ᠣᠷᠣᠢ ᠦᠭᠡᠢ ᠰᠦᠮ᠎ᠡ – ᠳᠦᠷᠪᠡ ᠂ ᠪᠤᠷᠬᠠᠨ ᠤ ᠬᠣᠲᠠ ᠶ᠋ᠢᠨ ᠦᠢᠮᠡᠭᠡᠨ ᠳᠤᠮᠳᠠ Оройгүй сүм – Дөрөв ᠂ Бурхны хотын үймээн дунд - Oroigui sum 4 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠳᠦᠷᠪᠡ ᠂ ᠪᠤᠷᠬᠠᠨ ᠤ ᠬᠣᠲᠠ ᠶ᠋ᠢᠨ ᠦᠢᠮᠡᠭᠡᠨ ᠳᠤᠮᠳᠠ Оройгүй сүм – Дөрөв ᠂ Бурхны хотын үймээн дунд - Oroigui sum 4

ᠣᠷᠣᠢ ᠦᠭᠡᠢ ᠰᠦᠮ᠎ᠡ – ᠳᠦᠷᠪᠡ ᠂ ᠪᠤᠷᠬᠠᠨ ᠤ ᠬᠣᠲᠠ ᠶ᠋ᠢᠨ ᠦᠢᠮᠡᠭᠡᠨ ᠳᠤᠮᠳᠠ Оройгүй сүм – Дөрөв ᠂ Бурхны хотын үймээн дунд - Oroigui sum 4

ᠠᠩᠭᠢᠯᠠᠯ:ᠲᠤᠭᠤᠵᠢ ᠷᠣᠮᠠᠨ
2023-07-18

1240

ᠪᠤᠷᠬᠠᠨ ᠤ ᠬᠣᠲᠠ ᠶ᠋ᠢᠨ ᠦᠢᠮᠡᠭᠡᠨ ᠳᠤᠮᠳᠠ


                         ᠠᠯᠠᠭᠠᠨ ᠳ᠋ᠠᠭᠠᠨ  ᠬᠥᠬᠥ ᠲᠡᠢ ᠪᠠᠢᠳᠠᠭ ᠠᠷᠰᠯᠠᠨ ᠨᠢᠭᠡ ᠬᠠᠴᠢᠨ 
                         ᠠᠮᠠ ᠪᠠᠨ ᠪᠠᠢᠲᠠᠯ᠎ᠠ ᠰᠢᠯᠢ ᠪᠡᠷ ᠢ᠋ᠶ᠋ᠡᠨ ᠳᠤᠤᠭᠠᠷᠳᠠᠭ ᠭᠣᠯᠢᠶ᠎ᠠ ᠨᠢᠭᠡ ᠬᠠᠴᠢᠨ  
                         ᠠᠮᠠ ᠨᠢ ᠬᠡᠩᠬᠦᠳᠡᠭ ᠲᠡᠭᠡᠨ  ᠪᠠᠢᠳᠠᠭ ᠵᠠᠭᠠᠨ ᠨᠢᠭᠡ ᠬᠠᠴᠢᠨ 

       ᠲᠡᠷᠡ ᠥᠷᠯᠥᠭᠡ ᠮᠥᠷᠭᠥᠯᠴᠢᠳ ᠡᠷᠲᠡ ᠪᠣᠰᠴᠠᠢ᠃ ᠤᠤᠯ ᠨᠢ ᠰᠥᠨᠢ ᠳ᠋ᠡᠭᠡᠨ ᠣᠷᠣᠢᠲᠠᠵᠤ ᠢᠷᠡᠭᠰᠡᠨ ᠪᠣᠯᠪᠠᠴᠤ ᠪᠤᠷᠬᠠᠨ ᠤ᠋ ᠬᠣᠲᠠ ᠳ᠋ᠤ᠌ ᠠᠩᠬᠠᠨ ᠤ᠋ ᠪᠠᠨ ᠥᠷᠯᠥᠭᠡ ᠲᠠᠢᠪᠤᠩ ᠤᠨᠲᠠᠵᠤ ᠠᠭᠠᠵᠢᠮ ᠪᠣᠰᠬᠤ ᠳᠤᠷᠠᠲᠠᠢ ᠬᠥᠮᠦᠨ ᠦᠭᠡᠢ  ᠪᠠᠢᠵᠠᠢ᠃ ᠵᠠᠰᠠᠭᠲᠤ ᠬᠠᠭᠠᠨ ᠠᠢᠮᠠᠭ ᠠ᠋ᠴᠠ  ᠭᠠᠷᠤᠭᠰᠠᠨ ᠮᠥᠷᠭᠥᠯᠴᠢᠳ ᠬᠡᠳᠦ ᠬᠡᠳᠦᠨ ᠭᠠᠯ ᠪᠣᠯᠤᠨ ᠬᠤᠪᠢᠶᠠᠭᠳᠠᠭᠠᠳ ᡀᠠᠰᠠ ᠬᠣᠲᠠ ᠶᠢᠨ ᠪᠠᠷᠠᠪᠠᠩ ᠬᠡᠢᠳ ᠦ᠋ᠨ ᠬᠠᠯᠬ᠎ᠠ ᠮᠢᠴᠠᠩ ᠭᠡᠳᠡᠭ ᠮᠣᠩᠭᠣᠯᠴᠤᠳ ᠤ᠋ᠨ ᠬᠡᠷᠡᠭ ᠢ᠋  ᠵᠠᠬᠢᠷᠤᠨ ᠰᠢᠳᠬᠡᠬᠦ ᠭᠠᠵᠠᠷ ᠤ᠋ᠨ ᠬᠤᠪᠢᠶᠠᠷᠢᠯᠠᠭᠰᠠᠨ ᠢ᠋ᠶ᠋ᠠᠷ ᠵᠠᠷᠢᠮ ᠨᠢ ᠠᠢᠯ ᠤ᠋ᠳ ᠲᠤ᠌᠂ ᠵᠠᠷᠢᠮ ᠨᠢ ᠨᠡᠢᠲᠡ ᠶ᠋ᠢᠨ  ᠳ᠋ᠢᠶᠠᠨ ᠪᠤᠶᠤ ᠲᠠᠢ ᠶ᠋ᠢᠨ  ᠭᠠᠵᠠᠷ ᠲᠤ᠌ ᠪᠠᠭᠣᠵᠠᠭᠠᠵᠠᠢ᠃ ᠬᠠᠷᠢᠨ   ᠴᠤᠢᠮᠴᠤᠭ ᠭᠡᠯᠦᠩ ᠪᠣᠯ  ᠪᠠᠷᠠᠪᠠᠩ ᠬᠡᠢᠳ ᠲᠦ᠍ ᠪᠠᠭ᠎ᠠ ᠳ᠋ᠠᠭᠠᠨ ᠨᠣᠮ ᠦᠵᠡᠵᠦ᠂ ᠬᠣᠵᠢᠮ  ᠣᠯᠠᠨ ᠳᠠᠬᠢᠨ ᠢᠷᠡᠵᠦ ᠪᠠᠢᠭᠰᠠᠨ ᠪᠣᠯᠬᠣᠷ ᠲᠠᠨᠢᠯ ᠶᠡᠬᠡᠲᠡᠢ᠂ ᠪᠠᠰᠠ ᠴᠤ᠌ ᠨᠢᠭᠡ ᠵᠢᠩᠳᠠᠭᠠᠨ ᠤ᠋ ᠬᠢᠨ ᠡᠯᠪᠡᠭ ᠲᠡᠢ ᠪᠠᠢᠯ᠎ᠠ᠃ ᠲᠡᠭᠡᠭᠡᠳ ᠥᠪᠡᠷ ᠦ᠋ᠨ ᠢ᠋ᠶ᠋ᠡᠨ ᠳᠠᠭᠠᠭᠤᠯᠵᠤ ᠢᠷᠡᠭᠰᠡᠨ ᠨᠢᠭᠡ ᠭᠠᠯ ᠤ᠋ᠨ ᠬᠥᠮᠦᠰ ᠢ᠋ ᠡᠨᠳᠡ ᠡᠴᠡ ᠪᠤᠴᠠᠲᠠᠯ᠎ᠠ ᠨᠢ ᠥᠪᠡᠷ ᠢ᠋ᠶ᠋ᠡᠨ  ᠳᠠᠭᠠᠭᠠᠨ᠎ᠠ ᠭᠡᠵᠦ ᠠᠮᠠᠯᠠᠭᠰᠠᠨ ᠶᠣᠰᠣᠭᠠᠷ ᠢ᠋ᠶ᠋ᠠᠨ ᠣᠷᠣᠩᠨᠠᠬᠤ ᠭᠠᠵᠠᠷ ᠣᠯᠵᠤ ᠥᠭᠴᠡᠢ᠃ ᠲᠡᠷᠡ ᠨᠢ ᠬᠣᠶᠠᠷ ᠥᠷᠥᠭᠡ ᠲᠡᠢ ᠨᠠᠮᠬᠠᠨ ᠰᠢᠪᠡᠷ ᠲᠠᠭᠠᠵᠠ ᠪᠠᠢᠯ᠎ᠠ᠃ ᠬᠠᠭᠤᠴᠢᠨ ᠲᠠᠨᠢᠯ ᠤ᠋ᠨ ᠨᠢ ᠬᠠᠰᠢᠶᠠᠨ ᠳ᠋ᠤ᠌ ᠪᠠᠢᠳᠠᠭ ᠲᠡᠷᠡ ᠲᠠᠭᠠᠵᠠ ᠶ᠋ᠢ ᠬᠣᠵᠢᠮ ᠱᠠᠪᠢ ᠰᠡᠩᠵᠢ ᠭᠡᠰᠦᠯ ᠳ᠋ᠡᠭᠡᠨ ᠬᠤᠳᠠᠯᠳᠤᠵᠤ ᠠᠪᠴᠤ ᠥᠭᠬᠦ ᠰᠠᠨᠠᠭ᠎ᠠ ᠲᠠᠢ ᠶᠤᠮ ᠰᠠᠨᠵᠠᠢ᠃ 
       ᠲᠠᠭᠠᠵᠠᠨ ᠳ᠋ᠤ᠌ ᠥᠭᠡᠷ᠎ᠡ  ᠬᠥᠮᠦᠨ ᠦᠭᠡᠢ ᠪᠠᠢᠯ᠎ᠠ᠃ ᠨᠢᠭᠡ ᠥᠷᠥᠭᠡ ᠨᠢ ᠤᠲᠤᠭ᠎ᠠ ᠢᠰᠦᠨ ᠳ᠋ᠦ᠍ ᠬᠠᠷᠠᠯᠠᠵᠤ  ᠮᠠᠭᠤᠬᠠᠢ ᠥᠩᠭᠡ ᠲᠡᠢ ᠪᠣᠯᠵᠠᠢ᠃  ᠨᠥᠬᠥᠭᠡ ᠨᠢ ᠲᠡᠭᠦᠨ ᠡᠴᠡ ᠪᠡᠨ ᠠᠷᠠᠢ ᠲᠣᠮᠣ ᠪᠥᠭᠡᠳ ᠬᠣᠢᠮᠣᠷ ᠲᠠᠯ᠎ᠠ ᠳ᠋ᠠᠭᠠᠨ ᠪᠤᠷᠬᠠᠨ ᠲᠠᠢ᠂ ᠬᠠᠨᠵᠤᠨ ᠣᠷᠣ ᠲᠠᠢ᠂ ᠣᠷᠣᠨ ᠳᠡᠭᠡᠷ᠎ᠡ ᠪᠡᠨ ᠪᠤᠢᠳᠠᠩ  (ᠳᠡᠷ᠎ᠡ)  ᠲᠠᠢ ᠠᠷᠠᠢ ᠲᠣᠬᠢᠯᠢᠭ ᠶᠤᠮ᠃ 
      - ᠰᠢᠮᠬᠠᠨ  (ᠤᠨᠲᠠᠯᠭ᠎ᠠ ᠶ᠋ᠢᠨ ᠥᠷᠥᠭᠡ) ᠳ᠋ᠤ᠌ ᠱᠠᠪᠢ ᠪᠢᠳᠡ ᠬᠣᠶᠠᠷ ᠣᠷᠣᠨ᠎ᠠ᠃ ᠲᠠ ᠨᠠᠷ ᠲᠤᠷ ᠵᠠᠭᠤᠷ᠎ᠠ ᠶ᠋ᠢᠨ ᠤᠯᠤᠰ  ᠷᠤᠩᠬᠠᠨ ᠳ᠋ᠤ᠌ (ᠭᠠᠯ ᠵᠤᠤᠬ᠎ᠠ) ᠯᠠ ᠰᠠᠭᠤᠵᠤ ᠪᠠᠢᠬᠤ ᠠ᠋ᠴᠠ ᠪᠢᠰᠢ ᠳᠡ ᠭᠡᠵᠦ   ᠴᠤᠢᠮᠴᠤᠭ ᠭᠡᠯᠦᠩ  ᠬᠡᠯᠡᠬᠦ ᠳ᠋ᠦ᠍᠂ 
      -  ᠦ ᠲᠡᠭᠡᠶ᠎ᠡ ᠲᠡᠭᠡᠶ᠎ᠡ᠃ ᠲᠣᠯᠣᠭᠠᠢ  ᠬᠣᠷᠭᠣᠳᠠᠬᠤ ᠯᠠ ᠶᠠᠭᠤᠮ᠎ᠠ ᠣᠯᠳᠠᠵᠤ ᠪᠠᠢᠪᠠᠯ ᠬᠠᠮᠢᠭ᠎ᠠ ᠴᠤ᠌ ᠬᠠᠮᠢᠶ᠎ᠠ ᠠᠯᠠᠭ᠎ᠠ ᠭᠡᠵᠦ ᠥᠯᠵᠡᠢ ᠪᠡᠶ᠎ᠡ ᠶ᠋ᠢᠨ ᠰᠢᠨᠠᠯᠭᠠᠨ ᠳ᠋ᠠᠭᠠᠨ ᠢᠷᠪᠠᠢᠨ ᠬᠡᠯᠡᠪᠡ᠃ ᠪᠤᠰᠤᠳ ᠨᠢ ᠲᠡᠭᠦᠨ ᠦ᠌ ᠦᠭᠡ ᠶ᠋ᠢ  ᠵᠥᠪᠰᠢᠶᠡᠷᠡᠵᠡᠢ᠃ 
      - ᠰᠠᠷᠯᠤᠭ ᠤ᠋ᠨ ᠮᠢᠬᠠᠨ ᠠ᠋ᠴᠠ ᠥᠭᠡᠷ᠎ᠡ ᠶᠠᠭᠤᠮ᠎ᠠ ᠠᠯᠠᠭ᠎ᠠ! ᠭᠡᠵᠦ ᠭᠠᠳᠠᠨ᠎ᠠ ᠠ᠋ᠴᠠ ᠨᠢᠭᠡ ᠯᠠᠮᠠ ᠣᠷᠣᠵᠤ ᠢᠷᠡᠭᠡᠳ ᠬᠡᠯᠡᠬᠦ ᠳ᠋ᠦ᠍᠄  
      - ᠶᠠᠭᠠᠬᠢᠬᠤ  ᠪᠣᠢ᠂  ᠶᠠᠭᠠᠬᠢᠬᠤ  ᠪᠣᠢ᠃ ᠠᠪᠤᠭᠠᠳ  ᠢᠷ᠎ᠡ! ᠭᠡᠵᠦ ᠴᠤᠢᠮᠴᠤᠭ ᠭᠡᠯᠦᠩ ᠬᠡᠯᠡᠪᠡ᠃ ᠡᠨᠡ  ᠯᠠᠮᠠ ᠲᠡᠳᠡᠨ ᠢ᠋ ᠥᠴᠥᠭᠡᠳᠦᠷ ᡀᠠᠰᠠ ᠬᠣᠲᠠ ᠶ᠋ᠢᠨ ᠵᠠᠬ᠎ᠠ ᠳ᠋ᠤ᠌ ᠤᠭᠲᠤᠵᠤ ᠲᠣᠰᠴᠤ ᠣᠴᠢᠵᠠᠢ᠃ ᠮᠣᠩᠭᠣᠯ ᠭᠠᠵᠠᠷ ᠠ᠋ᠴᠠ ᠮᠥᠷᠭᠥᠯᠴᠢᠳ ᠢᠷᠡᠬᠦ ᠳ᠋ᠦ᠍  ᠪᠠᠷᠠᠪᠠᠩ ᠬᠡᠢᠳ ᠦ᠋ᠨ ᠬᠠᠯᠬ᠎ᠠ  ᠮᠢᠴᠠᠩ ᠭᠡᠳᠡᠭ ᠡᠴᠡ ᠲᠤᠰᠬᠠᠢ ᠬᠥᠮᠦᠨ ᠶᠠᠪᠤᠭᠤᠯᠤᠨ ᠤᠭᠲᠤᠵᠤ ᠠᠪᠳᠠᠭ  ᠪᠠᠢᠵᠠᠢ᠃ ᠪᠠᠰᠠ ᡀᠠᠰᠠ ᠬᠣᠲᠠ  ᠤᠷᠤᠭᠤ ᠮᠣᠷᠢ ᠲᠡᠮᠡᠭᠡ ᠣᠷᠣᠭᠤᠯᠳᠠᠭ ᠦᠭᠡᠢ ᠬᠠᠤᠯᠢ ᠲᠠᠢ ᠲᠤᠯᠠ ᠵᠠᠮ ᠳ᠋ᠤᠨᠢ ᠤᠭᠲᠤᠭᠰᠠᠨ ᠲᠥᠪᠡᠳ ᠫᠠᠨᠽᠠᠴᠢᠨ ᠨᠤᠭᠤᠳ ᠰᠢᠭᠤᠳ ᠦᠨ᠎ᠡ ᠬᠠᠶᠠᠯᠴᠠᠨ ᠬᠤᠳᠠᠯᠳᠤᠨ ᠠᠪᠴᠤ ᠣᠷᠣᠨ ᠳ᠋ᠤᠨᠢ ᠰᠠᠷᠯᠤᠭ ᠬᠥᠯᠥᠰᠥᠯᠡᠨ ᠥᠭᠳᠡᠭ  ᠪᠠᠢᠵᠠᠢ᠃ ᠡᠨᠡ ᠲᠤᠬᠠᠢ ᠪᠠᠭᠰᠢ ᠯᠠᠮᠠ ᠨᠢ  ᠤᠷᠢᠳᠤ ᠠ᠋ᠴᠠ ᠲᠠᠢᠯᠪᠤᠷᠢᠯᠠᠵᠤ ᠬᠡᠯᠡᠭᠡ ᠦᠭᠡᠢ ᠪᠣᠯ ᠭᠠᠢᠬᠠᠮᠠᠷ ᠶᠠᠭᠤᠮ᠎ᠠ ᠪᠣᠯᠬᠤ ᠪᠠᠢᠯ᠎ᠠ᠃ ᠮᠥᠷᠭᠥᠯᠴᠢᠳ ᠢ᠋ ᠶᠠᠩᠵᠤ ᠪᠦᠷᠢ ᠶ᠋ᠢᠨ ᠬᠤᠪᠴᠠᠰᠤ ᠲᠠᠢ᠂ ᠬᠢᠲᠤᠭ᠎ᠠ᠂  ᠫᠤᠤ ᠬᠦᠷᠲᠡᠯ᠎ᠡ ᠵᠡᠭᠦᠵᠦ᠂ ᠪᠠᠷᠠᠭᠤᠨ ᠭᠠᠷ ᠢ᠋ ᠰᠤᠭᠤᠯᠳᠤᠷᠭᠠᠯᠠᠨ ᠬᠠᠨᠴᠤᠢ ᠶ᠋ᠢ ᠤᠨᠵᠢᠭᠤᠯᠤᠭᠰᠠᠨ ᠵᠣᠷᠢᠮᠠᠭ᠂ ᠲᠣᠭᠰᠢᠨ ᠴᠢᠷᠠᠢ ᠲᠠᠢ ᠲᠠᠩᠭᠤᠳ᠂ ᠲᠥᠪᠡᠳ ᠬᠥᠮᠦᠰ ᠤᠭᠲᠤᠨ  ᠣᠷᠣᠵᠤ ᠰᠢᠭᠤᠳ ᠯᠠ ᠮᠣᠷᠢᠨ ᠤ᠋ ᠨᠢ  ᠵᠢᠯᠣᠭᠣ ᠲᠡᠮᠡᠭᠡᠨ ᠦ᠌ ᠨᠢ ᠪᠤᠷᠠᠨᠲᠠᠭ ᠠ᠋ᠴᠠ ᠠᠳᠬᠤᠨ ᠪᠠᠷᠢᠵᠤ᠄ 
      - ᠵᠤᠱᠸ᠂ ᠵᠤᠱᠸ! ᠭᠡᠵᠦ  ᠬᠠᠰᠬᠢᠷᠤᠯᠳᠤᠭᠰᠠᠨ ᠪᠢᠯᠡ.᠃ 《ᠪᠤᠷᠬᠠᠨ ᠮᠡᠳᠡᠵᠦ ᠪᠠᠢᠭ᠎ᠠ》 ᠭᠡᠰᠡᠨ ᠦᠭᠡ ᠲᠤᠯᠠ  ᠭᠡᠰᠦᠯ ᠰᠡᠩᠵᠢ  ᠭᠠᠢᠬᠠᠵᠤ ᠪᠠᠭᠰᠢ ᠠ᠋ᠴᠠ ᠪᠠᠨ᠄  
      - ᠶᠠᠭᠤ ᠶ᠋ᠢ ᠪᠤᠷᠬᠠᠨ ᠮᠡᠳᠡᠨ᠎ᠡ ᠭᠡᠳ ᠪᠠᠢᠭ᠎ᠠ ᠶᠤᠮ ᠪᠣᠢ︖ ᠭᠡᠵᠦ ᠠᠰᠠᠭᠤᠪᠠᠯ   ᠴᠤᠢᠮᠴᠤᠭ ᠭᠡᠯᠦᠩ᠄  
      - ᠦᠨ᠎ᠡ ᠬᠠᠶᠠᠯᠴᠠᠵᠤ ᠮᠣᠷᠢ ᠮᠠᠯ ᠬᠤᠳᠠᠯᠳᠤᠨ ᠠᠪᠬᠤ ᠭᠡᠵᠦ ᠪᠠᠢᠭ᠎ᠠ ᠶᠤᠮ᠃ ᠲᠡᠭᠡᠭᠡᠳ 《ᠪᠤᠷᠬᠠᠨ ᠮᠡᠳᠡᠨ᠎ᠡ᠂ ᠪᠢ ᠨᠢᠭᠦᠯ ᠬᠢᠬᠦ ᠦᠭᠡᠢ》 ᠭᠡᠵᠦ ᠲᠠᠩᠭᠠᠷᠢᠭᠯᠠᠵᠤ ᠪᠠᠢᠭ᠎ᠠ ᠨᠢ ᠲᠡᠷᠡ  ᠳᠠ᠃ ᠪᠤᠷᠬᠠᠨ ᠤ᠋ ᠨᠡᠷ᠎ᠡ ᠶᠡᠬᠡ ᠪᠠᠷᠢᠳᠠᠭ ᠤᠯᠤᠰ ᠭᠡᠪᠡ᠃ 
      ᠮᠥᠷᠭᠥᠯᠴᠢᠳ ᠦ᠋ᠨ ᠤᠨᠤᠭ᠎ᠠ ᠶ᠋ᠢ ᠬᠤᠳᠠᠯᠳᠤᠭᠠᠴᠢᠳ ᠦᠨ᠎ᠡ ᠬᠠᠶᠠᠯᠴᠠᠨ ᠬᠤᠪᠢᠶᠠᠵᠤ ᠠᠪᠤᠭᠠᠳ ᠶᠠᠭᠤ ᠴᠤ᠌ ᠦᠭᠡᠢ ᠶᠠᠪᠠᠭᠠᠯᠠᠵᠠᠢ᠃ ᠭᠠᠭᠴᠠ ᠬᠦ᠌ ᠬᠠᠰᠢᠷ ᠵᠠᠷᠢᠮ ᠨᠢᠭᠡ ᠨᠢ ᠤᠷᠢᠳᠤ ᠠ᠋ᠴᠠ ᠬᠡᠯᠡ ᠶᠠᠪᠤᠭᠤᠯᠵᠤ ᠲᠣᠬᠢᠷᠠᠯᠴᠠᠭᠰᠠᠨ ᠶᠣᠰᠣᠭᠠᠷ ᠢ᠋ᠶ᠋ᠠᠨ ᠨᠤᠲᠤᠭᠰᠢᠨ ᠰᠠᠭᠤᠵᠤ ᠪᠠᠢᠭ᠎ᠠ ᠮᠣᠩᠭᠣᠯᠴᠤᠳ ᠲᠤ᠌ ᠮᠣᠷᠢ ᠤᠨᠠᠭ᠎ᠠ ᠪᠠᠨ ᠲᠤᠰᠢᠶᠠᠭᠠᠳ᠂ ᠣᠷᠣᠨ ᠳ᠋ᠤ᠌ ᠨᠢ ᠰᠠᠷᠯᠤᠭ ᠠᠪᠴᠤ ᠮᠣᠷᠢ ᠪᠠᠨ ᠶᠡᠭᠦᠯᠡᠪᠡ᠃ ᠭᠡᠲᠡᠯ᠎ᠡ ᠪᠥᠬᠡᠮᠠᠩᠨᠠᠢ ᠮᠣᠷᠢ ᠪᠠᠨ ᠬᠡᠨ ᠳ᠋ᠦ᠍ ᠴᠦ᠍ ᠥᠭᠬᠦ  ᠬᠥᠮᠦᠨ ᠦᠭᠡᠢ᠂ ᠪᠠᠰᠠ ᠬᠤᠳᠠᠯᠳᠤᠬᠤ ᠳᠤᠷ᠎ᠠ ᠦᠭᠡᠢ ᠲᠤᠯᠠ ᠵᠣᠯ ᠲᠠᠢ ᠯᠠ ᠵᠣᠳᠣᠭᠠᠨ ᠭᠠᠷᠭᠠᠴᠢᠬᠠᠭᠰᠠᠨ ᠦᠭᠡᠢ᠃ ᠭᠡᠯᠦᠩ   ᠴᠤᠢᠮᠴᠤᠭ ᠤᠭᠲᠤᠵᠤ ᠢᠷᠡᠭᠰᠡᠨ ᠯᠠᠮ᠎ᠠ ᠲᠠᠢ ᠪᠠᠨ ᠶᠠᠷᠢᠯᠴᠠᠵᠤ ᠲᠣᠬᠢᠷᠠᠭᠠᠳ ᠪᠥᠬᠡᠮᠠᠩᠨᠠᠢ ᠶ᠋ᠢᠨ ᠮᠣᠷᠢ ᠶ᠋ᠢ ᠨᠢᠭᠡ  ᠬᠥᠮᠦᠨ ᠳ᠋ᠦ᠍ ᠮᠠᠯᠯᠠᠨ ᠠᠳᠤᠭᠤᠯᠠᠵᠤ ᠪᠠᠶᠢᠬᠤ ᠪᠠᠷ ᠥᠭᠴᠡᠢ᠃ 
      ᠮᠥᠷᠭᠥᠯᠴᠢᠳ ᠦ᠋ᠨ ᠡᠨᠡ ᠴᠤᠪᠤᠭᠠᠨ ᠤ᠋ ᠰᠡᠭᠦᠯᠴᠢ ᠶ᠋ᠢᠨ ᠬᠡᠰᠡᠭ ᠨᠢ ᠬᠥᠬᠡ ᠲᠣᠭᠣᠨᠣ ᠶ᠋ᠢᠨ ᠳᠠᠪᠠᠭ᠎ᠠ ᠪᠠᠷ ᠳᠠᠪᠠᠬᠤ ᠠ᠋ᠴᠠ ᠵᠢᠷᠦᠬᠡᠰᠢᠶᠡᠵᠦ ᠪᠤᠴᠠᠵᠤ ᠬᠡᠰᠡᠭ ᠶᠠᠪᠤᠭᠠᠳ ᠪᠤᠷᠬᠠᠨ ᠪᠤᠤᠳᠠᠢ ᠶ᠋ᠢᠨ ᠳᠠᠪᠠᠭ᠎ᠠ ᠪᠠᠷ ᠳᠠᠪᠠᠭᠰᠠᠨ ᠲᠤᠯᠠ ᠬᠡᠳᠦᠨ ᠲᠡᠮᠡᠭᠡ ᠲᠡᠢ  ᠢᠷᠡᠵᠡᠢ᠃ ᠭᠡᠪᠡᠴᠦ ᠳᠡᠭᠡᠷᠡᠮᠴᠢᠨ ᠳ᠋ᠦ᠍ ᠲᠣᠨᠣᠭᠤᠯᠵᠤ ᠪᠠᠷᠤᠭ ᠨᠢᠴᠦᠭᠦᠨ ᠢᠷᠡᠵᠡᠭᠡᠵᠢ᠃ . 《ᠳᠡᠭᠡᠷᠡᠮᠴᠢᠨ ᠡᠴᠡ  ᠠᠶᠤᠯᠭᠦᠢ ᠯᠡ ᠲᠡᠷᠡ ᠵᠠᠮ ᠢ᠋ᠶ᠋ᠠᠷ ᠶᠠᠪᠤᠳᠠᠭ  ᠪᠠᠢᠵᠠᠢ᠃ ᠲᠡᠭᠡᠪᠡᠯ ᠡᠳ᠋ ᠦ᠋ᠨ ᠬᠣᠬᠢᠷᠠᠯ ᠦᠵᠡᠬᠦ ᠡᠴᠡ ᠬᠥᠮᠦᠨ ᠦ᠌  ᠭᠠᠷᠤᠵᠠ ᠦᠭᠡᠢ ᠪᠠᠢᠬᠤ ᠰᠠᠨ》 ᠭᠡᠵᠦ  ᠴᠤᠢᠮᠴᠤᠭ ᠭᠡᠯᠦᠩ ᠬᠠᠷᠠᠮᠰᠠᠨ ᠪᠣᠳᠣᠵᠤ ᠬᠥᠬᠡ ᠲᠣᠭᠣᠨᠣ ᠶ᠋ᠢᠨ ᠳᠠᠪᠠᠭᠠᠨ ᠤ᠋ ᠬᠠᠨᠠᠨ ᠬᠠᠯᠢᠯ ᠠ᠋ᠴᠠ ᠬᠥᠯ ᠠᠯᠳᠠᠵᠤ ᠨᠠᠢᠴᠠᠵᠤᠤ ᠮᠥᠷᠡᠨ ᠳ᠋ᠦ᠍  ᠣᠢᠵᠤ ᠦᠷᠡᠭᠳᠡᠭᠰᠡᠨ ᠬᠠᠷᠠᠬᠦᠦ ᠶ᠋ᠢᠨ ᠲᠤᠬᠠᠢ ᠳᠤᠷᠠᠰᠤᠨ ᠭᠠᠰᠠᠯᠵᠤ᠄ 
      - ᠡᠨᠡ ᠬᠥᠭᠡᠷᠦᠬᠦᠢ ᠪᠦᠰᠡᠭᠦᠢ ᠤᠳᠬᠤᠨ  ᠤ ᠰᠠᠨᠠᠭ᠎ᠠ ᠶ᠋ᠢ ᠨᠢ  ᠵᠠᠰᠠᠵᠤ ᠪᠤᠷᠬᠠᠨ ᠤ᠋ ᠣᠷᠣᠨ ᠳ᠋ᠤ᠌  ᠶᠠᠭᠤ ᠦᠵᠡᠬᠦ ᠭᠡᠰᠡᠨ ᠢ᠋ ᠨᠢ ᠦᠵᠡᠭᠦᠯᠦᠭᠡᠳ ᠪᠤᠴᠠᠭᠠᠶ᠎ᠠ ᠭᠡᠵᠦ  ᠱᠠᠪᠢ ᠳ᠋ᠠᠭᠠᠨ ᠬᠡᠯᠡᠭᠰᠡᠨ  ᠪᠠᠢᠵᠠᠢ᠃ ᠡᠨᠡ ᠦᠭᠡ ᠶ᠋ᠢ ᠰᠠᠨᠠᠭᠰᠠᠭᠠᠷ ᠪᠤᠷᠬᠠᠨ ᠤ᠋ ᠬᠣᠲᠠ ᠶ᠋ᠢᠨ ᠠᠩᠬᠠᠨ ᠤ᠋ ᠥᠷᠯᠥᠭᠡ ᠲᠡᠢ ᠰᠡᠩᠵᠢ  ᠭᠡᠰᠦᠯ ᠵᠣᠯᠭᠠᠪᠠ᠃  
      - ᠰᠠᠷᠯᠤᠭ ᠤ᠋ᠨ ᠮᠢᠬᠠᠨ ᠠ᠋ᠴᠠ ᠥᠭᠡᠷ᠎ᠡ ᠶᠠᠭᠤᠮ᠎ᠠ ᠠᠯᠠᠭ᠎ᠠ! ᠭᠡᠵᠦ ᠥᠷᠯᠥᠭᠡ ᠪᠠᠰᠠ ᠯᠠ ᠳᠠᠬᠢᠭᠠᠳ ᠨᠥᠭᠥᠭᠡ ᠯᠠᠮᠠ ᠵᠡᠰ ᠲᠠᠪᠠᠭ ᠳᠡᠭᠡᠷ᠎ᠡ ᠬᠡᠳᠦᠨ ᠬᠡᠷᠴᠢᠮ ᠬᠣᠷᠴᠢᠢᠭᠰᠠᠨ ᠬᠠᠷ᠎ᠠ ᠮᠢᠬ᠎ᠠ ᠲᠠᠯᠪᠢᠭᠰᠠᠭᠠᠷ ᠣᠷᠣᠵᠤ ᠢᠷᠡᠯ᠎ᠡ᠃  ᠬᠥᠭᠰᠢᠨ ᠰᠠᠷᠯᠤᠭ ᠤ᠋ᠨ ᠮᠢᠬ᠎ᠠ ᠪᠠᠢᠭᠰᠠᠨ ᠲᠤᠯᠠ ᠰᠢᠳᠦᠨ ᠳ᠋ᠦ᠍ ᠪᠠᠢᠲᠤᠭᠠᠢ ᠬᠢᠲᠤᠭᠠᠨ ᠳ᠋ᠤ᠌ ᠳᠠᠭᠠᠭᠠᠭᠳᠠᠬᠤ ᠦᠭᠡᠢ ᠪᠠᠢᠪᠠ᠃ ᠪᠣᠷᠴᠠ ᠮᠠᠢᠭᠲᠠᠢ ᠪᠣᠯᠵᠤ ᠤᠷᠢ ᠢᠳᠡᠵᠡᠢ᠃ 
      - ᠵᠠ ᠪᠢ ᠴᠦ᠍  ᠪᠤᠬᠠᠰᠢᠷᠢᠬᠢ ᠵᠤᠯᠭᠠᠭᠠᠭᠰᠠᠨ ᠬᠥᠭᠰᠢᠨ ᠰᠠᠷᠯᠤᠭ  ᠰᠢᠭ᠋ ᠶᠠᠭᠤᠮ᠎ᠠ ᠪᠣᠯᠬᠤ ᠨᠢ ᠠ᠋᠃ ᠡᠭᠦᠨ ᠳ᠋ᠦ᠍  ᠣᠷᠣᠪᠠᠯ ᠵᠠᠮᠪᠠᠭ᠎ᠠ ᠵᠢᠭᠤᠷᠠᠶ᠎ᠠ ᠭᠡᠵᠦ ᠭᠡᠯᠦᠩ  ᠴᠤᠢᠮᠴᠤᠭ ᠱᠣᠭᠯᠠᠬᠤ ᠠᠶᠠᠰ ᠲᠠᠢ ᠬᠡᠯᠡᠬᠦ ᠳ᠋ᠦ᠍ ᠴᠥᠮ ᠢ᠋ᠶ᠋ᠡᠷ ᠢ᠋ᠶ᠋ᠡᠨ ᠢᠨᠢᠶᠡᠯᠳᠦᠪᠡ᠃  ᠶᠠᠭᠤ ᠭᠡᠪᠡᠯ᠄ ᠲᠥᠪᠡᠳ ᠦ᠋ᠨ ᠥᠨᠳᠥᠷ  ᠠᠭᠤᠯᠠᠰ ᠤ᠋ᠨ ᠡᠩᠭᠡᠷ ᠬᠣᠷᠮᠣᠢ ᠳ᠋ᠤ᠌ ᠶᠡᠬᠡᠬᠡᠨ ᠬᠠᠲᠠᠭᠤ ᠡᠰᠢ ᠲᠡᠢ ᠤᠷᠭᠤᠮᠠᠯ ᠤᠷᠭᠤᠳᠠᠭ ᠲᠤᠯᠠ ᠲᠡᠭᠦᠨ ᠢ᠋  ᠪᠤᠬᠠᠴᠢᠷᠢᠬᠢ ᠪᠤᠶᠤ  ᠪᠤᠬᠠᠰᠢᠷᠢᠬᠢ ᠭᠡᠳᠡᠭ ᠶᠦᠮ᠃  ᠪᠤᠬᠠᠰᠢᠷᠢᠬᠢ ᠶ᠋ᠢ ᠬᠥᠭᠰᠢᠨ ᠰᠠᠷᠯᠤᠭ  ᠳᠠᠭᠠᠭᠠᠬᠤ ᠦᠭᠡᠢ ᠲᠤᠯᠠ ᠢᠳᠡᠬᠦ ᠭᠡᠵᠦ ᠶᠡᠬᠡ ᠰᠠᠨᠳᠤᠷᠳᠠᠭ ᠠᠵᠠᠢ᠃ ᠬᠥᠬᠡ ᠲᠣᠭᠣᠨᠣ ᠶ᠋ᠢᠨ ᠳᠠᠪᠠᠭᠠᠨ ᠳ᠋ᠤ᠌ ᠲᠡᠢᠮᠦ ᠨᠢᠭᠡ ᠬᠥᠭᠰᠢᠨ ᠰᠠᠷᠯᠤᠭ ᠲᠠᠢ ᠲᠡᠳᠡ ᠳᠠᠭᠠᠷᠢᠯᠳᠤᠭᠰᠠᠨ ᠪᠢᠯᠡ᠃ ᠥᠯᠥᠰᠬᠦᠯᠡᠩ ᠰᠠᠷᠯᠤᠭ ᠳᠠᠭᠠᠭᠠᠬᠤ ᠦᠭᠡᠢ ᠰᠢᠷᠢᠭᠢ ᠬᠣᠶᠠᠷ ᠠᠭᠤᠯᠵᠠᠵᠤ ᠶᠡᠬᠡ ᠯᠡ ᠬᠥᠭᠲᠡᠢ ᠶᠠᠭᠤᠮ᠎ᠠ ᠪᠣᠯᠵᠤ ᠪᠠᠢᠭᠰᠠᠨ ᠢ᠋ ᠭᠡᠯᠦᠩ  ᠡᠢᠨ  ᠬᠦ᠌ ᠳᠤᠷᠠᠰᠤᠨ ᠰᠠᠨᠠᠵᠠᠢ᠃  
      - ᠪᠤᠬᠠᠰᠢᠷᠢᠬᠢ ᠵᠤᠯᠭᠠᠭᠠᠭᠰᠠᠨ ᠰᠠᠷᠯᠤᠭ ᠭᠡᠬᠦ ᠡᠴᠡ ᠥᠴᠥᠭᠡᠳᠦᠷ ᠪᠢᠳᠡᠨ ᠢ᠋ ᠮᠥᠨ ᠪᠠᠯᠠᠯᠬᠤ ᠰᠢᠬᠠᠪᠠ ᠠ? ᠪᠢ ᠤᠭ ᠠ᠋ᠴᠠ ᠪᠠᠨ ᠰᠠᠷᠯᠤᠭ ᠤᠨᠤᠬᠤ ᠳᠤᠷ᠎ᠠ ᠦᠭᠡᠢ᠃ ᠭᠡᠲᠡᠯ᠎ᠡ ᠪᠠᠰᠠ ᠳᠦᠦᠭᠡᠦᠷᠳᠡᠭᠦᠯᠬᠦ ᠳ᠋ᠦ᠍ ᠮᠥᠨ ᠯᠡ ᠠᠶ᠎ᠠ ᠦᠭᠡᠢ ᠪᠠᠢᠳᠠᠭ ᠰᠢᠦ ᠭᠡᠵᠦ ᠪᠥᠬᠡᠮᠠᠩᠨᠠᠢ ᠶᠠᠷᠢᠪᠠ᠃ 
      -  ᠬᠠᠷᠢᠨ ᠲᠡᠢᠮᠦ ᠠ᠋! ᠭᠡᠵᠦ ᠥᠯᠵᠡᠢ ᠵᠠᠯᠪᠠᠷᠢᠪᠠ᠃ 
      ᠥᠴᠥᠭᠡᠳᠦᠷ ᠲᠡᠳᠡᠨ ᠦ᠌ ᠤᠨᠤᠭ᠎ᠠ ᠤᠨᠤᠰᠢ ᠶ᠋ᠢ ᠦᠨ᠎ᠡ ᠬᠠᠶᠠᠯᠴᠠᠨ ᠬᠤᠪᠢᠶᠠᠵᠤ ᠠᠪᠤᠭᠠᠳ ᠲᠥᠪᠡᠳ ᠦ᠋ᠳ ᠣᠷᠣᠨ ᠳ᠋ᠤᠨᠢ ᠰᠡᠯᠡᠮᠡᠨ ᠡᠪᠡᠷᠳᠡᠢ ᠰᠠᠷᠯᠤᠭ ᠨᠤᠭᠤᠳ ᠲᠤ᠌ ᠠᠴᠢᠶ᠎ᠠ ᠶ᠋ᠢ ᠨᠢ ᠠᠴᠢᠵᠤ᠂ ᠥᠪᠡᠷᠰᠡᠳ ᠢ᠋ ᠨᠢ ᠰᠠᠭᠤᠯᠭᠠᠭᠠᠳ᠂ ᠲᠥᠷᠥ ᠶ᠋ᠢ ᠨᠢ  ᠰᠠᠷᠯᠤᠭ ᠤᠨ ᠢ᠋ᠶ᠋ᠠᠨ ᠲᠣᠯᠣᠭᠠᠢ ᠳ᠋ᠤ᠌ ᠡᠪᠬᠡᠵᠦ ᠰᠤᠯᠠ ᠲᠠᠯᠪᠢᠭᠠᠳ ᠬᠠᠮᠲᠤᠷᠠᠭᠤᠯᠤᠨ ᠬᠥᠭᠡᠭᠡᠵᠦ ᡀᠠᠰᠠ ᠣᠷᠣᠭᠤᠯᠵᠠᠢ᠃ ᠲᠡᠭᠡᠬᠦ ᠳ᠋ᠡᠭᠡᠨ ᠮᠠᠭᠤᠬᠠᠢ  ᠬᠠᠰᠭᠢᠷᠤᠯᠳᠡᠨ᠂ ᠰᠤᠷ ᠳᠦᠦᠭᠡᠦᠷ ᠢᠶᠠᠨ ᠲᠣᠯᠣᠭᠠᠢ ᠳᠡᠭᠡᠭᠦᠷ ᠢ᠋ᠶ᠋ᠡᠨ ᠡᠷᠭᠢᠭᠦᠯᠵᠦ᠂ ᠭᠣᠨᠵᠣᠭᠣᠢ ᠬᠥᠬᠡ ᠴᠢᠯᠠᠭᠤ ᠪᠠᠷ ᠭᠠᠯᠵᠠᠭᠤᠷᠠᠭᠰᠠᠨ ᠮᠡᠲᠦ ᠳᠦᠦᠭᠡᠦᠷᠳᠡᠨ᠂ ᠰᠠᠷᠯᠤᠭ ᠤ᠋ᠳ ᠴᠤ᠌ ᠲᠡᠭᠦᠨ ᠡᠴᠡ ᠠᠶᠤᠵᠤ ᠤᠬᠠᠭᠠᠨ ᠵᠢᠯᠣᠭᠣ ᠦᠭᠡᠢ ᠭᠦᠶᠦᠯᠳᠦᠪᠡ᠃  
      ᠳᠦᠦᠭᠡᠦᠷ ᠦ᠋ᠨ ᠴᠢᠯᠠᠭᠤ ᠨᠢ ᠠᠶᠤᠮᠰᠢᠭᠲᠠᠢ ᠮᠠᠭᠤᠬᠠᠢ  ᠣᠯᠢᠨ ᠱᠤᠩᠭᠢᠨᠠᠯᠳᠤᠵᠤ᠂ ᠮᠣᠩᠭᠣᠯᠴᠤᠳ ᠤ᠋ᠨ  ᠤᠨᠤᠵᠤ ᠶᠠᠪᠤᠭ᠎ᠠ ᠰᠠᠷᠯᠤᠭ ᠤ᠋ᠨ  ᠰᠢᠷ᠎ᠠ ᠨᠤᠭᠤᠳ ᠤ᠋ᠨ ᠵᠦᠭ ᠪᠣᠷᠣᠭ᠎ᠠ ᠮᠥᠨᠳᠥᠷ ᠰᠢᠭ ᠣᠯᠠᠨ ᠢ᠋ᠶ᠋ᠠᠷ  ᠡᠷᠴᠢᠯᠡᠨ ᠢᠷᠡᠵᠦ ᠮᠣᠩᠭᠣᠯᠴᠤᠳ ᠲᠡᠭᠦᠨ ᠡᠴᠡ ᠠᠶᠤᠵᠤ ᠤᠤᠯᠭ᠎ᠠ ᠠᠯᠲᠠᠨ ᠲᠣᠯᠣᠭᠠᠢ ᠪᠠᠨ ᠭᠠᠷ ᠢ᠋ᠶ᠋ᠠᠷ  ᠳᠠᠷᠤᠵᠠᠭᠠᠵᠤ ᠪᠠᠢᠯ᠎ᠠ᠃ 
       ᠪᠢᠲᠡᠭᠡᠢ ᠠᠶᠤᠵᠠᠭ᠎ᠠ! ᠲᠥᠪᠡᠳ ᠦ᠋ᠳ ᠦ᠋ᠨ ᠭᠠᠭᠴᠠ ᠴᠢᠳᠠᠳᠠᠭ ᠶᠤᠮ ᠨᠢ ᠳᠦᠦᠭᠡᠦᠷ ᠪᠠᠢᠳᠠᠭ᠃ ᠰᠠᠷᠯᠤᠭ ᠤ᠋ᠨ ᠢ᠋ᠶ᠋ᠠᠨ ᠡᠪᠡᠷ ᠢ᠋ ᠶᠠᠮᠠᠷ ᠴᠤ᠌ ᠮᠡᠷᠭᠡᠨ  ᠫᠤᠤᠴᠢ ᠠ᠋ᠴᠠ ᠳᠤᠲᠠᠬᠤ ᠦᠭᠡᠢ ᠤᠨᠤᠨ᠎ᠠ᠃ ᠬᠥᠮᠦᠨ ᠦ᠌ ᠪᠡᠶ᠎ᠡ ᠳ᠋ᠦ᠍ ᠣᠭᠲᠣ ᠬᠦᠷᠭᠡᠬᠦ ᠦᠭᠡᠢ᠃ ᠪᠢᠲᠡᠭᠡᠢ ᠰᠠᠨᠳᠤᠷ! ᠲᠠᠢᠪᠤᠩ ᠶᠠᠪᠤᠵᠠᠭ᠎ᠠ! ᠭᠡᠵᠦ ᠭᠡᠯᠦᠩ   ᠴᠤᠢᠮᠴᠤᠭ ᠲᠡᠳᠡᠨ ᠳ᠋ᠦ᠍ ᠵᠠᠬᠢᠪᠠ᠃  
      ᠦᠨᠡᠬᠡᠷ ᠲᠥᠪᠡᠳ ᠦ᠋ᠳ ᠳᠦᠦᠭᠡᠦᠷᠳᠡᠬᠦ ᠳ᠋ᠡᠭᠡᠨ ᠮᠡᠷᠭᠡᠨ ᠠᠵᠠᠢ᠃ ᠳᠦᠦᠭᠡᠦᠷ ᠦ᠋ᠨ ᠴᠢᠯᠠᠭᠤ ᠨᠢ ᠥᠭᠡᠷ᠎ᠡ ᠶᠠᠭᠤ ᠶ᠋ᠢ ᠴᠦ᠍ ᠪᠢᠰᠢ ᠭᠠᠭᠴᠠ ᠬᠦ᠌ ᠰᠠᠷᠯᠤᠭ ᠤ᠋ᠨ ᠡᠪᠡᠷ ᠳᠡᠭᠡᠷ᠎ᠡ ᠮᠡᠷᠭᠡᠨ ᠲᠤᠰᠴᠢ ᠪᠠᠢᠯ᠎ᠠ᠃ ᠡᠪᠡᠷ ᠳᠡᠭᠡᠷ᠎ᠡ ᠨᠢ ᠳᠦᠦᠭᠡᠦᠷ ᠦ᠋ᠨ ᠴᠢᠯᠠᠭᠤ ᠪᠠᠭᠤᠬᠤ ᠳ᠋ᠤ᠌ ᠰᠠᠷᠯᠤᠭ ᠤ᠋ᠨ  ᠰᠢᠷ᠎ᠠ ᠨᠤᠭᠤᠳ ᠰᠦᠨᠡᠰᠦ ᠰᠡᠭᠦᠳᠡᠷ ᠦᠭᠡᠢ ᠠᠶᠤᠵᠤ ᠬᠠᠷ᠎ᠠ ᠬᠤᠷᠳᠤ ᠪᠠᠷ ᠢ᠋ᠶ᠋ᠠᠨ ᠭᠦᠶᠦᠵᠦ ᠪᠠᠢᠯ᠎ᠠ᠃ ᠢᠩᠭᠢᠵᠦ ᠲᠡᠳᠡ ᠳᠦᠦᠭᠡᠦᠷ ᠦ᠋ᠨ ᠴᠢᠯᠠᠭᠤ᠂ ᠰᠠᠷᠯᠤᠭ ᠤ᠋ᠨ ᠰᠢᠷ᠎ᠠ ᠶ᠋ᠢᠨ ᠨᠢᠷᠤᠭᠤᠨ ᠳ᠋ᠤ᠌᠂ ᠲᠥᠪᠡᠳ ᠦ᠋ᠳ ᠦ᠋ᠨ ᠬᠠᠰᠢᠬᠢᠷᠤᠯᠳᠤᠭᠠᠨ ᠳᠤᠮᠳᠠ ᠪᠤᠷᠬᠠᠨ ᠤ᠋ ᠣᠷᠣᠨ ᡀᠠᠰᠠ ᠵᠣᠣ ᠶ᠋ᠢᠨ  ᠭᠤᠷᠢᠯᠤᠮ   ᠤᠷᠤᠭᠤ ᠣᠷᠣᠵᠤ  ᠢᠷᠡᠭᠰᠡᠨ ᠪᠢᠯᠡ᠃ 
      - ᠵᠠ ᠶᠠᠪᠤᠵᠠᠭᠠᠶ᠎ᠠ᠃ ᠶᠠᠭᠤᠨ ᠤ᠋ ᠤᠷᠢᠳ ᠶᠡᠬᠡ ᠵᠣᠣ ᠣᠷᠣᠵᠠᠭᠠᠶ᠎ᠠ᠃ ᠲᠡᠭᠡᠭᠡᠳ ᠪᠤᠰᠤᠳ ᠠᠷᠢᠭᠤᠨ ᠰᠢᠲᠦᠭᠡᠨ ᠨᠦ᠍ᠭᠦᠳ ᠢ᠋ ᠡᠳᠦᠷ ᠲᠠᠷᠠᠭᠠᠯᠠᠨ ᠦᠵᠡᠨ᠎ᠡ᠃ ᠴᠥᠮ ᠢ᠋ ᠦᠵᠡᠬᠦ ᠳ᠋ᠦ᠍ ᠶᠡᠬᠡ ᠴᠠᠭ ᠬᠡᠷᠡᠭ ᠲᠡᠢ᠃ ᠭᠣᠣᠯ ᠭᠣᠣᠯ ᠰᠢᠲᠦᠭᠡᠨ ᠳ᠋ᠡᠭᠡᠨ ᠡᠬᠢᠯᠡᠭᠡᠳ ᠮᠥᠷᠭᠥᠵᠡᠭᠡᠶ᠎ᠡ! ᠭᠡᠵᠦ ᠴᠤᠢᠮᠴᠤᠭ ᠭᠡᠯᠦᠩ ᠰᠠᠨᠠᠭᠤᠯᠪᠠ᠃ 
      ᠮᠥᠷᠭᠥᠯᠴᠢᠳ ᠬᠠᠮᠤᠭ ᠪᠠᠢᠳᠠᠭ ᠢ᠋ᠶ᠋ᠠᠷ ᠢ᠋ᠶ᠋ᠠᠨ ᠭᠤᠶᠤᠵᠠᠢ᠃ 
      ᠬᠠᠮᠲᠤ  ᠶᠠᠪᠤᠶ᠎ᠠ᠃ ᠱᠠᠪᠢᠯᠠᠨ ᠰᠠᠭᠤᠴᠢᠬᠠᠪᠠᠯ ᠵᠠᠪ  ᠣᠯᠳᠠᠬᠤ ᠦᠭᠡᠢ᠃ ᠡᠳᠡᠨ ᠲᠡᠢ ᠬᠠᠮᠲᠤ ᠶᠠᠪᠤᠵᠤ᠂ ᠪᠢ ᠴᠢᠮ᠎ᠠ ᠳ᠋ᠤ᠌ ᠡᠨᠡ ᠭᠠᠵᠠᠷ ᠤ᠋ᠨ ᠪᠠᠢᠳᠠᠯ ᠢ᠋ ᠮᠡᠳᠡᠭᠦᠯᠦᠶ᠎ᠡ ᠭᠡᠵᠦ ᠭᠡᠯᠦᠩ ᠴᠤᠢᠮᠴᠤᠭ ᠱᠠᠪᠢ ᠰᠡᠩᠵᠢ ᠳ᠋ᠡᠭᠡᠨ ᠬᠡᠯᠡᠯ᠎ᠡ᠃ 
      ᠁ ᠤᠨᠢᠶᠠᠷ ᠮᠠᠨᠠᠨ᠂ ᠲᠣᠭᠣᠰᠣᠨ ᠳ᠋ᠤ᠌ ᠤᠮᠪᠠᠭᠰᠠᠨ ᡀᠠᠰᠠ ᠬᠣᠲᠠ ᠶ᠋ᠢᠨ ᠭᠤᠳᠤᠮᠵᠢᠨ ᠳ᠋ᠤ᠌ ᠮᠣᠩᠭᠣᠯ ᠮᠥᠷᠭᠥᠯᠴᠢᠳ ᠭᠠᠷᠤᠯ᠎ᠠ᠃ ᠤᠶᠢᠴᠦᠦ ᠪᠤᠶᠤ ᠳᠤᠮᠳᠠ ᠭᠣᠣᠯ ᠤᠷᠳᠤᠭᠤᠷ ᠲᠤᠨᠤᠯᠵᠠᠨ ᠤᠷᠤᠰᠴᠤ᠂ ᠮᠠᠷᠪᠤᠷᠢ ᠲᠣᠯᠣᠭᠠᠢ.ᠳᠡᠭᠡᠷ᠎ᠡ  ᠪᠤᠳᠠᠯᠠᠩ ᠤ᠋ᠨ ᠠᠪᠤᠷᠭᠤ ᠣᠷᠳᠣᠨ ᠲᠩᠷᠢ ᠪᠠᠭᠠᠨᠠᠳᠠᠭᠰᠠᠨ ᠰᠤᠪᠤᠷᠭ᠎ᠠ ᠮᠡᠲᠦ ᠵᠣᠰᠣᠨ ᠥᠩᠭᠡ ᠪᠡᠷ  ᠠᠯᠠᠭᠯᠠᠨ ᠠᠯᠲᠠᠨ ᠭᠠᠨᠵᠢᠷ᠎ᠠ᠂  ᠵᠠᠩᠴᠠᠩ ᠢ᠋ᠶ᠋ᠠᠨ ᠭᠢᠯᠠᠯᠵᠠᠭᠤᠯᠤᠨ ᠰᠦᠨᠳᠡᠷᠯᠡᠵᠦ ᠬᠠᠷᠠᠭᠳᠠᠯ᠎ᠠ᠃ 
       ᠶᠡᠬᠡ ᠵᠣᠣ ᠬᠦᠷᠲᠡᠯ᠎ᠡ ᠮᠥᠷᠭᠥᠯᠴᠢᠳ ᠶᠠᠪᠠᠭᠠᠨ ᠶᠠᠪᠤᠯ᠎ᠠ᠃ ᠭᠤᠳᠤᠮᠵᠢ ᠪᠠᠷ ᠬᠠᠴᠢᠨ ᠶᠠᠩᠵᠤ ᠶ᠋ᠢᠨ ᠬᠤᠪᠴᠠᠰᠤ ᠲᠠᠢ ᠲᠠᠩᠭᠤᠳ᠂ ᠲᠥᠪᠡᠳ᠂ ᠮᠣᠩᠭᠣᠯ᠂  ᠪᠠᠯᠪᠤ᠂ ᠵᠠᠭᠠᠷ᠂ ᠲᠠᠪᠤᠨ ᠬᠡᠯᠡ ᠶ᠋ᠢᠨ ᠬᠥᠮᠦᠨ ᠠᠮᠢᠲᠠᠨ ᠨᠡᠰᠢ ᠴᠠᠰᠢ ᠬᠥᠯᠬᠢᠵᠦ ᠪᠠᠢᠯ᠎ᠠ᠃ ᠦᠰᠦ ᠪᠡᠨ ᠲᠣᠯᠣᠭᠠᠢ ᠶ᠋ᠢᠨ ᠣᠷᠣᠢ ᠳᠡᠭᠡᠷ᠎ᠡ ᠪᠡᠨ ᠭᠣᠵᠣᠢᠯᠭᠠᠨ ᠣᠪᠣᠭᠠᠯᠠᠵᠤ᠂ ᠠᠯᠲᠠ ᠮᠥᠩᠭᠥᠨ ᠴᠢᠮᠡᠭ ᠲᠡᠢ ᠭᠣᠣ ᠨᠤᠭᠤᠳ ᠢ᠋ᠶ᠋ᠠᠷ ᠬᠠᠰᠢᠵᠤ ᠭᠤᠶᠤᠭᠰᠠᠨ ᠳᠡᠭᠡᠳᠦᠰ ᠦ᠋ᠳ᠂ ᠦᠰᠦ ᠪᠡᠨ ᠰᠦᠯᠵᠢᠵᠦ ᠠᠷᠤ ᠨᠢᠷᠤᠭᠤ ᠤᠷᠤᠭᠤ  ᠤᠨᠵᠢᠭᠤᠯᠤᠭᠰᠠᠨ ᠴᠢᠨᠡᠭᠡᠯᠢᠭ ᠦ᠋ᠳ᠂ ᠦᠰᠦ ᠪᠡᠨ ᠣᠭᠲᠣ ᠦᠯᠦ ᠰᠠᠮᠨᠠᠬᠤ ᠰᠠᠭᠯᠠᠭᠠᠷ ᠰᠠᠩᠭᠠᠰᠪᠠ ᠮᠡᠲᠦ ᠶᠠᠳᠠᠭᠤᠰ ᠡᠮᠦᠨ᠎ᠡ ᠬᠣᠢᠨ᠎ᠠ ᠪᠠᠨ ᠣᠷᠣᠵᠤ ᠨᠡᠰᠢ ᠴᠠᠰᠢ ᠶᠠᠪᠤᠨ᠎ᠠ᠃ ᠤᠯᠠᠭᠠᠨ  ᠴᠠᠴᠤᠭ ᠡᠷᠭᠢᠨ ᠲᠣᠭᠣᠷᠢᠨ ᠳ᠋ᠤᠨᠢ ᠤᠨᠵᠢᠭᠤᠯᠵᠤ ᠬᠢᠭᠰᠡᠨ ᠳᠤᠭᠤᠢ ᠬᠦᠷᠢᠶ᠎ᠡ ᠲᠡᠢ ᠣᠷᠣᠢ ᠨᠢ ᠴᠠᠭᠠᠨ ᠪᠥᠭᠡᠳ ᠳᠤᠮᠳᠠ ᠪᠠᠨ ᠤᠯᠠᠭᠠᠨ ᠵᠠᠭᠠᠯᠮᠠᠢ ᠴᠢᠮᠡᠭ ᠲᠡᠢ ᠨᠤᠭᠤᠯᠤᠭᠤᠷ  ᠰᠢᠭ᠋ ᠬᠠᠴᠢᠨ ᠮᠠᠯᠠᠭᠠᠢ ᠡᠮᠦᠰᠦᠭᠰᠡᠨ ᠪᠠᠷᠯᠤᠭ ᠤ᠋ᠳ  ᠣᠯᠠᠨ ᠢ᠋ᠶ᠋ᠠᠷ  ᠶᠠᠪᠤᠨ᠎ᠠ᠃ ᠭᠡᠮ ᠯᠡ ᠬᠢᠪᠡᠯ ᠲᠣᠯᠣᠭᠠᠢ ᠦᠭᠡᠢ ᠪᠣᠯᠤᠨ᠎ᠠ ᠭᠡᠰᠡᠨ ᠦ᠌ ᠲᠡᠮᠳᠡᠭ ᠪᠣᠯᠭᠠᠵᠤ ᠲᠡᠢᠮᠦ ᠮᠠᠯᠠᠭᠠᠢ ᠶ᠋ᠢ ᠨᠣᠶᠠᠳ ᠤ᠋ᠳ ᠵᠠᠷᠤᠴᠠ ᠨᠠᠷ ᠲᠠᠭᠠᠨ ᠡᠮᠦᠰᠦᠭᠦᠯᠳᠡᠭ ᠠᠵᠢ᠃ ᠬᠦᠵᠦᠭᠦᠦ ᠪᠡᠨ ᠳᠡᠰ ᠴᠠᠪᠴᠢᠭᠤᠯᠤᠭᠠᠳ ᠴᠢᠰᠤ ᠨᠢ ᠳᠣᠭᠣᠭᠰᠢ ᠭᠣᠭᠣᠵᠢᠵᠤ ᠪᠠᠢᠭ᠎ᠠ ᠶ᠋ᠢ ᠤᠯᠠᠭᠠᠨ ᠵᠠᠭᠠᠯᠮᠠᠢ ᠲᠡᠮᠳᠡᠭ᠂ ᠳᠣᠭᠣᠭᠰᠢ ᠪᠠᠨ ᠤᠨᠵᠢᠭᠰᠠᠨ ᠤᠯᠠᠭᠠᠨ  ᠴᠠᠴᠤᠭ ᠨᠢ ᠦᠭᠡ ᠳᠠᠭᠤ ᠦᠭᠡᠢ ᠥᠭᠦᠯᠡᠵᠦ ᠪᠠᠢᠭ᠎ᠠ ᠶ᠋ᠢᠨ ᠪᠢᠯᠢᠭᠳᠡᠯ ᠪᠣᠯᠤᠭᠰᠠᠨ ᠲᠡᠷᠡ ᠮᠠᠯᠠᠭᠠᠢ ᠶ᠋ᠢ ᠭᠡᠯᠦᠩ  ᠴᠤᠢᠮᠴᠤᠭ ᠲᠠᠢᠯᠪᠤᠷᠢᠯᠠᠵᠤ ᠥᠭᠬᠦ ᠳ᠋ᠦ᠍ ᠪᠥᠬᠡᠮᠠᠩᠯᠠᠢ ᠮᠠᠰᠢ ᠶᠡᠬᠡ  ᠭᠠᠢᠬᠠᠵᠠᠢ᠃   
      ᠬᠡᠦᠬᠡᠨ ᠨᠦ᠍ᠭᠦᠳ ᠪᠠᠷᠠᠭᠤᠨ ᠪᠠᠭᠤᠤ  ᠳ᠋ᠠᠭᠠᠨ ᠲᠤᠩ ᠢ᠋ᠶ᠋ᠠᠷ ᠴᠢᠮᠡᠭᠯᠡᠭᠰᠡᠨ ᠴᠤᠯᠤ ᠮᠥᠩᠭᠥᠨ ᠪᠠᠭᠤᠪᠴᠢ ᠵᠡᠭᠦᠭᠰᠡᠨ ᠨᠢ ᠣᠯᠠᠨ ᠪᠠᠢᠬᠤ ᠪᠥᠭᠡᠳ ᠨᠢᠭᠤᠷ ᠨᠢ ᠪᠠᠷᠤᠭ ᠴᠥᠮ ᠢ᠋ᠶ᠋ᠡᠷ ᠢ᠋ᠶ᠋ᠡᠨ ᠢᠵᠢᠯ ᠬᠠᠷ᠎ᠠ  ᠬᠦᠷᠡᠩ ᠥᠩᠭᠡ ᠲᠡᠢ ᠪᠠᠢᠯ᠎ᠠ᠃  
      - ᠪᠠᠭᠤᠪᠴᠢ ᠨᠢ ᠪᠠᠭᠠᠳᠠᠴᠢᠬᠠᠭᠰᠠᠨ ᠮᠥᠷᠲᠡᠭᠡᠨ ᠠᠮᠠ ᠦᠭᠡᠢ ᠰᠢᠭ ᠪᠠᠢᠬᠤ ᠶᠤᠮ᠃ ᠪᠠᠰᠠ ᠲᠡᠭᠡᠭᠡᠳ ᠴᠥᠮ ᠢ᠋ᠶ᠋ᠡᠷ ᠢ᠋ᠶ᠋ᠡᠨ ᠬᠠᠷ᠎ᠠ  ᠬᠦᠷᠡᠩ ᠡᠯᠢᠭᠡ ᠰᠢᠭ ᠵᠢᠰᠦ ᠴᠢᠷᠠᠢᠲᠠᠢ ᠤᠯᠤᠰ ᠶᠤᠮ ᠠ᠋ ᠭᠡᠵᠦ ᠣᠳᠬᠤᠨ ᠬᠡᠦᠬᠡᠨ ᠭᠡᠨᠡᠳᠲᠡ ᠭᠡᠯᠦᠩ ᠡᠴᠡ ᠠᠰᠠᠭᠤᠬᠤ ᠳ᠋ᠤ᠌ ᠲᠡᠭᠦᠨ ᠦ᠌ ᠰᠡᠳᠬᠢᠯ ᠢ᠋ ᠶᠠᠭᠤ ᠪᠠᠷ ᠵᠠᠰᠠᠬᠤ ᠲᠤᠬᠠᠢ ᠪᠣᠳᠣᠵᠤ ᠶᠠᠪᠤᠭᠰᠠᠨ ᠴᠤᠢᠮᠴᠤᠭ᠄ 
      - ᠲᠥᠪᠡᠳ ᠬᠡᠦᠬᠡᠨ ᠵᠠᠪᠠᠯ ᠪᠢᠲᠡᠭᠦᠦ ᠪᠠᠭᠤᠪᠴᠢ ᠵᠡᠭᠦᠬᠦ ᠤᠴᠢᠷ ᠲᠠᠢ᠃ ᠠᠷᠪᠠᠭᠠᠳ ᠨᠠᠰᠤᠲᠠᠢ ᠪᠠᠢᠬᠤ ᠳ᠋ᠤ᠌ ᠨᠢ ᠥᠬᠢᠳ ᠴᠤᠯᠤ ᠪᠠᠭᠤᠪᠴᠢ ᠵᠡᠭᠦᠵᠦ ᠥᠭᠳᠡᠭ᠃ ᠨᠠᠰᠤᠨ ᠳ᠋ᠤ᠌ ᠬᠦᠷᠬᠦ ᠦᠶ᠎ᠡ ᠳ᠋ᠡᠭᠡᠨ ᠲᠡᠷᠡ ᠪᠠᠭᠤᠪᠴᠢ ᠶ᠋ᠢ ᠳᠦᠭᠦᠷᠲᠡᠯ᠎ᠡ ᠮᠢᠷᠢᠶᠠᠯᠠᠵᠤ ᠰᠠᠯᠭᠠᠵᠤ ᠠᠪᠬᠤ ᠠᠷᠭ᠎ᠠ ᠦᠭᠡᠢ ᠪᠣᠯᠳᠠᠭ ᠶᠤᠮ᠃ ᠲᠥᠪᠡᠳ ᠬᠡᠦᠬᠡᠨ ᠨᠦ᠍ᠭᠦᠳ  ᠨᠢᠭᠤᠷ ᠢ᠋ᠶ᠋ᠠᠨ ᠬᠠᠷ᠎ᠠ ᠴᠠᠢ ᠶ᠋ᠢᠨ ᠥᠳᠬᠡᠨ ᠬᠠᠨᠳᠠ ᠪᠠᠷ ᠪᠣᠳᠣᠳᠠᠭ  ᠵᠢᠷᠤᠮ ᠲᠠᠢ᠃ ᠭᠣᠳᠣᠮᠵᠢᠨ ᠳ᠋ᠤ᠌ ᠨᠢᠭᠤᠷ ᠤ᠋ᠨ ᠳᠦᠷᠭᠢᠯᠭᠡ ᠦᠭᠡᠢ ᠭᠠᠷᠴᠤ ᠶᠠᠪᠤᠬᠤ ᠨᠢ ᠮᠠᠭᠤ ᠶᠠᠪᠤᠳᠠᠯ ᠲᠠᠢ ᠶ᠋ᠢᠨ ᠰᠢᠨᠵᠢ ᠭᠡᠵᠦ ᠶᠠᠷᠢᠪᠠ᠃ ᠤᠳᠬᠤᠨ ᠲᠡᠭᠦᠨ ᠳ᠋ᠦ᠍ ᠶᠡᠬᠡ ᠭᠠᠢᠬᠠᠯ᠎ᠠ᠃ 
      ᠲᠡᠳᠡ ᠶᠡᠬᠡ ᠵᠣᠣ ᠶ᠋ᠢᠨ ᠬᠡᠷᠡᠮ ᠦᠨ ᠭᠣᠣᠯ ᠬᠠᠭᠠᠯᠭᠠᠨ ᠳᠡᠭᠡᠷ᠎ᠡ ᠢᠷᠡᠪᠡ᠃ ᠬᠠᠭᠠᠯᠭᠠᠨ ᠤ᠋ ᠬᠠᠴᠠᠪᠴᠢ ᠬᠠᠨᠠᠨ ᠤ ᠳᠠᠭᠠᠤ ᠰᠠᠭᠤᠵᠤ ᠪᠠᠢᠭᠰᠠᠨ ᠶᠠᠳᠠᠭᠤ ᠲᠥᠪᠡᠳ ᠦ᠋ᠳ ᠪᠠᠷᠤᠭ ᠵᠡᠷᠭᠡ ᠰᠢᠬᠠᠮ ᠤᠬᠤᠰᠬᠢᠨ ᠪᠣᠰᠤᠭᠠᠳ ᠬᠡᠯᠡ ᠪᠡᠨ ᠭᠠᠷᠭᠠᠨ᠂ ᠬᠣᠶᠠᠷ ᠭᠠᠷ ᠤ᠋ᠨ ᠢ᠋ᠶ᠋ᠠᠨ ᠰᠠᠷᠪᠠᠭᠤ ᠶ᠋ᠢ ᠵᠠᠩᠭᠢᠳᠤᠨ ᠵᠥᠪᠬᠡᠨ ᠡᠷᠡᠬᠡᠢ ᠬᠤᠷᠤᠭᠤ ᠨᠤᠭᠤᠳ ᠢ᠋ᠶ᠋ᠠᠨ ᠭᠣᠵᠣᠢᠯᠭᠠᠵᠤ  ᠵᠣᠭᠰᠣᠵᠠᠭᠠᠭᠠᠳ᠄ 
      - ᠬᠦᠱᠥᠥ᠂ ᠬᠦᠱᠥᠥ! ᠭᠡᠵᠡᠭᠡᠬᠦ ᠳ᠋ᠦ᠍ ᠤᠳᠬᠤᠨ ᠴᠣᠴᠢᠵᠤ᠄ 
      - ᠫᠠᠬ᠎ᠠ ᠶᠠᠭᠠᠬᠢᠨ᠎ᠠ!  ᠶᠠᠭᠠᠬᠢᠬᠤ ᠭᠡᠵᠦ ᠪᠠᠢᠭ᠎ᠠ ᠶᠤᠮ ᠪᠣᠯ ᠠ᠋? ᠭᠡᠬᠦ ᠳ᠋ᠦ᠍ ᠴᠤᠢᠮᠴᠤᠭ ᠭᠡᠯᠦᠩ ᠬᠠᠵᠠᠭᠤ ᠠ᠋ᠴᠠ ᠨᠢ ᠶᠣᠪᠣᠷᠴᠤ᠄  
      - ᠵᠦᠭᠡᠷ᠂ ᠵᠦᠭᠡᠷ᠃ ᠲᠥᠪᠡᠳ ᠬᠥᠮᠦᠨ ᠢᠩᠭᠢᠵᠦ ᠬᠡᠯᠡ ᠪᠡᠨ ᠭᠠᠷᠭᠠᠵᠤ ᠡᠷᠡᠬᠡᠢ ᠪᠡᠨ ᠭᠣᠵᠣᠢᠯᠭᠠᠵᠤ ᠮᠡᠨᠳᠦᠯᠡᠳᠡᠭ ᠶᠦᠮ᠃ ᠠᠮᠠᠨ ᠳ᠋ᠠᠭᠠᠨ ᠬᠣᠣᠷᠲᠤ ᠦᠭᠡ ᠠᠭᠤᠯᠤᠭ᠎ᠠ ᠦᠭᠡᠢ᠂ ᠭᠠᠷ ᠲᠠᠭᠠᠨ ᠢᠷᠲᠦ ᠵᠡᠪᠰᠡᠭ ᠪᠠᠷᠢᠭ᠎ᠠ ᠦᠭᠡᠢ ᠭᠡᠰᠡᠨ ᠳᠣᠬᠢᠶ᠎ᠠ ᠬᠡᠪᠡ᠃ 
      - ᠬᠦᠱᠥᠥ ᠭᠡᠳᠡᠭ ᠨᠢ 《ᠳᠡᠭᠡᠳᠦᠰ》 ᠭᠡᠮᠡᠨ ᠳᠡᠭᠡᠳᠦᠯᠡᠵᠦ ᠪᠠᠢᠭ᠎ᠠ ᠦᠭᠡ ᠭᠡᠵᠦ ᠰᠡᠩᠵᠢ ᠭᠡᠰᠦᠯ ᠤᠳᠬᠤᠨ ᠳ᠋ᠤ᠌ ᠲᠠᠢᠯᠪᠤᠷᠢᠯᠠᠪᠠ᠃  ᠭᠡᠰᠦᠯ ᠪᠣᠯ ᠨᠣᠮ ᠤ᠋ᠨ ᠮᠥᠷ ᠬᠥᠭᠡᠭᠡᠵᠦ ᠳᠣᠯᠣᠭᠠᠨ ᠵᠢᠯ ᠬᠡᠢᠳ ᠲᠦ᠍ ᠰᠠᠭᠤᠵᠤ ᠲᠥᠪᠡᠳ ᠬᠡᠯᠡ ᠶ᠋ᠢ ᠨᠢᠭᠡᠨᠲᠡ ᠰᠠᠢᠲᠤᠷ ᠰᠤᠷᠠᠭᠰᠠᠨ ᠡᠷᠳᠡᠮ ᠢ᠋ᠶ᠋ᠡᠨ ᠣᠳᠣ ᠠᠮᠢᠳᠤᠷᠠᠯ ᠳ᠋ᠤ᠌ ᠰᠢᠯᠭᠠᠵᠤ ᠪᠠᠢᠭ᠎ᠠ ᠨᠢ ᠡᠨᠡ᠃ 
      ᠮᠥᠷᠭᠥᠯᠴᠢᠳ ᠶᠡᠬᠡ ᠵᠣᠣ ᠳ᠋ᠤ᠌ ᠣᠷᠣᠬᠤ ᠶ᠋ᠢᠨ ᠲᠤᠯᠠᠳᠠ ᠬᠡᠳᠦᠨ ᠵᠣᠭᠣᠰ ᠬᠠᠶᠠᠵᠤ ᠥᠭᠭᠦᠭᠰᠡᠨ ᠳ᠋ᠦ᠍ ᠲᠥᠪᠡᠳ ᠦ᠋ᠳ᠄ 
      -  ᠯᠠᠭᠰᠤᠤ᠂ ᠯᠠᠭᠰᠤᠤ! ᠭᠡᠵᠦ ᠪᠠᠶᠠᠷᠯᠠᠭᠰᠠᠨ ᠢ᠋ᠶ᠋ᠠᠨ ᠢᠯᠡᠷᠬᠡᠢᠯᠡᠨ ᠰᠢᠯᠢ ᠪᠡᠨ ᠮᠠᠭᠠᠵᠢᠵᠤ ᠵᠠᠷᠢᠮ ᠨᠢ ᠬᠣᠶᠠᠷ ᠭᠠᠷ ᠢ᠋ᠶ᠋ᠠᠨ ᠠᠷᠤ ᠦᠭᠡᠵᠡᠩ ᠳ᠋ᠡᠭᠡᠨ ᠠᠯᠠᠭᠠᠳᠠᠪᠠ᠃ 
      - ᠯᠠᠭᠰᠤᠤ ᠭᠡᠵᠦ ᠰᠠᠢᠨ ᠰᠠᠢᠨ ᠭᠡᠰᠡᠨ ᠦᠭᠡ᠃ ᠰᠢᠯᠢ ᠪᠠᠨ ᠮᠠᠭᠠᠵᠢᠬᠤ ᠨᠢ ᠡᠰᠡᠪᠡᠯ ᠦᠭᠡᠵᠡᠩ ᠢ᠋ᠶ᠋ᠡᠨ ᠠᠯᠠᠭᠠᠳᠠᠬᠤ ᠨᠢ ᠬᠦᠨᠳᠦᠳᠬᠡᠵᠦ ᠪᠠᠢᠭ᠎ᠠ ᠬᠡᠷᠡᠭ ᠭᠡᠵᠦ ᠰᠡᠩᠵᠢ ᠣᠳᠬᠣᠨ ᠳ᠋ᠤ᠌ ᠲᠠᠢᠯᠪᠤᠷᠢᠯᠠᠪᠠ᠃  
      ᠶᠡᠬᠡ ᠵᠣᠣ ᠶ᠋ᠢᠨ ᠳᠠᠪᠬᠤᠷ ᠬᠠᠰᠢᠶᠠᠨ ᠤ᠋ ᠭᠣᠩᠬᠣᠨ ᠳᠣᠲᠣᠷ᠎ᠠ ᠳᠥᠷᠪᠡᠨ ᠶᠡᠬᠡ  ᠮᠠᠬᠠᠷᠠᠨᠽᠠ ᠶ᠋ᠢᠨ ᠳᠦᠷᠰᠦ ᠬᠣᠣᠰ ᠢ᠋ᠶ᠋ᠠᠷ  ᠪᠠᠢᠬᠤ ᠶ᠋ᠢ  ᠪᠣᠱᠣᠭ᠎ᠠ ᠪᠠᠷ ᠠᠯᠬᠤᠩᠭᠤᠲᠠ ᠬᠠᠷᠠᠭᠠᠳ ᠰᠡᠩᠵᠢ  ᠭᠡᠰᠦᠯ ᠪᠤᠶᠠᠨᠵᠠᠯᠪᠠᠷᠢᠬᠤ ᠬᠡᠢᠳ ᠢ᠋ ᠳᠤᠷᠠᠰᠤᠨ ᠰᠠᠨᠠᠯ᠎ᠠ᠃ ᠪᠠᠷᠤᠭ ᠠᠳᠠᠯᠢᠬᠠᠨ ᠠᠵᠢ᠃ ᠪᠣᠭᠳᠠ ᠶ᠋ᠢᠨ ᠬᠠᠭᠠᠯᠭ᠎ᠠ ᠭᠡᠵᠦ ᠡᠢᠮᠦ ᠳᠥᠷᠪᠡᠨ ᠰᠠᠬᠢᠭᠤᠰᠤ ᠲᠠᠢ  ᠭᠣᠩᠬᠣᠨ ᠪᠤᠶᠠᠨᠵᠠᠯᠪᠠᠷᠢᠬᠤ ᠬᠡᠢᠳ ᠲᠦ᠍ ᠪᠠᠢᠳᠠᠭ ᠶᠤᠮ᠃ ᠰᠦᠮᠪᠦᠷ ᠠᠭᠤᠯᠠ ᠶ᠋ᠢᠨ ᠳᠥᠷᠪᠡᠨ ᠵᠦᠭ ᠦ᠋ᠨ ᠠᠮᠤᠭᠤᠯᠠᠩ ᠢ᠋ ᠰᠠᠬᠢᠭᠤᠯᠤᠭᠴᠢ ᠭᠡᠵᠦ ᠡᠨᠡ ᠳᠥᠷᠪᠡ ᠶ᠋ᠢ ᠦᠵᠡᠳᠡᠭ ᠪᠥᠭᠡᠳ ᠬᠥᠬᠡ ᠴᠢᠷᠠᠢᠲᠠᠢ᠂ ᠪᠠᠷᠠᠭᠤᠨ ᠮᠣᠳᠣᠷ ᠲᠤ᠌ ᠰᠡᠯᠡᠮ᠎ᠡ᠂  ᠵᠡᠭᠦᠨ ᠳ᠋ᠡᠭᠡᠨ ᠲᠤᠩ ᠪᠠᠷᠢᠭᠰᠠᠨ ᠰᠦᠷᠯᠢᠭ ᠪᠠᠭᠠᠲᠤᠷ ᠢ᠋ ᠸᠠᠷᠤᠳᠡᠾ  ᠮᠠᠬᠠᠷᠡᠨᠽᠡ᠂ ᠤᠯᠠᠭᠠᠨ ᠵᠢᠰᠦᠲᠡᠢ᠂ ᠮᠣᠳᠣᠷ ᠲᠤ᠌ ᠡᠷᠴᠢᠯᠡᠭᠰᠡᠨ ᠮᠣᠭᠠᠢ ᠪᠠᠷᠢᠭᠰᠠᠨ ᠢ᠋  ᠪᠢᠷᠤᠷᠠᠺᠢᠱ ᠮᠠᠬᠠᠷᠡᠽᠡ᠂ ᠰᠢᠷ᠎ᠠ ᠥᠩᠭᠡᠲᠡᠢ᠂ ᠪᠠᠷᠠᠭᠤᠨ ᠮᠣᠳᠣᠷ ᠲᠤ᠌ ᠵᠣᠭᠪᠠ ᠵᠡᠭᠦᠨ ᠳ᠋ᠡᠭᠡᠨ ᠬᠤᠯᠤᠭᠠᠨ᠎ᠠ ᠪᠠᠷᠢᠭᠰᠠᠨ ᠢ᠋  ᠳ᠋ᠷᠢᠲᠷᠢ  ᠷᠠᠰᠢᠲᠡᠷ᠎ᠡ  ᠮᠠᠬᠠᠷᠡᠽᠡ᠂ ᠬᠦᠷᠡᠩ ᠵᠢᠰᠦᠲᠡᠢ  ᠫᠢᠴᠠ ᠬᠥᠭᠵᠢᠮ  ᠳᠠᠷᠤᠵᠤ ᠪᠠᠢᠭ᠎ᠠ ᠶ᠋ᠢ ᠸᠠᠶᠢᠰᠷᠠᠸᠠᠨᠢ  ᠮᠠᠬᠠᠷᠡᠽᠡ ᠭᠡᠳᠡᠭ ᠢ᠋ ᠰᠡᠩᠵᠢ ᠠᠨᠳᠠᠬᠤ ᠦᠭᠡᠢ ᠮᠡᠳᠡᠵᠦ ᠪᠠᠢᠯ᠎ᠠ᠃ 
      ᠪᠣᠭᠳᠠ ᠶ᠋ᠢᠨ ᠬᠠᠭᠠᠯᠭ᠎ᠠ ᠶ᠋ᠢ  ᠥᠩᠭᠡᠷᠡᠵᠦ ᠴᠢᠮᠷ᠎ᠠ ᠭᠡᠳᠡᠭ ᠬᠠᠰᠢᠶᠠᠨ ᠳ᠋ᠤ᠌ ᠮᠥᠷᠭᠥᠯᠴᠢᠳ ᠣᠷᠣᠵᠠᠢ᠃ ᠲᠡᠨᠳᠡ ᠬᠤᠷᠤᠢ᠂ ᠮᠥᠷᠭᠥᠯ ᠪᠣᠯᠳᠠᠭ ᠠᠵᠢ᠃  ᠡᠰᠡᠷᠭᠦ ᠲᠠᠯ᠎ᠠ ᠶ᠋ᠢᠨ ᠬᠠᠨᠠᠨ ᠳ᠋ᠤ᠌ ᠶᠡᠬᠡ ᠰᠠᠬᠠᠯ ᠲᠠᠢ ᠪᠠᠭᠠᠲᠤᠷ ᠡᠷ᠎ᠡ᠂ ᠡᠬᠡᠨᠡᠷ ᠬᠡᠦᠬᠡᠳ ᠦ᠋ᠨ ᠬᠠᠮᠲᠤ ᠵᠣᠭᠰᠣᠵᠤ ᠪᠠᠢᠭ᠎ᠠ ᠵᠢᠷᠤᠭ ᠬᠠᠷᠠᠭᠳᠠᠪᠠ᠃ 
      -  ᠰᠥᠭᠥᠳᠦᠨ  ᠵᠠᠯᠪᠢᠷᠤᠭᠲᠤᠨ! ᠭᠡᠵᠦ ᠭᠡᠯᠦᠩ  ᠴᠤᠢᠮᠴᠤᠭ ᠰᠢᠪᠡᠭᠡᠨᠡᠭᠡᠳ ᠭᠠᠵᠠᠷ ᠰᠥᠭᠥᠳᠦᠨ ᠵᠠᠯᠪᠠᠷᠢᠪᠠ᠃ ᠪᠤᠰᠤᠳ ᠮᠥᠷᠭᠥᠯᠴᠢᠳ ᠮᠥᠨ ᠯᠡ ᠳᠠᠭᠤᠷᠢᠶᠠᠨ ᠦᠢᠯᠡᠳᠪᠡ᠃ 
      - ᠡᠨᠡ ᠳᠠᠯᠠᠢ ᠯᠠᠮᠠ ᠶ᠋ᠢᠨ ᠵᠢᠷᠤᠭ ᠪᠤᠰᠤ ᠤᠤ? ᠭᠡᠵᠦ ᠥᠯᠵᠡᠢ ᠠᠰᠠᠭᠤᠭᠰᠠᠨ ᠳ᠋ᠤ᠌ ᠭᠡᠯᠦᠩ ᠴᠣᠶᠢᠮᠴᠤᠭ᠂  
      - ᠡᠨᠡ ᠪᠣᠯ ᠮᠠᠨ ᠤ᠋ ᠮᠣᠩᠭᠣᠯ ᠤ᠋ᠨ ᠭᠦᠦᠰᠢ ᠬᠠᠭᠠᠨ ᠤ᠋ ᠳᠦᠷᠢ ᠪᠣᠯᠤᠨ᠎ᠠ᠃ ᠲᠥᠪᠡᠳ ᠲᠦ᠍ ᠶᠡᠬᠡ ᠪᠤᠶᠠᠨ ᠬᠢᠵᠦ ᠥᠭᠭᠦᠭᠰᠡᠨ ᠬᠠᠭᠠᠨ ᠶᠤᠮ ᠳ᠋ᠠᠭ ᠭᠡᠵᠦ ᠬᠡᠯᠡᠬᠦ ᠳ᠋ᠦ᠍ ᠪᠥᠬᠡᠮᠠᠩᠯᠠᠢ᠄  
      - ᠮᠣᠩᠭᠣᠯ ᠬᠠᠭᠠᠨ ᠲᠠᠢ ᠪᠠᠢᠭᠰᠠᠨ ᠶᠤᠮ  ᠭᠡᠵᠢ ᠦᠦ᠂ ᠲᠥᠪᠡᠳ? ᠭᠡᠵᠦ ᠮᠠᠰᠢ ᠭᠠᠢᠬᠠᠨ ᠠᠰᠠᠭᠤᠪᠠ᠃ ᠭᠡᠯᠦᠩ  ᠴᠤᠢᠮᠴᠤᠭ ᠳᠤᠤᠭᠠᠷᠤᠭᠰᠠᠨ ᠦᠭᠡᠢ᠃ ᠬᠠᠨᠠᠨ ᠳᠡᠭᠡᠷᠡᠬᠢ ᠶᠡᠬᠡ ᠰᠠᠬᠠᠯᠲᠤ ᠪᠠᠭᠠᠲᠤᠷ᠂ ᠲᠡᠭᠦᠨ ᠲᠡᠢ ᠶᠠᠷᠢᠯᠴᠠᠵᠤ ᠪᠠᠢᠭ᠎ᠠ ᠪᠡᠴᠢᠨ - ᠷᠢᠨᠪᠦᠴᠢ ᠶ᠋ᠢᠨ ᠢ᠋  ᠵᠢᠷᠤᠭ ᠥᠭᠡᠳᠡ ᠪᠢᠰᠢᠷᠡᠭᠰᠡᠨ ᠨᠢᠳᠦ ᠪᠡᠷ ᠰᠢᠷᠳᠡᠵᠦ ᠠᠮᠠᠨ ᠳ᠋ᠠᠭᠠᠨ ᠶᠠᠭᠤᠮ᠎ᠠ ᠤᠩᠰᠢᠵᠤ ᠳ᠋ᠤᠷ ᠰᠠᠭᠤᠭᠰᠠᠨ ᠢ᠋ᠶ᠋ᠠᠨ ᠭᠡᠯᠦᠩ ᠴᠤᠢᠮᠴᠤᠭ᠄
      -  ᠮᠣᠩᠭᠣᠯ ᠬᠠᠭᠠᠨ ᠢ᠋ ᠭᠤᠷᠪᠠᠨ ᠤᠳᠠᠭ᠎ᠠ ᠵᠠᠯᠠᠵᠤ ᠰᠢᠷᠡᠭᠡᠨ ᠳ᠋ᠡᠭᠡᠨ ᠡᠷᠭᠦᠮᠵᠢᠯᠡᠭᠰᠡᠨ ᠠᠢᠯ ᠳᠠ! ᠭᠡᠵᠦ ᠬᠡᠯᠡᠭᠡᠳ ᠪᠣᠰᠴᠤ ᠬᠠᠨᠠᠨ ᠳᠡᠭᠡᠷᠡᠬᠢ ᠵᠢᠷᠤᠭ ᠥᠭᠡᠳᠡ ᠠᠯᠬᠤᠯᠠᠪᠠ᠃ 
      ᠦᠨᠡᠬᠡᠷ ᠴᠢᠮᠡᠷ᠎ᠡ ᠣᠷᠳᠣᠨ ᠤ᠋ ᠡᠨᠡᠬᠡᠨ ᠬᠠᠨᠠᠨ ᠳᠡᠭᠡᠷ᠎ᠡ ᠮᠣᠩᠭᠣᠯ ᠤ᠋ᠨ ᠭᠦᠦᠰᠢ ᠬᠠᠭᠠᠨ ᠤ᠋ ᠬᠥᠷᠥᠭ  ᠵᠢᠷᠤᠭᠠᠰᠤᠲᠠᠢ ᠪᠠᠢᠵᠠᠢ᠃ ᠭᠤᠷᠪᠠᠨ ᠵᠠᠭᠤ ᠭᠠᠷᠤᠢ ᠵᠢᠯ ᠦ᠋ᠨ ᠲᠡᠷᠲᠡᠭᠡ ᠪᠣᠯᠤᠭᠰᠠᠨ ᠶᠠᠪᠤᠳᠠᠯ᠃ ᠲᠠᠪᠤᠳᠤᠭᠠᠷ ᠳᠠᠯᠠᠢ ᠯᠠᠮᠠ ᠠᠩᠸᠠᠩᠯᠤᠪᠰᠠᠩᠵᠠᠮᠰᠤ ᠬᠤᠱᠤᠤᠲᠤ ᠶ᠋ᠢᠨ ᠭᠦᠦᠰᠢ ᠬᠠᠭᠠᠨ ᠳ᠋ᠤ᠌ ᠡᠯᠴᠢ ᠵᠠᠷᠤᠨ ᠢᠯᠡᠭᠡᠵᠦ ᠲᠥᠪᠡᠳ ᠣᠷᠣᠨ ᠳ᠋ᠤ᠌ ᠴᠡᠷᠢᠭ ᠵᠡᠪᠰᠡᠭ ᠠᠭᠰᠠᠵᠤ ᠬᠦᠷᠦᠯᠴᠡᠨ ᠣᠴᠢᠬᠤ ᠶ᠋ᠢ ᠵᠠᠯᠠᠵᠤ ᠭᠣᠶᠣᠴᠠᠢ᠃ ᠭᠡᠪᠡᠴᠦ ᠭᠦᠦᠰᠢ ᠬᠠᠭᠠᠨ ᠴᠡᠷᠢᠭ᠂ ᠵᠡᠪᠰᠡᠭ ᠠᠭᠰᠠᠵᠤ ᠲᠥᠪᠡᠳ ᠲᠦ᠍ ᠣᠴᠢᠭᠰᠠᠨ ᠦᠭᠡᠢ᠃ ᠬᠠᠷᠢᠨ ᠶᠡᠷᠦ ᠶ᠋ᠢᠨ ᠮᠥᠷᠭᠥᠯᠴᠢᠨ ᠪᠣᠯᠵᠤ ᠶᠠᠪᠤᠵᠠᠢ᠃  ᠲᠡᠢᠨ ᠬᠦ᠌ ᠳᠠᠯᠠᠢ ᠯᠠᠮᠠ ᠲᠠᠢ ᠠᠭᠤᠯᠵᠠᠵᠤ ᠰᠡᠮᠬᠡᠨ ᠬᠡᠯᠡᠯᠴᠡᠨ ᠲᠣᠬᠢᠷᠠᠵᠠᠢ᠃ ᠭᠤᠷᠪᠠᠨ ᠵᠢᠯ ᠦ᠋ᠨ ᠳᠠᠷᠠᠭ᠎ᠠ ᠭᠦᠦᠰᠢ ᠬᠠᠭᠠᠨ ᠶᠡᠬᠡ ᠴᠡᠷᠢᠭ ᠢ᠋ᠶ᠋ᠡᠨ ᠲᠣᠯᠣᠭᠠᠶᠢᠯᠠᠨ ᠢᠷᠡᠵᠦ᠂  ᠰᠢᠾᠡᠡ ᠬᠣᠲᠠ ᠶ᠋ᠢ ᠳᠣᠯᠣᠭᠠᠨ ᠰᠠᠷ᠎ᠠ ᠶ᠋ᠢᠨ ᠲᠣᠷᠰᠢ ᠪᠦᠰᠡᠯᠡᠨ ᠪᠠᠢᠯᠳᠤᠵᠤ ᠳᠠᠯᠠᠢ ᠯᠠᠮᠠ ᠶ᠋ᠢᠨ ᠡᠰᠡᠷᠭᠦ ᠲᠠᠯ᠎ᠠ ᠶ᠋ᠢᠨ ᠬᠢᠨ ᠢ᠋ ᠳᠡᠢᠯᠦᠭᠡᠳ  ᠽᠤᠩᠭᠡᠸ᠎ᠠ ᠶ᠋ᠢᠨ ᠱᠠᠰᠢᠨ ᠢ᠋ ᠮᠠᠨᠳᠤᠭᠤᠯᠵᠤ ᠱᠠᠰᠢᠨ ᠲᠥᠷᠥ ᠶ᠋ᠢᠨ ᠡᠷᠬᠡ ᠶ᠋ᠢ ᠳᠠᠯᠠᠢ ᠯᠠᠮᠠ ᠳ᠋ᠤ᠌ ᠰᠢᠯᠵᠢᠭᠦᠯᠵᠡᠢ᠃ ᠭᠡᠪᠡᠴᠦ ᠥᠪᠡᠷ ᠢ᠋ᠶ᠋ᠡᠨ ᠲᠥᠷᠥ ᠪᠠᠷᠢᠵᠤ ᠰᠠᠭᠤᠵᠠᠢ᠃ ᠲᠡᠭᠡᠭᠡᠳ  ᠬᠦᠦ  ᠳᠠᠶᠠᠩ ᠳ᠋ᠠᠭᠠᠨ ᠸᠴᠢᠷᠲᠦ ᠬᠠᠭᠠᠨ ᠴᠣᠯᠠ ᠥᠭᠴᠦ ᠲᠥᠪᠡᠳ ᠦ᠋ᠨ ᠲᠥᠷᠥ ᠶ᠋ᠢᠨ ᠡᠷᠬᠡ ᠶ᠋ᠢ ᠰᠢᠯᠵᠢᠭᠦᠯᠵᠦ ᠲᠡᠷᠡ ᠨᠢ ᠬᠣᠷᠢ ᠭᠠᠷᠤᠢ ᠵᠢᠯ ᠲᠥᠪᠡᠳ ᠢ᠋ ᠵᠠᠬᠢᠷᠤᠭᠠᠳ ᠨᠠᠰᠤ ᠶᠡᠭᠦᠯᠡᠵᠦ᠂  ᠬᠦᠦ ᠫᠤᠩᠰᠤᠭ ᠨᠢ ᠳᠠᠯᠠᠢ ᠬᠠᠭᠠᠨ ᠴᠣᠯᠠ ᠬᠦᠷᠲᠡᠭᠡᠳ ᠮᠥᠨ ᠬᠣᠷᠢ ᠭᠠᠷᠤᠢ ᠵᠢᠯ ᠥᠩᠭᠡᠷᠡᠮᠡᠭᠴᠡ ᠲᠡᠭᠦᠨ ᠦ᠌  ᠬᠦᠦ  ᡀᠠᠰᠠᠩ ᠬᠡᠷᠬᠡᠮ ᠢ᠋ ᠨᠢ ᠵᠠᠯᠭᠠᠮᠵᠢᠯᠠᠵᠤ ᠮᠣᠩᠭᠣᠯ ᠤ᠋ᠨ ᠰᠡᠭᠦᠯᠴᠢ ᠶ᠋ᠢᠨ ᠬᠠᠭᠠᠨ ᠪᠣᠯᠤᠨ ᠣᠳᠬᠣᠯᠠᠵᠤ᠂ ᠵᠡᠭᠦᠨᠭᠠᠷ ᠤ᠋ᠨ ᠴᠡᠷᠢᠭ ᠲᠦ᠍ ᠳᠡᠢᠯᠦᠭᠳᠡᠨ ᠪᠤᠳᠠᠯᠠᠩ ᠤ᠋ᠨ ᠣᠷᠳᠣᠨ ᠳ᠋ᠤ᠌ ᠠᠮᠢ ᠠᠯᠳᠠᠵᠠᠢ᠃ 
      ᠲᠡᠦᠬᠡ ᠶ᠋ᠢᠨ ᠳᠤᠷᠠᠨ ᠢ᠋ᠶ᠋ᠠᠷ ᠴᠠᠰᠢ ᠰᠤᠩᠭᠠᠨ ᠬᠠᠷᠠᠪᠠᠯ ᠭᠦᠦᠰᠢ ᠬᠠᠭᠠᠨ ᠠ᠋ᠴᠠ ᠡᠮᠦᠨ᠎ᠡ ᠳᠥᠷᠪᠡᠨ ᠵᠠᠭᠤᠨ ᠵᠢᠯ ᠦ᠋ᠨ ᠲᠡᠷᠲᠡᠭᠡ ᠴᠢᠩᠭᠢᠰ ᠦ᠋ᠨ ᠵᠠᠩᠵᠤᠨ ᠮᠤᠬᠤᠷ ᠭᠡᠭᠴᠢ ᠬᠠᠲᠤᠨ ᠭᠣᠣᠯ ᠪᠤᠶᠤ ᠰᠢᠷ᠎ᠠ ᠮᠥᠷᠡᠨ ᠢ᠋ ᠭᠠᠲᠤᠯᠤᠨ ᠭᠠᠷᠴᠤ ᠲᠠᠩᠭᠤᠳ ᠢ᠋ ᠪᠠᠢᠯᠳᠤᠨ ᠳᠠᠭᠠᠭᠤᠯᠵᠤ ᠬᠣᠢᠨ᠎ᠠ ᠠ᠋ᠴᠠ ᠨᠢ ᠴᠢᠩᠭᠢᠰ ᠬᠠᠭᠠᠨ ᠥᠪᠡᠷ ᠢ᠋ᠶ᠋ᠡᠨ ᠴᠡᠷᠢᠭ ᠬᠥᠳᠡᠯᠭᠡᠨ ᠢᠷᠡᠵᠦ ᠲᠠᠩᠭᠤᠳ ᠤ᠋ᠨ ᠤᠯᠤᠰ ᠢ᠋ ᠦᠨᠳᠦᠰᠦ ᠪᠡᠷ ᠨᠢ ᠮᠥᠬᠥᠭᠡᠵᠡᠢ᠃ 
      ᠲᠡᠦᠬᠡ ᠶ᠋ᠢᠨ ᠳᠤᠷᠠᠨ ᠢ᠋ᠶ᠋ᠠᠷ ᠳᠠᠬᠢᠨ ᠴᠢᠨᠠᠭᠰᠢ ᠰᠤᠩᠭᠠᠨ ᠬᠠᠷᠠᠪᠠᠯ ᠮᠠᠨ ᠤ᠋ ᠲᠣᠭᠠᠯᠠᠯ ᠤ᠋ᠨ ᠡᠮᠦᠨᠡᠬᠢ ᠭᠤᠷᠪᠠᠨ ᠵᠠᠭᠤᠨ ᠠᠷᠪᠠᠨ ᠬᠣᠶᠠᠳᠤᠭᠠᠷ ᠣᠨ ᠳ᠋ᠤ᠌ ᠮᠣᠩᠭᠣᠯ ᠲᠣᠭᠣᠨ ᠵᠠᠩᠵᠤᠨ ᠬᠥᠬᠡᠨᠠᠭᠤᠷ ᠤ᠋ᠨ ᠠᠭᠤᠳᠠᠮ ᠨᠤᠲᠤᠭ ᠢ᠋ ᠡᠵᠡᠯᠡᠭᠰᠡᠨ ᠬᠠᠭᠠᠨᠴᠢᠯᠠᠯ ᠲᠣᠭᠲᠠᠭᠠᠭᠰᠠᠨ ᠨᠢ ᠭᠤᠷᠪᠠᠨ ᠵᠠᠭᠤᠨ ᠲᠠᠪᠢᠨ ᠨᠢᠭᠡᠨ ᠵᠢᠯ ᠦ᠋ᠨ ᠨᠢᠭᠤᠷ ᠦᠵᠡᠭᠰᠡᠨ ᠪᠢᠯᠡ᠃ ᠲᠣᠭᠣᠨ ᠬᠠᠭᠠᠨ ᠢ᠋ ᠳᠡᠭᠦᠦ ᠵᠤᠵᠤᠤᠭᠦᠢ ᠨᠢ ᠬᠠᠪᠴᠢᠨ ᠵᠠᠢᠯᠠᠭᠤᠯᠵᠤ᠂ ᠰᠡᠭᠦᠯ ᠳ᠋ᠦ᠍ᠨᠢ ᠲᠡᠭᠦᠨ ᠳ᠋ᠡᠭᠡᠨ ᠭᠡᠮᠰᠢᠨ ᠭᠤᠨᠢᠵᠤ 《ᠠᠬ᠎ᠠ ᠳᠡᠭᠦᠦᠰ ᠠ᠋》 ᠭᠡᠳᠡᠭ ᠳᠠᠭᠤᠤ ᠵᠣᠬᠢᠶᠠᠭᠰᠠᠨ ᠠᠵᠢ᠃ 
      ᠡᠨᠡ ᠪᠦᠬᠦᠨ ᠢ᠋ ᠴᠤᠢᠮᠴᠤᠭ ᠭᠡᠯᠦᠩ ᠨᠣᠮ ᠰᠤᠳᠤᠷ ᠠ᠋ᠴᠠ ᠤᠩᠰᠢᠵᠤ ᠮᠡᠳᠡᠭᠰᠡᠨ ᠪᠠᠢᠯ᠎ᠠ᠃ ᠭᠡᠪᠡᠴᠦ ᠮᠥᠷᠭᠥᠯᠴᠢᠳ ᠲᠦ᠍ ᠡᠭᠦᠨ ᠢ᠋ ᠶᠠᠷᠢᠬᠤ ᠵᠠᠪ ᠪᠠᠢᠭᠰᠠᠨ ᠦᠭᠡᠢ᠃ 
      ᠪᠥᠬᠡᠮᠠᠩᠯᠠᠢ ᠰᠣᠨᠢᠷᠬᠠᠭᠠᠳ ᠪᠠᠢᠪᠠᠯ ᠣᠷᠣᠢ ᠬᠠᠷᠢᠭᠠᠳ  ᠪᠠᠨᠠᠭ ᠲᠠᠭᠠᠨ ᠴᠢᠮ᠎ᠠ ᠳ᠋ᠤ᠌ ᠶᠠᠷᠢᠵᠤ ᠥᠭᠬᠦᠶ᠎ᠡ! ᠭᠡᠵᠦ ᠴᠤᠢᠮᠴᠤᠭ ᠭᠡᠯᠦᠩ ᠠᠮᠠᠯᠠᠪᠠ᠃ ᠲᠡᠭᠡᠭᠰᠡᠨ ᠢ᠋ᠶ᠋ᠡᠨ ᠭᠡᠰᠦᠯ ᠰᠡᠩᠵᠢ ᠳ᠋ᠦ᠍ ᠬᠠᠨᠳᠤᠵᠤ ᠭᠡᠯᠦᠩ ᠪᠠᠭᠰᠢ ᠨᠢ᠄ 
      - ᠭᠦᠦᠰᠢ ᠬᠠᠭᠠᠨ ᠤ᠋ ᠵᠢᠷᠤᠭ ᠡᠨᠳᠡ ᠠᠩᠬ᠎ᠠ ᠭᠠᠭᠴᠠᠭᠠᠷ ᠢ᠋ᠶ᠋ᠠᠨ ᠪᠠᠢᠭᠰᠠᠨ ᠶᠤᠮ᠃ ᠲᠡᠭᠡᠲᠡᠯ᠎ᠡ ᠨᠢᠭᠡ ᠤᠳᠠᠭ᠎ᠠ ᠵᠢᠷᠤᠭ ᠠᠮᠢ ᠣᠷᠣᠵᠤ 《ᠭᠠᠭᠴᠠᠭᠠᠷ ᠢ᠋ᠶ᠋ᠠᠨ ᠤᠢᠳᠬᠠᠷᠯᠠᠵᠤ ᠪᠠᠢᠨ᠎ᠠ᠃ ᠦᠭᠡ ᠰᠣᠯᠢᠯᠴᠠᠬᠤ ᠬᠠᠨᠢ ᠥᠭᠭᠦᠭᠡᠴᠢ》 ᠭᠡᠵᠦ ᠳᠤᠤᠭᠠᠷᠤᠭᠰᠠᠨ ᠶᠤᠮ ᠭᠡᠳᠡᠭ᠃ ᠲᠡᠭᠡᠬᠦ ᠪᠡᠷ ᠨᠢ ᠪᠠᠨᠴᠢᠨ ᠤ᠋ ᠬᠥᠷᠥᠭ ᠨᠡᠮᠡᠵᠦ  ᠵᠢᠷᠤᠵᠠᠢ᠃ ᠲᠡᠭᠡᠲᠡᠯ᠎ᠡ ᠨᠡᠯᠢᠶᠡᠳ ᠪᠠᠢᠵᠤ ᠪᠠᠢᠭᠠᠳ ᠭᠦᠦᠰᠢ ᠬᠠᠭᠠᠨ ᠤ᠋ ᠬᠥᠷᠥᠭ ᠪᠠᠰᠠ ᠳᠤᠤᠭᠠᠷᠴᠤ ᠳᠠ᠃ 《ᠳᠠᠯᠠᠢ ᠯᠠᠮᠠ ᠶ᠋ᠢ ᠵᠠᠯᠠᠷᠠᠬᠤ ᠪᠣᠯᠭᠠᠨ ᠳ᠋ᠤ᠌ ᠪᠠᠢᠨ ᠪᠠᠢᠨ ᠪᠣᠰᠬᠤ ᠶᠤᠮ ᠳᠠ》 ᠭᠡᠵᠦ ᠲᠡᠷᠡ ᠬᠡᠯᠡᠭᠰᠡᠨ ᠭᠡᠳᠡᠭ᠃ ᠲᠡᠭᠦᠨ ᠡᠴᠡ ᠬᠣᠢᠰᠢ ᠳᠠᠯᠠᠢ ᠯᠠᠮᠠ ᠭᠣᠣᠯ ᠬᠠᠭᠠᠯᠭ᠎ᠠ ᠪᠠᠷ ᠪᠢᠰᠢ ᠬᠠᠷᠢᠨ ᠪᠠᠷᠠᠭᠤᠨ ᠬᠠᠴᠠᠷ ᠤ᠋ᠨ ᠬᠣᠶᠠᠷ ᠲᠠᠬᠢ ᠬᠠᠭᠠᠯᠭ᠎ᠠ ᠪᠠᠷ ᠣᠷᠣᠵᠤ ᠴᠢᠮᠷ᠎ᠠ ᠣᠷᠳᠣᠨ ᠢ᠋ ᠰᠢᠩᠷ᠎ᠡ ᠣᠷᠳᠣᠨ ᠲᠠᠢ ᠬᠣᠯᠪᠣᠭᠰᠠᠨ ᠬᠣᠩᠭᠢᠯ ᠢ᠋ᠶ᠋ᠠᠷ ᠶᠠᠪᠤᠳᠠᠭ ᠪᠣᠯᠤᠭᠰᠠᠨ ᠶᠤᠮ ᠭᠡᠨ᠎ᠡ ᠯᠠᠢ᠃ 
      ᠡᠨᠡ ᠦᠭᠡ ᠶ᠋ᠢ ᠮᠥᠷᠭᠥᠯᠴᠢᠳ ᠰᠣᠨᠣᠰᠤᠭᠠᠳ ᠭᠦᠦᠰᠢ ᠬᠠᠭᠠᠨ ᠤ᠋ ᠬᠥᠷᠥᠭ ᠦ᠋ᠨ ᠡᠮᠦᠨ᠎ᠡ ᠴᠣᠬᠣ ᠵᠣᠭᠣᠰ᠂ ᠬᠠᠳᠠᠭ ᠲᠡᠷᠢᠭᠦᠲᠡᠨ ᠡᠷᠭᠦᠪᠡ᠃ ᠲᠡᠨᠳᠡ ᠡᠴᠡ ᠪᠡᠨ ᠮᠥᠷᠭᠥᠯᠴᠢᠳ ᠶᠡᠬᠡ ᠵᠣᠣ ᠳ᠋ᠤ᠌ ᠰᠢᠯᠵᠢᠨ ᠣᠷᠣᠵᠠᠢ᠃ ᠶᠡᠬᠡ ᠵᠣᠣ ᠪᠣᠯ ᠬᠠᠮᠢᠭᠠᠰᠢ ᠬᠠᠮᠢᠭᠠᠰᠢ ᠪᠠᠨ ᠬᠣᠷᠢᠨ ᠠᠯᠲᠠ ᠶ᠋ᠢᠨ ᠳᠥᠷᠪᠡᠯᠵᠢᠨ ᠰᠦᠮ᠎ᠡ ᠶᠦᠮ᠃ ᠲᠡᠨᠳᠡ ᠢᠷᠡᠬᠦ ᠭᠠᠯᠪᠠ ᠶ᠋ᠢᠨ ᠪᠤᠷᠬᠠᠨ ᠮᠠᠢᠳᠠᠷ᠂ ᠶᠡᠬᠡ ᠨᠢᠭᠦᠯᠡᠰᠬᠦᠢ ᠪᠤᠷᠬᠠᠨ ᠠᠷᠢᠶᠠᠪᠠᠯᠤ᠂ ᠪᠦᠬᠦᠨ ᠢ᠋ ᠦᠵᠡᠭᠴᠢ ᠪᠤᠷᠬᠠᠨ ᠵᠠᠩᠷᠠᠢᠰᠠᠭ᠂  ᠽᠤᠩᠭᠡᠸ᠎ᠠ ᠶ᠋ᠢᠨ ᠳᠦᠷᠢ ᠪᠣᠯᠤᠨ ᠱᠠᠰᠢᠨ ᠤ᠋ ᠠᠮᠤᠷᠯᠢᠩᠭᠤᠢ ᠲᠣᠭᠰᠢᠨ ᠳᠦᠷᠢᠲᠦ ᠪᠤᠷᠬᠠᠳ ᠤ᠋ᠨ ᠬᠥᠷᠥᠭ ᠲᠤᠰ ᠲᠤᠰ ᠤ᠋ᠨ ᠳᠦᠷᠢᠮ ᠵᠠᠢᠭ ᠢ᠋ᠶ᠋ᠠᠷ ᠪᠠᠢᠷᠢᠯᠠᠭᠳᠠᠵᠠᠢ᠃ ᠲᠡᠷᠡ ᠪᠦᠬᠦᠨ ᠦ᠌ ᠳᠣᠲᠣᠷ᠎ᠠ ᠠ᠋ᠴᠠ ᠣᠨᠴᠠ ᠡᠷᠬᠢᠮᠯᠡᠬᠦ ᠨᠢ ᠪᠤᠷᠬᠠᠨ ᠱᠠᠭᠢᠮᠤᠨᠢ ᠶ᠋ᠢᠨ ᠬᠥᠷᠥᠭ ᠶᠦᠮ᠃ ᠮᠥᠷᠭᠥᠯᠴᠢᠳ ᠲᠡᠨᠳᠡ ᠣᠷᠣᠵᠤ ᠮᠥᠷᠭᠥᠬᠦ ᠶ᠋ᠢ ᠶᠡᠬᠡᠳᠡ ᠬᠦᠰᠡᠨ᠎ᠡ᠃ ᠡᠢᠮᠦ ᠳ᠋ᠦ᠍ ᠴᠤᠢᠮᠴᠤᠭ ᠭᠡᠯᠦᠩ ᠥᠪᠡᠷ ᠦ᠋ᠨ ᠪᠠᠭ ᠢ᠋ ᠳᠠᠭᠠᠭᠤᠯᠤᠨ ᠶᠠᠭᠤᠨ ᠤ᠋ ᠤᠷᠢᠳ ᠱᠠᠭᠢᠮᠤᠨᠢ ᠪᠤᠷᠬᠠᠨ ᠳ᠋ᠤ᠌ ᠮᠥᠷᠭᠥᠭᠦᠯᠬᠦ ᠶ᠋ᠢ ᠵᠣᠷᠢᠵᠠᠢ᠃ 
      - ᠲᠡᠷᠡ ᠵᠢᠵᠢᠭᠬᠡᠨ ᠬᠣᠩᠬᠣ ᠶ᠋ᠢ ᠳᠡᠷᠭᠡᠳᠡᠭᠦᠷ ᠨᠢ ᠣᠴᠢᠬᠤ ᠳ᠋ᠠᠭᠠᠨ ᠳᠤᠤᠤᠭᠠᠷᠭᠠᠳᠠᠭ ᠶᠤᠮ᠃ ᠬᠥᠮᠦᠨ ᠢᠷᠡᠵᠦ ᠶᠠᠪᠤᠭ᠎ᠠ ᠶ᠋ᠢ ᠮᠡᠳᠡᠭᠳᠡᠬᠦ᠂ ᠪᠠᠰᠠ ᠪᠤᠷᠬᠠᠨ ᠪᠠᠭᠰᠢ ᠶ᠋ᠢ ᠬᠥᠭᠵᠢᠮ ᠦ᠋ᠨ ᠡᠬᠡᠰᠢᠭ ᠢ᠋ᠶ᠋ᠡᠷ ᠪᠠᠶᠠᠰᠤᠭᠤᠯᠬᠤ ᠪᠤᠶᠠᠨ ᠤ᠋ ᠲᠡᠮᠳᠡᠭ ᠭᠡᠵᠦ ᠭᠡᠯᠦᠩ ᠴᠤᠢᠮᠴᠤᠭ ᠰᠤᠷᠭᠠᠨ ᠬᠡᠯᠡᠪᠡ᠃  
      ᠵᠢᠵᠢᠭ ᠲᠠᠯᠠᠪᠠᠢ ᠳᠡᠭᠡᠷ᠎ᠡ ᠬᠣᠶᠠᠷ ᠭᠠᠤᠯᠢᠨ ᠬᠣᠩᠬᠣ ᠳᠡᠭᠦᠵᠢᠯᠡᠭᠦᠷ ᠲᠦ᠍ ᠵᠡᠭᠦᠭᠰᠡᠨ ᠪᠠᠢᠯ᠎ᠠ᠃ ᠬᠣᠩᠬᠣᠨ ᠤ᠋ ᠬᠡᠯᠡ ᠨᠢ ᠮᠣᠳᠣ ᠠᠵᠢ᠃  ᠭᠡᠰᠦᠯ ᠰᠡᠩᠵᠢ ᠡᠬᠢᠯᠡᠭᠡᠳ ᠲᠡᠷᠡ ᠬᠣᠩᠬᠣᠨ ᠤ᠋ ᠬᠡᠯᠡ ᠶ᠋ᠢ ᠬᠥᠳᠡᠯᠭᠡᠪᠡ᠃ ᠮᠣᠳᠣ ᠤᠴᠢᠷ ᠠ᠋ᠴᠠ ᠪᠢᠲᠡᠭᠦᠪᠲᠦᠷ ᠵᠥᠭᠡᠯᠡᠬᠡᠨ ᠴᠢᠮᠡᠭᠡ ᠭᠠᠷᠴᠤ ᠠᠭᠠᠵᠢᠮ ᠢ᠋ᠶ᠋ᠠᠷ ᠵᠠᠮᠬᠠᠷᠠᠯ᠎ᠠ᠃ ᠮᠥᠷᠭᠥᠯᠴᠢᠳ ᠠᠮᠢᠰᠬᠤᠭ᠎ᠠ  ᠳᠠᠷᠤᠨ ᠠᠶᠠᠷᠬᠠᠨ ᠠᠯᠬᠤᠯᠠᠭᠰᠠᠭᠠᠷ   ᠪᠤᠳ᠋ᠳ᠋ᠾᠠ ᠱᠠᠭᠢᠮᠤᠨᠢ ᠶ᠋ᠢᠨ ᠰᠢᠲᠦᠭᠡᠨ ᠦ᠌ ᠭᠠᠵᠠᠷ ᠣᠴᠢᠵᠠᠭᠠᠯ᠎ᠠ᠃ ᠭᠤᠷᠪᠠᠨ ᠲᠠᠯ᠎ᠠ ᠠ᠋ᠴᠠ ᠪᠠᠨ ᠣᠩᠭᠣᠷᠬᠠᠢ ᠭᠣᠶᠣᠮᠰᠣᠭ ᠰᠡᠭᠦᠭᠡᠪᠴᠢᠨ ᠯᠠᠪᠷᠢ ᠳᠣᠲᠣᠷ᠎ᠠ ᠰᠠᠭᠤᠭ᠎ᠠ ᠪᠠᠷ ᠨᠢ ᠱᠤᠭᠤᠵᠤ ᠬᠢᠭᠰᠡᠨ  ᠪᠤᠳ᠋ᠳ᠋ᠾᠠ ᠪᠤᠷᠬᠠᠨ ᠤ᠋ ᠠᠯᠲᠠ ᠲᠦᠷᠬᠢᠮᠡᠯ ᠳᠦᠷᠢ ᠶ᠋ᠢ ᠮᠥᠷᠭᠥᠯᠴᠢᠳ ᠬᠠᠷᠠᠮᠠᠭᠴᠠ ᠴᠥᠮ ᠯᠡ ᠨᠠᠮᠠᠨᠴᠢᠯᠠᠨ ᠵᠠᠯᠪᠠᠷᠠᠵᠠᠭᠠᠪᠠ᠃ ᠯᠠᠪᠷᠢ ᠨᠢ ᠯᠤᠤ ᠣᠷᠢᠶᠠᠵᠤ ᠭᠣᠶᠣᠮᠰᠣᠭ ᠢ᠋ᠶ᠋ᠠᠷ ᠰᠡᠢᠯᠦᠭᠰᠡᠨ  ᠪᠠᠭᠠᠨ᠎ᠠ ᠶ᠋ᠢᠨ ᠳᠡᠭᠡᠷ᠎ᠡ ᠲᠣᠭᠲᠠᠭᠠᠭᠰᠠᠨ᠂ ᠠᠯᠲᠠᠨ ᠲᠤᠭ ᠪᠦᠬᠦᠢ ᠦᠵᠡᠰᠬᠦᠯᠡᠩᠲᠡᠢ ᠪᠠᠢᠳᠠᠯ ᠲᠠᠢ ᠪᠥᠭᠡᠳ ᠬᠣᠶᠠᠷ ᠡᠩᠨᠡᠭᠡ ᠲᠠᠯᠪᠢᠭᠤᠷ ᠳᠡᠭᠡᠷ᠎ᠡ ᠠᠯᠲᠠᠳᠠᠭᠰᠠᠨ  ᠰᠸ᠋ᠷᠭᠤᠨ ᠪᠤᠶᠤ ᠠᠯᠲᠠ᠂ ᠲᠠᠬᠢᠯ ᠤ᠋ᠨ ᠴᠥᠭᠥᠴᠡ ᠦᠷᠦᠭᠡᠰᠦᠲᠡᠢ ᠠᠵᠢ᠃ ᠮᠥᠷᠭᠥᠯᠴᠢᠳ  ᠪᠤᠳ᠋ᠳ᠋ᠾᠠ ᠪᠤᠷᠬᠠᠨ ᠤ᠋ ᠰᠢᠲᠦᠭᠡᠨ ᠢ᠋ ᠨᠠᠷᠠ ᠵᠥᠪ ᠡᠷᠭᠢᠨ  ᠭᠣᠷᠢᠶ᠎ᠠ ᠬᠢᠵᠦ ᠡᠷᠭᠦᠯ ᠪᠠᠷᠢᠴᠠ ᠪᠠᠨ ᠣᠷᠬᠢᠭᠠᠳ ᠶᠡᠬᠡᠳᠡ ᠰᠦᠰᠦᠭᠯᠡᠨ ᠪᠤᠷᠬᠠᠨ ᠤ᠋ ᠵᠦᠭ ᠪᠥᠭᠰᠡ ᠪᠡᠨ ᠬᠠᠷᠠᠭᠤᠯᠬᠤ ᠦᠭᠡᠢ ᠶ᠋ᠢ ᠬᠢᠴᠢᠶᠡᠵᠦ  ᠠᠷᠤᠭᠰᠢ ᠪᠠᠨ ᠤᠬᠤᠷᠢᠨ  ᠭᠠᠷᠴᠠᠭᠠᠯ᠎ᠠ᠃ 
      - ᠬᠠᠮᠤᠭ ᠨᠢᠭᠦᠯ ᠮᠢᠨᠢ ᠠᠷᠢᠭᠤᠳᠤᠭᠰᠠᠨ  ᠪᠠᠢᠬ᠎ᠠ ᠠ᠋! ᠭᠡᠵᠦ ᠰᠢᠲᠦᠭᠡᠨ ᠦ᠌ ᠥᠷᠥᠭᠡᠨ ᠡᠴᠡ ᠭᠠᠷᠬᠤ ᠳ᠋ᠠᠭᠠᠨ ᠥᠯᠵᠡᠢ ᠶ᠋ᠢ ᠬᠡᠯᠡᠬᠦ ᠳ᠋ᠦ᠍ ᠴᠤᠢᠮᠴᠤᠭ ᠭᠡᠯᠦᠩ ᠳᠤᠷ᠎ᠠ ᠦᠭᠡᠢᠴᠡᠵᠦ᠄ 
      -  ᠨᠢᠭᠦᠯ ᠨᠢ ᠠᠷᠢᠭᠤᠳᠬᠤ ᠬᠥᠮᠦᠨ ᠭᠡᠵᠦ ᠪᠠᠷᠤᠭ ᠦᠭᠡᠢ ᠪᠢᠵᠡ ᠳᠡ! ᠭᠡᠵᠦ ᠬᠡᠯᠡᠪᠡ᠃ 
      - ᠶᠡᠬᠡ ᠵᠣᠣ ᠶ᠋ᠢᠨ ᠥᠷᠯᠥᠭᠡᠨ ᠦ᠌ ᠮᠥᠷᠭᠥᠯ ᠥᠨᠳᠥᠷᠯᠡᠬᠦ ᠴᠠᠭ ᠪᠣᠯᠵᠤ ᠪᠠᠢᠨ᠎ᠠ᠃ ᠲᠦᠷᠡᠭᠡᠯᠵᠡᠭᠡ! ᠭᠡᠵᠦ ᠮᠥᠷᠭᠥᠯᠴᠢᠳ ᠢ᠋ ᠵᠣᠬᠢᠴᠠᠭᠤᠯᠤᠭᠴᠢ ᠴᠠᠬᠠᠷ ᠬᠥᠮᠦᠨ ᠬᠡᠯᠡᠪᠡ᠃ 
      ᠶᠡᠬᠡ ᠵᠣᠣ ᠥᠷᠯᠥᠭᠡ ᠡᠷᠲᠡ᠂ ᠦᠳᠡ ᠳᠤᠮᠳᠠ᠂ ᠦᠳᠡᠰᠢ ᠭᠤᠷᠪᠠᠨ ᠤᠳᠠᠭ᠎ᠠ ᠮᠥᠷᠭᠥᠯᠴᠢᠳ ᠲᠦ᠍ ᠵᠣᠷᠢᠭᠤᠯᠤᠨ ᠨᠡᠭᠡᠭᠡᠭᠳᠡᠳᠡᠭ ᠪᠠᠢᠯ᠎ᠠ᠃   ᠴᠤᠢᠮᠴᠤᠭ ᠭᠡᠯᠦᠩ ᠪᠠᠭ ᠤ᠋ᠨ ᠬᠢᠨ ᠢ᠋ᠶ᠋ᠡᠨ ᠳᠠᠭᠠᠭᠤᠯᠤᠨ ᠪᠠᠯᠳᠠᠨᠯᠾᠡᠮᠤ ᠪᠤᠷᠬᠠᠨ ᠤ᠋ ᠥᠷᠥᠭᠡ ᠪᠡᠷ ᠳᠠᠮᠵᠢᠨ ᠭᠠᠳᠠᠭᠰᠢ ᠭᠠᠷᠬᠤ ᠪᠠᠷ ᠶᠠᠭᠠᠷᠠᠪᠴᠢᠯᠠᠪᠠ᠃ 
      ᠪᠠᠯᠳᠠᠨᠯᠾᠡᠮᠤ ᠪᠤᠷᠬᠠᠨ ᠤ᠋ ᠥᠷᠥᠭᠡᠨ ᠳ᠋ᠦ᠍ ᠳᠥᠩᠭᠡᠵᠢ ᠣᠷᠣᠲᠠᠯ᠎ᠠ ᠤᠳᠬᠤᠨ ᠬᠡᠦᠬᠡᠨ ᠵᠣᠯ ᠲᠠᠢ ᠯᠠ ᠬᠠᠰᠬᠢᠷᠴᠢᠬᠠᠭᠰᠠᠨ ᠦᠭᠡᠢ᠃ ᠬᠠᠨᠴᠤᠢ ᠪᠠᠷ ᠠᠮᠠ ᠪᠠᠨ ᠲᠠᠭᠯᠠᠨ ᠠᠶᠤᠵᠤ ᠪᠢᠰᠢᠭᠦᠷᠬᠡᠭᠰᠡᠨ ᠢ᠋ᠶ᠋ᠡᠨ ᠨᠢᠭᠤᠵᠤ ᠶᠠᠪᠤᠯ᠎ᠠ᠃ ᠶᠠᠭᠤᠨ ᠭᠡᠪᠡᠯ᠄ ᠪᠠᠯᠳᠠᠨᠯᠾᠡᠮᠤ ᠪᠤᠷᠬᠠᠨ ᠤ᠋ ᠥᠷᠥᠭᠡ ᠪᠡᠷ ᠠᠮᠠ ᠴᠠᠭᠠᠨ ᠬᠤᠯᠤᠭᠠᠨ᠎ᠠ ᠱᠠᠯᠠ ᠳᠡᠭᠡᠭᠦᠷ ᠨᠠᠰᠢ ᠴᠠᠰᠢ ᠭᠦᠶᠦᠯᠳᠦᠵᠦ ᠪᠠᠢᠯ᠎ᠠ᠃ ᠪᠤᠷᠬᠠᠨ ᠰᠢᠲᠦᠭᠡᠨ ᠦ᠌ ᠭᠠᠵᠠᠷ ᠬᠤᠯᠤᠭᠠᠨ᠎ᠠ ᠭᠦᠶᠦᠵᠦ ᠶᠠᠪᠤᠨ᠎ᠠ ᠭᠡᠵᠦ ᠰᠠᠨᠠᠭ᠎ᠠ ᠦᠭᠡᠢ ᠲᠤᠯᠠ ᠤᠳᠬᠤᠨ ᠪᠠᠢᠲᠤᠭᠠᠢ ᠰᠡᠩᠵᠢ  ᠭᠡᠰᠦᠯ ᠭᠠᠢᠬᠠᠨ ᠡᠷᠡᠭᠡᠯᠵᠡᠪᠡ᠃ ᠬᠥᠯ ᠳ᠋ᠦ᠍ ᠥᠷᠳᠡᠭᠡᠳ ᠭᠢᠰᠬᠢᠭᠳᠡᠴᠢᠬᠡᠮᠡᠷ ᠣᠯᠠᠨ ᠠᠵᠢ᠃ 
      - ᠪᠠᠭᠰᠢ  ᠠ᠋᠂  ᠬᠤᠯᠤᠭᠠᠨ᠎ᠠ ᠶ᠋ᠢ ᠶᠠᠭᠠᠬᠢᠨ᠎ᠠ ᠡ ᠭᠡᠵᠦ ? ᠭᠡᠵᠦ ᠰᠡᠩᠵᠢ ᠰᠢᠪᠡᠭᠡᠨᠡᠪᠡ᠃ ᠲᠡᠭᠡᠬᠦ ᠳ᠋ᠦ᠍   ᠴᠤᠢᠮᠴᠤᠭ ᠭᠡᠯᠦᠩ ᠰᠠᠢ ᠯᠠ ᠤᠬᠠᠭ᠎ᠠ ᠣᠷᠣᠭᠰᠠᠨ ᠮᠡᠲᠦ ᠡᠷᠭᠢᠨ ᠬᠠᠷᠠᠵᠤ᠄  
      - ᠪᠢ ᠬᠡᠯᠡᠬᠦ ᠪᠡᠨ ᠮᠠᠷᠲᠠᠴᠢᠬᠠᠵᠠᠢ᠃ ᠶᠡᠬᠡ ᠵᠣᠣ ᠶ᠋ᠢᠨ ᠪᠠᠯᠳᠠᠨᠯᠾᠡᠮᠤ ᠪᠤᠷᠬᠠᠨ ᠤ᠋ ᠥᠷᠥᠭᠡᠨ ᠳ᠋ᠦ᠍ ᠠᠮᠠ ᠴᠠᠭᠠᠨ ᠬᠤᠯᠤᠭᠠᠨ᠎ᠠ ᠭᠦᠶᠦᠯᠳᠦᠵᠦ ᠪᠠᠢᠳᠠᠭ ᠶᠤᠮ᠃ ᠥᠯᠵᠡᠢ ᠲᠡᠢ ᠠᠮᠢᠲᠠᠨ ᠭᠡᠵᠦ ᠰᠢᠲᠦᠳᠡᠭ᠃ ᠰᠢᠲᠦᠯᠭᠡᠲᠡᠨ ᠨᠦ᠍ᠭᠦᠳ ᠬᠤᠳᠠᠯᠳᠤᠵᠤ ᠠᠪᠳᠠᠭ.᠃ᠲᠠ ᠨᠠᠷ ᠠ᠋ᠴᠠ ᠬᠤᠯᠤᠭᠠᠨ᠎ᠠ ᠠᠪᠬᠤ ᠬᠥᠮᠦᠨ ᠪᠠᠢᠪᠠᠯ ᠠᠪ ᠠᠪ᠃ ᠨᠢᠭᠡ ᠨᠢ ᠠᠷᠪᠠᠨ ᠴᠣᠬᠣ ᠪᠠᠢᠳᠠᠭ ᠭᠡᠵᠦ ᠬᠡᠯᠡᠪᠡ᠃ 
       ᠮᠥᠷᠭᠥᠯᠴᠢᠳ ᠮᠡᠯᠲᠡᠢᠨ ᠭᠠᠢᠬᠠᠵᠠᠭᠠᠵᠠᠢ᠃ 
      - ᠨᠢᠭᠡ ᠬᠤᠯᠤᠭᠠᠨ᠎ᠠ ᠠᠪᠤᠶ᠎ᠠ ᠪᠠᠢᠵᠠ! ᠭᠡᠵᠦ ᠥᠯᠵᠡᠢ ᠡᠪᠦᠷ ᠢ᠋ᠶ᠋ᠡᠨ ᠠᠭᠤᠳᠠᠯᠪᠠ᠃ 
      - ᠥᠯᠵᠡᠢ ᠴᠢ ᠠᠪᠤᠮᠠᠷ ᠪᠠᠢᠨ᠎ᠠ ᠤᠤ? ᠵᠠ ᠲᠡᠭᠡᠪᠡᠯ ᠪᠢ ᠠᠪᠴᠤ ᠥᠭᠬᠦᠶ᠎ᠡ ᠭᠡᠵᠦ ᠴᠤᠢᠮᠴᠤᠭ ᠭᠡᠯᠦᠩ ᠬᠡᠯᠡᠭᠡᠳ ᠠᠷᠪᠠᠨ ᠴᠣᠬᠣ ᠵᠣᠭᠣᠰ ᠭᠣᠴᠣᠭ ᠬᠦᠦ ᠳ᠋ᠦ᠍ ᠠᠪᠴᠤ ᠥᠭᠬᠦ ᠳ᠋ᠦ᠍ ᠲᠡᠷᠡ ᠬᠦᠦ ᠡᠪᠦᠷ ᠡᠴᠡ ᠪᠡᠨ ᠨᠢᠭᠡ ᠬᠤᠯᠤᠭᠠᠨ᠎ᠠ ᠭᠠᠷᠭᠠᠵᠤ ᠭᠡᠯᠦᠩ ᠦ᠋ᠨ ᠠᠯᠠᠭᠠᠨ ᠳᠡᠭᠡᠷ᠎ᠡ ᠲᠠᠯᠪᠢᠪᠠ᠃ 
      - ᠮᠠᠢ! ᠭᠡᠵᠦ ᠴᠤᠢᠮᠴᠤᠭ ᠲᠡᠷᠡ ᠬᠤᠯᠤᠭᠠᠨ᠎ᠠ ᠶ᠋ᠢ ᠥᠯᠵᠡᠢ ᠳ᠋ᠦ᠍ ᠳᠠᠮᠵᠢᠭᠤᠯᠤᠯ᠎ᠠ᠃ ᠡᠪᠡᠳᠴᠢᠨ ᠳ᠋ᠦ᠍ ᠨᠡᠷᠪᠡᠭᠳᠡᠭᠰᠡᠨ ᠥᠯᠵᠡᠢ ᠶᠡᠬᠡ ᠯᠡ ᠪᠡᠯᠭᠡᠰᠢᠶᠡᠨ ᠪᠠᠶᠠᠷᠯᠠᠵᠤ᠂ ᠨᠢᠳᠦᠨ ᠳᠡᠭᠡᠭᠦᠷ ᠨᠢ ᠨᠢᠯᠪᠤᠰᠤ ᠭᠦᠢᠯᠭᠡᠨᠡᠨ᠂ ᠲᠣᠯᠣᠭᠠᠢ ᠳᠣᠬᠢᠨ ᠨᠠᠬᠢᠯᠵᠠᠵᠤ 《ᠭᠢᠯᠠᠢᠯ᠎ᠠ᠂ ᠭᠢᠯᠠᠢᠯ᠎ᠠ》 ᠭᠡᠭᠰᠡᠭᠡᠷ ᠲᠡᠳᠡ ᠪᠠᠯᠳᠠᠨᠯᠾᠡᠮᠤ ᠶ᠋ᠢᠨ ᠥᠷᠥᠭᠡᠨ ᠡᠴᠡ  ᠭᠠᠷᠤᠯ᠎ᠠ᠃ 
      ᠶᠡᠬᠡ ᠵᠣᠣ ᠶ᠋ᠢᠨ ᠭᠠᠵᠠᠷ ᠣᠷᠣᠭᠰᠠᠨ ᠮᠥᠷᠭᠥᠯᠴᠢᠳ ᠨᠠᠢ᠍ᠮᠠᠨ ᠶᠠᠩᠵᠤ ᠪᠠᠷ ᠮᠥᠷᠭᠥᠯ ᠦᠢᠯᠡᠳᠴᠦ ᠪᠣᠯᠳᠠᠭ ᠠᠵᠢ᠃ ᠪᠤᠷᠬᠠᠳ ᠤ᠋ᠨ ᠱᠤᠭᠤᠮᠠᠯ  ᠳᠦᠷᠰᠦ ᠶ᠋ᠢᠨ ᠪᠠᠷᠠᠭᠤᠨ ᠡᠪᠦᠳᠦᠭ ᠲᠦ᠍ ᠳᠤᠬᠤ ᠪᠠᠨ ᠬᠦᠷᠭᠡᠨ ᠪᠥᠬᠥᠯᠵᠡᠵᠦ ᠮᠥᠷᠭᠥᠨ᠎ᠡ᠃ ᠡᠨᠡ ᠨᠢ ᠬᠠᠮᠤᠭ ᠤ᠋ᠨ ᠲᠦᠭᠡᠮᠡᠯ ᠪᠣᠯᠬᠣᠷ ᠶᠡᠬᠡ ᠵᠣᠣ ᠶ᠋ᠢᠨ ᠪᠤᠷᠬᠠᠳ ᠤ᠋ᠨ ᠪᠠᠷᠠᠭᠤᠨ ᠡᠪᠦᠳᠦᠭ ᠨᠢ ᠭᠥᠯᠢᠢᠲᠡᠯ᠎ᠡ ᠵᠦᠯᠭᠦᠭᠳᠡᠭᠡᠳ ᠵᠠᠷᠢᠮ ᠤ᠋ᠨ ᠨᠢ ᠭᠠᠤᠯᠢ ᠨᠢ ᠴᠤᠬᠤᠢᠴᠢᠬᠠᠭᠰᠠᠨ ᠪᠠᠢᠳᠠᠭ ᠠᠵᠢ᠃ ᠭᠠᠤᠯᠢ ᠨᠢ ᠴᠤᠬᠤᠢᠭᠰᠠᠨ ᠪᠤᠷᠬᠠᠳ ᠢ᠋ ᠦᠶ᠎ᠡ ᠦᠶ᠎ᠡ ᠠᠯᠲᠠ ᠲᠦᠷᠬᠢᠵᠦ ᠰᠡᠷᠭᠦᠭᠡᠳᠡᠭ ᠪᠣᠯᠪᠠᠴᠤ ᠣᠯᠠᠨ ᠲᠦᠮᠡᠨ ᠮᠥᠷᠭᠥᠯᠴᠢᠳ ᠦ᠋ᠨ ᠳᠤᠬᠤ ᠶᠠᠭᠤ ᠲᠠᠢ ᠴᠤ᠌ ᠵᠦᠢᠷᠯᠡᠰᠢ ᠦᠭᠡᠢ ᠰᠢᠷᠦᠭᠦᠨ ᠦᠷᠦᠪᠲᠦᠯ ᠠᠵᠠᠢ᠃ ᠭᠡᠪᠡᠴᠦ ᠪᠠᠰᠠ ᠪᠤᠷᠬᠠᠳ ᠤ᠋ᠨ ᠵᠡᠭᠦᠨ ᠡᠪᠦᠳᠦᠭ ᠮᠥᠨ ᠯᠡ ᠬᠠᠯᠴᠠᠷᠠᠭᠰᠠᠨ ᠦᠵᠡᠭᠳᠡᠨ᠎ᠡ᠃ ᠶᠠᠭᠠᠬᠢᠭᠠᠳ ᠭᠡᠪᠡᠯ ᠮᠥᠷᠭᠥᠯᠴᠢᠳ ᠪᠤᠷᠬᠠᠳ ᠤ᠋ᠨ ᠵᠡᠭᠦᠨ ᠡᠪᠦᠳᠦᠭ ᠡᠴᠡ ᠠᠳᠢᠰ ᠠᠪᠤᠪᠠᠯ ᠬᠦᠰᠡᠯ ᠮᠥᠷᠥᠭᠡᠳᠦᠯ ᠢ᠋ᠶ᠋ᠡᠨ ᠰᠡᠮᠬᠡᠨ ᠰᠢᠪᠡᠨᠡᠨ ᠶᠠᠷᠢᠳᠠᠭ ᠪᠠᠢᠯ᠎ᠠ᠃ ᠬᠥᠮᠦᠨ ᠦ᠌ ᠬᠦᠰᠡᠯ ᠳ᠋ᠦ᠍ ᠲᠡᠭᠦᠰᠬᠡᠯ ᠪᠠᠢᠬᠤ ᠦᠭᠡᠢ ᠪᠣᠯᠬᠣᠷ  ᠭᠠᠤᠯᠢᠨ ᠪᠤᠷᠬᠠᠳ ᠤ᠋ᠨ ᠵᠡᠭᠦᠨ ᠡᠪᠦᠳᠦᠭ ᠪᠠᠰᠠ ᠯᠠ ᠠᠮᠤᠰᠬᠢᠬᠦ ᠶ᠋ᠢᠨ ᠵᠠᠶᠠᠭ᠎ᠠ ᠦᠭᠡᠢ ᠪᠠᠢᠯ᠎ᠠ᠃ ᠬᠦᠰᠡᠬᠦ ᠦᠭᠡᠢ ᠶᠠᠭᠤᠮ᠎ᠠ ᠭᠡᠵᠦ  ᠬᠥᠮᠦᠨ ᠳ᠋ᠦ᠍ ᠬᠠᠮᠢᠭ᠎ᠠ ᠪᠠᠢᠬᠤ ᠪᠣᠢ? 
       ᠴᠢᠨᠡᠭᠡᠯᠢᠭᠳᠡᠭᠦᠬᠡᠨ ᠮᠥᠷᠭᠥᠯᠴᠢᠳ ᠵᠤᠯᠠ ᠪᠠ ᠰᠢᠷ᠎ᠠ ᠲᠣᠰᠣ ᠠᠪᠴᠢᠷᠠᠵᠤ ᠪᠤᠷᠬᠠᠳ ᠲᠤ᠌ ᠡᠷᠭᠦᠬᠦ᠂ ᠵᠠᠷᠢᠮ ᠨᠢ ᠶᠡᠬᠡ ᠵᠣᠣ ᠶ᠋ᠢᠨ ᠣᠯᠠᠨ ᠵᠠᠭᠤᠨ ᠵᠤᠯᠠ ᠶᠢᠨ ᠰᠢᠷᠭᠢᠨ ᠳᠤᠮᠳᠠ ᠣᠷᠣᠵᠤ ᠪᠠᠢᠭ᠎ᠠ ᠲᠣᠰᠣ ᠶ᠋ᠢ ᠳᠦᠭᠦᠷᠭᠡᠨ ᠰᠡᠷᠭᠦᠭᠡᠵᠦ ᠪᠤᠶᠠᠨ ᠦᠢᠯᠡᠳᠦᠨ᠎ᠡ᠃ ᠡᠨᠡ ᠶᠣᠰᠣ ᠶ᠋ᠢ ᠳᠠᠭᠠᠵᠤ ᠣᠳᠬᠣᠨ ᠨᠢᠭᠡ ᠳᠠᠩᠬᠤ ᠪᠤᠴᠠᠯᠤᠭᠰᠠᠨ ᠰᠢᠷ᠎ᠠ ᠲᠣᠰᠣ ᠲᠠᠢ ᠢᠷᠡᠭᠰᠡᠨ ᠪᠢᠯᠡ᠃ ᠭᠡᠪᠡᠴᠦ ᠲᠡᠷᠡ ᠳᠠᠩᠬᠤ ᠰᠢᠷ᠎ᠠ ᠲᠣᠰᠣ ᠶᠡᠬᠡ ᠵᠣᠣ ᠶ᠋ᠢᠨ ᠣᠯᠠᠨ ᠵᠤᠯᠠ ᠶ᠋ᠢ ᠳᠦᠭᠦᠷᠭᠡᠨ ᠰᠡᠷᠭᠦᠭᠡᠬᠦ ᠳ᠋ᠦ᠍ ᠬᠠᠮᠢᠭ᠎ᠠ ᠨᠢ ᠴᠦ᠍ ᠬᠦᠷᠦᠭᠡ ᠦᠭᠡᠢ᠃ ᠡᠭᠦᠨ ᠳ᠋ᠡᠭᠡᠨ  ᠤᠳᠬᠠᠨ ᠤ᠋ ᠰᠡᠳᠬᠢᠯ ᠳᠤᠮᠳᠠᠭᠤᠷ ᠪᠠᠢᠯ᠎ᠠ᠃ ᠲᠡᠭᠦᠨ ᠢ᠋ ᠴᠤᠢᠮᠴᠤᠭ ᠭᠡᠯᠦᠩ ᠠᠵᠢᠭᠯᠠᠭᠠᠳ᠄ 
     - ᠵᠠᠵᠤᠳ ᠤ᠋ᠨ ᠡᠷᠭᠦᠯ ᠪᠡᠯᠡᠳᠬᠡᠵᠦ ᠦᠭᠭᠦᠮᠴᠡ᠃ ᠵᠠᠭᠤᠨ ᠵᠤᠯᠠ᠂ ᠵᠠᠭᠤᠨ ᠪᠠᠯᠢᠩ ᠣᠷᠣᠳᠠᠭ ᠶᠤᠮ᠃ ᠶᠠᠭᠠᠬᠢᠬᠤ ᠪᠣᠢ ᠪᠢ ᠪᠡᠯᠡᠳᠬᠡᠭᠦᠯᠵᠦ ᠥᠭᠭᠦᠨ᠎ᠡ᠃ ᠨᠠᠳᠠ ᠬᠡᠳᠦᠨ ᠵᠣᠭᠣᠰ ᠪᠣᠢ ᠭᠡᠵᠦ ᠲᠡᠭᠦᠨ ᠦ᠌ ᠴᠢᠬᠢᠨ ᠳ᠋ᠦ᠍ ᠰᠢᠪᠡᠨᠡᠵᠡᠢ᠃ ᠤᠳᠬᠤᠨ ᠲᠡᠭᠦᠨ ᠳ᠋ᠦ᠍ ᠲᠣᠩ ᠶᠡᠬᠡ ᠪᠠᠶᠠᠷᠯᠠᠪᠠ᠃ ᠲᠡᠷᠡ ᠨᠢ ᠨᠢᠳᠦᠨ ᠳᠡᠭᠡᠷ᠎ᠡ ᠪᠡᠨ ᠲᠣᠳᠣᠬᠠᠨ ᠪᠠᠢᠯ᠎ᠠ᠃   ᠴᠤᠢᠮᠴᠤᠭ ᠭᠡᠯᠦᠩ ᠪᠠᠰᠠ᠄ 
      - ᠲᠤᠨᠴᠤᠳ ᠪᠤᠶᠤ ᠮᠢᠩᠭᠠᠨ ᠵᠤᠯᠠ᠂ ᠮᠢᠩᠭᠠᠨ ᠪᠠᠯᠢᠩ ᠤ᠋ᠨ ᠡᠷᠭᠦᠯ ᠪᠠᠢᠳᠠᠭ ᠶᠤᠮ᠃ ᠲᠡᠭᠦᠨ ᠡᠴᠡ ᠶᠡᠬᠡ ᠡᠷᠭᠦᠯ ᠦᠭᠡᠢ᠃ ᠭᠡᠪᠡᠴᠦ ᠲᠡᠭᠦᠨ ᠳ᠋ᠦ᠍ ᠲᠦᠷᠡᠢᠪᠴᠢ ᠪᠠᠭᠠᠳᠠᠬᠤ ᠪᠠᠢᠬᠤ ᠭᠡᠵᠦ ᠶᠠᠷᠢᠵᠠᠢ᠃ ᠲᠡᠳᠡᠨ ᠢ᠋ ᠪᠤᠴᠠᠬᠤ ᠪᠠᠷ ᠶᠠᠪᠤᠬᠤ ᠳ᠋ᠤ᠌ ᠯᠠ ᠮᠥᠷᠭᠥᠯᠴᠢᠳ ᠬᠠᠰᠤᠭᠳᠠᠭᠰᠠᠨ ᠰᠢᠨᠵᠢ ᠦᠭᠡᠢ᠃ 
      ᠶᠡᠬᠡ ᠵᠣᠣ ᠶ᠋ᠢᠨ ᠬᠠᠰᠢᠶᠠᠨ ᠳ᠋ᠤ᠌ ᠮᠥᠷᠭᠥᠯᠴᠢᠳ ᠰᠤᠨᠵᠤ ᠮᠥᠷᠭᠥᠨ᠂ ᠨᠢᠭᠡ ᠪᠣᠰᠴᠤ᠂ ᠨᠢᠭᠡ ᠬᠡᠪᠲᠡᠵᠦ ᠬᠡᠳᠦᠨ ᠵᠠᠭᠤᠨ ᠴᠡᠷᠢᠭ ᠪᠠᠢᠯᠳᠤᠭᠠᠨ ᠤ᠋ ᠰᠤᠷᠭᠠᠭᠤᠯᠢ ᠬᠢᠵᠦ ᠪᠠᠢᠬᠤ ᠰᠢᠭ᠋ ᠬᠠᠷᠠᠭᠳᠠᠯ᠎ᠠ᠃ ᠬᠤᠪᠢ ᠲᠠᠪᠢᠯᠠᠩ ᠳ᠋ᠠᠭᠠᠨ ᠰᠠᠢᠨ ᠰᠠᠢᠬᠠᠨ ᠤ᠋ ᠪᠤᠶᠠᠨ ᠥᠯᠵᠡᠢ ᠭᠣᠷᠢᠳᠠᠭᠰᠠᠨ ᠲᠡᠷᠡ ᠣᠯᠠᠨ ᠮᠥᠷᠭᠥᠯᠴᠢᠳ ᠭᠠᠵᠠᠷ ᠭᠠᠵᠠᠷ ᠠ᠋ᠴᠠ ᠴᠤᠭᠯᠠᠷᠠᠨ ᠢᠷᠡᠭᠰᠡᠨ ᠠᠵᠢ᠃ ᠲᠡᠳᠡᠨ ᠦ᠌ ᠳᠤᠮᠳᠠ ᠪᠠᠶᠠᠨ ᠴᠢᠨᠡᠭᠡᠯᠢᠭ ᠬᠥᠮᠦᠨ ᠨᠢᠭᠡᠬᠡᠨ ᠴᠦ᠍ ᠦᠭᠡᠢ ᠪᠠᠢᠭ᠎ᠠ ᠶ᠋ᠢ ᠠᠵᠢᠭᠯᠠᠨ ᠬᠠᠷᠠᠭᠠᠳ ᠰᠡᠩᠵᠢ 《ᠪᠠᠶᠠᠨ ᠬᠥᠮᠦᠨ ᠡᠨᠡ ᠨᠠᠰᠤᠨ ᠤ᠋ ᠵᠢᠷᠭᠠᠯ᠂ ᠴᠢᠨᠡᠭᠡᠯᠢᠭ ᠠᠮᠢᠳᠤᠷᠠᠯ ᠳ᠋ᠠᠭᠠᠨ ᠴᠠᠳᠪᠠᠯ ᠡᠷᠭᠢᠯ ᠮᠥᠷᠭᠥᠯ ᠬᠢᠬᠦ ᠨᠢ ᠬᠣᠪᠣᠷ ᠪᠠᠢᠳᠠᠭ ᠶᠤᠮ ᠤᠤ ᠳᠠ! ᠭᠡᠲᠡᠯ᠎ᠡ ᠬᠣᠢᠲᠤ ᠨᠠᠰᠤ ᠭᠡᠵᠦ ᠶᠠᠭᠤᠮᠠᠨ ᠤ᠋ ᠲᠤᠬᠠᠢ ᠰᠠᠨᠠᠭ᠎ᠠ ᠵᠣᠪᠠᠳᠠᠭ ᠦᠭᠡᠢ ᠬᠡᠷᠡᠭ ᠦᠦ? ᠨᠢᠭᠡ ᠪᠣᠳᠣᠬᠤ ᠳ᠋ᠤ᠌ ᠵᠥᠪ ᠴᠦ᠍ ᠶᠦᠮ ᠦᠦ? ᠡᠨᠡ ᠯᠡ ᠶᠠᠪᠤᠭ᠎ᠠ ᠨᠠᠰᠤᠨ ᠳ᠋ᠠᠭᠠᠨ ᠵᠢᠷᠭᠠᠯ ᠲᠠᠢ ᠪᠠᠢᠬᠤ ᠨᠢ ᠡᠷᠬᠢᠮ ᠶᠦᠮ ᠰᠠᠨ ᠤᠤ ᠳᠠ!》 ᠭᠡᠵᠦ ᠪᠣᠳᠣᠵᠤ ᠶᠠᠪᠤᠯ᠎ᠠ᠃