ᠬᠤᠭᠤᠷᠠᠭ᠎ᠠ ᠦᠭᠡᠢ ᠨᠣᠶᠠᠨ ᠨᠢᠷᠤᠭᠤ - ᠴ ᠯᠣᠳᠣᠢᠳᠠᠮᠪᠠ Хугараагүй ноён нуруу - Ч᠂Лодойдамба III ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠭᠤᠷᠠᠭ᠎ᠠ ᠦᠭᠡᠢ ᠨᠣᠶᠠᠨ ᠨᠢᠷᠤᠭᠤ - ᠴ ᠯᠣᠳᠣᠢᠳᠠᠮᠪᠠ Хугараагүй ноён нуруу - Ч᠂Лодойдамба III

ᠬᠤᠭᠤᠷᠠᠭ᠎ᠠ ᠦᠭᠡᠢ ᠨᠣᠶᠠᠨ ᠨᠢᠷᠤᠭᠤ - ᠴ ᠯᠣᠳᠣᠢᠳᠠᠮᠪᠠ Хугараагүй ноён нуруу - Ч᠂Лодойдамба III

ᠠᠩᠭᠢᠯᠠᠯ:ᠲᠤᠭᠤᠵᠢ ᠷᠣᠮᠠᠨ
2023-07-01

1686

ᠬᠤᠭᠤᠷᠠᠭ᠎ᠠ ᠦᠭᠡᠢ ᠨᠣᠶᠠᠨ ᠨᠢᠷᠤᠭᠤ

                                        ᠴ ᠯᠣᠳᠤᠢᠳᠠᠮᠪᠠ

     ᠦᠷᠭᠦᠯᠵᠢᠯᠡᠯ  
    - ᠲᠠᠨ ᠤ᠋ ᠬᠡᠷᠡᠭ ᠴᠠᠭᠠᠳᠴᠠᠢ ᠂ ᠲᠠ ᠴᠢᠯᠥᠭᠡ ᠲᠡᠢ ᠪᠣᠯᠤᠯ᠎ᠠ ᠭᠡᠵᠦ ᠬᠡᠯᠡᠭᠰᠡᠨ  ᠢ᠋ ᠰᠣᠨᠣᠰᠤᠭᠠᠳ ᠪᠦᠬᠦ ᠪᠣᠯᠵᠤ ᠥᠩᠭᠡᠷᠡᠭᠰᠡᠨ  ᠢ᠋ ᠭᠱᠠᠨ ᠵᠠᠭᠤᠷ᠎ᠠ ᠨᠢᠭᠡᠮᠦᠰᠦᠨ ᠮᠠᠷᠲᠠᠵᠤ ᠰᠠᠶᠢᠬᠠᠨ ᠬᠡᠷᠡᠯᠳᠦᠵᠦ ᠬᠠᠷᠠᠳᠠᠯᠴᠠᠵᠤ ᠪᠠᠢᠭᠰᠠᠨ ᠪᠠᠢᠴᠠᠭᠠᠭᠴᠢ ᠪᠠᠨ ᠦᠨᠦᠰᠦᠭᠡᠳ ᠭᠠᠷᠤᠯ᠎ᠠ ᠃
   ᠭᠤᠳᠤᠮᠵᠢ ᠪᠠᠷ ᠨᠢᠷᠤᠭᠤ ᠪᠠᠨ ᠡᠭᠦᠷᠦᠨ ᠂ ᠠᠭᠤᠰᠬᠢ ᠳᠦᠭᠦᠷᠡᠩ ᠠᠮᠢᠰᠬᠤᠭᠠᠯᠠᠨ ᠠᠯᠬᠤᠵᠤ ᠪᠠᠢᠬᠤ ᠳ᠋ᠤ᠌ ᠶᠠᠮᠠᠷ ᠰᠠᠢᠬᠠᠨ ᠪᠠᠢᠭᠰᠠᠨ ᠭᠡᠨ᠎ᠡ ᠃ ᠲᠡᠭᠷᠢ ᠳ᠋ᠦ᠍ ᠣᠳᠣ ᠭᠢᠯᠠᠯᠵᠠᠭᠠᠳ ᠠᠷᠢᠭᠤᠬᠠᠨ ᠰᠠᠯᠬᠢ ᠰᠡᠪᠡᠯᠵᠡᠨ ᠦᠯᠢᠶᠡᠵᠦ ᠪᠠᠶᠠᠷ ᠴᠡᠩᠭᠡᠯ ᠢ᠋ᠶ᠋ᠡᠷ ᠳᠦᠭᠦᠷᠦᠭᠰᠡᠨ ᠬᠥᠮᠦᠰ ᠰᠦᠯᠵᠢᠯᠳᠦᠨ ᠶᠠᠮᠠᠷ ᠨᠢᠭᠡᠨ ᠰᠠᠢᠬᠠᠨ ᠦᠨᠦᠷ ᠬᠠᠮᠠᠷ ᠤᠷᠤᠭᠤ ᠴᠣᠷᠭᠢᠵᠤ ᠵᠢᠷᠦᠬᠡ ᠮᠢᠨᠢ ᠵᠢᠷᠭᠠᠯ ᠤ᠋ᠨ ᠠᠶᠠᠯᠭᠤ ᠪᠠᠷ ᠳᠦᠭᠦᠷᠡᠩ ᠪᠠᠢᠪᠠ ᠃ ᠪᠢ ᠲᠡᠢᠮᠦ ᠰᠠᠢᠬᠠᠨ ᠰᠥᠨᠢ ᠶ᠋ᠢ ᠠᠮᠢᠳᠤᠷᠠᠯ ᠳ᠋ᠤ᠌ ᠪᠠᠨ ᠠᠩᠬ᠎ᠠ ᠤᠳᠠᠭ᠎ᠠ ᠦᠵᠡᠭᠰᠡᠨ ᠪᠢᠯᠡ ᠃
   ᠵᠥᠷᠢᠵᠦ ᠪᠠᠢᠭ᠎ᠠ ᠲᠠᠨᠢᠬᠤ ᠦᠭᠡᠢ ᠬᠥᠮᠦᠰ ᠲᠦ᠍ ᠄《 ᠲᠠ ᠰᠠᠢᠨ ᠪᠠᠢᠨ᠎ᠠ ᠤᠤ ᠂ ᠪᠢ ᠶᠠᠮᠠᠷ ᠴᠤ᠌ ᠬᠡᠷᠡᠭ ᠦᠭᠡᠢ ᠪᠣᠯᠤᠭᠠᠳ ᠶᠠᠪᠤᠵᠤ ᠪᠠᠢᠨ᠎ᠠ ᠃ ᠲᠥᠷᠥ ᠲᠦᠮᠡᠨ ᠨᠢᠳᠦ ᠲᠡᠢ ᠭᠡᠳᠡᠭ ᠡᠨᠡ ᠳᠠ 》ᠭᠡᠵᠦ ᠬᠡᠯᠡᠮᠡᠷ ᠰᠠᠨᠠᠭᠳᠠᠵᠤ ᠪᠠᠢᠪᠠ ᠃ ᠠᠮᠠᠨ ᠳ᠋ᠤ᠌ ᠪᠠᠨ ᠳᠠᠭᠤᠤ ᠠᠶᠠᠯᠤᠨ ᠠᠯᠬᠤᠭᠰᠠᠭᠠᠷ ᠭᠡᠷ ᠲᠦ᠍ ᠪᠡᠨ ᠢᠷᠡᠯ᠎ᠡ ᠃ ᠡᠭᠦᠳᠡ ᠪᠡᠨ ᠠᠶᠠᠷᠬᠠᠨ ᠲᠣᠭᠰᠢᠪᠠᠯ ᠳᠤᠯᠮ᠎ᠠ ᠲᠠᠢᠯᠵᠤ ᠥᠭᠪᠡ ᠃
   - ᠵᠠ ᠰᠠᠢᠨ ᠪᠠᠢᠨ᠎ᠠ ᠤᠤ ᠭᠡᠳ ᠳᠤᠯᠮ᠎ᠠ ᠶ᠋ᠢ ᠲᠡᠪᠡᠷᠢᠨ ᠠᠪᠬᠤ ᠭᠡᠲᠡᠯ᠎ᠡ ᠲᠡᠷᠡ ᠭᠡᠳᠡᠷᠭᠦ ᠪᠡᠨ ᠤᠬᠤᠷᠢᠪᠠ ᠃
ᠨᠠᠳᠠ ᠤᠷᠤᠭᠤ ᠴᠢᠭᠯᠡᠭᠰᠡᠨ ᠬᠣᠶᠠᠷ ᠨᠢᠳᠦ ᠶ᠋ᠢ ᠨᠢ ᠬᠠᠷᠠᠬᠤ ᠳ᠋ᠤ᠌ ᠦᠬᠦᠭᠡᠳ ᠪᠣᠰᠴᠤ ᠢᠷᠡᠭᠰᠡᠨ ᠬᠥᠮᠦᠨ ᠢ᠋ ᠲᠡᠢᠮᠦ ᠨᠢᠳᠦ ᠪᠠᠷ ᠯᠠ ᠬᠠᠷᠠᠳᠠᠭ ᠪᠠᠢᠬᠤ ᠭᠡᠵᠦ ᠪᠣᠳᠣᠭᠳᠠᠪᠠ ᠃
   - ᠳᠤᠯᠮ᠎ᠠ ᠮᠢᠨᠢ ᠂ ᠪᠢ ᠶᠠᠮᠠᠷ ᠴᠤ᠌ ᠬᠡᠷᠡᠭ ᠦᠭᠡᠢ ᠦᠨᠡᠨ ᠮᠥᠨ ᠢ᠋ᠶ᠋ᠡᠨ ᠣᠯᠤᠭᠠᠳ ᠭᠠᠷᠴᠤ ᠢᠷᠡᠯ᠎ᠡ ᠭᠡᠳ ᠳᠠᠬᠢᠨ ᠣᠢᠷᠠᠳᠪᠠ ᠃ ᠳᠤᠯᠮ᠎ᠠ ᠭᠡᠨᠡᠳᠲᠡ ᠡᠬᠡᠷ ᠲᠡᠳᠡᠨ ᠤᠬᠢᠯᠠᠬᠤ ᠳ᠋ᠤ᠌ ᠴᠠᠭᠠᠳᠤ ᠲᠠᠰᠤᠯᠭᠠᠨ ᠠ᠋ᠴᠠ ᠴᠢᠯᠠᠭᠤᠨ ᠭᠠᠷᠴᠤ ᠢᠷᠡᠯ᠎ᠡ ᠃
   - ᠶᠠᠭᠤ ᠪᠣᠯᠤᠭᠠᠳ ᠪᠠᠢᠨ᠎ᠠ ᠳᠠ ᠭᠡᠵᠦ ᠨᠠᠮ᠎ᠠ ᠶ᠋ᠢ ᠠᠰᠠᠭᠤᠬᠤ ᠳ᠋ᠤ᠌ ᠳᠤᠯᠮ᠎ᠠ ᠳᠣᠭᠣᠭᠰᠢ ᠬᠠᠷᠠᠨ ᠰᠢᠪᠡᠨᠡᠭᠰᠡᠨ ᠨᠠᠮ ᠪᠥᠭᠡᠳ ᠲᠠᠰᠤᠯᠳᠠᠭᠰᠠᠨ ᠳᠠᠭᠤ ᠪᠠᠷ ᠄
   - ᠥᠷᠥᠰᠢᠶᠡᠭᠡᠷᠡᠢ ᠂ ᠪᠢ ᠴᠢᠮ᠎ᠠ ᠶ᠋ᠢ ᠬᠦᠯᠢᠶᠡᠵᠦ ᠴᠢᠳᠠᠭ᠎ᠠ ᠦᠭᠡᠢ ᠭᠡᠪᠡ ᠃
ᠪᠦᠬᠦ ᠪᠠᠶᠠᠷ ᠪᠠᠶᠠᠰᠬᠤᠯᠠᠩ ᠠᠯᠠᠭ᠎ᠠ ᠪᠣᠯᠵᠤ ᠪᠡᠶ᠎ᠡ ᠰᠤᠯᠠᠷᠠᠨ ᠬᠠᠵᠠᠭᠤ ᠶ᠋ᠢᠨ ᠰᠠᠨᠳᠠᠯᠢ ᠳᠡᠭᠡᠷ᠎ᠡ ᠬᠠᠯᠲᠤ ᠰᠠᠭᠤᠵᠤ ᠱᠠᠯᠠᠨ ᠳᠡᠭᠡᠷ᠎ᠡ ᠤᠨᠠᠪᠠ ᠃
   - ᠪᠢᠳᠡ ᠬᠣᠶᠠᠷ ᠰᠠᠭᠤᠭᠰᠠᠨ ᠭᠡᠵᠦ ᠴᠢᠯᠠᠭᠤᠨ ᠪᠠᠷᠳᠠᠮ ᠲᠠᠢᠪᠤᠩ ᠢ᠋ᠶ᠋ᠠᠷ ᠬᠡᠯᠡᠭᠡᠳ ᠨᠠᠳᠠ ᠤᠷᠤᠭᠤ ᠬᠠᠷᠠᠬᠤ ᠳ᠋ᠤ᠌ ᠨᠢ ᠲᠡᠭᠦᠨ ᠦ᠌ ᠨᠢᠳᠦ ᠶᠠᠭ ᠯᠠ ᠴᠠᠳᠤᠭᠰᠠᠨ ᠭᠠᠬᠠᠢ ᠶ᠋ᠢᠨ ᠨᠢᠳᠦ ᠰᠢᠭ ᠭᠥᠯᠢᠷᠡᠨ ᠵᠢᠷᠲᠠᠢᠵᠤ ᠪᠠᠢᠯ᠎ᠠ ᠭᠡᠳ ᠳᠣᠷᠵᠢ ᠭᠤᠸᠠᠢ ᠨᠠᠳᠠ ᠤᠷᠤᠭᠤ ᠬᠠᠷᠠᠬᠤ ᠳ᠋ᠤ᠌ ᠨᠢ ᠲᠡᠭᠦᠨ ᠦ᠌ ᠨᠢᠳᠦ ᠪᠠᠭᠲᠠᠵᠤ ᠶᠠᠳᠠᠭᠰᠠᠨ ᠬᠣᠷᠣᠰᠤᠯ ᠤ᠋ᠨ ᠭᠠᠯ ᠢᠶᠠᠷ ᠲᠤᠶᠠᠭᠠᠷᠠᠨ ᠡᠷᠭᠢᠯᠳᠦᠵᠦ ᠂ ᠥᠳᠬᠡᠨ ᠬᠠᠷ᠎ᠠ ᠬᠥᠮᠥᠰᠬᠡ ᠳ᠋ᠦ᠍ ᠨᠢ ᠭᠤᠨᠢᠷᠬᠠᠯ ᠵᠠᠩᠭᠢᠷᠠᠵᠤ ᠪᠠᠢᠪᠠ ᠃ ᠳᠣᠷᠵᠢ ᠭᠤᠸᠠᠢ ᠬᠡᠰᠡᠭ ᠵᠠᠭᠤᠷ᠎ᠠ ᠠᠮᠢᠰᠬᠤᠭ᠎ᠠ ᠪᠠᠨ ᠬᠤᠷᠢᠶᠠᠵᠤ ᠪᠠᠢᠭᠰᠠᠨ ᠢ᠋ᠶ᠋ᠠᠨ ᠭᠡᠨᠡᠳᠲᠡ ᠭᠠᠷᠭᠠᠵᠤ ᠄
   - ᠪᠢ ᠤᠬᠤᠰᠬᠢᠨ ᠪᠣᠰᠴᠤ《 ᠬᠥᠮᠦᠨ ᠦ᠌ ᠦᠨᠦᠷ ᠂ ᠨᠥᠬᠥᠷ ᠦ᠋ᠨ ᠴᠢᠨᠠᠷ ᠦᠭᠡᠢ ᠨᠣᠪᠰᠢ 》ᠭᠡᠵᠦ ᠵᠠᠭᠤᠭᠰᠠᠨ ᠰᠢᠳᠦᠨ ᠦ᠌ ᠵᠠᠪᠰᠠᠷ ᠢ᠋ᠶ᠋ᠠᠷ ᠢᠰᠬᠡᠷᠦᠨ ᠬᠡᠯᠡᠬᠦ ᠳ᠋ᠦ᠍ ᠴᠢᠯᠠᠭᠤᠨ ᠬᠣᠭᠣᠯᠠᠢ ᠳ᠋ᠤ᠌ ᠪᠠᠨ ᠬᠤᠳᠠᠯ ᠢᠨᠢᠶᠡᠵᠦ ᠄
   - ᠳᠡᠮᠡᠢ ᠪᠢᠲᠡᠭᠡᠢ ᠶᠠᠷᠢ ᠂ ᠨᠠᠢᠵᠠ ᠮᠢᠨᠢ ᠃ ᠦᠭᠡᠢ ᠂ ᠢᠩᠭᠢᠬᠦ ᠳ᠋ᠦ᠍ ᠴᠢ ᠴᠢᠨᠢ ᠶᠠᠭᠠᠬᠢᠭᠠᠳ ᠭᠠᠷᠤᠭᠠᠳ ᠢᠷᠡᠪᠡ ᠭᠡᠵᠦ ᠠᠰᠠᠭᠤᠪᠠ ᠃
   - ᠴᠢ ᠮᠢᠨᠦ ᠨᠠᠢᠵᠠ ᠪᠢᠰᠢ ᠂ ᠲᠥᠷᠥ ᠲᠦᠮᠡᠨ ᠨᠢᠳᠦ ᠲᠡᠢ ᠪᠣᠯᠬᠣᠷ ᠭᠠᠷᠤᠭᠠᠳ ᠢᠷᠡᠯ᠎ᠡ ᠭᠡᠳ ᠣᠢᠷᠠᠲᠤᠨ ᠣᠴᠢᠵᠤ ᠴᠡᠮᠴᠡᠨ ᠦ᠌ ᠬᠢᠨᠢ ᠵᠠᠬ᠎ᠠ ᠶ᠋ᠢ ᠮᠤᠰᠬᠢᠨ ᠪᠠᠵᠠᠵᠤ ᠂ ᠴᠢᠭᠢᠭ ᠲᠡᠢ ᠬᠦᠢᠲᠡᠨ ᠲᠠᠰᠤᠯᠭᠠᠨ ᠳ᠋ᠤ᠌ ᠬᠡᠪᠲᠡᠵᠦ ᠪᠠᠢᠬᠤ  ᠳ᠋ᠤ᠌ ᠪᠠᠨ ᠬᠤᠷᠢᠶᠠᠭᠰᠠᠨ ᠪᠦᠬᠦ ᠭᠣᠮᠣᠳᠠᠯ ᠠᠭᠤᠷ ᠢ᠋ᠶ᠋ᠠᠨ ᠪᠠᠷᠠᠭᠤᠨ ᠭᠠᠷ ᠲᠤ᠌ ᠪᠠᠨᠵᠠᠩᠭᠢᠳᠴᠤ ᠪᠠᠢᠭᠠᠳ ᠴᠣᠬᠢᠭᠰᠠᠨ ᠴᠢᠨᠢ ᠴᠢᠯᠠᠭᠤᠨ ᠳᠣᠩᠭᠣᠷᠴᠠᠬᠭᠯᠠᠨ ᠤᠨᠠᠪᠠ ᠭᠡᠵᠦ ᠪᠥᠬᠥ ᠬᠥᠳᠡᠯᠭᠡᠭᠡᠨ ᠢᠶᠠᠨ ᠳᠦᠷᠰᠦᠯᠡᠨ ᠦᠵᠡᠭᠦᠯᠵᠦ ᠳᠣᠷᠵᠢ ᠭᠤᠸᠠᠢ ᠶᠠᠷᠢᠭᠠᠳ ᠄《 ᠴᠢᠯᠠᠭᠤᠨ ᠳᠣᠩᠭᠣᠷᠴᠠᠬᠭᠯᠠᠨ ᠤᠨᠠᠪᠠ 》ᠭᠡᠳ ᠨᠠᠳᠠ ᠤᠷᠤᠭᠤ ᠬᠠᠷᠠᠬᠤ ᠳ᠋ᠤ᠌ ᠨᠢ ᠨᠢᠳᠦᠨ ᠳ᠋ᠦ᠍ ᠨᠢ ᠭᠱᠠᠨ ᠵᠠᠭᠤᠷ᠎ᠠ ᠪᠠᠶᠠᠷ ᠤ᠋ᠨ ᠢᠨᠢᠶᠡᠮᠰᠦᠭᠯᠡᠯ ᠲᠣᠳᠣᠷᠠᠭᠠᠳ ᠠᠯᠠᠭ᠎ᠠ ᠪᠣᠯᠪᠠ ᠃
   - ᠳᠡᠭᠡᠷ᠎ᠡ ᠡᠴᠡ ᠨᠢ ᠳᠡᠪᠰᠡᠭᠡᠳ ᠲᠣᠯᠣᠭᠠᠢ ᠶ᠋ᠢ ᠨᠢ ᠱᠠᠯᠠ ᠲᠠᠢ ᠨᠡᠢᠯᠡᠭᠦᠯᠴᠢᠬᠡᠶ᠎ᠡ ᠭᠡᠳ ᠬᠥᠳᠡᠯᠬᠦ ᠭᠡᠲᠡᠯ᠎ᠡ ᠬᠠᠨ᠎ᠠ ᠲᠦᠰᠢᠭᠡᠳ ᠵᠣᠭᠰᠣᠵᠤ ᠪᠠᠢᠭᠰᠠᠨ ᠳᠤᠯᠮ᠎ᠠ ᠨᠢᠳᠦᠨ ᠳ᠋ᠦ᠍ ᠲᠤᠰᠪᠠ ᠃ ᠳᠤᠯᠮ᠎ᠠ ᠬᠣᠷᠢᠭᠯᠠᠭᠰᠠᠨ ᠦᠭᠡᠢ ᠂ ᠭᠡᠪᠡᠴᠦ ᠲᠡᠭᠦᠨ ᠦ᠌ ᠨᠢᠳᠦᠨ ᠳ᠋ᠦ᠍ ᠡᠨᠡ ᠠᠶᠤᠮᠰᠢᠭᠲᠤ ᠶᠠᠭᠤᠮ᠎ᠠ ᠪᠠᠨ ᠵᠣᠭᠰᠣᠭᠠᠴᠢ ᠭᠡᠵᠦ ᠨᠠᠳᠠ ᠠ᠋ᠴᠠ ᠭᠤᠶᠤᠭᠰᠠᠨ ᠭᠤᠶᠤᠯᠲᠠ ᠲᠣᠳᠣᠷᠬᠠᠢ ᠬᠠᠷᠠᠭᠳᠠᠭᠰᠠᠨ ᠲᠤᠯᠠ ᠴᠢᠨᠦᠷᠡᠲᠡᠯ᠎ᠡ ᠵᠠᠩᠭᠢᠷᠠᠭᠰᠠᠨ ᠭᠠᠷ ᠮᠢᠨᠢ ᠥᠪᠡᠷ ᠦ᠋ᠨ ᠡᠷᠬᠡ ᠦᠭᠡᠢ ᠠᠶᠠᠨᠳᠠᠭᠠᠨ ᠵᠠᠳᠠᠷᠠᠪᠠ ᠃ ᠴᠢᠯᠠᠭᠤᠨ ᠪᠣᠰᠴᠤ ᠵᠠᠪᠠᠵᠢ ᠪᠠᠷ ᠢ᠋ᠶ᠋ᠠᠨ ᠭᠠᠷᠤᠭᠰᠠᠨ ᠴᠢᠰᠤ ᠶ᠋ᠢ ᠠᠯᠠᠭ᠎ᠠ ᠪᠠᠷ ᠢ᠋ᠶ᠋ᠠᠨ ᠠᠷᠴᠢᠵᠤ ᠬᠠᠷᠠᠭᠠᠳ ᠨᠢᠳᠦ ᠨᠢ ᠤᠯᠠᠢᠷᠠᠭᠰᠠᠨ ᠦᠬᠡᠷ ᠦ᠋ᠨ ᠨᠢᠳᠦ ᠰᠢᠭ ᠬᠤᠷᠴᠠ ᠪᠣᠯᠤᠨ ᠬᠥᠮᠥᠰᠬᠡ ᠨᠢ ᠵᠠᠩᠭᠢᠷᠠᠨ ᠨᠠᠳᠠ ᠤᠷᠤᠭᠤ ᠬᠠᠷᠠᠭᠰᠠᠨ ᠢ᠋ᠶ᠋ᠠᠨ ᠮᠢᠨᠦ ᠨᠢᠳᠦ ᠲᠡᠢ ᠲᠤᠯᠭᠠᠷᠠᠵᠤ ᠳᠠᠯᠳᠢᠷᠠᠪᠠ ᠃
   - ᠵᠠ ᠪᠢ ᠦᠨᠡᠨ ᠵᠥᠪ ᠢ᠋ᠶ᠋ᠡᠨ ᠣᠯᠤᠭᠠᠳ ᠢᠷᠡᠭᠰᠡᠨ ᠬᠣᠢᠨ᠎ᠠ ᠮᠠᠭᠤᠬᠠᠢ ᠨᠣᠬᠠᠢ ᠡᠨᠳᠡ ᠡᠴᠡ ᠵᠠᠢᠯᠠ ᠭᠡᠵᠦ ᠪᠢ ᠬᠠᠰᠬᠢᠷᠪᠠ ᠃ ᠡᠨᠡ ᠦᠶ᠎ᠡ ᠳ᠋ᠦ᠍ ᠳᠤᠯᠮ᠎ᠠ ᠶ᠋ᠢᠨ ᠡᠬᠡᠷ ᠲᠡᠳᠡᠨ ᠤᠬᠢᠯᠠᠬᠤ ᠳᠠᠭᠤ ᠰᠣᠨᠣᠰᠤᠭᠳᠠᠵᠤ ᠂ ᠠᠵᠢᠭᠯᠠᠪᠠᠯ ᠲᠡᠭᠦᠨ ᠦ᠌ ᠭᠡᠳᠡᠰᠦ ᠰᠦᠷᠡᠬᠡᠢ ᠲᠣᠮᠣ ᠪᠣᠯᠤᠭᠰᠠᠨ ᠪᠠᠢᠪᠠ ᠃ ᠨᠠᠮ᠎ᠠ ᠶ᠋ᠢ ᠶᠡᠬᠡ ᠭᠡᠳᠡᠰᠦ ᠲᠡᠢ ᠪᠣᠯᠤᠭᠰᠠᠨ ᠢ᠋ ᠨᠢ ᠬᠠᠷᠠᠭᠰᠠᠨ ᠢ᠋ ᠠᠵᠢᠵᠤ ᠮᠡᠳᠡᠭᠡᠳ ᠳᠤᠯᠮ᠎ᠠ ᠬᠣᠶᠠᠷ ᠭᠠᠷ ᠢ᠋ᠶ᠋ᠠᠨ ᠭᠡᠳᠡᠰᠦᠨ ᠳᠡᠭᠡᠷ᠎ᠡ ᠪᠡᠨ ᠵᠥᠷᠢᠭᠦᠯᠵᠦ ᠲᠠᠯᠪᠢᠭᠠᠳ ᠳᠥᠷᠥᠭᠡ ᠦᠭᠡᠢ ᠬᠡᠦᠬᠡᠳ ᠢ᠋ᠶ᠋ᠡᠨ ᠰᠡᠳᠬᠢᠯ ᠳ᠋ᠦ᠍ ᠪᠡᠨ ᠲᠡᠪᠡᠷᠢᠨ ᠡᠩᠬᠦᠷᠡᠢᠯᠡᠵᠦ ᠪᠠᠢᠭ᠎ᠠ ᠶᠤᠮ ᠰᠢᠭ᠋ ᠰᠠᠨᠠᠭᠳᠠᠪᠠ ᠃
   ᠲᠠᠰᠤᠯᠭᠠᠨ ᠤ᠋ ᠳᠣᠲᠣᠷ᠎ᠠ ᠨᠠᠮ ᠭᠦᠮ ᠪᠣᠯᠵᠤ ᠂ ᠪᠢ ᠲᠡᠷᠡ ᠬᠡᠳᠦᠨ ᠮᠢᠨᠦ᠋ᠲ ᠦ᠋ᠨ ᠳᠣᠲᠣᠷ᠎ᠠ ᠪᠦᠬᠦ ᠠᠮᠢᠳᠤᠷᠠᠯ ᠳ᠋ᠤ᠌ ᠪᠠᠨ ᠪᠣᠳᠣᠭ᠎ᠠ ᠦᠭᠡᠢ ᠶᠡᠬᠡ ᠶᠠᠭᠤᠮ᠎ᠠ ᠪᠣᠳᠣᠵᠤ ᠪᠢᠯᠡ ᠃ ᠡᠨᠡ ᠨᠣᠪᠰᠢ ᠠ᠋ᠴᠠ ᠪᠣᠯᠵᠤ ᠱᠣᠷᠣᠩ ᠳ᠋ᠤ᠌ ᠬᠢᠯᠢᠰ ᠣᠷᠣᠨ ᠪᠠᠰᠠ ᠡᠬᠡᠨᠡᠷ ᠢ᠋ᠶ᠋ᠡᠨ ᠠᠯᠳᠠᠭ᠎ᠠ ᠤᠤ ᠭᠡᠵᠦ ᠪᠣᠳᠣᠬᠤ ᠳ᠋ᠤ᠌《 ᠦᠭᠡᠢ ᠂ ᠲᠡᠭᠡᠵᠦ ᠪᠣᠯᠬᠤ ᠦᠭᠡᠢ 》ᠭᠡᠵᠦ ᠪᠣᠳᠣᠭᠳᠠᠪᠠ ᠃ ᠭᠡᠲᠡᠯ᠎ᠡ ᠤᠳᠠᠬᠤ ᠦᠭᠡᠢ ᠶᠢᠷᠲᠢᠨᠴᠦ ᠳᠡᠭᠡᠷ᠎ᠡ ᠮᠡᠨᠳᠦᠯᠡᠵᠦ ᠂ ᠨᠠᠳᠠ ᠶᠠᠮᠠᠷ ᠴᠤ᠌ ᠭᠡᠮᠡᠷ ᠬᠢᠭᠡ ᠦᠭᠡᠢ ᠬᠡᠦᠬᠡᠳ ᠲᠦ᠍ ᠮᠠᠭᠤ ᠴᠤ᠌ ᠭᠡᠰᠡᠨ ᠲᠥᠷᠥᠭᠰᠡᠨ ᠡᠴᠢᠭᠡ ᠬᠡᠷᠡᠭᠲᠡᠢ ᠰᠢᠦ ᠳᠠ ᠭᠡᠵᠦ ᠪᠣᠳᠣᠭᠳᠠᠬᠤ ᠳ᠋ᠤ᠌ ᠪᠤᠰᠢᠭᠤᠬᠠᠨ ᠡᠨᠳᠡ ᠡᠴᠡ ᠭᠠᠷᠤᠭᠠᠳ ᠡᠷᠭᠢᠵᠦ ᠬᠠᠷᠠᠯ ᠦᠭᠡᠢ ᠶᠠᠪᠤᠶ᠎ᠠ ᠭᠡᠵᠦ ᠰᠠᠨᠠᠭᠳᠠᠵᠤ ᠪᠠᠢᠪᠠ ᠃ ᠪᠠᠰᠠ ᠶᠠᠭᠤ ᠪᠣᠯᠤᠭᠰᠠᠨ ᠢ᠋ ᠮᠢᠨᠢ ᠮᠡᠳᠡᠭᠡᠳ ᠦᠭᠡᠢ ᠪᠠᠢᠵᠤ ᠂ ᠬᠦᠯᠢᠶᠡᠵᠦ ᠴᠢᠳᠠᠯ ᠦᠭᠡᠢ ᠬᠥᠮᠦᠨ ᠲᠡᠢ ᠂ ᠲᠡᠭᠡᠬᠦ ᠳ᠋ᠦ᠍ ᠪᠡᠨ ᠴᠢᠯᠠᠭᠤᠨ ᠲᠠᠢ ᠰᠠᠭᠤᠭᠰᠠᠨ ᠳᠤᠯᠮ᠎ᠠ ᠳ᠋ᠤ᠌ ᠭᠣᠮᠣᠳᠠᠬᠤ ᠰᠡᠳᠬᠢᠯ ᠲᠥᠷᠥᠪᠡ ᠃
   ᠲᠡᠭᠡᠭᠡᠳ ᠪᠢ ᠠᠯᠭᠤᠷ ᠡᠷᠭᠢᠵᠦ ᠰᠣᠭᠲᠣᠭᠤ ᠬᠥᠮᠦᠰ ᠰᠢᠭ ᠨᠠᠢᠭᠤᠨ ᠶᠠᠪᠤᠭᠰᠠᠭᠠᠷ ᠭᠠᠷᠬᠤ ᠳ᠋ᠤ᠌ ᠬᠣᠢᠨ᠎ᠠ ᠠ᠋ᠴᠠ ᠮᠢᠨᠢ ᠄《 ᠳᠣᠷᠵᠢ ᠠ᠋ 》ᠭᠡᠵᠦ ᠳᠤᠯᠮ᠎ᠠ ᠶ᠋ᠢᠨ ᠳᠠᠭᠤᠳᠠᠬᠤ ᠨᠢ ᠲᠣᠳᠣ ᠰᠣᠨᠣᠰᠳᠠᠭᠰᠠᠨ ᠪᠣᠯᠪᠠᠴᠤ ᠡᠷᠭᠢᠵᠦ ᠬᠠᠷᠠᠭᠰᠠᠨ ᠦᠭᠡᠢ ᠂ ᠡᠭᠦᠳᠡ ᠪᠡᠷ ᠭᠠᠷᠤᠭᠠᠳ ᠬᠡᠳᠦ ᠠᠯᠬᠤᠲᠠᠯ᠎ᠠ ᠄《 ᠳᠣᠷᠵᠢ ᠠ᠋ ! 》ᠭᠡᠵᠦ ᠴᠢᠯᠠᠭᠤᠨ ᠴᠡᠴᠡᠷᠡᠭᠰᠡᠨ ᠬᠣᠭᠣᠯᠠᠢ ᠪᠠᠷ ᠳᠠᠭᠤᠳᠠᠬᠤ ᠳ᠋ᠤ᠌ ᠪᠢ ᠥᠪᠡᠷ ᠢ᠋ᠶ᠋ᠡᠨ ᠮᠠᠲᠠᠯ ᠦᠭᠡᠢ ᠭᠡᠨᠡᠳᠲᠡ ᠡᠷᠭᠢᠨ ᠬᠠᠷᠠᠪᠠᠯ ᠳᠡᠯᠭᠡᠭᠰᠡᠨ ᠬᠠᠭᠠᠯᠭ᠎ᠠ ᠶ᠋ᠢᠨ ᠭᠡᠷᠡᠯ ᠳ᠋ᠦ᠍ ᠨᠢᠮᠭᠡᠨ ᠳᠡᠪᠡᠯ ᠲᠡᠢ ᠴᠢᠯᠠᠭᠤᠨ ᠵᠣᠭᠰᠣᠵᠤ ᠪᠠᠢᠭ᠎ᠠ ᠨᠢ ᠴᠠᠰᠤᠨ ᠳᠡᠭᠡᠷ᠎ᠡ ᠪᠠᠢᠭ᠎ᠠ ᠬᠠᠷ᠎ᠠ ᠬᠡᠷᠢᠶ᠎ᠡ ᠰᠢᠭ ᠰᠦᠭᠯᠡᠢᠨ ᠲᠣᠳᠣ ᠬᠠᠷᠠᠭᠳᠠᠬᠤ ᠳ᠋ᠤ᠌ ᠮᠢᠨᠦ ᠭᠠᠷ ᠳᠠᠬᠢᠨ ᠵᠠᠩᠭᠢᠷᠠᠵᠤ ᠄《 ᠮᠠᠭᠤ ᠬᠣᠬᠢ ᠶᠢ 》ᠭᠡᠳ ᠠᠯᠬᠤᠲᠠᠯ᠎ᠠ ᠴᠢᠯᠠᠭᠤᠨ ᠤᠬᠤᠰᠬᠢᠨ ᠪᠣᠰᠴᠤ ᠣᠷᠣᠭᠠᠳ ᠬᠠᠭᠠᠯᠭ᠎ᠠ ᠪᠠᠨ ᠫᠢᠩ ᠬᠢᠲᠡᠯ᠎ᠡ ᠬᠠᠭᠠᠪᠠ ᠃ ᠪᠢ ᠳᠣᠣᠷ᠎ᠠ ᠪᠠᠨ ᠶᠠᠭ ᠵᠣᠭᠰᠣᠵᠤ ᠂ ᠬᠡᠳᠦᠨ ᠰᠧᠺᠦ᠋ᠨ᠋ᠲ ᠪᠣᠯᠤᠭᠠᠳ ᠡᠷᠭᠢᠵᠦ ᠬᠠᠷᠠᠩᠭᠤᠢ ᠭᠤᠳᠤᠮᠵᠢ  ᠪᠠᠷ ᠪᠦᠳᠦᠴᠢᠨ ᠬᠠᠮᠢᠭ᠎ᠠ ᠣᠴᠢᠬᠤ ᠪᠠᠨ ᠮᠡᠳᠡᠬᠦ ᠦᠭᠡᠢ ᠬᠥᠯ ᠢ᠋ᠶ᠋ᠡᠨ ᠭᠢᠰᠬᠢᠭᠰᠡᠨ ᠵᠦᠭ ᠤᠷᠤᠭᠤ ᠶᠠᠪᠤᠬᠤ ᠳ᠋ᠤ᠌ ᠰᠡᠳᠬᠢᠯ ᠳ᠋ᠦ᠍ ᠮᠢᠨᠢ ᠳᠤᠯᠮ᠎ᠠ ᠶ᠋ᠢᠨ ᠲᠤᠬᠠᠢ ᠪᠣᠳᠣᠯ ᠡᠵᠡᠯᠡᠵᠦ ᠪᠠᠢᠪᠠ ᠃ ᠭᠡᠲᠡᠯ᠎ᠡ ᠳᠤᠯᠮ᠎ᠠ ᠂ ᠴᠢᠯᠠᠭᠤᠨ ᠬᠡᠨ ᠭᠡᠳᠡᠭ ᠢ᠋ ᠮᠡᠳᠡᠬᠦ ᠦᠭᠡᠢ ᠂ ᠪᠠᠰᠠ ᠲᠡᠭᠡᠭᠡᠳ 《 ᠶᠠᠮᠠᠷ ᠴᠤ᠌ ᠬᠡᠷᠡᠭ ᠬᠢᠭᠡ ᠦᠭᠡᠢ ᠂ ᠮᠠᠷᠭᠠᠰᠢ ᠨᠥᠭᠥᠭᠡᠳᠦᠷ ᠢᠷᠡᠨ᠎ᠡ 》ᠭᠡᠳ ᠶᠠᠪᠤᠭᠰᠠᠨ ᠬᠥᠮᠦᠨ ᠵᠢᠯ ᠢ᠋ᠶ᠋ᠡᠷ ᠢᠷᠡᠬᠦ ᠦᠭᠡᠢ ᠠᠯᠠᠭ᠎ᠠ ᠪᠣᠯᠤᠭᠰᠠᠨ ᠪᠣᠯᠬᠣᠷ ᠬᠡᠷᠡᠭ ᠬᠢᠭᠰᠡᠨ ᠬᠥᠮᠦᠨ ᠭᠡᠵᠦ ᠪᠣᠳᠣᠬᠤ ᠨᠢ ᠳᠤᠯᠮ᠎ᠠ ᠶ᠋ᠢᠨ ᠵᠥᠪ ᠪᠣᠯᠬᠤ ᠪᠢᠯᠡ ᠳᠠ ᠭᠡᠵᠦ ᠪᠣᠳᠣᠭᠳᠠᠭᠠᠳ ᠳᠤᠯᠮ᠎ᠠ ᠶ᠋ᠢ ᠵᠢᠮᠡᠯᠡᠬᠦ ᠰᠡᠳᠬᠢᠯ ᠳᠠᠷᠤᠭᠳᠠᠵᠤ ᠡᠬᠢᠯᠡᠯ᠎ᠡ ᠃ ᠪᠢ ᠳᠤᠯᠮ᠎ᠠ ᠳ᠋ᠤ᠌ ᠰᠡᠳᠬᠢᠯ ᠲᠡᠢ ᠪᠠᠢᠭᠰᠠᠨ  ᠢ᠋ ᠨᠢᠭᠤᠬᠤ ᠬᠡᠷᠡᠭ ᠠᠯᠠᠭ᠎ᠠ ᠃ ᠲᠡᠷᠡ ᠴᠦ᠍ ᠤᠴᠢᠷ ᠠ᠋ᠴᠠ ᠲᠡᠭᠦᠨ ᠢ᠋ ᠵᠦᠪᠲᠠᠭᠡᠬᠦ ᠨᠢ ᠪᠤᠷᠤᠭᠤᠳᠬᠠᠬᠤ ᠠ᠋ᠴᠠ ᠠᠮᠠᠷ ᠪᠥᠭᠡᠳ ᠰᠡᠳᠬᠢᠯ ᠳ᠋ᠦ᠍ ᠳᠣᠲᠣᠨᠣ ᠪᠠᠢᠭᠰᠠᠨ ᠪᠢᠯᠡ ᠃
                  ᠳᠣᠯᠣᠭ᠎ᠠ
   - ᠬᠣᠶᠠᠷ ᠬᠣᠨᠣᠭ ᠤ᠋ᠨ ᠳᠠᠷᠠᠭ᠎ᠠ ᠬᠠᠭᠤᠴᠢᠨ ᠠᠵᠢᠯ ᠢ᠋ᠶ᠋ᠠᠨ ᠬᠦᠯᠢᠶᠡᠵᠦ ᠠᠪᠤᠪᠠ ᠃ ᠪᠢ ᠴᠣᠯᠠ ᠨᠡᠮᠡᠵᠦ ᠠᠬᠠᠮᠠᠳ ᠪᠣᠯᠪᠠ ᠃ ᠨᠠᠳᠠ ᠰᠠᠷ᠎ᠠ ᠠᠷᠪᠠᠨ ᠲᠠᠪᠤᠨ ᠬᠣᠨᠣᠭ ᠤ᠋ᠨ ᠠᠮᠠᠷᠠᠯᠲᠠ ᠥᠭᠭᠦᠭᠰᠡᠨ ᠃ ᠲᠡᠭᠡᠭᠡᠳ ᠪᠢ ᠬᠥᠭᠰᠢᠨ ᠡᠬᠡ ᠪᠡᠨ ᠂ ᠪᠠᠰᠠ ᠲᠣᠯᠵᠢᠨ ᠤ᠋ ᠪᠠᠨ ᠡᠬᠡ ᠡᠴᠢᠭᠡ ᠶ᠋ᠢ ᠡᠷᠭᠢᠬᠦ ᠪᠡᠷ ᠶᠠᠪᠤᠪᠠ ᠃ ᠨᠤᠲᠤᠭ ᠤ᠋ᠨ ᠵᠠᠷᠢᠮ ᠬᠥᠮᠦᠰ ᠨᠠᠮ᠎ᠠ ᠶ᠋ᠢ ᠪᠠᠷᠢᠭᠳᠠᠭᠰᠠᠨ ᠢ᠋ ᠰᠣᠨᠣᠰᠤᠭᠠᠳ ᠄《 ᠰᠦᠷᠦᠩ ᠴᠢᠪᠠᠭᠠᠭᠴᠠ ᠶ᠋ᠢᠨ ᠨᠥᠭᠥᠭᠡ ᠭᠠᠢᠬᠠᠯ ᠬᠤᠪᠢᠰᠬᠠᠯ ᠤ᠋ᠨ ᠡᠰᠡᠷᠭᠦᠦ ᠂ ᠶᠠᠫᠣᠨ ᠤ᠋ ᠲᠠᠩᠨᠠᠭᠤᠯ ᠪᠣᠯᠤᠭᠠᠳ ᠪᠠᠷᠢᠭᠳᠠᠭᠰᠠᠨ ᠭᠡᠨ᠎ᠡ ᠃ ᠣᠯᠢᠭ ᠦᠭᠡᠢ ᠠᠮᠢᠲᠠᠨ ᠪᠠᠢᠵᠠᠢ ᠳ᠋ᠠ ᠃ 》《 ᠲᠡᠭᠦᠨ ᠳ᠋ᠦ᠍ ᠶᠠᠭᠤ ᠳᠤᠲᠠᠭᠳᠠᠭᠰᠠᠨ ᠶᠤᠮ ᠪᠣᠯ ! 》《 ᠨᠠᠮ ᠵᠠᠰᠠᠭ ᠥᠨᠳᠥᠷ ᠦᠨᠡᠯᠡᠵᠦ ᠬᠥᠮᠦᠨ ᠦ᠌ ᠵᠡᠷᠭᠡ ᠳ᠋ᠦ᠍ ᠬᠦᠷᠭᠡᠭᠰᠡᠨ ᠰᠢᠦ ᠳ᠋ᠠ ᠃ ᠠᠴᠢ ᠶ᠋ᠢ ᠪᠠᠴᠢ ᠪᠠᠷ ᠭᠡᠳᠡᠭ ᠯᠡ ᠪᠣᠯᠵᠤ ᠪᠠᠢᠨ᠎ᠠ 》ᠭᠡᠬᠦ ᠵᠡᠷᠭᠡ ᠦᠭᠡ ᠶᠠᠷᠢᠯᠴᠠᠵᠤ ᠦᠵᠡᠨ ᠶᠠᠳᠠᠨ ᠵᠢᠮᠡᠯᠡᠵᠦ ᠪᠠᠢᠵᠠᠢ ᠃ ᠮᠠᠭᠤ ᠡᠬᠡ ᠮᠢᠨᠢ ᠣᠷᠣᠭᠰᠠᠨ ᠬᠥᠮᠦᠨ ᠪᠦᠬᠦᠨ ᠳ᠋ᠦ᠍ ᠄《 ᠮᠢᠨᠦ ᠬᠦᠦ ᠡᠨᠡ ᠵᠠᠰᠠᠭ ᠲᠤ᠌ ᠪᠤᠷᠤᠭᠤ ᠰᠠᠨᠠᠬᠤ ᠦᠭᠡᠢ ᠂ ᠡᠨᠳᠡᠭᠦᠷᠡᠯ ᠪᠣᠯᠤᠭᠰᠠᠨ ᠬᠡᠷᠡᠭ 》 ᠭᠡᠵᠦ ᠥᠭᠡᠯᠡᠨ ᠶᠠᠷᠢᠵᠤ ᠂ ᠡᠳᠦᠷ ᠰᠥᠨᠢ ᠦᠭᠡᠢ ᠤᠬᠢᠯᠠᠨ ᠡᠯᠢᠭᠡ ᠨᠢ ᠬᠠᠲᠠᠵᠤ ᠂ ᠬᠦᠷᠦᠭᠡᠳ ᠢᠷᠡᠬᠦ ᠶ᠋ᠢ ᠮᠢᠨᠢ ᠨᠣᠢᠷ ᠬᠣᠭᠣᠯᠠ ᠦᠭᠡᠢ ᠬᠦᠯᠢᠶᠡᠵᠦ ᠪᠠᠢᠵᠠᠢ ᠃
    ᠨᠠᠮ᠎ᠠ ᠶ᠋ᠢ ᠭᠡᠷ ᠲᠦ᠍ ᠪᠡᠨ ᠣᠢᠷᠠᠲᠤᠭᠠᠳ ᠣᠴᠢᠬᠤ ᠳ᠋ᠤ᠌ ᠡᠮᠦᠨ᠎ᠡ ᠡᠴᠡ ᠡᠵᠢ ᠮᠢᠨᠢ ᠳᠣᠯᠵᠢᠨ ᠤ᠋ ᠡᠬᠡ ᠲᠡᠢ ᠬᠠᠮᠲᠤ ᠤᠭᠲᠤᠨ ᠭᠦᠶᠦᠭᠰᠡᠭᠡᠷ ᠪᠦᠳᠦᠷᠢᠨ ᠣᠢᠴᠢᠵᠤ ᠦᠨᠡᠨ ᠠᠯᠳᠠᠭᠰᠠᠨ ᠶᠤᠮ ᠰᠠᠨ ᠃ ᠲᠡᠪᠡᠷᠢᠵᠦ ᠠᠪᠤᠭᠠᠳ ᠬᠡᠰᠡᠭ ᠪᠠᠢᠲᠠᠯ᠎ᠠ ᠤᠬᠠᠭᠠᠨ ᠣᠷᠣᠵᠤ ᠄ 《 ᠣᠳᠣ ᠲᠦᠷᠭᠡᠨ ᠶᠠᠪᠤᠵᠤ ᠂ ᠰᠤᠮᠤᠨ ᠳᠡᠭᠡᠷ᠎ᠡ ᠣᠴᠢᠵᠤ ᠰᠦᠷᠦᠩ ᠴᠢᠪᠠᠭᠠᠭᠴᠠ ᠶ᠋ᠢᠨ ᠬᠦᠦ ᠬᠡᠨ ᠭᠡᠳᠡᠭ ᠢ᠋ ᠦᠵᠡᠭᠦᠯ ᠃ ᠨᠠᠮ ᠵᠠᠰᠠᠭ ᠤ᠋ᠨ ᠮᠢᠨᠢ ᠨᠢᠳᠦ ᠰᠣᠬᠣᠷᠠᠭ᠎ᠠ ᠦᠭᠡᠢ ᠶᠦ᠍ᠮ ᠭᠡᠳᠡᠭ ᠢ᠋ ᠮᠡᠳᠡᠭᠦᠯ 》ᠭᠡᠵᠦ ᠬᠡᠯᠡᠭᠡᠳ ᠨᠠᠳᠠ ᠤᠷᠤᠭᠤ ᠬᠠᠷᠠᠬᠤ ᠳ᠋ᠤ᠌ ᠨᠢ ᠨᠢᠯᠪᠤᠰᠤ ᠨᠢ ᠤᠷᠤᠰᠤᠨ ᠬᠠᠴᠠᠷ ᠤ᠋ᠨ ᠦᠷᠴᠢᠯᠡᠭᠡ ᠶ᠋ᠢ ᠨᠢ ᠳ᠋ᠡᠭᠡᠨ ᠲᠤᠭᠤᠷᠠᠨ ᠤᠷᠤᠰᠴᠤ ᠪᠠᠢᠯ᠎ᠠ ᠭᠡᠳ ᠳᠣᠷᠵᠢ ᠭᠤᠸᠠᠢ ᠦᠭᠡ ᠪᠡᠨ ᠲᠠᠰᠤᠯᠵᠤ ᠂ ᠰᠠᠨᠠᠭ᠎ᠠ ᠠᠯᠳᠠᠭᠰᠠᠨ ᠢ᠋ᠶ᠋ᠠᠨ ᠪᠢ ᠴᠦ᠍ ᠡᠬᠡ ᠶ᠋ᠢᠨ ᠢ᠋ᠶ᠋ᠡᠨ ᠠᠴᠢ ᠶ᠋ᠢ ᠬᠠᠷᠢᠭᠤᠯᠠᠵᠤ ᠴᠢᠳᠠᠭ᠎ᠠ ᠦᠭᠡᠢ ᠬᠥᠮᠦᠨ ᠳᠠ ᠃ ᠬᠠᠷᠢᠨ ᠨᠠᠮ᠎ᠠ ᠶ᠋ᠢ ᠢᠩᠭᠢᠵᠦ ᠮᠣᠩᠭᠢᠨᠠᠵᠤ ᠶᠠᠪᠤᠬᠤ ᠳ᠋ᠤ᠌ ᠳᠤᠯᠵᠢᠨ ᠤ᠋ ᠡᠬᠡ ᠡᠴᠢᠭᠡ ᠮᠠᠭᠤ ᠡᠵᠢ ᠶ᠋ᠢ ᠮᠢᠨᠢ ᠲᠠᠲᠠᠵᠤ ᠳᠡᠷᠭᠡᠳᠡ ᠪᠡᠨ ᠪᠠᠭᠤᠯᠭᠠᠨ ᠂ ᠵᠣᠪᠠᠯᠠᠩ ᠵᠢᠷᠭᠠᠯ ᠢ᠋ᠶ᠋ᠠᠨ ᠬᠤᠪᠢᠶᠠᠯᠴᠠᠵᠤ ᠪᠠᠢᠭᠰᠠᠨ ᠶᠤᠮ ᠰᠠᠨᠵᠠᠢ ᠭᠡᠪᠡ ᠃
    ᠪᠢᠳᠡ ᠬᠣᠶᠠᠷ ᠬᠡᠰᠡᠭ ᠳᠠᠭᠤ ᠦᠭᠡᠢ ᠪᠠᠢᠪᠠ ᠃ ᠳᠣᠷᠵᠢ ᠭᠤᠸᠠᠢ ᠭᠠᠩᠰᠠᠨ ᠤ᠋ ᠪᠠᠨ ᠲᠣᠷᠲᠣᠭ ᠰᠠᠭᠤᠵᠤ ᠬᠠᠷᠠᠯᠠᠭᠰᠠᠨ ᠲᠣᠯᠣᠭᠠᠢ ᠶ᠋ᠢ ᠨᠠᠷᠢᠬᠠᠨ ᠵᠡᠰ ᠤᠲᠠᠰᠤᠨ ᠰᠡᠳᠬᠡᠭᠦᠷ ᠢ᠋ᠶ᠋ᠡᠷ ᠰᠡᠳᠬᠡᠵᠦ ᠪᠠᠢᠪᠠ ᠃ ᠭᠡᠪᠡᠴᠦ ᠬᠥᠮᠥᠰᠬᠡ ᠨᠢ ᠪᠠᠢᠨ ᠪᠠᠢᠨ ᠵᠠᠩᠭᠢᠷᠠᠵᠤ ᠮᠠᠩᠨᠠᠢ ᠶ᠋ᠢᠨ ᠦᠷᠴᠢᠯᠡᠭᠡ ᠲᠣᠳᠣᠷᠠᠨ ᠪᠠᠢᠭ᠎ᠠ ᠶ᠋ᠢ ᠬᠠᠷᠠᠬᠤ ᠳ᠋ᠤ᠌ ᠰᠡᠳᠬᠢᠯ ᠳ᠋ᠦ᠍ ᠨᠢ ᠭᠠᠩᠰᠠᠨ ᠤ᠋ ᠲᠣᠯᠣᠭᠠᠢ ᠴᠡᠪᠡᠷᠯᠡᠬᠦ ᠪᠣᠳᠣᠯ ᠪᠢᠰᠢ ᠬᠠᠷᠢᠨ ᠥᠭᠡᠷ᠎ᠡ ᠨᠢᠭᠡ ᠭᠦᠨ ᠪᠣᠳᠣᠯ ᠡᠷᠭᠢᠯᠳᠦᠵᠦ ᠪᠠᠢᠭ᠎ᠠ ᠶ᠋ᠢ ᠭᠡᠷᠡᠴᠢᠯᠡᠵᠦ ᠪᠠᠢᠪᠠ ᠃ ᠲᠡᠭᠡᠭᠡᠳ ᠨᠠᠳᠠ ᠤᠷᠤᠭᠤ ᠬᠠᠷᠠᠵᠤ ᠢᠨᠢᠶᠡᠮᠰᠦᠭᠯᠡᠬᠦ ᠳᠦᠷᠰᠦ ᠦᠵᠡᠭᠦᠯᠬᠦ ᠳ᠋ᠦ᠍ ᠨᠢ
ᠨᠢᠳᠦᠨ ᠳ᠋ᠦ᠍ ᠨᠢ ᠠᠷᠢᠯᠭᠠᠵᠤ ᠪᠣᠯᠣᠰᠢ ᠦᠭᠡᠢ ᠭᠣᠮᠣᠳᠠᠯ ᠤ᠋ᠨ ᠲᠤᠶᠠᠭ᠎ᠠ ᠲᠣᠳᠣᠷᠬᠠᠢ ᠪᠠᠢᠪᠠ ᠃
   - ᠡᠬᠡ ᠶ᠋ᠢᠨ ᠢ᠋ᠶ᠋ᠡᠨ ᠬᠠᠲᠠᠭᠰᠠᠨ ᠰᠡᠳᠬᠢᠯ ᠢ᠋ ᠳᠡᠪᠲᠦᠭᠡᠵᠦ ᠬᠡᠳᠦ ᠬᠣᠨᠣᠪᠠ ᠃ ᠡᠨᠡ ᠬᠣᠭᠣᠷᠣᠨᠳᠣ ᠳᠣᠯᠵᠢᠨ ᠦ ᠡᠴᠢᠭᠡ ᠪᠢᠳᠡ ᠬᠣᠶᠠᠷ ᠬᠠᠮᠲᠤ ᠨᠤᠲᠤᠭ ᠤ᠋ᠨ ᠠᠢᠯ ᠤ᠋ᠳ ᠢ᠋ᠶ᠋ᠠᠷ ᠶᠡᠬᠡᠳᠡ ᠵᠣᠴᠢᠯᠠᠭᠤᠯᠪᠠ ᠃ ᠡᠪᠦᠭᠡᠨ ᠠᠮᠠ ᠬᠠᠯᠠᠵᠤ ᠰᠣᠭᠲᠣᠬᠤ ᠪᠦᠷᠢ ᠳ᠋ᠦ᠍ ᠪᠡᠨ ᠳᠤᠯᠵᠢᠨ ᠢ᠋ ᠳᠤᠷᠠᠰᠤᠨ ᠰᠡᠳᠬᠢᠯ ᠵᠣᠪᠠᠵᠤ ᠪᠠᠰᠠ ᠨᠠᠮ᠎ᠠ ᠶ᠋ᠢ ᠮᠠᠭᠲᠠᠨ ᠄《 ᠮᠢᠨᠦ ᠬᠦᠷᠭᠡᠨ ᠤᠳᠠᠬᠤ ᠦᠭᠡᠢ ᠪᠦᠬᠦ ᠴᠡᠷᠢᠭ ᠦ᠋ᠨ ᠵᠠᠩᠵᠤᠨ ᠪᠣᠯᠤᠨ᠎ᠠ 》 ᠭᠡᠵᠦ ᠢᠴᠢᠭᠡᠳᠡᠭ ᠪᠠᠢᠪᠠ ᠃ ᠴᠠᠭᠠᠨ ᠰᠡᠳᠬᠢᠯ ᠲᠡᠢ ᠰᠠᠢᠬᠠᠨ ᠡᠮᠡᠭᠡᠨ ᠡᠪᠦᠭᠡᠨ ᠬᠣᠶᠠᠷ ᠪᠠᠢᠭᠰᠠᠨ ᠃ ᠡᠭᠦᠨ ᠡᠴᠡ ᠬᠣᠶᠠᠷ ᠵᠢᠯ ᠦ᠋ᠨ ᠳᠠᠷᠠᠭ᠎ᠠ ᠂ ᠡᠬᠢᠯᠡᠭᠡᠳ ᠡᠮᠡᠭᠡᠨ ᠨᠢ ᠂ ᠳᠠᠷᠠᠭ᠎ᠠ ᠨᠢ ᠰᠠᠷ᠎ᠠ ᠪᠣᠯᠤᠭ᠎ᠠ ᠦᠭᠡᠢ ᠪᠠᠢᠬᠤ ᠳ᠋ᠤ᠌ ᠨᠢ ᠡᠪᠦᠭᠡᠨ ᠨᠢ ᠨᠠᠰᠤ ᠪᠠᠷᠠᠭᠰᠠᠨ ᠶᠤᠮ ᠰᠠᠨ ᠭᠡᠳ ᠳᠣᠷᠵᠢ ᠭᠤᠸᠠᠢ ᠶᠠᠷᠢᠶ᠎ᠠ ᠪᠠᠨ ᠲᠠᠰᠤᠯᠵᠤ ᠳᠠᠭᠤ ᠦᠭᠡᠢ ᠪᠣᠯᠪᠠ ᠃
    ᠳᠣᠷᠵᠢ ᠭᠤᠸᠠᠢ ᠡᠮᠦᠨ᠎ᠡ ᠪᠡᠨ ᠪᠠᠢᠭᠰᠠᠨ ᠬᠤᠨᠳᠠᠭ᠎ᠠ ᠲᠠᠢ ᠠᠷᠢᠬᠢ ᠶ᠋ᠢ ᠪᠠᠷᠢᠵᠤ ᠠᠵᠢᠭᠯᠠᠨ ᠬᠠᠷᠠᠵᠤ ᠪᠠᠢᠭᠰᠠᠨ ᠢ᠋ᠶ᠋ᠠᠨ ᠨᠠᠳᠠ ᠤᠷᠤᠭᠤ ᠬᠠᠷᠠᠵᠤ ᠄《 ᠵᠠ ᠤᠤᠭᠤᠴᠢᠬᠠᠬᠤ ᠤᠤ? 》ᠭᠡᠬᠦ ᠳ᠋ᠦ᠍ ᠨᠢ ᠪᠢ ᠬᠤᠨᠳᠠᠭ᠎ᠠ ᠪᠠᠨ ᠠᠪᠴᠤ ᠪᠢᠳᠡ ᠬᠣᠶᠠᠷ ᠶᠠᠭᠤ ᠴᠤ᠌ ᠬᠡᠯᠡᠯ ᠦᠭᠡᠢ ᠲᠤᠯᠭᠠᠵᠤ ᠤᠤᠭᠤᠪᠠ ᠃
    - ᠬᠥᠳᠡᠭᠡ ᠰᠠᠷ᠎ᠠ ᠰᠢᠬᠠᠮ ᠪᠣᠯᠤᠭᠠᠳ ᠪᠤᠴᠠᠵᠤ ᠬᠣᠲᠠᠨ ᠳ᠋ᠤ᠌ ᠢᠷᠡᠵᠦ ᠬᠡᠳᠦ ᠬᠣᠨᠣᠭ ᠲᠠᠨᠢᠯ ᠠᠢᠯ ᠤ᠋ᠳ ᠢᠶᠠᠷ ᠵᠣᠴᠢᠯᠠᠭᠤᠯᠤᠨ ᠶᠠᠪᠤᠵᠤ ᠪᠠᠢᠭᠠᠳ ᠠᠵᠢᠯ ᠳ᠋ᠤ᠌ ᠪᠠᠨ ᠣᠷᠣᠯ᠎ᠠ ᠃ ᠵᠥᠪᠯᠡᠯᠲᠦ ᠶ᠋ᠢᠨ ᠡᠬᠡ ᠣᠷᠣᠨ ᠤ᠋ ᠲᠡᠢᠨ ᠦ᠌ ᠦᠶ᠎ᠡ ᠳ᠋ᠦ᠍ ᠳᠣᠷᠣᠨᠠᠲᠤ ᠬᠢᠯᠢ ᠳᠡᠭᠡᠷ᠎ᠡ ᠣᠯᠠᠨ ᠨᠥᠬᠥᠳ ᠦ᠋ᠨ ᠬᠠᠮᠲᠤ ᠨᠢᠳᠦ ᠴᠠᠪᠴᠢᠯ ᠦᠭᠡᠢ ᠬᠠᠯᠠᠭᠤᠨ ᠳ᠋ᠤ᠌ ᠬᠠᠯᠠᠵᠤ ᠂ ᠬᠦᠢᠲᠡᠨ ᠳ᠋ᠦ᠍ ᠬᠦᠷᠦᠵᠦ ᠡᠬᠡ ᠣᠷᠣᠨ ᠂ ᠠᠷᠠᠳ ᠲᠦᠮᠡᠨ ᠢ᠋ᠶ᠋ᠡᠨ ᠮᠠᠨᠠᠵᠤ ᠪᠠᠢᠭᠰᠠᠨ ᠃
    ᠨᠢᠭᠡ ᠮᠢᠩᠭ᠎ᠠ ᠶᠢᠰᠦᠨ ᠵᠠᠭᠤ ᠳᠥᠴᠢᠨ ᠲᠠᠪᠤᠨ ᠣᠨ ᠤ᠋ ᠨᠠᠢ᠍ᠮᠠᠨ ᠰᠠᠷ᠎ᠠ ᠶ᠋ᠢᠨ ᠡᠬᠢ ᠪᠡᠷ ᠡᠵᠢ ᠵᠢ ᠮᠢᠨᠢ ᠦᠬᠦᠯᠦᠭᠦᠲᠡ ( ᠦᠬᠦᠬᠦ ᠳ᠋ᠦ᠍ ᠬᠦᠷᠴᠦ ᠬᠠᠨᠵᠤᠯᠠᠨ ᠬᠡᠪᠲᠡᠵᠦ ᠪᠠᠢᠭ᠎ᠠ ᠌) ᠭᠡᠵᠦ ᠵᠠᠬᠢᠶ᠎ᠠ ᠠᠪᠤᠭᠠᠳ ᠶᠠᠪᠤᠵᠤ ᠡᠷᠭᠢᠬᠦ  ᠪᠡᠷ ᠪᠡᠯᠡᠳᠬᠡᠵᠦ ᠪᠠᠢᠲᠠᠯ᠎ᠠ ᠴᠢᠯᠥᠭᠡᠯᠡᠬᠦ ᠲᠡᠢᠨ ᠡᠬᠢᠯᠡᠵᠦ ᠂ ᠮᠠᠨ ᠤ᠋ ᠠᠩᠭᠢ ᠳᠠᠢᠰᠤᠨ ᠤ᠋ ᠡᠰᠡᠷᠭᠦ ᠬᠢᠯᠢ ᠳᠠᠪᠠᠵᠤ ᠲᠠᠪᠰᠢᠪᠠ ᠃ ᠶᠠᠫᠣᠨ ᠪᠠᠭᠤᠵᠤ ᠥᠭᠭᠥᠭᠡᠳ ᠲᠡᠢᠨ ᠳᠠᠭᠤᠰᠤᠭᠰᠠᠨ ᠤ᠋ ᠳᠠᠷᠠᠭ᠎ᠠ ᠪᠢ ᠴᠢᠯᠥᠭᠡ ᠠᠪᠴᠤ ᠬᠥᠭᠰᠢᠨ ᠡᠬᠡ ᠤᠷᠤᠭᠤ ᠪᠠᠨ ᠶᠠᠪᠤᠭᠰᠠᠨ ᠪᠣᠯᠪᠠᠴᠤ ᠬᠣᠵᠢᠮᠳᠠᠵᠠᠢ ᠃ ᠨᠠᠰᠤ ᠪᠠᠷᠠᠬᠤ ᠶ᠋ᠢᠨ ᠢ᠋ᠶ᠋ᠡᠨ ᠡᠮᠦᠨ᠎ᠡ ᠪᠠᠭ ᠤ᠋ᠨ ᠳᠠᠷᠤᠭ᠎ᠠ  ᠶ᠋ᠢ ᠤᠷᠢᠵᠤ ᠢᠷᠡᠭᠦᠯᠦᠭᠡᠳ ᠵᠢᠵᠢᠭᠬᠡᠨ ᠮᠠᠨᠤᠨ ᠰᠤᠷᠤᠭᠤᠯᠲᠠᠢ ᠭᠠᠩᠰᠠ ᠥᠭᠴᠦ ᠄《 ᠬᠦᠦ ᠶ᠋ᠢ ᠮᠢᠨᠢ ᠢᠷᠡᠬᠦ ᠳᠡᠭᠡᠷ᠎ᠡ ᠡᠭᠦᠨ  ᠢ᠋ ᠥᠭᠭᠥᠭᠡᠷᠡᠢ ᠂ ᠣᠯᠠᠨ ᠵᠢᠯ ᠬᠠᠳᠠᠭᠠᠯᠠᠭᠰᠠᠨ ᠶᠤᠮ 》ᠭᠡᠰᠡᠨ ᠃ ᠣᠳᠣ ᠲᠡᠷᠡ ᠭᠠᠩᠰᠠ ᠨᠠᠳᠠ ᠳ᠋ᠤ᠌ ᠪᠣᠢ ᠭᠡᠳ ᠳᠣᠷᠵᠢ ᠪᠣᠰᠴᠤ ᠂  ᠴᠧᠮᠤᠳᠠᠨ ᠠ᠋ᠴᠠ ᠭᠠᠷᠭᠠᠵᠤ ᠨᠠᠳᠠ ᠦᠵᠡᠭᠦᠯᠬᠦ ᠵᠠᠭᠤᠷ᠎ᠠ ᠮᠠᠨ ᠤ᠋ ᠳ᠋ᠤ᠌ ᠡᠭᠦᠨ ᠡᠴᠡ ᠥᠭᠡᠷ᠎ᠡ ᠬᠥᠷᠥᠩᠭᠡ ᠪᠠᠢᠭ᠎ᠠ ᠦᠭᠡᠢ ᠪᠠᠢᠬᠤ ᠠ᠋ ᠭᠡᠪᠡ ᠃
    ᠬᠥᠳᠡᠭᠡ ᠡᠴᠡ ᠪᠤᠴᠠᠵᠤ ᠢᠷᠡᠭᠡᠳ ᠬᠣᠲᠠ ᠳ᠋ᠤ᠌ ᠠᠵᠢᠯᠯᠠᠪᠠ ᠃ ᠵᠢᠯ ᠭᠠᠷᠤᠢ ᠪᠣᠯᠤᠭᠰᠠᠨ ᠤ᠋ ᠳᠠᠷᠠᠭ᠎ᠠ ᠴᠡᠴᠡᠭ ᠭᠡᠵᠦ ᠨᠢᠭᠡ ᠬᠡᠦᠬᠡᠨ ᠲᠡᠢ ᠲᠠᠨᠢᠯᠴᠠᠨ ᠰᠠᠭᠤᠬᠤ ᠪᠣᠯᠪᠠ ᠃ ᠨᠥᠬᠥᠳ ᠄《 ᠴᠢᠮ᠎ᠠ ᠳ᠋ᠤ᠌ ᠬᠠᠨᠢ ᠪᠣᠯᠬᠤ ᠦᠭᠡᠢ ᠬᠡᠦᠬᠡᠨ 》ᠭᠡᠵᠦ ᠬᠡᠯᠡᠭᠡᠳ ᠪᠠᠢᠬᠤ ᠳ᠋ᠤ᠌ ᠨᠢ ᠣᠭᠲᠣ ᠶᠠᠭᠤᠮ᠎ᠠ ᠲᠣᠭᠣᠬᠤ ᠦᠭᠡᠢ ᠪᠠᠢᠯ᠎ᠠ ᠃ ᠬᠥᠮᠦᠨ ᠪᠣᠯ ᠬᠥᠮᠦᠨ ᠤ ᠲᠥᠯᠥᠭᠡ ᠪᠦᠲᠦᠭᠰᠡᠨ ᠠᠮᠢᠲᠠᠨ ᠰᠢᠦ ᠃ ᠡᠨᠡ ᠤᠴᠢᠷ ᠠ᠋ᠴᠠ ᠤᠳᠠᠭᠠᠨ ᠭᠠᠭᠴᠠᠭᠠᠷ ᠢ᠋ᠶ᠋ᠠᠨ ᠪᠠᠢᠪᠠᠯ ᠬᠠᠵᠢᠭ ᠵᠣᠵᠢᠭ ᠪᠣᠯᠵᠤ ᠵᠠᠷᠯᠢᠭ᠌ᠰᠢᠨ ᠮᠠᠯ ᠰᠢᠭ᠋ ᠪᠣᠯᠵᠤ ᠮᠠᠭᠠᠳ ᠦᠭᠡᠢ ᠃ ᠦᠬᠦᠯ ᠵᠣᠪᠠᠯᠠᠩ ᠦᠵᠡᠵᠦ ᠂ ᠱᠣᠷᠣᠩ ᠭᠢᠨᠳᠠᠨ ᠳᠡᠮᠵᠢᠵᠦ ᠬᠠᠲᠠᠵᠤ ᠡᠬᠢᠯᠡᠭᠰᠡᠨ ᠰᠡᠳᠬᠢᠯ ᠢ᠋ ᠵᠠᠰᠠᠬᠤ ᠳ᠋ᠤ᠌ ᠨᠠᠳᠠ ᠳ᠋ᠤ᠌ ᠶᠠᠮᠠᠷ ᠪᠣᠯᠪᠠᠴᠤ ᠬᠠᠨᠢ ᠬᠡᠷᠡᠭᠲᠡᠢ ᠪᠠᠢᠭᠰᠠᠨ ᠃ᠲᠡᠭᠡᠭᠡᠳ ᠪᠢ ᠴᠡᠴᠡᠭ ᠲᠡᠢ ᠰᠠᠭᠤᠯ᠎ᠠ ᠃ ᠢᠩᠭᠢᠭᠡᠳ ᠬᠣᠶᠠᠷ ᠰᠠᠷ᠎ᠠ ᠭᠠᠷᠤᠢ ᠪᠣᠯᠵᠤ ᠪᠠᠢᠲᠠᠯ᠎ᠠ ᠨᠠᠮ᠎ᠠ ᠶ᠋ᠢ ᠁ ᠳ᠋ᠤᠭᠠᠷ   ᠳ᠋ᠢᠸᠢᠽᠢ ᠶ᠋ᠢᠨ ᠱᠲ᠋ᠠᠪ ( ᠴᠡᠷᠢᠭ ᠦ᠋ᠨ ᠵᠠᠬᠢᠷᠠᠬᠤ ᠪᠠᠢᠭᠤᠯᠭ᠎ᠠ )  ᠦᠨ ᠳᠠᠷᠤᠭ᠎ᠠ ᠪᠠᠷ ᠲᠣᠮᠢᠯᠠᠵᠤ ᠂ ᠬᠥᠳᠡᠭᠡ ᠶᠠᠪᠤᠭᠤᠯᠬᠤ ᠪᠣᠯᠪᠠ ᠃ ᠪᠢ ᠰᠢᠨ᠎ᠡ ᠠᠵᠢᠯ ᠳ᠋ᠤ᠌ ᠣᠷᠣᠬᠤ ᠪᠣᠯᠤᠭᠠᠳ ᠭᠡᠷ ᠲᠦ᠍ ᠪᠡᠨ ᠢᠷᠡᠵᠦ ᠴᠡᠴᠡᠭ ᠲᠦ᠍ ᠬᠡᠯᠡᠭᠰᠡᠨ ᠴᠢᠨᠢ ᠨᠢᠳᠦᠨ ᠦ᠌ ᠵᠣᠪᠬᠢ ᠨᠢ ᠪᠠᠭᠤᠵᠤ ᠄
   - ᠣᠴᠢᠵᠤ ᠂ ᠶᠠᠪᠤᠬᠤ ᠦᠭᠡᠢ ᠭᠡᠵᠦ ᠬᠡᠯᠡ ᠭᠡᠪᠡ ᠃
   - ᠴᠡᠷᠢᠭ ᠦ᠋ᠨ ᠬᠥᠮᠦᠨ ᠳ᠋ᠦ᠍ ᠲᠡᠢᠮᠦ ᠶᠣᠰᠣ ᠪᠠᠢᠬᠤ ᠦᠭᠡᠢ ᠭᠡᠵᠦ ᠡᠯᠳᠡᠪ ᠶᠠᠩᠵᠤ ᠪᠠᠷ ᠤᠴᠢᠷᠯᠠᠨ ᠶᠠᠷᠢᠪᠠᠴᠤ
ᠴᠡᠴᠡᠭ ᠣᠢᠯᠠᠭᠠᠵᠤ ᠥᠭᠭᠦᠭᠰᠡᠨ ᠦᠭᠡᠢ ᠃
   - ᠴᠢ ᠶᠠᠪᠤᠬᠤ ᠭᠡᠵᠦ ᠪᠠᠢᠭ᠎ᠠ ᠶᠤᠮ ᠪᠣᠯ ᠳᠤᠷ᠎ᠠ ᠪᠠᠷ ᠢ᠋ᠶ᠋ᠠᠨ ᠪᠣᠯ ᠂ ᠬᠠᠷᠢᠨ ᠬᠣᠩᠭᠣᠷ ᠴᠢᠨᠢ ᠡᠷ᠎ᠡ ᠳᠠᠭᠠᠵᠤ ᠭᠣᠪᠢ ᠳ᠋ᠤ᠌ ᠴᠥᠯᠡᠭᠳᠡᠵᠦ ᠴᠢᠳᠠᠬᠤ ᠦᠭᠡᠢ ᠭᠡᠳᠡᠭ ᠢ᠋ᠶ᠋ᠡᠨ ᠴᠢᠮ᠎ᠠ ᠳ᠋ᠤ᠌ ᠠᠢᠯᠠᠳᠬᠠᠶ᠎ᠠ ᠃ ᠴᠢ ᠨᠠᠳᠠ ᠳ᠋ᠤ᠌ ᠯᠠ ᠬᠠᠢᠷᠠᠲᠠᠢ ᠶᠤᠮ ᠪᠣᠯ ᠣᠳᠣ ᠣᠴᠢᠵᠤ ᠶᠠᠪᠤᠬᠤ ᠦᠭᠡᠢ ᠭᠡᠵᠦ ᠬᠡᠯᠡ ᠭᠡᠳ ᠯᠡ ᠠᠭᠤᠷᠯᠠᠵᠤ ᠂ ᠠᠷᠭᠠᠳᠠᠵᠤ ᠡᠬᠢᠯᠡᠬᠦ ᠳ᠋ᠦ᠍ ᠨᠢ ᠠᠷᠭ᠎ᠠ ᠦᠭᠡᠢ ᠭᠠᠷᠴᠤ ᠂ ᠶᠠᠮᠤᠨ ᠤᠷᠤᠭᠤ ᠶᠠᠪᠤᠯ᠎ᠠ ᠃ ᠭᠡᠲᠡᠯ᠎ᠡ ᠵᠠᠮ ᠳ᠋ᠤ᠌ ᠪᠠᠨ 《 ᠡᠬᠡ ᠣᠷᠣᠨ ᠤ᠋ ᠪᠠᠨ ᠲᠥᠯᠥᠭᠡ ᠨᠢᠳᠦ ᠴᠠᠪᠴᠢᠯ ᠦᠭᠡᠢ ᠠᠮᠢ ᠪᠠᠨ ᠥᠭᠭᠦᠨ᠎ᠡ 》ᠭᠡᠵᠦ ᠲᠠᠩᠭᠠᠷᠢᠭ ᠥᠭᠭᠥᠭᠰᠡᠨ ᠪᠠᠢᠭᠠᠳ ᠬᠡᠷᠡᠭ  ᠲᠡᠢ ᠭᠠᠵᠠᠷ ᠶᠠᠪᠤᠭᠤᠯᠤᠨ᠎ᠠ ᠭᠡᠬᠦ ᠳ᠋ᠦ᠍ ᠨᠢ ᠶᠠᠮᠠᠷ ᠠᠮᠠ ᠪᠠᠷ ᠢ᠋ᠶ᠋ᠠᠨ ᠴᠢᠳᠠᠬᠤ ᠦᠭᠡᠢ ᠭᠡᠬᠦ ᠪᠢᠯᠡ ᠭᠡᠵᠦ ᠪᠣᠳᠣᠭᠠᠳ ᠭᠡᠷ  ᠡᠴᠡ ᠭᠠᠷᠬᠤ ᠦᠶ᠎ᠡ ᠳ᠋ᠦ᠍ ᠪᠠᠢᠭᠰᠠᠨ ᠡᠷᠴᠢ ᠮᠢᠨᠢ ᠪᠠᠭᠤᠷᠠᠭᠰᠠᠭᠠᠷ ᠡᠴᠦᠰ ᠲᠦ᠍ ᠪᠡᠨ ᠡᠷᠭᠢᠵᠦ ᠣᠴᠢᠪᠠ ᠃ ᠭᠡᠲᠡᠯ᠎ᠡ ᠴᠡᠴᠡᠭ ᠣᠴᠢ ᠭᠡᠵᠦ ᠠᠷᠭᠠᠳᠠᠨ ᠠᠯᠪᠠᠲᠠᠨ ᠰᠢᠬᠠᠭᠰᠠᠨ ᠲᠤᠯᠠ ᠱᠲ᠋ᠠᠪ   ᠲᠤ᠌ ᠣᠴᠢᠵᠤ ᠬᠣᠲᠠ ᠳ᠋ᠤ᠌ ᠰᠠᠭᠤᠯᠭᠠᠵᠤ ᠥᠭᠬᠦ ᠲᠤᠬᠠᠢ ᠭᠤᠶᠤᠭᠰᠠᠨ ᠪᠣᠯᠪᠠᠴᠤ ᠲᠤᠰᠠ ᠪᠣᠯᠤᠭᠰᠠᠨ ᠦᠭᠡᠢ ᠡᠷᠭᠢᠵᠦ ᠬᠠᠷᠢᠯ᠎ᠠ ᠃
   - ᠵᠠ ᠶᠠᠭᠤ ᠪᠣᠯᠪᠠ ᠭᠡᠵᠦ ᠴᠡᠴᠡᠭ ᠬᠦᠵᠦᠭᠦᠳᠡᠨ ᠠᠪᠴᠤ ᠠᠰᠠᠭᠤᠪᠠ ᠃
   - ᠪᠢ ᠡᠬᠡ ᠣᠷᠣᠨ ᠳ᠋ᠤ᠌ ᠪᠠᠨ ᠲᠠᠩᠭᠠᠷᠢᠭ ᠥᠭᠭᠦᠭᠰᠡᠨ ᠴᠡᠷᠢᠭ ᠬᠥᠮᠦᠨ ᠪᠣᠯᠬᠣᠷ ᠶᠠᠪᠤᠬᠤ ᠦᠭᠡᠢ ᠭᠡᠬᠦ ᠡᠷᠬᠡ ᠠᠯᠠᠭ᠎ᠠ ᠃ ᠴᠡᠴᠡᠭ ᠮᠢᠨᠢ ᠴᠢ ᠡᠭᠦᠨ ᠢ᠋ ᠁ ᠭᠡᠲᠡᠯ᠎ᠡ ᠲᠡᠷᠡ ᠬᠠᠰᠬᠢᠷᠤᠨ ᠤᠬᠢᠯᠠᠵᠤ ᠄
   - ᠪᠢ ᠯᠡ ᠶᠠᠪᠤᠵᠤ ᠴᠢᠳᠠᠬᠤ ᠦᠭᠡᠢ ᠃ ᠡᠯᠵᠢᠭᠡ ᠮᠣᠳᠣᠨ ᠬᠣᠲᠠᠷᠭᠠᠨ ᠳ᠋ᠤ᠌ ᠪᠠᠨ ᠭᠡᠵᠦ ᠴᠢ ᠥᠪᠡᠷ ᠢ᠋ᠶ᠋ᠡᠨ ᠲᠣᠨᠢᠯ ᠭᠡᠳ ᠯᠡ ᠲᠡᠭᠷᠢ ᠪᠠᠭᠤᠵᠤ ᠭᠠᠷᠤᠯ᠎ᠠ ᠃
   - ᠴᠡᠴᠡᠭ ᠮᠢᠨᠢ ᠰᠠᠢᠨ ᠪᠣᠳᠣ ᠃ ᠲᠡᠭᠡᠪᠡᠯ ᠴᠢ ᠣᠢᠯᠠᠭᠠᠨ᠎ᠠ ᠂ ᠬᠣᠢᠨ᠎ᠠ ᠠ᠋ᠴᠠ ᠮᠢᠨᠢ ᠣᠴᠢᠭᠠᠷᠠᠢ ᠂ ᠪᠢ ᠴᠢᠮ᠎ᠠ ᠶ᠋ᠢ ᠡᠳᠦᠷ ᠰᠥᠨᠢ ᠦᠭᠡᠢ ᠬᠦᠯᠢᠶᠡᠨ᠎ᠡ ᠂ ᠴᠢᠮ᠎ᠠ ᠳ᠋ᠤ᠌ ᠢᠲᠡᠭᠡᠵᠦ ᠪᠠᠢᠨ᠎ᠠ ᠭᠡᠳ ᠪᠢ ᠶᠠᠪᠤᠯ᠎ᠠ ᠃ ᠬᠥᠳᠡᠭᠡ ᠣᠴᠢᠵᠤ ᠠᠵᠢᠯᠯᠠᠭᠠᠳ ᠬᠣᠶᠠᠷ ᠰᠠᠷ᠎ᠠ ᠭᠠᠷᠤᠢ ᠪᠣᠯᠵᠤ ᠪᠠᠢᠲᠠᠯ᠎ᠠ ᠴᠡᠴᠡᠭ ᠡᠴᠡ ᠵᠠᠬᠢᠳᠠᠯ ᠢᠷᠡᠯ᠎ᠡ ᠃ ᠠᠪᠴᠤ ᠦᠵᠡᠪᠡᠯ ᠲᠡᠷᠡ ᠥᠭᠡᠷ᠎ᠡ ᠨᠥᠬᠥᠷ ᠲᠡᠢ ᠪᠣᠯᠵᠠᠢ ᠃ ᠪᠢ ᠬᠥᠮᠦᠨ ᠳ᠋ᠦ᠍ ᠳᠠᠰᠬᠤ ᠳ᠋ᠤ᠌ ᠪᠠᠨ ᠠᠮᠠᠷᠬᠠᠨ ᠬᠥᠮᠦᠨ ᠪᠣᠯᠬᠣᠷ ᠬᠡᠳᠦᠨ ᠡᠳᠦᠷ ᠡᠪᠡᠳᠴᠢᠲᠡᠢ ᠬᠥᠮᠦᠨ ᠰᠢᠭ ᠶᠠᠪᠤᠵᠤ ᠪᠢᠯᠡ ᠃ ᠵᠢᠯ ᠥᠩᠭᠡᠷᠡᠭᠰᠡᠨ ᠦ᠌ ᠳᠠᠷᠠᠭ᠎ᠠ ᠠᠵᠢᠯ ᠢ᠋ᠶ᠋ᠠᠷ ᠨᠢᠭᠡ ᠤᠳᠠᠭ᠎ᠠ ᠬᠣᠲᠠ ᠳ᠋ᠤ᠌ ᠣᠷᠣᠵᠤ ᠢᠷᠡᠭᠡᠳ ᠴᠡᠴᠡᠭ ᠲᠡᠢ ᠠᠭᠤᠯᠵᠠᠬᠤ ᠳ᠋ᠤ᠌ ᠪᠠᠷᠤᠭ ᠯᠠ ᠨᠡᠷ᠎ᠡ ᠶ᠋ᠢ ᠮᠢᠨᠢ ᠮᠠᠷᠲᠠᠴᠢᠬᠠᠭᠰᠠᠨ ᠪᠠᠢᠵᠤ ᠪᠢᠯᠡ ᠃
   ᠨᠢᠭᠡ ᠮᠢᠩᠭ᠎ᠠ ᠶᠢᠰᠦᠨ ᠵᠠᠭᠤ ᠲᠠᠪᠢᠨ ᠣᠨ ᠤ᠋ ᠵᠤᠨ ᠴᠡᠷᠢᠭ ᠲᠦ᠍ ᠬᠣᠷᠢᠨ ᠵᠢᠯ ᠪᠣᠯᠤᠭᠰᠠᠨ ᠣᠢ ᠶ᠋ᠢ ᠲᠡᠮᠳᠡᠭᠯᠡᠬᠦ ᠭᠡᠵᠦ ᠬᠡᠳᠦᠨ ᠰᠠᠢᠨ ᠨᠥᠬᠥᠳ ᠢ᠋ᠶ᠋ᠡᠨ ᠴᠤᠭᠯᠠᠭᠤᠯᠤᠭᠠᠳ ᠰᠢᠷᠡᠭᠡ ᠲᠣᠭᠣᠷᠢᠨ ᠰᠠᠭᠤᠵᠤ ᠬᠤᠨᠳᠠᠭ᠎ᠠ ᠪᠠᠨ ᠳᠦᠭᠦᠷᠭᠡᠵᠦ ᠠᠪᠲᠠᠯ᠎ᠠ ᠤᠲᠠᠰᠤ ᠳᠤᠤᠭᠠᠷᠪᠠ ᠃ ᠵᠠᠷᠢᠮ ᠨᠥᠬᠥᠳ ᠨᠠᠮ᠎ᠠ ᠶ᠋ᠢ ᠪᠢᠲᠡᠭᠡᠢ ᠠᠪ ᠭᠡᠰᠡᠨ ᠪᠣᠯᠪᠠᠴᠤ ᠪᠢ ᠬᠠᠷᠢᠯᠴᠠᠭᠤᠷ  ᠢ᠋ ᠠᠪᠴᠤ ᠰᠣᠨᠣᠰᠪᠠᠯ ᠱᠲ᠋ᠠᠪ ᠠ᠋ᠴᠠ ᠨᠠᠮ᠎ᠠ ᠶ᠋ᠢ ᠳᠠᠭᠤᠳᠠᠵᠤ ᠪᠠᠢᠪᠠ ᠃
   - ᠲᠠ ᠨᠠᠷ ᠲᠦᠷ ᠬᠦᠯᠢᠶᠡᠵᠦ ᠪᠠᠢ ᠃ ᠪᠢ ᠣᠴᠢᠵᠤ ᠤᠴᠢᠷ ᠢ᠋ᠶ᠋ᠠᠨ ᠬᠡᠯᠡᠴᠢᠬᠡᠭᠡᠳ ᠢᠷᠡᠶ᠎ᠡ ᠭᠡᠳ ᠪᠠᠷᠤᠭ ᠯᠠ ᠭᠦᠶᠦᠭᠰᠡᠭᠡᠷ ᠣᠴᠢᠪᠠ ᠃ ᠭᠡᠲᠡᠯ᠎ᠡ ᠴᠡᠷᠢᠭ ᠡᠴᠡ ᠬᠠᠯᠠᠭᠳᠠᠭᠰᠠᠨ ᠲᠤᠰᠢᠶᠠᠯ ᠦᠭᠬᠦᠯ᠎ᠡ ᠃ ᠠ᠋ ᠳ᠋ᠠ ᠂ ᠬᠣᠷᠢᠨ ᠵᠢᠯ ᠤᠨ ᠠᠮᠢᠳᠤᠷᠠᠯ ᠢ᠋ᠶ᠋ᠠᠨ ᠵᠣᠷᠢᠭᠤᠯᠤᠭᠰᠠᠨ ᠠᠵᠢᠯ ᠠ᠋ᠴᠠ ᠬᠠᠯᠠᠬᠠᠳᠠᠨ᠎ᠠ ᠭᠡᠳᠡᠭ ᠲᠡᠢᠮᠦ ᠠᠮᠠᠷ ᠬᠡᠷᠡᠭ ᠪᠢᠰᠢ ᠰᠢᠦ ᠳᠠ ᠭᠡᠳ ᠳᠣᠷᠵᠢ ᠭᠤᠸᠠᠢ ᠲᠦᠷ ᠳᠠᠭᠤ ᠦᠭᠡᠢ ᠰᠠᠭᠤᠭᠰᠠᠨ ᠢ᠋ᠶ᠋ᠠᠨ ᠄ 《 ᠬᠣᠶᠠᠷ ᠲᠡᠢᠨ ᠳᠠᠭᠤᠰᠴᠤ ᠂ ᠮᠠᠨ ᠤ᠋ ᠡᠷᠭᠢᠨ ᠲᠣᠭᠣᠷᠢᠨ ᠳ᠋ᠤ᠌ ᠨᠠᠢᠷᠠᠮᠳᠠᠯᠲᠤ ᠤᠯᠤᠰ ᠪᠣᠢ ᠪᠣᠯᠤᠭᠰᠠᠨ ᠠ᠋ᠴᠠ ᠮᠠᠨ ᠤ᠋ ᠠᠷᠮᠢ ᠶ᠋ᠢᠨ ᠲᠣᠭ᠎ᠠ ᠶ᠋ᠢ ᠡᠷᠡᠰ ᠬᠣᠷᠣᠭᠳᠠᠭᠤᠯᠵᠤ ᠲᠡᠷᠡ ᠶᠡᠬᠡ ᠬᠦᠴᠦ ᠶ᠋ᠢ ᠡᠩᠬᠡ ᠲᠠᠢᠪᠤᠩ ᠪᠦᠲᠦᠭᠡᠨ ᠪᠣᠰᠬᠠᠬᠤ ᠠᠵᠢᠯ ᠳ᠋ᠤ᠌ ᠬᠠᠨᠳᠤᠭᠤᠯᠬᠤ ᠬᠡᠷᠡᠭᠲᠡᠢ ᠭᠡᠳᠡᠭ ᠢ᠋ ᠴᠡᠷᠢᠭ ᠦ᠋ᠨ ᠳᠠᠷᠤᠭ᠎ᠠ ᠨᠠᠷ ᠴᠥᠮ ᠰᠠᠢᠨ ᠣᠢᠯᠠᠭᠠᠵᠤ ᠪᠠᠢᠭᠰᠠᠨ ᠪᠣᠯᠪᠠᠴᠤ ᠣᠯᠠᠨ ᠵᠢᠯ ᠳᠠᠳᠴᠤ ᠳᠠᠰᠤᠭ᠍ᠰᠠᠨ ᠠᠵᠢᠯ ᠠ᠋ᠴᠠ ᠪᠠᠨ ᠬᠠᠯᠠᠭᠳᠠᠬᠤ ᠨᠢ ᠥᠪᠡᠷ ᠲᠦ᠍ ᠨᠢ ᠣᠨᠣᠭᠳᠠᠭᠠᠳ ᠢᠷᠡᠬᠦ ᠳ᠋ᠦ᠍ ᠶᠠᠭ ᠦᠭᠡᠢ ᠪᠠᠢᠳᠠᠭ ᠰᠢᠦ ᠃ ᠲᠤᠰᠢᠶᠠᠯ ᠠᠪᠤᠭᠠᠳ ᠬᠠᠷᠢᠵᠤ ᠶᠠᠪᠤᠬᠤ ᠳ᠋ᠤ᠌ ᠪᠠᠨ ᠣᠳᠣ ᠶᠠᠭᠤ ᠬᠢᠬᠦ ᠪᠣᠢ ᠃ ᠳᠣᠷᠵᠢ ᠴᠢ ᠶᠠᠭᠤ ᠬᠢᠵᠦ ᠴᠢᠳᠠᠬᠤ ᠪᠣᠢ? ᠭᠡᠰᠡᠨ ᠠᠰᠠᠭᠤᠳᠠᠯ ᠪᠠᠢᠨ ᠪᠠᠢᠨ ᠲᠥᠷᠥᠭᠳᠡᠵᠦ ᠪᠠᠢᠪᠠ ᠃ ᠪᠣᠳᠣᠬᠬᠤ ᠲᠣᠰᠤᠮ ᠥᠪᠡᠷ ᠢ᠋ ᠪᠡᠨ ᠡᠩᠬᠡ ᠲᠠᠢᠪᠤᠩ ᠤ᠋ᠨ ᠬᠥᠳᠡᠯᠮᠦᠷᠢ ᠳ᠋ᠦ᠍ ᠪᠡᠯᠡᠳᠬᠡᠵᠦ ᠴᠢᠳᠠᠭ᠎ᠠ ᠦᠭᠡᠢ ᠪᠡᠨ ᠣᠢᠯᠠᠭᠠᠵᠤ ᠪᠠᠢᠪᠠ ᠃ ᠬᠠᠮᠤᠭ ᠨᠠᠭᠠᠳᠤ ᠵᠠᠬ᠎ᠠ ᠨᠢ ᠤᠯᠤᠰ ᠳᠠᠶᠠᠭᠠᠷ ᠰᠢᠨ᠎ᠡ ᠦᠰᠦᠭ ᠲᠦ᠍ ᠰᠢᠯᠵᠢᠭᠡᠳ ( ᠮᠣᠩᠭᠣᠯ ᠤᠯᠤᠰ 1946 ᠣᠨ ᠠ᠋ᠴᠠ ᠠᠯᠪᠠᠨ ᠶᠣᠰᠣᠭᠠᠷ ᠤᠭ ᠤ᠋ᠨ ᠬᠡᠷᠡᠭᠯᠡᠵᠦ ᠪᠠᠢᠭᠰᠠᠨ ᠤᠢᠭᠤᠷᠴᠢᠨ ᠮᠣᠩᠭᠣᠯ ᠦᠰᠦᠭ ᠦ᠋ᠨ ᠲᠡᠮᠳᠡᠭ ᠢ᠋ᠶ᠋ᠡᠨ ᠣᠷᠬᠢᠭᠠᠳ ᠭᠢᠷᠢᠯ ᠦᠰᠦᠭ ᠦ᠋ᠨ ᠲᠡᠮᠳᠡᠭ ᠢ᠋ ᠬᠡᠷᠡᠭᠯᠡᠬᠦ ᠪᠣᠯᠤᠭᠰᠠᠨ  ᠢ᠋ ᠵᠢᠭᠠᠵᠤ ᠪᠣᠢ ) ᠪᠠᠢᠬᠤ ᠳ᠋ᠤ᠌ ᠪᠢ ᠲᠡᠭᠦᠨ ᠢ᠋ ᠪᠠᠷᠤᠭ ᠮᠡᠳᠡᠬᠦ ᠦᠭᠡᠢ ᠪᠠᠢᠯ᠎ᠠ ᠃ ᠤᠯᠤᠰ ᠳᠠᠶᠠᠭᠠᠷ ᠠᠭᠤᠯᠠ ᠥᠭᠡᠳᠡ ᠠᠪᠠᠷᠢᠨ ᠳᠠᠪᠰᠢᠵᠤ ᠪᠠᠢᠬᠤ ᠳ᠋ᠤ᠌ ᠪᠢ ᠤᠷᠢᠳᠤᠬᠢ ᠭᠠᠪᠢᠶ᠎ᠠ ᠪᠠᠷ ᠢ᠋ᠶ᠋ᠠᠨ ᠵᠢᠳᠬᠦᠬᠦ ᠠᠷᠭ᠎ᠠ ᠪᠠᠨ ᠪᠣᠯᠭᠠᠵᠤ ᠣᠷᠬᠢᠭᠠᠳ ᠰᠢᠭᠠᠷᠤᠯᠠᠭᠳᠠᠵᠤ ᠶᠠᠪᠤᠭᠰᠠᠨ ᠢ᠋ᠶ᠋ᠠᠨ ᠣᠢᠯᠠᠭᠠᠵᠤ ᠡᠬᠢᠯᠡᠪᠡ ᠃ ᠪᠠᠰᠠ ᠴᠡᠷᠢᠭ ᠲᠦ᠍ ᠪᠠᠢᠬᠤ ᠦᠶ᠎ᠡ ᠶ᠋ᠢᠨ ᠴᠠᠯᠢᠩ ᠬᠥᠯᠥᠰᠥ ᠪᠦᠬᠦ ᠠᠮᠢᠳᠤᠷᠠᠯ ᠳ᠋ᠤ᠌ ᠪᠠᠨ ᠢᠳᠡᠭᠡᠳ ᠪᠠᠷᠠᠬᠤ ᠦᠭᠡᠢ ᠶᠡᠬᠡ ᠶᠠᠭᠤᠮ᠎ᠠ ᠪᠠᠢᠪᠠ ᠃ ᠭᠡᠲᠡᠯ᠎ᠡ ᠣᠳᠣ ᠡᠮᠦᠰᠬᠦ ᠠᠶᠠᠲᠠᠢᠬᠠᠨ ᠡᠩ ᠦ᠋ᠨ ᠬᠤᠪᠴᠠᠰᠤ ᠴᠤ᠌ ᠦᠭᠡᠢ ᠪᠣᠯᠪᠠ ᠃ ᠲᠡᠷᠡ ᠶᠡᠬᠡ ᠮᠥᠩᠭᠥ ᠶ᠋ᠢ ᠴᠢ ᠬᠠᠮᠢᠭᠠᠰᠢ ᠨᠢ ᠬᠢᠪᠡ ᠳᠠ ᠭᠡᠵᠦ ᠪᠣᠳᠣᠬᠤ ᠳ᠋ᠤ᠌ ᠥᠨᠥ ᠪᠣᠯᠵᠤ ᠪᠠᠢᠭ᠎ᠠ ᠪᠥᠭᠡᠳ ᠮᠠᠷᠭᠠᠰᠢ ᠴᠤ᠌ ᠪᠣᠯᠤᠨ᠎ᠠ ᠭᠡᠵᠦ ᠪᠠᠢᠲᠤᠭᠠᠢ ᠢᠲᠡᠭᠡᠭᠡᠳ ᠂ ᠣᠯᠤᠭᠰᠠᠨ ᠢ᠋ᠶ᠋ᠠᠨ ᠠᠮᠢᠲᠠᠨ ᠠᠬ᠎ᠠ ᠳᠡᠭᠦᠦ ᠲᠡᠢ ᠬᠤᠪᠢᠶᠠᠵᠤ ᠢᠳᠡᠭᠰᠡᠨ ᠰᠢᠦ ᠳᠠ ᠭᠡᠬᠦ ᠡᠴᠡ ᠥᠭᠡᠷ᠎ᠡ ᠬᠠᠷᠢᠭᠤ ᠪᠠᠢᠭᠰᠠᠨ ᠦᠭᠡᠢ 》ᠭᠡᠪᠡ ᠃
    ᠨᠠᠮ ᠵᠠᠰᠠᠭ ᠮᠢᠨᠢ ᠨᠠᠮ᠎ᠠ ᠶ᠋ᠢ ᠬᠠᠷᠠᠵᠤ ᠂ ᠬᠣᠲᠠ ᠶ᠋ᠢᠨ ᠭᠠᠷ ᠦᠢᠯᠡᠳᠪᠦᠷᠢ ᠶ᠋ᠢᠨ ᠣᠶᠣᠳᠠᠯ ᠤ᠋ᠨ ᠨᠢᠭᠡ ᠠᠷᠲ᠋ᠧᠯ ( ᠬᠥᠳᠡᠯᠮᠦᠷᠢᠯᠡᠬᠦ ᠳᠤᠭᠤᠢᠯᠠᠩ ) ᠤ᠋ᠨ ᠳᠠᠷᠤᠭ᠎ᠠ ᠪᠣᠯᠭᠠᠪᠠ ᠃ ᠦᠨᠡᠨ ᠢ᠋ ᠬᠡᠯᠡᠬᠦ ᠳ᠋ᠦ᠍ ᠲᠡᠷᠡ ᠠᠷᠲ᠋ᠧᠯ ᠤ᠋ᠨ ᠠᠵᠢᠯ ᠠ᠋ᠴᠠ ᠮᠡᠳᠡᠬᠦ ᠶᠠᠭᠤᠮ᠎ᠠ ᠨᠠᠳᠠ ᠪᠠᠢᠭᠰᠠᠨ ᠦᠭᠡᠢ ᠃ ᠵᠥᠪᠬᠡᠨ ᠲᠥᠯᠥᠪᠯᠡᠭᠡ ᠶ᠋ᠢ ᠨᠢ ᠵᠠᠭᠤ ᠬᠤᠪᠢᠶᠠᠷᠢ ᠪᠠᠷ ᠪᠡᠶᠡᠯᠡᠭᠦᠯᠬᠦ ᠬᠡᠷᠡᠭᠲᠡᠢ ᠭᠡᠵᠦ ᠣᠢᠯᠠᠭᠠᠵᠤ ᠪᠠᠢᠨ᠎ᠠ ᠃ ᠭᠡᠪᠡᠴᠦ ᠣᠢᠯᠠᠭᠠᠬᠤ ᠪᠣᠯᠤᠨ ᠪᠡᠶᠡᠯᠡᠭᠦᠯᠬᠦ ᠨᠢ ᠥᠭᠡᠷ᠎ᠡ ᠵᠦᠢᠯ ᠪᠣᠯᠬᠣᠷ ᠡᠰᠡᠪᠡᠯ ᠮᠠᠲ᠋ᠧᠷᠢᠶᠠᠯ ᠳᠤᠲᠠᠭᠳᠠᠭᠠᠳ ᠂ ᠡᠰᠡᠪᠡᠯ ᠨᠢᠭᠡ ᠶᠠᠭᠤᠮ᠎ᠠ ᠶ᠋ᠢ ᠪᠤᠷᠤᠭᠤ ᠦᠢᠯᠡᠳᠦᠭᠡᠳ ᠲᠤᠩ ᠪᠣᠯᠵᠤ ᠥᠭᠬᠦ ᠦᠭᠡᠢ ᠪᠠᠢᠭᠰᠠᠭᠠᠷ ᠣᠴᠢᠭᠰᠠᠨ ᠰᠠᠷ᠎ᠠ ᠶ᠋ᠢᠨ ᠢ᠋ᠶ᠋ᠡᠨ ᠲᠥᠯᠥᠪᠯᠡᠭᠡ ᠶ᠋ᠢ ᠲᠠᠰᠤᠯᠵᠤ ᠣᠷᠬᠢᠪᠠ ᠃ ᠲᠥᠯᠥᠪᠯᠡᠭᠡ ᠪᠡᠨ ᠪᠡᠶᠡᠯᠡᠭᠦᠯᠬᠦ ᠦᠭᠡᠢ ᠠᠵᠢᠯᠴᠢᠳ  ᠢ᠋ ᠴᠦ᠍ ᠰᠢᠢᠳᠬᠡᠵᠦ ᠦᠵᠡᠯ᠎ᠡ ᠃ ᠵᠣᠭᠰᠣᠭᠠᠵᠤ ᠪᠠᠢᠭᠠᠳ ᠵᠠᠩᠨᠠᠵᠤ ᠴᠤ᠌ ᠦᠵᠡᠯ᠎ᠡ ᠃ ᠨᠢᠭᠡ ᠪᠦᠳᠦᠷᠢᠬᠦ ᠳ᠋ᠦ᠍ ᠪᠡᠨ ᠳᠣᠯᠣᠭ᠎ᠠ ᠪᠦᠳᠦᠷᠢᠨ᠎ᠡ ᠭᠡᠭᠴᠢ ᠪᠡᠷ ᠨᠢᠭᠡ ᠠᠵᠢᠯᠴᠢᠨ ᠢ᠋ ᠰᠢᠢᠳᠬᠡᠭᠰᠡᠨ ᠲᠤᠰᠢᠶᠠᠯ ᠳ᠋ᠤ᠌ ᠪᠠᠨ ᠰᠢᠨ᠎ᠡ ᠦᠰᠦᠭ ᠢ᠋ᠶ᠋ᠡᠷ《 ᠰᠢᠢᠳᠬᠡᠰᠦᠭᠡᠢ 》ᠭᠡᠵᠦ ᠪᠢᠴᠢᠬᠦ ᠭᠡᠳ《 ᠰᠢᠢᠳᠰᠦᠭᠡᠢ 》 ᠭᠡᠵᠦ ᠪᠢᠴᠢᠭᠰᠡᠨ ᠢ᠋ᠶ᠋ᠡᠷ ᠠᠵᠢᠯᠴᠢᠳ ᠤ᠋ᠨ ᠳᠣᠲᠣᠷ᠎ᠠ《 ᠰᠢᠢᠳᠳᠡᠭ 》 ᠳᠠᠷᠤᠭ᠎ᠠ ᠭᠡᠵᠦ ᠨᠡᠷ᠎ᠡ ᠠᠪᠤᠯ᠎ᠠ ᠃ ᠵᠠᠷᠢᠮ ᠳ᠋ᠤ᠌ ᠪᠠᠨ ᠮᠠᠲ᠋ᠧᠷᠢᠶᠠᠯ ᠢ᠋ ᠥᠪᠡᠷ ᠢ᠋ᠶ᠋ᠡᠨ ᠡᠭᠦᠷᠦᠭᠡᠳ ᠵᠥᠭᠡᠭᠡᠵᠦ ᠴᠦ᠍ ᠶᠠᠪᠤᠯ᠎ᠠ ᠃ ᠲᠡᠷᠡ ᠴᠦ᠍ ᠪᠠᠢᠲᠤᠭᠠᠢ ᠥᠪᠡᠷ ᠢ᠋ᠶ᠋ᠡᠨ ᠮᠠᠰᠢᠨ ᠢ᠋ᠶ᠋ᠠᠷ ᠶᠠᠭᠤᠮ᠎ᠠ ᠣᠶᠣᠬᠤ ᠭᠡᠵᠦ ᠪᠠᠢᠵᠤ ᠬᠣᠶᠠᠷ ᠮᠠᠰᠢᠨ ᠢ᠋ ᠵᠢᠭᠰᠠᠭᠠᠯ ᠠ᠋ᠴᠠ ᠭᠠᠷᠭᠠᠯ᠎ᠠ ᠃ ᠢᠩᠭᠢᠭᠡᠳ ᠭᠤᠷᠪᠠᠨ ᠰᠠᠷ᠎ᠠ ᠶ᠋ᠢᠨ ᠲᠦᠯᠦᠪᠯᠡᠭᠡ ᠪᠡᠨ ᠲᠠᠰᠤᠯᠵᠤ ᠣᠷᠬᠢᠭᠠᠳ ᠬᠠᠯᠠᠭᠳᠠᠪᠠ ᠭᠡᠳ ᠳᠣᠷᠵᠢ ᠭᠤᠸᠠᠢ ᠭᠣᠮᠣᠳᠠᠯ ᠢ᠋ᠶ᠋ᠠᠷ ᠳᠦᠭᠦᠷᠦᠭᠰᠡᠨ ᠭᠤᠨᠢᠭᠲᠤ ᠨᠢᠳᠦ ᠪᠡᠷ ᠨᠠᠮ᠎ᠠ ᠶ᠋ᠢ ᠬᠠᠷᠠᠯ᠎ᠠ ᠃ ᠪᠢ ᠥᠪᠡᠷ ᠦ᠋ᠨ
ᠡᠷᠬᠡ ᠦᠭᠡᠢ ᠨᠢᠳᠦ ᠪᠡᠨ ᠪᠤᠷᠤᠭᠤᠯᠠᠪᠠ ᠃
   ᠢᠲᠡᠭᠡᠵᠦ ᠶᠠᠪᠤᠭᠤᠯᠤᠭᠰᠠᠨ ᠠᠵᠢᠯ ᠢ᠋ ᠨᠢ ᠤᠨᠠᠭᠠᠵᠤ ᠣᠷᠬᠢᠭᠠᠳ ᠲᠥᠪ ᠬᠣᠷᠢᠶᠠᠨ ᠠ᠋ᠴᠠ ᠥᠭᠡᠷ᠎ᠡ ᠠᠵᠢᠯ ᠭᠤᠶᠤᠬᠤ ᠪᠠᠷ ᠣᠴᠢᠬᠤ ᠨᠢᠭᠤᠷ ᠪᠠᠢᠭᠰᠠᠨ ᠦᠭᠡᠢ ᠃ ᠨᠢᠭᠡᠨ ᠦᠶ᠎ᠡ ᠥᠪᠡᠷ ᠢ᠋ᠶ᠋ᠡᠨ ᠥᠪᠡᠷ ᠲᠦ᠍ ᠪᠡᠨ ᠭᠤᠲᠤᠷᠠᠵᠤ ᠠᠷᠢᠬᠢ ᠤᠤᠭᠤᠵᠤ ᠵᠠᠪᠬᠠᠷᠠᠪᠠ ᠃ ᠨᠢᠭᠡ ᠡᠳᠦᠷ ᠬᠡᠲᠦᠷᠡᠭᠦᠯᠵᠦ ᠣᠷᠬᠢᠭᠠᠳ ᠭᠤᠳᠤᠮᠵᠢᠨ ᠳ᠋ᠤ᠌ ᠤᠨᠠᠵᠤ ᠪᠠᠯᠠᠷᠠᠪᠠ ᠃ ᠤᠬᠠᠭᠠᠨ ᠣᠷᠣᠭᠰᠠᠨ ᠴᠢᠨᠢ ᠰᠡᠷᠭᠡᠢᠯᠡᠬᠦ ᠳ᠋ᠦ᠍ ᠱᠠᠯᠠ ᠳᠡᠭᠡᠷ᠎ᠡ ᠮᠣᠷᠢᠯᠠᠵᠤ ᠪᠠᠢᠪᠠ ᠃ ᠤᠷᠢᠳᠤ ᠮᠢᠨᠦ ᠴᠡᠷᠢᠭ ᠪᠠᠢᠭᠰᠠᠨ ᠲᠠᠨᠢᠬᠤ ᠳᠠᠷᠤᠭ᠎ᠠ ᠣᠷᠣᠵᠤ ᠢᠷᠡᠭᠡᠳ ᠄
   - ᠳᠣᠷᠵᠢ ᠭᠤᠸᠠᠢ ᠮᠢᠨᠢ ᠂ ᠲᠠᠨ ᠢ᠋ ᠭᠤᠳᠤᠮᠵᠢᠨ ᠤ᠋ ᠠᠷᠢᠬᠢᠴᠢᠨ ᠪᠣᠯᠤᠨ᠎ᠠ ᠭᠡᠵᠦ ᠳᠠᠩᠴᠤ ᠪᠣᠳᠣᠭ᠎ᠠ ᠦᠭᠡᠢ ᠶᠦ᠍ᠮ ᠰᠠᠨ ᠃ ᠵᠠ ᠭᠠᠷ ᠳ᠋ᠠ  ᠃ ᠪᠢᠳᠡ ᠬᠣᠶᠠᠷ ᠳᠠᠬᠢᠭᠠᠳ ᠣᠯᠠᠨ ᠳᠠᠬᠢᠨ ᠠᠭᠤᠯᠵᠠᠬᠤ ᠶᠤᠮ ᠪᠠᠢᠯᠭᠦᠢ ᠳᠠ ᠭᠡᠪᠡ ᠃ ᠲᠡᠨᠳᠡ ᠡᠴᠡ ᠭᠠᠷᠤᠭᠠᠳ ᠤᠷᠤᠭᠤ ᠴᠢᠷᠠᠢᠯᠠᠨ ᠶᠠᠪᠤᠵᠤ ᠪᠠᠢᠬᠤ ᠳ᠋ᠤ᠌ ᠄ 《 ᠭᠤᠳᠤᠮᠵᠢᠨ ᠤ᠋ ᠠᠷᠢᠬᠢᠴᠢᠨ 》᠂《 ᠳᠠᠬᠢᠭᠠᠳ ᠣᠯᠠᠨ ᠳᠠᠬᠢᠨ ᠠᠭᠤᠯᠵᠠᠬᠤ ᠶᠤᠮ ᠪᠠᠢᠯᠭᠦᠢ ᠳᠠ 》ᠭᠡᠳᠡᠭ ᠦᠭᠡ ᠰᠡᠳᠬᠢᠯ ᠡᠴᠡ ᠭᠠᠷᠬᠤ ᠦᠭᠡᠢ ᠪᠣᠳᠣᠭᠳᠠᠵᠤ ᠂ ᠶᠠᠪᠤᠵᠤ ᠶᠠᠪᠤᠵᠤ ᠳᠣᠷᠵᠢ ᠴᠢ ᠭᠠᠰᠢᠭᠤᠨ ᠤᠰᠤ ᠪᠠᠷ ᠭᠡᠳᠡᠰᠦ ᠪᠡᠨ ᠲᠦᠯᠡᠵᠦ᠂ ᠭᠠᠵᠠᠷ ᠳᠡᠷᠡᠯᠡᠵᠦ
ᠠᠮᠢᠳᠤᠷᠠᠯ ᠢ᠋ᠶ᠋ᠠᠨ ᠪᠠᠷᠠᠭᠰᠠᠨ ᠠᠮᠢᠲᠠᠨ ᠪᠣᠯᠬᠤ ᠭᠡᠵᠦ ᠦᠦ? ᠭᠡᠵᠦ ᠥᠪᠡᠷ ᠡᠴᠡ ᠪᠡᠨ ᠳᠠᠬᠢᠨ ᠳᠠᠬᠢᠨ ᠠᠰᠠᠭᠤᠪᠠ ᠃ ᠣᠳᠣᠬᠠᠨ ᠳ᠋ᠤ᠌ ᠪᠠᠨ ᠲᠠᠨᠢᠬᠤ ᠬᠥᠮᠦᠨ ᠨᠠᠮ᠎ᠠ ᠶ᠋ᠢ 《 ᠳᠣᠷᠵᠢ ᠭᠤᠸᠠᠢ ᠮᠢᠨᠢ ᠂ ᠳᠣᠷᠵᠢ ᠮᠢᠨᠢ 》 ᠭᠡᠵᠦ ᠪᠠᠢᠨ᠎ᠠ ᠃ ᠬᠡᠷᠪᠡ ᠴᠠᠭᠠᠱᠢ ᠢᠩᠭᠢᠭᠡᠳ ᠯᠡ ᠰᠢᠯ ᠲᠡᠪᠡᠷᠢᠵᠦ ᠭᠠᠵᠠᠷ ᠲᠣᠰᠣᠯᠠᠭᠠᠳ ᠯᠠ ᠪᠠᠢᠪᠠᠯ ᠄ 《 ᠠᠷᠢᠬᠢᠴᠢᠨ ᠳᠣᠷᠵᠢ ᠂ ᠨᠥᠬᠥᠭᠡ ᠠᠷᠢᠬᠢᠴᠢᠨ 》ᠭᠡᠨ᠎ᠡ ᠰᠢᠦ ᠳᠠ ᠭᠡᠵᠦ ᠪᠣᠳᠣᠬᠤ ᠳ᠋ᠤ᠌ ᠣᠷᠣᠬᠤ ᠭᠠᠵᠠᠷ ᠣᠯᠳᠠᠮ᠎ᠠ ᠦᠭᠡᠢ ᠰᠠᠨᠠᠭᠳᠠᠭᠰᠠᠨ ᠃ ᠬᠣᠷᠢ ᠭᠠᠷᠤᠢ ᠵᠢᠯ ᠦ᠋ᠨ ᠠᠷᠠᠳ ᠤ᠋ᠨ ᠬᠤᠪᠢᠰᠬᠠᠯᠲᠤ ᠨᠠᠮ ᠢ᠋ᠶ᠋ᠠᠷ ᠬᠥᠮᠦᠵᠢᠬᠦ ᠳ᠋ᠦ᠍ ᠪᠡᠨ ᠠᠳᠠᠭ ᠰᠡᠭᠦᠯ ᠳ᠋ᠦ᠍ ᠨᠢ《 ᠠᠷᠢᠬᠢᠴᠢᠨ 》ᠳᠣᠷᠵᠢ ᠨᠡᠷ᠎ᠡ ᠠᠪᠤᠭᠠᠳ ᠦᠯᠡᠳᠡᠬᠦ ᠪᠠᠢᠭᠰᠠᠨ ᠭᠡᠵᠦ ᠦᠦ ᠳᠠ ᠭᠡᠵᠦ ᠳᠠᠬᠢᠨ ᠳᠠᠬᠢᠨ  ᠪᠤᠳᠤᠬᠳᠠᠨ ᠪᠠᠢᠪᠠ ᠃ ᠳᠠᠬᠢᠭᠠᠳ ᠪᠢ ᠭᠤᠳᠤᠮᠵᠢᠨ ᠳ᠋ᠤ᠌ ᠤᠨᠠᠭᠰᠠᠨ ᠪᠠᠢᠪᠠᠯ ᠤᠬᠠᠭᠠᠨ ᠣᠷᠣᠭᠰᠠᠨ ᠴᠠᠭ  ᠲᠤ᠌ ᠪᠠᠨ ᠠᠮᠢ ᠪᠠᠨ ᠬᠣᠣᠷᠯᠠᠵᠤ ᠦᠬᠦᠨ᠎ᠡ ᠭᠡᠵᠦ ᠥᠪᠡᠷ ᠢ᠋ᠶ᠋ᠡᠨ ᠥᠪᠡᠷ ᠲᠦ᠍ ᠪᠡᠨ ᠲᠠᠩᠭᠠᠷᠢᠭ ᠲᠠᠯᠪᠢᠯ᠎ᠠ ᠃ ᠲᠡᠭᠡᠭᠡᠳ ᠲᠡᠮᠦᠷ ᠵᠠᠮ ᠳ᠋ᠤ᠌ ᠣᠴᠢᠵᠤ ᠬᠠᠷ᠎ᠠ ᠠᠵᠢᠯ ᠬᠢᠬᠦ ᠪᠡᠷ ᠰᠢᠢᠳᠪᠠ ᠃ ᠵᠢᠯ ᠭᠠᠷᠤᠢ ᠠᠵᠢᠯᠯᠠᠭᠠᠳ ᠰᠢᠯᠭᠠᠯᠲᠠ ᠥᠭᠴᠦ ᠵᠠᠮ ᠤ᠋ᠨ ᠡᠷᠭᠢᠭᠦᠯ ᠪᠣᠯᠪᠠ ᠭᠡᠳ ᠳᠣᠷᠵᠢ ᠭᠤᠸᠠᠢ ᠶᠠᠷᠢᠶ᠎ᠠ ᠪᠠᠨ ᠲᠠᠰᠤᠯᠵᠤ ᠬᠡᠰᠡᠭ ᠵᠠᠭᠤᠷ᠎ᠠ ᠪᠣᠳᠣᠯ ᠪᠣᠯᠤᠨ ᠰᠠᠭᠤᠭᠰᠠᠨ ᠢ᠋ᠶ᠋ᠠᠨ ᠄
   - ᠡᠷ᠎ᠡ ᠬᠥᠮᠦᠨ ᠦ᠌ ᠠᠮᠢᠳᠤᠷᠠᠯ ᠡᠷᠢᠶᠡᠨ ᠲᠡᠢ ᠪᠠᠷᠠᠭᠠᠨ ᠲᠠᠢ ᠭᠡᠳᠡᠭ ᠡᠨᠡ ᠰᠢᠦ ᠳ᠋ᠠ  ᠃ ᠳᠥᠴᠢᠨ ᠵᠢᠷᠭᠤᠭᠠᠨ ᠨᠠᠰᠤᠯᠠᠬᠤ ᠳ᠋ᠤ᠌ ᠪᠠᠨ ᠣᠪᠣᠭ᠎ᠠ ᠶᠠᠭᠤᠮ᠎ᠠ ᠦᠵᠡᠭᠰᠡᠨ ᠲᠣᠯᠣᠭᠠᠢ ᠭᠡᠬᠦ ᠵᠠᠭᠤᠷ᠎ᠠ ᠪᠠᠨ ᠳᠣᠯᠢᠶᠠᠪᠤᠷ ᠬᠤᠷᠤᠭᠤ ᠪᠠᠷ  ᠢ᠋ᠶ᠋ᠠᠨ ᠮᠠᠩᠨᠠᠢ ᠤᠷᠤᠭᠤ ᠪᠠᠨ ᠲᠣᠭᠰᠢᠵᠤ ᠪᠠᠢᠪᠠ ᠃ ᠳᠣᠷᠵᠢ ᠭᠤᠸᠠᠢ ᠤᠷᠤᠭᠤ ᠬᠠᠷᠠᠪᠠᠯ ᠣᠪᠣᠷᠲᠠᠢ ᠨᠢᠭᠤᠷ ᠲᠤ᠌ ᠨᠢ ᠡᠳᠦᠢ ᠲᠡᠳᠦᠢ ᠲᠣᠮᠣ ᠵᠢᠵᠢᠭ ᠦᠷᠴᠢᠯᠡᠭᠡ ᠲᠣᠳᠣᠷᠠᠨ《 ᠲᠡᠢᠮᠦ ᠠ᠋ ᠂ ᠶᠡᠬᠡ ᠶᠠᠭᠤᠮ᠎ᠠ ᠦᠵᠡᠭᠰᠡᠨ ᠲᠣᠯᠣᠭᠠᠢ 》ᠭᠡᠳᠡᠭ ᠢ᠋ ᠳᠠᠪᠲᠠᠨ ᠪᠠᠲᠤᠯᠠᠵᠤ ᠪᠠᠢᠪᠠ ᠃
    ᠳᠣᠷᠵᠢ ᠭᠤᠸᠠᠢ ᠭᠡᠭᠡᠪᠴᠢ ᠤᠷᠤᠭᠤ ᠬᠠᠷᠠᠭᠰᠠᠨ ᠢ᠋ᠶ᠋ᠠᠨ ᠄
   - ᠮᠥᠨ ᠤᠳᠠᠭᠠᠨ ᠶᠠᠷᠢᠵᠠᠢ ᠰᠢᠦ ᠂  ᠦᠤᠷ ᠴᠠᠢᠵᠤ ᠪᠠᠢᠨ᠎ᠠ ᠭᠡᠬᠦ ᠳ᠋ᠦ᠍ ᠨᠢ ᠵᠡᠭᠦᠨ ᠲᠠᠯ᠎ᠠ ᠶ᠋ᠢᠨ ᠨᠡᠭᠡᠭᠡᠯᠲᠡ ᠲᠡᠢ ᠭᠡᠭᠡᠪᠴᠢ ᠪᠡᠷ ᠬᠠᠷᠠᠪᠠᠯ ᠦᠨᠡᠬᠡᠷ ᠲᠡᠷᠲᠡᠭᠡ ᠠᠭᠤᠯᠠ ᠶ᠋ᠢᠨ ᠴᠠᠭᠠᠨ᠎ᠠ ᠠ᠋ᠴᠠ ᠦᠤᠷ ᠤ᠋ᠨ ᠭᠡᠭᠡ ᠮᠠᠩᠬᠠᠢᠵᠤ ᠴᠠᠢᠷᠠᠨ ᠪᠠᠢᠯ᠎ᠠ ᠃
   - ᠲᠡᠮᠦᠷ ᠵᠠᠮ ᠳ᠋ᠤ᠌ ᠢᠷᠡᠭᠰᠡᠨ ᠦ᠌ ᠪᠡᠨ ᠳᠠᠷᠠᠭᠠᠬᠠᠨ ᠠᠮᠠᠷᠠᠯᠲᠠ ᠶ᠋ᠢᠨ ᠨᠢᠭᠡ ᠡᠳᠦᠷ ᠬᠣᠲᠠ ᠶ᠋ᠢᠨ ᠭᠤᠳᠤᠮᠵᠢ ᠪᠠᠷ ᠠᠢᠯ ᠡᠷᠢᠭᠡᠳ ᠶᠠᠪᠤᠵᠤ ᠪᠠᠢᠲᠠᠯ᠎ᠠ ᠨᠢᠭᠡ ᠬᠠᠰᠢᠶᠠᠨ ᠳ᠋ᠤ᠌ ᠡᠮᠡᠭᠲᠡᠢ ᠬᠥᠮᠦᠨ ᠦ᠌ ᠬᠠᠰᠬᠢᠷᠬᠤ ᠳᠠᠭᠤ ᠂ ᠬᠡᠦᠬᠡᠳ ᠤᠨ ᠤᠬᠢᠯᠠᠬᠤ ᠳᠠᠭᠤ ᠲᠠᠢ ᠬᠣᠯᠢᠯᠳᠤᠨ ᠵᠢᠷᠦᠬᠡ ᠵᠦᠰᠦᠮ᠎ᠡ ᠰᠣᠨᠣᠰᠳᠠᠪᠠ ᠃ ᠬᠠᠰᠢᠶᠠᠨ ᠤ᠋ ᠵᠠᠪᠰᠠᠷ ᠢ᠋ᠶ᠋ᠠᠷ ᠬᠠᠷᠠᠪᠠᠯ ᠂ ᠤᠤᠬᠠᠢ ᠳ᠋ᠠ ᠂ ᠨᠥᠬᠥᠭᠡ ᠴᠢᠯᠠᠭᠤᠨ ᠂ ᠲᠤᠯᠤᠮ ᠰᠢᠭ᠋ ᠭᠡᠳᠡᠰᠦ ᠲᠡᠢ ᠳᠤᠯᠮ᠎ᠠ ᠶ᠋ᠢ ᠦᠰᠦᠳᠡᠨ ᠴᠢᠷᠴᠦ ᠬᠠᠢᠷ᠎ᠠ ᠨᠠᠢᠷ ᠦᠭᠡᠢ ᠢᠰᠬᠦᠯᠵᠦ ᠪᠠᠢᠪᠠ ᠃ ᠭᠱᠠᠨ ᠵᠠᠭᠤᠷ᠎ᠠ ᠳᠤᠯᠮ᠎ᠠ ᠶ᠋ᠢ ᠬᠠᠢᠷᠠᠯᠠᠨ ᠂ ᠴᠢᠯᠠᠭᠤᠨ ᠢ᠋ ᠵᠢᠭᠰᠢᠨ ᠵᠠᠭᠤᠬᠤ ᠰᠡᠳᠬᠢᠯ ᠣᠷᠭᠢᠯᠤᠨ ᠪᠠᠳᠠᠷᠠᠵᠤ ᠬᠠᠭᠠᠯᠭ᠎ᠠ ᠶ᠋ᠢ ᠬᠦᠴᠦᠯᠡᠨ ᠬᠡᠳᠦ ᠲᠦᠯᠬᠢᠭᠰᠡᠨ ᠳ᠋ᠦ᠍ ᠳᠣᠲᠣᠷ᠎ᠠ ᠠ᠋ᠴᠠ ᠨᠢ ᠲᠦᠭᠵᠢᠭᠰᠡᠨ ᠲᠤᠯᠠ ᠲᠠᠢᠯᠤᠭᠳᠠᠭᠰᠠᠨ ᠦᠭᠡᠢ ᠃ ᠬᠠᠭᠠᠯᠭ᠎ᠠ ᠲᠦᠯᠬᠢᠵᠦ ᠪᠠᠢᠬᠤ ᠳ᠋ᠤ᠌ ᠭᠡᠨᠡᠳᠲᠡ ᠣᠪᠣᠯᠵᠠᠭᠰᠠᠨ ᠠᠭᠤᠷ ᠳᠠᠷᠤᠭᠳᠠᠵᠤ《 ᠡᠷ᠎ᠡ ᠡᠮ᠎ᠡ ᠶ᠋ᠢᠨ ᠬᠣᠭᠣᠷᠣᠨᠳᠣᠭᠤᠷ ᠡᠯᠵᠢᠭᠡ ᠪᠦᠦ ᠵᠢᠷᠣᠭᠠᠯᠠ ᠭᠡᠳᠡᠭ ᠰᠢᠦ ᠳᠠ 》ᠭᠡᠵᠦ ᠪᠣᠳᠣᠭᠠᠳ ᠬᠥᠳᠡᠯᠵᠦ ᠴᠠᠭᠠᠱᠢ ᠬᠡᠳᠦ ᠠᠯᠬᠤᠲᠠᠯ᠎ᠠ ᠬᠠᠭᠠᠯᠭᠠᠨ ᠤ᠋ ᠴᠣᠩᠬᠣ ᠲᠤᠤᠭᠠᠷᠤᠨ ᠨᠡᠭᠡᠭᠡᠭᠳᠡᠵᠦ ᠴᠢᠯᠠᠭᠤᠨ ᠂ ᠳᠤᠯᠮ᠎ᠠ ᠶ᠋ᠢ ᠦᠰᠦᠳᠡᠨ ᠴᠢᠷᠴᠦ ᠲᠦᠯᠬᠢᠨ ᠭᠠᠷᠭᠠᠭᠠᠳ ᠄《 ᠮᠠᠭᠤ ᠥᠯᠥᠭᠴᠢᠨ ᠴᠢ ᠵᠤᠯᠪᠤᠳᠠᠰᠤ ᠨᠤᠭᠤᠳ ᠲᠠᠢ  ᠪᠠᠨ ᠨᠢᠳᠦᠨ ᠳ᠋ᠦ᠍ ᠦᠵᠡᠭᠳᠡᠬᠦ ᠦᠭᠡᠢ ᠭᠠᠵᠠᠷ ᠵᠠᠢᠯ 》ᠭᠡᠵᠦ ᠬᠠᠰᠬᠢᠷᠪᠠ ᠃ ᠬᠡᠦᠬᠡᠳ ᠦ᠋ᠳ ᠨᠢ ᠰᠡᠳᠬᠢᠯ ᠦ᠋ᠨ ᠬᠠᠮᠤᠭ ᠡᠮᠵᠡᠭ ᠤᠲᠠᠰᠤ ᠶ᠋ᠢ ᠳᠣᠷᠭᠢᠭᠤᠯᠤᠭᠰᠠᠨ ᠳᠠᠭᠤ ᠪᠠᠷ ᠴᠢᠷᠠᠯᠠᠯᠳᠤᠨ ᠡᠬᠡ ᠶ᠋ᠢᠨ ᠢ᠋ᠶ᠋ᠡᠨ ᠡᠨᠳᠡ ᠲᠡᠨᠳᠡ ᠡᠴᠡ ᠴᠢᠷᠦᠭᠦᠯᠳᠦᠵᠦ ᠪᠠᠢᠪᠠ ᠃
   《 ᠨᠠᠭᠠᠳᠤᠬᠢ ᠴᠢᠨᠢ ᠬᠥᠮᠦᠨ ᠪᠠᠢᠨ᠎ᠠ 》 ᠭᠡᠵᠦ ᠬᠠᠰᠬᠢᠷᠤᠨ ᠤᠬᠤᠰᠬᠢᠨ ᠣᠴᠢᠭᠠᠳ ᠲᠡᠳᠡᠨ ᠦ᠌ ᠳᠤᠮᠳᠠᠭᠤᠷ ᠣᠷᠣᠯ᠎ᠠ ᠃ ᠠᠭᠤᠷ ᠰᠢᠷ᠎ᠠ ᠨᠢ ᠪᠠᠭᠲᠠᠵᠤ ᠶᠠᠳᠠᠭᠰᠠᠨ ᠴᠢᠯᠠᠭᠤᠨ ᠨᠠᠮ᠎ᠠ ᠶ᠋ᠢ ᠮᠣᠭᠠᠢ ᠬᠠᠷᠠᠭᠰᠠᠨ ᠬᠥᠯ ᠨᠢᠴᠦᠭᠦᠨ ᠬᠥᠮᠦᠨ ᠦ᠌ ᠨᠢᠳᠦ ᠪᠡᠷ ᠰᠢᠷᠳᠡᠨ ᠭᠡᠳᠡᠷᠭᠦ ᠬᠣᠶᠠᠷ ᠠᠯᠬᠤᠪᠠ ᠃ ᠬᠠᠭᠠᠯᠭᠠᠨ ᠤ᠋ ᠪᠣᠱᠣᠭᠠᠨ ᠳ᠋ᠤ᠌ ᠳᠡᠭᠡᠭᠡᠯᠡᠵᠦ ᠤᠨᠠᠭᠰᠠᠨ ᠬᠡᠦᠬᠡᠳ ᠨᠢ ᠪᠣᠰᠤᠨ ᠭᠦᠶᠦᠵᠦ ᠢᠷᠡᠭᠡᠳ ᠮᠢᠨᠦ ᠳᠡᠪᠡᠯ ᠦ᠋ᠨ ᠬᠣᠷᠮᠣᠢ ᠠ᠋ᠴᠠ ᠪᠠᠷᠢᠨ ᠠᠪᠬᠤ ᠳ᠋ᠤ᠌ ᠪᠢ ᠡᠷᠭᠦᠭᠡᠳ ᠠᠪᠤᠯ᠎ᠠ ᠃ ᠴᠢᠯᠠᠭᠤᠨ ᠤ᠋ ᠠᠭᠤᠷ ᠪᠠᠬᠲᠠᠨ ᠶᠠᠳᠠᠵᠤ ᠠᠮᠠ ᠨᠢ ᠥᠮᠥᠵᠡᠵᠦ ᠪᠠᠢᠭᠰᠠᠨ ᠢ᠋ᠶ᠋ᠠᠨ ᠄《 ᠴᠢᠮ᠎ᠠ  ᠳ᠋ᠤ᠌ ᠫᠠᠳ ᠦᠭᠡᠢ ᠬᠡᠷᠡᠭ ! ᠲᠣᠨᠢᠯ ! 》ᠭᠡᠵᠦ ᠬᠣᠭᠣᠯᠠᠢ ᠪᠠᠨ ᠲᠠᠰᠤᠯᠳᠠᠭᠤᠯᠤᠨ ᠬᠠᠰᠬᠢᠷᠪᠠ ᠃ ᠭᠡᠪᠡᠴᠦ ᠲᠡᠷᠡ ᠪᠠᠢᠷᠢᠨ ᠠ᠋ᠴᠠ ᠪᠠᠨ ᠬᠥᠳᠡᠯᠦᠭᠰᠡᠨ ᠦᠭᠡᠢ ᠃ ᠨᠠᠳᠠ ᠤᠷᠤᠭᠤ ᠨᠢᠭᠡ ᠯᠡ ᠠᠯᠬᠤᠭᠰᠠᠨ ᠪᠣᠯ ᠰᠦᠨᠡᠰᠤ ᠶ᠋ᠢ ᠨᠢ ᠳ᠋ᠧᠪᠠᠵᠢᠨ ᠳ᠋ᠤ᠌ ᠣᠴᠢᠲᠠᠯ᠎ᠠ ᠴᠣᠬᠢᠬᠤ ᠳ᠋ᠤ᠌ ᠪᠡᠯᠡᠨ ᠪᠠᠢᠭᠰᠠᠨ ᠪᠢᠯᠡ ᠃ ᠲᠡᠭᠡᠭᠡᠳ ᠪᠢ ᠥᠪᠡᠷ ᠢ᠋ᠶ᠋ᠡᠨ ᠮᠠᠲᠠᠯ ᠦᠭᠡᠢ ᠨᠥᠭᠥᠭᠡ ᠬᠡᠦᠬᠡᠳ ᠢ᠋ᠶ᠋ᠡᠨ ᠲᠡᠪᠡᠷᠢᠭᠰᠡᠨ ᠬᠡᠪ ᠢ᠋ᠶ᠋ᠡᠷ ᠡᠷᠭᠢᠵᠦ ᠶᠠᠪᠤᠭᠰᠠᠨ ᠃
   ᠨᠢᠭᠡ ᠮᠡᠳᠡᠬᠦ ᠳ᠋ᠦ᠍ ᠬᠥᠮᠦᠨ ᠦ᠌ ᠬᠡᠦᠬᠡᠳ ᠢ᠋ ᠲᠡᠪᠡᠷᠢᠭᠡᠳ ᠭᠤᠳᠤᠮᠵᠢ ᠪᠠᠷ ᠠᠯᠬᠤᠵᠤ ᠪᠠᠢᠪᠠ ᠃《 ᠦᠭᠡᠢ ᠂ ᠡᠨᠡ ᠴᠢᠨᠢ ᠶᠠᠮᠠᠷ ᠬᠡᠷᠡᠭ ᠬᠢᠵᠦ ᠣᠷᠬᠢᠪᠠ ᠲᠠ ᠃ ᠪᠢ ᠨᠢᠭᠡ ᠤᠳᠠᠭ᠎ᠠ ᠳᠤᠯᠮ᠎ᠠ ᠶ᠋ᠢ ᠬᠠᠮᠠᠭᠠᠯᠠᠭᠰᠠᠨ ᠪᠣᠯᠪᠠᠴᠤ ᠣᠳᠣ ᠴᠢᠯᠠᠭᠤᠨ ᠤᠯᠠᠮ ᠬᠣᠷᠣᠰᠤᠯ ᠲᠠᠢ ᠵᠠᠨᠴᠢᠵᠤ ᠪᠠᠢᠭ᠎ᠠ ᠰᠢᠦ ᠳᠠ 》 ᠭᠡᠵᠦ ᠪᠤᠳᠤᠲᠠᠯ᠎ᠠ ᠠᠷᠤ ᠳ᠋ᠤ᠌ ᠡᠮᠡᠭᠲᠡᠢ ᠬᠥᠮᠦᠨ ᠦ᠌ ᠤᠬᠢᠯᠠᠬᠤ ᠰᠣᠨᠣᠰᠳᠠᠪᠠ ᠃ ᠡᠷᠭᠢᠵᠦ ᠬᠠᠷᠠᠪᠠᠯ ᠬᠣᠶᠠᠷ ᠬᠡᠦᠬᠡᠳ ᠬᠥᠲᠥᠯᠦᠭᠰᠡᠨ ᠳᠤᠯᠮ᠎ᠠ ᠦᠰᠦ ᠨᠢ ᠰᠡᠭᠰᠡᠢᠨ ᠨᠢᠳᠦ ᠨᠢ  ᠪᠦᠯᠴᠦᠢᠨ ᠤᠬᠢᠯᠠᠭᠰᠠᠭᠠᠷ ᠳᠠᠭᠠᠵᠤ ᠢᠷᠡᠪᠡ ᠃
   - ᠳᠤᠯᠮ᠎ᠠ ᠮᠢᠨᠢ ᠪᠢ ᠶᠡᠬᠡ ᠪᠤᠷᠤᠭᠤ ᠬᠡᠷᠡᠭ ᠬᠢᠯ᠎ᠡ ᠃ ᠬᠠᠮᠲᠤ ᠣᠴᠢᠵᠤ ᠴᠢᠯᠠᠭᠤᠨ ᠲᠠᠢ ᠶᠠᠷᠢᠯᠴᠠᠶ᠎ᠠ ᠭᠡᠰᠡᠨ ᠴᠢᠨᠢ ᠲᠡᠷᠡ ᠤᠴᠢᠷ ᠲᠣᠢᠮᠣ ᠦᠭᠡᠢ ᠤᠬᠢᠯᠠᠨ᠎ᠠ ᠃
   - ᠪᠢ ᠴᠢᠮ᠎ᠠ ᠶ᠋ᠢ ᠭᠣᠮᠣᠳᠠᠭᠠᠭᠰᠠᠨ ᠃ ᠭᠡᠪᠡᠴᠦ ᠣᠳᠣ ᠴᠢᠮ᠎ᠠ ᠳ᠋ᠤ᠌ ᠬᠡᠷᠡᠭ ᠲᠡᠢ ᠪᠣᠯ ᠬᠡᠦᠬᠡᠳ ᠢ᠋ᠶ᠋ᠡᠨ ᠳᠠᠭᠠᠭᠤᠯᠤᠭᠠᠳ ᠮᠥᠯᠬᠥᠭᠡᠳ ᠴᠦ᠍ ᠪᠣᠯᠤᠭᠰᠠᠨ ᠳᠠᠭᠠᠨ᠎ᠠ ᠃ ᠴᠢᠯᠠᠭᠤᠨ ᠳ᠋ᠤ᠌ ᠳᠠᠬᠢᠨ ᠡᠷᠭᠢᠵᠦ ᠣᠴᠢᠬᠤ ᠦᠭᠡᠢ ᠭᠡᠳ ᠴᠢᠯᠠᠭᠤᠨ ᠲᠠᠢ ᠥᠩᠭᠡᠷᠡᠭᠦᠯᠦᠭᠰᠡᠨ ᠵᠣᠪᠠᠯᠠᠩᠲᠤ ᠠᠮᠢᠳᠤᠷᠠᠯ ᠢ᠋ᠶ᠋ᠠᠨ ᠶᠠᠷᠢᠯ᠎ᠠ ᠃ ᠠᠩᠬᠠᠨ ᠤ᠋ ᠬᠡᠦᠬᠡᠳ ᠨᠢ ᠣᠰᠣᠯᠳᠠᠭᠠᠳ ᠳᠠᠷᠠᠭ᠎ᠠ ᠶ᠋ᠢᠨ ᠬᠡᠦᠬᠡᠳ ᠨᠢ ᠲᠠᠪᠤᠨ ᠨᠠᠰᠤ ᠬᠦᠷᠴᠡᠢ ᠃ ᠭᠡᠳᠡᠰᠦᠨ ᠳ᠋ᠦ᠍ ᠪᠠᠢᠭ᠎ᠠ ᠲᠠᠢ ᠪᠠᠨ ᠳᠥᠷᠪᠡᠨ ᠬᠡᠦᠬᠡᠳ ᠲᠡᠢ ᠪᠣᠯᠤᠭᠰᠠᠨ ᠪᠣᠯᠪᠠᠴᠤ ᠴᠢᠯᠠᠭᠤᠨ ᠥᠭᠡᠷ᠎ᠡ ᠨᠢᠭᠡ ᠬᠡᠦᠬᠡᠨ ᠲᠡᠢ ᠨᠥᠬᠥᠴᠡᠵᠦ ᠳᠤᠯᠮ᠎ᠠ ᠶ᠋ᠢ ᠬᠡᠳᠦᠨ ᠬᠡᠦᠬᠡᠳ ᠲᠡᠢ ᠨᠢ ᠦᠵᠡᠵᠦ ᠴᠢᠳᠠᠬᠤ ᠦᠭᠡᠢ ᠪᠣᠯᠤᠭᠠᠳ ᠪᠠᠷᠤᠭ ᠯᠠ ᠡᠳᠦᠷ ᠪᠦᠬᠦᠨ ᠬᠥᠭᠡᠭᠡᠳᠡᠭ ᠪᠣᠯᠵᠠᠢ ᠃
   ᠵᠠ ᠲᠡᠭᠡᠭᠡᠳ ᠳᠤᠯᠮ᠎ᠠ ᠶ᠋ᠢ ᠬᠡᠳᠦᠨ ᠬᠡᠦᠬᠡᠳ ᠲᠡᠢ ᠨᠢ ᠳᠠᠭᠠᠭᠤᠯᠵᠤ ᠢᠷᠡᠭᠡᠳ ᠣᠳᠣ ᠪᠣᠯᠲᠠᠯ᠎ᠠ ᠪᠢᠳᠡ ᠬᠣᠶᠠᠷ ᠪᠡᠶ᠎ᠡ ᠪᠡᠶ᠎ᠡ ᠳ᠋ᠦ᠍ ᠪᠡᠨ ᠲᠦᠰᠢᠭ ᠪᠣᠯᠵᠤ ᠬᠥᠮᠦᠨ ᠡᠴᠡ ᠭᠤᠶᠤᠬᠤ ᠦᠭᠡᠢ ᠂ ᠭᠡᠬᠦ ᠳ᠋ᠦ᠍ ᠪᠡᠨ ᠬᠥᠮᠦᠨ ᠳ᠋ᠦ᠍ ᠢᠯᠡᠭᠦᠴᠢᠯᠡᠬᠦ ᠶᠠᠭᠤᠮ᠎ᠠ ᠦᠭᠡᠢ ᠠᠮᠢᠳᠤᠷᠠᠵᠤ ᠪᠠᠢᠨ᠎ᠠ ᠃ ᠭᠡᠳᠡᠰᠦᠨ ᠳ᠋ᠦ᠍ ᠨᠢ ᠢᠷᠡᠭᠰᠡᠨ ᠬᠡᠦᠬᠡᠳ ᠭᠠᠷᠤᠭᠠᠳ ᠣᠳᠣ ᠬᠣᠶᠠᠷ ᠨᠠᠰᠤᠲᠠᠢ ᠬᠥᠭᠡᠷᠦᠬᠦᠨ ᠠᠮᠢᠲᠠᠨ ᠪᠣᠢ ᠃ ᠨᠡᠷ᠎ᠡ ᠨᠢ ᠪᠠᠭᠠᠲᠤᠷ ᠭᠡᠳᠡᠭ ᠃ ᠵᠠ ᠮᠥᠨ ᠳᠦᠷᠰᠦ ᠦᠭᠡᠢ ᠡᠷ᠎ᠡ ᠪᠣᠢ ᠳᠠ ᠃ ᠭᠤᠷᠪᠠᠨ ᠲᠣᠮᠣ ᠨᠢ ᠫᠢᠣᠨᠧᠷ ᠦ᠋ᠨ ᠯᠡᠭᠧᠷ ᠴᠡᠴᠡᠷᠯᠢᠭ ᠲᠦ᠍ ᠪᠠᠢᠨ᠎ᠠ ᠃ ᠪᠠᠭᠠᠲᠤᠷ ᠂ ᠳᠤᠯᠮ᠎ᠠ ᠮᠠᠨᠢ ᠮᠢᠨᠦ ᠴᠠᠯᠢᠩ ᠢ᠋ ᠠᠪᠤᠭᠠᠳ ᠲᠡᠳᠡᠨ ᠢ᠋ ᠪᠡᠨ ᠡᠷᠭᠢᠬᠦ ᠭᠡᠳ ᠶᠠᠪᠤᠭᠰᠠᠨ ᠭᠡᠵᠦ ᠬᠡᠯᠡᠭᠡᠳ ᠳᠣᠷᠵᠢ ᠭᠤᠸᠠᠢ ᠪᠣᠰᠴᠤ ᠭᠡᠭᠡᠪᠴᠢ ᠤᠷᠤᠭᠤ ᠣᠴᠢᠨ ᠤᠯᠠᠮ ᠪᠦᠷ ᠲᠣᠳᠣᠷᠠᠵᠤ ᠪᠠᠢᠭ᠎ᠠ ᠨᠠᠷᠠᠨ ᠤ᠋ ᠵᠦᠭ ᠵᠣᠭᠰᠣᠪᠠ ᠃
   - ᠴᠢᠯᠠᠭᠤᠨ ᠬᠠᠮᠢᠭ᠎ᠠ ᠡᠴᠢᠭᠰᠡᠨ ᠪᠣᠢ? ᠭᠡᠵᠦ ᠪᠢ ᠲᠡᠰᠬᠡᠯ ᠦᠭᠡᠢ ᠠᠰᠠᠭᠤᠭᠰᠠᠨ ᠳ᠋ᠤ᠌ ᠳᠣᠷᠵᠢ ᠭᠤᠸᠠᠢ ᠡᠷᠭᠢᠵᠦ ᠬᠠᠷᠠᠯ ᠦᠭᠡᠢ ᠄
   - ᠮᠡᠳᠡᠬᠦ ᠦᠭᠡᠢ ᠂ ᠶᠢᠷᠲᠢᠨᠴᠦ ᠪᠤᠵᠠᠷᠯᠠᠭᠠᠳ ᠯᠠ ᠨᠢᠭᠡ ᠭᠠᠵᠠᠷ ᠶᠠᠪᠤᠵᠤ ᠪᠠᠢᠭ᠎ᠠ ᠪᠠᠢᠬᠤ ᠠ᠋ ᠭᠡᠪᠡ ᠃ ᠠᠯᠤᠰ ᠲᠤ᠌ ᠮᠠᠰᠢᠨ ᠤ᠋ ᠳᠠᠭᠤ ᠰᠣᠨᠣᠰᠳᠠᠬᠤ ᠳ᠋ᠤ᠌ ᠪᠢᠳᠡ ᠬᠣᠶᠠᠷ ᠭᠠᠷᠤᠯ᠎ᠠ ᠃ ᠨᠠᠷᠠ ᠵᠡᠭᠦᠨ ᠠᠭᠤᠯᠠ ᠶ᠋ᠢᠨ ᠲᠣᠯᠣᠭᠠᠢ ᠳᠡᠭᠡᠷ᠎ᠡ ᠭᠠᠷᠤᠭᠠᠳ ᠠᠯᠲᠠᠨ ᠰᠢᠷ᠎ᠠ ᠭᠡᠷᠡᠯ ᠨᠢ ᠶᠢᠷᠲᠢᠨᠴᠦ ᠳ᠋ᠦ᠍ ᠰᠢᠨ᠎ᠡ ᠡᠳᠦᠷ ᠡᠬᠢᠯᠡᠭᠰᠡᠨ  ᠢ᠋ ᠲᠤᠩᠬᠠᠭᠯᠠᠨ ᠰᠠᠴᠤᠷᠠᠵᠤ ᠪᠠᠢᠯ᠎ᠠ ᠃
   ᠮᠠᠰᠢᠨ ᠲᠡᠷᠭᠡ ᠵᠣᠭᠰᠣᠬᠤ ᠳ᠋ᠤ᠌ ᠲᠡᠭᠦᠨ ᠡᠴᠡ ᠬᠡᠦᠬᠡᠳ ᠬᠥᠲᠥᠯᠦᠭᠰᠡᠨ ᠴᠡᠩᠬᠡᠷ ᠳᠡᠪᠡᠯ ᠲᠡᠢ ᠬᠡᠦᠬᠡᠨ ᠪᠠᠭᠤᠭᠠᠳ ᠢᠨᠢᠶᠡᠭᠰᠡᠭᠡᠷ ᠪᠢᠳᠡᠨ ᠤᠷᠤᠭᠤ ᠢᠷᠡᠯ᠎ᠡ ᠃ ᠲᠣᠭᠯᠠᠭᠠᠮ ᠤ᠋ᠨ ᠰᠢᠨ᠎ᠡ ᠮᠠᠰᠢᠨ ᠲᠠᠢ ᠢᠷᠡᠯ᠎ᠡ ᠭᠡᠵᠦ ᠳᠤᠯᠮ᠎ᠠ ᠭᠤᠸᠠᠢ ᠶ᠋ᠢᠨ ᠢᠨᠢᠶᠡᠮᠰᠦᠭᠯᠡᠨ ᠬᠡᠯᠡᠬᠦ ᠳ᠋ᠦ᠍ ᠨᠢ ᠄
   - ᠭᠡᠷ ᠦ᠋ᠨ ᠨᠢᠷᠪᠠ ᠨᠤᠭᠤᠳ ᠯᠠ ᠪᠠᠨ ᠢᠳᠡᠭᠰᠡᠨ ᠴᠦ᠍ ᠯᠤᠤᠪᠠᠩ ᠢ᠋ᠶ᠋ᠠᠨ ᠢᠳᠡᠭᠰᠡᠨ ᠴᠦ᠍ ᠬᠠᠮᠢᠶ᠎ᠠ ᠦᠭᠡᠢ ᠰᠢᠦ ᠳᠠ ᠭᠡᠳ ᠳᠣᠷᠵᠢ ᠭᠤᠸᠠᠢ ᠢᠨᠢᠶᠡᠬᠦ ᠳ᠋ᠦ᠍ ᠨᠢᠳᠦᠨ ᠦ᠌ ᠬᠢᠨᠢ ᠭᠦᠨ ᠳ᠋ᠦ᠍ ᠰᠢᠩᠭᠡᠭᠰᠡᠨ ᠭᠤᠨᠢᠭ ᠪᠠᠶᠠᠷ ᠤ᠋ᠨ ᠣᠴᠢ ᠪᠠᠷ ᠰᠣᠯᠢᠭᠳᠠᠪᠠ ᠃
  ᠡᠨᠡ ᠦᠶ᠎ᠡ ᠳ᠋ᠦ᠍ ᠳᠣᠷᠵᠢ ᠭᠤᠸᠠᠢ ᠶ᠋ᠢ ᠬᠠᠷᠠᠬᠤ ᠳ᠋ᠤ᠌ ᠶᠡᠬᠡ ᠦᠶᠡᠷ ᠶᠦ᠍ᠮ ᠦᠦ ᠂ ᠰᠠᠯᠬᠢᠨ ᠳ᠋ᠤ᠌ ᠬᠡᠰᠡᠭ ᠮᠥᠴᠢᠷ ᠢᠶᠠᠨ ᠬᠤᠭᠤᠯᠤᠭᠤᠯᠤᠭᠰᠠᠨ ᠪᠣᠯᠪᠠᠴᠤ ᠢᠯᠠᠵᠤ ᠭᠠᠷᠤᠭᠠᠳ ᠨᠠᠪᠴᠢ ᠳᠡᠯᠭᠡᠨ ᠪᠠᠢᠭ᠎ᠠ ᠪᠦᠳᠦᠭᠦᠨ ᠤᠯᠢᠶᠠᠰᠤ ᠰᠢᠭ᠋ ᠪᠠᠢᠪᠠ ᠃ ᠲᠡᠭᠡᠭᠡᠳ ᠪᠢ ᠡᠨᠡ ᠬᠥᠮᠦᠨ ᠦ᠌ ᠠᠮᠢᠳᠤᠷᠠᠯ ᠤ᠋ᠨ ᠨᠣᠶᠠᠨ ᠨᠢᠷᠤᠭᠤ ᠬᠤᠭᠤᠷᠠᠭ᠎ᠠ ᠦᠭᠡᠢ ᠶᠦ᠍ᠮ ᠪᠠᠢᠨ᠎ᠠ ᠂ ᠬᠤᠭᠤᠯᠵᠤ ᠳᠡᠢᠯᠬᠦ ᠬᠦᠴᠦ ᠪᠠᠢᠬᠤ ᠴᠤ᠌ ᠦᠭᠡᠢ ᠶᠦ᠍ᠮ ᠭᠡᠵᠦ ᠪᠣᠳᠣᠭᠰᠠᠨ ᠪᠢᠯᠡ ᠃
                           
                                                                                   ᠲᠡᠭᠦᠰᠪᠡ᠃