ᠴᠠᠳᠠᠷᠪᠠᠯ ᠤᠨ ᠯᠣᠳᠣᠢᠳᠠᠮᠪᠠ-XX ᠵᠠᠭᠤᠨ ᠤ ᠭᠠᠷᠮᠠᠭᠠᠢ ᠵᠣᠬᠢᠶᠠᠯᠴᠢЧадраабалын Лодойдамба-XX зууны гарамгай зохиолч
ᠴᠠᠳᠠᠷᠪᠠᠯ ᠤᠨ ᠯᠣᠳᠤᠢᠳᠠᠮᠪᠠ ᠳᠥᠭᠥᠮ ᠨᠠᠮᠲᠠᠷ
ᠴᠠᠳᠠᠷᠪᠠᠯ ᠤᠨ ᠯᠣᠳᠤᠢᠳᠠᠮᠪᠠ (1917 ᠣᠨ ᠤ᠋ 8 ᠰᠠᠷ᠎ᠠ ᠶ᠋ᠢᠨ 20 ᠳ᠋ᠤ᠌ ᠭᠣᠪᠢ-ᠠᠯᠲᠠᠢ ᠠᠢᠮᠠᠭ ᠲᠤ᠌ ᠲᠥᠷᠥᠵᠦ᠂ 1970 ᠣᠨ ᠤ᠋ 1 ᠰᠠᠷ᠎ᠠ ᠶ᠋ᠢᠨ 11 ᠳ᠋ᠦ᠍ ᠨᠠᠰᠤ ᠪᠠᠷᠠᠵᠠᠢ) 1940 ᠣᠨ ᠠ᠋ᠴᠠ ᠬᠣᠯᠪᠣᠭᠠᠨ ᠤ᠋ ᠹᠢᠽᠢᠺ ᠦ᠋ᠨ ᠪᠠᠭᠰᠢ᠂ 1941 ᠣᠨ ᠳ᠋ᠤ᠌ ᠷᠠᠳᠢᠣ᠋ ᠬᠣᠷᠢᠶᠠᠨ ᠳ᠋ᠤ᠌ ᠣᠷᠣᠯᠠᠭᠴᠢ ᠳᠠᠷᠤᠭ᠎ᠠ᠂《ᠴᠣᠭ》 ᠰᠡᠳᠬᠦᠯ ᠦ᠋ᠨ ᠡᠷᠬᠢᠯᠡᠭᠴᠢ᠂ 1959 ᠣᠨ ᠠ᠋ᠴᠠ ᠤᠷᠠᠯᠢᠭ ᠤ᠋ᠨ ᠬᠡᠷᠡᠭ ᠡᠷᠬᠢᠯᠡᠬᠦ ᠬᠣᠷᠢᠶᠠᠨ ᠤ᠋ 1 ᠳ᠋ᠦ᠍ᠭᠡᠷ ᠣᠷᠣᠯᠠᠭᠴᠢ ᠳᠠᠷᠤᠭ᠎ᠠ᠂ 1961 ᠣᠨ ᠠ᠋ᠴᠠ ᠰᠣᠶᠣᠯ ᠤ᠋ᠨ ᠶᠠᠮᠤᠨ ᠤ᠋ 1 ᠳ᠋ᠦ᠍ᠭᠡᠷ ᠣᠷᠣᠯᠠᠭᠴᠢ ᠰᠠᠢᠳ᠂ ᠤᠷᠠᠨ ᠰᠠᠢᠬᠠᠨ ᠤ᠋ ᠵᠥᠪᠯᠡᠯ ᠦ᠋ᠨ ᠳᠠᠷᠤᠭ᠎ᠠ ᠪᠠᠷ ᠠᠵᠢᠯᠯᠠᠵᠤ ᠪᠠᠢᠭᠰᠠᠨ ᠰᠡᠬᠡᠭᠡᠲᠡᠨ ᠶᠦ᠍ᠮ᠃ ᠦᠷᠭᠦᠯᠵᠢᠯᠡᠭᠰᠡᠨ ᠦᠭᠡ ᠪᠣᠯᠤᠨ ᠵᠦᠴᠦᠭᠡ ᠶ᠋ᠢᠨ ᠵᠣᠬᠢᠶᠠᠯᠴᠢ᠂ ᠤᠳᠬ᠎ᠠ ᠵᠣᠬᠢᠶᠠᠯ ᠰᠤᠳᠤᠯᠤᠭᠠᠴᠢ᠂ ᠰᠣᠶᠣᠯ ᠣᠯᠠᠨ ᠨᠡᠢᠲᠡ ᠶ᠋ᠢᠨ ᠨᠡᠷᠡᠲᠦ ᠵᠢᠳᠬᠦᠯᠲᠡᠨ᠂ ᠲᠥᠷᠥ ᠶ᠋ᠢᠨ ᠱᠠᠩᠨᠠᠯᠲᠤ᠂ ᠰᠣᠶᠣᠯ ᠣᠯᠠᠨ ᠨᠡᠢᠲᠡ ᠶ᠋ᠢᠨ ᠨᠡᠷᠡᠲᠦ ᠵᠢᠳᠬᠦᠯᠲᠡᠨ᠂ ᠦᠷᠭᠦᠯᠵᠢᠯᠡᠭᠰᠡᠨ ᠦᠭᠡ᠂ ᠵᠦᠴᠦᠭᠡ ᠶ᠋ᠢᠨ ᠵᠣᠬᠢᠶᠠᠯᠴᠢ᠂ ᠤᠳᠬ᠎ᠠ ᠵᠣᠬᠢᠶᠠᠯ ᠤ᠋ᠨ ᠰᠤᠳᠤᠯᠤᠭᠠᠴᠢ ᠃
1940 ᠣᠨ ᠠ᠋ᠴᠠ ᠡᠬᠢᠯᠡᠨ ᠤᠷᠠᠨ ᠵᠣᠬᠢᠶᠠᠯ ᠪᠢᠴᠢᠵᠦ᠂ 《ᠲᠤᠩᠭᠠᠯᠠᠭ ᠲᠠᠮᠢᠷ》᠂《ᠮᠠᠨ ᠤ᠋ ᠰᠤᠷᠭᠠᠭᠤᠯᠢ ᠶ᠋ᠢᠨ ᠬᠢᠨ》᠂《ᠰᠢᠷᠭᠠᠴᠢᠨ》᠂《ᠠᠯᠲᠠᠢ ᠳ᠋ᠤ᠌》ᠵᠡᠷᠭᠡ ᠵᠣᠬᠢᠶᠠᠯ ᠤ᠋ᠳ ᠨᠢ ᠣᠯᠠᠨ ᠤ᠋ ᠲᠠᠨᠢᠯ ᠪᠣᠯᠤᠭᠰᠠᠨ᠃
ᠯᠣᠳᠤᠢᠳᠠᠮᠪᠠ ᠣᠷᠴᠢᠨ ᠦᠶ᠎ᠡ ᠶ᠋ᠢᠨ ᠮᠣᠩᠭᠣᠯ ᠤ᠋ᠨ ᠦᠷᠭᠦᠯᠵᠢᠯᠡᠭᠰᠡᠨ ᠦᠭᠡ ᠶ᠋ᠢᠨ ᠵᠣᠬᠢᠶᠠᠯ ᠤ᠋ᠨ ᠲᠣᠮᠣ ᠲᠥᠯᠥᠭᠡᠯᠡᠭᠴᠢ᠂ ᠠᠩᠬᠠᠨ ᠤ᠋ ᠷᠣᠮᠠᠨ ᠪᠢᠴᠢᠭᠰᠡᠨ ᠵᠣᠬᠢᠶᠠᠯᠴᠢ ᠶ᠋ᠢᠨ ᠨᠢᠭᠡ ᠶᠠᠭᠤᠮ᠎ᠠ᠃ ᠮᠣᠩᠭᠣᠯ ᠤ᠋ᠨ ᠦᠷᠭᠦᠯᠵᠢᠯᠡᠭᠰᠡᠨ ᠦᠭᠡ ᠶ᠋ᠢᠨ ᠵᠣᠬᠢᠶᠠᠯ ᠤ᠋ᠨ ᠡᠷᠳᠡᠨᠢ ᠶ᠋ᠢᠨ ᠰᠠᠩ ᠳ᠋ᠤ᠌ ᠣᠷᠣᠭᠰᠠᠨ ᠲᠡᠭᠦᠨ ᠦ᠌ 《ᠲᠤᠩᠭᠠᠯᠠᠭ ᠲᠠᠮᠢᠷ》 ᠷᠣᠮᠠᠨ ᠨᠢ ᠮᠣᠩᠭᠣᠯ ᠪᠣᠯᠤᠨ ᠭᠠᠳᠠᠭᠠᠳᠤ ᠶ᠋ᠢᠨ ᠤᠩᠰᠢᠭᠴᠢᠳ ᠤ᠋ᠨ ᠥᠷᠭᠡᠨ ᠲᠠᠯᠠᠷᠬᠠᠯ ᠬᠦᠯᠢᠶᠡᠭᠰᠡᠨ ᠪᠠᠢᠨ᠎ᠠ᠃《ᠲᠤᠩᠭᠠᠯᠠᠭ ᠲᠠᠮᠢᠷ》 ᠷᠣᠮᠠᠨ ᠨᠢ ᠵᠠᠭᠤᠨ ᠤ᠋ ᠰᠢᠯᠢᠳᠡᠭ ᠷᠣᠮᠠᠨ ᠪᠣᠯᠤᠭᠰᠠᠨ᠃
ᠴᠣᠢᠪᠠᠯᠰᠠᠩ ᠤ᠋ᠨ ᠪᠣᠯᠤᠨ ᠲᠥᠷᠥ ᠶ᠋ᠢᠨ ᠱᠠᠩᠨᠠᠯ ᠢ᠋ 1953᠂1971 ᠣᠨ ᠨᠤᠭᠤᠳ ᠲᠤ᠌ ᠬᠣᠶᠠᠷ ᠤᠳᠠᠭ᠎ᠠ ᠬᠦᠷᠲᠡᠵᠡᠢ᠃
