ᠣᠷᠣᠢ ᠦᠭᠡᠢ ᠰᠦᠮ᠎ᠡ – ᠲᠠᠪᠤ᠂ ᠳᠠᠯᠠᠢ ᠯᠠᠮᠠ᠎᠎ ᠳᠤ ᠮᠦᠷᠭᠦᠭᠰᠡᠨ ᠨᠢ Оройгүй сүм – Тав ᠂ Далай ламд мөргөсөн нь - Oroigui sum 5 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠲᠠᠪᠤ᠂ ᠳᠠᠯᠠᠢ ᠯᠠᠮᠠ᠎᠎ ᠳᠤ ᠮᠦᠷᠭᠦᠭᠰᠡᠨ ᠨᠢ Оройгүй сүм – Тав ᠂ Далай ламд мөргөсөн нь - Oroigui sum 5

ᠣᠷᠣᠢ ᠦᠭᠡᠢ ᠰᠦᠮ᠎ᠡ – ᠲᠠᠪᠤ᠂ ᠳᠠᠯᠠᠢ ᠯᠠᠮᠠ᠎᠎ ᠳᠤ ᠮᠦᠷᠭᠦᠭᠰᠡᠨ ᠨᠢ Оройгүй сүм – Тав ᠂ Далай ламд мөргөсөн нь - Oroigui sum 5

ᠠᠩᠭᠢᠯᠠᠯ:ᠲᠤᠭᠤᠵᠢ ᠷᠣᠮᠠᠨ
2023-07-20

1322

ᠣᠷᠣᠢ ᠦᠭᠡᠢ ᠰᠦᠮ᠎ᠡ


                                        ᠴᠢᠯᠠᠭᠤᠨ ᠳᠡᠭᠡᠷ᠎ᠡ ᠨᠣᠭᠣᠭ᠎ᠠ ᠤᠷᠭᠤᠭᠤᠯᠬᠤ ᠨᠢᠭᠡ ᠪᠡᠷᠬᠡ 
                       ᠤᠰᠤᠨ ᠳᠡᠭᠡᠷ᠎ᠡ ᠭᠠᠯ ᠲᠦᠯᠡᠬᠦ ᠨᠢᠭᠡ ᠪᠡᠷᠬᠡ  
                       ᠦᠬᠡᠷ ᠦ᠋ᠨ ᠡᠪᠡᠷ ᠳᠡᠭᠡᠷ᠎ᠡ ᠴᠠᠰᠤ ᠲᠣᠭᠲᠠᠭᠠᠬᠤ ᠨᠢᠭᠡ ᠪᠡᠷᠬᠡ 

       ᠮᠥᠷᠭᠥᠯᠴᠢᠳ ᠲᠡᠷᠡ ᠥᠷᠯᠥᠭᠡ ᠪᠥᠭᠡᠮ ᠬᠥᠯ ᠬᠥᠭᠡᠷᠴᠥᠭ᠂ ᠪᠠᠶᠠᠷ ᠬᠥᠷ ᠪᠣᠯᠵᠤ ᠪᠠᠢᠯ᠎ᠠ᠃ ᠳᠠᠯᠠᠢ ᠯᠠᠮᠠ ᠳ᠋ᠤ᠌ ᠮᠥᠷᠭᠥᠬᠦ ᠪᠣᠯᠤᠮᠵᠢ᠂ ᠬᠤᠪᠢ ᠬᠡᠰᠢᠭ ᠬᠦᠷᠲᠡᠭᠰᠡᠨ ᠨᠢ ᠮᠥᠷᠭᠥᠯᠴᠢᠳ ᠦ᠋ᠨ ᠡᠴᠦᠰ ᠦ᠋ᠨ ᠬᠦᠰᠡᠯ ᠪᠡᠶᠡᠯᠡᠵᠦ ᠪᠠᠢᠭ᠎ᠠ ᠭᠡᠰᠡᠨ ᠦᠭᠡ ᠶᠦᠮ᠃ ᠮᠥᠷᠭᠥᠯᠴᠢᠳ ᠬᠠᠮᠤᠭ ᠪᠠᠢᠳᠠᠭ ᠢ᠋ᠶ᠋ᠠᠷ ᠢ᠋ᠶ᠋ᠠᠨ ᠭᠣᠶᠣᠵᠠᠭᠠᠵᠠᠢ᠃ ᠮᠥᠷᠭᠥᠯᠴᠢᠳ ᠬᠠᠮᠤᠭ ᠪᠠᠢᠳᠠᠭ ᠢ᠋ᠶ᠋ᠠᠷ ᠢ᠋ᠶ᠋ᠠᠨ ᠴᠢᠮᠡᠵᠡᠭᠡᠵᠡᠢ᠃ ᠣᠷᠣᠢ ᠴᠤᠢᠮᠴᠤᠭ ᠭᠡᠯᠦᠩ ᠳᠠᠯᠠᠢ ᠯᠠᠮᠠ ᠳ᠋ᠤ᠌ ᠮᠥᠷᠭᠥᠬᠦ ᠪᠦᠬᠦᠢᠯᠡ ᠵᠢᠷᠤᠮ ᠶᠣᠰᠣ ᠶ᠋ᠢ ᠶᠠᠷᠢᠵᠤ ᠥᠭᠴᠡᠢ᠃ ᠨᠢᠭᠡ ᠪᠣᠳᠣᠬᠤ ᠳ᠋ᠤ᠌ ᠬᠢᠯᠪᠠᠷ ᠮᠡᠲᠦ᠂ ᠨᠥᠭᠥᠭᠡ ᠪᠣᠳᠣᠬᠤ ᠳ᠋ᠤ᠌ ᠶᠡᠷᠦ ᠪᠤᠰᠤ ᠶ᠋ᠢᠨ ᠶᠠᠪᠤᠳᠠᠯ ᠰᠢᠭ᠋ ᠲᠡᠳᠡᠨ ᠳ᠋ᠦ᠍ ᠰᠠᠨᠠᠭᠳᠠᠵᠠᠢ᠃ ᠦᠨᠡᠬᠡᠷ ᠪᠤᠷᠬᠠᠨ ᠱᠠᠰᠢᠨ ᠤ᠋ ᠣᠷᠣᠢ ᠶ᠋ᠢᠨ ᠳᠡᠭᠡᠳᠦ ᠯᠠᠮᠠ᠂ ᠪᠡᠶᠡᠯᠡᠭᠰᠡᠨ ᠪᠤᠷᠬᠠᠨ ᠯᠤᠭ᠎ᠠ ᠤᠴᠠᠷᠠᠨ ᠠᠳᠢᠰ ᠠᠪᠤᠨ᠎ᠠ ᠭᠡᠭᠴᠢ ᠨᠢ ᠶᠡᠷᠦ ᠶ᠋ᠢᠨ ᠨᠢᠭᠡ ᠮᠥᠷᠭᠥᠯᠴᠢᠨ ᠨᠦ᠍ᠭᠦᠳ ᠲᠦ᠍ ᠶᠡᠷᠦ ᠪᠤᠰᠤ ᠶ᠋ᠢᠨ ᠶᠠᠪᠤᠳᠠᠯ ᠪᠠᠢᠯ᠎ᠠ᠃ 
       ᠥᠷᠯᠥᠭᠡ ᠡᠷᠲᠡᠯᠡᠨ ᠪᠣᠰᠤᠭᠰᠠᠨ ᠮᠥᠷᠭᠥᠯᠴᠢᠳ ᠶᠠᠪᠠᠭᠠᠨ ᠶᠠᠪᠤᠵᠠᠭᠠᠯ᠎ᠠ᠃ ᠬᠣᠲᠠ ᠶ᠋ᠢᠨ ᠪᠠᠷᠠᠭᠤᠨ ᠤᠷᠢᠳᠤ ᠲᠠᠯ᠎ᠠ ᠳ᠋ᠤ᠌ ᠮᠠᠷᠪᠤᠷᠢ ᠲᠣᠯᠣᠭᠠᠢ ᠶ᠋ᠢ ᠡᠵᠡᠯᠡᠨ ᠰᠦᠨᠳᠡᠷᠯᠡᠭᠴᠢ ᠳ᠋ᠤᠵᠢᠨᠨᠢᠪᠢ  ᠫᠤᠪᠷᠠᠩ ᠪᠤᠳᠠᠯᠠᠩ ᠭᠡᠳᠡᠭ ᠥᠨᠳᠥᠷ ᠡᠴᠡ ᠥᠨᠳᠥᠷ ᠣᠷᠳᠣᠨ  ᠥᠷᠯᠥᠭᠡ ᠶ᠋ᠢᠨ ᠨᠠᠷᠠᠨ ᠳ᠋ᠤ᠌ ᠠᠯᠲᠠ ᠰᠢᠷᠠᠮᠠᠯ ᠣᠷᠣᠢ ᠨᠢ ᠭᠢᠯᠲᠠᠭᠠᠨᠠᠵᠤ ᠦᠵᠡᠰᠬᠦᠯᠡᠩᠲᠡᠢ ᠰᠠᠢᠬᠠᠨ ᠬᠠᠷᠠᠭᠳᠠᠵᠤ ᠪᠠᠢᠯ᠎ᠠ᠃ ᠳ᠋ᠤᠵᠢᠨᠨᠢᠪᠢ  ᠫᠤᠪᠷᠠᠩ  ᠪᠤᠳᠠᠯᠠᠩ ᠭᠡᠳᠡᠭ ᠪᠣᠯ ᠬᠣᠶᠠᠳᠤᠭᠠᠷ ᠵᠠᠯᠠᠭᠤᠷᠴᠢ ᠶ᠋ᠢᠨ ᠣᠷᠳᠣᠨ ᠪᠤᠲᠠᠯᠠ ᠭᠡᠰᠡᠨ ᠤᠳᠬ᠎ᠠ ᠲᠠᠢ ᠦᠭᠡ  ᠪᠠᠢᠵᠠᠢ᠃ ᠳᠣᠯᠣᠳᠤᠭᠠᠷ ᠵᠠᠭᠤᠨ ᠤ᠋  ᠦᠶ᠎ᠡ ᠡᠴᠡ ᠡᠬᠢᠯᠡᠭᠰᠡᠨ ᠲᠡᠷᠡ ᠣᠷᠳᠣᠨ ᠠᠷᠪᠠᠨ ᠳᠣᠯᠣᠳᠤᠭᠠᠷ ᠵᠠᠭᠤᠨ ᠤ᠋ ᠳᠤᠮᠳᠠᠭᠤᠷ ᠲᠠᠪᠤᠳᠤᠭᠠᠷ ᠳᠠᠯᠠᠢ ᠯᠠᠮᠠ ᠠᠩᠸᠠᠩᠯᠤᠪᠰᠠᠩᠵᠠᠮᠰᠤ ᠶ᠋ᠢᠨ ᠤᠶ᠎ᠡ ᠳ᠋ᠦ᠍ ᠳᠠᠭᠤᠰᠬᠤ ᠶᠣᠰᠣᠲᠠᠢ ᠪᠠᠢᠲᠠᠯ᠎ᠠ ᠲᠡᠷᠡ ᠳᠠᠭᠤᠰᠬᠠᠵᠤ  ᠴᠢᠳᠠᠭ᠎ᠠ ᠦᠭᠡᠢ ᠨᠠᠰᠤ ᠶᠡᠭᠦᠯᠡᠵᠡᠢ᠃ ᠭᠡᠪᠡᠴᠦ ᠲᠠᠯᠢᠢᠭᠠᠴᠢ ᠳᠠᠯᠠᠢ ᠯᠠᠮᠠ ᠶ᠋ᠢᠨ ᠵᠦᠭ ᠡᠴᠡ ᠮᠣᠩᠭᠣᠯ ᠭᠦᠦᠰᠢ ᠬᠠᠭᠠᠨ ᠲᠠᠢ ᠬᠠᠮᠰᠠᠨ ᠲᠣᠭᠲᠠᠭᠠᠭᠰᠠᠨ ᠨᠣᠶᠠᠯᠢᠭ ᠪᠠᠢᠳᠠᠯ᠂ ᠱᠠᠰᠢᠨ ᠲᠥᠷᠥ ᠶ᠋ᠢᠨ ᠡᠷᠬᠡ ᠶ᠋ᠢ ᠠᠯᠳᠠᠬᠤ ᠦᠭᠡᠢ ᠶ᠋ᠢᠨ ᠲᠤᠯᠠ ᠳᠠᠯᠠᠢ ᠯᠠᠮᠠᠳᠠᠨ ᠤ᠋ ᠶ᠋ᠢᠨ ᠲᠥᠷᠥᠯ ᠠᠷᠠᠯᠵᠢᠵᠤ ᠨᠠᠰᠤᠨ ᠦᠢᠯᠡ ᠲᠡᠭᠦᠰᠦᠭᠰᠡᠨ ᠲᠡᠷᠡ ᠡᠳᠦᠷ ᠶᠡᠬᠡ ᠯᠠᠮᠠ ᠨᠠᠷ ᠬᠡᠯᠡᠯᠴᠡᠨ ᠦᠭᠡᠰᠡᠭᠡᠳ ᠲᠡᠭᠦᠨ ᠦ᠌ ᠨᠠᠰᠤ ᠪᠠᠷᠠᠭᠰᠠᠨ ᠢ᠋ ᠨᠢᠭᠤᠵᠠᠢ᠃ ᠳᠠᠯᠠᠢ ᠯᠠᠮᠠ ᠶ᠋ᠢᠨ ᠨᠠᠰᠤᠨ ᠥᠭᠡᠳᠡ ᠪᠣᠯᠤᠭᠰᠠᠨ ᠢ᠋ ᠲᠡᠢᠨ ᠬᠦ᠌ ᠲᠠᠰᠤ ᠨᠢᠭᠤᠵᠤ  ᠠᠷᠪᠠᠨ ᠵᠢᠷᠭᠤᠭᠠᠨ ᠵᠢᠯ ᠦ᠋ᠨ ᠲᠤᠷᠰᠢ ᠲᠡᠭᠦᠨ ᠦ᠌ ᠨᠡᠷ᠎ᠡ ᠶ᠋ᠢ ᠵᠢᠭᠡᠯᠡᠳᠦᠨ ᠡᠯᠳᠡᠪ ᠬᠡᠷᠡᠭ ᠢ᠋ ᠰᠢᠳᠬᠡᠨ ᠶᠠᠪᠤᠭᠤᠯᠵᠤ᠂ ᠡᠴᠦᠰ ᠲᠦ᠋ᠨᠢ ᠥᠪᠡᠷᠰᠡᠳ ᠢ᠋ᠶ᠋ᠡᠨ ᠮᠥᠨ ᠯᠡ ᠨᠠᠰᠤᠨ ᠤ᠋ ᠶᠠᠪᠤᠳᠠᠯ ᠳᠠᠭᠤᠰᠳᠠᠭ ᠤ᠋ᠨ ᠳᠠᠪᠠᠭᠠᠨ ᠳᠡᠭᠡᠷ᠎ᠡ ᠳᠡᠯᠡᠬᠡᠢ ᠳ᠋ᠦ᠍ ᠠᠩᠬᠠᠨ ᠤ᠋ ᠤᠯᠠᠨ ᠳᠠᠪᠬᠤᠷ ᠪᠠᠷᠢᠯᠭ᠎ᠠ  ᠪᠤᠳᠠᠯᠠᠩ ᠢ᠋ ᠪᠤᠰᠬᠠᠵᠤ ᠲᠡᠭᠦᠨ ᠦ᠌ 9 - 13 ᠳᠠᠪᠬᠤᠷ ᠲᠤ᠌ ᠶᠢᠰᠦᠨ ᠵᠠᠭᠤᠨ ᠶᠡᠷᠡᠨ ᠶᠢᠰᠦᠨ ᠥᠷᠥᠭᠡ ᠵᠠᠰᠠᠵᠠᠢ᠃ ᠮᠢᠩᠭ᠎ᠠ ᠳ᠋ᠤ᠌ ᠨᠢᠭᠡ ᠳᠤᠲᠠᠭᠤ ᠥᠷᠥᠭᠡ ᠲᠡᠢ ᠠᠰᠤᠷᠤ ᠲᠣᠮᠣ ᠲᠡᠷᠡ ᠣᠷᠳᠣᠨ ᠭᠣᠣᠯ ᠢ᠋ᠶ᠋ᠠᠷ ᠢ᠋ᠶ᠋ᠠᠨ ᠠᠷᠪᠠᠨ ᠭᠤᠷᠪᠠ᠂ ᠵᠠᠬ᠎ᠠ ᠪᠠᠷ ᠢ᠋ᠶ᠋ᠠᠨ ᠶᠢᠰᠦᠨ ᠳᠠᠪᠬᠤᠷ ᠲᠤᠯᠠ ᠶᠠᠮᠠᠷ ᠨᠢᠭᠡᠨ ᠰᠦᠷᠯᠢᠭ ᠥᠨᠳᠥᠷ ᠠᠭᠤᠯᠠ ᠶ᠋ᠢ ᠰᠠᠨᠠᠭᠳᠠᠭᠤᠯᠬᠤ ᠪᠠᠷ ᠪᠣᠯᠵᠠᠢ᠃ ᠪᠤᠳ᠋ᠳ᠋ᠾᠠ ᠶ᠋ᠢᠨ ᠱᠠᠰᠢᠨ ᠤ᠋ ᠲᠡᠷᠢᠭᠦᠨ ᠯᠠᠮᠠ ᠳ᠋ᠤ᠌ ᠵᠣᠷᠢᠭᠤᠯᠵᠤ ᠪᠠᠷᠢᠭᠰᠠᠨ ᠲᠡᠷᠡ ᠣᠷᠳᠣᠨ ᠠ᠋ᠴᠠ ᠥᠨᠳᠥᠷ ᠪᠠᠷᠢᠯᠭ᠎ᠠ  ᠪᠤᠳ᠋ᠳ᠋ᠾᠠ ᠶ᠋ᠢᠨ ᠶᠢᠷᠲᠢᠨᠴᠦ ᠳ᠋ᠦ᠍ ᠪᠠᠷᠢᠵᠤ ᠪᠣᠯᠬᠤ ᠦᠭᠡᠢ ᠭᠡᠵᠦ ᠬᠠᠤᠯᠢ ᠵᠠᠷᠯᠢᠭ ᠭᠠᠷᠭᠠᠵᠠᠢ᠃ 
       ᠨᠢᠭᠡᠨᠲᠡ ᠨᠠᠰᠤᠨ ᠡᠴᠦᠰᠯᠡᠵᠦ ᠮᠥᠩᠬᠡ ᠪᠤᠰᠤ ᠶ᠋ᠢᠨ ᠶᠠᠪᠤᠳᠠᠯ ᠳ᠋ᠤ᠌ ᠣᠷᠣᠴᠢᠬᠠᠭᠠᠳ ᠪᠠᠢᠭᠰᠠᠨ ᠴᠤ᠌ ᠭᠡᠰᠡᠨ ᠪᠤᠳᠠᠯᠠᠩ ᠤ᠋ᠨ ᠭᠠᠢᠬᠠᠮᠰᠢᠭᠲᠤ ᠣᠷᠳᠣᠨ ᠢ᠋ ᠨᠡᠷ᠎ᠡ ᠰᠦᠷ ᠢ᠋ᠶ᠋ᠡᠷ ᠢ᠋ᠶ᠋ᠡᠨ ᠭᠦᠢᠴᠡᠭᠡᠯᠭᠡᠨ ᠪᠠᠷᠢᠭᠤᠯᠤᠭᠰᠠᠨ ᠲᠠᠪᠤᠳᠤᠭᠠᠷ ᠳᠠᠯᠠᠢ ᠯᠠᠮᠠ ᠶ᠋ᠢᠨ ᠱᠠᠷᠢᠯ ᠢ᠋ ᠠᠰᠤᠷᠤ ᠶᠡᠬᠡ ᠶᠣᠰᠣᠯᠠᠯ ᠢ᠋ᠶ᠋ᠠᠷ ᠮᠥᠨ ᠬᠦ᠌ ᠣᠷᠳᠣᠨ ᠳ᠋ᠤ᠌ ᠰᠤᠪᠤᠷᠭᠠᠯᠠᠵᠠᠢ᠃ ᠲᠡᠷᠡ ᠰᠤᠪᠤᠷᠭ᠎ᠠ ᠶ᠋ᠢ ᠳᠠᠪᠲᠠᠮᠠᠯ ᠠᠯᠲᠠ ᠪᠠᠷ  ᠪᠦᠷᠢᠵᠦ᠂ ᠡᠷᠳᠡᠨᠢ ᠶ᠋ᠢᠨ ᠴᠢᠯᠠᠭᠤ ᠪᠠᠷ ᠴᠢᠮᠡᠵᠡᠢ᠃ ᠠᠯᠲᠠ᠂ ᠡᠷᠳᠡᠨᠢ ᠶ᠋ᠢᠨ ᠰᠤᠪᠤᠷᠭ᠎ᠠ ᠶ᠋ᠢ ᠪᠣᠰᠬᠠᠬᠤ ᠳ᠋ᠤ᠌ ᠲᠥᠪᠡᠳ ᠦ᠋ᠨ ᠲᠡᠷᠡ ᠦᠶ᠎ᠡ ᠶ᠋ᠢᠨ ᠰᠠᠩ ᠤ᠋ᠨ ᠪᠦᠬᠦ ᠠᠯᠲᠠ᠂ ᠡᠷᠳᠡᠨᠢ ᠶ᠋ᠢᠨ ᠴᠢᠯᠠᠭᠤ ᠢ  ᠢᠷᠣᠭᠠᠷ ᠲᠠᠭᠠᠨ  ᠬᠦᠷᠴᠦ ᠬᠣᠭᠣᠰᠣᠷᠠᠭᠰᠠᠨ ᠠᠵᠠᠢ᠃ 
       ᠠᠩᠬᠠᠨ ᠠ᠋ᠴᠠ ᠪᠠᠨ ᠰᠤᠷᠢᠨᠵᠢᠨᠭᠤᠮᠪᠤ ᠬᠠᠭᠠᠨ ᠤ᠋ ᠪᠤᠰᠬᠠᠭᠰᠠᠨ ᠴᠠᠢᠵᠠᠨ ᠳᠡᠭᠡᠷ᠎ᠡ ᠳᠤᠯᠳᠤᠢᠳᠤᠨ ᠰᠦᠨᠳᠡᠷᠯᠡᠭᠰᠡᠨ  ᠪᠤᠳᠠᠯᠠᠩ ᠤ᠋ᠨ ᠣᠷᠳᠣᠨ ᠨᠢᠭᠡ ᠬᠠᠷᠠᠬᠤ ᠳ᠋ᠤ᠌ ᠪᠤᠷᠬᠠᠨ ᠤ᠋ ᠰᠢᠯᠲᠦᠭᠡᠨ᠂ ᠨᠥᠭᠥᠭᠡ ᠬᠠᠷᠠᠬᠤ ᠳ᠋ᠤ᠌ ᠴᠡᠷᠢᠭ ᠦ᠋ᠨ ᠴᠠᠢᠵᠠ ᠶ᠋ᠢ ᠢᠮᠠᠭᠲᠠ ᠰᠠᠨᠠᠭᠳᠠᠭᠤᠯᠤᠨ᠎ᠠ᠃ ᠭᠣᠣᠯ ᠤ᠋ᠨ ᠬᠥᠨᠳᠡᠢ ᠳ᠋ᠦ᠍ ᠭᠠᠭᠴᠠᠭᠠᠷ ᠢ᠋ᠶ᠋ᠠᠨ ᠢᠯᠭᠠᠷᠠᠨ ᠲᠣᠭᠲᠠᠭᠰᠠᠨ ᠲᠣᠯᠣᠭᠠᠢ ᠶ᠋ᠢᠨ ᠣᠷᠣᠢ ᠳᠡᠭᠡᠷ᠎ᠡ ᠪᠠᠢᠭᠤᠯᠤᠭᠰᠠᠨ  ᠪᠤᠳᠠᠯᠠᠩ ᠤ᠋ᠨ ᠣᠷᠳᠣᠨ ᠠᠯᠤᠰ ᠬᠣᠯᠠ ᠠ᠋ᠴᠠ ᠬᠠᠷᠠᠭᠳᠠᠬᠤ ᠶ᠋ᠢᠨ ᠭᠠᠳᠠᠨ᠎ᠠ ᠳᠡᠷᠭᠡᠳᠡ ᠨᠢ ᠣᠴᠢᠬᠤ ᠳ᠋ᠤ᠌ ᠥᠴᠦᠬᠡᠨ  ᠰᠢᠲᠦᠯᠭᠡᠲᠡᠨ ᠨᠦ᠍ᠭᠦᠳ ᠢ᠋ ᠰᠦᠷ ᠪᠠᠷ᠎ᠠ ᠪᠠᠷ ᠢ᠋ᠶ᠋ᠠᠨ  ᠳᠠᠷᠤᠵᠤ ᠥᠪᠡᠷ ᠦ᠋ᠨ ᠡᠷᠬᠡ ᠦᠭᠡᠢ ᠰᠡᠭᠦᠷᠡᠰᠦ ᠠᠯᠠᠳᠠᠨ ᠨᠠᠮᠠᠨᠴᠢᠯᠠᠬᠤ ᠳ᠋ᠤ᠌ ᠬᠦᠷᠭᠡᠨ᠎ᠡ᠃ ᠳᠡᠯᠡᠬᠡᠢ ᠳ᠋ᠦ᠍ ᠠᠩᠬᠠᠨ ᠤ᠋ ᠣᠯᠠᠨ ᠳᠠᠪᠬᠤᠷ ᠰᠦᠮ᠎ᠡ ᠠᠷᠭ᠎ᠠ ᠦᠭᠡᠢ ᠯᠡ ᠮᠥᠨ ᠠᠵᠢ᠃ 
       ᠭᠡᠯᠦᠩ ᠴᠤᠢᠮᠴᠤᠭ ᠤ᠋ᠨ ᠴᠥᠭᠡᠨ ᠮᠥᠷᠭᠥᠯᠴᠢᠳ ᠮᠥᠨ ᠯᠡ ᠲᠡᠢᠨ ᠬᠦ᠌ ᠰᠦᠷ ᠲᠦ᠍ ᠳᠠᠷᠤᠭᠳᠠᠵᠤ ᠪᠤᠳᠠᠯᠠᠩ ᠤ᠋ᠨ ᠣᠷᠳᠣᠨ ᠤ᠋ ᠠᠩᠬᠠᠨ ᠤ᠋ ᠳᠣᠪᠵᠢᠶᠠᠨ ᠭᠢᠰᠬᠢᠭᠦᠷ ᠳᠡᠭᠡᠷ᠎ᠡ ᠰᠤᠨᠤᠨ ᠮᠥᠷᠭᠥᠵᠦ ᠳᠤᠬᠤ ᠪᠠᠷ ᠢ᠋ᠶ᠋ᠠᠨ ᠠᠳᠢᠰ ᠠᠪᠴᠠᠭᠠᠯ᠎ᠠ᠃  ᠪᠤᠳᠠᠯᠠᠩ ᠣᠨ ᠣᠷᠳᠣᠨ ᠥᠭᠡᠳᠡ ᠠᠪᠠᠷᠢᠨ ᠣᠴᠢᠬᠤ ᠳ᠋ᠤ᠌ ᠵᠣᠷᠢᠭᠤᠯᠵᠤ ᠮᠠᠷᠪᠤᠷᠢ ᠲᠣᠯᠣᠭᠠᠢ ᠶ᠋ᠢ ᠥᠭᠰᠥᠭᠦᠯᠦᠨ ᠭᠤᠷᠪᠠᠨ ᠲᠠᠯ᠎ᠠ ᠠ᠋ᠴᠠ ᠨᠢ ᠲᠠᠯᠪᠢᠭᠰᠠᠨ ᠴᠢᠯᠠᠭᠤᠨ ᠱᠠᠲᠤ ᠨᠤᠭᠤᠳ ᠬᠢᠷᠦᠭᠡᠨ ᠦ᠌ ᠢᠷ ᠰᠢᠭ ᠢᠷᠠᠢᠵᠤ ᠪᠠᠢᠪᠠ᠃ ᠵᠡᠭᠦᠨ ᠡᠴᠡ ᠪᠠᠷᠠᠭᠤᠨ᠎ᠠ ᠲᠠᠬᠢᠷᠠᠯᠳᠤᠭᠤᠯᠤᠨ ᠵᠠᠰᠠᠭᠰᠠᠨ ᠱᠠᠲᠤᠨ ᠤ᠋ ᠤᠠᠯᠨ ᠵᠠᠭᠤᠨ ᠭᠢᠰᠬᠢᠭᠦᠷ ᠥᠭᠡᠳᠡ ᠮᠥᠷᠭᠥᠯᠴᠢᠳ ᠰᠦᠵᠢᠭᠲᠡᠢ ᠪᠡᠷ ᠨᠠᠮᠠᠨᠴᠢᠯᠠᠨ ᠥᠭᠰᠥᠵᠦ ᠡᠬᠢᠯᠡᠪᠡ᠃ 
       ᠬᠣᠶᠠᠷ ᠲᠡᠢᠰᠢ ᠳᠠᠯᠠᠪᠴᠢᠯᠠᠵᠤ ᠭᠣᠣᠯ ᠥᠭᠡᠳᠡ ᠲᠡᠮᠡᠦᠯᠦᠭᠰᠡᠨ ᠬᠡᠯᠪᠡᠷᠢ ᠲᠡᠢ ᠠᠰᠤᠷᠤ ᠲᠣᠮᠣ ᠣᠷᠳᠣᠨ ᠤ᠋ ᠲᠥᠪ ᠬᠡᠰᠡᠭ ᠨᠢ ᠤᠯᠠᠭᠠᠨ  ᠬᠦᠷᠡᠩ ᠵᠣᠰᠣ ᠶ᠋ᠢᠨ ᠥᠩᠭᠡ ᠪᠡᠷ ᠪᠣᠳᠣᠭᠳᠠᠭᠰᠠᠨ ᠠᠵᠢ᠃ 《ᠤᠯᠠᠭᠠᠨ ᠣᠷᠳᠣᠨ ᠪᠤᠶᠤ  ᠫᠤᠪᠷᠠᠩ  ᠮᠠᠷᠫᠦ ᠭᠡᠳᠡᠭ ᠨᠢ ᠡᠨᠡ ᠶᠦᠮ  ᠪᠠᠢᠵᠠᠢ᠃ ᠬᠣᠶᠠᠷ ᠵᠢᠭᠦᠷ ᠦ᠋ᠨ ᠴᠠᠭᠠᠨ ᠪᠠᠷᠢᠯᠭ᠎ᠠ ᠨᠤᠭᠤᠳ ᠴᠠᠭᠠᠨ ᠣᠷᠳᠣᠨ ᠪᠤᠶᠤ  ᠫᠤᠪᠷᠠᠩ ᠺᠠᠷᠪᠤ ᠭᠡᠳᠡᠭ ᠨᠢ  ᠪᠠᠢᠬ᠎ᠠ᠃ ᠶᠠᠭᠠᠬᠢᠭ᠍ᠰᠡᠨ ᠠᠰᠤᠷᠤ ᠰᠦᠷᠯᠢᠭ ᠲᠣᠮᠣ ᠤᠷᠲᠤ ᠬᠠᠷᠰᠢ ᠪᠣᠢ? ᠲᠣᠯᠣᠭᠠᠢ ᠡᠷᠭᠢᠮ᠎ᠡ ᠰᠦᠷᠲᠡᠢ ᠶᠦᠮ》 ᠭᠡᠵᠦ  ᠭᠡᠰᠦᠯ ᠰᠡᠩᠵᠢ ᠪᠣᠳᠣᠯ᠎ᠠ᠃ ᠪᠤᠶᠠᠨᠵᠠᠯᠪᠠᠷᠢᠬᠤ ᠬᠡᠢᠳ ᠡᠴᠡ ᠥᠭᠡᠷ᠎ᠡ ᠶᠠᠭᠤ ᠴᠤ᠌ ᠦᠵᠡᠵᠦ᠂ ᠨᠢᠳᠦ ᠲᠠᠢᠯᠤᠭ᠎ᠠ ᠦᠭᠡᠢ ᠵᠠᠯᠠᠭᠤ ᠭᠡᠰᠦᠯ ᠳ᠋ᠦ᠍  ᠪᠤᠳᠠᠯᠠᠩ ᠤ᠋ᠨ ᠣᠷᠳᠣᠨ ᠦᠨᠡᠬᠡᠷ ᠦᠨᠡᠮᠰᠢᠭᠳᠡᠮᠡᠷ ᠦᠭᠡᠢ ᠰᠦᠷᠯᠢᠭ ᠭᠠᠢᠬᠠᠮᠰᠢᠭᠲᠠᠢ ᠬᠠᠷᠠᠭᠳᠠᠯ᠎ᠠ᠃ ᠨᠤᠲᠤᠭ ᠤ᠋ᠨ ᠨᠢ ᠨᠢᠭᠡ ᠡᠪᠦᠭᠡᠨ 《ᠠᠢ ᠲᠡᠷᠡ ᡀᠠᠰᠠ ᠵᠣᠣ ᠶ᠋ᠢᠨ ᠪᠤᠳᠠᠯᠠᠩ ᠥᠷᠭᠥᠭᠡ ᠦᠦ᠂ ᠮᠥᠨ ᠴᠦ᠍ ᠰᠦᠷᠯᠢᠭ ᠲᠣᠮᠣ ᠬᠠᠢᠷᠬᠠᠨ ᠰᠢᠦ᠃ ᠮᠠᠨ ᠤ᠋ ᠪᠤᠷᠬᠠᠨ ᠪᠤᠤᠳᠠᠢ ᠠᠭᠤᠯᠠᠨ ᠠ᠋ᠴᠠ ᠪᠠᠭ᠎ᠠ ᠦᠭᠡᠢ ᠪᠠᠢᠬ᠎ᠠ᠃ ᠳᠣᠲᠣᠷ᠎ᠠ ᠨᠢ ᠮᠣᠷᠢ ᠲᠠᠢ ᠬᠥᠮᠦᠨ ᠶᠠᠪᠤᠵᠤ ᠪᠠᠢᠳᠠᠭ ᠶᠤᠮ᠃ ᠪᠠᠢᠰᠢᠩ ᠳᠣᠲᠣᠷ᠎ᠠ ᠪᠠᠨ ᠨᠢᠷᠤᠭᠤ ᠨᠢ ᠨᠢᠭᠡ ᠨᠠᠮ᠂ ᠨᠢᠭᠡ ᠥᠨᠳᠥᠷ ᠪᠣᠯᠬᠣᠷ ᠦᠶᠡᠯᠡᠭᠦᠯᠦᠨ ᠬᠢᠭᠰᠡᠨ ᠪᠠᠢᠳᠠᠭ ᠶᠤᠮ᠃ ᠬᠣᠷᠢᠨ ᠮᠢᠩᠭᠠᠨ ᠯᠠᠮᠠ ᠬᠤᠷᠠᠯᠳᠤᠭᠠᠳ ᠭᠠᠷᠴᠤ ᠪᠠᠢᠬᠤ ᠶ᠋ᠢ ᠬᠠᠷᠠᠭᠰᠠᠨ᠃  ᠠᠢ ᠳᠠ  ᠮᠥᠨ ᠯᠡ ᠠᠭᠤᠵᠢᠮ ᠰᠠᠪᠠ ᠪᠢᠯᠡᠭᠡᠵᠦ ᠶᠠᠷᠢᠭᠰᠠᠨ ᠢ᠋ ᠭᠡᠰᠦᠯ ᠰᠡᠩᠵᠢ ᠭᠡᠨᠡᠳᠲᠡ ᠰᠠᠨᠠᠪᠠ᠃ 《ᠬᠤᠳᠠᠯ ᠪᠠᠢᠯᠭᠦᠢ᠃  ᠶᠠᠭᠠᠬᠢᠵᠤ ᠪᠤᠷᠬᠠᠨ ᠪᠤᠤᠳᠠᠢ ᠠᠭᠤᠯᠠ ᠰᠢᠭ᠋ ᠳᠤᠭᠠᠩ ᠪᠠᠢᠬᠤ ᠶᠤᠮ ᠪᠣᠢ︖》 ᠭᠡᠵᠦ ᠲᠡᠭᠡᠬᠦ ᠳ᠋ᠦ᠍ ᠡᠪᠦᠭᠡᠨ ᠲᠡᠢ ᠮᠠᠷᠭᠤᠬᠤ ᠳ᠋ᠤ᠌ ᠲᠡᠷᠡ  ᠠᠰᠤᠷᠤ ᠶᠡᠬᠡ ᠠᠭᠤᠷᠯᠠᠨ ᠭᠣᠮᠣᠳᠠᠵᠤ 《ᠴᠢ ᠪᠤᠶᠠᠨ ᠲᠠᠢ ᠬᠥᠮᠦᠨ ᠪᠣᠯ ᠥᠪᠡᠷ ᠢ᠋ᠶ᠋ᠡᠨ ᠣᠴᠢᠭᠠᠳ ᠯᠠ ᠮᠡᠳᠡᠨ᠎ᠡ ᠳᠠ᠃ ᠪᠤᠶᠠᠨ ᠦᠭᠡᠢ ᠪᠣᠯ ᠢᠩᠭᠢᠭᠡᠳ ᠯᠡ ᠬᠥᠮᠦᠨ ᠳ᠋ᠦ᠍ ᠢᠲᠡᠭᠡᠬᠦ ᠦᠭᠡᠢ ᠥᠩᠭᠡᠷᠡᠨ᠎ᠡ》 ᠭᠡᠵᠦ ᠬᠡᠯᠡᠵᠡᠢ᠃ ᠰᠡᠩᠵᠢ  ᠭᠡᠰᠦᠯ  ᠪᠤᠳᠠᠯᠠᠩ ᠤ᠋ᠨ ᠣᠷᠳᠣᠨ ᠤ᠋  ᠪᠣᠱᠣᠭᠠᠨ ᠳᠡᠭᠡᠷ᠎ᠡ ᠵᠣᠭᠰᠣᠵᠤ ᠪᠠᠢᠬᠤ ᠳ᠋ᠠᠭᠠᠨ 《ᠡᠪᠦᠭᠡᠨ ᠦ᠌ ᠬᠡᠯᠡᠳᠡᠭ ᠴᠦ᠍ ᠠᠷᠭ᠎ᠠ ᠦᠭᠡᠢ ᠯᠡ ᠶᠦᠮ  ᠪᠠᠢᠵᠠᠢ᠃ ᠠᠭᠤᠯᠠ  ᠰᠢᠭ᠋ ᠯᠡ ᠬᠠᠷᠠᠭᠳᠠᠳᠠᠭ ᠣᠷᠳᠣᠨ ᠪᠠᠢᠨ᠎ᠠ》 ᠭᠡᠵᠦ ᠪᠣᠳᠣᠯ᠎ᠠ᠃ ᠲᠡᠷᠡ ᠪᠣᠳᠣᠯ ᠢ᠋ ᠨᠢ ᠪᠥᠬᠡᠮᠠᠩᠯᠠᠢ ᠲᠠᠰᠤᠯᠵᠤ᠂ 
       - ᠬᠥᠬᠡ ᠲᠣᠭᠣᠨᠣ ᠶ᠋ᠢᠨ ᠳᠠᠪᠠᠭᠠᠨ ᠤ᠋ ᠰᠦᠷ ᠲᠦ᠍ ᠳᠠᠷᠤᠭᠳᠠᠭ᠎ᠠ ᠦᠭᠡᠢ ᠪᠠᠢᠲᠠᠯ᠎ᠠ ᠡᠨᠡ  ᠪᠤᠳᠠᠯᠠᠩ ᠤ᠋ᠨ ᠣᠷᠳᠣᠨ ᠤ᠋ ᠴᠢᠨᠢ ᠰᠦᠷ ᠲᠦ᠍ ᠠᠷᠭ᠎ᠠ ᠦᠭᠡᠢ ᠯᠡ ᠳᠠᠷᠤᠭᠳᠠᠬᠤ ᠨᠢ ᠳᠡ᠃ ᠣᠷᠣᠢ ᠶ᠋ᠢ ᠨᠢ ᠬᠠᠷᠠᠬᠤ ᠭᠡᠬᠦ ᠪᠡᠷ ᠮᠠᠯᠠᠭᠠᠢ ᠠᠷᠤ ᠲᠡᠰᠢ ᠣᠢᠴᠢᠬᠤ ᠭᠡᠳ ᠪᠠᠢᠨ᠎ᠠ᠃ ᠮᠥᠨ ᠯᠡ ᠠᠰᠤᠷᠤ ᠰᠦᠷᠯᠢᠭ᠂ ᠥᠨᠳᠥᠷ ᠶᠦᠮ ᠠ᠋ ᠭᠡᠪᠡ᠃ 
       ᠮᠥᠷᠭᠥᠯᠴᠢᠳ ᠠᠯᠬᠤᠮ ᠪᠦᠷᠢ ᠳ᠋ᠡᠭᠡᠨ ᠪᠤᠳ᠋ᠳ᠋ᠾᠠ ᠪᠤᠷᠬᠠᠨ ᠤ᠋ ᠪᠡᠶ᠎ᠡ ᠲᠥᠯᠥᠭᠡᠯᠡᠭᠴᠢ ᠪᠣᠯᠤᠨ ᠵᠠᠶᠠᠭᠠᠵᠤ᠂ ᠣᠷᠴᠢᠯᠠᠩ ᠳᠡᠭᠡᠷ᠎ᠡ ᠠᠷᠢᠭᠤᠨ ᠦᠢᠯᠡᠰ ᠢ᠋ ᠨᠢ ᠵᠠᠯᠠᠭᠤᠷᠳᠠᠵᠤ ᠪᠠᠢᠭ᠎ᠠ ᠳᠠᠯᠠᠢ ᠯᠠᠮᠠ ᠳ᠋ᠤ᠌ ᠵᠣᠷᠢᠭᠤᠯᠤᠭᠰᠠᠨ ᠮᠥᠷᠭᠥᠯ ᠦ᠋ᠨ ᠠᠯᠬᠤᠭ᠎ᠠ ᠭᠡᠵᠦ ᠦᠵᠡᠵᠦ ᠰᠦᠵᠢᠭᠲᠡᠢ᠂ ᠨᠠᠮᠪᠠᠲᠠᠢ᠂  ᠪᠠᠰᠠ  ᠬᠦ᠌ ᠬᠦᠨᠳᠦᠳᠬᠡᠯᠲᠡᠢ ᠪᠡᠷ ᠡᠯᠳᠡᠪ ᠦᠭᠡ ᠶᠠᠷᠢᠶ᠎ᠠ ᠦᠭᠡᠢ ᠪᠡᠷ  ᠥᠭᠰᠥᠨ ᠥᠭᠰᠥᠭᠰᠡᠭᠡᠷ  ᠪᠤᠳᠠᠯᠠᠩ ᠤ᠋ᠨ ᠬᠠᠭᠠᠯᠭᠠᠨ ᠳᠡᠭᠡᠷ᠎ᠡ ᠬᠦᠷᠴᠦ ᠢᠷᠡᠯ᠎ᠡ᠃ ᠪᠤᠷᠬᠠᠨ ᠤ᠋ ᠦᠷᠭᠦᠭᠡᠨ ᠳ᠋ᠦ᠍ ᠨᠡᠪᠲᠡᠷᠡᠨ ᠣᠷᠣᠬᠤ ᠬᠠᠭᠠᠯᠭᠠᠨ ᠤ᠋ ᠪᠤᠰᠤᠭᠠᠨ ᠳᠡᠭᠡᠭᠦᠷ ᠠᠯᠬᠤᠨ ᠣᠷᠣᠭᠰᠠᠨ ᠡᠭᠡᠯ ᠵᠢᠷ ᠦ᠋ᠨ ᠬᠥᠮᠦᠨ ᠢ᠋ ᠥᠴᠢᠭ ᠦᠭᠡᠢ  ᠪᠠᠷᠢᠪᠴᠢᠯᠠᠨ ᠠᠪᠴᠤ ᠲᠤᠰᠬᠠᠢ ᠥᠷᠥᠭᠡᠨ ᠳ᠋ᠦ᠍ ᠣᠷᠣᠭᠤᠯᠤᠨ ᠳᠥᠴᠢᠨ ᠶᠢᠰᠦᠨ ᠤᠳᠠᠭ᠎ᠠ  ᠲᠣᠷᠯᠣᠭᠳᠠᠵᠤ ᠵᠠᠨᠴᠢᠭᠠᠳ ᠳᠠᠷᠠᠭ᠎ᠠ ᠨᠢ ᠬᠡᠷᠡᠭ ᠵᠣᠷᠢᠭ ᠢ᠋ ᠨᠢ ᠠᠰᠠᠭᠤᠳᠠᠭ ᠲᠡᠢᠮᠦ ᠬᠠᠤᠯᠢ ᠲᠠᠢ ᠠᠵᠢ᠃ ᠭᠡᠪᠡᠴᠦ ᠬᠠᠷᠢ ᠭᠠᠵᠠᠷ ᠤ᠋ᠨ ᠮᠥᠷᠭᠥᠯᠴᠢᠳ ᠢ᠋ ᠲᠡᠷᠡ ᠬᠠᠤᠯᠢ ᠳ᠋ᠤ᠌  ᠬᠠᠮᠢᠶᠠᠷᠠᠭᠤᠯᠤᠭᠰᠠᠨ ᠦᠭᠡᠢ᠃  ᠪᠠᠰᠠ ᠴᠤ᠌ ᠲᠡᠳᠡ ᠤᠷᠢᠳᠠᠪᠠᠷ ᠳᠠᠯᠠᠢ ᠯᠠᠮᠠ ᠳ᠋ᠤ᠌ ᠪᠠᠷᠠᠯᠬᠠᠨ ᠮᠥᠷᠭᠥᠬᠦ ᠵᠥᠪᠰᠢᠶᠡᠷᠡᠯ ᠠᠪᠤᠭᠰᠠᠨ ᠪᠠᠢᠯ᠎ᠠ᠃ 
      ᠁ ᠬᠠᠭᠠᠯᠭ᠎ᠠ ᠣᠩᠭᠣᠷᠬᠠᠢ ᠪᠠᠢᠯ᠎ᠠ᠃ ᠮᠥᠷᠭᠥᠯᠴᠢᠳ ᠲᠡᠷᠡ ᠬᠠᠭᠠᠯᠭᠠᠨ ᠳᠡᠭᠡᠷ᠎ᠡ ᠢᠷᠡᠭᠡᠳ ᠥᠪᠡᠷ ᠦ᠋ᠨ ᠡᠷᠬᠡ ᠦᠭᠡᠢ ᠵᠣᠭ ᠲᠣᠰᠤᠯ᠎ᠠ᠃ ᠤᠴᠢᠷ ᠨᠢ ᠭᠡᠪᠡᠯ ᠬᠠᠭᠠᠯᠭᠠᠨ ᠤ᠋ ᠡᠭᠴᠡ ᠬᠠᠷᠠᠯᠳᠤᠭ᠎ᠠ ᠬᠣᠢᠮᠣᠷ ᠲᠤ᠌ ᠠᠯᠲᠠ ᠳᠡᠯᠢᠮ ᠥᠨᠳᠥᠷ ᠡᠷᠭᠦᠭᠳᠡᠭᠰᠡᠨ ᠽᠠᠨᠳᠠᠨ ᠮᠣᠳᠣᠨ ᠬᠡ ᠤᠭᠠᠯᠵᠠ ᠲᠠᠢ ᠳᠥᠷᠪᠡᠯᠵᠢᠨ ᠰᠠᠭᠤᠳᠠᠯ ᠳ᠋ᠤ᠌ ᠳᠠᠯᠠᠢ ᠯᠠᠮᠠ ᠠᠷᠪᠠᠨ ᠭᠤᠷᠪᠠᠳᠤᠭᠠᠷ ᠵᠠᠯᠠᠷᠠᠵᠤ ᠪᠠᠢᠬᠤ ᠲᠠᠢ ᠮᠥᠷᠭᠥᠯᠴᠢᠳ ᠦ᠋ᠨ ᠬᠠᠷᠠᠴᠠ ᠰᠢᠭᠤᠳ ᠲᠤᠯᠭᠠᠷᠠᠵᠠᠢ᠃ ᠡᠮᠦᠨᠡᠲᠦ ᠡᠲᠡᠭᠡᠳ ᠤᠷᠤᠭᠤ ᠨᠢ ᠰᠢᠷ᠎ᠠ ᠲᠣᠷᠭᠠᠨ ᠤᠨᠵᠢᠯᠭ᠎ᠠ ᠤᠨᠵᠢᠭᠤᠯᠵᠠᠢ᠃ ᠲᠡᠭᠦᠨ ᠳᠡᠭᠡᠷ᠎ᠡ ᠨᠠᠴᠤᠭᠳᠣᠷᠵᠢ ᠲᠡᠮᠳᠡᠭ ᠪᠤᠶᠤ  ᠵᠦᠷᠢᠭᠦᠯᠡᠩᠰᠡᠨ ᠬᠣᠣᠰ  ᠸᠠᠴᠢᠷ  ᠵᠢᠷᠤᠵᠠᠢ᠃ ᠠᠷᠤ ᠡᠲᠡᠭᠡᠳ ᠲᠦ᠍ ᠮᠥᠨ ᠯᠡ  ᠯᠤᠤ ᠬᠡ ᠲᠡᠢ ᠰᠢᠷ᠎ᠠ ᠲᠣᠷᠭᠠᠨ ᠪᠦᠷᠬᠦᠭᠡᠰᠦᠲᠡᠢ ᠲᠦᠰᠢᠯᠭᠡ ᠶᠡᠬᠡ ᠯᠠᠮᠠ ᠶ᠋ᠢᠨ ᠲᠡᠷᠢᠭᠦᠨ ᠳᠡᠭᠡᠭᠦᠷ ᠦᠯᠦ ᠶᠠᠯᠢᠬᠤ ᠢᠯᠡᠭᠦᠦ ᠭᠠᠷᠴᠤ ᠬᠠᠷᠠᠭᠳᠠᠯ᠎ᠠ᠃ ᠳᠠᠯᠠᠢ ᠯᠠᠮ᠎ᠠ ᠰᠢᠷ᠎ᠠ ᠵᠠᠩᠴᠢ ᠨᠥᠮᠥᠷᠦᠭᠡᠳ᠂ ᠵᠠᠪᠢᠯᠠᠨ ᠰᠠᠭᠤᠵᠠᠢ᠃ ᠲᠡᠷᠢᠭᠦᠨ ᠳ᠋ᠡᠭᠡᠨ ᠽᠤᠩᠭᠡᠸ᠎ᠠ ᠶ᠋ᠢᠨ ᠡᠮᠦᠰᠬᠡᠯ ᠰᠢᠷ᠎ᠠ  ᠣᠪᠣᠣᠲᠠᠢ ᠮᠠᠯᠠᠭᠠᠢ ᠶ᠋ᠢ ᠵᠠᠯᠠᠵᠠᠢ᠃ ᠵᠢᠰᠦ ᠴᠢᠷᠠᠢ ᠲᠤᠩ ᠵᠠᠯᠠᠭᠤᠪᠲᠤᠷ ᠪᠦᠷ ᠬᠡᠦᠬᠡᠳ ᠢ᠋ᠶ᠋ᠡᠷ ᠢ᠋ᠶ᠋ᠡᠨ ᠪᠣᠯᠪᠠᠴᠤ ᠶᠠᠭᠤᠮ᠎ᠠ ᠪᠢᠰᠢᠯᠭᠠᠨ ᠪᠣᠳᠣᠬᠤ ᠮᠡᠲᠦ ᠠᠮᠤᠷᠯᠢᠩᠭᠤᠢ ᠭᠤᠨᠢᠭᠲᠠᠢ ᠠᠵᠢ᠃  ᠪᠤᠳ᠋ᠳ᠋ᠾᠠ ᠶ᠋ᠢᠨ ᠱᠠᠰᠢᠨ ᠤ᠋ ᠣᠷᠣᠢ ᠶ᠋ᠢᠨ ᠳᠡᠭᠡᠳᠦ ᠯᠠᠮᠠ ᠲᠠᠢ ᠭᠡᠨᠡᠳᠲᠡ ᠨᠢᠭᠤᠷ ᠤᠴᠠᠷᠠᠨ ᠬᠠᠷᠠᠴᠠ ᠲᠤᠯᠭᠠᠷᠠᠨ ᠠᠭᠤᠯᠵᠠᠭᠰᠠᠨ ᠳ᠋ᠠᠭᠠᠨ ᠮᠥᠷᠭᠥᠯᠴᠢᠳ ᠰᠦᠷ ᠲᠦ᠍ ᠳᠠᠷᠤᠭᠳᠠᠨ ᠲᠡᠪᠡᠳᠡᠨ  ᠪᠠᠯᠠᠮᠠᠭᠳᠠᠵᠤ ᠳ᠋ᠤᠷ ᠤᠬᠤᠷᠢᠰᠬᠢᠨ ᠵᠣᠭ ᠲᠤᠰᠴᠠᠢ᠃  
       《ᠳᠠᠯᠠᠢ ᠯᠠᠮᠠ ᠭᠡᠳᠡᠭ ᠬᠡᠨ ᠰᠠᠨ ᠪᠢᠯᠡ︖ᠠᠷᠪᠠᠨ ᠨᠢᠭᠡᠨ ᠲᠡᠷᠢᠭᠦᠨᠲᠦ ᠪᠦᠬᠦᠨ ᠢ᠋  ᠠᠢᠯᠠᠳᠤᠭᠴᠢ  ᠬᠤᠮᠰᠢᠮ ᠪᠣᠳᠢᠰᠠᠳ᠋ᠸ᠎ᠠ  ᠠᠪᠠᠯᠤᠺᠸ᠋ᠲᠸ᠋ᠱᠸᠠᠷᠢ  ᠪᠤᠷᠬᠠᠨ ᠤ᠋ ᠬᠤᠪᠢᠯᠭᠠᠨ ᠭᠡᠳᠡᠭ ᠪᠢᠯᠡ᠃ ᠬᠣᠷᠸ᠎ᠠ ᠳ᠋ᠤ᠌ ᠡᠢᠮᠦ ᠬᠤᠪᠢᠯᠭᠠᠨ ᠵᠥᠪᠬᠡᠨ ᠠᠷᠪᠠᠨ ᠭᠤᠷᠪᠠ ᠲᠥᠷᠥᠭᠰᠡᠨ ᠦ᠌ ᠨᠢᠭᠡ ᠨᠢ ᠡᠢᠨ  ᠬᠦ᠌ ᠥᠨᠳᠥᠷ ᠰᠠᠭᠤᠳᠠᠯ ᠳ᠋ᠠᠭᠠᠨ ᠵᠠᠯᠠᠷᠠᠨ ᠪᠠᠢᠭ᠎ᠠ ᠪᠢᠰᠢ ᠦᠦ ? ᠰᠦᠰᠦᠭᠯᠡᠨ ᠮᠥᠷᠭᠥᠬᠦ ᠬᠡᠷᠡᠭᠲᠡᠢ》 ᠭᠡᠵᠦ ᠭᠡᠰᠦᠯ ᠰᠡᠩᠵᠢ ᠪᠣᠳᠣᠯ᠎ᠠ᠃ 
       ᠠᠷᠪᠠᠨ ᠭᠤᠷᠪᠠᠳᠤᠭᠠᠷ ᠳᠠᠯᠠᠢ ᠯᠠᠮᠠ ᠶ᠋ᠢᠨ ᠠᠯᠳᠠᠷ ᠨᠢ ᠠᠩᠸᠠᠩᠯᠤᠪᠰᠠᠩᠳᠤᠪᠳᠠᠨᠵᠠᠭᠪᠠᠷᠠᠯᠪᠠᠨᠴᠢᠨᠴᠤᠭᠯᠤᠢᠨᠠᠮᠵᠢᠯ ᠶᠤᠮ᠃ ᠨᠠᠰᠤ ᠪᠡᠶ᠎ᠡ ᠭᠦᠢᠴᠡᠭᠡ ᠦᠭᠡᠢ ᠲᠤᠯᠠ ᠱᠠᠰᠢᠨ ᠤ᠋ ᠶᠡᠬᠡ ᠬᠡᠷᠡᠭ ᠢ᠋ ᠲᠡᠭᠦᠨ ᠦ᠌ ᠡᠷᠳᠡᠨᠢᠲᠦ ᠪᠠᠭᠰᠢ ᠭᠡᠭᠳᠡᠳᠡᠭ  ᠶᠤᠨᠵᠤᠨᠷᠢᠨᠪᠤᠴᠢ ᠯᠤᠪᠰᠠᠩᠴᠤᠯᠳᠠᠮᠵᠠᠮᠪᠠᠵᠠᠮᠰᠤ ᠭᠡᠭᠴᠢ ᠰᠢᠳᠬᠡᠨ ᠶᠠᠪᠤᠭᠤᠯᠤᠨ᠎ᠠ᠃ ᠶᠡᠷᠦ ᠨᠢ ᠴᠦ᠍ ᠲᠡᠭᠦᠨ ᠦ᠌ ᠡᠮᠦᠨᠡᠬᠢ ᠠᠷᠪᠠᠨ ᠬᠣᠶᠠᠷ ᠳᠠᠯᠠᠢ ᠯᠠᠮᠠ ᠠ᠋ᠴᠠ ᠨᠠᠰᠤ ᠪᠡᠶ᠎ᠡ ᠭᠦᠢᠴᠡᠵᠦ ᠠᠵᠤ ᠲᠥᠷᠥᠭᠰᠡᠨ ᠬᠥᠮᠦᠨ ᠴᠥᠭᠡᠨ ᠪᠢᠯᠡ᠃ ᠢᠯᠠᠩᠭᠤᠶ᠎ᠠ ᠡᠳᠦᠭᠡ ᠲᠣᠳᠣᠷᠠᠭᠰᠠᠨ ᠠᠷᠪᠠᠨ ᠭᠤᠷᠪᠠᠳᠤᠭᠠᠷ ᠳᠠᠯᠠᠢ ᠯᠠᠮᠠ ᠠ᠋ᠴᠠ ᠡᠮᠦᠨᠡᠬᠢ ᠳᠥᠷᠪᠡ ᠲᠠᠪᠤᠨ ᠳᠠᠯᠠᠢ ᠯᠠᠮᠠ ᠬᠣᠷᠢᠨ ᠨᠠᠰᠤ ᠶ᠋ᠢ ᠨᠠᠰᠤᠯᠠᠵᠤ ᠴᠢᠳᠠᠯ ᠦᠭᠡᠢ᠂ ᠮᠥᠩᠬᠡ ᠪᠤᠰᠤ ᠶ᠋ᠢ ᠦᠵᠡᠭᠦᠯᠦᠭᠰᠡᠨ ᠠᠵᠢ᠃ ᠳᠥᠷᠪᠡᠳᠦᠭᠡᠷ ᠳᠠᠯᠠᠢ ᠯᠠᠮᠠ ᠶᠣᠨᠳᠣᠩᠵᠠᠮᠰᠤ ᠮᠣᠩᠭᠣᠯ ᠬᠥᠮᠦᠨ ᠪᠠᠢᠯ᠎ᠠ᠃ ᠯᠠᠮᠠ ᠶ᠋ᠢᠨ ᠱᠠᠰᠢᠨ ᠢ᠋ ᠮᠣᠩᠭᠣᠯ ᠳ᠋ᠤ᠌ ᠳᠡᠯᠭᠡᠷᠡᠭᠦᠯᠬᠦ ᠡᠷᠡᠮᠡᠯᠵᠡᠯ ᠳ᠋ᠡᠭᠡᠨ ᠬᠥᠲᠥᠯᠦᠭᠳᠡᠵᠦ ᠳᠠᠯᠠᠢ ᠯᠠᠮᠠ ᠶ᠋ᠢᠨ ᠳᠦᠷᠢ ᠶ᠋ᠢ ᠲᠥᠪᠡᠳ ᠦ᠋ᠳ ᠮᠣᠩᠭᠣᠯ ᠠ᠋ᠴᠠ ᠲᠣᠳᠣᠷᠠᠭᠤᠯᠵᠠᠢ᠃ ᠭᠡᠪᠡᠴᠦ ᠨᠡᠯᠢᠶᠡᠳ ᠬᠤᠭᠤᠴᠠᠭ᠎ᠠ ᠥᠩᠭᠡᠷᠡᠬᠦ ᠳ᠋ᠦ᠍ ᠮᠣᠩᠭᠣᠯ ᠳᠠᠯᠠᠢ ᠯᠠᠮᠠ ᠳ᠋ᠤ᠌  ᠬᠣᠷᠣᠰᠤᠯ  ᠲᠥᠷᠥᠵᠦ ᠬᠤᠤᠪᠢᠯᠳᠤᠭᠠᠨ ᠵᠣᠬᠢᠶᠠᠭᠠᠳ ᠲᠡᠭᠦᠨ ᠢ᠋ ᠮᠣᠩᠭᠣᠯᠴᠤᠳ ᠬᠣᠨᠢ ᠶᠠᠭᠠᠬᠢᠵᠤ ᠥᠷᠥᠯᠡᠨ ᠲᠥᠬᠥᠭᠡᠷᠡᠳᠡᠭ ᠲᠡᠷᠡ ᠠᠷᠭ᠎ᠠ ᠪᠠᠷ ᠬᠣᠣᠷᠯᠠᠨ ᠠᠯᠠᠭᠰᠠᠨ ᠶᠤᠮ ᠭᠡᠳᠡᠭ᠃ ᠭᠡᠲᠡᠯ᠎ᠡ ᠲᠡᠭᠦᠨ ᠦ᠌ ᠳᠠᠷᠠᠭ᠎ᠠ ᠲᠣᠳᠣᠷᠠᠭᠰᠠᠨ ᠳᠠᠯᠠᠢ ᠯᠠᠮᠠ  ᠠᠩᠸᠠᠩᠯᠤᠪᠰᠠᠩᠵᠠᠮᠰᠤ ᠨᠢ ᠮᠣᠩᠭᠣᠯᠴᠤᠳ ᠤ᠋ᠨ ᠲᠤᠰᠠᠯᠠᠮᠵᠢ ᠪᠠᠷ ᠱᠠᠰᠢᠨ ᠲᠥᠷᠥ ᠶ᠋ᠢᠨ ᠡᠷᠬᠡ ᠶ᠋ᠢ ᠪᠠᠲᠤᠳᠬᠠᠵᠤ ᠠᠪᠤᠭᠠᠳ ᠲᠡᠭᠦᠨ ᠢ᠋ ᠪᠡᠨ ᠲᠠᠪᠢ ᠰᠢᠬᠠᠮ ᠵᠢᠯ ᠭᠠᠷ ᠲᠠᠭᠠᠨ ᠪᠠᠲᠤ ᠪᠠᠷᠢᠵᠤ ᠬᠣᠷᠢᠨ ᠲᠠᠪᠤᠨ ᠪᠣᠳᠢ ᠵᠣᠬᠢᠶᠠᠯ ᠪᠢᠴᠢᠵᠦ ᠥᠭᠡᠳᠡ ᠪᠣᠯᠵᠠᠢ᠃ ᠲᠡᠭᠦᠨ ᠦ᠌ ᠨᠠᠰᠤᠨ ᠡᠴᠦᠰ ᠪᠣᠯᠤᠭᠰᠠᠨ ᠢ᠋ ᠪᠠᠷ᠎ᠠ ᠪᠣᠯᠤᠭᠴᠢᠳ ᠨᠢ ᠨᠢᠭᠤᠵᠤ᠂ ᠮᠣᠩᠭᠣᠯ ᠬᠢᠲᠠᠳ᠂ ᠵᠡᠭᠦᠨᠭᠠᠷ ᠤ᠋ᠨ ᠬᠠᠭᠠᠨ ᠢ᠋ ᠬᠣᠭᠣᠷᠣᠨᠳᠣ ᠨᠢ ᠬᠢᠮᠤᠷᠠᠯᠳᠤᠭᠤᠯᠬᠤ ᠪᠣᠳᠣᠯᠭ᠎ᠠ ᠶᠠᠪᠤᠭᠤᠯᠤᠭᠰᠠᠨ ᠢ᠋ᠶ᠋ᠠᠷ ᠲᠥᠪᠡᠳ ᠦ᠋ᠨ ᠲᠡᠦᠬᠡᠨ ᠳ᠋ᠦ᠍ ᠴᠠᠭ ᠲᠥᠷᠥ ᠶ᠋ᠢᠨ ᠦᠢᠮᠡᠭᠡᠨ ᠡᠬᠢᠯᠡᠵᠡᠢ᠃ ᠲᠡᠷᠡ ᠦᠢᠮᠡᠭᠡᠨ ᠦ᠌ ᠬᠥᠯ ᠳ᠋ᠦ᠍ ᠲᠡᠭᠦᠨ ᠢ᠋ ᠰᠠᠨᠠᠭᠠᠴᠢᠯᠠᠨ ᠡᠭᠦᠰᠬᠡᠭᠰᠡᠨ  ᠰᠠᠩᠵᠠᠢᠵᠠᠮᠰᠤ ᠭᠡᠳᠡᠭ  ᠳ᠋ᠸ᠋ᠪᠠ ᠥᠪᠡᠷ ᠢ᠋ᠶ᠋ᠡᠨ ᠡᠬᠢᠯᠡᠨ ᠦᠷᠡᠭᠳᠡᠭᠡᠳ ᠳᠠᠷᠠᠭ᠎ᠠ ᠨᠢ ᠵᠢᠷᠭᠤᠭ᠎ᠠ᠂ ᠳᠣᠯᠣᠳᠤᠭᠠᠷ ᠳᠠᠯᠠᠢ ᠯᠠᠮᠠ ᠶ᠋ᠢ ᠪᠥᠭᠡᠮ ᠬᠡᠷᠡᠭᠦᠯ ᠳᠤᠮᠳᠠ ᠡᠷᠭᠦᠮᠵᠢᠯᠡᠵᠦ ᠤᠯᠠᠮ ᠢ᠋ᠶ᠋ᠠᠷ ᠬᠡᠯᠮᠡᠭᠳᠡᠭᠦᠯᠵᠡᠢ᠃ ᠶᠢᠰᠦ᠂ ᠠᠷᠪᠠ᠂ ᠠᠷᠪᠠᠨ ᠨᠢᠭᠡ᠂ ᠠᠷᠪᠠᠨ ᠬᠣᠶᠠᠳᠤᠭᠠᠷ ᠳᠠᠯᠠᠢ ᠯᠠᠮᠠᠲᠠᠨ ᠨᠤᠭᠤᠳ ᠮᠥᠨ ᠯᠡ ᠨᠠᠰᠤ ᠪᠠᠨ ᠵᠠᠭᠤᠷᠠᠳᠤ ᠪᠠᠷ ᠲᠡᠭᠦᠰᠬᠡᠵᠡᠢ᠃ 
       ᠲᠥᠪᠡᠳ ᠦ᠋ᠳ ᠳᠠᠯᠠᠢ ᠯᠠᠮᠠ ᠶ᠋ᠢᠨ ᠠᠮᠢ ᠨᠠᠰᠤ ᠶ᠋ᠢ ᠬᠠᠮᠠᠭᠠᠯᠠᠵᠤ ᠪᠠᠢᠭ᠎ᠠ ᠮᠡᠲᠦ ᠪᠡᠷ ᠱᠠᠰᠢᠨ ᠤ᠋ ᠵᠠᠩ ᠦᠢᠯᠡ ᠣᠯᠠᠨ ᠶᠠᠩᠵᠤ ᠪᠠᠷ ᠬᠢᠳᠡᠭ ᠪᠣᠯᠪᠠᠴᠤ ᠲᠡᠷᠡ ᠪᠦᠬᠦᠨ ᠲᠤᠰᠠ ᠪᠣᠯᠬᠤ ᠨᠢ ᠬᠣᠪᠣᠷ ᠪᠠᠢᠯ᠎ᠠ᠃ ᠶᠡᠬᠡᠩᠬᠢ ᠳᠠᠯᠠᠢ ᠯᠠᠮᠠ ᠴᠡᠯ ᠵᠠᠯᠠᠭᠤ ᠪᠠᠷ ᠢ᠋ᠶ᠋ᠠᠨ ᠥᠭᠡᠳᠡ ᠪᠣᠯᠵᠠᠢ᠃  
       ᠵᠢᠯ ᠪᠦᠷᠢ ᠶ᠋ᠢᠨ ᠬᠣᠶᠠᠳᠤᠭᠠᠷ ᠰᠠᠷ᠎ᠠ ᠶ᠋ᠢᠨ ᠠᠷᠪᠠᠨ ᠶᠢᠰᠦᠨ ᠳ᠋ᠦ᠍ ᠪᠠᠭ᠎ᠠ ᠮᠣᠩᠯᠠᠮ ᠭᠡᠳᠡᠭ ᠬᠤᠷᠠᠯ ᠠᠷᠪᠠ ᠬᠣᠨᠣᠭ ᠤ᠋ᠨ ᠲᠣᠷᠰᠢ ᠬᠤᠷᠠᠵᠤ ᠳᠠᠯᠠᠢ ᠯᠠᠮᠠ ᠶ᠋ᠢᠨ ᠱᠠᠪᠳᠠᠩ ᠢ᠋ ᠪᠠᠲᠤᠳᠬᠠᠬᠤ᠂ ᠡᠷᠭᠦᠯ᠂ ᠮᠥᠷᠭᠥᠯ ᠬᠢᠨ᠎ᠡ᠃ ᠮᠥᠨ ᠰᠠᠷ᠎ᠠ ᠶ᠋ᠢᠨ ᠬᠣᠷᠢᠨ ᠶᠢᠰᠦᠨ ᠦ᠌ ᠡᠳᠦᠷ ᠨᠢᠭᠡ ᠬᠥᠮᠦᠨ ᠢ᠋ ᠵᠣᠯᠢᠭ ᠲᠤ᠌ ᠭᠠᠷᠭᠠᠵᠤ ᠳᠠᠯᠠᠢ ᠯᠠᠮᠠ ᠶ᠋ᠢᠨ ᠠᠮᠢᠨ ᠤ᠋ ᠵᠣᠯᠢᠶ᠎ᠠ ᠪᠣᠯᠭᠠᠨ᠎ᠠ᠃ ᠲᠡᠷᠡ ᠪᠦᠷᠦᠢ ᠳᠠᠯᠠᠢ ᠯᠠᠮᠠ ᠶ᠋ᠢᠨ ᠱᠠᠪᠳᠠᠩ ᠢ᠋ ᠪᠠᠲᠤᠳᠬᠠᠵᠤ ᠴᠢᠳᠠᠳᠠᠭ ᠦᠭᠡᠢ ᠪᠠᠢᠯ᠎ᠠ᠃ ᠣᠯᠠᠨ ᠤ ᠨᠢᠭᠦᠯ  ᠠᠰᠤᠷᠤ ᠵᠤᠵᠠᠭᠠᠨ ᠠ᠋ᠴᠠ ᠲᠡᠢᠮᠦ ᠳ᠋ᠦ᠍ ᠬᠦᠷᠳᠡᠭ ᠭᠡᠯᠴᠡᠳᠡᠭ ᠪᠠᠢᠪᠠ᠃ 
       ᠠᠷᠪᠠᠨ ᠭᠤᠷᠪᠠᠳᠤᠭᠠᠷ ᠳᠠᠯᠠᠢ ᠯᠠᠮ᠎ᠠ ᠳ᠋ᠤ᠌ ᠮᠥᠷᠭᠥᠵᠦ᠂ ᠠᠳᠢᠰ ᠵᠠᠩᠭᠢᠶ᠎ᠠ ᠬᠦᠷᠲᠡᠬᠦ ᠶ᠋ᠢᠨ ᠲᠤᠯᠠᠳᠠ ᠬᠥᠮᠦᠨ ᠪᠦᠷᠢ ᠨᠠᠢ᠍ᠮᠠᠨ  ᠯᠠᠩ ᠮᠥᠩᠭᠥ ᠬᠠᠳᠠᠭ ᠤ᠋ᠨ ᠬᠠᠮᠲᠤ ᠳᠠᠯᠠᠢ ᠯᠠᠮᠠ ᠶ᠋ᠢᠨ ᠰᠠᠩ ᠳ᠋ᠤ᠌ ᠡᠷᠭᠦᠭᠰᠡᠨ ᠪᠣᠯᠬᠣᠷ ᠭᠡᠯᠦᠩ ᠴᠤᠢᠮᠴᠤᠭ ᠤ᠋ᠨ ᠪᠠᠭ ᠤ᠋ᠨ ᠬᠢᠨ ᠰᠠᠨᠠᠭ᠎ᠠ ᠠᠮᠤᠷ ᠨᠢᠭᠤᠷ ᠪᠠᠷᠳᠠᠮ ᠪᠠᠢᠯ᠎ᠠ᠃ ᠬᠠᠳᠠᠭ ᠡᠷᠭᠦᠭᠰᠡᠨ ᠮᠥᠷᠭᠥᠯᠴᠢᠨ ᠠᠳᠢᠰ ᠠᠪᠴᠤ ᠵᠠᠩᠭᠢᠶ᠎ᠠ ᠬᠦᠷᠲᠡᠳᠡᠭ᠃ ᠲᠠᠪᠤᠨ ᠯᠠᠩ ᠮᠥᠩᠭᠥ ᠡᠷᠭᠦᠭᠰᠡᠨ ᠬᠥᠮᠦᠨ ᠠᠳᠢᠰ᠂  ᠵᠠᠩᠭᠢᠶ᠎ᠠ ᠠ᠋ᠴᠠ ᠭᠠᠳᠠᠨ᠎ᠠ ᠨᠣᠮ᠂ ᠪᠤᠷᠬᠠᠨ᠂ ᠡᠰᠡᠪᠡᠯ ᠮᠠᠨᠳᠤᠯ᠂ ᠰᠤᠪᠤᠷᠭ᠎ᠠ ᠵᠡᠷᠭᠡ ᠶ᠋ᠢᠨ ᠠᠯᠢ ᠨᠢᠭᠡ ᠶ᠋ᠢ ᠳᠠᠯᠠᠢ ᠯᠠᠮ᠎ᠠ ᠪᠠᠷ ᠠᠳᠢᠰᠯᠠᠭᠤᠯᠵᠤ ᠪᠤᠴᠠᠭᠠᠵᠤ ᠠᠪᠤᠨ᠎ᠠ᠃ ᠳᠠᠯᠠᠢ ᠯᠠᠮᠠ ᠶ᠋ᠢᠨ ᠠᠳᠢᠰᠯᠠᠭᠰᠠᠨ ᠲᠡᠷᠡ ᠶᠠᠭᠤᠮ᠎ᠠ ᠬᠠᠮᠢᠭ᠎ᠠ ᠴᠤ᠌ ᠬᠡᠵᠢᠶ᠎ᠡ ᠴᠦ᠍ ᠠᠰᠤᠷᠤ ᠶᠡᠬᠡ ᠦᠨ᠎ᠡ ᠲᠡᠢ ᠰᠢᠲᠦᠭᠡᠨ ᠦ᠌ ᠵᠦᠢᠯ ᠪᠣᠯᠳᠠᠭ ᠪᠠᠢᠯ᠎ᠠ᠃ ᠨᠠᠢ᠍ᠮᠠᠨ  ᠯᠠᠩ ᠮᠥᠩᠭᠥ ᠡᠷᠭᠦᠭᠰᠡᠨ ᠬᠥᠮᠦᠨ ᠪᠣᠯ ᠳᠡᠭᠡᠷᠡᠬᠢ ᠵᠦᠢᠯ ᠦ᠋ᠨ ᠡᠷᠬᠡ ᠶ᠋ᠢ ᠣᠯᠵᠤ ᠠᠪᠬᠤ ᠠ᠋ᠴᠠ ᠭᠠᠳᠠᠨ᠎ᠠ ᠳᠠᠯᠠᠢ ᠯᠠᠮᠠ ᠶ᠋ᠢᠨ ᠣᠢᠷᠠᠯᠴᠠᠭ᠎ᠠ ᠰᠠᠭᠤᠵᠤ ᠴᠠᠢ ᠪᠤᠳᠠᠭ᠎ᠠ ᠬᠦᠷᠲᠡᠬᠦ ᠵᠠᠪᠰᠢᠶᠠᠨ ᠲᠠᠢ ᠪᠣᠯᠳᠠᠭ ᠠᠵᠢ᠃  
       ᠬᠠᠮᠤᠭ ᠤ᠋ᠨ ᠲᠣᠮᠣ ᠡᠷᠭᠦᠯ ᠨᠢ ᠴᠣᠭᠪᠤᠯ ᠭᠡᠳᠡᠭ ᠪᠥᠭᠡᠳ ᡀᠠᠰᠠ ᠮᠣᠩᠯᠠᠮ ᠬᠤᠷᠠᠬᠤ ᠦᠶ᠎ᠡ ᠪᠡᠷ ᠴᠤᠭᠯᠠᠷᠠᠳᠠᠭ ᠬᠣᠷᠢᠨ ᠮᠢᠩᠭᠠᠨ ᠯᠠᠮᠠ ᠳ᠋ᠤ᠌ ᠬᠥᠮᠦᠨ ᠲᠣᠰᠪᠣᠷᠢ ᠳ᠋ᠤ᠌ ᠡᠷᠭᠦᠯ ᠬᠦᠷᠲᠡᠭᠡᠵᠦ᠂ ᠮᠠᠩᠵᠠ ᠴᠠᠪ ᠪᠠᠷᠢᠬᠤ ᠶ᠋ᠢ ᠬᠡᠯᠡᠨ᠎ᠡ᠃ ᠡᠢᠮᠦ ᠡᠷᠭᠦᠯ ᠢ᠋ ᠠᠰᠤᠷᠤ ᠪᠠᠶᠠᠨ ᠬᠥᠮᠦᠨ ᠯᠡ ᠳᠠᠭᠠᠭᠠᠵᠤ ᠳᠡᠢᠯᠳᠡᠭ ᠤᠴᠢᠷ ᠬᠣᠪᠣᠷ ᠡᠷᠭᠦᠳᠡᠭ  ᠪᠠᠢᠵᠠᠢ᠃  
       《ᠴᠣᠭᠪᠤᠯ ᠡᠷᠭᠦᠵᠦ ᠴᠢᠳᠠᠭᠰᠠᠨ ᠦᠭᠡᠢ᠃ ᠳᠠᠩᠴᠤ ᠶᠡᠬᠡ ᠮᠥᠩᠭᠥ ᠬᠡᠷᠡᠭ ᠲᠡᠢ ᠶᠦᠮ᠃ ᠴᠣᠭᠪᠤᠯ ᠡᠷᠭᠦᠭᠰᠡᠨ ᠪᠣᠯ ᠶᠡᠬᠡ ᠯᠡ ᠬᠡᠷᠡᠭ ᠪᠦᠲᠦᠬᠦ ᠪᠠᠢᠭᠰᠠᠨ ᠶᠤᠮ》 ᠭᠡᠵᠦ  ᠴᠤᠢᠮᠴᠤᠭ ᠭᠡᠯᠦᠩ ᠳᠠᠯᠠᠢ ᠯᠠᠮᠠ ᠶ᠋ᠢᠨ ᠪᠠᠷ᠎ᠠ ᠶ᠋ᠢ ᠬᠠᠷᠠᠩᠭᠤᠲᠠ ᠪᠣᠳᠣᠵᠠᠢ᠃ 
       ᠮᠥᠷᠭᠥᠯᠴᠢᠳ ᠳᠠᠯᠠᠢ ᠯᠠᠮᠠ ᠶ᠋ᠢᠨ ᠵᠠᠯᠠᠷᠠᠨ ᠰᠠᠭᠤᠵᠤ ᠪᠠᠢᠭ᠎ᠠ ᠱᠠᠪᠳᠠᠩ ᠠ᠋ᠴᠠ ᠲᠠᠪᠤᠨ ᠠᠯᠬᠤᠮ ᠤ᠋ᠨ ᠵᠠᠢ ᠶ᠋ᠢᠨ ᠳ᠋ᠦ᠍ ᠢᠷᠡᠮᠡᠭᠴᠡ ᠴᠤᠢᠮᠴᠤᠭ ᠭᠡᠯᠦᠩ ᠢ᠋ ᠳᠠᠭᠤᠷᠢᠶᠠᠵᠤ ᠭᠤᠷᠪᠠ ᠳᠠᠬᠢᠨ ᠰᠤᠨᠵᠤ ᠮᠥᠷᠭᠥᠯ᠎ᠡ᠃ ᠳᠠᠷᠠᠭ᠎ᠠ ᠨᠢ ᠲᠣᠰᠪᠣᠷᠢ ᠬᠠᠳᠠᠭ ᠢ᠋ᠶ᠋ᠠᠨ ᠭᠠᠷᠭᠠᠵᠤ ᠠᠮᠠᠨ ᠲᠠᠯ᠎ᠠ ᠶ᠋ᠢ ᠳᠠᠯᠠᠢ ᠯᠠᠮᠠ ᠶ᠋ᠢᠨ ᠵᠦᠭ ᠬᠠᠨᠳᠤᠭᠤᠯᠵᠤ᠂ ᠬᠣᠶᠠᠷ ᠭᠠᠷ ᠤ᠋ᠨ ᠠᠯᠠᠭᠠᠨ ᠳᠡᠭᠡᠷ᠎ᠡ ᠳᠡᠯᠭᠡᠨ  ᠪᠠᠷᠢᠭᠠᠳ ᠣᠷᠣᠭᠰᠢ ᠠᠯᠬᠤᠵᠠᠭᠠᠪᠠ᠃ ᠳᠠᠯᠠᠢ ᠯᠠᠮᠠ ᠶ᠋ᠢᠨ ᠳᠡᠷᠭᠡᠳᠡ ᠣᠴᠢᠬᠤ ᠳ᠋ᠤ᠌ ᠪᠠᠷ᠎ᠠ ᠪᠣᠯᠤᠭᠴᠢ ᠯᠠᠮᠠ ᠲᠡᠳᠡᠨ ᠦ᠌ ᠬᠠᠳᠠᠭ ᠳᠡᠭᠡᠷ᠎ᠡ ᠮᠠᠨᠳᠤᠯ᠂ ᠨᠣᠮ᠂ ᠪᠤᠷᠬᠠᠨ ᠲᠡᠷᠢᠭᠦᠲᠡᠨ ᠢ᠋ ᠲᠠᠯᠪᠢᠯ᠎ᠠ᠃ ᠳᠠᠯᠠᠢ ᠯᠠᠮᠠ  ᠪᠤᠯᠴᠤᠭᠠᠷ ᠭᠠᠷ ᠢ᠋ᠶ᠋ᠠᠷ ᠢ᠋ᠶ᠋ᠠᠨ ᠲᠡᠷᠡ ᠪᠦᠬᠦᠨ ᠳ᠋ᠦ᠍ ᠬᠦᠷᠴᠦ᠂ ᠳᠠᠷᠠᠭ᠎ᠠ ᠨᠢ ᠮᠥᠷᠭᠥᠯᠴᠢᠳ ᠦ᠋ᠨ ᠵᠤᠯᠠᠢ ᠳᠡᠭᠡᠷ᠎ᠡ ᠠᠳᠢᠰ ᠪᠠᠭᠤᠯᠭᠠᠪᠠ᠃ ᠲᠡᠷᠡ ᠮᠥᠴᠡ ᠳ᠋ᠦ᠍ ᠳᠠᠯᠠᠢ ᠯᠠᠮᠠ ᠶ᠋ᠢᠨ  ᠪᠠᠷ᠎ᠠ ᠪᠣᠯᠤᠭᠴᠢ ᠨᠢ ᠲᠣᠷᠭᠠᠮᠰᠤᠭ ᠲᠤᠤᠰᠢᠩ ᠢ᠋ ᠵᠠᠩᠭᠢᠳᠤᠭᠠᠳ ᠳᠠᠯᠠᠢ ᠯᠠᠮ᠎ᠠ ᠪᠠᠷ ᠦᠯᠢᠶᠡᠯᠭᠡᠵᠦ ᠮᠥᠷᠭᠥᠯᠴᠢᠳ ᠦ᠋ᠨ ᠬᠦᠵᠦᠭᠦᠨ ᠳ᠋ᠦ᠍ ᠵᠡᠭᠦᠵᠦ ᠦᠭᠬᠦᠯ᠎ᠡ᠃ ᠭᠡᠯᠦᠩ ᠴᠤᠢᠮᠴᠤᠭ ᠲᠡᠢᠨ ᠬᠦ᠌ ᠳᠣᠯᠣᠭ᠎ᠠ ᠳ᠋ᠠᠬᠢ ᠵᠠᠩᠭᠢᠶ᠎ᠠ ᠪᠠᠨ ᠭᠤᠷᠪᠠ ᠳ᠋ᠠᠬᠢ ᠳᠠᠯᠠᠢ ᠯᠠᠮᠠ ᠠ᠋ᠴᠠ ᠠᠪᠴ ᠪᠠᠢᠭ᠎ᠠ ᠨᠢ ᠡᠨᠡ ᠠᠵᠢ᠃ ᠪᠤᠰᠤᠳ ᠮᠥᠷᠭᠥᠯᠴᠢᠳ ᠴᠥᠮ ᠢ᠋ᠶ᠋ᠡᠷ ᠢ᠋ᠶ᠋ᠡᠨ ᠠᠩᠬ᠎ᠠ ᠤᠳᠠᠭ᠎ᠠ ᠳᠠᠯᠠᠢ ᠯᠠᠮᠠ ᠶ᠋ᠢᠨ ᠰᠢᠪᠰᠢᠨ  ᠲᠠᠷᠨᠢᠳᠠᠭᠰᠠᠨ ᠵᠠᠩᠭᠢᠶ᠎ᠠ ᠬᠦᠷᠲᠡᠵᠦ ᠪᠠᠢᠭ᠎ᠠ ᠨᠢ ᠡᠨᠡ᠃ 
       ᠮᠥᠷᠭᠥᠯᠴᠢᠳ ᠢ᠋ ᠳᠠᠯᠠᠢ ᠯᠠᠮ᠎ᠠ ᠶ᠋ᠢᠨ ᠡᠮᠦᠨ᠎ᠡ ᠡᠴᠡ ᠬᠠᠷᠠᠭᠤᠯᠵᠤ ᠬᠡᠪᠢᠰᠦᠨ ᠳᠡᠭᠡᠷ᠎ᠡ ᠰᠠᠭᠤᠯᠭᠠᠯ᠎ᠠ᠃ ᠮᠠᠩᠵᠠᠴᠢ ᠭᠠᠤᠯᠢᠨ ᠳᠣᠮᠪᠣ ᠲᠠᠢ ᠴᠠᠢ ᠠᠪᠴᠤ ᠣᠷᠣᠵᠤ ᠢᠷᠡᠪᠡ᠃ ᠲᠡᠭᠡᠭᠡᠳ ᠳᠠᠯᠠᠢ ᠯᠠᠮᠠ ᠶ᠋ᠢᠨ ᠡᠮᠦᠨᠡᠬᠡᠨ ᠣᠴᠢᠵᠤ ᠵᠣᠭᠰᠣᠬᠤ ᠳ᠋ᠤᠨᠢ ᠡᠬᠢᠯᠡᠭᠡᠳ ᠴᠤᠢᠮᠴᠤᠭ ᠭᠡᠯᠦᠩ ᠡᠪᠦᠷ ᠡᠴᠡ ᠪᠡᠨ ᠪᠠᠳᠢᠷ ᠠᠶᠠᠭ᠎ᠠ ᠪᠠᠨ ᠭᠠᠷᠭᠠᠵᠤ ᠬᠣᠶᠠᠷ ᠭᠠᠷᠳᠠᠨ ᠳᠤᠰᠤᠭᠰᠠᠭᠠᠷ ᠮᠠᠩᠵᠠᠴᠢ ᠶ᠋ᠢᠨ ᠡᠮᠦᠨ᠎ᠡ ᠣᠴᠢᠬᠤ ᠳ᠋ᠤ᠌ ᠲᠡᠷᠡ ᠪᠡᠷ ᠳᠤᠮᠪᠤᠨ ᠠ᠋ᠴᠠ ᠢᠭᠡ ᠪᠠᠯᠭᠤ ᠴᠠᠢ ᠬᠢᠵᠦ ᠥᠭᠬᠦᠯ᠎ᠡ᠃ ᠪᠤᠰᠤᠳ ᠮᠥᠷᠭᠥᠯᠴᠢᠳ ᠳᠡᠰ ᠳᠡᠰ ᠢ᠋ᠶ᠋ᠡᠷ ᠪᠣᠰᠴᠤ ᠲᠤᠰ ᠲᠤᠰ ᠤ᠋ᠨ ᠠᠶᠠᠭᠠᠨ ᠳ᠋ᠤ᠌ ᠨᠢᠭᠡ ᠨᠢᠭᠡ ᠪᠠᠯᠭᠤ ᠴᠠᠢ ᠠᠪᠴᠤ ᠵᠡᠷᠭᠡ  ᠪᠠᠯᠭᠤᠭᠠᠳ ᠭᠤᠷᠪᠠ ᠳᠠᠬᠢᠨ ᠨᠠᠮᠢᠨᠴᠢᠯᠠᠨ ᠵᠠᠯᠪᠠᠷᠢᠯ᠎ᠠ᠃ ᠲᠡᠷᠡ ᠳᠠᠷᠤᠢ ᠮᠥᠨ ᠴᠠᠢ ᠠ᠋ᠴᠠ ᠳᠠᠯᠠᠢ ᠯᠠᠮᠠ ᠶ᠋ᠢᠨ ᠠᠶᠠᠭᠠᠨ ᠳ᠋ᠤ᠌ ᠮᠥᠨ ᠨᠢᠭᠡ ᠪᠠᠯᠭᠤ ᠬᠢᠵᠦ ᠥᠭᠴᠡᠢ᠃ ᠳᠠᠯᠠᠢ ᠯᠠᠮᠠ ᠲᠡᠭᠦᠨ ᠢ᠋ ᠪᠠᠯᠭᠤᠪᠠ᠃ ᠲᠡᠭᠡᠲᠡᠯ᠎ᠡ ᠮᠥᠷᠭᠥᠯᠴᠢᠳ ᠢ᠋ ᠪᠤᠴᠠᠭᠠᠵᠤ ᠬᠡᠪᠢᠰᠦᠨ ᠳᠡᠭᠡᠷ᠎ᠡ ᠨᠢ ᠰᠥᠭᠥᠳᠬᠡᠨ ᠰᠠᠭᠤᠯᠭᠠᠯ᠎ᠠ᠃ ᠮᠠᠩᠵᠠᠴᠢ ᠳᠣᠮᠪᠣ ᠪᠠᠨ ᠪᠠᠷᠢᠭᠠᠳ ᠲᠡᠳᠡᠨ ᠦ᠌ ᠳᠡᠷᠭᠡᠳᠡ ᠢᠷᠡᠵᠦ ᠲᠣᠰᠪᠣᠷᠢ ᠶ᠋ᠢᠨ ᠠᠶᠠᠭᠠᠨ ᠳ᠋ᠤ᠌ ᠭᠤᠷᠪᠠ ᠭᠤᠷᠪᠠᠨ ᠳᠤᠰᠤᠯ ᠴᠠᠢ ᠬᠢᠵᠦ ᠦᠭᠬᠦᠯ᠎ᠡ᠃ ᠲᠡᠭᠡᠲᠡᠯ᠎ᠡ ᠳᠠᠯᠠᠢ ᠯᠠᠮᠠ ᠶ᠋ᠢᠨ ᠠᠮᠠ ᠨᠢ ᠬᠥᠳᠡᠯᠵᠦ ᠶᠠᠭᠤᠮ᠎ᠠ ᠬᠡᠯᠡᠬᠦ ᠰᠢᠭ ᠪᠣᠯᠪᠠ᠃ 
      - ᠵᠠᠮ ᠳ᠋ᠠᠭᠠᠨ ᠰᠠᠢᠨ ᠶᠠᠪᠤᠵᠤ ᠢᠷᠡᠪᠡ ᠤᠤ? ᠨᠤᠲᠤᠭ ᠣᠷᠣᠨ ᠳ᠋ᠤ᠌ ᠴᠢᠨᠢ ᠥᠯᠵᠡᠢᠲᠡᠢ ᠪᠠᠢᠨ᠎ᠠ ᠤᠤ?  ᠭᠡᠵᠦ ᠪᠠᠢᠨ᠎ᠠ ᠭᠡᠮᠡᠨ ᠬᠡᠯᠡᠮᠦᠷᠴᠢ ᠳᠠᠮᠵᠢᠭᠤᠯᠪᠠ᠃ 
       ᠲᠡᠭᠦᠨ ᠳ᠋ᠦ᠍ ᠬᠠᠷᠢᠭᠤ ᠬᠡᠯᠡᠬᠦ ᠦᠭᠡᠢ ᠪᠡᠷ ᠵᠥᠪᠬᠡᠨ ᠨᠠᠬᠢᠰᠬᠢᠨ ᠪᠥᠬᠥᠢᠬᠦ ᠶᠣᠰᠣᠲᠠᠢ ᠭᠡᠰᠡᠨ ᠴᠤᠢᠮᠴᠤᠭ ᠭᠡᠯᠦᠩ ᠦ᠋ᠨ ᠵᠢᠭᠠᠭᠰᠠᠨ ᠶᠣᠰᠣᠭᠠᠷ ᠮᠥᠷᠭᠥᠯᠴᠢᠳ ᠰᠠᠭᠤᠳᠠᠯ ᠳᠡᠭᠡᠷ᠎ᠡ ᠪᠡᠨ ᠥᠨᠳᠡᠰᠬᠢᠭᠡᠳ ᠨᠠᠬᠢᠯᠵᠠᠨ ᠶᠣᠰᠣᠯᠠᠪᠠ᠃ ᠬᠡᠯᠡᠮᠦᠷᠴᠢ ᠮᠥᠨ ᠯᠡ ᠳᠠᠯᠠᠢ ᠯᠠᠮ᠎ᠠ ᠶ᠋ᠢᠨ ᠵᠦᠭ ᠪᠥᠬᠥᠰᠬᠢᠨ ᠶᠣᠰᠣᠯᠠᠪᠠ᠃ ᠡᠢᠮᠦ ᠶᠣᠰᠣ ᠵᠢᠷᠤᠮ ᠨᠢᠭᠡᠨᠲᠡ ᠤᠯᠠᠮᠵᠢᠯᠠᠯ ᠪᠣᠯᠵᠠᠢ᠃ 
       ᠮᠥᠷᠭᠥᠯᠴᠢᠳ ᠲᠦ᠍ ᠴᠠᠭᠠᠨ ᠪᠤᠳᠠᠭ᠎ᠠ ᠲᠦᠭᠡᠭᠡᠵᠦ ᠥᠭᠬᠦ ᠪᠡᠷ ᠴᠠᠪᠴᠢᠨ ᠬᠤᠪᠢᠩ ᠳᠦᠭᠦᠷᠡᠩ ᠢᠳᠡᠭᠡ ᠲᠡᠢ ᠣᠷᠣᠵᠤ ᠢᠷᠡᠯ᠎ᠡ᠃ ᠡᠬᠢᠯᠡᠭᠡᠳ ᠳᠠᠯᠠᠢ ᠯᠠᠮᠠ ᠶ᠋ᠢᠨ ᠠᠶᠠᠭᠠᠨ ᠳ᠋ᠤ᠌ ᠬᠢᠵᠦ ᠥᠭᠬᠦ ᠳ᠋ᠦ᠍ ᠲᠡᠷᠡ ᠠᠮᠰᠠᠬᠤ ᠲᠡᠳᠦᠢ ᠵᠣᠭᠣᠭᠯᠠᠭᠠᠳ ᠮᠥᠩᠭᠥᠨ ᠴᠠᠪᠷᠢ ᠠ᠋ᠴᠠ ᠤᠰᠤ  ᠪᠠᠯᠭᠤᠨ ᠠᠮᠠ ᠪᠠᠨ ᠵᠠᠢᠯᠪᠠ᠃  
       ᠮᠥᠷᠭᠥᠯᠴᠢᠳ ᠲᠦ᠍ ᠠᠶᠠᠭ᠎ᠠ ᠶ᠋ᠢ ᠨᠢ ᠠᠮᠠ ᠪᠠᠷ ᠢ᠋ᠶ᠋ᠠᠨ ᠬᠠᠯᠢᠨ ᠠᠰᠬᠠᠷᠠᠲᠠᠯ᠎ᠠ ᠪᠤᠳᠠᠭ᠎ᠠ ᠬᠢᠵᠦ ᠦᠭᠬᠦᠯ᠎ᠡ᠃ ᠪᠤᠳᠠᠭᠠᠨ ᠠ᠋ᠴᠠ ᠨᠢᠭᠡ ᠠᠮᠰᠠᠲᠠᠯ᠎ᠠ ᠪᠠᠷᠢᠶ᠎ᠠ ᠪᠠᠷᠢᠭᠰᠠᠨ ᠭᠡᠶᠡᠭ ᠨᠦ᠍ᠭᠦᠳ ᠬᠠᠮᠢᠭ᠎ᠠ  ᠨᠢᠭᠡᠲᠡᠬᠡ ᠡᠴᠡ ᠭᠠᠷᠴᠤ ᠢᠷᠡᠭᠡᠳ᠄  
       -  ᠭᠠᠷᠴᠠᠭ᠎ᠠ! ᠮᠥᠷᠭᠥᠯ ᠦ᠋ᠨ ᠴᠠᠭ ᠳᠠᠭᠤᠰᠤᠯ᠎ᠠ! ᠭᠡᠵᠦ ᠵᠡᠷᠭᠡ ᠳᠠᠭᠤ ᠪᠠᠷ ᠬᠠᠰᠢᠭᠢᠷᠤᠯ᠎ᠠ᠃
       ᠪᠥᠬᠡᠮᠠᠩᠯᠠᠢ ᠭᠠᠢᠬᠠᠨ ᠠᠭᠤᠷᠯᠠᠵᠤ᠄  
      - ᠥᠭᠭᠦᠭᠰᠡᠨ ᠬᠡᠰᠢᠭ ᠢ᠋ ᠨᠢ ᠢᠳᠡᠭᠦᠯᠬᠦ ᠦᠭᠡᠢ ᠬᠥᠭᠡᠬᠦ ᠨᠢ ᠦᠦ᠂ ᠡᠳᠡ ᠨᠠᠷ ᠴᠢᠨᠢ !ᠭᠡᠬᠦ ᠳ᠋ᠦ᠍ ᠬᠠᠵᠠᠭᠤ ᠠ᠋ᠴᠠ ᠴᠤᠢᠮᠴᠤᠭ ᠭᠡᠯᠦᠩ ᠶᠣᠪᠣᠷᠴᠤ᠄
       -  ᠳᠤᠭᠤᠢ ᠭᠠᠷ᠃ ᠠᠯᠳᠠᠰ ᠪᠣᠯᠤᠨ᠎ᠠ! ᠭᠡᠪᠡ᠃ ᠲᠡᠭᠡᠬᠦ ᠪᠡᠷ ᠨᠢ ᠪᠥᠬᠡᠮᠠᠩᠯᠠᠢ ᠠᠭᠤᠷ ᠲᠠᠭᠠᠨ ᠭᠦᠷᠡᠭ ᠡᠷᠢᠶᠡᠨ ᠴᠢᠷᠠᠶᠢ ᠲᠠᠢ ᠪᠣᠯᠵᠤ ᠪᠠᠳᠢᠷ ᠠᠶᠠᠭ᠎ᠠ ᠲᠠᠢ ᠪᠤᠳᠠᠭ᠎ᠠ ᠪᠠᠨ ᠲᠣᠮᠣ ᠠᠩᠭᠠᠢᠵᠤ ᠠᠮᠠ ᠤᠷᠤᠭᠤ ᠪᠠᠨ ᠬᠥᠨᠲᠥᠷᠴᠤ ᠣᠷᠬᠢᠭᠠᠳ ᠵᠠᠪᠠᠵᠢ ᠪᠠᠷ ᠢ᠋ᠶ᠋ᠠᠨ ᠰᠠᠪᠢᠷᠠᠭᠤᠯᠤᠨ ᠢᠳᠡᠭᠰᠡᠭᠡᠷ ᠡᠭᠦᠳᠡ ᠴᠢᠭᠯᠡᠪᠡ᠃  
       《ᠳᠠᠯᠠᠢ ᠯᠠᠮᠠ ᠶ᠋ᠢ ᠬᠠᠷᠠᠭᠰᠠᠭᠠᠷ ᠪᠠᠢᠲᠠᠯ᠎ᠠ ᠥᠪᠡᠷ ᠲᠤᠨᠢ ᠰᠦᠵᠢᠭᠯᠡᠭᠰᠡᠨ ᠮᠥᠷᠭᠥᠯᠴᠢᠳ ᠢ᠋ ᠢᠩᠭᠢᠵᠦ ᠬᠥᠭᠡᠭᠡᠨ ᠭᠠᠷᠭᠠᠬᠤ ᠭᠡᠵᠦ ᠳᠡ》 ᠭᠡᠮᠡᠨ ᠪᠥᠬᠡᠮᠠᠩᠯᠠᠢ ᠪᠠᠰᠠ ᠠᠮᠠᠨ ᠳ᠋ᠠᠭᠠᠨ ᠰᠢᠪᠡᠨᠡᠨ ᠪᠤᠪᠲᠤᠨᠠᠵᠤ ᠪᠠᠢᠯ᠎ᠠ᠃ 
       - ᠭᠠᠷᠴᠠᠭ᠎ᠠ᠂  ᠲᠦᠷᠭᠡᠯᠡᠵᠡᠭᠡ! ᠭᠡᠵᠦ ᠪᠠᠷᠢᠶ᠎ᠠ ᠪᠠᠷᠢᠭᠰᠠᠨ ᠭᠡᠶᠡᠭ ᠨᠦ᠍ᠭᠦᠳ ᠵᠡᠷᠯᠢᠭ ᠢ᠋ᠶ᠋ᠡᠷ ᠳᠠᠬᠢᠨ ᠱᠠᠭᠠᠷᠳᠠᠪᠠ᠃ ᠪᠥᠬᠡᠮᠠᠩᠯᠠᠢ ᠰᠢᠨᠡ ᠶ᠋ᠢᠨ ᠢ᠋ᠶ᠋ᠡᠨ ᠰᠤᠳᠠᠰᠤ ᠶ᠋ᠢ ᠭᠦᠷᠡᠯᠵᠡᠭᠦᠯᠦᠨ ᠬᠢᠯᠢᠩᠨᠡᠨ ᠨᠢᠭᠡ ᠪᠠᠷᠢᠭᠠᠴᠢ ᠶ᠋ᠢ  ᠴᠣᠬᠢᠭᠠᠳ ᠠᠪᠬᠤ ᠭᠡᠰᠡᠨ ᠰᠢᠭ ᠮᠠᠭᠤᠬᠠᠢ ᠬᠠᠷᠠᠬᠤ ᠳ᠋ᠤ᠌ ᠴᠠᠭᠠᠳᠤᠬᠢ ᠨᠢ ᠲᠣᠭᠣᠭᠰᠠᠨ ᠦᠭᠡᠢ᠂ ᠬᠠᠷᠢᠨ ᠴᠤ᠌ ᠪᠠᠷᠢᠶ᠎ᠠ ᠪᠠᠨ ᠳᠠᠯᠠᠢᠵᠤ ᠴᠣᠬᠢᠬᠤ ᠶ᠋ᠢ ᠵᠠᠪᠳᠤᠯ᠎ᠠ᠃ 
       ᠴᠤᠢᠮᠴᠤᠭ ᠭᠡᠯᠦᠩ ᠳᠤᠮᠳᠠᠭᠤᠷ ᠨᠢ ᠣᠷᠣᠵᠤ ᠬᠣᠶᠠᠷ ᠡᠲᠡᠭᠡᠳ ᠢ᠋ ᠵᠣᠬᠢᠴᠠᠭᠤᠯᠪᠠ᠃ ᠮᠥᠷᠭᠥᠯᠴᠢᠳ ᠲᠡᠢᠨ ᠬᠦ᠌ ᠨᠠᠢᠷᠰᠠᠭ ᠣᠷᠣᠵᠤ ᠢᠷᠡᠭᠰᠡᠨ ᠭᠠᠵᠠᠷ ᠠ᠋ᠴᠠ ᠪᠠᠨ ᠬᠦᠢᠲᠡᠨ ᠢ᠋ᠶ᠋ᠡᠷ ᠦᠳᠡᠭᠦᠯᠵᠦ᠂ ᠲᠡᠮᠦᠷᠯᠡᠭᠰᠡᠨ  ᠪᠠᠷᠢᠶ᠎ᠠ ᠶ᠋ᠢᠨ ᠳᠠᠯᠠᠶᠢᠯᠲᠠᠨ ᠳᠣᠣᠷ᠎ᠠ ᠭᠠᠳᠠᠭᠰᠢ ᠭᠠᠷᠴᠠᠭᠠᠯ᠎ᠠ᠃ ᠭᠡᠪᠡᠴᠦ ᠪᠥᠬᠡᠮᠠᠩᠯᠠᠢ ᠠ᠋ᠴᠠ ᠪᠤᠰᠤᠳ ᠨᠢ ᠴᠥᠮ ᠯᠡ ᠠᠮᠢᠳᠤ ᠪᠤᠷᠬᠠᠨ ᠠ᠋ᠴᠠ ᠠᠳᠢᠰ ᠵᠠᠩᠭᠢᠶ᠎ᠠ ᠬᠦᠷᠲᠡᠭᠰᠡᠨ ᠳ᠋ᠡᠭᠡᠨ ᠬᠢᠵᠠᠭᠠᠷ ᠦᠭᠡᠢ ᠪᠠᠶᠠᠷᠯᠠᠵᠤ᠂ ᠦᠯᠢᠭᠡᠷ ᠳᠣᠮᠣᠭ ᠤ᠋ᠨ ᠣᠷᠴᠢᠯᠠᠩ ᠳ᠋ᠤ᠌ ᠣᠷᠣᠭᠠᠳ ᠭᠠᠷᠤᠭᠰᠠᠨ ᠮᠡᠲᠦ ᠬᠦᠭᠡᠷᠦᠬᠡᠨ ᠰᠡᠳᠬᠢᠯ ᠲᠡᠢ ᠪᠠᠢᠯ᠎ᠠ᠃ ᠵᠠᠯᠠᠭᠤ ᠭᠡᠰᠦᠯ ᠰᠡᠩᠵᠢ ᠳ᠋ᠦ᠍ ᠪᠣᠯ ᠡᠨᠳᠡ ᠦᠵᠡᠭᠰᠡᠨ᠂ ᠰᠣᠨᠣᠰᠤᠭᠰᠠᠨ ᠪᠦᠬᠦᠨ ᠨᠢ ᠶᠡᠷᠦ ᠪᠤᠰᠤ ᠶ᠋ᠢᠨ ᠭᠠᠢᠬᠠᠮ᠎ᠠ ᠰᠣᠨᠢᠨ᠂ ᠳᠠᠪᠲᠠᠭᠳᠠᠰᠢ ᠦᠭᠡᠢ ᠶᠠᠪᠤᠳᠠᠯ ᠪᠠᠢᠯ᠎ᠠ᠃ ᠲᠡᠷᠡ ᠰᠠᠢ ᠶ᠋ᠢᠨ ᠪᠣᠯᠵᠤ ᠥᠩᠭᠡᠷᠡᠭᠰᠡᠨ ᠮᠥᠷᠭᠥᠯ ᠢ᠋ ᠬᠡᠵᠢᠶ᠎ᠡ ᠴᠦ᠍ ᠮᠠᠷᠲᠠᠬᠤ ᠪᠠᠷ ᠦᠭᠡᠢ ᠲᠣᠭᠲᠠᠭᠠᠵᠤ ᠠᠪᠴᠠᠢ᠃ 
         ᠳᠠᠯᠠᠢ ᠯᠠᠮᠠ ᠶ᠋ᠢᠨ ᠣᠷᠳᠣᠨ ᠤ᠋ ᠡᠭᠦᠳᠡᠨ ᠳᠡᠭᠡᠷ᠎ᠡ ᠭᠠᠷᠴᠤ ᠢᠷᠡᠬᠦ ᠳ᠋ᠦ᠍ ᠶᠠᠳᠠᠭᠤ ᠮᠥᠷᠭᠥᠯᠴᠢᠨ ᠲᠥᠪᠡᠳ ᠦ᠋ᠳ ᠭᠠᠵᠠᠷ ᠲᠤ᠌ ᠡᠩᠨᠡᠨ ᠰᠠᠭᠤᠵᠠᠭᠠᠵᠤ ᠪᠠᠢᠯ᠎ᠠ᠃ ᠲᠡᠳᠡ ᠬᠠᠳᠠᠭ ᠰᠠᠮᠪᠠᠢ᠂ ᠮᠥᠩᠭᠥ ᠦᠭᠡᠢ ᠪᠣᠯᠬᠣᠷ ᠢ᠋ᠶ᠋ᠠᠨ ᠳᠣᠲᠣᠭᠰᠢ ᠣᠷᠣᠵᠤ ᠴᠢᠳᠠᠬᠤ ᠦᠭᠡᠢ ᠡᠭᠦᠳᠡ ᠰᠠᠬᠢᠨ ᠰᠠᠭᠤᠭ᠎ᠠ ᠨᠢ ᠲᠡᠷᠡ ᠪᠠᠢᠯ᠎ᠠ᠃ ᠰᠠᠭᠯᠠᠭᠠᠷ ᠦᠰᠦᠨ ᠳᠣᠲᠣᠷ᠎ᠠ ᠠ᠋ᠴᠠ ᠪᠠᠨ  ᠶᠠᠭᠤᠮ᠎ᠠ ᠮᠠᠭᠠᠵᠢᠨ ᠲᠡᠮᠲᠡᠷᠢᠵᠦ ᠪᠠᠢᠭᠰᠠᠨ ᠨᠢᠭᠡ ᠲᠥᠪᠡᠳ   ᠬᠦᠮᠦᠨ ᠪᠥᠭᠡᠰᠦ ᠣᠯᠵᠤ ᠠᠪᠣᠭᠠᠳ ᠠᠮᠠᠨ ᠳ᠋ᠠᠭᠠᠨ  ᠬᠢᠵᠦ ᠵᠠᠵᠢᠯᠪᠠ᠃ ᠴᠠᠭᠠᠨ᠎ᠠ ᠨᠢ ᠰᠠᠭᠤᠭ᠎ᠠ ᠲᠦᠪᠡᠳ ᠡᠮᠡᠭᠲᠡᠢ ᠰᠤᠭᠤᠨ ᠠ᠋ᠴᠠ ᠪᠠᠨ ᠪᠥᠭᠡᠰᠦ ᠣᠯᠵᠤ  ᠮᠥᠨ  ᠯᠡ ᠠᠮᠠᠨ ᠳ᠋ᠠᠭᠠᠨ ᠬᠢᠵᠦ ᠡᠭᠦᠳᠡᠨ ᠰᠢᠲᠦ ᠪᠡᠷ ᠢ᠋ᠶ᠋ᠡᠨ ᠬᠠᠵᠠᠯ᠎ᠠ᠃ ᠲᠡᠭᠦᠨ ᠢ᠋ ᠬᠠᠷᠠᠭᠰᠠᠨ ᠤᠳᠬᠤᠨ ᠬᠡᠦᠬᠡᠨ ᠴᠣᠴᠢᠨ ᠭᠠᠢᠬᠠᠵᠤ᠄  
       -  ᠬᠥᠰᠢ ᠶᠠᠭᠠᠬᠢᠨ᠎ᠠ! ᠪᠥᠭᠡᠰᠦ ᠪᠡᠨ ᠢᠳᠡᠳᠡᠭ ᠶᠦᠮ ᠦᠦ ᠳᠡ ᠭᠡᠵᠦ ᠳᠠᠭᠤ ᠠᠯᠳᠠᠯ᠎ᠠ᠃   ᠴᠤᠢᠮᠴᠤᠭ ᠡᠬᠢᠯᠡᠨ ᠲᠡᠭᠦᠨ ᠢ᠋ ᠳᠤᠷ᠎ᠠ ᠦᠭᠡᠢᠴᠡᠨ ᠬᠠᠵᠠᠭᠤ ᠠ᠋ᠴᠠ ᠨᠢ ᠶᠣᠪᠣᠷᠴᠤ᠄ 
       - ᠳᠤᠭᠤᠢ ᠶᠠᠪᠤ! ᠢᠳᠡᠵᠦ ᠪᠠᠢᠭ᠎ᠠ ᠶᠤᠮ ᠪᠢᠰᠢ! ᠪᠢ ᠴᠢᠮ᠎ᠠ ᠳ᠋ᠤ᠌ ᠰᠡᠭᠦᠯ ᠳ᠋ᠦ᠍ ᠤᠴᠢᠷ ᠤ᠋ᠨ ᠨᠢ ᠬᠡᠯᠡᠵᠦ ᠥᠭᠭᠦᠨ᠎ᠡ ᠭᠡᠪᠡ᠃ ᠭᠠᠢᠬᠠᠨ  ᠤᠭᠭᠢᠭᠤᠳᠠᠰᠤ  ᠬᠦᠷᠦᠮᠡᠷ ᠰᠢᠭ  ᠶᠠᠭᠤᠮ᠎ᠠ ᠪᠠᠢᠪᠠ᠃ 
       ᠪᠤᠳᠠᠯᠠᠩ ᠣᠷᠳᠣᠨ ᠤ᠋ ᠱᠠᠲᠤ ᠤᠷᠤᠭᠤ ᠪᠠᠭᠤᠵᠤ ᠶᠠᠪᠤᠲᠠᠯ᠎ᠠ ᠪᠠᠰᠠ ᠯᠠ ᠬᠣᠶᠠᠷ ᠲᠥᠪᠡᠳ ᠬᠡᠦᠬᠡᠨ ᠱᠠᠲᠤᠨ ᠤ᠋ ᠭᠢᠰᠬᠢᠭᠦᠷ ᠴᠢᠯᠠᠭᠤᠨ ᠳᠡᠭᠡᠷ᠎ᠡ ᠰᠠᠨᠳᠠᠶᠢᠯᠠᠨ ᠰᠠᠭᠤᠭᠠᠳ ᠪᠡᠶ᠎ᠡ ᠪᠡᠶ᠎ᠡ ᠶ᠋ᠢᠨ ᠰᠡᠭᠰᠡᠭᠡᠷ ᠦᠰᠦᠨ ᠡᠴᠡ ᠪᠥᠭᠡᠰᠦ ᠲᠡᠭᠦᠵᠦ ᠪᠠᠢᠯ᠎ᠠ᠃ ᠨᠢᠭᠡ ᠨᠢ ᠪᠥᠭᠡᠰᠦ ᠣᠯᠵᠤ ᠠᠪᠤᠭᠠᠳ ᠨᠥᠬᠥᠭᠡ ᠳ᠋ᠡᠭᠡᠨ ᠥᠭᠬᠦ ᠳ᠋ᠦ᠍ ᠲᠡᠷᠡ  ᠳᠠᠷᠤᠢ ᠠᠮᠠᠨ ᠳ᠋ᠠᠭᠠᠨ ᠬᠢᠵᠦ ᠵᠠᠵᠢᠯᠪᠠ᠃  ᠤᠳᠬᠣᠨ  ᠳᠣᠲᠣᠷ᠎ᠠ ᠮᠠᠭᠤᠬᠠᠢ ᠪᠣᠯᠬᠤ ᠰᠢᠭ᠋  ᠡᠪ  ᠦᠭᠡᠢᠷᠬᠡᠯ᠎ᠡ᠃ 《ᠮᠠᠨ ᠤ᠋ ᠬᠢᠨ ᠴᠦ᠍ ᠪᠥᠭᠡᠰᠦ ᠲᠠᠢ ᠯᠠ ᠳᠠ᠃ ᠭᠡᠬᠦ ᠳ᠋ᠡᠭᠡᠨ ᠡᠳᠡᠨ ᠰᠢᠭ ᠠᠷᠠᠢ ᠯᠠ ᠪᠥᠭᠡᠰᠦ ᠪᠡᠨ ᠢᠳᠡᠳᠡᠭ ᠦᠭᠡᠢ ᠳᠡ》 ᠭᠡᠵᠦ ᠲᠡᠷᠡ ᠬᠡᠦᠬᠡᠨ ᠪᠣᠳᠣᠵᠤ ᠶᠠᠪᠤᠯ᠎ᠠ᠃  
       ᠢᠳᠡᠵᠦ ᠪᠠᠢᠭ᠎ᠠ ᠶᠤᠮ ᠪᠢᠰᠢ! ᠭᠡᠵᠦ ᠴᠤᠢᠮᠴᠤᠭ ᠭᠡᠯᠦᠩ ᠦ᠋ᠨ ᠬᠡᠯᠡᠭᠰᠡᠨ ᠦᠨᠡᠨ ᠪᠠᠢᠵᠠᠢ᠃ ᠲᠥᠪᠡᠳ ᠦ᠋ᠳ ᠪᠥᠭᠡᠰᠦ ᠪᠡᠨ ᠡᠭᠦᠳᠡᠨ ᠰᠢᠳᠦ ᠪᠡᠷ ᠢ᠋ᠶ᠋ᠡᠨ ᠬᠠᠵᠠᠵᠤ ᠠᠯᠠᠳᠠᠭ ᠵᠠᠩᠰᠢᠯ ᠲᠠᠢ ᠶᠤᠮ  ᠪᠠᠢᠵᠠᠢ᠃ ᠰᠠᠷᠮᠠᠭᠴᠢᠨ ᠤ᠋ ᠶᠠᠭᠴᠢᠰ ᠠ᠋ᠴᠠ ᠭᠠᠷᠤᠯᠲᠠᠢ ᠭᠡᠵᠦ ᠲᠥᠪᠡᠳ ᠦ᠋ᠳ ᠥᠪᠡᠷᠰᠡᠳ ᠢ᠋ ᠪᠡᠨ ᠦᠵᠡᠳᠡᠭ ᠶᠦᠮ ᠰᠠᠨᠵᠠᠢ᠃ ᠰᠠᠷᠮᠠᠭᠴᠢᠨ ᠤ᠋ ᠶᠠᠭᠴᠢᠰ ᠠ᠋ᠴᠠ ᠡᠭᠦᠰᠦᠯ ᠲᠡᠢ ᠲᠤᠯᠠ ᠲᠥᠪᠡᠳ ᠦ᠋ᠨ ᠬᠠᠭᠠᠳ ᠴᠥᠮ ᠯᠡ ᠰᠠᠷᠮᠠᠭᠴᠢᠨ ᠲᠠᠢ ᠲᠥᠰᠲᠡᠢ ᠪᠠᠢᠬᠤ ᠶ᠋ᠢ ᠡᠷᠡᠮᠡᠯᠵᠡᠵᠦ ᠢᠷᠡᠵᠡᠢ᠃ ᠨᠢᠭᠡᠨᠲᠡ ᠡᠢᠮᠦ ᠪᠣᠯᠬᠣᠷ ᠲᠥᠪᠡᠳ ᠬᠥᠮᠦᠨ ᠪᠥᠭᠡᠰᠦ ᠪᠡᠨ ᠰᠢᠲᠦ ᠪᠡᠷ ᠢ᠋ᠶ᠋ᠡᠨ ᠶᠡᠭᠦᠳᠬᠡᠬᠦ ᠶ᠋ᠢ ᠣᠭᠲᠣᠬᠠᠨ ᠴᠤ᠌ ᠵᠢᠪᠡᠭᠦᠴᠡᠳᠡᠭ ᠦᠭᠡᠢ ᠬᠠᠷᠢᠨ ᠴᠤ᠌ ᠥᠨᠳᠥᠷ ᠳᠡᠭᠡᠳᠦ ᠭᠠᠷᠤᠯ ᠡᠭᠦᠰᠦᠯ ᠲᠡᠢ ᠪᠡᠨ ᠴᠣᠬᠣᠨ ᠲᠣᠳᠣᠷᠠᠭᠤᠯᠵᠤ ᠪᠠᠢᠭ᠎ᠠ ᠬᠡᠷᠡᠭ ᠭᠡᠵᠦ ᠢᠳᠡᠭᠡᠨ ᠵᠠᠩᠰᠢᠵᠠᠢ᠃ ᠰᠠᠷᠮᠠᠭᠴᠢᠨ ᠪᠡᠶ᠎ᠡ ᠶ᠋ᠢᠨ ᠪᠥᠭᠡᠰᠦ ᠶ᠋ᠢ ᠰᠢᠲᠦ ᠪᠡᠷ ᠢ᠋ᠶ᠋ᠡᠨ ᠡᠷᠢᠨ ᠬᠠᠢᠵᠤ ᠣᠯᠤᠭᠰᠠᠨ ᠢ᠋ᠶ᠋ᠠᠨ ᠬᠠᠵᠠᠵᠤ ᠤᠰᠠᠳᠬᠠᠳᠠᠭ ᠤ᠋ᠨ ᠠᠳᠠᠯᠢ ᠲᠡᠭᠦᠨ ᠡᠴᠡ ᠭᠠᠷᠤᠯᠲᠠᠢ ᠲᠥᠪᠡᠳ ᠬᠥᠮᠦᠨ ᠪᠥᠭᠡᠰᠦ ᠪᠡᠨ ᠰᠢᠳᠦ ᠪᠡᠷ ᠨᠢᠳᠤᠭᠠᠬᠤ ᠳ᠋ᠤ᠌ ᠶᠠᠭᠤᠨ ᠳ᠋ᠠᠭᠠᠨ ᠢᠴᠢᠵᠦ ᠵᠣᠪᠠᠬᠤ ᠪᠢᠯᠡ!
        ᠮᠥᠷᠭᠥᠯᠴᠢᠳ ᡀᠠᠰᠠ ᠵᠣᠣ ᠶ᠋ᠢᠨ ᠰᠦᠷᠯᠢᠭ ᠥᠨᠳᠥᠷ ᠪᠤᠳᠠᠯᠠᠩ ᠣᠷᠳᠣᠨ ᠤ᠋ ᠥᠪᠥᠷ ᠲᠠᠯ᠎ᠠ ᠷᠤᠤᠾ ᠥᠨᠳᠥᠷ ᠱᠠᠲᠤ  ᠤᠷᠤᠭᠤ ᠪᠢᠰᠢᠷᠡᠨ ᠳᠡᠭᠡᠳᠦᠯᠡᠭᠰᠡᠨ᠂ ᠪᠣᠯᠭᠣᠮᠵᠢᠲᠠᠢ ᠠᠯᠬᠤᠭ᠎ᠠ ᠪᠠᠷ ᠪᠠᠭᠣᠵᠠᠭᠠᠯ᠎ᠠ᠃ ᠴᠥᠮ ᠢ᠋ᠶ᠋ᠡᠷ ᠦ᠋ᠨ ᠬᠢᠨ ᠬᠦᠵᠦᠭᠦᠨ ᠳ᠋ᠦ᠍ ᠳᠠᠯᠠᠢ ᠯᠠᠮᠠ ᠶ᠋ᠢᠨ ᠠᠳᠢᠰᠯᠠᠨ ᠲᠠᠷᠨᠢᠳᠠᠭᠰᠠᠨ ᠵᠠᠩᠭᠢᠶ᠎ᠠ ᠵᠡᠭᠦᠯᠲᠡᠲᠡᠢ ᠲᠤᠯᠠ ᠲᠡᠳᠡ ᠣᠳᠣ ᠤᠷᠮ᠎ᠠ ᠵᠣᠷᠢᠭᠲᠠᠢ᠂ ᠶᠠᠭᠤᠨ ᠠ᠋ᠴᠠ ᠴᠤ᠌ ᠠᠶᠤᠬᠤ ᠦᠭᠡᠢ᠂ ᠢᠷᠡᠭᠡᠳᠦᠢ ᠳ᠋ᠡᠭᠡᠨ ᠪᠠᠲᠤ ᠢᠲᠡᠭᠡᠯ ᠲᠡᠢ ᠶᠠᠪᠤᠵᠤ ᠪᠠᠢᠯ᠎ᠠ᠃ 
       《ᠣᠳᠣ ᠪᠢ ᠴᠦ᠍ ᠦᠷ᠎ᠡ ᠲᠡᠢ ᠪᠣᠯᠬᠤ ᠪᠠᠢᠬ᠎ᠠ ᠠ᠋! ᠭᠡᠪᠡᠴᠦ ᠁》 ᠭᠡᠵᠦ ᠤᠳᠬᠤᠨ ᠪᠠᠶᠠᠷ ᠭᠤᠨᠢᠭ ᠬᠤᠤᠰᠯᠠᠨ ᠪᠣᠳᠣᠵᠤ ᠵᠢᠷᠦᠬᠡ ᠨᠢ ᠨᠢᠭᠡ ᠰᠢᠮᠰᠢᠷᠡᠨ᠂ ᠦᠶ᠎ᠡ ᠦᠶ᠎ᠡ ᠮᠠᠷᠲᠠᠩᠨᠠᠵᠤ ᠪᠠᠢᠯ᠎ᠠ᠃ ᠤᠳᠬᠤᠨ ᠳ᠋ᠤ᠌ ᠦᠷ᠎ᠡ ᠶ᠋ᠢᠨ ᠬᠤᠲᠤᠭ ᠢ᠋ ᠳᠠᠯᠠᠢ ᠯᠠᠮᠠ ᠶ᠋ᠢᠨ ᠠᠳᠢᠰ ᠵᠠᠶᠠᠭᠠᠯ᠎ᠠ ᠭᠡᠵᠦ ᠪᠣᠳᠣᠬᠤ ᠳ᠋ᠤ᠌ ᠨᠥᠬᠥᠷ ᠦᠭᠡᠢ ᠶᠠᠭᠠᠬᠢᠬᠤ ᠪᠢᠯᠡ᠃ ᠬᠥᠭᠡᠷᠦᠬᠦᠢ ᠨᠥᠬᠥᠷ ᠬᠠᠷᠠᠬᠦᠦ ᠬᠥᠬᠡ ᠲᠣᠭᠣᠨᠣ ᠶ᠋ᠢᠨ ᠳᠠᠪᠠᠭᠠᠨ ᠳ᠋ᠤ᠌ ᠦᠷᠡᠭᠳᠡᠭᠰᠡᠨ᠃ ᠣᠳᠣ ᠬᠡᠨ ᠲᠡᠢ ᠰᠠᠭᠤᠬᠤ ᠪᠢᠯᠡ? ᠬᠣᠷᠢ ᠭᠠᠷᠤᠢᠬᠠᠨ ᠨᠠᠰᠤᠨ ᠳ᠋ᠠᠭᠠᠨ ᠪᠡᠯᠪᠡᠰᠦᠷᠡᠬᠦ ᠭᠡᠵᠦ ᠦᠦ? 《ᠮᠢᠨᠦ ᠵᠠᠶᠠᠭ᠎ᠠ ᠦᠭᠡᠢ ᠲᠣᠯᠣᠭᠠᠢ ᠠ᠋ᠴᠠ ᠪᠣᠯᠵᠤ ᠬᠥᠭᠡᠷᠦᠬᠦᠢ ᠲᠡᠷᠡ ᠮᠢᠨᠢ ᠬᠥᠮᠦᠨ ᠦ᠌ ᠭᠠᠵᠠᠷ ᠭᠦᠨ ᠦ᠌ ᠨᠤᠲᠤᠭ ᠲᠤ᠌ ᠶᠠᠰᠤ ᠪᠠᠨ ᠲᠠᠯᠪᠢᠯ᠎ᠠ᠃ ᠶᠠᠭᠤᠲᠠᠢ ᠵᠠᠶᠠᠭ᠎ᠠ ᠦᠭᠡᠢ ᠬᠥᠮᠦᠨ ᠪᠢᠯᠡ ᠪᠢ!》 ᠭᠡᠵᠦ ᠤᠳᠬᠤᠨ ᠦᠶ᠎ᠡ ᠦᠶ᠎ᠡ  ᠵᠣᠪᠠᠨᠢᠨ ᠰᠠᠨᠠᠭ᠎ᠠ ᠠᠯᠳᠠᠨ᠎ᠠ. ᠃ 《ᠭᠡᠪᠡᠴᠦ ᠪᠠᠰᠠ ᠪᠠᠢᠵᠠ᠃ ᠪᠢᠳᠡ ᠬᠣᠶᠠᠷ ᠤ᠋ᠨ ᠵᠠᠮ ᠤ᠋ᠨ ᠲᠥᠭᠡᠷᠭᠡ ᠳᠠᠭᠠᠷᠠᠭ᠎ᠠ ᠦᠭᠡᠢ ᠶᠦᠮ  ᠪᠠᠢᠯᠭᠦᠢ᠃ ᠤᠤᠯ ᠨᠢ ᠯᠠᠮᠠ ᠪᠠᠭᠰᠢ   ᠴᠤᠢᠮᠴᠤᠭ ᠭᠡᠯᠦᠩ ᠭᠤᠸᠠᠢ  ᠦᠢᠱᠠᠵᠢ ᠰᠤᠳᠤᠷ ᠢ᠋ᠶ᠋ᠠᠨ ᠨᠡᠭᠡᠭᠡᠵᠦ᠂ ᠱᠤ᠌ ᠪᠠᠨ ᠣᠷᠬᠢᠨ ᠶᠡᠬᠡ ᠯᠡ ᠨᠠᠷᠢᠨ ᠦᠵᠡᠵᠦ ᠪᠠᠢᠵᠤ ᠪᠢᠳᠡᠨ ᠦ᠌ ᠵᠢᠯ ᠰᠤᠳᠤᠷ ᠢ᠋ ᠲᠠᠭᠠᠷᠠᠭᠤᠯᠤᠭᠰᠠᠨ ᠪᠢᠰᠢ ᠪᠢᠯᠢᠤ︖ ᠮᠢᠨᠦ ᠯᠡ  ᠵᠠᠶᠠᠭ᠎ᠠ ᠦᠭᠡᠢ ᠡᠴᠡ ᠪᠣᠯᠤᠭᠰᠠᠨ  ᠪᠠᠢᠬ᠎ᠠ᠃ ᠣᠳᠣ ᠲᠡᠭᠡᠭᠡᠳ ᠪᠢ ᠦᠷ᠎ᠡ ᠶ᠋ᠢᠨ ᠬᠤᠲᠤᠭ ᠣᠯᠤᠭᠠᠳ ᠶᠠᠮᠠᠷ ᠰᠠᠢᠨ ᠪᠠᠢᠬᠤ ᠪᠣᠢ?》 ᠭᠡᠵᠦ ᠤᠳᠬᠤᠨ ᠡᠷᠭᠢᠨ  ᠪᠣᠳᠣᠯ᠎ᠠ᠃ ᠬᠦᠵᠦᠭᠦᠨ ᠳ᠋ᠡᠬᠢ ᠵᠠᠩᠭᠢᠶ᠎ᠠ ᠨᠢ ᠰᠡᠪᠢᠯᠡᠭᠦᠷ ᠰᠠᠯᠬᠢᠨ ᠳ᠋ᠤ᠌ ᠦᠯᠦ ᠮᠡᠳᠡᠭ ᠨᠠᠮᠢᠯᠵᠠᠨ  ᠬᠡᠢᠰᠴᠦ ᠢᠲᠡᠭᠡᠯ ᠲᠥᠷᠥᠭᠦᠯᠵᠦ ᠪᠠᠢᠪᠠ᠃ ᠶᠠᠮᠠᠷ ᠴᠤ᠌ ᠠᠲᠤᠭᠠᠢ ᠶᠡᠬᠡ ᠵᠣᠣ ᠶ᠋ᠢᠨ ᠨᠠᠨᠳᠢᠨ ᠰᠢᠲᠦᠭᠡᠨ ᠪᠦᠷᠢ ᠶ᠋ᠢᠨ ᠵᠡᠭᠦᠨ ᠡᠪᠦᠳᠦᠭ ᠡᠴᠡ ᠠᠳᠢᠰ ᠠᠪᠴᠤ  ᠲᠣᠰᠪᠣᠷᠢ ᠳ᠋ᠤᠨᠢ ᠬᠠᠨᠳᠤᠵᠤ 《ᠨᠠᠮᠠᠶ᠋ᠢ ᠦᠷ᠎ᠡ ᠲᠡᠢ ᠪᠣᠯᠭᠠᠵᠤ ᠥᠭᠭᠦᠭᠡᠷᠡᠢ》᠂ 《ᠨᠠᠳᠠ ᠳ᠋ᠤ᠌ ᠦᠷ᠎ᠡ ᠶ᠋ᠢᠨ ᠬᠤᠲᠤᠭ ᠬᠠᠢᠷᠠᠯᠠᠭᠠᠴᠢ ᠳᠠ》 ᠭᠡᠵᠦ ᠰᠢᠪᠡᠨᠡᠨ ᠭᠤᠶᠤᠭᠰᠠᠨ ᠪᠢᠯᠡ᠃ ᠣᠳᠣ ᠳᠠᠯᠠᠢ ᠯᠠᠮᠠ ᠳ᠋ᠤ᠌ ᠮᠥᠷᠭᠥᠬᠦ ᠳ᠋ᠡᠭᠡᠨ ᠦᠢᠯᠡᠳᠦᠯ ᠪᠦᠷᠢᠳᠦᠭᠡ ᠡᠨᠡ ᠬᠦᠰᠡᠯ ᠢᠶᠠᠨ ᠲᠣᠯᠣᠭᠠᠢ ᠳ᠋ᠤ᠌ ᠪᠢᠰᠢᠯᠭᠠᠨ  ᠬᠦᠰᠡᠵᠦ ᠪᠠᠢᠯ᠎ᠠ᠃ ᠨᠢᠯᠬ᠎ᠠ ᠪᠠᠯᠴᠢᠷ ᠳᠠᠯᠠᠢ ᠯᠠᠮᠠ ᠠ᠋ᠴᠠ ᠨᠠᠰᠤᠨ ᠳ᠋ᠤ᠌ ᠬᠦᠷᠦᠭᠰᠡᠨ ᠡᠮᠡᠭᠲᠡᠢ ᠦᠷ᠎ᠡ ᠶ᠋ᠢᠨ ᠬᠤᠲᠤᠭ ᠭᠤᠶᠤᠬᠤ ᠨᠢ ᠡᠪ ᠦᠭᠡᠢ ᠶᠦᠮ ᠰᠢᠭ ᠪᠣᠯᠪᠠᠴᠤ ᠰᠦᠵᠢᠭ ᠦ᠋ᠨ ᠦᠢᠯᠡᠰ ᠲᠤᠯᠠ ᠲᠡᠷᠡ ᠲᠠᠯ᠎ᠠ ᠠ᠋ᠴᠠ ᠪᠠᠨ ᠤᠳᠬᠤᠨ ᠪᠠᠲᠤ ᠢᠲᠡᠭᠡᠯ ᠲᠡᠢ ᠪᠠᠢᠯ᠎ᠠ᠃ ᠪᠤᠷᠬᠠᠨ  ᠪᠤᠳ᠋ᠳ᠋ᠾᠠ ᠱᠠᠬᠢᠶᠠᠮᠤᠨᠢ ᠶ᠋ᠢᠨ ᠶᠢᠷᠲᠢᠨᠴᠦ ᠳ᠋ᠦ᠍  ᠲᠡᠭᠦᠨ ᠢ᠋ ᠲᠥᠯᠥᠭᠡᠯᠡᠨ ᠰᠠᠭᠤᠵᠤ ᠪᠠᠢᠭ᠎ᠠ ᠣᠷᠣᠢ ᠶ᠋ᠢᠨ ᠳᠡᠭᠡᠳᠦ ᠳᠠᠯᠠᠢ ᠯᠠᠮᠠ ᠠ᠋ᠴᠠ ᠠᠳᠢᠰ ᠬᠦᠷᠲᠡᠭᠰᠡᠨ ᠲᠤᠯᠠ ᠬᠦᠰᠡᠯ ᠰᠠᠨᠠᠭ᠎ᠠ ᠨᠢ ᠵᠠᠪᠠᠯ ᠪᠦᠲᠦᠵᠦ ᠦᠷ᠎ᠡ ᠲᠡᠢ ᠪᠣᠯᠤᠨ᠎ᠠ ᠭᠡᠳᠡᠭ ᠲᠦ᠍ ᠤᠳᠬᠤᠨ ᠪᠠᠲᠤ ᠢᠲᠡᠭᠡᠵᠡᠢ᠃  
       ᠲᠡᠷᠲᠡᠭᠡ ᠳ᠋ᠦ᠍ ᡀᠠᠰᠠ ᠶ᠋ᠢᠨ ᠶᠡᠬᠡ ᠵᠠᠬ᠎ᠠ ᠶᠢᠨ ᠬᠥᠯ ᠱᠤᠤᠭᠢᠶᠠᠨ ᠨᠡᠮᠡᠭᠳᠡᠵᠦ ᠮᠥᠷᠭᠥᠯᠴᠢᠳ ᠣᠷᠣᠢ ᠶ᠋ᠢᠨ  ᠭᠤᠷᠢᠶᠠᠨ ᠳ᠋ᠠᠭᠠᠨ ᠭᠠᠷᠴᠤ ᠪᠠᠢᠭ᠎ᠠ ᠨᠢ ᠢᠯᠡᠳᠲᠡ ᠬᠠᠷᠠᠭᠳᠠᠯ᠎ᠠ᠃ ᠵᠠᠬ᠎ᠠ ᠶ᠋ᠢᠨ ᠲᠡᠨᠳᠡ ᠡᠴᠡ  ᠪᠠᠯᠪᠤ (ᠨᠧᠫᠠᠯ)  ᠬᠠᠴᠸ (ᠺᠠᠰᠮᠢᠷ)᠂ ᠵᠠᠨᠠᠭ (ᠬᠢᠲᠠᠳ) ᠤ᠋ᠳ ᠤ᠋ᠨ  ᠪᠠᠷᠠᠭ᠎ᠠ ᠪᠠᠨ ᠮᠠᠭᠲᠠᠨ  ᠬᠠᠰᠭᠢᠷᠠᠬᠤ  ᠴᠢᠮᠡᠭᠡ ᠲᠣᠳᠣ ᠰᠣᠨᠣᠰᠤᠭᠳᠠᠵᠤ ᠪᠠᠢᠯ᠎ᠠ᠃  
      《ᠵᠠᠬ᠎ᠠ ᠳᠡᠭᠡᠷ᠎ᠡ ᠣᠴᠢᠵᠤ ᠬᠡᠦᠬᠡᠳ ᠦ᠋ᠨ ᠤᠭᠵᠢ᠂ ᠥᠯᠥᠭᠡᠢ ᠣᠯᠵᠤ ᠠᠪᠬᠤ ᠶᠤᠮ ᠰᠠᠨ᠃ ᠥᠨᠥᠳᠥᠷ ᠯᠡ ᠡᠢᠮᠦ ᠥᠯᠵᠡᠢ ᠪᠤᠶᠠᠨ ᠪᠦᠷᠢᠳᠦᠭᠰᠡᠨ ᠡᠳᠦᠷ ᠯᠡ ᠲᠡᠢᠮᠦ ᠶᠠᠭᠤᠮ᠎ᠠ ᠣᠯᠵᠤ ᠠᠪᠠᠪᠠᠯ ᠵᠦᠭᠡᠷ ᠰᠠᠨ》 ᠭᠡᠵᠦ ᠤᠳᠬᠤᠨ ᠪᠣᠳᠣᠭᠰᠠᠨ ᠪᠣᠯᠪᠠᠴᠤ ᠴᠤᠢᠮᠴᠤᠭ  ᠭᠡᠯᠦᠩ ᠳ᠋ᠦ᠍ ᠬᠡᠯᠡᠵᠦ ᠴᠢᠳᠠᠭᠰᠠᠨ ᠦᠭᠡᠢ᠃  
       - ᠣᠳᠣ ᠴᠤ᠌ ᠪᠢ ᠠᠷᠬᠠᠭ ᠡᠪᠡᠳᠴᠢᠨ ᠡᠴᠡ ᠰᠠᠯᠵᠤ ᠶᠣᠣᠯᠠᠬᠤ ᠠᠵᠢᠯ ᠠ᠋ᠴᠠ ᠠᠩᠭᠢᠵᠢᠷᠠᠬᠤ  ᠪᠠᠢᠬ᠎ᠠ ᠠ᠋! ᠭᠡᠵᠦ ᠥᠯᠵᠡᠢ ᠬᠡᠪ ᠭᠡᠨᠡᠳᠲᠡ ᠠᠮᠠ ᠨᠡᠭᠡᠭᠡᠵᠦ ᠬᠡᠯᠡᠭᠡᠳ ᠬᠣᠶᠠᠷ ᠭᠠᠷ ᠤ᠋ᠨ ᠠᠯᠠᠭ᠎ᠠ ᠶ᠋ᠢ ᠬᠠᠪᠰᠤᠷᠴᠤ ᠨᠠᠮᠠᠨᠴᠢᠯᠠᠨ ᠵᠠᠯᠪᠠᠷᠢᠪᠠ᠃ ᠰᠦᠰᠦᠭᠯᠡᠨ ᠢᠲᠡᠭᠡᠭᠰᠡᠨ ᠪᠠᠢᠳᠠᠯ ᠴᠢᠷᠠᠢ ᠳ᠋ᠤ᠌ ᠨᠢ ᠲᠤᠨᠵᠠᠢ᠃ 
       -  ᠦ᠂ ᠰᠠᠯᠤᠯ ᠦᠭᠡᠢ  ᠶᠠᠭᠠᠬᠢᠬᠤ ᠪᠣᠢ︕ ᠭᠡᠵᠦ ᠴᠤᠢᠮᠴᠤᠭ ᠭᠡᠯᠦᠩ ᠪᠤᠪᠲᠤᠨᠠᠪᠠ᠃  
       - ᠳᠠᠯᠠᠢ ᠯᠠᠮᠠᠲᠠᠨ ᠮᠢᠨᠦ ᠵᠤᠯᠠᠢ ᠳ᠋ᠤ᠌ ᠭᠠᠷ ᠢ᠋ᠶ᠋ᠠᠨ ᠬᠦᠷᠭᠡᠬᠦ ᠦᠶ᠎ᠡ ᠳ᠋ᠦ᠍ ᠯᠡ ᠪᠡᠶ᠎ᠡ ᠮᠢᠨᠢ ᠬᠠᠯᠠᠭᠤ ᠣᠷᠬᠢᠭᠠᠳ ᠶᠡᠬᠡ ᠬᠥᠩᠭᠡᠷᠡᠭᠡᠳ ᠯᠡ ᠶᠠᠮᠠᠷ ᠨᠢᠭᠡ ᠲᠣᠮᠣ ᠬᠦᠨᠳᠦ ᠴᠢᠯᠠᠭᠤᠨ ᠠ᠋ᠴᠠ ᠰᠠᠯᠬᠤ ᠰᠢᠭ᠋ ᠪᠣᠯᠤᠭᠰᠠᠨ᠃ ᠠᠷᠬᠠᠭ ᠡᠪᠡᠳᠴᠢᠨ ᠮᠢᠨᠢ ᠲᠣᠨᠢᠯᠤᠭᠠᠳ ᠥᠭᠬᠦ ᠰᠢᠭ ᠰᠠᠨᠠᠭᠳᠠᠭᠰᠠᠨ᠃  ᠣᠳᠣ ᠴᠤ᠌ ᠪᠢ ᠢᠯᠠᠷᠢᠰᠢᠵᠤ ᠡᠬᠢᠯᠡᠪᠡ ᠪᠣᠯᠤᠯᠲᠠᠢ! ᠭᠡᠵᠦ ᠥᠯᠵᠡᠢ ᠤᠷᠮ᠎ᠠ ᠵᠣᠷᠢᠭᠲᠠᠢ ᠶᠠᠷᠢᠵᠤ ᠪᠠᠢᠲᠠᠯ᠎ᠠ ᠪᠠᠷᠠᠭᠤᠨ ᠪᠥᠭᠡᠷ᠎ᠡ ᠪᠡᠷ ᠨᠢ ᠵᠡᠭᠦᠦ ᠰᠢᠪᠡᠬᠦ ᠰᠢᠭ ᠬᠠᠳᠬᠤᠭᠤᠯᠵᠤ ᠪᠦᠬᠦ ᠪᠡᠶ᠎ᠡ ᠶ᠋ᠢᠨ ᠬᠥᠯᠥᠰᠥ ᠬᠦᠢᠲᠡ ᠳᠠᠭᠠᠭᠠᠨ ᠴᠢᠬᠠᠷᠠᠪᠠ᠃ ᠭᠡᠪᠡᠴᠦ ᠥᠯᠵᠡᠢ ᠲᠡᠭᠦᠨ ᠢ᠋ ᠮᠡᠳᠡᠭᠳᠡᠬᠦ ᠦᠭᠡᠢ ᠶ᠋ᠢ  ᠬᠢᠴᠢᠶᠡᠵᠦ ᠪᠡᠶ᠎ᠡ ᠪᠡᠨ  ᠪᠠᠷᠢᠯ᠎ᠠ᠃ 
       ᠠᠯᠤᠰ ᠲᠡᠷᠲᠡᠭᠡ ᠠᠭᠤᠯᠠ ᠶ᠋ᠢᠨ ᠣᠷᠣᠢ ᠪᠠᠷ ᡀᠠᠰᠠ ᠶ᠋ᠢᠨ ᠴᠠᠭᠠᠨ ᠳᠡᠰ ᠦ᠋ᠳ ᠡᠷᠭᠢᠯᠳᠦᠨ  ᠨᠢᠰᠴᠦ ᠪᠠᠢᠬᠤ ᠶ᠋ᠢ ᠥᠯᠵᠡᠢ ᠬᠠᠷᠠᠭᠠᠳ ᠬᠠᠷ᠎ᠠ ᠠᠵᠢᠷᠭ᠎ᠠ ᠶ᠋ᠢᠨ ᠰᠦᠷᠯᠢᠭ  ᠠᠭᠤᠯᠠᠰ ᠢ᠋ᠶ᠋ᠠᠨ ᠳᠤᠷᠠᠰᠤᠨ  ᠪᠣᠳᠣᠯ᠎ᠠ᠃ ᠡᠨᠳᠡ ᠡᠴᠡ ᠲᠦᠷᠭᠡᠨ ᠪᠤᠴᠠᠵᠤ ᠲᠥᠷᠥᠭᠰᠡᠨ ᠨᠤᠲᠤᠭ ᠤ᠋ᠨ ᠢ᠋ᠶ᠋ᠠᠨ  ᠠᠭᠤᠯᠠᠰ ᠢ᠋ᠶ᠋ᠠᠷ ᠭᠡᠷᠦᠨ ᠲᠡᠨᠦᠵᠦ ᠶᠠᠩᠭᠢᠷ  ᠨᠠᠮᠨᠠᠨ᠂ ᠭᠦᠵᠡᠭᠡᠨ ᠳ᠋ᠦ᠍ᠨᠢ ᠬᠣᠷᠬᠣᠭ ᠬᠢᠵᠦ  ᠢᠳᠡᠬᠦ ᠰᠠᠨ ᠭᠡᠵᠦ ᠪᠣᠳᠣᠪᠠ᠃  
       ᠵᠠᠯᠠᠭᠤ ᠭᠡᠰᠦᠯ ᠰᠡᠩᠵᠢ ᠳᠠᠯᠠᠢ ᠯᠠᠮᠠ ᠳ᠋ᠤ᠌ ᠮᠥᠷᠭᠥᠨ ᠪᠠᠷᠠᠭᠠᠯᠬᠠᠭᠰᠠᠨ ᠦᠢᠯᠡ ᠶᠠᠪᠤᠳᠠᠯ ᠤ᠋ᠨ ᠰᠣᠨᠢᠨ ᠶᠢᠷᠲᠢᠨᠴᠦ ᠡᠴᠡ ᠰᠡᠳᠬᠢᠯ ᠢ᠋ᠶ᠋ᠡᠷ ᠢ᠋ᠶ᠋ᠡᠨ ᠬᠠᠭᠠᠴᠠᠵᠤ ᠴᠢᠳᠠᠬᠠᠭᠤᠢ ᠪᠣᠳᠣᠯ ᠤ᠋ᠨ ᠰᠢᠪᠠᠭᠤᠨ ᠳ᠋ᠤ᠌ ᠬᠥᠲᠥᠯᠦᠭᠳᠡᠨ ᠡᠨᠡ ᠶᠢᠷᠲᠢᠨᠴᠦ ᠶ᠋ᠢ ᠬᠡᠳᠦᠢ ᠨᠢ ᠮᠠᠷᠲᠠᠭᠰᠠᠨ ᠲᠤᠯᠠ ᠬᠠᠵᠠᠭᠤ ᠳ᠋ᠠᠭᠠᠨ ᠶᠠᠪᠤᠭ᠎ᠠ ᠬᠥᠮᠦᠰ ᠦ᠋ᠨ ᠲᠤᠬᠠᠢ ᠣᠭᠲᠣᠬᠠᠨ ᠴᠤ᠌ ᠬᠠᠢᠬᠤᠷᠬᠤ ᠦᠭᠡᠢ ᠪᠠᠢᠯ᠎ᠠ᠃ ᠬᠠᠷ᠎ᠠ ᠪᠠᠭ᠎ᠠ ᠠ᠋ᠴᠠ ᠪᠠᠨ ᠨᠣᠮ ᠤ᠋ᠨ ᠮᠥᠷ ᠬᠥᠭᠡᠭᠡᠵᠦ ᠬᠡᠢᠳ ᠲᠦ᠍ ᠱᠠᠪᠢᠯᠠᠨ ᠰᠠᠭᠤᠵᠤ  ᠭᠡᠰᠦᠯ ᠦ᠋ᠨ ᠰᠠᠬᠢᠯ ᠬᠦᠷᠲᠡᠬᠦ ᠬᠦᠷᠲᠡᠯ᠎ᠡ  ᠪᠠᠨ ᠲᠡᠭᠦᠨ ᠦ᠌ ᠰᠣᠨᠣᠰᠴᠤ ᠮᠡᠳᠡᠭᠰᠡᠨ ᠵᠦᠢᠯ ᠦ᠋ᠨ ᠣᠷᠭᠢᠯ ᠨᠢ ᠪᠤᠷᠬᠠᠨ ᠱᠠᠰᠢᠨ ᠤ᠋ ᠠᠷᠢᠭᠤᠨ ᠭᠣᠯᠣᠮᠲᠠ ᡀᠠᠰᠠ ᠵᠣᠣ᠂ ᠲᠡᠨᠳᠡ ᠵᠠᠯᠠᠷᠠᠨ ᠪᠤᠷᠬᠠᠨ ᠤ᠋ ᠬᠡᠷᠡᠭ ᠢ᠋ ᠶᠠᠪᠤᠭᠤᠯᠤᠭᠴᠢ ᠳᠠᠯᠠᠢ ᠯᠠᠮᠠ᠂ ᡀᠠᠰᠠ ᠶ᠋ᠢᠨ ᠨᠠᠨᠳᠢᠨ ᠰᠢᠲᠦᠭᠡᠨ ᠨᠦ᠋ᠭᠥᠳ ᠦ᠋ᠨ ᠲᠤᠬᠠᠢ ᠶᠠᠷᠢᠶ᠎ᠠ ᠪᠠᠢᠯ᠎ᠠ᠃ ᠲᠡᠭᠦᠨ ᠦ᠌ ᠪᠠᠭ᠎ᠠ ᠨᠠᠰᠤᠨ ᠤ᠋ ᠭᠠᠢᠬᠠᠮᠰᠢᠭᠲᠠᠢ ᠦᠯᠢᠭᠡᠷ ᠨᠢ ᠡᠨᠡᠬᠦ ᠪᠤᠷᠬᠠᠨ ᠤ᠋ ᠣᠷᠣᠨ ᠤ᠋ ᠲᠤᠬᠠᠢ ᠪᠠᠢᠯ᠎ᠠ᠃ ᠣᠳᠣ  ᠡᠢᠨ  ᠬᠦ᠌ ᠨᠢᠳᠦ ᠪᠡᠷ ᠦᠵᠡᠬᠦ ᠵᠠᠪᠰᠢᠶᠠᠨ ᠲᠣᠬᠢᠶᠠᠯᠳᠤᠵᠠᠢ᠃ ᠡᠭᠦᠨ ᠳ᠋ᠡᠭᠡᠨ  ᠪᠡᠶᠡᠰᠴᠦ  ᠶᠠᠪᠤᠪᠠ᠃ 
       ᠮᠥᠷᠭᠥᠯᠴᠢᠳ ᠦ᠋ᠨ ᠳᠣᠲᠣᠷ᠎ᠠ ᠠ᠋ᠴᠠ ᠭᠠᠭᠴᠠᠬᠦ ᠪᠥᠬᠡᠮᠠᠩᠯᠠᠢ ᠳᠠᠯᠠᠢ ᠯᠠᠮᠠ ᠳ᠋ᠤ᠌ ᠪᠠᠷᠠᠯᠬᠠᠭᠰᠠᠨ ᠨᠢ ᠲᠡᠳᠦᠢᠯᠡᠨ ᠲᠠᠭᠠᠯᠠᠭᠳᠠᠭᠰᠠᠨ ᠦᠭᠡᠢ᠃ 《ᠳᠠᠯᠠᠢ ᠯᠠᠮ᠎ᠠ ᠭᠡᠳ ᠪᠠᠢᠭᠰᠠᠨ᠂ ᠨᠢᠯᠬ᠎ᠠ ᠬᠡᠦᠬᠡᠳ ᠶᠦᠮ ᠰᠢᠭ ᠪᠣᠢ ᠳᠠ! ᠪᠠᠰᠠ ᠲᠡᠭᠡᠭᠡᠳ ᠪᠤᠳᠠᠭ᠎ᠠ ᠪᠠᠨ ᠴᠤ᠌ ᠢᠳᠡᠭᠦᠯᠵᠦ ᠳᠠᠭᠤᠰᠬᠠᠭᠰᠠᠨ ᠦᠭᠡᠢ!》ᠭᠡᠵᠦ ᠲᠡᠷᠡ ᠬᠠᠯᠠᠭᠯᠠᠨ ᠪᠣᠳᠣᠵᠤ ᠶᠠᠪᠤᠯ᠎ᠠ᠃ ᠤᠤᠯ ᠨᠢ ᠲᠡᠭᠦᠨ ᠦ᠌ ᠪᠣᠳᠣᠯ ᠢ᠋ᠶ᠋ᠠᠷ ᠪᠣᠯ ᠳᠠᠯᠠᠢ ᠯᠠᠮᠠ ᠭᠡᠵᠦ ᠶᠡᠷᠦ ᠪᠤᠰᠤ ᠶ᠋ᠢᠨ ᠰᠦᠷᠯᠢᠭ ᠳᠡᠭᠡᠳᠦᠰ ᠪᠠᠢᠬᠤ ᠶᠣᠰᠣᠲᠠᠢ ᠪᠢᠯᠡ᠃ ᠭᠡᠪᠡᠴᠦ ᠬᠥᠮᠦᠨ ᠦ᠌ ᠯᠡ ᠠᠳᠠᠯᠢ ᠬᠥᠮᠦᠨ ᠪᠠᠢᠭᠰᠠᠨ ᠳ᠋ᠤᠨᠢ ᠢᠲᠡᠭᠡᠯ ᠳᠤᠮᠳᠠᠭᠤᠷ ᠪᠣᠯᠵᠠᠢ᠃