ᠮᠥᠩᠬᠡ ᠲᠤᠩᠬᠤ 2-06 ᠮᠣᠩᠭᠣᠯ ᠠᠷᠠᠳ ᠤ᠋ᠨ ᠦᠯᠢᠭᠡᠷ ᠡᠪᠦᠭᠡᠨ ᠪᠠᠷᠰ ᠬᠣᠶᠠᠷМөнх Тунх 2-6-монгол ардын үлгэр өвгөн бар хоёр
ᠮᠥᠩᠬᠡ ᠲᠤᠩᠬᠤ 2-6- ᠮᠣᠩᠭᠣᠯ ᠠᠷᠠᠳ ᠤ᠋ᠨ ᠦᠯᠢᠭᠡᠷ ᠡᠪᠦᠭᠡᠨ ᠪᠠᠷᠰ ᠬᠣᠶᠠᠷ
ᠮᠥᠩᠬᠡ ᠲᠤᠩᠬᠤ ᠬᠣᠶᠠᠳᠤᠭᠠᠷ ᠤᠯᠠᠷᠢᠯ ᠤ᠋ᠨ ᠵᠢᠷᠭᠤᠳᠤᠭᠠᠷ ᠠᠩᠭᠢ- ᠮᠣᠩᠭᠣᠯ ᠠᠷᠠᠳ ᠤ᠋ᠨ ᠦᠯᠢᠭᠡᠷ ᠡᠪᠦᠭᠡᠨ ᠪᠠᠷᠰ ᠬᠣᠶᠠᠷ
ᠮᠣᠩᠭᠣᠯ ᠠᠷᠠᠳ ᠤ᠋ᠨ ᠦᠯᠢᠭᠡᠷ ᠡᠪᠦᠭᠡᠨ ᠪᠠᠷᠰ ᠬᠣᠶᠠᠷ
ᠮᠠᠢ ᠮᠠᠢ !( ᠬᠣᠨᠢ ᠢᠮᠠᠭᠠᠨ ᠤ᠋ ᠮᠠᠶ᠋ᠢᠯᠠᠬᠤ ᠳᠠᠭᠤ)
ᠠᠷᠸ᠎ᠠ᠄ ᠵᠠ ! ᠰᠠᠢᠨ ᠦᠦ ᠳᠡᠭᠦᠦ ᠨᠠᠷ ᠮᠢᠨᠢ !ᠮᠥᠩᠬᠡ ᠶ᠋ᠢᠨ ᠢᠨᠢᠶᠡᠳᠦ ᠪᠦᠷ ᠬᠠᠭᠠᠯᠭᠠᠨ ᠤ᠋ ᠴᠠᠭᠠᠨ᠎ᠠ ᠠ᠋ᠴᠠ ᠰᠣᠨᠣᠰᠳᠠᠵᠤ ᠪᠠᠶ᠋ᠢᠨ᠎ᠠ ᠰᠢᠦ᠂ ᠲᠠ ᠬᠣᠶᠠᠷ ᠮᠠᠨᠢ ᠶᠠᠭᠤ ᠶᠠᠷᠢᠵᠤ ᠪᠠᠶ᠋ᠢᠬᠰᠠᠨ ᠪᠣᠢ ?
ᠮᠥᠩᠬᠡ᠄ ᠠ ! ᠪᠢ ᠲᠤᠩᠬᠤ ᠳ᠋ᠤ᠌ ᠡᠪᠦᠭᠡ ᠶ᠋ᠢᠨ ᠢ᠋ᠶ᠋ᠡᠨ ᠵᠢᠭᠠᠵᠤ ᠥᠭᠭᠦᠭᠰᠡᠨ ᠣᠨᠢᠰᠣᠭ᠎ᠠ ᠶ᠋ᠢ ᠳᠠᠭᠠᠯᠭᠠᠵᠤ ᠪᠠᠶ᠋ᠢᠬᠰᠠᠨ ᠪᠠᠶ᠋ᠢᠬᠤ ᠦᠭᠡᠢ ᠦᠦ᠃ ᠲᠡᠭᠡᠭᠰᠡᠨ ᠴᠢᠨᠢ ᠲᠤᠩᠬᠤ ᠶᠡᠷᠦ ᠠ᠋ᠴᠠ ᠪᠠᠨ ᠳᠠᠭᠠᠭᠠᠬᠤ ᠦᠭᠡᠢ ᠶᠦ᠍ᠮ ᠠ᠋᠃
ᠲᠤᠩᠬᠤ᠄ ᠪᠢ ᠶᠡᠷᠦ ᠠ᠋ᠴᠠ ᠪᠠᠨ ᠳᠠᠭᠠᠭᠠᠵᠤ ᠴᠢᠳᠠᠬᠤ ᠦᠭᠡᠢ ᠪᠠᠶ᠋ᠢᠨ᠎ᠠ ᠃
ᠠᠷᠸ᠎ᠠ᠄ ᠠᠯᠢᠪ᠂ ᠶᠠᠮᠠᠷ ᠣᠨᠢᠰᠣᠭ᠎ᠠ ᠶᠤᠮ ᠪᠢᠯᠡ ᠳᠠ᠂ ᠪᠢ ᠨᠢᠭᠡ ᠳᠠᠭᠠᠭᠠᠬᠤ ᠭᠡᠳ ᠦᠵᠡᠶ᠎ᠡ᠂
ᠮᠥᠩᠬᠡ᠄ ᠲᠠ ᠦᠦ ? ᠲᠠ ᠴᠤ᠌ ᠤ᠌ᠭ ᠠ᠋ᠴᠠ ᠪᠠᠨ᠂ ᠭᠡᠬᠦ ᠳ᠋ᠦ᠍ ᠪᠡᠨ ᠠᠮᠠᠷᠬᠠᠨ ᠲᠠᠭᠠᠭᠠᠴᠢᠬᠤ ᠪᠠᠶ᠋ᠢᠬᠤ ᠠ᠋᠃
ᠠᠷᠸ᠎ᠠ᠄ ᠬᠠ ᠬᠠ ᠬᠠ᠂ ᠵᠠ ! ᠶᠠᠮᠠᠷ ᠴᠤ᠌ ᠪᠠᠶ᠋ᠢᠬᠰᠠᠨ ᠰᠣᠨᠣᠰᠤᠭᠠᠳ ᠦᠵᠡᠶ᠎ᠡ ᠯᠡ ᠳᠡ ᠃ ᠲᠤᠩᠬᠤ ᠪᠢᠳᠡ ᠬᠣᠶᠠᠷ ᠨᠢᠭᠡ ᠪᠠᠭ ᠪᠣᠯᠤᠶ᠎ᠠ᠃
ᠮᠥᠩᠬᠡ᠄ ᠬᠡ ᠬᠡ ᠬᠡ᠂ ᠵᠠ ! ᠶᠠᠭᠠᠬᠢᠬᠤᠪ ᠲᠡᠭᠡᠪᠡᠯ ᠪᠢ ᠬᠡᠯᠡᠶ᠎ᠡ᠂ 《ᠳᠡᠯᠭᠡᠬᠦ ᠪᠡᠶ᠎ᠡ ᠨᠢ ᠳᠡᠯᠡᠮᠡ ᠶ᠋ᠢᠨ ᠴᠢᠨᠡᠭᠡ᠂ ᠳᠡᠯᠭᠡᠷᠡᠬᠦ ᠦᠭᠡ ᠨᠢ ᠳᠡᠯᠡᠬᠡᠢ ᠶ᠋ᠢᠨ ᠴᠢᠨᠡᠭᠡ》, ᠲᠡᠷᠡ ᠶᠠᠭᠤ ᠪᠣᠢ ?
ᠠᠷᠸ᠎ᠠ᠄ 《ᠳᠡᠯᠭᠡᠬᠦ ᠪᠡᠶ᠎ᠡ ᠨᠢ ᠳᠡᠯᠦᠮᠡ ᠶ᠋ᠢᠨ ᠴᠢᠨᠡᠭᠡ᠂ ᠳᠡᠯᠭᠡᠷᠡᠬᠦ ᠦᠭᠡ ᠨᠢ ᠳᠡᠯᠡᠬᠡᠢ ᠶ᠋ᠢᠨ ᠴᠢᠨᠡᠭᠡ》 ᠭᠡᠳᠡᠭ ᠴᠢᠨᠢ ᠨᠣᠮ ᠶᠤᠮ ᠦᠦ ?
ᠮᠥᠩᠬᠡ᠄ ᠥ !ᠮᠡᠳᠡᠭᠡᠳ ᠪᠠᠶ᠋ᠢᠬᠰᠠᠨ ᠶᠤᠮ ᠠ᠋᠂ ᠠᠷᠸ᠎ᠠ ᠠᠬ᠎ᠠ ᠡᠶ᠋ᠢᠮᠦ ᠬᠤᠷᠳᠤᠨ ᠳᠠᠭᠠᠭᠠᠴᠢᠬᠠᠯᠠ ᠰᠢᠦ ᠳᠡ ᠃
ᠲᠤᠩᠬᠤ᠄ ᠭᠦᠦᠭ ᠨᠡᠭᠡᠷᠡᠨ ᠲᠡᠶ᠋ᠢᠮᠦ ᠶᠦ᠍ᠮ ᠪᠠᠶ᠋ᠢᠨ᠎ᠠ ᠰᠢᠳᠡ᠂ ᠡᠶ᠋ᠢᠮᠦ ᠵᠢᠵᠢᠭᠬᠡᠨ ᠪᠡᠶ᠎ᠡ ᠲᠡᠢ ᠮᠥᠷᠲᠡᠯ᠎ᠡ ᠪᠡᠨ ᠳᠡᠯᠡᠬᠡᠢ ᠶ᠋ᠢᠨ ᠴᠢᠨᠡᠭᠡ ᠦᠭᠡ ᠭᠠᠷᠭᠠᠨ᠎ᠠ ᠭᠡᠳᠡᠭ ᠴᠢᠨᠢ ᠨᠡᠭᠡᠷᠡᠨ ᠨᠣᠮ ᠶᠤᠮ ᠪᠠᠶ᠋ᠢᠨ᠎ᠠ᠂
ᠮᠥᠩᠬᠡ᠄ ᠵᠠ ᠲᠡᠭᠡᠪᠡᠯ ᠠᠷᠸ᠎ᠠ ᠠᠬ᠎ᠠ ᠠ᠋ ! ᠣᠳᠣ ᠳᠠᠬᠢᠭᠠᠳ ᠨᠢᠭᠡ ᠣᠨᠢᠰᠣᠭ᠎ᠠ ᠲᠠᠭᠠᠭᠠᠴᠢᠬᠬᠬᠤ ᠦᠦ ? ᠲᠡᠭᠡᠬᠦ ᠦᠦ ?
ᠲᠤᠩᠬᠤ᠄ ᠲᠡᠭᠡᠶ᠎ᠡ ᠯᠡ ᠳᠡ ! ᠣᠨᠢᠰᠣᠭ᠎ᠠ ᠦᠨᠡᠬᠡᠷ ᠬᠥᠭᠵᠢᠯᠲᠡᠢ᠂ ᠪᠠᠰᠠ ᠣᠶᠤᠨ ᠤ᠋ ᠶᠡᠬᠡ ᠴᠢᠳᠠᠪᠬᠢ ᠱᠠᠭᠠᠷᠳᠠᠳᠠᠭ ᠶᠤᠮ ᠪᠠᠶ᠋ᠢᠨ᠎ᠠ᠂ ᠪᠢ ᠲᠦᠷᠦᠭᠦᠨ ᠠ᠋ᠴᠠ ᠬᠣᠶ᠋ᠢᠰᠢ ᠳᠠᠭᠠᠭᠠᠵᠤ ᠴᠢᠳᠠᠬᠤ ᠪᠠᠶ᠋ᠢᠬ᠋᠎ᠠ ᠪᠣᠯᠬᠣᠷ ᠪᠦᠷ ᠶᠡᠬᠡ ᠰᠣᠨᠢᠷᠬᠠᠯ ᠲᠠᠲᠠᠭᠠᠳ ᠪᠠᠶ᠋ᠢᠬᠤ ᠶᠤᠮ᠃
ᠮᠥᠩᠬᠡ᠄ ᠵᠠ ᠲᠡᠭᠡᠪᠡᠯ᠂ ᠣᠳᠣ ᠲᠠ ᠬᠣᠶᠠᠷ ᠳᠠᠭᠠᠭᠠᠬᠤ ᠨᠢ ᠦᠦ ᠶᠠᠭᠠᠬᠢᠬᠤ ᠨᠢ ᠦᠦ ?《 ᠴᠢᠮ᠎ᠠ ᠳ᠋ᠤ᠌ ᠪᠣᠢ᠂ ᠨᠠᠳᠠ ᠳ᠋ᠤ᠌ ᠪᠣᠢ᠂ ᠰᠢᠷ᠎ᠠ ᠰᠢᠪᠠᠭᠤᠨ ᠳ᠋ᠤ᠌ ᠪᠣᠢ᠂ ᠨᠠᠭᠤᠷ ᠲᠤ᠌ ᠦᠭᠡᠢ᠂ ᠨᠤᠭᠤᠰᠤᠨ ᠳ᠋ᠤ᠌ ᠪᠣᠢ᠂ ᠨᠠᠷᠠᠨ ᠳ᠋ᠤ᠌ ᠦᠭᠡᠢ᠂ ᠰᠠᠷᠠᠨ ᠳ᠋ᠤ᠌ ᠦᠭᠡᠢ᠂ ᠨᠠᠷᠠᠰᠤᠨ ᠳ᠋ᠤ᠌ ᠪᠣᠢ᠂ ᠰᠠᠷᠢᠳᠠᠭ ᠲᠤ᠌ ᠪᠣᠢ》᠂ ᠲᠡᠷᠡ ᠶᠠᠭᠤ ᠪᠣᠢ ?
ᠲᠤᠩᠬᠤ᠄ ᠵᠠ ᠪᠠᠶ᠋ᠢᠵᠠ᠂ ᠪᠢ ᠡᠨᠡ ᠣᠨᠢᠰᠣᠭ᠎ᠠ ᠶ᠋ᠢ ᠳᠠᠭᠠᠭᠠᠵᠤ ᠴᠢᠳᠠᠬᠤ ᠶᠤᠮ ᠰᠢᠭ᠋ ᠯᠡ ᠰᠠᠨᠠᠭᠳᠠᠭᠠᠳ ᠪᠠᠶ᠋ᠢᠬᠤ ᠶᠤᠮ᠂ ᠠᠷᠸ᠎ᠠ ᠠᠬ᠎ᠠ ᠠ᠋᠂ ᠲᠠ ᠬᠡᠷᠪᠡ ᠬᠠᠷᠢᠭᠤ ᠶ᠋ᠢ ᠨᠢ ᠣᠯᠴᠢᠬᠠᠪᠠᠯ ᠡᠬᠢᠯᠡᠵᠦ ᠪᠢᠲᠡᠭᠡᠢ ᠬᠡᠯᠡᠭᠡᠷᠡᠢ᠂ ᠵᠠ᠂
ᠠᠷᠸ᠎ᠠ᠄ ᠬᠠ ᠬᠠ ᠬᠠ ! ᠬᠥᠭᠡᠷᠦᠬᠦᠨ ᠰᠢᠳᠡ ᠠ᠋᠂ ᠠᠬ᠎ᠠ ᠳ᠋ᠤ᠌ ᠨᠢ ᠨᠢᠭᠡ ᠬᠠᠷᠢᠭᠤᠯᠲᠠ ᠤ᠌ᠭ ᠨᠢ ᠪᠠᠶ᠋ᠢᠨ᠎ᠠ᠂ ᠭᠡᠬᠦ ᠳ᠋ᠦ᠍ ᠪᠡᠨ ᠴᠢᠮ᠎ᠠ ᠶ᠋ᠢ ᠪᠣᠳᠣᠵᠤ ᠳᠠᠭᠤᠰᠲᠠᠯ᠎ᠠ ᠨᠢ ᠠᠬ᠎ᠠ ᠨᠢ ᠬᠡᠯᠡᠬᠦ ᠦᠭᠡᠢ᠃
ᠮᠥᠩᠬᠡ᠄ ᠵᠠ ᠵᠠ ! ᠲᠤᠩᠬᠤ ᠠ᠋᠂ ᠪᠢ ᠴᠢᠮ᠎ᠠ ᠳ᠋ᠤ᠌ ᠡᠨᠡ ᠣᠨᠢᠰᠣᠭ᠎ᠠ ᠶ᠋ᠢ ᠳᠠᠭᠠᠭᠠᠬᠤ ᠵᠥᠩᠳᠡᠭᠡᠨ ᠬᠤᠭᠤᠴᠠᠭ᠎ᠠ ᠦᠭᠬᠦᠶ᠎ᠡ᠂ ᠵᠠ ᠦᠦ ? ᠬᠡᠳᠦᠭᠦᠯᠡ ᠪᠡᠨ ᠡᠬᠢᠯᠡᠭᠡᠳ ᠦᠯᠢᠭᠡᠷ ᠢ᠋ᠶ᠋ᠡᠷ ᠠᠶᠠᠯᠠᠴᠢᠬᠠᠭᠠᠳ ᠢᠷᠡᠶ᠎ᠡ᠃ ᠲᠡᠭᠡᠭᠡᠳ ᠳᠠᠷᠠᠭ᠎ᠠ ᠨᠢ ᠪᠢ ᠴᠢᠮ᠎ᠠ ᠠ᠋ᠴᠠ ᠠᠰᠠᠭᠤᠨ᠎ᠠ ᠰᠢᠦ᠃
ᠲᠤᠩᠬᠤ᠄ ᠪᠢ ᠡᠨᠡ ᠣᠨᠢᠰᠣᠭ᠎ᠠ ᠶ᠋ᠢ ᠵᠠᠪᠠᠯ ᠥᠪᠡᠷ ᠢ᠋ᠶ᠋ᠡᠨ ᠳᠠᠭᠠᠭᠠᠨ᠎ᠠ᠃
ᠠᠷᠸ᠎ᠠ᠄ ᠵᠠ ᠲᠡᠭᠡᠶ᠎ᠡ ! ᠣᠳᠣ ᠲᠡᠭᠡᠪᠡᠯ ᠳᠡᠭᠦᠦ ᠨᠠᠷ ᠮᠢᠨᠢ᠂ ᠪᠠᠰᠠ ᠨᠢᠭᠡᠨ ᠠᠳᠠᠯ ᠶᠠᠪᠤᠳᠠᠯ ᠲᠠᠢ ᠦᠯᠢᠭᠡᠷ ᠢ᠋ᠶ᠋ᠡᠷ ᠠᠶᠠᠯᠠᠬᠤ ᠳ᠋ᠤ᠌ ᠪᠡᠯᠡᠨ ᠦᠦ ?
ᠮᠥᠩᠬᠡ᠄ ᠲᠡᠷᠡ ᠶ᠋ᠢ ᠴᠢᠨᠢ ᠯᠡ ᠬᠦᠯᠢᠶᠡᠵᠦ ᠪᠠᠶ᠋ᠢᠯ᠎ᠠ᠃
ᠲᠤᠩᠬᠤ᠄ ᠬᠡ ᠬᠡ ᠬᠡ᠂ ᠤᠩᠭᠢᠷᠠᠭ᠎ᠠ ᠭᠡᠳᠡᠭ ᠨᠢ᠃
ᠮᠣᠩᠭᠣᠯ ᠠᠷᠠᠳ ᠤ᠋ᠨ ᠦᠯᠢᠭᠡᠷ ᠡᠪᠦᠭᠡᠨ ᠪᠠᠷᠰ ᠬᠣᠶᠠᠷ
ᠡᠷᠲᠡ ᠤᠷᠢᠳᠤ ᠴᠠᠭ ᠲᠤ᠌᠂ ᠬᠥᠪᠴᠢ ᠶ᠋ᠢᠨ ᠵᠠᠬ᠎ᠠ ᠳ᠋ᠤ᠌ ᠡᠪᠦᠭᠡᠨ ᠡᠮᠡᠭᠡᠨ ᠬᠣᠶᠠᠷ ᠠᠮᠢᠳᠤᠷᠠᠨ ᠰᠠᠭᠤᠳᠠᠭ ᠪᠠᠶ᠋ᠢᠵᠠᠢ᠃ ᠨᠢᠭᠡ ᠡᠳᠦᠷ ᠡᠪᠦᠭᠡᠨ ᠠᠭᠤᠯᠠᠨ ᠳ᠋ᠤ᠌ ᠭᠥᠷᠥᠭᠡᠯᠡᠵᠦ ᠶᠠᠪᠤᠲᠠᠯ᠎ᠠ᠂ ᠭᠡᠨᠡᠳᠲᠡ ᠪᠠᠷᠰ ᠬᠦᠷᠴᠦ ᠢᠷᠡᠭᠡᠳ ᠄ 《 ᠵᠠ᠂ ᠪᠢ ᠴᠢᠮ᠎ᠠ ᠶ᠋ᠢ ᠢᠳᠡᠨ᠎ᠡ ᠳᠡ 》 ᠭᠡᠵᠡᠢ᠃ ᠭᠡᠬᠦ ᠳ᠋ᠦ᠍ ᠡᠪᠦᠭᠡᠨ᠄《 ᠵᠠ᠂ ᠪᠠᠶ᠋ᠢᠵᠠᠭᠠᠷᠠᠢ! ᠬᠦᠦ ᠮᠢᠨᠢ᠂ ᠤᠷᠢᠳᠠᠪᠠᠷ ᠬᠣᠶᠠᠭᠤᠯᠠ ᠪᠠᠨ ᠡᠷ᠎ᠡ ᠴᠢᠳᠠᠯ ᠢ᠋ᠶ᠋ᠠᠨ ᠦᠵᠡᠶ᠎ᠡ᠂ ᠮᠠᠷᠭᠠᠰᠢ ᠡᠨᠳᠡ ᠪᠡᠨ ᠠᠭᠤᠯᠵᠠᠵᠤ᠂ ᠴᠢᠯᠠᠭᠤᠨ ᠠ᠋ᠴᠠ ᠰᠢᠭᠦᠰᠦ ᠭᠠᠷᠲᠠᠯ᠎ᠠ ᠪᠠᠨ ᠠᠳᠬᠤᠶ᠎ᠠ》 ᠭᠡᠪᠡ᠃ ᠡᠪᠦᠭᠡᠨ ᠲᠡᠷᠡ ᠳᠠᠷᠤᠢ ᠳ᠋ᠤ᠌ ᠨᠢ ᠭᠡᠷ ᠲᠦ᠍ ᠪᠡᠨ ᠢᠷᠡᠵᠦ᠂᠂ᠪᠣᠯᠤᠭᠰᠠᠨ ᠶᠠᠪᠤᠳᠠᠯ ᠢ᠋ᠶ᠋ᠠᠨ ᠡᠮᠡᠭᠡᠨ ᠳ᠋ᠦ᠍ ᠪᠡᠨ ᠶᠠᠷᠢᠬᠤ ᠳ᠋ᠤ᠌ ᠂ ᠮᠡᠷᠭᠡᠨ ᠤᠬᠠᠭᠠᠨᠲᠤ ᠡᠮᠡᠭᠡᠨ ᠨᠢ᠄《 ᠵᠠ ᠲᠡᠭᠡᠪᠡᠯ ᠴᠢ ᠬᠠᠶ᠋ᠢᠷ ᠤ᠋ᠨ ᠳᠣᠲᠣᠷ᠎ᠠ ᠥᠨᠳᠡᠭᠡ ᠬᠢᠭᠡᠳ ᠬᠠᠭ᠎ᠠ ᠠᠳᠬᠤ》 ᠭᠡᠵᠦ ᠬᠡᠯᠡᠵᠡᠢ᠃ ᠮᠠᠷᠭᠠᠰᠢ ᠡᠳᠦᠷ ᠨᠢ ᠡᠪᠦᠭᠡᠨ ᠪᠠᠷᠰ ᠬᠣᠶᠠᠷ ᠪᠣᠯᠵᠣᠭᠠᠲᠤ ᠭᠠᠵᠠᠷ ᠢ᠋ᠶ᠋ᠠᠨ ᠠᠭᠤᠯᠵᠠᠵᠤ᠂ ᠡᠪᠦᠭᠡᠨ ᠬᠠᠶ᠋ᠢᠷ ᠤ᠋ᠨ ᠥᠨᠳᠡᠭᠡ ᠶ᠋ᠢ ᠪᠡᠨ ᠰᠢᠭᠦᠰᠦ ᠶ᠋ᠢ ᠨᠢ ᠭᠠᠷᠲᠠᠯ᠎ᠠ ᠠᠳᠬᠤᠵᠠᠢ᠃ ᠪᠠᠷᠰ ᠬᠠᠷᠢᠨ ᠭᠠᠵᠠᠷ ᠤ᠋ᠨ ᠴᠢᠯᠠᠭᠤ ᠶ᠋ᠢ ᠦᠢᠷᠡᠲᠡᠯᠡ ᠨᠢ ᠠᠳᠬᠤᠭᠰᠠᠨ ᠪᠣᠯᠪᠠᠴᠤ ᠰᠢᠭᠦᠰᠦ ᠭᠠᠷᠤᠭᠰᠠᠨ ᠦᠭᠡᠢ᠃ ᠢᠩᠭᠢᠭᠡᠳ ᠪᠠᠷᠰ ᠡᠪᠦᠭᠡᠨ ᠲᠡᠢ ᠳᠠᠬᠢᠭᠠᠳ ᠨᠢᠭᠡ ᠤᠳᠠᠭ᠎ᠠ ᠬᠦᠴᠦ ᠪᠡᠨ ᠦᠵᠡᠬᠦ ᠪᠡᠷ ᠪᠣᠯᠵᠠᠢ᠃《 ᠵᠠ᠂ ᠡᠪᠦᠭᠡᠨ ᠭᠤᠸᠠᠢ᠂ ᠮᠠᠷᠭᠠᠰᠢ ᠶ᠋ᠢᠨ ᠮᠠᠨᠳᠤᠬᠤ ᠨᠠᠷᠠᠨ ᠢ᠋ᠶ᠋ᠠᠷ ᠠᠭᠤᠯᠠ ᠶ᠋ᠢᠨ ᠮᠣᠳᠣ ᠶ᠋ᠢ ᠬᠤᠭᠤᠷᠠᠲᠠᠯ᠎ᠠ ᠴᠣᠬᠢᠶ᠎ᠠ!》 ᠭᠡᠵᠦ ᠬᠡᠯᠡᠵᠡᠢ᠃
ᠪᠠᠰᠠᠷ᠄ ᠵᠠ ᠪᠠᠶ᠋ᠢᠵᠠ ᠂ ᠨᠥᠬᠥᠭᠡ ᠡᠪᠦᠭᠡ ᠡᠮᠡᠭᠡ ᠬᠣᠶᠠᠷ ᠤ᠋ᠨ ᠮᠠᠨᠢ ᠭᠡᠷ ᠨᠢ ᠬᠠᠮᠢᠭ᠎ᠠ ᠪᠠᠶ᠋ᠢᠲᠠᠭ ᠶᠤᠮ ᠪᠣᠯ ᠳᠠ ?
ᠮᠥᠩᠬᠡ᠄ ᠶᠠᠭᠤ ᠴᠤ᠌ ᠭᠡᠰᠡᠨ ᠪᠦᠭᠦᠳᠡᠭᠡᠷ ᠢ᠋ᠶ᠋ᠡᠨ ᠡᠨᠡ ᠲᠤᠯᠤᠭᠠᠳ ᠢ ᠳᠠᠪᠠᠭᠠᠳ ᠦᠵᠡᠬᠦ ᠦᠦ ?
ᠴᠠᠰᠤᠬᠠᠨ᠄ ᠵᠠ ᠲᠡᠭᠡᠶ᠎ᠡ ! ᠪᠦᠭᠦᠳᠡᠭᠡᠷ ᠢ᠋ᠶ᠋ᠡᠨ ᠡᠮᠡᠭᠡ ᠡᠪᠦᠭᠡ ᠬᠣᠶᠠᠷ ᠊ᠢ ᠬᠤᠷᠳᠤᠨ ᠣᠯᠤᠭᠠᠳ ᠲᠤᠰᠠᠯᠠᠬᠤ ᠬᠡᠷᠡᠭᠲᠡᠢ᠃
ᠮᠥᠩᠬᠡ ᠄ ᠭᠦᠳ᠂ ᠲᠡᠷᠡ ᠶ᠋ᠢ ᠬᠠᠷ᠎ᠠ᠂ ᠲᠡᠷᠡ ᠠᠭᠤᠯᠠ ᠶ᠋ᠢᠨ ᠪᠠᠯ ᠳ᠋ᠤ᠌ ᠬᠥᠮᠦᠰ ᠪᠠᠶ᠋ᠢᠨ᠎ᠠ᠃
ᠲᠤᠩᠬᠤ᠄ ᠡᠸᠩ᠂ ᠬᠥᠮᠦᠰ ᠲᠡᠨᠳᠡ ᠮᠣᠳᠣ ᠬᠢᠷᠥᠭᠡᠳᠡᠵᠦ ᠪᠠᠶ᠋ᠢᠬ᠋᠎ᠠ ᠰᠢᠭ᠋ ᠪᠠᠶ᠋ᠢᠨ᠎ᠠ᠃ ᠪᠦᠭᠦᠳᠡᠭᠡᠷ ᠢ᠋ᠶ᠋ᠡᠨ ᠲᠡᠶ᠋ᠢᠰᠢ ᠪᠡᠨ ᠣᠴᠢᠵᠠᠭᠠᠶ᠎ᠠ !
ᠴᠠᠰᠤᠬᠠᠨ ᠄ ᠰᠠᠢᠨ ᠪᠠᠶ᠋ᠢᠨ᠎ᠠ ᠤᠤ ? ᠡᠪᠦᠭᠡ ᠠ᠋᠃
ᠡᠪᠦᠭᠡ᠄ ᠰᠠᠢᠨ ᠂ ᠰᠠᠢᠨ ᠪᠠᠶ᠋ᠢᠵᠠᠭᠠᠨᠠ ᠦᠦ? ᠬᠡᠦᠬᠡᠳ ᠦ᠋ᠳ ᠠ᠋ ᠃ ᠵᠠ᠂ ᠬᠡᠷᠡᠭ ᠵᠣᠷᠢᠭ ᠶᠠᠭᠤᠨ ᠳ᠋ᠤ᠌ ᠪᠠᠶ᠋ᠢᠨ᠎ᠠ᠂ ᠬᠠᠮᠢᠭᠠᠰᠢ ᠪᠠᠨ ᠵᠣᠷᠢᠵᠤ ᠶᠠᠪᠤᠨ᠎ᠠ?
ᠮᠥᠩᠬᠡ᠄ ᠰᠠᠢᠨ ᠰᠠᠢᠨ ᠂ ᠪᠢᠳᠡ ᠨᠠᠷ ᠵᠦᠭᠡᠷ ᠯᠡ ᠲᠠ ᠬᠣᠶᠠᠷ ᠢ᠋ ᠬᠠᠷᠢᠨ ᠮᠣᠳᠣ ᠬᠢᠷᠥᠭᠡᠳᠡᠵᠦ ᠪᠠᠶ᠋ᠢᠬ᠋᠎ᠠ ᠶ᠋ᠢ ᠬᠠᠷᠠᠭᠠᠳ ᠬᠦᠷᠦᠭᠡᠳ ᠢᠷᠡᠯ᠎ᠡ᠃
ᠪᠠᠰᠠᠷ᠄ ᠡᠪᠦᠭᠡ ᠨᠢ ᠠ᠋! ᠲᠠ ᠬᠣᠶᠠᠷ ᠡᠨᠡ ᠮᠣᠳᠣ ᠨᠤᠭᠤᠳ ᠊ᠢ ᠬᠢᠷᠥᠭᠡᠳᠡᠵᠦ ᠶᠠᠭᠠᠬᠢᠬᠤ ᠭᠡᠵᠦ ᠪᠠᠶ᠋ᠢᠬ᠋᠎ᠠ ᠶᠤᠮ ᠪᠣᠢ ? ᠤᠷᠭᠤᠵᠤ ᠪᠠᠶ᠋ᠢᠬ᠋᠎ᠠ ᠮᠣᠳᠣ ᠨᠤᠭᠤᠳ ᠢ᠋ ᠬᠢᠷᠥᠭᠡᠳᠡᠵᠦ ᠪᠣᠯᠬᠤ ᠦᠭᠡᠢ ᠪᠢᠵᠡ ᠳᠡ ? ᠥᠩ !
ᠡᠮᠡᠭᠡ᠄ ᠦᠭᠡᠢ ᠳᠡ ᠂ ᠬᠡᠦᠬᠡᠳ ᠦ᠋ᠳ ᠮᠢᠨᠢ ! ᠰᠠᠢᠨ ᠳ᠋ᠤ᠌ ᠪᠠᠨ ᠪᠢᠰᠢ ᠯᠡ ᠳᠡ᠂ ᠠᠭᠤᠯᠠ ᠶ᠋ᠢᠨ ᠪᠠᠷᠰ ᠡᠪᠦᠭᠡᠨ ᠊ᠢ ᠮᠠᠨᠢ ᠢᠳᠡᠨ᠎ᠡ ᠭᠡᠳ ᠪᠠᠶ᠋ᠢᠬ᠋᠎ᠠ ᠶᠤᠮ᠂ ᠲᠡᠭᠡᠭᠡᠳ ᠯᠡ ᠮᠠᠭᠤ ᠡᠪᠦᠭᠡ ᠡᠮᠡᠭᠡ ᠬᠣᠶᠠᠷ ᠨᠢ ᠠᠮᠢ ᠭᠠᠷᠴᠢᠬᠠᠬᠤ ᠰᠠᠨᠠᠭ᠎ᠠ ᠲᠠᠢ ᠠᠷᠭ᠎ᠠ ᠰᠡᠳᠦᠵᠦ ᠪᠠᠶ᠋ᠢᠬ᠋᠎ᠠ ᠨᠢ ᠯᠡ ᠡᠨᠡ᠃
ᠲᠤᠩᠬᠤ᠄ ᠥ᠂ ᠶᠠᠮᠠᠷ ᠠᠶᠤᠮᠠᠷ ᠶᠤᠮ ᠪᠣᠢ ᠃
ᠪᠠᠰᠠᠷ᠄ ᠭᠣᠣᠯ ᠨᠢ ᠲᠡᠭᠡᠭᠡᠳ ᠡᠨᠡ ᠠᠷᠭ᠎ᠠ ᠮᠠᠷᠭᠠᠰᠢ ᠪᠦᠲᠦᠬᠦ ᠦᠦ ?
ᠡᠪᠦᠭᠡ᠄ ᠲᠡᠭᠡᠨ᠎ᠡ ᠭᠡᠵᠦ ᠭᠣᠷᠢᠳᠠᠭᠠᠳ ᠯᠠ ᠪᠠᠶ᠋ᠢᠨ᠎ᠠ᠃ ᠡᠮᠡᠭᠡᠨ ᠪᠢᠳᠡ ᠬᠣᠶᠠᠷ ᠤ᠋ᠨ ᠰᠡᠳᠦᠭᠰᠡᠨ ᠠᠷᠭ᠎ᠠ ᠨᠢ ᠡᠨᠡ ᠰᠢᠦ ᠳᠡ᠃ ᠵᠠ ᠶᠠᠭᠤ ᠴᠤ᠌ ᠭᠡᠰᠡᠨ ᠪᠦᠭᠦᠳᠡᠭᠡᠷ ᠢ᠋ᠶ᠋ᠡᠨ ᠮᠠᠨ ᠤ᠋ ᠳ᠋ᠤ᠌ ᠣᠴᠢᠶ᠎ᠠ᠂ ᠲᠠ ᠨᠠᠷ ᠡᠨᠡ ᠬᠣᠯᠠ ᠭᠠᠵᠠᠷ ᠠ᠋ᠴᠠ ᠢᠷᠡᠭᠰᠡᠨ ᠬᠡᠦᠬᠡᠳ ᠦ᠋ᠳ ᠶᠠᠳᠠᠷᠠᠵᠤ ᠪᠠᠶ᠋ᠢᠬ᠋᠎ᠠ ᠪᠢᠵᠡ ᠳᠡ ᠂ ᠮᠠᠷᠭᠠᠰᠢ ᠶ᠋ᠢᠨ ᠮᠠᠨᠳᠤᠬᠤ ᠨᠠᠷᠠᠨ ᠢ᠋ᠶ᠋ᠠᠷ ᠬᠢᠷᠬᠢᠬᠦ ᠶ᠋ᠢ ᠲᠩᠷᠢ ᠮᠡᠳᠡᠭ !
ᠪᠠᠷᠰ᠄ ᠵᠠ ! ᠠᠬᠠᠮᠠᠳ ᠨᠠᠰᠤᠲᠠᠢ ᠪᠠᠷ ᠢ᠋ᠶ᠋ᠠᠨ ᠲᠠ ᠡᠬᠢᠯᠡ᠃
ᠡᠪᠦᠭᠡ᠄ ᠦᠭᠡᠢ ᠣᠳᠣ᠂ 《ᠠᠬ᠎ᠠ ᠪᠠᠨ ᠠᠯᠲᠠ᠂ ᠳᠡᠭᠦᠦ ᠪᠡᠨ ᠳᠡᠯᠢᠮ ᠬᠦᠨᠳᠦᠯᠡ》 ᠭᠡᠳᠡᠭ ᠪᠠᠶ᠋ᠢᠬ᠎ᠠ! ᠡᠨᠡ ᠤᠳᠠᠭ᠎ᠠ ᠶ᠋ᠢᠨ ᠨᠠᠭᠠᠳᠤᠮ ᠊ᠢ ᠴᠢ ᠡᠬᠢᠯᠡ᠃
ᠪᠠᠷᠰ ᠄ ᠵᠠ ᠶᠠᠭᠠᠬᠢᠬᠤᠪ᠂ ᠴᠥᠬᠥ !
ᠡᠪᠦᠭᠡ᠄ ᠵᠠ᠂ ᠣᠳᠣ ᠮᠢᠨᠦ ᠡᠭᠡᠯᠵᠢ᠂ ᠬᠥᠭ!
ᠪᠠᠷᠰ: ᠡᠨᠡ ᠡᠪᠦᠭᠡᠨ ᠦ᠌ ᠴᠣᠬᠢᠭᠰᠠᠨ ᠮᠣᠳᠣ ᠡᠶ᠋ᠢᠮᠦ ᠲᠡᠭᠰᠢᠬᠡᠨ᠂ ᠭᠡᠲᠡᠯ᠎ᠡ ᠮᠢᠨᠦᠬᠢ ᠡᠶ᠋ᠢᠮᠦ ᠰᠠᠯᠪᠠᠷᠬᠠᠢ᠂ ᠳᠡᠭᠡᠷ᠎ᠡ ᠠ᠋ᠴᠠ ᠨᠢ ᠪᠢ ᠢᠩᠭᠢᠵᠦ ᠴᠣᠬᠢᠬᠤ ᠭᠡᠵᠦ ᠬᠠᠮᠤᠭ ᠬᠦᠴᠦ ᠪᠡᠨ ᠪᠠᠷᠠᠯ᠎ᠠ᠂ ᠭᠡᠲᠡᠯ᠎ᠡ ᠡᠨᠡ ᠡᠪᠦᠭᠡᠨ ᠪᠦᠷ ᠠᠵᠢᠭ ᠴᠤ᠌ ᠦᠭᠡᠢ ᠪᠠᠶ᠋ᠢᠨ᠎ᠠ ᠰᠢᠦ᠂ ᠶᠠᠮᠠᠷ ᠲᠠᠢ ᠴᠤ᠌ ᠬᠦᠴᠦ ᠪᠡᠨ ᠦᠵᠡᠭᠡᠳ ᠳᠡᠶ᠋ᠢᠯᠬᠦ ᠦᠭᠡᠢ ᠶᠦ᠍ᠮ ᠪᠠᠶ᠋ᠢᠨ᠎ᠠ᠂ ᠲᠡᠭᠡᠬᠦ ᠪᠡᠷ ᠡᠪᠦᠭᠡᠨ ᠊ᠢ ᠣᠳᠣ ᠭᠡᠷ ᠤᠷᠤᠭᠤ ᠪᠠᠨ ᠠᠪᠴᠤ ᠣᠴᠢᠭᠠᠳ᠃ ᠶᠠᠭᠤ᠁ ᠵᠠ ᠵᠠ ! ᠳᠠ ᠦᠨᠡᠬᠡᠷ ᠬᠦᠴᠦᠲᠡᠢ ᠬᠥᠮᠦᠨ ᠪᠠᠶ᠋ᠢᠨ᠎ᠠ᠂ ᠪᠢ ᠲᠠᠨ ᠢ᠋ ᠢᠳᠡᠬᠦ ᠪᠡᠨ ᠪᠣᠯᠢᠶ᠎ᠠ᠃ ᠬᠠᠷᠢᠨ ᠬᠣᠶᠠᠭᠤᠯᠠ ᠪᠠᠨ ᠮᠠᠨ ᠤ᠋ ᠳ᠋ᠤ᠌ ᠣᠴᠢᠵᠤ ᠬᠣᠭᠣᠯᠠ ᠴᠠᠢ ᠬᠢᠵᠦ ᠢᠳᠡᠩᠭᠡᠨ ᠵᠢᠭᠠᠯ ᠬᠠᠭᠤᠴᠢ ᠬᠥᠭᠡᠷᠴᠦ ᠰᠠᠭᠤᠪᠠᠯ ᠶᠠᠮᠠᠷ ᠪᠣᠢ ? ᠨᠢᠭᠡ ᠨᠤᠲᠤᠭ ᠤᠰᠤᠨ ᠤ᠋ ᠬᠢᠨ ᠪᠠᠶ᠋ᠢᠨ᠎ᠠ ᠳᠠ᠃ ᠬᠠ ᠬᠠ ᠬᠠ ᠬᠠ !
ᠡᠪᠦᠭᠡ: ᠶᠠᠭᠠᠬᠢᠳᠠᠭ ᠪᠢᠯᠡ᠂ ᠣᠳᠣ ᠴᠤ᠌ ᠡᠨᠡ ᠪᠠᠷᠰ ᠤ᠋ᠨ ᠰᠠᠪᠠᠷ ᠠ᠋ᠴᠠ ᠮᠤᠯᠲᠤᠷᠠᠬᠤ ᠠᠷᠭ᠎ᠠ ᠦᠭᠡᠢ ᠪᠣᠯᠤᠯ᠎ᠠ᠂ ᠡᠪᠦᠭᠡᠨ ᠠᠬ᠎ᠠ ᠨᠢ ᠥᠨᠥᠳᠥᠷ ᠭᠡᠷ ᠲᠦ᠍ ᠪᠡᠨ ᠵᠢᠭᠠᠬᠠᠨ ᠠᠵᠢᠯ ᠶᠡᠬᠡᠲᠡᠢ ᠪᠠᠶ᠋ᠢᠲᠠᠭ᠂ ᠶᠠᠭᠠᠬᠢᠳᠠᠭ ᠰᠢᠦ ᠶᠦ᠍ᠮ ᠪᠣᠢ ᠳᠠ !
ᠪᠠᠷᠰ᠄ ᠵᠠ ᠵᠠ ᠵᠠ ! ᠳᠠ ᠶᠠᠳᠠᠵᠤ ᠨᠢᠭᠡ ᠠᠶᠠᠭ᠎ᠠ ᠴᠠᠢ ᠴᠦ᠍ ᠪᠣᠯᠤᠭᠰᠠᠨ ᠤᠤᠭᠤᠯ ᠳᠠ᠂ ᠵᠠ ᠠᠯᠢᠪ ᠶᠠᠪᠤᠶ᠎ᠠ !
ᠪᠠᠰᠠᠷ᠄ ᠶᠠᠭᠠᠬᠢᠨ᠎ᠠ? ᠨᠥᠭᠥᠭᠡᠳᠡᠬᠢ ᠴᠢᠨᠢ ᠡᠪᠦᠭᠡ ᠶ᠋ᠢ ᠠᠪᠤᠭᠠᠳ ᠶᠠᠪᠤᠴᠢᠬᠠᠯ᠎ᠠ ᠰᠢᠦ !
ᠲᠤᠩᠬᠤ᠄ ᠶᠠᠭᠠᠬᠢᠨ᠎ᠠ? ᠡᠨᠡ ᠬᠣᠶᠠᠷ ᠬᠠᠮᠢᠭᠠᠰᠢ ᠪᠠᠨ ᠶᠠᠪᠤᠵᠤ ᠪᠠᠶ᠋ᠢᠬ᠋᠎ᠠ ᠶᠤᠮ ᠪᠣᠯ ᠠ᠋? ᠣᠳᠣ ᠡᠪᠦᠭᠡ ᠮᠠᠨᠢ ᠶᠠᠭᠠᠬᠢᠳᠠᠭ ᠪᠣᠯ?
ᠮᠥᠩᠬᠡ᠄ ᠬᠥᠶᠢ᠂ ᠪᠦᠭᠦᠳᠡᠭᠡᠷ ᠲᠡᠭᠡᠪᠡᠯ ᠪᠤᠰᠢᠭᠤᠬᠠᠨ ᠣᠴᠢᠵᠤ ᠡᠪᠦᠭᠡ ᠶ᠋ᠢ ᠠᠪᠤᠷᠠᠶ᠎ᠠ !
ᠪᠠᠰᠠᠷ᠄ ᠠ᠂ ᠲᠠ ᠨᠠᠷ ᠮᠠᠷᠲᠠᠭ᠎ᠠ ᠦᠭᠡᠢ ᠪᠣᠯ᠂ ᠪᠢ ᠴᠢᠨᠢ ᠨᠢᠰᠴᠦ ᠴᠢᠳᠠᠳᠠᠭ ᠰᠢᠳᠡ᠂ ᠥᠩ !
ᠴᠠᠰᠤᠬᠠᠨ᠄ ᠨᠡᠭᠡᠷᠡᠨ ᠲᠡᠶ᠋ᠢᠮᠦ᠂ ᠲᠡᠭᠡᠪᠡᠯ ᠪᠠᠰᠠᠷ ᠡᠪᠦᠭᠡ ᠶ᠋ᠢ ᠰᠢᠭᠦᠷᠦᠭᠡᠳ ᠨᠢᠰᠴᠢᠬᠡ᠂ ᠬᠠᠷᠢᠨ ᠲᠡᠷᠡ ᠬᠣᠭᠣᠷᠣᠨᠳᠣ ᠪᠢᠳᠡ ᠨᠠᠷ ᠪᠠᠷᠰ ᠊ᠢ ᠰᠠᠭᠠᠲᠠᠭᠤᠯᠬᠤ ᠠᠷᠭ᠎ᠠ ᠪᠣᠳᠣᠶ᠎ᠠ᠃
ᠪᠠᠰᠠᠷ᠄ ᠪᠢ ᠲᠡᠭᠡᠭᠡᠳ ᠶᠠᠭ ᠬᠠᠮᠢᠭᠠᠰᠢ ᠪᠠᠨ ᠨᠢᠰᠦᠨ᠎ᠡ ᠭᠡᠨ᠎ᠡ᠃
ᠮᠥᠩᠬᠡ᠄ ᠠᠯᠢ ᠪᠣᠯᠬᠤ ᠬᠣᠯᠠ ᠨᠢᠰᠦᠭᠡᠷᠡᠢ᠂ ᠵᠠ ᠦᠦ?ᠪᠢᠳᠡ ᠨᠠᠷ ᠲᠡᠷᠡ ᠬᠣᠭᠣᠷᠣᠨᠳᠣ ᠴᠢᠨᠢ ᠬᠠᠷᠢᠨ ᠪᠠᠷᠰ ᠠᠬ᠎ᠠ ᠲᠠᠢ ᠶᠠᠷᠢᠯᠴᠠᠭᠠᠲᠠᠬᠠᠶᠡ᠃
ᠲᠤᠩᠬᠤ᠄ ᠪᠠᠷᠰ ᠠᠬ᠎ᠠ ᠠ᠋! ᠪᠠᠷᠰ ᠠᠬ᠎ᠠ ᠠ᠋ ! ᠲᠠ ᠨᠠᠭᠠᠨ᠎ᠠ ᠪᠠᠨ ᠶᠠᠭᠤ ᠬᠢᠵᠦ ᠪᠠᠶ᠋ᠢᠬ᠋᠎ᠠ ᠶᠤᠮ ᠪᠣᠢ ?
ᠪᠠᠷᠰ᠄ ᠬᠠᠢ᠂ ᠶᠠᠭᠤ ᠭᠡᠨ᠎ᠡ᠂ ᠴᠢᠮ᠎ᠠ ᠳ᠋ᠤ᠌ ᠬᠠᠮᠢᠶ᠎ᠠ ᠦᠭᠡᠢ᠃
ᠮᠥᠩᠬᠡ᠄ ᠠᠬ᠎ᠠ ᠠ᠋ ᠂ ᠠᠬ᠎ᠠ ᠠ᠋ ! ᠪᠢᠳᠡ ᠨᠠᠷ ᠴᠢᠮ᠎ᠠ ᠲᠠᠢ ᠶᠠᠷᠢᠯᠴᠠᠬᠤ ᠪᠠᠷ ᠢᠷᠡᠯ᠎ᠡ᠃
ᠪᠠᠷᠰ᠄ ᠲᠠ ᠨᠠᠷ ᠴᠠᠰᠢ ᠪᠠᠨ ᠪᠠᠶ᠋ᠢᠴᠠᠬ᠋ᠠ᠂ ᠵᠠᠪ ᠦᠭᠡᠢ ᠶ᠋ᠢ ᠬᠠᠷᠠᠬᠤ ᠦᠭᠡᠢ ᠪᠠᠶ᠋ᠢᠨ᠎ᠠ ᠤᠤ ?
ᠴᠠᠰᠤᠬᠠᠨ᠄ ᠵᠠ ᠵᠠ ! ᠬᠡᠳᠦᠭᠦᠯᠡ ᠪᠡᠨ ᠵᠢᠭᠠᠬᠠᠨ ᠲᠡᠪᠴᠢᠶᠡᠷᠢ ᠲᠡᠢ ᠬᠦᠯᠢᠶᠡᠵᠦ ᠪᠠᠶ᠋ᠢᠶ᠎ᠠ᠃
ᠪᠠᠷᠰ᠄ ᠡᠨᠡ ᠶᠠᠮᠠᠷ ᠬᠥᠭᠡᠷᠦᠬᠦᠨ ᠮᠤᠤᠷ ᠪᠣᠢ ?
ᠮᠥᠩᠬᠡ᠄ ᠪᠠᠷᠰ ᠠᠬ᠎ᠠ ᠠ᠋᠂ ᠲᠠ ᠶᠠᠭᠠᠬᠢᠭᠠᠳ ᠲᠡᠷᠡ ᠡᠪᠦᠭᠡ ᠶ᠋ᠢ ᠢᠳᠡᠬᠦ ᠭᠡᠳ ᠪᠠᠶ᠋ᠢᠬ᠋᠎ᠠ ᠶᠤᠮ ᠪᠣᠢ ?
ᠪᠠᠷᠰ᠄ ᠠ ! ᠶᠠᠭᠤ ᠪᠣᠢ ? ᠪᠢ ᠶᠠᠮᠠᠷ ᠶᠠᠭᠤ ᠭᠡᠰᠡᠨ ᠪᠣᠢ ? ᠬᠠ ᠬᠠ ! ᠲᠠ ᠨᠠᠷ ᠴᠢᠨᠢ ᠠᠮᠢᠲᠠᠨ ᠠᠨᠳᠠᠭᠤᠷᠠᠭᠠᠳ ᠪᠠᠶ᠋ᠢᠬ᠋᠎ᠠ ᠶᠤᠮ ᠪᠢᠰᠢ ᠪᠢᠵᠡ?
ᠲᠤᠩᠬᠤ᠄ ᠲᠠ ᠲᠡᠷᠡ ᠡᠪᠦᠭᠡ ᠶ᠋ᠢ ᠳᠠᠭᠠᠭᠤᠯᠤᠭᠠᠳ ᠶᠠᠪᠤᠭᠠᠳ ᠪᠠᠶ᠋ᠢᠬᠤ ᠪᠠᠷ ᠴᠢᠨᠢ ᠪᠢᠳᠡ ᠨᠠᠷ ᠲᠠᠨ ᠢ᠋ ᠡᠪᠦᠭᠡ ᠶ᠋ᠢ ᠢᠳᠡᠬᠦ ᠭᠡᠵᠦ ᠪᠠᠶ᠋ᠢᠬ᠋᠎ᠠ ᠶᠤᠮ ᠪᠣᠯ ᠦᠦ ᠭᠡᠵᠦ ᠪᠣᠳᠣᠯ᠎ᠠ᠃
ᠴᠠᠰᠤᠬᠠᠨ᠄ ᠬᠠᠷᠢᠨ ᠲᠡᠶ᠋ᠢᠮᠦ!
ᠪᠠᠷᠰ᠄ ᠦᠭᠡᠢ ᠦᠭᠡᠢ ᠦᠭᠡᠢ᠂ ᠪᠢᠳᠡ ᠨᠠᠷ ᠴᠢᠨᠢ ᠨᠠᠶ᠋ᠢᠵᠠ ᠨᠤᠭᠤᠳ ᠪᠠᠶ᠋ᠢᠬᠤ ᠦᠭᠡᠢ ᠦᠦ᠃ ᠬᠠ᠂ ᠣᠯᠠᠨ ᠵᠢᠯ ᠨᠢᠭᠡ ᠨᠢᠭᠡᠨ ᠦ᠌ ᠬᠢ ᠪᠡᠷ ᠢ᠋ᠶ᠋ᠡᠨ ᠣᠷᠣᠵᠤ ᠭᠠᠷᠴᠤ ᠪᠠᠶ᠋ᠢᠲᠠᠭ ᠠᠶ᠋ᠢᠯ ᠰᠠᠬᠠᠭᠠᠯᠲᠠ ᠤᠯᠤᠰ ᠯᠠ ᠳᠠ᠃
ᠡᠮᠡᠭᠡᠨ᠄ ᠮᠠᠨ ᠤ᠋ ᠬᠡᠳᠦᠨ ᠬᠣᠨᠢ ᠤᠷᠤᠭᠤ ᠴᠢᠨ᠋ᠸ᠎ᠠ ᠳᠠᠭᠠᠷᠢᠭᠠᠳ ᠰᠦᠢᠳ ᠪᠣᠯᠤᠯ᠎ᠠ᠂ ᠶᠠᠭᠠᠬᠢᠳᠠᠭ ᠪᠢᠯᠡ ! ᠬᠡᠦᠬᠡᠳ ᠦ᠋ᠳ ᠮᠢᠨᠢ !
ᠪᠠᠷᠰ᠄ ᠰᠠᠨᠠᠭ᠎ᠠ ᠵᠣᠪᠠᠯᠲᠠ ᠦᠭᠡᠢ ᠡᠮᠡᠭᠡ᠂ ᠪᠢ ᠵᠣᠬᠢᠴᠠᠭᠤᠯᠤᠨ᠎ᠠ᠃
ᠰᠠᠨᠰᠠᠷ ᠤ᠋ᠨ ᠮᠡᠳᠡᠭᠡᠯᠡᠯ᠄ ᠰᠲ᠋ᠠᠨᠼᠢ (stand ) ᠥᠷᠲᠡᠭᠡ ᠳᠣᠬᠢᠶ᠎ᠠ ᠳᠠᠮᠵᠢᠭᠳᠠᠵᠤ ᠪᠠᠶ᠋ᠢᠨ᠎ᠠ᠂ ᠬᠣᠯᠪᠣᠯᠲᠠ ᠬᠢᠨ᠎ᠡ᠂ ᠰᠠᠨᠰᠠᠷ ᠤ᠋ᠨ ᠰᠸᠲᠠᠲ ᠲᠣᠭᠣᠷᠢᠭ ᠵᠠᠮ ᠳ᠋ᠤ᠌ ᠣᠷᠣᠯ᠎ᠠ᠃
ᠪᠠᠰᠠᠷ᠄ ᠬᠥᠶᠢ! ᠪᠢ ᠨᠡᠭᠡᠷᠡᠨ ᠬᠠᠮᠢᠭᠠᠰᠢ ᠪᠠᠨ ᠨᠢᠰᠬᠦ ᠪᠡᠨ ᠠᠰᠠᠭᠤᠬᠤ ᠪᠠᠨ ᠮᠠᠷᠲᠠᠴᠢᠬᠠᠭᠰᠠᠨ ᠶᠤᠮ ᠪᠠᠶ᠋ᠢᠨ᠎ᠠ ᠰᠢᠦ ᠳᠡ᠃ ᠦᠯᠢᠭᠡᠷ ᠦ᠋ᠨ ᠰᠠᠨᠰᠠᠷ ᠣᠭᠲᠠᠷᠭᠤᠢ ᠳᠣᠲᠣᠷ᠎ᠠ ᠠᠮᠢᠰᠬᠤᠵᠤ ᠪᠣᠯᠳᠠᠭ ᠊ᠢ ᠶᠠᠭᠠᠬᠢᠨ᠎ᠠ ᠦᠦ ᠳᠡ ᠃ ᠡᠨᠡ ᠣᠳᠣ ᠬᠠᠮᠢᠭ᠎ᠠ ᠶᠠᠪᠤᠭᠠᠳ ᠪᠠᠶ᠋ᠢᠬ᠋᠎ᠠ ᠶᠤᠮ ᠪᠣᠯ ᠠ᠋᠃ ᠪᠦᠷ ᠦᠯᠢᠭᠡᠷ ᠡᠴᠡ ᠪᠡᠨ ᠭᠠᠷᠤᠭᠠᠳ ᠶᠠᠪᠤᠴᠢᠬᠠᠭ᠎ᠠ ᠦᠭᠡᠢ ᠪᠠ?
ᠪᠠᠷᠰ᠄ ᠳᠠᠬᠢᠭᠠᠳ ᠡᠨᠡᠭᠦᠷ ᠬᠡᠵᠢᠶ᠎ᠡ ᠴᠦ᠍ ᠪᠢᠲᠡᠭᠡᠢ ᠡᠷᠭᠢᠵᠦ ᠢᠷᠡᠭᠡᠷᠡᠢ᠃
ᠡᠮᠡᠭᠡ᠄ ᠠ᠋ ᠂ ᠭᠢᠯᠠᠢᠯ᠎ᠠ᠂ ᠲᠠ ᠨᠠᠷ ᠴᠢᠨᠢ ᠶᠠᠭᠠᠬᠢᠭᠰᠠᠨ ᠪᠤᠶᠠᠨ ᠲᠠᠢ ᠬᠡᠦᠬᠡᠳ ᠦ᠋ᠳ ᠪᠣᠢ᠃ ᠬᠡᠳᠦᠨ ᠬᠣᠨᠢ ᠪᠠᠨ ᠲᠠᠯᠪᠢᠭᠠᠳ ᠲᠠᠭᠤᠴᠢᠬᠠᠨᠠ ᠦᠦ ᠭᠡᠵᠦ ᠠᠶᠤᠵᠤ ᠪᠠᠶ᠋ᠢᠯ᠎ᠠ᠃
ᠲᠤᠩᠬᠤ᠄ ᠵᠦᠭᠡᠷ ᠳᠡ !ᠡᠮᠡᠭᠡ᠂ ᠪᠠᠷᠰ ᠠᠬ᠎ᠠ ᠶᠡᠬᠡ ᠲᠤᠰᠠ ᠪᠣᠯᠤᠯ᠎ᠠ᠃
ᠮᠥᠩᠬᠡ᠄ ᠬᠠᠷᠢᠨ ᠲᠡᠶ᠋ᠢᠮᠦ᠂ ᠶᠣᠰᠣᠲᠠᠢ ᠶᠡᠬᠡ ᠪᠠᠶᠠᠷᠯᠠᠯ᠎ᠠ᠃
ᠡᠮᠡᠭᠡ᠄ ᠦᠭᠡᠢ ᠣᠳᠣ ᠮᠠᠭᠤ ᠡᠪᠦᠭᠡᠨ ᠮᠢᠨᠢ ᠬᠦᠷᠦᠭᠡᠳ ᠢᠷᠡᠪᠡᠯ ᠪᠣᠯᠬᠤ ᠨᠢ ᠲᠡᠷᠡ ᠠ᠋᠃
ᠮᠥᠩᠬᠡ᠄ ᠨᠡᠭᠡᠷᠡᠨ ᠮᠠᠨ ᠤ᠋ ᠪᠠᠰᠠᠷ ᠬᠠᠮᠢᠭᠠᠰᠢ ᠪᠠᠨ ᠶᠠᠪᠤᠴᠢᠬᠠᠭᠰᠠᠨ ᠶᠤᠮ ᠪᠣᠯ ᠠ᠋᠃
ᠪᠠᠰᠠᠷ᠄ ᠶᠣᠣ ᠶᠣᠣ ᠶᠣᠣ ! ᠬᠤᠷᠳᠤᠴᠠ ᠪᠠᠨ ᠵᠢᠭᠠᠬᠠᠨ ᠲᠣᠭᠠᠴᠠᠭ᠎ᠠ ᠦᠭᠡᠢ ᠪᠠᠭᠤᠴᠢᠬᠠᠯ᠎ᠠ᠂ ᠶᠠᠭᠠᠬᠢᠨ᠎ᠠ᠂ ᠡᠪᠦᠭᠡ ᠳᠠ ᠵᠦᠭᠡᠷ ᠦᠦ ?
ᠡᠪᠦᠭᠡ᠄ ᠵᠦᠭᠡᠷ ᠳᠡ᠂ ᠪᠠᠰᠠᠷ ᠮᠢᠨᠢ᠃ ᠴᠢᠨᠦ ᠠᠴᠢ ᠪᠠᠷ ᠬᠠᠷᠢᠨ ᠰᠠᠨᠰᠠᠷ ᠣᠭᠲᠠᠷᠭᠤᠢ ᠪᠠᠷ ᠠᠶᠠᠯᠠᠭᠠᠳ ᠢᠷᠡᠯ᠎ᠡ᠃
ᠮᠥᠩᠬᠡ᠄ ᠠ ! ᠪᠠᠰᠠᠷ ᠠ᠋᠂ ᠴᠢ ᠬᠠᠮᠢᠭ᠎ᠠ ᠪᠠᠶ᠋ᠢᠬᠰᠠᠨ ᠭᠡᠨ᠎ᠡ᠃
ᠪᠠᠰᠠᠷ᠄ ᠪᠢᠳᠡ ᠵᠦᠭᠡᠷ ᠯᠡ ᠰᠠᠨᠰᠠᠷ ᠲᠤ᠌ ᠨᠢᠰᠴᠢᠬᠡᠭᠡᠳ ᠢᠷᠡᠯ᠎ᠡ ᠬᠥ᠃ ᠰᠠᠨᠰᠠᠷ ᠤ᠋ᠨ ᠨᠢᠰᠬᠡᠯᠴᠢ ᠪᠠᠰᠠᠷ ᠠᠬ᠎ᠠ ᠠ᠋᠂ ᠰᠠᠢᠨ ᠶᠠᠪᠤᠭᠠᠳ ᠢᠷᠡᠴᠢᠬᠡᠭᠰᠡᠨ ᠦᠦ ? ᠠ᠂ ᠬᠡ ᠬᠡ ᠬᠡ ᠁
ᠠ᠂ ᠦᠨᠡᠬᠡᠷ ᠬᠥᠶᠢ᠂ ᠲᠠ ᠨᠠᠷ ᠨᠥᠬᠥᠭᠡ ᠪᠠᠷᠰ ᠲᠠᠢ ᠪᠠᠨ ᠶᠠᠭᠠᠬᠢᠵᠤ ᠤᠴᠢᠷ ᠢ᠋ᠶ᠋ᠠᠨ ᠣᠯᠤᠭᠰᠠᠨ ᠪᠣᠢ ? ᠠ !ᠪᠢ ᠨᠢᠭᠡ ᠭᠠᠭᠴᠠ ᠬᠣᠶᠠᠷ ᠦᠭᠡ ᠰᠣᠯᠢᠶᠠᠳᠠᠬᠤ ᠦᠭᠡᠢ ᠦᠦ ᠠ ! ᠲᠡᠭᠦᠨ ᠲᠡᠢ ᠴᠢᠨᠢ᠃ ᠥᠩ !
ᠲᠤᠩᠬᠤ᠄ ᠪᠠᠰᠠᠷ ᠠ᠋᠂ ᠲᠡᠶ᠋ᠢᠰᠢ ᠪᠡᠨ ᠬᠠᠷ᠎ᠠ ᠳᠠ᠃
ᠪᠠᠰᠠᠷ᠄ ᠬᠥᠶᠢ᠂ ᠶᠠᠪᠤᠭ᠎ᠠ ᠦᠭᠡᠢ ᠪᠠᠶ᠋ᠢᠬᠰᠠᠨ ᠶᠤᠮ ᠦᠦ ?
ᠴᠠᠰᠤᠬᠠᠨ᠄ ᠴᠢ ᠨᠠᠮ᠎ᠠ ᠶ᠋ᠢ ᠶᠠᠪᠤᠭᠰᠠᠨ ᠳᠠᠷᠠᠭ᠎ᠠ ᠴᠤ᠌ ᠭᠡᠰᠡᠨ ᠡᠪᠦᠭᠡᠨ ᠡᠮᠡᠭᠡᠨ ᠬᠣᠶᠠᠷ ᠲᠤ᠌ ᠲᠤᠰᠠ ᠪᠣᠯᠵᠤ ᠪᠠᠶ᠋ᠢᠨ᠎ᠠ ᠪᠢᠵᠡ ᠳᠡ᠃
ᠪᠠᠷᠰ᠄ ᠠ ᠬᠠ᠂ ᠪᠢ ᠠᠮᠠᠯᠳᠠᠵᠤ ᠪᠠᠶ᠋ᠢᠨ᠎ᠠ᠃
ᠴᠠᠰᠤᠬᠠᠨ᠄ ᠵᠠ ᠲᠡᠭᠡᠪᠡᠯ ᠪᠢ ᠴᠢᠮ᠎ᠠ ᠳ᠋ᠤ᠌ ᠢᠲᠡᠭᠡᠯ᠎ᠡ ᠰᠢᠦ !
ᠪᠠᠷᠰ᠄ ᠬᠣᠶᠠᠭᠤᠯᠠ ᠪᠠᠨ ᠳᠠᠬᠢᠭᠠᠳ ᠬᠡᠵᠢᠶ᠎ᠡ ᠠᠭᠤᠯᠵᠠᠬᠤ ᠪᠣᠯ?
ᠪᠠᠰᠠᠷ᠄ ᠬᠣᠶᠠᠭᠤᠯᠠ ᠪᠠᠨ ᠦᠦ ?
ᠴᠠᠰᠤᠬᠠᠨ᠄ ᠬᠡ ᠬᠡ ᠬᠡ ᠁ᠣᠳᠣ ᠪᠢᠳᠡᠨ ᠦ᠌ ᠶᠠᠪᠤᠬᠤ ᠴᠠᠭ ᠪᠣᠯᠤᠯ᠎ᠠ᠃
ᠪᠠᠷᠰ᠄ ᠵᠠ !ᠪᠠᠶᠠᠷᠲᠠᠢ !
ᠠᠷᠸ᠎ᠠ᠄ ᠵᠠ ! ᠬᠥᠭᠡᠷᠦᠬᠦᠨ ᠳᠡᠭᠦᠦ ᠨᠠᠷ ᠮᠢᠨᠢ ᠰᠠᠢᠨ ᠶᠠᠪᠤᠭᠠᠳ ᠢᠷᠡᠪᠡ ᠦᠦ ?
ᠮᠥᠩᠬᠡ᠄ ᠶᠣᠣ᠂ ᠠᠷᠸ᠎ᠠ ᠠᠬ᠎ᠠ᠂ ᠦᠨᠡᠨ ᠰᠣᠨᠢᠷᠬᠠᠯᠲᠠᠢ ᠶᠠᠪᠤᠭᠰᠠᠨ᠂ ᠴᠠᠰᠤᠬᠠᠨ ᠳ᠋ᠤ᠌ ᠪᠠᠷᠰ ᠨᠢ ᠳᠤᠷᠠᠯᠠᠭᠠᠳ ᠯᠠ᠂ ᠪᠠᠰᠠᠷ ᠰᠠᠨᠰᠠᠷ ᠲᠤ᠌ ᠨᠢᠰᠦᠭᠡᠳ ᠯᠡ᠂ ᠶᠠᠮᠠᠷ ᠶᠠᠮᠠᠷ ᠭᠠᠷᠠᠭ ᠦᠵᠡᠭᠰᠡᠨ ᠭᠡᠯᠡ?
ᠲᠤᠩᠬᠤ᠄ ᠬᠡ ᠬᠡ ᠬᠡ᠂ ᠪᠠᠰᠠᠷ ᠡᠨᠳᠡ ᠶᠠᠷᠢᠬᠤ ᠦᠭᠡᠢ ᠰᠢᠦ ᠳᠡ᠂ ᠮᠥᠩᠬᠡ ᠠ᠋ ᠃ ᠶᠠᠮᠠᠷ ᠴᠤ᠌ ᠪᠠᠶ᠋ᠢᠬᠰᠠᠨ ᠪᠠᠰᠠᠷ ᠪᠦᠷ ᠶᠠᠪᠤᠵᠤ ᠥᠭᠭᠦᠭᠰᠡᠨ ᠭᠡᠰᠡᠨ ᠠ᠋᠃
ᠠᠷᠸ᠎ᠠ᠄ ᠸᠠ ᠧᠦ᠂ ᠲᠠ ᠨᠠᠷ ᠮᠢᠨᠢ ᠲᠡᠭᠡᠪᠡᠯ ᠶᠣᠰᠣᠲᠠᠢ ᠭᠣᠶᠣ ᠠᠳᠠᠯ ᠶᠠᠪᠤᠳᠠᠯ ᠲᠠᠢ ᠶᠠᠪᠤᠭᠠᠳ ᠢᠷᠡᠵᠡᠢ᠂ ᠬᠠᠷᠢᠨ ᠲᠤᠩᠬᠤ ᠨᠥᠭᠥᠭᠡ ᠣᠨᠢᠰᠣᠭ᠎ᠠ ᠶ᠋ᠢᠨ ᠢ᠋ᠶ᠋ᠡᠨ ᠬᠠᠷᠢᠭᠤ ᠶ᠋ᠢ ᠮᠡᠳᠡᠭᠰᠡᠨ ᠦᠦ ?
ᠲᠤᠩᠬᠤ᠄ ᠮᠡᠳᠡᠨ᠎ᠡ᠂ ᠪᠢ ᠮᠡᠲᠡᠴᠢᠬᠡᠬ᠋ᠰᠡᠨ᠂ ᠰᠡᠭᠦᠳᠡᠷ᠃
ᠮᠥᠩᠬᠡ᠄ ᠫᠥᠬᠥ᠂ ᠲᠤᠩᠬᠤ ᠠ᠋ ᠴᠢ ᠶᠠᠭᠠᠬᠢᠵᠤ ᠮᠡᠳᠡᠴᠢᠬᠡᠪᠡ?
ᠲᠤᠩᠬᠤ᠄ ᠪᠢ ᠪᠦᠷ ᠪᠣᠳᠣᠭᠠᠳ ᠪᠣᠳᠣᠭᠠᠳ ᠣᠯᠬᠤ ᠦᠭᠡᠢ ᠪᠣᠯᠬᠤ ᠪᠠᠷ ᠨᠢ ᠦᠯᠢᠭᠡᠷ ᠦ᠋ᠨ ᠡᠮᠡᠭᠡ ᠠ᠋ᠴᠠ ᠠᠰᠠᠭᠤᠴᠢᠬᠠᠭᠰᠠᠨ ᠶᠤᠮ ᠠ᠋᠂ ᠬᠡ ᠬᠡ
ᠮᠥᠩᠬᠡ᠄ ᠥ ! ᠬᠡ ᠬᠡ ᠬᠡ
ᠠᠷᠸ᠎ᠠ᠄ ᠬᠡ ᠬᠡ ᠬᠡ ᠁
ᠬᠤᠷᠠᠮᠳᠤᠭᠤᠯᠭ᠎ᠠ ᠬᠢᠯᠪᠠᠷᠬᠠᠨ
ᠪᠣᠲᠣᠭᠣ ᠨᠢᠭᠡ᠄ ᠬᠥᠶᠢ᠂ ᠰᠠᠢᠨ ᠪᠠᠶ᠋ᠢᠨ᠎ᠠ ᠤᠤ ?
ᠮᠥᠩᠬᠡ᠄ ᠬᠠᠢ! ᠨᠠᠶ᠋ᠢᠵᠠ ᠨᠤᠭᠤᠳ ᠮᠠᠨᠢ ᠪᠠᠶ᠋ᠢᠨ᠎ᠠ ᠰᠢᠳᠡ᠃
ᠪᠠᠰᠠᠷ: ᠬᠠᠢ! ᠦᠰᠱᠸ ᠂ ᠦᠰᠱᠸ ᠂ ᠦᠰᠱᠸ᠁ ( ᠮᠡᠳᠡᠬᠦ ᠦᠭᠡᠢ᠂ ᠮᠡᠳᠡᠬᠦ ᠦᠭᠡᠢ᠂ ᠮᠡᠳᠡᠬᠦ ᠦᠭᠡᠢ )
ᠪᠣᠲᠣᠭᠣ ᠨᠢᠭᠡ᠄ ᠬᠣᠣ ᠶᠢᠦ ᠳ᠋ᠤᠶ᠋ᠢᠩ (how you doing ) ( ᠴᠢ ᠰᠠᠢᠨ ᠪᠠᠶ᠋ᠢᠨ᠎ᠠ ᠤᠤ ? )
ᠪᠠᠰᠠᠷ᠄ ᠮᠠᠬᠠᠶ᠋ᠢᠮᠠᠵᠢ ᠂ ᠮᠨᠨᠠᠵᠢᠶᠠ ᠬᠡ ᠬᠡ!
ᠪᠣᠲᠣᠭᠣ ᠬᠣᠶᠠᠷ᠄ ᠵᠠ ! ᠰᠠᠢᠨ ᠤᠤ ? ᠨᠠᠶ᠋ᠢᠵᠠ ᠨᠤᠭᠤᠳ ᠠ᠋᠂ ᠲᠠ ᠬᠡᠳᠦ ᠮᠠᠨᠢ ᠶᠠᠭᠤ ᠬᠢᠵᠦ ᠶᠠᠪᠤᠨ᠎ᠠ ᠳᠠ᠃
ᠲᠤᠩᠬᠤ᠄ ᠠ᠂ ᠦᠯᠢᠭᠡᠷ ᠦ᠋ᠨ ᠠᠳᠠᠯ ᠶᠠᠪᠤᠳᠠᠯ ᠢ᠋ᠶ᠋ᠠᠨ ᠳᠠᠭᠤᠰᠬᠠᠴᠢᠬᠠᠭᠠᠳ᠂ ᠦᠯᠢᠭᠡᠷ ᠦ᠋ᠨ ᠬᠢᠨᠢ ᠵᠠᠷᠢᠮ ᠨᠢᠭᠡ ᠭᠠᠵᠠᠷ ᠦ᠋ᠳ ᠢ᠋ᠶ᠋ᠡᠷ ᠰᠣᠨᠢᠷᠬᠠᠭᠠᠳ ᠯᠠ ᠶᠠᠪᠤᠵᠤ ᠪᠠᠶ᠋ᠢᠯ᠎ᠠ᠃
ᠴᠠᠰᠤᠬᠠᠨ᠄ ᠬᠠᠷᠢᠨ ᠲᠠ ᠬᠣᠶᠠᠷ ᠮᠠᠨᠢ ᠡᠨᠳᠡ ᠶᠠᠭᠤ ᠬᠢᠵᠦ ᠶᠠᠪᠤᠭ᠎ᠠ ᠶᠤᠮ᠃
ᠪᠣᠲᠣᠭᠣ ᠨᠢᠭᠡ᠄ ᠪᠢᠳᠡ ᠬᠣᠶᠠᠷ ᠵᠥᠪ ᠵᠥᠪᠯᠡᠭᠡ ᠪᠡᠨ ᠥᠭᠭᠦᠭᠡᠳ ᠯᠡ ᠶᠠᠪᠤᠵᠤ ᠪᠠᠶ᠋ᠢᠨ᠎ᠠ᠃
ᠪᠣᠲᠣᠭᠣ ᠬᠣᠶᠠᠷ᠄ ᠬᠡᠦᠬᠡᠳ ᠪᠢᠳᠡᠨ ᠦ᠌ ᠢᠷᠡᠭᠡᠳᠦᠢ ᠳ᠋ᠦ᠍ ᠬᠠᠮᠤᠭ ᠤ᠋ᠨ ᠶᠡᠬᠡ ᠬᠡᠷᠡᠭ ᠪᠣᠯᠬᠤ ᠬᠠᠳᠠᠭᠠᠯᠠᠮᠵᠢ ᠶ᠋ᠢᠨ ᠲᠠᠯ᠎ᠠ ᠪᠠᠷ ᠶᠠᠷᠢᠭᠠᠳ ᠯᠠ ᠶᠠᠪᠤᠵᠤ ᠪᠠᠶ᠋ᠢᠨ᠎ᠠ᠃ᠪᠠᠢᠨ᠎ᠠ᠃ᠪᠠᠢᠨ᠎ᠠ ᠃ ᠰᠠᠢᠨ ᠰᠠᠶᠢᠨ
ᠮᠥᠩᠬᠡ᠄ ᠧᠦ᠂ ᠸᠠᠸᠦ᠂ ᠵᠠ ᠨᠢᠭᠡ ᠰᠠᠢᠬᠠᠨ ᠵᠥᠪᠯᠡᠭᠡ ᠠᠪᠴᠢᠬᠠᠶ᠎ᠠ᠃
ᠪᠣᠲᠣᠭᠣ ᠨᠢᠭᠡ᠄ ᠦ᠂ ᠪᠣᠯᠤᠨ᠎ᠠ ᠰᠢᠦ !ᠪᠢ ᠲᠡᠭᠡᠪᠡᠯ ᠬᠠᠳᠠᠭᠠᠯᠠᠮᠵᠢ ᠶ᠋ᠢᠨ ᠳᠠᠭᠠᠳᠬᠠᠯ ᠭᠡᠵᠦ ᠶᠠᠭᠤ ᠪᠠᠶ᠋ᠢᠲᠠᠭ ᠲᠠᠯ᠎ᠠ ᠪᠠᠷ ᠲᠠᠶ᠋ᠢᠯᠪᠤᠷᠢᠯᠠᠵᠤ ᠥᠭᠬᠦᠶ᠎ᠡ᠃
ᠪᠠᠰᠠᠷ᠄ ᠠᠢ᠂ ᠳᠠᠭᠠᠳᠬᠠᠭᠳᠠᠭᠰᠠᠨ ᠭᠡᠬᠦ ᠪᠡᠷ ᠨᠢᠭᠡ ᠶᠡᠬᠡ ᠨᠠᠶ᠋ᠢᠲᠠᠪᠤᠷᠢ ᠲᠠᠢ ᠰᠠᠨᠠᠭᠳᠠᠭᠠᠳ ᠪᠠᠶ᠋ᠢᠲᠠᠭ ᠶᠤᠮ᠂ ᠳᠠᠭᠠᠳᠬᠠᠯ ᠪᠣᠯ ᠴᠢᠨᠦ ᠭᠡᠰᠡᠨ ᠵᠦᠢᠯ ᠢ᠋ ᠬᠠᠮᠠᠭᠠᠯᠠᠳᠠᠭ᠂ ᠲᠡᠶ᠋ᠢᠮᠦ ᠠ᠋?
ᠪᠣᠲᠣᠭᠣ ᠬᠣᠶᠠᠷ᠄ ᠲᠡᠭᠡᠯᠭᠦᠢ ᠶᠠᠭᠠᠬᠢᠬᠤᠪ᠂ ᠠᠮᠢᠳᠤᠷᠠᠯ ᠳ᠋ᠤ᠌ ᠴᠢᠮ᠎ᠠ ᠠ᠋ᠴᠠ ᠰᠢᠯᠲᠠᠭᠠᠯᠠᠬᠤ ᠦᠭᠡᠢ᠂ ᠵᠥᠩᠳᠡᠭᠡᠨ ᠳᠠᠭ᠎ᠠ ᠦᠭᠡᠢ ᠵᠦᠢᠯ ᠲᠣᠬᠢᠶᠠᠯᠳᠤᠳᠠᠭ᠂ ᠲᠡᠷᠡ ᠪᠦᠬᠦᠨ ᠳ᠋ᠦ᠍ ᠥᠪᠡᠷ ᠦ᠋ᠨ ᠴᠢᠨᠢ ᠬᠠᠳᠠᠭᠠᠯᠠᠮᠵᠢ ᠶ᠋ᠢ ᠬᠡᠦᠬᠡᠳ ᠦ᠋ᠳ ᠲᠠ ᠨᠠᠷ ᠠ᠋ᠴᠠ ᠥᠭᠡᠷ᠎ᠡ ᠬᠡᠨ ᠴᠦ᠍ ᠠᠪᠴᠤ ᠴᠢᠳᠠᠬᠤ ᠪᠠᠷ ᠦᠭᠡᠢ ᠠᠶᠤᠯ ᠦᠭᠡᠢ ᠭᠠᠵᠠᠷ ᠪᠠᠶ᠋ᠢᠬ᠋᠎ᠠ ᠭᠡᠳᠡᠭ ᠲᠦ᠍ ᠢᠲᠡᠭᠡᠵᠦ ᠪᠣᠯᠤᠨ᠎ᠠ᠃
ᠪᠣᠲᠣᠭᠣ ᠨᠢᠭᠡ᠄ ᠲᠡᠭᠡᠭᠡᠳ ᠪᠦᠷ ᠴᠢ ᠥᠪᠡᠷ ᠢ᠋ᠶ᠋ᠡᠨ ᠳᠠᠭᠠᠳᠬᠠᠭᠤᠯᠤᠭᠰᠠᠨ ᠪᠣᠯᠪᠠ ᠦᠦ ᠶᠠᠭᠠᠬᠢᠭᠰᠠᠨ ᠪᠣᠯ ᠭᠡᠵᠦ ᠰᠠᠨᠠᠭ᠎ᠠ ᠵᠣᠪᠠᠬᠤ ᠬᠡᠷᠡᠭ ᠦᠭᠡᠢ ᠭᠡᠵᠦ ᠪᠣᠳᠣ ᠳᠠ᠂ ᠬᠠᠳᠠᠭᠠᠯᠠᠮᠵᠢ ᠡᠭᠦᠰᠬᠡᠭᠰᠡᠨ ᠴᠠᠭ ᠠ᠋ᠴᠠ ᠡᠬᠢᠯᠡᠨ᠂ ᠲᠡᠷᠡ ᠬᠠᠳᠠᠭᠠᠯᠠᠮᠵᠢ ᠴᠢᠨᠢ ᠰᠢᠭᠤᠳ ᠬᠠᠳᠠᠭᠠᠯᠠᠮᠵᠢ ᠶ᠋ᠢᠨ ᠳᠠᠭᠠᠳᠬᠠᠯ ᠤ᠋ᠨ ᠺᠤᠮᠫᠢᠤᠰᠤᠷ ᠢ᠋ᠶ᠋ᠠᠷ ᠳᠠᠭᠠᠳᠬᠠᠭᠳᠠᠳᠠᠭ ᠪᠠᠶ᠋ᠢᠬᠤ ᠦᠭᠡᠢ ᠦᠦ ?
ᠲᠤᠩᠬᠤ᠄ ᠫᠥᠬᠥ ᠂ ᠲᠡᠭᠡᠬᠦ ᠪᠡᠷ ᠂ ᠰᠢᠭᠤᠳ ᠬᠠᠮᠠᠭᠠᠯᠠᠭᠳᠠᠨ᠎ᠠ ᠭᠡᠰᠡᠨ ᠦᠭᠡ ᠦᠦ ?
ᠪᠣᠲᠣᠭᠣ ᠨᠢᠭᠡ᠄ ᠠ ᠬᠠ᠂ ᠥᠪᠡᠷ ᠢ᠋ᠶ᠋ᠡᠨ ᠳᠠᠭᠠᠳᠬᠠᠭᠤᠯᠬᠤ ᠭᠡᠳ ᠶᠠᠪᠤᠨ᠎ᠠ ᠭᠡᠵᠦ ᠰᠠᠨᠠᠭ᠎ᠠ ᠵᠣᠪᠠᠬᠤ ᠬᠡᠷᠡᠭ ᠦᠭᠡᠢ ᠪᠠᠶ᠋ᠢᠬᠤ ᠶᠤᠮ ᠪᠠᠶ᠋ᠢᠨ᠎ᠠ ᠰᠢᠦ ᠳᠡ᠃
ᠴᠠᠰᠤᠬᠠ: ᠬᠠᠮᠠᠭᠠᠯᠠᠯᠲᠠ ᠲᠠᠢ᠂ ᠨᠠᠶ᠋ᠢᠲᠠᠪᠤᠷᠢ ᠲᠠᠢ ᠪᠠᠶ᠋ᠢᠨ᠎ᠠ ᠭᠡᠳᠡᠭ ᠴᠢᠨᠢ ᠶᠡᠬᠡ ᠴᠢᠬᠤᠯᠠ ᠰᠢᠦ᠃
ᠪᠣᠲᠣᠭᠣ ᠨᠢᠭᠡ᠄ ᠪᠢᠳᠡ ᠲᠡᠭᠡᠭᠡᠳ ᠯᠡ ᠬᠠᠳᠠᠭᠠᠯᠠᠮᠵᠢ ᠭᠡᠳᠡᠭ ᠵᠥᠪᠬᠡᠨ ᠥᠰᠴᠦ ᠦᠷᠡᠵᠢᠭᠦᠯᠬᠦ ᠭᠡᠰᠡᠨ ᠦᠭᠡ ᠪᠢᠰᠢ᠂ ᠨᠠᠶ᠋ᠢᠲᠠᠪᠤᠷᠢ ᠲᠠᠢ᠂ ᠬᠠᠮᠠᠭᠠᠯᠠᠯᠲᠠ ᠲᠠᠢ ᠵᠦᠢᠯ ᠶᠦ᠍ᠮ ᠰᠢᠦ ᠭᠡᠳᠡᠭ ᠢ᠋ ᠬᠡᠦᠬᠡᠳ ᠵᠠᠯᠠᠭᠤᠴᠤᠳ ᠲᠤ᠌ ᠪᠠᠨ ᠣᠶ᠋ᠢᠯᠠᠭᠠᠭᠤᠯᠬᠤ ᠭᠡᠳ ᠶᠠᠪᠤᠭ᠎ᠠ ᠶᠤᠮ᠃
ᠮᠥᠩᠬᠡ᠄ ᠵᠠ᠂ ᠢᠩᠭᠢᠭᠡᠳ ᠪᠢᠳᠡᠨ ᠠ᠋ᠴᠠ ᠡᠬᠢᠯᠡᠭᠡᠳ ᠰᠠᠢᠨ ᠣᠶ᠋ᠢᠯᠠᠭᠠᠵᠤ ᠡᠬᠢᠯᠡᠵᠦ ᠪᠠᠶ᠋ᠢᠬ᠋᠎ᠠ ᠪᠠᠶ᠋ᠢᠬ᠎ᠠ᠃
ᠲᠤᠩᠬᠤ᠄ ᠪᠠᠶᠠᠷᠯᠠᠯ᠎ᠠ !
ᠴᠠᠰᠤᠬᠠᠨ᠄ ᠶᠡᠬᠡ ᠵᠦᠢᠯ ᠊ᠢ ᠣᠶ᠋ᠢᠯᠠᠭᠠᠯᠠ ᠪᠠᠶᠠᠷᠯᠠᠯ᠎ᠠ !
ᠪᠠᠰᠠᠷ᠄ ᠴᠢᠦᠱ !
ᠬᠤᠷᠠᠮᠳᠤᠭᠤᠯᠭ᠎ᠠ ᠬᠢᠯᠪᠠᠷᠬᠠᠨ
ᠵᠡᠭᠦᠯᠲᠡ ᠄
ᠰᠲ᠋ᠠᠨᠽᠢ —ᠶᠠᠮᠠᠷ ᠨᠢᠭᠡᠨ ᠠᠵᠢᠯ ᠮᠡᠷᠭᠡᠵᠢᠯ ᠦ᠋ᠨ ᠥᠷᠲᠡᠭᠡ ᠪᠤᠶᠤ ᠨᠢᠭᠡᠴᠢ ᠭᠡᠰᠡᠨ ᠬᠠᠷᠢ ᠭᠠᠷᠤᠯᠲᠠᠢ ᠦᠭᠡ
ᠦᠰᠱᠸ — ᠮᠡᠳᠡᠬᠦ ᠦᠭᠡᠢ ᠭᠡᠰᠡᠨ ᠤᠳᠬ᠎ᠠ ᠲᠠᠢ ᠠᠩᠭ᠌ᠯᠢ ᠦᠭᠡ᠃
ᠬᠣᠣ ᠶᠢᠦ ᠳ᠋ᠤᠶ᠋ᠢᠩ (how you doing ) —ᠴᠢ ᠰᠠᠢᠨ ᠪᠠᠶ᠋ᠢᠨ᠎ᠠ ᠤᠤ
ᠦᠰᠦᠭ ᠠᠮᠢᠯᠠᠭᠤᠯᠤᠭᠴᠢ ᠄ ᠾᠦᠩ ᠸᠧᠢ
ᠬᠢᠨᠠᠯᠲᠠ ᠄ ᠠ ᠰᠠᠷᠠᠩᠭᠡᠷᠡᠯ᠂ ᠢᠷᠡᠭᠡᠳᠦᠢ᠂ ᠨᠠᠷᠨᠮᠠᠨᠲᠠ᠂ ᠰᠤᠮᠢᠶ᠎ᠠ᠂ ᠨᠤᠮᠤᠴᠢᠨ ᠪᠢᠯᠢᠭ