1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 3-02 ᠫᠢᠨᠤᠺᠢᠣ᠋ ᠶ᠋ᠢᠨ ᠠᠳᠠᠯ ᠶᠠᠪᠤᠳᠠᠯ-ᠢᠲ᠋ᠠᠯᠢ ᠠᠷᠠᠳ ᠤ᠋ᠨ ᠦᠯᠢᠭᠡᠷМөнх Тунх-пинокиогийн адал явдал-итали ардын үлгэр

ᠮᠥᠩᠬᠡ ᠲᠤᠩᠬᠤ 3-02 ᠫᠢᠨᠤᠺᠢᠣ᠋ ᠶ᠋ᠢᠨ ᠠᠳᠠᠯ ᠶᠠᠪᠤᠳᠠᠯ-ᠢᠲ᠋ᠠᠯᠢ ᠠᠷᠠᠳ ᠤ᠋ᠨ ᠦᠯᠢᠭᠡᠷМөнх Тунх-пинокиогийн адал явдал-итали ардын үлгэр

2023-06-12

426

ᠫᠢᠨᠤᠺᠢᠣ᠋ ᠶ᠋ᠢᠨ ᠠᠳᠠᠯ ᠶᠠᠪᠤᠳᠠᠯ-ᠢᠲ᠋ᠠᠯᠢ ᠠᠷᠠᠳ ᠤ᠋ᠨ ᠦᠯᠢᠭᠡᠷ

ᠮᠠᠢ ᠮᠠᠢ ᠮᠠᠢ!
( ᠬᠣᠨᠢ ᠢᠮᠠᠭᠠᠨ ᠊ᠤ ᠮᠠᠶ᠋ᠢᠯᠠᠬᠤ ᠳᠠᠭᠤ )
ᠮᠥᠩᠬᠡ᠄ ᠥᠩ!
ᠠᠷᠸ᠎ᠠ ᠄ ᠵᠠ᠂ ᠮᠠᠨ ᠊ᠤ ᠬᠢ ᠠ᠋ ᠂ ᠤᠲᠠᠰᠤ ᠪᠠᠨ ᠲᠠᠯᠪᠢᠭᠠᠳ ᠬᠣᠭᠣᠯᠠ ᠪᠠᠨ ᠢᠳᠡᠴᠢᠬᠡᠬᠦ ‍ᠦᠦ ?
ᠮᠥᠩᠬᠡ᠄ ᠥᠩ!
ᠲᠤᠩᠬᠤ᠄ ᠦᠭᠡᠢ᠂ ᠬᠣᠶᠠᠷ ᠠ᠋ ᠂ ᠰᠣᠨᠣᠰᠴᠤ ᠪᠠᠶ᠋ᠢᠨ᠎ᠠ ‍ᠤᠤ ?
ᠭᠸᠷᠠᠮᠢ ᠄ ᠲᠡᠶ᠋ᠢᠮᠦ ᠲᠡᠶ᠋ᠢᠮᠦ ᠲᠡᠷᠡ ᠶᠣᠰᠣᠲᠠᠢ ᠭᠣᠶᠣ ᠪᠠᠶ᠋ᠢᠬᠰᠠᠨ ᠰᠢᠦ᠃
ᠮᠥᠩᠬᠡ᠄ ᠥᠩ!
ᠠᠷᠸ᠎ᠠ ᠄ ᠬᠡ ᠬᠡ᠂ ᠫᠥᠬᠥ᠂ ᠪᠣᠯᠳᠠᠭ ᠦᠭᠡᠢ ᠪᠣᠷᠣ ᠡᠪᠦᠭᠡ ᠮᠠᠨᠢ ᠡᠨᠳᠡ ᠶᠠᠪᠤᠵᠤ ᠪᠠᠶ᠋ᠢᠨ᠎ᠠ᠃
ᠮᠥᠩᠬᠡ᠄ ᠪᠣᠯᠳᠠᠭ ᠦᠭᠡᠢ ᠡᠪᠦᠭᠡ ᠴᠦ᠍ ᠭᠡᠵᠦ ᠪᠣᠯᠳᠠᠭ ᠦᠭᠡᠢ ᠰᠢᠦ᠂ ᠪᠣᠯᠭᠠᠶ᠎ᠠ ᠭᠡᠵᠦ ᠪᠣᠳᠣᠬᠤ ᠯᠠ ᠬᠡᠷᠡᠭᠲᠡᠢ ᠪᠠᠶ᠋ᠢᠬᠤ ᠳᠠ ᠃
ᠭᠸᠷᠠᠮᠢ ᠄ ᠪᠣᠯᠳᠠᠭ ᠦᠭᠡᠢ ᠰᠢᠦ᠂ ᠪᠣᠯᠳᠠᠭ ᠦᠭᠡᠢ ᠰᠢᠦ᠂ ᠪᠣᠳᠣᠯ ᠰᠠᠨᠠᠭ᠎ᠠ ᠥᠭᠡᠷᠡᠴᠢᠯᠡᠴᠢᠬᠡᠨ᠎ᠡ᠃
ᠲᠤᠩᠬᠤ᠄ ᠬᠢ ᠬᠢ᠂ ᠵᠠ᠂ ᠪᠠᠶ᠋ᠢᠵᠠ᠂ᠶᠠᠭᠠᠬᠢᠨ᠎ᠠ᠂ ᠪᠠᠰᠠᠷ ᠪᠠᠰᠠᠷ ᠭᠠᠭᠴᠠᠭᠠᠷ ᠢ᠋ᠶ᠋ᠠᠨ ᠦᠯᠢᠭᠡᠷ ᠤᠷᠤᠭᠤ ᠠᠶᠠᠯᠠᠴᠢᠬᠠᠵᠠᠢ᠃
ᠮᠥᠩᠬᠡ᠄ ᠪᠠᠰᠠᠷ ᠪᠣᠯ ᠪᠠᠰᠠᠷ ᠰᠢᠦ ᠳᠡ᠂ ᠠᠷᠢᠶᠠᠲᠠᠨ ᠪᠠᠰᠠᠷ
ᠭᠸᠷᠠᠮᠢ ᠄ ᠠᠲ᠋ᠠᠮᠠᠨ ᠪᠠᠰᠠᠷ
ᠠᠷᠸ᠎ᠠ ᠄ ᠵᠠ᠂ ᠮᠠᠨ ᠊ᠤ ᠬᠢ ᠤᠲᠠᠰᠤ ᠪᠠᠨ ᠲᠠᠯᠪᠢᠭᠠᠳ ᠬᠣᠭᠣᠯᠠ ᠪᠠᠨ ᠢᠳᠡᠴᠢᠬᠡᠶ᠎ᠡ ᠃
ᠮᠥᠩᠬᠡ᠄ ᠠᠷᠸ᠎ᠠ ᠠᠬ᠎ᠠ ᠠ᠋᠂ ᠵᠢᠭᠠᠬᠠᠨ ᠬᠦᠯᠢᠶᠡᠵᠦ ᠪᠠᠢ ᠯᠠ ᠳᠠ ᠂ ᠲᠦᠦᠷ ᠲᠦᠦᠷ
ᠭᠸᠷᠠᠮᠢ᠄ ᠪᠢ ᠮᠥᠩᠬᠡ ᠶ᠋ᠢᠨ ᠡᠨᠡ ᠭᠠᠷᠤᠳᠢ ᠶ᠋ᠢ ᠶᠠᠭ ᠡᠪᠳᠡᠯ᠎ᠡ ᠃
ᠮᠥᠩᠬᠡ᠄ ᠵᠠ ᠬᠣᠭᠣᠯᠠ ᠪᠠᠨ ᠢᠳᠡᠬᠦ ᠳ᠋ᠦ᠍ ᠪᠡᠨ ᠤᠲᠠᠰᠤ ᠦᠭᠡᠢ ᠢᠳᠡᠨ᠎ᠡ ᠰᠢᠦ ᠳᠡ᠂ ᠪᠦᠭᠦᠳᠡᠭᠡᠷ ᠢ᠋ᠶ᠋ᠡᠨ ᠬᠠᠷᠢᠭᠤᠴᠠᠯᠭ᠎ᠠ ᠲᠠᠢ ᠪᠠᠶ᠋ᠢᠨ᠎ᠠ ᠰᠢᠦ᠃
ᠺᠷᠡᠮᠡᠸ ᠄ ᠬᠥᠶᠢ ᠬᠥᠶᠢ᠂ ᠦ᠃
ᠮᠥᠩᠬᠡ᠄ ᠬᠢ ᠬᠢ
( ᠪᠦᠭᠦᠳᠡᠭᠡᠷ )᠄ ᠬᠡ ᠬᠡ ᠬᠡ!
ᠮᠠᠢ ᠁( ᠬᠣᠨᠢ ᠢᠮᠠᠭᠠᠨ ᠊ᠤ ᠮᠠᠶ᠋ᠢᠯᠠᠬᠤ ᠳᠠᠭᠤᠨ)
ᠠᠷᠸ᠎ᠠ ᠄ ᠵᠠ᠂ ᠲᠠ ᠬᠡᠳᠦ ᠮᠠᠨᠢ ᠪᠡᠯᠡᠨ ‍ᠦᠦ?
ᠮᠥᠩᠬᠡ᠄ ᠪᠡᠯᠡᠨ!
ᠺᠷᠡᠮᠡᠸ ᠄ ᠪᠡᠯᠡᠨ!
ᠲᠤᠩᠬᠤ᠄ ᠪᠢ ᠡᠨᠡ ᠤᠳᠠᠭ᠎ᠠ ᠥᠨᠵᠢᠬᠦ ᠡᠴᠡ
ᠠᠷᠸ᠎ᠠ ᠄ ᠦ ᠶᠠᠭᠠᠬᠢᠪᠠ? ᠥᠬᠢᠨ ᠳᠡᠭᠦᠦ?
ᠲᠤᠩᠬᠤ᠄ ᠡᠳᠦᠷ ᠴᠠᠬᠢᠮ ᠢ᠋ᠶ᠋ᠠᠷ ᠬᠢᠴᠢᠶᠡᠯ ᠣᠷᠣᠨ᠎ᠠ ᠭᠡᠰᠡᠨ᠂ ᠲᠠ ᠬᠡᠳᠦ ᠮᠠᠨᠢ ᠰᠠᠶᠢᠬᠠᠨ ᠠᠶᠠᠯᠠᠭᠠᠳ ᠢᠷᠡᠭᠡᠷᠡᠢ᠂ ᠪᠢ ᠬᠠᠷᠢᠨ ᠬᠢᠴᠢᠶᠡᠯ ᠢ᠋ᠶ᠋ᠡᠨ ᠳᠠᠪᠲᠠᠬᠤ ᠶᠣᠰᠣᠲᠠᠢ᠃
ᠠᠷᠸ᠎ᠠ ᠄ ᠮᠤᠨᠳᠠᠭ ᠰᠢᠦ᠂ ᠮᠠᠨ ᠤ᠋ ᠲᠤᠩᠬᠤ᠂ ᠬᠢᠴᠢᠶᠡᠯ ᠢ᠋ᠶ᠋ᠡᠨ ᠬᠢᠴᠢᠬᠡᠭᠡᠳ ᠳᠠᠷᠠᠭ᠎ᠠ ᠨᠢ ᠠᠶᠠᠯᠠᠵᠤ ᠪᠣᠯᠤᠨ᠎ᠠ ᠰᠢᠦ ᠳᠡ᠃
ᠮᠥᠩᠬᠡ᠄ ᠠᠢ ᠬᠥᠭᠡᠷᠦᠬᠦᠢ᠂ ᠵᠠ ᠠᠯᠪᠠ ᠪᠣᠯ ᠠᠯᠪᠠ ᠶᠤᠮ ᠳᠠ᠃
ᠭᠸᠷᠡᠮᠢ ᠄ ᠲᠠᠪᠢᠯᠠᠩ ᠶᠤᠮ ᠳᠠ᠃
ᠲᠤᠩᠬᠤ᠄ ᠵᠠᠶᠠᠭ᠎ᠠ ᠶᠤᠮ ᠳᠠ᠃
ᠭᠸᠷᠠᠮᠢ ᠄ ᠲᠩᠷᠢ ᠶᠦ᠍ᠮ ᠳᠡ᠃
ᠮᠥᠩᠬᠡ᠄ ᠮᠥᠩᠬᠡ ᠬᠥᠬᠡ ᠲᠩᠷᠢ
ᠲᠤᠩᠬᠤ᠄ ᠵᠠ ᠳᠠ ᠬᠣᠶᠠᠷ ᠮᠠᠷᠭᠠᠰᠢ ᠬᠢᠴᠢᠶᠡᠯ ᠲᠡᠢ ᠪᠢᠵᠡ ᠳᠠ? ᠬᠢ ᠬᠢ
ᠮᠥᠩᠬᠡ᠄ ᠬᠢ ᠬᠢ᠂ ᠦ ᠲᠡᠶ᠋ᠢᠮᠦ ᠰᠢᠦ ᠳᠡ ᠂ ᠨᠡᠭᠡᠷᠡᠨ
ᠺᠷᠡᠮᠡᠸ ᠄ ᠬᠢ ᠬᠢ᠂ ᠵᠠ ᠠᠶᠠᠯᠠᠶ᠎ᠠ ᠠᠶᠠᠯᠠᠶ᠎ᠠ!
ᠠᠷᠸ᠎ᠠ ᠄ ᠵᠠ ᠪᠡᠯᠡᠨ ‍ᠦᠦ ?
ᠺᠷᠡᠮᠡᠸ ᠄ ᠪᠡᠯᠡᠨ!
ᠮᠥᠩᠬᠡ᠄ ᠪᠢ ᠪᠡᠯᠡᠨ!
ᠲᠤᠩᠬᠤ᠄ ᠵᠠ᠂ bye (ᠪᠠᠶᠢ)! ᠨᠠᠶ᠋ᠢᠵᠠ ᠨᠤᠭᠤᠳ ᠠ᠋ ᠂ᠰᠠᠶᠢᠬᠠᠨ ᠠᠶᠠᠯᠠᠭᠠᠳ ᠢᠷᠡᠭᠡᠷᠡᠢ!
ᠢᠲ᠋ᠠᠯᠢ ᠠᠷᠠᠳ ᠤ᠋ᠨ ᠦᠯᠢᠭᠡᠷ
ᠫᠢᠨᠤᠺᠢᠣ᠋ ᠶ᠋ᠢᠨ ᠠᠳᠠᠯ ᠶᠠᠪᠤᠳᠠᠯ
ᠡᠷᠲᠡ ᠤᠷᠢᠳᠤ ᠶ᠋ᠢᠨ ᠴᠠᠭ ᠲᠤ᠌᠂ ᠨᠢᠭᠡᠨ ᠲᠣᠰᠬᠣᠨ ᠳ᠋ᠤ᠌ ᠬᠡᠦᠬᠡᠳ ᠦ᠋ᠨ ᠲᠣᠭᠯᠠᠭᠠᠮ ᠤᠷᠠᠯᠠᠳᠠᠭ ᠵᠢᠫᠡᠲᠤ᠎ᠠ ᠬᠡᠮᠡᠬᠦ ᠮᠤᠵᠢᠶᠠᠩ ᠠᠮᠢᠳᠤᠷᠠᠨ ᠰᠠᠭᠤᠳᠠᠭ ᠪᠠᠶ᠋ᠢᠵᠠᠢ ᠭᠡᠨ᠎ᠡ᠃
ᠨᠢᠭᠡᠨ ᠡᠳᠦᠷ ᠵᠢᠫᠸᠲᠤ᠎ᠡ ᠵᠠᠮ ᠳᠠᠭᠠᠤ ᠶᠠᠪᠤᠵᠤ ᠪᠠᠶ᠋ᠢᠭᠠᠳ ᠴᠠᠷᠠᠰᠤᠨ ᠭᠤᠸᠠᠯᠢᠩ ᠣᠯᠵᠠᠢ ᠭᠡᠨ᠎ᠡ᠂ ᠲᠡᠭᠦᠨ ᠊ᠢ ᠪᠡᠨ ᠭᠡᠷ ᠲᠦ᠍ ᠪᠡᠨ ᠠᠪᠠᠴᠢᠨ ᠬᠡᠦᠬᠡᠯᠳᠡᠢ ᠤᠷᠠᠯᠠᠭᠠᠳ ᠭᠠᠷᠲᠠᠯ᠎ᠠ ᠬᠡᠦᠬᠡᠯᠳᠡᠢ ᠨᠢ ᠪᠠᠭ᠎ᠠ ᠨᠠᠰᠤ ᠶ᠋ᠢ ᠨᠢ ᠰᠠᠨᠠᠭᠳᠠᠭᠤᠯᠤᠭᠰᠠᠨ ᠲᠤᠯᠠ ᠫᠢᠨᠤᠺᠢᠣ᠋ ᠭᠡᠮᠡᠨ ᠨᠡᠷᠡᠶ᠋ᠢᠤᠠᠴᠡᠢ᠃
ᠲᠡᠷᠡ ᠰᠥᠨᠢ  ᠳ᠋ᠦ᠍ ᠪᠡᠨ ᠮᠤᠵᠢᠶᠠᠩ ᠊ᠢ ᠤᠨᠲᠠᠭᠰᠠᠨ ᠬᠣᠶ᠋ᠢᠭᠤᠷ ᠨᠢ ᠲᠩᠷᠢ ᠶ᠋ᠢᠨ ᠳᠠᠭᠢᠨᠢ ᠢᠷᠡᠵᠦ ᠫᠢᠨᠤᠺᠢᠣ᠋ ᠶ᠋ᠢ ᠠᠮᠢᠯᠠᠭᠤᠯᠵᠠᠢ ᠭᠡᠨ᠎ᠡ᠂ ᠲᠡᠭᠡᠭᠡᠳ ᠲᠩᠷᠢ ᠶ᠋ᠢᠨ ᠳᠠᠭᠢᠨᠢ ᠫᠢᠨᠤᠺᠢᠣ᠋ ᠳ᠋ᠤ᠌ ᠬᠤᠳᠠᠯ ᠬᠡᠯᠡᠳᠡᠭ ᠦᠭᠡᠢ ᠰᠠᠶᠢᠨ ᠬᠦᠦ ᠪᠠᠶ᠋ᠢᠪᠠᠯ ᠭᠠᠶ᠋ᠢᠬᠠᠮᠰᠢᠬᠲᠠᠢ ᠵᠦᠢᠯ ᠪᠡᠯᠡᠭᠯᠡᠨ᠎ᠡ ᠭᠡᠵᠦ ᠠᠮᠠᠯᠠᠵᠠᠢ᠃ ᠭᠡᠲᠡᠯ᠎ᠡ ᠫᠢᠨᠤᠺᠢᠣ᠋ ᠬᠤᠳᠠᠯ ᠬᠡᠯᠡᠵᠦ ᠶᠠᠪᠤᠭᠰᠠᠭᠠᠷ ᠬᠠᠮᠠᠷ ᠨᠢ ᠰᠤᠨᠤᠭᠰᠠᠭᠠᠷ ᠲᠢᠭ ᠦᠭᠡᠶ᠋ᠢᠳᠡᠭᠰᠡᠭᠡᠷ ᠪᠠᠶ᠋ᠢᠭᠠᠳ ᠡᠯᠵᠢᠭᠡᠨ ᠴᠢᠬᠢᠲᠡᠢ ᠪᠣᠯᠴᠢᠬᠠᠵᠠᠢ ᠭᠡᠨ᠎ᠡ᠃
ᠮᠥᠩᠬᠡ᠄ ᠬᠥᠥᠭ᠂ ᠪᠢᠳᠡ ᠬᠠᠮᠢᠭ᠎ᠠ ᠪᠠᠶ᠋ᠢᠨ᠎ᠠ ?
ᠴᠠᠰᠤᠬᠠᠨ ᠄ ᠬᠡᠦᠬᠡᠳ ᠦ᠋ᠨ ᠲᠣᠭᠯᠠᠭᠠᠮ ᠤ᠋ᠨ ᠲᠠᠯᠠᠪᠠᠢ ᠶᠤᠮ ‍ᠤᠤ ᠳᠠ ᠃
ᠮᠥᠩᠬᠡ᠄ ᠲᠡᠭᠡᠭᠰᠡᠨ ᠮᠥᠷᠲᠡᠯ᠎ᠡ ᠪᠡᠨ ᠬᠡᠦᠬᠡᠳ ᠦ᠋ᠳ ᠶᠡᠷᠦᠳᠡ ᠡᠴᠡ ᠪᠡᠨ ᠪᠠᠶ᠋ᠢᠬᠤ ᠦᠭᠡᠢ ᠶᠦ᠍ᠮ ᠂ ᠡᠨᠡ ᠣᠳᠣ ᠶᠠᠭᠤ ᠣᠯᠠᠨ ᠡᠯᠵᠢᠭᠡ ᠪᠣᠢ ?
ᠺᠷᠡᠮᠡᠸ ᠄ ᠢᠩᠭᠢᠬᠦ ᠳ᠋ᠦ᠍᠂ ᠰᠠᠶᠢ ᠦᠯᠢᠭᠡᠷ ᠢ᠋ᠶ᠋ᠡᠨ ᠪᠠᠰᠠ ᠠᠷᠠᠢ ᠲᠣᠪᠴᠢᠯᠠᠭᠰᠠᠨ ‍ᠤᠤ ᠦᠭᠡᠢ ‍ᠦᠦ ?
ᠪᠠᠰᠠᠷ᠄ ᠬᠠᠷᠢᠨ ᠲᠡᠶ᠋ᠢᠮᠦ ᠂ 《ᠠᠮᠠᠯᠠᠵᠠᠢ 》 ᠭᠡᠰᠡᠨ ᠢ᠋ᠶ᠋ᠡᠨ ᠭᠡᠨᠡᠳᠲᠡ ᠫᠢᠨᠤᠺᠢᠣ᠋ ᠬᠤᠳᠠᠯ ᠬᠡᠯᠡᠭᠡᠳ ᠬᠠᠮᠠᠷ ᠨᠢ ᠰᠤᠨᠤᠭᠰᠠᠭᠠᠷ ᠲᠢᠭ ᠦᠭᠡᠶ᠋ᠢᠳᠡᠭᠡᠳ ᠡᠯᠵᠢᠭᠡᠨ ᠴᠢᠬᠢ ᠲᠡᠢ ᠪᠣᠯᠵᠠᠢ᠂ ᠡᠨᠡ ᠲᠡᠷᠡ᠂ ᠬᠡ ᠬᠡ᠂ ᠠᠷᠠᠢ ᠵᠠᠯᠬᠠᠭᠤ ᠦᠭᠡᠢ ᠦᠦ ᠠ
ᠭᠸᠷᠡᠮᠢ᠄᠄ ᠭᠢᠯᠠᠰ ᠶᠠᠷᠢᠬᠤ ᠬᠡᠷᠡᠭᠲᠡᠢ ᠳ᠋ᠦ᠍ ᠪᠠᠶ᠋ᠢᠳᠠᠭ ᠪᠠᠶ᠋ᠢᠯᠭᠦᠢ ᠳᠡ᠃
ᠪᠦᠭᠦᠳᠡᠭᠡᠷ ᠄ ᠥᠩ ᠁
ᠮᠥᠩᠬᠡ᠄ ᠢᠩᠭᠢᠬᠦ  ᠳ᠋ᠦ᠍ ᠂ ᠭᠸᠷᠡᠮᠢ ᠠ᠋
ᠺᠷᠡᠮᠡᠸ ᠄ ᠠ?
ᠮᠥᠩᠬᠡ᠄ ᠭᠸᠷᠡᠮᠢ ᠁
ᠺᠷᠡᠮᠡᠸ ᠄ ᠬᠡ᠂ ᠶᠠᠭᠠᠬᠢᠭᠰᠠᠨ ᠶᠤᠮ?
ᠮᠥᠩᠬᠡ᠄ ᠶᠣᠣ ᠬᠡ ᠬᠡ᠂ ᠬᠡᠳᠦᠭᠦᠯᠡ ᠪᠡᠨ ᠲᠣᠭᠯᠠᠭᠠᠮ ᠤ᠋ᠨ ᠲᠠᠯᠠᠪᠠᠢ ᠳᠡᠭᠡᠷ᠎ᠡ ᠪᠠᠶ᠋ᠢᠨ᠎ᠠ ᠰᠢᠦ ᠳᠡ ᠃
ᠭᠸᠷᠠᠮᠢ ᠄ ᠦ᠂ ᠲᠡᠶ᠋ᠢᠮᠦ ᠰᠢᠲᠠ ᠠ᠋
ᠴᠠᠰᠤᠬᠠᠨ ᠄ ᠮᠠᠨ ᠊ᠤ ᠬᠢ ᠠ᠋ ᠂ ᠫᠢᠨᠤᠺᠢᠣ᠋ ᠳ᠋ᠤ᠌ ᠪᠠᠨ ᠲᠤᠰᠠᠯᠠᠨ᠎ᠠ ᠭᠡᠰᠡᠨ ᠶᠠᠭᠠᠬᠢᠭᠰᠠᠨ ᠪᠣᠢ ?
ᠪᠠᠰᠠᠷ᠄ ᠬᠠ ᠬᠠ᠂ ᠫᠢᠨᠤᠺᠢᠣ᠋ ‍ᠤᠤ? ᠪᠠᠷᠤᠭ ᠫᠢᠨᠣ᠋᠂ ᠫᠸᠷᠦᠨᠽᠺ ᠭᠡᠳ ᠪᠠᠷᠤᠭ ᠠᠮᠢ ᠨᠢ ᠦᠭᠡᠢ ᠪᠣᠯᠬᠤ ᠭᠡᠳ᠂ ᠨᠥᠭᠥᠭᠡ ᠫᠢᠨᠤᠺᠢᠣ᠋ ᠰᠢᠲᠠ ᠃
ᠴᠠᠰᠤᠬᠠᠨ ᠄ ᠦ᠂ ᠬᠡ᠂ ᠶᠠᠭᠠᠬᠢᠨ᠎ᠠ? ᠲᠡᠶ᠋ᠢᠮᠦ ᠰᠢᠲᠠ ᠂ ᠫᠢᠨᠤᠺᠢᠣ᠋ ᠳ᠋ᠤ᠌ ᠪᠠᠨ ᠁
ᠪᠠᠰᠠᠷ᠄ ᠬᠡ ᠬᠡ᠂ ᠫᠢᠨᠣ᠋᠂ ᠫᠢᠨᠤᠱᠺᠠ ᠠ᠋ ᠂ ᠵᠠ ᠵᠠ᠂ ᠪᠠᠶ᠋ᠢᠬᠤ ᠦᠭᠡᠢ ᠶᠦ᠍ᠮ ᠪᠠᠶ᠋ᠢᠨ᠎ᠠ ᠂ ᠲᠣᠭᠯᠠᠶ᠎ᠠ ᠲᠣᠭᠯᠠᠶ᠎ᠠ᠃
ᠴᠠᠰᠤᠬᠠᠨ ᠄ ᠮᠠᠨ ᠊ᠤ ᠬᠢ ᠠ᠋ ᠂ ᠫᠢᠨᠤᠺᠢᠣ᠋ ᠳ᠋ᠤ᠌ ᠪᠠᠨ ᠲᠤᠰᠠᠯᠠᠴᠢᠬᠠᠭᠠᠳ ᠬᠠᠮᠲᠤ ᠲᠣᠭᠯᠠᠵᠤ ᠪᠣᠯᠤᠨ᠎ᠠ ᠰᠢᠲᠠ᠂ ᠫᠢᠨᠤᠺᠢᠣ᠋ ᠰᠠᠨᠠᠭᠠᠨ ᠳ᠋ᠤ᠌ ᠣᠷᠣᠭᠠᠳ ᠪᠠᠶ᠋ᠢᠬᠤ ᠶᠤᠮ᠂ ᠵᠠ ᠵᠠ ᠮᠠᠨ ᠊ᠤ ᠬᠢ ᠠ᠋ ᠂ ᠫᠢᠨᠤᠺᠢᠣ᠋ ᠳ᠋ᠤ᠌ ᠪᠠᠨ ᠲᠤᠰᠠᠯᠠᠴᠢᠬᠠᠭᠠᠳ ᠬᠠᠮᠲᠤ ᠲᠣᠭᠯᠠᠵᠤ ᠪᠣᠯᠤᠨ᠎ᠠ ᠰᠢᠳᠡ ᠃
ᠮᠥᠩᠬᠡ᠄ ᠸᠠ ᠧᠦ᠂ ᠶᠣᠰᠣᠲᠠᠢ ᠶᠠᠩᠵᠤ ᠲᠠᠢ ᠶᠤᠮ᠃
ᠪᠠᠰᠠᠷ᠄ ᠠᠯᠢᠪ! ᠪᠢ ᠪᠢ᠁
ᠭᠸᠷᠠᠮᠢ ᠄ ᠵᠠ ᠪᠢ ᠲᠣᠭᠯᠠᠶ᠎ᠠ᠁ ᠪᠠᠢ ᠳᠠ!
ᠮᠥᠩᠬᠡ᠄ ᠣᠳᠣ᠂ ᠣᠳᠣ ᠮᠢᠨᠦ ᠡᠭᠡᠯᠵᠢ ᠰᠢᠲᠠ᠃
ᠴᠠᠰᠤᠬᠠᠨ ᠄ ᠥᠩ!᠂ ᠰᠣᠨᠢᠨ ᠶᠤᠮ ᠳᠠ᠂ ᠮᠠᠨ ᠊ᠤ ᠬᠢ ᠠ᠋ ᠣᠳᠣ ᠪᠣᠯᠤᠨ᠎ᠠ ᠪᠠᠶ᠋ᠢᠬᠤ ᠠ᠋ ᠂ ᠮᠠᠨ ᠊ᠤ ᠬᠢ ᠠ᠋ !
ᠪᠠᠰᠠᠷ᠄ ᠶᠠ ᠁ ᠡᠨᠡ ᠵᠢᠩᠬᠢᠨᠢ ᠮᠤᠨᠠ ᠣᠨᠣᠭᠠᠵᠤ ᠪᠠᠶ᠋ᠢᠨ᠎ᠠ᠃
ᠮᠥᠩᠬᠡ᠄ ᠶᠣᠣ᠂ ᠶᠠᠮᠠᠷ ᠭᠣᠶᠣ ᠶᠤᠮ ᠪᠣᠢ ?
ᠴᠠᠰᠤᠬᠠᠨ ᠄ ᠢᠩᠭᠢᠬᠦ ᠳ᠋ᠦ᠍ ᠡᠨᠳᠡ ᠶᠠᠭᠠᠬᠢᠭᠠᠳ ᠡᠶ᠋ᠢᠮᠦ ᠣᠯᠠᠨ ᠡᠯᠵᠢᠭᠡ ᠪᠠᠶ᠋ᠢᠬ᠋᠎ᠠ ᠪᠣᠯ?
ᠮᠥᠩᠬᠡ᠄ ᠲᠠ ᠳᠠ ᠳᠠ ᠲᠠ ᠁ ᠳᠠ ᠷᠠ ᠳᠠ ᠂ ᠳᠠ ᠷᠠ ᠳᠠ ᠁
ᠪᠠᠰᠠᠷ᠄  ᠲᠤ᠌ ᠷᠦ ᠳ᠋ᠦ᠍ ᠷᠦ᠁ ᠳ᠋ᠦ᠍
ᠭᠸᠷᠠᠮᠢ ᠄ ᠬᠡᠳᠦᠨ ᠴᠦ᠍ ᠴᠠᠭ ᠲᠣᠭᠯᠠᠴᠢᠬᠠᠪᠠ ᠳᠠ᠃
ᠮᠥᠩᠬᠡ᠄ ᠶᠣᠣ ᠁ ᠪᠢ ᠪᠦᠷ ᠰᠤᠨᠵᠤ ᠤᠨᠠᠬᠤ ᠨᠢ ᠠ᠋
ᠪᠠᠰᠠᠷ᠄ ᠯᠠᠪ ᠯᠠᠪ ᠯᠠᠪ ᠯᠠᠪ ᠯᠠ
ᠴᠠᠰᠤᠬᠠᠨ ᠄ ᠶᠠᠭᠠᠬᠢᠭᠰᠠᠨ ᠭᠡᠨ᠎ᠡ? ᠪᠠᠰᠠᠷ ᠠ᠋
ᠪᠠᠰᠠᠷ᠄ ᠦ᠂ ᠶᠠᠷᠢᠶᠠᠨ ᠳ᠋ᠤ᠌ ᠴᠢᠨᠢ ᠦᠭᠡ ᠨᠡᠮᠡᠵᠦ ᠪᠠᠶ᠋ᠢᠭ᠎ᠠ ᠶᠤᠮ ᠠ᠋᠂ ᠶᠠᠷᠢᠬᠤ ᠭᠡᠰᠡᠨ ᠵᠠᠯᠬᠠᠭᠤ ᠬᠦᠷᠦᠭᠡᠳ ᠪᠠᠶ᠋ᠢᠨ᠎ᠠ ᠬᠥ ᠬᠥ
ᠴᠠᠰᠤᠬᠠᠨ ᠄ ᠠ᠂ ᠪᠦᠭᠦᠳᠡᠭᠡᠷ ᠢ᠋ᠶ᠋ᠡᠨ ᠵᠣᠷᠢᠯᠭ᠎ᠠ ᠪᠠᠨ ᠮᠠᠷᠲᠠᠭᠠᠳ ᠪᠠᠬᠠᠨ ᠲᠣᠭᠯᠠᠴᠢᠬᠠᠯ᠎ᠠ᠂ ᠣᠳᠣ ᠪᠦᠭᠦᠳᠡᠭᠡᠷ ᠢ᠋ᠶ᠋ᠡᠨ ᠫᠢᠨᠤᠺᠢᠣ᠋ ᠪᠠᠨ ᠣᠯᠵᠤ ᠲᠤᠰᠠᠯᠠᠬᠤ ‍ᠤᠤ ᠳᠠ᠃
ᠭᠸᠷᠡᠮᠢ ᠄ ᠬᠥᠶᠢ᠂ ᠮᠥᠩᠬᠡ ᠴᠢᠬᠢ ᠴᠢᠨᠢ ᠶᠠᠭᠤ ᠪᠣᠢ ?
ᠮᠥᠩᠬᠡ᠄ ᠬᠥᠶᠢ᠂ ᠶᠠᠭᠤ ᠪᠣᠢ ? ᠫᠥᠬᠥ᠂ ᠶᠠᠭᠠᠬᠢᠨ᠎ᠠ? ᠶᠠᠭᠤ ᠪᠣᠢ᠂? ᠺᠷᠡᠮᠡᠸ ᠴᠢᠨᠦ ᠴᠢᠬᠢ ᠪᠠᠰᠠ ᠁
ᠭᠸᠷᠡᠮᠢ ᠄ ᠶᠧ ᠶᠠᠭᠤ ᠪᠣᠢ ?
ᠪᠠᠰᠠᠷ᠄ ᠬᠠ ᠬᠠ ᠁ ᠶᠠᠮᠠᠷ ᠢᠨᠢᠶᠡᠳᠦ ᠲᠡᠢ ᠬᠠᠷᠠᠭᠳᠠᠳᠠᠭ ᠶᠤᠮ ᠪᠣᠢ ? ᠬᠥᠶᠢ ᠠ!
ᠭᠸᠷᠡᠮᠢ ᠄ ᠪᠠᠰᠠᠷ ᠠ᠋ ᠴᠢᠨᠦ ᠴᠢᠬᠢ ᠴᠢᠨᠢ ᠪᠠᠰᠠ ᠁
ᠪᠠᠰᠠᠷ᠄ ᠠ᠋ ᠁
ᠴᠠᠰᠤᠬᠠᠨ ᠄ ᠬᠥᠶᠢ᠂᠂ ᠡᠨᠡ ᠴᠢᠨᠢ ᠰᠢᠪᠰᠢᠯᠭᠡ ᠲᠡᠢ ᠲᠣᠭᠯᠠᠭᠠᠮ ᠤ᠋ᠨ ᠲᠠᠯᠠᠪᠠᠢ ᠪᠠᠶ᠋ᠢᠬᠰᠠᠨ ᠶᠤᠮ ᠪᠠᠶ᠋ᠢᠨ᠎ᠠ ᠰᠢᠳᠡ᠂ ᠲᠢᠭ ᠦᠭᠡᠢ᠂ ᠦᠭᠡᠨ ᠳ᠋ᠦ᠍ ᠣᠷᠣᠳᠠᠭ ᠦᠭᠡᠢ ᠬᠡᠦᠬᠡᠳ ᠦ᠋ᠳ ᠡᠯᠵᠢᠭᠡ ᠪᠣᠯᠤᠭᠠᠳ ᠬᠤᠪᠢᠷᠠᠴᠢᠬᠠᠳᠠᠭ ᠶᠤᠮ ᠪᠢᠰᠢ ‍ᠦᠦ ?
ᠺᠷᠡᠮᠡᠸ ᠄ ᠧᠦ ᠰᠠᠢ
ᠴᠠᠰᠤᠬᠠᠨ ᠄ ᠪᠡᠶ᠎ᠡ ᠶ᠋ᠢᠨ ᠳᠠᠰᠬᠠᠯ ᠬᠢᠶ᠎ᠡ᠂ ᠭᠡᠷ ᠲᠦ᠍ ᠪᠡᠨ ᠭᠣᠶᠣ ᠪᠠᠢ᠂ ᠪᠠᠢ ᠪᠠᠢ ᠪᠠᠢ ᠁ ᠬᠢ ᠬᠢ
ᠬᠡᠦᠬᠡᠳ ᠦ᠋ᠳ ᠠ᠋ ᠭᠡᠷ ᠲᠦ᠍ ᠪᠡᠨ ᠪᠠᠶ᠋ᠢᠩᠭᠤ ᠳᠠᠰᠬᠠᠯ ᠬᠢᠵᠦ ᠪᠠᠶ᠋ᠢᠭᠠᠷᠠᠢ !

   ᠦᠰᠦᠭ ᠠᠮᠢᠯᠠᠭᠤᠯᠤᠭᠴᠢ᠄ ᠬᠤᠸᠠᠷ
   ᠦᠰᠦᠭ ᠬᠠᠳᠠᠭᠴᠢ᠄ ᠾᠦᠩ ᠸᠧᠢ
   ᠬᠢᠨᠠᠯᠲᠠ᠄ ᠪᠥᠬᠡᠴᠢᠯᠠᠭᠤ᠂ ᠾᠦᠩ ᠸᠧᠢ᠂ ᠨᠠᠷᠠᠰᠤ᠂ ᠮᠥᠴᠢᠷ᠂ ᠱᠤᠳᠤᠷᠭᠤ