ᠣᠷᠣᠢ ᠦᠭᠡᠢ ᠰᠦᠮ᠎ᠡ – ᠬᠣᠶᠠᠷ ᠂ ᠡᠷᠢᠯ ᠳᠦ ᠭᠠᠷᠤᠭᠰᠠᠨ ᠮᠥᠷᠭᠥᠯᠴᠢᠳ Оройгүй сүм – Хоёр ᠂ Эрэлд гарсан мөргөлчид - Oroigui sum 2 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠬᠣᠶᠠᠷ ᠂ ᠡᠷᠢᠯ ᠳᠦ ᠭᠠᠷᠤᠭᠰᠠᠨ ᠮᠥᠷᠭᠥᠯᠴᠢᠳ Оройгүй сүм – Хоёр ᠂ Эрэлд гарсан мөргөлчид - Oroigui sum 2

ᠣᠷᠣᠢ ᠦᠭᠡᠢ ᠰᠦᠮ᠎ᠡ – ᠬᠣᠶᠠᠷ ᠂ ᠡᠷᠢᠯ ᠳᠦ ᠭᠠᠷᠤᠭᠰᠠᠨ ᠮᠥᠷᠭᠥᠯᠴᠢᠳ Оройгүй сүм – Хоёр ᠂ Эрэлд гарсан мөргөлчид - Oroigui sum 2

ᠠᠩᠭᠢᠯᠠᠯ:ᠲᠤᠭᠤᠵᠢ ᠷᠣᠮᠠᠨ
2023-07-14

1347

ᠬᠣᠶᠠᠷ ᠂ ᠡᠷᠢᠯ ᠳᠦ ᠭᠠᠷᠤᠭᠰᠠᠨ ᠮᠥᠷᠭᠥᠯᠴᠢᠳ


                 ᠲᠩᠷᠢ ᠪᠠᠭᠠᠨ᠎ᠠ ᠦᠭᠡᠢ ᠨᠢᠭᠡ ᠳᠤᠲᠠᠭᠤ  
                 ᠠᠭᠤᠯᠠ ᠪᠦᠰᠡᠯᠡᠭᠦᠷ ᠦᠭᠡᠢ ᠨᠢᠭᠡ ᠳᠤᠲᠠᠭᠤ 
                 ᠳᠠᠯᠠᠢ ᠪᠦᠯᠢᠭᠦᠷ ᠦᠭᠡᠢ ᠨᠢᠭᠡ ᠳᠤᠲᠠᠭᠤ  

       ᠠᠯᠤᠰ ᠲᠤ᠌ ᠰᠦᠷᠯᠢᠭ ᠥᠨᠳᠥᠷ ᠠᠭᠤᠯᠠᠰ ᠬᠥᠬᠡᠮᠳᠦᠭ ᠮᠠᠨᠠᠨ ᠳᠤᠮᠳᠠ ᠠ᠋ᠴᠠ ᠰᠦᠨᠳᠡᠷᠯᠡᠨ ᠱᠣᠪᠣᠯᠵᠠᠵᠤ ᠬᠠᠷᠠᠭᠳᠠᠯ᠎ᠠ᠃ ᠶᠡᠬᠡ ᠵᠠᠮ ᠳᠠᠭᠠᠭᠰᠠᠨ ᠮᠥᠷᠭᠥᠯᠴᠢᠳ ᠦ᠋ᠨ ᠤᠷᠲᠤ ᠴᠤᠪᠤᠭᠠᠨ ᠤ᠋ ᠮᠠᠩᠨᠠᠢ ᠶ᠋ᠢᠨ ᠲᠡᠮᠡᠭᠡ ᠶ᠋ᠢ ᠬᠥᠲᠥᠯᠵᠦ ᠶᠠᠪᠤᠭᠰᠠᠨ ᠪᠠᠷᠤᠭᠠᠷ ᠴᠢᠷᠠᠢ ᠲᠠᠢ ᠬᠥᠮᠦᠨ ᠵᠣᠭ ᠲᠣᠰᠴᠤ ᠡᠷᠭᠢᠨ ᠬᠠᠷᠠᠭᠰᠠᠨ ᠢ᠋ᠶ᠋ᠠᠨ᠄ 
      – ᠠᠯᠠᠱᠠᠨ ᠶᠠᠮᠤᠨ ᠬᠠᠷᠠᠭᠳᠠᠵᠤ ᠪᠠᠢᠨ᠎ᠠ᠃ ᠶᠠᠭᠤᠮ᠎ᠠ ᠪᠠᠨ ᠴᠡᠭᠴᠡᠲᠡᠢ ᠶᠠᠪᠤᠵᠠᠭ᠎ᠠ! ᠭᠡᠵᠦ ᠬᠡᠯᠡᠪᠡ᠃ ᠮᠥᠷᠭᠥᠯᠴᠢᠳ ᠴᠥᠮ ᠢ᠋ᠶ᠋ᠡᠷ ᠢ᠋ᠶ᠋ᠡᠨ ᠠᠮᠠ ᠠᠮᠠᠨ ᠳ᠋ᠠᠭᠠᠨ ᠪᠤᠪᠲᠤᠨᠠᠨ ᠱᠤᠤᠭᠢᠯᠳᠤᠵᠤ ᠲᠤᠷᠯᠢᠶᠠᠬ᠎ᠠ ᠶ᠋ᠢᠨ ᠰᠦᠷᠦᠭ ᠴᠣᠴᠢᠨ ᠨᠢᠰᠬᠦ ᠳ᠋ᠡᠭᠡᠨ ᠭᠤᠸᠠᠭᠯᠠᠯᠳᠤᠬᠤ ᠶ᠋ᠢᠨ ᠠᠳᠠᠯᠢ ᠪᠥᠭᠡᠮ ᠱᠤᠤᠭᠢᠶᠠᠨ ᠪᠣᠯᠤᠯ᠎ᠠ᠃  
       ᠱᠤᠤᠭᠢᠯᠳᠤᠨ ᠰᠣᠨᠢᠭᠤᠴᠢᠯᠠᠵᠤ ᠪᠠᠢᠬᠤ ᠶ᠋ᠢ ᠨᠢ ᠬᠠᠷᠠᠭᠠᠴᠢ᠃ ᠶᠡᠷᠦ ᠶᠡᠬᠡᠩᠬᠢ ᠨᠢ ᠠᠩᠬ᠎ᠠ ᠤᠳᠠᠭ᠎ᠠ ᠯᠠ ᠡᠨᠡ ᠵᠠᠮ ᠳ᠋ᠤ᠌  ᠭᠠᠷᠤᠭᠰᠠᠨ ᠤᠯᠤᠰ ᠪᠣᠯᠤᠯᠲᠠᠢ ᠭᠡᠵᠦ ᠴᠤᠢᠮᠴᠤᠭ ᠭᠡᠯᠦᠩ ᠱᠠᠪᠢ ᠳ᠋ᠠᠭᠠᠨ ᠬᠡᠯᠡᠪᠡ᠃ 
       ᠨᠠᠳᠠ ᠰᠢᠭ᠋ ᠦᠦ? ᠭᠡᠵᠦ ᠰᠡᠩᠵᠢ ᠭᠡᠰᠦᠯ ᠠᠰᠠᠭᠤᠬᠤ ᠳ᠋ᠤ᠌ ᠴᠤᠢᠮᠴᠤᠭ ᠲᠣᠯᠣᠭᠠᠢ ᠳᠣᠬᠢᠭᠰᠠᠨ ᠢ᠋ᠶ᠋ᠠᠨ᠂  
      –  ᠪᠢ ᠴᠢᠮ᠎ᠠ ᠳ᠋ᠤ᠌ ᠵᠠᠮ ᠵᠠᠭᠤᠷ᠎ᠠ ᠶ᠋ᠢᠨ ᠪᠦᠬᠦᠢᠯᠡ ᠰᠣᠨᠢᠨ ᠢ᠋ ᠶᠠᠷᠢᠵᠤ ᠥᠭᠭᠦᠨ᠎ᠡ᠃ ᠬᠠᠷᠢᠨ ᠮᠢᠨᠦ ᠳᠤᠲᠠᠭᠤ ᠣᠷᠬᠢᠬᠤ ᠶᠤᠮ ᠤᠤ᠂ ᠠᠵᠢᠭᠯᠠᠭ᠎ᠠ ᠦᠭᠡᠢ ᠵᠦᠢᠯ ᠭᠠᠷᠪᠠᠯ ᠠᠰᠠᠭᠤᠵᠤ ᠠᠪᠴᠤ ᠪᠠᠢᠭᠠᠷᠠᠢ᠃ ᠨᠠᠳᠠ ᠳᠠᠬᠢᠭᠠᠳ ᠴᠢᠮ᠎ᠠ ᠳ᠋ᠤ᠌ ᠲᠡᠭᠡᠵᠦ ᠶᠠᠷᠢᠵᠤ ᠥᠭᠬᠦ ᠪᠣᠯᠤᠮᠵᠢ ᠪᠠᠢᠬᠤ ᠦᠭᠡᠢ ᠪᠣᠯᠤᠨ᠎ᠠ ᠰᠢᠦ ᠭᠡᠵᠦ ᠬᠡᠯᠡᠪᠡ᠃ ᠲᠡᠷᠡ ᠰᠡᠵᠢᠭ ᠲᠡᠢ ᠦᠭᠡᠨ ᠳ᠋ᠦ᠍ ᠰᠡᠩᠵᠢ ᠴᠣᠴᠢᠷᠲᠠᠯ᠎ᠠ᠃ 
       ᠶᠠᠭᠠᠬᠢᠭᠠᠳ ᠪᠣᠯᠤᠮᠵᠢ ᠦᠭᠡᠢ ᠭᠡᠵᠦ? ᠪᠢᠳᠡ ᠴᠢᠨᠢ ᠬᠠᠮᠲᠤ  ᠪᠤᠴᠠᠬᠤ ᠪᠢᠵᠡ ᠳᠡ? ᠭᠡᠵᠦ ᠰᠡᠩᠵᠢ ᠭᠡᠰᠦᠯ ᠭᠠᠢᠬᠠᠨ ᠠᠰᠠᠭᠤᠵᠠᠢ ᠃ ᠪᠠᠭᠰᠢ ᠨᠢ ᠲᠡᠷᠡ ᠠᠰᠠᠭᠤᠯᠲᠠ ᠶ᠋ᠢ ᠰᠣᠨᠣᠰᠤᠭᠠᠳ ᠴᠢᠷᠠᠢ ᠨᠢ ᠦᠯᠦ ᠮᠡᠳᠡᠭ ᠬᠤᠪᠢᠰᠬᠢᠭᠰᠡᠨ ᠢ᠋ᠶ᠋ᠡᠨ ᠪᠡᠶ᠎ᠡ ᠪᠡᠨ ᠪᠠᠷᠢᠵᠤ᠂ 
       ᠶᠠᠭᠠᠬᠢᠬᠤ ᠪᠣᠢ᠃ ᠬᠣᠷᠸ᠎ᠠ ᠶ᠋ᠢᠨ ᠠᠮᠢᠳᠤᠷᠠᠯ ᠡᠷᠢᠶᠡᠨ ᠲᠡᠢ ᠪᠠᠷᠠᠭᠠᠨ ᠲᠠᠢ᠃ ᠬᠣᠵᠢᠮ ᠤ᠋ᠨ ᠶᠠᠪᠤᠳᠠᠯ ᠢ᠋ ᠳᠠᠭᠠᠬᠤ ᠳ᠋ᠤ᠌ ᠪᠡᠷᠬᠡ᠃ ᠪᠠᠭᠰᠢ ᠨᠢ ᠴᠢᠮ᠎ᠠ   ᠰᠢᠭ᠋ ᠵᠠᠯᠠᠭᠤ ᠰᠠᠨ ᠪᠣᠯ ᠭᠡᠵᠦ ᠬᠡᠯᠡᠭᠡᠳ ᠰᠠᠨᠠᠭ᠎ᠠ ᠠᠯᠳᠠᠭᠰᠠᠨ ᠢ᠋ᠶ᠋ᠠᠨ᠂ 
       ᠵᠠ ᠵᠠ᠂ ᠬᠡᠷᠡᠭ ᠲᠦ᠍ ᠳᠤᠷᠠᠲᠠᠢ ᠭᠡᠳᠡᠭ ᠨᠢ ! ᠣᠳᠣ ᠮᠥᠳᠳᠥᠬᠡᠨ ᠠᠯᠠᠱᠠᠨ ᠶᠠᠮᠤᠨ ᠳ᠋ᠤ᠌ ᠪᠠᠭᠤᠨ᠎ᠠ᠂ ᠡᠷᠭᠦᠯ᠂ ᠪᠠᠷᠢᠴᠠ᠂ ᠭᠠᠢᠯᠢ ᠲᠥᠯᠥᠭᠡᠰᠦ ᠪᠠᠨ ᠯᠠ ᠪᠣᠳᠣ ᠭᠡᠪᠡ᠃  
      ᠰᠡᠩᠵᠢ ᠭᠡᠰᠦᠯ ᠪᠠᠭᠰᠢ ᠶ᠋ᠢᠨ ᠢ᠋ᠶ᠋ᠡᠨ ᠦᠭᠡᠨ ᠳ᠋ᠦ᠍ ᠰᠡᠵᠢᠭ ᠲᠥᠷᠥᠭᠰᠡᠨ ᠪᠣᠯᠪᠠᠴᠤ ᠠᠶᠠᠨ ᠤ᠋ ᠵᠠᠮ ᠤ᠋ᠨ ᠦᠵᠦᠭᠦᠷ ᠲᠦ᠍ ᠠᠯᠠᠱᠠ ᠶ᠋ᠢᠨ ᠰᠦᠷᠯᠢᠭ ᠠᠭᠤᠯᠠᠰ ᠤ᠋ᠨ ᠡᠩᠭᠡᠷ ᠲᠦᠰᠢᠭᠰᠡᠨ ᠤᠷᠤᠭ ᠰᠠᠷᠠᠯ ᠬᠣᠲᠠ ᠶ᠋ᠢᠨ ᠪᠠᠷ᠎ᠠ ᠶ᠋ᠢ ᠬᠠᠷᠠᠭᠠᠳ ᠲᠡᠷᠡ ᠵᠦᠭ ᠠᠩᠬᠠᠷᠤᠯ ᠢ᠋ᠶ᠋ᠠᠨ ᠴᠢᠭᠯᠡᠭᠦᠯᠪᠡ᠃ 
      ᠮᠥᠷᠭᠥᠯᠴᠢᠳ ᠦ᠋ᠨ ᠡᠨᠡ ᠤᠷᠲᠤ ᠴᠤᠪᠤᠭ᠎ᠠ ᠬᠠᠯᠬ᠎ᠠ ᠶ᠋ᠢᠨ ᠵᠠᠰᠠᠭᠲᠤ ᠬᠠᠭᠠᠨ ᠤ᠋ ᠨᠤᠲᠤᠭ ᠠ᠋ᠴᠠ ᠭᠠᠷᠤᠭᠰᠠᠭᠠᠷ ᠬᠣᠶᠠᠷ ᠰᠠᠷ᠎ᠠ ᠭᠠᠷᠤᠢ ᠶᠠᠪᠤᠵᠤ ᠪᠠᠢᠭ᠎ᠠ ᠠᠵᠢ᠃ ᠭᠡᠯᠦᠩ ᠴᠤᠢᠮᠴᠤᠭ ᠱᠠᠪᠢ ᠰᠡᠩᠵᠢ ᠪᠡᠨ ᠳᠠᠭᠠᠭᠤᠯᠤᠨ ᠪᠠᠰᠠ ᠪᠤᠰᠤ ᠬᠡᠳᠦᠨ ᠮᠥᠷᠭᠥᠯᠴᠢᠨ ᠦ᠌ ᠬᠠᠮᠲᠤ ᠨᠢᠭᠡᠨ ᠭᠠᠯ ᠪᠣᠯᠵᠤ ᠪᠤᠶᠠᠨᠵᠠᠯᠪᠠᠷᠢᠬᠤ ᠬᠡᠢᠳ ᠡᠴᠡ ᠭᠠᠷᠤᠭᠠᠳ ᠴᠣᠨᠵᠢ ᠶ᠋ᠢᠨ ᠵᠠᠮ ᠳ᠋ᠤ᠌ ᠡᠨᠡᠬᠦ ᠤᠷᠲᠤ ᠴᠤᠪᠤᠭ᠎ᠠ ᠲᠠᠢ ᠨᠢᠭᠡᠳᠦᠨ ᠨᠡᠢᠯᠡᠭᠰᠡᠨ ᠠᠵᠢ᠃ ᠬᠡᠳᠦ ᠶ᠋ᠢᠨ ᠬᠡᠷᠡᠭ ᠵᠣᠷᠢᠭ ᠨᠢ ᠭᠡᠪᠡᠯ ᠱᠠᠰᠢᠨ ᠤ᠋ ᠠᠷᠢᠭᠤᠨ ᠳᠡᠭᠡᠳᠦ ᠣᠷᠣᠨ ᡀᠠᠰᠠ ᠵᠣᠣ ᠣᠷᠣᠵᠤ ᠡᠷᠭᠦᠯ᠂ ᠮᠥᠷᠭᠥᠯ ᠦ᠋ᠨ ᠶᠠᠪᠤᠳᠠᠯ ᠢ᠋ᠶ᠋ᠠᠨ ᠬᠢᠵᠡᠭᠡᠬᠦ ᠶ᠋ᠢ ᠬᠦᠰᠡᠭᠰᠡᠨ ᠤᠯᠤᠰ ᠶᠤᠮ᠃  ᠭᠡᠰᠦᠯ ᠰᠡᠩᠵᠢ ᠪᠣᠯ ᠪᠤᠷᠬᠠᠨ ᠤ᠋ ᠨᠣᠮ ᠭᠦᠨᠵᠡᠭᠡᠢᠷᠡᠭᠦᠯᠦᠨ ᠦᠵᠡᠬᠦ ᠱᠠᠰᠢᠨ ᠤ᠋ ᠰᠤᠷᠭᠠᠭᠤᠯᠢ ᠳ᠋ᠤ᠌ ᠣᠷᠣᠬᠤ ᠪᠠᠷ ᡀᠠᠰᠠ  ᠵᠣᠣ ᠶ᠋ᠢ ᠵᠣᠷᠢᠵᠠᠢ᠃ 
       ᠴᠣᠪᠣᠭᠣ ᠰᠡᠷᠭᠦᠯᠡᠩ᠂ ᠤᠬᠠᠭᠠᠨ ᠲᠤᠩᠭᠠᠯᠠᠭ᠂ ᠠᠭᠠᠰᠢ ᠡᠶᠡᠯᠳᠡᠭ᠂ ᠰᠠᠨᠠᠭ᠎ᠠ ᠠᠷᠢᠭᠤᠨ᠂ ᠵᠢᠷᠤᠭ ᠲᠠᠪᠢᠯᠠᠩ ᠪᠤᠶᠠᠨ ᠲᠠᠢ᠂ ᠵᠢᠰᠦ ᠴᠢᠷᠠᠢ ᠨᠠᠮᠪᠠᠯᠢᠭ ᠲᠤᠯᠠ ᠡᠨᠡ ᠬᠥᠪᠡᠭᠦᠨ ᠢ᠋ ᡀᠠᠰᠠ ᠵᠣᠣ ᠳ᠋ᠤ᠌ ᠶᠠᠪᠤᠭᠤᠯᠵᠤ ᠨᠣᠮ ᠳ᠋ᠤ᠌ ᠮᠡᠷᠭᠡᠨ ᠪᠣᠯᠭᠠᠪᠠᠯ ᠱᠠᠰᠢᠨ ᠲᠥᠷᠥ ᠳ᠋ᠦ᠍ ᠬᠡᠷᠡᠭ ᠲᠡᠢ ᠪᠢᠵᠡ᠃ ᠡᠴᠢᠭᠡ ᠰᠠᠢᠨᠴᠣᠭᠲᠣ ᠴᠢ ᠶᠠᠭᠤ ᠭᠡᠵᠦ ᠪᠣᠳᠣᠨ᠎ᠠ ᠪᠢᠯᠡ? ᠭᠡᠮᠡᠨ ᠨᠢᠭᠡᠨ ᠡᠳᠦᠷ ᠪᠤᠶᠠᠨᠵᠠᠯᠪᠠᠷᠢᠬᠤ ᠬᠡᠢᠳ ᠦ᠋ᠨ  ᠬᠠᠮᠪᠤ ᠯᠠᠮᠠ ᠰᠡᠩᠵᠢ  ᠭᠡᠰᠦᠯ ᠢ᠋  ᠰᠠᠢᠨᠴᠣᠭᠲᠣ ᠡᠴᠢᠭᠡ ᠲᠡᠢ ᠨᠢ  ᠨᠢᠭᠤᠷᠳᠤᠭᠤᠯᠤᠨ ᠠᠰᠠᠭᠤᠵᠠᠢ᠃ ᠡᠴᠢᠭᠡ ᠨᠢ ᠦᠨᠡᠮᠰᠢᠬᠦ ᠪᠡᠷ ᠦᠭᠡᠢ ᠶᠡᠬᠡ ᠪᠡᠷ ᠪᠠᠶᠠᠷᠯᠠᠨ ᠰᠡᠳᠬᠢᠯ ᠳᠣᠭᠳᠣᠯᠵᠤ ᠬᠡᠯᠡᠬᠦ ᠦᠭᠡ ᠪᠡᠨ ᠣᠯᠵᠤ ᠶᠠᠳᠠᠨ᠂ ᠠᠮᠢᠰᠬᠤᠭᠠᠳᠠᠵᠤ᠄ 
       ᠯᠠᠮᠠ ᠭᠤᠷᠪᠠᠨ ᠡᠷᠳᠡᠨᠢ ᠮᠢᠨᠢ! ᠯᠠᠮᠠ ᠭᠤᠷᠪᠠᠨ... ᠭᠡᠵᠦ ᠪᠠᠢᠭᠰᠠᠨ ᠢ᠋ ᠰᠡᠩᠵᠢ ᠭᠡᠰᠦᠯ ᠣᠳᠣ ᠴᠤ᠌ ᠰᠡᠳᠬᠢᠯ ᠳ᠋ᠡᠭᠡᠨ ᠲᠣᠳᠣ ᠰᠠᠨᠠᠵᠤ᠂ ᠨᠢᠳᠦᠨ ᠳ᠋ᠡᠭᠡᠨ ᠬᠥᠭᠡᠷᠦᠬᠦᠢ ᠡᠴᠢᠭᠡ ᠶ᠋ᠢᠨ ᠢ᠋ᠶ᠋ᠡᠨ ᠪᠠᠶᠠᠷᠯᠠᠭᠰᠠᠨ ᠴᠢᠷᠠᠢ ᠶ᠋ᠢ ᠬᠠᠷᠠᠬᠤ ᠰᠢᠭ᠋ ᠪᠣᠯᠵᠤ ᠪᠠᠢᠯ᠎ᠠ᠃ 
       ᠡᠴᠢᠭᠡ  ᠰᠠᠢᠨᠴᠣᠭᠲᠣ ᠴᠢ ᠭᠠᠭᠴᠠ ᠬᠦᠦ ᠪᠡᠨ ᠪᠤᠷᠬᠠᠨ ᠤ᠋ ᠱᠠᠪᠢ ᠨᠠᠷ ᠤ᠋ᠨ ᠲᠣᠭᠠᠨ ᠳ᠋ᠤ᠌ ᠣᠷᠣᠭᠤᠯᠵᠤ᠂ ᡀᠠᠰᠠ ᠶ᠋ᠢᠨ ᠣᠷᠣᠨ ᠳ᠋ᠤ᠌ ᠢᠯᠡᠭᠡᠬᠦ ᠳ᠋ᠦ᠍ ᠴᠠᠭᠠᠷᠭᠤᠯᠠᠬᠤ ᠦᠭᠡᠢ ᠶᠦᠮ ᠰᠢᠭ ᠪᠣᠢ ᠳᠠ? ᠭᠡᠵᠦ ᠬᠠᠮᠪᠤ ᠶᠢ ᠳᠠᠬᠢᠨ ᠯᠠᠪᠯᠠᠬᠤ ᠳ᠋ᠤ᠌᠄ 
       ᠯᠠᠮᠠ ᠭᠤᠷᠪᠠᠨ ᠡᠷᠳᠡᠨᠢ ᠮᠢᠨᠢ ! ᠭᠠᠭᠴᠠ ᠬᠦᠦ ᠮᠢᠨᠢ ᠠᠷᠢᠭᠤᠨ ᠱᠠᠰᠢᠨ ᠤ᠋ ᠦᠢᠯᠡ ᠳ᠋ᠦ᠍ ᠬᠡᠷᠡᠭ ᠪᠣᠯᠪᠠᠯ ᠡᠴᠢᠭᠡ ᠮᠢᠨᠦ ᠡᠨᠡ ᠶᠠᠪᠤᠭ᠎ᠠ ᠨᠠᠰᠤ  ᠪᠤᠯᠤᠳ ᠡᠮᠦᠨ᠎ᠡ᠂ ᠬᠣᠢᠨ᠎ᠠ ᠶ᠋ᠢᠨ ᠬᠤᠪᠢ ᠲᠠᠪᠢᠯᠠᠩ ᠤ᠋ᠨ ᠪᠦᠬᠦᠢ ᠯᠡ ᠬᠡᠷᠡᠭ  ᠪᠦᠲᠦᠨ᠎ᠡ᠃ ᠲᠩᠷᠢ ᠬᠦᠷᠲᠡᠯ᠎ᠡ ᠪᠠᠭᠠᠨ᠎ᠠ ᠪᠠᠷ ᠳᠤᠲᠠᠳᠠᠭ ᠶᠤᠮ᠃ ᠥᠷᠥᠰᠢᠶᠡᠵᠦ ᠰᠣᠶᠣᠷᠬ᠎ᠠ! ᠭᠡᠵᠦ ᠡᠴᠢᠭᠡ ᠨᠢ ᠬᠠᠮᠪᠤ ᠶ᠋ᠢᠨ ᠡᠮᠦᠨ᠎ᠡ ᠡᠪᠦᠳᠦᠭ ᠰᠥᠬᠥᠷᠡᠨ ᠭᠠᠵᠠᠷ ᠬᠦᠷᠲᠡᠯ᠎ᠡ  ᠪᠥᠬᠥᠢᠰᠬᠢᠨ ᠨᠠᠮᠠᠨᠴᠢᠯᠠᠨ ᠵᠠᠯᠪᠠᠷᠢᠵᠠᠢ᠃ 
      ᠢᠩᠭᠢᠵᠦ ᠰᠡᠩᠵᠢ ᠭᠡᠰᠦᠯ ᠦ᠋ᠨ ᠬᠤᠪᠢ ᠵᠠᠶᠠᠭᠠᠨ ᠳ᠋ᠤ᠌ ᠰᠢᠨ᠎ᠡ ᠵᠠᠮ ᠡᠬᠢᠯᠡᠵᠡᠢ᠃ ᠣᠳᠣ ᠲᠡᠷᠡ ᠵᠠᠮ ᠢ᠋ᠶ᠋ᠠᠷ ᠬᠣᠶᠠᠳᠠᠬᠢ ᠰᠠᠷ᠎ᠠ ᠳ᠋ᠠᠭᠠᠨ ᠶᠠᠪᠤᠵᠤ ᠪᠠᠢᠨ᠎ᠠ᠃  ᠭᠡᠰᠦᠯ ᠦ᠋ᠨ ᠤᠬᠠᠭᠠᠨ ᠰᠡᠷᠭᠦᠯᠡᠩ᠂ ᠠᠪᠢᠶᠠᠰᠯᠢᠭ ᠢ᠋ ᠪᠤᠶᠠᠨᠵᠠᠯᠪᠠᠷᠢᠬᠤ ᠬᠡᠢᠳ ᠦ᠋ᠨ ᠯᠠᠮᠠ ᠨᠠᠷ ᠠᠵᠢᠵᠤ ᠮᠡᠳᠡᠭᠡᠳ ᠲᠥᠪᠡᠳ ᠲᠦ᠍ ᠰᠠᠭᠤᠯᠭᠠᠵᠤ ᠨᠣᠮ ᠦᠵᠡᠭᠦᠯᠵᠦ ᠥᠪᠡᠷᠰᠡᠳ ᠦ᠋ᠨ ᠬᠠᠯᠠᠭ᠎ᠠ ᠶ᠋ᠢ ᠪᠡᠯᠡᠳᠬᠡᠬᠦ ᠪᠡᠷ ᠰᠢᠢᠳᠦᠭᠰᠡᠨ ᠨᠢ ᠡᠢᠮᠦ ᠳ᠋ᠦ᠍ ᠬᠦᠷᠭᠡᠵᠡᠢ᠃  ᠭᠡᠰᠦᠯ ᠰᠡᠩᠵᠢ ᠶ᠋ᠢ ᠪᠠᠭᠰᠢ ᠭᠡᠯᠦᠩ ᠴᠤᠢᠮᠴᠤᠭ ᠲᠤᠨᠢ ᠳᠠᠭᠠᠭᠤᠯᠵᠤ᠂ ᡀᠠᠰᠠ ᠬᠣᠲᠠ ᠳ᠋ᠤ᠌ ᠬᠦᠷᠭᠡᠭᠦᠯᠵᠦ᠂ ᠱᠠᠰᠢᠨ ᠤ᠋ ᠰᠤᠷᠭᠠᠭᠤᠯᠢ ᠳ᠋ᠤ᠌ ᠣᠷᠣᠭᠤᠯᠬᠤ ᠪᠠᠷ ᠪᠣᠯᠤᠭᠰᠠᠨ ᠠᠵᠢ᠃ ᠨᠥᠭᠦᠭᠡᠲᠡᠶᠢᠭᠦᠷ ᠴᠤᠢᠮᠴᠤᠭ ᠭᠡᠯᠦᠩ ᠴᠦ᠍ ᠪᠠᠰᠠ ᡀᠠᠰᠠ ᠤᠷᠤᠬᠤ ᠲᠤᠰᠬᠠᠢ ᠵᠣᠷᠢᠯᠭ᠎ᠠ ᠲᠠᠢ ᠪᠠᠢᠯ᠎ᠠ᠃ 
      ᠠᠯᠠᠱᠠ ᠶ᠋ᠢᠨ ᠰᠦᠷᠯᠢᠭ ᠠᠭᠤᠯᠠᠨ ᠠ᠋ᠴᠠ ᠪᠠᠭᠤᠭᠰᠠᠨ ᠲᠦᠷᠭᠡᠨ ᠤᠷᠤᠰᠬᠠᠯᠲᠤ ᠭᠣᠣᠯ ᠤ᠋ᠨ ᠬᠥᠪᠡᠭᠡᠨ ᠳᠡᠭᠡᠷ᠎ᠡ ᠠᠯᠠᠱᠠᠨ ᠶᠠᠮᠤᠨ ᠭᠡᠳᠡᠭ ᠭᠠᠢᠯᠢ ᠶ᠋ᠢᠨ ᠬᠣᠲᠠ ᠪᠠᠢᠷᠢᠯᠠᠵᠠᠢ᠃ ᠠᠷᠪᠠᠨ ᠳᠡᠯᠢᠮ ᠥᠨᠳᠥᠷ᠂ ᠵᠤᠵᠠᠭᠠᠨ ᠠ᠋ᠴᠠ ᠵᠤᠵᠠᠭᠠᠨ ᠰᠢᠪᠠᠷ ᠬᠡᠷᠡᠮ ᠦ᠋ᠨ ᠴᠠᠭᠠᠨ᠎ᠠ ᠰᠦᠮ᠎ᠡ ᠳᠤᠭᠠᠩ᠂ ᠤᠷᠲᠤ ᠬᠠᠷᠰᠢ᠂ ᠮᠤᠬᠤᠯᠠᠭ ᠳᠡᠯᠭᠡᠭᠦᠷ ᠦ᠋ᠳ ᠪᠠᠢᠷᠢᠯᠠᠵᠠᠢ᠃ ᠬᠡᠷᠡᠮ ᠡᠴᠡ ᠳᠣᠲᠣᠭᠰᠢ ᠮᠥᠷᠭᠥᠯᠴᠢᠨ᠂ ᠶᠠᠳᠠᠭᠤᠰ ᠡᠩ ᠦ᠋ᠨ ᠢᠷᠭᠡᠳ ᠦ᠋ᠨ ᠨᠠᠪᠲᠠᠭᠠᠷ ᠰᠢᠪᠡᠷ ᠲᠠᠭᠠᠵᠠ᠂  ᠵᠠᠢᠵᠠᠭ ᠮᠤᠷᠤᠢ  ᠬᠠᠰᠢᠶ᠎ᠠ ᠨᠤᠭᠤᠳ ᠨᠠᠪᠰᠠᠢᠲᠠᠯ᠎ᠠ ᠰᠢᠪᠠᠭᠠᠷᠠᠯᠳᠤᠭᠰᠠᠨ  ᠪᠤ᠌ᠷᠤᠴᠤᠤᠯ ᠤ᠋ᠨ ᠬᠤᠷᠤᠭᠠᠯᠠᠯ ᠪᠠᠢᠨ᠎ᠠ᠃ ᠠᠨᠳᠤᠤ᠂ ᠲᠥᠪᠡᠳ ᠦ᠋ᠨ ᠣᠷᠣᠨ᠎ᠠ ᠬᠦᠷᠬᠦ ᠵᠠᠮ ᠤ᠋ᠨ ᠬᠠᠮᠤᠭ ᠤ᠋ᠨ ᠬᠥᠯ ᠲᠡᠢ ᠬᠣᠲᠠ ᠶ᠋ᠢᠨ ᠨᠢᠭᠡᠨ ᠪᠣᠯᠬᠤ ᠲᠤᠯᠠ ᠠᠯᠠᠱᠠᠨ ᠶᠠᠮᠤᠨ ᠳ᠋ᠤ᠌ ᠮᠣᠩᠭᠣᠯᠴᠤᠳ ᠪᠠᠭᠤᠵᠤ ᠲᠠᠲᠠᠪᠤᠷᠢ ᠲᠥᠯᠥᠵᠦ᠂ ᠬᠣᠭᠣᠯᠠ ᠬᠦᠨᠡᠰᠦ ᠰᠡᠯᠪᠢᠵᠦ᠂  ᠨᠠᠢ᠍ᠮᠠᠭ᠎ᠠ ᠬᠢᠳᠡᠭ ᠵᠠᠩᠰᠢᠯ ᠲᠠᠢ ᠪᠣᠯᠠᠢ᠃ ᠤᠴᠢᠷ ᠨᠢ ᠠᠯᠠᠱᠠ ᠶ᠋ᠢᠨ ᠣᠷᠣᠰᠢᠨ ᠰᠠᠭᠤᠭᠴᠢᠳ ᠶᠡᠬᠡᠩᠬᠢ ᠳ᠋ᠡᠭᠡᠨ ᠥᠭᠡᠯᠡᠳ ᠦ᠋ᠳ ᠶᠦᠮ᠃ ᠥᠭᠡᠯᠡᠳ ᠦ᠋ᠨ ᠬᠣᠰᠢᠭᠤ ᠶ᠋ᠢ ᠲᠡᠨᠳᠡ ᠠᠩᠬ᠎ᠠ ᠴᠢᠨ ᠸᠠᠩ ᠯᠤᠪᠰᠠᠩᠳᠣᠷᠵᠢ ᠭᠡᠭᠴᠢ ᠬᠥᠮᠦᠨ ᠵᠠᠭᠤ ᠭᠠᠷᠤᠢ ᠵᠢᠯ ᠦ᠋ᠨ ᠡᠮᠦᠨ᠎ᠡ ᠪᠠᠢᠭᠤᠯᠤᠨ ᠵᠠᠬᠢᠷᠴᠠᠢ᠃  ᠴᠢᠩ ᠤᠯᠤᠰ ᠤ᠋ᠨ ᠬᠠᠭᠠᠨ ᠤ᠋  ᠭᠦᠩᠵᠦ ᠲᠡᠢ ᠰᠠᠭᠤᠵᠤ᠂ ᠬᠦᠷᠭᠡᠨ ᠨᠢ ᠪᠣᠯᠤᠭᠰᠠᠨ ᠤ᠋ ᠤᠴᠢᠷ  ᠬᠣᠱᠣᠢ ᠵᠠᠬᠢᠷᠬᠤ ᠴᠢᠨ ᠸᠠᠩ ᠤ᠋ᠨ ᠵᠡᠷᠭᠡ  ᠬᠦᠷᠲᠡᠵᠡᠢ᠃ ᠲᠡᠭᠦᠨ ᠡᠴᠡ ᠬᠣᠢᠰᠢ ᠠᠯᠠᠱᠠ ᠶ᠋ᠢᠨ ᠥᠭᠡᠯᠡᠳ ᠨᠣᠶᠠᠳ ᠡᠵᠡᠨ ᠬᠠᠭᠠᠨ ᠤ᠋ ᠬᠠᠭᠤᠷᠮᠠᠴᠢ ᠬᠦᠷᠭᠡᠨ ᠪᠣᠯᠵᠤ᠂ ᠠᠪᠤᠭᠰᠠᠨ ᠡᠬᠡᠨᠡᠷ ᠪᠣᠯᠭᠠᠨ ᠢ᠋ ᠪᠡᠨ ᠬᠠᠭᠠᠨ ᠤ᠋ ᠡᠷᠭᠦᠮᠡᠯ ᠥᠬᠢᠨ ᠭᠡᠵᠦ ᠵᠠᠷᠯᠠᠳᠠᠭ ᠤᠯᠠᠮᠵᠢᠯᠠᠯ ᠲᠣᠭᠲᠠᠵᠠᠢ᠃ 
       ᠮᠢᠨᠦ ᠲᠠᠨᠢᠬᠤ ᠨᠢᠭᠡ ᠥᠭᠡᠯᠡᠳ ᠠᠢᠯ ᠡᠨᠳᠡ ᠪᠣᠢ᠃ ᠬᠣᠶᠠᠭᠤᠯᠠ ᠪᠠᠨ ᠲᠡᠳᠡᠨ ᠦ᠌ ᠬᠠᠰᠢᠶᠠᠨ ᠳ᠋ᠤ᠌ ᠬᠣᠨᠣᠨ᠎ᠠ᠃ ᠲᠡᠭᠡᠭᠡᠳ ᠮᠠᠷᠭᠠᠰᠢ ᠴᠠᠰᠢ ᠶᠠᠪᠤᠨ᠎ᠠ ᠭᠡᠵᠦ ᠴᠤᠢᠮᠴᠤᠭ ᠭᠡᠯᠦᠩ ᠱᠠᠪᠢ ᠳ᠋ᠠᠭᠠᠨ ᠬᠡᠯᠡᠬᠦ ᠳ᠋ᠦ᠍ ᠰᠡᠩᠵᠢ ᠳᠠᠭᠤ ᠦᠭᠡᠢ ᠲᠣᠯᠣᠭᠠᠢ ᠳᠣᠬᠢᠪᠠ᠃ ᠪᠠᠭᠰᠢ ᠶ᠋ᠢᠨ ᠢ᠋ᠶ᠋ᠡᠨ ᠦᠭᠡᠨ ᠳ᠋ᠦ᠍ ᠢᠲᠡᠭᠡᠵᠦ ᠪᠠᠢᠯ᠎ᠠ᠃ ᠤᠴᠢᠷ ᠨᠢ ᠴᠤᠢᠮᠴᠤᠭ ᠭᠡᠯᠦᠩ ᠪᠠᠭ᠎ᠠ ᠵᠠᠯᠠᠭᠤ ᠠ᠋ᠴᠠ ᠪᠠᠨ ᠲᠥᠪᠡᠳ ᠲᠦ᠍ ᠣᠯᠠᠨ ᠳᠠᠬᠢᠨ ᠠᠶᠠᠯᠠᠵᠤ ᠶᠠᠪᠤᠭᠰᠠᠨ ᠬᠥᠮᠦᠨ ᠲᠤᠯᠠ ᠵᠠᠮ  ᠪᠤᠯᠤᠳ ᠬᠥᠮᠦᠨ ᠲᠠᠨᠢᠬᠤ ᠳ᠋ᠠᠭᠠᠨ ᠰᠠᠢᠨ ᠠᠵᠠᠢ᠃  ᠴᠤᠢᠮᠴᠤᠭ ᠭᠡᠯᠦᠩ ᠱᠠᠪᠢ ᠳ᠋ᠠᠭᠠᠨ ᠵᠠᠮ ᠵᠠᠭᠤᠷ᠎ᠠ ᠲᠣᠬᠢᠶᠠᠯᠳᠤᠬᠤ ᠰᠣᠨᠢᠨ ᠬᠠᠴᠢᠨ ᠶᠠᠭᠤᠮ᠎ᠠ ᠪᠣᠯᠭᠠᠨ ᠢ᠋ ᠡᠷᠡᠦ ᠬᠠᠮᠬᠢᠯ ᠦᠭᠡᠢ ᠶᠠᠷᠢᠵᠤ ᠥᠭᠳᠡᠭ ᠶᠣᠰᠣᠭᠠᠷ ᠢ᠋ᠶ᠋ᠠᠨ᠃ 
       ᠡᠨᠡ ᠠᠯᠠᠱᠠ ᠶᠠᠮᠤᠨ ᠳ᠋ᠤ᠌ ᠰᠠᠷᠯᠤᠭ ᠤ᠋ᠨ ᠬᠢᠯᠭᠠᠰᠤ ᠪᠠᠷ ᠥᠷᠮᠥᠭ ᠲᠠᠭᠠᠷ ᠨᠡᠬᠡᠳᠡᠭ ᠶᠦᠮ᠃ ᠥᠷᠮᠥᠭ ᠢ᠋ᠶ᠋ᠡᠷ ᠱᠤᠤᠳᠠᠢ᠂ ᠭᠥᠯᠢᠮ ᠬᠢᠳᠡᠭ ᠪᠣᠯᠬᠣᠷ ᠮᠣᠩᠭᠣᠯ ᠬᠥᠮᠦᠨ ᠠᠪᠬᠤ ᠳᠤᠷᠠᠲᠠᠢ ᠪᠠᠢᠳᠠᠭ᠃ ᠪᠠᠰᠠ ᠵᠠᠬ᠎ᠠ ᠳᠡᠭᠡᠷ᠎ᠡ ᠨᠢ ᠰᠠᠢᠬᠠᠨ ᠬᠡᠪᠢᠰ ᠡᠯᠪᠡᠭ ᠵᠠᠷᠤᠳᠠᠭ᠃ ᠡᠨᠡ ᠠᠯᠠᠱᠠ ᠶ᠋ᠢᠨ ᠠᠭᠤᠯᠠ ᠶ᠋ᠢᠨ ᠨᠠᠭᠠᠳᠤ ᠪᠠᠯ ᠳ᠋ᠤ᠌ ᠬᠠᠳᠤᠨ ᠭᠣᠣᠯ ᠤ᠋ᠨ ᠬᠥᠪᠡᠭᠡᠨ ᠳ᠋ᠦ᠍ ᠪᠠᠢᠳᠠᠭ ᠢᠷᠭᠠᠢ ᠬᠣᠲᠠ ᠠ᠋ᠴᠠ ᠬᠡᠪᠢᠰᠴᠢᠨ ᠨᠦ᠍ᠭᠦᠳ ᠢᠷᠡᠵᠦ ᠡᠨᠳᠡ ᠫᠠᠨᠽᠠ ᠬᠢᠳᠡᠭ᠃  ᠶᠠᠭᠠᠬᠢᠭ᠎ᠠ ᠪᠣᠢ᠂ ᠮᠠᠨ ᠤ᠋ ᠪᠤᠶᠠᠨᠵᠠᠯᠪᠠᠷᠢᠬᠤ ᠬᠡᠢᠳ ᠦ᠋ᠨ ᠴᠣᠭᠴᠢᠨ ᠳᠤᠭᠠᠩ ᠤ᠋ᠨ ᠪᠠᠭᠠᠨ᠎ᠠ ᠶ᠋ᠢ ᠣᠷᠢᠶᠠᠵᠤ ᠪᠦᠷᠢᠭᠰᠡᠨ ᠬᠡᠪᠢᠰ ᠴᠢᠨᠢ ᠡᠨᠡ ᠢᠷᠭᠠᠢ ᠬᠣᠲᠠ ᠳ᠋ᠤ᠌ ᠵᠠᠬᠢᠵᠤ ᠬᠢᠯᠭᠡᠭᠰᠡᠨ ᠶᠦᠮ ᠰᠢᠦ ᠭᠡᠵᠦ ᠭᠡᠯᠦᠩ   ᠴᠤᠢᠮᠴᠤᠭ ᠰᠣᠨᠢᠨ ᠪᠣᠯᠭᠠᠨ ᠱᠠᠪᠢ ᠳ᠋ᠠᠭᠠᠨ ᠶᠠᠷᠢᠪᠠ᠃ ᠨᠡᠭᠡᠷᠡᠨ ᠴᠦ᠍ ᠶᠠᠷᠢᠵᠤ ᠥᠭᠭᠦᠭᠡ ᠦᠭᠡᠢ ᠪᠣᠯ ᠮᠡᠳᠡᠬᠦ ᠪᠡᠷ ᠦᠭᠡᠢ ᠵᠦᠢᠯ᠃ 
      ᠪᠤᠶᠠᠨᠵᠠᠯᠪᠠᠷᠢᠬᠤ ᠬᠡᠢᠳ ᠦ᠋ᠨ ᠴᠣᠭᠴᠢᠨ ᠳᠤᠭᠠᠩ ᠤ᠋ᠨ ᠭᠣᠣᠯ ᠳᠥᠷᠪᠡᠨ ᠪᠠᠭᠠᠨ᠎ᠠ ᠶ᠋ᠢ ᠡᠷᠢᠶᠡᠨ ᠬᠡᠪᠢᠰ ᠢ᠋ᠶ᠋ᠡᠷ ᠣᠷᠢᠶᠠᠭᠰᠠᠨ ᠢ᠋ ᠪᠠᠨᠳᠢ ᠪᠠᠢᠬᠤ ᠴᠠᠭ ᠠ᠋ᠴᠠ ᠰᠡᠩᠵᠢ ᠶᠡᠬᠡ ᠯᠡ ᠭᠠᠢᠬᠠᠵᠤ ᠭᠠᠷ ᠢ᠋ᠶ᠋ᠠᠷ ᠢ᠋ᠶ᠋ᠠᠨ ᠢᠯᠢᠵᠦ ᠦᠵᠡᠳᠡᠭ ᠰᠠᠨ᠃ ᠨᠢᠭᠡ ᠤᠳᠠᠭ᠎ᠠ ᠲᠡᠢᠨ ᠬᠦ᠌ ᠰᠣᠨᠢᠭᠤᠴᠢᠯᠠᠵᠤ ᠪᠠᠢᠭᠠᠳ ᠴᠣᠷᠵᠢ ᠯᠠᠮᠠ ᠳ᠋ᠤ᠌ ᠴᠢᠬᠢ ᠪᠡᠨ ᠮᠤᠰᠬᠢᠭᠤᠯᠤᠭᠰᠠᠨ ᠢ᠋ᠶ᠋ᠠᠨ ᠰᠠᠨᠠᠯ᠎ᠠ᠃ 
       ᠠᠯᠠᠱᠠ ᠶ᠋ᠢᠨ ᠠᠭᠤᠯᠠ ᠰᠦᠷ ᠲᠠᠷᠤᠭᠳᠠᠮᠠᠷ ᠭᠤᠷᠪᠠᠨ ᠥᠨᠳᠥᠷ ᠣᠷᠭᠢᠯ ᠲᠠᠢ᠃ ᠲᠡᠷᠡ ᠤᠷᠤᠭᠰᠢ ᠪᠠᠨ ᠬᠠᠷᠠᠭᠳᠠᠵᠤ ᠪᠠᠢᠭ᠎ᠠ ᠶ᠋ᠢ ᠪᠠᠶᠠᠨᠰᠦᠮᠪᠦᠷ ᠠᠭᠤᠯᠠ ᠭᠡᠳᠡᠭ ᠶᠦᠮ᠃ ᠲᠡᠭᠦᠨ ᠦ᠌ ᠪᠠᠷᠠᠭᠤᠨ ᠰᠤᠭᠤᠨ ᠳ᠋ᠤ᠌ ᠪᠠᠷᠠᠭᠤᠨ ᠬᠡᠢᠳ ᠭᠡᠵᠦ ᠠᠯᠳᠠᠷ ᠲᠠᠢ ᠭᠠᠵᠠᠷ ᠪᠣᠢ ᠭᠡᠮᠡᠨ ᠭᠡᠯᠦᠩ ᠴᠤᠢᠮᠴᠤᠭ ᠲᠠᠢᠯᠪᠤᠷᠢᠯᠠᠬᠤ ᠳ᠋ᠤ᠌ ᠰᠡᠩᠵᠢ ᠭᠡᠰᠦᠯ ᠭᠠᠢᠬᠠᠵᠤ᠄ 
       ᠡᠨᠳᠡᠬᠢ ᠶ᠋ᠢᠨ ᠴᠢᠨᠢ ᠠᠭᠤᠯᠠ ᠤᠰᠤ ᠶᠡᠬᠡᠩᠬᠢ ᠳ᠋ᠡᠭᠡᠨ ᠮᠣᠩᠭᠣᠯ ᠨᠡᠷ᠎ᠡ ᠲᠡᠢ ᠶᠦᠮ ᠭᠡᠵᠦ ᠦᠦ? ᠭᠡᠬᠦ ᠳ᠋ᠦ᠍᠂ 
      – ᠲᠡᠭᠡᠯᠭᠦᠢ ᠶᠠᠭᠠᠬᠢᠬᠤ ᠪᠣᠢ᠂ ᠮᠠᠨ ᠤ᠋ ᠥᠭᠡᠯᠡᠳ ᠦ᠋ᠳ ᠦ᠋ᠨ ᠯᠡ ᠨᠤᠲᠤᠭ ᠶᠤᠮ᠃ ᠳᠡᠭᠡᠷ᠎ᠡ ᠴᠠᠭ ᠲᠤ᠌ ᠡᠨᠳᠡ ᠬᠢᠲᠠᠳ ᠬᠥᠮᠦᠨ ᠶᠡᠬᠡ ᠬᠣᠪᠣᠷ ᠪᠠᠢᠭᠰᠠᠨ᠃ ᠬᠠᠷᠢᠨ ᠣᠳᠣ ᠯᠠ ᠣᠯᠠᠰᠢᠷᠠᠭᠠᠳ ᠪᠠᠢᠭ᠎ᠠ ᠰᠠᠨᠠᠭᠳᠠᠬᠤ ᠶᠤᠮ᠃ ᠬᠢᠲᠠᠳ ᠤ᠋ᠳ ᠴᠤ᠌ ᠪᠠᠰᠠ ᠡᠨᠳᠡᠬᠢ ᠶ᠋ᠢᠨ ᠵᠠᠷᠢᠮ ᠠᠭᠤᠯᠠ ᠤᠰᠤ ᠶ᠋ᠢ ᠥᠪᠡᠷ ᠦ᠋ᠨ ᠬᠢ ᠪᠡᠷ ᠢ᠋ᠶ᠋ᠡᠨ ᠨᠡᠷᠡᠯᠡᠭᠡᠳ ᠪᠠᠢᠳᠠᠭ᠃ ᠡᠨᠡ ᠠᠯᠠᠱᠠ ᠶᠠᠮᠤᠨ ᠢ᠋ ᠬᠢᠲᠠᠳ ᠤ᠋ᠳ  ᠳ᠋ᠸᠡᠭ ᠶᠠᠩ ᠹᠦ ᠭᠡᠳ ᠯᠡ ᠪᠠᠢᠳᠠᠭ ᠶᠤᠮ᠃ ᠢᠷᠭᠠᠢ ᠬᠣᠲᠠ ᠶ᠋ᠢ ᠴᠦ᠍ ᠭᠡᠰᠡᠨ  ᠨᠢᠩ ᠰᠢ ᠹᠦ ᠭᠡᠳᠡᠭ ᠯᠡ ᠳᠡ᠃ ᠮᠣᠩᠭᠣᠯ ᠨᠡᠷ᠎ᠡ ᠪᠠᠢᠬᠤ ᠳ᠋ᠤ᠌ ᠲᠡᠷᠡ ᠨᠢᠭᠡ ᠹᠦ  ᠮᠦ᠍ ᠭᠡᠳ ᠯᠡ ᠱᠤᠯᠤᠭᠠᠨᠠᠭᠠᠳ ᠶᠠᠭᠤ ᠶ᠋ᠢ ᠪᠡᠨ ᠬᠢᠨ᠎ᠡ ᠭᠡᠵᠦ  ᠴᠤᠢᠮᠴᠤᠭ ᠭᠡᠯᠦᠩ  ᠳᠤᠷ᠎ᠠ  ᠦᠭᠡᠢᠴᠡᠭᠰᠡᠨ ᠢ᠋ᠶ᠋ᠡᠨ᠄ 
       ᠪᠠᠷᠠᠭᠤᠨ ᠬᠡᠢᠳ ᠦ᠋ᠨ ᠲᠤᠬᠠᠢ ᠪᠢ ᠶᠠᠷᠢᠵᠤ ᠪᠠᠢᠭᠰᠠᠨ ᠳᠠ᠃ ᠲᠡᠨᠳᠡ ᠶᠡᠬᠡ ᠨᠠᠨᠳᠢᠨ ᠰᠢᠲᠦᠭᠡᠨ ᠪᠣᠢ᠃ ᠵᠢᠷᠭᠤᠳᠤᠭᠠᠷ ᠳᠠᠯᠠᠢ ᠯᠠᠮᠠ ᠽᠠᠩᠳᠠᠨᠵᠠᠮᠰᠦ ᠶ᠋ᠢᠨ ᠪᠤᠷᠬᠠᠨ ᠪᠠᠢᠳᠠᠭ᠃ ᠵᠠ ᠴᠢ ᠪᠢᠳᠡ ᠬᠣᠶᠠᠷ ᠲᠡᠭᠦᠪᠡᠷ ᠵᠠᠪᠠᠯ ᠣᠴᠢᠵᠤ ᠠᠳᠢᠰ ᠠᠪᠬᠤ ᠶᠤᠮ ᠰᠢᠦ ᠭᠡᠵᠦ ᠶᠠᠷᠢᠪᠠ᠃ 
      ᠮᠣᠩᠭᠣᠯ ᠨᠤᠲᠤᠭ ᠠ᠋ᠴᠠ ᠭᠠᠷᠤᠭᠰᠠᠨ ᠮᠥᠷᠭᠥᠯᠴᠢᠳ ᠶᠡᠬᠡᠪᠴᠢᠯᠡᠨ ᠡᠨᠡ ᠬᠦ᠌ ᠠᠯᠠᠱᠠᠨ ᠶᠠᠮᠤᠨ ᠭᠡᠵᠦ ᠲᠡᠳᠡᠨ ᠦ᠌ ᠳᠤᠮᠳᠠ ᠠᠯᠳᠠᠷᠰᠢᠭᠰᠠᠨ ᠬᠣᠲᠠ ᠳ᠋ᠤ᠌ ᠵᠠᠮ ᠤ᠋ᠨ ᠬᠦᠵᠦᠭᠦᠦ ᠨᠡᠢᠯᠡᠵᠦ᠂ ᠡᠨᠳᠡ ᠡᠴᠡ ᠴᠠᠰᠢ ᠬᠠᠮᠲᠤᠷᠠᠬᠤ ᠶᠤᠮ ᠤᠤ ᠡᠰᠡᠪᠡᠯ ᠬᠠᠨᠢ  ᠪᠠᠷ᠎ᠠ ᠳ᠋ᠠᠭᠠᠨ ᠶᠠᠪᠤᠵᠠᠭᠠᠵᠤ ᠵᠠᠩᠰᠢᠵᠠᠢ᠃ ᠵᠠᠮ ᠲᠤᠰᠤᠭᠰᠠᠨ ᠲᠥᠪᠡᠳ᠂ ᠬᠢᠲᠠᠳ ᠲᠦᠮᠡᠨ ᠬᠡᠯᠡ ᠶ᠋ᠢᠨ ᠠᠮᠢᠲᠠᠳ ᠠᠯᠤᠰ ᠪᠠᠷᠠᠭᠤᠨ ᠬᠣᠢᠨ᠎ᠠ ᠠ᠋ᠴᠠ ᠮᠥᠷᠭᠥᠯ ᠦ᠋ᠨ ᠮᠥᠷ ᠬᠥᠭᠡᠭᠡᠵᠦ ᠢᠷᠡᠳᠡᠭ ᠮᠣᠩᠭᠣᠯᠴᠤᠳ ᠢ᠋ ᠣᠯᠠᠨ ᠠᠷᠪᠠᠨ ᠵᠢᠯ ᠦ᠋ᠨ ᠲᠤᠷᠰᠢ ᠠᠵᠢᠭᠯᠠᠨ ᠳᠡᠩᠳᠡᠵᠦ ᠨᠠᠷᠢᠨ ᠰᠤᠳᠤᠯᠵᠠᠢ᠃  ᠲᠡᠢᠨ ᠬᠦ᠌ ᠲᠠᠯ᠎ᠠ ᠪᠦᠷᠢ ᠡᠴᠡ ᠨᠢ ᠬᠠᠪᠰᠤ ᠤᠷᠤᠭᠤᠨ ᠲᠤᠨᠤᠭᠰᠠᠭᠠᠷ  ᡀᠠᠰᠠ ᠣᠷᠣᠲᠠᠯ᠎ᠠ ᠵᠠᠮ ᠳ᠋ᠠᠭᠠᠨ ᠮᠣᠩᠭᠣᠯᠴᠤᠳ ᠪᠠᠷᠤᠭ ᠯᠠ ᠨᠢᠴᠦᠭᠦᠷᠡᠭᠡᠳ ᠣᠴᠢᠳᠠᠭ  ᠪᠠᠢᠵᠠᠢ᠃ 
       ᠬᠥᠮᠦᠨ ᠪᠦᠷᠢ ᠡᠴᠡ ᠵᠠᠭᠤ ᠶᠤᠮ ᠤᠤ ᠬᠣᠶᠠᠷ ᠵᠠᠭᠤᠨ ᠴᠣᠬᠣ ᠵᠣᠭᠣᠰ ᠭᠠᠢᠯᠢ ᠶ᠋ᠢᠨ ᠲᠦᠷᠢᠶᠡᠰᠦᠨ ᠳ᠋ᠦ᠍ ᠠᠪᠴᠤ ᠪᠠᠢᠵᠤ ᠯᠠ ᠡᠨᠡ ᠠᠯᠠᠱᠠᠨ ᠶᠠᠮᠤᠨ ᠤ᠋ ᠭᠠᠷ ᠠ᠋ᠴᠠ ᠮᠤᠯᠲᠤᠷᠠᠨ᠎ᠠ ᠰᠢᠦ ᠳᠡ᠂  ᠭᠡᠰᠦᠯ ᠮᠢᠨᠢ! ᠭᠡᠵᠦ ᠪᠠᠭᠰᠢ ᠨᠢ ᠠᠮᠠᠨ ᠳ᠋ᠠᠭᠠᠨ ᠪᠤᠪᠲᠤᠨᠠᠭᠠᠳ ᠵᠣᠭᠣᠰ ᠲᠠᠢ ᠬᠠᠭᠤᠷᠴᠠᠭ ᠢ᠋ᠶ᠋ᠠᠨ ᠲᠡᠮᠲᠡᠷᠢᠵᠦ ᠦᠵᠡᠪᠡ᠃ ᠰᠡᠩᠵᠢ ᠭᠡᠰᠦᠯ ᠭᠠᠢᠬᠠᠵᠤ᠄ 
       ᠭᠠᠭᠴᠠᠬᠠᠨ ᠬᠣᠲᠠ ᠳ᠋ᠤ᠌ ᠲᠡᠢᠮᠦ ᠶᠡᠬᠡ ᠮᠥᠩᠭᠥ ᠲᠥᠯᠥᠬᠦ ᠬᠡᠷᠡᠭ ᠦᠦ? ᠭᠡᠪᠡ᠃  ᠴᠤᠢᠮᠴᠤᠭ  ᠭᠡᠰᠦᠯ  ᠬᠥᠬᠡ ᠪᠡᠷ ᠢᠨᠢᠶᠡᠮᠰᠦᠭᠯᠡᠭᠡᠳ ᠨᠠᠮᠬᠠᠨ ᠳᠠᠭᠤᠤ ᠪᠠᠷ᠄ 
       ᠲᠡᠷᠡ ᠶᠠᠭᠤ ᠴᠤ᠌ ᠪᠢᠰᠢ᠃ ᠬᠠᠮᠤᠭ ᠤ᠋ᠨ ᠠᠮᠠᠷᠬᠠᠨ ᠠᠷᠭ᠎ᠠ ᠪᠠᠷ ᠣᠯᠠᠨ ᠤ ᠨᠢᠳᠦᠨ ᠳᠡᠭᠡᠷ᠎ᠡ ᠳᠡᠭᠡᠷᠡᠮᠳᠡᠭᠦᠯᠵᠦ ᠪᠠᠢᠭ᠎ᠠ ᠨᠢ ᠲᠡᠷᠡ᠃  ᠴᠠᠰᠢᠯᠠᠬᠤ ᠲᠣᠰᠤᠮ ᠶᠠᠭᠤ ᠪᠣᠯᠤᠨ᠎ᠠ ᠭᠡᠭᠡᠴᠢ ? ᠶᠡᠷᠦ ᠨᠢ ᠲᠠᠩᠭᠤᠳ ᠤ᠋ᠳ ᠶᠡᠬᠡ ᠲᠠᠩᠬᠠᠢ᠂ ᠳᠡᠭᠡᠷᠡᠮᠴᠢᠨ ᠤᠯᠤᠰ ᠰᠢᠦ᠃ ᠮᠡᠳᠡᠭᠡ ᠲᠡᠢ ᠶᠠᠪᠤᠬᠤ ᠤᠴᠢᠷᠲᠠᠢ᠃ ᠥᠨᠥ ᠰᠥᠨᠢ ᠠᠯᠠᠱᠠᠨ ᠬᠣᠲᠠ ᠳ᠋ᠤ᠌ ᠵᠠᠪᠠᠯ ᠠᠢᠯ ᠤ᠋ᠨ ᠬᠠᠰᠢᠶ᠎ᠠ ᠪᠠᠷᠠᠭᠠᠳᠠᠵᠤ ᠬᠣᠨᠣᠬᠤ ᠦᠭᠡᠢ ᠪᠣᠯ ᠬᠣᠶᠠᠷ ᠵᠠᠭᠤᠨ ᠵᠣᠭᠣᠰ ᠪᠠᠢᠲᠤᠭᠠᠢ ᠬᠣᠶᠠᠷ ᠭᠤᠲᠤᠯ ᠦᠭᠡᠢ ᠴᠦ᠍ ᠪᠣᠯᠵᠤ ᠮᠡᠳᠡᠨ᠎ᠡ᠃ ᠠᠪᠤᠭᠠᠳ ᠴᠠᠳᠳᠠᠭ ᠦᠭᠡᠢ ᠤᠯᠤᠰ᠃  ᠠᠭᠤᠯᠠ ᠪᠦᠰᠡᠯᠡᠭᠦᠷ ᠦᠭᠡᠢ ᠨᠢᠭᠡ ᠳᠤᠲᠠᠭᠤ ᠭᠡᠳᠡᠭ ᠶᠦᠮ᠃ ᠤᠤᠯ ᠨᠢ ᠪᠢ ᠴᠢᠮ᠎ᠠ ᠳ᠋ᠤ᠌ ᠡᠢᠮᠦ ᠮᠠᠭᠤ ᠶᠠᠭᠤᠮ᠎ᠠ ᠶᠠᠷᠢᠬᠤ ᠶᠣᠰᠣ ᠦᠭᠡᠢ᠃ ᠭᠡᠬᠦ ᠳ᠋ᠡᠭᠡᠨ ᠠᠶᠠᠨ ᠵᠠᠮ ᠤ᠋ᠨ ᠰᠠᠢᠨ ᠮᠠᠭᠤ ᠠᠯᠢᠨ ᠴᠤ᠌ ᠴᠢᠮ᠎ᠠ ᠳ᠋ᠤ᠌ ᠪᠠᠭᠰᠢ ᠪᠣᠯᠤᠨ᠎ᠠ ᠭᠡᠵᠦ ᠪᠢ ᠪᠣᠳᠣᠭᠠᠳ ᠶᠠᠷᠢᠵᠤ ᠪᠠᠢᠨ᠎ᠠ᠃  ᠬᠥᠮᠦᠨ ᠳ᠋ᠦ᠍ ᠬᠡᠯᠡᠵᠦ ᠪᠣᠯᠳᠠᠭ ᠦᠭᠡᠢ ᠶᠦᠮ ᠰᠢᠦ ᠳᠡ ᠭᠡᠪᠡ᠃ 
      ᠮᠥᠷᠭᠥᠯᠴᠢᠳ ᠦ᠋ᠨ ᠴᠤᠪᠤᠭ᠎ᠠ ᠶᠡᠬᠡ ᠤᠷᠲᠤ᠂ ᠪᠠᠰᠠ ᠲᠡᠭᠡᠭᠡᠳ ᠠᠯᠠᠭ ᠡᠷᠢᠶᠡᠨ ᠪᠠᠢᠯ᠎ᠠ᠃ ᠪᠤᠷᠬᠠᠨ ᠤ᠋ ᠣᠷᠣᠨ ᠦᠵᠡᠬᠦ ᠭᠡᠰᠡᠨ ᠰᠣᠨᠢᠭᠤᠴᠢ ᠨᠣᠶᠠᠳ᠂ ᠬᠠᠲᠤᠳ ᠠ᠋ᠴᠠ ᠡᠬᠢᠯᠡᠭᠡᠳ ᠱᠠᠰᠢᠨ ᠤ᠋ ᠮᠢᠨᠳᠠᠭ ᠴᠣᠯᠠ ᠡᠷᠢᠯᠬᠢᠯᠡᠭᠰᠡᠨ ᠯᠠᠮᠠ ᠨᠠᠷ ᠢ᠋ ᠬᠦᠷᠲᠡᠯ᠎ᠡ ᠨᠢᠭᠦᠯ ᠢ᠋ᠶ᠋ᠡᠨ ᠨᠠᠮᠠᠨᠴᠢᠯᠠᠵᠤ᠂ ᠬᠢᠯᠢᠨᠴᠡ ᠪᠡᠨ ᠨᠢᠮᠭᠡᠯᠡᠬᠦ ᠭᠡᠰᠡᠨ ᠡᠯᠳᠡᠪ ᠶᠠᠪᠤᠳᠠᠯᠲᠠᠨ ᠠ᠋ᠴᠠ ᠡᠬᠢᠯᠡᠭᠡᠳ ᠬᠣᠯᠠ ᠶᠠᠪᠤᠵᠤ᠂ ᠶᠠᠭᠤᠮ᠎ᠠ ᠦᠵᠡᠵᠦ᠂ ᠨᠢᠳᠦ ᠲᠠᠢᠯᠬᠤ ᠭᠡᠰᠡᠨ ᠪᠠᠳᠢᠷᠴᠢᠨ᠂  ᠱᠠᠪᠢᠷᠢᠶᠠᠴᠢᠨ ᠨᠤᠭᠤᠳ᠂ ᠠᠶᠠᠨ ᠤ᠋ ᠬᠢᠨ ᠢ᠋ ᠳᠠᠭᠠᠵᠤ ᠭᠡᠳᠡᠰᠦ ᠪᠡᠨ ᠲᠡᠵᠢᠭᠡᠭᠴᠢ ᠶᠠᠳᠠᠭᠤ  ᠭᠤᠶᠤᠯᠭᠠᠴᠢᠨ ᠤ᠋ᠳ᠂ ᠪᠤᠰᠤᠳ ᠲᠤ᠌ ᠵᠠᠷᠤᠭᠳᠠᠨ ᠶᠠᠪᠤᠭᠴᠢ ᠪᠠᠷᠯᠤᠭ ᠤ᠋ᠳ᠂ ᠮᠥᠷᠭᠥᠯᠴᠢᠨ ᠦ᠌ ᠳᠦᠷᠢ ᠪᠡᠷ ᠬᠤᠪᠴᠠᠰᠤᠯᠠᠭᠰᠠᠨ ᠬᠤᠯᠠᠭᠠᠢᠴᠢ ᠳᠡᠭᠡᠷᠡᠮᠴᠢᠨ ᠬᠦᠷᠲᠡᠯ᠎ᠡ ᠲᠡᠷᠡ ᠴᠤᠪᠤᠭᠠᠨ ᠳ᠋ᠤ᠌ ᠨᠢᠭᠡᠳᠦᠨ ᠨᠡᠢᠯᠡᠵᠡᠢ᠃  
      ᠭᠡᠯᠦᠩ  ᠴᠤᠢᠮᠴᠤᠭ ᠤ᠋ᠨ ᠪᠠᠭ ᠵᠢᠷᠭᠤᠭᠠᠨ ᠬᠥᠮᠦᠨ ᠡᠴᠡ  ᠪᠦᠷᠢᠯᠳᠦᠵᠦ ᠪᠠᠢᠯ᠎ᠠ᠃  ᠴᠤᠢᠮᠴᠤᠭ ᠥᠪᠡᠷ ᠢ᠋ᠶ᠋ᠡᠨ ᠲᠠᠪᠢ ᠭᠠᠷᠤᠢ ᠨᠠᠰᠤᠨ ᠤ᠋ ᠪᠣᠯᠪᠠᠴᠤ ᠬᠥᠩᠭᠡᠨ ᠱᠠᠯᠠᠮᠠᠭ ᠬᠥᠮᠦᠨ᠂ ᠴᠣᠬᠣᠮ ᠶᠠᠮᠠᠷ ᠬᠡᠷᠡᠭ ᠢ᠋ᠶ᠋ᠡᠷ ᠶᠠᠪᠤᠳᠠᠭ ᠢ᠋ᠶ᠋ᠠᠨ ᠬᠡᠨ ᠳ᠋ᠦ᠍ ᠴᠦ᠍ ᠬᠡᠯᠡᠭᠡ ᠦᠭᠡᠢ᠃ ᠬᠥᠮᠦᠰ ᠪᠣᠳᠣᠬᠤ ᠳ᠋ᠠᠭᠠᠨ ᠭᠡᠯᠦᠩ ᠰᠡᠩᠵᠢ ᠵᠢ ᡀᠠᠰᠠ ᠵᠣᠣ ᠣᠷᠣᠭᠤᠯᠵᠤ ᠨᠣᠮ ᠡᠷᠳᠡᠮ ᠦ᠋ᠨ ᠮᠥᠷ ᠬᠥᠭᠡᠭᠡᠯᠭᠡᠬᠦ ᠪᠡᠷ ᠶᠠᠪᠤᠭ᠎ᠠ ᠭᠡᠵᠦ ᠦᠵᠡᠭᠰᠡᠨ᠃ ᠭᠣᠣᠯ ᠬᠡᠷᠡᠭ ᠵᠣᠷᠢᠭ ᠨᠢ ᠦᠨᠡᠬᠡᠷ ᠴᠦ᠍ ᠲᠡᠢᠮᠦ ᠪᠣᠯᠤᠯᠲᠠᠢ᠃  ᠭᠡᠰᠦᠯ ᠰᠡᠩᠵᠢ ᠶ᠋ᠢᠨ ᠲᠤᠬᠠᠢ ᠳ᠋ᠤ᠌ ᠪᠣᠯ ᠢᠯᠡᠭᠦᠦ ᠳᠤᠲᠠᠭᠤ ᠪᠣᠳᠣᠯ ᠪᠠᠢᠭᠰᠠᠨ ᠦᠭᠡᠢ᠃ ᡀᠠᠰᠠ ᠬᠣᠲᠠ ᠳ᠋ᠤ᠌ ᠱᠠᠰᠢᠨ ᠤ᠋ ᠰᠤᠷᠭᠠᠭᠤᠯᠢ ᠳ᠋ᠤ᠌ ᠣᠷᠣᠵᠤ ᠶᠡᠬᠡ ᠡᠷᠳᠡᠮ ᠰᠤᠷᠴᠤ ᠡᠴᠢᠭᠡ᠂ ᠡᠬᠡ ᠶ᠋ᠢᠨ ᠵᠠᠬᠢᠶ᠎ᠠ᠂ ᠯᠠᠮ᠎ᠠ ᠪᠠᠭᠰᠢ ᠨᠠᠷ ᠤ᠋ᠨ ᠢ᠋ᠶ᠋ᠠᠨ  ᠨᠠᠢᠳᠠᠯᠭ᠎ᠠ ᠶ᠋ᠢ ᠪᠡᠶᠡᠯᠡᠭᠦᠯᠵᠦ ᠰᠠᠢᠨ ᠯᠠᠮᠠ ᠪᠣᠯᠬᠤ ᠶ᠋ᠢ ᠵᠣᠷᠢᠵᠠᠢ᠃  ᠪᠠᠭ ᠤᠨ ᠭᠤᠷᠪᠠᠳᠠᠬᠢ ᠬᠥᠮᠦᠨ ᠨᠢ ᠤᠯᠢᠶᠠᠰᠤᠲᠠᠢ ᠶ᠋ᠢᠨ ᠱᠣᠷᠣᠩ ᠠ᠋ᠴᠠ ᠤᠷᠭᠤᠭᠰᠠᠨ ᠨᠤᠲᠤᠭ ᠤ᠋ᠨ ᠰᠠᠢᠨ ᠡᠷ᠎ᠡ ᠪᠥᠬᠡᠮᠠᠩᠯᠠᠢ ᠪᠠᠢᠯ᠎ᠠ᠃ ᠲᠡᠭᠦᠨ ᠳ᠋ᠦ᠍ ᠣᠨᠴᠠᠭᠠᠢ ᠬᠡᠷᠡᠭ ᠵᠣᠷᠢᠭ ᠪᠠᠢᠭᠰᠠᠨ ᠦᠭᠡᠢ᠃ ᠭᠠᠭᠴᠠᠬᠠᠨ ᠶᠢᠰᠦᠨ ᠡᠷᠡᠭᠦᠦ ᠰᠢᠭᠦᠭᠳᠡᠬᠦ ᠡᠴᠡ ᠵᠠᠢᠯᠠᠵᠤ ᠠᠯᠤᠰ ᠵᠠᠮ ᠳ᠋ᠤ᠌ ᠭᠠᠷᠴᠤ ᠡᠷᠬᠡ ᠳᠤᠷ᠎ᠠ ᠪᠠᠷ ᠢ᠋ᠶ᠋ᠠᠨ ᠠᠶᠠᠯᠠᠵᠤ  ᠶᠠᠭᠤᠮ᠎ᠠ ᠦᠵᠡᠬᠦ ᠶ᠋ᠢ ᠬᠦᠰᠡᠵᠡᠢ᠃ ᠪᠥᠬᠡᠮᠠᠩᠯᠠᠢ ᠪᠣᠯ ᠪᠢᠷ᠎ᠠ ᠴᠢᠳᠠᠯ ᠶᠡᠬᠡᠲᠡᠢ᠂ ᠵᠣᠷᠢᠭᠲᠠᠢ ᠰᠡᠷᠭᠦᠯᠡᠩ ᠬᠥᠮᠦᠨ ᠲᠤᠯᠠ  ᠴᠤᠢᠮᠴᠤᠭ ᠭᠡᠯᠦᠩ ᠲᠡᠭᠦᠨ ᠢ᠋ ᠥᠪᠡᠷ ᠦ᠋ᠨ ᠭᠠᠯ ᠳ᠋ᠤ᠌ ᠳᠤᠷᠠᠲᠠᠶ᠎ᠠ ᠨᠡᠢᠯᠡᠭᠦᠯᠵᠦ ᠠᠪᠴᠠᠢ᠃ ᠶᠡᠷᠦᠨᠢ ᠤᠲᠠᠢ ᠭᠦᠮᠪᠦᠮ᠂ ᡀᠠᠰᠠ ᠵᠣᠭᠣᠭ ᠢ᠋ ᠵᠣᠷᠢᠭᠰᠠᠨ ᠮᠣᠩᠭᠣᠯ ᠮᠥᠷᠭᠥᠯᠴᠢᠳ ᠦ᠋ᠨ ᠭᠠᠯ᠂ ᠣᠲᠣᠭ ᠪᠦᠷᠢ ᠳ᠋ᠦ᠍ ᠨᠢᠭᠡ ᠬᠣᠶᠠᠷ ᠰᠠᠢᠨ ᠡᠷ᠎ᠡ ᠶᠠᠪᠤᠳᠠᠭ ᠪᠠᠢᠯ᠎ᠠ᠃ ᠲᠡᠷᠡ ᠨᠢ ᠪᠡᠶ᠎ᠡ ᠬᠠᠮᠠᠭᠠᠯᠠᠭᠴᠢ ᠶ᠋ᠢᠨ ᠡᠭᠦᠷᠭᠡ ᠲᠡᠢ ᠪᠢᠯᠡ᠃   ᠴᠤᠢᠮᠴᠤᠭ ᠭᠡᠯᠦᠩ ᡀᠠᠰᠠ ᠬᠣᠲᠠ ᠳ᠋ᠤ᠌ ᠣᠯᠠᠨ ᠤᠳᠠᠭ᠎ᠠ ᠠᠶᠠᠯᠠᠭᠰᠠᠨ ᠲᠤᠷᠰᠢᠯᠭ᠎ᠠ ᠲᠠᠢ ᠬᠥᠮᠦᠨ ᠪᠣᠯᠬᠣᠷ ᠢ᠋ᠶ᠋ᠠᠨ ᠵᠠᠮ ᠵᠠᠭᠤᠷ᠎ᠠ ᠶ᠋ᠢᠨ ᠪᠦᠬᠦᠢᠯᠡ ᠪᠠᠷᠴᠠᠳ ᠢ᠋ ᠮᠡᠳᠡᠳᠡᠭ᠂ ᠲᠡᠭᠦᠨ ᠡᠴᠡ  ᠶᠠᠭᠠᠬᠢᠵᠤ ᠮᠤᠯᠲᠤᠷᠠᠵᠤ ᠭᠠᠷᠬᠤ ᠪᠠᠨ ᠲᠣᠭᠠᠴᠠᠭᠠᠯᠠᠳᠠᠭ ᠠᠵᠠᠢ᠃ ᠪᠥᠬᠡᠮᠠᠩᠯᠠᠢ ᠪᠠᠰᠠ ᠴᠤᠢᠮᠴᠤᠭ ᠭᠡᠯᠦᠩ ᠦ᠋ᠨ ᠬᠣᠯᠠ ᠶ᠋ᠢᠨ ᠰᠠᠳᠤᠨ ᠶᠤᠮ᠃  ᠪᠠᠭ ᠤ᠋ᠨ ᠳᠥᠷᠪᠡᠳᠡᠬᠢ ᠲᠠᠪᠤᠳᠠᠬᠢ ᠬᠥᠮᠦᠨ ᠨᠢ ᠡᠬᠡᠨᠡᠷ᠂ ᠨᠥᠬᠥᠷ ᠬᠣᠶᠠᠷ᠂ ᠨᠡᠷ᠎ᠡ ᠨᠢ ᠬᠠᠷᠠᠬᠦᠦ᠂ ᠤᠳᠬᠤᠨ᠃ ᠬᠣᠶᠠᠭᠤᠯᠠ ᠳᠤᠮᠳᠠ ᠵᠡᠷᠭᠡ ᠶ᠋ᠢᠨ ᠴᠢᠨᠡᠭᠡᠯᠢᠭ ᠠᠢᠯ ᠠ᠋ᠴᠠ  ᠲᠠᠰᠤᠷᠠᠵᠤ ᠭᠡᠷ ᠪᠦᠯᠢ ᠪᠣᠯᠤᠭᠰᠠᠨ᠃ ᠭᠡᠪᠡᠴᠦ ᠡᠬᠡᠨᠡᠷ ᠤᠳᠬᠣᠨ ᠳ᠋ᠤ᠌ ᠦᠷ᠎ᠡ ᠵᠠᠶᠠᠬᠤ ᠦᠭᠡᠢ ᠤᠳᠠᠵᠠᠢ᠃ ᠯᠠᠮᠠ ᠪᠠᠭᠰᠢ ᠠ᠋ᠴᠠ ᠪᠠᠨ ᠠᠰᠠᠭᠤᠬᠤ ᠳ᠋ᠤ᠌ ᠲᠥᠪᠡᠳ ᠣᠷᠣᠵᠤ ᠪᠠᠯᠳᠠᠨ ᠪᠠᠷᠠᠪᠠᠩ ᠪᠤᠶᠤ ᠲᠡᠭᠦᠰᠦᠴᠣᠭᠲᠤ ᠦᠷ᠎ᠡ ᠵᠢᠮᠢᠰᠦᠨ ᠦ᠌ ᠣᠪᠣᠭᠠᠯᠠᠭ᠎ᠠ ᠬᠢᠳᠡᠭ ᠬᠡᠢᠳ ᠲᠦ᠍ ᠮᠥᠷᠭᠥᠯ ᠬᠢᠬᠦ ᠬᠡᠷᠡᠭᠲᠡᠢ ᠭᠡᠵᠦ ᠵᠥᠪᠯᠡᠪᠡ᠃ ᠲᠡᠷᠡ ᠶᠣᠰᠣᠭᠠᠷ ᠡᠬᠡᠨᠡᠷ ᠨᠥᠬᠥᠷ ᠬᠣᠶᠠᠷ ᠵᠠᠮ ᠳ᠋ᠤ᠌ ᠭᠠᠷᠴᠠᠢ᠃  ᠪᠠᠭ ᠤ᠋ᠨ  ᠵᠢᠷᠭᠤᠳᠠᠬᠢ ᠬᠥᠮᠦᠨ ᠨᠢ ᠪᠡᠶ᠎ᠡ ᠮᠠᠭᠤ ᠲᠠᠢ ᠶᠠᠳᠠᠭᠤ ᠬᠠᠷ᠎ᠠ ᠬᠥᠮᠦᠨ᠃  ᠬᠠᠲᠠᠩᠭᠢᠷ  ᠴᠡᠭᠡᠵᠢ ᠲᠡᠢ ᠂ ᠴᠣᠬᠣᠷ ᠨᠢᠭᠤᠷ ᠲᠠᠢ᠃ ᠮᠥᠨ ᠯᠡ ᠯᠠᠮᠠ ᠪᠠᠭᠰᠢ ᠶ᠋ᠢᠨ ᠢ᠋ᠶ᠋ᠡᠨ ᠰᠤᠷᠭᠠᠨ ᠵᠢᠭᠠᠭᠰᠠᠨ ᠢ᠋ᠶ᠋ᠠᠷ ᡀᠠᠰᠠ ᠵᠣᠣ ᠣᠷᠣᠵᠤ ᠪᠤᠶᠠᠨ ᠦᠢᠯᠡᠳᠴᠦ ᠡᠪᠡᠳᠴᠢᠨ ᠡᠴᠡ ᠰᠠᠯᠠᠬᠤ ᠶ᠋ᠢ ᠵᠣᠷᠢᠵᠠᠢ᠃ ᠨᠡᠷ᠎ᠡ ᠨᠢ ᠥᠯᠵᠡᠢ ᠭᠡᠨ᠎ᠡ᠃ ᠳᠤᠮᠳᠠ  ᠬᠢᠷᠢ ᠶ᠋ᠢᠨ ᠨᠠᠰᠤᠨ ᠤ᠋᠂ ᠪᠠᠭ᠎ᠠ ᠳ᠋ᠠᠭᠠᠨ ᠯᠠᠮᠠ ᠪᠣᠯᠬᠤ ᠭᠡᠵᠦ ᠰᠠᠬᠢᠯ  ᠬᠦᠷᠲᠡᠬᠦ ᠳ᠋ᠦ᠍ᠨᠢ ᠪᠠᠭᠰᠢ ᠯᠠᠮᠠ ᠨᠢ᠄  
       ᠬᠦᠵᠦᠭᠦᠨ ᠦ᠌ ᠰᠢᠷᠬ᠎ᠠ᠂ ᠬᠠᠮᠠᠭᠤ᠂ ᠬᠠᠲᠠᠭᠢ᠂ ᠰᠡᠪᠬᠡ᠂  ᠢᠯᠲᠠ᠂ ᠬᠤᠯᠤᠭᠠᠨ᠎ᠠ ᠶᠠᠷ᠎ᠠ᠂ ᠤᠰᠤᠨ ᠤ᠋ ᠡᠪᠡᠳᠴᠢᠨ᠂ ᠬᠠᠨᠢᠶᠠᠯᠭ᠎ᠠ᠂  ᠭᠥᠭᠦᠯᠭᠡ᠂ ᠤᠨᠠᠬᠤ᠂  ᠬᠡᠨᠭᠭᠦᠭᠯᠡᠬᠦ  ᠭᠡᠭᠴᠢᠯᠡᠨ ᠡᠪᠡᠳᠴᠢᠨ ᠴᠢᠮ᠎ᠠ ᠳ᠋ᠤ᠌ ᠪᠣᠢ ᠪᠤᠶᠤ᠃ ᠭᠠᠭᠴᠠ ᠬᠦ᠌ ᠦᠨᠡᠨ ᠢ᠋ ᠬᠡᠯᠡ ᠭᠡᠵᠦ ᠳᠥᠴᠢᠭᠡᠳ ᠡᠪᠡᠳᠴᠢᠨ ᠦ᠌ ᠨᠡᠷ᠎ᠡ ᠲᠣᠭᠠᠴᠢᠨ ᠠᠰᠠᠭᠤᠬᠤ ᠳ᠋ᠤ᠌ ᠨᠢ ᠥᠯᠵᠡᠢ᠄ 
       ᠢᠯᠳᠦ᠂ ᠬᠠᠨᠢᠶᠠᠯᠭ᠎ᠠ᠂ ᠤᠰᠤᠨ ᠤ᠋ ᠡᠪᠡᠳᠴᠢᠨ ᠨᠠᠳᠠ ᠳ᠋ᠤ᠌ ᠪᠣᠢ ᠭᠡᠳ ᠦᠨᠡᠨ ᠢ᠋ᠶ᠋ᠡᠨ ᠬᠡᠯᠡᠵᠦ ᠣᠷᠬᠢᠵᠠᠢ᠃ ᠲᠡᠭᠡᠭᠰᠡᠨ ᠰᠠᠬᠢᠯ ᠬᠦᠷᠲᠡᠭᠡᠬᠦ ᠨᠢ  ᠫᠤᠤ ᠬᠡᠯᠡ ᠬᠡᠢᠳ ᠦ᠋ᠨ  ᠭᠤᠷᠢᠯᠤᠮ ᠳᠤ ᠣᠷᠣᠭᠤᠯᠬᠤ ᠦᠭᠡᠢ ᠪᠡᠷ ᠲᠡᠭᠦᠨ ᠢ᠋ ᠬᠥᠭᠡᠭᠡᠨ ᠵᠠᠢᠯᠠᠭᠤᠯᠤᠭᠰᠠᠨ ᠪᠢᠯᠡ᠃ ᠲᠡᠭᠦᠨ ᠡᠴᠡ ᠬᠣᠢᠰᠢ ᠥᠯᠵᠡᠢ ᠰᠦᠮ᠎ᠡ ᠳᠤᠭᠠᠩ ᠳ᠋ᠤ᠌ ᠴᠤ᠌ ᠪᠠᠷᠤᠭ ᠣᠷᠣᠬᠤ ᠦᠭᠡᠢ ᠲᠡᠨᠦᠭᠦᠴᠢᠯᠡᠨ ᠶᠠᠪᠤᠳᠠᠭ ᠪᠣᠯᠤᠭᠰᠠᠨ ᠶᠤᠮ᠃ ᠨᠠᠰᠤ ᠠᠭᠢᠬᠤ ᠲᠣᠰᠤᠮ ᠡᠪᠡᠳᠴᠢᠨ ᠨᠢ ᠨᠡᠮᠡᠭᠳᠡᠬᠦ ᠲᠤᠯᠠ ᠪᠤᠷᠬᠠᠨ ᠤ᠋ ᠣᠷᠣᠨ ᠢ᠋ ᠵᠣᠷᠢᠬᠤ ᠠ᠋ᠴᠠ ᠠᠷᠭ᠎ᠠ ᠦᠭᠡᠢ ᠪᠣᠯᠤᠭᠰᠠᠨ ᠶᠤᠮ ᠰᠠᠨᠵᠠᠢ᠃ 
      ᠡᠢᠮᠦ ᠵᠢᠷᠭᠤᠭᠠᠨ ᠬᠥᠮᠦᠨ ᠨᠢᠭᠡ ᠭᠠᠯ ᠪᠣᠯᠵᠤ ᠬᠠᠮᠲᠤᠷᠠᠨ ᠭᠠᠷᠤᠭᠠᠳ ᠣᠳᠣ ᠰᠠᠷ᠎ᠠ ᠭᠠᠷᠤᠢ ᠨᠢᠭᠡ ᠵᠠᠮ ᠢ᠋ᠶ᠋ᠠᠷ ᠶᠠᠪᠤᠵᠤ ᠪᠠᠢᠭ᠎ᠠ ᠨᠢ ᠡᠨᠡ᠃  
      《ᠳᠥᠷᠥᠭᠡ ᠨᠡᠢᠯᠡᠮᠡᠷ ᠵᠢᠷᠤᠭ ᠲᠥᠭᠡᠷᠭᠡ ᠲᠡᠢ ᠤᠯᠤᠰ ᠬᠠᠮᠲᠤ ᠭᠠᠷᠴᠠᠢ᠂ ᠠᠱᠢᠭᠦᠢ ᠃ ᠠᠯᠢᠪᠠ ᠭᠠᠢ ᠲᠦᠢᠳᠬᠡᠷ ᠲᠣᠬᠢᠶᠠᠯᠳᠤᠬᠤ ᠦᠭᠡᠢ ᠯᠡ ᠶᠠᠪᠤᠨ᠎ᠠ᠂ ᠣᠮ ᠮᠠ ᠨᠢ  ᠰᠤᠤᠬ᠎ᠠ》 ᠭᠡᠵᠦ ᠴᠤᠢᠮᠴᠤᠭ ᠭᠡᠯᠦᠩ ᠨᠢᠭᠡ ᠪᠤᠰᠤ ᠤᠳᠠᠭ᠎ᠠ ᠵᠠᠮ ᠤ᠋ᠨ ᠵᠠᠭᠤᠷ᠎ᠠ ᠠᠮᠠᠨ ᠳ᠋ᠠᠭᠠᠨ ᠰᠢᠪᠡᠨᠡᠵᠡᠢ᠃  
      – ᠶᠠᠷᠢᠯᠴᠠᠵᠤ ᠲᠣᠬᠢᠷᠠᠭᠰᠠᠨ ᠶᠣᠰᠣᠭᠠᠷ ᠢ᠋ᠶ᠋ᠠᠨ ᠠᠯᠠᠱᠠᠨ ᠶᠠᠮᠤᠨ ᠤ᠋ ᠬᠠᠷᠠᠴᠤᠤᠯ ᠤ᠋ᠨ ᠬᠣᠷᠢᠶᠠᠨ ᠳ᠋ᠤ᠌ ᠪᠠᠭᠤᠵᠤ ᠬᠣᠨᠣᠭᠯᠠᠭᠠᠳ ᠥᠷᠯᠥᠭᠡ ᠮᠣᠷᠢᠨ ᠴᠠᠭ ᠲᠤ᠌ ᠨᠡᠢᠯᠡᠨ ᠴᠠᠰᠢ ᠬᠥᠳᠡᠯᠦᠨ᠎ᠡ ᠰᠢᠦ! ᠭᠡᠵᠦ ᠴᠤᠪᠤᠭᠠᠨ ᠤ᠋ ᠳᠠᠭᠠᠭᠠᠮᠠᠯ ᠪᠠᠷᠤᠭᠠᠷ ᠴᠢᠷᠠᠢᠲᠤ ᠬᠥᠮᠦᠨ ᠨᠡᠢᠲᠡ ᠳ᠋ᠦ᠍ ᠵᠠᠷᠯᠠᠨ ᠬᠠᠰᠬᠢᠷᠤᠯ᠎ᠠ᠃ 
      ᠮᠥᠷᠭᠥᠯᠴᠢᠳ ᠦ᠋ᠨ ᠴᠤᠪᠤᠭ᠎ᠠ ᠬᠣᠲᠠ ᠶ᠋ᠢᠨ ᠬᠠᠷᠠᠴᠤᠤᠯ ᠤ᠋ᠨ ᠬᠣᠷᠢᠶᠠᠨ ᠤ᠋ ᠵᠠᠬ᠎ᠠ ᠣᠷᠤᠭᠤ ᠣᠷᠣᠯ᠎ᠠ᠃ ᠲᠡᠭᠡᠲᠡᠯ᠎ᠡ ᠡᠮᠦᠨ᠎ᠡ ᠡᠴᠡ ᠨᠢ ᠬᠤᠳᠠᠯᠳᠤᠭᠠᠴᠢᠨ᠂ ᠵᠢᠭᠤᠯᠴᠢᠳ᠂ ᠣᠯᠵᠠ ᠡᠷᠢᠭᠰᠡᠳ᠂ ᠳᠠᠭᠤᠴᠢ ᠡᠮᠡᠰ᠂ ᠰᠣᠨᠢᠭᠤᠴᠢ ᠬᠡᠦᠬᠡᠳ ᠦ᠋ᠳ ᠪᠠᠰᠠ ᠵᠣᠯᠪᠢᠩ ᠨᠣᠬᠠᠳ ᠲᠡᠷᠢᠭᠦᠲᠡᠨ ᠤᠭᠲᠤᠯ᠎ᠠ᠃  
      ᠬᠡᠨ ᠳ᠋ᠦ᠍ ᠨᠢ ᠴᠦ᠍ ᠪᠢᠲᠡᠭᠡᠢ ᠨᠢᠭᠤᠷ ᠥᠭᠭᠦᠭᠡᠷᠡᠢ! ᠨᠢᠭᠦᠯ ᠪᠣᠯᠤᠨ᠎ᠠ ᠭᠡᠵᠦ  ᠴᠤᠢᠮᠴᠤᠭ ᠭᠡᠯᠦᠩ ᠱᠠᠪᠢ ᠳ᠋ᠠᠭᠠᠨ ᠵᠠᠬᠢᠯ᠎ᠠ᠃ ᠰᠠᠷᠯᠤᠭ ᠤ᠋ᠨ ᠬᠢᠯᠭᠠᠰᠤ ᠪᠠᠷ ᠰᠦᠯᠵᠢᠵᠦ ᠬᠢᠭᠰᠡᠨ ᠬᠠᠷ᠎ᠠ ᠥᠷᠮᠥᠭ ᠦ᠋ᠳ ᠢ᠋ ᠨᠠᠪᠰᠠᠢᠲᠠᠯ᠎ᠠ ᠳᠠᠪᠬᠤᠷᠯᠠᠨ ᠡᠭᠦᠷᠦᠭᠰᠡᠨ ᠨᠠᠢ᠍ᠮᠠᠭᠠᠴᠢᠳ ᠬᠣᠶᠠᠷ ᠭᠤᠷᠪᠠᠨ ᠲᠠᠯ᠎ᠠ ᠳ᠋ᠤᠨᠢ ᠬᠠᠷᠠᠭᠳᠠᠪᠠ᠃ 
       – ᠦᠯᠮᠦᠭ ᠠᠪᠠ ᠪᠠ! ᠭᠡᠵᠦ ᠬᠠᠰᠬᠢᠷᠬᠤ ᠶ᠋ᠢ ᠪᠣᠳᠣᠪᠠᠯ ᠬᠢᠲᠠᠳ ᠬᠤᠳᠠᠯᠳᠤᠭᠠᠴᠢᠨ ᠨᠤᠭᠤᠳ ᠪᠣᠯᠤᠯᠲᠠᠢ᠃ ᠪᠠᠰᠠ ᠮᠣᠩᠭᠣᠯ ᠢ᠋ᠶ᠋ᠠᠷ ᠬᠠᠯᠲᠤᠴᠢᠭᠤᠯᠤᠭᠠᠳ ᠪᠠᠢᠭ᠎ᠠ᠃ 
      ᠳᠣᠯᠳᠣᠢ ᠮᠡᠲᠦ ᠵᠡᠰ ᠰᠠᠪᠠ ᠲᠠᠢ ᠶᠠᠭᠤᠮ᠎ᠠ ᠤᠷᠲᠤ ᠡᠰᠢ ᠡᠴᠡ ᠨᠢ ᠪᠠᠷᠢᠵᠤ ᠱᠠᠷᠵᠢᠭᠢᠨᠠᠭᠤᠯᠤᠨ ᠶᠠᠪᠤᠭ᠎ᠠ ᠬᠡᠳᠦᠨ ᠬᠥᠮᠦᠨ ᠢ᠋  ᠭᠡᠰᠦᠯ ᠰᠡᠩᠵᠢ ᠣᠯᠵᠤ ᠬᠠᠷᠠᠪᠠ᠃ 
       – ᠳ᠋ᠢᠶᠠᠨ ᠪᠠᠭᠤᠳᠠᠯ ᠳ᠋ᠤ᠌ ᠣᠴᠢᠬᠤ ᠤᠤ ᠭᠡᠵᠦ ᠴᠡᠪᠡᠷᠬᠡᠨ ᠮᠣᠩᠭᠣᠯ ᠬᠡᠯᠡ ᠪᠡᠷ ᠲᠡᠳᠡ ᠠᠰᠠᠭᠤᠨ᠎ᠠ᠃ ᠥᠭᠡᠯᠡᠳ ᠦ᠋ᠳ ᠪᠣᠯᠤᠯᠲᠠᠢ᠃ ᠲᠡᠭᠡᠲᠡᠯ᠎ᠡ ᠪᠠᠰᠠ ᠠᠯᠠᠭ ᠡᠷᠢᠶᠡᠨ ᠲᠤᠤᠰᠢᠩ ᠢ᠋ᠶ᠋ᠠᠷ ᠦᠰᠦ ᠭᠡᠵᠢᠭᠡ ᠪᠡᠨ  ᠴᠢᠮᠡᠵᠦ᠂ ᠬᠣᠷᠭᠣᠢ  ᠱᠠ ᠬᠠᠨᠴᠤᠢ ᠪᠠᠨ ᠣᠷᠢᠶᠠᠨ ᠣᠶᠣᠵᠤ ᠭᠤᠶᠤᠭᠰᠠᠨ ᠬᠡᠦᠬᠡᠨ ᠨᠦ᠍ᠭᠦᠳ ᠨᠢᠳᠤᠷᠭ᠎ᠠ ᠪᠠᠷ ᠢ᠋ᠶ᠋ᠠᠨ ᠬᠠᠮᠠᠷ ᠠᠮᠠ ᠪᠠᠨ ᠨᠢᠭᠡ ᠲᠠᠭᠯᠠᠵᠤ᠂ ᠨᠢᠭᠡ ᠪᠣᠯᠢᠵᠤ᠂ ᠵᠤᠤᠮᠠᠯᠵᠠᠨ ᠢᠨᠢᠶᠡᠵᠡᠭᠡᠵᠦ᠂ ᠨᠢᠳᠦ ᠪᠠᠨ ᠢᠷᠮᠡᠨ ᠮᠥᠷᠭᠥᠯᠴᠢᠳ ᠦ᠋ᠨ ᠡᠨᠳᠡ ᠲᠡᠨᠳᠡ ᠭᠠᠷᠴᠤ ᠦᠵᠡᠭᠳᠡᠪᠡ᠃ ᠲᠡᠳᠡᠨ ᠡᠴᠡ ᠬᠣᠶᠠᠷ ᠵᠠᠯᠠᠭᠤᠪᠲᠤᠷᠬᠠᠨ ᠨᠢ ᠢᠯᠭᠠᠷᠴᠦ ᠭᠡᠰᠦᠯ ᠰᠡᠩᠵᠢ ᠶ᠋ᠢ ᠴᠢᠭᠯᠡᠨ᠂ ᠮᠤᠷᠤᠯᠵᠠᠨ ᠮᠤᠰᠢᠯᠵᠠᠨ ᠠᠢᠰᠤᠢ ᠪᠠᠢᠬᠤ ᠶ᠋ᠢ ᠴᠤᠢᠮᠴᠤᠭ ᠭᠡᠯᠦᠩ ᠬᠠᠷᠠᠮᠠᠭᠴᠠ᠂  
       – ᠳᠠᠭᠤᠴᠢ ᠡᠮᠡᠰ ᠢᠷᠡᠵᠦ ᠶᠠᠪᠤᠨ᠎ᠠ! ᠵᠠ ᠴᠢ ᠲᠡᠳᠡᠨ ᠤᠷᠤᠭᠤ ᠬᠠᠷᠠᠵᠤ ᠴᠤ᠌ ᠪᠣᠯᠬᠤ ᠦᠭᠡᠢ᠃ ᠨᠢᠳᠦ ᠪᠠᠨ ᠠᠨᠢᠭᠠᠳ ᠶᠠᠮᠠᠨᠳᠠᠭ ᠠ᠋ᠴᠠ ᠤᠩᠰᠢᠭᠠᠳ ᠶᠠᠪᠤᠭᠠᠳ ᠪᠠᠢ᠃ ᠵᠠᠮ ᠢ᠋ᠶ᠋ᠠᠨ ᠬᠠᠷᠠᠬᠤ ᠬᠡᠷᠡᠭ ᠦᠭᠡᠢ᠃ ᠪᠢ  ᠵᠠᠮᠴᠢᠯᠠᠨ᠎ᠠ᠃ ᠡᠨᠡ ᠨᠢᠭᠦᠯ᠂ ᠴᠢᠪᠢᠯᠲᠦ ᠡᠮᠡᠰ  ᠤᠷᠤᠭᠤ ᠬᠠᠷᠠᠬᠤ ᠳ᠋ᠤ᠌ ᠯᠠ ᠠᠯᠳᠠᠰ ᠪᠣᠯᠤᠨ᠎ᠠ ᠭᠡᠵᠦ  ᠰᠢᠪᠡᠭᠡᠨᠡᠨ  ᠲᠤᠰᠢᠶᠠᠯ᠎ᠠ᠃ 
      ᠭᠡᠰᠦᠯ ᠰᠡᠩᠵᠢ ᠰᠠᠬᠢᠯ  ᠬᠦᠷᠲᠡᠭᠰᠡᠨ ᠢ᠋ᠶ᠋ᠡᠨ ᠪᠠᠲᠤ ᠰᠠᠨᠠᠵᠤ᠂ ᠲᠡᠷᠡ ᠳᠠᠷᠤᠢ ᠬᠣᠶᠠᠷ ᠨᠢᠳ᠋ᠦ ᠪᠠᠨ ᠲᠠᠰᠤ ᠠᠨᠢᠭᠠᠳ ᠶᠠᠮᠠᠨᠳᠠᠭ ᠠ᠋ᠴᠠ ᠤᠩᠰᠢᠵᠤ ᠡᠬᠢᠯᠡᠯ᠎ᠡ᠃
       – ᠵᠠᠮ ᠠ᠋ᠴᠠ ᠵᠠᠢᠯᠠ᠂ ᠪᠤᠵᠠᠷ ᠡᠮᠡᠰ! ᠭᠡᠵᠦ ᠨᠢᠭᠡᠨ ᠤᠳᠠᠭ᠎ᠠ ᠪᠠᠭᠰᠢ ᠯᠠᠮᠠ ᠨᠢ ᠴᠢᠩᠭ᠎ᠠ ᠵᠠᠩᠳᠤᠷᠬᠤ ᠶ᠋ᠢ ᠵᠠᠯᠠᠭᠤ  ᠭᠡᠰᠦᠯ  ᠰᠣᠨᠣᠰᠪᠠ᠃ ᠨᠡᠯᠢᠶᠡᠳ ᠬᠤᠭᠤᠴᠠᠭ᠎ᠠ ᠥᠩᠭᠡᠷᠡᠭᠰᠡᠨ ᠦ᠌ ᠳᠠᠷᠠᠭ᠎ᠠ ᠬᠡᠦᠬᠡᠨ ᠨᠦ᠍ᠭᠦᠳ ᠦ᠋ᠨ 《ᠬᠢ᠂ ᠬᠢ》 ᠭᠡᠵᠦ ᠵᠢᠭ ᠵᠣᠭ ᠢᠨᠢᠶᠡᠨ ᠳᠠᠭᠠᠯᠳᠤᠬᠤ ᠨᠢ ᠥᠩᠭᠡᠷᠡᠪᠡ ᠪᠣᠯᠤᠯᠲᠠᠢ᠃ ᠲᠡᠳᠡᠨ ᠦ᠌ ᠬᠠᠷᠠᠴᠠ ᠶ᠋ᠢ ᠰᠡᠩᠵᠢ ᠮᠡᠳᠡᠷᠡᠵᠦ ᠪᠠᠢᠯ᠎ᠠ᠃ 
       – ᠰᠣᠬᠣᠷ ᠪᠠᠨᠳᠢ ᠪᠠᠢᠨ᠎ᠠ᠂ ᠶᠠᠪᠤᠶ᠎ᠠ ᠭᠡᠵᠦ ᠮᠣᠩᠭᠣᠯ ᠢ᠋ᠶ᠋ᠠᠷ ᠬᠡᠦᠬᠡᠨ ᠦ᠌ ᠨᠢᠭᠡ ᠨᠢ ᠬᠡᠯᠡᠬᠦ ᠶ᠋ᠢ ᠪᠠᠰᠠ ᠵᠠᠯᠠᠭᠤ  ᠭᠡᠰᠦᠯ ᠰᠣᠨᠣᠰᠤᠯ᠎ᠠ᠃ ᠭᠡᠪᠡᠴᠦ ᠨᠢᠳᠦ ᠪᠠᠨ ᠨᠡᠭᠡᠭᠡᠭᠰᠡᠨ ᠦᠭᠡᠢ᠃ 
      ᠶᠠᠮᠠᠨᠳᠠᠭ ᠤᠩᠰᠢᠵᠤ ᠳᠠᠭᠤᠰᠬᠤ ᠶᠠᠭᠠᠬᠢᠭ᠎ᠠ ᠴᠤ᠌ ᠦᠭᠡᠢ ᠪᠠᠢᠨ᠎ᠠ᠃ ᠬᠡᠦᠬᠡᠨ ᠨᠦ᠍ᠭᠦᠳ ᠦ᠋ᠨ ᠳᠠᠭᠤ ᠠᠭᠠᠵᠢᠮ ᠢ᠋ᠶ᠋ᠠᠷ ᠵᠠᠮᠬᠠᠷᠠᠪᠠ᠃ ᠠᠯᠤᠰ ᠲᠤ᠌ ᠳᠡᠰ ᠳᠡᠰ ᠢᠨᠢᠶᠡᠯᠳᠦᠬᠦ ᠨᠢ ᠪᠦᠳᠡᠭᠢᠬᠡᠨ ᠰᠣᠨᠣᠰᠲᠠᠯ᠎ᠠ᠃ 
       – ᠴᠢᠪᠢᠯᠲᠦ ᠡᠮᠡᠰ ᠦ᠋ᠳ ᠠᠱᠢᠭᠦᠢ  ᠬᠣᠯᠠᠳᠠᠯ᠎ᠠ᠃ ᠵᠠ ᠨᠢᠳᠦ ᠪᠡᠨ ᠨᠡᠬᠡ ᠨᠡᠬᠡ ᠭᠡᠵᠦ ᠪᠠᠭᠰᠢ ᠯᠠᠮ᠎ᠠ ᠶ᠋ᠢ ᠪᠡᠨ ᠳᠤᠤᠭᠠᠷᠬᠤ ᠳ᠋ᠤ᠌ ᠰᠡᠩᠵᠢ ᠭᠡᠰᠦᠯ ᠰᠠᠢ ᠯᠠ ᠰᠠᠨᠠᠭ᠎ᠠ ᠠᠮᠤᠷᠴᠤ ᠬᠣᠷᠸ᠎ᠠ ᠶ᠋ᠢ ᠬᠠᠷᠠᠪᠠ᠃ ᠨᠠᠮᠬᠠᠨ ᠰᠢᠪᠠᠷ ᠬᠠᠰᠢᠶᠠᠨ ᠤ᠋ ᠬᠠᠭᠠᠯᠭ᠎ᠠ ᠪᠠᠷ ᠣᠷᠣᠵᠤ  ᠪᠠᠢᠵᠠᠢ᠃ 
      ᠳᠥᠷᠪᠡᠯᠵᠢᠨ ᠣᠷᠣᠢ ᠲᠠᠢ ᠰᠢᠪᠡᠷ ᠲᠠᠭᠠᠵᠠ ᠨᠤᠭᠤᠳ ᠲᠠᠢ ᠲᠣᠮᠣ ᠬᠠᠰᠢᠶᠠᠨ ᠳ᠋ᠤ᠌ ᠲᠡᠳᠡ ᠬᠣᠨᠣᠭᠯᠠᠬᠤ ᠪᠠᠷ ᠪᠠᠭᠤᠵᠠᠢ᠃ ᠥᠭᠡᠯᠡᠳ ᠠᠪᠠᠭᠠᠢ ᠲᠠᠢ ᠲᠥᠪᠡᠳ ᠬᠥᠮᠦᠨ ᠲᠡᠷᠡ ᠬᠠᠰᠢᠶᠠᠨ ᠤ᠋ ᠡᠵᠡᠨ ᠶᠦᠮ  ᠰᠠᠨᠵᠠᠢ᠃   ᠴᠤᠢᠮᠴᠤᠭ ᠭᠡᠯᠦᠩ  ᠱᠠᠪᠢ ᠶ᠋ᠢᠨ ᠢ᠋ᠶ᠋ᠡᠨ ᠬᠠᠮᠲᠤ ᠴᠣᠩᠬᠣ ᠦᠭᠡᠢ ᠰᠢᠬᠠᠮ ᠬᠠᠷᠠᠩᠭᠤᠢ ᠬᠠᠪᠴᠢᠭ ᠥᠷᠥᠭᠡᠨ ᠳ᠋ᠦ᠍ ᠣᠷᠣᠪᠠ᠃ ᠮᠣᠳᠣᠨ ᠬᠠᠨᠵᠤᠨ ᠳᠡᠭᠡᠷ᠎ᠡ ᠰᠠᠷᠯᠤᠭ ᠤ᠋ᠨ ᠰᠡᠪᠡᠭ ᠢ᠋ᠶ᠋ᠡᠷ ᠨᠡᠬᠡᠭᠰᠡᠨ ᠥᠷᠮᠥᠭ ᠦ᠋ᠳ ᠳᠡᠯᠭᠡᠨ ᠬᠠᠶᠠᠵᠠᠢ᠃ ᠳᠡᠪᠢᠰᠬᠡᠷ ᠬᠢᠳᠡᠭ ᠪᠣᠯᠤᠯᠲᠠᠢ ᠪᠠᠢᠯ᠎ᠠ᠃ 
      – ᠡᠨᠳᠡ ᠪᠠᠭᠰᠢ ᠨᠢ ᠣᠯᠠᠨ ᠤᠳᠠᠭ᠎ᠠ ᠬᠣᠨᠣᠭ ᠲᠥᠭᠡᠷᠢᠭᠦᠯᠦᠭᠰᠡᠨ ᠶᠦᠮ᠃ ᠬᠠᠰᠢᠶ᠎ᠠ ᠨᠢ ᠪᠠᠲᠤ ᠬᠠᠭᠠᠯᠭ᠎ᠠ ᠲᠠᠢ ᠨᠠᠢᠳᠠᠪᠤᠷᠢᠲᠠᠢ ᠭᠠᠵᠠᠷ᠃ ᠭᠡᠷ ᠦ᠋ᠨ ᠡᠵᠡᠨ ᠴᠦ᠍ ᠰᠠᠢᠨ ᠬᠥᠮᠦᠨ ᠪᠠᠢᠭ᠎ᠠ ᠶᠤᠮ᠃ ᠲᠤᠬᠠᠲᠠᠢ ᠤᠨᠲᠠᠭᠠᠳ ᠮᠠᠷᠭᠠᠰᠢ ᠡᠷᠲᠡᠯᠡᠨ ᠶᠠᠪᠤᠨ᠎ᠠ ᠭᠡᠵᠦ ᠭᠡᠯᠦᠩ  ᠴᠤᠢᠮᠴᠤᠭ ᠱᠠᠪᠢ ᠳ᠋ᠠᠭᠠᠨ  ᠶᠠᠷᠢᠭᠠᠳ ᠬᠠᠨᠵᠤᠨ ᠳᠡᠭᠡᠷ᠎ᠡ ᠰᠢᠭᠤᠳ ᠯᠠ ᠣᠷᠣ ᠪᠠᠨ ᠵᠠᠰᠠᠵᠦ ᠡᠬᠢᠯᠡᠪᠡ᠃ ᠨᠢᠭᠡᠨᠲᠡ ᠨᠠᠷᠠ ᠵᠢᠷᠭᠠᠭᠰᠠᠨ ᠪᠣᠯᠬᠣᠷ ᠪᠠᠢᠰᠢᠩ ᠴᠤ᠌ ᠬᠠᠷᠤᠢ ᠪᠦᠷᠦᠢ ᠪᠠᠢᠯ᠎ᠠ᠃ ᠢᠰᠦ ᠲᠣᠷᠲᠣᠭ ᠪᠣᠯᠤᠭᠰᠠᠨ ᠬᠠᠨ᠎ᠠ ᠲᠠᠢ ᠨᠢᠭᠡᠨ ᠥᠨᠴᠥᠭ ᠲᠤᠨᠢ ᠭᠣᠣ ᠲᠠᠢ ᠪᠤᠷᠬᠠᠨ ᠵᠡᠭᠦᠯᠲᠡᠲᠡᠢ᠂ ᠲᠡᠭᠦᠨ ᠦ᠌ ᠳᠣᠣᠷᠠᠬᠢ ᠲᠠᠯᠪᠢᠭᠤᠷ ᠳᠡᠭᠡᠷ᠎ᠡ ᠭᠠᠭᠴᠠ ᠵᠤᠯᠠ ᠰᠦᠮᠡᠯᠵᠡᠵᠦ ᠪᠠᠢᠨ᠎ᠠ᠃ 
      – ᠢᠩᠭᠢᠰᠬᠢᠭᠡᠳ ᠪᠢᠳᠡᠨ ᠳ᠋ᠦ᠍ ᠪᠤᠴᠠᠯᠤᠭᠰᠠᠨ ᠬᠠᠷ᠎ᠠ ᠴᠠᠢ ᠠᠪᠴᠢᠷᠠᠵᠤ ᠥᠭᠬᠦ  ᠪᠠᠢᠬ᠎ᠠ᠃ ᠲᠡᠭᠦᠨ ᠳ᠋ᠦ᠍ ᠬᠠᠲᠠᠭᠰᠠᠨ ᠪᠣᠭᠣᠷᠰᠣᠭ ᠳᠡᠪᠲᠦᠭᠡᠵᠦ ᠢᠳᠡᠭᠡᠳ ᠤᠨᠲᠠᠶ᠎ᠠ᠃  ᠡᠳᠡᠭᠡᠷ ᠶᠠᠭᠤᠮ᠎ᠠ ᠭᠣᠷᠢᠳᠠᠯᠲᠠ ᠦᠭᠡᠢ ᠭᠡᠵᠦ ᠭᠡᠯᠦᠩ ᠬᠡᠯᠡᠪᠡ᠃ ᠦᠨᠡᠬᠡᠷ ᠣᠳᠠᠭᠰᠠᠨ ᠴᠤ᠌ ᠦᠭᠡᠢ᠂ ᠡᠭᠦᠳᠡ ᠴᠢᠬᠠᠷᠠᠨ ᠨᠡᠭᠡᠭᠡᠭᠳᠡᠵᠦ ᠭᠠᠤᠯᠢᠨ ᠳᠠᠩᠬᠤ ᠲᠠᠢ ᠴᠠᠢ ᠪᠠᠷᠢᠭᠰᠠᠭᠠᠷ ᠰᠢᠷᠢᠯᠳᠦᠭᠰᠡᠨ ᠬᠠᠷ᠎ᠠ ᠦᠰᠦ ᠪᠡᠨ ᠰᠡᠭᠰᠡᠢᠯᠭᠡᠭᠰᠡᠨ᠂ ᠪᠠᠷᠤᠭᠠᠷ ᠴᠢᠷᠠᠢ ᠲᠠᠢ ᠠᠪᠤᠭᠠᠢ ᠣᠷᠣᠵᠤ ᠢᠷᠡᠭᠡᠳ ᠦᠭᠡ ᠳᠤᠤᠭᠠᠷᠬᠤ ᠦᠭᠡᠢ ᠪᠡᠷ ᠳᠦᠷ ᠵᠣᠭᠰᠣᠭᠰᠠᠨ ᠢ᠋ᠶ᠋ᠠᠨ ᠳᠠᠩᠬᠤ ᠶ᠋ᠢ ᠣᠷᠬᠢᠭᠠᠳ ᠪᠤᠴᠠᠵᠤ ᠡᠷᠭᠢᠪᠡ᠃ ᠥᠭᠯᠢᠭᠡ ᠨᠢ ᠡᠭᠦᠪᠡᠷ ᠳᠠᠭᠤᠰᠴᠠᠢ᠃ 
      ᠪᠠᠭᠰᠢ ᠱᠠᠪᠢ ᠬᠣᠶᠠᠷ ᠪᠣᠭᠣᠷᠰᠣᠭ ᠲᠠᠢ ᠬᠠᠷ᠎ᠠ ᠴᠠᠢ ᠤᠤᠭᠤᠵᠤ ᠬᠠᠨᠤᠭᠠᠳ ᠤᠨᠲᠠᠬᠤ ᠪᠠᠷ  ᠬᠠᠵᠠᠭᠤᠯᠠᠳᠠᠪᠠ᠃ ᠭᠡᠪᠡᠴᠦ ᠭᠡᠯᠦᠩ ᠦ᠋ᠨ ᠨᠣᠢᠷ ᠲᠡᠢᠮᠦ ᠠᠮᠠᠷᠬᠠᠨ  ᠬᠦᠷᠦᠭᠰᠡᠨ ᠦᠭᠡᠢ᠃  
      – ᠮᠠᠷᠭᠠᠰᠢ ᠪᠠᠷᠠᠭᠤᠨ ᠬᠡᠢᠳ ᠢ᠋ᠶ᠋ᠡᠷ ᠳᠠᠭᠠᠷᠢᠵᠤ ᠵᠢᠷᠭᠤᠳᠤᠭᠠᠷ ᠳᠠᠯᠠᠢ ᠯᠠᠮᠠ ᠶ᠋ᠢᠨ ᠱᠠᠷᠢᠯ ᠠ᠋ᠴᠠ ᠠᠳᠢᠰ ᠠᠪᠤᠭᠠᠳ ᠴᠠᠭᠠᠱᠢ ᠶᠠᠪᠤᠨ᠎ᠠ᠃ ᠤᠷᠢᠳᠤ ᠨᠢ ᠪᠢ ᠲᠡᠭᠦᠨ ᠡᠴᠡ ᠠᠳᠢᠰ ᠠᠪᠳᠠᠭ ᠦᠭᠡᠢ ᠪᠠᠢᠭᠰᠠᠨ ᠶᠤᠮ᠃ ᠣᠳᠣ ᠵᠠᠪᠠᠯ ᠠᠳᠢᠰ ᠠᠪᠤᠨ᠎ᠠ ᠭᠡᠵᠦ ᠭᠡᠯᠦᠩ ᠠᠶᠠᠷᠬᠠᠨ ᠰᠢᠪᠡᠨᠡᠨ ᠶᠠᠷᠢᠬᠤ ᠳ᠋ᠤ᠌  ᠭᠡᠰᠦᠯ ᠭᠠᠢᠬᠠᠨ ᠡᠷᠡᠭᠡᠯᠵᠡᠵᠦ᠂ 
      – ᠲᠠ  ᠤᠷᠢᠳᠤ ᠨᠢ ᠶᠠᠭᠠᠬᠢᠭᠠᠳ ᠠᠳᠢᠰ ᠠᠪᠳᠠᠭ ᠦᠭᠡᠢ ᠪᠠᠢᠭᠰᠠᠨ᠂ ᠣᠳᠣ ᠶᠠᠭᠤᠨ ᠳ᠋ᠤ᠌ ᠠᠪᠬᠤ ᠪᠣᠯᠪᠠ? ᠭᠡᠵᠦ ᠮᠥᠨ ᠯᠡ ᠰᠢᠪᠡᠨᠡᠨ ᠠᠰᠠᠭᠤᠯ᠎ᠠ᠃ 
      – ᠤᠷᠢᠳᠤ ᠪᠢ ᠵᠢᠷᠭᠤᠳᠤᠭᠠᠷ ᠳᠠᠯᠠᠢ ᠯᠠᠮᠠ ᠶ᠋ᠢ ᠰᠠᠬᠢᠯ ᠢ᠋ᠶ᠋ᠠᠨ ᠰᠠᠬᠢᠵᠤ  ᠴᠢᠳᠠᠭ᠎ᠠ ᠦᠭᠡᠢ ᠠᠯᠳᠠᠰ ᠬᠢᠭᠰᠡᠨ ᠭᠡᠵᠦ ᠮᠡᠳᠡᠬᠦ ᠪᠣᠯᠬᠣᠷ ᠨᠢᠭᠡ ᠶᠡᠬᠡ ᠰᠦᠵᠢᠭᠯᠡᠳᠡᠭ ᠦᠭᠡᠢ ᠪᠠᠢᠯ᠎ᠠ᠃ ᠣᠳᠣ ᠪᠣᠯ ᠪᠢᠳᠡ ᠬᠣᠶᠠᠷ ᠤ᠋ᠨ ᠢᠯᠭᠠᠭ᠎ᠠ ᠦᠭᠡᠢ ᠪᠣᠯᠵᠤ ᠁ ᠭᠡᠵᠦ ᠭᠡᠯᠦᠩ ᠰᠠᠨᠠᠭ᠎ᠠ ᠠᠯᠳᠠᠪᠠ᠃ 
      – ᠲᠠ ᠰᠠᠬᠢᠯ ᠢ᠋ᠶ᠋ᠠᠨ ᠰᠠᠬᠢᠭᠰᠠᠭᠠᠷ ᠯᠠ ᠪᠠᠢᠭ᠎ᠠ ᠰᠢᠦ ᠳᠡ᠂ ᠪᠠᠭᠰᠢ ᠮᠢᠨᠢ! ᠭᠡᠵᠦ  ᠭᠡᠰᠦᠯ ᠰᠠᠨᠠᠭᠤᠯᠪᠠ᠃   ᠴᠤᠢᠮᠴᠤᠭ ᠭᠡᠯᠦᠩ ᠬᠡᠰᠡᠭ ᠵᠠᠭᠤᠷ᠎ᠠ ᠶᠠᠭᠤ ᠴᠤ᠌ ᠬᠡᠯᠡᠭᠰᠡᠨ ᠦᠭᠡᠢ ᠳᠠᠭᠤ ᠦᠭᠡᠢ ᠬᠡᠪᠲᠡᠭᠰᠡᠭᠡᠷ ᠪᠠᠢᠬᠤ ᠳ᠋ᠤ᠌ ᠰᠡᠩᠵᠢ ᠲᠡᠭᠦᠨ ᠢ᠋ ᠨᠣᠢᠷᠰᠤᠵᠤ ᠡᠬᠢᠯᠡᠪᠡ ᠭᠡᠵᠦ ᠪᠣᠳᠣᠭᠠᠳ ᠮᠥᠨ ᠥᠪᠡᠷ ᠢ᠋ᠶ᠋ᠡᠨ ᠵᠡᠭᠦᠷᠮᠡᠭᠯᠡᠨ ᠪᠠᠢᠯ᠎ᠠ᠃ ᠲᠡᠭᠡᠲᠡᠯ᠎ᠡ ᠪᠠᠭᠰᠢ ᠨᠢ ᠠᠶᠠᠷ ᠳᠠᠭᠤ ᠪᠠᠷ᠂ 
      – ᠵᠢᠷᠭᠤᠳᠤᠭᠠᠷ ᠳᠠᠯᠠᠢ ᠯᠠᠮᠠ ᠽᠠᠩᠶᠠᠩᠵᠠᠮᠰᠤᠳᠠᠨ ᠶᠡᠬᠡ ᠤᠶᠠᠨ ᠰᠡᠳᠬᠢᠯ ᠲᠡᠢ ᠬᠥᠮᠦᠨ ᠪᠠᠢᠭᠰᠠᠨ ᠶᠤᠮ ᠭᠡᠳᠡᠭ᠃ ᠨᠢᠭᠡ ᠪᠦᠰᠡᠭᠦᠢ ᠲᠡᠢ ᠦᠶᠡᠷᠬᠡᠵᠦ ᠪᠠᠢᠭᠠᠳ ᠲᠡᠷᠡ ᠨᠢ ᠪᠡᠶ᠎ᠡ ᠳᠠᠪᠬᠤᠷ ᠪᠣᠯᠤᠭᠰᠠᠨ ᠶᠤᠮ ᠭᠡᠳᠡᠭ᠃ ᠲᠡᠭᠡᠲᠡᠯ᠎ᠡ ᠬᠢᠲᠠᠳ ᠵᠢᠷᠤᠬᠠᠢᠴᠢ ᠨᠠᠷ ᠲᠡᠷᠡ ᠬᠡᠦᠬᠡᠳ ᠲᠥᠷᠥᠪᠡᠯ ᠽᠠᠮᠪᠤᠲᠢᠢᠪ ᠤ᠋ᠨ ᠡᠵᠡᠨ ᠰᠠᠭᠤᠬᠤ ᠬᠤᠪᠢ ᠢᠷᠦᠭᠡᠯ ᠲᠡᠢ ᠶᠦᠮ ᠪᠠᠢᠨ᠎ᠠ ᠭᠡᠳ ᠶᠠᠷᠢᠶ᠎ᠠ ᠲᠠᠷᠠᠭᠠᠴᠢᠬᠠᠵᠤ ᠯᠠ ᠳᠠ᠃ ᠲᠡᠭᠦᠨ ᠢ ᠨᠢ ᠪᠡᠭᠡᠵᠢᠩ ᠳ᠋ᠦ᠍ ᠰᠣᠨᠣᠰᠴᠢᠬᠠᠵᠠᠢ᠃ ᠲᠡᠭᠡᠭᠡᠳ ᠡᠵᠡᠨ ᠬᠠᠭᠠᠨ ᠵᠠᠷᠯᠢᠭ ᠪᠠᠭᠤᠯᠭᠠᠵᠤ ᠳᠠᠯᠠᠢ ᠯᠠᠮᠠ ᠶ᠋ᠢ ᠥᠪᠡᠷ ᠢ᠋ ᠨᠢ ᠪᠡᠭᠡᠵᠢᠩ ᠳ᠋ᠦ᠍ ᠶᠠᠭᠠᠷᠠᠯᠲᠠᠢ ᠳᠠᠭᠤᠳᠠᠵᠤ᠂ ᠲᠡᠷᠡ ᠪᠦᠰᠡᠭᠦᠢ ᠶ᠋ᠢ ᠨᠢ ᠳᠠᠷᠤᠢᠬᠠᠨ ᠶᠡᠭᠦᠳᠬᠡᠵᠦ ᠬᠥᠨᠥᠭᠡᠬᠦ ᠶ᠋ᠢ ᠲᠤᠰᠢᠶᠠᠵᠠᠢ᠃ ᠪᠡᠭᠡᠵᠢᠩ ᠣᠷᠣᠬᠤ ᠪᠠᠷ ᠶᠠᠪᠤᠵᠤ ᠪᠠᠢᠲᠠᠯ᠎ᠠ ᠣᠳᠣ  ᠪᠢᠳᠡᠨ ᠦ᠌ ᠡᠨᠡ ᠬᠣᠨᠣᠭᠯᠠᠬᠤ ᠪᠠᠷ ᠢᠷᠡᠭᠰᠡᠨ ᠠᠯᠠᠱᠠᠨ ᠶᠠᠮᠤᠨ ᠳ᠋ᠤ᠌ ᠳᠠᠯᠠᠢ ᠯᠠᠮᠠ ᠶ᠋ᠢᠨ ᠨᠢᠭᠡ ᠳᠠᠭᠠᠭᠤᠯᠢ ᠨᠢ ᠥᠭᠡᠳᠡ ᠪᠣᠯᠴᠢᠬᠠᠵᠤ ᠯᠠ ᠳᠠ᠃ ᠲᠡᠭᠡᠭᠡᠳ ᠳᠠᠯᠠᠢ ᠯᠠᠮᠠ ᠲᠡᠷᠡ ᠦᠬᠦᠭᠰᠡᠨ ᠵᠠᠷᠤᠴᠠ ᠳ᠋ᠠᠭᠠᠨ ᠥᠪᠡᠷ ᠦ᠋ᠨ ᠢ᠋ᠶ᠋ᠡᠨ ᠬᠤᠪᠴᠠᠰᠤ ᠪᠠᠷᠢᠨᠲᠠᠭ ᠢ᠋ ᠡᠮᠦᠰᠦᠭᠦᠯᠦᠭᠡᠳ ᠥᠪᠡᠷ ᠢ᠋ᠶ᠋ᠡᠨ ᠲᠡᠭᠦᠨ ᠦ᠌ ᠬᠤᠪᠴᠠᠰᠤ ᠶ᠋ᠢ  ᠡᠮᠦᠰᠴᠦ ᠲᠡᠨᠦᠭᠦᠯᠴᠢᠨ ᠪᠣᠯᠤᠭᠠᠳ ᠬᠠᠯᠬ᠎ᠠ ᠮᠣᠩᠭᠣᠯ ᠤᠷᠤᠭᠤ ᠣᠷᠭᠣᠴᠢᠬᠠᠭᠰᠠᠨ ᠶᠤᠮ ᠭᠡᠳᠡᠭ᠃ ᠪᠠᠰᠠ ᠣᠪᠣᠭ᠎ᠠ ᠰᠡᠭᠡᠭᠡ ᠭᠠᠷᠭᠠᠭᠰᠠᠨ ᠬᠡᠷᠡᠭ ᠯᠡ ᠳᠡ ᠭᠡᠵᠦ  ᠴᠤᠢᠮᠴᠤᠭ ᠭᠡᠯᠦᠩ ᠶᠠᠷᠢᠵᠤ ᠪᠠᠢᠭᠰᠠᠨ ᠢ᠋ᠶ᠋ᠠᠨ ᠳᠠᠭᠤ ᠦᠭᠡᠢ ᠪᠣᠯᠪᠠ᠃   ᠱᠠᠪᠢ ᠪᠠᠨ ᠤᠨᠲᠠᠭᠠᠳ  ᠥᠭᠴᠡᠢ ᠭᠡᠵᠦ ᠪᠣᠳᠣᠵᠠᠢ᠃ 
      – ᠲᠡᠭᠡᠭᠡᠳ ᠶᠠᠭᠠᠬᠢᠭᠰᠡᠨ ᠪᠣᠢ᠂ ᠪᠠᠭᠰᠢ ᠠ ᠭᠡᠵᠦ ᠰᠡᠩᠵᠢ  ᠭᠡᠰᠦᠯ ᠭᠡᠨᠡᠳᠲᠡ ᠠᠰᠠᠭᠤᠭᠰᠠᠨ ᠳ᠋ᠤ᠌᠄ 
      – ᠦ ᠴᠢ ᠤᠨᠲᠠᠭ᠎ᠠ ᠦᠭᠡᠢ ᠪᠠᠢᠨ᠎ᠠ ᠤᠤ? ᠭᠡᠵᠦ ᠪᠠᠭᠰᠢ ᠨᠢ ᠯᠠᠪᠯᠠᠭᠠᠳ  ᠴᠠᠰᠢ ᠦᠷᠭᠦᠯᠵᠢᠯᠡᠭᠦᠯᠦᠨ᠄ 
      – ᠬᠠᠯᠬ᠎ᠠ ᠮᠣᠩᠭᠣᠯ ᠢ᠋ᠶ᠋ᠠᠷ ᠪᠠᠬᠠᠨ ᠲᠡᠨᠦᠭᠦᠴᠢᠯᠡᠵᠦ ᠶᠠᠪᠤᠭᠠᠳ ᠪᠤᠴᠠᠭᠠᠳ ᠲᠥᠪᠡᠳ ᠭᠠᠵᠠᠷ ᠢ᠋ᠶ᠋ᠠᠨ ᠢᠷᠡᠭᠡᠳ ᠲᠡᠨᠳᠡ ᠡᠴᠡ ᠪᠡᠨ ᠡᠨᠡᠳᠬᠡᠭ ᠣᠷᠣᠨ ᠳ᠋ᠤ᠌ ᠣᠳᠴᠤ ᠣᠯᠠᠨ ᠣᠨ ᠢ᠋ ᠥᠩᠭᠡᠷᠡᠭᠦᠯᠦᠭᠰᠡᠨ ᠶᠦᠮ ᠭᠡᠳᠡᠭ᠃ ᠲᠡᠭᠡᠭᠡᠳ ᠠᠮᠢ ᠨᠠᠰᠤᠨ ᠳ᠋ᠤ᠌ ᠨᠢ ᠢᠪᠡᠭᠡᠯ ᠲᠡᠢ ᠪᠣᠯᠤᠭᠰᠠᠨ ᠡᠨᠡ ᠠᠯᠠᠱᠠᠨ ᠨᠤᠲᠤᠭ ᠲᠤ᠌ ᠡᠷᠭᠢᠨ ᠢᠷᠡᠵᠦ ᠰᠠᠭᠤᠷᠢᠰᠢᠭᠠᠳ ᠶᠠᠩᠵᠤ ᠪᠦᠷᠢ ᠶ᠋ᠢᠨ ᠢᠳᠡ ᠰᠢᠳᠢ ᠦᠵᠡᠭᠦᠯᠦᠭᠰᠡᠨ ᠶᠦᠮ ᠭᠡᠳᠡᠭ᠃ ᠲᠡᠭᠦᠨ ᠢ ᠨᠢ ᠠᠯᠠᠱᠠᠨ ᠸᠠᠩ ᠤ᠋ᠨ ᠡᠵᠡᠭᠲᠡᠢ ᠰᠡᠵᠢᠭᠯᠡᠨ ᠳᠠᠩᠨᠠᠭᠠᠳ ᠳᠠᠯᠠᠢ ᠯᠠᠮᠠ ᠮᠥᠨ ᠭᠡᠵᠦ ᠲᠠᠨᠢᠭᠰᠠᠨ ᠭᠡᠳᠡᠭ᠃ ᠲᠡᠷᠡ ᠡᠵᠡᠭᠲᠡᠢ ᠳᠠᠯᠠᠢ ᠯᠠᠮᠠ ᠶ᠋ᠢ ᠰᠢᠲᠦᠳᠡᠭ ᠪᠣᠯᠤᠭᠰᠠᠨ ᠶᠤᠮ ᠪᠢᠯᠡ᠃ ᠡᠨᠡ ᠠᠯᠠᠱᠠᠨ ᠶᠠᠮᠤᠨ ᠳ᠋ᠤ᠌ ᠳᠠᠯᠠᠢ ᠯᠠᠮᠠ ᠬᠡᠳᠦ ᠬᠡᠳᠦᠨ ᠰᠦᠮ᠎ᠡ ᠳᠤᠭᠠᠩ ᠪᠠᠢᠭᠤᠯᠤᠭᠰᠠᠨ ᠶᠤᠮ ᠰᠠᠨᠵᠠᠢ ᠁ ᠭᠡᠵᠦ ᠥᠭᠦᠯᠡᠲᠡᠯ᠎ᠡ ᠱᠠᠪᠢ ᠭᠡᠰᠦᠯ ᠨᠢ ᠨᠣᠢᠷ ᠲᠠᠭᠠᠨ ᠳᠠᠷᠤᠭᠳᠠᠭᠠᠳ ᠦᠯᠦ ᠮᠡᠳᠡᠭ ᠬᠤᠷᠬᠢᠷᠠᠵᠤ ᠡᠬᠢᠯᠡᠪᠡ᠃ 
      – ᠬᠥᠭᠡᠷᠦᠬᠦᠢ ᠵᠠᠯᠠᠭᠤ ᠶᠤᠮ ᠪᠣᠯᠬᠣᠷ ᠢ᠋ᠶ᠋ᠠᠨ ᠨᠣᠢᠷ ᠶᠡᠬᠡ ᠲᠠᠢ ᠶᠤᠮ ᠳᠠ᠂ ᠵᠠᠢᠯᠠᠭᠤᠯ ᠭᠡᠵᠦ ᠭᠡᠯᠦᠩ ᠴᠤᠢᠮᠴᠤᠭ ᠠᠮᠠᠨ ᠳ᠋ᠠᠭᠠᠨ  ᠪᠤᠪᠲᠤᠨᠠᠭᠠᠳ  ᠪᠤᠷᠤᠭᠤ ᠬᠠᠷᠠᠨ ᠬᠡᠪᠲᠡᠪᠡ᠃ 
      ᠴᠤᠢᠮᠴᠤᠭ ᠭᠡᠯᠦᠩ ᠦ᠋ᠨ ᠨᠣᠢᠷ ᠨᠢ ᠬᠦᠷᠬᠦ ᠦᠭᠡᠢ ᠪᠠᠢᠯ᠎ᠠ᠃ ᠨᠢᠳᠦᠨ ᠦ᠌ ᠡᠮᠦᠨᠡᠭᠦᠷ ᠨᠢ ᠥᠪᠡᠷ ᠦ᠋ᠨ ᠨᠢ ᠰᠡᠳᠬᠢᠯ ᠢ᠋ ᠰᠢᠨᠠᠯᠭᠠᠭᠰᠠᠨ ᠳᠦᠷᠢ ᠵᠢᠷᠤᠭ ᠪᠦᠷᠦᠯᠵᠡᠨ ᠦᠵᠡᠭᠳᠡᠬᠦ ᠰᠢᠭ ᠪᠣᠯᠵᠤ ᠭᠡᠯᠦᠩ ᠤᠲᠠᠲᠠᠯ᠎ᠠ ᠰᠢᠨᠠᠯᠤᠨ ᠵᠣᠪᠠᠪᠠ᠃ 
      ᠲᠠᠪᠤᠳᠤᠭᠠᠷ ᠳᠠᠯᠠᠢ ᠯᠠᠮᠠ ᠶ᠋ᠢᠨ ᠤᠶᠠᠩᠭ᠎ᠠ ᠶ᠋ᠢᠨ ᠰᠢᠯᠦᠭ ᠦᠨ ᠮᠥᠷ ᠪᠠᠳᠠᠭ ᠤ᠋ᠳ ᠰᠠᠨᠠᠭᠠᠨ ᠳ᠋ᠤᠨᠢ ᠤᠷᠭᠤᠨ ᠣᠷᠣᠵᠤ ᠢᠷᠡᠬᠦ ᠳ᠋ᠦ᠍  ᠴᠤᠢᠮᠴᠤᠭ ᠭᠡᠯᠦᠩ ᠥᠪᠡᠷ ᠦ᠋ᠨ ᠡᠷᠬᠡ ᠦᠭᠡᠢ ᠨᠢᠯᠪᠤᠰᠤ ᠪᠠᠨ ᠪᠥᠮᠪᠥᠷᠢᠭᠦᠯᠦᠨ ᠤᠶᠠᠷᠠᠵᠤ ᠬᠡᠪᠲᠡᠯ᠎ᠡ᠃ ᠦᠵᠡᠰᠬᠦᠯᠡᠩᠲᠦ ᠪᠦᠰᠡᠭᠦᠢ  ᠬᠥᠮᠦᠨ ᠳ᠋ᠦ᠍ ᠵᠣᠷᠢᠭᠤᠯᠤᠨ ᠪᠢᠴᠢᠭᠰᠡᠨ ᠲᠡᠷᠡ  ᠬᠦ᠌  ᠰᠢᠯᠦᠭ ᠦ᠋ᠳ ᠬᠣᠵᠢᠮ ᠳᠠᠭᠤᠤ ᠪᠣᠯᠤᠨ  ᠣᠯᠠᠨ ᠤ᠋ ᠳᠤᠮᠳᠠ ᠲᠦᠭᠡᠵᠦ ᠪᠢᠯᠡ᠃   ᠴᠤᠢᠮᠴᠤᠭ ᠭᠡᠯᠦᠩ ᠵᠠᠯᠠᠭᠤ ᠳ᠋ᠠᠭᠠᠨ ᠲᠡᠷᠡ ᠶ᠋ᠢ ᠳᠠᠭᠤᠯᠠᠬᠤ ᠳᠤᠷ᠎ᠠ ᠲᠠᠢ ᠰᠠᠨ ᠁