ᠣᠷᠣᠢ ᠦᠭᠡᠢ ᠰᠦᠮ᠎ᠡ – ᠭᠤᠷᠪᠠ ᠂ ᠵᠠᠮ ᠤᠨ ᠮᠢᠩᠭᠠᠨ ᠪᠠᠷᠴᠢᠳ Оройгүй сүм – Гурав ᠂ Замын мянган барчид - Oroigui sum 3
ᠭᠤᠷᠪᠠ ᠂ ᠵᠠᠮ ᠤᠨ ᠮᠢᠩᠭᠠᠨ ᠪᠠᠷᠴᠢᠳ
ᠡᠪᠡᠰᠦᠨ ᠳᠡᠯᠡᠬᠡᠢ ᠴᠠᠰᠤᠨ ᠳᠠᠪᠬᠤᠷᠭ᠎ᠠ ᠲᠠᠢ
ᠥᠷᠭᠡᠨ ᠳᠠᠯᠠᠢ ᠮᠥᠰᠥᠨ ᠳᠠᠪᠬᠤᠷᠭ᠎ᠠ ᠲᠠᠢ
ᠠᠯᠲᠠᠨ ᠴᠣᠷᠭᠣ ᠶ᠋ᠢᠨ ᠳᠠᠪᠠᠭᠠᠨ ᠤ᠋ ᠠᠷᠤ ᠰᠢᠯᠢ ᠳᠡᠭᠡᠷᠡᠬᠢ ᠣᠪᠣᠭ᠎ᠠ ᠶ᠋ᠢ ᠲᠣᠭᠣᠷᠢᠭᠠᠳ ᠲᠠᠩᠭᠤᠳ ᠤ᠋ᠳ ᠭᠣᠷᠢᠶ᠎ᠠ ᠬᠢᠵᠦ ᠪᠠᠢᠯ᠎ᠠ᠃ ᠣᠪᠣᠭᠠᠨ ᠤ᠋ ᠳᠥᠷᠪᠡᠨ ᠲᠠᠯ᠎ᠠ ᠳ᠋ᠤᠨᠢ ᠭᠠᠯ ᠤ᠋ᠳ ᠠᠰᠠᠭᠠᠵᠠᠢ᠃ ᠦᠰᠦ ᠪᠡᠨ ᠬᠡᠵᠢᠶ᠎ᠡ ᠴᠦ᠍ ᠳᠠᠭᠠᠷᠢᠵᠤ ᠰᠠᠮᠨᠠᠳᠠᠭ ᠦᠭᠡᠢ ᠪᠣᠯᠬᠣᠷ ᠲᠡᠳᠡᠨ ᠢ᠋ ᠮᠠᠯᠠᠭᠠᠢ ᠦᠭᠡᠢ ᠪᠠᠢᠬᠤ ᠳ᠋ᠤ᠌ ᠨᠢ ᠬᠠᠷᠠᠬᠤ ᠳ᠋ᠤ᠌ ᠠᠢᠳᠠᠰ ᠬᠦᠷᠦᠮᠡᠷ ᠰᠠᠭᠯᠠᠭᠠᠷ ᠬᠠᠷ᠎ᠠ ᠶᠠᠭᠤᠮ᠎ᠠ ᠨᠤᠭᠤᠳ᠂ ᠠᠭᠤᠯᠠ ᠶ᠋ᠢᠨ ᠬᠦᠢᠲᠡᠨ ᠰᠠᠯᠬᠢ᠂ ᠬᠤᠷᠴᠠ ᠨᠠᠷᠠᠨ ᠳ᠋ᠤ᠌ ᠪᠠᠷᠠᠭᠠᠨᠲᠤᠵᠤ ᠬᠤᠯᠴᠤᠷᠤᠤᠳᠤᠭᠰᠠᠨ ᠬᠥᠬᠡ ᠴᠢᠷᠠᠢ ᠳ᠋ᠤ᠌ ᠴᠠᠭᠠᠨ ᠰᠢᠲᠦ᠂ ᠤᠯᠠᠪᠤᠷ ᠥᠩᠭᠡᠲᠡᠢ ᠨᠢᠳᠦ ᠨᠢ ᠵᠣᠬᠢᠯᠳᠤᠬᠤ ᠦᠭᠡᠢ ᠵᠡᠷᠯᠢᠭ ᠢ᠋ᠶ᠋ᠡᠷ ᠭᠢᠯᠠᠯᠵᠠᠨ ᠶᠠᠪᠤᠬᠤ ᠲᠤᠯᠠ ᠮᠣᠩᠭᠣᠯᠴᠤᠳ ᠵᠢᠬᠡᠭᠦᠴᠡᠨ ᠠᠶᠦᠳᠠᠭ ᠢ᠋ᠶ᠋ᠠᠷ ᠪᠠᠷᠠᠬᠤ ᠦᠭᠡᠢ ᠲᠠᠩᠭᠤᠳ ᠤ᠋ᠳ ᠭᠡᠬᠦ ᠡᠴᠡ ᠪᠡᠨ ᠰᠡᠭᠰᠡᠭᠡᠷ ᠦ᠋ᠳ ᠭᠡᠮᠡᠨ ᠨᠡᠷᠡᠯᠡᠵᠦ ᠰᠤᠷᠴᠠᠢ᠃ ᠲᠡᠷᠡ ᠨᠢᠭᠡᠨ ᠣᠷᠣᠢ ᠠᠯᠲᠠᠨ ᠴᠣᠷᠭᠣ ᠶ᠋ᠢᠨ ᠳᠠᠪᠠᠭ᠎ᠠ ᠣᠷᠴᠢᠮ ᠰᠡᠭᠰᠡᠭᠡᠷ ᠦ᠋ᠳ ᠦ᠋ᠨ ᠬᠡᠳᠦ ᠬᠡᠳᠦᠨ ᠪᠦᠯᠦᠭ ᠨᠢᠭᠤᠭᠳᠠᠵᠤ ᠤᠲᠤᠯᠭᠠᠨ ᠳ᠋ᠤ᠌ ᠭᠠᠷᠤᠭᠠᠳ ᠵᠠᠷᠢᠮ ᠨᠢ 《ᠠᠩᠨᠠᠭᠤᠷ ᠲᠤ᠌》 ᠶᠠᠪᠤᠬᠤ ᠪᠡᠯᠡᠳᠬᠡᠯ ᠪᠣᠯᠭᠠᠨ ᠭᠣᠷᠢᠶ᠎ᠠ ᠬᠢᠵᠦ ᠪᠠᠢᠯ᠎ᠠ᠃
《ᠮᠣᠩᠭᠣᠯ ᠮᠥᠷᠭᠥᠯᠴᠢᠳ ᠦ᠋ᠨ ᠴᠤᠪᠤᠭ᠎ᠠ ᠢᠷᠡᠵᠦ ᠶᠠᠪᠤᠨ᠎ᠠ》 ᠭᠡᠳᠡᠭ ᠮᠡᠳᠡᠭᠡ ᠶ᠋ᠢ ᠲᠡᠳᠡ ᠠᠯᠢ ᠡᠷᠲᠡ ᠠᠪᠤᠭᠰᠠᠨ ᠪᠠᠢᠵᠠᠢ᠃ ᠶᠡᠷᠦ ᠨᠢ ᠮᠣᠩᠭᠣᠯ ᠠ᠋ᠴᠠ ᠮᠥᠷᠭᠥᠯᠴᠢᠳ ᠢᠷᠡᠵᠦ ᠶᠠᠪᠤᠭ᠎ᠠ ᠶ᠋ᠢ ᠲᠠᠩᠭᠤᠳ ᠤ᠋ᠳ ᠭᠠᠭᠴᠠᠬᠠᠨ ᠡᠳᠦᠷ ᠦ᠋ᠨ ᠳᠣᠲᠣᠷ᠎ᠠ ᠪᠠᠷᠤᠭ ᠪᠦᠬᠦ ᠲᠥᠪᠡᠳ ᠣᠷᠣᠨ ᠳᠠᠶᠠᠭᠠᠷ ᠵᠠᠷᠯᠠᠨ ᠮᠡᠳᠡᠭᠡᠯᠡᠵᠦ᠂ ᠨᠢᠭᠡᠨ ᠡᠴᠡ ᠪᠡᠨ ᠨᠢᠭᠡᠨ ᠳ᠋ᠦ᠍ ᠳᠠᠮᠵᠢᠭᠤᠯᠵᠤ ᠰᠤᠷᠤᠭᠰᠠᠨ ᠠᠵᠠᠢ᠃ ᠡᠢᠮᠦ ᠮᠡᠳᠡᠭᠡ ᠶ᠋ᠢ ᠠᠯᠠᠱᠠ ᠶ᠋ᠢᠨ ᠴᠢᠨ ᠸᠠᠩ ᠤ᠋ᠨ ᠨᠤᠲᠤᠭ ᠠ᠋ᠴᠠ ᠡᠬᠢᠯᠡᠭᠡᠳ ᠬᠥᠬᠡᠨᠠᠭᠤᠷ᠂ ᠴᠠᠢᠳᠠᠮ ᠤ᠋ᠨ ᠠᠭᠤᠳᠠᠮ ᠬᠥᠨᠳᠡᠢ᠂ ᠠᠭᠤᠯᠠ ᠨᠢᠷᠤᠭᠤᠳ ᠢ᠋ᠶ᠋ᠠᠷ᠂ ᠽᠤᠩᠭᠡᠸ᠎ᠠ ᠪᠤᠷᠬᠠᠨ ᠤ᠋ ᠲᠥᠷᠥᠭᠰᠡᠨ ᠨᠤᠲᠤᠭ ᠠᠷᠢᠭᠤᠨ ᠭᠦᠮᠪᠦᠮ ᠳ᠋ᠦ᠍ ᠬᠦᠷᠲᠡᠯ᠎ᠡ ᠲᠦᠭᠡᠭᠡᠨ ᠲᠠᠷᠬᠠᠭᠠᠬᠤ ᠳ᠋ᠠᠭᠠᠨ ᠠᠯᠤᠰ ᠬᠣᠯᠠ ᠶ᠋ᠢᠨ ᠭᠡᠨᠡᠨ᠂ ᠠᠶᠤᠮᠠᠲᠠᠭᠠᠢ᠂ ᠰᠢᠲᠦᠯᠭᠡ ᠲᠡᠢ ᠮᠣᠩᠭᠣᠯᠴᠤᠳ ᠢ᠋ ᠲᠥᠪᠡᠳ ᠦ᠋ᠳ ᠬᠦᠨᠳᠦᠳᠬᠡᠨ ᠤᠭᠲᠤᠬᠤ ᠭᠡᠰᠡᠨ ᠳ᠋ᠡᠭᠡᠨ ᠪᠢᠰᠢ ᠬᠠᠷᠢᠨ ᠥᠪᠡᠷ ᠥᠪᠡᠷᠰᠡᠳ ᠦ᠋ᠨ ᠠᠷᠭ᠎ᠠ ᠬᠡᠷᠡᠭᠰᠡᠯ᠂ ᠵᠠᠯᠢ ᠮᠡᠬᠡ ᠪᠡᠷ ᠲᠡᠳᠡᠨ ᠢ᠋ ᠨᠢᠴᠦᠭᠦᠯᠡᠨ ᠲᠤᠨᠤᠬᠤ ᠬᠦᠰᠡᠯ ᠢ᠋ᠶ᠋ᠡᠷ ᠲᠡᠭᠡᠳᠡᠭ ᠪᠠᠢᠵᠠᠢ᠃
ᠥᠨᠥᠳᠥᠷ ᠠᠯᠲᠠᠨ ᠴᠣᠷᠭᠣ ᠶ᠋ᠢᠨ ᠳᠠᠪᠠᠭᠠᠨ ᠳ᠋ᠤ᠌ ᠰᠢᠪᠡᠭᠡᠯᠡᠭᠡᠳ ᠭᠣᠷᠢᠶ᠎ᠠ ᠬᠢᠵᠦ ᠪᠠᠢᠭ᠎ᠠ ᠲᠠᠩᠭᠤᠳ ᠳᠡᠭᠡᠷᠡᠮᠴᠢᠳ ᠦ᠋ᠨ ᠲᠡᠷᠡ ᠪᠦᠯᠦᠭ ᠦ᠋ᠨ ᠰᠠᠨᠠᠭᠠᠷᠬᠠᠯ ᠪᠣᠯ ᠮᠣᠩᠭᠣᠯ ᠠ᠋ᠴᠠ ᠢᠷᠡᠵᠦ ᠶᠠᠪᠤᠭ᠎ᠠ ᠮᠥᠷᠭᠥᠯᠴᠢᠳ ᠢ᠋ ᠤᠭᠲᠤᠨ ᠲᠣᠰᠴᠤ ᠮᠤᠯᠵᠠᠯᠬᠤ ᠳ᠋ᠤ᠌ ᠯᠠ ᠴᠢᠭᠯᠡᠭᠰᠡᠨ ᠪᠠᠢᠬᠤ ᠠ᠋ᠴᠠ ᠭᠠᠷᠴᠠᠭ᠎ᠠ ᠦᠭᠡᠢ᠃
– ᠲᠩᠷᠢ ᠡᠯᠡᠰᠦ᠂ ᠲᠩᠷᠢ ᠳᠠᠪᠠᠭ᠎ᠠ ᠭᠡᠬᠦᠴᠢᠯᠡᠨ ᠲᠩᠷᠢ ᠶ᠋ᠢᠨ ᠨᠡᠷ᠎ᠡ ᠪᠠᠷᠢᠭᠰᠠᠨ ᠭᠠᠵᠠᠷ ᠤᠰᠤ ᠪᠢᠳᠡᠨ ᠦ᠌ ᠵᠠᠮ ᠳ᠋ᠤ᠌ ᠣᠯᠠᠨ ᠳᠠᠭᠠᠷᠢᠯᠳᠤᠨ᠎ᠠ᠃ ᠲᠡᠷᠡ ᠪᠦᠬᠦᠨ ᠢ᠋ ᠳᠠᠪᠠᠬᠤ᠂ ᠲᠤᠭᠤᠯᠬᠤ ᠶᠡᠬᠡ ᠬᠡᠴᠡᠭᠦᠦ ᠯᠡ ᠳᠡ᠃ ᠭᠡᠪᠡᠴᠦ ᠲᠩᠷᠢ ᠶ᠋ᠢᠨ ᠨᠡᠷ᠎ᠡ ᠪᠠᠷᠢᠭᠰᠠᠨ ᠲᠠᠩᠭᠤᠳ ᠳᠡᠭᠡᠷᠡᠮᠴᠢᠨ ᠨᠦ᠍ᠭᠦᠳ ᠦ᠋ᠨ ᠳᠠᠪᠠᠭ᠎ᠠ ᠶ᠋ᠢ ᠳᠠᠪᠠᠬᠤ ᠯᠠ ᠲᠤᠩ ᠪᠡᠷᠬᠡ᠃ ᠲᠡᠢᠮᠦ ᠳᠠᠪᠠᠭ᠎ᠠ ᠠᠯᠬᠤᠮ ᠲᠤᠲᠤᠮ ᠳ᠋ᠤ᠌ ᠲᠣᠬᠢᠶᠠᠯᠳᠤᠳᠠᠭ ᠶᠤᠮ ᠭᠡᠵᠦ ᠲᠡᠷᠡ ᠨᠢᠭᠡ ᠥᠷᠯᠥᠭᠡ ᠠᠯᠠᠱᠠᠨ ᠶᠠᠮᠤᠨ ᠤ᠋ ᠪᠣᠷᠣᠴᠤᠤᠯ ᠤ᠋ᠨ ᠬᠣᠷᠤᠭᠠᠨ ᠠ᠋ᠴᠠ ᠠᠴᠢᠶᠠᠯᠠᠨ ᠬᠥᠳᠡᠯᠬᠦ ᠳ᠋ᠡᠭᠡᠨ ᠴᠤᠢᠮᠴᠤᠭ ᠭᠡᠯᠦᠩ ᠱᠠᠪᠢ ᠳ᠋ᠠᠭᠠᠨ ᠶᠠᠷᠢᠵᠠᠢ᠃
ᠣᠳᠣ ᠡᠳᠡᠨ ᠦ᠌ ᠴᠤᠪᠤᠭ᠎ᠠ ᠲᠩᠷᠢ ᠡᠯᠡᠰᠦ᠂ ᠲᠩᠷᠢ ᠳᠠᠪᠠᠭ᠎ᠠ ᠬᠣᠶᠠᠷ ᠢ᠋ ᠳᠤᠭᠤᠯᠤᠭᠠᠳ ᠬᠥᠬᠡᠨᠠᠭᠤᠷ ᠣᠷᠣᠬᠤ ᠵᠠᠮ ᠤ᠋ᠨ ᠬᠠᠮᠤᠭ ᠤ᠋ᠨ ᠥᠨᠳᠥᠷ ᠳᠠᠪᠠᠭ᠎ᠠ ᠪᠣᠯᠤᠨ ᠠᠯᠲᠠᠨ ᠴᠣᠷᠭᠣ ᠶ᠋ᠢ ᠥᠭᠰᠥᠵᠦ ᠶᠠᠪᠤᠭ᠎ᠠ ᠠᠵᠢ᠃
ᠠᠯᠲᠠᠨ ᠴᠣᠷᠭᠣ ᠶ᠋ᠢᠨ ᠳᠠᠪᠠᠭᠠᠨ ᠳ᠋ᠤ᠌ ᠣᠪᠣᠭ᠎ᠠ ᠲᠣᠭᠣᠷᠢᠨ ᠭᠣᠷᠢᠶ᠎ᠠ ᠬᠢᠵᠦ ᠪᠠᠢᠭ᠎ᠠ ᠲᠠᠩᠭᠤᠳ ᠤ᠋ᠳ ᠪᠠᠯᠪᠤ ᠶ᠋ᠢᠨ ᠳᠠᠷᠬᠠᠴᠤᠤᠯ ᠤ᠋ᠨ ᠬᠢᠴᠡ ᠲᠡᠢ ᠪᠣᠯᠣᠳ ᠬᠢᠲᠤᠭ᠎ᠠ ᠨᠤᠭᠤᠳ ᠢ᠋ᠶ᠋ᠠᠨ ᠬᠤᠢ ᠠ᠋ᠴᠠ ᠨᠢ ᠳᠤᠲᠠᠭᠤ ᠰᠤᠭᠤᠯᠤᠭᠠᠳ ᠲᠦᠳᠡᠭ ᠭᠠᠯ ᠢ᠋ᠶ᠋ᠠᠨ ᠲᠣᠭᠣᠷᠢᠨ ᠫᠠᠷᠢᠪᠠᠯᠵᠠᠨ ᠴᠣᠪᠬᠣᠷᠴᠤ ᠪᠥᠵᠢᠭᠯᠡᠬᠦ ᠮᠠᠶᠢᠭᠲᠠᠢ ᠬᠡᠰᠡᠭ ᠵᠠᠭᠤᠷ᠎ᠠ ᠭᠦᠶᠦᠯᠳᠦᠵᠦ ᠪᠠᠢᠭᠰᠠᠨ ᠢ᠋ᠶ᠋ᠠᠨ ᠱᠤᠭᠫᠠ ᠭᠡᠳᠡᠭ ᠠᠷᠴᠠᠨ ᠤ᠋ ᠦᠨᠦᠷ ᠭᠠᠷᠬᠤ ᠳ᠋ᠤ᠌ ᠰᠠᠢ ᠵᠣᠭ ᠲᠣᠰᠴᠤ ᠴᠥᠮ ᠢ᠋ᠶ᠋ᠡᠷ ᠢ᠋ᠶ᠋ᠡᠨ ᠬᠢᠲᠤᠭ᠎ᠠ ᠪᠠᠨ ᠰᠤᠭᠤᠯᠤᠨ ᠴᠡᠩᠬᠡᠷ ᠤᠲᠤᠭ᠎ᠠ ᠨᠢ ᠵᠠᠯᠬᠠᠭᠤᠲᠠᠢ ᠪᠠᠷ ᠡᠷᠭᠢᠨ ᠬᠣᠷᠭᠣᠨ ᠪᠠᠭᠠᠭᠢᠵᠤ ᠪᠠᠢᠭ᠎ᠠ ᠰᠠᠩ ᠤ᠋ᠨ ᠵᠦᠭ ᠰᠢᠪᠠᠭᠠᠷᠠᠯᠳᠤᠯᠠ᠃ ᠰᠠᠩ ᠤ᠋ᠨ ᠤᠲᠤᠭᠠᠨ ᠳᠡᠭᠡᠭᠦᠷ ᠬᠢᠲᠤᠭ᠎ᠠ ᠪᠠᠨ ᠨᠠᠷᠠ ᠵᠥᠪ ᠡᠷᠭᠢᠭᠦᠯᠦᠨ ᠠᠷᠢᠭᠤᠳᠬᠠᠯ ᠦᠢᠯᠡᠳᠴᠡᠭᠡᠪᠡ᠃ ᠲᠡᠭᠡᠭᠰᠡᠨ ᠢ᠋ᠶ᠋ᠡᠨ ᠪᠣᠯᠬᠢ ᠬᠢᠴᠡᠲᠡᠢ ᠴᠠᠬᠢᠭᠤᠷ ᠫᠤᠤ ᠬᠣᠶᠠᠷ ᠢ᠋ ᠠᠬᠠᠯᠠᠭᠴᠢ ᠨᠢ ᠪᠣᠯᠤᠯᠲᠠᠢ ᠬᠥᠬᠡ ᠡᠴᠡ ᠬᠥᠬᠡ ᠴᠢᠷᠠᠢᠲᠠᠢ ᠰᠡᠭᠰᠡᠭᠡᠷ ᠦᠰᠦ ᠲᠡᠢ ᠡᠷ᠎ᠡ ᠬᠣᠶᠠᠷ ᠮᠥᠷᠦᠨ ᠳᠡᠬᠡᠨ ᠵᠥᠷᠢᠭᠦᠯᠦᠨ ᠡᠭᠦᠷᠦᠭᠰᠡᠨ ᠪᠠᠢᠭᠰᠠᠨ ᠢ᠋ᠶ᠋ᠠᠨ ᠮᠤᠯᠲᠤᠯᠤᠨ ᠠᠪᠴᠤ ᠰᠠᠩ ᠤ᠋ᠨ ᠤᠲᠤᠭᠠᠨ ᠳᠡᠭᠡᠭᠦᠷ ᠡᠷᠭᠢᠭᠦᠯᠦᠨ ᠠᠷᠢᠭᠤᠳᠬᠠᠵᠤ ᠡᠬᠢᠯᠡᠪᠡ᠃ ᠲᠡᠭᠡᠲᠡᠯ᠎ᠡ ᠪᠣᠳᠢ ᠭᠥᠷᠥᠭᠡᠰᠦ ᠪᠤᠶᠤ ᠣᠷᠣᠩᠭᠣ ᠶ᠋ᠢᠨ ᠡᠪᠡᠷ ᠢ᠋ᠶ᠋ᠡᠷ ᠬᠢᠭᠰᠡᠨ ᠫᠤᠤ ᠶ᠋ᠢᠨ ᠰᠢᠭᠢᠷ᠎ᠡ ᠨᠢ ᠳᠣᠭᠣᠭᠰᠢ ᠪᠠᠨ ᠰᠠᠨᠵᠢᠭᠢᠨᠠᠭᠠᠳ ᠰᠠᠩ ᠤ᠋ᠨ ᠠᠷᠴᠠ ᠲᠠᠢ ᠴᠢᠯᠠᠭᠤ ᠶ᠋ᠢ ᠬᠠᠵᠠᠭᠤᠯᠳᠠᠭᠤᠯᠵᠤ ᠣᠷᠬᠢᠪᠠ᠃ ᠲᠠᠩᠭᠤᠳ ᠤ᠋ᠳ ᠮᠠᠭᠤ ᠢᠷᠣ᠎ᠠ ᠭᠡᠵᠦ ᠲᠡᠭᠦᠨ ᠢ᠋ ᠴᠡᠭᠡᠷᠯᠡᠵᠦ ᠢᠷᠪᠠᠢᠭᠰᠠᠨ ᠢ᠋ᠶ᠋ᠠᠨ᠂
– ᡀᠠᠷᠵᠢᠶᠠᠯᠤᠤ! ᡀᠠᠷᠵᠢᠶᠠᠯᠤᠤ! ᠭᠡᠵᠦ ᠠᠬᠠᠯᠠᠭᠴᠢ ᠪᠠᠨ ᠴᠢᠩᠭ᠎ᠠ ᠬᠠᠰᠬᠢᠷᠬᠤ ᠳ᠋ᠤ᠌ ᠨᠢ ᠳᠠᠭᠤᠷᠢᠶᠠᠵᠤ 《 ᡀᠠᠷᠵᠢᠶᠠᠯᠤᠤ! 》 ᠭᠡᠵᠦ ᠣᠯᠠᠨ ᠴᠢᠨᠣ᠎ᠠ ᠣᠯᠢᠬᠤ ᠮᠡᠲᠦ ᠬᠠᠬᠢᠷ ᠮᠠᠭᠤᠬᠠᠢ ᠳᠠᠭᠤ ᠪᠠᠷ ᠬᠠᠰᠬᠢᠷᠤᠯᠳᠤᠪᠠ᠃
《ᠲᠩᠷᠢ ᠪᠤᠷᠬᠠᠨ ᠳᠡᠢᠯᠦᠯ᠎ᠡ!》 ᠭᠡᠰᠡᠨ ᠡᠨᠡ ᠦᠭᠡ ᠨᠢ ᠳᠡᠭᠡᠷᠡᠮᠴᠢᠳ ᠦ᠋ᠨ ᠰᠡᠳᠬᠢᠯ ᠢ᠋ ᠰᠡᠷᠭᠦᠭᠡᠳᠡᠭ ᠤᠤᠬᠠᠢ ᠨᠢ ᠶᠦᠮ ᠰᠠᠨᠵᠠᠢ᠃ ᠠᠯᠲᠠᠨ ᠴᠣᠷᠭᠣ ᠶ᠋ᠢᠨ ᠰᠦᠷᠯᠢᠭ ᠠᠭᠤᠯᠠᠰ ᠳᠤᠮᠳᠠᠭᠤᠷ 《 ᡀᠠᠷᠵᠢᠶᠠᠯᠤᠤ... ᠦ... ᠦ !》 ᠭᠡᠰᠡᠨ ᠳᠠᠭᠤ ᠴᠤᠤᠷᠢᠶᠠᠲᠤᠨ ᠵᠠᠮᠬᠠᠷᠠᠯ᠎ᠠ᠃
– ᠠᠯᠲᠠᠨ ᠴᠣᠷᠭᠣ ᠶ᠋ᠢᠨ ᠠᠭᠤᠯᠠᠨ ᠳ᠋ᠤ᠌ ᠬᠥᠮᠦᠨ ᠦ᠌ ᠳᠠᠭᠤ ᠭᠠᠷᠬᠤ ᠰᠢᠭ᠋ ᠪᠣᠯᠤᠯ᠎ᠠ᠃ ᠡᠨᠳᠡ ᠴᠦ᠍ ᠪᠢᠳᠡ ᠯᠠᠪᠲᠠᠢ ᠳᠡᠭᠡᠷᠡᠮᠳᠡᠭᠦᠯᠬᠦ ᠪᠠᠢᠬ᠎ᠠ ᠭᠡᠵᠦ ᠴᠤᠢᠮᠴᠤᠭ ᠭᠡᠯᠦᠩ ᠰᠡᠳᠬᠢᠯ ᠵᠣᠪᠠᠨᠢᠨ ᠬᠡᠯᠡᠯ᠎ᠡ᠃
– ᠪᠥᠬᠡᠮᠠᠩᠯᠠᠢ ᠭᠤᠸᠠᠢ ᠶ᠋ᠢ ᠪᠠᠢᠬᠤ ᠳ᠋ᠤ᠌ ᠭᠠᠢᠭᠤᠢ ᠳᠠ᠂ ᠪᠠᠭᠰᠢᠲᠠᠨ ᠮᠢᠨᠢ! ᠭᠡᠵᠦ ᠭᠡᠰᠦᠯ ᠰᠡᠩᠵᠢ ᠪᠠᠭᠰᠢ ᠶ᠋ᠢᠨ ᠢ᠋ᠶ᠋ᠡᠨ ᠰᠡᠳᠬᠢᠯ ᠢ᠋ ᠵᠠᠰᠠᠬᠤ ᠶ᠋ᠢ ᠣᠷᠣᠯᠳᠣᠪᠠ᠃
ᠠᠯᠠᠱᠠᠨ ᠨᠤᠲᠤᠭ ᠠ᠋ᠴᠠ ᠭᠠᠷᠤᠭᠰᠠᠨ ᠠ᠋ᠴᠠ ᠬᠣᠢᠰᠢ ᠲᠣᠬᠢᠶᠠᠯᠳᠤᠭᠰᠠᠨ ᠬᠠᠴᠢᠨ ᠰᠣᠨᠢᠨ ᠶᠠᠪᠤᠳᠠᠯ ᠤ᠋ᠳ ᠢ᠋ ᠭᠡᠰᠦᠯ ᠰᠡᠩᠵᠢ ᠡᠷᠭᠢᠵᠦ ᠳᠤᠷᠠᠰᠤᠨ ᠪᠣᠳᠣᠯ᠎ᠠ᠃
ᠡᠬᠢᠨ ᠦ᠌ ᠵᠣᠪᠠᠯᠠᠩ ᠲᠩᠷᠢ ᠡᠯᠡᠰᠦᠨ ᠦ᠌ ᠬᠣᠷᠮᠣᠢ ᠳ᠋ᠤ᠌ ᠣᠴᠢᠬᠤ ᠦᠶ᠎ᠡ ᠳ᠋ᠦ᠍ ᠲᠣᠬᠢᠶᠠᠯᠳᠤᠭᠰᠠᠨ᠃ ᠲᠩᠷᠢ ᠭᠡᠵᠦ ᠡᠷᠭᠦᠮᠵᠢᠯᠡᠭᠳᠡᠭᠰᠡᠨ ᠶᠡᠬᠡ ᠡᠯᠡᠰᠦᠨ ᠦ᠌ ᠪᠠᠷᠠᠭᠤᠨ ᠵᠠᠬ᠎ᠠ ᠣᠷᠤᠭᠤ ᠣᠢᠷᠠᠳᠴᠤ ᠶᠠᠪᠤᠲᠠᠯ᠎ᠠ ᠪᠠᠭ᠎ᠠ ᠰᠢᠭ᠋ ᠣᠪᠣᠭ᠎ᠠ ᠪᠤᠰᠬᠠᠭᠰᠠᠨ ᠲᠠᠢ ᠲᠠᠭᠠᠷᠠᠯᠳᠤᠵᠠᠢ᠃ ᠮᠥᠷᠭᠥᠯᠴᠢᠳ ᠲᠡᠷᠡ ᠣᠪᠣᠭᠠᠨ ᠤ᠋ ᠳᠡᠷᠭᠡᠳᠡ ᠰᠠᠭᠠᠳᠠᠨ ᠵᠣᠭᠰᠤᠵᠠᠭᠠᠵᠤ᠂ ᠰᠠᠩ᠂ ᠬᠦᠵᠢ ᠤᠩᠭᠤᠳᠬᠠᠵᠤ ᠵᠣᠭᠣᠰ ᠮᠥᠩᠭᠥ᠂ ᠢᠳᠡᠭᠡ ᠬᠠᠳᠠᠭ ᠲᠡᠷᠢᠭᠦᠲᠡᠨ ᠢ᠋ ᠡᠷᠭᠦᠵᠦ ᠮᠠᠨᠢ ᠤᠩᠰᠢᠵᠠᠭᠠᠵᠤ ᠰᠤᠨᠵᠤ ᠮᠥᠷᠭᠥᠨ ᠬᠦᠨᠳᠦᠯᠡᠪᠡ᠃ ᠭᠡᠰᠦᠯ ᠰᠡᠩᠵᠢ ᠰᠣᠨᠢᠭᠤᠴᠢᠯᠠᠨ᠄
– ᠡᠨᠡ ᠶᠠᠭᠤᠨ ᠤ᠋ ᠤᠴᠢᠷᠲᠠᠢ ᠣᠪᠣᠭ᠎ᠠ ᠪᠣᠢ? ᠭᠡᠵᠦ ᠪᠠᠭᠰᠢ ᠠ᠋ᠴᠠ ᠪᠠᠨ ᠠᠰᠠᠭᠤᠭᠰᠠᠨ ᠳ᠋ᠤ᠌ ᠴᠤᠢᠮᠴᠤᠭ ᠭᠡᠯᠦᠩ᠄
– ᠬᠡᠳᠦᠬᠡᠨ ᠵᠢᠯ ᠦ᠋ᠨ ᠡᠮᠦᠨ᠎ᠡ ᠡᠭᠦᠪᠡᠷ ᠪᠠᠨᠴᠢᠨ ᠪᠣᠭᠳᠠ ᠪᠠᠯᠳᠡᠨᠶᠢᠰᠢ ᠶᠠᠪᠤᠵᠤ ᠥᠩᠭᠡᠷᠡᠬᠦ ᠳ᠋ᠡᠭᠡᠨ ᠡᠨᠡ ᠣᠪᠣᠭ᠎ᠠ ᠶ᠋ᠢ ᠪᠤᠰᠬᠠᠭᠰᠠᠨ ᠶᠤᠮ ᠭᠡᠨ᠎ᠡ ᠯᠡ᠃ ᠲᠡᠭᠦᠨ ᠡᠴᠡ ᠬᠣᠢᠰᠢ ᠮᠥᠷᠭᠥᠴᠢᠳ ᠳᠠᠬᠢᠳᠠᠭ ᠪᠣᠯᠵᠠᠢ᠃ ᠶᠡᠷᠦᠨᠢ ᠡᠨᠡ ᠲᠩᠷᠢ ᠡᠯᠡᠰᠦ ᠶ᠋ᠢ ᠶᠠᠪᠠᠭᠠᠨ ᠲᠤᠭᠤᠯᠵᠤ ᠭᠠᠷᠤᠭᠰᠠᠨ ᠬᠥᠮᠦᠨ ᠪᠣᠯ ᠨᠠᠢ᠍ᠮᠠᠨ ᠮᠢᠩᠭᠠᠨ ᠬᠡᠭᠡᠰᠦᠲᠦ ᠶᠡᠬᠡ ᠬᠥᠯᠭᠡᠨ ᠰᠤᠳᠤᠷ ᠵᠠᠳᠠᠮᠪᠠ ᠶ᠋ᠢ ᠤᠩᠰᠢᠭᠰᠠᠨ ᠲᠠᠢ ᠲᠡᠩᠴᠡᠬᠦ ᠲᠡᠢᠮᠦ ᠪᠤᠶᠠᠨ ᠦᠢᠯᠡ ᠪᠦᠲᠦᠭᠡᠭᠰᠡᠨ ᠭᠡᠵᠦ ᠲᠣᠭᠠᠴᠠᠳᠠᠭ ᠦᠭᠡ ᠲᠡᠢ ᠶᠦᠮ᠃ ᠵᠠᠯᠠᠭᠤ ᠳ᠋ᠠᠭᠠᠨ ᠪᠢ ᠨᠢᠭᠡ ᠤᠳᠠᠭ᠎ᠠ ᠶᠠᠪᠠᠭᠠᠨ ᠲᠤᠭᠤᠯᠤᠭᠰᠠᠨ ᠶᠤᠮ ᠭᠡᠵᠦ ᠶᠠᠷᠢᠵᠠᠢ᠃
ᠲᠡᠳᠡ ᠶᠠᠷᠢᠶᠠᠨ ᠳ᠋ᠠᠭᠠᠨ ᠬᠠᠯᠠᠵᠤ ᠡᠬᠢᠯᠡᠭᠡᠳ ᠪᠠᠢᠲᠠᠯ᠎ᠠ ᠮᠠᠭᠤᠬᠠᠢ ᠬᠠᠰᠬᠢᠷᠬᠤ ᠴᠢᠮᠡᠭᠡ ᠭᠠᠷᠴᠠᠢ᠃ ᠯᠠᠪᠯᠠᠨ ᠬᠠᠷᠠᠪᠠᠯ ᠣᠪᠣᠭᠠᠨ ᠤ᠋ ᠳᠡᠷᠭᠡᠳᠡ ᠪᠥᠭᠡᠮ ᠵᠣᠳᠣᠭᠠᠨ ᠡᠬᠢᠯᠡᠵᠡᠢ᠃ ᠮᠥᠷᠭᠥᠯᠴᠢᠳ ᠣᠪᠣᠭᠠᠨ ᠳ᠋ᠤ᠌ ᠴᠣᠬᠣ ᠭᠡᠳᠡᠭ ᠬᠢᠲᠠᠳ ᠵᠣᠭᠣᠰ᠂ ᠰᠠᠮᠪᠠᠢ ᠬᠠᠳᠠᠭ ᠡᠷᠭᠦᠭᠡᠳ ᠥᠩᠭᠡᠷᠡᠨ ᠶᠠᠪᠤᠵᠤ ᠪᠠᠢᠲᠠᠯ᠎ᠠ ᠰᠣᠨᠳᠤᠤᠯᠠ ᠶ᠋ᠢᠨ ᠴᠠᠭᠠᠨ᠎ᠠ ᠠ᠋ᠴᠠ ᠰᠠᠩᠭᠠᠰᠪᠠ ᠦᠰᠦ ᠲᠡᠢ ᠭᠤᠶᠤᠯᠭᠠᠴᠢᠨ ᠲᠠᠩᠭᠤᠳ ᠭᠠᠷᠴᠤ ᠢᠷᠡᠭᠡᠳ ᠨᠥᠭᠥᠭᠡ ᠡᠷᠭᠦᠯ ᠢ᠋ ᠨᠢ ᠬᠠᠭᠤᠷᠠᠢᠯᠠᠨ ᠠᠪᠴᠠᠢ᠃ ᠲᠡᠭᠦᠨ ᠡᠴᠡ ᠪᠣᠯᠵᠤ ᠪᠥᠭᠡᠮ ᠵᠣᠳᠣᠭᠠᠨ ᠭᠠᠷᠤᠭᠰᠠᠨ ᠶᠤᠮ ᠰᠠᠨᠵᠠᠢ᠃ ᠤᠬᠠᠭᠠᠨ ᠵᠢᠯᠣᠭᠣ ᠦᠭᠡᠢ ᠵᠣᠳᠣᠯᠳᠤᠵᠠᠭᠠᠵᠤ ᠪᠠᠢᠭᠠᠳ ᠨᠢᠭᠡᠨ ᠦ᠌ ᠪᠡᠨ ᠪᠠᠷᠠᠭᠤᠨ ᠱᠣᠣ ᠶ᠋ᠢ ᠮᠤᠯᠲᠤᠯᠵᠤ ᠣᠷᠬᠢᠵᠠᠢ᠃
《ᠪᠠᠨᠴᠢᠨ ᠪᠣᠭᠳᠠ ᠶ᠋ᠢᠨ ᠪᠣᠰᠬᠠᠭᠰᠠᠨ ᠣᠪᠣᠭᠠᠨ ᠤ᠋ ᠳᠡᠷᠭᠡᠳᠡ ᠡᠢᠮᠦ ᠮᠠᠭᠤᠬᠠᠢ ᠶᠠᠭᠤᠮ᠎ᠠ ᠪᠣᠯᠬᠤ ᠭᠡᠵᠦ ᠳᠡ! ᠶᠠᠳᠠᠵᠤ ᠣᠪᠣᠭᠠᠨ ᠳ᠋ᠤ᠌ ᠡᠷᠭᠦᠭᠰᠡᠨ ᠶᠠᠭᠤᠮ᠎ᠠ ᠪᠠᠨ ᠪᠤᠯᠢᠶᠠᠯᠴᠠᠯᠳᠤᠵᠤ ᠵᠣᠳᠣᠭᠠᠨ ᠡᠭᠦᠰᠬᠡᠳᠡᠭ ᠨᠢ ᠴᠦ᠍ ᠶᠠᠭᠤ ᠪᠢᠯᠡ?ᠡᠨᠡ ᠮᠠᠭᠤᠰᠠᠢᠨ ᠲᠠᠩᠭᠤᠳ ᠤ᠋ᠳ ᠪᠤᠷᠬᠠᠨ ᠤ᠋ ᠣᠷᠣᠨ ᠤ᠋ ᠨᠡᠷ᠎ᠡ ᠶ᠋ᠢ ᠴᠦ᠍ ᠪᠦᠷ ᠭᠤᠲᠤᠭᠠᠵᠤ ᠭᠦᠢᠴᠡᠵᠡᠢ》 ᠭᠡᠵᠦ ᠭᠡᠯᠦᠩ ᠴᠤᠢᠮᠴᠤᠭ ᠠᠮᠠᠨ ᠳᠣᠲᠣᠷ᠎ᠠ ᠪᠠᠨ ᠠᠭᠤᠷᠲᠠᠶᠠ ᠪᠤᠪᠲᠤᠨᠠᠵᠤ ᠪᠠᠢᠬᠤ ᠶ᠋ᠢ ᠰᠡᠩᠵᠢ ᠭᠡᠰᠦᠯ ᠲᠣᠳᠣ ᠰᠣᠨᠣᠰᠴᠠᠢ᠃
ᠬᠠᠷ᠎ᠠ ᠪᠠᠭ᠎ᠠ ᠠ᠋ᠴᠠ ᠪᠠᠨ ᠰᠠᠬᠢᠯ ᠬᠦᠷᠲᠡᠭᠰᠡᠨ ᠰᠡᠩᠵᠢ ᠭᠡᠰᠦᠯ ᠳ᠋ᠦ᠍ ᠪᠣᠯ ᠡᠢᠮᠦ ᠶᠠᠭᠤᠮ᠎ᠠ ᠦᠵᠡᠭᠡ ᠦᠭᠡᠢ ᠪᠣᠯᠬᠣᠷ ᠠᠶᠠᠭᠦᠢ ᠮᠠᠭᠤ ᠢᠷᠣ᠎ᠠ ᠶ᠋ᠢᠨ ᠶᠠᠪᠤᠳᠠᠯ ᠮᠡᠲᠦ ᠰᠠᠨᠠᠭᠳᠠᠯ᠎ᠠ᠃ ᠤᠷᠲᠤ ᠴᠤᠪᠤᠭᠠᠨ ᠳ᠋ᠤ᠌ ᠶᠠᠪᠤᠭ᠎ᠠ ᠬᠥᠮᠦᠰ ᠴᠦ᠍ ᠪᠠᠰᠠ ᠡᠢᠮᠦ ᠶᠠᠭᠤᠮ᠎ᠠ ᠪᠣᠳᠣᠵᠠᠭᠠᠵᠠᠢ᠃
– ᠤᠳᠠᠬᠤ ᠦᠭᠡᠢ ᠠᠯᠠᠱᠠ ᠴᠢᠨ ᠸᠠᠩ ᠤ᠋ᠨ ᠨᠤᠲᠤᠭ ᠤ᠋ᠨ ᠵᠠᠬ᠎ᠠ ᠳ᠋ᠤ᠌ ᠭᠠᠷᠤᠨ᠎ᠠ᠃ ᠡᠢᠮᠦ ᠳ᠋ᠦ᠍ ᠤᠯᠠᠭᠠᠨ ᠡᠷᠭᠢ ᠶ᠋ᠢᠨ ᠬᠥᠰᠢᠶ᠎ᠡ ᠴᠢᠯᠠᠭᠤᠨ ᠤ᠋ ᠬᠠᠪᠢ ᠳ᠋ᠤ᠌ ᠪᠠᠭᠤᠵᠤ ᠤᠩᠰᠢᠯᠭ᠎ᠠ ᠬᠢᠵᠦ ᠰᠠᠩ ᠲᠠᠯᠪᠢᠵᠠᠭᠠᠶᠠ ᠭᠡᠵᠦ ᠠᠶᠠᠨ ᠤ᠋ ᠳᠠᠭᠠᠭᠠᠮᠠᠯ ᠬᠠᠷ᠎ᠠ ᠴᠢᠷᠠᠢᠲᠤ ᠡᠷ᠎ᠡ ᠬᠥᠮᠦᠰ ᠲᠦ᠍ ᠰᠠᠨᠠᠭᠤᠯᠵᠠᠢ᠃ ᠲᠡᠳᠡ ᠴᠥᠮ ᠵᠥᠪᠰᠢᠶᠡᠷᠡᠵᠡᠢ᠃ ᠲᠡᠢᠨ ᠬᠦ᠌ ᠤᠯᠠᠭᠠᠨ ᠡᠷᠭᠢ ᠶ᠋ᠢᠨ ᠬᠥᠰᠢᠶ᠎ᠡ ᠴᠢᠯᠠᠭᠤᠨ ᠤ᠋ ᠬᠠᠪᠢ ᠳ᠋ᠤ᠌ ᠲᠡᠳᠡ ᠪᠠᠭᠤᠵᠠᠭᠠᠵᠤ᠂ ᠴᠤᠪᠤᠭᠠᠨ ᠳ᠋ᠤ᠌ ᠶᠠᠪᠤᠭ᠎ᠠ ᠯᠠᠮᠠ ᠲᠣᠭᠠᠲᠠᠢ ᠪᠦᠭᠦᠳᠡ ᠨᠢ ᠨᠡᠢᠯᠡᠨ ᠴᠤᠭᠯᠠᠷᠠᠵᠤ ᠰᠠᠩ ᠲᠠᠯᠪᠢᠵᠤ ᠪᠠᠬᠠᠨ ᠤᠩᠰᠢᠯᠭ᠎ᠠ ᠦᠢᠯᠡᠳᠦᠭᠰᠡᠨ ᠠᠵᠢ᠃
– ᠵᠠ ᠭᠠᠢᠭᠤᠢ᠂ ᠭᠦᠮᠪᠦᠮ ᠣᠷᠣᠭᠠᠳ ᠯᠠ ᠨᠢᠭᠦᠯ ᠪᠠᠷᠴᠢᠳ ᠠ᠋ᠴᠠ ᠪᠠᠨ ᠠᠷᠢᠭᠤᠰᠴᠤ ᠪᠣᠯᠤᠨ᠎ᠠ ᠪᠣᠢ! ᠭᠡᠵᠦ ᠭᠡᠯᠦᠩ ᠴᠤᠢᠮᠴᠤᠭ ᠱᠠᠪᠢ ᠳ᠋ᠠᠭᠠᠨ ᠬᠡᠯᠡᠵᠡᠢ᠃
ᠭᠦᠮᠪᠦᠮ ᠭᠡᠰᠡᠨ ᠦᠭᠡ ᠶ᠋ᠢ ᠰᠣᠨᠣᠰᠤᠮᠠᠭᠴᠠ ᠭᠡᠰᠦᠯ ᠰᠡᠩᠵᠢ ᠶ᠋ᠢᠨ ᠰᠡᠳᠬᠢᠯ ᠳ᠋ᠦ᠍ ᠶᠠᠮᠠᠷ ᠨᠢᠭᠡᠨ ᠭᠠᠢᠬᠠᠮᠰᠢᠭᠲᠠᠢ ᠦᠯᠢᠭᠡᠷ ᠦ᠋ᠨ ᠣᠷᠣᠨ ᠤ᠋ ᠲᠤᠬᠠᠢ ᠪᠣᠳᠣᠭᠳᠠᠯ᠎ᠠ᠃ ᠪᠠᠷᠤᠭ ᠯᠠ ᠮᠡᠳᠡᠭᠡ ᠣᠷᠣᠭᠰᠠᠨ ᠴᠠᠭ ᠠ᠋ᠴᠠ ᠪᠠᠨ ᠬᠣᠢᠰᠢ ᠯᠠᠮᠠ ᠪᠠᠭᠰᠢ ᠨᠠᠷ ᠠ᠋ᠴᠠ ᠪᠠᠨ ᠴᠤ᠌ ᠭᠡᠰᠡᠨ᠂ ᠡᠭᠡᠯ ᠵᠢᠷ ᠦ᠋ᠨ ᠬᠥᠮᠦᠰ ᠡᠴᠡ ᠴᠦ᠍ ᠭᠡᠰᠡᠨ ᠤᠲᠠᠢ᠂ ᠭᠦᠮᠪᠦᠮ ᠦ᠋ᠨ ᠲᠤᠬᠠᠢ ᠬᠠᠴᠢᠨ ᠭᠠᠢᠬᠠᠮᠠᠷ ᠶᠠᠷᠢᠶ᠎ᠠ ᠰᠣᠨᠣᠰᠤᠭᠰᠠᠭᠠᠷ ᠡᠳᠦᠢ ᠬᠦᠷᠦᠭᠰᠡᠨ ᠪᠢᠯᠡ᠃ ᠪᠤᠷᠬᠠᠨ ᠽᠤᠩᠭᠡᠸ᠎ᠠ ᠪᠠᠭᠰᠢ ᠲᠥᠷᠥᠭᠰᠡᠨ ᠨᠤᠲᠤᠭ ᠪᠣᠯᠤᠭᠰᠠᠨ ᠲᠡᠷᠡ ᠠᠷᠢᠭᠤᠨ ᠣᠷᠣᠨ ᠢ᠋ ᠦᠵᠡᠨ᠎ᠡ ᠭᠡᠬᠦ ᠡᠴᠡ ᠭᠡᠰᠦᠯ ᠦ᠋ᠨ ᠰᠡᠳᠬᠢᠯ ᠳᠣᠭᠳᠣᠯᠵᠤ ᠪᠠᠢᠭᠰᠠᠨ ᠶᠤᠮ᠃
– ᠭᠦᠮᠪᠦᠮ ᠣᠷᠣᠲᠠᠯ᠎ᠠ ᠪᠠᠰᠠ ᠬᠡᠳᠦ ᠬᠡᠳᠦᠨ ᠳᠠᠪᠠᠭ᠎ᠠ ᠪᠣᠢ ᠰᠢᠦ᠃ ᠲᠩᠷᠢ ᠳᠠᠪᠠᠭ᠎ᠠ ᠪᠠᠰᠠ ᠪᠣᠢ᠃ ᠲᠡᠭᠦᠪᠡᠷ ᠯᠡ ᠥᠯᠵᠡᠢᠲᠡᠢ ᠰᠢᠭ ᠳᠠᠪᠠᠵᠤ ᠦᠵᠡᠭᠡᠰᠡᠢ ᠪᠢᠯᠡ ᠭᠡᠵᠦ ᠪᠠᠭᠰᠢ ᠭᠡᠯᠦᠩ ᠨᠢ ᠶᠠᠷᠢᠵᠤ ᠪᠠᠢᠯ᠎ᠠ᠃ ᠲᠩᠷᠢ ᠳᠠᠪᠠᠭ᠎ᠠ ᠶ᠋ᠢ ᠳᠠᠪᠠᠬᠤ ᠭᠡᠵᠦ ᠶᠠᠪᠤᠲᠠᠯ᠎ᠠ ᠴᠤᠢᠮᠴᠤᠭ ᠭᠡᠯᠦᠩ ᠦ᠋ᠨ ᠭᠠᠯ ᠤ᠋ᠨ ᠬᠢᠨ ᠡᠴᠡ ᠣᠳᠬᠣᠨ ᠬᠡᠦᠬᠡᠨ ᠦ᠌ ᠲᠣᠯᠣᠭᠠᠢ ᠨᠢ ᠡᠪᠡᠳᠴᠦ᠂ ᠠᠮᠢᠰᠬᠤᠯ ᠨᠢ ᠳᠠᠪᠬᠤᠴᠠᠵᠤ᠂ ᠠᠮᠠ ᠪᠠᠨ ᠠᠩᠭᠠᠯᠵᠠᠨ ᠣᠢᠴᠢᠵᠠᠢ᠃ ᠥᠨᠳᠡᠢᠨ ᠰᠡᠷᠭᠦᠭᠡᠬᠦ ᠪᠡᠷ ᠣᠷᠣᠯᠳᠣᠬᠤ ᠵᠠᠭᠤᠷ᠎ᠠ᠄
– ᠭᠠᠵᠠᠷ ᠤ᠋ᠨ ᠰᠦᠷ ᠲᠦ᠍ ᠳᠠᠷᠤᠭᠳᠠᠵᠤ ᠪᠠᠢᠭ᠎ᠠ ᠨᠢ ᠡᠨᠡ! ᠭᠡᠵᠦ ᠴᠤᠢᠮᠴᠤᠭ ᠭᠡᠯᠦᠩ ᠲᠤᠷᠰᠢᠯᠭ᠎ᠠ ᠲᠠᠢ ᠬᠥᠮᠦᠨ ᠲᠤᠯᠠ ᠮᠡᠳᠡᠮᠡᠬᠡᠢᠷᠡᠯᠡ᠃ ᠤᠳᠬᠠᠨ ᠤ᠋ ᠨᠥᠬᠥᠷ ᠬᠠᠷᠠᠬᠦᠦ ᠶᠠᠭᠠᠬᠢᠬᠤ ᠴᠤ᠌ ᠤᠴᠢᠷ ᠢ᠋ᠶ᠋ᠠᠨ ᠣᠯᠬᠤ ᠦᠭᠡᠢ᠂ ᠲᠡᠪᠡᠳᠡᠨ ᠰᠠᠨᠳᠤᠷᠴᠤ᠂ ᠨᠢᠯᠪᠤᠰᠤ ᠪᠠᠨ ᠳᠤᠰᠤᠯᠠᠭᠤᠯᠤᠨ ᠲᠩᠷᠢ ᠳᠠᠪᠠᠭ᠎ᠠ ᠥᠭᠡᠳᠡ ᠨᠠᠮᠠᠨᠴᠢᠯᠠᠨ ᠵᠠᠯᠪᠠᠷᠢᠵᠤ᠂ ᠶᠦᠩᠬᠢᠨᠡᠨ ᠤᠬᠢᠯᠠᠭᠠᠳ ᠡᠪᠦᠳᠦᠭ ᠰᠥᠬᠥᠷᠡᠨ ᠰᠠᠭᠤᠯ᠎ᠠ᠃
ᠴᠤᠢᠮᠴᠤᠭ ᠭᠡᠯᠦᠩ ᠲᠡᠷᠡ ᠳᠠᠷᠤᠢ ᠮᠠᠩᠬᠠᠭ ᠢ᠋ᠶ᠋ᠠᠨ ᠠᠭᠤᠳᠠᠯᠤᠨ ᠵᠢᠵᠢᠭᠬᠡᠨ ᠯᠣᠩᠬᠣ ᠭᠠᠷᠭᠠᠵᠤ ᠢᠷᠡᠭᠡᠳ ᠤᠳᠬᠠᠨ ᠤ᠋ ᠠᠮᠠ ᠤᠷᠤᠭᠤ ᠶᠠᠮᠠᠷ ᠨᠢᠭᠡᠨ ᠶᠠᠭᠤᠮ᠎ᠠ ᠲᠡᠷᠡ ᠯᠣᠩᠬᠣᠨ ᠠ᠋ᠴᠠ ᠪᠠᠨ ᠴᠢᠳᠬᠤᠪᠠ᠃
– ᠤᠰᠤ ᠦᠭᠡᠢ ᠬᠠᠷ᠎ᠠ ᠠᠷᠢᠬᠢ ᠪᠠᠢᠭ᠎ᠠ ᠶᠤᠮ! ᠭᠡᠵᠦ ᠭᠡᠯᠦᠩ᠂ ᠤᠳᠬᠠᠨ ᠤ᠋ ᠨᠥᠬᠥᠷ ᠢ᠋ ᠲᠠᠢᠳᠬᠤᠷᠠᠭᠤᠯᠪᠠ᠃
– ᠣᠳᠣ ᠴᠢ ᠨᠠᠭᠠᠳᠤᠬᠢ ᠶ᠋ᠢᠨ ᠢ᠋ᠶ᠋ᠡᠨ ᠲᠣᠬᠣᠢ ᠶ᠋ᠢ ᠨᠢ ᠢᠯᠡ ᠭᠠᠷᠭᠠᠭᠠᠳ ᠣᠷᠭᠢᠭᠠᠴᠢ ᠬᠡᠪᠡ᠃ ᠬᠠᠷᠠᠬᠦᠦ ᠰᠠᠨᠳᠤᠴᠢᠨ ᠲᠡᠪᠡᠳᠡᠨ ᠡᠬᠡᠨᠡᠷ ᠦ᠋ᠨ ᠢ᠋ᠶ᠋ᠡᠨ ᠪᠠᠷᠠᠭᠤᠨ ᠭᠠᠷ ᠢ᠋ ᠰᠤᠭᠤᠯᠳᠤᠷᠭᠠᠯᠠᠨ ᠲᠣᠬᠣᠢ ᠶ᠋ᠢ ᠨᠢ ᠢᠯᠡ ᠭᠠᠷᠭᠠᠪᠠ᠃
ᠴᠤᠢᠮᠴᠤᠭ ᠭᠡᠯᠦᠩ ᠮᠠᠩᠬᠠᠭ ᠤ᠋ᠨ ᠢ᠋ᠶ᠋ᠠᠨ ᠤᠭᠤᠲᠠᠨ ᠠ᠋ᠴᠠ ᠪᠢᠴᠢᠬᠠᠨ ᠴᠢᠴᠢᠯᠡᠭᠦᠷ ᠭᠠᠷᠭᠠᠵᠤ ᠢᠷᠡᠭᠡᠳ ᠤᠳᠬᠠᠨ ᠤ᠋ ᠲᠣᠬᠣᠢ ᠶ᠋ᠢᠨ ᠳᠣᠲᠣᠷ᠎ᠠ ᠲᠠᠯ᠎ᠠ ᠶ᠋ᠢ ᠭᠠᠷ ᠢ᠋ᠶ᠋ᠠᠷ ᠲᠡᠮᠲᠡᠴᠢᠵᠦ ᠪᠠᠢᠭᠰᠠᠨ ᠢ᠋ᠶ᠋ᠠᠨ ᠬᠡᠪ ᠭᠡᠨᠡᠳᠲᠡ ᠴᠢᠴᠢᠯᠡᠭᠦᠷ ᠢ᠋ᠶ᠋ᠡᠷ ᠣᠭᠵᠣᠮ ᠬᠠᠳᠬᠤᠵᠠᠢ᠃ ᠤᠳᠬᠤᠨ ᠬᠡᠦᠬᠡᠨ ᠦ᠌ ᠴᠠᠭᠠᠨ ᠲᠣᠬᠣᠢ ᠠ᠋ᠴᠠ ᠶᠠᠭᠠᠨ ᠴᠢᠰᠤ ᠬᠣᠯᠠ ᠤᠯᠤᠭᠤᠢᠳᠡᠨ ᠭᠠᠷᠪᠠ᠃ ᠬᠥᠮᠦᠰ ᠴᠣᠴᠢᠨ ᠪᠠᠯᠠᠮᠠᠭᠳᠠᠵᠠᠢ᠃
– ᠵᠦᠭᠡᠷ᠂ ᠵᠦᠭᠡᠷ᠃ ᠪᠢᠲᠡᠭᠡᠢ ᠠᠶᠤ᠃ ᠭᠠᠵᠠᠷ ᠤ᠋ᠨ ᠰᠦᠷ ᠲᠦ᠍ ᠳᠠᠷᠤᠭᠳᠠᠭᠰᠠᠨ ᠬᠥᠮᠦᠨ ᠢ᠋ ᠢᠩᠭᠢᠵᠦ ᠬᠠᠨᠠᠭᠤᠷᠳᠠᠬᠤ ᠳ᠋ᠤ᠌ ᠵᠦᠭᠡᠷ ᠶᠦᠮ ᠭᠡᠵᠦ ᠴᠤᠢᠮᠴᠤᠭ ᠭᠡᠯᠦᠩ ᠲᠠᠢᠪᠤᠰᠢᠷᠠᠭᠤᠯᠤᠯᠠ᠃ ᠦᠨᠡᠬᠡᠷ ᠬᠡᠳᠦᠨ ᠮᠥᠴᠡ ᠶ᠋ᠢᠨ ᠳᠠᠷᠠᠭ᠎ᠠ ᠤᠳᠬᠠᠨ ᠤ᠋ ᠪᠡᠶ᠎ᠡ ᠰᠠᠢᠵᠢᠷᠠᠵᠤ ᠥᠨᠳᠡᠢᠨ ᠰᠠᠭᠤᠯ᠎ᠠ᠃
– ᠣᠳᠣ ᠵᠦᠭᠡᠷ ᠠ᠋! ᠶᠠᠪᠤᠵᠠᠭᠠᠶ᠎ᠠ ᠭᠡᠵᠦ ᠴᠤᠢᠮᠴᠤᠭ ᠭᠡᠯᠦᠩ ᠬᠡᠯᠡᠬᠦ ᠳ᠋ᠦ᠍ ᠴᠥᠮ ᠢ᠋ᠶ᠋ᠡᠷ ᠢ᠋ᠶ᠋ᠡᠨ ᠪᠣᠰᠴᠤ ᠠᠶᠠᠨ ᠢ᠋ᠶ᠋ᠠᠨ ᠦᠷᠭᠦᠯᠵᠢᠯᠡᠭᠦᠯᠵᠡᠢ᠃ ᠦᠨᠡᠬᠡᠷ ᠤᠳᠬᠠᠨ ᠤ᠋ ᠪᠡᠶ᠎ᠡ ᠲᠩᠷᠢ ᠳᠠᠪᠠᠭ᠎ᠠ ᠶ᠋ᠢ ᠳᠠᠪᠠᠲᠠᠯ᠎ᠠ ᠲᠡᠰᠴᠦ ᠥᠩᠭᠡᠷᠡᠪᠡ᠃
– ᠲᠩᠷᠢ ᠳᠠᠪᠠᠭᠠᠨ ᠳ᠋ᠤ᠌ ᠢᠩᠭᠢᠵᠦ ᠪᠠᠢᠭ᠎ᠠ ᠶᠤᠮ᠃ ᠬᠥᠬᠡ ᠲᠣᠭᠣᠨᠣ ᠶ᠋ᠢᠨ ᠳᠠᠪᠠᠭᠠᠨ ᠳ᠋ᠤ᠌ ᠶᠠᠭᠠᠬᠢᠨ᠎ᠠ ᠳᠠ ᠭᠡᠵᠦ ᠭᠡᠯᠦᠩ ᠠᠮᠠᠨ ᠳ᠋ᠠᠭᠠᠨ ᠰᠢᠪᠡᠨᠡᠬᠦ ᠶ᠋ᠢ ᠰᠡᠩᠵᠢ ᠭᠡᠰᠦᠯ ᠰᠣᠨᠣᠰᠤᠭᠰᠠᠨ ᠲᠤᠯᠠ ᠤᠳᠬᠠᠨ ᠤ᠋ ᠲᠥᠯᠥᠭᠡ ᠰᠠᠨᠠᠭ᠎ᠠ ᠵᠣᠪᠠᠵᠤ ᠪᠠᠢᠯ᠎ᠠ. 《ᠬᠥᠬᠡ ᠲᠣᠭᠣᠨᠣ ᠶ᠋ᠢᠨ ᠳᠠᠪᠠᠭ᠎ᠠ ᠭᠡᠵᠦ ᠪᠠᠰᠠ ᠡᠭᠦᠨ ᠡᠴᠡ ᠥᠨᠳᠥᠷ ᠳᠠᠪᠠᠭ᠎ᠠ ᠪᠠᠢᠳᠠᠭ ᠪᠠᠢᠬᠤ ᠨᠢ? ᠬᠥᠭᠡᠷᠦᠬᠦᠢ ᠡᠨᠡ ᠤᠳᠬᠤᠨ ᠶᠠᠭᠠᠬᠢᠨ᠎ᠠ ᠳᠠ》 ᠭᠡᠵᠦ ᠰᠡᠩᠵᠢ ᠭᠡᠰᠦᠯ ᠪᠣᠳᠣᠯ᠎ᠠ᠃ ᠭᠡᠪᠡᠴᠦ ᠶᠠᠭᠤᠮ᠎ᠠ ᠪᠦᠬᠦᠨ ᠳ᠋ᠦ᠍ ᠡᠷᠳᠡᠮ ᠲᠡᠢ ᠭᠡᠯᠦᠩ ᠪᠠᠭᠰᠢ ᠳ᠋ᠠᠭᠠᠨ ᠭᠡᠰᠦᠯ ᠨᠠᠢᠳᠠᠵᠤ ᠰᠠᠨᠠᠭ᠎ᠠ ᠪᠠᠨ ᠠᠮᠠᠷᠠᠭᠠᠵᠤ ᠪᠢᠯᠡ᠃
ᠲᠩᠷᠢ ᠳᠠᠪᠠᠭᠠᠨ ᠠ᠋ᠴᠠ ᠨᠡᠯᠢᠶᠡᠳ ᠶᠠᠪᠤᠭᠠᠳ ᠠᠨᠳᠤᠤ ᠲᠥᠪᠡᠳ ᠦ᠋ᠨ ᠨᠤᠲᠤᠭ ᠲᠤ᠌ ᠣᠷᠣᠵᠠᠢ᠃ ᠭᠡᠯᠦᠩ ᠴᠤᠢᠮᠴᠤᠭ ᠰᠡᠳᠬᠢᠯ ᠶᠡᠬᠡ ᠪᠡᠷ ᠬᠥᠳᠡᠯᠦᠨ᠄
– ᠤᠲᠠᠬᠤ ᠦᠭᠡᠢ ᠭᠦᠮᠪᠦᠮ ᠦ᠋ᠨ ᠪᠠᠷ᠎ᠠ ᠬᠠᠷᠠᠭᠳᠠᠨ᠎ᠠ᠃ ᠪᠤᠷᠬᠠᠨ ᠪᠠᠭᠰᠢ ᠽᠤᠩᠭᠡᠸ᠎ᠠ ᠶ᠋ᠢᠨ ᠨᠠᠨᠳᠢᠨ ᠰᠢᠲᠦᠭᠡᠨ ᠦ᠌ ᠭᠠᠵᠠᠷ! ᠭᠡᠵᠦ ᠱᠠᠪᠢ ᠳ᠋ᠠᠭᠠᠨ ᠶᠠᠷᠢᠪᠠ᠃
ᠪᠤᠮᠠᠨ ᠮᠢᠩᠭᠠᠨ ᠪᠤᠷᠬᠠᠳ ᠤ᠋ᠨ ᠳᠦᠷᠢ ᠲᠡᠢ ᠵᠢᠷᠭᠠᠯᠠᠩ ᠤ᠋ᠨ ᠶᠢᠷᠲᠢᠨᠴᠦ ᠭᠡᠵᠦ ᠭᠦᠮᠪᠦᠮ ᠵᠠᠮᠪᠠᠯᠢᠩ ᠭᠡᠳᠡᠭ ᠲᠡᠷᠡ ᠬᠡᠢᠳ ᠢ᠋ ᠨᠡᠷᠡᠯᠡᠳᠡᠭ᠂ ᠽᠠᠨᠳᠠᠨ ᠮᠣᠳᠣᠨ ᠳᠡᠭᠡᠷ᠎ᠡ ᠨᠢ ᠨᠣᠮ ᠤ᠋ᠨ ᠦᠰᠦᠭ ᠥᠪᠡᠷ ᠢ᠋ᠶ᠋ᠡᠨ ᠲᠣᠳᠣᠷᠠᠨ ᠤᠷᠭᠤᠳᠠᠭ᠂ ᠲᠡᠭᠦᠨ ᠦ᠌ ᠨᠠᠪᠴᠢᠰ ᠤ᠋ᠳ ᠲᠤᠨᠢ ᠬᠤᠮᠰᠢᠮ ᠪᠣᠳᠢᠰᠠᠳ᠋ᠸ᠎ᠠ᠂ ᠮᠠᠨᠽᠤᠰᠢᠷᠢ᠂ ᠮᠠᠾᠡᠺᠠᠯᠠ ᠵᠡᠷᠭᠡ ᠪᠤᠷᠬᠠᠳ ᠤ᠋ᠨ ᠳᠦᠷᠢ ᠦᠵᠡᠭᠳᠡᠳᠡᠭ ᠭᠡᠵᠦ ᠰᠡᠩᠵᠢ ᠭᠡᠰᠦᠯ ᠪᠠᠭ᠎ᠠ ᠨᠠᠰᠤᠨ ᠠ᠋ᠴᠠ ᠪᠠᠨ ᠣᠯᠠᠨᠲᠠ ᠰᠣᠨᠣᠰᠴᠠᠢ᠃
ᠣᠳᠣ ᠲᠡᠷᠡ ᠳᠣᠮᠣᠭᠲᠤ᠌ ᠣᠷᠣᠨ ᠢ᠋ ᠨᠢᠳᠦ ᠪᠡᠷ ᠦᠵᠡᠬᠦ ᠪᠡᠷ ᠪᠣᠯᠵᠤ ᠪᠠᠢᠭ᠎ᠠ ᠳ᠋ᠠᠭᠠᠨ ᠵᠠᠯᠠᠭᠤ ᠭᠡᠰᠦᠯ ᠦ᠋ᠨ ᠰᠡᠳᠬᠢᠯ ᠶᠡᠬᠡ ᠬᠥᠭᠡᠷᠴᠡᠢ᠃ ᠬᠣᠢᠰᠢ ᠴᠢᠭᠯᠡᠨ ᠭᠠᠷᠤᠭᠰᠠᠨ ᠭᠦᠨ ᠵᠢᠯᠠᠭ᠎ᠠ ᠶ᠋ᠢᠨ ᠥᠨᠳᠥᠷ ᠮᠦᠷᠭᠦᠴᠡᠭ ᠳᠡᠭᠡᠷ᠎ᠡ ᠭᠦᠮᠪᠦᠮ ᠪᠤᠶᠤ ᠪᠤᠮᠠᠨ ᠳᠦᠷᠢᠲᠦ ᠭᠡᠳᠡᠭ ᠲᠡᠷᠡ ᠬᠡᠢᠳ ᠪᠠᠢᠷᠢᠯᠠᠵᠠᠢ᠃ ᠪᠤᠳ᠋ᠳ᠋ᠾᠠ ᠶ᠋ᠢᠨ ᠱᠠᠰᠢᠨ ᠢ᠋ ᠲᠥᠪᠡᠳ ᠮᠠᠶᠢᠭ ᠢ᠋ᠶ᠋ᠠᠷ ᠰᠢᠨᠡᠴᠢᠯᠡᠭᠴᠢ ᠶᠡᠬᠡ ᠯᠠᠮᠠ ᠽᠤᠩᠭᠡᠸ᠎ᠠ ᠶᠢᠨ ᠮᠡᠨᠳᠦᠯᠡᠵᠦ ᠬᠦᠢ ᠶ᠋ᠢ ᠨᠢ ᠪᠤᠯᠠᠭᠰᠠᠨ ᠭᠠᠵᠠᠷ ᠭᠤᠷᠪᠠᠳᠠᠬᠢ ᠵᠢᠯ ᠦ᠋ᠨ ᠬᠢ ᠪᠡᠨ ᠨᠢᠭᠤᠷ ᠳᠡᠭᠡᠷ᠎ᠡ ᠽᠠᠨᠳᠠᠨ ᠮᠣᠳᠣ ᠤᠷᠭᠤᠵᠤ᠂ ᠲᠡᠭᠦᠨ ᠦ᠌ ᠨᠢ ᠨᠠᠪᠴᠢ᠂ ᠵᠣᠳᠣᠭ ᠳᠡᠭᠡᠷ᠎ᠡ ᠠᠷᠰᠯᠠᠨ ᠳᠠᠭᠤᠲᠤ ᠪᠤᠶᠤ ᠬᠤᠮᠰᠢᠮ ᠪᠣᠳᠢᠰᠠᠳ᠋ᠸ᠎ᠠ ᠪᠤᠷᠬᠠᠨ ᠤ᠋ ᠳᠦᠷᠢ ᠲᠣᠳᠣᠷᠠᠨ ᠭᠠᠷᠴᠤ ᠦᠵᠡᠭᠳᠡᠭᠰᠡᠨ ᠭᠡᠳᠡᠭ ᠳᠣᠮᠣᠭ ᠲᠠᠢ ᠠᠵᠠᠢ᠃
– ᠲᠡᠷᠡ ᠠᠯᠲᠠᠨ ᠣᠷᠣᠢ ᠲᠠᠢ ᠰᠡᠷᠳᠡᠩᠴᠢᠨᠮᠦ ᠰᠤᠪᠤᠷᠭ᠎ᠠ ᠬᠠᠷᠠᠭᠳᠠᠵᠤ ᠪᠠᠢᠨ᠎ᠠ᠃ ᠨᠠᠮᠠᠨᠴᠢᠯᠠᠨ ᠵᠠᠯᠪᠠᠷᠢ! ᠭᠡᠵᠦ ᠭᠡᠨᠡᠳᠲᠡ ᠪᠠᠭᠰᠢ ᠶ᠋ᠢᠨ ᠢ᠋ᠶ᠋ᠡᠨ ᠬᠡᠯᠡᠬᠦ ᠳ᠋ᠦ᠍ ᠭᠡᠰᠦᠯ ᠰᠡᠩᠵᠢ᠄
– ᠠᠢ ᠶᠠᠭᠠᠬᠢᠭᠰᠠᠨ ᠭᠣᠶᠣ ᠭᠢᠯᠠᠯᠵᠠᠵᠤ ᠬᠠᠷᠠᠭᠳᠠᠬᠤ ᠶᠤᠮ ᠪᠣᠢ?ᠰᠡᠷᠳᠡᠩᠴᠢᠨᠮᠦ ᠴᠢᠨᠢ ᠶᠡᠬᠡ ᠠᠯᠲᠠᠨ ᠮᠣᠳᠣ ᠭᠡᠰᠡᠨ ᠦᠭᠡ ᠪᠠᠢᠬ᠎ᠠ ᠠ᠋᠂ ᠪᠠᠭᠰᠢ ᠠ᠋? ᠭᠡᠪᠡ᠃
– ᠲᠡᠢᠮᠦ᠃ ᠽᠤᠩᠭᠡᠸ᠎ᠠ ᠪᠠᠭᠰᠢ ᠶ᠋ᠢᠨ ᠬᠦᠢ ᠪᠤᠯᠠᠭᠰᠠᠨ ᠭᠠᠵᠠᠷ ᠠ᠋ᠴᠠ ᠤᠷᠭᠤᠭᠰᠠᠨ ᠽᠠᠨᠳᠠᠨ ᠮᠣᠳᠣ ᠶ᠋ᠢ ᠲᠡᠭᠡᠵᠦ ᠨᠡᠷᠡᠯᠡᠳᠡᠭ ᠶᠦᠮ᠃ ᠣᠳᠣ ᠲᠡᠷᠡ ᠮᠣᠳᠣ ᠶ᠋ᠢ ᠰᠡᠷᠳᠧᠨᠴᠢᠨᠮᠣ ᠰᠤᠪᠤᠷᠭᠠᠨ ᠳᠣᠲᠣᠷ᠎ᠠ ᠣᠷᠣᠭᠤᠯᠤᠨ ᠪᠠᠷᠢᠭᠰᠠᠨ᠃ ᠳᠡᠭᠡᠷ᠎ᠡ ᠴᠠᠭ ᠲᠤ᠌ ᠢᠯᠡ ᠪᠠᠢᠭᠰᠠᠨ ᠶᠤᠮ ᠭᠡᠳᠡᠭ᠃ ᠵᠠ ᠬᠣᠶᠠᠭᠤᠯᠠ ᠪᠠᠨ ᠲᠡᠷᠡ ᠰᠤᠪᠤᠷᠭᠠᠨ ᠳ᠋ᠤ᠌ ᠵᠤᠯᠠ ᠡᠷᠭᠦᠭᠡᠳ ᠴᠠᠰᠢ ᠪᠠᠨ ᠶᠠᠪᠤᠨ᠎ᠠ ᠭᠡᠵᠦ ᠪᠠᠭᠰᠢ ᠨᠢ ᠬᠡᠯᠡᠵᠡᠢ᠃ ᠮᠥᠷᠭᠥᠯᠴᠢᠳ ᠦ᠋ᠨ ᠴᠤᠪᠤᠭ᠎ᠠ ᠭᠦᠮᠪᠦᠮ ᠣᠷᠣᠵᠤ ᠰᠢᠭᠤᠳ ᠯᠠ ᠰᠡᠷᠳᠡᠩᠴᠢᠨᠮᠦ ᠰᠤᠪᠤᠷᠭ᠎ᠠ ᠤᠷᠤᠭᠤ ᠴᠢᠭᠯᠡᠬᠦ ᠶ᠋ᠢ ᠬᠦᠰᠡᠵᠡᠢ᠃ ᠭᠡᠪᠡᠴᠦ ᠠᠷᠢᠭᠤᠨ ᠣᠷᠣᠨ ᠤ᠋ ᠨᠠᠨᠳᠢᠨ ᠰᠢᠲᠦᠭᠡᠨ ᠳ᠋ᠦ᠍ ᠤᠨᠤᠭ᠎ᠠ ᠲᠠᠢ ᠣᠢᠷᠠᠲᠤᠭᠤᠯᠤᠭᠰᠠᠨ ᠦᠭᠡᠢ᠃ ᠭᠦᠮᠪᠦᠮ ᠦ᠋ᠨ ᠬᠠᠶᠠᠭᠠᠨ ᠳ᠋ᠤ᠌ ᠪᠠᠭᠤᠳᠠᠯᠯᠠᠭᠠᠳ ᠮᠥᠷᠭᠥᠯᠴᠢᠳ ᠶᠠᠪᠠᠭᠠᠯᠠᠵᠤ ᠬᠣᠲᠠ ᠶ᠋ᠢᠨ ᠲᠥᠪ ᠣᠷᠣᠵᠠᠢ᠃
ᠬᠣᠶᠠᠷ ᠳᠠᠪᠬᠤᠷ ᠠᠯᠲᠠᠳᠠᠭᠰᠠᠨ ᠣᠷᠣᠢ ᠲᠠᠢ᠂ ᠨᠣᠭᠣᠭᠠᠨ ᠫᠠᠯᠠᠩ ᠲᠠᠢ ᠲᠦᠢᠫᠦ᠋ ᠪᠡᠷ ᠤᠷᠠᠨ ᠭᠣᠶᠣ ᠪᠠᠷᠢᠭᠰᠠᠨ ᠵᠢᠵᠢᠭᠬᠡᠨ ᠳᠤᠭᠠᠩ ᠳᠣᠲᠣᠷ᠎ᠠ ᠲᠥᠪᠯᠡᠷᠡᠭᠦᠯᠦᠨ ᠪᠣᠰᠬᠠᠭᠰᠠᠨ ᠳᠠᠪᠲᠠᠮᠠᠯ ᠮᠥᠩᠭᠥᠨ ᠴᠢᠮᠡᠭ ᠲᠡᠢ᠂ ᠰᠢᠷ᠎ᠠ ᠲᠣᠷᠭᠠᠨ ᠥᠩᠭᠡᠯᠢᠭ ᠲᠡᠢ ᠰᠤᠪᠤᠷᠭ᠎ᠠ ᠶ᠋ᠢᠨ ᠡᠮᠦᠨ᠎ᠡ ᠬᠡᠳᠦᠨ ᠵᠠᠭᠤᠨ ᠵᠤᠯᠠ ᠢᠷᠠᠢᠵᠤ ᠪᠠᠢᠯ᠎ᠠ᠃ ᠰᠤᠪᠤᠷᠭ᠎ᠠ ᠶ᠋ᠢᠨ ᠣᠷᠣᠢ ᠶ᠋ᠢᠨ ᠪᠤᠮᠪᠠᠨ ᠳᠣᠲᠣᠷ᠎ᠠ ᠽᠤᠩᠭᠡᠸ᠎ᠠ ᠪᠤᠷᠬᠠᠨ ᠤ᠋ ᠠᠯᠲᠠᠨ ᠬᠥᠷᠥᠭ ᠢ᠋ ᠪᠠᠢᠷᠢᠯᠠᠭᠤᠯᠵᠠᠢ᠃ ᠰᠤᠪᠤᠷᠭᠠᠨ ᠤ᠋ ᠰᠠᠭᠤᠷᠢ ᠲᠠᠯ᠎ᠠ ᠪᠠᠷ ᠭᠦᠮᠪᠦᠮ ᠦ᠋ᠨ ᠦᠶ᠎ᠡ ᠤᠯᠠᠷᠢᠭᠰᠠᠨ ᠣᠯᠠᠨ ᠶᠡᠬᠡᠰ ᠯᠠᠮᠠ ᠨᠠᠷ ᠤ᠋ᠨ ᠪᠠᠷᠢᠮᠠᠯ ᠱᠤᠭᠤᠮᠠᠯ ᠳᠦᠷᠰᠦ ᠨᠦ᠍ᠭᠦᠳ ᠵᠢᠵᠢᠭ ᠰᠤᠪᠤᠷᠭ᠎ᠠ᠂ ᠴᠡᠴᠡᠨ ᠨᠦ᠍ᠭᠦᠳ ᠡᠩᠨᠡᠨ ᠪᠠᠢᠨ᠎ᠠ᠃
ᠰᠤᠪᠤᠷᠭᠠᠨ ᠤ ᠡᠭᠴᠡ ᠡᠮᠦᠨᠡᠬᠢ ᠰᠡᠨᠳᠡᠢ ᠮᠡᠲᠦ ᠰᠢᠷᠡᠭᠡᠨ᠎ᠡ ᠨᠢᠭᠡ ᠠᠯᠲᠠ᠂ ᠬᠣᠶᠠᠷ ᠮᠥᠩᠭᠥ᠂ ᠨᠢᠭᠡ ᠴᠢᠯᠠᠭᠤᠨ ᠴᠥᠭᠥᠴᠡ ᠲᠡᠢ ᠲᠣᠮᠣ ᠵᠤᠯᠠ᠂ ᠭᠠᠤᠯᠢᠨ ᠴᠥᠭᠥᠴᠡ ᠲᠡᠢ ᠵᠢᠵᠢᠭ ᠵᠤᠯᠠ ᠨᠤᠭᠤᠳ ᠲᠡᠭᠦᠨ ᠡᠴᠡ ᠴᠠᠰᠢ ᠮᠥᠷᠭᠥᠯᠴᠢᠳ ᠦ᠋ᠨ ᠲᠠᠯᠪᠢᠭᠰᠠᠨ ᠲᠣᠭ᠎ᠠ ᠲᠣᠮᠰᠢ ᠦᠭᠡᠢ ᠣᠯᠠᠨ ᠵᠤᠯᠠ ᠪᠠᠢᠨ᠎ᠠ᠃
ᠭᠡᠯᠦᠩ ᠴᠤᠢᠮᠴᠤᠭ ᠲᠣᠰᠪᠣᠷᠢ ᠨᠢ ᠲᠠᠪᠤᠨ ᠴᠣᠬᠣ ᠵᠣᠭᠣᠰ ᠤ᠋ᠨ ᠦᠨ᠎ᠡ ᠲᠡᠢ ᠵᠢᠵᠢᠭᠬᠡᠨ ᠵᠤᠯᠠ ᠭᠤᠷᠪᠠ ᠶ᠋ᠢ ᠬᠠᠵᠠᠭᠤ ᠶ᠋ᠢᠨ ᠮᠤᠬᠤᠯᠠᠭ ᠠ᠋ᠴᠠ ᠬᠤᠳᠠᠯᠳᠤᠨ ᠠᠪᠴᠤ ᠢᠷᠡᠭᠡᠳ ᠨᠢᠭᠡ ᠶ᠋ᠢ ᠭᠡᠰᠦᠯ ᠰᠡᠩᠵᠢ ᠳ᠋ᠦ᠍ ᠥᠭᠴᠦ ᠨᠥᠬᠥᠭᠡ ᠬᠣᠶᠠᠷ ᠢ᠋ ᠥᠪᠡᠷ ᠢ᠋ᠶ᠋ᠡᠨ ᠠᠰᠠᠭᠠᠵᠤ ᠰᠤᠪᠤᠷᠭᠠᠨ ᠤ᠋ ᠡᠮᠦᠨ᠎ᠡ ᠡᠷᠭᠦᠪᠡ᠃
– ᠵᠠ ᠣᠳᠣ ᠰᠠᠨᠠᠭ᠎ᠠ ᠠᠮᠠᠷᠠᠯ᠎ᠠ! ᠭᠡᠵᠦ ᠴᠤᠢᠮᠴᠤᠭ ᠭᠡᠯᠦᠩ ᠱᠠᠪᠢ ᠶ᠋ᠢᠨ ᠢ᠋ᠶ᠋ᠡᠨ ᠴᠢᠬᠢᠨ ᠳ᠋ᠦ᠍ ᠰᠢᠪᠡᠭᠡᠨᠡᠭᠡᠳ ᠭᠠᠷᠬᠤ ᠪᠠᠷ ᠡᠭᠦᠳᠡ ᠵᠦᠭᠯᠡᠪᠡ᠃ ᠪᠠᠭᠰᠢ ᠯᠠᠮᠠᠳᠠᠨ ᠪᠠᠷᠠᠭᠤᠨ ᠬᠡᠢᠳ ᠲᠦ᠍ ᠳᠠᠯᠠᠢ ᠯᠠᠮᠠ ᠵᠢᠷᠭᠤᠭᠠᠳᠤᠭᠠᠷ ᠤ᠋ᠨ ᠱᠠᠷᠢᠯ ᠳ᠋ᠤ᠌ ᠵᠤᠯᠠ ᠡᠷᠭᠦᠬᠦ ᠳ᠋ᠡᠭᠡᠨ 《ᠵᠠ ᠣᠳᠣ ᠰᠠᠨᠠᠭ᠎ᠠ ᠠᠮᠤᠷᠠᠯᠠ!》 ᠭᠡᠵᠦ ᠪᠠᠢᠭᠰᠠᠨ᠃ ᠡᠨᠳᠡ ᠪᠠᠰᠠ ᠯᠠ ᠲᠡᠭᠡᠵᠦ ᠬᠡᠯᠡᠬᠦ ᠶᠦᠮ᠃ ᠰᠠᠨᠠᠭ᠎ᠠ ᠨᠢ ᠨᠢᠭᠡ ᠯᠡ ᠶᠠᠭᠤᠮᠠᠨ ᠳ᠋ᠤ᠌ ᠵᠣᠪᠠᠭᠠᠳ ᠶᠠᠪᠤᠭ᠎ᠠ ᠶᠤᠮ ᠤᠤ ᠳᠠ? ᠶᠠᠭᠤᠨ ᠳ᠋ᠤ᠌ ᠵᠣᠪᠠᠳᠠᠭ ᠪᠢᠯᠡ? ᠲᠥᠷᠥᠯ ᠰᠠᠳᠤᠨ ᠶᠠᠭᠤ ᠴᠤ᠌ ᠦᠭᠡᠢ᠂ ᠡᠷ᠎ᠡ ᠭᠠᠭᠴᠠ ᠬᠥᠮᠦᠨ ᠰᠢᠦ ᠳᠡ᠃ ᠡᠰᠡᠪᠡᠯ ᠶᠡᠷᠦᠨᠢ ᠲᠡᠭᠡᠵᠦ ᠬᠡᠯᠡᠳᠡᠭ ᠵᠠᠩᠰᠢᠯ ᠲᠠᠢ ᠶᠤᠮ ᠤᠤ? ᠭᠡᠵᠦ ᠭᠡᠰᠦᠯ ᠪᠣᠳᠣᠪᠠ᠃ ᠪᠠᠭᠰᠢ ᠪᠠᠨ ᠣᠭᠲᠣ ᠪᠠᠷᠴᠢᠳ ᠦᠭᠡᠢ ᠬᠥᠮᠦᠨ ᠭᠡᠵᠦ ᠲᠡᠷᠡ ᠢᠲᠡᠭᠡᠳᠡᠭ ᠶᠦᠮ᠃
ᠭᠦᠮᠪᠦᠮ ᠡᠴᠡ ᠭᠠᠷᠴᠤ ᠶᠠᠪᠤᠬᠤ ᠳ᠋ᠠᠭᠠᠨ ᠯᠠᠮᠠ ᠪᠠᠭᠰᠢ ᠨᠢ ᠭᠡᠰᠦᠯ ᠰᠡᠩᠵᠢ ᠳ᠋ᠦ᠍ ᠬᠠᠨᠳᠤᠵᠤ᠂
– ᠪᠠᠷᠴᠢᠳ ᠨᠡᠯᠢᠶᠡᠳ ᠨᠢᠮᠭᠡᠷᠡᠭᠰᠡᠨ ᠪᠠᠢᠬ᠎ᠠ ᠠ᠋᠃ ᠭᠡᠬᠦ ᠳ᠋ᠡᠭᠡᠨ ᠣᠳᠣ ᠭᠠᠩᠰᠠ ᠷᠠᠪᠳᠡᠨ ᠦ᠌ ᠰᠡᠭᠰᠡᠭᠡᠷ ᠲᠣᠯᠣᠭᠠᠢᠲᠠᠨ ᠨᠤᠭᠤᠳ ᠠ᠋ᠴᠠ ᠵᠦᠭᠡᠷ ᠰᠠᠯᠬᠤ ᠦᠭᠡᠢ ᠠ᠋ ᠭᠡᠵᠡᠢ᠃ 《ᠭᠠᠩᠰᠠ ᠷᠠᠪᠳᠡᠨ ᠦ᠌ ᠰᠡᠭᠰᠡᠭᠡᠷ ᠲᠣᠯᠣᠭᠠᠢᠲᠠᠨ ᠨᠤᠭᠤᠳ ᠭᠡᠵᠦ ᠶᠠᠭᠤ ᠬᠡᠯᠡᠵᠦ ᠪᠠᠢᠭ᠎ᠠ ᠶᠤᠮ ᠪᠣᠯ ᠠ᠋? ᠨᠣᠮ ᠳ᠋ᠤ᠌ ᠣᠭᠲᠣ ᠭᠠᠷᠳᠠᠭ ᠦᠭᠡᠢ᠂ ᠪᠠᠭᠰᠢ ᠶ᠋ᠢᠨ ᠶᠡᠷᠦ ᠵᠢᠭᠠᠭ᠎ᠠ ᠦᠭᠡᠢ ᠶᠠᠭᠤᠮ᠎ᠠ ᠪᠠᠢᠬᠤ ᠴᠢᠪ?》 ᠭᠡᠵᠦ ᠭᠡᠰᠦᠯ ᠪᠣᠳᠣᠭᠠᠳ
– ᠲᠡᠷᠡ ᠶᠠᠭᠤᠨ ᠤᠯᠤᠰ ᠶᠤᠮ ᠪᠣᠢ᠂ ᠪᠠᠭᠰᠢ ᠠ᠋? ᠭᠡᠪᠡ᠃
– ᠠᠢ ᠡᠨᠡ ᠬᠥᠬᠡᠨᠠᠭᠤᠷ ᠤ᠋ᠨ ᠮᠣᠩᠭᠣᠯᠴᠤᠳ ᠳᠣᠲᠣᠷ᠎ᠠ ᠨᠡᠷ᠎ᠡ ᠳ᠋ᠦ᠍ ᠭᠠᠷᠤᠭᠰᠠᠨ ᠬᠥᠮᠦᠨ ᠪᠠᠢᠭ᠎ᠠ ᠶᠤᠮ᠃ ᠭᠠᠩᠰᠠ ᠯᠠᠮᠠ ᠷᠠᠪᠳᠠᠨ ᠭᠡᠵᠦ ᠭᠦᠮᠪᠦᠮ ᠳ᠋ᠦ᠍ ᠪᠠᠭ᠎ᠠ ᠳ᠋ᠠᠭᠠᠨ ᠱᠠᠪᠢᠯᠠᠨ ᠰᠠᠭᠤᠵᠤ ᠪᠠᠢᠭᠰᠠᠨ ᠶᠤᠮ᠃ ᠲᠡᠩᠬᠡᠭᠡ ᠴᠢᠳᠠᠯ ᠲᠠᠢ᠂ ᠵᠣᠷᠢᠭ ᠰᠥᠰᠥ ᠶᠡᠬᠡ ᠲᠡᠢ ᠳ᠋ᠡᠭᠡᠨ ᠡᠷᠳᠦᠭᠡᠳ ᠬᠡᠢᠳ ᠢ᠋ ᠤᠭᠤᠷᠤᠨ ᠣᠷᠬᠢᠵᠤ᠂ ᠳᠡᠭᠡᠷᠡᠮᠴᠢᠳ ᠦ᠋ᠨ ᠰᠦᠷᠦᠭ ᠲᠦ᠍ ᠨᠡᠢᠯᠡᠭᠡᠳ ᠵᠡᠭᠴᠢ ᠲᠡᠷᠢᠭᠦᠨ ᠨᠢ ᠪᠣᠯᠵᠤ ᠰᠡᠭᠦᠯ ᠳ᠋ᠡᠭᠡᠨ ᠡᠭᠦᠪᠡᠷ ᠥᠩᠭᠡᠷᠡᠴᠢ ᡀᠠᠰᠠ ᠵᠣᠣ ᠤᠷᠤᠭᠤ ᠶᠠᠪᠤᠳᠠᠭ ᠮᠥᠷᠭᠥᠯᠴᠢᠳ ᠢ᠋ ᠲᠤᠨᠤᠳᠠᠭ ᠢ᠋ᠶ᠋ᠠᠷ ᠢ᠋ᠶ᠋ᠠᠨ ᠵᠠᠷ ᠲᠤ᠌ ᠭᠠᠷᠤᠭᠰᠠᠨ᠃ ᠲᠡᠷᠡ ᠵᠢᠯ ᠡᠭᠦᠪᠡᠷ ᠮᠠᠨ ᠤ᠋ ᠪᠣᠭᠳᠠ ᠭᠡᠭᠡᠨ ᠵᠠᠯᠠᠷᠠᠵᠤ ᡀᠠᠰᠠ ᠣᠷᠣᠭᠠᠳ ᠪᠤᠴᠠᠵᠤ ᠶᠠᠪᠤᠵᠤ ᠯᠠ ᠳᠠ᠃ ᠲᠡᠭᠡᠲᠡᠯ᠎ᠡ ᠭᠠᠩᠰᠠ ᠷᠠᠪᠳᠡᠨ ᠦ᠌ ᠳᠡᠭᠡᠷᠡᠮᠴᠢᠳ ᠪᠣᠭᠳᠠ ᠶ᠋ᠢᠨ ᠵᠢᠩ ᠦ᠋ᠨ ᠴᠤᠪᠤᠭ᠎ᠠ ᠶ᠋ᠢ ᠪᠦᠰᠡᠯᠡᠵᠦ ᠠᠪᠤᠭᠠᠳ ᠣᠯᠵᠠ ᠨᠡᠬᠡᠭᠰᠡᠨ ᠶᠦᠮ ᠭᠡᠳᠡᠭ᠃ ᠴᠥᠭᠡᠬᠡᠨ ᠲᠣᠭᠠᠨ ᠤ᠋ ᠪᠡᠶ᠎ᠡ ᠬᠠᠮᠠᠭᠠᠯᠠᠭᠴᠢ ᠲᠠᠢ ᠶᠤᠮ ᠪᠣᠯᠬᠣᠷ ᠢ᠋ᠶ᠋ᠠᠨ ᠪᠣᠭᠳᠠ ᠭᠡᠭᠡᠨᠲᠡᠨ ᠶᠠᠭᠠᠬᠢᠬᠤ ᠴᠤ᠌ ᠴᠢᠳᠠᠯ ᠦᠭᠡᠢ ᠪᠠᠬᠠᠨ ᠪᠡᠯᠡᠭ ᠰᠡᠯᠲᠡ ᠥᠭᠭᠦᠭᠡᠳ ᠡᠭᠦᠨ ᠡᠴᠡ ᠬᠣᠢᠰᠢ ᠡᠭᠦᠪᠡᠷ ᠥᠩᠭᠡᠷᠡᠬᠦ ᠮᠣᠩᠭᠣᠯ ᠬᠥᠮᠦᠨ ᠪᠦᠷᠢ ᠶ᠋ᠢ ᠥᠷᠥᠰᠢᠶᠡᠯ ᠳ᠋ᠡᠭᠡᠨ ᠠᠪᠤᠭᠲᠤᠨ ᠭᠡᠵᠦ ᠭᠠᠩᠰᠠ ᠷᠠᠪᠳᠠᠨ ᠳ᠋ᠤ᠌ ᠯᠦᠩᠲᠠᠩ ᠵᠠᠷᠯᠢᠭ ᠪᠠᠭᠤᠯᠭᠠᠵᠤ ᠪᠠᠢᠵᠤ ᠰᠠᠯᠵᠠᠢ᠃ ᠲᠡᠭᠦᠨ ᠢ᠋ ᠭᠠᠩᠰᠠ ᠷᠠᠪᠳᠠᠨ ᠤᠬᠤᠰᠬᠢᠨ ᠠᠰᠢᠭᠯᠠᠵᠤ ᠡᠵᠡᠮᠰᠢᠯ ᠨᠤᠲᠤᠭ ᠳᠡᠭᠡᠭᠦᠷ ᠢ᠋ᠶ᠋ᠡᠨ ᠥᠩᠭᠡᠷᠡᠬᠦ ᠮᠣᠩᠭᠣᠯ ᠬᠥᠮᠦᠨ ᠪᠦᠷᠢ ᠡᠴᠡ ᠬᠣᠶᠠᠷ ᠴᠢᠨ ᠮᠥᠩᠭᠥ ᠲᠠᠲᠠᠪᠤᠷᠢᠯᠠᠳᠠᠭ ᠪᠣᠯᠴᠢᠬᠠᠭᠰᠠᠨ ᠶᠤᠮ ᠭᠡᠨ᠎ᠡ ᠯᠠᠢ᠃ ᠲᠡᠭᠡᠵᠦ ᠶᠡᠬᠡ ᠪᠠᠶᠠᠵᠢᠵᠤ ᠪᠠᠢᠭ᠎ᠠ ᠬᠥᠮᠦᠨ᠃ ᠷᠠᠺᠤ ᠭᠣᠣᠯ ᠳᠡᠭᠡᠷ᠎ᠡ ᠲᠡᠷᠡ ᠲᠠᠲᠠᠪᠤᠷᠢ ᠪᠠᠨ ᠠᠪᠳᠠᠭ ᠶᠤᠮ᠃ ᠭᠠᠩᠰᠠ ᠷᠠᠪᠳᠠᠨ ᠬᠠᠷᠢᠨ ᠦᠭᠡᠨ ᠳ᠋ᠡᠭᠡᠨ ᠬᠦᠷᠴᠦ ᠥᠪᠡᠷ ᠦ᠋ᠨ ᠢ᠋ᠶ᠋ᠡᠨ ᠨᠤᠲᠤᠭ ᠳᠡᠭᠡᠭᠦᠷ ᠥᠩᠭᠡᠷᠡᠬᠦ ᠦᠶ᠎ᠡ ᠳ᠋ᠦ᠍ ᠨᠢ ᠮᠣᠩᠭᠣᠯ ᠬᠥᠮᠦᠨ ᠢ᠋ ᠥᠪᠡᠷ ᠡᠴᠡ ᠪᠡᠨ ᠪᠤᠰᠤᠳ ᠳᠡᠭᠡᠷᠡᠮᠴᠢᠳ ᠦ᠋ᠨ ᠭᠠᠷ ᠬᠦᠷᠭᠡᠳᠡᠭ ᠦᠭᠡᠢ ᠶᠤᠮ ᠭᠡᠨ᠎ᠡ ᠯᠠᠢ᠃ ᠭᠠᠩᠰᠠ ᠬᠦᠩ ᠦ᠋ᠨ ᠬᠢᠨ ᠴᠢᠨᠢ ᠶᠡᠬᠡᠩᠬᠢ ᠨᠢ ᠲᠠᠩᠭᠤᠳᠵᠢᠭᠰᠠᠨ ᠮᠣᠩᠭᠣᠯᠴᠤᠳ ᠪᠤᠶᠤ ᠴᠠᠬᠠᠷ ᠤ᠋ᠳ ᠪᠠᠢᠳᠠᠭ᠃ ᠡᠳᠡᠨ ᠦ᠌ ᠰᠡᠭᠰᠡᠭᠡᠷ ᠲᠣᠯᠣᠭᠠᠢᠲᠠᠨ ᠨᠤᠭᠤᠳ ᠲᠤ᠌ ᠮᠣᠩᠭᠣᠯ ᠬᠥᠮᠦᠨ ᠬᠣᠶᠠᠷ ᠴᠢᠨ ᠮᠥᠩᠭᠥ ᠪᠡᠨ ᠢᠯᠡᠷᠬᠡᠢ ᠢᠳᠡᠭᠦᠯᠦᠭᠡᠳ ᠯᠡ ᠶᠠᠪᠤᠳᠠᠭ ᠨᠢ ᠶᠣᠰᠣ ᠪᠣᠯᠤᠭᠰᠠᠨ ᠬᠡᠷᠡᠭ ᠠ᠋ ᠭᠡᠵᠦ ᠴᠤᠢᠮᠴᠤᠭ ᠭᠡᠯᠦᠩ ᠱᠠᠪᠢ ᠳ᠋ᠠᠭᠠᠨ ᠶᠠᠷᠢᠵᠠᠢ᠃ ᠰᠡᠩᠵᠢ ᠭᠡᠰᠦᠯ᠄
– ᠲᠡᠭᠡᠪᠡᠯ ᠪᠢᠳᠡ ᠬᠥᠬᠡᠨᠠᠭᠤᠷ ᠥᠩᠭᠡᠷᠡᠲᠡᠯ᠎ᠡ ᠶᠠᠭᠤᠨ ᠠ᠋ᠴᠠ ᠴᠤ᠌ ᠠᠶᠤᠬᠤ ᠦᠭᠡᠢ ᠶᠠᠪᠤᠵᠤ ᠪᠣᠯᠬᠤ ᠨᠢ ᠠ᠋? ᠭᠡᠵᠦ ᠠᠰᠠᠭᠤᠬᠤ ᠳ᠋ᠤ᠌᠄
– ᠠ ᠲᠡᠭᠡᠵᠦ ᠪᠢᠲᠡᠭᠡᠢ ᠪᠣᠳᠣ᠃ ᠴᠠᠢᠳᠠᠮ ᠤ᠋ᠨ ᠲᠠᠪᠤᠨ ᠬᠣᠰᠢᠭᠤ᠂ ᠬᠦᠬᠡᠭᠡᠳᠦ ᠪᠡᠢᠯᠡ᠂ ᠬᠦᠷᠯᠢᠭ ᠪᠡᠢᠯᠡ᠂ ᠪᠠᠷᠠᠭᠤᠨ᠂ ᠵᠡᠭᠦᠨ ᠵᠠᠰᠠᠭ᠂ ᠲᠠᠢᠵᠢ ᠨᠠᠷ ᠤᠤ? ᠡᠨᠳᠡ ᠶᠡᠷᠦ ᠨᠢ ᠲᠤᠩ ᠠᠢᠬᠤᠪᠲᠤᠷ ᠤᠯᠤᠰ ᠰᠠᠭᠤᠳᠠᠭ ᠭᠠᠵᠠᠷ᠃ ᠠᠯᠲᠠᠨ ᠴᠣᠷᠭᠣ ᠶ᠋ᠢᠨ ᠳᠠᠪᠠᠭᠠᠨ ᠳ᠋ᠤ᠌ ᠶᠡᠬᠡ ᠰᠢᠪᠡᠭᠡᠯᠡᠳᠡᠭ ᠶᠦᠮ ᠭᠡᠵᠦ ᠴᠤᠢᠮᠴᠤᠭ ᠭᠡᠯᠦᠩ ᠬᠠᠷᠢᠭᠤᠯᠤᠭᠠᠳ ᠭᠠᠷ ᠢ᠋ᠶ᠋ᠠᠨ ᠰᠠᠷᠠᠪᠴᠢᠯᠠᠨ ᠰᠢᠩᠭᠡᠬᠦ ᠨᠠᠷᠠᠨ ᠵᠦᠭ ᠬᠠᠷᠠᠵᠤ 《ᠠᠯᠲᠠᠨ ᠴᠣᠷᠭᠣ ᠴᠤ᠌ ᠲᠡᠷᠡ ᠯᠠ ᠪᠠᠢᠨ᠎ᠠ》 ᠭᠡᠵᠦ ᠠᠮᠠᠨ ᠳ᠋ᠠᠭᠠᠨ ᠰᠢᠪᠡᠨᠡᠭᠰᠡᠨ ᠪᠢᠯᠡ᠃ ᠣᠳᠣ ᠲᠡᠭᠡᠭᠡᠳ ᠳᠡᠭᠡᠷᠡᠮᠴᠢᠨ ᠰᠢᠪᠡᠭᠡᠯᠡᠭᠰᠡᠨ ᠠᠯᠲᠠᠨ ᠴᠣᠷᠭᠣ ᠠᠭᠤᠯᠠᠨ ᠳ᠋ᠠᠭᠠᠨ ᠬᠦᠷᠦᠭᠡᠳ ᠢᠷᠡᠵᠡᠢ᠃ ᠠᠷᠰᠠᠭᠠᠷ ᠬᠠᠳᠠ ᠲᠠᠢ ᠰᠦᠷᠯᠢᠭ ᠰᠠᠢᠬᠠᠨ ᠠᠭᠤᠯᠠ ᠠᠵᠢ᠃
ᠭᠡᠯᠦᠩ ᠴᠤᠢᠮᠴᠤᠭ ᠤ᠋ᠨ ᠪᠠᠭ ᠮᠥᠷᠭᠥᠯᠴᠢᠳ ᠦ᠋ᠨ ᠴᠤᠪᠤᠭᠠᠨ ᠤ᠋ ᠳᠤᠮᠳᠠ ᠬᠢᠷᠢ ᠳ᠋ᠦ᠍ ᠶᠠᠪᠤᠵᠤ ᠪᠠᠢᠯ᠎ᠠ᠃ ᠠᠯᠢᠪᠠ ᠳ᠋ᠤ᠌ ᠰᠡᠵᠢᠭᠯᠡᠭᠰᠡᠨ ᠶᠠᠩᠵᠤ ᠦᠭᠡᠢ ᠲᠠᠢᠪᠤᠩ ᠪᠠᠢᠪᠠ᠃
– ᡀᠠᠷᠵᠢᠶᠠᠯᠤᠤ! ᠭᠡᠰᠡᠨ ᠵᠡᠷᠯᠢᠭ ᠳᠠᠭᠤ ᠭᠡᠨᠡᠳᠲᠡ ᠴᠤᠤᠷᠢᠶᠠᠳᠴᠤ᠂ ᠫᠤᠤ ᠳᠤᠤᠭᠠᠷᠯᠠ᠃ ᠮᠥᠷᠭᠥᠯᠴᠢᠳ ᠠᠶᠤᠨ ᠰᠠᠨᠳᠤᠷᠴᠤ ᠪᠤᠵᠢᠭᠢᠨᠠᠯᠳᠤᠪᠠ᠃
– ᠪᠢᠲᠡᠭᠡᠢ ᠰᠠᠨᠳᠤᠷᠴᠠᠭᠠ᠃ ᠰᠡᠭᠰᠡᠭᠡᠷ ᠳᠡᠭᠡᠷᠡᠮᠴᠢᠳ ᠳᠣᠪᠲᠣᠯᠵᠤ ᠪᠠᠢᠨ᠎ᠠ᠃ ᠪᠢᠷ᠎ᠠ ᠴᠢᠳᠠᠯ ᠲᠠᠢ ᠨᠢ ᠲᠡᠳᠡᠨ ᠲᠡᠢ ᠦᠵᠡᠯᠴᠡ᠃ ᠬᠡᠦᠬᠡᠳ ᠬᠥᠭᠰᠢᠳ ᠤᠨᠤᠭᠠᠨ ᠠ᠋ᠴᠠ ᠪᠠᠨ ᠪᠠᠭᠤᠵᠤ ᠡᠷᠭᠢ ᠳ᠋ᠦ᠍ ᠬᠣᠷᠭᠣᠳᠠ! ᠭᠡᠵᠦ ᠵᠢᠩ ᠦ᠋ᠨ ᠴᠤᠪᠤᠭᠠᠨ ᠤ᠋ ᠠᠬᠠᠯᠠᠭᠴᠢ ᠴᠢᠩᠭ᠎ᠠ ᠳᠠᠭᠤ ᠪᠠᠷ ᠲᠤᠰᠢᠶᠠᠯ᠎ᠠ᠃
ᠫᠤᠤ ᠰᠢᠳᠡᠮ ᠪᠠᠷᠢᠭᠰᠠᠨ ᠳᠡᠭᠡᠷᠡᠮᠴᠢᠳ ᠦᠨᠡᠬᠡᠷ ᠳᠠᠭᠠᠷᠢᠨ ᠣᠷᠣᠵᠤ ᠢᠷᠡᠯ᠎ᠡ᠃ ᠨᠢᠭᠡ ᠬᠡᠰᠡᠭ ᠨᠢ ᠴᠤᠪᠤᠭᠠᠨ ᠤ᠋ ᠡᠬᠢ ᠥᠭᠡᠳᠡ᠂ ᠨᠢᠭᠡ ᠬᠡᠰᠡᠭ ᠨᠢ ᠳᠤᠮᠳᠠᠭᠤᠷᠬᠢ᠂ ᠨᠥᠭᠥᠭᠡ ᠨᠢ ᠰᠡᠭᠦᠯ ᠤᠷᠤᠭᠤ ᠳᠠᠭᠠᠷᠢᠵᠠᠭᠠᠪᠠ᠃ ᠳᠤᠮᠳᠠᠭᠤᠷ ᠳᠠᠭᠠᠷᠢᠭᠰᠠᠳ ᠴᠤᠢᠮᠴᠤᠭ ᠭᠡᠯᠦᠩ ᠦ᠋ᠨ ᠭᠠᠯ ᠤ᠋ᠨ ᠬᠢᠨ ᠳ᠋ᠦ᠍ ᠲᠠᠭᠠᠷᠠᠵᠠᠢ᠃ ᠴᠤᠢᠮᠴᠤᠭ ᠭᠡᠯᠦᠩ ᠤᠷᠤᠭᠤ ᠰᠠᠩᠭᠠᠯᠲᠠᠢ ᠦᠰᠦ ᠲᠡᠢ ᠵᠠᠯᠠᠭᠤ ᠳᠡᠭᠡᠷᠡᠮᠴᠢᠨ ᠤᠬᠤᠰᠬᠢᠨ ᠳᠠᠭᠠᠷᠢᠬᠤ ᠳ᠋ᠤ᠌ ᠬᠠᠰᠢᠷ ᠭᠡᠯᠦᠩ ᠡᠮᠦᠨ᠎ᠡ ᠡᠴᠡ ᠨᠢ ᠤᠷᠢᠳᠤ ᠠ᠋ᠴᠠ ᠪᠡᠯᠡᠳᠬᠡᠨ ᠠᠪᠴᠤ ᠶᠠᠪᠤᠭᠰᠠᠨ ᠨᠤᠨᠲᠠᠭ ᠠᠵᠤᠢ ᠪᠠᠨ ᠰᠠᠴᠤᠵᠤ ᠣᠷᠬᠢᠭᠰᠠᠨ ᠳ᠋ᠤ᠌ ᠨᠢᠳᠦ ᠤᠷᠤᠭᠤ ᠨᠢ ᠣᠷᠣᠵᠤ ᠲᠡᠷᠡ ᠶᠠᠭᠤ ᠴᠤ᠌ ᠦᠵᠡᠬᠦ ᠦᠭᠡᠢ᠂ ᠨᠢᠳᠦ ᠪᠡᠨ ᠳᠠᠷᠤᠭᠠᠳ ᠵᠣᠭ ᠲᠤᠰᠪᠠ᠃ ᠪᠠᠰᠠ ᠨᠢᠭᠡ ᠰᠠᠭᠯᠠᠭᠠᠷ ᠬᠠᠷ᠎ᠠ ᠬᠥᠮᠦᠨ ᠪᠥᠬᠡᠮᠠᠩᠯᠠᠢ ᠥᠭᠡᠳᠡ ᠳᠠᠭᠠᠷᠢᠬᠤ ᠳ᠋ᠤ᠌ ᠲᠡᠭᠦᠨ ᠦ᠌ ᠴᠠᠬᠢᠭᠤᠷ ᠫᠤᠤ ᠶ᠋ᠢᠨ ᠠᠮᠠᠨ ᠳᠡᠭᠡᠷ᠎ᠡ ᠡᠴᠡ ᠮᠠᠨᠢ ᠡᠷ᠎ᠡ ᠠᠳᠬᠤᠵᠤ ᠠᠪᠤᠭᠠᠳ ᠤᠭᠵᠠ ᠲᠡᠳᠡᠨ ᠠᠯᠳᠤᠭᠤᠯᠪᠠ᠃ ᠳᠡᠭᠡᠷᠡᠮᠴᠢᠨ ᠫᠤᠤ ᠪᠠᠨ ᠠᠯᠳᠠᠭᠠᠳ ᠥᠪᠡᠷ ᠢ᠋ᠶ᠋ᠡᠨ ᠭᠠᠵᠠᠷ ᠤᠨᠠᠭᠰᠠᠨ ᠢ᠋ᠶ᠋ᠠᠨ ᠥᠨᠳᠡᠢᠨ ᠪᠣᠰᠴᠤ ᠢᠷᠡᠬᠦ ᠳ᠋ᠦ᠍ᠨᠢ ᠪᠥᠬᠡᠮᠠᠩᠯᠠᠢ ᠲᠡᠭᠦᠨ ᠢ᠋ ᠴᠠᠬᠢᠭᠤᠷ ᠫᠤᠤ ᠪᠠᠷ ᠨᠢ ᠡᠷᠭᠢᠭᠦᠯᠦᠨ ᠴᠣᠬᠢᠬᠤ ᠳ᠋ᠤ᠌ ᠲᠠᠷ ᠨᠢᠷ ᠳᠠᠭᠤᠨ ᠭᠠᠷᠴᠤ ᠫᠤᠤ ᠨᠢ ᠬᠤᠢ ᠪᠠᠷ ᠢ᠋ᠶ᠋ᠠᠨ ᠬᠤᠭᠤᠷᠠᠨ ᠣᠢᠴᠢᠯ᠎ᠠ᠃ ᠫᠤᠤ ᠪᠠᠨ ᠬᠤᠭᠤᠷᠠᠬᠤ ᠶ᠋ᠢ ᠮᠡᠳᠡᠮᠡᠭᠴᠡ ᠳᠡᠭᠡᠷᠡᠮᠴᠢᠨ ᠲᠣᠯᠣᠭᠠᠢ ᠪᠡᠨ ᠳᠠᠷᠤᠨ ᠵᠢᠭᠤᠲᠠᠭᠠᠪᠠ᠃ ᠭᠡᠲᠡᠯ᠎ᠡ ᠥᠭᠡᠷ᠎ᠡ ᠨᠢᠭᠡ ᠰᠡᠭᠰᠡᠭᠡᠷ ᠬᠠᠷ᠎ᠠ ᠠᠮᠢᠲᠠᠨ ᠪᠥᠬᠡᠮᠠᠩᠯᠠᠢ ᠶ᠋ᠢᠨ ᠵᠦᠭ ᠤᠤᠯᠭᠠᠯᠠᠨ ᠳᠠᠭᠠᠷᠢᠵᠠᠢ᠃ ᠲᠡᠭᠦᠨ ᠦ᠌ ᠭᠠᠷ ᠲᠤ᠌ ᠠᠶᠤᠮᠠᠷ ᠪᠠᠯᠲᠠ ᠰᠦᠬᠡ ᠰᠢᠭ ᠶᠠᠭᠤᠮ᠎ᠠ ᠬᠠᠷᠠᠭᠳᠠᠬᠤ ᠳ᠋ᠤ᠌ ᠤᠳᠬᠤᠨ ᠠᠶᠤᠵᠤ ᠮᠠᠭᠤᠬᠠᠢ ᠴᠢᠷᠠᠯᠠᠪᠠ᠃ ᠪᠥᠬᠡᠮᠠᠩᠨᠠᠢ ᠲᠡᠷᠡ ᠳᠡᠭᠡᠷᠡᠮᠴᠢᠨ ᠦ᠌ ᠭᠠᠷ ᠢ᠋ ᠬᠤᠮᠬᠢᠨ ᠪᠠᠷᠢᠵᠤ ᠲᠣᠯᠣᠭᠠᠢ ᠳᠡᠭᠡᠷ᠎ᠡ ᠪᠡᠨ ᠪᠦᠬᠦ ᠪᠡᠶ᠎ᠡ ᠪᠡᠷ ᠨᠢ ᠡᠷᠭᠦᠭᠡᠳ ᠰᠠᠷᠪᠠᠯᠵᠠᠭᠤᠯᠤᠨ ᠰᠢᠳᠡᠭᠰᠡᠨ ᠳ᠋ᠦ᠍ ᠲᠡᠷᠡ ᠪᠡᠷ ᠲᠣᠮᠣ ᠦᠬᠡᠷ ᠴᠢᠯᠠᠭᠤ ᠮᠥᠷᠭᠥᠨ ᠤᠨᠠᠵᠤ ᠲᠡᠷᠡᠢᠨ ᠬᠡᠪᠲᠡᠯ᠎ᠡ᠃ ᠲᠡᠭᠦᠨ ᠡᠴᠡ ᠴᠠᠭᠠᠬᠠᠨ᠎ᠠ ᠪᠠᠢᠭᠰᠠᠨ ᠪᠠᠰᠠ ᠨᠢᠭᠡ ᠳᠡᠭᠡᠷᠡᠮᠴᠢᠨ ᠤᠯᠠᠢᠷᠠᠨ ᠳᠠᠭᠠᠷᠢᠬᠤ ᠳ᠋ᠤ᠌ ᠪᠥᠬᠡᠮᠠᠩᠯᠠᠢ ᠲᠡᠭᠦᠨ ᠢ᠋ ᠪᠡᠶ᠎ᠡ ᠳ᠋ᠡᠭᠡᠨ ᠬᠦᠷᠭᠡᠯ ᠦᠭᠡᠢ ᠰᠢᠭᠦᠷᠡᠨ ᠪᠠᠷᠢᠵᠤ ᠠᠪᠤᠭᠠᠳ ᠲᠡᠭᠦᠪᠡᠷ ᠪᠤᠰᠤᠳ ᠢ᠋ ᠨᠢ ᠳᠦᠦᠭᠡᠦᠷᠳᠡᠨ ᠡᠷᠭᠢᠭᠦᠯᠵᠡᠢ᠃ ᠬᠡᠳᠦ ᠬᠡᠳᠦᠨ ᠳᠡᠭᠡᠷᠡᠮᠴᠢᠨ ᠲᠡᠷᠡ ᠮᠢᠬᠠᠨ ᠳᠦᠦᠭᠡᠦᠷ ᠲᠦ᠍ ᠴᠣᠬᠢᠭᠳᠠᠨ ᠬᠥᠰᠡᠷ ᠣᠢᠴᠢᠯ᠎ᠠ᠃ ᠳᠦᠦᠭᠡᠦᠷ ᠪᠣᠯᠤᠭᠰᠠᠨ ᠡᠷ᠎ᠡ ᠶ᠋ᠢᠨ ᠥᠷᠥᠭᠡᠰᠦᠨ ᠭᠤᠲᠤᠯ ᠰᠤᠭᠤᠷᠠᠵᠤ ᠵᠢᠯᠠᠭ᠎ᠠ ᠤᠷᠤᠭᠤ ᠬᠡᠶᠢᠰᠦᠯᠡ᠃
ᠳᠦᠦᠭᠡᠦᠷᠳᠡᠭᠦᠯᠵᠦ ᠪᠠᠢᠭ᠎ᠠ ᠳᠡᠭᠡᠷᠡᠮᠴᠢᠨ ᠮᠠᠭᠤᠬᠠᠢ ᠳᠠᠭᠤ ᠪᠠᠷ ᠴᠢᠷᠠᠯᠠᠵᠤ ᠶᠠᠮᠠᠷ ᠨᠢᠭᠡᠨ ᠶᠠᠭᠤᠮ᠎ᠠ ᠬᠠᠰᠬᠢᠷᠴᠠᠢ. 《 ᠵᠢᠭᠤᠲᠠᠵᠠᠭᠠ᠂ ᠨᠠᠮᠠᠶ᠋ᠢ ᠠᠯᠠᠬᠤ ᠨᠢ》 ᠭᠡᠵᠦ ᠬᠡᠯᠡᠵᠦ ᠪᠠᠢᠭ᠎ᠠ ᠶ᠋ᠢ ᠭᠡᠰᠦᠯ ᠰᠡᠩᠵᠢ ᠪᠦᠷᠦᠭ ᠪᠠᠷᠤᠭ ᠣᠢᠯᠠᠭᠠᠪᠠ᠃ ᠲᠡᠷᠡ ᠭᠱᠠᠨ ᠳ᠋ᠤ᠌ ᠳᠡᠭᠡᠷᠡᠮᠴᠢᠳ ᠵᠢᠭᠤᠲᠠᠭᠠᠵᠤ ᠠᠭᠤᠯᠠ ᠶ᠋ᠢᠨ ᠵᠢᠯᠠᠭ᠎ᠠ ᠤᠷᠤᠭᠤ ᠲᠣᠭᠣᠰᠣ ᠮᠠᠨᠠᠷᠠᠭᠤᠯᠤᠨ ᠴᠢᠯᠠᠭᠤ ᠥᠩᠬᠥᠷᠢᠭᠦᠯᠦᠨ᠂ ᠶᠣᠣᠯᠠᠨ ᠭᠠᠰᠠᠯᠬᠤ ᠳᠠᠭᠤ ᠪᠠᠨ ᠬᠠᠳᠠᠭᠤᠯᠤᠭᠰᠠᠭᠠᠷ ᠳᠠᠯᠳᠠ ᠣᠷᠣᠵᠠᠭᠠᠯ᠎ᠠ᠃
ᠳᠡᠭᠡᠷᠡᠮᠴᠢᠳ ᠦ᠋ᠨ ᠭᠠᠷ ᠬᠥᠯ ᠳ᠋ᠦ᠍ ᠬᠣᠬᠢᠷᠠᠭᠰᠠᠨ ᠬᠥᠮᠦᠨ ᠦᠭᠡᠢ᠃ ᠭᠠᠭᠴᠠᠬᠦ ᠴᠤᠪᠤᠭᠠᠨ ᠤ᠋ ᠳᠠᠭᠠᠭᠠᠮᠠᠯ ᠤ᠋ᠨ ᠰᠢᠨ᠎ᠡ ᠨᠢ ᠬᠠᠯᠵᠠ ᠴᠣᠬᠢᠭᠤᠯᠵᠤ᠂ ᠪᠠᠰᠠ ᠨᠢᠭᠡ ᠯᠠᠮᠠ ᠶ᠋ᠢᠨ ᠡᠷᠬᠡ ᠲᠠᠰᠤᠷᠠᠲᠠᠯ᠎ᠠ ᠪᠠᠨ ᠵᠤᠯᠭᠠᠭᠠᠯᠭᠠᠭᠤᠯᠵᠤ᠂ ᠤᠳᠬᠤᠨ ᠬᠡᠦᠬᠡᠨ ᠰᠠᠬᠢᠭᠤᠰᠤ ᠪᠠᠨ ᠭᠡᠭᠡᠭᠰᠡᠨ ᠢ᠋ᠶ᠋ᠡᠷ ᠡᠨᠡ ᠤᠳᠠᠭ᠎ᠠ ᠲᠡᠳᠡ ᠠᠪᠤᠷᠠᠭᠳᠠᠵᠠᠢ᠃ ᠴᠥᠮ ᠢ᠋ᠶ᠋ᠡᠷ ᠢ᠋ᠶ᠋ᠡᠨ ᠦᠩᠬᠦᠯᠴᠡᠭ ᠢ᠋ᠶ᠋ᠡᠨ ᠬᠠᠭᠠᠷᠠᠲᠠᠯ᠎ᠠ ᠪᠠᠨ ᠠᠶᠤᠵᠠᠢ᠃
ᠪᠥᠬᠡᠮᠠᠩᠯᠠᠢ ᠪᠠᠢᠭ᠎ᠠ ᠦᠭᠡᠢ ᠪᠣᠯ ᠲᠡᠷᠡ ᠴᠤᠪᠤᠭᠠᠨ ᠤ᠋ ᠬᠢᠨ ᠨᠢᠴᠦᠭᠦᠷᠡᠲᠡᠯᠡ ᠪᠡᠨ ᠲᠣᠨᠣᠭᠤᠯᠬᠤ ᠨᠢ ᠮᠡᠳᠡᠭᠡᠵᠢ ᠪᠣᠯᠵᠠᠢ᠃ ᠪᠦᠭᠦᠳᠡᠭᠡᠷ ᠢ᠋ᠶ᠋ᠡᠨ ᠯᠡ ᠪᠥᠬᠡᠮᠠᠩᠨᠠᠢ ᠳ᠋ᠤ᠌ ᠪᠠᠶᠠᠷᠯᠠᠵᠤ ᠪᠠᠢᠯ᠎ᠠ᠃
– ᠨᠠᠮᠠᠶ᠋ᠢ ᠪᠠᠨ ᠰᠠᠢᠨ ᠯᠠ ᠴᠠᠳᠬᠠᠵᠤ ᠪᠠᠢᠪᠠᠯ ᠪᠢ ᠡᠨᠡ ᠰᠡᠭᠰᠡᠭᠡᠷ ᠲᠠᠩᠭᠤᠳ ᠤᠳ ᠲᠤ ᠲᠠ ᠨᠠᠷ ᠢ᠋ ᠳᠡᠭᠡᠷᠡᠯᠬᠡᠭᠦᠯᠬᠦ ᠦᠭᠡᠢ ᠪᠠᠢᠬᠤ ᠶ᠋ᠢ ᠬᠢᠴᠢᠶᠡᠨ᠎ᠡ ᠭᠡᠵᠦ ᠪᠥᠬᠡᠮᠠᠩᠯᠠᠢ ᠠᠮᠠᠯᠠᠵᠠᠢ᠃
ᠠᠯᠲᠠᠨ ᠴᠣᠷᠭᠣ ᠶ᠋ᠢᠨ ᠳᠠᠪᠠᠭ᠎ᠠ ᠶ᠋ᠢ ᠳᠠᠪᠠᠬᠤ ᠳ᠋ᠤ᠌ ᠲᠡᠷᠲᠡᠭᠡ ᠬᠥᠨᠳᠡᠢ ᠶ᠋ᠢ ᠲᠦᠭᠦᠷᠡᠨ ᠴᠡᠯᠡᠯᠵᠡᠨ ᠬᠦᠬᠡᠯᠵᠡᠭᠴᠢ ᠲᠣᠮᠣ ᠨᠠᠭᠤᠷ ᠤ᠋ᠨ ᠪᠠᠷ᠎ᠠ ᠶ᠋ᠢ ᠲᠡᠳᠡ ᠬᠠᠷᠠᠯ᠎ᠠ᠃ ᠳᠤᠮᠳᠠ ᠨᠢ ᠨᠢᠭᠡ ᠠᠷᠠᠯ ᠪᠥᠷᠲᠥᠢᠨ ᠬᠠᠷᠠᠭᠳᠠᠵᠤ ᠪᠠᠢᠯ᠎ᠠ᠃
– ᠪᠠᠭᠰᠢ ᠶ᠋ᠢᠨ ᠶᠠᠷᠢᠳᠠᠭ ᠠᠷᠠᠯ ᠲᠡᠷᠡ ᠤᠤ? ᠭᠡᠵᠦ ᠭᠡᠰᠦᠯ ᠰᠡᠩᠵᠢ ᠰᠠᠢᠬᠠᠨ ᠪᠣᠯᠤᠭᠰᠠᠨ ᠵᠣᠳᠣᠭᠠᠨ ᠢ᠋ ᠮᠠᠷᠲᠠᠬᠤ ᠶ᠋ᠢᠨ ᠲᠤᠯᠠᠳᠠ ᠭᠡᠯᠦᠩ ᠴᠤᠢᠮᠴᠤᠭ ᠠ᠋ᠴᠠ ᠠᠰᠠᠭᠤᠴᠠᠢ᠃
– ᠮᠥᠨ᠂ ᠮᠥᠨ᠃ ᠬᠥᠬᠡᠨᠠᠭᠤᠷ ᠳᠤᠮᠳᠠᠬᠢ ᠠᠷᠠᠯ ᠳᠡᠭᠡᠷ᠎ᠡ ᠲᠠᠪᠤ ᠵᠢᠷᠭᠤᠭᠠᠨ ᠯᠠᠮᠠ ᠲᠠᠢ ᠵᠢᠵᠢᠭᠬᠡᠨ ᠰᠦᠮ᠎ᠡ ᠪᠠᠢᠳᠠᠭ ᠶᠤᠮ᠃ ᠲᠡᠳᠡ ᠨᠠᠷ ᠡᠪᠦᠯ ᠮᠥᠰᠥ ᠬᠥᠯᠳᠡᠬᠦ ᠦᠶ᠎ᠡ ᠳ᠋ᠦ᠍ ᠢᠳᠡᠰᠢ ᠬᠦᠨᠡᠰᠦ ᠪᠡᠨ ᠠᠪᠤᠭᠠᠳ ᠵᠦᠨᠵᠢᠨ ᠢ᠋ᠶ᠋ᠡᠨ ᠳᠢᠶᠠᠨᠴᠢᠯᠠᠨ ᠰᠠᠭᠤᠵᠠᠭᠠᠳᠠᠭ ᠶᠤᠮ᠃ ᠭᠠᠳᠠᠨ᠎ᠠ ᠶᠢᠨ ᠰᠠᠭᠠᠳ ᠲᠦᠢᠳᠬᠡᠷ ᠦᠭᠡᠢ ᠵᠦᠭᠡᠷ ᠪᠠᠢᠳᠠᠭ ᠪᠢᠵᠡ ᠳᠡ ᠭᠡᠵᠦ ᠴᠤᠢᠮᠴᠤᠭ ᠭᠡᠯᠦᠩ ᠬᠡᠯᠡᠪᠡ᠃
ᠨᠢᠭᠡᠨᠲᠡ ᠣᠷᠣᠢ ᠪᠣᠯᠤᠭᠰᠠᠨ ᠲᠤᠯᠠ ᠮᠥᠷᠭᠥᠯᠴᠢᠳ ᠬᠥᠬᠡᠨᠠᠭᠤᠷ ᠠ᠋ᠴᠠ ᠬᠣᠯᠠ ᠦᠭᠡᠢᠬᠡᠨ ᠭᠠᠵᠠᠷ ᠬᠣᠨᠣᠭᠯᠠᠪᠠ᠃ ᠨᠠᠭᠤᠷ ᠤ᠋ᠨ ᠴᠢᠭᠢᠭ ᠬᠠᠩᠬᠤᠯᠵᠤ ᠠᠶᠠᠲᠠᠢᠬᠠᠨ ᠪᠠᠢᠯ᠎ᠠ᠃
– ᠣᠳᠣ ᠣᠯᠠᠨ ᠳᠠᠪᠠᠭ᠎ᠠ ᠪᠣᠢ ᠤᠤ? ᠭᠡᠵᠦ ᠰᠡᠩᠵᠢ ᠭᠡᠰᠦᠯ ᠰᠥᠨᠢ ᠣᠷᠣᠨ ᠳ᠋ᠠᠭᠠᠨ ᠣᠷᠣᠭᠠᠳ ᠪᠠᠢᠬᠤ ᠳ᠋ᠠᠭᠠᠨ ᠠᠰᠠᠭᠤᠴᠠᠢ᠃ ᠪᠠᠭᠰᠢ ᠨᠢ ᠶᠠᠭᠠᠷᠠᠮᠠ ᠦᠭᠡᠢ ᠵᠤᠭᠤᠤ ᠶᠠᠷᠢᠨ᠎ᠠ᠃
– ᠣᠯᠠᠨ ᠪᠣᠢ᠃ ᠲᠡᠷᠡ ᠳᠤᠮᠳᠠ ᠠ᠋ᠴᠠ ᠬᠥᠬᠡ ᠲᠣᠭᠣᠨᠣ ᠶ᠋ᠢᠨ ᠳᠠᠪᠠᠭ᠎ᠠ ᠯᠠ ᠶᠠᠭ ᠦᠭᠡᠢ ᠳᠡ᠃ ᠣᠰᠣᠯ ᠲᠠᠢ ᠳᠠᠪᠠᠭ᠎ᠠ᠃ ᠵᠠ ᠲᠡᠷᠡᠭᠦᠷ ᠡᠰᠡᠨ ᠮᠡᠨᠳᠦ ᠳᠠᠪᠠᠴᠢᠬᠠᠪᠠᠯ ᠴᠤ᠌ ᡀᠠᠰᠠ ᠵᠣᠣ ᠳ᠋ᠤ᠌ ᠣᠷᠣᠯ᠎ᠠ ᠭᠡᠰᠡᠨ ᠦᠭᠡ ᠠ᠋ ᠭᠡᠵᠦ ᠭᠡᠯᠦᠩ ᠬᠡᠯᠡᠪᠡ᠃ ᠲᠡᠷᠡ ᠰᠥᠨᠢ ᠠᠯᠢᠪᠠ ᠵᠣᠪᠠᠯᠠᠩ ᠦᠭᠡᠢ ᠲᠠᠢᠪᠤᠩ ᠥᠩᠭᠡᠷᠡᠵᠡᠢ᠃ ᠶᠡᠷᠦ ᠨᠢ ᠬᠥᠬᠡ ᠲᠣᠭᠣᠨᠣ ᠶ᠋ᠢᠨ ᠳᠠᠪᠠᠭ᠎ᠠ ᠬᠦᠷᠲᠡᠯ᠎ᠡ ᠲᠡᠳᠡ ᠠᠯᠵᠠᠬᠤ ᠦᠭᠡᠢ ᠰᠠᠢᠬᠠᠨ ᠠᠶᠠᠯᠠᠪᠠ᠃ ᠨᠠᠢᠴᠠᠵᠤᠤ ᠶ᠋ᠢᠨ ᠭᠣᠣᠯ ᠤ᠋ᠨ ᠬᠥᠪᠡᠭᠡᠨ ᠳᠡᠭᠡᠷ᠎ᠡ ᠬᠡᠳᠦᠨ ᠬᠠᠷ᠎ᠠ ᠪᠠᠨᠠᠭ ᠪᠠᠢᠬᠤ ᠳ᠋ᠤ᠌ ᠮᠥᠷᠭᠥᠯᠴᠢᠳ ᠦ᠋ᠨ ᠴᠤᠪᠤᠭ᠎ᠠ ᠢᠷᠡᠵᠦ ᠪᠠᠭᠤᠯ᠎ᠠ᠃ ᠴᠤᠢᠮᠴᠤᠭ ᠭᠡᠯᠦᠩ ᠱᠠᠪᠢ ᠳ᠋ᠠᠭᠠᠨ ᠲᠥᠪᠡᠳ ᠣᠷᠣᠬᠤ ᠵᠠᠮ ᠳ᠋ᠤ᠌ ᠲᠣᠬᠢᠶᠠᠯᠳᠤᠬᠤ ᠶᠠᠭᠤᠮ᠎ᠠ ᠪᠣᠯᠭᠠᠨ ᠤ᠋ ᠤᠴᠢᠷ ᠢ᠋ ᠶᠠᠷᠢᠵᠤ ᠥᠭᠭᠦᠨ᠎ᠡ ᠭᠡᠵᠦ ᠠᠮᠠᠯᠠᠭᠰᠠᠨ ᠶᠣᠰᠣᠭᠠᠷ ᠢ᠋ᠶ᠋ᠠᠨ ᠤᠴᠢᠷ ᠲᠠᠢ ᠪᠦᠬᠦᠨ ᠢ᠋ ᠤᠴᠢᠷᠯᠠᠨ ᠶᠠᠷᠢᠵᠤ ᠥᠭᠳᠡᠭ ᠪᠠᠢᠪᠠ᠃ ᠲᠡᠷᠡ ᠯᠠ ᠵᠠᠩᠰᠢᠯ ᠢ᠋ᠶ᠋ᠠᠷ ᠢ᠋ᠶ᠋ᠠᠨ᠄
– ᠡᠨᠡ ᠪᠠᠨᠠᠭ ᠤ᠋ᠨ ᠭᠠᠳᠠᠭ᠎ᠠ ᠬᠡᠳᠦᠨ ᠲᠡᠮᠡᠭᠡ ᠪᠡᠨ ᠣᠷᠬᠢᠬᠤ ᠠ᠋ᠴᠠ ᠠᠷᠭ᠎ᠠ ᠦᠭᠡᠢ᠃ ᠮᠣᠷᠢ ᠪᠠᠷ ᠶᠠᠪᠤᠬᠤ ᠦᠭᠡᠢ ᠪᠣᠯ ᠬᠥᠬᠡ ᠲᠣᠭᠣᠨᠣ ᠶ᠋ᠢᠨ ᠳᠠᠪᠠᠭ᠎ᠠ ᠶ᠋ᠢ ᠲᠡᠮᠡᠭᠡ ᠳᠠᠪᠠᠳᠠᠭ ᠦᠭᠡᠢ ᠶᠦᠮ ᠭᠡᠪᠡ᠃
ᠮᠠᠷᠭᠠᠰᠢ ᠨᠢ ᠮᠥᠷᠭᠥᠯᠴᠢᠳ ᠬᠥᠬᠡ ᠲᠣᠭᠣᠨᠣ ᠶ᠋ᠢᠨ ᠳᠠᠪᠠᠭ᠎ᠠ ᠶ᠋ᠢ ᠳᠠᠪᠠᠬᠤ ᠪᠠᠷ ᠡᠷᠲᠡᠯᠡᠨ ᠶᠠᠪᠤᠵᠠᠭᠠᠯ᠎ᠠ᠃ ᠨᠢᠭᠡ ᠲᠠᠯ᠎ᠠ ᠠ᠋ᠴᠠ ᠬᠠᠳᠠ ᠲᠠᠢ ᠠᠭᠤᠯᠠ᠂ ᠨᠥᠬᠥᠭᠡ ᠲᠠᠯ᠎ᠠ ᠠ᠋ᠴᠠ ᠠᠰᠤᠷᠤ ᠥᠨᠳᠥᠷ ᠴᠠᠪᠴᠢᠮ᠎ᠠ ᠡᠷᠭᠢ ᠳᠤᠮᠳᠠᠭᠤᠷ ᠨᠠᠢᠴᠠᠵᠤᠤ ᠶ᠋ᠢᠨ ᠭᠣᠣᠯ ᠱᠤᠤᠭᠢᠨ ᠤᠷᠤᠰᠴᠤ ᠪᠠᠢᠯ᠎ᠠ᠃ ᠭᠣᠣᠯ ᠲᠡᠷᠲᠡᠭᠡ ᠳᠣᠣᠷ᠎ᠠ ᠭᠦᠨ ᠠᠩᠭᠠᠯ ᠳ᠋ᠤ᠌ ᠱᠤᠤᠭᠢᠵᠤ ᠪᠠᠢᠬᠤ ᠳ᠋ᠤ᠌ ᠮᠥᠷᠭᠥᠯᠴᠢᠳ ᠦ᠋ᠨ ᠵᠠᠮ ᠬᠠᠳᠠᠨ ᠬᠢᠰᠠᠭᠠᠨ ᠤ᠋ ᠨᠠᠷᠢᠬᠠᠨ ᠬᠢᠵᠢᠮ ᠳᠡᠭᠡᠭᠦᠷ ᠴᠤᠪᠤᠷᠠᠨ ᠠᠯᠬᠤᠮ ᠠᠯᠬᠤᠮ ᠢ᠋ᠶ᠋ᠠᠷ ᠤᠷᠤᠭᠰᠢᠯᠠᠵᠤ ᠪᠣᠯᠭᠣᠮᠵᠢᠲᠠᠢ ᠶᠠᠪᠤᠨ᠎ᠠ᠃ ᠴᠥᠮ ᠢ᠋ᠶ᠋ᠡᠷ ᠢ᠋ᠶ᠋ᠡᠨ ᠯᠡ ᠭᠠᠵᠠᠷ ᠤ᠋ᠨ ᠰᠦᠷ ᠲᠦ᠍ ᠳᠠᠷᠤᠭᠳᠠᠨ ᠠᠮᠠᠨ ᠳ᠋ᠠᠭᠠᠨ ᠮᠠᠨᠢ᠂ ᠮᠡᠭᠵᠡᠮ ᠤᠩᠰᠢᠵᠠᠭᠠᠵᠤ ᠪᠠᠢᠯ᠎ᠠ᠃ ᠭᠣᠣᠯ ᠤᠷᠤᠭᠤ ᠬᠠᠷᠠᠬᠤ ᠬᠡᠷᠡᠭ ᠦᠭᠡᠢ ᠭᠡᠰᠡᠨ ᠶᠣᠰᠣᠭᠠᠷ ᠳᠣᠭᠣᠭᠰᠢ ᠪᠠᠨ ᠥᠩᠭᠡᠢᠬᠦ ᠶ᠋ᠢ ᠬᠡᠨ ᠴᠦ᠍ ᠪᠣᠳᠣᠬᠤ ᠦᠭᠡᠢ ᠪᠠᠢᠪᠠ᠃ ᠠᠴᠢᠶ᠎ᠠ ᠲᠠᠢ ᠮᠣᠷᠢ ᠳᠥᠩᠭᠡᠵᠢ ᠪᠠᠭᠲᠠᠵᠤ ᠪᠠᠢᠬᠤ ᠲᠤᠯᠠ ᠲᠡᠷᠡ ᠨᠠᠷᠢᠬᠠᠨ ᠬᠢᠩᠭ᠎ᠠ ᠳᠡᠭᠡᠷ᠎ᠡ ᠡᠴᠡ ᠬᠠᠯᠢᠨ ᠬᠡᠢᠰᠬᠦ ᠶ᠋ᠢᠨ ᠲᠤᠯᠠᠳᠠ ᠥᠴᠦᠬᠡᠨ ᠲᠡᠳᠦᠢ ᠡᠪ ᠦᠭᠡᠢ ᠬᠥᠳᠡᠯᠬᠦ ᠳ᠋ᠦ᠍ ᠯᠡ ᠬᠠᠩᠭᠠᠯᠲᠠᠲᠠᠢ ᠠᠵᠢ᠃ ᠬᠥᠮᠦᠨ ᠪᠦᠷᠢ ᠵᠢᠷᠦᠬᠡ ᠲᠦᠭᠰᠢᠵᠦ ᠪᠣᠯᠭᠣᠮᠵᠢᠯᠠᠵᠤ ᠪᠠᠢᠯ᠎ᠠ᠃ ᠭᠡᠲᠡᠯ᠎ᠡ ᠳᠤᠭᠰᠢᠪᠲᠤᠷ ᠵᠠᠩ ᠲᠠᠢ ᠮᠣᠷᠢ ᠤᠨᠤᠵᠤ ᠶᠠᠪᠤᠭᠰᠠᠨ ᠬᠠᠷᠠᠬᠦᠦ ᠭᠡᠨᠡᠳᠲᠡ ᠴᠢᠩᠭ᠎ᠠ ᠨᠠᠢᠲᠠᠭᠠᠯᠭᠠᠵᠤ ᠣᠷᠬᠢᠪᠠ᠃ ᠮᠣᠷᠢ ᠨᠢ ᠲᠡᠭᠦᠨ ᠡᠴᠡ ᠴᠣᠴᠢᠵᠤ ᠳᠡᠯᠳᠡᠰᠬᠢᠮᠡᠭᠴᠡ ᠥᠨᠳᠥᠷ ᠬᠠᠯᠢᠯ ᠤ᠋ᠨ ᠡᠩᠭᠡᠷ ᠡᠴᠡ ᠬᠡᠢᠰᠦᠨ ᠨᠢᠰᠴᠦ ᠨᠣᠭᠣᠭᠠᠷᠠᠨ ᠡᠷᠭᠢᠯᠳᠦᠬᠦ ᠭᠣᠣᠯ ᠳ᠋ᠤ᠌ ᠮᠣᠷᠢ ᠬᠥᠮᠦᠨ ᠬᠣᠶᠠᠷ ᠰᠠᠯᠵᠤ ᠫᠠᠯᠬᠢᠨ ᠤᠨᠠᠵᠤ ᠳᠠᠯᠳᠠ ᠣᠷᠣᠯ᠎ᠠ᠃ ᠳᠡᠷᠭᠡᠳᠡ ᠨᠢ ᠶᠠᠪᠤᠭᠰᠠᠨ ᠤᠳᠬᠤᠨ ᠬᠡᠦᠬᠡᠨ ᠠᠶᠤᠨ ᠴᠣᠴᠢᠵᠤ ᠤᠬᠤᠰᠬᠢᠬᠦ ᠳ᠋ᠦ᠍ ᠴᠤᠢᠮᠴᠤᠭ ᠭᠡᠯᠦᠩ ᠲᠡᠭᠦᠨ ᠦ᠌ ᠴᠤᠯᠪᠤᠭᠤᠷ ᠠ᠋ᠴᠠ ᠤᠭᠵᠠ ᠲᠡᠳᠡᠨ ᠵᠣᠭᠰᠣᠭᠠᠯ᠎ᠠ᠃ ᠣᠳᠬᠣᠨ ᠴᠤᠷᠬᠢᠷᠠᠨ ᠤᠬᠢᠯᠠᠵᠤ᠂ ᠨᠥᠬᠥᠷ ᠦ᠋ᠨ ᠢ᠋ᠶ᠋ᠡᠨ ᠬᠣᠢᠨ᠎ᠠ ᠠ᠋ᠴᠠ ᠲᠡᠮᠡᠦᠯᠬᠦ ᠳ᠋ᠦ᠍ ᠴᠤᠢᠮᠴᠤᠭ ᠭᠡᠯᠦᠩ ᠶᠡᠬᠡᠬᠡᠨ ᠲᠡᠪᠡᠳᠡᠵᠦ᠂
– ᠪᠡᠶ᠎ᠡ ᠪᠡᠨ ᠪᠡᠷᠢ! ᠪᠡᠶ᠎ᠡ ᠪᠡᠨ ᠪᠡᠷᠢ! ᠣᠳᠣ ᠨᠢᠭᠡᠨᠲᠡ ᠥᠩᠭᠡᠷᠡᠭᠰᠡᠨ᠃ ᠬᠣᠢᠨ᠎ᠠ ᠠ᠋ᠴᠠ ᠨᠢ ᠥᠴᠦᠬᠡᠨ ᠬᠥᠳᠡᠯᠪᠡᠯ ᠪᠠᠰᠠ ᠯᠠ ᠥᠩᠭᠡᠷᠡᠨ᠎ᠡ᠃ ᠥᠩᠭᠡᠷᠡᠭᠰᠡᠨ ᠢ᠋ ᠲᠡᠨᠳᠡ ᠨᠢ ᠣᠷᠬᠢᠵᠤ ᠂ ᠥᠪᠡᠷᠰᠡᠳ ᠢ᠋ ᠪᠡᠨ ᠪᠣᠳᠣᠶ᠎ᠠ! ᠭᠡᠵᠦ ᠬᠡᠦᠬᠡᠨ ᠢ᠋ ᠠᠷᠭᠠᠳᠠᠨ ᠴᠤᠯᠪᠤᠭᠤᠷ ᠠ᠋ᠴᠠ ᠨᠢ ᠬᠥᠲᠥᠯᠦᠨ ᠪᠣᠯᠭᠣᠮᠵᠢᠯᠠᠪᠠ᠃ ᠤᠳᠬᠤᠨ ᠨᠥᠬᠥᠷ ᠦ᠋ᠨ ᠬᠣᠢᠨ᠎ᠠ ᠠ᠋ᠴᠠ ᠳᠡᠭᠡᠯᠵᠡᠨ ᠮᠣᠷᠢᠨ ᠠ᠋ᠴᠠ ᠣᠢᠴᠢᠴᠢᠬᠠᠮᠠᠷ ᠪᠣᠯᠬᠤ ᠳ᠋ᠤ᠌ ᠴᠤᠢᠮᠴᠤᠭ ᠭᠡᠯᠦᠩ᠄
– ᠰᠡᠩᠵᠢ ᠡ᠂ ᠬᠦᠦ ᠮᠢᠨᠢ᠂ ᠲᠡᠷᠡ ᠨᠢᠭᠡ ᠲᠣᠬᠣᠢᠷᠠᠭᠰᠠᠨ ᠬᠣᠩᠭᠣᠷ ᠲᠤ᠌ ᠵᠣᠭᠰᠣᠭᠠᠳ ᠣᠷᠭᠢ᠃ ᠲᠡᠭᠡᠭᠡᠳ ᠡᠮᠡᠭᠡᠯ ᠦ᠋ᠨ ᠢ᠋ᠶ᠋ᠡᠨ ᠠᠷᠤᠪᠠᠷ ᠰᠠᠭᠤᠵᠤ᠂ ᠤᠷᠳᠤᠭᠤᠷ ᠢ᠋ᠶ᠋ᠠᠨ ᠡᠨᠡ ᠤᠳᠬᠤᠨ ᠢ᠋ ᠠᠪᠴᠤ ᠰᠤᠨᠳᠠᠯᠠᠳᠠᠭᠠᠳ ᠡᠨᠡ ᠳᠠᠪᠠᠭ᠎ᠠ ᠶ᠋ᠢ ᠳᠠᠪᠠᠶ᠎ᠠ᠃ ᠴᠢ ᠠᠷᠠᠢ ᠪᠡᠶ᠎ᠡ ᠬᠥᠩᠭᠡᠨ ᠲᠡᠢ ᠪᠠᠢᠬ᠎ᠠ᠃ ᠮᠣᠷᠢ ᠴᠢᠨᠢ ᠴᠦ᠍ ᠨᠣᠮᠣᠬᠠᠨ ᠶᠤᠮ᠃ ᠡᠰᠡ ᠲᠡᠭᠡᠪᠡᠯ ᠡᠨᠡ ᠬᠥᠭᠡᠷᠦᠬᠦᠢ ᠰᠦᠢᠳ ᠪᠣᠯᠵᠤ ᠮᠡᠳᠡᠨ᠎ᠡ᠃ ᠳᠠᠯᠠᠢᠭᠠᠴᠢ ᠶ᠋ᠢᠨ ᠬᠣᠢᠨ᠎ᠠ ᠠ᠋ᠴᠠ ᠲᠡᠮᠡᠦᠯᠦᠭᠡᠳ ᠪᠠᠢᠨ᠎ᠠ ᠭᠡᠪᠡ᠃ ᠰᠡᠩᠵᠢ ᠲᠡᠷᠡ ᠶᠣᠰᠣᠭᠠᠷ ᠡᠮᠡᠭᠡᠯ ᠦ᠋ᠨ ᠬᠣᠢᠭᠤᠷ ᠰᠠᠭᠤᠭᠠᠳ ᠬᠦᠯᠢᠶᠡᠵᠦ ᠪᠠᠢᠲᠠᠯ᠎ᠠ ᠴᠤᠢᠮᠴᠤᠭ ᠭᠡᠯᠦᠩ ᠤᠳᠬᠤᠨ ᠬᠡᠦᠬᠡᠨ ᠢ᠋ ᠡᠮᠡᠭᠡᠯ ᠳᠡᠭᠡᠷ᠎ᠡ ᠡᠴᠡ ᠨᠢ ᠲᠡᠪᠡᠷᠢᠨ ᠡᠷᠭᠦᠵᠦ ᠰᠡᠩᠵᠢ ᠶ᠋ᠢᠨ ᠤᠷᠢᠳᠤᠭᠤᠷ ᠰᠠᠭᠤᠯᠭᠠᠪᠠ ᠃
– ᠨᠠᠭᠠᠳᠤᠬᠢ ᠪᠠᠨ ᠰᠠᠢᠨ ᠲᠡᠪᠡᠷᠢᠭᠡᠳ ᠪᠣᠯᠭᠣᠮᠵᠢᠲᠠᠢ ᠶᠠᠪᠤᠭᠠᠷᠠᠢ᠃ ᠣᠢᠴᠢᠭᠤᠵᠠᠢ! ᠭᠡᠵᠦ ᠪᠠᠭᠰᠢ ᠨᠢ ᠲᠤᠰᠢᠶᠠᠯ᠎ᠠ᠃ ᠡᠬᠡᠷ ᠲᠡᠳᠡᠨ ᠤᠬᠢᠯᠠᠵᠤ᠂ ᠤᠬᠠᠭᠠᠨ ᠦᠭᠡᠢ ᠰᠢᠬᠠᠮ ᠶᠠᠪᠤᠭ᠎ᠠ ᠲᠡᠷᠡ ᠬᠡᠦᠬᠡᠨ ᠢ᠋ ᠰᠡᠩᠵᠢ ᠮᠣᠷᠢᠨ ᠳᠡᠭᠡᠷ᠎ᠡ ᠪᠡᠨ ᠰᠤᠨᠳᠠᠯᠠᠭᠠᠳ ᠪᠦᠰᠡᠯᠡᠬᠡᠢ ᠪᠡᠷ ᠨᠢ ᠲᠡᠪᠡᠷᠢᠵᠦ ᠳᠠᠪᠠᠭ᠎ᠠ ᠥᠭᠡᠳᠡ ᠮᠠᠴᠤᠭᠤᠯᠤᠯᠠ᠃ ᠳᠠᠯᠤ ᠮᠥᠷᠥ ᠨᠢ ᠴᠡᠴᠡᠷᠡᠨ᠂ ᠰᠦᠯᠵᠢᠮᠡᠯ ᠬᠠᠷ᠎ᠠ ᠦᠰᠦᠨ ᠡᠴᠡ ᠨᠢ ᠭᠦᠷᠭᠦᠮ ᠦ᠋ᠨ ᠦᠨᠦᠷ ᠬᠠᠩᠬᠤᠯᠵᠤ ᠪᠠᠢᠯ᠎ᠠ᠃ ᠬᠡᠦᠬᠡᠨ ᠲᠡᠪᠡᠷᠢᠭᠡᠳ ᠡᠢᠨ ᠬᠦ᠌ ᠶᠠᠪᠤᠵᠤ ᠪᠠᠢᠬᠤ ᠨᠢ ᠮᠠᠭᠤ ᠦᠭᠡᠢ ᠴᠦ᠍ ᠶᠦᠮ ᠰᠢᠭ ᠲᠡᠭᠦᠨ ᠳ᠋ᠦ᠍ ᠪᠣᠳᠣᠭᠳᠠᠪᠠ᠃ ᠨᠢᠭᠦᠯ ᠪᠠᠢᠭ᠎ᠠ ᠳᠠ᠃
