ᠬᠥᠬᠡ ᠰᠤᠳᠤᠷ - ᠢᠨᠵᠠᠨᠨᠠᠰᠢ < ᠠᠷᠪᠠᠨ ᠳᠥᠷᠪᠡᠳᠦᠭᠡᠷ ᠪᠦᠯᠦᠭ > Хөх судар - Инжинаш < Арван дөрөвдүгээр бүлэг >
ᠠᠷᠪᠠᠨ ᠳᠥᠷᠪᠡᠳᠦᠭᠡᠷ ᠪᠦᠯᠦᠭ
ᠰᠥᠩ ᠭᠤᠸ᠋ᠩᠽᠦ᠋ᠩ ᠦ᠋ᠨ ᠱᠣᠣ ᠰᠢ ᠶ᠋ᠢᠨ ᠬᠣᠶᠠᠳᠤᠭᠠᠷ ᠣᠨ ᠂ ᠠᠯᠲᠠᠨ ᠤᠯᠤᠰ ᠤ᠋ᠨ ᠵᠠᠩᠽᠦ᠋ᠩ ᠦ᠋ᠨ
ᠴᠠᠩ ᠮᠢᠩ ᠦ᠋ᠨ ᠪᠠᠰᠠ ᠬᠣᠶᠠᠳᠤᠭᠠᠷ ᠣᠨ᠂ ᠴᠠᠭᠠᠭᠴᠢᠨ ᠭᠠᠬᠠᠢ ᠵᠢᠯ᠂ᠲᠠᠢᠽᠦ ᠭᠤᠴᠢᠨ ᠰᠡᠭᠦᠳᠡᠷ ᠲᠡᠢ ᠪᠣᠯᠪᠠ
ᠪᠤᠭᠤᠷᠵᠢ ᠪᠠᠭᠠᠲᠤᠷ ᠮᠥᠷᠡᠨ ᠢ᠋ ᠭᠡᠲᠦᠯᠵᠦ ᠰᠣᠯᠤᠩᠭᠤᠳ ᠠᠢᠮᠠᠭ ᠢ᠋ ᠨᠢᠰᠬᠦ ᠭᠠᠯ ᠢᠶᠠᠷᠳᠠᠭᠠᠭᠤᠯᠪᠠᠢ
ᠪᠣᠳᠣᠯᠭᠠᠲᠤ ᠮᠤᠬᠤᠯᠢ ᠡᠯᠴᠢ ᠶ᠋ᠢ ᠪᠠᠷᠢᠵᠤ ᠰᠣᠯᠣᠩᠭᠣᠰ ᠤᠯᠤᠰ ᠢ᠋ ᠪᠠᠢᠯᠳᠤᠬᠤ ᠠᠷᠭ᠎ᠠ ᠶ᠋ᠢ ᠲᠣᠭᠲᠠᠭᠠᠪᠠᠢ
ᠥᠪᠡᠷᠴᠢᠯᠡᠯ ᠦᠭᠡᠢ ᠦᠨᠡᠨ ᠦᠭᠡᠰ ᠦᠷᠭᠦᠯᠵᠢ ᠠᠮᠲᠠᠲᠠᠢ ᠪᠥᠭᠡᠲᠡᠯ᠎ᠡ
ᠦᠵᠡᠵᠦ ᠦᠯᠦ ᠨᠡᠪᠲᠡᠷᠡᠭᠴᠢ ᠠᠷᠠᠳ ᠥᠷᠭᠦᠦ ᠲᠥᠷᠭᠦᠦ ᠪᠣᠯᠭᠠᠮᠤᠢ ᠂
ᠦᠯᠢᠭᠡᠷ ᠦᠵᠡᠭᠴᠢᠳ ᠰᠤᠳᠤᠷ ᠤ᠋ᠨ ᠤᠴᠢᠷ ᠢ᠋ ᠲᠠᠩᠬᠠᠢ ᠭᠡᠮᠡᠨ ᠡᠯᠡᠭᠯᠡᠵᠦ
ᠦᠵᠦᠭᠦᠷ ᠦᠭᠡᠢ ᠲᠦᠮᠡᠨ ᠪᠣᠳᠠᠰ ᠢ᠋ ᠶᠠᠭᠤᠨᠠᠢ ᠰᠢᠨᠵᠢᠬᠦ ᠠᠵᠢ᠃
ᠲᠡᠨᠳᠡᠴᠡ ᠲᠠᠢᠽᠦ ᠴᠡᠷᠢᠭ ᠢ᠋ᠶ᠋ᠡᠨ ᠰᠢᠯᠭᠠᠵᠤ ᠂ ᠵᠠᠷᠤᠳ ᠤ᠋ᠨ ᠸᠠᠩᠴᠤᠭ ᠬᠠᠭᠠᠨ ᠢ᠋ ᠳᠠᠢᠯᠠᠷ᠎ᠠ ᠮᠣᠷᠳᠠᠬᠤᠶ᠎ᠠ ᠂ ᠴᠡᠷᠢᠭ ᠦ᠋ᠨ ᠵᠢᠨᠦᠩ ᠣᠯᠠᠨ ᠵᠠᠩᠵᠤᠨ ᠴᠡᠷᠢᠭ ᠢ᠋ ᠤᠯᠤᠰ ᠢ᠋ ᠰᠠᠬᠢᠬᠤ ᠭᠠᠳᠠᠭ᠍ᠰᠢ ᠳᠠᠢᠯᠠᠬᠤ ᠶ᠋ᠢ ᠢᠯᠭᠠᠨ ᠲᠣᠭᠲᠠᠭᠠᠵᠤ᠂ ᠡᠮᠦᠨ᠎ᠡ ᠳ᠋ᠦᠷ ᠮᠤᠬᠤᠯᠢ ᠵᠠᠬᠢᠷᠴᠤ ᠳᠤᠮᠳᠠᠳᠤ ᠴᠡᠷᠢᠭ ᠢ᠋ ᠲᠠᠢᠽᠦ ᠵᠠᠬᠢᠷᠴᠤ ᠬᠣᠢᠲᠤ ᠴᠡᠷᠢᠭ ᠢ᠋ ᠪᠤᠭᠤᠷᠵᠢ ᠵᠠᠬᠢᠷᠴᠤ ᠭᠤᠷᠪᠠᠨ ᠲᠦᠮᠡᠨ ᠴᠡᠷᠢᠭ ᠠᠪᠴᠤ ᠮᠣᠷᠳᠠᠪᠠ ᠃ ᠡᠨᠡ ᠮᠡᠳᠡᠭᠡ ᠶ᠋ᠢ ᠵᠠᠷᠤᠳ ᠤ᠋ᠨ ᠲᠤᠷᠰᠢᠭᠤᠯ ᠸᠠᠩᠴᠤᠭ ᠬᠠᠭᠠᠨ ᠳ᠋ᠤᠷ ᠳᠣᠪᠲᠣᠯᠤᠨ ᠮᠡᠳᠡᠭᠦᠯᠦᠭᠰᠡᠨ ᠳ᠋ᠦᠷ ᠸᠠᠩᠴᠤᠭ ᠬᠠᠭᠠᠨ ᠶᠡᠬᠡᠯ᠎ᠡ ᠪᠠᠴᠢᠮᠳᠠᠵᠤ᠂ ᠣᠳᠣ ᠬᠡᠷᠬᠢᠪᠡᠰᠦ ᠰᠠᠢᠨ?ᠭᠡᠮᠡᠨ ᠠᠷᠪᠠᠨ ᠨᠠᠢ᠍ᠮᠠᠨ ᠮᠢᠩᠭᠠᠨ ᠤ᠋ ᠴᠡᠷᠢᠭ ᠨᠣᠶᠠᠳ ᠢ᠋ᠶ᠋ᠠᠨ ᠬᠤᠷᠢᠶᠠᠵᠤ ᠵᠥᠪᠯᠡᠯᠳᠦᠷᠦᠨ : 《ᠮᠢᠨᠦ ᠵᠠᠷᠤᠳ ᠤᠯᠤᠰ ᠤ᠋ᠨ ᠢᠲᠡᠭᠡᠭᠰᠡᠨ ᠢᠨᠦ ᠭᠠᠭᠴᠠ ᠡᠨᠡ ᠦᠯᠢᠶᠡᠨ ᠭᠣᠣᠯ ᠤ᠋ᠨ ᠭᠦᠨ ᠳ᠋ᠦ᠍ᠷ ᠪᠥᠯᠥᠭᠡ᠃ ᠡᠳᠦᠭᠡ ᠭᠣᠣᠯ ᠮᠥᠨ ᠬᠡᠰᠦᠭᠡᠳᠦᠢ ᠂ ᠪᠧᠲ᠋ᠠ᠋ ᠤᠯᠤᠰ ᠤ᠋ᠨ ᠴᠡᠷᠢᠭ ᠮᠥᠰᠥ ᠪᠡᠷ ᠭᠡᠲᠦᠯᠵᠦ ᠂ ᠲᠡᠭᠰᠢ ᠭᠠᠵᠠᠷ ᠮᠡᠲᠦ ᠬᠦᠷᠴᠦ ᠢᠷᠡᠬᠦ ᠪᠣᠯᠠᠢ !》ᠬᠡᠮᠡᠬᠦᠢ ᠳ᠋ᠦ᠍ᠷ ᠮᠠᠰᠢ ᠂ ᠲᠥᠷᠥ ᠬᠣᠶᠠᠭᠤᠯᠠ ᠭᠠᠷᠴᠤ ᠪᠡᠯᠡᠭ ᠪᠠᠷᠢᠨ ᠠᠯᠪᠠ ᠥᠭᠬᠦ ᠪᠡᠷ ᠬᠡᠯᠡᠯᠴᠡᠵᠦ ᠦᠵᠡᠰᠦᠭᠡᠢ ᠭᠡᠮᠡᠨ ᠮᠠᠰᠢ ᠪᠡᠶ᠎ᠡ ᠪᠡᠷ ᠪᠧᠲ᠋ᠠ᠋ ᠤᠯᠤᠰ ᠤ᠋ᠨ ᠴᠡᠷᠢᠭ ᠢ᠋ ᠤᠭᠲᠤᠨ ᠢᠷᠡᠵᠦ᠂ ᠵᠢᠯ ᠪᠦᠷᠢ ᠡᠮᠦᠨ᠎ᠡ ᠭᠠᠵᠠᠷ ᠤ᠋ᠨ ᠲᠣᠷᠭ᠎ᠠ ᠪᠥᠰ ᠂ ᠮᠥᠩᠭᠥ ᠂ ᠲᠡᠮᠦᠷ ᠦ᠋ᠨ ᠠᠯᠪᠠ ᠪᠠᠷᠢᠰᠤᠭᠠᠢ ᠬᠡᠮᠡᠭᠰᠡᠨ᠎ᠡ ᠂ ᠲᠠᠢᠽᠦ ᠵᠥᠪᠰᠢᠶᠡᠵᠦ ᠶᠡᠬᠡ ᠴᠡᠷᠢᠭ ᠢ᠋ ᠡᠭᠡᠭᠦᠯᠵᠦ᠂ ᠲᠠᠢᠽᠦ ᠶ᠋ᠢᠨ ᠪᠡᠶ᠎ᠡ ᠪᠤᠭᠤᠷᠵᠢ ᠶ᠋ᠢ ᠠᠪᠴᠤ ᠣᠯᠣᠭᠠᠢ ᠠᠭᠤᠯᠠᠨ᠎ᠠ ᠠᠪᠠ ᠬᠢᠵᠦ᠂ ᠵᠠᠷᠤᠳ ᠤ᠋ᠨ ᠪᠤᠷᠤᠭᠤ ᠬᠦᠯᠢᠶᠡᠬᠦ ᠠᠯᠪᠠ ᠶ᠋ᠢ ᠡᠳᠦᠷ ᠲᠣᠭᠲᠠᠭᠠᠨ ᠭᠤᠷᠪᠠᠨ ᠰᠠᠷ᠎ᠠ ᠶ᠋ᠢᠨ ᠠᠷᠪᠠᠨ ᠲᠠᠪᠤᠨ ᠪᠣᠯᠲᠠᠯ᠎ᠠ ᠬᠦᠯᠢᠶᠡᠬᠦ ᠪᠡᠷ ᠬᠡᠯᠡᠯᠴᠡᠵᠦ ᠡᠭᠡᠭᠦᠯᠪᠡ᠃ ᠲᠡᠷᠡ ᠵᠢᠯ ᠦ᠋ᠨ ᠬᠠᠪᠤᠷ ᠡᠷᠲᠡ ᠲᠤᠯᠠ ᠭᠤᠷᠪᠠᠨ ᠰᠠᠷ᠎ᠠ ᠶ᠋ᠢᠨ ᠰᠢᠨᠡᠳ ᠢ᠋ᠶ᠋ᠡᠷ ᠮᠥᠯᠰᠥ ᠴᠥᠮ ᠤᠨᠠᠵᠤ᠂ ᠦᠯᠢᠶᠡᠨ ᠮᠥᠷᠡᠨ ᠭᠡᠰᠴᠦ ᠤᠷᠤᠰᠤᠭᠰᠠᠨᠠ ᠂ ᠸᠠᠩᠴᠤᠭ ᠬᠠᠭᠠᠨ ᠮᠥᠷᠡᠨ ᠳ᠋ᠦ᠍ᠷ ᠢᠲᠡᠭᠡᠵᠦ ᠠᠯᠪᠠ ᠪᠠᠨ ᠬᠦᠷᠭᠡᠬᠦ ᠦᠭᠡᠢ ᠪᠣᠯᠵᠤ᠂ ᠣᠯᠠᠨ ᠡᠮᠡᠰ ᠰᠤᠯᠠᠴᠤᠳ ᠯᠤᠭ᠎ᠠ ᠪᠠᠨ ᠬᠠᠪᠤᠷ ᠲᠤᠷ ᠵᠣᠭᠣᠭᠬᠢᠵᠤ ᠵᠢᠷᠭᠠᠬᠤᠢ ᠳ᠋ᠤᠷ ᠮᠠᠰᠢ ᠂ ᠲᠥᠷᠥ ᠬᠣᠶᠠᠷ ᠲᠦᠰᠢᠮᠡᠳ ᠢᠨᠦ ᠬᠡᠷᠬᠢᠨ ᠬᠣᠷᠢᠭᠯᠠᠨ ᠢᠳᠬᠠᠪᠠᠴᠤ ᠦᠭᠡ ᠠᠪᠬᠤ ᠦᠭᠡᠢ ᠭᠠᠭᠴᠠ ᠦᠯᠢᠶᠡᠨ ᠮᠥᠷᠡᠨ ᠦ᠌ ᠣᠩᠭᠣᠴᠠ ᠶ᠋ᠢ ᠴᠥᠮ ᠵᠡᠭᠦᠨ ᠬᠥᠪᠡᠭᠡ ᠳ᠋ᠡᠭᠡᠨ ᠬᠤᠷᠢᠶᠠᠯᠭᠠᠵᠤ᠂ ᠳᠡᠭᠡᠷ᠎ᠡ ᠳᠣᠣᠷ᠎ᠠ ᠶ᠋ᠢᠨ ᠣᠯᠣᠮ ᠤ᠋ᠨ ᠣᠩᠭᠣᠴᠠ ᠶ᠋ᠢ ᠪᠠᠰᠠ ᠴᠥᠮ ᠬᠤᠷᠢᠶᠠᠯᠭᠠᠨ ᠠᠴᠢᠷᠠᠭᠤᠯᠵᠤ ᠂ ᠬᠥᠮᠦᠨ ᠦ᠌ ᠮᠥᠷ ᠢ᠋ ᠲᠠᠰᠤᠯᠪᠠ ᠃ ᠲᠡᠨᠳᠡᠴᠡ ᠮᠥᠷᠡᠨ ᠦ᠌ ᠵᠡᠭᠦᠨ ᠬᠥᠪᠡᠭᠡ ᠪᠡᠷ ᠲᠠᠪᠤᠨ ᠮᠢᠩᠭᠠᠨ ᠴᠡᠷᠢᠭ ᠰᠠᠭᠤᠯᠭᠠᠵᠤ ᠰᠠᠯ ᠣᠩᠭᠣᠴᠠ ᠶ᠋ᠢ ᠰᠠᠬᠢᠭᠤᠯᠵᠤ ᠂ ᠡᠳᠦᠷ ᠲᠣᠷ ᠲᠤᠯᠲᠠᠯ᠎ᠠ ᠠᠯᠪᠠ ᠡᠰᠡ ᠬᠦᠷᠭᠡᠭᠰᠡᠨ ᠳ᠋ᠦ᠍ᠷ ᠲᠠᠢᠽᠦ ᠪᠤᠭᠤᠷᠵᠢ ᠶ᠋ᠢᠨ ᠵᠦᠭ ᠵᠠᠬᠢᠷᠤᠨ :《ᠡᠨᠡ ᠸᠠᠩᠴᠤᠭ ᠠᠳᠤᠭᠤᠰᠤ ᠶ᠋ᠢ ᠦᠵᠡᠰᠡ ᠮᠥᠷᠡᠨ ᠭᠡᠰᠬᠦᠢ ᠶ᠋ᠢ ᠬᠦᠯᠢᠶᠡᠨ ᠮᠠᠨ ᠢ᠋ ᠮᠡᠬᠡᠯᠡᠪᠡᠢ ᠃ ᠡᠭᠦᠨ ᠢ᠋ ᠡᠷᠡᠬᠡᠡᠦ᠋ᠭᠡᠢ ᠳᠠᠢᠯᠠᠪᠠᠰᠤ ᠰᠠᠢᠨ ᠂ ᠤᠯᠤᠰ ᠲᠤᠷ ᠬᠥᠮᠦᠨ ᠢᠯᠡᠭᠡᠵᠦ ᠶᠡᠬᠡ ᠴᠡᠷᠢᠭ ᠢ᠋ ᠳᠠᠭᠤᠳᠠᠭᠤᠯᠪᠠᠰᠤ ᠶᠠᠮᠪᠠᠷ ? 》ᠪᠤᠭᠤᠷᠵᠢ ᠮᠡᠳᠡᠭᠦᠯᠦᠷᠦᠨ : 《ᠵᠠᠷᠤᠳ ᠨᠢᠭᠡᠨᠲᠡ ᠳᠠᠭᠠᠪᠠ ᠭᠡᠮᠡᠨ ᠴᠡᠷᠢᠭ ᠢ᠋ ᠡᠭᠡᠭᠦᠯᠵᠦ ᠂ ᠤᠯᠤᠰ ᠤ᠋ᠨ ᠬᠣᠲᠠᠯᠠᠭᠠᠷ ᠲᠤᠷ ᠨᠢᠭᠡᠨᠲᠡ ᠵᠠᠷᠯᠠᠭᠠᠳ ᠡᠳᠦᠭᠡ ᠳᠠᠬᠢᠨ ᠵᠠᠷᠤᠳ ᠲᠤᠷ ᠬᠠᠭᠤᠷᠲᠠᠭᠳᠠᠪᠠ ᠭᠡᠮᠡᠨ ᠴᠡᠷᠢᠭ ᠠᠪᠤᠷᠠ ᠡᠴᠢᠪᠡᠰᠦ᠂ ᠲᠡᠷᠢᠭᠦᠨ ᠳ᠋ᠦ᠍ᠷ ᠡᠵᠡᠨ ᠦ᠌ ᠵᠠᠷ ᠵᠠᠬᠢᠶ᠎ᠠ ᠦᠨᠡᠨᠴᠢ ᠦᠭᠡᠢ ᠪᠣᠯᠤᠮᠤᠢ ᠃ ᠬᠣᠶᠠᠷ ᠲᠤᠷ ᠡᠵᠡᠨ ᠦ᠌ ᠨᠡᠷ᠎ᠡ ᠨᠢᠭᠤᠷ ᠲᠤ᠌ ᠢᠴᠢᠩᠭᠦᠷᠡᠯᠲᠡᠢ᠂ ᠭᠤᠷᠪᠠᠨ ᠳ᠋ᠤᠷ ᠡᠨᠳᠡ ᠦᠯᠡᠳᠡᠭᠰᠡᠨ ᠲᠦᠰᠢᠮᠡᠳ ᠪᠦᠭᠦᠳᠡᠭᠡᠷ ᠨᠤᠲᠤᠭ ᠤᠯᠤᠰ ᠤ᠋ᠨ ᠬᠥᠮᠦᠨ ᠳ᠋ᠦ᠍ᠷ ᠤᠴᠠᠷᠠᠬᠤᠶᠠ ᠪᠡᠷᠬᠡ᠃ ᠲᠡᠢᠨ ᠬᠦ᠌ ᠲᠦᠰᠢᠮᠡᠯ ᠪᠢ ᠵᠠᠷᠤᠳ ᠤ᠋ᠨ ᠲᠠᠩᠭᠠᠷᠢᠭ ᠠ᠋ᠴᠠ ᠪᠤᠴᠠᠪᠠᠰᠤ ᠣᠷᠣᠵᠤ ᠪᠠᠢᠯᠳᠤᠬᠤᠢ ᠳ᠋ᠤᠷ ᠰᠠᠢᠨ ᠭᠡᠮᠡᠨ ᠲᠦᠰᠢᠮᠡᠯ ᠮᠢᠨᠦ ᠵᠠᠬᠢᠷᠬᠤ ᠵᠡᠭᠦᠨ ᠭᠠᠷᠤᠨ ᠡᠮᠦᠨ᠎ᠡ ᠬᠥᠪᠡᠭᠡ ᠶ᠋ᠢᠨ ᠴᠡᠷᠢᠭ ᠲᠦ᠍ᠷ ᠬᠡᠳᠦᠢᠨᠡᠢ ᠵᠠᠬᠢᠶ᠎ᠠ ᠵᠠᠷᠯᠠᠵᠤ ᠳᠠᠭᠤᠳᠠᠭᠤᠯᠬᠤ ᠶ᠋ᠢ ᠪᠡᠯᠡᠳᠬᠡᠪᠡ᠃ ᠡᠵᠡᠨ ᠦ᠌ ᠬᠦᠯᠦᠭ ᠦ᠋ᠨ ᠣᠯᠠᠨ ᠮᠣᠷᠢ ᠶ᠋ᠢ ᠡᠳᠦᠷ ᠪᠦᠷᠢ ᠣᠰᠤᠨ᠎ᠠ ᠠᠪᠠᠴᠢᠵᠤ ᠰᠤᠷᠭᠠᠨ ᠣᠰᠤᠨ᠎ᠠ ᠭᠠᠢᠬᠠᠯᠲᠠᠢ ᠰᠤᠷᠮᠠᠭᠠᠢ ᠮᠣᠷᠢ ᠠ᠋ᠴᠠ ᠭᠤᠷᠪᠠ ᠳᠥᠷᠪᠡ ᠰᠣᠩᠭᠣᠵᠤ ᠪᠡᠯᠡᠳᠬᠡᠪᠡ ᠃ ᠵᠢᠴᠢ ᠣᠯᠠᠨ ᠴᠡᠷᠢᠭ ᠦ᠋ᠳ ᠢ᠋ ᠮᠥᠷᠡᠨ ᠭᠡᠲᠦᠯᠭᠡᠬᠦ ᠶ᠋ᠢ ᠲᠦᠰᠢᠮᠡᠯ ᠪᠢ ᠡᠵᠡᠨ ᠦ᠌ ᠲᠥᠷᠥᠯ ᠦ᠋ᠨ ᠲᠣᠭᠲᠣᠩᠭᠣ᠌ ᠪᠠᠭᠠᠲᠤᠷ ᠤ᠋ᠨ ᠦᠶᠡᠯᠢᠳ ᠬᠥᠪᠡᠭᠦᠨ ᠠᠨᠳᠠᠨ ᠴᠢᠩ ᠯᠦ᠍ᠭᠡ ᠵᠥᠪᠯᠡᠵᠦ ᠠᠷᠭ᠎ᠠ ᠶ᠋ᠢ ᠨᠢᠭᠡᠨᠲᠡ ᠲᠣᠭᠲᠠᠭᠠᠪᠠ ᠃ ᠴᠡᠷᠢᠭ ᠬᠡᠮᠡᠪᠡᠰᠦ ᠡᠵᠡᠨ ᠦ᠌ ᠳᠡᠷᠭᠡᠳᠡ ᠪᠠᠢᠬᠤ ᠪᠠ ᠲᠦᠰᠢᠮᠡᠯ ᠮᠢᠨᠦ ᠪᠡᠯᠡᠳᠬᠡᠭᠰᠡᠨ ᠲᠡᠢ ᠨᠡᠢᠲᠡ ᠬᠣᠶᠠᠷ ᠲᠦᠮᠡ ᠪᠣᠢ ᠂ ᠵᠠᠷᠤᠳ ᠢ᠋ ᠪᠠᠷᠲᠠᠭᠠᠪᠠᠷ ᠡᠪᠳᠡᠪᠡᠰᠦ ᠪᠣᠯᠤᠮᠤᠢ ᠃ ᠵᠠᠷᠤᠳ ᠤ᠋ᠨ ᠪᠣᠭᠣᠯ ᠱᠤᠤᠮᠠᠷ ᠠ᠋ᠴᠠ ᠠᠰᠠᠭᠤᠪᠠᠰᠤ ᠵᠠᠷᠤᠳ ᠤ᠋ᠨ ᠨᠡᠢᠲᠡ ᠴᠡᠷᠢᠭ ᠳᠣᠯᠣᠭᠠᠨ ᠲᠦᠮᠡᠨ ᠦᠯᠦ ᠬᠥᠷᠥᠮᠦᠢ ᠃ ᠵᠢᠴᠢ ᠦᠯᠢᠶᠡᠨ ᠭᠣᠣᠯ ᠤ᠋ᠨ ᠴᠠᠭᠠᠨ᠎ᠠ ᠬᠥᠮᠦᠨ ᠢ᠋ ᠬᠠᠯᠠᠭᠯᠠᠨ ᠴᠢᠳᠠᠬᠤ ᠬᠢᠷᠢᠲᠡᠢ ᠭᠣᠣᠯ ᠮᠥᠷᠡᠨ ᠦᠭᠡᠢ ᠂ ᠲᠡᠭᠦᠨ ᠦ᠌ ᠴᠡᠷᠢᠭ ᠪᠦᠭᠦᠳᠡᠭᠡᠷ ᠢ᠋ ᠴᠢᠭᠤᠯᠤᠭᠤᠯᠲᠠᠯᠠ ᠮᠥᠨ ᠨᠢᠭᠡᠨ ᠰᠠᠷ᠎ᠠ ᠠ᠋ᠴᠠ ᠢᠨᠠᠭᠰᠢ ᠦᠯᠦ ᠵᠠᠪᠳᠤᠮᠤᠢ ᠬᠡᠮᠡᠮᠦᠢ ᠃ ᠡᠨᠡ ᠬᠢᠷᠢ ᠳ᠋ᠦ᠍ᠷ ᠪᠠᠢᠯᠳᠤᠪᠠᠰᠤ ᠯᠠᠪ ᠪᠦᠷᠢᠨ᠎ᠡ ᠣᠯᠵᠤ ᠳᠡᠢᠯᠪᠡᠰᠦ ᠪᠣᠯᠤᠮᠤᠢ ᠃ 》 ᠲᠠᠢᠽᠦ ᠵᠠᠬᠢᠷᠤᠨ : 《ᠥᠴᠦᠬᠡᠨ ᠢ᠋ ᠪᠠᠰᠤᠪᠠᠰᠤ ᠥᠷᠭᠡᠰᠦ ᠪᠣᠯᠤᠮᠤᠢ ᠂ ᠦᠰᠦ ᠶ᠋ᠢ ᠲᠠᠮᠤᠪᠠᠰᠤ ᠳᠡᠭᠡᠰᠦ ᠪᠣᠯᠤᠮᠤᠢ ᠂ ᠵᠠᠷᠤᠳ ᠨᠢᠭᠡᠨ ᠳ᠋ᠦ᠍ᠷ ᠶᠡᠬᠡ ᠤᠯᠤᠰ ᠂ ᠬᠣᠶᠠᠷ ᠲᠤᠷ ᠬᠣᠲᠠ ᠪᠠᠢᠰᠢᠩ ᠲᠠᠢ᠂ ᠪᠠᠰᠤᠪᠠᠰᠤ ᠦᠯᠦ ᠪᠣᠯᠤᠨᠠᠮ ᠶᠠ ! ᠶᠡᠬᠡ ᠴᠡᠷᠢᠭ ᠢ᠋ ᠳᠠᠭᠤᠳᠠᠭᠤᠯᠪᠠᠰᠤ ᠳᠡᠭᠡᠷ᠎ᠡ ᠪᠣᠢ ᠶᠠ ! 》 ᠪᠤᠭᠤᠷᠵᠢ ᠳᠣᠬᠢᠶ᠎ᠠ ᠥᠭᠴᠦ ᠣᠯᠠᠨ ᠢ᠋ ᠵᠠᠢᠯᠠᠭᠤᠯᠤᠭᠠᠳ ᠲᠠᠢᠽᠦ ᠶ᠋ᠢᠨ ᠣᠢᠷ᠎ᠠ ᠰᠥᠭᠥᠳᠴᠦ ᠮᠡᠳᠡᠭᠦᠯᠦᠷᠦᠨ : 《ᠮᠠᠨ ᠤ᠋ ᠤᠯᠤᠰ ᠤ᠋ᠨ ᠵᠡᠭᠦᠨ ᠡᠮᠦᠨ᠎ᠡ ᠬᠡᠷᠡᠢᠳ ᠦ᠋ᠨ ᠢᠯᠠᠭᠤ ᠪᠣᠢ ᠂ ᠵᠡᠭᠦᠨ ᠬᠣᠢᠲᠤ ᠮᠠᠢᠯᠵᠢ ᠶ᠋ᠢᠨ ᠲᠣᠳᠣ ᠪᠣᠢ ᠂ ᠪᠠᠷᠠᠭᠤᠨ ᠡᠮᠦᠨ᠎ᠡ ᠨᠠᠢ᠍ᠮᠠᠨ ᠤ᠋ ᠲᠠᠢᠶᠠᠩ ᠬᠠᠨ ᠪᠣᠢ ᠂ ᠮᠠᠨ ᠤ᠋ ᠶᠡᠬᠡ ᠴᠡᠷᠢᠭ ᠮᠥᠷᠡᠨ ᠭᠡᠲᠦᠯᠪᠡ ᠭᠡᠮᠡᠨ ᠰᠣᠨᠣᠰᠪᠠᠰᠤ ᠡᠨᠡ ᠭᠤᠷᠪᠠᠨ ᠤᠯᠤᠰ ᠴᠥᠮ ᠰᠠᠨᠠᠭᠠᠨ ᠥᠭᠬᠦ ᠪᠣᠯᠠᠢ ᠃ ᠲᠡᠢᠨ ᠬᠦ᠌ ᠲᠦᠰᠢᠮᠡᠯ ᠪᠢ ᠡᠩ ᠦ᠋ᠨ ᠭᠠᠵᠠᠷ ᠤ᠋ᠨ ᠳᠠᠢᠰᠤᠨ ᠳ᠋ᠤᠷ ᠦᠯᠢᠳᠭᠡᠭᠭᠰᠡᠨ ᠦᠭᠡᠢ ᠂ ᠡᠢᠨ ᠬᠦ᠌ ᠪᠡᠯᠡᠳᠬᠡᠪᠡ ᠃ ᠵᠠᠪᠰᠠᠷ ᠲᠤᠷ ᠡᠨᠡ ᠨᠢᠭᠡᠨ ᠮᠥᠷᠡᠨ ᠪᠠᠢᠬᠤ ᠲᠤᠯᠠ ᠲᠡᠭᠰᠢ ᠭᠠᠵᠠᠷ ᠢ᠋ ᠪᠠᠢᠯᠳᠤᠬᠤ ᠳ᠋ᠤ᠌ ᠦᠯᠢᠳᠬᠡᠵᠦ ᠦᠯᠦ ᠪᠣᠯᠤᠮᠤᠢ ᠂ ᠥᠴᠦᠬᠡᠨ ᠡᠭᠦᠷ ᠢ᠋ ᠡᠪᠳᠡᠰᠦᠭᠡᠢ ᠬᠡᠮᠡᠭᠰᠡᠭᠡᠷ ᠥᠪᠡᠷ ᠦ᠋ᠨ ᠶᠡᠬᠡ ᠤᠯᠤᠰ ᠲᠤᠷ ᠰᠠᠮᠠᠭᠤᠨ ᠪᠣᠯᠭᠠᠪᠠᠰᠤ ᠶᠠᠭᠤᠨ ᠤ᠋ ᠲᠤᠰᠠ ? ᠵᠠᠷᠤᠳ ᠨᠢᠭᠡᠨᠲᠡ ᠮᠥᠷᠡᠨ ᠳ᠋ᠦ᠍ᠷ ᠨᠤᠲᠠᠳᠠ ᠢᠲᠡᠭᠡᠭᠰᠡᠨ ᠲᠤᠯᠠ ᠤᠯᠤᠰ ᠲᠤᠷ ᠯᠠᠪ ᠥᠪᠡᠷ ᠴᠡᠷᠢᠭ ᠪᠡᠯᠡᠳᠬᠡᠭᠰᠡᠨ ᠦᠭᠡᠢ᠂ ᠮᠥᠨ ᠬᠦ᠌ ᠮᠥᠷᠡᠨ ᠦ᠌ ᠬᠥᠪᠡᠭᠡ ᠶ᠋ᠢ ᠰᠡᠷᠭᠡᠢᠯᠡᠬᠦ ᠪᠣᠢ ᠶᠠ ᠂ ᠪᠤᠰᠤ ᠭᠠᠵᠠᠷ᠎ᠠ ᠦᠯᠦ ᠪᠠᠢᠯᠭᠠᠮᠤᠢ ᠲᠦᠰᠢᠮᠡᠯ ᠪᠢ ᠥᠨᠳᠥᠷ ᠳᠣᠪᠣ ᠳ᠋ᠤᠷ ᠭᠠᠷᠴᠤ ᠨᠢᠳᠦᠮᠡᠯ ᠬᠣᠩᠬᠢᠶ᠎ᠠ① ᠪᠠᠷ ᠮᠥᠷᠡᠨ ᠦ᠌ ᠴᠢᠨᠠᠳᠤ ᠬᠥᠪᠡᠭᠡᠨ ᠦ᠌ ᠵᠠᠷᠤᠳ ᠤ᠋ᠨ ᠴᠡᠷᠢᠭ ᠢ᠋ ᠦᠵᠡᠪᠡᠰᠦ ᠳᠥᠷᠪᠡ ᠲᠠᠪᠤᠨ ᠮᠢᠩᠭ᠎ᠠ ᠠ᠋ᠴᠠ ᠬᠡᠲᠦᠷᠡᠬᠦ ᠦᠭᠡᠢ᠂ ᠮᠠᠨ ᠤ᠋ ᠬᠣᠶᠠᠷ ᠲᠦᠮᠡᠨ ᠴᠡᠷᠢᠭ ᠮᠥᠷᠡᠨ ᠢ᠋ ᠭᠡᠲᠦᠯᠦᠨ ᠴᠢᠳᠠᠪᠠᠰᠤ ᠵᠠᠷᠤᠳ ᠤ᠋ᠨ ᠬᠣᠲᠠ ᠪᠠᠢᠰᠢᠩ ᠢ᠋ ᠡᠪᠳᠡᠬᠦ ᠶ᠋ᠢ ᠲᠦᠰᠢᠮᠡᠯ ᠪᠢ ᠬᠡᠳᠦᠢᠨᠡᠢ ᠪᠣᠳᠣᠨ ᠲᠣᠭᠲᠠᠭᠠᠭᠰᠠᠨ ᠭᠠᠵᠠᠷ ᠪᠣᠢ ᠂ ᠲᠡᠷᠡ ᠴᠠᠭ ᠲᠤᠷ ᠬᠦᠷᠦᠭᠰᠡᠨ ᠬᠣᠢᠨ᠎ᠠ ᠡᠵᠡᠨ ᠦᠵᠡᠭᠳᠡᠬᠦᠢ ᠂ ᠤᠷᠢᠳᠠᠰᠠ ᠮᠡᠳᠡᠭᠦᠯᠵᠦ ᠴᠢᠳᠠᠬᠤ ᠦᠭᠡᠢ ᠃ 》ᠬᠡᠮᠡᠭᠰᠡᠨ ᠳ᠋ᠦᠷ ᠲᠠᠢᠽᠦ ᠵᠥᠪᠰᠢᠶᠡᠨ ᠪᠡᠶᠡᠰᠴᠦ ᠪᠤᠭᠤᠷᠵᠢ ᠪᠠᠭᠠᠲᠤᠷ ᠢ᠋ ᠰᠠᠢᠰᠢᠶᠠᠷᠤᠨ :
ᠠᠷᠭ᠎ᠠ ᠰᠠᠢᠲᠤ ᠠᠷᠯᠤᠳ ᠪᠠᠶᠠᠨ ᠤ᠋ ᠬᠥᠪᠡᠭᠦᠨ
ᠪᠣᠳᠣᠯᠭ᠎ᠠ ᠰᠠᠢᠲᠤ ᠪᠤᠭᠤᠷᠵᠢ ᠮᠢᠨᠦ
ᠨᠦᠰᠢᠭᠦᠷᠢ ᠰᠠᠢᠲᠤ ᠨᠥᠬᠥᠷ ᠦ᠋ᠨ ᠳᠡᠭᠡᠳᠦ ᠮᠠᠩᠯᠠᠢ
ᠪᠣᠯᠭᠣᠮᠵᠢ ᠰᠠᠢᠲᠤ ᠪᠤᠭᠤᠷᠵᠢ ᠬᠦᠯᠦᠭ ᠮᠢᠨᠦ !
– – – –
① ᠡᠨᠡ ᠯᠠᠪ ᠴᠢᠶᠠᠨ ᠯᠢ ᠶᠠᠨ ᠪᠣᠢ ᠶᠠ ᠂ ᠴᠣᠬᠣᠮ ᠮᠣᠩᠭᠣᠯ ᠨᠡᠷ᠎ᠡ ᠪᠡᠷ 《ᠳᠤᠷᠠᠨ ᠠᠪᠠᠢ 》ᠭᠡᠮᠡᠨ ᠪᠢᠴᠢᠵᠦᠬᠦᠢ ᠃
ᠬᠡᠮᠡᠵᠦ ᠳᠠᠷᠤᠢ ᠦᠭᠡ ᠳᠠᠭᠠᠪᠠᠢ ᠃ ᠲᠡᠳᠦᠢ ᠪᠤᠭᠤᠷᠵᠢ᠂ ᠥᠨᠳᠥᠷ ᠰᠡᠴᠡᠨ᠂ ᠦᠨᠡᠨ ᠲᠥᠷᠥ ᠬᠣᠶᠠᠭᠤᠯᠠ ᠳ᠋ᠤᠷ ᠬᠣᠶᠠᠷ ᠲᠡᠮᠳᠡᠭᠲᠦ ᠵᠡᠪᠡ ᠪᠠᠷᠢᠭᠤᠯᠵᠤ᠂ ᠵᠡᠭᠦᠨ ᠪᠠᠷᠠᠭᠤᠨ ᠬᠣᠶᠠᠷ ᠭᠠᠷ ᠤ᠋ᠨ ᠡᠮᠦᠨ᠎ᠡ ᠬᠥᠪᠡᠭᠡ ᠶ᠋ᠢᠨ ᠵᠠᠷᠯᠠᠯ ᠬᠦᠯᠢᠶᠡᠬᠦ ᠬᠣᠶᠠᠷ ᠠᠩᠭᠢ ᠶ᠋ᠢᠨ ᠴᠡᠷᠢᠭ ᠢ᠋ ᠵᠠᠷᠯᠠᠨ ᠢᠷᠡᠭᠦᠯᠵᠦ᠂ ᠪᠦᠭᠦᠳᠡ ᠭᠤᠷᠪᠠ ᠲᠦᠮᠡᠨ ᠴᠡᠷᠢᠭ ᠪᠣᠯᠭᠠᠵᠤ᠂ ᠶᠡᠬᠡ ᠬᠡᠩᠭᠡᠷᠭᠡ ᠳᠡᠯᠡᠳᠴᠦ ᠣᠯᠠᠨ ᠵᠠᠩᠵᠤᠨ ᠨᠠᠷ ᠢ᠋ ᠴᠠᠭᠠᠵᠠ ᠰᠣᠨᠣᠰ ᠭᠡᠮᠡᠨ ᠵᠠᠷᠯᠠᠪᠠ᠃ᠲᠡᠳᠦᠢ ᠨᠢᠭᠡᠨ ᠨᠢᠭᠡᠨ ᠢ᠋ᠶ᠋ᠡᠷ ᠬᠤᠪᠢᠶᠠᠨ ᠲᠣᠭᠲᠠᠭᠠᠭᠰᠠᠨ ᠠᠨᠤ ᠡᠳᠦᠭᠡ ᠦᠯᠢᠶᠡᠨ ᠮᠥᠷᠡᠨ ᠢ ᠭᠡᠲᠦᠯᠦᠮᠡᠭᠴᠡ ᠬᠠᠪᠤᠲᠤ ᠬᠠᠰᠠᠷ ᠂ ᠪᠦᠬᠦ ᠪᠡᠯᠭᠦᠳᠡᠢ ᠡᠵᠡᠨ ᠦ᠌ ᠬᠣᠶᠠᠷ ᠮᠥᠷᠥ ᠶ᠋ᠢᠨ ᠵᠠᠩᠵᠤᠨ ᠪᠣᠯᠵᠤ ᠂ ᠡᠵᠡᠨ ᠢ᠋ ᠬᠢᠴᠢᠶᠡᠨ ᠬᠠᠮᠠᠭᠠᠯᠠᠵᠤ ᠰᠠᠬᠢ᠂ ᠬᠡᠷᠬᠢᠪᠡᠴᠦ ᠲᠦᠭᠰᠢᠭᠦᠷᠢᠲᠡᠢ ᠭᠠᠵᠠᠷ ᠰᠢᠪᠲᠤᠯᠤᠨ ᠣᠷᠣᠭᠤᠯᠵᠤ ᠪᠣᠯᠬᠤ ᠦᠭᠡᠢ ᠂ ᠣᠰᠣᠯᠳᠠᠪᠠᠰᠤ ᠶᠠᠯ᠎ᠠ ᠬᠡᠯᠡᠯᠴᠡᠮᠦᠢ ᠃ ᠥᠨᠳᠥᠷ ᠰᠡᠴᠡᠨ ᠦᠨᠡᠨ ᠲᠥᠷᠥ ᠬᠣᠶᠠᠭᠤᠯᠠ ᠡᠵᠡᠨ ᠦ᠌ ᠰᠠᠭᠠᠳᠠᠭ ᠬᠣᠷᠣᠮᠰᠠᠭ᠎ᠠ ᠶ᠋ᠢ ᠵᠡᠭᠦᠵᠦ ᠵᠢᠭ᠍ᠰᠠᠭᠠᠯ ᠢ᠋ ᠳᠠᠭᠠᠭᠠᠴᠢᠯᠠᠨ ᠂ ᠣᠶᠤᠲᠤ ᠰᠡᠴᠡᠨ ᠂ ᠣᠶᠤᠨ ᠭᠤᠸ᠎ᠠ᠂ ᠰᠠᠢᠬᠠᠨ ᠰᠤᠷᠲᠠᠯᠲᠤ ᠂ ᠲᠡᠭᠦᠰᠴᠤᠭᠲᠤ ᠳᠥᠷᠪᠡᠭᠦᠯᠡ ᠡᠵᠡᠨ ᠦ᠌ ᠨᠤᠮᠤ ᠰᠤᠮᠤ ᠂ ᠢᠯᠳᠦ ᠵᠢᠳᠠ ᠂ ᠪᠠᠮᠪᠠᠢ ᠬᠠᠯᠬᠠᠪᠴᠢ ᠂ ᠬᠦᠯᠦᠭ ᠮᠣᠷᠢᠳ ᠢ᠋ ᠠᠪᠴᠤ ᠡᠵᠡᠨ ᠦ᠌ ᠮᠣᠷᠢᠨ ᠰᠡᠭᠦᠯ ᠡᠴᠡ ᠪᠢᠲᠡᠭᠡᠢ ᠰᠠᠯ ᠠ᠋ ᠂ ᠰᠥᠨᠢᠳ ᠦ᠋ᠨ ᠭᠢᠯᠦᠭᠡᠨ ᠂ ᠮᠠᠩᠭᠤᠳ ᠤ᠋ᠨ ᠬᠣᠢ᠍ᠯᠠᠲᠠᠷ ᠬᠣᠶᠠᠷ ᠵᠠᠩᠵᠤᠨ ᠡᠵᠡᠨ ᠦ᠌ ᠵᠢᠭ᠍ᠰᠠᠭᠠᠯ ᠤ᠋ᠨ ᠰᠡᠭᠦᠯ ᠢ᠋ ᠬᠠᠮᠠᠭᠠᠯᠠᠭᠲᠤᠨ ᠂ ᠵᠡᠯᠮ᠎ᠡ᠂ ᠵᠡᠪᠡ ᠬᠣᠶᠠᠭᠤᠯᠠ ᠲᠡᠢᠨ ᠰᠠᠩ ᠂ ᠴᠢᠮᠡᠪᠡᠢ ᠂ ᠲᠡᠮᠦᠷ ᠂ ᠠᠯᠤᠬ᠎ᠠ ᠂ ᠰᠦᠬᠡ ᠂ ᠬᠠᠳᠤ ᠲᠡᠮᠦᠷ ᠂ ᠬᠣᠪᠤᠯᠠᠢ ᠂ ᠸᠠᠢᠵᠢᠩ ᠂ ᠬᠦᠳᠡᠷ ᠪᠦᠰᠡ ᠡᠨᠡ ᠨᠠᠢ᠍ᠮᠠᠨ ᠪᠠᠭ᠎ᠠ ᠵᠠᠩᠵᠤᠨ ᠢ᠋ ᠠᠪᠴᠤ ᠨᠠᠮᠠᠶ᠋ᠢ ᠳᠠᠭᠠᠵᠤ ᠡᠮᠦᠨᠡᠲᠦ ᠴᠡᠷᠢᠭ ᠲᠦ᠍ᠷ ᠶᠠᠪᠤᠵᠤ ᠂ ᠵᠠᠷᠤᠳ ᠤ᠋ᠨ ᠪᠠᠢ ᠱᠠ ᠴᠧᠩ ᠬᠣᠲᠠ ᠶ᠋ᠢ ᠪᠠᠢᠯᠳᠤ ᠂ ᠬᠦᠯᠦᠭ ᠪᠤᠭᠤᠷᠤᠯ ᠂ ᠵᠢᠴᠢ ᠬᠦᠯᠦᠭ ᠴᠢᠯᠠᠭᠤᠨ ᠂ ᠬᠦᠷᠭᠡᠨ ᠪᠣᠲ᠋ᠦ ᠬᠣᠶᠠᠭᠤᠯᠠ ᠶ᠋ᠢ ᠠᠪᠴᠤ ᠰᠡᠭᠦᠯ ᠦ᠋ᠨ ᠴᠡᠷᠢᠭ ᠲᠦ᠍ᠷ ᠶᠠᠪᠤᠵᠤ ᠮᠥᠷᠡᠨ ᠢ᠋ ᠭᠡᠲᠦᠯᠦᠭᠰᠡᠨᠡ ᠂ ᠵᠡᠭᠦᠨ ᠬᠥᠪᠡᠭᠡ ᠳ᠋ᠡᠬᠢ ᠵᠠᠷᠤᠳ ᠤ᠋ᠨ ᠴᠡᠷᠢᠭ ᠦ᠋ᠨ ᠠᠷᠤ ᠠ᠋ᠴᠠ ᠬᠠᠭᠠᠵᠤ ᠪᠠᠢᠯᠳᠤ ᠭᠡᠮᠡᠨ ᠨᠢᠭᠡᠳ ᠨᠢᠭᠡᠪᠡᠷ ᠴᠥᠮ ᠲᠣᠭᠲᠠᠭᠠᠨ ᠪᠠᠷᠠᠵᠤ ᠲᠠᠢᠽᠦ ᠶ᠋ᠢ ᠵᠠᠯᠠᠪᠠ ᠃ ᠣᠯᠠᠨ ᠬᠥᠮᠦᠨ ᠮᠥᠷᠡᠨ ᠢ᠋ ᠬᠡᠷᠬᠢᠨ ᠭᠡᠲᠦᠯᠬᠦ ᠶ᠋ᠢ ᠮᠡᠳᠡᠬᠦ ᠦᠭᠡᠢ ᠂ ᠳᠣᠲᠣᠷ᠎ᠠ ᠳᠣᠲᠣᠷ᠎ᠠ ᠪᠠᠨ ᠭᠠᠢᠬᠠᠯᠳᠤᠵᠤ ᠂ ᠲᠠᠢᠽᠦ ᠶ᠋ᠢᠨ ᠳᠡᠷᠭᠡᠳᠡ ᠪᠡᠯᠡᠳᠬᠡᠵᠦ ᠪᠠᠢᠭᠰᠠᠨ ᠲᠤᠯᠠ ᠦᠬᠡᠷ ᠫᠤᠤ ᠭᠤᠷᠪᠠᠨᠲᠠ ᠳᠤᠤᠭᠠᠷᠤᠮᠠᠭᠴᠠ ᠲᠠᠢᠽᠦ ᠲᠡᠷᠢᠭᠦᠯᠡᠨ ᠪᠦᠭᠦᠳᠡᠭᠡᠷ ᠮᠣᠷᠢᠯᠠᠵᠤ ᠦᠯᠢᠶᠡᠨ ᠮᠥᠷᠡᠨ ᠢ᠋ ᠥᠭᠡᠳᠡᠯᠡᠨ ᠲᠠᠪᠢᠨ ᠭᠠᠵᠠᠷ ᠶᠠᠪᠤᠵᠤ ᠂ ᠬᠠᠪᠴᠢᠯ ᠣᠯᠣᠮ ᠳ᠋ᠤᠷ ᠬᠦᠷᠴᠦ ᠦᠵᠡᠪᠡᠰᠦ ᠠᠨᠳᠠᠨ ᠴᠢᠩ ᠲᠠᠯ᠎ᠠ ᠶ᠋ᠢᠨ ᠪᠤᠷᠭᠠᠰᠤᠨ ᠢ᠋ᠶ᠋ᠠᠷ ᠬᠡᠳᠦᠨ ᠵᠠᠭᠤᠨ ᠶᠡᠬᠡ ᠰᠠᠯ ᠤᠶᠠᠭᠠᠳ ᠰᠠᠯ ᠪᠦᠷᠢ ᠳ᠋ᠦ᠍ᠷ ᠳᠥᠷᠪᠡᠨ ᠦᠬᠡᠷ ᠬᠥᠯᠵᠦ ᠰᠠᠯ ᠤ᠋ᠨ ᠳᠠᠭᠠᠭᠠᠬᠤ ᠴᠢᠨᠡᠭᠡ ᠪᠡᠷ ᠴᠡᠷᠢᠭ ᠦ᠋ᠨ ᠬᠤᠶᠠᠭ ᠵᠡᠪᠰᠡᠭ ᠢ᠋ ᠲᠡᠭᠡᠭᠡᠵᠦ ᠪᠡᠯᠡᠳᠬᠡᠭᠡᠳ ᠪᠠᠰᠠ ᠣᠯᠠᠨ ᠴᠡᠷᠢᠭ ᠦ᠋ᠨ ᠮᠣᠷᠢᠨ ᠢ᠋ ᠮᠢᠩᠭ᠎ᠠ ᠮᠢᠩᠭ᠎ᠠ ᠪᠠᠷ ᠬᠣᠯᠪᠣᠭᠠᠳ ᠪᠦᠭᠦᠳᠡᠭᠡᠷ ᠢ᠋ ᠨᠡᠢᠯᠡᠭᠦᠯᠦᠨ ᠪᠢᠲᠡᠭᠦᠦ ᠳᠡᠭᠡᠰᠦ ᠪᠡᠷ ᠨᠢᠭᠡᠨ᠎ᠡ ᠴᠠᠭᠠᠷᠢᠭᠯᠠᠨ ᠬᠣᠯᠪᠣᠭᠠᠳ ᠶᠡᠬᠡ ᠳᠣᠬᠢᠶ᠎ᠠ ᠶ᠋ᠢᠨ ᠳᠠᠯᠪᠠᠭ᠎ᠠ ᠶ᠋ᠢ ᠪᠠᠷᠢᠵᠤ᠂ ᠲᠠᠢᠽᠦ ᠶ᠋ᠢᠨ ᠬᠦᠷᠴᠦ ᠢᠷᠡᠬᠦ ᠶ᠋ᠢ ᠬᠦᠯᠢᠶᠡᠨ ᠵᠣᠭᠰᠣᠵᠤᠬᠤᠢ᠃ᠲᠠᠢᠽᠦ ᠮᠥᠷᠡᠨ ᠦ᠌ ᠬᠥᠪᠡᠭᠡ ᠳ᠋ᠦ᠍ᠷ ᠬᠦᠷᠴᠦ ᠦᠵᠡᠮᠡᠭᠴᠡ ᠲᠡᠭᠦᠨ ᠦ᠌ ᠤᠬᠠᠭᠠᠨ ᠢ᠋ ᠮᠡᠳᠡᠭᠡᠳ ᠮᠣᠷᠢᠨ ᠤ᠋ ᠳᠡᠭᠡᠷ᠎ᠡ ᠡᠴᠡ ᠪᠤᠭᠤᠷᠵᠢ ᠠᠨᠳᠠᠨ ᠴᠢᠩ ᠬᠣᠶᠠᠭᠤᠯᠠ ᠳ᠋ᠤᠷ ᠨᠢᠭᠡᠨ ᠴᠥᠭᠥᠴᠡ ᠠᠷᠢᠬᠢ ᠬᠠᠢᠷᠠᠯᠠᠭᠠᠳ ᠣᠭᠲᠣ ᠳᠠᠭᠤᠨ ᠭᠠᠷᠬᠤ ᠦᠭᠡᠢ ᠂ ᠦᠭᠡ ᠴᠦ᠍ ᠠᠰᠠᠭᠤᠭᠰᠠᠨ ᠦᠭᠡᠢ ᠪᠡᠷ ᠬᠠᠰ ᠬᠠᠢᠨᠠᠭ ᠨᠡᠷᠡᠲᠦ ᠯᠤᠤ ᠶ᠋ᠢᠨ ᠮᠣᠷᠢ ᠪᠠᠨ ᠲᠠᠰᠤ ᠭᠤᠶᠠᠳᠠᠵᠤ᠂ ᠤᠷᠢᠳᠠ ᠳᠣᠪᠲᠣᠯᠤᠨ ᠮᠥᠷᠡᠨ᠎ᠡ ᠬᠠᠷᠠᠢᠯᠭᠠᠨ ᠣᠷᠣᠭᠰᠠᠨ᠎ᠠ᠂ ᠪᠤᠭᠤᠷᠵᠢ ᠶᠠᠭᠠᠷᠠᠨ ᠮᠣᠷᠢ ᠪᠠᠨ ᠲᠠᠰᠢᠭᠤᠷᠳᠠᠨ ᠲᠠᠢᠽᠦ ᠶ᠋ᠢᠨ ᠡᠮᠦᠨ᠎ᠡ ᠱᠤᠩᠭᠤᠨ ᠣᠷᠣᠪᠠ᠃ ᠡᠭᠦᠨ ᠳ᠋ᠦ᠍ᠷ ᠣᠯᠠᠨ ᠲᠦᠰᠢᠮᠡᠳ ᠶᠡᠬᠡᠯ᠎ᠡ ᠠᠶᠤᠯᠳᠤᠵᠤ ᠴᠤᠭᠠᠷ ᠳᠣᠪᠲᠣᠯᠤᠯᠴᠠᠨ ᠮᠥᠷᠡᠨ ᠳ᠋ᠦ᠍ᠷ ᠬᠠᠷᠠᠢᠯᠭᠠᠨ ᠣᠷᠣᠪᠠ᠂ ᠲᠠᠢᠽᠦ ᠶ᠋ᠢᠨ ᠡᠨᠡ ᠬᠠᠰ ᠬᠠᠢᠨᠠᠭ ᠬᠡᠮᠡᠭᠴᠢ ᠮᠣᠷᠢ ᠪᠣᠯᠪᠠᠰᠤ ᠮᠢᠩᠭᠠᠨ ᠭᠡᠭᠦᠦ ᠮᠣᠷᠢ ᠶ᠋ᠢ ᠠᠵᠢᠷᠭ᠎ᠠ ᠦᠭᠡᠢ ᠪᠡᠷ ᠡᠵᠡᠨ ᠦᠭᠡᠢ ᠰᠠᠷᠯᠠᠭ ᠲᠠᠯ᠎ᠠ ᠳ᠋ᠤᠷ ᠬᠤᠷᠯᠠᠵᠤ᠂ ᠯᠤᠤ ᠪᠠᠷ ᠭᠢᠰᠬᠢᠭᠦᠯᠦᠨ ᠲᠥᠷᠥᠭᠰᠡᠨ ᠤᠨᠠᠭ᠎ᠠ ᠲᠤᠯᠠ ᠤᠰᠤᠨ ᠤ᠋ ᠳᠣᠲᠣᠷ᠎ᠠ ᠶᠠᠪᠤᠬᠤ ᠠᠨᠤ ᠵᠢᠭᠠᠰᠤ ᠳᠡᠭᠳᠡᠬᠦ ᠮᠡᠲᠦ᠂ ᠱᠤᠩᠭᠤᠬᠤ ᠠᠨᠤ ᠤᠰᠤᠨ ᠮᠣᠭᠠᠢ ᠬᠠᠷᠪᠤᠬᠤ ᠠᠳᠠᠯᠢ᠂ ᠤᠰᠤ ᠳᠥᠷᠥᠭᠡ ᠳᠠᠪᠠᠬᠤ ᠦᠭᠡᠢ ᠃ ᠡᠭᠦᠨ ᠳ᠋ᠦ᠍ᠷ ᠠᠨᠳᠠᠨ ᠴᠢᠩ ᠶᠠᠭᠠᠷᠠᠨ ᠶᠡᠬᠡ ᠫᠤᠤ ᠲᠠᠯᠪᠢᠭᠤᠯᠵᠤ ᠨᠢᠭᠡᠨᠲᠡ ᠬᠠᠰᠬᠢᠷᠤᠨ ᠭᠤᠷᠪᠠᠨ ᠲᠦᠮᠡᠨ ᠠᠭᠲᠠ ᠴᠡᠷᠢᠭ ᠬᠠᠮᠲᠤ ᠪᠠᠷ ᠤᠰᠤᠨ ᠳ᠋ᠤᠷ ᠣᠷᠣᠭᠰᠠᠨ ᠳ᠋ᠤᠷ ᠬᠤᠶᠠᠭ ᠤ᠋ᠨ ᠰᠠᠯ ᠮᠥᠨ ᠲᠠᠭᠠᠯᠴᠠᠨ ᠣᠷᠣᠵᠤ ᠂ ᠨᠢᠭᠡᠨ ᠴᠠᠭ ᠲᠤᠷ ᠲᠠᠢᠽᠦ ᠲᠡᠷᠢᠭᠦᠯᠡᠨ ᠭᠤᠷᠪᠠᠨ ᠲᠦᠮᠡᠨ ᠬᠠᠮᠲᠤ ᠪᠠᠷ ᠬᠠᠭᠠᠰ ᠭᠠᠵᠠᠷ ᠤ᠋ᠨ ᠥᠷᠭᠡᠨ ᠮᠥᠷᠡᠨ ᠢ᠋ ᠬᠠᠭᠤᠷᠠᠢ ᠭᠠᠵᠠᠷ ᠶᠠᠪᠤᠬᠤ ᠮᠡᠲᠦ ᠭᠡᠲᠦᠯᠦᠨ ᠭᠠᠷᠴᠤ ᠴᠢᠨᠠᠳᠤ ᠬᠥᠪᠡᠭᠡᠨ ᠳ᠋ᠦ᠍ᠷ ᠬᠦᠷᠴᠦ ᠪᠠᠢᠴᠠᠭᠠᠪᠠᠰᠤ ᠨᠢᠭᠡᠨ ᠮᠣᠷᠢ ᠬᠠᠭᠠᠰ ᠬᠤᠶᠠᠭ ᠴᠤ᠌ ᠭᠡᠭᠡᠭᠰᠡᠨ ᠦᠭᠡᠢ ᠳ᠋ᠦ᠍ᠷ ᠣᠯᠠᠨ ᠵᠠᠩᠵᠤᠨ ᠲᠦᠰᠢᠮᠡᠳ ᠴᠤᠭᠠᠷ ᠮᠥᠷᠭᠥᠵᠦ ᠮᠠᠭᠲᠠᠯᠴᠠᠨ ᠲᠠᠢᠽᠦ ᠳ᠋ᠦ᠍ᠷ ᠮᠡᠳᠡᠭᠦᠯᠦᠷᠦᠨ : 《ᠡᠵᠡᠨ ᠢ᠋ ᠪᠢᠳᠡ ᠤᠯᠤᠰ ᠤ᠋ᠨ ᠬᠣᠲᠠᠯᠠᠭᠠᠷ ᠲᠡᠭᠷᠢ ᠶ᠋ᠢᠨ ᠬᠥᠪᠡᠭᠦᠨ ᠬᠡᠮᠡᠯᠳᠦᠬᠦᠢ ᠳ᠋ᠦ᠍ᠷ ᠢᠯᠡ ᠦᠭᠡᠢ ᠪᠥᠯᠥᠭᠡ ᠃ ᠡᠨᠡ ᠡᠳᠦᠷ ᠣᠳᠣ ᠲᠡᠮᠳᠡᠭᠲᠡᠶ᠎ᠡ ᠢᠯᠡᠷᠡᠨ ᠭᠠᠷᠴᠤ ᠢᠷᠡᠪᠡ !》ᠭᠡᠮᠡᠨ ᠮᠥᠷᠭᠥᠬᠦᠢ ᠳ᠋ᠦ᠍ᠷ ᠲᠠᠢᠽᠦ ᠵᠠᠬᠢᠷᠤᠨ:《ᠰᠠᠢᠨ ᠮᠣᠷᠢᠨ ᠤ᠋ ᠴᠢᠳᠠᠯ ᠪᠣᠢ ᠶᠠ᠂ ᠰᠠᠨᠠᠭᠠᠲᠤ ᠨᠠᠳᠠ ᠳ᠋ᠤᠷ ᠶᠠᠮᠪᠠᠷ ᠭᠠᠢᠬᠠᠮᠰᠢᠭ ᠪᠣᠢ ᠠᠵᠢ ! 》ᠬᠡᠮᠡᠪᠡ ᠃ ᠣᠯᠠᠨ ᠴᠡᠷᠢᠭ ᠦ᠋ᠳ ᠠᠷᠤ ᠠ᠋ᠴᠠ ᠪᠠᠨ ᠬᠠᠭᠤᠷᠠᠢ ᠬᠦᠨᠡᠰᠦ ᠪᠡᠨ ᠪᠠᠭᠤᠯᠭᠠᠵᠤ ᠢᠳᠡᠯᠴᠡᠨ᠂ ᠳᠡᠪᠡᠯ ᠬᠤᠪᠴᠠᠰᠤᠨ ᠢ᠋ᠶ᠋ᠠᠨ ᠬᠠᠲᠠᠭᠠᠨ ᠬᠤᠶᠠᠭ ᠳᠤᠭᠤᠯᠠᠭ᠎ᠠ ᠪᠠᠨ ᠡᠮᠦᠰᠴᠦ ᠮᠣᠷᠢ ᠡᠮᠡᠭᠡᠯ ᠢ᠋ᠶ᠋ᠡᠨ ᠵᠠᠰᠠᠵᠤ ᠪᠡᠯᠡᠨ ᠵᠠᠯᠠᠨ ᠪᠣᠯᠤᠭᠰᠠᠨ ᠳ᠋ᠤᠷ ᠪᠤᠭᠤᠷᠵᠢ ᠲᠠᠢᠽᠦ ᠳ᠋ᠦ᠍ᠷ ᠮᠡᠳᠡᠭᠦᠯᠦᠷᠦᠨ : 《ᠡᠵᠡᠨ ᠦ᠌ ᠠᠯᠲᠠᠨ ᠴᠣᠭᠴᠠ ᠵᠣᠪᠠᠮᠤᠢ ᠭᠡᠮᠡᠨ ᠬᠡᠷᠬᠢᠬᠦ ᠂ ᠨᠢᠭᠡᠨᠲᠡ ᠶᠡᠬᠡ ᠮᠥᠷᠡᠨ ᠢ᠋ ᠭᠡᠲᠦᠯᠦᠨ ᠭᠠᠷᠴᠤ ᠲᠦᠭᠰᠢᠭᠦᠷᠢᠲᠡᠢ ᠭᠠᠵᠠᠷ ᠣᠷᠣᠪᠠ᠃ ᠡᠰᠡᠬᠦᠯ᠎ᠡ ᠪᠦᠷᠢᠨ᠎ᠡ ᠳᠠᠶᠢᠯᠮᠤᠢ᠂ ᠡᠰᠡᠬᠦᠯ᠎ᠡ ᠪᠠᠷᠠᠲᠠᠯ᠎ᠠ ᠳᠡᠢᠯᠦᠭᠳᠡᠮᠦᠢ᠂ ᠴᠡᠷᠢᠭ ᠪᠠᠬᠠᠨ ᠰᠠᠭᠠᠲᠠᠪᠠᠰᠤ ᠬᠡᠷᠡᠭ ᠡᠪᠳᠡᠷᠡᠮᠦᠢ᠃ ᠡᠵᠡᠨ ᠪᠡᠶ᠎ᠡ ᠪᠡᠷ ᠵᠠᠷᠯᠠᠨ ᠲᠣᠭᠲᠠᠭᠠᠮᠤ !》ᠭᠡᠮᠡᠨ ᠭᠤᠷᠪᠠᠨ ᠠᠩᠭᠢ ᠴᠡᠷᠢᠭ ᠲᠦ᠍ᠷ ᠲᠠᠢᠽᠦ ᠪᠡᠶ᠎ᠡ ᠪᠡᠷ ᠴᠠᠭᠠᠵᠠ ᠵᠠᠷᠯᠠᠨ ᠲᠣᠭᠲᠠᠭᠠᠭᠰᠠᠨ ᠠᠨᠤ : 《ᠲᠡᠷᠢᠭᠦᠨ ᠳ᠋ᠦᠷ ᠣᠷᠣᠭᠰᠢ ᠣᠷᠣᠪᠠᠰᠤ ᠠᠮᠢᠳᠤᠷᠠᠮᠤᠢ᠂ ᠬᠣᠢᠰᠢ ᠤᠬᠤᠷᠢᠪᠠᠰᠤ ᠦᠬᠦᠮᠦᠢ᠃ ᠡᠳᠦᠭᠡ ᠡᠮᠦᠨ᠎ᠡ ᠳᠠᠢᠰᠤᠨ ᠬᠣᠢᠨ᠎ᠠ ᠮᠥᠷᠡᠨ ᠪᠣᠯᠪᠠ᠃ ᠭᠠᠭᠴᠠ ᠣᠷᠣᠭᠰᠢ ᠳᠠᠢᠰᠤᠨ ᠢ᠋ ᠳᠠᠷᠤᠪᠠᠰᠤ ᠠᠮᠢᠳᠤᠷᠠᠯ ᠪᠠᠢᠮᠤᠢ ᠶᠠ᠂ ᠬᠣᠢᠰᠢ ᠤᠬᠤᠷᠢᠭᠠᠳ ᠲᠡᠩᠬᠡᠷᠡᠯ ᠦᠭᠡᠢ᠂ᠠᠮᠢ ᠪᠠᠨ ᠲᠠᠯᠪᠢᠵᠤ ᠣᠷᠣᠭᠰᠢ ᠪᠠᠢᠯᠳᠤ ! 》ᠬᠡᠮᠡᠪᠡ ᠃ ᠪᠤᠭᠤᠷᠵᠢ ᠂ ᠪᠤᠭᠤᠷᠤᠯ ᠢ᠋ ᠳᠠᠭᠤᠳᠠᠵᠤ ᠂ ᠲᠠᠪᠤᠨ ᠮᠢᠩᠭᠠᠨ ᠴᠡᠷᠢᠭ ᠥᠭᠴᠦ ᠴᠢᠬᠢᠨ ᠳ᠋ᠦ᠍ᠷ ᠰᠡᠮᠡᠬᠡᠷ ᠰᠤᠷᠭᠠᠨ ᠥᠭᠦᠯᠡᠷᠦᠨ : 《ᠠᠬᠠᠢ ᠴᠢ ᠮᠥᠨ ᠡᠳᠦᠷ ᠲᠡᠭᠡᠨ ᠳᠣᠪᠲᠣᠯᠤᠨ ᠮᠥᠷᠡᠨ ᠢ᠋ ᠡᠨᠡᠲᠡᠭᠡ ᠪᠦᠬᠦᠢ ᠰᠣᠯᠤᠩᠭᠤᠳ ᠤ᠋ᠨ ᠮᠥᠷᠡᠨ ᠦ᠌ ᠬᠥᠪᠡᠭᠡ ᠶ᠋ᠢ ᠰᠠᠬᠢᠬᠤ ᠴᠡᠷᠢᠭ ᠢ᠋ ᠬᠠᠭᠠᠵᠤ ᠪᠠᠢᠯᠳᠤᠨ᠂ ᠣᠩᠭᠣᠴᠠ ᠰᠠᠯ ᠪᠦᠬᠦᠨ ᠢ᠋ ᠪᠤᠯᠢᠶᠠᠨ ᠠᠪᠴᠤ ᠮᠥᠷᠡᠨ ᠦ᠌ ᠢᠷᠮᠡᠭ ᠢ᠋ ᠰᠠᠬᠢᠬᠤ ᠮᠠᠨ ᠤ᠋ ᠤᠯᠤᠰ ᠲᠤᠷ ᠢᠨᠠᠭᠰᠢ ᠴᠢᠨᠠᠭᠰᠢ ᠶᠠᠪᠤᠬᠤ ᠶ᠋ᠢ ᠪᠡᠯᠡᠳᠬᠡᠭᠡᠳ ᠡᠵᠡᠨ ᠳ᠋ᠦ᠍ᠷ ᠮᠡᠳᠡᠭᠡ ᠪᠡᠷᠢ !》ᠭᠡᠮᠡᠨ ᠮᠣᠷᠳᠠᠭᠤᠯᠤᠭᠠᠳ ᠲᠠᠢᠽᠦ ᠶ᠋ᠢ ᠬᠠᠮᠠᠭᠠᠯᠠᠬᠤ ᠲᠠᠪᠤᠨ ᠮᠢᠩᠭᠠᠨ ᠴᠡᠷᠢᠭ ᠦᠯᠡᠳᠡᠭᠡᠨ ᠥᠭᠴᠦ ᠬᠣᠢᠨ᠎ᠠ ᠠ᠋ᠴᠠ ᠠᠯᠭᠤᠷ ᠶᠠᠪᠤᠭᠤᠯᠤᠨ ᠪᠤᠭᠤᠷᠵᠢ ᠠᠷᠪᠠᠨ ᠵᠠᠩᠵᠤᠨ ᠬᠣᠶᠠᠷ ᠲᠦᠮᠡᠨ ᠴᠡᠷᠢᠭ ᠢ᠋ ᠠᠪᠴᠤ ᠨᠢᠰᠬᠦ ᠮᠡᠲᠦ ᠳᠣᠪᠲᠣᠯᠤᠨ᠂ ᠵᠠᠷᠤᠳ ᠤ᠋ᠨ ᠪᠠᠢ ᠱᠠ ᠴᠧᠩ ᠬᠣᠲᠠ ᠶ᠋ᠢᠨ ᠵᠦᠭ ᠳᠣᠪᠲᠣᠯᠤᠨ ᠣᠷᠣᠵᠤ ᠢᠷᠡᠭᠡᠳ ᠬᠡᠩᠭᠡᠷᠭᠡ ᠨᠢᠭᠡᠨᠲᠡ ᠳᠡᠯᠡᠳᠦᠨ ᠵᠠᠷᠤᠳ ᠤ᠋ᠨ ᠬᠣᠲᠠ ᠶ᠋ᠢ ᠬᠠᠭᠠᠪᠠᠢ᠃
ᠡᠨᠡ ᠦᠶ᠎ᠡ ᠳ᠋ᠦ᠍ ᠵᠠᠷᠤᠳ ᠤ᠋ᠨ ᠸᠠᠩᠴᠤᠭ ᠬᠠᠨ ᠨᠢᠭᠡᠮᠦᠰᠦᠨ ᠶᠡᠬᠡ ᠮᠥᠷᠡᠨ ᠳ᠋ᠦ᠍ᠷ ᠢᠲᠡᠭᠡᠵᠦ ᠰᠡᠳᠬᠢᠯ ᠲᠠᠯᠪᠢᠭᠤᠷᠠᠭᠠᠳ ᠮᠥᠷᠡᠨ ᠦ᠌ ᠬᠥᠪᠡᠭᠡ ᠶ᠋ᠢᠨ ᠣᠩᠭᠣᠴᠠᠨ ᠤ᠋ ᠣᠯᠣᠮ ᠢ᠋ ᠰᠠᠬᠢᠭ᠍ᠰᠠᠨ ᠢ᠋ᠶ᠋ᠠᠨ ᠨᠢᠭᠡᠨᠲᠡ ᠪᠠᠲᠤ ᠰᠠᠨᠠᠵᠤ ᠪᠤᠰᠤ ᠴᠡᠷᠢᠭ ᠦ᠋ᠳ ᠢ᠋ᠶ᠋ᠡᠨ ᠴᠥᠮ ᠲᠠᠷᠬᠠᠭᠠᠵᠤ ᠲᠠᠪᠤ ᠲᠠᠪᠤᠨ ᠮᠢᠩᠭᠠᠨ ᠢ᠋ᠶ᠋ᠠᠷ ᠡᠭᠡᠯᠵᠢᠯᠡᠨ ᠮᠥᠷᠡᠨ ᠦ᠌ ᠬᠥᠪᠡᠭᠡ ᠶ᠋ᠢ ᠰᠡᠷᠭᠡᠢᠯᠡ ᠬᠡᠮᠡᠭᠡᠳ ᠳᠠᠷᠤᠢ ᠣᠯᠠᠨ ᠡᠮᠡᠰ ᠢ᠋ᠶ᠋ᠡᠨ ᠠᠪᠴᠤ ᠡᠳᠦᠷ ᠰᠥᠨᠢ ᠦᠭᠡᠢ ᠬᠥᠭ ᠳᠠᠭᠤᠨ ᠢ᠋ᠶ᠋ᠠᠷ ᠵᠢᠷᠭᠠᠵᠤ ᠮᠠᠰᠢ᠂ ᠲᠥᠷᠥ ᠬᠣᠶᠠᠷ ᠲᠦᠰᠢᠮᠡᠯ ᠢᠨᠦ ᠬᠡᠷᠬᠢᠨ ᠬᠡᠯᠡᠪᠡᠴᠦ ᠦᠭᠡ ᠶ᠋ᠢ ᠠᠪᠬᠤ ᠦᠭᠡᠢ : 《ᠪᠧᠲ᠋ᠠ᠋ ᠤᠯᠤᠰ ᠤ᠋ᠨ ᠴᠡᠷᠢᠭ ᠵᠢᠭᠦᠷ ᠤᠷᠭᠤᠪᠠᠴᠤ ᠮᠥᠷᠡᠨ ᠢ᠋ ᠬᠡᠷᠬᠢᠨ ᠭᠡᠲᠦᠯᠦᠮᠦᠢ᠂ ᠦᠨᠡᠬᠡᠷ ᠮᠣᠷᠢᠨ ᠤ᠋ ᠰᠡᠭᠦᠯ ᠢ᠋ ᠪᠠᠷᠢᠵᠤ ᠤᠮᠪᠠᠨ ᠭᠡᠲᠦᠯᠪᠡᠴᠦ ᠲᠡᠷᠡ ᠮᠡᠲᠦ ᠪᠡᠷ ᠬᠡᠳᠦᠨ ᠬᠥᠮᠦᠨ ᠭᠡᠲᠦᠯᠦᠨ ᠴᠢᠳᠠᠮᠤᠢ᠂ ᠮᠢᠨᠦ ᠲᠠᠪᠤᠨ ᠮᠢᠩᠭᠠᠨ ᠴᠡᠷᠢᠭ ᠶᠠᠭᠤ ᠬᠢᠵᠦ ᠪᠠᠢᠬᠤ ᠠᠵᠢ᠂ ᠣᠨᠴᠠ ᠲᠠ ᠡᠢᠮᠦ ᠤᠤᠯᠢᠬᠠᠢ ᠳᠣᠣᠯᠢᠬᠠᠢ ᠪᠠᠷ ᠠᠭᠠᠰᠢᠯᠠᠮᠤᠢ ! 》 ᠭᠡᠮᠡᠨ ᠬᠡᠳᠦ ᠬᠡᠳᠦᠨ ᠤᠳᠠᠭ᠎ᠠ ᠵᠠᠩᠳᠠᠨ ᠢᠴᠢᠭᠡᠵᠦ ᠭᠠᠷᠭᠠᠭᠰᠠᠨ ᠠᠵᠤᠭᠤ᠃ ᠲᠡᠳᠦᠢ ᠵᠠᠷᠤᠳ ᠤ᠋ᠨ ᠲᠡᠷᠢᠭᠦᠨ ᠲᠦᠰᠢᠮᠡᠯ ᠮᠠᠰᠢ ᠂ ᠲᠥᠷᠥ ᠬᠣᠶᠠᠭᠤᠯᠠ ᠶᠡᠬᠡᠯ᠎ᠡ ᠢᠴᠢᠩᠭᠦᠷᠡᠨ ᠵᠢᠬᠡᠭᠦᠨ ᠢ᠋ᠶ᠋ᠡᠷ ᠢᠨᠢᠶᠡᠨ ᠪᠥᠬᠥᠶ᠎ᠡ᠂ ᠭᠡᠨᠡᠳᠲᠡ ᠨᠢᠭᠡᠨ ᠡᠳᠦᠷ ᠪᠧᠲ᠋ᠠ᠋ ᠤᠯᠤᠰ ᠤ᠋ᠨ ᠶᠡᠬᠡ ᠴᠡᠷᠢᠭ ᠢᠷᠡᠵᠦ ᠬᠣᠲᠠᠨ ᠢ᠋ ᠬᠠᠭᠠᠵᠤ ᠬᠠᠰᠬᠢᠷᠬᠤ ᠳᠠᠭᠤᠨ ᠳ᠋ᠤᠷ ᠲᠡᠭᠷᠢ ᠬᠦᠩᠭᠢᠨᠡᠵᠦ᠂ ᠬᠡᠩᠭᠡᠷᠭᠡ ᠶ᠋ᠢᠨ ᠳᠠᠭᠤᠨ ᠳ᠋ᠤᠷ ᠭᠠᠵᠠᠷ ᠳᠣᠯᠭᠢᠰᠤᠮᠤᠢ᠃ ᠵᠠᠷᠤᠳ ᠠᠷᠠᠬᠠᠨ ᠬᠣᠲᠠ ᠶ᠋ᠢᠨ ᠬᠠᠭᠠᠯᠭ᠎ᠠ ᠪᠠᠨ ᠬᠠᠭᠠᠵᠤ ᠵᠠᠪᠳᠤᠪᠠ᠂ ᠡᠭᠦᠨ ᠳ᠋ᠦ᠍ᠷ ᠸᠠᠩᠴᠣᠭ ᠬᠠᠨ ᠡᠪᠦᠷ ᠲᠣᠷ ᠰᠠᠭᠤᠯᠭᠠᠵᠤ ᠠᠷᠢᠬᠢ ᠱᠠᠭᠠᠷᠳᠠᠭᠤᠯᠬᠤ ᠰᠠᠢᠬᠠᠨ ᠰᠤᠯᠠ ᠬᠠᠲᠤᠨ ᠢ᠋ᠶ᠋ᠠᠨ ᠲᠦᠯᠬᠢᠨ ᠪᠠᠭᠤᠯᠭᠠᠵᠤ᠂ ᠶᠠᠭᠠᠷᠠᠨ ᠲᠥᠷᠥ ᠳ᠋ᠦ᠍ᠷ ᠭᠠᠷᠴᠤ ᠠᠷᠪᠠᠨ ᠨᠠᠢ᠍ᠮᠠᠨ ᠮᠢᠩᠭᠠᠨ ᠤ᠋ ᠨᠣᠶᠠᠳ ᠢ᠋ᠶ᠋ᠠᠨ ᠴᠢᠭᠤᠯᠤᠭᠤᠯᠤᠨ ᠵᠥᠪᠳᠡᠨ ᠥᠭᠦᠯᠡᠷᠦᠨ : 《ᠪᠧᠲ᠋ᠠ᠋ ᠤᠯᠤᠰ ᠤ᠋ᠨ ᠴᠡᠷᠢᠭ ᠲᠡᠭᠷᠢ ᠡᠴᠡ ᠪᠠᠭᠤᠨ ᠢᠷᠡᠪᠡᠢ᠃ ᠣᠳᠣ ᠬᠡᠷᠬᠢᠪᠡᠰᠦ ᠰᠠᠢᠨ ? 》ᠬᠡᠮᠡᠬᠦᠢ ᠳ᠋ᠦ᠍ᠷ ᠮᠠᠰᠢ ᠲᠥᠷᠥ ᠬᠣᠶᠠᠷ ᠲᠦᠰᠢᠮᠡᠯ ᠮᠡᠳᠡᠭᠦᠯᠦᠷᠦᠨ᠄《ᠬᠡᠷᠡᠭ ᠨᠢᠭᠡᠨᠲᠡ ᠡᠨᠡ ᠬᠢᠷᠢᠲᠡᠢ ᠪᠣᠯᠤᠭᠰᠠᠨ ᠲᠤᠯᠠ ᠬᠡᠷᠡᠢᠳ ᠦ᠋ᠨ ᠵᠠᠮᠤᠬ᠎ᠠ ᠳ᠋ᠤᠷ ᠮᠡᠬᠡᠯᠡᠭᠳᠡᠭᠰᠡᠨᠡ ᠬᠣᠷᠣᠰᠪᠠᠴᠤ ᠬᠣᠵᠢᠮᠳᠠᠵᠤᠬᠤᠢ᠃ ᠣᠳᠣ ᠭᠠᠭᠴᠠ ᠤᠷᠢᠳᠠ ᠶ᠋ᠢᠨ ᠠᠯᠪᠠ ᠶ᠋ᠢ ᠪᠦᠷᠢᠨ᠎ᠡ ᠲᠤᠰᠢᠶᠠᠵᠤ ᠭᠠᠷᠴᠤ ᠶᠠᠯ᠎ᠠ ᠬᠦᠯᠢᠶᠡᠨ ᠳᠠᠭᠠᠬᠤ ᠪᠣᠢ ᠶᠠ ᠃》 ᠸᠠᠩᠴᠤᠭ ᠬᠠᠭᠠᠨ ᠥᠭᠦᠯᠡᠷᠦᠨ : 《ᠳᠠᠭᠠᠬᠤᠢ ᠳ᠋ᠤᠷ ᠪᠡᠷᠬᠡ ᠦᠭᠡᠢ᠂ ᠭᠠᠭᠴᠠ ᠳᠠᠭᠠᠭᠰᠠᠨ ᠤ᠋ ᠬᠣᠢᠨ᠎ᠠ ᠠᠯᠠᠬᠤ ᠠᠨᠤ ᠬᠡᠴᠡᠭᠦᠦ ᠪᠣᠯᠠᠢ᠃ 》ᠮᠠᠰᠢ ᠮᠡᠳᠡᠭᠦᠯᠦᠷᠦᠨ : 《ᠲᠦᠰᠢᠮᠡᠯ ᠪᠢ ᠰᠣᠨᠣᠰᠪᠠᠰᠤ ᠪᠧᠲ᠋ᠠ᠋ ᠤᠯᠤᠰ ᠤ᠋ᠨ ᠡᠵᠡᠨ ᠳᠠᠭᠠᠭᠰᠠᠨ ᠢ᠋ ᠣᠭᠲᠣ ᠠᠯᠠᠭᠰᠠᠨ ᠦᠭᠡᠢ᠂ ᠲᠡᠷᠡ ᠬᠡᠷᠪᠡ ᠳᠠᠭᠠᠭᠰᠠᠨ ᠪᠦᠬᠦᠨ ᠢ᠋ ᠴᠥᠮ ᠠᠯᠠᠭᠰᠠᠨ ᠪᠥᠭᠡᠰᠦ ᠂ ᠡᠳᠦᠭᠡ ᠪᠧᠲ᠋ᠠ᠋ ᠤᠯᠤᠰ ᠬᠡᠷᠬᠢᠨ ᠡᠢᠮᠦ ᠶᠡᠬᠡ ᠪᠣᠯᠤᠨ ᠴᠢᠳᠠᠮᠤᠢ᠂ ᠳᠡᠳ᠋ ᠲᠣᠷ ᠪᠦᠦ ᠳᠠᠭᠠᠰᠤᠭᠠᠢ ᠬᠡᠮᠡᠬᠦᠯ᠎ᠡ ᠡᠨᠡ ᠪᠣᠷᠵᠢᠭᠢᠳ ᠤ᠋ᠨ ᠴᠡᠷᠢᠭ ᠬᠥᠯ ᠦᠭᠡᠢ ᠮᠥᠷᠡᠨ ᠢ᠋ ᠨᠢᠰᠦᠨ ᠭᠠᠷᠴᠤ ᠢᠷᠡᠬᠦ ᠶ᠋ᠢ ᠴᠢᠳᠠᠬᠤ ᠪᠥᠭᠡᠳ ᠮᠠᠨ ᠤ᠋ ᠡᠨᠡ ᠪᠢᠴᠢᠬᠠᠨ ᠬᠣᠲᠠ ᠶ᠋ᠢ ᠳᠠᠪᠠᠬᠤᠢ ᠳ᠋ᠤᠷ ᠶᠠᠮᠪᠠᠷ ᠪᠡᠷᠬᠡᠰᠢᠶᠡᠬᠦ ᠭᠠᠵᠠᠷ ᠪᠣᠢ ? ᠪᠧᠲ᠋ᠠ᠋ ᠤᠯᠤᠰ ᠤᠷᠲᠤᠳᠠ ᠬᠣᠢᠲᠤ ᠣᠷᠣᠰ ᠤᠯᠤᠰ ᠯᠤᠭ᠎ᠠ ᠮᠣᠷᠢ ᠠᠷᠠᠯᠵᠢᠨ ᠬᠤᠳᠠᠯᠳᠤᠭ᠎ᠠ ᠬᠢᠭᠰᠡᠭᠡᠷ ᠯᠠᠪ ᠲᠡᠳᠡᠨ ᠦ᠌ ᠨᠢᠰᠬᠦ ᠠᠷᠭ᠎ᠠ ᠶ᠋ᠢ ᠰᠤᠷᠴᠤᠬᠤᠢ᠂ ᠳᠠᠭᠠᠬᠤ ᠠ᠋ᠴᠠ ᠪᠤᠰᠤ ᠥᠪᠡᠷ᠎ᠡ ᠪᠦᠷᠢᠨ ᠪᠣᠯᠬᠤ ᠠᠷᠭ᠎ᠠ ᠥᠴᠦᠬᠡᠨ ᠴᠦ᠍ ᠦᠭᠡᠢ》 ᠬᠡᠮᠡᠬᠦᠢ ᠳ᠋ᠦ᠍ᠷ ᠸᠠᠩᠴᠤᠭ ᠬᠠᠨ ᠲᠣᠯᠣᠭᠠᠢ ᠭᠣᠳᠣᠢᠵᠤ ᠵᠣᠪᠠᠭᠤᠷᠢᠰᠢᠶᠠᠨ ᠪᠣᠳᠣᠬᠤᠢ ᠳ᠋ᠤᠷ ᠪᠤᠰᠤ ᠠᠷᠪᠠᠨ ᠵᠢᠷᠭᠤᠭᠠᠨ ᠮᠢᠩᠭᠠᠨ ᠤ᠋ ᠨᠣᠶᠠᠳ ᠠᠨᠤ ᠪᠦᠭᠦᠳᠡᠭᠡᠷ ᠱᠠᠯᠠᠮᠠᠭᠠᠢᠯᠠᠨ ᠥᠭᠦᠯᠡᠷᠦᠨ: 《ᠪᠢᠳᠡ ᠴᠥᠮ ᠦᠶ᠎ᠡ ᠦᠶ᠎ᠡ ᠬᠠᠨ ᠡᠵᠡᠨ ᠢ᠋ᠶ᠋ᠡᠨ ᠬᠦᠨᠳᠦ ᠬᠡᠰᠢᠭ ᠲᠣᠷ ᠬᠦᠷᠲᠡᠭᠡᠳ ᠡᠳᠦᠭᠡ ᠬᠣᠢᠰᠢᠯᠠᠪᠠᠰᠤ ᠪᠣᠯᠤᠮᠤᠢ ᠤᠤ ? ᠪᠢᠳᠡ ᠬᠢᠷᠢ ᠴᠢᠳᠠᠯ ᠤ᠋ᠨ ᠴᠢᠨᠡᠭᠡ ᠪᠡᠷ ᠴᠢᠷᠮᠠᠢᠯᠴᠠᠵᠤ ᠬᠣᠲᠠ ᠪᠠᠨ ᠰᠠᠬᠢᠵᠤ ᠦᠵᠡᠰᠦᠭᠡᠢ᠃ 》 ᠸᠠᠩᠴᠤᠭ ᠥᠭᠦᠯᠡᠷᠦᠨ : 《ᠰᠠᠬᠢᠭᠠᠳ ᠬᠣᠲᠠ ᠪᠠᠨ ᠬᠠᠮᠠᠭᠠᠯᠠᠨ ᠴᠢᠳᠠᠪᠠᠰᠤ ᠭᠠᠢᠭᠤᠢ᠂ ᠬᠡᠷᠪᠡ ᠡᠰᠡ ᠴᠢᠳᠠᠪᠠᠰᠤ ᠣᠳᠣ ᠴᠥᠮ ᠬᠡᠮᠬᠡᠷᠡᠬᠦ ᠦᠭᠡᠢ ᠦᠦ ? ᠨᠡᠩᠳᠡ ᠲᠡᠷᠡ ᠪᠧᠲ᠋ᠠ᠋ ᠤᠯᠤᠰ ᠤ᠋ᠨ ᠴᠡᠷᠢᠭ ᠬᠥᠯ ᠦᠭᠡᠢ ᠦᠯᠢᠶᠡᠨ ᠭᠣᠣᠯ ᠢ᠋ ᠭᠠᠷᠴᠤ ᠢᠷᠡᠨ ᠴᠢᠳᠠᠭᠠᠳ ᠮᠠᠨ ᠤ᠋ ᠡᠨᠡ ᠨᠢᠭᠡᠨ ᠬᠠᠭᠤᠴᠢᠷᠠᠨ ᠨᠤᠷᠠᠯᠴᠠᠬᠤ ᠬᠣᠲᠠ ᠶ᠋ᠢ ᠡᠪᠳᠡᠨ ᠣᠷᠣᠵᠤ ᠦᠯᠦ ᠴᠢᠳᠠᠬᠤ ᠶᠣᠰᠣ ᠪᠣᠢ ᠤᠤ ? ᠳᠡᠳ᠋ ᠲᠣᠷ ᠮᠠᠨ ᠤ᠋ ᠴᠡᠷᠢᠭ ᠪᠠᠰᠠ ᠪᠡᠯᠡᠨ ᠦᠭᠡᠢ ᠃ ᠡᠨᠡ ᠬᠣᠲᠠᠨ ᠤ᠋ ᠳᠣᠲᠣᠷᠠᠬᠢ ᠨᠢᠭᠡᠨ ᠲᠦᠮᠡᠨ ᠴᠦ᠍ ᠬᠦᠷᠬᠦ ᠦᠭᠡᠢ ᠴᠡᠷᠢᠭ ᠢ᠋ᠶ᠋ᠡᠷ ᠡᠨᠡ ᠬᠣᠲᠠ ᠶ᠋ᠢ ᠬᠡᠷᠬᠢᠨ ᠨᠤᠲᠠ ᠰᠠᠬᠢᠵᠤ ᠴᠢᠳᠠᠬᠤ ᠪᠣᠢ ?》ᠭᠡᠮᠡᠨ ᠬᠠᠷᠠᠬᠠᠨ ᠬᠡᠯᠪᠡᠯᠵᠡᠨ ᠲᠣᠭᠲᠠᠭᠠᠨ ᠴᠢᠳᠠᠬᠤ ᠦᠭᠡᠢ ᠪᠦᠬᠦᠢ ᠳ᠋ᠦ᠍ᠷ ᠳᠥᠷᠪᠡᠨ ᠬᠠᠭᠠᠯᠭᠠᠨ ᠤ᠋ ᠴᠡᠷᠢᠭ ᠦ᠋ᠳ ᠮᠡᠳᠡᠭᠦᠯᠦᠷᠦᠨ:《ᠪᠧᠲ᠋ᠠ᠋ ᠤᠯᠤᠰ ᠤ᠋ᠨ ᠴᠡᠷᠢᠭ ᠦ᠋ᠳ ᠬᠣᠲᠠ ᠶ᠋ᠢᠨ ᠭᠠᠳᠠᠨᠠᠬᠢ ᠭᠡᠷ ᠪᠦᠷᠢ ᠶ᠋ᠢᠨ ᠬᠦᠷᠵᠡ ᠴᠠᠪᠴᠢᠭᠤᠷ ᠢ᠋ ᠪᠦᠷᠢᠨ᠎ᠡ ᠬᠤᠷᠢᠶᠠᠭᠠᠳ ᠡᠨᠡ ᠪᠠᠷᠠᠭᠤᠨ ᠶᠠᠮᠠᠲ᠋ᠦ ᠭᠣᠣᠯ ᠢ᠋ ᠰᠡᠲᠡᠯᠵᠦ᠂ ᠮᠠᠨ ᠤ᠋ ᠬᠣᠲᠠ ᠶ᠋ᠢ ᠪᠢᠯᠬᠠᠭᠠᠬᠤ ᠪᠠᠢᠳᠠᠯ ᠪᠣᠢ᠃ 》 ᠬᠡᠮᠡᠬᠦᠢ ᠳ᠋ᠦ᠍ᠷ ᠸᠠᠩᠴᠤᠭ ᠬᠠᠨ ᠶᠡᠬᠡᠯ᠎ᠡ ᠠᠶᠤᠵᠤ ᠥᠭᠦᠯᠡᠷᠦᠨ : 《ᠮᠠᠨ ᠤ᠋ ᠡᠨᠡ ᠬᠣᠲᠠ ᠬᠠᠭᠤᠴᠢᠷᠠᠭᠰᠠᠨ ᠤ᠋ ᠳᠡᠭᠡᠷ᠎ᠡ ᠂ ᠲᠣᠭᠣᠰᠬ᠎ᠠ ᠦᠭᠡᠢ ᠭᠠᠵᠠᠷ ᠮᠠᠰᠢ ᠣᠯᠠᠨ᠂ ᠭᠠᠵᠠᠷ ᠪᠠᠰᠠ ᠳᠣᠣᠷ᠎ᠠ ᠪᠣᠯᠵᠤ ᠪᠠᠷᠠᠭᠤᠨ ᠶᠠᠮᠠᠲ᠋ᠦ ᠭᠣᠣᠯ ᠤ᠋ᠨ ᠡᠯᠡᠰᠦ ᠮᠥᠨ ᠥᠨᠳᠥᠷ ᠪᠣᠯᠵᠤᠬᠤᠢ ᠃ ᠲᠡᠭᠦᠨ ᠢ᠋ ᠰᠡᠲᠡᠯᠦᠮᠡᠭᠴᠡ ᠮᠠᠨ ᠤ᠋ ᠬᠣᠲᠠ ᠶ᠋ᠢ ᠪᠢᠯᠬᠠᠭᠠᠬᠤᠢ ᠳ᠋ᠤᠷ ᠮᠠᠰᠢ ᠬᠢᠯᠪᠠᠷ ᠪᠣᠯᠠᠢ ! 》ᠬᠡᠮᠡᠭᠡᠳ ᠳᠠᠭᠠᠬᠤ ᠰᠡᠳᠬᠢᠯ ᠲᠣᠭᠲᠠᠵᠤ᠂ ᠥᠪᠡᠷ ᠢ᠋ᠶ᠋ᠡᠨ ᠬᠣᠲᠠ ᠶ᠋ᠢᠨ ᠠᠰᠠᠷ ᠲᠤᠷ ᠭᠠᠷᠴᠤ ᠪᠧᠲ᠋ᠠ᠋ ᠤᠯᠤᠰ ᠤ᠋ᠨ ᠪᠤᠭᠤᠷᠵᠢ ᠳ᠋ᠤᠷ ᠤᠴᠠᠷᠠᠵᠤ ᠴᠡᠷᠢᠭᠯᠡᠭᠰᠡᠨ ᠤᠴᠢᠷ ᠢ᠋ ᠠᠰᠠᠭᠤᠭᠰᠠᠨ ᠳ᠋ᠤᠷ ᠪᠤᠭᠤᠷᠵᠢ ᠪᠠᠷᠬᠢᠷᠠᠨ ᠬᠠᠷᠢᠶᠠᠵᠤ ᠥᠭᠦᠯᠡᠷᠦᠨ : 《ᠢᠲᠡᠭᠡᠮᠵᠢ ᠦᠭᠡᠢ ᠢᠯᠪᠤᠷᠬᠠᠢ ᠬᠠᠨ ᠂ ᠵᠠᠯᠢᠬᠠᠢ ᠵᠢᠰᠦᠮ ᠵᠠᠷᠤᠳ ᠠᠢᠮᠠᠭ ᠶᠠᠭᠤᠨ ᠳ᠋ᠤᠷ ᠦᠯᠦ ᠮᠡᠳᠡᠭᠴᠢ ᠪᠡᠷ ᠣᠪᠯᠠᠮᠤᠢ ? ᠮᠠᠨ ᠤ᠋ ᠡᠵᠡᠨ ᠬᠠᠷᠠᠬᠠᠨ ᠠᠷᠪᠠᠨ ᠭᠤᠷᠪᠠᠨ ᠰᠡᠭᠦᠳᠡᠷ ᠡᠴᠡ ᠴᠡᠷᠢᠭ ᠪᠠᠢᠭᠤᠯᠵᠤ᠂ ᠳᠥᠷᠪᠡᠨ ᠵᠦᠭ ᠲᠦ᠍ᠷ ᠪᠠᠢᠯᠳᠤᠨ ᠳᠠᠢᠯᠠᠵᠤ ᠶᠠᠪᠤᠭᠰᠠᠭᠠᠷ ᠬᠦᠷᠦᠭᠰᠡᠨ ᠡᠯ᠎ᠡ ᠭᠠᠵᠠᠷ ᠤ᠋ᠨ ᠳᠠᠭᠠᠭᠰᠠᠳ ᠢ᠋ ᠠᠪᠤᠷᠠᠭᠰᠠᠨ ᠪᠠ ᠳᠠᠯᠳᠢᠷᠠᠭᠰᠠᠨ ᠢ᠋ ᠡᠪᠳᠡᠭᠰᠡᠨ ᠢᠨᠦ ᠱᠣᠩᠬᠣᠷ ᠰᠢᠪᠠᠭᠤ ᠬᠤᠨ ᠭᠠᠯᠠᠭᠤ ᠶ᠋ᠢ ᠪᠠᠷᠢᠬᠤ ᠮᠡᠲᠦ᠂ ᠮᠣᠷᠢᠨ ᠤ᠋ ᠲᠣᠭᠣᠰᠣᠨ ᠬᠦᠷᠦᠭᠰᠡᠨ ᠭᠠᠵᠠᠷ ᠪᠦᠬᠦᠨ ᠡᠰᠡ ᠳᠠᠭᠠᠭᠰᠠᠨ ᠢ᠋ᠶ᠋ᠠᠷ ᠦᠭᠡᠢ ᠪᠥᠭᠡᠲᠡᠯ᠎ᠡ ᠴᠢ ᠦᠰ ᠦᠭᠡᠢ ᠳ᠋ᠦᠷ ᠥ ᠳᠡᠭᠳᠡᠭᠡᠨ᠂ ᠵᠠᠮᠤᠬ᠎ᠠ ᠯᠤᠭ᠎ᠠ ᠵᠥᠪᠯᠡᠵᠦ᠂ ᠮᠠᠨ ᠢ᠋ ᠬᠠᠯᠳᠠᠰᠤᠭᠠᠢ ᠬᠡᠮᠡᠭᠰᠡᠨ ᠢ᠋ ᠮᠠᠨ ᠤ᠋ ᠡᠵᠡᠨ ᠰᠠᠢᠨ ᠢ᠋ᠶ᠋ᠠᠷ ᠠᠪᠠᠴᠢᠵᠤ ᠡᠶᠡᠳᠦᠬᠦ ᠨᠠᠢᠷᠠᠯᠳᠤᠬᠤ ᠶ᠋ᠢ ᠡᠷᠬᠢᠯᠡᠨ ᠠᠪᠠ ᠬᠢᠰᠦᠭᠡᠢ ᠬᠡᠮᠡᠬᠦᠢ ᠳ᠋ᠦ᠍ᠷ ᠴᠢ ᠬᠠᠷᠢᠨ ᠮᠠᠭᠤ ᠰᠡᠳᠬᠢᠯ ᠡᠪᠦᠷᠯᠡᠨ ᠮᠠᠨ ᠳ᠋ᠤᠷ ᠴᠡᠷᠢᠭ ᠪᠦᠭᠭᠦᠪᠡ ᠃ ᠪᠢᠳᠡ ᠮᠡᠳᠡᠭᠡᠳ ᠶᠠᠯ᠎ᠠ ᠠᠰᠠᠭᠤᠬᠤ ᠴᠡᠷᠢᠭ ᠢᠷᠠᠪᠠᠰᠤ ᠂ ᠲᠠ ᠪᠠᠰᠠ ᠳᠠᠭᠠᠮᠤᠢ ᠭᠡᠮᠡᠨ ᠬᠥᠮᠦᠨ ᠵᠠᠷᠤᠭᠠᠳ ᠮᠥᠷᠡᠨ ᠭᠡᠰᠦᠮᠡᠭᠴᠡ ᠪᠠᠰᠠ ᠤᠷᠪᠠᠪᠠ ᠃ᠲᠠ ᠮᠥᠷᠡᠨ ᠳ᠋ᠦᠷ ᠢᠲᠡᠭᠡᠵᠦ ᠣᠩᠭᠣᠴᠠ ᠶ᠋ᠢ ᠲᠠᠲᠠᠭᠰᠠᠨ ᠠᠲᠠᠯ᠎ᠠ ᠪᠢᠳᠡ ᠪᠠᠰᠠ ᠬᠡᠷᠬᠢᠨ ᠭᠠᠷᠴᠤ ᠢᠷᠡᠪᠡ ? ᠲᠠᠨ ᠳ᠋ᠤᠷ ᠬᠡᠳᠦᠢ ᠬᠤᠢᠬᠤᠷ ᠬᠤᠳᠠᠯᠴᠢ ᠠᠷᠭ᠎ᠠ ᠮᠡᠬᠡ ᠪᠠᠢᠵᠤ᠂ ᠪᠤᠴᠠᠬᠤ ᠪᠤᠯᠭᠢᠬᠤ ᠠᠪᠵᠢᠭ ᠠᠪᠢᠶᠠᠰ ᠪᠣᠢ ᠪᠣᠯᠪᠠᠴᠤ ᠮᠠᠨ ᠤ᠋ ᠡᠵᠡᠨ ᠳ᠋ᠦ᠍ᠷ ᠦᠨᠡᠨ ᠭᠡᠭᠡᠬᠡᠨ ᠲᠡᠭᠷᠢ ᠰᠠᠬᠢᠭᠤᠯᠰᠤᠨ ᠤ᠋ ᠲᠤᠰᠠᠯᠠᠯ ᠪᠠ ᠰᠠᠯᠬᠢᠨ ᠪᠣᠷᠣᠭᠠᠨ ᠤ᠋ ᠡᠵᠡᠳ ᠬᠤᠪᠢᠯᠭᠠᠨ ᠤ᠋ ᠲᠡᠳᠬᠦᠮᠵᠢ ᠪᠣᠢ ᠃ ᠴᠢ ᠬᠡᠷᠪᠡ ᠡᠷᠲᠡᠬᠡᠨ ᠰᠡᠩᠭᠡᠭᠡᠷᠡᠨ ᠮᠡᠳᠡᠵᠦ ᠶᠠᠯ᠎ᠠ ᠪᠠᠨ ᠬᠦᠯᠢᠶᠡᠵᠦ ᠠᠯᠪᠠ ᠪᠠᠨ ᠪᠠᠷᠢᠵᠤ ᠳᠠᠭᠠᠪᠠᠰᠤ ᠲᠠᠨ ᠤ᠋ ᠨᠢᠭᠡᠨ ᠲᠤᠭᠤᠯ ᠬᠠᠭᠠᠰ ᠢᠰᠢᠭᠡ ᠶ᠋ᠢ ᠪᠦᠷᠢᠯᠭᠡᠯ ᠦᠭᠡᠢ ᠠᠪᠤᠷᠠᠨ ᠭᠠᠷᠭᠠᠰᠤᠭᠠᠢ᠃ ᠬᠡᠷᠪᠡ ᠪᠠᠰᠠ ᠬᠦ᠌ ᠮᠤᠩᠬᠠᠭᠤᠷᠠᠨ ᠡᠷᠭᠢᠭᠦᠳᠡᠵᠦ ᠂ ᠵᠠᠮᠤᠬ᠎ᠠ ᠶ᠋ᠢᠨ ᠠᠷᠭ᠎ᠠ ᠠ᠋ᠴᠠ ᠡᠰᠡ ᠭ᠍ᠡᠷᠪᠠᠰᠤ ᠲᠠᠪᠤᠨ ᠡᠳᠦᠷ ᠦ᠋ᠨ ᠳᠣᠲᠣᠷ᠎ᠠ ᠪᠤᠭᠤᠷᠵᠢ ᠪᠢ ᠲᠠᠨ ᠤ᠋ ᠨᠢᠭᠡᠨ ᠬᠣᠲᠠ ᠶ᠋ᠢ ᠪᠦᠷᠢᠨ᠎ᠡ ᠠᠢᠷᠠᠭ ᠮᠡᠲᠦ ᠪᠦᠯᠢᠵᠦ ᠴᠠᠢ ᠮᠡᠲᠦ ᠰᠠᠮᠤᠷᠤᠨ᠂ ᠲᠠᠨ ᠤ᠋ ᠪᠦᠭᠦᠳᠡᠭᠡᠷ ᠢ᠋ ᠦᠬᠦᠯ ᠦ᠋ᠨ ᠮᠥᠷ ᠢ᠋ ᠲᠤᠯᠭᠠᠨ ᠡᠰᠡ ᠴᠢᠳᠠᠪᠠᠰᠤ᠂ ᠠᠷᠪᠠᠨ ᠲᠠᠪᠤᠨ ᠨᠠᠰᠤᠨ ᠠ᠋ᠴᠠ ᠪᠠᠨ ᠡᠵᠡᠨ ᠢ᠋ᠶ᠋ᠡᠨ ᠳᠠᠭᠠᠵᠤ ᠠᠶᠤᠯᠲᠤ ᠲᠠᠪᠤᠨ ᠬᠤᠯᠠᠭᠠᠢ ᠶ᠋ᠢ ᠠᠯᠠᠵᠤ᠂ ᠬᠦᠯᠦᠭ ᠨᠡᠷ᠎ᠡ ᠣᠯᠤᠭᠰᠠᠨ ᠢ᠋ᠶ᠋ᠠᠨ ᠲᠠᠨ ᠤ᠋ ᠰᠣᠯᠤᠩᠭᠤᠳ ᠤᠯᠤᠰ ᠲᠤᠷ ᠬᠡᠭᠡᠰᠦᠭᠡᠢ᠃ ᠵᠢᠴᠢ ᠮᠢᠨᠦ ᠡᠵᠡᠨ ᠴᠦ᠍ ᠡᠨᠡ ᠤᠳᠠᠭ᠎ᠠ ᠭᠠᠷᠴᠤ ᠢᠷᠡᠭᠰᠡᠨ ᠢᠨᠦ ᠭᠠᠭᠴᠠ ᠴᠢᠨᠦ ᠨᠢᠭᠡᠬᠡᠨ ᠤᠯᠤᠰ ᠤ᠋ᠨ ᠲᠤᠯᠠ ᠪᠤᠰᠤ ᠲᠠᠨ ᠤ᠋ ᠵᠡᠭᠦᠨᠲᠡ ᠪᠦᠬᠦᠢ ᠪᠤᠬ᠎ᠠ ᠴᠠᠭᠠᠨ ᠬᠠᠭᠠᠨ ᠠ᠋ᠴᠠ ᠪᠠᠰᠠ ᠠᠯᠪᠠ ᠠᠪᠤᠷᠠ ᠡᠴᠢᠬᠦ ᠪᠣᠯᠠᠢ᠂ ᠦᠬᠦᠬᠦ ᠠᠮᠢᠳᠤᠷᠠᠬᠤ ᠪᠠᠨ ᠴᠢ ᠥᠪᠡᠷ ᠢ᠋ᠶ᠋ᠡᠨ ᠬᠢᠨᠠᠵᠤ ᠰᠠᠢᠬᠠᠨ ᠲᠣᠭᠲᠠᠭᠠᠠᠳᠤᠨ᠃》ᠬᠡᠮᠡᠬᠦᠢ ᠳ᠋ᠦ᠍ᠷ ᠸᠠᠩᠴᠤᠭ ᠬᠠᠨ ᠪᠣᠳᠣᠪᠠᠰᠤ ᠲᠡᠭᠦᠨ ᠦ᠌ ᠦᠭᠡ ᠪᠦᠷᠢ ᠮᠠᠰᠢ ᠵᠦᠢ ᠪᠣᠯᠪᠠᠴᠤ ᠭᠠᠭᠴᠠ ᠳᠠᠭᠠᠪᠠᠰᠤ ᠲᠡᠭᠦᠨ ᠦ᠌ ᠪᠡᠶ᠎ᠡ ᠶ᠋ᠢ ᠠᠪᠴᠤ ᠡᠴᠢᠬᠦ ᠡᠴᠡ ᠠᠶᠤᠨ ᠬᠠᠭᠠᠰ ᠴᠠᠭ ᠪᠣᠯᠵᠤ ᠥᠴᠢᠷᠦᠨ :《ᠲᠠ ᠯᠠᠪ ᠪᠠᠷᠠᠭᠤᠨ ᠶᠠᠮᠠᠲ᠋ᠦ ᠭᠣᠣᠯ ᠢ᠋ᠶ᠋ᠠᠷ ᠮᠢᠨᠦ ᠬᠣᠲᠠ ᠶ᠋ᠢ ᠪᠢᠯᠬᠠᠭᠠᠮᠤᠢ ᠂ ᠪᠢ ᠭᠠᠭᠴᠠᠭᠠᠷ ᠦᠬᠦᠬᠦᠢ ᠳ᠋ᠦᠷ ᠶᠠᠭᠤᠨ ᠪᠣᠢ ? ᠮᠢᠨᠦ ᠬᠣᠲᠠ ᠶ᠋ᠢᠨ ᠠᠷᠪᠠᠨ ᠲᠦᠮᠡᠨ ᠢᠯᠡᠭᠦᠦ ᠬᠥᠭᠰᠢᠨ ᠨᠢᠯᠠᠭᠲᠤ ᠤᠯᠤᠰ ᠠᠯᠪᠠᠲᠤ ᠮᠢᠨᠦ ᠴᠥᠮ ᠦᠬᠦᠬᠦ ᠶ᠋ᠢ ᠪᠢ ᠦᠵᠡᠵᠦ ᠦᠯᠦ ᠲᠥᠪᠳᠡᠮᠦᠢ᠃ ᠲᠡᠢᠨ ᠬᠦ᠌ ᠪᠢ ᠳᠠᠭᠠᠰᠤᠭᠠᠢ ᠬᠡᠮᠡᠬᠦ ᠰᠡᠳᠬᠢᠯ ᠠᠷᠪᠠᠨ ᠬᠤᠪᠢ ᠪᠣᠢ ᠪᠣᠯᠪᠠᠴᠤ ᠳᠠᠭᠠᠭᠰᠠᠨ ᠤ᠋ ᠬᠣᠢᠨ᠎ᠠ ᠤᠷᠢᠳᠠ ᠶ᠋ᠢᠨ ᠬᠡᠯᠡᠯᠴᠡᠭᠰᠡᠨ ᠢ᠋ ᠤᠷᠪᠠᠵᠤ ᠮᠢᠨᠦ ᠡᠷᠬᠡ ᠪᠣᠯᠭᠠᠬᠤ ᠦᠭᠡᠢ ᠡᠴᠡ ᠠᠶᠤᠮᠤᠢ᠃ ᠪᠤᠭᠤᠷᠵᠢ ᠥᠭᠦᠯᠡᠷᠦᠨ : 《ᠥᠪᠡᠷ᠎ᠡ ᠶ᠋ᠢ ᠪᠢ ᠮᠡᠳᠡᠬᠦ ᠦᠭᠡᠢ᠂ ᠴᠢᠮᠠᠶ᠋ᠢ ᠠᠯᠠᠬᠤ ᠦᠭᠡᠢ ᠪᠠ ᠵᠢᠴᠢ ᠨᠡᠭᠦᠯᠭᠡᠬᠦ ᠦᠭᠡᠢ ᠶ᠋ᠢ ᠪᠤᠭᠤᠷᠵᠢ ᠪᠢ ᠬᠠᠪᠠᠷ ᠵᠢᠭᠠᠵᠤ ᠯᠠᠪ ᠪᠠᠲᠤᠯᠠᠰᠤᠭᠠᠢ ᠂ ᠡᠭᠦᠨ ᠡᠴᠡ ᠭᠠᠳᠠᠨ᠎ᠠ ᠪᠠᠰᠠ ᠶᠠᠮᠪᠠᠷ ᠥᠪᠡᠷ ᠦ᠋ᠨ ᠡᠷᠬᠡ ᠶ᠋ᠢ ᠡᠷᠢᠮᠦᠢ ᠃ ᠴᠢ ᠬᠡᠯᠡᠵᠦ ᠦᠵᠡ᠂ ᠪᠣᠯᠬᠤ ᠵᠦᠢᠯ ᠪᠥᠭᠡᠰᠦ ᠪᠢ ᠡᠵᠡᠨ ᠳ᠋ᠦᠷ ᠮᠡᠳᠡᠭᠦᠯᠵᠦ ᠦᠵᠡᠰᠦᠭᠡᠢ ᠂ ᠮᠠᠨ ᠤ᠋ ᠡᠵᠡᠨ ᠬᠡᠮᠡᠭᠴᠢ ᠦᠭᠡ ᠭᠠᠷᠤᠮᠠᠭᠴᠠ ᠦᠯᠦ ᠡᠭᠡᠭᠦᠯᠬᠦ ᠲᠡᠭᠷᠢ ᠪᠣᠯᠠᠢ !》 ᠬᠡᠮᠡᠭᠰᠡᠨ ᠳ᠋ᠦ᠍ᠷ ᠸᠠᠩᠴᠤᠭ ᠬᠠᠨ ᠲᠡᠷᠡ ᠦᠭᠡᠨ ᠳ᠋ᠦ᠍ᠷ ᠶᠡᠬᠡ ᠯᠡ ᠪᠠᠶᠠᠷᠯᠠᠨ ᠥᠭᠦᠯᠡᠷᠦᠨ : 《ᠮᠢᠨᠦ ᠭᠤᠶᠤᠬᠤ ᠠᠨᠤ᠂ ᠲᠡᠷᠢᠭᠦᠨ ᠳ᠋ᠦᠷ ᠮᠢᠨᠦ ᠬᠣᠲᠠᠨ ᠳ᠋ᠤᠷ ᠴᠡᠷᠢᠭ ᠪᠦᠦ ᠤᠷᠤᠭᠤᠯ᠂ ᠳᠡᠳ᠋ ᠲᠣᠷ ᠮᠢᠨᠦ ᠪᠡᠶ᠎ᠡ ᠶ᠋ᠢ ᠲᠠᠨ ᠤ᠋ ᠤᠯᠤᠰ ᠲᠤᠷ ᠢ᠋ᠶ᠋ᠠᠨ ᠪᠢᠲᠡᠭᠡᠢ ᠠᠪᠠᠴᠢ᠂ ᠭᠤᠲᠠᠭᠠᠷ ᠲᠤᠷ ᠮᠢᠨᠦ ᠤᠯᠤᠰ ᠢᠷᠭᠡᠨ ᠢ᠋ ᠪᠢᠲᠡᠭᠡᠢ ᠣᠯᠵᠠᠯᠠ ᠂ ᠡᠨᠡ ᠭᠤᠷᠪᠠᠨ ᠵᠦᠢᠯ ᠢ᠋ ᠴᠥᠮ ᠶᠠᠪᠤᠭᠤᠯᠪᠠᠰᠤ ᠂ ᠠᠷᠪᠠᠨ ᠬᠤᠪᠢ ᠬᠦᠨᠳᠦ ᠠᠯᠪᠠ ᠶ᠋ᠢ ᠳᠤᠷᠠᠲᠠᠶ᠎ᠠ ᠪᠠᠷᠢᠵᠤ ᠳᠠᠭᠠᠰᠤᠭᠠᠢ᠃》 ᠪᠤᠭᠤᠷᠵᠢ ᠥᠭᠦᠯᠡᠷᠦᠨ : 《ᠡᠨᠡ ᠮᠠᠰᠢ ᠬᠢᠯᠪᠠᠷ ᠪᠣᠯᠠᠢ᠂ ᠮᠠᠨ ᠤ᠋ ᠡᠵᠡᠨ ᠠᠯᠢ ᠤᠯᠤᠰ ᠢ᠋ ᠳᠠᠭᠠᠭᠤᠯᠪᠠᠴᠤ ᠤᠯᠤᠰ ᠤ᠋ᠨ ᠡᠵᠡᠨ ᠢ᠋ ᠢᠨᠦ ᠰᠠᠯᠭᠠᠭᠰᠠᠨ ᠦᠭᠡᠢ ᠂ ᠭᠠᠭᠴᠠ ᠰᠠᠢᠨ ᠢ᠋ᠶ᠋ᠠᠷ ᠡᠰᠡ ᠳ᠋ᠡᠭᠡᠨ ᠪᠠᠢᠯᠳᠤᠨ ᠠᠪᠤᠭᠰᠠᠨ ᠢ᠋ ᠠᠨᠤ ᠵᠢᠴᠢ ᠬᠡᠯᠡᠯᠴᠡᠮᠦᠢ ᠂ ᠭᠠᠭᠴᠠ ᠴᠢ ᠵᠢᠯ ᠪᠦᠷᠢ ᠬᠡᠳᠦᠢ ᠠᠯᠪᠠ ᠪᠠᠷᠢᠮᠤᠢ ? 》 ᠸᠠᠩᠴᠤᠭ ᠬᠠᠨ ᠥᠴᠢᠷᠦᠨ : 《ᠠᠯᠪᠠ ᠶ᠋ᠢ ᠲᠠᠨ ᠤ᠋ ᠲᠣᠭᠲᠠᠭᠠᠬᠤ ᠶ᠋ᠢ ᠬᠦᠯᠢᠶᠡᠮᠦᠢ ᠶᠠ ᠂ ᠪᠢ ᠬᠡᠷᠬᠢᠨ ᠥᠪᠡᠷ ᠢ᠋ᠶ᠋ᠡᠨ ᠲᠣᠭᠲᠠᠭᠠᠵᠤ ᠪᠣᠯᠤᠮᠤᠢ ? 》 ᠪᠤᠭᠤᠷᠵᠢ ᠥᠭᠦᠯᠡᠷᠦᠨ : 《ᠡᠨᠡ ᠴᠠᠭ ᠲᠤᠷ ᠬᠤᠲᠤᠭᠲᠤ ᠡᠵᠡᠨ ᠮᠢᠨᠦ ᠬᠤᠷᠴᠠ ᠴᠡᠷᠢᠭ ᠬᠣᠷᠢᠨ ᠲᠦᠮᠡᠨ ᠂ ᠬᠣᠰᠢᠭᠤ ᠤᠯᠤᠰ ᠵᠠᠭᠤᠨ ᠲᠦᠮᠡᠨ ᠲᠡᠵᠢᠭᠡᠵᠦ ᠪᠣᠢ ᠲᠤᠯᠠ ᠬᠤᠪᠴᠠᠳ ᠠᠮᠤ ᠮᠠᠰᠢ ᠬᠡᠷᠡᠭ ᠲᠡᠢ ᠂ ᠲᠠᠨ ᠤ᠋ ᠭᠠᠵᠠᠷ ᠪᠥᠰ ᠠᠮᠤ ᠡᠯᠪᠡᠭ ᠲᠤᠯᠠ ᠲᠠᠨ ᠤ᠋ ᠤᠷᠢᠳᠠ ᠶ᠋ᠢᠨ ᠲᠣᠭᠲᠠᠭᠰᠠᠨ ᠠᠯᠪᠠᠨ ᠤ᠋ ᠳᠡᠭᠡᠷ᠎ᠡ ᠪᠠᠰᠠ ᠵᠢᠯ ᠪᠦᠷᠢ ᠲᠠᠪᠤᠨ ᠮᠢᠩᠭᠠᠨ ᠲᠡᠷᠭᠡ ᠴᠠᠭᠠᠨ ᠪᠤᠳᠠᠬᠠ ᠂ ᠲᠦᠮᠡᠨ ᠪᠠᠭᠴᠠ ᠲᠠᠪᠤᠨ ᠥᠩᠭᠡ ᠶ᠋ᠢᠨ ᠪᠥᠰ ᠂ ᠲᠦᠮᠡᠨ ᠪᠠᠭᠯᠠᠭ᠎ᠠ ᠫᠤᠤ ᠶ᠋ᠢᠨ ᠳᠠᠷᠢ ᠂ ᠰᠠᠢᠨ ᠲᠡᠮᠦᠷ ᠲᠦᠮᠡᠨ ᠵᠢᠩ ᠡᠭᠦᠨ ᠢ᠋ ᠲᠣᠭ᠎ᠠ ᠶᠣᠰᠣᠭᠠᠷ ᠪᠠᠷᠢᠪᠠᠰᠤ ᠪᠢ ᠡᠵᠡᠨ ᠦ᠌ ᠡᠮᠦᠨ᠎ᠡ ᠭᠤᠶᠤᠴᠢᠯᠠᠨ ᠮᠡᠳᠡᠭᠦᠯᠵᠦ ᠦᠵᠡᠰᠦᠭᠡᠢ ᠃ ᠡᠭᠦᠨ ᠡᠴᠡ ᠭᠠᠳᠠᠨ᠎ᠠ ᠡᠳᠦᠭᠡ ᠳᠠᠷᠤᠢ ᠲᠤᠰᠢᠶᠠᠬᠤ ᠠᠨᠤ ᠲᠠᠭᠲᠠᠭ᠎ᠠ ᠨᠢᠭᠡᠨ ᠲᠦᠮᠡᠨ ᠂ ᠬᠠᠷᠢᠶᠠᠴᠠᠢ ᠨᠢᠭᠡᠨ ᠲᠦᠮᠡᠨ ᠂ ᠮᠢᠭᠤᠢ ᠨᠢᠭᠡᠨ ᠮᠢᠩᠭ᠎ᠠ ᠶ᠋ᠢ ᠲᠦᠷᠭᠡᠨ᠎ᠡ ᠠᠴᠢᠷᠠᠵᠤ ᠲᠤᠰᠢᠶ᠎ᠠ ᠃ ᠪᠢᠳᠡ ᠵᠡᠭᠦᠨ ᠰᠣᠯᠣᠩᠭᠣᠰ ᠤᠯᠤᠰ ᠤ᠋ᠨ ᠪᠤᠬ᠎ᠠ ᠴᠠᠭᠠᠨ ᠬᠠᠭᠠᠨ ᠢ᠋ ᠳᠠᠢᠯᠠᠷ᠎ᠠ ᠡᠴᠢᠬᠦᠢ ᠳ᠋ᠦᠷ ᠦᠨᠡᠭᠡᠨ ᠮᠥᠷᠡᠨ ᠢ᠋ ᠭᠡᠲᠦᠯᠬᠦᠢ ᠳ᠋ᠦᠷ ᠬᠡᠷᠡᠭᠯᠡᠮᠦᠢ᠃》ᠬᠡᠮᠡᠭᠰᠡᠨ ᠳ᠋ᠦ᠍ᠷ ᠸᠠᠩᠴᠤᠭ ᠬᠠᠨ ᠳᠤᠷᠠᠲᠠᠶ᠎ᠠ ᠬᠦᠯᠢᠶᠡᠨ ᠠᠪᠴᠤ ᠥᠭᠦᠯᠡᠷᠦᠨ : 《ᠡᠨᠡ ᠮᠠᠰᠢ ᠬᠢᠯᠪᠠᠷ ᠬᠡᠷᠡᠭ ᠂ ᠭᠠᠭᠴᠠ ᠮᠢᠨᠦ ᠪᠡᠶ᠎ᠡ ᠶ᠋ᠢ ᠲᠠ ᠡᠰᠡ ᠠᠪᠠᠴᠢᠭᠠᠳ ᠮᠢᠨᠦ ᠬᠣᠲᠠᠨ ᠳ᠋ᠤᠷ ᠴᠡᠷᠢᠭ ᠢ᠋ᠶ᠋ᠡᠨ ᠡᠰᠡ ᠣᠷᠣᠭᠤᠯᠪᠠᠰᠤ ᠡᠳᠡᠭᠡᠷ ᠠᠯᠪᠠᠨ ᠤ᠋ ᠳᠡᠭᠡᠷ᠎ᠡ ᠪᠢ ᠪᠠᠰᠠ ᠭᠠᠭᠴᠠ ᠥᠬᠢᠨ ᠢ᠋ᠶ᠋ᠡᠨ ᠵᠠᠯᠠᠰᠢᠶᠠ ᠭᠦᠩᠵᠦ ᠪᠡᠨ ᠲᠠᠨ ᠤ᠋ ᠡᠵᠡᠨ ᠳ᠋ᠦ᠍ᠷ ᠥᠭᠴᠦ ᠤᠷᠤᠭ ᠪᠣᠯᠰᠤᠭᠠᠢ !》ᠬᠡᠮᠡᠭᠰᠡᠨ ᠳ᠋ᠦᠷ ᠪᠤᠭᠤᠷᠵᠢ ᠪᠣᠯᠤᠮᠤᠢ ᠭᠡᠮᠡᠨ ᠬᠦᠯᠢᠶᠡᠨ ᠠᠪᠴᠤ ᠴᠡᠷᠢᠭ ᠢ᠋ᠶ᠋ᠡᠨ ᠳ᠋ᠦ᠍ᠷ ᠬᠣᠢᠰᠢ ᠲᠠᠲᠠᠵᠤ᠂ ᠲᠠᠢᠽᠦ ᠳ᠋ᠦ᠍ᠷ ᠵᠡᠯᠮ᠎ᠡ ᠶ᠋ᠢ ᠵᠠᠷᠤᠵᠤ ᠮᠡᠳᠡᠭᠦᠯᠦᠭᠡᠳ ᠵᠥᠪᠰᠢᠶᠡᠨ ᠲᠣᠭᠲᠠᠭᠠᠭᠰᠠᠨᠠ ᠂ ᠪᠡᠶ᠎ᠡ ᠪᠡᠷ ᠬᠣᠲᠠᠨ ᠳ᠋ᠤᠷ ᠣᠷᠣᠵᠤ ᠬᠡᠯᠡᠯᠴᠡᠨ ᠲᠣᠭᠲᠠᠭᠠᠳ ᠸᠠᠩᠴᠤᠭ ᠬᠠᠨ ᠶᠡᠬᠡᠯ᠎ᠡ ᠪᠠᠶᠠᠷᠯᠠᠨ ᠭᠤᠷᠪᠠᠨ ᠡᠳᠦᠷ ᠲᠣᠷ ᠲᠠᠭᠲᠠᠭ᠎ᠠ ᠂ ᠬᠠᠷᠢᠶᠠᠴᠠᠢ ᠂ ᠮᠢᠭᠤᠢ ᠶ᠋ᠢ ᠲᠣᠭ᠎ᠠ ᠶᠣᠰᠣᠭᠠᠷ ᠲᠣᠭᠲᠠᠭᠠᠨ ᠵᠠᠷᠯᠠᠵᠤ ᠬᠤᠷᠢᠶᠠᠭᠰᠠᠨᠠ ᠂ ᠬᠣᠲᠠ ᠶ᠋ᠢᠨ ᠳᠣᠲᠣᠷᠠᠬᠢ ᠣᠯᠠᠨ ᠤᠯᠤᠰ ᠢᠷᠭᠡᠨ ᠶᠡᠬᠡᠯ᠎ᠡ ᠪᠠᠶᠠᠷᠯᠠᠯᠴᠠᠨ ᠲᠣᠭ᠎ᠠ ᠠ᠋ᠴᠠ ᠭᠠᠷᠲᠠᠯ᠎ᠠ ᠬᠣᠷᠢᠶᠠᠨ ᠥᠭᠴᠦ ᠭᠠᠷᠭᠠᠭᠠᠳ ᠳᠠᠭᠠᠯᠳᠤᠭ᠎ᠠ ᠸᠠᠩᠴᠤᠭ ᠬᠠᠨ ᠭᠠᠷᠴᠤ ᠳᠠᠭᠠᠬᠤ ᠲᠤᠯᠠ ᠣᠯᠠᠨ ᠲᠥᠷᠥ ᠶ᠋ᠢᠨ ᠲᠦᠰᠢᠮᠡᠳ ᠢ᠋ᠶ᠋ᠡᠨ ᠴᠢᠭᠤᠯᠤᠭᠤᠯᠵᠤ ᠥᠭᠦᠯᠡᠷᠦᠨ : 《ᠤᠷᠢᠳᠤᠰ ᠤ᠋ᠨ ᠦᠶ᠎ᠡ ᠶ᠋ᠢᠨ ᠮᠢᠨᠦ ᠪᠠᠢᠭᠤᠯᠤᠭᠰᠠᠨ ᠬᠠᠭᠠᠨ ᠰᠠᠭᠤᠷᠢᠨ ᠤᠯᠤᠰ ᠲᠥᠷᠥ ᠪᠥᠯᠥᠭᠡ ᠡᠳᠦᠭᠡ ᠬᠣᠢᠰᠢ ᠬᠠᠨᠳᠤᠵᠤ ᠡᠯᠡᠰᠦ ᠬᠤᠮᠠᠭ ᠤ᠋ᠨ ᠰᠢᠩᠭᠡᠭ ᠠᠢᠮᠠᠭ ᠲᠤᠷ ᠠᠷᠭ᠎ᠠ ᠦᠭᠡᠢ ᠦᠢᠯᠡᠴᠢᠯᠡᠬᠦᠢ ᠳ᠋ᠦ᠍ᠷ ᠬᠦᠷᠪᠡ !》ᠭᠡᠮᠡᠨ ᠨᠢᠯᠪᠤᠰᠤᠨ ᠤᠨᠠᠭᠠᠬᠤᠢ ᠳ᠋ᠤᠷ ᠣᠯᠠᠨ ᠲᠦᠰᠢᠮᠡᠳ ᠢᠨᠦ ᠴᠥᠮ ᠨᠢᠳᠦᠨ ᠦ᠌ ᠨᠢᠯᠪᠤᠰᠤ ᠤᠨᠠᠭᠠᠯᠴᠠᠵᠤ ᠮᠠᠰᠢ᠂ ᠲᠥᠷᠥ ᠬᠣᠶᠠᠷ ᠲᠦᠰᠢᠮᠡᠯ ᠢᠨᠦ ᠥᠴᠢᠷᠦᠨ: 《ᠡᠳᠡᠭᠡᠷ ᠴᠥᠮ ᠬᠡᠷᠡᠢᠳ ᠦ᠋ᠨ ᠵᠠᠮᠤᠬ᠎ᠠ ᠵᠣᠯᠪᠢᠩ ᠤ᠋ᠨ ᠬᠤᠢᠬᠤᠷ ᠠᠷᠭ᠎ᠠ ᠳ᠋ᠤᠷ ᠣᠷᠣᠵᠤ ᠡᠢᠮᠦ ᠪᠣᠯᠪᠠ᠂ ᠦᠨᠡᠬᠡᠷ ᠬᠡᠳᠦᠢ ᠲᠡᠢᠮᠦ ᠪᠣᠯᠪᠠᠴᠤ ᠡᠨᠡ ᠬᠠᠪᠤᠷ ᠤ᠋ᠨ ᠬᠡᠯᠡᠯᠴᠡᠭᠰᠡᠨ ᠶᠣᠰᠣᠭᠠᠷ ᠠᠯᠪᠠ ᠶ᠋ᠢ ᠬᠦᠷᠭᠡᠭᠰᠡᠨ ᠪᠥᠭᠡᠰᠦ ᠡᠨᠡ ᠮᠡᠲᠦ ᠬᠥᠮᠦᠭᠡ ᠰᠢᠬᠠᠭᠳᠠᠬᠤᠢ ᠳ᠋ᠤᠷ ᠬᠦᠷᠬᠦ ᠦᠭᠡᠢ ᠪᠥᠯᠥᠭᠡ᠃》ᠭᠡᠮᠡᠨ ᠡᠵᠡᠨ ᠰᠠᠢᠳ ᠬᠠᠷᠢᠯᠴᠠᠨ ᠨᠢᠭᠡᠨ ᠨᠢᠭᠡᠨ ᠢ᠋ᠶ᠋ᠡᠨ ᠨᠢᠭᠡᠨ ᠵᠡᠷᠭᠡ ᠮᠠᠭᠤᠰᠢᠶᠠᠵᠤ ᠭᠠᠷᠴᠤ ᠳᠠᠭᠠᠬᠤ ᠪᠠᠷ ᠲᠣᠭᠲᠠᠵᠤ᠂ ᠸᠠᠩᠴᠤᠭ ᠬᠠᠨ ᠳᠣᠲᠣᠭᠠᠳᠤ ᠣᠷᠳᠣᠨ ᠳ᠋ᠤᠷ ᠢ᠋ᠶ᠋ᠠᠨ ᠣᠷᠣᠵᠤ᠂ ᠠᠷᠪᠠᠨ ᠳᠣᠯᠣᠭᠠᠨ ᠦᠵᠡᠰᠬᠦᠯᠡᠩ ᠰᠤᠯᠠ ᠬᠠᠲᠤᠳ ᠯᠤᠭ᠎ᠠ ᠪᠠᠨ ᠬᠤᠷᠢᠮᠯᠠᠨ ᠨᠢᠳᠦᠨ ᠦ᠌ ᠨᠢᠯᠪᠤᠰᠤᠨ ᠤᠨᠠᠭᠠᠵᠤ ᠂ ᠪᠧᠲ᠋ᠠ᠋ ᠤᠯᠤᠰ ᠲᠤᠷ ᠭᠠᠷᠴᠤ ᠳᠠᠭᠠᠬᠤ ᠶ᠋ᠢ ᠬᠡᠯᠡᠭᠰᠡᠨ ᠳ᠋ᠦᠷ ᠣᠯᠠᠨ ᠬᠠᠲᠤᠳ ᠠᠨᠤ ᠪᠦᠭᠦᠳᠡᠭᠡᠷ ᠶᠡᠬᠡᠯ᠎ᠡ ᠠᠶᠤᠯᠳᠤᠵᠤ ᠸᠠᠩᠴᠤᠭ ᠬᠠᠨ ᠢ᠋ᠶ᠋ᠠᠨ ᠬᠦᠵᠦᠭᠦᠨ ᠢ᠋ ᠲᠡᠪᠡᠷᠢᠵᠦ᠂ ᠭᠠᠷ ᠢ᠋ ᠪᠠᠷᠢᠬᠤ ᠠᠨᠤ ᠪᠠᠷᠢᠵᠤ ᠂ ᠡᠪᠦᠳᠦᠭ ᠢ᠋ ᠳᠠᠷᠤᠬᠤ ᠠᠨᠤ ᠳᠠᠷᠤᠵᠤ ᠂ ᠬᠥᠯ ᠢ᠋ ᠲᠠᠲᠠᠬᠤ ᠠᠨᠤ ᠲᠠᠲᠠᠵᠤ ᠠᠭᠠᠯᠵᠢ ᠶ᠋ᠢᠨ ᠵᠤᠯᠵᠠᠬᠠ ᠡᠬᠡ ᠪᠡᠨ ᠰᠠᠨᠠᠭᠰᠠᠨ ᠮᠡᠲᠦ ᠵᠢᠭᠤᠷᠠᠨ ᠰᠢᠷᠢᠯᠳᠦᠵᠦ : 《ᠬᠠᠨ ᠡᠵᠡᠨ ᠬᠡᠷᠪᠡ ᠪᠧᠲ᠋ᠠ᠋ ᠤᠯᠤᠰ ᠲᠤᠷ ᠳᠠᠭᠠᠪᠠᠰᠤ ᠪᠢᠳᠡ ᠴᠥᠮ ᠬᠥᠮᠦᠨ ᠦ᠌ ᠪᠣᠭᠣᠯ ᠪᠣᠯᠵᠤ ᠳᠠᠷᠤᠭᠳᠠᠬᠤᠢ ᠳ᠋ᠤᠷ ᠬᠥᠷᠥᠮᠦᠢ ! 》 ᠭᠡᠮᠡᠨ ᠤᠬᠢᠯᠠᠯᠴᠠᠨ ᠵᠢᠭᠤᠷᠠᠯᠴᠠᠬᠤᠢ ᠳ᠋ᠤᠷ ᠸᠠᠩᠴᠤᠭ ᠬᠠᠨ ᠭᠡᠨᠡᠳᠲᠡ ᠰᠡᠵᠢᠭᠯᠡᠵᠦ ᠪᠠᠰᠠ ᠣᠯᠠᠨ ᠰᠠᠢᠬᠠᠨ ᠬᠠᠲᠤᠳ ᠠ᠋ᠴᠠ ᠰᠠᠯᠵᠤ ᠲᠦᠪᠳᠡᠬᠦ ᠦᠭᠡᠢ ᠪᠣᠯᠵᠤ᠂ ᠳᠣᠲᠣᠷ᠎ᠠ ᠲᠠᠲᠠᠭᠳᠠᠨ ᠠᠷᠢᠬᠢ ᠪᠠᠷ ᠰᠡᠳᠬᠢᠯ ᠰᠠᠭᠠᠲᠠᠭᠤᠯᠤᠨ ᠤᠤᠭᠤᠭᠰᠠᠭᠠᠷ ᠫᠠᠯ ᠰᠣᠭᠲᠣᠭᠠᠳ ᠤᠯᠤᠰ ᠲᠥᠷᠥ ᠶ᠋ᠢᠨ ᠴᠡᠷᠢᠭ ᠲᠡᠢᠨ ᠦ᠌ ᠬᠡᠷᠡᠭ ᠢ᠋ᠶ᠋ᠡᠨ ᠨᠢᠭᠡᠨᠳᠡᠰᠢ ᠣᠷᠬᠢᠭᠠᠳ ᠣᠯᠠᠨ ᠬᠠᠲᠤᠳ ᠤ᠋ᠨ ᠰᠦᠷᠦᠭ ᠡᠬᠡᠨᠡᠷ ᠦ᠋ᠨ ᠰᠢᠭᠤᠢ ᠳ᠋ᠤᠷ ᠤᠨᠠᠨ ᠬᠡᠪᠲᠡᠪᠡᠢ①᠃ ᠡᠭᠦᠨ ᠳ᠋ᠦ᠍ᠷ ᠪᠤᠭᠤᠷᠵᠢ ᠬᠣᠲᠠᠨ ᠤ᠋ ᠭᠠᠳᠠᠨ᠎ᠠ ᠸᠠᠩᠴᠤᠭ ᠬᠠᠨ ᠢ᠋ ᠬᠦᠯᠢᠶᠡᠵᠦ ᠨᠢᠭᠡᠨ ᠡᠳᠦᠷ ᠪᠣᠯᠤᠭᠠᠳ ᠶᠡᠬᠡᠯ᠎ᠡ ᠴᠢᠬᠤᠯᠳᠠᠨ ᠶᠠᠭᠤᠨ ᠳ᠋ᠤᠷ ᠪᠠᠰᠠ ᠴᠢᠪᠬᠠᠭᠤᠷᠠᠪᠠ ? ᠭᠡᠮᠡᠨ ᠱᠠᠭᠠᠷᠳᠠᠪᠠᠰᠤ ᠬᠣᠲᠠ ᠰᠠᠬᠢᠬᠤ ᠴᠡᠷᠢᠭ ᠣᠭᠲᠣ ᠥᠴᠢᠬᠦ ᠦᠭᠡᠢ ᠳ᠋ᠦ᠍ᠷ ᠪᠤᠭᠤᠷᠵᠢ ᠨᠡᠩ ᠴᠢᠬᠤᠯᠳᠠᠨ ᠪᠠᠰᠠᠨ ᠨᠢᠭᠡᠨ ᠡᠳᠦᠷ ᠬᠦᠯᠢᠶᠡᠵᠦ ᠂ ᠣᠯᠠᠨ ᠴᠡᠷᠢᠭ ᠦ᠋ᠨ ᠠᠷᠠᠳ ᠢ᠋ᠶ᠋ᠠᠷ ᠨᠠᠷᠠᠨ ᠤᠨᠠᠲᠠᠯ᠎ᠠ ᠪᠠᠷᠬᠢᠷᠠᠭᠤᠯᠤᠨ ᠠᠰᠠᠭᠤᠯᠭᠠᠭᠰᠠᠨ ᠳ᠋ᠤᠷ ᠵᠠᠷᠤᠳ ᠤ᠋ᠨ ᠬᠣᠲᠠ ᠰᠠᠬᠢᠭ᠍ᠰᠠᠨ ᠴᠡᠷᠢᠭ ᠦ᠋ᠨ ᠠᠷᠠᠳ ᠴᠢᠬᠤᠯᠳᠠᠵᠤ ᠰᠡᠮᠡᠬᠡᠷ ᠥᠭᠦᠯᠡᠷᠦᠨ : 《ᠲᠠ ᠳ᠋ᠤᠷ ᠨᠢᠭᠡᠨ ᠰᠥᠨᠢ ᠬᠦᠯᠢᠶᠡ ᠂ ᠮᠠᠨ ᠤ᠋ ᠬᠠᠨ ᠡᠵᠡᠨ ᠵᠣᠪᠠᠭᠰᠠᠭᠠᠷ ᠰᠣᠭᠲᠣᠨ ᠬᠡᠪᠲᠡᠵᠦ ᠬᠣᠶᠠᠷ ᠡᠳᠦᠷ ᠪᠣᠯᠪᠠ ᠃ ᠣᠯᠠᠨ ᠬᠠᠲᠤᠳ ᠹᠧᠢ ᠨᠠᠷ ᠲᠠᠯᠪᠢᠨ ᠭᠠᠷᠭᠠᠬᠤ ᠦᠭᠡᠢ ᠪᠠᠢᠨᠠᠮ᠃ ᠶᠡᠬᠡ ᠵᠠᠩᠵᠤᠨ ᠳ᠋ᠤᠷ ᠪᠠᠭ᠎ᠠ ᠬᠦᠯᠢᠭᠡᠯᠵᠡᠮᠦ !》ᠬᠡᠮᠡᠭᠰᠡᠨ ᠳ᠋ᠦ᠍ᠷ ᠪᠤᠭᠤᠷᠵᠢ ᠡᠨᠡ ᠦᠭᠡᠰ ᠲᠣᠷ ᠭᠠᠯ ᠮᠡᠲᠦ ᠲᠦᠷᠭᠡᠨ ᠬᠣᠲᠠ ᠶ᠋ᠢᠨ ᠳᠣᠣᠷ᠎ᠠ ᠢᠷᠡᠵᠦ ᠂ ᠥᠨᠳᠥᠷ ᠳᠠᠭᠤᠨ ᠢ᠋ᠶ᠋ᠠᠷ ᠬᠠᠷᠢᠶᠠᠨ ᠥᠭᠦᠯᠡᠷᠦᠨ : 《ᠬᠥᠮᠦᠨ ᠪᠤᠰᠤ ᠸᠠᠩᠴᠤᠭ ᠬᠡᠨ ᠢ᠋ ᠡᠨᠡ ᠮᠡᠲᠦ ᠬᠥᠩᠭᠡᠯᠡᠨ ᠦᠵᠡᠵᠦ ᠳᠦᠷᠢᠮ ᠦᠭᠡᠢ ᠠᠭᠠᠰᠢᠯᠠᠮᠤᠢ ? ᠣᠯᠠᠨ ᠡᠮᠡᠰ ᠦ᠋ᠨ ᠪᠤᠬᠤᠷ ᠢ᠋ᠶ᠋ᠠᠷ ᠤᠯᠤᠰ ᠲᠥᠷᠥ ᠪᠡᠨ ᠪᠠᠷᠠᠭᠳᠠᠭᠤᠯᠤᠭᠴᠢ ᠸᠠᠩᠴᠤᠭ ᠂ ᠬᠤᠢᠬᠤᠷ ᠡᠮᠡᠰ ᠦ᠋ᠨ ᠪᠤᠬᠤᠷ ᠢ᠋ᠶ᠋ᠠᠷ ᠬᠣᠲᠠ ᠪᠠᠯᠭᠠᠳ ᠢ᠋ᠶ᠋ᠠᠨ ᠬᠤᠢᠬᠠᠯᠠᠭᠤᠯᠤᠭᠴᠢ ᠸᠠᠩᠴᠤᠭ ᠶᠠᠭᠤᠲᠠᠢ ᠡᠢᠮᠦ ᠂ ᠳᠠᠬᠢᠨ ᠳᠠᠪᠲᠠᠨ ᠬᠤᠳᠠᠯᠴᠢ ᠬᠠᠭᠤᠮᠠᠭᠠᠢ ᠪᠠᠷ ᠶᠠᠪᠤᠨ ᠢᠲᠡᠭᠡᠮᠵᠢ ᠦᠭᠡᠢ ᠪᠡᠷ ᠤᠷᠪᠠᠵᠤ ᠬᠥᠷᠪᠡᠬᠦ ᠠᠳᠤᠭᠤᠰᠤ ᠠᠵᠢ !》ᠭᠡᠮᠡᠨ ᠥᠪᠡᠷ ᠦ᠋ᠨ ᠪᠡᠶ᠎ᠡ ᠪᠡᠷ ᠶᠡᠬᠡ ᠬᠡᠩᠭᠡᠷᠭᠡ ᠳᠡᠯᠡᠳᠴᠦ ᠲᠡᠮᠳᠡᠭ ᠫᠤᠤ ᠭᠤᠷᠪᠠᠨᠲᠠ ᠲᠠᠯᠪᠢᠨ ᠶᠡᠬᠡ ᠳᠠᠯᠪᠠᠭ᠎ᠠ ᠰᠠᠵᠢᠭᠰᠠᠨ ᠠᠪᠠᠰᠤ ᠠᠷᠪᠠᠨ ᠠᠩᠭᠢ ᠶᠡᠬᠡ ᠴᠡᠷᠢᠭ ᠬᠠᠮᠲᠤ ᠬᠠᠰᠬᠢᠷᠤᠯᠳᠤᠨ ᠣᠷᠣᠵᠤ ᠬᠣᠲᠠ ᠶ᠋ᠢ ᠬᠠᠭᠠᠵᠤ ᠪᠠᠢᠯᠳᠤᠨ ᠡᠭᠦᠰᠬᠡᠪᠡ᠃
– – – –
①ᠡᠨᠡ ᠦᠨᠡᠬᠡᠷ ᠶᠠᠰᠤ ᠶ᠋ᠢ ᠬᠤᠰᠤᠬᠤ ᠰᠠᠢᠬᠠᠨ ᠥᠩᠭᠡ ᠠᠷᠢᠬᠢ ᠯᠤᠭ᠎ᠠ ᠠᠭᠤᠯᠵᠠᠭᠠᠳ ᠶᠠᠮᠤᠨ ᠢ᠋ ᠡᠪᠳᠡᠬᠦ ᠤᠯᠤᠰ ᠢ᠋ ᠮᠥᠬᠥᠭᠡᠬᠦ ᠶᠡᠬᠡ ᠳᠠᠢᠰᠤᠨ ᠬᠤᠪᠢᠯᠵᠤᠬᠤᠢ᠃
ᠡᠭᠦᠨ ᠳ᠋ᠦ᠍ ᠳᠠᠷᠤᠢ ᠤᠷᠵᠢᠳᠤᠷ ᠤᠨ ᠠᠪᠤᠭᠰᠠᠨ ᠲᠠᠭᠲᠠᠭ᠎ᠠ ᠬᠠᠷᠢᠶᠠᠴᠠᠢ ᠂ ᠮᠢᠭᠤᠢ ᠪᠦᠬᠦᠨ ᠦ᠌ ᠰᠡᠭᠦᠯ ᠪᠦᠷᠢ ᠳ᠋ᠦ᠍ᠷ ᠴᠥᠮ ᠭᠠᠯ ᠰᠢᠲᠠᠭᠠᠬᠤ ᠳᠠᠪᠠᠷᠬᠠᠢ ᠱᠣ ᠬᠦᠬᠦᠷ ① ᠦ᠋ᠨ ᠵᠡᠷᠭᠡ ᠶ᠋ᠢᠨ ᠭᠠᠯ ᠤ᠋ᠨ ᠡᠮ ᠤ᠋ᠳ ᠤ᠋ᠨ ᠵᠦᠢᠯ ᠢ᠋ ᠬᠠᠢᠯᠤᠭᠤᠯᠤᠨ ᠲᠦᠷᠬᠢᠵᠦ ᠪᠡᠯᠡᠳᠬᠡᠨ ᠪᠠᠢᠭᠰᠠᠨ ᠲᠤᠯᠠ ᠡᠳᠡᠭᠡᠷ ᠢ᠋ ᠬᠠᠮᠲᠤ ᠪᠠᠷ ᠨᠣᠴᠣᠭᠠᠵᠤ ᠡᠮᠦᠨ᠎ᠡ ᠬᠠᠭᠠᠯᠭ᠎ᠠ ᠪᠠᠷ ᠲᠠᠯᠪᠢᠨ ᠣᠷᠣᠭᠤᠯᠤᠭᠰᠠᠨ ᠳ᠋ᠤᠷ ᠡᠳᠡᠭᠡᠷ ᠬᠠᠷᠢᠶᠠᠴᠠᠢ ᠲᠠᠭᠲᠠᠭ᠎ᠠ ᠬᠠᠷᠠᠩᠭᠤᠢ ᠰᠥᠨᠢ ᠲᠤᠯᠠ ᠴᠥᠮ ᠡᠭᠦᠷ ᠡᠭᠦᠷ ᠢ᠋ᠶ᠋ᠡᠨ ᠡᠷᠢᠨ ᠭᠡᠷ ᠪᠠᠢᠰᠢᠩ ᠤ᠋ᠨ ᠰᠠᠷᠠᠪᠴᠢ ᠶ᠋ᠢᠨ ᠳᠣᠣᠷ᠎ᠠ ᠪᠠ ᠠᠰᠠᠷ ᠲᠠᠭᠲᠤ ᠤᠷᠲᠤ ᠬᠠᠷᠰᠢ ᠶ᠋ᠢᠨ ᠣᠨᠢ ᠨᠢᠷᠤᠭᠤᠨ᠎ᠠ ᠰᠢᠷᠭᠤᠨ ᠣᠷᠣᠯᠴᠠᠵᠤ ᠂ ᠮᠢᠭᠤᠢ ᠶ᠋ᠢᠨ ᠰᠡᠭᠦᠯ ᠬᠠᠯᠬᠤᠶᠠ ᠴᠢᠭ ᠴᠢᠭᠳᠡᠭᠡᠨ ᠭᠦᠶᠦᠯᠴᠡᠵᠦ ᠬᠣᠲᠠ ᠶ᠋ᠢ ᠠᠪᠠᠷᠢᠨ᠂ ᠭᠡᠷ ᠭᠡᠷ ᠦ᠋ᠨ ᠡᠭᠦᠳᠡ ᠴᠣᠩᠬᠣᠨᠠ ᠠᠪᠠᠷᠢᠯᠴᠠᠵᠤ ᠂ ᠨᠢᠭᠡᠨ ᠴᠠᠭ ᠲᠤᠷ ᠣᠭᠲᠠᠷᠭᠤᠢ ᠳ᠋ᠤᠷ ᠲᠣᠭ᠎ᠠ ᠲᠣᠮᠰᠢ ᠦᠭᠡᠢ ᠭᠠᠯ ᠤ᠋ᠨ ᠰᠢᠪᠠᠤᠬᠠᠢ ᠰᠦᠯᠵᠢᠨ ᠨᠢᠰᠴᠦ ᠭᠠᠵᠠᠷ ᠲᠤᠷ ᠭᠠᠯ ᠤ᠋ᠨ ᠬᠤᠯᠤᠭᠠᠨ᠎ᠠ ᠭᠤᠯᠭᠤᠨ ᠭᠦᠶᠦᠯᠳᠦᠵᠦ᠂ ᠳᠡᠭᠡᠷ᠎ᠡ ᠳᠣᠣᠷ᠎ᠠ ᠠ᠋ᠴᠠ ᠬᠠᠮᠲᠤ ᠪᠠᠷ ᠭᠠᠯ ᠰᠢᠲᠠᠵᠤ ᠶᠡᠬᠡ ᠲᠦᠢᠮᠡᠷ ᠱᠣᠭᠰᠢᠨ ᠡᠭᠦᠰᠬᠡᠪᠡ ᠂ ᠡᠭᠦᠨ ᠳ᠋ᠦ᠍ᠷ ᠵᠠᠷᠤᠳ ᠤ᠋ᠨ ᠪᠠᠢ ᠱᠠ ᠴᠧᠩ ᠬᠣᠲᠠ ᠶ᠋ᠢᠨ ᠣᠯᠠᠨ ᠢ᠋ᠶ᠋ᠠᠷ ᠪᠠᠰᠠ ᠬᠦ᠌ ᠤᠴᠢᠷ ᠢ᠋ ᠮᠡᠳᠡᠬᠦ ᠦᠭᠡᠢ ᠠᠯᠮᠠᠢᠷᠠᠨ ᠦᠢᠮᠡᠯᠳᠦᠵᠦ᠂ ᠶᠡᠬᠡ ᠪᠠᠭ᠎ᠠ ᠭᠡᠷ ᠪᠦᠷᠢ ᠭᠠᠯ ᠭᠠᠷᠴᠤ ᠭᠠᠭᠴᠠ ᠬᠤᠪᠢᠯᠭᠠᠨ ᠴᠢᠳᠬᠥᠷ ᠪᠧᠲ᠋ᠠ᠋ ᠤᠯᠤᠰ ᠲᠤᠷ ᠲᠤᠰᠠᠯᠠᠵᠤ ᠲᠡᠭᠷᠢ ᠶ᠋ᠢᠨ ᠭᠠᠯ ᠪᠠᠭᠤᠵᠤ ᠢᠷᠡᠭᠡᠳ ᠭᠠᠵᠠᠷ ᠤ᠋ᠨ ᠭᠠᠯ ᠯᠤᠭ᠎ᠠ ᠦᠷᠭᠦᠯᠵᠢᠯᠡᠪᠡ᠃ ᠡᠰᠡ ᠳᠠᠭᠠᠪᠠᠰᠤ ᠬᠣᠲᠠ ᠶ᠋ᠢᠨ ᠬᠣᠲᠠᠯᠠᠭᠠᠷ ᠴᠥᠮ ᠪᠠᠷᠠᠲᠠᠯ᠎ᠠ ᠰᠢᠳᠡᠵᠦ ᠦᠬᠦᠮᠦᠢ ᠭᠡᠮᠡᠨ ᠶᠡᠬᠡᠯ᠎ᠡ ᠰᠠᠮᠠᠭᠤᠷᠠᠯᠴᠠᠵᠤ ᠂ ᠤᠤᠯᠢᠬᠠᠢ ᠳᠣᠣᠯᠢᠬᠠᠢ ᠮᠤᠩᠬᠠᠭ ᠠᠷᠠᠳ ᠪᠡᠯᠡᠩᠴᠢ ᠢᠷᠭᠡᠳ ᠪᠠᠢ ᠱᠠ ᠴᠧᠩ ᠬᠣᠲᠠ ᠶ᠋ᠢᠨ ᠳᠥᠷᠪᠡᠨ ᠬᠠᠭᠠᠯᠭ᠎ᠠ ᠶ᠋ᠢ ᠬᠠᠮᠲᠤ ᠪᠠᠷ ᠨᠡᠭᠡᠭᠡᠵᠦ ᠥᠭᠭᠦᠭᠰᠡᠨ ᠳ᠋ᠦ᠍ᠷ ᠪᠤᠭᠤᠷᠵᠢ ᠶ᠋ᠢᠨ ᠠᠷᠪᠠᠨ ᠠᠩᠭᠢ ᠶᠡᠬᠡ ᠴᠡᠷᠢᠭ ᠳᠥᠷᠪᠡᠨ ᠬᠠᠭᠠᠯᠭ᠎ᠠ ᠪᠠᠷ ᠦᠶᠡᠷ ᠤᠷᠤᠰᠬᠤ ᠮᠡᠲᠦ ᠣᠷᠣᠵᠤ᠂ ᠤᠷᠢᠳᠠ ᠸᠠᠩᠴᠤᠭ ᠬᠠᠭᠠᠨ ᠤ᠋ ᠳᠤᠮᠳᠠᠳᠤ ᠣᠷᠳᠣᠨ ᠢ᠋ ᠪᠦᠰᠡᠯᠡᠨ ᠠᠪᠴᠤ ᠠᠷᠪᠠᠨ ᠵᠠᠩᠵᠤᠨ ᠨᠠᠷ ᠲᠤᠰ ᠲᠤᠰ ᠲᠠᠭᠠᠨ ᠱᠠᠯᠠᠮᠠᠭᠠᠢᠯᠠᠨ ᠣᠷᠣᠵᠤ ᠢᠷᠡᠪᠡ᠃ ᠡᠨᠡ ᠦᠶ᠎ᠡ ᠳ᠋ᠦ᠍ᠷ ᠸᠠᠩᠴᠤᠭ ᠬᠠᠨ ᠬᠠᠷᠠᠬᠠᠨ ᠶᠡᠬᠡᠯ᠎ᠡ ᠰᠣᠭᠲᠣᠵᠤ ᠠᠮᠲᠠᠳᠠᠶ᠎ᠠ ᠵᠡᠭᠦᠳᠦᠯᠡᠵᠦ ᠪᠦᠬᠦᠢ ᠳ᠋ᠦ᠍ᠷ ᠭᠠᠯ ᠭᠠᠷᠴᠤ ᠴᠡᠷᠢᠭ ᠬᠠᠰᠬᠢᠷᠤᠨ ᠶᠡᠬᠡᠯ᠎ᠡ ᠦᠢᠮᠡᠯᠳᠦᠬᠦᠶ᠎ᠡ ᠣᠯᠠᠨ ᠬᠠᠲᠤᠳ ᠭᠦᠩᠵᠦ ᠡᠮᠡᠰ ᠥᠬᠢᠳ ᠢᠨᠦ ᠸᠠᠩᠴᠤᠭ ᠬᠠᠨ ᠢ᠋ᠶ᠋ᠠᠨ ᠲᠦᠯᠬᠢᠨ ᠲᠠᠲᠠᠵᠤ ᠰᠡᠷᠢᠭᠡᠪᠡᠰᠦ ᠸᠠᠩᠴᠤᠭ ᠬᠠᠨ ᠬᠠᠷᠢᠨ ᠪᠢᠰᠢᠸᠠᠯᠢ ᠨᠡᠷᠡᠲᠦ ᠨᠢᠭᠡᠨ ᠪᠢᠴᠢᠬᠠᠨ ᠬᠠᠲᠤᠨ ᠢ᠋ᠶ᠋ᠠᠨ ᠲᠡᠪᠡᠷᠢᠵᠦ ᠂ ᠣᠯᠠᠨ ᠬᠠᠲᠤᠨ ᠢ᠋ᠶ᠋ᠠᠨ ᠵᠠᠩᠳᠠᠨ ᠪᠠᠰᠠ ᠬᠦ᠌ ᠰᠣᠭᠲᠣᠭᠤ ᠪᠠᠷ ᠥᠭᠦᠯᠡᠷᠦᠨ : 《ᠲᠠ ᠶᠠᠭᠤᠨ ᠳ᠋ᠤᠷ ᠨᠢᠭᠤᠷ ᠦᠭᠡᠢ ᠪᠡᠷ ᠨᠠᠮᠠᠶ᠋ᠢ ᠡᠨᠡ ᠮᠡᠲᠦ ᠪᠤᠯᠢᠶᠠᠯᠳᠤᠮᠤᠢ ? ᠪᠢ ᠨᠢᠭᠡᠬᠡᠨ ᠪᠡᠶ᠎ᠡ ᠪᠡᠷ ᠲᠠᠨ ᠤ᠋ ᠠᠯᠢᠨ ᠢ᠋ ᠠᠨᠤ ᠴᠥᠮ ᠭᠦᠢᠴᠡᠳᠬᠡᠨ ᠬᠠᠩᠭᠠᠬᠤ ᠪᠣᠢ ? ᠭᠠᠷᠴᠠᠬᠠ !》ᠭᠡᠮᠡᠨ ᠨᠢᠳᠦ ᠪᠡᠨ ᠠᠨᠢᠭᠰᠠᠭᠠᠷ ᠬᠠᠰᠬᠢᠷᠤᠨ ᠵᠠᠩᠳᠠᠬᠤᠢ ᠳ᠋ᠤᠷ ᠣᠯᠠᠨ ᠡᠬᠡᠨᠡᠷ ᠦ᠋ᠳ ᠬᠣᠲᠠ ᠶ᠋ᠢᠨ ᠳᠣᠲᠣᠷ᠎ᠠ ᠭᠠᠯ ᠭᠠᠷᠴᠤ ᠴᠡᠷᠢᠭ ᠦᠢᠮᠡᠮᠦᠢ ᠭᠡᠮᠡᠨ ᠮᠡᠳᠡᠭᠦᠯᠪᠡᠴᠦ ᠪᠠᠰᠠ ᠵᠠᠩᠳᠤᠷᠤᠨ ᠥᠭᠦᠯᠡᠷᠦᠨ : 《ᠶᠠᠮᠪᠠᠷ ᠱᠠᠯᠢᠭ ᠰᠠᠷᠮᠠᠭ᠍ᠴᠢᠨ ᠨᠤᠭᠤᠳ ᠬᠡᠮᠡᠭᠴᠢ ᠪᠣᠢ ! ᠬᠣᠲᠠ ᠶ᠋ᠢᠨ ᠳᠣᠲᠣᠷ᠎ᠠ ᠭᠠᠯ ᠭ᠍ᠡᠷᠪᠠᠰᠤ ᠴᠡᠷᠢᠭ ᠤᠮᠳᠠᠷᠠᠭᠠᠬᠤ ᠦᠭᠡᠢ ᠂ ᠪᠢ ᠥᠪᠡᠷ ᠢ᠋ᠶ᠋ᠡᠨ ᠭᠠᠷᠴᠤ ᠤᠮᠳᠠᠷᠠᠭᠠᠮᠤᠢ ᠤᠤ ? ᠴᠢᠨᠠᠭᠰᠢ ᠭᠠᠷᠴᠠᠬᠠ ! 》 ᠭᠡᠮᠡᠨ ᠵᠠᠩᠳᠤᠷᠴᠤ ᠥᠪᠡᠷ ᠦ᠋ᠨ ᠬᠡᠪᠲᠡᠬᠦ ᠣᠷᠳᠣᠨ ᠳ᠋ᠤᠷ ᠭᠠᠷᠴᠤ ᠪᠢᠰᠢᠸᠠᠯᠢ ᠹᠧᠢ ᠶᠦ᠍ᠭᠡᠨ ᠪᠢᠯᠴᠠᠢᠲᠠᠯᠠ ᠲᠡᠪᠡᠷᠢᠵᠦ ᠣᠵᠣᠵᠤ ᠰᠢᠮᠡᠬᠦᠶᠡ ᠂ ᠪᠤᠭᠤᠷᠵᠢ ᠶ᠋ᠢᠨ ᠴᠡᠷᠢᠭ ᠣᠷᠳᠣᠨ ᠤ᠋ ᠡᠭᠦᠳᠡ ᠶ᠋ᠢ ᠴᠠᠪᠴᠢᠨ ᠣᠷᠣᠵᠤ ᠢᠷᠡᠭᠰᠡ ᠳ᠋ᠦ᠍ᠷ ᠣᠯᠠᠨ ᠡᠬᠡᠨᠡᠷ ᠥᠬᠢᠳ ᠡᠮᠡᠰ ᠬᠠᠲᠤᠳ ᠠᠨᠤ ᠬᠠᠨ ᠢ᠋ᠶ᠋ᠠᠨ ᠣᠷᠬᠢᠵᠤ᠂ ᠴᠥᠮ ᠳᠤᠲᠠᠭᠠᠯᠴᠠᠨ ᠬᠣᠢᠲᠤ ᠶᠡᠬᠡ ᠴᠡᠴᠡᠭ ᠦ᠋ᠨ ᠬᠦᠷᠢᠶᠡᠨ ᠦ᠌ ᠨᠦᠬᠡ ᠶ᠋ᠢᠨ ᠭᠡᠷ ᠪᠠ ᠤᠰᠤᠨ ᠤ᠋ ᠰᠤᠪᠠᠭ ᠲᠤᠷ ᠰᠢᠷᠭᠤᠯᠴᠠᠨ ᠨᠢᠭᠤᠯᠴᠠᠪᠠ᠃ ᠡᠭᠦᠨ ᠳ᠋ᠦ᠍ᠷ ᠴᠡᠷᠢᠭ ᠶᠡᠬᠡᠳᠡ ᠦᠢᠮᠡᠬᠦᠢ ᠳ᠋ᠦ᠍ᠷ᠂ ᠸᠠᠩᠴᠤᠭ ᠬᠠᠨ ᠰᠠᠢ ᠰᠡᠵᠢᠭᠯᠡᠵᠦ ᠲᠣᠯᠣᠭᠠᠢ ᠪᠠᠨ ᠤᠨᠳᠡᠢᠵᠦ ᠠᠰᠠᠭᠤᠰᠤᠭᠠᠢ ᠬᠡᠮᠡᠲᠡᠯ᠎ᠡ ᠪᠤᠭᠤᠷᠵᠢ ᠶ᠋ᠢᠨ ᠴᠡᠷᠢᠭ ᠬᠡᠳᠦᠢᠨᠡᠢ ᠣᠷᠳᠣᠨ ᠤ᠋ ᠥᠬᠢᠳ ᠢ᠋ ᠪᠠᠷᠢᠵᠤ ᠠᠰᠠᠭᠤᠨ ᠬᠣᠨᠣᠬᠤ ᠬᠠᠷᠰᠢ ᠶ᠋ᠢᠨ ᠡᠭᠦᠳᠡᠨ ᠢ᠋ ᠴᠠᠪᠴᠢᠨ ᠣᠷᠣᠵᠤ ᠂ ᠸᠠᠩᠴᠤᠭ ᠬᠠᠨ ᠪᠢᠰᠢᠸᠠᠯᠢ ᠬᠠᠲᠤᠨ ᠲᠠᠢ ᠬᠣᠶᠠᠭᠤᠯᠠ ᠶ᠋ᠢ ᠬᠥᠨᠵᠢᠯᠡᠨ ᠦ᠌ ᠳᠣᠲᠣᠷ᠎ᠠ ᠠ᠋ᠴᠠ ᠴᠢᠷᠦᠨ ᠭᠠᠷᠭᠠᠵᠤ ᠴᠢᠷᠠᠮᠠᠨ ᠨᠢᠴᠦᠭᠦᠨ ᠪᠠᠷᠢᠵᠤ ᠬᠦᠯᠢᠪᠡ᠃ ᠪᠤᠭᠤᠷᠵᠢ ᠳᠥᠷᠪᠡᠨ ᠬᠠᠭᠠᠯᠭ᠎ᠠ ᠶ᠋ᠢ ᠰᠠᠬᠢᠭᠤᠯᠵᠤ ᠂ ᠸᠠᠩᠴᠤᠭ ᠬᠠᠨ ᠤ᠋ ᠲᠦᠰᠢᠮᠡᠳ ᠢ᠋ ᠴᠥᠮ ᠪᠠᠢᠴᠠᠭᠠᠨ ᠪᠠᠷᠢᠭᠤᠯᠤᠭᠠᠳ ᠬᠡᠬᠡᠷᠡᠭᠰᠡᠨ ᠳᠠᠷᠤᠢ ᠨᠢᠭᠡᠨᠲᠡᠭᠡᠭᠦᠷ ᠴᠡᠷᠢᠭ ᠢ᠋ᠶ᠋ᠡᠷ ᠭᠠᠯ ᠢ᠋ ᠤᠮᠳᠠᠷᠠᠭᠠᠯᠭᠠᠨ ᠨᠢᠭᠡᠨᠲᠡᠭᠡᠭᠦᠷ ᠲᠠᠢᠽᠦ ᠶ᠋ᠢ ᠵᠠᠯᠠᠷ᠎ᠠ ᠢᠯᠡᠭᠡᠵᠦ ᠦᠳᠡ ᠶ᠋ᠢᠨ ᠬᠢᠷᠢ ᠳ᠋ᠦᠷ ᠲᠠᠢᠽᠦ ᠬᠦᠷᠴᠦ ᠢᠷᠡᠨ ᠂ ᠪᠤᠭᠤᠷᠵᠢ ᠤᠭᠲᠤᠨ ᠵᠣᠯᠭᠠᠵᠤ᠂ ᠲᠠᠢᠽᠦ ᠸᠠᠩᠴᠤᠭ ᠬᠠᠨ ᠤ᠋ ᠶᠡᠬᠡ ᠬᠠᠷᠰᠢ ᠳ᠋ᠤᠷ ᠰᠠᠭᠤᠵᠤ ᠂ ᠪᠤᠭᠤᠷᠵᠢ ᠲᠡᠷᠢᠭᠦᠯᠡᠨ ᠣᠯᠠᠨ ᠵᠠᠩᠵᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ ᠰᠠᠢ ᠸᠠᠩᠴᠤᠭ ᠬᠠᠨ ᠲᠡᠷᠢᠭᠦᠯᠡᠨ ᠠᠷᠪᠠᠨ ᠨᠠᠢ᠍ᠮᠠᠨ ᠨᠣᠶᠠᠳ ᠯᠤᠭ᠎ᠠ ᠲᠦᠯᠬᠢᠨ ᠠᠴᠢᠷᠠᠵᠤ ᠰᠥᠭᠥᠳᠬᠡᠨ ᠶᠠᠯ᠎ᠠ ᠶ᠋ᠢ ᠠᠨᠤ ᠠᠰᠠᠭᠤᠪᠠᠰᠤ ᠂ ᠸᠠᠩᠴᠤᠭ ᠬᠠᠨ : 《ᠨᠢᠭᠡᠨᠲᠡ ᠳᠠᠭᠠᠬᠤ ᠰᠠᠨᠠᠭᠠᠨ ᠲᠣᠭᠲᠠᠭᠠᠳ ᠰᠠᠨᠠᠮᠰᠠᠷ ᠦᠭᠡᠢ ᠡᠬᠡᠨᠡᠷ ᠦ᠋ᠳ ᠲᠣᠷ ᠢ᠋ᠶ᠋ᠠᠨ ᠲᠠᠲᠠᠭᠳᠠᠭᠰᠠᠭᠠᠷ ᠰᠣᠭᠲᠣᠵᠤ ᠡᠢᠮᠦ ᠪᠣᠯᠪᠠ᠃》ᠭᠡᠮᠡᠨ ᠲᠣᠯᠣᠭᠠᠢ ᠠᠪᠤᠰᠢ ᠦᠭᠡᠢ ᠤᠬᠢᠯᠠᠨ ᠮᠥᠷᠭᠥᠬᠦᠢ ᠳ᠋ᠦᠷ ᠲᠠᠢᠽᠦ ᠰᠡᠭᠦᠷᠡᠰᠦ ᠠᠯᠲᠠᠨ ᠬᠦᠢᠲᠡᠨ ᠢ᠋ᠶ᠋ᠡᠷ ᠢᠨᠢᠶᠡᠨ ᠵᠠᠬᠢᠷᠤᠨ: 《ᠠᠷᠪᠠᠬᠠᠨ ᠬᠣᠨᠢᠳᠤ ᠭᠡᠷ ᠦ᠋ᠨ ᠡᠵᠡᠨ ᠪᠣᠯᠪᠠᠴᠤ ᠨᠢᠭᠡᠨ ᠡᠷᠦᠬᠡ ᠶ᠋ᠢᠨ ᠠᠵᠤ ᠲᠥᠷᠥᠬᠦ ᠶ᠋ᠢ ᠪᠣᠳᠣᠵᠤ᠂ ᠥᠷᠯᠥᠭᠡ ᠦᠳᠡᠰᠢ ᠴᠢᠷᠮᠠᠢᠨ ᠪᠥᠭᠡᠲᠡᠯ᠎ᠡ ᠸᠠᠩᠴᠣᠭ ᠴᠢ ᠲᠦᠮᠡᠨ ᠡᠷᠥᠭᠡᠲᠦ ᠨᠢᠭᠡᠨ ᠤᠯᠤᠰ ᠢ᠋ ᠡᠵᠡᠯᠡᠨ ᠬᠠᠨ ᠬᠡᠮᠡᠬᠦ ᠪᠥᠭᠡᠳ ᠠᠷᠪᠠ ᠬᠣᠷᠢᠨ ᠦᠮᠡᠬᠡᠢ ᠡᠬᠡᠨᠡᠷ ᠦ᠋ᠳ ᠦ᠋ᠨ ᠤᠵᠢᠳ ᠴᠡᠩᠭᠡᠯ ᠳ᠋ᠦ᠍ᠷ ᠰᠢᠪᠠᠷᠳᠠᠵᠤ᠂ ᠤᠯᠤᠰ ᠲᠥᠷᠥ ᠪᠡᠨ ᠡᠪᠳᠡᠬᠦ ᠢᠨᠦ ᠦᠨᠡᠬᠡᠷ ᠥᠴᠦᠬᠡᠨ ᠲᠡᠳᠦᠢ ᠬᠥᠮᠦᠵᠢᠭᠦᠯᠬᠦ ᠪᠠᠢᠳᠠᠯ ᠦᠭᠡᠢ᠃ ᠡᠬᠡᠨᠡᠷ ᠬᠡᠮᠡᠭᠴᠢ ᠡᠷ᠎ᠡ ᠬᠥᠮᠦᠨ ᠦ᠌ ᠰᠠᠪᠠ ᠬᠡᠷᠡᠭᠯᠡᠯ ᠪᠥᠭᠡᠲᠡᠯ᠎ᠡ ᠴᠢ ᠭᠡᠳᠡᠷᠭᠦ ᠡᠬᠡᠨᠡᠷ ᠬᠥᠮᠦᠨ ᠳ᠋ᠦ᠍ ᠬᠡᠷᠡᠭᠯᠡᠭᠳᠡᠬᠦ ᠰᠠᠪᠠ ᠪᠣᠯᠤᠭᠰᠠᠨ ᠠᠨᠤ ᠡᠭᠡᠨᠡᠭᠲᠡ ᠬᠡᠷᠡᠭ ᠦᠭᠡᠢ ᠨᠢᠭᠡᠨ ᠥᠴᠦᠬᠡᠨ ᠬᠥᠮᠦᠨ ᠪᠣᠯᠠᠢ᠃ ᠤᠭ ᠠ᠋ᠴᠠ ᠪᠢ ᠡᠭᠦᠨ ᠢ᠋ ᠠᠯᠠᠬᠤ ᠦᠭᠡᠢ ᠭᠡᠮᠡᠨ ᠠᠮᠠ ᠠᠯᠳᠠᠭᠰᠠᠨ ᠪᠥᠯᠥᠭᠡ᠃ ᠲᠡᠷᠡ ᠬᠡᠳᠦᠢ ᠳᠠᠬᠢᠨ ᠳᠠᠪᠲᠠᠨ ᠦᠭᠡ ᠪᠡᠨ ᠢᠳᠡᠭᠰᠡᠨ ᠪᠣᠯᠪᠠᠴᠤ ᠪᠢ ᠭᠠᠷᠤᠭᠰᠠᠨ ᠦᠭᠡ ᠪᠡᠨ ᠦᠯᠦ ᠡᠭᠡᠭᠦᠯᠦᠮᠦᠢ!》ᠬᠡᠮᠡᠭᠡᠳ ᠸᠠᠩᠴᠤᠭ ᠬᠠᠨ ᠤ᠋ ᠠᠮᠢᠨ ᠢ᠋ ᠭᠡᠯᠳᠦᠷᠢᠭᠦᠯᠵᠦ᠂ ᠥᠪᠡᠷ ᠦ᠋ᠨ ᠲᠦᠰᠢᠮᠡᠳ ᠦ᠋ᠨ ᠵᠦᠭ ᠵᠠᠬᠢᠷᠤᠨ: 《ᠮᠠᠭᠤ ᠡᠵᠡᠨ ᠳ᠋ᠦ᠍ᠷ ᠤᠴᠠᠷᠠᠭᠰᠠᠨ ᠤᠯᠤᠰ ᠢᠷᠭᠡᠨ᠂ ᠰᠠᠢᠨ ᠡᠵᠡᠨ ᠦ᠌ ᠲᠡᠵᠢᠭᠡᠭᠰᠡᠨ ᠨᠣᠬᠠᠢ ᠰᠢᠪᠠᠭᠤ ᠳ᠋ᠤᠷ ᠦᠯᠦ ᠬᠥᠷᠥᠮᠦᠢ !》ᠬᠡᠮᠡᠵᠦ ᠸᠠᠩᠴᠤᠭ ᠬᠠᠨ ᠤ᠋ ᠮᠠᠰᠢ ᠲᠥᠷᠥ ᠬᠡᠮᠡᠬᠦ ᠬᠣᠶᠠᠷ ᠲᠦᠰᠢᠮᠡᠯ ᠡᠴᠡ ᠪᠤᠰᠤ ᠠᠷᠪᠠᠨ ᠨᠠᠢ᠍ᠮᠠᠨ ᠨᠣᠶᠠᠳ ᠢ᠋ ᠠᠨᠤ ᠴᠥᠮ ᠭᠠᠪᠢᠶᠠᠲᠤ ᠲᠦᠰᠢᠮᠡᠳ ᠲᠣᠷ ᠲᠦᠭᠡᠭᠡᠨ ᠪᠣᠭᠣᠯ ᠪᠣᠯᠭᠠᠨ ᠱᠠᠩᠨᠠᠪᠠᠢ᠃
– – – –
① ᠳᠠᠪᠠᠷᠬᠠᠢ ᠬᠡᠮᠡᠭᠴᠢ ᠰᠥᠩ ᠰᠢᠶᠠᠩ ᠂ ᠱᠣ ᠬᠡᠮᠡᠭᠴᠢ ᠾᠸᠦ᠋ᠸᠧ ᠰᠢᠶᠣᠤ ᠂ ᠬᠦᠬᠦᠷ ᠬᠡᠮᠡᠭᠴᠢ ᠯᠦᠩ ᠬᠤᠸᠠᠩ᠂ ᠴᠥᠮ ᠭᠠᠯ ᠭᠠᠷᠬᠤ ᠡᠳ᠋ ᠪᠣᠢ ᠃
ᠡᠨᠡ ᠦᠶ᠎ᠡ ᠳ᠋ᠦ᠍ ᠪᠤᠭᠤᠷᠤᠯ ᠦᠯᠢᠶᠡᠨ ᠮᠥᠷᠡᠨ ᠦ᠌ ᠵᠡᠭᠦᠨ ᠬᠥᠪᠡᠭᠡᠨ ᠦ᠌ ᠵᠠᠷᠤᠳ ᠤ᠋ᠨ ᠴᠡᠷᠢᠭ ᠢ᠋ ᠮᠥᠷᠡᠨ ᠭᠡᠲᠦᠯᠦᠭᠰᠡᠨ ᠡᠳᠦᠷ ᠲᠤᠨᠢ ᠰᠥᠨᠢ ᠪᠡᠷ ᠬᠦᠷᠢᠶ᠎ᠡ ᠶ᠋ᠢ ᠢᠨᠦ ᠳᠠᠷᠤᠵᠤ᠂ ᠵᠠᠭᠤᠨ ᠢᠯᠡᠭᠦᠦ ᠣᠩᠭᠣᠴᠠ ᠶ᠋ᠢ ᠪᠤᠯᠢᠶᠠᠨ ᠠᠪᠴᠤ ᠵᠠᠷᠤᠳ ᠤ᠋ᠨ ᠭᠤᠷᠪᠠᠨ ᠮᠢᠩᠭᠠᠨ ᠴᠡᠷᠢᠭ ᠢ᠋ ᠭᠤᠷᠪᠠᠨ ᠡᠳᠦᠷ ᠭᠤᠷᠪᠠᠨ ᠰᠥᠨᠢ ᠨᠡᠬᠡᠵᠦ ᠳ᠋ᠡᠭᠡᠨ ᠬᠥᠭᠡᠭᠡᠵᠦ ᠪᠠᠢᠯᠳᠤᠭᠰᠠᠭᠠᠷ ᠬᠠᠭᠠᠰ ᠢ᠋ ᠠᠯᠠᠵᠤ ᠂ ᠬᠠᠭᠠᠰ ᠢ᠋ ᠳᠠᠭᠠᠭᠤᠯᠤᠨ ᠠᠪᠤᠭᠠᠳ ᠣᠩᠭᠣᠴᠠᠨ ᠤ᠋ ᠣᠯᠣᠮ ᠢ᠋ ᠬᠦᠷᠭᠡᠨ ᠪᠣᠲ᠋ᠦ ᠳ᠋ᠦ᠍ᠷ ᠨᠢᠭᠡᠨ ᠮᠢᠩᠭᠠᠨ ᠴᠡᠷᠢᠭ ᠥᠭᠴᠦ ᠰᠠᠬᠢᠭᠤᠯᠤᠭᠠᠳ ᠥᠪᠡᠷ ᠦ᠋ᠨ ᠪᠡᠶ᠎ᠡ ᠴᠢᠯᠠᠭᠤ ᠯᠤᠭ᠎ᠠ ᠲᠠᠢᠽᠦ ᠶ᠋ᠢᠨ ᠳᠡᠷᠭᠡᠳᠡ ᠵᠠᠬᠢᠶ᠎ᠠ ᠶ᠋ᠢ ᠡᠭᠡᠭᠦᠯᠦᠷᠡ ᠢᠷᠠᠪᠠᠰᠤ ᠪᠤᠭᠤᠷᠵᠢ ᠪᠠᠰᠠ ᠪᠠᠢ ᠱᠠ ᠴᠧᠩ ᠬᠣᠲᠠᠨ ᠢ᠋ ᠣᠯᠵᠤ ᠂ ᠲᠠᠢᠽᠦ ᠬᠣᠲᠠᠨ ᠳ᠋ᠤᠷ ᠣᠷᠣᠵᠤ ᠰᠠᠩ ᠬᠥᠮᠥᠷᠭᠡ ᠶ᠋ᠢ ᠪᠠᠢᠴᠠᠭᠠᠵᠤ᠂ ᠰᠠᠩ ᠤ᠋ᠨ ᠠᠮᠤ ᠶ᠋ᠢ ᠠᠨᠤ ᠭᠠᠷᠭᠠᠯᠭᠠᠨ ᠬᠣᠲᠠᠨ ᠤ᠋ ᠳᠣᠲᠣᠷ᠎ᠠ ᠭᠠᠳᠠᠨᠠᠬᠢ ᠣᠯᠠᠨ ᠢᠷᠭᠡᠨ ᠳ᠋ᠦᠷ ᠢᠨᠦ ᠲᠦᠭᠡᠭᠡᠵᠦ ᠥᠭᠭᠦᠭᠦᠯᠦᠮᠦᠢ ᠃ ᠳᠠᠷᠤᠢ ᠭᠠᠪᠢᠶ᠎ᠠ ᠪᠦᠲᠦᠭᠰᠡᠨ ᠪᠠᠶᠠᠷ ᠤ᠋ᠨ ᠶᠣᠰᠣᠭᠠᠷ ᠮᠥᠷᠭᠥᠨ ᠠᠭᠤᠯᠵᠠᠵᠤ ᠶᠡᠬᠡ ᠬᠤᠷᠢᠮ ᠬᠤᠷᠢᠮᠯᠠᠨ ᠂ ᠵᠢᠴᠢ ᠵᠠᠷᠤᠳ ᠤ᠋ᠨ ᠴᠡᠷᠢᠭ ᠢ᠋ ᠪᠠᠢᠴᠠᠭᠠᠪᠠᠰᠤ ᠬᠣᠯᠠ ᠣᠢᠷ᠎ᠠ ᠰᠠᠢᠨ ᠮᠠᠭᠤ ᠲᠠᠢ ᠲᠠᠪᠤᠨ ᠲᠦᠮᠡᠨ ᠢᠯᠡᠭᠦᠦ ᠪᠣᠢ ᠲᠤᠯᠠ ᠴᠥᠮ ᠨᠡᠷ᠎ᠡ ᠶ᠋ᠢ ᠪᠢᠴᠢᠭᠯᠡᠨ᠂ ᠠᠷᠪᠠᠨ ᠠᠩᠭᠢ ᠰᠠᠯᠭᠠᠨ ᠵᠠᠬᠢᠷᠬᠤ ᠲᠦᠰᠢᠮᠡᠯ ᠲᠠᠯᠪᠢᠵᠤ ᠂ ᠪᠤᠭᠤᠷᠵᠢ ᠳ᠋ᠤᠷ ᠨᠡᠢᠲᠡ ᠶ᠋ᠢ ᠳᠠᠭᠠᠭᠠᠯᠭᠠᠨ ᠸᠠᠩᠴᠤᠭ ᠢ᠋ ᠲᠠᠰᠢᠯᠠᠭᠤᠯᠤᠨ ᠬᠠᠮᠢᠶᠠᠷᠤᠭᠤᠯᠵᠤ ᠂ ᠲᠡᠭᠦᠨ ᠦ᠌ ᠭᠡᠷ ᠦ᠋ᠨ ᠠᠮᠠᠨ ᠢ᠋ ᠬᠥᠳᠡᠯᠭᠡᠭᠰᠡᠨ ᠦᠭᠡᠢ ᠳ᠋ᠦ᠍ᠷ ᠸᠠᠩᠴᠤᠭ ᠬᠠᠨ ᠶᠠᠰᠤ ᠴᠢᠮᠥᠭᠡ ᠡᠴᠡ ᠪᠡᠨ ᠪᠢᠰᠢᠷᠡᠨ ᠰᠢᠲᠦᠵᠦ᠂ ᠠᠷᠪᠠᠨ ᠳᠥᠷᠪᠡᠨ ᠨᠠᠰᠤ ᠲᠠᠢ ᠵᠠᠯᠠᠰᠢᠶᠠ ᠨᠡᠷᠡᠲᠦ ᠥᠬᠢᠨ ᠢ᠋ᠶ᠋ᠡᠨ ᠵᠠᠭᠤᠨ ᠲᠡᠷᠭᠡ ᠡᠳ᠋ ᠲᠠᠸᠠᠷ ᠂ ᠭᠤᠴᠢᠨ ᠢᠨᠵᠢ ᠂ ᠮᠢᠩᠭᠠᠨ ᠠᠳᠤᠭᠤ ᠲᠠᠢ ᠲᠠᠢᠽᠦ ᠳ᠋ᠦ᠍ ᠪᠠᠷᠢᠭᠰᠠᠨ᠎ᠠ᠂ ᠲᠠᠢᠽᠦ ᠲᠡᠷᠡ ᠥᠬᠢᠨ ᠢ᠋ ᠦᠵᠡᠪᠡᠰᠦ ᠠᠷᠪᠠᠨ ᠬᠤᠪᠢ ᠭᠤᠸ᠎ᠠ ᠦᠵᠡᠰᠬᠦᠯᠡᠩ ᠬᠡᠭᠡᠨᠴᠢᠷ ᠪᠤᠯᠪᠠᠷᠠᠢ ᠭᠡᠭᠡᠬᠡᠨ ᠴᠠᠭᠠᠨ ᠲᠤᠯᠠ ᠳᠡᠭᠦᠦ ᠪᠦᠬᠦ ᠪᠡᠯᠭᠦᠳᠡᠢ ᠳ᠋ᠦ᠍ᠷ ᠬᠡᠳᠦᠢᠨᠡᠢ ᠡᠴᠡ ᠨᠢᠭᠡᠨ ᠰᠠᠢᠬᠠᠨ ᠪᠡᠷᠢ ᠠᠪᠴᠤ ᠥᠭᠰᠦᠭᠡᠢ ᠭᠡᠮᠡᠨ ᠬᠡᠷᠡᠢᠳ ᠲᠣᠷ ᠬᠡᠳᠦᠨ ᠵᠡᠷᠭᠡ ᠬᠥᠮᠦᠨ ᠢᠯᠡᠭᠡᠵᠦ ᠂ ᠰᠣᠯᠤᠩᠭᠤᠸ᠎ᠠ ᠶ᠋ᠢ ᠭᠤᠶᠤᠭᠠᠳ ᠪᠦᠲᠦᠭᠰᠡᠨ ᠦᠭᠡᠢ ᠲᠤᠯᠠ ᠡᠨᠡ ᠵᠠᠯᠠᠰᠢᠶᠠ ᠬᠡᠦᠬᠡᠨ ᠢ᠋ ᠥᠭᠰᠦᠭᠡᠢ ᠭᠡᠮᠡᠨ ᠪᠦᠬᠦ ᠪᠡᠯᠭᠦᠳᠡᠢ ᠶ᠋ᠢ ᠳᠠᠭᠤᠳᠠᠨ ᠦᠵᠡᠭᠦᠯᠵᠦ ᠳᠤᠷ᠎ᠠ ᠶ᠋ᠢ ᠠᠰᠠᠭᠤᠭᠰᠠᠨ ᠳ᠋ᠤᠷ ᠪᠡᠯᠭᠦᠳᠡᠢ ᠮᠡᠳᠡᠭᠦᠯᠦᠷᠦᠨ: 《ᠭᠠᠷ ᠬᠥᠯ ᠦ᠋ᠨ ᠠᠬ᠎ᠠ ᠳᠡᠭᠦᠦ ᠭᠡᠷ ᠦ᠋ᠨ ᠡᠷᠳᠡᠨᠢ ᠂ ᠭᠠᠪᠢᠶ᠎ᠠ ᠵᠢᠳᠬᠦᠯᠳᠦ ᠰᠠᠢᠳ ᠲᠦᠰᠢᠮᠡᠳ ᠤᠯᠤᠰ ᠤ᠋ᠨ ᠡᠷᠳᠡᠨᠢ᠂ ᠡᠨᠡ ᠤᠳᠠᠭ᠎ᠠ ᠭᠤᠷᠪᠠᠨ ᠮᠣᠵᠢ ᠨᠢᠭᠡᠨ ᠶᠡᠬᠡ ᠰᠣᠯᠤᠩᠭᠤᠳ ᠤᠯᠤᠰ ᠢ᠋ ᠣᠯᠤᠭᠰᠠᠨ ᠠᠨᠤ ᠪᠤᠯᠲᠤ ᠪᠠᠷ ᠴᠥᠮ ᠬᠦᠯᠦᠭ ᠪᠤᠭᠤᠷᠵᠢ ᠶ᠋ᠢᠨ ᠭᠠᠪᠢᠶ᠎ᠠ ᠵᠢᠳᠬᠦᠯᠭᠡ ᠪᠥᠭᠡᠲᠡᠯ᠎ᠡ ᠡᠵᠡᠨ ᠠᠬ᠎ᠠ ᠬᠡᠷᠪᠡ ᠪᠡᠯᠭᠦᠳᠡᠢ ᠨᠠᠮᠠᠶ᠋ᠢ ᠠᠬ᠎ᠠ ᠳᠡᠭᠦᠦ ᠭᠡᠮᠡᠨ ᠥᠪᠡᠷᠴᠢᠯᠡᠨ ᠦᠵᠡᠵᠦ ᠥᠮᠴᠢᠯᠡᠨ ᠱᠠᠩᠨᠠᠪᠠᠰᠤ᠂ ᠤᠯᠤᠰ ᠲᠥᠷᠥ ᠶ᠋ᠢᠨ ᠶᠡᠬᠡ ᠦᠢᠯᠡ ᠳ᠋ᠦ᠍ᠷ ᠦᠬᠦᠨ ᠵᠢᠳᠬᠦᠭᠴᠢ ᠵᠠᠩᠵᠤᠨ ᠪᠠᠭᠠᠲᠤᠳ ᠤ᠋ᠨ ᠰᠡᠳᠬᠢᠯ ᠬᠠᠷᠢᠪᠠᠰᠤ ᠶᠠᠭᠤᠨ ᠤ᠋ ᠠᠮᠲᠠ? ᠡᠵᠡᠨ ᠠᠬ᠎ᠠ ᠶ᠋ᠢᠨ ᠮᠢᠨᠦ ᠰᠦᠷ ᠡᠷᠬᠡ ᠪᠠᠢᠭᠰᠠᠨ ᠴᠠᠭ ᠲᠤ᠌ ᠡᠨᠡ ᠳᠡᠭᠦᠦ ᠴᠢᠨᠦ ᠪᠡᠯᠭᠦᠳᠡᠢ ᠂ ᠡᠭᠦᠨ ᠡᠴᠡ ᠰᠠᠢᠬᠠᠨ ᠢ᠋ ᠣᠯᠵᠤ ᠠᠪᠬᠤᠢ ᠳ᠋ᠤᠷ ᠶᠠᠮᠪᠠᠷ ᠪᠡᠷᠬᠡ᠃ ᠡᠨᠡ ᠬᠡᠦᠬᠡᠨ ᠢ᠋ ᠬᠦᠯᠦᠭ ᠪᠤᠭᠤᠷᠵᠢ ᠶ᠋ᠢᠨ ᠭᠠᠪᠢᠶ᠎ᠠ ᠳ᠋ᠤᠷ ᠨᠡᠢᠯᠡᠭᠦᠯᠦᠨ ᠱᠠᠩᠨᠠᠪᠠᠰᠤ ᠵᠣᠬᠢᠮᠤᠢ !》ᠬᠡᠮᠡᠭᠰᠡᠨ ᠳ᠋ᠦ᠍ᠷ ᠂ ᠲᠠᠢᠽᠦ ᠵᠠᠬᠢᠷᠤᠨ :
ᠠᠷᠤ ᠪᠦᠬᠦ ᠬᠡᠮᠡᠬᠦᠢ ᠳ᠋ᠦ᠍ᠷ ᠰᠡᠳᠬᠢᠯ ᠨᠡᠩᠳᠡ ᠪᠦᠬᠦ
ᠠᠮᠠ ᠵᠠᠳᠠᠭᠠᠢ ᠪᠣᠯᠪᠠᠴᠤ ᠰᠠᠨᠠᠭᠠᠨ ᠠᠳᠠᠪᠠᠰᠢ ᠦᠨᠡᠨᠴᠢ ᠂
ᠠᠢᠯ ᠬᠣᠷᠣᠭ᠎ᠠ ᠳ᠋ᠤᠷ ᠢ᠋ᠶ᠋ᠠᠨ ᠠᠢᠳᠠᠷ ᠲᠠᠢᠲᠠᠷ ᠪᠣᠯᠪᠠᠴᠤ
ᠠᠯᠤᠰ ᠬᠣᠯᠠ ᠶᠡᠬᠡ ᠦᠢᠯᠡ ᠳ᠋ᠦ᠍ᠷ ᠠᠪᠠᠢ ᠦᠨᠡᠬᠡᠷ ᠭᠣᠣᠯᠴᠢ
ᠭᠡᠮᠡᠨ ᠮᠠᠰᠢ ᠶᠡᠬᠡᠳᠡ ᠪᠡᠶᠡᠰᠴᠦ ᠰᠠᠢᠰᠢᠶᠠᠨ ᠮᠠᠭᠲᠠᠭᠠᠳ ᠵᠠᠯᠠᠰᠢᠶᠠ ᠬᠡᠦᠬᠡᠨ ᠢ᠋ ᠪᠦᠬᠦ ᠪᠡᠯᠭᠦᠳᠡᠢ ᠪᠡᠷ ᠬᠦᠯᠦᠭ ᠪᠤᠭᠤᠷᠵᠢ ᠳ᠋ᠤᠷ ᠱᠠᠩᠨᠠᠨ ᠥᠭᠪᠡᠢ᠃ ᠪᠤᠭᠤᠷᠵᠢ ᠶᠡᠬᠡᠯ᠎ᠡ ᠪᠠᠶᠠᠷᠯᠠᠨ ᠬᠡᠰᠢᠭ ᠲᠣᠷ ᠮᠥᠷᠭᠥᠵᠦ ᠥᠪᠡᠷ ᠦ᠋ᠨ ᠪᠡᠶ᠎ᠡ ᠨᠢᠭᠡᠨᠲᠡ ᠭᠤᠴᠢᠨ ᠨᠠᠰᠤ ᠬᠦᠷᠦᠭᠰᠡᠨ ᠲᠤᠯᠠ ᠵᠠᠯᠠᠰᠢᠶᠡ ᠶ᠋ᠢ ᠬᠥᠪᠡᠭᠦᠨ ᠳ᠋ᠡᠭᠡᠨ ᠡᠭᠦᠯᠡᠨ ᠴᠡᠷᠪᠢ ᠳ᠋ᠦ᠍ᠷ ᠠᠪᠴᠤ ᠥᠭᠰᠦᠭᠡᠢ ᠭᠡᠮᠡᠨ ᠵᠠᠯᠠᠰᠢᠶᠡ ᠬᠡᠦᠬᠡᠨ ᠢ᠋ ᠡᠴᠢᠭᠡ ᠳ᠋ᠦ᠍ᠷ ᠢᠨᠦ ᠲᠤᠰᠢᠶᠠᠨ ᠪᠢᠳᠡ ᠤᠷᠤᠭ ᠪᠠᠷᠢᠯᠳᠤᠬᠤ ᠲᠤᠯᠠ ᠴᠢ ᠥᠬᠢᠨ ᠢ᠋ᠶ᠋ᠡᠨ ᠰᠠᠢᠬᠠᠨ ᠬᠠᠳᠠᠭᠠᠯᠠ᠂ ᠪᠢᠳᠡᠨ ᠦ᠌ ᠴᠡᠷᠢᠭ ᠡᠭᠡᠬᠦᠢ ᠳ᠋ᠦ᠍ᠷ ᠶᠡᠬᠡ ᠶᠣᠰᠣ ᠪᠠᠷ ᠪᠠᠭᠤᠯᠭᠠᠨ ᠠᠪᠠᠴᠢᠮᠤᠢ ᠭᠡᠮᠡᠨ ᠶᠣᠰᠣᠨ ᠤ᠋ ᠪᠡᠯᠡᠭ ᠢᠶᠡᠨᠲᠠᠪᠤᠨ ᠶᠢᠰᠦᠨ ᠦ᠌ ᠪᠡᠯᠡᠭ ᠲᠤᠰᠢᠶᠠᠭᠰᠠᠨ ᠳ᠋ᠤ᠌ ᠲᠡᠷᠡ ᠵᠠᠯᠠᠰᠢᠶᠠ ᠬᠡᠦᠬᠡᠨ ᠢᠨᠦ :
ᠲᠡᠭᠭᠡᠷᠯᠢᠭ ᠲᠣᠷ ᠢᠨᠦ ᠲᠡᠩᠴᠡᠵᠦ ᠡᠰᠡ ᠴᠢᠳᠠᠨ
ᠲᠦᠰᠢᠮᠡᠯ ᠳ᠋ᠦ᠍ᠷ ᠢᠨᠦ ᠱᠠᠩᠨᠠᠭᠳᠠᠨ ᠥᠭᠭᠦᠭᠳᠡᠪᠡᠢ ᠂
ᠪᠣᠭᠳᠠ ᠳ᠋ᠤᠷ ᠠᠨᠤ ᠪᠣᠯᠤᠨ ᠡᠰᠡ ᠴᠢᠳᠠᠵᠤ
ᠪᠣᠭᠣᠯ ᠳ᠋ᠤᠷ ᠠᠨᠤ ᠱᠠᠩᠨᠠᠭᠳᠠᠨ ᠥᠭᠭᠦᠭᠳᠡᠪᠡᠢ ᠂
ᠬᠠᠨ ᠳ᠋ᠤᠷ ᠠᠨᠤ ᠬᠠᠢᠷᠠᠯᠠᠭᠳᠠᠨ ᠡᠰᠡ ᠴᠢᠳᠠᠨ
ᠬᠠᠷᠠᠴᠤᠰ ᠲᠤᠷ ᠠᠨᠤ ᠱᠠᠩᠨᠠᠭᠳᠠᠨ ᠥᠭᠭᠦᠭᠳᠡᠪᠡᠢ ᠂
ᠡᠵᠡᠨ ᠳ᠋ᠦ᠍ᠷ ᠢᠨᠦ ᠡᠷᠭᠦᠭᠳᠡᠨ ᠡᠰᠡ ᠴᠢᠳᠠᠵᠤ
ᠡᠷᠬᠡᠲᠡᠨ ᠳ᠋ᠦ᠍ᠷ ᠢᠨᠦ ᠱᠠᠩᠨᠠᠭᠳᠠᠨ ᠥᠭᠭᠦᠭᠳᠡᠪᠡᠢ ᠃
ᠮᠠᠰᠢ ᠢᠴᠢᠭᠦᠷᠢ ᠪᠣᠯᠪᠠ ᠭᠡᠮᠡᠨ ᠰᠡᠮᠡᠬᠡᠷ ᠬᠣᠣᠷ᠎ᠠ ᠢᠳᠡᠵᠦ ᠦᠬᠦᠪᠡᠢ ᠃ ᠵᠠᠷᠢᠮ ᠲᠠᠩᠬᠠᠢ ᠰᠤᠳᠤᠷᠴᠢᠨ ᠡᠨᠡ ᠨᠢᠭᠡᠨ ᠠᠩᠭᠢ ᠶ᠋ᠢ ᠥᠭᠡᠷᠡᠲᠦᠭᠦᠯᠵᠦ ᠵᠠᠯᠠᠰᠢᠶᠠ ᠶ᠋ᠢ ᠲᠠᠢᠽᠦ ᠶ᠋ᠢ ᠠᠪᠤᠭᠰᠠᠨ ᠳ᠋ᠤᠷ ᠦᠬᠦᠪᠡᠢ ᠭᠡᠮᠡᠨ ᠲᠠᠰᠢᠶ᠎ᠠ ᠪᠢᠴᠢᠭᠰᠡᠨ ᠢᠨᠦ ᠮᠥᠨ ᠪᠣᠢ ᠃ ᠡᠭᠦᠨ ᠢ᠋ ᠴᠦ᠍ ᠪᠠᠢᠲᠤᠭᠠᠢ᠂ ᠨᠡᠷ᠎ᠡ ᠶ᠋ᠢ ᠮᠥᠨ ᠬᠠᠯᠭᠤᠷᠠᠵᠦ ᠵᠠᠯᠢᠬᠠᠢ ᠭᠦᠩᠵᠦ ᠬᠡᠮᠡᠬᠦ ᠮᠥᠨ ᠪᠣᠢ ᠠᠮᠤᠢ ᠃ ᠲᠡᠳᠡᠭᠡᠷ ᠴᠥᠮ ᠮᠠᠰᠢᠳᠠ ᠲᠠᠰᠢᠶᠠᠷᠠᠨ ᠬᠠᠯᠭᠤᠷᠠᠭᠰᠠᠨ ᠬᠡᠷᠡᠭ ᠂ ᠲᠡᠢᠨ ᠬᠦ᠌ ᠲᠣᠳᠣᠷᠬᠠᠢᠯᠠᠨ ᠭᠠᠷᠭᠠᠪᠠ ᠃
ᠲᠡᠭᠦᠨᠴᠡ ᠪᠤᠭᠤᠷᠵᠢ ᠪᠡᠷᠢ ᠪᠡᠨ ᠦᠬᠦᠪᠡ ᠭᠡᠮᠡᠨ ᠰᠣᠨᠣᠰᠤᠭᠠᠳ ᠮᠠᠰᠢ ᠠᠭᠤᠷᠯᠠᠵᠤ ᠸᠠᠩᠴᠤᠭ ᠢ᠋ ᠲᠠᠢᠽᠦ ᠳ᠋ᠦ᠍ᠷ ᠵᠠᠭᠠᠯᠳᠤᠵᠤ ᠂ ᠸᠠᠩᠴᠣᠭ ᠤ᠋ᠨ ᠰᠡᠳᠬᠢᠯ ᠴᠢᠩ ᠦᠨᠡᠨ ᠪᠣᠯᠤᠭᠰᠠᠨ ᠦᠭᠡᠢ ᠂ ᠡᠭᠦᠨ ᠢ᠋ ᠡᠷᠬᠡᠪᠰᠢ ᠤᠯᠤᠰ ᠲᠤᠷ ᠳᠠᠭᠠᠭᠤᠯᠤᠨ ᠠᠪᠠᠴᠢᠵᠤ ᠂ ᠡᠮ᠎ᠡ ᠦᠷ᠎ᠡ ᠶ᠋ᠢ ᠴᠥᠮ ᠪᠣᠭᠣᠯ ᠪᠣᠯᠭᠠᠪᠠᠰᠤ ᠵᠣᠬᠢᠮᠤᠢ ᠬᠡᠮᠡᠬᠦᠢ ᠳ᠋ᠦᠷ ᠸᠠᠩᠴᠤᠭ ᠲᠠᠢᠽᠦ ᠳ᠋ᠦ᠍ᠷ ᠤᠬᠢᠯᠠᠨ ᠮᠥᠷᠭᠥᠵᠦ ᠮᠡᠳᠡᠭᠦᠯᠦᠷᠦᠨ: 《ᠪᠣᠭᠣᠯ ᠪᠢ ᠬᠡᠳᠦᠢ ᠰᠡᠳᠬᠢᠯ ᠦᠨᠡᠨᠴᠢ ᠦᠭᠡᠢ ᠪᠣᠯᠪᠠᠴᠤ ᠲᠥᠷᠥᠭᠰᠡᠨ ᠦᠷ᠎ᠡ ᠪᠡᠨ ᠶᠠᠭᠠᠬᠢᠨ ᠮᠡᠳᠡᠵᠦ ᠪᠠᠢᠭᠠᠳ ᠬᠡᠷᠬᠢᠨ ᠦᠬᠦᠭᠦᠯᠦᠨ ᠲᠦᠪᠳᠡᠮᠦᠢ ? ᠦᠨᠡᠨ ᠳ᠋ᠦ᠍ᠷ ᠮᠡᠳᠡᠭᠰᠡᠨ ᠦᠭᠡᠢ᠂ ᠡᠨᠡ ᠴᠥᠮ ᠪᠣᠭᠣᠯ ᠸᠠᠩᠴᠤᠭ ᠮᠢᠨᠦ ᠵᠠᠶᠠᠭ᠎ᠠ ᠤᠯᠠᠷᠢᠯ ᠮᠠᠭᠤ ᠲᠤᠯᠠ ᠴᠥᠮ ᠡᠢᠮᠦ ᠰᠠᠨᠠᠭᠠᠨ ᠤ᠋ ᠭᠠᠳᠠᠨᠠᠬᠢ ᠠᠶᠤᠯ ᠵᠣᠪᠠᠯᠠᠩ ᠳ᠋ᠤ᠌ ᠤᠴᠠᠷᠠᠪᠠᠢ》ᠬᠡᠮᠡᠬᠦᠢ ᠳ᠋ᠦ᠍ᠷ ᠲᠠᠢᠽᠦ ᠪᠤᠭᠤᠷᠵᠢ ᠪᠠᠨ ᠵᠠᠬᠢᠷᠤᠨ ᠸᠠᠩᠴᠤᠭ ᠤ᠋ᠨ ᠡᠨᠡ ᠦᠭᠡ ᠮᠠᠰᠢ ᠵᠥᠪ᠂ ᠲᠡᠷᠡ ᠥᠬᠢᠨ ᠢ᠋ᠶ᠋ᠡᠨ ᠦᠬᠦᠭᠦᠯᠦᠭᠰᠡᠨ ᠢ᠋ᠶ᠋ᠡᠷ ᠲᠡᠭᠦᠨ ᠦ᠌ ᠪᠡᠶ᠎ᠡ ᠪᠠ ᠭᠡᠷ ᠲᠦ᠍ᠷ ᠶᠠᠮᠪᠠᠷ ᠲᠤᠰᠠ ᠪᠣᠯᠬᠤ ᠭᠠᠵᠠᠷ ᠪᠣᠢ ? ᠭᠡᠳᠡᠷᠭᠦ ᠬᠠᠷᠢᠨ ᠰᠡᠵᠢᠭᠯᠡᠭᠳᠡᠬᠦ ᠪᠣᠢ ᠶᠠ ᠃ ᠲᠡᠢᠨ ᠪᠣᠯᠪᠠᠴᠤ ᠬᠦᠯᠦᠭ ᠪᠤᠭᠤᠷᠵᠢ ᠶ᠋ᠢᠨ ᠪᠡᠷᠢ ᠪᠡᠨ ᠬᠠᠢᠷᠠᠯᠠᠨ ᠬᠡᠷᠡᠭ ᠢ᠋ ᠰᠡᠵᠢᠭᠳᠡᠬᠦ ᠶ᠋ᠢ ᠦᠭᠡᠢ ᠪᠣᠯᠭᠠᠬᠤᠶ᠎ᠠ ᠪᠡᠷᠬᠡ ᠲᠤᠯᠠ ᠸᠠᠩᠴᠤᠭ ᠴᠢ ᠣᠳᠣ ᠶᠠᠭᠤᠨ ᠢ᠋ᠶ᠋ᠠᠷ ᠢᠲᠡᠭᠡᠯ ᠪᠣᠯᠭᠠᠨ ᠴᠢᠨᠦ ᠪᠡᠶ᠎ᠡ ᠥᠪᠡᠷ ᠦ᠋ᠨ ᠤᠯᠤᠰ ᠲᠤᠷ ᠢ᠋ᠶ᠋ᠠᠨ ᠠᠮᠤᠷ ᠰᠠᠭᠤᠮᠤᠢ ? 》ᠬᠡᠮᠡᠭᠰᠡᠨ ᠳ᠋ᠦ᠍ᠷ ᠸᠠᠩᠴᠤᠭ ᠬᠠᠨ ᠥᠬᠢᠨ ᠦ᠌ ᠵᠠᠰᠠᠯᠭ᠎ᠠ ᠶ᠋ᠢ ᠪᠦᠷᠢᠨ᠎ᠡ ᠲᠠᠢᠽᠦ ᠶ᠋ᠢᠨ ᠴᠡᠷᠢᠭ ᠲᠦ᠍ᠷ ᠲᠦᠭᠡᠭᠡᠵᠦ ᠂ ᠠᠷᠪᠠᠨ ᠲᠠᠪᠤᠨ ᠨᠠᠰᠤ ᠲᠠᠢ ᠥᠷᠭᠡᠨ ᠨᠡᠷᠡᠲᠦ ᠬᠥᠪᠡᠭᠦᠨ ᠢ᠋ᠶ᠋ᠡᠨ ᠲᠠᠢᠽᠦ ᠳ᠋ᠦ᠍ᠷ ᠳᠡᠨᠵᠢ ᠪᠣᠯᠭᠠᠨ ᠲᠤᠰᠢᠶᠠᠪᠠ ᠃
ᠲᠡᠳᠦᠢ ᠵᠠᠷᠤᠳ ᠤ᠋ᠨ ᠨᠢᠭᠡᠨ ᠠᠢᠮᠠᠭ ᠢ᠋ ᠣᠷᠣᠭᠤᠯᠤᠨ ᠠᠪᠴᠤ ᠠᠯᠪᠠ ᠶ᠋ᠢ ᠤᠷᠢᠳᠠ ᠬᠡᠯᠡᠯᠴᠡᠭᠰᠡᠨ ᠶᠣᠰᠣᠭᠠᠷ ᠲᠣᠭᠲᠠᠭᠠᠵᠤ ᠵᠢᠴᠢ ᠣᠯᠠᠨ ᠰᠠᠢᠳ ᠠ᠋ᠴᠠ ᠬᠡᠨ ᠦᠯᠡᠳᠡᠵᠦ᠂ ᠵᠠᠷᠤᠳ ᠢ᠋ ᠳᠠᠷᠤᠩᠭᠤᠢᠯᠠᠨ ᠰᠠᠬᠢᠵᠤ᠂ ᠬᠠᠪᠤᠷ ᠨᠠᠮᠤᠷ ᠤ᠋ᠨ ᠴᠡᠷᠢᠭ ᠦ᠋ᠨ ᠬᠤᠶᠠᠭ ᠢ᠋ ᠵᠣᠯᠢᠭᠤᠯᠤᠮᠤᠢ ᠬᠡᠮᠡᠭᠰᠡᠨ ᠳ᠋ᠦ᠍ᠷ ᠰᠠᠢᠬᠠᠨ ᠰᠤᠷᠲᠠᠯᠲᠤ ᠶ᠋ᠢᠨ ᠡᠴᠢᠭᠡ ᠴᠣᠴᠣᠯᠢ ᠦᠯᠡᠳᠡᠬᠦ ᠶ᠋ᠢ ᠬᠦᠰᠡᠮᠦᠢ ᠬᠡᠮᠡᠬᠦ ᠲᠤᠯᠠ ᠴᠣᠴᠣᠯᠢ ᠶ᠋ᠢ ᠨᠢᠭᠡᠨ ᠮᠢᠩᠭᠠᠨ ᠴᠡᠷᠢᠭ ᠠᠪᠴᠤ ᠦᠯᠡᠳᠡᠭᠡᠬᠦ ᠪᠡᠷ ᠲᠣᠭᠲᠠᠭᠠᠭᠠᠳ ᠸᠠᠩᠴᠤᠭ ᠢ᠋ ᠦᠯᠡᠳᠡᠭᠡᠵᠦ᠂ ᠲᠠᠢᠽᠦ ᠡᠭᠡᠬᠦ ᠡᠳᠦᠷ ᠢ᠋ ᠲᠣᠭᠲᠠᠭᠠᠲᠠᠯᠠ ᠤᠯᠤᠰ ᠠ᠋ᠴᠠ ᠲᠣᠭᠲᠣᠩᠭᠣ᠌ ᠪᠠᠭᠠᠲᠤᠷ ᠂ ᠰᠥᠪᠡᠭᠡᠲᠡᠢ ᠪᠠᠭᠠᠲᠤᠷ ᠬᠣᠶᠠᠭᠤᠯᠠ ᠢᠷᠡᠵᠦ ᠲᠠᠢᠽᠦ ᠳ᠋ᠦ᠍ᠷ ᠣᠷᠣᠵᠤ ᠮᠥᠷᠭᠥᠨ ᠵᠣᠯᠭᠠᠪᠠ ᠃ ᠲᠠᠢᠽᠦ ᠤᠯᠤᠰ ᠤ᠋ᠨ ᠳᠣᠲᠣᠷ᠎ᠠ ᠴᠥᠮ ᠰᠠᠢᠨ ᠰᠠᠢᠬᠠᠨ ᠢ᠋ ᠠᠰᠠᠭᠤᠭᠠᠳ ᠢᠷᠡᠭᠰᠡᠨ ᠤᠴᠢᠷ ᠢ᠋ ᠠᠰᠠᠭᠤᠭᠰᠠᠨ ᠳ᠋ᠤᠷ ᠲᠣᠭᠲᠣᠩᠭᠣ᠌ ᠰᠥᠪᠡᠬᠡᠲᠡᠢ ᠬᠠᠮᠲᠤ ᠮᠡᠳᠡᠭᠦᠯᠦᠷᠦᠨ :《ᠴᠡᠷᠢᠭ ᠦ᠋ᠨ ᠵᠢᠨᠦᠩ ᠮᠤᠬᠤᠯᠢ ᠡᠵᠡᠨ ᠢ᠋ ᠮᠥᠷᠡᠨ ᠭᠡᠲᠦᠯᠪᠡ ᠭᠡᠮᠡᠨ ᠰᠣᠨᠣᠰᠴᠤ ᠲᠦᠭᠰᠢᠭᠦᠷᠢᠲᠡᠢ ᠪᠣᠯᠭᠤᠵᠠᠢ ᠭᠡᠮᠡᠨ ᠮᠠᠨ ᠳ᠋ᠤᠷ ᠨᠢᠭᠡᠨ ᠲᠦᠮᠡᠨ ᠴᠡᠷᠢᠭ ᠥᠭᠴᠦ ᠢᠯᠡᠭᠡᠭᠰᠡᠨ ᠪᠥᠯᠥᠭᠡ ᠃ ᠲᠡᠢᠨ ᠬᠦ᠌ ᠮᠥᠷᠡᠨ ᠦ᠌ ᠬᠥᠪᠡᠭᠡ ᠳ᠋ᠦ᠍ᠷ ᠬᠦᠷᠴᠦ ᠢᠷᠠᠪᠠᠰᠤ᠂ ᠬᠦᠷᠭᠡᠨ ᠪᠣᠱᠣᠭᠲᠤ ᠪᠣᠲ᠋ᠤ ᠠ᠋ᠴᠠ ᠡᠵᠡᠨ ᠦ᠌ ᠨᠢᠭᠡᠨᠲᠡ ᠭᠠᠪᠢᠶ᠎ᠠ ᠪᠦᠲᠦᠭᠡᠭᠰᠡᠨ ᠢ᠋ ᠣᠯᠵᠤ ᠰᠣᠨᠣᠰᠤᠭᠠᠳ ᠲᠡᠢᠨ ᠰᠠᠩ ᠢ᠋ᠶ᠋ᠠᠷ ᠴᠡᠷᠢᠭ ᠢ᠋ ᠳᠠᠭᠠᠭᠠᠯᠭᠠᠨ ᠡᠭᠡᠭᠦᠯᠦᠭᠡᠳ ᠲᠦᠰᠢᠮᠡᠯ ᠪᠢᠳᠡ ᠡᠵᠡᠨ ᠦ᠌ ᠪᠠᠶᠠᠷ ᠠᠮᠤᠭᠤᠯᠠᠩ ᠢ᠋ ᠡᠷᠢᠵᠦ ᠨᠤᠲᠤᠭ ᠤ᠋ᠨ ᠮᠡᠨᠳᠦ ᠶ᠋ᠢ ᠮᠡᠳᠡᠭᠦᠯᠦᠷ᠎ᠡ ᠢᠷᠡᠪᠡ᠃》ᠬᠡᠮᠡᠭᠰᠡᠨ ᠳ᠋ᠦ᠍ᠷ ᠲᠠᠢᠽᠦ ᠶ᠋ᠢᠨ ᠰᠦᠷᠲᠦ ᠴᠢᠷᠠᠢ ᠳ᠋ᠤᠷ ᠪᠠᠶᠠᠷ ᠤ᠋ᠨ ᠪᠠᠢᠳᠠᠯ ᠢᠯᠡᠷᠡᠵᠦ ᠮᠤᠬᠤᠯᠢ ᠶ᠋ᠢ ᠰᠠᠢᠰᠢᠶᠠᠨ ᠮᠠᠭᠲᠠᠵᠤ᠂ ᠲᠣᠭᠲᠣᠩᠭᠣ᠌ ᠂ ᠰᠥᠪᠡᠭᠡᠲᠡᠢ ᠨᠠᠷ ᠲᠤᠷ ᠬᠦᠨᠳᠦᠳᠡ ᠱᠠᠩᠨᠠᠵᠤ ᠂ ᠵᠢᠴᠢ ᠴᠣᠴᠣᠯᠢ ᠂ ᠸᠠᠩᠴᠤᠭ ᠬᠣᠶᠠᠭᠤᠯᠠ ᠳ᠋ᠤᠷ ᠣᠩᠭᠣᠴᠠ ᠰᠠᠯ ᠢ᠋ ᠨᠡᠮᠡᠵᠦ ᠬᠢᠯᠭᠡᠬᠦ ᠶ᠋ᠢ ᠴᠢᠩᠳᠠᠯᠠᠨ ᠰᠤᠷᠭᠠᠵᠤ ᠲᠤᠭ ᠢ᠋ ᠳᠠᠬᠢᠭᠠᠳ ᠬᠥᠭᠵᠢᠮ ᠡᠭᠦᠰᠬᠡᠨ᠂ ᠶᠡᠬᠡ ᠴᠡᠷᠢᠭ ᠢ᠋ ᠠᠪᠴᠤ ᠳᠠᠷᠠᠭ᠎ᠠ ᠳᠠᠷᠠᠭ᠎ᠠ ᠪᠠᠷ ᠮᠣᠷᠳᠠᠵᠤ᠂ ᠤᠯᠤᠰ ᠤ᠋ᠨ ᠵᠠᠬ᠎ᠠ ᠳ᠋ᠤᠷ ᠣᠷᠣᠲᠠᠯ᠎ᠠ ᠣᠢᠲᠤ ᠣᠴᠢᠭ ᠂ ᠤᠷᠠᠨ ᠭᠠᠴᠢᠭ ᠬᠣᠶᠠᠭᠤᠯᠠ ᠳᠡᠳ᠋ ᠤᠲᠤᠯᠭᠠᠨ᠎ᠠ ᠤᠭᠲᠤᠵᠤ ᠵᠣᠴᠢ ᠂ ᠴᠠᠭᠠᠲᠠᠢ ᠬᠣᠶᠠᠷ ᠢ᠋ ᠠᠪᠴᠤ ᠶᠡᠬᠡ ᠪᠠᠶᠠᠷ ᠤ᠋ᠨ ᠶᠣᠰᠣᠭᠠᠷ ᠠᠷᠢᠬᠢ ᠪᠠᠷᠢᠵᠤ ᠮᠥᠷᠭᠥᠨ ᠤᠭᠲᠤᠪᠠ ᠃ ᠪᠤᠷᠬᠠᠨ ᠭᠠᠯᠳᠤᠨ᠎ᠠ ᠶ᠋ᠢᠨ ᠵᠠᠬ᠎ᠠ ᠳ᠋ᠤᠷ ᠲᠣᠷᠭᠠᠨ ᠰᠢᠷ᠎ᠠ ᠂ ᠮᠤᠬᠤᠯᠢ ᠨᠠᠷ ᠲᠠᠢᠽᠦ ᠶ᠋ᠢᠨ ᠬᠣᠶᠠᠷ ᠪᠠᠭ᠎ᠠ ᠬᠥᠪᠡᠭᠦᠨ ᠂ ᠥᠭᠡᠳᠡᠢ ᠂ ᠲᠣᠯᠢ ᠬᠣᠶᠠᠭᠤᠯᠠ ᠶ᠋ᠢ ᠠᠪᠴᠤ ᠤᠭᠲᠤᠭᠠᠳ ᠲᠣᠷᠭᠠᠨ ᠰᠢᠷ᠎ᠠ ᠲᠠᠢᠽᠦ ᠳ᠋ᠦ᠍ᠷ ᠨᠢᠭᠡᠨ ᠤᠯᠤᠰ ᠢ᠋ ᠣᠷᠣᠭᠤᠯᠤᠨ ᠠᠪᠤᠭᠰᠠᠨ ᠪᠠᠶᠠᠷ ᠤ᠋ᠨ ᠠᠷᠢᠬᠢ ᠪᠠᠷᠢᠵᠤ ᠪᠡᠯᠭᠡᠯᠡᠨ ᠮᠥᠷᠭᠥᠭᠰᠡᠨ ᠬᠣᠢᠨ᠎ᠠ ᠮᠤᠬᠤᠯᠢ ᠲᠠᠢᠽᠦ ᠶ᠋ᠢᠨ ᠳᠥᠷᠪᠡᠨ ᠬᠥᠪᠡᠭᠦᠨ ᠢ᠋ᠶ᠋ᠡᠷ ᠬᠦᠯᠦᠭ ᠪᠤᠭᠤᠷᠵᠢ ᠲᠡᠷᠢᠭᠦᠯᠡᠨ᠂ ᠬᠠᠰᠠᠷ ᠂ ᠪᠡᠯᠭᠦᠳᠡᠢ ᠂ ᠪᠤᠭᠤᠷᠤᠯ᠂ ᠴᠢᠯᠠᠭᠤᠨ᠂ ᠪᠣᠲ᠋ᠤ ᠂ ᠵᠡᠯᠮ᠎ᠡ ᠂ ᠵᠡᠪᠡ ᠂ ᠠᠨᠳᠠᠨ ᠴᠢᠩ ᠨᠠᠷ ᠲᠤᠷ ᠬᠦᠷᠲᠡᠯ᠎ᠡ ᠠᠷᠢᠬᠢ ᠪᠠᠷᠢᠭᠤᠯᠤᠭᠰᠠᠨ ᠳ᠋ᠤᠷ ᠲᠠᠢᠽᠦ ᠪᠤᠭᠤᠷᠵᠢ ᠬᠣᠶᠠᠭᠤᠯᠠ ᠶᠡᠬᠡᠯ᠎ᠡ ᠪᠠᠶᠠᠷᠯᠠᠨ᠂ ᠤᠯᠤᠰ ᠲᠤᠷ ᠬᠦᠷᠦᠮᠡᠭᠴᠡ ᠶᠡᠬᠡ ᠬᠤᠷᠢᠮ ᠬᠤᠷᠢᠮᠯᠠᠵᠤ ᠂ ᠤᠯᠤᠰ ᠢ᠋ ᠰᠠᠬᠢᠭ᠍ᠰᠠᠨ ᠪᠠ ᠡᠵᠡᠨ ᠢ᠋ ᠳᠠᠭᠠᠭᠰᠠᠨ ᠵᠠᠩᠵᠤᠨ ᠲᠦᠰᠢᠮᠡᠯ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠵᠤ ᠳᠠᠬᠢᠨ ᠨᠢᠭᠡᠨ ᠵᠡᠷᠭᠡ ᠬᠢᠨᠠᠨ ᠬᠥᠬᠢᠭᠡᠨ ᠱᠠᠩᠨᠠᠪᠠᠢ ᠃
ᠡᠭᠦᠨᠴᠡ ᠪᠧᠲ᠋ᠠ᠋ ᠤᠯᠤᠰ ᠨᠡᠩ ᠡᠯᠪᠡᠭ ᠳᠡᠯᠪᠡᠭ ᠪᠠᠶᠠᠨ ᠴᠠᠳᠬᠤᠯᠠᠩ ᠪᠣᠯᠵᠤ᠂ ᠤᠯᠤᠰ ᠤ᠋ᠨ ᠳᠣᠲᠣᠷᠠᠬᠢ ᠪᠠᠭ᠎ᠠ ᠵᠠᠩᠵᠤᠨ ᠨᠠᠷ ᠴᠥᠮ ᠬᠥᠮᠦᠵᠢᠨ ᠭᠠᠷᠴᠤ ᠢᠷᠡᠭᠰᠡᠨ ᠳ᠋ᠦ᠍ᠷ ᠪᠧᠲ᠋ᠠ᠋ ᠤᠯᠤᠰ ᠨᠢᠭᠡᠨ ᠣᠨ ᠮᠠᠰᠢ ᠠᠮᠤᠷ ᠰᠤᠯᠠ ᠂ ᠴᠡᠷᠢᠭ ᠢ᠋ ᠵᠢᠰᠢᠶᠠᠯᠠᠨ ᠪᠣᠯᠪᠠᠰᠤᠷᠠᠭᠤᠯᠵᠤ ᠂ ᠡᠨᠡ ᠣᠨ ᠤ᠋ ᠠᠪᠠ ᠠᠶᠠᠨ ᠠᠯᠢᠨ ᠴᠤ᠌ ᠴᠥᠮ ᠡᠶᠡᠪᠡᠷᠭᠦ ᠰᠠᠢᠨ ᠃ ᠴᠠᠭᠠᠭᠴᠢᠨ ᠭᠠᠬᠠᠢ ᠵᠢᠯ ᠡᠨᠳᠡ ᠲᠡᠭᠦᠰᠪᠡ᠂ ᠬᠠᠷ᠎ᠠ ᠬᠤᠯᠤᠭᠠᠨ᠎ᠠ ᠵᠢᠯ ᠲᠠᠢᠽᠦ ᠭᠤᠴᠢᠨ ᠨᠢᠭᠡᠨ ᠰᠡᠭᠦᠳᠡᠷ ᠲᠡᠢ ᠪᠣᠯᠪᠠ ᠃ ᠰᠥᠩ ᠤᠯᠤᠰ ᠤ᠋ᠨ ᠠᠷᠪᠠᠨ ᠬᠣᠶᠠᠳᠤᠭᠠᠷ ᠣᠨ᠂ ᠭᠤᠸᠠᠩᠽᠦ᠋ᠩ ᠂ ᠨᠡᠷ᠎ᠡ ᠵᠣᠣ ᠴᠦᠨ᠂ ᠡᠭᠦᠨ ᠦ᠌ ᠱᠣᠣ ᠰᠢ ᠬᠡᠮᠡᠬᠦ ᠶ᠋ᠢᠨ ᠭᠤᠷᠪᠠᠳᠤᠭᠠᠷ ᠣᠨ᠂ ᠠᠯᠲᠠᠨ ᠤᠯᠤᠰ ᠤ᠋ᠨ ᠵᠢᠷᠭᠤᠳᠤᠭᠠᠷ ᠬᠠᠭᠠᠨ ᠵᠠᠩᠽᠦ᠋ᠩ ᠦ᠋ᠨ ᠨᠡᠷ᠎ᠡ ᠸᠠᠨ ᠶᠠᠨ ᠵᠢᠩ᠂ ᠡᠭᠦᠨ ᠦ᠌ ᠮᠢᠩ ᠴᠠᠩ ᠬᠡᠮᠡᠬᠦ ᠶ᠋ᠢᠨ ᠪᠠᠰᠠ ᠭᠤᠷᠪᠠᠳᠤᠭᠠᠷ ᠣᠨ ᠪᠣᠯᠪᠠ᠃ ᠡᠨᠡ ᠵᠢᠯ ᠦ᠋ᠨ ᠳᠣᠯᠣᠭᠠᠨ ᠰᠠᠷ᠎ᠠ ᠶ᠋ᠢᠨ ᠠᠷᠪᠠᠨ ᠲᠠᠪᠤᠨ᠎ᠠ ᠲᠠᠢᠽᠦ ᠤᠯᠤᠰ ᠤ᠋ᠨ ᠳᠣᠲᠣᠷᠠᠬᠢ ᠪᠠᠭ᠎ᠠ ᠵᠠᠩᠵᠤᠨ ᠨᠠᠷ ᠬᠢᠭᠡᠳ ᠰᠢᠨ᠎ᠡ ᠡᠷᠡᠰᠢᠭᠰᠡᠨ ᠴᠡᠷᠢᠭ ᠦ᠋ᠨ ᠠᠷᠠᠳ ᠢ᠋ ᠰᠢᠯᠭᠠᠨ ᠪᠣᠯᠪᠠᠰᠤᠷᠠᠭᠤᠯᠤᠨ ᠶᠡᠬᠡ ᠬᠥᠪᠡᠭᠦᠨ ᠵᠣᠴᠢ ᠂ ᠬᠣᠶᠠᠳᠤᠭᠠᠷ ᠬᠥᠪᠡᠭᠦᠨ ᠴᠠᠭᠠᠲᠠᠢ ᠬᠣᠶᠠᠭᠤᠯᠠ ᠪᠠ ᠵᠢᠴᠢ ᠵᠢᠨᠦᠩ ᠮᠤᠬᠤᠯᠢ ᠶ᠋ᠢᠨ ᠬᠥᠪᠡᠭᠦᠨ ᠪᠤᠯᠤ ᠂ ᠬᠦᠯᠦᠭ ᠪᠤᠭᠤᠷᠵᠢ ᠶ᠋ᠢᠨ ᠬᠥᠪᠡᠭᠦᠨ ᠡᠭᠦᠯᠡᠨ ᠴᠡᠷᠪᠢ᠂ ᠬᠦᠯᠦᠭ ᠴᠢᠯᠠᠭᠤᠨ ᠤ᠋ ᠬᠥᠪᠡᠭᠦᠨ ᠸᠴᠢᠷ ᠠᠯᠮᠠᠰ ᠂ ᠬᠦᠯᠦᠭ ᠪᠤᠭᠤᠷᠤᠯ ᠤ᠋ᠨ ᠬᠥᠪᠡᠭᠦᠨ ᠪᠤᠳᠤᠯᠤᠩ ᠨᠠᠷ ᠤ᠋ᠨ ᠨᠤᠮᠤ ᠮᠣᠷᠢ ᠶ᠋ᠢ ᠪᠣᠯᠪᠠᠰᠤᠷᠠᠭᠤᠯᠤᠨ ᠦᠵᠡᠬᠦᠶ᠎ᠡ ᠭᠡᠨᠡᠳᠲᠡ ᠵᠡᠭᠦᠨ ᠭᠡᠷᠡᠷᠢᠳ ᠦ᠋ᠨ ᠵᠠᠬ᠎ᠠ ᠶ᠋ᠢᠨ ᠴᠠᠭᠳᠠᠭᠤᠯ ᠤ᠋ᠨ ᠬᠥᠮᠦᠨ ᠬᠡᠷᠡᠢᠳ ᠦ᠋ᠨ ᠨᠢᠭᠡᠨ ᠡᠯᠴᠢ ᠶ᠋ᠢ ᠪᠠᠷᠢᠵᠤ ᠠᠴᠢᠷᠠᠪᠠ᠃ ᠤᠴᠢᠷ ᠠᠨᠤ ᠶᠠᠭᠤᠨ? ᠬᠡᠮᠡᠪᠡᠰᠦ : ᠦᠵᠡᠰᠡ ᠬᠡᠷᠡᠢᠳ ᠦ᠋ᠨ ᠢᠯᠠᠭᠤ ᠂ ᠵᠠᠮᠤᠬ᠎ᠠ ᠬᠣᠶᠠᠭᠤᠯᠠ ᠪᠧᠲ᠋ᠠ᠋ ᠤᠯᠤᠰ ᠤ᠋ᠨ ᠰᠣᠯᠤᠩᠭᠤᠳ ᠤ᠋ᠨ ᠸᠠᠩᠴᠣᠭ ᠬᠠᠨ ᠤ᠋ ᠭᠤᠷᠪᠠᠨ ᠮᠣᠵᠢ ᠶ᠋ᠢ ᠳᠠᠢᠯᠠᠵᠤ ᠠᠪᠤᠭᠠᠳ ᠰᠦᠷ ᠬᠦᠴᠦᠨ ᠶᠡᠬᠡᠳᠡ ᠨᠡᠮᠡᠭᠰᠡᠨ ᠳ᠋ᠦ᠍ᠷ ᠨᠡᠩᠳᠡ ᠠᠲᠠᠭᠠᠷᠬᠠᠨ ᠠᠶᠤᠵᠤ᠂ ᠡᠷᠲᠡᠬᠡᠨ ᠲᠠᠰᠤᠯᠤᠨ ᠪᠠᠢᠯᠳᠤᠵᠤ ᠪᠧᠲ᠋ᠠ᠋ ᠤᠯᠤᠰ ᠢ᠋ ᠮᠥᠬᠥᠭᠡᠰᠦᠭᠡᠢ ᠬᠡᠮᠡᠬᠦᠯ᠎ᠡ ᠭᠠᠭᠴᠠᠭᠠᠷ ᠤ᠋ᠨ ᠬᠦᠴᠦᠨ ᠬᠦᠷᠦᠯᠴᠡᠬᠦ ᠦᠭᠡᠢ ᠲᠤᠯᠠ ᠰᠣᠯᠤᠩᠭᠤᠳ ᠤᠯᠤᠰ ᠤ᠋ᠨ ᠵᠡᠭᠦᠨᠲᠡ ᠪᠦᠬᠦᠢ ᠰᠣᠯᠣᠩᠭᠣᠰ ᠤᠯᠤᠰ ᠤ᠋ᠨ ᠲᠠᠪᠤᠨ ᠮᠣᠵᠢ ᠶ᠋ᠢ ᠡᠵᠡᠯᠡᠭᠰᠡᠨ ᠪᠤᠬ᠎ᠠ ᠴᠠᠭᠠᠨ ᠬᠠᠭᠠᠨ ᠵᠢᠴᠢ ᠨᠠᠢ᠍ᠮᠠᠨ ᠤᠯᠤᠰ ᠤ᠋ᠨ ᠪᠣᠯᠢ ᠂ ᠲᠠᠢᠶᠠᠩ ᠬᠠᠭᠠᠨ ᠤ᠋ ᠬᠣᠶᠠᠷ ᠶᠡᠬᠡ ᠤᠯᠤᠰ ᠯᠤᠭ᠎ᠠ ᠨᠡᠢᠯᠡᠵᠦ ᠂ ᠪᠧᠲ᠋ᠠ᠋ ᠤᠯᠤᠰ ᠢ᠋ ᠳᠠᠢᠯᠠᠨ ᠮᠥᠬᠥᠭᠡᠵᠦ ᠭᠠᠵᠠᠷ ᠢ᠋ ᠠᠨᠤ ᠬᠤᠪᠢᠶᠠᠨ ᠠᠪᠰᠤᠭᠠᠢ ᠭᠡᠮᠡᠨ ᠤᠷᠢᠳᠠ ᠰᠣᠯᠣᠩᠭᠣᠰ ᠢ᠋ ᠰᠠᠢᠨ ᠢ᠋ᠶ᠋ᠠᠷ ᠡᠶᠡᠯᠡᠵᠦ ᠂ ᠬᠣᠢᠨ᠎ᠠ ᠨᠠᠢ᠍ᠮᠠᠨ ᠢ᠋ ᠤᠷᠤᠭ ᠢ᠋ᠶ᠋ᠠᠷ ᠣᠷᠣᠭᠤᠯᠰᠤᠭᠠᠢ ᠭᠡᠮᠡᠨ ᠡᠯᠴᠢ ᠢᠯᠡᠭᠡᠵᠦ ᠪᠢᠴᠢᠭ ᠪᠡᠯᠡᠭ ᠪᠠᠷᠢᠭᠤᠯᠤᠨ ᠵᠠᠷᠤᠭᠠᠳ ᠡᠭᠡᠵᠦ ᠢᠷᠡᠬᠦᠶ᠎ᠡ ᠴᠢᠪᠬᠢᠲᠡᠯ᠎ᠡ ᠪᠧᠲ᠋ᠠ᠋ ᠤᠯᠤᠰ ᠤ᠋ᠨ ᠲᠤᠷᠰᠢᠭᠤᠯ ᠳ᠋ᠤᠷ ᠪᠠᠷᠢᠭᠳᠠᠭᠰᠠᠨ ᠠᠵᠤᠭᠤ ᠃ ᠲᠡᠭᠦᠨᠴᠡ ᠮᠤᠬᠤᠯᠢ ᠡᠯᠴᠢ ᠶ᠋ᠢᠨ ᠪᠡᠶ᠎ᠡ ᠶ᠋ᠢ ᠨᠡᠩᠵᠢᠨ ᠡᠮᠡᠭᠡᠯ ᠦ᠋ᠨ ᠳᠡᠪᠢᠰᠬᠡᠷ ᠦ᠋ᠨ ᠳᠣᠣᠷ᠎ᠠ ᠠ᠋ᠴᠠ ᠰᠣᠯᠣᠩᠭᠣᠰ ᠤᠯᠤᠰ ᠤ᠋ᠨ ᠪᠤᠬ᠎ᠠ ᠴᠠᠭᠠᠨ ᠬᠠᠭᠠᠨ ᠠ᠋ᠴᠠ ᠬᠡᠷᠡᠢᠳ ᠤᠯᠤᠰ ᠲᠤᠷ ᠬᠠᠷᠢᠭᠤ ᠢᠯᠡᠭᠡᠭᠰᠡᠨ ᠪᠢᠴᠢᠭ ᠢ᠋ ᠣᠯᠵᠤ ᠲᠠᠢᠽᠦ ᠳ᠋ᠦ᠍ᠷ ᠪᠠᠷᠢᠭᠰᠠᠨ᠎ᠠ ᠣᠶᠤᠲᠤ ᠰᠡᠴᠡᠨ ᠠᠪᠴᠤ ᠳᠠᠭᠤᠳᠠᠪᠠᠰᠤ ᠲᠡᠷᠡ ᠪᠢᠴᠢᠭ ᠦ᠋ᠨ ᠦᠭᠡ ᠢᠨᠦ : 《ᠰᠣᠯᠣᠩᠭᠣᠰ ᠤᠯᠤᠰ ᠤ᠋ᠨ ᠮᠡᠬᠦᠰ ᠡᠵᠡᠨ ᠢ᠋ᠶ᠋ᠡᠷ ᠶᠣᠰᠣᠯᠠᠵᠤ᠂ ᠶᠡᠬᠡ ᠬᠡᠷᠡᠢᠳ ᠤᠯᠤᠰ ᠤ᠋ᠨ ᠡᠷᠭᠢᠨ ᠸᠠᠩ ᠠᠬ᠎ᠠ ᠪᠠ ᠮᠡᠷᠭᠡᠨ ᠬᠦᠩ ᠳᠡᠭᠦᠦ ᠲᠠᠨ᠎ᠠ ᠥᠴᠦᠬᠡᠨ ᠲᠡᠳᠦᠢ ᠮᠡᠳᠡᠭᠰᠡᠨ ᠭᠠᠵᠠᠷ ᠢ᠋ ᠰᠠᠨᠠᠭᠤᠯᠤᠨ ᠲᠤᠭ ᠤ᠋ᠨ ᠳᠣᠣᠷ᠎ᠠ ᠪᠠᠷᠢᠭᠤᠯᠪᠠ ᠃ ᠪᠧᠲ᠋ᠠ᠋ ᠤᠯᠤᠰ ᠤ᠋ᠨ ᠡᠵᠡᠨ ᠲᠡᠮᠦᠵᠢᠨ ᠬᠡᠮᠡᠭᠴᠢ ᠨᠢᠭᠡᠨ ᠳ᠋ᠦ᠍ᠷ ᠬᠠᠭᠤᠴᠢᠨ ᠤᠯᠤᠰ ᠪᠥᠭᠡᠳ ᠬᠣᠶᠠᠷ ᠲᠤᠷ ᠥᠨᠳᠥᠷ ᠢᠵᠠᠭᠤᠷᠲᠤ ᠬᠢᠶᠦᠳ ᠶᠠᠰᠤᠲᠠᠨ ᠂ ᠭᠤᠷᠪᠠᠨ ᠳ᠋ᠤᠷ ᠨᠡᠩ ᠰᠣᠨᠣᠰᠬᠤᠯ᠎ᠠ ᠡᠨᠡ ᠲᠡᠮᠦᠵᠢᠨ ᠬᠡᠮᠡᠭᠴᠢ ᠶ᠋ᠢ ᠲᠡᠭᠷᠢ ᠶ᠋ᠢᠨ ᠴᠡᠭᠡᠯ ᠦ᠋ᠨ ᠠᠯᠲᠠᠨ ᠭᠠᠳᠠᠰᠤ ᠣᠳᠣᠨ ᠯᠤᠭ᠎ᠠ ᠲᠣᠬᠢᠶᠠᠯᠳᠤᠨ ᠲᠥᠷᠥᠵᠦ ᠴᠠᠭᠠᠨ ᠭᠡᠷᠡᠯ ᠲᠡᠭᠷᠢ ᠳ᠋ᠦ᠍ᠷ ᠰᠠᠴᠤᠷᠠᠪᠠ ᠬᠡᠮᠡᠮᠦᠢ᠃ ᠳᠥᠷᠪᠡᠨ ᠳ᠋ᠦ᠍ᠷ ᠲᠡᠭᠦᠨ ᠦ᠌ ᠰᠠᠢᠳ ᠲᠦᠰᠢᠮᠡᠳ ᠵᠠᠩᠵᠤᠨ ᠪᠠᠭᠠᠲᠤᠳ ᠪᠠ ᠤᠯᠤᠰ ᠠᠯᠪᠠᠲᠤ ᠴᠡᠷᠢᠭ ᠢᠷᠭᠡᠨ ᠢᠨᠦ ᠬᠡᠲᠦᠷᠬᠡᠶ᠎ᠡ ᠮᠡᠷᠭᠡᠨ ᠪᠠᠭᠠᠲᠤᠷ ᠬᠤᠷᠴᠠ ᠲᠡᠭᠰᠢ᠂ ᠲᠡᠭᠦᠨ ᠯᠦ᠍ᠭᠡ ᠬᠢᠯᠪᠠᠷᠬᠠᠨ ᠢ᠋ᠶ᠋ᠠᠷ ᠬᠠᠯᠳᠠᠵᠤ ᠦᠯᠦ ᠪᠣᠯᠤᠮᠤᠢ ᠃ ᠮᠢᠨᠦ ᠵᠡᠷᠭᠡᠯᠡᠳᠡᠭᠡ ᠪᠠᠢᠬᠤ ᠰᠣᠯᠤᠩᠭᠤᠳ ᠤᠯᠤᠰ ᠢ᠋ ᠬᠣᠨᠢ ᠤᠷᠠᠬᠠᠳᠠᠬᠤ ᠮᠡᠲᠦ ᠠᠪᠤᠭᠰᠠᠨ ᠳ᠋ᠤᠷ ᠪᠢ ᠦᠯᠦ ᠲᠦᠭᠰᠢᠬᠦ ᠶᠣᠰᠣ ᠪᠣᠢ ᠤᠤ ? ᠭᠠᠭᠴᠠ ᠡᠨᠡ ᠵᠣᠪᠠᠯᠠᠩ ᠢ᠋ ᠠᠷᠢᠯᠭᠠᠬᠤᠢ ᠳ᠋ᠤᠷ ᠣᠭᠲᠠᠷᠭᠤᠢ ᠳ᠋ᠤᠷ ᠨᠢᠰᠦᠭᠴᠢ ᠳᠡᠰ ᠪᠦᠷᠭᠦᠳ ᠢ᠋ ᠪᠠᠷᠢᠬᠤ ᠮᠡᠲᠦ ᠬᠦᠴᠦᠨ ᠢ᠋ᠶ᠋ᠡᠷ ᠬᠦᠴᠦᠯᠡᠵᠦ ᠦᠯᠦ ᠪᠣᠯᠤᠮᠤᠢ ᠂ ᠡᠷᠬᠡᠪᠰᠢ ᠥᠶᠥᠭᠡ ᠤᠷᠠᠬ᠎ᠠ ᠠᠷᠭ᠎ᠠ ᠮᠡᠬᠡ ᠪᠡᠷ ᠪᠠᠷᠢᠪᠠᠰᠤ ᠪᠣᠯᠤᠨᠠᠮ ᠶᠠ ᠃ ᠦᠨᠡᠬᠡᠷ ᠲᠡᠢᠮᠦ ᠰᠠᠢᠨ ᠠᠷᠭ᠎ᠠ ᠦᠭᠡᠢ ᠣᠨᠴᠠ ᠬᠦᠴᠦᠨ ᠢ᠋ᠶ᠋ᠡᠷ ᠪᠠᠢᠯᠳᠤᠵᠤ ᠡᠪᠳᠡᠰᠦᠭᠡᠢ ᠬᠡᠮᠡᠪᠡᠰᠦ ᠠᠭᠤᠯᠠᠨ ᠳ᠋ᠤᠷ ᠡᠵᠡᠲᠦᠭᠴᠢ ᠠᠷᠰᠯᠠᠨ ᠪᠠᠷᠰ ᠢ᠋ ᠪᠠᠷᠢᠬᠤ ᠮᠡᠲᠦ ᠂ ᠣᠯᠠᠨ ᠤᠯᠤᠰ ᠢ᠋ᠶ᠋ᠠᠷ ᠬᠠᠮᠵᠢᠨ ᠬᠠᠭᠠᠵᠤ ᠪᠠᠷᠢᠬᠤ ᠮᠡᠲᠦ ᠂ ᠡᠷᠭᠢᠨ ᠲᠠᠨ ᠤ᠋ ᠬᠡᠷᠡᠢᠳ ᠤᠯᠤᠰ ᠲᠡᠷᠢᠭᠦᠯᠡᠨ ᠨᠠᠢ᠍ᠮᠠᠨ ᠤ᠋ ᠲᠠᠢᠶᠠᠩ ᠬᠠᠭᠠᠨ ᠮᠢᠨᠦ ᠰᠣᠯᠣᠩᠭᠣᠰ ᠤᠯᠤᠰ ᠂ ᠮᠠᠢᠯᠵᠢ ᠤᠯᠤᠰ ᠤ᠋ᠨ ᠲᠣᠳᠣ ᠂ ᠵᠢᠴᠢ ᠬᠣᠢᠲᠤ ᠰᠡᠷ ᠰᠠᠷᠲᠠᠭᠤᠯ ᠤᠯᠤᠰ ᠤ᠋ᠨ ᠵᠠᠯᠢᠲᠤ ᠰᠦᠯᠳᠡ ᠬᠠᠭᠠᠨ ᠂ ᠪᠠᠰᠠ ᠲᠤᠭᠮᠤᠭ ᠤᠯᠤᠰ ᠤ᠋ᠨ ᠰᠦᠷᠲ᠋ᠦ ᠮᠡᠩᠭᠡᠯᠠ ᠬᠠᠭᠠᠨ ᠂ ᠵᠢᠴᠢ ᠥᠷᠥᠨ᠎ᠡ ᠡᠮᠦᠨ᠎ᠡ ᠶ᠋ᠢᠨ ᠬᠠᠷᠯᠢᠭᠤᠳ ᠤᠯᠤᠰ ᠤ᠋ᠨ ᠠᠷᠰᠯᠠᠨ ᠬᠠᠭᠠᠨ᠂ ᠪᠠᠰᠠ ᠭᠣᠷᠯᠤᠰᠤᠨ ᠤ᠋ ᠨᠠᠷᠠᠨ ᠬᠠᠭᠠᠨ – ᠡᠨᠡ ᠶᠢᠰᠦᠨ ᠶᠡᠬᠡ ᠤᠯᠤᠰ ᠨᠡᠢᠴᠡᠨ ᠬᠠᠮᠲᠤ ᠪᠠᠷ ᠳᠥᠷᠪᠡᠨ ᠡᠲᠡᠭᠡᠳ ᠡᠴᠡ ᠬᠠᠮᠵᠢᠨ ᠪᠠᠢᠯᠳᠤᠪᠠᠰᠤ ᠰᠠᠢ ᠳᠡᠢᠯᠬᠦ ᠶ᠋ᠢ ᠮᠠᠭᠠᠳᠯᠠᠵᠤ ᠪᠣᠯᠤᠨᠠᠮ ᠶᠠ ᠂ ᠪᠤᠰᠤ ᠪᠣᠯᠪᠠᠰᠤ ᠬᠡᠷᠬᠢᠪᠡᠴᠦ ᠬᠠᠯᠳᠠᠵᠤ ᠦᠯᠦ ᠪᠣᠯᠤᠮᠤᠢ᠂ ᠲᠠᠯᠠᠭᠠᠷ ᠬᠠᠷᠢᠨ ᠲᠠᠯ᠎ᠠ ᠶ᠋ᠢᠨ ᠮᠣᠭᠠᠢ ᠶ᠋ᠢᠨ ᠰᠡᠭᠦᠯ ᠳ᠋ᠦ᠍ᠷ ᠳᠤᠷᠠᠯᠠᠬᠤ ᠬᠡᠷᠡᠭ ᠪᠣᠯᠭᠤᠵᠠᠢ᠃ ᠦᠨᠡᠬᠡᠷ ᠡᠨᠡ ᠶᠢᠰᠦᠨ ᠤᠯᠤᠰ ᠢ᠋ ᠨᠡᠢᠯᠡᠭᠦᠯᠪᠡᠰᠦ ᠮᠡᠬᠦᠰ ᠪᠢ ᠳᠤᠷᠠᠲᠠᠶ᠎ᠠ ᠬᠡᠳᠦᠨ ᠡᠯᠴᠢ ᠬᠠᠪᠰᠤᠷᠤᠨ ᠭᠠᠷᠭᠠᠵᠤ ᠬᠡᠯᠡᠯᠴᠡᠭᠦᠯᠰᠦᠭᠡᠢ᠃ ᠵᠢᠴᠢ ᠰᠤᠯᠤᠩᠭᠤᠳ ᠤ᠋ᠨ ᠸᠠᠩᠴᠤᠭ ᠬᠠᠨ ᠢ᠋ ᠴᠦ᠍ ᠮᠥᠨ ᠤᠷᠪᠠᠭᠤᠯᠵᠤ ᠪᠣᠯᠤᠮᠤᠢ ᠂ ᠲᠡᠢᠮᠦ ᠶ᠋ᠢᠨ ᠲᠤᠯᠠ ᠠᠷᠭ᠎ᠠ ᠪᠠᠷ ᠠᠪᠬᠤ ᠪᠠ ᠬᠦᠴᠦᠨ ᠢ᠋ᠶ᠋ᠡᠷ ᠬᠥᠮᠥᠷᠢᠬᠦ ᠶ᠋ᠢ ᠶᠡᠬᠡ ᠸᠠᠩ ᠬᠠᠭᠠᠨ ᠠᠬ᠎ᠠ ᠲᠣᠭᠲᠠᠭᠠᠨ᠂ ᠬᠠᠷᠢᠭᠤ ᠵᠠᠬᠢᠶ᠎ᠠ ᠢᠷᠡᠭᠰᠡᠨ ᠴᠠᠭ ᠲᠤ᠌ ᠳᠤᠷᠠᠲᠠᠶ᠎ᠠ ᠨᠢᠭᠡᠨ ᠮᠥᠷᠥ ᠶ᠋ᠢᠨ ᠬᠦᠴᠦ ᠲᠤᠰᠠᠯᠠᠰᠤᠭᠠᠢ᠃ ᠡᠭᠦᠨ ᠦ᠌ ᠲᠤᠯᠠ ᠬᠢᠴᠢᠶᠡᠨ ᠪᠣᠳᠣᠵᠤ ᠬᠠᠷᠢᠭᠤ ᠮᠡᠳᠡᠭᠦᠯᠦᠨ ᠪᠠᠷᠢᠭᠤᠯᠪᠠ》ᠬᠡᠮᠡᠵᠦᠬᠦᠢ ᠃ ᠲᠠᠢᠽᠦ ᠰᠣᠨᠣᠰᠴᠤ ᠪᠠᠷᠠᠭᠠᠳ ᠴᠢᠷᠠᠢ ᠪᠠᠨ ᠲᠥᠪ ᠪᠣᠯᠭᠠᠨ ᠲᠡᠷᠢᠭᠦᠨ ᠬᠡᠬᠦᠯᠵᠡᠨ ᠪᠤᠬ᠎ᠠ ᠴᠠᠭᠠᠨ ᠬᠠᠭᠠᠨ ᠢ᠋ ᠲᠣᠭᠣᠮᠵᠢᠯᠠᠨ ᠥᠭᠦᠯᠡᠷᠦᠨ :《ᠡᠨᠡ ᠬᠡᠳᠦᠢᠪᠡᠷ ᠮᠢᠨᠦ ᠡᠰᠡᠷᠭᠦᠴᠡᠯ ᠪᠣᠯᠪᠠᠴᠤ ᠪᠢ ᠲᠡᠭᠦᠨ ᠦ᠌ ᠪᠣᠯᠭᠣᠮᠵᠢ ᠰᠡᠷᠡᠮᠵᠢ ᠪᠣᠯᠭ᠎ᠠ ᠤᠬᠠᠭᠠᠨ ᠢ᠋ ᠮᠠᠰᠢᠳᠠ ᠲᠣᠭᠣᠮᠵᠢᠯᠠᠮᠤᠢ ᠃ ᠲᠦᠮᠡᠨ ᠭᠠᠵᠠᠷ ᠳᠣᠪᠲᠣᠯᠤᠭᠴᠢ ᠬᠦᠯᠦᠭ ᠢ᠋ ᠤᠷᠠᠭᠳᠠᠬᠤᠢ ᠳ᠋ᠤᠷ ᠲᠥᠷᠥᠭᠰᠡᠨ ᠪᠡᠶ᠎ᠡ ᠶ᠋ᠢᠨ ᠬᠦᠴᠦᠨ ᠢ᠋ ᠪᠣᠳᠣᠬᠤ ᠬᠡᠷᠡᠭᠲᠡᠢ ᠃ ᠲᠡᠮᠦᠵᠢᠨ ᠨᠡᠷᠡᠲᠦ ᠡᠨᠡ ᠬᠦ᠌ ᠬᠥᠪᠡᠭᠦᠨ ᠢ᠋ ᠤᠬᠢᠶᠠᠬᠤᠢ ᠳ᠋ᠤᠷ ᠲᠥᠰᠥᠪᠯᠡᠨ ᠴᠢᠳᠠᠬᠤ ᠡᠷᠬᠡ ᠪᠤᠶᠠᠨᠲᠠᠨ ᠬᠡᠷᠡᠭᠲᠡᠢ !》 ᠬᠡᠮᠡᠭᠡᠳ ᠲᠣᠷᠭᠠᠨ ᠰᠢᠷ᠎ᠠ ᠂ ᠵᠢᠨᠦᠩ ᠮᠤᠬᠤᠯᠢ ᠂ ᠬᠦᠯᠦᠭ ᠪᠤᠭᠤᠷᠵᠢ ᠂ ᠣᠷᠢᠶᠠᠩᠬᠠᠨ ᠤ᠋ ᠵᠡᠯᠮ᠎ᠡ ᠂ ᠬᠤᠳᠠᠭᠠᠨ᠎ᠠ ᠪᠡᠬᠢ ᠲᠠᠨ ᠤ᠋ ᠣᠯᠠᠨ ᠰᠠᠢᠳ ᠯᠤᠭ᠎ᠠ ᠵᠥᠪᠯᠡᠪᠡᠰᠦ ᠣᠯᠠᠨ ᠤ᠋ ᠮᠡᠳᠡᠭᠦᠯᠬᠦ ᠢᠨᠦ: ᠡᠷᠬᠡᠪᠰᠢ ᠤᠷᠢᠳᠠ ᠬᠡᠷᠡᠢᠳ ᠢ᠋ ᠳᠠᠢᠯᠠᠨ ᠮᠥᠬᠥᠭᠡᠭᠡᠳ ᠳᠠᠭᠠᠯᠳᠤᠭ᠎ᠠ ᠰᠣᠯᠣᠩᠭᠣᠰ ᠢ᠋ ᠪᠠᠢᠯᠳᠤᠨ ᠠᠪᠤᠪᠠᠰᠤ ᠵᠣᠬᠢᠮᠤᠢ ᠬᠡᠮᠡᠬᠦᠢ ᠳ᠋ᠦ᠍ᠷ ᠭᠠᠭᠴᠠ ᠮᠤᠬᠤᠯᠢ ᠳᠠᠭᠤᠨ ᠭᠠᠷᠬᠤ ᠦᠭᠡᠢ᠃ ᠲᠠᠢᠽᠦ ᠣᠯᠠᠨ ᠤ᠋ ᠵᠦᠭ ᠵᠠᠬᠢᠷᠤᠨ: 《ᠬᠡᠷᠡᠢᠳ ᠬᠡᠳᠦᠢ ᠡᠨᠡ ᠬᠡᠷᠡᠭ ᠢ᠋ ᠡᠭᠦᠰᠬᠡᠭᠰᠡᠨ ᠦᠨᠳᠦᠰᠦ ᠪᠣᠯᠪᠠᠴᠤ ᠡᠭᠡᠨᠡᠭᠲᠡ ᠢᠯᠡᠷᠬᠡᠢ ᠬᠠᠯᠳᠠᠭᠰᠠᠨ ᠠᠨᠤ ᠢᠯᠡᠷᠡᠭᠡᠳᠦᠢ᠃ ᠪᠢ ᠡᠳᠦᠭᠡ ᠤᠷᠢᠳᠠ ᠲᠡᠢᠨ ᠳᠡᠭᠳᠡᠭᠡᠨ ᠲᠡᠳᠡᠨ ᠢ᠋ ᠪᠠᠢᠯᠳᠤᠪᠠᠰᠤ ᠬᠣᠯᠠ ᠳ᠋ᠠᠬᠢ ᠤᠯᠤᠰ ᠠᠢᠮᠠᠭ ᠤ᠋ᠳ ᠲᠤᠷ ᠡᠯᠡᠭ ᠪᠣᠯᠤᠮᠤᠢ ᠂ ᠠᠷᠤ ᠶ᠋ᠢᠨ ᠪᠢᠲᠡᠭᠦᠨ ᠦᠭᠡᠰ ᠲᠣᠷ < ᠮᠢᠩᠭᠠᠨ ᠠᠳᠤᠭᠤᠲᠤ ᠭᠡᠷ ᠡᠭᠦᠳᠡᠨ ᠦ᠌ ᠡᠮᠦᠨ᠎ᠡ ᠪᠡᠨ ᠦᠯᠦ ᠠᠳᠤᠭᠤᠯᠠᠮᠤᠢ > ᠬᠡᠮᠡᠵᠦᠬᠦᠢ ᠃ ᠬᠡᠷᠡᠢᠳ ᠦ᠋ᠨ ᠾᠧ ᠸᠠᠩ ᠬᠡᠳᠦᠢ ᠮᠤᠩᠬᠠᠭ ᠪᠣᠯᠪᠠᠴᠤ ᠠᠷᠠᠬᠠᠨ ᠲᠡᠷᠡ ᠮᠡᠲᠦ ᠲᠠᠰᠤᠷᠬᠠᠢ ᠬᠠᠷᠠᠲᠠᠢ ᠬᠥᠮᠦᠨ ᠪᠤᠰᠤ ᠂ ᠭᠠᠭᠴᠠ ᠲᠡᠭᠦᠨ ᠦ᠌ ᠬᠥᠪᠡᠭᠦᠨ ᠢᠯᠠᠭᠤ ᠠᠨᠤ ᠪᠣᠢ ᠶᠠ ᠂ ᠬᠥᠪᠡᠭᠦᠨ ᠦ᠌ ᠮᠠᠭᠤ ᠶ᠋ᠢ ᠠᠨᠤ ᠡᠴᠢᠭᠡ ᠳ᠋ᠦᠷ ᠢᠨᠦ ᠭᠥᠷᠦᠭᠦᠯᠵᠦ ᠦᠯᠦ ᠪᠣᠯᠤᠮᠤᠢ ᠃ ᠵᠢᠴᠢ ᠳ᠋ᠦ᠍ᠷ ᠨᠢᠭᠡᠨ ᠰᠣᠯᠣᠩᠭᠣᠰ ᠯᠤᠭ᠎ᠠ ᠮᠥᠨ ᠨᠡᠢᠯᠡᠵᠦ ᠴᠢᠳᠠᠭᠠᠳᠤᠢ ᠪᠥᠭᠡᠲᠡᠯ᠎ᠡ ᠨᠥᠭᠥᠭᠡ ᠳᠣᠯᠣᠭᠠᠨ ᠨᠢᠭᠡᠨ ᠴᠠᠭ ᠲᠤᠷ ᠬᠡᠷᠬᠢᠨ ᠳᠠᠷᠤᠢ ᠨᠢᠭᠡᠳᠦᠨ ᠴᠢᠳᠠᠬᠤ ᠠᠵᠢ ! ᠨᠡᠩ ᠪᠠᠰᠠ ᠡᠨᠡ ᠶᠢᠰᠦᠨ ᠤᠯᠤᠰ ᠨᠡᠢᠯᠡᠵᠦ ᠂ ᠮᠠᠨ ᠤ᠋ ᠨᠢᠭᠡᠨ ᠤᠯᠤᠰ ᠢ᠋ ᠪᠠᠢᠯᠳᠤᠬᠤ ᠤᠭ ᠠᠷᠭ᠎ᠠ ᠶ᠋ᠢ ᠡᠭᠦᠰᠬᠡᠭᠰᠡᠨ ᠢᠨᠦ ᠰᠣᠯᠣᠩᠭᠣᠰ ᠤ᠋ᠨ ᠪᠤᠬ᠎ᠠ ᠴᠠᠭᠠᠨ ᠬᠠᠭᠠᠨ ᠪᠣᠢ ᠶᠠ ᠂ ᠬᠡᠷᠡᠢᠳ ᠦ᠋ᠨ ᠾᠧ ᠸᠠᠩ ᠲᠤᠭᠤᠷᠢᠯ ᠪᠤᠰᠤ ᠃ ᠡᠷᠲᠡᠨ ᠦ᠌ ᠦᠭᠡᠨ ᠳ᠋ᠦ᠍ᠷ < ᠠᠯᠠᠷ᠎ᠠ ᠢᠷᠡᠭᠰᠡᠳ ᠲᠣᠷ ᠪᠢᠲᠡᠭᠡᠢ ᠠᠭᠤᠷᠯᠠ ᠂ ᠠᠷᠭ᠎ᠠ ᠰᠤᠷᠭᠠᠨᠴᠢᠳ ᠲᠤ᠌ ᠰᠠᠢ ᠬᠣᠷᠣᠰ !> ᠬᠡᠮᠡᠵᠦᠬᠦᠢ ᠃ ᠡᠳᠦᠭᠡ ᠡᠨᠡ ᠶᠢᠰᠦᠨ ᠤᠯᠤᠰ ᠨᠡᠢᠯᠡᠨ ᠵᠠᠪᠳᠤᠬᠤ ᠶ᠋ᠢᠨ ᠤᠷᠢᠳᠠ ᠪᠢᠳᠡ ᠵᠠᠪᠳᠤᠵᠤ ᠤᠷᠢᠳᠠ ᠰᠣᠯᠣᠩᠭᠣᠰ ᠤᠯᠤᠰ ᠢ᠋ ᠰᠣᠴᠢᠮᠠᠲᠠᠭᠠᠢ ᠪᠠᠷ ᠪᠠᠢᠯᠳᠤᠨ ᠠᠪᠤᠪᠠᠰᠤ ᠪᠤᠰᠤ ᠨᠠᠢ᠍ᠮᠠᠨ ᠠᠢᠮᠠᠭ ᠤᠯᠤᠰ ᠶᠠᠷᠠᠭᠳᠠᠭᠠᠨ ᠰᠡᠵᠢᠭᠯᠡᠵᠦ ᠬᠥᠳᠡᠯᠬᠦ ᠦᠭᠡᠢ ᠪᠣᠯᠤᠮᠤᠢ ᠃ ᠡᠨᠡ ᠢᠨᠦ ᠲᠡᠷᠢᠭᠦᠯᠡᠨ ᠳᠣᠪᠲᠣᠯᠭᠠᠭᠴᠢ ᠣᠯᠠᠨ ᠠᠭᠲᠠ ᠶ᠋ᠢᠨ ᠡᠬᠢᠨ ᠦ᠌ ᠨᠢᠭᠡᠨ ᠢ᠋ ᠤᠷᠠᠬᠠᠳᠠᠵᠤ ᠠᠪᠬᠤ ᠠᠷᠭ᠎ᠠ ᠪᠣᠯᠠᠢ ! 》 ᠬᠡᠮᠡᠭᠰᠡᠨ ᠳ᠋ᠦ᠍ᠷ ᠮᠤᠬᠤᠯᠢ ᠶᠡᠬᠡᠳᠡ ᠪᠡᠶᠡᠰᠦᠨ ᠪᠢᠰᠢᠷᠡᠭᠡᠳ ᠣᠯᠠᠨ ᠲᠦᠰᠢᠮᠡᠳ ᠢ᠋ ᠠᠪᠴᠤ ᠮᠥᠷᠭᠥᠵᠦ ᠮᠡᠳᠡᠭᠦᠯᠦᠷᠦᠨ : 《ᠡᠵᠡᠨ ᠦ᠌ ᠠᠢᠯᠠᠳᠤᠨ ᠲᠣᠭᠲᠠᠭᠠᠭᠰᠠᠨ ᠠᠨᠤ ᠦᠨᠡᠬᠡᠷ ᠨᠠᠷᠢᠨ ᠨᠢᠭᠲᠠ ᠬᠣᠯᠠ ᠤᠷᠲᠤ᠃》 ᠬᠡᠮᠡᠬᠦᠢ ᠳ᠋ᠦ᠍ᠷ ᠲᠠᠢᠽᠦ ᠠᠰᠠᠭᠤᠷᠤᠨ : 《ᠭᠠᠭᠴᠠ ᠵᠡᠭᠦᠨ ᠪᠠᠷᠠᠭᠤᠨ ᠬᠣᠶᠠᠷ ᠨᠢᠳᠦᠨ ᠦ᠌ ᠵᠣᠪᠬᠢ ᠶ᠋ᠢᠨ ᠯᠤᠤᠬ᠎ᠠ ᠶ᠋ᠢ ᠬᠡᠷᠬᠢᠨ ᠠᠷᠢᠯᠭᠠᠵᠤ ᠤᠯᠤᠰ ᠲᠤᠷ ᠲᠦᠭᠰᠢᠭᠦᠷᠢ ᠦᠭᠡᠢ ᠪᠣᠯᠭᠠᠪᠠᠰᠤ ᠰᠠᠢᠨ ? 》 ᠬᠡᠮᠡᠭᠰᠡᠨ ᠳ᠋ᠦ᠍ᠷ ᠮᠤᠬᠤᠯᠢ ᠰᠥᠭᠥᠳᠦᠭᠰᠡᠭᠡᠷ ᠵᠡᠭᠦᠨ ᠭᠠᠷ ᠢ᠋ᠶ᠋ᠠᠷ ᠴᠢᠬᠢ ᠪᠡᠨ ᠪᠠᠷᠢᠵᠤ ᠂ ᠪᠠᠷᠠᠭᠤᠨ ᠭᠠᠷ ᠢ᠋ᠶ᠋ᠠᠷ ᠬᠢᠲᠤᠭ᠎ᠠ ᠪᠠᠨ ᠠᠳᠬᠤᠵᠤ ᠮᠥᠷᠭᠥᠨ ᠮᠡᠳᠡᠭᠦᠯᠦᠷᠦᠨ : 《ᠬᠡᠷᠴᠡᠭᠡᠢ ᠠᠲᠠᠭᠠᠲᠠᠨ ᠢ᠋ ᠬᠡᠯᠡᠨ ᠢ᠋ᠶ᠋ᠡᠷ ᠬᠡᠯᠪᠢᠶᠡ ᠂ ᠬᠡᠴᠡᠭᠦᠦ ᠬᠦᠴᠦᠲᠡᠨ ᠢ᠋ ᠬᠢᠲᠤᠭ᠎ᠠ ᠪᠠᠷ ᠲᠤᠯᠤᠶ᠎ᠠ ! 》 ᠬᠡᠮᠡᠭᠰᠡᠨ ᠳ᠋ᠦ᠍ᠷ ᠲᠠᠢᠽᠦ ᠮᠦᠰᠢᠶᠡᠨ ᠮᠥᠨ ᠭᠡᠮᠡᠨ ᠵᠠᠬᠢᠪᠠ ᠃ ᠪᠤᠰᠤ ᠲᠦᠰᠢᠮᠡᠳ ᠡᠵᠡᠨ ᠵᠢᠨᠦᠩ ᠬᠣᠶᠠᠭᠤᠯᠠ ᠶᠠᠭᠤᠨ ᠬᠡᠯᠡᠭᠰᠡᠨ ᠢ᠋ ᠤᠬᠠᠭᠰᠠᠨ ᠦᠭᠡᠢ ᠂ ᠭᠠᠷᠴᠤ ᠢᠷᠡᠭᠰᠡᠨ ᠬᠣᠢᠨ᠎ᠠ ᠲᠣᠷᠭᠠᠨ ᠰᠢᠷ᠎ᠠ ᠲᠠᠨ : 《ᠡᠵᠡᠨ ᠵᠢᠨᠦᠩ ᠬᠣᠶᠠᠭᠤᠯᠠ ᠶ᠋ᠢᠨ ᠪᠢᠲᠡᠭᠦᠦ ᠪᠡᠷ ᠬᠡᠯᠡᠯᠴᠡᠭᠰᠡᠨ ᠢᠨᠦ ᠶᠠᠭᠤᠨ ᠪᠣᠯᠪᠠ ?》ᠬᠡᠮᠡᠭᠰᠡᠨ ᠳ᠋ᠦ᠍ᠷ ᠤᠷᠢᠶᠠᠩᠬᠠᠨ ᠤ᠋ ᠵᠡᠯᠮ᠎ᠡ ᠥᠴᠢᠷᠦᠨ : 《ᠡᠵᠡᠨ ᠦ᠌ ᠵᠡᠭᠦᠨ ᠪᠠᠷᠠᠭᠤᠨ ᠨᠢᠳᠦᠨ ᠦ᠌ ᠵᠣᠪᠬᠢ ᠶ᠋ᠢᠨ ᠯᠤᠤᠬ᠎ᠠ ᠬᠡᠮᠡᠭᠴᠢ ᠵᠡᠭᠦᠨ ᠬᠡᠷᠡᠢᠳ ᠂ ᠪᠠᠷᠠᠭᠤᠨ ᠨᠠᠢ᠍ᠮᠠᠨ ᠬᠣᠶᠠᠷ ᠤᠯᠤᠰ ᠢ᠋ ᠬᠡᠯᠡᠭᠰᠡᠨ ᠪᠣᠯᠠᠢ ᠂ ᠵᠢᠨᠦᠩ ᠦ᠋ᠨ ᠵᠡᠭᠦᠨ ᠭᠠᠷ ᠢ᠋ᠶ᠋ᠠᠷ ᠴᠢᠬᠢ ᠪᠡᠨ ᠪᠠᠷᠢᠵᠤ ᠂ ᠪᠠᠷᠠᠭᠤᠨ ᠭᠠᠷ ᠢ᠋ᠶ᠋ᠠᠷ ᠬᠢᠲᠤᠭ᠎ᠠ ᠪᠠᠨ ᠠᠳᠬᠤᠭᠰᠠᠨ ᠠᠨᠤ ᠵᠡᠭᠦᠨ ᠬᠡᠷᠡᠢᠳ ᠢ᠋ ᠦᠭᠡ ᠪᠡᠷ ᠨᠣᠮᠣᠬᠠᠳᠬᠠᠭᠠᠳ ᠪᠠᠷᠠᠭᠤᠨ ᠨᠠᠢ᠍ᠮᠠᠨ ᠢ᠋ ᠰᠦᠷ ᠢ᠋ᠶ᠋ᠡᠷ ᠰᠡᠵᠢᠭᠯᠡᠭᠦᠯᠦᠶᠡ ᠬᠡᠮᠡᠭᠰᠡᠨ ᠦᠭᠡ ᠪᠣᠯᠠᠢ ᠃ ᠲᠠ ᠦᠵᠡᠵᠦ ᠪᠠᠢᠭᠲᠤᠨ ᠂ ᠥᠩᠭᠡᠷᠡᠭᠰᠡᠨ ᠦ᠌ ᠬᠣᠢᠨ᠎ᠠ ᠰᠠᠢ ᠨᠠᠮᠠᠶ᠋ᠢ ᠪᠢᠰᠢᠷᠡᠮᠦᠢ ! 》ᠬᠡᠮᠡᠪᠡ ᠃
ᠲᠡᠭᠦᠨᠴᠡ ᠲᠠᠢᠽᠦ ᠮᠤᠬᠤᠯᠢ ᠶ᠋ᠢᠨ ᠠᠷᠭ᠎ᠠ ᠶ᠋ᠢ ᠠᠪᠴᠤ ᠵᠠᠯᠮ᠎ᠠ ᠶ᠋ᠢ ᠳᠠᠭᠤᠳᠠᠵᠤ ᠬᠡᠷᠡᠢᠳ ᠦ᠋ᠨ ᠾᠧ ᠸᠠᠩ ᠳ᠋ᠤᠷ ᠢᠯᠡᠭᠡᠵᠦ᠂ ᠲᠡᠭᠦᠨ ᠦ᠌ ᠬᠥᠪᠡᠭᠦᠨ ᠰᠢᠨ᠎ᠡ ᠬᠦᠩ ᠢᠯᠠᠭᠤ ᠶ᠋ᠢᠨ ᠳᠠᠯᠳᠠᠭᠤᠷ ᠶᠠᠪᠤᠬᠤ ᠬᠡᠷᠡᠭ ᠢ᠋ ᠬᠡᠯᠡᠭᠦᠯᠦᠨ ᠢᠯᠡᠭᠡᠵᠦ ᠂ ᠶᠠᠭᠤᠨ ᠳ᠋ᠤᠷ ᠰᠠᠢᠨ ᠤ᠋ ᠬᠠᠷᠢᠭᠤ ᠮᠠᠭᠤ ᠪᠠᠷ ᠬᠠᠷᠭᠢᠰᠯᠠᠮᠤᠢ ? ᠭᠡᠮᠡᠨ ᠡᠯᠴᠢ ᠶ᠋ᠢᠨ ᠳᠠᠭᠠᠭᠰᠠᠨ ᠨᠥᠬᠥᠷ ᠰᠡᠯᠲᠡ ᠶ᠋ᠢ ᠭᠡᠷᠡᠴᠢ ᠪᠣᠯᠭᠠᠨ ᠠᠪᠴᠤ ᠮᠥᠨ ᠬᠦ᠌ ᠬᠡᠪ ᠢ᠋ᠶ᠋ᠡᠷ ᠥ ᠦᠰ ᠦᠭᠡᠢ ᠶᠠᠪᠤᠶ᠎ᠠ ᠭᠡᠮᠡᠨ ᠪᠢᠴᠢᠭ ᠪᠡᠯᠡᠭ ᠪᠠᠷᠢᠭᠤᠯᠤᠨ ᠵᠠᠷᠤᠭᠠᠳ ᠨᠢᠭᠡᠨᠲᠡᠭᠡᠭᠦᠷ ᠤᠭᠰᠠᠭ᠎ᠠ ᠶ᠋ᠢᠨ ᠠᠨᠳᠠᠨ ᠴᠢᠩ ᠢ᠋ ᠠᠯᠲᠠᠨ ᠤᠯᠤᠰ ᠤ᠋ᠨ ᠬᠡᠷᠡᠮ ᠦ᠋ᠨ ᠭᠠᠳᠠᠨ᠎ᠠ ᠰᠠᠭᠤᠬᠤ ᠲᠠᠢᠽᠦ ᠶ᠋ᠢᠨ ᠣᠢᠷ᠎ᠠ ᠲᠥᠷᠥᠯ ᠦ᠋ᠨ ᠰᠠᠢᠨ ᠪᠥᠬᠡ ᠬᠠᠨ ᠳ᠋ᠤᠷ ᠢᠯᠡᠭᠡᠪᠡ ᠃
ᠲᠡᠨᠳᠡᠴᠡ ᠨᠠᠢ᠍ᠮᠠᠨ ᠤᠯᠤᠰ ᠤ᠋ᠨ ᠳᠠᠢᠶᠠᠩ ᠬᠠᠭᠠᠨ ᠢ᠋ ᠪᠠᠢᠯᠳᠤᠮᠤᠢ ᠭᠡᠮᠡᠨ ᠠᠯᠳᠠᠷᠰᠢᠭᠤᠯᠵᠤ᠂ ᠲᠡᠳᠡᠨ ᠦ᠌ ᠴᠡᠷᠢᠭ ᠢ᠋ ᠢᠨᠠᠭ᠍ᠰᠢ ᠢᠷᠡᠬᠦᠢ ᠳ᠋ᠦ᠍ᠷ ᠦᠯᠦ ᠭᠥᠷᠥᠭᠦᠯᠦᠮᠦ ᠭᠡᠮᠡᠨ ᠪᠠᠰᠠ ᠪᠢᠴᠢᠭ ᠪᠡᠯᠡᠭ ᠪᠠᠷᠢᠭᠤᠯᠤᠨ ᠵᠠᠷᠤᠭᠰᠠᠨᠠ ᠂ ᠲᠣᠷᠭᠠᠨ ᠰᠢᠷ᠎ᠠ ᠂ ᠬᠤᠳᠠᠭᠠᠨ᠎ᠠ ᠪᠡᠬᠢ ᠲᠠᠨ ᠡᠵᠡᠨ ᠵᠢᠨᠦᠩ ᠬᠣᠶᠠᠭᠤᠯᠠ ᠶ᠋ᠢᠨ ᠤᠬᠠᠭᠠᠨ ᠲᠡᠩᠴᠡᠭᠰᠡᠨ ᠢ᠋ ᠶᠡᠬᠡᠯ᠎ᠡ ᠭᠠᠢᠬᠠᠯᠳᠤᠵᠤ ᠵᠠᠯᠮ᠎ᠠ ᠶ᠋ᠢ ᠶᠡᠬᠡᠯ᠎ᠡ ᠪᠢᠰᠢᠷᠡᠪᠡᠢ ᠃
ᠲᠡᠳᠦᠢ ᠮᠤᠬᠤᠯᠢ ᠨᠡᠢᠲᠡ ᠠᠷᠪᠠᠨ ᠲᠠᠪᠤᠨ ᠲᠦᠮᠡᠨ ᠴᠡᠷᠢᠭ ᠰᠢᠯᠭᠠᠨ ᠭᠠᠷᠭᠠᠭᠠᠳ ᠭᠠᠭᠴᠠ ᠳᠣᠯᠣᠭᠠᠨ ᠲᠦᠮᠡ ᠭᠡᠮᠡᠨ ᠠᠯᠳᠠᠷᠰᠢᠭᠤᠯᠵᠤ ᠂ ᠲᠣᠭ᠎ᠠ ᠶ᠋ᠢ ᠪᠠᠭ᠎ᠠ ᠪᠣᠯᠭᠠᠨ ᠴᠡᠷᠢᠭ ᠢ᠋ ᠦᠯᠡᠮᠵᠢ ᠪᠡᠯᠡᠳᠬᠡᠭᠰᠡᠨ ᠳ᠋ᠦ᠍ᠷ ᠲᠠᠢᠽᠦ ᠤᠴᠢᠷ ᠢ᠋ ᠠᠰᠠᠭᠤᠪᠠᠰᠤ ᠮᠤᠬᠤᠯᠢ ᠮᠡᠳᠡᠭᠦᠯᠦᠷᠦᠨ :《ᠴᠡᠷᠢᠭ ᠴᠥᠭᠡᠨ ᠪᠥᠭᠡᠳ ᠲᠣᠭ᠎ᠠ ᠣᠯᠠᠨ ᠪᠣᠯᠪᠠᠰᠤ ᠰᠦᠷ ᠬᠠᠷᠢᠨ ᠪᠠᠭᠤᠷᠠᠮᠤᠢ ᠴᠡᠷᠢᠭ ᠣᠯᠠᠨ ᠪᠥᠭᠡᠳ ᠲᠣᠭ᠎ᠠ ᠴᠥᠭᠡᠨ ᠪᠣᠯᠪᠠᠰᠤ ᠰᠦᠷ ᠰᠠᠢ ᠪᠠᠳᠠᠷᠠᠮᠤᠢ ᠃ ᠲᠦᠰᠢᠮᠡᠯ ᠪᠢ ᠪᠣᠳᠣᠪᠠᠰᠤ ᠡᠨᠡ ᠤᠳᠠᠭ᠎ᠠ ᠶ᠋ᠢᠨ ᠭᠠᠪᠢᠶ᠎ᠠ ᠪᠦᠲᠦᠬᠦ ᠢᠨᠦ ᠭᠠᠭᠴᠠ ᠦᠨᠡᠨ ᠰᠦᠷ ᠲᠣᠷ ᠢᠲᠡᠭᠡᠵᠦᠬᠦᠢ ᠃ 》ᠲᠠᠢᠽᠦ ᠠᠰᠠᠭᠤᠷᠤᠨ : 《ᠵᠢᠨᠦᠩ ᠴᠢ ᠬᠡᠷᠬᠢᠨ ᠣᠯᠵᠤ ᠮᠡᠳᠡᠪᠡ ? 》 ᠮᠤᠬᠤᠯᠢ ᠮᠡᠳᠡᠭᠦᠯᠦᠷᠦᠨ : 《ᠲᠡᠳᠡᠨ ᠦ᠌ ᠬᠡᠷᠡᠢᠳ ᠲᠣᠷ ᠢᠯᠡᠭᠡᠭᠰᠡᠨ ᠪᠢᠴᠢᠭ ᠡᠴᠡ ᠣᠯᠵᠤ ᠮᠡᠳᠡᠪᠡ ᠃ ᠠᠶᠤᠨ ᠰᠡᠵᠢᠭᠯᠡᠬᠦ ᠪᠠ ᠬᠦᠴᠦᠨ ᠦᠯᠦ ᠬᠦᠷᠦᠯᠴᠡᠬᠦ ᠢᠨᠦ ᠢᠯᠡ ᠮᠡᠳᠡᠭᠳᠡᠪᠡᠢ᠃ ᠡᠨᠡ ᠤᠳᠠᠭ᠎ᠠ ᠳ᠋ᠤᠷ ᠯᠠᠪ ᠴᠢᠬᠢᠲᠡᠢ ᠶ᠋ᠢ ᠤᠷᠭᠠᠯᠠᠵᠤ ᠂ ᠮᠣᠷᠢ ᠶ᠋ᠢ ᠮᠣᠬᠣᠭᠠᠬᠤ ᠠᠷᠭ᠎ᠠ ᠳ᠋ᠤᠷ ᠤᠨᠠᠮᠤᠢ ᠶᠠ !》 ᠬᠡᠮᠡᠭᠰᠡᠨ ᠳ᠋ᠦ᠍ᠷ ᠲᠠᠢᠽᠦ ᠶ᠋ᠢᠨ ᠭᠡᠷᠡᠯᠲᠦ ᠨᠢᠭᠤᠷ ᠲᠤᠷ ᠪᠠᠶᠠᠷ ᠤ᠋ᠨ ᠪᠠᠢᠳᠠᠯ ᠢᠯᠡᠷᠡᠵᠦ ᠂ ᠲᠡᠷᠢᠭᠦᠨ ᠳᠣᠬᠢᠯᠬᠢᠯᠠᠨ ᠵᠠᠬᠢᠷᠤᠨ: 《ᠵᠢᠨᠦᠩ ᠦ᠋ᠨ ᠰᠡᠳᠬᠢᠬᠦ ᠢᠨᠦ ᠮᠢᠨᠦ ᠰᠠᠨᠠᠬᠤ ᠯᠤᠭ᠎ᠠ ᠬᠣᠣᠰᠯᠠᠪᠠ ᠂ ᠭᠠᠭᠴᠠ ᠮᠢᠨᠦ ᠰᠠᠨᠠᠭᠠᠨ ᠳ᠋ᠤᠷ ᠪᠣᠯᠪᠠᠰᠤ ᠵᠢᠨᠦᠩ ᠴᠢ ᠤᠯᠤᠰ ᠢ᠋ ᠰᠠᠬᠢᠵᠤ ᠂ ᠮᠠᠢᠯᠵᠢ ᠶ᠋ᠢᠨ ᠲᠣᠳᠣ ᠂ ᠬᠡᠷᠡᠢᠳ ᠦ᠋ᠨ ᠢᠯᠠᠭᠤ ᠨᠠᠢ᠍ᠮᠠᠨ ᠤ᠋ ᠪᠣᠯᠢ ᠡᠨᠡ ᠭᠤᠷᠪᠠᠨ ᠬᠦᠴᠦᠷᠬᠡᠭ ᠠᠢᠮᠠᠭ ᠢ᠋ ᠬᠢᠴᠢᠶᠡᠨ ᠳᠣᠯ ᠂ ᠪᠢ ᠪᠤᠭᠤᠷᠵᠢ ᠶ᠋ᠢ ᠠᠪᠴᠤ ᠰᠣᠯᠣᠩᠭᠣᠰ ᠤᠯᠤᠰ ᠢ᠋ ᠪᠠᠢᠯᠳᠤᠰᠤᠭᠠᠢ ᠬᠡᠮᠡᠭᠰᠡᠨ᠎ᠡ ᠮᠤᠬᠤᠯᠢ ᠶᠠᠭᠠᠷᠠᠨ ᠰᠥᠭᠥᠳᠴᠦ ᠨᠢᠭᠡᠨ ᠦᠭᠡ ᠮᠡᠳᠡᠭᠦᠯᠪᠡ ᠃ ᠶᠠᠮᠪᠠᠷ ᠦᠭᠡ ᠮᠡᠳᠡᠭᠦᠯᠦᠭᠰᠡᠨ ᠢ᠋ ᠳᠣᠣᠷᠠᠲᠤ ᠪᠦᠯᠦᠭ ᠲᠣᠷ ᠦᠵᠡᠭᠳᠡᠬᠦᠢ ᠃
ᠵᠠᠩ ᠠᠭᠤᠳᠠᠮ ᠪᠣᠭᠳᠠ ᠲᠠᠢᠽᠦ ᠶ᠋ᠢᠨ ᠵᠠᠰᠠᠭ ᠴᠠᠭᠠᠵᠠ ᠲᠣᠳᠣᠷᠬᠠᠢ
ᠵᠠᠰᠠᠳᠠᠭ ᠦᠭᠡᠢ ᠪᠤᠭᠤᠷᠵᠢ ᠪᠠᠭᠠᠲᠤᠷ ᠤ᠋ᠨ ᠵᠠᠷ ᠵᠠᠬᠢᠶ᠎ᠠ ᠲᠠᠰᠤᠷᠬᠠᠢ ᠂
ᠵᠠᠯᠠᠭᠤ ᠮᠤᠩᠬᠠᠭ ᠸᠠᠩᠴᠣᠭ ᠬᠠᠨ ᠤ᠋ ᠵᠠᠩ ᠶᠠᠭᠤᠲᠠᠢ ᠡᠯᠡᠭᠯᠡᠯᠲᠡᠢ ?
ᠵᠠᠷᠤᠳ ᠠᠢᠮᠠᠭ ᠲᠤ᠌ ᠰᠤᠯᠤᠩᠭᠤᠳ ᠤᠯᠤᠰ ᠵᠠᠭᠠᠷᠲᠤ ᠣᠳ᠋ᠤᠷ ᠡᠪᠳᠡᠷᠡᠪᠡᠢ ᠃
ᠴᠣᠬᠣᠯᠠᠭᠰᠠᠨ ᠠᠨᠤ
ᠡᠨᠡ ᠪᠦᠯᠦᠭ ᠨᠡᠢᠲᠡ ᠭᠤᠷᠪᠠᠨ ᠠᠩᠭᠢ ᠠᠯᠢ ᠭᠤᠷᠪᠠᠨ ᠠᠩᠭᠢ ᠬᠡᠮᠡᠪᠡᠰᠦ : ᠲᠡᠷᠢᠭᠦᠨ ᠳ᠋ᠦ᠍ᠷ ᠬᠦᠯᠦᠭ ᠪᠤᠭᠤᠷᠵᠢ ᠶ᠋ᠢᠨ ᠮᠥᠷᠡᠨ ᠢ᠋ ᠭᠡᠲᠦᠯᠵᠦ ᠪᠠᠢ ᠱᠠ ᠴᠧᠩ ᠬᠣᠲᠠᠨ ᠢ᠋ ᠭᠠᠯ ᠢ᠋ᠶ᠋ᠠᠷ ᠪᠠᠢᠯᠳᠤᠵᠤ ᠠᠪᠤᠭᠰᠠᠨ ᠂ ᠬᠣᠶᠠᠷ ᠲᠤᠷ ᠲᠠᠢᠽᠦ ᠪᠣᠭᠳᠠ ᠶ᠋ᠢᠨ ᠸᠠᠩᠴᠣᠭ ᠬᠠᠨ ᠢ᠋ ᠰᠤᠷᠭᠠᠵᠤ ᠠᠮᠢᠨ ᠢ᠋ ᠬᠡᠯᠲᠦᠷᠢᠭᠦᠯᠦᠨ ᠤᠯᠤᠰ ᠲᠤᠷ ᠦᠯᠡᠳᠡᠭᠡᠭᠰᠡᠨ ᠂ ᠭᠤᠷᠪᠠᠨ ᠳ᠋ᠤᠷ ᠵᠢᠨᠦᠩ ᠮᠤᠬᠤᠯᠢ ᠶ᠋ᠢᠨ ᠳᠣᠬᠢᠶ᠎ᠠ ᠡᠷᠭᠦᠵᠦ ᠰᠣᠯᠣᠩᠭᠣᠰ ᠢ᠋ ᠪᠠᠢᠯᠳᠤᠬᠤ ᠠᠷᠭ᠎ᠠ ᠶ᠋ᠢ ᠲᠣᠭᠲᠠᠭᠠᠭᠰᠠᠨ ᠃ ᠡᠨᠡ ᠭᠤᠷᠪᠠᠨ ᠠᠨᠤ ᠡᠨᠡ ᠪᠦᠯᠦᠭ ᠦ᠋ᠨ ᠭᠤᠷᠪᠠᠨ ᠴᠢᠬᠤᠯᠠ ᠭᠠᠵᠠᠷ ᠪᠣᠯᠠᠢ ᠃ ᠡᠭᠦᠨ ᠡᠴᠡ ᠭᠠᠳᠠᠨ᠎ᠠ ᠪᠠᠰᠠ ᠭᠤᠷᠪᠠᠨ ᠨᠠᠷᠢᠨ ᠭᠠᠵᠠᠷ ᠪᠠᠢᠬᠤ ᠠᠨᠤ ᠨᠢᠭᠡᠨ ᠳ᠋ᠦ᠍ᠷ ᠪᠣᠭᠳᠠ ᠲᠠᠢᠽᠦ ᠵᠠᠯᠠᠰᠢᠶᠠ ᠥᠬᠢᠨ ᠦ᠌ ᠥᠩᠭᠡ ᠶ᠋ᠢ ᠦᠯᠦ ᠬᠦᠰᠡᠬᠦ ᠪᠡᠷ ᠳᠡᠭᠦᠦ ᠪᠦᠬᠦ ᠪᠡᠯᠭᠦᠳᠡᠢ ᠳ᠋ᠦ᠍ᠷ ᠱᠠᠩᠨᠠᠭᠰᠠᠨ ᠂ ᠬᠣᠶᠠᠷ ᠲᠤᠷ ᠪᠦᠬᠦ ᠪᠡᠯᠭᠦᠳᠡᠢ ᠶ᠋ᠢᠨ ᠦᠨᠡᠨᠴᠢ ᠰᠢᠳᠤᠷᠭᠤ ᠪᠠᠷ ᠮᠡᠳᠡᠭᠦᠯᠵᠦ ᠪᠤᠭᠤᠷᠵᠢ ᠶ᠋ᠢᠨ ᠭᠠᠪᠢᠶ᠎ᠠ ᠳ᠋ᠤᠷ ᠱᠠᠩᠨᠠᠭᠤᠯᠤᠭᠰᠠᠨ ᠂ ᠭᠤᠷᠪᠠᠨ ᠳ᠋ᠤᠷ ᠲᠠᠢᠽᠦ ᠶ᠋ᠢᠨ ᠪᠤᠭᠤᠷᠵᠢ ᠶ᠋ᠢᠨ ᠸᠠᠩᠴᠤᠭ ᠬᠠᠭᠠᠨ ᠢ᠋ ᠵᠠᠭᠠᠯᠳᠤᠭᠰᠠᠨ ᠬᠡᠷᠡᠭ ᠢ᠋ ᠭᠣᠣᠯᠴᠢ ᠪᠠᠷ ᠰᠢᠳᠬᠡᠨ ᠲᠠᠰᠤᠯᠤᠭᠰᠠᠨ – ᠡᠨᠡ ᠭᠤᠷᠪᠠᠨ ᠪᠤᠶᠤ ᠂ ᠤᠷᠢᠳᠤ ᠶ᠋ᠢᠨ ᠭᠤᠷᠪᠠ ᠠᠨᠤ ᠪᠡᠶ᠎ᠡ ᠴᠣᠭᠴᠠ ᠡᠷᠬᠡᠲᠡᠨ ᠪᠣᠯᠤᠭᠠᠳ ᠬᠣᠵᠢᠮ ᠤ᠋ᠨ ᠭᠤᠷᠪᠠ ᠠᠨᠤ ᠡᠯᠢᠭᠡ ᠠᠭᠤᠰᠬᠢ ᠵᠢᠷᠦᠬᠡ ᠪᠤᠶᠤ ᠂ ᠪᠤᠭᠤᠷᠵᠢ ᠶ᠋ᠢᠨ ᠮᠥᠷᠡᠨ ᠭᠡᠲᠦᠯᠬᠦᠢ ᠳ᠋ᠦ᠍ᠷ ᠵᠢᠷᠦᠬᠡ ᠶᠡᠬᠡ ᠪᠣᠯᠤᠭᠰᠠᠨ ᠠᠨᠤ ᠳ᠋ᠧᠩ ᠠᠢ ᠶ᠋ᠢᠨ ᠠᠭᠤᠯᠠ ᠶ᠋ᠢ ᠳᠠᠪᠠᠬᠤᠢ ᠳ᠋ᠤᠷ ᠠᠷᠭ᠎ᠠ ᠬᠡᠷᠡᠭᠯᠡᠭᠰᠡᠨ ᠡᠴᠡ ᠬᠡᠴᠡᠭᠦᠦ᠂ ᠪᠠᠢ ᠱᠠ ᠴᠧᠩ ᠬᠣᠲᠠ ᠶ᠋ᠢ ᠤᠰᠤᠨ ᠢ᠋ᠶ᠋ᠠᠷ ᠪᠠᠢᠯᠳᠤᠮᠤᠢ ᠭᠡᠮᠡᠨ ᠠᠷᠭᠠᠳᠠᠭᠠᠳ ᠬᠠᠷᠢᠨ ᠭᠠᠯ ᠢ᠋ᠶ᠋ᠠᠷ ᠰᠣᠴᠢᠭᠠᠭᠰᠠᠨ ᠠᠨᠤ ᠡᠷᠲᠡᠨ ᠦ᠌ ᠬᠠᠨ ᠰᠢᠨ ᠦ᠌ ᠵᠢᠶᠠᠨ ᠳ᠋ᠣᠣ ᠵᠠᠮ ᠢ᠋ ᠵᠠᠰᠠᠭᠤᠯᠤᠭᠠᠳ ᠴᠧᠨ ᠼᠠᠩ ᠯᠢᠩ ᠦ᠋ᠨ ᠳᠠᠪᠠᠭ᠎ᠠ ᠪᠠᠷ ᠳᠠᠪᠠᠭᠰᠠᠨ ᠠ᠋ᠴᠠ ᠬᠤᠷᠴᠠ ᠂ ᠮᠤᠬᠤᠯᠢ ᠶ᠋ᠢᠨ ᠶᠢᠰᠦᠨ ᠤᠯᠤᠰ ᠤ᠋ᠨ ᠴᠡᠷᠢᠭ ᠢ᠋ ᠵᠣᠭᠰᠣᠭᠠᠬᠤᠶᠠ ᠂ ᠬᠣᠶᠠᠷᠬᠠᠨ ᠤᠯᠤᠰ ᠢ᠋ᠶ᠋ᠠᠷ ᠬᠤᠷᠢᠶᠠᠩᠭᠤᠢᠯᠠᠭᠰᠠᠨ ᠠᠨᠤ ᠂ ᠵᠣ᠌ ᠭᠧ ᠡᠦ ᠾᠧᠦ ᠶ᠋ᠢᠨ ᠭᠤᠷᠪᠠᠨ ᠤᠯᠤᠰ ᠢ᠋ ᠲᠤᠯᠤᠨ ᠡᠭᠡᠭᠦᠯᠦᠭᠰᠡᠨ ᠡᠴᠡ ᠳᠣᠣᠷ᠎ᠠ ᠦᠭᠡᠢ᠃ ᠵᠢᠴᠢ ᠨᠠᠷᠢᠨ ᠰᠤᠳᠠᠯ ᠭᠤᠷᠪᠠᠨ ᠠ᠋ᠴᠠ ᠲᠠᠢᠽᠦ ᠶ᠋ᠢᠨ ᠵᠠᠯᠠᠰᠢᠶᠠ ᠥᠬᠢᠨ ᠢ᠋ ᠪᠡᠯᠭᠦᠳᠡᠢ ᠳ᠋ᠦ᠍ᠷ ᠱᠠᠩᠨᠠᠭᠰᠠᠨ ᠠᠨᠤ ᠂ ᠴᠢ ᠬᠤᠸᠠᠨ ᠬᠦᠩ ᠦ᠋ᠨ ᠮᠡᠷᠭᠡᠨ ᠪᠠᠢᠳᠠᠯ ᠶᠡᠬᠡᠯ᠎ᠡ ᠪᠣᠢ ᠃ ᠪᠡᠯᠭᠦᠳᠡᠢ ᠦᠨᠡᠨ ᠦᠭᠡ ᠪᠡᠷ ᠥᠩᠭᠡ ᠶ᠋ᠢ ᠲᠦᠯᠬᠢᠨ ᠭᠠᠪᠢᠶᠠᠲᠠᠨᠠ ᠨᠠᠢᠷ ᠲᠠᠯᠪᠢᠭ᠍ᠰᠠᠨ ᠠᠨᠤ ᠨᠢᠭᠡᠨ ᠲᠡᠷᠭᠡᠨ᠎ᠡ ᠬᠠᠮᠲᠤ ᠰᠠᠭᠤᠭᠰᠠᠨ – ᠬᠠᠨ ᠤᠯᠤᠰ ᠤ᠋ᠨ ᠮᠢ ᠵᠣ᠌ ᠡᠪᠦᠷ ᠲᠣᠷ ᠰᠠᠭᠤᠲᠠᠯ᠎ᠠ ᠡᠰᠡ ᠬᠥᠳᠡᠯᠦᠭᠰᠡᠨ ᠂ ᠯᠦ᠍ ᠤᠯᠤᠰ ᠤ᠋ᠨ ᠯᠢᠦ ᠰᠢᠶᠠ ᠾᠦᠢ ᠡᠴᠡ ᠬᠡᠲᠦᠢᠳᠦᠭᠰᠡᠨ ᠪᠣᠯᠠᠢ ᠃ ᠨᠡᠩᠳᠡ ᠲᠠᠢᠽᠦ ᠶ᠋ᠢᠨ ᠵᠠᠷᠭᠤ ᠶ᠋ᠢ ᠲᠠᠰᠤᠯᠤᠭᠰᠠᠨ ᠠᠨᠤ ᠂ ᠡᠷᠲᠡᠨ ᠦ᠌ ᠵᠧᠦ ᠤᠯᠤᠰ ᠤ᠋ᠨ ᠸᠧᠨ ᠸᠠᠩ ᠤ᠋ᠨ ᠡᠦ ᠵᠢᠢ ᠶ᠋ᠢᠨ ᠠᠮᠢᠨ ᠬᠡᠷᠡᠭ ᠢ᠋ ᠰᠢᠳᠬᠡᠭᠰᠡᠨ ᠡᠴᠡ ᠣᠭᠲᠣ ᠳᠣᠣᠷ᠎ᠠ ᠦᠭᠡᠢ ᠃ ᠡᠷᠲᠡᠨ ᠦ᠌ ᠲᠡᠳᠡᠭᠡᠷ ᠴᠣᠯᠭᠣᠷᠠᠭᠰᠠᠨ ᠡᠷᠳᠡᠮᠲᠡᠨ ᠬᠡᠮᠡᠭᠴᠢ ᠴᠥᠮ ᠨᠢᠭᠡᠨ ᠰᠤᠷᠲᠠᠯ ᠠᠰᠠᠭᠤᠯᠲᠠ᠂ ᠰᠣᠨᠣᠰᠤᠯᠲᠠ ᠳᠠᠭᠤᠷᠢᠶᠠᠯᠲᠠ ᠪᠣᠢ ᠶ᠋ᠢᠨ ᠤᠴᠢᠷ ᠭᠠᠢᠬᠠᠮᠰᠢᠭ ᠠᠨᠤ ᠪᠠᠭ᠎ᠠ᠂ ᠡᠳᠡᠭᠡᠷ ᠡᠵᠡᠳ ᠰᠠᠢᠳ ᠤ᠋ᠨ ᠡᠨᠡ ᠢᠨᠦ ᠪᠤᠯᠲᠤ ᠪᠠᠷ ᠴᠥᠮ ᠥᠪᠡᠷ ᠦ᠋ᠨ ᠰᠡᠳᠬᠢᠯ ᠦ᠋ᠨ ᠤᠭ ᠠ᠋ᠴᠠ ᠶᠠᠷᠠᠭᠳᠠᠭᠠᠨ ᠲᠥᠷᠥᠭᠳᠡᠭᠰᠡᠨ ᠲᠤᠯᠠ ᠲᠡᠳᠡᠨ ᠡᠴᠡ ᠨᠡᠩ ᠭᠠᠢᠬᠠᠮᠰᠢᠭ ᠲᠠᠢ ᠪᠣᠯᠵᠤᠬᠤᠢ ᠃ ᠮᠡᠷᠭᠡᠳ ᠢ᠋ᠶ᠋ᠡᠷ ᠰᠤᠷᠴᠤ ᠳᠠᠭᠤᠷᠢᠶᠠᠭᠰᠠᠨ ᠪᠠ ᠥᠪᠡᠰᠦᠪᠡᠨ ᠲᠥᠷᠥᠭᠳᠡᠭᠰᠡᠨ ᠡᠨᠡ ᠬᠣᠶᠠᠷ ᠢ᠋ ᠬᠢᠨᠠᠪᠠᠰᠤ ᠂ ᠠᠷᠭ᠎ᠠ ᠦᠭᠡᠢ ᠭᠠᠢᠬᠠᠯ ᠥᠭᠡᠶ᠎ᠡ ᠦᠯᠦ ᠪᠣᠯᠤᠨᠠᠮ ᠶᠠ ᠃ ᠡᠷᠲᠡᠨ ᠦ᠌ ᠳᠠᠩ ᠤᠯᠤᠰ ᠤ᠋ᠨ ᠲᠠᠢᠽᠦ᠋ᠩ ᠬᠠᠭᠠᠨ ᠯᠢ ᠱᠢ ᠮᠢᠨ ᠭᠠᠪᠢᠶᠠᠲᠤ ᠰᠠᠢᠳ ᠯᠤᠭ᠎ᠠ ᠪᠠᠨ ᠬᠤᠷᠢᠮᠯᠠᠬᠤᠶ᠎ᠠ ᠂ ᠥᠪᠡᠷ ᠦ᠋ᠨ ᠪᠡᠶ᠎ᠡ ᠪᠡᠨ ᠴᠣᠬᠣᠮ ᠥᠩᠭᠡ ᠳ᠋ᠦᠷ ᠳᠤᠷᠠᠲᠠᠢ ᠬᠥᠮᠦᠨ ᠂ ᠡᠷᠲᠡᠨ ᠦ᠌ ᠲᠡᠳᠦᠢᠴᠢᠨᠡᠭᠡᠨ ᠥᠩᠭᠡ ᠳ᠋ᠦᠷ ᠡᠪᠳᠡᠷᠡᠭᠰᠡᠨ ᠬᠠᠳ ᠤ᠋ᠳ ᠢ᠋ ᠴᠥᠮ ᠢᠶᠠᠷ ᠥᠩᠭᠡ ᠶ᠋ᠢ ᠴᠡᠭᠡᠷᠯᠡᠭᠦᠯᠦᠭᠴᠢᠳ ᠭᠡᠮᠡᠨ ᠬᠡᠯᠡᠭᠰᠡᠨ᠂ ᠲᠡᠳᠡᠭᠡᠷ ᠴᠥᠮ ᠨᠢᠭᠡᠨ ᠰᠤᠷᠤᠭᠰᠠᠨ ᠰᠣᠨᠣᠰᠤᠭᠰᠠᠨ ᠪᠠ ᠣᠮᠣᠷᠬᠠᠬᠤ ᠮᠠᠷᠭᠤᠬᠤ ᠰᠢᠯᠲᠠᠭᠠᠨ ᠪᠣᠢ ᠃ ᠭᠠᠭᠴᠠ ᠲᠠᠢᠽᠦ ᠶ᠋ᠢᠨ ᠡᠨᠡ ᠪᠣᠯᠪᠠᠰᠤ ᠣᠭᠲᠣ ᠲᠡᠢᠮᠦ ᠰᠢᠯᠲᠠᠭᠠᠨ ᠦᠭᠡᠢ᠂ ᠡᠭᠡᠨᠡᠭᠲᠡ ᠨᠢᠭᠡᠨ ᠥᠪᠡᠷ ᠦ᠋ᠨ ᠴᠢᠩ ᠦᠨᠡᠨ ᠶᠡᠬᠡ ᠰᠠᠨᠠᠭᠠᠨ ᠠ᠋ᠴᠠ ᠲᠥᠷᠥᠭᠰᠡᠨ ᠪᠣᠯᠠᠢ ᠃ ᠶᠠᠭᠤᠨ ? ᠬᠡᠮᠡᠪᠡᠰᠦ : ᠤᠷᠢᠳᠠ ᠲᠥᠷᠥᠭᠰᠡᠨ ᠳᠡᠭᠦᠦ ᠳ᠋ᠡᠭᠡᠨ ᠥᠭᠰᠦᠭᠡᠢ ᠬᠡᠮᠡᠭᠰᠡᠨ ᠢ᠋ᠶ᠋ᠡᠷ ᠦᠵᠡᠬᠦᠯ᠎ᠡ ᠪᠤᠰᠤ ᠬᠠᠳ ᠤ᠋ᠳ ᠤ᠋ᠨ ᠠᠷᠭ᠎ᠠ ᠪᠠᠷ ᠪᠠᠭᠠᠲᠤᠷ ᠰᠠᠢᠳ ᠤ᠋ᠨ ᠰᠡᠳᠬᠢᠯ ᠢ᠋ ᠬᠠᠭᠤᠷᠤᠨ ᠳᠠᠭᠠᠭᠤᠯᠬᠤ ᠬᠠᠭᠤᠷᠮᠠᠭ ᠥᠷᠥᠰᠢᠶᠡᠯ ᠵᠢᠷᠤᠮ ᠦᠭᠡᠢ ᠪᠤᠰᠤ ᠤᠤ ? ᠡᠭᠦᠨ ᠢ᠋ᠶ᠋ᠡᠷ ᠡᠷᠲᠡᠨ ᠦ᠌ ᠮᠡᠷᠭᠡᠳ ᠡᠴᠡ ᠬᠡᠲᠦᠢᠳᠪᠡ ᠬᠡᠮᠡᠮᠦᠢ ᠃ 《ᠶᠡᠬᠡ ᠰᠤᠷᠲᠠᠬᠤᠢ ᠪᠢᠴᠢᠭ 》ᠲᠣᠷ ᠥᠭᠦᠯᠡᠭᠰᠡᠨ ᠢᠨᠦ : 《ᠹᠦᠽᠢ ᠵᠠᠷᠭᠤ ᠶ᠋ᠢ ᠰᠣᠨᠣᠰᠪᠠᠰᠤ ᠡᠷᠬᠡᠪᠰᠢ ᠬᠣᠶᠠᠷ ᠡᠲᠡᠭᠡᠳ ᠢ᠋ ᠵᠠᠷᠭᠤ ᠦᠭᠡᠢ ᠪᠣᠯᠭᠠᠮᠤᠢ》 ᠬᠡᠮᠡᠵᠦᠬᠦᠢ ᠃ ᠲᠡᠷᠡ ᠢᠨᠦ ᠯᠠᠪ ᠦᠨᠡᠨ ᠢ᠋ ᠣᠯᠤᠭᠰᠠᠨ ᠤ᠋ ᠲᠤᠯᠠᠳᠠ ᠪᠣᠯᠠᠢ ᠃ ᠲᠡᠢᠨ ᠬᠦ᠌ ᠲᠠᠢᠽᠦ ᠶ᠋ᠢᠨ ᠡᠨᠡ ᠵᠠᠷᠭᠤ ᠶ᠋ᠢ ᠬᠠᠭᠤᠯᠤᠭᠰᠠᠨ ᠢ᠋ ᠮᠥᠨ ᠲᠤᠢᠯ ᠤ᠋ᠨ ᠦᠨᠡᠨ ᠢ᠋ ᠣᠯᠤᠭᠰᠠᠨ ᠤ᠋ ᠤᠴᠢᠷ ᠲᠤᠷ ᠪᠤᠶᠤ ᠂ ᠡᠨᠡ ᠴᠣᠬᠣᠮ ᠲᠡᠭᠷᠢ ᠶ᠋ᠢᠨ ᠬᠥᠪᠡᠭᠦᠨ ᠦ᠌ ᠰᠡᠴᠡᠨ ᠭᠡᠭᠡᠬᠡᠨ ᠪᠣᠯᠠᠢ ᠃
