ᠵᠠᠩᠭᠠᠷ ᠤ᠋ᠨ ᠣᠷᠣᠰᠢᠯ ᠪᠦᠯᠦᠭ ᠦ᠋ᠨ ᠶᠢᠰᠦᠳᠦᠭᠡᠷ ᠬᠡᠰᠡᠭᠯᠡᠯ-ᠲᠣᠭᠰᠢᠨ ᠬᠠᠷ᠎ᠠ ᠰᠠᠨᠠᠯ ᠪᠠᠭᠠᠲᠤᠷЖангарын оршлын есдүгээр хэсэглэл-догшин хар санал баатар
ᠲᠣᠭᠰᠢᠨ ᠬᠠᠷ᠎ᠠ ᠰᠠᠨᠠᠯ ᠪᠠᠭᠠᠲᠤᠷ
ᠠᠯᠳᠠᠷ ᠨᠣᠶᠠᠨ ᠪᠣᠭᠳᠠ ᠵᠠᠩᠭᠠᠷ ᠤ᠋ᠨ᠂
ᠠᠷᠪᠠᠨ ᠬᠣᠶᠠᠷ
ᠪᠠᠭᠠᠲᠤᠷ ᠤ᠋ᠨ ᠨᠢᠭᠡ᠂
ᠪᠤᠮᠪᠠ ᠶ᠋ᠢᠨ ᠳᠣᠭᠰᠢᠨ ᠬᠠᠷ᠎ᠠ ᠰᠠᠨᠠᠯ ᠢ᠋᠂
ᠬᠡᠯᠡᠭᠡᠳ ᠦᠵᠡᠳᠡᠭ ᠪᠣᠯᠬᠤᠯ᠎ᠠ᠂
ᠠᠯᠲᠠᠨ ᠴᠡᠭᠡᠵᠢ ᠪᠠᠪᠠᠢ ᠠᠳᠠᠯᠢ
ᠤᠬᠠᠭᠠᠨ ᠲᠠᠢ ᠲᠥᠷᠥᠭᠰᠡᠨ ᠭᠡᠨ᠎ᠡ ᠯᠡ᠂
ᠠᠷᠠᠭ ᠤᠯᠠᠭᠠᠨ ᠬᠣᠩᠭᠣᠷ
ᠠᠳᠠᠯᠢ᠂
ᠪᠠᠭᠠᠲᠤᠷ ᠲᠥᠷᠥᠭᠰᠡᠨ ᠭᠡᠨ᠎ᠡ ᠯᠡ᠂
ᠬᠦᠨᠳᠦ ᠭᠠᠷ ᠲᠠᠢ ᠰᠠᠪᠠᠷ ᠠᠳᠠᠯᠢ᠂
ᠪᠠᠯᠳᠤᠴᠢ ᠲᠥᠷᠥᠭᠰᠡᠨ ᠭᠡᠨ᠎ᠡ ᠯᠡ᠂
ᠣᠷᠴᠢᠯᠠᠩ ᠤ᠋ᠨ ᠰᠠᠢᠬᠠᠨ ᠮᠢᠩᠶᠡᠨ ᠰᠢᠭ᠂
ᠭᠤᠶᠤᠮᠰᠠᠭ ᠲᠥᠷᠥᠭᠰᠡᠨ ᠭᠡᠨ᠎ᠡ ᠯᠡ᠂
ᠴᠠᠩ ᠳ᠋ᠠᠭᠠᠨ ᠲᠤᠯᠤᠭᠰᠠᠨ ᠴᠡᠴᠡᠨ ᠡᠰᠡ ᠪᠣᠯᠬᠤᠯ᠎ᠠ᠂
ᠰᠡᠳᠬᠢᠯ ᠳ᠋ᠡᠭᠡᠨ ᠬᠥᠮᠦᠨ ᠳᠠᠭᠠᠷᠠᠭᠤᠯᠳᠠᠭ ᠶᠣᠰᠣᠨ ᠦᠭᠡᠢ ᠭᠡᠨ᠎ᠡ ᠯᠡ᠂
ᠴᠡᠨᠡᠭ ᠲᠡᠭᠡᠨ
ᠲᠤᠯᠤᠭᠰᠠᠨ ᠪᠠᠭᠠᠲᠤᠷ ᠡᠰᠡ ᠪᠣᠯᠬᠤᠯ᠎ᠠ᠂
ᠴᠡᠭᠡᠵᠢᠨ ᠳ᠋ᠡᠭᠡᠨ ᠬᠥᠮᠦᠨ ᠳᠠᠭᠠᠷᠠᠭᠤᠯᠳᠠᠭ ᠶᠣᠰᠣᠨ ᠦᠭᠡᠢ ᠭᠡᠨ᠎ᠡ ᠯᠡ᠂
ᠡᠷ᠎ᠡ ᠬᠥᠮᠦᠨ ᠳ᠋ᠦ᠍ ᠡᠷᠡᠰ ᠬᠠᠲᠠᠭᠤ ᠭᠡᠨ᠎ᠡ ᠯᠡ᠂
ᠡᠮ᠎ᠡ ᠬᠥᠮᠦᠨ ᠳ᠋ᠦ᠍ ᠦᠷᠦ ᠵᠥᠭᠡᠯᠡᠨ ᠭᠡᠨ᠎ᠡ ᠯᠡ᠂
ᠡᠷ᠎ᠡ ᠶ᠋ᠢᠨ ᠶᠢᠰᠦᠨ ᠡᠷᠳᠡᠮ ᠲᠡᠭᠦᠰᠦᠭᠰᠡᠨ᠂
ᠪᠤᠮᠪᠠ ᠶ᠋ᠢᠨ ᠲᠣᠭᠰᠢᠨ ᠬᠠᠷ᠎ᠠ ᠰᠠᠨᠠᠯ ᠭᠡᠵᠦ ᠬᠡᠯᠡᠳᠡᠭ ᠰᠠᠨᠵᠠᠢ
ᠭᠡᠨ᠎ᠡ ᠯᠡ᠃
ᠦᠭᠡᠰ ᠦ᠋ᠨ ᠲᠠᠢᠯᠪᠤᠷᠢ᠄
ᠡᠷ᠎ᠡ ᠶ᠋ᠢᠨ ᠶᠢᠰᠦᠨ ᠡᠷᠳᠡᠮ᠄
1᠂ ᠲᠡᠢᠨ ᠳ᠋ᠦ᠍ ᠪᠠᠭᠠᠲᠤᠷ᠃
2᠂ ᠳᠠᠯᠠᠢ ᠳ᠋ᠤ᠌ ᠤᠰᠤᠴᠢ᠃
3᠂ ᠨᠣᠮ ᠳ᠋ᠤ᠌ ᠮᠡᠷᠭᠡᠨ᠃
4᠂ ᠨᠣᠢᠷ ᠲᠤ᠌ ᠰᠡᠷᠭᠡᠭ᠃
5᠂ ᠠᠷᠢᠬᠢᠨ ᠳ᠋ᠤ᠌ ᠲᠣᠭᠲᠠᠭᠤᠨ᠃
6᠂ ᠦᠭᠡᠨ ᠳ᠋ᠦ᠍ ᠴᠡᠴᠡᠨ᠃
7᠂ ᠬᠤᠷᠢᠮ ᠳ᠋ᠤ᠌ ᠴᠣᠪᠣᠭᠣ᠃
8᠂ ᠬᠠᠤᠯᠢ ᠳ᠋ᠤ᠌ ᠦᠨᠡᠨᠴᠢ᠃
9᠂ ᠦᠢᠯᠡ ᠳ᠋ᠦ᠍ ᠤᠷᠠᠨ᠃

