ᠬᠥᠬᠡ ᠰᠤᠳᠤᠷ - ᠢᠨᠵᠠᠨᠨᠠᠰᠢ < ᠬᠣᠷᠢᠳᠤᠭᠠᠷ ᠪᠦᠯᠦᠭ > Хөх судар - Инжинаш < Хорьдугаар бүлэг >
ᠣᠯᠠᠨ ᠤ᠋ ᠡᠮᠦᠨ᠎ᠡ ᠴᠠᠭᠠᠵᠠ ᠶ᠋ᠢ ᠴᠢᠩᠭᠠᠳᠬᠠᠵᠤ ᠤᠬᠠᠮᠵᠢᠯᠠᠯᠳᠤ ᠮᠤᠬᠤᠯᠢ ᠭᠠᠷ ᠢ᠋ᠶ᠋ᠠᠨ ᠬᠦᠯᠢᠭᠦᠯᠪᠡ
ᠤᠯᠤᠰ ᠤ᠋ᠨ ᠲᠥᠯᠥᠭᠡ ᠪᠡᠶ᠎ᠡ ᠪᠡᠨ ᠴᠦᠯᠡᠵᠦ ᠤᠷᠢᠶᠠᠩᠬᠠᠨ ᠤ᠋ ᠵᠠᠯᠮ᠎ᠠ ᠮᠥᠷᠥ ᠶᠦ᠍ᠭᠡᠨ ᠴᠠᠪᠴᠢᠪᠠ
ᠬᠣᠷᠢᠳᠤᠭᠠᠷ ᠪᠦᠯᠦᠭ
ᠰᠥᠩ ᠨᠢᠩᠽᠦ᠋ᠩ ᠦ᠋ᠨ ᠴᠢᠩ ᠶᠤᠸᠠᠨ ᠤ᠋ ᠲᠡᠷᠢᠭᠦᠨ ᠣᠨ ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ ᠮᠢᠩ ᠴᠠᠩ ᠤ᠋ᠨ
ᠵᠢᠷᠭᠤᠳᠤᠭᠠᠷ ᠣᠨ ᠂ ᠲᠠᠢᠽᠦ ᠭᠤᠴᠢᠨ ᠳᠥᠷᠪᠡᠨ ᠨᠠᠰᠤᠨ ᠰᠡᠭᠦᠳᠡᠷ ᠲᠡᠢ ᠂ ᠬᠥᠬᠡᠭᠴᠢᠨ ᠲᠠᠤᠯᠠᠢ ᠵᠢᠯ ᠪᠠᠢᠭᠰᠠᠭᠠᠷ ᠪᠣᠢ
ᠣᠯᠠᠨ ᠤ᠋ ᠡᠮᠦᠨ᠎ᠡ ᠴᠠᠭᠠᠵᠠ ᠶ᠋ᠢ ᠴᠢᠩᠭᠠᠳᠬᠠᠵᠤ ᠤᠬᠠᠮᠵᠢᠯᠠᠯᠳᠤ ᠮᠤᠬᠤᠯᠢ ᠭᠠᠷ ᠢ᠋ᠶ᠋ᠠᠨ ᠬᠦᠯᠢᠭᠦᠯᠪᠡ
ᠤᠯᠤᠰ ᠤ᠋ᠨ ᠲᠥᠯᠥᠭᠡ ᠪᠡᠶ᠎ᠡ ᠪᠡᠨ ᠴᠦᠯᠡᠵᠦ ᠤᠷᠢᠶᠠᠩᠬᠠᠨ ᠤ᠋ ᠵᠠᠯᠮ᠎ᠠ ᠮᠥᠷᠥ ᠶᠦ᠍ᠭᠡᠨ ᠴᠠᠪᠴᠢᠪᠠ
ᠤᠭᠰᠠᠭ᠎ᠠ ᠲᠥᠷᠥᠯ ᠢ᠋ ᠦᠯᠦ ᠬᠠᠷᠠᠳᠠᠬᠤ ᠣᠶᠤᠨᠲᠤ ᠪᠣᠭᠳᠠ ᠶ᠋ᠢ ᠭᠠᠢᠬᠠᠬᠤᠶᠠ
ᠣᠯᠠᠨ ᠤ᠋ ᠡᠮᠦᠨ᠎ᠡ ᠪᠡᠶ᠎ᠡ ᠪᠡᠨ ᠬᠦᠯᠢᠬᠦ ᠤᠬᠠᠭᠠᠨᠲᠤ ᠵᠢᠨᠦᠩ ᠢ᠋ ᠶᠠᠭᠠᠬᠢᠶ᠎ᠠ ᠂
ᠤᠯᠤᠰ ᠤ᠋ᠨ ᠲᠥᠯᠥᠭᠡ ᠮᠥᠷᠥ ᠪᠡᠨ ᠴᠠᠪᠴᠢᠬᠤ ᠤᠷᠢᠶᠠᠩᠬᠠᠨ ᠤ᠋ ᠵᠡᠯᠮ᠎ᠡ ᠶ᠋ᠢ ᠦᠵᠡᠬᠦᠯ᠎ᠡ ᠂
ᠤᠳᠬᠠᠲᠤ ᠲᠡᠭᠷᠢ ᠣᠷᠴᠢᠯᠠᠩ ᠳ᠋ᠤᠷ ᠲᠥᠷᠥᠵᠦ ᠤᠯᠠᠷᠢᠬᠤ ᠲᠥᠷᠥ ᠶ᠋ᠢ ᠲᠡᠳᠬᠦᠵᠦᠬᠦᠢ ᠃
ᠲᠡᠨᠳᠡᠴᠡ ᠵᠢᠨᠦᠩ ᠮᠤᠬᠤᠯᠢ ᠰᠤᠯᠠ ᠴᠡᠷᠢᠭ ᠦ᠋ᠨ ᠰᠦᠷᠦᠭ ᠡᠴᠡ ᠮᠠᠩᠭᠤᠳ ᠤ᠋ᠨ ᠬᠣᠢᠯᠳᠠᠷ ᠬᠣᠰᠢᠭᠤᠴᠢ ᠶ᠋ᠢ ᠣᠯᠤᠭᠠᠳ ᠶᠡᠬᠡᠯ᠎ᠡ ᠪᠠᠶᠠᠷᠯᠠᠨ ᠂ ᠶᠠᠭᠠᠷᠠᠨ ᠪᠡᠶ᠎ᠡ ᠪᠡᠷ ᠠᠴᠢᠷᠠᠵᠤ ᠱᠠᠩ ᠬᠡᠰᠢᠭ ᠡᠷᠭᠦᠮᠵᠢᠯᠡᠯ ᠵᠡᠷᠭᠡ ᠶ᠋ᠢ ᠢᠨᠦ ᠣᠯᠭᠠᠭᠤᠯᠤᠭᠠᠳ ᠳᠠᠷᠤᠢ ᠲᠠᠢᠽᠦ ᠳ᠋ᠦ᠍ᠷ ᠰᠥᠭᠥᠳᠴᠦ ᠮᠥᠷᠭᠥᠨ ᠮᠡᠳᠡᠭᠦᠯᠦᠷᠦᠨ: 《ᠪᠣᠭᠣᠯ ᠪᠢ ᠡᠵᠡᠨ ᠦ᠌ ᠬᠦᠨᠳᠦ ᠬᠡᠰᠢᠭ ᠲᠣᠷ ᠴᠡᠷᠢᠭ ᠦ᠋ᠨ ᠶᠡᠬᠡ ᠵᠢᠨᠦᠩ ᠦ᠋ᠨ ᠲᠤᠰᠢᠶᠠᠯ ᠳ᠋ᠤᠷ ᠪᠠᠢᠬᠤ ᠪᠥᠭᠡᠳ ᠳᠣᠣᠷ᠎ᠠ ᠮᠢᠨᠦ ᠡᠨᠡ ᠮᠡᠲᠦ ᠬᠥᠮᠦᠨ ᠪᠠᠢᠲᠠᠯ᠎ᠠ ᠦᠵᠡᠵᠦ ᠦᠯᠦ ᠭᠠᠷᠤᠨ᠂ ᠤᠳᠠᠭᠠᠨ ᠡᠳᠦᠷ ᠰᠤᠯᠠ ᠴᠡᠷᠢᠭ ᠦ᠋ᠨ ᠳᠣᠲᠣᠷ᠎ᠠ ᠳᠠᠷᠤᠭᠳᠠᠭᠤᠯᠵᠤ ᠶᠠᠪᠤᠭᠤᠯᠤᠭᠰᠠᠨ ᠠᠨᠤ ᠴᠣᠬᠣᠮ ᠪᠣᠭᠣᠯ ᠮᠢᠨᠦ ᠬᠢᠨᠠᠮᠠᠭᠠᠢ ᠦᠭᠡᠢ ᠣᠰᠣᠯ ᠮᠥᠨ ᠂ ᠡᠵᠡᠨ ᠥᠷᠥᠰᠢᠶᠡᠬᠦᠯ᠎ᠡ ᠬᠦᠨᠳᠦᠳᠡ ᠶᠠᠯᠠᠯᠠᠪᠠᠰᠤ ᠵᠣᠬᠢᠮᠤᠢ ᠂ ᠡᠢᠮᠦ ᠪᠣᠯᠪᠠᠰᠤ ᠬᠣᠢᠴᠢ ᠡᠳᠦᠷ ᠦ᠋ᠨ ᠶᠡᠬᠡ ᠲᠦᠰᠢᠮᠡᠳ ᠡᠷᠳᠡᠮᠲᠡᠨ ᠴᠢᠳᠠᠯᠲᠠᠨ ᠢ᠋ ᠳᠠᠷᠤᠨ ᠦᠯᠦ ᠳᠠᠯᠳᠠᠯᠠᠬᠤᠢ ᠳ᠋ᠤᠷ ᠰᠠᠢᠨ ᠃ 》 ᠭᠡᠮᠡᠨ ᠶᠠᠯ᠎ᠠ ᠭᠤᠶᠤᠭᠰᠠᠨ ᠳ᠋ᠤᠷ ᠲᠠᠢᠽᠦ ᠪᠡᠶᠡᠰᠦᠨ ᠮᠦᠰᠢᠶᠡᠵᠦ ᠥᠭᠦᠯᠡᠷᠦᠨ: 《ᠵᠢᠨᠦᠩ ᠡᠢᠨ ᠬᠦ᠌ ᠳᠠᠷᠤᠭᠳᠠᠨ ᠠᠬᠤ ᠠ᠋ᠴᠠ ᠠᠶᠤᠵᠤ ᠰᠠᠶᠢ ᠰᠢᠯᠭᠠᠵᠤ ᠮᠥᠷᠥᠢᠴᠡᠭᠦᠯᠦᠭᠰᠡᠨ ᠪᠤᠰᠤ ᠤᠤ ? ᠲᠡᠢᠨ ᠠᠲᠠᠯ᠎ᠠ ᠶᠠᠭᠤᠨ ᠤ᠋ ᠶᠠᠯ᠎ᠠ ᠪᠣᠢ ! 》 ᠮᠤᠬᠤᠯᠢ ᠮᠡᠳᠡᠭᠦᠯᠦᠷᠦᠨ: 《ᠴᠣᠬᠣᠮ ᠵᠢᠨᠦᠩ ᠦ᠋ᠨ ᠬᠠᠤᠯᠢ ᠡᠳᠦᠷ ᠰᠥᠨᠢ ᠦᠭᠡᠢ ᠴᠡᠷᠢᠭ ᠬᠤᠶᠠᠭ ᠢ᠋ᠶ᠋ᠠᠨ ᠬᠡᠦᠬᠡᠳ ᠠᠴᠢᠷ ᠢ᠋ᠶ᠋ᠠᠨ ᠰᠢᠨᠵᠢᠬᠦ ᠮᠡᠲᠦ ᠰᠢᠨᠵᠢᠪᠡᠰᠦ ᠵᠣᠬᠢᠬᠤ ᠠᠲᠠᠯ᠎ᠠ ᠴᠡᠷᠢᠭ ᠦ᠋ᠨ ᠳᠣᠲᠣᠷ᠎ᠠ ᠡᠨᠡ ᠮᠡᠲᠦ ᠴᠣᠯᠭᠣᠷᠠᠭᠰᠠᠨ ᠪᠠᠭᠠᠲᠤᠳ ᠪᠣᠢ ᠪᠥᠭᠡᠲᠡᠯ᠎ᠡ ᠦᠵᠡᠵᠦ ᠡᠰᠡ ᠭᠠᠷᠭᠠᠨ ᠡᠷᠭᠦᠵᠦ ᠡᠰᠡ ᠬᠡᠷᠡᠭᠯᠡᠭᠰᠡᠨ ᠢᠨᠦ ᠬᠢᠨᠠᠮᠠᠭᠠᠢ ᠦᠭᠡᠢ ᠴᠠᠯᠠᠭᠠᠢ ᠣᠰᠣᠯ ᠪᠣᠯᠠᠢ ᠃ ᠪᠣᠭᠣᠯ ᠪᠢ ᠰᠡᠳᠬᠢᠯ ᠡᠴᠡ ᠳᠤᠷᠠᠲᠠᠶ᠎ᠠ ᠡᠨᠡ ᠣᠰᠣᠯ ᠴᠠᠯᠠᠭᠠᠢ ᠶ᠋ᠢᠨ ᠶᠠᠯ᠎ᠠ ᠶ᠋ᠢ ᠬᠦᠯᠢᠶᠡᠨ᠂ ᠡᠨᠡ ᠰᠡᠭᠦᠯ ᠦ᠋ᠨ ᠡᠳᠦᠷ ᠦ᠋ᠨ ᠰᠢᠯᠭᠠᠯᠭᠠᠨ ᠤ᠋ ᠶᠡᠬᠡ ᠬᠤᠷᠢᠮ ᠢ᠋ ᠪᠠᠷᠢᠵᠤ ᠶᠠᠯ᠎ᠠ ᠲᠣᠷᠭᠠᠭᠤᠯᠢ ᠪᠣᠯᠭᠠᠵᠤ᠂ ᠣᠯᠠᠨ ᠳ᠋ᠤᠷ ᠳᠦᠷᠢᠮ ᠪᠣᠯᠭᠠᠰᠤᠭᠠᠢ ᠬᠡᠮᠡᠮᠦᠢ᠂ ᠡᠵᠡᠨ ᠮᠢᠨᠦ ᠵᠥᠪᠰᠢᠶᠡᠨ ᠰᠣᠶᠣᠷᠬ᠎ᠠ !》 ᠬᠡᠮᠡᠭᠰᠡᠨ ᠳ᠋ᠦ᠍ᠷ ᠲᠠᠢᠽᠦ ᠰᠣᠨᠢᠷᠬᠠᠨ ᠪᠡᠶᠡᠰᠴᠦ ᠵᠠᠬᠢᠷᠤᠨ :
ᠪᠤᠰᠤᠳ ᠢ᠋ ᠪᠤᠷᠤᠭᠤᠰᠢᠶᠠᠬᠤ ᠶ᠋ᠢᠨ ᠤᠷᠢᠳ ᠪᠡᠶ᠎ᠡ ᠪᠡᠨ ᠲᠣᠷᠭᠠᠭᠠᠮᠤᠢ
ᠪᠣᠱᠣᠭ ᠢ᠋ ᠵᠠᠷᠯᠠᠬᠤ ᠶ᠋ᠢᠨ ᠤᠷᠢᠳ ᠪᠡᠷᠬᠡ ᠶ᠋ᠢ ᠰᠠᠨᠠᠬᠤ ᠠᠨᠤ ᠂
ᠪᠣᠳᠣᠯᠭ᠎ᠠ ᠤᠬᠠᠭᠠᠨᠲᠠᠨ ᠤ᠋ ᠪᠤᠯᠲᠤ ᠡᠵᠡᠯᠡᠬᠦ ᠠᠷᠭ᠎ᠠ ᠮᠥᠨ
ᠪᠤᠶᠠᠨᠲᠤ ᠵᠢᠨᠦᠩ ᠦ᠋ᠨ ᠰᠠᠨᠠᠭ᠎ᠠ ᠪᠠᠷ ᠪᠣᠯᠲᠤᠭᠠᠢ ᠃
ᠬᠡᠮᠡᠵᠦ ᠮᠤᠬᠤᠯᠢ ᠬᠡᠰᠢᠭ ᠲᠣᠷ ᠮᠥᠷᠭᠥᠵᠦ ᠂ ᠪᠣᠯᠣᠳ ᠬᠦᠴᠦᠲᠦ ᠵᠠᠩᠵᠤᠨ ᠴᠡᠷᠢᠭ ᠰᠢᠯᠭᠠᠭᠰᠠᠨ ᠰᠡᠭᠦᠯ ᠦ᠋ᠨ ᠡᠳᠦᠷ ᠦ᠋ᠨ ᠶᠡᠬᠡ ᠬᠤᠷᠢᠮ ᠢ᠋ ᠪᠦᠷᠢᠨ᠎ᠡ ᠳᠠᠭᠠᠭᠠᠨ ᠠᠪᠴᠤ ᠳᠡᠭᠡᠷ᠎ᠡ ᠳᠣᠣᠷ᠎ᠠ ᠨᠠᠭᠤᠷ ᠳᠠᠯᠠᠢ ᠳ᠋ᠤᠷ ᠠᠳᠠᠯᠢ ᠶᠡᠬᠡᠯ᠎ᠡ ᠬᠤᠷᠢᠮᠯᠠᠪᠠ ᠃ ᠡᠨᠡ ᠭᠤᠷᠪᠠᠨ ᠡᠳᠦᠷ ᠲᠣᠷ ᠲᠡᠷᠢᠭᠦᠨ ᠦ᠌ ᠲᠡᠷᠢᠭᠦᠨ ᠳ᠋ᠦ᠍ᠷ ᠭᠠᠷᠤᠭᠰᠠᠨ ᠲᠠᠪᠤᠨ ᠪᠠᠭᠠᠲᠤᠳ ᠂ ᠲᠡᠷᠢᠭᠦᠨ ᠳ᠋ᠦ᠍ᠷ ᠭᠠᠷᠤᠭᠰᠠᠨ ᠵᠢᠷᠭᠤᠭᠠᠨ ᠵᠠᠭᠤᠨ ᠢᠯᠡᠭᠦᠦ ᠳᠡᠳ᠋ ᠲᠣᠷ ᠭᠠᠷᠤᠭᠰᠠᠨ ᠨᠢᠭᠡᠨ ᠮᠢᠩᠭᠠᠨ ᠳᠥᠷᠪᠡᠨ ᠵᠠᠭᠤᠨ ᠢᠯᠡᠭᠦᠦ ᠂ ᠡᠳᠡᠭᠡᠷ ᠢ᠋ ᠳᠡᠰ ᠵᠡᠷᠭᠡ ᠪᠡᠷ ᠱᠠᠩᠨᠠᠨ ᠬᠥᠬᠢᠭᠦᠯᠵᠦ ᠭᠤᠷᠪᠠᠨ ᠪᠠᠭ ᠵᠣᠬᠢᠶᠠᠨ ᠂ ᠲᠠᠪᠤᠨ ᠪᠠᠭᠠᠲᠤᠳ ᠢ᠋ ᠲᠠᠪᠤᠨ ᠪᠠᠷᠰ ᠤ᠋ᠨ ᠪᠠᠭᠠᠲᠤᠷ ᠵᠠᠩᠵᠤᠨ ᠭᠡᠮᠡᠨ ᠡᠷᠭᠦᠵᠦ ᠭᠤᠷᠪᠠᠨ ᠵᠡᠷᠭᠡ ᠶ᠋ᠢᠨ ᠴᠡᠷᠢᠭ ᠢ᠋ ᠨᠡᠢᠯᠡᠭᠦᠯᠵᠦ ᠂ ᠨᠠᠢ᠍ᠮᠠᠨ ᠮᠢᠩᠭᠠᠨ ᠪᠣᠯᠣᠳ ① ᠬᠦᠴᠦᠲᠦ ᠴᠡᠷᠢᠭ ᠭᠡᠮᠡᠨ ᠨᠡᠷᠡᠢᠳᠪᠡᠢ ᠃
– – – –
① ᠪᠣᠯᠣᠳ ᠬᠡᠮᠡᠭᠴᠢ ᠭᠠᠩ ᠲᠡᠮᠦᠷ ᠦ᠋ᠨ ᠮᠣᠩᠭᠣᠯ ᠨᠡᠷ᠎ᠡ ᠪᠤᠶᠤ ᠃
ᠲᠡᠭᠦᠨᠴᠡ ᠰᠤᠯᠠ ᠴᠡᠷᠢᠭ ᠲᠦ᠍ᠷ ᠪᠠᠰᠠ ᠨᠢᠭᠡᠨ ᠵᠡᠷᠭᠡ ᠱᠠᠩ ᠲᠠᠯᠪᠢᠵᠤ ᠪᠠᠷᠰ ᠤ᠋ᠨ ᠵᠠᠩᠵᠤᠨ ᠪᠠᠢᠭᠤᠯᠤᠭᠰᠠᠨ ᠪᠠᠶᠠᠷ ᠲᠤ᠌ ᠨᠡᠢᠯᠡᠭᠦᠯᠪᠡ ᠃ ᠲᠡᠭᠦᠨᠴᠡ ᠲᠤᠭ ᠰᠦᠯᠳᠡ ᠪᠡᠨ ᠶᠡᠬᠡᠳᠡ ᠳᠠᠬᠢᠭᠠᠳ ᠤᠯᠤᠰ ᠢᠷᠭᠡᠨ ᠢ᠋ᠶ᠋ᠡᠨ ᠬᠦᠨᠳᠦᠳᠡ ᠱᠠᠩᠨᠠᠨ ᠂ ᠬᠠᠪᠤᠷ ᠤ᠋ᠨ ᠰᠡᠭᠦᠯ ᠰᠠᠷ᠎ᠠ ᠶ᠋ᠢᠨ ᠭᠤᠴᠢᠨᠠ ᠰᠠᠷᠯᠠᠭ ᠤᠯᠤᠰ ᠤ᠋ᠨ ᠵᠦᠭ ᠡᠶᠡᠳᠡᠷᠡ ᠮᠣᠷᠳᠠᠮᠤᠢ ᠭᠡᠮᠡᠨ ᠲᠣᠭᠲᠠᠭᠠᠨ ᠵᠠᠷᠯᠠᠪᠠᠢ ᠃ ᠠᠶᠠᠨ ᠳ᠋ᠤᠷ ᠭᠠᠷᠬᠤ ᠲᠠᠪᠤᠨ ᠲᠦᠮᠡᠨ ᠴᠡᠷᠢᠭ ᠰᠢᠯᠭᠠᠪᠠᠢ ᠃ ᠡᠨᠡ ᠵᠠᠪᠰᠠᠷ ᠲᠤᠷ ᠪᠧᠲ᠋ᠠ᠋ ᠤᠯᠤᠰ ᠤ᠋ᠨ ᠲᠠᠩᠭᠤᠳ ᠲᠤᠷ ᠡᠴᠢᠭᠰᠡᠨ ᠡᠯᠴᠢ ᠴᠢᠨᠳᠠᠭᠠᠨ᠎ᠠ ᠰᠡᠴᠡᠨ ᠶᠠᠪᠤᠭ᠎ᠠ ᠬᠣᠶᠠᠭᠤᠯᠠ ᠴᠠᠭᠠᠨ ᠲᠠᠩᠭᠤᠳ ᠤᠯᠤᠰ ᠤ᠋ᠨ ᠲᠦᠷᠢᠮᠡᠬᠡᠢ ᠪᠠᠯᠭᠠᠰᠤᠨ᠎ᠠ ᠣᠷᠣᠵᠤ ᠬᠡᠷᠡᠭ ᠤᠯᠠᠮᠵᠢᠯᠠᠬᠤ ᠶᠠᠮᠤᠨ ᠳ᠋ᠤᠷ ᠣᠷᠣᠵᠤ ᠢᠷᠡᠭᠰᠡᠨ ᠤᠴᠢᠷ ᠢ᠋ᠶ᠋ᠠᠨ ᠮᠡᠳᠡᠭᠦᠯᠦᠭᠰᠡᠨ ᠳ᠋ᠦ᠍ᠷ ᠡᠨᠡ ᠦᠶ᠎ᠡ ᠳ᠋ᠦ᠍ᠷ ᠰᠢᠳᠤᠷᠭᠤ ᠬᠠᠭᠠᠨ ᠬᠠᠷᠠᠬᠠᠨ ᠰᠢᠨ᠎ᠡ ᠬᠠᠪᠤᠷ ᠤ᠋ᠨ ᠦᠵᠡᠮᠵᠢ ᠳ᠋ᠦ᠍ᠷ ᠴᠡᠩᠭᠡᠯᠳᠦᠷᠡ ᠬᠣᠲᠠᠨ ᠤ᠋ ᠭᠠᠳᠠᠨ᠎ᠠ ᠬᠤᠯᠤᠰᠤᠲᠤ ᠨᠠᠭᠤᠷ ᠬᠡᠮᠡᠬᠦ ᠶᠡᠬᠡ ᠬᠦᠷᠢᠶᠡᠯᠡᠩ ᠴᠡᠴᠡᠭᠯᠢᠭ ᠲᠦ᠍ᠷ ᠡᠴᠢᠵᠦ ᠂ ᠭᠦᠷᠪᠡᠯᠵᠢᠨ ᠭᠤᠸ᠎ᠠ ᠬᠠᠲᠤᠨ ᠯᠤᠭ᠎ᠠ ᠪᠠᠨ ᠮᠠᠯ ᠪᠣᠯᠲᠠᠯ᠎ᠠ ᠰᠣᠭᠲᠣᠵᠤ ᠂ ᠨᠢᠭᠡᠨ ᠲᠡᠷᠭᠡᠨ ᠳ᠋ᠦ᠍ᠷ ᠰᠠᠭᠤᠵᠤ ᠡᠭᠡᠵᠦ ᠶᠠᠪᠤᠬᠤᠶ᠎ᠠ ᠪᠧᠲ᠋ᠠ᠋ ᠤᠯᠤᠰ ᠤ᠋ᠨ ᠡᠯᠴᠢ ᠢᠷᠡᠪᠡ ᠭᠡᠮᠡᠨ ᠤᠴᠢᠷ ᠢ᠋ ᠰᠣᠨᠣᠰᠤᠭᠠᠳ ᠠᠬᠠᠰᠬᠢᠵᠦ ᠠᠮᠤᠷ ᠦᠭᠡᠢ ᠪᠣᠯᠤᠨ ᠡᠴᠢᠭᠰᠡᠨ᠎ᠡ ᠂ ᠭᠦᠷᠪᠡᠯᠵᠢᠨ ᠭᠤᠸ᠎ᠠ ᠬᠠᠲᠤᠨ ᠠᠨᠤ ᠬᠠᠵᠠᠭᠤ ᠠ᠋ᠴᠠ ᠵᠢᠬᠡᠭᠦᠨ ᠢ᠋ᠶ᠋ᠡᠷ ᠢᠨᠢᠶᠡᠵᠦ ᠥᠭᠦᠯᠡᠷᠦᠨ : 《ᠶᠠᠮᠪᠠᠷ ᠪᠠᠢᠨ᠎ᠠ ? ᠠᠮᠠᠷᠠᠭ ᠪᠣᠯᠤᠮᠤᠢ ᠬᠡᠮᠡᠭᠰᠡᠭᠡᠷ ᠠᠯᠪᠠᠳᠠᠭᠳᠠᠬᠤᠢ ᠳ᠋ᠤᠷ ᠬᠦᠷᠪᠡ ᠂ ᠡᠶᠡᠲᠡᠢ ᠪᠣᠯᠤᠮᠤᠢ ᠬᠡᠮᠡᠭᠰᠡᠭᠡᠷ ᠡᠵᠡᠯᠡᠭᠳᠡᠬᠦᠢ ᠳ᠋ᠦ᠍ᠷ ᠬᠦᠷᠪᠡ ᠂ ᠠᠷᠢᠶᠠᠲᠠᠨ ᠤ᠋ ᠡᠵᠡᠨ ᠠᠷᠰᠯᠠᠨ ᠬᠡᠮᠡᠭᠴᠢ ᠬᠢᠭᠡᠳ ᠠᠷᠤ ᠶ᠋ᠢᠨ ᠡᠵᠡᠨ ᠲᠡᠮᠦᠵᠢᠨ ᠬᠣᠶᠠᠭᠤᠯᠠ ᠳ᠋ᠤᠷ ᠬᠡᠨ ᠬᠥᠮᠦᠨ ᠣᠢᠷᠠᠲᠤᠨ ᠶᠠᠪᠤᠪᠠᠰᠤ ᠲᠡᠷᠡ ᠬᠥᠮᠦᠨ ᠢᠳᠡᠭᠳᠡᠬᠦ ᠪᠣᠯᠠᠢ ! 》 ᠬᠡᠮᠡᠭᠰᠡᠨ ᠳ᠋ᠦ᠍ᠷ ᠴᠢᠪᠬᠢᠲᠡᠯ᠎ᠡ ᠰᠢᠳᠤᠷᠭᠤ ᠬᠠᠭᠠᠨ ᠤ᠋ ᠰᠡᠳᠬᠢᠯ ᠳ᠋ᠦ᠍ᠷ ᠨᠡᠢᠴᠡᠭᠡᠳ ᠪᠠᠰᠠ ᠠᠷᠢᠬᠢᠨ ᠤ᠋ ᠬᠠᠯᠠᠭᠤᠨ ᠳ᠋ᠤᠷ ᠳᠠᠷᠤᠢ ᠲᠥᠷᠥ ᠳ᠋ᠦ᠍ᠷ ᠭᠠᠷᠴᠤ ᠲᠣᠢᠪᠠᠯᠵᠢᠨ ᠳᠠᠢᠪᠠᠯᠵᠠᠭᠰᠠᠭᠠᠷ ᠰᠢᠷᠡᠭᠡᠨ ᠳ᠋ᠦ᠍ᠷ ᠢ᠋ᠶ᠋ᠠᠨ ᠰᠠᠭᠤᠵᠤ ᠂ ᠨᠢᠭᠡᠨ ᠳᠠᠭᠤᠨ ᠢ᠋ᠶ᠋ᠠᠷ ᠪᠧᠲ᠋ᠠ᠋ ᠤᠯᠤᠰ ᠤ᠋ᠨ ᠡᠯᠴᠢ ᠶ᠋ᠢ ᠳᠠᠭᠤᠳᠠ ᠭᠡᠮᠡᠨ ᠴᠢᠨᠳᠠᠭᠠᠨ᠎ᠠ ᠰᠡᠴᠡᠨ ᠶᠠᠪᠤᠭ᠎ᠠ ᠬᠣᠶᠠᠭᠤᠯᠠ ᠶ᠋ᠢ ᠳᠠᠭᠤᠳᠠᠨ ᠣᠷᠣᠭᠤᠯᠵᠤ ᠪᠢᠴᠢᠭ ᠢ᠋ ᠦᠵᠡᠮᠡᠭᠴᠡ ᠨᠡᠩ ᠰᠩᠬᠢᠵᠦ ᠡᠢᠨ ᠥᠭᠦᠯᠡᠷᠦᠨ :
ᠬᠥᠶᠢ ᠲᠠᠨ ᠤ᠋ ᠡᠵᠡᠨ ᠲᠡᠮᠦᠵᠢᠨ ᠬᠡᠮᠡᠭᠴᠢ
ᠬᠥᠷ ᠶᠡᠬᠡ ᠤᠯᠤᠰ ᠤ᠋ᠨ ᠨᠡᠢᠲᠡ ᠶ᠋ᠢ ᠡᠵᠡᠯᠡᠭᠰᠡᠨ ᠪᠤᠰᠤ ᠪᠥᠭᠡᠳ
ᠬᠥᠮᠦᠨ ᠦ᠌ ᠡᠷᠬᠡᠲᠦ ᠮᠢᠨᠦ ᠪᠡᠶ᠎ᠡ ᠶ᠋ᠢ
ᠬᠥᠯ ᠭᠠᠷ ᠲᠠᠭᠠᠨ ᠦᠯᠢᠳᠬᠡᠬᠦ ᠢᠨᠦ ᠶᠠᠭᠤᠨ ᠠᠵᠢ ?
ᠠᠷᠢᠶᠠᠲᠠᠨ ᠤ᠋ ᠡᠵᠡᠨ ᠠᠷᠰᠯᠠᠨ ᠬᠢᠭᠡᠳ
ᠠᠷᠤ ᠶ᠋ᠢᠨ ᠡᠵᠡᠨ ᠲᠡᠮᠦᠵᠢᠨ ᠲᠡᠭᠦᠨ ᠳ᠋ᠦ᠍ᠷ
ᠠᠪᠠᠢ ᠶᠠᠭᠤᠨ ᠨᠥᠬᠥᠷ ᠪᠠᠢᠬᠤ ᠠᠵᠢ
ᠠᠩᠭᠠᠢᠭᠰᠠᠨ ᠠᠮᠠ ᠪᠠᠨ ᠬᠠᠮᠬᠢ ᠬᠡᠮᠡᠲᠦᠭᠡᠢ ᠬᠡ !
ᠬᠡᠮᠡᠭᠡᠳ ᠠᠭᠰᠤᠷᠬᠢᠯᠠᠨ ᠡᠭᠡᠵᠦ ᠣᠷᠣᠰᠤᠭᠠᠢ ᠬᠡᠮᠡᠲᠡᠯ᠎ᠡ ᠴᠢᠨᠳᠠᠭᠠᠨ᠎ᠠ ᠰᠡᠴᠡᠨ ᠴᠢᠰᠤ ᠴᠠᠯᠭᠢᠲᠠᠯ᠎ᠠ ᠠᠭᠤᠷᠯᠠᠵᠤ ᠂ ᠴᠢᠬᠤᠯᠳᠠᠨ ᠪᠠᠷᠬᠢᠷᠠᠵᠤ ᠴᠢᠷᠠᠢ ᠪᠠᠨ ᠲᠥᠪ ᠪᠣᠯᠭᠠᠨ ᠥᠭᠦᠯᠡᠷᠦᠨ :
ᠬᠥᠮᠦᠨ ᠪᠤᠰᠤ ᠲᠠᠩᠭᠤᠳ ᠤ᠋ᠨ ᠡᠵᠡᠨ ᠴᠢ
ᠬᠥᠷᠪᠡᠬᠦ ᠤᠷᠪᠠᠬᠤ ᠡᠬᠡᠨᠡᠷ ᠮᠡᠲᠦ ᠵᠢᠭᠰᠢᠮᠡᠷᠲᠡᠢ ᠂
ᠬᠥᠯ ᠦ᠋ᠨ ᠰᠢᠪᠡᠷ ᠪᠣᠯᠤᠶ᠎ᠠ ᠭᠡᠮᠡᠨ ᠬᠡᠯᠡᠭᠡᠳ
ᠬᠥᠯᠴᠥᠭᠦᠷᠡᠲᠡᠯᠡ ᠰᠣᠭᠲᠣᠭᠠᠳ ᠦᠭᠡ ᠶᠦ᠍ᠭᠡᠨ ᠢᠳᠡᠪᠡᠦ ᠴᠢ ?
ᠠᠪᠤ ᠶᠤᠭᠠᠨ ᠠᠴᠢ ᠲᠠᠢ ᠬᠥᠪᠡᠭᠦᠨ ᠪᠣᠯᠪᠠᠰᠤ
ᠠᠬᠤ ᠴᠠᠭ ᠲᠤᠷ ᠨᠠᠮᠠᠢ ᠳᠠᠷᠤᠢ ᠠᠯᠠᠲᠤᠭᠠᠢ ᠴᠢ !
ᠠᠮᠢᠨ ᠪᠡᠶ᠎ᠡ ᠴᠢᠨᠦ ᠦᠯᠡᠳᠡᠮᠦᠢ ᠦᠦ ᠦᠭᠡᠢ ᠦᠦ
ᠠᠭᠠᠵᠢᠮ ᠪᠠᠢᠵᠤ ᠦᠵᠡᠭᠳᠡᠬᠦᠢ ᠰᠢᠳᠤᠷᠭᠤ ᠴᠢ !
ᠬᠡᠮᠡᠭᠡᠳ ᠬᠣᠶᠠᠷ ᠡᠲᠡᠭᠡᠳ ᠡᠪᠳᠡᠷᠡᠯᠴᠡᠭᠰᠡᠨ ᠳ᠋ᠦ᠍ᠷ ᠲᠥᠷᠥ ᠶ᠋ᠢᠨ ᠲᠦᠰᠢᠮᠡᠯ ᠡᠵᠡᠨ ᠢ᠋ᠶ᠋ᠡᠨ ᠬᠣᠷᠢᠭ᠍ᠯᠠᠵᠤ ᠲᠦᠭᠦᠬᠡᠢ ᠶᠠᠪᠤᠭ᠎ᠠ ᠴᠢᠨᠳᠠᠭᠠᠨ᠎ᠠ ᠰᠡᠴᠡᠨ ᠢ᠋ ᠴᠢᠷᠴᠦ ᠭᠠᠷᠴᠤ ᠢᠷᠡᠭᠡᠳ ᠬᠠᠷᠢᠵᠤ ᠢᠷᠡᠨ ᠡᠳᠡᠭᠡᠷ ᠤᠴᠢᠷ ᠢ᠋ ᠲᠠᠢᠽᠦ ᠳ᠋ᠦ᠍ᠷ ᠮᠡᠳᠡᠭᠦᠯᠦᠭᠰᠡᠨ ᠳ᠋ᠦ᠍ᠷ ᠲᠠᠢᠽᠦ ᠴᠠᠭ ᠵᠠᠭᠤᠷ᠎ᠠ ᠬᠢᠯᠢᠩᠨᠡᠵᠦ ᠂ ᠨᠡᠩ ᠲᠡᠭᠦᠨ ᠦ᠌ ᠰᠠᠷᠯᠠᠭ ᠤᠯᠤᠰ ᠲᠤᠷ ᠴᠡᠷᠢᠭ ᠲᠤᠰᠠᠯᠠᠭᠰᠠᠨ ᠬᠡᠷᠡᠭ ᠢ᠋ ᠰᠣᠨᠣᠰᠴᠤ ᠭᠠᠯ ᠤ᠋ᠨ ᠳᠡᠭᠡᠷ᠎ᠡ ᠲᠣᠰᠣ ᠨᠡᠮᠡᠭᠰᠡᠨ ᠮᠡᠲᠦ ᠪᠣᠯᠵᠤ ᠂ ᠰᠢᠲᠦ ᠵᠠᠭᠤᠨ ᠲᠠᠩᠭᠠᠷᠢᠭ᠍ᠯᠠᠨ ᠥᠭᠦᠯᠡᠷᠦᠨ :
ᠬᠡᠵᠢᠶᠡᠳᠡ ᠡᠨᠡ ᠠᠮᠢᠨ ᠢ᠋ ᠶᠡᠭᠦᠳᠬᠡᠨ ᠶᠡᠭᠦᠳᠬᠡᠲᠡᠯᠡ
ᠬᠡᠷᠴᠡᠭᠡᠢ ᠲᠠᠩᠭᠤᠳ ᠢ᠋ ᠬᠡᠷᠪᠢᠨ ᠡᠰᠡ ᠬᠡᠷᠴᠢᠪᠡᠰᠦ ᠂
ᠬᠡᠦᠬᠡᠳ ᠠᠴᠢᠷ ᠮᠢᠨᠦ ᠪᠣᠭᠣᠯ ᠴᠢᠮᠠᠢ ᠴᠠᠪᠴᠢᠲᠤᠭᠠᠢ
ᠬᠡᠵᠢᠶᠡᠳᠡ ᠪᠢ ᠴᠢᠮᠠᠢ ᠦᠯᠦ ᠲᠠᠯᠪᠢᠮᠤᠢ !
ᠬᠡᠮᠡᠭᠰᠡᠨ ᠳ᠋ᠦ᠍ᠷ ᠡᠨᠡ ᠲᠤᠬᠠᠢ ᠲᠠᠢᠽᠦ ᠶ᠋ᠢᠨ ᠬᠠᠳᠠᠮ ᠲᠠᠢ ᠰᠡᠴᠡᠨ ᠦ᠌ ᠳᠡᠭᠦᠦ ᠸᠴᠢᠷ ᠰᠡᠴᠡᠨ ᠲᠠᠢᠽᠦ ᠶ᠋ᠢᠨ ᠬᠠᠵᠠᠭᠤᠳᠠ ᠪᠠᠢᠵᠤ ᠶᠠᠭᠠᠷᠠᠨ ᠰᠥᠭᠥᠳᠴᠦ ᠬᠣᠷᠢᠭ᠍ᠯᠠᠨ ᠮᠡᠳᠡᠭᠦᠯᠦᠷᠦᠨ :《ᠳᠡᠭᠷᠢᠯᠢᠭ ᠡᠵᠡᠨ ᠴᠢ ᠲᠡᠷᠡ ᠮᠡᠲᠦ ᠥᠴᠦᠬᠡᠨ ᠬᠥᠮᠦᠨ ᠦ᠌ ᠲᠥᠬᠥᠭᠡ ᠦᠭᠡᠢ ᠦᠭᠡᠰ ᠦ᠋ᠨ ᠲᠤᠯᠠ ᠡᠨᠡ ᠠᠯᠲᠠᠨ ᠠᠮᠠᠨ ᠢ᠋ᠶ᠋ᠡᠨ ᠠᠯᠳᠠᠮᠤᠢ ᠂ ᠲᠥᠷᠥᠭᠳᠡᠬᠦ ᠬᠢᠯᠢᠩ ᠢ᠋ ᠳ᠋ᠦ᠍ᠷ ᠵᠠᠭᠤᠷ᠎ᠠ ᠡᠭᠡᠭᠦᠯᠵᠦ ᠂ ᠲᠥᠷᠥᠭᠰᠡᠨ ᠬᠥᠪᠡᠭᠦᠨ ᠢ᠋ᠶ᠋ᠡᠨ ᠲᠥᠷᠥ ᠶ᠋ᠢ ᠡᠵᠡᠯᠡᠲᠡᠯᠡ ᠲᠥᠭᠥᠷᠢᠭ ᠳᠥᠷᠥᠭᠡ ᠶ᠋ᠢᠨ ᠰᠠᠨᠵᠢ ᠢᠨᠦ ᠰᠠᠳᠠᠷᠠᠲᠠᠯᠠ ᠲᠦᠮᠡᠨ ᠢᠷᠭᠡᠨ ᠢ᠋ ᠲᠦᠪᠰᠢᠳᠬᠡᠨ ᠠᠮᠤᠵᠢᠲᠠᠯᠠ ᠲᠦᠭᠡᠮᠡᠯ ᠨᠠᠰᠤᠨ ᠬᠥᠭᠰᠢᠷᠡᠨ ᠬᠥᠭᠰᠢᠷᠡᠲᠡᠯ᠎ᠡ ᠭᠡᠮᠡᠨ ᠠᠯᠲᠠᠨ ᠠᠮᠠᠨ ᠢ᠋ᠶ᠋ᠠᠨ ᠨᠡᠭᠡᠭᠡᠭᠳᠡᠬᠦᠢ ᠂ ᠠᠭᠤᠷ ᠬᠢᠯᠢᠩ ᠪᠡᠶ᠎ᠡ ᠶ᠋ᠢ ᠵᠣᠪᠠᠭᠠᠮᠤᠢ ᠂ ᠠᠭᠤᠯᠠ ᠳᠠᠪᠠᠭ᠎ᠠ ᠮᠣᠷᠢ ᠶ᠋ᠢ ᠵᠣᠪᠠᠭᠠᠮᠤᠢ ᠃ 》
ᠠᠯᠲᠠᠨ ᠶᠠᠰᠤᠲᠤ ᠴᠢᠨᠦ ᠤᠷᠲᠤ ᠪᠠᠲᠤ ᠪᠣᠯᠲᠤᠭᠠᠢ
ᠠᠳ᠌ᠠᠬᠠᠭ ᠳᠠᠢᠰᠤᠨ ᠴᠢᠨᠦ ᠤᠨᠠᠨ ᠲᠣᠰᠣᠨ ᠶᠡᠭᠦᠷᠡᠲᠦᠭᠡᠢ ᠂
ᠠᠯᠪᠠᠲᠤ ᠤᠯᠤᠰ ᠴᠢᠨᠦ ᠤᠯᠠᠮ ᠤᠯᠠᠮ ᠠᠷᠪᠢᠳᠲᠤᠭᠠᠢ
ᠠᠯᠳᠠᠷ ᠨᠡᠷ᠎ᠡ ᠴᠢᠨᠦ ᠠᠭᠤᠯᠠ ᠳᠠᠯᠠᠢ ᠶ᠋ᠢ ᠳᠠᠪᠠᠲᠤᠭᠠᠢ ᠃
ᠭᠡᠮᠡᠨ ᠪᠡᠯᠭᠡᠯᠡᠨ ᠮᠡᠳᠡᠭᠦᠯᠪᠡ ᠃ ᠡᠨᠡ ᠬᠡᠷᠡᠭ ᠢ᠋ ᠵᠢᠨᠦᠩ ᠮᠤᠬᠤᠯᠢ ᠰᠣᠨᠣᠰᠴᠤ ᠂
ᠴᠢᠨᠳᠠᠭᠠᠨ᠎ᠠ ᠰᠡᠴᠡᠨ ᠢ᠋ ᠴᠢᠬᠤᠯᠠ ᠬᠡᠷᠡᠭ ᠢ᠋ ᠡᠰᠡ ᠴᠢᠳᠠᠨ
ᠴᠢᠬᠤᠯ ᠬᠢᠯᠢᠩ ᠢ᠋ ᠲᠥᠷᠥᠭᠦᠯᠪᠡ ᠃
ᠴᠢᠳᠠᠯᠲᠤ ᠲᠦᠰᠢᠮᠡᠯ ᠢ᠋ ᠢᠴᠢᠭᠡᠬᠦ ᠦᠭᠡᠢ ᠦᠦ ?
ᠴᠢᠰᠤ ᠠᠮᠢᠰᠬᠤᠯ ᠳᠣᠭ᠍ᠰᠢᠨ ᠪᠣᠯᠪᠠᠰᠤ ᠪᠠᠷ
ᠴᠢᠷᠦᠭᠳᠡᠯ ᠡᠭᠦᠷᠦᠯ ᠣᠯᠠᠨ ᠪᠣᠯᠤᠮᠤᠢ ᠶᠠᠭᠤᠨ ᠲᠤᠰᠠ
ᠬᠡᠮᠡᠵᠦ ᠂ ᠡᠯᠴᠢ ᠶᠠᠪᠤᠭᠤᠯᠬᠤ ᠶ᠋ᠢ ᠵᠣᠭᠰᠣᠭᠠᠵᠤ ᠵᠢᠴᠢ ᠶᠠᠪᠤᠭ᠎ᠠ ᠶ᠋ᠢ ᠵᠢᠭᠠᠵᠤ ᠥᠭᠦᠯᠡᠷᠦᠨ :
ᠶᠠᠩᠰᠢᠶ᠎ᠠ ᠳ᠋ᠤᠷ ᠢ᠋ᠶ᠋ᠠᠨ ᠵᠢᠭᠰᠢᠭᠳᠡᠭᠰᠡᠨ ᠶᠠᠪᠤᠭ᠎ᠠ ᠴᠢ
ᠶᠠᠭᠤᠨ ᠤ᠋ ᠲᠤᠯᠠ ᠳᠠᠭᠠᠵᠤ ᠡᠴᠢᠭᠰᠡᠨ ᠪᠥᠯᠥᠭᠡ ᠴᠢ ?
ᠶᠠᠮᠪᠠᠷᠪᠠ ᠬᠡᠷᠡᠭ ᠲᠦ᠍ᠷ ᠲᠤᠰᠠᠯᠠᠪᠠᠰᠤ ᠵᠣᠬᠢᠬᠤ ᠠᠲᠠᠯ᠎ᠠ
ᠶᠠᠷᠰᠢᠭ᠋ ᠳᠡᠭᠳᠡᠭᠡᠵᠦ ᠢᠷᠡᠪᠡᠦ ᠴᠢ ᠃
ᠶᠠᠭᠠᠬᠢᠶ᠎ᠠ ᠪᠢ ᠂ ᠶᠠᠭᠠᠬᠢᠨ ᠠᠪᠤᠷᠠᠪᠠᠴᠤ
ᠶᠠᠷᠠᠭᠳᠠᠭᠠᠨ ᠤᠨᠠᠬᠤ ᠲᠤᠯᠠ
ᠶᠠᠮᠪᠠᠷ ᠵᠠᠮ ᠴᠦ᠍ ᠦᠭᠡᠢ ᠲᠤᠯᠠᠳᠠ ᠴᠢ ᠪᠡᠷ
ᠶᠠᠭᠠᠷᠠᠨ ᠮᠡᠩᠳᠡᠨ ᠪᠠᠷᠠᠭᠤᠨ ᠬᠠᠷᠠᠭᠤᠯ ᠳ᠋ᠤᠷ ᠡᠴᠢᠲᠦᠭᠡᠢ ᠂
ᠶᠠᠷᠠᠭᠳᠠᠭᠠᠨ ᠪᠠᠢᠵᠤ ᠪᠢ ᠴᠢᠮᠠᠢ ᠭᠠᠷᠭᠠᠰᠤᠭᠠᠢ
ᠬᠡᠮᠡᠭᠡᠳ ᠪᠠᠷᠠᠭᠤᠨ ᠡᠮᠦᠨ᠎ᠡ ᠬᠠᠷᠠᠭᠤᠯ ᠴᠠᠭᠳᠠᠭᠤᠯ ᠳ᠋ᠤᠷ ᠶᠠᠪᠤᠭᠤᠯᠪᠠ ᠃ ᠳᠡᠭᠡᠳᠦ ᠳ᠋ᠦ᠍ᠷ ᠵᠢᠭᠰᠢᠭᠳᠡᠭᠰᠡᠨ ᠢ᠋ ᠳᠣᠣᠷᠠᠲᠤ ᠳ᠋ᠤᠷ ᠦᠯᠦ ᠭᠥᠷᠦᠭᠦᠯᠬᠦ ᠢᠨᠦ ᠳᠡᠯᠭᠡᠷᠡᠬᠦ ᠲᠥᠷᠥ ᠶ᠋ᠢᠨ ᠡᠵᠡᠨ ᠲᠦᠰᠢᠮᠡᠯ ᠦᠨᠡᠬᠡᠷ ᠶᠠᠭᠤᠲᠠᠢ ᠡᠨᠡ ᠮᠡᠲᠦ ᠲᠡᠩᠴᠡᠨ ᠲᠥᠷᠥᠬᠦ ᠠᠵᠢ ᠭᠠᠢᠬᠠᠯ ᠪᠣᠯᠠᠢ ᠃
ᠲᠡᠭᠦᠨᠴᠡ ᠲᠠᠢᠽᠦ ᠮᠤᠬᠤᠯᠢ ᠶ᠋ᠢᠨ ᠰᠢᠯᠭᠠᠭᠰᠠᠨ ᠲᠠᠪᠤᠨ ᠪᠠᠷᠰ ᠤ᠋ᠨ ᠪᠠᠭᠠᠲᠤᠳ ᠪᠠ ᠪᠡᠶ᠎ᠡ ᠬᠠᠮᠠᠭᠠᠯᠠᠬᠤ ᠬᠠᠰᠠᠷ ᠪᠡᠯᠭᠦᠳᠡᠢ ᠬᠣᠶᠠᠷ ᠳᠡᠭᠦᠦ ᠂ ᠵᠢᠴᠢ ᠠᠯᠤᠬ᠎ᠠ ᠰᠦᠬᠡ ᠠᠬ᠎ᠠ ᠳᠡᠭᠦᠦ ᠬᠣᠶᠠᠭᠤᠯᠠ ᠪᠠ ᠣᠶᠤᠲᠤ ᠰᠡᠴᠡᠨ ᠂ ᠣᠶᠤᠨ ᠭᠤᠸ᠎ᠠ ᠂ ᠲᠡᠭᠦᠰᠴᠦᠭ᠍ᠲᠦ ᠂ ᠰᠠᠢᠬᠠᠨ ᠰᠤᠷᠲᠠᠯᠲᠤ ᠂ ᠪᠤᠯᠤ ᠂ ᠡᠭᠦᠯᠡᠨ ᠴᠡᠷᠪᠢ ᠨᠠᠷ ᠢ᠋ ᠠᠪᠴᠤ ᠳᠤᠮᠳᠠᠳᠤ ᠴᠡᠷᠢᠭ ᠲᠦ᠍ᠷ ᠵᠠᠯᠠᠷᠠᠪᠠᠢ ᠃ ᠴᠡᠷᠢᠭ ᠦ᠋ᠨ ᠵᠢᠨᠦᠩ ᠶᠢᠰᠦᠨ ᠡᠩ ᠂ ᠲᠠᠪᠤᠨ ᠪᠠᠭᠠᠲᠤᠳ ᠂ ᠵᠠᠩᠵᠤᠨ ᠨᠠᠷ ᠬᠢᠭᠡᠳ ᠨᠠᠢ᠍ᠮᠠᠨ ᠮᠢᠩᠭᠠᠨ ᠪᠣᠯᠣᠳ ᠬᠦᠴᠦᠲᠦ ᠴᠡᠷᠢᠭ ᠪᠠ ᠲᠠᠪᠤᠨ ᠲᠦᠮᠡᠨ ᠦ᠌ ᠶᠡᠬᠡ ᠴᠡᠷᠢᠭ ᠢ᠋ ᠵᠠᠬᠢᠷᠤᠨ ᠪᠠᠭᠴᠠᠯᠠᠪᠠ ᠃ ᠪᠤᠭᠤᠷᠵᠢ ᠂ ᠪᠤᠭᠤᠷᠤᠯ ᠬᠣᠶᠠᠷ ᠬᠦᠯᠦᠭ ᠦᠯᠡᠭᠰᠡᠨ ᠴᠡᠷᠢᠭ ᠢ᠋ ᠬᠦᠯᠢᠶᠡᠨ ᠠᠪᠴᠤ ᠤᠯᠤᠰ ᠤ᠋ᠨ ᠳᠥᠷᠪᠡᠨ ᠡᠲᠡᠭᠡᠳ ᠢ᠋ ᠰᠡᠷᠭᠡᠢᠯᠡᠨ ᠰᠠᠬᠢᠪᠠ ᠃ ᠲᠣᠷᠭᠠᠨ ᠰᠢᠷ᠎ᠠ ᠬᠣᠶᠠᠷ ᠳᠡᠭᠦᠦ ᠳᠥᠷᠪᠡᠨ ᠪᠠᠭ᠎ᠠ ᠡᠵᠡᠳ ᠢ᠋ ᠠᠪᠴᠤ ᠬᠣᠷᠣᠭ᠎ᠠ ᠬᠦᠷᠢᠶ᠎ᠡ ᠶ᠋ᠢ ᠰᠠᠬᠢᠪᠠ᠃ ᠬᠦᠯᠦᠭ ᠴᠢᠯᠠᠭᠤᠨ ᠬᠣᠶᠠᠷ ᠡᠲᠡᠭᠡᠳ ᠲᠣᠷ ᠲᠤᠰᠠᠯᠠᠬᠤ ᠲᠦᠮᠡᠨ ᠴᠡᠷᠢᠭ ᠵᠠᠬᠢᠷᠴᠤ ᠬᠣᠶᠠᠷ ᠤᠯᠤᠰ ᠤ᠋ᠨ ᠵᠠᠬ᠎ᠠ ᠳ᠋ᠤᠷ ᠰᠠᠭᠤᠬᠤ ᠪᠠᠷ ᠪᠡᠯᠡᠳᠬᠡᠪᠡ᠃ ᠲᠡᠳᠦᠢ ᠮᠤᠬᠤᠯᠢ ᠪᠠᠷᠰ ᠤ᠋ᠨ ᠵᠠᠩᠵᠤᠨ ᠬᠤᠢᠯᠠᠳᠠᠷ ᠢ᠋ ᠶᠡᠬᠡ ᠴᠡᠷᠢᠭ ᠦ᠋ᠨ ᠡᠮᠦᠨ᠎ᠡ ᠬᠣᠰᠢᠭᠤᠴᠢ ᠪᠣᠯᠭᠠᠨ ᠂ ᠰᠡᠭᠦᠯ ᠳ᠋ᠦ᠍ᠷ ᠰᠥᠨᠢᠳ ᠦ᠋ᠨ ᠪᠠᠷᠰ ᠤ᠋ᠨ ᠵᠠᠩᠵᠤᠨ ᠭᠢᠯᠦᠭᠡᠨ ᠪᠠᠭᠠᠲᠤᠷ ᠢ᠋ ᠬᠠᠮᠠᠭᠠᠯᠠᠨ ᠶᠠᠪᠤᠬᠤ ᠬᠠᠢᠭᠤᠯ ᠪᠣᠯᠭᠠᠭᠠᠳ ᠨᠠᠢ᠍ᠮᠠᠨ ᠮᠢᠩᠭᠠᠨ ᠪᠣᠯᠣᠳ ᠬᠦᠴᠦᠲᠦ ᠴᠡᠷᠢᠭ ᠢ᠋ ᠲᠠᠪᠤᠨ ᠪᠠᠷᠰ ᠤ᠋ᠨ ᠪᠠᠭᠠᠲᠤᠳ ᠲᠤᠷ ᠬᠤᠪᠢᠶᠠᠨ ᠵᠠᠬᠢᠷᠤᠭᠤᠯᠵᠤ ᠂ ᠪᠠᠰᠠ ᠬᠤᠢᠯᠠᠳᠠᠷ ᠬᠣᠰᠢᠭᠤᠴᠢ ᠪᠠ ᠭᠢᠯᠦᠭᠡᠨ ᠪᠠᠭᠠᠲᠤᠷ ᠬᠣᠶᠠᠭᠤᠯᠠ ᠶ᠋ᠢ ᠰᠤᠷᠭᠠᠨ ᠥᠭᠦᠯᠡᠷᠦᠨ : 《ᠲᠠ ᠬᠣᠶᠠᠭᠤᠯᠠ ᠰᠢᠨᠡᠬᠡᠨ ᠬᠡᠰᠢᠭ ᠲᠣᠷ ᠬᠦᠷᠲᠡᠵᠦ ᠰᠢᠭᠤᠳ ᠳᠡᠪᠰᠢᠭᠰᠡᠨ ᠲᠤᠯᠠ ᠡᠨᠡ ᠤᠳᠠᠭ᠎ᠠ ᠳ᠋ᠤᠷ ᠡᠷᠬᠡᠪᠰᠢ ᠬᠦᠴᠦᠯᠡᠨ ᠴᠢᠷᠮᠠᠢᠵᠤ ᠂ ᠠᠮᠢᠨ ᠪᠡᠶ᠎ᠡ ᠪᠡᠨ ᠲᠠᠯᠪᠢᠵᠤ ᠪᠠᠢᠯᠳᠤᠨ ᠴᠢᠬᠤᠯᠠ ᠭᠠᠵᠠᠷ ᠲᠤᠷ ᠴᠣᠬᠢᠨ ᠣᠷᠣᠵᠤ ᠂ ᠲᠣᠪᠴᠢ ᠣᠨᠢᠰᠣᠨ ᠢ᠋ ᠡᠷᠢᠨ ᠡᠪᠳᠡᠯᠡᠬᠦᠢ ᠳ᠋ᠦ᠍ᠷ ᠪᠣᠢ᠃ ᠡᠨᠡ ᠤᠳᠠᠭ᠎ᠠ ᠲᠠᠪᠤᠨ ᠲᠦᠮᠡᠨ ᠴᠡᠷᠢᠭ ᠬᠡᠮᠡᠭᠴᠢ ᠲᠡᠳᠡᠨ ᠦ᠌ ᠣᠮᠣᠭ ᠢ᠋ ᠲᠥᠷᠥᠭᠦᠯᠦᠨ ᠰᠡᠷᠡᠮᠵᠢ ᠶ᠋ᠢ ᠰᠤᠯᠠᠳᠬᠠᠬᠤ ᠴᠡᠷᠢᠭ ᠂ ᠴᠣᠬᠣᠮ ᠬᠡᠷᠡᠭ ᠬᠢᠬᠦᠢ ᠳ᠋ᠦ᠍ᠷ ᠨᠠᠢ᠍ᠮᠠᠨ ᠮᠢᠩᠭᠠᠨ ᠴᠡᠷᠢᠭ ᠡᠴᠡ ᠪᠤᠰᠤᠳ ᠢ᠋ ᠬᠡᠷᠡᠭᠯᠡᠬᠦ ᠦᠭᠡᠢ᠃ ᠡᠨᠡ ᠤᠳᠠᠭ᠎ᠠ ᠶ᠋ᠢᠨ ᠴᠢᠬᠤᠯᠠ ᠢᠲᠡᠭᠡᠭᠰᠡᠨ ᠢᠨᠦ ᠲᠠᠨ ᠤ᠋ ᠬᠣᠶᠠᠭᠤᠯᠠ ᠪᠣᠯᠠᠢ᠃ ᠲᠠ ᠬᠣᠶᠠᠭᠤᠯᠠ ᠶ᠋ᠢᠨ ᠲᠠᠪᠤᠨ ᠪᠠᠷᠰ ᠤ᠋ᠨ ᠪᠠᠭᠠᠲᠤᠳ ᠲᠤᠷ ᠣᠷᠣᠭᠰᠠᠨ ᠠᠨᠤ ᠲᠣᠭᠲᠣᠩᠭᠣ᠌ ᠪᠠᠭᠠᠲᠤᠷ ᠂ ᠰᠥᠪᠡᠭᠡᠲᠡᠢ ᠪᠠᠭᠠᠲᠤᠷ ᠨᠠᠷ ᠤ᠋ᠨ ᠮᠡᠲᠦ ᠤᠭ ᠠ᠋ᠴᠠ ᠵᠠᠩᠵᠤᠨ ᠤ᠋ ᠦᠨᠳᠦᠰᠦᠲᠦ ᠪᠤᠰᠤ ᠪᠣᠯᠠᠢ᠃ ᠡᠵᠡᠨ ᠦ᠌ ᠬᠦᠨᠳᠦ ᠬᠡᠰᠢᠭ ᠲᠣᠷ ᠦᠨᠡᠨ ᠬᠦᠴᠦᠨ ᠢ᠋ᠶ᠋ᠡᠷ ᠦᠬᠦᠨ ᠵᠢᠳᠬᠦᠵᠦ ᠴᠢᠷᠮᠠᠢᠪᠠᠰᠤ ᠵᠣᠬᠢᠮᠤᠢ᠃ ᠪᠢ ᠪᠣᠳᠣᠪᠠᠰᠤ ᠡᠨᠡ ᠤᠳᠠᠬ᠎ᠠ ᠳ᠋ᠤᠷ ᠲᠠ ᠬᠣᠶᠠᠭᠤᠯᠠ ᠬᠢᠴᠢᠶᠡᠪᠡᠰᠦ ᠶᠡᠬᠡ ᠭᠠᠪᠢᠶ᠎ᠠ ᠮᠠᠭᠠᠳ ᠪᠦᠲᠦᠮᠦᠢ ᠂ ᠬᠡᠷᠬᠢᠪᠡᠴᠦ ᠮᠢᠨᠦ ᠠᠷᠭ᠎ᠠ ᠠ᠋ᠴᠠ ᠪᠢᠲᠡᠭᠡᠢ ᠵᠥᠷᠢᠴᠡ ᠂ ᠴᠡᠷᠢᠭ ᠦ᠋ᠨ ᠴᠠᠭᠠᠵᠠ ᠶ᠋ᠢᠨ ᠴᠢᠩᠭ᠎ᠠ ᠬᠠᠲᠠᠭᠤ ᠶ᠋ᠢ ᠮᠡᠳᠡᠬᠦ ᠦᠭᠡᠢ ᠦᠦ ? ᠮᠠᠨ ᠤ᠋ ᠤᠯᠤᠰ ᠤ᠋ᠨ ᠮᠠᠨᠳᠤᠬᠤ ᠪᠠᠭᠤᠷᠠᠬᠤ ᠴᠥᠮ ᠡᠨᠡ ᠤᠳᠠᠬ᠎ᠠ ᠳ᠋ᠤᠷ ᠪᠣᠢ ᠃ ᠡᠨᠡ ᠤᠳᠠᠭ᠎ᠠ ᠬᠡᠷᠪᠡ ᠳᠠᠷᠤᠭᠳᠠᠪᠠᠰᠤ ᠡᠭᠦᠨᠴᠡ ᠣᠳᠣ ᠣᠯᠠᠨ ᠤᠯᠤᠰ ᠤ᠋ᠨ ᠡᠵᠡᠳ ᠦ᠋ᠳ ᠪᠡᠶ᠎ᠡ ᠪᠡᠶ᠎ᠡ ᠪᠡᠷ ᠨᠡᠢᠯᠡᠬᠦ ᠬᠡᠷᠡᠭ ᠡᠭᠦᠨ ᠡᠴᠡ ᠡᠬᠢᠯᠡᠬᠦ ᠪᠣᠯᠠᠢ ᠃ ᠬᠡᠷᠪᠡ ᠳᠠᠷᠤᠪᠠᠰᠤ ᠡᠭᠦᠨᠴᠡ ᠶᠡᠬᠡ ᠰᠠᠨᠠᠭ᠎ᠠ ᠲᠠᠨ ᠥᠪᠡᠷ ᠢ᠋ᠶ᠋ᠡᠨ ᠰᠢᠷᠪᠡᠭᠡᠲᠦᠨ ᠠᠶᠤᠵᠤ ᠡᠰᠡᠷᠭᠦᠴᠡᠯ ᠳᠠᠢᠰᠤᠨ ᠥᠪᠡᠷ ᠢ᠋ᠶ᠋ᠡᠨ ᠨᠣᠮᠣᠬᠠᠷᠠᠨ ᠳᠠᠭᠠᠬᠤ ᠪᠣᠯᠠᠢ !》ᠬᠡᠮᠡᠭᠰᠡᠨ ᠳ᠋ᠦ᠍ᠷ ᠬᠤᠢᠯᠠᠳᠠᠷ ᠬᠣᠰᠢᠭᠤᠴᠢ ᠂ ᠭᠢᠯᠥᠭᠡᠨ ᠪᠠᠭᠠᠲᠤᠷ ᠬᠣᠶᠠᠭᠤᠯᠠ ᠬᠠᠮᠲᠤ ᠪᠠᠷ ᠰᠥᠭᠥᠳᠴᠦ ᠮᠡᠳᠡᠭᠦᠯᠦᠷᠦᠨ : 《ᠥᠷᠥᠰᠢᠶᠡᠯᠳᠦ ᠵᠢᠨᠦᠩ ᠰᠡᠳᠬᠢᠯ ᠢ᠋ᠶ᠋ᠡᠨ ᠰᠤᠯᠠ ᠳᠡᠯᠪᠢ ᠂ ᠪᠢᠳᠡ ᠬᠣᠶᠠᠭᠤᠯᠠ ᠭᠠᠯ ᠤᠰᠤ ᠂ ᠵᠠᠷ ᠵᠡᠪᠰᠡᠭ ᠦ᠋ᠨ ᠠᠯᠢᠨ ᠳ᠋ᠤᠷ ᠪᠣᠯᠪᠠᠴᠤ ᠦᠬᠦᠨ ᠱᠤᠩᠭᠤᠯᠠᠵᠤ ᠣᠷᠣᠮᠤᠢ ᠃ ᠲᠡᠭᠦᠨ ᠳ᠋ᠦ᠍ᠷ ᠬᠦᠷᠦᠭᠰᠡᠨ ᠴᠠᠭ ᠲᠤᠷ ᠵᠢᠨᠦᠩ ᠦᠵᠡᠵᠦ ᠪᠠᠢᠭᠲᠤᠨ ! 》ᠭᠡᠮᠡᠨ ᠳᠤᠷᠠᠲᠠᠶ᠎ᠠ ᠬᠦᠯᠢᠶᠡᠨ ᠠᠪᠤᠪᠠ ᠃
ᠲᠡᠨᠳᠡᠴᠡ ᠡᠨᠡ ᠬᠥᠬᠡᠭᠴᠢᠨ ᠲᠠᠤᠯᠠᠢ ᠵᠢᠯ ᠦ᠋ᠨ ᠬᠠᠪᠤᠷ ᠤ᠋ᠨ ᠰᠡᠭᠦᠯ ᠰᠠᠷ᠎ᠠ ᠶ᠋ᠢᠨ ᠭᠤᠴᠢᠨ ᠤ᠋ ᠪᠠᠷᠰ ᠴᠠᠭ ᠲᠤᠷ ᠵᠢᠨᠦᠩ ᠦ᠋ᠨ ᠴᠠᠴᠠᠷ ᠤ᠋ᠨ ᠡᠮᠦᠨ᠎ᠡ ᠶᠡᠬᠡ ᠦᠬᠡᠷ ᠫᠤᠤ ᠳᠠᠭᠤᠷᠢᠰᠴᠤ ᠵᠢᠨᠦᠩ ᠦ᠋ᠨ ᠶᠡᠬᠡ ᠲᠤᠭ ᠭᠤᠷᠪᠠᠨ ᠵᠡᠷᠭᠡ ᠳᠠᠯᠠᠯᠲᠠᠯᠠ ᠲᠠᠢᠽᠦ ᠶ᠋ᠢᠨ ᠲᠤᠭ ᠬᠥᠳᠡᠯᠦᠭᠰᠡᠨ ᠦᠭᠡᠢ ᠳ᠋ᠦ᠍ᠷ ᠵᠢᠨᠦᠩ ᠮᠤᠬᠤᠯᠢ ᠶᠡᠬᠡᠯ᠎ᠡ ᠰᠣᠴᠢᠵᠤ ᠶᠠᠭᠠᠷᠠᠨ ᠲᠡᠷᠢᠭᠦᠨ ᠫᠤᠤ ᠶ᠋ᠢ ᠲᠠᠯᠪᠢᠭᠤᠯᠪᠠᠰᠤ ᠂ ᠲᠠᠢᠽᠦ ᠶ᠋ᠢᠨ ᠳᠤᠮᠳᠠᠳᠤ ᠬᠦᠷᠢᠶᠡᠨ ᠦ᠌ ᠲᠡᠷᠢᠭᠦᠨ ᠪᠦᠷᠢᠶ᠎ᠡ ᠪᠠᠰᠠ ᠰᠦᠳᠦᠭ ᠦᠭᠡᠢ ᠳ᠋ᠦ᠍ᠷ ᠮᠤᠬᠤᠯᠢ ᠴᠢᠷᠠᠢ ᠠᠯᠳᠠᠵᠤ ᠶᠠᠭᠠᠷᠠᠨ ᠴᠠᠭᠠᠵᠠᠨ ᠤ᠋ ᠵᠡᠪᠡ ᠢᠯᠡᠭᠡᠵᠦ ᠳᠥᠷᠪᠡᠨ ᠪᠠᠭ᠎ᠠ ᠡᠵᠡᠨ ᠢ᠋ ᠵᠠᠷᠯᠠᠨ ᠠᠪᠴᠢᠷᠠᠵᠤ ᠪᠠᠷᠠᠭᠤᠨ ᠡᠲᠡᠭᠡᠳ ᠲᠣᠷ ᠵᠡᠷᠭᠡᠴᠡᠭᠦᠯᠦᠨ ᠵᠣᠭᠰᠣᠭᠠᠵᠤ ᠂ ᠵᠢᠨᠦᠩ ᠦ᠋ᠨ ᠲᠡᠮᠳᠡᠭ ᠂ ᠳᠠᠯᠪᠠᠭ᠎ᠠ ᠵᠡᠪᠡ ᠂ ᠢᠯᠳᠦ ᠭᠤᠷᠪᠠᠨ ᠵᠦᠢᠯ ᠢ᠋ ᠲᠤᠰᠢᠶᠠᠭᠠᠳ ᠪᠠᠰᠠ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠳ᠋ᠤᠷ ᠵᠢᠨᠦᠩ ᠦ᠋ᠨ ᠲᠤᠭ ᠢ᠋ ᠲᠤᠰᠢᠶᠠᠮᠠᠭᠴᠠ ᠪᠡᠶ᠎ᠡ ᠪᠣᠰᠴᠤ ᠵᠢᠨᠦᠩ ᠦ᠋ᠨ ᠱ᠌ᠢᠷᠦ ᠶ᠋ᠢᠨ ᠣᠷᠣᠢ ᠲᠣᠭᠲᠠᠭᠠᠭᠰᠠᠨ ᠡᠷᠳᠡᠨᠢ ᠶ᠋ᠢᠨ ᠳᠤᠭᠤᠯᠠᠭ᠎ᠠ ᠪᠠᠨ ᠠᠪᠴᠤ ᠲᠠᠢᠽᠦ ᠶ᠋ᠢᠨ ᠳᠥᠷᠪᠡᠳᠦᠭᠡᠷ ᠬᠥᠪᠡᠭᠦᠨ ᠲᠣᠯᠢ ᠳ᠋ᠤᠷ ᠥᠭᠴᠦ ᠪᠠᠷᠢᠭᠤᠯᠤᠭᠠᠳ ᠳᠠᠷᠤᠢ ᠬᠤᠶᠠᠭ ᠢ᠋ᠶ᠋ᠠᠨ ᠲᠠᠢᠯᠵᠤ ᠰᠢᠳᠠᠷ ᠠᠷᠠᠳ ᠢ᠋ᠶ᠋ᠠᠨ ᠵᠠᠩᠳᠠᠵᠤ ᠪᠡᠶ᠎ᠡ ᠪᠡᠨ ᠬᠦᠯᠢᠭᠦᠯᠵᠦ ᠬᠣᠢᠰᠢ ᠬᠠᠨᠳᠤᠨ ᠰᠥᠭᠥᠳᠪᠡᠢ ᠂ ᠡᠭᠦᠨ ᠳ᠋ᠦ᠍ᠷ ᠣᠯᠠᠨ ᠵᠠᠩᠵᠤᠨ ᠨᠠᠷ ᠶᠡᠬᠡᠯ᠎ᠡ ᠠᠶᠤᠯᠳᠤᠵᠤ ᠴᠢᠷᠠᠢ ᠶ᠋ᠢᠨ ᠥᠩᠭᠡ ᠴᠥᠮ ᠰᠢᠷᠣᠢ ᠮᠡᠲᠦ ᠪᠣᠯᠪᠠ ᠃ ᠡᠨᠡ ᠮᠡᠳᠡᠭᠡ ᠶ᠋ᠢ ᠬᠡᠳᠦᠢᠨᠡᠢ ᠲᠠᠢᠽᠦ ᠶ᠋ᠢᠨ ᠪᠠᠭᠤᠳᠠᠯ ᠳ᠋ᠤᠷ ᠰᠣᠨᠣᠰᠴᠤ ᠣᠶᠤᠲᠤ ᠰᠡᠴᠡᠨ ᠶᠠᠭᠠᠷᠠᠨ ᠣᠷᠣᠵᠤ ᠲᠠᠢᠽᠦ ᠳ᠋ᠦ᠍ᠷ ᠮᠡᠳᠡᠭᠦᠯᠦᠭᠰᠡᠨ ᠳ᠋ᠦ᠍ᠷ ᠲᠠᠢᠽᠦ ᠶᠡᠬᠡᠯ᠎ᠡ ᠰᠣᠴᠢᠵᠤ ᠵᠠᠬᠢᠷᠤᠨ : 《ᠴᠡᠷᠢᠭ ᠦ᠋ᠨ ᠴᠠᠭᠠᠵᠠ ᠬᠡᠮᠡᠭᠴᠢ ᠶ᠋ᠢ ᠴᠢᠰᠤᠨ ᠰᠤᠳᠠᠯ ᠮᠡᠲᠦ ᠰᠠᠬᠢ ᠬᠡᠮᠡᠵᠦᠬᠦᠢ ᠂ ᠡᠨᠡ ᠢᠨᠦ ᠡᠵᠡᠨ ᠪᠣᠯᠤᠭᠰᠠᠨ ᠮᠢᠨᠦ ᠶᠠᠯ᠎ᠠ ᠪᠣᠯᠠᠢ !》 ᠭᠡᠮᠡᠨ ᠶᠠᠭᠠᠷᠠᠨ ᠳᠡᠭᠡᠭᠰᠢᠯᠡᠵᠦ ᠂ ᠪᠢᠲᠡᠭᠦᠨ ᠬᠤᠪᠴᠠᠰᠤᠨ ᠡᠮᠦᠰᠦᠨ ᠲᠤᠭ ᠤ᠋ᠨ ᠡᠮᠦᠨ᠎ᠡ ᠪᠡᠨ ᠬᠣᠢᠰᠢ ᠬᠠᠨᠳᠤᠨ ᠰᠥᠭᠥᠳᠴᠦ ᠲᠡᠭᠷᠢ ᠭᠠᠵᠠᠷ ᠲᠤᠷ ᠬᠦᠵᠢ ᠵᠤᠯᠠ ᠪᠠᠷᠢᠵᠤ ᠂ ᠪᠤᠭᠤᠷᠵᠢ ᠲᠠᠨ ᠢ᠋ ᠵᠢᠨᠦᠩ ᠦ᠋ᠨ ᠴᠠᠴᠠᠷ ᠠ᠋ᠴᠠ ᠮᠢᠨᠦ ᠶᠠᠯ᠎ᠠ ᠶ᠋ᠢ ᠲᠣᠭᠲᠠᠭᠠᠵᠤ ᠢᠷ᠎ᠡ ᠭᠡᠮᠡᠨ ᠢᠯᠡᠭᠡᠭᠰᠡᠨ ᠳ᠋ᠦ᠍ᠷ ᠵᠢᠨᠦᠩ ᠮᠤᠬᠤᠯᠢ ᠮᠥᠷᠭᠥᠯᠭᠢᠯᠡᠨ ᠥᠭᠦᠯᠡᠷᠦᠨ :《ᠡᠵᠡᠨ ᠦ᠌ ᠰᠡᠳᠬᠢᠯ ᠡᠪᠬᠡᠷᠡᠨ ᠵᠣᠪᠠᠬᠤᠢ ᠳ᠋ᠤᠷ ᠬᠦᠷᠪᠡᠰᠦ ᠲᠦᠰᠢᠮᠡᠯ ᠦ᠋ᠨ ᠪᠡᠶ᠎ᠡ ᠬᠡᠮᠬᠡᠷᠡᠨ ᠦᠬᠦᠪᠡᠰᠦ ᠵᠣᠬᠢᠬᠤ ᠠᠲᠠᠯ᠎ᠠ ᠬᠡᠨ ᠠᠶᠤᠮᠰᠢᠭ᠋ ᠦᠭᠡᠢ ᠡᠵᠡᠨ ᠢ᠋ ᠶᠠᠯᠠᠯᠠᠮᠤᠢ ! ᠡᠵᠡᠨ ᠥᠪᠡᠷ ᠢ᠋ᠶ᠋ᠡᠨ ᠠᠢᠯᠠᠳᠤᠨ ᠲᠣᠭᠲᠠᠭᠠᠪᠠᠰᠤ ᠲᠤᠰᠢᠮᠡᠳ ᠪᠢᠳᠡ ᠮᠥᠨ ᠠᠮᠢᠳᠤᠷᠠᠨ ᠴᠢᠷᠮᠠᠢᠬᠤ ᠵᠠᠪᠰᠠᠷ ᠭᠠᠷᠬᠤ ᠪᠣᠢ ᠢ᠋᠎ᠡ ᠬᠡᠮᠡᠭᠰᠡᠨ ᠳ᠋ᠦ᠍ᠷ ᠲᠠᠢᠽᠦ ᠵᠠᠬᠢᠷᠤᠨ :
ᠴᠡᠷᠢᠭ ᠦ᠋ᠨ ᠵᠢᠨᠦᠩ ᠦ᠋ᠨ ᠴᠢᠬᠤᠯᠠ ᠴᠠᠭᠠᠵᠠ ᠴᠢᠩᠭ᠎ᠠ
ᠴᠡᠷᠢᠭ ᠦ᠋ᠨ ᠡᠵᠡᠨ ᠪᠢ ᠥᠪᠡᠷ ᠲᠡᠭᠡᠨ ᠣᠰᠣᠯᠳᠠᠪᠠ ᠂
ᠴᠡᠷᠢᠭ ᠬᠤᠶᠠᠭ ᠤ᠋ᠨ ᠮᠢᠩᠭᠠᠨ ᠶᠠᠯ᠎ᠠ ᠶ᠋ᠢ ᠳᠠᠪᠬᠤᠷᠯᠠᠵᠤ
ᠴᠡᠷᠢᠭ ᠲᠦ᠍ᠷ ᠱᠠᠩᠨᠠᠬᠤ ᠮᠢᠩᠭᠠᠨ ᠠᠭᠲᠠ ᠶ᠋ᠢ ᠭᠠᠷᠭᠠᠰᠤᠭᠠᠢ ᠪᠢ !
ᠬᠡᠮᠡᠵᠦ ᠥᠪᠡᠷ ᠦ᠋ᠨ ᠭᠡᠷ ᠦ᠋ᠨ ᠬᠥᠷᠥᠩᠭᠡ ᠡᠴᠡ ᠪᠡᠨ ᠮᠢᠩᠭᠠᠨ ᠠᠭᠲᠠ ᠮᠣᠷᠢ ᠭᠠᠷᠭᠠᠵᠤ ᠴᠡᠷᠢᠭ ᠦ᠋ᠨ ᠬᠦᠷᠢᠶᠡᠨ ᠳ᠋ᠦ᠍ᠷ ᠲᠤᠰᠢᠶᠠᠨ ᠭᠠᠪᠢᠶ᠎ᠠ ᠪᠠᠢᠭᠤᠯᠬᠤᠢ ᠳ᠋ᠤᠷ ᠥᠭᠭᠦᠭᠡᠳ ᠰᠠᠶᠢ ᠪᠡᠶ᠎ᠡ ᠪᠡᠷ ᠢᠷᠡᠵᠦ ᠵᠢᠨᠦᠩ ᠮᠤᠬᠤᠯᠢ ᠶ᠋ᠢᠨ ᠬᠦᠯᠢᠶᠡᠰᠦᠨ ᠢ᠋ ᠮᠣᠳᠣᠷ ᠢ᠋ᠶ᠋ᠠᠷ ᠲᠠᠢᠯᠵᠤ ᠂ ᠤᠭ ᠬᠡᠪ ᠢ᠋ᠶ᠋ᠡᠷ ᠡᠯ᠎ᠡ ᠵᠦᠢᠯ ᠢ᠋ ᠡᠭᠡᠭᠦᠯᠵᠦ ᠡᠷᠭᠦᠭᠰᠡᠨ᠎ᠡ ᠮᠤᠬᠤᠯᠢ ᠡᠭᠰᠢᠨ ᠪᠥᠭᠰᠢᠲᠡᠯᠡ ᠤᠬᠢᠯᠠᠨ ᠬᠡᠰᠢᠭ ᠲᠣᠷ ᠮᠥᠷᠭᠥᠨ ᠪᠣᠰᠴᠤ ᠶᠡᠬᠡ ᠬᠡᠩᠭᠡᠷᠭᠡ ᠴᠣᠬᠢᠵᠤ ᠣᠯᠠᠨ ᠵᠠᠩᠵᠤᠨ ᠢ᠋ ᠴᠤᠭᠯᠠᠭᠤᠯᠵᠤ ᠵᠠᠷᠯᠠᠷᠤᠨ᠄
ᠴᠢᠳᠠᠯ ᠦᠭᠡᠢ ᠵᠢᠨᠦᠩ ᠣᠰᠣᠯᠳᠠᠵᠤ ᠡᠵᠡᠨ ᠢ᠋ᠶ᠋ᠡᠨ ᠴᠢᠬᠤᠯᠳᠠᠭᠤᠯᠪᠠᠢ
ᠴᠢᠬᠤᠯᠠ ᠴᠠᠭᠠᠵᠠ ᠶ᠋ᠢ ᠴᠢᠩᠭ᠎ᠠ ᠪᠣᠯᠭᠠᠨ ᠡᠵᠡᠨ ᠮᠢᠨᠦ ᠳᠤᠷᠭᠠᠨᠳᠠᠪᠠᠢ ᠂
ᠴᠡᠷᠢᠭ ᠦ᠋ᠨ ᠬᠤᠶᠠᠭ ᠪᠦᠭᠦᠳᠡᠭᠡᠷ ᠴᠢᠰᠤᠨ ᠰᠡᠳᠬᠢᠯ ᠢ᠋ᠶ᠋ᠡᠷ ᠴᠢᠷᠮᠠᠢᠭᠲᠤᠨ
ᠴᠢᠬᠤᠯ ᠮᠤᠬᠤᠯᠢ ᠵᠠᠭᠤᠨ ᠠᠭᠲᠠ ᠪᠠᠷ ᠪᠡᠶ᠎ᠡ ᠶᠦ᠍ᠭᠡᠨ ᠶᠠᠯᠠᠯᠠᠪᠠᠢ !
ᠬᠡᠮᠡᠭᠡᠳ ᠥᠪᠡᠷ ᠦ᠋ᠨ ᠠᠮᠢᠨ ᠠ᠋ᠴᠠ ᠪᠠᠨ ᠵᠠᠭᠤᠨ ᠠᠭᠲᠠ ᠭᠠᠷᠭᠠᠵᠤ ᠪᠡᠶ᠎ᠡ ᠪᠡᠨ ᠲᠣᠷᠭᠠᠭᠠᠳ ᠮᠥᠨ ᠡᠳᠦᠷ ᠦ᠋ᠨ ᠯᠤᠤ ᠴᠠᠭ ᠲᠤᠷ ᠰᠠᠢ ᠶᠡᠬᠡ ᠴᠡᠷᠢᠭ ᠬᠥᠳᠡᠯᠵᠦ ᠰᠠᠷᠯᠠᠭ ᠤᠯᠤᠰ ᠤ᠋ᠨ ᠵᠦᠭ ᠮᠣᠷᠳᠠᠪᠠᠢ᠃ ᠡᠨᠡ ᠢᠨᠦ ᠲᠠᠢᠽᠦ ᠮᠤᠬᠤᠯᠢ᠂ ᠡᠵᠡᠨ ᠲᠦᠰᠢᠮᠡᠯ ᠬᠡᠳᠦᠢᠨᠡᠢ ᠵᠥᠪᠳᠡᠨ ᠲᠣᠭᠲᠠᠵᠤ ᠥᠪᠡᠷ ᠦ᠋ᠨ ᠴᠡᠷᠢᠭ ᠦ᠋ᠨ ᠴᠠᠭᠠᠵᠠ ᠶ᠋ᠢ ᠴᠢᠩᠭ᠎ᠠ ᠪᠣᠯᠭᠠᠨ ᠰᠦᠷ ᠬᠡᠰᠢᠭ ᠢ᠋ ᠲᠡᠭᠰᠢᠳᠬᠡᠬᠦ ᠠᠷᠭ᠎ᠠ ᠠᠵᠤᠭᠤ ᠃
ᠰᠤᠳᠤᠷᠴᠢ ᠲᠦᠰᠢᠮᠡᠯ ᠴᠥᠯᠪᠡᠨ ᠪᠢᠴᠢᠭᠰᠡᠭᠡᠷ ᠡᠨᠳᠡ ᠬᠦᠷᠴᠦ ᠳᠣᠲᠣᠷ᠎ᠠ ᠭᠠᠢᠬᠠᠵᠤ
ᠰᠣᠯᠢᠭᠤ ᠮᠥᠯᠢᠭᠣ ᠬᠡᠳᠦᠨ ᠦᠰᠦᠭ ᠦ᠋ᠨ ᠰᠢᠯᠦᠭ ᠪᠢᠴᠢᠵᠦ ᠲᠡᠮᠳᠡᠭᠯᠡᠭᠰᠡᠨ ᠠᠨᠤ᠄
ᠠᠷᠭ᠎ᠠ ᠪᠣᠳᠣᠯᠭ᠎ᠠ ᠬᠣᠣᠰ ᠪᠦᠷᠢᠳᠦᠭᠰᠡᠨ ᠵᠢᠨᠦᠩ ᠮᠤᠬᠤᠯᠢ ᠭᠠᠢᠬᠠᠯᠲᠠᠢ ᠤᠤ ?
ᠠᠯᠲᠠᠨ ᠶᠠᠰᠤᠲᠤ ᠲᠡᠭᠷᠢ ᠶ᠋ᠢᠨ ᠬᠥᠪᠡᠭᠦᠨ ᠪᠣᠭᠳᠠ ᠴᠢᠩᠭᠢᠰ ᠮᠡᠷᠭᠡᠨ ᠢ᠋ ᠦᠦ ?
ᠠᠴᠢ ᠵᠢᠷᠤᠮ ᠢ᠋ ᠬᠦᠨᠳᠦ ᠪᠣᠯᠭᠠᠭᠴᠢ ᠴᠢᠳᠠᠯᠲᠤ ᠲᠦᠰᠢᠮᠡᠯ ᠪᠡᠷᠬᠡ ᠬᠡᠮᠡᠬᠦᠢ ᠳ᠋ᠦ᠍ ᠂
ᠠᠢᠯᠠᠳᠴᠤ ᠮᠡᠳᠡᠬᠦ ᠲᠠᠢᠽᠦ ᠶ᠋ᠢᠨ ᠮᠡᠲᠦ ᠡᠵᠡᠨ ᠢ᠋ ᠤᠯᠬᠤᠢ ᠳ᠋ᠤᠷ ᠨᠡᠩ ᠪᠡᠷᠬᠡ ᠪᠤᠰᠤ ᠤᠤ ?
ᠲᠡᠨᠳᠡᠴᠡ ᠲᠠᠢᠽᠦ ᠶ᠋ᠢᠨ ᠴᠡᠷᠢᠭ ᠰᠠᠷᠯᠠᠭ ᠤᠯᠤᠰ ᠤ᠋ᠨ ᠵᠦᠭ ᠡᠴᠢᠬᠦ ᠶ᠋ᠢ ᠳ᠋ᠦ᠍ᠷ ᠬᠡᠯᠡᠬᠦ ᠦᠭᠡᠢ ᠃
ᠵᠢᠴᠢ ᠥᠭᠦᠯᠡᠬᠦ ᠢᠨᠦ ᠰᠠᠷᠯᠠᠭ ᠤᠯᠤᠰ ᠲᠤᠷ ᠤᠷᠢᠳᠠ ᠡᠶᠡᠳᠡᠷᠡ ᠡᠴᠢᠭᠰᠡᠨ ᠪᠧᠲ᠋ᠠ᠋ ᠤᠯᠤᠰ ᠤ᠋ᠨ ᠡᠯᠴᠢ ᠵᠡᠯᠮ᠎ᠡ ᠪᠠ ᠬᠤᠳᠠᠭᠠᠨ᠎ᠠ ᠪᠡᠬᠢ ᠬᠣᠶᠠᠭᠤᠯᠠ ᠶ᠋ᠢ ᠬᠡᠯᠡᠬᠦ ᠢᠨᠦ : ᠲᠡᠭᠦᠨᠴᠡ ᠵᠠᠯᠮ᠎ᠠ ᠂ ᠬᠤᠳᠠᠭᠠᠨ᠎ᠠ ᠪᠡᠬᠢ ᠬᠣᠶᠠᠭᠤᠯᠠ ᠵᠠᠭᠤᠨ ᠴᠡᠷᠢᠭ ᠦ᠋ᠨ ᠬᠥᠮᠦᠨ ᠢ᠋ᠶ᠋ᠡᠷ ᠮᠢᠩᠭᠠᠨ ᠲᠡᠮᠡᠭᠡᠨ ᠠᠴᠢᠶ᠎ᠠ ᠬᠥᠲᠥᠯᠦᠭᠦᠯᠵᠦ ᠰᠠᠷᠯᠠᠭ ᠤᠯᠤᠰ ᠤ᠋ᠨ ᠵᠠᠬ᠎ᠠ ᠶ᠋ᠢᠨ ᠬᠠᠷᠠᠭᠤᠯ ᠳ᠋ᠤᠷ ᠬᠦᠷᠴᠦ ᠬᠦᠨᠳᠦ ᠪᠡᠯᠡᠭ ᠪᠠᠷᠢᠵᠤ ᠪᠤᠷᠤᠭᠤ ᠬᠦᠯᠢᠶᠡᠨ ᠡᠶᠡᠳᠡᠬᠦ ᠤᠴᠢᠷ ᠢ᠋ ᠬᠡᠯᠡᠵᠦ ᠂ ᠬᠠᠮᠲᠤ ᠰᠠᠷᠯᠠᠭ ᠤᠯᠤᠰ ᠤ᠋ᠨ ᠰᠣᠷᠤᠨᠴᠤᠭ ᠨᠡᠷᠡᠲᠦ ᠬᠣᠲᠠᠨ ᠳ᠋ᠤᠷ ᠬᠦᠷᠴᠦ ᠴᠡᠷᠢᠭ ᠪᠠ ᠠᠴᠢᠶ᠎ᠠ ᠶ᠋ᠢ ᠬᠣᠲᠠᠨ ᠤ᠋ ᠭᠠᠳᠠᠨ᠎ᠠ ᠪᠠᠭᠤᠯᠭᠠᠵᠤ ᠂ ᠪᠡᠯᠡᠭ ᠦ᠋ᠨ ᠶᠠᠭᠤᠮ᠎ᠠ ᠠᠭᠤᠯᠠ ᠶ᠋ᠢᠨ ᠴᠢᠨᠡᠭᠡᠨ ᠣᠪᠣᠭᠠᠯᠠᠭᠰᠠᠨ ᠢ᠋ ᠰᠠᠷᠯᠠᠭ ᠤᠯᠤᠰ ᠤ᠋ᠨ ᠶᠢᠰᠦᠨ ᠠᠢᠮᠠᠭ ᠤ᠋ᠨ ᠠᠷᠪᠠᠨ ᠬᠣᠶᠠᠷ ᠲᠦᠮᠡᠨ ᠴᠡᠷᠢᠭ ᠦ᠋ᠨ ᠠᠷᠠᠳ ᠶᠡᠬᠡᠯ᠎ᠡ ᠣᠮᠣᠭ᠍ᠰᠢᠨ ᠦᠭᠦᠯᠡᠯᠳᠦᠷᠦᠨ : 《ᠪᠢᠳᠡᠨ ᠬᠥᠳᠡᠯᠦᠯ ᠦᠭᠡᠢ ᠪᠡᠷ ᠪᠧᠲ᠋ᠠ᠋ ᠤᠯᠤᠰ ᠳᠠᠭᠠᠭᠰᠠᠨ ᠪᠤᠰᠤ ᠤᠤ ? 》ᠬᠡᠮᠡᠯᠳᠦᠵᠦ ᠠᠰᠠᠭᠤᠪᠠᠰᠤ ᠡᠳᠡᠭᠡᠷ ᠠᠴᠢᠶ᠎ᠠ ᠬᠥᠲᠥᠯᠦᠭᠰᠡᠨ ᠠᠷᠠᠳ ᠥᠭᠦᠯᠡᠷᠦᠨ : 《ᠡᠳᠡᠭᠡᠷ ᠮᠢᠩᠭᠠᠨ ᠠᠴᠢᠶ᠎ᠠ ᠴᠥᠮ ᠢ᠋ᠶ᠋ᠠᠷ ᠲᠠᠨ ᠤ᠋ ᠶᠢᠰᠦᠨ ᠤᠯᠤᠰ ᠲᠤᠷ ᠱᠠᠩᠨᠠᠬᠤ ᠡᠳ᠋ ᠲᠠᠸᠠᠷ ᠂ ᠮᠥᠩᠭᠥ ᠪᠥᠰ ᠂ ᠠᠷᠠᠰᠤ ᠬᠥᠷᠥᠰᠥ ᠶ᠋ᠢᠨ ᠵᠦᠢᠯ ᠂ ᠳᠠᠭᠠᠯᠳᠤᠭ᠎ᠠ ᠪᠡᠶ᠎ᠡ ᠪᠡᠷ ᠴᠡᠷᠢᠭ ᠠᠪᠤᠨ ᠢᠷᠡᠵᠦ ᠲᠠᠨ ᠤ᠋ ᠬᠠᠭᠠᠨ ᠤ᠋ ᠠᠴᠢ ᠳ᠋ᠤᠷ ᠬᠠᠷᠢᠭᠤᠯᠠᠮᠤᠢ ! 》ᠬᠡᠮᠡᠭᠰᠡᠨ ᠳ᠋ᠦ᠍ᠷ ᠨᠢᠭᠡᠨ ᠡᠴᠡ ᠠᠷᠪᠠᠨ ᠳ᠋ᠤᠷ ᠠᠯᠳᠠᠷᠰᠢᠵᠤ ᠮᠢᠩᠭᠠᠨ ᠠ᠋ᠴᠠ ᠲᠦᠮᠡᠨ ᠳ᠋ᠦ᠍ᠷ ᠳᠠᠭᠤᠷᠢᠰᠤᠭᠠᠳ ᠤᠳᠠᠭᠰᠠᠨ ᠦᠭᠡᠢ ᠬᠣᠲᠠ ᠶ᠋ᠢᠨ ᠭᠠᠳᠠᠨ᠎ᠠ ᠬᠣᠷᠢᠨ ᠵᠢᠷᠭᠤᠭᠠᠨ ᠬᠦᠷᠢᠶᠡᠨ ᠳ᠋ᠦ᠍ᠷ ᠲᠦᠷᠬᠢᠯᠡᠨ ᠬᠡᠯᠡᠯᠴᠡᠨ ᠡᠭᠦᠰᠬᠡᠯᠴᠡᠪᠡ ᠃ ᠡᠨᠡ ᠦᠶ᠎ᠡ ᠳ᠋ᠦ᠍ ᠵᠠᠯᠮ᠎ᠠ ᠨᠠᠷ ᠬᠡᠳᠦᠢᠨᠡᠢ ᠬᠣᠲᠠᠨ ᠳ᠋ᠤᠷ ᠣᠷᠣᠵᠤ ᠵᠠᠯᠢᠲᠤ ᠬᠠᠭᠠᠨ ᠳ᠋ᠤᠷ ᠮᠥᠷᠭᠥᠵᠦ ᠪᠠᠷᠠᠯᠠᠭᠠᠳ ᠭᠤᠶᠤᠨ ᠮᠡᠳᠡᠭᠦᠯᠦᠷᠦᠨ : 《ᠮᠠᠨ ᠤ᠋ ᠡᠵᠡᠨ ᠪᠤᠷᠤᠭᠤ ᠪᠠᠨ ᠮᠡᠳᠡᠵᠦ ᠶᠡᠬᠡᠯ᠎ᠡ ᠭᠡᠮᠰᠢᠨ ᠮᠢᠩᠭᠠᠨ ᠠᠴᠢᠶ᠎ᠠ ᠮᠥᠩᠭᠥ ᠂ ᠪᠥᠰ ᠂ ᠨᠡᠬᠡᠢ ᠂ ᠠᠷᠠᠰᠤ ᠶ᠋ᠢᠨ ᠵᠦᠢᠯ ᠦ᠋ᠨ ᠡᠳ᠋ ᠲᠠᠸᠠᠷ ᠤ᠋ᠨ ᠪᠡᠯᠡᠭ ᠪᠠᠷᠢᠭᠤᠯᠵᠤ ᠂ ᠶᠠᠯ᠎ᠠ ᠪᠠᠨ ᠲᠠᠢᠯᠬᠤ ᠶ᠋ᠢ ᠭᠤᠶᠤᠵᠤ ᠂ ᠬᠠᠷᠢᠯᠴᠠᠨ ᠨᠢᠭᠤᠷ ᠤ᠋ᠨ ᠡᠮᠦᠨ᠎ᠡ ᠲᠠᠢᠯᠤᠨ ᠬᠡᠯᠡᠯᠴᠡᠰᠦᠭᠡᠢ ᠭᠡᠮᠡᠨ ᠤᠷᠢᠳᠠ ᠡᠶᠡᠳᠡᠬᠦ ᠪᠢᠴᠢᠭ ᠢ᠋ ᠡᠷᠭᠦᠭᠦᠯᠪᠡ 》ᠬᠡᠮᠡᠵᠦ ᠪᠢᠴᠢᠭ ᠢ᠋ᠶ᠋ᠡᠨ ᠡᠷᠭᠦᠭᠰᠡᠨ ᠳ᠋ᠦ᠍ᠷ ᠵᠠᠯᠢᠲᠤ ᠬᠠᠭᠠᠨ ᠪᠢᠴᠢᠭ ᠢ᠋ ᠲᠠᠢᠯᠤᠨ ᠰᠣᠨᠣᠰᠪᠠᠰᠤ ᠮᠥᠨ ᠬᠦ᠌ ᠡᠶᠡᠳᠡᠬᠦ ᠦᠭᠡᠰ ᠲᠤᠯᠠ ᠵᠠᠷᠯᠢᠭ ᠪᠠᠭᠤᠯᠭᠠᠷᠤᠨ :《ᠲᠠᠨ ᠤ᠋ ᠡᠵᠡᠨ ᠨᠢᠭᠡᠨᠲᠡ ᠥᠪᠡᠷ ᠢ᠋ᠶ᠋ᠡᠨ ᠶᠠᠯ᠎ᠠ ᠪᠠᠨ ᠮᠡᠳᠡᠵᠦ ᠮᠥᠷᠭᠥᠷ᠎ᠡ ᠢᠷᠡᠬᠦ ᠲᠤᠯᠠ ᠳ᠋ᠤᠷ ᠮᠢᠨᠦ ᠪᠣᠳᠣᠨ ᠲᠣᠭᠲᠠᠭᠠᠬᠤ ᠶ᠋ᠢ ᠬᠦᠯᠢᠶᠡ ! 》ᠭᠡᠮᠡᠨ ᠵᠠᠯᠮ᠎ᠠ ᠲᠠᠨ ᠢ᠋ ᠪᠠᠭᠤᠳᠠᠯ ᠳ᠋ᠤᠷ ᠠᠨᠤ ᠡᠭᠡᠭᠦᠯᠪᠡ ᠃
ᠲᠡᠭᠦᠨᠴᠡ ᠶᠢᠰᠦᠨ ᠤᠯᠤᠰ ᠤ᠋ᠨ ᠶᠡᠬᠡ ᠴᠡᠷᠢᠭ ᠢᠨᠦ ᠴᠢᠮᠡᠭᠡ ᠠᠪᠤᠪᠠᠰᠤ ᠪᠧᠲ᠋ᠠ᠋ ᠤᠯᠤᠰ ᠤ᠋ᠨ ᠴᠡᠷᠢᠭ ᠦ᠋ᠨ ᠬᠡᠯᠡᠬᠦ ᠢᠨᠦ : ᠵᠠᠯᠢᠲᠤ ᠬᠠᠭᠠᠨ ᠪᠡᠯᠡᠭ ᠦ᠋ᠨ ᠡᠳ᠋ ᠢ᠋ ᠠᠪᠬᠤ ᠦᠭᠡᠢ ᠣᠨᠴᠠ ᠦᠬᠦᠨ ᠪᠠᠢᠯᠳᠤᠮᠤᠢ ᠭᠡᠮᠡᠨ ᠮᠠᠨ ᠤ᠋ ᠤᠯᠤᠰ ᠠ᠋ᠴᠠ ᠢᠷᠡᠭᠰᠡᠨ ᠡᠯᠴᠢ ᠶ᠋ᠢ ᠦᠯᠳᠡᠵᠦ ᠭᠠᠷᠭᠠᠪᠠ ᠬᠡᠮᠡᠬᠦᠢ ᠳ᠋ᠦ᠍ᠷ ᠂ ᠶᠢᠰᠦᠨ ᠤᠯᠤᠰ ᠤ᠋ᠨ ᠭᠠᠳᠠᠭᠠᠳᠤ ᠴᠡᠷᠢᠭ ᠮᠠᠰᠢ ᠤᠷᠮ᠎ᠠ ᠬᠠᠷᠢᠵᠤ ᠠᠮᠲᠠ ᠠᠯᠳᠠᠷᠠᠭᠠᠳ ᠥᠪᠡᠷ ᠵᠠᠭᠤᠷ᠎ᠠ ᠪᠠᠨ ᠵᠥᠪᠯᠡᠯᠳᠦᠨ ᠥᠭᠦᠯᠡᠷᠦᠨ : 《ᠵᠠᠯᠢᠲᠤ ᠬᠠᠭᠠᠨ ᠶᠣᠰᠣ ᠦᠭᠡᠢ ᠂ ᠡᠳᠦᠭᠡ ᠮᠠᠨ ᠤ᠋ ᠵᠡᠷᠭᠡ ᠶ᠋ᠢᠨ ᠭᠠᠳᠠᠭᠠᠳᠤ ᠤᠯᠤᠰ ᠤ᠋ᠨ ᠴᠡᠷᠢᠭ ᠢ᠋ ᠨᠡᠢᠯᠡᠭᠦᠯᠵᠦ ᠰᠦᠷ ᠶᠡᠬᠡᠳᠦᠭᠰᠡᠨ ᠢ᠋ᠶ᠋ᠡᠷ ᠰᠠᠶᠢ ᠪᠧᠲ᠋ᠠ᠋ ᠤᠯᠤᠰ ᠤ᠋ᠨ ᠴᠡᠷᠢᠭ ᠠᠶᠤᠵᠤ ᠡᠵᠡᠨ ᠢᠨᠦ ᠪᠢᠰᠢᠷᠡᠭᠡᠳ ᠰᠠᠶᠢ ᠡᠨᠡ ᠮᠡᠲᠦ ᠮᠢᠩᠭᠠᠨ ᠠᠴᠢᠶ᠎ᠠ ᠬᠦᠨᠳᠦ ᠪᠡᠯᠡᠭ ᠪᠠᠷᠢᠭᠤᠯᠵᠤ ᠂ ᠪᠠᠰᠠ ᠪᠡᠶ᠎ᠡ ᠪᠡᠷ ᠡᠶᠡᠳᠡᠨ ᠳᠠᠭᠠᠷ᠎ᠠ ᠢᠷᠡᠬᠦ ᠡᠢᠮᠦ ᠰᠠᠢᠬᠠᠨ ᠬᠡᠷᠡᠭ ᠢ᠋ ᠪᠠᠰᠠ ᠬᠦᠯᠢᠶᠡᠬᠦ ᠦᠭᠡᠢ ᠂ ᠣᠨᠴᠠ ᠮᠠᠨ ᠢ᠋ᠶ᠋ᠠᠷ ᠦᠬᠦᠨ ᠪᠠᠢᠯᠳᠤᠭᠤᠯᠬᠤᠢ ᠳ᠋ᠤᠷ ᠬᠡᠨ ᠲᠡᠭᠦᠨ ᠳ᠋ᠦ᠍ᠷ ᠠᠮᠢ ᠪᠠᠨ ᠭᠡᠭᠡᠵᠦ ᠵᠢᠳᠬᠦᠬᠦ ᠠᠵᠢ ! 》ᠭᠡᠮᠡᠨ ᠣᠯᠠᠨ ᠢ᠋ᠶ᠋ᠠᠷ ᠵᠠᠯᠢᠲᠤ ᠬᠠᠭᠠᠨ ᠳ᠋ᠤᠷ ᠬᠣᠷᠣᠰᠤᠨ ᠭᠠᠰᠠᠯᠤᠯᠴᠠᠪᠠᠢ ᠃
ᠲᠡᠭᠦᠨᠴᠡ ᠵᠠᠯᠢᠲᠤ ᠬᠠᠭᠠᠨ ᠂ ᠪᠧᠲ᠋ᠠ᠋ ᠤᠯᠤᠰ ᠤ᠋ᠨ ᠡᠯᠴᠢ ᠵᠡᠯᠮ᠎ᠡ ᠂ ᠬᠤᠳᠠᠭᠠᠨ᠎ᠠ ᠪᠡᠬᠢ ᠬᠣᠶᠠᠭᠤᠯᠠ ᠶ᠋ᠢ ᠭᠠᠷᠭᠠᠮᠠᠭᠴᠠ ᠥᠪᠡᠷ ᠦ᠋ᠨ ᠳᠣᠣᠷᠠᠬᠢ ᠳᠥᠷᠪᠡᠨ ᠶᠡᠬᠡ ᠵᠥᠪᠯᠡᠯ ᠦ᠋ᠨ ᠰᠠᠢᠳ – ᠨᠢᠭᠡᠨ ᠦ᠌ ᠨᠡᠷ᠎ᠡ ᠰᠠᠭᠠᠷ ᠂ ᠨᠢᠭᠡᠨ ᠦ᠌ ᠨᠡᠷ᠎ᠡ ᠲᠠᠷᠪᠡ ᠂ ᠨᠢᠭᠡᠨ ᠦ᠌ ᠨᠡᠷ᠎ᠡ ᠬᠠᠨᠳᠠᠭᠠᠢ ᠂ ᠨᠢᠭᠡᠨ ᠦ᠌ ᠨᠡᠷ᠎ᠡ ᠤᠬᠠᠭᠠᠨᠲᠤ ᠃ ᠡᠨᠡ ᠳᠥᠷᠪᠡᠨ ᠲᠦᠰᠢᠮᠡᠯ ᠯᠦ᠍ᠭᠡ ᠪᠡᠨ ᠵᠥᠪᠳᠡᠨ ᠥᠭᠦᠯᠡᠷᠦᠨ : 《ᠡᠨᠡ ᠪᠧᠲ᠋ᠠ᠋ ᠤᠯᠤᠰ ᠤ᠋ᠨ ᠡᠵᠡᠨ ᠲᠡᠮᠦᠵᠢᠨ ᠢ᠋ᠶ᠋ᠡᠷ ᠮᠠᠨ ᠤ᠋ ᠶᠢᠰᠦᠨ ᠶᠡᠬᠡ ᠤᠯᠤᠰ ᠢ᠋ ᠴᠤᠭᠯᠠᠭᠤᠯᠵᠤ ᠂ ᠮᠠᠨ ᠤ᠋ ᠥᠪᠡᠷ ᠦ᠋ᠨ ᠶᠡᠬᠡ ᠴᠡᠷᠢᠭ ᠲᠡᠢ ᠨᠡᠢᠯᠡᠭᠰᠡᠨ ᠢ᠋ ᠰᠣᠨᠣᠰᠴᠤ ᠨᠢᠭᠡᠨᠲᠡ ᠠᠶᠤᠭᠰᠠᠨ ᠲᠤᠯᠠ ᠡᠳᠦᠭᠡ ᠮᠢᠩᠭᠠᠨ ᠠᠴᠢᠶ᠎ᠠ ᠬᠦᠨᠳᠦ ᠪᠡᠯᠡᠭ ᠪᠠᠷᠢᠭᠤᠯᠵᠤ ᠂ ᠪᠠᠰᠠ ᠥᠪᠡᠷ ᠦ᠋ᠨ ᠪᠡᠶ᠎ᠡ ᠪᠡᠷ ᠨᠢᠭᠤᠷ ᠵᠣᠯᠭᠠᠨ ᠡᠶᠡᠳᠡᠷᠡ ᠢᠷᠡᠭᠰᠡᠨ ᠢᠨᠦ ᠰᠡᠵᠢᠭᠯᠡᠯ ᠦᠭᠡᠢ ᠪᠣᠯᠪᠠ ᠃ ᠲᠡᠢᠨ ᠪᠣᠯᠪᠠᠴᠤ ᠪᠢᠳᠡ ᠳᠠᠷᠤᠢ ᠡᠨᠡ ᠶᠣᠰᠣᠭᠠᠷ ᠦᠨᠡᠬᠡᠷ ᠡᠶᠡᠳᠡᠮᠦᠢ ᠦᠦ ? ᠡᠰᠡᠬᠦᠯ᠎ᠡ ᠡᠶᠡᠳᠡᠮᠦᠢ ᠭᠡᠮᠡᠨ ᠡᠳ᠋ ᠢ᠋ ᠢᠨᠦ ᠮᠡᠬᠡᠯᠡᠵᠦ ᠠᠪᠤᠭᠠᠳ ᠂ ᠪᠧᠲ᠋ᠠ᠋ ᠤᠯᠤᠰ ᠤ᠋ᠨ ᠡᠵᠡᠨ ᠢ᠋ ᠢᠷᠡᠭᠰᠡᠨ ᠦ᠌ ᠬᠣᠢᠨ᠎ᠠ ᠭᠡᠨᠡᠳᠡᠭᠦᠯᠦᠨ ᠪᠠᠢᠯᠳᠤᠵᠤ ᠠᠷᠢᠯᠭᠠᠨ ᠲᠠᠰᠤᠯᠪᠠᠰᠤ ᠰᠠᠢᠨ ᠦᠭᠡᠢ ᠦᠦ ? 》 ᠭᠡᠮᠡᠨ ᠠᠰᠠᠭᠤᠭᠰᠠᠨ ᠳ᠋ᠤᠷ ᠰᠠᠭᠠᠷ ᠂ ᠳᠠᠷᠪᠡ ᠂ ᠤᠬᠠᠭᠠᠨᠲᠤ ᠶᠡᠬᠡᠯ᠎ᠡ ᠪᠠᠶᠠᠷᠯᠠᠨ ᠬᠠᠮᠲᠤ ᠪᠠᠷ ᠠᠢᠯᠠᠳᠬᠠᠷᠤᠨ : 《ᠬᠠᠭᠠᠨ ᠡᠵᠡᠨ ᠦ᠌ ᠡᠨᠡ ᠠᠷᠭ᠎ᠠ ᠮᠠᠰᠢ ᠮᠡᠷᠭᠡᠨ ᠂ ᠡᠳ᠋ ᠣᠯᠵᠤ ᠪᠠᠰᠠ ᠡᠷᠬᠡ ᠶ᠋ᠢ ᠡᠵᠡᠯᠡᠮᠦᠢ ᠂ ᠡᠮᠦᠨ᠎ᠡ ᠤᠮᠠᠷ᠎ᠠ ᠴᠥᠮ ᠮᠠᠨ ᠳ᠋ᠤᠷ ᠪᠣᠯᠤᠮᠤᠢ 》ᠬᠡᠮᠡᠭᠰᠡᠨ ᠳ᠋ᠦ᠍ᠷ ᠬᠠᠵᠠᠭᠤ ᠠ᠋ᠴᠠ ᠬᠠᠨᠳᠠᠭᠠᠢ ᠨᠡᠷᠡᠲᠦ ᠲᠤᠷᠰᠢᠮᠡᠯ ᠲᠡᠷᠢᠭᠦᠨ ᠰᠠᠵᠢᠵᠤ ᠥᠭᠦᠯᠡᠷᠦᠨ : 《ᠡᠨᠡ ᠬᠡᠷᠡᠭ ᠮᠠᠰᠢ ᠰᠡᠵᠢᠭᠯᠡᠯ ᠲᠡᠢ ᠂ ᠪᠧᠲ᠋ᠠ᠋ ᠤᠯᠤᠰ ᠤ᠋ᠨ ᠡᠵᠡᠨ ᠨᠢᠭᠡᠨᠲᠡ ᠮᠢᠩᠭᠠᠨ ᠠᠴᠢᠶ᠎ᠠ ᠬᠦᠨᠳᠦ ᠪᠡᠯᠡᠭ ᠪᠠᠷᠢᠭᠤᠯᠵᠤ ᠂ ᠮᠠᠨ ᠤ᠋ ᠵᠠᠩᠵᠤᠨ ᠴᠡᠷᠢᠭ ᠲᠦ᠍ᠷ ᠱᠠᠩᠨᠠᠭᠤᠯᠵᠤ ᠂ ᠡᠶᠡᠳᠡᠵᠦ ᠳᠠᠭᠠᠬᠤ ᠲᠤᠢᠯ ᠤ᠋ᠨ ᠬᠡᠷᠡᠭ ᠪᠥᠭᠡᠲᠡᠯ᠎ᠡ ᠣᠨᠴᠠ ᠪᠡᠶ᠎ᠡ ᠪᠡᠷ ᠢᠷᠡᠵᠦ ᠲᠠᠩᠭᠠᠷᠢᠭ᠋ ᠨᠡᠢᠯᠡᠮᠦᠢ ᠬᠡᠮᠡᠭᠴᠢ ᠢᠨᠦ ᠶᠠᠮᠪᠠᠷ ᠰᠠᠨᠠᠭᠠᠨ ᠠᠵᠢ ? ᠲᠡᠷᠡ ᠨᠢᠭᠡᠨᠲᠡ ᠪᠤᠰᠤᠳ ᠤ᠋ᠨ ᠵᠠᠬ᠎ᠠ ᠳ᠋ᠤᠷ ᠭᠦᠨ᠎ᠡ ᠣᠷᠣᠬᠤ ᠲᠤᠯᠠ ᠬᠡᠷᠬᠢᠪᠡᠴᠦ ᠴᠡᠷᠢᠭ ᠦᠭᠡᠢ ᠪᠡᠷ ᠦᠯᠦ ᠢᠷᠡᠮᠦᠢ᠂ ᠲᠡᠷᠡ ᠮᠠᠨ ᠤ᠋ ᠬᠤᠷᠢᠶᠠᠭᠰᠠᠨ ᠴᠡᠷᠢᠭ ᠲᠦ᠍ᠷ ᠱᠠᠩ ᠥᠭᠴᠦ ᠮᠠᠨ ᠤ᠋ ᠴᠡᠷᠢᠭ ᠦ᠋ᠨ ᠰᠡᠳᠬᠢᠯ ᠢ᠋ ᠬᠤᠪᠢᠰᠬᠠᠭᠠᠳ ᠪᠠᠰᠠ ᠲᠡᠭᠦᠨ ᠦ᠌ ᠪᠡᠶ᠎ᠡ ᠴᠡᠷᠢᠭ ᠳᠠᠭᠠᠭᠤᠯᠤᠨ ᠢᠷᠡᠬᠦᠢ ᠳ᠋ᠦ᠍ᠷ ᠡᠭᠦᠨ ᠢ᠋ ᠡᠰᠡ ᠰᠡᠵᠢᠭᠯᠡᠪᠡᠰᠦ ᠪᠣᠯᠤᠮᠤᠢ ᠤᠤ ? 》ᠬᠡᠮᠡᠬᠦᠢ ᠳ᠋ᠦ᠍ᠷ ᠰᠠᠭᠠᠷ ᠂ ᠳᠠᠷᠪᠡ ᠂ ᠤᠬᠠᠭᠠᠨᠲᠤ ᠭᠤᠷᠪᠠᠭᠤᠯᠠ ᠵᠡᠷᠭᠡ ᠪᠡᠷ ᠥᠭᠦᠯᠡᠷᠦᠨ : 《ᠡᠭᠦᠨ ᠳ᠋ᠦ᠍ᠷ ᠶᠠᠮᠪᠠᠷ ᠰᠡᠵᠢᠭᠯᠡᠬᠦ ᠭᠠᠵᠠᠷ ᠪᠣᠢ ? ᠲᠡᠷᠡ ᠦᠨᠡᠬᠡᠷ ᠮᠠᠨ ᠯᠤᠭ᠎ᠠ ᠪᠠᠢᠯᠳᠤᠰᠤᠭᠠᠢ ᠬᠡᠮᠡᠪᠡᠰᠦ ᠰᠢᠭᠤᠳ ᠢᠷᠡᠵᠦ ᠪᠠᠢᠯᠳᠤᠪᠠᠰᠤ ᠪᠠᠷᠠᠪᠠ ᠂ ᠪᠠᠰᠠ ᠡᠨᠡ ᠮᠡᠲᠦ ᠬᠦᠨᠳᠦ ᠪᠡᠯᠡᠭ ᠪᠠᠷᠢᠭᠤᠯᠵᠤ ᠶᠠᠭᠣᠬᠢᠮᠣᠢ ᠃ ᠪᠧᠲ᠋ᠠ᠋ ᠤᠯᠤᠰ ᠤ᠋ᠨ ᠡᠵᠡᠨ ᠦ᠌ ᠥᠪᠡᠷ ᠦ᠋ᠨ ᠪᠡᠶ᠎ᠡ ᠪᠡᠷ ᠢᠷᠡᠬᠦ ᠢᠨᠦ ᠲᠡᠷᠢᠭᠦᠨ ᠳ᠋ᠦ᠍ᠷ ᠲᠡᠷᠡ ᠬᠦᠨᠳᠦ ᠪᠡᠯᠡᠭ ᠢᠯᠡᠭᠡᠭᠰᠡᠨ ᠳ᠋ᠡᠭᠡᠨ ᠡᠷᠡᠮᠰᠢᠵᠦ ᠨᠢᠭᠤᠷ ᠵᠣᠯᠭᠠᠨ ᠂ ᠪᠠᠲᠤ ᠯᠤᠲᠤ ᠪᠠᠷ ᠡᠶᠡᠳᠡᠵᠦ ᠨᠠᠢᠷᠠᠯᠳᠤᠰᠤᠭᠠᠢ ᠬᠡᠮᠡᠭᠰᠡᠨ ᠪᠣᠯᠠᠢ ᠂ ᠳᠠᠷᠤᠢ ᠲᠡᠭᠦᠨ ᠦ᠌ ᠡᠰᠡ ᠰᠡᠷᠡᠮᠵᠢᠯᠡᠭᠰᠡᠨ ᠡᠨᠡ ᠲᠠᠰᠢᠷᠠᠮ ᠳ᠋ᠤᠷ ᠪᠠᠷᠢᠵᠤ ᠠᠯᠠᠬᠤᠢ ᠳ᠋ᠤᠷ ᠶᠠᠭᠤᠨ ᠳ᠋ᠤᠷ ᠦᠯᠦ ᠪᠣᠯᠤᠮᠤᠢ ᠃ ᠵᠢᠴᠢ ᠪᠢᠳᠡ ᠪᠠᠰᠠ ᠲᠡᠳᠡᠨ ᠦ᠌ ᠢᠷᠡᠭᠰᠡᠨ ᠡᠯᠴᠢ ᠡᠴᠡ ᠠᠰᠠᠭᠤᠪᠠᠰᠤ ᠲᠡᠭᠦᠨ ᠦ᠌ ᠡᠵᠡᠨ ᠢ᠋ ᠳᠠᠭᠠᠵᠤ ᠢᠷᠡᠬᠦ ᠴᠡᠷᠢᠭ ᠨᠢᠭᠡᠨ ᠬᠣᠶᠠᠷ ᠲᠦᠮᠡ ᠡᠴᠡ ᠬᠡᠲᠦᠷᠡᠬᠦ ᠦᠭᠡᠢ ᠬᠡᠮᠡᠮᠦᠢ ᠃ ᠮᠠᠨ ᠤ᠋ ᠴᠡᠷᠢᠭ ᠦ᠋ᠨ ᠠᠷᠪᠠᠨ ᠬᠤᠪᠢ ᠳ᠋ᠤᠷ ᠲᠡᠳᠡᠨ ᠦ᠌ ᠴᠡᠷᠢᠭ ᠨᠢᠭᠡᠨ ᠬᠤᠪᠢ ᠴᠤ᠌ ᠦᠭᠡᠢ ᠂ ᠮᠠᠨ ᠤ᠋ ᠴᠡᠷᠢᠭ ᠪᠠᠢᠯᠳᠤᠬᠤ ᠶ᠋ᠢ ᠪᠠᠢᠲᠤᠭᠠᠢ ᠂ ᠬᠡᠳᠦᠢ ᠢᠳᠡᠪᠡᠴᠦ ᠮᠥᠨ ᠢᠳᠡᠵᠦ ᠭᠦᠢᠴᠡᠬᠦ ᠦᠭᠡᠢ ᠪᠣᠯᠠᠢ ! 》ᠬᠡᠮᠡᠬᠦᠢ ᠳ᠋ᠦ᠍ᠷ ᠬᠠᠨᠳᠠᠭᠠᠢ ᠲᠦᠰᠢᠮᠡᠯ ᠥᠭᠦᠯᠡᠷᠦᠨ : 《ᠡᠳᠦᠭᠡ ᠪᠧᠲ᠋ᠠ᠋ ᠤᠯᠤᠰ ᠤ᠋ᠨ ᠬᠦᠷᠭᠡᠵᠦ ᠢᠷᠡᠭᠰᠡᠨ ᠮᠢᠩᠭᠠᠨ ᠠᠴᠢᠶ᠎ᠠ ᠪᠡᠯᠡᠭ ᠢᠨᠦ ᠡᠭᠡᠨᠡᠭᠲᠡ ᠶᠠᠮᠪᠠᠷ ᠶᠠᠮᠪᠠᠷ ᠶᠠᠭᠤᠮ᠎ᠠ ᠪᠣᠢ ? 》ᠭᠤᠷᠪᠠᠭᠤᠯᠠ ᠥᠴᠢᠷᠦᠨ᠄ 《ᠠᠯᠲᠠ ᠮᠥᠩᠭᠥ ᠂ ᠲᠣᠷᠭ᠎ᠠ ᠲᠥᠷᠭᠡ ᠂ ᠴᠠᠯᠮ᠎ᠠ ᠲᠠᠷᠠᠮ᠎ᠠ ᠂ ᠪᠥᠰ ᠠᠷᠠᠰᠤ ᠂ ᠴᠠᠢ ᠲᠣᠰᠣ ᠂ ᠳᠠᠪᠤᠰᠤ ᠳᠠᠷᠠᠰᠤ ᠂ ᠲᠤᠲᠤᠷᠭ᠎ᠠ ᠪᠤᠭᠤᠳᠠᠢ ᠂ ᠬᠤᠷᠤᠳ ᠪᠠᠰᠢᠯᠠᠭ ᠁ ᠬᠦᠷᠲᠡᠯ᠎ᠡ ᠡᠮᠦᠨ᠎ᠡ ᠤᠮᠠᠷ᠎ᠠ ᠶ᠋ᠢᠨ ᠬᠤᠪᠴᠠᠳ ᠢᠳᠡᠭᠡᠨ ᠪᠦᠷᠢᠨ ᠬᠡᠮᠡᠵᠦᠬᠦᠢ᠃ ᠡᠨᠡ ᠡᠳᠦᠷ ᠪᠠᠬᠠᠨ ᠣᠷᠣᠢ ᠪᠣᠯᠤᠭᠰᠠᠨ ᠲᠤᠯᠠ ᠮᠠᠷᠭᠠᠲᠠ ᠦᠵᠡᠰᠦᠭᠡᠢ ᠬᠡᠮᠡᠪᠡ ᠃ ᠡᠭᠦᠨ ᠢ᠋ ᠨᠡᠩ ᠰᠡᠵᠢᠭᠯᠡᠬᠦ ᠬᠡᠷᠡᠭ ᠦᠭᠡᠢ ᠪᠣᠯᠠᠢ ᠃ 》ᠬᠡᠮᠡᠭᠰᠡᠨ ᠳ᠋ᠦ᠍ᠷ ᠬᠠᠨᠳᠠᠭᠠᠢ ᠲᠦᠰᠢᠮᠡᠯ ᠦ᠋ᠨ ᠨᠢᠭᠡᠬᠡᠨ ᠠᠮᠠ ᠲᠡᠳᠡᠨ ᠭᠤᠷᠪᠠᠭᠤᠯᠠ ᠶ᠋ᠢᠨ ᠵᠢᠷᠭᠤᠭᠠᠨ ᠤᠷᠤᠭᠤᠯ ᠳ᠋ᠤᠷ ᠦᠯᠦ ᠲᠡᠩᠴᠡᠬᠦ ᠪᠥᠭᠡᠳ ᠵᠠᠯᠢᠲᠤ ᠬᠠᠭᠠᠨ ᠴᠤ᠌ ᠣᠯᠠᠨ ᠤ᠋ ᠦᠭᠡ ᠶ᠋ᠢ ᠠᠪᠬᠤ ᠪᠣᠢ ᠶᠠ ᠂ ᠭᠠᠭᠴᠠᠭᠠᠷ ᠤ᠋ᠨ ᠰᠠᠨᠠᠭᠠᠨ ᠢ᠋ ᠦᠯᠦ ᠰᠣᠨᠣᠰᠤᠨ ᠂ ᠬᠠᠨᠳᠠᠭᠠᠢ ᠲᠦᠰᠢᠮᠡᠯ ᠳ᠋ᠦ᠍ᠷ ᠳᠡᠮᠡᠢ ᠨᠢᠭᠤᠷ ᠥᠭᠭᠦᠭᠰᠡᠨ ᠦᠭᠡᠢ ᠳ᠋ᠦ᠍ᠷ ᠬᠠᠨᠳᠠᠭᠠᠢ ᠠᠷᠭ᠎ᠠ ᠦᠭᠡᠢ ᠳᠣᠲᠣᠷ᠎ᠠ ᠪᠠᠨ ᠵᠢᠬᠡᠭᠦᠨ ᠢ᠋ᠶ᠋ᠡᠷ ᠢᠨᠢᠶᠡᠵᠦ ᠭᠠᠷᠪᠠᠢ᠃ ᠡᠨᠡ ᠮᠡᠳᠡᠭᠡ ᠶ᠋ᠢ ᠬᠡᠷᠡᠢᠳ ᠦ᠋ᠨ ᠵᠠᠮᠤᠬ᠎ᠠ ᠬᠡᠳᠦᠢᠨᠡᠢ ᠰᠣᠨᠣᠰᠪᠠᠴᠤ ᠬᠢᠷᠲ᠌ᠬᠢᠵᠦ ᠶᠡᠬᠡᠯ᠎ᠡ ᠰᠡᠵᠢᠭᠯᠡᠨ ᠂ ᠶᠠᠭᠠᠷᠠᠨ ᠴᠡᠷᠢᠭ ᠦ᠋ᠨ ᠬᠦᠷᠢᠶ᠎ᠡ ᠡᠴᠡ ᠪᠡᠨ ᠳᠣᠪᠲᠣᠯᠤᠨ ᠰᠤᠷᠤᠨᠴᠤᠭ ᠬᠣᠲᠠᠨ ᠳ᠋ᠤᠷ ᠣᠷᠣᠵᠤ ᠲᠥᠷᠥ ᠳ᠋ᠦ᠍ ᠭᠠᠷᠴᠤ ᠵᠠᠯᠢᠲᠤ ᠬᠠᠭᠠᠨ ᠳ᠋ᠤᠷ ᠪᠠᠷᠠᠯᠬᠠᠨ ᠮᠥᠷᠭᠥᠵᠦ ᠠᠢᠯᠠᠳᠬᠠᠷᠤᠨ : 《ᠡᠨᠡ ᠪᠧᠲ᠋ᠠ᠋ ᠤᠯᠤᠰ ᠤ᠋ᠨ ᠡᠯᠴᠢ ᠶ᠋ᠢᠨ ᠢᠷᠡᠵᠦ ᠳᠠᠭᠠᠵᠤ ᠡᠶᠡᠳᠡᠶᠡ ᠬᠡᠮᠡᠭᠰᠡᠨ ᠢ᠋ ᠬᠡᠷᠬᠢᠪᠡᠴᠦ ᠦᠨᠡᠮᠰᠢᠶᠡᠨ ᠢᠲᠡᠭᠡᠵᠦ ᠦᠯᠦ ᠪᠣᠯᠤᠮᠤᠢ ! 》ᠬᠡᠮᠡᠬᠦᠢ ᠳ᠋ᠦ᠍ᠷ ᠵᠠᠯᠢᠲᠤ ᠬᠠᠭᠠᠨ ᠵᠠᠷᠯᠢᠭ ᠪᠣᠯᠤᠨ ᠠᠰᠠᠭᠤᠷᠤᠨ : 《ᠴᠢ ᠬᠡᠷᠬᠢᠨ ᠣᠯᠵᠤ ᠮᠡᠳᠡᠪᠡ ? ᠴᠢ ᠬᠡᠷᠪᠡᠷ ᠮᠠᠭᠠᠳ ᠰᠡᠵᠢᠭᠲᠦ ᠭᠠᠵᠠᠷ ᠢ᠋ ᠲᠣᠲᠣᠷᠬᠠᠶᠠ ᠵᠢᠭᠠᠨ ᠭᠠᠷᠭᠠᠪᠠᠰᠤ ᠂ ᠪᠢ ᠡᠳᠦᠭᠡ ᠳᠠᠷᠤᠢ ᠪᠡᠯᠡᠭ ᠢ᠋ ᠡᠭᠡᠭᠦᠯᠦᠭᠡᠳ ᠪᠠᠢᠯᠳᠤᠬᠤ ᠪᠠᠷ ᠲᠣᠭᠲᠠᠶ᠎ᠠ ᠃ ᠲᠡᠢᠮᠦ ᠶ᠋ᠢᠨ ᠲᠤᠯᠠ ᠪᠢ ᠡᠳᠦᠭᠡ ᠲᠡᠳᠡᠨ ᠢ᠋ ᠬᠣᠲᠠ ᠶ᠋ᠢᠨ ᠭᠠᠳᠠᠨ᠎ᠠ ᠪᠠᠭᠤᠳᠠᠯᠯᠠᠭᠤᠯᠵᠤ ᠬᠦᠯᠢᠶᠡᠯᠭᠡᠪᠡᠢ ᠃ 》ᠬᠡᠮᠡᠬᠦᠢ ᠳ᠋ᠦ᠍ᠷ ᠵᠠᠮᠤᠬ᠎ᠠ ᠶᠠᠭᠠᠷᠠᠨ ᠥᠭᠦᠯᠡᠷᠦᠨ : 《ᠲᠡᠭᠦᠨ ᠦ ᠪᠡᠯᠡᠭ ᠢ᠋ ᠮᠥᠨ ᠡᠭᠡᠭᠦᠯᠬᠦ ᠦᠭᠡᠢ ᠪᠡᠷ ᠰᠢᠭᠤᠳ ᠬᠦᠯᠢᠶᠡᠨ ᠠᠪᠤᠭᠠᠳ ᠲᠡᠳᠡᠨ ᠦ᠌ ᠰᠡᠳᠬᠢᠯ ᠢ᠋ ᠨᠢᠭᠡᠮᠦᠰᠦᠨ ᠠᠮᠤᠷ ᠰᠤᠯᠠ ᠠᠭᠤᠳᠠᠮ ᠲᠠᠯᠪᠢᠭᠤᠯᠤᠭᠠᠳ ᠲᠡᠳᠡᠨ ᠦ᠌ ᠵᠥᠭᠡᠯᠡᠨ ᠠᠷᠭ᠎ᠠ ᠳ᠋ᠤᠷ ᠪᠢᠳᠡ ᠬᠠᠷᠢᠭᠤ ᠮᠡᠬᠡ ᠬᠡᠷᠡᠭᠯᠡᠨ ᠂ ᠪᠧᠲ᠋ᠠ᠋ ᠤᠯᠤᠰ ᠤ᠋ᠨ ᠡᠵᠡᠨ ᠢ᠋ ᠢᠨᠦ ᠢᠷᠡᠭᠦᠯᠦᠭᠡᠳ ᠲᠠᠩᠭᠠᠷᠢᠭ᠋ ᠨᠡᠢᠯᠡᠬᠦ ᠬᠤᠷᠢᠮ ᠳ᠋ᠤᠷ ᠪᠠᠷᠢᠵᠤ ᠠᠯᠠᠪᠠᠰᠤ ᠡᠨᠡ ᠬᠣᠶᠠᠷ ᠲᠤᠷ ᠪᠦᠷᠢᠳᠬᠦ ᠠᠷᠭ᠎ᠠ ᠪᠤᠰᠤ ᠤᠤ ? 》ᠬᠡᠮᠡᠭᠰᠡᠨ ᠳ᠋ᠦ᠍ᠷ ᠬᠠᠵᠠᠭᠤ ᠠ᠋ᠴᠠ ᠰᠠᠭᠠᠷ ᠂ ᠳᠠᠷᠪᠡ ᠂ ᠤᠬᠠᠭᠠᠨᠲᠤ ᠭᠤᠷᠪᠠᠭᠤᠯᠠ ᠥᠭᠦᠯᠡᠷᠦᠨ : 《ᠶᠠᠮᠪᠠᠷ ᠪᠣᠢ ! ᠮᠠᠨ ᠤ᠋ ᠪᠣᠳᠣᠭᠰᠠᠨ ᠠ᠋ᠴᠠ ᠭᠠᠷᠪᠠᠤ ? 》ᠬᠡᠮᠡᠭᠰᠡᠨ ᠳ᠋ᠦ᠍ᠷ ᠵᠠᠯᠢᠲᠤ ᠬᠠᠭᠠᠨ ᠮᠥᠨ ᠰᠡᠳᠬᠢᠯ ᠳ᠋ᠦ᠍ᠷ ᠨᠡᠢᠴᠡᠵᠦ ᠲᠡᠷᠢᠭᠦᠨ ᠳᠣᠬᠢᠯᠬᠢᠯᠠᠨ ᠢᠨᠢᠶᠡᠨ ᠵᠥᠪᠰᠢᠶᠡᠵᠦ ᠂ ᠭᠤᠷᠪᠠᠨ ᠰᠠᠢᠳ ᠢ᠋ᠶ᠋ᠠᠷ ᠵᠠᠮᠤᠬ᠎ᠠ ᠳ᠋ᠤᠷ ᠬᠤᠷᠢᠮ ᠬᠠᠢᠷᠠᠯᠠᠵᠤ ᠳᠠᠢᠯᠠᠭᠤᠯᠤᠨ ᠬᠤᠷᠢᠮ ᠳ᠋ᠤᠷ ᠪᠧᠲ᠋ᠠ᠋ ᠤᠯᠤᠰ ᠢ᠋ ᠳᠠᠢᠯᠠᠨ ᠠᠷᠢᠯᠭᠠᠬᠤ ᠬᠠᠲᠠᠭᠤ ᠵᠥᠭᠡᠯᠡᠨ ᠨᠠᠷᠢᠨ ᠪᠢᠲᠡᠭᠦᠨ ᠠᠷᠭ᠎ᠠ ᠶ᠋ᠢ ᠵᠥᠪᠳᠡᠨ ᠲᠣᠭᠲᠠᠭᠠᠵᠤ ᠠᠢᠯᠠᠳᠬᠠᠭᠰᠠᠨ ᠬᠣᠢᠨ᠎ᠠ ᠵᠢᠴᠢ ᠪᠡᠯᠡᠭ ᠢ᠋ ᠬᠦᠯᠢᠶᠡᠨ ᠠᠪᠰᠤᠭᠠᠢ ᠭᠡᠮᠡᠨ ᠵᠠᠷᠯᠢᠭ ᠪᠠᠭᠤᠯᠭᠠᠭᠠᠳ ᠰᠠᠢ ᠬᠥᠭᠵᠢᠮ ᠡᠭᠦᠰᠬᠡᠨ ᠳᠣᠲᠣᠭᠠᠳᠤ ᠣᠷᠳᠣᠨ ᠳ᠋ᠠᠭᠠᠨ ᠡᠭᠡᠵᠦ ᠣᠷᠣᠰᠤᠭᠠᠢ ᠬᠡᠮᠡᠲᠡᠯ᠎ᠡ ᠬᠠᠨᠳᠠᠭᠠᠢ ᠲᠦᠰᠢᠮᠡᠯ ᠵᠠᠮᠤᠬ᠎ᠠ ᠶ᠋ᠢ ᠲᠥᠷᠥ ᠳ᠋ᠦ᠍ᠷ ᠭᠠᠷᠪᠠ ᠭᠡᠮᠡᠨ ᠰᠣᠨᠣᠰᠴᠤ ᠵᠠᠮᠤᠬ᠎ᠠ ᠶ᠋ᠢᠨ ᠮᠠᠰᠢ ᠬᠣᠯᠴᠢᠷᠭᠠᠨ ᠬᠤᠢᠬᠤᠷ ᠢ᠋ ᠦᠵᠡᠵᠦ ᠭᠠᠷᠤᠭᠰᠠᠨ ᠲᠤᠯᠠ ᠶᠡᠬᠡ ᠬᠡᠷᠡᠭ ᠢ᠋ ᠡᠪᠳᠡᠭᠦᠵᠡᠢ ᠭᠡᠮᠡᠨ ᠶᠠᠭᠠᠷᠠᠨ ᠲᠥᠷᠥ ᠳ᠋ᠦ᠍ᠷ ᠭᠠᠷᠲᠠᠯ᠎ᠠ ᠵᠠᠯᠢᠲᠤ ᠬᠠᠭᠠᠨ ᠡᠭᠡᠵᠦ ᠣᠷᠣᠬᠤᠶ᠎ᠠ ᠪᠢᠴᠢᠬᠠᠨ ᠲᠦᠰᠢᠮᠡᠯ ᠪᠠᠶᠠᠨ ᠬᠡᠮᠡᠭᠴᠢ ᠯᠦ᠍ᠭᠡ ᠪᠡᠨ ᠬᠥᠭᠡᠭᠡᠨ ᠣᠷᠣᠵᠤ ᠂ ᠳᠣᠲᠣᠭᠠᠳᠤ ᠣᠷᠳᠣᠨ ᠤ᠋ ᠬᠠᠭᠠᠯᠭᠠᠨ ᠳ᠋ᠤᠷ ᠭᠦᠢᠴᠡᠨ ᠬᠦᠷᠴᠦ ᠶᠠᠭᠠᠷᠠᠨ ᠬᠣᠢᠨ᠎ᠠ ᠠ᠋ᠴᠠ ᠬᠣᠷᠮᠣᠢ ᠶ᠋ᠢ ᠠᠨᠤ ᠲᠠᠲᠠᠵᠤ ᠰᠥᠭᠥᠳᠦᠭᠡᠳ : 《ᠵᠠᠮᠤᠬ᠎ᠠ ᠬᠡᠮᠡᠭᠴᠢ ᠶ᠋ᠢᠨ ᠦᠭᠡ ᠶ᠋ᠢ ᠪᠢᠲᠡᠭᠡᠢ ᠠᠪ ! 》 ᠭᠡᠮᠡᠨ ᠢᠳᠬᠠᠨ ᠬᠡᠯᠡᠬᠦᠢ ᠳ᠋ᠦ᠍ᠷ ᠵᠠᠯᠢᠲᠤ ᠬᠠᠭᠠᠨ ᠯᠠᠪ ᠵᠠᠮᠤᠬ᠎ᠠ ᠯᠤᠭ᠎ᠠ ᠨᠢᠭᠤᠷ ᠲᠡᠮᠡᠴᠡᠨ ᠠᠲᠠᠭᠠᠷᠬᠠᠵᠤ ᠡᠢᠨ ᠬᠦ᠌ ᠬᠡᠯᠡᠪᠡ ᠭᠡᠮᠡᠨ ᠠᠬᠠᠰᠬᠢᠵᠦ ᠵᠠᠩᠳᠠᠨ ᠥᠭᠦᠯᠡᠷᠦᠨ : 《ᠠᠳᠬᠠᠭ ᠰᠡᠳᠬᠢᠯᠲᠦ ᠠᠪᠤᠰᠢ ᠦᠭᠡᠢ ᠬᠣᠬᠣᠢ ᠂ ᠠᠶᠤᠮᠰᠢᠭ᠋ ᠦᠭᠡᠢ ᠮᠢᠨᠦ ᠪᠡᠶ᠎ᠡ ᠳ᠋ᠦ᠍ᠷ ᠭᠠᠷ ᠬᠦᠷᠬᠦᠢ ᠳ᠋ᠦ᠍ᠷ ᠬᠦᠷᠪᠡᠦ ? ᠪᠧᠲ᠋ᠠ᠋ ᠤᠯᠤᠰ ᠤ᠋ᠨ ᠰᠡᠵᠢᠭ ᠢ᠋ ᠲᠣᠳᠣᠷᠬᠠᠢ ᠵᠢᠭᠠᠨ ᠭᠠᠷᠭᠠᠵᠤ ᠡᠰᠡ ᠴᠢᠳᠠᠭᠠᠳ ᠪᠡᠶᠡᠴᠢᠯᠡᠨ ᠵᠢᠳᠬᠦᠬᠦ ᠵᠠᠮᠤᠬ᠎ᠠ ᠳ᠋ᠤᠷ ᠪᠠᠰᠠ ᠠᠲᠠᠭᠠᠷᠬᠠᠮᠤᠢ ᠂ ᠪᠢᠴᠢᠬᠠᠨ ᠵᠤᠯᠵᠠᠭ᠎ᠠ ᠪᠠᠶᠠᠨ ᠲᠡᠷᠡ ᠶᠠᠭᠤᠨ ᠢ᠋ ᠮᠡᠳᠡᠮᠦᠢ ᠭᠡᠮᠡᠨ ᠪᠠᠢᠨ ᠪᠠᠢᠨ ᠨᠠᠮᠠᠢ ᠡᠷᠢᠵᠦ ᠪᠡᠯᠴᠢᠮᠦᠢ ? ᠡᠳᠡ ᠬᠣᠶᠠᠭᠤᠯᠠ ᠶ᠋ᠢ ᠦᠳᠲᠡᠷ ᠭᠠᠷᠭᠠᠵᠤ ᠲᠦᠰᠢᠮᠡᠯ ᠢ᠋ ᠢᠨᠦ ᠬᠠᠰᠤᠭᠠᠳ ᠣᠷᠳᠣᠨ ᠤ᠋ ᠬᠠᠭᠠᠯᠭ᠎ᠠ ᠶ᠋ᠢ ᠰᠠᠬᠢᠭᠤᠯ ! 》 ᠭᠡᠮᠡᠨ ᠦᠯᠳᠡᠨ ᠭᠠᠷᠭᠠᠭᠰᠠᠨ ᠳ᠋ᠤᠷ ᠬᠠᠨᠳᠠᠭᠠᠢ ᠪᠠ ᠪᠠᠶᠠᠨ ᠬᠥᠭᠰᠢᠨ ᠵᠠᠯᠠᠭᠤ ᠬᠣᠶᠠᠭᠤᠯᠠ ᠬᠦᠷᠬᠢᠷᠡᠨ ᠬᠠᠷᠬᠢᠷᠠᠨ ᠤᠬᠢᠯᠠᠨ ᠭᠠᠷᠴᠤ ᠢᠷᠡᠭᠡᠳ : 《ᠬᠠᠢᠷᠠᠬᠠᠨ ᠪᠢᠳᠡᠨ ᠦ᠌ ᠰᠠᠷᠯᠠᠭ ᠤᠯᠤᠰ ᠤ᠋ᠨ ᠶᠡᠬᠡ ᠲᠥᠷᠥ ᠬᠠᠮᠤᠭ ᠤᠯᠤᠰ ᠢ᠋ ᠬᠡᠰᠦᠵᠦ ᠪᠦᠷᠢᠯᠭᠡᠭᠰᠡᠨ ᠵᠠᠮᠤᠬ᠎ᠠ ᠪᠣᠭᠣᠯ ᠤ᠋ᠨ ᠭᠠᠷ ᠲᠤᠷ ᠡᠪᠳᠡᠷᠡᠬᠦ ᠪᠣᠯᠪᠠᠢ ! 》ᠭᠡᠮᠡᠨ ᠡᠴᠢᠪᠡᠢ ᠃ ᠲᠡᠭᠦᠨᠴᠡ ᠵᠠᠮᠤᠬ᠎ᠠ ᠭᠤᠷᠪᠠᠨ ᠰᠠᠢᠳ ᠯᠤᠭ᠎ᠠ ᠬᠤᠷᠢᠮᠯᠠᠨ ᠪᠠᠢᠵᠤ ᠵᠥᠪᠯᠡᠨ ᠥᠭᠦᠯᠡᠷᠦᠨ : 《ᠨᠠᠳᠠ ᠳ᠋ᠤᠷ ᠨᠢᠭᠡᠨ ᠠᠷᠭ᠎ᠠ ᠪᠣᠢ – ᠲᠡᠷᠡ ᠵᠢᠯ ᠡᠮᠦᠨ᠎ᠡ ᠨᠠᠢ᠍ᠮᠠᠨ ᠤᠯᠤᠰ ᠤ᠋ᠨ ᠳᠠᠢᠶᠠᠩ ᠬᠠᠭᠠᠨ ᠤ᠋ ᠴᠢᠦᠢ ᠰᠢᠦᠸᠠᠢ ᠡᠦ ᠬᠡᠮᠡᠭᠴᠢ ᠶᠤᠸᠠᠨᠱᠤᠸᠠᠢ ᠪᠧᠲ᠋ᠠ᠋ ᠤᠯᠤᠰ ᠢ᠋ ᠴᠠᠴᠠᠷ ᠠᠭᠤᠯᠠᠨ ᠤ᠋ ᠠᠯᠠᠭᠲᠠᠢ ᠶ᠋ᠢᠨ ᠬᠠᠷ᠎ᠠ ᠬᠡᠮᠡᠬᠦ ᠭᠠᠵᠠᠷ ᠲᠤᠷ ᠭᠠᠯ ᠢ᠋ᠶ᠋ᠠᠷ ᠪᠠᠢᠯᠳᠤᠵᠤ ᠨᠢᠭᠡᠨ ᠵᠡᠷᠭᠡ ᠰᠠᠢᠲᠤᠷ ᠳᠠᠷᠤᠭᠰᠠᠨ ᠪᠥᠯᠥᠭᠡ ᠂ ᠬᠣᠢᠨ᠎ᠠ ᠪᠧᠲ᠋ᠠ᠋ ᠤᠯᠤᠰ ᠬᠡᠷᠬᠢᠪᠡᠴᠦ ᠲᠦᠯᠡᠭᠡ ᠡᠪᠡᠰᠦᠲᠦ ᠭᠠᠵᠠᠷ᠎ᠠ ᠴᠡᠷᠢᠭ ᠪᠠᠭᠤᠳᠠᠯᠯᠠᠬᠤ ᠦᠭᠡᠢ ᠪᠣᠯᠪᠠ ᠃ ᠲᠡᠢᠨ ᠬᠦ᠌ ᠡᠨᠡ ᠤᠳᠠᠭ᠎ᠠ ᠣᠳᠣ ᠲᠡᠳᠡᠨ ᠦ᠌ ᠰᠠᠨᠠᠭᠠᠨ ᠳ᠋ᠤ᠌ ᠦᠭᠡᠢ ᠪᠡᠷ ᠣᠷᠣᠵᠤ ᠰᠡᠷᠭᠡᠢᠯᠡᠭᠰᠡᠨ ᠦᠭᠡᠢ ᠪᠡᠷ ᠪᠠᠢᠯᠳᠤᠰᠤᠭᠠᠢ ᠂ ᠡᠳᠦᠭᠡ ᠪᠢᠳᠡ ᠲᠡᠭᠦᠨ ᠦ᠌ ᠬᠦᠨᠳᠦ ᠪᠡᠯᠡᠭ ᠢ᠋ ᠪᠦᠷᠢᠨ᠎ᠡ ᠬᠦᠯᠢᠶᠡᠵᠦ ᠠᠪᠤᠭᠠᠳ ᠪᠧᠲ᠋ᠠ᠋ ᠤᠯᠤᠰ ᠢ᠋ ᠨᠢᠭᠡᠮᠦᠰᠦᠨ ᠢᠲᠡᠭᠡᠮᠵᠢᠯᠡᠭᠦᠯᠦᠭᠡᠳ ᠲᠠᠩᠭᠠᠷᠢᠭ᠋ ᠨᠡᠢᠯᠡᠬᠦ ᠬᠤᠷᠢᠮ ᠳ᠋ᠤᠷ ᠲᠡᠮᠦᠵᠢᠨ ᠢ᠋ ᠪᠠᠷᠢᠵᠤ ᠠᠯᠠᠰᠤᠭᠠᠢ ᠂ ᠲᠡᠷᠡ ᠬᠡᠷᠪᠡ ᠰᠡᠷᠡᠮᠵᠢᠯᠡᠵᠦ ᠠᠷᠭ᠎ᠠ ᠳ᠋ᠤᠷ ᠡᠰᠡ ᠣᠷᠣᠪᠠᠰᠤ ᠂ ᠡᠳᠦᠭᠡ ᠪᠢᠳᠡᠨ ᠦ᠌ ᠶᠡᠬᠡ ᠴᠡᠷᠢᠭ ᠦ᠋ᠨ ᠬᠦᠷᠢᠶ᠎ᠡ ᠶ᠋ᠢ ᠨᠡᠭᠦᠯᠭᠡᠵᠦ ᠂ ᠰᠠᠷᠯᠠᠭ ᠮᠥᠷᠡᠨ ᠦ᠌ ᠬᠥᠪᠡᠭᠡ ᠳ᠋ᠦ᠍ᠷ ᠪᠠᠭᠤᠳᠠᠯᠯᠠᠭᠤᠯᠪᠠᠰᠤ ᠂ ᠪᠧᠲ᠋ᠠ᠋ ᠤᠯᠤᠰ ᠤ᠋ᠨ ᠴᠡᠷᠢᠭ ᠢᠷᠠᠪᠠᠰᠤ ᠯᠠᠪ ᠮᠥᠷᠡᠨ ᠦ᠌ ᠴᠢᠨᠠᠳᠤ ᠬᠥᠪᠡᠭᠡᠨ ᠳ᠋ᠦ᠍ᠷ ᠪᠠᠭᠤᠳᠠᠯᠯᠠᠮᠤᠢ᠃ ᠲᠡᠨᠳᠡᠬᠢ ᠶ᠋ᠢᠨ ᠡᠪᠡᠰᠦ ᠰᠢᠷᠠᠯᠵᠢ ᠭᠦᠨ ᠵᠤᠵᠠᠭᠠᠨ ᠂ ᠲᠡᠳᠡ ᠬᠡᠷᠪᠡ ᠭᠠᠯ ᠤ᠋ᠨ ᠠᠶᠤᠯ ᠠ᠋ᠴᠠ ᠠᠶᠤᠪᠠᠰᠤ ᠮᠠᠭᠠᠳ ᠤᠰᠤᠨ ᠤ᠋ ᠳᠠᠩ ᠳ᠋ᠤᠷ ᠪᠠᠭᠤᠳᠠᠯᠯᠠᠮᠤᠢ ᠃ ᠲᠡᠢᠮᠦ ᠪᠣᠯᠪᠠᠰᠤ ᠪᠢᠳᠡ ᠤᠷᠤᠭᠰᠢᠯᠠᠨ ᠰᠠᠷᠯᠠᠭ ᠮᠥᠷᠡᠨ ᠦ᠌ ᠳᠡᠭᠡᠷ᠎ᠡ ᠤᠷᠤᠰᠬᠠᠯ ᠤ᠋ᠨ ᠬᠣᠶᠠᠷ ᠠᠭᠤᠯᠠᠨ ᠤ᠋ ᠬᠣᠰᠢᠭᠤᠲᠤ ᠠᠮᠠᠨ ᠢ᠋ ᠤᠭᠤᠲᠠ ᠲᠤᠯᠤᠮ ᠳ᠋ᠤᠷ ᠡᠯᠡᠰᠦ ᠮᠠᠩᠬ᠎ᠠ ᠪᠠᠷ ᠳᠦᠭᠦᠷᠭᠡᠵᠦ ᠪᠥᠭᠯᠡᠭᠡᠳ ᠲᠡᠳᠡᠨ ᠦ ᠪᠠᠭᠤᠳᠠᠯ ᠪᠠᠭᠤᠵᠤ ᠨᠢᠭᠡᠨᠲᠡ ᠲᠣᠭᠲᠠᠵᠤ ᠰᠠᠭᠤᠷᠢᠰᠢᠭ᠍ᠰᠠᠨ ᠬᠣᠢᠨ᠎ᠠ ᠦᠬᠡᠷ ᠫᠤᠤ ᠥᠷᠳᠡᠵᠦ ᠵᠢᠭ᠍ᠰᠠᠭᠠᠨ ᠲᠡᠮᠳᠡᠭ ᠪᠣᠯᠭᠠᠵᠤ ᠂ ᠰᠥᠨᠢ ᠪᠡᠷ ᠭᠡᠨᠡᠳᠲᠡ ᠠᠪᠴᠤ ᠪᠧᠲ᠋ᠠ᠋ ᠤᠯᠤᠰ ᠤ᠋ᠨ ᠴᠡᠷᠢᠭ ᠢ᠋ ᠬᠠᠮᠲᠤ ᠪᠠᠷ ᠢ᠋ ᠤᠷᠤᠰᠬᠠᠵᠤ ᠬᠣᠶᠠᠷ ᠬᠥᠪᠡᠭᠡ ᠪᠡᠷ ᠳᠠᠷᠤᠨ ᠠᠯᠠᠪᠠᠰᠤ ᠨᠢᠭᠡᠨ ᠤᠳᠠᠭ᠎ᠠ ᠳᠠᠷᠤᠢ ᠳᠠᠷᠤᠪᠠᠰᠤ ᠪᠣᠯᠤᠮᠤᠢ᠃ ᠲᠡᠷᠡ ᠬᠡᠷᠪᠡ ᠤᠰᠤᠨ ᠳᠠᠩ ᠳ᠋ᠤᠷ ᠪᠠᠭᠤᠳᠠᠯᠯᠠᠬᠤ ᠦᠭᠡᠢ ᠂ ᠲᠠᠯ᠎ᠠ ᠶ᠋ᠢᠨ ᠡᠪᠡᠰᠦᠨ᠎ᠡ ᠪᠠᠭᠤᠪᠠᠰᠤ ᠪᠢᠳᠡᠨ ᠦ᠌ ᠮᠥᠷᠡᠨ ᠦ᠌ ᠴᠠᠭᠠᠨ᠎ᠠ ᠪᠦᠭᠭᠦᠭᠰᠡᠨ ᠴᠡᠷᠢᠭ ᠢ᠋ᠶ᠋ᠡᠷ ᠰᠥᠨᠢ ᠲᠡᠳᠡᠨ ᠦ᠌ ᠴᠡᠷᠢᠭ ᠦ᠋ᠨ ᠠᠷᠤ ᠶ᠋ᠢᠨ ᠬᠣᠢᠨ᠎ᠠ ᠠ᠋ᠴᠠ ᠡᠮᠦᠨ᠎ᠡ ᠰᠠᠯᠬᠢᠨ ᠤ᠋ ᠠᠶ᠎ᠠ ᠪᠠᠷ ᠭᠠᠯ ᠢ᠋ᠶ᠋ᠠᠷ ᠬᠤᠢᠬᠠᠯᠠᠨ ᠪᠠᠢᠯᠳᠤᠰᠤᠭᠠᠢ ᠂ ᠡᠨᠡ ᠭᠤᠷᠪᠠᠨ ᠠᠷᠭ᠎ᠠ ᠳ᠋ᠤᠷ ᠲᠡᠮᠦᠵᠢᠨ ᠢ᠋ ᠪᠦᠷᠢᠯᠭᠡᠬᠦ ᠢᠨᠦ ᠤᠭᠤᠲᠠᠨ ᠤ᠋ ᠳᠣᠲᠣᠷᠠᠬᠢ ᠢᠳᠡᠭᠡᠨ ᠂ ᠲᠤᠯᠤᠮ ᠤ᠋ᠨ ᠳᠣᠲᠣᠷᠠᠬᠢ ᠲᠣᠰᠣ ᠶ᠋ᠢ ᠠᠪᠬᠤ ᠠᠳᠠᠯᠢ ᠬᠢᠯᠪᠠᠷ ᠪᠣᠯᠠᠢ ! 》 ᠬᠡᠮᠡᠭᠰᠡᠨ ᠨᠢᠭᠡᠨ ᠵᠡᠷᠭᠡ ᠶ᠋ᠢᠨ ᠦᠭᠡᠰ ᠲᠣᠷ ᠰᠠᠷᠯᠠᠭ ᠤ᠋ᠨ ᠰᠠᠭᠠᠷ ᠨᠠᠷ ᠭᠠᠷ ᠰᠡᠷᠪᠡᠯᠵᠡᠨ ᠬᠥᠯ ᠳᠡᠪᠰᠡᠯᠬᠢᠯᠡᠨ ᠶᠡᠬᠡᠯ᠎ᠡ ᠪᠠᠶᠠᠷᠯᠠᠯᠴᠠᠨ ᠵᠡᠷᠭᠡ ᠪᠡᠷ ᠵᠠᠮᠤᠬ᠎ᠠ ᠶ᠋ᠢ ᠮᠠᠭᠲᠠᠯᠴᠠᠨ ᠥᠭᠦᠯᠡᠷᠦᠨ : 《ᠦᠨᠡᠬᠡᠷ ᠡᠮᠦᠨ᠎ᠡ ᠬᠢᠵᠠᠭᠠᠷ ᠲᠤᠷ ᠰᠠᠭᠤᠵᠤ ᠂ ᠥᠷᠭᠡᠨ ᠮᠦᠷᠡᠨ᠎ᠡ ᠶ᠋ᠢᠨ ᠵᠠᠬ᠎ᠠ ᠳ᠋ᠤᠷ ᠲᠥᠷᠥᠭᠰᠡᠨ ᠢ᠋ᠶ᠋ᠡᠷ ᠦᠯᠢᠭᠡᠷᠯᠡᠰᠢ ᠦᠭᠡᠢ ᠥᠨᠳᠥᠷ ᠠᠷᠭ᠎ᠠ ᠲᠠᠢ ! 》ᠭᠡᠮᠡᠨ ᠳᠠᠷᠤᠢ ᠲᠥᠷᠥ ᠳ᠋ᠦ᠍ᠷ ᠭᠠᠷᠴᠤ ᠵᠦᠩ ᠬᠡᠩᠭᠡᠷᠭᠡ ᠴᠣᠬᠢᠭᠤᠯᠵᠤ ᠂ ᠵᠠᠯᠢᠲᠤ ᠬᠠᠭᠠᠨ ᠢ᠋ ᠵᠠᠯᠠᠨ ᠭᠠᠷᠭᠠᠵᠤ ᠂ ᠡᠳᠡᠭᠡᠷ ᠠᠷᠭ᠎ᠠ ᠪᠠᠨ ᠠᠢᠯᠠᠳᠬᠠᠭᠰᠠᠨ ᠳ᠋ᠤᠷ ᠵᠠᠯᠢᠲᠤ ᠬᠠᠭᠠᠨ ᠪᠡᠶᠡᠰᠦᠨ ᠥᠭᠦᠯᠡᠷᠦᠨ : 《ᠡᠨᠡ ᠭᠤᠷᠪᠠᠨ ᠳᠠᠪᠬᠤᠷ ᠠᠷᠭ᠎ᠠ ᠶ᠋ᠢᠨ ᠨᠢᠭᠡᠨ ᠡᠴᠡ ᠢᠨᠦ ᠬᠡᠷᠬᠢᠪᠡᠴᠦ ᠬᠡᠯᠲᠦᠷᠢᠨ ᠴᠢᠳᠠᠬᠤ ᠦᠭᠡᠢ ᠂ ᠳᠠᠷᠤᠢ ᠡᠨᠡ ᠶᠣᠰᠣᠭᠠᠷ ᠰᠢᠳᠬᠡᠨ ᠲᠣᠭᠲᠠᠭᠠᠰᠤᠭᠠᠢ ᠃ ᠡᠨᠡ ᠵᠠᠮᠤᠬ᠎ᠠ ᠦᠨᠡᠬᠡᠷ ᠠᠯᠲᠠᠨ ᠤᠯᠤᠰ ᠤ᠋ᠨ ᠰᠢᠷ᠎ᠠ ᠥᠩᠭᠡ ᠢᠨᠦ ᠬᠠᠯᠳᠠᠵᠤ ᠂ ᠠᠯᠢᠪᠠ ᠠᠷᠭ᠎ᠠ ᠴᠥᠮ ᠪᠦᠷᠢᠳᠴᠦᠬᠦᠢ 》 ᠭᠡᠮᠡᠨ ᠰᠠᠢᠰᠢᠶᠠᠭᠠᠳ ᠠᠮᠲᠠᠲᠤ ᠢᠳᠡᠭᠡᠨ ᠦ ᠬᠤᠷᠢᠮ ᠢ᠋ ᠳᠠᠪᠬᠤᠷᠯᠠᠨ ᠱᠠᠩᠨᠠᠵᠤ ᠂ ᠭᠤᠷᠪᠠᠨ ᠲᠦᠰᠢᠮᠡᠯ ᠢ᠋ ᠲᠡᠢᠴᠢᠯᠡ ! 》ᠬᠡᠮᠡᠭᠡᠳ ᠤᠷᠳᠣᠨ᠎ᠠ ᠡᠭᠡᠪᠡ ᠃ ᠵᠠᠮᠤᠬ᠎ᠠ ᠨᠠᠷ ᠬᠡᠰᠢᠭ ᠲᠣᠷ ᠮᠥᠷᠭᠥᠵᠦ ᠬᠤᠷᠢᠮᠯᠠᠷᠠ ᠪᠠᠭᠤᠪᠠ ᠃ ᠡᠨᠡ ᠦᠶ᠎ᠡ ᠳ᠋ᠦ᠍ᠷ ᠨᠠᠷᠠᠨ ᠰᠢᠩᠭᠡᠵᠦ ᠪᠠᠷᠤᠭ ᠪᠦᠷᠦᠢ ᠪᠣᠯᠤᠭᠰᠠᠨ ᠳ᠋ᠤᠷ ᠵᠡᠯᠮ᠎ᠡ ᠲᠠᠨ ᠬᠦᠷᠢᠶ᠎ᠡ ᠳ᠋ᠦ᠍ ᠡᠭᠡᠵᠦ ᠴᠡᠷᠢᠭ ᠢ᠋ᠶ᠋ᠡᠨ ᠪᠤᠳᠠᠭᠠᠯᠠᠵᠤ ᠠᠷᠢᠬᠢᠳᠠᠨ ᠪᠥᠬᠥᠶ᠎ᠡ ᠂ ᠤᠷᠢᠳᠤ ᠤᠳᠠᠭ᠎ᠠ ᠶ᠋ᠢᠨ ᠴᠢᠯᠭᠡᠷ ᠪᠥᠬᠡ ᠶ᠋ᠢᠨ ᠰᠠᠮᠠᠭᠤᠨ ᠳ᠋ᠤᠷ ᠪᠠᠷᠢᠭ᠍ᠳᠠᠵᠤ ᠂ ᠭᠡᠳᠡᠷᠭᠦ ᠲᠠᠯᠪᠢᠵᠤ ᠬᠠᠷᠢᠭᠤᠯᠤᠭᠰᠠᠨ ᠰᠠᠷᠯᠠᠭ ᠤᠯᠤᠰ ᠤ᠋ᠨ ᠵᠠᠭᠤᠨ ᠢᠯᠡᠭᠦᠦ ᠴᠡᠷᠢᠭ ᠦ᠋ᠨ ᠠᠷᠠᠳ ᠤᠷᠢᠳᠤ ᠶ᠋ᠢᠨ ᠠᠴᠢ ᠶ᠋ᠢ ᠰᠠᠨᠠᠵᠤ ᠂ ᠵᠠᠯᠮ᠎ᠠ ᠳ᠋ᠤᠷ ᠨᠢᠭᠤᠵᠤ ᠵᠣᠯᠭᠠᠷ᠎ᠠ ᠢᠷᠡᠭᠰᠡᠨ ᠳ᠋ᠦ᠍ᠷ ᠵᠡᠯᠮ᠎ᠡ ᠲᠡᠳᠡᠨ ᠢ᠋ ᠰᠠᠢᠰᠢᠶᠠᠨ ᠪᠠᠶᠠᠰᠬᠠᠵᠤ ᠂ ᠠᠷᠢᠬᠢ ᠮᠢᠬ᠎ᠠ ᠴᠠᠳᠲᠠᠯ᠎ᠠ ᠢᠳᠡᠭᠦᠯᠵᠦ ᠶᠠᠪᠤᠭᠤᠯᠬᠤᠶᠠ ᠲᠡᠳᠡᠨ ᠦ᠌ ᠵᠦᠭ ᠥᠭᠦᠯᠡᠷᠦᠨ : 《ᠮᠠᠨ ᠤ᠋ ᠡᠵᠡᠨ ᠲᠠᠨ ᠤ᠋ ᠡᠵᠡᠨ ᠯᠦ᠍ᠭᠡ ᠡᠶᠡᠳᠡᠷᠡ ᠢᠷᠡᠮᠦᠢ ᠃ ᠲᠠᠨ ᠤ᠋ ᠡᠵᠡᠨ ᠬᠡᠷᠪᠡ ᠨᠢᠭᠤᠴᠠ ᠬᠣᠣᠷ ᠪᠡᠯᠡᠳᠬᠡᠨ ᠮᠠᠨ ᠤ᠋ ᠡᠵᠡᠨ ᠢ᠋ ᠭᠡᠨᠡᠳᠡᠭᠦᠯᠬᠦ ᠵᠦᠢᠯ ᠪᠣᠢ ᠪᠥᠭᠡᠰᠦ ᠂ ᠲᠠᠨ ᠤ᠋ ᠣᠯᠠᠨ ᠮᠠᠨ ᠤ᠋ ᠠᠴᠢ ᠶ᠋ᠢ ᠰᠠᠨᠠᠵᠤ ᠮᠠᠨ ᠳ᠋ᠤᠷ ᠢᠷᠡᠵᠦ ᠬᠡᠯᠡᠪᠡᠰᠦ ᠡᠨᠡ ᠳᠠᠷᠤᠢ ᠠᠴᠢ ᠶ᠋ᠢ ᠬᠠᠷᠢᠭᠤᠯᠠᠭᠰᠠᠨ ᠪᠣᠯᠠᠢ ᠃ ᠮᠠᠨ ᠳ᠋ᠤᠷ ᠣᠭᠲᠣ ᠪᠤᠰᠤ ᠰᠡᠳᠬᠢᠯ ᠦᠭᠡᠢ ᠃ ᠭᠠᠭᠴᠠ ᠲᠠᠨ ᠤ᠋ ᠡᠵᠡᠨ ᠮᠠᠨ ᠤ᠋ ᠤᠯᠤᠰ ᠤ᠋ᠨ ᠬᠦᠨᠳᠦ ᠪᠡᠯᠡᠭ ᠮᠢᠩᠭᠠᠨ ᠠᠴᠢᠶ᠎ᠠ ᠶ᠋ᠢ ᠭᠠᠭᠴᠠᠭᠠᠷ ᠠᠪᠬᠤ ᠰᠠᠨᠠᠭᠠᠨ ᠪᠣᠢ ᠃ ᠮᠠᠨ ᠤ᠋ ᠤᠭ ᠠᠴᠢᠷᠠᠭᠰᠠᠨ ᠠᠨᠤ ᠲᠠᠨ ᠤ᠋ ᠣᠯᠠᠨ ᠴᠡᠷᠢᠭ ᠨᠡᠢᠲᠡ ᠪᠡᠷ ᠲᠣᠷ ᠱᠠᠩᠨᠠᠷᠠ ᠢᠯᠡᠭᠡᠭᠰᠡᠨ ᠪᠥᠯᠥᠭᠡ ᠃ ᠲᠠᠨ ᠤ᠋ ᠣᠯᠠᠨ ᠮᠠᠨ ᠤ᠋ ᠡᠨᠡ ᠰᠠᠨᠠᠭᠠᠨ ᠢ᠋ ᠣᠯᠠᠨ ᠬᠦᠷᠢᠶᠡᠨ ᠦ᠌ ᠴᠡᠷᠢᠭ ᠪᠦᠷᠢ ᠳ᠋ᠦ᠍ᠷ ᠰᠠᠢᠬᠠᠨ ᠲᠠᠷᠬᠠᠭᠠᠨ ᠬᠡᠯᠡᠭᠲᠦᠨ ᠂ ᠪᠢᠲᠡᠭᠡᠢ ᠠᠯᠵᠠᠭᠤᠷᠠ ! 》ᠬᠡᠮᠡᠭᠰᠡᠨ ᠳ᠋ᠦ᠍ᠷ ᠲᠡᠳᠡ ᠣᠯᠠᠨ ᠳᠤᠷᠠᠲᠠᠶ᠎ᠠ ᠪᠠᠶᠠᠷᠯᠠᠯᠴᠠᠨ ᠬᠦᠯᠢᠶᠡᠵᠦ ᠠᠪᠤᠭᠠᠳ ᠦᠨᠡᠬᠡᠷ ᠲᠠᠷᠬᠠᠭᠠᠨ ᠬᠦᠷᠢᠶ᠎ᠡ ᠪᠦᠷᠢ ᠳ᠋ᠦ᠍ ᠡᠴᠢᠵᠦ ᠬᠡᠯᠡᠭᠰᠡᠨ ᠲᠤᠯᠠ ᠣᠯᠠᠨ ᠴᠡᠷᠢᠭ ᠦ᠋ᠨ ᠰᠡᠳᠬᠢᠯ ᠨᠡᠩ ᠬᠣᠷᠣᠰᠪᠠᠢ ᠃
ᠲᠡᠨᠳᠡᠴᠡ ᠵᠡᠯᠮ᠎ᠡ ᠣᠯᠠᠨ ᠴᠡᠷᠢᠭ ᠢ᠋ᠶ᠋ᠡᠨ ᠶᠡᠬᠡᠯ᠎ᠡ ᠠᠷᠢᠬᠢᠳᠠᠨ ᠬᠠᠯᠠᠮᠰᠠᠭᠤᠯᠤᠭᠠᠳ ᠡᠭᠦᠨ ᠦ᠌ ᠳᠣᠲᠣᠷ᠎ᠠ ᠠ᠋ᠴᠠ ᠠᠷᠪᠠᠭᠠᠳ ᠰᠡᠭᠦᠳᠡᠩ ᠵᠠᠩ ᠂ ᠲᠣᠭᠰᠠᠷ ᠠᠭᠠᠰᠢᠲᠤ ᠴᠡᠷᠢᠭ ᠢ᠋ ᠰᠣᠩᠭᠣᠨ ᠠᠪᠴᠤ ᠰᠣᠭᠲᠣᠲᠠᠯ᠎ᠠ ᠤᠤᠭᠤᠯᠭᠠᠵᠤ ᠂ ᠳᠠᠯᠳᠠ ᠭᠠᠵᠠᠷ ᠠᠪᠠᠴᠢᠵᠤ ᠰᠤᠷᠭᠠᠨ ᠥᠭᠦᠯᠡᠷᠦᠨ : 《ᠪᠢᠳᠡ ᠡᠨᠡ ᠰᠥᠨᠢ ᠡᠵᠡᠨ ᠵᠢᠨᠦᠩ ᠦ᠋ᠨ ᠠᠷᠭ᠎ᠠ ᠶ᠋ᠢ ᠳᠠᠭᠠᠵᠤ ᠂ ᠡᠨᠡ ᠮᠢᠩᠭᠠᠨ ᠠᠴᠢᠶ᠎ᠠ ᠡᠪᠡᠰᠦ ᠰᠢᠷᠠᠯᠵᠢ ᠯᠠᠢ ᠬᠣᠭ ᠢ᠋ ᠴᠥᠮ ᠮᠠᠢᠬᠠᠨ ᠳ᠋ᠤᠷ ᠣᠪᠣᠭᠠᠯᠠᠨ ᠬᠦᠷᠢᠶ᠎ᠡ ᠪᠠ ᠬᠦᠨᠡᠰᠦ ᠬᠥᠰᠬᠡ ᠶ᠋ᠢ ᠴᠥᠮ ᠰᠢᠲᠠᠭᠠᠵᠤ ᠂ ᠲᠡᠳᠡᠨ ᠦ᠌ ᠭᠠᠳᠠᠭᠠᠳᠤ ᠴᠡᠷᠢᠭ ᠰᠥᠨᠢ ᠭᠠᠯ ᠲᠠᠯᠪᠢᠨ ᠪᠤᠯᠢᠶᠠᠪᠠ ᠭᠡᠮᠡᠨ ᠲᠡᠳᠡᠨ ᠦ᠌ ᠬᠣᠲᠠᠨ ᠳ᠋ᠤᠷ ᠣᠷᠣᠮᠤᠢ ᠃ ᠲᠡᠢᠮᠦ ᠶ᠋ᠢᠨ ᠲᠤᠯᠠ ᠴᠡᠷᠢᠭ ᠦ᠋ᠨ ᠠᠷᠠᠳ ᠣᠭᠲᠣ ᠰᠢᠷᠬ᠎ᠠ ᠦᠭᠡᠢ ᠪᠣᠯᠪᠠᠰᠤ ᠲᠡᠳᠡ ᠬᠡᠷᠬᠢᠪᠡᠴᠦ ᠢᠲᠡᠭᠡᠬᠦ ᠦᠭᠡᠢ ᠲᠤᠯᠠ ᠪᠢ ᠪᠡᠶ᠎ᠡ ᠪᠡᠷ ᠲᠡᠷᠢᠭᠦᠯᠡᠨ ᠪᠡᠶ᠎ᠡ ᠳ᠋ᠦ᠍ᠷ ᠢ᠋ᠶ᠋ᠡᠨ ᠰᠢᠷᠬ᠎ᠠ ᠭᠠᠷᠭᠠᠮᠤᠢ ᠃ ᠠᠶᠤᠮᠠᠲᠠᠭᠠᠢ ᠠᠷᠠᠳ ᠥᠪᠡᠷ ᠢ᠋ᠶ᠋ᠡᠨ ᠰᠢᠷᠬ᠎ᠠ ᠭᠠᠷᠭᠠᠵᠤ ᠦᠯᠦ ᠴᠢᠳᠠᠬᠤ ᠶ᠋ᠢ ᠲᠠᠨ ᠤ᠋ ᠬᠡᠳᠦᠨ ᠬᠥᠮᠦᠨ ᠨᠢᠭᠤᠵᠤ ᠬᠠᠨᠤᠨ ᠭᠡᠨᠡᠳᠲᠡ ᠴᠥᠮ ᠪᠠᠬᠠᠨ ᠰᠢᠷᠬ᠎ᠠ ᠭᠠᠷᠭ᠎ᠠ ᠃ ᠭᠠᠭᠴᠠ ᠦᠬᠦᠬᠦᠢ ᠳ᠋ᠦ᠍ᠷ ᠡᠰᠡ ᠭᠥᠷᠦᠭᠦᠯᠪᠡᠰᠦ ᠪᠠᠷᠠᠪᠠ ᠃ ᠪᠢ ᠰᠠᠢᠨ ᠡᠮ ᠠᠪᠴᠤ ᠢᠷᠡᠪᠡ ᠂ ᠴᠠᠭ ᠵᠠᠭᠤᠷ᠎ᠠ ᠶ᠋ᠢᠨ ᠥᠴᠦᠬᠡᠨ ᠡᠪᠡᠷᠰᠢᠶᠡᠯ ᠪᠣᠯᠠᠢ ᠃ ᠬᠣᠢᠴᠢ ᠡᠳᠦᠷ ᠡᠭᠦᠷᠢᠳᠡ ᠶ᠋ᠢᠨ ᠭᠠᠪᠢᠶ᠎ᠠ ᠪᠣᠢ ! 》 ᠭᠡᠮᠡᠨ ᠰᠤᠷᠭᠠᠭᠠᠳ ᠰᠥᠨᠢ ᠳᠦᠯᠢ ᠪᠣᠯᠬᠤ ᠶ᠋ᠢ ᠬᠦᠯᠢᠶᠡᠵᠦ ᠂ ᠵᠠᠭᠤᠨ ᠴᠡᠷᠢᠭ ᠢ᠋ ᠪᠠᠰᠠ ᠠᠷᠢᠬᠢᠳᠠᠵᠤ ᠬᠦᠷᠢᠶᠡᠨ ᠦ᠌ ᠡᠭᠦᠳᠡ ᠶ᠋ᠢ ᠶᠠᠭ ᠳᠠᠷᠤᠵᠤ ᠂ ᠮᠢᠩᠭᠠᠨ ᠠᠴᠢᠶ᠎ᠠ ᠶ᠋ᠢᠨ ᠱᠠᠷ ᠪᠠ ᠪᠠᠭᠤᠳᠠᠯ ᠢ᠋ ᠴᠥᠮ ᠡᠪᠳᠡᠵᠦ ᠂ ᠳᠣᠲᠣᠷᠠᠬᠢ ᠡᠪᠡᠰᠦ ᠰᠢᠷᠠᠯᠵᠢ ᠬᠣᠭ ᠯᠠᠢ ᠶ᠋ᠢ ᠴᠥᠮ ᠭᠠᠷᠭᠠᠵᠤ ᠂ ᠮᠠᠢᠬᠠᠨ ᠪᠦᠷᠢ ᠶ᠋ᠢ ᠲᠣᠭᠣᠷᠢᠭᠤᠯᠤᠨ ᠣᠪᠣᠭᠠᠯᠠᠵᠤ ᠂ ᠠᠷᠪᠠᠭᠠᠳ ᠰᠡᠷᠭᠦᠯᠡᠩ ᠰᠢᠭ ᠴᠡᠷᠢᠭ ᠦ᠋ᠨ ᠬᠥᠮᠦᠨ ᠳ᠋ᠦ᠍ᠷ ᠪᠧᠲ᠋ᠠ᠋ ᠤᠯᠤᠰ ᠤ᠋ᠨ ᠡᠳᠡᠭᠡᠷ ᠲᠡᠮᠳᠡᠭ ᠲᠢᠰᠡᠲᠦ ᠪᠣᠭᠣᠳᠠᠯ ᠪᠠᠭᠯᠠᠭ᠎ᠠ ᠪᠠ ᠰᠢᠷᠡᠯᠡᠭᠰᠡᠨ ᠱᠠᠷ ᠠᠯᠳᠠᠯᠤᠭᠰᠠᠨ ᠠᠷᠠᠰᠤ ᠶ᠋ᠢᠨ ᠵᠦᠢᠯ ᠢ᠋ ᠲᠤᠰᠢᠶᠠᠨ ᠥᠭᠴᠦ ᠨᠢᠭᠡᠨ ᠬᠠᠭᠠᠰ ᠢ᠋ ᠰᠤᠷᠤᠨᠴᠤᠭ ᠬᠣᠲᠠ ᠶ᠋ᠢᠨ ᠪᠠᠷᠠᠭᠤᠨ ᠬᠠᠭᠠᠯᠭ᠎ᠠ ᠪᠠ ᠬᠣᠢᠲᠤ ᠬᠠᠭᠠᠯᠭ᠎ᠠ ᠶ᠋ᠢᠨ ᠭᠠᠳᠠᠨ᠎ᠠ ᠡᠨᠳᠡ ᠲᠡᠨᠳᠡ ᠴᠣᠬᠢᠭᠤᠯᠵᠤ ᠂ ᠶᠡᠬᠡ ᠬᠠᠭᠠᠰ ᠢ᠋ ᠠᠨᠤ ᠲᠡᠳᠡᠨ ᠦ᠌ ᠣᠯᠠᠨ ᠴᠡᠷᠢᠭ ᠦ᠋ᠨ ᠬᠦᠷᠢᠶᠡᠨ ᠦ᠌ ᠳᠣᠲᠣᠷ᠎ᠠ ᠭᠠᠳᠠᠨ᠎ᠠ ᠠᠪᠠᠴᠢᠵᠤ ᠴᠣᠬᠢᠭᠤᠯᠤᠭᠠᠳ ᠂ ᠴᠡᠷᠢᠭ ᠦ᠋ᠨ ᠠᠷᠠᠳ ᠤ᠋ᠨ ᠠᠷᠤᠤᠬᠠᠨ ᠵᠡᠪᠰᠡᠭ ᠪᠠ ᠡᠮᠡᠭᠡᠯ ᠬᠤᠪᠴᠠᠳ ᠢ᠋ ᠭᠦᠨ ᠡᠪᠡᠰᠦᠨ ᠦ᠌ ᠡᠯᠡᠰᠦᠨ᠎ᠡ ᠪᠤᠯᠠᠭᠤᠯᠵᠤ ᠂ ᠮᠠᠭᠤ ᠰᠠᠢᠨ ᠢ᠋ ᠠᠨᠤ ᠴᠡᠷᠢᠭ ᠦ᠋ᠨ ᠬᠦᠷᠢᠶᠡᠨ ᠦ᠌ ᠡᠨᠳᠡ ᠲᠡᠨᠳᠡ ᠢᠨᠦ ᠴᠣᠬᠢᠭᠤᠯᠵᠤ ᠂ ᠥᠪᠡᠷ ᠦ᠋ᠨ ᠪᠡᠶ᠎ᠡ ᠡᠴᠡ ᠲᠡᠷᠢᠭᠦᠯᠡᠨ ᠰᠣᠴᠢᠮᠠᠲᠠᠭᠠᠢ ᠳᠤᠲᠠᠭᠠᠭᠰᠠᠨ ᠶᠣᠰᠣ ᠪᠠᠷ ᠳᠠᠩ ᠳᠡᠪᠡᠯ ᠥᠮᠥᠳᠥ ᠡᠴᠡ ᠥᠪᠡᠷ᠎ᠡ ᠶᠠᠭᠤᠮ᠎ᠠ ᠦᠭᠡᠢ ᠵᠠᠷᠢᠮ ᠴᠢᠷᠮᠡᠨ ᠨᠢᠴᠦᠭᠦᠨ ᠢᠨᠦ ᠮᠥᠨ ᠪᠣᠢ ᠂ ᠴᠥᠮ ᠭᠤᠲᠤᠯ ᠮᠠᠯᠠᠭ᠎ᠠ ᠦᠭᠡᠢ ᠪᠡᠷ ᠪᠡᠯᠡᠳᠬᠡᠵᠦ ᠪᠡᠯᠡᠨ ᠵᠠᠯᠠᠨ ᠪᠣᠯᠭᠠᠭᠠᠳ ᠰᠠᠶᠢ ᠵᠠᠭᠤᠨ ᠴᠡᠷᠢᠭ ᠢ᠋ᠶ᠋ᠡᠨ ᠴᠤᠭᠯᠠᠭᠤᠯᠵᠤ ᠂ ᠰᠠᠢᠨ ᠦᠭᠡ ᠰᠠᠢᠬᠠᠨ ᠡᠭᠡᠰᠢᠭ ᠢ᠋ᠶ᠋ᠡᠷ ᠵᠠᠷᠯᠠᠨ ᠥᠭᠦᠯᠡᠷᠦᠨ : 《ᠡᠨᠡ ᠬᠡᠷᠡᠭ ᠬᠡᠮᠡᠭᠴᠢ ᠮᠠᠨ ᠤ᠋ ᠪᠧᠲ᠋ᠠ᠋ ᠤᠯᠤᠰ ᠤ᠋ᠨ ᠳᠠᠭ᠌ᠷᠢᠯᠢᠭ᠌ ᠡᠵᠡᠨ ᠦ᠌ ᠲᠡᠮᠳᠡᠭᠲᠦ ᠲᠥᠷᠥ ᠪᠠᠢᠭᠤᠯᠬᠤᠢ ᠶ᠋ᠢᠨ ᠶᠡᠬᠡ ᠭᠠᠪᠢᠶ᠎ᠠ ᠦᠨᠳᠦᠰᠦᠲᠦ ᠦᠢᠯᠡ ᠂ ᠲᠠᠨ ᠢ᠋ ᠣᠯᠠᠨ ᠬᠡᠷᠬᠢᠪᠡᠴᠦ ᠪᠢᠲᠡᠭᠡᠢ ᠦᠭᠡ ᠠᠯᠳᠠᠭᠲᠤᠨ ᠂ ᠲᠠᠨ ᠤ᠋ ᠴᠥᠮ ᠰᠣᠩᠭᠣᠨ ᠰᠢᠯᠭᠠᠵᠤ ᠂ ᠡᠴᠢᠭᠡ ᠡᠬᠡ ᠡᠮ᠎ᠡ ᠦᠷ᠎ᠡ ᠲᠡᠢ ᠬᠥᠮᠦᠨ ᠢ᠋ ᠰᠣᠩᠭᠣᠨ ᠠᠴᠢᠷᠠᠭᠰᠠᠨ ᠠᠨᠤ ᠮᠥᠨ ᠬᠦ᠌ ᠦᠭᠡ ᠭᠠᠷᠬᠤ ᠠ᠋ᠴᠠ ᠠᠶᠤᠵᠤᠬᠤᠢ ᠃ ᠲᠠ ᠬᠡᠷᠪᠡ ᠦᠭᠡ ᠠᠯᠳᠠᠪᠠᠰᠤ ᠭᠠᠭᠴᠠ ᠬᠤᠳᠠᠭᠠᠨ᠎ᠠ ᠠᠬᠠᠢ ᠪᠢᠳᠡ ᠬᠣᠶᠠᠭᠤᠯᠠ ᠶ᠋ᠢᠨ ᠲᠡᠳᠦᠢ ᠦᠬᠦᠬᠦ ᠪᠤᠰᠤ ᠂ ᠲᠠᠨ ᠲᠠᠨ ᠤ᠋ ᠪᠡᠶ᠎ᠡ ᠴᠥᠮ ᠠᠮᠢᠳᠤᠷᠠᠵᠤ ᠴᠢᠳᠠᠬᠤ ᠦᠭᠡᠢ ᠪᠡᠷ ᠦᠯᠦ ᠪᠠᠷᠠᠨ ᠂ ᠦᠭᠡ ᠠᠯᠳᠠᠭᠰᠠᠨ ᠬᠥᠮᠦᠨ ᠦ᠌ ᠭᠡᠷ ᠦ᠋ᠨ ᠬᠣᠲᠠᠯᠠᠭᠠᠷ ᠪᠠᠰᠠ ᠥᠪᠡᠷ ᠦ᠋ᠨ ᠤᠯᠤᠰ ᠤ᠋ᠨ ᠴᠠᠭᠠᠵᠠ ᠳ᠋ᠤᠷ ᠦᠬᠦᠬᠦ ᠪᠣᠯᠠᠢ ! 》ᠬᠡᠮᠡᠭᠡᠳ ᠡᠮᠦᠨ᠎ᠡ ᠪᠡᠨ ᠠᠷᠪᠠ ᠠᠷᠪᠠᠨ ᠯᠠᠩ ᠤ᠋ᠨ ᠴᠠᠭᠠᠨ ᠮᠥᠩᠭᠥᠨ ᠦ᠌ ᠥᠯᠥᠭᠡᠢ ᠶ᠋ᠢ ᠣᠪᠣᠭᠠᠯᠠᠵᠤ ᠂ ᠵᠠᠯᠮ᠎ᠠ ᠤᠷᠢᠳᠠ ᠵᠡᠭᠦᠨ ᠭᠠᠷ ᠢ᠋ᠶ᠋ᠠᠷ ᠪᠠᠷᠠᠭᠤᠨ ᠮᠥᠷᠥ ᠪᠡᠨ ᠬᠣᠶᠠᠷ ᠵᠤᠷᠪᠤᠰ ᠳᠡᠷᠪᠡᠢᠲᠡᠯᠡ ᠴᠠᠪᠴᠢᠵᠤ ᠂ ᠴᠢᠰᠤ ᠴᠤᠪᠤᠷᠢᠭᠤᠯᠤᠨ ᠪᠠᠢᠵᠤ ᠵᠠᠷᠯᠠᠨ ᠥᠭᠦᠯᠡᠷᠦᠨ: 《ᠲᠠᠨ ᠤ᠋ ᠳᠣᠲᠣᠷ᠎ᠠ ᠨᠠᠳᠠ ᠳ᠋ᠤᠷ ᠠᠳᠠᠯᠢ ᠂ ᠥᠪᠡᠷ ᠦ᠋ᠨ ᠪᠡᠶ᠎ᠡ ᠪᠡᠷ ᠰᠢᠷᠬ᠎ᠠ ᠭᠠᠷᠭᠠᠨ ᠴᠢᠳᠠᠭᠴᠢᠳ ᠲᠤᠷ ᠡᠳᠦᠭᠡ ᠳᠠᠷᠤᠢ ᠠᠷᠪᠠᠨ ᠱᠠᠩ ᠮᠥᠩᠭᠥ ᠱᠠᠩᠨᠠᠵᠤ ᠂ ᠡᠭᠡᠭᠰᠡᠨ ᠦ᠌ ᠬᠣᠢᠨ᠎ᠠ ᠬᠣᠶᠠᠷ ᠵᠡᠷᠭᠡ ᠳᠡᠪᠰᠢᠭᠦᠯᠵᠦ ᠂ ᠭᠡᠷ ᠡᠷᠦᠬᠡ ᠶ᠋ᠢ ᠳᠡᠭᠵᠢᠭᠦᠯᠦᠮᠦᠢ ! 》 ᠬᠡᠮᠡᠭᠰᠡᠨ ᠳ᠋ᠦ᠍ᠷ ᠣᠯᠠᠨ ᠰᠣᠭᠲᠣᠭᠤ ᠬᠥᠯᠴᠦᠭᠦᠴᠦᠳ ᠬᠥᠭᠡᠷᠦᠯᠴᠡᠨ ᠡᠭᠦᠰᠬᠡᠯᠴᠡᠵᠦ ᠂ ᠥᠪᠡᠷ ᠥᠪᠡᠷ ᠢ᠋ᠶ᠋ᠡᠨ ᠰᠢᠷᠬ᠎ᠠ ᠭᠠᠷᠭᠠᠭᠰᠠᠨ ᠠᠨᠤ ᠨᠡᠢᠲᠡ ᠠᠷᠪᠠᠨ ᠨᠠᠢ᠍ᠮᠠᠨ ᠬᠥᠮᠦᠨ ᠭᠠᠷᠤᠭᠰᠠᠨ ᠳ᠋ᠤᠷ ᠴᠥᠮ ᠳᠠᠪᠬᠤᠷ ᠱᠠᠩ ᠥᠭᠭᠦᠭᠦᠶᠡ ᠂ ᠡᠭᠦᠨ ᠢ᠋ ᠦᠵᠡᠭᠡᠳ ᠬᠣᠪᠳᠣᠭ ᠬᠥᠳᠡᠯᠵᠦ ᠪᠠᠰᠠ ᠵᠢᠷᠭᠤᠭᠠᠨ ᠬᠥᠮᠦᠨ ᠰᠢᠷᠬ᠎ᠠ ᠭᠠᠷᠭᠠᠵᠤ ᠂ ᠵᠠᠷᠢᠮ ᠠᠨᠤ ᠪᠦᠳᠦᠭᠦᠨ ᠭᠤᠶ᠎ᠠ ᠂ ᠵᠠᠷᠢᠮ ᠠᠨᠤ ᠭᠠᠷ ᠤ᠋ᠨ ᠱᠣ ᠂ ᠵᠠᠷᠢᠮ ᠠᠨᠤ ᠴᠢᠷᠠᠢ ᠪᠠᠨ ᠡᠰᠬᠡᠨ ᠂ ᠵᠠᠷᠢᠮ ᠠᠨᠤ ᠲᠣᠯᠣᠭᠠᠢ ᠪᠠᠨ ᠴᠣᠭᠣᠯᠵᠤ ᠮᠠᠰᠢ ᠰᠦᠷᠡᠬᠡᠢ ᠃ ᠲᠡᠳᠦᠢ ᠬᠣᠶᠠᠷ ᠳᠠᠰᠢ ᠰᠢᠷ᠎ᠠ ᠪᠠᠭᠤᠳᠠᠯ ᠢ᠋ ᠴᠣᠬᠢᠵᠤ ᠮᠥᠷ ᠭᠠᠷᠭᠠᠷᠠ ᠡᠴᠢᠭᠰᠡᠨ ᠠᠷᠠᠳ ᠴᠥᠮ ᠡᠭᠡᠵᠦ ᠢᠷᠡᠭᠰᠡᠨ ᠲᠤᠯᠠ ᠵᠡᠯᠮ᠎ᠡ ᠰᠢᠷᠬ᠎ᠠ ᠶ᠋ᠢ ᠬᠦᠯᠢᠴᠡᠨ ᠂ ᠪᠠᠰᠠ ᠬᠡᠳᠦᠨ ᠬᠤᠷᠴᠠ ᠬᠡᠯᠡᠲᠡᠨ ᠢ᠋ ᠰᠣᠩᠭᠣᠨ ᠭᠠᠷᠭᠠᠵᠤ ᠂ ᠲᠠᠨ ᠤ᠋ ᠡᠨᠡ ᠬᠡᠳᠦᠨ ᠬᠥᠮᠦᠨ ᠲᠥᠭᠡᠷᠢᠭᠰᠡᠨ ᠮᠡᠲᠦ ᠪᠡᠷ ᠳᠤᠲᠠᠭᠠᠵᠤ ᠂ ᠲᠡᠳᠡᠨ ᠦ᠌ ᠴᠡᠷᠢᠭ ᠦ᠋ᠨ ᠬᠦᠷᠢᠶᠡᠨ ᠳ᠋ᠦ᠍ᠷ ᠰᠢᠷᠭᠤᠨ ᠣᠷᠣᠵᠤ ᠂ ᠬᠣᠲᠠ ᠠ᠋ᠴᠠ ᠬᠤᠯᠠᠭᠠᠢ ᠴᠡᠷᠢᠭ ᠭᠠᠷᠴᠤ ᠮᠠᠨ ᠤ᠋ ᠪᠡᠯᠡᠭ ᠦ᠋ᠨ ᠡᠳ᠋ ᠢ᠋ ᠳᠡᠭᠡᠷᠡᠮᠳᠡᠨ ᠪᠤᠯᠢᠶᠠᠪᠠ ᠭᠡᠮᠡᠨ ᠠᠯᠳᠠᠷᠰᠢᠭᠤᠯᠤᠭᠠᠳ ᠵᠢᠴᠢ ᠡᠳᠦᠷ ᠰᠢᠭᠤᠳ ᠵᠠᠢ ᠶ᠋ᠢ ᠦᠵᠡᠨ ᠪᠤᠯᠳᠤᠷᠠᠨ ᠭᠠᠷᠴᠤ ᠤᠯᠤᠰ ᠤ᠋ᠨ ᠵᠦᠭ ᠡᠴᠢᠵᠦ ᠵᠢᠨᠦᠩ ᠳ᠋ᠦ᠍ᠷ ᠤᠴᠢᠷ ᠢ᠋ ᠬᠡᠯᠡᠭᠡᠳ ᠬᠠᠷᠢᠲᠤᠭᠠᠢ ᠂ ᠬᠡᠷᠬᠢᠪᠡᠴᠦ ᠴᠡᠷᠢᠭ ᠲᠦ᠍ᠷ ᠪᠠᠷᠢᠭ᠍ᠳᠠᠨ ᠠᠮᠠᠨ ᠠᠭᠤᠯᠵᠠᠭᠤᠯᠬᠤᠢ ᠳ᠋ᠤᠷ ᠪᠢᠲᠡᠭᠡᠢ ᠬᠦᠷᠭᠦᠯ ! 》ᠭᠡᠮᠡᠨ ᠡᠯ᠎ᠡ ᠵᠦᠢᠯ ᠢ᠋ ᠴᠥᠮ ᠵᠥᠪᠳᠡᠨ ᠲᠣᠭᠲᠠᠭᠠᠭᠠᠳ ᠶᠡᠬᠡᠯ᠎ᠡ ᠬᠠᠰᠬᠢᠷᠤᠭᠤᠯᠤᠨ ᠭᠠᠯ ᠰᠢᠲᠠᠭᠠᠵᠤ ᠴᠥᠮ ᠨᠣᠴᠣᠭᠰᠠᠨᠠ ᠂ ᠣᠯᠠᠨ ᠢ᠋ ᠠᠪᠴᠤ ᠪᠠᠷᠠᠭᠤᠨ ᠬᠣᠢᠲᠤ ᠰᠤᠷᠳᠨᠴᠤᠭ ᠬᠣᠲᠠ ᠶ᠋ᠢᠨ ᠵᠦᠭ ᠭᠦᠶᠦᠨ ᠡᠴᠢᠬᠦ ᠪᠥᠭᠡᠳ ᠣᠯᠠᠨ ᠤ᠋ ᠵᠦᠭ ᠥᠭᠦᠯᠡᠷᠦᠨ : 《ᠲᠠ ᠲᠦᠷᠭᠡᠨ᠎ᠡ ᠨᠠᠮᠠᠢ ᠳᠠᠭᠠᠵᠤ ᠪᠠᠷᠬᠢᠷᠠᠨ ᠶᠠᠪᠤᠭᠲᠤᠨ ᠃ ᠲᠠᠨ ᠤ᠋ ᠳᠣᠲᠣᠷ᠎ᠠ ᠰᠢᠷᠬ᠎ᠠ ᠭᠠᠷᠭᠠᠴᠢ ᠬᠥᠮᠦᠨ ᠪᠣᠢ ᠂ ᠰᠢᠷᠬᠠᠳᠤᠭᠰᠠᠨ ᠪᠦᠬᠦᠨ᠎ᠡ ᠪᠠᠰᠠ ᠬᠦ᠌ ᠠᠷᠪᠠᠨ ᠯᠠᠩ ᠤ᠋ᠨ ᠱᠠᠩ ᠪᠣᠢ ᠂ ᠪᠢᠲᠡᠭᠡᠢ ᠬᠢᠯᠢᠰᠳᠡ ! 》ᠬᠡᠮᠡᠭᠡᠳ ᠵᠠᠯᠮ᠎ᠠ ᠪᠠᠷᠠᠭᠤᠨ ᠭᠠᠷ ᠢ᠋ᠶ᠋ᠠᠷ ᠪᠠᠰᠠ ᠵᠡᠭᠦᠨ ᠮᠥᠷᠥ ᠪᠡᠨ ᠭᠤᠷᠪᠠᠨᠲᠠ ᠴᠠᠪᠴᠢᠵᠤ ᠢᠯᠳᠦ ᠪᠡᠨ ᠭᠠᠯ ᠳ᠋ᠤᠷ ᠴᠣᠬᠢᠭ᠍ᠰᠠᠨᠠ ᠂ ᠬᠤᠳᠠᠭᠠᠨ᠎ᠠ ᠪᠡᠬᠢ ᠢᠴᠢᠭᠦᠷᠢ ᠳ᠋ᠦ᠍ᠷ ᠢ᠋ᠶ᠋ᠡᠨ ᠪᠠᠷᠠᠭᠤᠨ ᠭᠤᠶ᠎ᠠ ᠪᠠᠨ ᠨᠢᠭᠡᠨᠲᠡ ᠡᠰᠬᠡᠵᠦ ᠨᠢᠭᠤᠷ ᠲᠤᠷ ᠢ᠋ᠶ᠋ᠠᠨ ᠨᠢᠭᠡᠨ ᠶ᠋ᠢᠳᠡ ᠶ᠋ᠢᠨ ᠰᠢᠷᠬ᠎ᠠ ᠭᠠᠷᠭᠠᠵᠤ ᠂ ᠪᠦᠭᠦᠳᠡᠭᠡᠷ ᠬᠠᠰᠬᠢᠷᠤᠨ ᠪᠠᠷᠬᠢᠷᠠᠯᠴᠠᠭᠰᠠᠭᠠᠷ ᠭᠦᠶᠦᠯᠳᠦᠵᠦ ᠂ ᠬᠣᠲᠠ ᠶ᠋ᠢᠨ ᠡᠮᠦᠨ᠎ᠡ ᠬᠠᠭᠠᠯᠭ᠎ᠠ ᠪᠠ ᠵᠡᠭᠦᠨ ᠬᠠᠭᠠᠯᠭᠠᠨ᠎ᠠ ᠢᠷᠡᠵᠦ ᠪᠠᠷᠬᠢᠷᠠᠯᠴᠠᠨ ᠬᠠᠰᠬᠢᠷᠴᠤ : 《ᠲᠠᠨ ᠤ᠋ ᠣᠯᠠᠨ ᠬᠦᠷᠢᠶᠡᠨ ᠦ᠌ ᠴᠡᠷᠢᠭ ᠡᠴᠡ ᠬᠤᠯᠠᠭᠠᠢ ᠴᠡᠷᠢᠭ ᠭᠠᠷᠴᠤ ᠮᠠᠨ ᠤ᠋ ᠬᠦᠷᠢᠶ᠎ᠡ ᠳ᠋ᠦ᠍ᠷ ᠭᠠᠯ ᠲᠠᠯᠪᠢᠨ ᠣᠷᠣᠵᠤ ᠂ ᠡᠳ᠋ ᠠᠭᠤᠷᠠᠰᠤᠨ ᠢ᠋ ᠪᠤᠯᠢᠶᠠᠪᠠ ᠃ ᠲᠦᠷᠭᠡᠨ᠎ᠡ ᠴᠡᠷᠢᠭ ᠭᠠᠷᠭᠠᠨ ᠪᠤᠯᠢᠶᠠᠨ ᠠᠪ ! 》 ᠭᠡᠮᠡᠨ ᠦᠢᠮᠡᠯᠳᠦᠵᠦ ᠪᠠᠷᠬᠢᠷᠠᠬᠤᠶᠠ ᠂ ᠡᠨᠡ ᠦᠶ᠎ᠡ ᠳ᠋ᠦ᠍ᠷ ᠵᠠᠮᠤᠬ᠎ᠠ ᠲᠠᠨ ᠬᠠᠷᠠᠬᠠᠨ ᠪᠠᠶᠠᠷᠲᠠᠶᠠ ᠬᠤᠷᠢᠮᠯᠠᠬᠤᠢ ᠳ᠋ᠤᠷ ᠭᠡᠨᠡᠳᠲᠡ ᠬᠣᠲᠠ ᠶ᠋ᠢᠨ ᠡᠮᠦᠨ᠎ᠡ ᠵᠣᠪᠬᠢᠰ ᠲᠤᠷ ᠭᠠᠯ ᠤ᠋ᠨ ᠭᠡᠷᠡᠯ ᠭᠠᠷᠴᠤ ᠬᠥᠮᠦᠨ ᠬᠠᠰᠬᠢᠷᠤᠯᠳᠤᠨ ᠶᠡᠬᠡᠯ᠎ᠡ ᠦᠢᠮᠡᠯᠳᠦᠨ ᠡᠮᠦᠨ᠎ᠡ ᠬᠠᠭᠠᠯᠭᠠᠨ ᠳ᠋ᠤᠷ ᠬᠠᠰᠬᠢᠷᠤᠯᠴᠠᠬᠤᠶᠠ ᠂ ᠭᠤᠷᠪᠠᠨ ᠲᠦᠰᠢᠮᠡᠯ ᠵᠠᠮᠤᠬ᠎ᠠ ᠯᠤᠭ᠎ᠠ ᠡᠮᠦᠨ᠎ᠡ ᠬᠠᠭᠠᠯᠭᠠᠨ ᠤ᠋ ᠠᠰᠠᠷ ᠲᠤᠷ ᠠᠪᠠᠷᠢᠵᠤ ᠦᠵᠡᠬᠦᠯ᠎ᠡ ᠂ ᠬᠣᠲᠠ ᠶ᠋ᠢᠨ ᠵᠡᠭᠦᠨ ᠡᠮᠦᠨ᠎ᠡ ᠬᠣᠶᠠᠷ ᠭᠠᠵᠠᠷ ᠤ᠋ᠨ ᠦᠵᠦᠭᠦᠷ᠎ᠡ ᠪᠧᠲ᠋ᠠ᠋ ᠤᠯᠤᠰ ᠤ᠋ᠨ ᠪᠡᠯᠡᠭ ᠬᠦᠷᠭᠡᠵᠦ ᠢᠷᠡᠭᠰᠡᠨ ᠡᠯᠴᠢ ᠶ᠋ᠢᠨ ᠬᠦᠷᠢᠶ᠎ᠡ ᠭᠠᠯ ᠳ᠋ᠤᠷ ᠰᠢᠲᠠᠭᠳᠠᠨ ᠂ ᠬᠠᠪᠤᠷ ᠤ᠋ᠨ ᠬᠠᠭᠤᠷᠠᠢ ᠨᠠᠪᠴᠢ ᠡᠪᠡᠰᠦ ᠵᠠᠯᠭᠠᠯᠳᠤᠨ ᠰᠢᠳᠡᠵᠦ ᠪᠧᠲ᠋ᠠ᠋ ᠤᠯᠤᠰ ᠤ᠋ᠨ ᠡᠯᠴᠢ ᠪᠠ ᠴᠡᠷᠢᠭ ᠦ᠋ᠨ ᠠᠷᠠᠳ ᠣᠯᠠᠩᠬᠢ ᠨᠢ ᠠᠨᠤ ᠴᠢᠷᠠᠮᠠᠨ ᠨᠢᠴᠦᠭᠦᠨ ᠪᠥᠭᠡᠳ ᠴᠥᠮ ᠰᠢᠷᠬᠠᠲᠤᠵᠤ ᠲᠦᠷᠭᠡᠨ᠎ᠡ ᠬᠠᠭᠠᠯᠭ᠎ᠠ ᠨᠡᠭᠡᠭᠡᠵᠦ ᠂ ᠴᠡᠷᠢᠭ ᠭᠠᠷᠭᠠᠨ ᠬᠤᠯᠠᠭᠠᠢ ᠴᠡᠷᠢᠭ ᠢ᠋ ᠪᠡᠷᠢ ᠭᠡᠮᠡᠨ ᠪᠠᠬᠢᠷᠤᠯᠴᠠᠮᠤᠢ ᠃
ᠡᠨᠡ ᠦᠶ᠎ᠡ ᠳ᠋ᠦ᠍ᠷ ᠵᠠᠯᠮ᠎ᠠ ᠶ᠋ᠢᠨ ᠰᠢᠷᠬ᠎ᠠ ᠭᠠᠷᠭᠠᠭᠴᠢ ᠬᠡᠳᠦᠨ ᠬᠥᠮᠦᠨ ᠲᠡᠨᠡᠭᠰᠢᠭᠡᠷ ᠦ᠋ᠨ ᠳᠡᠭᠡᠷ᠎ᠡ ᠪᠠᠰᠠ ᠰᠣᠭᠲᠣᠭᠰᠠᠨ ᠳ᠋ᠤᠷ ᠡᠨᠡ ᠲᠡᠷᠡ ᠶ᠋ᠢ ᠴᠢᠴᠢᠵᠦ ᠴᠠᠪᠴᠢᠨ ᠬᠥᠭᠡᠷᠦᠭᠡᠳ ᠬᠣᠷᠢᠭᠠᠳ ᠬᠥᠮᠦᠨ ᠢ᠋ ᠰᠢᠷᠬ᠎ᠠ ᠭᠠᠷᠭᠠᠵᠤ ᠂ ᠤᠯᠠᠮ ᠤᠯᠠᠮ ᠥᠪᠡᠷ ᠢ᠋ᠶ᠋ᠡᠨ ᠰᠢᠷᠬ᠎ᠠ ᠭᠠᠷᠭᠠᠭᠰᠠᠨ ᠴᠡᠷᠢᠭ ᠢ᠋ ᠪᠠᠰᠠ ᠲᠠᠰᠢᠶᠠᠷᠠᠨ ᠳᠠᠪᠬᠤᠷ ᠰᠢᠷᠬ᠎ᠠ ᠭᠠᠷᠭᠠᠭᠰᠠᠨ ᠳ᠋ᠤᠷ ᠪᠦᠭᠦᠳᠡᠭᠡᠷ ᠣᠳᠣ ᠬᠡᠷᠡᠭ ᠦᠭᠡᠢ ᠂ ᠡᠨᠡ ᠰᠢᠷᠬ᠎ᠠ ᠠᠨᠤ ᠪᠠᠷᠲᠠᠭᠠᠪᠠᠷ ᠭᠦᠢᠴᠡᠮᠦᠢ ᠭᠡᠮᠡᠨ ᠬᠡᠷᠬᠢᠨ ᠬᠡᠯᠡᠪᠡᠴᠦ ᠰᠢᠷᠬ᠎ᠠ ᠭᠠᠷᠭᠠᠭᠴᠢ ᠬᠡᠳᠦᠨ ᠬᠥᠮᠦᠨ ᠨᠢᠭᠡᠮᠦᠰᠦᠨ ᠬᠥᠭᠡᠷᠴᠦ ᠵᠦᠭ ᠲᠣᠮᠣᠭ᠎ᠠ ᠦᠭᠡᠢ ᠰᠠᠮᠠᠭᠤᠷᠠᠨ ᠴᠠᠪᠴᠢᠬᠤᠢ ᠳ᠋ᠤᠷ ᠪᠦᠭᠦᠳᠡᠭᠡᠷ ᠣᠷᠣᠵᠤ ᠂ ᠡᠨᠡ ᠬᠡᠳᠦᠭᠦᠯᠡ ᠶ᠋ᠢ ᠪᠠᠷᠢᠭᠠᠳ ᠳᠠᠷᠤᠨ ᠤᠨᠠᠭᠠᠵᠤ ᠂ ᠬᠠᠭᠠᠰ ᠢᠨᠢᠶᠡᠳᠦᠮ ᠬᠠᠭᠠᠰ ᠨᠠᠭᠠᠳᠤᠮ ᠢ᠋ᠶ᠋ᠠᠷ ᠲᠡᠳᠡᠨ ᠦ᠌ ᠪᠡᠶ᠎ᠡ ᠳ᠋ᠦ᠍ᠷ ᠬᠡᠳᠦ ᠬᠡᠳᠦᠨ ᠰᠢᠷᠬ᠎ᠠ ᠭᠠᠷᠭᠠᠵᠤ ᠂ ᠢᠯᠳᠦ ᠵᠢᠳᠠ ᠶ᠋ᠢ ᠠᠨᠤ ᠪᠤᠯᠢᠶᠠᠨ ᠠᠪᠴᠤ ᠡᠪᠡᠰᠦᠨ ᠳ᠋ᠦ᠍ᠷ ᠴᠣᠬᠢᠭᠠᠳ ᠴᠢᠷᠦᠯᠴᠡᠨ ᠡᠭᠦᠷᠦᠯᠴᠡᠨ ᠂ ᠬᠣᠲᠠ ᠶ᠋ᠢᠨ ᠳᠣᠣᠷ᠎ᠠ ᠢᠷᠡᠭᠰᠡᠨ ᠲᠤᠯᠠ ᠰᠢᠷᠬᠠᠲᠤᠭᠰᠠᠨ ᠬᠥᠮᠦᠨ ᠮᠠᠰᠢ ᠣᠯᠠᠨ ᠪᠣᠯᠤᠭᠰᠠᠨ ᠢ᠋ᠶ᠋ᠠᠷ ᠰᠠᠭᠠᠷ ᠨᠠᠷ ᠵᠤᠯᠠ ᠪᠠᠭᠤᠯᠭᠠᠨ ᠦᠵᠡᠭᠡᠳ ᠮᠠᠰᠢ ᠦᠨᠡᠮᠰᠢᠵᠦ ᠂ ᠶᠠᠭᠠᠷᠠᠨ ᠬᠡᠩᠭᠡᠷᠭᠡ ᠳᠡᠯᠡᠳᠦᠨ ᠬᠠᠭᠠᠯᠭ᠎ᠠ ᠨᠡᠭᠡᠭᠡᠯᠭᠡᠨ ᠪᠧᠲ᠋ᠠ᠋ ᠤᠯᠤᠰ ᠤ᠋ᠨ ᠡᠯᠴᠢ ᠶ᠋ᠢ ᠣᠷᠣᠭᠤᠯᠵᠤ ᠪᠠᠰᠠ ᠬᠣᠲᠠ ᠬᠠᠮᠠᠭᠠᠯᠠᠬᠤ ᠴᠡᠷᠢᠭ ᠢ᠋ ᠰᠡᠷᠭᠦᠭᠡᠵᠦ ᠂ ᠮᠣᠷᠢ ᠡᠮᠡᠭᠡᠯᠯᠡᠭᠦᠯᠦᠨ ᠡᠴᠢᠲᠡᠯ᠎ᠡ ᠰᠥᠨᠢ ᠳᠦᠯᠢ ᠥᠩᠭᠡᠷᠡᠵᠦ ᠠᠭᠤᠯᠠ ᠵᠠᠪᠰᠠᠷᠯᠠᠵᠤᠬᠤᠢ ᠃ ᠭᠠᠯ ᠮᠥᠨ ᠰᠥᠨᠥᠭᠡᠳ ᠬᠤᠯᠠᠭᠠᠢ ᠬᠡᠳᠦᠢᠨᠡᠢ ᠡᠴᠢᠵᠦᠬᠦᠢ ᠃ ᠮᠢᠩᠭᠠᠨ ᠠᠴᠢᠶ᠎ᠠ ᠠᠭᠤᠯᠠ ᠶ᠋ᠢᠨ ᠲᠡᠳᠦᠢ ᠣᠪᠣᠭ᠎ᠠ ᠶ᠋ᠢᠨ ᠨᠢᠭᠡᠨ ᠠᠴᠢᠶ᠎ᠠ ᠴᠤ᠌ ᠦᠯᠡᠭᠰᠡᠨ ᠦᠭᠡᠢ ᠂ ᠭᠠᠭᠴᠠ ᠬᠣᠢᠭᠯᠠᠭᠳᠠᠭᠰᠠᠨ ᠬᠦᠷᠢᠶᠡᠨ ᠦ᠌ ᠦᠯᠡᠳᠡᠵᠦ ᠲᠤᠰᠤᠭᠰᠠᠨ ᠮᠢᠬᠠᠨ ᠤ᠋ ᠨᠢᠷᠤᠭᠤ ᠪᠠᠭᠠᠨ᠎ᠠ ᠥᠷᠭᠥᠭᠡ ᠶ᠋ᠢᠨ ᠣᠨᠢ ᠬᠠᠨ᠎ᠠ ᠬᠢᠭᠡᠳ ᠡᠮᠡᠭᠡᠯ ᠦ᠋ᠨ ᠪᠦᠭᠦᠷᠭᠡ ᠂ ᠠᠴᠢᠶ᠎ᠠ ᠶ᠋ᠢᠨ ᠬᠠᠪᠴᠢᠶᠠᠷᠢ ᠶ᠋ᠢᠨ ᠵᠡᠷᠭᠡ ᠶ᠋ᠢᠨ ᠮᠣᠳᠣᠨ ᠤ᠋ ᠵᠦᠢᠯ ᠦ᠋ᠨ ᠰᠢᠳᠡᠵᠦ ᠪᠦᠬᠦᠢ ᠪᠠᠭ᠎ᠠ ᠰᠠᠭ᠎ᠠ ᠭᠠᠯ ᠢ᠋ ᠤᠮᠳᠠᠷᠠᠭᠠᠵᠤ ᠂ ᠡᠳᠦᠢ ᠲᠡᠳᠦᠢ ᠬᠠᠵᠠᠭᠠᠷ ᠳᠥᠷᠥᠭᠡ ᠶ᠋ᠢᠨ ᠵᠦᠢᠯ ᠦ᠋ᠨ ᠲᠡᠮᠦᠷ ᠢ᠋ ᠢᠨᠦ ᠬᠤᠷᠢᠶᠠᠯᠭᠠᠨ ᠡᠭᠡᠪᠡ ᠃ ᠲᠡᠳᠦᠢ ᠵᠡᠯᠮ᠎ᠡ ᠂ ᠬᠤᠳᠠᠭᠠᠨ᠎ᠠ ᠪᠡᠬᠢ ᠬᠣᠶᠠᠭᠤᠯᠠ ᠴᠢᠰᠤ ᠴᠤᠪᠤᠷᠢᠭᠤᠯᠤᠨ ᠰᠢᠷᠬᠠᠲᠤᠭᠰᠠᠨ ᠪᠦᠬᠦᠢ ᠴᠡᠷᠢᠭ ᠢ᠋ᠶ᠋ᠡᠨ ᠴᠥᠮ ᠨᠢᠴᠦᠭᠦᠯᠡᠭᠦᠯᠵᠦ ᠂ ᠪᠦᠭᠦᠳᠡᠭᠡᠷ ᠢ᠋ ᠠᠪᠴᠤ ᠵᠠᠯᠢᠲᠤ ᠬᠠᠭᠠᠨ ᠤ᠋ ᠣᠷᠳᠣᠨ ᠤ᠋ ᠡᠭᠦᠳᠡᠨ᠎ᠡ ᠢᠷᠡᠵᠦ ᠤᠬᠢᠯᠠᠨ ᠤᠨᠵᠢᠵᠤ ᠶᠣᠢᠯᠠᠵᠤ ᠶᠣᠪᠰᠢᠨ ᠪᠠᠷᠬᠢᠷᠠᠯᠴᠠᠨ ᠴᠠᠷᠬᠢᠷᠠᠯᠴᠠᠨ ᠂ ᠪᠠᠰᠠ ᠥᠩᠬᠥᠷᠢᠨ ᠳᠤᠭᠤᠢᠷᠠᠬᠤᠢ ᠳ᠋ᠤᠷ ᠵᠠᠯᠢᠲᠤ ᠬᠠᠭᠠᠨ ᠰᠢᠳᠠᠷ ᠰᠠᠢᠳ ᠤ᠋ᠳ ᠢ᠋ ᠭᠠᠷᠭᠠᠵᠤ ᠠᠰᠠᠭᠤᠯᠭᠠᠪᠠᠰᠤ ᠂ ᠵᠠᠯᠮ᠎ᠠ ᠶᠡᠬᠡᠯ᠎ᠡ ᠬᠠᠰᠬᠢᠷᠤᠨ ᠥᠭᠦᠯᠡᠷᠦᠨ : 《ᠨᠢᠭᠡᠨ ᠤᠯᠤᠰ ᠤ᠋ᠨ ᠡᠵᠡᠨ ᠪᠥᠭᠡᠳ ᠶᠠᠭᠤᠨ ᠳ᠋ᠤᠷ ᠡᠨᠡ ᠮᠡᠲᠦ ᠭᠡᠭᠡᠬᠡᠨ ᠦᠭᠡᠢ ᠶᠠᠪᠤᠳᠠᠯ ᠢ᠋ᠶ᠋ᠠᠷ ᠶᠠᠪᠤᠵᠤ ᠂ ᠮᠠᠨ ᠤ᠋ ᠡᠳ᠋ ᠢ᠋ ᠠᠪᠴᠤ ᠪᠠᠰᠠ ᠬᠥᠮᠦᠨ ᠢ᠋ ᠠᠯᠠᠬᠤᠷ ᠲᠤᠷ ᠭᠥᠷᠥᠭᠦᠯᠦᠮᠦᠢ ? 》ᠭᠡᠮᠡᠨ ᠪᠠᠷᠬᠢᠷᠠᠬᠤᠢ ᠳ᠋ᠤᠷ ᠵᠠᠯᠢᠲᠤ ᠬᠠᠭᠠᠨ ᠶᠡᠬᠡ ᠰᠣᠴᠢᠵᠤ ᠂ ᠶᠠᠭᠠᠷᠠᠨ ᠲᠥᠷᠥ ᠳ᠋ᠦ᠍ᠷ ᠭᠠᠷᠴᠤ ᠵᠡᠯᠮ᠎ᠡ ᠂ ᠬᠤᠳᠠᠭᠠᠨ᠎ᠠ ᠪᠡᠬᠢ ᠲᠠᠨ᠎ᠠ ᠵᠣᠯᠭᠠᠪᠠᠰᠤ ᠵᠠᠯᠮ᠎ᠠ ᠶ᠋ᠢᠨ ᠬᠣᠶᠠᠷ ᠮᠥᠷᠥ ᠠᠨᠠᠭ ᠵᠠᠨᠠᠭ ᠦᠭᠡᠢ ᠴᠠᠪᠴᠢᠭ᠍ᠳᠠᠵᠤ ᠂ ᠬᠤᠳᠠᠭᠠᠨ᠎ᠠ ᠪᠡᠬᠢ ᠴᠢᠷᠠᠢ ᠡᠰᠡᠷᠭᠦ ᠰᠢᠷᠬ᠎ᠠ ᠣᠯᠵᠤ ᠂ ᠭᠤᠶ᠎ᠠ ᠪᠠᠨ ᠴᠠᠪᠴᠢᠭ᠍ᠳᠠᠵᠤ ᠴᠥᠮ ᠬᠠᠷᠠᠩᠭᠤᠳᠤᠨ ᠪᠣᠷᠣᠩᠭᠣᠲᠠᠨ ᠮᠠᠰᠢ ᠰᠦᠷᠡᠬᠡᠢ ᠳ᠋ᠦ᠍ᠷ ᠶᠠᠭᠠᠷᠠᠨ ᠤᠴᠢᠷ ᠢ᠋ ᠠᠰᠠᠭᠤᠪᠠᠰᠤ ᠂ ᠵᠡᠯᠮ᠎ᠡ ᠶ᠋ᠢᠨ ᠰᠢᠷᠬ᠎ᠠ ᠬᠦᠨᠳᠦ ᠲᠤᠯᠠ ᠡᠳᠦᠭᠡ ᠪᠠᠰᠠ ᠠᠭᠤᠷᠯᠠᠬᠤᠢ ᠳ᠋ᠤᠷ ᠳᠣᠲᠣᠷ᠎ᠠ ᠬᠠᠷᠠᠯᠠᠵᠤ ᠂ ᠲᠥᠷᠥ ᠳ᠋ᠦ᠍ᠷ ᠤᠨᠠᠨ ᠬᠡᠪᠲᠡᠵᠦ ᠥᠴᠢᠨ ᠴᠢᠳᠠᠬᠤ ᠦᠭᠡᠢ ᠃ ᠭᠠᠭᠴᠠ ᠵᠠᠯᠢᠲᠤ ᠬᠠᠭᠠᠨ ᠢ᠋ ᠬᠤᠷᠤᠭᠤ ᠪᠠᠷ ᠵᠢᠭᠠᠵᠤ ᠰᠢᠲᠦ ᠪᠡᠨ ᠬᠠᠪᠢᠷᠤᠨ ᠵᠠᠨᠤᠮᠤᠢ ᠃ ᠬᠤᠳᠠᠭᠠᠨ᠎ᠠ ᠪᠡᠬᠢ ᠶ᠋ᠢᠨ ᠰᠢᠷᠬ᠎ᠠ ᠪᠠᠬᠠᠨ ᠬᠥᠩᠭᠡᠨ ᠲᠤᠯᠠ ᠳᠠᠷᠤᠢ ᠰᠢᠷᠬ᠎ᠠ ᠡᠪᠡᠷᠰᠢᠶᠡᠬᠦᠢ ᠳ᠋ᠦ᠍ᠷ ᠤᠬᠢᠯᠠᠬᠤ ᠨᠢᠯᠪᠤᠰᠤᠨ ᠪᠡᠯᠡᠬᠡᠨ ᠲᠤᠯᠠ ᠥᠨᠳᠥᠷ ᠳᠠᠭᠤᠨ ᠢ᠋ᠶ᠋ᠠᠷ ᠪᠠᠷᠬᠢᠷᠠᠨ ᠤᠬᠢᠯᠠᠵᠤ ᠬᠠᠰᠬᠢᠷᠤᠨ ᠥᠭᠦᠯᠡᠷᠦᠨ : 《ᠬᠠᠭᠠᠨ ᠴᠢ ᠨᠢᠭᠡᠨ ᠶᠡᠬᠡ ᠤᠯᠤᠰ ᠤ᠋ᠨ ᠡᠵᠡᠨ ᠪᠥᠭᠡᠳ ᠶᠠᠭᠤᠨ ᠳ᠋ᠤᠷ ᠡᠨᠡ ᠮᠡᠲᠦ ᠮᠠᠭᠤᠬᠠᠢ ᠶᠠᠪᠤᠳᠠᠯ ᠢ᠋ᠶ᠋ᠠᠷ ᠶᠠᠪᠤᠵᠤ ᠂ ᠣᠯᠠᠨ ᠴᠡᠷᠢᠭ ᠡᠴᠡ ᠪᠡᠨ ᠮᠠᠨ ᠤ᠋ ᠢᠯᠡᠭᠡᠭᠰᠡᠨ ᠲᠦᠮᠡᠨ ᠯᠠᠩ ᠮᠥᠩᠭᠥ ᠂ ᠮᠢᠩᠭᠠᠨ ᠯᠠᠩ ᠠᠯᠲᠠ ᠂ ᠵᠠᠭᠤᠨ ᠲᠦᠮᠡᠨ ᠦ᠌ ᠡᠳ᠋ ᠠᠭᠤᠷᠰᠤᠨ ᠢ᠋ ᠬᠠᠷᠠᠮᠯᠠᠵᠤ ᠂ ᠡᠢᠮᠦ ᠬᠤᠯᠠᠭᠠᠢ ᠳᠡᠭᠡᠷᠡᠮ ᠦ᠋ᠨ ᠨᠢᠭᠤᠴᠠ ᠬᠠᠷᠠᠩᠭᠤᠢ ᠢᠴᠢᠩᠭᠦᠷᠢᠲᠦ ᠶᠠᠪᠤᠳᠠᠯ ᠢ᠋ᠶ᠋ᠠᠷ ᠶᠠᠪᠤᠮᠤᠢ ? 》 ᠭᠡᠮᠡᠨ 《ᠶᠣ ᠶᠣᠬᠤ ᠂ ᠠ᠋ ᠠ᠋ 》 ᠭᠡᠮᠡᠨ ᠲᠦᠢᠪᠡᠭᠡᠬᠦᠢ ᠳ᠋ᠦ᠍ᠷ ᠵᠠᠯᠢᠲᠤ ᠬᠠᠭᠠᠨ ᠴᠢᠬᠤᠯᠳᠠᠨ ᠭᠠᠰᠢᠭᠤᠳᠠᠵᠤ ᠂ ᠠᠷᠭ᠎ᠠ ᠦᠭᠡᠢ ᠵᠠᠯᠮ᠎ᠠ ᠶ᠋ᠢ ᠲᠦᠰᠢᠭᠦᠯᠦᠨ ᠭᠠᠷᠭᠠᠯᠭᠠᠵᠤ ᠬᠣᠲᠠᠨ ᠤ᠋ ᠳᠣᠲᠣᠷ᠎ᠠ ᠪᠠᠭᠤᠳᠠᠯᠯᠠᠭᠤᠯᠵᠤ ᠂ ᠳ᠋ᠤᠷ ᠤᠷᠢᠳᠠ ᠰᠠᠢᠨ ᠡᠮ ᠢ᠋ᠶ᠋ᠠᠷ ᠡᠮᠨᠡᠭᠦᠯᠵᠦ ᠂ ᠰᠢᠷᠬᠠᠲᠤᠭᠰᠠᠨ ᠴᠡᠷᠢᠭ ᠦ᠋ᠳ ᠲᠣᠷ ᠮᠥᠨ ᠡᠮ ᠲᠦᠭᠡᠭᠡᠯᠭᠡᠨ ᠥᠭᠭᠦᠭᠦᠯᠵᠦ ᠂ ᠪᠠᠬᠠᠨ ᠲᠡᠩᠬᠡᠷᠡᠵᠦ ᠰᠡᠷᠭᠦᠬᠦ ᠶ᠋ᠢ ᠬᠦᠯᠢᠶᠡᠭᠡᠳ ᠨᠢᠭᠡᠨᠲᠡᠭᠡᠭᠦᠷ ᠭᠤᠷᠪᠠᠨ ᠲᠦᠰᠢᠮᠡᠳ ᠲᠣᠷ ᠵᠠᠷᠯᠢᠭ ᠪᠠᠭᠤᠯᠭᠠᠷᠤᠨ : 《ᠡᠨᠡ ᠬᠡᠷᠡᠭ ᠯᠠᠪ ᠭᠠᠳᠠᠭᠠᠳᠤ ᠤᠯᠤᠰ ᠠ᠋ᠴᠠ ᠲᠠᠲᠠᠵᠤ ᠢᠷᠡᠭᠰᠡᠨ ᠴᠡᠷᠢᠭ ᠦ᠋ᠳ ᠦ᠋ᠨ ᠡᠳ᠋ ᠲᠣᠷ ᠬᠣᠪᠳᠣᠭᠯᠠᠵᠤ ᠡᠳᠦᠭᠰᠡᠨ ᠬᠡᠷᠡᠭ ᠂ ᠲᠠ ᠡᠴᠢᠵᠦ ᠬᠦᠷᠢᠶ᠎ᠡ ᠪᠦᠷᠢ ᠶ᠋ᠢ ᠨᠡᠩᠵᠢᠨ ᠦᠵᠡᠵᠦ ᠂ ᠡᠳ᠋ ᠢ᠋ ᠠᠭᠤᠳᠠᠯᠵᠤ ᠭᠠᠷᠭ᠎ᠠ !》ᠭᠡᠮᠡᠨ ᠳᠠᠷᠤᠢ ᠴᠡᠷᠢᠭ ᠥᠭᠴᠦ ᠨᠡᠩᠵᠢᠭᠦᠯᠦᠷᠡ ᠢᠯᠡᠭᠡᠪᠡ ᠃ ᠲᠡᠷᠡ ᠰᠥᠨᠢ ᠪᠧᠲ᠋ᠠ᠋ ᠤᠯᠤᠰ ᠤ᠋ᠨ ᠬᠡᠳᠦ ᠬᠡᠳᠦᠨ ᠴᠡᠷᠢᠭ ᠰᠢᠷᠬᠠᠲᠤᠵᠤ ᠂ ᠴᠡᠷᠢᠭ ᠦ᠋ᠨ ᠬᠦᠷᠢᠶ᠎ᠡ ᠳ᠋ᠦ᠍ᠷ ᠬᠣᠨᠣᠵᠤ ᠭᠠᠷᠬᠤᠶ᠎ᠠ ᠵᠠᠯᠢᠲᠤ ᠬᠠᠭᠠᠨ ᠤ᠋ ᠬᠣᠲᠠ ᠶ᠋ᠢᠨ ᠪᠠᠷᠠᠭᠤᠨ ᠬᠠᠭᠠᠯᠭ᠎ᠠ ᠂ ᠬᠣᠢᠲᠤ ᠬᠠᠭᠠᠯᠭ᠎ᠠ ᠪᠠᠷ ᠬᠤᠯᠠᠭᠠᠢ ᠴᠡᠷᠢᠭ ᠭᠠᠷᠴᠤ ᠲᠠᠨ ᠳ᠋ᠤᠷ ᠱᠠᠩᠨᠠᠬᠤ ᠬᠡᠳᠦᠨ ᠲᠦᠮᠡᠨ ᠯᠠᠩ ᠴᠠᠭᠠᠨ ᠮᠥᠩᠭᠥ ᠲᠣᠷᠭ᠎ᠠ ᠲᠦᠷᠭᠡ ᠂ ᠲᠠᠷᠮ᠎ᠠ ᠴᠠᠯᠮ᠎ᠠ ᠮᠢᠩᠭᠠᠨ ᠠᠴᠢᠶ᠎ᠠ ᠬᠦᠨᠳᠦ ᠡᠳ᠋ ᠢ᠋ ᠲᠠᠯ᠎ᠠ ᠦᠭᠡᠢ ᠪᠡᠷ ᠪᠤᠯᠢᠶᠠᠨ ᠠᠪᠠᠴᠢᠪᠠ ᠭᠡᠮᠡᠨ ᠬᠡᠯᠡᠵᠦ ᠭᠠᠷᠤᠭᠰᠠᠨ ᠲᠤᠯᠠ ᠤᠯᠤᠰ ᠤᠯᠤᠰ ᠤ᠋ᠨ ᠴᠡᠷᠢᠭ ᠦ᠋ᠳ ᠨᠡᠩ ᠬᠣᠷᠣᠰᠴᠤ ᠨᠢᠭᠡᠨᠲᠡ ᠪᠠᠢᠯᠳᠤᠬᠤ ᠰᠡᠳᠬᠢᠯ ᠦᠭᠡᠢ ᠪᠣᠯᠪᠠ ᠃ ᠳᠠᠭᠠᠯᠳᠤᠭ᠎ᠠ ᠰᠥᠨᠢ ᠪᠠᠰᠠ ᠪᠧᠲ᠋ᠠ᠋ ᠤᠯᠤᠰ ᠲᠤᠷ ᠡᠴᠢᠭᠰᠡᠨ ᠰᠠᠷᠯᠠᠭ ᠤ᠋ᠨ ᠴᠡᠷᠢᠭ ᠦ᠋ᠳ ᠵᠠᠯᠮ᠎ᠠ ᠪᠠ ᠬᠤᠳᠠᠭᠠᠨ᠎ᠠ ᠪᠡᠬᠢ ᠶ᠋ᠢ ᠰᠢᠷᠬᠠᠲᠤᠪᠠ ᠭᠡᠮᠡᠨ ᠰᠡᠮᠡᠬᠡᠷ ᠦᠵᠡᠷ᠎ᠡ ᠢᠷᠡᠭᠰᠡᠨ ᠳ᠋ᠦ᠍ᠷ ᠪᠠᠰᠠ ᠳᠣᠣᠷᠠᠲᠤ ᠴᠡᠷᠢᠭ ᠦ᠋ᠳ ᠲᠣᠷ ᠢ᠋ᠶ᠋ᠠᠨ ᠰᠤᠷᠭᠠᠵᠤ ᠂ ᠲᠡᠳᠡᠨ ᠳ᠋ᠦ᠍ᠷ ᠪᠠᠰᠠ ᠮᠥᠨ ᠶᠣᠰᠣᠭᠠᠷ ᠬᠡᠯᠡᠭᠦᠯᠦᠭᠰᠡᠨ ᠲᠤᠯᠠ ᠡᠳᠡᠭᠡᠷ ᠴᠡᠷᠢᠭ ᠤ᠋ᠳ ᠣᠯᠠᠨ ᠴᠡᠷᠢᠭ ᠦ᠋ᠨ ᠬᠦᠷᠢᠶ᠎ᠡ ᠳ᠋ᠦ᠍ᠷ ᠠᠯᠳᠠᠷᠰᠢᠭᠤᠯᠤᠭᠰᠠᠨᠠ ᠰᠠᠷᠯᠠᠭ ᠤ᠋ᠨ ᠥᠪᠡᠷ ᠪᠤᠰᠤᠳ ᠤ᠋ᠨ ᠴᠡᠷᠢᠭ ᠴᠥᠮ ᠤᠷᠪᠠᠬᠤ ᠰᠡᠳᠬᠢᠯ ᠪᠠᠷᠢᠬᠤᠶ᠎ᠠ ᠪᠠᠰᠠ ᠡᠨᠡ ᠪᠠᠢᠴᠠᠭᠠᠨ ᠨᠡᠩᠵᠢᠬᠦᠢ ᠳ᠋ᠦ᠍ᠷ ᠥᠪᠡᠷ ᠪᠤᠰᠤᠳ ᠤ᠋ᠨ ᠴᠡᠷᠢᠭ ᠦ᠋ᠨ ᠬᠦᠷᠢᠶᠡᠨ ᠦ᠌ ᠳᠣᠲᠣᠷ᠎ᠠ ᠠ᠋ᠴᠠ ᠂ ᠪᠧᠲ᠋ᠠ᠋ ᠤᠯᠤᠰ ᠤ᠋ᠨ ᠲᠡᠮᠳᠡᠭ ᠲᠢᠰᠡ ᠯᠡᠴᠡᠲᠦ ᠪᠠᠭᠯᠠᠭ᠎ᠠ ᠪᠣᠭᠣᠳᠠᠯ ᠂ ᠠᠷᠠᠰᠤ ᠰᠢᠷᠢ ᠶ᠋ᠢ ᠣᠯᠤᠭᠠᠳ ᠣᠯᠠᠨ ᠴᠡᠷᠢᠭ ᠦ᠋ᠳ ᠨᠡᠩᠳᠡ ᠬᠢᠯᠢᠰᠳᠡᠨ ᠴᠢᠬᠤᠯᠳᠠᠵᠤ ᠪᠤᠷᠬᠢᠷᠠᠯᠳᠤᠨ ᠪᠥᠬᠥᠶ᠎ᠡ ᠂ ᠲᠡᠷᠡ ᠵᠠᠭᠤᠨ ᠢᠯᠡᠭᠦᠦ ᠴᠡᠷᠢᠭ ᠡᠴᠡ ᠬᠣᠲᠠ ᠶ᠋ᠢᠨ ᠴᠡᠷᠢᠭ ᠰᠡᠮᠡᠬᠡᠷ ᠬᠣᠢᠲᠤ ᠬᠠᠭᠠᠯᠭ᠎ᠠ ᠪᠠᠷ ᠬᠤᠯᠠᠭᠠᠢ ᠴᠡᠷᠢᠭ ᠭᠠᠷᠪᠠ ᠬᠡᠮᠡᠭᠰᠡᠨ ᠢ᠋ ᠰᠣᠨᠣᠰᠤᠭᠠᠳ ᠡᠨᠡ ᠯᠠᠪ ᠵᠠᠯᠢᠲᠤ ᠬᠠᠭᠠᠨ ᠵᠠᠯᠢᠬᠠᠢ ᠠᠷᠭ᠎ᠠ ᠪᠠᠨ ᠬᠡᠷᠡᠭᠯᠡᠵᠦ ᠂ ᠡᠳ᠋ ᠢ᠋ ᠢᠨᠦ ᠥᠪᠡᠷ ᠢ᠋ᠶ᠋ᠡᠨ ᠠᠪᠤᠭᠠᠳ ᠨᠡᠷ᠎ᠡ ᠶ᠋ᠢ ᠢᠨᠦ ᠮᠠᠨ ᠳ᠋ᠤ᠌ ᠨᠥᠮᠥᠷᠭᠡᠪᠡ ᠭᠡᠮᠡᠨ ᠪᠦᠭᠦᠳᠡᠭᠡᠷ ᠥᠷᠨᠢᠨ ᠦᠷᠭᠦᠭᠡᠳ ᠬᠣᠲᠠ ᠶ᠋ᠢᠨ ᠪᠠᠷᠠᠭᠤᠨ ᠬᠠᠭᠠᠯᠭ᠎ᠠ ᠂ ᠬᠣᠢᠲᠤ ᠬᠠᠭᠠᠯᠭ᠎ᠠ ᠶ᠋ᠢᠨ ᠳᠣᠲᠣᠷ᠎ᠠ ᠭᠠᠳᠠᠨ᠎ᠠ ᠨᠢᠭᠡᠨᠲᠡ ᠰᠠᠮᠠᠭᠤᠷᠠᠨ ᠨᠡᠩᠵᠢᠭᠰᠡᠨᠡ ᠪᠠᠰᠠ ᠪᠧᠲ᠋ᠠ᠋ ᠤᠯᠤᠰ ᠤ᠋ᠨ ᠲᠡᠮᠳᠡᠭ ᠲᠢᠰᠡᠲᠦ ᠪᠣᠭᠣᠳᠠᠯ ᠪᠠᠭᠯᠠᠭ᠎ᠠ ᠂ ᠠᠷᠠᠰᠤ ᠰᠢᠷᠢ ᠶ᠋ᠢ ᠢᠷᠡᠭᠰᠡᠨ ᠴᠡᠷᠢᠭ ᠪᠠ ᠬᠤᠳᠠᠯᠳᠤᠭ᠎ᠠ ᠠᠷᠠᠯᠵᠢᠶ᠎ᠠ ᠶ᠋ᠢᠨ ᠭᠡᠷ ᠡᠴᠡ ᠬᠡᠳᠦᠨ ᠠᠷᠪᠠ ᠡᠷᠢᠨ ᠭᠠᠷᠭᠠᠭᠠᠳ ᠰᠠᠭᠠᠷ ᠂ ᠳᠠᠷᠪᠡ ᠂ ᠤᠬᠠᠭᠠᠨᠲᠤ ᠭᠤᠷᠪᠠᠭᠤᠯᠠ ᠶ᠋ᠢᠨ ᠡᠭᠦᠳᠡᠨ ᠦ᠌ ᠡᠮᠦᠨ᠎ᠡ ᠣᠪᠣᠭᠠᠯᠠᠵᠤ ᠬᠠᠰᠬᠢᠷᠤᠯᠳᠤᠨ ᠮᠠᠨ ᠤ᠋ ᠱᠠᠩ ᠤ᠋ᠨ ᠡᠳ᠋ ᠢ᠋ ᠲᠠ ᠪᠦᠷᠢᠨ ᠪᠤᠯᠢᠶᠠᠨ ᠠᠪᠬᠤ ᠪᠠᠷ ᠦᠯᠦ ᠪᠠᠷᠠᠨ ᠂ ᠬᠠᠷᠢᠨ ᠭᠡᠳᠡᠷᠭᠦ ᠮᠠᠨ ᠢ᠋ ᠭᠦᠵᠢᠷᠯᠡᠨ ᠭᠦᠳᠬᠡᠵᠦ ᠮᠥᠷ ᠢ᠋ ᠮᠠᠨ ᠤ᠋ ᠵᠦᠭ ᠬᠠᠢᠮᠤᠢ ᠃ ᠡᠨᠡ ᠮᠡᠲᠦ ᠥᠴᠦᠬᠡᠨ ᠢ᠋ᠶ᠋ᠡᠷ ᠶᠠᠭᠠᠬᠢᠨ ᠪᠢᠳᠡᠨ ᠦ᠌ ᠣᠯᠠᠨ ᠢ᠋ ᠪᠧᠲ᠋ᠠ᠋ ᠤᠯᠤᠰ ᠤ᠋ᠨ ᠵᠦᠭ ᠪᠠᠢᠯᠳᠤ ᠬᠡᠮᠡᠮᠦᠢ ? ᠬᠡᠮᠡᠯᠳᠦᠨ ᠶᠡᠬᠡᠯ᠎ᠡ ᠪᠤᠷᠬᠢᠷᠠᠯᠳᠤᠨ ᠦᠢᠮᠡᠯᠳᠦᠵᠦ ᠂ ᠣᠯᠠᠨ ᠴᠡᠷᠢᠭ ᠲᠠᠷᠬᠠᠬᠤᠶᠠ ᠰᠢᠬᠠᠭᠰᠠᠨ ᠳ᠋ᠤᠷ ᠵᠠᠮᠤᠬ᠎ᠠ ᠭᠡᠨᠡᠳᠲᠡ ᠡᠨᠡ ᠠᠷᠭ᠎ᠠ ᠶ᠋ᠢ ᠮᠡᠳᠡᠵᠦ ᠶᠡᠬᠡᠯ᠎ᠡ ᠰᠣᠴᠢᠵᠤ ᠂ ᠶᠠᠭᠠᠷᠠᠨ ᠲᠥᠷᠥ ᠳ᠋ᠦ᠍ᠷ ᠭᠠᠷᠴᠤ ᠵᠠᠯᠢᠲᠤ ᠬᠠᠭᠠᠨ ᠳ᠋ᠤᠷ ᠠᠢᠯᠠᠳᠬᠠᠷᠤᠨ : 《ᠡᠨᠡ ᠯᠠᠪ ᠪᠧᠲ᠋ᠠ᠋ ᠤᠯᠤᠰ ᠤ᠋ᠨ ᠪᠢᠳᠡᠨ ᠦ᠌ ᠣᠯᠠᠨ ᠠᠢᠮᠠᠭ ᠤ᠋ᠨ ᠴᠡᠷᠢᠭ ᠦ᠋ᠨ ᠰᠡᠳᠬᠢᠯ ᠢ᠋ ᠵᠠᠪᠰᠠᠷᠳᠠᠭᠤᠯᠬᠤ ᠠᠷᠭ᠎ᠠ ᠪᠣᠢ ᠶᠠ ᠃ ᠡᠭᠦᠨ ᠢ᠋ ᠯᠠᠪ ᠦᠨᠡᠮᠰᠢᠵᠦ ᠦᠯᠦ ᠪᠣᠯᠤᠮᠤᠢ ! 》 ᠬᠡᠮᠡᠭᠰᠡᠨ ᠳ᠋ᠦ᠍ᠷ ᠵᠠᠯᠢᠲᠤ ᠬᠠᠭᠠᠨ ᠥᠭᠦᠯᠡᠷᠦᠨ :《ᠲᠡᠢᠮᠦ ᠪᠣᠯᠪᠠᠰᠤ ᠲᠡᠳᠡᠭᠡᠷ ᠡᠯᠴᠢ ᠪᠠ ᠴᠡᠷᠢᠭ ᠦ᠋ᠳ ᠦ᠋ᠨ ᠲᠡᠷᠡ ᠮᠡᠲᠦ ᠬᠦᠨᠳᠦ ᠰᠢᠷᠬᠠᠲᠤᠭᠰᠠᠨ ᠢ᠋ ᠶᠠᠭᠤᠨ ᠬᠡᠮᠡᠮᠦᠢ ? 》ᠵᠠᠮᠤᠬ᠎ᠠ ᠶᠠᠭᠠᠷᠠᠨ ᠠᠢᠯᠠᠳᠬᠠᠷᠤᠨ : 《ᠬᠡᠷᠡᠭ ᠦ᠋ᠨ ᠴᠢᠬᠤᠯᠠ ᠪᠠ ᠶᠡᠷᠦᠩᠬᠡᠢ ᠶ᠋ᠢ ᠦᠵᠡᠮᠦᠢ ᠂ ᠡᠢᠮᠦ ᠶᠡᠬᠡ ᠬᠡᠷᠡᠭ ᠲᠦ᠍ᠷ ᠨᠢᠭᠡᠨ ᠬᠡᠳᠦᠨ ᠴᠡᠷᠢᠭ ᠡᠪᠡᠷᠰᠢᠶᠡᠯ ᠢ᠋ ᠬᠦᠯᠢᠶᠡᠬᠦᠢ ᠳ᠋ᠦ᠍ᠷ ᠶᠠᠮᠪᠠᠷ ᠪᠡᠷᠬᠡ ᠠᠵᠢ ? ᠦᠨᠡᠨ ᠴᠦ᠍ ᠪᠣᠯᠪᠠ ᠂ ᠬᠤᠳᠠᠯ ᠴᠤ᠌ ᠪᠣᠯᠪᠠ ᠂ ᠪᠧᠲ᠋ᠠ᠋ ᠤᠯᠤᠰ ᠤ᠋ᠨ ᠡᠯᠴᠢ ᠶ᠋ᠢ ᠪᠠᠷᠢᠵᠤ ᠭᠢᠨᠳᠠᠨ ᠳ᠋ᠤᠷ ᠬᠣᠷᠢᠭᠠᠳ ᠦᠯᠡᠭᠰᠡᠨ ᠵᠠᠭᠤᠭᠠᠳ ᠴᠡᠷᠢᠭ ᠢ᠋ ᠵᠠᠭᠤᠨ ᠲᠡᠰᠢ ᠰᠠᠯᠭᠠᠵᠤ ᠬᠦᠨᠳᠦ ᠡᠷᠡᠭᠦᠳᠡᠨ ᠦᠨᠡᠨ ᠢ᠋ ᠣᠯᠤᠭᠠᠳ ᠴᠡᠷᠢᠭ ᠦ᠋ᠨ ᠬᠦᠷᠢᠶ᠎ᠡ ᠳ᠋ᠦ᠍ᠷ ᠠᠪᠠᠴᠢᠵᠤ ᠂ ᠲᠡᠳᠡᠨ ᠦ᠌ ᠠᠮᠠᠨ ᠢ᠋ᠶ᠋ᠡᠷ ᠠᠨᠤ ᠲᠣᠭᠠᠴᠢᠭᠤᠯᠵᠤ ᠂ ᠪᠢᠳᠡᠨ ᠦ᠌ ᠣᠯᠠᠨ ᠤᠯᠤᠰ ᠤ᠋ᠨ ᠴᠡᠷᠢᠭ ᠦ᠋ᠨ ᠰᠡᠳᠬᠢᠯ ᠢ᠋ ᠲᠦᠷᠭᠡᠨ᠎ᠡ ᠲᠣᠬᠣᠷᠤᠭᠤᠯᠤᠨ ᠲᠣᠭᠲᠠᠨᠢᠭᠤᠯᠬᠤ ᠠᠨᠤ ᠴᠢᠬᠤᠯᠠ ! 》ᠬᠡᠮᠡᠭᠰᠡᠨ ᠳ᠋ᠦ᠍ᠷ ᠵᠠᠯᠢᠲᠤ ᠬᠠᠭᠠᠨ ᠰᠠᠶᠢ ᠰᠡᠬᠡᠰᠬᠢᠵᠦ ᠳᠠᠷᠤᠢ ᠡᠨᠡ ᠶᠣᠰᠣᠭᠠᠷ ᠠᠪᠠᠴᠢᠰᠤᠭᠠᠢ ᠭᠡᠮᠡᠨ ᠵᠠᠮᠤᠬ᠎ᠠ ᠶ᠋ᠢ ᠭᠠᠷᠭᠠᠵᠤ ᠂ ᠪᠧᠲ᠋ᠠ᠋ ᠤᠯᠤᠰ ᠤ᠋ᠨ ᠡᠯᠴᠢ ᠪᠠ ᠴᠡᠷᠢᠭ ᠦ᠋ᠳ ᠢ᠋ ᠴᠥᠮ ᠪᠡᠷᠢ ᠭᠡᠮᠡᠨ ᠵᠠᠷᠯᠢᠭ ᠪᠠᠭᠤᠯᠭᠠᠲᠠᠯ᠎ᠠ ᠵᠠᠮᠤᠬ᠎ᠠ ᠪᠠᠰᠠ ᠶᠠᠭᠠᠷᠠᠨ ᠰᠠᠨᠳᠤᠷᠤᠨ ᠡᠭᠡᠵᠦ ᠣᠷᠣᠵᠤ ᠢᠷᠡᠬᠦᠶ᠎ᠡ ᠂ ᠵᠠᠷᠯᠢᠭ ᠤᠯᠠᠮᠵᠢᠯᠠᠬᠤ ᠬᠥᠮᠦᠨ ᠦ᠌ ᠬᠡᠬᠦᠳᠡᠩ ᠢ᠋ ᠮᠥᠷᠭᠥᠵᠦ ᠂ ᠬᠣᠶᠠᠭᠤᠯᠠ ᠬᠣᠶᠠᠷ ᠳᠠᠰᠢ ᠤᠨᠠᠵᠤ ᠵᠠᠮᠤᠬ᠎ᠠ ᠪᠠᠰᠠ ᠶᠠᠭᠠᠷᠠᠨ ᠭᠦᠶᠦᠨ ᠪᠣᠰᠴᠤ ᠵᠠᠷᠯᠢᠭ ᠤᠯᠠᠮᠵᠢᠯᠠᠬᠤ ᠶ᠋ᠢ ᠮᠡᠳᠡᠵᠦ ᠂ ᠪᠠᠰᠠ ᠲᠡᠷᠡ ᠲᠦᠰᠢᠮᠡᠯ ᠦ᠋ᠨ ᠭᠠᠷ ᠠ᠋ᠴᠠ ᠲᠠᠲᠠᠭᠰᠠᠭᠠᠷ ᠲᠥᠷᠥ ᠳ᠋ᠦ᠍ᠷ ᠣᠷᠣᠵᠤ ᠶᠠᠭᠠᠷᠠᠨ ᠮᠥᠷᠭᠥᠵᠦ ᠠᠢᠯᠠᠳᠬᠠᠬᠤᠶᠠ ᠂ ᠬᠡᠲᠦᠷᠬᠡᠶ᠎ᠡ ᠶᠠᠭᠠᠷᠠᠭᠰᠠᠨ ᠲᠤᠯᠠ ᠬᠡᠯᠡᠨ ᠢᠨᠦ ᠲᠠᠲᠠᠵᠤ ᠭᠠᠭᠴᠠ 《ᠪᠠᠢ ᠪᠠᠢ ᠂ ᠪᠠᠢᠵᠠ ᠪᠠᠢᠵᠠ 》ᠭᠡᠮᠡᠨ ᠪᠠᠰᠠ 《ᠣ ᠣ ᠣ ᠂ ᠤᠷᠢᠳᠠ ᠂ ᠲᠡ ᠲᠡ ᠲᠡ ᠲᠡ ᠲᠡᠮᠦᠵᠢᠨ ᠢ᠋ ᠠᠯᠠᠶ᠎ᠠ ᠂ ᠬᠡᠷ ᠬᠡᠷ ᠂ ᠬᠡᠷᠪᠡ ᠲᠡᠭᠦᠨ ᠦ᠌ ᠡᠯᠴᠢ ᠶ᠋ᠢ ᠪᠠ ᠪᠠ ᠂ ᠪᠠᠷᠢᠪᠠᠰᠤ ᠂ ᠲᠡ ᠲᠡ ᠲᠡᠮᠦᠵᠢᠨ ᠰᠡᠵᠢᠭᠯᠡᠮᠦᠢ ! 》ᠬᠡᠮᠡᠵᠦ ᠪᠧᠲ᠋ᠠ᠋ ᠤᠯᠤᠰ ᠤ᠋ᠨ ᠡᠯᠴᠢ ᠶ᠋ᠢ ᠪᠠᠷᠢᠭᠤᠯᠬᠤ ᠶ᠋ᠢ ᠪᠠᠢᠯᠭᠠᠪᠠ ᠃ ᠡᠭᠦᠨ ᠳ᠋ᠦ᠍ᠷ ᠵᠠᠯᠢᠲᠤ ᠬᠠᠭᠠᠨ ᠪᠠᠰᠠ ᠵᠠᠪᠰᠠᠷ ᠭᠠᠷᠴᠤ ᠰᠢᠳᠠᠷ ᠬᠥᠮᠦᠨ ᠢ᠋ᠶ᠋ᠡᠨ ᠶᠠᠪᠤᠭᠤᠯᠵᠤ ᠂ ᠪᠧᠲ᠋ᠠ᠋ ᠤᠯᠤᠰ ᠤ᠋ᠨ ᠡᠯᠴᠢ ᠶ᠋ᠢ ᠪᠣᠯᠭᠣᠭᠠᠭᠴᠢ ᠪᠣᠯᠭᠠᠨ ᠢᠯᠡᠭᠡᠵᠦ ᠪᠠᠢᠳᠠᠯ ᠢ᠋ ᠠᠨᠤ ᠲᠡᠩᠰᠡᠭᠦᠯᠦᠨ ᠲᠤᠷᠰᠢᠭᠤᠯᠪᠠᠰᠤ ᠂ ᠬᠠᠷᠢᠭᠤ ᠢᠷᠡᠵᠦ ᠮᠡᠳᠡᠭᠦᠯᠬᠦ ᠢᠨᠦ :《ᠲᠡᠷᠢᠭᠦᠨ ᠡᠯᠴᠢ ᠵᠡᠯᠮ᠎ᠡ ᠬᠡᠮᠡᠭᠴᠢ ᠨᠢᠭᠡᠨᠲᠡ ᠬᠦᠨᠳᠦᠳᠡᠵᠦ ᠦᠬᠦᠬᠦ ᠣᠢᠷᠠᠲᠤᠪᠠ ᠃ ᠮᠡᠳᠡᠭᠡ ᠰᠡᠭᠡᠭᠡ ᠦᠭᠡᠢ ᠪᠣᠯᠵᠤᠬᠤᠢ ᠃ ᠳᠣᠣᠷᠠᠲᠤ ᠴᠡᠷᠢᠭ ᠦ᠋ᠨ ᠠᠷᠠᠳ ᠤ᠋ᠨ ᠰᠢᠷᠬᠠᠳᠤᠭᠰᠠᠨ ᠠᠨᠤ ᠮᠠᠰᠢ ᠦᠨᠡᠨ ᠂ ᠶᠣᠢᠯᠠᠵᠤ ᠬᠡᠪᠲᠡᠵᠦ ᠪᠣᠢ ᠂ ᠵᠠᠷᠢᠮ ᠦᠬᠦᠭᠰᠡᠨ ᠴᠦ᠍ ᠮᠥᠨ ᠪᠣᠢ ᠂ ᠣᠢᠷᠠᠯᠴᠠᠭ᠎ᠠ ᠪᠦᠬᠦᠢ ᠮᠠᠨ ᠤ᠋ ᠢᠷᠭᠡᠨ ᠡᠴᠡ ᠠᠰᠠᠭᠤᠪᠠᠰᠤ ᠂ ᠥᠷᠯᠥᠭᠡ ᠦᠳᠡᠰᠢ ᠦᠬᠦᠭᠰᠡᠨ ᠠᠷᠠᠳ ᠢ᠋ᠶ᠋ᠠᠨ ᠠᠷᠠᠰᠤ ᠬᠥᠷᠥᠰᠥ ᠂ ᠪᠥᠰ ᠪᠠ ᠳᠡᠪᠡᠯ ᠬᠥᠨᠵᠢᠯᠡ ᠪᠡᠷ ᠣᠷᠢᠶᠠᠨ ᠭᠠᠷᠭᠠᠭᠰᠠᠨ ᠢ᠋ ᠬᠡᠳᠦ ᠬᠡᠳᠦᠨ ᠤᠳᠠᠭ᠎ᠠ ᠦᠵᠡᠪᠡ ᠂ ᠯᠠᠪ ᠠᠷᠪᠠᠭᠠᠳ ᠰᠢᠬᠠᠮ ᠪᠣᠯᠪᠠ ᠬᠡᠮᠡᠮᠦᠢ ᠃ ᠬᠠᠭᠠᠯᠭᠠᠨ ᠤ᠋ ᠲᠦᠰᠢᠮᠡᠯ ᠡᠴᠡ ᠪᠠᠢᠴᠠᠭᠠᠪᠠᠰᠤ ᠮᠥᠨ ᠨᠢᠭᠡᠨ ᠠᠳᠠᠯᠢ ᠪᠠᠢᠳᠠᠯ ᠢ᠋ ᠦᠵᠡᠪᠡᠰᠦ ᠳᠡᠮᠡᠢ ᠥᠪᠡᠷ ᠵᠠᠭᠤᠷ᠎ᠠ ᠪᠠᠨ ᠰᠢᠷᠬ᠎ᠠ ᠭᠠᠷᠭᠠᠭᠰᠠᠨ ᠳᠦᠷᠢᠮ ᠦᠭᠡᠢ ᠂ ᠪᠠᠰᠠ ᠪᠦᠭᠦᠳᠡᠭᠡᠷ ᠦ᠋ᠨ ᠬᠡᠯᠡᠬᠦ ᠢᠨᠦ ᠰᠠᠷᠯᠠᠭ ᠤᠯᠤᠰ ᠲᠤᠷ ᠦᠬᠦᠰᠦᠭᠡᠢ ᠂ ᠬᠡᠷᠬᠢᠨ ᠡᠵᠡᠨ ᠳ᠋ᠦ᠍ᠷ ᠢ᠋ᠶ᠋ᠡᠨ ᠤᠴᠠᠷᠠᠮᠤᠢ ᠬᠡᠮᠡᠯᠳᠦᠮᠦᠢ 》ᠬᠡᠮᠡᠭᠰᠡᠨ ᠳ᠋ᠦ᠍ᠷ ᠵᠠᠯᠢᠲᠤ ᠬᠠᠭᠠᠨ ᠤ᠋ ᠰᠡᠵᠢᠭᠯᠡᠬᠦ ᠰᠡᠳᠬᠢᠯ ᠨᠠᠢ᠍ᠮᠠᠨ ᠶᠢᠰᠦᠨ ᠬᠤᠪᠢ ᠬᠤᠭᠤᠷᠠᠭᠠᠳ ᠵᠠᠮᠤᠬ᠎ᠠ ᠶ᠋ᠢ ᠪᠠᠬᠠᠨ ᠵᠢᠪᠡᠭᠦᠷᠡᠬᠦ ᠰᠡᠳᠬᠢᠯ ᠲᠥᠷᠥᠪᠡ ᠃ ᠡᠨᠡ ᠦᠵᠡᠰᠡ ᠵᠠᠯᠮ᠎ᠠ ᠨᠢᠭᠡᠨᠲᠡ ᠮᠡᠳᠡᠭᠡ ᠰᠡᠭᠡᠭᠡ ᠦᠭᠡᠢ ᠪᠣᠯᠤᠭᠰᠠᠨ ᠢ᠋ᠶ᠋ᠠᠷ ᠵᠥᠪᠯᠡᠵᠦ ᠠᠷᠭᠠᠯᠠᠭᠠᠳ ᠥᠷᠯᠥᠭᠡ ᠦᠳᠡᠰᠢ ᠠᠮᠢᠳᠤ ᠴᠡᠷᠢᠭ ᠢ᠋ᠶ᠋ᠡᠨ ᠦᠬᠦᠭᠰᠡᠨ ᠬᠥᠮᠦᠨ ᠪᠣᠯᠭᠠᠵᠤ ᠂ ᠪᠥᠰ ᠠᠷᠠᠰᠤ ᠪᠠᠷ ᠣᠷᠢᠶᠠᠨ ᠬᠣᠲᠠ ᠶ᠋ᠢᠨ ᠬᠠᠭᠠᠯᠭ᠎ᠠ ᠪᠠᠷ ᠳᠠᠮᠨᠠᠨ ᠭᠠᠷᠭᠠᠵᠤ ᠤᠯᠤᠰ ᠤ᠋ᠨ ᠵᠦᠭ ᠢ᠋ᠶ᠋ᠡᠨ ᠶᠠᠪᠤᠭᠤᠯᠵᠤ ᠮᠡᠳᠡᠭᠡ ᠬᠦᠷᠭᠡᠭᠦᠯᠬᠦ ᠠᠵᠤᠭᠤ ᠃ ᠡᠭᠦᠨ ᠳ᠋ᠦ᠍ᠷ ᠰᠠᠷᠯᠠᠭ ᠤ᠋ᠨ ᠠᠷᠠᠳ ᠮᠠᠰᠢ ᠦᠨᠡᠮᠰᠢᠵᠦ ᠂ ᠡᠵᠡᠨ ᠢᠨᠦ ᠴᠡᠷᠢᠭ ᠢ᠋ᠶ᠋ᠡᠨ ᠰᠡᠵᠢᠭᠯᠡᠵᠦ ᠂ ᠴᠡᠷᠢᠭ ᠢᠨᠦ ᠡᠵᠡᠨ ᠢ᠋ᠶ᠋ᠡᠨ ᠰᠡᠵᠢᠭᠯᠡᠨ ᠡᠭᠦᠰᠬᠡᠵᠦᠬᠦᠢ ᠃ ᠲᠡᠭᠦᠨ ᠦ᠌ ᠳᠣᠲᠣᠷ᠎ᠠ ᠭᠠᠳᠠᠨ᠎ᠠ ᠠ᠋ᠴᠠ ᠵᠠᠮᠤᠬ᠎ᠠ ᠰᠡᠵᠢᠭᠯᠡᠵᠦ ᠰᠠᠨᠠᠪᠠᠴᠤ ᠵᠠᠯᠢᠲᠤ ᠬᠠᠭᠠᠨ ᠳᠡᠮᠡᠢ ᠰᠡᠵᠢᠭᠯᠡᠬᠦ ᠦᠭᠡᠢ ᠪᠣᠯᠤᠭᠰᠠᠨ ᠲᠤᠯᠠ ᠮᠥᠨ ᠳᠡᠮᠡᠢ ᠬᠦᠴᠦᠨ ᠦᠭᠡᠢ ᠂ ᠳᠣᠲᠣᠭᠠᠳᠤ ᠠ᠋ᠴᠠ ᠬᠠᠨᠳᠠᠭᠠᠢ ᠲᠦᠰᠢᠮᠡᠯ ᠨᠡᠪᠲᠡ ᠮᠡᠳᠡᠭᠰᠡᠨ ᠪᠣᠯᠪᠠᠴᠤ ᠨᠢᠭᠡᠨᠲᠡ ᠬᠠᠭᠠᠨ ᠳ᠋ᠤᠷ ᠢ᠋ᠶ᠋ᠠᠨ ᠪᠠᠷᠠᠯᠬᠠᠨ ᠴᠢᠳᠠᠬᠤ ᠦᠭᠡᠢ ᠪᠣᠯᠤᠭᠰᠠᠨ ᠲᠤᠯᠠ ᠬᠥᠬᠡ ᠲᠡᠭᠷᠢ ᠶ᠋ᠢᠨ ᠵᠦᠭ ᠰᠡᠭᠦᠷᠡᠰᠦᠨ ᠠᠯᠳᠠᠵᠤ ᠪᠣᠳᠣᠷᠤᠨ : ᠮᠠᠨ ᠤ᠋ ᠤᠯᠤᠰ ᠤ᠋ᠨ ᠮᠥᠬᠥᠬᠦ ᠢᠨᠦ ᠨᠢᠳᠦᠨ ᠦ᠌ ᠡᠮᠦᠨ᠎ᠡ ᠪᠣᠯᠪᠠ ᠂ ᠤᠯᠤᠰ ᠢ᠋ ᠬᠡᠳᠦᠢ ᠠᠪᠤᠷᠠᠬᠤ ᠠᠷᠭ᠎ᠠ ᠦᠭᠡᠢ ᠪᠣᠯᠤᠭᠰᠠᠨ ᠪᠣᠯᠪᠠᠴᠤ ᠭᠡᠷ ᠢ᠋ᠶ᠋ᠡᠨ ᠮᠥᠨ ᠬᠠᠮᠠᠭᠠᠯᠠᠪᠠᠰᠤ ᠪᠣᠯᠤᠮᠤᠢ ᠬᠡᠮᠡᠭᠡᠳ ᠡᠵᠡᠨ ᠢ᠋ᠶ᠋ᠡᠨ ᠵᠦᠭ ᠬᠠᠨᠳᠤᠵᠤ ᠶᠢᠰᠦᠨ ᠵᠡᠷᠭᠡ ᠤᠬᠢᠯᠠᠨ ᠮᠥᠷᠭᠥᠭᠡᠳ ᠰᠥᠨᠢ ᠳᠠᠷᠤᠢ ᠪᠧᠲ᠋ᠠ᠋ ᠤᠯᠤᠰ ᠤ᠋ᠨ ᠡᠯᠴᠢ ᠶ᠋ᠢᠨ ᠪᠠᠭᠤᠳᠠᠯ ᠳ᠋ᠤᠷ ᠢᠷᠡᠵᠦ ᠬᠤᠳᠠᠭᠠᠨ᠎ᠠ ᠪᠡᠬᠢ ᠳ᠋ᠦ᠍ᠷ ᠰᠡᠮᠡᠬᠡᠷ ᠳᠣᠬᠢᠶ᠎ᠠ ᠥᠭᠴᠦ ᠰᠤᠯᠠ ᠠᠷᠠᠳ ᠢ᠋ ᠬᠣᠯᠠ ᠵᠠᠢᠯᠠᠭᠤᠯᠤᠭᠠᠳ ᠬᠤᠳᠠᠭᠠᠨ᠎ᠠ ᠪᠡᠬᠢ ᠵᠠᠯᠮ᠎ᠠ ᠬᠣᠶᠠᠭᠤᠯᠠ ᠶ᠋ᠢᠨ ᠵᠦᠭ ᠥᠭᠦᠯᠡᠷᠦᠨ : 《ᠲᠠ ᠬᠣᠶᠠᠭᠤᠯᠠ ᠡᠷᠭᠢᠨ ᠡᠯᠴᠢ ᠪᠡᠷ ᠨᠢᠳᠦ ᠢᠨᠦ ᠶᠠᠭᠤᠲᠠᠢ ᠶᠡᠬᠡ ᠪᠣᠢ ᠂ ᠦᠨᠡᠬᠡᠷ ᠮᠠᠨ ᠤ᠋ ᠰᠠᠷᠯᠠᠭ ᠤᠯᠤᠰ ᠲᠤᠷ ᠨᠢᠭᠡᠬᠡᠨ ᠴᠦ᠍ ᠬᠥᠮᠦᠨ ᠦᠭᠡᠢ ᠪᠡᠷ ᠦᠵᠡᠵᠦᠬᠦᠢ ᠃ ᠮᠢᠩᠭᠠᠨ ᠠᠴᠢᠶ᠎ᠠ ᠡᠪᠡᠰᠦ ᠪᠡᠷ ᠮᠠᠨ ᠤ᠋ ᠤᠯᠤᠰ ᠢ᠋ ᠬᠤᠢᠬᠠᠯᠠᠪᠠ ᠬᠡᠮᠡᠮᠦᠢ ᠦᠦ ? 》ᠬᠡᠮᠡᠭᠰᠡᠨ ᠳ᠋ᠦ᠍ᠷ ᠂ ᠬᠤᠳᠠᠭᠠᠨ᠎ᠠ ᠪᠡᠬᠢ ᠂ ᠵᠠᠯᠮ᠎ᠠ ᠂ ᠬᠣᠶᠠᠭᠤᠯᠠ ᠶᠡᠬᠡᠯ᠎ᠡ ᠠᠶᠤᠪᠠᠢ ᠃ ᠬᠡᠷᠬᠢᠬᠦ ᠪᠣᠯᠪᠠ ᠂ ᠳᠠᠷᠠᠭ᠎ᠠ ᠪᠦᠯᠦᠭ ᠲᠣᠷ ᠦᠵᠡᠭᠳᠡᠬᠦᠢ ᠃
ᠠᠭᠤᠯᠠᠨ ᠤ᠋ ᠭᠠᠳᠠᠨᠠᠬᠢ ᠬᠥᠬᠡ ᠠᠭᠤᠯᠠ
ᠠᠰᠠᠷ ᠤ᠋ᠨ ᠴᠠᠭᠠᠨᠠᠬᠢ ᠠᠰᠠᠷ ᠂
ᠠᠷᠭ᠎ᠠ ᠶ᠋ᠢᠨ ᠳᠣᠲᠣᠷᠠᠬᠢ ᠤᠷᠠᠨ ᠠᠷᠭ᠎ᠠ
ᠠᠰᠢᠭ ᠳᠡᠭᠡᠷ᠎ᠡ ᠠᠰᠢᠭ᠋ ᠃
ᠠᠭᠤᠷ ᠤ᠋ᠨ ᠬᠣᠢᠨᠠᠬᠢ ᠬᠠᠯᠠᠭᠤᠨ ᠠᠭᠤᠷ
ᠠᠳᠬᠠᠭ ᠤ᠋ᠨ ᠲᠤᠢᠯ ᠤ᠋ᠨ ᠠᠳᠬᠠᠭ ᠂
ᠠᠮᠠᠷᠠᠭ ᠤ᠋ᠨ ᠡᠮᠦᠨᠡᠬᠢ ᠬᠡᠢᠳᠡᠮ ᠠᠮᠠᠷᠠᠭ
ᠠᠶᠤᠯᠲᠠᠢ ᠪᠥᠭᠡᠳ ᠠᠶᠤᠯᠲᠠᠢ !
ᠴᠣᠬᠣᠯᠠᠭᠰᠠᠨ ᠠᠨᠤ
ᠡᠨᠡ ᠪᠦᠯᠦᠭ ᠳ᠋ᠦᠷ ᠨᠢᠭᠡᠨ ᠨᠠᠷᠠᠨ ᠂ ᠨᠢᠭᠡᠨ ᠰᠠᠷᠠᠨ ᠬᠣᠶᠠᠷ ᠭᠡᠷᠡᠯ ᠬᠣᠶᠠᠷ ᠰᠡᠭᠦᠳᠡᠷ ᠲᠡᠢ ᠂ ᠵᠢᠷᠭᠤᠭᠠᠨ ᠳᠦᠷᠰᠦ ᠪᠤᠶᠤ ᠃ ᠨᠠᠷᠠᠨ ᠠᠪᠠᠰᠤ ᠭᠡᠷᠡᠯ ᠠᠮᠤᠢ ᠂ ᠭᠡᠷᠡᠯ ᠠᠪᠠᠰᠤ ᠰᠡᠭᠦᠳᠡᠷ ᠠᠮᠤᠢ ᠂ ᠰᠠᠷᠠᠨ ᠠᠪᠠᠰᠤ ᠲᠤᠶᠠᠭ᠎ᠠ ᠠᠮᠤᠢ ᠂ ᠲᠤᠶᠠᠭ᠎ᠠ ᠠᠪᠠᠰᠤ ᠪᠠᠰᠠ ᠰᠡᠭᠦᠳᠡᠷ ᠠᠮᠤᠢ ᠂ ᠭᠠᠭᠴᠠ ᠨᠠᠷᠠᠨ ᠤ᠋ ᠭᠡᠷᠡᠯ ᠢᠨᠦ ᠮᠠᠰᠢ ᠬᠤᠷᠴᠠ ᠶ᠋ᠢᠨ ᠲᠤᠯᠠ ᠰᠡᠭᠦᠳᠡᠷ ᠮᠥᠨ ᠲᠣᠳᠣᠷᠬᠠᠢ ᠂ ᠰᠠᠷᠠᠨ ᠤ᠋ ᠲᠤᠶᠠᠭ᠎ᠠ ᠠᠨᠤ ᠡᠭᠡᠨᠡᠭᠲᠡ ᠪᠦᠳᠡᠭᠢ ᠲᠤᠯᠠᠳᠠ ᠰᠡᠭᠦᠳᠡᠷ ᠮᠥᠨ ᠪᠠᠯᠠᠷᠬᠠᠢ ᠃ ᠦᠯᠢᠭᠡᠷᠯᠡᠪᠡᠰᠦ ᠪᠧᠲ᠋ᠠ᠋ ᠤᠯᠤᠰ ᠤ᠋ᠨ ᠡᠵᠡᠨ ᠲᠠᠢᠽᠦ ᠨᠠᠷᠠᠨ ᠪᠣᠯᠤᠭᠠᠳ ᠵᠢᠨᠦᠩ ᠮᠤᠬᠤᠯᠢ ᠠᠨᠤ ᠭᠡᠷᠡᠯ ᠪᠣᠯᠤᠭᠰᠠᠨ ᠲᠤᠯᠠ ᠰᠠᠢᠳ ᠵᠠᠯᠮ᠎ᠠ ᠢᠨᠦ ᠰᠡᠭᠦᠳᠡᠷ ᠪᠣᠯᠵᠤᠬᠤᠢ ᠃ ᠡᠨᠡ ᠭᠤᠷᠪᠠᠭᠤᠯᠠ ᠬᠡᠷᠬᠢᠪᠡᠴᠦ ᠬᠠᠭᠠᠴᠠᠰᠢ ᠦᠭᠡᠢ ᠮᠡᠲᠦ ᠳ᠋ᠦ᠍ᠷ ᠴᠢᠨᠠᠳᠤ ᠳ᠋ᠤᠷ ᠰᠠᠷᠯᠠᠭ ᠤᠯᠤᠰ ᠤ᠋ᠨ ᠵᠠᠯᠢᠲᠤ ᠬᠠᠭᠠᠨ ᠰᠠᠷᠠᠨ ᠪᠣᠯᠤᠭᠠᠳ ᠵᠠᠮᠤᠬ᠎ᠠ ᠵᠤᠯᠪᠢᠨ ᠲᠤᠶᠠᠭ᠎ᠠ ᠪᠣᠯᠤᠭᠰᠠᠨ ᠲᠤᠯᠠ ᠲᠦᠰᠢᠮᠡᠯ ᠬᠠᠨᠳᠠᠭᠠᠢ ᠠᠨᠤ ᠰᠡᠭᠦᠳᠡᠷ ᠪᠣᠯᠵᠤᠬᠤᠢ ᠃ ᠵᠢᠴᠢ ᠰᠠᠷᠠᠨ ᠬᠡᠮᠡᠭᠴᠢ ᠨᠠᠷᠠᠨ ᠤ᠋ ᠭᠡᠷᠡᠯ ᠳ᠋ᠦ᠍ᠷ ᠰᠠᠶᠢ ᠭᠢᠯᠲᠦᠭᠡᠨᠡᠵᠦ ᠲᠤᠶᠠᠭ᠎ᠠ ᠰᠠᠴᠤᠷᠠᠬᠤ ᠲᠤᠯᠠ ᠡᠭᠡᠨᠡᠭᠲᠡ ᠪᠠᠰᠠ ᠬᠦ᠌ ᠨᠠᠷᠠᠨ ᠤ᠋ ᠰᠢᠯᠲᠠᠭᠠᠨ ᠮᠡᠲᠦ ᠂ ᠵᠠᠯᠢᠲᠤ ᠬᠠᠭᠠᠨ ᠲᠠᠢᠽᠦ ᠶ᠋ᠢᠨ ᠣᠴᠢᠷ᠎ᠠ ᠰᠠᠶᠢ ᠢᠯᠡᠷᠡᠵᠦ ᠲᠣᠭᠠᠴᠢᠨ ᠬᠡᠯᠡᠬᠦ ᠲᠤᠯᠠ ᠡᠴᠦᠰ ᠲᠦ᠍ᠷ ᠮᠥᠨ ᠬᠦ᠌ ᠲᠠᠢᠽᠦ ᠶ᠋ᠢᠨ ᠤᠴᠢᠷ ᠲᠤᠷ ᠪᠤᠰᠤ ᠤᠤ ? ᠲᠡᠢᠮᠦ ᠶ᠋ᠢᠨ ᠲᠤᠯᠠ ᠲᠠᠢᠽᠦ ᠨᠠᠷᠠᠨ ᠪᠣᠯᠤᠭᠠᠳ ᠵᠠᠯᠢᠲᠤ ᠰᠠᠷᠠᠨ ᠪᠣᠯᠵᠤᠬᠤᠢ ᠃ ᠭᠠᠭᠴᠠ ᠬᠦ᠌ ᠨᠠᠷᠠᠨ ᠤ᠋ ᠶᠠᠪᠤᠬᠤ ᠶ᠋ᠢ ᠲᠣᠭᠲᠠᠭᠠᠨ ᠬᠡᠮᠵᠢᠵᠦ ᠴᠠᠭ ᠮᠥᠴᠡ ᠰᠡᠭᠦᠳᠡᠷ ᠬᠡᠮᠵᠢᠶ᠎ᠡ ᠲᠡᠢ ᠪᠣᠯᠤᠭᠰᠠᠨ ᠢ᠋ᠶ᠋ᠠᠷ ᠬᠡᠳᠦᠢᠪᠡᠷ ᠪᠣᠳᠠᠰ ᠤ᠋ᠨ ᠰᠡᠭᠦᠳᠡᠷ ᠢ᠋ᠶ᠋ᠡᠷ ᠪᠣᠯᠪᠠᠴᠤ ᠴᠠᠭ ᠢ᠋ ᠮᠡᠳᠡᠵᠦ ᠪᠣᠯᠤᠮᠤᠢ ᠃ ᠰᠠᠷᠠᠨ ᠤ᠋ ᠶᠠᠪᠤᠬᠤ ᠤᠳᠠᠭᠠᠨ ᠤ᠋ ᠣᠴᠢᠷ᠎ᠠ ᠡᠳᠦᠷ ᠲᠣᠭᠲᠠᠮ ᠬᠣᠵᠢᠳᠠᠨ ᠬᠣᠴᠣᠷᠬᠤᠶᠠ ᠣᠷᠬᠢᠭ᠍ᠰᠠᠨ ᠲᠤᠯᠠᠳᠠ ᠬᠡᠳᠦᠢᠪᠡᠷ ᠭᠠᠷᠬᠤ ᠤᠨᠠᠬᠤ ᠳ᠋ᠤᠷ ᠬᠡᠮᠵᠢᠶ᠎ᠡ ᠲᠡᠢ ᠪᠥᠭᠡᠲᠡᠯ᠎ᠡ ᠴᠠᠭ ᠢ᠋ ᠮᠡᠳᠡᠬᠦᠶ᠎ᠡ ᠪᠡᠷᠬᠡ ᠂ ᠲᠡᠢᠨ ᠬᠦ᠌ ᠪᠧᠲ᠋ᠠ᠋ ᠤᠯᠤᠰ ᠤ᠋ᠨ ᠰᠡᠭᠦᠳᠡᠷ ᠪᠣᠯᠤᠭᠰᠠᠨ ᠵᠠᠯᠮ᠎ᠠ ᠪᠠᠷ ᠬᠡᠪᠴᠢᠶᠡᠨ ᠢ᠋ ᠣᠯᠤᠨ ᠬᠡᠷᠡᠭ ᠪᠦᠲᠦᠭᠡᠨ ᠴᠢᠳᠠᠭᠠᠳ ᠰᠠᠷᠯᠠᠭ ᠤᠯᠤᠰ ᠤ᠋ᠨ ᠰᠡᠭᠦᠳᠡᠷ ᠪᠣᠯᠤᠭᠰᠠᠨ ᠂ ᠬᠠᠨᠳᠠᠭᠠᠢ ᠪᠠᠷ ᠲᠡᠮᠳᠡᠭᠯᠡᠬᠦᠶᠡ ᠬᠢᠯᠪᠠᠷ ᠂ ᠰᠠᠷᠠᠨ ᠤ᠋ ᠰᠡᠭᠦᠳᠡᠷ ᠢ᠋ ᠲᠣᠭᠲᠠᠭᠠᠬᠤᠶ᠎ᠠ ᠪᠡᠷᠬᠡ ᠡᠴᠡ ᠶᠠᠭᠤᠨ ᠥᠭᠡᠷ᠎ᠡ ? ᠪᠠᠰᠠ ᠪᠧᠲ᠋ᠠ᠋ ᠤᠯᠤᠰ ᠤ᠋ᠨ ᠭᠡᠷᠡᠯ ᠪᠣᠯᠤᠭᠰᠠᠨ ᠮᠤᠬᠤᠯᠢ ᠶ᠋ᠢᠨ ᠲᠣᠭᠲᠠᠭᠠᠭᠰᠠᠨ ᠪᠣᠳᠣᠯᠭ᠎ᠠ ᠥᠴᠦᠬᠡᠨ ᠴᠦ᠍ ᠡᠰᠡ ᠰᠢᠯᠵᠢᠭᠦᠯᠦᠨ ᠬᠠᠷᠢᠨ ᠰᠠᠷᠯᠠᠭ ᠤᠯᠤᠰ ᠤ᠋ᠨ ᠭᠡᠷᠡᠯ ᠪᠣᠯᠤᠭᠰᠠᠨ ᠵᠠᠮᠤᠬ᠎ᠠ ᠶ᠋ᠢᠨ ᠤᠨᠤᠭᠰᠠᠨ ᠪᠣᠳᠣᠯᠭ᠎ᠠ ᠭᠡᠨᠡᠳᠲᠡ ᠬᠠᠷᠢᠨ ᠠᠯᠳᠠᠭᠰᠠᠨ ᠠᠨᠤ ᠨᠠᠷᠠᠨ ᠤ᠋ ᠭᠡᠷᠡᠯ ᠦ᠋ᠨ ᠲᠣᠭᠲᠠᠭᠰᠠᠨ ᠬᠡᠮᠵᠢᠶ᠎ᠡ ᠪᠠ ᠰᠠᠷᠠᠨ ᠤ᠋ ᠭᠡᠷᠡᠯ ᠦ᠋ᠨ ᠪᠣᠯᠵᠣᠭ᠎ᠠ ᠦᠭᠡᠢ ᠡᠴᠡ ᠶᠠᠮᠪᠠᠷ ᠥᠭᠡᠷ᠎ᠡ ᠪᠣᠢ ! ᠪᠠᠰᠠ ᠪᠧᠲ᠋ᠠ᠋ ᠤᠯᠤᠰ ᠤ᠋ᠨ ᠨᠠᠷᠠᠨ ᠪᠣᠯᠤᠭᠰᠠᠨ ᠲᠠᠢᠽᠦ ᠡᠭᠦᠷᠢᠳᠡ ᠲᠥᠪ ᠭᠡᠭᠡᠬᠡᠨ ᠦ᠌ ᠲᠤᠯᠠ ᠨᠠᠷᠠᠨ ᠳ᠋ᠤᠷ ᠦᠯᠢᠳᠬᠡᠪᠡ ᠃ ᠲᠡᠷᠡ ᠰᠠᠷᠯᠠᠭ ᠤᠯᠤᠰ ᠤ᠋ᠨ ᠰᠠᠷᠠᠨ ᠪᠣᠯᠤᠭᠰᠠᠨ ᠵᠠᠯᠢᠲᠤ ᠡᠭᠡᠨᠡᠭᠲᠡ ᠲᠣᠳᠣᠷᠬᠠᠢ ᠦᠭᠡᠢ ᠶ᠋ᠢᠨ ᠣᠴᠢᠷ᠎ᠠ ᠰᠠᠷᠠᠨ ᠳ᠋ᠤᠷ ᠦᠯᠢᠳᠬᠡᠪᠡ ᠂ ᠡᠨᠡ ᠵᠢᠷᠭᠤᠭᠤᠯᠠ ᠦᠵᠡᠬᠦᠢ ᠳ᠋ᠦ᠍ᠷ ᠬᠡᠳᠦᠢ ᠵᠢᠷᠭᠤᠭᠠᠨ ᠥᠭᠡᠷ᠎ᠡ ᠪᠣᠯᠪᠠᠴᠤ ᠦᠨᠳᠦᠰᠦᠨ ᠢᠨᠦ ᠡᠭᠡᠨᠡᠭᠲᠡ ᠨᠢᠭᠡᠬᠡᠨ ᠨᠠᠷᠠᠨ ᠳ᠋ᠤᠷ ᠢᠲᠡᠭᠡᠭᠰᠡᠨ ᠮᠡᠲᠦ ᠃ ᠡᠳᠡᠭᠡᠷ ᠬᠥᠮᠦᠨ ᠦᠵᠡᠬᠦᠢ ᠳ᠋ᠦ᠍ᠷ ᠥᠪᠡᠷ᠎ᠡ ᠥᠪᠡᠷ᠎ᠡ ᠪᠣᠯᠪᠠᠴᠤ ᠡᠴᠦᠰ ᠲᠦ᠍ᠷ ᠪᠠᠰᠠ ᠬᠦ᠌ ᠭᠠᠭᠴᠠ ᠲᠠᠢᠽᠦ ᠶ᠋ᠢᠨ ᠣᠴᠢᠷ᠎ᠠ ᠲᠡᠮᠳᠡᠭᠯᠡᠵᠦᠬᠦᠢ ᠃ ᠬᠡᠷᠪᠡ ᠲᠠᠢᠽᠦ ᠨᠢᠭᠡᠨ ᠶᠡᠬᠡ ᠶᠤᠸᠠᠨ ᠤᠯᠤᠰ ᠤ᠋ᠨ ᠡᠰᠡ ᠨᠡᠭᠡᠭᠡᠭᠰᠡᠨ ᠪᠥᠭᠡᠰᠦ ᠂ ᠬᠡᠨ ᠡᠳᠡᠭᠡᠷ ᠰᠠᠷᠯᠠᠭ ᠤᠯᠤᠰ ᠤ᠋ᠨ ᠵᠠᠯᠢᠲᠤ ᠮᠠᠯᠢᠲᠤ ᠶ᠋ᠢ ᠲᠡᠮᠳᠡᠭᠯᠡᠬᠦ ᠠᠵᠢ ! ᠡᠨᠡ ᠳᠠᠷᠤᠢ ᠨᠢᠭᠡᠬᠡᠨ ᠨᠠᠷᠠᠨ ᠣᠭᠲᠠᠷᠭᠤᠢ ᠳ᠋ᠤᠷ ᠮᠠᠨᠳᠤᠨ ᠭᠠᠷᠪᠠᠰᠤ ᠂ ᠲᠦᠮᠡᠨ ᠪᠣᠳᠠᠰ ᠰᠡᠭᠦᠳᠡᠷ ᠲᠡᠢ ᠪᠣᠯᠬᠤ ᠮᠡᠲᠦ ᠪᠤᠰᠤ ᠤᠤ ? ᠠᠯᠢᠨ ᠤ᠋ ᠰᠡᠭᠦᠳᠡᠷ ᠪᠣᠯᠪᠠᠴᠤ ᠡᠴᠦᠰ ᠲᠦ᠍ᠷ ᠨᠢᠭᠡᠬᠡᠨ ᠨᠠᠷᠠᠨ ᠠ᠋ᠴᠠ ᠪᠣᠯᠤᠭᠰᠠᠨ ᠲᠤᠯᠠ ᠡᠳᠡᠭᠡᠷ ᠢ᠋ ᠲᠣᠭᠠᠴᠢᠬᠤ ᠲᠦᠭ ᠲᠦᠮᠡᠨ ᠬᠥᠮᠦᠨ ᠨᠡᠢᠲᠡ ᠪᠡᠷ ᠴᠥᠮ ᠲᠠᠢᠽᠦ ᠶ᠋ᠢᠨ ᠨᠢᠭᠡᠬᠡᠨ ᠬᠥᠮᠦᠨ ᠦ᠌ ᠭᠡᠷᠡᠯ ᠳ᠋ᠦ᠍ᠷ ᠰᠢᠲᠦᠭᠳᠡᠵᠦ ᠂ ᠡᠨᠡ ᠣᠷᠴᠢᠯᠠᠩ ᠳ᠋ᠤᠷ ᠬᠣᠴᠣᠷᠤᠭᠰᠠᠨ ᠲᠤᠯᠠ ᠦᠨᠡᠬᠡᠷ ᠶᠡᠬᠡ ᠶᠤᠸᠠᠨ ᠤᠯᠤᠰ ᠤ᠋ᠨ ᠨᠡᠢᠭᠡᠮ ᠳᠡᠯᠡᠬᠡᠢ ᠳ᠋ᠠᠬᠢᠨ ᠢ᠋ ᠡᠵᠡᠯᠡᠭᠰᠡᠨ ᠨᠢᠭᠡᠨ ᠵᠠᠭᠤᠨ ᠵᠢᠷᠠᠨ ᠬᠣᠶᠠᠷ ᠵᠢᠯ ᠪᠠ ᠡᠳᠦᠭᠡ ᠳᠣᠯᠣᠭᠠᠨ ᠵᠠᠭᠤᠨ ᠠᠷᠪᠠᠨ ᠣᠨ ᠪᠣᠯᠤᠭᠰᠠᠨ ᠮᠣᠩᠭᠣᠯ ᠲᠣᠭᠠᠲᠠᠨ ᠨᠡᠢᠲᠡ ᠪᠡᠷ ᠦ᠋ᠨ ᠨᠠᠷᠠᠨ ᠪᠣᠯᠠᠢ ᠃ ᠠᠶ᠎ᠠ ᠬᠡᠳᠦᠢᠪᠡᠷ ᠤᠯᠤᠰ ᠪᠦᠷᠢ ᠶ᠋ᠢᠨ ᠲᠤᠯᠭᠤᠷ ᠨᠡᠭᠡᠭᠡᠭᠰᠡᠨ ᠲᠠᠢᠽᠦ ᠪᠦᠬᠦᠨ ᠴᠥᠮ ᠬᠢᠯᠪᠠᠷ ᠦᠭᠡᠢ ᠬᠡᠮᠡᠪᠡᠴᠦ ᠡᠨᠡ ᠶᠤᠸᠠᠨ ᠲᠠᠢᠽᠦ ᠮᠡᠲᠦ ᠬᠤᠪᠢᠯᠭᠠᠨ ᠰᠠᠬᠢᠭᠤᠯᠰᠤᠨ ᠳ᠋ᠤᠷ ᠠᠳᠠᠯᠢ ᠭᠡᠭᠡᠬᠡᠨ ᠲᠣᠳᠣᠷᠬᠠᠢ ᠠᠶᠤᠮᠰᠢᠭ᠍ᠲᠠᠢ ᠰᠦᠷᠡᠬᠡᠢ ᠢᠨᠦ ᠮᠠᠰᠢ ᠴᠥᠭᠡᠨ ᠪᠣᠯᠠᠢ ᠃ ᠡᠷᠲᠡᠨ ᠦ᠌ ᠲᠠᠪᠤᠨ ᠤᠭᠰᠠᠭ᠎ᠠ ᠡᠦ ᠳᠢ ᠶ᠋ᠢᠨ ᠠᠯᠢᠨ ᠠᠨᠤ ᠲᠤᠯᠭᠤᠷ ᠨᠡᠭᠡᠭᠡᠭᠰᠡᠨ ᠬᠠᠳ ᠪᠤᠰᠤ ᠠᠵᠢ ! ᠮᠥᠨ ᠰᠥᠩ ᠤᠯᠤᠰ ᠤ᠋ᠨ ᠡᠬᠢᠨ ᠦ᠌ ᠵᠣᠣ ᠺᠤᠸᠠᠩ ᠶᠢᠨ ᠲᠡᠷᠡ ᠪᠠᠰᠠ ᠴᠤ᠌ ᠰᠥᠩ ᠤᠯᠤᠰ ᠤ᠋ᠨ ᠲᠤᠯᠭᠤᠷ ᠨᠡᠭᠡᠭᠡᠭᠰᠡᠨ ᠬᠠᠭᠠᠨ ᠪᠤᠰᠤ ᠤᠤ ? ᠲᠡᠭᠦᠨ ᠢ᠋ ᠡᠨᠡ ᠶᠤᠸᠠᠨ ᠲᠠᠢᠽᠦ ᠯᠤᠭ᠎ᠠ ᠦᠯᠢᠳᠬᠡᠪᠡᠰᠦ ᠶᠠᠮᠪᠠᠷ ᠬᠢᠷᠢᠲᠡᠢ ᠪᠣᠢ ᠠᠵᠢ ! ᠬᠢᠨᠠᠵᠤ ᠦᠵᠡᠭᠳᠡᠬᠦᠢ ᠃ ᠵᠢᠴᠢ ᠡᠨᠡ ᠤᠳᠠᠭ᠎ᠠ ᠶ᠋ᠢᠨ ᠮᠥᠷᠥ ᠪᠡᠨ ᠴᠠᠪᠴᠢᠵᠤ ᠦᠬᠦᠯ ᠦ᠋ᠨ ᠭᠠᠵᠠᠷ ᠢ᠋ ᠡᠷᠢᠵᠦ ᠣᠷᠣᠭᠰᠠᠨ ᠵᠡᠯᠮ᠎ᠡ ᠶ᠋ᠢᠨ ᠦᠨᠡᠨᠴᠢ ᠵᠢᠷᠤᠮ ᠦᠨᠡᠬᠡᠷ ᠲᠡᠭᠷᠢ ᠭᠠᠵᠠᠷ᠎ᠠ ᠰᠠᠴᠠᠭᠤ ᠨᠠᠷᠠᠨ ᠰᠠᠷᠠᠨ᠎ᠠ ᠲᠡᠩᠴᠡᠮᠦᠢ ᠃ ᠲᠡᠷᠡ ᠬᠦ᠌ ᠦᠨᠡᠨ ᠵᠢᠷᠤᠮ ᠢ᠋ᠶ᠋ᠡᠷ ᠦᠷ᠎ᠡ ᠠᠴᠢ ᠠᠨᠤ ᠳᠣᠯᠣᠭᠠᠨ ᠵᠠᠭᠤᠨ ᠢᠯᠡᠭᠦᠦ ᠣᠨ ᠪᠣᠯᠲᠠᠯ᠎ᠠ ᠮᠢᠩ ᠂ ᠴᠢᠩ ᠬᠣᠶᠠᠷ ᠤᠯᠤᠰ ᠤ᠋ᠨ ᠡᠷᠭᠢᠨ ᠵᠣᠴᠢᠳ ᠪᠣᠯᠤᠨ ᠶᠠᠪᠤᠬᠤ ᠪᠤᠰᠤ ᠤᠤ ?
