ᠮᠥᠩᠬᠡ ᠲᠤᠩᠬᠤ 2-07 ᠳᠣᠯᠣᠭᠠᠨ ᠬᠤᠵᠢᠭᠠᠷ ᠨᠢᠭᠡ ᠮᠤᠵᠢᠭᠠᠷМөнх Тунх-Долоон хожгор нэг можгор
ᠮᠥᠩᠬᠡ ᠲᠤᠩᠬᠤ2-7
ᠳᠣᠯᠣᠭᠠᠨ ᠬᠤᠵᠢᠭᠠᠷ ᠨᠢᠭᠡ ᠮᠤᠵᠢᠭᠠᠷ
ᠴᠠᠰᠤᠬᠠᠨ᠄ ᠵᠠ ᠬᠡᠳᠦᠭᠦᠯᠡ ᠪᠡᠨ ᠣᠳᠣ ᠶᠠᠪᠤᠵᠠᠭᠠᠶ᠎ᠠ!
ᠮᠥᠩᠬᠡ᠄ ᠪᠠᠶ᠋ᠢᠵᠠ ᠠ᠋᠃
ᠪᠠᠰᠠᠷ᠄ ᠶᠠᠪᠤᠬᠤ ᠦᠭᠡᠢ ᠶᠦ᠍ᠮ ᠊ᠤᠤ?
ᠮᠥᠩᠬᠡ᠄ ᠪᠠᠶ᠋ᠢᠵᠠ
ᠲᠤᠩᠬᠤ᠄ ᠶᠠᠭᠠᠬᠢᠭᠰᠠᠨ ᠶᠤᠮ ᠮᠥᠩᠬᠡ᠂ ᠶᠠᠭᠤ ᠬᠦᠯᠢᠶᠡᠭᠡᠳ ᠪᠠᠶ᠋ᠢᠭ᠎ᠠ ᠶᠤᠮ᠃
ᠮᠥᠩᠬᠡ᠄ ᠵᠠ᠂ ᠵᠠ ᠪᠠᠶ᠋ᠢᠵᠠᠭᠠᠷᠠᠢ᠂ ᠭᠤᠷᠪᠠ᠂ ᠬᠣᠶᠠᠷ ᠂ᠨᠢᠭᠡ᠂ ᠁ᠥ ᠶᠠᠭᠠᠬᠢᠴᠢᠬᠠᠪᠠ? ᠨᠢᠭᠡ!
ᠪᠠᠰᠠᠷ᠄ ᠬᠥᠶᠢ ᠮᠥᠩᠬᠡ! ᠶᠠᠭᠠᠬᠢᠭᠰᠠᠨ ᠶᠤᠮ ᠪᠣᠢ?
ᠲᠤᠩᠬᠤ᠄ ᠸᠡᠸᠦ᠂ ᠴᠣᠭᠲᠤ ᠠᠬ᠎ᠠ ᠮᠢᠨᠢ ᠢᠷᠡᠴᠢᠬᠡᠭᠰᠡᠨ ᠶᠦ᠍ᠮ ᠊ᠤᠤ?
ᠴᠣᠭᠲᠤ᠄ ᠵᠠ᠂ ᠰᠠᠢᠨ ᠊ᠦᠦ? ᠮᠠᠨᠠᠶ᠋ᠢᠬᠢ ᠠ᠋᠂ ᠶᠠᠭᠤ ᠪᠠᠶ᠋ᠢᠵᠠᠭᠠᠨᠠ ᠠ᠋᠃
ᠮᠥᠩᠬᠡ ᠄ ᠪᠢ ᠪᠦᠷ ᠲᠠ ᠨᠠᠷ ᠲᠤ᠌ ᠰᠦᠷᠫᠷᠢᠰ ᠪᠠᠷᠢᠬᠤ ᠭᠡᠳ᠂ ᠠᠷᠸ᠎ᠡ ᠠᠬ᠎ᠠ᠂ ᠴᠣᠭᠲᠤ ᠠᠬ᠎ᠠ ᠲᠠᠢ ᠲᠣᠬᠢᠷᠠᠭᠠᠳ᠂ ᠲᠠ ᠨᠠᠷ ᠊ᠤᠨ ᠠᠷᠤ ᠠ᠋ᠴᠠ ᠦᠯᠢᠭᠡᠷ ᠤᠷᠤᠭᠤ ᠣᠷᠣᠵᠤ ᠢᠷᠡᠬᠦ ᠶ᠋ᠢ ᠨᠢ ᠲᠥᠯᠥᠪᠯᠡᠴᠢᠬᠡᠭᠰᠡᠨ ᠪᠠᠶ᠋ᠢᠬᠤ ᠦᠭᠡᠢ ᠊ᠦᠦ ᠳᠡ᠂ ᠬᠡ ᠬᠡ ᠬᠡ᠁
ᠲᠤᠩᠬᠤ᠄ ᠶᠣᠰᠣᠲᠠᠢ ᠭᠣᠶᠣ ᠰᠦᠷᠫᠷᠢᠰ ᠪᠠᠶ᠋ᠢᠯ᠎ᠠ᠂ ᠰᠠᠢᠨ ᠪᠠᠶ᠋ᠢᠨ᠎ᠠ ᠊ᠤᠤ? ᠴᠣᠭᠲᠤ ᠠᠬ᠎ᠠ ᠠ᠋᠂ ᠲᠠ ᠬᠡᠵᠢᠶ᠎ᠡ ᠢᠷᠡᠭᠰᠡᠨ ᠪᠣᠢ?
ᠴᠣᠭᠲᠤ᠄ ᠥ᠂ ᠠᠬ᠎ᠠ ᠨᠢ ᠢᠷᠡᠭᠡᠳ ᠤᠳᠠᠭ᠎ᠠ ᠦᠭᠡᠢ᠂ ᠠᠷᠸ᠎ᠡ ᠠᠬ᠎ᠠ ᠠ᠋ᠴᠠ ᠠᠰᠠᠭᠤᠬᠤ ᠨᠢᠭᠡ ᠬᠣᠶᠠᠷ ᠲᠸᠭᠨᠢᠭ ᠊ᠤᠨ ᠠᠰᠠᠭᠤᠳᠠᠯ ᠭᠠᠷᠤᠭᠠᠳ᠂ ᠬᠠᠷᠢᠨ ᠲᠡᠭᠡᠭᠰᠡᠨ ᠶᠠᠮᠠᠷ ᠭᠣᠶᠣ ᠠᠳᠠᠯ ᠢ᠋ᠶ᠋ᠠᠷ ᠠᠶᠠᠯᠠᠳᠠᠭ ᠨᠣᠮ ᠪᠦᠲᠦᠭᠡᠴᠢᠬᠡᠭᠰᠡᠨ ᠶᠦ᠍ᠮ ᠪᠣᠢ ᠠᠬ᠎ᠠ᠃
ᠪᠠᠰᠠᠷ᠄ ᠨᠢᠭᠡ ᠬᠠᠷᠠᠭ᠎ᠠ ᠦᠭᠡᠢ ᠴᠢᠷᠠᠢ ᠪᠠᠶ᠋ᠢᠬᠤ ᠴᠢᠨᠢ᠂
ᠴᠣᠭᠲᠤ᠄ ᠬᠥᠶᠢ᠂ ᠪᠠᠰᠠᠷ ᠶᠠᠷᠢᠵᠤ ᠪᠠᠶ᠋ᠢᠨ᠎ᠠ᠃
ᠲᠤᠩᠬᠤ᠄ ᠬᠢ ᠬᠢ᠂ ᠬᠠᠷᠢᠨ ᠲᠡᠶ᠋ᠢᠮᠦ᠂ ᠮᠠᠨ ᠊ᠤ ᠴᠠᠰᠤᠬᠠᠨ ᠬᠦᠷᠲᠡᠯ᠎ᠡ ᠶᠠᠷᠢᠨ᠎ᠠ ᠰᠢᠦ ᠳᠡ᠃
ᠴᠠᠰᠤᠬᠠᠨ᠄ ᠰᠠᠢᠨ ᠪᠠᠶ᠋ᠢᠨ᠎ᠠ ᠊ᠤᠤ ᠲᠠ?
ᠴᠣᠭᠲᠤ᠄ ᠬᠥ᠂ ᠰᠠᠢᠨ ᠰᠠᠢᠨ᠂ ᠶᠠᠮᠠᠷ ᠰᠣᠨᠢᠨ ᠶᠤᠮ ᠪᠣᠢ?
ᠪᠠᠰᠠᠷ᠄ ᠬᠡᠩ᠂ ᠬᠡᠨ ᠭᠤᠸᠠᠢ ᠢᠷᠡᠴᠢᠬᠡᠭᠡᠳ᠂ ᠪᠦᠭᠦᠳᠡᠭᠡᠷ ᠢ᠋ᠶ᠋ᠡᠨ ᠢᠩᠭᠢᠵᠦ ᠰᠦᠷᠵᠢᠭᠢᠨᠡᠯᠳᠦᠭᠡᠳ ᠪᠠᠶ᠋ᠢᠭ᠎ᠠ ᠯᠠ ᠶᠤᠮ ᠳᠠ᠂
ᠴᠣᠭᠲᠤ᠄ ᠬᠥᠶᠢ᠂ ᠡᠨᠡ ᠶᠠᠮᠠᠷ ᠴᠢᠷᠠᠢᠯᠢᠭ ᠨᠣᠬᠠᠢ ᠪᠣᠢ?
ᠪᠠᠰᠠᠷ᠄ ᠠᠢᠯᠦᠢ᠍ᠶᠸᠦ !
ᠴᠣᠭᠲᠤ᠄ ᠬᠡ᠂ ᠵᠠ ᠲᠡᠭᠡᠭᠡᠳ ᠠᠶᠠᠯᠠᠯ ᠨᠢ ᠶᠠᠭᠠᠬᠢᠵᠤ ᠡᠬᠢᠯᠡᠳᠡᠭ ᠶᠦ᠍ᠮ᠃
ᠮᠥᠩᠬᠡ᠄ ᠵᠠ ᠣᠳᠣ ᠢᠩᠭᠢᠭᠡᠳ ᠶᠠᠭ ᠶᠠᠷᠢᠶ᠎ᠠ ᠳᠠᠭᠤᠰᠬᠤ ᠴᠤ᠌ ᠶᠤᠮ ᠊ᠦᠦ᠂ ᠶᠠᠷᠢᠶᠠᠨ ᠊ᠤ ᠰᠡᠳᠦᠪ ᠪᠣᠯᠤᠩᠭᠤᠲᠠ ᠦᠯᠢᠭᠡᠷ ᠨᠢ ᠡᠬᠢᠯᠡᠳᠡᠭ ᠶᠦ᠍ᠮ᠃ ᠬᠡ ᠬᠡ ᠬᠡ
ᠮᠣᠩᠭᠣᠯ ᠠᠷᠠᠳ ᠊ᠤᠨ ᠦᠯᠢᠭᠡᠷ
ᠳᠣᠯᠣᠭᠠᠨ ᠬᠤᠵᠢᠭᠠᠷ ᠨᠢᠭᠡ ᠮᠤᠵᠢᠭᠠᠷ
ᠡᠷᠲᠡ ᠴᠠᠭ ᠲᠤ᠌᠂ ᠳᠣᠯᠣᠭᠠᠨ ᠬᠤᠵᠢᠭᠠᠷ ᠨᠢᠭᠡ ᠮᠤᠵᠢᠭᠠᠷ ᠭᠡᠭᠴᠢ ᠪᠠᠶ᠋ᠢᠪᠠ ᠭᠡᠨ᠎ᠡ᠃ ᠳᠣᠯᠣᠭᠠᠨ ᠬᠤᠵᠢᠭᠠᠷ ᠨᠢ ᠨᠢᠭᠡ ᠮᠤᠵᠢᠭᠠᠷ ᠲᠤ᠌ ᠪᠠᠨ ᠶᠡᠬᠡ ᠮᠠᠭᠤ ᠪᠠᠶ᠋ᠢᠭᠰᠠᠨ ᠲᠤᠯᠠ ᠨᠢᠭᠡ ᠮᠤᠵᠢᠭᠠᠷ ᠊ᠤᠨ ᠡᠵᠡᠭᠦᠢ ᠬᠣᠶ᠋ᠢᠭᠤᠷ ᠭᠡᠷ ᠊ᠢ ᠨᠢ ᠰᠢᠲᠠᠭᠠᠴᠢᠬᠠᠵᠠᠢ ᠭᠡᠨ᠎ᠡ᠃
ᠨᠢᠭᠡ ᠮᠤᠵᠢᠭᠠᠷ ᠭᠡᠷ ᠲᠦ᠍ ᠪᠡᠨ ᠢᠷᠡᠬᠦ ᠳ᠋ᠦ᠍ ᠨᠢ ᠬᠥᠬᠡ ᠦᠨᠡᠰᠦ ᠬᠥᠪᠰᠥᠢᠭᠡᠳ ᠬᠥᠬᠡᠷᠡᠭᠡᠳ ᠪᠠᠶ᠋ᠢᠪᠠ ᠭᠡᠨ᠎ᠡ᠂᠃
ᠭᠡᠷ ᠊ᠢ ᠨᠢ ᠳᠣᠯᠣᠭᠠᠨ ᠬᠤᠵᠢᠭᠠᠷ ᠰᠢᠲᠠᠭᠠᠭᠰᠠᠨ ᠊ᠢ ᠮᠡᠳᠡᠭᠡᠳ᠂ ᠰᠢᠲᠠᠭᠰᠠᠨ ᠭᠡᠷ ᠊ᠦᠨ ᠦᠨᠡᠰᠦ ᠶ᠋ᠢ ᠤᠭᠤᠲᠠᠨ ᠳ᠋ᠤ᠌ ᠬᠢᠭᠡᠳ᠂ ᠡᠯᠵᠢᠭᠡᠨ ᠴᠢᠬᠢᠲᠦ ᠬᠠᠭᠠᠨ ᠊ᠤ ᠵᠠᠬ᠎ᠠ ᠳᠡᠭᠡᠷ᠎ᠡ ᠶᠠᠪᠤᠵᠤ ᠭᠡᠨ᠎ᠡ᠃ ᠤᠯᠤᠰ ᠊ᠤᠳ ᠨᠢᠭᠡ ᠮᠤᠵᠢᠭᠠᠷ ᠊ᠤᠨ ᠡᠭᠦᠷᠴᠦ ᠶᠠᠪᠤᠭ᠎ᠠ ᠶ᠋ᠢ ᠶᠠᠭᠤ ᠪᠣᠢ ᠭᠡᠵᠦ᠂ ᠦᠵᠡᠶ᠎ᠡ ᠦᠵᠡᠶ᠎ᠡ ᠭᠡᠵᠡᠢ᠃ ᠮᠠᠨ ᠊ᠤ ᠨᠢᠭᠡ ᠮᠤᠵᠢᠭᠠᠷ᠄《 ᠡᠨᠡ ᠠᠯᠲᠠ ᠶ᠋ᠢ ᠦᠵᠡᠪᠡᠯ ᠦᠨᠡᠰᠦ ᠪᠣᠯᠳᠠᠭ ᠂ ᠬᠠᠷᠠᠪᠠᠯ ᠬᠠᠯᠢᠰᠤ ᠪᠣᠯᠳᠠᠭ ᠶᠤᠮ ᠠ᠋》 ᠭᠡᠵᠦ ᠬᠡᠯᠡᠵᠦ ᠭᠡᠨ᠎ᠡ᠃ᠭᠡᠲᠡᠯ᠎ᠡ ᠨᠢᠭᠡ ᠪᠠᠶᠠᠨ ᠬᠥᠮᠦᠨ ᠲᠠᠭᠠᠷᠠᠯᠳᠤᠭᠠᠳ᠂ ᠡᠨᠡ ᠡᠭᠦᠷᠴᠦ ᠶᠠᠪᠤᠭ᠎ᠠ ᠴᠢᠨᠢ ᠶᠠᠭᠤ ᠪᠣᠢ ᠭᠡᠵᠦ ᠭᠡᠨ᠎ᠡ᠃ 《 ᠮᠢᠨᠦ ᠡᠨᠡ ᠠᠯᠲᠠ ᠮᠥᠩᠭᠥ ᠶ᠋ᠢ ᠦᠵᠡᠪᠡᠯ ᠦᠨᠡᠰᠦ ᠪᠣᠯᠳᠠᠭ᠂ ᠬᠠᠷᠠᠪᠠᠯ ᠬᠠᠯᠢᠰᠤ ᠪᠣᠯᠳᠠᠭ ᠶᠤᠮ 》 ᠭᠡᠵᠡᠢ᠃
ᠪᠠᠶᠠᠨ ᠬᠥᠮᠦᠨ ᠨᠠᠳᠠ ᠳ᠋ᠤ᠌ ᠦᠵᠡᠭᠦᠯ᠂ ᠬᠡᠷᠪᠡ ᠦᠨᠡᠰᠦ ᠪᠣᠯᠪᠠᠯ ᠣᠷᠣᠨ ᠳ᠋ᠤ᠌ ᠨᠢ ᠠᠯᠲᠠ ᠮᠥᠩᠭᠥ ᠶ᠋ᠢ ᠤᠭᠤᠲᠠᠨ ᠳ᠋ᠤ᠌ ᠴᠢᠨᠢ ᠳᠦᠭᠦᠷᠭᠡᠵᠦ ᠥᠭᠬᠦᠶ᠎ᠡ ᠭᠡᠪᠡ᠂ ᠨᠢᠭᠡ ᠮᠤᠵᠢᠭᠠᠷ ᠳᠤᠷᠠᠲᠠᠢ ᠦᠵᠡᠭᠦᠯᠦᠭᠰᠡᠨ ᠳ᠋ᠦ᠍ ᠦᠨᠡᠰᠦ ᠪᠠᠶ᠋ᠢᠪᠠ ᠭᠡᠨ᠎ᠡ᠃ ᠡᠶ᠋ᠢᠮᠦ ᠭᠠᠶ᠋ᠢᠲᠠᠢ ᠶᠠᠭᠤᠮ᠎ᠠ ᠪᠠᠶ᠋ᠢᠳᠠᠭ ᠠ᠋᠂ ᠬᠥᠮᠦᠨ ᠊ᠦ ᠠᠯᠲᠠ ᠮᠥᠩᠭᠥ ᠶ᠋ᠢ ᠦᠵᠡᠨ᠎ᠡ ᠦᠵᠡᠨ᠎ᠡ ᠭᠡᠭᠰᠡᠭᠡᠷ ᠦᠨᠡᠰᠦ ᠪᠣᠯᠭᠠᠴᠢᠬᠠᠯᠠ ᠭᠡᠵᠦ ᠨᠢᠭᠡ ᠮᠣᠵᠢᠭᠤᠷ ᠪᠠᠶᠠᠨ ᠬᠥᠮᠦᠨ ᠊ᠢ ᠵᠠᠩᠨᠠᠭᠰᠠᠨ ᠳ᠋ᠤ᠌ ᠂ ᠲᠡᠷᠡ ᠬᠥᠮᠦᠨ ᠶᠡᠬᠡ ᠯᠡ ᠠᠶᠤᠵᠤ ᠠᠷᠭ᠎ᠠ ᠪᠤᠶᠤ ᠠᠯᠲᠠ ᠮᠥᠩᠭᠥ ᠪᠡᠷ ᠦᠨᠡᠰᠦᠨ ᠊ᠦ ᠬᠡᠦᠳᠡᠢ ᠶ᠋ᠢ ᠳᠦᠭᠦᠷᠭᠡᠵᠦ ᠦᠭᠵᠡᠢ᠃
ᠴᠣᠭᠲᠤ᠄ ᠶᠠ᠂ ᠵᠠ ᠳᠣᠯᠣᠭᠠᠨ ᠠᠲᠠᠭᠠᠷᠠᠬᠤ ᠨᠥᠬᠥᠷ᠂ ᠨᠢᠭᠡ ᠵᠠᠭᠵᠠᠭᠠᠨ ᠨᠥᠬᠥᠷ ᠲᠡᠢ ᠦᠯᠢᠭᠡᠷ ᠶᠦ᠍ᠮ ᠪᠠᠶ᠋ᠢᠨ᠎ᠠ ᠳᠠ᠂ ᠲᠡᠶ᠋ᠢᠮᠦ?
ᠪᠠᠰᠠᠷ᠄ ᠰᠠᠢᠨᠺᠢᠦ ᠸᠡᠷᠶᠮᠦᠽᠢ
ᠮᠥᠩᠬᠡ᠄ ᠪᠠᠶ᠋ᠢᠷᠢᠮᠠᠵᠢᠽᠦ ᠠ ?᠂ ᠬᠢ ᠬᠢ ᠬᠢ
ᠲᠤᠩᠬᠤ᠄ ᠬᠢ ᠬᠢ ᠬᠢ
ᠴᠣᠭᠲᠤ᠄ ᠵᠠ ᠬᠡᠳᠦᠭᠦᠯᠡ ᠪᠡᠨ ᠲᠡᠭᠡᠪᠡᠯ ᠶᠠᠭᠠᠬᠢᠵᠤ ᠲᠤᠰᠠᠯᠠᠬᠤ ᠊ᠦᠦ?
ᠴᠠᠰᠤᠬᠠᠨ᠄ ᠪᠦᠭᠦᠳᠡᠭᠡᠷ ᠢ᠋ᠶ᠋ᠡᠨ ᠬᠣᠶᠠᠷ ᠬᠤᠪᠢᠶᠠᠭᠳᠠᠵᠠᠭᠠᠶᠠ᠂ ᠨᠢᠭᠡ ᠬᠡᠰᠡᠭ ᠨᠢ ᠳᠣᠯᠣᠭᠠᠨ ᠬᠤᠵᠢᠭᠠᠷ ᠤᠷᠤᠭᠤ᠂ ᠨᠥᠭᠥᠭᠡ ᠬᠡᠰᠡᠭ ᠨᠢ ᠨᠢᠭᠡ ᠮᠤᠵᠢᠭᠠᠷ ᠤᠷᠤᠭᠤ ᠶᠠᠪᠤᠵᠠᠭᠠᠬᠤ ᠊ᠤᠤ?
ᠮᠥᠩᠬᠡ᠄ ᠶᠣᠰᠣᠲᠠᠢ ᠭᠣᠶᠣ ᠰᠠᠨᠠᠭ᠎ᠠ ᠪᠠᠶ᠋ᠢᠨ᠎ᠠ᠃
ᠲᠤᠩᠬᠤ᠄ ᠵᠠ᠂ ᠲᠡᠭᠡᠶ᠎ᠡ ᠲᠡᠭᠡᠶ᠎ᠡ᠃
ᠮᠥᠩᠬᠡ᠄ ᠬᠡᠨ ᠬᠡᠨ ᠨᠢ ᠬᠠᠮᠲᠤ ᠶᠠᠪᠤᠬᠤ ᠪᠣᠢ?
ᠪᠠᠰᠠᠷ᠄ ᠪᠢ ᠴᠣᠭᠲᠤ ᠰᠠᠮᠠ ᠲᠠᠢ ᠬᠠᠮᠲᠤ ᠶᠠᠪᠤᠶ᠎ᠠ ᠳᠠ᠂ ᠰᠢᠨ᠎ᠡ ᠬᠥᠮᠦᠨ ᠠᠶᠤᠯ ᠳ᠋ᠤ᠌ ᠣᠷᠣᠵᠤ ᠮᠡᠳᠡᠨ᠎ᠡ᠂ ᠦᠯᠢᠭᠡᠷ ᠊ᠦᠳ ᠳᠣᠲᠣᠷ᠎ᠠ ᠪᠠᠨ ᠨᠡᠷ᠎ᠡ ᠴᠤᠤᠷᠢᠶ᠎ᠠ ᠲᠠᠢ ᠠᠷᠢᠶᠠᠲᠠᠨ ᠪᠠᠰᠠᠷ ᠨᠢ ᠬᠠᠮᠲᠤ ᠶᠠᠪᠤᠭᠰᠠᠨ ᠨᠢ ᠳᠡᠭᠡᠷ᠎ᠡ ᠪᠠᠶ᠋ᠢᠯᠭᠦᠢ᠂ ᠥᠩ!
ᠮᠥᠩᠬᠡ ᠲᠤᠩᠬᠤ( ᠵᠡᠷᠭᠡᠪᠡᠷ)᠄ ᠬᠡ ᠬᠡ ᠬᠡ!
ᠲᠤᠩᠬᠤ᠄ ᠬᠥᠭᠡᠷᠦᠬᠦᠨ ᠰᠢᠳᠡ᠃
ᠴᠠᠰᠤᠬᠠᠨ᠄ ᠵᠠ᠂ ᠲᠡᠭᠡᠶ᠎ᠡ ᠲᠡᠭᠡᠶ᠎ᠡ᠂ ᠲᠡᠭᠡᠪᠡᠯ ᠮᠥᠩᠬᠡ ᠲᠤᠩᠬᠤ ᠪᠢᠳᠡ ᠭᠤᠷᠪᠠ ᠳᠣᠯᠣᠭᠠᠨ ᠬᠤᠵᠢᠭᠠᠷ ᠤᠷᠤᠭᠤ ᠶᠠᠪᠤᠶ᠎ᠠ᠂ ᠴᠣᠭᠲᠤ ᠠᠬ᠎ᠠ ᠲᠠ ᠬᠣᠶᠠᠷ ᠨᠢᠭᠡ ᠮᠤᠵᠢᠭᠠᠷ ᠤᠷᠤᠭᠤ ᠶᠠᠪᠤ᠃
ᠥᠩᠬᠡ᠄ ᠧᠦ ᠺᠠᠢ! ᠵᠠ ᠬᠥᠳᠡᠯᠵᠡᠭᠡᠬᠦ ᠊ᠦᠦ ᠳᠡ᠃
ᠴᠠᠰᠤᠬᠠᠨ᠄ ᠰᠠᠢᠨ ᠪᠠᠶ᠋ᠢᠵᠠᠭᠠᠨᠠ ᠊ᠦᠦ?
ᠬᠤᠵᠢᠭᠠᠷ ᠨᠢᠭᠡ᠄ ᠬᠥᠶᠢ᠂ ᠶᠠᠭᠤᠨ ᠬᠥᠮᠦᠰ ᠪᠣᠢ?
ᠲᠤᠩᠬᠤ᠄ ᠠᠬ᠎ᠠ ᠠ᠋᠂ ᠪᠢᠳᠡ ᠨᠠᠷ ᠲᠠᠨ ᠠ᠋ᠴᠠ ᠬᠠᠷᠢᠨ ᠶᠠᠭᠤᠮ᠎ᠠ ᠠᠰᠠᠭᠤᠬᠤ ᠭᠡᠳ᠂ ᠡᠨᠡ ᠬᠠᠪᠢ ᠪᠠᠷ ᠳᠣᠯᠣᠭᠠᠨ ᠬᠤᠵᠢᠭᠠᠷ ᠭᠡᠳᠡᠭ ᠨᠡᠷ᠎ᠡ ᠲᠡᠢ ᠠᠬ᠎ᠠ ᠨᠠᠷ ᠪᠠᠶ᠋ᠢᠳᠠᠭ ᠪᠣᠯ ᠊ᠦᠦ?
ᠬᠤᠵᠢᠭᠠᠷ ᠨᠢᠭᠡ᠄ ᠳ᠋ᠤᠷᠳᠸ ᠳ᠋ᠣᠷᠳᠸ᠂ ᠡᠰᠡᠨ ᠪᠣᠯ!
ᠮᠥᠩᠬᠡ᠄ ᠰᠠᠶᠢ ᠰᠠᠶᠢ ᠶᠠᠭᠤ ᠭᠡᠰᠡᠨ ᠪᠣᠢ᠂ᠡᠰᠡᠨ ᠪᠣᠯ ᠭᠡᠨ᠎ᠡ ᠊ᠦᠦ?
ᠲᠤᠩᠬᠤ᠄ ᠠᠢ᠂ ᠶᠠᠭᠠᠬᠢᠨ᠎ᠠ?
ᠴᠣᠭᠲᠤ᠄ ᠵᠠ ᠲᠡᠭᠡᠭᠡᠳ ᠲᠠ ᠬᠡᠳᠦ ᠮᠠᠨᠢ ᠭᠣᠣᠯᠴᠠᠭᠤ ᠶᠠᠭᠠᠬᠢᠵᠤ ᠦᠯᠢᠭᠡᠷ ᠊ᠦᠨ ᠢ᠋ᠶ᠋ᠡᠨ ᠭᠣᠣᠯ ᠳᠦᠷᠢ ᠶ᠋ᠢ ᠣᠯᠳᠠᠭ ᠶᠤᠮ᠃
ᠪᠠᠰᠠᠷ᠄ ᠵᠠ᠂ ᠪᠢᠳᠡ ᠨᠠᠷ ᠴᠤ᠌ ᠭᠣᠣᠯᠳᠠᠭᠤ ᠯᠠ ᠠᠰᠠᠭᠤᠭᠠᠳ ᠠᠰᠠᠭᠤᠭᠠᠳ ᠶᠠᠪᠤᠴᠢᠬᠠᠳᠠᠭ ᠶᠤᠮ ᠯᠠ ᠳᠠ᠃ ᠭᠡᠬᠦ ᠳ᠋ᠦ᠍ ᠪᠡᠨ ᠪᠢ ᠪᠦᠷ ᠠᠶᠠᠭᠦᠢ ᠰᠣᠨᠢᠨ ᠠ᠋᠂ ᠰᠢᠭᠤᠳ ᠣᠯᠤᠭᠠᠳ ᠪᠠᠶ᠋ᠢᠳᠠᠭ ᠰᠢᠲᠠ᠂ ᠡᠨᠡ ᠪᠠᠷᠤᠭ ᠨᠣᠬᠠᠢ ᠶ᠋ᠢᠨ ᠭᠠᠶ᠋ᠢᠬᠠᠯᠲᠠᠢ ᠦᠨᠦᠷᠯᠡᠬᠦ ᠴᠢᠳᠠᠪᠤᠷᠢ᠂ ᠵᠠ ᠲᠡᠭᠡᠭᠡᠳ ᠨᠣᠬᠠᠢ ᠨᠣᠬᠠᠢ ᠳᠤᠮᠳᠠ ᠪᠠᠨ ᠨᠠᠳᠠ ᠳ᠋ᠤ᠌ ᠪᠠᠶ᠋ᠢᠳᠠᠭ ᠮᠡᠳᠡᠷᠡᠬᠦ ᠴᠢᠳᠠᠪᠤᠷᠢ ᠳ᠋ᠤ᠌ ᠪᠠᠶ᠋ᠢᠳᠠᠭ ᠶᠤᠮ ᠰᠢᠭ᠋ ᠪᠠᠶ᠋ᠢᠭ᠎ᠠ᠃
ᠴᠣᠭᠲᠤ᠄ ᠥᠩ᠃
ᠪᠠᠰᠠᠷ᠄ ᠵᠠ᠂ ᠦᠯᠢᠭᠡᠷ ᠊ᠦᠨ ᠭᠣᠣᠯ ᠳᠦᠷᠢ ᠶ᠋ᠢᠨ ᠪᠠᠭᠠᠲᠤᠷ ᠊ᠢ ᠪᠣᠯ ᠪᠦᠷ ᠬᠡᠳᠦᠨ ᠠᠭᠤᠯᠠ ᠶ᠋ᠢᠨ ᠴᠠᠭᠠᠨ᠎ᠠ ᠪᠠᠶ᠋ᠢᠭᠰᠠᠨ ᠴᠤ᠌ ᠪᠢ ᠠᠨᠳᠠᠬᠤ ᠦᠭᠡᠢ ᠣᠯᠤᠨ᠎ᠠ ᠰᠢᠦ ᠳᠡ᠃
ᠴᠣᠭᠲᠤ᠄ ᠮᠤᠵᠢᠭᠠᠷ ᠠ᠋?
ᠮᠤᠵᠢᠭᠠᠷ᠄ ᠶᠠᠭᠠᠬᠢᠭᠰᠠᠨ ᠶᠤᠮ ᠪᠣᠯ? ᠲᠠᠨ ᠳ᠋ᠤ᠌ ᠶᠠᠭᠤ ᠬᠡᠷᠡᠭᠲᠡᠢ ᠪᠠᠶ᠋ᠢᠨ᠎ᠠ᠃
ᠪᠠᠰᠠᠷ᠄ ᠬᠡ ᠬᠡ᠂ ᠡᠨᠳᠡ ᠪᠠᠶ᠋ᠢᠭᠰᠠᠨ ᠶᠤᠮ ᠊ᠤᠤ᠃
ᠴᠣᠭᠲᠤ᠄ ᠥ᠂ ᠥᠪᠡᠷ ᠊ᠢ ᠴᠢᠨᠢ ᠰᠤᠷᠠᠭᠯᠠᠵᠤ ᠶᠠᠪᠤᠯ᠎ᠠ᠂ ᠮᠤᠵᠢᠭᠠᠷ ᠮᠥᠨ ᠊ᠦᠦ?
ᠮᠤᠵᠢᠭᠠᠷ᠄ ᠮᠥᠨ ᠪᠠᠶ᠋ᠢᠨ᠎ᠠ ᠠ᠋ ᠂ ᠶᠠᠮᠠᠷ ᠬᠡᠷᠡᠭ ᠢ᠋ᠶ᠋ᠡᠷ ᠠᠰᠠᠭᠤᠵᠤ ᠪᠠᠶ᠋ᠢᠭ᠎ᠠ ᠶᠤᠮ ᠪᠣᠯ?
ᠴᠣᠭᠲᠤ᠄ ᠪᠢᠳᠡ ᠨᠠᠷ ᠵᠢᠩᠬᠢᠨᠢ ᠶᠢᠷᠲᠢᠨᠴᠦ ᠡᠴᠡ ᠢᠷᠡᠭᠰᠡᠨ ᠶᠦ᠍ᠮ ᠠ᠋᠃
ᠪᠠᠰᠠᠷ᠄ ᠥᠩ!
ᠴᠣᠭᠲᠤ᠄ ᠥ᠂ ᠲᠡᠭᠡᠭᠡᠳ ᠲᠠᠨ ᠊ᠤ ᠦᠯᠢᠭᠡᠷ ᠊ᠦᠨ ᠶᠢᠷᠲᠢᠨᠴᠦ ᠳ᠋ᠦ᠍ ᠢᠷᠡᠴᠢᠬᠡᠭᠡᠳ ᠭᠣᠣᠯ ᠳᠦᠷᠢ ᠲᠡᠢ ᠨᠢ ᠲᠠᠭᠠᠷᠠᠬᠤ ᠰᠠᠨᠠᠭ᠎ᠠ ᠲᠠᠢ ᠬᠠᠶ᠋ᠢᠵᠤ ᠶᠠᠪᠤᠯ᠎ᠠ᠃
ᠪᠠᠰᠠᠷ᠄ ᠬᠥᠶᠢ!
ᠴᠣᠭᠲᠤ᠄ ᠶᠠᠭᠠᠬᠢᠭᠰᠠᠨ ᠶᠤᠮ ᠪᠣᠢ᠂ ᠪᠠᠶ᠋ᠢᠵᠠ ᠠ᠋᠃ ᠬᠠᠷᠢᠨ ᠲᠡᠭᠡᠭᠡᠳ ᠥᠪᠡᠷ ᠊ᠢ ᠴᠢᠨᠢ ᠡᠨᠡ ᠦᠯᠢᠭᠡᠷ ᠊ᠦᠨ ᠭᠣᠣᠯ ᠳᠦᠷᠢ ᠨᠢ ᠶᠦ᠍ᠮ ᠪᠠᠶ᠋ᠢᠨ᠎ᠠ ᠭᠡᠳ᠃
ᠪᠠᠰᠠᠷ᠄ ᠬᠥᠶᠢ ᠬᠥᠶᠢ!
ᠴᠣᠭᠲᠤ᠄ ᠠ᠂ ᠵᠠ ᠠᠭᠤᠴᠢᠯᠠᠭᠠᠷᠠᠢ! ᠶᠠᠭᠠᠬᠢᠭᠰᠠᠨ ᠪᠣᠢ? ᠪᠠᠰᠠᠷ ᠠ᠋᠃
ᠪᠠᠰᠠᠷ᠄ ᠠ᠂ ᠴᠣᠭᠲᠤ ᠰᠡᠮᠡ ᠠ᠋᠂ ᠦᠯᠢᠭᠡᠷ ᠊ᠦᠨ ᠳᠦᠷᠢ ᠊ᠦᠳ ᠲᠦ᠍ ᠨᠢ ᠲᠠ ᠨᠠᠷ ᠦᠯᠢᠭᠡᠷ ᠲᠦ᠍ ᠪᠠᠶ᠋ᠢᠭ᠎ᠠ ᠂ ᠡᠨᠡ ᠪᠣᠯ ᠵᠢᠩᠬᠢᠨᠢ ᠶᠢᠷᠲᠢᠨᠴᠦ ᠪᠢᠰᠢ ᠭᠡᠳᠡᠭ ᠊ᠢ ᠨᠢ ᠬᠡᠯᠡᠳᠡᠭ ᠦᠭᠡᠢ ᠪᠠᠶ᠋ᠢᠬᠤ ᠦᠭᠡᠢ ᠊ᠦᠦ ᠳᠡ᠂
ᠴᠣᠭᠲᠤ᠄ ᠠ! ᠣᠳᠣ ᠲᠡᠭᠡᠭᠡᠳ ᠶᠠᠭᠠᠬᠢᠨ᠎ᠠ ᠭᠡᠵᠦ?
ᠪᠠᠰᠠᠷ᠄ ᠮᠤᠵᠢᠭᠠᠷ ᠊ᠢ ᠬᠠᠷ᠎ᠠ ᠳᠠ᠃
ᠵᠠ ᠨᠠᠶ᠋ᠢᠵᠠ ᠊ᠤᠳ ᠠ᠋ ᠡᠨᠡ ᠣᠨᠢᠰᠣᠭ᠎ᠠ ᠶ᠋ᠢ ᠳᠠᠭᠠᠭᠠᠷᠠᠢ᠃
ᠰᠢᠨᠡᠬᠡᠨ ᠳᠡᠭᠡᠷ᠎ᠡ ᠪᠡᠨ ᠬᠥᠪᠥᠩ ᠰᠢᠭ᠂ ᠬᠠᠭᠤᠴᠢᠷᠠᠬᠤ ᠪᠠᠷ ᠢ᠋ᠶ᠋ᠠᠨ ᠲᠡᠮᠦᠷ ᠰᠢᠭ ᠃ ᠲᠡᠷᠡ ᠶᠠᠭᠤ ᠪᠣᠢ?
ᠵᠠ ᠨᠠᠶ᠋ᠢᠵᠠ ᠊ᠤᠳ ᠠ᠋᠂ ᠡᠨᠡ ᠣᠨᠢᠰᠣᠭ᠎ᠠ ᠶ᠋ᠢ ᠪᠠᠰᠠ ᠳᠠᠭᠠᠭᠠᠷᠠᠢ!
ᠬᠠᠷᠠᠬᠤ ᠳ᠋ᠤ᠌ ᠨᠣᠭᠣᠭᠠᠨ᠂ ᠬᠠᠵᠠᠬᠤ ᠳ᠋ᠤ᠌ ᠤᠯᠠᠭᠠᠨ᠂ ᠬᠠᠶᠠᠬᠤ ᠳ᠋ᠤ᠌ ᠬᠠᠷ᠎ᠠ ᠃
ᠲᠡᠷᠡ ᠶᠠᠭᠤ ᠪᠣᠢ?
ᠰᠦᠯᠵᠢᠶᠡᠨ ᠦᠰᠦᠭ ᠊ᠢ ᠨᠢ ᠾᠦᠩ ᠸᠧᠢ ᠰᠣᠨᠣᠰᠬᠠᠯ ᠢ᠋ᠶ᠋ᠠᠷ ᠢ᠋ᠶ᠋ᠠᠨ ᠠᠮᠢᠯᠠᠭᠤᠯᠪᠠ ᠃
ᠬᠢᠨᠠᠭᠴᠢ ᠄ ᠨᠤᠮᠤᠴᠢᠨ ᠪᠢᠯᠢᠭ᠂ ᠰᠢᠳᠤᠷᠭᠤ᠂ ᠪᠠᠶᠠᠷᠴᠡᠴᠡᠭ᠃
ᠵᠡᠭᠦᠯᠲᠡ ᠄
ᠰᠦᠷᠫᠷᠢᠰ surprise—— ᠭᠠᠢᠬᠠᠰᠢ ᠠᠯᠳᠠᠭᠤᠯᠬᠤ ᠭᠡᠰᠡᠨ ᠦᠭᠡ᠂
ᠠᠢᠯᠦᠸᠶᠸᠦ i love you—— ᠬᠠᠢᠷᠠᠲᠠᠢ ᠰᠢᠦ ᠭᠡᠰᠡᠨ ᠦᠭᠡ
ᠰᠠᠢᠺᠶᠢᠦ ᠸᠡᠷᠶᠮᠦᠽᠢ thank you very much — ᠲᠠᠯᠠᠡᠷᠬᠠᠯᠠ ᠭᠡᠰᠡᠨ ᠦᠭᠡ ᠃