ᠬᠤᠭᠤᠷᠠᠭ᠎ᠠ ᠦᠭᠡᠢ ᠨᠣᠶᠠᠨ ᠨᠢᠷᠤᠭᠤ - ᠴ ᠯᠣᠳᠣᠢᠳᠠᠮᠪᠠ Хугараагүй ноён нуруу - Ч᠂Лодойдамба II ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠭᠤᠷᠠᠭ᠎ᠠ ᠦᠭᠡᠢ ᠨᠣᠶᠠᠨ ᠨᠢᠷᠤᠭᠤ - ᠴ ᠯᠣᠳᠣᠢᠳᠠᠮᠪᠠ Хугараагүй ноён нуруу - Ч᠂Лодойдамба II

ᠬᠤᠭᠤᠷᠠᠭ᠎ᠠ ᠦᠭᠡᠢ ᠨᠣᠶᠠᠨ ᠨᠢᠷᠤᠭᠤ - ᠴ ᠯᠣᠳᠣᠢᠳᠠᠮᠪᠠ Хугараагүй ноён нуруу - Ч᠂Лодойдамба II

ᠠᠩᠭᠢᠯᠠᠯ:ᠲᠤᠭᠤᠵᠢ ᠷᠣᠮᠠᠨ
2023-07-01

890

ᠬᠤᠭᠤᠷᠠᠭ᠎ᠠ ᠦᠭᠡᠢ ᠨᠣᠶᠠᠨ ᠨᠢᠷᠤᠭᠤ

                                  ᠴ ᠯᠣᠳᠤᠢᠳᠠᠮᠪᠠ

    ᠦᠷᠭᠦᠯᠵᠢᠯᠡᠯ

   ᠭᠡᠲᠡᠯ᠎ᠡ ᠨᠢᠭᠡ ᠮᠢᠩᠭ᠎ᠠ ᠶᠢᠰᠦᠨ ᠵᠠᠭᠤ ᠭᠤᠴᠢ ᠶᠢᠰᠦᠨ ᠣᠨ ᠤ᠋ ᠬᠠᠪᠤᠷ ᠪᠣᠯᠵᠤ ᠂ ᠶᠠᠫᠣᠨ ᠤ᠋ ᠴᠡᠷᠢᠭ ᠮᠠᠨ ᠤ᠋ ᠬᠢᠯᠢ ᠳᠡᠭᠡᠷ᠎ᠡ ᠡᠳᠦᠷ ᠰᠥᠨᠢ ᠦᠭᠡᠢ ᠭᠦᠳᠬᠡᠯᠭᠡ ᠬᠠᠳᠬᠤᠯᠠᠭ᠎ᠠ ᠭᠠᠷᠭᠠᠵᠤ ᠪᠠᠢᠪᠠ ᠃ ᠨᠢᠭᠡ ᠡᠳᠦᠷ ᠲᠤᠰᠢᠶᠠᠯ ᠠᠪᠴᠤ ᠂ ᠮᠠᠨ ᠤ᠋ ᠠᠩᠭᠢ ᠲᠡᠢᠨ ᠳ᠋ᠦ᠍ ᠪᠡᠯᠡᠳᠬᠡᠬᠦ ᠪᠣᠯᠤᠭᠠᠳ ᠭᠡᠷ ᠪᠦᠯᠢ ᠶ᠋ᠢᠨ ᠬᠡᠦᠬᠡᠳ ᠂ ᠬᠥᠭᠰᠢᠳ ᠂ ᠡᠮᠡᠭᠲᠡᠢᠴᠦᠳ  ᠢ᠋ ᠠᠷᠤ ᠳ᠋ᠤ᠌ ᠶᠠᠪᠤᠭᠤᠯᠬᠤ ᠪᠣᠯᠪᠠ ᠃ ᠪᠢ ᠴᠦ᠍ ᠪᠠᠭᠠᠲᠤᠷ  ᠢ᠋ ᠪᠡᠨ ᠪᠠᠰᠠ ᠶᠠᠪᠤᠭᠤᠯᠪᠠ ᠃
   - ᠠᠪᠤ᠋ ᠠ᠋ ᠂ ᠪᠢ ᠶᠠᠪᠤᠬᠤ ᠦᠭᠡᠢ ᠂ ᠴᠢᠮ᠎ᠠ ᠲᠠᠢ ᠴᠣᠭ ᠪᠠᠢᠨ᠎ᠠ ᠭᠡᠳ ᠯᠡ ᠬᠦᠴᠦᠭᠦᠨ ᠡᠴᠡ ᠵᠠᠭᠤᠷᠠᠴᠢᠬᠠᠭᠠᠳ ᠪᠠᠢᠬᠤ ᠳ᠋ᠤ᠌ ᠨᠢ ᠪᠢ ᠲᠠᠯᠪᠢᠵᠤ ᠴᠤ᠌ ᠴᠢᠳᠠᠬᠤ ᠦᠭᠡᠢ ᠂ ᠪᠠᠢᠵᠤ ᠴᠤ᠌ ᠴᠢᠳᠠᠬᠤ ᠦᠭᠡᠢ ᠪᠠᠢᠬᠤ ᠳ᠋ᠤ᠌ ᠡᠮᠡᠭᠲᠡᠢᠴᠦᠳ ᠬᠦᠴᠦ ᠪᠡᠷ ᠰᠠᠯᠭᠠᠵᠤ ᠠᠪᠤᠭᠠᠳ ᠶᠠᠪᠤᠭᠰᠠᠨ ᠶᠤᠮ ᠰᠠᠨ ᠃ ᠬᠥᠭᠡᠷᠦᠬᠦᠢ ᠬᠦᠦ ᠪᠡᠨ ᠦᠨᠦᠰᠴᠦ ᠴᠢᠳᠠᠭ᠎ᠠ ᠦᠭᠡᠢ ᠳ᠋ᠦ᠍ ᠪᠡᠨ ᠣᠳᠣ ᠬᠦᠷᠲᠡᠯ᠎ᠡ ᠭᠣᠮᠣᠳᠠᠳᠠᠭ ᠶᠤᠮ ᠃ ᠪᠢ ᠲᠡᠭᠦᠨ ᠲᠡᠢ ᠪᠡᠨ ᠳᠠᠬᠢᠨ ᠠᠭᠤᠯᠵᠠᠬᠤ ᠦᠭᠡᠢ ᠂ ᠡᠴᠦᠰ ᠦ᠋ᠨ ᠤᠳᠠᠭ᠎ᠠ ᠬᠠᠷᠠᠵᠤ ᠪᠠᠢᠭ᠎ᠠ ᠪᠠᠨ ᠶᠠᠭᠠᠬᠢᠵᠤ ᠮᠡᠳᠡᠬᠦ ᠪᠣᠢ ᠳᠠ ᠭᠡᠳ ᠳᠣᠷᠵᠢ ᠭᠤᠸᠠᠢ ᠪᠠᠷᠠᠭᠤᠨ ᠭᠠᠷ ᠢ᠋ᠶ᠋ᠠᠷ ᠢ᠋ᠶ᠋ᠠᠨ ᠮᠠᠩᠨᠠᠢ ᠪᠠᠨ ᠲᠤᠯᠤᠨ ᠨᠢᠳᠦ ᠪᠡᠨ ᠬᠠᠯᠬᠠᠯᠠᠵᠤ ᠳᠣᠷᠣᠭᠰᠢ ᠬᠠᠷᠠᠨ ᠲᠦᠷ ᠰᠠᠭᠤᠭᠰᠠᠨ ᠢ᠋ᠶ᠋ᠠᠨ ᠪᠣᠰᠬᠤ ᠳ᠋ᠤ᠌ ᠨᠢ ᠪᠦᠬᠦ ᠪᠡᠶ᠎ᠡ ᠨᠢ ᠴᠡᠴᠡᠷᠡᠵᠦ ᠪᠠᠢᠪᠠ ᠃ ᠨᠠᠳᠠ ᠲᠠᠢ ᠡᠳᠦᠷ ᠠᠭᠤᠯᠵᠠᠭᠰᠠᠨ ᠠ᠋ᠴᠠ ᠬᠣᠢᠰᠢ ᠳᠠᠢᠯᠤᠭ᠎ᠠ ᠦᠭᠡᠢ ᠪᠠᠢᠭᠰᠠᠨ ᠬᠣᠭᠣᠯᠠᠢ ᠶ᠋ᠢᠨ ᠢ᠋ᠶ᠋ᠡᠨ ᠲᠣᠪᠴᠢ ᠶ᠋ᠢ ᠲᠠᠢᠯᠵᠤ ᠂ ᠰᠢᠷᠡᠭᠡᠨ ᠳᠡᠭᠡᠷ᠎ᠡ ᠪᠠᠢᠭᠰᠠᠨ ᠮᠢᠨᠦ ᠲᠠᠮᠠᠬᠢᠨ ᠠ᠋ᠴᠠ ᠨᠢᠭᠡ ᠰᠢᠷᠬᠡᠭ ᠢ ᠠᠪᠴᠤ ᠲᠠᠮᠠᠬᠢ ᠪᠠᠷ ᠨᠢ ᠵᠠᠭᠤᠬᠤ ᠭᠡᠬᠦ ᠳ᠋ᠦ᠍ ᠨᠢ ᠪᠢ ᠬᠡᠯᠡᠵᠦ ᠥᠭᠭᠦᠭᠰᠡᠨ ᠳ᠋ᠦ᠍ ᠶᠠᠭᠤ ᠴᠤ᠌ ᠳᠤᠤᠭᠠᠷᠤᠯ ᠦᠭᠡᠢ ᠡᠷᠭᠢᠭᠦᠯᠦᠨ ᠵᠠᠭᠤᠵᠤ ᠠᠰᠠᠭᠠᠭᠰᠠᠨ ᠪᠢᠯᠡ ᠃
                     ᠳᠥᠷᠪᠡ
   ᠴᠢᠭᠯᠡᠭᠰᠡᠨ ᠶᠠᠭᠤᠮ᠎ᠠ ᠦᠭᠡᠢ ᠰᠢᠷᠳᠡᠨ ᠭᠥᠯᠢᠷᠡᠭᠡᠳ ᠵᠣᠭᠰᠣᠵᠤ ᠪᠠᠢᠭ᠎ᠠ ᠳᠣᠷᠵᠢ ᠭᠤᠸᠠᠢ ᠶ᠋ᠢᠨ ᠨᠢᠳᠦᠨ ᠳ᠋ᠦ᠍ ᠬᠡᠮᠵᠢᠶᠡᠯᠡᠰᠢ ᠦᠭᠡᠢ ᠭᠠᠰᠠᠯᠠᠩ ᠭᠤᠨᠢᠭᠯᠠᠯ ᠲᠣᠳᠣᠷᠠᠭᠠᠳ ᠬᠠᠶᠠ ᠬᠠᠮᠠᠷ ᠠᠮᠠ ᠪᠠᠷ ᠨᠢ ᠲᠠᠮᠠᠬᠢᠨ ᠤ᠋ ᠤᠲᠤᠭ᠎ᠠ ᠪᠥᠭᠡᠮ ᠪᠥᠭᠡᠮ ᠢ᠋ᠶ᠋ᠡᠷ ᠲᠠᠰᠤᠯᠳᠠᠨ ᠭᠠᠷᠴᠤ ᠪᠠᠢᠪᠠ ᠃
   - ᠬᠠᠯᠬ᠎ᠠ ᠭᠣᠣᠯ ᠳ᠋ᠤ᠌ ᠮᠠᠨ ᠤ᠋ ᠠᠩᠭᠢ ᠪᠠᠢᠯᠳᠤᠭᠰᠠᠨ ᠃ ᠶᠠᠫᠣᠨ ᠤ᠋ ᠰᠠᠯᠠᠭ᠎ᠠ ᠴᠡᠷᠢᠭ ᠮᠠᠨ ᠤ᠋ ᠬᠢᠨ ᠦ᠌ ᠬᠢᠯᠢ ᠶ᠋ᠢᠨ ᠵᠢᠵᠢᠭ ᠠᠩᠭᠢ ᠶ᠋ᠢ ᠬᠠᠯᠬ᠎ᠠ ᠭᠣᠣᠯ ᠤᠷᠤᠭᠤ ᠰᠢᠬᠠᠵᠤ ᠪᠠᠢᠯ᠎ᠠ ᠃ ᠮᠠᠨ ᠤ᠋ ᠰᠠᠯᠠᠭ᠎ᠠ ᠲᠡᠷᠡ ᠵᠢᠵᠢᠭ ᠠᠩᠭᠢ ᠳ᠋ᠤ᠌ ᠲᠤᠰᠠᠯᠠᠬᠤ ᠪᠠᠷ ᠭᠣᠣᠯ ᠭᠠᠲᠤᠯᠵᠤ ᠰᠢᠭᠤᠳ ᠪᠠᠢᠯᠳᠤᠭᠠᠨ ᠳ᠋ᠤ᠌ ᠣᠷᠣᠯ᠎ᠠ ᠃ ᠳᠠᠢᠰᠤᠨ ᠤ᠋ ᠬᠦᠴᠦ ᠳᠠᠪᠠᠭᠤ ᠪᠠᠢᠭᠰᠠᠨ ᠤᠴᠢᠷ ᠪᠢ ᠨᠡᠮᠡᠯᠲᠡ ᠬᠦᠴᠦ ᠢᠷᠡᠭᠦᠯᠬᠦ ᠪᠡᠷ ᠤᠲᠠᠰᠤ ᠪᠠᠷ ᠭᠤᠶᠤᠬᠤ ᠳ᠋ᠤ᠌ ᠰᠤᠮᠤᠨ ᠤ᠋ ᠳᠠᠷᠤᠭ᠎ᠠ ᠄《 ᠨᠡᠮᠡᠯᠲᠡ ᠬᠦᠴᠦ ᠥᠷᠯᠥᠭᠡ ᠪᠣᠯᠲᠠᠯ᠎ᠠ ᠥᠭᠴᠦ ᠴᠢᠳᠠᠬᠤ ᠦᠭᠡᠢ ᠃ ᠳᠠᠢᠰᠤᠨ ᠢ᠋ ᠪᠠᠢᠭ᠎ᠠ ᠬᠦᠴᠦ ᠪᠡᠷ ᠢ᠋ᠶ᠋ᠡᠨ ᠲᠣᠭᠲᠠᠭᠠᠵᠤ ᠪᠠᠢ ᠃ ᠴᠥᠮᠥᠷᠡᠭᠦᠯᠪᠡᠯ ᠬᠠᠲᠠᠭᠤ ᠰᠢᠢᠳᠬᠡᠨ᠎ᠡ 》ᠭᠡᠵᠡᠢ ᠃ ᠮᠥᠨᠳᠥᠷ ᠰᠢᠭ ᠪᠠᠭᠤᠵᠤ ᠪᠠᠢᠭ᠎ᠠ ᠰᠤᠮᠤᠨ ᠤ ᠳᠤᠮᠳᠠ ᠬᠡᠵᠢᠶ᠎ᠡ ᠶᠠᠭᠤ ᠪᠣᠯᠬᠤ ᠪᠠᠨ ᠮᠡᠳᠡᠬᠦ ᠦᠭᠡᠢ ᠂ ᠰᠠᠨᠠᠭ᠎ᠠ ᠰᠢᠢᠳᠦᠭᠡᠳ ᠡᠬᠡ ᠣᠷᠣᠨ ᠢ᠋ᠶ᠋ᠠᠨ ᠬᠠᠮᠠᠭᠠᠯᠠᠵᠤ ᠪᠠᠢᠭ᠎ᠠ ᠪᠢᠳᠡᠨ ᠢ᠋《 ᠰᠢᠢᠳᠬᠡᠨ᠎ᠡ 》ᠭᠡᠵᠦ ᠰᠦᠷᠳᠡᠭᠦᠯᠦᠭᠡᠳ ᠶᠠᠭᠠᠬᠢᠬᠤ ᠪᠢᠯᠡ ᠳᠠ ᠃ ᠴᠡᠷᠢᠭ ᠦ᠋ᠨ ᠴᠠᠭᠠᠵᠠ ᠬᠠᠲᠠᠭᠤ ᠭᠡᠪᠡᠴᠦ ᠲᠡᠢᠮᠦ ᠬᠠᠲᠠᠭᠤ ᠦᠶ᠎ᠡ ᠳ᠋ᠦ᠍《 ᠰᠢᠢᠳᠬᠡᠨ᠎ᠡ 》ᠭᠡᠬᠦ ᠶ᠋ᠢᠨ ᠣᠷᠣᠨ ᠳ᠋ᠤ᠌ ᠰᠡᠳᠬᠢᠯ ᠵᠣᠷᠢᠭ ᠳᠡᠮᠵᠢᠭᠰᠡᠨ ᠦᠭᠡ ᠬᠡᠯᠡᠭᠰᠡᠨ ᠪᠣᠯ ᠳᠡᠭᠡᠷ᠎ᠡ ᠪᠠᠢᠭᠰᠠᠨ ᠃《 ᠰᠢᠢᠳᠬᠡᠨ᠎ᠡ 》ᠭᠡᠰᠡᠨ ᠦᠭᠡ ᠶ᠋ᠢ ᠰᠣᠨᠣᠰᠤᠭᠠᠳ ᠵᠢᠪᠡᠭᠦᠦ ᠴᠦ᠍ ᠬᠦᠷᠬᠦ ᠰᠢᠭ ᠂ ᠭᠣᠮᠣᠳᠠᠬᠤ ᠴᠤ᠌ ᠰᠢᠭ᠋ ᠪᠣᠯᠵᠤ ᠄《 ᠥᠷᠯᠥᠭᠡ ᠨᠠᠷᠠ ᠭᠠᠷᠬᠤ ᠳ᠋ᠤ᠌ ᠡᠰᠡᠪᠡᠯ ᠶᠠᠫᠣᠨ ᠤ᠋ ᠴᠡᠷᠢᠭ ᠭᠣᠣᠯ ᠠ᠋ᠴᠠ ᠤᠰᠤ ᠤᠤᠭᠤᠵᠤ ᠪᠠᠢᠨ᠎ᠠ ᠂ ᠡᠰᠡᠪᠡᠯ ᠪᠢᠳᠡ ᠬᠢᠯᠢ ᠱᠤᠭᠤᠮ ᠤ᠋ᠨ ᠳᠡᠭᠡᠷ᠎ᠡ ᠣᠴᠢᠭᠠᠳ ᠪᠠᠢᠬᠤ ᠪᠣᠢ 》ᠭᠡᠳ ᠤᠲᠠᠰᠤ ᠪᠠᠨ ᠲᠠᠰᠤᠯᠵᠤ ᠂ ᠳᠠᠢᠰᠤᠨ ᠤ᠋ ᠬᠡᠳᠦᠨ ᠤᠳᠠᠭ᠎ᠠ ᠶ᠋ᠢᠨ ᠳᠠᠭᠠᠷᠢᠯᠲᠠ ᠶ᠋ᠢ ᠪᠤᠴᠠᠭᠠᠵᠤ᠂ ᠥᠥᠷ ᠰᠥᠨᠢ ᠬᠠᠭᠠᠴᠠᠬᠤ ᠶ᠋ᠢᠨ ᠦᠶ᠎ᠡ  ᠳᠦ ᠭᠠᠭᠴᠠ ᠦᠯᠡᠳᠡᠭᠰᠡᠨ ᠬᠥᠩᠭᠡᠨ ᠪᠦᠯᠧᠮᠶᠧᠣᠲ ᠤ᠋ᠨ ᠢ᠋ᠶ᠋ᠠᠨ ᠭᠠᠯ ᠳᠣᠣᠭᠤᠷ ᠳᠠᠪᠰᠢᠬᠤ ᠲᠤᠰᠢᠶᠠᠯ ᠥᠭᠪᠡ ᠃ ᠢᠩᠭᠢᠭᠡᠳ ᠪᠢᠳᠡ ᠪᠣᠰᠴᠤ ᠳᠠᠪᠰᠢᠪᠠ ᠃ ᠭᠡᠲᠡᠯ᠎ᠡ ᠳᠠᠢᠰᠤᠨ ᠤ᠋ ᠪᠠᠷᠠᠭᠤᠨ ᠭᠠᠷ ᠲᠤ᠌ ᠪᠠᠢᠭᠰᠠᠨ ᠬᠦᠨᠳᠦ ᠫᠦᠯᠧᠮᠶᠣᠲ ᠠᠵᠢᠯᠯᠠᠵᠤ ᠮᠠᠨ ᠤ᠋ ᠳᠡᠪᠰᠢᠯᠲᠡ ᠵᠣᠭᠰᠣᠪᠠ ᠃ ᠠᠰᠢᠭᠦᠢ ᠥᠨᠳᠥᠷ ᠤᠷᠭᠤᠭᠰᠠᠨ ᠳᠡᠷᠡᠰᠦᠨ ᠳ᠋ᠦ᠍ ᠣᠷᠣᠵᠤ ᠠᠮᠵᠢᠭᠰᠠᠨ ᠮᠠᠨ ᠤ᠋ ᠨᠢᠭᠡ ᠴᠡᠷᠢᠭ ᠭᠠᠵᠠᠷ ᠤ᠋ᠨ ᠥ ( ᠪᠠᠷᠲᠠᠭ᠎ᠠ ) ᠳᠠᠭᠠᠵᠤ ᠣᠢᠷᠠᠲᠤᠭᠠᠳ ᠂ ᠬᠣᠶᠠᠷ ᠭᠠᠷ ᠪᠥᠮᠪᠥᠭᠡ ᠪᠡᠷ ᠳᠠᠢᠰᠤᠨ ᠤ᠋ ᠫᠦᠯᠧᠮᠶᠣᠲ  ᠢ᠋ ᠤᠰᠠᠳᠬᠠᠵᠤ ᠪᠠᠰᠠ ᠳᠠᠬᠢᠨ ᠳᠠᠪᠰᠢᠪᠠ ᠃ ᠢᠩᠭᠢᠭᠡᠳ ᠨᠠᠷᠠ ᠭᠠᠷᠬᠤ ᠶ᠋ᠢᠨ ᠦᠶ᠎ᠡ ᠳ᠋ᠦ᠍ ᠭᠠᠷᠳᠠᠨ ᠪᠠᠢᠯᠳᠤᠭᠠᠨ ᠳ᠋ᠤ᠌ ᠣᠷᠣᠵᠤ ᠰᠠᠯᠠᠭᠠᠨ ᠳ᠋ᠤ᠌ ᠪᠠᠨ ᠦᠯᠡᠳᠡᠭᠰᠡᠨ ᠬᠦᠨᠳᠦ ᠬᠥᠩᠭᠡᠨ ᠰᠢᠷᠬ᠎ᠠ ᠲᠠᠢ ᠠᠷᠪᠠᠨ ᠬᠣᠶᠠᠷ ᠬᠥᠮᠦᠨ ᠤᠯᠤᠰ ᠤ᠋ᠨ ᠬᠢᠯᠢ ᠶ᠋ᠢᠨ ᠱᠤᠭᠤᠮ ᠳᠡᠭᠡᠷ᠎ᠡ ᠣᠴᠢᠭᠠᠳ ᠫᠤᠤ ᠶ᠋ᠢᠨ ᠰᠤᠮᠤᠨ ᠳ᠋ᠤ᠌ ᠰᠢᠪᠡᠭᠳᠡᠭᠰᠡᠨ ᠲᠡᠷᠡ ᠭᠠᠵᠠᠷ  ᠢ᠋ ᠦᠨᠦᠰᠴᠦ ᠪᠠᠢᠭᠰᠠᠨ ᠶᠤᠮ ᠰᠠᠨ ᠃ ᠰᠢᠷᠬᠠᠲᠤᠭᠰᠠᠨ ᠠᠷᠪᠠᠨ ᠨᠢᠭᠡᠨ ᠨᠥᠬᠥᠳ ᠲᠡᠢ ᠪᠡᠨ ᠶᠠᠮᠠᠷ ᠴᠤ᠌ ᠳᠠᠢᠰᠤᠨ ᠠ᠋ᠴᠠ ᠬᠠᠮᠠᠭᠠᠯᠠᠵᠤ ᠴᠢᠳᠠᠨ᠎ᠠ ᠭᠡᠳᠡᠭ ᠤᠨ ᠤᠴᠢᠷ ᠢ᠋ ᠣᠢᠯᠠᠭᠠᠭᠰᠠᠨ ᠶᠤᠮ ᠃ ᠪᠠᠭ᠎ᠠ ᠦᠳᠡ ᠶ᠋ᠢᠨ ᠬᠢᠷᠢ ᠳ᠋ᠦ᠍ ᠶᠠᠫᠣᠨ ᠰᠢᠨ᠎ᠡ ᠬᠦᠴᠦ ᠬᠤᠷᠠᠯᠳᠤᠭᠤᠯᠵᠤ ᠡᠬᠢᠯᠡᠭᠡᠳ ᠪᠥᠮᠪᠥᠭᠡ ᠰᠢᠲᠠᠭᠴᠢ ᠪᠠᠷ ᠫᠤᠤᠳᠠᠵᠤ ᠮᠠᠨ ᠤ᠋ ᠳᠥᠷᠪᠡᠨ ᠬᠥᠮᠦᠨ ᠢ᠋ ᠠᠯᠠᠵᠤ ᠬᠥᠩᠭᠡᠨ ᠫᠦ᠋ᠯᠧᠮᠶᠣᠲ ᠢ᠋ ᠮᠢᠨᠢ ᠤᠰᠠᠳᠬᠠᠭᠠᠳ ᠳᠠᠪᠰᠢᠵᠤ ᠡᠬᠢᠯᠡᠪᠡ ᠃
   - ᠵᠠ ᠨᠥᠬᠥᠳ ᠮᠢᠨᠢ ! ᠴᠢᠰᠤ ᠪᠠᠷ ᠢ᠋ᠶ᠋ᠠᠨ ᠳᠡᠪᠲᠦᠭᠡᠭᠰᠡᠨ ᠡᠨᠡ ᠭᠠᠵᠠᠷ ᠳᠡᠭᠡᠷ᠎ᠡ ᠠᠮᠢ ᠪᠠᠨ ᠥᠭᠴᠡᠭᠡᠶ᠎ᠡ ! ᠨᠢᠭᠡᠨᠲᠡ ᠡᠢᠮᠦ ᠪᠣᠯᠤᠭᠰᠠᠨ ᠬᠣᠢᠨ᠎ᠠ ᠨᠢᠭᠡ ᠶ᠋ᠢ ᠠᠯᠪᠠ ᠳ᠋ᠤ᠌ ᠰᠣᠯᠢᠶ᠎ᠠ ᠂ ᠬᠣᠶᠠᠷ ᠢ᠋ ᠠᠯᠠᠪᠠᠯ ᠬᠣᠨᠵᠢᠶ᠎ᠠ ᠭᠡᠵᠦ ᠬᠡᠯᠡᠭᠡᠳ ᠫᠤᠤᠳᠠᠵᠤ ᠡᠬᠢᠯᠡᠪᠡ ᠃
   - ᠨᠥᠬᠥᠳ ᠮᠢᠨᠢ ᠡᠨᠳᠡ ᠡᠴᠡ ᠵᠠᠢᠯᠠᠵᠠᠭᠠᠶ᠎ᠠ!ᠠᠮᠢᠳᠤ ᠭᠠᠷᠬᠤ ᠨᠠᠢᠳᠠᠪᠤᠷᠢ ᠦᠭᠡᠢ ᠪᠣᠯᠤᠯ᠎ᠠ ᠭᠡᠵᠦ ᠨᠢᠭᠡ ᠬᠥᠮᠦᠨ ᠴᠢᠩᠭ᠎ᠠ ᠬᠠᠰᠬᠢᠷᠠᠬᠤ ᠳ᠋ᠤ᠌ ᠨᠢ ᠬᠠᠷᠠᠪᠠᠯ ᠴᠢᠯᠠᠭᠤᠨ ᠪᠠᠢᠪᠠ ᠃ ᠨᠥᠬᠥᠭᠡ ᠮᠠᠨᠠᠭᠠᠨ ᠳ᠋ᠤ᠌ ᠭᠠᠷᠤᠭᠠᠳ ᠤᠨᠲᠠᠵᠤ ᠣᠷᠬᠢᠳᠠᠭ ᠴᠢᠯᠠᠭᠤᠨ ᠰᠢᠦ ᠳ᠋ᠠ ᠬᠡᠳᠦ ᠳᠣᠷᠵᠢ ᠭᠤᠸᠠᠢ ᠰᠦᠮᠡᠯᠵᠡᠨ ᠠᠰᠠᠵᠤ ᠪᠠᠢᠭ᠎ᠠ ᠯᠠ ᠶ᠋ᠢᠨ ᠭᠡᠷᠡᠯ ᠤᠷᠤᠭᠤ ᠬᠠᠷᠠᠬᠤ ᠳ᠋ᠤ᠌ ᠨᠢᠳᠦᠨ ᠳ᠋ᠦ᠍ ᠨᠢ ᠣᠯᠠᠨ ᠵᠢᠯ ᠨᠥᠭᠡᠴᠡᠯᠡᠭᠳᠡᠭᠰᠡᠨ ᠬᠣᠷᠣ ᠬᠣᠷᠣᠰᠤᠯ ᠲᠣᠳᠣᠷᠠᠵᠤ ᠂ ᠰᠢᠨᠡ ᠶ᠋ᠢᠨ ᠪᠤᠯᠴᠢᠩ ᠨᠢ ᠡᠷᠴᠢᠯᠡᠨ ᠵᠠᠩᠭᠢᠷᠠᠵᠤ ᠪᠠᠢᠪᠠ ᠃
   - ᠲᠤᠰᠢᠶᠠᠯ ᠵᠥᠷᠢᠴᠡᠭᠰᠡᠨ ᠬᠥᠮᠦᠨ ᠢ᠋ ᠡᠬᠡ ᠣᠷᠣᠨ ᠠ᠋ᠴᠠ ᠪᠠᠨ ᠤᠷᠪᠠᠭᠰᠠᠨ ᠭᠡᠵᠦ ᠵᠣᠭᠰᠣᠭ᠎ᠠ ᠪᠠᠷ ᠫᠤᠤᠳᠠᠨ᠎ᠠ ᠰᠢᠦ ᠬᠡᠦ ᠪᠢ ᠬᠠᠰᠬᠢᠷᠪᠠ ᠃ ᠵᠠᠢᠯᠠᠰᠢ ᠦᠭᠡᠢ ᠦᠬᠦᠯ ᠦ᠋ᠨ ᠬᠠᠷ᠎ᠠ ᠴᠠᠯᠮ᠎ᠠ ( ᠤᠷᠠᠬ᠎ᠠ ᠂ ᠪᠤᠭᠤᠢᠯᠢ ) ᠬᠦᠵᠦᠭᠦᠨ ᠳ᠋ᠦ᠍ ᠮᠠᠨᠢ ᠣᠷᠣᠭᠰᠠᠨ ᠲᠡᠷᠡ ᠴᠠᠭ ᠲᠤ᠌ ᠵᠥᠪᠯᠡᠯᠲᠦ ᠶ᠋ᠢᠨ ᠠᠷᠮᠢ ᠲᠤᠰᠠᠯᠠᠵᠤ ᠠᠪᠤᠷᠠᠭᠰᠠᠨ ᠶᠤᠮ ᠰᠠᠨ ᠭᠡᠳ ᠳᠣᠷᠵᠢ ᠭᠤᠸᠠᠢ ᠦᠭᠡ ᠪᠡᠨ ᠲᠠᠰᠤᠯᠪᠠ ᠃ ᠪᠢ ᠲᠡᠰᠴᠦ ᠴᠢᠳᠠᠭᠰᠠᠨ ᠦᠭᠡᠢ ᠄
   - ᠲᠡᠭᠡᠭᠡᠳ ᠶᠠᠭᠤ ᠪᠣᠯᠤᠭᠰᠠᠨ ᠪᠣᠢ? ᠭᠡᠵᠦ ᠠᠰᠠᠭᠤᠪᠠ ᠃
   - ᠶᠠᠭᠠᠬᠢᠬᠤ ᠪᠣᠢ ᠳᠠ ᠂ ᠪᠢᠳᠡ ᠠᠷᠤ ᠳ᠋ᠤ᠌ ᠭᠠᠷᠴᠤ ᠡᠮᠨᠡᠭᠦᠯᠦᠨ ᠳᠠᠬᠢᠨ ᠪᠠᠢᠯᠳᠤᠭᠠᠨ ᠳ᠋ᠤ᠌ ᠣᠷᠣᠭᠰᠠᠨ ᠃ ᠪᠢ ᠰᠢᠨ᠎ᠡ ᠰᠠᠯᠠᠭ᠎ᠠ ᠬᠦᠯᠢᠶᠡᠵᠦ ᠠᠪᠤᠭᠠᠳ ᠪᠠᠶᠠᠨᠴᠠᠭᠠᠨ ᠤ᠋ ᠳᠣᠪᠲᠣᠯᠭᠠᠨ ᠳ᠋ᠤ᠌ ᠣᠪᠣᠭ᠎ᠠ ᠪᠠᠢᠯᠳᠤᠭᠰᠠᠨ ᠃ ᠬᠠᠯᠬ᠎ᠠ ᠭᠣᠣᠯ ᠤ᠋ᠨ ᠲᠡᠢᠨ ᠳᠠᠭᠤᠰᠤᠭᠰᠠᠨ ᠤ᠋ ᠳᠠᠷᠠᠭ᠎ᠠ ᠶᠠᠭᠤᠨ ᠤ᠋ ᠡᠮᠦᠨ᠎ᠡ ᠪᠠᠶᠠᠨᠳ᠋ᠦ᠋ᠮᠠᠨ ᠣᠷᠣᠵᠤ ᠂ ᠬᠦᠦ ᠲᠡᠢ ᠪᠡᠨ ᠠᠭᠤᠯᠵᠠᠬᠤ ᠪᠠᠷ ᠶᠠᠪᠤᠯ᠎ᠠ ᠃ ᠮᠠᠨ ᠤ᠋ ᠠᠩᠭᠢ ᠶ᠋ᠢᠨ ᠠᠷᠤ ᠭᠡᠷ ᠦ᠋ᠨ ᠢ᠋ᠶ᠋ᠡᠨ ᠰᠤᠷᠭᠠᠭᠤᠯᠢ ᠶ᠋ᠢᠨ ᠪᠠᠢᠷᠢᠨ ᠳ᠋ᠤ᠌ ᠪᠥᠭᠡᠮ  ᠢᠶᠠᠷ ᠢ᠋ᠶ᠋ᠡᠨ ᠪᠠᠢᠭᠰᠠᠨ ᠲᠤᠯᠠ ᠲᠡᠨᠳᠡ ᠰᠢᠭᠤᠳ ᠣᠴᠢᠪᠠ ᠃
ᠬᠠᠰᠢᠶᠠᠨ ᠤ᠋ ᠬᠠᠭᠠᠯᠭ᠎ᠠ ᠪᠠᠷ ᠣᠷᠣᠪᠠᠯ ᠲᠠᠨᠢᠳᠠᠭ ᠬᠥᠲᠥᠨ ᠡᠮᠡᠭᠲᠡᠢ ᠬᠠᠷᠠᠭᠳᠠᠬᠤ ᠳ᠋ᠤ᠌ ᠨᠢ ᠱᠣᠭᠰᠢᠬᠤ ᠰᠢᠬᠠᠮ ᠣᠢᠷᠠᠳᠪᠠᠯ ᠲᠡᠳᠡ ᠨᠠᠮ᠎ᠠ ᠶ᠋ᠢ ᠬᠠᠷᠠᠮᠠᠭᠴᠠ  ᠮᠠᠢᠬᠠᠨ ᠭᠡᠷ ᠲᠦ᠍ ᠪᠡᠨ ᠦᠷᠭᠦᠭᠰᠡᠨ ᠲᠠᠷᠪᠠᠭ᠎ᠠ ᠰᠢᠭ᠋ ᠭᠦᠶᠦᠯᠳᠦᠨ ᠣᠷᠣᠵᠠᠭᠠᠪᠠ᠃ ᠬᠡᠦᠬᠡᠨ ᠨᠦᠭᠥᠳ  ᠦ᠋ᠨ ᠮᠠᠶᠢᠭᠲᠠᠢ ᠭᠡᠳᠡᠭ ᠨᠢ ᠭᠡᠵᠦ ᠪᠣᠳᠣᠭᠰᠠᠭᠠᠷ ᠵᠠᠬ᠎ᠠ ᠶ᠋ᠢᠨ ᠭᠡᠷ ᠲᠦ᠍ ᠣᠷᠣᠪᠠᠯ ᠮᠠᠨ ᠤ᠋ ᠬᠢᠨ ᠦ᠌ ᠳᠠᠷᠤᠭ᠎ᠠ ᠨᠠᠷ ᠤ᠋ᠨ ᠭᠡᠷ ᠪᠦᠯᠢ ᠶ᠋ᠢᠨ ᠳᠥᠷᠪᠡᠨ ᠡᠮᠡᠭᠲᠡᠢ ᠪᠠᠢᠭᠰᠠᠨ ᠤ᠋ ᠳᠣᠲᠣᠷ᠎ᠠ ᠬᠦᠦ ᠪᠡᠨ ᠣᠨᠴᠠᠯᠠᠨ ᠵᠠᠬᠢᠵᠤ ᠥᠭᠭᠥᠭᠰᠡᠨ ᠲᠤᠯᠭᠤᠷ ᠭᠡᠳᠡᠭ ᠡᠮᠡᠭᠲᠡᠢ ᠴᠦ᠍ ᠪᠠᠰᠠ ᠪᠠᠢᠪᠠ ᠃ ᠲᠡᠳᠡᠨ ᠦ᠌ ᠮᠡᠨᠳᠦ ᠶ᠋ᠢ ᠮᠡᠳᠡᠪᠡᠯ ᠬᠠᠷᠢᠭᠤ ᠳᠤᠤᠭᠠᠷᠤᠭᠰᠠᠨ ᠦᠭᠡᠢ ᠂ ᠬᠠᠷᠢᠨ ᠵᠠᠷᠢᠮ ᠤ᠋ᠨ ᠬᠢᠨᠢ ᠨᠢᠳᠦᠨ ᠡᠴᠡ ᠨᠢᠯᠪᠤᠰᠤ ᠭᠠᠷᠴᠤ ᠪᠠᠢᠪᠠ ᠃ ᠭᠡᠨᠡᠳᠲᠡ ᠮᠠᠭᠤ ᠶᠠᠭᠤᠮ᠎ᠠ ᠰᠡᠳᠬᠢᠯ ᠳ᠋ᠦ᠍ ᠣᠷᠣᠵᠤ ᠢᠷᠡᠭᠡᠳ ᠄《 ᠬᠦᠦ ᠮᠢᠨᠢ ᠂ ᠪᠠᠭᠠᠲᠤᠷ ᠮᠢᠨᠢ ᠬᠠᠮᠢᠭ᠎ᠠ ᠪᠠᠢᠨ᠎ᠠ? 》 ᠭᠡᠵᠦ ᠲᠡᠳᠡᠨ ᠡᠴᠡ ᠠᠰᠠᠭᠤᠪᠠ ᠃ ᠬᠣᠶᠠᠷ ᠬᠡᠦᠬᠡᠨ ᠪᠣᠰᠴᠤ ᠂ ᠨᠠᠮ᠎ᠠ ᠶ᠋ᠢ ᠰᠤᠭᠤᠳᠠᠨ ᠨᠢᠳᠦᠨ ᠡᠴᠡ ᠪᠡᠨ ᠨᠢᠯᠪᠤᠰᠤ ᠳᠤᠰᠤᠯᠠᠭᠤᠯᠤᠨ᠄ 《 ᠳᠣᠷᠵᠢ ᠮᠢᠨᠢ ᠰᠡᠳᠬᠢᠯ ᠢ᠋ᠶ᠋ᠡᠨ ᠪᠡᠷᠢ ᠃ ᠬᠦᠦ ᠴᠢᠨᠢ ᠪᠥᠮᠪᠦᠭᠡᠨ ᠳ᠋ᠦ᠍ ᠁》 ᠭᠡᠵᠦ ᠬᠡᠯᠡᠭᠡᠳ ᠴᠠᠭᠠᠱᠢ ᠶᠠᠭᠤ ᠭᠡᠵᠦ ᠶᠠᠷᠢᠭᠰᠠᠨ ᠢ᠋ ᠰᠣᠨᠣᠰᠤᠭᠰᠠᠨ ᠦᠭᠡᠢ ᠃ ᠭᠡᠷ ᠡᠷᠭᠢᠯᠳᠦᠵᠦ ᠬᠠᠷᠠᠩᠭᠤᠢᠯᠠᠨ ᠳᠡᠭᠡᠷ᠎ᠡ ᠡᠴᠡ ᠲᠦᠮᠡᠨ ᠵᠢᠩ ᠦ᠋ᠨ ᠬᠠᠷ᠎ᠠ ᠴᠢᠯᠠᠭᠤ ᠤᠨᠠᠬᠤ ᠰᠢᠭ᠋ ᠪᠣᠯᠬᠤ ᠳ᠋ᠤ᠌ ᠪᠢ ᠭᠡᠷ ᠦ᠋ᠨ ᠪᠠᠭᠠᠨ᠎ᠠ ᠠ᠋ᠴᠠ ᠪᠠᠷᠢᠵᠤ ᠨᠢᠳᠦ  ᠪᠡᠨ ᠠᠨᠢᠪᠠ ᠃ ᠣᠯᠠᠨ ᠡᠮᠡᠭᠲᠡᠢ ᠰᠡᠳᠬᠢᠯ ᠢ᠋ ᠮᠢᠨᠢ ᠵᠠᠰᠠᠬᠤ ᠭᠡᠵᠦ ᠬᠡᠯᠡᠵᠦ ᠪᠠᠢᠭ᠎ᠠ ᠦᠭᠡ ᠴᠢᠬᠢᠨ ᠳ᠋ᠦ᠍ ᠮᠢᠨᠢ ᠬᠡᠳᠡᠭᠡᠨ᠎ᠡ ᠶ᠋ᠢᠨ ᠳᠠᠭᠤ ᠰᠢᠭ᠋ ᠳᠦᠩᠭᠢᠨᠡᠵᠦ ᠪᠠᠢᠪᠠ ᠃ ᠬᠡᠰᠡᠭ ᠪᠠᠢᠭᠰᠠᠨ ᠤ᠋ ᠳᠠᠷᠠᠭ᠎ᠠ ᠤᠬᠠᠭᠠᠨ ᠣᠷᠣᠵᠤ ᠄《 ᠲᠡᠭᠡᠭᠡᠳ ᠮᠢᠨᠦ ᠬᠦᠦ ᠶᠠᠭᠠᠬᠢᠭᠰᠠᠨ ᠪᠣᠢ? 》 ᠭᠡᠵᠦ ᠬᠠᠰᠬᠢᠷᠪᠠ ᠃
   -  ᠪᠢ ᠪᠠᠭᠠᠲᠤᠷ ᠢ᠋ ᠬᠣᠲᠠ ᠶ᠋ᠢᠨ ᠵᠡᠭᠦᠨ ᠲᠠᠯ᠎ᠠ ᠳ᠋ᠤ᠌ ᠣᠷᠣᠰᠢᠭᠤᠯᠤᠭᠰᠠᠨ ᠭᠡᠵᠦ ᠨᠢᠭᠡ ᠡᠮᠡᠭᠲᠡᠢ ᠬᠡᠯᠡᠪᠡ ᠃
   - ᠳᠣᠯᠵᠢᠨ ᠠ᠋ᠴᠠ ᠮᠢᠨᠢ ᠦᠯᠡᠳᠡᠭᠰᠡᠨ ᠭᠠᠭᠴᠠ ᠦᠷ᠎ᠡ ᠡᠴᠡ ᠪᠡᠨ ᠰᠠᠯᠵᠠᠢ ᠭᠡᠵᠦ ᠪᠣᠳᠣᠬᠤ ᠳ᠋ᠤ᠌ ᠡᠷᠦᠬᠡ ᠶ᠋ᠢ ᠨᠢ ᠲᠠᠲᠠᠵᠤ ᠬᠠᠶᠠᠭ᠎ᠠ ᠶ᠋ᠢ ᠨᠢ ᠰᠢᠭᠤᠭᠰᠠᠨ ᠭᠡᠷ ᠪᠠᠢᠨ ᠪᠠᠢᠨ ᠬᠠᠷᠠᠩᠭᠤᠢᠯᠠᠨ ᠪᠦᠷᠬᠦᠵᠦ ᠪᠠᠢᠪᠠ ᠃ ᠨᠢᠳᠦᠨ ᠡᠴᠡ ᠮᠢᠨᠢ ᠨᠢᠯᠪᠤᠰᠤ ᠪᠤᠯᠠᠭ ᠤ᠋ᠨ ᠤᠰᠤ ᠮᠡᠲᠦ ᠠᠰᠬᠠᠷᠠᠵᠤ ᠪᠠᠢᠬᠤ ᠳ᠋ᠤ᠌ ᠲᠤᠯᠭᠤᠷ ᠳᠡᠷᠭᠡᠳᠡ ᠮᠢᠨᠢ ᠢᠷᠡᠭᠡᠳ ᠨᠢᠭᠤᠷ ᠤᠷᠤᠭᠤ ᠤᠨᠵᠢᠭᠰᠠᠨ ᠦᠰᠦ ᠶ᠋ᠢ ᠮᠢᠨᠢ ᠢᠯᠢᠵᠦ ᠵᠠᠰᠠᠭᠠᠳ ᠄《 ᠳᠣᠷᠵᠢ ᠮᠢᠨᠢ ᠰᠡᠳᠬᠢᠯ ᠢ᠋ᠶ᠋ᠡᠨ ᠪᠡᠷᠢ ᠃ ᠬᠠᠲᠠᠭᠤ ᠲᠡᠢᠨ ᠪᠣᠯᠵᠤ ᠴᠢᠮ᠎ᠠ ᠶ᠋ᠢ ᠬᠦᠦ ᠡᠴᠡ ᠴᠢᠨᠢ ᠂ ᠨᠠᠮ᠎ᠠ ᠶ᠋ᠢ ᠨᠥᠬᠥᠷ ᠡᠴᠡ ᠮᠢᠨᠢ ᠂ ᠣᠯᠠᠨ ᠡᠬᠡ ᠡᠴᠢᠭᠡ ᠶ᠋ᠢ ᠦᠷ᠎ᠡ ᠡᠴᠡ ᠨᠢ ᠰᠠᠯᠭᠠᠭᠰᠠᠨ ᠰᠢᠦ ᠳᠠ 》ᠭᠡᠵᠦ ᠬᠡᠯᠡᠭᠡᠳ ᠠᠯᠴᠢᠭᠤᠷ ᠭᠠᠷᠭᠠᠵᠤ ᠨᠢᠯᠪᠤᠰᠤ ᠶ᠋ᠢ ᠮᠢᠨᠢ ᠠᠷᠴᠢᠭᠰᠠᠨ ᠶᠤᠮ ᠰᠠᠨ ᠭᠡᠵᠦ ᠬᠡᠯᠡᠭᠡᠳ ᠳᠣᠷᠵᠢ ᠭᠤᠸᠠᠢ ᠬᠣᠶᠠᠷ ᠭᠠᠷ ᠢ᠋ᠶ᠋ᠠᠷ ᠢ᠋ᠶ᠋ᠠᠨ ᠮᠠᠩᠨᠠᠢ ᠪᠠᠨ ᠲᠤᠯᠵᠤ ᠳᠣᠷᠣᠭᠰᠢ ᠬᠠᠷᠠᠪᠠ ᠃ ᠢᠩᠭᠢᠵᠦ ᠬᠡᠰᠡᠭ ᠪᠠᠢᠭᠰᠠᠨ ᠢ᠋ᠶ᠋ᠠᠨ ᠨᠠᠳᠠ ᠥᠭᠡᠳᠡ ᠬᠠᠷᠠᠬᠤ ᠳ᠋ᠤ᠌ ᠨᠢ ᠨᠢᠳᠦ ᠨᠢ ᠭᠢᠯᠲᠠᠭᠠᠨᠠᠨ ᠭᠥᠯᠢᠷᠡᠵᠦ ᠂ ᠤᠷᠤᠭᠤᠯ ᠨᠢ ᠨᠡᠢᠯᠡᠵᠦ ᠶᠠᠳᠠᠨ ᠳᠠᠳᠠᠭᠠᠨᠠᠵᠤ ᠂ ᠨᠢᠯᠪᠤᠰᠤ ᠲᠣᠰᠤᠯᠠᠭ᠎ᠠ ᠦᠭᠡᠢ ᠪᠣᠯᠪᠠᠴᠤ ᠵᠢᠷᠦᠬᠡ ᠨᠢ ᠭᠠᠰᠠᠯᠤᠨ ᠤᠬᠢᠯᠠᠵᠤ ᠪᠠᠢᠭ᠎ᠠ ᠨᠢ ᠲᠣᠳᠣᠷᠬᠠᠢ ᠮᠡᠳᠡᠭᠳᠡᠵᠦ ᠪᠢᠯᠡ ᠃
    ᠶᠠᠮᠠᠷ ᠴᠤ᠌ ᠴᠢᠮᠡᠭᠡ ᠦᠭᠡᠢ ᠨᠡᠯᠢᠶᠡᠳ ᠬᠡᠳᠦᠨ ᠮᠢᠨᠦ᠋ᠲ ᠪᠠᠢᠪᠠ ᠃ ᠳᠣᠷᠵᠢ ᠭᠤᠸᠠᠢ ᠶᠠᠷᠢᠶ᠎ᠠ ᠪᠠᠨ ᠦᠷᠭᠦᠯᠵᠢᠯᠡᠭᠦᠯᠬᠦ ᠭᠡᠵᠦ ᠣᠷᠣᠯᠳᠣᠭᠰᠠᠨ ᠪᠣᠯᠪᠠᠴᠤ ᠬᠣᠭᠣᠯᠠᠢ ᠨᠢ ᠵᠠᠩᠭᠢᠷᠠᠭᠠᠳ ᠳᠠᠭᠤ ᠭᠠᠷᠴᠤ ᠴᠢᠳᠠᠭᠰᠠᠨ ᠦᠭᠡᠢ ᠃ ᠭᠡᠪᠡᠴᠦ ᠬᠡᠰᠡᠭ ᠪᠣᠯᠤᠭᠰᠠᠨ ᠤ᠋ ᠳᠠᠷᠠᠭ᠎ᠠ ᠱᠠᠯ ᠥᠭᠡᠷ᠎ᠡ ᠬᠥᠭᠲᠡᠢ ᠨᠠᠮᠤᠭᠤᠨ ᠳᠠᠭᠤ ᠪᠠᠷ ᠄
   - ᠬᠣᠵᠢᠮ ᠰᠣᠨᠣᠰᠪᠠᠯ ᠪᠠᠶᠠᠨᠳ᠋ᠦ᠋ᠮᠠᠨ  ᠢ᠋ ᠶᠠᠫᠣᠨ ᠤ᠋ ᠣᠩᠭᠣᠴᠠ ᠪᠥᠮᠪᠥᠭᠡᠳᠡᠬᠦ ᠳ᠋ᠦ᠍ ᠬᠦᠦ ᠮᠢᠨᠢ ᠨᠢᠭᠡ ᠡᠮᠡᠭᠲᠡᠢ  ᠶ᠋ᠢᠨ ᠬᠠᠮᠲᠤ ᠣᠺᠣᠫ ( ᠫᠤᠤ ᠶ᠋ᠢᠨ ᠰᠤᠮᠤᠨ ᠠ᠋ᠴᠠ ᠬᠠᠯᠬᠠᠯᠠᠨ ᠣᠬᠣᠭᠰᠠᠨ ᠨᠦᠬᠡ ) ᠳ᠋ᠦ᠍ ᠣᠷᠣᠭᠰᠠᠨ ᠪᠣᠯᠪᠠᠴᠤ ᠶᠠᠭ ᠳᠡᠭᠡᠷ᠎ᠡ ᠡᠴᠡ ᠨᠢ ᠪᠥᠮᠪᠥᠭᠡ ᠪᠠᠭᠤᠭᠰᠠᠨ ᠶᠤᠮ ᠭᠡᠨ᠎ᠡ ᠪᠢᠯᠡ ᠁ ᠪᠣᠳᠣᠬᠤ ᠲᠣᠰᠤᠮ ᠯᠠ ᠮᠢᠨᠦ ᠪᠠᠭᠠᠲᠤᠷ ᠠᠮᠢᠳᠤ ᠪᠠᠢᠭ᠎ᠠ ᠶᠤᠮ ᠰᠢᠭ᠋ ᠰᠠᠨᠠᠭᠳᠠᠭᠠᠳ ᠪᠠᠶᠠᠨᠳ᠋ᠦ᠋ᠮᠠᠨ ᠦ᠌ ᠭᠤᠳᠤᠮᠵᠢ ᠪᠠᠷ ᠶᠠᠪᠤᠬᠤ ᠳ᠋ᠤ᠌ ᠪᠠᠨ ᠬᠠᠷᠠᠭᠳᠠᠭᠰᠠᠨ ᠬᠡᠦᠬᠡᠳ ᠪᠦᠬᠦᠨ ᠢ᠋ ᠠᠵᠢᠭᠯᠠᠨ ᠶᠠᠪᠤᠵᠤ ᠪᠢᠯᠡ ᠃ ᠠᠮᠢᠳᠤᠷᠠᠯ ᠭᠡᠳᠡᠭ ᠬᠡᠴᠡᠭᠦᠦ ᠶᠦ᠍ᠮ ᠰᠢᠦ ᠬᠦᠦ ᠮᠢᠨᠢ ᠃ ᠭᠠᠭᠴᠠ ᠯᠠ ᠨᠠᠳᠠ ᠤᠴᠠᠷᠠᠭᠰᠠᠨ ᠬᠠᠲᠠᠭᠤ ᠵᠣᠪᠠᠯᠠᠩ ᠪᠤᠰᠤᠳ ᠲᠤ᠌ ᠪᠦᠦ ᠲᠣᠬᠢᠶᠠᠯᠳᠤᠭᠠᠰᠠᠢ ᠭᠡᠵᠦ ᠪᠢ ᠬᠦᠰᠡᠳᠡᠭ ᠶᠦ᠍ᠮ ᠭᠡᠳ ᠳᠣᠷᠵᠢ ᠭᠤᠸᠠᠢ ᠯᠠ ᠶ᠋ᠢᠨ ᠤᠷᠤᠰᠤᠭᠰᠠᠨ ᠲᠣᠰᠣ ᠶ᠋ᠢ ᠶᠠᠮᠠᠷ ᠴᠤ᠌ ᠵᠣᠷᠢᠯᠭ᠎ᠠ ᠦᠭᠡᠢ ᠂ ᠬᠢᠮᠤᠰᠤ ᠪᠠᠷ ᠢ᠋ᠶ᠋ᠠᠨ ᠤᠷᠤᠯᠳᠤᠵᠤ ᠪᠠᠢᠪᠠ ᠃
   ᠪᠢᠳᠡ ᠬᠣᠶᠠᠷ ᠳᠠᠭᠤ ᠦᠭᠡᠢ ᠨᠡᠯᠢᠶᠡᠳ ᠤᠳᠠᠭᠠᠨ ᠰᠠᠭᠤᠪᠠ ᠃ ᠪᠢ ᠶᠠᠭᠤ ᠬᠢᠬᠦ ᠪᠡᠨ ᠮᠡᠳᠡᠬᠦ ᠦᠭᠡᠢ ᠵᠥᠪᠬᠡᠨ ᠯᠡ ᠡᠨᠡ ᠬᠥᠮᠦᠨ ᠦ᠌ ᠰᠡᠳᠬᠢᠯ ᠦ᠋ᠨ ᠵᠣᠪᠠᠯᠠᠩ ᠢ᠋ ᠶᠠᠭᠠᠬᠢᠪᠠᠯ ᠬᠤᠪᠢᠶᠠᠯᠴᠠᠵᠤ ᠪᠣᠯᠬᠤ ᠪᠣᠯ ᠭᠡᠵᠦ ᠪᠣᠳᠣᠵᠤ ᠪᠠᠢᠯ᠎ᠠ ᠃ ᠲᠡᠭᠡᠭᠡᠳ ᠠᠷᠭ᠎ᠠ ᠪᠠᠷᠠᠭᠳᠠᠬᠤ ᠳ᠋ᠤ᠌ ᠪᠠᠨ ᠬᠣᠶᠠᠷ ᠠᠶᠠᠭᠠᠨ ᠳ᠋ᠤ᠌ ᠪᠠᠨ ᠠᠷᠢᠬᠢ ᠬᠢᠵᠦ ᠄
   - ᠳᠣᠷᠵᠢ ᠭᠤᠸᠠᠢ ᠤᠤᠭᠤᠭᠠᠴᠢ ᠭᠡᠰᠡᠨ ᠳ᠋ᠦ᠍ ᠲᠡᠷᠡ ᠠᠯᠭᠤᠷᠬᠠᠨ ᠲᠣᠯᠣᠭᠠᠢ ᠪᠠᠨ ᠰᠡᠭᠰᠦᠷᠪᠡ ᠃ ᠨᠠᠷᠠ ᠰᠠᠯᠬᠢᠨ ᠳ᠋ᠤ᠌ ᠭᠠᠩᠳᠠᠭᠰᠠᠨ ᠲᠡᠭᠦᠨ ᠦ᠌ ᠬᠦᠷᠡᠩ ᠴᠢᠷᠠᠢ ᠪᠠᠷᠵᠠᠢᠵᠤ ᠂ ᠥᠳᠬᠡᠨ ᠬᠠᠷ᠎ᠠ ᠬᠥᠮᠥᠰᠬᠡ ᠨᠢ ᠥᠷᠴᠢᠯᠡᠨ ᠵᠠᠩᠭᠢᠷᠠᠵᠤ ᠨᠢᠳᠦᠨ ᠳ᠋ᠦ᠍ ᠨᠢ ᠪᠠᠢᠨ ᠪᠠᠢᠨ ᠨᠢᠯᠪᠤᠰᠤ ᠲᠤᠨᠤᠷᠠᠨ ᠢᠷᠡᠪᠡᠴᠦ ᠲᠡᠨᠳᠡ ᠪᠡᠨ ᠰᠢᠩᠭᠡᠨ ᠠᠯᠠᠭ᠎ᠠ ᠪᠣᠯᠵᠤ ᠪᠠᠢᠪᠠ ᠃ ᠵᠣᠪᠠᠯᠠᠩ ᠦᠵᠡᠭᠰᠡᠨ ᠬᠥᠮᠦᠨ ᠦ᠌ ᠨᠢᠯᠪᠤᠰᠤ ᠪᠡᠶ᠎ᠡ ᠳ᠋ᠦ᠍ ᠪᠡᠨ ᠰᠢᠩᠭᠡᠵᠦ ᠰᠤᠷᠤᠭᠰᠠᠨ ᠪᠠᠢᠳᠠᠭ ᠭᠡᠳᠡᠭ ᠦᠨᠡᠨ ᠠᠵᠠᠢ ᠃
                     ᠲᠠᠪᠤ
    - ᠵᠠ ᠲᠡᠭᠡᠭᠡᠳ ᠶᠠᠭᠠᠬᠢᠬᠤ ᠪᠣᠢ ᠳᠠ ᠃ ᠭᠣᠩ ᠪᠡᠶ᠎ᠡ ᠭᠣᠵᠣᠩ ᠲᠣᠯᠣᠭᠠᠢ ᠪᠣᠯᠵᠤ ᠦᠯᠡᠳᠡᠭᠡᠳ ᠬᠣᠲᠠ ᠳ᠋ᠤ᠌ ᠢᠷᠡᠯ᠎ᠡ ᠃ ᠡᠬᠡᠨᠡᠷ ᠬᠡᠦᠬᠡᠳ ᠲᠡᠢ ᠪᠡᠨ ᠵᠢᠷᠭᠠᠯᠲᠠᠢ ᠶᠠᠪᠤᠵᠤ ᠪᠠᠢᠭ᠎ᠠ ᠬᠥᠮᠦᠨ ᠢ᠋ ᠬᠠᠷᠠᠬᠤ ᠪᠦᠷᠢ ᠨᠠᠳᠠ ᠡᠨᠡ ᠪᠦᠬᠦᠨ ᠪᠠᠢᠭᠰᠠᠨ ᠰᠢᠦ ᠳᠠ ᠭᠡᠵᠦ ᠪᠣᠳᠣᠭᠳᠠᠭᠠᠳ ᠰᠡᠳᠬᠢᠯ ᠬᠠᠷᠠᠯᠠᠵᠤ ᠶᠠᠪᠤᠳᠠᠭ ᠪᠣᠯᠪᠠ ᠃ ᠰᠠᠢᠨ ᠪᠠᠢᠯᠳᠤᠭᠰᠠᠨ ᠭᠡᠵᠦ ᠱᠠᠩᠨᠠᠯ ᠴᠤ᠌ ᠬᠦᠷᠲᠡᠯ᠎ᠡ ᠃ ᠴᠣᠯᠠ ᠲᠤᠰᠢᠶᠠᠯ ᠴᠤ᠌ ᠲᠠᠪᠰᠢᠯ᠎ᠠ ᠃ ᠬᠣᠲᠠ ᠶ᠋ᠢᠨ ᠨᠢᠭᠡ ᠬᠣᠷᠢᠶᠠᠨ  ᠤ ᠳᠠᠷᠤᠭ᠎ᠠ ᠪᠣᠯᠵᠤ ᠨᠢᠭᠡ ᠬᠠᠩᠬᠠᠢ ᠪᠠᠢᠷᠢᠨ ᠳ᠋ᠤ᠌ ᠣᠷᠣᠪᠠ ᠃ ᠡᠳᠦᠷ ᠲᠦ᠍ ᠨᠢ ᠠᠵᠢᠯ ᠢ᠋ᠶ᠋ᠠᠨ ᠬᠢᠵᠦ ᠰᠥᠨᠢ ᠳ᠋ᠦ᠍ ᠨᠢ ᠳᠤᠯᠵᠢᠨ ᠂ ᠪᠠᠭᠠᠲᠤᠷ ᠬᠣᠶᠠᠷ ᠢ᠋ ᠪᠡᠨ ᠪᠣᠳᠣᠨ ᠭᠠᠰᠢᠭᠤᠳᠠᠵᠤ ᠪᠠᠢᠳᠠᠭ ᠪᠠᠢᠪᠠ ᠃ ᠲᠡᠭᠡᠲᠡᠯ᠎ᠡ ᠨᠢᠭᠡ ᠡᠳᠦᠷ ᠨᠥᠬᠥᠭᠡ ᠴᠢᠯᠠᠭᠤᠨ ᠢᠷᠡᠵᠦ ᠂ ᠲᠡᠭᠦᠨ ᠲᠡᠢ ᠬᠠᠮᠲᠤ ᠠᠢᠯ ᠬᠡᠰᠦᠬᠦ ᠪᠣᠯᠪᠠ ᠭᠡᠳ ᠳᠣᠷᠵᠢ ᠭᠤᠸᠠᠢ ᠶᠠᠷᠢᠶ᠎ᠠ ᠪᠠᠨ ᠲᠠᠰᠤᠯᠵᠤ ᠬᠡᠰᠡᠭ ᠪᠣᠯᠤᠭᠰᠠᠨ ᠢ᠋ᠶ᠋ᠠᠨ ᠣᠮᠣᠭᠣᠯᠲᠤᠭᠰᠠᠨ ᠤᠷᠤᠭᠤᠯ ᠢ᠋ᠶ᠋ᠠᠨ ᠬᠡᠯᠡ ᠪᠡᠷ ᠢ᠋ᠶ᠋ᠡᠨ ᠴᠢᠭᠢᠭᠯᠡᠭᠦᠯᠦᠭᠡᠳ ᠄
   - ᠲᠡᠷᠡ ᠡᠳᠦᠷ ᠯᠡ ᠲᠡᠭᠦᠨ ᠲᠡᠢ ᠶᠠᠪᠤᠳᠠᠭ ᠦᠭᠡᠢ ᠪᠠᠢᠭᠰᠠᠨ ᠶᠤᠮ ᠭᠡᠳ ᠭᠥᠯᠢᠷᠡᠨ ᠪᠣᠳᠣᠯ ᠪᠣᠯᠵᠤ ᠰᠠᠭᠤᠪᠠ ᠃ ᠪᠢ ᠲᠡᠭᠦᠨ ᠡᠴᠡ ᠨᠢᠳᠦ ᠪᠡᠨ ᠰᠠᠯᠭᠠᠭᠰᠠᠨ ᠦᠭᠡᠢ ᠃ ᠳᠣᠷᠵᠢ ᠭᠤᠸᠠᠢ ᠶ᠋ᠢᠨ ᠨᠢᠳᠦ ᠨᠢ ᠲᠣᠮᠣ ᠪᠠᠭ᠎ᠠ ᠪᠣᠯᠵᠤ ᠰᠣᠯᠪᠢᠯᠵᠠᠨ ᠂ ᠬᠥᠮᠥᠰᠬᠡ ᠨᠢ ᠪᠠᠢᠨ ᠪᠠᠢᠨ ᠵᠠᠩᠭᠢᠷᠠᠨ ᠳᠠᠯᠪᠢᠷᠠᠵᠤ ᠪᠠᠢᠪᠠ ᠃ ᠲᠡᠭᠡᠭᠡᠳ ᠳᠠᠯᠤ ᠪᠠᠨ ᠬᠥᠳᠡᠯᠭᠡᠵᠦ ᠰᠠᠭᠤᠳᠠᠯ ᠢ᠋ᠶ᠋ᠠᠨ ᠨᠠᠮᠤᠭᠤᠬᠠᠨ ᠪᠣᠯᠪᠠᠴᠤ ᠲᠣᠳᠣ ᠳᠠᠭᠤ ᠪᠠᠷ ᠄
   -  ᠴᠢᠯᠠᠭᠤᠨ ᠬᠣᠲᠠ ᠶ᠋ᠢᠨ ᠨᠢᠭᠡ ᠠᠩᠭᠢ ᠳ᠋ᠤ᠌ ᠰᠠᠯᠠᠭᠠᠨ ᠳᠠᠷᠤᠭ᠎ᠠ ᠪᠠᠷ ᠠᠵᠢᠯᠯᠠᠵᠤ ᠪᠠᠢᠪᠠ ᠃ ᠨᠢᠭᠡ ᠡᠳᠦᠷ ᠴᠢᠯᠠᠭᠤᠨ ᠵᠠᠮ ᠳ᠋ᠤ᠌ ᠪᠠᠨ ᠳᠤᠯᠮ᠎ᠠ ᠭᠡᠳᠡᠭ ᠬᠡᠦᠬᠡᠨ ᠲᠡᠢ ᠲᠠᠨᠢᠯᠴᠠᠪᠠ ᠃ ᠲᠡᠭᠡᠭᠡᠳ ᠄《 ᠬᠣᠶᠠᠭᠤᠯᠠ ᠲᠡᠳᠡᠨ ᠦ᠌ ᠳ᠋ᠦ᠍ ᠬᠠᠮᠲᠤ ᠣᠴᠢᠶ᠎ᠠ ᠂ ᠪᠢ ᠰᠠᠭᠤᠬᠤ ᠭᠡᠵᠦ ᠪᠣᠳᠣᠵᠤ ᠪᠠᠢᠭ᠎ᠠ ᠪᠣᠯᠪᠠᠴᠤ ᠬᠡᠯᠡᠵᠦ ᠴᠢᠳᠠᠬᠤ ᠦᠭᠡᠢ ᠪᠠᠢᠨ᠎ᠠ ᠃ ᠴᠢ ᠯᠡ ᠬᠡᠯᠡᠵᠦ ᠥᠭᠴᠦ ᠮᠠᠭᠤ ᠡᠪᠦᠭᠡᠨ ᠢ᠋ᠶ᠋ᠡᠨ ᠡᠬᠡᠨᠡᠷ ᠲᠡᠢ ᠪᠣᠯᠭᠠᠵᠤ ᠥᠭᠭᠥᠭᠡᠴᠢ ᠳ᠋ᠠ 》 ᠭᠡᠪᠡ ᠃
    ᠳᠤᠯᠮ᠎ᠠ ᠪᠣᠯ ᠬᠣᠲᠠ ᠶ᠋ᠢᠨ ᠨᠢᠭᠡ ᠪᠠᠢᠭᠤᠯᠭ᠎ᠠ ᠳ᠋ᠤ᠌ ᠮᠠᠰᠢᠨ ᠤ᠋ ᠪᠢᠴᠢᠭᠡᠴᠢ ᠪᠡᠷ ᠠᠵᠢᠯᠯᠠᠳᠠᠭ ᠬᠥᠮᠦᠨ ᠪᠠᠢᠪᠠ ᠃ ᠪᠢᠳᠡ ᠳᠤᠯᠮ᠎ᠠ ᠶ᠋ᠢᠨ ᠳ᠋ᠦ᠍ ᠣᠷᠣᠢ ᠪᠣᠯᠲᠠᠯ᠎ᠠ ᠰᠠᠭᠤᠵᠤ ᠪᠥᠬᠡ ᠴᠡᠭᠡ ᠨᠢᠰᠠᠯᠤᠭᠠᠳ ( ᠱᠠᠭ᠎ᠠ ᠣᠷᠬᠢᠵᠤ ᠠᠳᠠᠯᠢ ᠳᠦᠷᠰᠦ ᠪᠡᠷ ᠨᠢᠰᠠᠯᠵᠤ ᠨᠠᠭᠠᠳᠬᠤ ) ᠪᠤᠰᠤᠳ ᠠᠢᠯ ᠢ᠋ᠶ᠋ᠠᠷ ᠨᠢ ᠬᠡᠰᠦᠭᠰᠡᠨ ᠦᠭᠡᠢ ᠃ ᠰᠥᠨᠢ ᠪᠢᠳᠡ ᠬᠣᠶᠠᠷ  ᠢ᠋ ᠳᠤᠯᠮ᠎ᠠ ᠭᠠᠷᠭᠠᠵᠤ ᠥᠭᠭᠥᠭᠡᠳ  ᠄
   - ᠲᠠ ᠨᠠᠷ ᠮᠠᠨ ᠤ᠋ ᠬᠢ ᠪᠡᠷ ᠢᠷᠡᠵᠦ ᠪᠠᠢᠭᠠᠷᠠᠢ ᠭᠡᠯ᠎ᠡ ᠃ ᠲᠡᠭᠦᠨ ᠡᠴᠡ ᠬᠣᠢᠰᠢ ᠪᠢᠳᠡ ᠬᠣᠶᠠᠷ ᠳᠤᠯᠮ᠎ᠠ  ᠶ᠋ᠢᠨ ᠳ᠋ᠦ᠍ ᠬᠡᠳᠦ ᠳᠠᠬᠢᠨ ᠣᠴᠢᠵᠤ ᠲᠡᠭᠦᠨ ᠲᠡᠢ ᠰᠠᠢᠨ ᠲᠠᠨᠢᠯᠴᠠᠯ᠎ᠠ ᠃ ᠠᠮᠠᠷᠠᠯᠲᠠ ᠶ᠋ᠢᠨ ᠨᠢᠭᠡ ᠡᠳᠦᠷ ᠴᠢᠯᠠᠭᠤᠨ ᠪᠢ ᠬᠣᠶᠠᠷ ᠳᠤᠯᠮ᠎ᠠ ᠶ᠋ᠢᠨ ᠳ᠋ᠦ᠍ ᠣᠴᠢᠵᠤ ᠲᠣᠭᠯᠠᠵᠤ ᠪᠠᠢᠭᠠᠳ ᠲᠢᠶᠡᠲ᠋ᠷ ᠲᠤ᠌ ᠣᠴᠢᠵᠤ ᠵᠦᠴᠦᠭᠡ ᠦᠵᠡᠬᠦ ᠪᠡᠷ ᠪᠣᠯᠪᠠ ᠃ ᠴᠢᠯᠠᠭᠤᠨ ᠪᠠᠯᠧᠲ ᠠᠪᠬᠤ ᠪᠠᠷ ᠶᠠᠪᠤᠬᠤ ᠳ᠋ᠤ᠌ ᠪᠠᠨ᠄《ᠵᠠ ᠡᠪᠦᠭᠡᠨ ᠮᠢᠨᠢ ᠂ ᠴᠢ ᠥᠨᠥᠳᠥᠷ ᠡᠨᠡ ᠬᠡᠦᠬᠡᠨ ᠲᠡᠢ ᠰᠠᠢᠨ ᠶᠠᠷᠢᠨ᠎ᠠ ᠰᠢᠦ 》ᠭᠡᠵᠦ ᠨᠠᠳᠠ ᠳ᠋ᠤ᠌ ᠬᠡᠯᠡᠪᠡ ᠃ ᠳᠤᠯᠮ᠎ᠠ ᠲᠠᠢ ᠬᠣᠶᠠᠭᠤᠯᠠ ᠪᠠᠨ ᠦᠯᠡᠳᠡᠵᠦ ᠶᠠᠷᠢᠶ᠎ᠠ ᠪᠠᠨ ᠡᠬᠢᠯᠡᠬᠦ ᠪᠣᠯᠬᠤ ᠳ᠋ᠤ᠌ ᠶᠠᠷᠢᠬᠤ ᠶᠠᠭᠤᠮ᠎ᠠ ᠪᠠᠨ ᠮᠡᠳᠡᠵᠦ ᠪᠠᠢᠭᠰᠠᠨ ᠠᠪᠠᠴᠤ ᠶᠠᠭᠠᠬᠢᠵᠤ ᠡᠬᠢᠯᠡᠵᠦ ᠂ ᠬᠡᠷᠬᠢᠨ ᠳᠠᠭᠤᠰᠬᠠᠬᠤ ᠪᠠᠨ ᠮᠡᠳᠡᠬᠦ ᠦᠭᠡᠢ ᠬᠡᠰᠡᠭ ᠳᠠᠭᠤ ᠦᠭᠡᠢ ᠰᠠᠭᠤᠭᠰᠠᠨ ᠢ᠋ᠶ᠋ᠠᠨ ᠬᠠᠯᠵᠠ ᠳᠠᠭᠠᠷᠢᠭᠠᠳ ᠦᠵᠡᠶ᠎ᠡ ᠭᠡᠵᠦ ᠰᠢᠢᠳᠦᠭᠡᠳ ᠄
   - ᠪᠢ ᠴᠢᠯᠠᠭᠤᠨ ᠲᠠᠢ ᠣᠯᠠᠨ ᠵᠢᠯ ᠠᠵᠢᠯᠯᠠᠭᠰᠠᠨ ᠃ ᠴᠢᠯᠠᠭᠤᠨ ᠬᠥᠮᠦᠨ ᠰᠠᠢᠲᠠᠢ ᠂ ᠡᠪᠯᠢᠭ ᠬᠥᠮᠦᠨ ᠰᠢᠦ ᠃ ᠴᠢᠮ᠎ᠠ ᠳ᠋ᠤ᠌ ᠰᠡᠳᠬᠢᠯ ᠲᠡᠢ ᠪᠣᠯᠤᠭᠠᠳ ᠪᠠᠢᠭ᠎ᠠ ᠶ᠋ᠢ ᠨᠢ ᠴᠢ ᠯᠠᠪ ᠭᠠᠳᠠᠷᠯᠠᠵᠤ ᠪᠠᠢᠭ᠎ᠠ ᠪᠠᠢᠬᠤ ᠠ᠋ ᠃ ᠲᠠ ᠬᠣᠶᠠᠷ ᠰᠠᠭᠤᠬᠤ ᠶᠤᠮ ᠪᠣᠯ ᠠᠶᠠᠲᠠᠢ ᠰᠠᠢᠬᠠᠨ ᠭᠡᠷ ᠪᠦᠯᠢ ᠪᠣᠯᠤᠨ᠎ᠠ ᠭᠡᠵᠦ ᠳᠤᠯᠮ᠎ᠠ ᠳ᠋ᠤ᠌ ᠦᠭᠡ ᠪᠡᠨ ᠡᠪᠯᠡᠭᠦᠯᠦᠨ ᠶᠠᠳᠠᠵᠤ ᠬᠡᠯᠡᠪᠡ ᠃ ᠳᠤᠯᠮ᠎ᠠ ᠪᠣᠳᠣᠯᠬᠢᠯᠠᠨ ᠬᠡᠰᠡᠭ ᠳᠠᠭᠤ ᠦᠭᠡᠢ ᠰᠠᠭᠤᠭᠰᠠᠨ ᠢ᠋ᠶ᠋ᠠᠨ ᠳᠡᠪᠡᠯ ᠦ᠋ᠨ ᠢ᠋ᠶ᠋ᠡᠨ ᠬᠠᠨᠴᠤᠢ ᠎ᠶ᠋ᠢ ᠤᠷᠤᠯᠳᠤᠵᠤ ᠪᠠᠢᠭᠠᠳ ᠄
   - ᠴᠢᠯᠠᠭᠤᠨ ᠴᠤ᠌ ᠰᠠᠢᠨ ᠯᠠ ᠬᠥᠮᠦᠨ ᠪᠠᠢᠬᠤ ᠠ᠋ ᠃ ᠭᠡᠪᠡᠴᠦ ᠠᠮᠢᠳᠤᠷᠠᠯ ᠢ᠋ᠶ᠋ᠠᠨ ᠬᠣᠯᠪᠣᠬᠤ ᠳ᠋ᠤ᠌ ᠰᠠᠢᠨ ᠪᠠᠢᠬᠤ ᠶ᠋ᠢᠨ ᠬᠠᠮᠲᠤ ᠰᠡᠳᠬᠢᠯ ᠳ᠋ᠦ᠍ ᠮᠢᠨᠢ ᠲᠣᠬᠢᠷᠠᠭᠰᠠᠨ ᠰᠠᠢᠬᠠᠨ ᠪᠠᠢᠬᠤ ᠬᠡᠷᠡᠭᠲᠡᠢ ᠃ ᠲᠡᠭᠡᠬᠦ ᠦᠭᠡᠢ ᠪᠣᠯ ᠳᠦᠭᠦᠷᠡᠩ ᠵᠢᠷᠭᠠᠯᠲᠠᠢ ᠭᠡᠷ ᠪᠦᠯᠢ ᠪᠣᠯᠵᠤ ᠴᠢᠳᠠᠬᠤ ᠦᠭᠡᠢ ᠰᠢᠦ ᠳ᠋ᠠ ᠭᠡᠪᠡ ᠃
   - ᠲᠡᠷᠡ ᠴᠦ᠍ ᠲᠡᠢᠮᠦ ᠯᠠ ᠪᠠᠢᠬᠤ ᠠ᠋ ᠃ ᠮᠠᠨ ᠤ᠋ ᠴᠢᠯᠠᠭᠤᠨ ᠠᠯᠢ ᠴᠤ᠌ ᠲᠠᠯ᠎ᠠ ᠪᠠᠷ ᠢ᠋ᠶ᠋ᠠᠨ ᠰᠠᠢᠬᠠᠨ ᠡᠷ᠎ᠡ ᠃ ᠴᠢᠮ᠎ᠠ ᠳ᠋ᠤ᠌ ᠶᠡᠬᠡ ᠯᠡ ᠢᠲᠡᠭᠡᠵᠦ ᠪᠠᠢᠳᠠᠭ ᠬᠥᠮᠦᠨ ᠶᠦ᠍ᠮ ᠰᠢᠦ ᠭᠡᠵᠦ ᠨᠠᠮ᠎ᠠ ᠶ᠋ᠢ ᠬᠡᠯᠡᠬᠦ ᠳ᠋ᠦ᠍ ᠳᠤᠯᠮ᠎ᠠ ᠶᠣᠵᠣᠲᠠᠢ ᠢᠨᠢᠶᠡᠮᠰᠦᠭᠯᠡᠵᠦ᠄
   - ᠳᠤᠷ᠎ᠠ ᠦᠭᠡᠢ ᠯᠠᠮᠠ ᠎ᠶ᠋ᠢ ᠳᠠᠷᠤᠵᠤ ᠪᠠᠢᠵᠤ ᠰᠠᠬᠢᠯ ᠥᠭᠭᠥᠨ᠎ᠡ ᠭᠡᠭᠴᠢ ᠪᠡᠷ ᠰᠡᠳᠬᠢᠯ ᠦᠭᠡᠢ ᠪᠣᠯ ᠬᠡᠴᠡᠭᠦᠦ ᠰᠢᠦ ᠳ᠋ᠠ ᠃ ᠬᠠᠷᠢᠨ ᠁ ᠭᠡᠳ ᠦᠭᠡ ᠪᠡᠨ ᠲᠠᠰᠤᠯᠵᠤ ᠳᠣᠭᠣᠭᠰᠢ ᠬᠠᠷᠠᠭᠰᠠᠨ ᠢ᠋ᠶ᠋ᠠᠨ᠄《 ᠬᠥᠮᠦᠨ ᠂ ᠬᠥᠮᠦᠨ ᠦ᠌ ᠪᠣᠳᠣᠵᠤ ᠪᠠᠢᠭ᠎ᠠ ᠎ᠶ᠋ᠢ ᠮᠡᠳᠡᠳᠡᠭ ᠪᠣᠯ ᠰᠠᠢᠬᠠᠨ ᠠ᠋ 》ᠭᠡᠳ ᠨᠠᠳᠠ ᠤᠷᠤᠭᠤ ᠬᠠᠷᠠᠬᠤ ᠳ᠋ᠤ᠌ ᠨᠢ ᠨᠥᠬᠥᠭᠡ ᠰᠠᠶᠢᠬᠠᠨ ᠤ ᠶᠣᠵᠣᠲᠠᠢ ᠢᠨᠢᠶᠡᠮᠰᠦᠭᠯᠡᠯ ᠨᠢ ᠠᠯᠢ ᠡᠷᠲᠡ ᠦᠭᠡᠢ ᠪᠣᠯᠤᠭᠠᠳ ᠠᠷᠭ᠎ᠠ ᠨᠢ ᠪᠠᠷᠠᠭᠳᠠᠭᠰᠠᠨ ᠭᠣᠮᠣᠳᠠᠯ ᠨᠢᠳᠦᠨ ᠳ᠋ᠦ᠍ ᠨᠢ ᠲᠣᠳᠣᠷᠠᠵᠤ ᠪᠠᠢᠪᠠ ᠃
    ᠨᠥᠬᠥᠷ ᠲᠦ᠍ ᠪᠡᠨ ᠡᠬᠡᠨᠡᠷ ᠣᠯᠵᠤ ᠥᠭᠬᠦ ᠭᠡᠰᠡᠨ ᠪᠢᠰᠢ ᠂ ᠥᠪᠡᠷ ᠢ᠋ᠶ᠋ᠡᠨ ᠬᠡᠷᠡᠭ ᠲᠦ᠍ ᠣᠷᠣᠬᠤ ᠪᠣᠯᠤᠭᠰᠠᠨ ᠢ᠋ ᠳᠤᠯᠮ᠎ᠠ ᠶ᠋ᠢᠨ ᠨᠠᠳᠠ ᠤᠷᠤᠭᠤ ᠰᠢᠷᠲᠡᠵᠦ ᠪᠠᠢᠭ᠎ᠠ ᠨᠢᠳᠦᠨ ᠡᠴᠡ ᠣᠢᠯᠠᠭᠠᠪᠠ ᠃ ᠪᠢ ᠬᠠᠷᠢᠭᠤ ᠳᠤᠤᠭᠠᠷᠤᠭᠰᠠᠨ ᠦᠭᠡᠢ ᠭᠠᠷᠤᠭᠠᠳ ᠭᠤᠳᠤᠮᠵᠢ ᠪᠠᠷ ᠶᠠᠪᠤᠵᠤ ᠪᠠᠢᠲᠠᠯ᠎ᠠ ᠭᠤᠷᠪᠠᠨ ᠪᠢᠯᠧᠲ ᠠᠪᠤᠭᠠᠳ ᠢᠷᠡᠵᠦ ᠶᠠᠪᠤᠭ᠎ᠠ ᠴᠢᠯᠠᠭᠤᠨ ᠲᠠᠢ ᠲᠠᠭᠠᠷᠠᠯᠳᠤᠵᠤ ᠪᠦᠬᠦ ᠶᠠᠪᠤᠳᠠᠯ ᠢ᠋ ᠢᠯᠠᠨ ᠳᠠᠯᠠᠨ ᠦᠭᠡᠢ ᠬᠡᠯᠡᠭᠰᠡᠨ ᠳ᠋ᠦ᠍ ᠨᠢᠭᠡ ᠶᠡᠬᠡ ᠬᠠᠷᠠᠮᠰᠠᠵᠤ ᠭᠣᠮᠣᠳᠠᠬᠤ ᠰᠢᠨᠵᠢ ᠦᠭᠡᠢ᠄《 ᠮᠣᠩᠭᠣᠯ ᠳ᠋ᠤ᠌ ᠬᠡᠦᠬᠡᠨ ᠮᠤᠩᠳᠠᠭᠰᠠᠨ ᠪᠢᠰᠢ 》ᠭᠡᠪᠡ ᠃
   - ᠲᠡᠭᠡᠵᠦ ᠪᠣᠯᠬᠤ ᠦᠭᠡᠢ ᠂ ᠮᠣᠩᠭᠣᠯ ᠳ᠋ᠤ᠌ ᠬᠡᠦᠬᠡᠨ ᠮᠤᠩᠳᠠᠬᠤ ᠦᠭᠡᠢ ᠨᠢ ᠦᠨᠡᠨ ᠪᠣᠯᠪᠠᠴᠤ ᠰᠡᠳᠬᠢᠯ ᠳ᠋ᠦ᠍ ᠲᠣᠬᠢᠷᠠᠭᠰᠠᠨ ᠦᠨᠡᠨᠴᠢ ᠬᠠᠨᠢ ᠣᠯᠤᠨ᠎ᠠ ᠭᠡᠳᠡᠭ ᠠᠮᠠᠷ ᠦᠭᠡᠢ ᠬᠡᠷᠡᠭ ᠃ ᠴᠢ ᠥᠪᠡᠷ ᠢ᠋ᠶ᠋ᠡᠨ ᠣᠴᠢᠵᠤ ᠳᠤᠯᠮ᠎ᠠ ᠲᠠᠢ ᠰᠠᠢᠨ ᠶᠠᠷᠢᠭ ᠭᠡᠯ᠎ᠡ ᠃
   - ᠲᠡᠷᠡ ᠵᠡᠷᠭᠡ ᠶ᠋ᠢᠨ ᠢᠲᠠᠭᠤ ( ᠨᠢᠭᠡ ᠲᠥᠷᠥᠯ ᠦ᠋ᠨ ᠰᠢᠪᠠᠭᠤ ) ᠶ᠋ᠢ ᠭᠤᠶᠤᠵᠤ ᠶᠠᠪᠤᠳᠠᠭ ᠡᠷ᠎ᠡ ᠪᠢᠰᠢ ᠠ᠋ ᠭᠡᠵᠦ ᠴᠢᠯᠠᠭᠤᠨ ᠶᠡᠬᠡ ᠯᠡ ᠪᠠᠷᠳᠠᠮ ᠬᠡᠯᠡᠨ᠎ᠡ ᠃
   - ᠡᠪᠦᠭᠡᠨ ᠮᠢᠨᠢ ᠂ ᠴᠢ ᠦᠨᠡᠬᠡᠷ ᠰᠡᠳᠬᠢᠯ ᠲᠠᠢ ᠶᠤᠮ ᠪᠣᠯ ᠲᠡᠭᠡᠵᠦ ᠪᠣᠯᠬᠤ ᠦᠭᠡᠢ ᠂ ᠰᠠᠢᠨ ᠶᠠᠷᠢᠬᠤ ᠬᠡᠷᠡᠭᠲᠡᠢ ᠃ ᠳᠤᠯᠮ᠎ᠠ ᠮᠠᠭᠤ ᠬᠥᠮᠦᠨ ᠪᠢᠰᠢ ᠰᠢᠦ ᠭᠡᠬᠦ ᠳ᠋ᠦ᠍ ᠮᠢᠨᠢ ᠴᠢᠯᠠᠭᠤᠨ ᠰᠦᠷᠡᠬᠡᠢ ᠤᠴᠠᠭᠠᠷᠯᠠᠩᠭᠤᠢ ᠪᠠᠷ᠄
   - ᠳᠤᠯᠮ᠎ᠠ ᠶ᠋ᠢ ᠴᠢ ᠲᠡᠭᠡᠵᠦ ᠬᠦᠰᠡᠭᠡᠳ ᠪᠠᠢᠭ᠎ᠠ ᠶᠤᠮ ᠪᠣᠯ ᠥᠪᠡᠷ ᠢ᠋ᠶ᠋ᠡᠨ ᠣᠴᠢᠵᠤ ᠶᠠᠷᠢᠭᠠᠳ ᠯᠠ ᠥᠪᠡᠷ ᠢ᠋ᠶ᠋ᠡᠨ ᠰᠠᠭᠤᠬᠤ ᠦᠭᠡᠢ ᠦᠦ ᠭᠡᠵᠦ ᠬᠡᠭᠵᠢᠭᠦᠨ ᠬᠡᠯᠡᠪᠡ ᠃ ᠰᠠᠢᠬᠠᠨ ᠰᠡᠳᠬᠢᠯ ᠢ᠋ ᠮᠢᠨᠢ ᠳᠣᠷᠣᠮᠵᠢᠯᠠᠵᠤ ᠡᠢᠮᠦ ᠦᠭᠡ ᠬᠡᠯᠡᠬᠦ ᠳ᠋ᠦ᠍ ᠨᠢ ᠴᠢᠯᠠᠭᠤᠨ ᠳ᠋ᠤ᠌ ᠬᠡᠮᠵᠢᠶᠡᠯᠡᠰᠢ ᠦᠭᠡᠢ ᠭᠣᠮᠣᠳᠠᠵᠤ ᠨᠢᠭᠤᠷ ᠤᠷᠤᠭᠤ ᠨᠢ ᠨᠤᠯᠮᠤᠵᠤ ᠣᠷᠬᠢᠮᠠᠷ ᠪᠣᠳᠣᠭᠳᠠᠭᠰᠠᠨ ᠪᠣᠯᠪᠠᠴᠤ ᠲᠡᠰᠪᠦᠷᠢᠯᠡᠨ ᠭᠡᠷ ᠤᠷᠤᠭᠤ ᠪᠠᠨ ᠶᠠᠪᠤᠯ᠎ᠠ ᠃
ᠲᠡᠭᠦᠨ ᠡᠴᠡ ᠬᠣᠢᠰᠢ ᠳᠣᠯᠣᠭᠠᠨ ᠬᠣᠨᠣᠭ ᠤ᠋ᠨ ᠳᠠᠷᠠᠭ᠎ᠠ ᠠᠵᠢᠯ ᠳᠡᠭᠡᠷ᠎ᠡ ᠪᠡᠨ ᠪᠠᠢᠵᠤ ᠪᠠᠢᠭᠰᠠᠨ ᠴᠢᠨᠢ ᠨᠢᠭᠡ ᠬᠡᠦᠬᠡᠨ ᠠᠭᠤᠯᠵᠠᠶ᠎ᠠ ᠭᠡᠰᠡᠨ ᠳ᠋ᠦ᠍ ᠭᠠᠷᠴᠤ ᠣᠴᠢᠪᠠᠯ ᠨᠥᠬᠥᠭᠡ ᠳᠤᠯᠮ᠎ᠠ ᠪᠠᠢᠯ᠎ᠠ ᠃
   - ᠪᠢ ᠴᠢᠮ᠎ᠠ ᠶ᠋ᠢ ᠦᠵᠡᠭᠳᠡᠬᠦ ᠦᠭᠡᠢ ᠪᠣᠯᠬᠣᠷ ᠶᠠᠭᠤ ᠪᠣᠯᠴᠢᠬᠠᠭᠰᠠᠨ ᠶᠤᠮ ᠪᠣᠯ ᠭᠡᠳ ᠢᠷᠡᠯ᠎ᠡ ᠭᠡᠵᠦ ᠬᠡᠯᠡᠭᠡᠳ ᠨᠢᠭᠤᠷ ᠨᠢ ᠤᠯᠠᠰᠬᠢᠵᠦ ᠴᠢᠷᠠᠢ ᠪᠠᠨ ᠪᠤᠷᠤᠭᠤᠯᠠᠪᠠ ᠃
   - ᠪᠠᠶᠠᠷᠯᠠᠯ᠎ᠠ ᠂ ᠠᠵᠢᠯ ᠶᠡᠬᠡᠲᠡᠢ ᠪᠣᠯᠤᠭᠠᠳ ᠯᠠ ᠣᠴᠢᠵᠤ ᠴᠢᠳᠠᠭᠰᠠᠨ ᠦᠭᠡᠢ ᠃ ᠣᠢᠷ᠎ᠠ ᠳ᠋ᠤ᠌ ᠴᠢᠯᠠᠭᠤᠨ ᠲᠠᠢ ᠪᠠᠨ ᠲᠠᠭᠠᠷᠠᠯᠳᠤᠭᠰᠠᠨ ᠦᠭᠡᠢ ᠦᠦ ᠭᠡᠵᠦ ᠪᠢ ᠬᠡᠯᠡᠪᠡ ᠃
   - ᠴᠢᠯᠠᠭᠤᠨ ᠴᠤ᠌ ᠮᠠᠨ ᠤ᠋ ᠬᠢ ᠪᠡᠷ ᠬᠣᠶᠠᠷ ᠤᠳᠠᠭ᠎ᠠ ᠣᠴᠢᠭᠰᠠᠨ ᠯᠠ ᠳᠠ ᠃ ᠶᠡᠬᠡ ᠯᠡ ᠶᠠᠭᠤᠮ᠎ᠠ ᠶᠠᠷᠢᠵᠤ ᠪᠠᠢᠭ᠎ᠠ ᠯᠠ ᠃ ᠵᠠ ᠲᠡᠷᠡ ᠴᠦ᠍ ᠶᠠᠭᠠᠬᠢᠬᠤ ᠪᠣᠢ ᠃ ᠮᠠᠨ ᠤ᠋ ᠳ᠋ᠤ᠌ ᠢᠷᠡᠬᠦ ᠰᠠᠢᠨ ᠡᠳᠦᠷ ( ᠭᠠᠷᠠᠭ ᠤ᠋ᠨ ᠡᠳᠦᠷ ) ᠣᠴᠢᠭᠠᠷᠠᠢ ᠂ ᠵᠠᠪᠠᠯ ᠰᠢᠦ ᠭᠡᠳ ᠡᠷᠭᠢᠵᠦ ᠶᠠᠪᠤᠯ᠎ᠠ ᠃
   ᠰᠠᠢᠨ ᠡᠳᠦᠷ ᠡᠷᠲᠡ ᠪᠣᠰᠴᠤ ᠴᠢᠯᠠᠭᠤᠨ ᠤ᠋ ᠳ᠋ᠤ᠌ ᠣᠴᠢᠭᠠᠳ ᠳᠤᠯᠮ᠎ᠠ ᠲᠠᠢ ᠠᠭᠤᠯᠵᠠᠭᠰᠠᠨ᠂ ᠲᠡᠭᠦᠨ ᠲᠡᠢ ᠶᠠᠷᠢᠭᠰᠠᠨ ᠢ᠋ᠶ᠋ᠠᠨ ᠬᠡᠯᠡᠭᠡᠳ ᠬᠠᠮᠲᠤ ᠣᠴᠢᠶ᠎ᠠ ᠭᠡᠰᠡᠨ ᠳ᠋ᠦ᠍ ᠲᠡᠷᠡ ᠨᠠᠮ᠎ᠠ ᠶ᠋ᠢ ᠬᠣᠲᠠ ᠤᠷᠤᠭᠤ ᠥᠩᠭᠡᠢᠵᠦ ᠪᠠᠢᠭ᠎ᠠ ᠴᠢᠨᠣ᠎ᠠ ᠰᠢᠭ᠋ ᠮᠠᠭᠤᠬᠠᠢ ᠬᠠᠷᠠᠭᠰᠠᠨ ᠢ᠋ᠶ᠋ᠠᠨ ᠄
   - ᠪᠢ ᠴᠢᠮ᠎ᠠ ᠳ᠋ᠤ᠌ ᠰᠠᠭᠠᠳ ᠪᠣᠯᠬᠤ ᠦᠭᠡᠢ ᠃ ᠴᠢ ᠣᠴᠢᠵᠤ ᠲᠡᠭᠦᠨ ᠲᠡᠢ ᠪᠡᠨ ᠰᠠᠭᠤ ᠭᠡᠯ᠎ᠡ ᠃
    ᠮᠢᠨᠦ ᠦᠶᠡᠷᠬᠡᠵᠦ ᠶᠠᠪᠤᠭᠰᠠᠨ ᠨᠥᠬᠥᠷ ᠰᠦ ᠰᠢᠭ ᠴᠠᠭᠠᠨ ᠰᠡᠳᠬᠢᠯ ᠢ᠋ ᠮᠢᠨᠢ ᠬᠥ᠋ ᠰᠢᠭ ᠬᠠᠷ᠎ᠠ ᠪᠠᠷ ᠪᠣᠳᠣᠭᠰᠠᠨ ᠳ᠋ᠤ᠌ ᠭᠣᠮᠣᠳᠠᠬᠤ ᠠᠭᠤᠷᠯᠠᠬᠤ ᠬᠣᠶᠠᠷ ᠵᠡᠷᠭᠡᠴᠡᠨ ᠲᠡᠭᠦᠨ ᠳ᠋ᠦ᠍ ᠬᠡᠳᠦᠨ ᠰᠢᠷᠦᠭᠦᠨ ᠦᠭᠡ ᠬᠡᠯᠡᠭᠡᠳ ᠡᠷᠭᠢᠵᠦ ᠭᠡᠷ ᠤᠷᠤᠭᠤ ᠪᠠᠨ ᠶᠠᠪᠤᠵᠤ ᠪᠠᠢᠲᠠᠯ᠎ᠠ ᠥᠷᠢᠲᠡᠢ ᠬᠥᠮᠦᠨ ᠵᠡᠭᠡᠯᠢ ᠳᠡᠭᠡᠷ᠎ᠡ ᠂ ᠥᠰᠢᠶᠡᠲᠡᠢ ᠬᠥᠮᠦᠨ ᠳᠠᠪᠠᠭᠠᠨ ᠳᠡᠭᠡᠷ᠎ᠡ ᠭᠡᠭᠴᠢ ᠪᠡᠷ ᠳᠤᠯᠮ᠎ᠠ ᠲᠠᠢ ᠲᠠᠭᠠᠷᠠᠯᠳᠤᠵᠤ ᠲᠡᠳᠡᠨ ᠦ᠌ ᠭᠡᠷ ᠲᠦ᠍ ᠣᠴᠢᠪᠠ ᠃ ᠬᠡᠳᠦᠨ ᠡᠳᠦᠷ ᠦ᠋ᠨ
ᠡᠮᠦᠨ᠎ᠡ ᠴᠢᠯᠠᠭᠤᠨ ᠳᠤᠯᠮ᠎ᠠ ᠶ᠋ᠢᠨ ᠳ᠋ᠦ᠍ ᠬᠣᠶᠠᠷ ᠤᠳᠠᠭ᠎ᠠ ᠣᠴᠢᠵᠤ ᠰᠠᠭᠤᠶ᠎ᠠ ᠭᠡᠵᠦ ᠭᠤᠶᠤᠭᠰᠠᠨ ᠃ ᠳᠤᠯᠮ᠎ᠠ ᠲᠡᠭᠦᠨ ᠲᠡᠢ ᠰᠠᠭᠤᠬᠤ ᠰᠡᠳᠬᠢᠯ ᠦᠭᠡᠢ ᠭᠡᠵᠦ ᠬᠡᠯᠡᠭᠰᠡᠨ ᠢ᠋ ᠰᠣᠨᠣᠰᠪᠠ ᠃ ᠪᠠᠰᠠ ᠳᠤᠯᠮ᠎ᠠ ᠶ᠋ᠢᠨ ᠶᠠᠷᠢᠶ᠎ᠠ ᠪᠦᠬᠦᠨ ᠡᠴᠡ ᠲᠡᠭᠦᠨ ᠦ᠌ ᠨᠠᠳᠠ ᠰᠡᠳᠬᠢᠯ ᠲᠡᠢ ᠶ᠋ᠢ ᠨᠢ ᠮᠡᠳᠡᠭᠰᠡᠨ ᠪᠣᠯᠪᠠᠴᠤ ᠶᠠᠭᠤ ᠴᠤ᠌ ᠬᠡᠯᠡᠭᠰᠡᠨ ᠦᠭᠡᠢ ᠪᠤᠴᠠᠪᠠ ᠃ ᠭᠡᠲᠡᠯ᠎ᠡ ᠴᠢᠯᠠᠭᠤᠨ ᠥᠪᠡᠷ ᠦ᠋ᠨ ᠢ᠋ᠶ᠋ᠡᠨ ᠰᠠᠭᠤᠬᠤ ᠭᠡᠵᠦ ᠪᠠᠢᠭᠰᠠᠨ ᠬᠡᠦᠬᠡᠨ ᠢ᠋ ᠪᠤᠯᠢᠶᠠᠯ᠎ᠠ ᠭᠡᠵᠦ ᠲᠠᠨᠢᠯ ᠨᠥᠬᠥᠳ ᠲᠦ᠍ ᠶᠠᠷᠢᠭᠰᠠᠨ ᠢ᠋ ᠰᠣᠨᠣᠰᠤᠭᠠᠳ ᠠᠭᠤᠷ ᠬᠦᠷᠴᠦ ᠲᠡᠭᠦᠨ ᠲᠡᠢ ᠠᠭᠤᠯᠵᠠᠨ ᠬᠡᠷᠡᠯᠳᠦᠵᠦ ᠲᠠᠩᠭᠠᠷᠢᠭ ᠲᠠᠰᠤᠷᠠᠪᠠ (ᠨᠠᠢᠷ ᠵᠢᠷᠤᠮ ᠡᠪᠳᠡᠷᠡᠪᠡ ) ᠃ ᠨᠥᠬᠥᠳ ᠮᠢᠨᠢ ᠴᠦ᠍ ᠨᠠᠮ᠎ᠠ ᠶ᠋ᠢ ᠶᠠᠮᠠᠷ ᠴᠤ᠌ ᠪᠤᠷᠤᠭᠤ ᠦᠭᠡᠢ ᠶ᠋ᠢ ᠮᠡᠳᠡᠵᠦ ᠴᠢᠯᠠᠭᠤᠨ ᠢ ᠵᠢᠮᠡᠯᠡᠪᠡ ᠃ ᠭᠡᠪᠡᠴᠦ ᠲᠡᠭᠦᠨ ᠦ᠌ ᠭᠦᠳᠬᠡᠬᠦ ᠨᠢ ᠬᠢᠷᠢ ᠬᠡᠮᠵᠢᠶᠡᠨ ᠡᠴᠡ ᠬᠡᠲᠦᠷᠡᠭᠡᠳ ᠪᠢᠳᠡ ᠬᠣᠶᠠᠷ ᠨᠠᠮ᠎ᠠ ᠶ᠋ᠢᠨ ᠲᠣᠪᠴᠢᠶ᠎ᠠ ᠪᠠᠷ ᠬᠡᠷᠡᠭ ᠰᠢᠭᠦᠯᠭᠡᠵᠦ ᠂ ᠴᠢᠯᠠᠭᠤᠨ ᠪᠤᠷᠤᠭᠤᠲᠠᠨ ᠪᠣᠯᠵᠤ ᠰᠠᠨᠠᠭᠤᠯᠭ᠎ᠠ ᠠᠪᠤᠯ᠎ᠠ ᠃ ᠲᠡᠷᠡ ᠡᠳᠦᠷ ᠡᠴᠡ ᠡᠬᠢᠯᠡᠨ ᠰᠡᠳᠬᠢᠯ ᠳ᠋ᠦ᠍ ᠮᠢᠨᠢ ᠳᠤᠯᠮ᠎ᠠ ᠳᠣᠲᠣᠨᠣ ᠪᠣᠯᠵᠤ ᠭᠤᠷᠪᠠᠨ ᠰᠠᠷ᠎ᠠ ᠶ᠋ᠢᠨ ᠳᠠᠷᠠᠭ᠎ᠠ ᠪᠢᠳᠡ ᠬᠣᠶᠠᠷ ᠰᠠᠭᠤᠪᠠ ᠃
ᠢᠩᠭᠢᠭᠡᠳ ᠠᠢᠯ ᠪᠣᠯᠵᠤ ᠬᠠᠭᠠᠰ ᠵᠢᠯ ᠭᠠᠷᠤᠢ ᠪᠣᠯᠤᠯ᠎ᠠ ᠃
               ᠵᠢᠷᠭᠤᠭ᠎ᠠ
   ᠨᠢᠭᠡ ᠰᠥᠨᠢ ᠡᠭᠦᠳᠡ ᠶ᠋ᠢ ᠮᠢᠨᠢ ᠬᠦᠴᠦᠲᠡᠢ ᠪᠠᠯᠪᠠᠯᠠᠭᠰᠠᠨ ᠠ᠋ᠴᠠ ᠰᠣᠴᠢᠨ ᠰᠡᠷᠡᠵᠦ ᠪᠣᠰᠤᠭᠠᠳ ᠂ ᠲᠠᠢᠯᠵᠤ ᠥᠭᠪᠡᠯ ᠡᠩ ᠦ᠋ᠨ ᠬᠣᠪᠴᠠᠰᠤᠲᠠᠢ ᠭᠤᠷᠪᠠᠨ ᠬᠥᠮᠦᠨ ᠣᠷᠣᠵᠤ ᠢᠷᠡᠭᠡᠳ ᠄
   - ᠳᠣᠷᠵᠢ ᠭᠡᠳᠡᠭ ᠦᠦ? ᠭᠡᠬᠦ ᠳ᠋ᠦ᠍ ᠨᠢ ᠪᠢ ᠄
   - ᠲᠡᠢᠮᠦ ᠠ᠋ ᠳᠣᠷᠵᠢ ᠭᠡᠳᠡᠭ ᠭᠡᠯ᠎ᠡ ᠃
   - ᠪᠤᠰᠢᠭᠤᠬᠠᠨ ᠴᠡᠪᠡᠷ ᠳᠤᠯᠠᠭᠠᠨ ᠬᠤᠪᠴᠠᠰᠤ ᠪᠠᠨ ᠡᠮᠦᠰ ᠭᠡᠵᠦ ᠨᠢᠭᠡ ᠨᠢ ᠲᠤᠰᠢᠶᠠᠩᠭᠤᠢ ᠬᠡᠯᠡᠬᠦ ᠳ᠋ᠦ᠍ ᠨᠢ ᠮᠢᠨᠦ ᠡᠭᠳᠡᠭᠦᠦ ᠬᠦᠷᠬᠦ ᠰᠢᠭ ᠪᠣᠯᠵᠤ ᠄
   -  ᠶᠠᠭᠠᠬᠢᠬᠤ ᠨᠢ ᠪᠣᠢ ᠂ ᠲᠠ ᠨᠠᠷ ᠶᠠᠭᠤᠨ ᠤ᠋ ᠤᠯᠤᠰ ᠪᠣᠢ ᠭᠡᠵᠦ ᠭᠡᠳᠡᠷᠡᠩᠭᠦᠢ ᠳᠠᠭᠤ ᠪᠠᠷ ᠠᠰᠠᠭᠤᠪᠠ ᠃
   - ᠡᠭᠦᠨ ᠢ᠋ ᠦᠵᠡᠭᠡᠳ ᠤᠢᠯᠠᠭ᠎ᠠ ᠭᠡᠵᠦ ᠵᠢᠵᠢᠭᠬᠡᠨ ᠤᠯᠠᠭᠠᠨ ᠬᠠᠭᠤᠳᠠᠰᠤ ᠥᠭᠭᠦᠭᠰᠡᠨ  ᠢ᠋ ᠠᠪᠴᠤ ᠦᠵᠡᠪᠡᠯ ᠨᠠᠮ᠎ᠠ ᠶ᠋ᠢ ᠳᠠᠢᠴᠢᠯᠠᠨ ᠪᠠᠷᠢᠪᠴᠢᠯᠠᠬᠤ ᠶᠢ ᠵᠥᠪᠰᠢᠶᠡᠷᠡᠭᠰᠡᠨ ᠪᠠᠷᠢᠪᠴᠢᠯᠠᠭ᠎ᠠ ᠶ᠋ᠢᠨ ᠪᠢᠴᠢᠭ ᠪᠠᠢᠪᠠ ᠃ ᠵᠢᠪᠡᠭᠦᠦ ᠴᠦ᠍ ᠬᠦᠷᠬᠦ ᠰᠢᠭ ᠂ ᠠᠶᠤᠬᠤ ᠴᠤ᠌ ᠰᠢᠭ᠋ ᠪᠣᠯᠵᠤ ᠄
   - ᠬᠢᠭᠰᠡᠨ ᠬᠡᠷᠡᠭ ᠪᠠᠢᠬᠤ ᠦᠭᠡᠢ ᠃ ᠶᠠᠭᠤ ᠪᠣᠯᠤᠭᠠᠳ ᠨᠠᠮ᠎ᠠ ᠶ᠋ᠢ ᠪᠠᠷᠢᠬᠤ ᠪᠣᠯᠤᠭᠰᠠᠨ ᠶᠤᠮ ᠭᠡᠰᠡᠨ ᠴᠢᠨᠢ ᠨᠢᠭᠡ ᠨᠢ ᠪᠦᠷ ᠵᠠᠩᠳᠤᠷᠤᠩᠭᠤᠢ ᠳᠠᠭᠤ ᠪᠠᠷ ᠄
   - ᠣᠴᠢᠭᠠᠳ ᠮᠡᠳᠡᠨ᠎ᠡ ᠭᠡᠵᠦ ᠬᠡᠯᠡᠪᠡ ᠃ ᠪᠢ ᠤᠯᠤᠰ ᠤ᠋ᠨ ᠡᠰᠡᠷᠭᠦ ᠶᠠᠮᠠᠷ ᠴᠤ᠌ ᠬᠡᠷᠡᠭ ᠬᠢᠭᠡ ᠦᠭᠡᠢ ᠪᠣᠯᠬᠣᠷ ᠠᠨᠳᠠᠭᠤᠷᠠᠭᠰᠠᠨ ᠨᠢ ᠳᠠᠮᠵᠢᠭ ᠦᠭᠡᠢ ᠃ ᠢᠩᠭᠢᠬᠦᠯᠡᠷ ᠲᠡᠳᠡᠨ ᠲᠡᠢ ᠮᠠᠷᠭᠤᠵᠤ ᠪᠠᠢᠬᠤ ᠶ᠋ᠢᠨ ᠣᠷᠣᠨ ᠳᠤ ᠲᠦᠷᠭᠡᠨ ᠣᠴᠢᠵᠤ ᠵᠣᠬᠢᠬᠤ ᠬᠥᠮᠦᠰ ᠲᠡᠢ ᠶᠠᠷᠢᠯᠴᠠᠨ ᠤᠴᠢᠷ ᠢ᠋ᠶ᠋ᠠᠨ ᠣᠯᠤᠶ᠎ᠠ ᠭᠡᠵᠦ ᠰᠢᠢᠳᠦᠭᠡᠳ ᠬᠤᠪᠴᠠᠰᠤ ᠪᠠᠨ ᠡᠮᠦᠰᠴᠦ ᠄
   - ᠨᠠᠳᠠ ᠬᠢᠭᠰᠡᠨ ᠬᠡᠷᠡᠭ ᠪᠠᠢᠬᠤ ᠦᠭᠡᠢ ᠃ ᠪᠢ ᠣᠴᠢᠵᠤ ᠤᠴᠢᠷ ᠢ᠋ᠶ᠋ᠠᠨ ᠣᠯᠤᠭᠠᠳ ᠲᠦᠷᠭᠡᠨ ᠢᠷᠡᠶ᠎ᠡ ᠭᠡᠵᠦ ᠳᠤᠯᠮ᠎ᠠ ᠳ᠋ᠤ᠌ ᠪᠠᠨ ᠬᠡᠯᠡᠭᠰᠡᠨ ᠴᠢᠨᠢ ᠲᠡᠷᠡ ᠤᠬᠢᠯᠠᠵᠤ ᠄《 ᠡᠨᠡ ᠴᠢᠨᠢ ᠶᠠᠭᠤ ᠪᠣᠯᠵᠤ ᠪᠠᠢᠭ᠎ᠠ ᠶᠤᠮ ᠪᠣᠢ ? ᠴᠢ ᠪᠠᠷᠢᠭᠳᠠᠬᠤ ᠬᠡᠷᠡᠭ ᠬᠢᠭᠰᠡᠨ ᠶᠦ᠍ᠮ ᠭᠡᠵᠦ ᠦᠦ ! 》ᠭᠡᠳ ᠯᠡ ᠰᠦᠢᠳ ᠪᠣᠯᠪᠠ ᠃ ᠲᠡᠭᠡᠲᠡᠯ᠎ᠡ ᠨᠥᠭᠥᠭᠡ ᠭᠤᠷᠪᠠ ᠶ᠋ᠢᠨ ᠨᠢᠭᠡ ᠨᠢ ᠨᠠᠮ᠎ᠠ ᠶ᠋ᠢ ᠲᠦᠷᠭᠡᠨ ᠶᠠᠪᠤ᠋ ᠭᠡᠵᠦ ᠱᠠᠭᠠᠷᠳᠠᠪᠠ ᠃ ᠢᠩᠭᠢᠭᠡᠳ ᠶᠠᠪᠤᠬᠤ ᠳ᠋ᠤ᠌ ᠲᠡᠳᠡ ᠨᠠᠮ᠎ᠠ ᠶ᠋ᠢ ᠤᠷᠭᠤᠴᠢᠬᠠᠨ᠎ᠠ ᠭᠡᠰᠡᠨ ᠶᠦ᠍ᠮ ᠰᠢᠭ ᠲᠠᠯ᠎ᠠ ᠪᠦᠷᠢ ᠡᠴᠡ ᠠᠩᠭᠠᠢᠯᠳᠤᠨ ᠶᠠᠪᠤᠵᠤ ᠪᠠᠢᠭ᠎ᠠ ᠶ᠋ᠢ ᠬᠠᠷᠠᠭᠠᠳ ᠂ 《 ᠬᠣᠶᠠᠷᠬᠠᠨ ᠵᠢᠯ ᠦ᠋ᠨ ᠡᠮᠦᠨ᠎ᠡ ᠳᠠᠢᠰᠤᠨ ᠤ᠋ ᠰᠤᠮᠤ ᠶ᠋ᠢᠨ ᠳᠤᠮᠳᠠᠭᠤᠷ ᠡᠬᠡ ᠣᠷᠣᠨ ᠢ᠋ᠶ᠋ᠠᠨ ᠬᠠᠮᠠᠭᠠᠯᠠᠨ ᠦᠷ᠎ᠡ ᠬᠡᠦᠬᠡᠳ ᠢ᠋ᠶ᠋ᠡᠨ ᠣᠷᠬᠢᠵᠤ ᠠᠮᠢ ᠴᠥᠯᠡᠨ ᠲᠤᠯᠤᠯᠳᠤᠵᠤ ᠶᠠᠪᠤᠭᠰᠠᠨ ᠬᠥᠮᠦᠨ ᠣᠳᠣ ᠡᠨᠡ ᠭᠤᠷᠪᠠᠨ ᠳᠣᠯᠳᠣᠷᠠᠢ ᠬᠠᠷ᠎ᠠ ᠬᠦᠦ ᠳ᠋ᠦ᠍ ᠂ ᠲᠡᠭᠡᠬᠦ ᠳ᠋ᠦ᠍ ᠪᠡᠨ ᠥᠪᠡᠷ ᠦ᠋ᠨ ᠲᠠᠯ᠎ᠠ ᠶ᠋ᠢᠨ ᠨᠢᠭᠡ ᠰᠡᠳᠬᠢᠯ ᠂ ᠨᠢᠭᠡ ᠵᠣᠷᠢᠯᠭ᠎ᠠ ᠲᠠᠢ ᠬᠥᠮᠦᠰ ᠲᠦ᠍ ᠶᠠᠮᠠᠷ ᠴᠤ᠌ ᠬᠡᠷᠡᠭ ᠦᠭᠡᠢ ᠪᠠᠢᠲᠠᠯ᠎ᠠ ᠶᠠᠯᠠᠲᠠᠨ ᠪᠣᠯᠵᠤ ᠲᠠᠭᠤᠭᠳᠠᠭᠠᠳ ᠶᠠᠪᠤᠵᠤ ᠪᠠᠢᠬᠤ ᠭᠡᠵᠦ ᠳᠠ 》 ᠭᠡᠵᠦ ᠪᠣᠳᠣᠬᠤ ᠳ᠋ᠤ᠌ ᠰᠡᠳᠬᠢᠯ ᠳ᠋ᠦ᠍ ᠠᠶᠠᠭᠦᠢ ᠮᠠᠭᠤᠬᠠᠢ ᠪᠠᠢᠭᠰᠠᠨ ᠪᠣᠯᠪᠠᠴᠤ ᠣᠴᠢᠭᠠᠳ ᠦᠨᠡᠨ ᠮᠥᠨ ᠢ᠋ᠶ᠋ᠡᠨ ᠣᠯᠤᠭᠠᠳ ᠲᠦᠷᠭᠡᠨ ᠬᠠᠷᠢᠨ᠎ᠠ ᠭᠡᠵᠦ ᠰᠡᠳᠬᠢᠯ ᠢ᠋ᠶ᠋ᠡᠨ ᠵᠠᠰᠠᠨ ᠶᠠᠪᠤᠵᠤ ᠪᠢᠯᠡ ᠃
    ᠪᠠᠢᠰᠢᠩ ᠳ᠋ᠤ᠌ ᠣᠷᠣᠲᠠᠯ᠎ᠠ ᠤᠷᠢᠳᠤ ᠲᠠᠨᠢᠬᠤ ᠳᠡᠳ᠋ ᠬᠤᠷᠠᠩᠳᠠ ᠵᠣᠭᠰᠣᠵᠤ ᠪᠠᠢᠬᠤ ᠳ᠋ᠤ᠌ ᠨᠢ ᠪᠠᠶᠠᠷᠯᠠᠵᠤ ᠂《 ᠳᠡᠳ᠋ ᠬᠤᠷᠠᠩᠳᠠ ᠶ᠋ᠢᠨ ᠠᠮᠤᠷ  ᠢ᠋ ᠡᠷᠢᠶ᠎ᠡ 》ᠭᠡᠵᠦ ᠭᠠᠷ ᠢ᠋ᠶ᠋ᠠᠨ ᠰᠤᠩᠭᠠᠨ ᠣᠴᠢᠲᠠᠯ᠎ᠠ ᠲᠡᠷᠡ ᠬᠠᠷᠢᠭᠤ ᠳᠤᠤᠭᠠᠷᠤᠭᠰᠠᠨ ᠦᠭᠡᠢ ᠵᠠᠢᠯᠠᠪᠠ ᠃
   - ᠳᠡᠳ᠋ ᠬᠤᠷᠠᠩᠳᠠ  ᠳ᠋ᠤ᠌ ᠬᠡᠷᠡᠭᠲᠡᠨ ᠳᠣᠷᠵᠢ ᠶᠢ ᠪᠠᠷᠢᠪᠴᠢᠯᠠᠨ ᠢᠷᠡᠭᠰᠡᠨ ᠢ᠋ ᠮᠡᠳᠡᠭᠳᠡᠶ᠎ᠡ ᠭᠡᠵᠦ ᠨᠥᠭᠥᠭᠡ ᠭᠤᠷᠪᠠ ᠶ᠋ᠢᠨ ᠨᠢᠭᠡ ᠨᠢ ᠬᠡᠯᠡᠪᠡ ᠃
   - ᠵᠠ ᠮᠡᠳᠡᠯ᠎ᠡ ᠂ ᠭᠦᠢᠴᠡᠳᠭᠡ ! ᠭᠡᠵᠦ ᠳᠡᠳ᠋ ᠬᠤᠷᠠᠩᠳᠠ ᠶ᠋ᠢᠨ ᠬᠡᠯᠡᠬᠦ ᠳ᠋ᠦ᠍ ᠨᠥᠬᠥᠭᠡ ᠭᠤᠷᠪᠠ ᠢᠷᠡᠵᠦ ᠂ ᠴᠢᠰᠤ ᠪᠠᠨ ᠤᠷᠤᠰᠬᠠᠵᠤ ᠪᠠᠢᠮᠠᠨᠵᠢᠨ ᠬᠦᠷᠲᠡᠭᠰᠡᠨ ᠲᠡᠮᠳᠡᠭ  ᠦ᠋ᠳ  ᠢ᠋ ᠮᠢᠨᠢ ᠲᠠᠰᠤ ᠲᠡᠳᠡᠨ ᠠᠪᠬᠤ ᠳ᠋ᠤ᠌ ᠪᠢ ᠡᠰᠡᠷᠭᠦᠴᠡᠭᠰᠡᠨ ᠪᠣᠯᠪᠠᠴᠤ ᠲᠤᠰᠠ ᠪᠣᠯᠤᠭᠰᠠᠨ ᠦᠭᠡᠢ ᠃ ᠲᠡᠭᠡᠭᠡᠳ ᠬᠡᠨ ᠲᠡᠢ ᠴᠦ᠍ ᠠᠭᠤᠯᠵᠠᠭᠤᠯᠤᠭᠰᠠᠨ ᠦᠭᠡᠢ ᠱᠣᠷᠣᠩ ᠳ᠋ᠤ᠌ ᠬᠢᠬᠦ ᠳ᠋ᠦ᠍ ᠨᠢ ᠄
   - ᠭᠡᠮ ᠦᠭᠡᠢ ᠬᠥᠮᠦᠨ ᠢ᠋ ᠬᠣᠷᠢᠬᠤ ᠡᠷᠬᠡ ᠲᠠ ᠨᠠᠷ ᠲᠤ᠌ ᠪᠠᠢᠬᠤ ᠦᠭᠡᠢ ᠂ ᠲᠠ ᠨᠠᠷ ᠮᠡᠳᠡᠳᠡᠭ ᠦᠭᠡᠢ ᠶᠦ᠍ᠮ ᠪᠣᠯ ᠮᠡᠳᠡᠳᠡᠭ ᠬᠥᠮᠦᠨ ᠲᠡᠢ ᠪᠡᠨ ᠠᠭᠤᠯᠵᠠᠭᠤᠯᠤᠭᠠᠳ ᠠᠯᠢ ᠃ ᠪᠢ ᠦᠨᠡᠨ ᠵᠥᠪᠬᠡᠨ ᠢ᠋ᠶ᠋ᠡᠨ ᠣᠯᠤᠶ᠎ᠠ ᠭᠡᠰᠡᠨ  ᠳ᠋ᠦ᠍ ᠨᠥᠬᠥᠭᠡ ᠭᠤᠷᠪᠠ ᠶ᠋ᠢᠨ ᠨᠢᠭᠡ ᠨᠢ ᠰᠢᠷᠦᠭᠦᠨ ᠳᠠᠭᠤ ᠪᠠᠷ ᠄
   - ᠴᠢ ᠪᠢᠲᠡᠭᠡᠢ ᠬᠠᠰᠬᠢᠷᠤᠭᠠᠳ ᠪᠠᠢ ᠃ ᠴᠢᠨᠦ ᠳᠤᠷ᠎ᠠ ᠪᠠᠷ ᠪᠣᠯᠳᠠᠭ ᠦᠭᠡᠢ ᠶᠦ᠍ᠮ ᠭᠡᠵᠦ ᠬᠡᠯᠡᠭᠡᠳ ᠬᠠᠭᠠᠯᠭ᠎ᠠ ᠬᠠᠭᠠᠵᠤ ᠳᠠᠩ ᠬᠢᠲᠡᠯ᠎ᠡ ᠴᠣᠣᠵᠢᠯᠠᠭᠠᠳ ᠶᠠᠪᠤᠴᠢᠬᠠᠪᠠ ᠃ ᠲᠡᠷᠡ ᠴᠣᠣᠵᠢ ᠶ᠋ᠢᠨ ᠮᠠᠭᠤᠬᠠᠢ ᠳᠤᠤᠭᠠᠷᠤᠭᠰᠠᠨ ᠭᠡᠳᠡᠭ ᠢ᠋ ᠰᠠᠨᠠᠬᠤ ᠪᠦᠷᠢ ᠶᠠᠰᠤᠨ ᠳ᠋ᠤ᠌ ᠶᠠᠩᠭᠢᠨᠠᠵᠤ ᠰᠡᠳᠬᠢᠯ ᠡᠪ ᠦᠭᠡᠢ ᠪᠣᠯᠳᠠᠭ ᠶᠤᠮ ᠃
   ᠴᠢᠭᠢᠭ ᠳᠠᠭᠠᠭᠠᠭᠰᠠᠨ ᠬᠠᠷᠠᠩᠭᠤᠢ ᠲᠠᠰᠤᠯᠭᠠᠨ ᠳ᠋ᠤ᠌ ᠭᠠᠭᠴᠠᠭᠠᠷ ᠢ᠋ᠶ᠋ᠠᠨ ᠰᠠᠭᠤᠵᠤ ᠪᠠᠢᠬᠤ ᠳ᠋ᠤ᠌ ᠬᠠᠨ᠎ᠠ ᠶ᠋ᠢ ᠮᠥᠷᠭᠥᠭᠡᠳ ᠦᠬᠦᠮᠡᠷ ᠪᠣᠳᠣᠭᠳᠠᠵᠤ ᠪᠠᠢᠯ᠎ᠠ ᠃ ᠭᠡᠪᠡᠴᠦ ᠡᠨᠡ ᠶᠠᠪᠤᠳᠠᠯ ᠤ᠋ᠨ ᠴᠠᠭᠠᠨ᠎ᠠ ᠥᠪᠡᠷ ᠦ᠋ᠨ ᠵᠠᠰᠠᠭ ᠂ ᠥᠪᠡᠷ ᠤᠨ ᠮᠢᠨᠢ ᠮᠠᠨ ᠪᠠᠢᠭ᠎ᠠ ᠶᠤᠮ ᠬᠣᠢᠨ᠎ᠠ ᠦᠨᠡᠨ ᠵᠥᠪᠬᠡᠨ ᠢ᠋ ᠯᠠᠪ ᠣᠯᠤᠨ᠎ᠠ ᠭᠡᠵᠦ ᠢᠳᠡᠭᠡᠨ ᠂ ᠲᠡᠷᠡ ᠢᠲᠡᠭᠡᠯ ᠢᠶᠠᠨ ᠲᠦᠰᠢᠵᠦ ᠴᠣᠣᠵᠢ ᠲᠠᠢᠯᠤᠭᠳᠠᠬᠤ ᠶ᠋ᠢ ᠬᠦᠯᠢᠶᠡᠨ ᠰᠠᠭᠤᠪᠠ ᠃ ᠵᠢᠵᠢᠭᠬᠡᠨ ᠭᠡᠭᠡᠪᠴᠢ ᠪᠡᠷ ᠨᠠᠷᠠ ᠲᠣᠰᠴᠤ ᠥᠷᠯᠥᠭᠡ ᠪᠣᠯᠪᠠ ᠂ ᠤᠳᠠᠬᠤ ᠦᠭᠡᠢ ᠬᠠᠭᠠᠯᠭᠠᠨ ᠤ᠋ ᠵᠢᠵᠢᠭ ᠨᠦᠬᠡ ᠨᠡᠭᠡᠭᠡᠭᠳᠡᠬᠦ ᠳ᠋ᠦ᠍ ᠤᠬᠤᠰᠬᠢᠨ ᠪᠣᠰᠴᠤ ᠣᠴᠢᠪᠠᠯ ᠴᠠᠭᠠᠨ ᠲᠡᠮᠦᠷ ᠰᠠᠪᠠ ᠲᠠᠢ ᠬᠣᠭᠣᠯᠠ ᠂ ᠫᠡᠯᠠᠩ ᠲᠠᠢ ᠬᠦᠷᠡᠩ ᠠᠶᠠᠭ᠎ᠠ ᠲᠠᠢ ᠴᠠᠢ ᠪᠠᠢᠪᠠ ᠃ ᠪᠢ ᠬᠣᠭᠣᠯᠠ ᠴᠠᠢ ᠶ᠋ᠢ ᠴᠠᠭᠠᠱᠢ ᠲᠦᠯᠬᠢᠵᠦ ᠤᠨᠠᠭᠠᠭᠠᠳ ᠬᠠᠭᠠᠯᠭᠠᠨ ᠤ᠋ ᠨᠦᠬᠡ ᠪᠡᠷ ᠬᠣᠭᠣᠯᠠ ᠥᠭᠭᠦᠭᠰᠡᠨ ᠬᠥᠮᠦᠨ ᠤ ᠬᠣᠢᠨ᠎ᠠ ᠠ᠋ᠴᠠ《 ᠬᠥᠶᠢ ᠂ ᠨᠥᠬᠥᠷ ᠠ᠋ ᠂ ᠨᠠᠮ᠎ᠠ ᠶ᠋ᠢ ᠭᠠᠷᠭᠠᠭᠠᠳ ᠠᠯᠢ 》 ᠭᠡᠵᠦ ᠬᠠᠰᠬᠢᠷᠪᠠ ᠃
   -  ᠶᠠᠮᠠᠷ ᠣᠮᠣᠭᠲᠠᠢ ᠡᠷ᠎ᠡ ᠪᠣᠢ ᠃ ᠭᠠᠢᠭᠤᠢ ᠨᠣᠮᠣᠬᠠᠷᠠᠨ᠎ᠠ ᠭᠡᠵᠦ ᠲᠠᠴᠢᠭᠢᠨᠠᠲᠠᠯ᠎ᠠ ᠢᠨᠢᠶᠡᠭᠡᠳ ᠴᠠᠭᠠᠱᠢ ᠶᠠᠪᠤᠴᠢᠬᠠᠪᠠ ᠃ ᠠᠷᠭ᠎ᠠ ᠮᠤᠬᠤᠷᠳᠠᠨ ᠭᠡᠳᠡᠷᠭᠦ ᠪᠤᠴᠠᠵᠤ ᠰᠠᠭᠤᠪᠠ ᠃ ᠶᠠᠭᠤ ᠪᠣᠯᠵᠤ ᠪᠠᠢᠨ᠎ᠠ ᠳᠠ᠃ ᠡᠨᠡ ᠴᠢᠭᠢᠭ ᠲᠡᠢ ᠬᠠᠷ᠎ᠠ ᠨᠦᠬᠡᠨ ᠳ᠋ᠦ᠍ ᠣᠷᠣᠬᠤ ᠭᠡᠵᠦ ᠠᠮᠢ ᠪᠠᠨ ᠴᠦᠯᠡᠵᠦ ᠂ ᠴᠢᠰᠤ ᠪᠠᠨ ᠠᠰᠬᠠᠷᠠᠭᠤᠯᠤᠨ ᠪᠠᠢᠯᠳᠤᠭᠰᠠᠨ ᠭᠡᠵᠦ ᠦᠦ ᠭᠡᠵᠦ ᠪᠣᠳᠣᠬᠤ ᠳ᠋ᠤ᠌ ᠭᠣᠮᠣᠳᠠᠬᠤ ᠭᠠᠢᠬᠠᠬᠤ ᠬᠣᠯᠢᠯᠳᠤᠨ ᠪᠠᠢᠪᠠ ᠃ ᠡᠰᠡᠬᠦᠯ᠎ᠡ ᠴᠢ ᠬᠡᠷᠡᠭ ᠬᠢᠭᠰᠡᠨ ᠬᠥᠮᠦᠨ ᠦᠦ ᠭᠡᠵᠦ ᠪᠦᠬᠦ ᠠᠮᠢᠳᠤᠷᠠᠯ ᠢ᠋ᠶ᠋ᠠᠨ ᠪᠣᠳᠣᠬᠤ ᠳ᠋ᠤ᠌ ᠡᠨᠳᠡ ᠣᠷᠣᠵᠤ ᠢᠷᠡᠭᠡᠳ ᠄《 ᠡᠬᠡ ᠣᠷᠣᠨ ᠠ᠋ᠴᠠ ᠪᠠᠨ ᠤᠷᠪᠠᠭᠴᠢ ᠪᠣᠰ 》ᠭᠡᠵᠦ ᠵᠠᠩᠳᠤᠷᠠᠪᠠ  ᠃《 ᠤᠷᠪᠬᠠᠴᠢ 》ᠭᠡᠳᠡᠭ ᠨᠡᠷ᠎ᠡ ᠶ᠋ᠢ ᠰᠣᠨᠣᠰᠬᠤ ᠲᠠᠢ ᠵᠡᠷᠭᠡ ᠪᠦᠬᠦ ᠪᠡᠶ᠎ᠡ ᠵᠢᠷᠤᠰᠬᠢᠵᠦ ᠳᠣᠲᠣᠷ᠎ᠠ ᠮᠠᠨᠠᠷᠠᠨ ᠄《 ᠪᠢᠲᠡᠭᠡᠢ ᠭᠦᠳᠬᠡ ! ᠴᠢᠮ᠎ᠠ ᠶ᠋ᠢ ᠬᠣᠲᠠ ᠳ᠋ᠤ᠌ ᠬᠡᠦᠬᠡᠨ ᠡᠷᠭᠢᠭᠦᠯᠵᠦ ᠶᠠᠪᠤᠬᠤ ᠳ᠋ᠤ᠌ ᠬᠢᠯᠢ ᠳᠡᠭᠡᠷ᠎ᠡ ᠴᠢᠰᠤ ᠪᠠᠨ ᠠᠰᠬᠠᠵᠤ ᠶᠠᠪᠤᠭᠰᠠᠨ ᠬᠥᠮᠦᠨ 》ᠭᠡᠵᠦ ᠬᠠᠰᠬᠢᠷᠤᠭᠠᠳ ᠦᠰᠦᠷᠦᠨ ᠣᠴᠢᠵᠤ ᠪᠠᠷᠢᠵᠤ ᠠᠪᠤᠭᠰᠠᠨ ᠴᠢᠨᠢ ᠬᠣᠶᠠᠷ ᠭᠤᠷᠪᠠᠨ ᠬᠥᠮᠦᠨ ᠣᠷᠣᠵᠤ ᠢᠷᠡᠭᠡᠳ ᠭᠠᠷ ᠢ᠋ ᠮᠢᠨᠢ ᠱᠠᠵᠢᠭᠢᠨᠠᠭᠤᠯᠤᠨ ᠮᠤᠰᠬᠢᠵᠦ ᠪᠠᠢᠭᠠᠳ ᠨᠠᠮ᠎ᠠ ᠶ᠋ᠢ ᠰᠠᠭᠤᠯᠭᠠᠪᠠ ᠃ ᠳᠣᠷᠣᠮᠵᠢᠯᠠᠯ ᠳ᠋ᠤ᠌ ᠶᠠᠮᠠᠷ ᠴᠤ᠌ ᠨᠡᠷ᠎ᠡ ᠬᠦᠯᠢᠶᠡᠵᠦ ᠪᠣᠯᠤᠨ᠎ᠠ ᠃ ᠬᠠᠷᠢᠨ《 ᠡᠬᠡ ᠣᠷᠣᠨ ᠠ᠋ᠴᠠ ᠪᠠᠨ ᠤᠷᠪᠠᠭᠴᠢ 》ᠭᠡᠳᠡᠭ ᠨᠡᠷ᠎ᠡ ᠶ᠋ᠢ ᠪᠢ ᠬᠡᠷᠬᠢᠪᠡᠴᠦ ᠬᠦᠯᠢᠶᠡᠬᠦ ᠦᠭᠡᠢ ᠃ ᠪᠦᠬᠦ ᠪᠡᠶ᠎ᠡ ᠮᠢᠨᠢ ᠴᠡᠴᠡᠷᠡᠨ ᠄《 ᠪᠢ ᠤᠷᠪᠠᠭᠴᠢ ᠪᠢᠰᠢ ᠂ ᠬᠠᠷᠢᠨ ᠴᠢ ᠯᠠᠪ ᠤᠷᠪᠠᠭᠴᠢ ᠪᠠᠢᠬᠤ 》ᠭᠡᠵᠦ ᠬᠠᠰᠬᠢᠷᠤᠨ ᠪᠠᠢᠪᠠ ᠃
   ᠲᠡᠷᠡ ᠣᠷᠣᠢ ᠨᠠᠮᠠᠶ᠋ᠢ ᠪᠠᠢᠴᠠᠭᠠᠯᠲᠠ ᠳ᠋ᠤ᠌ ᠠᠪᠠᠴᠢᠪᠠ ᠃ ᠶᠠᠷᠢᠶᠠᠨ ᠠ᠋ᠴᠠ ᠦᠵᠡᠪᠡᠯ ᠨᠥᠭᠥᠭᠡ ᠳᠡᠪᠰᠢᠯᠲᠡ ᠶ᠋ᠢ ᠰᠠᠨᠠᠭ᠎ᠠ ᠲᠠᠢ ᠪᠠᠷ ᠬᠢᠵᠦ ᠰᠠᠯᠠᠭ᠎ᠠ ᠴᠡᠷᠢᠭ ᠰᠦᠢᠳᠬᠡᠭᠰᠡᠨ ᠬᠡᠷᠡᠭ ᠲᠦ᠍ ᠲᠠᠲᠠᠭᠳᠠᠭᠰᠠᠨ ᠪᠣᠯᠤᠯᠲᠠᠢ ᠃ ᠪᠠᠢᠴᠠᠭᠠᠭᠴᠢ ᠨᠠᠮ᠎ᠠ ᠶ᠋ᠢ ᠮᠠᠨ ᠤ᠋ ᠠᠩᠭᠢ ᠳ᠋ᠤ᠌ ᠤᠴᠠᠷᠠᠵᠤ ᠪᠠᠢᠭᠰᠠᠨ ᠭᠠᠷᠤᠵᠠ ᠬᠣᠬᠢᠷᠠᠯ ᠢ᠋ ᠶᠠᠫᠣᠨ ᠤ᠋ ᠳᠠᠭᠠᠭᠠᠯᠭᠠᠪᠤᠷᠢ ᠪᠠᠷ ᠰᠠᠨᠠᠭᠠᠲᠠᠢ ᠬᠢᠭᠰᠡᠨ ᠪᠣᠯᠭᠠᠬᠤ ᠭᠡᠵᠦ ᠪᠢ ᠡᠨᠡ ᠪᠦᠬᠦᠨ  ᠢ᠋ ᠴᠢᠩ ᠦᠨᠡᠨ ᠰᠡᠳᠬᠢᠯ ᠢ᠋ᠶ᠋ᠡᠷ ᠢ᠋ᠶ᠋ᠡᠨ ᠡᠬᠡ ᠣᠷᠣᠨ ᠂ ᠠᠷᠠᠳ ᠲᠦᠮᠡᠨ ᠦ᠌ ᠪᠡᠨ ᠲᠥᠯᠥᠭᠡ ᠬᠢᠭᠰᠡᠨ ᠭᠡᠳᠡᠭ ᠢ᠋ᠶ᠋ᠡᠨ ᠪᠠᠲᠤᠯᠠᠬᠤ ᠭᠡᠭᠰᠡᠭᠡᠷ ᠬᠡᠳᠦᠨ ᠰᠠᠷ᠎ᠠ ᠪᠣᠯᠪᠠ ᠃ ᠲᠡᠷᠡ ᠴᠦ᠍ ᠪᠠᠢᠲᠤᠭᠠᠢ ᠨᠥᠬᠥᠳ ᠲᠡᠢ ᠪᠡᠨ ᠨᠠᠷᠭᠢᠨ ᠲᠣᠭᠯᠠᠵᠤ ᠶᠠᠷᠢᠭᠰᠠᠨ ᠶᠠᠷᠢᠶ᠎ᠠ ᠂ ᠠᠵᠢᠯ ᠬᠢᠬᠦ ᠵᠠᠭᠤᠷ᠎ᠠ ᠠᠯᠳᠠᠵᠤ ᠶᠠᠪᠤᠭᠰᠠᠨ ᠵᠢᠵᠢᠭ ᠳᠤᠲᠠᠭᠳᠠᠯ ᠴᠥᠮ ᠯᠡ ᠥᠨᠳᠡᠢᠨ ᠶᠠᠷᠢᠭᠳᠠᠵᠤ ᠪᠠᠢᠪᠠ ᠃
   ᠪᠠᠢᠴᠠᠭᠠᠭᠴᠢ ᠨᠠᠳᠠ ᠳ᠋ᠤ᠌ ᠪᠠᠢᠬᠤ ᠦᠭᠡᠢ ᠵᠦᠢᠯ ᠢ᠋ ᠣᠯᠬᠤ ᠭᠡᠵᠦ ᠂ ᠪᠢ ᠤᠷᠪᠠᠭᠴᠢ ᠪᠢᠰᠢ ᠭᠡᠳᠡᠭ ᠢ᠋ᠶ᠋ᠡᠨ ᠦᠨᠡᠨᠰᠢᠭᠦᠯᠬᠦ ᠭᠡᠵᠦ ᠵᠠᠷᠢᠮ ᠳ᠋ᠤ᠌ ᠪᠠᠨ ᠬᠡᠷᠡᠯᠳᠦᠵᠦ ᠪᠡᠶ᠎ᠡ ᠪᠡᠶ᠎ᠡ ᠪᠡᠨ ᠬᠠᠷᠠᠳᠠᠨ ᠪᠠᠢᠪᠠ ᠃ ᠨᠢᠭᠡ ᠵᠣᠷᠢᠯᠭ᠎ᠠ ᠲᠠᠢ ᠂ ᠨᠢᠭᠡ ᠵᠦᠢᠯ ᠦ᠋ᠨ ᠲᠥᠯᠥᠭᠡ ᠵᠢᠳᠬᠦᠵᠦ ᠪᠠᠢᠭ᠎ᠠ ᠬᠥᠮᠦᠰ ᠢᠩᠭᠢᠵᠦ ᠣᠢᠯᠠᠭᠠᠯᠴᠠᠵᠤ ᠴᠢᠳᠠᠬᠤ ᠦᠭᠡᠢ ᠳᠠᠢᠰᠤᠩᠨᠠᠵᠤ ᠪᠠᠢᠬᠤ ᠰᠢᠭ᠋ ᠮᠠᠭᠤᠬᠠᠢ ᠶᠠᠭᠤᠮ᠎ᠠ ᠬᠣᠪᠣᠷ ᠪᠠᠢᠬᠤ ᠠ᠋ ᠭᠡᠳ ᠳᠣᠷᠵᠢ ᠭᠤᠸᠠᠢ ᠲᠣᠯᠣᠭᠠᠢ ᠪᠠᠨ ᠠᠯᠭᠤᠷᠬᠠᠨ ᠰᠡᠭᠰᠦᠷᠬᠦ ᠳ᠋ᠦ᠍ ᠨᠢ ᠭᠠᠰᠢᠭᠤᠳᠠᠯ ᠭᠣᠮᠣᠳᠠᠯ ᠤ᠋ᠨ ᠠᠷᠭ᠎ᠠ ᠪᠠᠷᠠᠭᠳᠠᠭᠰᠠᠨ ᠰᠡᠳᠬᠢᠯ ᠨᠢᠭᠤᠷ ᠲᠤ᠌ ᠨᠢ ᠲᠣᠳᠣᠷᠠᠵᠤ ᠪᠠᠢᠪᠠ ᠃
   - ᠪᠢᠲᠡᠭᠦᠦ ᠲᠠᠰᠤᠯᠭᠠᠨ ᠳ᠋ᠤ᠌ ᠭᠠᠭᠴᠠᠭᠠᠷ ᠢ᠋ᠶ᠋ᠠᠨ ᠬᠡᠪᠲᠡᠵᠦ ᠪᠠᠢᠬᠤ ᠳ᠋ᠤ᠌ ᠪᠠᠨ ᠪᠠᠢᠴᠠᠭᠠᠭᠴᠢ ᠬᠠᠮᠢᠭ᠎ᠠ ᠠ᠋ᠴᠠ ᠠᠮᠢᠳᠤᠷᠠᠯ ᠤ᠋ᠨ ᠮᠢᠨᠢ ᠨᠠᠷᠢᠨ ᠶᠠᠪᠤᠳᠠᠯ ᠢ᠋ ᠲᠣᠳᠣᠷᠬᠠᠢ ᠮᠡᠳᠡᠪᠡ ᠭᠡᠳᠡᠭ ᠢ᠋ ᠪᠣᠳᠣᠵᠤ ᠡᠬᠢᠯᠡᠪᠡ᠃ᠲᠡᠭᠡᠭᠡᠳ ᠡᠨᠡ ᠪᠦᠬᠦᠨ ᠢ᠋ ᠨᠥᠬᠥᠭᠡ ᠴᠢᠯᠠᠭᠤᠨ ᠴᠤᠭᠯᠠᠭᠤᠯᠵᠤ ᠥᠭᠭᠥᠭᠰᠡᠨ ᠪᠣᠯᠤᠯᠲᠠᠢ ᠭᠡᠳ ᠪᠠᠢᠴᠠᠭᠠᠭᠴᠢ ᠠ᠋ᠴᠠ ᠬᠡᠳᠦᠨ ᠳᠠᠬᠢᠨ ᠠᠰᠠᠭᠤᠭᠰᠠᠨ ᠪᠣᠯᠪᠠᠴᠤ ᠤᠯᠤᠰ ᠤ᠋ᠨ ᠨᠢᠭᠤᠴᠠ ᠭᠡᠳ ᠬᠡᠯᠡᠵᠦ ᠥᠭᠭᠥᠭᠰᠡᠨ ᠦᠭᠡᠢ ᠃ ᠡᠳᠦᠷ ᠢᠷᠡᠬᠦ ᠲᠤᠲᠤᠮ ᠨᠠᠮ᠎ᠠ ᠶ᠋ᠢ ᠬᠢᠯᠢᠰ ᠬᠡᠷᠡᠭ ᠲᠦ᠍ ᠬᠢᠭᠰᠡᠨ ᠬᠥᠮᠦᠨ ᠪᠣᠯ ᠴᠢᠯᠠᠭᠤᠨ ᠭᠡᠳᠡᠭ ᠪᠣᠳᠣᠯ ᠰᠡᠳᠬᠢᠯ ᠳ᠋ᠦ᠍ ᠮᠢᠨᠢ ᠲᠣᠳᠣᠷᠬᠠᠢ ᠪᠣᠯᠵᠤ ᠪᠠᠢᠪᠠ ᠃ ᠲᠥᠷᠥ ᠲᠦᠮᠡᠨ ᠨᠢᠳᠦ ᠲᠡᠢ ᠲᠤᠯᠠ ᠵᠢᠯ ᠭᠠᠷᠤᠢ ᠪᠠᠢᠴᠠᠭᠠᠭᠳᠠᠵᠤ ᠪᠠᠢᠭᠠᠳ ᠶᠠᠮᠠᠷ ᠴᠤ᠌ ᠬᠡᠷᠡᠭ ᠦᠭᠡᠢ ᠴᠠᠭᠠᠳᠬᠠᠵᠤ ᠨᠢᠭᠡ ᠣᠷᠣᠢ ᠨᠠᠮ᠎ᠠ ᠶ᠋ᠢ ᠭᠠᠷᠭᠠᠯ᠎ᠠ ᠃
ᠦᠷᠭᠦᠯᠵᠢᠯᠡᠯ ᠪᠠᠢᠨ᠎ᠠ ᠌᠁