ᠬᠥᠬᠡ ᠰᠤᠳᠤᠷ - ᠢᠨᠵᠠᠨᠨᠠᠰᠢ < ᠠᠷᠪᠠᠨ ᠵᠢᠷᠭᠤᠳᠤᠭᠠᠷ ᠪᠦᠯᠦᠭ > Хөх судар - Инжинаш < Арван зургадугаар бүлэг >
ᠰᠥᠩ ᠭᠤᠸᠠᠩᠽᠦ᠋ᠩ ᠦ᠋ᠨ ᠱᠣᠣ ᠱᠢ ᠶ᠋ᠢᠨ ᠭᠤᠷᠪᠠᠳᠤᠭᠠᠷ ᠣᠨ ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ ᠴᠠᠩ ᠮᠢᠩ ᠦ᠋ᠨ
ᠪᠠᠰᠠ ᠭᠤᠷᠪᠠᠳᠤᠭᠠᠷ ᠣᠨ᠂ ᠲᠠᠢᠽᠦ ᠭᠤᠴᠢᠨ ᠨᠢᠭᠡᠨ ᠰᠡᠭᠦᠳᠡᠷ ᠲᠡᠢ᠂ ᠬᠠᠷ᠎ᠠ ᠬᠤᠯᠤᠭᠠᠨ᠎ᠠ ᠵᠢᠯ ᠪᠠᠢᠭᠰᠠᠭᠠᠷ ᠪᠣᠢ
ᠰᠣᠯᠣᠩᠭᠣᠰ ᠤ᠋ᠨ ᠰᠠᠷᠠᠨ ᠭᠦᠩᠵᠦ ᠨᠢᠭᠡᠬᠡᠨ ᠢᠨᠢᠶᠡᠭᠡᠳ ᠤᠯᠤᠰ ᠲᠥᠷᠥ ᠪᠡᠨ ᠠᠪᠤᠷᠠᠪᠠ
ᠭᠣᠷᠯᠣᠰ ᠤ᠋ᠨ ᠨᠠᠷᠠᠨ ᠬᠠᠭᠠᠨ ᠥᠴᠦᠬᠡᠨ ᠰᠣᠯᠢᠭᠤᠷᠠᠭᠠᠳ ᠭᠠᠵᠠᠷ ᠣᠷᠣᠨ ᠢ᠋ᠶ᠋ᠠᠨ ᠠᠪᠲᠠᠪᠠ
ᠠᠰᠤᠷᠤ ᠪᠤᠶᠠᠨᠲᠤ ᠲᠠᠢᠽᠦ ᠪᠣᠭᠳᠠ ᠶ᠋ᠢᠨ ᠠᠶᠠᠯᠠᠭᠰᠠᠨ ᠵᠦᠭ ᠲᠦ᠍ᠷ ᠡᠰᠡᠷᠭᠦᠴᠡᠯ ᠦᠭᠡᠢ
ᠠᠳᠠᠪᠠᠰᠢ ᠪᠣᠯᠭᠣᠮᠵᠢᠲᠤ ᠴᠠᠭᠠᠨ ᠬᠠᠭᠠᠨ ᠤ᠋ ᠠᠶᠤᠭᠰᠠ ᠠᠨᠤ ᠮᠠᠰᠢ ᠵᠣᠬᠢᠴᠠᠵᠤᠬᠤᠢ᠂
ᠠᠴᠢᠯᠠᠯ ᠡᠯᠪᠡᠷᠢᠯᠲᠦ ᠰᠠᠷᠠᠨ ᠭᠦᠩᠵᠦ ᠶ᠋ᠢᠨ ᠠᠯᠢᠪᠠ ᠪᠣᠳᠣᠯᠭ᠎ᠠ ᠠᠯᠤᠰᠳᠠ ᠪᠢᠰᠢᠷᠡᠯᠲᠡᠢ
ᠠᠰᠠᠷᠠᠯ ᠨᠢᠭᠦᠯᠡᠰᠬᠦᠢᠲᠦ ᠰᠡᠴᠡᠨ ᠬᠠᠲᠤᠨ ᠤ᠋ ᠠᠭᠤᠳᠠᠮ ᠥᠷᠥᠰᠢᠶᠡᠯ ᠠᠰᠤᠷᠤ ᠰᠦᠰᠦᠭᠯᠡᠯᠲᠡᠢ᠃
ᠲᠡᠨᠳᠡᠴᠡ ᠪᠤᠬ᠎ᠠ ᠴᠠᠭᠠᠨ ᠬᠠᠭᠠᠨ ᠥᠬᠢᠨ ᠢ᠋ᠶ᠋ᠡᠨ ᠭᠣᠣᠯ ᠤ᠋ᠨ ᠰᠠᠷᠠᠨ ᠭᠦᠩᠵᠦ ᠶ᠋ᠢᠨ ᠠᠰᠠᠭᠤᠬᠤᠢ ᠳ᠋ᠤᠷ ᠭᠡᠨᠡᠳᠲᠡ ᠰᠡᠬᠡᠰᠬᠢᠵᠦ᠂ ᠥᠬᠢᠨ ᠯᠦ᠍ᠭᠡ ᠪᠡᠨ ᠵᠥᠪᠯᠡᠰᠦᠭᠡᠢ ᠭᠡᠮᠡᠨ ᠳᠠᠷᠤᠢ ᠬᠡᠷᠡᠢᠳ ᠦ᠋ᠨ ᠡᠯᠴᠢ ᠪᠧᠲ᠋ᠠ᠋ ᠤᠯᠤᠰ ᠲᠤᠷ ᠪᠠᠷᠢᠭ᠍ᠳᠠᠵᠤ ᠬᠡᠷᠡᠭ ᠵᠠᠳᠠᠷᠠᠭᠠᠳ ᠪᠧᠲ᠋ᠠ᠋ ᠤᠯᠤᠰ ᠤ᠋ᠨ ᠡᠵᠡᠨ ᠪᠡᠶ᠎ᠡ ᠪᠡᠷ ᠶᠡᠬᠡ ᠴᠡᠷᠢᠭ ᠠᠪᠤᠨ ᠦᠨᠡᠭᠡ ᠶ᠋ᠢᠨ ᠮᠥᠷᠡᠨ ᠦ᠌ ᠪᠠᠷᠠᠭᠤᠨᠲᠠ ᠴᠡᠷᠢᠭ ᠪᠠᠭᠤᠳᠠᠯᠯᠠᠵᠤ᠂ ᠡᠯᠴᠢ ᠢᠯᠡᠬᠡᠨ ᠴᠢᠬᠤᠯᠳᠠᠭᠤᠯᠤᠨ ᠶᠠᠯ᠎ᠠ ᠠᠰᠠᠭᠤᠬᠤ ᠶ᠋ᠢ ᠪᠦᠷᠢᠳᠬᠡᠨ ᠬᠡᠯᠡᠵᠦ᠂ ᠡᠳᠦᠭᠡ ᠡᠶᠡᠳᠦᠬᠦ ᠪᠠ ᠡᠪᠳᠡᠷᠡᠬᠦᠢ ᠳ᠋ᠦ᠍ᠷ ᠴᠥᠮ ᠪᠡᠷᠬᠡ ᠪᠣᠯᠤᠭᠰᠠᠨ ᠲᠤᠯᠠ ᠣᠳᠣ ᠬᠡᠷᠬᠢᠪᠡᠰᠦ ᠰᠠᠢᠨ ᠭᠡᠮᠡᠨ ᠠᠰᠠᠭᠤᠬᠤᠢ ᠳ᠋ᠤᠷ ᠭᠣᠣᠯ ᠤ᠋ᠨ ᠰᠠᠷᠠᠨ ᠭᠦᠩᠵᠦ ᠥᠴᠦᠬᠡᠨ ᠢᠨᠢᠶᠡᠵᠦ ᠥᠭᠦᠯᠡᠷᠦᠨ : 《ᠬᠡᠦᠬᠡᠨ ᠪᠢ ᠡᠨᠡ ᠥᠷᠯᠥᠭᠡ ᠭᠡᠭᠡᠷᠡᠬᠦ ᠶ᠋ᠢᠨ ᠦᠶ᠎ᠡ ᠶ᠋ᠢᠨ ᠵᠡᠭᠦᠳᠦᠨ ᠳ᠋ᠦ᠍ᠷ ᠮᠠᠨ ᠤ᠋ ᠤᠯᠤᠰ ᠤ᠋ᠨ ᠪᠠᠷᠠᠭᠤᠨ ᠡᠲᠡᠭᠡᠳ ᠡᠴᠡ ᠨᠢᠭᠡᠨ ᠲᠡᠷᠭᠡᠯ ᠤᠯᠠᠭᠠᠨ ᠨᠠᠷᠠᠨ ᠮᠠᠨᠳᠤᠨ ᠭᠠᠷᠴᠤ ᠮᠠᠨ ᠤ᠋ ᠬᠣᠲᠠ ᠶ᠋ᠢᠨ ᠳᠡᠭᠡᠷ᠎ᠡ ᠢᠯᠡᠷᠡᠵᠦ ᠵᠣᠭᠰᠣᠭᠠᠳ ᠲᠡᠭᠦᠨ ᠦ᠌ ᠬᠤᠷᠴᠠ ᠭᠡᠷᠡᠯ ᠢᠨᠦ ᠬᠡᠦᠬᠡᠨ ᠮᠢᠨᠦ ᠪᠡᠶ᠎ᠡ ᠳ᠋ᠦ᠍ᠷ ᠲᠣᠰᠴᠤ ᠪᠦᠷᠬᠦᠭᠰᠡᠨᠡ᠂ ᠬᠡᠦᠬᠡᠨ ᠮᠢᠨᠦ ᠪᠡᠶ᠎ᠡ ᠰᠢᠵᠢᠷ ᠠᠯᠲᠠ ᠮᠡᠲᠦ ᠭᠡᠷᠡᠯ ᠰᠠᠴᠤᠷᠠᠨ᠂ ᠴᠡᠭᠡᠵᠢ ᠬᠡᠬᠦᠳᠡᠭ ᠰᠢᠯ ᠪᠣᠯᠣᠷ ᠮᠡᠲᠦ ᠨᠡᠪᠲᠡ ᠲᠣᠨᠣᠯᠠᠨ ᠦᠵᠡᠭᠳᠡᠪᠡ᠃ ᠲᠡᠢᠨ ᠬᠦ᠌ ᠰᠣᠴᠢᠨ ᠭᠠᠢᠬᠠᠭᠰᠠᠭᠠᠷ ᠰᠡᠷᠢᠵᠦᠬᠦᠢ᠂ ᠡᠳᠦᠭᠡ ᠬᠠᠭᠠᠨ ᠡᠴᠢᠭᠡ ᠡᠴᠡ ᠡᠨᠡ ᠦᠭᠡ ᠶ᠋ᠢ ᠰᠣᠨᠣᠰᠬᠤᠯ᠎ᠠ ᠴᠢᠪᠬᠢᠲᠡᠯ᠎ᠡ ᠡᠨᠡ ᠵᠡᠭᠦᠳᠦᠨ ᠳ᠋ᠦ᠍ᠷ ᠨᠡᠢᠴᠡᠴᠦᠬᠦᠢ᠃ ᠡᠭᠦᠪᠡᠷ ᠦᠵᠡᠬᠦᠯ᠎ᠡ ᠡᠨᠡ ᠢᠷᠡᠭᠰᠡᠨ ᠪᠧᠲ᠋ᠠ᠋ ᠤᠯᠤᠰ ᠤ᠋ᠨ ᠡᠵᠡᠨ ᠬᠡᠷᠬᠢᠪᠡᠴᠦ ᠡᠩ ᠦ᠋ᠨ ᠬᠥᠮᠦᠨ ᠪᠤᠰᠤ ᠪᠣᠢ ᠶᠠ᠃ ᠬᠠᠭᠠᠨ ᠡᠴᠢᠭᠡ ᠮᠢᠨᠦ ᠡᠷᠬᠡᠪᠰᠢ ᠬᠢᠨᠠᠨ ᠨᠠᠷᠢᠪᠴᠢᠯᠠᠨ ᠡᠶᠡᠳᠦᠬᠦ ᠪᠠ ᠨᠠᠢᠷᠠᠯᠳᠤᠬᠤ ᠪᠠᠷ ᠶᠠᠪᠤᠪᠠᠰᠤ ᠵᠣᠬᠢᠬᠤ ᠮᠡᠲᠦ!》 ᠬᠡᠮᠡᠭᠰᠡᠨ ᠳ᠋ᠦ᠍ᠷ ᠴᠠᠭᠠᠨ ᠬᠠᠭᠠᠨ ᠥᠬᠢᠨ ᠢ᠋ᠶ᠋ᠡᠨ ᠡᠨᠡ ᠨᠢᠭᠡᠨ ᠨᠠᠷᠠᠨ ᠬᠡᠮᠡᠬᠦ ᠵᠡᠭᠦᠳᠦᠨ ᠢ᠋ ᠰᠣᠨᠣᠰᠤᠭᠠᠳ ᠭᠡᠨᠡᠳᠲᠡ ᠰᠡᠬᠡᠰᠬᠢᠵᠦ ᠥᠪᠡᠷ ᠦ᠋ᠨ ᠵᠡᠭᠦᠳᠦᠨ ᠢ᠋ᠶ᠋ᠡᠨ ᠪᠠᠰᠠ ᠰᠠᠨᠠᠭᠠᠯᠵᠠᠵᠤ ᠥᠭᠦᠯᠡᠷᠦᠨ᠄ 《ᠠ᠋ ! ᠦᠨᠡᠬᠡᠷ ᠪᠢ ᠡᠨᠡ ᠥᠷᠯᠥᠭᠡ ᠶ᠋ᠢᠨ ᠵᠡᠭᠦᠳᠦᠨ ᠳ᠋ᠦ᠍ᠷ ᠬᠣᠢᠲᠤ ᠤᠳᠢᠷᠠᠰᠠᠳ ᠳᠣᠯᠣᠭᠠᠨ ᠣᠳᠣᠨ ᠤ᠋ ᠬᠦᠷᠢᠶ᠎ᠡ ᠡᠴᠡ ᠨᠢᠭᠡᠨ ᠲᠩᠷᠢ ᠶ᠋ᠢᠨ ᠥᠬᠢᠨ ᠪᠠᠭᠤᠵᠤ ᠢᠷᠡᠨ᠂ ᠨᠠᠳᠠ ᠳ᠋ᠤᠷ ᠨᠢᠭᠡᠨ ᠵᠠᠬ᠎ᠠ ᠰᠢᠷ᠎ᠠ ᠮᠠᠩᠨᠤᠭ ᠳᠡᠪᠡᠯ ᠥᠭᠴᠦ ᠡᠮᠦᠰᠬᠡᠭᠰᠡᠨ ᠳ᠋ᠦ᠍ᠷ ᠲᠡᠷᠡ ᠳᠡᠪᠡᠯ ᠦ᠋ᠨ ᠬᠣᠶᠠᠷ ᠮᠥᠷᠥ ᠳ᠋ᠦ᠍ᠷ ᠰᠢᠭᠢᠳᠬᠡᠭᠰᠡᠨ ᠨᠠᠷᠠᠨ ᠰᠠᠷᠠᠨ ᠤ᠋ ᠮᠣᠯᠣᠷ ᠡᠷᠳᠡᠨᠢ ᠦᠵᠡᠵᠦ ᠪᠠᠢᠲᠠᠯ᠎ᠠ ᠦᠨᠡᠨ ᠨᠠᠷᠠ ᠪᠣᠯᠵᠤ ᠭᠡᠷᠡᠯᠲᠦᠬᠦᠶᠡ ᠰᠣᠴᠢᠨ ᠰᠡᠷᠡᠭᠰᠡᠨ ᠪᠥᠯᠥᠭᠡ᠃ ᠦᠵᠡᠰᠡ ᠬᠡᠦᠬᠡᠨ ᠮᠢᠨᠦ ᠪᠠᠰᠠ ᠡᠢᠨ ᠬᠦ᠌ ᠵᠡᠭᠦᠳᠦᠯᠡᠭᠰᠡᠨ ᠠᠵᠤᠭᠤ᠃ ᠪᠢᠳᠡᠨ ᠦ᠌ ᠡᠴᠢᠭᠡ ᠬᠡᠦᠬᠡᠨ ᠦ᠌ ᠵᠡᠭᠦᠳᠦᠨ ᠨᠢᠭᠡᠨ ᠠᠳᠠᠯᠢ ᠪᠣᠯᠤᠭᠰᠠᠨ ᠲᠤᠯᠠ ᠭᠠᠭᠴᠠ ᠡᠶᠡᠳᠦᠵᠦ ᠨᠠᠢᠷᠠᠯᠳᠤᠵᠤ ᠶᠠᠪᠤᠬᠤ ᠪᠣᠢ ᠶᠠ᠂ ᠭᠠᠭᠴᠠ ᠬᠢᠷᠬᠢᠨ ᠡᠶᠡᠳᠦᠪᠡᠰᠦ ᠰᠠᠢᠨ ᠠᠵᠢ !》 ᠭᠣᠣᠯ ᠤ᠋ᠨ ᠰᠠᠷᠠᠨ ᠭᠦᠩᠵᠦ ᠪᠠᠬᠠᠨ ᠪᠣᠳᠣᠭᠠᠳ ᠮᠡᠳᠡᠭᠦᠯᠦᠷᠦᠨ᠄ ᠡᠨᠡ ᠳᠡᠮᠡᠢ ᠪᠡᠷᠬᠡ ᠦᠭᠡᠢ᠂ ᠬᠡᠷᠪᠡ ᠡᠶᠡᠳᠦᠬᠦ ᠶ᠋ᠢ ᠬᠡᠯᠡᠯᠴᠡᠪᠡᠰᠦ ᠡᠷᠬᠡᠪᠰᠢ ᠡᠨᠳᠡᠴᠡ ᠨᠢᠭᠡᠨ ᠡᠯᠴᠢ ᠢᠯᠡᠭᠡᠬᠦ ᠬᠡᠷᠡᠭ ᠲᠤᠯᠠ ᠭᠠᠭᠴᠠ ᠡᠴᠢᠭᠡ ᠪᠠᠰᠠ ᠤᠭ ᠠ᠋ᠴᠠ ᠬᠥᠮᠦᠨ ᠦ᠌ ᠴᠢᠷᠠᠢ ᠶ᠋ᠢ ᠰᠢᠨᠵᠢᠵᠦ ᠳᠠᠭᠤᠨ ᠢ᠋ ᠲᠥᠰᠦᠭᠡᠯᠡᠬᠦ ᠡᠷᠳᠡᠮ ᠢ᠋ ᠭᠦᠨ᠎ᠡ ᠰᠤᠷᠤᠭᠰᠠᠨ ᠲᠤᠯᠠ ᠳᠠᠷᠤᠢ ᠳᠡᠳ᠋ ᠡᠯᠴᠢ ᠲᠦᠰᠢᠮᠡᠯ ᠦ᠋ᠨ ᠶᠣᠰᠣᠭᠠᠷ ᠬᠠᠭᠤᠷᠮᠠᠭᠯᠠᠨ ᠴᠢᠮᠡᠭᠯᠡᠭᠡᠳ ᠬᠣᠲᠠ ᠠ᠋ᠴᠠ ᠨᠢᠭᠤᠨ ᠭᠠᠷᠴᠤ ᠡᠴᠢᠬᠦ ᠡᠯᠴᠢ ᠯᠦ᠍ᠭᠡ ᠨᠡᠢᠯᠡᠵᠦ ᠡᠴᠢᠭᠡᠳ ᠲᠡᠷᠡ ᠪᠧᠲ᠋ᠠ᠋ ᠤᠯᠤᠰ ᠤ᠋ᠨ ᠡᠵᠡᠨ ᠢ᠋ ᠢᠨᠤ ᠨᠢᠳᠦ ᠪᠡᠷ ᠨᠢᠭᠡᠨ ᠤᠳᠠᠭ᠎ᠠ ᠬᠢᠨᠠᠨ ᠦᠵᠡᠪᠡᠰᠦ ᠳᠠᠷᠤᠢ ᠤᠷᠢᠳᠤ ᠶ᠋ᠢᠨ ᠰᠣᠨᠣᠰᠤᠭᠰᠠᠨ ᠦᠭᠡᠰ ᠦ᠋ᠨ ᠦᠨᠡᠨ ᠬᠤᠳᠠᠯ ᠢ᠋ ᠣᠯᠵᠤ ᠮᠡᠳᠡᠬᠦ ᠪᠣᠯᠠᠢ᠃ ᠬᠡᠷᠪᠡ ᠦᠨᠡᠬᠡᠷ ᠲᠡᠭᠦᠨ ᠦ᠌ ᠵᠠᠩᠵᠤᠨ ᠴᠡᠷᠢᠭ ᠲᠡᠭᠰᠢ ᠴᠢᠭᠢᠷᠠᠭ᠂ ᠪᠡᠶ᠎ᠡ ᠪᠠᠢᠳᠠᠯ ᠲᠡᠭᠷᠢ ᠶ᠋ᠢᠨ ᠬᠥᠪᠡᠭᠦᠨ ᠦ᠌ ᠰᠦᠷ ᠡᠷᠳᠡᠮ ᠠᠪᠠᠰᠤ ᠳᠠᠷᠤᠢ ᠡᠶᠡᠳᠦᠬᠦ ᠨᠠᠢᠷᠠᠯᠳᠤᠬᠤ ᠪᠠᠷ ᠶᠠᠪᠤᠰᠤᠭᠠᠢ᠂ ᠬᠡᠷᠪᠡ ᠦᠵᠡᠭᠡᠳ ᠵᠦᠭᠡᠷ ᠨᠢᠭᠡᠨ ᠡᠩ ᠦ᠋ᠨ ᠥᠲᠡᠯ᠎ᠡ ᠬᠥᠮᠦᠨ ᠪᠥᠭᠡᠳ ᠵᠠᠩᠵᠤᠨ ᠴᠡᠷᠢᠭ ᠴᠦ᠍ ᠴᠥᠮ ᠬᠡᠢᠳᠡᠮ ᠬᠣᠭᠣᠰᠣᠨ ᠨᠡᠷ᠎ᠡ ᠰᠦᠷ ᠪᠥᠭᠡᠰᠦ ᠲᠡᠷᠢᠭᠦᠯᠡᠭᠰᠡᠨ ᠡᠯᠴᠢ ᠶ᠋ᠢ ᠲᠡᠨᠳᠡ ᠦᠯᠡᠳᠡᠭᠡᠵᠦ᠂ ᠡᠨᠡ ᠲᠡᠷᠡ ᠪᠡᠷ ᠰᠢᠯᠲᠠᠭᠯᠠᠵᠤ ᠡᠶᠡᠳᠦᠮᠦᠢ ᠭᠡᠮᠡᠨ ᠡᠳᠦᠷ ᠢ᠋ ᠰᠠᠭᠠᠲᠠᠭᠤᠯᠤᠨ ᠪᠠᠢᠵᠤ᠂ ᠡᠨᠡ ᠵᠠᠪ ᠲᠤᠷ ᠮᠠᠨ ᠤ᠋ ᠴᠡᠷᠢᠭ ᠴᠤᠭᠯᠠᠨ ᠪᠦᠷᠢᠳᠪᠡᠰᠦ ᠳᠠᠷᠤᠢ ᠠᠶᠤᠬᠤ ᠦᠭᠡᠢ ᠪᠣᠯᠤᠮᠤᠢ᠂ ᠡᠢᠮᠦ ᠪᠣᠯᠪᠠᠴᠤ ᠬᠣᠶᠠᠷ ᠲᠤᠷ ᠪᠦᠷᠢᠳᠬᠦ ᠦᠭᠡᠢ ᠦᠦ ? 》ᠬᠡᠮᠡᠭᠰᠡᠨ ᠳ᠋ᠦ᠍ᠷ ᠴᠠᠭᠠᠨ ᠬᠠᠭᠠᠨ ᠰᠠᠨᠠᠭ᠎ᠠ ᠣᠯᠵᠤ ᠶᠡᠬᠡᠯ᠎ᠡ ᠪᠠᠶᠠᠷᠯᠠᠨ ᠬᠡᠦᠬᠡᠨ ᠦ᠌ ᠪᠡᠨ ᠭᠠᠷ ᠠ᠋ᠴᠠ ᠪᠠᠷᠢᠵᠤ ᠲᠠᠭᠠᠯᠠᠨ ᠪᠡᠶᠡᠰᠴᠦ ᠥᠭᠦᠯᠡᠷᠦᠨ : 《 ᠭᠣᠣᠯ ᠵᠢᠷᠦᠬᠡ ᠮᠡᠲᠦ ᠭᠣᠣᠯ ᠤ᠋ᠨ ᠬᠡᠦᠬᠡᠢ ᠮᠢᠨᠦ᠂ ᠰᠠᠨᠠᠭᠠᠨ ᠤᠬᠠᠭᠠᠨ ᠢᠨᠤ ᠰᠠᠯᠬᠢᠨ ᠠ᠋ᠴᠠ ᠲᠦᠷᠭᠡᠨ!》 ᠭᠡᠮᠡᠨ ᠰᠠᠢᠰᠢᠶᠠᠵᠤ᠂ ᠳᠠᠷᠤᠢ ᠬᠡᠦᠬᠡᠨ ᠯᠦ᠍ᠭᠡ ᠪᠡᠨ ᠢᠨᠢᠶᠡᠨ ᠬᠡᠯᠡᠯᠴᠡᠵᠦ ᠪᠤᠳᠠᠭ᠎ᠠ ᠢᠳᠡᠵᠦ ᠪᠠᠷᠠᠭᠠᠳ ᠲᠥᠷᠥ ᠳ᠋ᠦ᠍ᠷ ᠢ᠋ᠶ᠋ᠡᠨ ᠭᠠᠷᠴᠤ ᠣᠳᠣᠨ᠂ ᠠᠭᠠᠷ ᠬᠣᠶᠠᠷ ᠲᠦᠰᠢᠮᠡᠯ ᠯᠤᠭᠡ ᠪᠡᠨ ᠡᠳᠡᠭᠡᠷ ᠠᠷᠭ᠎ᠠ ᠪᠠᠨ ᠵᠥᠪᠳᠡᠨ ᠲᠣᠭᠲᠠᠭᠠᠳ ᠣᠳᠣᠨ ᠲᠠᠢᠱ᠌ᠢ ᠭᠣᠣᠯ ᠡᠯᠴᠢ ᠪᠣᠯᠤᠨ ᠴᠠᠭᠠᠨ ᠬᠠᠭᠠᠨ ᠳᠡᠳ᠋ ᠡᠯᠴᠢ ᠪᠡᠷ ᠡᠴᠢᠮᠦᠢ᠃ ᠠᠭᠠᠷ ᠴᠧᠩᠰᠢᠶᠠᠩ ᠦᠯᠡᠳᠡᠵᠦ ᠴᠠᠭᠠᠨ ᠬᠠᠭᠠᠨ ᠤ᠋ ᠬᠥᠪᠡᠭᠦᠨ ᠬᠣᠲᠠᠯᠠ ᠲᠠᠢᠽᠢ ᠯᠤᠭ᠎ᠠ ᠤᠯᠤᠰ ᠤ᠋ᠨ ᠴᠡᠷᠢᠭ ᠢ᠋ ᠡᠳᠦᠷ ᠰᠥᠨᠢ ᠦᠭᠡᠢ ᠰᠢᠪᠲᠡᠨ ᠴᠢᠭᠤᠯᠤᠭᠤᠯ ᠭᠡᠮᠡᠨ ᠲᠣᠭᠲᠠᠪᠠᠢ᠃
ᠲᠡᠳᠦᠢ ᠣᠳᠣᠨ ᠠᠭᠠᠷ ᠬᠣᠶᠠᠭᠤᠯᠠ ᠵᠡᠯᠮ᠎ᠡ ᠶ᠋ᠢᠨ ᠪᠠᠭᠤᠳᠠᠯ ᠳ᠋ᠤᠷ ᠢᠷᠡᠵᠦ᠂ ᠡᠨᠳᠡᠴᠡ ᠬᠠᠷᠢᠭᠤ ᠬᠡᠯᠡᠯᠴᠡᠬᠦ ᠡᠯᠴᠢ ᠡᠴᠢᠮᠦᠢ᠂ ᠲᠡᠷᠡ ᠡᠯᠴᠢ ᠶ᠋ᠢ ᠡᠭᠡᠵᠦ ᠢᠷᠡᠲᠡᠯ᠎ᠡ ᠵᠠᠯᠮ᠎ᠠ ᠶ᠋ᠢ ᠡᠨᠳᠡ ᠳ᠋ᠦ᠍ᠷ ᠬᠦᠯᠢᠶᠡᠨ ᠰᠠᠭᠤᠮᠤ᠂ ᠭᠠᠭᠴᠠ ᠡᠮᠦᠨ᠎ᠡ ᠡᠴᠡ ᠪᠡᠨ ᠨᠢᠭᠡᠨ ᠬᠥᠮᠦᠨ ᠢᠯᠡᠭᠡᠬᠦ ᠪᠣᠯᠪᠠᠤ ᠬᠡᠮᠡᠭᠰᠡᠨ ᠳ᠋ᠦ᠍ᠷ ᠵᠠᠯᠮ᠎ᠠ ᠡᠨᠡ ᠦᠭᠡ ᠶ᠋ᠢ ᠰᠣᠨᠣᠰᠤᠮᠠᠭᠴᠠ ᠶᠡᠬᠡᠯ᠎ᠡ ᠢᠨᠢᠶᠡᠨ ᠥᠭᠦᠯᠡᠷᠦᠨ : 《ᠡᠷᠭᠢᠨ ᠲᠠᠨ ᠤ᠋ ᠡᠨᠡ ᠠᠷᠭ᠎ᠠ ᠶ᠋ᠢ ᠪᠢ ᠬᠡᠳᠦᠢᠨᠡᠢ ᠮᠡᠳᠡᠪᠡ᠂ ᠲᠠ ᠡᠴᠢᠭᠡᠳ ᠬᠡᠷᠡᠭ ᠪᠦᠲᠦᠪᠡᠰᠦ ᠪᠦᠲᠦᠮᠦᠢ᠂ ᠬᠡᠷᠪᠡ ᠬᠡᠷᠡᠭ ᠡᠪᠳᠡᠷᠡᠪᠡᠰᠦ ᠡᠭᠡᠵᠦ ᠢᠷᠡᠭᠡᠳ ᠨᠠᠳᠠ ᠪᠠᠷ ᠲᠤᠭ ᠢ᠋ᠶ᠋ᠠᠨ ᠳᠠᠬᠢᠭᠠᠳ ᠪᠠᠢᠯᠳᠤᠰᠤᠭᠠᠢ ᠬᠡᠮᠡᠬᠦ ᠪᠣᠯᠠᠢ᠂ ᠡᠨᠡ ᠡᠴᠢᠬᠦᠢ ᠳ᠋ᠦ᠍ᠷ ᠲᠠ ᠯᠠᠪ ᠪᠦᠲᠦᠪᠡᠰᠦ ᠲᠦᠷᠭᠡᠨ᠂ ᠡᠪᠳᠡᠷᠡᠪᠡᠰᠦ ᠤᠳᠠᠮᠤᠢ᠃ ᠲᠡᠷᠡ ᠢᠨᠦ ᠴᠡᠷᠢᠭ ᠢ᠋ᠶ᠋ᠡᠨ ᠬᠤᠷᠢᠶᠠᠬᠤᠢ ᠶ᠋ᠢᠨ ᠵᠠᠢ ᠶ᠋ᠢ ᠡᠷᠢᠬᠦ ᠶᠠᠪᠤᠳᠠᠯ ᠪᠣᠯᠠᠢ᠃ ᠴᠣᠬᠣᠮ ᠳ᠋ᠤᠷ ᠨᠢᠭᠡᠨᠲᠡ ᠬᠡᠯᠡᠯᠴᠡᠬᠦᠢ ᠳ᠋ᠦ᠍ᠷ ᠬᠦᠷᠪᠡᠰᠦ᠂ ᠨᠠᠮᠠᠶ᠋ᠢ ᠳᠠᠭᠠᠵᠤ ᠡᠴᠢᠪᠡᠰᠦ ᠵᠣᠬᠢᠬᠤ ᠠᠲᠠᠯ᠎ᠠ ᠣᠨᠴᠠ ᠪᠠᠰᠠ ᠨᠠᠮᠠᠶ᠋ᠢ ᠡᠨᠳᠡ ᠦᠯᠡᠳᠡᠭᠡᠨ᠂ ᠨᠠᠳᠠ ᠠ᠋ᠴᠠ ᠪᠤᠰᠤ ᠤᠳᠤᠷᠢᠳᠤᠯ ᠤ᠋ᠨ ᠬᠥᠮᠦᠨ ᠠᠪᠠᠴᠢᠬᠤ ᠠᠨᠤ᠂ ᠲᠠᠨ ᠤ᠋ ᠰᠠᠨᠠᠭᠠᠨ ᠨᠢᠭᠡᠨᠲᠡ ᠢᠯᠡᠷᠡᠪᠡ᠃ ᠲᠠ ᠨᠠᠮᠠᠶ᠋ᠢ ᠨᠢᠭᠡᠨ ᠠᠯᠠᠬᠤ ᠶ᠋ᠢ ᠪᠠᠢᠲᠤᠭᠠᠢ᠂ ᠬᠡᠳᠦᠢ ᠲᠦᠮᠡᠨᠲᠡ ᠬᠡᠰᠡᠭᠯᠡᠪᠡᠴᠦ ᠪᠢ ᠮᠥᠨ ᠠᠶᠤᠬᠤ ᠦᠭᠡᠢ ᠪᠣᠯᠠᠢ᠂ ᠠᠶᠤᠬᠤ ᠪᠥᠭᠡᠰᠦ ᠢᠷᠡᠬᠦ ᠦᠭᠡᠢ ᠪᠥᠯᠥᠭᠡ᠂ ᠲᠠ ᠡᠳᠦᠭᠡ ᠦᠨᠡᠨ ᠴᠦ᠍ ᠪᠣᠯᠪᠠ ᠂ ᠬᠤᠳᠠᠯ ᠴᠤ᠌ ᠪᠣᠯᠪᠠ ᠂ ᠬᠠᠷᠢᠭᠤ ᠬᠡᠯᠡᠯᠴᠡᠷ᠎ᠡ ᠡᠴᠢᠮᠦᠢ ᠭᠡᠵᠦ ᠪᠠᠢᠬᠤ ᠲᠤᠯᠠ ᠪᠦᠲᠦᠯᠳᠦ ᠦᠭᠡ ᠶ᠋ᠢ ᠪᠢ ᠦᠯᠦ ᠡᠪᠳᠡᠮᠦᠢ᠂ ᠨᠠᠮᠠᠶ᠋ᠢ ᠦᠯᠡᠳᠡ ᠬᠡᠮᠡᠪᠡᠰᠦ ᠪᠢ ᠳᠠᠷᠤᠢ ᠦᠯᠡᠳᠡᠰᠦᠭᠡᠢ᠂ ᠪᠠᠰᠠ ᠨᠠᠮᠠᠶ᠋ᠢ ᠬᠥᠮᠦᠨ ᠥᠭ ᠬᠡᠮᠡᠪᠡᠰᠦ ᠪᠢ ᠳᠠᠷᠤᠢ ᠬᠥᠮᠦᠨ ᠥᠭᠰᠦᠭᠡᠢ᠃》ᠬᠡᠮᠡᠵᠦ ᠰᠢᠳᠠᠷ ᠬᠠᠮᠵᠢᠯᠭ᠎ᠠ ᠳᠠᠭᠠᠭᠰᠠᠳ ᠠ᠋ᠴᠠ ᠨᠢᠭᠡᠨ ᠬᠥᠮᠦᠨ ᠢ᠋ ᠲᠤᠰᠢᠶᠠᠨ ᠥᠭᠴᠦ ᠢᠯᠡᠭᠡᠪᠡ᠃
ᠲᠡᠳᠦᠢ ᠪᠤᠰᠤ ᠳᠠᠭᠠᠭᠰᠠᠳ ᠠᠨᠤ ᠵᠡᠯᠮ᠎ᠡ ᠶ᠋ᠢ ᠬᠣᠴᠣᠷᠤᠮᠤᠢ ᠭᠡᠮᠡᠨ ᠰᠣᠨᠣᠰᠤᠭᠠᠳ ᠶᠡᠬᠡᠯ᠎ᠡ ᠠᠶᠤᠯᠳᠤᠨ ᠣᠷᠣᠵᠤ ᠢᠷᠡᠭᠡᠳ ᠡᠨᠳᠡ ᠬᠣᠴᠣᠷᠬᠤ ᠠᠨᠤ ᠠᠰᠤᠷᠤ ᠲᠦᠭᠰᠢᠯᠲᠡᠢ ᠦᠭᠡᠢ ᠦᠦ ? ᠬᠡᠮᠡᠯᠳᠦᠬᠦᠢ ᠳ᠋ᠦ᠍ᠷ ᠵᠡᠯᠮ᠎ᠡ ᠶᠡᠬᠡᠯ᠎ᠡ ᠢᠨᠢᠶᠡᠵᠦ ᠥᠭᠦᠯᠡᠷᠦᠨ : 《ᠲᠠ ᠶᠠᠭᠤᠨ ᠢ᠋ ᠣᠯᠵᠤ ᠮᠡᠳᠡᠮᠦᠢ᠂ ᠲᠦᠭᠰᠢᠯ ᠢ᠋ ᠲᠡᠰᠪᠦᠷᠢᠯᠡᠨ ᠥᠩᠭᠡᠷᠡᠪᠡᠰᠦ ᠰᠠᠶᠢ ᠲᠦᠪᠰᠢᠨ ᠠᠮᠤᠭᠤᠯᠠᠩ ᠢᠷᠡᠬᠦ ᠪᠣᠯᠠᠢ᠃ ᠡᠭᠦᠨ ᠢ᠋ ᠴᠦ᠍ ᠪᠠᠢᠲᠤᠭᠠᠢ᠂ ᠮᠠᠨ ᠤ᠋ ᠡᠵᠡᠨ ᠬᠡᠮᠡᠭᠴᠢ ᠦᠨᠡᠬᠡᠷ ᠲᠡᠭᠷᠢ ᠶ᠋ᠢᠨ ᠬᠥᠪᠡᠭᠦᠨ ᠦ᠌ ᠮᠡᠷᠭᠡᠨ ᠭᠡᠭᠡᠬᠡᠨ ᠪᠣᠢ᠂ ᠵᠢᠴᠢ ᠮᠠᠨ ᠤ᠋ ᠴᠡᠷᠢᠭ ᠦ᠋ᠨ ᠵᠢᠨᠦᠩ ᠬᠡᠮᠡᠭᠴᠢ ᠮᠠᠭᠠᠳ ᠭᠠᠵᠠᠷ ᠤ᠋ᠨ ᠭᠠᠷᠠᠭ ᠤ᠋ᠨ ᠬᠤᠷᠴᠠ ᠮᠠᠲᠠᠯ ᠠᠮᠤᠢ᠂ ᠨᠠᠮᠠᠶ᠋ᠢ ᠡᠨᠳᠡ ᠦᠯᠡᠳᠡᠭᠡᠨ ᠠᠪᠤᠪᠠ ᠭᠡᠮᠡᠨ ᠰᠣᠨᠣᠰᠤᠮᠠᠭᠴᠠ ᠬᠡᠷᠡᠭ ᠪᠦᠲᠦᠵᠦ᠂ ᠡᠪᠳᠡᠷᠡᠪᠡᠴᠦ ᠠᠳᠡᠬᠢ ᠡᠯᠴᠢ ᠶ᠋ᠢᠨ ᠯᠠᠪ ᠨᠢᠭᠡᠨ ᠢ᠋ ᠪᠠᠰᠠ ᠲᠡᠨᠳᠡ ᠦᠯᠡᠳᠡᠭᠡᠨ ᠠᠪᠬᠤ ᠪᠣᠯᠠᠢ᠂ ᠨᠠᠮᠠᠶ᠋ᠢ ᠦᠵᠡᠯ ᠦᠭᠡᠢ ᠪᠡᠷ ᠬᠡᠷᠬᠢᠪᠡᠴᠦ ᠲᠠᠯᠪᠢᠬᠤ ᠦᠭᠡᠢ ᠪᠣᠯᠠᠢ᠂ ᠦᠵᠡᠬᠦᠢ ᠳ᠋ᠦ᠍ᠷ ᠮᠢᠨᠦ ᠪᠡᠶ᠎ᠡ ᠬᠡᠳᠦᠢ ᠪᠠᠷᠰ ᠤ᠋ᠨ ᠠᠮᠠᠨ ᠳ᠋ᠤᠷ ᠬᠡᠪᠲᠡᠬᠦ ᠪᠣᠯᠪᠠᠴᠤ ᠦᠨᠡᠨ ᠳ᠋ᠦ᠍ᠷ ᠮᠢᠨᠦ ᠰᠡᠳᠬᠢᠯ ᠰᠢᠭᠤᠳ ᠬᠠᠨ ᠠᠭᠤᠯᠠ ᠶ᠋ᠢ ᠲᠦᠰᠢᠬᠦ ᠮᠡᠲᠦ ᠪᠠᠲᠤ ᠪᠣᠯᠠᠢ 》ᠬᠡᠮᠡᠪᠡ᠃
ᠲᠡᠭᠦᠨᠴᠡ ᠴᠠᠭᠠᠨ ᠬᠠᠭᠠᠨ ᠳᠡᠳ᠋ ᠡᠯᠴᠢ ᠶ᠋ᠢᠨ ᠶᠣᠰᠣᠭᠠᠷ ᠴᠢᠮᠡᠭᠯᠡᠵᠦ᠂ ᠣᠳᠣᠨ ᠲᠠᠢᠱ᠌ᠢ ᠠᠨᠤ ᠶᠡᠬᠡ ᠡᠯᠴᠢ ᠪᠣᠯᠤᠨ ᠬᠣᠲᠠ ᠠ᠋ᠴᠠ ᠪᠠᠨ ᠨᠢᠭᠤᠨ ᠭᠠᠷᠴᠤ ᠮᠥᠷᠡᠨ ᠢ᠋ ᠭᠡᠲᠦᠯᠦᠨ ᠤᠷᠢᠳᠠ ᠵᠡᠯᠮ᠎ᠡ ᠶ᠋ᠢᠨ ᠳᠠᠭᠠᠭᠰᠠᠳ ᠢ᠋ ᠢᠯᠡᠭᠡᠵᠦ ᠤᠴᠢᠷ ᠲᠤᠬᠠᠢ ᠶ᠋ᠢ ᠴᠡᠷᠢᠭ ᠦ᠋ᠨ ᠵᠢᠨᠦᠩ ᠮᠤᠬᠤᠯᠢ ᠳ᠋ᠤᠷ ᠮᠡᠳᠡᠭᠦᠯᠦᠭᠰᠡᠨ ᠳ᠋ᠦ᠍ᠷ ᠮᠤᠬᠤᠯᠢ ᠶᠡᠬᠡᠯ᠎ᠡ ᠪᠠᠶᠠᠷᠯᠠᠵᠤ᠂ ᠶᠠᠭᠠᠷᠠᠨ ᠸᠠᠢᠵᠢᠩ ᠠᠯᠠᠢᠵᠢᠩ ᠬᠣᠶᠠᠷ ᠪᠠᠭ᠎ᠠ ᠵᠠᠩᠵᠤᠨ ᠢ᠋ᠶ᠋ᠠᠷ ᠣᠭᠲᠣᠭᠤᠯᠤᠨ ᠵᠠᠯᠠᠭᠤᠯᠵᠤ᠂ ᠨᠢᠭᠡᠨᠲᠡᠭᠡᠭᠦᠷ ᠵᠣᠯᠭᠠᠬᠤ ᠶ᠋ᠢ ᠪᠡᠯᠡᠳᠬᠡᠨ᠂ ᠨᠢᠭᠡᠨᠲᠡᠭᠡᠭᠦᠷ ᠵᠠᠯᠮ᠎ᠠ ᠶ᠋ᠢᠨ ᠳᠠᠭᠠᠭᠰᠠᠨ ᠠ᠋ᠴᠠ ᠠᠰᠠᠭᠤᠷᠤᠨ : 《ᠴᠢᠨᠦ ᠡᠵᠡᠨ ᠢ᠋ ᠲᠡᠨᠳᠡ ᠦᠯᠡᠳᠡᠭᠡᠭᠰᠡᠨ ᠳ᠋ᠦ᠍ᠷ ᠲᠠᠨ ᠤ᠋ ᠡᠵᠡᠨ ᠶᠠᠭᠤᠨ ᠬᠡᠯᠡᠵᠦ ᠪᠣᠢ? 》 ᠬᠡᠮᠡᠭᠰᠡᠨ ᠳ᠋ᠦ᠍ᠷ ᠲᠡᠷᠡ ᠳᠠᠭᠠᠭᠰᠠᠳ ᠵᠠᠯᠮ᠎ᠠ ᠶ᠋ᠢᠨ ᠦᠭᠡ ᠶ᠋ᠢ ᠪᠦᠷᠢᠨ᠎ᠡ ᠬᠡᠯᠡᠪᠡ᠃ ᠮᠤᠬᠤᠯᠢ ᠰᠣᠨᠣᠰᠴᠤ ᠪᠠᠷᠠᠭᠠᠳ ᠪᠠᠶᠠᠷ ᠤ᠋ᠨ ᠪᠠᠢᠳᠠᠯ ᠴᠢᠷᠠᠢ ᠳ᠋ᠤᠷ ᠢᠯᠡᠷᠡᠵᠦ᠂ ᠲᠡᠷᠢᠭᠦᠨ ᠳᠣᠬᠢᠯᠬᠢᠯᠠᠨ ᠪᠠᠰᠠ ᠠᠰᠠᠭᠤᠷᠤᠨ : 《 ᠴᠢᠨᠦ ᠡᠵᠡᠨ ᠨᠠᠳᠠ ᠳ᠋ᠤᠷ ᠬᠡᠯᠡᠵᠦ᠂ ᠲᠡᠳᠡᠨ ᠦ᠌ ᠡᠯᠴᠢ ᠶ᠋ᠢᠨ ᠨᠢᠭᠡᠨ ᠢ᠋ ᠦᠯᠡᠳᠡᠭᠡᠨ ᠠᠪ ᠬᠡᠮᠡᠭᠰᠡᠨ ᠦᠭᠡᠢ ᠦᠦ? 》 ᠲᠡᠷᠡ ᠳᠠᠭᠠᠭᠰᠠᠳ ᠮᠡᠳᠡᠭᠦᠯᠦᠷᠦᠨ : 《ᠪᠣᠭᠣᠯᠴᠤᠳ ᠪᠢᠳᠡᠨ ᠳ᠋ᠦ᠍ᠷ ᠲᠡᠢᠨ ᠬᠦ᠌ ᠵᠠᠬᠢᠶᠠᠯᠠᠭᠰᠠᠨ ᠦᠭᠡᠢ ᠪᠥᠯᠥᠭᠡ᠂ ᠡᠵᠡᠨ ᠦ᠌ ᠬᠡᠯᠡᠭᠰᠡᠨ ᠢᠨᠦ ᠲᠡᠷᠡ ᠢᠨᠦ ᠨᠢᠭᠡᠨᠲᠡ ᠲᠣᠭᠲᠠᠭᠰᠠᠨ ᠬᠡᠷᠡᠭ᠂ ᠵᠢᠨᠦᠩ ᠳ᠋ᠦ᠍ᠷ ᠬᠡᠯᠡᠬᠦ ᠬᠡᠷᠡᠭ ᠦᠭᠡᠢ ᠭᠡᠮᠡᠨ ᠲᠠᠰᠤᠷᠬᠠᠢ ᠵᠠᠬᠢᠪᠠ 》 ᠬᠡᠮᠡᠬᠦᠢ ᠳ᠋ᠦ᠍ᠷ ᠮᠤᠬᠤᠯᠢ ᠪᠡᠶᠡᠰᠦᠨ ᠢᠨᠢᠶᠡᠵᠦ : 《ᠦᠵᠡᠰᠬᠦᠯᠡᠩ ᠡᠷᠳᠡᠮ ᠬᠣᠣᠰ ᠪᠦᠷᠢᠳᠦᠭᠰᠡᠨ ᠤᠷᠢᠶᠠᠩᠬᠠᠨ ᠤ᠋ ᠵᠠᠯᠮ᠎ᠠ ᠠᠬᠠᠢ ᠮᠢᠨᠦ᠂ ᠦᠷᠭᠦᠯᠵᠢ ᠬᠢᠴᠢᠶᠡᠯ ᠢ᠋ ᠦᠯᠦ ᠲᠠᠯᠪᠢᠬᠤ ᠥᠴᠦᠬᠡᠨ ᠨᠠᠮᠠᠶ᠋ᠢ ᠭᠦᠨ᠎ᠡ ᠮᠡᠳᠡᠵᠦᠬᠦᠢ 》 ᠬᠡᠮᠡᠪᠡ᠃ ᠤᠳᠠᠭᠰᠠᠨ ᠦᠭᠡᠢ ᠰᠣᠯᠣᠩᠭᠣᠰ ᠤ᠋ᠨ ᠬᠣᠶᠠᠷ ᠡᠯᠴᠢ ᠬᠦᠷᠴᠦ ᠢᠷᠡᠭᠰᠡᠨ ᠳ᠋ᠦ᠍ᠷ ᠮᠤᠬᠤᠯᠢ ᠶᠡᠬᠡᠯ᠎ᠡ ᠬᠥᠩᠭᠡᠮᠰᠦᠭᠯᠡᠨ ᠪᠠᠷᠰ ᠤ᠋ᠨ ᠴᠠᠴᠠᠷ ᠠ᠋ᠴᠠ ᠪᠠᠭᠤᠵᠤ ᠤᠭᠲᠤᠨ ᠵᠣᠯᠭᠠᠯᠳᠤᠵᠤ᠂ ᠳᠡᠭᠡᠷ᠎ᠡ ᠰᠠᠭᠤᠳᠠᠯ ᠳ᠋ᠤᠷ ᠰᠠᠭᠤᠯᠭᠠᠨ᠂ ᠶᠢᠰᠦᠨ ᠡᠷᠳᠡᠨᠢᠰ ᠦ᠋ᠨ ᠰᠢᠭᠢᠳᠬᠡᠷᠢᠲᠦ ᠵᠠᠪᠢᠶ᠎ᠠ ᠠᠶᠠᠭ᠎ᠠ ᠳ᠋ᠤᠷ ᠳᠣᠯᠣᠭᠠᠨ ᠨᠠᠢᠷᠠᠯᠲᠠ ᠶ᠋ᠢᠨ ᠪᠦᠯᠢᠭᠰᠡᠨ ᠴᠠᠢ ᠪᠠᠷᠢᠭᠰᠠᠨ ᠬᠣᠢᠨ᠎ᠠ ᠰᠠᠶᠢ ᠵᠣᠴᠢᠨ ᠤ᠋ ᠲᠠᠭᠲᠤ ᠳ᠋ᠤᠷ ᠵᠠᠯᠠᠵᠤ ᠪᠡᠶ᠎ᠡ ᠪᠡᠷ ᠳᠠᠢᠴᠢᠯᠠᠨ ᠬᠤᠷᠢᠮᠯᠠᠬᠤᠶ᠎ᠠ᠂ ᠬᠡᠳᠦ ᠬᠡᠳᠦᠨ ᠤᠳᠠᠭ᠎ᠠ ᠴᠠᠭᠠᠨ ᠬᠠᠭᠠᠨ ᠢ᠋ ᠰᠢᠨᠵᠢᠨ ᠦᠵᠡᠭᠡᠳ ᠱᠠᠭᠰᠢᠨ ᠥᠭᠦᠯᠡᠷᠦᠨ : 《ᠡᠷᠭᠢᠨ ᠳᠡᠳ᠋ ᠡᠯᠴᠢ ᠳ᠋ᠦ᠍ᠷ ᠡᠭᠡᠨᠡᠭᠲᠡ ᠨᠢᠭᠡᠨ ᠵᠣᠪᠬᠢᠰ ᠢ᠋ ᠡᠵᠡᠯᠡᠨ ᠰᠠᠭᠤᠬᠤ ᠡᠵᠡᠳ ᠦ᠋ᠨ ᠰᠦᠷ ᠰᠢᠨᠵᠢ ᠪᠣᠢ᠂ ᠡᠳᠦᠭᠡ ᠶᠠᠮᠪᠠᠷ ᠲᠤᠰᠢᠶᠠᠯ ᠳ᠋ᠤᠷ ᠪᠣᠢ? 》 ᠭᠡᠮᠡᠨ ᠠᠰᠠᠭᠤᠬᠤᠢ ᠳ᠋ᠤᠷ ᠴᠠᠭᠠᠨ ᠬᠠᠭᠠᠨ ᠶᠡᠬᠡᠯ᠎ᠡ ᠬᠢᠷᠳ᠋ᠬᠢᠵᠦ ᠶᠠᠭᠠᠷᠠᠨ : 《 ᠥᠴᠦᠬᠡᠨ ᠲᠤᠰᠢᠶᠠᠯ ᠪᠠᠷᠠᠭᠤᠨ ᠡᠲᠡᠭᠡᠳ ᠦ᠋ᠨ ᠳᠡᠳ᠋ ᠲᠠᠢᠱ᠌ᠢ 》 ᠬᠡᠮᠡᠭᠰᠡᠨ ᠳ᠋ᠦ᠍ᠷ ᠮᠤᠬᠤᠯᠢ ᠪᠠᠰᠠ ᠰᠢᠷᠳᠡᠭᠰᠡᠭᠡᠷ ᠲᠣᠯᠣᠭᠠᠢ ᠰᠠᠵᠢᠵᠤ ᠥᠭᠦᠯᠡᠷᠦᠨ : 《 ᠨᠡᠢᠴᠡᠬᠦ ᠦᠭᠡᠢ᠂ ᠨᠡᠢᠴᠡᠬᠦ ᠦᠭᠡᠢ᠂ ᠡᠷᠭᠢᠨ ᠦ᠌ ᠴᠢᠬᠡ ᠵᠠᠭᠠᠳᠠᠰᠤ ᠳ᠋ᠤᠷ ᠰᠢᠭᠢᠳᠬᠡᠮᠡᠯ ᠰᠤᠪᠤᠳ ᠤ᠋ᠨ ᠶᠠᠰᠤ ᠲᠠᠢ᠂ ᠮᠠᠩᠨᠠᠢ ᠶ᠋ᠢᠨ ᠥᠩᠭᠡ ᠳ᠋ᠦ᠍ᠷ ᠴᠠᠭᠠᠨ ᠬᠠᠰ ᠤ᠋ᠨ ᠭᠡᠷᠡᠯᠲᠡᠢ᠂ ᠬᠣᠶᠠᠷ ᠴᠢᠬᠢ ᠳ᠋ᠦ᠍ᠷ ᠬᠣᠯᠠ ᠠᠯᠳᠠᠷ ᠤ᠋ᠨ ᠲᠠᠨ᠎ᠠ ᠭᠠᠨᠵᠤᠭᠠᠯᠠᠵᠤ᠂ ᠬᠣᠣᠰ ᠬᠥᠮᠥᠰᠬᠡ ᠳ᠋ᠦ᠍ᠷ ᠬᠣᠲᠠᠯᠠ ᠡᠷᠬᠢᠮ ᠠᠮᠢᠰᠬᠤᠯ ᠪᠠᠢᠨᠠᠮ᠃ ᠯᠠᠪ ᠪᠢ ᠰᠢᠨᠵᠢᠵᠦ ᠠᠯᠳᠠᠪᠠᠢ ᠊ᠶ᠎ᠠ᠂ ᠰᠣᠨᠢᠨ ᠠ᠋ ᠰᠣᠨᠢᠨ ᠠ᠋ ! 》 ᠬᠡᠮᠡᠬᠦᠢ ᠳ᠋ᠦ᠍ᠷ ᠴᠠᠭᠠᠨ ᠬᠠᠭᠠᠨ ᠣᠳᠣᠨ ᠲᠠᠢᠱ᠌ᠢ ᠴᠥᠮ ᠶᠡᠬᠡ ᠠᠶᠤᠨ ᠪᠢᠰᠢᠷᠡᠪᠡ᠃ ᠳᠠᠷᠤᠢ ᠬᠦᠨᠳᠦᠳᠡ ᠳᠠᠢᠴᠢᠯᠠᠨ ᠬᠤᠷᠢᠮ ᠲᠠᠷᠬᠠᠵᠤ ᠰᠥᠨᠢ ᠮᠤᠬᠤᠯᠢ ᠲᠠᠢᠽᠦ ᠶ᠋ᠢᠨ ᠳᠤᠮᠳᠠᠳᠤ ᠶᠡᠬᠡ ᠬᠦᠷᠢᠶ᠎ᠡ ᠳ᠋ᠦ᠍ᠷ ᠣᠷᠣᠵᠤ᠂ ᠡᠵᠡᠨ ᠰᠠᠢᠳ ᠬᠣᠶᠠᠭᠤᠯᠠ ᠬᠡᠯᠡᠯᠴᠡᠬᠦᠢ ᠳ᠋ᠦ᠍ᠷ ᠣᠭᠲᠣ ᠤᠯᠤᠰ ᠲᠥᠷᠥ ᠴᠡᠷᠢᠭ ᠲᠡᠢᠨ ᠦ᠌ ᠬᠡᠷᠡᠭ ᠢ᠋ ᠬᠡᠯᠡᠯᠴᠡᠬᠦ ᠦᠭᠡᠢ᠂ ᠭᠠᠭᠴᠠ ᠨᠢᠭᠡᠨ 《ᠴᠠᠭᠠᠨ ᠵᠠᠭᠠᠨ᠂ ᠴᠠᠭᠠᠨ ᠵᠠᠭᠠᠨ 》 ᠬᠡᠮᠡᠯᠳᠦᠭᠰᠡᠨᠡ ᠰᠢᠳᠠᠷ ᠰᠠᠢᠳ ᠴᠥᠮ ᠰᠣᠨᠣᠰᠴᠤ ᠭᠠᠷᠤᠭᠰᠠᠨ ᠦᠭᠡᠢ᠃ ᠲᠠᠢᠽᠦ ᠮᠦᠰᠢᠶᠡᠭᠰᠡᠨ ᠳ᠋ᠦ᠍ᠷ ᠮᠤᠬᠤᠯᠢ ᠢᠨᠢᠶᠡᠭᠡᠳ ᠳᠠᠷᠤᠢ ᠭᠠᠷᠴᠤ ᠡᠴᠢᠪᠡ᠃ ᠵᠢᠴᠢ ᠡᠳᠦᠷ ᠦ᠋ᠨ ᠯᠤᠤ ᠴᠠᠭ ᠲᠤᠷ ᠮᠤᠬᠤᠯᠢ ᠮᠣᠷᠢ ᠤᠨᠤᠨ ᠢᠷᠡᠵᠦ ᠬᠣᠶᠠᠷ ᠡᠯᠴᠢ ᠶ᠋ᠢ ᠤᠰᠤᠨ ᠬᠦᠷᠢᠶᠡᠨ ᠦ᠌ ᠬᠣᠢᠭᠤᠷ ᠲᠣᠭᠣᠷᠢᠭᠤᠯᠤᠨ ᠭᠠᠷᠬᠤᠶ᠎ᠠ᠂ ᠣᠩᠭᠣᠴᠠᠨ ᠤ᠋ ᠲᠦᠭᠦᠬᠡᠢ ᠠᠷᠠᠰᠤᠨ ᠤ᠋ ᠬᠠᠯᠠᠬᠠᠪᠴᠢ ᠶ᠋ᠢᠨ ᠳᠡᠭᠡᠭᠦᠷ ᠬᠥᠮᠦᠨ ᠦ᠌ ᠲᠣᠯᠣᠭᠠᠢ ᠳᠤᠭᠤᠯᠠᠭ᠎ᠠ ᠶ᠋ᠢᠨ ᠵᠠᠯᠠᠭ᠎ᠠ ᠰᠠᠮ ᠤ᠋ᠨ ᠰᠢᠲᠦ ᠮᠡᠲᠦ ᠥᠩᠭᠡᠯᠵᠡᠵᠦ᠂ ᠵᠠᠷ ᠵᠡᠪᠰᠡᠭ ᠴᠢᠨᠣ᠎ᠠ ᠶ᠋ᠢᠨ ᠵᠣᠭᠳᠣᠷ ᠮᠡᠲᠦ ᠰᠡᠷᠪᠡᠢᠯᠵᠡᠵᠤᠬᠦᠢ᠃ ᠲᠡᠳᠦᠢ ᠬᠠᠭᠤᠷᠠᠢ ᠬᠦᠷᠢᠶ᠎ᠡ ᠡᠴᠡ ᠮᠠᠰᠢ ᠥᠪᠡᠷ᠎ᠡ ᠨᠢᠭᠡᠨ ᠵᠦᠢᠯ ᠦ᠋ᠨ ᠰᠣᠨᠢᠨ ᠰᠦᠷ ᠪᠣᠢ᠃ ᠳᠣᠲᠣᠷ᠎ᠠ ᠬᠡᠷᠬᠢᠵᠦ ᠪᠠᠢᠬᠤ ᠠᠨᠤ ᠦᠵᠡᠭᠳᠡᠬᠦ ᠦᠭᠡᠢ᠂ ᠴᠠᠭᠠᠨ ᠬᠠᠭᠠᠨ ᠶᠡᠬᠡᠯ᠎ᠡ ᠭᠠᠢᠬᠠᠨ ᠰᠡᠳᠬᠢᠯ ᠲᠠᠯᠪᠢᠨ ᠦᠵᠡᠭᠰᠡᠭᠡᠷ ᠬᠠᠭᠤᠷᠠᠢ ᠲᠠᠪᠤᠨ ᠬᠦᠷᠢᠶᠡᠨ ᠦ᠌ ᠭᠠᠳᠠᠭᠤᠷ ᠰᠦᠯᠵᠢᠭᠰᠡᠭᠡᠷ᠂ ᠲᠠᠢᠽᠦ ᠶ᠋ᠢᠨ ᠳᠤᠮᠳᠠᠳᠤ ᠶᠡᠬᠡ ᠬᠦᠷᠢᠶᠡᠨ ᠦ᠌ ᠬᠠᠭᠠᠯᠭ᠎ᠠ ᠦᠵᠡᠭᠳᠡᠮᠡᠭᠴᠡ ᠬᠠᠮᠲᠤ ᠪᠠᠷ ᠮᠣᠷᠢᠨ ᠠ᠋ᠴᠠ ᠪᠠᠭᠤᠵᠤ ᠶᠠᠪᠠᠭᠠᠯᠠᠨ ᠢᠷᠡᠬᠦᠶ᠎ᠡ᠂ ᠴᠠᠭᠠᠨ ᠬᠠᠭᠠᠨ ᠨᠢᠳᠦ ᠣᠷᠬᠢᠨ ᠬᠢᠨᠠᠨ ᠦᠵᠡᠬᠦᠯ᠎ᠡ: ᠲᠠᠪᠤᠨ ᠬᠦᠷᠢᠶ᠎ᠡ ᠵᠠᠯᠭᠠᠯᠳᠤᠨ ᠲᠣᠭᠣᠷᠢᠵᠤ᠂ ᠡᠭᠦᠳᠡᠨ ᠭᠤᠯᠳᠤᠩ ᠳᠥᠴᠢ ᠲᠠᠪᠢᠨ ᠨᠤᠭᠤᠯᠤᠭᠠᠳᠠᠰᠤ ᠲᠣᠭᠣᠷᠢᠤ ᠲᠠᠢ᠂ ᠡᠭᠦᠳᠡ ᠪᠦᠷᠢ ᠶ᠋ᠢᠨ ᠲᠤᠭ ᠬᠢᠭᠢᠷᠢ ᠶ᠋ᠢ ᠴᠥᠮ ᠲᠠᠪᠤᠨ ᠬᠦᠷᠢᠶᠡᠨ ᠦ᠌ ᠲᠠᠪᠤᠨ ᠥᠩᠭᠡ ᠶ᠋ᠢ ᠳᠠᠭᠠᠵᠤ᠂ ᠬᠤᠷᠴᠠ ᠭᠢᠯᠲᠦᠭᠡᠨᠡᠮᠡ ᠲᠣᠷᠭ᠎ᠠ ᠲᠥᠷᠭᠡ᠂ ᠢᠰᠡᠭᠡᠢ ᠲᠡᠷᠮ᠎ᠡ ᠶ᠋ᠢᠨ ᠵᠦᠢᠯ ᠢ᠋ᠶ᠋ᠡᠷ ᠬᠢᠭᠰᠡᠨ ᠲᠤᠯᠠ ᠦᠨᠡᠬᠡᠷ ᠨᠢᠳᠦᠨ ᠢ᠋ ᠡᠷᠢᠶᠡᠯᠵᠢᠭᠦᠯᠦᠨ᠂ ᠰᠣᠯᠣᠩᠭ᠎ᠠ ᠶ᠋ᠢᠨ ᠡᠭᠦᠯᠡᠰ ᠮᠡᠲᠦ ᠰᠠᠢᠬᠠᠨ ᠪᠠᠢᠳᠠᠯ ᠲᠠᠢ᠂ ᠴᠡᠷᠢᠭ ᠬᠡᠷᠬᠢᠪᠡᠴᠦ ᠠᠷᠪᠠᠨ ᠲᠦᠮᠡᠨ ᠡᠴᠡ ᠢᠯᠡᠭᠦᠦ ᠪᠠᠢᠬᠤ ᠠ᠋ᠴᠠ ᠪᠤᠰᠤ ᠳᠤᠲᠠᠭᠤ ᠦᠭᠡᠢ᠂ ᠨᠡᠢᠲᠡ ᠲᠠᠢᠽᠦ ᠶ᠋ᠢᠨ ᠶᠡᠬᠡ ᠬᠦᠷᠢᠶ᠎ᠡ ᠶ᠋ᠢ ᠦᠵᠡᠪᠡᠰᠦ ᠨᠡᠢᠲᠡ ᠨᠠᠢ᠍ᠮᠠᠨ ᠬᠠᠭᠠᠯᠭ᠎ᠠ ᠠᠷᠪᠠᠨ ᠵᠢᠷᠭᠤᠭᠠᠨ ᠥᠨᠴᠥᠭ᠂ ᠬᠠᠭᠠᠯᠭ᠎ᠠ ᠪᠦᠷᠢ ᠳ᠋ᠦ᠍ᠷ ᠴᠥᠮ ᠨᠠᠢ᠍ᠮᠠᠨ ᠪᠢᠴᠢᠬᠠᠨ ᠬᠦᠷᠢᠶ᠎ᠡ ᠳᠣᠲᠣᠭᠰᠢ ᠭᠠᠳᠠᠭᠰᠢ ᠬᠠᠨᠳᠤᠭᠰᠠᠨ ᠠᠷᠤ ᠬᠠᠪᠰᠤᠵᠤ ᠪᠠᠭᠤᠭᠰᠠᠨ ᠪᠠᠭᠤᠳᠠᠯ ᠴᠥᠮ ᠬᠠᠭᠠᠯᠭ᠎ᠠ ᠶ᠋ᠢ ᠬᠤᠮᠪᠢᠨ ᠪᠠᠭᠤᠭᠠᠳ ᠬᠠᠭᠠᠯᠭ᠎ᠠ ᠪᠦᠷᠢ ᠶ᠋ᠢᠨ ᠡᠨᠡᠲᠡᠭᠡ ᠲᠡᠷᠲᠡᠭᠡ ᠬᠣᠶᠠᠷ ᠵᠠᠩᠵᠤᠨ ᠤ᠋ ᠲᠤᠭ ᠬᠠᠳᠬᠤᠵᠤ᠂ ᠲᠤᠭ ᠪᠦᠷᠢ ᠶ᠋ᠢᠨ ᠳᠣᠣᠷ᠎ᠠ ᠨᠢᠭᠡᠨ ᠵᠠᠩᠵᠤᠨ ᠵᠣᠭᠰᠣᠵᠤ᠂ ᠵᠠᠩᠵᠤᠨ ᠪᠦᠷᠢ ᠶ᠋ᠢᠨ ᠳᠣᠣᠷ᠎ᠠ ᠨᠠᠢ᠍ᠮᠠᠨ ᠬᠣᠣᠰ᠂ ᠬᠥᠬᠡ ᠢᠷᠪᠢᠰ ᠦ᠋ᠨ ᠬᠤᠶᠠᠭ ᠳᠤᠭᠤᠯᠠᠭ᠎ᠠ᠂ ᠰᠠᠭᠠᠳᠠᠭ ᠬᠣᠷᠣᠮᠰᠠᠭ᠎ᠠ ᠢᠯᠳᠦ ᠵᠡᠭᠦᠵᠦ᠂ ᠤᠷᠲᠤ ᠶ᠋ᠢᠳᠡ ᠲᠤᠯᠤᠨ ᠵᠢᠭᠰᠠᠭᠠᠨ ᠵᠣᠭᠰᠣᠭᠰᠠᠨ ᠴᠡᠷᠢᠭ ᠪᠣᠢ᠃ ᠲᠡᠭᠦᠨ ᠦ᠌ ᠳᠣᠣᠷ᠎ᠠ ᠭᠤᠴᠢᠨ ᠵᠢᠷᠭᠤᠭᠠᠨ ᠬᠤᠶᠠᠭᠲᠤ ᠰᠢᠳᠠᠷ ᠴᠡᠷᠢᠭ ᠬᠣᠶᠠᠷ ᠭᠠᠷᠯᠠᠨ ᠵᠣᠭᠰᠣᠭᠠᠳ ᠡᠯᠳᠡᠪ ᠵᠢᠭᠦᠷᠲᠡᠨ ᠦ᠌ ᠥᠷᠲᠥ ᠬᠠᠳᠬᠤᠭᠰᠠᠨ ᠳᠤᠭᠤᠯᠠᠭ᠎ᠠ ᠡᠮᠦᠰᠴᠦᠬᠦᠢ᠃ ᠴᠥᠮ ᠣᠬᠣᠷ ᠵᠡᠪᠰᠡᠭ ᠪᠢᠲᠡᠭᠦᠨ ᠪᠢᠯᠠᠭᠤ ᠪᠠᠨ ᠰᠦᠢᠷᠡᠵᠦ ᠬᠡᠩᠭᠡᠷᠭᠡ ᠪᠦᠷᠢᠶ᠎ᠡ ᠶ᠋ᠢ ᠶᠠᠪᠠᠭᠠᠨ ᠢ᠋ᠶ᠋ᠠᠷ ᠰᠠᠬᠢᠵᠤᠬᠤᠢ᠃ ᠡᠭᠦᠨ ᠦ᠌ ᠳᠣᠲᠣᠷ᠎ᠠ ᠪᠦᠬᠦᠢ ᠳᠤᠮᠳᠠᠳᠤ ᠤᠯᠠᠭᠠᠨ ᠢᠰᠡᠭᠡᠢ ᠬᠦᠷᠢᠶ᠎ᠡ ᠳ᠋ᠦ᠍ᠷ ᠳᠥᠷᠪᠡᠨ ᠬᠠᠭᠠᠯᠭ᠎ᠠ᠂ ᠬᠠᠭᠠᠯᠭ᠎ᠠ ᠪᠦᠷᠢ ᠳ᠋ᠦ᠍ᠷ ᠪᠠᠷᠰ ᠤ᠋ᠨ ᠲᠤᠭ ᠬᠠᠳᠬᠤᠵᠤ᠂ ᠬᠣᠶᠠᠷ ᠡᠲᠡᠭᠡᠳ ᠲᠣᠷ ᠬᠣᠶᠠᠷ ᠮᠠᠩᠨᠤᠭ ᠬᠢᠭᠢᠷᠢ ᠶ᠋ᠢ ᠵᠡᠷᠭᠡᠴᠡᠭᠦᠯᠦᠨ ᠪᠣᠰᠬᠠᠵᠤᠬᠤᠢ᠃ ᠲᠤᠭ ᠪᠦᠷᠢ ᠶ᠋ᠢᠨ ᠳᠣᠣᠷ᠎ᠠ ᠢᠷᠪᠢᠰ ᠦ᠋ᠨ ᠠᠷᠠᠰᠤᠨ ᠤ᠋ ᠰᠠᠭᠠᠳᠠᠬᠴᠢᠨ ᠭᠤᠴᠢᠭᠠᠳ ᠭᠤᠴᠢᠭᠠᠳ ᠢ᠋ᠶ᠋ᠠᠷ ᠵᠢᠭᠰᠠᠭᠠᠨ ᠪᠠᠰᠠ ᠴᠥᠮ ᠬᠡᠩᠭᠡᠷᠭᠡ ᠪᠦᠷᠢᠶ᠎ᠡ ᠶ᠋ᠢ ᠬᠣᠣᠰᠯᠠᠨ ᠵᠢᠭᠰᠠᠭᠠᠵᠤᠬᠤᠢ᠃ ᠡᠭᠦᠨ ᠦ᠌ ᠳᠣᠲᠣᠷ᠎ᠠ ᠬᠥᠬᠡ ᠢᠰᠡᠭᠡᠢ ᠶ᠋ᠢᠨ ᠴᠢᠮᠡᠭᠲᠦ ᠮᠠᠢᠬᠠᠨ ᠢ᠋ᠶ᠋ᠠᠷ ᠳᠣᠲᠣᠭᠰᠢ ᠭᠠᠳᠠᠭᠰᠢ ᠬᠠᠨᠳᠤᠭᠤᠯᠤᠨ ᠬᠣᠶᠠᠷ ᠮᠥᠷ ᠢ᠋ᠶ᠋ᠡᠷ ᠬᠣᠷᠮᠣᠢ ᠰᠢᠬᠠᠯᠴᠠᠵᠤ ᠪᠠᠭᠤᠭᠠᠳ ᠮᠠᠢᠬᠠᠨ ᠪᠦᠷᠢ ᠳ᠋ᠦ᠍ᠷ ᠬᠣᠶᠠᠷ ᠤᠯᠠᠭᠠᠨ ᠲᠠᠷᠮ᠎ᠠ ᠶ᠋ᠢᠨ ᠬᠢᠭᠢᠷᠢ ᠬᠠᠳᠬᠤᠭᠰᠠᠨ ᠢ᠋ᠶ᠋ᠠᠷ ᠭᠠᠯ ᠤ᠋ᠨ ᠬᠣᠲᠠ ᠮᠡᠲᠦ ᠵᠡᠷᠭᠡᠴᠡᠵᠦᠬᠦᠢ᠃ ᠵᠠᠪᠰᠠᠷ ᠪᠦᠷᠢ ᠳ᠋ᠦ᠍ᠷ ᠲᠠᠪᠤᠨ ᠲᠣᠬᠣᠢ ᠥᠨᠳᠥᠷ ᠪᠠᠷᠰ ᠤ᠋ᠨ ᠲᠡᠷᠢᠭᠦᠨ ᠦ᠌ ᠪᠠᠮᠪᠠᠢ ᠬᠠᠯᠬᠠᠪᠴᠢ ᠪᠣᠰᠬᠠᠵᠤ᠂ ᠴᠡᠷᠢᠭ ᠦ᠋ᠨ ᠠᠷᠠᠳ ᠦᠵᠡᠭᠳᠡᠬᠦ ᠦᠭᠡᠢ᠂ ᠳᠤᠭᠤᠯᠠᠭ᠎ᠠ ᠶ᠋ᠢᠨ ᠰᠣᠨᠣᠪᠲᠤᠷ ᠵᠠᠯᠠᠭ᠎ᠠ ᠪᠠ ᠤᠷᠲᠤ ᠶ᠋ᠢᠳᠡ ᠠᠨᠤ ᠢᠷ ᠮᠡᠰᠡ ᠯᠤᠤ ᠮᠡᠲᠦ ᠵᠠᠯᠭᠠᠯᠳᠤᠵᠤᠬᠤᠢ᠃
ᠲᠡᠳᠦᠢ ᠮᠤᠬᠤᠯᠢ ᠬᠣᠶᠠᠷ ᠡᠯᠴᠢ ᠶ᠋ᠢ ᠳᠠᠭᠠᠭᠤᠯᠤᠨ ᠶᠡᠬᠡ ᠬᠦᠷᠢᠶᠡᠨ ᠦ᠌ ᠵᠡᠭᠦᠨ ᠬᠠᠭᠠᠯᠭ᠎ᠠ ᠳ᠋ᠤᠷ ᠬᠦᠷᠲᠡᠯ᠎ᠡ ᠬᠠᠭᠠᠯᠭᠠᠨ ᠤ᠋ ᠵᠠᠩᠵᠤᠨ ᠤᠭᠲᠤᠨ ᠠᠪᠴᠤ ᠶᠡᠬᠡ ᠬᠡᠩᠭᠡᠷᠭᠡ ᠨᠢᠭᠡᠨᠲᠡ ᠳᠠᠭᠤᠷᠢᠰᠤᠭᠰᠠᠨᠠ᠂ ᠨᠠᠢ᠍ᠮᠠᠨ ᠬᠠᠭᠠᠯᠭᠠᠨ ᠤ᠋ ᠵᠢᠷᠠᠨ ᠳᠥᠷᠪᠡᠨ ᠮᠡᠳᠡᠭᠡ ᠶ᠋ᠢᠨ ᠲᠡᠮᠳᠡᠭ ᠦ᠋ᠨ ᠬᠡᠩᠭᠡᠷᠭᠡ ᠬᠠᠮᠲᠤ ᠪᠠᠷ ᠨᠢᠭᠡᠨ ᠵᠡᠷᠭᠡ ᠲᠡᠭᠷᠢ ᠨᠦᠷᠵᠢᠭᠢᠨᠡᠬᠦ ᠮᠡᠲᠦ ᠬᠦᠷᠴᠢᠭᠢᠨᠡᠨ ᠬᠥᠩᠭᠢᠷᠡᠰᠴᠦ ᠦᠨᠡᠬᠡᠷ ᠬᠥᠮᠦᠨ ᠦ᠌ ᠵᠢᠷᠦᠬᠡ ᠶ᠋ᠢ ᠳᠣᠯᠭᠢᠰᠤᠭᠤᠯᠤᠮᠤᠢ᠃ ᠵᠢᠭᠰᠠᠭᠠᠭᠰᠠᠨ ᠠᠷᠠᠳ ᠨᠢᠭᠡᠨ ᠵᠡᠷᠭᠡ ᠵᠠᠯᠭᠠᠯᠳᠤᠨ ᠬᠠᠰᠬᠢᠷᠴᠤ ᠭᠤᠷᠪᠠᠨ ᠳᠠᠪᠬᠤᠷ ᠬᠠᠭᠠᠯᠭ᠎ᠠ ᠶ᠋ᠢ ᠣᠷᠣᠬᠤᠢ ᠳ᠋ᠤᠷ ᠭᠤᠷᠪᠠᠨ ᠵᠡᠷᠭᠡ ᠦᠯᠢᠶᠡᠨ ᠳᠡᠯᠡᠳᠴᠦ ᠭᠤᠷᠪᠠᠨ ᠵᠡᠷᠭᠡ ᠬᠠᠰᠬᠢᠷᠤᠯᠳᠤᠨ᠂ ᠬᠦᠷᠡᠯ ᠬᠠᠷᠠᠩᠭ᠎ᠠ ᠪᠢᠯᠠᠷ ᠪᠢᠰᠬᠢᠭᠦᠷ ᠳᠠᠭᠤᠷᠢᠰᠴᠤ ᠬᠤᠷᠴᠠ ᠲᠡᠭᠰᠢ ᠲᠤᠯᠠ ᠴᠠᠭᠠᠨ ᠬᠠᠭᠠᠨ ᠳᠣᠲᠣᠷ᠎ᠠ ᠳᠣᠯᠭᠢᠰᠤᠨ᠂ ᠮᠠᠩᠬ᠎ᠠ ᠡᠯᠡᠰᠦᠨ ᠳ᠋ᠦ᠍ᠷ ᠰᠠᠭᠤᠭᠰᠠᠨ᠂ ᠰᠢᠩᠬᠡᠭ ᠠᠢᠮᠠᠭ ᠲᠤᠷ ᠡᠨᠡ ᠮᠡᠲᠦ ᠰᠦᠷ ᠳᠦᠷᠢᠮ ᠪᠠᠢᠬᠤ ᠶ᠋ᠢ ᠦᠵᠡᠭᠡᠳ ᠥᠪᠡᠷ ᠦ᠋ᠨ ᠬᠣᠲᠠ ᠪᠠᠯᠭᠠᠳ ᠤᠷᠲᠤ ᠬᠠᠷᠰᠢ ᠳ᠋ᠤᠷ ᠰᠠᠭᠤᠭᠰᠠᠨ ᠢ᠋ᠶ᠋ᠠᠨ ᠶᠡᠬᠡᠯ᠎ᠡ ᠢᠴᠢᠩᠭᠦᠷᠡᠨ ᠰᠠᠨᠠᠷᠤᠨ : ᠪᠢ ᠡᠨᠡ ᠪᠧᠲ᠋ᠠ᠋ ᠤᠯᠤᠰ ᠢ᠋ ᠲᠦᠮᠡᠨ ᠳ᠋ᠦ᠍ᠷ ᠡᠢᠮᠦ ᠭᠡᠮᠡᠨ ᠰᠠᠨᠠᠭᠰᠠᠨ ᠦᠭᠡᠢ᠂ ᠡᠨᠡ ᠮᠡᠲᠦ ᠪᠠᠢᠳᠠᠯ ᠢ᠋ ᠦᠵᠡᠬᠦᠯ᠎ᠡ ᠡᠭᠦᠨ ᠦ᠌ ᠡᠵᠡᠨ ᠢᠨᠤ ᠮᠠᠭᠠᠳ ᠬᠢᠯᠪᠠᠷ ᠬᠥᠮᠦᠨ ᠪᠤᠰᠤ᠂ ᠰᠠᠢᠲᠤᠷ ᠡᠰᠡ ᠬᠢᠴᠢᠶᠡᠨ ᠰᠡᠷᠡᠮᠵᠢᠯᠡᠪᠡᠰᠦ ᠦᠯᠦ ᠪᠣᠯᠤᠮᠤᠢ ᠬᠡᠮᠡᠵᠦ᠂ ᠲᠡᠢᠨ ᠬᠦ᠌ ᠮᠤᠬᠤᠯᠢ ᠶ᠋ᠢ ᠳᠠᠭᠠᠵᠤ᠂ ᠭᠤᠷᠪᠠᠳᠤᠭᠠᠷ ᠬᠦᠷᠢᠶᠡᠨ ᠦ᠌ ᠬᠠᠭᠠᠯᠭ᠎ᠠ ᠳ᠋ᠤᠷ ᠬᠦᠷᠪᠡᠰᠦ ᠲᠥᠪ ᠦ᠋ᠨ ᠬᠠᠭᠠᠯᠭ᠎ᠠ ᠶ᠋ᠢ ᠰᠠᠬᠢᠭᠰᠠᠨ ᠬᠠᠰᠠᠷ ᠤᠭᠲᠤᠨ ᠭᠠᠷᠴᠤ ᠢᠷᠡᠬᠦᠶ᠎ᠡ᠂ ᠬᠣᠶᠠᠷ ᠵᠢᠭᠦᠷ ᠲᠣᠷ ᠵᠢᠭᠰᠠᠭᠠᠭᠰᠠᠨ ᠠᠷᠠᠳ ᠴᠠᠴᠠᠷ ᠮᠠᠢᠬᠠᠨ ᠤ᠋ ᠲᠣᠭᠣᠰᠣᠨ ᠢ᠋ ᠬᠥᠪᠬᠡᠯᠵᠡᠲᠡᠯᠡ ᠬᠠᠰᠬᠢᠷᠤᠯᠳᠤᠵᠤ᠂ ᠬᠠᠰᠠᠷ ᠮᠤᠬᠤᠯᠢ ᠬᠣᠶᠠᠭᠤᠯᠠ ᠬᠠᠷᠢᠯᠴᠠᠨ ᠶᠣᠰᠣᠯᠠᠵᠤ ᠵᠣᠯᠭᠠᠭᠠᠳ ᠬᠠᠰᠠᠷ ᠮᠤᠬᠤᠯᠢ ᠠ᠋ᠴᠠ ᠠᠰᠠᠭᠤᠷᠤᠨ : 《ᠡᠨᠡ ᠯᠠᠪ ᠰᠣᠯᠣᠩᠭᠣᠰ ᠤ᠋ᠨ ᠡᠷᠭᠢᠨ ᠡᠯᠴᠢ ᠪᠣᠢ ᠊ᠶ᠎ᠠ ! ᠪᠠᠬᠠᠨ ᠴᠠᠢ ᠵᠣᠭᠣᠭᠯᠠᠵᠤ ᠡᠵᠡᠨ ᠦ᠌ ᠳᠡᠷᠭᠡᠳᠡ ᠣᠷᠣᠪᠠᠰᠤ ᠰᠠᠢᠨ᠂ ᠦᠭᠡ ᠮᠡᠳᠡᠭᠦᠯᠬᠦᠢ ᠳ᠋ᠦ᠍ᠷ ᠠᠮᠢᠰᠬᠤᠯ ᠳᠠᠪᠬᠤᠷᠳᠠᠬᠤ ᠦᠭᠡᠢ ᠬᠡᠮᠡᠵᠦ᠂ ᠰᠢᠳᠠᠷ ᠠᠷᠠᠳ ᠡᠷᠳᠡᠨᠢ ᠰᠢᠭᠢᠳᠬᠡᠭᠡᠷᠢ ᠶ᠋ᠢᠨ ᠭᠣᠣᠯᠲᠤ ᠠᠶᠠᠭ᠎ᠠ ᠳ᠋ᠤ᠌ ᠴᠠᠢ ᠪᠠᠷᠢᠭᠰᠠᠨ ᠳ᠋ᠤᠷ ᠰᠣᠯᠣᠩᠭᠣᠰ ᠤ᠋ᠨ ᠡᠵᠡᠨ ᠰᠠᠢᠳ ᠤ᠋ᠨ ᠳᠣᠲᠣᠷ᠎ᠠ ᠲᠦᠭᠰᠢᠵᠦ᠂ ᠠᠶᠠᠬᠠ ᠪᠠᠷᠢᠵᠤ ᠴᠠᠢ ᠤᠤᠭᠤᠬᠤ ᠴᠢᠯᠦᠭᠡᠨ᠎ᠡ᠂ ᠬᠠᠭᠠᠯᠭ᠎ᠠ ᠶ᠋ᠢᠨ ᠴᠠᠴᠠᠷ ᠤ᠋ᠨ ᠬᠣᠢᠲᠤ ᠡᠭᠦᠳᠡ ᠪᠡᠷ ᠳᠣᠲᠣᠭᠰᠢ ᠦᠵᠡᠬᠦᠯ᠎ᠡ ᠳᠣᠲᠣᠭᠠᠳᠤ ᠬᠦᠷᠢᠶᠡᠨ ᠦ᠌ ᠳᠤᠮᠳᠠᠳᠤ ᠶᠡᠬᠡ ᠴᠠᠴᠠᠷ ᠤ᠋ᠨ ᠰᠢᠷᠣᠢ ᠶ᠋ᠢᠨ ᠳᠣᠪᠣ ᠶ᠋ᠢᠨ ᠳᠣᠣᠷ᠎ᠠ ᠶᠢᠰᠦᠨ ᠥᠩᠭᠡ ᠶ᠋ᠢᠨ ᠬᠤᠶᠠᠭ ᠲᠤᠭᠤᠯᠭᠠᠲᠤ ᠴᠡᠷᠢᠭ ᠦ᠋ᠳ ᠢᠨᠤ ᠵᠡᠭᠦᠭᠰᠡᠨ ᠢᠯᠳᠦᠨ ᠦ᠌ ᠡᠰᠢ ᠪᠡᠨ ᠳᠣᠲᠣᠭᠰᠢ ᠳᠠᠷᠤᠵᠤ᠂ ᠳᠣᠲᠣᠭᠰᠢ ᠬᠠᠨᠳᠤᠵᠤ ᠵᠡᠷᠭᠡᠴᠡᠨ ᠵᠣᠭᠰᠣᠭᠠᠳ ᠶᠡᠬᠡ ᠠᠷᠰᠯᠠᠨᠲᠤ ᠴᠠᠴᠠᠷ ᠤ᠋ᠨ ᠡᠰᠡᠷᠭᠦ ᠪᠠᠷᠰ ᠤ᠋ᠨ ᠠᠷᠠᠰᠤᠨ ᠤ᠋ ᠶᠡᠬᠡ ᠬᠠᠯᠠᠠᠪᠴᠢᠨ ᠤ᠋ ᠬᠣᠶᠠᠷ ᠬᠠᠵᠠᠭᠤᠳᠠ ᠬᠠᠷᠢᠶᠠᠴᠠᠢ ᠶ᠋ᠢᠨ ᠵᠢᠭᠦᠷ ᠮᠡᠲᠦ ᠬᠣᠶᠠᠷ ᠭᠠᠷᠯᠠᠨ ᠵᠢᠭᠰᠠᠭᠠᠨ᠂ ᠢᠯᠳᠦ ᠰᠦᠬᠡ᠂ ᠪᠠᠷᠢᠭᠰᠠᠨ ᠠᠷᠠᠳ ᠬᠠᠨᠵᠤ ᠰᠢᠭᠤᠨ ᠬᠣᠷᠮᠣᠢ ᠰᠦᠢᠷᠡᠵᠦ ᠱᠠᠯᠠᠮᠠᠭᠠᠢᠯᠠᠨ ᠵᠣᠭᠰᠣᠬᠤ ᠠᠨᠤ ᠮᠠᠰᠢ ᠠᠶᠤᠮᠰᠢᠭᠲᠠᠢ ᠰᠦᠷᠲᠡᠢ᠂ ᠤᠳᠠᠭᠰᠠᠨ ᠦᠭᠡᠢ ᠳᠣᠲᠣᠷ᠎ᠠ ᠠ᠋ᠴᠠ ᠵᠠᠬᠢᠶ᠎ᠠ ᠤᠯᠠᠮᠵᠢᠯᠠᠨ ᠰᠣᠯᠣᠩᠭᠣᠰ ᠤ᠋ᠨ ᠡᠯᠴᠢ ᠶ᠋ᠢ ᠤᠷᠤᠭᠤᠯ ᠭᠡᠮᠡᠨ ᠬᠡᠩᠭᠡᠷᠭᠡ ᠳᠡᠯᠡᠳᠦᠨ ᠬᠠᠰᠬᠢᠷᠤᠭᠰᠠᠨᠠ ᠮᠤᠬᠤᠯᠢ ᠳᠠᠷᠤᠢ ᠶᠠᠭᠠᠷᠠᠨ ᠬᠣᠶᠠᠷ ᠡᠯᠴᠢ ᠶ᠋ᠢ ᠤᠳᠤᠷᠢᠳᠤᠨ ᠣᠷᠣᠭᠤᠯᠵᠤ᠂ ᠬᠠᠯᠬᠠᠪᠴᠢᠨ ᠤ᠋ ᠡᠨᠡᠲᠡᠭᠡ ᠵᠣᠭᠰᠣᠵᠤ᠂ ᠮᠤᠬᠤᠯᠢ ᠳᠡᠪᠡᠯ ᠮᠠᠯᠠᠭ᠎ᠠ ᠪᠦᠰᠡ ᠪᠡᠨ ᠵᠠᠰᠠᠵᠤ ᠨᠢᠳᠤᠷᠭ᠎ᠠ ᠪᠠᠨ ᠪᠠᠭᠤᠯᠭᠠᠨ᠂ ᠴᠢᠷᠠᠢ ᠪᠠᠨ ᠠᠷᠴᠢᠵᠤ ᠰᠠᠶᠢ ᠡᠯᠴᠢ ᠶ᠋ᠢ ᠤᠳᠤᠷᠢᠳᠤᠨ ᠣᠷᠣᠵᠤ ᠡᠴᠢᠪᠡ᠃ ᠲᠡᠳᠦᠢ ᠬᠣᠶᠠᠷ ᠡᠯᠴᠢ ᠳᠣᠪᠣ ᠶ᠋ᠢᠨ ᠳᠡᠭᠡᠷ᠎ᠡ ᠠᠪᠠᠷᠢᠵᠤ ᠴᠠᠴᠠᠷ ᠤ᠋ᠨ ᠡᠭᠦᠳᠡᠨ ᠦ᠌ ᠭᠠᠳᠠᠨ᠎ᠠ ᠬᠦᠷᠴᠦ ᠲᠡᠷᠢᠭᠦᠨ ᠡᠷᠭᠦᠵᠦ᠂ ᠲᠠᠢᠽᠦ ᠶ᠋ᠢᠨ ᠨᠢᠭᠤᠷ ᠢ᠋ ᠦᠵᠡᠪᠡᠰᠦ: ᠲᠠᠢᠽᠦ ᠶ᠋ᠢᠨ ᠯᠤᠤ ᠶ᠋ᠢᠨ ᠨᠢᠳᠦ ᠣᠳᠣᠨ ᠰᠠᠷᠠᠨ ᠮᠡᠲᠦ ᠬᠡᠪ ᠭᠡᠭᠡᠬᠡᠨ ᠢ᠋ᠶ᠋ᠡᠷ ᠳᠣᠷᠣᠭᠰᠢ ᠰᠡᠬᠦᠢᠨ ᠬᠠᠷᠠᠵᠤ᠂ ᠪᠠᠷᠰ ᠤ᠋ᠨ ᠰᠦᠷᠲᠦ ᠨᠠᠷᠠᠨ ᠮᠡᠲᠦ ᠨᠢᠭᠤᠷ ᠠ᠋ᠴᠠ ᠤᠯᠠᠪᠢᠷ ᠭᠡᠷᠡᠯ ᠰᠠᠴᠤᠷᠠᠨ ᠬᠡᠷᠡᠯᠳᠦᠵᠦ᠂ ᠬᠥᠮᠦᠨ ᠦᠨᠡᠬᠡᠷ ᠴᠢᠬᠡ ᠬᠠᠨᠳᠤᠰᠢ ᠦᠭᠡᠢ ᠠᠶᠤᠩᠭ᠎ᠠ ᠶ᠋ᠢᠨ ᠰᠦᠷ ᠲᠡᠢ ᠳ᠋ᠦ᠍ᠷ ᠴᠠᠭᠠᠨ ᠬᠠᠭᠠᠨ ᠤ᠋ ᠡᠯᠢᠭᠡ ᠰᠥᠰᠥ ᠨᠢᠭᠡᠨᠲᠡ ᠪᠠᠯᠪᠠ ᠬᠡᠮᠬᠡ ᠡᠴᠢᠭᠡᠳ ᠲᠦᠮᠡᠨ ᠮᠢᠩᠭᠠᠨ ᠤᠬᠠᠭᠠᠨ ᠰᠠᠨᠠᠭᠠᠨ ᠠᠨᠤ ᠶᠢᠰᠦᠨ ᠣᠭᠲᠠᠷᠭᠤᠢ ᠳ᠋ᠤᠷ ᠬᠡᠢᠰᠦᠨ ᠵᠠᠪᠬᠠᠷᠠᠵᠤ᠂ ᠡᠯ᠎ᠡ ᠵᠥᠪᠳᠡᠵᠦ ᠲᠣᠭᠲᠠᠭᠠᠭᠰᠠᠨ ᠬᠡᠷᠡᠭ ᠤᠴᠢᠷ ᠢ᠋ᠶ᠋ᠠᠨ ᠨᠢᠭᠡᠮᠦᠰᠦᠨ ᠳᠥᠷᠪᠡᠨ ᠳᠠᠯᠠᠢ ᠳ᠋ᠤᠷ ᠣᠷᠬᠢᠵᠤ ᠲᠠᠶᠠᠭᠳᠠᠭᠠᠳ ᠨᠢᠭᠡᠨ ᠦᠵᠦᠭᠦᠷᠲᠦ ᠴᠢᠩ ᠦᠨᠡᠨ ᠰᠦᠰᠦᠭ ᠪᠢᠰᠢᠷᠡᠯ ᠲᠥᠷᠥᠭᠳᠡᠭᠡᠳ ᠬᠣᠣᠰ ᠡᠪᠦᠳᠦᠭ ᠢ᠋ᠶ᠋ᠡᠷ ᠡᠭᠦᠳᠡᠨ ᠦ᠌ ᠭᠠᠳᠠᠨ᠎ᠠ ᠬᠥᠪᠬᠢᠲᠡᠯᠡ ᠰᠥᠭᠥᠳᠦᠭᠡᠳ ᠬᠣᠶᠠᠷ ᠨᠢᠳᠦᠨ ᠡᠴᠡ ᠪᠡᠨ ᠨᠢᠭᠡᠨ ᠬᠣᠣᠰ ᠨᠢᠯᠪᠤᠰᠤᠨ ᠢ᠋ ᠠᠰᠬᠠᠷᠠᠲᠠᠯ᠎ᠠ ᠪᠠᠭᠤᠯᠭᠠᠵᠤ ᠢᠷᠡᠭᠡᠳ: 《ᠡᠵᠡᠨ ᠴᠢ ᠦᠨᠡᠬᠡᠷ ᠲᠡᠭᠷᠢ ᠶ᠋ᠢᠨ ᠬᠥᠪᠡᠭᠦᠨ ᠮᠠᠭᠠᠳ ᠮᠥᠨ !》 ᠭᠡᠮᠡᠨ ᠬᠡᠳᠦᠨᠲᠡ ᠳᠠᠭᠤᠳᠠᠭᠰᠠᠨ ᠳ᠋ᠤᠷ ᠲᠠᠢᠽᠦ ᠥᠴᠦᠬᠡᠨ ᠮᠦᠰᠢᠶᠡᠵᠦ ᠂ ᠮᠤᠬᠤᠯᠢ ᠶ᠋ᠢ ᠵᠠᠬᠢᠷᠤᠨ : 《ᠬᠠᠷᠢ ᠤᠯᠤᠰ ᠤ᠋ᠨ ᠬᠠᠳ ᠤ᠋ᠨ ᠡᠯᠴᠢ ᠶ᠋ᠢ ᠲᠦᠰᠢᠵᠦ ᠪᠤᠰᠬ᠎ᠠ ! 》 ᠬᠡᠮᠡᠲᠡᠯ᠎ᠡ ᠮᠤᠬᠤᠯᠢ ᠮᠥᠨ ᠶᠠᠭᠠᠷᠠᠨ ᠢᠷᠡᠵᠦ᠂ ᠳᠡᠳ᠋ ᠡᠯᠴᠢ ᠶ᠋ᠢ ᠲᠡᠳᠬᠦᠨ ᠪᠣᠰᠬᠠᠰᠤᠭᠠᠢ ᠬᠡᠮᠡᠬᠦᠶ᠎ᠡ᠂ ᠲᠡᠷᠢᠭᠦᠨ ᠡᠯᠴᠢ ᠣᠳᠣᠨ ᠲᠠᠢᠱ᠌ᠢ ᠠᠨᠤ ᠬᠠᠭᠠᠨ ᠢ᠋ᠶ᠋ᠠᠨ ᠡᠨᠡ ᠮᠡᠲᠦ ᠪᠣᠯᠤᠭᠰᠠᠨ ᠳ᠋ᠤᠷ ᠠᠭᠠᠰᠢ ᠪᠠᠨ ᠠᠯᠳᠠᠵᠤ᠂ ᠠᠷᠭ᠎ᠠ ᠪᠠᠨ ᠵᠠᠪᠬᠠᠷᠠᠨ ᠬᠠᠷᠠᠵᠤ ᠵᠣᠭᠰᠣᠬᠤᠶᠠ᠂ ᠬᠠᠷᠢᠨ ᠲᠡᠷᠡ ᠬᠠᠭᠠᠨ ᠠᠨᠤ ᠪᠣᠰᠬᠤ ᠦᠭᠡᠢ ᠪᠡᠷ ᠦᠯᠦ ᠪᠠᠷᠠᠨ᠂ ᠨᠡᠩ ᠬᠠᠷᠢᠨ ᠨᠡᠮᠡᠵᠦ ᠮᠥᠷᠭᠥᠨ ᠨᠡᠪᠲᠡ ᠰᠢᠪᠲᠤ ᠪᠠᠷ ᠦᠨᠡᠨ ᠤᠴᠢᠷ ᠢ᠋ᠶ᠋ᠠᠨ ᠡᠬᠢᠨ ᠡᠴᠡ ᠠᠳᠠᠭ ᠲᠤᠷ ᠬᠦᠷᠲᠡᠯ᠎ᠡ ᠵᠥᠪᠯᠡᠭᠰᠡᠨ ᠪᠠ ᠵᠡᠭᠦᠳᠦᠯᠡᠭᠰᠡᠨ ᠲᠡᠢ ᠪᠡᠨ ᠪᠦᠷᠢᠳᠬᠡᠨ ᠲᠣᠭᠠᠴᠢᠭᠰᠠᠨ ᠳ᠋ᠤᠷ ᠣᠳᠣᠨ ᠲᠠᠢᠱ᠌ᠢ ᠠᠨᠤ ᠣᠪᠯᠠᠪᠠᠴᠤ ᠢᠯᠡᠭᠦᠴᠡ ᠪᠣᠯᠤᠭᠠᠳ ᠣᠭᠲᠣᠬᠠᠨ ᠴᠤ᠌ ᠪᠣᠯᠬᠤ ᠦᠭᠡᠢ ᠪᠣᠯᠵᠤ᠂ ᠣᠳᠣᠢᠲᠠᠯᠠ ᠳᠠᠭᠠᠵᠤ ᠰᠥᠭᠥᠳᠪᠡᠢ᠃
ᠲᠡᠭᠦᠨᠴᠡ ᠳᠡᠳ᠋ ᠡᠯᠴᠢ ᠶ᠋ᠢᠨ ᠪᠡᠶ᠎ᠡ ᠢᠨᠤ ᠳᠠᠷᠤᠢ ᠪᠤᠬ᠎ᠠ ᠴᠠᠭᠠᠨ ᠬᠠᠭᠠᠨ ᠤ᠋ ᠪᠡᠶ᠎ᠡ ᠴᠣᠭᠴᠠ ᠮᠥᠨ ᠪᠣᠯᠤᠭᠰᠠᠨ ᠢ᠋ ᠲᠠᠢᠽᠦ ᠰᠣᠨᠣᠰᠤᠮᠠᠭᠴᠠ ᠶᠠᠭᠠᠷᠠᠨ ᠠᠷᠰᠯᠠᠨᠲᠤ ᠰᠢᠷᠡᠭᠡᠨ ᠡᠴᠡ ᠪᠠ ᠵᠠᠯᠠᠷᠠᠨ ᠪᠠᠭᠤᠵᠤ ᠢᠷᠡᠭᠡᠳ ᠴᠠᠭᠠᠨ ᠬᠠᠭᠠᠨ ᠢ᠋ ᠥᠪᠡᠷ ᠦ᠋ᠨ ᠮᠣᠳᠣᠷ ᠢ᠋ᠶ᠋ᠠᠷ ᠲᠡᠳᠬᠦᠨ ᠪᠤᠰᠬᠠᠬᠤᠶᠠ᠂ ᠬᠡᠷᠬᠢᠪᠡᠴᠦ ᠪᠣᠰᠬᠤ ᠦᠭᠡᠢ᠂ ᠳᠤᠷᠠᠲᠠᠶ᠎ᠠ ᠳᠠᠭᠠᠬᠤ ᠤᠴᠢᠷ ᠢ᠋ᠶ᠋ᠠᠨ ᠬᠡᠯᠡᠬᠦᠢ ᠳ᠋ᠦ᠍ᠷ᠂ ᠮᠤᠬᠤᠯᠢ ᠲᠠᠪᠰᠢᠵᠤ ᠴᠠᠭᠠᠨ ᠬᠠᠭᠠᠨ ᠢ᠋ ᠲᠦᠰᠢᠵᠦ : 《ᠡᠷᠭᠢᠨ ᠬᠠᠭᠠᠨ ᠴᠢ ᠨᠢᠭᠡᠨᠲᠡ ᠦᠨᠡᠨ ᠰᠡᠳᠬᠢᠯ ᠪᠥᠭᠡᠰᠦ ᠡᠵᠡᠨ ᠦ᠌ ᠮᠢᠨᠦ ᠡᠷᠡᠭᠡᠯᠵᠡᠬᠦ ᠰᠠᠨᠠᠭᠠᠨ ᠢ᠋ ᠳᠠᠭᠠᠵᠤ ᠬᠦᠨᠳᠦᠯᠡᠪᠡᠰᠦ ᠵᠣᠬᠢᠮᠤᠢ᠂ ᠮᠥᠷᠭᠥᠵᠦ ᠰᠥᠭᠥᠳᠬᠦ ᠬᠡᠷᠡᠭ ᠦᠭᠡᠢ 》 ᠬᠡᠮᠡᠵᠦ ᠳᠥᠰᠢᠨ ᠪᠤᠰᠬᠠᠪᠠ᠃ ᠲᠡᠳᠦᠢ ᠬᠤᠷᠢᠮ ᠬᠤᠷᠢᠮᠯᠠᠬᠤᠶ᠎ᠠ᠂ ᠴᠠᠭᠠᠨ ᠬᠠᠭᠠᠨ ᠭᠣᠣᠯ ᠤ᠋ᠨ ᠰᠠᠷᠠᠨ ᠨᠡᠷᠡᠲᠦ ᠭᠠᠭᠴᠠ ᠭᠦᠩᠵᠦ ᠪᠡᠨ ᠤᠯᠤᠰ ᠢ᠋ᠶ᠋ᠠᠨ ᠲᠡᠷᠢᠭᠦᠯᠡᠬᠦ ᠪᠡᠯᠡᠭ ᠪᠣᠯᠭᠠᠨ ᠡᠷᠭᠦᠵᠦ ᠤᠷᠤᠭ ᠪᠠᠷᠢᠨ ᠳᠠᠭᠠᠰᠤᠭᠠᠢ ᠬᠡᠮᠡᠬᠦ ᠰᠠᠨᠠᠭᠠᠨ ᠢ᠋ᠶ᠋ᠠᠨ ᠮᠤᠬᠤᠯᠢ ᠪᠠᠷ ᠪᠦᠷᠢᠳᠬᠡᠨ ᠮᠡᠳᠡᠭᠦᠯᠦᠭᠰᠡᠨ ᠳ᠋ᠦ᠍ᠷ ᠲᠠᠢᠽᠦ ᠦᠯᠦ ᠲᠠᠭᠠᠯᠠᠨ᠂ ᠣᠯᠠᠨ ᠲᠦᠰᠢᠮᠡᠳ ᠦ᠋ᠨ ᠵᠦᠭ ᠥᠭᠦᠯᠡᠷᠦᠨ : 《ᠤᠯᠤᠰ ᠪᠦᠷᠢ ᠣᠯᠠᠩᠬᠢ ᠨᠢ ᠴᠥᠮ ᠨᠠᠮᠠᠶ᠋ᠢ ᠡᠬᠡᠨᠡᠷ ᠥᠬᠢᠳ ᠦ᠋ᠨ ᠥᠩᠭᠡ ᠪᠡᠷ ᠪᠠᠴᠢᠯᠠᠨ ᠮᠡᠬᠡᠯᠡᠰᠦᠭᠡᠢ ᠭᠡᠬᠦ ᠢᠨᠤ ᠡᠭᠡᠨᠡᠭᠲᠡ ᠶᠠᠮᠪᠠᠷ ᠰᠠᠨᠠᠭᠠᠨ ᠠᠵᠢ ? 》 ᠬᠡᠮᠡᠬᠦᠢ ᠳ᠋ᠦ᠍ᠷ ᠮᠤᠬᠤᠯᠢ ᠶᠠᠭᠠᠷᠠᠨ ᠰᠥᠭᠥᠳᠴᠦ ᠮᠡᠳᠡᠭᠦᠯᠦᠷᠦᠨ :《ᠡᠰᠡ ᠪᠠᠴᠢᠯᠠᠭᠳᠠᠬᠤ ᠡᠰᠡ ᠮᠡᠬᠡᠯᠡᠭᠳᠡᠬᠦ ᠡᠷᠬᠡ ᠢᠨᠤ ᠡᠵᠡᠨ ᠦ᠌ ᠮᠢᠨᠦ ᠡᠷᠬᠡ ᠡᠷᠳᠡᠮ ᠳ᠋ᠦ᠍ᠷ ᠪᠣᠢ ᠶᠠ᠂ ᠡᠩ ᠦ᠋ᠨ ᠠᠷᠠᠳ ᠤ᠋ᠨ ᠠᠷᠭ᠎ᠠ ᠵᠠᠯᠢ ᠳ᠋ᠤᠷ ᠦᠭᠡᠢ ᠪᠣᠯᠠᠢ ᠤᠷᠢᠯᠬᠠᠬᠤ ᠥᠩᠭᠡ ᠶ᠋ᠢ ᠡᠷᠬᠢᠯᠡᠬᠦ ᠢᠨᠤ ᠪᠤᠰᠤ ᠤᠯᠤᠰ ᠢᠷᠭᠡᠨ ᠢᠨᠤ ᠡᠷᠡᠭᠡᠯᠵᠡᠬᠦ ᠢᠨᠤ ᠪᠤᠶᠤ᠂ ᠨᠢᠭᠡᠬᠡᠨ ᠥᠬᠢᠨ ᠢ᠋ ᠬᠤᠷᠢᠶᠠᠮᠵᠢᠯᠠᠬᠤ ᠬᠡᠷᠡᠭ ᠢᠨᠤ ᠪᠠᠭ᠎ᠠ᠂ ᠲᠠᠪᠤᠨ ᠮᠣᠵᠢ ᠶ᠋ᠢ ᠡᠵᠡᠯᠡᠬᠦ ᠢᠨᠤ ᠶᠡᠬᠡ᠂ ᠨᠢᠭᠡᠬᠡᠨ ᠰᠢᠷᠬᠡᠭ ᠬᠣᠨᠢᠨ ᠤ᠋ ᠤᠩᠭᠠᠰᠤ ᠤᠨᠠᠭᠰᠠᠨ ᠣᠴᠢᠷ᠎ᠠ ᠨᠢᠭᠡᠨ ᠲᠣᠭᠣᠭ᠎ᠠ ᠳᠦᠭᠦᠷᠡᠩ ᠰᠢᠷ᠎ᠠ ᠲᠣᠰᠣ ᠶ᠋ᠢ ᠬᠡᠷᠬᠢᠨ ᠭᠡᠭᠡᠵᠦ ᠪᠣᠯᠬᠤ ? ᠥᠩᠭᠡ ᠵᠢᠰᠦᠲᠦ ᠥᠬᠢᠨ ᠦ᠌ ᠲᠤᠯᠠ ᠪᠠᠶᠠᠷᠯᠠᠬᠤ ᠪᠤᠰᠤ᠂ ᠦᠨᠡᠨ ᠰᠡᠳᠬᠢᠯ ᠢ᠋ᠶ᠋ᠡᠷ ᠦᠷ᠎ᠡ ᠪᠡᠨ ᠥᠭᠬᠦᠢ ᠳ᠋ᠦ᠍ᠷ ᠪᠠᠶᠠᠷᠯᠠᠪᠠᠰᠤ ᠵᠣᠬᠢᠮᠤᠢ᠂ ᠥᠨᠳᠥᠷ ᠶᠡᠬᠡ ᠢᠵᠠᠭᠤᠷᠲᠤ᠂ ᠦᠯᠡᠮᠵᠢ ᠶᠡᠬᠡ ᠥᠷᠥᠰᠢᠶᠡᠯᠲᠦ ᠡᠵᠡᠨ ᠮᠢᠨᠦ ᠠᠢᠯᠠᠳ!》 ᠭᠡᠮᠡᠨ ᠣᠯᠠᠨ ᠵᠠᠩᠵᠤᠨ ᠨᠠᠷ ᠢ᠋ ᠠᠪᠴᠤ ᠮᠥᠷᠭᠥᠵᠦ ᠳᠤᠷᠠᠳᠬᠠᠭᠰᠠᠨ ᠳ᠋ᠤᠷ ᠲᠠᠢᠽᠦ ᠪᠣᠳᠣᠪᠠᠰᠤ ᠵᠢᠨᠦᠩ ᠦ᠋ᠨ ᠦᠭᠡ ᠮᠠᠰᠢ ᠵᠦᠢ ᠲᠤᠯᠠ ᠰᠣᠯᠣᠩᠭᠣᠰ ᠤ᠋ᠨ ᠬᠠᠭᠠᠨ ᠢ᠋ ᠭᠤᠷᠪᠠᠨ ᠡᠳᠦᠷ ᠥᠨᠵᠢᠭᠦᠯᠦᠨ ᠬᠦᠯᠢᠶᠡᠯᠭᠡᠵᠦ᠂ ᠳᠥᠷᠪᠡᠳᠦᠭᠡᠷ ᠥᠷᠯᠥᠭᠡ ᠳ᠋ᠦ᠍ᠷ ᠲᠠᠰᠤᠯᠤᠨ ᠵᠠᠬᠢᠭ᠍ᠰᠠᠨ ᠠᠨᠤ :
ᠡᠷᠳᠡᠨᠢ ᠮᠡᠲᠦ ᠡᠷ᠎ᠡ ᠳ᠋ᠦ᠍ᠷ
ᠡᠬᠡᠨᠡᠷ ᠣᠯᠳᠠᠬᠤᠢ ᠳ᠋ᠤᠷ ᠬᠡᠳᠦᠢ ᠭᠠᠢ ᠦᠭᠡᠢ ᠪᠣᠯᠪᠠᠴᠤ
ᠡᠵᠡᠨ ᠪᠣᠯᠤᠨ ᠶᠠᠪᠤᠭᠴᠢᠳ ᠲᠤᠷ ᠡᠬᠡᠨᠡᠷ ᠢ᠋ ᠡᠷᠭᠢᠯᠡᠪᠡᠰᠦ
ᠡᠷᠬᠡ ᠰᠦᠷ ᠲᠣᠷ ᠬᠠᠷᠰᠢᠭᠤᠵᠠᠢ ᠬᠡᠮᠡᠭᠰᠡᠨ ᠪᠥᠯᠥᠭᠡ ᠃
ᠡᠩ ᠨᠡᠢᠲᠡ ᠪᠡᠷ ᠲᠦᠰᠢᠮᠡᠳ ᠲᠠ ᠪᠠᠷ
ᠡᠶᠡᠪᠡᠷᠭᠦ ᠪᠡᠷ ᠳᠠᠭᠠᠬᠤ ᠶ᠋ᠢ ᠬᠦᠯᠢᠶᠡᠰᠦᠭᠡᠢ ᠬᠡᠮᠡᠬᠦᠢ ᠶ᠋ᠢᠨ ᠲᠤᠯᠠᠳᠠ
ᠡᠷᠭᠢᠳᠡᠯ ᠦᠭᠡᠢ ᠡᠰᠡ ᠥᠷᠥᠰᠢᠶᠡᠬᠦᠯ᠎ᠡ
ᠡᠰᠡᠷᠭᠦᠴᠡᠨ ᠪᠠᠢᠯᠳᠤᠬᠤᠶ᠎ᠠ ᠴᠡᠷᠢᠭ ᠮᠢᠨᠦ ᠵᠣᠪᠠᠭᠤᠵᠠᠢ !
ᠭᠡᠮᠡᠨ ᠵᠥᠪᠰᠢᠶᠡᠷᠡᠵᠦ᠂ ᠬᠣᠶᠠᠷ ᠡᠲᠡᠭᠡᠳ ᠲᠣᠷ ᠬᠤᠷᠢᠮ ᠬᠠᠢᠷᠠᠯᠠᠵᠤ ᠲᠣᠭᠲᠠᠭᠠᠪᠠᠢ᠃ ᠲᠡᠳᠦᠢ ᠮᠤᠬᠤᠯᠢ ᠴᠠᠭᠠᠨ ᠬᠠᠭᠠᠨ ᠢ᠋ ᠬᠦᠨᠳᠦ ᠪᠡᠷ ᠬᠦᠷᠭᠡᠭᠦᠯᠵᠦ᠂ ᠣᠳᠣᠨ ᠲᠠᠢᠱ᠌ᠢ ᠶ᠋ᠢ ᠤᠷᠤᠭ ᠤ᠋ᠨ ᠶᠣᠰᠣᠯᠠᠯ ᠢ᠋ ᠵᠥᠪᠳᠡᠵᠦ ᠬᠡᠯᠡᠯᠴᠡᠮᠦᠢ ᠭᠡᠮᠡᠨ ᠦᠯᠡᠳᠡᠭᠡᠵᠦ ᠴᠢᠨᠳᠠᠭᠠᠨ᠎ᠠ ᠰᠡᠴᠡᠨ ᠢ᠋ ᠴᠢᠨᠠᠳᠤ ᠡᠲᠡᠭᠡᠳ ᠲᠣᠷ ᠢᠯᠡᠭᠡᠵᠦ ᠂ ᠴᠢᠨᠠᠳᠤ ᠶ᠋ᠢᠨ ᠶᠣᠰᠣᠯᠠᠯ ᠢ᠋ ᠵᠠᠯᠮ᠎ᠠ ᠶ᠋ᠢ ᠲᠡᠷᠢᠭᠦᠯᠡᠵᠦ ᠬᠡᠯᠡᠯᠴᠡ ᠬᠡᠮᠡᠪᠡᠢ ①᠃
– – – –
① ᠡᠨᠡ ᠢᠨᠦ ᠮᠤᠬᠤᠯᠢ ᠶ᠋ᠢᠨ ᠰᠡᠷᠡᠮᠵᠢᠲᠡᠢ ᠬᠤᠷᠴᠠ ᠪᠥᠭᠡᠳ ᠪᠠᠰᠠ ᠰᠡᠴᠡᠨ ᠪᠣᠯᠭᠣᠮᠵᠢᠲᠠᠢ ᠭᠠᠵᠠᠷ ᠪᠤᠶᠤ ᠂ ᠦᠨᠡᠬᠡᠷ ᠶᠡᠬᠡ ᠰᠠᠪᠠ ᠮᠥᠨ᠃
ᠲᠡᠭᠦᠨᠴᠡ ᠴᠠᠭᠠᠨ ᠬᠠᠭᠠᠨ ᠪᠠᠶᠠᠷ ᠪᠠᠶᠠᠰᠬᠤᠯᠠᠩᠲᠠᠢ ᠬᠣᠲᠠ ᠳ᠋ᠠᠭᠠᠨ ᠡᠭᠡᠵᠦ᠂ ᠨᠢᠭᠡᠨᠲᠡᠭᠡᠭᠦᠷ ᠵᠠᠯᠮ᠎ᠠ ᠶ᠋ᠢ ᠬᠦᠨᠳᠦᠯᠡᠨ ᠬᠤᠷᠢᠮᠯᠠᠭᠤᠯᠵᠤ᠂ ᠪᠠᠰᠠ ᠪᠧᠲ᠋ᠠ᠋ ᠤᠯᠤᠰ ᠤ᠋ᠨ ᠡᠵᠡᠨ ᠳ᠋ᠦ᠍ᠷ ᠭᠣᠣᠯ ᠤ᠋ᠨ ᠰᠠᠷᠠᠨ ᠭᠦᠩᠵᠦ ᠪᠡᠨ ᠥᠭᠴᠦ ᠤᠷᠤᠭ ᠪᠠᠷᠢᠨ ᠳᠠᠭᠠᠰᠤᠭᠠᠢ ᠭᠡᠮᠡᠨ ᠲᠣᠭᠲᠠᠭᠰᠠᠨ ᠢ᠋ᠶ᠋ᠠᠨ ᠥᠬᠢᠨ ᠳ᠋ᠡᠭᠡᠨ ᠬᠡᠯᠡᠭᠰᠡᠨ ᠳ᠋ᠦ᠍ᠷ ᠰᠠᠷᠠᠨ ᠭᠦᠩᠵᠦ ᠬᠢᠷᠲ᠌ᠬᠢᠨ ᠰᠣᠴᠢᠨ ᠠᠶᠤᠵᠤ᠂ ᠨᠠᠰᠤᠨ ᠳᠠᠩ ᠦᠭᠡᠢ ᠳ᠋ᠦ᠍ᠷ ᠬᠡᠳᠦᠢ ᠠᠷᠪᠠᠨ ᠬᠤᠪᠢ ᠳᠤᠷ᠎ᠠ ᠦᠭᠡᠢ ᠪᠣᠯᠪᠠᠴᠤ ᠠᠷᠭ᠎ᠠ ᠦᠭᠡᠢ ᠳᠡᠭᠡᠭᠰᠢᠳᠡ ᠡᠴᠢᠭᠡ ᠬᠠᠭᠠᠨ ᠢ᠋ᠶ᠋ᠠᠨ ᠪᠣᠳᠣᠵᠤ ᠳᠣᠷᠣᠭᠰᠢᠳᠠ ᠣᠯᠠᠨ ᠡᠷᠬᠡᠨ ᠢ᠋ᠶ᠋ᠡᠨ ᠰᠡᠳᠬᠢᠨ᠂ ᠨᠢᠳᠦᠨ ᠦ᠌ ᠨᠢᠯᠪᠤᠰᠤᠨ ᠢ᠋ ᠠᠷᠴᠢᠵᠤ ᠥᠭᠦᠯᠡᠷᠦᠨ :《ᠠᠶ᠎ᠠ ᠬᠡᠦᠬᠡᠳ ᠦ᠋ᠨ ᠬᠡᠷᠡᠭ ᠢ᠋ ᠤᠭ ᠠ᠋ᠴᠠ ᠡᠴᠢᠭᠡ ᠡᠬᠡ ᠮᠡᠳᠡᠳᠡᠭ ᠳᠡᠭᠡᠷ᠎ᠡ᠂ ᠨᠡᠩᠳᠡ ᠬᠡᠦᠬᠡᠨ ᠮᠢᠨᠦ ᠨᠢᠭᠡᠬᠡᠨ ᠥᠬᠢᠨ ᠪᠡᠶ᠎ᠡ ᠪᠡᠷ ᠳᠡᠭᠡᠭᠰᠢᠳᠡ ᠪᠥᠭᠡᠰᠦ ᠬᠠᠭᠠᠨ ᠡᠴᠢᠭᠡ ᠲᠡᠷᠢᠭᠦᠯᠡᠨ ᠬᠠᠮᠤᠭ ᠲᠥᠷᠥ ᠶ᠋ᠢᠨ ᠲᠦᠰᠢᠮᠡᠳ ᠲᠣᠷ ᠬᠦᠷᠲᠡᠯ᠎ᠡ ᠳᠣᠷᠣᠭᠰᠢᠳᠠ ᠪᠥᠭᠡᠰᠦ ᠬᠠᠷᠠᠴᠤ ᠠᠯᠪᠠᠲᠤ ᠠ᠋ᠴᠠ ᠳᠠᠷᠠᠭᠠᠯᠠᠨ᠂ ᠬᠠᠮᠤᠭ ᠤᠯᠤᠰ ᠤ᠋ᠨ ᠡᠷᠬᠡᠨ ᠳ᠋ᠦ᠍ᠷ ᠬᠦᠷᠲᠡᠯ᠎ᠡ ᠬᠠᠮᠠᠭᠠᠯᠠᠨ ᠡᠵᠡᠯᠡᠵᠦ᠂ ᠬᠠᠳᠬᠤᠯᠳᠤᠭᠠᠨ ᠪᠠᠢᠯᠳᠤᠭᠠᠨ ᠢ᠋ ᠵᠣᠭᠰᠣᠭᠠᠬᠤᠢ ᠶ᠋ᠢᠨ ᠤᠴᠢᠷ ᠲᠤᠯᠠ ᠬᠠᠯᠠᠬᠠᠢ ᠨᠠᠮᠠᠶ᠋ᠢ ᠬᠠᠭᠠᠨ ᠦᠨᠳᠦᠰᠦᠲᠦ ᠪᠧᠲ᠋ᠠ᠋ ᠤᠯᠤᠰ ᠤ᠋ᠨ ᠡᠵᠡᠨ ᠳ᠋ᠦ᠍ᠷ ᠢᠨᠦ ᠥᠭᠬᠦ ᠶ᠋ᠢ ᠴᠦ᠍ ᠪᠠᠢᠲᠤᠭᠠᠢ᠂ ᠬᠡᠳᠦᠢ ᠪᠢᠴᠢᠬᠠᠨ ᠠᠢᠮᠠᠭ ᠤ᠋ᠨ ᠠᠷᠠᠳ ᠲᠤᠷ ᠥᠭᠪᠡᠴᠦ ᠬᠢᠯᠢᠰᠳᠡᠬᠦ ᠦᠭᠡᠢ᠂ ᠬᠠᠷᠢᠨ ᠴᠤ᠌ ᠨᠢᠭᠡᠨ ᠤᠰᠤᠨ ᠴᠢᠨᠠᠷᠲᠤ ᠥᠬᠢᠨ ᠪᠡᠶ᠎ᠡ ᠣᠯᠠᠨ ᠢ᠋ ᠲᠦᠮᠡᠨ ᠦᠬᠦᠯ ᠵᠣᠪᠠᠯᠠᠩ ᠠ᠋ᠴᠠ ᠭᠡᠲᠦᠯᠭᠡᠨ ᠶᠡᠬᠡ ᠦᠢᠯᠡ ᠳ᠋ᠦ᠍ᠷ ᠬᠡᠷᠡᠭ ᠲᠡᠢ ᠪᠣᠯᠤᠨ ᠴᠢᠳᠠᠵᠤᠬᠤᠢ᠂ ᠭᠣᠣᠯ ᠤ᠋ᠨ ᠬᠡᠦᠬᠡᠨ ᠴᠢᠨᠦ ᠭᠣᠮᠣᠳᠠᠯ ᠦᠭᠡᠢ᠂ ᠭᠣᠣᠯᠴᠢ ᠬᠠᠭᠠᠨ ᠡᠴᠢᠭᠡ ᠶᠦ᠍ᠭᠡᠨ ᠵᠠᠷᠯᠢᠭ ᠢ᠋ ᠳᠠᠭᠠᠮᠤᠢ᠃ ᠰᠠᠷᠠᠨ ᠬᠡᠦᠬᠡᠨ ᠴᠢᠨᠦ ᠰᠠᠭᠠᠷ ᠦᠭᠡᠢ ᠰᠠᠢᠨ ᠬᠠᠭᠠᠨ ᠡᠴᠢᠭᠡ ᠶᠦ᠍ᠭᠡᠨ ᠰᠠᠨᠠᠭᠠᠨ ᠢ᠋ ᠳᠠᠭᠠᠮᠤᠢ ! 》 ᠬᠡᠮᠡᠭᠰᠡᠨ ᠳ᠋ᠦ᠍ᠷ ᠡᠴᠢᠭᠡ ᠬᠡᠦᠬᠡᠨ ᠤᠬᠢᠯᠠᠯᠴᠠᠨ ᠬᠡᠯᠡᠯᠴᠡᠵᠦ ᠲᠣᠭᠲᠠᠭᠠᠳ ᠳᠣᠯᠣᠭᠠᠨ ᠬᠣᠨᠣᠭ ᠤ᠋ᠨ ᠤᠯᠤᠰ ᠤ᠋ᠨ ᠬᠤᠷᠢᠮ ᠲᠡᠭᠦᠰᠴᠦ ᠤᠯᠤᠰ ᠤ᠋ᠨ ᠬᠣᠲᠠᠯᠠᠭᠠᠷ᠂ ᠬᠠᠭᠠᠨ ᠰᠠᠢᠳ ᠴᠡᠷᠢᠭ ᠢᠷᠭᠡᠨ ᠪᠦᠭᠦᠳᠡᠭᠡᠷ ᠭᠣᠣᠯ ᠤ᠋ᠨ ᠰᠠᠷᠠᠨ ᠭᠦᠩᠵᠦ ᠪᠡᠨ ᠲᠠᠪᠤᠨ ᠮᠣᠵᠢ ᠢᠷᠭᠡᠨ ᠦ᠌ ᠭᠡᠷ ᠢᠨᠵᠢ ᠲᠡᠢ᠂ ᠨᠠᠢ᠍ᠮᠠᠨ ᠠᠩᠭᠢ ᠪᠠᠷᠰ ᠤ᠋ᠨ ᠬᠣᠲᠠ ᠬᠦᠷᠢᠶ᠎ᠡ ᠤᠷᠲᠤ ᠬᠠᠷᠰᠢ᠂ ᠵᠠᠭᠤᠨ ᠥᠬᠢᠨ ᠢᠨᠵᠢ ᠮᠢᠩᠭᠠᠨ ᠢᠭᠡᠷᠢ ᠲᠠᠷᠢᠶ᠎ᠠ ᠶ᠋ᠢᠨ ᠵᠠᠰᠠᠯᠭ᠎ᠠ ᠲᠠᠢ ᠪᠠᠭᠤᠯᠭᠠᠨ ᠢᠷᠡᠬᠦᠶ᠎ᠡ᠂ ᠵᠡᠯᠮ᠎ᠡ ᠪᠠ ᠴᠢᠨᠳᠠᠭᠠᠨ᠎ᠠ ᠰᠡᠴᠡᠨ ᠬᠣᠶᠠᠭᠤᠯᠠ ᠬᠣᠣᠰ ᠵᠢᠭᠰᠠᠭᠠᠯ ᠤ᠋ᠨ ᠳᠠᠷᠤᠭ᠎ᠠ ᠪᠣᠯᠤᠨ ᠦᠨᠡᠭᠡ ᠶ᠋ᠢᠨ ᠮᠥᠷᠡᠨ ᠢ᠋ ᠭᠡᠲᠦᠯᠦᠨ ᠬᠦᠷᠴᠦ ᠢᠷᠡᠬᠦᠶ᠎ᠡ᠂ ᠡᠨᠡᠲᠡᠭᠡ ᠡᠲᠡᠭᠡᠳ ᠡᠴᠡ ᠮᠤᠬᠤᠯᠢ ᠶᠡᠬᠡ ᠵᠢᠭᠰᠠᠭᠠᠯ ᠵᠢᠭᠰᠠᠭᠠᠵᠤ ᠭᠤᠷᠪᠠᠨ ᠤᠭᠲᠤᠭᠤᠯ ᠳ᠋ᠤᠷ ᠭᠤᠷᠪᠠᠨ ᠵᠡᠷᠭᠡ ᠬᠤᠷᠢᠮ ᠬᠤᠷᠢᠮᠯᠠᠵᠤ᠂ ᠰᠠᠷᠠᠨ ᠭᠦᠩᠵᠦ ᠶ᠋ᠢᠨ ᠰᠤᠪᠤᠳ ᠬᠠᠪᠲᠠᠭᠠᠮᠠᠯ ᠲᠡᠩᠬᠡ ① ᠶ᠋ᠢ ᠲᠠᠢᠽᠦ ᠶ᠋ᠢᠨ ᠳᠣᠲᠣᠭᠠᠳᠤ ᠬᠦᠷᠢᠶ᠎ᠡ ᠳ᠋ᠦ᠍ᠷ ᠣᠷᠣᠭᠤᠯᠵᠤ᠂ ᠡᠴᠢᠭᠡ ᠢᠨᠦ ᠰᠠᠷᠠᠨ ᠭᠦᠩᠵᠦ ᠪᠡᠨ ᠲᠡᠳᠬᠦᠵᠦ ᠴᠠᠴᠠᠷ ᠲᠤᠷ ᠣᠷᠣᠵᠤ᠂ ᠲᠠᠢᠽᠦ ᠳ᠋ᠦ᠍ᠷ ᠮᠥᠷᠭᠥᠭᠦᠯᠦᠨ ᠵᠣᠯᠭᠠᠭᠤᠯᠬᠤᠶᠠ᠂ ᠲᠠᠢᠽᠦ ᠬᠤᠪᠢᠯᠭᠠᠨ ᠨᠢᠳᠦᠨ ᠢ᠋ ᠣᠷᠬᠢᠵᠤ ᠰᠠᠷᠠᠨ ᠭᠦᠩᠵᠦ ᠶ᠋ᠢ ᠦᠵᠡᠪᠡᠰᠦ᠂ ᠲᠡᠷᠡ ᠭᠣᠣᠯ ᠤ᠋ᠨ ᠰᠠᠷᠠᠨ ᠭᠦᠩᠵᠦ ᠦᠨᠡᠬᠡᠷ ᠭᠣᠣᠯ ᠮᠥᠷᠡᠨ᠎ᠡ ᠰᠠᠷᠠᠨ ᠭᠡᠢᠭᠦᠯᠵᠦ᠂ ᠰᠠᠷᠠᠭᠤᠯ ᠰᠥᠨᠢ ᠴᠡᠴᠡᠭ ᠳᠡᠯᠭᠡᠷᠡᠭᠰᠡᠨ ᠠᠳᠠᠯᠢ᠂ ᠭᠡᠭᠡᠬᠡᠨ ᠲᠤᠩᠭᠠᠯᠠᠭ ᠭᠤᠸ᠎ᠠ ᠦᠵᠡᠰᠬᠦᠯᠡᠩ ᠢᠨᠤ ᠡᠨᠡ ᠶᠢᠷᠲᠢᠨᠴᠦ ᠳ᠋ᠦ᠍ᠷ ᠬᠣᠣᠰ ᠦᠭᠡᠢ ᠰᠠᠢᠬᠠᠨ ᠳ᠋ᠤᠷ ᠲᠠᠢᠽᠦ ᠲᠡᠭᠦᠨ ᠦ᠌ ᠳᠣᠲᠣᠭᠠᠳᠤ ᠤᠬᠠᠭᠠᠨ ᠢ᠋ ᠠᠨᠤ ᠲᠡᠩᠰᠡᠰᠦᠭᠡᠢ ᠭᠡᠮᠡᠨ ᠳᠠᠷᠤᠢ ᠠᠰᠠᠭᠤᠷᠤᠨ :《 ᠬᠡᠦᠬᠡᠨ ᠴᠢᠨᠦ ᠡᠴᠢᠭᠡ ᠬᠠᠭᠠᠨ ᠴᠣᠯᠠᠲᠤ ᠪᠥᠭᠡᠲᠡᠯ᠎ᠡ ᠪᠤᠰᠤ ᠤᠯᠤᠰ ᠤ᠋ᠨ ᠡᠵᠡᠳ ᠲᠣᠷ ᠡᠷᠬᠡ ᠳᠠᠷᠤᠭᠳᠠᠵᠤ᠂ ᠭᠣᠣᠯ ᠵᠢᠷᠦᠬᠡ ᠮᠡᠲᠦ ᠭᠣᠣᠯ ᠤ᠋ᠨ ᠥᠬᠢᠨ ᠢ᠋ᠶ᠋ᠡᠨ ᠰᠠᠨᠠᠭ᠎ᠠ ᠰᠡᠳᠬᠢᠯ ᠠᠳᠠᠯᠢ ᠰᠠᠷᠠᠨ ᠬᠡᠦᠬᠡᠨ ᠢ᠋ᠶ᠋ᠡᠨ ᠴᠢᠮᠠᠶ᠋ᠢ ᠡᠢᠨ ᠬᠦ᠌ ᠬᠦᠷᠭᠡᠵᠦ ᠢᠷᠡᠬᠦᠢ ᠳ᠋ᠦ᠍ᠷ ᠴᠢᠨᠦ ᠳᠣᠲᠣᠷ᠎ᠠ ᠢᠴᠢᠩᠭᠦᠷᠡᠨ ᠬᠣᠷᠣᠰᠬᠤ ᠰᠡᠳᠬᠢᠯ ᠲᠥᠷᠥᠬᠦ ᠦᠭᠡᠢ ᠦᠦ ? 》 ᠬᠡᠮᠡᠭᠰᠡᠨ ᠳ᠋ᠦ᠍ᠷ ᠭᠣᠣᠯ ᠤ᠋ᠨ ᠰᠠᠷᠠᠨ ᠭᠦᠩᠵᠦ ᠲᠠᠢᠽᠦ ᠶ᠋ᠢᠨ ᠦᠭᠡ ᠠᠰᠠᠭᠤᠬᠤ ᠳᠠᠭᠤᠨ ᠤ᠋ ᠥᠩᠭᠡ ᠬᠦᠷᠡᠯ ᠬᠡᠭᠦᠷᠭᠡ ② ᠶ᠋ᠢᠨ ᠳᠠᠭᠤᠨ ᠮᠡᠲᠦ ᠳ᠋ᠦ᠍ᠷ ᠰᠣᠴᠢᠨ ᠭᠠᠢᠬᠠᠵᠤ᠂ ᠲᠡᠷᠢᠭᠦᠨ ᠡᠷᠭᠦᠵᠦ ᠲᠠᠢᠽᠦ ᠶ᠋ᠢᠨ ᠨᠠᠷᠠᠨ ᠰᠠᠷᠠᠨ ᠮᠡᠲᠦ ᠰᠦᠷ ᠵᠢᠪᠬᠤᠯᠠᠩ ᠥᠩᠭᠡ ᠭᠡᠷᠡᠯ ᠲᠡᠭᠦᠰᠦᠭᠰᠡᠨ ᠴᠢᠷᠠᠢ ᠨᠢᠭᠤᠷ ᠢ᠋ ᠦᠵᠡᠮᠡᠭᠴᠡ ᠲᠡᠭᠷᠢ ᠰᠠᠬᠢᠭᠤᠯᠰᠤᠨ ᠢ᠋ ᠦᠵᠡᠭᠰᠡᠨ ᠮᠡᠲᠦ ᠶᠡᠬᠡ ᠵᠦᠰᠡ ᠶ᠋ᠢᠨ ᠬᠤᠷ᠎ᠠ ᠠᠷᠢᠯᠵᠤ᠂ ᠤᠯᠠᠭᠠᠨ ᠨᠠᠷᠠᠨ ᠭᠠᠷᠤᠭᠰᠠᠨ ᠠᠳᠠᠯᠢ ᠳᠣᠲᠣᠷ᠎ᠠ ᠶᠡᠬᠡᠯ᠎ᠡ ᠪᠠᠶᠠᠰᠬᠤᠯᠠᠩ ᠲᠥᠷᠥᠭᠳᠡᠵᠦ᠂ ᠨᠢᠭᠡᠨᠲᠡ ᠢᠨᠢᠶᠡᠮᠰᠦᠭᠯᠡᠵᠦ ᠳᠠᠬᠢᠨ ᠮᠥᠷᠭᠥᠵᠦ ᠠᠯᠭᠤᠷ ᠠᠭᠠᠵᠢᠮ ᠢ᠋ᠶ᠋ᠠᠷ ᠮᠡᠳᠡᠭᠦᠯᠦᠷᠦᠨ᠄
ᠭᠡᠭᠡᠬᠡᠨ ᠲᠩᠷᠢ ᠭᠡᠷᠡᠯᠲᠦ ᠨᠠᠷᠠᠨ ᠬᠡᠮᠡᠭᠴᠢ ᠶ᠋ᠢ
ᠬᠡᠳᠦᠢ ᠬᠥᠮᠦᠨ ᠪᠦᠷᠢ ᠦᠵᠡᠵᠦ ᠬᠦᠰᠡᠬᠦ ᠪᠣᠯᠪᠠᠴᠤ
ᠭᠡᠮ ᠥᠪᠡᠷᠴᠢᠯᠡᠯᠳᠦ ᠡᠭᠡᠯ ᠠᠷᠠᠳ
ᠬᠡᠷᠬᠢᠨ ᠳᠡᠷᠭᠡᠳᠡ ᠬᠦᠷᠴᠦ ᠴᠢᠳᠠᠬᠤ ᠭᠡᠮᠡᠨ ᠰᠡᠳᠬᠢᠬᠦᠶ᠎ᠡ ᠂
ᠭᠡᠷ ᠪᠠ ᠤᠯᠤᠰ ᠤ᠋ᠨ ᠲᠥᠯᠥᠭᠡ ᠶᠠᠪᠤᠭᠰᠠᠨ ᠥᠬᠢᠨ ᠪᠢ
ᠭᠡᠨᠡᠳᠲᠡ ᠬᠠᠷᠢᠨ ᠲᠡᠭᠷᠢ ᠶ᠋ᠢᠨ ᠭᠡᠭᠡᠭᠡᠨᠡ ᠣᠯᠵᠤ ᠠᠭᠤᠯᠵᠠᠭᠰᠠᠨ ᠮᠢᠨᠦ ᠂
ᠭᠡᠭᠡᠷᠡᠬᠦ ᠦᠶ᠎ᠡ ᠶ᠋ᠢᠨ ᠲᠤᠶᠠᠭ᠎ᠠ ᠶ᠋ᠢ ᠣᠯᠤᠭᠰᠠᠨ ᠮᠡᠲᠦ ᠰᠡᠳᠬᠢᠬᠦ ᠪᠥᠭᠡᠲᠡᠯ᠎ᠡ
ᠭᠡᠮᠰᠢᠬᠦ ᠬᠣᠷᠣᠰᠬᠤ ᠰᠡᠳᠬᠢᠯ ᠶᠠᠭᠤᠨ ᠠ᠋ᠴᠠ ᠲᠥᠷᠥᠭᠳᠡᠬᠦ !
ᠬᠡᠮᠡᠭᠰᠡᠨ ᠳ᠋ᠦ᠍ᠷ ᠲᠠᠢᠽᠦ ᠲᠡᠭᠦᠨ ᠦ᠌ ᠳᠣᠲᠣᠷ᠎ᠠ ᠭᠠᠳᠠᠨ᠎ᠠ ᠶ᠋ᠢ ᠭᠦᠨ᠎ᠡ ᠲᠣᠭᠣᠮᠵᠢᠯᠠᠨ ᠰᠠᠢᠰᠢᠶᠠᠵᠤ᠂ ᠲᠣᠷᠭ᠎ᠠ ᠲᠥᠷᠭᠡ ᠶ᠋ᠢᠨ ᠳᠣᠲᠣᠭᠠᠳᠤ ᠣᠷᠳᠣᠨ ᠳ᠋ᠠᠭᠠᠨ ᠣᠷᠣᠭᠤᠯᠪᠠ᠃ ᠲᠡᠳᠦᠢ ᠴᠠᠭᠠᠨ ᠬᠠᠭᠠᠨ ᠤ᠋ ᠡᠵᠡᠨ ᠰᠠᠢᠳ ᠪᠠ ᠴᠡᠷᠢᠭ ᠢᠷᠭᠡᠨ ᠨᠡᠢᠲᠡ ᠳ᠋ᠦ᠍ᠷ ᠬᠦᠨᠳᠦ ᠪᠡᠷ ᠬᠤᠷᠢᠮ ᠬᠠᠢᠷᠠᠯᠠᠵᠤ᠂ ᠬᠣᠶᠠᠷ ᠤᠯᠤᠰ ᠤ᠋ᠨ ᠬᠣᠲᠠᠯᠠᠭᠠᠷ ᠲᠤᠷ ᠪᠠᠶᠠᠷ ᠤ᠋ᠨ ᠶᠣᠰᠣ ᠪᠠᠷ ᠱᠠᠩ ᠲᠠᠯᠪᠢᠨ ᠰᠠᠷᠬᠤᠳ ᠬᠦᠷᠲᠡᠭᠡᠬᠦᠶᠡ᠂ ᠵᠡᠯᠮ᠎ᠡ ᠶ᠋ᠢ ᠲᠡᠷᠢᠭᠦᠨ ᠳ᠋ᠦ᠍ᠷ ᠪᠣᠯᠭᠠᠨ :
ᠦᠬᠦᠯ ᠡᠴᠡ ᠴᠦ᠍ ᠦᠯᠦ ᠠᠶᠤᠨ ᠦᠯᠡᠮᠵᠢ ᠭᠠᠪᠢᠶ᠎ᠠ ᠶ᠋ᠢ ᠪᠦᠲᠦᠭᠡᠪᠡ
ᠦᠨᠡᠬᠡᠷ ᠦᠯᠡᠮᠵᠢ ᠦᠨᠡᠨᠴᠢ ᠮᠡᠳᠡᠯᠳᠦ ᠰᠠᠢᠳ ᠮᠢᠨᠦ ᠂
ᠤᠨᠠᠯ ᠠ᠋ᠴᠠ ᠴᠤ᠌ ᠦᠯᠦ ᠵᠠᠢᠯᠠᠨ ᠤᠷᠢᠳᠠ ᠵᠢᠳᠬᠦᠯ ᠢ᠋ ᠭᠦᠢᠴᠡᠳᠬᠡᠪᠡ
ᠤᠷᠳᠬᠠᠷ ᠦᠭᠡᠢ ᠤᠷᠲᠤ ᠪᠣᠳᠣᠯᠭᠠᠲᠤ ᠤᠷᠤᠭ ᠮᠢᠨᠦ !
ᠭᠡᠮᠡᠨ ᠰᠠᠢᠰᠢᠶᠠᠵᠤ ᠭᠠᠷ ᠢᠶᠠᠷ ᠠᠷᠢᠬᠢ ᠬᠠᠢᠷᠠᠯᠠᠵᠤ ᠬᠦᠨᠳᠦᠳᠡ ᠱᠠᠩᠨᠠᠪᠠ᠃ ᠲᠡᠷᠡ ᠰᠥᠨᠢ ᠲᠠᠢᠽᠦ ᠰᠠᠷᠠᠨ ᠭᠦᠩᠵᠦ ᠶ᠋ᠢᠨ ᠠᠷᠢᠭᠤᠨ ᠴᠡᠪᠡᠷ ᠭᠡᠭᠡᠬᠡᠨ ᠲᠤᠩᠭᠠᠯᠠᠭ ᠢ᠋ ᠭᠦᠨ᠎ᠡ ᠲᠣᠭᠣᠮᠵᠢᠯᠠᠵᠤ᠂ ᠵᠢᠴᠢ ᠥᠷᠯᠥᠭᠡ ᠲᠠᠰᠠᠮ᠎ᠠ ᠲᠠᠲᠠᠭᠤᠯᠵᠤ ᠵᠠᠭᠠᠳᠠᠰᠤ ᠶ᠋ᠢ ᠵᠠᠰᠠᠭᠤᠯᠤᠨ ᠬᠣᠭᠣᠯᠠᠪᠴᠢ ᠬᠠᠢᠷᠠᠯᠠᠵᠤ᠂ ᠴᠡᠷᠪᠡᠭ ᠡᠮᠦᠰᠬᠡᠨ᠂ ᠰᠤᠯᠠ ᠬᠠᠲᠤᠨ ᠪᠣᠯᠭᠠᠨ ᠣᠢᠷ᠎ᠠ ᠬᠣᠷᠮᠣᠢ ᠳ᠋ᠤᠷ ᠢ᠋ᠶ᠋ᠠᠨ ᠬᠣᠷᠢᠶᠠᠨ᠂ ᠡᠩᠭᠡᠷ ᠲᠦ᠍ᠷ ᠢ᠋ᠶ᠋ᠡᠨ ᠡᠪᠬᠡᠵᠦ ᠲᠣᠭᠲᠠᠭᠰᠠᠨ ᠳ᠋ᠤᠷ ᠬᠣᠶᠠᠷ ᠤᠯᠤᠰ ᠤ᠋ᠨ ᠬᠣᠲᠠᠯᠠᠭᠠᠷ ᠲᠦᠰᠢᠮᠡᠳ ᠬᠤᠷᠠᠵᠤ ᠬᠤᠨᠳᠠᠭ᠎ᠠ ᠪᠠᠷᠢᠵᠤ ᠪᠡᠯᠭᠡᠯᠡᠨ ᠮᠥᠷᠭᠥᠪᠡ᠃ ᠭᠠᠭᠴᠠ ᠳᠡᠭᠦᠦ ᠨᠠᠷ ᠪᠠ ᠲᠤᠯᠭᠤᠷ ᠰᠠᠢᠳ ᠤ᠋ᠳ ᠢ᠋ ᠰᠤᠯᠠ ᠬᠠᠳᠤᠨ᠎ᠠ ᠮᠥᠷᠭᠥᠬᠦ ᠶ᠋ᠢ ᠵᠣᠭᠰᠣᠭᠠᠪᠠ᠃ ᠲᠡᠭᠦᠨᠴᠡ ᠭᠤᠷᠪᠠᠨ ᠡᠳᠦᠷ ᠦ᠋ᠨ ᠬᠠᠷᠢᠭᠤ ᠬᠤᠷᠢᠮ ᠲᠡᠭᠦᠰᠴᠦ ᠴᠠᠭᠠᠨ ᠬᠠᠭᠠᠨ ᠤᠯᠤᠰ ᠤ᠋ᠨ ᠬᠣᠲᠠᠯᠠᠭᠠᠷ ᠤ᠋ᠨ ᠰᠠᠩ ᠬᠥᠮᠥᠷᠭᠡ ᠪᠡᠨ ᠨᠡᠭᠡᠭᠡᠵᠦ᠂ ᠨᠢᠭᠡᠨ ᠬᠠᠭᠠᠰ ᠢ᠋ ᠭᠠᠷᠭᠠᠵᠤ᠂ ᠲᠠᠢᠽᠦ ᠶ᠋ᠢᠨ ᠴᠡᠷᠢᠭ ᠲᠦ᠍ᠷ ᠱᠠᠩᠨᠠᠨ ᠮᠥᠷᠭᠥᠵᠦ᠂ ᠲᠠᠢᠽᠦ ᠶ᠋ᠢ ᠡᠵᠡᠨ ᠭᠡᠮᠡᠨ ᠳᠠᠭᠤᠳᠠᠬᠤᠶᠠ᠂ ᠲᠠᠢᠽᠦ ᠲᠡᠭᠦᠨ ᠦ᠌ ᠴᠡᠷᠢᠭ ᠲᠦ᠍ᠷ ᠬᠦᠨᠳᠦᠳᠡ ᠱᠠᠩᠨᠠᠭᠰᠠᠨ ᠭᠠᠪᠢᠶ᠎ᠠ ᠪᠣᠢ ᠭᠡᠮᠡᠨ ᠲᠡᠭᠦᠨ ᠦ᠌ ᠬᠠᠭᠠᠨ ᠴᠣᠯᠠ ᠶ᠋ᠢ ᠡᠰᠡ ᠪᠠᠭᠤᠷᠠᠭᠤᠯᠵᠤ᠂ ᠪᠠᠰᠠ ᠶᠢᠰᠦᠨ ᠰᠠᠷ᠎ᠠ ᠳ᠋ᠤ᠌ ᠲᠠᠢᠽᠦ ᠶ᠋ᠢᠨ ᠪᠡᠶ᠎ᠡ ᠴᠡᠷᠢᠭ ᠠᠪᠤᠨ ᠰᠣᠯᠣᠩᠭᠣᠰ ᠤ᠋ᠨ ᠵᠡᠭᠦᠨ ᠬᠣᠢᠲᠤ ᠪᠦᠬᠦᠢ ᠭᠣᠷᠯᠣᠰ ᠤ᠋ᠨ ᠨᠠᠷᠠᠨ ᠬᠠᠭᠠᠨ ᠬᠡᠮᠡᠭᠴᠢ ᠳ᠋ᠦ᠍ᠷ ᠢᠳᠡᠭᠳᠡᠭᠰᠡᠨ ᠭᠤᠷᠪᠠᠨ ᠵᠠᠭᠤᠨ ᠢᠯᠡᠭᠦᠦ ᠭᠠᠵᠠᠷ ᠢ᠋ ᠠᠨᠤ ᠬᠠᠭᠠᠰ ᠨᠠᠢᠷ᠂ ᠬᠠᠭᠠᠰ ᠰᠦᠷ ᠢ᠋ᠶ᠋ᠡᠷ ᠬᠡᠯᠡᠯᠴᠡᠵᠦ᠂ ᠰᠣᠯᠣᠩᠭᠣᠰ ᠤᠯᠤᠰ ᠲᠤᠷ ᠡᠭᠡᠭᠦᠯᠦᠨ ᠣᠯᠭᠣᠭᠤᠯᠪᠠᠢ᠃ ᠡᠨᠡ ᠨᠠᠷᠠᠨ ᠬᠠᠭᠠᠨ ᠬᠡᠮᠡᠭᠴᠢ ᠶ᠋ᠢᠨ ᠤᠭ ᠠᠪᠠᠯᠢ ᠬᠠᠲᠤᠨ ᠠᠨᠤ ᠲᠠᠢᠽᠦ ᠶ᠋ᠢᠨ ᠳᠡᠭᠦᠦ ᠪᠦᠬᠦ ᠪᠡᠯᠭᠦᠳᠡᠢ ᠶ᠋ᠢᠨ ᠠᠬᠠᠮᠠᠳ ᠥᠬᠢᠨ᠂ ᠨᠡᠷ᠎ᠡ ᠠᠯᠲᠠᠨ ᠭᠤᠷᠭᠤᠤᠯᠳᠠᠢ ᠠᠪᠠᠬᠠᠢ ᠶ᠋ᠢ ᠲᠠᠢᠽᠦ ᠦᠷᠡᠴᠢᠯᠡᠭᠡᠳ ᠡᠨᠡ ᠨᠠᠷᠠᠨ ᠬᠠᠭᠠᠨ ᠳ᠋ᠤᠷ ᠬᠣᠯᠪᠣᠭᠰᠠᠨ ᠪᠥᠯᠥᠭᠡ᠃ ᠡᠨᠡ ᠠᠪᠠᠬᠠᠢ ᠢᠷᠡᠵᠦ ᠵᠢᠯ ᠢᠯᠡᠭᠦᠦ ᠪᠣᠯᠵᠤ ᠦᠭᠡᠢ ᠪᠣᠯᠤᠭᠰᠠᠨ ᠳ᠋ᠤᠷ ᠨᠠᠷᠠᠨ ᠬᠠᠭᠠᠨ ᠰᠠᠨᠠᠭᠰᠠᠭᠠᠷ ᠰᠣᠯᠢᠭᠤᠷᠠᠨ ᠡᠭᠦᠰᠬᠡᠵᠦ᠂ ᠬᠠᠷᠠᠬᠠᠨ ᠣᠯᠠᠨ ᠡᠮ᠎ᠡ ᠠᠪᠴᠤ ᠳᠥᠷᠪᠡᠨ ᠵᠦᠭ ᠲᠦᠢᠪᠡᠭᠡᠨ ᠶᠠᠪᠤᠬᠤ ᠦᠶ᠎ᠡ ᠲᠤᠯᠠ ᠲᠠᠢᠽᠦ ᠬᠠᠭᠠᠰ ᠨᠠᠢᠷ ᠬᠠᠭᠠᠰ ᠰᠦᠷ ᠢ᠋ᠶ᠋ᠡᠷ ᠲᠡᠭᠦᠨ ᠦ᠌ ᠪᠤᠯᠢᠶᠠᠭᠰᠠᠨ ᠰᠣᠯᠣᠩᠭᠣᠰ ᠤ᠋ᠨ ᠭᠠᠵᠠᠷ ᠢ᠋ ᠡᠭᠡᠭᠦᠯᠵᠦ᠂ ᠲᠡᠭᠦᠨ ᠦ᠌ ᠤᠯᠤᠰ ᠲᠤᠷ ᠮᠥᠨ ᠪᠠᠭ᠎ᠠ ᠰᠠᠭ᠎ᠠ ᠠᠯᠪᠠ ᠲᠣᠭᠲᠠᠭᠠᠨ᠂ ᠬᠦᠷᠭᠡᠳ ᠦ᠋ᠨ ᠨᠠᠢᠷ ᠢ᠋ ᠰᠠᠨᠠᠵᠤ᠂ ᠬᠠᠨ ᠴᠣᠯᠠ ᠶ᠋ᠢ ᠠᠨᠤ ᠪᠠᠭᠤᠷᠠᠭᠤᠯᠤᠭᠰᠠᠨ ᠦᠭᠡᠢ᠃
– – – –
①ᠲᠡᠩᠬᠡ ᠬᠡᠮᠡᠭᠴᠢ ᠰᠡᠦᠬᠡ ᠪᠤᠶᠤ ᠃
② ᠬᠦᠷᠡᠯ ᠬᠡᠭᠦᠷᠭᠡ ᠬᠡᠮᠡᠭᠴᠢ ᠬᠦᠷᠡᠯ ᠵᠦᠩ ᠦ᠋ᠨ ᠮᠣᠩᠭᠣᠯ ᠨᠡᠷ᠎ᠡ ᠢᠨᠤ ᠪᠤᠶᠤ ᠬᠡᠮᠡᠮᠦ ᠃
ᠲᠡᠳᠦᠢ ᠮᠥᠨ ᠡᠪᠦᠯ ᠦ᠋ᠨ ᠲᠡᠷᠢᠭᠦᠨ ᠰᠠᠷ᠎ᠠ ᠠ᠋ᠴᠠ ᠡᠬᠢᠯᠡᠨ᠂ ᠬᠠᠷ᠎ᠠ ᠯᠤᠤ ᠵᠢᠯ ᠮᠥᠷᠡᠨ ᠢ᠋ ᠭᠡᠲᠦᠯᠵᠦ᠂ ᠭᠣᠷᠯᠣᠰ ᠤ᠋ᠨ ᠵᠡᠭᠦᠨ ᠬᠣᠢᠲᠤ ᠪᠦᠬᠦᠢ ᠨᠣᠬᠠᠢ ᠲᠣᠯᠣᠭᠠᠢᠲᠤ ᠤᠯᠤᠰ ᠵᠢᠴᠢ ᠲᠡᠭᠦᠨ ᠦ᠌ ᠵᠡᠭᠦᠨᠲᠡ ᠪᠦᠬᠦᠢ ᠥᠬᠢᠨ ᠵᠢᠰᠦᠲᠦ ᠤᠯᠤᠰ ᠢ᠋ ᠡᠬᠢᠯᠡᠨ ᠳᠠᠢᠯᠠᠬᠤᠶᠠ᠂ ᠲᠠᠢᠽᠦ ᠣᠯᠠᠨ ᠰᠠᠢᠳ ᠲᠠᠭᠠᠨ ᠵᠠᠬᠢᠷᠤᠨ : 《 ᠣᠶᠤᠲᠤ ᠮᠡᠷᠭᠡᠨ ᠰᠠᠢᠨ ᠡᠷ᠎ᠡ ᠂ ᠣᠢᠷ᠎ᠠ ᠤᠯᠤᠰ ᠲᠤᠷ ᠦᠯᠦ ᠳᠣᠪᠲᠣᠯᠤᠮᠤᠢ ᠬᠡᠮᠡᠵᠦᠬᠦᠢ᠃ ᠲᠡᠢᠨ ᠬᠦ᠌ ᠪᠢ ᠬᠡᠷᠡᠢᠳ ᠪᠠ ᠨᠠᠢ᠍ᠮᠠᠨ ᠢ᠋ ᠳᠠᠬᠢᠨ ᠳᠠᠬᠢᠨ ᠥᠩᠭᠡᠷᠡᠭᠡᠬᠦ ᠢᠨᠦ ᠲᠡᠢᠮᠦ ᠰᠠᠨᠠᠭᠠᠨ᠂ ᠭᠠᠭᠴᠠ ᠨᠠᠮᠠᠶ᠋ᠢ ᠡᠷᠢᠨ ᠬᠠᠯᠳᠠᠭᠰᠠᠨ ᠢ᠋ ᠠᠷᠭ᠎ᠠ ᠦᠭᠡᠢ ᠡᠰᠡ ᠬᠠᠷᠢᠭᠤᠯᠠᠪᠠᠰᠤ ᠪᠣᠯᠬᠤ ᠦᠭᠡᠢ ᠲᠤᠯᠠ ᠨᠡᠯᠢᠶᠡᠳ ᠣᠯᠠᠨ ᠤᠯᠤᠰ ᠢ᠋ ᠳᠠᠭᠠᠭᠤᠯᠪᠠᠢ᠂ ᠵᠢᠴᠢ ᠡᠨᠡ ᠰᠣᠯᠣᠩᠭᠣᠰ ᠤᠯᠤᠰ ᠪᠠ ᠭᠣᠷᠯᠣᠰ ᠤᠯᠤᠰ᠂ ᠡᠨᠡ ᠨᠣᠬᠠᠢ ᠲᠣᠯᠣᠭᠠᠢᠲᠤ ᠤᠯᠤᠰ᠂ ᠥᠬᠢᠨ ᠵᠢᠰᠦᠲᠦ ᠤᠯᠤᠰ ᠬᠡᠮᠡᠭᠴᠢ ᠴᠥᠮ ᠬᠣᠯᠠ ᠤᠯᠤᠰ ᠲᠤᠯᠠ ᠳᠠᠭᠠᠭᠤᠯᠬᠤ ᠠᠯᠪᠠ ᠠᠪᠬᠤᠢ ᠳ᠋ᠤᠷ ᠦᠯᠦ ᠪᠣᠯᠬᠤ ᠵᠦᠢᠯ ᠦᠭᠡᠢ ᠂ ᠣᠯᠠᠨ ᠢ᠋ᠶ᠋ᠠᠷ ᠬᠢᠴᠢᠶᠡᠨ ᠴᠢᠷᠮᠠᠢᠲᠤᠭᠠᠢ ! 》 ᠬᠡᠮᠡᠭᠡᠳ ᠭᠣᠷᠯᠣᠰ ᠰᠣᠯᠣᠩᠭᠣᠰ ᠬᠣᠶᠠᠷ ᠤᠯᠤᠰ ᠠ᠋ᠴᠠ ᠨᠢᠭᠡᠨ ᠲᠦᠮᠡᠨ ᠴᠡᠷᠢᠭ ᠳᠠᠢᠴᠢᠯᠠᠨ ᠠᠪᠴᠤ ᠭᠠᠵᠠᠷᠴᠢᠯᠠᠭᠤᠯᠤᠨ᠂ ᠤᠷᠢᠳᠠ ᠨᠣᠬᠠᠢ ᠲᠣᠯᠣᠭᠠᠢᠲᠤ ᠤᠯᠤᠰ ᠤ᠋ᠨ ᠵᠦᠭ ᠣᠷᠣᠪᠠᠢ᠃ ᠡᠨᠡ ᠨᠣᠬᠠᠢ ᠲᠣᠯᠣᠭᠠᠢᠲᠤ ᠤᠯᠤᠰ ᠬᠡᠮᠡᠭᠴᠢ ᠢᠷᠭᠡᠨ ᠢ᠋ᠶ᠋ᠡᠷ ᠫᠦᠸᠧ ᠯᠦᠸᠧ ᠱᠤ᠌ ᠭᠦᠸᠧ ᠬᠡᠮᠡᠮᠦᠢ᠃ ᠡᠨᠡ ᠤᠯᠤᠰ ᠦᠨᠡᠬᠡᠷ ᠨᠣᠬᠠᠢ ᠶ᠋ᠢᠨ ᠲᠣᠯᠣᠭᠠᠢᠲᠤ ᠠᠨᠤ ᠪᠤᠰᠤ᠂ ᠶᠡᠷᠦ ᠭᠠᠵᠠᠷ ᠤᠰᠤᠨ ᠤ᠋ ᠵᠠᠩ ᠠᠨᠤ ᠡᠷ᠎ᠡ ᠬᠥᠮᠦᠨ ᠦ᠌ ᠲᠥᠷᠥᠬᠦ ᠢᠨᠤ ᠣᠯᠠᠩᠬᠢ ᠨᠢ ᠬᠣᠩᠰᠢᠶᠠᠷ ᠬᠣᠰᠢᠭᠤ ᠪᠠᠬᠠᠨ ᠤᠷᠲᠤ᠂ ᠡᠬᠡᠨᠡᠷ ᠢᠨᠤ ᠮᠠᠨ ᠤ᠋ ᠭᠠᠵᠠᠷ ᠤ᠋ᠨ ᠡᠬᠡᠨᠡᠷ ᠲᠦ᠍ ᠪᠠᠷᠤᠭᠲᠠᠢ᠂ ᠡᠷ᠎ᠡ ᠡᠮ᠎ᠡ ᠣᠯᠠᠩᠬᠢ ᠨᠢ ᠪᠥᠵᠢᠭ ᠳᠠᠭᠤᠨ ᠳ᠋ᠤᠷ ᠪᠠᠬᠠᠲᠠᠢ᠂ ᠮᠥᠨ ᠬᠦ᠌ ᠭᠡᠷ ᠬᠦᠷᠢᠶ᠎ᠡ ᠲᠠᠷᠢᠶ᠎ᠠ ᠲᠥᠮᠥᠰᠥ ᠲᠡᠢ᠂ ᠭᠠᠭᠴᠠ ᠨᠠᠢ᠍ᠮᠠᠨ ᠰᠠᠷ᠎ᠠ ᠶ᠋ᠢᠨ ᠠᠷᠪᠠᠨ ᠲᠠᠪᠤᠨ ᠤ᠋ ᠰᠥᠨᠢ ᠬᠤᠯᠤᠰᠤᠨ ᠬᠠᠪᠲᠠᠭᠠᠢᠯ᠂ ᠵᠠᠭᠠᠨ ᠤ᠋ ᠰᠣᠶᠣᠭ᠎ᠠ ᠶ᠋ᠢ ᠪᠠᠷᠢᠯᠴᠠᠨ ᠤᠯᠤᠰ ᠤ᠋ᠨ ᠪᠠᠶᠠᠨ ᠡᠷᠬᠢᠮ ᠢ᠋ ᠮᠥᠷᠥᠢᠴᠡᠨ ᠴᠡᠩᠭᠡᠯ ᠪᠣᠯᠭᠠᠮᠤᠢ᠃ ᠡᠳᠦᠭᠡ ᠵᠡᠭᠦᠨ ᠭᠣᠷᠯᠣᠰ ᠬᠤᠰᠢᠭᠤᠨ ᠤ᠋ ᠵᠡᠭᠦᠨ ᠬᠣᠢᠲᠤ ᠯᠦ᠍ ᠯᠦᠩ ᠵᠢᠶᠠᠩ ᠮᠥᠷᠡᠨ ᠢ᠋ ᠭᠡᠲᠦᠯᠪᠡᠰᠦ ᠳᠠᠷᠤᠢ ᠲᠡᠷᠡ ᠨᠣᠬᠠᠢ ᠲᠣᠯᠣᠭᠠᠢᠲᠤ ᠤᠯᠤᠰ ᠤ᠋ᠨ ᠵᠠᠬ᠎ᠠ ᠪᠣᠯᠤᠮᠤᠢ᠃ ᠵᠢᠴᠢ ᠡᠨᠡ ᠥᠬᠢᠨ ᠵᠢᠰᠦᠲᠦ ᠤᠯᠤᠰ ᠬᠡᠮᠡᠭᠴᠢ ᠶ᠋ᠢ ᠢᠷᠭᠡᠨ ᠢ᠋ᠶ᠋ᠡᠷ ᠨᠢᠦᠢ ᠮᠦ᠍ ᠭᠦᠸᠧ ᠬᠡᠮᠡᠮᠦᠢ᠃ ᠡᠨᠡ ᠥᠬᠢᠨ ᠵᠢᠰᠦᠲᠦ ᠤᠯᠤᠰ ᠤ᠋ᠨ ᠵᠠᠩ ᠠᠨᠤ᠂ ᠡᠷ᠎ᠡ ᠬᠥᠮᠦᠨ ᠰᠠᠬᠠᠯ ᠤᠷᠭᠤᠬᠤ ᠦᠭᠡᠢ ᠲᠤᠯᠠ ᠣᠯᠠᠩᠬᠢ ᠨᠢ ᠡᠬᠡᠨᠡᠷ ᠵᠢᠰᠦᠲᠡᠢ᠂ ᠪᠠᠰᠠ ᠬᠣᠲᠠ ᠪᠠᠯᠭᠠᠳ ᠲᠠᠢ ᠪᠥᠭᠡᠳ ᠬᠥᠮᠦᠨ ᠠᠮᠢᠲᠠᠨ ᠢᠭᠴᠤ ᠵᠤᠵᠠᠭᠠᠨ᠂ ᠲᠠᠷᠢᠶ᠎ᠠ ᠲᠥᠮᠥᠰᠥ ᠦᠬᠡᠷ ᠮᠣᠷᠢ ᠴᠥᠮ ᠪᠣᠢ᠃ ᠢᠳᠡᠬᠦ ᠡᠮᠦᠰᠬᠦ ᠵᠡᠭᠦᠬᠦ ᠢᠨᠤ ᠠᠷᠤ ᠭᠠᠵᠠᠷ ᠲᠠᠢ ᠠᠳᠠᠯᠢ᠃ ᠡᠨᠡ ᠤᠯᠤᠰ ᠠ᠋ᠴᠠ ᠵᠡᠭᠦᠨ ᠬᠣᠢᠰᠢ ᠶᠡᠬᠡ ᠬᠣᠯᠠ ᠳᠠᠯᠠᠢ ᠶ᠋ᠢᠨ ᠬᠣᠢᠭ ᠲᠤᠷ ᠬᠦᠷᠪᠡᠰᠦ᠂ ᠣᠳᠣ ᠥᠬᠢᠨ ᠬᠥᠮᠦᠨ ᠦ᠌ ᠤᠯᠤᠰ ᠬᠡᠮᠡᠬᠦ ᠬᠤᠳᠳᠤᠭ ᠱᠠᠭᠠᠢᠵᠤ ᠲᠥᠷᠥᠭᠴᠢ ᠲᠡᠷᠡ ᠨᠢᠦᠢ ᠿᠸᠨ ᠭᠦᠸᠧ ᠤᠯᠤᠰ ᠪᠣᠯᠤᠮᠤᠢ ᠃ ᠡᠭᠦᠨ ᠡᠴᠡ ᠭᠠᠳᠠᠨ᠎ᠠ ᠴᠢᠬᠡ ᠵᠡᠭᠦᠨ ᠴᠠᠩ ᠪᠠᠢ ᠱᠠᠨ – ᠮᠣᠩᠭᠣᠯ ᠢ᠋ᠶ᠋ᠠᠷ ᠤᠷᠲᠤ ᠮᠠᠢᠯᠠᠰᠤᠨ ᠤ᠋ ᠠᠭᠤᠯᠠ ᠬᠡᠮᠡᠬᠦ ᠠᠭᠤᠯᠠᠨ ᠤ᠋ ᠢᠷᠣᠭᠠᠷ ᠤ᠋ᠨ ᠶᠠ ᠯᠦ᠍ ᠱᠦᠢ ᠬᠡᠮᠡᠬᠦ ᠮᠥᠷᠡᠨ ᠦ᠌ ᠡᠬᠢ ᠳ᠋ᠦ᠍ᠷ ᠠᠯᠲᠠᠨ ᠭᠠᠷᠬᠤ ᠲᠤᠯᠠ ᠲᠡᠨᠳᠡ ᠨᠢᠭᠡᠨ ᠨᠢᠦᠢ ᠭᠦᠸᠧ ᠥᠬᠢᠨ ᠤᠯᠤᠰ ᠬᠡᠮᠡᠭᠴᠢ ᠪᠣᠢ᠃ ᠲᠡᠭᠦᠨ ᠡᠴᠡ ᠰᠠᠯᠵᠤ ᠭᠠᠷᠴᠤ ᠢᠷᠡᠭᠰᠡᠨ ᠢᠨᠦ ᠳᠠᠷᠤᠢ ᠲᠡᠷᠡ ᠲᠤᠬᠠᠢ ᠶ᠋ᠢᠨ ᠠ ᠬᠦ᠌ ᠳᠡ ᠶ᠋ᠢᠨ ᠸᠠᠨ ᠶᠠᠨ ᠠᠢᠮᠠᠭ ᠤ᠋ᠨ ᠠᠯᠲᠠᠨ ᠤᠯᠤᠰ ᠮᠥᠨ ᠃ ᠤᠭ ᠭᠠᠵᠠᠷ ᠲᠤᠷ ᠪᠠᠰᠠ ᠬᠦ᠌ ᠥᠪᠡᠷ᠎ᠡ ᠡᠵᠡᠨ ᠡᠵᠡᠯᠡᠨ ᠰᠠᠭᠤᠮᠤᠢ᠂ ᠡᠨᠡ ᠠᠯᠲᠠᠨ ᠤᠯᠤᠰ ᠵᠠᠬᠢᠷᠬᠤ ᠪᠤᠰᠤ᠂ ᠭᠠᠭᠴᠠ ᠦᠨᠳᠦᠰᠦᠨ ᠢᠨᠤ ᠲᠡᠨᠳᠡ ᠡᠴᠡ ᠢᠷᠡᠭᠰᠡᠨ ᠢ᠋ᠶ᠋ᠡᠷ ᠤᠯᠤᠰ ᠤ᠋ᠨ ᠢᠷᠭᠡᠨ ᠨᠡᠷ᠎ᠡ ᠪᠡᠨ 《 ᠦ᠌ 》 ᠤᠯᠤᠰ ᠬᠡᠮᠡᠵᠦᠬᠦᠢ᠃ ᠥᠬᠢᠨ ᠤᠯᠤᠰ ᠬᠡᠮᠡᠭᠰᠡᠨ ᠢᠨᠦ ᠲᠡᠷᠡ ᠭᠠᠵᠠᠷ ᠤ᠋ᠨ ᠬᠥᠮᠦᠨ ᠬᠥᠭᠰᠢᠷᠡᠲᠡᠯ᠎ᠡ ᠰᠠᠬᠠᠯ ᠤ᠋ᠨ ᠬᠤᠰᠤᠳᠠᠭ ᠲᠤᠯᠠ ᠭᠠᠳᠠᠭᠠᠳᠤ ᠤᠯᠤᠰ ᠳᠣᠷᠣᠮᠵᠢᠯᠠᠨ ᠥᠬᠢᠨ ᠤᠯᠤᠰ ᠬᠡᠮᠡᠭᠰᠡᠨ ᠪᠤᠶᠠ᠂ ᠤᠭ ᠨᠡᠷ᠎ᠡ ᠮᠥᠨ ᠬᠦ᠌ ᠠᠯᠲᠠᠨ ᠤᠯᠤᠰ ᠬᠡᠮᠡᠮᠦᠢ᠃ ᠡᠢᠮᠦ ᠢᠯᠭᠠᠮᠵᠢᠲᠤ ᠭᠤᠷᠪᠠᠨ ᠥᠬᠢᠨ ᠥᠰᠥᠭᠲᠦ ᠤᠯᠤᠰ ᠪᠣᠢ ᠃ ᠡᠨᠡ ᠭᠤᠷᠪᠠᠨ ᠠ᠋ᠴᠠ ᠭᠠᠭᠴᠠ ᠡᠨᠡ ᠥᠬᠢᠨ ᠵᠢᠰᠦᠲᠦ ᠤᠯᠤᠰ ᠬᠢᠭᠡᠳ ᠨᠣᠬᠠᠢ ᠲᠣᠯᠣᠭᠠᠢᠲᠤ ᠬᠣᠶᠠᠷ ᠤᠯᠤᠰ ᠢ᠋ ᠡᠨᠡ ᠤᠳᠠᠭ᠎ᠠ ᠳ᠋ᠤᠷ ᠳᠠᠢᠯᠠᠨ ᠳᠠᠭᠠᠭᠤᠯᠵᠤ ᠂ ᠨᠣᠬᠠᠢ ᠲᠣᠯᠣᠭᠠᠢᠲᠤ ᠤᠯᠤᠰ ᠤ᠋ᠨ ᠡᠵᠡᠨ ᠦ᠌ ᠨᠡᠷ᠎ᠡ ᠢᠨᠤ ᠳᠠᠬᠢᠨ ᠬᠡᠮᠡᠭᠴᠢ ᠪᠠ ᠪᠠᠰᠠ ᠲᠠᠩᠬᠢᠨ ᠬᠡᠮᠡᠮᠦᠢ᠃ ᠵᠢᠴᠢ ᠥᠬᠢᠨ ᠵᠢᠰᠦᠲᠦ ᠤᠯᠤᠰ ᠤ᠋ᠨ ᠡᠵᠡᠨ ᠦ᠌ ᠨᠡᠷ᠎ᠡ ᠢᠨᠤ ᠰᠠ ᠢᠨ ᠬᠡᠮᠡᠭᠴᠢ ᠬᠣᠶᠠᠭᠤᠯᠠ ᠲᠠᠢᠽᠦ ᠶ᠋ᠢᠨ ᠰᠦᠷ ᠬᠦᠴᠦᠨ ᠬᠠᠳᠠᠨ ᠴᠢᠭᠢᠷᠠᠭ ᠠ᠋ᠴᠠ ᠶᠡᠬᠡᠯ᠎ᠡ ᠠᠶᠤᠵᠤ᠂ ᠳᠠᠷᠠᠭ᠎ᠠ ᠳᠠᠷᠠᠭ᠎ᠠ ᠪᠠᠷ ᠤᠭᠲᠤᠨ ᠢᠷᠡᠵᠦ ᠬᠡᠯᠡᠯᠴᠡᠨ ᠳᠠᠭᠠᠵᠤ᠂ ᠵᠢᠯ ᠪᠦᠷᠢ ᠭᠠᠵᠠᠷ ᠤ᠋ᠨ ᠶᠠᠭᠤᠮ᠎ᠠ ᠲᠠᠪᠤᠨ ᠵᠠᠭᠤᠨ ᠠᠴᠢᠶ᠎ᠠ᠂ ᠭᠠᠵᠠᠷ ᠤ᠋ᠨ ᠠᠳᠤᠭᠤ ᠲᠠᠪᠤᠨ ᠮᠢᠩᠭᠠᠨ ᠤ᠋ ᠲᠣᠭ᠎ᠠ ᠪᠠᠷ ᠠᠯᠪᠠ ᠪᠠᠷᠢᠬᠤ ᠪᠠᠷ ᠲᠣᠭᠲᠠᠵᠤ᠂ ᠲᠠᠢᠽᠦ ᠪᠠᠰᠠ ᠥᠬᠢᠨ ᠵᠢᠰᠦᠲᠦ ᠤᠯᠤᠰ ᠢᠶᠠᠷ ᠥᠬᠢᠨ ᠬᠥᠮᠦᠨ ᠦ᠌ ᠤᠯᠤᠰ ᠵᠢᠴᠢ ᠥᠬᠢᠨ ᠤᠯᠤᠰ ᠬᠣᠶᠠᠷ ᠤᠯᠤᠰ ᠲᠤᠷ ᠢᠯᠡᠭᠡᠵᠦ ᠮᠡᠳᠡᠭᠡᠴᠢᠯᠡᠨ ᠬᠡᠯᠡᠯᠴᠡᠬᠦ ᠶ᠋ᠢ ᠲᠣᠭᠲᠠᠭᠠᠭᠠᠳ ᠨᠣᠬᠠᠢ ᠲᠣᠯᠣᠭᠠᠢᠲᠤ ᠤᠯᠤᠰ ᠢ᠋ ᠲᠤᠰᠬᠠᠢᠯᠠᠨ ᠨᠡᠪᠲᠡᠷᠬᠡᠢ ᠭᠡᠭᠦᠳᠡᠭᠲᠦ ᠤᠯᠤᠰ ᠲᠤ᠌ ᠡᠯᠴᠢᠯᠡᠨ ᠢᠯᠡᠭᠡᠵᠦ᠂ ᠡᠶᠡᠳᠦᠬᠦ ᠪᠠ ᠡᠪᠳᠡᠷᠡᠬᠦ ᠶ᠋ᠢ ᠮᠡᠳᠡᠭᠡ ᠬᠡᠯᠡᠯᠴᠡᠭᠦᠯᠦᠨ ᠬᠥᠮᠦᠨ ᠢ᠋ ᠢᠨᠤ ᠬᠡᠳᠦᠨ ᠬᠥᠮᠦᠨ ᠠᠪᠴᠢᠷᠠᠵᠤ ᠮᠢᠨᠦ ᠦᠵᠡᠬᠦᠢ ᠳ᠋ᠦ᠍ᠷ ᠪᠡᠯᠡᠳᠭᠡ ᠭᠡᠮᠡᠨ ᠲᠤᠰᠢᠶᠠᠭᠠᠳ ᠥᠬᠢᠨ ᠵᠢᠰᠦᠲᠦ ᠤᠯᠤᠰ ᠲᠤᠷ ᠰᠢᠨᠡᠯᠡᠭᠡᠳ ᠵᠠᠩᠵᠤᠨ ᠴᠡᠷᠢᠭ ᠲᠦ᠍ᠷ ᠱᠠᠩᠨᠠᠪᠠ᠃
ᠬᠠᠷ᠎ᠠ ᠬᠤᠯᠤᠭᠠᠨ᠎ᠠ ᠵᠢᠯ ᠡᠨᠳᠡ ᠲᠡᠭᠦᠰᠴᠦ ᠬᠠᠷᠠᠭᠴᠢᠨ ᠦᠬᠡᠷ ᠵᠢᠯ ᠡᠭᠦᠨ ᠡᠴᠡ ᠡᠬᠢᠯᠡᠪᠡ᠂ ᠲᠠᠢᠽᠦ ᠭᠤᠴᠢᠨ ᠬᠣᠶᠠᠷ ᠨᠠᠰᠤᠨ ᠰᠡᠭᠦᠳᠡᠷ ᠲᠡᠢ ᠪᠣᠯᠪᠠ᠂ ᠰᠥᠩ ᠤᠯᠤᠰ ᠤ᠋ᠨ ᠭᠣᠸᠡᠩᠽᠦ᠋ᠩ ᠬᠠᠭᠠᠨ ᠤ᠋ ᠱᠣᠣ ᠰᠢ ᠶ᠋ᠢᠨ ᠳᠥᠷᠪᠡᠳᠦᠭᠡᠷ ᠣᠨ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ ᠮᠢᠩ ᠴᠠᠩ ᠤ᠋ᠨ ᠪᠠᠰᠠ ᠳᠥᠷᠪᠡᠳᠦᠭᠡᠷ ᠣᠨ ᠪᠣᠯᠪᠠ ᠂ ᠡᠭᠦᠨᠴᠡ ᠬᠠᠷᠠᠭᠴᠢᠨ ᠦᠬᠡᠷ ᠵᠢᠯ ᠡᠬᠢᠯᠡᠪᠡ
ᠲᠡᠭᠦᠨᠴᠡ ᠡᠨᠡ ᠬᠠᠷᠠᠭᠴᠢᠨ ᠦᠬᠡᠷ ᠵᠢᠯ ᠦ᠋ᠨ ᠬᠠᠪᠤᠷ ᠤ᠋ᠨ ᠲᠡᠷᠢᠭᠦᠨ ᠰᠠᠷ᠎ᠠ ᠶ᠋ᠢᠨ ᠬᠣᠷᠢᠨ᠎ᠠ᠂ ᠶᠡᠬᠡ ᠰᠦᠯᠳᠡ ᠶ᠋ᠢᠨ ᠲᠤᠭ ᠢ᠋ ᠡᠭᠡᠭᠦᠯᠦᠨ ᠬᠠᠨᠳᠤᠭᠤᠯᠵᠤ ᠮᠣᠷᠳᠠᠭᠠᠳ ᠬᠠᠪᠤᠷ ᠤ᠋ᠨ ᠰᠡᠭᠦᠯ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠰᠣᠯᠣᠩᠭᠣᠰ ᠤᠯᠤᠰ ᠲᠤᠷ ᠬᠦᠷᠴᠦ ᠢᠷᠡᠪᠡᠰᠦ᠂ ᠪᠧᠲ᠋ᠠ᠋ ᠤᠯᠤᠰ ᠠ᠋ᠴᠠ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ᠂ ᠭᠡᠷ ᠦ᠋ᠨ ᠲᠦᠰᠢᠮᠡᠯ ᠠᠷᠭᠠᠰᠤᠨ ᠤ᠋ ᠬᠣᠷᠭᠣᠯᠵᠢ ᠬᠣᠶᠠᠭᠤᠯᠠ ᠵᠣᠴᠢ ᠴᠠᠭᠠᠲᠠᠢ ᠬᠣᠶᠠᠷ ᠪᠠᠭ᠎ᠠ ᠡᠵᠡᠨ ᠢ᠋ ᠠᠪᠴᠤ ᠳᠣᠪᠲᠣᠯᠤᠨ ᠠᠢᠰᠤᠢ ᠭᠡᠮᠡᠨ ᠬᠣᠯᠠ ᠳ᠋ᠠᠬᠢ ᠲᠤᠷᠰᠢᠭᠤᠯ ᠢᠷᠡᠵᠦ ᠮᠡᠳᠡᠭᠦᠯᠦᠭᠰᠡᠨ ᠳ᠋ᠦ᠍ᠷ ᠵᠢᠨᠦᠩ ᠮᠤᠬᠤᠯᠢ ᠠ᠋ᠴᠠ ᠲᠡᠷᠢᠭᠦᠯᠡᠨ ᠣᠯᠠᠨ ᠲᠦᠰᠢᠮᠡᠯ ᠴᠡᠷᠢᠭ ᠶᠡᠬᠡᠯ᠎ᠡ ᠰᠣᠴᠢᠨ ᠤᠯᠤᠰ ᠲᠤᠷ ᠶᠠᠮᠪᠠᠷ ᠬᠡᠷᠡᠭ ᠭᠠᠷᠤᠭᠰᠠᠨ ᠪᠣᠯᠪᠠ ? ᠬᠡᠮᠡᠯᠳᠦᠵᠦ ᠂ ᠮᠤᠬᠤᠯᠢ ᠂ ᠲᠠᠢᠽᠦ ᠳ᠋ᠦ᠍ᠷ ᠲᠣᠷ ᠮᠡᠳᠡᠭᠦᠯᠬᠦ ᠶ᠋ᠢ ᠵᠣᠭᠰᠣᠭᠠᠵᠤ᠂ ᠥᠪᠡᠷ ᠦ᠋ᠨ ᠬᠥᠪᠡᠭᠦᠨ ᠪᠤᠯᠤ ᠂ ᠪᠤᠭᠤᠷᠴᠢ ᠶ᠋ᠢᠨ ᠬᠥᠪᠡᠭᠦᠨ ᠡᠭᠦᠯᠡᠨ ᠴᠡᠷᠪᠢ ᠬᠣᠶᠠᠭᠤᠯᠠ ᠳ᠋ᠤᠷ ᠬᠣᠷᠢᠭᠠᠳ ᠮᠣᠷᠢᠲᠠᠨ ᠢ᠋ ᠥᠭᠴᠦ ᠬᠣᠶᠠᠷ ᠪᠠᠭ᠎ᠠ ᠡᠵᠡᠨ ᠪᠠ ᠬᠣᠣᠰ ᠡᠷᠭᠢᠨ ᠰᠠᠢᠳ ᠢ᠋ ᠤᠭᠲᠤᠭᠤᠯᠤᠨ ᠤᠯᠤᠰ ᠭᠡᠷ ᠦ᠋ᠨ ᠮᠡᠨᠳᠦ ᠶ᠋ᠢ ᠮᠡᠳᠡᠭᠡᠴᠢᠯᠡᠷᠡ ᠢᠯᠡᠭᠡᠵᠦ᠂ ᠲᠠᠭᠠᠯᠳᠤᠭᠠᠷ ᠬᠠᠮᠲᠤ ᠬᠦᠷᠴᠦ ᠢᠷᠡᠭᠡᠳ ᠠᠮᠤᠷ ᠮᠡᠨᠳᠦ ᠪᠡᠨ ᠮᠡᠳᠡᠯᠴᠡᠵᠦ᠂ ᠲᠣᠷᠭᠠᠨ ᠰᠢᠷ᠎ᠠ ᠮᠤᠬᠤᠯᠢ ᠬᠣᠶᠠᠭᠤᠯᠠ ᠰᠡᠮᠡᠬᠡᠷ ᠬᠡᠳᠦᠨ ᠦᠭᠡᠰ ᠰᠢᠪᠡᠨᠡᠵᠦ᠂ ᠲᠣᠷᠭᠠᠨ ᠰᠢᠷ᠎ᠠ ᠲᠡᠷᠢᠭᠦᠯᠡᠨ᠂ ᠵᠣᠴᠢ ᠂ ᠴᠠᠭᠠᠲᠠᠢ ᠂ ᠬᠣᠷᠭᠣᠯᠵᠢ ᠨᠠᠷ ᠢ᠋ ᠤᠷᠢᠵᠤ᠂ ᠲᠠᠢᠽᠦ ᠳ᠋ᠦ᠍ᠷ ᠶᠡᠬᠡ ᠭᠠᠪᠢᠶ᠎ᠠ ᠪᠦᠲᠦᠭᠰᠡᠨ ᠪᠠᠶᠠᠷ ᠤ᠋ᠨ ᠶᠣᠰᠣᠭᠠᠷ ᠭᠬᠢᠪ ᠲᠠᠲᠠᠵᠤ ᠠᠷᠢᠬᠢ ᠡᠷᠭᠦᠨ ᠪᠡᠯᠭᠡᠯᠡᠨ ᠮᠥᠷᠭᠥᠵᠦ ᠵᠣᠯᠭᠠᠪᠠᠢ᠃ ᠦᠵᠡᠰᠡ ᠲᠠᠢᠽᠦ ᠶ᠋ᠢ ᠭᠠᠷᠴᠤ ᠢᠷᠡᠭᠡᠳ ᠭᠠᠳᠠᠨ᠎ᠠ ᠰᠢᠨᠡᠯᠡᠭᠰᠡᠨᠡ ᠂ ᠭᠡᠮ ᠬᠣᠣᠷᠲᠤ ᠬᠡᠷᠡᠢᠳ ᠦ᠋ᠨ ᠢᠯᠠᠭᠤ ᠪᠠᠰᠠ ᠬᠦ᠌ ᠵᠠᠮᠤᠬ᠎ᠠ ᠶ᠋ᠢ ᠭᠠᠷᠭᠠᠨ ᠣᠢᠷᠠᠯᠴᠠᠭ᠎ᠠ ᠪᠦᠬᠦᠢ ᠶᠡᠬᠡᠬᠡᠨ ᠤᠯᠤᠰ ᠢ᠋ ᠡᠯᠪᠡᠵᠦ ᠵᠥᠪᠳᠡᠨ ᠪᠦᠬᠦᠢ ᠶ᠋ᠢ ᠪᠧᠲ᠋ᠠ᠋ ᠤᠯᠤᠰ ᠲᠤᠷᠰᠢᠵᠤ ᠣᠯᠤᠭᠠᠳ ᠪᠤᠭᠤᠷᠴᠢ ᠤᠯᠤᠰ ᠢ᠋ᠶ᠋ᠠᠨ ᠬᠦᠴᠦᠨ ᠨᠡᠮᠡᠵᠦ ᠬᠠᠮᠠᠭᠠᠯᠠᠨ ᠰᠠᠬᠢᠭᠠᠳ ᠦᠯᠦ ᠮᠡᠳᠡᠭᠴᠢ ᠪᠡᠷ ᠲᠣᠷᠭᠠᠨ ᠰᠢᠷ᠎ᠠ ᠬᠣᠶᠠᠷ ᠪᠠᠭ᠎ᠠ ᠡᠵᠡᠳ ᠢ᠋ ᠠᠪᠴᠤ ᠤᠯᠤᠰ ᠤ᠋ᠨ ᠡᠮᠦᠨ᠎ᠡ ᠡᠴᠡ ᠲᠠᠢᠽᠦ ᠶ᠋ᠢᠨ ᠰᠢᠨ᠎ᠡ ᠵᠢᠯ ᠦ᠋ᠨ ᠠᠮᠤᠭᠤᠯᠠᠩ ᠢ᠋ ᠡᠷᠢᠮᠦᠢ ᠭᠡᠮᠡᠨ ᠪᠠᠰᠠ ᠰᠡᠴᠡᠨ ᠵᠦᠰᠦᠨ ᠪᠦᠷᠲᠡᠭᠡᠯᠵᠢᠨ ᠬᠠᠲᠤᠨ ᠤ᠋ ᠡᠮᠦᠨ᠎ᠡ ᠡᠴᠡ ᠭᠡᠷ ᠦ᠋ᠨ ᠲᠦᠰᠢᠮᠡᠯ ᠬᠣᠷᠭᠣᠯᠵᠢ ᠶ᠋ᠢ ᠠᠮᠠᠯᠠᠵᠤ᠂ ᠭᠡᠷ ᠦ᠋ᠨ ᠡᠮᠦᠨ᠎ᠡ ᠡᠴᠡ ᠲᠠᠢᠽᠦ ᠶ᠋ᠢᠨ ᠰᠢᠨ᠎ᠡ ᠵᠢᠯ ᠦ᠋ᠨ ᠠᠮᠤᠭᠤᠯᠠᠩ ᠢ᠋ ᠡᠷᠢᠮᠦᠢ ᠬᠡᠮᠡᠵᠦ ᠭᠠᠷᠴᠤ ᠢᠷᠡᠭᠰᠡᠨ ᠪᠣᠯᠪᠠᠴᠤ ᠦᠨᠡᠨ ᠳ᠋ᠦ᠍ᠷ ᠬᠡᠷᠡᠢᠳ ᠦ᠋ᠨ ᠲᠡᠢᠨ ᠳᠡᠭᠳᠡᠭᠡᠬᠦ ᠡᠴᠡ ᠪᠣᠯᠭᠣᠮᠵᠢᠯᠠᠨ᠂ ᠲᠠᠢᠽᠦ ᠶ᠋ᠢ ᠵᠠᠯᠠᠷ᠎ᠠ ᠢᠷᠡᠭᠰᠡᠨ ᠠᠵᠤᠭᠤ᠃
ᠲᠡᠭᠦᠨᠴᠡ ᠳᠡᠳ᠋ ᠡᠯᠴᠢ ᠶ᠋ᠢᠨ ᠪᠡᠶ᠎ᠡ ᠢᠨᠤ ᠳᠠᠷᠤᠢ ᠪᠤᠬ᠎ᠠ ᠴᠠᠭᠠᠨ ᠬᠠᠭᠠᠨ ᠤ᠋ ᠪᠡᠶ᠎ᠡ ᠴᠣᠭᠴᠠ ᠮᠥᠨ ᠪᠣᠯᠤᠭᠰᠠᠨ ᠢ᠋ ᠲᠠᠢᠽᠦ ᠰᠣᠨᠣᠰᠤᠮᠠᠭᠴᠠ ᠶᠠᠭᠠᠷᠠᠨ ᠠᠷᠰᠯᠠᠨᠲᠤ ᠰᠢᠷᠡᠭᠡᠨ ᠡᠴᠡ ᠪᠠ ᠵᠠᠯᠠᠷᠠᠨ ᠪᠠᠭᠤᠵᠤ ᠢᠷᠡᠭᠡᠳ ᠴᠠᠭᠠᠨ ᠬᠠᠭᠠᠨ ᠢ᠋ ᠥᠪᠡᠷ ᠦ᠋ᠨ ᠮᠣᠳᠣᠷ ᠢ᠋ᠶ᠋ᠠᠷ ᠲᠡᠳᠬᠦᠨ ᠪᠤᠰᠬᠠᠬᠤᠶᠠ᠂ ᠬᠡᠷᠬᠢᠪᠡᠴᠦ ᠪᠣᠰᠬᠤ ᠦᠭᠡᠢ᠂ ᠳᠤᠷᠠᠲᠠᠶ᠎ᠠ ᠳᠠᠭᠠᠬᠤ ᠤᠴᠢᠷ ᠢ᠋ᠶ᠋ᠠᠨ ᠬᠡᠯᠡᠬᠦᠢ ᠳ᠋ᠦ᠍ᠷ᠂ ᠮᠤᠬᠤᠯᠢ ᠲᠠᠪᠰᠢᠵᠤ ᠴᠠᠭᠠᠨ ᠬᠠᠭᠠᠨ ᠢ᠋ ᠲᠦᠰᠢᠵᠦ : 《 ᠡᠷᠭᠢᠨ ᠬᠠᠭᠠᠨ ᠴᠢ ᠨᠢᠭᠡᠨᠲᠡ ᠦᠨᠡᠨ ᠰᠡᠳᠬᠢᠯ ᠪᠥᠭᠡᠰᠦ ᠡᠵᠡᠨ ᠦ᠌ ᠮᠢᠨᠦ ᠡᠷᠡᠭᠡᠯᠵᠡᠬᠦ ᠰᠠᠨᠠᠭᠠᠨ ᠢ᠋ ᠳᠠᠭᠠᠵᠤ ᠬᠦᠨᠳᠦᠯᠡᠪᠡᠰᠦ ᠵᠣᠬᠢᠮᠤᠢ᠂ ᠮᠥᠷᠭᠥᠵᠦ ᠰᠥᠭᠥᠳᠬᠦ ᠬᠡᠷᠡᠭ ᠦᠭᠡᠢ 》 ᠬᠡᠮᠡᠵᠦ ᠳᠥᠰᠢᠨ ᠪᠤᠰᠬᠠᠪᠠ᠃ ᠲᠡᠳᠦᠢ ᠬᠤᠷᠢᠮ ᠬᠤᠷᠢᠮᠯᠠᠬᠤᠶ᠎ᠠ᠂ ᠴᠠᠭᠠᠨ ᠬᠠᠭᠠᠨ ᠭᠣᠣᠯ ᠤ᠋ᠨ ᠰᠠᠷᠠᠨ ᠨᠡᠷᠡᠲᠦ ᠭᠠᠭᠴᠠ ᠭᠦᠩᠵᠦ ᠪᠡᠨ ᠤᠯᠤᠰ ᠢ᠋ᠶ᠋ᠠᠨ ᠲᠡᠷᠢᠭᠦᠯᠡᠬᠦ ᠪᠡᠯᠡᠭ ᠪᠣᠯᠭᠠᠨ ᠡᠷᠭᠦᠵᠦ ᠤᠷᠤᠭ ᠪᠠᠷᠢᠨ ᠳᠠᠭᠠᠰᠤᠭᠠᠢ ᠬᠡᠮᠡᠬᠦ ᠰᠠᠨᠠᠭᠠᠨ ᠢ᠋ᠶ᠋ᠠᠨ ᠮᠤᠬᠤᠯᠢ ᠪᠠᠷ ᠪᠦᠷᠢᠳᠬᠡᠨ ᠮᠡᠳᠡᠭᠦᠯᠦᠭᠰᠡᠨ ᠳ᠋ᠦ᠍ᠷ ᠲᠠᠢᠽᠦ ᠦᠯᠦ ᠲᠠᠭᠠᠯᠠᠨ᠂ ᠣᠯᠠᠨ ᠲᠦᠰᠢᠮᠡᠳ ᠦ᠋ᠨ ᠵᠦᠭ ᠥᠭᠦᠯᠡᠷᠦᠨ : 《ᠤᠯᠤᠰ ᠪᠦᠷᠢ ᠣᠯᠠᠩᠬᠢ ᠨᠢ ᠴᠥᠮ ᠨᠠᠮᠠᠶ᠋ᠢ ᠡᠬᠡᠨᠡᠷ ᠥᠬᠢᠳ ᠦ᠋ᠨ ᠥᠩᠭᠡ ᠪᠡᠷ ᠪᠠᠴᠢᠯᠠᠨ ᠮᠡᠬᠡᠯᠡᠰᠦᠭᠡᠢ ᠭᠡᠬᠦ ᠢᠨᠤ ᠡᠭᠡᠨᠡᠭᠲᠡ ᠶᠠᠮᠪᠠᠷ ᠰᠠᠨᠠᠭᠠᠨ ᠠᠵᠢ ? 》 ᠬᠡᠮᠡᠬᠦᠢ ᠳ᠋ᠦ᠍ᠷ ᠮᠤᠬᠤᠯᠢ ᠶᠠᠭᠠᠷᠠᠨ ᠰᠥᠭᠥᠳᠴᠦ ᠮᠡᠳᠡᠭᠦᠯᠦᠷᠦᠨ :《ᠡᠰᠡ ᠪᠠᠴᠢᠯᠠᠭᠳᠠᠬᠤ ᠡᠰᠡ ᠮᠡᠬᠡᠯᠡᠭᠳᠡᠬᠦ ᠡᠷᠬᠡ ᠢᠨᠤ ᠡᠵᠡᠨ ᠦ᠌ ᠮᠢᠨᠦ ᠡᠷᠬᠡ ᠡᠷᠳᠡᠮ ᠳ᠋ᠦ᠍ᠷ ᠪᠣᠢ ᠶᠠ᠂ ᠡᠩ ᠦ᠋ᠨ ᠠᠷᠠᠳ ᠤ᠋ᠨ ᠠᠷᠭ᠎ᠠ ᠵᠠᠯᠢ ᠳ᠋ᠤᠷ ᠦᠭᠡᠢ ᠪᠣᠯᠠᠢ ᠤᠷᠢᠯᠬᠠᠬᠤ ᠥᠩᠭᠡ ᠶ᠋ᠢ ᠡᠷᠬᠢᠯᠡᠬᠦ ᠢᠨᠤ ᠪᠤᠰᠤ ᠤᠯᠤᠰ ᠢᠷᠭᠡᠨ ᠢᠨᠤ ᠡᠷᠡᠭᠡᠯᠵᠡᠬᠦ ᠢᠨᠤ ᠪᠤᠶᠤ᠂ ᠨᠢᠭᠡᠬᠡᠨ ᠥᠬᠢᠨ ᠢ᠋ ᠬᠤᠷᠢᠶᠠᠮᠵᠢᠯᠠᠬᠤ ᠬᠡᠷᠡᠭ ᠢᠨᠤ ᠪᠠᠭ᠎ᠠ᠂ ᠲᠠᠪᠤᠨ ᠮᠣᠵᠢ ᠶ᠋ᠢ ᠡᠵᠡᠯᠡᠬᠦ ᠢᠨᠤ ᠶᠡᠬᠡ᠂ ᠨᠢᠭᠡᠬᠡᠨ ᠰᠢᠷᠬᠡᠭ ᠬᠣᠨᠢᠨ ᠤ᠋ ᠤᠩᠭᠠᠰᠤ ᠤᠨᠠᠭᠰᠠᠨ ᠣᠴᠢᠷ᠎ᠠ ᠨᠢᠭᠡᠨ ᠲᠣᠭᠣᠭ᠎ᠠ ᠳᠦᠭᠦᠷᠡᠩ ᠰᠢᠷ᠎ᠠ ᠲᠣᠰᠣ ᠶ᠋ᠢ ᠬᠡᠷᠬᠢᠨ ᠭᠡᠭᠡᠵᠦ ᠪᠣᠯᠬᠤ ? ᠥᠩᠭᠡ ᠵᠢᠰᠦᠲᠦ ᠥᠬᠢᠨ ᠦ᠌ ᠲᠤᠯᠠ ᠪᠠᠶᠠᠷᠯᠠᠬᠤ ᠪᠤᠰᠤ᠂ ᠦᠨᠡᠨ ᠰᠡᠳᠬᠢᠯ ᠢ᠋ᠶ᠋ᠡᠷ ᠦᠷ᠎ᠡ ᠪᠡᠨ ᠥᠭᠬᠦᠢ ᠳ᠋ᠦ᠍ᠷ ᠪᠠᠶᠠᠷᠯᠠᠪᠠᠰᠤ ᠵᠣᠬᠢᠮᠤᠢ᠂ ᠥᠨᠳᠥᠷ ᠶᠡᠬᠡ ᠢᠵᠠᠭᠤᠷᠲᠤ᠂ ᠦᠯᠡᠮᠵᠢ ᠶᠡᠬᠡ ᠥᠷᠥᠰᠢᠶᠡᠯᠲᠦ ᠡᠵᠡᠨ ᠮᠢᠨᠦ ᠠᠢᠯᠠᠳ!》 ᠭᠡᠮᠡᠨ ᠣᠯᠠᠨ ᠵᠠᠩᠵᠤᠨ ᠨᠠᠷ ᠢ᠋ ᠠᠪᠴᠤ ᠮᠥᠷᠭᠥᠵᠦ ᠳᠤᠷᠠᠳᠬᠠᠭᠰᠠᠨ ᠳ᠋ᠤᠷ ᠲᠠᠢᠽᠦ ᠪᠣᠳᠣᠪᠠᠰᠤ ᠵᠢᠨᠦᠩ ᠦ᠋ᠨ ᠦᠭᠡ ᠮᠠᠰᠢ ᠵᠦᠢ ᠲᠤᠯᠠ ᠰᠣᠯᠣᠩᠭᠣᠰ ᠤ᠋ᠨ ᠬᠠᠭᠠᠨ ᠢ᠋ ᠭᠤᠷᠪᠠᠨ ᠡᠳᠦᠷ ᠥᠨᠵᠢᠭᠦᠯᠦᠨ ᠬᠦᠯᠢᠶᠡᠯᠭᠡᠵᠦ᠂ ᠳᠥᠷᠪᠡᠳᠦᠭᠡᠷ ᠥᠷᠯᠥᠭᠡ ᠳ᠋ᠦ᠍ᠷ ᠲᠠᠰᠤᠯᠤᠨ ᠵᠠᠬᠢᠭ᠍ᠰᠠᠨ ᠠᠨᠤ :
ᠡᠷᠳᠡᠨᠢ ᠮᠡᠲᠦ ᠡᠷ᠎ᠡ ᠳ᠋ᠦ᠍ᠷ
ᠡᠬᠡᠨᠡᠷ ᠣᠯᠳᠠᠬᠤᠢ ᠳ᠋ᠤᠷ ᠬᠡᠳᠦᠢ ᠭᠠᠢ ᠦᠭᠡᠢ ᠪᠣᠯᠪᠠᠴᠤ
ᠡᠵᠡᠨ ᠪᠣᠯᠤᠨ ᠶᠠᠪᠤᠭᠴᠢᠳ ᠲᠤᠷ ᠡᠬᠡᠨᠡᠷ ᠢ᠋ ᠡᠷᠭᠢᠯᠡᠪᠡᠰᠦ
ᠡᠷᠬᠡ ᠰᠦᠷ ᠲᠣᠷ ᠬᠠᠷᠰᠢᠭᠤᠵᠠᠢ ᠬᠡᠮᠡᠭᠰᠡᠨ ᠪᠥᠯᠥᠭᠡ ᠃
ᠡᠩ ᠨᠡᠢᠲᠡ ᠪᠡᠷ ᠲᠦᠰᠢᠮᠡᠳ ᠲᠠ ᠪᠠᠷ
ᠡᠶᠡᠪᠡᠷᠭᠦ ᠪᠡᠷ ᠳᠠᠭᠠᠬᠤ ᠶ᠋ᠢ ᠬᠦᠯᠢᠶᠡᠰᠦᠭᠡᠢ ᠬᠡᠮᠡᠬᠦᠢ ᠶ᠋ᠢᠨ ᠲᠤᠯᠠᠳᠠ
ᠡᠷᠭᠢᠳᠡᠯ ᠦᠭᠡᠢ ᠡᠰᠡ ᠥᠷᠥᠰᠢᠶᠡᠬᠦᠯ᠎ᠡ
ᠡᠰᠡᠷᠭᠦᠴᠡᠨ ᠪᠠᠢᠯᠳᠤᠬᠤᠶ᠎ᠠ ᠴᠡᠷᠢᠭ ᠮᠢᠨᠦ ᠵᠣᠪᠠᠭᠤᠵᠠᠢ !
ᠭᠡᠮᠡᠨ ᠵᠥᠪᠰᠢᠶᠡᠷᠡᠵᠦ᠂ ᠬᠣᠶᠠᠷ ᠡᠲᠡᠭᠡᠳ ᠲᠣᠷ ᠬᠤᠷᠢᠮ ᠬᠠᠢᠷᠠᠯᠠᠵᠤ ᠲᠣᠭᠲᠠᠭᠠᠪᠠᠢ᠃ ᠲᠡᠳᠦᠢ ᠮᠤᠬᠤᠯᠢ ᠴᠠᠭᠠᠨ ᠬᠠᠭᠠᠨ ᠢ᠋ ᠬᠦᠨᠳᠦ ᠪᠡᠷ ᠬᠦᠷᠭᠡᠭᠦᠯᠵᠦ᠂ ᠣᠳᠣᠨ ᠲᠠᠢᠰᠢ ᠶ᠋ᠢ ᠤᠷᠤᠭ ᠤ᠋ᠨ ᠶᠣᠰᠣᠯᠠᠯ ᠢ᠋ ᠵᠥᠪᠳᠡᠵᠦ ᠬᠡᠯᠡᠯᠴᠡᠮᠦᠢ ᠭᠡᠮᠡᠨ ᠦᠯᠡᠳᠡᠭᠡᠵᠦ ᠴᠢᠨᠳᠠᠭᠠᠨ᠎ᠠ ᠰᠡᠴᠡᠨ ᠢ᠋ ᠴᠢᠨᠠᠳᠤ ᠡᠲᠡᠭᠡᠳ ᠲᠣᠷ ᠢᠯᠡᠭᠡᠵᠦ ᠂ ᠴᠢᠨᠠᠳᠤ ᠶ᠋ᠢᠨ ᠶᠣᠰᠣᠯᠠᠯ ᠢ᠋ ᠵᠠᠯᠮ᠎ᠠ ᠶ᠋ᠢ ᠲᠡᠷᠢᠭᠦᠯᠡᠵᠦ ᠬᠡᠯᠡᠯᠴᠡ ᠬᠡᠮᠡᠪᠡᠢ ①᠃
– – – –
① ᠡᠨᠡ ᠢᠨᠦ ᠮᠤᠬᠤᠯᠢ ᠶ᠋ᠢᠨ ᠰᠡᠷᠡᠮᠵᠢᠲᠡᠢ ᠬᠤᠷᠴᠠ ᠪᠥᠭᠡᠳ ᠪᠠᠰᠠ ᠰᠡᠴᠡᠨ ᠪᠣᠯᠭᠣᠮᠵᠢᠲᠠᠢ ᠭᠠᠵᠠᠷ ᠪᠤᠶᠤ ᠂ ᠦᠨᠡᠬᠡᠷ ᠶᠡᠬᠡ ᠰᠠᠪᠠ ᠮᠥᠨ᠃
ᠲᠡᠭᠦᠨᠴᠡ ᠴᠠᠭᠠᠨ ᠬᠠᠭᠠᠨ ᠪᠠᠶᠠᠷ ᠪᠠᠶᠠᠰᠬᠤᠯᠠᠩᠲᠠᠢ ᠬᠣᠲᠠ ᠳ᠋ᠠᠭᠠᠨ ᠡᠭᠡᠵᠦ᠂ ᠨᠢᠭᠡᠨᠲᠡᠭᠡᠭᠦᠷ ᠵᠠᠯᠮ᠎ᠠ ᠶ᠋ᠢ ᠬᠦᠨᠳᠦᠯᠡᠨ ᠬᠤᠷᠢᠮᠯᠠᠭᠤᠯᠵᠤ᠂ ᠪᠠᠰᠠ ᠪᠧᠲ᠋ᠠ᠋ ᠤᠯᠤᠰ ᠤ᠋ᠨ ᠡᠵᠡᠨ ᠳ᠋ᠦ᠍ᠷ ᠭᠣᠣᠯ ᠤ᠋ᠨ ᠰᠠᠷᠠᠨ ᠭᠦᠩᠵᠦ ᠪᠡᠨ ᠥᠭᠴᠦ ᠤᠷᠤᠭ ᠪᠠᠷᠢᠨ ᠳᠠᠭᠠᠰᠤᠭᠠᠢ ᠭᠡᠮᠡᠨ ᠲᠣᠭᠲᠠᠭᠰᠠᠨ ᠢ᠋ᠶ᠋ᠠᠨ ᠥᠬᠢᠨ ᠳ᠋ᠡᠭᠡᠨ ᠬᠡᠯᠡᠭᠰᠡᠨ ᠳ᠋ᠦ᠍ᠷ ᠰᠠᠷᠠᠨ ᠭᠦᠩᠵᠦ ᠬᠢᠷᠲ᠌ᠬᠢᠨ ᠰᠣᠴᠢᠨ ᠠᠶᠤᠵᠤ᠂ ᠨᠠᠰᠤᠨ ᠳᠠᠩ ᠦᠭᠡᠢ ᠳ᠋ᠦ᠍ᠷ ᠬᠡᠳᠦᠢ ᠠᠷᠪᠠᠨ ᠬᠤᠪᠢ ᠳᠤᠷ᠎ᠠ ᠦᠭᠡᠢ ᠪᠣᠯᠪᠠᠴᠤ ᠠᠷᠭ᠎ᠠ ᠦᠭᠡᠢ ᠳᠡᠭᠡᠭᠰᠢᠳᠡ ᠡᠴᠢᠭᠡ ᠬᠠᠭᠠᠨ ᠢ᠋ᠶ᠋ᠠᠨ ᠪᠣᠳᠣᠵᠤ ᠳᠣᠷᠣᠭᠰᠢᠳᠠ ᠣᠯᠠᠨ ᠡᠷᠬᠡᠨ ᠢ᠋ᠶ᠋ᠡᠨ ᠰᠡᠳᠬᠢᠨ᠂ ᠨᠢᠳᠦᠨ ᠦ᠌ ᠨᠢᠯᠪᠤᠰᠤᠨ ᠢ᠋ ᠠᠷᠴᠢᠵᠤ ᠥᠭᠦᠯᠡᠷᠦᠨ :《ᠠᠶ᠎ᠠ ᠬᠡᠦᠬᠡᠳ ᠦ᠋ᠨ ᠬᠡᠷᠡᠭ ᠢ᠋ ᠤᠭ ᠠ᠋ᠴᠠ ᠡᠴᠢᠭᠡ ᠡᠬᠡ ᠮᠡᠳᠡᠳᠡᠭ ᠳᠡᠭᠡᠷ᠎ᠡ᠂ ᠨᠡᠩᠳᠡ ᠬᠡᠦᠬᠡᠨ ᠮᠢᠨᠦ ᠨᠢᠭᠡᠬᠡᠨ ᠥᠬᠢᠨ ᠪᠡᠶ᠎ᠡ ᠪᠡᠷ ᠳᠡᠭᠡᠭᠰᠢᠳᠡ ᠪᠥᠭᠡᠰᠦ ᠬᠠᠭᠠᠨ ᠡᠴᠢᠭᠡ ᠲᠡᠷᠢᠭᠦᠯᠡᠨ ᠬᠠᠮᠤᠭ ᠲᠥᠷᠥ ᠶ᠋ᠢᠨ ᠲᠦᠰᠢᠮᠡᠳ ᠲᠣᠷ ᠬᠦᠷᠲᠡᠯ᠎ᠡ ᠳᠣᠷᠣᠭᠰᠢᠳᠠ ᠪᠥᠭᠡᠰᠦ ᠬᠠᠷᠠᠴᠤ ᠠᠯᠪᠠᠲᠤ ᠠ᠋ᠴᠠ ᠳᠠᠷᠠᠭᠠᠯᠠᠨ᠂ ᠬᠠᠮᠤᠭ ᠤᠯᠤᠰ ᠤ᠋ᠨ ᠡᠷᠬᠡᠨ ᠳ᠋ᠦ᠍ᠷ ᠬᠦᠷᠲᠡᠯ᠎ᠡ ᠬᠠᠮᠠᠭᠠᠯᠠᠨ ᠡᠵᠡᠯᠡᠵᠦ᠂ ᠬᠠᠳᠬᠤᠯᠳᠤᠭᠠᠨ ᠪᠠᠢᠯᠳᠤᠭᠠᠨ ᠢ᠋ ᠵᠣᠭᠰᠣᠭᠠᠬᠤᠢ ᠶ᠋ᠢᠨ ᠤᠴᠢᠷ ᠲᠤᠯᠠ ᠬᠠᠯᠠᠬᠠᠢ ᠨᠠᠮᠠᠶ᠋ᠢ ᠬᠠᠭᠠᠨ ᠦᠨᠳᠦᠰᠦᠲᠦ ᠪᠧᠲ᠋ᠠ᠋ ᠤᠯᠤᠰ ᠤ᠋ᠨ ᠡᠵᠡᠨ ᠳ᠋ᠦ᠍ᠷ ᠢᠨᠦ ᠥᠭᠬᠦ ᠶ᠋ᠢ ᠴᠦ᠍ ᠪᠠᠢᠲᠤᠭᠠᠢ᠂ ᠬᠡᠳᠦᠢ ᠪᠢᠴᠢᠬᠠᠨ ᠠᠢᠮᠠᠭ ᠤ᠋ᠨ ᠠᠷᠠᠳ ᠲᠤᠷ ᠥᠭᠪᠡᠴᠦ ᠬᠢᠯᠢᠰᠳᠡᠬᠦ ᠦᠭᠡᠢ᠂ ᠬᠠᠷᠢᠨ ᠴᠤ᠌ ᠨᠢᠭᠡᠨ ᠤᠰᠤᠨ ᠴᠢᠨᠠᠷᠲᠤ ᠥᠬᠢᠨ ᠪᠡᠶ᠎ᠡ ᠣᠯᠠᠨ ᠢ᠋ ᠲᠦᠮᠡᠨ ᠦᠬᠦᠯ ᠵᠣᠪᠠᠯᠠᠩ ᠠ᠋ᠴᠠ ᠭᠡᠲᠦᠯᠭᠡᠨ ᠶᠡᠬᠡ ᠦᠢᠯᠡ ᠳ᠋ᠦ᠍ᠷ ᠬᠡᠷᠡᠭ ᠲᠡᠢ ᠪᠣᠯᠤᠨ ᠴᠢᠳᠠᠵᠤᠬᠤᠢ᠂ ᠭᠣᠣᠯ ᠤ᠋ᠨ ᠬᠡᠦᠬᠡᠨ ᠴᠢᠨᠦ ᠭᠣᠮᠣᠳᠠᠯ ᠦᠭᠡᠢ᠂ ᠭᠣᠣᠯᠴᠢ ᠬᠠᠭᠠᠨ ᠡᠴᠢᠭᠡ ᠶᠦ᠍ᠭᠡᠨ ᠵᠠᠷᠯᠢᠭ ᠢ᠋ ᠳᠠᠭᠠᠮᠤᠢ᠃ ᠰᠠᠷᠠᠨ ᠬᠡᠦᠬᠡᠨ ᠴᠢᠨᠦ ᠰᠠᠭᠠᠷ ᠦᠭᠡᠢ ᠰᠠᠢᠨ ᠬᠠᠭᠠᠨ ᠡᠴᠢᠭᠡ ᠶᠦ᠍ᠭᠡᠨ ᠰᠠᠨᠠᠭᠠᠨ ᠢ᠋ ᠳᠠᠭᠠᠮᠤᠢ ! 》 ᠬᠡᠮᠡᠭᠰᠡᠨ ᠳ᠋ᠦ᠍ᠷ ᠡᠴᠢᠭᠡ ᠬᠡᠦᠬᠡᠨ ᠤᠬᠢᠯᠠᠯᠴᠠᠨ ᠬᠡᠯᠡᠯᠴᠡᠵᠦ ᠲᠣᠭᠲᠠᠭᠠᠳ ᠳᠣᠯᠣᠭᠠᠨ ᠬᠣᠨᠣᠭ ᠤ᠋ᠨ ᠤᠯᠤᠰ ᠤ᠋ᠨ ᠬᠤᠷᠢᠮ ᠲᠡᠭᠦᠰᠴᠦ ᠤᠯᠤᠰ ᠤ᠋ᠨ ᠬᠣᠲᠠᠯᠠᠭᠠᠷ᠂ ᠬᠠᠭᠠᠨ ᠰᠠᠢᠳ ᠴᠡᠷᠢᠭ ᠢᠷᠭᠡᠨ ᠪᠦᠭᠦᠳᠡᠭᠡᠷ ᠭᠣᠣᠯ ᠤ᠋ᠨ ᠰᠠᠷᠠᠨ ᠭᠦᠩᠵᠦ ᠪᠡᠨ ᠲᠠᠪᠤᠨ ᠮᠣᠵᠢ ᠢᠷᠭᠡᠨ ᠦ᠌ ᠭᠡᠷ ᠢᠨᠵᠢ ᠲᠡᠢ᠂ ᠨᠠᠢ᠍ᠮᠠᠨ ᠠᠩᠭᠢ ᠪᠠᠷᠰ ᠤ᠋ᠨ ᠬᠣᠲᠠ ᠬᠦᠷᠢᠶ᠎ᠡ ᠤᠷᠲᠤ ᠬᠠᠷᠰᠢ᠂ ᠵᠠᠭᠤᠨ ᠥᠬᠢᠨ ᠢᠨᠵᠢ ᠮᠢᠩᠭᠠᠨ ᠢᠭᠡᠷᠢ ᠲᠠᠷᠢᠶ᠎ᠠ ᠶ᠋ᠢᠨ ᠵᠠᠰᠠᠯᠭ᠎ᠠ ᠲᠠᠢ ᠪᠠᠭᠤᠯᠭᠠᠨ ᠢᠷᠡᠬᠦᠶ᠎ᠡ᠂ ᠵᠡᠯᠮ᠎ᠡ ᠪᠠ ᠴᠢᠨᠳᠠᠭᠠᠨ᠎ᠠ ᠰᠡᠴᠡᠨ ᠬᠣᠶᠠᠭᠤᠯᠠ ᠬᠣᠣᠰ ᠵᠢᠭᠰᠠᠭᠠᠯ ᠤ᠋ᠨ ᠳᠠᠷᠤᠭ᠎ᠠ ᠪᠣᠯᠤᠨ ᠦᠨᠡᠭᠡ ᠶ᠋ᠢᠨ ᠮᠥᠷᠡᠨ ᠢ᠋ ᠭᠡᠲᠦᠯᠦᠨ ᠬᠦᠷᠴᠦ ᠢᠷᠡᠬᠦᠶ᠎ᠡ᠂ ᠡᠨᠡᠲᠡᠭᠡ ᠡᠲᠡᠭᠡᠳ ᠡᠴᠡ ᠮᠤᠬᠤᠯᠢ ᠶᠡᠬᠡ ᠵᠢᠭᠰᠠᠭᠠᠯ ᠵᠢᠭᠰᠠᠭᠠᠵᠤ ᠭᠤᠷᠪᠠᠨ ᠤᠭᠲᠤᠭᠤᠯ ᠳ᠋ᠤᠷ ᠭᠤᠷᠪᠠᠨ ᠵᠡᠷᠭᠡ ᠬᠤᠷᠢᠮ ᠬᠤᠷᠢᠮᠯᠠᠵᠤ᠂ ᠰᠠᠷᠠᠨ ᠭᠦᠩᠵᠦ ᠶ᠋ᠢᠨ ᠰᠤᠪᠤᠳ ᠬᠠᠪᠲᠠᠭᠠᠮᠠᠯ ᠲᠡᠩᠬᠡ ① ᠶ᠋ᠢ ᠲᠠᠢᠽᠦ ᠶ᠋ᠢᠨ ᠳᠣᠲᠣᠭᠠᠳᠤ ᠬᠦᠷᠢᠶ᠎ᠡ ᠳ᠋ᠦ᠍ᠷ ᠣᠷᠣᠭᠤᠯᠵᠤ᠂ ᠡᠴᠢᠭᠡ ᠢᠨᠦ ᠰᠠᠷᠠᠨ ᠭᠦᠩᠵᠦ ᠪᠡᠨ ᠲᠡᠳᠬᠦᠵᠦ ᠴᠠᠴᠠᠷ ᠲᠤᠷ ᠣᠷᠣᠵᠤ᠂ ᠲᠠᠢᠽᠦ ᠳ᠋ᠦ᠍ᠷ ᠮᠥᠷᠭᠥᠭᠦᠯᠦᠨ ᠵᠣᠯᠭᠠᠭᠤᠯᠬᠤᠶᠠ᠂ ᠲᠠᠢᠽᠦ ᠬᠤᠪᠢᠯᠭᠠᠨ ᠨᠢᠳᠦᠨ ᠢ᠋ ᠣᠷᠬᠢᠵᠤ ᠰᠠᠷᠠᠨ ᠭᠦᠩᠵᠦ ᠶ᠋ᠢ ᠦᠵᠡᠪᠡᠰᠦ᠂ ᠲᠡᠷᠡ ᠭᠣᠣᠯ ᠤ᠋ᠨ ᠰᠠᠷᠠᠨ ᠭᠦᠩᠵᠦ ᠦᠨᠡᠬᠡᠷ ᠭᠣᠣᠯ ᠮᠥᠷᠡᠨ᠎ᠡ ᠰᠠᠷᠠᠨ ᠭᠡᠢᠭᠦᠯᠵᠦ᠂ ᠰᠠᠷᠠᠭᠤᠯ ᠰᠥᠨᠢ ᠴᠡᠴᠡᠭ ᠳᠡᠯᠭᠡᠷᠡᠭᠰᠡᠨ ᠠᠳᠠᠯᠢ᠂ ᠭᠡᠭᠡᠬᠡᠨ ᠲᠤᠩᠭᠠᠯᠠᠭ ᠭᠤᠸ᠎ᠠ ᠦᠵᠡᠰᠬᠦᠯᠡᠩ ᠢᠨᠤ ᠡᠨᠡ ᠶᠢᠷᠲᠢᠨᠴᠦ ᠳ᠋ᠦ᠍ᠷ ᠬᠣᠣᠰ ᠦᠭᠡᠢ ᠰᠠᠢᠬᠠᠨ ᠳ᠋ᠤᠷ ᠲᠠᠢᠽᠦ ᠲᠡᠭᠦᠨ ᠦ᠌ ᠳᠣᠲᠣᠭᠠᠳᠤ ᠤᠬᠠᠭᠠᠨ ᠢ᠋ ᠠᠨᠤ ᠲᠡᠩᠰᠡᠰᠦᠭᠡᠢ ᠭᠡᠮᠡᠨ ᠳᠠᠷᠤᠢ ᠠᠰᠠᠭᠤᠷᠤᠨ :《 ᠬᠡᠦᠬᠡᠨ ᠴᠢᠨᠦ ᠡᠴᠢᠭᠡ ᠬᠠᠭᠠᠨ ᠴᠣᠯᠠᠲᠤ ᠪᠥᠭᠡᠲᠡᠯ᠎ᠡ ᠪᠤᠰᠤ ᠤᠯᠤᠰ ᠤ᠋ᠨ ᠡᠵᠡᠳ ᠲᠣᠷ ᠡᠷᠬᠡ ᠳᠠᠷᠤᠭᠳᠠᠵᠤ᠂ ᠭᠣᠣᠯ ᠵᠢᠷᠦᠬᠡ ᠮᠡᠲᠦ ᠭᠣᠣᠯ ᠤ᠋ᠨ ᠥᠬᠢᠨ ᠢ᠋ᠶ᠋ᠡᠨ ᠰᠠᠨᠠᠭ᠎ᠠ ᠰᠡᠳᠬᠢᠯ ᠠᠳᠠᠯᠢ ᠰᠠᠷᠠᠨ ᠬᠡᠦᠬᠡᠨ ᠢ᠋ᠶ᠋ᠡᠨ ᠴᠢᠮᠠᠶ᠋ᠢ ᠡᠢᠨ ᠬᠦ᠌ ᠬᠦᠷᠭᠡᠵᠦ ᠢᠷᠡᠬᠦᠢ ᠳ᠋ᠦ᠍ᠷ ᠴᠢᠨᠦ ᠳᠣᠲᠣᠷ᠎ᠠ ᠢᠴᠢᠩᠭᠦᠷᠡᠨ ᠬᠣᠷᠣᠰᠬᠤ ᠰᠡᠳᠬᠢᠯ ᠲᠥᠷᠥᠬᠦ ᠦᠭᠡᠢ ᠦᠦ ? 》 ᠬᠡᠮᠡᠭᠰᠡᠨ ᠳ᠋ᠦ᠍ᠷ ᠭᠣᠣᠯ ᠤ᠋ᠨ ᠰᠠᠷᠠᠨ ᠭᠦᠩᠵᠦ ᠲᠠᠢᠽᠦ ᠶ᠋ᠢᠨ ᠦᠭᠡ ᠠᠰᠠᠭᠤᠬᠤ ᠳᠠᠭᠤᠨ ᠤ᠋ ᠥᠩᠭᠡ ᠬᠦᠷᠡᠯ ᠬᠡᠭᠦᠷᠭᠡ ② ᠶ᠋ᠢᠨ ᠳᠠᠭᠤᠨ ᠮᠡᠲᠦ ᠳ᠋ᠦ᠍ᠷ ᠰᠣᠴᠢᠨ ᠭᠠᠢᠬᠠᠵᠤ᠂ ᠲᠡᠷᠢᠭᠦᠨ ᠡᠷᠭᠦᠵᠦ ᠲᠠᠢᠽᠦ ᠶ᠋ᠢᠨ ᠨᠠᠷᠠᠨ ᠰᠠᠷᠠᠨ ᠮᠡᠲᠦ ᠰᠦᠷ ᠵᠢᠪᠬᠤᠯᠠᠩ ᠥᠩᠭᠡ ᠭᠡᠷᠡᠯ ᠲᠡᠭᠦᠰᠦᠭᠰᠡᠨ ᠴᠢᠷᠠᠢ ᠨᠢᠭᠤᠷ ᠢ᠋ ᠦᠵᠡᠮᠡᠭᠴᠡ ᠲᠡᠭᠷᠢ ᠰᠠᠬᠢᠭᠤᠯᠰᠤᠨ ᠢ᠋ ᠦᠵᠡᠭᠰᠡᠨ ᠮᠡᠲᠦ ᠶᠡᠬᠡ ᠵᠦᠰᠡ ᠶ᠋ᠢᠨ ᠬᠤᠷ᠎ᠠ ᠠᠷᠢᠯᠵᠤ᠂ ᠤᠯᠠᠭᠠᠨ ᠨᠠᠷᠠᠨ ᠭᠠᠷᠤᠭᠰᠠᠨ ᠠᠳᠠᠯᠢ ᠳᠣᠲᠣᠷ᠎ᠠ ᠶᠡᠬᠡᠯ᠎ᠡ ᠪᠠᠶᠠᠰᠬᠤᠯᠠᠩ ᠲᠥᠷᠥᠭᠳᠡᠵᠦ᠂ ᠨᠢᠭᠡᠨᠲᠡ ᠢᠨᠢᠶᠡᠮᠰᠦᠭᠯᠡᠵᠦ ᠳᠠᠬᠢᠨ ᠮᠥᠷᠭᠥᠵᠦ ᠠᠯᠭᠤᠷ ᠠᠭᠠᠵᠢᠮ ᠢ᠋ᠶ᠋ᠠᠷ ᠮᠡᠳᠡᠭᠦᠯᠦᠷᠦᠨ᠄
ᠭᠡᠭᠡᠬᠡᠨ ᠲᠩᠷᠢ ᠭᠡᠷᠡᠯᠲᠦ ᠨᠠᠷᠠᠨ ᠬᠡᠮᠡᠭᠴᠢ ᠶ᠋ᠢ
ᠬᠡᠳᠦᠢ ᠬᠥᠮᠦᠨ ᠪᠦᠷᠢ ᠦᠵᠡᠵᠦ ᠬᠦᠰᠡᠬᠦ ᠪᠣᠯᠪᠠᠴᠤ
ᠭᠡᠮ ᠥᠪᠡᠷᠴᠢᠯᠡᠯᠳᠦ ᠡᠭᠡᠯ ᠠᠷᠠᠳ
ᠬᠡᠷᠬᠢᠨ ᠳᠡᠷᠭᠡᠳᠡ ᠬᠦᠷᠴᠦ ᠴᠢᠳᠠᠬᠤ ᠭᠡᠮᠡᠨ ᠰᠡᠳᠬᠢᠬᠦᠶ᠎ᠡ ᠂
ᠭᠡᠷ ᠪᠠ ᠤᠯᠤᠰ ᠤ᠋ᠨ ᠲᠥᠯᠥᠭᠡ ᠶᠠᠪᠤᠭᠰᠠᠨ ᠥᠬᠢᠨ ᠪᠢ
ᠭᠡᠨᠡᠳᠲᠡ ᠬᠠᠷᠢᠨ ᠲᠡᠭᠷᠢ ᠶ᠋ᠢᠨ ᠭᠡᠭᠡᠭᠡᠨᠡ ᠣᠯᠵᠤ ᠠᠭᠤᠯᠵᠠᠭᠰᠠᠨ ᠮᠢᠨᠦ ᠂
ᠭᠡᠭᠡᠷᠡᠬᠦ ᠦᠶ᠎ᠡ ᠶ᠋ᠢᠨ ᠲᠤᠶᠠᠭ᠎ᠠ ᠶ᠋ᠢ ᠣᠯᠤᠭᠰᠠᠨ ᠮᠡᠲᠦ ᠰᠡᠳᠬᠢᠬᠦ ᠪᠥᠭᠡᠲᠡᠯ᠎ᠡ
ᠭᠡᠮᠰᠢᠬᠦ ᠬᠣᠷᠣᠰᠬᠤ ᠰᠡᠳᠬᠢᠯ ᠶᠠᠭᠤᠨ ᠠ᠋ᠴᠠ ᠲᠥᠷᠥᠭᠳᠡᠬᠦ !
ᠬᠡᠮᠡᠭᠰᠡᠨ ᠳ᠋ᠦ᠍ᠷ ᠲᠠᠢᠽᠦ ᠲᠡᠭᠦᠨ ᠦ᠌ ᠳᠣᠲᠣᠷ᠎ᠠ ᠭᠠᠳᠠᠨ᠎ᠠ ᠶ᠋ᠢ ᠭᠦᠨ᠎ᠡ ᠲᠣᠭᠣᠮᠵᠢᠯᠠᠨ ᠰᠠᠢᠰᠢᠶᠠᠵᠤ᠂ ᠲᠣᠷᠭ᠎ᠠ ᠲᠥᠷᠭᠡ ᠶ᠋ᠢᠨ ᠳᠣᠲᠣᠭᠠᠳᠤ ᠣᠷᠳᠣᠨ ᠳ᠋ᠠᠭᠠᠨ ᠣᠷᠣᠭᠤᠯᠪᠠ᠃ ᠲᠡᠳᠦᠢ ᠴᠠᠭᠠᠨ ᠬᠠᠭᠠᠨ ᠤ᠋ ᠡᠵᠡᠨ ᠰᠠᠢᠳ ᠪᠠ ᠴᠡᠷᠢᠭ ᠢᠷᠭᠡᠨ ᠨᠡᠢᠲᠡ ᠳ᠋ᠦ᠍ᠷ ᠬᠦᠨᠳᠦ ᠪᠡᠷ ᠬᠤᠷᠢᠮ ᠬᠠᠢᠷᠠᠯᠠᠵᠤ᠂ ᠬᠣᠶᠠᠷ ᠤᠯᠤᠰ ᠤ᠋ᠨ ᠬᠣᠲᠠᠯᠠᠭᠠᠷ ᠲᠤᠷ ᠪᠠᠶᠠᠷ ᠤ᠋ᠨ ᠶᠣᠰᠣ ᠪᠠᠷ ᠱᠠᠩ ᠲᠠᠯᠪᠢᠨ ᠰᠠᠷᠬᠤᠳ ᠬᠦᠷᠲᠡᠭᠡᠬᠦᠶᠡ᠂ ᠵᠡᠯᠮ᠎ᠡ ᠶ᠋ᠢ ᠲᠡᠷᠢᠭᠦᠨ ᠳ᠋ᠦ᠍ᠷ ᠪᠣᠯᠭᠠᠨ :
ᠦᠬᠦᠯ ᠡᠴᠡ ᠴᠦ᠍ ᠦᠯᠦ ᠠᠶᠤᠨ ᠦᠯᠡᠮᠵᠢ ᠭᠠᠪᠢᠶ᠎ᠠ ᠶ᠋ᠢ ᠪᠦᠲᠦᠭᠡᠪᠡ
ᠦᠨᠡᠬᠡᠷ ᠦᠯᠡᠮᠵᠢ ᠦᠨᠡᠨᠴᠢ ᠮᠡᠳᠡᠯᠳᠦ ᠰᠠᠢᠳ ᠮᠢᠨᠦ ᠂
ᠤᠨᠠᠯ ᠠ᠋ᠴᠠ ᠴᠤ᠌ ᠦᠯᠦ ᠵᠠᠢᠯᠠᠨ ᠤᠷᠢᠳᠠ ᠵᠢᠳᠬᠦᠯ ᠢ᠋ ᠭᠦᠢᠴᠡᠳᠬᠡᠪᠡ
ᠤᠷᠳᠬᠠᠷ ᠦᠭᠡᠢ ᠤᠷᠲᠤ ᠪᠣᠳᠣᠯᠭᠠᠲᠤ ᠤᠷᠤᠭ ᠮᠢᠨᠦ !
ᠭᠡᠮᠡᠨ ᠰᠠᠢᠰᠢᠶᠠᠵᠤ ᠭᠠᠷ ᠢᠶᠠᠷᠠᠷᠢᠬᠢ ᠬᠠᠢᠷᠠᠯᠠᠵᠤ ᠬᠦᠨᠳᠦᠳᠡ ᠱᠠᠩᠨᠠᠪᠠ᠃ ᠲᠡᠷᠡ ᠰᠥᠨᠢ ᠲᠠᠢᠽᠦ ᠰᠠᠷᠠᠨ ᠭᠦᠩᠵᠦ ᠶ᠋ᠢᠨ ᠠᠷᠢᠭᠤᠨ ᠴᠡᠪᠡᠷ ᠭᠡᠭᠡᠬᠡᠨ ᠲᠤᠩᠭᠠᠯᠠᠭ ᠢ᠋ ᠭᠦᠨ᠎ᠡ ᠲᠣᠭᠣᠮᠵᠢᠯᠠᠵᠤ᠂ ᠵᠢᠴᠢ ᠥᠷᠯᠥᠭᠡ ᠲᠠᠰᠠᠮ᠎ᠠ ᠲᠠᠲᠠᠭᠤᠯᠵᠤ ᠵᠠᠭᠠᠳᠠᠰᠤ ᠶ᠋ᠢ ᠵᠠᠰᠠᠭᠤᠯᠤᠨ ᠬᠣᠭᠣᠯᠠᠪᠴᠢ ᠬᠠᠢᠷᠠᠯᠠᠵᠤ᠂ ᠴᠡᠷᠪᠡᠭ ᠡᠮᠦᠰᠬᠡᠨ᠂ ᠰᠤᠯᠠ ᠬᠠᠲᠤᠨ ᠪᠣᠯᠭᠠᠨ ᠣᠢᠷ᠎ᠠ ᠬᠣᠷᠮᠣᠢ ᠳ᠋ᠤᠷ ᠢ᠋ᠶ᠋ᠠᠨ ᠬᠣᠷᠢᠶᠠᠨ᠂ ᠡᠩᠭᠡᠷ ᠲᠦ᠍ᠷ ᠢ᠋ᠶ᠋ᠡᠨ ᠡᠪᠬᠡᠵᠦ ᠲᠣᠭᠲᠠᠭᠰᠠᠨ ᠳ᠋ᠤᠷ ᠬᠣᠶᠠᠷ ᠤᠯᠤᠰ ᠤ᠋ᠨ ᠬᠣᠲᠠᠯᠠᠭᠠᠷ ᠲᠦᠰᠢᠮᠡᠳ ᠬᠤᠷᠠᠵᠤ ᠬᠤᠨᠳᠠᠭ᠎ᠠ ᠪᠠᠷᠢᠵᠤ ᠪᠡᠯᠭᠡᠯᠡᠨ ᠮᠥᠷᠭᠥᠪᠡ ᠃ ᠭᠠᠭᠴᠠ ᠳᠡᠭᠦᠦ ᠨᠠᠷ ᠪᠠ ᠲᠤᠯᠭᠤᠷ ᠰᠠᠢᠳ ᠤ᠋ᠳ ᠢ᠋ ᠰᠤᠯᠠ ᠬᠠᠳᠤᠨ᠎ᠠ ᠮᠥᠷᠭᠥᠬᠦ ᠶ᠋ᠢ ᠵᠣᠭᠰᠣᠭᠠᠪᠠ᠃ ᠲᠡᠭᠦᠨᠴᠡ ᠭᠤᠷᠪᠠᠨ ᠡᠳᠦᠷ ᠦ᠋ᠨ ᠬᠠᠷᠢᠭᠤ ᠬᠤᠷᠢᠮ ᠲᠡᠭᠦᠰᠴᠦ ᠴᠠᠭᠠᠨ ᠬᠠᠭᠠᠨ ᠤᠯᠤᠰ ᠤ᠋ᠨ ᠬᠣᠲᠠᠯᠠᠭᠠᠷ ᠤ᠋ᠨ ᠰᠠᠩ ᠬᠥᠮᠥᠷᠭᠡ ᠪᠡᠨ ᠨᠡᠭᠡᠭᠡᠵᠦ᠂ ᠨᠢᠭᠡᠨ ᠬᠠᠭᠠᠰ ᠢ᠋ ᠭᠠᠷᠭᠠᠵᠤ᠂ ᠲᠠᠢᠽᠦ ᠶ᠋ᠢᠨ ᠴᠡᠷᠢᠭ ᠲᠦ᠍ᠷ ᠱᠠᠩᠨᠠᠨ ᠮᠥᠷᠭᠥᠵᠦ᠂ ᠲᠠᠢᠽᠦ ᠶ᠋ᠢ ᠡᠵᠡᠨ ᠭᠡᠮᠡᠨ ᠳᠠᠭᠤᠳᠠᠬᠤᠶᠠ᠂ ᠲᠠᠢᠽᠦ ᠲᠡᠭᠦᠨ ᠦ᠌ ᠴᠡᠷᠢᠭ ᠲᠦ᠍ᠷ ᠬᠦᠨᠳᠦᠳᠡ ᠱᠠᠩᠨᠠᠭᠰᠠᠨ ᠭᠠᠪᠢᠶ᠎ᠠ ᠪᠣᠢ ᠭᠡᠮᠡᠨ ᠲᠡᠭᠦᠨ ᠦ᠌ ᠬᠠᠭᠠᠨ ᠴᠣᠯᠠ ᠶ᠋ᠢ ᠡᠰᠡ ᠪᠠᠭᠤᠷᠠᠭᠤᠯᠵᠤ᠂ ᠪᠠᠰᠠ ᠶᠢᠰᠦᠨ ᠰᠠᠷ᠎ᠠ ᠳ᠋ᠤ᠌ ᠲᠠᠢᠽᠦ ᠶ᠋ᠢᠨ ᠪᠡᠶ᠎ᠡ ᠴᠡᠷᠢᠭ ᠠᠪᠤᠨ ᠰᠣᠯᠣᠩᠭᠣᠰ ᠤ᠋ᠨ ᠵᠡᠭᠦᠨ ᠬᠣᠢᠲᠤ ᠪᠦᠬᠦᠢ ᠭᠣᠷᠯᠣᠰ ᠤ᠋ᠨ ᠨᠠᠷᠠᠨ ᠬᠠᠭᠠᠨ ᠬᠡᠮᠡᠭᠴᠢ ᠳ᠋ᠦ᠍ᠷ ᠢᠳᠡᠭᠳᠡᠭᠰᠡᠨ ᠭᠤᠷᠪᠠᠨ ᠵᠠᠭᠤᠨ ᠢᠯᠡᠭᠦᠦ ᠭᠠᠵᠠᠷ ᠢ᠋ ᠠᠨᠤ ᠬᠠᠭᠠᠰ ᠨᠠᠢᠷ᠂ ᠬᠠᠭᠠᠰ ᠰᠦᠷ ᠢ᠋ᠶ᠋ᠡᠷ ᠬᠡᠯᠡᠯᠴᠡᠵᠦ᠂ ᠰᠣᠯᠣᠩᠭᠣᠰ ᠤᠯᠤᠰ ᠲᠤᠷ ᠡᠭᠡᠭᠦᠯᠦᠨ ᠣᠯᠭᠣᠭᠤᠯᠪᠠᠢ᠃ ᠡᠨᠡ ᠨᠠᠷᠠᠨ ᠬᠠᠭᠠᠨ ᠬᠡᠮᠡᠭᠴᠢ ᠶ᠋ᠢᠨ ᠤᠭ ᠠᠪᠠᠯᠢ ᠬᠠᠲᠤᠨ ᠠᠨᠤ ᠲᠠᠢᠽᠦ ᠶ᠋ᠢᠨ ᠳᠡᠭᠦᠦ ᠪᠦᠬᠦ ᠪᠡᠯᠭᠦᠳᠡᠢ ᠶ᠋ᠢᠨ ᠠᠬᠠᠮᠠᠳ ᠥᠬᠢᠨ᠂ ᠨᠡᠷ᠎ᠡ ᠠᠯᠲᠠᠨ ᠭᠤᠷᠭᠤᠤᠯᠳᠠᠢ ᠠᠪᠠᠬᠠᠢ ᠶ᠋ᠢ ᠲᠠᠢᠽᠦ ᠦᠷᠡᠴᠢᠯᠡᠭᠡᠳ ᠡᠨᠡ ᠨᠠᠷᠠᠨ ᠬᠠᠭᠠᠨ ᠳ᠋ᠤᠷ ᠬᠣᠯᠪᠣᠭᠰᠠᠨ ᠪᠥᠯᠥᠭᠡ᠃ ᠡᠨᠡ ᠠᠪᠠᠬᠠᠢ ᠢᠷᠡᠵᠦ ᠵᠢᠯ ᠢᠯᠡᠭᠦᠦ ᠪᠣᠯᠵᠤ ᠦᠭᠡᠢ ᠪᠣᠯᠤᠭᠰᠠᠨ ᠳ᠋ᠤᠷ ᠨᠠᠷᠠᠨ ᠬᠠᠭᠠᠨ ᠰᠠᠨᠠᠭᠰᠠᠭᠠᠷ ᠰᠣᠯᠢᠭᠤᠷᠠᠨ ᠡᠭᠦᠰᠬᠡᠵᠦ᠂ ᠬᠠᠷᠠᠬᠠᠨ ᠣᠯᠠᠨ ᠡᠮ᠎ᠡ ᠠᠪᠴᠤ ᠳᠥᠷᠪᠡᠨ ᠵᠦᠭ ᠲᠦᠢᠪᠡᠭᠡᠨ ᠶᠠᠪᠤᠬᠤ ᠦᠶ᠎ᠡ ᠲᠤᠯᠠ ᠲᠠᠢᠽᠦ ᠬᠠᠭᠠᠰ ᠨᠠᠢᠷ ᠬᠠᠭᠠᠰ ᠰᠦᠷ ᠢ᠋ᠶ᠋ᠡᠷ ᠲᠡᠭᠦᠨ ᠦ᠌ ᠪᠤᠯᠢᠶᠠᠭᠰᠠᠨ ᠰᠣᠯᠣᠩᠭᠣᠰ ᠤ᠋ᠨ ᠭᠠᠵᠠᠷ ᠢ᠋ ᠡᠭᠡᠭᠦᠯᠵᠦ᠂ ᠲᠡᠭᠦᠨ ᠦ᠌ ᠤᠯᠤᠰ ᠲᠤᠷ ᠮᠥᠨ ᠪᠠᠭ᠎ᠠ ᠰᠠᠭ᠎ᠠ ᠠᠯᠪᠠ ᠲᠣᠭᠲᠠᠭᠠᠨ᠂ ᠬᠦᠷᠭᠡᠳ ᠦ᠋ᠨ ᠨᠠᠢᠷ ᠢ᠋ ᠰᠠᠨᠠᠵᠤ᠂ ᠬᠠᠨ ᠴᠣᠯᠠ ᠶ᠋ᠢ ᠠᠨᠤ ᠪᠠᠭᠤᠷᠠᠭᠤᠯᠤᠭᠰᠠᠨ ᠦᠭᠡᠢ᠃
– – – –
①ᠲᠡᠩᠬᠡ ᠬᠡᠮᠡᠭᠴᠢ ᠰᠡᠦᠬᠡ ᠪᠤᠶᠤ ᠃
② ᠬᠦᠷᠡᠯ ᠬᠡᠭᠦᠷᠭᠡ ᠬᠡᠮᠡᠭᠴᠢ ᠬᠦᠷᠡᠯ ᠵᠦᠩ ᠦ᠋ᠨ ᠮᠣᠩᠭᠣᠯ ᠨᠡᠷ᠎ᠡ ᠢᠨᠤ ᠪᠤᠶᠤ ᠬᠡᠮᠡᠮᠦ ᠃
ᠲᠡᠳᠦᠢ ᠮᠥᠨ ᠡᠪᠦᠯ ᠦ᠋ᠨ ᠲᠡᠷᠢᠭᠦᠨ ᠰᠠᠷ᠎ᠠ ᠠ᠋ᠴᠠ ᠡᠬᠢᠯᠡᠨ᠂ ᠬᠠᠷ᠎ᠠ ᠯᠤᠤ ᠵᠢᠯ ᠮᠥᠷᠡᠨ ᠢ᠋ ᠭᠡᠲᠦᠯᠵᠦ᠂ ᠭᠣᠷᠯᠣᠰ ᠤ᠋ᠨ ᠵᠡᠭᠦᠨ ᠬᠣᠢᠲᠤ ᠪᠦᠬᠦᠢ ᠨᠣᠬᠠᠢ ᠲᠣᠯᠣᠭᠠᠢᠲᠤ ᠤᠯᠤᠰ ᠵᠢᠴᠢ ᠲᠡᠭᠦᠨ ᠦ᠌ ᠵᠡᠭᠦᠨᠲᠡ ᠪᠦᠬᠦᠢ ᠥᠬᠢᠨ ᠵᠢᠰᠦᠲᠦ ᠤᠯᠤᠰ ᠢ᠋ ᠡᠬᠢᠯᠡᠨ ᠳᠠᠢᠯᠠᠬᠤᠶᠠ᠂ ᠲᠠᠢᠽᠦ ᠣᠯᠠᠨ ᠰᠠᠢᠳ ᠲᠠᠭᠠᠨ ᠵᠠᠬᠢᠷᠤᠨ : 《 ᠣᠶᠤᠲᠤ ᠮᠡᠷᠭᠡᠨ ᠰᠠᠢᠨ ᠡᠷ᠎ᠡ ᠂ ᠣᠢᠷ᠎ᠠ ᠤᠯᠤᠰ ᠲᠤᠷ ᠦᠯᠦ ᠳᠣᠪᠲᠣᠯᠤᠮᠤᠢ ᠬᠡᠮᠡᠵᠦᠬᠦᠢ᠃ ᠲᠡᠢᠨ ᠬᠦ᠌ ᠪᠢ ᠬᠡᠷᠡᠢᠳ ᠪᠠ ᠨᠠᠢ᠍ᠮᠠᠨ ᠢ᠋ ᠳᠠᠬᠢᠨ ᠳᠠᠬᠢᠨ ᠥᠩᠭᠡᠷᠡᠭᠡᠬᠦ ᠢᠨᠦ ᠲᠡᠢᠮᠦ ᠰᠠᠨᠠᠭᠠᠨ᠂ ᠭᠠᠭᠴᠠ ᠨᠠᠮᠠᠶ᠋ᠢ ᠡᠷᠢᠨ ᠬᠠᠯᠳᠠᠭᠰᠠᠨ ᠢ᠋ ᠠᠷᠭ᠎ᠠ ᠦᠭᠡᠢ ᠡᠰᠡ ᠬᠠᠷᠢᠭᠤᠯᠠᠪᠠᠰᠤ ᠪᠣᠯᠬᠤ ᠦᠭᠡᠢ ᠲᠤᠯᠠ ᠨᠡᠯᠢᠶᠡᠳ ᠣᠯᠠᠨ ᠤᠯᠤᠰ ᠢ᠋ ᠳᠠᠭᠠᠭᠤᠯᠪᠠᠢ᠂ ᠵᠢᠴᠢ ᠡᠨᠡ ᠰᠣᠯᠣᠩᠭᠣᠰ ᠤᠯᠤᠰ ᠪᠠ ᠭᠣᠷᠯᠣᠰ ᠤᠯᠤᠰ᠂ ᠡᠨᠡ ᠨᠣᠬᠠᠢ ᠲᠣᠯᠣᠭᠠᠢᠲᠤ ᠤᠯᠤᠰ᠂ ᠥᠬᠢᠨ ᠵᠢᠰᠦᠲᠦ ᠤᠯᠤᠰ ᠬᠡᠮᠡᠭᠴᠢ ᠴᠥᠮ ᠬᠣᠯᠠ ᠤᠯᠤᠰ ᠲᠤᠯᠠ ᠳᠠᠭᠠᠭᠤᠯᠬᠤ ᠠᠯᠪᠠ ᠠᠪᠬᠤᠢ ᠳ᠋ᠤᠷ ᠦᠯᠦ ᠪᠣᠯᠬᠤ ᠵᠦᠢᠯ ᠦᠭᠡᠢ ᠂ ᠣᠯᠠᠨ ᠢ᠋ᠶ᠋ᠠᠷ ᠬᠢᠴᠢᠶᠡᠨ ᠴᠢᠷᠮᠠᠢᠲᠤᠭᠠᠢ ! 》 ᠬᠡᠮᠡᠭᠡᠳ ᠭᠣᠷᠯᠣᠰ ᠰᠣᠯᠣᠩᠭᠣᠰ ᠬᠣᠶᠠᠷ ᠤᠯᠤᠰ ᠠ᠋ᠴᠠ ᠨᠢᠭᠡᠨ ᠲᠦᠮᠡᠨ ᠴᠡᠷᠢᠭ ᠳᠠᠢᠴᠢᠯᠠᠨ ᠠᠪᠴᠤ ᠭᠠᠵᠠᠷᠴᠢᠯᠠᠭᠤᠯᠤᠨ᠂ ᠤᠷᠢᠳᠠ ᠨᠣᠬᠠᠢ ᠲᠣᠯᠣᠭᠠᠢᠲᠤ ᠤᠯᠤᠰ ᠤ᠋ᠨ ᠵᠦᠭ ᠣᠷᠣᠪᠠᠢ᠃ ᠡᠨᠡ ᠨᠣᠬᠠᠢ ᠲᠣᠯᠣᠭᠠᠢᠲᠤ ᠤᠯᠤᠰ ᠬᠡᠮᠡᠭᠴᠢ ᠢᠷᠭᠡᠨ ᠢ᠋ᠶ᠋ᠡᠷ ᠫᠦᠸᠧ ᠯᠦᠸᠧ ᠱᠤ᠌ ᠭᠦᠸᠧ ᠬᠡᠮᠡᠮᠦᠢ᠃ ᠡᠨᠡ ᠤᠯᠤᠰ ᠦᠨᠡᠬᠡᠷ ᠨᠣᠬᠠᠢ ᠶ᠋ᠢᠨ ᠲᠣᠯᠣᠭᠠᠢᠲᠤ ᠠᠨᠤ ᠪᠤᠰᠤ᠂ ᠶᠡᠷᠦ ᠭᠠᠵᠠᠷ ᠤᠰᠤᠨ ᠤ᠋ ᠵᠠᠩ ᠠᠨᠤ ᠡᠷ᠎ᠡ ᠬᠥᠮᠦᠨ ᠦ᠌ ᠲᠥᠷᠥᠬᠦ ᠢᠨᠤ ᠣᠯᠠᠩᠬᠢ ᠨᠢ ᠬᠣᠩᠰᠢᠶᠠᠷ ᠬᠣᠰᠢᠭᠤ ᠪᠠᠬᠠᠨ ᠤᠷᠲᠤ᠂ ᠡᠬᠡᠨᠡᠷ ᠢᠨᠤ ᠮᠠᠨ ᠤ᠋ ᠭᠠᠵᠠᠷ ᠤ᠋ᠨ ᠡᠬᠡᠨᠡᠷ ᠲᠦ᠍ ᠪᠠᠷᠤᠭᠲᠠᠢ᠂ ᠡᠷ᠎ᠡ ᠡᠮ᠎ᠡ ᠣᠯᠠᠩᠬᠢ ᠨᠢ ᠪᠥᠵᠢᠭ ᠳᠠᠭᠤᠨ ᠳ᠋ᠤᠷ ᠪᠠᠬᠠᠲᠠᠢ᠂ ᠮᠥᠨ ᠬᠦ᠌ ᠭᠡᠷ ᠬᠦᠷᠢᠶ᠎ᠡ ᠲᠠᠷᠢᠶ᠎ᠠ ᠲᠥᠮᠥᠰᠥ ᠲᠡᠢ᠂ ᠭᠠᠭᠴᠠ ᠨᠠᠢ᠍ᠮᠠᠨ ᠰᠠᠷ᠎ᠠ ᠶ᠋ᠢᠨ ᠠᠷᠪᠠᠨ ᠲᠠᠪᠤᠨ ᠤ᠋ ᠰᠥᠨᠢ ᠬᠤᠯᠤᠰᠤᠨ ᠬᠠᠪᠲᠠᠭᠠᠢᠯ᠂ ᠵᠠᠭᠠᠨ ᠤ᠋ ᠰᠣᠶᠣᠭ᠎ᠠ ᠶ᠋ᠢ ᠪᠠᠷᠢᠯᠴᠠᠨ ᠤᠯᠤᠰ ᠤ᠋ᠨ ᠪᠠᠶᠠᠨ ᠡᠷᠬᠢᠮ ᠢ᠋ ᠮᠥᠷᠥᠢᠴᠡᠨ ᠴᠡᠩᠭᠡᠯ ᠪᠣᠯᠭᠠᠮᠤᠢ᠃ ᠡᠳᠦᠭᠡ ᠵᠡᠭᠦᠨ ᠭᠣᠷᠯᠣᠰ ᠬᠤᠰᠢᠭᠤᠨ ᠤ᠋ ᠵᠡᠭᠦᠨ ᠬᠣᠢᠲᠤ ᠯᠦ᠍ ᠯᠦᠩ ᠵᠢᠶᠠᠩ ᠮᠥᠷᠡᠨ ᠢ᠋ ᠭᠡᠲᠦᠯᠪᠡᠰᠦ ᠳᠠᠷᠤᠢ ᠲᠡᠷᠡ ᠨᠣᠬᠠᠢ ᠲᠣᠯᠣᠭᠠᠢᠲᠤ ᠤᠯᠤᠰ ᠤ᠋ᠨ ᠵᠠᠬ᠎ᠠ ᠪᠣᠯᠤᠮᠤᠢ᠃ ᠵᠢᠴᠢ ᠡᠨᠡ ᠥᠬᠢᠨ ᠵᠢᠰᠦᠲᠦ ᠤᠯᠤᠰ ᠬᠡᠮᠡᠭᠴᠢ ᠶ᠋ᠢ ᠢᠷᠭᠡᠨ ᠢ᠋ᠶ᠋ᠡᠷ ᠨᠢᠦᠢ ᠮᠦ᠍ ᠭᠦᠸᠧ ᠬᠡᠮᠡᠮᠦᠢ᠃ ᠡᠨᠡ ᠥᠬᠢᠨ ᠵᠢᠰᠦᠲᠦ ᠤᠯᠤᠰ ᠤ᠋ᠨ ᠵᠠᠩ ᠠᠨᠤ᠂ ᠡᠷ᠎ᠡ ᠬᠥᠮᠦᠨ ᠰᠠᠬᠠᠯ ᠤᠷᠭᠤᠬᠤ ᠦᠭᠡᠢ ᠲᠤᠯᠠ ᠣᠯᠠᠩᠬᠢ ᠨᠢ ᠡᠬᠡᠨᠡᠷ ᠵᠢᠰᠦᠲᠡᠢ᠂ ᠪᠠᠰᠠ ᠬᠣᠲᠠ ᠪᠠᠯᠭᠠᠳ ᠲᠠᠢ ᠪᠥᠭᠡᠳ ᠬᠥᠮᠦᠨ ᠠᠮᠢᠲᠠᠨ ᠢᠭᠴᠤ ᠵᠤᠵᠠᠭᠠᠨ᠂ ᠲᠠᠷᠢᠶ᠎ᠠ ᠲᠥᠮᠥᠰᠥ ᠦᠬᠡᠷ ᠮᠣᠷᠢ ᠴᠥᠮ ᠪᠣᠢ᠃ ᠢᠳᠡᠬᠦ ᠡᠮᠦᠰᠬᠦ ᠵᠡᠭᠦᠬᠦ ᠢᠨᠤ ᠠᠷᠤ ᠭᠠᠵᠠᠷ ᠲᠠᠢ ᠠᠳᠠᠯᠢ᠃ ᠡᠨᠡ ᠤᠯᠤᠰ ᠠ᠋ᠴᠠ ᠵᠡᠭᠦᠨ ᠬᠣᠢᠰᠢ ᠶᠡᠬᠡ ᠬᠣᠯᠠ ᠳᠠᠯᠠᠢ ᠶ᠋ᠢᠨ ᠬᠣᠢᠭ ᠲᠤᠷ ᠬᠦᠷᠪᠡᠰᠦ᠂ ᠣᠳᠣ ᠥᠬᠢᠨ ᠬᠥᠮᠦᠨ ᠦ᠌ ᠤᠯᠤᠰ ᠬᠡᠮᠡᠬᠦ ᠬᠤᠳᠳᠤᠭ ᠱᠠᠭᠠᠢᠵᠤ ᠲᠥᠷᠥᠭᠴᠢ ᠲᠡᠷᠡ ᠨᠢᠦᠢ ᠿᠸᠨ ᠭᠦᠸᠧ ᠤᠯᠤᠰ ᠪᠣᠯᠤᠮᠤᠢ ᠃ ᠡᠭᠦᠨ ᠡᠴᠡ ᠭᠠᠳᠠᠨ᠎ᠠ ᠴᠢᠬᠡ ᠵᠡᠭᠦᠨ ᠴᠠᠩ ᠪᠠᠢ ᠱᠠᠨ – ᠮᠣᠩᠭᠣᠯ ᠢ᠋ᠶ᠋ᠠᠷ ᠤᠷᠲᠤ ᠮᠠᠢᠯᠠᠰᠤᠨ ᠤ᠋ ᠠᠭᠤᠯᠠ ᠬᠡᠮᠡᠬᠦ ᠠᠭᠤᠯᠠᠨ ᠤ᠋ ᠢᠷᠣᠭᠠᠷ ᠤ᠋ᠨ ᠶᠠ ᠯᠦ᠍ ᠱᠦᠢ ᠬᠡᠮᠡᠬᠦ ᠮᠥᠷᠡᠨ ᠦ᠌ ᠡᠬᠢ ᠳ᠋ᠦ᠍ᠷ ᠠᠯᠲᠠᠨ ᠭᠠᠷᠬᠤ ᠲᠤᠯᠠ ᠲᠡᠨᠳᠡ ᠨᠢᠭᠡᠨ ᠨᠢᠦᠢ ᠭᠦᠸᠧ ᠥᠬᠢᠨ ᠤᠯᠤᠰ ᠬᠡᠮᠡᠭᠴᠢ ᠪᠣᠢ᠃ ᠲᠡᠭᠦᠨ ᠡᠴᠡ ᠰᠠᠯᠵᠤ ᠭᠠᠷᠴᠤ ᠢᠷᠡᠭᠰᠡᠨ ᠢᠨᠦ ᠳᠠᠷᠤᠢ ᠲᠡᠷᠡ ᠲᠤᠬᠠᠢ ᠶ᠋ᠢᠨ ᠠ ᠬᠦ᠌ ᠳᠡ ᠶ᠋ᠢᠨ ᠸᠠᠨ ᠶᠠᠨ ᠠᠢᠮᠠᠭ ᠤ᠋ᠨ ᠠᠯᠲᠠᠨ ᠤᠯᠤᠰ ᠮᠥᠨ ᠃ ᠤᠭ ᠭᠠᠵᠠᠷ ᠲᠤᠷ ᠪᠠᠰᠠ ᠬᠦ᠌ ᠥᠪᠡᠷ᠎ᠡ ᠡᠵᠡᠨ ᠡᠵᠡᠯᠡᠨ ᠰᠠᠭᠤᠮᠤᠢ᠂ ᠡᠨᠡ ᠠᠯᠲᠠᠨ ᠤᠯᠤᠰ ᠵᠠᠬᠢᠷᠬᠤ ᠪᠤᠰᠤ᠂ ᠭᠠᠭᠴᠠ ᠦᠨᠳᠦᠰᠦᠨ ᠢᠨᠤ ᠲᠡᠨᠳᠡ ᠡᠴᠡ ᠢᠷᠡᠭᠰᠡᠨ ᠢ᠋ᠶ᠋ᠡᠷ ᠤᠯᠤᠰ ᠤ᠋ᠨ ᠢᠷᠭᠡᠨ ᠨᠡᠷ᠎ᠡ ᠪᠡᠨ 《 ᠦ᠌ 》 ᠤᠯᠤᠰ ᠬᠡᠮᠡᠵᠦᠬᠦᠢ᠃ ᠥᠬᠢᠨ ᠤᠯᠤᠰ ᠬᠡᠮᠡᠭᠰᠡᠨ ᠢᠨᠦ ᠲᠡᠷᠡ ᠭᠠᠵᠠᠷ ᠤ᠋ᠨ ᠬᠥᠮᠦᠨ ᠬᠥᠭᠰᠢᠷᠡᠲᠡᠯ᠎ᠡ ᠰᠠᠬᠠᠯ ᠤ᠋ᠨ ᠬᠤᠰᠤᠳᠠᠭ ᠲᠤᠯᠠ ᠭᠠᠳᠠᠭᠠᠳᠤ ᠤᠯᠤᠰ ᠳᠣᠷᠣᠮᠵᠢᠯᠠᠨ ᠥᠬᠢᠨ ᠤᠯᠤᠰ ᠬᠡᠮᠡᠭᠰᠡᠨ ᠪᠤᠶᠠ᠂ ᠤᠭ ᠨᠡᠷ᠎ᠡ ᠮᠥᠨ ᠬᠦ᠌ ᠠᠯᠲᠠᠨ ᠤᠯᠤᠰ ᠬᠡᠮᠡᠮᠦᠢ᠃ ᠡᠢᠮᠦ ᠢᠯᠭᠠᠮᠵᠢᠲᠤ ᠭᠤᠷᠪᠠᠨ ᠥᠬᠢᠨ ᠥᠰᠥᠭᠲᠦ ᠤᠯᠤᠰ ᠪᠣᠢ ᠃ ᠡᠨᠡ ᠭᠤᠷᠪᠠᠨ ᠠ᠋ᠴᠠ ᠭᠠᠭᠴᠠ ᠡᠨᠡ ᠥᠬᠢᠨ ᠵᠢᠰᠦᠲᠦ ᠤᠯᠤᠰ ᠬᠢᠭᠡᠳ ᠨᠣᠬᠠᠢ ᠲᠣᠯᠣᠭᠠᠢᠲᠤ ᠬᠣᠶᠠᠷ ᠤᠯᠤᠰ ᠢ᠋ ᠡᠨᠡ ᠤᠳᠠᠭ᠎ᠠ ᠳ᠋ᠤᠷ ᠳᠠᠢᠯᠠᠨ ᠳᠠᠭᠠᠭᠤᠯᠵᠤ ᠂ ᠨᠣᠬᠠᠢ ᠲᠣᠯᠣᠭᠠᠢᠲᠤ ᠤᠯᠤᠰ ᠤ᠋ᠨ ᠡᠵᠡᠨ ᠦ᠌ ᠨᠡᠷ᠎ᠡ ᠢᠨᠤ ᠳᠠᠬᠢᠨ ᠬᠡᠮᠡᠭᠴᠢ ᠪᠠ ᠪᠠᠰᠠ ᠲᠠᠩᠬᠢᠨ ᠬᠡᠮᠡᠮᠦᠢ᠃ ᠵᠢᠴᠢ ᠥᠬᠢᠨ ᠵᠢᠰᠦᠲᠦ ᠤᠯᠤᠰ ᠤ᠋ᠨ ᠡᠵᠡᠨ ᠦ᠌ ᠨᠡᠷ᠎ᠡ ᠢᠨᠤ ᠰᠠ ᠢᠨ ᠬᠡᠮᠡᠭᠴᠢ ᠬᠣᠶᠠᠭᠤᠯᠠ ᠲᠠᠢᠽᠦ ᠶ᠋ᠢᠨ ᠰᠦᠷ ᠬᠦᠴᠦᠨ ᠬᠠᠳᠠᠨ ᠴᠢᠭᠢᠷᠠᠭ ᠠ᠋ᠴᠠ ᠶᠡᠬᠡᠯ᠎ᠡ ᠠᠶᠤᠵᠤ᠂ ᠳᠠᠷᠠᠭ᠎ᠠ ᠳᠠᠷᠠᠭ᠎ᠠ ᠪᠠᠷ ᠤᠭᠲᠤᠨ ᠢᠷᠡᠵᠦ ᠬᠡᠯᠡᠯᠴᠡᠨ ᠳᠠᠭᠠᠵᠤ᠂ ᠵᠢᠯ ᠪᠦᠷᠢ ᠭᠠᠵᠠᠷ ᠤ᠋ᠨ ᠶᠠᠭᠤᠮ᠎ᠠ ᠲᠠᠪᠤᠨ ᠵᠠᠭᠤᠨ ᠠᠴᠢᠶ᠎ᠠ᠂ ᠭᠠᠵᠠᠷ ᠤ᠋ᠨ ᠠᠳᠤᠭᠤ ᠲᠠᠪᠤᠨ ᠮᠢᠩᠭᠠᠨ ᠤ᠋ ᠲᠣᠭ᠎ᠠ ᠪᠠᠷ ᠠᠯᠪᠠ ᠪᠠᠷᠢᠬᠤ ᠪᠠᠷ ᠲᠣᠭᠲᠠᠵᠤ᠂ ᠲᠠᠢᠽᠦ ᠪᠠᠰᠠ ᠥᠬᠢᠨ ᠵᠢᠰᠦᠲᠦ ᠤᠯᠤᠰ ᠢᠶᠠᠷ ᠥᠬᠢᠨ ᠬᠥᠮᠦᠨ ᠦ᠌ ᠤᠯᠤᠰ ᠵᠢᠴᠢ ᠥᠬᠢᠨ ᠤᠯᠤᠰ ᠬᠣᠶᠠᠷ ᠤᠯᠤᠰ ᠲᠤᠷ ᠢᠯᠡᠭᠡᠵᠦ ᠮᠡᠳᠡᠭᠡᠴᠢᠯᠡᠨ ᠬᠡᠯᠡᠯᠴᠡᠬᠦ ᠶ᠋ᠢ ᠲᠣᠭᠲᠠᠭᠠᠭᠠᠳ ᠨᠣᠬᠠᠢ ᠲᠣᠯᠣᠭᠠᠢᠲᠤ ᠤᠯᠤᠰ ᠢ᠋ ᠲᠤᠰᠬᠠᠢᠯᠠᠨ ᠨᠡᠪᠲᠡᠷᠬᠡᠢ ᠭᠡᠭᠦᠳᠡᠭᠲᠦ ᠤᠯᠤᠰ ᠲᠤ᠌ ᠡᠯᠴᠢᠯᠡᠨ ᠢᠯᠡᠭᠡᠵᠦ᠂ ᠡᠶᠡᠳᠦᠬᠦ ᠪᠠ ᠡᠪᠳᠡᠷᠡᠬᠦ ᠶ᠋ᠢ ᠮᠡᠳᠡᠭᠡ ᠬᠡᠯᠡᠯᠴᠡᠭᠦᠯᠦᠨ ᠬᠥᠮᠦᠨ ᠢ᠋ ᠢᠨᠤ ᠬᠡᠳᠦᠨ ᠬᠥᠮᠦᠨ ᠠᠪᠴᠢᠷᠠᠵᠤ ᠮᠢᠨᠦ ᠦᠵᠡᠬᠦᠢ ᠳ᠋ᠦ᠍ᠷ ᠪᠡᠯᠡᠳᠭᠡ ᠭᠡᠮᠡᠨ ᠲᠤᠰᠢᠶᠠᠭᠠᠳ ᠥᠬᠢᠨ ᠵᠢᠰᠦᠲᠦ ᠤᠯᠤᠰ ᠲᠤᠷ ᠰᠢᠨᠡᠯᠡᠭᠡᠳ ᠵᠠᠩᠵᠤᠨ ᠴᠡᠷᠢᠭ ᠲᠦ᠍ᠷ ᠱᠠᠩᠨᠠᠪᠠ᠃
ᠬᠠᠷ᠎ᠠ ᠬᠤᠯᠤᠭᠠᠨ᠎ᠠ ᠵᠢᠯ ᠡᠨᠳᠡ ᠲᠡᠭᠦᠰᠴᠦ ᠬᠠᠷᠠᠭᠴᠢᠨ ᠦᠬᠡᠷ ᠵᠢᠯ ᠡᠭᠦᠨ ᠡᠴᠡ ᠡᠬᠢᠯᠡᠪᠡ᠂ ᠲᠠᠢᠽᠦ ᠭᠤᠴᠢᠨ ᠬᠣᠶᠠᠷ ᠨᠠᠰᠤᠨ ᠰᠡᠭᠦᠳᠡᠷ ᠲᠡᠢ ᠪᠣᠯᠪᠠ᠂ ᠰᠥᠩ ᠤᠯᠤᠰ ᠤ᠋ᠨ ᠭᠣᠸᠡᠩᠽᠦ᠋ᠩ ᠬᠠᠭᠠᠨ ᠤ᠋ ᠱᠣᠣ ᠰᠢ ᠶ᠋ᠢᠨ ᠳᠥᠷᠪᠡᠳᠦᠭᠡᠷ ᠣᠨ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ ᠮᠢᠩ ᠴᠠᠩ ᠤ᠋ᠨ ᠪᠠᠰᠠ ᠳᠥᠷᠪᠡᠳᠦᠭᠡᠷ ᠣᠨ ᠪᠣᠯᠪᠠ ᠂ ᠡᠭᠦᠨᠴᠡ ᠬᠠᠷᠠᠭᠴᠢᠨ ᠦᠬᠡᠷ ᠵᠢᠯ ᠡᠬᠢᠯᠡᠪᠡ
ᠲᠡᠭᠦᠨᠴᠡ ᠡᠨᠡ ᠬᠠᠷᠠᠭᠴᠢᠨ ᠦᠬᠡᠷ ᠵᠢᠯ ᠦ᠋ᠨ ᠬᠠᠪᠤᠷ ᠤ᠋ᠨ ᠲᠡᠷᠢᠭᠦᠨ ᠰᠠᠷ᠎ᠠ ᠶ᠋ᠢᠨ ᠬᠣᠷᠢᠨ᠎ᠠ᠂ ᠶᠡᠬᠡ ᠰᠦᠯᠳᠡ ᠶ᠋ᠢᠨ ᠲᠤᠭ ᠢ᠋ ᠡᠭᠡᠭᠦᠯᠦᠨ ᠬᠠᠨᠳᠤᠭᠤᠯᠵᠤ ᠮᠣᠷᠳᠠᠭᠠᠳ ᠬᠠᠪᠤᠷ ᠤ᠋ᠨ ᠰᠡᠭᠦᠯ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠰᠣᠯᠣᠩᠭᠣᠰ ᠤᠯᠤᠰ ᠲᠤᠷ ᠬᠦᠷᠴᠦ ᠢᠷᠡᠪᠡᠰᠦ᠂ ᠪᠧᠲ᠋ᠠ᠋ ᠤᠯᠤᠰ ᠠ᠋ᠴᠠ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ᠂ ᠭᠡᠷ ᠦ᠋ᠨ ᠲᠦᠰᠢᠮᠡᠯ ᠠᠷᠭᠠᠰᠤᠨ ᠤ᠋ ᠬᠣᠷᠭᠣᠯᠵᠢ ᠬᠣᠶᠠᠭᠤᠯᠠ ᠵᠣᠴᠢ ᠴᠠᠭᠠᠲᠠᠢ ᠬᠣᠶᠠᠷ ᠪᠠᠭ᠎ᠠ ᠡᠵᠡᠨ ᠢ᠋ ᠠᠪᠴᠤ ᠳᠣᠪᠲᠣᠯᠤᠨ ᠠᠢᠰᠤᠢ ᠭᠡᠮᠡᠨ ᠬᠣᠯᠠ ᠳ᠋ᠠᠬᠢ ᠲᠤᠷᠰᠢᠭᠤᠯ ᠢᠷᠡᠵᠦ ᠮᠡᠳᠡᠭᠦᠯᠦᠭᠰᠡᠨ ᠳ᠋ᠦ᠍ᠷ ᠵᠢᠨᠦᠩ ᠮᠤᠬᠤᠯᠢ ᠠ᠋ᠴᠠ ᠲᠡᠷᠢᠭᠦᠯᠡᠨ ᠣᠯᠠᠨ ᠲᠦᠰᠢᠮᠡᠯ ᠴᠡᠷᠢᠭ ᠶᠡᠬᠡᠯ᠎ᠡ ᠰᠣᠴᠢᠨ ᠤᠯᠤᠰ ᠲᠤᠷ ᠶᠠᠮᠪᠠᠷ ᠬᠡᠷᠡᠭ ᠭᠠᠷᠤᠭᠰᠠᠨ ᠪᠣᠯᠪᠠ ? ᠬᠡᠮᠡᠯᠳᠦᠵᠦ ᠂ ᠮᠤᠬᠤᠯᠢ ᠂ ᠲᠠᠢᠽᠦ ᠳ᠋ᠦ᠍ᠷ ᠲᠣᠷ ᠮᠡᠳᠡᠭᠦᠯᠬᠦ ᠶ᠋ᠢ ᠵᠣᠭᠰᠣᠭᠠᠵᠤ᠂ ᠥᠪᠡᠷ ᠦ᠋ᠨ ᠬᠥᠪᠡᠭᠦᠨ ᠪᠤᠯᠤ ᠂ ᠪᠤᠭᠤᠷᠴᠢ ᠶ᠋ᠢᠨ ᠬᠥᠪᠡᠭᠦᠨ ᠡᠭᠦᠯᠡᠨ ᠴᠡᠷᠪᠢ ᠬᠣᠶᠠᠭᠤᠯᠠ ᠳ᠋ᠤᠷ ᠬᠣᠷᠢᠭᠠᠳ ᠮᠣᠷᠢᠲᠠᠨ ᠢ᠋ ᠥᠭᠴᠦ ᠬᠣᠶᠠᠷ ᠪᠠᠭ᠎ᠠ ᠡᠵᠡᠨ ᠪᠠ ᠬᠣᠣᠰ ᠡᠷᠭᠢᠨ ᠰᠠᠢᠳ ᠢ᠋ ᠤᠭᠲᠤᠭᠤᠯᠤᠨ ᠤᠯᠤᠰ ᠭᠡᠷ ᠦ᠋ᠨ ᠮᠡᠨᠳᠦ ᠶ᠋ᠢ ᠮᠡᠳᠡᠭᠡᠴᠢᠯᠡᠷᠡ ᠢᠯᠡᠭᠡᠵᠦ᠂ ᠲᠠᠭᠠᠯᠳᠤᠭᠠᠷ ᠬᠠᠮᠲᠤ ᠬᠦᠷᠴᠦ ᠢᠷᠡᠭᠡᠳ ᠠᠮᠤᠷ ᠮᠡᠨᠳᠦ ᠪᠡᠨ ᠮᠡᠳᠡᠯᠴᠡᠵᠦ᠂ ᠲᠣᠷᠭᠠᠨ ᠰᠢᠷ᠎ᠠ ᠮᠤᠬᠤᠯᠢ ᠬᠣᠶᠠᠭᠤᠯᠠ ᠰᠡᠮᠡᠬᠡᠷ ᠬᠡᠳᠦᠨ ᠦᠭᠡᠰ ᠰᠢᠪᠡᠨᠡᠵᠦ᠂ ᠲᠣᠷᠭᠠᠨ ᠰᠢᠷ᠎ᠠ ᠲᠡᠷᠢᠭᠦᠯᠡᠨ᠂ ᠵᠣᠴᠢ ᠂ ᠴᠠᠭᠠᠲᠠᠢ ᠂ ᠬᠣᠷᠭᠣᠯᠵᠢ ᠨᠠᠷ ᠢ᠋ ᠤᠷᠢᠵᠤ᠂ ᠲᠠᠢᠽᠦ ᠳ᠋ᠦ᠍ᠷ ᠶᠡᠬᠡ ᠭᠠᠪᠢᠶ᠎ᠠ ᠪᠦᠲᠦᠭᠰᠡᠨ ᠪᠠᠶᠠᠷ ᠤ᠋ᠨ ᠶᠣᠰᠣᠭᠠᠷ ᠭᠬᠢᠪ ᠲᠠᠲᠠᠵᠤ ᠠᠷᠢᠬᠢ ᠡᠷᠭᠦᠨ ᠪᠡᠯᠭᠡᠯᠡᠨ ᠮᠥᠷᠭᠥᠵᠦ ᠵᠣᠯᠭᠠᠪᠠᠢ᠃ ᠦᠵᠡᠰᠡ ᠲᠠᠢᠽᠦ ᠶ᠋ᠢ ᠭᠠᠷᠴᠤ ᠢᠷᠡᠭᠡᠳ ᠭᠠᠳᠠᠨ᠎ᠠ ᠰᠢᠨᠡᠯᠡᠭᠰᠡᠨᠡ ᠂ ᠭᠡᠮ ᠬᠣᠣᠷᠲᠤ ᠬᠡᠷᠡᠢᠳ ᠦ᠋ᠨ ᠢᠯᠠᠭᠤ ᠪᠠᠰᠠ ᠬᠦ᠌ ᠵᠠᠮᠤᠬ᠎ᠠ ᠶ᠋ᠢ ᠭᠠᠷᠭᠠᠨ ᠣᠢᠷᠠᠯᠴᠠᠭ᠎ᠠ ᠪᠦᠬᠦᠢ ᠶᠡᠬᠡᠬᠡᠨ ᠤᠯᠤᠰ ᠢ᠋ ᠡᠯᠪᠡᠵᠦ ᠵᠥᠪᠳᠡᠨ ᠪᠦᠬᠦᠢ ᠶ᠋ᠢ ᠪᠧᠲ᠋ᠠ᠋ ᠤᠯᠤᠰ ᠲᠤᠷᠰᠢᠵᠤ ᠣᠯᠤᠭᠠᠳ ᠪᠤᠭᠤᠷᠴᠢ ᠤᠯᠤᠰ ᠢ᠋ᠶ᠋ᠠᠨ ᠬᠦᠴᠦᠨ ᠨᠡᠮᠡᠵᠦ ᠬᠠᠮᠠᠭᠠᠯᠠᠨ ᠰᠠᠬᠢᠭᠠᠳ ᠦᠯᠦ ᠮᠡᠳᠡᠭᠴᠢ ᠪᠡᠷ ᠲᠣᠷᠭᠠᠨ ᠰᠢᠷ᠎ᠠ ᠬᠣᠶᠠᠷ ᠪᠠᠭ᠎ᠠ ᠡᠵᠡᠳ ᠢ᠋ ᠠᠪᠴᠤ ᠤᠯᠤᠰ ᠤ᠋ᠨ ᠡᠮᠦᠨ᠎ᠡ ᠡᠴᠡ ᠲᠠᠢᠽᠦ ᠶ᠋ᠢᠨ ᠰᠢᠨ᠎ᠡ ᠵᠢᠯ ᠦ᠋ᠨ ᠠᠮᠤᠭᠤᠯᠠᠩ ᠢ᠋ ᠡᠷᠢᠮᠦᠢ ᠭᠡᠮᠡᠨ ᠪᠠᠰᠠ ᠰᠡᠴᠡᠨ ᠵᠦᠰᠦᠨ ᠪᠦᠷᠲᠡᠭᠡᠯᠵᠢᠨ ᠬᠠᠲᠤᠨ ᠤ᠋ ᠡᠮᠦᠨ᠎ᠡ ᠡᠴᠡ ᠭᠡᠷ ᠦ᠋ᠨ ᠲᠦᠰᠢᠮᠡᠯ ᠬᠣᠷᠭᠣᠯᠵᠢ ᠶ᠋ᠢ ᠠᠮᠠᠯᠠᠵᠤ᠂ ᠭᠡᠷ ᠦ᠋ᠨ ᠡᠮᠦᠨ᠎ᠡ ᠡᠴᠡ ᠲᠠᠢᠽᠦ ᠶ᠋ᠢᠨ ᠰᠢᠨ᠎ᠡ ᠵᠢᠯ ᠦ᠋ᠨ ᠠᠮᠤᠭᠤᠯᠠᠩ ᠢ᠋ ᠡᠷᠢᠮᠦᠢ ᠬᠡᠮᠡᠵᠦ ᠭᠠᠷᠴᠤ ᠢᠷᠡᠭᠰᠡᠨ ᠪᠣᠯᠪᠠᠴᠤ ᠦᠨᠡᠨ ᠳ᠋ᠦ᠍ᠷ ᠬᠡᠷᠡᠢᠳ ᠦ᠋ᠨ ᠲᠡᠢᠨ ᠳᠡᠭᠳᠡᠭᠡᠬᠦ ᠡᠴᠡ ᠪᠣᠯᠭᠣᠮᠵᠢᠯᠠᠨ᠂ ᠲᠠᠢᠽᠦ ᠶ᠋ᠢ ᠵᠠᠯᠠᠷ᠎ᠠ ᠢᠷᠡᠭᠰᠡᠨ ᠠᠵᠤᠭᠤ᠃
ᠲᠡᠳᠦᠢ ᠮᠤᠬᠤᠯᠢ ᠬᠡᠷᠡᠢᠳ ᠦ᠋ᠨ ᠬᠡᠷᠡᠭ ᠢ᠋ ᠳ᠋ᠦ᠍ᠷ ᠮᠡᠳᠡᠭᠦᠯᠬᠦ ᠶ᠋ᠢ ᠵᠣᠭᠰᠣᠭᠠᠵᠤ ᠂ ᠭᠠᠭᠴᠠ ᠭᠡᠷ ᠲᠦ᠍ᠷ ᠠᠮᠤᠭᠤᠯᠠᠩ ᠭᠠᠳᠠᠨ᠎ᠠ ᠠᠯᠳᠠᠷᠲᠠᠢ ᠬᠣᠣᠰ ᠪᠠᠶᠠᠷ ᠲᠤᠷ ᠮᠥᠷᠭᠥᠨ ᠤᠭᠲᠤᠷ᠎ᠠ ᠢᠷᠡᠪᠡ ᠭᠡᠮᠡᠨ ᠮᠡᠳᠡᠭᠦᠯᠦᠭᠰᠡᠨ ᠳ᠋ᠦ᠍ᠷ ᠲᠠᠢᠽᠦ ᠶ᠋ᠢᠨ ᠪᠠᠳᠠᠷᠠᠩᠭᠤᠢ ᠭᠡᠷᠡᠯᠲᠦ ᠴᠢᠷᠠᠢ ᠳ᠋ᠤᠷ ᠪᠠᠶᠠᠷ ᠤ᠋ᠨ ᠪᠠᠢᠳᠠᠯ ᠢᠯᠡᠷᠡᠵᠦ ᠠᠰᠠᠭᠤᠷᠤᠨ : 《 ᠪᠢ ᠭᠠᠳᠠᠨ᠎ᠠ ᠭᠠᠷᠴᠤ ᠵᠢᠯ ᠥᠩᠭᠡᠷᠡᠪᠡ ᠂ ᠮᠠᠭᠠᠳ ᠮᠢᠨᠦ ᠨᠠᠰᠤᠲᠠᠢ ᠡᠬᠡ ᠶ᠋ᠢᠨ ᠪᠡᠶ᠎ᠡ ᠮᠠᠰᠢ ᠯᠠᠪᠳᠠ ᠠᠮᠤᠭᠤᠯᠠᠩ ᠰᠠᠢᠬᠠᠨ ᠢ᠋ ᠰᠣᠨᠣᠰᠰᠤᠭᠠᠢ 》ᠬᠡᠮᠡᠭᠰᠡᠨ ᠳ᠋ᠦ᠍ᠷ ᠬᠣᠷᠭᠣᠯᠵᠢ ᠶᠠᠭᠠᠷᠠᠨ ᠰᠥᠭᠥᠳᠴᠦ ᠮᠡᠳᠡᠭᠦᠯᠦᠷᠦᠨ :
ᠬᠠᠢᠷ᠎ᠠ ᠥᠷᠥᠰᠢᠶᠡᠯᠳᠦ ᠦᠵᠢᠨ ᠡᠮᠡᠭᠡ ᠲᠡᠷᠢᠭᠦᠯᠡᠨ
ᠬᠠᠲᠤᠨ ᠵᠦᠰᠦᠨ ᠡᠵᠡᠨ ᠡᠬᠡ ᠳᠠᠷᠠᠭᠠᠯᠠᠨ
ᠬᠠᠲᠤᠨ ᠠᠪᠠᠬᠠᠢ ᠪᠠᠭ᠎ᠠ ᠡᠵᠡᠳ ᠨᠠᠷ ᠬᠢᠭᠡᠳ
ᠬᠠᠮᠤᠭ ᠣᠯᠠᠨ ᠤᠯᠤᠰ ᠠᠯᠪᠠᠲᠤ ᠳ᠋ᠤᠷ ᠬᠦᠷᠲᠡᠯ᠎ᠡ
ᠬᠠᠮᠠᠭᠠᠯᠠᠯ ᠶᠡᠬᠡᠲᠦ ᠡᠵᠡᠨ ᠦ᠌ ᠰᠦᠷ ᠪᠤᠶᠠᠨ᠎ᠠ ᠰᠢᠲᠦᠵᠦ
ᠬᠠᠳᠠ ᠴᠢᠯᠠᠭᠤ ᠮᠡᠲᠦ ᠪᠠᠲᠤᠳᠠ ᠠᠮᠤᠷ ᠰᠠᠢᠬᠠᠨ ᠠᠮᠤᠢ ᠃
ᠬᠠᠮᠲᠤ ᠮᠡᠨᠳᠦ ᠶ᠋ᠢ ᠮᠡᠳᠡᠭᠦᠯᠦᠷ᠎ᠡ ᠢᠷᠡᠬᠦ ᠵᠠᠮ ᠳ᠋ᠤᠷ
ᠬᠠᠷᠢᠨ ᠴᠤ᠌ ᠨᠢᠭᠡᠨ ᠰᠠᠢᠬᠠᠨ ᠳᠠᠭᠤᠨ ᠢ᠋ ᠰᠤᠷᠪᠠᠢ ᠪᠢ ᠃
ᠬᠡᠮᠡᠭᠰᠡᠨ ᠳ᠋ᠦ᠍ᠷ ᠲᠠᠢᠽᠦ ᠲᠡᠭᠦᠨ ᠦ᠌ ᠰᠠᠨᠠᠭᠠᠨ ᠢ᠋ ᠤᠬᠠᠮᠵᠢᠯᠠᠵᠤ ᠂ ᠴᠢ ᠳᠠᠷᠤᠢ ᠳᠠᠭᠤᠨ ᠢ᠋ᠶ᠋ᠠᠨ ᠪᠡᠷᠢ ᠂ ᠪᠢ ᠰᠣᠨᠣᠰᠰᠤᠭᠠᠢ ᠭᠡᠮᠡᠨ ᠵᠥᠪᠰᠢᠶᠡᠭᠰᠡᠨ ᠳ᠋ᠦ᠍ᠷ ᠬᠣᠷᠭᠣᠯᠵᠢ ᠳᠠᠷᠤᠢ ᠬᠣᠩᠰᠢᠶᠠᠷ ᠤ᠋ᠨ ᠤᠷᠠᠨ ᠢ᠋ᠶ᠋ᠠᠨ ᠭᠠᠷᠭᠠᠨ ᠬᠣᠯᠪᠣᠨ ᠰᠢᠯᠦᠭᠯᠡᠵᠦ ᠡᠢᠨ ᠭᠡᠮᠡᠨ ᠡᠭᠡᠰᠢᠭᠯᠡᠨ ᠳᠠᠭᠤᠯᠠᠷᠤᠨ :
ᠰᠢᠭᠤᠢ ᠮᠣᠳᠣᠨ ᠳ᠋ᠤᠷ ᠱᠣᠩᠬᠣᠷ ᠰᠢᠪᠠᠭᠤ ᠥᠨᠳᠡᠭᠡᠯᠡᠮᠦᠢ
ᠰᠢᠷᠭᠤᠰᠢ ᠦᠭᠡᠢ ᠨᠠᠪᠴᠢ ᠨᠠᠬᠢᠶ᠎ᠠ ᠳ᠋ᠤᠷ ᠢᠲᠡᠭᠡᠬᠦᠶ᠎ᠡ ᠂
ᠰᠢᠷ᠎ᠠ ᠰᠢᠪᠠᠭᠤ ᠶ᠋ᠢᠨ ᠰᠢᠨᠤᠬᠠᠢᠷᠠᠬᠤ ᠰᠡᠳᠬᠢᠯ ᠢ᠋ ᠬᠥᠳᠡᠯᠭᠡᠵᠦ
ᠰᠢᠨᠵᠢᠵᠦ ᠱᠠᠭᠠᠢᠨ ᠢᠳᠡᠬᠦ ᠠᠷᠭ᠎ᠠ ᠶ᠋ᠢ ᠪᠤᠳᠤᠭᠤᠯᠪᠠ ᠃
ᠬᠤᠯᠤᠰᠤᠲᠤ ᠨᠠᠭᠤᠷᠤᠨᠠ ᠬᠤᠨ ᠭᠠᠯᠠᠭᠤ ᠥᠨᠳᠡᠭᠡᠯᠡᠮᠦᠢ
ᠬᠤᠮᠪᠢᠭᠰᠠᠨ ᠣᠯᠠᠨ ᠰᠠᠯᠠᠭ᠎ᠠ ᠰᠦᠶᠦᠭᠡ ᠳ᠋ᠦ᠍ᠷ ᠢᠲᠡᠭᠡᠬᠦᠶ᠎ᠡ ᠂
ᠬᠣᠯᠠᠲᠤ ᠰᠢᠪᠠᠭᠤ ᠶ᠋ᠢᠨ ᠬᠣᠣᠷᠯᠠᠬᠤ ᠰᠡᠳᠬᠢᠯ ᠢ᠋ ᠬᠥᠳᠡᠯᠭᠡᠵᠦ
ᠬᠣᠷᠭᠣᠯᠵᠠᠨ ᠡᠷᠭᠡᠯᠵᠡᠵᠦ ᠢᠳᠡᠬᠦ ᠠᠷᠭ᠎ᠠ ᠶ᠋ᠢ ᠪᠤᠳᠤᠭᠤᠯᠪᠠ ᠃
ᠠᠭᠠᠷᠤ ᠮᠣᠳᠣᠨ ᠳ᠋ᠤᠷ ᠠᠯᠲᠠᠨ ᠭᠤᠷᠭᠤᠤᠯᠳᠠᠢ ᠥᠨᠳᠡᠭᠡᠯᠡᠮᠦᠢ
ᠠᠰᠤᠷᠤ ᠨᠢᠭᠲᠠ ᠭᠦᠨ ᠰᠠᠬᠤᠯᠢᠭ ᠲᠤᠷ ᠢᠲᠡᠭᠡᠬᠦᠶ᠎ᠡ ᠂
ᠠᠯᠠᠭ ᠰᠢᠪᠠᠭᠤ ᠶ᠋ᠢᠨ ᠠᠳᠬᠠᠭ ᠰᠡᠳᠬᠢᠯ ᠢ᠋ ᠬᠥᠳᠡᠯᠭᠡᠵᠦ
ᠠᠯᠭᠤᠷ ᠮᠢᠷᠠᠵᠤ ᠢᠳᠡᠬᠦ ᠠᠷᠭ᠎ᠠ ᠶ᠋ᠢ ᠪᠣᠳᠣᠭᠤᠯᠪᠠ ᠃
ᠲᠣᠷᠭᠣᠨᠠ ᠮᠣᠳᠣᠨ ᠳ᠋ᠤᠷ ᠲᠣᠭᠣᠰ ᠰᠢᠪᠠᠭᠤ ᠥᠨᠳᠡᠭᠡᠯᠡᠮᠦᠢ
ᠳᠣᠲᠣᠷ᠎ᠠ ᠭᠠᠳᠠᠨ᠎ᠠ ᠶ᠋ᠢᠨ ᠢᠭᠴᠤ ᠵᠤᠵᠠᠭᠠᠨ ᠳ᠋ᠤᠷ ᠢᠲᠡᠭᠡᠬᠦᠶ᠎ᠡ ᠂
ᠲᠣᠭᠣᠳᠠᠭ ᠰᠢᠪᠠᠭᠤ ᠶ᠋ᠢᠨ ᠲᠤᠨᠤᠬᠤ ᠰᠡᠳᠬᠢᠯ ᠢ᠋ ᠬᠥᠳᠡᠯᠭᠡᠵᠦ
ᠲᠣᠭᠣᠷᠢᠨ ᠡᠷᠭᠢᠴᠡᠵᠦ ᠢᠳᠡᠬᠦ ᠠᠷᠭ᠎ᠠ ᠶ᠋ᠢ ᠪᠣᠳᠣᠭᠤᠯᠪᠠ ᠃
ᠭᠡᠮᠡᠨ ᠳᠠᠭᠤᠯᠠᠭᠰᠠᠨ ᠳ᠋ᠤᠷ ᠲᠠᠢᠽᠦ ᠥᠴᠦᠬᠡᠨ ᠮᠦᠰᠢᠶᠡᠵᠦ᠂ ᠣᠯᠠᠨ ᠲᠤᠰᠢᠮᠡᠳ ᠦ᠋ᠨ ᠵᠦᠭ ᠬᠠᠨᠳᠤᠵᠤ ᠵᠠᠬᠢᠷᠤᠨ : 《 ᠬᠣᠷᠭᠣᠯᠵᠢ ᠶ᠋ᠢᠨ ᠡᠨᠡ ᠳᠠᠭᠤᠨ ᠮᠢᠨᠦ ᠤᠯᠤᠰ ᠢ᠋ ᠪᠤᠰᠤᠳ ᠴᠢᠯᠦᠭᠡᠳᠡᠵᠦ ᠡᠪᠳᠡᠭᠦᠵᠡᠢ᠂ ᠨᠠᠮᠠᠶ᠋ᠢ ᠲᠦᠷᠭᠡᠨ᠎ᠡ ᠡᠭᠡᠵᠦ ᠬᠠᠷᠢ ᠬᠡᠮᠡᠭᠰᠡᠨ ᠰᠠᠨᠠᠭᠠᠨ ᠪᠣᠯᠠᠢ᠃ ᠪᠢ ᠦᠯᠦ ᠪᠣᠳᠣᠬᠤ ᠪᠤᠰᠤ᠂ ᠭᠠᠭᠴᠠ ᠭᠠᠷᠴᠤ ᠢᠷᠡᠭᠰᠡᠨ ᠲᠤᠯᠠ ᠭᠠᠪᠢᠶ᠎ᠠ ᠲᠤᠰᠠ ᠦᠭᠡᠢ ᠪᠡᠷ ᠬᠡᠷᠬᠢᠨ ᠬᠠᠷᠢᠮᠤᠢ? ᠭᠠᠳᠠᠨ᠎ᠠ ᠪᠢ ᠭᠠᠷ ᠲᠠᠯᠪᠢᠨ ᠵᠢᠷᠭᠠᠨ ᠥᠩᠭᠡᠷᠡᠭᠰᠡᠨ ᠪᠤᠰᠤ᠂ ᠭᠠᠳᠠᠭᠠᠳᠤ ᠠᠢᠮᠠᠭ ᠳᠥᠷᠪᠡᠨ ᠤᠯᠤᠰ ᠢ᠋ ᠣᠷᠣᠭᠤᠯᠪᠠ᠃ ᠭᠠᠷ ᠭᠠᠨᠴᠤᠭᠠ ᠂ ᠬᠥᠯ ᠬᠥᠰᠡᠷ ᠂ ᠭᠠᠪᠢᠶ᠎ᠠ ᠪᠦᠲᠦᠵᠦ ᠬᠦᠰᠡᠯ ᠬᠦᠷᠪᠡ᠃ ᠭᠠᠭᠴᠠ ᠣᠳᠣ ᠬᠠᠷᠢᠬᠤ ᠠᠨᠤ ᠴᠢᠬᠤᠯᠠ᠂ ᠲᠠᠨ ᠤ᠋ ᠣᠯᠠᠨ ᠰᠠᠢᠳ ᠤ᠋ᠨ ᠠᠯᠢᠨ ᠠᠨᠤ ᠤᠯᠤᠰ ᠲᠤᠷ ᠮᠢᠨᠦ ᠤᠷᠢᠳᠴᠢᠯᠠᠨ ᠡᠴᠢᠵᠦ ᠤᠷᠲᠤ ᠰᠡᠭᠦᠳᠡᠷᠲᠦ ᠥᠵᠢᠨ ᠡᠬᠡ ᠶ᠋ᠢᠨ ᠠᠮᠤᠭᠤᠯᠠᠩ ᠢ᠋ ᠡᠷᠢᠵᠦ ᠤᠷᠲᠤᠳᠠ ᠮᠥᠷᠥᠭᠡᠳᠬᠦ ᠰᠡᠳᠬᠢᠯ ᠢ᠋ ᠢᠨᠦ ᠠᠭᠤᠵᠢᠷᠠᠭᠤᠯᠵᠤ᠂ ᠵᠢᠴᠢ ᠮᠢᠨᠦ ᠰᠡᠴᠡᠨ ᠵᠦᠰᠦᠨ ᠬᠠᠲᠤᠨ ᠤ᠋ ᠰᠠᠢᠨ ᠢ᠋ ᠠᠰᠠᠭᠤᠭᠠᠳ ᠠᠯᠢᠪᠠ ᠤᠴᠢᠷ ᠢ᠋ ᠨᠡᠪᠲᠡᠷᠡᠭᠦᠯᠦᠮᠦᠢ》ᠭᠡᠮᠡᠨ ᠠᠰᠠᠭᠤᠭᠰᠠᠨ ᠳ᠋ᠤᠷ ᠵᠢᠨᠦᠩ ᠮᠤᠬᠤᠯᠢ ᠲᠠᠢᠽᠦ ᠶ᠋ᠢᠨ ᠰᠠᠨᠠᠭᠠᠨ ᠢ᠋ ᠮᠡᠳᠡᠭᠡᠳ ᠤᠷᠢᠳᠠ ᠲᠠᠪᠰᠢᠵᠤ ᠮᠡᠳᠡᠭᠦᠯᠦᠷᠦᠨ : 《ᠲᠦᠰᠢᠮᠡᠯ ᠪᠢ ᠤᠷᠢᠳᠠ ᠤᠯᠤᠰ ᠲᠤᠷ ᠡᠭᠡᠵᠦ ᠭᠡᠷ ᠢ᠋ ᠡᠷᠭᠢᠵᠦ᠂ ᠭᠠᠳᠠᠨ᠎ᠠ ᠶ᠋ᠢ ᠬᠠᠪᠰᠢᠰᠤᠭᠠᠢ᠂ ᠲᠡᠷᠢᠭᠦᠨ ᠠᠩᠭᠢ ᠴᠡᠷᠢᠭ ᠢ᠋ ᠲᠦᠰᠢᠮᠡᠯ ᠪᠢ ᠠᠪᠴᠤ ᠮᠣᠷᠳᠠᠰᠤᠭᠠᠢ! 》 ᠬᠡᠮᠡᠭᠰᠡᠨ ᠳ᠋ᠦ᠍ᠷ ᠲᠠᠢᠽᠦ ᠮᠤᠬᠤᠯᠢ ᠶ᠋ᠢᠨ ᠬᠣᠷᠭᠣᠯᠵᠢ ᠶ᠋ᠢᠨ ᠳᠠᠭᠤᠨ ᠢ᠋ ᠰᠣᠨᠣᠰᠴᠤ ᠴᠡᠷᠢᠭ ᠲᠡᠢᠨ ᠦ᠌ ᠤᠴᠢᠷ ᠪᠠᠢᠮᠤᠢ ᠊ᠶ᠎ᠠ ᠭᠡᠮᠡᠨ ᠰᠡᠵᠢᠭᠯᠡᠭᠰᠡᠨ ᠢ᠋ ᠮᠡᠳᠡᠭᠡᠳ ᠰᠡᠮᠡᠬᠡᠷ ᠪᠠᠶᠠᠷᠯᠠᠨ ᠵᠥᠪᠰᠢᠶᠡᠵᠦ ᠶᠡᠬᠡ ᠴᠡᠷᠢᠭ ᠢ᠋ ᠬᠣᠶᠠᠷ ᠬᠠᠭᠠᠰᠯᠠᠵᠤ᠂ ᠲᠡᠷᠢᠭᠦᠨ ᠠᠩᠭᠢ ᠳ᠋ᠤᠷ ᠨᠢᠭᠡᠨ ᠬᠠᠭᠠᠰ ᠢ᠋ ᠥᠭᠴᠦ ᠮᠣᠷᠳᠠᠭᠤᠯᠪᠠ᠂ ᠦᠯᠡᠭᠰᠡᠨ ᠨᠢᠭᠡᠨ ᠠᠩᠭᠢ ᠶ᠋ᠢ ᠨᠡᠢᠲᠡ ᠲᠠᠪᠤᠨ ᠪᠠᠭ ᠪᠣᠯᠭᠠᠨ ᠵᠣᠬᠢᠶᠠᠵᠤ᠂ ᠲᠡᠷᠢᠭᠦᠨ ᠪᠠᠭ ᠢ᠋ ᠰᠢᠷᠢ ᠬᠤᠲᠤᠭ ᠲᠤᠷ ᠵᠠᠬᠢᠷᠤᠭᠤᠯᠤᠨ᠂ ᠳᠡᠳ᠋ ᠪᠠᠭ ᠢ᠋ ᠬᠠᠰᠠᠷ ᠵᠠᠬᠢᠷᠴᠤ ᠭᠤᠲᠠᠭᠠᠷ ᠪᠠᠭ ᠢ᠋ ᠲᠠᠢᠽᠦ ᠣᠯᠠᠨ ᠵᠠᠩᠵᠤᠨ ᠨᠠᠷ ᠢ᠋ ᠠᠪᠴᠤ ᠵᠠᠬᠢᠷᠤᠭᠠᠳ ᠳᠥᠲᠥᠭᠡᠷ ᠪᠠᠭ ᠢ᠋ ᠵᠡᠯᠮ᠎ᠡ ᠵᠠᠬᠢᠷᠴᠤ ᠲᠠᠪᠤᠳᠤᠭᠠᠷ ᠪᠠᠭ ᠢ᠋ ᠬᠦᠯᠦᠭ ᠴᠢᠯᠠᠭᠤᠨ ᠵᠠᠬᠢᠷᠤᠭᠠᠳ ᠰᠡᠭᠦᠯ ᠢ᠋ ᠬᠠᠷᠢᠭᠤᠯᠤᠨ᠂ ᠶᠡᠬᠡ ᠴᠡᠷᠢᠭ ᠳᠠᠷᠠᠭ᠎ᠠ ᠳᠠᠷᠠᠭ᠎ᠠ ᠪᠠᠷ ᠬᠥᠳᠡᠯᠦᠨ ᠮᠣᠷᠳᠠᠵᠤ᠂ ᠬᠠᠮᠤᠭ ᠤ᠋ᠨ ᠰᠡᠭᠦᠯ ᠳ᠋ᠦ᠍ᠷ ᠰᠣᠯᠣᠩᠭᠣᠰ ᠤ᠋ᠨ ᠪᠤᠬ᠎ᠠ ᠴᠠᠭᠠᠨ ᠬᠠᠭᠠᠨ᠂ ᠲᠠᠪᠤᠨ ᠮᠣᠵᠢ ᠤᠯᠤᠰ ᠢᠷᠭᠡᠨ ᠪᠠ ᠮᠢᠩᠭᠠᠨ ᠲᠡᠷᠭᠡ ᠡᠳ᠋ ᠲᠠᠸᠠᠷ ᠢ᠋ᠶ᠋ᠠᠨ ᠠᠪᠴᠤ ᠥᠬᠢᠨ ᠢ᠋ᠶ᠋ᠡᠨ ᠰᠠᠷᠠᠨ ᠭᠦᠩᠵᠦ ᠪᠡᠨ ᠬᠥᠷᠥᠩᠭᠡ ᠵᠠᠰᠠᠯᠭ᠎ᠠ ᠲᠠᠢ ᠬᠦᠷᠭᠡᠵᠦ ᠢᠷᠡᠮᠦᠢ᠃ ᠲᠡᠭᠦᠨᠴᠡ ᠵᠢᠨᠦᠩ ᠮᠤᠬᠤᠯᠢ ᠶᠡᠬᠡ ᠲᠤᠭ ᠢ᠋ ᠡᠷᠭᠦᠨ ᠣᠯᠠᠨ ᠴᠡᠷᠢᠭ ᠢ᠋ ᠠᠪᠴᠤ ᠱᠠᠭᠠᠷᠳᠠᠨ ᠤᠷᠢᠳᠠ ᠤᠯᠤᠰ ᠲᠤᠷ ᠢ᠋ᠶ᠋ᠠᠨ ᠬᠦᠷᠴᠦ ᠢᠷᠡᠭᠡᠳ ᠥᠭᠡᠯᠦᠨ ᠥᠵᠢᠨ ᠦ᠌ ᠠᠮᠤᠭᠤᠯᠠᠩ ᠢ᠋ ᠡᠷᠢᠵᠦ᠂ ᠠᠯᠢᠪᠠ ᠶ᠋ᠢ ᠮᠡᠳᠡᠭᠦᠯᠵᠦ᠂ ᠰᠠᠢ ᠰᠡᠴᠡᠨ ᠵᠦᠰᠦᠨ ᠬᠠᠲᠤᠨ ᠤ᠋ ᠤᠷᠳᠣᠨ᠎ᠠ ᠢᠷᠡᠵᠦ᠂ ᠣᠷᠬᠢᠭᠤᠯ ᠤ᠋ᠨ ᠭᠠᠳᠠᠨ᠎ᠠ ᠰᠥᠭᠥᠳᠴᠦ ᠮᠥᠷᠭᠥᠬᠦᠶ᠎ᠡ᠂ ᠣᠷᠳᠣᠨ ᠤ᠋ ᠥᠬᠢᠳ ᠬᠣᠩᠭᠣᠷ ᠵᠤᠯᠠ ᠲᠡᠷᠢᠭᠦᠯᠡᠨ ᠮᠢᠷᠠᠯᠵᠠᠬᠤ ᠲᠤᠶᠠᠭᠠᠲᠤ ᠮᠠᠩᠨᠤᠭ ᠣᠷᠬᠢᠭᠤᠯ ᠢ᠋ ᠥᠨᠳᠥᠷ ᠡᠪᠬᠡᠨ ᠣᠷᠢᠶᠠᠵᠤ᠂ ᠮᠠᠰᠢ ᠰᠠᠢᠬᠠᠨ ᠽᠠᠨᠳᠠᠨ ᠬᠥᠬᠥᠯ ᠦ᠋ᠨ ᠦᠨᠦᠷ ᠠᠩᠬᠢᠯᠪᠠ ᠃ ᠲᠡᠳᠦᠢ ᠮᠤᠬᠤᠯᠢ ᠳᠣᠲᠣᠷ᠎ᠠ ᠪᠠᠨ ᠲᠠᠢᠽᠦ ᠶ᠋ᠢᠨ ᠰᠣᠯᠣᠩᠭᠣᠰ ᠠ᠋ᠴᠠ ᠰᠠᠷᠠᠨ ᠬᠠᠲᠤᠨ ᠢ᠋ ᠠᠪᠤᠭᠰᠠᠨ᠎ᠠ᠂ ᠵᠦᠰᠦᠨ ᠬᠠᠲᠤᠨ ᠡᠭᠡᠨᠡᠭᠲᠡ ᠡᠬᠡᠨᠡᠷ ᠬᠥᠮᠦᠨ ᠦ᠌ ᠵᠠᠩ ᠢ᠋ ᠳᠠᠭᠠᠵᠤ᠂ ᠳᠣᠲᠣᠷ᠎ᠠ ᠮᠠᠭᠠᠳ ᠪᠠᠬᠠᠨ ᠠᠮᠤᠷ ᠦᠭᠡᠢ ᠠᠳᠬᠠᠭ ᠲᠥᠷᠥᠬᠦ ᠪᠣᠢ ᠊ᠶ᠎ᠠ ᠭᠡᠮᠡᠨ ᠰᠡᠳᠬᠢᠭᠡᠳ ᠳᠠᠷᠤᠢ ᠵᠢᠷᠭᠤᠭᠠᠨ ᠵᠡᠷᠭᠡ ᠮᠥᠷᠭᠥᠵᠦ᠂ ᠡᠢᠨ ᠭᠡᠮᠡᠨ ᠮᠡᠳᠡᠭᠦᠯᠦᠷᠦᠨ – ᠲᠡᠷᠡ ᠬᠦ᠌ ᠬᠣᠯᠪᠣᠭᠰᠠᠨ ᠮᠡᠳᠡᠭᠦᠯᠦᠯ ᠦ᠋ᠨ ᠦᠭᠡᠰ ᠢᠨᠤ:
ᠪᠠᠳᠠᠷᠠᠩᠭᠤᠢ ᠰᠦᠷᠲᠦ ᠮᠠᠨ ᠤ᠋ ᠡᠵᠡᠨ ᠪᠡᠶ᠎ᠡ ᠪᠡᠷ
ᠪᠠᠢᠭᠤᠯᠬᠤ ᠲᠥᠷᠥ ᠳ᠋ᠦ᠍ᠷ ᠵᠣᠪᠠᠨ ᠵᠦᠳᠡᠵᠦ ᠵᠢᠳᠬᠦᠬᠦᠶᠡ ᠂
ᠪᠧᠲ᠋ᠠ᠋ ᠤᠯᠤᠰ ᠤ᠋ᠨ ᠵᠠᠬ᠎ᠠ ᠶ᠋ᠢᠨ ᠭᠠᠳᠠᠨ᠎ᠠ ᠭᠠᠷᠴᠤ
ᠪᠠᠰᠤᠮᠵᠢᠯᠠᠭᠰᠠᠨ ᠰᠣᠯᠣᠩᠭᠣᠰ ᠤ᠋ᠨ ᠲᠠᠪᠤᠨ ᠮᠣᠵᠢ ᠶ᠋ᠢ ᠳᠠᠭᠠᠭᠤᠯᠬᠤᠶᠠ ᠂
ᠪᠠᠬᠠᠷᠬᠠᠯᠲᠠᠢ ᠮᠡᠳᠡᠯᠳᠦ ᠴᠠᠭᠠᠨ ᠬᠠᠭᠠᠨ ᠠᠶᠤᠵᠤ
ᠪᠠᠢᠯᠳᠤᠯ ᠥᠭᠡᠶ᠎ᠡ ᠭᠦᠩᠵᠦ ᠶᠦ᠍ᠭᠡᠨ ᠥᠭᠴᠦ ᠳᠠᠭᠠᠶ᠎ᠠ ᠬᠡᠮᠡᠬᠦᠢ ᠳ᠋ᠦ᠍ᠷ
ᠪᠠᠲᠤ ᠵᠢᠷᠤᠮᠲᠤ ᠮᠠᠨ ᠤ᠋ ᠡᠵᠡᠨ ᠬᠢᠯᠢᠩᠯᠡᠵᠦ
ᠪᠠᠴᠢᠯᠠᠬᠤ ᠥᠩᠭᠡ ᠪᠡᠷ ᠨᠠᠮᠠᠶ᠋ᠢ ᠮᠡᠬᠡᠯᠡᠰᠦᠭᠡᠢ ᠬᠡᠮᠡᠪᠡ ᠭᠡᠵᠦ ᠂
ᠪᠠᠷᠠᠲᠠᠯ᠎ᠠ ᠠᠯᠠᠵᠤ ᠪᠠᠢᠭᠰᠠᠨ ᠪᠦᠬᠦᠨ ᠢ᠋ ᠲᠠᠢᠯᠠᠶ᠎ᠠ ᠬᠡᠮᠡᠬᠦᠢ ᠳ᠋ᠦ᠍ᠷ
ᠪᠠᠭ᠎ᠠ ᠶᠡᠬᠡ ᠰᠠᠢᠳ ᠲᠦᠰᠢᠮᠡᠳ ᠢ᠋ᠶ᠋ᠡᠷ ᠲᠠᠢᠯᠠᠬᠤᠢ ᠳ᠋ᠤᠷ ᠬᠦᠷᠪᠡᠰᠦ
ᠪᠠᠢᠨ ᠪᠠᠢᠭᠰᠠᠭᠠᠷ ᠬᠣᠶᠠᠷ ᠤᠯᠤᠰ ᠤ᠋ᠨ ᠵᠠᠩᠵᠤᠨ ᠴᠡᠷᠢᠭ ᠦ᠋ᠳ
ᠪᠠᠯᠪᠠᠷᠠᠨ ᠬᠡᠮᠬᠡᠷᠡᠵᠦ ᠮᠢᠩᠭ᠎ᠠ ᠲᠦᠮᠡᠨ ᠢ᠋ᠶ᠋ᠡᠷ ᠦᠬᠦᠬᠦ ᠲᠤᠯᠠ
ᠪᠠᠶᠠᠷ ᠤ᠋ᠨ ᠶᠣᠰᠣᠭᠠᠷ ᠳᠠᠭᠠᠭᠰᠠᠨ ᠢ᠋ ᠬᠣᠷᠢᠶᠠᠨ ᠠᠪᠤᠮᠤ ᠭᠡᠮᠡᠨ
ᠪᠠᠢᠨ ᠪᠠᠢᠨ ᠭᠤᠶᠤᠨ ᠮᠡᠳᠡᠭᠦᠯᠵᠦ ᠮᠥᠷᠭᠥᠨ ᠳᠤᠷᠠᠳᠬᠠᠭᠰᠠᠨ ᠢ᠋ᠶ᠋ᠠᠷ᠂
ᠪᠠᠭᠲᠠᠭᠠᠮᠵᠢᠲᠤ ᠡᠵᠡᠨ ᠮᠢᠨᠦ ᠠᠷᠭ᠎ᠠ ᠦᠭᠡᠢ ᠪᠣᠯᠤᠭᠠᠳ
ᠪᠠᠢᠭᠰᠠᠨ ᠣᠯᠠᠨ ᠵᠠᠩᠵᠤᠨ ᠴᠡᠷᠢᠭ ᠦ᠋ᠨ ᠬᠣᠬᠢᠷᠠᠬᠤ ᠠ᠋ᠴᠠ ᠭᠡᠲᠦᠯᠭᠡᠵᠦ ᠂
ᠪᠠᠷᠰ ᠤ᠋ᠨ ᠬᠤᠲᠠᠳᠤ ᠰᠣᠯᠣᠩᠭᠣᠰ ᠤ᠋ᠨ ᠭᠦᠩᠵᠦ ᠶ᠋ᠢ ᠠᠪᠴᠤ
ᠪᠠᠯᠠᠢ ᠶᠡᠬᠡ ᠲᠠᠪᠤᠨ ᠮᠣᠵᠢᠳᠤ ᠰᠣᠯᠣᠩᠭᠣᠰ ᠤᠯᠤᠰ ᠢ᠋ ᠳᠠᠭᠠᠭᠤᠯᠪᠠᠢ ᠃
ᠪᠠᠬᠠᠷᠬᠠᠬᠤ ᠥᠩᠭᠡ ᠳ᠋ᠦ᠍ᠷ ᠪᠠᠴᠢᠯᠠᠭᠳᠠᠵᠤ ᠠᠪᠤᠭᠰᠠᠨ ᠠᠨᠤ ᠪᠤᠰᠤ
ᠪᠠᠰᠠ ᠴᠤ᠌ ᠥᠪᠡᠷ ᠦ᠋ᠨ ᠪᠣᠭᠣᠯ ᠠᠯᠪᠠᠲᠤ ᠪᠠᠨ ᠥᠷᠥᠰᠢᠶᠡᠬᠦᠢ ᠶ᠋ᠢᠨ ᠤᠴᠢᠷ ᠪᠥᠯᠥᠭᠡ ᠂
ᠠᠭᠤᠳᠠᠮ ᠭᠡᠭᠡᠨ ᠵᠦᠰᠦᠨ ᠬᠠᠲᠤᠨ ᠡᠬᠡ ᠴᠢᠮ᠎ᠠ ᠳ᠋ᠤᠷ
ᠠᠯᠢᠪᠠ ᠤᠴᠢᠷ ᠢ᠋ ᠨᠠᠷᠢᠪᠴᠢᠯᠠᠨ ᠳᠣᠳᠣᠷᠬᠠᠶ᠎ᠠ ᠮᠡᠳᠡᠭᠦᠯ ᠭᠡᠮᠡᠨ ᠂
ᠠᠯᠪᠠᠲᠤ ᠪᠣᠭᠣᠯ ᠮᠤᠬᠤᠯᠢ ᠨᠠᠮᠠᠶ᠋ᠢ ᠳᠣᠪᠲᠣᠯᠭᠠᠨ ᠵᠠᠷᠤᠪᠠ
ᠠᠯᠲᠠᠨ ᠡᠬᠡ ᠠᠯᠤᠰᠲᠠᠨ ᠮᠡᠷᠭᠡᠨ ᠢ᠋ᠶ᠋ᠡᠷ ᠠᠪᠤᠷᠠᠯ ᠪᠠᠭᠲᠠᠭᠠᠬᠤ ᠠᠵᠢᠶᠠᠮᠤ ᠂
ᠠᠳᠠᠪᠠᠰᠢ ᠥᠩᠭᠡ ᠳ᠋ᠦ᠍ᠷ ᠳᠤᠷᠠᠰᠢᠶᠠᠵᠤ ᠠᠪᠤᠭᠰᠠᠨ ᠠᠨᠤ ᠪᠤᠰᠤ
ᠠᠷᠭ᠎ᠠ ᠦᠭᠡᠢ ᠤᠯᠤᠰ ᠢᠷᠭᠡᠨ ᠢ᠋ᠶ᠋ᠡᠨ ᠲᠥᠯᠥᠭᠡ ᠠᠪᠤᠭᠰᠠᠨ ᠪᠥᠯᠥᠭᠡ ᠂
ᠠᠰᠢᠳᠠ ᠲᠠᠴᠢᠶᠠᠬᠤ ᠶ᠋ᠢᠨ ᠣᠴᠢᠷ᠎ᠠ ᠠᠪᠤᠭᠰᠠᠨ ᠠᠨᠤ ᠪᠤᠰᠤ
ᠠᠯᠪᠠᠲᠤ ᠤᠯᠤᠰ ᠨᠡᠢᠲᠡ ᠶ᠋ᠢ ᠥᠷᠥᠰᠢᠶᠡᠬᠦᠢ ᠶ᠋ᠢᠨ ᠲᠤᠯᠠᠳᠠ ᠠᠪᠤᠭᠰᠠᠨ ᠪᠥᠯᠥᠭᠡ ᠃
ᠭᠡᠮᠡᠨ ᠲᠣᠯᠣᠭᠠᠢ ᠬᠣᠯᠪᠣᠨ ᠲᠣᠭᠠᠴᠢᠵᠤ ᠮᠡᠳᠡᠭᠦᠯᠦᠨ᠂ ᠲᠡᠷᠢᠭᠦᠨ ᠳᠠᠷᠤᠨ ᠲᠦᠴᠢᠭᠢᠨᠡᠲᠡᠯ᠎ᠡ ᠮᠥᠷᠭᠥᠭᠰᠡᠨ ᠳ᠋ᠦᠷ ᠰᠡᠴᠡᠨ ᠵᠦᠰᠦᠨ ᠪᠦᠷᠲᠡᠭᠡᠯᠵᠢᠨ ᠬᠠᠲᠤᠨ ᠢ᠋ᠶ᠋ᠠᠷ ᠰᠡᠴᠢᠭ ᠰᠡᠢᠯᠦᠮᠡᠯ ᠰᠢᠷᠡᠭᠡᠨ ᠳ᠋ᠡᠭᠡᠨ ᠰᠠᠭᠤᠭᠰᠠᠭᠠᠷ ᠂ ᠰᠡᠯᠡᠮᠬᠦᠨ ᠢ᠋ᠶ᠋ᠡᠷ ᠥᠴᠦᠬᠡᠨ ᠢᠨᠢᠶᠡᠵᠦ ᠰᠡᠷᠭᠦᠭᠡᠨ ᠤᠬᠠᠭᠤᠯᠵᠤ ᠬᠠᠷᠢᠭᠤ ᠵᠠᠬᠢᠷᠤᠨ – ᠲᠡᠷᠡ ᠵᠠᠬᠢᠶ᠎ᠠ ᠦᠭᠡᠰ ᠦ᠋ᠨ ᠲᠡᠷᠢᠭᠦᠨ ᠬᠣᠯᠪᠣᠵᠤ ᠪᠠᠭᠤᠯᠭᠠᠭᠰᠠᠨ ᠠᠨᠤ :
ᠬᠠᠲᠤᠨ ᠬᠡᠮᠡᠭᠴᠢ ᠬᠠᠭᠠᠨ ᠤ᠋ ᠭᠡᠷᠭᠡᠢ ᠪᠤᠶᠤ
ᠬᠠᠭᠠᠨ ᠬᠡᠮᠡᠭᠴᠢ ᠬᠠᠮᠤᠭ ᠤ᠋ᠨ ᠡᠵᠡᠨ ᠪᠤᠶᠤ ᠃
ᠬᠠᠷᠠᠴᠤ ᠬᠥᠮᠦᠨ ᠳ᠋ᠦ᠍ᠷ ᠭᠤᠷᠪᠠᠨ ᠲᠠᠲᠠᠪᠤᠷᠢ ᠠᠲᠠᠯ᠎ᠠ
ᠬᠠᠳ ᠨᠣᠶᠠᠳ ᠢ᠋ ᠨᠡᠩ ᠶᠠᠭᠤᠨ ᠥᠭᠦᠯᠡᠬᠦ !
ᠬᠠᠷᠢ ᠶᠡᠬᠡ ᠲᠠᠪᠤᠨ ᠮᠣᠵᠢ ᠤᠯᠤᠰ ᠠᠯᠪᠠᠲᠤ ᠶ᠋ᠢ
ᠬᠠᠢᠷ᠎ᠠ ᠥᠷᠥᠰᠢᠶᠡᠯ ᠢ᠋ᠶ᠋ᠡᠷ ᠣᠷᠣᠭᠤᠯᠵᠤ ᠠᠪᠤᠭᠰᠠᠨ ᠳ᠋ᠤᠷ ᠂
ᠬᠠᠲᠤᠨ ᠪᠢ ᠪᠠᠶᠠᠷᠯᠠᠨ ᠪᠠᠷᠠᠬᠤ ᠦᠭᠡᠢ ᠪᠥᠭᠡᠲᠡᠯ᠎ᠡ
ᠬᠠᠷᠠᠴᠤᠰ ᠲᠤᠷ ᠡᠯᠡᠭᠯᠡᠭᠳᠡᠬᠦ ᠵᠠᠩ ᠢ᠋ ᠭᠠᠷᠭᠠᠵᠤ ᠪᠣᠯᠤᠮᠤᠢ ᠤᠤ ?
ᠬᠠᠨ ᠬᠥᠪᠡᠭᠦᠨ ᠦ᠌ ᠬᠠᠲᠤᠨ ᠠᠨᠤ ᠪᠣᠯᠤᠭᠠᠳ
ᠬᠠᠷᠠᠮ ᠬᠠᠷᠭᠢᠰ ᠢ᠋ ᠬᠡᠷᠬᠢᠨ ᠮᠥᠷᠳᠡᠨ ᠳᠠᠭᠤᠷᠢᠶᠠᠵᠤ ᠪᠣᠯᠬᠤ ᠂
ᠬᠠᠰ ᠲᠠᠢᠪᠤᠤ ᠡᠵᠡᠨ ᠦ᠌ ᠡᠮ᠎ᠡ ᠪᠣᠯᠤᠭᠠᠳ
ᠬᠠᠯᠬᠠᠢ ᠶᠠᠭᠠᠬᠢᠨ ᠥᠴᠦᠬᠡᠨ ᠠᠷᠠᠳ ᠢ᠋ ᠳᠠᠭᠤᠷᠢᠶᠠᠵᠤ ᠪᠣᠯᠬᠤ ᠂
ᠬᠠᠷᠠᠬᠠᠨ ᠪᠢᠴᠢᠬᠠᠨ ᠠ᠋ᠴᠠ ᠬᠠᠨ ᠬᠥᠪᠡᠭᠦᠨ᠎ᠡ ᠬᠣᠯᠪᠣᠭᠠᠳ
ᠬᠠᠯᠭᠤᠤ ᠦᠭᠡᠢ ᠨᠢ ᠦᠯᠦ ᠮᠡᠳᠡᠬᠦ ᠶᠣᠰᠣ ᠪᠣᠢ ᠤᠤ !
ᠬᠠᠲᠤᠳ ᠬᠥᠪᠡᠭᠦᠳ ᠬᠡᠮᠡᠭᠴᠢ ᠬᠠᠳ ᠨᠣᠶᠠᠳ ᠤ᠋ᠨ ᠳᠡᠪᠡᠯ ᠬᠤᠪᠴᠠᠳ ᠪᠤᠶᠤ
ᠬᠠᠷᠢᠨ ᠬᠡᠳᠦᠢ ᠣᠯᠠᠨ ᠪᠣᠯᠪᠠᠴᠤ ᠨᠡᠩ ᠰᠠᠢᠨ ᠦᠭᠡᠢ ᠦᠦ ?
ᠬᠤᠯᠤᠰᠤᠲᠤ ᠨᠠᠭᠤᠷ ᠤ᠋ᠨ ᠬᠤᠨ ᠭᠠᠯᠠᠭᠤ ᠶ᠋ᠢᠨ ᠣᠯᠠᠨ ᠢ᠋
ᠬᠣᠷᠢᠵᠤ ᠬᠠᠷᠪᠤᠬᠤ ᠠᠨᠤ ᠡᠷ᠎ᠡ ᠬᠥᠮᠦᠨ ᠦ᠌ ᠴᠢᠳᠠᠯ !
ᠬᠣᠲᠠᠯᠠ ᠳ᠋ᠠᠬᠢᠨ ᠤ᠋ ᠬᠤᠪᠢ ᠬᠡᠰᠢᠭᠲᠦ ᠥᠬᠢᠳ ᠢ᠋
ᠬᠣᠷᠢᠶᠠᠨ ᠠᠴᠢᠷᠠᠬᠤ ᠠᠨᠤ ᠡᠵᠡᠨ ᠦ᠌ ᠮᠢᠨᠦ ᠡᠷᠳᠡᠮ ᠃
ᠡᠮᠨᠢᠭ ᠦ᠋ᠨ ᠳᠡᠭᠡᠷ᠎ᠡ ᠡᠮᠡᠭᠡᠯ ᠲᠣᠬᠣᠬᠤ ᠬᠢᠭᠡᠳ
ᠡᠮ᠎ᠡ ᠶ᠋ᠢᠨ ᠳᠣᠣᠷ᠎ᠠ ᠡᠮ᠎ᠡ ᠠᠪᠤᠮᠤᠢ ᠬᠡᠮᠡᠭᠴᠢ
ᠡᠷᠲᠡᠨ ᠡᠴᠡ ᠡᠭᠦᠷᠢᠳᠡ ᠲᠣᠭᠲᠠᠭᠰᠠᠨ ᠬᠡᠷᠡᠭ ᠂
ᠡᠭᠦᠨ ᠳ᠋ᠦ᠍ᠷ ᠴᠦ᠍ ᠶᠠᠮᠪᠠᠷ ᠬᠠᠷᠰᠢᠬᠤ ᠭᠠᠵᠠᠷ ᠪᠠᠢᠬᠤ
ᠡᠷᠲᠡᠨ ᠦ᠌ ᠦᠭᠡᠰ ᠲᠣᠷ ᠡᠰᠡᠨ ᠮᠡᠨᠳᠦ ᠢᠯᠡᠭᠦᠦ ᠳ᠋ᠦ᠍ ᠮᠠᠭᠤ ᠦᠭᠡᠢ ᠃
ᠡᠮᠭᠡᠭ ᠵᠣᠪᠠᠯᠠᠩ ᠳᠤᠲᠠᠭᠤ ᠳ᠋ᠤᠷ ᠰᠠᠢᠨ ᠦᠭᠡᠢ ᠦᠦ ᠬᠡᠮᠡᠭᠰᠡᠨᠴᠢᠯᠡᠨ
ᠡᠵᠡᠨ ᠦ᠌ ᠮᠢᠨᠦ ᠡᠷᠳᠡᠨᠢᠰ ᠦ᠋ᠨ ᠴᠣᠭᠴᠠᠰ ᠠᠮᠤᠭᠤᠯᠠᠩ ᠪᠣᠯᠪᠠᠰᠤ ᠪᠠᠷᠠᠪᠠᠢ ᠊ᠶ᠎ᠠ !
ᠡᠬᠡᠨᠡᠷ ᠠᠪᠤᠭᠰᠠ ᠲᠡᠷᠡ ᠴᠦ᠍ ᠶᠠᠮᠪᠠᠷ ᠴᠢᠬᠤᠯᠠ ᠬᠡᠷᠡᠭ ᠠᠵᠢ !
ᠡᠷ᠎ᠡ ᠬᠥᠮᠦᠨ ᠦ᠌ ᠠᠷᠪᠠᠨ ᠡᠬᠡᠨᠡᠷ ᠢ᠋ ᠵᠠᠷᠤᠴᠠᠯᠠᠬᠤ ᠪᠠ
ᠡᠬᠡᠨᠡᠷ ᠬᠥᠮᠦᠨ ᠦ᠌ ᠨᠢᠭᠡᠬᠡᠨ ᠡᠷ᠎ᠡ ᠶ᠋ᠢ ᠦᠢᠯᠡᠴᠢᠯᠡᠮᠦᠢ ᠬᠡᠮᠡᠭᠴᠢ ᠂
ᠡᠭᠦᠷᠢᠳᠡ ᠶ᠋ᠢᠨ ᠲᠣᠭᠲᠠᠭᠰᠠᠨ ᠡᠷᠬᠢᠮ ᠶᠠᠪᠤᠳᠠᠯ ᠪᠥᠭᠡᠲᠡᠯ᠎ᠡ
ᠡᠭᠦᠨ ᠢ᠋ ᠴᠦ᠍ ᠶᠠᠮᠪᠠᠷ ᠴᠢᠬᠤᠯᠠ ᠬᠡᠷᠡᠭ ᠭᠡᠮᠡᠨ ᠂
ᠡᠭᠦᠷᠢ ᠭᠠᠪᠢᠶᠠᠲᠤ ᠵᠢᠨᠦᠩ ᠴᠢᠮᠠᠶ᠋ᠢ ᠶ᠋ᠢ ᠵᠠᠷᠤᠵᠤ
ᠡᠳᠦᠢᠬᠡᠨ ᠦᠢᠯᠡ ᠶ᠋ᠢ ᠬᠡᠷᠡᠭ ᠪᠣᠯᠭᠠᠨ ᠬᠡᠯᠡᠯᠴᠡᠭᠦᠯᠬᠦ ᠠᠵᠢ !
ᠡᠭᠡᠵᠦ ᠡᠴᠢᠪᠡᠰᠦ ᠡᠵᠡᠨ ᠦ᠌ ᠠᠯᠲᠠᠨ ᠠᠮᠤᠭᠤᠯᠠᠩ ᠢ᠋ ᠡᠷᠢᠭᠡᠳ
ᠡᠳᠡᠭᠡᠷ ᠦᠭᠡᠰ ᠢ᠋ ᠡᠷᠬᠡᠪᠰᠢ ᠪᠦᠷᠢᠳᠬᠡᠨ ᠮᠡᠳᠡᠭᠦᠯ !
ᠭᠡᠮᠡᠨ ᠵᠠᠬᠢᠭᠰᠠᠨ ᠳ᠋ᠤᠷ ᠵᠢᠨᠦᠩ ᠮᠤᠬᠤᠯᠢ ᠡᠨᠡ ᠨᠢᠭᠡᠨ ᠠᠩᠭᠢ ᠵᠠᠬᠢᠶ᠎ᠠ ᠳ᠋ᠤᠷ ᠰᠢᠷ᠎ᠠ ᠦᠰᠦ ᠰᠡᠷᠬᠡᠢᠨ ᠪᠣᠰᠴᠤ ᠵᠢᠷᠦᠬᠡ ᠰᠥᠰᠥ ᠡᠴᠡ ᠪᠢᠰᠢᠷᠡᠨ ᠭᠠᠢᠬᠠᠵᠤ ᠪᠠᠰᠠ ᠵᠢᠷᠭᠤᠭᠠᠨᠲᠠ ᠮᠥᠷᠭᠥᠵᠦ ᠂ ᠭᠠᠷᠴᠤ ᠢᠷᠡᠭᠡᠳ ᠡᠳᠡᠭᠡᠷ ᠵᠠᠬᠢᠳᠠᠯ ᠢ᠋ ᠠᠪᠴᠤ ᠰᠢᠩᠬᠤᠲᠤ ᠦᠵᠦᠭ ᠢ᠋ᠶ᠋ᠡᠷ ᠬᠢᠴᠢᠶᠡᠨ ᠪᠢᠴᠢᠭᠦᠯᠵᠦ ᠠᠪᠤᠭᠠᠳ ᠶᠡᠬᠡ ᠴᠡᠷᠢᠭ ᠢ᠋ ᠳᠥᠷᠪᠡᠨ ᠵᠦᠭ ᠪᠠᠭᠤᠳᠠᠯᠠᠭᠤᠯᠵᠤ ᠂ ᠥᠪᠡᠷ ᠦ᠋ᠨ ᠪᠡᠶ᠎ᠡ ᠪᠡᠷ ᠳᠡᠳ᠋ ᠤᠭᠲᠤᠯᠭᠠᠨ ᠤ᠋ ᠠᠵᠢᠨᠠᠢ ᠮᠡᠷᠭᠡᠨ ᠯᠦ᠍ᠭᠡ ᠬᠠᠮᠲᠤ ᠡᠭᠡᠵᠦ ᠳᠣᠪᠲᠣᠯᠭᠠᠨ ᠵᠠᠬ᠎ᠠ ᠶ᠋ᠢᠨ ᠭᠠᠳᠠᠨ᠎ᠠ ᠡᠯᠢᠶ᠎ᠡ ᠬᠠᠷ᠎ᠠ ᠬᠡᠮᠡᠬᠦ ᠨᠡᠷ᠎ᠡ ᠲᠡᠢ ᠭᠠᠵᠠᠷ ᠲᠤᠷ ᠲᠠᠢᠽᠦ ᠳ᠋ᠦ᠍ᠷ ᠤᠭᠲᠤᠨ ᠵᠣᠯᠭᠠᠵᠤ ᠂ ᠮᠥᠷᠭᠥᠨ ᠠᠭᠤᠯᠵᠠᠭᠠᠳ ᠥᠭᠡᠯᠦᠨ ᠦᠵᠢᠨ ᠡᠮᠡᠭᠡ ᠶ᠋ᠢᠨ ᠠᠮᠤᠷ ᠲᠤᠩᠭᠠᠯᠠᠭ ᠪᠠ ᠵᠢᠴᠢ ᠵᠦᠰᠦᠨ ᠡᠬᠡ ᠶ᠋ᠢᠨ ᠡᠩᠬᠡ ᠰᠠᠢᠨ ᠢ᠋ ᠮᠡᠳᠡᠭᠦᠯᠵᠦ᠂ ᠳᠠᠷᠤᠢ ᠡᠬᠡ ᠵᠦᠰᠦᠨ ᠬᠠᠲᠤᠨ ᠤ᠋ ᠡᠶᠡᠪᠡᠷᠭᠦ ᠥᠭᠡᠰᠲᠦ ᠵᠠᠬᠢᠳᠠᠯ ᠪᠢᠴᠢᠭ ᠢ᠋ ᠡᠷᠭᠦᠨ ᠪᠠᠷᠢᠪᠠ᠃ ᠲᠠᠢᠽᠦ ᠨᠡᠭᠡᠭᠡᠵᠦ ᠦᠵᠡᠭᠡᠳ ᠴᠢᠷᠠᠢ ᠳ᠋ᠤᠷ ᠪᠠᠶᠠᠷ ᠤ᠋ᠨ ᠪᠠᠢᠳᠠᠯ ᠢᠯᠡᠷᠡᠵᠦ᠂ ᠲᠡᠷᠡ ᠪᠢᠴᠢᠭ ᠢ᠋ ᠣᠯᠠᠨ ᠰᠠᠢᠳ ᠲᠤᠷ ᠢ᠋ᠶ᠋ᠠᠨ ᠥᠭᠴᠦ ᠦᠵᠡᠭᠦᠯᠦᠨ ᠥᠭᠦᠯᠡᠷᠦᠨ : 《ᠡᠨᠡ ᠵᠠᠬᠢᠳᠠᠯ ᠢ᠋ ᠤᠯᠤᠰ ᠤ᠋ᠨ ᠡᠬᠡᠨᠡᠷ ᠪᠦᠬᠦᠢ ᠭᠡᠷ ᠲᠦ᠍ᠷ ᠲᠠᠷᠬᠠᠭᠠᠨ ᠵᠠᠷᠯᠠᠵᠤ ᠰᠤᠷᠭ᠎ᠠ! 》 ᠬᠡᠮᠡᠵᠦ ᠵᠠᠬᠢᠷᠤᠨ :
ᠡᠴᠢᠭᠡ ᠡᠬᠡ ᠶ᠋ᠢᠨ ᠮᠢᠨᠦ ᠡᠷᠭᠦᠵᠦ ᠥᠭᠭᠦᠭᠰᠡᠨ ᠬᠠᠲᠤᠨ ᠪᠤᠶᠤ
ᠡᠯᠡᠬᠦ ᠵᠣᠪᠠᠬᠤ ᠬᠣᠶᠠᠷ ᠢ᠋ ᠬᠠᠮᠲᠤᠳᠬᠠᠭᠰᠠᠨ ᠡᠯᠪᠡᠷᠢᠯᠳᠦ ᠵᠦᠰᠦᠨ ᠪᠥᠯᠥᠭᠡ ᠂
ᠡᠷᠬᠡᠭ ᠨᠢᠯᠬ᠎ᠠ ᠠ᠋ᠴᠠ ᠬᠣᠯᠪᠣᠭᠰᠠᠨ ᠡᠶᠡᠪᠡᠷᠭᠦ ᠬᠠᠲᠤᠨ ᠪᠤᠶᠤ
ᠡᠪᠳᠡᠷᠡᠬᠦ ᠪᠦᠲᠦᠬᠦ ᠬᠣᠶᠠᠷ ᠢ᠋ ᠬᠠᠮᠲᠤᠳᠬᠠᠭᠰᠠᠨ ᠡᠷᠳᠡᠮᠲᠦ ᠵᠦᠰᠦᠨ ᠪᠥᠯᠥᠭᠡ ᠂
ᠡᠴᠢᠭᠡ ᠶ᠋ᠢᠨ ᠮᠢᠨᠦ ᠢᠷᠦᠭᠡᠭᠰᠡᠨ ᠡᠭᠦᠷᠢᠳᠡ ᠶ᠋ᠢᠨ ᠬᠠᠲᠤᠨ ᠪᠤᠶᠤ
ᠡᠬᠡ ᠶ᠋ᠢᠨ ᠮᠢᠨᠦ ᠡᠯᠢᠭᠡᠰᠢᠭᠰᠡᠨ ᠡᠷᠭᠦᠮᠵᠢᠲᠦ ᠵᠦᠰᠦᠨ ᠪᠥᠯᠥᠭᠡ
ᠡᠩᠭᠡᠷ ᠨᠡᠢᠲᠡ ᠤᠯᠤᠰ ᠤ᠋ᠨ ᠡᠷᠭᠦᠭᠰᠡᠨ ᠬᠠᠲᠤᠨ ᠪᠤᠶᠤ
ᠡᠳᠡᠭᠡᠷ ᠪᠦᠬᠦ ᠤᠯᠤᠰ ᠠᠯᠪᠠᠲᠤ ᠳ᠋ᠦᠷ ᠥᠷᠥᠰᠢᠶᠡᠯᠲᠦ ᠵᠦᠰᠦᠨ ᠪᠥᠯᠥᠭᠡ ᠃
ᠡᠨᠡ ᠪᠡᠶ᠎ᠡ ᠵᠦᠳᠡᠬᠦᠶᠡ ᠠᠳᠠᠯᠢ ᠵᠦᠳᠡᠭᠰᠡᠨ ᠬᠠᠲᠤᠨ ᠪᠤᠶᠤ
ᠡᠷᠬᠡ ᠪᠡᠶ᠎ᠡ ᠵᠣᠪᠠᠬᠤᠶᠠ ᠠᠳᠠᠯᠢ ᠵᠣᠪᠠᠭᠰᠠᠨ ᠡᠷᠭᠦᠯᠳᠦ ᠵᠦᠰᠦᠨ ᠪᠥᠯᠥᠭᠡ ᠃
ᠡᠳᠡᠭᠡᠷ ᠬᠡᠦᠬᠡᠳ ᠢ᠋ ᠬᠥᠮᠦᠵᠢᠬᠦᠶᠡ ᠠᠯᠠᠩᠭᠢᠷ ᠢ᠋ᠶ᠋ᠠᠨ ᠬᠠᠳᠤᠪᠠ
ᠡᠨᠡ ᠡᠳᠦᠷ ᠲᠣᠷ ᠬᠦᠷᠴᠦ ᠢᠷᠡᠭᠡᠳ ᠪᠠᠰᠠ ᠡᠢᠮᠦ ᠦᠭᠡ ᠶ᠋ᠢ ᠬᠡᠯᠡᠪᠡ ᠃
ᠡᠷᠳᠡᠮ ᠥᠷᠥᠰᠢᠶᠡᠯᠲᠦ ᠰᠠᠢᠨ ᠡᠵᠡᠨ ᠤᠯᠤᠰ ᠤ᠋ᠨ ᠡᠷᠳᠡᠨᠢ
ᠡᠷᠬᠡ ᠤᠬᠠᠭᠠᠨᠲᠤ ᠰᠠᠢᠨ ᠲᠦᠰᠢᠮᠡᠯ ᠲᠥᠷᠥ ᠶ᠋ᠢᠨ ᠡᠷᠳᠡᠨᠢ ᠂
ᠡᠶᠡᠪᠡᠷᠭᠦ ᠮᠡᠷᠭᠡᠨ ᠰᠠᠢᠨ ᠡᠮ᠎ᠡ ᠭᠡᠷ ᠦ᠋ᠨ ᠡᠷᠳᠡᠨᠢ
ᠡᠯᠪᠡᠷᠢᠯ ᠲᠠᠬᠢᠮᠳᠠᠭᠤ ᠰᠠᠢᠨ ᠬᠥᠪᠡᠭᠦᠨ ᠡᠭᠦᠷᠢᠳᠡ ᠶ᠋ᠢᠨ ᠡᠷᠳᠡᠨᠢ ᠂
ᠭᠡᠮᠡᠨ ᠰᠠᠢᠰᠢᠶᠠᠭᠰᠠᠨ ᠢ᠋ ᠣᠶᠤᠲᠤ ᠰᠡᠴᠡᠨ ᠂ ᠰᠠᠢᠬᠠᠨ ᠰᠤᠷᠲᠠᠯᠲᠤ ᠨᠠᠷ ᠰᠢᠩᠬᠤᠲᠤ ᠦᠵᠦᠭ ᠢ᠋ᠶ᠋ᠡᠷ ᠬᠥᠬᠡ ᠳᠡᠪᠲᠦᠷᠡ ᠲᠡᠮᠳᠡᠭᠯᠡᠨ ᠪᠢᠴᠢᠵᠦ᠂ ᠪᠠᠰᠠ ᠣᠯᠠᠨ᠎ᠠ ᠲᠠᠷᠬᠠᠭᠠᠨ ᠵᠠᠷᠯᠠᠵᠤ ᠰᠤᠷᠭᠠᠯ ᠪᠣᠯᠭᠠᠪᠠ ᠃
ᠲᠡᠭᠦᠨᠴᠡ ᠤᠯᠤᠰ ᠤ᠋ᠨ ᠵᠠᠬ᠎ᠠ ᠳ᠋ᠤᠷ ᠪᠦᠬᠦ ᠪᠡᠯᠭᠦᠳᠡᠢ ᠭᠤᠲᠠᠭᠠᠷ ᠣᠳᠤᠯᠭᠠᠨ᠎ᠠ ᠤᠭᠲᠤᠵᠤ ᠂ ᠪᠤᠭᠤᠷᠤᠯ ᠳᠥᠲᠥᠭᠡᠷ ᠤᠲᠤᠯᠭᠠᠨ᠎ᠠ ᠤᠭᠲᠤᠵᠤ ᠂ ᠪᠤᠭᠤᠷᠵᠢ ᠪᠤᠷᠬᠠᠨ ᠭᠠᠯᠳᠤᠨ᠎ᠠ ᠳ᠋ᠤᠷ ᠭᠠᠷᠴᠤ ᠲᠠᠪᠤᠳᠤᠭᠠᠷ ᠣᠳᠤᠯᠭᠠᠨ᠎ᠠ ᠤᠭᠲᠤᠬᠤᠶ᠎ᠠ ᠂ ᠬᠣᠶᠠᠷ ᠨᠢᠯᠬ᠎ᠠ ᠡᠵᠡᠳ ᠥᠭᠡᠳᠡᠢ ᠂ ᠲᠣᠯᠢ ᠬᠣᠶᠠᠭᠤᠯᠠ ᠶ᠋ᠢ ᠠᠪᠴᠤ ᠮᠥᠷᠭᠥᠨ ᠵᠣᠯᠭᠠᠵᠤ ᠤᠭᠲᠤᠪᠠ᠃ ᠲᠠᠢᠽᠦ ᠠᠭᠤᠯᠠ ᠲᠠᠯ᠎ᠠ ᠪᠠᠨ ᠳᠠᠬᠢᠭᠠᠳ ᠣᠷᠳᠣᠨ ᠳ᠋ᠠᠭᠠᠨ ᠪᠠᠭᠤᠵᠤ᠂ ᠥᠭᠡᠯᠦᠨ ᠥᠵᠢᠨ ᠳ᠋ᠦ᠍ᠷ ᠮᠥᠷᠭᠥᠨ ᠵᠣᠯᠭᠠᠵᠤ ᠂ ᠰᠣᠯᠣᠩᠭᠣᠰ᠂ ᠭᠣᠷᠯᠣᠰ ᠪᠠ ᠨᠣᠬᠠᠢ ᠲᠣᠯᠣᠭᠠᠢᠲᠤ ᠤᠯᠤᠰ ᠵᠢᠴᠢ ᠥᠬᠢᠨ ᠵᠢᠰᠦᠲᠦ ᠵᠡᠷᠭᠡ ᠤᠯᠤᠰ ᠤ᠋ᠳ ᠢ᠋ ᠳᠠᠢᠯᠠᠭᠰᠠᠨ ᠢ᠋ ᠬᠡᠳᠦᠨ ᠵᠡᠷᠭᠡ ᠮᠡᠳᠡᠭᠦᠯᠵᠦ ᠂ ᠭᠣᠣᠯ ᠤ᠋ᠨ ᠰᠠᠷᠠᠨ ᠬᠠᠲᠤᠨ ᠢ᠋ᠶ᠋ᠠᠨ ᠶᠢᠰᠦ ᠶᠢᠰᠦᠨ ᠦ᠌ ᠪᠡᠯᠡᠭ ᠪᠠᠷᠢᠵᠤ ᠮᠥᠷᠭᠥᠭᠦᠯᠵᠦ ᠮᠡᠳᠡᠭᠦᠯᠦᠷᠦᠨ : 《ᠰᠣᠯᠣᠩᠭᠣᠰ ᠤ᠋ᠨ ᠲᠠᠪᠤᠨ ᠮᠣᠵᠢ ᠶ᠋ᠢ ᠲᠡᠷᠢᠭᠦᠯᠡᠭᠰᠡᠨ ᠪᠡᠯᠡᠭ ᠦ᠋ᠨ ᠰᠤᠯᠠ ᠪᠡᠷᠢ 》ᠬᠡᠮᠡᠬᠦᠢ ᠳ᠋ᠦ᠍ᠷ ᠥᠭᠡᠯᠦᠨ ᠦᠵᠢᠨ ᠪᠡᠶᠡᠰᠦᠨ ᠦᠵᠡᠪᠡᠰᠦ ᠂ ᠲᠡᠷᠡ ᠰᠠᠷᠠᠨ ᠬᠠᠲᠤᠨ ᠤ᠋ ᠥᠩᠭᠡ ᠵᠢᠰᠦ ᠦᠨᠡᠬᠡᠷ ᠲᠡᠭᠷᠢ ᠰᠠᠬᠢᠭᠤᠯᠰᠤᠨ ᠤ᠋ ᠬᠤᠪᠢᠯᠭᠠᠨ ᠥᠬᠢᠨ ᠮᠡᠲᠦ ᠭᠤᠸ᠎ᠠ ᠦᠵᠡᠰᠬᠦᠯᠡᠩ ᠠᠰᠤᠷᠤ ᠰᠠᠢᠬᠠᠨ ᠲᠤᠯᠠ ᠬᠡᠲᠦᠷᠬᠡᠶ᠎ᠡ ᠡᠨᠡᠷᠢᠨ ᠥᠷᠥᠰᠢᠶᠡᠵᠦ ᠨᠢᠭᠦᠯᠡᠰᠦᠨ ᠢᠷᠥᠭᠡᠵᠦ ᠱᠠᠩᠨᠠᠪᠠ᠃ ᠲᠡᠳᠦᠢ ᠪᠦᠷᠲᠡᠭᠡᠯᠵᠢᠨ ᠰᠡᠴᠡᠨ ᠵᠦᠰᠦᠨ ᠬᠠᠲᠤᠨ ᠳ᠋ᠤᠷ ᠮᠥᠨ ᠬᠦ᠌ ᠶᠢᠰᠦ ᠶᠢᠰᠦᠨ ᠦ᠌ ᠪᠡᠯᠡᠭ ᠪᠠᠷᠢᠭᠤᠯᠵᠤ ᠮᠥᠷᠭᠥᠭᠦᠯᠬᠦᠶᠡ ᠂ ᠵᠦᠰᠦᠨ ᠬᠠᠲᠤᠨ ᠪᠣᠰᠴᠤ ᠵᠣᠭᠰᠣᠨ ᠬᠠᠭᠠᠰ ᠶᠣᠰᠣᠯᠠᠯ ᠢ᠋ ᠬᠠᠷᠢᠭᠤᠯᠵᠤ ᠂ ᠪᠠᠰᠠ ᠶᠢᠰᠦᠨ ᠪᠡᠯᠡᠭ ᠦ᠋ᠨ ᠳᠥᠷᠪᠡᠨ ᠶᠢᠰᠦᠨ ᠦ᠌ ᠪᠡᠯᠡᠭ ᠢ᠋ ᠡᠭᠡᠭᠦᠯᠵᠦ ᠂ ᠳᠡᠰ ᠵᠡᠷᠭᠡ ᠶ᠋ᠢ ᠲᠣᠭᠲᠠᠭᠠᠰᠤᠭᠠᠢ ᠬᠡᠮᠡᠬᠦᠢ ᠳ᠋ᠦ᠍ᠷ ᠲᠠᠢᠽᠦ ᠦᠯᠦ ᠲᠠᠭᠠᠯᠠᠨ ᠵᠠᠬᠢᠷᠤᠨ : 《 ᠭᠠᠤᠯᠢ ᠤᠯᠤᠰ ᠢ᠋ ᠲᠠᠢᠯᠤᠶᠠ ᠭᠤᠶᠤᠵᠤ ᠥᠭᠭᠦᠭᠰᠡᠨ ᠭᠣᠣᠯ ᠤ᠋ᠨ ᠂ ᠰᠣᠯᠣᠩᠭᠣᠰ ᠤᠯᠤᠰ ᠢ᠋ ᠪᠠᠢᠯᠳᠤᠬᠤᠶ᠎ᠠ ᠰᠤᠨᠳᠠᠯᠠᠵᠤ ᠠᠴᠢᠷᠠᠭᠰᠠᠨ ᠭᠣᠣᠯ ᠤ᠋ᠨ ᠂ ᠮᠥᠬᠥᠬᠦ ᠡᠴᠡ ᠪᠡᠨ ᠠᠶᠤᠬᠤ ᠳ᠋ᠠᠭᠠᠨ ᠮᠥᠷᠭᠥᠵᠦ ᠳᠠᠭᠠᠭᠰᠠᠨ ᠥᠬᠢᠨ᠂ ᠡᠪᠳᠡᠷᠡᠬᠦ ᠡᠴᠡ ᠪᠡᠨ ᠠᠶᠤᠬᠤ ᠳ᠋ᠠᠭᠠᠨ ᠡᠷᠢᠵᠦ ᠳᠠᠭᠠᠭᠰᠠᠨ ᠡᠬᠡᠨᠡᠷ ᠂ ᠬᠠᠲᠤᠨ ᠴᠢ ᠲᠡᠷᠡ ᠮᠡᠲᠦ ᠬᠦᠨᠳᠦᠯᠡᠨ ᠡᠷᠭᠦᠬᠦ ᠴᠢᠨᠦ ᠶᠠᠭᠤᠨ ?》 ᠬᠡᠮᠡᠭᠰᠡᠨ ᠳ᠋ᠦ᠍ᠷ ᠵᠦᠰᠦᠨ ᠬᠠᠲᠤᠨ ᠬᠠᠷᠢᠭᠤ ᠮᠡᠳᠡᠭᠦᠯᠦᠷᠦᠨ :
ᠭᠠᠤᠯᠢ ᠤᠯᠤᠰ ᠢ᠋ ᠳᠠᠢᠯᠠᠬᠤᠶᠠ ᠳᠠᠭᠠᠭᠰᠠᠨ ᠠᠨᠤ ᠭᠣᠣᠯ ᠤ᠋ᠨ ᠰᠠᠷᠠᠨ ᠤ᠋ ᠰᠡᠴᠡᠨ
ᠰᠣᠯᠣᠩᠭᠣᠰ ᠤᠯᠤᠰ ᠢ᠋ ᠪᠠᠢᠯᠳᠤᠬᠤᠶ᠎ᠠ ᠳᠠᠭᠠᠭᠰᠠᠨ ᠠᠨᠤ ᠰᠤᠷᠲᠠᠯᠲᠤ ᠰᠠᠷᠠᠨ ᠤ᠋ ᠮᠡᠷᠭᠡᠨ
ᠮᠥᠬᠥᠬᠦ ᠪᠡᠨ ᠪᠣᠳᠣᠵᠤ ᠳᠠᠭᠠᠭᠰᠠᠨ ᠠᠨᠤ ᠮᠥᠩᠭᠥᠨ ᠦ᠌ ᠰᠠᠷᠠᠨ ᠤ᠋ ᠮᠢᠨᠦ ᠬᠥᠭᠡᠷᠦᠬᠦᠢ
ᠡᠪᠳᠡᠷᠡᠬᠦᠢ ᠪᠡᠨ ᠪᠣᠳᠣᠵᠤ ᠳᠠᠭᠠᠭᠰᠠᠨ ᠢᠨᠤ ᠡᠷᠳᠡᠮᠲᠦ ᠰᠠᠷᠠᠨ ᠮᠢᠨᠦ ᠬᠥᠭᠡᠷᠦᠬᠦᠢ
ᠮᠥᠷᠭᠥᠵᠦ ᠳᠠᠭᠠᠭᠰᠠᠨ ᠪᠣᠯᠪᠠᠴᠤ ᠮᠥᠩᠬᠡ ᠡᠵᠡᠨ ᠦ᠌ ᠮᠢᠨᠦ ᠬᠣᠷᠮᠣᠢ ᠳ᠋ᠤᠷ ᠬᠤᠷᠢᠶᠠᠭᠳᠠᠭᠰᠠᠨ ᠪᠣᠯᠠᠢ ᠂
ᠡᠷᠢᠵᠦ ᠳᠠᠭᠠᠭᠰᠠᠨ ᠪᠣᠯᠪᠠᠴᠤ ᠡᠷᠬᠡᠲᠦ ᠡᠵᠡᠨ ᠦ᠌ ᠮᠢᠨᠦ ᠡᠪᠦᠷ ᠲᠣᠷ ᠤᠴᠠᠷᠠᠭᠰᠠᠨ ᠪᠣᠯᠠᠢ ᠃
ᠳᠠᠢᠯᠠᠵᠤ ᠳᠠᠭᠠᠭᠤᠯᠤᠭᠰᠠᠨ ᠪᠣᠯᠪᠠᠴᠤ ᠳᠠᠮ ᠦᠭᠡᠢ ᠲᠩᠷᠢ ᠡᠴᠡ ᠵᠠᠶᠠᠭᠠᠲᠠᠢ ᠲᠤᠯᠠ
ᠪᠠᠢᠯᠳᠤᠵᠤ ᠳᠠᠭᠠᠭᠤᠯᠤᠭᠰᠠᠨ ᠪᠣᠯᠪᠠᠴᠤ ᠪᠠᠢᠯᠭᠦᠢ ᠤᠷᠢᠳᠤ ᠶ᠋ᠢᠨ ᠢᠷᠦᠭᠡᠯ ᠢ᠋ᠶ᠋ᠡᠷ ᠤᠴᠠᠷᠠᠯᠳᠤᠪᠠᠢ ᠶᠠ᠂
ᠠᠳᠠᠪᠠᠰᠢ ᠪᠢᠴᠢᠬᠠᠨ ᠪᠥᠭᠡᠲᠡᠯ᠎ᠡ ᠡᠴᠢᠭᠡ ᠳ᠋ᠡᠭᠡᠨ ᠡᠯᠪᠡᠷᠢᠯᠲᠡᠢ ᠢᠨᠤ ᠡᠪᠡᠦ ᠦᠨᠡᠬᠡᠷ ᠡᠨᠡᠷᠢᠯᠲᠡᠢ ᠬᠥᠭᠡᠷᠦᠬᠦᠢᠯᠡᠯᠲᠡᠢ
ᠡᠷᠬᠡᠭ ᠨᠢᠯᠬ᠎ᠠ ᠪᠥᠭᠡᠲᠡᠯ᠎ᠡ ᠠᠪᠤ ᠳ᠋ᠠᠭᠠᠨ ᠡᠯᠪᠡᠷᠢᠯᠲᠡᠢ ᠢᠨᠤ ᠠᠶ᠎ᠠ ᠶᠠᠭᠤᠲᠠᠢ ᠠᠰᠠᠷᠠᠯᠲᠠᠢ ᠬᠠᠢᠷᠠᠯᠠᠯᠲᠠᠢ ᠂
ᠨᠠᠰᠤ ᠬᠡᠳᠦᠢ ᠪᠠᠭ᠎ᠠ ᠪᠣᠯᠪᠠᠴᠤ ᠨᠠᠳᠠ ᠯᠤᠭ᠎ᠠ ᠨᠠᠮ ᠠᠨᠤ ᠨᠢᠭᠡᠨ᠎ᠡ ᠰᠠᠴᠠᠭᠤ ᠪᠣᠯᠠᠢ ᠨᠠᠢᠷ ᠲᠠᠯᠪᠢᠬᠤ ᠵᠦᠢ
ᠦᠭᠡ ᠬᠡᠳᠦᠢ ᠳᠣᠣᠷ᠎ᠠ ᠪᠣᠯᠪᠠᠴᠤ ᠥᠪᠡᠷ ᠯᠦ᠍ᠭᠡ ᠦᠶ᠎ᠡ ᠢᠨᠤ ᠳᠠᠩ ᠰᠠᠴᠠᠭᠤ ᠪᠣᠯᠠᠢ ᠂ ᠥᠷᠥᠰᠢᠶᠡᠨ ᠦᠵᠡᠪᠡᠰᠦ ᠵᠦᠢ ᠃
ᠬᠡᠮᠡᠭᠰᠡᠨ ᠳ᠋ᠦ᠍ᠷ ᠲᠠᠢᠽᠦ ᠵᠦᠰᠦᠨ ᠬᠠᠲᠤᠨ ᠤ᠋ ᠥᠨᠳᠥᠷ ᠰᠠᠭᠤᠳᠠᠯ ᠂ ᠥᠷᠥᠰᠢᠶᠡᠯ ᠨᠢᠭᠦᠯᠡᠰᠬᠦᠢ ᠶ᠋ᠢ ᠳᠣᠲᠣᠷ᠎ᠠ ᠪᠠᠨ ᠰᠡᠮᠡᠬᠡᠷ ᠰᠠᠢᠰᠢᠶᠠᠨ ᠭᠠᠢᠬᠠᠵᠤ ᠳᠠᠭᠤᠨ ᠭᠠᠷᠤᠭᠰᠠᠨ ᠦᠭᠡᠢ ᠃
ᠲᠡᠭᠦᠨᠴᠡ ᠬᠡᠳᠦᠨ ᠰᠠᠷ᠎ᠠ ᠶ᠋ᠢᠨ ᠳᠣᠲᠣᠷ᠎ᠠ ᠰᠠᠷᠠᠨ ᠬᠠᠲᠤᠨ ᠢ᠋ ᠰᠡᠴᠡᠨ ᠵᠦᠰᠦᠨ ᠬᠠᠲᠤᠨ ᠬᠠᠷᠠᠳᠠᠨ ᠦᠵᠡᠬᠦ ᠦᠭᠡᠢ ᠪᠡᠷ ᠦᠯᠦ ᠪᠠᠷᠠᠨ ᠂ ᠬᠠᠢᠷᠠᠯᠠᠨ ᠥᠷᠥᠰᠢᠶᠡᠬᠦ ᠢᠨᠤ ᠦᠨᠡᠬᠡᠷ ᠴᠢᠩ ᠦᠨᠡᠨ ᠢ᠋ ᠦᠵᠡᠭᠡᠳ ᠰᠠᠷᠠᠨ ᠬᠠᠲᠤᠨ ᠬᠠᠪᠠᠷ ᠪᠤᠷᠬᠢᠷᠠᠨ ᠂ ᠨᠢᠯᠪᠤᠰᠤᠨ ᠤᠨᠠᠭᠠᠵᠤ ᠂ ᠡᠯᠢᠭᠡ ᠵᠢᠷᠦᠬᠡ ᠡᠴᠡ ᠢᠭᠲᠦᠯᠦᠨ ᠪᠢᠰᠢᠷᠡᠵᠦ ᠰᠢᠲᠦᠨ ᠮᠥᠷᠭᠥᠭᠡᠳ ᠵᠦᠰᠦᠨ ᠬᠠᠲᠤᠨ ᠤ᠋ ᠬᠠᠵᠠᠭᠤᠳᠠ ᠵᠣᠭᠰᠣᠵᠤ ᠂ ᠬᠦᠨᠳᠦᠯᠡᠨ ᠬᠠᠯᠠᠰᠢᠷᠠᠯ ᠦᠭᠡᠢ ᠵᠠᠷᠤᠭᠳᠠᠨ ᠂ ᠬᠠᠮᠤᠭ ᠪᠦᠬᠦᠨ ᠳ᠋ᠦ᠍ᠷ ᠬᠢᠴᠢᠶᠡᠩᠭᠦᠢᠯᠡᠨ ᠂ ᠬᠠᠯᠠᠰᠢ ᠦᠭᠡᠢ ᠰᠦᠰᠦᠭᠯᠡᠬᠦᠢ ᠳ᠋ᠦ᠍ᠷ ᠬᠠᠢᠷ᠎ᠠ ᠶᠡᠬᠡᠲᠦ ᠵᠦᠰᠦᠨ ᠬᠠᠲᠤᠨ ᠤ᠋ ᠥᠷᠥᠰᠢᠶᠡᠨ ᠨᠢᠭᠦᠯᠡᠰᠬᠦᠢ ᠶ᠋ᠢ ᠴᠦ᠍ ᠪᠠᠢᠲᠤᠭᠠᠢ ᠂ ᠬᠠᠭᠠᠨ ᠵᠠᠶᠠᠭᠠᠲᠤ ᠲᠠᠢᠽᠦ ᠪᠣᠯᠪᠠᠴᠤ ᠰᠠᠷᠠᠨ ᠬᠠᠲᠤᠨ ᠢ᠋ ᠳᠣᠲᠣᠷ᠎ᠠ ᠪᠠᠨ ᠰᠡᠮᠡᠬᠡᠷ ᠲᠣᠭᠣᠮᠵᠢᠯᠠᠪᠠ᠃
ᠡᠨᠡ ᠦᠶ᠎ᠡ ᠳ᠋ᠦ᠍ᠷ ᠲᠠᠢᠽᠦ ᠵᠡᠭᠦᠨ ᠳᠥᠷᠪᠡᠨ ᠤᠯᠤᠰ ᠠ᠋ᠴᠠ ᠣᠯᠵᠠᠯᠠᠭᠰᠠᠨ ᠠᠯᠪᠠ ᠪᠠ ᠡᠳ᠋ ᠲᠠᠸᠠᠷ ᠢ᠋ ᠭᠡᠷ ᠲᠦ᠍ ᠪᠡᠨ ᠤᠯᠤᠰ ᠢ᠋ ᠰᠠᠬᠢᠭᠰᠠᠨ ᠴᠡᠷᠢᠭ ᠲᠦ᠍ᠷ ᠬᠦᠨᠳᠦᠳᠡ ᠱᠠᠩᠨᠠᠨ ᠲᠦᠭᠡᠭᠡᠵᠦ ᠂ ᠭᠠᠳᠠᠨ᠎ᠠ ᠳᠠᠭᠠᠭᠰᠠᠨ ᠪᠠ ᠤᠯᠤᠰ ᠢ᠋ ᠰᠠᠬᠢᠭᠰᠠᠨ ᠢ᠋ ᠴᠥᠮ ᠳᠠᠩ ᠲᠡᠭᠰᠢ ᠲᠡᠢ ᠢᠯᠭᠠᠨ ᠰᠠᠯᠭᠠᠨ ᠱᠠᠩᠨᠠᠨ ᠥᠭᠴᠦ ᠲᠡᠭᠦᠰᠦᠭᠰᠡᠨ ᠲᠤᠯᠠ ᠴᠠᠭᠠᠨ ᠬᠠᠭᠠᠨ ᠮᠥᠨ ᠤᠯᠤᠰ ᠲᠤᠷ ᠢ᠋ᠶ᠋ᠠᠨ ᠡᠭᠡᠵᠦ ᠭᠣᠷᠯᠣᠰ ᠪᠠ ᠨᠣᠬᠠᠢ ᠲᠣᠯᠣᠭᠠᠢᠲᠤ ᠂ ᠥᠬᠢᠨ ᠵᠢᠰᠦᠲᠦ ᠭᠤᠷᠪᠠᠨ ᠤᠯᠤᠰ ᠢ᠋ ᠬᠠᠮᠲᠤᠳᠠ ᠬᠠᠮᠢᠶᠠᠷᠤᠨ ᠵᠠᠬᠢᠷᠤᠮᠤᠢ ᠃
ᠲᠡᠭᠦᠨᠴᠡ ᠪᠧᠲ᠋ᠠ᠋ ᠤᠯᠤᠰ ᠨᠡᠩ ᠪᠠᠶᠠᠨ ᠡᠯᠪᠡᠭ ᠪᠣᠯᠵᠤ ᠤᠯᠤᠰ ᠲᠤᠷ ᠥᠪᠡᠷ᠎ᠡ ᠬᠡᠷᠡᠭ ᠦᠭᠡᠢ ᠂ ᠬᠡᠷᠡᠢᠳ ᠦ᠋ᠨ ᠴᠤᠤ ᠦᠭᠡᠰ ᠦ᠋ᠨ ᠮᠡᠳᠡᠭᠡ ᠮᠥᠨ ᠨᠠᠮ ᠪᠣᠯᠤᠭᠰᠠᠨ ᠲᠤᠯᠠ ᠲᠠᠢᠽᠦ ᠮᠥᠨ ᠴᠡᠷᠢᠭ ᠮᠣᠷᠢ ᠪᠠᠨ ᠪᠣᠯᠪᠠᠰᠤᠷᠠᠭᠤᠯᠬᠤ ᠶ᠋ᠢᠨ ᠲᠤᠯᠠ ᠲᠦᠮᠡᠨ ᠠᠪᠠ ᠪᠠᠷ ᠲᠠᠢᠴᠢᠭᠤᠳ ᠠᠢᠮᠠᠭ ᠤ᠋ᠨ ᠭᠠᠵᠠᠷ᠎ᠠ ᠂ ᠲᠠᠷᠢᠶᠠᠲᠤ ᠶ᠋ᠢᠨ ᠲᠠᠯ᠎ᠠ ᠂ ᠳᠠᠢᠲ᠋ᠤ ᠶ᠋ᠢᠨ ᠭᠣᠣᠯ ᠬᠡᠮᠡᠬᠦ ᠭᠠᠵᠠᠷ᠎ᠠ ᠠᠪᠠ ᠬᠢᠬᠦᠶ᠎ᠡ ᠂ ᠲᠠᠢᠴᠢᠭᠤᠳ ᠠᠢᠮᠠᠭ ᠤ᠋ᠨ ᠬᠠᠭᠤᠴᠢᠨ ᠡᠵᠡᠨ ᠂ ᠳᠤᠲᠠᠭᠠᠵᠤ ᠵᠠᠪᠬᠠᠷᠠᠭᠰᠠᠨ ᠨᠢᠭᠡᠨ ᠲᠡᠷᠢᠭᠦᠯᠡᠭᠴᠢ – ᠴᠢᠯᠭᠡᠷ ᠪᠥᠬᠡ ᠬᠡᠮᠡᠭᠴᠢ ᠬᠥᠮᠦᠨ ᠪᠤᠰᠤ ᠤᠯᠤᠰ ᠠ᠋ᠴᠠ ᠨᠢᠭᠡ ᠠᠩᠭᠢ ᠬᠤᠯᠠᠭᠠᠢ ᠴᠡᠷᠢᠭ ᠠᠴᠢᠷᠠᠵᠤ ᠂ ᠡᠨᠡ ᠲᠠᠷᠢᠶᠠᠲᠤ ᠶ᠋ᠢᠨ ᠲᠠᠯ᠎ᠠ ᠶ᠋ᠢᠨ ᠠᠪᠠ ᠳ᠋ᠤᠷ ᠪᠠᠰᠠ ᠨᠢᠭᠡᠨ ᠬᠡᠷᠡᠭ ᠭᠠᠷᠭᠠᠪᠠ ᠃ ᠶᠠᠮᠪᠠᠷ ᠬᠡᠷᠡᠭ ? ᠬᠡᠮᠡᠪᠡᠰᠦ : ᠤᠭ ᠠ᠋ᠴᠠ ᠬᠡᠷᠡᠢᠳ ᠦ᠋ᠨ ᠢᠯᠠᠭᠤ ᠪᠠᠷ ᠨᠠᠢ᠍ᠮᠠᠨ ᠶᠡᠬᠡ ᠤᠯᠤᠰ ᠢ᠋ ᠨᠡᠢᠯᠡᠭᠦᠯᠵᠦ ᠂ ᠪᠧᠲ᠋ᠠ᠋ ᠤᠯᠤᠰ ᠢ᠋ ᠡᠷᠲᠡᠬᠡᠨ ᠳᠠᠢᠯᠠᠨ ᠠᠷᠢᠯᠭᠠᠰᠤᠭᠠᠢ ᠬᠡᠮᠡᠭᠰᠡᠭᠡᠷ ᠰᠠᠨᠠᠮᠰᠠᠷ ᠦᠭᠡᠢ ᠪᠢᠴᠢᠭ ᠵᠥᠭᠡᠭᠡᠬᠦ ᠡᠯᠴᠢ ᠪᠠᠷᠢᠭᠳᠠᠵᠤ ᠬᠡᠷᠡᠭ ᠵᠠᠳᠠᠷᠠᠭᠠᠳ ᠭᠡᠳᠡᠷᠭᠦ ᠬᠠᠷᠢᠨ ᠂ ᠰᠣᠯᠣᠩᠭᠣᠰ ᠂ ᠭᠣᠷᠯᠣᠰ ᠂ ᠨᠣᠬᠠᠢ ᠲᠣᠯᠣᠭᠠᠢᠲᠤ ᠂ ᠥᠬᠢᠨ ᠵᠢᠰᠦᠲᠦ ᠳᠥᠷᠪᠡᠨ ᠶᠡᠬᠡ ᠤᠯᠤᠰ ᠢ᠋ ᠳᠠᠭᠠᠭᠤᠯᠵᠤ ᠂ ᠠᠯᠪᠠ ᠢᠳᠡᠬᠦᠢ ᠳ᠋ᠦ᠍ᠷ ᠬᠦᠷᠦᠭᠰᠡᠨ ᠳ᠋ᠦ᠍ᠷ ᠢᠯᠠᠭᠤ ᠨᠡᠩ ᠰᠢᠲᠦ ᠵᠠᠭᠠᠲᠤᠨᠠᠨ ᠲᠡᠰᠬᠦ ᠠᠯᠳᠠᠷᠠᠵᠤ ᠂ ᠪᠠᠰᠠ ᠦᠯᠡᠳᠡᠭᠰᠡᠨ ᠳᠣᠯᠣᠭᠠᠨ ᠶᠡᠬᠡ ᠤᠯᠤᠰ ᠯᠤᠭ᠎ᠠ ᠵᠠᠮᠤᠬ᠎ᠠ ᠶ᠋ᠢ ᠡᠯᠴᠢ ᠶᠠᠪᠤᠭᠤᠯᠤᠨ ᠵᠥᠪᠳᠡᠵᠦ ᠂ ᠲᠠᠢᠽᠦ ᠶ᠋ᠢ ᠤᠯᠤᠰ ᠲᠤᠷ ᠢ᠋ᠶ᠋ᠠᠨ ᠦᠭᠡᠢ ᠬᠣᠭᠣᠷᠣᠨᠳᠣ ᠴᠢᠯᠦᠭᠡᠳᠡᠵᠦ ᠂ ᠨᠢᠭᠡᠨ ᠵᠡᠷᠭᠡ ᠰᠠᠢᠲᠤᠷ ᠲᠠᠪᠴᠢᠯᠠᠰᠤᠭᠠᠢ ᠭᠡᠮᠡᠨ ᠪᠥᠬᠥᠶ᠎ᠡ ᠂ ᠪᠠᠰᠠ ᠰᠠᠨᠠᠮᠰᠠᠷ ᠦᠭᠡᠢ ᠪᠧᠲ᠋ᠠ᠋ ᠤᠯᠤᠰ ᠲᠤᠷᠰᠢᠵᠤ ᠣᠯᠤᠭᠠᠳ ᠲᠠᠢᠽᠦ ᠶ᠋ᠢᠨ ᠬᠣᠢᠨ᠎ᠠ ᠠ᠋ᠴᠠ ᠬᠥᠮᠦᠨ ᠡᠴᠢᠵᠦ ᠂ ᠲᠠᠢᠽᠦ ᠡᠭᠡᠵᠦ ᠢᠷᠡᠭᠰᠡᠨ᠎ᠡ ᠨᠡᠩ ᠠᠷᠭ᠎ᠠ ᠦᠭᠡᠢ ᠪᠣᠯᠵᠤ ᠂ ᠤᠷᠢᠳᠠ ᠶ᠋ᠢᠨ ᠵᠥᠪᠳᠡᠭᠰᠡᠨ ᠬᠡᠳᠦᠨ ᠤᠯᠤᠰ ᠨᠡᠩᠳᠡ ᠠᠮᠤᠷ ᠦᠭᠡᠢ ᠪᠣᠯᠵᠤ ᠂ ᠢᠯᠠᠭᠤ ᠪᠠᠰᠠ ᠬᠦ᠌ ᠵᠠᠮᠤᠬ᠎ᠠ ᠯᠤᠭ᠎ᠠ ᠪᠠᠨ ᠣᠳᠣ ᠬᠡᠷᠬᠡᠬᠦ ᠶ᠋ᠢ ᠵᠥᠪᠳᠡᠬᠦᠢ ᠳ᠋ᠦ᠍ᠷ ᠵᠠᠮᠤᠬ᠎ᠠ ᠥᠭᠦᠯᠡᠷᠦᠨ:《ᠡᠳᠦᠭᠡ ᠰᠣᠯᠣᠩᠭᠣᠰ ᠤ᠋ᠨ ᠪᠤᠬ᠎ᠠ ᠴᠠᠭᠠᠨ ᠬᠠᠭᠠᠨ ᠨᠢᠭᠡᠨᠲᠡ ᠲᠡᠮᠦᠵᠢᠨ ᠳ᠋ᠦ᠍ᠷ ᠥᠬᠢᠨ ᠢ᠋ᠶ᠋ᠡᠨ ᠡᠷᠭᠦᠵᠦ ᠪᠣᠭᠣᠯ ᠪᠣᠯᠤᠨ ᠳᠠᠭᠠᠭᠰᠠᠨ ᠲᠤᠯᠠ ᠨᠢᠭᠡᠨᠲᠡ ᠬᠡᠯᠡᠯᠴᠡᠬᠦ ᠬᠡᠷᠡᠭ ᠦᠭᠡᠢ ᠪᠣᠯᠪᠠ ᠃ ᠪᠢ ᠦᠵᠡᠪᠡᠰᠦ ᠡᠨᠡ ᠬᠡᠳᠦᠨ ᠶᠡᠬᠡ ᠤᠯᠤᠰ ᠤ᠋ᠨ ᠡᠵᠡᠳ ᠦ᠋ᠨ ᠳᠣᠲᠣᠷ᠎ᠠ ᠬᠠᠷᠢᠨ ᠴᠤ᠌ ᠰᠢᠷ᠎ᠠ ᠰᠠᠷᠲᠠᠭᠤᠯ ᠤ᠋ᠨ ᠰᠠᠷᠯᠠᠭ ᠤᠯᠤᠰ ᠤ᠋ᠨ ᠡᠵᠡᠨ ᠂ ᠵᠠᠯᠢᠲᠤ ᠰᠦᠯᠳᠡ ᠬᠠᠭᠠᠨ ᠤ᠋ ᠠᠷᠭ᠎ᠠ ᠵᠠᠯᠢ᠂ ᠮᠡᠷᠭᠡᠨ ᠪᠣᠳᠣᠯᠭ᠎ᠠ ᠤᠬᠠᠭᠠᠨ ᠬᠦᠷᠦᠯᠴᠡᠮᠦᠢ᠃ ᠵᠠᠩ ᠪᠠᠰᠠ ᠲᠠᠰᠤᠷᠬᠠᠢ᠂ ᠡᠷ᠎ᠡ ᠮᠥᠨ ᠴᠢᠭᠢᠷᠠᠭ ᠂ ᠲᠡᠭᠦᠨ ᠯᠦ᠍ᠭᠡ ᠵᠥᠪᠳᠡᠵᠦ ᠪᠣᠯᠣᠮᠢ ᠂ ᠵᠢᠴᠢ ᠭᠣᠷᠯᠣᠰ ᠤ᠋ᠨ ᠨᠠᠷᠠᠨ ᠬᠠᠭᠠᠨ ᠂ ᠡᠳᠦᠭᠡ ᠬᠡᠳᠦᠢ ᠳᠠᠷᠤᠯᠠᠭᠳᠠᠭᠰᠠᠨ ᠳ᠋ᠤᠷ ᠢ᠋ᠶ᠋ᠠᠨ ᠬᠣᠷᠣᠰᠪᠠᠴᠤ ᠨᠢᠭᠡᠨ ᠳ᠋ᠦ᠍ᠷ ᠭᠠᠵᠠᠷ ᠬᠣᠯᠠ ᠂ ᠬᠣᠶᠠᠷ ᠲᠤᠷ ᠲᠡᠷᠡᠬᠡᠨ ᠡᠳᠦᠷ ᠳᠠᠭᠠᠭᠰᠠᠨ ᠲᠤᠯᠠ ᠨᠢᠭᠡᠨᠲᠡ ᠰᠥᠰᠥ ᠬᠡᠮᠬᠡᠷᠡᠵᠦᠬᠦᠢ ᠪᠠᠰᠠ ᠪᠣᠯᠬᠤ ᠦᠭᠡᠢ ᠃ ᠵᠢᠴᠢ ᠪᠠᠷᠠᠭᠤᠨ ᠯᠢᠶᠣᠤ ᠶ᠋ᠢᠨ ᠨᠠᠢ᠍ᠮᠠᠨ ᠤᠯᠤᠰ ᠤ᠋ᠨ ᠲᠠᠢᠶᠠᠩ ᠬᠠᠭᠠᠨ ᠂ ᠮᠠᠨ ᠯᠤᠭ᠎ᠠ ᠪᠠᠰᠠ ᠵᠣᠬᠢᠰ ᠦᠭᠡᠢ᠂ ᠬᠡᠯᠡᠬᠦᠢ ᠳ᠋ᠦ᠍ᠷ ᠬᠡᠳᠦᠢ ᠬᠠᠮᠲᠤᠳᠠᠶᠠ ᠬᠡᠮᠡᠬᠦ ᠪᠣᠯᠪᠠᠴᠤ ᠬᠡᠬᠦᠳᠡᠭ ᠲᠣᠷ ᠥᠪᠡᠷ᠎ᠡ ᠰᠠᠨᠠᠭᠠᠨ ᠡᠪᠦᠷᠯᠡᠵᠦ ᠪᠦᠬᠦᠢ ᠶ᠋ᠢ ᠦᠭᠡᠢ ᠪᠣᠯᠭᠠᠬᠤᠶ᠎ᠠ ᠪᠡᠷᠬᠡ ᠃ ᠲᠡᠢᠨ ᠬᠦ᠌ ᠮᠥᠨ ᠲᠤᠰᠠ ᠦᠭᠡᠢ ᠃ ᠣᠳᠣ ᠲᠣᠭᠮᠤᠭ ᠤᠯᠤᠰ ᠤ᠋ᠨ ᠮᠡᠬᠡᠲᠦ ᠰᠦᠯᠳᠡ ᠬᠠᠭᠠᠨ ᠬᠠᠷᠢᠨ ᠴᠤ᠌ ᠰᠠᠢᠨ ᠡᠷ᠎ᠡ ᠂ ᠪᠠᠭᠠᠲᠤᠷ ᠬᠦᠴᠦᠲᠡᠢ ᠂ ᠰᠠᠷᠯᠠᠭ ᠪᠠ ᠲᠣᠭᠮᠣᠭ ᠬᠣᠶᠠᠷ ᠤᠯᠤᠰ ᠢ᠋ ᠨᠡᠢᠯᠡᠭᠦᠯᠪᠡᠰᠦ ᠡᠨᠡ ᠬᠡᠷᠡᠭ ᠢ᠋ ᠪᠦᠲᠦᠭᠡᠪᠡᠰᠦ ᠪᠣᠯᠤᠮᠤᠢ ! 》 ᠬᠡᠮᠡᠭᠰᠡᠨ ᠳ᠋ᠦ᠍ᠷ ᠢᠯᠠᠭᠤ ᠶᠡᠬᠡᠯ᠎ᠡ ᠪᠠᠶᠠᠷᠯᠠᠨ ᠥᠭᠦᠯᠡᠷᠦᠨ : 《ᠡᠨᠡ ᠠᠷᠭ᠎ᠠ ᠶ᠋ᠢ ᠦᠨᠡᠬᠡᠷ ᠠᠬ᠎ᠠ ᠴᠢᠮ᠎ᠠ ᠠ᠋ᠴᠠ ᠥᠪᠡᠷ᠎ᠡ ᠬᠡᠨ ᠬᠥᠮᠦᠨ ᠡᠴᠢᠵᠦ ᠪᠦᠲᠦᠭᠡᠨ ᠴᠢᠳᠠᠬᠤ ᠠᠵᠢ! ᠡᠷᠭᠢᠨ ᠠᠬ᠎ᠠ ᠬᠡᠷᠬᠢᠨ ᠠᠯᠵᠠᠭᠤᠷᠠᠵᠤ ᠪᠣᠯᠬᠤ ? ᠭᠠᠭᠴᠠ ᠣᠳᠣᠬᠠᠨ ᠴᠤ᠌ ᠤᠷᠢᠳᠠ ᠶ᠋ᠢᠨ ᠡᠩᠭᠦᠳ ᠪᠠ ᠵᠠᠷᠤᠳ ᠯᠤᠭ᠎ᠠ ᠵᠥᠪᠳᠡᠭᠰᠡᠨ ᠮᠡᠲᠦ ᠮᠡᠳᠡᠭᠳᠡᠨ ᠰᠡᠷᠡᠭᠳᠡᠬᠦᠢ ᠳ᠋ᠦ᠍ᠷ ᠪᠢᠲᠡᠭᠡᠢ ᠬᠦᠷᠦᠭᠦᠯᠦᠭᠲᠦᠨ! 》 ᠬᠡᠮᠡᠬᠦᠢ ᠳ᠋ᠦ᠍ᠷ ᠵᠠᠮᠤᠬ᠎ᠠ ᠶᠠᠩᠰᠢᠨ ᠪᠥᠭᠰᠢᠵᠦ ᠶᠡᠬᠡᠯ᠎ᠡ ᠢᠨᠢᠶᠡᠨ ᠥᠭᠦᠯᠡᠷᠦᠨ : 《 ᠥᠴᠦᠬᠡᠨ ᠬᠥᠮᠦᠨ ᠢ᠋ᠶ᠋ᠡᠷ ᠬᠡᠷᠬᠢᠨ ᠶᠡᠬᠡ ᠬᠡᠷᠡᠭ ᠦ᠋ᠨ ᠡᠯᠴᠢ ᠪᠣᠯᠭᠠᠵᠤ ᠪᠣᠯᠬᠤ! 》ᠬᠡᠮᠡᠭᠰᠡᠨ ᠳ᠋ᠦ᠍ᠷ ᠢ ᠰᠢᠨ᠎ᠡ ᠸᠠᠩ ᠢᠯᠠᠭᠤ ᠳᠠᠷᠤᠢ ᠬᠤᠷᠢᠮ ᠬᠤᠷᠢᠮᠯᠠᠵᠤ ᠮᠣᠷᠳᠠᠭᠤᠯᠬᠤᠶᠠ᠂ ᠵᠠᠮᠤᠬ᠎ᠠ : 《ᠸᠠᠩ ᠳᠡᠭᠦᠦ ᠮᠢᠨᠦ ᠂ ᠡᠨᠡ ᠤᠳᠠᠭ᠎ᠠ ᠡᠴᠢᠵᠦ ᠬᠡᠯᠡᠯᠴᠡᠬᠦ ᠶ᠋ᠢ ᠦᠵᠡ! 》ᠭᠡᠮᠡᠨ ᠬᠦᠨᠳᠦ ᠪᠡᠯᠩ ᠦ᠋ᠨ ᠡᠳ᠋ ᠢ᠋ ᠪᠡᠯᠡᠳᠬᠡᠨ ᠠᠪᠴᠤ ᠬᠣᠷᠢᠭᠠᠳ ᠮᠣᠷᠢᠲᠠᠨ ᠢ᠋ ᠠᠷᠠᠯᠵᠢᠶᠠᠨ ᠤ᠋ ᠬᠥᠮᠦᠨ ᠦ᠌ ᠶᠣᠰᠣᠭᠠᠷ ᠴᠢᠮᠡᠭᠯᠡᠵᠦ ᠰᠠᠷᠯᠠᠭ ᠤᠯᠤᠰ ᠤ᠋ᠨ ᠵᠦᠭ ᠢᠷᠡᠪᠡ ᠃ ᠵᠠᠮ ᠳ᠋ᠤᠷ ᠬᠠᠭᠠᠰ ᠪᠡᠯᠡᠭ ᠢ᠋ ᠠᠪᠴᠤ ᠬᠠᠭᠠᠰ ᠰᠠᠷ᠎ᠠ ᠰᠢᠬᠠᠮ ᠶᠠᠪᠤᠵᠤ ᠂ ᠰᠠᠷᠯᠠᠭ ᠤᠯᠤᠰ ᠤ᠋ᠨ ᠵᠢᠮ᠎ᠡ ᠴᠢᠯᠠᠭᠤᠨ ᠤ᠋ ᠬᠣᠲᠠ ᠳ᠋ᠤᠷ ᠬᠦᠷᠴᠦ ᠢᠷᠡᠭᠡᠳ ᠳᠠᠪᠬᠤᠷ ᠬᠣᠲᠠᠨ ᠤ᠋ ᠵᠣᠴᠢᠨ ᠤ᠋ ᠶᠠᠮᠤᠨ᠎ᠠ ᠣᠷᠣᠵᠤ ᠂ ᠵᠠᠭᠤᠴᠢ ᠲᠦᠰᠢᠮᠡᠯ ᠳ᠋ᠦ᠍ᠷ ᠵᠣᠯᠭᠠᠵᠤ ᠢᠷᠡᠭᠰᠡᠨ ᠤᠴᠢᠷ ᠢ᠋ᠶ᠋ᠠᠨ ᠮᠡᠳᠡᠭᠦᠯᠦᠨ ᠂ ᠠᠴᠢᠷᠠᠭᠰᠠᠨ ᠪᠡᠯᠡᠭ ᠢ᠋ᠶ᠋ᠡᠨ ᠪᠠᠷᠢᠭ᠍ᠰᠠᠨ ᠳ᠋ᠤᠷ ᠰᠠᠷᠯᠠᠭ ᠤᠯᠤᠰ ᠤ᠋ᠨ ᠡᠵᠡᠨ ᠢᠨᠦ ᠵᠠᠮᠤᠬ᠎ᠠ ᠶ᠋ᠢ ᠳᠠᠭᠤᠳᠠᠨ ᠣᠷᠣᠭᠤᠯᠵᠤ ᠨᠢᠭᠤᠷ ᠵᠣᠯᠭᠠᠪᠠ ᠃ ᠡᠭᠦᠨ ᠦ᠌ ᠬᠡᠷᠡᠭ ᠬᠠᠮᠢᠭᠠᠰᠢ ᠪᠣᠯᠬᠤ ᠶ᠋ᠢ ᠮᠡᠳᠡᠬᠦ ᠦᠭᠡᠢ᠃ ᠦᠵᠡᠬᠦ ᠮᠡᠷᠭᠡᠳ ᠶᠠᠭᠠᠷᠠᠪᠠᠰᠤ ᠰᠤᠳᠤᠷᠴᠢ ᠲᠦᠰᠢᠮᠡᠯ ᠢᠨᠵᠠᠨᠨᠠᠰᠢ ᠮᠢᠨᠦ ᠬᠡᠳᠦᠨ ᠬᠤᠨᠳᠠᠭ᠎ᠠ ᠳᠡᠷᠡᠰᠦᠨ ᠤᠤᠭᠤᠬᠤ ᠶ᠋ᠢ ᠬᠦᠯᠢᠶᠡᠵᠦ ᠦᠵᠡᠭᠳᠡᠬᠦᠢ !
ᠪᠤᠷᠤᠭᠤ ᠠᠳᠬᠠᠨᠲᠤ ᠸᠠᠩᠴᠤᠭ ᠤ᠋ᠨ ᠥᠬᠢᠨ ᠦ᠌ ᠦᠵᠡᠯ ᠦᠨᠡᠬᠡᠷ ᠣᠬᠣᠷ
ᠪᠣᠳᠣᠯᠭ᠎ᠠ ᠤᠬᠠᠭᠠᠨᠲᠤ ᠰᠠᠷᠠᠨ ᠭᠦᠩᠵᠦ ᠶ᠋ᠢᠨ ᠪᠤᠶᠠᠨ ᠶᠠᠭᠤᠲᠠᠢ ᠶᠡᠬᠡ ?
ᠪᠣᠭᠳᠠ ᠲᠠᠢᠽᠦ ᠶ᠋ᠢᠨ ᠪᠣᠯᠭᠣᠮᠵᠢ ᠰᠡᠷᠡᠮᠵᠢ ᠦᠨᠡᠬᠡᠷ ᠲᠩᠷᠢ ᠶ᠋ᠢᠨ ᠬᠥᠪᠡᠭᠦᠨ
ᠪᠣᠱᠣᠭ ᠵᠠᠷᠯᠢᠭᠲᠤ ᠰᠡᠴᠡᠨ ᠬᠠᠲᠤᠨ ᠪᠤᠷᠬᠠᠨ ᠤ᠋ ᠬᠤᠪᠢᠯᠭᠠᠨ ᠮᠥᠨ !
ᠴᠣᠬᠣᠯᠠᠭᠰᠠᠨ ᠠᠨᠤ
ᠡᠨᠡ ᠪᠦᠯᠦᠭ ᠲᠣᠷ ᠰᠠᠨᠠᠮᠰᠠᠷ ᠦᠭᠡᠢ ᠲᠡᠭᠷᠢ ᠭᠠᠵᠠᠷ ᠂ ᠨᠠᠷᠠᠨ ᠰᠠᠷᠠᠨ ᠂ ᠣᠳᠣᠨ ᠭᠠᠷᠠᠭ ᠂ ᠠᠷᠭ᠎ᠠ ᠪᠢᠯᠢᠭ ᠂ ᠡᠭᠦᠯᠡᠨ ᠪᠣᠷᠣᠭᠠᠨ ᠂ ᠰᠣᠯᠣᠩᠭ᠎ᠠ ᠭᠡᠷᠡᠯ ᠂ ᠦᠨᠡᠨ ᠬᠤᠳᠠᠯ ᠂ ᠪᠣᠢ ᠬᠣᠭᠣᠰᠣᠨ ᠂ ᠥᠷᠥᠰᠢᠶᠡᠯ ᠵᠢᠷᠤᠮ ᠂ ᠶᠣᠰᠣᠯᠠᠯ ᠮᠡᠷᠭᠡᠨ ᠡᠨᠡ ᠠᠷᠪᠠᠨ ᠬᠣᠣᠰ ᠶᠠᠷᠠᠭᠳᠠᠭᠠᠨ ᠪᠦᠷᠢᠳᠴᠦᠬᠦᠢ ᠃ ᠲᠠᠢᠯᠤᠨ ᠭᠠᠷᠭᠠᠪᠠᠰᠤ : ᠲᠩᠷᠢ ᠭᠠᠵᠠᠷ ᠬᠡᠮᠡᠭᠴᠢ ᠲᠠᠢᠽᠦ ᠪᠣᠭᠳᠠ ᠪᠥᠷᠲᠡᠭᠡᠯᠵᠢᠨ ᠬᠠᠲᠤᠨ ᠬᠣᠶᠠᠭᠤᠯᠠ ᠪᠤᠶᠤ ᠃ ᠨᠠᠷᠠᠨ ᠰᠠᠷᠠᠨ ᠬᠡᠮᠡᠭᠴᠢ ᠪᠣᠭᠳᠠ ᠴᠢᠩᠭᠢᠰ ᠰᠠᠷᠠᠨ ᠬᠠᠲᠤᠨ ᠬᠣᠶᠠᠭᠤᠯᠠ ᠪᠣᠢ ᠃ ᠣᠳᠣᠨ ᠭᠠᠷᠠᠭ ᠬᠡᠮᠡᠭᠴᠢ ᠵᠢᠨᠦᠩ ᠮᠤᠬᠤᠯᠢ ᠂ ᠣᠷᠢᠶᠠᠩᠬᠠᠨ ᠤ᠋ ᠵᠠᠯᠮ᠎ᠠ ᠨᠠᠷ ᠪᠤᠶᠤ ᠃ ᠠᠷᠭ᠎ᠠ ᠪᠢᠯᠢᠭ ᠬᠡᠮᠡᠭᠴᠢ ᠨᠣᠬᠠᠢ ᠲᠣᠯᠣᠭᠠᠢᠲᠤ ᠂ ᠥᠬᠢᠨ ᠵᠢᠰᠦᠲᠦ ᠬᠣᠶᠠᠷ ᠤᠯᠤᠰ ᠪᠤᠶᠤ ᠃ ᠡᠭᠦᠯᠡ ᠪᠣᠷᠣᠭᠠᠨ ᠬᠡᠮᠡᠭᠴᠢ ᠲᠠᠢᠽᠦ ᠪᠣᠭᠳᠠ ᠰᠠᠷᠠᠨ ᠬᠠᠲᠤᠨ ᠢ᠋ ᠠᠪᠤᠭᠰᠠᠨ ᠬᠡᠷᠡᠭ ᠪᠤᠶᠤ ᠃ ᠰᠣᠯᠣᠩᠭ᠎ᠠ ᠭᠡᠷᠡᠯ ᠬᠡᠮᠡᠭᠴᠢ ᠪᠧᠲ᠋ᠠ᠋ ᠤᠯᠤᠰ ᠤ᠋ᠨ ᠴᠡᠷᠢᠭ ᠦ᠋ᠨ ᠬᠦᠷᠢᠶᠡᠨ ᠦ᠌ ᠰᠦᠷ ᠪᠠᠢᠳᠠᠯ ᠪᠤᠶᠤ ᠃ ᠦᠨᠡᠨ ᠬᠤᠳᠠᠯ ᠬᠡᠮᠡᠭᠴᠢ ᠴᠠᠭᠠᠨ ᠬᠠᠭᠠᠨ ᠪᠠ ᠰᠠᠷᠠᠨ ᠭᠦᠩᠵᠦ ᠬᠣᠶᠠᠭᠤᠯᠠ ᠶ᠋ᠢᠨ ᠵᠡᠭᠦᠳᠦᠨ ᠵᠡᠷᠭᠡᠯᠭᠡᠨ ᠪᠤᠶᠤ ᠃ ᠥᠷᠥᠰᠢᠶᠡᠯ ᠵᠢᠷᠤᠮ ᠬᠡᠮᠡᠭᠴᠢ ᠲᠠᠢᠽᠦ ᠶ᠋ᠢᠨ ᠶᠠᠪᠤᠳᠠᠯ ᠂ ᠰᠣᠯᠣᠩᠭᠣᠰ ᠤ᠋ᠨ ᠳᠠᠭᠠᠭᠰᠠᠨ ᠶᠠᠪᠤᠳᠠᠯ ᠪᠤᠶᠤ ᠃ ᠶᠣᠰᠣᠯᠠᠯ ᠮᠡᠷᠭᠡᠨ ᠬᠡᠮᠡᠭᠴᠢ ᠵᠦᠰᠦᠨ ᠬᠠᠲᠤᠨ ᠤ᠋ ᠦᠭᠡ ᠂ ᠰᠠᠷᠠᠨ ᠬᠠᠲᠤᠨ ᠤ᠋ ᠪᠢᠰᠢᠷᠡᠯ ᠪᠤᠶᠤ ᠃ ᠪᠠᠰᠠ ᠳᠠᠬᠢᠨ ᠳᠡᠯᠭᠡᠷᠡᠩᠭᠦᠢ ᠪᠡᠷ ᠳᠡᠢᠯᠪᠡᠰᠦ ᠂ ᠲᠠᠢᠽᠦ ᠪᠣᠭᠳᠠ ᠰᠡᠴᠡᠨ ᠬᠠᠲᠤᠨ ᠬᠣᠶᠠᠭᠤᠯᠠ ᠪᠣᠯᠪᠠᠰᠤ ᠦᠨᠡᠨ ᠵᠠᠶᠠᠭᠠᠲᠤ ᠬᠠᠭᠠᠨ ᠬᠠᠲᠤᠨ ᠲᠤᠯᠠ ᠪᠧᠲ᠋ᠠ᠋ ᠤᠯᠤᠰ ᠤ᠋ᠨ ᠪᠠ ᠮᠠᠨ ᠤ᠋ ᠮᠣᠩᠭᠣᠯ ᠤ᠋ᠨ ᠤᠭ ᠡᠭᠦᠰᠬᠡᠯ ᠦ᠋ᠨ ᠲᠡᠭᠷᠢ ᠭᠠᠵᠠᠷ ᠪᠤᠰᠤ ᠤᠤ ! ᠪᠣᠭᠳᠠ ᠲᠠᠢᠽᠦ ᠴᠣᠬᠣᠮ ᠲᠡᠭᠷᠢ ᠶ᠋ᠢᠨ ᠬᠥᠪᠡᠭᠦᠨ ᠲᠤᠯᠠ ᠨᠠᠷᠠᠨ ᠮᠡᠲᠦ ᠳ᠋ᠦ᠍ᠷ ᠪᠠᠰᠠ ᠰᠠᠷᠠᠨ ᠨᠡᠷᠡᠲᠦ ᠬᠠᠲᠤᠨ ᠠᠪᠤᠭᠰᠠᠨ ᠠᠨᠤ ᠦᠨᠡᠬᠡᠷ ᠮᠠᠨ ᠤ᠋ ᠮᠣᠩᠭᠣᠯ ᠤ᠋ᠨ ᠨᠠᠷᠠᠨ ᠰᠠᠷᠠᠨ ᠪᠤᠰᠤ ᠤᠤ ! ᠲᠡᠭᠷᠢ ᠭᠠᠵᠠᠷ ᠤ᠋ᠨ ᠠᠭᠤᠷ ᠠᠮᠢᠰᠬᠤᠯ ᠡᠰᠡᠪᠡᠰᠦ ᠰᠠᠢ ᠡᠭᠦᠯᠡ ᠪᠣᠷᠣᠭᠠᠨ ᠪᠣᠯᠵᠤ ᠲᠦᠮᠡᠨ ᠪᠣᠳᠠᠰ ᠰᠢᠮᠡᠲᠡᠢ ᠪᠣᠯᠤᠨ ᠳᠡᠯᠭᠡᠷᠡᠬᠦ ᠲᠤᠯᠠ ᠦᠨᠡᠨ ᠲᠡᠭᠷᠢ ᠶ᠋ᠢᠨ ᠬᠥᠪᠡᠭᠦᠨ ᠂ ᠭᠣᠣᠯ ᠤ᠋ᠨ ᠰᠠᠷᠠᠨ ᠬᠠᠲᠤᠨ ᠬᠣᠶᠠᠭᠤᠯᠠ ᠬᠣᠯᠪᠣᠨ ᠤᠴᠠᠷᠠᠯᠳᠤᠭᠰᠠᠨ ᠠᠨᠤ ᠲᠡᠭᠷᠢ ᠭᠠᠵᠠᠷ ᠤ᠋ᠨ ᠠᠮᠢᠰᠬᠤᠯ ᠠᠭᠤᠷ ᠥᠪᠡᠷ ᠢ᠋ᠶ᠋ᠡᠨ ᠡᠪᠰᠡᠨ ᠨᠠᠢᠷᠠᠯᠳᠤᠵᠤ ᠂ ᠡᠭᠦᠯᠡ ᠪᠣᠷᠣᠭᠠᠨ ᠪᠣᠯᠤᠭᠰᠠᠨ ᠮᠡᠲᠦ ᠪᠤᠰᠤ ᠤᠤ ! ᠲᠠᠢᠽᠦ ᠪᠣᠭᠳᠠ ᠶ᠋ᠢᠨ ᠪᠡᠶ᠎ᠡ ᠶ᠋ᠢᠨ ᠰᠦᠷ ᠢ᠋ ᠪᠠᠰᠠ ᠴᠡᠷᠢᠭ ᠦ᠋ᠨ ᠰᠦᠷ ᠢ᠋ᠶ᠋ᠡᠷ ᠪᠠᠳᠠᠷᠠᠭᠤᠯᠤᠨ ᠬᠠᠮᠠᠭᠠᠯᠠᠬᠤ ᠠᠨᠤ ᠣᠭᠲᠠᠷᠭᠤᠢ ᠶ᠋ᠢᠨ ᠥᠩᠭᠡ ᠂ ᠰᠣᠯᠣᠩᠭ᠎ᠠ ᠶ᠋ᠢᠨ ᠭᠡᠷᠡᠯ ᠮᠡᠲᠦ ᠂ ᠲᠡᠭᠷᠢ ᠶ᠋ᠢᠨ ᠭᠠᠢᠬᠠᠮᠰᠢᠭ ᠢ᠋ ᠢᠯᠡᠳᠬᠡᠭᠰᠡᠨ ᠮᠡᠲᠦ ᠪᠣᠯᠤᠭᠰᠠᠨ ᠠᠨᠤ ᠪᠤᠰᠤ ᠤᠤ ! ᠴᠠᠭᠠᠨ ᠬᠠᠭᠠᠨ ᠰᠠᠷᠠᠨ ᠭᠦᠩᠵᠦ ᠶ᠋ᠢᠨ ᠵᠡᠭᠦᠳᠦᠨ ᠵᠡᠷᠭᠡᠯᠭᠡᠨ ᠬᠠᠷᠢᠨ ᠬᠤᠳᠠᠯ ᠠ᠋ᠴᠠ ᠦᠨᠡᠨ ᠳ᠋ᠦ᠍ᠷ ᠣᠷᠣᠭᠰᠠᠨ ᠳ᠋ᠤᠷ ᠨᠠᠷᠠᠨ ᠬᠠᠭᠠᠨ ᠪᠢᠯᠡ ᠂ ᠣᠳᠣᠨ ᠲᠠᠢᠰᠢ ᠪᠢᠯᠡ ᠂ ᠠᠭᠠᠷ ᠴᠧᠩᠰᠢᠶᠠᠩ ᠪᠢᠯᠡ ᠬᠡᠮᠡᠭᠰᠡᠨ ᠨᠡᠷᠡᠰ ᠬᠠᠷᠢᠨ ᠴᠥᠮ ᠦᠨᠡᠨ ᠡᠴᠡ ᠭᠡᠳᠡᠷᠭᠦ ᠬᠤᠳᠠᠯ ᠳ᠋ᠤᠷ ᠣᠷᠣᠭᠰᠠᠨ ᠪᠤᠰᠤ ᠤᠤ ! ᠶᠠᠭᠤᠨᠠᠢ ᠲᠠᠢᠽᠦ ᠪᠣᠭᠳᠠ ᠶ᠋ᠢᠨ ᠦᠨᠡᠨ ᠨᠠᠷᠠᠨ ᠂ ᠰᠠᠷᠠᠨ ᠬᠠᠲᠤᠨ ᠤ᠋ ᠦᠨᠡᠨ ᠰᠠᠷᠠᠨ ᠪᠠᠰᠠ ᠲᠡᠭᠷᠢ ᠶ᠋ᠢᠨ ᠬᠥᠪᠡᠭᠦᠨ ᠢ᠋ ᠬᠠᠮᠵᠢᠵᠤ ᠳᠠᠭᠠᠭᠰᠠᠨ ᠳ᠋ᠠᠭᠠᠨ ᠲᠥᠷᠥᠭᠰᠡᠨ ᠲᠤᠰᠢᠮᠡᠳ ᠦ᠋ᠨ ᠣᠳᠣᠨ ᠭᠠᠷᠠᠭ ᠲᠤᠷ ᠠᠳᠠᠯᠢ ᠦᠨᠡᠨ ᠪᠣᠯᠤᠨ ᠴᠢᠳᠠᠮᠤᠢ? ᠲᠡᠢᠨ ᠬᠦ᠌ ᠨᠡᠷ᠎ᠡ ᠪᠣᠢ ᠪᠣᠯᠪᠠᠴᠤ ᠠᠯᠳᠠᠷ ᠦᠭᠡᠢ ᠲᠤᠯᠠ ᠪᠣᠢ ᠪᠥᠭᠡᠲᠡᠯ᠎ᠡ ᠬᠣᠭᠣᠰᠣᠨ ᠂ ᠬᠣᠭᠣᠰᠣᠨ ᠪᠥᠭᠡᠲᠡᠯ᠎ᠡ ᠪᠣᠢ ᠮᠡᠲᠦ ᠪᠤᠰᠤ ᠤᠤ ! ᠨᠣᠬᠠᠢ ᠲᠣᠯᠣᠭᠠᠢᠲᠤ ᠥᠬᠢᠨ ᠵᠢᠰᠦᠲᠦ ᠬᠣᠶᠠᠷ ᠤᠯᠤᠰ ᠬᠠᠷᠢᠯᠴᠠᠨ ᠳᠡᠮᠡᠢ ᠬᠡᠳᠦᠨ ᠲᠦᠮᠡᠨ ᠭᠠᠵᠠᠷ ᠠᠯᠤᠰ ᠪᠤᠰᠤ ᠪᠥᠭᠡᠲᠡᠯ᠎ᠡ ᠶᠠᠮᠪᠠᠷ ᠠᠨᠤ ᠲᠡᠷᠡ ᠮᠡᠲᠦ ᠮᠠᠭᠤᠬᠠᠢ ᠲᠥᠷᠥᠭᠡᠳ ᠨᠣᠬᠠᠢ ᠲᠣᠯᠣᠭᠠᠢᠲᠤ ᠨᠡᠷ᠎ᠡ ᠣᠯᠤᠭᠠᠳ ᠶᠠᠮᠪᠠᠷ ᠠᠨᠤ ᠲᠡᠢᠮᠦ ᠰᠠᠢᠬᠠᠨ ᠲᠥᠷᠥᠭᠡᠳ ᠥᠬᠢᠨ ᠵᠢᠰᠦᠲᠦ ᠨᠡᠷ᠎ᠡ ᠣᠯᠤᠭᠰᠠᠨ ᠠᠵᠢ ! ᠡᠨᠡ ᠳᠠᠷᠤᠢ ᠠᠷᠭ᠎ᠠ ᠠᠪᠠᠰᠤ ᠪᠢᠯᠢᠭ ᠠᠮᠤ ᠂ ᠪᠢᠯᠢᠭ ᠠᠪᠠᠰᠤ ᠠᠷᠭ᠎ᠠ ᠠᠮᠤᠢ ᠂ ᠠᠷᠭ᠎ᠠ ᠪᠢᠯᠢᠭ ᠦ᠋ᠨ ᠠᠯᠤᠰᠯᠠᠭᠰᠠᠨ ᠪᠠ ᠨᠡᠢᠯᠡᠭᠰᠡᠨ ᠢᠨᠦ ᠡᠨᠡ ᠮᠡᠲᠦ ᠢᠯᠡᠷᠡᠵᠦ ᠂ ᠰᠠᠢᠬᠠᠨ ᠮᠠᠭᠤᠬᠠᠢ ᠶ᠋ᠢᠨ ᠢᠯᠭᠠᠮᠵᠢ ᠠᠨᠤ ᠡᠨᠡ ᠮᠡᠲᠦ ᠳ᠋ᠦ᠍ᠷ ᠡᠨᠡ ᠬᠣᠶᠠᠷ ᠰᠣᠨᠢᠨ ᠤᠯᠤᠰ ᠠᠷᠭ᠎ᠠ ᠪᠢᠯᠢᠭ ᠪᠣᠯᠤᠭᠰᠠᠨ ᠪᠤᠰᠤ ᠤᠤ ! ᠲᠠᠢᠽᠦ ᠶ᠋ᠢᠨ ᠰᠣᠯᠣᠩᠭᠣᠰ ᠢ᠋ ᠰᠠᠢᠨ ᠢ᠋ᠶ᠋ᠠᠷ ᠤᠷᠤᠭ ᠪᠠᠷᠢᠨ ᠳᠠᠭᠠᠭᠤᠯᠤᠭᠰᠠᠨ ᠂ ᠰᠡᠴᠡᠨ ᠬᠠᠲᠤᠨ ᠤ᠋ ᠰᠠᠷᠠᠨ ᠬᠠᠲᠤᠨ ᠢ᠋ ᠦᠷᠦ ᠡᠪᠡᠳᠴᠦ ᠡᠨᠡᠷᠢᠭᠦᠯᠦᠭᠰᠡᠨ ᠂ ᠡᠳᠡᠭᠡᠷ ᠴᠥᠮ ᠲᠤᠢᠯ ᠤ᠋ᠨ ᠥᠷᠥᠰᠢᠶᠡᠯ ᠪᠣᠯᠤᠭᠠᠳ ᠵᠡᠯᠮ᠎ᠡ ᠦᠬᠦᠯ ᠡᠴᠡ ᠦᠯᠦ ᠵᠠᠢᠯᠠᠨ ᠰᠣᠯᠣᠩᠭᠣᠰ ᠲᠤᠷ ᠡᠯᠴᠢ ᠪᠣᠯᠤᠨ ᠰᠢᠭᠤᠳ ᠡᠴᠢᠭᠰᠡᠨ ᠪᠠ ᠮᠤᠬᠤᠯᠢ ᠶ᠋ᠢᠨ ᠤᠷᠢᠳᠠ ᠤᠯᠤᠰ ᠲᠤᠷ ᠡᠭᠡᠵᠦ ᠴᠡᠷᠢᠭ ᠢ᠋ ᠪᠡᠯᠡᠳᠬᠡᠭᠡᠳ ᠤᠯᠤᠰ ᠢ᠋ᠶ᠋ᠠᠨ ᠬᠠᠮᠠᠭᠠᠯᠠᠨ ᠪᠥᠭᠡᠳ ᠪᠠᠰᠠ ᠡᠵᠡᠨ ᠦ᠌ ᠪᠡᠨ ᠭᠡᠷ ᠦ᠋ᠨ ᠨᠠᠢᠷᠠᠮᠳᠠᠭᠤ ᠶ᠋ᠢ ᠰᠡᠳᠬᠢᠵᠦ ᠂ ᠰᠡᠴᠡᠨ ᠬᠠᠳᠤᠨ᠎ᠠ ᠥᠴᠢᠨ ᠮᠥᠷᠭᠥᠭᠰᠡᠨ ᠪᠠ ᠪᠠᠰᠠ ᠲᠠᠢᠽᠦ ᠶ᠋ᠢᠨ ᠰᠡᠴᠡᠨ ᠬᠠᠲᠤᠨ ᠤ᠋ ᠵᠠᠬᠢᠳᠠᠯ ᠢ᠋ ᠦᠵᠡᠵᠦ ᠤᠷᠢᠳᠤ ᠶ᠋ᠢᠨ ᠰᠠᠢᠨ ᠢ᠋ ᠦᠯᠦ ᠤᠮᠠᠷᠲᠠᠨ ᠂ ᠣᠯᠠᠨ ᠲᠦᠰᠢᠮᠡᠳ ᠦ᠋ᠨ ᠡᠮᠦᠨ᠎ᠡ ᠵᠦᠰᠦᠨ ᠬᠠᠲᠤᠨ ᠢ᠋ᠶ᠋ᠠᠨ ᠰᠠᠢᠰᠢᠶᠠᠭᠰᠠᠨ ᠡᠳᠡᠭᠡᠷ ᠴᠥᠮ ᠲᠤᠢᠯ ᠤ᠋ᠨ ᠵᠢᠷᠤᠮ ᠪᠣᠯᠠᠢ ᠂ ᠡᠨᠡ ᠴᠢᠬᠤᠯᠠ ᠥᠷᠥᠰᠢᠶᠡᠯ ᠵᠢᠷᠤᠮ ᠪᠤᠰᠤ ᠤᠤ ! ᠲᠠᠢᠽᠦ ᠶ᠋ᠢᠨ ᠳᠡᠭᠦᠦ ᠨᠠᠷ ᠪᠠ ᠭᠠᠪᠢᠶᠠᠲᠤ ᠰᠠᠢᠳ ᠢ᠋ᠶ᠋ᠠᠨ ᠰᠤᠯᠠ ᠬᠠᠲᠤᠨ ᠳ᠋ᠤᠷ ᠦᠯᠦ ᠶᠣᠰᠣᠯᠠᠭᠤᠯᠤᠨ ᠵᠢᠴᠢ ᠰᠡᠴᠡᠨ ᠬᠠᠳᠤᠨ᠎ᠠ ᠶᠣᠰᠣᠯᠠᠭᠤᠯᠬᠤ ᠡᠨᠡ ᠲᠤᠢᠯ ᠤ᠋ᠨ ᠶᠣᠰᠣᠯᠠᠯ ᠪᠥᠭᠡᠳ ᠰᠡᠴᠡᠨ ᠬᠠᠲᠤᠨ ᠪᠡᠶ᠎ᠡ ᠪᠡᠨ ᠪᠠᠭᠤᠷᠠᠭᠤᠯᠤᠨ ᠰᠠᠷᠠᠨ ᠬᠠᠲᠤᠨ ᠢ᠋ ᠰᠠᠴᠠᠭᠤ ᠦᠶ᠎ᠡ ᠭᠡᠮᠡᠨ ᠬᠥᠩᠭᠡᠮᠰᠦᠭᠯᠡᠬᠦ ᠢᠨᠤ ᠲᠤᠢᠯ ᠤ᠋ᠨ ᠶᠣᠰᠣᠯᠠᠯ ᠪᠣᠯᠠᠢ ᠃ ᠪᠠᠰᠠ ᠰᠡᠴᠡᠨ ᠦ᠌ ᠰᠠᠷᠠᠨ ᠬᠠᠲᠤᠨ ᠢ᠋ ᠴᠢᠩ ᠦᠨᠡᠨ ᠢ᠋ᠶ᠋ᠡᠷ ᠥᠷᠥᠰᠢᠶᠡᠨ ᠨᠢᠭᠦᠯᠡᠰᠴᠦ ᠲᠠᠢᠽᠦ ᠶ᠋ᠢ ᠪᠠᠶᠠᠰᠬᠠᠨ᠂ ᠰᠠᠷᠠᠨ ᠬᠠᠲᠤᠨ ᠢ᠋ ᠡᠨᠡᠷᠢᠭᠦᠯᠦᠨ ᠰᠦᠰᠦᠭᠯᠡᠭᠦᠯᠦᠭᠰᠡᠨ ᠢᠨᠤ ᠡᠨᠡ ᠲᠤᠢᠯ ᠤ᠋ᠨ ᠮᠡᠷᠭᠡᠨ ᠪᠤᠰᠤ ᠤᠤ ! ᠴᠥᠮ ᠶᠠᠷᠠᠭᠳᠠᠭᠠᠨ ᠲᠥᠷᠥᠭᠳᠡᠭᠰᠡᠨ ᠶᠣᠰᠣᠯᠠᠯ ᠮᠡᠷᠭᠡᠨ ᠪᠤᠰᠤ ᠤᠤ ! ᠡᠭᠦᠨ ᠦ᠌ ᠳᠣᠲᠣᠷ᠎ᠠ ᠰᠤᠷᠤᠭᠰᠠᠨ ᠪᠠ ᠳᠠᠭᠤᠷᠢᠶᠠᠭᠰᠠᠨ ᠢ᠋ᠶ᠋ᠠᠷ ᠣᠭᠣᠭᠠᠲᠠ ᠦᠭᠡᠢ ᠪᠣᠯᠠᠢ ᠃
