ᠮᠥᠩᠬᠡ ᠲᠤᠩᠬᠤ 3-01 Мөнх Тунх
ᠮᠥᠩᠬᠡ ᠲᠤᠩᠬᠤ3-1
ᠮᠠᠢ᠂ ᠮᠠᠢ! ( ᠬᠣᠨᠢ ᠢᠮᠠᠭᠠᠨ ᠊ᠤ ᠮᠠᠶ᠋ᠢᠯᠠᠬᠤ ᠳᠠᠭᠤ)
ᠠᠷᠸ᠋ᠠ᠄ ᠵᠠ᠂ ᠠᠬ᠎ᠠ ᠶ᠋ᠢᠨ ᠳᠡᠭᠦᠦ ᠴᠠᠢ ᠤᠮᠳᠠ ᠪᠠᠨ ᠤᠤᠭᠤᠴᠢᠬᠠᠪᠠ ᠤᠤ?
ᠭᠸᠷᠡᠮᠢ ᠄ ᠦ᠂ ᠲᠡᠶ᠋ᠢᠮᠦ!
ᠭᠸᠷᠡᠮᠢ ᠄ ᠮᠠᠨ ᠤ᠋ ᠳᠥᠷᠪᠡ ᠢᠷᠡᠭᠡ ᠦᠭᠡᠢ ᠪᠠᠶ᠋ᠢᠬ᠋᠎ᠠ ᠶᠤᠮ ᠤᠤ?
ᠠᠷᠸ᠋ᠠ᠄ ᠬᠠᠷᠢᠨ ᠳᠠ! ᠰᠤᠮᠤ ᠠ᠋ᠴᠠ ᠢᠷᠡᠭᠡ ᠦᠭᠡᠢ ᠯᠡ ᠪᠠᠶ᠋ᠢᠨ᠎ᠠ ᠃ᠮᠢᠨᠦ ᠳᠡᠭᠦᠦ ᠰᠠᠢᠨ ᠶᠠᠪᠤᠭᠠᠳ ᠢᠷᠡᠭᠰᠡᠨ ᠦᠦ?
ᠭᠸᠷᠡᠮᠢ ᠄ ᠦ᠂ ᠲᠡᠭᠡᠯ᠎ᠡ! ᠨᠥᠬᠥᠭᠡ ᠬᠡᠳᠦ ᠮᠠᠨᠢ ᠬᠡᠵᠢᠶ᠎ᠡ ᠢᠷᠡᠬᠦ ᠶᠦ᠍ᠮ ᠪᠣᠯ?
ᠠᠷᠸ᠋ᠠ᠄ ᠤᠳᠠᠬᠤ ᠦᠭᠡᠢ ᠪᠠᠢᠬᠤ ᠠ᠋! ᠠᠬ᠎ᠠ ᠡᠭᠡᠴᠢ ᠬᠣᠶᠠᠷ ᠬᠦᠷᠭᠡᠭᠡᠳ ᠢᠷᠡᠨ᠎ᠡ ᠭᠡᠵᠦ ᠪᠠᠶ᠋ᠢᠬᠰᠠᠨ
ᠭᠸᠷᠡᠮᠢ᠄ ᠲᠤᠩᠬᠤ ᠶ᠋ᠢᠨ ᠠᠪᠤ ᠡᠵᠢ ᠨᠢ ᠤᠤ?
ᠠᠷᠸ᠋ᠠ᠄ ᠠ!
ᠭᠸᠷᠡᠮᠢ ᠄ ᠲᠡᠷᠡ ᠬᠡᠳᠦ ᠶᠠᠭ ᠶᠠᠭᠤ ᠬᠢᠵᠦ ᠶᠠᠪᠤᠵᠤ ᠪᠠᠶ᠋ᠢᠬ᠋᠎ᠠ ᠶᠤᠮ ᠪᠣᠯ?
ᠠᠷᠸ᠋ᠠ᠄ ᠲᠡᠮᠡᠭᠡ ᠤᠨᠤᠨ᠎ᠠ ᠭᠡᠳ ᠢᠨᠢᠶᠡᠯᠳᠦᠭᠡᠳ ᠪᠠᠶ᠋ᠢᠬᠰᠠᠨ᠃
ᠭᠸᠷᠡᠮᠢ᠄ ᠲᠤᠩᠬᠤ ᠶ᠋ᠢᠨ ᠠᠪᠤ ᠡᠵᠢ ᠨᠢ ᠠᠶᠠᠭᠦᠢ ᠶᠡᠬᠡ ᠬᠣᠨᠢ ᠮᠠᠯ ᠲᠠᠢ᠂ ᠲᠡᠶ᠋ᠢᠮᠦ?
ᠠᠷᠸ᠋ᠠ᠄ ᠠ᠂ ᠬᠠ!
ᠭᠸᠷᠡᠮᠢ᠄ ᠮᠥᠩᠬᠡ ᠲᠤᠩᠬᠤ ᠬᠣᠶᠠᠷ ᠪᠦᠷ ᠪᠠᠭ᠎ᠠ ᠶ᠋ᠢᠨ ᠨᠠᠶ᠋ᠢᠵᠠ ᠨᠤᠭᠤᠳ ᠤᠤ?
ᠠᠷᠸ᠋ᠠ᠄ ᠠ᠂ ᠬᠠ!
ᠭᠸᠷᠡᠮᠢ᠄ ᠪᠢ ᠮᠥᠩᠬᠡ ᠲᠡᠢ ᠬᠣᠲᠠ ᠳ᠋ᠤ᠌ ᠨᠠᠢᠵᠠᠯᠠᠭᠰᠠᠨ ᠭᠡᠬᠦ ᠪᠠᠷ ᠴᠢᠨᠢ ᠪᠠᠷᠤᠭ ᠯᠠ ᠪᠠᠭ᠎ᠠ ᠶ᠋ᠢᠨ ᠨᠠᠢᠵᠠ ᠨᠤᠭᠤᠳ ᠶᠤᠮ ᠤᠤ ᠲᠠ?
ᠠᠷᠸ᠋ᠠ᠄ ᠠ᠂ ᠬᠠ!
ᠭᠸᠷᠡᠮᠢ᠄ ᠴᠠᠰᠤᠬᠠᠨ ᠬᠣᠲᠠ ᠳ᠋ᠤ᠌ ᠪᠠᠶ᠋ᠢᠬᠤ ᠪᠠᠷ ᠨᠢ ᠶᠠᠭᠤ ᠴᠤ᠌ ᠬᠢᠬᠦ ᠦᠭᠡᠢ ᠬᠡᠪᠲᠡᠭᠡᠳ ᠪᠠᠶ᠋ᠢᠲᠠᠭ ᠰᠢᠳᠡ!
ᠠᠷᠸ᠋ᠠ᠄ ᠠ᠂ ᠠ᠂ ᠬᠡ ᠬᠡ
ᠭᠸᠷᠡᠮᠢ᠄ ᠪᠠᠰᠠᠷ ᠶᠠᠭ ᠬᠥᠳᠡᠭᠡ ᠶᠠᠭ ᠬᠣᠲᠠ ᠪᠠᠨ ᠮᠠᠨᠠᠵᠤ ᠴᠢᠳᠠᠳᠠᠭ ᠶᠤᠮ ᠤᠤ?
ᠠᠷᠸ᠎ᠡ᠄ ᠠ᠂ ᠬᠠ!
ᠭᠸᠷᠡᠮᠢ᠄ ᠮᠠᠨ ᠤ᠋ ᠳᠥᠷᠪᠡ ᠪᠠᠬᠠᠨ ᠦᠯᠢᠭᠡᠷ ᠢ᠋ᠶ᠋ᠡᠷ ᠠᠶᠠᠯᠠᠭᠰᠠᠨ ᠤᠤ?
ᠠᠷᠸ᠋ᠠ᠄ ᠠ᠂ ᠬᠠ!
ᠭᠸᠷᠡᠮᠢ᠄ ᠲᠠ ᠶᠡᠷᠦ ᠨᠢ ᠡᠨᠡ ᠦᠯᠢᠭᠡᠷ ᠵᠢᠠᠷ ᠠᠶᠠᠯᠠᠬᠤ ᠲᠥᠬᠥᠭᠡᠷᠦᠮᠵᠢ ᠵᠢ ᠠᠩᠬ᠎ᠠ ᠶᠠᠭᠠᠬᠢᠵᠤ ᠬᠢᠵᠦ ᠪᠠᠶ᠋ᠢᠬᠰᠠᠨ ᠶᠤᠮ? ᠠᠬ᠎ᠠ ᠲᠠ ᠥᠪᠡᠷ ᠢ᠋ᠶ᠋ᠡᠨ ᠠᠶᠠᠯᠠᠳᠠᠭ ᠪᠠᠶ᠋ᠢᠬᠰᠠᠨ ᠤᠤ? ᠲᠠᠨ ᠲᠠᠢ ᠬᠠᠮᠲᠤ ᠬᠥᠮᠦᠰ ᠠᠶᠠᠯᠠᠳᠠᠭ ᠪᠠᠶ᠋ᠢᠬᠰᠠᠨ ᠤᠤ? ᠶᠠᠭᠠᠬᠢᠵᠤ ᠠᠵᠢᠯᠯᠠᠳᠠᠭ ᠶᠤᠮ ᠪᠣᠯ?
ᠠᠷᠸ᠋ᠠ᠄ ᠬᠡ ᠬᠡ᠂ ᠠᠬ᠎ᠠ ᠨᠢ ᠴᠢᠮ᠎ᠠ ᠳ᠋ᠤ᠌ ᠶᠡᠷᠦ ᠨᠢ ᠨᠢᠭᠡ ᠭᠣᠶᠣ ᠶᠠᠭᠤᠮ᠎ᠠ ᠦᠵᠡᠭᠦᠯᠬᠦ ᠦᠦ?
ᠭᠸᠷᠡᠮᠢ᠄ ᠸᠠ᠂ ᠲᠡᠭᠡᠶ᠎ᠡ ᠯᠡ ᠳᠡ
ᠠᠷᠸ᠎ᠠ᠄ ᠵᠠ ᠲᠡᠭᠡᠪᠡᠯ ᠬᠦᠯᠢᠶᠡᠵᠦ ᠪᠠᠶ᠋ᠢᠭᠠᠷᠠᠢ!
ᠭᠸᠷᠡᠮᠢ᠄ ᠶᠠ᠂ ᠫᠥᠬᠥ᠂ ᠬᠥ᠂ ᠦ᠋ ᠂ ᠵᠠ ᠵᠠ ᠪᠠᠷᠤᠭ ᠬᠠᠯᠢ ᠫᠥᠲ᠋ᠲ᠋ᠸᠷ ᠳᠣᠲᠣᠷ᠎ᠠ ᠣᠷᠣᠴᠢᠬᠠᠯ᠎ᠠ ᠰᠢᠳᠡ᠂ᠠᠷᠸ᠋ᠠ ᠠᠬ᠎ᠠ ᠠ᠋!
ᠠᠷᠸ᠋ᠠ᠄ ᠬᠡ ᠬᠡ᠂ ᠲᠡᠭᠡᠯ᠎ᠡ ᠰᠢᠦ
ᠵᠠ ᠡᠭᠦᠨ ᠊ᠢ ᠤᠩᠰᠢᠭᠠᠳ ᠳᠠᠭᠤᠰᠬᠤ ᠪᠠᠷ ᠬᠣᠶᠠᠭᠤᠯᠠ ᠪᠠᠨ ᠪᠣᠷᠣᠯᠳᠠᠢ ᠴᠠᠭ ᠤ᠋ᠨ ᠪᠣᠳᠣᠯ ᠤ᠋ᠨ ᠬᠠᠶ᠋ᠢᠷᠴᠠᠭ ᠳᠡᠭᠡᠷ᠎ᠡ ᠣᠴᠢᠨ᠎ᠠ ᠳᠠ᠃ ᠲᠡᠭᠡᠭᠡᠳ ᠮᠢᠨᠦ ᠳᠡᠭᠦᠦ ᠠᠩᠬ᠎ᠠ ᠶᠠᠭᠠᠬᠢᠵᠤ ᠦᠯᠢᠭᠡᠷ ᠢ᠋ᠶ᠋ᠡᠷ ᠠᠶᠠᠯᠠᠵᠤ ᠡᠬᠢᠯᠡᠭᠰᠡᠨ ᠊ᠢ ᠬᠠᠷᠠᠮᠠᠷ ᠪᠠᠶ᠋ᠢᠨ᠎ᠠ ᠤᠤ?
ᠭᠸᠷᠡᠮᠢ᠄ ᠸᠠ᠂ ᠲᠡᠭᠡᠶ᠎ᠡ ᠯᠡ ᠳᠡ᠃
ᠠᠷᠸ᠋ᠠ ᠄ ᠪᠡᠯᠡᠨ ᠦᠦ?
ᠭᠸᠷᠡᠮᠢ᠄ ᠪᠡᠯᠡᠨ ᠠ᠋!
ᠠᠷᠸ᠋ᠠ᠄ ᠵᠠ ᠢᠩᠭᠢᠭᠡᠳ᠂
ᠭᠸᠷᠡᠮᠢ᠄ ᠬᠥᠶᠢ ᠂ ᠪᠢ ᠶᠠᠮᠠᠷ ᠰᠣᠨᠢᠨ ᠪᠣᠯᠴᠢᠬᠠᠪᠠ?
ᠠᠷᠸ᠋ᠠ᠄ ᠦᠯᠢᠭᠡᠷ ᠶᠠᠷᠢᠳᠠᠭ ᠬᠡᠰᠡᠭ ᠲᠦ᠍ ᠣᠷᠣᠬᠤ ᠪᠠᠷ ᠡᠶ᠋ᠢᠮᠦ ᠪᠣᠯᠴᠢᠬᠠᠳᠠᠭ ᠶᠤᠮ ᠠ᠋᠃
ᠭᠸᠷᠡᠮᠢ᠄ ᠨᠢᠭᠡ ᠰᠣᠨᠢᠨ ᠶᠠᠷᠢᠭᠠᠳ ᠪᠠᠶ᠋ᠢᠬᠤ ᠶᠤᠮ᠃
ᠠᠷᠸ᠋ᠠ᠄ ᠬᠡ ᠬᠡ ᠬᠡ᠂ ᠵᠠ᠂ᠠᠩᠬ᠎ᠠ ᠪᠢᠳᠡᠨ ᠦ᠌ ᠠᠶᠠᠯᠠᠯ ᠤ᠋ᠨ ᠲᠡᠦᠬᠡ ᠢᠩᠭᠢᠵᠦ ᠡᠬᠢᠯᠡᠭᠰᠡᠨ ᠶᠦ᠍ᠮ ᠳᠡ
ᠲᠤᠯᠤᠤ ᠄ ᠵᠠ᠂ ᠲᠡᠭᠡᠪᠡᠯ᠂ ᠠᠷᠸ᠋ᠠ ᠮᠢᠨᠢ! ᠪᠢ ᠢᠩᠭᠢᠵᠦ ᠪᠣᠳᠣᠵᠤ ᠪᠠᠶ᠋ᠢᠨ᠎ᠠ᠃ ᠠᠶ᠋ᠢᠯ ᠠᠶ᠋ᠢᠯ ᠠ᠋ᠴᠠ ᠲᠠᠪᠤᠨ ᠬᠣᠨᠢ ᠠᠪᠤᠭᠠᠳ ᠵᠤᠳ ᠢ᠋ᠶ᠋ᠠᠷ ᠬᠡᠴᠡᠭᠦᠦ ᠪᠣᠯᠤᠭᠰᠠᠨ ᠬᠥᠮᠦᠰ ᠲᠦ᠍ ᠪᠡᠨ ᠬᠣᠲᠠᠯᠠᠭᠤᠯᠤᠨᠠ ᠭᠡᠳᠡᠭ ᠪᠣᠯ ᠶᠠᠮᠠᠷ ᠪᠣᠢ?
ᠭᠸᠷᠡᠮᠢ᠄ ᠫᠥᠬᠥ᠂ ᠮᠥᠩᠬᠡ ᠶ᠋ᠢᠨ ᠠᠪᠤ ᠨᠢ ᠶᠠᠭ ᠮᠥᠩᠬᠡ ᠰᠢᠭ ᠶᠠᠷᠢᠳᠠᠭ ᠶᠤᠮ᠂ ᠲᠡᠶ᠋ᠢᠮᠦ
ᠠᠷᠸ᠋ᠠ ᠄ ᠬᠡ ᠬᠡ᠂ ᠪᠦᠷ ᠶᠠᠭ ᠰᠢᠦ᠃
ᠠᠷᠸ᠋ᠠ᠄ ᠰᠠᠨᠠᠯ ᠨᠡᠢᠯᠡᠵᠦ ᠪᠠᠶ᠋ᠢᠨ᠎ᠠ ᠰᠢᠦ!
ᠲᠤᠩᠬᠤ ᠶ᠋ᠢᠨ ᠡᠵᠢ᠄ ᠪᠢ ᠴᠦ᠍ ᠭᠡᠰᠡᠨ ᠳᠡᠮᠵᠢᠵᠦ ᠪᠠᠶ᠋ᠢᠨ᠎ᠠ
ᠭᠸᠷᠡᠮᠢ᠄ ᠫᠥᠬᠥ᠂ ᠲᠤᠩᠬᠤ ᠶ᠋ᠢᠨ ᠡᠵᠢ ᠨᠢ ᠮᠥᠨ ᠦᠦ? ᠶᠠᠮᠠᠷ ᠢᠵᠢᠯᠬᠡᠨ ᠶᠦ᠍ᠮ᠃
ᠲᠤᠯᠤᠤ᠄ ᠵᠠ ᠲᠡᠭᠡᠪᠡᠯ ᠪᠢ ᠬᠣᠨᠢ ᠪᠠᠨ ᠨᠠᠭᠠᠰᠢᠯᠠᠭᠤᠯᠴᠢᠬᠠᠭᠠᠳ ᠢᠷᠡᠶ᠎ᠡ ᠳᠠ᠃
ᠲᠤᠩᠬᠤ ᠶ᠋ᠢᠨ ᠡᠵᠢ᠄ ᠠᠷᠸ᠋ᠠ ᠠ᠋᠂ ᠨᠠᠭᠠᠳᠤᠬᠢ ᠴᠢᠨᠢ ᠶᠠᠭᠤ ᠪᠣᠢ?
ᠠᠷᠸ᠋ᠠ ᠄ ᠠ! ᠪᠢ ᠡᠨᠡ ᠮᠥᠴᠢᠷ ᠢ᠋ᠶ᠋ᠡᠷ ᠡᠢᠮᠦ ᠣᠨᠢᠰᠣᠨ ᠲᠣᠭᠯᠠᠭᠠᠮ ᠬᠢᠭᠰᠡᠨ ᠶᠦ᠍ᠮ᠃
ᠲᠤᠩᠬᠤ ᠶ᠋ᠢᠨ ᠡᠵᠢ᠄ ᠫᠥᠬᠥ᠂ ᠶᠠᠮᠠᠷ ᠬᠥᠭᠡᠷᠦᠬᠦᠨ ᠶᠦ᠍ᠮ ᠪᠣᠢ? ᠨᠡᠭᠡᠭᠡᠭᠳᠡᠳᠡᠭ ᠶᠦ᠍ᠮ ᠤᠤ?
ᠠᠷᠸ᠎ᠠ᠄ ᠠ ᠬᠠ ᠁ ᠡᠨᠳᠡ ᠡᠴᠡ ᠨᠢ ᠲᠠᠲᠠᠬᠤ ᠪᠠᠷ ᠢᠩᠭᠢᠭᠡᠳ ᠨᠡᠭᠡᠭᠡᠭᠳᠡᠳᠡᠭ ᠶᠦ᠍ᠮ᠃
ᠲᠤᠩᠬᠤ ᠶ᠋ᠢᠨ ᠡᠵᠢ᠄ ᠶᠠᠮᠠᠷ ᠮᠤᠨᠳᠠᠭ ᠶᠤᠮ ᠪᠣᠢ? ᠥᠪᠡᠷ ᠢ᠋ᠶ᠋ᠡᠨ ᠣᠨᠢᠰᠣᠨ ᠲᠣᠭᠯᠠᠭᠠᠮ ᠬᠢᠭᠡᠳ ᠯᠡ᠃
ᠠᠷᠸ᠋ᠠ ᠄ ᠬᠡ ᠬᠡ᠂ ᠪᠠᠶᠠᠷᠯᠠᠯ᠎ᠠ
ᠲᠤᠩᠬᠤ ᠶ᠋ᠢᠨ ᠡᠵᠢ᠄ ᠲᠤᠯᠤᠤ ᠮᠠᠨᠢ ᠬᠦᠷᠦᠭᠡᠳ ᠢᠷᠡᠯ᠎ᠡ᠃ ᠵᠠ᠂ ᠬᠣᠨᠢ ᠪᠠᠨ ᠲᠠᠭᠤᠭᠠᠳ ᠢᠷᠡᠪᠡ ᠊ᠦᠦ?
ᠮᠥᠩᠬᠡ ᠶ᠋ᠢᠨ ᠠᠪᠤ᠄ ᠨᠠᠶ᠋ᠢᠵᠠ ᠨᠤᠭᠤᠳ ᠠ᠋! ᠡᠨᠡ ᠶᠢ ᠬᠠᠷ᠎ᠠ ᠳᠠ᠂
ᠠᠷᠸ᠎ᠠ᠄ ᠭᠦᠦᠭ ᠁ ᠶᠠᠭᠤ ᠪᠣᠢ?
ᠲᠤᠯᠤᠤ᠄ ᠪᠢ ᠰᠠᠶᠢ ᠬᠣᠨᠢ ᠴᠤᠭᠯᠠᠭᠤᠯᠤᠨ᠎ᠠ ᠭᠡᠳ ᠴᠢᠯᠠᠭᠤ ᠲᠡᠭᠦᠵᠦ ᠶᠠᠪᠤᠭᠰᠠᠨ ᠴᠢᠨᠢ ᠡᠶ᠋ᠢᠮᠦ ᠰᠣᠨᠢᠨ ᠬᠡᠯᠪᠡᠷᠢ ᠲᠡᠢ ᠴᠢᠯᠠᠭᠤ ᠣᠯᠤᠯ᠎ᠠ᠃
ᠠᠷᠸ᠋ᠠ ᠄ ᠨᠠᠶ᠋ᠢᠵᠠ ᠨᠤᠭᠤᠳ ᠠ᠋᠂ ᠲᠡᠷᠡ ᠪᠤᠯᠤᠩ ᠬᠡᠷᠡᠯᠳᠦᠭᠡᠳ ᠪᠠᠶ᠋ᠢᠨ᠎ᠠ ᠤᠤ ᠳᠠ?
ᠭᠸᠷᠡᠮᠢ᠄ ᠲᠡᠶ᠋ᠢᠮᠦ ᠠ᠋᠂ ᠶᠠ ᠁ ᠬᠡᠳᠦᠭᠦᠯᠡ ᠪᠡᠨ ᠪᠦᠷ ᠦᠯᠢᠭᠡᠷ ᠲᠦ᠍ ᠭᠠᠷᠳᠠᠭ ᠰᠢᠭ᠋ ᠶᠠᠭᠤᠮ᠎ᠠ ᠪᠣᠯᠤᠭᠠᠳ ᠪᠠᠶ᠋ᠢᠨ᠎ᠠ ᠦᠭᠡᠢ ᠦᠦ?
ᠦᠯᠢᠭᠡᠷ ᠲᠦ᠍᠁
ᠳᠡᠯᠡᠬᠡᠢ ᠶ᠋ᠢᠨ ᠲᠦᠮᠡᠨ ᠦᠯᠢᠭᠡᠷ ᠳᠤᠮᠳᠠ ᠳᠡᠭᠡᠳᠦ ᠦᠯᠢᠭᠡᠷ ᠭᠡᠵᠦ ᠪᠠᠶ᠋ᠢᠲᠠᠭ᠂
ᠳᠡᠭᠡᠳᠦ ᠦᠯᠢᠭᠡᠷ ᠊ᠢ ᠣᠯᠵᠤ ᠠᠪᠤᠪᠠᠰᠤ ᠬᠠᠮᠤᠭ ᠤ᠋ᠨ ᠴᠢᠬᠤᠯᠠ ᠮᠥᠷᠥᠭᠡᠳᠦᠯ ᠴᠢᠨᠢ ᠪᠡᠶᠡᠯᠡᠨ᠎ᠡ᠃
ᠠᠷᠸ᠋ᠠ᠄ ᠲᠡᠷᠡ ᠭᠡᠷᠡᠯᠲᠦ ᠴᠢᠯᠠᠭᠤ ᠢᠩᠭᠢᠵᠦ ᠬᠡᠯᠡᠴᠢᠬᠡᠭᠡᠳ ᠠᠯᠠᠭ᠎ᠠ ᠪᠣᠯᠤᠭᠰᠠᠨ ᠶᠤᠮ᠃ ᠲᠡᠭᠦᠨ ᠡᠴᠡ ᠬᠣᠶ᠋ᠢᠰᠢ ᠠᠬ᠎ᠠ ᠨᠢ ᠳᠡᠭᠡᠳᠦ ᠦᠯᠢᠭᠡᠷ ᠭᠡᠳᠡᠭ ᠵᠦᠢᠯ ᠊ᠢ ᠬᠠᠶ᠋ᠢᠵᠤ ᠡᠬᠢᠯᠡᠭᠰᠡᠨ ᠶᠦ᠍ᠮ ᠳᠡ
ᠦᠯᠢᠭᠡᠷ ᠦᠯᠢᠭᠡᠷ ᠲᠦ᠍ ᠪᠡᠨ ᠳᠡᠭᠡᠳᠦ ᠦᠯᠢᠭᠡᠷ ᠭᠡᠵᠦ ᠶᠠᠭᠤ ᠪᠠᠶ᠋ᠢᠲᠠᠭ ᠪᠣᠯᠬᠤ᠂ ᠮᠥᠷᠥᠭᠡᠳᠦᠯ ᠳᠣᠲᠣᠷ᠎ᠠ ᠪᠠᠨ ᠬᠠᠮᠤᠭ ᠤ᠋ᠨ ᠴᠢᠬᠤᠯᠠ ᠮᠥᠷᠥᠭᠡᠳᠦᠯ ᠭᠡᠵᠦ ᠶᠠᠭᠤ ᠪᠣᠯᠬᠤ ᠲᠠᠯ᠎ᠠ ᠪᠠᠷ ᠮᠡᠳᠡᠬᠦ ᠶ᠋ᠢᠨ ᠬᠦᠰᠡᠯ ᠢ᠋ᠶ᠋ᠡᠷ᠂ ᠣᠯᠠᠨ ᠵᠢᠯ ᠦ᠋ᠨ ᠲᠣᠷᠰᠢ ᠴᠥᠬᠥᠷᠡᠯᠲᠡ ᠦᠭᠡᠢ ᠰᠢᠨ᠎ᠡ ᠵᠦᠢᠯᠡᠰ ᠊ᠢ ᠪᠦᠲᠦᠭᠡᠨ ᠨᠡᠭᠡᠭᠡᠵᠦ ᠪᠠᠶ᠋ᠢᠯ᠎ᠠ᠃
ᠡᠨᠡ ᠬᠤᠭᠤᠴᠠᠭᠠᠨ ᠳ᠋ᠤ᠌ ᠮᠠᠨ ᠤ᠋ ᠬᠣᠶᠠᠷ ᠮᠠᠨᠢ ᠴᠤ᠌ ᠰᠢᠨᠲᠠᠷᠠᠭᠰᠠᠨ᠂ ᠲᠣᠮᠣ ᠪᠤᠯᠵᠠᠭᠠᠭᠰᠠᠨ᠂ ᠡᠭᠦᠨ ᠦ᠌ ᠲᠠᠯ᠎ᠠ ᠪᠠᠷ ᠪᠠᠷᠤᠭ ᠮᠠᠷᠲᠠᠵᠠᠭᠠᠭᠰᠠᠨ ᠳᠠ᠃
ᠠᠷᠸ᠋ᠠ᠄ ᠵᠠ᠂ ᠢᠩᠭᠢᠭᠡᠳ ᠬᠣᠯᠪᠣᠴᠢᠬᠠᠪᠠᠯ ᠬᠡᠳᠦᠭᠦᠯᠡ ᠪᠡᠨ ᠦᠯᠢᠭᠡᠷ ᠢ᠋ᠶ᠋ᠡᠷ ᠠᠶᠠᠯᠠᠬᠤ ᠶᠤᠮ ᠪᠠᠶ᠋ᠢᠨ᠎ᠠ ᠰᠢᠦ ᠳᠡ!
ᠠᠢ!
ᠠᠷᠸ᠋ᠠ ᠄ ᠵᠠ᠂ ᠪᠡᠯᠡᠨ ᠊ᠦᠦ? ᠮᠠᠨ ᠊ᠤ ᠬᠢ ᠠ᠋!
ᠲᠤᠯᠤᠤ ᠄ ᠣᠳᠣ ᠦᠯᠢᠭᠡᠷ ᠲᠦ᠍ ᠢᠲᠡᠭᠡᠬᠦ ᠪᠡᠨ ᠪᠣᠯᠢᠶ᠎ᠠ ᠳᠠ᠂ ᠬᠡᠳᠦᠭᠦᠯᠡ ᠪᠡᠨ ᠲᠣᠮᠣ ᠪᠣᠯᠴᠢᠬᠠᠯ᠎ᠠ ᠰᠢᠲᠠ᠃
ᠠᠷᠸ᠋ᠠ ᠄ᠶᠠᠭᠠᠬᠢᠭᠰᠠᠨ ᠪᠣᠢ?
ᠲᠤᠩᠬᠤ ᠶ᠋ᠢᠨ ᠡᠵᠢ᠄ ᠪᠠᠭ᠎ᠠ ᠳ᠋ᠤ᠌ ᠪᠠᠨ ᠬᠠᠷᠠᠭᠰᠠᠨ ᠵᠦᠢᠯ ᠊ᠢ ᠪᠢᠳᠡ ᠦᠨᠡᠬᠡᠷ ᠰᠣᠨᠣᠰᠪᠠ ᠦᠭᠡᠢ ᠶ᠋ᠢ ᠮᠡᠳᠡᠬᠦ ᠦᠭᠡᠢ ᠰᠢᠦ ᠳᠡ!
ᠠᠷᠸ᠋ᠠ ᠄ ᠣᠯᠬᠤ ᠳ᠋ᠤ᠌ ᠶᠡᠬᠡ ᠣᠶ᠋ᠢᠷᠠᠬᠠᠨ ᠪᠠᠶ᠋ᠢᠬ᠋᠎ᠠ ᠰᠢᠦ ᠲᠠ᠃
ᠲᠤᠯᠤᠤ ᠄ ᠪᠢᠳᠡ ᠨᠠᠷ ᠵᠥᠩᠳᠡᠭᠡᠨ ᠬᠠᠶ᠋ᠢᠬᠰᠠᠨ ᠰᠢᠳᠡ᠂ ᠣᠳᠣ ᠪᠣᠯᠢᠶ᠎ᠠ ᠳᠠ᠃
ᠠᠷᠸ᠋ᠠ ᠄ ᠭᠡᠬᠦ ᠳ᠋ᠡᠭᠡᠨ᠁
ᠲᠤᠩᠬᠤ ᠶ᠋ᠢᠨ ᠡᠵᠢ᠄ ᠣᠳᠣ ᠬᠠᠩᠭᠠᠯᠲᠠ ᠲᠠᠢ ᠪᠢᠵᠡ ᠳᠡ ᠠᠷᠸ᠋ᠠ!
ᠭᠸᠷᠡᠮᠢ᠄ ᠭᠡᠬᠦ ᠳ᠋ᠡᠭᠡᠨ ᠲᠠ ᠣᠳᠣ ᠦᠯᠢᠭᠡᠷ ᠦ᠋ᠨ ᠮᠠᠰᠢᠨ ᠪᠦᠲᠦᠭᠡᠴᠢᠬᠡᠭᠰᠡᠨ ᠶᠦ᠍ᠮ ᠴᠢᠨᠢ ᠬᠠᠶ᠋ᠢᠵᠤ ᠪᠠᠶ᠋ᠢᠬ᠋᠎ᠠ ᠪᠢᠵᠡ ᠳᠡ᠃
ᠠᠷᠸ᠋ᠠ ᠄ ᠠᠬ᠎ᠠ ᠨᠢ ᠮᠠᠰᠢᠨ ᠢ᠋ᠶ᠋ᠠᠨ ᠪᠦᠲᠦᠭᠡᠭᠡᠳ ᠦᠯᠢᠭᠡᠷ ᠢ᠋ᠶ᠋ᠡᠷ ᠠᠶᠠᠯᠠᠵᠤ ᠴᠢᠳᠠᠳᠠᠭ ᠪᠣᠯᠤᠭᠰᠠᠨ ᠴᠤ᠌ ᠨᠢᠭᠡ ᠵᠦᠢᠯ ᠊ᠢ ᠣᠶ᠋ᠢᠯᠠᠭᠠᠬ᠋ᠠ ᠦᠭᠡᠢ ᠪᠠᠶ᠋ᠢᠬᠰᠠᠨ ᠶᠤᠮ᠃ ᠳᠡᠭᠡᠳᠦ ᠦᠯᠢᠭᠡᠷ ᠊ᠢ ᠣᠯᠬᠤ ᠶ᠋ᠢᠨ ᠲᠤᠯᠠᠳᠠ ᠶᠠᠭᠤ ᠬᠠᠶ᠋ᠢᠵᠤ ᠪᠠᠶ᠋ᠢᠬ᠋᠎ᠠ ᠪᠠᠨ ᠮᠡᠳᠡᠬᠦ ᠦᠭᠡᠢ ᠪᠡᠷ ᠴᠡᠪᠡᠷ ᠠᠷᠢᠭᠤᠨ ᠰᠡᠳᠬᠢᠯ ᠢ᠋ᠶ᠋ᠡᠷ ᠠᠳᠠᠯ ᠶᠠᠪᠤᠳᠠᠯ ᠢ᠋ᠶ᠋ᠠᠷ ᠠᠶᠠᠯᠠᠬᠤ ᠬᠦᠰᠡᠯ ᠲᠡᠢ ᠬᠡᠦᠬᠡᠳ ᠯᠡ ᠣᠯᠬᠤ ᠪᠣᠯᠤᠮᠵᠢ ᠲᠠᠢ᠃ ᠮᠥᠷᠥᠭᠡᠳᠦᠯ ᠢ᠋ᠶ᠋ᠡᠨ ᠪᠡᠶᠡᠯᠡᠭᠦᠯᠦᠨ᠎ᠡ ᠭᠡᠰᠡᠨ ᠵᠣᠷᠢᠯᠭ᠎ᠠ ᠲᠠᠯᠪᠢᠭᠰᠠᠨ ᠪᠢᠳᠡ ᠭᠤᠷᠪᠠ ᠶ᠋ᠢᠨ ᠬᠤᠪᠢ ᠳ᠋ᠤ᠌ ᠳᠡᠭᠡᠳᠦ ᠦᠯᠢᠭᠡᠷ ᠊ᠢ ᠣᠯᠤᠨ᠎ᠠ ᠭᠡᠳᠡᠭ ᠪᠣᠯᠤᠮᠵᠢ ᠦᠭᠡᠢ ᠵᠦᠢᠯ ᠪᠣᠯᠤᠭᠰᠠᠨ᠃
ᠭᠸᠷᠡᠮᠢ᠄ ᠫᠥᠬᠥ᠂ ᠮᠠᠨ ᠤ᠋ ᠳᠥᠷᠪᠡ ᠡᠨᠡ ᠲᠠᠯ᠎ᠠ ᠪᠠᠷ ᠮᠡᠳᠡᠳᠡᠭ ᠦᠦ?
ᠠᠷᠸ᠋ᠠ ᠄ ᠮᠠᠨ ᠤ᠋ ᠳᠥᠷᠪᠡ ᠦᠦ?
ᠠᠷᠸ᠎ᠠ᠄ ᠮᠠᠨ ᠤ᠋ ᠳᠥᠷᠪᠡ ᠳᠡᠭᠡᠳᠦ ᠦᠯᠢᠭᠡᠷ ᠭᠡᠵᠦ ᠶᠠᠭᠤ ᠪᠠᠶ᠋ᠢᠲᠠᠭ ᠲᠠᠯ᠎ᠠ ᠪᠠᠷ ᠶᠠᠭᠤ ᠴᠤ᠌ ᠮᠡᠳᠡᠬᠦ ᠦᠭᠡᠢ᠃
ᠳᠡᠭᠡᠳᠦ ᠦᠯᠢᠭᠡᠷ ᠊ᠢ ᠣᠯᠪᠠᠯ ᠮᠥᠷᠥᠭᠡᠳᠦᠯ ᠨᠢ ᠪᠡᠶᠡᠯᠡᠨ᠎ᠡ ᠭᠡᠳᠡᠭ ᠲᠠᠯ᠎ᠠ ᠪᠠᠷ ᠣᠭᠲᠣᠬᠠᠨ ᠴᠤ᠌ ᠮᠡᠳᠡᠬᠦ ᠦᠭᠡᠢ᠂
ᠠᠳᠠᠯ ᠶᠠᠪᠤᠳᠠᠯ ᠢ᠋ᠶ᠋ᠠᠷ ᠠᠶᠠᠯᠠᠬᠤ ᠬᠢᠵᠠᠭᠠᠷ ᠦᠭᠡᠢ ᠶᠡᠬᠡ ᠬᠦᠰᠡᠯ ᠮᠥᠷᠥᠭᠡᠳᠦᠯ ᠳ᠋ᠦ᠍ ᠪᠡᠨ ᠬᠥᠲᠥᠯᠦᠭᠳᠡᠨ᠂ ᠴᠡᠪᠡᠷ ᠠᠷᠢᠭᠤᠨ ᠰᠡᠳᠬᠢᠯ ᠢ᠋ᠶ᠋ᠡᠷ ᠠᠳᠠᠯ ᠶᠠᠪᠤᠳᠠᠯ ᠢ᠋ᠶ᠋ᠠᠷ ᠠᠶᠠᠯᠠᠵᠤ ᠶᠠᠪᠤᠭ᠎ᠠ ᠶᠤᠮ ᠰᠢᠦ ᠳᠡ᠃ ᠭᠸᠷᠡᠮᠢ᠂ ᠡᠨᠡ ᠴᠢ ᠪᠢᠳᠡ ᠬᠣᠶᠠᠷ ᠤ᠋ᠨ ᠳᠤᠮᠳᠠᠬᠢ ᠨᠢᠭᠤᠴᠠ ᠰᠢᠦ᠃
ᠭᠸᠷᠡᠮᠢ ᠄ ᠪᠢ ᠬᠡᠯᠡᠬᠦ ᠦᠭᠡᠢ᠂ ᠠᠷᠸ᠋ᠠ ᠠᠬ᠎ᠠ ᠠ᠋! ᠠᠮᠠᠯᠠᠵᠤ ᠪᠠᠶ᠋ᠢᠨ᠎ᠠ᠃
ᠠᠷᠸ᠋ᠠ ᠄ ᠮᠥᠩᠬᠡ ᠲᠤᠩᠬᠤ ᠮᠠᠨᠢ ᠨᠢᠭᠡ ᠯᠡ ᠡᠳᠦᠷ ᠳᠡᠭᠡᠳᠦ ᠦᠯᠢᠭᠡᠷ ᠊ᠢ ᠣᠯᠤᠨ᠎ᠠ ᠭᠡᠵᠦ ᠪᠢ ᠢᠲᠡᠭᠡᠳᠡᠭ ᠶᠦ᠍ᠮ ᠃
ᠭᠸᠷᠡᠮᠢ ᠄ nice ( ᠲᠡᠶ᠋ᠢᠮᠦ ᠠ᠋ )
ᠮᠥᠩᠬᠡ᠄ ᠪᠦᠭᠦᠳᠡᠭᠡᠷ ᠢ᠋ᠶ᠋ᠡᠨ ᠪᠡᠯᠡᠨ ᠦᠦ?
ᠲᠤᠩᠬᠤ᠄ ᠪᠣᠯᠤᠭᠰᠠᠨ (Oh yeh )
ᠪᠠᠰᠠᠷ᠄ ᠪᠢ ᠵᠢᠯᠣᠭᠣ ᠪᠠᠷᠢᠴᠢᠬᠠᠬᠤ ᠤᠤ?
ᠴᠠᠰᠤᠬᠠᠨ ᠄ ᠬᠡ ᠬᠡ᠂ ᠮᠠᠰᠢᠨ ᠦᠭᠡᠢ ᠰᠢᠲᠠ᠃
ᠲᠤᠩᠬᠤ᠄ (Let^s go) ᠣᠳᠣ ᠪᠡᠯᠡᠳᠬᠡᠭᠡᠳ ᠬᠥᠳᠡᠯᠵᠡᠭᠡᠶᠡ!
ᠮᠥᠩᠬᠡ ᠲᠤᠩᠬᠤ ᠶ᠋ᠢᠨ ᠭᠤᠷᠪᠠᠳᠤᠭᠠᠷ ᠤᠯᠠᠷᠢᠯ ᠳ᠋ᠤ᠌ ᠪᠠᠨ ᠲᠠᠪᠠᠲᠠᠢ ᠮᠣᠷᠢᠯᠠᠨ᠎ᠠ ᠤᠤ?
ᠡᠨᠡ ᠰᠢᠰᠸᠨ ᠳᠡᠭᠡᠷ᠎ᠡ ᠶᠠᠮᠠᠷ ᠭᠣᠶᠣ ᠦᠢᠯᠡ ᠶᠠᠪᠤᠳᠠᠯ ᠊ᠤᠳ ᠲᠠ ᠪᠦᠬᠦᠨ ᠊ᠢ ᠬᠦᠯᠢᠶᠡᠵᠦ ᠪᠠᠢᠭ᠎ᠠ ᠭᠡᠵᠦ ᠪᠣᠳᠣᠵᠤ ᠪᠠᠢᠨ᠎ᠠ᠃ ᠪᠢᠳᠡᠨ ᠊ᠦ ᠬᠤᠪᠢ ᠳ᠋ᠤ᠌ ᠴᠤ᠌ ᠮᠠᠰᠢ ᠶᠡᠬᠡ ᠪᠠᠶᠠᠷᠲᠠᠢ ᠪᠠᠢᠨ᠎ᠠ! ᠬᠡ ᠬᠡ ᠬᠡ
ᠠᠷᠸ᠎ᠠ ᠠᠬ᠎ᠠ ᠶ᠋ᠢᠨ ᠬᠢᠨᠢ ᠵᠦᠭ ᠡᠴᠡ ᠲᠠ ᠨᠠᠷ ᠲᠤ᠌ ᠪᠠᠨ ᠨᠢᠭᠡ ᠪᠠᠶᠠᠷᠲᠠᠢ ᠮᠡᠳᠡᠭᠡ ᠮᠥᠨ ᠳᠣᠭᠣᠯᠭᠠᠬᠤ ᠭᠡᠰᠡᠨ ᠶᠦ᠍ᠮ᠃ ᠮᠥᠩᠬᠡ ᠲᠤᠩᠬᠤ ᠶ᠋ᠢᠨ ᠪᠣᠳᠣᠳᠠᠭ ᠨᠣᠮ᠂ ᠮᠥᠩᠬᠡ ᠲᠤᠩᠬᠤ ᠵᠠᠢᠷᠮᠠᠭ᠂ᠮᠥᠩᠬᠡ ᠲᠤᠩᠬᠤ ᠵᠢᠶᠦᠢ᠍ᠤᠰᠸ᠂ᠮᠥᠩᠬᠡ ᠲᠤᠩᠬᠤ ᠴᠢᠪᠢᠱ᠌ᠢ᠂ ᠮᠥᠩᠬᠡ ᠲᠤᠩᠬᠤ ᠠᠭᠠᠷᠴᠠᠨ ᠦᠷᠢᠯ᠂ ᠡᠢᠮᠦ ᠭᠣᠶᠣ ᠪᠦᠲᠦᠭᠡᠭᠳᠡᠬᠦᠨ ᠨᠦ᠍ᠭᠦᠳ ᠱᠸᠢᠶᠢᠦ ᠶ᠋ᠢᠨ ᠪᠦᠬᠦ ᠰᠠᠯᠪᠤᠷᠢ ᠪᠠᠷ ᠬᠤᠳᠠᠯᠳᠤᠭᠠᠨ ᠳ᠋ᠤ᠌ ᠭᠠᠷᠤᠭᠰᠠᠨ ᠊ᠢ ᠳᠣᠭᠣᠯᠭᠠᠬᠤ ᠳᠤ ᠮᠠᠰᠢ ᠶᠡᠬᠡ ᠲᠠᠭᠠᠲᠠᠢ ᠪᠠᠢᠨ᠎ᠠ᠃ᠲᠠ ᠨᠠᠷ ᠊ᠤᠨ ᠮᠢᠨᠢ ᠬᠤᠳᠠᠯᠳᠤᠨ ᠠᠪᠤᠯᠲᠠ ᠪᠣᠯᠭᠠᠨ ᠳᠠᠷᠠᠭ᠎ᠠ ᠶ᠋ᠢᠨ ᠰᠢᠨ᠎ᠡ ᠠᠩᠭᠢ ᠭᠠᠷᠬᠤ ᠳ᠋ᠤ᠌ ᠲᠤᠰᠠ ᠪᠣᠯᠳᠠᠭ ᠶᠤᠮ ᠰᠢᠦ᠃ ᠪᠠᠶᠠᠷᠯᠠᠯ᠎ᠠ᠂ ᠳᠡᠭᠦᠦ ᠨᠠᠷ ᠲᠤ᠌ ᠪᠠᠨ᠃ ᠭᠤᠷᠪᠠᠳᠤᠭᠠᠷ ᠤᠯᠠᠷᠢᠯ ᠳ᠋ᠤ᠌ ᠪᠠᠨ ᠲᠠᠪᠠᠲᠠᠢ ᠮᠣᠷᠢᠯᠠ!
ᠦᠰᠦᠭ ᠠᠮᠢᠯᠠᠭᠤᠯᠤᠭᠴᠢ᠄ ᠪᠦᠷᠢᠨᠴᠡᠴᠡᠭ
ᠦᠰᠦᠭ ᠬᠠᠲᠠᠭᠴᠢ᠄ ᠾᠦᠩ ᠸᠧᠢ
ᠬᠢᠨᠠᠯᠲᠠ᠄ ᠮᠠᠨᠳᠠᠷᠠᠸ᠎ᠠ᠂ ᠮᠥᠴᠢᠷ᠂ ᠾᠦᠩ ᠸᠧᠢ᠂ ᠪᠥᠬᠡᠴᠢᠯᠠᠭᠤ