ᠵᠠᠩᠭᠠᠷ ᠤ᠋ᠨ ᠣᠷᠣᠰᠢᠯ ᠪᠦᠯᠦᠭ ᠦ᠋ᠨ ᠳᠥᠷᠪᠡᠳᠦᠭᠡᠷ ᠬᠡᠰᠡᠭᠯᠡᠯ- ᠠᠪᠠᠢ ᠭᠡᠷᠡᠯ ᠬᠠᠲᠤᠨЖангарын оршил бөлгийн дөрөвдүгээр хэсэглэл-авай гэрэл хатан ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠣᠷᠣᠰᠢᠯ ᠪᠦᠯᠦᠭ ᠦ᠋ᠨ ᠳᠥᠷᠪᠡᠳᠦᠭᠡᠷ ᠬᠡᠰᠡᠭᠯᠡᠯ- ᠠᠪᠠᠢ ᠭᠡᠷᠡᠯ ᠬᠠᠲᠤᠨЖангарын оршил бөлгийн дөрөвдүгээр хэсэглэл-авай гэрэл хатан

ᠵᠠᠩᠭᠠᠷ ᠤ᠋ᠨ ᠣᠷᠣᠰᠢᠯ ᠪᠦᠯᠦᠭ ᠦ᠋ᠨ ᠳᠥᠷᠪᠡᠳᠦᠭᠡᠷ ᠬᠡᠰᠡᠭᠯᠡᠯ- ᠠᠪᠠᠢ ᠭᠡᠷᠡᠯ ᠬᠠᠲᠤᠨЖангарын оршил бөлгийн дөрөвдүгээр хэсэглэл-авай гэрэл хатан

ᠠᠩᠭᠢᠯᠠᠯ:ᠲᠤᠤᠯᠢᠰ
2023-04-30

1234

ᠵᠠᠩᠭᠠᠷ ᠤ᠋ᠨ ᠣᠷᠣᠰᠢᠯ ᠪᠦᠯᠦᠭ ᠦ᠋ᠨ ᠳᠥᠷᠪᠡᠳᠦᠭᠡᠷ ᠬᠡᠰᠡᠭᠯᠡᠯ

   ᠠᠪᠠᠢ ᠭᠡᠷᠡᠯ ᠬᠠᠲᠤᠨ
ᠠᠯᠳᠠᠷ ᠨᠣᠶᠠᠨ ᠪᠣᠭᠳᠠ ᠵᠠᠩᠭᠠᠷ ᠤ᠋ᠨ᠂ 

ᠠᠪᠠᠢ ᠭᠡᠷᠡᠯ ᠬᠠᠲᠤᠨ ᠤ᠋ ᠳᠦᠷᠢ ᠶ᠋ᠢ᠂ 

ᠡᠨᠳᠡ ᠰᠠᠭᠤᠭᠰᠠᠨ ᠲᠠᠨᠠᠷ ᠲᠠᠭᠠᠨ᠂ 

ᠡᠬᠡᠰᠢᠭ ᠳᠠᠭᠤᠤ ᠪᠠᠷ ᠤᠶᠠᠩᠭᠠᠯᠠᠭᠠᠳ᠂᠂ 

ᠰᠠᠢᠨ ᠶᠣᠰᠣ ᠶ᠋ᠢ ᠬᠢᠴᠢᠶᠡᠩᠭᠦᠢᠯᠡᠨ᠂ 

ᠰᠠᠨᠠᠭᠠᠨ ᠳ᠋ᠤ᠌ ᠪᠠᠢᠭᠰᠠᠨ ᠢ᠋ᠶ᠋ᠠᠨ ᠲᠤᠩᠭᠠᠭᠠᠳ᠂ 

ᠬᠡᠯᠡᠭᠡᠳ ᠦᠵᠡᠳᠡᠭ ᠪᠣᠯᠬᠤᠯ᠎ᠠ᠂ 

ᠭᠠᠷᠬᠤ ᠨᠠᠷᠠᠨ ᠤ᠋ ᠳᠦᠷᠢ ᠲᠡᠢ ᠭᠡᠨ᠎ᠡ ᠯᠡ᠂ 

ᠭᠠᠯᠪᠢᠷ ᠤᠯᠠᠭᠠᠨ ᠬᠠᠴᠠᠷ ᠲᠠᠢ᠂ 

ᠣᠷᠣᠬᠤ ᠨᠠᠷᠠᠨ ᠤ᠋ ᠳᠦᠷᠢ ᠲᠡᠢ ᠭᠡᠨ᠎ᠡ ᠯᠡ᠂ 

ᠤᠯᠠᠪᠢᠷ ᠤᠯᠠᠭᠠᠨ ᠬᠠᠴᠠᠷ ᠲᠠᠢ᠂ 

ᠮᠣᠢᠯ ᠬᠣᠶᠠᠷ ᠨᠢᠳᠦ ᠲᠡᠢ ᠭᠡᠨ᠎ᠡ ᠯᠡ᠂ 

ᠮᠥᠭᠡᠷᠡᠯ ᠰᠠᠢᠬᠠᠨ ᠬᠠᠮᠠᠷ ᠲᠠᠢ ᠭᠡᠨ᠎ᠡ ᠯᠡ᠂ 

ᠬᠠᠰ ᠴᠠᠭᠠᠨ ᠰᠢᠲᠦ ᠲᠡᠢ ᠭᠡᠨ᠎ᠡ᠂ 

ᠬᠠᠯᠪᠠᠷ ᠮᠥᠩᠭᠥᠨ ᠤᠷᠤᠭᠤᠯ ᠲᠠᠢ ᠭᠡᠨ᠎ᠡ᠂ 

ᠴᠢᠬᠢ ᠲᠡᠢ ᠪᠡᠨ ᠰᠠᠴᠠᠭᠤ ᠱᠠᠩᠬᠠᠭ ᠲᠠᠢ ᠭᠡᠨ᠎ᠡ ᠯᠡ᠂ 

ᠴᠢᠯᠳᠡᠩ ᠤᠯᠠᠭᠠᠨ ᠬᠠᠴᠠᠷ ᠲᠠᠢ ᠭᠡᠨ᠎ᠡ ᠯᠡ᠂ 

ᠡᠭᠡᠮ ᠲᠡᠢ ᠪᠡᠨ ᠰᠠᠴᠠᠭᠤ ᠱᠠᠩᠬᠠᠭ ᠲᠠᠢ ᠭᠡᠨ᠎ᠡ ᠯᠡ᠂ 

ᠡᠶᠡᠯᠳᠡᠭ ᠰᠠᠢᠬᠠᠨ ᠬᠠᠴᠠᠷ ᠲᠠᠢ ᠯᠠ ᠭᠡᠨ᠎ᠡ ᠯᠡ᠂ 

ᠥᠷᠢᠭᠦᠦ ᠵᠥᠷᠢᠭᠦᠦ ᠪᠠᠷᠠᠯᠠᠭᠰᠠᠨ ᠬᠥᠮᠦᠰ ᠲᠦ᠍᠂ 

ᠤᠢᠲᠠᠨ ᠡᠩᠨᠡᠭᠡᠨ ᠴᠡᠴᠡᠭ ᠦ᠋ᠨ᠂ 

ᠦᠨᠦᠷ ᠲᠠᠨᠢᠷ ᠴᠣᠬᠢᠬᠤ ᠲᠣᠰᠤᠮ᠂ 

ᠦᠷᠭᠦᠯᠵᠢ ᠮᠥᠩᠬᠡ ᠨᠠᠰᠤᠯᠠᠨ ᠵᠢᠷᠭᠠᠳᠠᠭ ᠰᠠᠨᠵᠠᠢ ᠭᠡᠨ᠎ᠡ ᠯᠡ᠂ 

ᠭᠡᠷ ᠢᠪᠲᠡ ᠭᠡᠷᠡᠯ ᠲᠡᠢ ᠭᠡᠨ᠎ᠡ ᠯᠡ᠂ 

ᠭᠡᠭᠡ ᠢᠪᠲᠡ ᠲᠣᠯᠢ ᠲᠠᠢ ᠭᠡᠨ᠎ᠡ ᠯᠡ᠂ 

ᠭᠡᠷᠡᠯ ᠳ᠋ᠦ᠍ᠨᠢ ᠦᠢᠯᠡ ᠪᠠᠷᠢᠮ᠎ᠠ᠂ 

ᠭᠡᠭᠡᠨ ᠳ᠋ᠦ᠍ᠨᠢ ᠠᠳᠤᠭᠤ ᠮᠠᠨᠠᠮ᠎ᠠ 

ᠦᠬᠦᠭᠰᠡᠨ ᠬᠥᠮᠦᠨ  ᠢ᠋ ᠠᠮᠢᠳᠤᠷᠠᠭᠤᠯᠳᠠᠭ᠂ 

ᠦᠭᠡᠢᠷᠡᠭᠰᠡᠨ ᠬᠥᠮᠦᠨ  ᠢ᠋ ᠪᠠᠶᠠᠵᠢᠭᠤᠯᠳᠠᠭ᠂ 

ᠰᠣᠬᠣᠷ ᠬᠥᠮᠦᠨ ᠳ᠋ᠦ᠍ ᠨᠢᠳᠦ ᠣᠷᠣᠭᠤᠯᠳᠠᠭ᠂ 

ᠰᠤᠳᠤᠷ ᠬᠥᠮᠦᠨ ᠳ᠋ᠦ᠍ ᠤᠬᠠᠭ᠎ᠠ ᠣᠷᠣᠭᠤᠯᠳᠠᠭ᠂ 

ᠷᠢᠳᠢ ᠲᠡᠢ ᠰᠢᠳᠢ ᠲᠡᠢ ᠬᠠᠲᠤᠨ ᠭᠡᠵᠦ᠂ 

ᠬᠡᠯᠡᠳᠡᠭ ᠰᠠᠨᠵᠠᠢ ᠭᠡᠨ᠎ᠡ ᠯᠡ᠃


ᠦᠭᠡᠰ ᠦ᠋ᠨ ᠲᠠᠢᠯᠪᠤᠷᠢ᠄
1
᠂ ᠣᠷᠣᠬᠤ ᠨᠠᠷᠠ᠁ ᠵᠢᠷᠭᠠᠬᠤ ᠨᠠᠷᠠ᠂ ᠰᠢᠩᠭᠡᠬᠦ ᠨᠠᠷᠠ᠃

2 ᠮᠥᠭᠡᠷᠡᠯ ᠰᠠᠢᠬᠠᠨ ᠬᠠᠮᠠᠷ᠁ ᠲᠡᠭᠰᠢ ᠰᠠᠢᠬᠠᠨ ᠬᠠᠮᠠᠷ᠃

3᠂ ᠬᠠᠯᠪᠠᠷ ᠮᠥᠩᠭᠥᠨ ᠤᠷᠤᠭᠤᠯ᠁ ᠨᠢᠮᠭᠡᠨ ᠲᠡᠭᠰᠢᠬᠡᠨ ᠰᠠᠢᠬᠠᠨ ᠤᠷᠤᠭᠤᠯ᠃

4 ᠱᠠᠩᠬᠠᠭ᠁ ᠮᠠᠩᠨᠠᠢ ᠳᠡᠭᠡᠷ᠎ᠡ ᠤᠷᠭᠤᠭᠰᠠᠨ ᠦᠰᠦ ᠪᠡᠨ ᠬᠣᠶᠠᠷ ᠲᠡᠢᠰᠢ ᠨᠢ ᠬᠣᠶᠠᠷ ᠴᠢᠬᠢᠨ ᠦ᠌ ᠪᠡᠨ ᠤᠷᠢᠳᠠᠭᠤᠷ ᠰᠢᠨᠡ ᠪᠡᠨ ᠳᠠᠭᠠᠭᠤᠯᠤᠨ ᠰᠠᠮᠨᠠᠭᠰᠠᠨ ᠪᠠᠢᠳᠠᠯ᠃

5᠂ ᠤᠢᠲᠠᠨ᠁ ᠴᠡᠴᠡᠭ ᠦ᠋ᠨ ᠨᠡᠷ᠎ᠡ᠃

6 ᠢᠪᠡᠳᠡ᠁ ᠨᠡᠪᠲᠡ ᠣᠢᠷᠠᠳ ᠬᠡᠯᠡᠨ ᠦ᠌ ᠠᠶᠠᠯᠭᠤᠨ ᠳ᠋ᠤ᠌ ᠵᠠᠷᠢᠮ ᠭᠠᠵᠠᠷ ᠨᠤᠲᠤᠭ ᠲᠤ᠌ ᠢᠪᠲᠡ ᠭᠡᠵᠦ ᠬᠡᠯᠡᠳᠡᠭ᠃

7᠂ ᠰᠤᠳᠤᠷ᠁ ᠣᠢᠷᠠᠳ ᠠᠶᠠᠯᠭᠤᠨ ᠳ᠋ᠤ᠌ ᠲᠡᠨᠡᠭ ᠮᠤᠩᠬᠠᠭ᠂ ᠤᠰᠤᠨ ᠲᠡᠨᠡᠭ ᠭᠡᠬᠦ ᠵᠡᠷᠭᠡ ᠤᠳᠬ᠎ᠠ ᠪᠠᠷ ᠬᠡᠯᠡᠭᠳᠡᠨ᠎ᠡ᠃

8᠂ ᠠᠪᠠᠢ ᠭᠡᠷᠡᠯ᠁ ᠵᠠᠩᠭᠠᠷ ᠤ᠋ᠨ ᠬᠠᠲᠤᠨ ᠤ᠋ ᠬᠦᠨᠳᠦᠳᠬᠡᠯ ᠳᠠᠭᠤᠳᠠᠯᠭ᠎ᠠ᠂ ᠵᠠᠩᠭᠠᠷ ᠤ᠋ᠨ ᠠᠪᠠᠯᠢ ᠬᠠᠲᠤᠨ ᠭᠡᠰᠡᠨ ᠬᠦᠨᠳᠦᠳᠬᠡᠯ ᠳᠠᠭᠤᠳᠠᠯᠭ᠎ᠠ ᠪᠣᠯᠤᠨ᠎ᠠ᠃

9 ᠭᠠᠯᠪᠢᠷ ᠤᠯᠠᠭᠠᠨ᠁ ᠭᠠᠯ ᠰᠢᠭ᠋ ᠤᠯᠠᠭᠠᠨ᠃

10᠂ ᠴᠢᠯᠳᠡᠩ᠁ ᠴᠢᠰ ᠤᠯᠠᠭᠠᠨ᠃
2022
124 ᠭᠠᠷᠠᠭ ᠤ᠋ᠨ ᠡᠳᠦᠷ ᠦ᠋ᠨ ᠦᠳᠡᠰᠢ ᠶ᠋ᠢᠨ10 ᠴᠠᠭ ᠲᠤ᠌ ᠬᠠᠯᠢᠮᠠᠭ ᠤᠯᠤᠰ ᠤ᠋ᠨ ᠨᠡᠢᠰᠯᠡᠯ ᠡᠯᠡᠰᠦᠲᠡᠢ ᠬᠣᠲᠠ ᠶ᠋ᠢᠨ ᠣᠶᠤᠲᠠᠨ ᠤ᠋ ᠪᠠᠢᠷᠢ ᠳ᠋ᠤ᠌ ᠪᠢᠴᠢᠵᠦ ᠲᠡᠮᠳᠡᠭᠯᠡᠪᠡ᠃ ᠳ᠂ ᠨᠠᠷᠠᠰᠤ᠃

ᠠᠪᠠᠢ ᠭᠡᠷᠡᠯ ᠬᠠᠳᠤᠨ ᠤ ᠲᠠᠢᠯᠤᠮᠵᠢ