ᠣᠷᠣᠢ ᠦᠭᠡᠢ ᠰᠦᠮ᠎ᠡ – ᠨᠢᠭᠡ ᠂ ᠭᠡᠰᠦᠯ ᠦᠨ ᠰᠠᠬᠢᠯ ᠬᠦᠷᠲᠡᠭᠰᠡᠨ ᠨᠢ Оройгүй сүм – Нэг ᠂ Гэслийн сахил хүртсэн нь - Oroigui sum 1 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠨᠢᠭᠡ ᠂ ᠭᠡᠰᠦᠯ ᠦᠨ ᠰᠠᠬᠢᠯ ᠬᠦᠷᠲᠡᠭᠰᠡᠨ ᠨᠢ Оройгүй сүм – Нэг ᠂ Гэслийн сахил хүртсэн нь - Oroigui sum 1

ᠣᠷᠣᠢ ᠦᠭᠡᠢ ᠰᠦᠮ᠎ᠡ – ᠨᠢᠭᠡ ᠂ ᠭᠡᠰᠦᠯ ᠦᠨ ᠰᠠᠬᠢᠯ ᠬᠦᠷᠲᠡᠭᠰᠡᠨ ᠨᠢ Оройгүй сүм – Нэг ᠂ Гэслийн сахил хүртсэн нь - Oroigui sum 1

ᠠᠩᠭᠢᠯᠠᠯ:ᠲᠤᠭᠤᠵᠢ ᠷᠣᠮᠠᠨ
2023-07-13

2252

ᠨᠢᠭᠡ ᠂ ᠭᠡᠰᠦᠯ ᠦᠨ ᠰᠠᠬᠢᠯ ᠬᠦᠷᠲᠡᠭᠰᠡᠨ ᠨᠢ


                 ᠨᠤᠮᠤ ᠦᠭᠡᠢ ᠠᠩᠴᠢᠨ ᠠᠪᠠ ᠳᠡᠭᠡᠷ᠎ᠡ ᠭᠡᠮᠰᠢᠯ 
                  ᠨᠣᠮ ᠦᠭᠡᠢ ᠯᠠᠮᠠ ᠬᠤᠷᠠᠯ ᠳᠡᠭᠡᠷ᠎ᠡ ᠭᠡᠮᠰᠢᠯ 
                  ᠦᠢᠯᠡ ᠦᠭᠡᠢ ᠬᠡᠦᠬᠡᠨ ᠬᠤᠷᠢᠮ ᠳᠡᠭᠡᠷ᠎ᠡ ᠭᠡᠮᠰᠢᠯ 

      ᠪᠤᠶᠠᠨᠵᠠᠯᠪᠠᠷᠢᠬᠤ ᠬᠡᠢᠳ ᠦ᠋ᠨ ᠭᠣᠣᠯ ᠰᠦᠮ᠎ᠡ ᠳ᠋ᠦ᠍ ᠨᠠᠮ ᠭᠦᠮ᠂ ᠪᠦᠷᠦᠢ  ᠪᠠᠷᠤᠢ᠂ ᠬᠦᠵᠢ᠂ ᠬᠥᠬᠥᠯ ᠦ᠋ᠨ  ᠨᠢᠯᠤᠭᠤᠪᠲᠤᠷ ᠦᠨᠦᠷ ᠰᠡᠩᠭᠢᠨᠡᠵᠦ ᠪᠠᠢᠯ᠎ᠠ᠃ ᠰᠢᠲᠦᠭᠡᠨ ᠦ᠌ ᠡᠮᠦᠨᠡᠬᠢ ᠽᠠᠨᠳᠠᠨ ᠰᠢᠷᠡᠭᠡᠨ ᠳᠡᠭᠡᠷ᠎ᠡ ᠬᠡᠳᠦᠨ ᠡᠩᠨᠡᠭᠡ ᠪᠡᠷ ᠶᠣᠰᠣ ᠭᠣᠷᠢᠮ ᠢ᠋ᠶ᠋ᠠᠷ ᠨᠢ  ᠦᠷᠦᠭᠰᠡᠨ ᠲᠠᠬᠢᠯ ᠤ᠋ᠨ ᠶᠠᠭᠤᠮᠠᠰ ᠵᠤᠯᠠ ᠶ᠋ᠢᠨ ᠪᠦᠳᠡᠭᠢ ᠭᠡᠷᠡᠯ ᠳ᠋ᠦ᠍ ᠰᠡᠭᠦᠳᠡᠭᠡᠨᠡᠨ ᠬᠥᠳᠡᠯᠬᠦ ᠰᠢᠭ ᠡᠷᠢᠶᠡᠯᠵᠢᠯᠡᠨ ᠢᠷᠠᠢᠨ᠎ᠠ᠃ ᠬᠠᠮᠤᠭ ᠤ᠋ᠨ ᠤᠷᠢᠲᠤ ᠨᠢᠭᠤᠷ ᠲᠤ᠌ ᠳᠣᠯᠣᠭᠠᠨ ᠴᠥᠭᠥᠴᠡ ᠡᠩᠨᠡᠭᠦᠯᠦᠭᠰᠡᠨ ᠦ᠌ ᠵᠡᠭᠦᠨ ᠬᠣᠶᠠᠷ ᠨᠢ ᠤᠰᠤ ᠲᠠᠢ᠂ ᠭᠤᠷᠪᠠᠳᠠᠬᠢ ᠨᠢ ᠴᠡᠴᠡᠭ ᠲᠡᠢ᠂ ᠳᠥᠷᠪᠡᠳᠡᠬᠢ ᠨᠢ ᠬᠦᠵᠢ ᠲᠡᠢ᠂ ᠲᠠᠪᠤᠳᠠᠬᠢ ᠨᠢ ᠰᠢᠷ᠎ᠠ ᠲᠣᠰᠣᠨ ᠵᠤᠯᠠ ᠲᠠᠢ᠂  ᠵᠢᠷᠭᠤᠳᠠᠬᠢ ᠨᠢ ᠤᠰᠤ᠂ ᠳᠣᠯᠣᠳᠠᠬᠢ ᠨᠢ ᠴᠠᠭᠠᠨ ᠢᠳᠡᠭᠡ ᠲᠡᠢ ᠠᠵᠢ᠃ ᠪᠤᠷᠬᠠᠨ ᠤ᠋ ᠥᠯᠮᠡᠢ ᠶ᠋ᠢᠨ ᠰᠡᠷᠢᠭᠦᠴᠡᠭᠦᠯᠭᠡ ᠪᠤᠶᠤ ᠲᠥᠪᠡᠳ ᠢ᠋ᠶ᠋ᠡᠷ ᠱᠠᠪᠰᠡᠯ᠂ ᠨᠢᠭᠤᠷ ᠤᠨ ᠰᠡᠷᠢᠭᠦᠴᠡᠭᠦᠯᠭᠡ ᠪᠤᠶᠤ ᠲᠥᠪᠡᠳ ᠢ᠋ᠶ᠋ᠡᠷ ᠱᠠᠪᠰᠠᠯ᠂ ᠭᠠᠵᠠᠷ ᠰᠢᠷᠣᠢ ᠶ᠋ᠢᠨ ᠪᠡᠯᠭᠡ ᠪᠤᠶᠤ ᠲᠥᠪᠡᠳ ᠢ᠋ᠶ᠋ᠡᠷ ᠮᠠᠳᠠᠾ ᠴᠡᠴᠡᠭ᠂ ᠤᠲᠤᠬᠤ ᠬᠦᠵᠢ ᠪᠤᠶᠤ ᠲᠥᠪᠡᠳ ᠢ᠋ᠶ᠋ᠡᠷ ᠲᠤᠭᠪᠤᠢᠵᠤᠯᠠ ᠪᠤᠶᠤ ᠲᠥᠪᠡᠳ ᠢ᠋ᠶ᠋ᠡᠷ ᠮᠠᠷᠮᠠᠢ᠂ ᠦᠨᠦᠷᠲᠦ ᠤᠰᠤ ᠪᠤᠶᠤ ᠲᠥᠪᠡᠳ ᠢ᠋ᠶ᠋ᠡᠷ ᠳ᠋ᠢᠭᠠᠪ᠂ ᠭᠡᠭᠡᠨ ᠦ᠌ ᠵᠣᠭᠣᠭ ᠪᠤᠶᠤ ᠲᠥᠪᠡᠳ ᠢ᠋ᠶ᠋ᠡᠷ ᠱᠠᠯᠰᠠᠢ ᠶ᠋ᠢ ᠲᠥᠯᠥᠭᠡᠯᠡᠵᠦ ᠡᠢᠮᠦ ᠳᠣᠯᠣᠭᠠᠨ ᠲᠠᠬᠢᠯ ᠢ᠋ ᠠᠯᠢᠪᠠ ᠰᠦᠮ᠎ᠡ ᠶ᠋ᠢᠨ ᠪᠠᠢᠲᠤᠭᠠᠢ᠂ ᠭᠡᠷ ᠦ᠋ᠨ ᠰᠢᠲᠦᠭᠡᠨ ᠦ᠌ ᠡᠮᠦᠨ᠎ᠡ ᠥᠷᠢᠵᠦ ᠲᠠᠯᠪᠢᠳᠠᠭ ᠵᠠᠩᠰᠢᠯ ᠲᠦᠭᠡᠮᠡᠯ ᠦ᠋ᠨ ᠤᠴᠢᠷ ᠬᠠᠮᠢᠭ᠎ᠠ ᠴᠤ᠌ ᠡᠢᠮᠦ ᠯᠡ ᠪᠠᠢᠳᠠᠭ ᠪᠢᠯᠡ᠃ ᠳᠣᠯᠣᠭᠠᠨ ᠴᠥᠭᠦᠴᠡᠨ ᠡᠴᠡ ᠴᠠᠰᠢ ᠥᠯᠵᠡᠢᠲᠦ ᠨᠠᠢ᠍ᠮᠠᠨ ᠲᠡᠮᠳᠡᠭ ᠪᠤᠶᠤ ᠨᠠᠢ᠍ᠮᠠᠨ ᠲᠠᠬᠢᠯ ᠢᠷᠠᠢᠵᠤ ᠪᠠᠢᠨ᠎ᠠ᠃  ᠨᠢᠰᠸᠠᠨᠢᠰ ᠤ᠋ᠨ ᠬᠠᠯᠠᠭᠤᠨ ᠢ᠋ ᠪᠤᠶᠤ ᠡᠯᠳᠡᠪ ᠨᠢᠭᠦᠯᠲᠦ ᠬᠦᠰᠡᠯ ᠦ᠋ᠨ ᠰᠢᠨᠤᠯ ᠢ᠋ ᠲᠠᠷᠤᠬᠤ ᠪᠡᠯᠭᠡᠳᠡᠯ ᠪᠣᠯᠤᠭᠰᠠᠨ ᠴᠠᠭᠠᠨ ᠰᠢᠭᠦᠷ᠂ ᠴᠡᠪᠡᠷ ᠠᠯᠲᠠ ᠪᠠᠷ ᠴᠢᠳᠬᠤᠵᠤ ᠬᠢᠭᠰᠡᠨ ᠪᠣᠳᠢ ᠭᠥᠷᠦᠭᠡᠰᠦᠨ ᠦ᠌ ᠳᠦᠷᠰᠦ᠂ ᠲᠤᠰᠠ ᠵᠢᠷᠭᠠᠯᠠᠩ ᠤ᠋ᠨ ᠳᠤᠮᠳᠠ ᠠᠮᠢᠳᠤᠷᠠᠬᠤ ᠵᠢᠭᠠᠰᠤᠨ ᠤ᠋ ᠳᠦᠷᠰᠦ᠂ ᠢᠷᠠᠭᠤ ᠳᠠᠭᠤ ᠪᠠᠨ ᠠᠷᠪᠠᠨ ᠵᠦᠭ ᠲᠦ᠍ ᠲᠦᠭᠡᠭᠡᠭᠴᠢ ᠴᠠᠭᠠᠨ ᠯᠠᠪᠠᠢ ᠭᠡᠭᠴᠢ ᠲᠣᠩᠭᠠᠷ᠂ ᠪᠣᠬᠢᠷ ᠮᠠᠭᠤᠬᠠᠢ ᠠ᠋ᠴᠠ ᠬᠠᠭᠠᠴᠠᠭᠰᠠᠨ ᠴᠠᠭᠠᠨ ᠪᠠᠳᠮᠠᠯᠢᠩᠬᠤ᠎ᠠ᠂ ᠬᠦᠰᠡᠯ ᠦ᠋ᠨ ᠡᠷᠳᠡᠨᠢ ᠪᠡᠷ ᠲᠡᠭᠦᠰ ᠳᠦᠭᠦᠷᠡᠩ ᠪᠤᠮᠪᠠ᠂ ᠠᠵᠠ ᠵᠢᠷᠭᠠᠯ ᠤ᠋ᠨ ᠲᠡᠭᠦᠰᠬᠡᠯ ᠦᠭᠡᠢ ᠪᠡᠯᠭᠡᠳᠡᠯ ᠥᠯᠵᠡᠢ ᠤᠲᠠᠰᠤ᠂ ᠪᠠᠯᠪᠠ᠂ ᠢᠯᠠᠭᠤᠭᠰᠠᠨ ᠤ᠋ ᠴᠢᠮᠡᠭ ᠪᠣᠯᠬᠤ ᠵᠠᠯᠰᠠᠩ᠂ ᠮᠢᠩᠭᠠᠨ ᠬᠡᠭᠡᠰᠦ ᠳ᠋ᠦ᠍ ᠨᠣᠮ ᠤ᠋ᠨ ᠬᠣᠷᠯᠣ᠂ ᠡᠨᠡ ᠨᠠᠢ᠍ᠮᠠ ᠶ᠋ᠢ ᠥᠯᠵᠡᠢᠲᠦ ᠲᠡᠮᠳᠡᠭ ᠪᠣᠯᠭᠠᠨ ᠰᠢᠲᠦᠭᠡᠨ ᠢ᠋ ᠴᠢᠮᠡᠭᠯᠡᠵᠡᠢ᠃ ᠮᠥᠨ ᠡᠳᠡᠭᠡᠷ ᠲᠡᠢ ᠵᠡᠷᠭᠡᠴᠡᠭᠡᠳ ᠬᠦᠷᠳᠦ ᠡᠷᠭᠢᠭᠦᠯᠦᠭᠴᠢ ᠴᠠᠺᠠᠷᠠᠸᠠᠷᠳ᠋ ᠤ᠋ᠨ ᠳᠣᠯᠣᠭᠠᠨ ᠡᠷᠳᠡᠨᠢ ᠢᠷᠠᠢᠵᠤ ᠪᠠᠢᠨ᠎ᠠ᠃ ᠮᠢᠩᠭᠠᠨ ᠬᠡᠭᠡᠰᠦ ᠲᠡᠢ ᠨᠠᠷᠠᠨ ᠮᠡᠲᠦ  ᠬᠦᠷᠳᠦ ᠂ ᠨᠠᠢ᠍ᠮᠠᠨ  ᠪᠤᠯᠤᠩ ᠠ᠋ᠴᠠ ᠲᠠᠪᠤᠨ ᠥᠩᠭᠡ ᠶ᠋ᠢᠨ ᠭᠡᠷᠡᠯ ᠰᠠᠴᠤᠷᠠᠭᠤᠯᠵᠤ᠂ ᠬᠠᠯᠠᠭᠤᠨ ᠳ᠋ᠤ᠌  ᠰᠡᠷᠢᠭᠦᠨ ᠲᠠᠲᠠᠭᠤᠯᠵᠤ᠂ ᠬᠦᠢᠲᠡᠨ ᠳ᠋ᠦ᠍  ᠬᠠᠯᠠᠭᠤᠨ ᠣᠷᠭᠢᠭᠤᠯᠳᠠᠭ ᠤᠪᠠᠳᠢᠰ ᠲᠠᠢ ᠭᠡᠭᠳᠡᠳᠡᠭ ᠴᠢᠳᠠᠮᠤᠨᠢ ᠡᠷᠳᠡᠨᠢ᠂ ᠬᠠᠮᠤᠭ ᠵᠣᠪᠠᠯᠠᠩ ᠢ᠋ ᠠᠷᠢᠯᠭᠠᠨ ᠴᠢᠳᠠᠬᠤ᠂ ᠬᠦᠷᠦᠯᠴᠡᠬᠦ ᠶ᠋ᠢᠨ ᠲᠡᠳᠦᠢ ᠪᠡᠷ ᠠᠮᠤᠭᠤᠯᠠᠩ ᠢ᠋ ᠥᠭᠬᠦ ᠡᠷᠳᠡᠮ ᠲᠡᠢ ᠬᠠᠲᠤᠨ ᠡᠷᠳᠡᠨᠢ᠂ ᠬᠠᠮᠤᠭ ᠠᠮᠢᠲᠠᠨ ᠢ᠋  ᠬᠦᠦ ᠮᠡᠲᠦ ᠲᠡᠳᠬᠦᠬᠦ ᠸᠴᠢᠷ ᠲᠡᠢ ᠲᠦᠰᠢᠮᠡᠯ ᠡᠷᠳᠡᠨᠢ᠂ ᠪᠤᠷᠬᠠᠨ ᠤ᠋  ᠨᠠᠶᠠᠨ ᠳᠥᠷᠪᠡᠨ ᠮᠢᠩᠭᠠᠨ ᠨᠣᠮ ᠢ᠋ ᠨᠢᠷᠤᠭᠤᠨ ᠳ᠋ᠠᠭᠠᠨ ᠡᠭᠦᠷᠦᠭᠴᠢ ᠵᠠᠭᠠᠨ ᠡᠷᠳᠡᠨᠢ᠂ ᠰᠠᠯᠬᠢ ᠮᠡᠲᠦ ᠬᠤᠷᠳᠤᠨ ᠪᠠ  ᠨᠢᠷᠤᠭᠤᠨ᠎ᠠ ᠴᠢᠳᠠᠮᠤᠨᠢ ᠲᠡᠭᠡᠭᠡᠭᠴᠢ ᠮᠣᠷᠢᠨ ᠡᠷᠳᠡᠨᠢ᠂ ᠢᠯᠠᠬᠤ ᠶ᠋ᠢᠨ ᠬᠦᠴᠦᠨ ᠪᠦᠷᠢᠳᠦᠭᠰᠡᠨ ᠴᠡᠷᠢᠭ ᠦ᠋ᠨ ᠨᠣᠶᠠᠨ ᠡᠷᠳᠡᠨᠢ᠂ ᠡᠳᠡᠭᠡᠷ ᠳᠣᠯᠣᠭ᠎ᠠ ᠶ᠋ᠢ  ᠪᠡᠯᠭᠡᠳᠡᠯ ᠪᠣᠯᠭᠠᠨ  ᠥᠷᠥᠵᠡᠢ᠃  
      ᠲᠠᠬᠢᠯ ᠤ᠋ᠨ ᠰᠢᠷᠡᠭᠡᠨ ᠦ᠌ ᠪᠠᠷᠠᠭᠤᠨ ᠲᠠᠯ᠎ᠠ ᠳ᠋ᠤ᠌ ᠨᠠᠢ᠍ᠮᠠᠨ ᠲᠠᠬᠢᠯ᠂ ᠳᠣᠯᠣᠭᠠᠨ ᠴᠥᠭᠦᠴᠡᠨ ᠦ᠌ ᠳᠤᠮᠳᠠ ᠳᠡᠯᠡᠬᠡᠢ ᠶ᠋ᠢ ᠳᠦᠷᠰᠦᠯᠡᠭᠰᠡᠨ ᠮᠠᠨᠳᠠᠯ ᠪᠠᠢᠨ᠎ᠠ᠃ ᠬᠦᠷᠡᠯ ᠢ᠋ᠶ᠋ᠡᠷ ᠬᠢᠭᠰᠡᠨ ᠲᠦᠭᠦᠷᠡᠭ ᠬᠡᠯᠪᠡᠷᠢᠲᠡᠢ  ᠲᠡᠷᠡ ᠬᠦ᠌  ᠮᠠᠨᠳᠠᠯ ᠤ᠋ᠨ ᠭᠣᠣᠯ ᠳᠤᠮᠳᠠ ᠨᠢ ᠰᠦᠮᠪᠦᠷ ᠠᠭᠤᠯᠠ ᠶ᠋ᠢ ᠵᠡᠭᠦᠨ ᠭᠠᠷ ᠢ᠋ ᠮᠥᠩᠭᠥ ᠪᠡᠷ᠂ ᠡᠮᠦᠨ᠎ᠡ ᠲᠠᠯ᠎ᠠ ᠶ᠋ᠢ ᠨᠣᠮᠢᠨ᠂ ᠪᠠᠷᠠᠭᠤᠨ ᠢ᠋ ᠪᠠᠳᠮᠠᠷᠠᠭ᠎ᠠ᠂ ᠤᠮᠠᠷ᠎ᠠ ᠶ᠋ᠢ ᠠᠯᠲᠠ ᠪᠠᠷ ᠴᠢᠮᠡᠭᠯᠡᠨ ᠳᠦᠷᠰᠦᠯᠡᠵᠦ ᠲᠢᠪ ᠦ᠋ᠳ ᠢ᠋ ᠳᠤᠭᠤᠢᠷᠠᠭᠤᠯᠤᠭᠰᠠᠨ ᠬᠦᠷᠢᠶ᠎ᠡ ᠪᠡᠷ ᠲᠣᠮᠢᠶᠠᠯᠠᠵᠤ ᠠᠷᠪᠠᠢ ᠪᠠᠷ ᠳᠦᠭᠦᠷᠭᠡᠵᠡᠢ᠃ ᠲᠡᠭᠦᠨ ᠦ᠌ ᠡᠰᠡᠷᠭᠦ ᠲᠠᠯ᠎ᠠ ᠳ᠋ᠤ᠌ ᠲᠣᠭᠣᠰ ᠤ᠋ᠨ ᠥᠲᠥᠨ ᠴᠢᠮᠡᠭ ᠲᠡᠢ ᠰᠠᠴᠤᠯᠢ ᠪᠦᠬᠦᠢ ᠷᠠᠰᠢᠶᠠᠨ ᠤ᠋ ᠵᠡᠰ ᠭᠦᠴᠡ ᠳᠡᠷᠭᠡᠳᠡ ᠨᠢ ᠬᠦᠷᠡᠯ ᠢ᠋ᠶ᠋ᠡᠷ ᠬᠢᠭᠰᠡᠨ ᠲᠣᠯᠢ ᠪᠠᠢᠨ᠎ᠠ᠃ ᠮᠠᠨᠳᠠᠯ ᠤ᠋ᠨ ᠳᠡᠷᠭᠡᠳᠡ ᠭᠠᠪᠠᠯᠠ ᠠᠶᠠᠭ᠎ᠠ ᠬᠦᠷᠡᠯ ᠰᠠᠭᠤᠷᠢᠨ ᠳᠡᠭᠡᠷ᠎ᠡ ᠲᠠᠯᠪᠢᠭᠠᠰᠤᠲᠠᠢ᠃ ᠵᠢᠰᠦᠨ ᠪᠦᠷᠢ ᠶ᠋ᠢᠨ ᠲᠠᠬᠢᠯ᠂ ᠡᠷᠭᠦᠯ ᠦ᠋ᠨ ᠡᠢᠮᠦ ᠵᠦᠢᠯᠡᠰ ᠦ᠋ᠨ ᠴᠠᠭᠠᠳᠤ ᠲᠠᠯ᠎ᠠ ᠳ᠋ᠤ᠌ ᠪᠤᠷᠬᠠᠨ ᠪᠠᠭᠰᠢ ᠶ᠋ᠢᠨ ᠠᠯᠲᠠᠳᠠᠮᠠᠯ ᠳᠦᠷᠰᠦ ᠬᠦᠵᠢ᠂ ᠵᠤᠯᠠ ᠶ᠋ᠢᠨ ᠴᠡᠩᠬᠡᠷ ᠤᠨᠢᠶᠠᠷ ᠤ᠋ᠨ ᠳᠤᠮᠳᠠ ᠠ᠋ᠴᠠ ᠭᠢᠯᠲᠠᠭᠠᠨᠠᠨ ᠬᠠᠷᠠᠭᠳᠠᠨ᠎ᠠ᠃ ᠳᠡᠭᠡᠳᠦ ᠲᠠᠭᠠᠵᠠᠨ ᠠ᠋ᠴᠠ ᠤᠨᠵᠢᠭᠤᠯᠤᠨ ᠵᠡᠭᠦᠭᠰᠡᠨ ᠲᠠᠪᠤᠨ ᠥᠩᠭᠡ ᠶ᠋ᠢᠨ ᠪᠠᠳᠠᠩ ᠰᠦᠮ᠎ᠡ ᠳ᠋ᠡᠬᠢ ᠠᠭᠠᠷ ᠤ᠋ᠨ ᠨᠥᠭᠡᠯᠭᠡᠨ ᠦ᠌ ᠠᠶᠠᠰ ᠢ᠋ᠶ᠋ᠠᠷ ᠦᠯᠦ ᠮᠡᠳᠡᠭ ᠴᠡᠴᠡᠷᠡᠭᠡᠨᠡᠨ ᠬᠥᠳᠡᠯᠵᠦ᠂ ᠠᠷᠪᠠᠨ ᠨᠢᠭᠡᠨ  ᠭᠤᠱᠢᠭᠤᠷ ᠤᠭᠤᠲᠠᠨ ᠳ᠋ᠤ᠌ ᠠᠷᠴᠠ᠂ ᠬᠦᠵᠢ᠂ ᠭᠦᠷᠭᠦᠮ ᠵᠡᠷᠭᠡ ᠦᠨᠦᠷᠲᠦ ᠤᠷᠭᠤᠮᠠᠯ ᠴᠢᠬᠢᠭᠡᠳ ᠬᠣᠭᠣᠷᠣᠨᠳᠣ ᠨᠢ ᠨᠡᠢᠯᠡᠭᠦᠯᠦᠨ ᠣᠶᠣᠵᠤ ᠬᠢᠭᠰᠡᠨ ᠪᠥᠭᠡᠷᠡᠩᠬᠡᠢ ᠬᠡᠯᠪᠡᠷᠢ ᠲᠡᠢ  ᠴᠢᠮᠠᠨᠤᠷᠮ᠎ᠠ ᠭᠡᠳᠡᠭ ᠴᠢᠮᠡᠭᠯᠡᠯ ᠲᠡᠢ  ᠬᠠᠪᠰᠤᠷᠡᠨ ᠪᠤᠷᠬᠠᠳ ᠤ᠋ᠨ ᠡᠮᠦᠨᠡᠭᠦᠷ ᠰᠣᠨᠢᠨ  ᠴᠠᠮᠢᠨ ᠤᠨᠵᠢᠯᠭ᠎ᠠ ᠪᠣᠯᠤᠨ ᠠᠯᠠᠭᠯᠠᠵᠤ ᠪᠠᠢᠯ᠎ᠠ᠃ ᠲᠠᠬᠢᠯ ᠤ᠋ᠨ ᠰᠢᠷᠡᠭᠡᠨ ᠳ᠋ᠦ᠍ ᠪᠠᠰᠠ ᠪᠤᠷᠬᠠᠳ ᠤ᠋ᠨ ᠲᠠᠪᠤᠨ ᠬᠦᠰᠡᠯ ᠢ᠋ ᠬᠠᠩᠭᠠᠬᠤ ᠪᠡᠯᠭᠡᠳᠡᠯ ᠪᠣᠯᠭᠠᠵᠤ᠂ ᠰᠣᠨᠣᠰᠬᠠᠯ ᠢ᠋ ᠨᠢ ᠲᠤᠩ᠂ ᠬᠠᠷᠠᠭ᠎ᠠ ᠶ᠋ᠢ ᠨᠢ ᠲᠣᠯᠢ᠂ ᠦᠨᠦᠷᠲᠦᠬᠦᠢ ᠶ᠋ᠢ ᠨᠢ  ᠽᠠᠳᠢ᠂ ᠠᠮᠲᠠᠯᠠᠬᠤ ᠶ᠋ᠢ ᠨᠢ ᠵᠢᠮᠢᠰ᠂ ᠬᠦᠷᠦᠯᠴᠡᠬᠦᠢ ᠶ᠋ᠢ ᠨᠢ ᠭᠬᠢᠪ ᠲᠣᠷᠭ᠎ᠠ ᠪᠠᠷ ᠬᠣᠷᠭᠣᠮᠴᠢᠯᠠᠬᠤ ᠤᠴᠢᠷ ᠲᠠᠢ ᠪᠠᠷ ᠳᠡᠭᠡᠷᠡᠬᠢ ᠵᠦᠢᠯᠡᠰ ᠢ᠋ ᠦᠷᠦᠭᠰᠡᠨ ᠠᠵᠢ᠃ 
      ᠰᠢᠲᠦᠭᠡᠨ ᠦ᠌ ᠰᠢᠷᠡᠭᠡᠨ ᠡᠴᠡ ᠤᠷᠤᠭᠰᠢ ᠬᠣᠶᠠᠷ ᠲᠠᠯ᠎ᠠ ᠪᠠᠷ ᠯᠠᠮᠠ ᠨᠠᠷ ᠤ᠋ᠨ ᠰᠠᠭᠤᠳᠠᠯ᠂ ᠵᠠᠪᠳᠤᠩ ᠡᠩᠨᠡᠵᠦ ᠪᠠᠢᠯ᠎ᠠ᠃ ᠬᠠᠮᠤᠭ ᠤ᠋ᠨ ᠡᠬᠢᠨ ᠳ᠋ᠦ᠍ ᠵᠡᠭᠦᠨ ᠭᠠᠷ ᠲᠠᠯ᠎ᠠ ᠳ᠋ᠤ᠌ ᠳᠣᠯᠣᠭᠠᠨ ᠳᠠᠪᠬᠤᠷ ᠣᠯᠪᠣᠭ ᠲᠠᠢ᠂ ᠲᠦᠰᠢᠯᠭᠡ ᠲᠡᠢ ᠰᠠᠭᠤᠳᠠᠯ᠂ ᠲᠡᠭᠦᠨ ᠦ᠌ ᠡᠰᠡᠷᠭᠦ ᠲᠠᠯ᠎ᠠ ᠳ᠋ᠤ᠌ ᠶᠢᠰᠦᠨ ᠳᠠᠪᠬᠤᠷ ᠣᠯᠪᠣᠭ ᠲᠠᠢ ᠲᠦᠰᠢᠯᠭᠡ ᠲᠡᠢ ᠰᠠᠭᠤᠳᠠᠯ ᠪᠠᠢᠯ᠎ᠠ᠃ ᠶᠢᠰᠦᠨ ᠣᠯᠪᠣᠭᠲᠤ᠌ ᠰᠠᠭᠤᠳᠠᠯ ᠡᠵᠡᠭᠦᠢ᠂ ᠳᠣᠯᠣᠭᠠᠨ ᠣᠯᠪᠣᠭᠲᠤ᠌ ᠰᠠᠭᠤᠳᠠᠯ ᠳ᠋ᠤ᠌ ᠨᠢᠭᠡ ᠴᠦ᠍ ᠦᠰᠦ ᠦᠭᠡᠢ ᠭᠠᠤᠯᠢᠨ ᠰᠢᠨᠠᠭ᠎ᠠ ᠰᠢᠭ᠋ ᠲᠣᠯᠣᠭᠠᠢ ᠲᠠᠢ ᠲᠠᠷᠭᠤᠨ ᠤᠯᠠᠭᠠᠨ ᠯᠠᠮᠠ ᠵᠠᠯᠠᠷᠠᠵᠠᠢ᠃ ᠪᠤᠷᠬᠠᠨ ᠪᠠᠭᠰᠢ ᠱᠠᠪᠢ ᠨᠠᠷ ᠲᠠᠭᠠᠨ ᠨᠢᠭᠡ ᠣᠯᠪᠣᠭ ᠢ᠋ ᠵᠢᠷᠭᠤᠭᠠᠨ ᠵᠢᠯ ᠬᠡᠷᠡᠭᠯᠡᠬᠦ ᠡᠴᠡ ᠨᠠᠰᠢ ᠰᠣᠯᠢᠵᠤ ᠪᠣᠯᠬᠤ ᠦᠭᠡᠢ ᠭᠡᠵᠦ ᠵᠠᠬᠢᠭᠰᠠᠨ ᠶᠣᠰᠣᠭᠠᠷ ᠵᠢᠷᠭᠤᠭᠠᠨ ᠵᠢᠯ ᠲᠤᠲᠤᠮ ᠣᠯᠪᠣᠭ ᠨᠡᠮᠡᠬᠦ ᠳ᠋ᠡᠭᠡᠨ ᠬᠠᠭᠤᠴᠢᠨ ᠠ᠋ᠴᠠ ᠨᠢᠭᠡᠨ ᠠᠯᠠᠭ᠎ᠠ ᠲᠠ ᠤᠷᠤᠭᠤᠮ᠎ᠠ ᠬᠠᠭᠤᠯᠪᠤᠷᠢ ᠠᠪᠴᠤ ᠰᠢᠨ᠎ᠡ ᠶ᠋ᠢᠨ ᠢ᠋ᠶ᠋ᠡᠨ ᠭᠣᠣᠯ ᠳᠤᠮᠳᠠ ᠣᠶᠣᠳᠠᠭ᠂ ᠲᠡᠭᠦᠨ  ᠢ ᠨᠢ ᠲᠥᠭᠡ ᠲᠡᠢ ᠣᠯᠪᠣᠭ ᠭᠡᠵᠦ ᠨᠡᠷᠡᠯᠡᠵᠦ ᠵᠠᠩᠰᠢᠵᠠᠢ᠃ ᠳᠣᠯᠣᠭᠠᠨ ᠲᠥᠭᠡ ᠲᠡᠢ᠂ ᠳᠣᠯᠣᠭᠠᠨ ᠳᠠᠪᠬᠤᠷ ᠣᠯᠪᠣᠭ ᠳᠡᠭᠡᠷ᠎ᠡ ᠵᠠᠯᠠᠷᠠᠭᠴᠢ ᠲᠡᠷᠡ ᠬᠦ᠌ ᠯᠠᠮᠠᠪᠤᠭᠠᠢ ᠵᠢᠷᠭᠤᠭᠠᠨ ᠳᠣᠯᠣᠭ᠎ᠠ ᠳᠥᠴᠢᠨ ᠬᠣᠶᠠᠲᠠᠬᠢ ᠵᠢᠯ ᠳ᠋ᠡᠭᠡᠨ ᠡᠨᠳᠡ ᠰᠠᠭᠤᠵᠤ ᠪᠠᠢᠭ᠎ᠠ ᠪᠣᠯᠤᠯᠲᠠᠢ᠃ ᠵᠠᠪᠳᠤᠩ ᠤ᠋ᠨ ᠵᠡᠭᠦᠨ ᠮᠥᠷᠡᠨ ᠤᠨ ᠬᠣᠶᠠᠳᠠᠬᠢ ᠰᠠᠭᠤᠳᠠᠯ ᠲᠠᠪᠤᠨ ᠣᠯᠪᠣᠭ ᠲᠠᠢ᠂  ᠪᠤᠰᠤᠳ ᠨᠢ ᠵᠢᠷ ᠦ᠋ᠨ ᠵᠠᠪᠳᠤᠩ ᠤ᠋ᠳ ᠪᠠᠢᠯ᠎ᠠ᠃ ᠪᠤᠷᠬᠠᠨ ᠪᠠᠭᠰᠢ ᠱᠠᠪᠢ ᠨᠠᠷ ᠤ᠋ᠨ ᠢ᠋ᠶ᠋ᠠᠨ ᠰᠠᠭᠤᠬᠤ ᠳᠡᠪᠢᠰᠬᠡᠷ ᠢ᠋ ᠥᠷᠭᠡᠨ ᠢ᠋ᠶ᠋ᠡᠷ ᠢ᠋ᠶ᠋ᠡᠨ ᠬᠣᠶᠠᠷ ᠲᠣᠬᠣᠢ᠂ ᠤᠷᠲᠤ ᠲᠣᠬᠣᠢ ᠬᠠᠭᠠᠰ ᠠ᠋ᠴᠠ ᠬᠡᠲᠦᠷᠡᠭᠦᠯᠬᠦ ᠦᠭᠡᠢ ᠬᠢᠵᠦ ᠪᠠᠢᠬᠤ ᠬᠡᠮᠵᠢᠶ᠎ᠡ ᠲᠣᠭᠲᠠᠭᠠᠵᠠᠢ᠃ ᠭᠡᠪᠡᠴᠦ ᠰᠦᠮ᠎ᠡ ᠳ᠋ᠦ᠍ ᠱᠠᠪᠢᠯᠠᠨ ᠰᠠᠭᠤᠵᠤ᠂ ᠣᠯᠠᠨ ᠵᠢᠯ ᠬᠥᠳᠡᠯᠭᠡᠭᠡᠨ ᠪᠠᠭ᠎ᠠ ᠲᠠᠢ ᠪᠠᠷ ᠠᠵᠤ ᠲᠥᠷᠥᠭᠰᠡᠨ ᠯᠠᠮᠠ ᠨᠠᠷ ᠤ᠋ᠨ ᠨᠡᠯᠢᠶᠡᠳ ᠨᠢ ᠪᠤᠷᠬᠠᠨ ᠪᠠᠭᠰᠢ ᠶ᠋ᠢᠨ ᠢ᠋ᠶ᠋ᠡᠨ ᠵᠢᠭᠠᠭᠰᠠᠨ ᠬᠡᠮᠵᠢᠶ᠎ᠡ ᠡᠴᠡ ᠬᠡᠲᠦᠷᠡᠨ ᠬᠠᠯᠢᠬᠤ ᠪᠠᠷ ᠮᠢᠬᠠᠯᠢᠭ ᠪᠣᠯᠳᠠᠭ ᠲᠤᠯᠠ ᠣᠯᠪᠣᠭ ᠲᠠᠭᠠᠨ ᠪᠠᠭᠲᠠᠬᠤ ᠦᠭᠡᠢ ᠲᠡᠪᠡᠳᠡᠳᠡᠭ ᠪᠠᠢᠵᠠᠢ᠃ ᠲᠡᠢᠮᠦ ᠦᠶ᠎ᠡ ᠳ᠋ᠦ᠍ ᠣᠯᠪᠣᠭ ᠲᠠᠭᠠᠨ ᠵᠥᠪᠬᠡᠨ ᠡᠮᠵᠢᠶᠡᠷᠢ ᠬᠢᠵᠦ ᠪᠣᠯᠬᠤ ᠲᠤᠯᠠ ᠵᠠᠷᠢᠮ ᠮᠠᠷᠢᠶᠠᠯᠢᠭ ᠯᠠᠮᠠ ᠨᠠᠷ ᠡᠮᠵᠢᠶᠡᠷᠢ ᠲᠡᠢ ᠣᠯᠪᠣᠭ ᠳᠡᠭᠡᠷ᠎ᠡ ᠰᠠᠭᠤᠨ᠎ᠠ᠃ ᠪᠤᠶᠠᠨᠵᠠᠯᠪᠠᠷᠢᠬᠤ ᠬᠡᠢᠳ ᠲᠦ᠍ ᠲᠡᠢᠮᠦ ᠣᠯᠪᠣᠭ ᠴᠥᠭᠡᠨ ᠦᠭᠡᠢ ᠪᠠᠢᠯ᠎ᠠ᠃ ᠯᠠᠮᠠ ᠨᠠᠷ ᠰᠠᠭᠤᠳᠠᠯ ᠢ᠋ᠶ᠋ᠠᠨ ᠡᠵᠡᠯᠡᠵᠦ ᠳᠠᠭᠤᠰᠬᠤ ᠳ᠋ᠤ᠌ ᠡᠭᠦᠳᠡᠨ ᠦ᠌ ᠬᠣᠶᠠᠷ ᠬᠠᠲᠠᠪᠴᠢᠨ ᠳ᠋ᠤ᠌ ᠬᠣᠶᠠᠷ ᠭᠡᠪᠬᠦᠢ ᠪᠤᠶᠤ ᠭᠡᠰᠬᠦᠢ ᠪᠠᠷᠢᠶ᠎ᠠ ᠪᠠᠨ ᠪᠠᠷᠢᠨ ᠳᠦᠷ ᠵᠣᠭᠰᠣᠯ᠎ᠠ᠃ 
      ᠭᠠᠳᠠᠨ᠎ᠠ ᠠ᠋ᠴᠠ ᠨᠢᠭᠡᠨ ᠬᠢᠵᠢᠶᠡᠯ ᠨᠠᠰᠤᠨ ᠤ᠋ ᠭᠡᠯᠦᠩ ᠴᠣᠪᠣᠭᠣᠯᠢᠭ ᠭᠢᠯᠠᠯᠵᠠᠭᠰᠠᠨ ᠨᠢᠳᠦ ᠲᠡᠢ ᠪᠠᠨᠳᠢ ᠶ᠋ᠢ ᠳᠠᠭᠠᠭᠤᠯᠤᠨ ᠣᠷᠣᠵᠤ ᠢᠷᠡᠯ᠎ᠡ᠃ 
      – ᠣᠯᠠᠨ ᠢ᠋ ᠰᠣᠨᠣᠰᠴᠤ᠂ ᠸᠢᠨᠠᠢ ᠶ᠋ᠢ ᠰᠠᠬᠢᠭᠰᠠᠨ ᠭᠡᠯᠦᠩ  ᠴᠣᠢᠮᠴᠣᠭ ᠪᠢ ᠱᠠᠪᠢ ᠪᠣᠯᠤᠭᠰᠠᠨ ᠪᠠᠨᠳᠢ ᠰᠡᠩᠵᠢ ᠳ᠋ᠡᠭᠠᠨ ᠭᠡᠰᠦᠯ ᠦ᠋ᠨ ᠰᠠᠬᠢᠭᠤᠰᠤ ᠬᠦᠷᠲᠡᠭᠡᠵᠦ ᠥᠭᠬᠦ ᠶ᠋ᠢᠨ ᠰᠣᠶᠣᠷᠬᠠᠯ ᠢ᠋ ᠭᠤᠶᠤᠶ᠎ᠠ ᠭᠡᠵᠦ ᠬᠢᠵᠢᠶᠡᠯ ᠨᠠᠰᠤᠨ ᠤ᠋ ᠭᠡᠯᠦᠩ ᠪᠠᠭᠰᠢ ᠪᠠᠨ ᠲᠥᠪ ᠲᠠᠷᠤᠤ ᠪᠣᠯᠪᠠᠴᠤ ᠬᠦᠩᠭᠢᠨᠡᠭᠰᠡᠨ ᠪᠦᠳᠦᠭᠦᠨ ᠳᠠᠭᠤ ᠪᠠᠷ ᠬᠡᠯᠡᠬᠦ ᠶ᠋ᠢ ᠰᠣᠨᠣᠰᠤᠭᠠᠳ ᠪᠠᠨᠳᠢ ᠰᠡᠩᠵᠢ  ᠪᠠᠯᠠᠮᠠᠭᠳᠠᠨ ᠠᠶᠤᠵᠤ ᠵᠢᠷᠦᠬᠡ ᠨᠢ ᠲᠦᠭ ᠲᠦᠭ ᠴᠣᠬᠢᠯᠠᠪᠠ᠃ 
      – ᠡᠨᠡ ᠪᠠᠨᠳᠢ ᠰᠡᠩᠵᠢ ᠰᠡᠳᠬᠢᠯ ᠦ᠋ᠨ ᠲᠦᠢᠳᠬᠡᠷ ᠡᠴᠡ ᠪᠦᠷᠢᠮᠦᠰᠦᠨ ᠠᠩᠭᠢᠵᠢᠷᠠᠭᠰᠠᠨ ᠤᠤ? ᠭᠡᠵᠦ ᠳᠣᠯᠣᠭᠠᠨ ᠣᠯᠪᠣᠭᠲᠤ ᠰᠢᠷᠡᠭᠡᠲᠦ ᠯᠠᠮᠠ ᠰᠥᠭᠡᠩᠭᠢᠳᠡᠭᠦᠦ ᠫᠠᠷᠵᠢᠭᠢᠨᠠᠭᠰᠠᠨ ᠳᠠᠭᠤᠤ ᠪᠠᠷ ᠬᠠᠷᠢᠭᠤ ᠠᠰᠠᠭᠤᠯ᠎ᠠ᠃ 
      – ᠪᠦᠷᠢᠮᠦᠰᠦᠨ ᠠᠩᠭᠢᠵᠢᠷᠠᠭᠰᠠᠨ! ᠭᠡᠵᠦ ᠪᠠᠭᠰᠢ ᠯᠠᠮᠠ ᠨᠢ ᠥᠴᠢᠭᠡᠳ ᠱᠠᠪᠢ ᠶ᠋ᠢ ᠪᠡᠨ ᠬᠥᠲᠥᠯᠦᠨ ᠰᠦᠮ᠎ᠡ ᠶ᠋ᠢᠨ ᠭᠣᠣᠯ ᠳᠤᠮᠳᠠ ᠠᠪᠠᠴᠢᠵᠤ ᠪᠤᠷᠬᠠᠨ ᠰᠢᠲᠦᠭᠡᠨ ᠦ᠌ ᠵᠦᠭ ᠬᠠᠨᠳᠤᠭᠤᠯᠤᠨ ᠭᠤᠷᠪᠠᠨᠲᠠ ᠰᠥᠭᠥᠳᠬᠡᠵᠦ ᠮᠥᠷᠭᠥᠭᠦᠯᠪᠡ᠃  ᠲᠡᠭᠡᠭᠡᠳ ᠰᠢᠷᠡᠭᠡᠲᠦ ᠯᠠᠮᠠ ᠶ᠋ᠢᠨ ᠡᠮᠦᠨ᠎ᠡ ᠬᠣᠶᠠᠷ ᠭᠠᠷ ᠢ᠋ᠶ᠋ᠠᠨ ᠡᠯᠢᠭᠡᠨ ᠵᠥᠷᠢᠭᠦᠯᠡᠨ ᠰᠥᠭᠥᠳᠦᠨ ᠰᠠᠭᠤᠵᠠᠢ᠃ ᠲᠡᠷᠡ ᠮᠡᠲᠦ ᠰᠠᠭᠤᠳᠠᠭ ᠭᠡᠵᠦ ᠪᠠᠭᠰᠢ ᠨᠢ ᠲᠦᠷᠦᠭᠦᠦ ᠨᠢ ᠵᠢᠭᠠᠵᠤ ᠥᠭᠴᠡᠢ᠃ ᠪᠠᠨᠳᠢ ᠰᠡᠩᠵᠢ ᠥᠪᠡᠷ ᠢ᠋ᠶ᠋ᠡᠨ ᠴᠦ᠍ ᠤᠷᠢᠳᠤ ᠨᠢ   ᠤᠪᠠᠰᠢ᠂ ᠪᠠᠨᠳᠢ ᠰᠠᠬᠢᠯ ᠬᠥᠷᠲᠡᠵᠦ ᠪᠠᠢᠭᠰᠠᠨ ᠲᠤᠯᠠ ᠶᠠᠭᠤ ᠪᠣᠯᠬᠤ ᠶ᠋ᠢ ᠭᠠᠳᠠᠷᠯᠠᠵᠠᠢ᠃ ᠳᠦᠷᠪᠡᠭᠡᠨ ᠨᠠᠰᠤᠲᠠᠢ ᠳ᠋ᠤ᠌ᠨᠢ ᠤᠪᠠᠰᠢ ᠰᠠᠬᠢᠯ ᠬᠦᠷᠲᠡᠭᠡᠭᠰᠡᠨ ᠪᠣᠯᠬᠣᠷ ᠲᠡᠷᠡ ᠦᠶ᠎ᠡ ᠳ᠋ᠦ᠍ ᠶᠠᠭᠠᠬᠢᠵᠤ ᠪᠠᠢᠭᠰᠠᠨ ᠢ᠋ ᠪᠦᠳᠡᠭᠢ ᠪᠡᠲᠡᠭᠢ ᠰᠠᠨᠠᠨ᠎ᠠ᠃ ᠭᠡᠪᠡᠴᠦ ᠳᠣᠯᠣᠭ᠎ᠠ ᠲᠠᠢ ᠳ᠋ᠠᠭᠠᠨ ᠪᠠᠨᠳᠢ ᠪᠣᠯᠤᠭᠰᠠᠨ ᠢ᠋ᠶ᠋ᠠᠨ ᠣᠭᠲᠣ ᠮᠠᠷᠲᠠᠭ᠎ᠠ ᠦᠭᠡᠢ ᠪᠠᠢᠯ᠎ᠠ᠃ ᠲᠡᠭᠡᠬᠦ ᠳ᠋ᠦ᠍ ᠬᠠᠴᠢᠨ ᠭᠠᠢᠬᠠᠮᠠᠷ ᠳᠥᠴᠢᠨ ᠠᠰᠠᠭᠤᠯᠲᠠ ᠠᠰᠠᠭᠤᠵᠤ ᠪᠢᠯᠡ᠃ ᠵᠠᠷᠢᠮ ᠳ᠋ᠤᠨᠢ ᠶᠠᠭᠤ ᠭᠡᠵᠦ ᠬᠠᠷᠢᠭᠤᠯᠬᠤ ᠪᠠᠨ ᠮᠡᠳᠡᠬᠦ ᠦᠭᠡᠢ᠂ ᠵᠠᠷᠢᠮ ᠳ᠋ᠤᠨᠢ ᠠᠭᠤᠷ ᠬᠦᠷᠴᠦ᠂ ᠵᠠᠷᠢᠮ ᠳ᠋ᠤ᠌ᠨᠢ ᠭᠠᠢᠬᠠᠵᠤ ᠪᠠᠢᠭᠰᠠᠨ᠃ ᠬᠡᠳᠦᠢ ᠲᠡᠭᠡᠪᠡᠴᠦ ᠪᠠᠭᠰᠢ ᠶ᠋ᠢᠨ ᠢ᠋ᠶ᠋ᠡᠨ ᠦᠭᠡ ᠪᠡᠷ ᠬᠠᠷᠢᠭᠤᠯᠵᠤ᠂ ᠪᠠᠨᠳᠢ ᠶ᠋ᠢᠨ ᠰᠠᠬᠢᠯ ᠬᠦᠷᠲᠡᠭᠰᠡᠨ.᠃ 《 ᠬᠡᠷᠢᠶ᠎ᠡ ᠦᠷᠭᠦᠭᠡᠵᠦ ᠴᠢᠳᠠᠬᠤ ᠤᠤ? 》 ᠭᠡᠵᠦ ᠠᠰᠠᠭᠤᠬᠤ ᠳ᠋ᠤ᠌ ᠨᠢ ᠠᠭᠤᠷ ᠬᠦᠷᠴᠦ 《ᠨᠢᠭᠡᠨ ᠳ᠋ᠤᠮᠰᠤᠳᠤ ᠳ᠋ᠤ᠌ ᠲᠡᠷᠢᠭᠦᠲᠡᠨ ᠪᠢᠰᠢ ᠪᠢᠵᠡ?》 ᠭᠡᠬᠦ ᠳ᠋ᠦ᠍ᠨᠢ ᠭᠠᠢᠬᠠᠵᠤ᠂ 《ᠳᠣᠷᠣᠢᠲᠠᠭᠤᠯᠤᠭᠴᠢ ᠳᠥᠷᠪᠡᠨ  ᠤᠨᠠᠯ ᠳ᠋ᠤ᠌ ᠣᠷᠣᠭᠰᠠᠨ ᠪᠤᠶᠤ ᠴᠢ?》 ᠭᠡᠬᠦ ᠳ᠋ᠦ᠍ᠨᠢ ᠬᠠᠷᠢᠭᠤᠯᠬᠤ ᠦᠭᠡ ᠣᠯᠬᠤ ᠦᠭᠡᠢ  ᠪᠠᠢᠵᠢ ᠪᠢᠯᠡ᠃ ᠭᠠᠭᠴᠠ ᠬᠦ᠌ ᠪᠠᠭᠰᠢ ᠭᠡᠯᠦᠩ ᠴᠣᠢᠮᠴᠣᠭ ᠤ᠋ᠨ ᠦᠭᠡ ᠪᠡᠷ ᠲᠡᠷᠡ ᠠᠰᠠᠭᠤᠯᠲᠠ ᠳ᠋ᠤ᠌ ᠬᠠᠷᠢᠭᠤ ᠦᠭᠭᠦᠭᠰᠡᠨ ᠢ᠋ ᠪᠡᠨ ᠣᠳᠣ ᠳᠠᠬᠢᠨ ᠳᠤᠷᠠᠰᠤᠨ ᠪᠣᠳᠣᠭᠠᠳ ᠪᠠᠨᠳᠢ ᠶ᠋ᠢᠨ ᠰᠡᠳᠬᠢᠯ ᠲᠠᠪᠠ ᠦᠭᠡᠢ ᠪᠣᠯᠵᠠᠢ᠃ 
      ᠰᠢᠷᠡᠭᠡᠲᠦ ᠯᠠᠮᠠ ᠰᠥᠭᠡᠩᠭᠢ ᠳᠠᠭᠤᠤ ᠪᠠᠷ ᠢ᠋ᠶ᠋ᠠᠨ᠄  
      – ᠭᠡᠰᠦᠯ ᠪᠣᠯᠬᠤ ᠬᠡᠷᠡᠭ ᠲᠦ᠍ ᠴᠢᠮ᠎ᠠ ᠳ᠋ᠤ᠌ ᠡᠨᠡ ᠬᠣᠷᠸ᠎ᠠ ᠶ᠋ᠢ ᠪᠦᠷᠢᠨ ᠣᠭᠣᠷᠬᠤ ᠬᠠᠲᠠᠭᠤ ᠢᠲᠡᠭᠡᠯ ᠬᠡᠷᠡᠭ ᠲᠡᠢ᠃  ᠪᠦᠬᠦᠢᠯᠡ ᠣᠷᠴᠢᠯᠠᠩ ᠳ᠋ᠤ᠌ ᠠᠮᠤᠭᠤᠯᠠᠩ ᠲᠠᠢᠪᠤᠩ  ᠣᠭᠲᠣᠬᠠᠨ ᠴᠤ᠌ ᠦᠭᠡᠢ ᠶ᠋ᠢ ᠰᠠᠨᠠᠭᠲᠤᠨ᠃  ᠲᠠᠮᠦ ᠶᠢᠨ ᠬᠢᠨ ᠭᠠᠯ ᠳ᠋ᠤ᠌ ᠰᠢᠲᠠᠨ ᠵᠣᠪᠠᠨ᠎ᠠ᠃ ᠪᠢᠷᠢᠳ ᠦ᠋ᠳ ᠥᠯᠥᠰᠴᠦ ᠂ ᠴᠠᠩᠭᠠᠨ ᠵᠣᠪᠠᠨ᠎ᠠ᠃ ᠠᠳᠤᠭᠤᠰᠤ ᠨᠤᠭᠤᠳ ᠪᠡᠶ᠎ᠡ  ᠪᠡᠶ᠎ᠡ ᠪᠡᠨ ᠢᠳᠡᠵᠦ ᠵᠣᠪᠠᠨ᠎ᠠ᠃ ᠬᠥᠮᠦᠨ ᠪᠣᠭᠣᠨᠢ ᠨᠠᠰᠤᠯᠠᠳᠠᠭ ᠲᠠᠭᠠᠨ ᠵᠣᠪᠠᠨ᠎ᠠ᠃ ᠲᠩᠷᠢ ᠨᠠᠷ ᠣᠶᠤᠨ ᠢ᠋ᠶ᠋ᠠᠨ  ᠰᠡᠷᠭᠦᠭᠡᠬᠦ ᠭᠡᠵᠦ ᠵᠣᠪᠠᠨ᠎ᠠ᠃ ᠲᠦᠷᠦᠮᠡᠭᠴᠡ ᠵᠣᠪᠠᠯᠠᠩ ᠡᠬᠢᠯᠡᠮᠦᠢ᠃ ᠲᠦᠷᠦᠮᠡᠭᠴᠡ ᠬᠥᠭᠰᠢᠷᠡᠵᠦ ᠡᠬᠢᠯᠡᠮᠦᠢ᠃ ᠠᠮᠢᠳᠤᠷᠠᠬᠤ ᠨᠢ ᠥᠨᠳᠥᠷ ᠠᠭᠤᠯᠠᠨ ᠠ᠋ᠴᠠ ᠦᠰᠦᠷᠦᠨ ᠪᠠᠭᠤᠬᠤ ᠶ᠋ᠢᠨ ᠠᠳᠠᠯᠢ᠃ ᠲᠡᠷᠡ ᠬᠣᠭᠣᠷᠣᠨᠳᠣ ᠵᠢᠷᠭᠠᠯ  ᠭᠡᠮᠡᠨ ᠦᠭᠡᠢ᠃ ᠡᠢᠮᠦ ᠪᠣᠯᠬᠣᠷ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠪᠦᠬᠦᠨ ᠢ᠋ ᠨᠢᠭᠦᠯᠡᠰᠴᠦ᠂ ᠪᠦᠬᠦᠨ ᠢ᠋ ᠴᠢᠳᠠᠭᠴᠢ ᠪᠤᠷᠬᠠᠨ ᠪᠠᠭᠰᠢ ᠶ᠋ᠢ ᠠᠷᠢᠭᠤᠨ ᠬᠤᠲᠤᠭ ᠢ᠋ ᠣᠯᠵᠤ ᠪᠦᠬᠦᠨ ᠡᠴᠡ ᠬᠠᠮᠤᠭ ᠵᠣᠪᠠᠯᠠᠩ ᠠ᠋ᠴᠠ ᠠᠩᠭᠢᠵᠢᠷᠠᠬᠤ ᠪᠠᠷ ᠭᠡᠰᠦᠯ ᠰᠠᠬᠢᠯ ᠶᠢᠰᠦᠨ ᠭᠡᠷᠢᠶᠡᠰᠦᠯᠡᠯ ᠢ᠋ ᠬᠠᠮᠢᠭ᠎ᠠ ᠬᠡᠵᠢᠶ᠎ᠡ ᠴᠦ᠍ ᠪᠣᠯᠪᠠ ᠰᠠᠬᠢᠬᠤ ᠶᠣᠰᠣᠨ ᠪᠣᠢ! ᠭᠡᠵᠦ ᠠᠢᠯᠠᠳᠪᠠ᠃ ᠪᠠᠭᠰᠢ ᠶ᠋ᠢᠨ ᠢ᠋ᠶ᠋ᠡᠨ ᠵᠢᠭᠠᠭᠰᠠᠨ ᠶᠣᠰᠣᠭᠠᠷ ᠪᠠᠨᠳᠢ ᠰᠡᠩᠵᠢ ᠨᠣᠮᠣᠬᠠᠨ ᠳᠠᠭᠤᠤ ᠪᠠᠷ᠄ 
      ᠪᠠᠨᠳᠢ ᠰᠡᠩᠵᠢ ᠪᠢ ᠡᠨᠡ ᠴᠠᠭ ᠠ᠋ᠴᠠ ᠡᠬᠢᠯᠡᠭᠡᠳ ᠡᠴᠦᠰᠯᠡᠬᠦ ᠨᠠᠰᠤ ᠪᠠᠨ ᠬᠦᠷᠲᠡᠯ᠎ᠡ ᠬᠣᠶᠠᠷ ᠬᠥᠯᠲᠡᠨ ᠦ᠌ ᠳᠡᠭᠡᠳᠦ ᠪᠤᠷᠬᠠᠨ ᠳ᠋ᠤ᠌᠂ ᠡᠭᠡᠷᠡᠯ ᠦᠭᠡᠢ ᠳᠡᠭᠡᠳᠦ ᠨᠣᠮ ᠳ᠋ᠤ᠌ ᠪᠢᠰᠢᠷᠡᠨ ᠰᠢᠲᠦᠵᠦ ᠶᠠᠪᠤᠨ᠎ᠠ᠃ ᠨᠠᠮᠠᠶ᠋ᠢ ᠭᠡᠰᠦᠯ ᠪᠣᠯᠭᠠᠨ ᠠᠪᠤᠨ᠎ᠠ ᠤᠤ᠂  ᠲᠣᠢᠨᠪᠤᠭᠠᠢ ! ᠬᠡᠪ᠃ 
      – ᠳᠠᠬᠢᠨ ᠥᠴᠢᠭᠲᠦᠨ! ᠭᠡᠵᠦ ᠰᠢᠷᠡᠭᠡᠲᠦ ᠯᠠᠮ᠎ᠠ ᠵᠠᠷᠯᠢᠭ ᠪᠣᠯᠪᠠ᠃ ᠪᠠᠨᠳᠢ ᠳᠠᠬᠢᠨ ᠥᠴᠢᠪᠡ᠃ ᠲᠡᠭᠦᠨ ᠳ᠋ᠦ᠍ ᠪᠠᠰᠠ ᠯᠠ ᠰᠡᠳᠬᠢᠯ ᠬᠠᠨᠳᠠᠭ ᠦᠭᠡᠢ ᠪᠣᠯᠤᠯᠲᠠᠢ᠃ 
      – ᠳᠠᠬᠢᠨ ᠭᠤᠷᠪᠠᠳᠠᠬᠢ ᠤᠳᠠᠭ᠎ᠠ ᠥᠴᠢᠭᠲᠦᠨ! ᠭᠡᠵᠦ ᠰᠢᠷᠡᠭᠡᠲᠦ ᠯᠠᠮ᠎ᠠ ᠵᠠᠷᠯᠢᠭ ᠪᠣᠯᠪᠠ᠃ ᠪᠠᠨᠳᠢ ᠳᠠᠬᠢᠨ ᠥᠴᠢᠵᠦ᠄  
      – ᠁ ᠭᠡᠰᠦᠯ ᠪᠣᠯᠭᠠᠨ ᠠᠪᠤᠨ᠎ᠠ ᠤᠤ? ᠭᠡᠲᠡᠯ᠎ᠡ 
      – ᠬᠠ! ᠭᠡᠵᠦ ᠰᠢᠷᠡᠭᠡᠲᠦ ᠯᠠᠮᠠ ᠴᠢᠩᠭ᠎ᠠ ᠬᠠᠰᠬᠢᠷᠤᠨ ᠭᠤᠷᠪᠠᠨ ᠬᠤᠷᠤᠭᠤ ᠪᠠᠷ ᠠᠭᠠᠷ ᠲᠤ᠌ ᠬᠡᠢ ᠢᠨᠴᠢᠳᠴᠦ ᠴᠠᠰ ᠬᠢᠬᠦ ᠳᠠᠭᠤᠤ ᠭᠠᠷᠭᠠᠯ᠎ᠠ᠃ 
      –  ᠭᠡᠰᠦᠯ ᠰᠠᠬᠢᠭᠤᠰᠤ ᠶ᠋ᠢ ᠵᠥᠪ ᠬᠦᠷᠲᠡᠯ᠎ᠡ! ᠭᠡᠵᠦ ᠰᠦᠮ᠎ᠡ ᠳ᠋ᠦ᠍ ᠰᠠᠭᠤᠭ᠎ᠠ ᠪᠦᠬᠦ ᠯᠠᠮᠠ ᠲᠡᠷᠡ ᠭᠱᠠᠨ ᠳ᠋ᠤ᠌ ᠨᠢᠭᠡᠨ ᠳᠠᠭᠤ ᠪᠠᠷ ᠵᠡᠷᠭᠡ ᠬᠡᠯᠡᠵᠡᠭᠡᠯ᠎ᠡ᠃ 
       ᠪᠠᠨᠳᠢ ᠰᠡᠩᠵᠢ ᠴᠣᠴᠢᠬᠤ ᠰᠢᠭ᠋ ᠪᠣᠯᠤᠭᠰᠠᠨ ᠴᠤ᠌ ᠭᠡᠰᠡᠨ ᠪᠡᠶ᠎ᠡ ᠪᠡᠨ  ᠪᠠᠷᠢᠯ᠎ᠠ᠃ ᠳᠣᠯᠣᠭᠠᠨ ᠨᠠᠰᠤᠲᠠᠢ ᠳ᠋ᠠᠭᠠᠨ ᠪᠠᠨᠳᠢ ᠪᠣᠯᠵᠤ᠂ ᠦᠰᠦ ᠪᠡᠨ ᠦᠷᠭᠦᠭᠡᠯᠭᠡᠭᠰᠡᠨ ᠢ᠋ᠶ᠋ᠡᠨ ᠳᠤᠷᠠᠰᠤᠨ ᠰᠠᠨᠠᠪᠠ᠃ ᠪᠠᠭᠰᠢ ᠯᠠᠮᠠ ᠪᠠᠷᠠᠭᠤᠨ ᠭᠠᠷ ᠲᠠᠭᠠᠨ ᠬᠠᠢᠴᠢ ᠪᠠᠨ ᠪᠠᠷᠢᠵᠤ᠂ ᠵᠡᠭᠦᠨ ᠭᠠᠷ ᠢ᠋ᠶ᠋ᠠᠷ ᠦᠰᠦᠨ ᠡᠴᠡ ᠨᠢ ᠨᠢᠭᠡ ᠲᠤᠭ ᠢ᠋ ᠬᠠᠢᠴᠢᠯᠠᠨ ᠠᠪᠤᠭᠠᠳ᠄ 
      – ᠰᠡᠩᠵᠢ ᠤᠪᠠᠰᠢ ᠴᠢ ᠦᠰᠦ ᠪᠡᠨ ᠦᠷᠭᠦᠭᠡᠯᠭᠡᠭᠰᠡᠨ ᠳ᠋ᠦ᠍ ᠪᠠᠶᠠᠷᠯᠠᠵᠤ ᠪᠠᠢᠨ᠎ᠠ ᠤᠤ? ᠦᠭᠡᠢ ᠦᠦ? ᠭᠡᠵᠦ ᠠᠰᠠᠭᠤᠵᠤ ᠪᠢᠯᠡ᠃ 
      – ᠪᠠᠶᠠᠷᠯᠠᠵᠤ ᠪᠠᠢᠨ᠎ᠠ ᠭᠡᠵᠦ ᠠᠷᠠᠢ ᠴᠢᠮᠠᠢ ᠬᠠᠷᠢᠭᠤᠯᠬᠤ ᠳ᠋ᠤ᠌ ᠪᠠᠭᠰᠢ ᠯᠠᠮᠠ ᠳᠠᠭᠵᠠᠨ ᠠ᠋ᠴᠠ ᠨᠢ ᠪᠠᠰᠠ ᠨᠢᠭᠡᠨ ᠲᠤᠭ ᠦᠰᠦ ᠬᠠᠢᠴᠢᠯᠠᠨ ᠠᠪᠴᠤ ᠰᠠᠬᠢᠯ ᠬᠦᠷᠲᠡᠭᠡᠭᠴᠢ ᠯᠠᠮᠠ ᠳ᠋ᠤ᠌ ᠥᠭᠭᠦᠭᠰᠡᠨ ᠶᠦᠮ ᠰᠠᠨ᠃ 
      – ᠴᠠᠭᠠᠨ ᠵᠦᠭ ᠦ᠋ᠨ ᠲᠩᠷᠢ ᠮᠢᠨᠢ ᠥᠷᠥᠰᠢᠶᠡᠨ ᠰᠣᠶᠣᠷᠬᠠᠵᠤ ᠬᠠᠢᠷᠠᠯᠠ ᠭᠡᠵᠦ ᠲᠡᠷᠡ ᠬᠡᠯᠡᠭᠡᠳ ᠲᠤᠭ ᠦᠰᠦ ᠶ᠋ᠢ ᠪᠤᠷᠬᠠᠨ ᠤ᠋ ᠡᠮᠦᠨ᠎ᠡ ᠲᠠᠯᠪᠢᠵᠤ ᠪᠢᠯᠡ᠃ 
      ᠲᠡᠭᠡᠭᠡᠳ ᠷᠠᠰᠢᠶᠠᠨ ᠢ᠋ᠶ᠋ᠠᠷ ᠨᠢᠭᠤᠷ ᠢ ᠨᠢ ᠤᠬᠢᠶᠠᠵᠤ ᠤᠬᠢᠶᠠᠯ ᠦᠢᠯᠡᠳᠦᠭᠰᠡᠨ ᠦ᠌ ᠳᠠᠷᠠᠭ᠎ᠠ᠄ 
      – ᠨᠣᠮᠲᠤ ᠳᠡᠪᠡᠯ ᠢ᠋ᠶ᠋ᠡᠨ ᠠᠪ! ᠬᠠᠷᠠᠴᠤᠳ  ᠪᠤᠯᠤᠳ ᠲᠡᠷᠰ ᠦ᠋ᠳ ᠡᠴᠡ ᠨᠣᠮᠲᠤ ᠳᠡᠪᠡᠯ ᠴᠢᠮᠠᠶ᠋ᠢ ᠢᠯᠭᠠᠷᠠᠭᠤᠯᠵᠤ᠂ ᠬᠠᠯᠠᠭᠤᠨ ᠬᠦᠢᠲᠡᠨ᠂ ᠰᠠᠯᠬᠢ ᠪᠣᠷᠣᠭ᠎ᠠ᠂ ᠥᠳᠥ ᠬᠣᠷᠣᠬᠠᠢ ᠶ᠋ᠢᠨ ᠡᠴᠡ ᠬᠠᠮᠠᠭᠠᠯᠠ᠎ᠠ ᠭᠡᠵᠦ ᠰᠠᠬᠢᠯ ᠬᠦᠷᠲᠡᠭᠡᠭᠴᠢ ᠬᠡᠯᠡᠭᠡᠳ ᠪᠠᠷᠠᠭᠤᠨ ᠮᠥᠷᠦᠨ ᠳᠡᠭᠡᠷ᠎ᠡ ᠨᠢ ᠨᠣᠮᠲᠤ ᠬᠤᠪᠴᠠᠰᠤ ᠲᠠᠯᠪᠢᠵᠤ᠄  
      – ᠡᠨᠡ ᠱᠠᠮᠲᠠᠪ ᠭᠡᠳᠡᠭ ᠬᠤᠷᠮᠤᠢᠴᠢ ᠳᠣᠣᠷᠠᠲᠤ ᠪᠡᠶ᠎ᠡ ᠶ᠋ᠢ ᠬᠣᠷᠣᠨ ᠨᠢᠳᠦᠨ ᠡᠴᠡ ᠬᠠᠯᠬᠠᠯᠠ ᠠ᠃ ᠡᠨᠡ ᠨᠣᠮᠲᠤ ᠳᠡᠪᠢᠰᠬᠡᠷ ᠠᠮᠢᠲᠠᠨ ᠬᠥᠮᠦᠨ ᠦ᠌ ᠠᠯᠠᠭ ᠡᠷᠢᠶᠡᠨ ᠳᠡᠪᠢᠰᠬᠡᠷ ᠡᠴᠡ ᠠᠪᠤᠷᠠᠨ᠎ᠠ᠃ ᠡᠨᠡ ᠪᠠᠳᠢᠷ ᠠᠶᠠᠭ᠎ᠠ᠂ ᠤᠰᠤᠨ ᠤ᠋ ᠠᠭᠤᠷ ᠬᠣᠶᠠᠷ ᠴᠢᠮᠠᠶ᠋ᠢ ᠠᠮᠠᠨ ᠤ᠋ ᠬᠣᠣᠷ ᠂ ᠤᠰᠤᠨ ᠤ᠋ ᠨᠢᠭᠦᠯ ᠡᠴᠡ ᠠᠪᠤᠷᠠᠨ᠎ᠠ᠃ ᠤᠤᠭᠤᠬᠤ ᠪᠤᠶᠤ ᠠᠮᠠ ᠵᠠᠢᠯᠬᠤ ᠤᠰᠤᠨ ᠤ᠋ ᠪᠠᠨ ᠳᠡᠭᠡᠷ᠎ᠡ ᠲᠣᠭᠲᠠᠭᠰᠠᠨ ᠠᠮᠢᠲᠠᠨ ᠢ᠋ ᠤᠰᠤ ᠲᠠᠢ ᠬᠠᠮᠲᠤ ᠵᠠᠯᠭᠢᠬᠤ ᠦᠭᠡᠢ ᠶ᠋ᠢᠨ ᠲᠤᠯᠠᠳᠠ ᠤᠰᠤᠨ ᠤ᠋ ᠱᠦᠭᠦᠷ ᠢ᠋ᠶ᠋ᠡᠷ ᠵᠠᠢᠯᠠᠭᠤᠯᠵᠤ ᠪᠠᠢ ᠭᠡᠵᠦ ᠰᠤᠷᠭᠠᠨ ᠵᠢᠭᠠᠵᠤ ᠪᠠᠨᠳᠢ ᠶ᠋ᠢᠨ ᠬᠡᠷᠡᠭᠯᠡᠯ ᠦ᠋ᠳ ᠢ᠋ ᠪᠦᠷᠢᠨ ᠥᠭᠴᠦ ᠪᠢᠯᠡ᠃ 
      ᠲᠡᠷᠡ ᠴᠠᠭ ᠠ᠋ᠴᠠ ᠥᠨᠥ ᠶ᠋ᠢ ᠬᠦᠷᠲᠡᠯ᠎ᠡ ᠨᠣᠮᠲᠤ ᠬᠤᠪᠴᠠᠰᠤ  ᠬᠠᠯᠠᠭ᠎ᠠ ᠦᠭᠡᠢ ᠡᠮᠦᠰᠴᠦ ᠶᠠᠪᠤᠭᠰᠠᠭᠠᠷ ᠣᠳᠣ ᠨᠢᠭᠡᠨᠲᠡ ᠳᠠᠰᠤᠯ ᠪᠣᠯᠵᠠᠢ᠃ ᠪᠤᠷᠬᠠᠨ ᠤ᠋ ᠱᠠᠪᠢ ᠪᠣᠯᠬᠤ ᠭᠤᠷᠪᠠᠳᠠᠬᠢ ᠳᠠᠪᠠᠭᠠᠨ ᠳᠡᠭᠡᠷ᠎ᠡ ᠡᠨᠡ ᠪᠠᠨᠳᠢ ᠥᠨᠥᠳᠥᠷ ᠭᠠᠷᠤᠯ᠎ᠠ᠃ ᠡᠴᠢᠭᠡ ᠰᠠᠢᠨᠴᠣᠭᠲᠣ ᠶ᠋ᠢᠨ ᠢᠷᠦᠭᠡᠯ ᠢ᠋ ᠦᠷ᠎ᠡ ᠨᠢ ᠡᠢᠨ ᠬᠦ᠌ ᠠᠯᠬᠤᠮ ᠠᠯᠬᠤᠮ ᠢ᠋ᠶ᠋ᠠᠷ ᠪᠡᠶᠡᠯᠡᠭᠦᠯᠵᠦ ᠶᠠᠪᠤᠭ᠎ᠠ ᠠᠵᠢ᠃ ᠪᠠᠨᠳᠢ ᠰᠡᠩᠵᠢ ᠶ᠋ᠢ ᠡᠭᠦᠨ ᠡᠴᠡ ᠬᠣᠢᠰᠢ  ᠭᠡᠰᠦᠯ ᠭᠡᠵᠦ ᠬᠡᠨ ᠬᠥᠮᠦᠨ ᠦᠭᠡᠢ ᠳᠠᠭᠤᠳᠠᠳᠠᠭ ᠪᠣᠯᠤᠨ᠎ᠠ᠃ ᠪᠤᠶᠠᠨᠵᠠᠯᠪᠠᠷᠢᠬᠤ ᠬᠡᠢᠳ ᠲᠦ᠍ ᠬᠠᠮᠤᠭ ᠤ᠋ᠨ ᠵᠠᠯᠠᠭᠤ ᠪᠤᠶᠤ ᠠᠷᠪᠠᠨ ᠲᠠᠪᠤᠨ ᠨᠠᠰᠤᠲᠠᠢ ᠳ᠋ᠠᠭᠠᠨ ᠭᠡᠰᠦᠯ ᠦ᠋ᠨ ᠰᠠᠬᠢᠯ ᠬᠦᠷᠲᠡᠭᠰᠡᠨ ᠪᠠᠨᠳᠢ ᠪᠣᠯᠤᠭᠰᠠᠨ ᠳ᠋ᠠᠭᠠᠨ ᠬᠥᠪᠡᠭᠦᠨ ᠰᠡᠩᠵᠢ ᠶ᠋ᠢᠨ ᠰᠡᠳᠬᠢᠯ ᠥᠨᠥᠳᠥᠷ ᠪᠠᠶᠠᠷᠲᠠᠢ ᠪᠠᠢᠯ᠎ᠠ᠃ ᠬᠡᠢᠳ ᠦ᠋ᠨ  ᠭᠤᠷᠢᠯᠦᠮ ᠡᠴᠡ ᠭᠠᠳᠠᠨ᠎ᠠ ᠬᠠᠷᠠᠴᠤᠤᠯ ᠤ᠋ᠨ ᠪᠣᠷᠣ ᠭᠡᠷ ᠦ᠋ᠳ ᠳᠣᠲᠣᠷ᠎ᠠ ᠰᠠᠳᠤᠨ ᠤ ᠪᠠᠨ ᠠᠢᠯ ᠳ᠋ᠤ᠌ ᠡᠴᠢᠭᠡ  ᠰᠠᠢᠨᠴᠣᠭᠲᠣ  ᠬᠦᠯᠢᠶᠡᠵᠦ ᠰᠠᠭᠤᠭ᠎ᠠ᠃ ᠤᠤᠭᠠᠨ ᠬᠦᠦ ᠪᠡᠨ ᠭᠡᠰᠦᠯ ᠦ᠋ᠨ ᠰᠠᠬᠢᠯ ᠬᠦᠷᠲᠡᠬᠦ ᠶ᠋ᠢ ᠲᠡᠰᠴᠦ ᠶᠠᠳᠠᠨ ᠬᠦᠯᠢᠶᠡᠵᠦ ᠰᠠᠭᠤᠭ᠎ᠠ᠃ ᠪᠠᠨᠳᠢ ᠰᠡᠩᠵᠢ ᠶ᠋ᠢ ᠪᠤᠶᠠᠨᠵᠠᠯᠪᠠᠷᠢᠬᠤ ᠬᠡᠢᠳ ᠲᠦ᠍ ᠳᠣᠯᠣᠭᠠᠨ ᠨᠠᠰᠤᠲᠠᠢ ᠪᠠᠢᠬᠤ ᠳ᠋ᠤᠨᠢ ᠡᠴᠢᠭᠡ  ᠰᠠᠢᠨᠴᠣᠭᠲᠣ ᠳᠠᠭᠠᠭᠤᠯᠤᠨ ᠢᠷᠡᠵᠦ ᠭᠡᠯᠦᠩ ᠴᠣᠢᠮᠴᠣᠭ ᠭᠤᠸᠠᠢ ᠳ᠋ᠤ᠌ ᠱᠠᠪᠢ ᠪᠠᠷ ᠥᠭᠭᠦᠭᠰᠡᠨ᠃ ᠲᠡᠷᠡ ᠬᠦᠷᠲᠡᠯ᠎ᠡ ᠭᠡᠷ ᠦ᠋ᠨ ᠭᠠᠵᠠᠷ ᠢ᠋ᠶ᠋ᠠᠨ ᠬᠣᠨᠢ ᠮᠠᠯ ᠬᠠᠷᠢᠭᠤᠯᠤᠨ᠂ ᠠᠷᠭᠠᠯ ᠬᠥᠯ ᠢ᠋ᠶ᠋ᠡᠨ ᠲᠡᠭᠦᠵᠦ ᠪᠠᠢᠯ᠎ᠠ᠃ ᠳᠥᠷᠪᠡᠨ ᠨᠠᠰᠤᠲᠠᠢ ᠳ᠋ᠤ᠌ ᠨᠢ ᠴᠣᠢᠮᠴᠣᠭ ᠭᠡᠯᠦᠩ ᠲᠡᠳᠡᠨ ᠦ᠌ ᠳ᠋ᠦ᠍ ᠵᠠᠯᠠᠭᠳᠠᠨ ᠣᠴᠢᠵᠤ  ᠪᠠᠭᠰᠢ ᠰᠠᠬᠢᠯ ᠬᠦᠷᠲᠡᠭᠡᠭᠰᠡᠨ ᠡᠴᠡ ᠬᠣᠢᠰᠢ ᠣᠷᠣᠨ ᠬᠡᠢᠳ ᠲᠦ᠍  ᠱᠠᠪᠢᠯᠠᠨ ᠰᠠᠭᠤᠬᠤ ᠪᠦᠬᠦᠢᠯᠡ ᠪᠡᠯᠡᠳᠬᠡᠯ ᠢ᠋ ᠬᠥᠪᠡᠭᠦᠨ ᠰᠡᠩᠵᠢ ᠭᠦᠢᠴᠡᠭᠡᠵᠦ ᠪᠢᠯᠡ᠃ 
      ᠡᠴᠢᠭᠡ ᠰᠠᠢᠨᠴᠣᠭᠲᠣ  ᠴᠥᠭᠡᠨ ᠮᠠᠯ ᠲᠠᠢ ᠶᠠᠳᠠᠭᠤ ᠬᠠᠷ᠎ᠠ ᠬᠥᠮᠦᠨ᠃ ᠪᠠᠭ᠎ᠠ ᠳ᠋ᠠᠭᠠᠨ ᠪᠤᠶᠠᠨᠵᠠᠯᠪᠠᠷᠢᠬᠤ ᠬᠡᠢᠳ ᠦ᠋ᠨ ᠣᠯᠠᠨ ᠰᠦᠮ᠎ᠡ ᠳᠤᠭᠠᠩ ᠤ᠋ᠨ ᠬᠠᠶᠠᠯᠭ᠎ᠠ᠂ ᠪᠠᠯᠢᠩ᠂ ᠱᠠᠯᠰᠠᠢ ᠶ᠋ᠢ ᠲᠡᠭᠦᠵᠦ ᠢᠳᠡᠭᠰᠡᠭᠡᠷ ᠬᠥᠮᠦᠨ ᠪᠣᠯᠵᠠᠢ᠃ 
        – ᠮᠠᠭᠤ ᠠᠪᠤ ᠶ᠋ᠢ ᠴᠢᠨᠢ ᠬᠠᠷ᠎ᠠ ᠪᠠᠭ᠎ᠠ ᠳ᠋ᠤ᠌ ᠮᠢᠨᠢ ᠬᠠᠷᠠᠩᠭᠤᠳᠴᠤ ᠦᠬᠦᠬᠦ ᠡᠴᠡ ᠪᠤᠶᠠᠨᠵᠠᠯᠪᠠᠷᠢᠬᠤ ᠬᠡᠢᠳ ᠠᠪᠤᠷᠠᠭᠰᠠᠨ ᠶᠤᠮ᠃ ᠬᠡᠢᠳ ᠦ᠋ᠨ ᠬᠠᠶᠠᠭᠳᠠᠮᠠᠯ ᠪᠠᠯᠢᠩ ᠂ ᠱᠠᠯᠰᠠᠢ ᠶ᠋ᠢ ᠲᠡᠭᠦᠵᠦ ᠢᠳᠡᠭᠰᠡᠭᠡᠷ ᠶᠠᠪᠤᠭᠠᠳ ᠬᠥᠮᠦᠨ ᠦ᠌ ᠵᠡᠷᠭᠡ ᠳ᠋ᠦ᠍ ᠬᠦᠷᠦᠭᠰᠡᠨ᠃ ᠲᠡᠷᠡ ᠴᠠᠭ ᠲᠤ᠌ ᠪᠢ ᠬᠤᠪᠢ ᠲᠠᠪᠢᠯᠠᠩ ᠤ᠋ᠨ ᠡᠷᠬᠡ ᠪᠡᠷ ᠦᠷ᠎ᠡ ᠲᠡᠢ ᠪᠣᠯᠳᠠᠭ ᠶᠤᠮ ᠪᠣᠯ ᠲᠡᠭᠦᠨ ᠢ᠋ ᠪᠡᠨ ᠪᠤᠶᠠᠨᠵᠠᠯᠪᠠᠷᠢᠬᠤ ᠬᠡᠢᠳ ᠲᠦ᠍ ᠱᠠᠪᠢ ᠪᠣᠯᠭᠠᠨ ᠰᠠᠭᠤᠯᠭᠠᠨ᠎ᠠ᠃ ᠰᠠᠢᠨ ᠯᠠᠮᠠ  ᠪᠣᠯᠭᠠᠨ᠎ᠠ ᠭᠡᠵᠦ ᠪᠤᠶᠠᠨᠵᠠᠯᠪᠠᠷᠢᠬᠤ ᠬᠡᠢᠳ ᠦ᠋ᠨ  ᠪᠣᠱᠣᠭ᠎ᠠ ᠪᠠᠷ ᠠᠯᠬᠤᠬᠤ ᠪᠦᠷᠢ ᠳ᠋ᠡᠭᠡᠨ ᠥᠴᠢᠭ ᠲᠠᠩᠭᠠᠷᠢᠭ ᠥᠭᠴᠦ ᠪᠠᠢᠭᠰᠠᠨ ᠶᠤᠮ᠃  ᠠᠱᠢᠭᠦᠢ  ᠬᠤᠪᠢ ᠲᠠᠪᠢᠯᠠᠩ ᠮᠢᠨᠢ ᠨᠠᠳᠠ ᠳ᠋ᠤ᠌  ᠬᠦᠦ  ᠴᠢᠮᠠᠶ᠋ᠢ ᠵᠠᠶᠠᠭᠠᠯ᠎ᠠ᠃ ᠪᠠᠭ᠎ᠠ ᠳ᠋ᠠᠭᠠᠨ ᠥᠭᠭᠦᠭᠰᠡᠨ ᠥᠴᠢᠭ ᠶᠣᠰᠣᠭᠠᠷ ᠬᠦᠦ ᠴᠢᠮᠠᠶ᠋ᠢ ᠪᠠᠨ ᠪᠢ ᠬᠡᠢᠳ ᠲᠦ᠍ ᠱᠠᠪᠢᠯᠠᠭᠤᠯᠤᠨ ᠰᠠᠭᠤᠯᠭᠠᠵᠤ ᠯᠠᠮᠠ ᠪᠣᠯᠭᠠᠨ᠎ᠠ ᠭᠡᠵᠦ ᠰᠠᠨᠠᠵᠤ ᠪᠠᠢᠨ᠎ᠠ᠃  ᠨᠠᠮᠠᠶ᠋ᠢ ᠦᠭᠡᠨ ᠳ᠋ᠡᠭᠡᠨ ᠬᠦᠷᠦᠨ᠎ᠡ ᠭᠡᠵᠦ ᠢᠲᠡᠭᠡᠭᠰᠡᠨ ᠶᠦᠮ ᠰᠢᠭ ᠪᠠᠯᠢᠩ᠂ ᠱᠠᠯᠰᠠᠢ ᠡᠯᠪᠡᠭ ᠯᠡ ᠣᠯᠳᠠᠳᠠᠭ ᠪᠠᠢᠯ᠎ᠠ᠂ ᠬᠥᠭᠡᠷᠦᠬᠦᠢ ᠭᠡᠵᠦ ᠮᠡᠳᠡᠭᠡ ᠣᠷᠣᠭᠰᠠᠨ ᠴᠠᠭ ᠠ᠋ᠴᠠ ᠨᠢ ᠬᠣᠢᠰᠢ ᠪᠠᠷᠤᠭ ᠯᠠ ᠡᠳᠦᠷ ᠪᠦᠷᠢ ᠬᠠᠢᠷᠠᠲᠤ ᠡᠴᠢᠭᠡ ᠡᠴᠡ ᠬᠥᠪᠡᠭᠦᠨ ᠰᠡᠩᠵᠢ ᠳ᠋ᠡᠭᠠᠨ ᠶᠠᠷᠢᠳᠠᠭ ᠪᠠᠢᠯ᠎ᠠ᠃ ᠡᠨᠡ ᠶᠠᠷᠢᠶᠠᠨ ᠳ᠋ᠤ᠌ ᠪᠠᠰᠠ ᠯᠠ ᠡᠬᠡ ᠨᠢ ᠨᠡᠮᠡᠷᠢ ᠥᠭᠳᠡᠭ ᠰᠠᠨ᠃ ᠬᠡᠢᠳ ᠦ᠋ᠨ  ᠭᠤᠷᠢᠯᠤᠮ ᠠ᠋ᠴᠠ ᠳᠣᠲᠣᠭᠰᠢ ᠡᠮᠡᠭᠲᠡᠢ ᠬᠥᠮᠦᠨ ᠣᠷᠣᠭᠤᠯᠳᠠᠭ ᠦᠭᠡᠢ ᠪᠣᠯᠬᠣᠷ ᠡᠴᠢᠭᠡ ᠰᠠᠢᠨᠴᠣᠭᠲᠣ ᠣᠴᠢᠵᠤ ᠪᠠᠯᠢᠩ᠂ ᠱᠠᠯᠰᠠᠢ ᠬᠣᠷᠮᠣᠶᠢᠯᠠᠨ ᠢᠷᠡᠵᠦ ᠡᠬᠡ ᠴᠡᠨᠳᠡ ᠲᠡᠢ ᠣᠯᠵᠠ ᠪᠠᠨ ᠬᠤᠪᠢᠶᠠᠯᠴᠠᠳᠠᠭ ᠪᠠᠢᠵᠠᠢ᠃ ᠳᠣᠯᠣᠭ᠎ᠠ᠂ ᠨᠠᠢ᠍ᠮᠠᠨ ᠨᠠᠰᠤᠲᠠᠢ ᠠ᠋ᠴᠠ ᠡᠬᠢᠯᠡᠨ ᠡᠨᠡ ᠬᠣᠶᠠᠷ ᠠᠷᠪᠠᠨ ᠳᠥᠷᠪᠡ ᠲᠠᠪᠤ ᠬᠦᠷᠲᠡᠯ᠎ᠡ ᠪᠠᠯᠢᠩ᠂ ᠱᠠᠯᠰᠠᠢ  ᠬᠤᠪᠢᠶᠠᠯᠴᠠᠨ ᠢᠳᠡᠵᠦ ᠬᠠᠮᠲᠤᠷᠠᠨ ᠥᠯᠥᠰᠴᠦ ᠠᠮᠢᠳᠤᠷᠠᠭᠰᠠᠭᠠᠷ ᠡᠴᠦᠰ ᠲᠡᠭᠡᠨ ᠬᠠᠢᠷ᠎ᠠ ᠰᠡᠳᠬᠢᠯ ᠲᠡᠢ ᠪᠣᠯᠵᠤ ᠬᠣᠶᠠᠭᠤᠯᠠ ᠪᠠᠨ ᠠᠢᠯ ᠭᠡᠷ ᠡᠭᠦᠰᠬᠡᠭᠰᠡᠨ ᠶᠦᠮ  ᠪᠠᠢᠵᠠᠢ᠃ 
       –  ᠠᠪᠤ᠂ ᠡᠵᠢ ᠬᠣᠶᠠᠷ ᠲᠠᠭᠠᠨ ᠪᠠᠯᠢᠩ ᠲᠠᠢ ᠢᠷᠡᠭᠡᠷᠡᠢ᠃ ᠪᠠᠭ᠎ᠠ ᠳ᠋ᠠᠭᠠᠨ ᠢᠳᠡᠵᠦ ᠶᠠᠪᠤᠭᠰᠠᠨ ᠪᠣᠯᠬᠣᠷ ᠬᠠᠶᠠ ᠠᠮᠰᠠᠬᠤ ᠳ᠋ᠤ᠌ ᠰᠠᠢᠬᠠᠨ ᠪᠠᠢᠳᠠᠭ ᠶᠤᠮ ᠭᠡᠵᠦ ᠰᠡᠩᠵᠢ ᠬᠥᠪᠡᠭᠦᠨ ᠳ᠋ᠡᠭᠡᠨ ᠠᠪᠤ ᠡᠵᠢ ᠨᠢ ᠬᠡᠢᠳ ᠡᠴᠡ ᠭᠣᠮᠪᠣ ᠪᠠᠨ ᠴᠢᠯᠥᠭᠡ ᠪᠡᠷ  ᠢᠷᠡᠬᠦ  ᠪᠦᠷᠢ ᠳ᠋ᠦ᠍ ᠵᠠᠬᠢᠳᠠᠭ ᠪᠠᠢᠯ᠎ᠠ᠃  ᠲᠡᠢᠨ ᠬᠦ᠌ ᠪᠠᠯᠢᠩ ᠠᠪᠠᠴᠢᠵᠤ ᠥᠭᠬᠦ ᠳ᠋ᠦ᠍ ᠠᠪᠤ ᠡᠵᠢ ᠬᠣᠶᠠᠷ ᠨᠢ ᠲᠡᠭᠦᠨ ᠢ᠋ ᠬᠣᠶᠠᠷ ᠭᠠᠷᠳᠠᠨ ᠶᠡᠬᠡᠳᠡ ᠬᠦᠨᠳᠦᠳᠬᠡᠨ ᠡᠬᠢᠯᠡᠭᠡᠳ ᠳᠤᠬᠤᠨ ᠳᠡᠭᠡᠷ᠎ᠡ ᠪᠡᠨ ᠬᠦᠷᠭᠡᠨ ᠠᠳᠢᠰ ᠠᠪᠤᠭᠠᠳ ᠳᠠᠷᠠᠭ᠎ᠠ ᠨᠢ ᠠᠮᠲᠠᠷᠬᠠᠨ ᠢᠳᠡᠬᠦ ᠳ᠋ᠡᠭᠡᠨ ᠬᠣᠶᠠᠭᠤᠯᠠ ᠶ᠋ᠢᠨ ᠨᠢ ᠨᠢᠳᠦᠨ ᠡᠴᠡ ᠨᠢᠯᠪᠤᠰᠤ ᠭᠢᠯᠲᠠᠭᠠᠨᠠᠨ ᠭᠠᠷᠴᠤ ᠦᠵᠡᠭᠳᠡᠳᠡᠭ ᠰᠠᠨ᠃ ᠲᠡᠷᠡ ᠬᠣᠶᠠᠷ ᠪᠠᠯᠢᠩ ᠢ᠋ᠶ᠋ᠠᠨ ᠢᠳᠡᠵᠦ ᠳᠠᠭᠤᠰᠲᠠᠯ᠎ᠠ ᠬᠡᠨ ᠲᠡᠢ ᠴᠦ᠍ ᠳᠤᠤᠭᠠᠷᠳᠠᠭ ᠦᠭᠡᠢ ᠪᠠᠢᠯ᠎ᠠ᠃ 
       – ᠪᠤᠷᠬᠠᠳ ᠲᠤ᠌ ᠡᠷᠭᠦᠳᠡᠭ ᠢᠳᠡᠭᠡ ᠪᠣᠯᠬᠣᠷ ᠬᠠᠮᠤᠭ ᠤ᠋ᠨ ᠰᠠᠢᠬᠠᠨ ᠶᠠᠭᠤᠮ᠎ᠠ ᠪᠠᠷ ᠬᠢᠳᠡᠭ᠂ ᠲᠡᠵᠢᠭᠡᠯ ᠲᠡᠢ ᠵᠣᠭᠣᠭ ᠳᠠ ᠬᠥᠭᠡᠷᠦᠬᠦᠢ᠃ ᠳᠠᠩᠴᠤ  ᠬᠦᠷᠲᠡᠳᠡᠭ ᠬᠥᠮᠦᠨ ᠨᠢ ᠪᠤᠷᠬᠠᠨ ᠪᠢᠰᠢ ᠥᠨᠥ ᠮᠠᠭᠤ  ᠭᠤᠢᠷᠠᠨᠴᠢ  ᠰᠠᠢᠨᠴᠣᠭᠲᠣ ᠰᠢᠦ ᠳᠡ! ᠭᠡᠵᠦ ᠡᠴᠢᠭᠡ ᠨᠢ ᠰᠢᠮ᠎ᠡ ᠶ᠋ᠢᠨ ᠠᠷᠢᠬᠢᠨ ᠳ᠋ᠤ᠌ ᠬᠠᠯᠠᠬᠤ ᠦᠶ᠎ᠡ ᠳ᠋ᠡᠭᠡᠨ ᠪᠠᠢᠨ ᠪᠠᠢᠨ ᠳᠤᠷᠠᠰᠤᠨ ᠬᠡᠯᠡᠳᠡᠭ ᠶᠦᠮ ᠰᠠᠨᠵᠠᠢ᠃ 
       – ᠽᠠᠮᠪᠤᠲᠢᠪ ᠤ᠋ᠨ ᠱᠠᠯᠰᠠᠢ ᠠ᠋ᠴᠠ ᠡᠬᠢᠯᠡᠭᠡᠳ ᠱᠠᠳᠠᠭ ᠮᠠᠷᠵᠢ ᠪᠠᠯᠢᠩ ᠢ᠋ ᠬᠦᠷᠲᠡᠯ᠎ᠡ ᠪᠢᠰᠢᠭᠦᠢ ᠳ᠋ᠡᠭᠡᠨ ᠯᠡ ᠨᠢᠭᠡ ᠵᠣᠭᠣᠭᠯᠠᠭᠰᠠᠨ᠃ ᠠᠯᠢ ᠠᠯᠢ ᠨᠢ ᠢᠪᠡᠭᠡᠯ ᠲᠠᠢ ᠯᠠ ᠥᠩᠭᠡᠷᠡᠭᠰᠡᠨ ᠭᠡᠵᠦ ᠡᠬᠡ ᠴᠠᠨᠳᠠ ᠦᠶ᠎ᠡ ᠦᠶ᠎ᠡ ᠳᠤᠷᠠᠰᠤᠨ ᠶᠠᠷᠢᠨ᠎ᠠ᠃ ᠡᠨᠡ ᠪᠦᠬᠦᠨ ᠬᠥᠪᠡᠭᠦᠨ ᠰᠡᠩᠵᠢ ᠶ᠋ᠢᠨ ᠰᠡᠳᠬᠢᠯ ᠳ᠋ᠦ᠍ ᠬᠠᠳᠠᠭᠠᠲᠠᠢ ᠦᠯᠡᠳᠡᠵᠡᠢ᠃ 
      ᠽᠠᠮᠪᠤᠲᠢᠪ ᠤ᠋ᠨ ᠱᠠᠯᠰᠠᠢ ᠶ᠋ᠢ ᠭᠠᠵᠠᠷ ᠤ᠋ᠨ ᠡᠵᠡᠨ ᠳ᠋ᠦ᠍ ᠵᠣᠷᠢᠭᠤᠯᠤᠨ ᠬᠢᠳᠡᠭ ᠢ᠋ ᠣᠳᠣ ᠰᠡᠩᠵᠢ ᠠᠨᠳᠠᠬᠤ ᠦᠭᠡᠢ ᠪᠠᠰᠠ ᠴᠤ᠌ ᠲᠡᠢᠮᠦ ᠱᠠᠯᠰᠠᠢ ᠶ᠋ᠢ ᠥᠪᠡᠷ ᠢ᠋ᠶ᠋ᠡᠨ ᠤᠷᠠᠯᠠᠨ ᠬᠢᠵᠦ ᠴᠢᠳᠠᠳᠠᠭ ᠪᠣᠯᠵᠠᠢ᠃ ᠳᠣᠭᠰᠢᠳ ᠤ᠋ᠨ ᠬᠤᠷᠠᠯ ᠬᠤᠷᠠᠬᠤ ᠪᠦᠷᠢ ᠳ᠋ᠦ᠍ ᠭᠤᠷᠪᠠᠨ ᠶᠠᠩᠵᠤ ᠶ᠋ᠢᠨ ᠪᠠᠯᠢᠩ ᠱᠠᠯᠰᠠᠢ ᠶ᠋ᠢ ᠪᠠᠯᠢᠩᠴᠢ᠂ ᠱᠠᠯᠰᠠᠶᠢᠴᠢ ᠨᠠᠷ ᠪᠡᠯᠡᠳᠬᠡᠳᠡᠭ᠂ ᠲᠡᠳᠡ ᠭᠠᠷ ᠤ᠋ᠨ ᠤᠷ᠎ᠠ ᠳᠡᠮ ᠲᠠᠢ ᠪᠠᠷᠢᠮᠠᠯᠴᠢ ᠬᠥᠮᠦᠰ ᠪᠠᠢᠳᠠᠭ ᠲᠤᠯᠠ ᠰᠣᠨᠢᠭᠤᠴᠢᠬᠠᠨ ᠪᠠᠨᠳᠢ ᠰᠡᠩᠵᠢ ᠲᠡᠳᠡᠨ ᠲᠡᠢ ᠨᠥᠬᠥᠷᠯᠡᠵᠦ ᠪᠠᠯᠢᠩ ᠱᠠᠯᠰᠠᠢ ᠶ᠋ᠢ ᠶᠡᠬᠡ ᠤᠷᠠᠨ ᠭᠣᠶᠣ ᠬᠢᠳᠡᠭ ᠪᠣᠯᠵᠠᠢ᠃ 
      ᠽᠠᠮᠪᠤᠲᠢᠪ ᠤ᠋ᠨ ᠱᠠᠯᠰᠠᠢ ᠶ᠋ᠢ ᠭᠤᠷᠪᠠᠯᠵᠢᠨ ᠪᠣᠰᠤᠭ᠎ᠠ ᠴᠡᠴᠡ ᠬᠡᠯᠪᠡᠷᠢᠲᠡᠢ ᠪᠡᠷ ᠬᠢᠵᠦ᠂ ᠨᠠᠷᠠ᠂ ᠰᠠᠷᠠ᠂  ᠴᠢᠨᠳᠠᠮᠤᠨᠢ ᠳᠦᠷᠰᠦ ᠪᠡᠷ ᠳᠡᠭᠡᠳᠦ ᠲᠠᠯ᠎ᠠ ᠶ᠋ᠢ ᠴᠢᠮᠡᠭᠯᠡᠨ᠎ᠡ᠃ ᠴᠢᠮᠡᠭ ᠢ᠋ ᠰᠢᠷ᠎ᠠ ᠲᠣᠰᠣ ᠪᠠᠷ᠂ ᠶᠡᠬᠡ ᠪᠡᠶ᠎ᠡ ᠶ᠋ᠢ ᠵᠠᠮᠪᠠᠭ᠎ᠠ ᠪᠠᠷ ᠬᠢᠨ᠎ᠡ᠃ ᠪᠣᠳᠣᠭ ᠲᠠᠢ ᠬᠣᠯᠢᠭᠰᠠᠨ ᠰᠢᠷ᠎ᠠ ᠲᠣᠰᠣ ᠪᠠᠷ ᠤᠯᠠᠭᠠᠨ ᠨᠠᠷᠠ᠂ ᠰᠢᠷ᠎ᠠ ᠰᠠᠷ᠎ᠠ᠂ ᠲᠠᠪᠤᠨ ᠥᠩᠭᠡ ᠪᠡᠷ ᠴᠢᠳᠠᠮᠤᠨᠢ ᠡᠷᠳᠡᠨᠢ ᠶ᠋ᠢ ᠳᠦᠷᠰᠦᠯᠡᠨ ᠬᠢᠵᠦ ᠵᠠᠮᠪᠠᠭ᠎ᠠ ᠶ᠋ᠢᠨ ᠭᠤᠯᠢᠷ ᠤ᠋ᠨ ᠱᠠᠯᠰᠠᠢ ᠶ᠋ᠢᠨ ᠡᠷᠭᠢᠨ ᠲᠣᠭᠣᠷᠢᠨ ᠳ᠋ᠤ᠌ ᠨᠠᠭᠠᠯᠳᠤᠭᠤᠯᠤᠨ ᠴᠢᠮᠡᠭᠯᠡᠨ᠎ᠡ᠃ ᠬᠠᠮᠤᠭ ᠤ᠋ᠨ ᠠᠮᠲᠠ ᠲᠠᠢ ᠱᠠᠯᠰᠠᠢ ᠡᠨᠡ ᠪᠥᠭᠡᠳ ᠡᠭᠦᠨ ᠢ᠋ ᠴᠥᠭᠡᠨ ᠲᠣᠭ᠎ᠠ ᠪᠠᠷ ᠬᠢᠬᠦ ᠲᠤᠯᠠ ᠬᠣᠪᠣᠷ ᠣᠯᠳᠠᠳᠠᠭ ᠪᠠᠢᠯ᠎ᠠ᠃   
      ᠽᠠᠮᠪᠤᠲᠢᠪ ᠤ᠋ᠨ ᠱᠠᠯᠰᠠᠢ ᠶ᠋ᠢᠨ ᠳᠠᠷᠠᠭ᠎ᠠ ᠪᠠᠷ ᠳᠣᠭᠰᠢᠳ ᠨᠠᠷ ᠲᠤ᠌ ᠵᠣᠷᠢᠭᠤᠯᠤᠭᠰᠠᠨ ᠭᠠᠷ ᠤ᠋ᠨ ᠠᠪᠤᠯᠭ᠎ᠠ ᠭᠡᠵᠦ ᠨᠡᠷᠡᠲᠡᠢ ᠂ ᠵᠢᠷᠦᠬᠡᠨ ᠲᠠᠷᠨᠢ ᠶ᠋ᠢᠨ ᠦᠰᠦᠭ ᠪᠢᠴᠢᠭᠡᠰᠦᠲᠡᠢ ᠰᠢᠯᠤᠭᠤᠨ ᠭᠤᠷᠪᠠᠯᠵᠢᠨ ᠴᠡᠴᠡ ᠮᠡᠲᠦ ᠬᠡᠯᠪᠡᠷᠢ ᠲᠡᠢ ᠪᠠᠯᠢᠩ ᠣᠷᠣᠨ᠎ᠠ᠃ ᠡᠢᠮᠦ ᠪᠠᠯᠢᠩ ᠨᠢᠭᠡ ᠲᠣᠮᠣ ᠶ᠋ᠢ ᠬᠢᠬᠦ ᠪᠣᠯᠪᠠᠴᠤ ᠡᠷᠭᠢᠨ ᠲᠣᠭᠣᠷᠢᠨ ᠳ᠋ᠤ᠌ ᠨᠢ ᠨᠥᠬᠥᠷ ᠭᠡᠵᠦ ᠣᠯᠠᠨ ᠵᠢᠵᠢᠭ ᠪᠠᠯᠢᠩ ᠰᠠᠭᠤᠯᠭᠠᠳᠠᠭ ᠶᠤᠮ᠃ ᠲᠣᠭ᠎ᠠ ᠨᠢ ᠠᠳᠠᠯᠢ ᠦᠭᠡᠢ᠃  ᠮᠠᠾᠠᠺᠠᠯᠠ ᠪᠤᠷᠬᠠᠨ ᠳ᠋ᠤ᠌ ᠵᠣᠷᠢᠭᠤᠯᠤᠭᠰᠠᠨ ᠪᠠᠯᠢᠩ ᠵᠢᠷᠠᠨ ᠬᠣᠶᠠᠷ ᠨᠥᠬᠥᠷ ᠲᠡᠢ᠃ ᠭᠣᠮᠪᠣ ᠳ᠋ᠤ᠌ ᠵᠣᠷᠢᠭᠤᠯᠤᠭᠰᠠᠨ ᠨᠢ  ᠳᠠᠯᠠᠨ ᠲᠠᠪᠤᠨ ᠨᠥᠬᠥᠷ ᠲᠡᠢ ᠭᠡᠬᠦ ᠮᠡᠲᠦ ᠪᠡᠷ ᠲᠣᠭᠲᠠᠭᠠᠭᠰᠠᠨ ᠪᠠᠢᠨ᠎ᠠ᠃ ᠡᠢᠮᠦ ᠪᠠᠯᠢᠩ ᠡᠯᠪᠡᠭ ᠣᠯᠳᠠᠬᠤ ᠲᠤᠯᠠ ᠰᠡᠩᠵᠢ ᠶ᠋ᠢᠨ ᠠᠪᠤ  ᠰᠠᠢᠨᠴᠣᠭᠲᠣ ᠭᠣᠣᠯᠴᠢᠯᠠᠨ ᠲᠡᠭᠦᠪᠡᠷ ᠬᠣᠭᠣᠯᠠᠯᠠᠳᠠᠭ ᠪᠠᠢᠵᠠᠢ᠃ 
      ᠮᠢᠬ᠎ᠠ ᠴᠢᠰᠤᠨ ᠤ᠋ ᠪᠠᠯᠢᠩ ᠪᠤᠶᠤ ᠱᠠᠳᠠᠭ ᠮᠠᠷᠵᠠ ᠶ᠋ᠢ ᠬᠥᠮᠦᠨ ᠦ᠌ ᠪᠡᠶ᠎ᠡ ᠶ᠋ᠢᠨ ᠭᠣᠣᠯ ᠭᠣᠣᠯ ᠡᠷᠬᠡᠲᠡᠨ ᠨᠤᠭᠦᠳ ᠪᠥᠭᠡᠷ᠎ᠡ᠂ ᠵᠢᠷᠦᠬᠡ᠂  ᠴᠠᠷᠪᠠᠭᠤ ᠲᠠᠪᠠᠬᠠᠢ ᠶ᠋ᠢ ᠳᠦᠷᠰᠦᠯᠡᠨ  ᠬᠦᠷᠡᠩ ᠥᠩᠭᠡ ᠪᠡᠷ ᠪᠣᠳᠣᠵᠤ ᠬᠡᠪᠡᠭ ᠰᠢᠭ ᠪᠦᠳᠦᠭᠦᠨ ᠰᠢᠷᠬᠡᠭ ᠲᠡᠢ ᠭᠤᠯᠢᠷ ᠢ᠋ᠶ᠋ᠠᠷ ᠬᠢᠨ᠎ᠡ᠃ ᠡᠢᠮᠦ ᠪᠠᠯᠢᠩ ᠢ᠋ ᠬᠤᠷᠠᠯ ᠬᠤᠷᠠᠵᠤ ᠳᠠᠭᠤᠰᠬᠤ ᠦᠶ᠎ᠡ ᠪᠡᠷ ᠰᠢᠲᠠᠭᠠᠬᠤ ᠪᠤᠶᠤ ᠭᠠᠷᠭᠠᠵᠤ ᠬᠠᠶᠠᠨ᠎ᠠ᠃ ᠮᠥᠷᠭᠥᠯᠴᠢᠳ ᠲᠡᠭᠦᠨ ᠢ᠋ ᠭᠠᠢ᠂ ᠵᠣᠯᠢᠭ ᠲᠤ᠌ ᠭᠠᠷᠭᠠᠭᠰᠠᠨ ᠵᠦᠢᠯ ᠭᠡᠵᠦ ᠦᠵᠡᠭᠡᠳ ᠬᠡᠵᠢᠶ᠎ᠡ ᠴᠦ᠍ ᠢᠳᠡᠳᠡᠭ ᠦᠭᠡᠢ ᠪᠠᠢᠯ᠎ᠠ᠃ 
       – ᠥᠯᠥᠰᠬᠦ ᠴᠠᠭ ᠲᠤ᠌ ᠱᠠᠳᠠᠭ ᠮᠠᠷᠵᠠ ᠶ᠋ᠢ ᠵᠥᠩᠳᠡᠭᠡᠨ ᠯᠡ ᠢᠳᠡᠵᠦ ᠶᠠᠪᠤᠯ᠎ᠠ᠃ ᠤᠤᠯ ᠨᠢ ᠮᠠᠭᠤ ᠢᠷᠣ᠎ᠠ ᠶ᠋ᠢᠨ ᠢᠳᠡᠭᠡ ᠭᠡᠳᠡᠭ ᠶᠦᠮ᠃ ᠪᠢᠳᠡᠨ ᠳ᠋ᠦ᠍ ᠬᠡᠵᠢᠶ᠎ᠡ ᠴᠦ᠍ ᠮᠠᠭᠤ ᠶᠠᠭᠤᠮ᠎ᠠ ᠪᠣᠯᠵᠤ ᠪᠠᠢᠭ᠎ᠠ ᠦᠭᠡᠢ᠃ ᠶᠡᠬᠡ ᠢᠳᠡᠬᠦ ᠪᠡᠷ ᠲᠠᠷᠭᠤᠯᠠᠬᠤ ᠭᠡᠳ ᠪᠠᠢᠳᠠᠭ ᠯᠠ ᠳᠠ ᠭᠡᠵᠦ ᠠᠪᠤ ᠨᠢ ᠬᠠᠶᠠ ᠱᠣᠭᠲᠠᠢ ᠪᠠᠷ ᠢᠨᠢᠶᠡᠮᠰᠦᠭᠯᠡᠨ ᠶᠠᠷᠢᠳᠠᠭ ᠲᠤᠯᠠ ᠰᠡᠩᠵᠢ ᠲᠡᠷᠡ ᠬᠦ᠌ ᠱᠠᠳᠠᠭ ᠮᠠᠷᠵᠠ ᠪᠠᠯᠢᠩ ᠠ᠋ᠴᠠ ᠴᠡᠷᠪᠡᠵᠦ ᠴᠡᠭᠡᠷᠯᠡᠬᠦ ᠪᠡᠨ ᠪᠣᠯᠢᠵᠠᠢ᠃ 
      《ᠠᠪᠤ ᠳ᠋ᠠᠭᠠᠨ ᠭᠡᠰᠦᠯ ᠪᠣᠯᠤᠭᠰᠠᠨ ᠢ᠋ᠶ᠋ᠠᠨ ᠲᠤᠭᠤᠯᠭᠠᠬᠤ ᠪᠠᠷ ᠣᠴᠢᠬᠤ ᠳ᠋ᠠᠭᠠᠨ ᠪᠠᠯᠢᠩ ᠠᠪᠠᠴᠢᠬᠤ ᠶᠤᠮ ᠰᠢᠦ!》 ᠭᠡᠵᠦ ᠰᠡᠩᠵᠢ ᠳᠣᠲᠣᠷ᠎ᠠ ᠪᠠᠨ ᠪᠣᠳᠣᠵᠤ ᠪᠠᠢᠲᠠᠯ᠎ᠠ ᠪᠠᠭᠰᠢ ᠯᠠᠮᠠ  ᠨᠢ᠄ 
       – ᠤᠯᠠᠭᠠᠨ ᠭᠠᠯ ᠪᠠᠷᠰ ᠵᠢᠯ ᠦ᠋ᠨ ᠵᠤᠨ ᠤ᠋ ᠡᠬᠢᠨ ᠰᠠᠷ᠎ᠠ ᠶ᠋ᠢᠨ ᠰᠢᠨ᠎ᠡ ᠶ᠋ᠢᠨ ᠨᠠᠢ᠍ᠮᠠᠨ ᠤ᠋ ᠡᠳᠦᠷ ᠦ᠋ᠨ ᠲᠠᠬᠢᠶ᠎ᠠ ᠴᠠᠭ ᠲᠤ᠌ ᠳᠣᠯᠣᠭᠠᠨ ᠠᠷᠤᠳᠤ᠂ ᠭᠤᠷᠪᠠᠨ ᠬᠣᠯᠠ ᠶ᠋ᠢᠨ ᠰᠡᠭᠦᠳᠡᠷ ᠲᠦ᠍ ᠪᠠᠨᠳᠢ ᠰᠡᠩᠵᠢ ᠴᠢ ᠭᠡᠰᠦᠯ ᠰᠠᠬᠢᠭᠤᠰᠤ ᠬᠦᠷᠲᠡᠯ᠎ᠡ᠃ ᠴᠢ ᠡᠨᠡ ᠡᠳᠦᠷ ᠡᠴᠡ ᠡᠮᠦᠨ᠎ᠡ ᠭᠡᠯᠦᠩ᠂  ᠭᠡᠰᠦᠯ ᠪᠣᠯᠤᠭᠰᠠᠨ ᠠᠬᠠᠮᠠᠳ ᠰᠦᠵᠢᠭᠳᠡᠨ ᠪᠦᠷᠢ ᠶ᠋ᠢ ᠳᠡᠭᠡᠳᠦᠯᠡᠵᠦ᠂ ᠥᠪᠡᠷ ᠡᠴᠡ ᠪᠡᠨ ᠳᠡᠭᠡᠭᠰᠢ ᠰᠠᠭᠤᠯᠭᠠᠵᠤ᠂ ᠡᠷᠭᠦᠯ ᠮᠥᠷᠭᠥᠯ ᠦᠢᠯᠡᠳᠴᠦ᠂ ᠲᠡᠳᠡᠨ ᠦ᠌ ᠡᠮᠦᠨ᠎ᠡ ᠵᠣᠭᠰᠣᠭ᠎ᠠ ᠪᠠᠢᠵᠤ ᠬᠦᠨᠳᠦᠳᠬᠡᠬᠦ ᠶᠣᠰᠣᠲᠠᠢ᠃ ᠲᠡᠭᠡᠵᠦ ᠴᠢᠳᠠᠪᠠᠯ ᠴᠢ ᠪᠤᠰᠤᠳ ᠤ᠋ᠨ ᠰᠠᠬᠢᠯ ᠳ᠋ᠤ᠌ ᠢᠲᠡᠭᠡᠭᠰᠡᠨ ᠦ᠌ ᠪᠤᠶᠠᠨ ᠡᠳ᠋ᠯᠡᠨ᠎ᠡ᠃ ᠡᠨᠡ ᠡᠳᠦᠷ ᠡᠴᠡ ᠬᠣᠢᠰᠢ  ᠭᠡᠰᠦᠯ ᠪᠠᠨᠳᠢ᠂ ᠤᠪᠠᠰᠢ᠂  ᠤᠪᠰᠠᠨᠴᠠ ᠰᠠᠬᠢᠯ ᠬᠦᠷᠲᠡᠭᠰᠡᠨ ᠪᠦᠬᠦᠨ ᠴᠢᠮ᠎ᠠ ᠠ᠋ᠴᠠ ᠨᠠᠰᠤ ᠪᠠᠷ ᠠᠬ᠎ᠠ᠂ ᠳᠡᠭᠦᠦ ᠢᠯᠭᠠᠭ᠎ᠠ ᠦᠭᠡᠢ ᠴᠢᠮ᠎ᠠ ᠳ᠋ᠤ᠌ ᠬᠦᠨᠳᠦᠳᠬᠡᠯ ᠦᠵᠡᠭᠦᠯᠬᠦ ᠶᠣᠰᠣᠲᠠᠢ᠃ ᠴᠢᠩᠭᠢᠭᠰᠡᠨ ᠢ᠋ᠶ᠋ᠡᠷ ᠢ᠋ᠶ᠋ᠡᠨ ᠥᠪᠡᠷ ᠦ᠋ᠨ ᠰᠠᠬᠢᠯ ᠳ᠋ᠤ᠌ ᠢᠲᠡᠭᠡᠯ ᠬᠦᠯᠢᠶᠡᠵᠦ ᠪᠤᠶᠠᠨ ᠡᠳ᠋ᠯᠡᠨ᠎ᠡ᠃ 
      ᠰᠠᠬᠢᠯ ᠬᠦᠷᠲᠡᠭᠡᠳ ᠲᠡᠭᠦᠨ ᠢ᠋ᠶ᠋ᠡᠨ ᠰᠠᠬᠢᠬᠤ ᠶᠣᠰᠣᠲᠠᠢ᠃ ᠡᠭᠦᠨ ᠦ᠌ ᠲᠤᠯᠠ ᠠᠷᠪᠠᠨ ᠲᠡᠪᠴᠢᠯᠭᠡ ᠶ᠋ᠢ ᠪᠡᠶ᠎ᠡ᠂ ᠬᠡᠯᠡ᠂ ᠰᠡᠳᠬᠢᠯ ᠢ᠋ᠶ᠋ᠡᠷ ᠦᠢᠯᠡᠳ ᠭᠡᠵᠦ ᠰᠢᠷᠡᠭᠡᠲᠦ ᠯᠠᠮᠠ ᠠᠢᠯᠠᠳᠪᠠ᠃ ᠡᠭᠦᠨ ᠢ᠋  ᠭᠡᠰᠦᠯ ᠰᠡᠩᠵᠢ ᠠᠩᠬᠠᠷᠤᠯ ᠲᠠᠢ ᠰᠣᠨᠣᠰᠴᠤ ᠲᠣᠭᠲᠠᠭᠠᠵᠤ ᠠᠪᠬᠤ ᠶ᠋ᠢ ᠬᠢᠴᠢᠶᠡᠵᠦ ᠪᠠᠢᠯ᠎ᠠ᠃ 
       – ᠭᠡᠰᠦᠯ ᠰᠣᠨᠣᠰ! ᠠᠷᠪᠠᠨ ᠲᠡᠪᠴᠢᠯᠭᠡ᠂ ᠡᠭᠦᠨ ᠳ᠋ᠦ᠍ ᠡᠷᠭᠦᠨ ᠪᠠᠷᠢᠭ᠎ᠠ ᠦᠭᠡᠢ ᠶ᠋ᠢ ᠠᠪᠬᠤ ᠶ᠋ᠢ ᠲᠡᠪᠴᠢ᠂ ᠵᠠᠪᠬᠠᠢ ᠰᠠᠮᠠᠭᠤᠨ ᠢ᠋ ᠲᠡᠪᠴᠢ᠂ ᠬᠤᠳᠠᠯ ᠶᠠᠷᠢᠬᠤ ᠶ᠋ᠢ ᠲᠡᠪᠴᠢ᠂ ᠰᠣᠭᠲᠣᠭᠤᠷᠠᠬᠤ ᠤᠮᠳᠠᠭ᠎ᠠ ᠶ᠋ᠢ ᠳᠡᠪᠴᠢ᠂ ᠳᠠᠭᠤᠤ ᠪᠥᠵᠢᠭ ᠢ᠋ ᠲᠡᠪᠴᠢ᠂ ᠬᠥᠭᠵᠢᠮ᠎ ᠵᠤᠭ᠎ᠠ ᠶ᠋ᠢ ᠲᠡᠪᠴᠢ᠃ ᠦᠨᠦᠷᠲᠡᠨ ᠢ᠋ᠶ᠋ᠡᠷ ᠭᠤᠶᠤᠵᠤ᠂ ᠴᠢᠮᠡᠭ ᠰᠡᠯᠲᠡ ᠵᠡᠭᠦᠬᠦ ᠶ᠋ᠢ ᠲᠡᠪᠴᠢ᠂ ᠥᠨᠳᠥᠷ ᠦᠷᠭᠡᠨ ᠰᠠᠭᠤᠳᠠᠯ ᠳ᠋ᠤ᠌ ᠰᠠᠭᠤᠬᠤ ᠶ᠋ᠢ ᠲᠡᠪᠴᠢ᠂ ᠴᠠᠭ ᠦᠭᠡᠢ ᠬᠣᠭᠣᠯᠠᠯᠠᠬᠤ ᠶ᠋ᠢ ᠲᠡᠪᠴᠢ᠂ ᠮᠥᠩᠭᠥ ᠠᠪᠬᠤ ᠶ᠋ᠢ ᠲᠡᠪᠴᠢ! ᠭᠡᠵᠦ ᠰᠢᠷᠡᠭᠡᠲᠦ ᠵᠠᠷᠯᠢᠭᠳᠠᠬᠤ ᠳ᠋ᠤ᠌  ᠭᠡᠰᠦᠯ ᠰᠡᠩᠵᠢ ᠲᠡᠪᠴᠢᠯᠭᠡ ᠪᠣᠯᠭᠠᠨ ᠢ᠋ 《ᠲᠡᠪᠴᠢᠶ᠎ᠡ》 ᠭᠡᠵᠦ ᠬᠠᠷᠢᠭᠤ ᠥᠴᠢᠯ᠎ᠡ᠃ 
      ᠭᠡᠰᠦᠯ ᠦ᠋ᠨ ᠰᠠᠬᠢᠭᠤᠰᠤ ᠬᠦᠷᠲᠡᠬᠦ ᠵᠠᠩ ᠦᠢᠯᠡ  ᠡᠢᠨ  ᠬᠦ᠌ ᠳᠠᠭᠤᠰᠬᠤ ᠳ᠋ᠤ᠌ ᠪᠠᠭᠰᠢ ᠯᠠᠮᠠ ᠴᠣᠢᠮᠴᠣᠭ ᠨᠢ ᠰᠢᠨ᠎ᠡ  ᠭᠡᠰᠦᠯ ᠦ᠋ᠨ ᠢ᠋ᠶ᠋ᠡᠨ ᠭᠠᠷ ᠠ᠋ᠴᠠ  ᠬᠥᠲᠥᠯᠦᠭᠡᠳ ᠰᠠᠭᠤᠳᠠᠯ ᠵᠢᠭᠠᠬᠤ ᠪᠠᠷ ᠶᠠᠪᠤᠯ᠎ᠠ᠃  
       – ᠠᠰᠠᠭᠤᠯᠭ᠎ᠠ ᠪᠠᠨ ᠬᠡᠵᠢᠶ᠎ᠡ ᠬᠢᠬᠦ ᠶᠦᠮ ᠪᠣᠢ? ᠭᠡᠵᠦ ᠰᠡᠩᠵᠢ ᠪᠠᠭᠰᠢ ᠯᠠᠮᠠ ᠠ᠋ᠴᠠ ᠪᠠᠨ ᠰᠡᠮᠬᠡᠨ ᠠᠰᠠᠭᠤᠯ᠎ᠠ᠃  ᠣᠯᠠᠨ ᠠᠰᠠᠭᠤᠯᠭ᠎ᠠ ᠠᠰᠠᠭᠤᠬᠤ ᠨᠢ ᠭᠡᠵᠦ ᠠᠶᠤᠵᠤ  ᠪᠠᠢᠵᠠᠢ᠃  
       – ᠭᠡᠰᠦᠯ ᠬᠦᠷᠲᠡᠬᠦ ᠳ᠋ᠦ᠍ ᠥᠭᠡᠷ᠎ᠡ ᠶᠠᠭᠤᠮ᠎ᠠ ᠠᠰᠠᠭᠤᠳᠠᠭ ᠦᠭᠡᠢ᠃ ᠬᠠᠷᠢᠨ ᠭᠡᠯᠦᠩ ᠪᠣᠯᠬᠤ ᠴᠠᠭ ᠲᠠᠭᠠᠨ ᠯᠠ ᠬᠢᠴᠢᠶᠡ᠃ ᠭᠤᠴᠢᠨ ᠳᠣᠯᠣᠭᠠᠨ ᠠᠰᠠᠭᠤᠯᠲᠠ ᠲᠡᠷᠡ ᠴᠠᠭ ᠲᠤ᠌ ᠲᠤᠯᠭᠠᠷᠠᠨ᠎ᠠ ᠭᠡᠵᠦ ᠴᠣᠢᠮᠴᠣᠭ ᠭᠡᠯᠦᠩ ᠠᠭᠤᠷ ᠲᠠᠢ ᠰᠢᠪᠡᠭᠡᠨᠡᠪᠡ᠃ 
      ᠁ ᠯᠠᠮᠠ ᠨᠠᠷ ᠭᠠᠳᠠᠭᠠᠯᠠᠬᠤ ᠳ᠋ᠤ᠌ ᠭᠡᠰᠦᠯ ᠰᠡᠩᠵᠢ ᠬᠣᠶᠠᠷ ᠰᠢᠷᠬᠡᠭ ᠽᠠᠮᠪᠤᠲᠢᠪ ᠤ᠋ᠨ ᠱᠠᠯᠰᠠᠢ ᠶ᠋ᠢ ᠣᠷᠬᠢᠮᠵᠢᠨ ᠳ᠋ᠠᠭᠠᠨ ᠨᠢᠭᠤᠵᠤ ᠠᠪᠤᠭᠠᠳ ᠬᠡᠢᠳ ᠦ᠋ᠨ  ᠭᠤᠷᠢᠯᠤᠮ ᠠ᠋ᠴᠠ ᠭᠠᠷᠬᠤ ᠪᠠᠷ ᠶᠠᠪᠤᠯ᠎ᠠ᠃ ᠰᠠᠳᠤᠨ ᠤ᠋ ᠪᠠᠨ ᠬᠠᠷ᠎ᠠ ᠭᠡᠷ ᠦ᠋ᠨ ᠭᠠᠳᠠᠭ᠎ᠠ ᠡᠴᠢᠭᠡ ᠨᠢ ᠬᠠᠷᠠᠭᠤᠯᠳᠠᠨ ᠱᠡᠭᠡᠵᠡᠬᠡᠢ ᠰᠠᠨᠳᠠᠢᠯᠠᠨ ᠰᠠᠭᠤᠵᠤ ᠪᠠᠢᠬᠤ ᠶ᠋ᠢ  ᠰᠠᠨᠠᠵᠤ ᠬᠣᠯᠠ ᠠ᠋ᠴᠠ ᠬᠠᠷᠠᠭᠠᠳ ᠦᠷᠦ ᠡᠪᠡᠳᠬᠦ ᠰᠢᠭ ᠪᠣᠯᠪᠠ᠃  
     《ᠬᠥᠭᠡᠷᠦᠬᠦᠢ ᠮᠠᠭᠤ ᠠᠪᠤ ᠮᠢᠨᠢ᠂  ᠨᠠᠮᠠᠶ᠋ᠢ ᠰᠠᠢᠨ ᠯᠠᠮ᠎ᠠ ᠪᠣᠯᠤᠭᠠᠰᠠᠢ ᠭᠡᠵᠦ ᠡᠳᠦᠷ ᠦ᠋ᠨ ᠪᠣᠳᠣᠯ ᠳ᠋ᠤ᠌ ᠬᠥᠲᠥᠯᠦᠭᠡᠰᠦᠲᠡᠢ ᠰᠥᠨᠢ ᠶ᠋ᠢᠨ ᠵᠡᠭᠦᠳᠦᠨ ᠳ᠋ᠦ᠍ ᠤᠶᠠᠭᠠᠰᠤᠲᠠᠢ ᠪᠠᠢᠬᠤ ᠶᠤᠮ᠃  ᠶᠠᠭᠠᠬᠢᠵᠤ ᠡᠢᠭᠡᠳ ᠴᠦ᠍ ᠭᠡᠰᠡᠨ ᠣᠯᠢᠭᠲᠠᠢᠬᠠᠨ ᠰᠢᠭ᠋ ᠯᠡ ᠯᠠᠮᠠ ᠪᠣᠯᠬᠤ ᠶᠤᠮ ᠰᠠᠨ᠃ ᠥᠨᠥᠳᠥᠷ ᠬᠦᠦ ᠨᠢ  ᠭᠡᠰᠦᠯ ᠪᠣᠯᠤᠯ᠎ᠠ᠃ ᠳᠠᠬᠢᠭᠠᠳ ᠬᠡᠳᠦᠨ ᠵᠢᠯ ᠥᠩᠭᠡᠷᠡᠬᠦ ᠳ᠋ᠦ᠍ ᠭᠡᠯᠦᠩ ᠪᠣᠯᠤᠨ᠎ᠠ᠃ ᠠᠮᠠᠨ ᠤ᠋ ᠤᠩᠰᠢᠯᠭ᠎ᠠ ᠠ᠋ᠴᠠ ᠬᠡᠲᠦᠷᠬᠦ ᠦᠭᠡᠢ ᠭᠡᠯᠦᠩ ᠪᠣᠯᠤᠭᠠᠳ ᠴᠤ᠌  ᠶᠠᠭᠠᠬᠢᠬᠤ ᠪᠣᠢ᠃ ᠲᠠᠪᠤᠨ ᠤᠬᠠᠭᠠᠨ ᠳ᠋ᠤ᠌ ᠮᠡᠷᠭᠡᠵᠢᠬᠦ ᠶᠦᠮ ᠰᠠᠨ ᠳᠠ》 ᠭᠡᠵᠦ ᠰᠡᠩᠵᠢ ᠳᠣᠲᠣᠷ᠎ᠠ ᠪᠠᠨ ᠪᠣᠳᠣᠯ᠎ᠠ᠃ 
      ᠡᠴᠢᠭᠡ ᠨᠢ ᠭᠡᠵᠦ ᠪᠠᠶᠠᠷ ᠳᠦᠭᠦᠷᠡᠩ ᠴᠢᠷᠠᠢ ᠲᠠᠢ᠂ ᠢᠲᠡᠭᠡᠯ ᠳᠦᠭᠦᠷᠡᠩ ᠨᠢᠳᠦ ᠲᠡᠢ ᠬᠥᠮᠦᠨ ᠠᠷᠤᠭ ᠳᠡᠭᠡᠷ᠎ᠡ ᠡᠴᠡ ᠤᠬᠤᠰᠬᠢᠨ ᠪᠣᠰᠴᠤ ᠤᠭᠲᠤᠨ ᠭᠦᠶᠦᠵᠦ ᠢᠷᠡᠯ᠎ᠡ᠃ 
       – ᠶᠠᠭᠠᠬᠢᠪᠠ? ᠰᠠᠬᠢᠯ ᠬᠦᠷᠲᠡᠪᠡ ᠦᠦ? ᠭᠡᠵᠦ ᠶᠠᠪᠤᠭᠤᠲᠠ ᠳᠤᠮᠳᠠ ᠪᠠᠨ ᠡᠴᠢᠭᠡ ᠨᠢ ᠠᠰᠠᠭᠤᠭᠰᠠᠭᠠᠷ ᠬᠦᠦ ᠪᠡᠨ ᠲᠡᠪᠡᠷᠢᠨ ᠠᠪᠤᠯ᠎ᠠ᠃ ᠰᠡᠩᠵᠢ ᠠᠷᠠᠰᠤ ᠡᠯᠳᠡᠭᠰᠡᠭᠡᠷ ᠪᠠᠢᠭᠠᠳ ᠭᠦᠮ ᠤᠨ ᠦᠨᠦᠷ ᠨᠡᠪᠲᠡ ᠰᠢᠩᠭᠡᠴᠢᠬᠡᠭᠰᠡᠨ ᠡᠴᠢᠭᠡ ᠶ᠋ᠢᠨ ᠢ᠋ᠶ᠋ᠡᠨ ᠴᠡᠭᠡᠵᠢᠨ ᠳ᠋ᠦ᠍ ᠨᠠᠭᠠᠯᠳᠤᠵᠤ᠄ 
       – ᠭᠡᠰᠦᠯ ᠰᠠᠬᠢᠯ ᠬᠦᠷᠲᠡᠯ᠎ᠡ᠂ ᠠᠪᠤ ᠠ! ᠭᠡᠵᠦ ᠠᠶᠠᠷᠬᠠᠨ ᠬᠡᠯᠡᠯ᠎ᠡ᠃  ᠡᠴᠢᠭᠡ ᠶᠢᠨ ᠨᠢ ᠵᠢᠷᠦᠬᠡ ᠲᠦᠭ ᠲᠦᠭ ᠴᠣᠬᠢᠯᠠᠵᠤ ᠪᠠᠢᠬᠤ ᠶ᠋ᠢ ᠬᠦᠦ ᠲᠣᠳᠣᠬᠠᠨ ᠰᠣᠨᠣᠰᠤᠯ᠎ᠠ᠃ 
       – ᠠᠰᠢᠭᠦᠢ ᠳᠡ᠂  ᠬᠦᠦ ᠮᠢᠨᠢ᠃ ᠮᠠᠭᠤ ᠡᠴᠢᠭᠡ ᠶ᠋ᠢᠨ ᠢ᠋ᠶ᠋ᠡᠨ ᠬᠦᠰᠡᠯ ᠢ᠋ ᠬᠥᠰᠡᠷ ᠣᠷᠬᠢᠭᠰᠠᠨ ᠦᠭᠡᠢ ᠭᠡᠵᠦ ᠠᠪᠤ ᠨᠢ ᠬᠡᠯᠡᠭᠡᠳ ᠬᠦᠦ ᠶ᠋ᠢᠨ ᠢ᠋ᠶ᠋ᠡᠨ ᠰᠠᠶ᠋ᠢᠬᠠᠨ ᠦᠰᠦ ᠶ᠋ᠢ ᠨᠢ  ᠬᠤᠰᠤᠭᠰᠠᠨ ᠭᠥᠯᠴᠢᠭᠡᠷ ᠲᠣᠯᠣᠭᠠᠢ ᠳᠡᠭᠡᠷ᠎ᠡ ᠦᠨᠦᠰᠪᠡ᠃ 
       – ᠪᠢ ᠲᠠᠨ ᠳ᠋ᠤ᠌ ᠱᠠᠯᠰᠠᠢ ᠠᠪᠴᠢᠷᠠᠭᠰᠠᠨ᠃ ᠡᠵᠢ ᠳ᠋ᠦ᠍ ᠴᠦ᠍ ᠪᠠᠰᠠ! ᠭᠡᠵᠦ ᠰᠡᠩᠵᠢ ᠬᠡᠯᠡᠭᠡᠳ ᠣᠷᠬᠢᠮᠵᠢ ᠶᠢᠨ ᠨᠤᠭᠤᠯᠤᠭᠠᠰᠤᠨ ᠳ᠋ᠤ᠌ ᠳᠠᠯᠳᠠᠯᠠᠵᠤ ᠰᠤᠭᠤᠨ ᠳ᠋ᠠᠭᠠᠨ ᠬᠠᠪᠴᠢᠵᠤ ᠠᠪᠴᠢᠷᠠᠭᠰᠠᠨ ᠬᠣᠶᠠᠷ ᠱᠠᠯᠰᠠᠢ ᠪᠠᠨ ᠭᠠᠷᠭᠠᠵᠤ ᠢᠷᠡᠪᠡ᠃ ᠡᠴᠢᠭᠡ ᠰᠠᠢᠨᠴᠣᠭᠲᠣ ᠶ᠋ᠢᠨ ᠳᠥᠯᠭᠡᠨ ᠨᠢᠳᠦᠨ ᠳ᠋ᠦ᠍ ᠨᠢᠯᠪᠤᠰᠤ ᠴᠠᠢᠯᠠᠯᠵᠠᠪᠠ᠃ ᠲᠡᠭᠦᠨ ᠦ᠌ ᠰᠡᠳᠬᠢᠯ ᠤᠶᠠᠨ ᠵᠥᠭᠡᠯᠡᠨ ᠨᠢ ᠵᠦᠢᠷ ᠦᠭᠡᠢ ᠪᠢᠯᠡ᠃ 
       – ᠭᠢᠯᠠᠢᠯ᠎ᠠ ᠬᠦᠦ ᠮᠢᠨᠢ! ᠭᠡᠵᠦ ᠲᠡᠷᠡ ᠬᠡᠯᠡᠬᠦ ᠳ᠋ᠡᠭᠡᠨ ᠬᠣᠭᠣᠯᠠᠢ ᠨᠢ ᠦᠯᠦ ᠮᠡᠳᠡᠭ ᠴᠡᠴᠡᠷᠡᠭᠡᠨᠡᠵᠦ ᠪᠠᠢᠪᠠ᠃ 
      ᠠᠪᠤ ᠨᠢ ᠪᠠᠶᠠᠷᠯᠠᠵᠤ᠂ ᠰᠡᠳᠬᠢᠯ ᠳᠣᠭᠳᠣᠯᠵᠠᠢ᠃ ᠵᠣᠪᠠᠯᠠᠩᠲᠤ ᠬᠡᠴᠡᠭᠦᠦ ᠠᠮᠢᠳᠤᠷᠠᠯ ᠲᠤᠭᠤᠯᠤᠭᠰᠠᠨ ᠪᠣᠯᠬᠣᠷ ᠰᠡᠳᠬᠢᠯ ᠨᠢ ᠠᠮᠠᠷᠬᠠᠨ ᠤᠶᠠᠷᠠᠳᠠᠭ ᠬᠥᠮᠦᠨ ᠶᠦᠮ ᠰᠠᠨᠵᠠᠢ᠃ 
       – ᠬᠣᠶᠠᠷ ᠬᠥᠯᠲᠡᠨ ᠦ᠌ ᠳᠡᠭᠡᠳᠦ ᠨᠢ ᠯᠠᠮᠠ ᠪᠠᠭᠰᠢ ᠭᠡᠳᠡᠭ ᠶᠦᠮ ᠳᠡ  ᠬᠦᠦ ᠮᠢᠨᠢ᠃ ᠣᠳᠣ ᠲᠡᠳᠡᠨ ᠦ᠌  ᠵᠢᠩᠳᠠᠭᠠᠨ ᠳ᠋ᠤ᠌ ᠬᠦᠷᠴᠦ ᠪᠠᠢᠭ᠎ᠠ ᠪᠣᠯᠬᠣᠷ ᠮᠢᠨᠦ ᠬᠦᠦ ᠡᠷᠳᠡᠮ ᠨᠣᠮ ᠢ᠋ᠶ᠋ᠠᠨ ᠰᠠᠢᠨ ᠰᠤᠷᠬᠤ ᠳ᠋ᠤ᠌ ᠯᠠ ᠴᠢᠷᠮᠠᠢᠪᠠᠯ ᠲᠠᠭᠠᠷᠠᠨ᠎ᠠ᠃ ᠨᠣᠮ ᠦᠭᠡᠢ ᠯᠠᠮᠠ ᠬᠤᠷᠠᠯ ᠳᠡᠭᠡᠷ᠎ᠡ ᠭᠡᠮᠰᠢᠯ ᠭᠡᠳᠡᠭ ᠦᠭᠡ ᠲᠡᠢ ᠶᠦᠮ ᠭᠡᠵᠦ ᠠᠪᠤ ᠨᠢ ᠰᠤᠷᠭᠠᠮᠵᠢᠯᠠᠪᠠ᠃ 
       – ᠰᠤᠷᠬᠤ ᠶ᠋ᠢ ᠬᠢᠴᠢᠶᠡᠨ᠎ᠡ᠂ ᠠᠪᠤ ᠮᠢᠨᠢ᠃ ᠬᠡᠢᠳ ᠲᠦ᠍ ᠨᠣᠮ ᠠ᠋ᠴᠠ ᠥᠭᠡᠷ᠎ᠡ ᠶᠠᠮᠠᠷ ᠠᠵᠢᠯ ᠪᠠᠢᠬᠤ ᠪᠢᠯᠡ᠃ ᠪᠤᠷᠬᠠᠨ ᠤ᠋ ᠨᠣᠮ ᠯᠠ ᠱᠠᠭᠠᠢᠵᠤ ᠬᠠᠮᠤᠭ ᠴᠠᠭ ᠢ᠋ᠶ᠋ᠠᠨ ᠪᠠᠷᠠᠳᠠᠭ ᠰᠢᠦ ᠭᠡᠵᠦ ᠰᠡᠩᠵᠢ ᠶᠠᠷᠢᠪᠠ᠃  ᠲᠡᠭᠦᠨ ᠡᠴᠡ ᠥᠭᠡᠷ᠎ᠡ ᠴᠦ᠍ ᠠᠵᠢᠯ ᠶᠠᠭᠤᠬᠠᠨ ᠪᠠᠢᠬᠤ ᠪᠣᠢ?
       – ᠰᠠᠢᠨ ᠨᠣᠮ ᠲᠠᠢ ᠯᠠᠮᠠ ᠪᠣᠯᠬᠤ ᠤᠴᠢᠷ ᠲᠠᠢ᠃ ᠮᠠᠨ ᠤ᠋ ᠳ᠋ᠤ᠌ ᠣᠳᠣ ᠴᠢᠮ᠎ᠠ ᠠ᠋ᠴᠠ ᠥᠭᠡᠷ᠎ᠡ ᠬᠡᠨ ᠯᠠᠮᠠ ᠪᠣᠯᠬᠤ ᠪᠢᠯᠡ ᠳᠠ᠃ ᠬᠣᠶᠠᠷ ᠳᠡᠭᠦᠦ ᠴᠢᠨᠢ ᠬᠣᠶᠠᠭᠤᠯᠠ ᠪᠠᠨ ᠥᠬᠢᠨ᠃ ᠲᠡᠭᠡᠭᠡᠳ ᠴᠦ᠍ ᠡᠮ᠎ᠡ ᠬᠥᠮᠦᠨ ᠬᠡᠵᠢᠶ᠎ᠡ ᠯᠠᠮᠠ ᠪᠠᠢᠯ᠎ᠠ᠃ ᠬᠠᠷᠢᠨ ᠪᠠᠭᠰᠢ ᠯᠠᠮᠠᠲᠠᠨ ᠴᠢᠨᠢ ᠬᠡᠳᠦᠢᠨ ᠮᠠᠨ ᠤ᠋ ᠳ᠋ᠤ᠌ ᠣᠴᠢᠬᠤ ᠳ᠋ᠠᠭᠠᠨ ᠣᠳᠬᠣᠨ ᠳᠡᠭᠦᠦ ᠶ᠋ᠢ ᠨᠢ ᠤᠪᠰᠠᠨᠴᠠ ᠰᠠᠬᠢᠯ ᠬᠦᠷᠲᠡᠭᠡᠭᠰᠡᠨ ᠭᠡᠵᠦ ᠠᠪᠤ ᠶ᠋ᠢ ᠪᠡᠨ ᠬᠡᠯᠡᠬᠦ ᠳ᠋ᠦ᠍ ᠰᠡᠩᠵᠢ ᠭᠠᠢᠬᠠᠵᠤ᠄ 
       – ᠤᠪᠰᠠᠨᠴᠠ ᠪᠣᠯᠭᠠᠵᠤ ᠶᠠᠭᠠᠬᠢᠬᠤ ᠨᠢ ᠪᠣᠢ ᠳᠠ? ᠭᠡᠪᠡ᠃  
       –  ᠶᠠᠭᠠᠬᠢᠬᠤ ᠪᠣᠢ ᠠᠷᠢᠭᠤᠨ ᠵᠢᠷᠤᠮ ᠲᠠᠢ ᠶᠠᠪᠤᠭ ᠭᠡᠵᠦ ᠡᠵᠢ ᠨᠢ ᠢᠳᠬᠠᠭᠠᠳ ᠲᠡᠭᠡᠭᠰᠡᠨ ᠶᠦᠮ᠃  ᠡᠵᠢ ᠶ᠋ᠢᠨ ᠨᠢ ᠰᠠᠨᠠᠭ᠎ᠠ ᠶ᠋ᠢ ᠪᠠᠰᠠ ᠳᠠᠭᠠᠯ ᠦᠭᠡᠢ   ᠶᠠᠭᠠᠬᠢᠬᠤ ᠪᠣᠢ ᠭᠡᠵᠦ ᠡᠴᠢᠭᠡ ᠨᠢ ᠬᠦᠦ ᠪᠡᠨ ᠢᠳᠬᠠᠨ ᠲᠣᠯᠣᠭᠠᠢ ᠶ᠋ᠢ ᠨᠢ ᠢᠯᠢᠵᠤ ᠲᠠᠢᠪᠤᠰᠢᠷᠠᠭᠤᠯᠪᠠ᠃ ᠰᠡᠩᠵᠢ ᠡᠬᠡ ᠡᠴᠡ ᠪᠡᠨ ᠭᠤᠷᠪᠠᠭᠤᠯᠠ ᠪᠠᠨ ᠪᠤᠶᠤ ᠬᠣᠶᠠᠷ ᠥᠬᠢᠨ ᠳᠡᠭᠦᠦ ᠬᠣᠢᠨ᠎ᠠ ᠠ᠋ᠴᠠ ᠪᠠᠨ ᠳᠠᠭᠠᠭᠤᠯᠵᠠᠢ᠃ 
      ᠡᠷ᠎ᠡ ᠤᠰᠤᠨ ᠭᠠᠬᠠᠢ ᠵᠢᠯ ᠦ᠋ᠨ ᠬᠠᠪᠤᠷ ᠤ᠋ᠨ ᠡᠬᠢᠨ ᠰᠠᠷ᠎ᠠ ᠶ᠋ᠢᠨ ᠠᠷᠪᠠᠨ ᠲᠠᠪᠤᠨ ᠤ᠋ ᠡᠳᠦᠷ ᠰᠡᠩᠵᠢ ᠷᠢᠸᠠᠳᠢ ᠣᠳᠤᠨ᠎ᠠ ᠳᠣᠬᠢᠶᠠᠨ ᠲᠥᠷᠥᠭᠰᠡᠨ ᠲᠤᠯᠠ ᠯᠠᠮᠠ ᠪᠠᠭᠰᠢ ᠴᠣᠢᠮᠴᠣᠭ ᠰᠠᠢᠨᠴᠣᠭᠲᠣ ᠶ᠋ᠢᠨ ᠳ᠋ᠦ᠍ ᠵᠠᠯᠠᠭᠳᠠᠨ ᠣᠴᠢᠵᠤ ᠨᠣᠮ ᠨᠡᠭᠡᠭᠡᠵᠦ᠂ ᠱᠤ᠌ ᠣᠷᠬᠢᠵᠤ᠂ ᠬᠠᠮᠤᠭ ᠯᠠ ᠲᠣᠬᠢᠶᠠᠯ ᠢ᠋ ᠨᠢ ᠰᠢᠨᠵᠢᠵᠦ᠂ ᠶ᠋ᠢᠷᠤᠬᠠᠢ  ᠰᠤᠳᠤᠷ ᠲᠤ᠌ ᠦᠵᠡᠵᠡᠢ᠃ 
      – ᠰᠠᠢᠨ ᠵᠠᠶᠠᠭ᠎ᠠ ᠲᠠᠢ ᠬᠡᠦᠬᠡᠳ ᠲᠥᠷᠥᠵᠡᠢ᠃ ᠡᠷᠳᠡᠮᠲᠦ ᠶᠡᠬᠡ ᠯᠠᠮᠠ ᠪᠣᠯᠬᠤ ᠴᠤ᠌ ᠶᠠᠭᠤᠨ ᠮᠠᠭᠠᠳ᠃ ᠡᠢᠮᠦ ᠡᠴᠡ ᠷᠢᠸᠠᠳᠢ ᠣᠳᠣᠨ ᠤ᠋ ᠲᠣᠬᠢᠶᠠᠯ ᠢ᠋ᠶ᠋ᠠᠷ ᠬᠠᠶᠠᠩᠬᠢᠷᠪᠠ ᠪᠤᠷᠬᠠᠨ ᠰᠢᠲᠦᠵᠦ ᠶᠠᠪᠤᠭ᠃  ᠴᠢᠩ ᠬᠦᠯᠢᠴᠡᠯ ᠳ᠋ᠦ᠍ ᠲᠣᠬᠢᠶᠠᠯᠳᠤᠭᠰᠠᠨ ᠶᠣᠰᠣᠭᠠᠷ ᠬᠤᠪᠢ ᠶ᠋ᠢ ᠨᠢ ᠠᠮᠠᠨ ᠤ᠋ ᠤᠩᠰᠢᠯᠭ᠎ᠠ 《ᠣᠮ ᠨᠠᠮ᠎ᠠ᠂  ᠱᠠᠳ᠂  ᠰᠤᠤᠬ᠎ᠠ!》 ᠪᠣᠯᠤᠨ᠎ᠠ᠃ ᠬᠥᠬᠡ ᠪᠣᠷᠣ ᠵᠢᠰᠦᠮ ᠦ᠋ᠨ ᠮᠣᠷᠢ ᠶ᠋ᠢ ᠭᠤᠤᠯᠴᠢᠯᠠᠨ ᠬᠦᠯᠦᠭᠯᠡᠵᠦ ᠪᠠᠢ! ᠭᠡᠵᠦ ᠴᠤᠢᠮᠴᠤᠭ ᠭᠡᠯᠦᠩ ᠠᠢᠯᠠᠳᠤᠨ ᠵᠢᠭᠠᠵᠠᠢ᠃ 
      ᠲᠡᠭᠦᠨ ᠡᠴᠡ ᠬᠣᠢᠰᠢ ᠬᠥᠪᠡᠭᠦᠨ ᠰᠡᠩᠵᠢ ᠶ᠋ᠢᠨ ᠬᠡᠯᠡᠳᠡᠭ ᠦᠭᠡ ᠨᠢ 《ᠣᠮ ᠨᠠᠮ᠎ᠠ᠂  ᠱᠠᠳ᠂  ᠰᠤᠤᠬ᠎ᠠ!》 ᠭᠡᠬᠦ ᠵᠠᠯᠪᠠᠷᠢᠯ ᠪᠣᠯᠵᠤ ᠠᠪᠤ ᠨᠢ ᠬᠦᠦ ᠳ᠋ᠡᠭᠡᠨ ᠵᠣᠷᠢᠭᠤᠯᠤᠨ ᠮᠣᠷᠢ ᠪᠡᠯᠡᠳᠬᠡᠬᠦ ᠪᠠᠨᠴᠢᠨ ᠦᠭᠡᠢ ᠡᠴᠡ ᠠᠷᠭ᠎ᠠ ᠪᠤᠶᠤ ᠡᠷ᠎ᠡ ᠭᠠᠭᠴᠠ ᠬᠥᠬᠡ ᠢᠮᠠᠭ᠎ᠠ ᠶ᠋ᠢ ᠵᠢᠰᠦᠯᠡᠨ ᠵᠢᠭᠠᠵᠤ ᠰᠡᠲᠡᠷᠯᠡᠭᠡᠳ ᠬᠦᠦ ᠶ᠋ᠢᠨ ᠢ᠋ᠶ᠋ᠡᠨ ᠤᠨᠤᠭ᠎ᠠ ᠪᠣᠯᠭᠠᠵᠠᠢ᠃ ᠭᠤᠷᠪᠠ ᠠ᠋ᠴᠠ ᠳᠣᠯᠣᠭᠠᠨ ᠨᠠᠰᠤ ᠬᠦᠷᠲᠡᠯ᠎ᠡ ᠲᠡᠷᠡ ᠢᠮᠠᠭ᠎ᠠ ᠶ᠋ᠢ ᠰᠡᠩᠵᠢ ᠤᠨᠤᠳᠠᠭ ᠪᠠᠢᠯ᠎ᠠ᠃  ᠴᠠᠷᠭᠤ ᠲᠠᠢ ᠢᠮᠠᠭ᠎ᠠ ᠪᠠᠢᠭᠰᠠᠨ ᠪᠣᠯᠬᠣᠷ ᠲᠤᠷᠠᠩᠬᠠᠢ ᠵᠢᠭᠠᠯ ᠢ᠋ ᠳᠠᠭᠠᠭᠠᠳᠠᠭ ᠰᠠᠨ᠃ 
      ᠡᠴᠢᠭᠡ ᠰᠠᠢᠨᠴᠣᠭᠲᠣ ᠪᠤᠰᠤᠳ ᠲᠤ᠌ ᠠᠷᠠᠰᠤ ᠭᠦᠮ ᠡᠯᠳᠡᠬᠦ᠂ ᠰᠤᠷ ᠳᠡᠭᠡᠰᠦ ᠲᠠᠮᠤᠬᠤ᠂ ᠴᠢᠳᠥᠷ ᠨᠣᠭᠲᠣ ᠵᠠᠩᠭᠢᠳᠬᠤ᠂ ᠠᠢᠯ ᠨᠡᠭᠦᠯᠭᠡᠬᠦ᠂ ᠮᠠᠯ ᠨᠢᠳᠤᠯᠠᠬᠤ᠂ ᠨᠣᠣᠰᠣᠯᠠᠬᠤ᠂ ᠲᠦᠯᠡᠭᠡ ᠪᠡᠯᠡᠳᠬᠡᠬᠦ ᠵᠡᠷᠭᠡ ᠪᠡᠷ ᠬᠠᠷ᠎ᠠ ᠪᠣᠷᠣ ᠠᠵᠢᠯ ᠬᠢᠵᠦ ᠠᠮᠢ ᠵᠢᠭᠤᠨ᠎ᠠ᠃ ᠡᠬᠡ ᠴᠠᠨᠳᠠ ᠰᠢᠷᠢᠳᠡᠭ ᠰᠢᠷᠢᠬᠦ᠂ ᠭᠤᠲᠤᠯ ᠤᠯᠠᠯᠠᠬᠤ᠂ ᠰᠢᠷᠮᠦᠰᠦ  ᠲᠠᠮᠤᠬᠤ᠂ ᠳᠡᠪᠡᠯ ᠡᠰᠬᠡᠵᠦ ᠣᠶᠣᠬᠤ᠂ ᠨᠣᠣᠰᠣ ᠰᠠᠪᠠᠬᠤ᠂ ᠲᠠᠷᠢᠶ᠎ᠠ ᠲᠠᠲᠠᠬᠤ᠂ ᠬᠠᠭᠤᠷᠬᠤ ᠵᠡᠷᠭᠡ ᠠᠵᠢᠯ ᠢ᠋ ᠠᠢᠯ ᠤ᠋ᠳ ᠢ᠋ᠶ᠋ᠠᠷ ᠬᠡᠰᠦᠨ ᠬᠢᠵᠦ ᠥᠭᠴᠦ ᠬᠥᠯᠥᠰᠥ ᠪᠡᠷ ᠨᠢ ᠭᠡᠷ ᠣᠷᠣᠨ ᠤ᠋ ᠪᠠᠨ ᠠᠮᠢᠳᠤᠷᠠᠯ ᠠᠬᠤᠢ ᠳ᠋ᠤ᠌ ᠨᠡᠮᠡᠷᠢ ᠪᠣᠯᠭᠠᠳᠠᠭ ᠪᠠᠢᠯ᠎ᠠ᠃ ᠭᠤᠷᠪᠠᠨ ᠬᠡᠦᠬᠡᠳ ᠲᠥᠷᠥᠭᠦᠯᠦᠭᠰᠡᠨ ᠦ᠌ ᠬᠣᠶᠠᠷ ᠨᠢ ᠥᠬᠢᠨ᠂ ᠨᠢᠭᠡ ᠨᠢ ᠡᠷ᠎ᠡ᠃ ᠲᠡᠭᠡᠭᠡᠳ ᠭᠠᠭᠴᠠ ᠬᠦᠦ ᠪᠡᠨ ᠬᠡᠢᠳ ᠲᠦ᠍ ᠥᠭᠭᠦᠭᠰᠡᠨ ᠨᠢ ᠥᠨᠥᠳᠥᠷ ᠭᠡᠰᠦᠯ ᠪᠣᠯᠵᠠᠢ᠃ ᠡᠴᠢᠭᠡ ᠡᠬᠡ ᠶ᠋ᠢᠨ ᠰᠡᠳᠬᠢᠯ ᠳ᠋ᠦ᠍ ᠨᠠᠷᠠ ᠭᠡᠢᠵᠦ᠂ ᠪᠤᠶᠠᠨ ᠤ᠋ ᠦᠢᠯᠡᠰ ᠦ᠋ᠨ ᠰᠠᠢᠨ ᠵᠠᠮ ᠳ᠋ᠤ᠌ ᠭᠠᠭᠴᠠ ᠬᠦᠦ ᠪᠡᠨ ᠣᠷᠣᠭᠤᠯᠵᠤ᠂ ᠪᠤᠷᠬᠠᠨ ᠳ᠋ᠤ᠌ ᠲᠡᠭᠦᠪᠡᠷ ᠡᠷᠭᠦᠯ ᠮᠠᠨᠳᠠᠯ ᠪᠣᠯᠭᠠᠭᠰᠠᠨ ᠳ᠋ᠤ᠌ ᠲᠡᠳᠡᠨ ᠦ᠌ ᠡᠭᠡᠯ ᠵᠢᠷ ᠦ᠋ᠨ ᠰᠡᠳᠬᠢᠯ ᠳᠡᠭᠡᠳᠦ ᠪᠠᠶᠠᠷ ᠢ᠋ᠶ᠋ᠠᠷ ᠳᠦᠭᠦᠷᠴᠡᠢ᠃