ᠬᠤᠭᠤᠷᠠᠭ᠎ᠠ ᠦᠭᠡᠢ ᠨᠣᠶᠠᠨ ᠨᠢᠷᠤᠭᠤ - ᠴ ᠯᠣᠳᠣᠢᠳᠠᠮᠪᠠ Хугараагүй ноён нуруу - Ч᠂Лодойдамба I ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠭᠤᠷᠠᠭ᠎ᠠ ᠦᠭᠡᠢ ᠨᠣᠶᠠᠨ ᠨᠢᠷᠤᠭᠤ - ᠴ ᠯᠣᠳᠣᠢᠳᠠᠮᠪᠠ Хугараагүй ноён нуруу - Ч᠂Лодойдамба I

ᠬᠤᠭᠤᠷᠠᠭ᠎ᠠ ᠦᠭᠡᠢ ᠨᠣᠶᠠᠨ ᠨᠢᠷᠤᠭᠤ - ᠴ ᠯᠣᠳᠣᠢᠳᠠᠮᠪᠠ Хугараагүй ноён нуруу - Ч᠂Лодойдамба I

ᠠᠩᠭᠢᠯᠠᠯ:ᠲᠤᠭᠤᠵᠢ ᠷᠣᠮᠠᠨ
2023-06-30

1424

ᠬᠤᠭᠤᠷᠠᠭ᠎ᠠ ᠦᠭᠡᠢ ᠨᠣᠶᠠᠨ ᠨᠢᠷᠤᠭᠤ

                           ᠴ ᠯᠣᠳᠤᠢᠳᠠᠮᠪᠠ

               ᠨᠢᠭᠡ
   ᠵᠤᠨ ᠤ᠋ ᠠᠳᠠᠭ ᠰᠠᠷ᠎ᠠ ᠶ᠋ᠢᠨ ᠲᠡᠷᠡ ᠨᠢᠭᠡ ᠡᠳᠦᠷ ᠪᠧᠨ᠋ᠽᠢᠨ ( ᠲᠣᠰᠣ )᠌ ᠨᠢ ᠳᠠᠭᠤᠰᠤᠭᠰᠠᠨ ᠳᠤᠭᠤᠢ ( ᠮᠣᠲ᠋ᠣᠷ )᠌   ᠶᠢᠨ ᠢ᠋ᠶ᠋ᠠᠨ ᠳᠡᠷᠭᠡᠳᠡ ᠠᠷᠭ᠎ᠠ ᠪᠠᠷᠠᠭᠳᠠᠨ ᠬᠡᠪᠲᠡᠵᠦ ᠂ ᠬᠠᠭᠠᠯᠲᠠ ᠦᠭᠡᠢ ᠬᠤᠷᠴᠠ ᠨᠠᠷᠠᠨ ᠳ᠋ᠤ᠌ ᠬᠠᠢᠷ᠎ᠠ ᠨᠠᠢᠷ ᠦᠭᠡᠢ ᠲᠥᠭᠡᠨᠡᠭᠳᠡᠨ ᠪᠠᠢᠬᠤ ᠳ᠋ᠤ᠌ ᠶᠢᠰᠦ ᠡᠬᠢᠯᠡᠭᠰᠡᠨ ᠡᠪᠦᠯ ᠦ᠋ᠨ ᠲᠠᠵᠢᠭᠢᠨᠠᠮ᠎ᠠ ᠬᠦᠢᠲᠡᠨ ᠳ᠋ᠦ᠍ ᠬᠥᠨᠳᠡᠢ ᠶ᠋ᠢᠨ ᠰᠠᠯᠬᠢᠨ ᠰᠥᠷᠦᠭᠡᠳ ᠳᠠᠪᠬᠢᠵᠤ ᠶᠠᠪᠤᠬᠤ ᠰᠢᠭ᠋ ᠰᠠᠢᠬᠠᠨ ᠵᠢᠷᠭᠠᠯ ᠡᠨᠡ ᠬᠣᠷᠸ᠎ᠠ ᠳ᠋ᠤ᠌ ᠦᠭᠡᠢ ᠶᠦ᠍ᠮ ᠰᠢᠭ ᠰᠠᠨᠠᠭᠳᠠᠵᠤ ᠪᠠᠢᠯ᠎ᠠ ᠃ ᠠᠮᠢᠰᠬᠤᠯᠯᠠᠬᠤ ᠪᠦᠷᠢ ᠠᠭᠤᠰᠬᠢ ᠤᠷᠤᠭᠤ ᠬᠠᠯᠠᠭᠤᠨ ᠤᠰᠤ ᠴᠢᠳᠬᠤᠵᠤ ᠪᠠᠢᠭ᠎ᠠ ᠶᠤᠮ ᠰᠢᠭ᠋ ᠪᠣᠯᠵᠤ ᠬᠥᠯᠥᠰᠥᠨ ᠳ᠋ᠦ᠍ ᠨᠡᠪᠲᠡᠷᠡᠭᠰᠡᠨ ᠬᠤᠪᠴᠠᠰᠤ ᠪᠡᠶ᠎ᠡ ᠳ᠋ᠦ᠍ ᠨᠠᠭᠠᠯᠳᠤᠵᠤ ᠂ ᠬᠠᠯᠠᠭᠤᠨ ᠠᠭᠤᠷ ᠢ᠋ᠶ᠋ᠠᠷ ᠵᠢᠩᠨᠡᠨ ᠨᠢᠭᠤᠷ ᠤ᠋ᠨ ᠬᠥᠯᠥᠰᠥ ᠠᠷᠴᠢᠬᠤ ᠲᠣᠰᠤᠮ ᠠᠰᠬᠠᠷᠠᠨ ᠴᠠᠮᠴᠠ ᠪᠠᠨ ᠴᠢᠮᠬᠢᠨ ᠪᠠᠢᠨ ᠪᠠᠢᠨ ᠰᠡᠭᠰᠡᠷᠪᠡᠴᠦ ᠬᠥᠩᠭᠡᠷᠡᠬᠦ ᠶᠠᠭᠤᠮ᠎ᠠ ᠣᠭᠲᠣ ᠦᠭᠡᠢ ᠃ ᠠᠮᠠ ᠵᠠᠪᠠᠭᠠᠷᠠᠵᠤ ᠂ ᠠᠩᠬᠠᠨ ᠳ᠋ᠤ᠌ ᠪᠠᠨ ᠬᠦᠢᠲᠡᠨ ᠪᠤᠯᠠᠭ ᠤ᠋ᠨ ᠤᠰᠤ ᠪᠣᠳᠣᠭᠳᠠᠵᠤ ᠪᠠᠢᠭᠰᠠᠨ ᠢ᠋ᠶ᠋ᠠᠨ ᠰᠡᠭᠦᠯ ᠳ᠋ᠦ᠍ ᠪᠡᠨ ᠵᠥᠪᠬᠡᠨ ᠤᠰᠤ ᠪᠣᠳᠣᠭᠳᠠᠵᠤ ᠳᠥᠷᠪᠡᠨ ᠴᠠᠭ ᠤ᠋ᠨ ᠡᠮᠦᠨ᠎ᠡ ᠴᠡᠯᠡᠯᠵᠡᠨ ᠤᠷᠤᠰᠴᠤ ᠪᠠᠢᠭᠰᠠᠨ ᠭᠣᠣᠯ ᠤ᠋ᠨ ᠳᠡᠷᠭᠡᠳᠡᠭᠦᠷ ᠬᠤᠷᠳᠤᠨ ᠥᠩᠭᠡᠷᠡᠬᠦ ᠳ᠋ᠦ᠍ ᠪᠡᠨ ᠶᠠᠳᠠᠵᠤ ᠭᠠᠭᠴᠠ ᠪᠠᠯᠭᠤ ᠤᠤᠭᠤᠭ᠎ᠠ ᠦᠭᠡᠢ ᠳ᠋ᠦ᠍ ᠪᠡᠨ ᠬᠠᠷᠠᠮᠰᠠᠵᠤ ᠪᠠᠢᠯ᠎ᠠ ᠃ ᠬᠠᠯᠠᠭᠤᠨ ᠡᠳᠦᠷ ᠶᠠᠭᠤᠮ᠎ᠠ ᠪᠦᠬᠦᠨ ᠬᠠᠯᠠᠭᠤᠨ ᠪᠠᠢᠳᠠᠭ ᠢ᠋ᠶ᠋ᠠᠷ ᠪᠠᠷᠠᠬᠤ ᠦᠭᠡᠢ ᠂ ᠪᠦᠬᠦ ᠶᠠᠭᠤᠮ᠎ᠠ ᠲᠡᠷᠡ ᠬᠠᠯᠠᠭᠤᠨ ᠳ᠋ᠤ᠌ ᠲᠤᠰᠠ ᠨᠡᠮᠡᠷᠢ ᠪᠣᠯᠵᠤ ᠪᠠᠢᠭ᠎ᠠ ᠶᠤᠮ ᠰᠢᠭ᠋ ᠰᠠᠨᠠᠭᠳᠠᠳᠠᠭ ᠪᠣᠯᠬᠣᠷ ᠬᠠᠵᠠᠭᠤ ᠪᠠᠷ ᠥᠩᠭᠡᠷᠡᠭᠰᠡᠨ ᠲᠡᠮᠦᠷ ᠵᠠᠮ ᠤ᠋ᠨ ᠱᠤᠭᠤᠮ ᠡᠭᠴᠡ ᠲᠤᠰᠤᠭᠰᠠᠨ ᠨᠠᠷᠠᠨ ᠳ᠋ᠤ᠌ ᠭᠢᠯᠠᠯᠵᠠᠨ ᠵᠠᠮ ᠤ᠋ᠨ ᠨᠢᠷᠤᠭᠤ ᠠ᠋ᠴᠠ ᠬᠠᠷᠢᠭᠰᠠᠨ ᠨᠠᠷᠠᠨ ᠤ᠋ ᠬᠤᠷᠴᠠ ᠭᠡᠷᠡᠯ ᠮᠢᠷᠠᠯᠵᠠᠨ ᠡᠨᠡ ᠡᠳᠦᠷ ᠦ᠋ᠨ ᠬᠠᠯᠠᠭᠤᠨ ᠢ ᠤᠯᠠᠮ ᠶᠡᠬᠡᠳᠡ ᠪᠣᠯᠭᠠᠵᠤ ᠪᠠᠢᠬᠤ ᠰᠢᠭ᠋ ᠪᠣᠳᠣᠭᠳᠠᠵᠤ ᠪᠠᠢᠪᠠ ᠃
   ᠲᠡᠮᠦᠷ ᠵᠠᠮ ᠤ᠋ᠨ ᠱᠤᠭᠤᠮ ᠳᠡᠭᠡᠭᠦᠷ ᠶᠠᠪᠤᠵᠤ ᠪᠠᠢᠭᠰᠠᠨ ᠪᠠᠷᠠᠭᠠᠨ ᠬᠤᠪᠴᠠᠰᠤ ᠲᠠᠢ ᠬᠥᠮᠦᠨ ᠨᠠᠮ᠎ᠠ ᠶ᠋ᠢ ᠬᠠᠷᠠᠭᠰᠠᠨ ᠢ᠋ᠶ᠋ᠠᠨ ᠵᠠᠮ ᠤ᠋ᠨ ᠲᠣᠪᠴᠢᠶ᠎ᠠ ᠰᠢᠷᠣᠢ ᠤᠷᠤᠭᠤ ᠠᠯᠭᠤᠷᠬᠠᠨ ᠪᠠᠭᠤᠭᠠᠳ ᠡᠷᠡᠮᠡᠭ ᠲᠣᠮᠣ ᠭᠢᠰᠬᠢᠳᠡᠯ ᠢ᠋ᠶ᠋ᠡᠷ ᠠᠯᠬᠤᠯᠠᠨ ᠨᠠᠳᠠᠳᠤ ᠤᠷᠤᠭᠤ ᠰᠢᠭᠤᠳ ᠢᠷᠡᠯ᠎ᠡ ᠃ ᠲᠡᠷᠡ ᠬᠥᠮᠦᠨ ᠲᠣᠰᠣ ᠪᠣᠯᠤᠭᠰᠠᠨ ᠬᠠᠭᠤᠴᠢᠨ ᠨᠣᠭᠣᠭᠠᠨ ᠴᠡᠷᠢᠭ ᠥᠮᠥᠳᠥ ᠂ ᠡᠨᠳᠡ ᠲᠡᠨᠳᠡ ᠨᠢ ᠴᠤᠭᠤᠷᠠᠵᠤ ᠤᠷᠠᠬᠳᠠᠨ᠂ ᠬᠥᠪᠥᠩ ᠨᠢ ᠭᠠᠷᠤᠭᠰᠠᠨ ᠬᠠᠭᠤᠴᠢᠨ ᠨᠣᠭᠣᠭᠠᠨ ᠬᠦᠷᠮ᠎ᠡ ᠡᠮᠦᠰᠴᠡᠢ ᠃ ᠵᠠᠬ᠎ᠠ ᠨᠢ ᠵᠠᠳᠠᠭᠠᠢ ᠬᠦᠷᠮᠡᠨ ᠦ᠌ ᠴᠠᠭᠠᠨ᠎ᠠ ᠶᠡᠬᠡ ᠬᠠᠭᠤᠴᠢᠷᠠᠭᠰᠠᠨ ᠨᠣᠭᠣᠭᠠᠨ ᠨᠣᠣᠰᠣᠨ ᠳᠠᠪᠤᠤ ᠴᠠᠮᠴᠠ ᠴᠤᠬᠤᠢᠵᠤ ᠪᠠᠢᠪᠠ ᠃
   - ᠠᠮᠤᠷ ᠢ ᠡᠷᠢᠶ᠎ᠡ ! ᠭᠡᠵᠦ ᠲᠡᠷᠡ ᠬᠥᠮᠦᠨ ᠬᠦᠩᠭᠢᠨᠡᠭᠰᠡᠨ ᠪᠦᠳᠦᠭᠦᠨ ᠳᠠᠭᠤ ᠪᠠᠷ ᠬᠡᠯᠡᠬᠦ ᠳ᠋ᠦ᠍ ᠨᠢ ᠰᠦᠷᠡᠬᠡᠢ ᠬᠠᠭᠤᠴᠢᠷᠠᠵᠤ ᠤᠯᠠ ᠶ᠋ᠢ ᠨᠢ ᠵᠡᠰ ᠤᠲᠠᠰᠤ ᠪᠠᠷ ᠡᠨᠳᠡ ᠲᠡᠨᠳᠡ ᠨᠢ ᠲᠣᠷᠭᠣᠵᠤ ᠤᠶᠤᠬᠰᠠᠨ ᠠᠵᠢᠯ ᠤ᠋ᠨ ᠬᠠᠷ᠎ᠠ ᠭᠤᠲᠤᠯ ᠤ᠋ᠨ ᠥᠰᠥᠭᠡᠢ ᠲᠣᠪᠬᠢᠲᠠᠯ᠎ᠠ ᠨᠡᠢᠯᠡᠪᠡ ᠃
    ᠪᠢ ᠬᠠᠷᠢᠭᠤ ᠮᠡᠨᠳᠦᠯᠡᠪᠡ ᠃ ᠲᠠᠪᠢ ᠬᠡᠯᠪᠡᠢᠵᠦ ᠵᠢᠷᠠ ᠰᠢᠬᠠᠭᠰᠠᠨ ᠪᠣᠯᠪᠠ ᠤᠤ ᠭᠡᠮᠡᠷ ᠲᠡᠷᠡ ᠡᠷ᠎ᠡ ᠶ᠋ᠢᠨ ᠦᠷᠴᠢᠯᠡᠭᠡᠰᠦ ᠰᠠᠭᠤᠭᠰᠠᠨ ᠨᠢᠭᠤᠷ ᠲᠤ᠌ ᠨᠢ ᠭᠦᠨ ᠪᠣᠳᠣᠯ ᠶᠡᠬᠡ ᠭᠠᠰᠢᠭᠤᠳᠠᠯ ᠲᠣᠭᠲᠠᠨ ᠬᠣᠩᠭᠣᠷᠯᠠᠭᠰᠠᠨ ( ᠤᠳᠠᠭᠠᠯᠢᠭ ᠪᠥᠭᠡᠳ ᠵᠥᠭᠡᠯᠡᠨ ᠬᠠᠷᠠᠴᠠ ᠶ᠋ᠢ ᠳᠦᠷᠰᠦᠯᠡᠵᠡᠢ ) ᠤᠬᠠᠭᠠᠯᠢᠭ ᠬᠣᠶᠠᠷ ᠨᠢᠳᠦ ᠨᠢ ᠠᠮᠢᠳᠤᠷᠠᠯ ᠤ᠋ᠨ ᠤᠷᠲᠤ ᠪᠥᠭᠡᠳ ᠬᠡᠴᠡᠭᠦᠦ ᠵᠠᠮ ᠲᠤᠭᠤᠯᠤᠭᠰᠠᠨ ᠤ᠋ ᠲᠡᠮᠳᠡᠭ ᠪᠠᠢᠪᠠ ᠃
   - ᠳᠤᠭᠤᠢ ᠴᠢᠨᠢ ᠡᠪᠳᠡᠷᠡᠭᠡ ᠦᠦ? ᠭᠡᠵᠦ ᠲᠡᠷᠡ ᠬᠥᠮᠦᠨ ᠠᠰᠠᠭᠤᠬᠤ ᠵᠠᠭᠤᠷ᠎ᠠ ᠮᠥᠷᠦᠨ ᠳᠡᠭᠡᠷ᠎ᠡ ᠪᠡᠨ ᠡᠭᠦᠷᠴᠦ ᠶᠠᠪᠤᠭᠰᠠᠨ ᠬᠦᠷᠵᠡ ᠂ ᠴᠠᠷᠢᠯ ᠢ᠋ᠶ᠋ᠠᠨ ᠭᠠᠵᠠᠷ ᠲᠠᠯᠪᠢᠭᠠᠳ ᠮᠢᠨᠦ ᠳᠡᠷᠭᠡᠳᠡ ᠢᠷᠡᠵᠦ ᠵᠠᠪᠢᠯᠠᠨ ᠰᠠᠭᠤᠪᠠ ᠃
   - ᠦᠭᠡᠢ ᠂ ᠡᠪᠳᠡᠷᠡᠭᠡ ᠦᠭᠡᠢ ᠂ ᠪᠧᠨ᠋ᠽᠢᠨ ᠢ᠋ᠶ᠋ᠡᠨ ᠳᠠᠭᠤᠰᠬᠠᠭᠰᠠᠨ ᠭᠡᠵᠦ ᠪᠢ ᠬᠠᠷᠢᠭᠤᠯᠪᠠ ᠃
   - ᠲᠠᠮᠠᠬᠢ ᠪᠠᠢᠨ᠎ᠠ ᠤᠤ? ᠭᠡᠵᠦ ᠲᠡᠷᠡ ᠬᠥᠮᠦᠨ ᠬᠡᠯᠡᠬᠦ ᠳ᠋ᠦ᠍ ᠨᠢ ᠬᠠᠢᠷᠴᠠᠭ ᠲᠠᠢ ᠲᠠᠮᠠᠬᠢ ᠪᠠᠨ ᠳᠡᠯᠭᠡᠵᠦ ᠪᠠᠷᠢᠪᠠ ᠃ ᠨᠥᠭᠥᠭᠡ ᠬᠥᠮᠦᠨ ᠨᠢᠭᠡ ᠰᠢᠷᠬᠡᠭ  ᠢ᠋ ᠠᠪᠴᠤ ᠂ ᠦᠵᠦᠭᠦᠷ  ᠢ᠋ ᠨᠢ ᠠᠯᠭᠤᠷ ᠢᠮᠡᠷᠴᠦ ᠰᠠᠭᠤᠭᠠᠳ ᠂ ᠡᠪᠦᠷ ᠢ᠋ᠶ᠋ᠡᠨ ᠳᠠᠷᠤᠵᠤ ᠦᠵᠡᠭᠰᠡᠨ ᠢ᠋ᠶ᠋ᠡᠨ ᠵᠥᠪᠬᠡᠨ ᠤᠷᠤᠭᠤᠯ ᠢ᠋ᠶ᠋ᠠᠷ ᠢ᠋ᠶ᠋ᠠᠨ ᠢᠨᠢᠶᠡᠮᠰᠦᠭᠯᠡᠵᠦ᠄
   - ᠬᠤᠰᠢᠭᠤᠨ ᠠ᠋ᠴᠠ ᠪᠤᠰᠤᠳ  ᠢ᠋ ᠭᠤᠶᠤᠬᠤ ᠨᠢ ᠪᠣᠯᠤᠯᠲᠠᠢ ᠂ ᠲᠠ ᠴᠦᠢᠳᠡᠩ ᠢ᠋ᠶ᠋ᠡᠨ ᠥᠭᠭᠥᠨ᠎ᠡ ᠦᠦ ᠭᠡᠵᠦ ᠬᠤᠷᠤᠭᠤ ᠪᠠᠨ ᠢᠮᠡᠷᠴᠦ ᠭᠠᠷ ᠢ᠋ᠶ᠋ᠠᠨ ᠲᠤᠰᠪᠠ ᠃
    ᠴᠦᠢᠳᠡᠩ ᠠᠪᠴᠤ ᠲᠠᠮᠠᠬᠢ ᠪᠠᠨ ᠠᠰᠠᠭᠠᠭᠠᠳ ᠬᠡᠳᠦ ᠳᠠᠬᠢᠨ ᠤᠷᠲᠤ ᠭᠡᠭᠴᠢ ᠨᠢ ᠰᠢᠨᠤᠭ ᠰᠤᠷᠤᠭᠰᠠᠨ ᠢ᠋ᠶ᠋ᠠᠨ᠄
   - ᠥᠷᠯᠥᠭᠡᠨ ᠡᠴᠡ ᠬᠣᠢᠰᠢ ᠲᠠᠲᠠᠭ᠎ᠠ ᠦᠭᠡᠢ ᠶᠦ᠍ᠮ ᠰᠠᠨ ᠂ ᠲᠣᠯᠣᠭᠠᠢ ᠮᠠᠨᠠᠷᠠᠵᠤ ( ᠳᠦᠢᠷᠡᠵᠦ ) ᠠᠶᠠᠭᠦᠢ ᠪᠠᠢᠨ᠎ᠠ ᠭᠡᠳ ᠥᠷᠭᠡᠨ ᠮᠠᠩᠨᠠᠢ ᠪᠠᠨ ᠵᠡᠭᠦᠨ ᠭᠠᠷ ᠤ᠋ᠨ ᠢ᠋ᠶ᠋ᠠᠨ ᠠᠷᠤ ᠪᠠᠷ ᠠᠷᠴᠢᠪᠠ ᠃᠌
   - ᠮᠥᠨ ᠬᠠᠯᠠᠭᠤᠨ ᠡᠳᠦᠷ ᠠ᠋ ᠭᠡᠵᠦ ᠪᠢ ᠬᠡᠯᠡᠬᠦ ᠳ᠋ᠦ᠍ ᠂ ᠲᠡᠷᠡ ᠬᠥᠮᠦᠨ ᠲᠠᠮᠠᠬᠢᠨ ᠤ᠋ ᠪᠠᠨ ᠦᠨᠡᠰᠦ ᠶ᠋ᠢ ᠨᠣᠭᠣᠭᠠᠨ ᠳᠡᠭᠡᠷ᠎ᠡ ᠨᠢᠰᠠᠯᠵᠤ ᠤᠨᠠᠭᠠᠬᠤ ᠵᠠᠭᠤᠷ᠎ᠠ ᠄
   - ᠬᠠᠯᠠᠭᠤᠨ ᠴᠤ᠌ ᠶᠠᠭᠤ ᠪᠠᠢᠬᠤ ᠪᠣᠢ ᠳᠠᠭᠤ ᠭᠡᠳ ᠥᠳᠬᠡᠨ ᠬᠠᠷ᠎ᠠ ᠬᠥᠮᠥᠰᠬᠡ ᠪᠡᠨ ᠵᠠᠩᠭᠢᠳᠤᠨ ᠲᠡᠭᠷᠢ ᠥᠭᠡᠳᠡ ᠬᠠᠷᠠᠬᠤ ᠳ᠋ᠤ᠌ ᠬᠣᠶᠠᠷ ᠨᠢᠳᠦᠨ ᠦ᠌ ᠬᠢᠨᠢ ᠳᠤᠮᠳᠠ ᠭᠤᠷᠪᠠᠨ ᠭᠦᠨ ᠠᠲᠤᠷᠢᠶ᠎ᠠ ᠲᠣᠳᠣᠷᠠᠪᠠ ᠃
   ᠲᠠᠮᠠᠬᠢᠨ ᠤ᠋ ᠪᠠᠨ ᠬᠠᠢᠷᠴᠠᠭ ᠢ᠋ ᠪᠤᠴᠠᠭᠠᠵᠤ ᠡᠪᠦᠷᠲᠦᠯᠡᠬᠦ ᠳ᠋ᠦ᠍ ᠭᠡᠷ ᠡᠴᠡ ᠠᠪᠴᠤ ᠭᠠᠷᠤᠭᠰᠠᠨ ᠴᠠᠭᠠᠰᠤᠲᠠᠢ ᠰᠢᠬᠢᠷ ᠡᠴᠡ ᠦᠯᠡᠳᠡᠭᠰᠡᠨ ᠬᠣᠶᠠᠷ ᠰᠢᠬᠢᠷ ᠭᠠᠷ ᠲᠤ᠌ ᠪᠠᠷᠢᠭᠳᠠᠭᠰᠠᠨ ᠢ᠋ ᠭᠠᠷᠭᠠᠵᠤ ᠄《 ᠲᠠ ᠰᠢᠬᠢᠷ ᠢᠳᠡ 》ᠭᠡᠳ ᠥᠭᠭᠦᠭᠰᠡᠨ ᠳ᠋ᠦ᠍ ᠲᠡᠷᠡ ᠬᠥᠮᠦᠨ ᠨᠢᠭᠡ ᠶ᠋ᠢ ᠨᠢ ᠠᠪᠴᠤ ᠠᠵᠢᠭᠯᠠᠨ ᠬᠠᠷᠠᠭᠰᠠᠨ ᠢ᠋ᠶ᠋ᠠᠨ ᠴᠡᠮᠴᠡᠨ ᠦ᠌ ᠪᠡᠨ ᠡᠩᠭᠡᠷ ᠦ᠋ᠨ ᠤᠭᠤᠲᠠᠨ ᠳ᠋ᠤ᠌ ᠬᠢᠯ᠎ᠡ ᠃
   ᠪᠢ ᠦᠯᠡᠳᠡᠭᠰᠡᠨ ᠰᠢᠬᠢᠷ ᠢ᠋ᠶ᠋ᠡᠨ ᠵᠠᠳᠠᠯᠵᠤ ᠠᠮᠠᠨ ᠳ᠋ᠤ᠌ ᠪᠠᠨ ᠬᠢᠭᠡᠳ ᠬᠦᠯᠬᠦᠬᠦ ᠵᠠᠭᠤᠷ᠎ᠠ᠄《 ᠠᠮᠠ ᠰᠦᠷᠡᠬᠡᠢ ᠴᠠᠩᠭᠠᠵᠤ ᠪᠠᠢᠨ᠎ᠠ ᠃ ᠶᠠᠭᠤᠮ᠎ᠠ ᠣᠯᠵᠤ ᠤᠤᠭᠤᠮᠠᠷ ᠭᠠᠵᠠᠷ ᠪᠠᠢᠨ᠎ᠠ ᠤᠤ 》ᠭᠡᠵᠦ ᠠᠰᠠᠭᠤᠭᠰᠠᠨ ᠳ᠋ᠤ᠌ ᠲᠡᠷᠡ ᠬᠥᠮᠦᠨ᠄
   - ᠮᠠᠨ ᠤ᠋ ᠬᠢ ᠡᠨᠡᠦᠬᠡᠨ ᠲᠣᠯᠣᠭᠠᠢ ᠶ᠋ᠢᠨ ᠴᠠᠭᠠᠨ᠎ᠠ ᠪᠣᠢ ᠂ ᠣᠴᠢᠪᠠᠯ ᠬᠦᠢᠲᠡᠨ ᠶᠠᠭᠤᠮ᠎ᠠ ᠪᠠᠢᠬᠤ ᠯᠠ ᠪᠠᠢᠬᠤ ᠳᠠ ᠃ ᠪᠠᠰᠠ ᠲᠡᠭᠡᠭᠡᠳ ᠵᠠᠮ ᠵᠠᠰᠠᠪᠤᠷᠢ ᠶ᠋ᠢᠨ ᠠᠵᠢᠯᠴᠢᠳ ᠣᠷᠣᠢ ᠢᠷᠡᠨ᠎ᠡ ᠂ ᠲᠡᠳᠡᠨ ᠡᠴᠡ ᠪᠧᠨ᠋ᠽᠢᠨ ᠴᠦ᠍ ᠣᠯᠳᠠᠵᠤ ᠶᠠᠭᠤ ᠮᠠᠭᠠᠳ ᠭᠡᠯ᠎ᠡ ᠃
   ᠢᠩᠭᠢᠭᠡᠳ ᠪᠢ ᠳᠤᠭᠤᠢ ᠪᠠᠨ ᠲᠦᠯᠬᠢᠵᠦ ᠲᠡᠭᠦᠨ  ᠢ᠋ ᠳᠠᠭᠠᠵᠤ ᠶᠠᠪᠤᠯ᠎ᠠ ᠃ ᠵᠠᠮ ᠳ᠋ᠤ᠌ ᠪᠠᠨ ᠬᠦᠨᠳᠦ ᠳᠤᠭᠤᠢ ᠲᠦᠯᠬᠢᠨ ᠶᠠᠳᠠᠷᠠᠵᠤ ᠶᠠᠪᠤᠭ᠎ᠠ ᠶ᠋ᠢ ᠮᠢᠨᠢ ᠬᠠᠷᠠᠭᠠᠳ ᠲᠡᠷᠡ ᠬᠥᠮᠦᠨ ᠥᠷᠥᠭᠡᠰᠦᠨ ᠭᠠᠷ ᠢ᠋ᠶ᠋ᠠᠷ ᠢ᠋ᠶ᠋ᠠᠨ ᠡᠮᠡᠭᠡᠯ ᠡᠴᠡ ᠨᠢ ᠪᠠᠷᠢᠵᠤ ᠲᠦᠯᠬᠢᠨ ᠲᠤᠰᠠᠯᠠᠪᠠ ᠃ ᠬᠥᠯᠥᠰᠥ ᠵᠣᠭᠰᠣᠭ᠎ᠠ ᠵᠢᠯᠣᠭᠣ ᠦᠭᠡᠢ ᠠᠰᠬᠠᠷᠠᠨ ᠤᠷᠤᠰᠴᠤ ᠪᠠᠢᠬᠤ ᠳ᠋ᠤ᠌ ᠲᠡᠷᠡ ᠬᠥᠮᠦᠨ ᠦ᠌ ᠮᠠᠩᠨᠠᠢ ᠳ᠋ᠤ᠌ ᠬᠥᠯᠥᠰᠥ ᠳᠠᠭᠠᠪᠤᠷᠯᠠᠭᠰᠠᠨ ᠴᠤ᠌ ᠰᠢᠨᠵᠢ ᠦᠭᠡᠢ ᠰᠡᠪᠡᠯᠵᠡᠲᠡᠯ᠎ᠡ ᠠᠯᠬᠤᠨ ᠶᠠᠪᠤᠵᠤ ᠪᠢᠯᠡ ᠃
                ᠬᠣᠶᠠᠷ
   ᠵᠠᠮ ᠵᠠᠰᠠᠪᠤᠷᠢ ᠶ᠋ᠢᠨ ᠠᠵᠢᠯᠴᠢᠳ ᠢᠷᠡᠭᠰᠡᠨ ᠦᠭᠡᠢ ᠃ ᠲᠡᠭᠡᠭᠡᠳ ᠪᠢ ᠲᠡᠨᠳᠡ ᠨᠢ ᠤᠨᠲᠠᠬᠤ ᠪᠣᠯᠤᠯ᠎ᠠ ᠃ ᠮᠢᠨᠦ ᠰᠢᠨ᠎ᠡ ᠲᠠᠨᠢᠯ ᠤ᠋ᠨ ᠨᠡᠷ᠎ᠡ ᠶᠢ ᠳᠣᠷᠵᠢ ᠭᠡᠳᠡᠭ ᠠᠵᠠᠢ ᠃ ᠲᠡᠷᠡ ᠪᠣᠯ ᠵᠠᠮ ᠤ᠋ᠨ ᠡᠷᠭᠢᠭᠦᠯ ᠠᠵᠢᠯᠴᠢᠳ ᠪᠥᠭᠡᠳ ᠲᠡᠭᠦᠨ ᠦ᠌ ᠭᠡᠷ ᠪᠣᠯᠤᠭᠰᠠᠨ ᠵᠢᠵᠢᠭ ᠲᠠᠰᠤᠯᠭᠠᠨ ᠳ᠋ᠤ᠌ ᠬᠣᠶᠠᠷ ᠣᠷᠣ ᠂ ᠨᠢᠭᠡ ᠬᠠᠭᠤᠴᠢᠨ ᠠᠪᠳᠠᠷ᠎ᠠ ᠂ ᠬᠣᠶᠠᠷ ᠴᠧᠮᠤᠳᠠᠨ ᠂ ᠥᠪᠡᠷ ᠢ᠋ᠶ᠋ᠡᠨ ᠬᠢᠭᠰᠡᠨ ᠪᠣᠯᠤᠯᠲᠠᠢ ᠭᠤᠷᠪᠠᠨ ᠮᠤᠬᠤᠷ ᠰᠠᠨᠳᠠᠯᠢ ᠠ᠋ᠴᠠ ᠥᠭᠡᠷ᠎ᠡ ᠬᠣᠭᠰᠢᠯ ᠦᠭᠡᠢ ᠪᠠᠢᠨ᠎ᠠ ᠃ ᠮᠣᠩᠭᠣᠯᠴᠤᠳ ᠪᠡᠯᠡᠨ ᠪᠠᠢᠭ᠎ᠠ ᠶᠠᠭᠤᠮ᠎ᠠ ᠪᠠᠷ ᠢ᠋ᠶ᠋ᠠᠨ ᠳᠠᠢᠯᠠᠳᠠᠭ ᠵᠠᠩᠰᠢᠯ ᠲᠠᠢ ᠪᠣᠯᠬᠣᠷ ᠲᠡᠷᠡ ᠣᠷᠣᠢ ᠳᠣᠷᠵᠢ ᠭᠤᠸᠠᠢ ᠵᠢᠵᠢᠭᠬᠡᠨ ᠭᠤᠨᠵᠤᠭᠤᠷ ᠪᠣᠷᠴᠠ ᠬᠥᠰᠬᠥᠯᠡᠨ ᠴᠠᠭᠠᠨ ᠪᠤᠳᠠᠭ᠎ᠠ ᠬᠠᠶᠠᠯᠠᠵᠤ ᠬᠣᠭᠣᠯᠠ ᠬᠢᠪᠡ ᠃ ᠬᠣᠭᠣᠯᠠᠨ ᠳᠡᠭᠡᠷ᠎ᠡ ᠪᠡᠨ ᠪᠢ ᠬᠥᠳᠡᠭᠡ ᠪᠠᠢᠳᠠᠭ ᠠᠬ᠎ᠠ ᠳ᠋ᠤ᠌ ᠪᠠᠨ ᠥᠭᠬᠦ ᠭᠡᠵᠦ ᠬᠣᠲᠠ ᠠ᠋ᠴᠠ ᠠᠪᠴᠤ ᠭᠠᠷᠤᠭᠰᠠᠨ ᠠᠷᠢᠬᠢ ᠪᠠᠨ ᠵᠠᠳᠠᠯᠪᠠ ᠃ ᠳᠣᠷᠵᠢ ᠭᠤᠸᠠᠢ ᠨᠡᠯᠢᠶᠡᠳ ᠬᠠᠯᠠᠵᠤ ᠠᠮᠠ ᠴᠠᠢᠷᠠᠨ  ( ᠦᠭᠡ ᠣᠯᠠᠳᠠᠬᠤ ᠌) ᠠᠮᠢᠳᠤᠷᠠᠯ ᠤᠨ ᠢ᠋ᠶ᠋ᠠᠨ ᠲᠡᠦᠬᠡ ᠶ᠋ᠢ ᠶᠠᠷᠢᠯ᠎ᠠ ᠃
   - ᠪᠢ ᠬᠠᠯᠠ ᠦᠵᠡᠵᠦ ᠬᠠᠯᠠᠭᠤᠨ ᠴᠢᠯᠠᠭᠤ ᠳᠣᠯᠢᠶᠠᠭᠰᠠᠨ ᠬᠥᠮᠦᠨ ᠃ ᠠᠪᠤ᠋ ᠶ᠋ᠢᠨ ᠬᠦᠦ ᠤᠨᠠᠳᠠᠭ ᠴᠤ᠌ ᠶᠤᠮ ᠂ᠳᠠᠪᠠᠳᠠᠭ ᠴᠤ᠌ ᠶᠤᠮ ᠭᠡᠳᠡᠭ ᠃ ᠮᠢᠨᠦ ᠠᠮᠢᠳᠤᠷᠠᠯ ᠳ᠋ᠤ᠌ ᠤᠨᠠᠬᠤ ᠯᠠ ᠢᠯᠡᠭᠦᠦ ᠪᠠᠢᠭᠰᠠᠨ ᠶᠤᠮ ᠃ ᠬᠣᠷᠸ᠎ᠠ ᠳᠡᠭᠡᠷ᠎ᠡ ᠬᠥᠮᠦᠨ ᠰᠢᠭ ᠲᠡᠰᠪᠦᠷᠢᠲᠡᠢ ᠠᠮᠢᠲᠠᠨ ᠪᠠᠢᠳᠠᠭ ᠦᠭᠡᠢ ᠪᠣᠯᠬᠣᠷ ᠤᠴᠠᠷᠠᠭᠰᠠᠨ ᠪᠦᠬᠦ ᠵᠣᠪᠠᠯᠠᠩ  ᠢ᠋ ᠲᠡᠰᠦᠭᠡᠳ ᠥᠩᠭᠡᠷᠡᠭᠦᠯᠦᠭᠰᠡᠨ ᠬᠥᠮᠦᠨ ᠳᠠ ᠪᠢ  ᠃ ᠠᠮᠢᠳᠤᠷᠠᠯ ᠤ᠋ᠨ ᠮᠢᠨᠢ ᠨᠣᠶᠠᠨ ᠨᠢᠷᠤᠭᠤ ᠣᠯᠠᠨ ᠳᠠᠬᠢᠨ ᠬᠤᠭᠤᠷᠠᠭᠰᠠᠨ ᠪᠣᠯᠪᠠᠴᠤ ᠨᠥᠬᠥᠳ ᠦ᠋ᠨ ᠢ᠋ᠶ᠋ᠡᠨ ᠲᠤᠰᠠᠯᠠᠮᠵᠢ ᠪᠠᠷ ᠵᠠᠯᠭᠠᠵᠤ ᠪᠣᠭᠣᠭᠰᠠᠭᠠᠷ ᠣᠳᠣ ᠬᠦᠷᠦᠭᠰᠡᠨ ᠃ ᠪᠢ ᠤᠭ ᠨᠢ ᠥᠪᠥᠷᠬᠠᠩᠭᠠᠢ ᠠᠢᠮᠠᠭ ᠤ᠋ᠨ ᠬᠥᠮᠦᠨ ᠃ ᠨᠢᠭᠡ ᠮᠢᠩᠭ᠎ᠠ ᠶᠢᠰᠦᠨ ᠵᠠᠭᠤᠨ ᠭᠤᠴᠢᠨ ᠣᠨ ᠳ᠋ᠤ᠌ ᠴᠡᠷᠢᠭ ᠲᠦ᠍ ᠂ ᠬᠣᠷᠢᠨ ᠨᠢᠭᠡ ᠨᠠᠰᠤᠲᠠᠢ ᠰᠢᠪ ᠭᠡᠰᠡᠨ ᠡᠷ᠎ᠡ ᠲᠠᠲᠠᠭᠳᠠᠵᠤ ᠢᠷᠡᠭᠡᠳ ᠬᠣᠶᠠᠷ ᠵᠢᠯ ᠪᠣᠯᠵᠤ ᠶᠡᠷᠦᠩᠬᠡᠢ ᠰᠤᠷᠭᠠᠭᠤᠯᠢ  ᠳ᠋ᠤ᠌ ᠣᠷᠣᠵᠤ ᠨᠢᠭᠡ ᠮᠢᠩᠭ᠎ᠠ ᠶᠢᠰᠦᠨ ᠵᠠᠭᠤ ᠭᠤᠴᠢᠨ ᠲᠠᠪᠣᠨ  ᠣᠨ ᠳ᠋ᠤ᠌ ᠲᠡᠭᠦᠰᠦᠯ᠎ᠡ ᠃ ᠲᠡᠭᠡᠭᠡᠳ ᠭᠣᠪᠢ ᠳ᠋ᠤ᠌ ᠌᠌᠁ ᠳ᠋ᠤᠭᠠᠷ ᠳ᠋ᠧᠸᠢᠴᠢ ᠳ᠋ᠦ᠍ ᠰᠠᠯᠠᠭᠠᠨ ᠳᠠᠷᠤᠭ᠎ᠠ ᠪᠠᠷ ᠠᠵᠢᠯᠯᠠᠬᠤ ᠲᠤᠰᠢᠶᠠᠯ ᠠᠪᠤᠭᠠᠳ ᠨᠤᠲᠤᠭ ᠲᠤ᠌ ᠪᠠᠨ ᠶᠠᠪᠤᠵᠤ ᠨᠢᠭᠡ ᠰᠠᠷ᠎ᠠ ᠠᠮᠠᠷᠠᠬᠤ ᠪᠣᠯᠤᠯ᠎ᠠ ᠃ ᠰᠢᠨᠡᠬᠡᠨ ᠳᠠᠷᠤᠭ᠎ᠠ ᠪᠣᠯᠤᠭᠰᠠᠨ ᠢ᠋ ᠬᠡᠯᠡᠬᠦ ᠦᠦ ᠂ ᠣᠯᠠᠨ ᠵᠢᠯ ᠬᠠᠷᠢᠭ᠎ᠠ ᠦᠭᠡᠢ ᠶ᠋ᠢ ᠴᠦ᠍ ᠬᠡᠯᠡᠬᠦ ᠦᠦ ᠂ ᠮᠣᠷᠳᠠᠬᠤ ᠳ᠋ᠤ᠌ ᠬᠥᠳᠡᠯᠦᠭᠰᠡᠨ ᠲᠣᠭᠣᠰᠣ ᠲᠠᠲᠠᠷᠠᠭ᠎ᠠ ᠦᠭᠡᠢ ᠪᠠᠢᠬᠤ ᠳ᠋ᠤ᠌ ᠭᠡᠷ ᠦ᠋ᠨ ᠢ᠋ᠶ᠋ᠡᠨ ᠭᠠᠳᠠᠭ᠎ᠠ ᠪᠠᠭᠤᠵᠤ ᠪᠠᠢᠯ᠎ᠠ ᠃ ᠬᠥᠭᠰᠢᠨ ᠡᠬᠡ ᠶ᠋ᠢ ᠪᠡᠨ ᠡᠷᠭᠢᠬᠦ ᠂ ᠴᠡᠷᠢᠭ ᠲᠦ᠍ ᠶᠠᠪᠤᠬᠤ ᠶ᠋ᠢᠨ ᠡᠮᠦᠨ᠎ᠡ ᠰᠠᠭᠤᠨ᠎ᠠ ᠭᠡᠵᠦ ᠶᠠᠷᠢᠯᠴᠠᠭᠰᠠᠨ ᠳᠣᠯᠵᠢᠨ ᠭᠡᠳᠡᠭ ᠨᠤᠲᠤᠭ ᠤ᠋ᠨ ᠪᠦᠰᠡᠭᠦᠢ ᠲᠡᠢ ᠰᠠᠭᠤᠬᠤ ᠪᠣᠳᠣᠯ ᠲᠠᠢ ᠯᠠ ᠬᠠᠷᠢᠭᠰᠠᠨ ᠬᠥᠮᠦᠨ ᠶᠦ᠍ᠮ ᠰᠠᠨ ᠃
      ᠭᠡᠷ ᠲᠦ᠍ ᠪᠡᠨ ᠨᠢᠭᠡ ᠬᠣᠨᠣᠭᠠᠳ ᠮᠠᠷᠭᠠᠰᠢ ᠨᠢ ᠨᠠᠢᠵᠠ ᠶ᠋ᠢᠨ ᠢ᠋ᠶ᠋ᠡᠨ ᠵᠢᠷᠣᠭ᠎ᠠ ᠮᠤᠷᠢ ᠵᠢ ᠬᠥᠩᠭᠡᠨ ᠬᠡᠷᠡᠭᠰᠡᠯ ᠲᠡᠢ ᠂ ᠨᠣᠭᠣᠭᠠᠨ ᠭᠥᠯᠢᠮ ᠲᠡᠢ ᠡᠮᠡᠭᠡᠯ ᠲᠡᠢ ᠨᠢ ᠭᠤᠶᠤᠵᠤ ᠂  ᠴᠣ ᠰᠢᠨ᠎ᠡ ᠳᠠᠷᠤᠭ᠎ᠠ ᠬᠤᠪᠴᠠᠰᠤ ᠡᠮᠦᠰᠴᠦ ᠨᠠᠭᠠᠨ ᠫᠤᠤ ( ᠬᠦᠷᠳᠦ ᠲᠡᠢ ᠭᠠᠷ ᠫᠤᠤ ) ᠰᠤᠮᠤᠯᠠᠵᠤ ᠵᠡᠭᠦᠭᠡᠳ ᠳᠤᠯᠵᠢᠨ ᠤ᠋ ᠳ᠋ᠤ᠌ ᠣᠴᠢᠯ᠎ᠠ ᠭᠡᠵᠦ ᠬᠡᠯᠡᠭᠡᠳ ᠳᠣᠷᠵᠢ ᠭᠤᠸᠠᠢ ᠬᠥᠭᠵᠢᠯᠲᠡᠢ ᠢᠨᠢᠶᠡᠭᠰᠡᠨ ᠢ᠋ᠶ᠋ᠡᠨ ᠲᠣᠯᠣᠭᠠᠢ ᠪᠠᠨ ᠠᠯᠭᠤᠷᠬᠠᠨ ᠰᠠᠵᠢᠯᠠᠵᠤ᠄
   - ᠰᠤᠮᠤ ᠲᠠᠢ ᠨᠠᠭ᠎ᠠ ᠪᠠᠨ ᠵᠡᠭᠦᠵᠦ ᠬᠥᠮᠦᠨ ᠦ᠌ ᠮᠣᠷᠢ ᠂ ᠡᠮᠡᠭᠡᠯ ᠢ᠋ᠶ᠋ᠡᠷ ᠭᠣᠶᠣᠯᠠᠵᠤ ᠶᠠᠪᠤᠳᠠᠭ ᠴᠢᠨᠢ ᠵᠠᠯᠠᠭᠤ ᠶ᠋ᠢᠨ ᠡᠪᠡᠳᠴᠢᠨ ᠰᠢᠦ ᠳᠠ ᠭᠡᠳ ᠬᠡᠰᠡᠭ ᠵᠠᠭᠤᠷ᠎ᠠ ᠳᠠᠭᠤ ᠦᠭᠡᠢ ᠪᠣᠯᠤᠭᠰᠠᠨ ᠢ᠋ᠶ᠋ᠠᠨ ᠦᠷᠭᠦᠯᠵᠢᠯᠡᠭᠡᠳ ᠄
   - ᠵᠠᠮ ᠳ᠋ᠤ᠌ ᠳᠠᠭᠠᠷᠢᠯᠳᠤᠭᠰᠠᠨ ᠨᠤᠲᠤᠭ ᠤ᠋ᠨ ᠬᠥᠮᠦᠰ ᠦ᠋ᠨ《 ᠮᠥᠨ ᠰᠠᠢᠬᠠᠨ ᠳᠠᠷᠤᠭ᠎ᠠ ᠪᠣᠯᠵᠠᠢ ᠳᠠ 》᠂《 ᠶᠣᠰᠣᠲᠠᠢ ᠨᠢᠭᠡ ᠬᠡᠢᠮᠣᠷᠢ ᠲᠠᠢ ᠶᠠᠪᠤᠨ᠎ᠠ 》ᠭᠡᠳ ᠱᠠᠭᠰᠢᠨ ᠮᠠᠭᠲᠠᠬᠤ ᠳ᠋ᠤ᠌ ᠨᠢ ᠲᠡᠪᠬᠡᠯᠵᠡᠭᠰᠡᠨ ᠰᠡᠳᠬᠢᠯ ᠮᠢᠨᠢ ᠶᠣᠰᠣᠲᠠᠢ ᠨᠢᠰᠬᠦ ᠰᠢᠬᠠᠵᠤ ᠪᠠᠢᠯ᠎ᠠ ᠃ ᠳᠤᠯᠵᠢᠨ ᠤ᠋ ᠭᠠᠳᠠᠭ᠎ᠠ ᠪᠠᠭᠤᠬᠤ ᠳ᠋ᠤ᠌ ᠲᠡᠷᠡ ᠨᠣᠬᠠᠢ ᠪᠠᠨ ᠬᠣᠷᠢᠵᠤ ᠥᠭᠪᠡ ᠃ ᠬᠠᠵᠠᠭᠤ ᠳ᠋ᠤ᠌ ᠨᠢ ᠣᠴᠢᠭᠠᠳ ᠮᠡᠨᠳᠦ ᠤᠰᠤ ᠴᠤ᠌ ᠦᠭᠡᠢ ᠂ ᠰᠢᠭᠤᠳ ᠯᠠ ᠄ 《 ᠪᠢ ᠴᠢᠮ᠎ᠠ ᠶ᠋ᠢ ᠠᠪᠠᠴᠢᠬᠤ ᠭᠡᠵᠦ ᠢᠷᠡᠭᠰᠡᠨ ᠃ ᠤᠳᠠᠬᠤ ᠦᠭᠡᠢ ᠬᠣᠶᠠᠭᠤᠯᠠ ᠪᠠᠨ ᠶᠠᠪᠤᠨ᠎ᠠ ᠳᠠ ᠃ ᠶᠠᠭᠤᠮ᠎ᠠ ᠪᠠᠨ ᠪᠡᠯᠡᠳᠬᠡᠬᠦ ᠬᠡᠷᠡᠭᠲᠡᠢ 》ᠭᠡᠵᠦ ᠬᠡᠯᠡᠭᠰᠡᠨ ᠳ᠋ᠦ᠍ ᠳᠣᠯᠵᠢᠨ ᠨᠠᠳᠠ ᠥᠭᠡᠳᠡ ᠭᠠᠢᠬᠠᠨ ᠬᠠᠷᠠᠭᠰᠠᠨ ᠢ᠋ᠶ᠋ᠠᠨ ᠲᠥᠪ ᠳᠠᠭᠤ ᠪᠠᠷ ᠄《 ᠰᠠᠢᠨ ᠶᠠᠪᠤᠵᠤ ᠢᠷᠡᠪᠡ ᠤᠤ ?》 ᠭᠡᠪᠡ ᠃
   ᠢᠴᠢᠬᠦ ᠵᠣᠪᠠᠬᠤ ᠬᠣᠶᠠᠷ ᠰᠡᠳᠬᠢᠯ ᠳ᠋ᠦ᠍ ᠳᠠᠪᠬᠤᠴᠠᠵᠤ ᠬᠡᠯᠡᠬᠦ ᠦᠭᠡ ᠪᠡᠨ ᠣᠯᠵᠤ ᠶᠠᠳᠠᠨ ᠂ ᠨᠢᠭᠤᠷ ᠮᠢᠨᠢ ᠤᠯᠠᠢᠭᠠᠳ ᠵᠥᠪᠬᠡᠨ《 ᠰᠠᠢᠨ 》ᠭᠡᠵᠦ ᠬᠡᠯᠡᠭᠡᠳ ᠭᠡᠷ ᠲᠦ᠍ ᠨᠢ ᠣᠷᠣᠯ᠎ᠠ ᠃ ᠵᠠ ᠲᠡᠭᠡᠭᠡᠳ ᠯᠡ ᠣᠷᠣᠮᠠᠭᠴᠠ ᠳᠤᠯᠵᠢᠨ ᠤ᠋ ᠡᠬᠡ ᠡᠴᠢᠭᠡ ᠬᠣᠶᠠᠷ ᠄《 ᠰᠠᠢᠬᠠᠨ ᠡᠷ᠎ᠡ ᠪᠣᠯᠵᠠᠢ ᠳᠠ 》᠂《 ᠴᠣᠭ ᠵᠢᠪᠬᠤᠯᠠᠩ ᠪᠠᠳᠠᠷᠠᠭᠰᠠᠨ ᠂ ᠲᠣᠰᠣᠲᠠᠢ ᠭᠠᠷ ᠢ᠋ᠶ᠋ᠠᠷ ᠪᠠᠷᠢᠰᠢ ᠦᠭᠡᠢ ᠳᠠᠷᠤᠭ᠎ᠠ ᠪᠣᠯᠵᠠᠢ 》 ᠭᠡᠳ ᠯᠡ ᠮᠠᠭᠲᠠᠪᠠ ᠃ ᠳᠠᠷᠤᠭᠳᠠᠵᠤ ᠡᠬᠢᠯᠡᠭᠰᠡᠨ ᠰᠡᠳᠬᠢᠯ ᠰᠠᠭᠰᠠᠢᠵᠤ ᠫᠤᠤ ᠪᠠᠨ ᠡᠪᠦᠷ ᠳᠡᠭᠡᠷ᠎ᠡ ᠪᠡᠨ ᠲᠠᠯᠪᠢᠨ ᠂ ᠭᠡᠷ ᠦ᠋ᠨ ᠪᠠᠷᠠᠭᠤᠨ ᠬᠣᠢᠨ᠎ᠠ ᠵᠠᠪᠢᠯᠠᠵᠤ ᠰᠠᠭᠤᠪᠠ ᠃ ᠤᠳᠠᠭᠰᠠᠨ ᠴᠤ᠌ ᠦᠭᠡᠢ ᠴᠠᠢ ᠪᠤᠴᠠᠯᠵᠤ ᠂ ᠲᠡᠭᠦᠨ ᠦ᠌ ᠳᠠᠷᠠᠭ᠎ᠠ ᠨᠠᠳᠠ ᠳ᠋ᠤ᠌ ᠵᠣᠷᠢᠭᠤᠯᠤᠨ ᠭᠠᠷᠭᠠᠭᠰᠠᠨ ᠲᠠᠷᠭᠤᠨ ᠬᠣᠨᠢᠨ ᠤ᠋ ᠮᠢᠬ᠎ᠠ ᠪᠣᠯᠵᠤ ᠂ ᠬᠣᠷᠭᠣᠨ ᠠ᠋ᠴᠠ ᠠᠷᠠᠴᠠ ᠭᠠᠷᠭᠠᠨ ᠵᠣᠴᠢᠯᠠᠪᠠ ᠃ ᠢᠳᠡᠵᠦ ᠤᠤᠭᠤᠵᠤ ᠪᠠᠢᠬᠤ ᠵᠠᠭᠤᠷ᠎ᠠ ᠳᠤᠯᠵᠢᠨ ᠤ᠋ ᠠᠪᠤ᠋ ᠶᠡᠷᠦᠩᠬᠡᠢ ᠰᠤᠷᠭᠠᠭᠤᠯᠢ ᠳ᠋ᠤ᠌ ᠦᠵᠡᠳᠡᠭ ᠬᠢᠴᠢᠶᠡᠯ ᠡᠴᠡ ᠡᠬᠢᠯᠡᠭᠡᠳ ᠯᠡ ᠨᠠᠭᠠᠨ ᠫᠤᠤ ᠬᠡᠳᠦ ᠦᠰᠦᠷᠳᠡᠭ ( ᠰᠤᠮᠤ ᠬᠠᠷᠪᠤᠵᠤ ᠭᠠᠷᠬᠤ ᠶ᠋ᠢ ᠬᠡᠯᠡᠵᠡᠢ ) ᠂ ᠬᠡᠳᠦᠨ ᠠᠯᠲᠠ ᠭᠠᠵᠠᠷ ᠲᠣᠰᠳᠠᠭ ᠢ᠋ ᠬᠦᠷᠲᠡᠯ᠎ᠡ ᠠᠰᠠᠭᠤᠪᠠ ᠃
   - ᠦᠭᠡ ᠣᠯᠠᠳᠠᠵᠤ ᠦᠬᠡᠷ ᠬᠣᠯᠠᠳᠠᠵᠤ ᠪᠠᠢᠨ᠎ᠠ ᠃ ᠴᠢ ᠨᠥᠭᠥᠭᠡ ᠤᠰᠤᠨ ᠤ᠋ ᠲᠡᠮᠡᠭᠡ ᠠᠪᠴᠢᠷᠠᠭᠠᠴᠢ ᠭᠡᠵᠦ ᠠᠪᠠᠭᠠᠢ ᠶ᠋ᠢᠨ ᠬᠡᠯᠡᠬᠦ ᠳ᠋ᠦ᠍ ᠡᠪᠦᠭᠡᠨ ᠤᠴᠠᠭᠠᠷᠯᠠᠩᠭᠤᠢ ᠳᠠᠭᠤ ᠪᠠᠷ ᠄
   - ᠪᠠᠢᠵᠤ ᠪᠠᠢ ᠯᠠ ᠳᠠ ᠂ ᠴᠢᠬᠤᠯᠠ ᠯᠠ ᠶᠠᠭᠤᠮ᠎ᠠ ᠶᠠᠷᠢᠵᠤ ᠪᠠᠢᠨ᠎ᠠ ᠭᠡᠪᠡ  ᠃ ᠠᠪᠠᠭᠠᠢ ᠰᠢᠭᠤᠳ ᠢᠷᠡᠵᠦ ᠡᠪᠦᠭᠡᠨ ᠦ᠌ ᠮᠥᠷᠦᠨ ᠳᠡᠭᠡᠷ᠎ᠡ ᠡᠴᠡ ᠵᠥᠭᠡᠯᠡᠨ ᠲᠠᠲᠠᠵᠤ ᠄
   - ᠴᠢ ᠪᠤᠰᠢᠭᠤᠬᠠᠨ ᠶᠠᠪᠤᠭᠠᠳ ᠢᠷ᠎ᠡ ᠳᠠ ᠭᠡᠬᠦ ᠳ᠋ᠦ᠍ ᠡᠪᠦᠭᠡᠨ ᠳᠤᠷ᠎ᠠ ᠲᠠᠢ ᠳᠤᠷ᠎ᠠ ᠦᠭᠡᠢ ᠪᠣᠰᠴᠤ ᠄
   - ᠶᠠᠷᠢᠶ᠎ᠠ ᠬᠥᠮᠦᠨ  ᠢ᠋ ᠱᠠᠭᠠᠵᠠᠭᠠᠢ ᠭᠡᠳᠡᠭ ᠂ ᠶᠠᠭᠠᠷᠠᠤ ᠬᠥᠮᠦᠨ  ᠢ᠋ ᠴᠢᠪᠠᠭᠠᠭᠴᠠ ᠭᠡᠳᠡᠭ ᠦᠨᠡᠨ ᠰᠢᠦ ᠭᠡᠳ ᠬᠥᠭᠵᠢᠯᠲᠡᠢ ᠢᠨᠢᠶᠡᠭᠰᠡᠨ ᠢ᠋ᠶ᠋ᠡᠨ ᠄ 《 ᠵᠠ ᠂ ᠬᠦᠦ ᠮᠢᠨᠢ ᠪᠢ ᠤᠳᠠᠬᠤ ᠦᠭᠡᠢ ᠢᠷᠡᠨ᠎ᠡ ᠃ ᠲᠡᠭᠡᠭᠡᠳ ᠯᠡ ᠲᠠᠪᠠᠲᠠᠢ ᠶᠠᠷᠢᠶ᠎ᠠ 》ᠭᠡᠳ ᠭᠠᠷᠤᠯ᠎ᠠ ᠃
   ᠳᠤᠯᠵᠢᠨ ᠤ᠋ ᠡᠬᠡ ᠠᠷᠭᠠᠯ ᠲᠡᠭᠦᠬᠦ ᠪᠡᠷ ᠭᠠᠷᠴᠤ ᠣᠳᠪᠠ ᠃ ᠪᠣᠳᠣᠪᠠᠯ ᠪᠢᠳᠠ ᠬᠣᠶᠠᠷ  ᠢ᠋ ᠶᠠᠷᠢᠭ ᠭᠡᠰᠡᠨ ᠪᠠᠢᠬᠤ ᠳᠠ ᠃ ᠲᠡᠳᠡᠨ  ᠢ᠋ ᠭᠠᠷᠤᠭᠰᠠᠨ ᠠ᠋ᠴᠠ ᠬᠣᠢᠰᠢ ᠂ ᠳᠣᠯᠵᠢᠨ ᠪᠢᠳᠡᠨ ᠬᠣᠶᠠᠷ ᠪᠡᠶ᠎ᠡ ᠪᠡᠶ᠎ᠡ ᠪᠡᠨ ᠰᠢᠷᠲᠡᠯᠴᠡᠨ ᠬᠡᠰᠡᠭ ᠳᠠᠭᠤ ᠦᠭᠡᠢ ᠰᠠᠭᠤᠯ᠎ᠠ ᠃ ᠲᠡᠭᠡᠭᠡᠳ ᠪᠢ ᠠᠮᠢᠰᠬᠤᠭ᠎ᠠ ᠪᠠᠨ ᠰᠠᠢᠨ ᠭᠡᠭᠴᠢ ᠲᠠᠲᠠᠭᠠᠳ ᠄
   - ᠵᠠ ᠪᠢ ᠴᠡᠷᠢᠭ ᠦ᠋ᠨ ᠳᠠᠷᠤᠭ᠎ᠠ ᠪᠣᠯᠤᠭᠰᠠᠨ ᠃ ᠭᠣᠪᠢ ᠳ᠋ᠤ᠌ ᠣᠴᠢᠵᠤ ᠰᠠᠯᠠᠭᠠᠨ ᠳᠠᠷᠤᠭ᠎ᠠ ᠪᠠᠷ ᠁ ᠭᠡᠲᠡᠯ᠎ᠡ ᠄
   - ᠮᠣᠷᠳᠠᠭᠠᠳ ᠶᠠᠪᠤᠵᠤ ᠪᠠᠢᠭᠰᠠᠨ ᠴᠢᠨᠢ ᠴᠢᠮ᠎ᠠ ᠠ᠋ᠴᠠ ᠨᠢᠭᠡ ᠶᠠᠭᠤᠮ᠎ᠠ ᠠᠰᠠᠭᠤᠬᠤ ᠯᠠ ᠦᠭᠡᠢ ᠲᠤᠩ ᠪᠣᠯᠬᠤ ᠦᠭᠡᠢ ᠰᠠᠨᠠᠭᠳᠠᠭᠠᠳ ᠲᠡᠰᠴᠦ ᠶᠠᠳᠠᠬᠤ ᠳ᠋ᠤ᠌ ᠪᠠᠨ ᠪᠤᠴᠠᠵᠤ ᠢᠷᠡᠯ᠎ᠡ ᠭᠡᠭᠰᠡᠭᠡᠷ ᠳᠣᠯᠵᠢᠨ ᠤ᠋ ᠠᠪᠤ᠋ ᠣᠷᠣᠵᠤ ᠢᠷᠡᠭᠡᠳ ᠳᠡᠷᠭᠡᠳᠡ ᠮᠢᠨᠢ ᠵᠣᠭᠰᠣᠵᠤ ᠄《 ᠳᠣᠷᠵᠢ ᠮᠢᠨᠢ ᠦᠬᠡᠷ ᠫᠤᠤ ᠬᠡᠳᠦ ᠦᠰᠦᠷᠳᠡᠭ  ᠢ᠋ ᠬᠡᠯᠡᠭᠡᠳ ᠠᠯᠢ 》ᠭᠡᠪᠡ ᠃
   - ᠶᠡᠬᠡᠩᠬᠢ ᠨᠢ ᠨᠢᠭᠡ ᠦᠰᠦᠷᠡᠳᠡᠭ ᠂ ᠭᠡᠬᠦ ᠳ᠋ᠦ᠍ ᠪᠡᠨ ᠰᠡᠭᠦᠯ ᠦ᠋ᠨ ᠦᠶ᠎ᠡ ᠳ᠋ᠦ᠍ ᠲᠦᠷᠭᠡᠨ ᠫᠤᠤᠳᠠᠳᠠᠭ ᠲᠤᠰᠬᠠᠢ ᠣᠨᠢᠰᠣᠲᠠᠢ ᠶᠡᠬᠡ ᠫᠤᠤ ᠭᠠᠷᠤᠭᠰᠠᠨ ᠭᠡᠵᠦ ᠪᠢ ᠬᠠᠷᠢᠭᠤᠯᠪᠠ ᠃
   - ᠤᠤᠬᠠᠢ ᠳᠠ ᠂ ᠮᠥᠨ ᠳᠠ ᠌! ᠲᠦᠷᠭᠡᠨ ᠫᠤᠤᠳᠠᠳᠠᠭ ᠭᠡᠰᠡᠨ ᠴᠢᠨᠢ ᠣᠯᠠᠨ ᠦᠰᠦᠷᠳᠡᠭ ᠭᠡᠰᠡᠨ ᠦᠭᠡ ᠰᠢᠦ ᠳᠠ ᠃ ᠤᠤᠬᠠᠢ ᠳᠠ ᠂ ᠮᠥᠨ ᠳᠠ ! ᠳᠤᠰᠤᠭᠠᠯ ᠨᠢ ᠥᠷᠲᠡᠭᠡ ᠪᠠᠷ ᠯᠠ ᠶᠠᠷᠢᠨ᠎ᠠ ᠪᠢᠵᠡ ᠳᠠ ᠁ ᠭᠡᠵᠦ ᠬᠡᠯᠡᠲᠡᠯ᠎ᠡ ᠭᠠᠳᠠᠨ᠎ᠠ ᠠ᠋ᠴᠠ ᠣᠷᠣᠵᠤ ᠢᠷᠡᠭᠰᠡᠨ ᠠᠪᠠᠭᠠᠢ ᠨᠢ ᠄
   - ᠦᠭᠡᠢ ᠴᠢ ᠴᠢᠨᠢ ᠶᠠᠭᠤ ᠪᠣᠯᠤᠭᠠᠳ ᠪᠤᠴᠠᠵᠤ ᠢᠷᠡᠪᠡ ᠳᠠ ᠭᠡᠰᠡᠨ ᠳ᠋ᠦ᠍ ᠡᠪᠦᠭᠡᠨ ᠳᠠᠯᠤ ᠪᠠᠨ ᠭᠡᠮᠰᠢᠯᠲᠡᠢ ᠪᠡᠷ ᠬᠠᠪᠴᠢᠭᠰᠠᠨ ᠢ᠋ᠶ᠋ᠠᠨ ᠵᠠᠯᠢᠲᠠᠢ ᠨᠢᠳᠦ ᠪᠡᠷ ᠢᠨᠢᠶᠡᠮᠰᠦᠭᠯᠡᠵᠦ ᠨᠠᠳᠠ ᠥᠭᠡᠳᠡ ᠢᠷᠮᠡᠭᠡᠳ ᠄《 ᠭᠤᠨᠠᠨ ᠫᠤᠤ ( ᠨᠢᠭᠡ ᠵᠦᠢᠯ ᠦ᠋ᠨ ᠳᠤᠮᠳᠠ ᠵᠡᠷᠭᠡ ᠶ᠋ᠢᠨ ᠭᠠᠯᠲᠤ ᠫᠤᠤ 》 ᠬᠡᠳᠦ ᠦᠰᠦᠷᠳᠡᠭ ᠶᠦ᠍ᠮ ᠪᠣᠢ ?》ᠭᠡᠵᠦ ᠰᠢᠪᠡᠨᠡᠨ ᠠᠰᠠᠭᠤᠪᠠ ᠃
   - ᠶᠠᠭᠤᠨ ᠤ᠋ ᠴᠢᠨᠢ ᠭᠤᠨ᠎ᠠ ᠪᠣᠢ ᠂ ᠰᠢᠷ᠎ᠠ ᠲᠠᠢᠯᠤᠭ ᠠᠪᠤᠭᠠᠳ ᠢᠷ᠎ᠡ ᠭᠡᠵᠦ ᠠᠪᠠᠭᠠᠢ ᠨᠢ ᠬᠡᠯᠡᠬᠦ ᠳ᠋ᠦ᠍ ᠂ ᠡᠪᠦᠭᠡᠨ ᠄
   - ᠮᠥᠨ ᠂ ᠬᠣᠯᠠ ᠳᠡᠩᠰᠡᠯᠵᠦ ᠪᠠᠢᠨ᠎ᠠ ᠠ᠋ ! ᠭᠡᠳ ᠪᠦᠳᠦᠭᠦᠨ ᠳᠠᠭᠤ ᠪᠠᠷ ᠪᠠᠷᠴᠢᠭᠢᠨᠠᠭᠤᠯᠤᠨ ᠢᠨᠢᠶᠡᠭᠰᠡᠭᠡᠷ ᠭᠠᠷᠪᠠ ᠃
   - ᠬᠦᠦ ᠮᠢᠨᠢ ᠴᠠᠭᠠᠳᠤᠬᠢ ᠴᠢᠨᠢ ᠨᠠᠰᠤ ᠠᠬᠢᠬᠤ ᠲᠤᠲᠤᠮ ᠦᠭᠡ ᠨᠢ ᠣᠯᠠᠨ ᠪᠣᠯᠤᠭᠠᠳ ᠯᠠ ᠂ ᠬᠣᠰᠢᠭᠤ ᠲᠥᠷᠥᠬᠦ ᠨᠢ ᠶᠡᠬᠡ ᠪᠣᠯᠵᠤ ᠪᠠᠢᠭ᠎ᠠ ᠶᠤᠮ ᠃ ᠨᠥᠭᠥᠭᠡ ᠵᠥᠨᠥᠭᠯᠡᠬᠦ ᠭᠡᠳᠡᠭ ᠨᠢ ᠯᠡ ᠢᠷᠡᠵᠦ ᠪᠠᠢᠭ᠎ᠠ ᠪᠣᠯᠤᠯᠲᠠᠢ ᠃ ᠵᠠ ᠪᠢ ᠴᠦ᠍ ᠠᠷᠭᠠᠯ ᠳ᠋ᠤ᠌ ᠪᠠᠨ ᠶᠠᠪᠤᠶ᠎ᠠ ᠭᠡᠳ ᠠᠪᠠᠭᠠᠢ ᠭᠠᠷᠤᠭᠠᠳ ᠶᠠᠪᠤᠴᠢᠬᠠᠪᠠ ᠃
   - ᠪᠢ ᠴᠢᠮ᠎ᠠ ᠶ᠋ᠢ ᠠᠪᠠᠴᠢᠬᠤ ᠪᠠᠷ ᠢᠷᠡᠭᠰᠡᠨ ᠃ ᠬᠠᠮᠲᠤ ᠶᠠᠪᠤᠨ᠎ᠠ ᠳᠠ ᠭᠡᠵᠦ ᠪᠢ ᠬᠡᠰᠡᠭ ᠳᠠᠭᠤ ᠦᠭᠡᠢ ᠪᠠᠢᠭᠰᠠᠨ ᠤ᠋ ᠪᠠᠨ ᠳᠠᠷᠠᠭ᠎ᠠ ᠬᠡᠯᠡᠭᠰᠡᠨ ᠳ᠋ᠦ᠍ ᠳᠤᠯᠵᠢᠨ ᠨᠠᠳᠠ ᠶ᠋ᠢ ᠤᠳᠠᠭᠠᠨ ᠭᠡᠭᠴᠢ ᠠᠵᠢᠭᠯᠠᠨ ᠰᠢᠷᠲᠡᠵᠦ ᠪᠠᠢᠭᠰᠠᠨ  ᠢ᠋ᠶ᠋ᠠᠨ ᠄
   - ᠴᠢᠮ᠎ᠠ ᠶ᠋ᠢ ᠬᠠᠷᠠᠬᠤ ᠲᠣᠰᠤᠮ ᠲᠠᠨᠢᠬᠤ ᠦᠭᠡᠢ ᠬᠥᠮᠦᠨ ᠰᠢᠭ ᠪᠣᠯᠤᠭᠠᠳ ᠪᠠᠢᠨ᠎ᠠ ᠃ ᠬᠥᠮᠦᠨ ᠦ᠌ ᠮᠣᠷᠢ ᠂ ᠡᠮᠡᠭᠡᠯ ᠢ᠋ᠶ᠋ᠡᠷ ᠭᠤᠶᠤᠭᠠᠳ ᠳᠠᠢᠳᠤᠬᠤ ᠭᠡᠵᠦ ᠪᠠᠢᠭ᠎ᠠ ᠶᠤᠮ ᠰᠢᠭ᠋ ᠫᠤᠤ ᠵᠡᠪᠰᠡᠭ ᠠᠭᠰᠠᠵᠤ ᠢᠷᠡᠳᠡᠭ ᠨᠢ ᠶᠠᠭᠤ ᠪᠢᠯᠡ ᠳᠠ ᠃ ᠬᠥᠮᠦᠨ ᠳᠠᠷᠤᠤ ᠵᠠᠩ ᠲᠠᠢ ᠪᠠᠢᠪᠠᠯ ᠠᠶᠠᠲᠠᠢ ᠪᠠᠢᠳᠠᠭ ᠭᠡᠵᠦ ᠥᠭᠡᠳᠡ ᠡᠴᠡ ᠮᠢᠨᠢ ᠵᠢᠮᠡᠯᠡᠵᠦ ᠪᠢᠯᠡ ᠃
    ᠨᠠᠳᠠ ᠳ᠋ᠤ᠌ ᠥᠪᠡᠷ ᠦ᠋ᠨ ᠪᠠᠢᠳᠠᠯ  ᠢ᠋ ᠵᠥᠪᠲᠦᠭᠡᠬᠦ ᠦᠭᠡ ᠣᠯᠳᠠᠭᠰᠠᠨ ᠦᠭᠡᠢ ᠂ ᠠᠷᠭ᠎ᠠ ᠪᠠᠷᠠᠭᠳᠠᠬᠤ ᠳ᠋ᠤ᠌ ᠪᠠᠨ ᠰᠢᠯᠢ ᠪᠡᠨ ᠮᠠᠭᠠᠵᠢᠨ ᠲᠠᠮᠠᠬᠢ ᠭᠠᠷᠭᠠᠵᠤ ᠂ ᠳᠤᠯᠵᠢᠨ ᠢ᠋ ᠲᠡᠳᠡ ᠭᠡᠰᠡᠨ ᠳ᠋ᠦ᠍ ᠲᠡᠷᠡ ᠮᠢᠨᠢ ᠪᠣᠲᠣᠭᠣᠨ ᠬᠠᠷ᠎ᠠ ᠨᠢᠳᠦ ᠪᠡᠨ ᠲᠣᠷᠮᠣᠯᠵᠠᠭᠤᠯᠤᠨ ᠢᠨᠢᠶᠡᠮᠰᠦᠭᠯᠡᠵᠦ ᠄
   - ᠪᠢ ᠶᠠᠮᠠᠷ ᠲᠠᠮᠠᠬᠢ ᠲᠠᠲᠠᠬᠤ ᠪᠢᠰᠢ ᠳ᠋ᠠ ᠂ ᠴᠢᠨᠦ ᠰᠡᠳᠬᠢᠯ  ᠢ᠋ ᠪᠢ ᠣᠢᠯᠠᠭᠠᠵᠤ ᠯᠠ ᠪᠠᠢᠨ᠎ᠠ ᠃ ᠰᠠᠶᠢᠬᠠᠨ ᠰᠤᠷᠭᠠᠭᠤᠯᠢ ᠲᠡᠭᠦᠰᠬᠡᠵᠦ ᠳᠠᠷᠤᠭ᠎ᠠ ᠪᠣᠯᠤᠭᠰᠠᠨ ᠪᠣᠯᠬᠣᠷ ᠬᠥᠭᠡᠷᠴᠦ ᠪᠠᠢᠭ᠎ᠠ ᠂ ᠬᠥᠭᠡᠷᠴᠦ ᠴᠦ᠍ ᠪᠣᠯᠤᠨ᠎ᠠ ᠂ ᠬᠠᠷᠢᠨ ᠰᠠᠭᠰᠠᠢᠵᠤ ᠯᠠ ᠪᠣᠯᠬᠤ ᠦᠭᠡᠢ ᠂ ᠵᠢᠷᠭᠠᠬᠤ ᠦᠶ᠎ᠡ ᠳ᠋ᠦ᠍ ᠰᠡᠷᠡᠮᠵᠢ ᠂ ᠵᠣᠪᠠᠬᠤ ᠦᠶ᠎ᠡ ᠳ᠋ᠦ᠍ ᠬᠠᠲᠠᠭᠤᠵᠢᠯ ᠭᠡᠵᠦ ᠬᠠᠭᠤᠴᠢᠨ ᠦᠭᠡᠨ ᠳ᠋ᠦ᠍ ᠪᠠᠢᠳᠠᠭ ᠂ ᠨᠠᠭᠠᠳᠤᠬᠢ ᠲᠠᠮᠠᠬᠢ ᠪᠠᠨ ᠴᠠᠭᠠᠱᠢ ᠪᠠᠨ ᠬᠢᠭᠡᠴᠢ ᠭᠡᠪᠡ ᠃
    ᠰᠠᠭᠰᠠᠭᠤ ᠯᠠᠩ ᠭᠠᠷᠭᠠᠭᠰᠠᠨ ᠳ᠋ᠤ᠌ ᠪᠠᠨ ᠪᠠᠭᠲᠠᠵᠤ ( ᠶᠠᠭᠠᠬᠢᠬᠤ ᠪᠠᠨ ᠣᠯᠬᠤ ᠦᠭᠡᠢ ᠰᠠᠨᠳᠤᠷᠬᠤ ) ᠭᠥᠯᠢᠷᠡᠭᠡᠳ ᠲᠠᠮᠠᠬᠢ ᠪᠠᠨ ᠳᠡᠯᠭᠡᠭᠰᠡᠨ ᠬᠡᠪᠲᠡᠵᠦ ᠪᠡᠷ ᠨᠢ ᠪᠠᠷᠢᠭᠰᠠᠨ ᠢ᠋ᠶ᠋ᠠᠨ ᠰᠠᠶᠢ ᠮᠡᠳᠡᠵᠦ ᠱᠠᠯᠠᠪᠬᠠᠨ ᠡᠪᠦᠷᠲᠦᠯᠡᠪᠡ ᠃ ᠳᠤᠯᠵᠢᠨ ᠤ᠋ ᠵᠠᠩ  ᠢ᠋ ᠮᠡᠳᠡᠭᠰᠡᠭᠡᠷ ᠪᠠᠢᠵᠤ ᠂ ᠬᠥᠮᠦᠨ ᠦ᠌ ᠮᠣᠷᠢ ᠡᠮᠡᠭᠡᠯ  ᠢ᠋ ᠭᠤᠶᠤᠵᠤ ᠫᠤᠤ ᠵᠡᠪᠰᠡᠭ ᠵᠡᠭᠦᠵᠦ ᠶᠠᠪᠤᠭᠰᠠᠨ ᠢ᠋ᠶ᠋ᠠᠨ ᠪᠣᠳᠣᠬᠤ ᠳ᠋ᠤ᠌ ᠨᠠᠳᠠ ᠰᠢᠭ᠋ ᠮᠣᠩᠭᠢᠨᠠᠭᠤ ᠠᠮᠢᠲᠠᠨ ᠬᠣᠷᠸ᠎ᠠ ᠳ᠋ᠤ᠌ ᠦᠭᠡᠢ ᠶᠦ᠍ᠮ ᠰᠢᠭ ᠰᠠᠨᠠᠭᠳᠠᠪᠠ ᠃ ᠳᠣᠯᠵᠢᠨ ᠰᠡᠳᠬᠢᠯ  ᠢ᠋ ᠮᠢᠨᠢ ᠪᠦᠷᠢᠨ ᠡᠵᠡᠯᠡᠵᠦ ᠲᠡᠭᠦᠨ  ᠢ᠋ ᠬᠠᠢᠷᠠᠯᠠᠬᠤ ᠰᠡᠳᠬᠢᠯ ᠵᠡᠷᠭᠡᠴᠡᠭᠡ ᠬᠦᠨᠳᠦᠳᠬᠡᠬᠦ ᠰᠡᠳᠬᠢᠯ ᠤᠷᠭᠤᠵᠤ ᠳᠣᠯᠵᠢᠨ ᠦᠭᠡᠢ ᠪᠣᠯ ᠠᠮᠢᠳᠤᠷᠠᠯ ᠮᠢᠨᠢ ᠨᠠᠪᠴᠢ ᠴᠡᠴᠡᠭ ᠦᠭᠡᠢ ᠬᠤᠪᠬᠠᠢ ᠮᠣᠳᠣ ᠰᠢᠭ᠋ ᠪᠣᠯᠤᠨ᠎ᠠ ᠭᠡᠵᠦ ᠪᠣᠳᠣᠭᠳᠠᠵᠤ ᠪᠠᠢᠯ᠎ᠠ ᠃
              ᠭᠤᠷᠪᠠ  
   - ᠬᠡᠳᠦᠨ ᠡᠳᠦᠷ ᠦ᠋ᠨ ᠳᠠᠷᠠᠭ᠎ᠠ ᠳᠤᠯᠵᠢᠨ ᠲᠠᠢ ᠰᠠᠭᠤᠵᠤ ᠬᠤᠷᠢᠮ ᠬᠢᠭᠡᠳ ᠪᠢᠳᠡ ᠬᠣᠶᠠᠷ ᠶᠠᠪᠤᠭᠰᠠᠨ ᠃ ᠪᠡᠶ᠎ᠡ ᠪᠡᠶ᠎ᠡ ᠳ᠋ᠦ᠍ ᠪᠡᠨ ᠬᠢᠵᠠᠭᠠᠷ ᠦᠭᠡᠢ ᠬᠠᠢᠷᠠᠲᠠᠢ ᠂ ᠪᠠᠰᠠ ᠲᠡᠭᠡᠭᠡᠳ ᠳᠤᠯᠵᠢᠨ ᠮᠢᠨᠢ ᠳᠥᠷᠪᠡᠯᠵᠢᠨ ᠪᠤᠷᠠᠮ ᠰᠢᠭ᠋ ᠡᠪᠯᠢᠭ ᠵᠠᠩ ᠲᠠᠢ ᠬᠥᠮᠦᠨ ᠶᠦ᠍ᠮ ᠰᠠᠨ ᠃ ᠬᠥᠮᠦᠰ ᠰᠠᠢᠨ ᠭᠡᠷ ᠪᠦᠯᠢ ᠶ᠋ᠢᠨ ᠲᠤᠬᠠᠢ ᠶᠠᠷᠢᠬᠤ ᠳ᠋ᠤ᠌ ᠪᠢᠳᠡ ᠬᠣᠶᠠᠷ ᠤ᠋ᠨ ᠲᠤᠬᠠᠢ ᠵᠠᠪᠠᠯ ᠶᠠᠷᠢᠳᠠᠭ ᠪᠠᠢᠵᠤ ᠪᠢᠯᠡ ᠃ ᠴᠡᠷᠢᠭ ᠦ᠋ᠨ ᠳᠠᠷᠤᠭ᠎ᠠ ᠨᠠᠷ ᠦᠷᠭᠦᠯᠵᠢ ᠯᠡ ᠮᠠᠨ ᠤ᠋ ᠬᠢ ᠪᠡᠷ ᠴᠤᠭᠯᠠᠷᠠᠵᠤ ᠂ ᠪᠢᠳᠡ ᠣᠯᠤᠭᠰᠠᠨ ᠢ᠋ᠶ᠋ᠠᠨ ᠣᠯᠠᠨ ᠲᠠᠢ ᠬᠠᠮᠲᠤᠷᠠᠨ ᠤᠤᠭᠤᠵᠤ ᠢᠳᠡᠵᠦ ᠬᠥᠭᠵᠢᠯᠲᠡᠢ ᠱᠤᠤᠭᠢᠶᠠᠨᠲᠠᠢ ᠠᠮᠢᠳᠤᠷᠠᠵᠤ ᠪᠠᠢᠪᠠ ᠃ ᠪᠠᠰᠠ ᠳᠣᠯᠵᠢᠨ ᠮᠠᠨᠢ ᠴᠡᠷᠢᠭ ᠦ᠋ᠨ ᠳᠠᠷᠤᠭ᠎ᠠ ᠨᠠᠷ ᠤ᠋ᠨ ᠬᠠᠭᠵᠠᠷᠠᠭᠰᠠᠨ ᠤᠷᠠᠭᠳᠠᠭᠰᠠᠨ  ᠢ᠋ ᠣᠶᠣᠵᠤ ᠡᠬᠡ ᠰᠢᠭ ᠨᠢ ᠪᠠᠢᠳᠠᠭ ᠰᠠᠨ ᠃
   ᠮᠠᠨ ᠤ᠋ ᠠᠩᠭᠢ ᠰᠢᠨ᠎ᠡ ᠭᠠᠵᠠᠷ ᠨᠡᠭᠦᠳᠡᠯᠯᠡᠭᠰᠡᠨ ᠪᠣᠯᠬᠣᠷ ᠨᠢᠭᠡ ᠵᠢᠯ ᠬᠠᠮ ᠬᠣᠮ ( ᠬᠠᠰᠢ ᠶᠠᠰᠢ ) ᠪᠠᠷᠢᠭᠰᠠᠨ ᠭᠡᠷ ᠲᠦ᠍ ᠨᠢ ᠡᠪᠦᠯᠵᠢᠪᠡ ᠃ ᠬᠠᠪᠤᠷ ᠳᠤᠯᠵᠢᠨ ᠤ᠋ ᠮᠢᠨᠢ ᠪᠡᠶ᠎ᠡ ᠰᠦᠷᠡᠬᠡᠢ ᠮᠠᠭᠤᠳᠠᠭᠰᠠᠨ ᠪᠣᠯᠪᠠᠴᠤ ᠡᠮᠴᠢ ᠳ᠋ᠣᠺᠲ᠋ᠣᠷ ᠤ᠋ᠨ ᠬᠦᠴᠦ ᠪᠡᠷ ᠰᠠᠢᠵᠢᠷᠠᠪᠠ ᠃ ᠪᠠᠰᠠ ᠲᠡᠭᠡᠭᠡᠳ ᠬᠦᠦ ᠲᠡᠢ ᠪᠣᠯᠵᠤ ᠂ ᠲᠡᠭᠦᠨ ᠳ᠋ᠦ᠍ ᠪᠡᠨ ᠪᠠᠭᠠᠲᠤᠷ ᠭᠡᠵᠦ ᠨᠡᠷ᠎ᠡ ᠥᠭᠪᠡ ᠃ ᠶᠣᠰᠣᠲᠠᠢ ᠯᠠ ᠴᠠᠭᠪᠠᠷ ( ᠴᠠᠰᠤᠲᠤ ᠠᠭᠤᠯᠠᠨ ᠳ᠋ᠤ᠌ ᠣᠷᠣᠰᠢᠬᠤ ᠨᠢᠭᠡ ᠵᠦᠢᠯ ᠦ᠋ᠨ ᠪᠠᠷᠢᠭᠰᠠᠨ ) ᠰᠢᠭ᠋ ᠬᠦᠦ ᠪᠠᠢᠵᠤ ᠪᠢᠯᠡ ᠳᠠ ᠭᠡᠰᠡᠨ ᠢ᠋ᠶ᠋ᠡᠨ ᠳᠣᠷᠵᠢ ᠭᠤᠸᠠᠢ ᠭᠦᠨ ᠰᠠᠨᠠᠭ᠎ᠠ ᠠᠯᠳᠠᠵᠤ ᠨᠢᠳᠦ ᠨᠢ ᠶᠠᠮᠠᠷ ᠴᠤ᠌ ᠬᠥᠳᠡᠯᠭᠡᠭᠡᠨ ᠦᠭᠡᠢ ᠪᠣᠯᠤᠨ ᠰᠦᠮᠡᠯᠵᠡᠨ ᠠᠰᠠᠵᠤ ᠪᠠᠢᠭ᠎ᠠ ᠯᠠ ᠶ᠋ᠢᠨ ᠳᠥᠯᠥ ᠶ᠋ᠢᠨ ᠳᠡᠭᠡᠭᠦᠷ ᠬᠡᠰᠡᠭ ᠵᠠᠭᠤᠷ᠎ᠠ ᠰᠢᠷᠳᠡᠪᠡ ᠃ ᠲᠡᠭᠡᠭᠡᠳ ᠪᠣᠰᠴᠤ ᠣᠷᠣᠨ ᠤ᠋ ᠳᠡᠷᠭᠡᠳᠡ ᠡᠴᠡ ᠰᠠᠪᠠ ᠲᠠᠢ ᠲᠠᠮᠠᠬᠢ ᠂ ᠬᠠᠭᠤᠴᠢᠨ ᠮᠣᠳᠣ ᠲᠣᠯᠣᠭᠠᠢ ᠠᠪᠴᠢᠷᠠᠭᠠᠳ ᠨᠡᠷᠡᠬᠦ ᠭᠡᠰᠡᠨ ᠪᠣᠯᠪᠠᠴᠤ ᠭᠠᠷ ᠨᠢ ᠴᠡᠴᠡᠷᠡᠭᠡᠳ ᠴᠢᠳᠠᠭᠰᠠᠨ ᠦᠭᠡᠢ ᠲᠤᠯᠠ ᠨᠠᠳᠠ ᠲᠠᠢᠰᠢ ᠭᠠᠷ ᠢ᠋ᠶ᠋ᠠᠨ ᠲᠣᠰᠴᠤ ᠄
   - ᠨᠢᠭᠡ ᠲᠠᠮᠠᠬᠢ ᠥᠭᠭᠥᠨ᠎ᠡ ᠦᠦ? ᠭᠡᠪᠡ ᠃
   ᠪᠢᠳᠡ ᠬᠣᠶᠠᠷ ᠲᠠᠮᠠᠬᠢ ᠲᠠᠲᠠᠵᠤ ᠬᠡᠰᠡᠭ ᠵᠠᠭᠤᠷ᠎ᠠ ᠳᠠᠭᠤ ᠦᠭᠡᠢ ᠰᠠᠭᠤᠪᠠ ᠃ ᠰᠠᠢᠬᠠᠨ ᠶᠠᠪᠤᠳᠠᠯ ᠢ᠋ᠶ᠋ᠠᠷ ᠡᠬᠢᠯᠡᠭᠰᠡᠨ ᠳᠣᠷᠵᠢ ᠭᠤᠸᠠᠢ ᠶ᠋ᠢᠨ ᠶᠠᠷᠢᠶ᠎ᠠ ᠭᠤᠨᠢᠭᠲᠤ ᠶᠠᠪᠤᠳᠠᠯ ᠳ᠋ᠤ᠌ ᠣᠷᠣᠬᠤ ᠪᠣᠯᠤᠭᠰᠠᠨ ᠨᠢ ᠲᠡᠭᠦᠨ ᠦ᠌ ᠪᠠᠢᠳᠠᠯ  ᠠ᠋ᠴᠠ ᠣᠢᠯᠠᠭᠠᠭᠳᠠᠪᠠ ᠃ ᠲᠡᠭᠡᠬᠦᠯᠡᠷ ᠪᠢ《 ᠲᠡᠭᠡᠭᠡᠳ ᠶᠠᠭᠤ ᠪᠣᠯᠤᠭᠰᠠᠨ ᠪᠣᠢ ? 》ᠭᠡᠵᠦ ᠠᠰᠠᠭᠤᠬᠤ ᠵᠢᠷᠦᠬᠡ ᠬᠦᠷᠦᠭᠰᠡᠨ ᠦᠭᠡᠢ ᠃
    ᠭᠡᠲᠡᠯ᠎ᠡ ᠳᠣᠷᠵᠢ ᠭᠤᠸᠠᠢ ᠶ᠋ᠢᠨ ᠨᠢᠳᠦᠨ ᠳ᠋ᠦ᠍ ᠨᠥᠭᠥᠭᠡ ᠬᠠᠳᠠᠭᠳᠠᠭᠰᠠᠨ ᠭᠤᠨᠢᠭᠯᠠᠯ  ᠢ᠋ ᠲᠦᠷ ᠪᠣᠯᠪᠠᠴᠤ ᠳᠠᠷᠤᠭᠰᠠᠨ ᠪᠠᠶᠠᠷ ᠤ᠋ᠨ ᠣᠴᠢ ᠭᠢᠯᠠᠯᠵᠠᠭᠠᠳ ᠄
   - ᠨᠢᠭᠡ ᠡᠳᠦᠷ ᠮᠠᠨ ᠤ᠋ ᠰᠠᠯᠠᠭᠠᠨ ᠤ᠋ ᠴᠢᠯᠠᠭᠤᠨ ᠭᠡᠳᠡᠭ ᠴᠡᠷᠢᠭ ᠮᠠᠨᠠᠭᠠᠨ ᠳ᠋ᠤ᠌ ᠪᠠᠢᠵᠤ ᠪᠠᠢᠭᠠᠳ ᠤᠨᠲᠠᠴᠢᠬᠠᠭᠰᠠᠨ ᠠ᠋ᠴᠠ ᠪᠣᠯᠵᠤ ᠪᠢ ᠰᠤᠮᠤᠨ ᠤ᠋ ᠳᠠᠷᠤᠭ᠎ᠠ ᠠ᠋ᠴᠠ ᠲᠠᠪᠤᠨ ᠡᠳᠦᠷ ᠦ᠋ᠨ ᠰᠠᠬᠢᠯᠭ᠎ᠠ ᠬᠦᠷᠲᠡᠪᠡ ( ᠰᠠᠬᠢᠯᠭ᠎ᠠ ᠶ᠋ᠢ ᠭᠠᠵᠢᠭᠤᠳᠠᠭᠤᠯᠵᠤ ᠪᠤᠷᠤᠭᠤ ᠬᠡᠷᠡᠭ ᠬᠢᠭᠰᠡᠨ ᠡᠴᠡ ᠪᠣᠯᠵᠤ ᠰᠢᠢᠳᠬᠡᠯ ᠬᠦᠷᠲᠡᠬᠦ ) ᠃ ᠴᠢᠯᠠᠭᠤᠨ ᠮᠢᠨᠦ ᠠᠮᠢᠳᠤᠷᠠᠯ ᠳ᠋ᠤ᠌ ᠪᠠᠭ᠎ᠠ ᠦᠭᠡᠢ ᠪᠠᠯᠠᠭ ᠲᠠᠷᠢᠭᠰᠠᠨ ᠬᠥᠮᠦᠨ ᠳᠠ ᠭᠡᠳ ᠳᠣᠷᠵᠢ ᠭᠤᠸᠠᠢ ᠰᠢᠵᠠᠭᠤᠷ ( ᠠᠷᠠᠭ᠎ᠠ ᠰᠢᠳᠦᠨ ᠦ᠌ ᠬᠠᠪᠢ ᠃ ᠰᠢᠵᠠᠭᠤᠷ ᠵᠠᠭᠤᠬᠤ ᠭᠡᠵᠦ ᠰᠢᠲᠦ ᠵᠠᠭᠤᠨ ᠲᠡᠰᠪᠦᠷᠢᠯᠡᠬᠦ ᠶ᠋ᠢ ᠬᠡᠯᠡᠨ᠎ᠡ 》 ᠪᠡᠨ ᠵᠠᠭᠤᠭᠠᠳ ᠬᠠᠮᠠᠷ  ᠢᠶᠠᠷ ᠢ᠋ᠶ᠋ᠡᠨ ᠤᠷᠲᠤ ᠠᠮᠢᠰᠬᠤᠭ᠎ᠠ ᠠᠪᠤᠯ᠎ᠠ ᠃ ᠲᠡᠭᠡᠭᠡᠳ ᠠᠯᠠᠭ᠎ᠠ ᠪᠠᠷ ᠢ᠋ᠶ᠋ᠠᠨ ᠨᠢᠭᠤᠷ ᠢ᠋ᠶ᠋ᠠᠨ ᠬᠡᠳᠦ ᠡᠷᠭᠢᠭᠦᠯᠦᠨ ᠠᠷᠴᠢᠭᠠᠳ ᠨᠢᠳᠦ ᠪᠡᠨ ᠴᠠᠪᠴᠢᠯᠠᠨ ᠪᠣᠳᠣᠯᠬᠢᠯᠠᠭᠰᠠᠨ ᠢ᠋ᠶ᠋ᠠᠨ ᠄
    ᠬᠣᠶᠠᠷ ᠬᠣᠨᠣᠭᠠᠳ ᠪᠠᠢᠲᠠᠯ᠎ᠠ ᠰᠤᠮᠤᠨ ᠤ᠋ ᠳᠠᠷᠤᠭ᠎ᠠ ᠥᠪᠡᠷ ᠢ᠋ᠶ᠋ᠡᠨ ᠢᠷᠡᠵᠦ ᠬᠠᠭᠠᠯᠭ᠎ᠠ ᠨᠡᠭᠡᠭᠡᠭᠡᠳ ᠨᠠᠮ᠎ᠠ  ᠶ᠋ᠢ ᠭᠠᠷᠭᠠᠨ ᠄
   -  ᠪᠤᠰᠢᠭᠤᠬᠠᠨ ᠬᠠᠷᠢᠵᠤ ᠳᠤᠯᠵᠢᠨ ᠤ᠋ ᠰᠡᠳᠬᠢᠯ  ᠢ᠋ ᠠᠮᠤᠷᠠᠭ᠎ᠠ ᠭᠡᠪᠡ ᠃ ᠠᠯᠢ ᠨᠢᠭᠡ ᠴᠡᠷᠢᠭ ᠤᠨᠲᠠᠭᠰᠠᠨ ᠠ᠋ᠴᠠ ᠬᠢᠯᠢᠰ ᠰᠢᠢᠳᠬᠡᠭᠳᠡᠵᠦ ᠬᠣᠶᠠᠷ ᠬᠣᠨᠣᠭ ᠰᠠᠬᠢᠯᠭ᠎ᠠ ᠳ᠋ᠤ᠌ ᠰᠠᠭᠤᠪᠠ ᠭᠡᠵᠦ ᠪᠣᠳᠣᠭᠠᠳ ᠤᠷᠮ᠎ᠠ ᠦᠭᠡᠢ ᠠᠭᠤᠷ ᠲᠠᠢ ᠭᠡᠯᠳᠦᠷᠢᠭᠰᠡᠭᠡᠷ ᠭᠡᠷ ᠲᠦ᠍ ᠪᠡᠨ ᠢᠷᠡᠬᠦ   ᠳ᠋ᠦ᠍ ᠳᠤᠯᠵᠢᠨ ᠮᠢᠨᠢ ᠤᠭᠲᠤᠵᠤ ᠢᠷᠡᠪᠡ ᠃
   - ᠠᠭᠤᠷ ᠲᠠᠢ ᠳᠠᠷᠤᠭ᠎ᠠ ᠂ ᠤᠷᠤᠭᠰᠢ ᠦᠭᠡᠢ ᠴᠡᠷᠢᠭ ᠡᠴᠡ ᠪᠣᠯᠵᠤ ᠬᠢᠯᠢᠰ ᠬᠣᠷᠢᠭᠳᠠᠵᠤ ᠪᠠᠢᠭᠠᠳ ᠢᠷᠡᠯ᠎ᠡ ᠭᠡᠵᠦ ᠬᠡᠯᠡᠬᠦ ᠳᠦ᠂ ᠳᠣᠯᠵᠢᠨ ᠮᠢᠨᠢ ᠬᠣᠶᠠᠷ ᠭᠠᠷ ᠢ᠋ᠶ᠋ᠠᠷ ᠢ᠋ᠶ᠋ᠠᠨ ᠪᠠᠷᠠᠭᠤᠨ ᠭᠠᠷ  ᠢ᠋ ᠮᠢᠨᠢ ᠴᠢᠩᠭ᠎ᠠ ᠠᠳᠬᠤᠵᠤ ᠪᠠᠢᠭᠠᠳ ᠄
   - ᠡᠪᠦᠭᠡᠨ ᠮᠢᠨᠢ ᠬᠥᠮᠦᠨ  ᠢ᠋ ᠪᠤᠷᠤᠭᠤᠳᠬᠠᠬᠤ ᠶ᠋ᠢᠨ ᠡᠮᠦᠨ᠎ᠡ ᠥᠪᠡᠷ  ᠢ᠋ ᠪᠡᠨ ᠰᠢᠭᠦᠮᠵᠢᠯᠡᠵᠦ ᠦᠵᠡ ! ᠨᠠᠪᠴᠢ ᠨᠢ ᠮᠠᠭᠤ ᠪᠣᠯ ᠦᠨᠳᠦᠰᠦ ᠲᠡᠢ ᠪᠡᠨ ᠬᠣᠯᠪᠣᠭ᠎ᠠ ᠲᠠᠢ ᠪᠠᠢᠳᠠᠭ ᠰᠢᠭ᠋ ᠂ ᠴᠡᠷᠢᠭ ᠨᠢ ᠰᠠᠬᠢᠯᠭ᠎ᠠ ᠠᠯᠳᠠᠵᠤ ᠪᠠᠢᠬᠤ ᠳ᠋ᠤ᠌ ᠳᠠᠷᠤᠭ᠎ᠠ ᠲᠠᠢ ᠨᠢ ᠶᠠᠷᠢᠬᠤ ᠶ᠋ᠢ ᠪᠤᠷᠤᠭᠤ ᠭᠡᠵᠦ ᠪᠣᠯᠬᠤ ᠦᠭᠡᠢ ᠪᠠᠢᠬᠤ ᠠ᠋ ᠭᠡᠵᠦ ᠬᠡᠯᠡᠪᠡ ᠃
   ᠨᠢᠭᠡ ᠶ᠋ᠢ ᠪᠡᠨ ᠰᠠᠬᠢᠯᠭ᠎ᠠ ᠳ᠋ᠤ᠌ ᠬᠣᠷᠢᠭᠳᠠᠵᠤ ᠶᠠᠳᠠᠷᠠᠭᠠᠳ ᠢᠷᠡᠬᠦ ᠳ᠋ᠦ᠍ ᠢᠩᠭᠢᠵᠦ ᠬᠡᠯᠡᠳᠡᠭ ᠬᠠᠨᠢ ᠪᠠᠢᠳᠠᠭ ᠠ᠋ ᠭᠡᠵᠦ ᠪᠢ ᠲᠡᠷᠡ ᠦᠶ᠎ᠡ ᠳ᠋ᠦ᠍ ᠪᠡᠨ ᠭᠣᠮᠣᠳᠠᠵᠤ ᠪᠠᠢᠭᠰᠠᠨ ᠰᠠᠨ ᠃ ᠭᠡᠪᠡᠴᠦ ᠬᠣᠢᠨ᠎ᠠ ᠰᠣᠨᠣᠰᠪᠠᠯ ᠳᠤᠯᠵᠢᠨ ᠮᠢᠨᠢ ᠨᠠᠮ᠎ᠠ ᠶ᠋ᠢ ᠭᠠᠷᠭᠠᠬᠤ ᠭᠡᠵᠦ ᠰᠤᠮᠤᠨ ᠤ᠋ ᠳᠠᠷᠤᠭ᠎ᠠ ᠂ ᠬᠣᠷᠢᠶᠠᠨ ᠤ᠋ ᠳᠠᠷᠤᠭ᠎ᠠ ᠂ ᠳ᠋ᠢᠸᠢᠽᠢ ᠶ᠋ᠢᠨ ᠳᠠᠷᠤᠭ᠎ᠠ ᠴᠥᠮ ᠳ᠋ᠦ᠍ ᠨᠢ ᠣᠴᠢᠵᠤ ᠭᠤᠶᠤᠭᠰᠠᠨ ᠪᠠᠢᠵᠤ ᠪᠢᠯᠡ ᠃ ᠬᠥᠭᠡᠷᠦᠬᠦᠢ ᠮᠢᠨᠢ ᠬᠣᠶᠠᠷ ᠬᠣᠨᠣᠭ ᠬᠣᠭᠣᠯᠠ ᠤᠮᠳᠠ ᠦᠭᠡᠢ ᠂ ᠭᠡᠷ ᠦ᠋ᠨ ᠭᠠᠳᠠᠭ᠎ᠠ ᠬᠥᠮᠦᠨ ᠦ᠌ ᠬᠥᠯ ᠦ᠋ᠨ ᠴᠢᠮᠡᠭᠡ ᠭᠠᠷᠬᠤ ᠪᠦᠷᠢ ᠨᠠᠮ᠎ᠠ ᠶ᠋ᠢ ᠢᠷᠡᠪᠡ ᠤᠤ ᠭᠡᠵᠦ ᠭᠠᠷᠴᠤ ᠣᠷᠣᠵᠤ ᠪᠠᠢᠵᠠᠢ ᠃ ᠬᠣᠪᠣᠷᠬᠠᠨ ᠬᠥᠮᠦᠨ ᠶᠦ᠍ᠮ ᠰᠠᠨ ᠭᠡᠳ ᠳᠣᠷᠵᠢ ᠭᠤᠸᠠᠢ ᠨᠠᠳᠠ ᠥᠭᠡᠳᠡ ᠬᠠᠷᠠᠬᠤ ᠳ᠋ᠤ᠌ ᠲᠡᠭᠦᠨ ᠦ᠌ ᠨᠢᠳᠦ ᠶ᠋ᠢ ᠪᠦᠷᠬᠦᠭᠰᠡᠨ ᠭᠤᠨᠢᠭᠯᠠᠯ ᠭᠠᠰᠠᠯᠠᠩ ᠨᠠᠳᠠ ᠳ᠋ᠤ᠌ ᠳᠡᠮᠵᠢᠵᠦ ᠪᠢ ᠥᠪᠡᠷ ᠦ᠋ᠨ ᠡᠷᠬᠡ ᠦᠭᠡᠢ ᠰᠠᠨᠠᠭ᠎ᠠ ᠠᠯᠳᠠᠪᠠ ᠃
   ᠳᠣᠷᠵᠢ ᠭᠤᠸᠠᠢ ᠵᠡᠭᠦᠨ ᠭᠠᠷ ᠢ᠋ᠶ᠋ᠠᠷ ᠢ᠋ᠶ᠋ᠠᠨ ᠮᠠᠩᠨᠠᠢ ᠪᠠᠨ ᠲᠤᠯᠤᠨ ᠳᠣᠭᠣᠭᠰᠢ ᠬᠠᠷᠠᠵᠤ ᠬᠡᠰᠡᠭ ᠰᠠᠭᠤᠪᠠ ᠃ᠲᠡᠭᠦᠨ ᠦ᠌ ᠬᠣᠭᠣᠯᠠᠢ ᠨᠢ ᠵᠠᠩᠭᠢᠷᠠᠭᠠᠳ ᠠᠮᠠᠨ ᠳ᠋ᠤ᠌ ᠪᠠᠨ ᠬᠤᠷᠠᠯᠳᠤᠭᠰᠠᠨ ᠰᠢᠯᠦᠰᠦ ᠪᠡᠨ ᠵᠠᠯᠭᠢᠵᠤ ᠴᠢᠳᠠᠬᠤ ᠦᠭᠡᠢ ᠶᠠᠳᠠᠵᠤ ᠪᠠᠢᠭ᠎ᠠ ᠨᠢ ᠨᠠᠳᠠ ᠳ᠋ᠤ᠌ ᠮᠡᠳᠡᠭᠳᠡᠵᠦ ᠪᠠᠢᠪᠠ ᠃ ᠠᠷᠠᠢ ᠭᠡᠵᠦ ᠰᠢᠯᠦᠰᠦ ᠪᠡᠨ ᠵᠠᠯᠭᠢᠭᠠᠳ ᠳᠡᠭᠡᠭᠰᠢ ᠬᠠᠷᠠᠵᠤ ᠤᠷᠲᠤ ᠰᠠᠨᠠᠭ᠎ᠠ ᠠᠯᠳᠠᠭᠰᠠᠨ ᠢ᠋ᠶ᠋ᠠᠨ ᠄
   - ᠳᠤᠯᠵᠢᠨ ᠨᠠᠮ᠎ᠠ ᠶ᠋ᠢ ᠳᠠᠭᠠᠵᠤ ᠬᠣᠭᠣᠯᠠ ᠲᠠᠢ ᠬᠣᠭᠣᠯᠠᠨ ᠦᠭᠡᠢ ᠶᠠᠪᠤᠭᠰᠠᠨ ᠠ᠋ᠴᠠ ᠡᠪᠡᠳᠴᠢᠨ ᠣᠯᠵᠤ ᠂ᠨᠢᠭᠡ ᠮᠢᠩᠭ᠎ᠠ ᠶᠢᠰᠦᠨ ᠵᠠᠭᠤ ᠭᠤᠴᠢᠨ ᠨᠠᠢ᠍ᠮᠠᠨ ᠣᠨ ᠤ᠋ ᠬᠠᠪᠤᠷ ᠬᠡᠪᠲᠡᠭᠡᠳ ᠲᠠᠪᠤᠨ ᠰᠠᠷ᠎ᠠ ᠶ᠋ᠢᠨ ᠠᠷᠪᠠᠨ ᠲᠠᠪᠤᠨ ᠤ᠋ ᠣᠷᠣᠢ ᠶᠢᠰᠦᠨ ᠴᠠᠭ ᠬᠣᠷᠢᠨ ᠨᠢᠭᠡᠨ ᠮᠢᠨᠦ᠋ᠲ ᠲᠦ᠍ ᠨᠠᠰᠤ ᠪᠠᠷᠠᠵᠤ ᠂ ᠪᠢ ᠬᠣᠶᠠᠷ ᠨᠠᠰᠤᠲᠠᠢ ᠥᠨᠥᠴᠢᠨ ᠬᠡᠦᠬᠡᠳ ᠲᠡᠢ ᠦᠯᠡᠳᠡᠭᠰᠡᠨ ᠭᠡᠳ ᠳᠣᠷᠵᠢ ᠭᠤᠸᠠᠢ ᠨᠠᠳᠠ ᠥᠭᠡᠳᠡ ᠬᠠᠷᠠᠬᠤ ᠭᠡᠰᠡᠨ ᠢ᠋ᠶ᠋ᠡᠨ ᠭᠱᠠᠨ ᠵᠠᠭᠤᠷ᠎ᠠ ᠬᠠᠷᠠᠴᠠ ᠪᠠᠨ ᠪᠤᠷᠤᠭᠤᠯᠠᠵᠤ ᠳᠣᠭᠣᠭᠰᠢ ᠬᠠᠷᠠᠪᠠ ᠃ ᠭᠡᠪᠡᠴᠦ ᠲᠡᠭᠦᠨ ᠦ᠌ ᠨᠢᠳᠦᠨ ᠡᠴᠡ ᠨᠢᠯᠪᠤᠰᠤ ᠭᠠᠷᠤᠭᠰᠠᠨ ᠦᠭᠡᠢ ᠃ ᠬᠠᠷᠢᠨ ᠬᠠᠴᠠᠷ ᠤ᠋ᠨ ᠪᠤᠯᠴᠢᠩ ᠨᠢ ᠳᠠᠳᠠᠭᠠᠨᠠᠨ ᠴᠡᠴᠡᠷᠡᠵᠦ ᠪᠠᠢᠪᠠ ᠃ ᠲᠠᠰᠤᠯᠭᠠᠨ ᠳ᠋ᠤ᠌ ᠨᠠᠮ᠎ᠠ ᠭᠦᠮ ᠂ ᠳᠣᠷᠵᠢ ᠭᠤᠸᠠᠢ ᠲᠠᠰᠤᠯᠳᠠᠨ ᠠᠮᠢᠰᠬᠤᠭᠠᠯᠠᠬᠤ ᠨᠢ ᠲᠣᠳᠣ ᠰᠣᠨᠣᠰᠳᠠᠨ ᠯᠠ ᠶ᠋ᠢᠨ ᠰᠦᠮᠡᠯᠵᠡᠵᠦ ᠪᠠᠢᠭ᠎ᠠ ᠭᠡᠷᠡᠯ ᠤᠷᠤᠰᠤᠨ ᠭᠠᠷᠬᠤ  ᠶ᠋ᠢᠨ ᠵᠣᠷᠢᠭ ᠢ᠋ᠶ᠋ᠠᠷ ᠬᠣᠷᠢᠭᠯᠠᠨ ᠳᠣᠲᠣᠭᠰᠢ ᠲᠠᠲᠠᠭᠰᠠᠨ ᠭᠠᠰᠢᠭᠤᠨ ᠨᠢᠯᠪᠤᠰᠤ ᠪᠠᠷ ᠳᠦᠭᠦᠷᠦᠭᠰᠡᠨ ᠳᠣᠷᠵᠢ ᠭᠤᠸᠠᠢ ᠶ᠋ᠢᠨ ᠵᠢᠷᠦᠬᠡᠨ ᠦ᠌ ᠴᠣᠬᠢᠯᠲᠠ ᠶ᠋ᠢ ᠲᠣᠭᠠᠯᠠᠬᠤ ᠭᠡᠰᠡᠨ ᠰᠢᠭ ᠠᠨᠢᠪᠴᠢᠵᠤ ᠪᠠᠢᠪᠠ ᠃
   ᠳᠣᠷᠵᠢ ᠭᠤᠸᠠᠢ ᠶᠡᠷᠦ ᠪᠤᠰᠤ ᠶ᠋ᠢᠨ ᠡᠷᠡᠰ ᠬᠥᠳᠡᠯᠭᠡᠭᠡᠨ ᠢ᠋ᠶ᠋ᠡᠷ ᠠᠯᠢ ᠡᠷᠲᠡ ᠤᠨᠲᠠᠷᠠᠭᠰᠠᠨ ᠲᠠᠮᠠᠬᠢᠨ ᠤ᠋ ᠡᠰᠢ ᠪᠡᠨ ᠠᠪᠴᠤ ᠬᠡᠳᠦ ᠰᠤᠷᠤᠭᠰᠠᠨ ᠢ᠋ᠶ᠋ᠠᠨ ᠄
   - ᠡᠬᠡ ᠬᠥᠮᠦᠨ ᠦᠷ᠎ᠡ ᠪᠡᠨ ᠬᠠᠷᠠᠵᠤ ᠪᠠᠢᠬᠤ ᠳ᠋ᠤ᠌ ᠪᠠᠨ ᠭᠣᠣᠯ ᠨᠢ ᠲᠠᠰᠤᠷᠠᠳᠠᠭ ᠦᠭᠡᠢ ᠭᠡᠵᠦ ᠦᠨᠡᠨ ᠶᠦ᠍ᠮ ᠰᠢᠦ ᠃ ᠳᠤᠯᠵᠢᠨ ᠮᠢᠨᠢ ᠲᠠᠪᠤᠨ ᠴᠠᠭ ᠤ᠋ᠨ ᠦᠶ᠎ᠡ ᠳ᠋ᠦ᠍ ᠬᠦᠨᠳᠦᠷᠡᠭᠡᠳ ᠳᠣᠯᠣᠭᠠᠨ ᠴᠠᠭ ᠬᠦᠷᠲᠡᠯ᠎ᠡ ᠲᠠᠷᠴᠢᠯᠠᠵᠤ ᠪᠠᠢᠭᠠᠳ ᠄《 ᠡᠪᠦᠭᠡᠨ ᠮᠢᠨᠢ ᠬᠦᠦ ᠪᠡᠨ ᠠᠢᠯ ᠳ᠋ᠤ᠌ ᠣᠷᠣᠭᠤᠯᠴᠢᠬ᠎ᠠ 》ᠭᠡᠬᠦ ᠳ᠋ᠦ᠍ ᠨᠢ ᠪᠢ ᠬᠣᠢᠮᠣᠷ ᠢᠶᠠᠷ ᠲᠣᠭᠯᠠᠵᠤ ᠪᠠᠢᠭᠰᠠᠨ ᠪᠠᠭᠠᠲᠤᠷ  ᠢ᠋ ᠡᠷᠭᠦᠵᠦ ᠠᠪᠤᠭᠠᠳ ᠭᠠᠷᠬᠤ ᠭᠡᠬᠦ ᠳ᠋ᠦ᠍ ᠄ 《 ᠠᠪᠤᠭᠠᠳ ᠢᠷᠡᠭᠡᠴᠢ ᠂ᠦᠨᠦᠰᠦᠶ᠎ᠡ 》ᠭᠡᠵᠦ ᠪᠢᠯᠡ ᠃ ᠬᠦᠦ ᠶ᠋ᠢᠨ ᠢ᠋ᠶ᠋ᠡᠨ ᠬᠣᠶᠠᠷ ᠬᠠᠴᠠᠷ ᠠ᠋ᠴᠠ ᠤᠳᠠᠭᠠᠨ ᠭᠡᠭᠴᠢ ᠦᠨᠥᠰᠥᠦᠭᠡᠳ  ᠄《 ᠵᠠ ᠂ᠠᠪᠤᠭᠠᠳ ᠭᠠᠷ ᠳᠠ 》ᠭᠡᠵᠦ ᠬᠡᠯᠡᠵᠦ ᠪᠢᠯᠡ ᠃
 ᠬᠦᠦ ᠪᠡᠨ ᠠᠢᠯ ᠳ᠋ᠤ᠌ ᠣᠷᠣᠭᠤᠯᠤᠭᠠᠳ ᠡᠷᠭᠢᠵᠦ ᠢᠷᠡᠬᠦ ᠳ᠋ᠦ᠍ ᠨᠠᠮ᠎ᠠ ᠶ᠋ᠢ ᠳᠡᠷᠭᠡᠳᠡ ᠪᠡᠨ ᠰᠠᠭᠤᠯᠭᠠᠵᠤ ᠄《 ᠶᠠᠳᠠᠬᠤ ᠳ᠋ᠤ᠌ ᠪᠠᠨ ᠴᠢ ᠬᠦᠦ ᠪᠡᠨ ᠠᠷᠪᠠ ᠬᠦᠷᠲᠡᠯ᠎ᠡ ᠬᠥᠮᠦᠨ ᠲᠡᠢ ᠪᠢᠲᠡᠭᠡᠢ ᠰᠠᠭᠤᠭᠠᠷᠠᠢ 》ᠭᠡᠬᠦ ᠳ᠋ᠦ᠍ ᠨᠢ ᠨᠢᠯᠪᠤᠰᠤ ᠮᠢᠨᠢ ᠠᠶᠠᠨᠳᠠᠭᠠᠨ ᠠᠰᠬᠠᠷᠠᠵᠤ ᠄《 ᠦᠭᠡᠢ ᠂ ᠬᠡᠵᠢᠶ᠎ᠡ ᠴᠦ᠍ ᠰᠠᠭᠤᠬᠤ ᠦᠭᠡᠢ 》ᠭᠡᠰᠡᠨ ᠶᠦ᠍ᠮ ᠰᠠᠨ ᠃ ᠳᠤᠯᠵᠢᠨ ᠮᠢᠨᠢ ᠨᠠᠮ᠎ᠠ ᠶ᠋ᠢ ᠰᠢᠷᠲᠡᠵᠦ ᠪᠠᠢᠭᠰᠠᠨ ᠢ᠋ᠶ᠋ᠠᠨ ᠄《 ᠮᠢᠨᠦ ᠡᠪᠦᠭᠡᠨ ᠪᠢᠲᠡᠭᠡᠢ ᠤᠬᠢᠯᠠ ᠂ ᠡᠷ᠎ᠡ ᠬᠥᠮᠦᠨ ᠬᠠᠲᠠᠭᠤᠵᠢᠯᠲᠠᠢ ᠪᠠᠢᠬᠤ ᠬᠡᠷᠡᠭᠲᠡᠢ ᠃ ᠨᠢᠭᠡᠨᠲᠡ ᠵᠠᠢᠯᠠᠰᠢ ᠦᠭᠡᠢ ᠢᠷᠡᠭᠰᠡᠨ ᠵᠣᠪᠠᠯᠠᠩ  ᠢ᠋ ᠣᠭᠲᠣ ᠂ ᠵᠣᠪᠠᠬᠤ ᠴᠠᠭ ᠲᠤ᠌ ᠬᠠᠲᠠᠭᠤᠵᠢ ᠭᠡᠵᠦ ᠮᠠᠨ ᠤ᠋ ᠳ᠋ᠤ᠌ ᠣᠴᠢᠭᠠᠳ ᠪᠠᠢᠬᠤ ᠳ᠋ᠤ᠌ ᠴᠢᠨᠢ ᠬᠡᠯᠡᠭᠰᠡᠨ ᠰᠢᠦ ᠲᠠ ᠃ ᠬᠠᠷᠢᠨ ᠴᠢ ᠮᠢᠨᠦ ᠭᠠᠷ  ᠢ᠋ ᠴᠢᠩᠭ᠎ᠠ ᠠᠳᠬᠤ 》ᠭᠡᠯ᠎ᠡ ᠃
     ᠳᠤᠯᠵᠢᠨ ᠲᠠᠢᠪᠤᠩ ᠪᠠᠢᠬᠤ ᠶ᠋ᠢ ᠬᠢᠴᠢᠶᠡᠵᠦ ᠪᠠᠢᠪᠠ ᠃ ᠭᠡᠪᠡᠴᠦ ᠲᠡᠭᠦᠨ ᠦ᠌ ᠨᠢᠳᠦᠨ ᠳ᠋ᠦ᠍ ᠬᠦᠦ ᠪᠢᠳᠡ ᠬᠣᠶᠠᠷ ᠠᠮᠢᠳᠤᠷᠠᠯ ᠤ᠋ᠨ ᠴᠢᠨᠠᠭᠰᠢᠳᠠ ᠶ᠋ᠢᠨ ᠵᠠᠮ  ᠢ᠋ ᠶᠠᠭᠠᠬᠢᠵᠤ ᠳᠠᠭᠠᠭᠠᠵᠤ ᠭᠠᠷᠬᠤ ᠪᠣᠯ ᠳᠠ ᠭᠡᠰᠡᠨ ᠰᠡᠳᠬᠢᠯ ᠦ᠋ᠨ ᠭᠦᠨ ᠵᠣᠪᠠᠯᠠᠩ ᠲᠣᠳᠣᠷᠬᠠᠢ ᠪᠠᠢᠪᠠ ᠃
   - ᠠᠯᠬᠤᠮ ᠪᠦᠷᠢ ᠳ᠋ᠦ᠍ ᠪᠡᠨ ᠬᠦᠦ ᠪᠡᠨ᠌᠌ ᠁ ᠭᠡᠳ ᠳᠤᠯᠵᠢᠨ ᠤ᠋ ᠬᠣᠭᠣᠯᠠᠢ ᠵᠠᠩᠭᠢᠷᠠᠨ ᠳᠠᠭᠤ ᠲᠠᠰᠤᠯᠳᠠᠵᠤ ᠬᠡᠰᠡᠭ ᠪᠣᠯᠤᠭᠰᠠᠨ ᠢ᠋ᠶ᠋ᠠᠨ ᠦᠷᠭᠦᠯᠵᠢᠯᠡᠭᠦᠯᠦᠨ ᠄《 ᠠᠩᠬᠠᠷᠴᠤ ᠂ ᠬᠠᠢᠷᠠᠯᠠᠵᠤ ᠶᠠᠪᠤᠭᠠᠷᠠᠢ 》ᠭᠡᠪᠡ  ᠃
 ᠪᠢ ᠬᠠᠷᠢᠭᠤ ᠳᠤᠤᠭᠠᠷᠴᠤ ᠴᠢᠳᠠᠭᠰᠠᠨ ᠦᠭᠡᠢ ᠃ ᠶᠠᠭᠤᠮ᠎ᠠ ᠯᠠ ᠬᠡᠯᠡᠬᠦ ᠭᠡᠬᠦ ᠪᠡᠷ ᠨᠢᠳᠦᠨ ᠦ᠌ ᠨᠢᠯᠪᠤᠰᠤ ᠭᠠᠷᠬᠤ ᠭᠡᠳ ᠪᠠᠢᠭᠰᠠᠨ ᠲᠤᠯᠠ ᠵᠥᠪᠬᠡᠨ ᠲᠣᠯᠣᠭᠠᠢ ᠪᠠᠨ ᠳᠣᠬᠢᠪᠠ ᠃ ᠢᠩᠭᠢᠭᠡᠳ ᠨᠥᠬᠥᠳ ᠴᠦ᠍ ᠢᠷᠡᠯ᠎ᠡ ᠃ ᠡᠮᠴᠢ ᠴᠦ᠍ ᠢᠷᠡᠵᠦ ᠠᠮᠢ ᠲᠠᠷᠢᠶ᠎ᠠ ᠬᠢᠯ᠎ᠡ ᠃ ᠳᠤᠯᠵᠢᠨ ᠮᠢᠨᠢ ᠲᠣᠭᠣᠷᠢᠵᠤ ᠪᠠᠢᠭᠰᠠᠨ ᠬᠥᠮᠦᠰ  ᠢ᠋ ᠬᠠᠷᠠᠵᠤ ᠄《 ᠡᠨᠡ ᠬᠣᠶᠠᠷ  ᠢ᠋ ᠮᠢᠨᠢ ᠯᠡ ᠬᠠᠷᠠᠵᠤ ᠶᠠᠪᠤᠭᠠᠷᠠᠢ 》ᠭᠡᠳ ᠳᠠᠬᠢᠨ ᠦᠭᠡ ᠬᠡᠯᠡᠬᠦ ᠭᠡᠰᠡᠨ ᠢ᠋ᠶ᠋ᠡᠨ ᠴᠢᠳᠠᠭᠰᠠᠨ ᠦᠭᠡᠢ ᠂ ᠠᠮᠠ ᠨᠢ ᠠᠩᠭᠠᠯᠵᠠᠨ ᠤᠷᠲᠤ ᠁ ᠭᠡᠳ ᠳᠣᠷᠵᠢ ᠭᠤᠸᠠᠢ ᠥᠪᠡᠷ ᠦ᠋ᠨ ᠡᠷᠬᠡ ᠦᠭᠡᠢ ᠭᠠᠷᠴᠤ ᠢᠷᠡᠭᠰᠡᠨ ᠨᠢᠯᠪᠤᠰᠤᠨ ᠤ᠋ ᠪᠠᠨ ᠳᠤᠰᠤᠯ  ᠢ᠋ ᠭᠠᠵᠠᠷ ᠤᠨᠠᠭᠠᠬᠤ ᠦᠭᠡᠢ ᠭᠡᠰᠡᠨ ᠰᠢᠭ ᠰᠢᠮᠡᠨ ᠵᠠᠯᠭᠢᠭᠠᠳ ᠨᠣᠢᠲᠠᠨ ᠵᠠᠮ  ᠢ᠋ ᠨᠢ ᠭᠠᠷ ᠤ᠋ᠨ ᠠᠯᠠᠭ᠎ᠠ ᠪᠠᠷ ᠠᠷᠴᠢᠪᠠ ᠃ ᠳᠣᠷᠵᠢ ᠭᠤᠸᠠᠢ ᠤᠷᠤᠭᠤᠯ ᠨᠢ ᠴᠡᠴᠡᠷᠡᠵᠦ ᠪᠠᠢᠭᠰᠠᠨ ᠢ᠋ᠶ᠋ᠠᠨ ᠠᠶᠠᠭ᠎ᠠ ᠲᠠᠢ ᠠᠷᠢᠬᠢ ᠠᠪᠴᠤ ᠄ 《 ᠵᠠ ᠬᠦᠦ ᠮᠢᠨᠢ ᠂ ᠴᠢᠨᠦ ᠠᠵᠠ ᠵᠢᠷᠭᠠᠯ ᠤ᠋ᠨ ᠲᠥᠯᠥᠭᠡ 》ᠭᠡᠳ ᠨᠢᠭᠡᠮᠥᠰᠥᠨ ᠬᠦᠨᠳᠡᠷᠴᠦ ᠣᠷᠬᠢᠪᠠ ᠃
   - ᠲᠠᠨ ᠳ᠋ᠤ᠌ ᠵᠣᠪᠠᠯᠠᠩ ᠢ᠋ᠶ᠋ᠠᠨ ᠶᠠᠷᠢᠵᠤ ᠂ ᠲᠠᠨ ᠤ᠋ ᠠᠮᠠᠷᠠᠬᠤ ᠳ᠋ᠤ᠌ ᠴᠢᠨᠢ ᠰᠠᠭᠠᠳ ᠪᠣᠯᠵᠤ ᠪᠠᠢᠬᠤ ᠳᠠ ᠭᠡᠵᠦ ᠳᠣᠷᠵᠢ ᠭᠤᠸᠠᠢ ᠬᠡᠯᠡᠬᠦ ᠳ᠋ᠦ᠍ ᠄
   - ᠦᠭᠡᠢ ᠂ ᠦᠭᠡᠢ ᠂ ᠳᠣᠷᠵᠢ ᠭᠤᠸᠠᠢ ᠭᠡᠵᠦ ᠪᠢ ᠬᠠᠷᠢᠭᠤᠯᠪᠠ ᠃
   - ᠠᠮᠢᠳᠤᠷᠠᠯ ᠳ᠋ᠤ᠌ ᠨᠢᠭᠡ ᠤᠳᠠᠭᠠᠨ ᠲᠣᠬᠢᠶᠠᠯᠳᠤᠭᠰᠠᠨ ᠰᠠᠢᠬᠠᠨ ᠶᠠᠭᠤᠮ᠎ᠠ ᠪᠠᠨ ᠠᠯᠳᠠᠴᠢᠬᠠᠭᠰᠠᠨ ᠬᠥᠮᠦᠨ ᠲᠡᠭᠦᠨ ᠢ᠋ᠶ᠋ᠡᠨ ᠶᠠᠷᠢᠬᠤ ᠳ᠋ᠤ᠌ ᠬᠡᠴᠡᠭᠦᠦ ᠪᠣᠯᠪᠠᠴᠤ ᠶᠠᠷᠢᠭᠰᠠᠨ ᠤ᠋ ᠳᠠᠷᠠᠭ᠎ᠠ ᠣᠩᠭᠣᠢᠵᠤ ᠥᠩᠭᠡᠷᠡᠬᠦ ᠰᠢᠭ ᠪᠣᠯᠳᠠᠭ ᠶᠤᠮ ᠭᠡᠳ ᠳᠣᠷᠵᠢ ᠭᠤᠸᠠᠢ ᠨᠠᠳᠠ ᠥᠭᠡᠳᠡ ᠬᠠᠷᠠᠬᠤ ᠳ᠋ᠤ᠌ ᠤᠷᠤᠭᠤᠯ ᠳ᠋ᠤ᠌ ᠨᠢ ᠬᠦᠴᠦᠯᠡᠭᠰᠡᠨ ᠢᠨᠢᠶᠡᠮᠰᠦᠭᠯᠡᠯ ᠂ ᠨᠢᠳᠦᠨ ᠳ᠋ᠦ᠍ ᠨᠢ ᠭᠦᠨ ᠭᠠᠰᠢᠭᠤᠳᠠᠯ ᠲᠣᠳᠣᠷᠠᠵᠤ ᠪᠠᠢᠪᠠ ᠃ ᠳᠣᠷᠵᠢ ᠭᠤᠸᠠᠢ ᠠᠯᠭᠤᠷᠬᠠᠨ ᠪᠣᠰᠴᠤ ᠬᠣᠢᠲᠤ ᠬᠠᠨᠠᠨ  ᠳ᠋ᠤ᠌ ᠡᠯᠭᠦᠭᠡᠰᠦᠲᠡᠢ ᠪᠠᠢᠭᠰᠠᠨ ᠵᠢᠵᠢᠭᠬᠡᠨ ᠬᠦᠷᠡᠩ ᠭᠣᠣ ᠲᠠᠢ ᠵᠢᠷᠤᠭ ᠠᠪᠴᠤ ᠢᠷᠡᠭᠡᠳ ᠪᠠᠢᠷᠢᠨ ᠳ᠋ᠤ᠌ ᠪᠠᠨ
ᠰᠠᠭᠤᠵᠤ ᠄《 ᠮᠢᠨᠦ ᠵᠢᠷᠭᠠᠯ ᠤ᠋ᠨ ᠲᠡᠮᠳᠡᠭ ᠡᠨᠳᠡ ᠪᠠᠢᠨ᠎ᠠ 》ᠭᠡᠳ ᠨᠠᠳᠠ ᠳ᠋ᠤ᠌ ᠥᠭᠬᠦ ᠭᠡᠰᠡᠨ ᠢ᠋ᠶ᠋ᠡᠨ ᠪᠣᠯᠢᠵᠤ ᠡᠮᠦᠨ᠎ᠡ ᠪᠡᠨ ᠪᠠᠷᠢᠨ ᠰᠢᠷᠲᠡᠪᠡ ᠃ ᠪᠢ ᠪᠣᠰᠴᠤ ᠠᠷᠤ ᠳ᠋ᠤ᠌ ᠨᠢ ᠣᠴᠢᠵᠤ ᠮᠥᠷᠦᠨ ᠳᠡᠭᠡᠭᠦᠷ ᠨᠢ ᠬᠠᠷᠠᠯ᠎ᠠ ᠃ ᠨᠡᠯᠢᠶᠡᠳ ᠬᠠᠭᠤᠴᠢᠷᠠᠭᠰᠠᠨ ᠭᠡᠷᠡᠯ ᠵᠢᠷᠤᠭ ᠳᠡᠭᠡᠷ᠎ᠡ ᠳᠤᠮᠳᠠ ᠪᠠᠨ ᠥᠨᠳᠥᠷ ᠨᠠᠷᠢᠬᠠᠨ ᠰᠢᠷᠡᠭᠡᠨ ᠳᠡᠭᠡᠷ᠎ᠡ ᠬᠢᠮᠡᠯ ᠴᠡᠴᠡᠭ ᠲᠠᠯᠪᠢᠵᠤ ᠂ ᠡᠭᠴᠡ ᠬᠠᠷᠠᠨ ᠵᠣᠭᠰᠣᠭᠰᠠᠨ ᠡᠷᠡᠭᠲᠡᠢ ᠡᠮᠡᠭᠲᠡᠢ ᠬᠥᠮᠦᠨ ᠦ᠌ ᠳᠦᠷᠢ ᠪᠠᠢᠪᠠ ᠃
   - ᠳᠣᠯᠵᠢᠨ ᠮᠢᠨᠢ ᠡᠨᠡ ᠰᠢᠦ ᠳᠠ ᠭᠡᠵᠦ ᠳᠣᠷᠵᠢ ᠭᠤᠸᠠᠢ ᠲᠡᠷᠡ ᠵᠢᠷᠤᠭ ᠳᠡᠭᠡᠷ᠎ᠡ ᠪᠠᠢᠭ᠎ᠠ ᠡᠮᠡᠭᠲᠡᠢ ᠶ᠋ᠢ ᠬᠣᠰᠢᠭᠤ ᠪᠠᠨ ᠴᠣᠷᠪᠣᠢᠯᠭᠠᠨ ᠵᠢᠭᠠᠪᠠ ᠃ ᠳᠤᠯᠵᠢᠨ  ᠢ᠋ ᠬᠠᠷᠠᠬᠤ ᠳ᠋ᠤ᠌ ᠬᠥᠭᠡᠷᠦᠬᠦᠨ ᠬᠡᠦᠬᠡᠨ ᠴᠦ᠍ ᠪᠢᠰᠢ ᠯᠡ ᠪᠠᠢᠪᠠ ᠃ ᠭᠡᠪᠡᠴᠦ ᠬᠠᠷᠠᠬᠤ ᠲᠤᠲᠤᠮ ᠶᠠᠮᠠᠷ ᠨᠢᠭᠡᠨ ᠶᠡᠷᠦ ᠪᠤᠰᠤ ᠶ᠋ᠢᠨ ᠲᠠᠢᠪᠤᠩ ᠪᠠᠢᠳᠠᠯ ᠨᠢᠳᠦᠨ ᠳ᠋ᠦ᠍ ᠨᠢ ᠬᠡᠷᠡᠯᠳᠦᠵᠦ ᠨᠢᠭᠤᠷ ᠤ᠋ᠨ ᠰᠢᠷᠬᠡᠭ ᠪᠦᠷᠢ ᠡᠴᠡ ᠨᠢ ᠪᠠᠶᠠᠷ ᠵᠢᠷᠭᠠᠯ ᠤ᠋ᠨ ᠲᠤᠶᠠᠭ᠎ᠠ ᠰᠠᠴᠤᠷᠠᠵᠤ ᠂ ᠨᠢᠳᠦ ᠶ᠋ᠢ ᠮᠢᠨᠢ ᠪᠤᠯᠢᠶᠠᠨ ᠢᠯᠴᠢ ᠪᠡᠷ ᠵᠢᠩᠨᠡᠵᠦ ᠂ ᠲᠡᠷᠡ ᠢᠯᠴᠢ ᠨᠢ ᠵᠢᠷᠦᠬᠡ ᠰᠡᠳᠬᠢᠯ ᠳ᠋ᠦ᠍ ᠮᠢᠨᠢ ᠳᠡᠮᠵᠢᠵᠦ ᠪᠠᠢᠪᠠ ᠃ ᠬᠡᠦᠬᠡᠨ ᠦ᠌ ᠪᠠᠷᠢᠵᠤ ᠶᠠᠳᠠᠭᠰᠠᠨ ᠭᠡᠨᠡᠨ ᠢᠨᠢᠶᠡᠮᠰᠦᠭᠯᠡᠯ ᠤᠷᠤᠭᠤᠯ ᠳ᠋ᠤ᠌ ᠨᠢ ᠲᠣᠳᠣᠷᠠᠵᠤ ᠪᠠᠢᠭ᠎ᠠ ᠡᠨᠡ ᠵᠢᠷᠤᠭ ᠢ᠋ ᠬᠠᠷᠠᠬᠤ ᠳ᠋ᠤ᠌ ᠵᠢᠷᠭᠠᠯ ᠤ᠋ᠨ ᠢ᠋ᠶ᠋ᠠᠨ ᠡᠬᠢᠨ ᠂ ᠵᠠᠯᠠᠭᠤ ᠴᠠᠭ ᠲᠤ᠌ ᠪᠠᠨ ᠵᠠᠭᠤᠷᠠᠳᠤ ᠨᠠᠰᠤ ᠪᠠᠷᠠᠭᠰᠠᠨ ᠲᠡᠭᠦᠨ ᠦ᠌ ᠲᠥᠯᠥᠭᠡ ᠬᠠᠷᠠᠮᠰᠠᠬᠤ ᠰᠡᠳᠬᠢᠯ ᠥᠪᠡᠷ ᠦ᠋ᠨ ᠡᠷᠬᠡ ᠦᠭᠡᠢ ᠲᠥᠷᠥᠵᠦ ᠰᠠᠨᠠᠭ᠎ᠠ ᠠᠯᠳᠠᠪᠠ ᠃ ᠬᠠᠷᠢᠨ ᠳᠣᠷᠵᠢ ᠭᠤᠸᠠᠢ ᠶ᠋ᠢᠨ ᠬᠤᠪᠢ ᠳ᠋ᠤ᠌ ᠪᠣᠯ ᠲᠡᠷᠡ ᠦᠶ᠎ᠡ ᠶ᠋ᠢᠨ ᠴᠣᠭ ᠵᠢᠪᠬᠤᠯᠠᠩ ᠪᠦᠷᠢᠳᠦᠭᠰᠡᠨ ᠶᠣᠰᠣᠲᠠᠢ ᠯᠠ ᠲᠣᠰᠣᠲᠠᠢ ᠭᠠᠷ ᠢ᠋ᠶ᠋ᠠᠷ ᠪᠠᠷᠢᠰᠢ ᠦᠭᠡᠢ ᠳᠣᠷᠵᠢ ᠠ᠋ᠴᠠ ᠣᠳᠣᠬᠢ ᠶ᠋ᠢᠨ ᠳᠣᠷᠵᠢ ᠳ᠋ᠤ᠌ ᠦᠯᠡᠳᠡᠭᠡᠭᠰᠡᠨ ᠶᠠᠭᠤᠮ᠎ᠠ ᠮᠠᠰᠢ ᠬᠣᠪᠣᠷ ᠪᠠᠢᠯ᠎ᠠ ᠃ ᠪᠢᠳᠡ ᠬᠣᠶᠠᠷ ᠵᠢᠷᠤᠭ ᠤᠷᠤᠭᠤ ᠰᠢᠷᠳᠡᠨ ᠬᠡᠰᠡᠭ ᠳᠠᠭᠤ ᠦᠭᠡᠢ ᠪᠠᠢᠭᠰᠠᠨ ᠤ᠋ ᠳᠠᠷᠠᠭ᠎ᠠ ᠳᠣᠷᠵᠢ ᠭᠤᠸᠠᠢ ᠬᠣᠶᠠᠷ ᠤᠳᠠᠭ᠎ᠠ ᠵᠥᠭᠡᠯᠡᠨ ᠲᠠᠮᠰᠢᠶᠠᠯᠠᠵᠤ ᠰᠠᠨᠠᠭ᠎ᠠ ᠠᠯᠳᠠᠭᠰᠠᠨ ᠢ᠋ᠶ᠋ᠠᠨ ᠦᠷᠭᠦᠯᠵᠢᠯᠡᠭᠦᠯᠦᠨ ᠄
   - ᠵᠠ ᠲᠡᠭᠡᠭᠡᠳ ᠶᠠᠭᠠᠬᠢᠬᠤ ᠪᠣᠢ ᠳᠠ ᠂ ᠦᠬᠦᠭᠰᠡᠨ ᠦ᠌ ᠪᠡᠨ ᠬᠣᠢᠨ᠎ᠠ ᠠ᠋ᠴᠠ ᠦᠬᠦᠳᠡᠭ ᠦᠭᠡᠢ ᠭᠡᠭᠴᠢ ᠪᠡᠷ ᠬᠦᠦ ᠪᠢᠳᠡ ᠬᠣᠶᠠᠷ ᠦᠯᠡᠳᠡᠵᠦ ᠠᠮᠢᠳᠤᠷᠠᠯ ᠤ᠋ᠨ ᠲᠥᠯᠥᠭᠡ ᠯᠡ ᠵᠢᠳᠬᠦᠯ᠎ᠡ ᠃ ᠡᠬᠡ ᠨᠢ ᠣᠯᠠᠨ ᠳ᠋ᠤ᠌ ᠨᠡᠷᠡᠲᠡᠢ ᠂ ᠲᠦᠮᠡᠨ ᠳ᠋ᠦ᠍ ᠬᠦᠨᠳᠦᠲᠡᠢ ᠂ ᠬᠠᠢᠷ᠎ᠠ ᠪᠤᠯᠢᠶᠠᠵᠤ ᠂ ᠰᠡᠳᠬᠢᠯ ᠲᠠᠲᠠᠭᠰᠠᠨ ᠬᠥᠮᠦᠨ ᠪᠠᠢᠭᠰᠠᠨ ᠪᠣᠯᠬᠣᠷ ᠥᠨᠥᠴᠢᠨ ᠬᠡᠦᠬᠡᠳ  ᠢ᠋ ᠨᠢ ᠴᠡᠷᠢᠭ ᠂ ᠳᠠᠷᠤᠭ᠎ᠠ ᠂ ᠭᠡᠷ ᠪᠦᠯᠢ ᠶ᠋ᠢᠨ ᠬᠢᠨᠢ ᠬᠥᠮᠦᠰ ᠪᠦᠭᠦᠳᠡᠭᠡᠷ ᠢ᠋ᠶ᠋ᠡᠨ ᠠᠰᠠᠷᠠᠵᠤ ᠂ ᠲᠥᠷᠥᠭᠰᠡᠨ ᠦᠷ᠎ᠡ ᠂ ᠭᠠᠷᠤᠭᠰᠠᠨ ᠬᠡᠦᠬᠡᠳ ᠡᠰ ᠥᠭᠡᠷ᠎ᠡ ᠴᠦ᠍ ᠦᠭᠡᠢ ᠬᠠᠷᠠᠵᠤ ᠬᠠᠨᠳᠤᠵᠤ ᠪᠠᠢᠯ᠎ᠠ ᠃ ᠮᠢᠨᠦ ᠬᠦᠦ ᠴᠦ᠍ ᠬᠥᠮᠦᠨ  ᠤ ᠬᠠᠢᠷ᠎ᠠ ᠶ᠋ᠢ ᠪᠤᠯᠢᠶᠠᠭᠰᠠᠨ ᠬᠥᠭᠡᠷᠦᠬᠦᠨ ᠠᠮᠢᠲᠠᠨ ᠪᠠᠢᠵᠤ ᠳᠠ ᠃ ᠪᠢ ᠠᠵᠢᠯ ᠠ᠋ᠴᠠ ᠢᠷᠡᠮᠡᠭᠴᠡ ᠬᠦᠦ ᠲᠡᠢ ᠪᠡᠨ ᠲᠣᠭᠯᠠᠵᠤ ᠂ ᠠᠮᠲᠠᠲᠠᠢ ᠪᠦᠬᠦᠨ ᠢ᠋ᠶ᠋ᠡᠨ ᠠᠮᠠᠨ ᠳ᠋ᠤ᠌ ᠪᠠᠨ ᠬᠢᠯ᠎ᠡ ᠦᠭᠡᠢ ᠥᠭᠴᠦ ᠂ ᠠᠯᠢ ᠰᠠᠢᠬᠠᠨ ᠪᠦᠬᠦᠨ ᠢ᠋ᠶ᠋ᠡᠨ ᠲᠡᠭᠦᠨ ᠳ᠋ᠦ᠍ ᠵᠣᠷᠢᠭᠤᠯᠤᠨ ᠵᠢᠯ ᠪᠣᠯᠤᠯ᠎ᠠ ᠃
       ᠦᠷᠭᠦᠯᠵᠢᠯᠡᠯ ᠪᠠᠢᠨ᠎ᠠ ᠁