ᠵᠠᠩᠭᠠᠷ ᠤ᠋ᠨ ᠣᠷᠣᠰᠢᠯ ᠪᠦᠯᠦᠭ ᠦ᠋ᠨ ᠳᠣᠯᠣᠳᠤᠭᠠᠷ ᠬᠡᠰᠡᠭᠯᠡᠯ-ᠤᠰᠤᠨ ᠲᠠᠷᠭᠤᠨ ᠭᠦᠵᠡᠭᠡᠨ ᠭᠦᠮᠪᠡ ᠪᠠᠭᠠᠲᠤᠷЖангарын оршил бөлгийн долоодугаар хэсэглэл-усан тарган гүзээн хүмба баатар ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠣᠷᠣᠰᠢᠯ ᠪᠦᠯᠦᠭ ᠦ᠋ᠨ ᠳᠣᠯᠣᠳᠤᠭᠠᠷ ᠬᠡᠰᠡᠭᠯᠡᠯ-ᠤᠰᠤᠨ ᠲᠠᠷᠭᠤᠨ ᠭᠦᠵᠡᠭᠡᠨ ᠭᠦᠮᠪᠡ ᠪᠠᠭᠠᠲᠤᠷЖангарын оршил бөлгийн долоодугаар хэсэглэл-усан тарган гүзээн хүмба баатар

ᠵᠠᠩᠭᠠᠷ ᠤ᠋ᠨ ᠣᠷᠣᠰᠢᠯ ᠪᠦᠯᠦᠭ ᠦ᠋ᠨ ᠳᠣᠯᠣᠳᠤᠭᠠᠷ ᠬᠡᠰᠡᠭᠯᠡᠯ-ᠤᠰᠤᠨ ᠲᠠᠷᠭᠤᠨ ᠭᠦᠵᠡᠭᠡᠨ ᠭᠦᠮᠪᠡ ᠪᠠᠭᠠᠲᠤᠷЖангарын оршил бөлгийн долоодугаар хэсэглэл-усан тарган гүзээн хүмба баатар

ᠠᠩᠭᠢᠯᠠᠯ:ᠲᠤᠤᠯᠢᠰ
2023-05-04

876

ᠤᠰᠤᠨ ᠲᠠᠷᠭᠤᠨ ᠭᠦᠵᠡᠭᠡᠨ ᠭᠦᠮᠪᠡ ᠪᠠᠭᠠᠲᠤᠷ

ᠠᠯᠳᠠᠷ ᠨᠣᠶᠠᠨ ᠪᠣᠭᠳᠠ ᠵᠠᠩᠭᠠᠷ ᠤ᠋ᠨ᠂

ᠠᠷᠪᠠᠨ ᠬᠣᠶᠠᠷ ᠪᠠᠭᠠᠲᠤᠷ ᠤ᠋ᠨ ᠨᠢᠭᠡᠨ᠂

ᠤᠰᠤᠨ ᠲᠠᠷᠭᠤᠨ ᠭᠦᠵᠡᠭᠡᠨ ᠭᠦᠮᠪᠡ ᠪᠠᠭᠠᠲᠤᠷ ᠢ᠋᠂

ᠡᠨᠳᠡ ᠰᠠᠭᠤᠭᠰᠠᠨ ᠲᠠᠨᠠᠷ ᠲᠠᠭᠠᠨ᠂

ᠬᠡᠯᠡᠭᠡᠳ ᠦᠵᠡᠳᠡᠭ ᠪᠣᠯᠬᠤᠯ᠎ᠠ᠂

ᠳᠠᠬᠢᠭᠠᠳ ᠰᠠᠭᠤᠬᠤᠯᠠᠷ᠂

ᠬᠣᠷᠢᠨ ᠲᠠᠪᠤᠨ ᠬᠥᠮᠦᠨ ᠦ᠌ ᠪᠠᠢᠷᠢ ᠶ᠋ᠢ᠂

ᠡᠵᠡᠯᠡᠳᠡᠭ ᠭᠡᠨ᠎ᠡ ᠯᠡ᠂

ᠲᠠᠪᠢᠭᠠᠳ ᠰᠠᠭᠤᠬᠤᠯᠠᠷ᠂

ᠲᠠᠪᠢᠨ ᠲᠠᠪᠤᠨ ᠬᠥᠮᠦᠨ ᠦ᠌ ᠪᠠᠢᠷᠢ ᠶ᠋ᠢ᠂

ᠡᠵᠡᠯᠡᠳᠡᠭ ᠭᠡᠨ᠎ᠡ ᠯᠡ᠂

ᠲᠦᠮᠡᠨ ᠬᠥᠮᠦᠨ ᠲᠦᠯᠬᠢᠪᠡᠴᠦ᠂

ᠲᠦᠭᠳᠦᠷᠡᠳᠡᠭ ᠶᠣᠰᠣᠨ ᠦᠭᠡᠢ ᠭᠡᠨ᠎ᠡ ᠯᠡ᠂

ᠮᠢᠩᠭᠠᠨ ᠬᠥᠮᠦᠨ ᠲᠦᠯᠬᠢᠪᠡᠴᠦ᠂

ᠲᠠᠮᠳᠠᠷᠠᠳᠠᠭ ᠶᠣᠰᠣᠨ ᠦᠭᠡᠢ ᠭᠡᠨ᠎ᠡ ᠯᠡ᠂

ᠨᠠᠳᠤᠷ ᠴᠠᠭᠠᠨ ᠠᠷᠪᠢᠩ ᠢ᠋ᠶ᠋ᠠᠨ᠂

ᠮᠣᠯᠣᠷ ᠠᠯᠲᠠᠨ ᠲᠦᠳᠡᠭ ᠢ᠋ᠶ᠋ᠡᠷ᠂

ᠨᠠᠶᠠᠨ ᠳᠠᠪᠬᠤᠷ ᠬᠦᠳᠦᠷᠡᠨ ᠪᠦᠰᠡᠯᠡᠭᠰᠡᠨ᠂

ᠠᠭᠤᠯᠠ ᠶ᠋ᠢᠨ ᠴᠢᠨᠡᠭᠡᠨ᠂

ᠤᠷᠲᠤ ᠬᠠᠷ᠎ᠠ ᠬᠦᠯᠦᠭ ᠲᠡᠢ᠂

ᠤᠰᠤᠨ ᠲᠠᠷᠭᠤᠨ ᠭᠦᠵᠡᠭᠡᠨ ᠭᠦᠮᠪᠡ ᠭᠡᠵᠦ᠂

ᠬᠡᠯᠡᠳᠡᠭ ᠰᠠᠨᠵᠠᠢ ᠭᠡᠨ᠎ᠡ ᠯᠡ᠃


ᠦᠭᠡᠰ ᠦ᠋ᠨ ᠲᠠᠢᠯᠪᠤᠷᠢ᠄

1 ᠂ᠲᠦᠭᠳᠦᠷᠡᠳᠡᠭ — ᠬᠦᠨᠳᠦ ᠪᠠᠲᠤ ᠰᠠᠭᠤᠷᠢ ᠠ᠋ᠴᠠ ᠪᠠᠨ ᠬᠥᠳᠡᠯᠳᠡᠭ ᠦᠭᠡᠢ᠃

2 ᠂ ᠲᠠᠮᠲᠠᠷᠠᠠᠲᠠᠭ ᠦᠭᠡᠢ — ᠣᠷᠣᠮ ᠠ᠋ᠴᠠ ᠪᠠᠨ ᠰᠢᠯᠵᠢᠰᠢ ᠦᠭᠡᠢ ᠪᠠᠲᠤ ᠪᠡᠬᠢ ᠰᠠᠭᠤᠳᠠᠯ ᠲᠠᠢ ᠂ ᠰᠠᠯᠤᠰᠢ ᠦᠭᠡᠢ ᠂ ᠡᠪᠳᠡᠷᠡᠰᠢ ᠦᠭᠡᠢ᠃

3 ᠂ ᠨᠠᠳᠤᠷ ᠴᠠᠭᠠᠨ ᠠᠷᠪᠢᠩ — ᠡᠷᠳᠡᠨᠢ ᠶ᠋ᠢᠨ ᠵᠤᠶ᠋ᠢᠯ ᠢ᠋ᠶ᠋ᠠᠷ ᠴᠢᠮᠡᠭᠰᠡᠨ ᠠᠭᠤᠵᠢᠮ ᠰᠠᠢᠬᠠᠨ ᠴᠠᠭᠠᠨ ᠮᠢᠨᠳᠠᠰᠤᠨ ᠳᠡᠪᠡᠯ ᠂ ᠰᠤᠮᠤ ᠪᠣᠯᠤᠨ ᠵᠠᠷ ᠵᠡᠪᠰᠡᠭ  ᠦ᠋ᠨ ᠵᠤᠶ᠋ᠢᠯ ᠠ᠋ᠴᠠ ᠪᠡᠶ᠎ᠡ ᠶ᠋ᠢ ᠬᠠᠮᠠᠭᠠᠯᠠᠳᠠᠭ ᠡᠮᠦᠰᠬᠦ ᠳ᠋ᠦ᠍ ᠳᠡᠪᠡᠯ ᠮᠡᠲᠦ ᠵᠥᠭᠡᠯᠡᠨ ᠮᠢᠨᠳᠠᠰᠤᠨ ᠬᠤᠶᠠᠭ ᠪᠣᠯᠤᠨ᠎ᠠ᠃

4 ᠂ ᠮᠣᠯᠣᠷ ᠠᠯᠲᠠᠨ ᠲᠦᠳᠡᠭ — ᠪᠥᠭᠡᠷᠡᠩᠬᠡᠢ ᠠᠯᠲᠠᠨ ᠲᠣᠪᠴᠢ᠂ ᠳᠡᠪᠡᠯ ᠪᠤᠶᠤ ᠵᠥᠭᠡᠯᠡᠨ ᠮᠢᠨᠳᠠᠰᠤᠨ ᠬᠤᠶᠠᠭ ᠤ᠋ᠨ ᠠᠯᠲᠠ  ᠪᠠᠷ ᠬᠢᠭᠰᠡᠨ ᠲᠣᠪᠴᠢ ᠪᠣᠯᠤᠨ ᠲᠣᠪᠴᠢ ᠪᠠᠨ ᠲᠣᠪᠴᠢᠯᠠᠳᠠᠭ ᠠᠯᠲᠠᠨ ᠭᠣᠭᠴᠣᠭ᠎ᠠ᠃

5. ᠬᠦᠲᠦᠷᠡᠨ ᠪᠦᠰᠡᠯᠡᠭᠰᠡᠨ — ᠨᠦᠮᠦᠷᠢᠨ ᠪᠦᠰᠡᠯᠡᠭᠰᠡᠨ ᠂ ᠨᠦᠮᠦᠷᠢᠵᠤ ᠪᠦᠰᠡᠯᠡᠭᠰᠡᠨ᠃

6. ᠭᠦᠵᠡᠭᠡᠨ ᠭᠦᠮᠪᠡ — ᠶᠡᠬᠡ ᠲᠣᠮᠣ ᠪᠡᠶ᠎ᠡ ᠲᠡᠢ ᠪᠦᠳᠦᠭᠦᠨ ᠭᠡᠳᠡᠰᠦ ᠲᠡᠢ ᠬᠤᠶᠠᠭ ᠪᠠᠶᠠᠨ ᠳ᠋ᠤᠨᠢ ᠪᠠᠭᠲᠠᠠᠭ ᠦᠭᠡᠢ ᠪᠠᠭᠠᠲᠤᠷ ᠪᠣᠯᠤᠨ᠎ᠠ᠂ ᠭᠦᠮᠪᠡ ᠨᠡᠷ᠎ᠡ ᠨᠢ ᠪᠣᠯᠤᠨ᠎ᠠ᠃


                     2023 ᠂4 ᠂16 

ᠭᠠᠷᠠᠭ ᠤ᠋ᠨ2 ᠤ᠋ ᠡᠳᠦᠷ ᠡᠯᠡᠰᠦᠲᠡᠢ ᠬᠣᠲᠠ ᠶ᠋ᠢᠨ ᠣᠶᠤᠲᠠᠨ ᠤ᠋ ᠪᠠᠶ᠋ᠢᠷᠢ ᠳ᠋ᠤ᠌ ᠪᠢᠴᠢᠵᠦ ᠲᠡᠮᠳᠡᠭᠯᠡᠪᠡ᠃

 


ᠭᠦᠵᠡᠭᠡᠨ ᠭᠥᠮᠪᠡ ᠪᠠᠭᠠᠲᠤᠷ ᠤᠨ ᠲᠠᠢᠯᠤᠮᠵᠢ