠋ᠢᠨ ᠡᠯᠪᠡᠷᠢᠯ ᠬᠠᠢᠷ᠎ᠠ᠂ ᠠᠴᠢ ᠶ᠋ᠢ ᠬᠠᠷᠢᠭᠤᠯᠬᠤ ᠵᠠᠮ ᠳ᠋ᠤ᠌ ᠰᠢᠯᠤᠭᠤᠳᠤᠨ ᠣᠷᠣᠭᠰᠠᠨ ᠳ᠋ᠠᠭᠠᠨ ᠬᠢᠵᠠᠭᠠᠷ ᠦᠭᠡᠢ ᠪᠠᠶᠠᠷ ᠲᠠᠢ ᠪᠠᠢᠯ᠎ᠠ᠃
ᠡᠨᠡᠳᠬᠡᠭ ᠭᠠᠵᠠᠷ ᠠ᠋ᠴᠠ ᠵᠢᠭᠡᠯᠡᠳᠦᠨ ᠠᠪᠴᠢᠷᠠᠭᠰᠠᠨ ᠪᠤᠳ᠋ᠳ᠋ᠾᠠ ᠶ᠋ᠢᠨ ᠰᠤᠷᠭᠠᠯ ᠢ᠋ ᠲᠥᠪᠡᠳ ᠦ᠋ᠨ ᠯᠠᠮᠠ ᠨᠠᠷᠠ ᠣᠯᠠᠨ ᠦᠶ᠎ᠡ ᠳᠠᠮᠵᠢᠭᠤᠯᠤᠨ ᠪᠠᠶᠠᠵᠢᠭᠤᠯᠬᠤ ᠶ᠋ᠢ ᠨᠢ ᠪᠠᠶᠠᠵᠢᠭᠤᠯᠵᠤ᠂ ᠭᠡᠭᠡᠬᠦ ᠶ᠋ᠢ ᠨᠢ ᠭᠡᠭᠡᠵᠦ ᠶᠠᠪᠤᠭᠰᠠᠭᠠᠷ ᠥᠨᠥ ᠶ᠋ᠢ ᠬᠦᠷᠬᠦ ᠳ᠋ᠦ᠍ ᠣᠯᠠᠨ ᠣᠨ ᠤ᠋ ᠥᠩᠭᠡ ᠠᠶᠠᠰ ᠵᠢᠭᠠᠰᠤᠨ ᠤ᠋ ᠬᠠᠢᠷᠰᠤ ᠮᠡᠲᠦ ᠳᠠᠪᠬᠤᠷᠯᠠᠨ ᠠᠯᠠᠭᠯᠠᠭᠰᠠᠭᠠᠷ ᠵᠠᠷᠢᠮ ᠲᠠᠯ᠎ᠠ ᠪᠠᠷ ᠲᠠᠨᠢᠭᠳᠠᠬᠤ ᠦᠭᠡᠢ ᠥᠭᠡᠷᠡᠴᠢᠯᠡᠭᠳᠡᠵᠦ᠂ ᠵᠠᠷᠢᠮ ᠵᠦᠢᠯ ᠢ᠋ᠶ᠋ᠡᠷ ᠢ᠋ᠶ᠋ᠡᠨ ᠴᠢᠯᠠᠭᠤᠵᠢᠭᠰᠠᠨ ᠠᠮᠢᠲᠠᠨ ᠤ᠋ ᠶᠠᠰᠤ ᠰᠢᠭ᠋ ᠪᠣᠯᠵᠠᠢ᠃ ᠰᠦᠵᠢᠭᠳᠡᠨ ᠣᠯᠠᠨ ᠤ᠋ ᠰᠡᠳᠬᠢᠯ ᠢ᠋ ᠡᠵᠡᠮᠳᠡᠨ ᠪᠠᠷᠢᠵᠤ ᠪᠠᠢᠬᠤ ᠰᠢᠨ᠎ᠡ ᠰᠢᠨ᠎ᠡ ᠵᠢᠷᠤᠮ ᠭᠣᠷᠢᠮ ᠲᠣᠭᠲᠠᠵᠤ᠂ ᠪᠤᠷᠬᠠᠨ ᠤ᠋ ᠨᠣᠮ ᠤ᠋ᠨ ᠦᠭᠡ ᠦᠰᠦᠭ ᠢ᠋ ᠴᠦ᠍ ᠬᠦᠷᠲᠡᠯ᠎ᠡ ᠠᠢᠬᠤᠪᠲᠤᠷ ᠨᠠᠷᠢᠰᠬᠠᠨ ᠪᠠᠰᠠ ᠴᠤ᠌ ᠲᠥᠭᠡᠷᠢᠯᠳᠦᠬᠦ ᠡᠴᠡ ᠠᠷᠭ᠎ᠠ ᠦᠭᠡᠢ ᠲᠡᠢᠮᠦ ᠪᠦᠷᠬᠦᠭ ᠶᠠᠭᠤᠮᠠᠰ ᠢ᠋ᠶ᠋ᠠᠷ ᠴᠢᠬᠢᠨ ᠳᠦᠭᠦᠷᠭᠡᠭᠰᠡᠨ ᠠᠵᠢ᠃ ᠰᠤᠳᠤᠯᠪᠠᠴᠤ ᠪᠠᠷᠠᠭᠳᠠᠬᠤ ᠦᠭᠡᠢ ᠲᠡᠷᠡ ᠳᠠᠯᠠᠢ ᠶᠡᠬᠡ ᠨᠣᠮ ᠤ᠋ᠨ ᠶᠢᠷᠲᠢᠨᠴᠦ ᠳ᠋ᠦ᠍ ᠰᠡᠩᠵᠢ ᠭᠡᠰᠦᠯ ᠰᠡᠯᠢᠨ ᠣᠷᠣᠯ᠎ᠠ᠃
