ᠣᠷᠣᠢ ᠦᠭᠡᠢ ᠰᠦᠮ᠎ᠡ – ᠯ ᠂ ᠲᠦᠳᠦᠪ Оройгүй сүм – Л ᠂ Түдэв-Oroigui sum00 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠯ ᠂ ᠲᠦᠳᠦᠪ Оройгүй сүм – Л ᠂ Түдэв-Oroigui sum00

ᠣᠷᠣᠢ ᠦᠭᠡᠢ ᠰᠦᠮ᠎ᠡ – ᠯ ᠂ ᠲᠦᠳᠦᠪ Оройгүй сүм – Л ᠂ Түдэв-Oroigui sum00

ᠠᠩᠭᠢᠯᠠᠯ:ᠲᠤᠭᠤᠵᠢ ᠷᠣᠮᠠᠨ
2023-07-12

3947

ᠠᠷᠭ᠎ᠠ ᠦᠭᠡᠢ ᠶᠢᠨ ᠡᠷᠬᠡᠨ ᠳᠦ ᠲᠢᠶᠠᠨᠴᠢ ᠪᠤᠶᠤ ᠡᠬᠢᠯᠡᠯ


               ᠤᠷᠢᠳᠤ ᠶ᠋ᠢᠨ ᠪᠠᠶᠠᠨ ᠬᠣᠵᠢᠮ ᠦᠭᠡᠢᠷᠡᠪᠡᠯ ᠬᠥᠭᠡᠷᠦᠬᠦᠢ   
               ᠤᠷᠢᠳᠤ ᠶ᠋ᠢᠨ ᠨᠣᠶᠠᠨ ᠬᠣᠵᠢᠮ ᠪᠠᠭᠤᠷᠠᠪᠠᠯ ᠬᠥᠭᠡᠷᠦᠬᠦᠢ      
               ᠤᠷᠢᠨ ᠲᠡᠨᠡᠭ ᠦ᠋ᠳ ᠦ᠋ᠨ ᠳᠤᠮᠳᠠ ᠭᠠᠭᠴᠠ ᠰᠡᠴᠡᠨ ᠬᠥᠭᠡᠷᠦᠬᠦᠢ 

      ᠳᠡᠭᠡᠷ᠎ᠡ ᠡᠴᠡ ᠨᠠᠷᠠ᠂ ᠳᠣᠣᠷ᠎ᠠ ᠠ᠋ᠴᠠ ᠡᠯᠡᠰᠦ ᠲᠥᠭᠡᠨᠡᠵᠦ ᠢᠩᠭᠢᠨ᠎ᠡ ᠤᠰᠤᠨ ᠤ᠋ ᠭᠣᠪᠢ ᠳ᠋ᠤ᠌ ᠵᠢᠩ ᠦᠳᠡ ᠶ᠋ᠢᠨ ᠬᠠᠯᠠᠭᠤᠨ ᠪᠣᠯᠤᠯ᠎ᠠ᠃ ᠠᠮᠢᠲᠠᠨ ᠪᠦᠬᠦᠨ ᠰᠡᠭᠦᠳᠡᠷ ᠬᠠᠢᠵᠤ ᠲᠠᠷᠴᠢᠯᠠᠨ᠎ᠠ᠃ ᠬᠠᠯᠠᠭᠤᠨ ᠡᠯᠡᠰᠦᠨ ᠳ᠋ᠦ᠍ ᠠᠮᠢᠳᠤᠷᠠᠬᠤ ᠵᠠᠶᠠᠭ᠎ᠠ ᠲᠠᠢ ᠬᠣᠨᠢᠨ ᠬᠦᠷᠪᠡᠯ ᠬᠦᠷᠲᠡᠯ᠎ᠡ ᠳᠡᠰᠴᠤ ᠶᠠᠳᠠᠨ᠂ ᠠᠮᠠ ᠪᠠᠨ ᠠᠩᠭᠠᠢᠨ᠂ ᠪᠥᠭᠡᠷ᠎ᠡ ᠪᠡᠨ ᠲᠦᠩᠬᠦᠯᠵᠡᠭᠦᠯᠦᠨ᠂ ᠵᠠᠭ ᠤ᠋ᠨ ᠬᠣᠵᠤᠤᠯ᠎ᠠ ᠳᠣᠣᠭᠤᠷ ᠰᠡᠭᠦᠳᠡᠷ ᠳᠠᠭᠠᠨ ᠠᠭᠠᠬᠢᠯᠠᠵᠤ ᠪᠠᠢᠯ᠎ᠠ᠃ ᠶᠡᠬᠡ ᠭᠣᠪᠢ ᠶ᠋ᠢᠨ ᠵᠡᠯᠢᠭᠦᠳ ᠬᠢᠵᠠᠭᠠᠷ ᠲᠤ᠌ ᠲᠣᠷᠣᠢᠬᠤ ᠪᠠᠷ᠎ᠠ ᠦᠭᠡᠢ᠂ ᠠᠨᠢᠷ ᠴᠢᠮᠡᠭᠡ ᠦᠭᠡᠢ ᠳᠦᠩᠰᠦᠭᠡᠷ ᠠᠵᠢ᠃ ᠭᠠᠭᠴᠠ ᠬᠦ᠌ ᠴᠠᠷᠴᠠ᠂  ᠭᠣᠯᠢᠶ᠎ᠠ ᠶ᠋ᠢᠨ ᠴᠠᠰᠬᠢᠬᠦ ᠳᠠᠭᠤᠨ ᠠ᠋ᠴᠠ ᠥᠭᠡᠷ᠎ᠡ ᠶᠠᠭᠤ ᠴᠤ᠌ ᠦᠯᠦ ᠰᠣᠨᠣᠰᠤᠭᠳᠠᠬᠤ᠂ ᠳᠦᠯᠡᠢ ᠰᠢᠷ᠎ᠠ ᠡᠯᠡᠰᠦᠨ ᠳᠤᠮᠳᠠ ᠬᠡᠪ ᠭᠡᠨᠡᠳᠲᠡ ᠨᠢᠭᠡᠨ ᠬᠠᠷ᠎ᠠ ᠶᠠᠭᠤᠮ᠎ᠠ ᠪᠥᠷᠲᠥᠯᠵᠡᠨ ᠦᠵᠡᠭᠳᠡᠯ᠎ᠡ᠃ ᠭᠡᠪᠡᠴᠦ ᠲᠡᠭᠦᠨ ᠢ᠋ ᠰᠣᠨᠢᠷᠬᠠᠬᠤ ᠡᠰᠡᠪᠡᠯ ᠲᠡᠭᠦᠨ ᠡᠴᠡ ᠴᠣᠴᠢᠨ ᠪᠥᠱᠥᠭᠦᠷᠬᠡᠬᠦ ᠨᠢᠭᠡᠬᠡᠨ ᠴᠦ᠍ ᠠᠮᠢᠲᠠᠨ ᠡᠨᠡᠬᠦ ᠡᠯᠴᠢᠯ ᠦᠭᠡᠢ ᠶᠡᠬᠡ ᠴᠦᠯ ᠦ᠋ᠨ ᠳᠤᠮᠳᠠ ᠣᠭᠲᠣᠬᠠᠨ ᠴᠤ᠌ ᠪᠠᠢᠭᠰᠠᠨ ᠦᠭᠡᠢ᠃ ᠪᠥᠷᠲᠥᠯᠵᠡᠨ ᠱᠣᠪᠣᠰᠬᠢᠭᠰᠡᠨ ᠲᠡᠷᠡ ᠨᠢᠭᠡᠨ ᠨᠢ ᠵᠠᠭ ᠤ᠋ᠨ ᠦᠵᠢᠷ ᠦᠨᠳᠦᠰᠦ ᠪᠡᠷ ᠲᠠᠶᠠᠭ ᠬᠢᠵᠦ ᠲᠤᠯᠤᠭᠰᠠᠨ᠂ ᠬᠢᠵᠢᠶᠡᠯ ᠨᠠᠰᠤᠨ ᠤ᠋ ᠰᠣᠬᠣᠷ ᠬᠥᠮᠦᠨ ᠪᠠᠢᠯ᠎ᠠ᠃ ᠨᠢᠳᠦ ᠨᠢ ᠰᠢᠷᠠᠪᠲᠤᠷ ᠪᠥᠭᠡᠳ ᠴᠢᠯᠳᠡᠩ ᠮᠡᠲᠦ ᠥᠩᠭᠡ ᠲᠡᠢ᠂ ᠬᠠᠷᠠᠭ᠎ᠠ ᠦᠭᠡᠢ ᠪᠣᠯᠤᠭᠰᠠᠨ ᠠᠵᠢ᠃ ᠵᠢᠰᠦ ᠴᠢᠷᠠᠢ ᠨᠢ ᠲᠡᠳᠦᠢ ᠯᠡ ᠳᠣᠷᠣᠢᠲᠠᠭ᠎ᠠ ᠦᠭᠡᠢ ᠮᠥᠷᠲᠡᠯ᠎ᠡ ᠰᠡᠳᠬᠢᠯ ᠦ᠋ᠨ ᠶᠡᠬᠡ ᠵᠠᠪᠠᠭᠤᠷᠢ ᠲᠠᠢ ᠨᠢ ᠢᠯᠡᠷᠬᠡᠢ ᠦᠵᠡᠭᠳᠡᠨ᠎ᠡ᠃ ᠵᠠᠯᠠᠭᠤ ᠳ᠋ᠠᠭᠠᠨ ᠴᠡᠪᠡᠷ᠂ ᠴᠡᠮᠴᠡᠭᠡᠷ ᠶᠠᠪᠤᠭᠰᠠᠨ ᠬᠥᠮᠦᠨ ᠦ᠌ ᠰᠢᠨᠵᠢ ᠶ᠋ᠢ ᠬᠠᠳᠠᠭᠠᠯᠠᠭᠰᠠᠨ ᠬᠡᠪ ᠢ᠋ᠶ᠋ᠡᠷ ᠠᠵᠢ᠃ 
      ᠵᠢᠩ ᠦᠳᠡ ᠶ᠋ᠢᠨ ᠬᠠᠯᠠᠭᠤᠨ ᠳ᠋ᠤ᠌ ᠳᠤᠬᠤᠨ ᠳᠡᠭᠡᠭᠦᠷᠬᠢ ᠭᠤᠷᠪᠠᠨ ᠭᠦᠨ ᠠᠲᠤᠷᠢᠶᠠᠨ ᠤ᠋ ᠨᠢ ᠳᠠᠭᠠᠤ ᠦᠯᠦ ᠮᠡᠳᠡᠭ ᠬᠥᠯᠥᠰᠥ ᠴᠢᠬᠠᠷᠠᠨ ᠭᠠᠷᠴᠤ ᠪᠠᠢᠬᠤ ᠪᠣᠯᠪᠠᠴᠤ ᠤᠷᠤᠭᠤᠯ ᠨᠢ ᠬᠠᠲᠠᠵᠤ ᠤᠮᠳᠠᠭᠠᠰᠤᠭᠰᠠᠨ ᠨᠢ ᠢᠯᠡᠷᠬᠡᠢ᠃ ᠡᠯᠡᠰᠦᠨ ᠳᠣᠪᠣᠴᠠᠭ ᠳᠤᠮᠳᠠᠭᠤᠷ ᠭᠠᠪ ᠭᠠᠭᠴᠠᠭᠠᠷ ᠲᠡᠮᠲᠡᠴᠢᠨ ᠶᠠᠪᠤᠭ᠎ᠠ ᠲᠡᠷᠡ ᠬᠥᠮᠦᠨ ᠥᠭᠢᠷᠡᠰᠢᠵᠦ ᠮᠤᠷᠤᠢᠭᠰᠠᠨ ᠵᠠᠭ ᠮᠣᠳᠣᠨ ᠤ᠋ ᠪᠠᠬᠢᠮ ᠤᠷᠲᠤ ᠦᠨᠳᠦᠰᠦᠨ ᠲᠠᠶᠠᠭ ᠢ᠋ᠶ᠋ᠠᠨ ᠤᠷᠢᠳᠤ ᠪᠠᠨ ᠪᠠᠷᠢᠵᠤ ᠲᠡᠭᠦᠨ ᠢᠶᠠᠷ ᠢ᠋ᠶ᠋ᠡᠨ ᠦᠶ᠎ᠡ ᠦᠶ᠎ᠡ ᠭᠠᠵᠠᠷ ᠬᠠᠳᠬᠤᠨ ᠦᠵᠡᠵᠦ ᠨᠢᠳᠦ ᠲᠡᠢ ᠬᠥᠮᠦᠨ ᠡᠴᠡ ᠪᠠᠷᠤᠭ ᠳᠤᠲᠠᠬᠤ ᠦᠭᠡᠢ ᠪᠡᠷ ᠰᠠᠭᠠᠳ ᠪᠡᠷᠬᠡᠰᠢᠶᠡᠯ ᠢ᠋ ᠮᠡᠳᠡᠷᠡᠵᠦ ᠲᠣᠭᠣᠷᠢᠨ ᠶᠠᠪᠤᠵᠤ ᠪᠠᠢᠯ᠎ᠠ᠃  
      ᠨᠢᠳᠦᠨ ᠪᠠᠯᠠᠢ ᠪᠣᠯᠤᠭᠰᠠᠨ ᠲᠡᠷᠡ ᠬᠥᠮᠦᠨ ᠦᠶ᠎ᠡ ᠦᠶ᠎ᠡ ᠵᠣᠭ ᠲᠣᠰᠴᠤ᠂  ᠬᠠᠷᠠᠭ᠎ᠠ ᠲᠠᠢ ᠬᠥᠮᠦᠨ ᠰᠢᠭ ᠠᠯᠤᠰ ᠢ᠋ ᠥᠯᠢᠢᠨ ᠰᠢᠷᠳᠡᠵᠦ᠂ ᠤᠷᠲᠤ ᠠᠮᠢᠰᠬᠤᠭ᠎ᠠ ᠠᠪᠤᠨ᠎ᠠ᠃  ᠤᠷᠤᠭᠤᠯ ᠳᠡᠭᠡᠭᠦᠷ ᠨᠢ ᠡᠨᠳᠡ ᠲᠡᠨᠳᠡ ᠭᠠᠭᠴᠠ ᠬᠣᠶᠠᠷ ᠱᠥᠷᠪᠥᠭᠡᠷ ᠰᠠᠬᠠᠯ ᠤᠷᠭᠤᠵᠠᠢ᠃ ᠦᠰᠦ ᠨᠢ ᠶᠡᠬᠡ ᠤᠷᠭᠤᠵᠤ᠂ ᠮᠥᠷᠦᠨ ᠳᠡᠭᠡᠷ᠎ᠡ ᠪᠡᠨ ᠡᠪᠬᠡᠷᠡᠨ ᠭᠣᠭᠴᠣᠭᠠᠷᠠᠵᠠᠢ᠃ ᠭᠣᠭᠴᠣᠭᠠᠷᠠᠭᠰᠠᠨ ᠬᠠᠷ᠎ᠠ ᠦᠰᠦᠨ ᠳ᠋ᠦ᠍ ᠨᠢ ᠴᠠᠢᠵᠤ  ᠪᠤᠭᠤᠷᠤᠯᠲᠤᠭᠰᠠᠨ ᠬᠢᠷᠠᠭᠤ ᠠᠳᠠᠯᠢ ᠥᠩᠭᠡ ᠨᠢᠭᠡᠨᠲᠡ  ᠰᠠᠭᠤᠵᠠᠢ᠃ ᠳᠢᠶᠠᠨᠴᠢ ᠡᠷ᠎ᠡ ᠶᠦᠮ ᠦᠦ ᠭᠡᠵᠦ ᠲᠠᠭᠠᠮᠠᠭᠯᠠᠵᠤ ᠪᠣᠯᠬᠤ ᠪᠣᠯᠪᠠᠴᠤ ᠳᠢᠶᠠᠨᠴᠢ ᠶ᠋ᠢᠨ ᠬᠡᠷᠡᠭᠯᠡᠯ ᠲᠡᠭᠦᠨ ᠳ᠋ᠦ᠍ ᠪᠠᠢᠭᠰᠠᠨ ᠦᠭᠡᠢ᠃ ᠡᠯᠡᠰᠦᠨ ᠳᠣᠪᠣ ᠶ᠋ᠢᠨ ᠬᠣᠭᠣᠷᠣᠨᠳᠣᠭᠤᠷ ᠬᠠᠷᠭᠠᠨ᠎ᠠ᠂ ᠵᠠᠭ᠂ ᠬᠠᠷᠮᠠᠭ ᠬᠣᠯᠢᠯᠳᠤᠨ ᠤᠷᠭᠤᠭᠰᠠᠨ ᠭᠣᠪᠢ ᠶ᠋ᠢᠨ ᠡᠨᠡᠬᠡᠨ ᠬᠣᠲᠣᠭᠣᠷ ᠲᠤ᠌ ᠭᠠᠭᠴᠠ ᠬᠥᠮᠦᠨ ᠬᠥᠮᠦᠨ ᠪᠣᠯᠤᠨ᠎ᠠ ᠭᠡᠵᠦ ᠢᠲᠡᠭᠡᠬᠦ ᠳ᠋ᠦ᠍ ᠪᠡᠷᠬᠡᠲᠡᠢ ᠪᠢᠯᠡ᠃ ᠠᠭᠯᠠᠭ ᠵᠡᠯᠢᠭᠦᠳ ᠦ᠋ᠨ ᠲᠤᠢᠯ ᠪᠣᠯᠴᠢᠬᠠᠭᠰᠠᠨ ᠡᠨᠡ ᠬᠣᠩᠬᠣᠷ ᠲᠤ᠌ ᠴᠣᠬᠣᠮ ᠶᠠᠮᠠᠷ ᠬᠡᠷᠡᠭ ᠢ᠋ᠶ᠋ᠡᠷ᠂ ᠶᠠᠭᠤᠨ ᠤ᠋ ᠲᠥᠯᠥᠭᠡ ᠭᠠᠭᠴᠠ ᠪᠡᠶ᠎ᠡ ᠰᠣᠬᠣᠷ ᠬᠥᠮᠦᠨ᠂ ᠲᠠᠶᠠᠭ ᠢ᠋ᠶ᠋ᠠᠷ ᠮᠣᠷᠢ ᠬᠢᠵᠦ ᠲᠡᠨᠦᠭᠦᠴᠢᠯᠡᠨ ᠶᠠᠪᠤᠭ᠎ᠠ ᠶ᠋ᠢ ᠬᠠᠷᠠᠬᠤ ᠳ᠋ᠤ᠌ ᠬᠡᠨ ᠦ᠌ ᠴᠦ᠍ ᠭᠠᠢᠬᠠᠰᠢ ᠲᠥᠷᠥᠨ᠎ᠡ᠃ ᠣᠢᠷ᠎ᠠ ᠬᠠᠪᠢ ᠳ᠋ᠤ᠌ ᠨᠢ ᠬᠡᠳᠦᠨ ᠠᠷᠪᠠᠨ ᠪᠠᠷ᠎ᠠ ᠶ᠋ᠢᠨ ᠭᠠᠵᠠᠷ ᠲᠤ᠌ ᠠᠢᠯ ᠠᠮᠢᠲᠠᠨ ᠪᠠᠢᠬᠤ ᠦᠭᠡᠢ᠂ ᠲᠡᠷᠡ ᠴᠦ᠍ ᠪᠠᠢᠲᠤᠭᠠᠢ ᠠᠮᠠᠨ ᠤ᠋ ᠤᠰᠤ ᠴᠤ᠌ ᠪᠠᠷᠤᠭ ᠦᠭᠡᠢ᠃ ᠢᠩᠭᠢᠨ᠎ᠡ ᠤᠰᠤᠨ ᠤ᠋ ᠴᠦᠯ ᠳ᠋ᠦ᠍ ᠶᠠᠪᠠᠭᠠᠨ᠂ ᠰᠣᠬᠣᠷ ᠭᠠᠭᠴᠠ ᠬᠥᠮᠦᠨ ᠪᠠᠢᠲᠤᠭᠠᠢ ᠮᠣᠷᠢ᠂ ᠲᠡᠮᠡᠭᠡ ᠲᠡᠢ ᠬᠥᠮᠦᠨ ᠴᠦ᠍ ᠳᠠᠩ ᠪᠡᠶ᠎ᠡ ᠪᠡᠷ ᠵᠢᠷᠦᠬᠡᠯᠡᠨ ᠶᠠᠪᠤᠬᠤ ᠤᠴᠢᠷ ᠦᠭᠡᠢ ᠪᠢᠯᠡ᠃ ᠭᠠᠭᠴᠠ ᠬᠦ᠌ ᠥᠪᠡᠷ ᠦ᠋ᠨ ᠡᠷᠬᠡ ᠦᠭᠡᠢ ᠬᠤᠪᠢ ᠲᠠᠪᠢᠯᠠᠩ ᠤ᠋ᠨ ᠬᠦᠴᠦᠨ ᠳ᠋ᠦ᠍ ᠯᠡ ᠡᠢᠮᠦ ᠪᠠᠢᠳᠠᠯ ᠳ᠋ᠤ᠌ ᠬᠥᠮᠦᠨ ᠣᠷᠣᠵᠤ ᠪᠣᠯᠬᠤ ᠶᠤᠮ᠃ 
      ᠰᠣᠬᠣᠷ ᠡᠷ᠎ᠡ ᠦᠶ᠎ᠡ ᠦᠶ᠎ᠡ ᠵᠣᠭ ᠲᠣᠰᠴᠤ ᠲᠡᠷᠢᠭᠦᠨ ᠢ᠋ᠶ᠋ᠡᠨ ᠳᠡᠭᠡᠭᠰᠢ ᠡᠷᠭᠦᠵᠦ ᠡᠷᠭᠢᠨ ᠲᠣᠭᠣᠷᠢᠨ ᠬᠢᠵᠠᠭᠠᠷ ᠬᠢᠷᠬᠠᠭ ᠦᠭᠡᠢ ᠴᠡᠯᠡᠢᠨ ᠰᠢᠷᠭᠠᠯᠲᠤᠬᠤ ᠭᠣᠪᠢ ᠨᠤᠲᠤᠭ ᠢ᠋ ᠨᠢᠳᠦ ᠲᠡᠢ ᠬᠥᠮᠦᠨ ᠠᠵᠢᠨ ᠬᠠᠷᠠᠬᠤ ᠮᠡᠲᠦ ᠳᠥᠷᠪᠡᠨ ᠵᠦᠭ ᠨᠠᠢ᠍ᠮᠠᠨ ᠵᠣᠪᠬᠢᠰ ᠲᠤ᠌ ᠨᠢᠭᠤᠷ ᠢ᠋ ᠬᠠᠨᠳᠤᠭᠤᠯᠤᠨ ᠤᠳᠠᠲᠠᠯ᠎ᠠ ᠳᠠᠭᠤ ᠦᠭᠡᠢ ᠵᠣᠭᠰᠣᠨ ᠴᠢᠮᠡᠭᠡ ᠴᠢᠩᠨᠠᠵᠤ ᠪᠠᠢᠯ᠎ᠠ᠃ ᠲᠡᠭᠦᠨ ᠦ᠌ ᠳᠡᠯᠳᠡᠬᠡᠷ ᠪᠣᠯᠪᠠᠴᠤ ᠣᠮᠣᠭ ᠨᠢ ᠳᠣᠭᠣᠭᠰᠢ ᠪᠠᠨ ᠤᠷᠤᠰᠤᠨ ᠵᠠᠮᠬᠠᠷᠠᠭᠰᠠᠨ ᠶᠤᠮ ᠰᠢᠭ᠋ ᠨᠠᠷᠢᠰᠴᠤ ᠡᠷᠡᠦ ᠶ᠋ᠢᠨ ᠤᠭᠯᠠᠭᠤᠷᠭᠠᠨ ᠠ᠋ᠴᠠ ᠬᠣᠶᠠᠷ ᠬᠤᠷᠤᠭᠤ ᠲᠡᠭᠡᠭᠡᠨ᠎ᠡ ᠭᠠᠵᠠᠷ ᠲᠤ᠌ ᠬᠠᠴᠠᠷ ᠲᠠᠢ ᠪᠠᠨ ᠨᠡᠢᠯᠡᠭᠰᠡᠨ ᠬᠣᠶᠠᠷ ᠴᠢᠬᠢ ᠶᠢᠷᠲᠢᠨᠴᠦ ᠶ᠋ᠢᠨ ᠲᠦᠮᠡᠨ ᠠᠶᠠᠯᠭᠤ᠂ ᠮᠢᠩᠭᠠᠨ ᠠᠪᠢᠶ᠎ᠠ ᠶᠢ ᠠᠯᠠᠭ᠎ᠠ ᠪᠠᠷ ᠲᠤᠰᠬᠤ ᠶ᠋ᠢᠨ ᠠᠳᠠᠯᠢ ᠰᠢᠨᠤᠯ ᠲᠠᠢ ᠪᠠᠷ ᠡᠷᠢᠨ ᠬᠠᠢᠵᠤ ᠬᠦᠯᠢᠶᠡᠨ ᠠᠪᠴᠤ ᠴᠤᠭᠯᠠᠷᠠᠭᠤᠯᠤᠨ ᠨᠥᠭᠡᠴᠢᠯᠡᠵᠦ ᠪᠠᠢᠬᠤ ᠰᠢᠭ᠋ ᠬᠠᠷᠠᠭᠳᠠᠨ᠎ᠠ᠃ 
      ᠮᠣᠩᠬᠣᠷᠳᠠᠭᠤ ᠬᠠᠪᠴᠢᠭ ᠬᠥᠬᠡᠯᠪᠡᠢ ᠬᠠᠮᠠᠷ ᠤ᠋ᠨ ᠬᠣᠶᠠᠷ ᠨᠦᠬᠡ ᠮᠥᠨ ᠯᠡ ᠬᠣᠷᠸ᠎ᠠ ᠶ᠋ᠢᠨ ᠰᠠᠢᠨ ᠮᠠᠭᠤ ᠦᠨᠦᠷ ᠲᠠᠨᠢᠷ ᠢ᠋ ᠬᠣᠪᠳᠣᠭ ᠢ᠋ᠶ᠋ᠠᠷ ᠰᠣᠷᠣᠨ ᠲᠠᠲᠠᠬᠤ ᠠᠳᠠᠯᠢ ᠪᠠᠢᠨ ᠪᠠᠢᠨ ᠰᠠᠷᠲᠠᠯᠵᠠᠵᠤ ᠦᠵᠡᠭᠳᠡᠨ᠎ᠡ᠃ 
     – ᠠᠱᠢᠭᠦᠢ ᠥᠨᠥᠳᠥᠷ ᠮᠢᠨᠦ ᠬᠡᠳᠦᠨ ᠬᠠᠪᠲᠠᠭᠠᠢ ᠥᠭᠯᠢᠭᠡ ᠪᠡᠨ ᠨᠠᠳᠠ ᠳ᠋ᠠᠭᠠᠨ ᠬᠦᠷᠲᠡᠭᠡᠬᠦ ᠪᠡᠷ ᠰᠢᠢᠳᠴᠢ ᠳᠡ᠃ ᠪᠤᠶᠠᠨᠲᠠ ᠨᠤᠭᠤᠳ᠂ ᠠᠢ ᠳᠠ᠂ ᠪᠤᠶᠠᠨᠲᠠᠨ ᠨᠤᠭᠤᠳ ᠮᠢᠨᠢ! ᠭᠡᠵᠦ ᠰᠣᠬᠣᠷ ᠡᠷ᠎ᠡ ᠬᠡᠨ ᠨᠢᠭᠡᠨ ᠬᠥᠮᠦᠨ ᠳ᠋ᠦ᠍ ᠬᠠᠨᠳᠤᠬᠤ ᠮᠡᠲᠦ ᠭᠡᠨᠡᠳᠲᠡ ᠴᠢᠩᠭ᠎ᠠ ᠪᠠᠷ ᠶᠠᠷᠢᠪᠠ᠃ ᠬᠡᠴᠢᠨᠡᠨ ᠥᠨᠳᠥᠷ ᠳᠠᠭᠤ ᠪᠠᠷ ᠶᠠᠭᠤ ᠭᠡᠵᠦ ᠬᠡᠯᠡᠪᠡᠴᠦ ᠲᠡᠭᠦᠨ ᠦ᠌ ᠦᠭᠡ ᠶ᠋ᠢ ᠰᠣᠨᠣᠰᠴᠤ᠂ ᠣᠢᠯᠠᠭᠠᠬᠤ ᠠᠮᠢᠲᠠᠨ ᠢᠩᠭᠢᠨ᠎ᠡ ᠤᠰᠤᠨ ᠤ᠋ ᠭᠣᠪᠢ ᠳ᠋ᠤ᠌ ᠪᠠᠢᠭᠰᠠᠨ ᠦᠭᠡᠢ᠃ ᠭᠡᠪᠡᠴᠦ ᠰᠣᠬᠣᠷ ᠡᠷ᠎ᠡ ᠥᠪᠡᠷ ᠢ᠋ᠶ᠋ᠡᠨ ᠥᠪᠡᠷ ᠲᠡᠢ ᠪᠡᠨ ᠶᠠᠷᠢᠵᠤ ᠵᠠᠩᠰᠢᠭᠰᠠᠨ ᠪᠠᠢᠵᠠᠢ᠃ 
      ᠰᠣᠬᠣᠷ ᠡᠷ᠎ᠡ ᠶ᠋ᠢᠨ ᠴᠢᠷᠠᠢ ᠳ᠋ᠤ᠌ ᠪᠠᠶᠠᠷᠯᠠᠬᠤ ᠰᠢᠨᠵᠢ ᠢᠯᠡᠬᠡᠨ ᠲᠣᠳᠣᠷᠠᠵᠤ᠂ ᠮᠠᠩᠨᠠᠢ ᠶ᠋ᠢᠨ ᠦᠷᠴᠢᠯᠡᠭᠡᠰᠦ ᠳᠡᠯᠭᠡᠭᠳᠡᠨ᠂ ᠤᠷᠤᠭᠤᠯ ᠨᠢ ᠦᠯᠦ ᠮᠡᠳᠡᠭ ᠴᠢᠴᠢᠭᠡᠨᠡᠪᠡ᠃ ᠭᠡᠪᠡᠴᠦ ᠬᠥᠮᠦᠨ ᠦ᠌ ᠰᠡᠳᠬᠢᠯ ᠦ᠋ᠨ ᠪᠠᠶᠠᠷ ᠪᠠᠶᠠᠰᠬᠤᠯᠠᠩ ᠢ᠋ ᠢᠯᠡᠷᠬᠡᠢᠯᠡᠬᠦ ᠲᠣᠯᠢ ᠪᠣᠯᠤᠭᠰᠠᠨ ᠨᠢᠳᠦ ᠨᠢ ᠨᠢᠭᠡᠨᠲᠡ ᠭᠡᠭᠡ ᠦᠭᠡᠢ ᠶ᠋ᠢᠨ ᠤᠯᠠᠮ ᠠ᠋ᠴᠠ ᠲᠡᠭᠦᠨ ᠦ᠌ ᠪᠠᠶᠠᠷᠯᠠᠭᠰᠠᠨ ᠤ᠋ ᠰᠢᠨᠵᠢ ᠲᠡᠮᠳᠡᠭ ᠲᠤᠩ ᠦᠯᠦ ᠮᠡᠳᠡᠭ ᠠᠵᠢ᠃ 
      – ᠵᠠ ᠂ ᠡᠭᠦᠯᠡᠨ ᠪᠣᠷᠣ ᠮᠢᠨᠢ᠂ ᠵᠢᠯᠣᠭᠣ ᠪᠠᠨ ᠰᠤᠩᠭᠠᠶ᠎ᠠ᠃ ᠨᠠᠢ᠍ᠮᠠᠨ ᠰᠢᠷᠭ᠎ᠠ ᠶ᠋ᠢᠨ ᠳ᠋ᠡᠭᠠᠨ ᠣᠴᠢᠶ᠎ᠠ᠃ ᠲᠡᠳᠡ ᠴᠢ ᠪᠢᠳᠡ ᠬᠣᠶᠠᠷ ᠲᠤ᠌ ᠢᠳᠡᠭᠡ ᠪᠡᠨ ᠵᠡᠬᠡᠭᠰᠡᠨ ᠪᠠᠢᠨ᠎ᠠ᠃ ᠬᠤᠷᠳᠤᠨ ᠣᠴᠢᠬᠤ ᠦᠭᠡᠢ ᠪᠣᠯ ᠭᠣᠮᠣᠳᠠᠴᠢᠬᠠᠨ᠎ᠠ᠃ ᠳᠤᠮᠳᠠ ᠰᠢᠷᠭ᠎ᠠ ᠶ᠋ᠢᠨ ᠪᠤᠶᠠᠨ ᠳᠡᠯᠭᠡᠷᠡᠭ! ᠭᠡᠵᠦ ᠰᠣᠬᠣᠷ ᠡᠷ᠎ᠡ ᠲᠠᠶᠠᠭ ᠲᠠᠭᠠᠨ ᠬᠠᠨᠳᠤᠨ ᠪᠠᠰᠠ ᠯᠠ ᠴᠢᠩᠭ᠎ᠠ ᠳᠠᠭᠤ ᠪᠠᠷ ᠬᠡᠯᠡᠪᠡ᠃  
      ᠲᠠᠶᠠᠭ ᠢ᠋ᠶ᠋ᠠᠨ ᠡᠭᠦᠯᠡᠨ ᠪᠣᠷᠣ ᠲᠠᠢ ᠵᠦᠢᠷᠯᠡᠨ ᠬᠡᠯᠡᠭᠰᠡᠨ ᠪᠣᠯᠤᠯᠲᠠᠢ᠃ ᠭᠡᠲᠡᠯ᠎ᠡ ᠪᠠᠰᠠ ᠨᠠᠢ᠍ᠮᠠᠨ ᠰᠢᠷᠭ᠎ᠠ ᠶ᠋ᠢᠨ ᠬᠢ ᠭᠡᠵᠦ ᠶᠠᠭᠤ ᠶ᠋ᠢ ᠬᠡᠯᠡᠵᠦ ᠪᠠᠢᠭ᠎ᠠ ᠶᠤᠮ ᠪᠣᠯ ᠳᠠ! ᠨᠢᠭᠡᠨ ᠪᠣᠳᠣᠬᠤ ᠳ᠋ᠤ᠌ ᠡᠨᠡ ᠬᠥᠮᠦᠨ ᠰᠣᠬᠣᠷ ᠲᠡᠳᠦᠢ ᠦᠭᠡᠢ ᠪᠠᠰᠠ ᠤᠬᠠᠭᠠᠨ ᠭᠠᠵᠢᠭᠰᠠᠨ ᠮᠡᠲᠦ ᠠᠵᠢ᠃ 
      ᠰᠣᠬᠣᠷ ᠡᠷ᠎ᠡ ᠲᠡᠢᠨ ᠬᠦ᠌ ᠲᠠᠶᠠᠭ ᠤ᠋ᠨ ᠢ᠋ᠶ᠋ᠠᠨ ᠲᠤᠰᠠᠯᠠᠮᠵᠢ ᠪᠠᠷ ᠰᠠᠭᠠᠳ ᠪᠦᠬᠦᠨ ᠢ᠋ ᠴᠢᠳᠠᠮᠠᠭᠠᠢ ᠲᠣᠭᠣᠷᠢᠵᠤ ᠶᠠᠪᠤᠭᠰᠠᠭᠠᠷ ᠨᠣᠭᠣᠭᠠᠨ ᠬᠥᠪᠡᠭᠡ ᠲᠡᠢ ᠪᠢᠴᠢᠬᠠᠨ ᠪᠤᠯᠠᠭ ᠤ᠋ᠨ ᠳᠡᠷᠭᠡᠳᠡ ᠢᠷᠡᠪᠡ᠃ ᠡᠨᠡ ᠨᠢ ᠲᠡᠷᠡᠬᠡᠨ ᠬᠠᠪᠢ ᠳ᠋ᠠᠭᠠᠨ ᠪᠠᠢᠳᠠᠭ ᠴᠣᠷ ᠤ᠋ᠨ ᠭᠠᠭᠴᠠ ᠪᠤᠯᠠᠭ ᠶᠤᠮ᠃ ᠢᠩᠭᠢᠨ᠎ᠡ ᠤᠰᠤ ᠭᠡᠳᠡᠭ ᠨᠡᠷ᠎ᠡ ᠲᠡᠢ ᠪᠢᠯᠡ᠃ ᠵᠢᠯ ᠦ᠋ᠨ ᠳᠥᠷᠪᠡᠨ ᠤᠯᠠᠷᠢᠯ ᠳ᠋ᠤ᠌ ᠬᠠᠳᠠᠳᠠᠭ ᠦᠭᠡᠢ ᠶᠦᠮ᠃ 
       – ᠨᠠᠢ᠍ᠮᠠᠨ ᠰᠢᠷᠭ᠎ᠠ ᠮᠠᠨᠢ ᠥᠨᠥᠳᠥᠷ ᠥᠷᠯᠥᠭᠡ ᠡᠷᠲᠡ ᠢᠷᠡᠵᠢ ᠳᠠ᠃ ᠠᠷᠭ᠎ᠠ ᠦᠭᠡᠢ ᠶᠡᠬᠡ ᠬᠠᠯᠠᠭᠤᠨ ᠡᠳᠦᠷ ᠪᠣᠯᠬᠤ ᠶ᠋ᠢ ᠲᠡᠳᠡ ᠮᠡᠳᠡᠭᠡᠳ ᠷᠠᠰᠢᠶᠠᠨ ᠳ᠋ᠠᠭᠠᠨ ᠡᠷᠲᠡᠯᠡᠨ ᠢᠷᠡᠵᠡᠢ ᠭᠡᠵᠦ ᠰᠣᠬᠣᠷ ᠡᠷ᠎ᠡ ᠪᠠᠰᠠ ᠯᠠ ᠬᠡᠨ ᠨᠢᠭᠡᠨ ᠳ᠋ᠦ᠍ ᠬᠠᠨᠳᠤᠵᠤ ᠪᠠᠢᠭ᠎ᠠ ᠶᠤᠮ ᠰᠢᠭ᠋ ᠬᠡᠯᠡᠯ᠎ᠡ᠃ ᠲᠡᠭᠡᠭᠰᠡᠨ ᠢ᠋ᠶ᠋ᠡᠨ ᠪᠤᠯᠠᠭ ᠤ᠋ᠨ ᠵᠡᠭᠦᠨ ᠤᠷᠢᠳᠤ ᠲᠠᠯ᠎ᠠ ᠳ᠋ᠤ᠌ ᠡᠮᠵᠢᠶᠡᠷᠢᠯᠡᠨ ᠰᠢᠷᠭᠠᠯᠲᠤᠬᠤ ᠡᠯᠡᠰᠦᠨ ᠳᠤᠮᠳᠠᠬᠢ ᠪᠤᠲᠠ ᠨᠤᠭᠤᠳ ᠤᠷᠤᠭᠤ ᠬᠦᠷᠴᠦ ᠣᠴᠢᠯ᠎ᠠ᠃ ᠵᠣᠭ ᠲᠣᠰᠴᠤ ᠬᠠᠮᠠᠷ ᠢ᠋ᠶ᠋ᠠᠷ ᠰᠢᠩᠰᠢᠯᠡᠬᠦ ᠮᠡᠲᠦ ᠦᠨᠦᠷ ᠬᠥᠭᠡᠭᠡᠵᠦ ᠪᠥᠭᠲᠥᠭᠡᠨᠡᠭᠰᠡᠨ ᠢ᠋ᠶ᠋ᠡᠨ ᠰᠣᠬᠣᠷ ᠡᠷ᠎ᠡ ᠲᠠᠶᠠᠭ ᠢ᠋ᠶ᠋ᠠᠨ ᠭᠠᠵᠠᠷ ᠣᠷᠬᠢᠵᠤ᠂ ᠡᠯᠡᠰᠦᠨ ᠳᠤᠮᠳᠠ ᠰᠥᠬᠥᠷᠡᠨ ᠰᠠᠭᠤᠯ᠎ᠠ᠃ ᠰᠥᠬᠥᠷᠡᠭᠰᠡᠨ ᠲᠡᠷᠡ ᠭᠠᠵᠠᠷ ᠨᠢ ᠡᠯᠡᠰᠦᠨ ᠳᠡᠭᠡᠷ᠎ᠡ ᠡᠭᠡᠵᠡᠭᠡᠢ ᠰᠢᠭ ᠰᠢᠷᠭᠠᠯ ᠥᠩᠭᠡᠲᠡᠢ ᠶᠠᠭᠤᠮ᠎ᠠ ᠲᠤᠨᠤᠷᠠᠨ ᠪᠠᠢᠬᠤ ᠠᠵᠢ᠃ ᠰᠣᠬᠣᠷ ᠡᠷ᠎ᠡ ᠲᠡᠷᠡ ᠬᠦ᠌ ᠡᠭᠡᠵᠡᠭᠡᠢᠷᠡᠨ ᠲᠤᠨᠤᠷᠠᠵᠤ ᠰᠢᠪᠠᠷ ᠠᠳᠠᠯᠢ ᠬᠠᠭᠠᠷᠠᠨ ᠬᠠᠳᠠᠵᠤ ᠪᠠᠢᠭ᠎ᠠ ᠶᠠᠭᠤᠮᠠᠨ ᠠ᠋ᠴᠠ ᠠᠪᠴᠤ ᠨᠠᠭᠠᠯᠳᠤᠭᠰᠠᠨ ᠡᠯᠡᠰᠦ ᠶ᠋ᠢ ᠨᠢ ᠭᠠᠷ ᠢ᠋ᠶ᠋ᠠᠷ ᠲᠡᠮᠲᠡᠷᠢᠨ ᠠᠷᠢᠯᠭᠠᠭᠠᠳ ᠠᠮᠲᠠᠷᠬᠠᠨ ᠢᠳᠡᠵᠦ ᠡᠬᠢᠯᠡᠪᠡ᠃ ᠥᠷᠯᠥᠭᠡ ᠦᠦᠷ ᠢ᠋ᠶ᠋ᠡᠷ ᠡᠨᠳᠡ ᠢᠷᠡᠵᠦ ᠤᠰᠤ ᠤᠤᠭᠤᠭᠠᠳ ᠪᠤᠯᠠᠭ ᠤ᠋ᠨ ᠵᠠᠬ᠎ᠠ ᠳ᠋ᠤ᠌ ᠠᠮᠠᠷᠠᠨ ᠬᠡᠪᠲᠡᠵᠦ ᠪᠠᠢᠬᠤ ᠳ᠋ᠠᠭᠠᠨ ᠬᠠᠪᠲᠠᠭᠠᠢ ᠶ᠋ᠢᠨ ᠢᠩᠭᠡ ᠳᠠᠯᠠᠩ ᠨᠢ ᠴᠢᠨᠦᠷᠡᠨ ᠡᠯᠡᠰᠦᠨ ᠳᠡᠭᠡᠷ᠎ᠡ ᠰᠦ ᠪᠡᠨ ᠭᠣᠭᠣᠵᠢᠭᠤᠯᠤᠭᠰᠠᠨ ᠨᠢ ᠡᠳᠦᠷ ᠦ᠋ᠨ ᠬᠠᠯᠠᠭᠤᠨ ᠨᠠᠷᠠᠨ ᠳ᠋ᠤ᠌ ᠲᠡᠢᠨ ᠬᠦ᠌ ᠬᠠᠲᠠᠵᠤ ᠪᠠᠢᠵᠠᠢ᠃ ᠠᠭᠠᠵᠢᠮ ᠢ᠋ᠶ᠋ᠠᠷ ᠡᠭᠡᠵᠡᠭᠡᠢ ᠪᠣᠯᠤᠨ ᠬᠤᠪᠢᠷᠠᠳᠠᠭ᠃ 
      – ᠠ᠋ ᠳᠠ᠂ ᠡᠨᠡ ᠬᠠᠪᠲᠠᠭᠠᠢ ᠰᠦ ᠶᠡᠬᠡ ᠲᠡᠢ ᠪᠤᠶᠠᠨ ᠲᠠᠢ ᠠᠮᠢᠲᠠᠨ ᠶᠤᠮ ᠳᠠ᠃ ᠪᠣᠲᠣᠭᠣ ᠨᠢ ᠬᠥᠬᠥᠭᠡᠳ ᠪᠠᠢᠬᠤ ᠳ᠋ᠤ᠌ ᠯᠠ ᠪᠠᠷᠠᠭᠳᠠᠬᠤ ᠦᠭᠡᠢ ᠴᠢᠨᠦᠷᠡᠭᠡᠳ ᠬᠡᠪᠲᠡᠭᠰᠡᠨ ᠭᠠᠵᠠᠷ ᠪᠣᠯᠭᠠᠨ ᠳ᠋ᠤ᠌ ᠠᠶᠠᠨᠳᠠᠭᠠᠨ ᠰᠦ ᠨᠢ ᠲᠤᠨᠤᠷᠠᠨ ᠭᠣᠭᠣᠵᠢᠭᠰᠠᠨ ᠪᠠᠢᠳᠠᠭ ᠮᠥᠨ ᠴᠦ᠍ ᠰᠢᠮ᠎ᠡ ᠰᠠᠢᠲᠠᠢ ᠪᠤᠶᠠᠨ ᠲᠡᠭᠦᠰ ᠠᠮᠢᠲᠠᠨ ᠰᠢᠦ᠃ ᠮᠢᠨᠦ ᠮᠠᠭᠤ ᠡᠭᠦᠯᠡᠨ ᠬᠥᠬᠡ ᠮᠣᠷᠢᠨ ᠳ᠋ᠤ᠌ ᠡᠢᠮᠦ ᠰᠢᠮ᠎ᠡ ᠶᠠᠭᠠᠬᠢᠵᠤ ᠪᠠᠢᠬᠤ ᠪᠣᠢ? ᠭᠡᠬᠦ ᠳ᠋ᠡᠭᠡᠨ ᠬᠥᠯ ᠦ᠋ᠨ ᠣᠷᠣᠨ ᠳ᠋ᠤ᠌ ᠬᠥᠯ᠂ ᠨᠢᠳᠦᠨ ᠦ᠌ ᠣᠷᠣᠨ ᠳ᠋ᠤ᠌ ᠨᠢᠳᠦ ᠪᠣᠯᠵᠤ ᠨᠠᠳᠠ ᠳ᠋ᠠᠭᠠᠨ ᠶᠡᠬᠡ ᠲᠤᠰᠠᠯᠠᠳᠠᠭ ᠪᠠᠰᠠ ᠯᠠ ᠪᠤᠶᠠᠨ ᠲᠠᠢ ᠮᠣᠳᠣ ᠳᠠ ᠭᠡᠵᠦ ᠰᠣᠬᠣᠷ ᠡᠷ᠎ᠡ ᠭᠠᠵᠠᠷ ᠬᠠᠶᠠᠭᠰᠠᠨ ᠲᠠᠶᠠᠭ ᠢ᠋ᠶ᠋ᠠᠨ ᠵᠡᠭᠦᠨ ᠭᠠᠷ ᠢ᠋ᠶ᠋ᠠᠷ ᠲᠡᠮᠲᠡᠷᠢᠨ ᠣᠯᠵᠤ ᠠᠪᠬᠤ ᠵᠠᠭᠤᠷ᠎ᠠ ᠶᠠᠷᠢᠵᠠᠢ᠃  
      ᠵᠡᠷᠯᠢᠭ ᠲᠡᠮᠡᠭᠡ ᠰᠦ ᠶᠡᠬᠡᠲᠡᠢ ᠤᠴᠢᠷ ᠬᠥᠬᠥᠭᠦᠯ ᠪᠠᠢᠬᠤ ᠦᠶ᠎ᠡ ᠳ᠋ᠡᠭᠡᠨ ᠬᠡᠪᠲᠡᠭᠰᠡᠨ ᠭᠠᠵᠠᠷ ᠢ᠋ᠶ᠋ᠠᠷ ᠨᠢ ᠢᠯᠡᠭᠦᠳᠡᠯ ᠰᠦ ᠨᠢ ᠭᠣᠭᠣᠵᠢᠵᠤ ᠲᠤᠨᠤᠷᠠᠨ ᠦᠯᠡᠳᠡᠭᠡᠳ ᠭᠣᠪᠢ ᠶ᠋ᠢᠨ ᠬᠠᠯᠠᠭᠤᠨ ᠨᠠᠷᠠᠨ ᠳ᠋ᠤ᠌ ᠡᠭᠡᠵᠡᠭᠡᠢ ᠪᠣᠯᠤᠨ ᠬᠠᠳᠠᠳᠠᠭ ᠢ᠋ ᠰᠣᠬᠣᠷ ᠡᠷ᠎ᠡ ᠪᠦᠷ ᠪᠠᠭ᠎ᠠ ᠵᠠᠯᠠᠭᠤ ᠳ᠋ᠠᠭᠠᠨ ᠮᠥᠷᠭᠥᠯᠴᠢᠨ ᠦ᠌ ᠤᠷᠲᠤ ᠵᠠᠮ ᠲᠤᠭᠤᠯᠵᠤ ᠭᠤᠷᠪᠠᠨ ᠶᠡᠬᠡ ᠭᠣᠪᠢ ᠶ᠋ᠢ ᠭᠠᠲᠤᠯᠵᠤ ᠶᠠᠪᠤᠬᠤ ᠴᠠᠭ ᠲᠤ᠌ ᠣᠯᠵᠤ ᠮᠡᠳᠡᠭᠰᠡᠨ ᠶᠦᠮ  ᠪᠠᠢᠵᠠᠢ᠃ ᠰᠣᠬᠣᠷ ᠡᠷ᠎ᠡ ᠬᠠᠪᠲᠠᠭᠠᠢ ᠶ᠋ᠢᠨ ᠦᠯᠡᠳᠡᠭᠡᠭᠰᠡᠨ ᠰᠦ ᠡᠴᠡ  ᠴᠠᠳᠲᠠᠯ᠎ᠠ ᠪᠠᠨ ᠢᠳᠡᠭᠡᠳ᠄  
     – ᠠᠮᠲᠠ ᠴᠢᠨᠠᠷ ᠰᠠᠢᠲᠠᠢ᠂ ᠠᠷᠭ᠎ᠠ ᠦᠭᠡᠢ ᠯᠡ ᠨᠢᠭᠡ ᠶᠡᠬᠡ ᠭᠣᠪᠢ ᠶ᠋ᠢᠨ ᠬᠦᠴᠦᠲᠦ ᠤᠷᠭᠤᠮᠠᠯ ᠪᠦᠷ ᠢ᠋ ᠲᠡᠭᠦᠵᠦ ᠢᠳᠡᠳᠡᠭ ᠠᠮᠢᠲᠠᠨ ᠤ᠋ ᠰᠦ ᠶᠦᠮ ᠳᠡ᠃  ᠬᠤᠷᠤᠭᠤᠨ ᠴᠢᠨᠡᠭᠡ ᠶ᠋ᠢ ᠯᠡ ᠠᠮᠰᠠᠭᠠᠳ ᠣᠷᠬᠢᠬᠤ ᠳ᠋ᠤ᠌ ᠯᠠ ᠬᠠᠮᠤᠭ ᠪᠡᠶ᠎ᠡ ᠳᠠᠯᠪᠢᠷᠠᠵᠤ᠂ ᠲᠡᠩᠬᠡᠭᠡ ᠤᠷᠤᠬᠤ ᠰᠢᠭ᠋ ᠪᠣᠯᠬᠤ ᠶᠤᠮ᠃  ᠠᠢ ᠳᠠ᠂ ᠡᠢᠮᠦ ᠰᠦ ᠪᠠᠢᠳᠠᠭ ᠢ᠋ ᠲᠡᠷᠲᠡᠭᠡ ᠳᠥᠴᠢᠭᠡᠳ ᠵᠢᠯ ᠦ᠋ᠨ ᠡᠮᠦᠨ᠎ᠡ ᠪᠠᠨᠳᠢ ᠪᠠᠢᠬᠤ ᠳ᠋ᠠᠭᠠᠨ ᠣᠯᠵᠤ ᠮᠡᠳᠡᠭᠡ ᠦᠭᠡᠢ ᠰᠠᠨ ᠪᠣᠯ ᠴᠤ᠌ ᠪᠢ ᠡᠨᠡ ᠴᠥᠯᠡᠯᠭᠡ ᠶ᠋ᠢᠨ ᠭᠠᠵᠠᠷ ᠨᠢᠭᠡ ᠬᠣᠨᠣᠭ ᠴᠤ᠌ ᠠᠮᠢᠳᠤ ᠶᠠᠪᠤᠬᠤ ᠦᠭᠡᠢ ᠪᠠᠢᠬ᠎ᠠ ᠡ ᠃ ᠬᠥᠭᠡᠷᠦᠬᠦᠢ᠂ ᠬᠠᠪᠲᠠᠭᠠᠢ ᠴᠢᠨᠦ ᠪᠤᠶᠠᠨ ᠢ᠋ ᠪᠢ ᠶᠠᠭᠤ ᠪᠠᠷ ᠬᠠᠷᠢᠭᠤᠯᠬᠤ ᠪᠣᠢ ᠳᠠ᠃ ᠬᠣᠭᠣᠰᠣᠨ ᠮᠠᠨᠢ ᠤᠩᠰᠢᠯᠲᠠᠢ ᠪᠢᠰᠢ ᠳᠡ ᠭᠡᠵᠦ ᠭᠠᠭᠴᠠᠭᠠᠷ ᠢ᠋ᠶ᠋ᠠᠨ ᠶᠠᠷᠢᠵᠤ ᠬᠡᠰᠡᠭ ᠰᠠᠭᠤᠯ᠎ᠠ᠃ 
      ᠭᠣᠪᠢ ᠶ᠋ᠢᠨ ᠲᠡᠷᠲᠡᠭᠡ ᠠᠯᠤᠰ ᠬᠠᠶᠠᠭᠠᠨ ᠳ᠋ᠤ᠌ ᠰᠢᠷᠭᠠᠯ ᠬᠥᠬᠡᠮᠳᠦᠭ ᠵᠢᠰᠦᠮ ᠦ᠋ᠨ ᠲᠠᠪᠤᠨ ᠬᠠᠪᠲᠠᠭᠠᠢ ᠭᠤᠷᠪᠠᠨ ᠪᠣᠲᠣᠭᠣ ᠶ᠋ᠢᠨ ᠬᠠᠮᠲᠤ ᠪᠡᠯᠴᠢᠨ ᠶᠠᠪᠤᠭ᠎ᠠ ᠨᠢ ᠵᠡᠷᠭᠡᠯᠭᠡ ᠤᠨᠢᠶᠠᠷ ᠤ᠋ᠨ ᠳᠤᠮᠳᠠ ᠨᠢᠭᠡ ᠨᠠᠮ᠂ ᠨᠢᠭᠡ ᠥᠨᠳᠥᠷ ᠪᠣᠯᠵᠤ᠂ ᠳᠠᠯᠠᠯᠤᠨ ᠳᠠᠭᠤᠳᠠᠬᠤ ᠠᠳᠠᠯᠢ ᠦᠵᠡᠰᠬᠦᠯᠡᠩ ᠲᠡᠢ ᠰᠠᠢᠬᠠᠨ ᠬᠠᠷᠠᠭᠳᠠᠵᠤ ᠪᠠᠢᠯ᠎ᠠ᠃ ᠭᠡᠪᠡᠴᠦ ᠲᠡᠳᠡᠨ ᠢ᠋ ᠰᠣᠬᠣᠷ ᠡᠷ᠎ᠡ ᠶᠠᠭᠠᠬᠢᠨ ᠣᠯᠵᠤ ᠬᠠᠷᠠᠬᠤ ᠪᠢᠯᠡ᠃  
      – ᠦᠨᠦᠷ ᠨᠢ ᠪᠠᠷᠤᠭ ᠮᠡᠳᠡᠭᠳᠡᠬᠦ ᠦᠭᠡᠢ ᠪᠣᠯᠲᠠᠯ᠎ᠠ ᠪᠠᠨ ᠵᠠᠮᠬᠠᠷᠠᠭᠰᠠᠨ ᠢ᠋ ᠪᠣᠳᠣᠪᠠᠯ ᠨᠠᠢ᠍ᠮᠠᠨ ᠰᠢᠷᠭ᠎ᠠ ᠮᠠᠨᠢ ᠥᠨᠥ ᠥᠷᠯᠥᠭᠡ ᠲᠤᠩ ᠡᠷᠲᠡᠯᠡᠵᠦ ᠤᠰᠤᠨ ᠳ᠋ᠤ᠌ ᠢᠷᠡᠵᠢ ᠳᠠ᠃ ᠣᠳᠣ ᠯᠠᠪ ᠳᠣᠯᠣᠭ᠎ᠠ ᠬᠣᠨᠣᠭ ᠡᠷᠭᠢᠵᠦ ᠢᠷᠡᠬᠦ ᠦᠭᠡᠢ ᠪᠠᠢᠬ᠎ᠠ ᠠ᠋᠃ ᠬᠠᠢᠷᠠᠯᠠᠵᠤ ᠦᠯᠡᠳᠡᠭᠡᠭᠰᠡᠨ ᠬᠡᠰᠢᠭ ᠪᠤᠶᠠᠨ ᠢ ᠨᠢ ᠬᠠᠮᠤᠵᠤ ᠬᠣᠷᠮᠣᠢᠯᠠᠵᠤ ᠠᠪᠤᠶ᠎ᠠ ᠭᠡᠵᠦ ᠰᠣᠬᠣᠷ ᠡᠷ᠎ᠡ ᠬᠡᠯᠡᠭᠡᠳ ᠮᠥᠯᠬᠥᠨ ᠤᠷᠤᠭᠰᠢᠯᠠᠵᠤ ᠬᠠᠮᠠᠷ ᠢ᠋ᠶ᠋ᠠᠷ ᠢ᠋ᠶ᠋ᠠᠨ ᠭᠠᠵᠠᠷ ᠰᠢᠩᠰᠢᠯᠡᠨ ᠦᠨᠦᠷ ᠲᠠᠲᠠᠵᠤ ᠬᠠᠪᠲᠠᠭᠠᠢ ᠶ᠋ᠢᠨ ᠬᠡᠪᠲᠡᠰᠢ ᠶ᠋ᠢ ᠲᠡᠮᠲᠡᠷᠢᠵᠦ ᠡᠬᠢᠯᠡᠪᠡ᠃  
     – ᠨᠢᠭᠡ ᠪᠤᠤᠷ᠎ᠠ ᠲᠠᠢ ᠶᠤᠮ ᠳ᠋ᠠᠭ᠃ ᠲᠡᠷᠡ ᠭᠠᠢᠬᠠᠯ ᠡᠨᠳᠡ ᠬᠡᠪᠲᠡᠭᠰᠡᠨ ᠪᠠᠢᠨ᠎ᠠ᠃ ᠰᠢᠭᠡᠭ᠂ ᠵᠠᠭᠠᠷ ᠨᠢ ᠬᠠᠮᠠᠷ ᠰᠡᠲᠡᠯᠴᠢᠬᠡᠬᠦ ᠭᠡᠳ ᠶᠠᠭ ᠯᠠ ᠮᠥᠨ ᠳᠡ᠃  ᠪᠤᠤᠷ᠎ᠠ ᠡᠨᠳᠡ ᠬᠡᠪᠲᠡᠭᠰᠡᠨ ᠪᠣᠯ ᠲᠡᠭᠦᠨ ᠡᠴᠡ ᠴᠠᠰᠢ ᠢᠩᠭᠡ ᠪᠠᠢᠭ᠎ᠠ ᠦᠭᠡᠢ ᠪᠢᠵᠡ ᠭᠡᠵᠦ ᠰᠣᠬᠣᠷ ᠡᠷ᠎ᠡ ᠠᠮᠠᠨ ᠳ᠋ᠠᠭᠠᠨ ᠪᠤᠪᠲᠤᠨᠠᠨ ᠶᠠᠷᠢᠵᠤ ᠨᠥᠭᠥᠭᠡ ᠳᠠᠰᠢ ᠡᠷᠭᠢᠨ ᠮᠥᠯᠬᠥᠬᠦ ᠵᠠᠭᠤᠷ᠎ᠠ ᠮᠥᠨ ᠯᠡ ᠭᠠᠵᠠᠷ ᠰᠢᠩᠰᠢᠯᠡᠨ ᠲᠡᠮᠲᠡᠷᠢᠵᠦ᠂  ᠬᠣᠶᠠᠳᠠᠬᠢ ᠢᠩᠭᠡᠨ ᠦ ᠬᠡᠪᠲᠡᠰᠢ ᠶ᠋ᠢ ᠤᠳᠠᠵᠤ ᠲᠦᠳᠡᠯ ᠦᠭᠡᠢ ᠣᠯᠵᠠᠢ᠃ ᠲᠡᠭᠦᠨ ᠦ᠌ ᠢᠯᠡᠭᠦᠳᠡᠯ ᠰᠦ ᠪᠠᠰᠠ ᠯᠠ ᠡᠯᠡᠰᠦᠨ ᠳᠡᠭᠡᠷ᠎ᠡ ᠭᠣᠭᠣᠵᠢᠵᠤ᠂ ᠵᠠᠬ᠎ᠠ ᠠ᠋ᠴᠠ ᠪᠠᠨ ᠬᠠᠲᠠᠭᠠᠳ ᠭᠣᠣᠯ ᠬᠡᠰᠡᠭ ᠲᠦ᠋ᠨᠢ ᠪᠦᠷᠢᠨ ᠬᠠᠲᠠᠵᠤ ᠠᠮᠵᠢᠭ᠎ᠠ ᠦᠭᠡᠢ ᠵᠥᠭᠡᠯᠡᠨ ᠢ᠋ᠶ᠋ᠡᠷ ᠢ᠋ᠶ᠋ᠡᠨ ᠦᠯᠡᠳᠡᠵᠡᠢ᠃ ᠰᠣᠬᠣᠷ ᠡᠷ᠎ᠡ ᠲᠡᠭᠦᠨ ᠢ᠋ ᠡᠯᠡᠰᠦ ᠲᠡᠢ ᠨᠢ ᠬᠠᠮᠤᠨ ᠠᠪᠴᠤ ᠬᠣᠷᠮᠣᠢᠯᠠᠪᠠ᠃  ᠲᠡᠢᠨ ᠬᠦ᠌ ᠮᠥᠯᠬᠥᠭᠰᠡᠭᠡᠷ ᠭᠤᠷᠪᠠᠨ ᠢᠩᠭᠡᠨ ᠦ᠌  ᠬᠡᠪᠲᠡᠰᠢ ᠶ᠋ᠢ ᠣᠯᠵᠤ᠂ ᠦᠯᠡᠳᠡᠭᠡᠭᠰᠡᠨ ᠰᠦ ᠶ᠋ᠢᠨ ᠬᠠᠲᠠᠮᠠᠯ ᠢ᠋ ᠬᠠᠮᠤᠨ ᠠᠪᠴᠤ ᠳᠠᠭᠤᠰᠪᠠ᠃ ᠲᠡᠭᠡᠭᠡᠳ ᠰᠣᠨᠳᠤᠤᠯᠠ ᠰᠠᠨᠳᠠᠢᠯᠠᠨ ᠲᠦᠷ ᠠᠮᠤᠰᠬᠢᠨ ᠰᠠᠭᠤᠯ᠎ᠠ᠃ 
     – ᠠᠢ ᠳᠠ᠂ ᠬᠣᠷᠸ᠎ᠠ ᠭᠡᠳᠡᠭ ᠪᠦᠭᠡᠷᠡᠨᠭᠬᠡᠢ ᠶᠦᠮ ᠳᠡ᠃ ᠨᠠᠮᠠᠶ᠋ᠢ ᠬᠥᠮᠦᠰ ᠴᠦᠯᠡᠵᠦ ᠬᠠᠲᠠᠭᠠᠨ ᠥᠯᠦᠰᠬᠡᠵᠦ ᠠᠯᠠᠬᠤ ᠪᠠᠷ ᠰᠢᠢᠳᠦᠭᠰᠡᠨ ᠪᠠᠢᠳᠠᠭ᠃  ᠭᠡᠲᠡᠯ᠎ᠡ ᠬᠥᠮᠦᠨ ᠦ᠌ ᠬᠡᠯᠡ ᠦᠯᠦ ᠮᠡᠳᠡᠬᠦ ᠵᠡᠷᠯᠢᠭ ᠲᠡᠮᠡᠭᠡ ᠪᠣᠲᠣᠭᠣᠨ ᠤ᠋ ᠪᠠᠨ ᠪᠣᠷᠣ ᠭᠡᠳᠡᠰᠦᠨ ᠳ᠋ᠦ᠍ ᠪᠠᠭᠲᠠᠭ᠎ᠠ ᠦᠭᠡᠢ ᠰᠦ ᠪᠡᠷ ᠢ᠋ᠶ᠋ᠡᠨ ᠠᠮᠢ ᠭᠣᠣᠯ ᠢ᠋ ᠮᠢᠨᠢ ᠵᠣᠭᠣᠵᠤ᠂ ᠨᠠᠰᠤ ᠬᠠᠢᠷᠯᠠᠵᠦ ᠪᠠᠢᠳᠠᠭ᠃  ᠰᠠᠶᠢᠬᠠᠨ ᠯᠠ ᠪᠢ ᠴᠢᠨᠢ ᠲᠡᠮᠡᠭᠡ ᠶ᠋ᠢ ᠰᠡᠲᠡᠷᠬᠡᠢ ᠤᠷᠤᠭᠤᠯ ᠲᠠᠢ ᠬᠦᠢᠲᠡᠨ ᠬᠣᠰᠢᠭᠤ ᠲᠠᠢ ᠠᠮᠢᠲᠠᠨ ᠭᠡᠵᠦ ᠪᠣᠳᠣᠳᠠᠭ ᠪᠠᠢᠵᠢ ᠳᠠ᠃  ᠰᠠᠶᠢᠬᠠᠨ ᠯᠠ ᠪᠢ ᠴᠢᠨᠢ《 ᠱᠠᠰᠢᠨ ᠤ᠋ ᠪᠤᠯᠤᠳ ᠬᠥᠮᠦᠨ ᠳ᠋ᠦ᠍ ᠬᠣᠣᠷ ᠢ᠋ ᠬᠦᠷᠭᠡᠭᠴᠢ ᠬᠥᠯᠴᠢᠨ ᠴᠢᠳᠬᠥᠷ ᠪᠦᠭᠦᠳᠡ ᠶᠢᠰᠦ᠂ ᠲᠡᠭᠦᠨ ᠦ᠌ ᠳᠣᠲᠣᠷ᠎ᠠ ᠠ᠋ᠴᠠ ᠳ᠋ᠤ᠌ ᠳᠣᠷᠣᠢᠲᠠᠭᠤᠯᠤᠭᠴᠢ ᠬᠥᠯᠴᠢᠨ ᠬᠠᠯᠵᠠᠨ ᠲᠡᠮᠡᠭᠡ ᠤᠨᠤᠨ᠎ᠠ》 ᠭᠡᠵᠦ ᠢᠷᠡᠭᠡᠳ ᠯᠡ ᠨᠣᠮ ᠪᠠᠭᠤᠯᠭᠠᠳᠠᠭ ᠪᠠᠢᠭᠰᠠᠨ ᠪᠢᠯᠡ ᠤᠤ᠃ ᠬᠠ ᠬᠠ ᠬᠠ! ᠮᠥᠨ ᠴᠦ᠍ ᠪᠤᠷᠠᠵᠤ ᠪᠠᠢᠵᠢ ᠳᠠ᠃ ᠣᠳᠣ ᠴᠢ ᠰᠣᠬᠣᠷ ᠳᠢᠶᠠᠨᠴᠢ ᡀᠠᠷᠠᠮᠪᠠ ᠰᠠᠩᠵᠢᠳᠤᠯᠪᠢᠴᠤᠢᠵᠠᠮᠰᠤᠳ᠋ᠠᠨ ᠪᠣᠯᠤᠭᠠᠳ ᠶᠢᠰᠦᠨ ᠤᠯᠪᠤᠭᠲᠤ ᠰᠠᠭᠤᠳᠠᠯ ᠳᠡᠭᠡᠷ᠎ᠡ ᠡᠴᠡ ᠪᠡᠨ 《 ᠳᠣᠷᠣᠢᠲᠠᠭᠤᠯᠤᠭᠴᠢ ᠬᠥᠯᠴᠢᠨ ᠬᠠᠯᠵᠠᠨ ᠲᠡᠮᠡᠭᠡ ᠤᠨᠤᠭ᠎ᠠ ᠲᠠᠢ》 ᠭᠡᠳ ᠨᠣᠮᠯᠠᠭᠠᠳ ᠦᠵᠡᠯ ᠳᠡ᠃ ᠰᠣᠬᠣᠷ ᠳᠢᠶᠠᠨᠴᠢ ᠪᠢ ᠡᠮᠦᠨ᠎ᠡ ᠡᠴᠡ ᠴᠢᠨᠢ 《 ᠪᠢᠲᠡᠭᠡᠢ ᠪᠤᠷᠠ᠃ ᠬᠠᠯᠵᠠᠨ ᠲᠡᠮᠡᠭᠡ ᠪᠣᠯ  ᠳᠣᠷᠣᠢᠲᠠᠭᠤᠯᠤᠭᠴᠢ ᠬᠥᠯᠴᠢᠨ ᠦ᠌ ᠤᠨᠤᠭ᠎ᠠ ᠪᠢᠰᠢ ᠬᠠᠷᠢᠨ ᠲᠡᠭᠬᠡᠷᠡᠭᠦᠯᠦᠭᠴᠢ  ᠪᠤᠶᠠᠨᠲᠠᠨ!》 ᠭᠡᠵᠦ ᠬᠡᠯᠡᠬᠦ ᠪᠠᠢᠨ᠎ᠠ᠃  ᠬᠠ᠂ ᠬᠠ᠂ ᠬᠠ! ᠭᠡᠵᠦ ᠰᠣᠬᠣᠷ ᠡᠷ᠎ᠡ ᠭᠠᠭᠴᠠᠭᠠᠷ ᠢ᠋ᠶ᠋ᠠᠨ ᠶᠠᠷᠢᠪᠠ᠃ ᠲᠡᠷᠡ ᠮᠥᠴᠡ ᠳ᠋ᠦ᠍ ᠳᠡᠷᠭᠡᠳᠡ ᠨᠢ ᠭᠣᠯᠢᠶ᠎ᠠ ᠨᠥᠮᠥᠷᠭᠡ ᠳᠤᠭ᠍ᠭᠤᠳᠬᠤ ᠳ᠋ᠤ᠌ ᠰᠣᠬᠣᠷ ᠡᠷ᠎ᠡ ᠠᠭᠳᠤᠰᠬᠢᠨ ᠴᠣᠴᠢᠭᠰᠠᠨ ᠢ᠋ᠶ᠋ᠠᠨ᠄ 
     – ᠭᠣᠯᠢᠶ᠎ᠠ ᠴᠢᠨᠦ ᠳᠤᠤᠭᠠᠷᠳᠠᠭ ᠰᠠᠢᠨ ᠪᠣᠯᠤᠨ᠎ᠠ ᠃ ᠮᠥᠳᠳᠥᠬᠡᠨ ᠴᠠᠭ ᠤ᠋ᠨ ᠲᠣᠯᠣᠭᠠᠢ ᠴᠠᠰᠢ ᠡᠷᠭᠢᠵᠦ ᠬᠠᠪᠲᠠᠭᠠᠢ ᠶ᠋ᠢᠨ ᠰᠦ ᠰᠢᠷᠭᠢᠵᠦ ᠪᠣᠲᠣᠭᠣ ᠨᠢ ᠪᠣᠷᠪᠢ ᠪᠠᠨ ᠲᠡᠨᠡᠢᠯᠭᠡᠨ᠎ᠡ᠃ ᠲᠡᠷᠡ ᠴᠠᠭ ᠲᠤ᠌ ᠶᠠᠭᠤ ᠪᠠᠷ ᠠᠮᠢ ᠵᠣᠭᠣᠬᠤ ᠪᠠᠨ ᠳᠢᠶᠠᠨᠴᠢ ᠮᠢᠨᠢ ᠪᠣᠳᠣᠬᠤ ᠦᠭᠡᠢ ᠦᠦ? ᠭᠡᠵᠦ ᠥᠪᠡᠷ ᠲᠡᠭᠡᠨ ᠬᠡᠯᠡᠭᠡᠳ ᠥᠨᠳᠡᠢᠨ ᠪᠤᠰᠠᠬᠤ ᠭᠡᠳ ᠴᠢᠳᠠᠯ ᠦᠭᠡᠢ ᠰᠠᠭᠯᠠᠭᠠᠷ ᠪᠤᠲᠠᠨ ᠳᠡᠭᠡᠷ᠎ᠡ ᠭᠠᠷ ᠢ᠋ᠶ᠋ᠠᠷ ᠢ᠋ᠶ᠋ᠠᠨ ᠲᠠᠷᠤᠵᠤ ᠬᠠᠵᠠᠭᠤᠯᠠᠲᠠᠯ᠎ᠠ ᠃ 
     – ᠠ ᠲᠡᠢᠮᠦ᠂ ᠡᠨᠡ ᠭᠠᠷ ᠲᠤ᠌ ᠮᠢᠨᠢ ᠬᠠᠷᠮᠠᠭ ᠤ᠋ᠨ ᠪᠤᠲᠠ ᠳᠠᠭᠠᠷᠢᠯᠳᠤᠪᠠ ᠪᠣᠯᠤᠯᠲᠠᠢ᠃ ᠤᠳᠠᠬᠤ ᠦᠭᠡᠢ ᠬᠠᠷᠮᠠᠭ ᠵᠢᠮᠢᠰᠯᠡᠨ᠎ᠡ᠃ ᠭᠣᠶᠣᠣ ᠤᠷᠭᠤᠨ᠎ᠠ᠃ ᠠᠱᠢᠭᠦᠢ ᠡᠬᠡ ᠪᠣᠯᠤᠭᠰᠠᠨ ᠳᠡᠯᠡᠬᠡᠢ ᠮᠢᠨᠢ ᠨᠠᠮᠤᠷᠵᠢᠨ ᠨᠠᠮᠠᠶ᠋ᠢ ᠪᠠᠨ ᠲᠡᠵᠢᠭᠡᠨ᠎ᠡ᠃ ᠰᠢᠷᠡᠭᠡᠲᠦ ᠯᠠᠮᠠ ᠳ᠋ᠤ᠌ ᠡᠷᠭᠦᠳᠡᠭ ᠦᠭᠡᠢ ᠡᠷᠭᠦᠯ ᠢ ᠡᠯᠡᠰᠦᠨ ᠭᠣᠪᠢ ᠨᠠᠳᠠ ᠳ᠋ᠤ᠌  ᠬᠠᠢᠷᠠᠯᠠᠨ᠎ᠠ ᠡ᠂ ᠭᠠᠢᠭᠤᠢ! ᠭᠡᠵᠦ ᠰᠣᠬᠣᠷ ᠡᠷ᠎ᠡ ᠪᠠᠶᠠᠷᠯᠠᠨ ᠬᠠᠰᠬᠢᠷᠤᠯ᠎ᠠ᠃ 
      ᠲᠡᠷᠡᠬᠡᠨ ᠮᠥᠴᠡ ᠳ᠋ᠦ᠍ ᠰᠣᠬᠣᠷ ᠡᠷ᠎ᠡ ᠶ᠋ᠢᠨ ᠰᠣᠨᠣᠷ ᠴᠢᠬᠢᠨ ᠳ᠋ᠦ᠍ ᠶᠠᠮᠠᠷ ᠨᠢᠭᠡᠨ ᠶᠡᠷᠦ ᠪᠤᠰᠤ ᠶ᠋ᠢᠨ ᠴᠢᠮᠡᠭᠡ ᠳᠡᠯᠡᠳᠦᠨ ᠰᠣᠨᠣᠰᠳᠠᠬᠤ ᠰᠢᠭ᠋ ᠪᠣᠯᠵᠠᠢ᠃ ᠰᠣᠬᠣᠷ ᠡᠷ᠎ᠡ ᠴᠢᠮᠡᠭᠡ ᠭᠠᠷᠤᠭᠰᠠᠨ ᠵᠦᠭ ᠴᠢᠬᠢ ᠪᠡᠨ ᠬᠠᠨᠳᠤᠭᠤᠯᠤᠨ ᠭᠠᠷ ᠤ᠋ᠨ ᠠᠯᠠᠭ᠎ᠠ ᠪᠠᠷ ᠬᠠᠭᠠᠯᠲᠠ ᠪᠣᠯᠭᠠᠨ ᠴᠢᠭᠨᠡᠪᠡᠯ ᠦᠨᠡᠬᠡᠷ ᠠᠭᠤᠵᠢᠮ ᠶᠡᠬᠡ ᠴᠦᠯ ᠳ᠋ᠦ᠍ ᠴᠢᠮᠡᠭᠡ ᠭᠠᠷᠤᠭᠰᠠᠨ ᠢ᠋ ᠲᠡᠷᠡ ᠣᠯᠵᠤ ᠰᠣᠨᠣᠰᠤᠯ᠎ᠠ᠃ 
     – ᠬᠡᠳᠦᠨ ᠬᠤᠯᠠᠨ ᠤᠰᠤᠨ ᠳ᠋ᠤ᠌ ᠢᠷᠡᠵᠦ ᠶᠠᠪᠤᠭᠰᠠᠨ ᠢ᠋ᠶ᠋ᠠᠨ ᠨᠠᠮᠠᠶ᠋ᠢ ᠦᠵᠡᠭᠡᠳ ᠪᠤᠴᠠᠭᠠᠳ ᠳᠠᠯᠠᠢᠵᠤ ᠥᠭᠬᠦ ᠶ᠋ᠢ ᠨᠢ ᠬᠠᠷᠠᠭᠠᠴᠢ! ᠨᠠᠳᠠ ᠠ᠋ᠴᠠ ᠶᠠᠭᠤᠨ ᠳ᠋ᠠᠭᠠᠨ ᠠᠶᠤᠭ᠎ᠠ ᠪᠣᠢ ᠳᠠ᠃ ᠵᠠ ᠵᠠ᠂ ᠪᠢ ᠴᠦ᠍ ᠪᠤᠯᠠᠭ ᠳᠡᠭᠡᠷ᠎ᠡ ᠡᠴᠡ ᠲᠦᠷᠭᠡᠨ ᠵᠠᠢᠯᠠᠵᠤ ᠬᠠᠳᠠᠨ ᠭᠡᠷ ᠲᠡᠭᠡᠨ ᠣᠴᠢᠶ᠎ᠠ᠃ ᠲᠡᠭᠡᠬᠦ ᠦᠭᠡᠢ ᠪᠣᠯ ᠤᠰᠤ ᠡᠭᠡᠷᠡᠭᠰᠡᠨ  ᠠᠮᠢᠲᠠᠳ ᠲᠤ᠌ ᠰᠠᠭᠠᠳ ᠲᠤᠤᠬᠠᠷ ᠪᠣᠯᠵᠤ ᠵᠣᠪᠠᠯᠠᠩ ᠲᠠᠷᠢᠭᠠᠳ ᠶᠠᠭᠠᠬᠢᠬᠤ ᠪᠣᠢ ᠭᠡᠵᠦ ᠰᠣᠬᠣᠷ ᠡᠷ᠎ᠡ ᠶᠠᠷᠢᠭᠠᠳ ᠪᠣᠰᠴᠤ ᠪᠤᠯᠠᠭ ᠳᠡᠭᠡᠷ᠎ᠡ ᠣᠴᠢᠭᠠᠳ ᠡᠪᠦᠷ ᠡᠴᠡ ᠪᠡᠨ  ᠮᠦᠨᠭᠭᠦᠨ ᠠᠶᠠᠭ᠎ᠠ ᠭᠠᠷᠭᠠᠵᠤ ᠤᠰᠤᠨ ᠠ᠋ᠴᠠ ᠬᠤᠳᠬᠤᠨ ᠠᠪᠴᠤ ᠵᠠᠯᠭᠢᠯᠠᠪᠠ᠃
     – ᠤᠷᠢᠳᠤ ᠶ᠋ᠢᠨ ᠡᠨᠡ ᠮᠠᠭᠤ ᠠᠶᠠᠭ᠎ᠠ ᠮᠢᠨᠢ ᠯᠡ ᠦᠯᠡᠳᠡᠪᠡ ᠰᠢᠪ ᠳᠡ ᠭᠡᠵᠦ ᠤᠰᠤ ᠤᠤᠭᠤᠵᠤ ᠳᠠᠭᠤᠰᠤᠭᠠᠳ ᠠᠶᠠᠭ᠎ᠠ ᠪᠠᠨ ᠡᠪᠦᠷᠲᠦᠯᠡᠬᠦ ᠳ᠋ᠡᠭᠡᠨ ᠰᠣᠬᠣᠷ ᠡᠷ᠎ᠡ ᠬᠡᠯᠡᠪᠡ᠃ 
      ᠨᠡᠭᠡᠷᠡᠨ ᠴᠦ᠍ ᠬᠡ ᠤᠭᠠᠯᠵᠠ ᠭᠠᠷᠭᠠᠨ ᠴᠤᠭᠤᠯᠪᠤᠷᠢᠲᠠᠵᠤ ᠢᠷᠤᠭᠠᠷ ᠲᠤᠨᠢ ᠠᠯᠲᠠᠨ ᠬᠣᠷᠯᠣ ᠪᠠᠢᠷᠢᠯᠠᠭᠤᠯᠵᠤ ᠬᠢᠭᠰᠡᠨ ᠶᠡᠬᠡ ᠭᠠᠷ ᠤ᠋ᠨ ᠮᠦᠨᠭᠭᠦᠨ ᠪᠠᠳᠢᠷ ᠠᠶᠠᠭ᠎ᠠ ᠨᠢ ᠭᠣᠪᠢ ᠶ᠋ᠢᠨ ᠬᠤᠷᠴᠠ ᠨᠠᠷᠠᠨ ᠳ᠋ᠤ᠌ ᠭᠢᠯᠠᠰᠬᠢᠨ ᠭᠡᠷᠡᠯᠳᠦᠵᠦ ᠰᠣᠬᠣᠷ ᠡᠷ᠎ᠡ ᠶ᠋ᠢᠨ ᠬᠤᠯᠴᠤᠷᠤᠤᠲᠤ ᠴᠢᠷᠠᠢ ᠶ᠋ᠢ ᠲᠤᠶᠠᠭᠠᠷᠠᠭᠤᠯᠬᠠᠤ ᠶ᠋ᠢ ᠦᠵᠡᠪᠡᠰᠦ ᠠᠶᠠᠭᠠᠨ ᠤ᠋ ᠡᠵᠡᠨ ᠴᠠᠭ ᠲᠠᠭᠠᠨ ᠴᠠᠯᠭᠢᠵᠤ ᠶᠠᠪᠤᠭᠰᠠᠨ ᠬᠥᠮᠦᠨ ᠰᠢᠦ ᠭᠡᠬᠦ ᠠᠵᠢ᠃ 
      ᠰᠠᠶᠢᠬᠠᠨ ᠯᠠ ᠡᠨᠡ ᠬᠥᠮᠦᠨ ᠦ᠌ ᠡᠮᠦᠨ᠎ᠡ ᠵᠢᠷᠠᠨ ᠮᠢᠩᠭᠠᠨ ᠱᠠᠪᠢ ᠨᠢ ᠰᠤᠨᠵᠤ ᠮᠥᠷᠭᠥᠨ ᠵᠠᠯᠪᠢᠷᠠᠵᠦ ᠵᠠᠭᠠᠷ᠂ ᠲᠥᠪᠡᠳ ᠦ᠋ᠨ ᠣᠷᠣᠨ ᠳ᠋ᠤ᠌ ᠬᠦᠷᠲᠡᠯ᠎ᠡ ᠨᠡᠷ᠎ᠡ ᠠᠯᠳᠠᠷ ᠨᠢ ᠴᠤᠤᠷᠢᠶᠠᠲᠤᠵᠤ ᠂ ᠵᠠᠭᠤᠨ ᠠᠮᠲᠠᠲᠠᠨ ᠢ᠋ ᠨᠠᠢᠷᠠᠭᠤᠯᠤᠭᠰᠠᠨ ᠨᠤᠬᠤᠮᠠᠯ ᠢ᠋ᠶ᠋ᠠᠷ ᠵᠣᠭᠣᠭ ᠪᠠᠷᠢᠵᠤ ᠪᠠᠢᠭᠰᠠᠨ ᠠᠵᠢ᠃ ᠭᠡᠪᠡᠴᠦ ᠥᠨᠥᠳᠥᠷ ᠠᠷᠭ᠎ᠠ ᠦᠭᠡᠢ ᠶ᠋ᠢᠨ ᠡᠷᠬᠡᠨ ᠳ᠋ᠦ᠍ ᠳᠢᠶᠠᠨᠴᠢ ᠪᠣᠯᠤᠭᠠᠳ ᠡᠵᠡᠭᠦᠢ ᠵᠡᠯᠢᠭᠦᠳ ᠴᠦᠯ ᠦ᠋ᠨ ᠬᠢᠵᠠᠭᠠᠷ ᠦᠭᠡᠢ ᠬᠠᠶᠠᠭᠠᠨ ᠳ᠋ᠤ᠌ ᠴᠣᠷᠢ ᠶ᠋ᠢᠨ ᠭᠠᠭᠴᠠᠭᠠᠷ ᠬᠥᠬᠡ ᠴᠢᠯᠠᠭᠤ ᠪᠠᠷ ᠳᠡᠷ᠎ᠡ ᠬᠢᠵᠦ᠂ ᠬᠦᠢᠲᠡᠨ ᠭᠠᠵᠠᠷ ᠢ᠋ᠶ᠋ᠠᠷ ᠳᠡᠪᠢᠰᠬᠡᠷ ᠬᠢᠵᠦ ᠶᠠᠪᠤᠭ᠎ᠠ ᠶ᠋ᠢᠨ ᠤᠴᠢᠷ ᠶᠠᠭᠤᠬᠠᠨ ᠪᠢᠯᠡ! 
     – ᠳᠥᠴᠢᠨ ᠵᠢᠯ ᠦ᠋ᠨ ᠡᠮᠦᠨ᠎ᠡ ᠵᠥᠪ ᠡᠬᠢᠯᠡᠬᠦ ᠶᠣᠰᠣᠲᠠᠢ ᠪᠠᠢᠭᠰᠠᠨ ᠵᠠᠮ ᠢ᠋ ᠭᠠᠵᠢᠭᠤ ᠡᠬᠢᠯᠡᠭᠡᠳ ᠤᠯᠠᠮ ᠢ᠋ᠶ᠋ᠠᠷ ᠨᠠᠰᠤᠨ ᠤ᠋ ᠪᠥᠭᠰᠡᠨ ᠳ᠋ᠦ᠍ ᠂ ᠴᠢᠰᠤᠨ ᠤ᠋ ᠴᠡᠷᠴᠡᠭᠭᠬᠢ ᠳ᠋ᠦ᠍ ᠡᠨᠡ ᠬᠠᠷᠭᠤᠢ ᠳ᠋ᠤ᠌ ᠭᠠᠷᠴᠤ ᠳᠠ᠂ ᠬᠥᠭᠰᠢᠨ ᠲᠣᠯᠣᠭᠠᠢ! ᠭᠡᠵᠦ ᠶᠠᠷᠢᠭᠠᠳ ᠰᠣᠬᠣᠷ ᠡᠷ᠎ᠡ ᠵᠠᠭ ᠤ᠋ᠨ ᠦᠨᠳᠦᠰᠦᠨ ᠲᠠᠶᠠᠭ ᠢ᠋ᠶ᠋ᠠᠨ ᠲᠤᠯᠵᠤ ᠪᠤᠯᠠᠭ ᠤ᠋ᠨ ᠬᠥᠪᠡᠭᠡ ᠳᠠᠭᠠᠨ᠂ ᠨᠦᠬᠡᠨ ᠤᠷᠦᠴᠡᠨ ᠳ᠋ᠡᠭᠠᠨ ᠣᠴᠢᠬᠤ ᠪᠠᠷ ᠪᠤᠴᠠᠬᠤ ᠵᠠᠮ ᠳ᠋ᠠᠭᠠᠨ ᠤᠷᠤᠯ᠎ᠠ᠃ 
      ᠭᠠᠭᠴᠠᠭᠠᠷ ᠢ᠋ᠶ᠋ᠠᠨ ᠤᠢᠳᠬᠤ ᠶ᠋ᠢᠨ ᠡᠷᠬᠡᠨ ᠳ᠋ᠦ᠍ ᠲᠡᠷᠡ ᠥᠪᠡᠷ ᠲᠡᠢ ᠪᠡᠨ ᠶᠠᠷᠢᠳᠠᠭ ᠪᠣᠯᠵᠠᠢ᠃ ᠰᠣᠬᠣᠷ ᠲᠠᠭᠠᠨ ᠭᠤᠨᠢᠬᠤ ᠶ᠋ᠢᠨ ᠡᠷᠬᠡᠨ ᠳ᠋ᠦ᠍ ᠲᠡᠷᠡ ᠴᠢᠬᠢ ᠬᠠᠮᠠᠷ ᠢ᠋ᠶ᠋ᠠᠨ ᠨᠢᠳᠦ ᠪᠣᠯᠭᠠᠵᠠᠢ᠃ ᠥᠰᠬᠦ ᠡᠴᠡ ᠰᠤᠷᠤᠭᠰᠠᠨ ᠬᠡᠯᠡ ᠪᠡᠨ ᠮᠠᠷᠲᠠᠬᠤ ᠦᠭᠡᠢ ᠶ᠋ᠢ ᠡᠷᠬᠢᠮᠯᠡᠵᠦ ᠲᠠᠶᠠᠭ ᠲᠠᠢ ᠪᠠᠨ᠂ ᠡᠰᠡᠪᠡᠯ ᠪᠤᠳᠤᠷᠭᠠᠨ᠎ᠠ ᠲᠠᠢ ᠵᠠᠪ ᠵᠠᠢ ᠦᠭᠡᠢ ᠶᠠᠷᠢᠳᠠᠭ ᠪᠣᠯᠵᠠᠢ ᠃ ᠰᠠᠨᠰᠺᠷᠢᠲ᠂  ᠲᠥᠪᠡᠳ ᠂ ᠪᠠᠮᠭᠠᠯ᠂  ᠰᠢᠩᠭᠠᠯ ᠬᠡᠯᠡ ᠪᠡᠷ ᠲᠡᠷᠡ ᠢᠷᠠᠭᠤ ᠨᠠᠢᠷᠠᠭ ᠪᠢᠴᠢᠵᠦ᠂ ᠤᠷᠠᠨ ᠢᠷᠠᠭᠤ ᠶᠠᠷᠢᠳᠠᠭ ᠪᠣᠯᠪᠠᠴᠤ ᠴᠦᠯᠡᠯᠭᠡ ᠶ᠋ᠢᠨ ᠡᠳᠦᠷ ᠦ᠋ᠳ ᠲᠦ᠍ ᠭᠠᠭᠴᠠ ᠬᠦ᠌ ᠮᠣᠩᠭᠣᠯ ᠬᠡᠯᠡ ᠪᠡᠷ ᠢ᠋ᠶ᠋ᠡᠨ ᠥᠪᠡᠷ ᠢ᠋ᠶ᠋ᠡᠨ ᠥᠪᠡᠷ ᠲᠡᠢ ᠪᠡᠨ ᠶᠠᠷᠢᠵᠤ ᠪᠠᠢᠯ᠎ᠠ᠃ ᠨᠢᠳᠦ ᠪᠡᠷ ᠦᠵᠡᠬᠦ ᠦᠭᠡᠢ ᠶᠠᠭᠤᠮ᠎ᠠ ᠶ᠋ᠢ ᠴᠢᠬᠢ ᠪᠡᠷ ᠰᠣᠨᠣᠰᠬᠤ ᠶ᠋ᠢ ᠴᠢᠷᠮᠠᠢᠭᠰᠠᠭᠠᠷ ᠪᠠᠢᠲᠠᠯ᠎ᠠ ᠲᠡᠭᠦᠨ ᠦ᠌ ᠰᠣᠨᠣᠰᠬᠠᠯ ᠨᠢ ᠬᠡᠳᠦ ᠳᠠᠬᠢᠨ ᠨᠠᠷᠢᠰᠴᠤ ᠶᠡᠷᠦ ᠶ᠋ᠢᠨ ᠬᠥᠮᠦᠨ ᠦ᠌ ᠬᠢ ᠲᠡᠢ ᠵᠦᠢᠷᠯᠡᠰᠢ ᠦᠭᠡᠢ ᠰᠤᠨᠤᠷ ᠪᠣᠯᠵᠠᠢ᠃ ᠴᠢᠬᠢ ᠪᠡᠷ ᠰᠣᠨᠣᠰᠬᠤ ᠦᠭᠡᠢ ᠶᠠᠭᠤᠮ᠎ᠠ ᠶ᠋ᠢ ᠬᠠᠮᠠᠷ ᠢ᠋ᠶ᠋ᠠᠷ ᠮᠡᠳᠡᠷᠡᠬᠦ ᠶ᠋ᠢ ᠬᠢᠴᠢᠶᠡᠭᠰᠡᠭᠡᠷ ᠪᠠᠢᠲᠠᠯ᠎ᠠ ᠲᠡᠭᠦᠨ ᠦ᠌ ᠦᠨᠦᠷᠯᠡᠬᠦ ᠴᠢᠳᠠᠪᠤᠷᠢ ᠠᠢᠬᠤᠪᠲᠤᠷ ᠰᠠᠢᠵᠢᠷᠠᠵᠤ ᠬᠥᠮᠦᠨ ᠪᠤᠰᠤ ᠶ᠋ᠢᠨ ᠶᠡᠬᠡ ᠦᠨᠦᠷᠴᠢ ᠪᠣᠯᠵᠠᠢ᠃ ᠬᠥᠮᠦᠨ ᠳ᠋ᠦ᠍ ᠵᠠᠶᠠᠭᠠᠭᠳᠠᠭᠰᠠᠨ ᠲᠠᠪᠤᠨ ᠠᠨᠱᠠᠢ ᠰᠡᠷᠡᠬᠦᠢ ᠶ᠋ᠢᠨ ᠡᠷᠬᠡᠲᠡᠨ ᠡᠴᠡ ᠬᠠᠮᠤᠭ ᠤ᠋ᠨ ᠡᠷᠬᠢᠮ ᠪᠤᠯᠬᠤ ᠮᠡᠯᠮᠡᠢ ᠡᠴᠡ ᠪᠡᠨ ᠰᠠᠯᠤᠭᠰᠠᠨ ᠴᠤ᠌ ᠭᠡᠰᠡᠨ ᠲᠡᠭᠦᠨ ᠢ᠋ ᠣᠷᠣᠯᠠᠬᠤ ᠶᠠᠭᠤᠮ᠎ᠠ ᠲᠠᠢ ᠦᠯᠡᠳᠡᠭᠰᠡᠨ ᠳ᠋ᠡᠭᠡᠨ ᠰᠣᠬᠣᠷ ᠡᠷ᠎ᠡ ᠪᠠᠶᠠᠷ ᠲᠠᠢ ᠪᠠᠢᠯ᠎ᠠ᠃ ᠴᠢᠨᠠᠳᠤ ᠶ᠋ᠢᠨ ᠪᠤᠶᠤ ᠪᠢᠯᠢᠭ ᠴᠢᠨᠠᠷ ᠤ᠋ᠨ ᠤᠬᠠᠭᠠᠨ ᠤ᠋ ᡀᠠᠷᠠᠮᠪᠠ ᠪᠣᠯᠲᠠᠯ᠎ᠠ ᠪᠠᠨ ᠡᠨᠡ ᠬᠥᠮᠦᠨ ᠦ᠌ ᠲᠤᠭᠤᠯᠵᠤ ᠥᠩᠭᠡᠷᠡᠭᠦᠯᠦᠭᠰᠡᠨ ᠵᠠᠮ ᠤᠷᠲᠤ ᠪᠥᠭᠡᠳ ᠰᠤᠷᠭᠠᠮᠵᠢ ᠲᠠᠢ ᠶᠤᠮ ᠰᠠᠨᠵᠠᠢ᠃  
     – ᠦᠨᠡᠮᠯᠡᠬᠦᠢ ᠶ᠋ᠢᠨ ᠮᠥᠷ ᠢ᠋ᠶ᠋ᠡᠷ ᠶᠠᠪᠤᠭᠴᠢ ᠪᠣᠯᠬᠤ ᠤᠤ? ᠭᠡᠵᠦ ᠲᠡᠷᠲᠡᠭᠡ ᠳᠥᠴᠢᠨ ᠵᠢᠯ ᠦ᠋ᠨ ᠡᠮᠦᠨ᠎ᠡ ᠪᠠᠭᠰᠢ ᠶ᠋ᠢ ᠠᠰᠠᠭᠤᠬᠤ ᠳ᠋ᠤᠨᠢ ᠰᠠᠭᠠᠷᠳᠠᠭᠠᠮ ᠤ᠋ᠨ ᠵᠠᠮ ᠬᠥᠭᠡᠭᠡᠨ᠎ᠡ ᠭᠡᠴᠢᠬᠡᠭᠰᠡᠨ ᠮᠢᠨᠢ ᠰᠡᠳᠬᠢᠯ ᠦ᠋ᠨ ᠭᠡᠮ ᠪᠣᠯᠤᠭ᠎ᠠ ᠦᠭᠡᠢ ᠯᠡ ᠪᠠᠢᠬ᠎ᠠ᠃ ᠭᠡᠪᠡᠴᠦ ᠪᠢ ᠡᠴᠦᠰ ᠲᠡᠭᠡᠨ ᠦᠨᠡᠮᠯᠡᠬᠦᠢ ᠶ᠋ᠢᠨ ᠮᠥᠷ ᠢ᠋ᠶ᠋ᠡᠷ ᠣᠷᠣᠵᠤ ᠳᠢᠶᠠᠨᠴᠢ ᠶ᠋ᠢᠨ ᠵᠡᠷᠭᠡ ᠳ᠋ᠦ᠍  ᠬᠦᠷᠦᠯ᠎ᠡ᠃ ᠤᠤᠯ ᠨᠢ ᠪᠢ ᠬᠥᠮᠥᠨ ᠡᠴᠡ ᠳᠠᠢᠵᠢᠬᠤ ᠦᠭᠡᠢ ᠶᠦᠮ ᠰᠠᠨ ᠭᠡᠵᠦ ᠬᠦᠰᠡᠭᠰᠡᠨ ᠶᠦᠮ ᠰᠠᠨ᠃ ᠨᠠᠰᠤᠨ ᠤ᠋ ᠡᠴᠦᠰ ᠲᠦ᠍ ᠬᠥᠮᠦᠨ ᠡᠴᠡ ᠳᠠᠢᠵᠢᠬᠤ ᠪᠠᠢᠭᠰᠠᠨ ᠪᠣᠯ ᠠᠩᠬᠠᠨ ᠠ᠋ᠴᠠ ᠪᠠᠨ ᠯᠠ ᠳᠢᠶᠠᠨᠴᠢ ᠶ᠋ᠢᠨ ᠮᠥᠷ ᠬᠥᠭᠡᠭᠡᠬᠦ  ᠪᠠᠢᠵᠠᠢ᠃ ᠣᠳᠣ ᠬᠥᠭᠰᠢᠨ ᠲᠣᠯᠣᠭᠠᠢ ᠪᠢ ᠳᠢᠶᠠᠨᠴᠢ ᠶ᠋ᠢᠨ ᠨᠠᠢ᠍ᠮᠠᠨ ᠰᠠᠬᠢᠯ ᠢ᠋ ᠰᠠᠬᠢᠵᠤ ᠶᠠᠪᠤᠭ᠎ᠠ ᠠ᠋ᠴᠠ ᠢᠯᠭᠠᠭ᠎ᠠ ᠶᠠᠭᠤ ᠪᠠᠢᠨ᠎ᠠ? ᠭᠡᠵᠦ ᠰᠣᠬᠣᠷ ᠡᠷ᠎ᠡ ᠠᠮᠠᠨ ᠳ᠋ᠠᠭᠠᠨ ᠪᠥᠪᠲᠥᠨᠡᠵᠦ ᠪᠤᠰᠤᠳ ᠬᠡᠨ ᠳ᠋ᠦ᠍ ᠴᠦ᠍ ᠳᠣᠭᠣᠯᠳᠠᠭᠤᠯᠬᠤ ᠦᠭᠡᠢ ᠭᠡᠰᠡᠨ ᠶᠦᠮ ᠰᠢᠭ ᠪᠦᠳᠡᠭᠢᠬᠡᠨ ᠶᠠᠷᠢᠵᠤ ᠶᠠᠪᠤᠯ᠎ᠠ᠃ ᠢᠩᠭᠢᠨ᠎ᠡ ᠤᠰᠤᠨ ᠠ᠋ᠴᠠ ᠭᠠᠭᠴᠠᠬᠠᠨ ᠰᠠᠭᠠᠬᠠᠯᠲᠠ ᠶ᠋ᠢᠨ ᠵᠠᠢᠲᠠᠢ ᠭᠠᠵᠠᠷ ᠲᠡᠭᠦᠨ ᠦ᠌ ᠣᠷᠣᠴᠠ ᠪᠠᠢᠳᠠᠭ ᠠᠵᠢ᠃ ᠦᠨᠡᠮᠯᠡᠬᠦᠢ ᠶ᠋ᠢᠨ ᠮᠥᠷ ᠢ᠋ᠶ᠋ᠡᠷ ᠶᠠᠪᠤᠭᠴᠢ ᠪᠤᠶᠤ ᠳᠢᠶᠠᠨᠴᠢ ᠪᠣᠯᠬᠤ ᠬᠥᠮᠦᠨ ᠶᠠᠭᠤᠨ ᠤ᠋ ᠤᠷᠢᠳᠤ ᠬᠠᠳᠠ ᠴᠢᠯᠠᠭᠤ ᠪᠠᠷ ᠭᠡᠷ ᠬᠢᠬᠦ ᠶᠣᠰᠣᠲᠠᠢ ᠪᠠᠢᠯ᠎ᠠ᠃ ᠡᠭᠦᠨ ᠳ᠋ᠦ᠍ ᠰᠣᠬᠣᠷ ᠡᠷ᠎ᠡ ᠶ᠋ᠢᠨ ᠪᠠᠢᠳᠠᠯ ᠣᠳᠣ ᠲᠣᠬᠢᠷᠠᠵᠤ ᠪᠠᠢᠨ᠎ᠠ᠃ ᠲᠡᠷᠡ ᠪᠡᠷ  ᠠᠰᠤᠷᠤ ᠲᠣᠮᠣ ᠬᠠᠷᠮᠠᠭ ᠤ᠋ᠨ ᠪᠤᠲᠠ ᠰᠢᠪᠠᠭᠠᠷᠠᠯᠳᠤᠨ ᠤᠷᠭᠤᠭᠰᠠᠨ ᠲᠣᠪᠴᠣᠭ ᠳᠣᠣᠭᠤᠷ ᠨᠦᠬᠡᠯᠡᠵᠦ ᠭᠠᠷᠭᠠᠭᠰᠠᠨ ᠤᠷᠤᠴᠠᠨ ᠳ᠋ᠤ᠌ ᠠᠮᠢᠳᠤᠷᠠᠵᠤ ᠪᠠᠢᠨ᠎ᠠ᠃ ᠳᠢᠶᠠᠨᠴᠢ ᠬᠥᠮᠦᠨ ᠬᠥᠬᠡ ᠴᠢᠯᠠᠭᠤ ᠪᠠᠷ ᠳᠡᠷ᠎ᠡ ᠬᠢᠵᠦ᠂ ᠬᠦᠢᠲᠡᠨ ᠭᠠᠵᠠᠷ ᠢ᠋ᠶ᠋ᠠᠷ ᠳᠡᠪᠢᠰᠬᠡᠷ ᠬᠢᠬᠦ ᠤᠴᠢᠷ ᠲᠠᠢ᠃ ᠪᠢ ᠬᠠᠨᠠᠨ ᠭᠡᠷ ᠲᠦ᠍ ᠣᠷᠣᠬᠤ ᠦᠭᠡᠢ ᠪᠠᠢᠬᠤ ᠶᠣᠰᠣᠲᠠᠢ᠃ ᠤᠨᠤᠭ᠎ᠠ ᠦᠭᠡᠢ ᠰᠣᠬᠣᠷ ᠡᠪᠦᠭᠡᠨ ᠳ᠋ᠦ᠍ ᠡᠨᠡ ᠶᠡᠬᠡ ᠴᠦᠯ ᠳ᠋ᠦ᠍ ᠬᠠᠳᠠ ᠴᠢᠯᠠᠭᠤᠨ ᠠ᠋ᠴᠠ ᠥᠭᠡᠷ᠎ᠡ ᠶᠠᠮᠠᠷ ᠥᠮᠴᠢ ᠪᠠᠢᠬᠤ ᠪᠣᠢ? ᠬᠠᠨᠠᠨ ᠭᠡᠷ ᠲᠦ᠍ ᠬᠦᠷᠬᠦ ᠶᠠᠮᠠᠷ ᠲᠡᠩᠬᠡᠭᠡ ᠪᠠᠢᠬᠤ ᠪᠣᠢ? ᠳᠢᠶᠠᠨᠴᠢ ᠬᠥᠮᠦᠨ ᠥᠩᠭᠡ᠂ ᠳᠠᠭᠤᠤ᠂ ᠦᠨᠦᠷ᠂ ᠠᠮᠲᠠ᠂  ᠬᠦᠷᠦᠯᠴᠡᠬᠦᠢ ᠶ᠋ᠢᠨ ᠲᠠᠪᠤᠨ ᠬᠦᠰᠡᠯ ᠢᠶᠡᠨ ᠬᠠᠵᠠᠭᠠᠷᠯᠠᠵᠤ᠂ ᠵᠡᠷᠯᠢᠭ ᠠᠷᠢᠶᠠᠲᠠᠨ ᠠᠮᠠ ᠪᠠᠨ ᠠᠩᠭᠠᠢᠨ ᠳᠠᠭᠠᠷᠢᠯ᠎ᠠ ᠴᠤ᠌᠂ ᠬᠣᠣᠷᠲᠤ ᠮᠣᠭᠠᠢ ᠥᠰᠥᠭᠡᠢ ᠤᠷᠤᠭᠤ ᠨᠢ ᠬᠠᠳᠬᠤᠵᠤ ᠪᠠᠢᠭᠰᠠᠨ ᠴᠤ᠌ ᠪᠢᠰᠢᠯᠭᠠᠯ ᠢ᠋ᠶ᠋ᠠᠨ ᠬᠢᠵᠦ᠂ ᠰᠠᠬᠢᠯ ᠰᠠᠬᠢᠵᠤ ᠪᠠᠢᠬᠤ ᠤᠴᠢᠷ ᠲᠠᠢ᠃ ᠰᠣᠬᠣᠷ ᠡᠷ᠎ᠡ ᠡᠭᠦᠨ ᠢ᠋ ᠰᠠᠬᠢᠬᠤ ᠶ᠋ᠢ ᠬᠦᠰᠡᠬᠦ ᠦᠭᠡᠢ ᠪᠠᠢᠪᠠᠴᠤ ᠥᠭᠡᠷ᠎ᠡ ᠠᠵᠢᠯ ᠲᠡᠭᠦᠨ ᠳ᠋ᠦ᠍ ᠣᠯᠳᠠᠬᠤ ᠦᠭᠡᠢ ᠪᠢᠯᠡ᠃ ᠳᠢᠶᠠᠨᠴᠢ ᠬᠥᠮᠦᠨ  ᠨᠣᠮᠲᠤ  ᠬᠤᠪᠴᠠᠰᠤᠨ ᠠ᠋ᠴᠠ ᠥᠭᠡᠷ᠎ᠡ ᠬᠤᠪᠴᠠᠰᠤ ᠡᠮᠦᠰᠬᠦ ᠶᠣᠰᠣ ᠦᠭᠡᠢ᠃ ᠲᠡᠭᠡᠪᠡᠯ ᠰᠣᠬᠣᠷ ᠡᠷ᠎ᠡ ᠶ᠋ᠢᠨ ᠨᠣᠮᠲᠤ ᠬᠤᠪᠴᠠᠰᠤ ᠶ᠋ᠢ ᠨᠢᠭᠡᠨᠲᠡ ᠱᠡᠯᠲᠡᠨᠭᠯᠡᠨ ᠬᠤᠷᠢᠶᠠᠵᠤ ᠠᠪᠤᠭᠠᠳ ᠬᠠᠷ᠎ᠠ ᠬᠥᠮᠦᠨ ᠦ᠌ ᠳᠡᠪᠡᠯ ᠡᠮᠦᠰᠬᠡᠨ ᠴᠦᠯᠡᠭᠰᠡᠨ ᠪᠣᠯᠬᠣᠷ ᠡᠨᠡ ᠰᠠᠬᠢᠯ ᠠᠯᠳᠠᠭᠳᠠᠵᠠᠢ᠃ ᠰᠣᠬᠣᠷ ᠡᠷ᠎ᠡ ᠨᠣᠮᠲᠤ ᠬᠤᠪᠴᠠᠰᠤ ᠶ᠋ᠢ ᠳᠠᠬᠢᠨ ᠡᠮᠦᠰᠬᠦ ᠶ᠋ᠢ ᠴᠦ᠍ ᠥᠪᠡᠷ ᠢ᠋ᠶ᠋ᠡᠨ ᠬᠦᠰᠡᠬᠦ ᠦᠭᠡᠢ ᠪᠠᠢᠯ᠎ᠠ᠃ ᠳᠢᠶᠠᠨᠴᠢ ᠶ᠋ᠢᠨ ᠪᠠᠰᠠ ᠨᠢᠭᠡ ᠰᠠᠬᠢᠯ ᠰᠣᠬᠣᠷ ᠡᠷ᠎ᠡ ᠶ᠋ᠢᠨ ᠰᠡᠳᠬᠢᠯ ᠳ᠋ᠦ᠍ ᠣᠳᠣ ᠶᠡᠬᠡ ᠨᠡᠢᠴᠡᠬᠦ ᠪᠣᠯᠵᠠᠢ᠃ 
      – ᠬᠣᠣᠷᠲᠠᠨ ᠳᠠᠢᠰᠤᠨ ᠢ᠋ᠶ᠋ᠠᠷ ᠨᠥᠬᠥᠷ ᠬᠢᠬᠦ ᠭᠡᠳᠡᠭ ᠢ᠋ ᠴᠢᠨᠢ ᠯᠡ ᠪᠢ ᠳᠠᠭᠠᠶ᠎ᠠ ᠭᠡᠵᠦ ᠰᠣᠬᠣᠷ ᠡᠷ᠎ᠡ ᠨᠢᠭᠡ ᠪᠢᠰᠢ ᠤᠳᠠᠭ᠎ᠠ ᠥᠪᠡᠷ ᠲᠡᠭᠡᠨ ᠬᠡᠯᠡᠵᠡᠢ᠃ ᠳᠢᠶᠠᠨᠴᠢ ᠬᠥᠮᠦᠨ ᠬᠠᠮᠤᠭ ᠤ᠋ᠨ ᠵᠠᠨᠤᠯᠲᠤ ᠳᠠᠢᠰᠤᠨ ᠢ᠋ᠶ᠋ᠠᠨ ᠪᠠᠢᠯ᠎ᠠ ᠴᠤ᠌ ᠨᠥᠬᠥᠷ ᠭᠡᠵᠦ ᠲᠣᠭᠠᠴᠠᠬᠤ ᠲᠡᠢᠮᠦ ᠪᠣᠳᠢ ᠰᠡᠳᠬᠢᠯ ᠲᠡᠢ ᠪᠠᠢᠬᠤ ᠤᠴᠢᠷᠲᠠᠢ ᠠᠵᠢ᠃ ᠰᠣᠬᠣᠷ ᠡᠷ᠎ᠡ ᠳ᠋ᠦ᠍ ᠥᠨᠥᠳᠥᠷ ᠳᠠᠢᠰᠤᠨ ᠣᠯᠠᠨ ᠪᠣᠯᠵᠠᠢ᠃ ᠲᠡᠳᠡ ᠰᠣᠬᠣᠷ ᠡᠷ᠎ᠡ ᠶ᠋ᠢ ᠢᠩᠭᠢᠨ᠎ᠡ ᠤᠰᠤᠨ ᠤ᠋ ᠭᠣᠪᠢ ᠳ᠋ᠤ᠌ ᠴᠦᠯᠡᠭᠰᠡᠨ᠃ ᠴᠥᠯᠡᠬᠦ  ᠳ᠋ᠡᠭᠡᠨ ᠬᠡᠨ ᠳ᠋ᠦ᠍ ᠴᠦ᠍ ᠮᠡᠳᠡᠭᠳᠡᠯ ᠦᠭᠡᠢ ᠨᠢᠭᠤᠴᠠ ᠪᠠᠷ ᠠᠪᠴᠢᠷᠠᠵᠤ ᠭᠠᠭᠴᠠᠭᠠᠷ ᠢ᠋ ᠨᠢ ᠢᠳᠡᠬᠦ ᠬᠣᠭᠣᠯᠠ᠂ ᠤᠤᠭᠤᠬᠤ ᠤᠰᠤ᠂ ᠡᠮᠦᠰᠬᠦ ᠬᠤᠪᠴᠠᠰᠤ ᠦᠭᠡᠢ ᠪᠡᠷ ᠣᠷᠬᠢᠭᠰᠠᠨ᠃ 
      ᠲᠡᠭᠡᠬᠦ ᠳ᠋ᠡᠭᠡᠨ ᠲᠥᠷᠥᠭᠰᠡᠨ ᠡᠳᠦᠷ ᠢ᠋ ᠨᠢ᠂ ᠲᠣᠬᠢᠶᠠᠯᠳᠤᠭᠰᠠᠨ ᠣᠳᠣ ᠶ᠋ᠢ ᠨᠢ ᠲᠠᠭᠠᠷᠠᠭᠤᠯᠤᠨ ᠠᠪᠴᠢᠷᠠᠵᠤ ᠴᠦᠯ ᠳ᠋ᠦ᠍ ᠬᠠᠶᠠᠵᠠᠢ᠃《ᠨᠢᠭᠡ ᠪᠣᠳᠣᠬᠤ ᠳ᠋ᠤ᠌ ᠴᠤ᠌ ᠰᠢᠨ᠎ᠡ ᠠᠮᠢᠳᠤᠷᠠᠯ ᠡᠬᠢᠯᠡᠵᠦ ᠡᠭᠦᠰᠬᠡᠬᠦ ᠶ᠋ᠢ ᠰᠠᠨᠠᠭᠤᠯᠤᠭᠰᠠᠨ ᠶᠤᠮ ᠰᠢᠭ᠋᠃ ᠨᠢᠭᠡ ᠪᠣᠳᠣᠬᠤ ᠳ᠋ᠤ᠌ ᠡᠢᠮᠦ ᠬᠥᠮᠦᠨ ᠳᠥᠷᠥᠭᠡ ᠦᠭᠡᠢ ᠨᠢ ᠳᠡᠭᠡᠷ᠎ᠡ ᠭᠡᠵᠦ ᠬᠡᠯᠡᠭᠰᠡᠨ ᠮᠡᠲᠦ᠃ ᠭᠡᠪᠡᠴᠦ ᠪᠢ ᠲᠥᠷᠥᠭᠰᠡᠨ᠂ ᠠᠮᠢᠳᠤᠷᠠᠭᠰᠠᠨ᠂ ᠬᠢᠭᠰᠡᠨ᠂ ᠪᠦᠲᠦᠭᠡᠭᠰᠡᠨ᠃ ᠬᠡᠳᠦᠢᠪᠡᠷ ᠨᠠᠰᠤᠨ ᠤ᠋ ᠦᠳᠡ ᠬᠡᠪᠡᠢᠵᠦ ᠵᠠᠯᠠᠭᠤ ᠨᠠᠰᠤ ᠠᠯᠤᠰ ᠲᠤ᠌ ᠥᠩᠭᠡᠷᠡᠭᠰᠡᠨ ᠴᠦ᠍ ᠰᠢᠨ᠎ᠡ ᠵᠠᠮ ᠡᠬᠢᠯᠡᠬᠦ ᠳ᠋ᠦ᠍ ᠶᠠᠭᠤᠨ ᠬᠣᠵᠢᠭᠳᠠᠬᠤ ᠪᠢᠯᠡ᠃ ᠭᠠᠢᠭᠤᠢ ᠮᠢᠨᠦ ᠡᠨᠡ ᠵᠠᠮ ᠢ᠋ᠶ᠋ᠠᠷ ᠪᠢ ᠭᠠᠭᠴᠠᠭᠠᠷ ᠢ᠋ᠶ᠋ᠠᠨ ᠣᠯᠠᠨ ᠵᠢᠯ ᠶᠠᠪᠤᠬᠤ ᠦᠭᠡᠢ ᠪᠢᠵᠡ᠃ ᠮᠢᠨᠦ  ᠠᠷᠤ ᠠ᠋ᠴᠠ ᠵᠠᠪᠠᠯ ᠬᠥᠮᠦᠰ ᠢᠷᠡᠨ᠎ᠡ》 ᠭᠡᠵᠦ ᠬᠠᠪᠤᠷ ᠤ᠋ᠨ ᠡᠬᠢᠨ ᠰᠠᠷ᠎ᠠ ᠶ᠋ᠢᠨ ᠲᠡᠷᠡ ᠨᠢᠭᠡ ᠡᠳᠦᠷ᠂  ᠴᠦᠯᠡᠯᠭᠡᠨ ᠦ᠌ ᠠᠩᠬᠠᠨ ᠤ᠋ ᠡᠳᠦᠷ ᠰᠣᠬᠣᠷ ᠡᠷ᠎ᠡ ᠭᠠᠭᠴᠠᠭᠠᠷ ᠢ᠋ᠶ᠋ᠠᠨ ᠪᠢᠰᠢᠯᠭᠠᠨ ᠪᠣᠳᠣᠵᠠᠢ᠃ 
      ᠴᠣᠬᠣᠮ ᠶᠠᠭᠠᠬᠢᠭᠠᠳ ᠢᠩᠭᠢᠵᠦ ᠢᠲᠡᠭᠡᠯ ᠲᠡᠢ ᠪᠣᠯᠤᠭᠰᠠᠨ ᠶᠤᠮ ᠪᠣᠢ? ᠴᠣᠬᠣᠮ ᠶᠠᠭᠠᠬᠢᠭᠠᠳ ᠡᠨᠡ ᠬᠥᠮᠦᠨ ᠢ᠋ ᠡᠵᠡᠭᠦᠢ ᠭᠣᠪᠢ ᠳ᠋ᠤ᠌ ᠶᠠᠮᠠᠷ ᠬᠥᠮᠦᠰ᠂  ᠶᠠᠭᠠᠬᠢᠬᠤ ᠰᠠᠨᠠᠭ᠎ᠠ ᠲᠠᠢ ᠪᠠᠷ ᠭᠠᠭᠴᠠᠭᠠᠷ ᠢ᠋ ᠨᠢ ᠴᠦᠯᠡᠭᠰᠡᠨ ᠶᠦᠮ ᠪᠣᠢ?
      ᠰᠠᠭᠠᠷᠳᠠᠭᠠᠮ ᠤ᠋ᠨ ᠪᠤᠶᠤ ᠦᠨᠡᠨᠴᠢ᠂ ᠰᠢᠳᠤᠷᠭᠤ ᠶᠣᠰᠣᠨ ᠤ᠋ ᠮᠥᠷ ᠬᠥᠭᠡᠭᠡᠭᠰᠡᠨ ᠮᠢᠨᠢ ᠨᠠᠮᠠᠶ᠋ᠢ ᠠᠳᠠ ᠬᠦᠷᠭᠡᠵᠢ ᠳᠡ ᠬᠥ᠋᠃ ᠣᠳᠣ ᠡᠨᠡ ᠵᠠᠮ ᠤ᠋ᠨ ᠲᠡᠭᠦᠰᠬᠡᠯ ᠬᠦᠷᠲᠡᠯ᠎ᠡ ᠴᠢ ᠪᠢᠳᠡ ᠬᠣᠶᠠᠷ ᠶᠠᠪᠤᠭᠠᠳ ᠪᠠᠢᠨ᠎ᠠ ᠭᠡᠵᠦ ᠰᠣᠬᠣᠷ ᠡᠷ᠎ᠡ ᠭᠠᠵᠠᠷ ᠣᠷᠤᠴᠠᠨ ᠤ᠋ ᠪᠠᠨ ᠡᠭᠦᠳᠡᠨ ᠳ᠋ᠦ᠍ ᠣᠴᠢᠬᠤ ᠳ᠋ᠠᠭᠠᠨ ᠲᠠᠶᠠᠭ ᠲᠠᠢ ᠪᠠᠨ ᠶᠠᠷᠢᠯ᠎ᠠ᠃ ᠣᠯᠠᠨ ᠵᠢᠯ ᠦ᠋ᠨ ᠡᠮᠦᠨ᠎ᠡ ᠲᠡᠭᠦᠨ ᠦ᠌ ᠰᠠᠭᠠᠷᠳᠠᠭᠠᠮ ᠤ᠋ᠨ ᠪᠤᠶᠤ ᠨᠢᠭᠡᠨᠲᠡ ᠬᠠᠷᠢᠨ ᠢᠷᠡᠭᠴᠢ ᠶ᠋ᠢᠨ ᠮᠥᠷ ᠶᠠᠭᠠᠬᠢᠵᠤ ᠡᠬᠢᠯᠡᠭᠰᠡᠨ ᠢ᠋ ᠳᠠᠷᠠᠭᠠᠬᠢ ᠪᠦᠯᠦᠭ ᠦ᠋ᠳ ᠲᠦ᠍ ᠥᠭᠦᠯᠡᠰᠦᠭᠡᠢ᠃