ᠬᠥᠬᠡ ᠰᠤᠳᠤᠷ - ᠢᠨᠵᠠᠨᠨᠠᠰᠢ < ᠠᠷᠪᠠᠨ ᠲᠠᠪᠤᠳᠤᠭᠠᠷ ᠪᠦᠯᠦᠭ > Хөх судар - Инжинаш < Арван тавдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠠᠷᠪᠠᠨ ᠲᠠᠪᠤᠳᠤᠭᠠᠷ ᠪᠦᠯᠦᠭ > Хөх судар - Инжинаш < Арван тавдугаар бүлэг >

ᠬᠥᠬᠡ ᠰᠤᠳᠤᠷ - ᠢᠨᠵᠠᠨᠨᠠᠰᠢ < ᠠᠷᠪᠠᠨ ᠲᠠᠪᠤᠳᠤᠭᠠᠷ ᠪᠦᠯᠦᠭ > Хөх судар - Инжинаш < Арван тавдугаар бүлэг >

ᠠᠩᠭᠢᠯᠠᠯ:ᠲᠡᠦᠬᠡ ᠰᠣᠶᠣᠯ
2023-06-29

325

ᠣᠷᠢᠶᠠᠩᠬᠠᠨ ᠤ᠋ ᠵᠠᠯᠮ᠎ᠠ ᠲᠥᠷᠥ ᠶᠠᠮᠤᠨ᠎ᠠ ᠤᠴᠢᠷ  ᠢ᠋ ᠰᠢᠭᠦᠮᠵᠢᠯᠡᠵᠦ ᠦᠨᠡᠨ ᠬᠤᠳᠠᠯ  ᠢ᠋ ᠨᠡᠬᠡᠮᠵᠢᠯᠡᠪᠡ

ᠰᠣᠯᠣᠩᠭᠣᠰ ᠤ᠋ᠨ ᠭᠦᠩᠵᠦ ᠪᠠᠭᠤᠳᠠᠯ ᠥᠷᠲᠡᠭᠡᠨ᠎ᠡ ᠵᠦᠢ ᠶ᠋ᠢ ᠰᠢᠨᠵᠢᠯᠡᠵᠦ ᠬᠢᠯᠢᠰ ᠭᠦᠵᠢᠷ ᠢ᠋ ᠴᠠᠭᠠᠳᠬᠠᠪᠠ


                  ᠠᠷᠪᠠᠨ ᠲᠠᠪᠤᠳᠤᠭᠠᠷ ᠪᠦᠯᠦᠭ
                       ᠰᠥᠩ ᠭᠤᠸᠠᠩᠽᠦ᠋ᠩ  ᠦᠨ ᠱᠣᠣ ᠰᠢ ᠶ᠋ᠢᠨ ᠭᠤᠷᠪᠠᠳᠤᠭᠠᠷ ᠤᠨ᠂ ᠠᠯᠲᠠᠨ ᠤᠯᠤᠰ ᠤ᠋ᠨ ᠵᠠᠩᠽᠦ᠋ᠩ  ᠤᠨ ᠴᠠᠩ ᠮᠢᠩ ᠦᠨ
                               ᠪᠠᠰᠠ ᠭᠤᠷᠪᠠᠳᠤᠭᠠᠷ ᠣᠨ ᠂ ᠬᠠᠷ᠎ᠠ ᠬᠤᠯᠤᠭᠠᠨ᠎ᠠ ᠵᠢᠯ ᠂ ᠲᠠᠢᠽᠦ ᠭᠤᠴᠢᠨ ᠨᠢᠭᠡᠨ ᠰᠡᠭᠦᠳᠡᠷ ᠲᠡᠢ ᠪᠠᠢᠭᠰᠠᠭᠠᠷ

           ᠣᠷᠢᠶᠠᠩᠬᠠᠨ ᠤ᠋ ᠵᠠᠯᠮ᠎ᠠ ᠲᠥᠷᠥ ᠶᠠᠮᠤᠨ᠎ᠠ ᠤᠴᠢᠷ  ᠢ᠋ ᠰᠢᠭᠦᠮᠵᠢᠯᠡᠵᠦ ᠦᠨᠡᠨ ᠬᠤᠳᠠᠯ  ᠢ᠋ ᠨᠡᠬᠡᠮᠵᠢᠯᠡᠪᠡ
           ᠰᠣᠯᠣᠩᠭᠣᠰ ᠤ᠋ᠨ ᠭᠦᠩᠵᠦ ᠪᠠᠭᠤᠳᠠᠯ ᠥᠷᠲᠡᠭᠡᠨ᠎ᠡ ᠵᠦᠢ ᠶ᠋ᠢ ᠰᠢᠨᠵᠢᠯᠡᠵᠦ ᠬᠢᠯᠢᠰ ᠭᠦᠵᠢᠷ ᠢ᠋ ᠴᠠᠭᠠᠳᠬᠠᠪᠠ

               ᠰᠤᠳᠠᠷᠠᠰᠤᠨ ᠤ᠋ ᠦᠷᠡᠰ ᠪᠣᠭᠳᠠ ᠲᠠᠢᠽᠦ  ᠶ᠋ᠢᠨ ᠤᠬᠠᠭᠠᠨ ᠤ᠋ ᠨᠠᠷᠠᠨ ᠭᠡᠭᠡᠬᠡᠨ
                    ᠰᠣᠨᠣᠰᠤᠮᠠᠭᠴᠠ ᠲᠥᠰᠥᠭᠡᠯᠡᠭᠴᠢ ᠵᠢᠨᠦᠩ ᠮᠤᠬᠤᠯᠢ ᠶ᠋ᠢᠨ ᠤᠬᠠᠮᠵᠢᠯᠠᠬᠤ ᠮᠡᠷᠭᠡᠨ ᠬᠤᠷᠴᠠ ᠂
                    ᠰᠤᠷᠲᠠᠯ ᠰᠣᠶᠣᠯᠲᠤ ᠰᠠᠢᠳ ᠵᠡᠯᠮ᠎ᠡ ᠶ᠋ᠢᠨ ᠤᠷᠤᠭᠰᠢᠯᠠᠬᠤ ᠮᠠᠲᠠᠯ ᠦᠯᠡᠮᠵᠢ
                    ᠰᠣᠯᠣᠩᠭᠣᠰ ᠤ᠋ᠨ ᠭᠦᠩᠵᠦ ᠭᠣᠣᠯ ᠰᠠᠷᠠᠨ ᠤ᠋ ᠣᠶᠤᠨ ᠰᠠᠷᠠᠨ ᠲᠤᠩᠭᠠᠯᠠᠭ ᠃

      ᠲᠡᠨᠳᠡᠴᠡ ᠲᠠᠢᠽᠦ ᠮᠤᠬᠤᠯᠠᠢ ᠶ᠋ᠢ ᠤᠯᠤᠰ  ᠢ᠋ ᠰᠠᠬᠢ ᠂ ᠪᠤᠭᠤᠷᠵᠢ ᠶ᠋ᠢ ᠳᠠᠭᠠᠭᠤᠯᠤᠨ ᠰᠣᠯᠣᠩᠭᠣᠰ  ᠢ᠋ ᠲᠠᠢᠯᠠᠰᠤᠭᠠᠢ ᠬᠡᠮᠡᠬᠦᠢ ᠳ᠋ᠦ᠍ᠷ ᠮᠤᠬᠤᠯᠢ ᠶᠠᠭᠠᠷᠠᠨ ᠰᠥᠭᠥᠳᠴᠦ ᠮᠡᠳᠡᠭᠦᠯᠦᠷᠦᠨ ᠄《ᠰᠣᠯᠣᠩᠭᠣᠰ ᠂ ᠰᠣᠯᠣᠩᠭᠤᠳ ᠂ ᠰᠣᠯᠣᠩᠭ᠎ᠠ ᠡᠨᠡ ᠭᠤᠷᠪᠠᠨ ᠤᠯᠤᠰ ᠬᠡᠮᠡᠭᠴᠢ ᠯᠢᠶᠣᠤ ᠤᠯᠤᠰ ᠂ ᠠᠯᠲᠠᠨ ᠤᠯᠤᠰ ᠲᠤᠷ ᠰᠢᠷᠪᠡᠭᠳᠡᠨ ᠦᠵᠡᠬᠦ ᠤᠯᠤᠰ ᠂ ᠴᠥᠮ ᠡᠮᠦᠨ᠎ᠡ ᠬᠢᠲᠠᠳ ᠤᠯᠤᠰ ᠤ᠋ᠨ ᠵᠠᠩ ᠰᠤᠷᠲᠠᠯ ᠲᠠᠢ ᠪᠣᠯᠵᠤᠬᠤᠢ ᠂ ᠳᠣᠷᠣᠮᠵᠢᠯᠠᠨ ᠪᠠᠰᠤᠵᠤ ᠦᠯᠦ ᠪᠣᠯᠤᠮᠤᠢ ᠃ ᠴᠣᠬᠢᠨ ᠣᠷᠣᠵᠤ ᠨᠡᠪᠲᠡᠯᠦᠨ ᠪᠠᠢᠯᠳᠤᠬᠤᠢ ᠳ᠋ᠤᠷ ᠲᠦᠰᠢᠮᠡᠯ ᠪᠢ ᠪᠤᠭᠤᠷᠵᠢ ᠠᠬᠠᠢ ᠳ᠋ᠤᠷ ᠬᠦᠷᠬᠦ ᠦᠭᠡᠢ ᠂ ᠴᠠᠭ ᠲᠤᠷ ᠲᠡᠩᠴᠡᠭᠦᠯᠦᠨ ᠬᠤᠪᠢᠰᠬᠠᠨ ᠤᠯᠠᠷᠢᠭᠤᠯᠬᠤᠢ  ᠳ᠋ᠤᠷ ᠪᠤᠭᠤᠷᠵᠢ ᠠᠬᠠᠢ ᠲᠦᠰᠢᠮᠡᠯ ᠨᠠᠳᠠ ᠳ᠋ᠤᠷ ᠦᠯᠦ ᠬᠥᠷᠥᠮᠦᠢ᠂ ᠲᠦᠰᠢᠮᠡᠯ ᠪᠢ ᠭᠠᠪᠢᠶ᠎ᠠ ᠪᠦᠲᠦᠭᠡᠬᠦᠢ ᠳ᠋ᠦ᠍ᠷ ᠪᠤᠯᠢᠶᠠᠯᠳᠤᠬᠤ ᠪᠤᠰᠤ ᠂ ᠭᠠᠪᠢᠶ᠎ᠠ ᠪᠦᠲᠦᠬᠦ ᠶ᠋ᠢ ᠠᠯᠳᠠᠬᠤ ᠠ᠋ᠴᠠ ᠪᠣᠯᠭᠤᠮᠵᠢᠯᠠᠮᠤᠢ ᠃ ᠪᠤᠭᠤᠷᠵᠢ ᠠᠬᠠᠢ ᠶ᠋ᠢᠨ ᠰᠦᠷ ᠠᠯᠳᠠᠷᠰᠢᠭᠰᠠᠨ ᠮᠠᠰᠢ ᠶᠡᠬᠡ ᠲᠤᠯᠠ ᠤᠯᠤᠰ  ᠢ᠋ ᠳᠤᠷ᠎ᠠ ᠪᠠᠷ ᠬᠠᠮᠠᠭᠠᠯᠠᠨ ᠰᠠᠬᠢᠵᠤ ᠴᠢᠳᠠᠮᠤᠢ ᠃ ᠲᠦᠰᠢᠮᠡᠯ ᠪᠢ ᠮᠢᠩᠭᠠᠨ ᠭᠠᠵᠠᠷ ᠤ᠋ᠨ ᠭᠠᠳᠠᠨ᠎ᠠ ᠳᠠᠭᠠᠵᠤ ᠡᠰᠡ ᠡᠴᠢᠪᠡᠰᠦ ᠰᠡᠳᠬᠢᠯ ᠠᠮᠤᠬᠤ ᠦᠭᠡᠢ ᠃ 》ᠬᠡᠮᠡᠭᠰᠡᠨ ᠳ᠋ᠤᠷ ᠲᠠᠢᠽᠦ ᠮᠠᠰᠢᠳᠠ ᠪᠡᠶᠡᠰᠦᠨ ᠵᠠᠬᠢᠷᠤᠨ᠄ 《 ᠵᠢᠨᠦᠩ  ᠤᠨ ᠦᠭᠡ ᠮᠠᠰᠢ ᠴᠢᠬᠡᠴᠢ ᠦᠨᠡᠨ᠂ ᠪᠢ ᠴᠢᠮᠠᠶᠢ ᠶᠠᠭᠤᠨ ᠬᠡᠯᠡᠬᠦ ᠪᠣᠯᠪᠠ ᠬᠡᠮᠡᠭᠰᠡᠨ ᠪᠥᠯᠥᠭᠡ᠂ ᠴᠢᠪᠬᠢᠲᠡᠯ᠎ᠡ ᠮᠢᠨᠦ ᠴᠢᠨᠠᠳᠤ ᠰᠠᠨᠠᠭᠠᠨ ᠳ᠋ᠤᠷ ᠨᠡᠢᠴᠡᠵᠦᠬᠦᠢ!》 ᠬᠡᠮᠡᠬᠦᠢ ᠳ᠋ᠦ᠍ᠷ ᠪᠤᠭᠤᠷᠵᠢ ᠮᠥᠨ ᠰᠥᠭᠥᠳᠴᠦ ᠮᠡᠳᠡᠭᠦᠯᠦᠷᠦᠨ : 《ᠲᠦᠰᠢᠮᠡᠯ ᠪᠢ ᠠᠯᠵᠠᠭᠤᠷᠠᠨ ᠵᠠᠯᠬᠠᠭᠤᠷᠠᠨ ᠴᠡᠷᠢᠭ  ᠤᠨ ᠵᠢᠨᠦᠩ  ᠤᠨ ᠦᠭᠡ ᠶ᠋ᠢ ᠳᠠᠭᠠᠭᠤᠯᠵᠤ ᠂ ᠲᠡᠭᠦᠨ ᠳ᠋ᠦ᠍ᠷ ᠲᠦᠯᠬᠢᠬᠦ ᠪᠤᠰᠤ᠂ ᠵᠢᠨᠦᠩ  ᠤᠨ ᠥᠪᠡᠷ᠎ᠡ ᠪᠠ ᠪᠤᠰᠤᠳ ᠢ᠋ ᠮᠡᠳᠡᠭᠰᠡᠨ ᠢᠨᠤ ᠪᠢᠴᠢᠬᠠᠨ ᠴᠤ᠌ ᠬᠡᠯᠪᠡᠢᠭᠦᠦ ᠦᠭᠡᠢ ᠂ ᠡᠨᠡ ᠭᠠᠪᠢᠶ᠎ᠠ ᠶ᠋ᠢ ᠲᠤᠰᠢᠮᠡᠯ ᠪᠢ ᠳᠤᠷᠠᠲᠠᠶ᠎ᠠ ᠵᠢᠨᠦᠩ ᠳ᠋ᠦ᠍ᠷ ᠲᠦᠯᠬᠢᠨ ᠥᠭᠰᠦᠭᠡᠢ᠃ ᠭᠠᠭᠴᠠ ᠴᠡᠷᠢᠭ ᠠᠷᠠᠬᠠᠨ ᠨᠥᠰᠬᠦᠢ ᠦᠭᠡᠢ ᠦᠦ ?》 ᠬᠡᠮᠡᠭᠰᠡᠨ ᠳ᠋ᠦ᠍ᠷ ᠮᠤᠬᠤᠯᠢ ᠪᠤᠭᠤᠷᠵᠢ ᠶ᠋ᠢ ᠴᠡᠷᠢᠭ  ᠤᠨ ᠶᠣᠰᠣ ᠶ᠋ᠢ ᠮᠡᠳᠡᠪᠡ ᠭᠡᠮᠡᠨ ᠶᠡᠬᠡᠯ᠎ᠡ ᠪᠠᠶᠠᠷᠯᠠᠵᠤ ᠥᠭᠦᠯᠡᠷᠦᠨ ᠄ 《 ᠠᠬᠠᠢ ᠶ᠋ᠢᠨ ᠦᠭᠡ ᠮᠠᠰᠢ ᠮᠥᠨ ᠂ ᠭᠠᠭᠴᠠ ᠴᠠᠭ  ᠢ᠋ ᠡᠰᠡ ᠬᠢᠨᠠᠵᠤᠬᠤᠢ᠃ ᠡᠨᠡ ᠵᠢᠯ  ᠤᠨ ᠵᠦᠰᠡ ᠬᠤᠷ᠎ᠠ ᠳ᠋ᠤᠷ ᠡᠪᠡᠰᠦ ᠥᠰᠴᠦ ᠮᠠᠨ ᠤ᠋ ᠴᠡᠷᠢᠭ  ᠤᠨ ᠠᠭᠲᠠ ᠠᠰᠤᠷᠤ ᠲᠠᠷᠭᠤᠯᠠᠵᠤᠬᠤᠢ᠃ ᠡᠳᠦᠭᠡ ᠬᠠᠷᠠᠬᠠᠨ ᠮᠣᠷᠢ ᠲᠡᠮᠡᠭᠡ ᠶ᠋ᠢ ᠬᠠᠭᠰᠠᠭᠠᠨ ᠰᠣᠢᠬᠤ ᠴᠠᠭ ᠂ ᠪᠤᠰᠤ ᠪᠣᠯᠪᠠᠰᠤ ᠬᠣᠢᠲᠤ ᠬᠠᠪᠤᠷ ᠯᠠᠪ ᠬᠥᠯ ᠪᠤᠯᠵᠠᠬᠤ ᠵᠠᠷ ᠪᠣᠯᠤᠮᠤᠢ᠃ 》 ᠬᠡᠮᠡᠭᠰᠡᠨ ᠳ᠋ᠦ᠍ᠷ ᠪᠤᠭᠤᠷᠵᠢ ᠰᠠᠶ᠋ᠢ ᠰᠩᠬᠢᠵᠦ ᠨᠠᠮᠤᠷ  ᠤᠨ ᠨᠠᠢ᠌ᠮᠠᠨ ᠰᠠᠷ᠎ᠠ ᠶ᠋ᠢ ᠰᠠᠨᠠᠭᠠᠯᠵᠠᠪᠠ ᠃
      ᠲᠡᠳᠦᠢ ᠡᠵᠡᠨ ᠲᠦᠰᠢᠮᠡᠯ ᠰᠡᠳᠬᠢᠯ ᠨᠢᠭᠡᠳᠴᠦ ᠵᠠᠩᠵᠤᠨ ᠴᠡᠷᠢᠭ  ᠢ᠋ ᠲᠡᠭᠰᠢᠯᠡᠨ ᠂ ᠤᠯᠤᠰ  ᠢ᠋ ᠰᠠᠬᠢᠬᠤ ᠪᠠ ᠴᠡᠷᠢᠭ ᠲᠦ᠍ᠷ ᠳᠠᠭᠠᠬᠤ ᠶ᠋ᠢ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠂ ᠴᠡᠷᠢᠭ  ᠤᠨ ᠵᠢᠨᠦᠩ ᠮᠤᠬᠤᠯᠢ ᠨᠠᠷ ᠵᠢᠨᠦᠩ  ᠤᠨ ᠴᠠᠴᠠᠷ ᠲᠤᠷ ᠵᠥᠪᠯᠡᠨ ᠲᠣᠭᠲᠠᠭᠠᠵᠤ ᠴᠠᠭᠠᠵᠠ ᠵᠠᠷᠯᠠᠭᠰᠠᠨ ᠠᠨᠤ ᠄ 《ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ᠂ ᠬᠦᠯᠦᠭ ᠪᠤᠭᠤᠷᠵᠢ ᠬᠣᠶᠠᠭᠤᠯᠠ ᠤᠯᠤᠰ ᠤ᠋ᠨ ᠣᠯᠠᠨ  ᠢ᠋ ᠠᠪᠴᠤ ᠤᠯᠤᠰ  ᠢ᠋ ᠰᠠᠬᠢ ᠂ ᠡᠵᠡᠨ ᠤ ᠪᠡᠶ᠎ᠡ ᠂ ᠵᠢᠨᠦᠩ ᠮᠤᠬᠤᠯᠢ ᠵᠠᠩᠵᠤᠨ ᠴᠡᠷᠢᠭ  ᠢ᠋ ᠬᠠᠭᠠᠰᠯᠠᠨ ᠠᠪᠴᠤ ᠰᠣᠯᠣᠩᠭᠣᠰ  ᠢ᠋ ᠳᠠᠢᠯᠠᠮᠤᠢ ᠂ ᠲᠣᠭᠲᠣᠩᠭᠣ᠌ ᠪᠠᠭᠠᠲᠤᠷ ᠰᠥᠪᠡᠭᠡᠲᠡᠢ ᠪᠠᠭᠠᠲᠤᠷ ᠬᠣᠶᠠᠭᠤᠯᠠ ᠳ᠋ᠤᠷ ᠲᠠᠪᠤᠨ ᠮᠢᠩᠭᠠᠨ ᠴᠡᠷᠢᠭ ᠵᠠᠬᠢᠷᠤᠭᠤᠯᠵᠤ ᠂  ᠸᠠᠢᠵᠢᠩ ᠂  ᠠᠯᠠᠢᠵᠢᠩ ᠬᠣᠶᠠᠷ ᠵᠠᠩᠵᠤᠨ  ᠢ᠋ ᠲᠤᠰᠢᠶᠠᠨ ᠥᠭᠴᠦ ᠠᠭᠤᠯᠠᠨ  ᠳ᠋ᠤᠷ ᠤᠴᠠᠷᠠᠪᠠᠰᠤ ᠵᠠᠮ ᠨᠡᠬᠡᠭᠡ ᠂ ᠤᠰᠤᠨ ᠳ᠋ᠤᠷ ᠤᠴᠠᠷᠠᠪᠠᠰᠤ ᠬᠥᠭᠥᠷᠭᠡ ᠳᠡᠯᠪᠢ ᠂ ᠲᠠᠯ᠎ᠠ ᠳ᠋ᠤᠷ ᠪᠣᠯᠪᠠᠰᠤ ᠪᠠᠭᠤᠳᠠᠯ ᠪᠡᠯᠡᠳᠭᠡ ᠂ ᠠᠢᠯ ᠳ᠋ᠤᠷ ᠪᠣᠯᠪᠠᠰᠤ ᠴᠠᠭᠳᠠᠭᠤᠯ ᠪᠣᠯ !》 ᠭᠡᠮᠡᠨ ᠬᠣᠰᠢᠭᠤᠴᠢ ᠪᠣᠯᠭᠠᠨ ᠤᠷᠢᠳᠠ ᠮᠣᠷᠳᠠᠭᠤᠯᠤᠭᠠᠳ ᠵᠢᠴᠢ ᠬᠠᠪᠤᠲᠤ ᠬᠠᠰᠠᠷ ᠂ ᠬᠦᠷᠭᠡᠨ  ᠪᠣᠲ᠋ᠣ ᠂ ᠣᠢᠲᠤ ᠤᠴᠢᠭ ᠂ ᠤᠷᠠᠨ ᠭᠠᠴᠤᠭ ᠂ ᠳᠥᠷᠪᠡᠭᠦᠯᠡ ᠳ᠋ᠦ᠍ᠷ ᠬᠣᠶᠠᠷ ᠲᠦᠮᠡᠨ ᠴᠡᠷᠢᠭ ᠥᠭᠴᠦ ᠲᠡᠷᠢᠭᠦᠨ ᠠᠩᠭᠢ ᠳ᠋ᠤᠷ ᠶᠠᠪᠤᠭᠤᠯᠤᠨ ᠂ ᠵᠢᠨᠦᠩ ᠮᠤᠬᠤᠯᠢ ᠥᠪᠡᠷ  ᠢᠶᠠᠨ ᠭᠢᠯᠥᠭᠡᠨ ᠪᠠᠭᠠᠲᠤᠷ ᠂ ᠮᠠᠩᠭᠤᠳ ᠤ᠋ᠨ ᠬᠤᠢᠯᠠᠳᠠᠷ ᠪᠠᠭᠠᠲᠤᠷ ᠂ ᠠᠯᠤᠬ᠎ᠠ ᠂ ᠰᠦᠬᠡ ᠠᠬ᠎ᠠ ᠳᠡᠭᠦᠦ ᠬᠣᠶᠠᠭᠤᠯᠠ ᠂ ᠨᠡᠢᠲᠡ ᠳᠥᠷᠪᠡᠨ ᠪᠠᠭ᠎ᠠ ᠵᠠᠩᠵᠤᠨ ᠨᠠᠷ  ᠢ᠋ ᠠᠪᠴᠤ ᠳᠥᠷᠪᠡᠨ ᠲᠦᠮᠡᠨ ᠴᠡᠷᠢᠭ  ᠢ᠋ ᠵᠠᠬᠢᠷᠤᠨ ᠳᠡᠳ᠋ ᠠᠩᠭᠢ ᠳ᠋ᠤᠷ ᠪᠣᠯᠵᠤ ᠂  ᠲᠠᠢᠽᠦ ᠴᠤᠤ ᠮᠡᠷᠭᠡᠨ ᠂ ᠬᠤᠳᠠᠭᠠᠨ᠎ᠠ ᠪᠡᠬᠢ ᠂ ᠵᠡᠪᠡ ᠂  ᠵᠡᠯᠮ᠎ᠡ ᠂ ᠰᠠᠢᠬᠠᠨ ᠰᠤᠷᠲᠠᠯᠲᠤ ᠂ ᠣᠶᠤᠲᠤ ᠰᠡᠴᠡᠨ ᠂ ᠣᠶᠤᠨ ᠭᠤᠸ᠎ᠠ ᠂  ᠲᠡᠭᠦᠰᠴᠣᠭᠲᠤ ᠂ ᠠᠷᠪᠠᠨ ᠪᠠᠭ᠎ᠠ ᠵᠠᠩᠵᠤᠨ ᠨᠠᠷ  ᠢ᠋ ᠠᠪᠴᠤ ᠰᠡᠭᠦᠯ ᠳ᠋ᠦ᠍ᠷ ᠪᠣᠯᠵᠤ ᠂ ᠪᠦᠬᠦ ᠪᠡᠯᠭᠦᠳᠡᠢ ᠂ ᠬᠦᠯᠦᠭ ᠴᠢᠯᠠᠭᠤᠨ ᠂ ᠬᠦᠯᠦᠭ ᠪᠤᠭᠤᠷᠤᠯ᠂ ᠤᠯᠤᠰ ᠤ᠋ᠨ ᠨᠠᠭᠠᠴᠤ ᠬᠤᠳᠠᠷᠭ᠎ᠠ ᠪᠠᠭᠠᠲᠤᠷ ᠳᠥᠷᠪᠡᠭᠦᠯᠡ ᠬᠥᠮᠦᠨ ᠪᠦᠷᠢ ᠲᠠᠪᠤᠨ ᠮᠢᠩᠭᠠᠨ ᠴᠡᠷᠢᠭ ᠠᠪᠴᠤ ᠤᠯᠤᠰ ᠤ᠋ᠨ ᠳᠥᠷᠪᠡᠨ ᠡᠲᠡᠭᠡᠳ ᠲᠣᠷ ᠰᠡᠷᠭᠡᠢᠯᠡᠨ ᠰᠠᠬᠢᠭᠠᠳ ᠬᠣᠩᠬᠣᠲᠠᠨ ᠤ᠋ ᠮᠡᠩᠬᠡᠯᠢᠭ ᠂ ᠠᠷᠭᠠᠰᠤᠨ ᠤ᠋ ᠬᠣᠷᠭᠣᠯᠵᠢ ᠲᠠᠪᠤᠨ ᠮᠢᠩᠭᠠᠨ ᠴᠡᠷᠢᠭ  ᠢᠶᠠᠷ ᠬᠣᠷᠣᠭ᠎ᠠ ᠬᠦᠷᠢᠶ᠎ᠡ ᠶ᠋ᠢ ᠬᠠᠮᠠᠭᠠᠯᠠᠨ ᠰᠠᠬᠢᠵᠤ ᠂ ᠳᠣᠲᠣᠷ᠎ᠠ ᠭᠠᠳᠠᠨ᠎ᠠ ᠪᠡᠯᠡᠨ ᠵᠠᠯᠠᠨ ᠪᠣᠯᠤᠭᠰᠠᠨ᠎ᠠ ᠂ ᠵᠢᠨᠦᠩ ᠮᠤᠬᠤᠯᠢ ᠂  ᠨᠠᠢ᠌ᠮᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠲᠤᠭ  ᠢ ᠳᠠᠬᠢᠭᠠᠳ ᠲᠡᠮᠳᠡᠭ ᠳᠠᠯᠪᠠᠭ᠎ᠠ ᠨᠢᠭᠡᠨᠲᠡ ᠳᠠᠷᠤᠮᠠᠭᠴᠠ ᠴᠡᠷᠢᠭ  ᠤᠨ ᠫᠤᠤ ᠨᠢᠭᠡᠨᠲᠡ ᠳᠤᠤᠭᠠᠷᠴᠤ ᠳᠥᠷᠪᠡᠨ ᠠᠩᠭᠢ ᠴᠡᠷᠢᠭ ᠬᠠᠮᠲᠤ  ᠪᠠᠷ ᠬᠥᠳᠡᠯᠵᠦ ᠂ ᠰᠣᠯᠣᠩᠭᠣᠰ ᠤᠯᠤᠰ  ᠤ᠋ᠨ ᠵᠦᠭ ᠮᠣᠷᠳᠠᠪᠠ ᠃ ᠭᠤᠷᠪᠠᠨ ᠠᠩᠭᠢ  ᠶ᠋ᠢᠨ ᠴᠡᠷᠢᠭ  ᠤᠨ ᠶᠠᠪᠤᠬᠤ ᠠᠨᠤ ᠬᠠᠨ ᠠᠭᠤᠯᠠ ᠨᠤᠷᠠᠵᠤ ᠬᠠᠲᠤᠨ ᠮᠥᠷᠡᠨ ᠰᠡᠲᠡᠷᠡᠭᠰᠡᠨ ᠮᠡᠲᠦ ᠠᠶᠤᠮᠰᠢᠭ ᠲᠠᠢ ᠃ ᠲᠤᠭ ᠬᠢᠭᠢᠷᠢ ᠨᠠᠷᠠᠨ  ᠢ᠋ ᠬᠠᠯᠠᠭᠯᠠᠵᠤ ᠂ ᠵᠠᠷ ᠵᠡᠪᠰᠡᠭ ᠬᠠᠷᠴᠢᠭᠢᠨᠠᠨ ᠂ ᠥᠩᠭᠡᠲᠦ ᠬᠤᠶᠠᠭ ᠭᠢᠯᠪᠡᠯᠵᠡᠨ ᠂ ᠲᠠᠷᠭᠤᠨ ᠮᠣᠷᠢ ᠲᠠᠯ᠎ᠠ ᠳ᠋ᠤᠷ ᠳᠦᠭᠦᠷᠦᠭᠡᠳ ᠲᠡᠳᠦᠢ ᠵᠠᠮ ᠳ᠋ᠤᠷ ᠵᠠᠷᠤᠳ ᠠᠢᠮᠠᠭ ᠤ᠋ᠨ ᠰᠤᠯᠤᠩᠭᠤᠳ ᠤᠯᠤᠰ  ᠢᠶᠠᠷ ᠳᠠᠭᠠᠷᠢᠵᠤ ᠂ ᠨᠢᠳᠤᠨᠤᠨ ᠤ᠋ ᠨᠡᠮᠡᠵᠦ ᠬᠢᠯᠭᠡᠭᠰᠡᠨ ᠭᠤᠷᠪᠠᠨ ᠵᠠᠭᠤᠨ ᠰᠠᠯ ᠣᠩᠭᠣᠴᠠ ᠶ᠋ᠢ ᠵᠡᠯᠮ᠎ᠡ ᠂ ᠬᠠᠰᠠᠷ ᠬᠣᠶᠠᠭᠤᠯᠠ ᠳ᠋ᠤᠷ ᠳᠠᠭᠠᠭᠠᠯᠭᠠᠵᠤ ᠂ ᠦᠯᠢᠶᠡᠨ ᠭᠣᠣᠯ  ᠢ᠋ ᠤᠷᠤᠭᠤᠳᠠᠨ ᠦᠨᠡᠭᠡᠨ ᠮᠥᠷᠡᠨ ᠤ ᠰᠠᠯᠪᠤᠷᠢ  ᠳ᠋ᠤᠷ ᠣᠷᠣᠭᠤᠯᠤᠨ ᠥᠭᠡᠳᠡᠯᠡᠭᠦᠯᠵᠦ ᠂ ᠴᠡᠷᠢᠭ ᠭᠡᠲᠦᠯᠬᠦ ᠣᠯᠣᠮ ᠳ᠋ᠤᠷ ᠬᠦᠯᠢᠶᠡᠯᠭᠡᠷ᠎ᠡ ᠶᠠᠪᠤᠭᠤᠯᠪᠠ ᠃ ᠤᠭ ᠠ᠋ᠴᠠ ᠠᠷᠤ ᠭᠠᠵᠠᠷ ᠲᠤᠷ ᠭᠣᠣᠯ ᠮᠥᠷᠡᠨ ᠳ᠋ᠦ᠍ᠷ ᠣᠩᠭᠣᠴᠠ ᠰᠠᠯ ᠮᠠᠰᠢ ᠴᠥᠭᠡᠨ ᠂ ᠬᠡᠳᠦᠢ ᠵᠠᠷᠢᠮ ᠵᠠᠷᠢᠮ ᠳ᠋ᠤᠷ ᠨᠠᠮᠤᠷ ᠬᠠᠪᠤᠷ ᠲᠤᠷ ᠶᠡᠬᠡ ᠮᠥᠷᠡᠨ ᠭᠣᠣᠯ  ᠢ᠋ ᠭᠡᠲᠦᠯᠬᠦ ᠴᠢᠬᠤᠯᠠ ᠬᠡᠷᠡᠭ ᠲᠦ᠍ᠷ ᠲᠣᠬᠢᠶᠠᠯᠳᠤᠪᠠᠰᠤ ᠣᠯᠠᠩᠬᠢ ᠨᠢ ᠴᠥᠮ ᠦᠬᠡᠷ  ᠤᠨ ᠲᠦᠭᠦᠬᠡᠢ ᠠᠷᠠᠰᠤ ᠪᠠᠷ ᠮᠣᠳᠣᠨ ᠤ᠋ ᠠᠷᠠᠯ ᠳ᠋ᠤᠷ ᠪᠦᠷᠬᠦᠵᠦ ᠲᠡᠯᠡᠭᠰᠡᠨ ᠰᠠᠯ  ᠢᠶᠡᠷ ᠭᠡᠲᠦᠯᠦᠮᠦᠢ ᠃ ᠲᠡᠷᠡ ᠰᠠᠯ ᠬᠣᠶᠠᠷ ᠭᠤᠷᠪᠠᠨ ᠬᠥᠮᠦᠨ ᠡᠴᠡ ᠢᠯᠡᠭᠦᠦ ᠶ᠋ᠢ ᠳᠠᠭᠠᠭᠠᠬᠤ ᠦᠭᠡᠢ ᠃ ᠡᠳᠦᠭᠡ ᠵᠠᠷᠤᠳ ᠤ᠋ᠨ ᠡᠨᠡ ᠣᠩᠭᠣᠴᠠ ᠪᠣᠯᠪᠠᠰᠤ ᠴᠥᠮ ᠵᠠᠷᠤᠳ ᠤ᠋ᠨ ᠶᠡᠬᠡ ᠮᠣᠳᠣᠨ  ᠢ᠋ ᠤᠨᠠᠭᠠᠵᠤ ᠬᠢᠭᠰᠡᠨ ᠲᠤᠯᠠ ᠴᠡᠷᠢᠭ ᠭᠡᠲᠦᠯᠬᠦᠢ ᠳ᠋ᠦ᠍ᠷ ᠨᠢᠭᠡᠨ ᠣᠩᠭᠣᠴᠠᠨ᠎ᠠ ᠬᠡᠳᠦᠨ ᠵᠠᠭᠤᠨ ᠬᠥᠮᠦᠨ ᠰᠠᠭᠤᠵᠤ ᠪᠣᠯᠤᠮᠤᠢ ᠃
      ᠲᠡᠭᠦᠨᠴᠡ ᠲᠠᠢᠽᠦ ᠶ᠋ᠢᠨ ᠴᠡᠷᠢᠭ ᠰᠣᠯᠤᠩᠭᠤᠳ ᠤ᠋ᠨ ᠴᠡᠷᠢᠭ  ᠢ᠋ ᠨᠡᠮᠡᠨ ᠪᠠᠢᠭᠤᠯᠵᠤ ᠂ ᠲᠦᠳᠡ ᠵᠠᠮ  ᠢᠶᠡᠷ ᠰᠣᠯᠣᠩᠭᠣᠰ ᠤᠯᠤᠰ ᠤ᠋ᠨ ᠪᠠᠷᠠᠭᠤᠨ ᠬᠢᠵᠠᠭᠠᠷ ᠪᠦᠬᠦᠢ ᠶᠡᠬᠡ ᠦᠨᠡᠭᠡᠨ ᠤ ᠮᠥᠷᠡᠨ ᠳ᠋ᠦ᠍ᠷ ᠬᠦᠷᠴᠦ ᠢᠷᠡᠭᠡᠳ ᠲᠠᠪᠤᠨ ᠬᠦᠷᠢᠶ᠎ᠡ ᠪᠠᠢᠭᠤᠯᠵᠤ ᠂ ᠴᠡᠷᠢᠭ  ᠢ᠋ ᠪᠠᠬᠠᠨ ᠠᠮᠤᠭᠤᠯᠵᠤ ᠂ ᠭᠤᠷᠪᠠᠨ ᠬᠣᠨᠣᠭ ᠪᠠᠢᠴᠠᠭᠠᠨ ᠪᠣᠯᠪᠠᠰᠤᠷᠠᠭᠤᠯᠲᠠᠯ᠎ᠠ ᠣᠯᠠᠨ ᠣᠩᠭᠣᠴᠠ ᠳᠠᠷᠠᠭ᠎ᠠ ᠪᠠᠷ ᠬᠦᠷᠴᠦ ᠢᠷᠡᠪᠡ ᠃ ᠲᠠᠢᠽᠦ ᠭᠠᠢᠬᠠᠵᠤ ᠮᠥᠷᠡᠨ ᠤ ᠬᠥᠪᠡᠭᠡ ᠳ᠋ᠦ᠍ᠷ ᠡᠴᠢᠵᠦ ᠦᠵᠡᠪᠡᠰᠦ ᠣᠩᠭᠣᠴᠠ ᠪᠦᠷᠢ ᠶ᠋ᠢᠨ ᠳᠤᠮᠳᠠ ᠴᠥᠮ ᠨᠢᠭᠡᠨ ᠰᠢᠷᠤᠭ ᠪᠣᠰᠬᠠᠵᠤ ᠳᠡᠭᠡᠷ᠎ᠡ ᠢᠨᠤ ᠮᠣᠷᠢ ᠂ ᠬᠣᠨᠢ ᠂ ᠢᠮᠠᠭ᠎ᠠ ᠶ᠋ᠢᠨ ᠠᠷᠠᠰᠤ  ᠪᠠᠷ ᠡᠪᠭᠡᠭᠡᠰᠦᠲᠦ ᠳᠠᠷᠪᠠᠭᠤᠯ ᠬᠢᠵᠦ ᠡᠨᠡ ᠬᠡᠳᠦᠨ ᠡᠳᠦᠷ ᠪᠠᠰᠠ ᠡᠮᠦᠨ᠎ᠡ ᠡᠴᠡ ᠰᠠᠯᠬᠢᠯᠠᠭᠰᠠᠨ  ᠳ᠋ᠤᠷ ᠬᠠᠷᠪᠤᠭᠰᠠᠨ ᠰᠤᠮᠤ ᠮᠡᠲᠦ ᠲᠦᠷᠭᠡᠨ᠎ᠡ ᠬᠦᠷᠴᠦ ᠢᠷᠡᠵᠦᠬᠦᠢ ᠃ ᠡᠳᠡᠭᠡᠷ ᠪᠣᠯᠪᠠᠰᠤ ᠵᠡᠯᠮ᠎ᠡ ᠠᠨᠳᠤᠨ ᠴᠢᠩ ᠨᠠᠷ ᠤ᠋ᠨ ᠠᠷᠭ᠎ᠠ ᠤᠬᠠᠭᠠᠨ ᠠᠵᠤᠭᠤ᠃ ᠲᠠᠢᠽᠦ ᠮᠠᠰᠢᠳᠠ ᠪᠡᠶᠡᠰᠴᠦ ᠵᠢᠨᠦᠩ ᠮᠤᠬᠤᠯᠢ ᠶ᠋ᠢ ᠬᠥᠮᠦᠨ ᠢ᠋ ᠣᠯᠵᠤ ᠬᠡᠷᠡᠭᠯᠡᠪᠡ ᠭᠡᠮᠡᠨ ᠬᠦᠨᠳᠦ ᠱᠠᠩ ᠥᠭᠭᠦᠭᠰᠡᠨ ᠢ᠋ ᠮᠤᠬᠤᠯᠢ ᠬᠡᠰᠢᠭ ᠲᠣᠷ ᠮᠥᠷᠭᠥᠵᠦ ᠡᠭᠡᠮᠡᠭᠴᠡ ᠪᠠᠷᠢᠭᠰᠠᠭᠠᠷ ᠴᠥᠮ ᠵᠡᠯᠮ᠎ᠡ ᠲᠡᠷᠢᠭᠦᠯᠡᠨ ᠠᠨᠳᠤᠨ ᠴᠢᠩ ᠲᠠᠨ᠎ᠠ ᠱᠠᠩᠨᠠᠨ ᠥᠭᠭᠦᠭᠰᠡᠨ ᠳ᠋ᠦ᠍ᠷ ᠲᠠᠢᠽᠦ ᠠ᠋ᠴᠠ ᠲᠡᠷᠢᠭᠦᠯᠡᠨ ᠰᠤᠯᠠ ᠬᠤᠶᠠᠭ ᠲᠤᠷ ᠬᠦᠷᠲᠡᠯ᠎ᠡ ᠪᠦᠭᠦᠳᠡᠭᠡᠷ ᠭᠠᠢᠬᠠᠨ ᠪᠢᠰᠢᠷᠡᠪᠡᠢ ᠃
      ᠲᠡᠳᠦᠢ ᠮᠤᠬᠤᠯᠢ ᠮᠥᠨ ᠬᠦ᠌ ᠵᠡᠯᠮ᠎ᠡ ᠂  ᠠᠨᠳᠤᠨ ᠴᠢᠩ ᠬᠣᠶᠠᠭᠤᠯᠠ ᠶ᠋ᠢ ᠠᠪᠤᠨ ᠪᠠᠢᠵᠤ ᠭᠤᠷᠪᠠᠨ ᠵᠠᠭᠤᠨ ᠣᠩᠭᠣᠴᠠ ᠪᠠᠷ ᠲᠣᠭᠣᠷᠢᠭᠤᠯᠤᠨ ᠨᠢᠭᠡᠨ ᠶᠡᠬᠡ ᠤᠰᠤᠨ ᠬᠦᠷᠢᠶ᠎ᠡ ᠪᠠᠢᠭᠤᠯᠵᠤ ᠲᠤᠭ ᠬᠢᠭᠢᠷᠢ ᠰᠢᠭᠦᠷ ᠳᠠᠯᠪᠠᠭ᠎ᠠ ᠶ᠋ᠢ ᠶᠡᠬᠡᠳᠡ ᠬᠠᠳᠬᠤᠭᠰᠠᠨ ᠳ᠋ᠤᠷ ᠬᠣᠯᠠ ᠠ᠋ᠴᠠ ᠦᠵᠡᠪᠡᠰᠦ ᠬᠡᠳᠦᠨ ᠮᠢᠩᠭᠠᠨ ᠣᠩᠭᠣᠴᠠ ᠮᠡᠲᠦ ᠣᠯᠠᠨ ᠦᠵᠡᠭᠳᠡᠮᠦᠢ ᠃ ᠲᠡᠳᠦᠢ ᠲᠣᠭᠣᠷᠢᠭᠤᠯᠵᠤ ᠰᠢᠷ ᠳᠡᠭᠡᠰᠦ ᠮᠣᠳᠣᠨ ᠭᠠᠳᠠᠰᠤ  ᠪᠠᠷ ᠬᠣᠯᠪᠣᠨ ᠬᠠᠰᠢᠵᠤ ᠂ ᠨᠣᠢᠲᠠᠨ ᠠᠷᠠᠰᠤᠨ  ᠤ᠋ ᠬᠠᠯᠬᠠᠪᠴᠢ  ᠪᠠᠷ ᠬᠠᠯᠬᠠᠯᠠᠨ ᠂ ᠬᠥᠬᠡ ᠡᠪᠡᠰᠦᠨ ᠤ ᠪᠣᠭᠣᠳᠠᠯ  ᠢᠶᠠᠷ ᠬᠠᠰᠢᠵᠤ ᠪᠡᠯᠡᠨ ᠵᠠᠯᠠᠨ ᠪᠣᠯᠭᠠᠵᠤ ᠂ ᠮᠤᠬᠤᠯᠢ ᠲᠠᠢᠽᠦ ᠶ᠋ᠢ ᠵᠠᠯᠠᠵᠤ ᠤᠰᠤᠨ ᠬᠦᠷᠢᠶ᠎ᠡ ᠶ᠋ᠢ ᠦᠵᠡᠭᠦᠯᠦᠭᠰᠡᠨ ᠳ᠋ᠦ᠍ᠷ ᠲᠠᠢᠽᠦ ᠨᠢᠭᠡᠨᠲᠡᠭᠡᠭᠦᠷ ᠪᠡᠶᠡᠰᠦᠨ ᠦᠵᠡᠬᠦ ᠪᠥᠭᠡᠳ ᠨᠢᠭᠡᠨᠲᠡᠭᠡᠭᠦᠷ ᠰᠡᠮᠡᠬᠡᠷ ᠮᠤᠬᠤᠯᠢ  ᠠ᠋ᠴᠠ ᠠᠰᠠᠭᠤᠷᠤᠨ᠄ 《 ᠵᠢᠨᠦᠩ ᠴᠢ ᠳᠠᠷᠤᠢ ᠮᠥᠷᠡᠨ  ᠢ᠋ ᠦᠯᠦ ᠭᠡᠲᠦᠯᠬᠦ ᠢᠨᠤ ᠶᠠᠭᠤᠨ? 》ᠭᠡᠮᠡᠨ ᠠᠰᠠᠭᠤᠭᠰᠠᠨ ᠳ᠋ᠤᠷ ᠮᠤᠬᠤᠯᠢ ᠬᠤᠷᠤᠭᠤ ᠪᠠᠷ ᠳᠠᠯᠪᠠᠭ᠎ᠠ  ᠶ᠋ᠢᠨ ᠸᠠᠳᠠᠩ  ᠢ᠋ ᠵᠢᠭᠠᠵᠤ ᠮᠡᠳᠡᠭᠦᠯᠦᠷᠦᠨ᠄ 《 ᠡᠵᠡᠨ ᠮᠢᠨᠦ ᠡᠭᠦᠨ  ᠢ᠋ ᠶᠠᠭᠤᠨ  ᠳ᠋ᠤᠷ ᠦᠯᠦ ᠠᠢᠯᠠᠳᠤᠮᠤᠢ ? 》 ᠲᠠᠢᠽᠦ ᠦᠵᠡᠪᠡᠰᠦ ᠲᠤᠭ ᠬᠢᠭᠢᠷᠢ ᠶ᠋ᠢᠨ ᠸᠠᠳᠠᠩ ᠪᠦᠷᠢ ᠴᠥᠮ ᠡᠮᠦᠨ᠎ᠡ ᠡᠴᠡ ᠬᠣᠢᠲᠤ ᠵᠦᠭ ᠲᠦ᠍ᠷ ᠳᠡᠷᠪᠡᠯᠵᠡᠨ ᠬᠡᠢᠰᠬᠦ  ᠢᠨᠤ ᠮᠠᠰᠢ ᠬᠦᠴᠦᠲᠡᠢ ᠃  ᠲᠠᠢᠽᠦ ᠪᠠᠰᠠ ᠠᠰᠠᠭᠤᠷᠤᠨ ᠄ 《 ᠯᠠᠪ ᠬᠤᠷ᠎ᠠ ᠣᠷᠣᠬᠤᠢ ᠶ᠋ᠢ ᠬᠡᠷᠬᠢᠨ ᠮᠡᠳᠡᠪᠡ ?》 ᠮᠤᠬᠤᠯᠢ ᠮᠡᠳᠡᠭᠦᠯᠦᠷᠦᠨ ᠄ ᠡᠵᠡᠨ ᠮᠢᠨᠦ ᠴᠠᠭ ᠦᠶ᠎ᠡ ᠶ᠋ᠢ ᠠᠢᠯᠠᠳᠤᠨ ᠦᠵᠡᠮᠦ᠃ ᠡᠨᠡ ᠬᠡᠮᠡᠭᠴᠢ ᠬᠠᠷᠠᠬᠠᠨ ᠨᠠᠮᠤᠷ ᠤ᠋ᠨ ᠳᠤᠮᠳᠠᠳᠤ ᠰᠠᠷ᠎ᠠ ᠪᠥᠭᠡᠲᠡᠯ᠎ᠡ ᠡᠨᠡ ᠮᠡᠲᠦ ᠡᠮᠦᠨ᠎ᠡ ᠡᠴᠡ ᠰᠠᠯᠬᠢᠯᠠᠬᠤ ᠠᠨᠤ ᠯᠠᠪ ᠨᠢᠭᠡᠨ ᠤᠳᠠᠭ᠎ᠠ ᠶ᠋ᠢᠨ ᠶᠡᠬᠡ ᠬᠤᠷ᠎ᠠ ᠪᠣᠢ ᠂ ᠳᠡᠳ᠋ ᠲᠣᠷ ᠡᠨᠡ ᠮᠥᠷᠡᠨ  ᠤ ᠡᠮᠦᠨ᠎ᠡ ᠦᠵᠦᠭᠦᠷ ᠵᠡᠭᠦᠨ ᠡᠮᠦᠨ᠎ᠡ ᠳ᠋ᠦ᠍ᠷ ᠳᠠᠯᠠᠢ ᠳ᠋ᠤᠷ ᠴᠢᠳᠬᠤᠬᠤ ᠲᠤᠯᠠ ᠬᠠᠭᠠᠰ ᠰᠠᠷ᠎ᠠ ᠰᠢᠬᠠᠮ ᠡᠳᠦᠷ ᠰᠥᠨᠢ ᠦᠭᠡᠢ ᠡᠮᠦᠨ᠎ᠡ ᠡᠴᠡ ᠰᠠᠯᠬᠢᠯᠠᠪᠠᠰᠤ ᠳᠠᠯᠠᠢ ᠶ᠋ᠢᠨ ᠳᠠᠪᠠᠯᠭᠠᠨ ᠡᠭᠡᠵᠦ ᠴᠢᠳᠠᠬᠤ ᠦᠭᠡᠢ ᠪᠣᠯᠤᠨ ᠡᠨᠡ ᠮᠥᠷᠡᠨ ᠥᠭᠡᠳᠡ ᠦᠶᠡᠷᠯᠡᠵᠦ ᠲᠡᠯᠡᠮᠦᠢ ᠂ ᠲᠡᠢᠨ ᠬᠦ᠌ ᠡᠨᠡ ᠮᠡᠲᠦ ᠰᠡᠷᠭᠡᠢᠯᠡᠨ ᠪᠡᠯᠡᠳᠬᠡᠪᠡ ᠃ 》 ᠬᠡᠮᠡᠭᠰᠡᠨ ᠳ᠋ᠦ᠍ᠷ ᠂ ᠲᠠᠢᠽᠦ ᠳᠣᠲᠣᠷ᠎ᠠ ᠪᠠᠨ ᠮᠤᠬᠤᠯᠠᠢ ᠶ᠋ᠢᠨ ᠨᠠᠷᠢᠨ ᠬᠢᠨᠠᠮᠠᠭᠠᠢ ᠰᠡᠷᠡᠮᠵᠢ ᠬᠢᠴᠢᠶᠡᠯᠲᠡᠢ ᠶ᠋ᠢ ᠶᠡᠬᠡᠳᠡ ᠭᠠᠢᠬᠠᠪᠠ ᠃ ᠦᠨᠡᠬᠡᠷ ᠡᠨᠡ ᠰᠥᠨᠢ ᠭᠠᠬᠠᠢ ᠴᠠᠭ ᠠ᠋ᠴᠠ ᠦᠨᠡᠭᠡ ᠶ᠋ᠢᠨ ᠮᠥᠷᠡᠨ ᠥᠭᠡᠳᠡ ᠲᠡᠯᠡᠵᠦ ᠶᠡᠬᠡᠳᠡ ᠪᠢᠯᠬᠠᠵᠤ ᠂ ᠭᠡᠭᠡᠷᠡᠬᠦ ᠦᠶ᠎ᠡ ᠳ᠋ᠦ᠍ᠷ ᠦᠨᠡᠬᠡᠷ ᠪᠠᠰᠠ ᠶᠡᠬᠡ ᠬᠤᠷ᠎ᠠ ᠡᠬᠢᠯᠡᠨ ᠣᠷᠣᠵᠤ ᠭᠤᠷᠪᠠᠨ ᠡᠳᠦᠷ ᠪᠣᠯᠵᠤ ᠰᠠᠯᠬᠢᠨ ᠰᠠᠶ᠋ᠢ ᠵᠣᠭᠰᠣᠵᠤ ᠮᠥᠷᠡᠨ ᠰᠠᠶ᠋ᠢ ᠲᠠᠲᠠᠷᠠᠪᠠᠢ ᠃ ᠡᠭᠦᠨ ᠳ᠋ᠦ᠍ᠷ ᠣᠯᠠᠨ ᠵᠠᠩᠵᠤᠨ ᠴᠡᠷᠢᠭ  ᠤᠳ ᠮᠠᠨ ᠤ᠋ ᠵᠢᠨᠦᠩ ᠳ᠋ᠦ᠍ᠷ ᠳᠡᠭᠷᠢᠯᠢᠭ ᠡᠵᠡᠨ ᠮᠡᠲᠦ ᠢᠷᠡᠭᠡᠳᠦᠢ ᠶ᠋ᠢ ᠠᠢᠯᠠᠳᠤᠨ ᠮᠡᠳᠡᠬᠦ ᠬᠤᠪᠢᠯᠭᠠᠨ ᠤᠪᠠᠳᠢᠰ ᠪᠣᠢ ᠭᠡᠮᠡᠨ ᠨᠡᠩᠳᠡ ᠭᠠᠢᠬᠠᠯᠳᠤᠨ ᠪᠢᠰᠢᠷᠡᠵᠦ ᠠᠶᠤᠨ ᠰᠢᠷᠪᠡᠭᠡᠲᠦᠪᠡᠢ ᠃ ᠡᠭᠦᠨᠴᠡ ᠴᠡᠷᠢᠭ  ᠤᠨ ᠵᠠᠰᠠᠭ ᠴᠠᠭᠠᠵᠠ ᠶ᠋ᠢ ᠨᠡᠩ ᠬᠢᠴᠢᠶᠡᠨ ᠰᠠᠬᠢᠪᠠᠢ ᠃
      ᠲᠡᠨᠳᠡᠴᠡ ᠰᠠᠯᠬᠢᠨ ᠬᠤᠷ᠎ᠠ ᠠᠷᠢᠯᠵᠤ ᠂ ᠮᠥᠷᠡᠨ ᠤ᠋ ᠦᠶᠡᠷ ᠲᠠᠲᠠᠷᠠᠭᠰᠠᠨ ᠳ᠋ᠤᠷ ᠲᠠᠢᠽᠦ ᠵᠢᠨᠦᠩ ᠮᠤᠬᠤᠯᠢ ᠶ᠋ᠢ ᠵᠤᠯᠠ ᠶ᠋ᠢᠨ ᠳᠣᠣᠷ᠎ᠠ ᠳᠠᠭᠤᠳᠠᠨ ᠣᠷᠣᠭᠤᠯᠵᠤ ᠂ ᠮᠥᠷᠡᠨ ᠢ ᠭᠡᠲᠦᠯᠬᠦᠢ ᠶ᠋ᠢ ᠵᠥᠪᠯᠡᠬᠦᠢ ᠳ᠋ᠦ᠍ᠷ ᠮᠤᠬᠤᠯᠢ ᠮᠡᠳᠡᠭᠦᠯᠦᠷᠦᠨ ᠄ 《 ᠡᠵᠡᠨ ᠮᠢᠨᠦ ᠮᠥᠷᠡᠨ  ᠢ ᠭᠡᠲᠦᠯᠬᠦ ᠶ᠋ᠢ ᠲᠦᠷ ᠪᠢᠲᠡᠭᠡᠢ ᠶᠠᠭᠠᠷᠠᠮᠤ ᠂ ᠲᠤᠰᠢᠮᠡᠯ ᠪᠢ ᠪᠣᠳᠣᠪᠠᠰᠤ ᠰᠣᠯᠣᠩᠭᠣᠰ ᠤᠯᠤᠰ ᠬᠡᠳᠦᠢᠪᠡᠷ ᠮᠠᠨ ᠤ᠋ ᠴᠡᠷᠢᠭ ᠢᠷᠡᠭᠰᠡᠨ  ᠢ᠋ ᠮᠡᠳᠡᠪᠡᠴᠦ ᠡᠭᠡᠨᠡᠭᠲᠡ ᠰᠠᠨᠠᠭᠠᠨ ᠳ᠋ᠤᠷ ᠦᠭᠡᠢ ᠪᠠᠢᠭᠰᠠᠨ ᠲᠤᠯᠠ ᠬᠠᠭᠠᠰ ᠰᠠᠷ᠎ᠠ ᠶ᠋ᠢᠨ ᠳᠣᠲᠣᠷ᠎ᠠ ᠪᠣᠯᠪᠠᠴᠤ ᠬᠠᠷᠢᠶᠠᠲᠤ ᠴᠡᠷᠢᠭ  ᠢᠶᠠᠨ ᠴᠤᠭᠯᠠᠭᠤᠯᠤᠨ ᠵᠠᠪᠳᠤᠬᠤ ᠦᠭᠡᠢ ᠢᠨᠤ ᠮᠠᠭᠠᠳ ᠲᠤᠯᠠ ᠡᠳᠦᠭᠡ ᠡᠵᠡᠨ ᠤ ᠡᠮᠦᠨ᠎ᠡ ᠡᠴᠡ ᠨᠢᠭᠡᠨ ᠰᠠᠢᠨ ᠲᠠᠰᠤᠷᠬᠠᠢ ᠬᠡᠯᠡᠮᠦᠷᠴᠢ ᠢᠯᠡᠭᠡᠵᠦ ᠂ ᠮᠠᠨ ᠤ᠋ ᠬᠣᠶᠠᠷ ᠤᠯᠤᠰ ᠤᠭ ᠠ᠋ᠴᠠ ᠦᠰᠦᠨ  ᠤ ᠲᠡᠳᠦᠢ ᠥ ᠦᠰ ᠦᠭᠡᠢ ᠪᠥᠭᠡᠲᠡᠯ᠎ᠡ ᠶᠠᠭᠤᠨ ᠤ᠋ ᠤᠴᠢᠷ ᠶᠢᠰᠦᠨ ᠶᠡᠬᠡ ᠤᠯᠤᠰ ᠨᠡᠢᠯᠡᠵᠦ ᠮᠠᠨ ᠤ᠋ ᠤᠯᠤᠰ ᠢ᠋ ᠳᠠᠢᠯᠠᠨ ᠠᠷᠢᠯᠭᠠᠰᠤᠭᠠᠢ ᠭᠡᠮᠡᠨ ᠡᠯᠴᠢ ᠶᠠᠪᠤᠭᠤᠯᠤᠨ ᠵᠣᠪᠳᠡᠪᠡ ᠭᠡᠮᠡᠨ ᠶᠠᠯ᠎ᠠ ᠠᠰᠠᠭᠤᠯᠭᠠᠷ᠎ᠠ ᠵᠠᠷᠤᠰᠤᠭᠠᠢ᠃ ᠡᠢᠨ ᠪᠣᠯᠪᠠᠰᠤ ᠲᠡᠳᠡ ᠯᠠᠪ ᠪᠤᠴᠠᠵᠤ ᠪᠤᠯᠭᠢᠮᠤᠢ᠃ ᠲᠡᠷᠡ ᠴᠠᠭ ᠲᠤᠷ ᠳᠠᠷᠤᠢ ᠡᠨᠡ ᠬᠡᠷᠡᠢᠳ  ᠤᠨ ᠡᠯᠴᠢ ᠪᠠ ᠪᠢᠴᠢᠭ ᠲᠡᠢ ᠭᠠᠷᠭᠠᠵᠤ ᠮᠣᠬᠣᠭᠠᠰᠤᠭᠠᠢ᠃ ᠡᠢᠮᠦ ᠪᠣᠯᠪᠠᠰᠤ ᠲᠡᠭᠦᠨ ᠤ ᠴᠡᠷᠢᠭ ᠪᠠᠰᠠ ᠪᠡᠯᠡᠨ ᠦᠭᠡᠢ ᠲᠤᠯᠠ ᠲᠡᠷᠡ ᠠᠮᠠ ᠰᠡᠳᠬᠢᠯ ᠬᠠᠮᠲᠤ ᠠᠶᠤᠨ ᠪᠢᠰᠢᠷᠡᠪᠡᠰᠦ ᠬᠠᠷᠢᠨ ᠴᠤ᠌ ᠢᠯᠳᠦᠨ ᠳ᠋ᠦ᠍ᠷ ᠴᠢᠰᠤ ᠨᠠᠭᠠᠯᠳᠤᠭᠤᠯᠤᠯ ᠦᠭᠡᠢ ᠪᠡᠷ ᠣᠯᠵᠤ ᠳᠠᠭᠠᠭᠤᠯᠬᠤ ᠴᠤ᠌ ᠮᠥᠨ ᠮᠠᠭᠠᠳ ᠦᠭᠡᠢ᠃ ᠲᠡᠷᠡ ᠬᠡᠷᠪᠡ ᠰᠡᠩᠬᠡᠷᠡᠰᠢ ᠦᠭᠡᠢ ᠮᠣᠩᠬᠠᠭᠳᠠᠨ ᠡᠷᠢᠨ ᠡᠰᠡ ᠬᠡᠯᠡᠯᠴᠡᠪᠡᠰᠦ ᠲᠡᠷᠡ ᠴᠠᠭ ᠲᠤᠷ ᠴᠣᠬᠢᠨ ᠣᠷᠣᠵᠤ ᠪᠠᠢᠯᠳᠤᠬᠤᠢ ᠳ᠋ᠤᠷ ᠮᠥᠨ ᠣᠷᠣᠢᠲᠠᠬᠤ ᠦᠭᠡᠢ᠃ ᠡᠢᠮᠦ ᠪᠣᠯᠪᠠᠰᠤ ᠲᠦᠮᠡᠨ ᠤᠯᠤᠰ ᠮᠢᠩᠭᠠᠨ ᠠᠢᠮᠠᠭ ᠰᠣᠨᠣᠰᠪᠠᠴᠤ ᠶᠠᠯ᠎ᠠ ᠪᠤᠷᠤᠭᠤ ᠲᠡᠳᠡᠨ ᠳ᠋ᠦ᠍ᠷ ᠪᠣᠯᠬᠤ ᠪᠣᠢ  ᠢ ᠎ᠠ ᠂ ᠮᠠᠨ  ᠢ᠋ ᠰᠦᠷ ᠬᠦᠴᠦᠨ ᠳ᠋ᠡᠭᠡᠨ ᠡᠷᠡᠮᠰᠢᠵᠦ ᠭᠠᠳᠠᠭᠠᠳᠤ ᠤᠯᠤᠰ  ᠢ ᠡᠷᠢᠨ ᠳᠠᠷᠤᠯᠠᠪᠠ ᠭᠡᠮᠡᠨ ᠵᠢᠮᠡᠯᠡᠬᠦ ᠦᠭᠡᠢ ᠪᠣᠯᠵᠤ ᠂ ᠬᠣᠢᠴᠢ ᠡᠳᠦᠷ ᠬᠣᠯᠠᠳᠠᠬᠢᠨ  ᠢ᠋ ᠬᠤᠷᠢᠶᠠᠮᠵᠢᠯᠠᠨ ᠳᠠᠭᠠᠭᠤᠯᠬᠤᠢ  ᠳ᠋ᠤᠷ ᠳᠥᠭᠥᠮ ᠬᠢᠯᠪᠠᠷ ᠪᠣᠯᠤᠮᠤᠢ!》ᠬᠡᠮᠡᠭᠰᠡᠨ ᠳ᠋ᠦ᠍ᠷ ᠲᠠᠢᠽᠦ ᠶᠡᠬᠡᠳᠡ ᠪᠡᠶᠡᠰᠦᠨ ᠮᠤᠬᠤᠯᠢ  ᠶ᠋ᠢ ᠮᠠᠭᠲᠠᠵᠤ ᠵᠠᠬᠢᠷᠤᠨ ᠄
           ᠳᠡᠯᠭᠡᠳᠦ ᠪᠠᠶᠠᠨ ᠤ᠋ ᠳᠡᠯᠭᠡᠷᠡᠩᠭᠦᠢ ᠪᠣᠳᠣᠯᠭᠠᠲᠤ ᠬᠥᠪᠡᠭᠦᠨ
           ᠵᠠᠯᠠᠢᠳ ᠠᠢᠮᠠᠭ ᠤ᠋ᠨ ᠵᠠᠰᠠᠭ ᠲᠤᠷ ᠮᠡᠷᠭᠡᠨ ᠮᠤᠬᠤᠯᠢ ᠮᠢᠨᠦ ᠂
           ᠤᠮᠳᠠᠵᠤ ᠬᠡᠪᠲᠡᠪᠡᠴᠦ ᠤᠯᠤᠰ  ᠢ᠋ ᠮᠢᠨᠦ ᠪᠣᠳᠣᠵᠤ
           ᠢᠳᠡᠵᠦ ᠤᠤᠭᠤᠪᠠᠴᠤ ᠡᠵᠡᠨ  ᠢᠶᠠᠨ ᠰᠡᠳᠬᠢᠭᠴᠢ ᠰᠠᠢᠳ ᠮᠢᠨᠦ !
ᠭᠡᠮᠡᠨ ᠵᠥᠪᠰᠢᠶᠡᠵᠦ ᠂ ᠶᠢᠰᠦᠨ ᠲᠤᠯᠭᠤᠷ ᠂ ᠵᠢᠷᠭᠤᠭᠠᠨ ᠰᠠᠢᠰᠢᠶᠠᠯ ᠤ᠋ᠨ ᠰᠠᠢᠳ  ᠢ᠋ ᠳᠠᠭᠤᠳᠠᠨ ᠣᠷᠣᠭᠤᠯᠵᠤ ᠂ ᠡᠳᠡᠭᠡᠷ ᠤᠴᠢᠷ  ᠢ᠋ ᠪᠦᠷᠢᠳᠬᠡᠨ ᠬᠡᠯᠡᠵᠦ ᠄《 ᠡᠨᠡ ᠡᠯᠴᠢ ᠳ᠋ᠦ᠍ᠷ ᠬᠡᠨ ᠡᠴᠢᠮᠦᠢ?》 ᠭᠡᠮᠡᠨ ᠠᠰᠠᠭᠤᠲᠠᠯ᠎ᠠ ᠣᠯᠠᠨ ᠤ᠋ ᠰᠦᠷᠦᠭ  ᠡᠴᠡ ᠣᠷᠢᠶᠠᠩᠬᠠᠨ  ᠤ ᠰᠠᠢᠬᠠᠨ ᠵᠠᠯᠮ᠎ᠠ ᠬᠡᠬᠦᠯᠵᠡᠨ ᠭᠠᠷᠴᠤ ᠄ 《 ᠲᠤᠰᠢᠮᠡᠯ ᠪᠢ ᠡᠴᠢᠬᠦ ᠶ᠋ᠢ ᠬᠦᠰᠡᠮᠦᠢ 》 ᠬᠡᠮᠡᠬᠦᠢ ᠳ᠋ᠦ᠍ᠷ ᠲᠠᠢᠽᠦ ᠠᠰᠠᠭᠤᠷᠤᠨ ᠄ 《ᠠᠶᠤᠯ ᠲᠦᠭᠰᠢᠭᠦᠷᠢ ᠡᠴᠡ ᠠᠶᠤᠬᠤ ᠦᠭᠡᠢ ᠦᠦ ? 》 ᠵᠡᠯᠮ᠎ᠡ ᠮᠡᠳᠡᠭᠦᠯᠦᠷᠦᠨ᠄ 《ᠡᠵᠡᠨ ᠤ ᠬᠦᠨᠳᠦ ᠬᠡᠰᠢᠭ ᠥᠷᠥᠰᠢᠶᠡᠯ  ᠢ᠋ ᠬᠦᠷᠲᠡᠭᠡᠳ ᠭᠡᠪᠴᠢᠶᠡᠲᠡᠢ ᠴᠢᠬᠤᠯᠠ ᠭᠠᠵᠠᠷ ᠲᠤᠷ ᠡᠰᠡ ᠶᠠᠪᠤᠪᠠᠰᠤ ᠶᠠᠮᠪᠠᠷ ᠠᠮᠲᠠ ᠂ ᠲᠦᠭᠰᠢᠯ ᠳ᠋ᠦ᠍ᠷ ᠲᠦᠳᠡᠵᠦ ᠂ ᠠᠶᠤᠯ ᠠ᠋ᠴᠠ ᠠᠶᠤᠪᠠᠰᠤ ᠲᠦᠰᠢᠮᠡᠯ ᠪᠣᠯᠵᠤ ᠶᠠᠭᠤ ᠬᠢᠮᠦᠢ ? ᠰᠠᠢᠳ ᠪᠢ ᠠᠶᠤᠬᠤ ᠦᠭᠡᠢ ! 》 ᠬᠡᠮᠡᠭᠰᠡᠨ ᠳ᠋ᠦ᠍ᠷ ᠲᠠᠢᠽᠦ ᠶ᠋ᠢᠨ ᠲᠡᠭᠷᠢ ᠶ᠋ᠢᠨ ᠴᠢᠷᠠᠢ ᠳ᠋ᠤᠷ ᠪᠠᠶᠠᠷᠯᠠᠯ ᠢᠯᠡᠷᠡᠵᠦ ᠂ ᠮᠠᠰᠢ ᠰᠠᠢᠰᠢᠶᠠᠨ ᠳᠠᠷᠤᠢ ᠭᠡᠷᠡᠢ᠌ᠳ  ᠤᠨ ᠪᠢᠴᠢᠭ ᠪᠠ ᠡᠯᠴᠢ ᠲᠤᠰᠢᠶᠠᠨ ᠥᠭᠴᠦ ᠵᠢᠴᠢ ᠥᠷᠯᠥᠭᠡ ᠦᠷ  ᠤᠨ ᠬᠢᠷᠠᠭ᠎ᠠ ᠳ᠋ᠤᠷ ᠭᠠᠷ  ᠢᠶᠠᠷ ᠠᠷᠢᠬᠢ ᠬᠠᠢᠷᠠᠯᠠᠵᠤ ᠮᠣᠷᠳᠠᠭᠤᠯᠬᠤᠢ ᠳ᠋ᠤᠷ ᠵᠢᠨᠦᠩ ᠮᠤᠬᠤᠯᠢ ᠭᠡᠷᠡᠢ᠌ᠳ  ᠤᠨ ᠡᠯᠴᠢ ᠶ᠋ᠢ ᠠᠴᠢᠷᠠᠵᠤ ᠵᠠᠬᠢᠷᠤᠨ ᠄ 《 ᠴᠢ ᠬᠡᠮᠡᠭᠴᠢ ᠲᠡᠭᠷᠢ ᠲᠠᠬᠢᠬᠤ ᠦᠬᠡᠷ ᠮᠣᠷᠢ ᠪᠣᠯᠠᠢ ᠂ ᠦᠨᠡᠨ  ᠢᠶᠠᠨ ᠬᠡᠯᠡᠪᠡᠰᠦ ᠭᠡᠷ ᠲᠡᠭᠡᠨ ᠡᠴᠢᠵᠦ ᠡᠮ᠎ᠡ ᠦᠷ᠎ᠡ  ᠯᠦ᠋ᠭᠡ  ᠪᠡᠨ ᠵᠢᠷᠭᠠᠵᠤ ᠴᠢᠳᠠᠮᠤᠢ ᠂ ᠬᠡᠷᠪᠡ ᠬᠡᠯᠡ ᠪᠤᠴᠠᠵᠤ ᠦᠭᠡ ᠪᠡᠨ ᠪᠠᠯᠠᠯᠪᠠᠰᠤ ᠲᠣᠭᠣᠭ᠎ᠠ ᠰᠢᠨᠠᠭ᠎ᠠ ᠶ᠋ᠢᠨ ᠳᠣᠲᠣᠷᠠᠬᠢ ᠢᠯᠵᠠᠷᠠᠭᠰᠠᠨ ᠱᠥᠯᠥ ᠪᠣᠯᠬᠤ ᠪᠣᠯᠠᠢ ᠂ ᠦᠬᠦᠬᠦ ᠠᠮᠢᠳᠤᠷᠠᠬᠤ ᠴᠢᠨᠦ ᠥᠪᠡᠷ  ᠤᠨ ᠨᠢᠭᠡᠨ ᠦᠮᠡᠬᠡᠢ ᠬᠡᠯᠡᠨ ᠳ᠋ᠦ᠍ᠷ ᠪᠣᠢ ᠪᠣᠯᠠᠢ ᠃ ᠴᠢ ᠠᠮᠢᠳᠤᠷᠠᠰᠤᠭᠠᠢ ᠬᠡᠮᠡᠮᠦᠢ ᠦᠦ ? ᠦᠬᠦᠰᠦᠭᠡᠢ ᠬᠡᠮᠡᠮᠦᠢ ᠦᠦ ? 》ᠬᠡᠮᠡᠭᠰᠡᠨ ᠳ᠋ᠦ᠍ᠷ ᠲᠡᠷᠡ ᠡᠯᠴᠢ ᠭᠠᠭᠴᠠ ᠠᠯᠠᠭᠤᠵᠠᠢ ᠭᠡᠮᠡᠨ ᠠᠶᠤᠵᠤ ᠪᠠᠢᠭᠰᠠᠨ ᠲᠤᠯᠠ ᠡᠳᠦᠭᠡ ᠠᠮᠢᠳᠤᠷᠠᠬᠤ ᠵᠠᠮ ᠭᠠᠷᠤᠭᠰᠠᠨ᠎ᠠ ᠶᠡᠬᠡᠯ᠎ᠡ ᠪᠠᠶᠠᠷᠯᠠᠨ ᠮᠢᠩᠭᠠᠨ ᠵᠡᠷᠭᠡ ᠮᠥᠷᠭᠥᠵᠦ ᠦᠨᠡᠨ  ᠢᠶᠠᠨ ᠴᠥᠮ ᠬᠡᠯᠡᠶ᠎ᠡ ᠭᠡᠮᠡᠨ ᠬᠦᠯᠢᠶᠡᠨ ᠠᠪᠤᠭᠰᠠᠨ ᠳ᠋ᠤᠷ ᠳᠠᠷᠤᠢ ᠳᠥᠩᠭᠡ ᠶ᠋ᠢ ᠠᠪᠴᠤ ᠵᠠᠯᠮ᠎ᠠ ᠳ᠋ᠤᠷ ᠲᠤᠰᠢᠶᠠᠨ ᠥᠭᠪᠡᠢ᠃ ᠲᠡᠳᠦᠢ ᠲᠡᠷᠡ ᠡᠯᠴᠢ ᠵᠡᠯᠮ᠎ᠡ ᠲᠠᠢᠽᠦ ᠳ᠋ᠤᠷ ᠮᠥᠷᠭᠥᠨ ᠠᠶᠠᠷᠯᠠᠵᠤ ᠠᠷᠪᠠᠭᠠᠳ ᠮᠣᠷᠢᠲᠠᠨ  ᠢ᠋ ᠠᠪᠴᠤ ᠬᠣᠶᠠᠷ ᠣᠩᠭᠣᠴᠠ ᠶ᠋ᠢ ᠬᠣᠯᠪᠣᠨ ᠤᠶᠠᠵᠤ ᠂ ᠶᠡᠬᠡ ᠦᠨᠡᠭᠡ ᠶ᠋ᠢᠨ ᠮᠥᠷᠡᠨ ᠢ᠋ ᠭᠡᠲᠦᠯᠵᠦ ᠬᠡᠳᠦᠨ ᠵᠠᠭᠤᠨ ᠭᠠᠵᠠᠷ  ᠢ᠋ ᠳᠦᠯᠢᠢᠨ ᠶᠠᠪᠤᠵᠤ ᠵᠢᠴᠢ ᠡᠳᠦᠷ  ᠤᠨ ᠦᠳᠡᠰᠢ ᠳᠠᠷᠤᠢ ᠰᠣᠯᠣᠩᠭᠣᠰ ᠤ᠋ᠨ ᠬᠠᠭᠠᠨ ᠤ᠋ ᠰᠠᠭᠤᠬᠤ ᠂ ᠮᠤᠷᠤᠢ ᠰᠠᠷᠠᠨ ᠬᠣᠲᠠᠨ ①  ᠳ᠋ᠤᠷ ᠬᠦᠷᠪᠡ ᠃
– – – – 
① ᠠᠷᠤ ᠭᠠᠵᠠᠷ ᠤ᠋ᠨ ᠬᠥᠮᠦᠨ ᠮᠣᠷᠢ ᠨᠢᠭᠡᠨ ᠡᠳᠦᠷ ᠬᠡᠳᠦᠨ ᠵᠠᠭᠤᠨ ᠭᠠᠵᠠᠷ ᠶᠠᠪᠤᠬᠤ ᠠᠨᠤ ᠲᠡᠳᠡᠨ  ᠤ ᠡᠩ  ᠤᠨ ᠶᠠᠪᠤᠳᠠᠯ ᠠᠵᠤᠭᠤ ᠃ ᠡᠳᠦᠭᠡ ᠪᠣᠯᠲᠠᠯ᠎ᠠ ᠲᠡᠷᠡ ᠵᠠᠩ ᠠᠨᠤ ᠪᠠᠢᠭᠰᠠᠭᠠᠷ ᠪᠤᠶᠤ ᠃ ᠵᠢᠴᠢ ᠡᠨᠡ ᠰᠣᠯᠣᠩᠭᠣᠰ ᠤᠯᠤᠰ ᠤ᠋ᠨ ᠪᠤᠬ᠎ᠠ ᠴᠠᠭᠠᠨ ᠬᠠᠭᠠᠨ ᠤ᠋ ᠨᠡᠢᠰᠯᠡᠯ ᠬᠣᠲᠠ ᠠᠨᠤ ᠠᠷᠤ ᠪᠡᠶ᠎ᠡ ᠳ᠋ᠦ᠍ᠷ ᠠᠭᠤᠯᠠ ᠶ᠋ᠢ ᠲᠦᠰᠢᠵᠦ ᠂ ᠥᠪᠥᠷ ᠪᠡᠶ᠎ᠡ ᠳ᠋ᠦ᠍ᠷ ᠤᠰᠤᠨ  ᠢ᠋ ᠭᠦᠪᠡᠭᠡᠯᠡᠨ ᠂ ᠬᠠᠭᠠᠰ ᠰᠠᠷᠠᠨ ᠮᠡᠲᠦ ᠪᠠᠷᠢᠭᠰᠠᠨ  ᠢᠶᠠᠷ ᠮᠤᠷᠤᠢ ᠰᠠᠷᠠᠨ ᠬᠣᠲᠠ ᠭᠡᠮᠡᠨ ᠨᠡᠷᠡᠢᠳᠪᠡᠢ᠃

      ᠲᠡᠭᠦᠨᠴᠡ ᠵᠠᠯᠮ᠎ᠠ ᠬᠣᠲᠠᠨ ᠳ᠋ᠤᠷ ᠣᠷᠣᠵᠤ ᠬᠡᠷᠡᠭ ᠤᠯᠠᠮᠵᠢᠯᠠᠬᠤ ᠶᠠᠮᠤᠨ ᠳ᠋ᠤᠷ ᠠᠪᠠᠷᠢᠵᠤ᠂ ᠴᠠᠭᠠᠨ ᠬᠠᠭᠠᠨ ᠳ᠋ᠤᠷ ᠨᠢᠭᠤᠷ ᠠᠭᠤᠯᠵᠠᠨ ᠬᠣᠶᠠᠷ ᠤᠯᠤᠰ ᠤ᠋ᠨ ᠡᠶᠡᠳᠦᠬᠦ ᠪᠠ ᠡᠪᠳᠡᠷᠡᠬᠦ ᠶ᠋ᠢ ᠵᠥᠪᠯᠡᠬᠦ ᠬᠡᠷᠡᠭ ᠪᠣᠢ ᠭᠡᠮᠡᠨ ᠬᠡᠯᠡᠭᠰᠡᠨ᠎ᠡ᠂ ᠡᠨᠡ ᠦᠶ᠎ᠡ ᠳ᠋ᠦ᠍ᠷ ᠰᠣᠯᠣᠩᠭᠣᠰ ᠤᠯᠤᠰ ᠤ᠋ᠨ ᠬᠣᠲᠠᠯᠠᠭᠠᠷ ᠪᠧᠲ᠋ᠠ᠋ ᠤᠯᠤᠰ ᠤ᠋ᠨ ᠶᠡᠬᠡ ᠴᠡᠷᠢᠭ ᠢᠷᠡᠪᠡ ᠭᠡᠮᠡᠨ ᠶᠡᠬᠡᠯ᠎ᠡ ᠠᠶᠤᠵᠤ ᠲᠣᠭᠣᠭ᠎ᠠ ᠪᠤᠴᠠᠯᠬᠤ ᠮᠡᠲᠦ ᠪᠤᠷᠬᠢᠷᠠᠯᠳᠤᠨ ᠦᠢᠮᠡᠵᠦ᠂ ᠴᠡᠷᠢᠭ  ᠤᠨ ᠮᠡᠳᠡᠭᠡ ᠶ᠋ᠢᠨ ᠮᠣᠷᠢ ᠨᠢᠭᠡᠨ ᠡᠳᠦᠷ ᠠᠷᠪᠠᠭᠠᠳ ᠤᠳᠠᠭ᠎ᠠ ᠳᠣᠪᠲᠣᠯᠤᠨ ᠢᠷᠡᠵᠦ ᠮᠡᠳᠡᠭᠦᠯᠬᠦᠢ ᠳ᠋ᠦ᠍ᠷ ᠪᠤᠬ᠎ᠠ ᠴᠠᠭᠠᠨ ᠬᠠᠭᠠᠨ ᠪᠡᠶ᠎ᠡ ᠶ᠋ᠢᠨ ᠰᠦᠨᠡᠰᠦ ᠪᠡᠶ᠎ᠡ ᠳ᠋ᠦ᠍ᠷ ᠦᠭᠡᠢ᠂ ᠴᠡᠷᠢᠭ ᠢ᠋ ᠨᠢᠭᠡᠨᠲᠡ ᠴᠤᠭᠯᠠᠭᠤᠯᠤᠨ ᠵᠠᠪᠳᠤᠬᠤ ᠦᠭᠡᠢ ᠳ᠋ᠦ᠍ᠷ ᠲᠦᠮᠡᠨᠲᠡ ᠪᠣᠳᠣᠪᠠᠴᠤ ᠭᠠᠷᠬᠤ ᠠᠷᠭ᠎ᠠ ᠦᠭᠡᠢ ᠬᠠᠷᠠᠬᠠᠨ ᠰᠢᠬᠠᠮᠳᠠᠨ ᠪᠠᠴᠢᠮᠳᠠᠬᠤ ᠴᠠᠭ ᠲᠤᠯᠠ ᠳᠣᠣᠷᠠᠲᠤ ᠲᠦᠰᠢᠮᠡᠳ ᠶᠠᠭᠠᠷᠠᠨ ᠣᠷᠣᠵᠤ ᠪᠧᠲ᠋ᠠ᠋ ᠤᠯᠤᠰ ᠤᠨ ᠡᠶᠡᠳᠦᠬᠦ ᠪᠠ ᠡᠪᠳᠡᠷᠡᠬᠦ ᠶ᠋ᠢ ᠬᠡᠯᠡᠯᠴᠡᠬᠦ ᠡᠯᠴᠢ ᠢᠷᠡᠪᠡ ᠭᠡᠮᠡᠨ ᠠᠢᠯᠠᠳᠬᠠᠭᠰᠠᠨ ᠳ᠋ᠤᠷ ᠴᠠᠭᠠᠨ ᠬᠠᠭᠠᠨ ᠠᠷᠭ᠎ᠠ ᠦᠭᠡᠢ ᠬᠠᠷᠰᠢ ᠳ᠋ᠤᠷ ᠭᠠᠷᠴᠤ  ᠵᠠᠯᠮ᠎ᠠ ᠶ᠋ᠢ ᠳᠠᠭᠤᠳᠠᠨ ᠣᠷᠣᠭᠤᠯᠵᠤ ᠵᠣᠯᠭᠠᠪᠠᠰᠤ᠂ ᠵᠡᠯᠮ᠎ᠡ ᠥᠴᠦᠬᠡᠨ ᠴᠦ᠍ ᠶᠣᠰᠣᠯᠠᠬᠤ ᠦᠭᠡᠢ ᠬᠡᠬᠦᠯᠵᠡᠨ ᠵᠣᠭᠰᠣᠵᠤ᠂ ᠴᠢᠷᠠᠢ ᠪᠠᠨ ᠲᠥᠪ ᠪᠣᠯᠭᠠᠨ ᠶᠡᠬᠡ ᠳᠠᠭᠤᠨ  ᠢᠶᠠᠷ ᠥᠭᠦᠯᠡᠷᠦᠨ᠄《 ᠮᠢᠨᠦ ᠡᠵᠡᠨ ᠤ ᠵᠠᠬᠢᠶ᠎ᠠ᠂ ᠡᠷᠭᠢᠨ ᠬᠠᠭᠠᠨ ᠠ᠋ᠴᠠ ᠠᠰᠠᠭᠤᠵᠤ ᠢᠷ᠎ᠡ ᠬᠡᠮᠡᠭᠰᠡᠨ ᠢᠨᠦ᠄ ᠮᠠᠨ ᠤ᠋ ᠪᠠᠷᠠᠭᠤᠨ ᠬᠣᠢᠲᠤ ᠬᠠᠭᠤᠴᠢᠨ ᠪᠧᠲ᠋ᠠ᠋ ᠤᠯᠤᠰ ᠲᠠᠨ ᠤ᠋ ᠴᠢᠬᠡ ᠵᠡᠭᠦᠨ ᠰᠣᠯᠣᠩᠭᠣᠰ ᠤᠯᠤᠰ᠂ ᠬᠠᠷᠢᠯᠴᠠᠨ ᠮᠢᠩᠭᠠᠨ ᠢᠯᠡᠭᠦᠦ ᠭᠠᠵᠠᠷ ᠠᠯᠤᠰ ᠬᠣᠯᠠ ᠪᠥᠭᠡᠳ ᠪᠠᠰᠠ ᠡᠩ ᠡᠷᠲᠡ ᠤᠭ ᠢᠵᠠᠭᠤᠷ ᠠ᠋ᠴᠠ ᠦᠰᠦᠨ ᠤ ᠲᠡᠳᠦᠢ ᠥ ᠬᠢᠯᠭᠠᠰᠤᠨ ᠲᠡᠳᠦᠢ ᠬᠢᠮᠤᠷᠠᠯᠳᠤᠭᠠᠨ ᠪᠣᠯᠤᠭᠰᠠᠨ ᠥᠰᠢᠶ᠎ᠡ ᠦᠭᠡᠢ ᠪᠥᠭᠡᠲᠡᠯ᠎ᠡ ᠡᠷᠭᠢᠨ ᠬᠠᠭᠠᠨ ᠴᠢ ᠶᠠᠭᠤᠨ ᠳ᠋ᠤᠷ ᠣᠷᠴᠢᠨ ᠲᠣᠭᠣᠷᠢᠨ ᠲᠦᠮᠡᠨ ᠭᠠᠵᠠᠷ ᠤᠨ ᠨᠠᠢ᠌ᠮᠠᠨ ᠶᠡᠬᠡ ᠤᠯᠤᠰ ᠯᠤᠭ᠎ᠠ ᠨᠡᠢᠯᠡᠵᠦ᠂ ᠭᠠᠭᠴᠠᠬᠠᠨ ᠮᠠᠨ ᠤ᠋ ᠪᠧᠲ᠋ᠠ᠋ ᠤᠯᠤᠰ  ᠢ᠋ ᠳᠠᠢᠯᠠᠨ ᠮᠥᠬᠥᠭᠡᠵᠦ᠂ ᠦᠨᠳᠦᠰᠦᠨ ᠢ᠋ ᠲᠠᠰᠤᠯᠤᠨ ᠦᠨᠡᠰᠦᠨ ᠢ᠋ ᠬᠡᠢᠰᠬᠡᠰᠦᠭᠡᠢ ᠭᠡᠮᠡᠨ ᠵᠥᠪᠯᠡᠯᠳᠦᠪᠡ ? ᠪᠢᠳᠡᠨ ᠦ᠌ ᠹᠸᠲ᠋ᠠ᠋ ᠤᠯᠤᠰ ᠲᠠᠨ ᠤ᠋ ᠡᠷᠭᠢᠨ ᠰᠣᠯᠣᠩᠭᠣᠰ ᠤᠯᠤᠰ ᠤ᠋ᠨ ᠰᠦᠷᠦᠭ ᠲᠣᠷ ᠠᠨᠤ ᠤᠷᠭ᠎ᠠ ᠪᠠᠷᠢᠭᠰᠠᠨ ᠦᠭᠡᠢ᠂ ᠰᠦᠨ ᠳ᠋ᠦ᠍ᠷ ᠴᠢᠨᠦ ᠬᠤᠷᠤᠭᠤ ᠲᠥᠷᠥᠭᠰᠡᠨ ᠦᠭᠡᠢ ᠠᠲᠠᠯ᠎ᠠ ᠶᠠᠭᠤᠨ ᠤ᠋ ᠤᠴᠢᠷ ᠦᠰ ᠦᠭᠡᠢ ᠪᠥᠭᠡᠳ ᠥ ᠳᠡᠭᠳᠡᠭᠡᠨ᠂ ᠬᠣᠷᠣᠰᠤᠯ ᠦᠭᠡᠢ ᠪᠠᠢᠲᠠᠯ᠎ᠠ ᠬᠤᠮᠠᠭ ᠬᠡᠢᠰᠬᠡᠵᠦ᠂ ᠮᠠᠨ ᠤ᠋ ᠤᠯᠤᠰ ᠢ᠋ ᠳᠠᠢᠯᠠᠨ ᠮᠥᠬᠥᠭᠡᠶ᠎ᠡ ᠬᠡᠮᠡᠪᠡ ? ᠡᠭᠦᠨ ᠤ ᠳᠣᠲᠣᠷ᠎ᠠ ᠯᠠᠪ ᠨᠢᠭᠡᠨ ᠤᠴᠢᠷ ᠪᠣᠢ᠃ ᠲᠡᠢᠮᠦ ᠶ᠋ᠢᠨ ᠲᠤᠯᠠ ᠮᠠᠨ ᠤ᠋ ᠳᠡᠭᠷᠢᠯᠢᠭ ᠡᠵᠡᠨ ᠡᠷᠭᠢᠨ ᠬᠠᠭᠠᠨ ᠴᠢᠮ᠎ᠠ ᠳ᠋ᠤᠷ ᠳᠠᠢᠯᠠᠭᠳᠠᠪᠠᠰᠤ ᠵᠣᠬᠢᠬᠤ ᠶᠠᠯ᠎ᠠ ᠪᠠᠨ ᠲᠣᠳᠣᠷᠬᠠᠢ ᠣᠯᠵᠤ ᠮᠡᠳᠡᠬᠦ ᠦᠭᠡᠢ᠂ ᠬᠡᠷᠬᠢᠨ ᠰᠠᠨᠠᠪᠠᠴᠤ ᠪᠠᠰᠠ ᠣᠯᠬᠤ ᠦᠭᠡᠢ ᠲᠤᠯᠠ ᠪᠡᠶ᠎ᠡ ᠪᠡᠷ ᠢᠷᠡᠵᠦ ᠮᠥᠷᠡᠨ ᠤ ᠠᠯᠤᠰ ᠪᠠᠭᠤᠳᠠᠯᠯᠠᠭᠠᠳ ᠳᠣᠣᠷᠠᠲᠤ ᠰᠠᠢᠳ ᠢᠶᠠᠨ ᠵᠡᠯᠮ᠎ᠡ ᠨᠠᠮᠠᠶᠢ ᠤᠷᠢᠳᠠ ᠢᠯᠡᠭᠡᠵᠦ ᠲᠣᠳᠣᠷᠬᠠᠢᠯᠠᠨ ᠠᠰᠠᠭᠤᠵᠤ ᠢᠷ᠎ᠡ ᠭᠡᠮᠡᠨ ᠵᠠᠷᠤᠪᠠ᠂ ᠲᠡᠢᠮᠦ ᠶ᠋ᠢᠨ ᠲᠤᠯᠠ ᠵᠠᠯᠮ᠎ᠠ ᠪᠠᠷ ᠡᠷᠭᠢᠨ ᠬᠠᠭᠠᠨ ᠤ᠋ ᠲᠦᠮᠡᠨ ᠢᠯᠳᠦ ᠮᠢᠩᠭᠠᠨ ᠰᠦᠬᠡ ᠡᠴᠡ ᠵᠠᠢᠯᠠᠬᠤ ᠦᠭᠡᠢ ᠤᠭ ᠤᠴᠢᠷ ᠢ᠋ ᠠᠰᠠᠭᠤᠮᠤᠢ᠃ ᠦᠨᠡᠬᠡᠷ ᠮᠠᠨ ᠤ᠋ ᠹᠸᠲ᠋ᠠ᠋ ᠤᠯᠤᠰ ᠢ᠋ ᠳᠠᠢᠯᠠᠪᠠᠰᠤ ᠵᠣᠬᠢᠬᠤ ᠶᠠᠯ᠎ᠠ ᠪᠣᠢ ᠪᠥᠭᠡᠰᠦ ᠲᠣᠳᠣᠷᠬᠠᠢᠯᠠᠨ ᠭᠠᠷᠭᠠᠭᠠᠳ ᠦᠨᠡᠨ ᠤᠴᠢᠷ ᠲᠤᠷ ᠨᠡᠢᠯᠡᠪᠡᠰᠦ᠂ ᠮᠢᠨᠦ ᠡᠵᠡᠨ ᠳᠤᠷᠠᠲᠠᠶ᠎ᠠ ᠠᠷᠪᠠᠨ ᠲᠦᠮᠡᠨ ᠤ ᠣᠯᠠᠨ ᠤᠯᠤᠰ ᠠᠯᠪᠠᠲᠤ ᠴᠡᠷᠢᠭ ᠢᠷᠭᠡᠨ ᠢᠶᠠᠨ ᠪᠦᠬᠦᠯᠢ ᠪᠡᠷ ᠠᠪᠴᠤ ᠠᠴᠢᠶ᠎ᠠ ᠪᠠᠨ ᠠᠴᠢᠭᠰᠠᠭᠠᠷ ᠲᠠᠲᠠᠯᠭ᠎ᠠ ᠪᠠᠨ ᠲᠠᠲᠠᠭᠰᠠᠭᠠᠷ᠂ ᠡᠷᠭᠢᠨ ᠬᠠᠭᠠᠨ ᠴᠢᠮ᠎ᠠ ᠳ᠋ᠤᠷ ᠶᠠᠯ᠎ᠠ ᠬᠦᠯᠢᠶᠡᠨ ᠣᠷᠣᠵᠤ ᠳᠠᠭᠠᠰᠤᠭᠠᠢ ᠬᠡᠮᠡᠮᠦᠢ᠃ ᠬᠡᠷᠪᠡ ᠮᠠᠨ ᠤ᠋ ᠤᠯᠤᠰ ᠢ᠋ ᠳᠠᠢᠯᠠᠪᠠᠰᠤ ᠵᠣᠬᠢᠬᠤ ᠤᠴᠢᠷ ᠢ᠋ ᠲᠣᠳᠣᠷᠬᠠᠢᠯᠠᠨ ᠬᠡᠯᠡᠵᠦ ᠡᠰᠡ ᠭᠠᠷᠭᠠᠪᠠᠰᠤ᠂ ᠮᠥᠨ ᠬᠦ᠌ ᠠᠷᠪᠠᠨ ᠲᠦᠮᠡᠨ ᠴᠡᠷᠢᠭ  ᠢᠶᠠᠨ ᠠᠪᠴᠤ ᠠᠮᠢ ᠪᠠᠨ ᠲᠡᠪᠴᠢᠵᠦ ᠨᠢᠭᠡᠨ ᠵᠡᠷᠭᠡ ᠠᠯᠠᠯᠳᠤᠨ ᠪᠠᠢᠯᠳᠤᠵᠤ᠂ ᠠᠭᠠᠷᠤ ᠽᠠᠨᠳᠠᠨ ᠤ᠋ ᠤᠷᠳᠤᠳᠤ ᠬᠠᠰ ᠴᠢᠯᠠᠭᠤᠨ ᠤ᠋ ᠬᠠᠷᠰᠢᠲᠤ ᠬᠠᠢᠰᠠᠩ ᠬᠡᠷᠡᠮ ᠤᠨ ᠬᠣᠲᠠᠳᠤ ᠬᠠᠲᠠᠭᠤ ᠲᠡᠮᠦᠷ  ᠤᠨ ᠬᠠᠭᠠᠯᠭᠠᠲᠤ ᠡᠷᠭᠢᠨ ᠬᠠᠭᠠᠨ ᠴᠢᠨᠦ ᠳᠤᠷ᠎ᠠ ᠶ᠋ᠢ ᠰᠡᠷᠭᠦᠭᠡᠨ᠂ ᠤᠢᠳᠬᠠᠷ ᠢ᠋ ᠰᠠᠭᠠᠲᠠᠭᠤᠯᠰᠤᠭᠠᠢ ᠬᠡᠮᠡᠮᠦᠢ!》ᠬᠡᠮᠡᠭᠰᠡᠨ ᠡᠨᠡ ᠨᠢᠭᠡᠨ ᠵᠡᠷᠭᠡ ᠦᠭᠡᠨ ᠳ᠋ᠦ᠍ᠷ ᠪᠤᠬ᠎ᠠ ᠴᠠᠭᠠᠨ ᠬᠠᠭᠠᠨ ᠤ᠋ ᠪᠤᠯᠲᠤ ᠪᠡᠶ᠎ᠡ ᠤᠮᠳᠠᠷᠠᠵᠤ ᠪᠤᠴᠠᠵᠤ ᠪᠤᠯᠭᠢᠨ ᠥᠭᠦᠯᠡᠷᠦᠨ ᠄ 《ᠨᠠᠳᠠ ᠳ᠋ᠤᠷ ᠣᠭᠲᠣ ᠲᠡᠢᠮᠦ ᠶᠠᠪᠤᠳᠠᠯ ᠦᠭᠡᠢ! 》 ᠬᠡᠮᠡᠬᠦᠢ ᠳ᠋ᠦ᠍ᠷ ᠵᠡᠯᠮ᠎ᠡ ᠲᠣᠰᠴᠤ ᠥᠭᠦᠯᠡᠷᠦᠨ᠄《ᠶᠡᠷᠦ ᠶ᠋ᠢᠨ ᠦᠭᠡᠨ ᠳ᠋ᠦ᠍ᠷ < ᠬᠠᠭᠠᠨ ᠬᠥᠮᠦᠨ ᠤ ᠦᠭᠡ ᠬᠠᠰ ᠬᠠᠳᠠ ᠮᠡᠲᠦ ᠪᠠᠲᠤ᠂ ᠬᠠᠷᠠᠴᠤ ᠪᠣᠭᠣᠯ ᠤ᠋ᠨ ᠦᠭᠡ ᠬᠠᠷ᠎ᠠ ᠤᠩᠭᠠᠰᠤ ᠠᠳᠠᠯᠢ ᠬᠡᠪᠡᠷᠡᠭ > ᠬᠡᠮᠡᠳᠡᠭ ᠪᠢᠰᠢᠦ! 》ᠡᠷᠭᠢᠨ ᠬᠠᠭᠠᠨ ᠴᠢ ᠦᠨᠡᠬᠡᠷ ᠲᠡᠢᠮᠦ ᠶᠠᠪᠤᠳᠠᠯ ᠦᠭᠡᠢ ᠬᠡᠮᠡᠪᠡᠰᠦ ᠦᠭᠡ ᠵᠠᠬᠢᠶ᠎ᠠ ᠪᠠᠨ ᠰᠠᠢᠲᠤᠷ ᠯᠠᠪᠯᠠᠵᠤ ᠪᠠᠲᠤᠯᠬᠠᠳᠤᠨ᠂ ᠪᠢ ᠡᠭᠡᠵᠦ ᠡᠴᠢᠪᠡᠰᠦ ᠡᠵᠡᠨ ᠳ᠋ᠦ᠍ᠷ ᠢᠶᠠᠨ ᠰᠠᠢᠬᠠᠨ᠎ᠠ ᠮᠡᠳᠡᠭᠦᠯᠬᠦᠢ ᠳᠤᠷ ᠰᠠᠢᠨ! 》 ᠬᠡᠮᠡᠭᠰᠡᠨ ᠳᠤᠷ ᠴᠠᠭᠠᠨ ᠬᠠᠭᠠᠨ ᠡᠨᠡ ᠦᠶ᠎ᠡ ᠳᠤᠷ ᠶᠡᠬᠡᠯ᠎ᠡ ᠠᠶᠤᠨ ᠰᠢᠬᠠᠮᠳᠠᠬᠤ ᠴᠠᠭ ᠲᠤᠯᠠ ᠡᠨᠡ ᠦᠭᠡ ᠶᠢ ᠰᠣᠨᠣᠰᠤᠭᠠᠳ ᠵᠠᠢ ᠵᠠᠪᠰᠠᠷ ᠭᠠᠷᠴᠤ ᠴᠡᠷᠢᠭ ᠵᠣᠭᠰᠣᠬᠤ ᠴᠤ ᠮᠠᠭᠠᠳ ᠥᠬᠡᠢ ᠬᠡᠮᠡᠨ ᠰᠡᠳᠬᠢᠵᠦ᠂ ᠦᠨᠡᠬᠡᠷ ᠥᠬᠡᠢ ᠥᠬᠡᠢ ᠬᠡᠮᠡᠨ ᠦᠭᠡ ᠪᠠᠨ ᠲᠠᠬᠢᠨ ᠳᠠᠪᠲᠠᠨ ᠯᠠᠪᠯᠠᠬᠤᠢ ᠳᠤᠷ ᠵᠠᠯᠮ᠎ᠠ ᠥᠭᠦᠯᠡᠷᠦᠨ ᠄ 《 ᠨᠠᠮᠠᠶᠢ ᠳᠠᠰᠢᠯᠠᠵᠤ ᠢᠷᠡᠭᠰᠡᠨ ᠮᠢᠨᠦ ᠨᠢᠭᠡᠨ ᠨᠥᠬᠥᠷ ᠡᠯᠴᠢ ᠪᠣᠢ᠂ ᠦᠨᠡᠬᠡᠷ ᠥᠬᠡᠢ ᠬᠡᠮᠡᠭᠰᠡᠨ ᠦᠭᠡ ᠪᠠᠨ ᠲᠡᠭᠦᠨ ᠢ ᠳᠠᠭᠤᠳᠠᠨ ᠣᠷᠣᠭᠤᠯᠵᠤ ᠢᠷᠡᠭᠡᠳ ᠬᠡᠯᠡᠪᠡᠰᠦ ᠂ ᠪᠢ ᠡᠭᠡᠵᠦ ᠡᠴᠢᠭᠡᠳ ᠡᠵᠡᠨ ᠳᠤᠷ ᠢᠶᠠᠨ ᠵᠠᠬᠢᠶ᠎ᠠ ᠶᠢ ᠡᠭᠡᠭᠦᠯᠬᠦᠶ᠎ ᠳ᠋ᠤᠷ ᠰᠠᠢᠨ 》 ᠬᠡᠮᠡᠭᠰᠡᠨ ᠳ᠋ᠤᠷ ᠬᠠᠭᠠᠨ ᠪᠠ ᠲᠦᠰᠢᠮᠡᠳ ᠡᠨᠡ ᠯᠠᠪ ᠬᠡᠯᠡᠯᠴᠡᠨ ᠡᠶᠡᠳᠦᠭᠦ ᠵᠠᠮ ᠭᠠᠷᠪᠠ ᠬᠡᠮᠡᠨ ᠲᠤᠷᠠᠲᠠᠶ᠎ᠠ ᠣᠷᠤᠭᠤᠯᠵᠤ ᠢᠷᠡᠭᠡᠳ ᠯᠤᠤ ᠳᠣᠬᠢᠭᠰᠠᠨ ᠡᠷᠳᠡᠨᠢ ᠶᠢᠨ ᠬᠠᠰ ᠤᠨ ᠶᠡᠨᠳᠡᠷ ᠲᠤᠷ ᠠᠪᠤᠨ ᠭᠠᠷᠴᠤ ᠢᠷᠡᠭᠰᠡᠨ᠎ᠡ ᠵᠠᠯᠮ᠎ᠠ ᠲᠡᠷᠡ ᠬᠥᠮᠦᠨ ᠢ ᠳᠡᠪᠰᠢᠭᠦᠯᠦᠨ ᠴᠠᠭᠠᠨ ᠬᠠᠭᠠᠨ ᠤ ᠡᠮᠦᠨ᠎ᠡ ᠣᠢᠷ᠎ᠠ ᠵᠣᠭᠰᠣᠭᠠᠵᠤ ᠴᠠᠭᠠᠨ ᠬᠠᠭᠠᠨ ᠠᠴᠠ ᠠᠰᠠᠭᠤᠷᠤᠨ᠄《 ᠡᠷᠬᠢᠨ ᠬᠠᠭᠠᠨ ᠴᠢ ᠡᠨᠡ ᠬᠥᠮᠦᠨ ᠢ ᠲᠠᠨᠢᠮᠤᠢ ᠦᠦ ᠥᠬᠡᠢ ᠦᠦ ?》 ᠬᠡᠮᠡᠬᠦᠢ ᠳᠤᠷ ᠴᠠᠭᠠᠨ ᠬᠠᠭᠠᠨ ᠰᠣᠨᠢᠷᠬᠠᠨ ᠲᠡᠷᠡ ᠬᠥᠮᠦᠨ ᠢ ᠬᠢᠨᠠᠨ ᠦᠵᠡᠪᠡᠰᠦ᠂ ᠦᠵᠡᠰᠡ ᠬᠠᠷᠢᠨ ᠬᠡᠷᠡᠢᠳ ᠤᠯᠤᠰ ᠤᠨ ᠸᠠᠩ ᠬᠠᠭᠠᠨ ᠤ ᠡᠯᠴᠢ ᠲᠤᠯᠠ ᠶᠡᠬᠡᠯ᠎ᠡ ᠬᠢᠷᠳ᠋ᠬᠢᠵᠦ ᠰᠣᠴᠢᠪᠠ ᠃ ᠲᠡᠢᠨ ᠪᠣᠯᠪᠠᠴᠤ ᠦᠭᠡ ᠶᠢ ᠨᠢᠭᠡᠨᠲᠡ ᠡᠭᠡᠭᠦᠯᠵᠦ ᠪᠣᠯᠬᠤ ᠥᠬᠡᠢ ᠪᠣᠯᠣᠭᠰᠠᠨ ᠲᠤᠯᠠ ᠰᠢᠭᠤᠳ ᠲᠠᠨᠢᠬᠤ ᠥᠬᠡᠢ ᠬᠡᠮᠡᠬᠦᠢ ᠳᠤᠷ ᠵᠠᠯᠮ᠎ᠠ ᠥᠭᠦᠯᠡᠷᠦᠨ ᠄ 《 ᠬᠠᠭᠠᠨ ᠴᠢ ᠡᠰᠡ ᠲᠠᠨᠢᠪᠠᠰᠤ ᠲᠡᠭᠦᠨ ᠤ ᠠᠮᠠᠨ ᠠᠴᠠ ᠠᠰᠠᠭᠤᠵᠤ ᠲᠠᠨᠢᠲᠤᠭᠠᠢ !》 ᠬᠡᠮᠡᠭᠡᠳ ᠲᠡᠷᠡ ᠬᠥᠮᠦᠨ ᠢ ᠡᠦᠲᠦ ᠦᠨᠡᠨ ᠢᠶᠠᠨ ᠬᠡᠯᠡᠬᠦ ᠥᠬᠡᠢ ᠶᠠᠮᠪᠠᠷ ᠴᠠᠭ ᠢ ᠬᠦᠯᠢᠶᠡᠮᠦᠢ ᠬᠡᠮᠡᠭᠰᠡᠨ ᠳᠤᠷ ᠲᠡᠷᠡ ᠬᠥᠮᠦᠨ ᠬᠠᠷᠠᠬᠠᠨ ᠰᠢᠬᠠᠮᠳᠠᠨ ᠠᠯᠠᠭᠤᠵᠠᠢ ᠬᠡᠮᠡᠨ ᠠᠶᠤᠵᠤ ᠪᠦᠬᠦᠢ᠎ ᠲᠤᠯᠠ ᠨᠢᠭᠡᠨ ᠦᠭᠡ ᠬᠡᠭᠡᠬᠦ ᠦᠭᠡ ᠪᠠᠷ ᠬᠦᠵᠦᠭᠦᠦ ᠪᠠᠨ ᠭᠦᠯᠳᠡᠢᠵᠦ᠂ ᠭᠠᠷ ᠬᠥᠯ ᠢᠶᠠᠨ ᠰᠡᠷᠪᠡᠯᠵᠡᠵᠦ᠂ ᠤᠷᠢᠳᠤ ᠬᠡᠷᠡᠭ ᠢ ᠲᠥᠷᠥ ᠳᠦᠭᠦᠷᠡᠩ ᠲᠦᠰᠢᠮᠡᠳ ᠤᠨ ᠡᠮᠦᠨ᠎ᠡ ᠤᠯᠠᠢᠲᠠᠯ᠎ᠠ ᠴᠠᠢᠲᠠᠯ᠎ᠠ ᠴᠥᠮ ᠬᠡᠯᠡᠵᠦ ᠡᠬᠢᠨ ᠠᠴᠠ ᠠᠲᠠᠭ ᠲᠤᠷ ᠬᠦᠷᠲᠡᠯ᠎ᠡ ᠲᠣᠭᠠᠴᠢᠨ ᠭᠠᠷᠭᠠᠵᠤ ᠪᠠᠰᠠ ᠡᠪᠦᠷ ᠢᠶᠠᠨ ᠲᠡᠮᠲᠡᠷᠢᠵᠦ ᠪᠤᠬ᠎ᠠ ᠴᠠᠭᠠᠨ ᠬᠠᠭᠠᠨ ᠤ ᠸᠠᠩ ᠬᠠᠭᠠᠨ ᠳᠤᠷ ᠢᠯᠡᠭᠡᠭᠰᠡᠨ ᠵᠥᠪᠳᠡᠯ ᠤᠨ ᠪᠢᠴᠢᠭ ᠢ ᠭᠠᠷᠭᠠᠪᠠ᠃ ᠡᠭᠦᠨ ᠳᠤᠷ ᠵᠠᠯᠮ᠎ᠠ ᠳᠠᠷᠤᠢ ᠲᠣᠰᠴᠤ ᠠᠪᠤᠭᠠᠳ ᠣᠯᠠᠨ ᠤ ᠡᠮᠦᠨ᠎ᠡ ᠥᠨᠳᠥᠷ ᠲᠠᠭᠤᠨ ᠢᠶᠠᠷ ᠨᠢᠭᠡᠨ ᠵᠡᠷᠭᠡ ᠳᠠᠭᠤᠳᠠᠨ ᠤᠩᠰᠢᠵᠤ ᠰᠣᠨᠣᠰᠬᠠᠭᠠᠳ ᠴᠠᠭᠠᠨ ᠬᠠᠭᠠᠨ ᠠᠴᠠ᠄《 ᠡᠨᠡ ᠪᠢᠴᠢᠭ ᠡᠷᠬᠢᠨ ᠬᠠᠭᠠᠨ ᠴᠢᠨᠦ ᠪᠢᠴᠢᠭ ᠮᠥᠨ ᠦᠦ ? 》 ᠬᠡᠮᠡᠨ ᠠᠰᠠᠭᠤᠭᠰᠠᠨ ᠳᠤᠷ ᠂ ᠪᠤᠬ᠎ᠠ ᠴᠠᠭᠠᠨ ᠬᠠᠭᠠᠨ ᠤ ᠴᠠᠪ ᠴᠠᠭᠠᠨ ᠴᠢᠷᠠᠢ ᠠᠨᠤ ᠪᠤᠷᠤᠢᠵᠤ ᠣᠪ ᠤᠯᠠᠭᠠᠨ ᠪᠣᠯᠤᠭᠰᠠᠨ ᠳ᠋ᠤᠷ ᠬᠠᠵᠠᠭᠤ ᠠ᠋ᠴᠠ ᠬᠣᠶᠠᠷ ᠴᠢᠩᠰᠢᠶᠠᠩ ᠠᠨᠤ ᠣᠷᠣᠭᠰᠢ ᠳᠠᠪᠰᠢᠪᠠ ᠃ ᠨᠢᠭᠡᠨ ᠤ ᠨᠡᠷ᠎ᠡ ᠠᠭᠠᠷ᠂ ᠨᠢᠭᠡᠨ ᠤ ᠨᠡᠷ᠎ᠡ ᠣᠳᠣᠨ ᠡᠨᠡ ᠬᠣᠶᠠᠭᠤᠯᠠ ᠵᠡᠷᠭᠡ ᠪᠡᠷ ᠲᠠᠪᠰᠢᠵᠤ ᠵᠡᠯᠮ᠎ᠡ ᠶ᠋ᠢᠨ ᠵᠦᠭ ᠰᠠᠢᠨ ᠢᠶᠠᠷ ᠥᠭᠦᠯᠡᠷᠦᠨ ᠄ 《 ᠮᠠᠨ ᠤ᠋ ᠡᠵᠡᠨ ᠬᠡᠳᠦᠢᠪᠡᠷ ᠥᠷᠥᠰᠢᠶᠡᠯ ᠨᠢᠭᠦᠯᠡᠰᠬᠦᠢ ᠪᠡᠷ ᠵᠡᠭᠡᠢ ᠪᠣᠯᠪᠠᠴᠤ ᠡᠭᠡᠨᠡᠭᠲᠡ ᠮᠠᠨ ᠤ᠋ ᠲᠩᠷᠢ ᠡᠵᠡᠨ ᠪᠥᠭᠡᠲᠡᠯ᠎ᠡ ᠡᠷᠭᠢᠨ ᠡᠯᠴᠢ ᠠᠷᠠᠬᠠᠨ ᠡᠨᠡ ᠮᠡᠲᠦ ᠳᠠᠷᠤᠬᠤ ᠠᠨᠤ ᠶᠣᠰᠣᠲᠤ ᠤᠯᠤᠰ ᠠ᠋ᠴᠠ ᠢᠷᠡᠭᠰᠡᠨ ᠪᠠᠢᠳᠠᠯ ᠦᠭᠡᠢ ᠪᠤᠰᠤ ᠤᠤ ? 》ᠬᠡᠮᠡᠲᠡᠯ᠎ᠡ ᠵᠡᠯᠮ᠎ᠡ ᠶᠡᠬᠡᠯ᠎ᠡ ᠢᠨᠢᠶᠡᠨ ᠥᠭᠦᠯᠡᠷᠦᠨ᠄《 ᠲᠠᠨ ᠤ᠋ ᠡᠨᠡ ᠶᠠᠮᠪᠠᠷ ᠦᠭᠡ ᠬᠡᠮᠡᠭᠴᠢ ᠪᠣᠢ? ᠬᠠᠷᠠᠴᠤ ᠬᠥᠮᠦᠨ ᠬᠠᠭᠠᠨ ᠬᠥᠮᠦᠨ ᠢ᠋ ᠳᠠᠷᠤᠯᠠᠮᠤᠢ ᠬᠡᠮᠡᠭᠴᠢ ᠬᠠᠮᠢᠭ᠎ᠠ ᠪᠠᠢᠬᠤ ᠬᠡᠷᠡᠭ᠂ ᠭᠠᠭᠴᠠ ᠬᠠᠭᠠᠨ ᠪᠥᠭᠡᠳ ᠬᠠᠷᠠᠴᠤᠰ ᠲᠤᠷ ᠦᠯᠦ ᠬᠦᠷᠬᠦ ᠦᠢᠯᠡ ᠶ᠋ᠢ ᠶᠠᠪᠤᠪᠠᠰᠤ ᠪᠣᠯᠤᠮᠤᠢ ᠤᠤ ?  ᠨᠢᠭᠡᠨ ᠤᠯᠤᠰ ᠢ᠋ ᠡᠵᠡᠯᠡᠬᠦ ᠬᠠᠭᠠᠨ ᠬᠡᠮᠡᠭᠴᠢ ᠬᠠᠮᠤᠭ ᠬᠠᠷᠠᠴᠤᠰ ᠤ᠋ᠨ ᠬᠠᠵᠠᠭᠠᠢ ᠲᠡᠭᠰᠢ ᠶ᠋ᠢ ᠢᠯᠭᠠᠨ ᠰᠠᠯᠭᠠᠵᠤ ᠲᠡᠭᠰᠢᠯᠡᠨ ᠵᠠᠰᠠᠬᠤ ᠶ᠋ᠢᠨ ᠲᠤᠯᠠ ᠰᠠᠶ᠋ᠢ ᠬᠠᠭᠠᠨ ᠬᠡᠮᠡᠭᠰᠡᠨ ᠪᠥᠭᠡᠳ ᠬᠠᠷᠢ ᠤᠯᠤᠰ ᠠ᠋ᠴᠠ ᠢᠷᠡᠭᠰᠡᠨ ᠬᠠᠷᠠᠴᠤ ᠬᠥᠮᠦᠨ ᠤ ᠦᠭᠡ ᠶ᠋ᠢ ᠶᠠᠭᠤᠨ ᠳ᠋ᠤᠷ ᠦᠯᠦ ᠠᠢᠯᠠᠳᠤᠮᠤᠢ ? ᠦᠨᠡᠨ ᠬᠤᠳᠠᠯ ᠢ᠋ ᠮᠥᠨ ᠢᠯᠭᠠᠪᠠᠰᠤ ᠵᠣᠬᠢᠮᠤᠢ ‍ᠶ᠎ᠠ !》 ᠬᠡᠮᠡᠬᠦᠢ ᠳ᠋ᠦ᠍ᠷ ᠠᠭᠠᠷ ᠴᠢᠩᠰᠢᠶᠠᠩ ᠢᠨᠤ ᠲᠣᠰᠴᠤ ᠥᠭᠦᠯᠡᠷᠦᠨ ᠄ 《ᠡᠨᠡ ᠪᠢᠴᠢᠭ ᠢ᠋ ᠯᠠᠪ ᠡᠳᠡᠭᠡᠷ ᠪᠣᠭᠣᠯᠴᠤᠳ ᠠᠷᠭ᠎ᠠ ᠡᠭᠦᠰᠬᠡᠨ ᠬᠠᠭᠤᠷᠮᠠᠭ ᠵᠣᠬᠢᠶᠠᠵᠤ᠂ ᠲᠠᠨ ᠢ᠋ ᠮᠡᠬᠡᠯᠡᠵᠦ ᠬᠦᠨᠳᠦ ᠱᠠᠩ ᠣᠯᠰᠤᠭᠠᠢ ᠬᠡᠮᠡᠭᠰᠡᠭᠡᠷ ᠮᠠᠨ  ᠤ ᠬᠣᠶᠠᠷ ᠤᠯᠤᠰ ᠢ᠋ ᠡᠪᠳᠡᠷᠡᠬᠦᠢ ᠳ᠋ᠦ᠍ᠷ ᠭᠥᠷᠦᠭᠦᠯᠪᠡᠢ ‍ᠶ᠎ᠠ !》 ᠬᠡᠮᠡᠭᠰᠡᠨ ᠳ᠋ᠦ᠍ᠷ ᠵᠡᠯᠮ᠎ᠡ ᠨᠡᠩᠳᠡ ᠶᠡᠬᠡ ᠯᠡ ᠬᠠᠳᠠᠭᠠᠨᠠᠨ ᠢᠨᠢᠶᠡᠵᠦ ᠥᠭᠦᠯᠡᠷᠦᠨ ᠄ 《 ᠠᠪᠠᠢ ! ᠶᠡᠷᠦ ᠶ᠋ᠢᠨ ᠦᠭᠡᠨ ᠳ᠋ᠦ᠍ᠷ < ᠡᠬᠢ ᠢᠨᠤ ᠬᠠᠮᠢᠭᠠᠰᠢ ᠪᠣᠯᠪᠠᠰᠤ ᠲᠥᠷᠥ ᠢᠨᠤ ᠲᠡᠰᠢ > ᠬᠡᠮᠡᠭᠰᠡᠴᠢᠯᠡᠨ᠂ ᠡᠷᠭᠢᠨ ᠲᠤᠰᠢᠮᠡᠯ ᠴᠢ ᠨᠢᠭᠡᠨ ᠤᠯᠤᠰ ᠤ᠋ᠨ ᠲᠡᠷᠢᠭᠦᠯᠡᠭᠰᠡᠨ ᠲᠦᠰᠢᠮᠡᠯ ᠲᠠᠢᠱᠢ ᠪᠢᠯᠡ᠂ ᠴᠢᠩᠰᠢᠶᠠᠩ ᠬᠡᠮᠡᠭᠳᠡᠬᠦ ᠪᠥᠭᠡᠳ ᠶᠠᠭᠤᠨ ᠳ᠋ᠤ᠌ ᠨᠢᠭᠡᠨ ᠨᠢᠯᠬ᠎ᠠ ᠬᠡᠦᠬᠡᠳ ᠪᠠ ᠮᠠᠭᠤ ᠴᠠᠯᠴᠢᠶ᠎ᠠ ᠡᠬᠡᠨᠡᠷ  ᠤᠨ ᠦᠭᠡ ᠶ᠋ᠢ ᠬᠡᠯᠡᠵᠦ ᠪᠡᠯᠴᠢᠵᠦ ᠬᠠᠯᠴᠢᠬᠤ ᠠᠵᠢ ? ᠲᠡᠷᠢᠭᠦᠨ ᠳ᠋ᠦ᠍ᠷ ᠡᠨᠡ ᠡᠯᠴᠢ ᠲᠠᠨ ᠢ᠋ ᠴᠥᠮ ᠲᠠᠨᠢᠮᠤᠢ᠂ ᠬᠣᠶᠠᠷ ᠲᠤᠷ ᠲᠡᠭᠦᠨ ᠢ᠋ ᠮᠠᠨ ᠤ ᠤᠯᠤᠰ ᠤ᠋ᠨ ᠬᠢᠵᠠᠭᠠᠷ ᠤ᠋ᠨ ᠴᠠᠭᠳᠠᠭᠤᠯ ᠪᠠᠷᠢᠭᠰᠠᠨ ᠪᠣᠢ ‍ᠶ᠎ᠠ ᠃ ᠲᠡᠷᠡ ᠥᠪᠡᠷ ᠢᠶᠠᠨ ᠡᠴᠢᠭᠰᠡᠨ ᠢᠨᠤ ᠪᠤᠰᠤ᠂ ᠭᠤᠷᠪᠠᠨ ᠳ᠋ᠤᠷ ᠲᠡᠷᠡ ᠲᠡᠢᠮᠦ ᠨᠢᠭᠡᠨ ᠬᠠᠭᠤᠷᠮᠠᠭ ᠪᠢᠴᠢᠭ ᠬᠦᠷᠭᠡᠭᠰᠡᠨ ᠢᠶᠠᠷ ᠲᠡᠭᠦᠨ ᠳ᠋ᠦ᠍ᠷ ᠶᠠᠮᠪᠠᠷ ᠱᠠᠩ ᠣᠯᠵᠠ ᠪᠠᠢᠬᠤ ᠠᠵᠢ᠂ ᠭᠡᠳᠡᠷᠭᠦ ᠲᠡᠭᠦᠨ ᠤ ᠪᠡᠶ᠎ᠡ ᠶᠡᠬᠡ ᠬᠣᠯᠪᠣᠭᠳᠠᠯ ᠲᠠᠢ ᠪᠣᠯᠵᠤ ᠴᠢᠷᠦᠭᠳᠡᠬᠦ ᠪᠣᠢ ‍ᠶ᠎ᠠ᠂ ᠲᠠᠨ ᠡᠰᠡ ᠢᠲᠡᠭᠡᠪᠡᠰᠦ ᠲᠡᠭᠦᠨ ᠤ ᠪᠠᠷᠢᠮᠲᠠᠯᠠᠭᠳᠠᠭᠰᠠ ᠲᠦᠩ ᠭᠠᠪᠠᠵᠢ ᠶ᠋ᠢᠨ ᠰᠢᠷᠬ᠎ᠠ ᠶ᠋ᠢ ᠦᠵᠡᠲᠦᠭᠡᠢ ! 》 ᠭᠡᠮᠡᠨ ᠲᠠᠢᠯᠤᠨ ᠦᠵᠡᠭᠦᠯᠦᠭᠡᠳ ᠪᠠᠰᠠ ᠥᠭᠦᠯᠡᠷᠦᠨ᠄《ᠳᠥᠷᠪᠡᠨ ᠳ᠋ᠦ᠍ᠷ ᠪᠢᠳᠡ ᠵᠥᠪ ᠵᠦᠭᠡᠷ ᠪᠠᠢᠭᠰᠠᠭᠠᠷ ᠨᠢᠭᠡᠬᠡᠨ ᠬᠥᠮᠦᠨ ᠳ᠋ᠦ᠍ᠷ ᠮᠡᠬᠡᠯᠡᠭᠳᠡᠵᠦ ᠭᠡᠷ ᠭᠠᠳᠠᠨᠠᠬᠢ ᠲᠠᠢ ᠵᠠᠭᠤᠨ ᠲᠦᠮᠡᠨ ᠢᠶᠠᠨ ᠬᠥᠳᠡᠯᠭᠡᠵᠦ᠂ ᠮᠢᠩᠭᠠᠨ ᠭᠠᠵᠠᠷ ᠤ᠋ᠨ ᠭᠠᠳᠠᠨ᠎ᠠ ᠠᠯᠠᠯᠳᠤᠭᠠᠨ ᠪᠠᠢᠯᠳᠤᠭᠠᠨ ᠢ᠋ ᠡᠷᠢᠬᠦ ᠶᠣᠰᠣ ᠪᠣᠢ ᠤᠤ ! 》ᠬᠡᠮᠡᠭᠰᠡᠨ ᠳ᠋ᠦ᠍ᠷ ᠠᠭᠠᠷ ᠴᠢᠩᠰᠢᠶᠡᠩ ᠲᠡᠷᠢᠭᠦᠯᠡᠨ ᠨᠢᠭᠡᠨ ᠲᠥᠷᠥ ᠶ᠋ᠢᠨ ᠬᠣᠲᠠᠯᠠᠭᠠᠷ ᠴᠥᠮ ᠠᠮᠠᠨ ᠬᠠᠮᠬᠢᠭᠰᠠᠨ ᠳ᠋ᠤᠷ ᠵᠡᠯᠮ᠎ᠡ ᠪᠠᠰᠠ ᠥᠭᠦᠯᠡᠷᠦᠨ᠄《ᠰᠠᠢᠨ ᠪᠠ ᠮᠠᠭᠤ᠂ ᠦᠨᠡᠨ ᠪᠠ ᠬᠤᠳᠠᠯ ᠢ᠋ ᠬᠢᠭᠰᠡᠨ ᠬᠥᠮᠦᠨ ᠤ ᠴᠡᠭᠡᠵᠢᠨ ᠳ᠋ᠦ᠍ᠷ ᠴᠥᠮ ᠬᠡᠪ ᠭᠡᠭᠡᠬᠡᠨ ᠪᠠᠢᠬᠤ ᠲᠤᠯᠠ ᠲᠥᠷᠥ ᠶ᠋ᠢᠨ ᠬᠣᠲᠠᠯᠠᠭᠠᠷ ᠲᠠ ᠪᠦᠭᠦᠳᠡᠭᠡᠷ ᠪᠣᠳᠣᠵᠤ ᠦᠵᠡᠭᠲᠦᠨ ! 》ᠬᠡᠮᠡᠬᠦᠢ ᠳ᠋ᠦ᠍ᠷ ᠪᠤᠬ᠎ᠠ ᠴᠠᠭᠠᠨ ᠬᠠᠭᠠᠨ ᠪᠣᠳᠣᠵᠤ ᠦᠵᠡᠬᠦᠯ᠎ᠡ ᠵᠠᠯᠮ᠎ᠠ ᠶ᠋ᠢᠨ ᠦᠭᠡ ᠮᠠᠰᠢ ᠮᠥᠨ ᠲᠤᠯᠠ ᠰᠠᠨᠠᠪᠠᠴᠤ ᠨᠢᠭᠤᠬᠤᠶ᠎ᠠ ᠪᠡᠷᠬᠡ ᠪᠣᠯᠪᠠ ᠬᠡᠮᠡᠭᠰᠡᠨ ᠪᠠᠢᠳᠠᠯ ᠢ᠋ ᠣᠳᠣᠨ ᠴᠢᠩᠰᠢᠶᠠᠩ ᠠᠨᠤ ᠦᠵᠡᠵᠦ ᠭᠠᠷᠤᠭᠠᠳ ᠤᠷᠤᠭᠰᠢ ᠲᠠᠪᠰᠢᠵᠤ᠂ ᠵᠡᠯᠮ᠎ᠡ ᠶ᠋ᠢᠨ ᠵᠦᠭ ᠥᠭᠦᠯᠡᠷᠦᠨ᠄《 ᠡᠷᠲᠡᠨ ᠤ ᠦᠭᠡᠰ ᠲᠤᠷ < ᠡᠵᠡᠨ ᠢᠴᠢᠩᠭᠦᠷᠡᠪᠡᠰᠦ ᠲᠦᠰᠢᠮᠡᠯ ᠦᠬᠦᠮᠦᠢ >  ᠬᠡᠮᠡᠵᠦᠬᠦᠢ᠃ ᠡᠷᠭᠢᠨ ᠡᠯᠴᠢ ᠲᠦᠰᠢᠮᠡᠯ ᠴᠦ᠍ ᠮᠥᠨ ᠡᠵᠡᠨ ᠰᠠᠢᠳ ᠲᠤ ᠤᠯᠤᠰ ᠲᠤᠷ ᠪᠠᠢᠬᠤ ᠪᠣᠯᠠᠢ᠂ ᠣᠯᠠᠨ ᠲᠦᠰᠢᠮᠡᠳ  ᠦᠨ ᠳᠡᠷᠭᠡᠳᠡ ᠢᠨᠤ ᠡᠵᠡᠨ ᠳ᠋ᠦ᠍ᠷ ᠮᠢᠨᠦ ᠪᠠᠬᠠᠨ ᠰᠦᠷ ᠴᠠᠭᠠᠵᠠ ᠶ᠋ᠢᠨ ᠭᠠᠵᠠᠷ ᠢ᠋ ᠦᠯᠡᠳᠡᠭᠡᠪᠡᠰᠦ ᠵᠣᠬᠢᠮᠤᠢ᠃ ᠡᠷᠭᠢᠨ ᠡᠯᠴᠢ ᠲᠦᠷ ᠮᠠᠨ ᠤ᠋ ᠥᠴᠦᠬᠡᠨ ᠤᠯᠤᠰ ᠲᠤᠷ ᠪᠡᠶ᠎ᠡ ᠪᠡᠨ ᠭᠤᠲᠤᠭᠠᠨ ᠬᠡᠳᠦᠨ ᠡᠳᠦᠷ ᠪᠡᠶ᠎ᠡ ᠠᠮᠠᠷᠠᠨ ᠰᠠᠭᠤᠲᠤᠭᠠᠢ᠂ ᠪᠢᠳᠡ ᠡᠵᠡᠨ ᠲᠦᠰᠢᠮᠡᠯ ᠬᠡᠯᠡᠯᠴᠡᠨ ᠲᠣᠭᠲᠠᠰᠤᠭᠠᠢ᠃ 》 ᠬᠡᠮᠡᠲᠡᠯ᠎ᠡ ᠴᠠᠭᠠᠨ ᠬᠠᠭᠠᠨ ᠪᠠᠰᠠ ᠵᠠᠯᠭᠠᠵᠤ ᠥᠭᠦᠯᠡᠷᠦᠨ᠄《 ᠳᠠᠷᠤᠢ ᠲᠡᠢᠨ ᠬᠦ᠌ ᠪᠣᠯᠲᠤᠭᠠᠢ᠂ ᠪᠢ ᠡᠷᠬᠡᠪᠰᠢ ᠰᠠᠢᠨ ᠦᠯᠡᠮᠵᠢ᠂ ᠮᠠᠭᠤ ᠴᠥᠭᠡᠨ ᠢᠶᠠᠷ ᠠᠪᠠᠴᠢᠮᠤᠶ᠎ᠠ᠂ ᠡᠷᠭᠢᠨ ᠡᠯᠴᠢ ᠪᠡᠶ᠎ᠡ  ᠪᠡᠨ ᠠᠮᠠᠷᠠᠲᠤᠭᠠᠢ᠂ ᠶᠠᠭᠠᠬᠢᠪᠠᠴᠤ ᠴᠢᠮ᠎ᠠ ᠳ᠋ᠤ᠌ ᠬᠣᠣᠷ ᠦᠯᠦ ᠭᠦᠷᠭᠡᠮᠤᠢ᠃ 》 ᠵᠠᠯᠮ᠎ᠠ ᠥᠭᠦᠯᠡᠷᠦᠨ᠄《 ᠪᠢ ᠪᠡᠶ᠎ᠡ ᠪᠡᠨ ᠦᠬᠦᠬᠦ ᠡᠴᠡ ᠥᠴᠦᠬᠡᠨ ᠴᠦ᠍ ᠠᠶᠤᠬᠤ ᠦᠭᠡᠢ᠂ ᠠᠶᠤᠪᠠᠰᠤ ᠢᠷᠡᠬᠦ ᠦᠭᠡᠢ᠂ ᠲᠠᠨ ᠤ᠋ ᠠᠯᠠᠬᠤ ᠠ᠋ᠴᠠ ᠠᠶᠤᠪᠠᠰᠤ ᠡᠨᠡ ᠮᠡᠲᠦ ᠮᠥᠨ ᠬᠡᠯᠡᠬᠦ ᠦᠭᠡᠢ ᠪᠥᠯᠥᠭᠡ᠃ ᠲᠠ ᠦᠨᠡᠬᠡᠷ ᠠᠯᠠᠪᠠᠴᠤ ᠮᠢᠨᠦ ᠡᠵᠡᠨ ᠪᠠᠰᠠ ᠦᠰ ᠠᠪᠴᠤ ᠴᠢᠳᠠᠮᠤᠢ᠃ ᠨᠡᠩ ᠪᠠᠰᠠ ᠮᠠᠨ ᠤ᠋ ᠤᠯᠤᠰ ᠤ᠋ᠨ ᠠᠷᠪᠠᠨ ᠲᠦᠮᠡᠨ ᠴᠡᠷᠢᠭ ᠡᠨᠡ ᠬᠡᠳᠦᠨ ᠵᠢᠯ ᠤᠯᠤᠰ ᠠᠢᠮᠠᠭ ᠢ᠋ ᠣᠯᠵᠤ ᠡᠰᠡ ᠳᠠᠢᠯᠠᠭᠰᠠᠨ ᠢᠶᠠᠷ ᠣᠯᠠᠨ ᠴᠡᠷᠢᠭ  ᠤᠨ ᠭᠠᠷ ᠬᠥᠯ ᠵᠠᠭᠠᠲᠤᠨᠠᠨ ᠬᠥᠳᠡᠯᠵᠦ᠂ ᠴᠡᠷᠢᠭ  ᠤᠨ ᠵᠡᠪᠰᠡᠭ ᠬᠥᠮᠦᠨ ᠤ ᠴᠢᠰᠤᠨ ᠣᠯᠵᠤ ᠡᠰᠡ ᠤᠤᠭᠤᠭᠰᠠᠨ ᠢᠶᠠᠷ ᠴᠥᠮ ᠤᠮᠳᠠᠭᠠᠰᠤᠨ ᠠᠩᠭᠠᠵᠤ ᠥᠪᠡᠷ ᠢᠶᠠᠷ ᠬᠢᠷᠴᠢᠭᠢᠨᠡᠨ ᠳᠠᠭᠤᠨ ᠭᠠᠷᠤᠮᠣᠢ᠃ ᠲᠡᠢᠮᠦ ᠶ᠋ᠢᠨ ᠲᠤᠯᠠ ᠴᠡᠷᠢᠭ ᠴᠥᠮ ᠪᠠᠢᠯᠳᠤᠬᠤ ᠶ᠋ᠢ ᠬᠦᠰᠡᠵᠦᠬᠦᠢ᠃ 》 ᠬᠡᠮᠡᠬᠦᠢ ᠳ᠋ᠦ᠍ᠷ ᠣᠳᠣᠨ ᠲᠠᠢᠱᠢ ᠥᠭᠦᠯᠡᠷᠦᠨ᠄《 ᠲᠡᠢᠨ ᠪᠢᠲᠡᠭᠡᠢ ᠠᠶᠤᠯᠭᠠᠨ ᠥᠭᠦᠯᠡᠭᠲᠦᠨ᠂ ᠣᠯᠠᠨ ᠴᠡᠷᠢᠭ ᠦᠬᠦᠯ  ᠢ᠋ ᠡᠷᠢᠨ ᠪᠠᠢᠯᠳᠤᠬᠤ ᠳᠤᠷᠠᠲᠠᠢ ᠶᠣᠰᠣ ᠪᠣᠢ ᠤᠤ ? 》 ᠵᠡᠯᠮ᠎ᠡ ᠥᠭᠦᠯᠡᠷᠦᠨ᠄《 ᠡᠷᠭᠢᠨ ᠲᠠᠢᠱᠢ ᠴᠢ ᠨᠢᠭᠡᠨ ᠢ᠋ ᠮᠡᠳᠡᠨ ᠠᠲᠠᠯ᠎ᠠ ᠬᠣᠶᠠᠷ ᠢ᠋ ᠡᠰᠡ ᠤᠬᠠᠵᠤᠬᠤᠢ᠃ ᠴᠡᠷᠢᠭ  ᠤᠨ ᠶᠣᠰᠣ ᠦᠬᠦᠬᠦ ᠢᠨᠤ ᠭᠡᠷ ᠲᠦ᠍ ᠭᠠᠪᠢᠶ᠎ᠠ ᠪᠣᠢ᠂ ᠦᠬᠦᠭᠰᠡᠨ ᠦᠭᠡᠢ ᠦᠯᠡᠳᠡᠭᠰᠡᠨ ᠢᠨᠤ ᠴᠡᠷᠢᠭ  ᠤᠨ ᠣᠯᠵᠠ ᠪᠣᠢ᠂ ᠦᠬᠦᠬᠦ ᠡᠭᠡᠨᠡᠭᠲᠡ ᠴᠥᠭᠡᠨ᠂ ᠦᠯᠡᠬᠦ ᠢᠨᠦ ᠪᠠᠰᠠ ᠬᠦ᠌ ᠦᠯᠡᠮᠵᠢ᠃ ᠮᠠᠨ ᠤ᠋ ᠲᠡᠭᠷᠢᠯᠢᠭ ᠡᠵᠡᠨ ᠤ ᠳᠡᠢᠯᠦᠭᠰᠡᠨ ᠢᠨᠤ ᠣᠯᠠᠨ᠂ ᠳᠠᠷᠤᠭᠳᠠᠭᠰᠠᠨ ᠠᠨᠤ ᠴᠥᠭᠡᠨ ᠪᠣᠯᠤᠭᠰᠠᠨ ᠢᠶᠡᠷ ᠴᠡᠷᠢᠭ  ᠦᠨ ᠠᠷᠠᠳ ᠣᠯᠠᠩᠬᠢ ᠨᠢ ᠠᠮᠲᠠᠰᠢᠵᠤᠬᠤᠢ᠃ ᠶᠠᠭᠤᠨ ᠳ᠋ᠤᠷ ᠨᠠᠮᠠᠶᠢ ᠪᠠᠷᠳᠠᠮᠨᠠᠭᠰᠠᠨ ᠪᠣᠯᠭᠠᠨ ᠰᠠᠨᠠᠮᠤᠢ ? ᠦᠨᠡᠨ ᠢ᠋ ᠬᠡᠯᠡᠪᠡᠰᠦ ᠮᠢᠨᠦ ᠡᠵᠡᠨ ᠤᠳᠠᠭ᠎ᠠ ᠪᠦᠷᠢ ᠲᠠᠢᠯᠵᠤ᠂ ᠡᠨᠡ ᠮᠡᠲᠦ ᠶᠡᠬᠡᠯ᠎ᠡ ᠡᠰᠡ ᠮᠠᠨᠳᠤᠭᠰᠠᠨ ᠪᠥᠭᠡᠰᠦ ᠡᠷᠭᠢᠨ ᠬᠠᠭᠠᠨ ᠴᠤ᠌ ᠮᠥᠨ ᠮᠠᠨ ᠤ᠋ ᠤᠯᠤᠰ ᠢ᠋ ᠮᠥᠬᠥᠭᠡᠰᠦᠭᠡᠢ ᠭᠡᠮᠡᠨ ᠤᠷᠤᠭᠰᠢ ᠬᠣᠢᠰᠢ ᠵᠥᠪᠯᠡᠬᠦ ᠴᠦ᠍ ᠦᠭᠡᠢ᠃ ᠬᠡᠳᠦᠢ ᠦᠨᠡᠬᠡᠷ ᠵᠥᠪᠯᠡᠪᠡᠴᠦ ᠪᠢᠳᠡ ᠮᠥᠨ ᠮᠢᠩᠭᠠᠨ ᠭᠠᠵᠠᠷ ᠤ᠋ᠨ ᠭᠠᠳᠠᠨ᠎ᠠ ᠡᠷᠭᠢᠨ ᠤᠯᠤᠰ ᠲᠤᠷ ᠮᠥᠨ ᠬᠦᠷᠴᠦ ᠢᠷᠡᠬᠦ ᠲᠡᠩᠬᠡᠭᠡ ᠦᠭᠡᠢ ᠪᠣᠯᠠᠢ 》ᠬᠡᠮᠡᠭᠰᠡᠨ ᠳ᠋ᠦ᠍ᠷ᠂ ᠣᠳᠣᠨ ᠲᠠᠢᠱᠢ ᠠᠨᠤ ᠪᠠᠰᠠ ᠬᠤᠰᠤᠭᠳᠠᠵᠤ ᠬᠣᠢᠰᠢ ᠤᠬᠤᠷᠢᠵᠤ ᠵᠣᠭᠰᠣᠭᠰᠠᠨ ᠳ᠋ᠤᠷ ᠵᠡᠯᠮ᠎ᠡ  ᠶᠢᠨ ᠰᠦᠷ ᠣᠮᠣᠭ ᠨᠡᠩ ᠪᠠᠳᠠᠷᠠᠵᠤ ᠪᠠᠰᠠ ᠥᠭᠦᠯᠡᠷᠦᠨ᠄《 ᠡᠳᠦᠭᠡ ᠬᠡᠷᠪᠡ ᠪᠢ ᠡᠶᠡᠳᠦᠵᠦ ᠡᠴᠢᠪᠡᠰᠦ ᠮᠠᠨ ᠤ᠋ ᠣᠯᠠᠨ ᠴᠡᠷᠢᠭ ᠬᠠᠷᠢᠨ ᠭᠡᠳᠡᠷᠭᠦ ᠲᠡᠳᠡᠨ ᠤ ᠣᠯᠵᠠ ᠣᠮᠣᠭ ᠢ᠋ ᠬᠠᠯᠬᠠᠯᠠᠪᠠ ᠭᠡᠮᠡᠨ ᠮᠢᠨᠦ ᠮᠢᠬ᠎ᠠ ᠶ᠋ᠢ ᠢᠳᠡᠭᠡᠳ ᠬᠠᠩᠬᠤ ᠦᠭᠡᠢ ᠮᠡᠲᠦ ! 》ᠬᠡᠮᠡᠬᠦᠢ ᠳ᠋ᠦ᠍ᠷ ᠴᠠᠭᠠᠨ ᠬᠠᠭᠠᠨ ᠠᠷᠭ᠎ᠠ ᠮᠤᠬᠤᠷᠳᠠᠵᠤ ᠵᠠᠯᠮ᠎ᠠ ᠶ᠋ᠢᠨ ᠵᠦᠭ ᠰᠠᠢᠨ ᠦᠭᠡ ᠪᠡᠷ ᠲᠣᠬᠣᠨᠢᠭᠤᠯᠤᠨ ᠥᠭᠦᠯᠡᠷᠦᠨ᠄《 ᠡᠯᠴᠢ ᠲᠦᠰᠢᠮᠡᠯ ᠴᠢ ᠮᠠᠨ ᠤ᠋ ᠬᠣᠶᠠᠷ ᠤᠯᠤᠰ ᠤ᠋ᠨ ᠪᠦᠲᠦᠬᠦ ᠡᠪᠳᠡᠷᠡᠬᠦ ᠶ᠋ᠢᠨ ᠵᠠᠪᠰᠠᠷ ᠶᠠᠪᠤᠬᠤᠢ ᠶ᠋ᠢᠨ ᠲᠤᠯᠠᠳᠠ ᠪᠢᠲᠡᠭᠡᠢ ᠴᠢᠬᠤᠯᠳᠠᠨ ᠶᠠᠭᠠᠷᠠᠵᠤ ᠶᠡᠬᠡ ᠬᠡᠷᠡᠭ ᠢ᠋ ᠡᠪᠳᠡᠷᠡᠭᠦᠯ᠂ ᠬᠡᠷᠬᠢᠪᠡᠴᠦ ᠬᠡᠳᠦᠨ ᠡᠳᠦᠷ ᠬᠦᠯᠢᠴᠡᠨ ᠲᠡᠰᠪᠦᠷᠢᠯᠡᠵᠦ ᠪᠠᠬᠠᠨ ᠬᠦᠯᠢᠶᠡᠨ ᠰᠠᠭᠤᠲᠤᠭᠠᠢ᠃ ᠪᠢ ᠬᠡᠷᠬᠢᠪᠡᠴᠦ ᠪᠢᠴᠢᠬᠠᠨ ᠰᠡᠳᠬᠢᠯ ᠢᠶᠠᠷ ᠶᠡᠬᠡ ᠤᠯᠤᠰ ᠢᠶᠠᠨ ᠰᠠᠮᠠᠭᠤᠨ ᠦᠯᠦ ᠪᠣᠯᠭᠠᠮᠤᠢ! 》 ᠬᠡᠮᠡᠭᠰᠡᠨ ᠳ᠋ᠦ᠍ᠷ ᠵᠠᠯᠮ᠎ᠠ ᠴᠠᠭᠠᠨ ᠬᠠᠭᠠᠨ ᠤ᠋ ᠭᠦᠨ ᠤᠬᠠᠭᠠᠨᠲᠠᠢ ᠶ᠋ᠢ ᠡᠨᠡ ᠨᠢᠭᠡᠬᠡᠨ ᠦᠭᠡᠰ ᠲᠣᠷ ᠳᠠᠷᠤᠢ ᠮᠡᠳᠡᠭᠡᠳ ᠳᠣᠲᠣᠷ᠎ᠠ ᠪᠠᠨ ᠰᠠᠨᠠᠷᠤᠨ ᠄ ᠬᠡᠲᠦᠷᠬᠡᠶ᠎ᠡ ᠰᠢᠬᠠᠮᠳᠠᠭᠤᠯᠪᠠᠰᠤ ᠳᠡᠭᠡᠰᠦᠨ ᠤ ᠡᠷᠴᠢᠮ ᠲᠠᠰᠤᠷᠠᠬᠤᠢ ᠳ᠋ᠤᠷ ᠬᠥᠷᠥᠭᠦᠵᠡᠢ ᠬᠡᠮᠡᠵᠦ ᠄ 《 ᠡᠷᠭᠢᠨ ᠤ ᠵᠠᠬᠢᠶ᠎ᠠ ᠪᠠᠷ ᠬᠦᠯᠢᠶᠡᠨ ᠦᠵᠡᠰᠦᠭᠡᠢ 》ᠬᠡᠮᠡᠬᠦᠢ ᠳ᠋ᠦ᠍ᠷ᠂ ᠠᠭᠠᠷ ᠂ ᠣᠳᠣᠨ ᠬᠣᠶᠠᠷ ᠴᠧᠩᠰᠢᠶᠠᠩ ᠢᠨᠤ ᠶᠡᠬᠡᠯ᠎ᠡ ᠪᠠᠶᠠᠷᠯᠠᠨ ᠂ ᠵᠡᠯᠮ᠎ᠡ ᠶ᠋ᠢᠨ ᠭᠠᠷ ᠠ᠋ᠴᠠ ᠪᠠᠷᠢᠵᠤ ᠬᠦᠨᠳᠦ ᠪᠡᠷ ᠬᠦᠨᠳᠦᠯᠡᠨ ᠡᠷᠭᠦᠵᠦ ᠂ ᠳᠡᠭᠡᠳᠦ ᠵᠣᠴᠢᠨ ᠤ᠋ ᠶᠠᠮᠤᠨ ᠳ᠋ᠤᠷ ᠪᠠᠭᠤᠯᠭᠠᠵᠤ ᠶᠡᠬᠡᠳᠡ ᠡᠷᠭᠦᠨ ᠬᠦᠨᠳᠦᠯᠡᠵᠦ ᠬᠤᠷᠢᠮ ᠪᠠᠷᠢᠮᠤᠢ ᠃
      ᠲᠡᠭᠦᠨᠴᠡ ᠴᠠᠭᠠᠨ ᠬᠠᠭᠠᠨ ᠶᠡᠬᠡᠯ᠎ᠡ ᠵᠣᠪᠠᠨᠢᠵᠤ ᠳᠣᠲᠣᠭᠠᠳᠤ ᠣᠷᠳᠣᠨ ᠳ᠋ᠤᠷ ᠯᠤᠤᠲᠤ ᠵᠤᠯᠠ ᠶ᠋ᠢᠨ ᠳᠣᠣᠷ᠎ᠠ᠂ ᠠᠭᠠᠷ ᠣᠳᠣᠨ ᠬᠣᠶᠠᠷ ᠴᠧᠩᠰᠢᠶᠠᠩ ᠲᠡᠷᠢᠭᠦᠯᠡᠨ ᠵᠥᠪᠰᠢᠶᠡᠯ  ᠤᠨ ᠶᠢᠰᠦᠨ ᠴᠢᠩ ᠬᠡᠮᠡᠭᠳᠡᠬᠦ ᠰᠠᠢᠳ  ᠤᠳ ᠢᠶᠠᠨ ᠴᠤᠭᠯᠠᠭᠤᠯᠤᠨ ᠵᠥᠪᠳᠡᠵᠦ ᠥᠭᠦᠯᠡᠷᠦᠨ᠄《 ᠡᠨᠡ ᠬᠡᠷᠡᠭ  ᠤᠨ ᠦᠨᠳᠦᠰᠦᠨ ᠤᠭ ᠠ᠋ᠴᠠ ᠭᠡᠷᠡᠢᠳ ᠤᠯᠤᠰ ᠤ᠋ᠨ ᠾᠧ ᠸᠠᠩ ᠠ᠋ᠴᠠ ᠡᠳᠦᠭᠡᠳ ᠪᠠᠰᠠ ᠲᠡᠭᠦᠨ ᠤ ᠬᠥᠮᠦᠨ ᠡᠴᠡ ᠬᠡᠯᠡ ᠭᠠᠷᠴᠤ ᠡᠳᠦᠭᠡ ᠮᠠᠨ ᠤ᠋ ᠤᠯᠤᠰ ᠲᠥᠷᠥ ᠳ᠋ᠤᠷ ᠬᠥᠮᠥᠰᠬᠡ ᠬᠤᠢᠬᠠᠯᠠᠬᠤ ᠮᠡᠲᠦ ᠲᠦᠷᠭᠡᠨ ᠵᠣᠪᠠᠯᠠᠩ ᠬᠦᠷᠴᠦ ᠢᠷᠡᠪᠡ᠃ ᠨᠡᠩ ᠪᠠᠰᠠ ᠮᠢᠨᠦ ᠴᠡᠷᠢᠭ ᠪᠡᠯᠡᠨ ᠦᠭᠡᠢ ᠶ᠋ᠢ ᠴᠦ᠍ ᠪᠠᠢᠲᠤᠭᠠᠢ ᠬᠡᠳᠦᠢ ᠪᠡᠯᠡᠨ ᠪᠦᠬᠦᠢ ᠪᠠᠢᠪᠠᠴᠤ ᠮᠥᠨ ᠠᠷᠤ ᠴᠡᠷᠢᠭ ᠲᠦ᠍ᠷ ᠲᠤᠯᠤᠨ ᠦᠯᠦ ᠲᠡᠩᠴᠡᠮᠦᠢ᠂ ᠡᠳᠦᠭᠡ ᠳᠠᠷᠤᠢ ᠬᠤᠷᠢᠶᠠᠪᠠᠴᠤ ᠤᠯᠤᠰ ᠤ᠋ᠨ ᠬᠣᠲᠠᠯᠠᠭᠠᠷ ᠴᠡᠷᠢᠭ ᠨᠢᠭᠡᠨ ᠰᠠᠷ᠎ᠠ ᠳ᠋ᠤᠷ ᠪᠠᠰᠠ ᠪᠦᠷᠢᠳᠴᠦ ᠴᠢᠳᠠᠬᠤ ᠦᠭᠡᠢ᠃ ᠡᠨᠡ ᠴᠢᠯᠥᠭᠡᠨ ᠳ᠋ᠦ᠍ᠷ ᠳᠠᠢᠰᠤᠨ ᠮᠠᠨ ᠤ᠋ ᠬᠣᠲᠠ ᠶ᠋ᠢ ᠠᠪᠤᠨ ᠲᠡᠭᠦᠰᠬᠦ ᠪᠣᠯᠠᠢ᠃ ᠡᠨᠡ ᠬᠡᠳᠦᠨ ᠵᠢᠯ  ᠤᠨ ᠵᠤᠳ ᠲᠤᠷᠠᠬᠠᠨ ᠳ᠋ᠤᠷ ᠰᠠᠩ ᠤᠨ ᠠᠮᠤ ᠪᠠᠰᠠ ᠡᠯᠪᠡᠭ ᠬᠤᠷᠢᠶᠠᠭᠰᠠᠨ ᠦᠭᠡᠢ ᠪᠡᠷ ᠣᠯᠠᠨ ᠴᠡᠷᠢᠭ  ᠢ᠋ ᠴᠤᠭᠯᠠᠭᠤᠯᠵᠤ ᠲᠡᠵᠢᠭᠡᠬᠦ ᠶ᠋ᠢ ᠠᠯᠳᠠᠭᠰᠠᠭᠠᠷ ᠡᠨᠡ ᠵᠣᠪᠠᠯᠠᠩ ᠳ᠋ᠤᠷ ᠲᠣᠬᠢᠶᠠᠯᠳᠤᠪᠠ᠃ ᠨᠡᠩ ᠪᠠᠰᠠ  ᠪᠸᠲ᠋ᠠ᠋ ᠤᠯᠤᠰ ᠤ᠋ᠨ ᠡᠵᠡᠨ ᠲᠦᠰᠢᠮᠡᠳ ᠢ᠋ ᠰᠣᠨᠣᠰᠬᠤᠯ᠎ᠠ ᠴᠥᠮ ᠲᠡᠭᠷᠢ ᠰᠠᠬᠢᠭᠤᠯᠰᠤᠨ ᠮᠡᠲᠦ ᠭᠠᠢᠬᠠᠮᠰᠢᠭᠲᠠᠢ᠂ ᠲᠡᠮᠦᠵᠢᠨ ᠬᠡᠮᠡᠭᠴᠢ ᠳᠣᠲᠣᠷᠬᠠᠶ᠎ᠠ ᠲᠡᠭᠷᠢ ᠶ᠋ᠢᠨ ᠬᠥᠪᠡᠭᠦᠨ ᠮᠥᠨ᠂ ᠢᠯᠡ ᠳᠠᠯᠳᠠ ᠶ᠋ᠢ ᠠᠢᠯᠠᠳᠬᠤ ᠬᠤᠪᠢᠯᠭᠠᠨ ᠮᠠᠲᠠᠯ᠂ ᠰᠠᠬᠢᠭᠤᠯᠰᠤᠨ ᠤ᠋ ᠬᠦᠴᠦᠨ ᠪᠣᠢ ᠬᠡᠮᠡᠮᠦᠢ᠂ ᠬᠢᠯᠪᠠᠷᠬᠠᠨ ᠢᠶᠠᠷ ᠳᠠᠢᠯᠠᠨ ᠦᠯᠦ ᠴᠢᠳᠠᠮᠤᠢ᠃ ᠡᠭᠦᠨ ᠢ᠋ ᠣᠳᠣ ᠬᠡᠷᠬᠢᠪᠡᠰᠦ ᠰᠠᠢᠨ ? 》 ᠬᠡᠮᠡᠬᠦᠢ  ᠳ᠋ᠦ᠍ᠷ ᠣᠳᠣᠨ ᠲᠠᠢᠱᠢ ᠠᠨᠤ ᠮᠡᠳᠡᠭᠦᠯᠦᠷᠦᠨ᠄《 ᠡᠨᠡ ᠬᠡᠷᠡᠭ ᠮᠠᠰᠢ ᠬᠢᠯᠪᠠᠷ᠂ ᠡᠵᠡᠨ ᠮᠠᠷᠭᠠᠲᠠ ᠥᠷᠯᠥᠭᠡ ᠶ᠋ᠢᠨ ᠲᠥᠷᠥ  ᠳ᠋ᠤᠷ ᠤᠯᠤᠰ ᠤ᠋ᠨ ᠬᠣᠲᠠᠯᠠᠭᠠᠷ ᠲᠦᠰᠢᠮᠡᠯ ᠲᠦᠰᠢᠶ᠎ᠡ ᠴᠡᠷᠢᠭ ᠢᠷᠭᠡᠨ ᠢ᠋ ᠰᠠᠷᠠᠨ ᠭᠣᠣᠯ ᠤ᠋ᠨ ᠠᠭᠤᠳᠠᠮ ᠬᠦᠷᠢᠶᠡᠨ ᠳ᠋ᠦ᠍ᠷ ᠴᠤᠭᠯᠠᠭᠤᠯᠵᠤ ᠂ ᠣᠯᠠᠨ ᠤ᠋ ᠰᠠᠨᠠᠭᠠᠨ ᠢ᠋ ᠳᠠᠩᠰᠠᠨ ᠠᠰᠠᠭᠤᠵᠤ ᠦᠵᠡᠭᠡᠳ ᠵᠢᠴᠢ ᠲᠣᠭᠲᠠᠭᠠᠶ᠎ᠠ᠂ ᠡᠨᠡ ᠳᠠᠷᠤᠢ ᠲᠡᠭᠷᠢ ᠶ᠋ᠢᠨ ᠰᠠᠨᠠᠭᠠᠨ ᠢ᠋ ᠮᠡᠳᠡᠪᠡᠰᠦ ᠪᠣᠯᠬᠤ ᠭᠣᠣᠯᠴᠢ ᠵᠠᠮ ᠮᠥᠨ᠃ 》 ᠬᠡᠮᠡᠭᠰᠡᠨ ᠳ᠋ᠦ᠍ᠷ ᠴᠠᠭᠠᠨ ᠬᠠᠭᠠᠨ ᠦᠭᠡ ᠶ᠋ᠢ ᠵᠥᠪᠰᠢᠶᠡᠵᠦ᠂ ᠵᠢᠴᠢ ᠥᠷᠯᠥᠭᠡ ᠶᠡᠬᠡ ᠬᠦᠷᠢᠶᠡᠯᠡᠩ  ᠤᠨ ᠰᠠᠷᠠᠨ ᠬᠠᠷᠰᠢ ᠳ᠋ᠤᠷ ᠭᠠᠷᠴᠤ ᠤᠯᠤᠰ ᠤ᠋ᠨ ᠬᠣᠲᠠᠯᠠᠭᠠᠷ ᠴᠡᠷᠢᠭ ᠢᠷᠭᠡᠨ ᠳ᠋ᠦ᠍ᠷ ᠬᠦᠷᠲᠡᠯ᠎ᠡ ᠴᠤᠭᠯᠠᠭᠤᠯᠤᠭᠠᠳ ᠥᠪᠡᠷ  ᠤᠨ ᠨᠢᠭᠤᠷ ᠤ᠋ᠨ ᠡᠮᠦᠨ᠎ᠡ ᠪᠸᠲ᠋ᠠ᠋ ᠤᠯᠤᠰ ᠯᠤᠭ᠎ᠠ ᠦᠬᠦᠨ ᠪᠠᠢᠯᠳᠤᠵᠤ ᠲᠤᠯᠪᠠᠰᠤ ᠰᠠᠢᠨ ᠤᠤ ?  ᠪᠤᠷᠤᠭᠤ ᠬᠦᠯᠢᠶᠡᠨ ᠳᠠᠭᠠᠪᠠᠰᠤ ᠰᠠᠢᠨ ᠤᠤ ? ᠭᠡᠮᠡᠨ ᠳᠠᠬᠢᠨ ᠳᠠᠪᠲᠠᠨ ᠱᠠᠭᠠᠷᠳᠠᠨ ᠠᠰᠠᠭᠤᠭᠰᠠᠨ ᠳ᠋ᠤᠷ ᠣᠯᠠᠨ  ᠢᠶᠠᠷ ᠠᠷᠭ᠎ᠠ ᠦᠭᠡᠢ᠂ ᠥᠪᠡᠷ ᠥᠪᠡᠷ  ᠤᠨ ᠰᠠᠨᠠᠭ᠎ᠠ ᠪᠠᠨ ᠰᠢᠪᠠᠭ᠎ᠠ ᠳ᠋ᠤᠷ ᠪᠢᠴᠢᠵᠦ ᠪᠠᠷᠢᠪᠠ ᠃
      ᠲᠡᠳᠦᠢ ᠣᠳᠣᠨ ᠴᠧᠩᠰᠢᠶᠠᠩ ᠣᠯᠠᠨ ᠤ᠋ ᠰᠢᠪᠠᠭ᠎ᠠ ᠶ᠋ᠢ ᠬᠣᠷᠢᠶᠠᠨ ᠦᠵᠡᠪᠡᠰᠦ ᠠᠷᠪᠠᠨ ᠬᠤᠪᠢ ᠠ᠋ᠴᠠ ᠳᠣᠯᠣᠭᠠᠨ ᠬᠤᠪᠢ ᠠᠨᠤ ᠡᠶᠡᠳᠦᠬᠦ ᠶ᠋ᠢ ᠬᠦᠰᠡᠬᠦ ᠲᠤᠯᠠ ᠴᠠᠭᠠᠨ ᠬᠠᠭᠠᠨ ᠶᠡᠬᠡᠯ᠎ᠡ ᠠᠶᠤᠵᠤ ᠠᠷᠭ᠎ᠠ ᠦᠭᠡᠢ ᠤᠷᠲᠤ ᠰᠡᠭᠦᠷᠡᠰᠦ ᠠᠯᠳᠠᠵᠤ᠂ ᠣᠷᠳᠣᠨ ᠳ᠋ᠤᠷ ᠡᠭᠡᠭᠡᠳ ᠬᠥᠮᠥᠰᠬᠡ ᠠᠲᠤᠷᠢᠨ ᠲᠣᠯᠣᠭᠠᠢ ᠳᠠᠷᠤᠨ ᠵᠣᠪᠠᠨ ᠪᠦᠬᠦᠢ ᠳ᠋ᠦ᠍ᠷ ᠴᠠᠭᠠᠨ ᠬᠠᠭᠠᠨ ᠤ᠋ ᠭᠠᠭᠴᠠ ᠥᠬᠢᠨ ᠰᠠᠷᠠᠨ ᠭᠦᠩᠵᠦ ᠢᠨᠤ ᠡᠴᠢᠭᠡ ᠶᠦ᠍ᠭᠡᠨ ᠠᠮᠤᠷ  ᠢ᠋ ᠡᠷᠢᠷ᠎ᠡ ᠢᠨᠢᠶᠡᠭᠰᠡᠭᠡᠷ ᠢᠷᠡᠵᠦ ᠶᠣᠰᠣᠯᠠᠨ᠂ ᠬᠠᠭᠠᠨ ᠡᠴᠢᠭᠡ ᠶᠦ᠍ᠭᠡᠨ ᠴᠢᠬᠤᠯᠳᠠᠨ ᠵᠣᠪᠠᠨᠢᠬᠤ ᠴᠢᠷᠠᠢ ᠶ᠋ᠢ ᠦᠵᠡᠭᠡᠳ ᠶᠡᠬᠡᠯ᠎ᠡ ᠬᠢᠷᠲ᠌ᠭᠢᠪᠡ᠃ ᠡᠨᠡ ᠭᠦᠩᠵᠦ ᠶ᠋ᠢ ᠲᠥᠷᠥᠬᠦᠢ ᠳ᠋ᠦ᠍ᠷ ᠴᠠᠭᠠᠨ ᠬᠠᠭᠠᠨ ᠤ᠋ ᠭᠣᠣᠯ ᠬᠠᠷᠰᠢ ᠶ᠋ᠢᠨ ᠳᠡᠭᠡᠷ᠎ᠡ ᠨᠢᠭᠡᠨ ᠶᠡᠬᠡ ᠰᠠᠷᠠᠨ ᠮᠠᠨᠳᠤᠪᠠ ᠭᠡᠮᠡᠨ ᠵᠡᠭᠦᠳᠦᠯᠡᠭᠡᠳ ᠰᠣᠴᠢᠨ ᠰᠠᠷᠢᠲᠠᠯ᠎ᠠ ᠣᠷᠳᠣᠨ ᠬᠦᠷᠢᠶᠡᠯᠡᠩ ᠳ᠋ᠦ᠍ᠷ ᠲᠡᠭᠷᠢ ᠶ᠋ᠢᠨ ᠬᠦᠵᠢᠰ  ᠤᠨ ᠦᠨᠦᠷ ᠠᠩᠬᠢᠯᠵᠤ ᠂ ᠣᠷᠳᠣᠨ ᠤ᠋ ᠡᠷᠡᠮᠳᠡᠭ ᠵᠠᠷᠤᠴᠠ ① ᠢᠷᠡᠵᠦ ᠲᠥᠪ  ᠤᠨ ᠶᠡᠬᠡ ᠬᠠᠲᠤᠨ ᠠ᠋ᠴᠠ ᠨᠢᠭᠡᠨ ᠠᠪᠠᠬᠠᠢ ᠮᠡᠨᠳᠦᠯᠡᠪᠡ ᠬᠡᠮᠡᠭᠰᠡᠨ ᠢᠶᠠᠷ ᠲᠡᠢᠨ ᠬᠦ᠌ ᠨᠡᠷ᠎ᠡ ᠶ᠋ᠢ ᠭᠣᠣᠯ ᠬᠠᠷᠰᠢ ᠳ᠋ᠤᠷ ᠰᠠᠷᠠᠨ ᠮᠠᠨᠳᠤᠭᠰᠠᠨ ᠮᠡᠲᠦ ᠭᠡᠵᠦ  《ᠭᠣᠣᠯ ᠤ᠋ᠨ ᠰᠠᠷᠠᠨ 》② ᠭᠡᠮᠡᠨ ᠨᠡᠷᠡᠢᠳᠦᠭᠰᠡᠨ ᠠᠵᠤᠭᠤ ᠃ ᠲᠡᠭᠦᠨᠴᠡ ᠡᠨᠡ ᠭᠣᠣᠯ ᠤ᠋ᠨ ᠰᠠᠷᠠᠨ ᠭᠦᠩᠵᠦ ᠶ᠋ᠢᠨ ᠬᠣᠶᠠᠷ ᠨᠠᠰᠤᠨ ᠳ᠋ᠤᠷ ᠡᠬᠡ ᠢᠨᠤ ᠨᠥᠭᠴᠢᠭᠰᠡᠨ ᠲᠤᠯᠠ ᠪᠤᠬ᠎ᠠ ᠴᠠᠭᠠᠨ ᠬᠠᠭᠠᠨ ᠥᠨᠥᠴᠢᠨ ᠥᠬᠢᠨ ᠭᠡᠮᠡᠨ ᠬᠡᠲᠦᠷᠬᠡᠶ᠎ᠡ ᠠᠮᠠᠷᠠᠭ ᠪᠣᠯᠠᠢ᠃ 
– – – – 
①ᠡᠷᠡᠮᠳᠡᠭ ᠵᠠᠷᠤᠴᠠ ᠬᠡᠮᠡᠭᠴᠢ ᠡᠷ᠎ᠡ ᠶ᠋ᠢᠨ ᠪᠡᠯᠬᠡᠰ  ᠢ᠋ ᠣᠭᠲᠣᠯᠵᠤ ᠠᠪᠤᠭᠰᠠᠨ ᠲᠠᠢᠭᠠᠨ ᠤ᠋ ᠮᠣᠩᠭᠣᠯ ᠨᠡᠷ᠎ᠡ ᠠᠵᠤᠭᠤ ᠃
②ᠡᠨᠡ ᠨᠡᠷ᠎ᠡ ᠶ᠋ᠢ ᠵᠠᠷᠢᠮ ᠰᠤᠳᠤᠷ  ᠤᠳ ᠲᠤᠷ ᠬᠠᠯᠭᠤᠷᠠᠨ ᠲᠠᠰᠢᠶᠠᠷᠠᠵᠤ 《ᠭᠣᠯᠠᠨ ᠬᠠᠲᠤᠨ 》 ᠬᠡᠮᠡᠬᠦ ᠴᠦ᠍ ᠪᠣᠢ ᠃ 《ᠴᠢᠳᠠᠭᠴᠢ ᠶ᠋ᠢᠨ ᠡᠷᠬᠡᠲᠦ ᠴᠠᠳᠢᠭ 》 ᠲᠤᠷ ᠰᠣᠯᠣᠩᠭᠣᠰ ᠤᠯᠤᠰ  ᠢ  ᠬᠠᠷᠢᠨ ᠰᠢᠭᠤᠳ ᠰᠣᠯᠣᠩᠭ᠎ᠠ ᠤᠯᠤᠰ ᠪᠣᠯᠭᠠᠨ ᠡᠨᠳᠡᠭᠦᠷᠡᠵᠦᠬᠦᠢ ᠃ ᠰᠣᠯᠣᠩᠭ᠎ᠠ ᠤᠯᠤᠰ ᠬᠡᠮᠡᠭᠴᠢ ᠵᠡᠭᠦᠨ ᠡᠮᠦᠨ᠎ᠡ ᠶ᠋ᠢᠨ ᠭᠠᠤᠯᠢ ᠤᠯᠤᠰ ᠤ᠋ᠨ ᠮᠣᠩᠭᠣᠯ ᠨᠡᠷ᠎ᠡ ᠲᠤᠯᠠ ᠡᠨᠡ ᠭᠣᠯᠠᠨ ᠬᠠᠲᠤᠨ  ᠢ᠋ ᠬᠠᠷᠢᠨ ᠰᠢᠭᠤᠳ  《ᠭᠣᠯᠢᠨ ᠬᠠᠲᠤᠨ 》ᠬᠡᠮᠡᠭᠴᠢ ᠴᠦ᠍ ᠪᠣᠢ ᠠᠮᠤᠢ ᠃ ᠡᠳᠡᠭᠡᠷ ᠴᠥᠮ ᠨᠠᠷᠢᠨ ᠨᠢᠭᠲᠠ ᠰᠤᠳᠤᠷ  ᠢ᠋ ᠡᠰᠡ ᠦᠵᠡᠭᠰᠡᠨ ᠡᠴᠡ ᠪᠣᠯᠵᠤᠬᠤᠢ ᠃ ᠰᠣᠯᠣᠩᠭᠣᠰ ᠤᠯᠤᠰ ᠤ᠋ᠨ ᠵᠡᠭᠦᠨ ᠡᠮᠦᠨ᠎ᠡ ᠵᠠᠬ᠎ᠠ ᠠᠨᠤ ᠰᠣᠯᠣᠩᠭ᠎ᠠ ᠤᠯᠤᠰ ᠲᠤᠷ ᠵᠠᠬ᠎ᠠ ᠨᠡᠢᠯᠡᠭᠰᠡᠨ ᠢᠨᠤ ᠦᠨᠡᠨ ᠪᠣᠯᠪᠠᠴᠤ ᠴᠣᠬᠣᠮ ᠰᠣᠯᠣᠩᠭ᠎ᠠ ᠤᠯᠤᠰ ᠪᠤᠰᠤ ᠂ ᠶᠡᠬᠡ ᠪᠠᠷᠤᠭ ᠳᠠᠷᠤᠢ ᠡᠨᠡ ᠦᠶ᠎ᠡ ᠶ᠋ᠢᠨ ᠰᠣᠯᠣᠨ ᠠᠢᠮᠠᠭ ᠤ᠋ᠨ ᠭᠠᠵᠠᠷ ᠮᠥᠨ ᠃ ᠲᠡᠢᠨ ᠬᠦ᠌ ᠭᠠᠤᠯᠢ ᠤᠯᠤᠰ ᠲᠤᠷ ᠣᠢᠷ᠎ᠠ ᠲᠤᠯᠠ ᠰᠢᠭᠤᠳ ᠭᠠᠤᠯᠢ ᠪᠣᠯᠭᠠᠨ ᠡᠨᠳᠡᠭᠦᠷᠡᠵᠤᠬᠦᠢ ᠃

ᠨᠡᠩᠳᠡ ᠡᠨᠡ ᠭᠣᠣᠯ ᠤ᠋ᠨ ᠰᠠᠷᠠᠨ ᠤ᠋ ᠥᠩᠭᠡ ᠵᠢᠰᠦ᠂ ᠤᠬᠠᠭᠠᠨ ᠮᠠᠲᠠᠯ ᠶᠢᠷᠲᠢᠨᠴᠦ  ᠳ᠋ᠤᠷ ᠲᠠᠰᠤᠷᠬᠠᠢ᠂ ᠣᠷᠴᠢᠯᠠᠩ  ᠳ᠋ᠤᠷ ᠴᠤᠬᠠᠭ ᠪᠣᠯᠵᠤ᠂ ᠭᠤᠷᠪᠠᠨ ᠳᠥᠷᠪᠡᠨ ᠨᠠᠰᠤᠨ ᠠ᠋ᠴᠠ ᠪᠢᠴᠢᠭ ᠦᠰᠦᠭ ᠢ᠋ ᠲᠥᠰᠦᠭᠡᠯᠡᠵᠦ᠂ ᠵᠢᠷᠭᠤᠭ᠎ᠠ ᠳᠣᠯᠣᠭᠠᠨ ᠨᠠᠰᠤᠯᠠᠮᠠᠭᠴᠠ ᠰᠢᠳᠡᠷ᠎ᠡ  ᠮᠢᠭᠮᠡᠨ ᠢ᠋ ᠰᠤᠷᠤᠭᠠᠳ ᠠᠷᠪᠠᠨ ᠨᠠᠰᠤ ᠭᠠᠷᠤᠮᠠᠭᠴᠠ ᠵᠡᠭᠦᠦ ᠤᠳᠠᠰᠤᠨ᠎ᠠ ᠮᠡᠷᠭᠡᠰᠢᠵᠦ ᠂ ᠣᠶᠣᠬᠤ ᠳᠣᠪᠬᠢᠭᠦ ᠂ ᠡᠭᠡᠷᠡᠬᠦ ᠨᠡᠬᠡᠬᠦ ᠪᠠ ᠪᠢᠴᠢᠬᠦ ᠵᠢᠷᠤᠬᠤ ᠂ ᠲᠠᠯᠪᠢᠬᠤ ᠴᠢᠪᠬᠠᠳᠠᠬᠤ ᠂ ᠶᠠᠲᠤᠭ᠎ᠠ ᠮᠢᠭᠮᠡᠨ᠂ ᠡᠯ᠎ᠡ ᠵᠦᠢᠯ ᠳ᠋ᠦ᠍ᠷ ᠴᠥᠮ ᠮᠡᠷᠭᠡᠰᠢᠭᠡᠳ ᠨᠡᠩ ᠢᠯᠠᠩᠭᠤᠶ᠎ᠠ ᠠᠷᠪᠠᠨ ᠲᠠᠪᠤ ᠵᠢᠷᠭᠤᠭᠠᠨ ᠨᠠᠰᠤᠨ ᠳ᠋ᠤᠷ ᠬᠦᠷᠦᠭᠡᠳ ᠥᠩᠭᠡ ᠵᠢᠰᠦ ᠢᠨᠤ ᠴᠡᠴᠡᠭ ᠲᠣᠷ ᠦᠯᠢᠳᠬᠡᠪᠡᠰᠦ ᠴᠡᠴᠡᠭ ᠡᠴᠡ ᠠᠮᠢᠳᠤᠯᠢᠭ᠂ ᠰᠠᠷᠠᠨ ᠳ᠋ᠤᠷ ᠠᠳᠠᠯᠢᠳᠬᠠᠪᠠᠰᠤ ᠰᠠᠷᠠᠨ ᠠ᠋ᠴᠠ ᠠᠩᠬᠢᠯᠤᠮᠠᠯ ᠂ ᠡᠯᠡᠲᠡᠯ᠎ᠡ ᠵᠦᠯᠭᠦᠭᠰᠡᠨ ᠬᠠᠰ ᠤ᠋ᠨ ᠲᠣᠯᠢ ᠮᠡᠲᠦ ᠂ ᠲᠥᠭᠥᠷᠢᠭ ᠪᠥᠮᠪᠥᠭᠡᠷ ᠵᠢᠰᠦ ᠳ᠋ᠦ᠍ᠷ ᠡᠪᠬᠡᠷᠡᠵᠦ ᠬᠥᠪᠬᠡᠯᠵᠡᠬᠦ ᠬᠠᠷ᠎ᠠ ᠪᠡᠬᠡᠰ ᠠᠳᠠᠯᠢ ᠂ ᠡᠭᠦᠯᠡᠰ  ᠤᠨ ᠦᠰᠦ ᠬᠡᠷᠡᠯᠳᠦᠭᠡᠳ ᠰᠡᠴᠡᠨ ᠤᠬᠠᠮᠰᠠᠷ  ᠢ ᠠᠬᠤᠭᠤᠯᠤᠭᠰᠠᠨ ᠬᠣᠶᠠᠷ ᠮᠤᠷᠤᠢ ᠰᠠᠢᠬᠠᠨ ᠬᠥᠮᠥᠰᠬᠡ ᠳ᠋ᠦ᠍ᠷ ᠠᠰᠠᠷᠠᠬᠤ ᠨᠢᠭᠦᠯᠡᠰᠬᠦᠢ ᠶ᠋ᠢ ᠣᠨᠢᠰᠤᠯᠠᠵᠤ ᠂ ᠮᠡᠷᠭᠡᠨ ᠭᠡᠭᠡᠬᠡᠨ  ᠢ᠋ ᠢᠯᠡᠷᠡᠭᠦᠯᠦᠭᠰᠡᠨ ᠨᠢᠭᠡᠨ ᠲᠡᠭᠦᠰ ᠲᠤᠩᠭᠠᠯᠠᠭ ᠨᠢᠳᠦᠨ ᠳ᠋ᠦ᠍ᠷ ᠬᠤᠪᠢᠯᠭᠠᠨ ᠪᠢᠯᠢᠭ  ᠢ᠋ ᠲᠣᠪᠴᠢᠯᠠᠵᠤᠬᠤᠢ᠃ ᠦᠨᠡᠬᠡᠷ ᠬᠠᠰ  ᠤᠨ ᠬᠤᠯᠤᠰᠤᠨ ᠮᠡᠲᠦ ᠲᠡᠭᠰᠢ ᠰᠢᠯᠤᠭᠤᠨ ᠴᠣᠭᠴᠠ ᠪᠡᠶ᠎ᠡ ᠂ ᠯᠢᠩᠬᠤ᠎ᠠ ᠶ᠋ᠢᠨ ᠦᠨᠳᠦᠰᠦᠨ ᠠᠳᠠᠯᠢ ᠵᠥᠭᠡᠯᠡᠨ ᠨᠡᠮᠡᠭᠦᠨ ᠦᠶᠡᠰ ᠭᠡᠰᠢᠭᠦᠨ ᠲᠡᠢ᠃ ᠦᠨᠡᠨ ᠢᠶᠠᠷ ᠴᠦ᠍ ᠰᠠᠭᠤᠭᠰᠠᠨ ᠣᠷᠳᠣᠨ ᠳ᠋ᠤᠷ ᠽᠠᠨᠳᠠᠨ ᠭᠠᠪᠢᠷ᠎ᠠ ᠶ᠋ᠢᠨ ᠦᠨᠦᠷ ᠰᠢᠩᠭᠡᠭᠡᠳ ᠠᠯᠬᠤᠭᠰᠠᠨ ᠵᠠᠮ ᠳ᠋ᠤᠷ ᠴᠤ᠌ ᠠᠩᠬᠢᠯᠤᠮ᠎ᠠ ᠵᠠᠭᠠᠷ ᠤ᠋ᠨ ᠬᠦᠵᠢᠰ ᠬᠣᠴᠣᠷᠴᠤ ᠥᠭᠦᠯᠡᠵᠦ ᠬᠡᠯᠡᠯᠴᠡᠪᠡᠰᠦ ᠶᠢᠰᠦᠨ ᠲᠡᠭᠷᠢ ᠶ᠋ᠢᠨ ᠬᠤᠪᠢᠯᠭᠠᠨ ᠥᠬᠢᠨ ᠮᠡᠲᠦ᠂ ᠥᠴᠦᠬᠡᠨ ᠢᠨᠢᠶᠡᠪᠡᠰᠦ ᠲᠦᠮᠡᠨ ᠴᠡᠴᠡᠭ ᠬᠠᠮᠲᠤ ᠪᠠᠷ ᠳᠡᠯᠭᠡᠷᠡᠭᠰᠡᠨ ᠠᠳᠠᠯᠢ ᠂ ᠬᠡᠢ᠍ᠪᠡᠩ ᠴᠠᠭᠠᠨ ᠬᠠᠰ ᠤ᠋ᠨ ᠴᠢᠷᠠᠢ ᠣ ᠶ᠋ᠢ ᠢᠴᠡᠭᠡᠨ ᠂ ᠪᠤᠯᠪᠠᠷᠠᠢ ᠨᠡᠮᠡᠭᠦᠨ ᠤᠯᠠᠭᠠᠨ ᠥᠩᠭᠡ ᠡᠩᠭᠡᠰᠬᠡ ᠶ᠋ᠢ ᠬᠡᠷᠡᠭᠰᠡᠬᠦ ᠦᠭᠡᠢ᠃ ᠯᠠᠪ ᠬᠤᠷᠮᠤᠰᠲᠠ ᠲᠩᠷᠢ ᠶ᠋ᠢᠨ ᠰᠤᠳᠠᠷᠠᠰᠤᠨ ᠪᠠᠯᠭᠠᠰᠤᠨ ᠠ᠋ᠴᠠ ᠢᠷᠡᠵᠦ ᠲᠥᠷᠥᠭᠰᠡᠨ ᠲᠡᠭᠷᠢ ᠷᠠᠬᠢᠨᠢᠰ ᠤ᠋ᠨ ᠬᠤᠪᠢᠯᠭᠠᠨ ᠥᠬᠢᠨ ᠪᠤᠰᠤ ᠪᠣᠯᠪᠠᠴᠤ ᠮᠠᠭᠠᠳ ᠥᠯᠵᠡᠢᠲᠦ ᠡᠬᠡ ᠶ᠋ᠢᠨ ᠤᠳᠠᠷᠠᠶᠠᠨ ᠤ᠋ ᠣᠷᠣᠨ ᠠ᠋ᠴᠠ ᠪᠠᠭᠤᠯᠭᠠᠨ ᠲᠥᠷᠥᠭᠦᠯᠦᠭᠰᠡᠨ ᠪᠣᠭᠳᠠ ᠬᠠᠳ  ᠤᠳ ᠤ᠋ᠨ ᠬᠣᠣᠰᠯᠠᠯ ᠬᠠᠲᠤᠨ ᠮᠥᠨ᠃ ᠡᠨᠡ ᠭᠣᠣᠯ ᠤ᠋ᠨ ᠰᠠᠷᠠᠨ ᠭᠦᠩᠵᠦ ᠨᠠᠢ᠌ᠮᠠᠨ ᠨᠠᠰᠤᠨ ᠤ᠋ ᠦᠶ᠎ᠡ ᠳ᠋ᠦ᠍ᠷ ᠲᠡᠭᠦᠨ ᠤ ᠳᠣᠣᠷᠠᠬᠢ ᠨᠢᠭᠡᠨ ᠣᠷᠳᠣᠨ ᠤ᠋ ᠥᠬᠢᠳ ᠤᠰᠤ ᠪᠤᠴᠠᠯᠭᠠᠬᠤ ᠲᠦᠭᠦᠬᠡᠢ ᠰᠢᠷᠡᠮᠦ ᠶ᠋ᠢᠨ ᠬᠦᠬᠦᠷ ᠢ᠋ ᠳᠣᠲᠣᠷ᠎ᠠ ᠠᠨᠤ ᠵᠤᠵᠠᠭᠠᠨ ᠬᠠᠭᠰᠢᠷᠠᠨ ᠤᠰᠤ ᠪᠤᠴᠠᠯᠬᠤ ᠤᠳᠠᠭᠠᠨ ᠬᠡᠮᠡᠵᠦ ᠬᠤᠷᠴᠠ ᠭᠠᠯ ᠤ᠋ᠨ ᠬᠢᠰᠠ ᠳ᠋ᠤᠷ ᠬᠢᠵᠦ ᠤᠯᠠᠢᠯᠭᠠᠭᠠᠳ ᠮᠣᠳᠣ ᠪᠠᠷ ᠡᠲᠡᠵᠦ ᠤᠨᠠᠭᠠᠰᠤᠭᠠᠢ ᠬᠡᠮᠡᠵᠦ ᠠᠮᠠᠰᠠᠷ ᠢ᠋ ᠠᠨᠤ ᠰᠡᠳᠡ ᠡᠲᠡᠵᠦ ᠡᠮᠲᠡᠯᠦᠭᠰᠡᠨ ᠳ᠋ᠦ᠍ᠷ ᠲᠡᠭᠦᠨ ᠤ ᠭᠥᠭᠦᠯᠳᠦ ᠡᠷᠭᠦᠯᠳᠦ ᠡᠮᠡᠭᠡᠨ ᠯᠠᠪ ᠲᠡᠷᠡ ᠥᠬᠢᠨ ᠢ᠋ ᠴᠢᠯᠠᠭᠤᠨ ᠳ᠋ᠤᠷ ᠠᠯᠳᠠᠵᠤ ᠡᠮᠲᠡᠯᠦᠭᠡᠳ ᠬᠤᠳᠠᠯ ᠬᠡᠯᠡᠪᠡ ᠭᠡᠮᠡᠨ ᠠᠭᠤᠷᠯᠠᠨ ᠵᠠᠨᠴᠢᠵᠤ ᠬᠠᠷᠢᠶᠠᠨ ᠵᠣᠭᠰᠣᠬᠤ ᠦᠭᠡᠢ ᠳ᠋ᠦ᠍ᠷ᠂ ᠲᠡᠷᠡ ᠥᠬᠢᠨ ᠡᠭᠡᠨᠡᠭᠲᠡ ᠭᠠᠯ ᠳ᠋ᠤᠷ ᠤᠯᠠᠢᠯᠭᠠᠭᠠᠳ ᠡᠲᠡᠵᠦ ᠭᠠᠷᠭᠠᠬᠤᠶ᠎ᠠ ᠬᠡᠯᠲᠡᠷᠡᠪᠡ ᠭᠡᠮᠡᠨ ᠴᠢᠷᠮᠠᠢᠨ ᠥᠴᠢᠵᠦ ᠬᠦᠯᠢᠶᠡᠨ ᠠᠪᠬᠤ ᠦᠭᠡᠢ ᠲᠤᠯᠠ ᠨᠠᠰᠤᠲᠠᠢ
ᠡᠮᠡᠭᠡᠨ ᠪᠢᠴᠢᠬᠠᠨ ᠥᠬᠢᠨ ᠴᠠᠷᠭᠢᠯᠳᠤᠨ ᠵᠣᠭᠰᠣᠬᠤ ᠦᠭᠡᠶ᠎ᠡ ᠂ ᠭᠣᠣᠯ ᠤ᠋ᠨ ᠰᠠᠷᠠᠨ ᠭᠦᠩᠵᠦ ᠬᠠᠵᠠᠭᠤ ᠳ᠋ᠤᠷ ᠪᠠᠢᠵᠤ ᠬᠠᠷᠠᠭᠰᠠᠭᠠᠷ ᠬᠠᠭᠰᠢᠷᠠᠵᠤ ᠲᠡᠷᠡ ᠬᠡᠯᠲᠡᠷᠡᠭᠰᠡᠨ ᠢ᠋ ᠬᠢᠨᠠᠨ ᠦᠵᠡᠭᠡᠳ ᠡᠮᠡᠭᠡᠨ ᠤ ᠵᠦᠭ ᠥᠭᠦᠯᠡᠷᠦᠨ : 《 ᠴᠢ ᠲᠡᠷᠡ ᠥᠬᠢᠨ ᠢ᠋ ᠪᠢᠲᠡᠭᠡᠢ ᠵᠠᠨᠴᠢ ᠂ ᠡᠨᠡ ᠬᠦᠬᠦᠷ  ᠤᠨ ᠭᠠᠯ  ᠳ᠋ᠤᠷ ᠡᠪᠳᠡᠷᠡᠭᠰᠡᠨ ᠢᠨᠤ ᠦᠨᠡᠨ ᠪᠣᠯᠠᠢ᠃ 》 ᠬᠡᠮᠡᠪᠡᠴᠦ ᠲᠡᠷᠡ ᠡᠷᠭᠦᠯᠳᠦ ᠡᠮᠡᠭᠡᠨ ᠨᠡᠩ ᠠᠭᠤᠷᠯᠠᠵᠤ ᠄ 《 ᠲᠡᠢᠮᠦ ᠵᠤᠵᠠᠭᠠᠨ ᠲᠡᠮᠦᠷ ᠭᠠᠯ ᠳ᠋ᠤᠷ ᠤᠯᠠᠢᠮᠠᠭᠴᠠ ᠡᠪᠳᠡᠷᠡᠬᠦ ᠶᠣᠰᠣ ᠪᠣᠢ ᠤᠤ ? ᠠᠪᠠᠬᠠᠢ ᠪᠠᠰᠠ ᠦᠶ᠎ᠡ ᠶ᠋ᠢᠨ ᠥᠬᠢᠨ ᠢᠶᠠᠨ ᠥᠮᠥᠭᠡᠷᠡᠮᠦᠢ ᠂ ᠮᠢᠨᠦ ᠵᠠᠨᠴᠢᠭᠰᠠᠨ ᠠᠨᠤ ᠪᠤᠷᠤᠭᠤ ᠤᠤ ? 》ᠭᠡᠮᠡᠨ ᠪᠠᠪᠠᠨᠠᠲᠤᠬᠤᠢ ᠳ᠋ᠤᠷ ᠭᠣᠣᠯ ᠤ᠋ᠨ ᠰᠠᠷᠠᠨ ᠭᠦᠩᠵᠦ ᠪᠠᠬᠠᠨ ᠢᠨᠢᠶᠡᠵᠦ ᠄ 《 ᠡᠨᠡ ᠶᠠᠮᠪᠠᠷ ᠪᠡᠷᠬᠡ ᠭᠠᠵᠠᠷ ᠪᠣᠢ ᠂ ᠦᠨᠡᠨ ᠬᠤᠳᠠᠯ ᠢ᠋ ᠵᠣᠭᠰᠣᠭ᠎ᠠ ᠪᠠᠷ ᠣᠯᠵᠤ ᠪᠣᠯᠬᠤ ᠪᠣᠯᠠᠢ! 》 ᠬᠡᠮᠡᠵᠦ ᠳᠠᠷᠤᠢ ᠲᠡᠷᠡ ᠥᠬᠢᠨ  ᠢᠶᠠᠷ ᠲᠡᠷᠡ ᠬᠡᠯᠲᠡᠷᠬᠡᠢ ᠬᠦᠬᠦᠷ  ᠢ᠋ ᠤᠭ ᠶᠣᠰᠣᠭᠠᠷ ᠭᠠᠯ ᠤ᠋ᠨ ᠳᠡᠭᠡᠷ᠎ᠡ ᠲᠠᠯᠪᠢᠭᠤᠯᠵᠤ ᠤᠪ ᠤᠯᠠᠭᠠᠨ ᠪᠣᠯᠤᠭᠰᠠᠨ ᠬᠣᠢᠨ᠎ᠠ ᠂ ᠭᠣᠣᠯ ᠤ᠋ᠨ ᠰᠠᠷᠠᠨ ᠭᠦᠩᠵᠦ ᠳᠠᠷᠤᠢ ᠲᠡᠷᠡ ᠥᠬᠢᠨ ᠦ᠌ ᠮᠣᠳᠣ ᠶ᠋ᠢ ᠠᠴᠢᠷᠠᠭᠤᠯᠤᠨ ᠲᠡᠷᠡ ᠡᠮᠡᠭᠡᠨ ᠳ᠋ᠤᠷ ᠥᠭᠴᠦ ᠬᠦᠬᠦᠷ ᠢ᠋ ᠡᠲᠡᠵᠦ ᠭᠠᠷᠭᠠᠲᠤᠭᠠᠢ ᠬᠡᠮᠡᠭᠰᠡᠨ ᠳ᠋ᠦ᠍ᠷ ᠲᠡᠷᠡ ᠡᠮᠡᠭᠡᠨ ᠠᠭᠤᠷᠯᠠᠨ᠄《 ᠲᠡᠮᠦᠷ ᠬᠦᠬᠦᠷ ᠤᠯᠠᠢᠵᠤ ᠬᠡᠯᠲᠡᠷᠡᠬᠦ ᠶᠣᠰᠣ ᠪᠣᠢ ᠤᠤ ? 》ᠭᠡᠮᠡᠨ ᠬᠡᠮᠡᠭᠰᠡᠭᠡᠷ ᠳᠤᠭᠲᠤᠷᠤᠨ ᠡᠴᠢᠵᠦ ᠳᠠᠷᠤᠢ ᠮᠣᠳᠣ ᠪᠠᠷ ᠰᠢᠷᠡᠮᠦᠨ ᠬᠦᠬᠦᠷ  ᠤᠨ ᠰᠠᠨᠵᠢᠨ ᠠ᠋ᠴᠠ ᠨᠢᠭᠡᠨᠲᠡ ᠡᠲᠡᠭᠰᠡᠨ ᠳ᠋ᠦ᠍ᠷ ᠬᠦᠴᠦᠨ ᠶᠡᠬᠡᠳᠡᠭᠰᠡᠨ ᠢᠶᠠᠷ ᠰᠢᠷᠮᠠᠳ ᠬᠦᠬᠦᠷ  ᠤᠨ ᠰᠠᠨᠵᠢ ᠢᠨᠤ ᠮᠤᠯᠲᠤ ᠡᠴᠢᠵᠦ᠂ ᠲᠠᠪᠤ ᠵᠢᠷᠭᠤᠭᠠᠨ ᠠᠯᠬᠤᠮ ᠬᠣᠯᠠ ᠦᠰᠦᠷᠦᠨ ᠡᠴᠢᠭᠰᠡᠨ᠎ᠡ᠂ ᠲᠡᠷᠡ ᠡᠮᠡᠭᠡᠨ ᠶᠡᠬᠡᠯ᠎ᠡ ᠢᠴᠢᠩᠭᠦᠷᠡᠨ ᠪᠠᠰᠠ ᠮᠣᠳᠣ ᠪᠠᠨ ᠡᠷᠭᠢᠭᠦᠯᠵᠦ ᠬᠦᠬᠦᠷ  ᠤᠨ ᠠᠮᠠᠰᠠᠷ ᠲᠤ᠌ ᠬᠢᠵᠦ ᠨᠢᠭᠡᠨᠲᠡ ᠡᠲᠡᠪᠡᠰᠦ ᠨᠢᠭᠡᠨᠲᠡ ᠰᠡᠳᠡ ᠡᠴᠢᠭᠡᠳ ᠬᠣᠶᠠᠷᠲᠠ ᠡᠲᠡᠪᠡᠰᠦ ᠬᠣᠶᠠᠷᠲᠠ ᠰᠡᠲᠡᠷᠡᠭᠡᠳ ᠶᠠᠭᠤᠨᠠᠢ ᠭᠠᠷᠭᠠᠵᠤ ᠪᠣᠯᠬᠤ ᠪᠣᠢ! 》 ᠡᠭᠦᠨ ᠳ᠋ᠦ᠍ᠷ ᠲᠡᠷᠡ ᠡᠮᠡᠭᠡᠨ ᠨᠡᠩ ᠶᠡᠬᠡᠯ᠎ᠡ ᠢᠴᠢᠩᠭᠦᠷᠡᠨ ᠤᠨᠲᠤᠭᠤᠴᠠᠵᠤ ᠳᠠᠪᠬᠤᠷ ᠳᠠᠪᠬᠤᠷ ᠡᠳᠡᠨ ᠴᠢᠴᠢᠭᠰᠡᠭᠡᠷ ᠲᠦᠭᠦᠬᠡᠢ ᠰᠢᠷᠠᠮᠤ ᠶ᠋ᠢᠨ ᠬᠦᠬᠦᠷ ᠭᠠᠯ ᠤ᠋ᠨ ᠬᠢᠰᠠ ᠳᠣᠲᠣᠷ᠎ᠠ ᠨᠢᠭᠡᠨᠲᠡ ᠬᠡᠰᠡᠭ ᠬᠡᠰᠡᠭ ᠪᠣᠯᠵᠤ ᠤᠶᠠᠷᠠᠨ ᠵᠢᠮᠡᠷᠡᠵᠦ ᠡᠴᠢᠭᠡᠳ ᠭᠠᠯ ᠪᠠ ᠬᠦᠬᠦᠷ ᠬᠣᠶᠠᠭᠤᠯᠠ ᠨᠢᠭᠡᠨᠲᠡ ᠢᠯᠭᠠᠭᠨᠲᠠᠨ ᠲᠠᠨᠢᠭᠳᠠᠬᠤ ᠦᠭᠡᠢ ᠪᠣᠯᠤᠭᠰᠠᠨ ᠲᠤᠯᠠ ᠰᠠᠷᠠᠨ ᠭᠦᠩᠵᠦ ᠬᠡᠴᠢᠨᠡᠨ ᠢᠨᠢᠶᠡᠭᠰᠡᠭᠡᠷ ᠡᠯᠢᠭᠡ ᠬᠥᠰᠢᠵᠦ ᠦᠬᠢᠳ ᠤ᠋ᠨ ᠡᠪᠦᠷ ᠳᠡᠭᠡᠷ᠎ᠡ ᠰᠠᠭᠤᠵᠤ ᠢᠨᠢᠶᠡᠬᠦᠢ ᠳ᠋ᠤᠷ ᠲᠡᠷᠡ ᠡᠮᠡᠭᠡᠨ ᠲᠡᠷᠡ ᠬᠦᠬᠦᠷ  ᠢ ᠴᠢᠴᠢᠵᠦ ᠭᠣᠪᠢᠭᠰᠠᠭᠠᠷ ᠨᠢᠭᠡᠨᠲᠡ ᠬᠡᠰᠡᠭ ᠬᠡᠰᠡᠭ ᠵᠡᠮᠳᠡᠭ ᠪᠣᠯᠭᠠᠨ ᠬᠡᠮᠬᠡᠯᠦᠨ ᠲᠤᠩ ᠠᠷᠭ᠎ᠠ ᠦᠭᠡᠢ ᠪᠣᠯᠤᠭᠠᠳ ᠶᠡᠬᠡᠯ᠎ᠡ ᠴᠢᠬᠤᠯᠳᠠᠨ ᠢᠴᠢᠩᠭᠦᠷᠡᠵᠦ ᠭᠠᠯ ᠲᠠᠢ ᠮᠣᠳᠣ ᠪᠠᠨ ᠲᠣᠰᠬᠢᠲᠡᠯ᠎ᠡ ᠭᠠᠵᠠᠷ ᠲᠤᠷ ᠲᠠᠶᠠᠭᠳᠠᠭᠠᠳ ᠳᠠᠷᠤᠢ ᠪᠤᠷᠤᠭᠤ ᠬᠠᠨᠳᠤᠨ ᠪᠠᠷᠤᠢᠵᠤ ᠡᠴᠢᠭᠰᠡᠨ᠎ᠡ ᠭᠣᠣᠯ ᠤ᠋ᠨ ᠰᠠᠷᠠᠨ ᠨᠡᠩ ᠳᠠᠰᠤᠨ ᠴᠢᠳᠠᠬᠤ ᠦᠭᠡᠢ ᠪᠣᠯᠵᠤ᠂ ᠥᠬᠢᠳ  ᠤᠨ ᠪᠡᠶ᠎ᠡ ᠳᠡᠭᠡᠷ᠎ᠡ ᠤᠷᠪᠠᠨ ᠬᠥᠷᠪᠡᠨ ᠥᠩᠬᠥᠷᠢᠨ ᠢᠨᠢᠶᠡᠬᠦᠢ ᠶ᠋ᠢᠨ ᠬᠣᠭᠣᠷᠣᠨᠳᠣ ᠭᠡᠨᠡᠳᠲᠡ ᠬᠠᠭᠠᠨ ᠡᠴᠢᠭᠡ  ᠢᠨᠤ ᠳᠠᠭᠤᠳᠠᠬᠤᠢ ᠳ᠋ᠤᠷ ᠣᠷᠳᠣᠨ ᠤ᠋ ᠡᠷᠡᠮᠳᠡᠭ  ᠤᠳ ᠲᠡᠪᠡᠷᠢᠨ ᠠᠪᠠᠴᠢᠲᠠᠯ᠎ᠠ ᠪᠠᠰᠠ ᠬᠦ᠌ ᠢᠨᠢᠶᠡᠨ ᠵᠣᠭᠰᠣᠬᠤ ᠦᠭᠡᠢ ᠳ᠋ᠦ᠍ᠷ ᠴᠠᠭᠠᠨ ᠬᠠᠭᠠᠨ ᠤᠴᠢᠷ ᠢ ᠠᠰᠠᠭᠤᠵᠤ ᠮᠡᠳᠡᠭᠡᠳ ᠬᠡᠦᠬᠡᠨ ᠡᠴᠡ ᠪᠡᠨ ᠴᠢ ᠲᠡᠭᠦᠨ ᠤ ᠤᠴᠢᠷ ᠢ᠋ ᠬᠡᠷᠬᠢᠨ ᠣᠯᠵᠤ ᠮᠡᠳᠡᠪᠡ ᠬᠡᠮᠡᠭᠰᠡᠨ ᠳ᠋ᠦ᠍ᠷ ᠭᠣᠣᠯ ᠤ᠋ᠨ ᠰᠠᠷᠠᠨ ᠭᠦᠩᠵᠦ ᠢᠨᠢᠶᠡᠨ ᠮᠡᠳᠡᠭᠦᠯᠦᠷᠦᠨ᠄《 ᠬᠡᠦᠬᠡᠨ ᠪᠢ ᠲᠡᠷᠡ ᠬᠡᠯᠲᠡᠷᠡᠭᠰᠡᠨ ᠬᠡᠯᠲᠡᠷᠬᠡᠢ ᠶ᠋ᠢᠨ ᠢᠷ ᠢ᠋ ᠦᠵᠡᠪᠡᠰᠦ ᠣᠭᠲᠣ ᠡᠷᠡᠰᠬᠡᠨ ᠬᠡᠯᠲᠡᠷᠡᠭᠰᠡᠨ ᠬᠤᠷᠴᠠ ᠢᠷ ᠪᠤᠰᠤ ᠪᠥᠭᠡᠳ ᠬᠡᠯᠲᠡᠷᠬᠡᠢ ᠢᠨᠤ ᠡᠮᠰᠡᠢᠵᠦ ᠬᠠᠮᠰᠢᠢᠭᠠᠳ ᠬᠠᠭᠠᠷᠠᠬᠠᠢ ᠭᠠᠵᠠᠷ ᠲᠤᠷ ᠢᠶᠠᠨ ᠵᠣᠬᠢᠷᠠᠬᠤ ᠦᠭᠡᠢ ᠪᠣᠯᠤᠭᠰᠠᠨ ᠢᠶᠠᠷ ᠯᠠᠪ ᠭᠠᠯ ᠳ᠋ᠤᠷ ᠬᠠᠢᠯᠵᠤ ᠡᠪᠳᠡᠷᠡᠭᠰᠡᠨ ᠢ᠋ ᠣᠯᠵᠤ ᠮᠡᠳᠡᠪᠡ ᠃ ᠬᠡᠷᠪᠡ ᠴᠢᠯᠠᠭᠤᠨ ᠳ᠋ᠤᠷ ᠲᠣᠰᠴᠤ ᠬᠠᠭᠠᠷᠠᠭᠰᠠᠨ ᠪᠥᠭᠡᠰᠦ ᠡᠷᠬᠡᠪᠰᠢ ᠬᠤᠷᠴᠠ ᠢᠷ ᠪᠠᠢᠵᠤ ᠱᠠᠵᠠᠩ ᠰᠠᠪᠠ ᠬᠠᠭᠠᠷᠠᠭᠰᠠᠨ ᠮᠡᠲᠦ ᠬᠡᠯᠲᠡᠷᠬᠡᠢ ᠶ᠋ᠢ ᠨᠡᠢᠯᠡᠭᠦᠯᠪᠡᠰᠦ ᠯᠠᠪ ᠨᠢᠭᠡᠨ ᠠᠳᠠᠯᠢ ᠪᠣᠯᠬᠤ ᠦᠭᠡᠢ ᠦᠦ ? 》 ᠬᠡᠮᠡᠭᠰᠡᠨ ᠳ᠋ᠦ᠍ᠷ ᠴᠠᠭᠠᠨ ᠬᠠᠭᠠᠨ ᠨᠠᠢ᠌ᠮᠠᠬᠠᠨ ᠨᠠᠰᠤ ᠲᠠᠢ ᠪᠥᠭᠡᠳ ᠡᠨᠡ ᠮᠡᠲᠦ ᠨᠠᠷᠢᠨ ᠬᠢᠨᠠᠮᠠᠭᠠᠢ ᠳ᠋ᠤᠷ ᠨᠡᠩ ᠢᠯᠡᠭᠦᠦ ᠠᠮᠠᠷᠠᠭ ᠪᠣᠯᠵᠤ ᠂ ᠴᠠᠭ ᠮᠥᠴᠡ ᠴᠦ᠍ ᠪᠡᠶ᠎ᠡ  ᠡᠴᠡ  ᠪᠡᠨ ᠰᠠᠯᠭᠠᠬᠤ ᠦᠭᠡᠢ ᠠᠮᠠᠨ ᠳ᠋ᠤᠷ  ᠢᠶᠠᠨ ᠡᠮᠬᠦᠪᠡᠰᠦ ᠬᠠᠢᠯᠤᠭᠤᠵᠠᠢ᠂ ᠠᠯᠠᠭ᠎ᠠ  ᠳ᠋ᠠᠭᠠᠨ ᠲᠠᠯᠪᠢᠪᠠᠰᠤ ᠥᠩᠬᠥᠷᠢᠭᠦᠵᠡᠢ ᠭᠡᠮᠡᠨ ᠬᠡᠳᠦᠢ ᠭᠠᠳᠠᠭᠰᠢ ᠭᠠᠷᠪᠠᠴᠤ ᠠᠪᠴᠤ ᠶᠠᠪᠤᠳᠠᠭ ᠠᠵᠤᠭᠤ᠃ ᠪᠠᠰᠠ ᠨᠢᠭᠡᠨ ᠤᠳᠠᠭ᠎ᠠ ᠠᠷᠪᠠᠨ ᠭᠤᠷᠪᠠᠨ ᠨᠠᠰᠤᠨ ᠳ᠋ᠤᠷ ᠢᠶᠠᠨ ᠡᠴᠢᠭᠡ ᠬᠠᠭᠠᠨ ᠢᠶᠠᠨ ᠳᠠᠭᠠᠵᠤ᠂ ᠮᠢᠩᠭᠠᠨ ᠠᠪᠠ ᠪᠠᠷ ᠤᠯᠤᠰ ᠠᠢᠮᠠᠭ ᠤ᠋ᠨ ᠴᠡᠷᠢᠭ  ᠢᠷᠭᠡᠨ  ᠢᠶᠠᠨ ᠴᠠᠭᠳᠠᠨ ᠶᠠᠪᠤᠬᠤᠢ ᠳ᠋ᠤᠷ ᠨᠢᠭᠡᠨ ᠶᠡᠬᠡ ᠠᠢᠯ ᠳ᠋ᠤᠷ ᠪᠠᠭᠤᠳᠠᠯᠯᠠᠭᠰᠠᠨ᠎ᠠ ᠭᠡᠨᠡᠳᠲᠡ ᠨᠢᠭᠡᠨ ᠡᠮᠡᠭᠡᠨ ᠵᠠᠮ ᠲᠣᠰᠴᠤ ᠤᠬᠢᠯᠠᠨ ᠪᠠᠷᠬᠢᠷᠠᠵᠤ᠄ 《ᠪᠡᠷᠢ ᠮᠢᠨᠦ᠂ ᠮᠢᠨᠦ ᠭᠠᠭᠴᠠ ᠬᠥᠪᠡᠭᠦᠨ ᠢ᠋ ᠬᠣᠣᠷᠠᠳᠠᠭᠠᠨ ᠠᠯᠠᠪᠠ !》ᠭᠡᠮᠡᠨ ᠵᠠᠭᠠᠯᠳᠤᠪᠠ ᠃ ᠲᠡᠳᠦᠢ ᠪᠠᠭᠤᠳᠠᠯ ᠳ᠋ᠤᠷ ᠢᠷᠡᠵᠦ ᠲᠦᠰᠢᠮᠡᠯ  ᠳ᠋ᠦ᠍ᠷ  ᠢᠶᠠᠨ ᠲᠤᠰᠢᠶᠠᠨ ᠰᠢᠳᠬᠡᠨ ᠠᠰᠠᠭᠤᠯᠭᠠᠪᠠᠰᠤ ᠬᠡᠳᠦ ᠬᠡᠳᠦᠨ ᠡᠳᠦᠷ ᠠᠰᠠᠭᠤᠭᠠᠳ ᠰᠢᠭᠦᠨ ᠲᠣᠳᠣᠷᠬᠠᠢᠯᠠᠨ ᠴᠢᠳᠠᠬᠤ ᠦᠭᠡᠢ ᠳ᠋ᠦ᠍ᠷ ᠲᠡᠷᠡ ᠡᠮᠡᠭᠡᠨ ᠪᠠᠰᠠ ᠵᠠᠮ ᠲᠣᠰᠴᠤ ᠪᠠᠷᠬᠢᠷᠠᠨ ᠣᠬᠢᠯᠠᠭᠰᠠᠨ᠎ᠠ ᠴᠠᠭᠠᠨ ᠬᠠᠭᠠᠨ ᠶᠡᠬᠡᠯ᠎ᠡ ᠰᠡᠵᠢᠭᠯᠡᠵᠦ ᠪᠡᠶ᠎ᠡ ᠪᠡᠷ ᠰᠢᠭᠦᠨ ᠠᠰᠠᠭᠤᠪᠠᠰᠤ ᠡᠮᠡᠭᠡᠨ ᠥᠴᠢᠷᠦᠨ ᠄ 《 ᠮᠢᠨᠦ ᠭᠠᠭᠴᠠ ᠬᠥᠪᠡᠭᠦᠨ ᠡᠨᠡ ᠪᠠᠷᠢ ᠶ᠋ᠢ ᠡᠨᠡ ᠡᠳᠦᠷ ᠢᠨᠤ ᠠᠪᠤᠮᠠᠭᠴᠠ ᠮᠠᠷᠭᠠᠲᠠ ᠴᠡᠷᠢᠭ  ᠤᠨ ᠠᠯᠪᠠᠨ᠎ᠠ ᠭᠠᠷᠤᠭᠠᠳ ᠴᠢᠨᠠᠳᠤ ᠡᠲᠡᠭᠡᠳ ᠤᠨ ᠳᠠᠢᠰᠤᠨ᠎ᠠ ᠪᠠᠷᠢᠭᠳᠠᠵᠤ ᠭᠤᠷᠪᠠᠨ ᠵᠢᠯ ᠪᠣᠯᠵᠤ᠂ ᠤᠷᠵᠢᠳᠤᠷ ᠭᠡᠨᠡᠳᠲᠡ ᠤᠷᠭᠤᠨ ᠬᠠᠷᠢᠵᠤ ᠢᠷᠡᠬᠦᠶ᠎ᠡ ᠪᠢ ᠭᠡᠷ ᠲᠦ᠍ ᠪᠠᠢᠭᠰᠠᠨ ᠦᠭᠡᠢ ᠂ ᠲᠡᠭᠦᠨ ᠤ ᠢᠷᠡᠭᠰᠡᠨ ᠡᠳᠦᠷ ᠲᠣᠷ ᠪᠡᠷᠢ ᠳᠠᠷᠤᠢ ᠮᠢᠨᠦ ᠬᠥᠪᠡᠭᠦᠨ ᠳ᠋ᠦ᠍ᠷ ᠬᠣᠣᠷ᠎ᠠ ᠥᠭᠴᠦ ᠶᠢᠰᠦᠨ ᠰᠦᠪᠡ ᠡᠴᠡ ᠴᠢᠰᠤ ᠭᠠᠷᠴᠤ ᠦᠬᠦᠵᠦᠬᠦᠢ᠃ ᠲᠡᠢᠨ ᠬᠦ᠌ ᠬᠣᠣᠷᠠᠳᠠᠭᠰᠠᠨ ᠢ᠋ ᠣᠯᠵᠤ ᠮᠡᠳᠡᠪᠡ 》 ᠬᠡᠮᠡᠮᠦᠢ᠃ ᠪᠡᠷᠢ ᠡᠴᠡ ᠠᠰᠠᠭᠤᠪᠠᠰᠤ᠄《ᠮᠢᠨᠦ ᠡᠷ᠎ᠡ ᠭᠡᠨᠡᠳᠲᠡ ᠬᠠᠷᠢᠵᠤ ᠢᠷᠡᠭᠰᠡᠨ ᠳ᠋ᠦ᠍ᠷ ᠪᠢ ᠪᠠᠶᠠᠷᠯᠠᠵᠤ᠂ ᠰᠢᠨ᠎ᠡ ᠴᠠᠢ ᠪᠤᠴᠠᠯᠭᠠᠵᠤ ᠵᠠᠪᠳᠤᠬᠤ ᠦᠭᠡᠢ ᠂ ᠴᠠᠭ ᠪᠠᠰᠠ ᠬᠠᠯᠠᠭᠤᠨ ᠲᠤᠯᠠ ᠶᠠᠭᠠᠷᠠᠨ ᠰᠦᠨ ᠲᠠᠷᠠᠭ ᠨᠢᠭᠡᠨ ᠠᠶᠠᠭ᠎ᠠ ᠠᠴᠢᠷᠠᠵᠤ ᠥᠭᠭᠦᠭᠰᠡᠨ ᠳ᠋ᠦ᠍ᠷ ᠡᠷ᠎ᠡ ᠮᠢᠨᠦ ᠤᠮᠳᠠᠭᠠᠰᠴᠤ ᠳᠠᠷᠤᠢ ᠤᠤᠭᠤᠪᠠ᠃ ᠡᠬᠡᠨᠡᠷ ᠪᠢ ᠨᠢᠭᠡᠨᠲᠡᠭᠡᠭᠦᠷ ᠬᠠᠳᠠᠮ ᠡᠬᠡ ᠳ᠋ᠦ᠍ᠷ ᠬᠡᠯᠡᠵᠦ ᠢᠯᠡᠭᠡᠭᠡᠳ ᠨᠢᠭᠡᠨᠲᠡᠭᠡᠭᠦᠷ ᠨᠠᠷᠢ ᠢᠳᠡᠰᠢ ᠪᠡᠯᠡᠳᠬᠡᠬᠦᠶ᠎ᠡ᠂ ᠡᠷ᠎ᠡ ᠮᠢᠨᠦ ᠭᠡᠨᠡᠳᠲᠡ ᠦᠨᠡᠨ ᠬᠡᠪᠲᠡᠵᠦ ᠶᠢᠰᠦᠨ ᠰᠦᠪᠡ ᠡᠴᠡ ᠴᠢᠰᠤᠨ ᠭᠠᠷᠴᠤ ᠦᠬᠦᠪᠡ 》 ᠬᠡᠮᠡᠮᠦᠢ ᠃ ᠡᠭᠦᠨ ᠳ᠋ᠦ᠍ᠷ ᠴᠠᠭᠠᠨ ᠬᠠᠭᠠᠨ ᠲᠡᠷᠡ ᠡᠮᠡᠭᠡᠨ ᠡᠴᠡ ᠠᠰᠠᠭᠤᠷᠤᠨ᠄《 ᠴᠢᠨᠦ ᠡᠨᠡ ᠪᠡᠷᠢ ᠶᠡᠷᠦ ᠶ᠋ᠢᠨ ᠡᠳᠦᠷ ᠴᠢᠮᠠᠶᠢ ᠰᠤᠪᠢᠯᠠᠬᠤ ᠠᠨᠤ ᠶᠠᠮᠪᠠᠷ ? ᠠᠢᠯ ᠠᠢᠮᠠᠭ ᠤ᠋ᠨ ᠶᠠᠮᠪᠠᠷ ᠬᠥᠮᠦᠨ ᠯᠦ᠋ᠭᠡ ᠬᠥᠯ ᠨᠡᠢᠯᠡᠵᠦ ᠶᠠᠪᠤᠳᠠᠭ ᠢ᠋ ᠴᠢ ᠮᠡᠳᠡᠭᠰᠡᠨ ᠭᠠᠵᠠᠷ ᠪᠣᠢ ᠤᠤ ? ᠦᠭᠡᠢ ᠦᠦ ? 》 ᠬᠡᠮᠡᠭᠰᠡᠨ ᠳ᠋ᠦ᠍ᠷ ᠲᠡᠷᠡ ᠡᠮᠡᠭᠡᠨ ᠤᠬᠢᠯᠠᠨ ᠠᠢᠯᠠᠳᠬᠠᠷᠤᠨ᠄ ᠮᠢᠨᠦ ᠪᠡᠷᠢ ᠬᠡᠳᠦᠢ ᠮᠢᠨᠦ ᠬᠥᠪᠡᠭᠦᠨ ᠯᠦ᠋ᠭᠡ ᠨᠢᠭᠡᠬᠡᠨ ᠰᠥᠨᠢ ᠶ᠋ᠢᠨ ᠡᠷ᠎ᠡ ᠡᠮ᠎ᠡ ᠪᠣᠯᠪᠠᠴᠤ ᠮᠢᠨᠦ ᠬᠥᠪᠡᠭᠦᠨ ᠴᠡᠷᠢᠭ ᠲᠦ᠍ᠷ ᠮᠣᠷᠳᠠᠨ ᠳᠠᠢᠰᠤᠨ ᠳ᠋ᠤᠷ ᠪᠠᠷᠢᠭᠳᠠᠵᠤ ᠭᠤᠷᠪᠠᠨ ᠵᠢᠯ ᠪᠣᠯᠲᠠᠯ᠎ᠠ ᠨᠠᠳᠠ ᠳ᠋ᠤᠷ ᠨᠢᠭᠡᠬᠡᠨ ᠤᠳᠠᠭ᠎ᠠ ᠴᠤ᠌ ᠣᠰᠣᠯᠳᠠᠭᠰᠠᠨ ᠭᠠᠵᠠᠷ ᠦᠭᠡᠢ᠂ ᠬᠥᠭᠰᠢᠨ ᠨᠠᠳᠠ ᠳ᠋ᠤᠷ ᠥᠪᠡᠷ᠎ᠡ ᠬᠥᠪᠡᠭᠦᠨ ᠥᠬᠢᠨ ᠦᠭᠡᠢ᠂ ᠦᠵᠡᠵᠦ ᠨᠠᠮᠠᠶᠢ ᠵᠠᠭᠤᠨ ᠵᠦᠢᠯ ᠢᠶᠠᠷ ᠵᠥᠭᠡᠪᠴᠢᠯᠡᠨ ᠰᠤᠪᠢᠯᠠᠬᠤ ᠠᠨᠤ ᠦᠨᠡᠬᠡᠷ ᠲᠥᠷᠥᠭᠰᠡᠨ ᠦᠷ᠎ᠡ ᠡᠴᠡ ᠳᠡᠮᠡᠢ ᠥᠪᠡᠷ᠎ᠡ ᠦᠭᠡᠢ ᠃ ᠨᠡᠩ ᠪᠠᠰᠠ ᠶᠡᠷᠦ ᠶ᠋ᠢᠨ ᠡᠳᠦᠷ ᠠᠢᠯ ᠠᠢᠮᠠᠭ ᠤ᠋ᠨ ᠵᠠᠯᠠᠭᠤ ᠡᠷ᠎ᠡ ᠬᠥᠮᠦᠨ ᠤ ᠵᠦᠭ ᠦᠭᠡ ᠴᠦ᠍ ᠬᠡᠯᠡᠳᠡᠭ ᠦᠭᠡᠢ ᠂ ᠰᠠᠢᠨ ᠠᠷᠢᠭᠤᠨ ᠨᠤᠲᠠ ᠵᠣᠷᠢᠭ ᠲᠠᠢ ᠶ᠋ᠢ ᠠᠢᠮᠠᠭ ᠴᠤ᠌ ᠴᠥᠮ ᠮᠡᠳᠡᠮᠦᠢ᠃ ᠭᠠᠭᠴᠠ ᠶᠠᠭᠤᠨ ᠤ᠋ ᠤᠴᠢᠷ ᠬᠥᠪᠡᠭᠦᠨ ᠢ᠋ ᠮᠢᠨᠦ ᠬᠣᠣᠷᠠᠯᠠᠵᠤ ᠠᠯᠠᠭᠰᠠᠨ ᠢ᠋ ᠦᠯᠦ ᠮᠡᠳᠡᠮᠦᠢ? ᠬᠥᠭᠰᠢᠨ ᠮᠢᠨᠦ ᠡᠷ᠎ᠡ ᠬᠡᠳᠦᠢᠨᠡᠢ ᠥᠩᠭᠡᠷᠡᠭᠡᠳ ᠭᠠᠭᠴᠠ ᠬᠥᠪᠡᠭᠦᠨ ᠪᠠᠰᠠ ᠡᠢᠨ ᠬᠦ᠌ ᠦᠬᠦᠭᠰᠡᠨ ᠳ᠋ᠦ᠍ᠷ ᠦᠨᠡᠨ ᠢᠶᠠᠷ ᠣᠷᠣᠬᠤ ᠭᠠᠵᠠᠷ ᠦᠭᠡᠢ ᠪᠣᠯᠪᠠ 》 ᠬᠡᠮᠡᠮᠦᠢ᠃ ᠪᠡᠷᠢ ᠡᠴᠡ ᠠᠰᠠᠭᠤᠪᠠᠰᠤ ᠄ 《ᠬᠠᠳᠠᠮ ᠡᠬᠡ ᠶ᠋ᠢᠨ ᠦᠭᠡ ᠪᠦᠷᠢ ᠴᠥᠮ ᠦᠨᠡᠨ᠂ ᠳᠤᠷᠠᠲᠠᠶ᠎ᠠ ᠡᠷ᠎ᠡ ᠶ᠋ᠢᠨ ᠲᠥᠯᠥᠭᠡ ᠠᠮᠢ ᠲᠥᠯᠥᠵᠦ ᠶᠠᠯ᠎ᠠ ᠬᠦᠯᠢᠶᠡᠨ ᠦᠬᠦᠬᠦ ᠶ᠋ᠢ ᠬᠦᠰᠡᠮᠦᠢ! 》ᠭᠡᠮᠡᠨ ᠤᠬᠢᠯᠠᠨ ᠮᠥᠷᠭᠥᠬᠦᠢ ᠳ᠋ᠦ᠍ᠷ ᠭᠠᠭᠴᠠ ᠬᠣᠣᠷ᠎ᠠ ᠨᠠᠢᠷᠠᠭᠤᠯᠤᠭᠰᠠᠨ ᠤᠴᠢᠷ ᠢ᠋ ᠨᠡᠢᠴᠡᠭᠦᠯᠦᠨ ᠥᠴᠢᠵᠦ ᠴᠢᠳᠠᠬᠤ ᠦᠭᠡᠢ ᠂ ᠡᠭᠦᠨ ᠳ᠋ᠦ᠍ᠷ ᠬᠠᠭᠠᠨ ᠰᠠᠢᠳ ᠡᠨᠡ ᠬᠡᠷᠡᠭ ᠢ ᠦᠨᠡᠨ ᠮᠠᠭᠠᠳ ᠢ᠋ ᠣᠯᠤᠨ ᠴᠢᠳᠠᠬᠤ ᠦᠭᠡᠢ ᠪᠣᠯᠤᠭᠠᠳ ᠳᠠᠷᠤᠢ ᠲᠡᠷᠡ ᠪᠡᠷᠢ ᠶ᠋ᠢᠨ ᠳᠤᠷᠠᠲᠠᠶ᠎ᠠ ᠶᠠᠯ᠎ᠠ ᠬᠦᠯᠢᠶᠡᠭᠰᠡᠨ ᠶᠣᠰᠣᠭᠠᠷ ᠰᠢᠳᠬᠡᠨ ᠲᠠᠰᠤᠯᠵᠤ᠂ ᠲᠡᠷᠡ ᠣᠶᠤᠨ ᠰᠦᠶ᠎ᠡ ᠨᠡᠷᠡᠲᠦ ᠪᠡᠷᠢ ᠳ᠋ᠦ᠍ᠷ ᠠᠯᠠᠬᠤ ᠶᠠᠯ᠎ᠠ ᠲᠤᠯᠭᠠᠵᠤ ᠲᠦᠯᠬᠢᠨ ᠭᠠᠷᠭᠠᠭᠰᠠᠨ ᠳ᠋ᠤᠷ ᠡᠨᠡ ᠬᠢᠷᠢ ᠭᠣᠣᠯ ᠤ᠋ᠨ ᠰᠠᠷᠠᠨ ᠭᠦᠩᠵᠦ ᠬᠠᠭᠠᠨ ᠡᠴᠢᠭᠡ  ᠶᠦ᠍ᠭᠡᠨ ᠳᠡᠷᠭᠡᠳᠡ ᠪᠠᠢᠭᠰᠠᠨ ᠲᠤᠯᠠ ᠬᠠᠭᠠᠨ ᠡᠴᠢᠭᠡ ᠢᠨᠦ ᠲᠥᠷᠥ ᠡᠴᠡ ᠪᠠᠭᠤᠵᠤ ᠰᠠᠢᠳ ᠲᠦᠰᠢᠮᠡᠳ ᠢᠨᠦ ᠲᠠᠷᠬᠠᠭᠰᠠᠨ ᠬᠣᠢᠨ᠎ᠠ ᠭᠣᠣᠯ ᠤ᠋ᠨ ᠰᠠᠷᠠᠨ ᠬᠥᠩᠵᠦ ᠡᠴᠢᠭᠡ ᠬᠠᠭᠠᠨ ᠳ᠋ᠤᠷ  ᠢᠶᠠᠨ ᠥᠭᠦᠯᠡᠷᠦᠨ᠄《ᠡᠨᠡ ᠡᠳᠦᠷ  ᠤᠨ ᠰᠢᠳᠬᠡᠭᠰᠡᠨ ᠬᠡᠷᠡᠭ ᠮᠠᠰᠢ ᠰᠡᠵᠢᠭᠯᠡᠯᠲᠡᠢ ᠂ ᠬᠡᠦᠬᠡᠨ ᠪᠢ ᠲᠡᠷᠡ ᠣᠶᠤᠨ ᠰᠦᠶ᠎ᠡ ᠨᠡᠷᠡᠲᠦ ᠪᠡᠷᠢ ᠶ᠋ᠢ ᠦᠵᠡᠪᠡᠰᠦ ᠮᠠᠰᠢ ᠨᠢᠭᠡᠨ ᠰᠡᠴᠡᠨ ᠮᠡᠷᠭᠡᠨ ᠦᠨᠡᠨᠴᠢ ᠰᠢᠳᠤᠷᠭᠤ ᠰᠠᠢᠨ ᠬᠥᠮᠦᠨ᠂ ᠬᠡᠷᠬᠢᠪᠡᠴᠦ ᠡᠷ᠎ᠡ ᠪᠡᠨ ᠠᠯᠠᠬᠤ ᠬᠥᠮᠦᠨ ᠪᠤᠰᠤ᠂ ᠬᠡᠳᠦᠢ ᠲᠡᠷᠡ ᠳᠤᠷᠠᠲᠠᠶ᠎ᠠ ᠦᠬᠦᠬᠦ ᠶᠠᠯ᠎ᠠ ᠶ᠋ᠢ ᠬᠦᠯᠢᠶᠡᠪᠡᠴᠦ ᠲᠡᠭᠦᠨ ᠤ ᠳᠣᠲᠣᠷ᠎ᠠ ᠤᠴᠢᠷ ᠪᠣᠢ ᠪᠣᠢ ‍ᠶ᠎ᠠ᠃ 》ᠴᠠᠭᠠᠨ ᠬᠠᠭᠠᠨ ᠥᠭᠦᠯᠡᠷᠦᠨ᠄《 ᠬᠡᠷᠡᠭ  ᠤᠨ ᠦᠨᠡᠨ ᠮᠠᠭᠠᠳ ᠢ᠋ ᠬᠡᠷᠬᠢᠨ ᠣᠯᠪᠠᠰᠤ ᠰᠠᠢᠨ?》 ᠬᠡᠮᠡᠭᠰᠡᠨ ᠳ᠋ᠦ᠍ᠷ ᠭᠣᠣᠯ ᠤ᠋ᠨ ᠰᠠᠷᠠᠨ ᠭᠦᠩᠵᠦ ᠥᠭᠦᠯᠡᠷᠦᠨ᠄《 ᠡᠨᠡ ᠬᠡᠷᠡᠭ ᠮᠠᠰᠢ ᠬᠢᠯᠪᠠᠷ᠂ ᠡᠴᠢᠭᠡ ᠬᠠᠭᠠᠨ ᠨᠢᠭᠡᠨ ᠰᠢᠳᠤᠷᠭᠤ ᠲᠦᠰᠢᠮᠡᠯ ᠢᠶᠠᠷ ᠲᠡᠳᠡᠨ ᠤ ᠡᠬᠡ ᠪᠡᠷᠢ ᠬᠣᠶᠠᠭᠤᠯᠠ ᠶ᠋ᠢ ᠳᠠᠭᠠᠭᠤᠯᠤᠨ ᠠᠪᠠᠴᠢᠵᠤ᠂ ᠲᠡᠭᠦᠨ ᠤ ᠡᠷ᠎ᠡ ᠳ᠋ᠦ᠍ᠷ ᠢᠶᠠᠨ ᠤᠤᠭᠤᠯᠭᠠᠭᠰᠠᠨ ᠲᠠᠷᠠᠭ ᠢ᠋ ᠬᠢᠭᠰᠡᠨ ᠰᠠᠪᠠ ᠲᠠᠢ ᠠᠨᠤ ᠠᠪᠴᠤ ᠢᠷᠡᠭᠦᠯ᠂ ᠯᠠᠪ ᠲᠠᠷᠠᠭ ᠪᠠ ᠬᠢᠭᠰᠡᠨ ᠰᠠᠪᠠ ᠳ᠋ᠤᠷ ᠠᠨᠤ ᠤᠴᠢᠷ ᠪᠣᠢ 》  ᠬᠡᠮᠡᠭᠰᠡᠨ ᠳ᠋ᠦ᠍ᠷ ᠴᠠᠭᠠᠨ ᠬᠠᠭᠠᠨ ᠶᠡᠬᠡᠯ᠎ᠡ ᠭᠠᠢᠬᠠᠨ ᠪᠡᠶᠡᠰᠴᠦ ᠳᠠᠬᠢᠨ ᠳᠣᠬᠢᠶ᠎ᠠ ᠲᠠᠯᠪᠢᠵᠤ ᠣᠯᠠᠨ ᠰᠠᠢᠳ ᠤᠳ ᠢ᠋ ᠴᠤᠭᠯᠠᠭᠤᠯᠤᠨ᠂ ᠳᠠᠬᠢᠨ ᠭᠠᠷᠴᠤ ᠰᠧᠯᠡᠭᠡᠳ ① ᠰᠠᠷᠠᠨ ᠭᠦᠩᠵᠦ ᠪᠡᠨ ᠬᠠᠵᠠᠭᠤᠳᠠ ᠪᠠᠨ ᠵᠣᠭᠰᠣᠭᠠᠵᠤ᠂ ᠳᠠᠷᠤᠢ ᠰᠢᠳᠠᠷ ᠢᠲᠡᠭᠡᠯᠲᠡᠢ ᠬᠡᠳᠦᠨ ᠰᠠᠢᠳ ᠢ᠋ ᠢᠯᠡᠭᠡᠵᠦ᠂ ᠲᠡᠳᠡᠨ ᠤ ᠡᠬᠡ ᠪᠡᠷᠢ ᠬᠣᠶᠠᠷ  ᠢ ᠠᠪᠴᠤ ᠡᠴᠢᠨ ᠲᠡᠷᠡ ᠲᠠᠷᠠᠭ ᠢ᠋ ᠬᠢᠭᠰᠡᠨ ᠴᠠᠷ᠎ᠠ ᠲᠠᠢ ᠠᠨᠤ ᠠᠪᠴᠤ ᠢᠷᠡᠭᠦᠯᠬᠦᠢ ᠳ᠋ᠦ᠍ᠷ ᠴᠠᠷ᠎ᠠ ᠲᠠᠢ ᠲᠠᠷᠠᠭ ᠢ᠋ ᠬᠢᠭᠰᠡᠨ ᠪᠣᠭᠣᠨᠢ ᠥᠭᠡᠭ  ᠤᠨ ᠳᠣᠲᠣᠷ᠎ᠠ᠂ ᠴᠠᠷ᠎ᠠ ᠶ᠋ᠢᠨ ᠠᠷᠤ ᠳ᠋ᠤᠷ ᠨᠢᠭᠡᠨ ᠤᠯᠠᠭᠠᠨ ᠬᠦᠵᠦᠭᠦᠦ ᠨᠣᠭᠣᠭᠠᠨ ᠪᠡᠶ᠎ᠡ ᠲᠡᠢ ᠪᠢᠴᠢᠬᠠᠨ ᠬᠣᠣᠷᠠᠲᠤ ᠮᠣᠭᠠᠢ ᠪᠦᠬᠦᠯᠢ ᠪᠡᠶ᠎ᠡ ᠳᠡᠯᠪᠡᠷᠡᠲᠡᠯ᠎ᠡ ᠬᠠᠪᠤᠳᠴᠤ ᠦᠬᠦᠵᠦᠬᠦᠢ᠃ ᠲᠡᠢᠨ ᠬᠦ᠌ ᠲᠠᠷᠠᠭ ᠪᠠ ᠮᠣᠭᠠᠢ ᠬᠣᠶᠠᠭᠤᠯᠠ ᠲᠠᠢ ᠠᠪᠴᠤ ᠢᠷᠡᠭᠰᠡᠨ ᠳ᠋ᠦ᠍ᠷ ᠴᠠᠭᠠᠨ ᠬᠠᠭᠠᠨ ᠯᠠᠪ ᠡᠨᠡ ᠮᠣᠭᠠᠢ ᠲᠠᠷᠠᠭ ᠲᠤᠷ ᠤᠨᠠᠵᠤ ᠲᠡᠭᠦᠨ ᠤ ᠬᠣᠣᠷ᠎ᠠ ᠪᠠᠷ ᠬᠥᠮᠦᠨ ᠤᠤᠭᠤᠪᠠᠰᠤ ᠦᠬᠦᠮᠦᠢ ‍ᠶ᠎ᠠ᠂ ᠲᠡᠷᠡ ᠪᠡᠷᠢ ᠬᠢᠯᠢᠰ ᠭᠡᠵᠦ ᠶᠠᠯ᠎ᠠ ᠶ᠋ᠢ ᠭᠡᠯᠳᠦᠷᠢᠭᠦᠯ ᠬᠡᠮᠡᠲᠡᠯ᠎ᠡ ᠰᠠᠷᠠᠨ ᠭᠦᠩᠵᠦ ᠲᠦᠷ ᠵᠣᠭᠰᠣᠭᠠᠵᠤ ᠂ ᠲᠡᠳᠡᠨ ᠤ ᠭᠡᠷ  ᠤᠨ ᠨᠢᠭᠡᠨ ᠨᠣᠬᠠᠢ ᠶ᠋ᠢ ᠠᠴᠢᠷᠠᠭᠤᠯᠵᠤ ᠡᠨᠡ ᠲᠠᠷᠠᠭ ᠢ᠋ ᠢᠳᠡᠭᠦᠯᠦᠭᠰᠡᠨ᠎ᠡ ᠂ ᠲᠡᠷᠡ ᠨᠣᠬᠠᠢ ᠳᠣᠯᠢᠶᠠᠵᠤ ᠪᠠᠢᠭᠰᠠᠭᠠᠷ ᠳᠠᠷᠤᠢ ᠭᠠᠰᠠᠯᠤᠨ ᠤᠨᠠᠵᠤ ᠪᠠᠰᠠ ᠶᠢᠰᠦᠨ ᠰᠦᠪᠡ ᠡᠴᠡ ᠴᠢᠰᠤ ᠭᠠᠷᠴᠤ ᠦᠬᠦᠭᠰᠡᠨ᠎ᠡ ᠂ ᠬᠠᠭᠠᠨ ᠰᠠᠢᠳ ᠪᠦᠭᠦᠳᠡᠭᠡᠷ ᠭᠠᠢᠬᠠᠯᠳᠤᠵᠤ ᠯᠠᠪ ᠮᠣᠭᠠᠢ ᠶ᠋ᠢᠨ ᠬᠣᠣᠷ᠎ᠠ ᠬᠡᠮᠡᠬᠦᠢ ᠳ᠋ᠦ᠍ᠷ ᠰᠠᠷᠠᠨ ᠭᠦᠩᠵᠦ ᠪᠠᠰᠠ ᠮᠠᠭᠠᠳ ᠪᠣᠯᠭᠠᠬᠤ ᠦᠭᠡᠢ ᠪᠡᠷ ᠣᠯᠠᠨ ᠴᠡᠷᠢᠭ ᠪᠠ ᠠᠢᠯ ᠤ᠋ᠨ ᠠᠷᠠᠳ ᠲᠤᠷ ᠡᠨᠡ ᠮᠣᠭᠠᠢ ᠶ᠋ᠢ ᠦᠵᠡᠭᠦᠯᠵᠦ ᠂ ᠡᠭᠦᠨ ᠳ᠋ᠦ᠍ᠷ ᠠᠳᠠᠯᠢ ᠮᠣᠭᠠᠢ ᠶ᠋ᠢ ᠡᠷᠢᠨ ᠠᠴᠢᠷᠠᠪᠠᠰᠤ ᠨᠢᠭᠡᠨ ᠯᠠᠩ ᠮᠥᠩᠭᠥᠨ ᠤ ᠱᠠᠩ ᠥᠭᠭᠦᠮᠥᠢ ᠬᠡᠮᠡᠭᠰᠡᠨ ᠳ᠋ᠦ᠍ᠷ ᠲᠡᠷᠡ ᠦᠶ᠎ᠡ ᠬᠠᠷᠠᠬᠠᠨ ᠳᠣᠯᠣᠭᠠᠨ ᠰᠠᠷ᠎ᠠ  ᠶ᠋ᠢᠨ ᠦᠶ᠎ᠡ ᠲᠤᠯᠠ ᠴᠡᠷᠢᠭ  ᠤᠨ ᠠᠷᠠᠳ ᠤᠳᠠᠭᠰᠠᠨ ᠦᠭᠡᠢ ᠬᠡᠳᠦ ᠬᠡᠳᠦᠨ ᠮᠣᠭᠠᠢ ᠠᠪᠴᠤ ᠢᠷᠡᠭᠰᠡᠨ ᠳ᠋ᠦ᠍ ᠦᠵᠡᠪᠡᠰᠦ ᠠᠳᠠᠯᠢ ᠠᠨᠤ ᠮᠥᠨ ᠪᠣᠢ᠂ ᠥᠭᠡᠷ᠎ᠡ ᠢᠨᠤ ᠮᠥᠨ ᠪᠣᠢ᠃ ᠲᠡᠳᠦᠢ ᠬᠠᠮᠲᠤ ᠪᠠᠷ ᠢ᠋ ᠥᠪᠡᠷ᠎ᠡ ᠰᠠᠢᠬᠠᠨ ᠳᠠᠷᠬᠠᠭ ᠠᠴᠢᠷᠠᠭᠤᠯᠵᠤ ᠲᠡᠷᠡ ᠬᠡᠳᠦᠨ ᠮᠣᠭᠠᠢ  ᠶ᠋ᠢᠨ ᠲᠣᠯᠣᠭᠠᠢ ᠶ᠋ᠢ ᠲᠡᠷᠡ ᠲᠠᠷᠠᠭ ᠤ᠋ᠨ ᠳᠣᠲᠣᠷ᠎ᠠ ᠲᠥᠷᠥᠭᠦᠯᠵᠦ᠂ ᠳᠡᠮᠡᠢ ᠤᠳᠠᠭᠰᠠᠨ ᠦᠭᠡᠢ ᠲᠡᠷᠡ ᠤᠯᠠᠭᠠᠨ ᠬᠦᠵᠦᠭᠦᠲᠦ ᠨᠣᠭᠣᠭᠠᠨ ᠪᠡᠶᠡᠲᠦ ᠮᠣᠭᠠᠢ ᠠᠨᠤ ᠤᠷᠪᠠᠨ ᠬᠦᠷᠪᠡᠵᠦ ᠭᠤᠷᠪᠠᠯᠵᠠᠭᠰᠠᠭᠠᠷ ᠬᠠᠷᠠᠵᠤ ᠪᠠᠢᠲᠠᠯ᠎ᠠ ᠪᠦᠬᠦᠯᠢ ᠪᠡᠶ᠎ᠡ ᠬᠠᠪᠤᠳᠴᠤ ᠦᠬᠦᠪᠡ ᠃ ᠪᠤᠰᠤ ᠬᠠᠷ᠎ᠠ ᠴᠠᠭᠠᠨ ᠡᠷᠢᠶᠡᠨ ᠮᠣᠭᠠᠢ ᠠᠨᠤ ᠣᠭᠲᠣ ᠠᠯᠵᠢᠭᠰᠠᠨ ᠦᠭᠡᠢ᠃ ᠲᠡᠳᠦᠢ ᠲᠡᠷᠡ ᠲᠠᠷᠠᠭ ᠢ᠋ ᠠᠨᠤ ᠪᠤᠰᠤ ᠨᠣᠬᠠᠢ ᠳ᠋ᠤᠷ ᠢᠳᠡᠭᠦᠯᠦᠭᠰᠡᠨ ᠳ᠋ᠦ᠍ᠷ ᠤᠷᠢᠳᠤ ᠶ᠋ᠢᠨ ᠨᠣᠬᠠᠢ ᠯᠤᠭ᠎ᠠ ᠠᠪ ᠠᠳᠠᠯᠢ ᠦᠬᠦᠭᠰᠡᠨ ᠳ᠋ᠦ᠍ᠷ᠂ ᠲᠡᠷᠡ ᠡᠮᠡᠭᠡᠨ ᠡᠬᠡᠨᠡᠷ ᠡᠳᠡᠭᠡᠷ  ᠢ ᠦᠵᠡᠭᠡᠳ ᠦᠨᠡᠨ ᠤᠴᠢᠷ ᠢ᠋ ᠤᠬᠠᠵᠤ ᠮᠡᠳᠡᠭᠡᠳ ᠳᠠᠷᠤᠢ᠄《 ᠮᠢᠨᠤ ᠪᠡᠷᠢ ᠮᠠᠰᠢ ᠬᠢᠯᠢᠰ ᠲᠡᠭᠦᠨ ᠤ ᠶᠠᠯ᠎ᠠ ᠶᠢ ᠭᠡᠯᠳᠦᠷᠢᠭᠦᠯ! 》 ᠭᠡᠮᠡᠨ ᠤᠬᠢᠯᠠᠨ ᠮᠥᠷᠭᠥᠵᠦ ᠭᠣᠶᠣᠬᠤᠢ ᠳ᠋ᠤᠷ ᠪᠡᠷᠢ ᠢᠨᠤ ᠪᠣᠯᠬᠤ ᠦᠭᠡᠢ᠄《 ᠪᠢ ᠬᠡᠳᠦᠢ ᠰᠠᠨᠠᠭᠠᠲᠠᠢ ᠬᠣᠣᠷᠠᠳᠠᠭᠠᠨ ᠠᠯᠠᠭᠰᠠᠨ ᠪᠤᠰᠤ ᠪᠣᠯᠪᠠᠴᠤ ᠡᠭᠡᠨᠡᠭᠲᠡ ᠮᠢᠨᠦ ᠭᠠᠷ ᠲᠤᠷ ᠡᠷ᠎ᠡ ᠮᠢᠨᠦ ᠦᠬᠦᠪᠡ᠂ ᠵᠢᠴᠢ ᠳ᠋ᠦ᠍ᠷ ᠠᠷᠪᠠᠨ ᠳᠣᠯᠣᠭᠠᠲᠠᠢ ᠡᠷ᠎ᠡ ᠳ᠋ᠦ᠍ᠷ ᠭᠠᠷᠴᠤ ᠨᠢᠭᠡᠨ ᠡᠳᠦᠷ ᠪᠣᠯᠣᠮᠠᠭᠴᠠ ᠡᠷ᠎ᠡ ᠮᠢᠨᠦ ᠦᠬᠦᠯ  ᠤᠨ ᠴᠡᠷᠢᠭ ᠲᠦ᠍ᠷ ᠡᠴᠢᠪᠡ ᠂ ᠭᠤᠷᠪᠠᠨ ᠵᠢᠯ ᠪᠣᠯᠵᠤ ᠡᠭᠡᠨ ᠢᠷᠡᠭᠡᠳ ᠨᠠᠳᠠ ᠳ᠋ᠤᠷ ᠤᠴᠠᠷᠠᠮᠠᠭᠴᠠ ᠪᠠᠰᠠ ᠬᠣᠣᠷᠠᠳᠠᠵᠤ ᠦᠬᠦᠪᠡ ᠂ ᠲᠡᠢᠨ ᠬᠦ᠌ ᠡᠬᠡᠨᠡᠷ ᠪᠢ ᠠᠮᠢᠳᠤᠷᠠᠬᠤ ᠶ᠋ᠢ ᠨᠢᠭᠡᠨᠲᠡ ᠰᠠᠨᠠᠬᠤ ᠦᠭᠡᠢ ᠪᠣᠯᠪᠠ ᠃ ᠬᠡᠷᠪᠡ ᠥᠪᠡᠷ  ᠤᠨ ᠵᠣᠷᠢᠭ ᠢᠶᠠᠷ ᠦᠬᠦᠪᠡᠰᠦ ᠬᠠᠳᠠᠮ ᠡᠬᠡ  ᠶ᠋ᠢ ᠰᠤᠪᠢᠯᠠᠬᠤ ᠬᠥᠮᠦᠨ ᠦᠭᠡᠢ ᠪᠣᠯᠬᠤ ᠲᠤᠯᠠ ᠠᠴᠢᠯᠠᠯ ᠲᠠᠬᠢᠮᠳᠠᠭᠤ ᠦᠭᠡᠢ ᠪᠣᠯᠤᠮᠤᠢ᠂ ᠵᠠᠰᠠᠭ ᠤ᠋ᠨ ᠴᠠᠭᠠᠵᠠ ᠪᠠᠷ ᠦᠬᠦᠪᠡᠰᠦ ᠰᠠᠶ᠋ᠢ ᠬᠡᠯᠡᠯᠴᠡᠬᠦ ᠭᠠᠵᠠᠷ ᠦᠭᠡᠢ ᠪᠣᠯᠤᠮᠤᠢ᠃ ᠲᠡᠢᠨ ᠬᠦ᠌ ᠳᠤᠷᠠᠲᠠᠶ᠎ᠠ ᠵᠠᠰᠠᠭ ᠤ᠋ᠨ ᠴᠠᠭᠠᠵᠠ ᠪᠠᠷ ᠦᠬᠦᠬᠦ ᠶ᠋ᠢ ᠬᠦᠰᠡᠮᠦᠢ ᠬᠡᠮᠡᠮᠦᠢ᠂ ᠬᠡᠳᠦᠢ ᠮᠢᠨᠦ ᠶᠠᠯ᠎ᠠ ᠶ᠋ᠢ ᠬᠡᠯᠲᠦᠷᠢᠭᠦᠯᠪᠡᠴᠦ ᠪᠢ ᠮᠥᠨ ᠦᠬᠦᠬᠦ ᠪᠣᠢ ‍ᠶ᠎ᠠ᠂ ᠠᠮᠢᠳᠤᠷᠠᠨ ᠴᠢᠳᠠᠬᠤ ᠦᠭᠡᠢ!》 ᠬᠡᠮᠡᠭᠰᠡᠨ ᠳ᠋ᠦ᠍ᠷ ᠴᠠᠭᠠᠨ ᠬᠠᠭᠠᠨ ᠡᠨᠡ ᠡᠬᠡᠨᠡᠷ ᠦᠨᠡᠨ ᠲᠠᠬᠢᠮᠳᠠᠭᠤ ᠪᠡᠷᠢ ᠭᠡᠮᠡᠨ ᠰᠠᠢᠰᠢᠶᠠᠵᠤ᠂ ᠲᠡᠭᠦᠨ ᠤ ᠲᠥᠷᠥᠯ  ᠤᠨ ᠳᠣᠲᠣᠷ᠎ᠠ ᠠ᠋ᠴᠠ ᠳᠤᠷ᠎ᠠ ᠪᠠᠷ ᠨᠢᠭᠡᠨ ᠬᠥᠪᠡᠭᠦᠨ ᠢ᠋ ᠰᠣᠩᠭᠣᠨ ᠠᠪᠴᠤ ᠣᠶᠤᠨ ᠰᠦᠶ᠎ᠡ ᠪᠡᠷᠢ ᠲᠡᠵᠢᠭᠡᠵᠦ ᠡᠷ᠎ᠡ ᠶ᠋ᠢᠨ ᠲᠠᠬᠢᠯ ᠢ᠋ ᠵᠠᠯᠭᠠᠮᠵᠢᠯᠠᠭᠤᠯ ᠂ ᠤᠯᠤᠰ ᠤ᠋ᠨ ᠬᠥᠬᠢᠭᠦᠯᠬᠦ ᠱᠠᠩᠨᠠᠬᠤ ᠱᠠᠩ ᠠ᠋ᠴᠠ ᠵᠠᠭᠤᠨ ᠯᠠᠩ ᠮᠥᠩᠭᠥ ᠂ ᠬᠣᠷᠢᠨ ᠦᠬᠡᠷ ᠂ ᠠᠷᠪᠠᠨ ᠡᠷ᠎ᠡ ᠶ᠋ᠢᠨ ᠲᠠᠷᠢᠶ᠎ᠠ ᠲᠠᠢ ᠣᠶᠤᠨ ᠰᠦᠶ᠎ᠡ ᠳ᠋ᠦ᠍ᠷ ᠱᠠᠩᠨᠠᠵᠤ ᠡᠬᠡ  ᠪᠡᠨ ᠲᠡᠵᠢᠭᠡ᠂ ᠬᠡᠷᠪᠡ ᠵᠠᠬᠢᠶ᠎ᠠ ᠠ᠋ᠴᠠ ᠵᠥᠷᠢᠴᠡᠵᠦ ᠦᠬᠦᠪᠡᠰᠦ ᠡᠳᠡᠭᠡᠷ ᠢ᠋ ᠴᠥᠮ ᠡᠭᠡᠭᠦᠯᠵᠦ ᠠᠪᠤᠮᠤᠢ ᠭᠡᠮᠡᠨ ᠵᠠᠬᠢᠵᠤ ᠪᠠᠭᠤᠯᠭᠠᠪᠠ᠃ ᠡᠨᠡ ᠬᠡᠷᠡᠭ ᠢ᠋ ᠰᠢᠳᠬᠡᠬᠦ ᠲᠤᠬᠠᠢ ᠳ᠋ᠤᠷ ᠭᠣᠣᠯ ᠤ᠋ᠨ ᠰᠠᠷᠠᠨ ᠭᠦᠩᠵᠦ ᠰᠠᠶ᠋ᠢ ᠠᠷᠪᠠᠨ ᠭᠤᠷᠪᠠᠨ ᠨᠠᠰᠤ ᠲᠠᠢ ᠠᠵᠤᠭᠤ᠃ ᠡᠨᠡ ᠨᠢᠭᠡᠨ ᠬᠡᠷᠡᠭ ᠡᠴᠡ ᠰᠠᠷᠠᠨ ᠬᠦᠩᠵᠦ ᠶ᠋ᠢ ᠤᠯᠤᠰ ᠤ᠋ᠨ ᠬᠣᠲᠠᠯᠠᠭᠠᠷ ᠶᠡᠬᠡᠯ᠎ᠡ ᠭᠠᠢᠬᠠᠨ ᠪᠢᠰᠢᠷᠡᠵᠦ᠂ ᠮᠡᠷᠭᠡᠨ ᠨᠡᠷ᠎ᠡ ᠶᠡᠬᠡᠯ᠎ᠡ ᠠᠯᠳᠠᠷᠰᠢᠨ᠂ ᠴᠠᠭᠠᠨ ᠬᠠᠭᠠᠨ ᠤᠯᠤᠰ ᠤ᠋ᠨ ᠬᠡᠷᠡᠭ ᠢ᠋ ᠪᠣᠯᠪᠠᠴᠤ ᠡᠨᠡ ᠭᠦᠩᠵᠦ ᠯᠦ᠋ᠭᠡ ᠪᠡᠨ ᠵᠥᠪᠯᠡᠳᠡᠭ ᠠᠵᠤᠭᠤ᠃ ᠡᠳᠦᠭᠡ ᠠᠷᠪᠠᠨ ᠳᠣᠯᠣᠭᠠᠨ ᠨᠠᠰᠤᠯᠠᠵᠤ ᠂ ᠥᠩᠭᠡ ᠡᠷᠳᠡᠮ ᠣᠷᠴᠢᠯᠠᠩ ᠳ᠋ᠤᠷ ᠬᠣᠣᠰ ᠦᠭᠡᠢ ᠪᠦᠷᠢᠳᠦᠭᠰᠡᠨ ᠳ᠋ᠦ᠍ᠷ ᠴᠠᠭᠠᠨ ᠬᠠᠭᠠᠨ ᠥᠪᠡᠷ ᠤᠨ ᠤᠯᠤᠰ ᠪᠠ ᠭᠠᠳᠠᠭᠠᠳᠤ ᠠᠢᠮᠠᠭ  ᠤᠨ ᠡᠵᠡᠳ ᠡᠴᠡ ᠬᠦᠷᠭᠡᠨ ᠰᠣᠩᠭᠣᠰᠤᠭᠠᠢ ᠬᠡᠮᠡᠬᠦᠢ ᠳ᠋ᠦ᠍ᠷ ᠰᠠᠷᠠᠨ ᠭᠦᠩᠵᠦ ᠬᠠᠭᠠᠰ ᠨᠠᠭᠠᠳᠤᠮ᠂ ᠬᠠᠭᠠᠰ ᠡᠷᠬᠡᠯᠡᠵᠦ ᠬᠠᠭᠠᠨ ᠡᠴᠢᠭᠡ ᠶ᠋ᠢᠨ ᠵᠦᠭ ᠥᠭᠦᠯᠡᠷᠦᠨ᠄ 《 ᠬᠡᠦᠬᠡᠨ ᠮᠢᠨᠦ ᠪᠡᠶ᠎ᠡ  ᠶ᠋ᠢᠨ ᠬᠡᠷᠡᠭ ᠢ᠋ ᠪᠢᠲᠡᠭᠡᠢ ᠶᠠᠭᠠᠷᠠ ᠂ ᠤᠴᠢᠷ ᠲᠣᠮᠣᠭ᠎ᠠ ᠦᠭᠡᠢ ᠬᠥᠮᠦᠨ ᠳ᠋ᠦ᠍ᠷ ᠪᠦᠦ ᠠᠮᠠᠨ ᠠᠯᠳᠠᠭᠳᠠᠬᠤᠢ᠂ ᠬᠡᠦᠬᠡᠨ ᠪᠢ ᠬᠠᠰ ᠬᠠᠳᠠ ᠮᠡᠲᠦ ᠬᠠᠮᠤᠭ ᠢ᠋ ᠡᠵᠡᠯᠡᠭᠴᠢ ᠬᠠᠭᠠᠨ ᠬᠥᠮᠦᠨ ᠪᠤᠰᠤ ᠪᠣᠯᠪᠠᠰᠤ ᠡᠴᠢᠬᠦ ᠦᠭᠡᠢ ᠪᠣᠯᠠᠢ᠃ ᠮᠢᠨᠦ ᠮᠡᠳᠡᠭᠦᠯᠬᠦ ᠶ᠋ᠢ ᠬᠦᠯᠢᠶᠡ! 》ᠬᠡᠮᠡᠭᠰᠡᠨ ᠳ᠋ᠦ᠍ᠷ ᠴᠠᠭᠠᠨ ᠬᠠᠭᠠᠨ ᠬᠡᠦᠬᠡᠨ ᠳ᠋ᠡᠭᠡᠨ ᠬᠡᠲᠦᠷᠬᠡᠢ ᠠᠮᠠᠷᠠᠭ ᠲᠤᠯᠠ ᠳᠠᠷᠤᠢ ᠲᠡᠭᠦᠨ ᠦ  ᠦᠭᠡ ᠶ᠋ᠢ ᠳᠠᠭᠠᠵᠤ ᠬᠦᠯᠢᠶᠡᠭᠰᠡᠨ ᠠᠵᠤᠭᠤ᠃ ᠡᠳᠦᠭᠡ ᠪᠧᠲ᠋ᠠ᠋ ᠤᠯᠤᠰ ᠤ᠋ᠨ ᠡᠵᠡᠨ ᠪᠡᠶ᠎ᠡ ᠪᠡᠷ ᠠᠷᠪᠠᠨ ᠲᠦᠮᠡᠨ ᠴᠡᠷᠢᠭ ᠠᠪᠴᠤ ᠶᠠᠯ᠎ᠠ ᠠᠰᠠᠭᠤᠨ ᠪᠠᠢᠯᠳᠤᠷ᠎ᠠ ᠢᠷᠡᠭᠡᠳ ᠤᠷᠢᠳᠠ ᠡᠯᠴᠢ ᠵᠠᠷᠤᠵᠤ ᠠᠮᠤᠷ ᠡᠷᠢᠭᠦᠯᠦᠨ᠂ ᠠᠯᠠᠯᠳᠤᠬᠤ ᠪᠠ ᠠᠮᠠᠷᠠᠭᠯᠠᠬᠤ  ᠶ᠋ᠢ ᠬᠡᠯᠡᠯᠴᠡᠭᠦᠯᠦᠷ᠎ᠡ ᠵᠠᠷᠤᠭᠰᠠᠨ ᠳ᠋ᠤᠷ ᠠᠮᠠᠷᠬᠠᠯᠠᠪᠠᠰᠤ ᠠᠯᠭᠠᠰᠠᠯ ᠦᠭᠡᠢ ᠲᠡᠭᠦᠨ ᠢ᠋ ᠦᠢᠯᠡᠴᠢᠯᠡᠮᠦᠢ ᠂ ᠠᠯᠠᠯᠳᠤᠪᠠᠰᠤ ᠠᠷᠪᠠᠨ ᠬᠤᠪᠢ ᠲᠡᠭᠦᠨ ᠳ᠋ᠦ᠍ᠷ ᠳᠠᠷᠤᠭᠳᠠᠮᠤᠢ᠃ ᠲᠡᠢᠨ ᠬᠦ᠌ ᠬᠣᠶᠠᠷ ᠤ᠋ᠨ ᠬᠣᠭᠣᠷᠣᠨᠳᠣ ᠬᠠᠪᠴᠢᠭᠳᠠᠵᠤ᠂ ᠲᠠᠰᠤᠯᠤᠨ ᠴᠢᠳᠠᠬᠤ ᠦᠭᠡᠢ ᠶᠡᠬᠡᠯ᠎ᠡ ᠵᠣᠪᠠᠨᠢᠵᠤ᠂ ᠪᠠᠰᠠ ᠰᠣᠯᠤᠩᠭᠤᠳ ᠤᠯᠤᠰ ᠤ᠋ᠨ ᠸᠠᠩᠴᠤᠭ ᠬᠠᠭᠠᠨ ᠤ᠋ ᠥᠴᠦᠬᠡᠨ ᠣᠰᠤᠯᠳᠤᠭᠠᠳ ᠠᠷᠠᠢᠬᠠᠨ ᠠᠮᠢᠨ ᠠ᠋ᠴᠠ ᠪᠠᠨ ᠬᠠᠭᠠᠴᠠᠨ ᠠᠯᠳᠠᠵᠤ ᠠᠯᠢᠪᠠ ᠤᠯᠤᠰ ᠢᠶᠠᠨ ᠮᠥᠬᠥᠭᠡᠬᠦᠶ᠎ᠡ ᠰᠢᠬᠠᠭᠰᠠᠨ ᠢ᠋ ᠪᠣᠳᠣᠵᠤ᠂ ᠬᠠᠵᠠᠭᠤ ᠶ᠋ᠢᠨ ᠬᠠᠷᠰᠢ ᠳ᠋ᠤᠷ ᠬᠠᠵᠠᠭᠤᠯᠠᠨ ᠬᠡᠪᠲᠡᠵᠦ᠂ ᠪᠤᠳᠠᠭ᠎ᠠ ᠴᠤ᠌ ᠮᠥᠨ ᠢᠳᠡᠬᠦ ᠦᠭᠡᠢ ᠲᠡᠰᠬᠡᠯ ᠦᠭᠡᠢ ᠵᠣᠪᠠᠨ ᠪᠥᠬᠥᠶ᠎ᠡ᠂ ᠳᠣᠣᠷᠠᠬᠢ ᠪᠢᠨ ᠹᠧᠢ ᠥᠬᠢᠳ ᠲᠠᠢᠭᠠᠨ ᠨᠠᠷ ᠶᠠᠭᠠᠷᠠᠨ ᠡᠴᠢᠵᠦ ᠰᠠᠷᠠᠨ ᠭᠦᠩᠵᠦ ᠳ᠋ᠦ᠍ᠷ ᠢᠶᠠᠨ ᠮᠡᠳᠡᠭᠦᠯᠦᠭᠰᠡᠨ ᠳ᠋ᠦ᠍ᠷ ᠰᠠᠷᠠᠨ ᠬᠥᠩᠵᠦ ᠶᠠᠭᠠᠷᠠᠨ ᠡᠴᠢᠭᠡ ᠬᠠᠭᠠᠨ ᠳ᠋ᠤᠷ ᠢᠶᠠᠨ ᠥᠷᠯᠥᠭᠡ ᠶ᠋ᠢᠨ ᠶᠣᠰᠣᠨ ᠢᠶᠠᠷ ᠵᠣᠯᠭᠠᠷ᠎ᠠ ᠢᠷᠡᠭᠰᠡᠨ᠎ᠡ᠂ ᠴᠠᠭᠠᠨ ᠬᠠᠭᠠᠨ ᠬᠡᠦᠬᠡᠨ ᠢᠶᠠᠨ ᠦᠵᠡᠮᠡᠭᠴᠡ ᠬᠠᠭᠠᠰ ᠵᠣᠪᠠᠨᠢᠯ ᠠᠯᠳᠠᠷᠠᠨ ᠡᠴᠢᠭᠡᠳ ᠥᠬᠢᠨ ᠢᠶᠠᠨ ᠶᠣᠰᠣᠯᠠᠵᠤ ᠪᠠᠷᠠᠭᠰᠠᠨ ᠤ᠋ ᠳᠠᠷᠤᠢ ᠭᠠᠷ ᠠ᠋ᠴᠠ ᠠᠳᠬᠤᠨ ᠬᠠᠵᠠᠭᠤ ᠳ᠋ᠠᠭᠠᠨ ᠰᠠᠭᠤᠯᠭᠠᠵᠤ ᠡᠷᠬᠡᠯᠡᠭᠦᠯᠬᠦᠢ ᠳ᠋ᠦ᠍ᠷ ᠰᠠᠷᠠᠨ ᠭᠦᠩᠵᠦ ᠳᠠᠷᠤᠢ ᠬᠠᠭᠠᠨ ᠡᠴᠢᠭᠡ  ᠶᠦ᠍ᠭᠡᠨ ᠡᠪᠦᠷ ᠲᠣᠷ ᠥᠩᠬᠥᠷᠢᠵᠦ᠂ ᠡᠴᠢᠭᠡ ᠶᠠᠭᠤᠨ ᠤ᠋ ᠤᠴᠢᠷ ᠲᠤᠷ ᠲᠤᠩᠭᠠᠯᠠᠭ ᠢ᠋ ᠠᠯᠲᠠᠨ ᠰᠡᠳᠬᠢᠯ ᠴᠢᠯᠡᠵᠦ᠂ ᠵᠣᠭᠣᠭ ᠡᠰᠡ ᠵᠣᠭᠣᠭᠯᠠᠪᠠ ᠭᠡᠮᠡᠨ ᠠᠰᠠᠭᠤᠭᠰᠠᠨ᠎ᠠ᠂ ᠴᠠᠭᠠᠨ ᠬᠠᠭᠠᠨ ᠳᠠᠷᠤᠢ ᠬᠡᠦᠬᠡᠨ ᠶᠦ᠍ᠭᠡᠨ ᠮᠠᠰᠢ ᠰᠡᠴᠡᠨ ᠭᠡᠮᠡᠨ ᠮᠡᠳᠡᠬᠦ ᠲᠤᠯᠠ ᠵᠥᠪᠯᠡᠨ ᠦᠵᠡᠰᠦᠭᠡᠢ ᠭᠡᠮᠡᠨ ᠪᠧᠲ᠋ᠠ᠋ ᠤᠯᠤᠰ ᠤ᠋ᠨ ᠰᠢᠯᠲᠠᠭᠠᠨ ᠢ᠋ ᠪᠦᠷᠢᠨ ᠢᠶᠠᠷ ᠨᠢᠭᠡᠨ ᠵᠡᠷᠭᠡ ᠬᠡᠯᠡᠵᠦ ᠥᠭᠭᠦᠭᠰᠡᠨ ᠳ᠋ᠦ᠍ᠷ ᠰᠠᠷᠠᠨ ᠭᠦᠩᠵᠦ ᠪᠠᠬᠠᠨ ᠢᠨᠢᠶᠡᠵᠦ ᠨᠢᠭᠡᠨ ᠵᠦᠢᠯ  ᠤᠨ ᠠᠷᠭ᠎ᠠ ᠭᠠᠷᠭᠠᠨ ᠬᠡᠯᠡᠭᠡᠳ ᠤᠯᠤᠰ ᠲᠥᠷᠥ ᠪᠡᠨ ᠠᠮᠤᠭᠤᠯᠠᠩ  ᠢᠶᠠᠷ ᠬᠠᠮᠠᠭᠠᠯᠠᠨ ᠭᠠᠷᠭᠠᠪᠠ᠃ ᠶᠠᠮᠪᠠᠷ ᠠᠷᠭ᠎ᠠ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ ᠃
– – – – 
① ᠰᠧᠯᠡᠭᠡᠳ︱ᠬᠤᠷᠠᠯᠳᠤᠭᠠᠳ

ᠴᠣᠬᠣᠯᠠᠭᠰᠠᠨ ᠠᠨᠤ 
      ᠡᠨᠡ ᠪᠦᠯᠦᠭ ᠲᠣᠷ ᠬᠠᠷᠢᠨ ᠳᠡᠮᠡᠢ ᠣᠯᠠᠨ ᠵᠦᠢᠯ   ᠤ᠋ᠨ ᠤᠴᠢᠷ ᠦᠭᠡᠢ ᠂ ᠭᠠᠭᠴᠠ ᠳᠦᠷᠪᠡᠭᠡᠨ ᠠᠩᠭᠢ ᠴᠢᠬᠤᠯᠠ ᠭᠠᠵᠠᠷ ᠪᠤᠶᠤ ᠃ ᠠᠯᠢ ᠳᠥᠷᠪᠡᠨ ᠭᠠᠵᠠᠷ ᠬᠡᠮᠡᠪᠡᠰᠦ ᠄ ᠲᠡᠷᠢᠭᠦᠨ ᠳ᠋ᠦ᠍ᠷ ᠲᠠᠢᠽᠤ ᠶ᠋ᠢᠨ ᠮᠤᠬᠤᠯᠢ ᠂  ᠪᠤᠭᠤᠷᠵᠢ ᠬᠣᠶᠠᠭᠤᠯᠠ ᠶ᠋ᠢ ᠤᠯᠤᠰ  ᠢ ᠰᠠᠬᠢᠬᠤ ᠪᠠ ᠴᠡᠷᠢᠭ ᠲᠦ᠍ᠷ ᠳᠠᠭᠠᠬᠤ ᠶ᠋ᠢ ᠲᠡᠩᠰᠡᠵᠦ ᠠᠰᠠᠭᠤᠨ ᠵᠥᠪᠯᠡᠨ ᠲᠣᠭᠲᠠᠭᠠᠭᠰᠠᠨ ᠡᠨᠡ ᠨᠢᠭᠡ ᠂ ᠲᠡᠷᠡ ᠢᠨᠤ ᠬᠡᠷᠪᠡ ᠭᠠᠳᠠᠨᠠᠬᠢ ᠶ᠋ᠢ ᠲᠡᠩᠴᠡᠭᠦᠯᠦᠭᠰᠡᠨ ᠭᠦᠨ ᠬᠣᠯᠠ ᠪᠣᠳᠣᠯᠭ᠎ᠠ ᠂ ᠮᠢᠩᠭᠠᠨ ᠭᠠᠵᠠᠷ ᠤ᠋ᠨ ᠭᠠᠳᠠᠨ᠎ᠠ ᠭᠠᠷᠴᠤ ᠲᠦᠮᠡᠨ ᠪᠠᠢᠯᠳᠤᠭᠠᠨ ᠬᠢᠬᠦ ᠠᠷᠭ᠎ᠠ ᠶ᠋ᠢ ᠲᠠᠩᠬᠢᠮ ᠤ᠋ᠨ ᠳᠣᠲᠣᠷ᠎ᠠ ᠲᠣᠭᠲᠠᠭᠠᠬᠤ ᠂ ᠡᠷᠲᠡᠨ ᠤ ᠰᠦᠨ ᠦᠽᠢ  ᠶ᠋ᠢᠨ ᠴᠡᠷᠢᠭ ᠬᠡᠷᠡᠭᠯᠡᠬᠦ ᠶᠣᠰᠣ ᠳ᠋ᠤᠷ ᠨᠡᠢᠴᠡᠵᠤᠬᠦᠢ ᠃ ᠵᠢᠴᠢ ᠬᠣᠶᠠᠳᠤᠭᠠᠷ ᠲᠤᠷ ᠵᠢᠨᠦᠩ ᠮᠤᠬᠤᠯᠢ ᠶ᠋ᠢᠨ ᠰᠣᠯᠣᠩᠭᠣᠰ ᠤ᠋ᠨ ᠦᠨᠡᠭᠡ ᠶᠢᠨ ᠮᠦᠷᠡᠨ ᠦ ᠬᠥᠪᠡᠭᠡ  ᠳ᠋ᠤᠷ ᠬᠦᠷᠴᠦ ᠨᠠᠮᠤᠷ  ᠤ᠋ᠨ ᠦᠶ᠎ᠡ  ᠶ᠋ᠢᠨ ᠡᠮᠦᠨᠡᠲᠦ ᠰᠠᠯᠬᠢᠨ᠎ᠠ ᠲᠡᠭᠷᠢ ᠶ᠋ᠢᠨ ᠴᠠᠭ  ᠤᠨ ᠬᠤᠷ᠎ᠠ ᠤᠰᠤᠨ ᠪᠠ ᠮᠥᠷᠡᠨ ᠭᠣᠣᠯ ᠤ᠋ᠨ ᠥᠭᠡᠳᠡ ᠲᠡᠯᠡᠬᠦ ᠶ᠋ᠢ ᠤᠭᠲᠤᠵᠤ ᠮᠡᠳᠡᠭᠰᠡᠨ ᠢᠨᠦ ᠴᠡᠷᠢᠭ  ᠦᠨ ᠪᠢᠴᠢᠭ ᠢ᠋ ᠦᠵᠡᠭᠰᠡᠨ ᠦᠭᠡᠢ ᠪᠥᠭᠡᠳ ᠴᠡᠷᠢᠭ ᠤᠨ ᠪᠢᠴᠢᠭ ᠢ᠋ ᠦᠵᠡᠭᠰᠡᠨ ᠮᠡᠷᠭᠡᠳ ᠡᠴᠡ ᠬᠡᠲᠦᠷᠡᠵᠦ ᠂ ᠲᠡᠭᠷᠢ ᠶ᠋ᠢᠨ ᠴᠠᠭ ᠪᠠ ᠭᠠᠵᠠᠷ ᠤ᠋ᠨ ᠵᠦᠢ ᠶ᠋ᠢ ᠤᠬᠠᠵᠤ ᠂ ᠪᠠᠰᠠ ᠬᠥᠮᠦᠨ  ᠤ ᠪᠠᠢᠳᠠᠯ  ᠢ ᠮᠡᠳᠡᠵᠦ ᠂ ᠭᠠᠭᠴᠠ ᠰᠦᠷ ᠨᠡᠷ᠎ᠡ ᠪᠡᠷ ᠰᠣᠯᠣᠩᠭᠣᠰ ᠢ᠋ ᠣᠷᠣᠭᠤᠯᠵᠤ ᠠᠪᠰᠤᠭᠠᠢ ᠬᠡᠮᠡᠭᠰᠡᠨ ᠢᠨᠤ ᠲᠡᠭᠷᠢ ᠶ᠋ᠢᠨ ᠲᠥᠷᠥᠯᠬᠢ ᠪᠡᠯᠭᠡ ᠪᠢᠯᠢᠭᠲᠦ ᠬᠥᠮᠦᠨ ᠪᠤᠰᠤ ᠤᠤ! ᠡᠷᠲᠡᠨ  ᠤ ᠭᠤᠷᠪᠠᠨ ᠤᠯᠤᠰ ᠤ᠋ᠨ ᠦᠶ᠎ᠡ ᠶ᠋ᠢᠨ ᠵᠦ᠍ ᠭᠧ ᠡᠤ ᠾᠧᠦ ᠂  ᠬᠤ᠌ ᠯᠦ᠍ ᠬᠦ᠋ ᠵᠡᠪᠡ  ᠳ᠋ᠤᠷ  ᠰᠧ ᠮᠠ ᠢ ᠶ᠋ᠢ  ᠸᠧᠢ ᠶᠠᠨ  ᠢᠶᠠᠷ ᠤᠳᠤᠷᠢᠳᠤᠨ ᠣᠷᠣᠭᠤᠯᠤᠭᠠᠳ ᠬᠣᠶᠠᠭᠤᠯᠠ ᠶ᠋ᠢ ᠬᠠᠮᠲᠤ ᠰᠢᠲᠠᠭᠠᠵᠤ ᠠᠯᠠᠰᠤᠭᠠᠢ ᠬᠡᠮᠡᠲᠡᠯ᠎ᠡ ᠶᠡᠬᠡ ᠬᠤᠷ᠎ᠠ ᠣᠷᠣᠵᠤ ᠨᠣᠴᠣᠭᠰᠠᠨ ᠲᠦᠢᠮᠡᠷ ᠢ᠋ ᠴᠥᠮ ᠤᠮᠳᠠᠷᠠᠭᠠᠭᠰᠠᠨ ᠲᠡᠷᠡ ᠲᠤᠬᠠᠢ ᠳ᠋ᠤᠷ ᠵᠦ᠍ ᠭᠧ ᠯᠢᠶᠠᠩ ᠲᠡᠭᠷᠢ  ᠶ᠋ᠢᠨ ᠲᠣᠭ᠎ᠠ  ᠶ᠋ᠢ ᠡᠰᠡ ᠪᠣᠳᠣᠵᠤ ᠣᠯᠪᠠ ᠃ ᠵᠦ᠍ ᠭᠧ ᠯᠢᠶᠠᠩ ᠬᠡᠮᠡᠭᠴᠢ ᠪᠢᠴᠢᠭ ᠰᠤᠷᠲᠠᠯ ᠂ ᠪᠦᠲᠦᠭᠡᠯ ᠪᠢᠰᠢᠯᠭᠠᠯ ᠴᠥᠮ ᠪᠦᠷᠢᠳᠦᠭᠰᠡᠨ ᠪᠣᠯᠪᠠᠴᠤ ᠲᠡᠷᠡ ᠲᠤᠬᠠᠢ ᠶ᠋ᠢᠨ ᠲᠡᠭᠷᠢ ᠶ᠋ᠢᠨ ᠵᠦᠢ ᠶ᠋ᠢ ᠪᠣᠳᠣᠵᠤ ᠠᠯᠳᠠᠭᠰᠠᠨ ᠪᠥᠭᠡᠲᠡᠯ᠎ᠡ ᠡᠨᠡ ᠮᠤᠬᠤᠯᠢ ᠡᠯᠡᠰᠦ ᠬᠤᠮᠠᠭ ᠤ᠋ᠨ ᠪᠢᠲᠡᠭᠦᠯᠢᠭ ᠡᠷ᠎ᠡ ᠪᠣᠯᠪᠠᠴᠤ ᠡᠨᠡ ᠤᠳᠠᠭ᠎ᠠ ᠶ᠋ᠢᠨ ᠲᠡᠭᠷᠢ ᠶ᠋ᠢᠨ ᠤᠳᠬ᠎ᠠ ᠂ ᠪᠠᠰᠠ ᠮᠥᠷᠡᠨ  ᠤ ᠥᠭᠡᠳᠡ ᠲᠡᠯᠡᠬᠦ ᠭᠠᠵᠠᠷ ᠤ᠋ᠨ ᠵᠦᠢ ᠂ ᠨᠡᠩ ᠪᠠᠰᠠ ᠰᠣᠯᠣᠩᠭᠣᠰ ᠤ᠋ᠨ ᠠᠶᠤᠨ ᠡᠮᠢᠶᠡᠬᠦ ᠬᠥᠮᠦᠨ ᠤ ᠰᠡᠳᠬᠢᠯ ᠲᠡᠢ ᠂ ᠲᠡᠭᠷᠢ ᠂ ᠭᠠᠵᠠᠷ ᠂  ᠬᠥᠮᠦᠨ ᠭᠤᠷᠪᠠᠭᠤᠯᠠ ᠶ᠋ᠢ ᠬᠠᠮᠲᠤ ᠪᠠᠷ ᠪᠣᠳᠣᠵᠤ ᠭᠠᠷᠭᠠᠭᠰᠠᠨ ᠠᠨᠤ ᠦᠨᠡᠨ  ᠢᠶᠠᠷ ᠭᠠᠢᠬᠠᠮᠰᠢᠭ  ᠲᠠᠢ ᠦᠭᠡᠢ ᠦᠦ ? ᠵᠦ᠍ ᠭᠧ ᠯᠢᠶᠠᠩ ᠤᠨ ᠪᠡᠶ᠎ᠡ ᠳ᠋ᠤᠷ ᠪᠣᠯᠪᠠᠰᠤ ᠭᠠᠢᠬᠠᠮᠰᠢᠭ  ᠦᠭᠡᠢ ᠂ ᠮᠤᠬᠤᠯᠢ ᠪᠣᠯᠤᠭᠰᠠᠨ ᠲᠤᠯᠠ ᠭᠠᠢᠬᠠᠮᠰᠢᠭ ᠲᠠᠢ ᠪᠣᠯᠵᠤᠬᠤᠢ ᠃ ᠮᠡᠷᠭᠡᠳ  ᠤᠨ ᠮᠡᠳᠡᠬᠦ ᠢᠨᠦ ᠭᠠᠢᠬᠠᠮᠰᠢᠭ ᠦᠭᠡᠢ ᠂ ᠡᠭᠡᠯ  ᠤᠨ ᠮᠡᠳᠡᠭᠰᠡᠨ  ᠢᠨᠤ  ᠰᠠᠶ᠋ᠢ  ᠭᠠᠢᠬᠠᠮᠰᠢᠭᠲᠠᠢ  ᠪᠤᠰᠤ ᠤᠤ ? ᠵᠢᠴᠢ ᠭᠤᠲᠠᠭᠠᠷ ᠲᠤᠷ ᠣᠷᠢᠶᠠᠩᠬᠠᠨ ᠤ᠋ ᠰᠠᠢᠬᠠᠨ ᠵᠡᠯᠮ᠎ᠡ ᠬᠡᠳᠦᠢ ᠤᠭ ᠲᠤᠷ ᠶᠢᠰᠦᠨ ᠤᠯᠤᠰ ᠤ᠋ᠨ ᠦᠭᠡ ᠬᠡᠯᠡᠨ ᠢ᠋ ᠰᠤᠷᠴᠤ ᠵᠢᠷᠭᠤᠭᠠᠨ ᠵᠦᠢᠯ  ᠤᠨ ᠦᠰᠦᠭ ᠪᠢᠴᠢᠭ  ᠢ᠋ ᠲᠥᠰᠥᠭᠡᠯᠡᠪᠡ ᠭᠡᠮᠡᠨ ᠬᠡᠯᠡᠵᠦ ᠪᠠᠢᠬᠤ ᠪᠣᠯᠪᠠᠴᠤ ᠠᠷᠪᠠᠨ ᠶᠢᠰᠦᠲᠡᠢ  ᠳ᠋ᠡᠭᠡᠨ ᠲᠠᠢᠽᠤ ᠶ᠋ᠢ ᠳᠠᠭᠠᠭᠰᠠᠨ ᠠ᠋ᠴᠠ ᠡᠳᠦᠭᠡ ᠪᠣᠯᠲᠠᠯ᠎ᠠ ᠴᠠᠭ ᠮᠥᠴᠡ ᠴᠦ᠍ ᠬᠠᠭᠠᠴᠠᠭᠠᠳᠤᠢ ᠲᠤᠯᠠ ᠨᠡᠮᠡᠵᠦ ᠪᠣᠯᠪᠠᠰᠤᠷᠠᠭᠤᠯᠬᠤ ᠴᠢᠯᠥᠭᠡ ᠦᠭᠡᠢ  ᠶ᠋ᠢ ᠴᠦ᠍ ᠪᠠᠢᠲᠤᠭᠠᠢ ᠂ ᠠᠯᠤᠰᠲᠠᠨ ᠤᠮᠠᠷᠲᠠᠪᠠᠴᠤ ᠮᠥᠨ ᠤᠮᠠᠷᠲᠠᠭᠰᠠᠨ ᠪᠥᠭᠡᠲᠡᠯ᠎ᠡ ᠡᠨᠡ ᠤᠳᠠᠭ᠎ᠠ ᠳ᠋ᠤᠷ ᠡᠯᠴᠢ ᠪᠣᠯᠤᠨ ᠰᠣᠯᠣᠩᠭᠣᠰ ᠤ᠋ᠨ ᠲᠥᠷᠥ ᠳ᠋ᠦ᠍ᠷ ᠭᠠᠭᠴᠠ ᠪᠡᠶ᠎ᠡ ᠪᠡᠷ ᠭᠠᠷᠴᠤ ᠲᠡᠳᠡᠨ  ᠤ ᠲᠦᠮᠡᠨ ᠢᠯᠲᠤ ᠮᠢᠩᠭᠠᠨ ᠰᠦᠬᠡ ᠡᠴᠡ ᠥᠴᠦᠬᠡᠨ ᠴᠦ᠍ ᠠᠶᠤᠨ ᠵᠢᠷᠦᠬᠡᠰᠢᠶᠡᠬᠦ ᠦᠭᠡᠢ ᠰᠣᠯᠣᠩᠭᠣᠰ  ᠤᠨ ᠨᠢᠭᠡᠨ ᠲᠥᠷᠥ  ᠶ᠋ᠢᠨ ᠡᠵᠡᠨ ᠲᠦᠰᠢᠮᠡᠳ ᠢ᠋ ᠡᠪᠡᠰᠦ ᠰᠤᠢᠬ᠎ᠠ ᠪᠠᠷ ᠦᠵᠡᠵᠦ ᠂ ᠨᠢᠯᠬ᠎ᠠ ᠬᠡᠦᠬᠡᠳ ᠠᠳᠠᠯᠢ  ᠵᠠᠩᠳᠠᠨ ᠬᠡᠯᠡᠭᠰᠡᠨ ᠢᠨᠤ ᠲᠡᠭᠦᠨ  ᠤ ᠬᠡᠬᠦᠳᠡᠭ ᠲᠣᠷ ᠡᠷᠳᠡᠮ ᠰᠤᠷᠲᠠᠯ ᠦᠭᠡᠢ ᠪᠣᠯᠪᠠᠰᠤ ᠶᠠᠭᠤᠨ ᠤ᠋ ᠲᠡᠷᠡ ᠮᠡᠲᠦ ᠴᠢᠬᠡ ᠴᠢᠭᠢᠷᠠᠭ ᠵᠢᠷᠦᠬᠡ ᠰᠥᠰᠥ ᠪᠠᠢᠬᠤ ᠠᠵᠢ? ᠦᠨᠡᠬᠡᠷ ᠡᠷᠲᠡᠨ  ᠤ  ᠴᠢᠨ ᠤᠯᠤᠰ ᠲᠤᠷ ᠡᠴᠢᠭᠡᠳ ᠬᠠᠰ  ᠢᠶᠠᠨ ᠲᠡᠪᠡᠷᠢᠵᠦ ᠡᠰᠡ ᠠᠯᠳᠠᠭᠰᠠᠨ ᠂  ᠵᠣᠣ ᠤᠯᠤᠰ ᠤ᠋ᠨ ᠬᠤᠪᠢ ᠶ᠋ᠢᠨ ᠰᠠᠢᠳ ᠯᠢᠨ ᠰᠢᠶᠠᠩ  ᠿᠦ᠍ ᠪᠠᠰᠠ ᠬᠠᠨ ᠤᠯᠤᠰ ᠤ᠋ᠨ ᠴᠦ᠋ ᠳ᠋ᠦ᠍ᠷ ᠡᠴᠢᠭᠡᠳ ᠡᠰᠡ ᠬᠤᠪᠢᠰᠤᠭᠰᠠᠨ ᠵᠠᠩ  ᠽᠢ ᠹᠠᠩ ᠠ᠋ᠴᠠ ᠬᠡᠲᠦᠢᠳᠴᠦᠬᠦᠢ ᠃ ᠡᠨᠡ ᠮᠡᠲᠦ ᠸᠠᠩ ᠤ᠋ᠨ ᠲᠤᠰᠠᠯᠠᠭᠴᠢ ᠮᠡᠷᠭᠡᠨ ᠰᠠᠢᠳ ᠠᠬᠤᠢ  ᠳ᠋ᠤᠷ  ᠲᠠᠢᠽᠤ  ᠪᠣᠭᠳᠠ ᠦᠨᠡᠨ  ᠢᠶᠠᠷ ᠶᠠᠮᠪᠠᠷ ᠵᠣᠪᠠᠬᠤ ᠭᠠᠵᠠᠷ ᠪᠣᠢ? ᠵᠢᠴᠢ ᠳᠥᠲᠥᠭᠡᠷ  ᠢᠨᠤ  ᠪᠤᠬ᠎ᠠ ᠴᠠᠭᠠᠨ ᠬᠠᠭᠠᠨ  ᠤ᠋ ᠭᠣᠣᠯ   ᠤᠨ ᠰᠠᠷᠠᠨ ᠬᠥᠩᠴᠦ ᠶ᠋ᠢᠨ ᠪᠠᠭ᠎ᠠ ᠨᠠᠰᠤᠨ᠎ᠠ ᠭᠡᠷ ᠪᠠ ᠭᠠᠳᠠᠨ᠎ᠠ ᠬᠣᠶᠠᠷ  ᠲᠤᠷ ᠰᠢᠳᠬᠡᠭᠰᠡᠨ ᠡᠨᠡ ᠬᠣᠶᠠᠷ ᠵᠠᠷᠭᠤ  ᠶ᠋ᠢ ᠬᠠᠭᠠᠯᠤᠭᠰᠠᠨ ᠠᠨᠤ ᠬᠡᠳᠦᠢᠪᠡᠷ ᠥᠴᠦᠬᠡᠨ ᠬᠡᠷᠡᠭ ᠪᠣᠯᠪᠠᠴᠤ ᠨᠢᠭᠡᠨ ᠣ ᠶ᠋ᠢᠨ ᠴᠢᠷᠠᠢ ᠡᠩᠭᠡᠰᠬᠡ ᠶ᠋ᠢᠨ ᠤᠷᠤᠭᠤᠯᠳᠠᠨ ᠤ᠋ ᠰᠦᠷᠦᠭ ᠲᠣᠷ ᠦᠨᠡᠨ  ᠢᠶᠠᠷ ᠴᠤᠬᠠᠭ ᠴᠥᠭᠡᠨ᠂ ᠡᠷᠲᠡᠨ  ᠤ ᠶ᠋ᠢᠨ ᠸᠧᠨ ᠬᠦᠩ  ᠤᠨ ᠡᠮ᠎ᠡ ᠂ ᠴᠢ ᠤᠯᠤᠰ ᠤ᠋ᠨ ᠵᠢᠶᠠᠩ ᠱᠢ ᠂ ᠪᠠᠰᠠ ᠬᠠᠨ ᠵᠦᠩ ᠸᠠᠩ ᠤ᠋ᠨ ᠬᠠᠲᠤᠨ ᠂  ᠡᠤ ᠤᠯᠤᠰ ᠤ᠋ᠨ ᠰᠦᠨ ᠹᠦ᠋ ᠿᠧᠨ ᠨᠠᠷ ᠤ᠋ᠨ ᠵᠡᠷᠭᠡ ᠶ᠋ᠢᠨ ᠡᠬᠡᠨᠡᠷ  ᠤᠳ ᠴᠥᠮ ᠰᠡᠴᠡᠨ ᠮᠡᠷᠭᠡᠨ ᠭᠡᠭᠡᠬᠡᠨ ᠬᠡᠲᠦᠷᠬᠡᠢ ᠡᠬᠡᠨᠡᠷ ᠤᠳ ᠪᠣᠯᠪᠠᠴᠤ ᠠᠯᠢ ᠨᠢ ᠠᠨᠤ ᠡᠨᠡ ᠰᠠᠷᠠᠨ ᠭᠦᠩᠵᠦ ᠳ᠋ᠦ᠍ᠷ ᠬᠦᠷᠴᠦ ᠴᠢᠳᠠᠮᠤᠢ? ᠴᠥᠮ ᠡᠷ᠎ᠡ ᠡᠮ᠎ᠡ ᠪᠡᠨ ᠰᠡᠳᠬᠢᠭᠰᠡᠨ ᠪᠣᠢ ‍ᠶ᠎ᠠ ᠂ ᠤᠯᠤᠰ ᠲᠥᠷᠥ ᠪᠡᠨ ᠣᠭᠲᠣ ᠪᠣᠳᠣᠭᠰᠠᠨ ᠦᠭᠡᠢ ᠂ ᠬᠠᠷᠢᠨ ᠡᠨᠡ ᠰᠠᠷᠠᠨ ᠬᠥᠩᠵᠦ ᠪᠢᠴᠢᠬᠠᠨ ᠨᠠᠰᠤᠨ ᠳ᠋ᠤᠷ ᠳᠠᠩ ᠰᠠᠴᠠᠭᠤ ᠶ᠋ᠢ ᠦᠯᠦ ᠬᠦᠰᠡᠨ ᠭᠠᠭᠴᠠ ᠤᠯᠤᠰ ᠲᠥᠷᠥ ᠶ᠋ᠢᠨ ᠨᠡᠢᠲᠡ ᠶ᠋ᠢ ᠰᠠᠨᠠᠵᠤ ᠪᠡᠶ᠎ᠡ ᠪᠡᠷ ᠪᠠᠯᠩ ᠤ᠋ᠨ ᠲᠡᠷᠢᠭᠦᠨ ᠪᠣᠯᠵᠤ ᠂ ᠡᠴᠢᠭᠡ ᠶ᠋ᠢᠨ ᠲᠦᠭᠰᠢᠯ ᠢ᠋ ᠬᠤᠪᠢᠶᠠᠨ ᠤᠯᠤᠰ ᠤ᠋ᠨ ᠵᠣᠪᠠᠯᠠᠩ ᠢ᠋ ᠠᠷᠢᠯᠭᠠᠭᠰᠠᠨ ᠠᠨᠤ ᠦᠨᠡᠨ  ᠢᠶᠠᠷ ᠳᠥᠷᠪᠡᠨ ᠶᠡᠬᠡ ᠲᠠᠪᠤᠨ ᠡᠭᠦᠷᠢᠳᠡ ᠶ᠋ᠢ ᠪᠦᠷᠢᠳᠬᠡᠨ  ᠴᠢᠳᠠᠵᠤᠬᠤᠢ ᠃ ᠡᠭᠦᠨ  ᠤ  ᠪᠦᠷᠢᠳᠬᠡᠭᠰᠡᠨ ᠢ᠋ ᠳᠣᠣᠷᠠᠲᠤ ᠪᠦᠯᠦᠭ  ᠢ᠋ ᠤᠷᠪᠠᠭᠤᠯᠤᠮᠠᠭᠴᠠ ᠳᠠᠷᠤᠢ ᠣᠯᠵᠤ ᠮᠡᠳᠡᠬᠦ ᠪᠣᠯᠠᠢ ᠃