1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 2-05 ᠠᠷᠤ ᠶ᠋ᠢᠨ ᠠᠭᠤᠯᠠ ᠶ᠋ᠢᠨ ᠠᠷᠢᠶᠠᠲᠠᠨ ᠪᠠᠰᠠᠷМөнх тунх-Арын уулын араатан басар

ᠮᠥᠩᠬᠡ ᠲᠤᠩᠬᠤ 2-05 ᠠᠷᠤ ᠶ᠋ᠢᠨ ᠠᠭᠤᠯᠠ ᠶ᠋ᠢᠨ ᠠᠷᠢᠶᠠᠲᠠᠨ ᠪᠠᠰᠠᠷМөнх тунх-Арын уулын араатан басар

2023-04-06

439

ᠮᠥᠩᠬᠡ ᠲᠤᠩᠬᠤ 2-5-ᠠᠷᠤ ᠶ᠋ᠢᠨ ᠠᠭᠤᠯᠠ ᠶ᠋ᠢᠨ ᠠᠷᠢᠶᠠᠲᠠᠨ ᠪᠠᠰᠠᠷ

ᠮᠥᠩᠬᠡ ᠲᠤᠩᠬᠤ 2-5
ᠮᠥᠩᠬᠡ᠄ ᠢᠩᠭᠢᠭᠡᠳ ᠬᠡᠪᠲᠡᠵᠦ ᠪᠠᠶ᠋ᠢᠬᠤ ᠴᠢᠨᠢ ᠠᠮᠢᠳᠤᠷᠠᠯ ᠶᠤᠮ ‍ᠦᠦ ᠳᠡ! ᠬᠡ ᠬᠡ ᠬᠡ
ᠲᠤᠩᠬᠤ᠄ ᠬᠣᠷᠢᠨ ᠲᠠᠪᠤᠨ ᠴᠠᠭᠠᠨ ᠯᠣᠩᠬᠣ᠂ ᠬᠣᠷᠢᠨ ᠵᠢᠷᠭᠤᠭᠠᠨ ᠴᠠᠭᠠᠨ ᠁ ᠠ ᠯᠣᠩᠬᠣ᠁
ᠪᠠᠰᠠᠷ᠄ ᠭᠠᠭᠴᠠᠭᠠᠷ ᠦᠯᠢᠭᠡᠷ  ᠦ᠋ᠨ ᠠᠶᠠᠯᠠᠯ ᠳ᠋ᠤ᠌ ᠣᠷᠣᠭᠠᠳ ᠢᠷᠡᠴᠢᠬᠡᠯ᠎ᠡ ᠰᠢᠳᠡ ᠠ᠋᠂ ᠦᠨᠡᠨ ᠠ᠋!
ᠲᠤᠩᠬᠤ᠄ ᠢᠩᠭᠢᠬᠦ ᠳ᠋ᠦ᠍ ᠪᠠᠰᠠᠷ ᠮᠢᠨᠢ ᠶᠠᠭᠠᠬᠢᠭᠠᠳ ᠬᠠᠷᠠᠭᠳᠠᠬᠤ ᠦᠭᠡᠢ ᠪᠠᠶ᠋ᠢᠬ᠋᠎ᠠ ᠶᠤᠮ ᠪᠣᠯ ?
ᠪᠠᠰᠠᠷ᠄ ᠬᠡᠳᠦᠨ ᠴᠠᠭ ᠣᠴᠤᠶ᠋ᠢᠵᠤ ᠰᠠᠭᠤᠴᠢᠬᠠᠪᠠ? ᠨᠠᠶ᠋ᠢᠵᠠ ᠨᠤᠭᠤᠳ ᠮᠢᠨᠢ ᠠ᠋ !
ᠢᠨᠵᠠᠭᠠᠨ ᠬᠦᠦ᠄ ᠬᠥᠪ᠂
ᠪᠠᠰᠠᠷ᠄ ᠥ᠂ ᠥ ᠵᠠ ᠵᠠ !
ᠲᠤᠩᠬᠤ᠄ ᠪᠠᠰᠠᠷ ᠮᠠᠨᠢ ᠭᠠᠶ᠋ᠢᠭᠤᠢ ᠪᠠᠶ᠋ᠢᠭ᠎ᠠ ᠠ᠋᠂ ᠶᠠᠭᠠᠬᠢᠭ᠎ᠠ ᠪᠣᠯᠤᠭ᠎ᠠ ᠠ᠋᠂
ᠪᠠᠰᠠᠷ᠄ ᠥ᠂ ᠵᠠ ᠵᠠ᠂ ᠢᠩᠭᠢᠵᠦ ᠲᠡᠭᠦᠰᠪᠡᠯ ᠪᠠᠰᠠ ᠰᠣᠨᠢᠨ ᠶᠤᠮ᠂ ᠲᠡᠶ᠋ᠢᠮᠦ ᠃
ᠠᠷᠸ᠎ᠠ᠄ ᠥᠶᠢ᠂ ᠵᠦᠭᠡᠷ ‍ᠦᠦ ?
ᠮᠥᠩᠬᠡ ᠄ ᠨᠥᠭᠥᠭᠡ ᠪᠠᠰᠠᠷ ᠮᠠᠨᠢ᠂ ᠪᠠᠰᠠᠷ ᠮᠠᠨᠢ᠁
ᠠᠷᠸ᠎ᠠ᠄ ᠪᠠᠰᠠᠷ ᠨᠢ ᠶᠠᠭᠠᠬᠢᠭᠰᠠᠨ ᠶᠤᠮ ? ᠵᠦᠭᠡᠷ ‍ᠦᠦ ?
ᠲᠤᠩᠬᠤ᠄ ᠪᠠᠰᠠᠷ ᠮᠠᠨᠢ ᠭᠠᠭᠴᠠᠭᠠᠷ  ᠢ᠋ᠶ᠋ᠠᠨ ᠦᠯᠢᠭᠡᠷ ᠤᠷᠤᠭᠤ ᠣᠷᠣᠴᠢᠬᠠᠵᠠᠢ᠃
ᠠᠷᠸ᠎ᠠ ᠄ ᠥ ᠂ ᠶᠠᠭᠠᠬᠢᠵᠤ ᠳᠠᠷᠤᠭᠰᠠᠨ ᠶᠤᠮ ᠪᠣᠯ ᠳᠠ ? ᠵᠠ᠂ ᠠᠬ᠎ᠠ ᠨᠢ ᠨᠢᠭᠡ ᠬᠠᠷᠠᠶ᠎ᠠ !
ᠪᠠᠰᠠᠷ ᠄ ᠵᠠ᠂ ᠪᠢ ᠳᠣᠬᠢᠶ᠎ᠠ ᠥᠭᠬᠦ   ᠪᠠᠷ ᠭᠦᠶᠦᠨ᠎ᠡ ᠰᠢᠦ᠂ ᠡᠸᠦᠺᠠᠢ ?
ᠢᠨᠵᠠᠭᠠᠨ ᠬᠦᠦ᠄ ᠬᠥᠪ ᠬᠥᠪ
ᠪᠠᠰᠠᠷ ᠄ ᠭᠧᠦ ᠂ ᠥᠩ ! ᠥ᠂ ᠬᠢ ᠬᠢ᠂ ᠠᠩᠭ᠌ᠯᠢ ᠬᠡᠯᠡ ᠮᠡᠳᠡᠬᠦ ᠦᠭᠡᠢ ᠰᠢᠳᠡ ᠂ ᠨᠡᠭᠡᠷᠡᠨ ! ᠬᠡ ᠬᠡ᠂ ᠵᠠ᠂ ᠶᠠᠪᠤᠭᠠᠷᠠᠢ !
ᠢᠨᠵᠠᠭᠠᠨ ᠬᠦᠦ ᠄ ᠬᠥᠪ ᠬᠥᠪ ᠬᠥᠪ
ᠪᠠᠰᠠᠷ᠄ ᠵᠠ ! ᠭᠦᠶᠦᠭᠡᠷᠡᠢ ! ᠡᠭᠳᠡᠭᠦᠦ ᠨᠤᠭᠦᠳ ᠮᠢᠨᠢ ! ᠭᠦᠶᠦᠭᠡᠳ ᠪᠠᠶ᠋ᠢᠭᠠᠷᠠᠢ !
ᠪᠠᠰᠠᠷ ᠄ ᠪᠠᠶ᠋ᠢᠲᠠᠷ ᠮᠠᠨᠢ ᠂ ᠥ᠂ ᠪᠢᠰᠢ᠂ ᠪᠠᠰᠠᠷ ᠮᠢᠨᠢ ! ᠪᠠᠰᠠᠷ ᠮᠢᠨᠢ ! ᠰᠦᠪᠸᠷ ᠳᠦᠪᠸᠷ ᠪᠠᠰᠠᠷ ᠮᠢᠨᠢ !
ᠠᠷᠸ᠎ᠠ ᠄ ᠵᠠ ! ᠪᠡᠯᠡᠨ ‍ᠦᠦ ?ᠬᠡᠦᠬᠡᠳ ᠦ᠋ᠳ ᠠ᠋?
ᠮᠥᠩᠬᠡ ᠲᠤᠩᠬᠤ᠄( ᠵᠡᠷᠭᠡᠪᠡᠷ) ᠪᠢ ᠪᠡᠯᠡᠨ !
ᠴᠠᠰᠤᠬᠠᠨ᠄ ᠮᠢᠶᠣᠤ !
ᠠᠷᠸ᠎ᠠ ᠄ ᠴᠡᠨᠡᠭᠯᠡᠬᠦ ᠭᠡᠳ ᠵᠢᠭᠠᠬᠠᠨ ᠬᠤᠭᠤᠴᠠᠭ᠎ᠠ ᠣᠷᠣᠴᠢᠬᠠᠯ᠎ᠠ᠂ ᠵᠠ᠂ ᠡᠨᠳᠡ ᠬᠣᠶᠠᠷ ᠴᠠᠭ ᠪᠣᠯᠤᠭᠰᠠᠨ ᠭᠡᠬᠦ   ᠪᠠᠷ᠂ ᠦᠯᠢᠭᠡᠷ ᠦ᠋ᠨ ᠶᠢᠷᠲᠢᠨᠴᠦ ᠳ᠋ᠦ᠍ ᠪᠠᠷᠤᠭ ᠬᠣᠶᠠᠷ ᠬᠣᠨᠣᠭ ᠪᠣᠯᠴᠢᠬᠠᠭᠰᠠᠨ ᠪᠠᠶ᠋ᠢᠬ᠋᠎ᠠ ᠭᠡᠰᠡᠨ ᠦᠭᠡ᠂ ᠬᠠᠷᠢᠴᠠᠩᠭᠤᠢ ᠣᠨᠣᠯ ᠢ᠋ᠶ᠋ᠠᠷ ᠪᠣᠯ ᠁
ᠮᠥᠩᠬᠡ ᠲᠤᠩᠬᠤ᠄( ᠵᠡᠷᠭᠡᠪᠡᠷ)ᠠᠷᠸ᠎ᠠ ᠠᠬ᠎ᠠ ᠠ᠋ !
ᠠᠷᠸ᠎ᠠ ᠄ ᠥ ! ᠠᠭᠤᠴᠢᠯᠠᠭᠠᠷᠠᠢ ᠠᠭᠤᠴᠢᠯᠠᠭᠠᠷᠠᠢ ! ᠠᠬ᠎ᠠ ᠨᠢ ᠰᠠᠨᠳᠤᠷᠬᠤ ᠪᠠᠷ ᠢ᠋ᠶ᠋ᠠᠨ ᠪᠦᠷ᠂ ᠵᠠ ! ᠭᠧᠦ !
ᠮᠥᠩᠬᠡ᠄ ᠵᠠ ! ᠪᠠᠰᠠᠷ ᠮᠢᠨᠢ ᠣᠳᠣ ᠬᠠᠮᠢᠭᠠᠰᠢ ᠪᠠᠨ ᠶᠠᠪᠤᠭᠰᠠᠨ ᠪᠠᠶ᠋ᠢᠵᠤ ᠪᠣᠯᠬᠤ ‍ᠦᠦ ?
ᠴᠠᠰᠤᠬᠠᠨ ᠄ ᠪᠠᠰᠠᠷ ᠮᠢᠨᠢ ᠲᠥᠷᠥᠭᠦᠯᠦᠭᠡᠳ ᠪᠠᠭᠤᠭᠠᠳ ᠢᠷᠡᠭᠰᠡᠨ ᠪᠣᠯᠬᠣᠷ ᠦᠯᠢᠭᠡᠷ ᠦ᠋ᠨ ᠠᠶᠠᠯᠠᠯ ᠬᠡᠲᠦᠶ᠋ᠢᠨ ᠤᠩᠰᠢᠴᠢᠬᠠᠵᠠᠢ ᠳᠠ ᠃ ᠶᠠᠮᠠᠷ ᠦᠯᠢᠭᠡᠷ ᠭᠡᠰᠡᠨ ᠪᠣᠢ ?
ᠮᠥᠩᠬᠡ᠄ ᠥ ! ᠪᠢ ᠠᠰᠠᠭᠤᠬᠤ ᠪᠠᠨ ᠮᠠᠷᠲᠠᠴᠢᠬᠠᠭᠰᠠᠨ ᠪᠠᠶ᠋ᠢᠨ᠎ᠠ ᠰᠢᠲᠠ !
ᠴᠠᠰᠤᠬᠠᠨ ᠄ ᠵᠠ ! ᠬᠡᠳᠦᠭᠦᠯᠡ ᠪᠡᠨ ᠶᠠᠭᠠᠬᠢᠳᠠᠭ ᠴᠤ᠌ ᠪᠠᠶ᠋ᠢᠭᠰᠠᠨ ᠬᠠᠮᠲᠤ ᠳ᠋ᠤ᠌ ᠪᠠᠨ ᠪᠠᠰᠠᠷ ᠊ᠢ ᠪᠡᠨ ᠣᠯᠵᠤ ᠠᠪᠤᠶ᠎ᠠ !
ᠲᠤᠩᠬᠤ ᠄ ᠰᠠᠢᠨ ᠪᠠᠶ᠋ᠢᠨ᠎ᠠ ‍ᠤᠤ ?ᠲᠠ ᠡᠶ᠋ᠢᠮᠦ ᠬᠥᠭᠡᠷᠦᠬᠦᠨ ᠨᠣᠬᠠᠢ ᠬᠠᠷᠠᠭ᠎ᠠ ᠦᠭᠡᠢ ᠪᠢᠵᠡ ?
ᠬᠥᠮᠦᠨ᠄ ᠬᠠᠷᠠᠭ᠎ᠠ ᠦᠭᠡᠢ ᠶᠦ᠍ᠮ ᠪᠠᠶ᠋ᠢᠨ᠎ᠠ᠃
ᠮᠥᠩᠬᠡ᠄ ᠰᠠᠢᠨ ᠪᠠᠶ᠋ᠢᠨ᠎ᠠ ‍ᠤᠤ ? ᠲᠠ ᠡᠨᠡ ᠨᠣᠬᠠᠢ ᠶ᠋ᠢ ᠬᠠᠷᠠᠭ᠎ᠠ ᠦᠭᠡᠢ ᠪᠢᠵᠡ ?
ᠬᠥᠮᠦᠨ᠄ ᠬᠠᠷᠠᠭ᠎ᠠ ᠦᠭᠡᠢ ᠶᠦ᠍ᠮ ᠪᠠᠶ᠋ᠢᠨ᠎ᠠ ᠃
ᠴᠠᠰᠤᠬᠠᠨ ᠄ ᠵᠠ ! ᠪᠠᠶ᠋ᠢᠵᠠ᠂ ᠲᠡᠨᠳᠡ ᠨᠢᠭᠡ ᠬᠥᠮᠦᠨ ᠪᠠᠶ᠋ᠢᠨ᠎ᠠ᠂ ᠣᠴᠢᠵᠤ ᠠᠰᠠᠭᠤᠶ᠎ᠠ ᠃
ᠮᠥᠩᠬᠡ ᠄ ᠰᠠᠢᠨ ᠪᠠᠶ᠋ᠢᠨ᠎ᠠ ‍ᠤᠤ?ᠲᠠ᠂
ᠠᠪᠤ᠄ ᠰᠠᠢᠨ ᠂ ᠰᠠᠢᠨ ᠪᠠᠶ᠋ᠢᠵᠠᠭᠠᠨ᠎ᠠ ‍ᠦᠦ ?
ᠮᠥᠩᠬᠡ᠄ ᠪᠢ᠁
ᠠᠪᠤ᠄ ᠲᠠ ᠬᠡᠳᠦ ᠮᠠᠨᠢ᠂ ᠢᠨᠵᠠᠭᠠᠨ ᠳᠡᠪᠡᠯ ᠲᠡᠢ ᠬᠦᠦ ᠬᠠᠷᠠᠭ᠎ᠠ ᠦᠭᠡᠢ ᠪᠢᠵᠡ ?
ᠮᠥᠩᠬᠡ᠄ ᠪᠢᠳᠡ ᠨᠠᠷ ᠬᠠᠷᠠᠭ᠎ᠠ ᠦᠭᠡᠢ ᠶᠦ᠍ᠮ ᠪᠠᠶ᠋ᠢᠨ᠎ᠠ ᠃
ᠲᠤᠩᠬᠤ ᠄ ᠲᠠ ᠪᠠᠰᠠ ᠬᠥᠮᠦᠨ ᠰᠤᠷᠠᠭᠯᠠᠵᠤ ᠪᠠᠶ᠋ᠢᠬ᠋᠎ᠠ ᠶᠤᠮ ‍ᠦᠦ ?
ᠠᠪᠤ ᠄ ᠬᠦᠦ ᠮᠠᠨᠢ ᠬᠡᠳᠦ ᠬᠣᠨᠣᠭ ᠤ᠋ᠨ ᠡᠮᠦᠨ᠎ᠡ ᠭᠠᠷᠴᠤ ᠶᠠᠪᠤᠭᠠᠳ ᠢᠷᠡᠭᠡ ᠦᠭᠡᠢ ᠶᠠᠪᠤᠭ᠎ᠠ ᠃ ᠠᠬ᠎ᠠ ᠨᠢ ᠬᠠᠶ᠋ᠢᠭᠠᠳ ᠯᠠ ᠶᠠᠪᠤᠨ᠎ᠠ ᠃
ᠴᠠᠰᠤᠬᠠᠨ ᠄ ᠪᠢᠳᠡ ᠴᠦ᠍ ᠪᠠᠰᠠ ᠳᠣᠲᠣᠨᠣ ᠶ᠋ᠢᠨ ᠨᠢᠭᠡᠨ ᠢ᠋ᠶ᠋ᠡᠨ ᠬᠠᠶ᠋ᠢᠵᠤ ᠶᠠᠪᠤᠨ᠎ᠠ ᠃ ᠡᠷᠢᠯ  ᠢ᠋ᠶ᠋ᠡᠨ ᠨᠡᠶ᠋ᠢᠯᠡᠭᠦᠯᠦᠭᠡᠳ ᠬᠠᠮᠲᠤ ᠳ᠋ᠤ᠌ ᠪᠠᠨ ᠬᠠᠶ᠋ᠢᠪᠠᠯ ᠣᠯᠳᠠᠬᠤ ᠪᠠᠶ᠋ᠢᠬ᠎ᠠ ᠃
ᠠᠪᠤ : ᠬᠠᠢ ᠂ ᠠᠰᠢᠲᠠᠢ ᠶᠤᠮ᠂ ᠲᠡᠭᠡᠶ᠎ᠡ ᠲᠡᠭᠡᠶ᠎ᠡ ᠃
ᠮᠥᠩᠬᠡ ᠄ ᠲᠠ ᠡᠨᠡ ᠨᠣᠬᠠᠢ   ᠵᠢ ᠬᠠᠷᠠᠭ᠎ᠠ ᠦᠭᠡᠢ ᠪᠢᠵᠡ ?
ᠬᠥᠮᠦᠨ᠄ ᠬᠠᠷᠠᠭ᠎ᠠ ᠦᠭᠡᠢ ᠳᠡ ! ᠮᠢᠨᠦ ᠬᠦᠦ᠃
ᠬᠥᠮᠦᠨ᠄ ᠶᠡᠷᠦ ᠮᠡᠳᠡᠬᠦ ᠦᠭᠡᠢ ᠶᠦ᠍ᠮ ᠪᠠᠶ᠋ᠢᠨ᠎ᠠ ᠃
ᠬᠥᠮᠦᠨ᠄ ᠠᠢ ᠂ ᠪᠢ ᠰᠣᠨᠣᠰᠤᠭᠰᠠᠨ ᠶᠤᠮ ᠪᠠᠶ᠋ᠢᠨ᠎ᠠ ᠰᠢᠦ ᠃ ᠠᠷᠤ ᠶ᠋ᠢᠨ ᠠᠭᠤᠯᠠᠨ   ᠳ᠋ᠤ᠌ ᠰᠠᠭᠤᠳᠠᠭ ᠂ ᠠᠷᠢᠶᠠᠲᠠᠨ ᠪᠠᠰᠠᠷ ᠭᠡᠵᠦ ᠮᠥᠨ ‍ᠦᠦ?
ᠮᠥᠩᠬᠡ ᠲᠤᠩᠬᠤ᠄( ᠵᠡᠷᠭᠡᠪᠡᠷ) ᠠᠢ !
ᠬᠥᠮᠦᠨ᠄ ᠬᠦᠷᠢᠶᠡᠨ ᠊ᠦ ᠪᠦᠬᠦ ᠨᠣᠬᠠᠳ   ᠊ᠢ ᠰᠤᠯᠠᠯᠠᠭᠰᠠᠨ᠂ ᠠᠷᠤ ᠶ᠋ᠢᠨ ᠠᠭᠤᠯᠠᠨ ᠳ᠋ᠤ᠌ ᠰᠠᠭᠤᠳᠠᠭ ᠠᠷᠢᠶᠠᠲᠠᠨ ᠪᠠᠰᠠᠷ ᠭᠡᠵᠦ ᠮᠥᠨ ᠪᠠᠶ᠋ᠢᠬ᠎ᠠ ! ᠲᠠ ᠨᠠᠷ ᠲᠡᠷᠡ ᠠᠭᠤᠯᠠ   ᠵᠢ ᠵᠦᠭᠯᠡᠭᠡᠳ ᠶᠠᠪᠤᠬᠤ   ᠳ᠋ᠤ᠌ ᠪᠣᠯᠤᠨ᠎ᠠ᠃
ᠮᠥᠩᠬᠡ  ᠄ ᠡᠪᠦᠭᠡ ᠠ᠋ ᠂ ᠪᠢᠳᠡ ᠲᠠᠨ  ᠳ᠋ᠤ᠌ ᠡᠷᠢᠵᠦ ᠪᠠᠶ᠋ᠢᠭᠠᠳ ᠵᠠᠪᠠᠯ ᠲᠤᠰᠠᠯᠠᠬᠤ ᠪᠣᠯᠤᠨ᠎ᠠ ᠃ ᠡᠬᠢᠯᠡᠭᠡᠳ ᠪᠢᠳᠡ ᠨᠠᠷ ᠨᠠᠶ᠋ᠢᠵᠠ ᠶ᠋ᠢ ᠪᠡᠨ ᠣᠯᠬᠤ ᠬᠡᠷᠡᠭᠲᠡᠢ ᠪᠠᠶ᠋ᠢᠨ᠎ᠠ᠃
ᠠᠪᠤ  ᠄ ᠮᠢᠨᠦ ᠬᠡᠦᠬᠡᠳ ᠦ᠋ᠳ ᠵᠦᠭᠡᠷ ᠶᠦ᠍ᠮ ‍ᠦᠦ? ᠠᠶᠤᠯᠲᠠᠢ ᠭᠠᠵᠠᠷ ᠤᠷᠤᠭᠤ ᠶᠠᠪᠤᠭᠠᠳ ᠬᠡᠷᠡᠭ ᠦᠭᠡᠢ ᠪᠠᠶ᠋ᠢᠬ᠎ᠠ᠃
ᠴᠠᠰᠤᠬᠠᠨ ᠄ ᠲᠠ ᠰᠠᠨᠠᠭ᠎ᠠ ᠵᠣᠪᠠᠯᠲᠠ ᠦᠭᠡᠢ ᠂ ᠪᠢᠳᠡᠨ ᠊ᠦ ᠨᠠᠶ᠋ᠢᠵᠠ ᠪᠠᠶ᠋ᠢᠬ᠋᠎ᠠ ᠶᠤᠮ᠂ ᠡᠷᠢᠵᠦ ᠪᠠᠶ᠋ᠢᠭᠠᠳ ᠲᠠᠨ  ᠳ᠋ᠤ᠌ ᠵᠠᠪᠠᠯ ᠲᠤᠰᠠᠯᠠᠬᠤ ᠪᠣᠯᠤᠨ᠎ᠠ᠃
ᠠᠪᠤ᠄ ᠵᠠ ! ᠮᠢᠨᠦ ᠬᠡᠦᠬᠡᠳ ᠦ᠋ᠳ ᠪᠣᠯᠭᠣᠮᠵᠢᠲᠠᠢ ᠶᠠᠪᠤᠭᠠᠷᠠᠢ!
ᠮᠥᠩᠬᠡ᠄ ᠶᠠᠭᠠᠬᠢᠨ᠎ᠠ᠂ ᠮᠠᠨ ᠊ᠤ ᠪᠠᠰᠠᠷ ᠮᠥᠨ ᠪᠠᠶ᠋ᠢᠯᠭᠦᠢ ᠳᠡ᠃
ᠲᠤᠩᠬᠤ᠄ ᠮᠥᠨ ᠪᠠᠶ᠋ᠢᠯᠭᠦᠢ ᠶᠠᠭᠠᠬᠢᠬᠤᠪ ᠳᠠ !
ᠴᠠᠰᠤᠬᠠᠨ᠄ ᠬᠡᠳᠦ ᠬᠣᠨᠣᠭ ᠤ᠋ᠨ ᠬᠤᠭᠤᠴᠠᠭᠠᠨ ᠳ᠋ᠤ᠌ ᠶᠠᠭᠤ ᠪᠣᠯᠤᠭᠰᠠᠨ ᠶᠤᠮ ᠪᠣᠯ ᠳᠠ ?
ᠲᠤᠩᠬᠤ᠄ ᠪᠤᠰᠤᠳ ᠨᠣᠬᠠᠢ   ᠨᠤᠭᠤᠳ ᠊ᠢ ᠠᠪᠤᠷᠠᠵᠤ ᠪᠠᠶ᠋ᠢᠨ᠎ᠠ ᠭᠡᠳᠡᠭ ᠪᠣᠯ ᠮᠠᠨ ᠊ᠤ ᠪᠠᠰᠠᠷ ᠯᠠ ᠪᠠᠶ᠋ᠢᠵᠤ ᠲᠠᠭᠠᠷᠠᠨ᠎ᠠ ᠃ᠬᠠᠷᠢᠨ ᠠᠷᠢᠶᠠᠲᠠᠨ ᠪᠠᠰᠠᠷ ᠭᠡᠳ ᠠᠶᠤᠮᠠᠷ ᠨᠡᠷ᠎ᠡ ᠲᠡᠢ ᠪᠣᠯᠴᠢᠬᠠᠭᠰᠠᠨ ᠪᠠᠶ᠋ᠢᠬᠤ ᠶᠤᠮ ᠃
ᠮᠥᠩᠬᠡ᠄ ᠬᠠᠷᠢᠨ ᠲᠡᠶ᠋ᠢᠮᠦ ᠠ᠋᠂ ᠪᠢ ᠪᠠᠰᠠ ᠭᠠᠶ᠋ᠢᠬᠠᠭᠠᠳ ᠯᠠ ᠪᠠᠶ᠋ᠢᠨ᠎ᠠ ᠃ ᠶᠠᠭᠠᠬᠢᠭᠠᠳ ᠲᠡᠶ᠋ᠢᠮᠦ ᠨᠡᠷ᠎ᠡ ᠲᠡᠢ ᠪᠣᠯᠴᠢᠬᠠᠳᠠᠭ ᠪᠠᠶ᠋ᠢᠨ᠎ᠠ ?
ᠮᠥᠩᠬᠡ ᠲᠤᠩᠬᠤ᠄( ᠵᠡᠷᠭᠡᠪᠡᠷ)ᠢ !
ᠮᠥᠩᠬᠡ ᠲᠤᠩᠬᠤ᠄( ᠵᠡᠷᠭᠡᠪᠡᠷ) ᠠ ᠡᠩ᠂ ᠢ !
ᠲᠤᠩᠬᠤ᠄ ᠢ᠂ ᠠ !
ᠪᠠᠰᠠᠷ᠄ ᠤᠤᠬᠠᠢ ! ᠮᠥᠩᠬᠡ
ᠲᠤᠩᠬᠤ᠄ ᠸᠠ ᠂ ᠪᠠᠰᠠᠷ ᠮᠢᠨᠢ!
ᠮᠥᠩᠬᠡ᠄ ᠵᠦᠭᠡᠷ ‍ᠦᠦ ? ᠪᠠᠰᠠᠷ ᠮᠢᠨᠢ !
ᠴᠠᠰᠤᠬᠠᠨ᠄ ᠪᠢᠳᠡ ᠬᠡᠴᠢᠨᠡᠨ ᠰᠠᠨᠠᠭ᠎ᠠ ᠵᠣᠪᠠᠭᠰᠠᠨ ᠭᠡᠵᠦ᠂
ᠪᠠᠰᠠᠷ ᠄ ᠬᠡ ᠬᠡ ᠁ ᠲᠠ ᠨᠠᠷ   ᠊ᠢ ᠪᠡᠨ ᠬᠡᠴᠢᠨᠡᠨ ᠶᠡᠬᠡ ᠰᠠᠨᠠᠪᠠ ? ᠶᠠᠭᠠᠬᠢᠵᠤ ᠲᠡᠶ᠋ᠢᠮᠦ ᠤᠳᠠᠴᠢᠬᠠᠪᠠ ᠳᠠ ?
ᠮᠥᠩᠬᠡ᠄ ᠬᠠᠷᠢᠨ ᠲᠡᠶ᠋ᠢᠮᠦ ᠠ᠋ ᠂ ᠪᠢᠳᠡ ᠨᠠᠷ ᠠᠶᠠᠯᠠᠯ   ᠊ᠤᠨ ᠲᠠᠪᠴᠠᠩ ᠳᠠᠬᠢᠨ ᠠᠴᠢᠶᠠᠯᠠᠭᠤᠯᠵᠤ ᠴᠢᠳᠠᠬᠤ ᠦᠭᠡᠢ ᠤᠳᠠᠴᠢᠬᠠᠯ᠎ᠠ᠃
ᠴᠠᠰᠤᠬᠠᠨ᠄ ᠠᠷᠸ᠎ᠠ ᠠᠬ᠎ᠠ ᠢᠷᠡᠵᠦ ᠪᠠᠶ᠋ᠢᠭᠠᠳ ᠳᠠᠬᠢᠨ ᠴᠡᠨᠡᠭᠯᠡᠭᠡᠳ ᠠᠷᠠᠢ ᠴᠤ᠌ ᠭᠡᠳ ᠢᠷᠡᠯ᠎ᠡ ᠃
ᠪᠠᠰᠠᠷ ᠄ ᠪᠦᠷ ᠬᠡᠳᠦ ᠴᠦ᠍ ᠬᠣᠨᠣᠴᠢᠬᠠᠪᠠ ᠳᠠ᠃
ᠮᠥᠩᠬᠡ᠄ ᠶᠡᠷᠦᠩᠬᠡᠢ ᠳ᠋ᠦ᠍ ᠪᠡᠨ ᠡᠩ ᠦ᠋ᠨ ᠶᠢᠷᠲᠢᠨᠴᠦ   ᠳ᠋ᠤ᠌ ᠪᠣᠯᠵᠤ ᠪᠠᠶ᠋ᠢᠬ᠋᠎ᠠ ᠨᠢᠭᠡ ᠴᠠᠭ ᠦᠯᠢᠭᠡᠷ    ᠲᠦ᠍ ᠨᠢᠭᠡ ᠡᠳᠦᠷ ᠪᠣᠯᠳᠠᠭ ᠭᠡᠵᠦ ᠠᠷᠸ᠎ᠠ ᠠᠬ᠎ᠠ ᠬᠡᠯᠡᠭᠰᠡᠨ᠂
ᠢᠨᠵᠠᠭᠠᠨ ᠬᠦᠦ᠄ ᠬᠥᠪ ᠬᠥᠪ
ᠪᠠᠰᠠᠷ᠄ ᠥ᠂ ᠡᠨᠡ ᠮᠠᠨ ᠊ᠤ ᠪᠠᠰᠠ ᠨᠢᠭᠡ ᠰᠠᠢᠨ ᠨᠠᠶ᠋ᠢᠵᠠ ᠪᠠᠶ᠋ᠢᠬ᠋᠎ᠠ ᠶᠤᠮ᠂ ᠪᠢᠳᠡ ᠬᠣᠶᠠᠷ ᠬᠡᠴᠢᠨᠡᠨ ᠣᠯᠠᠨ ᠨᠣᠬᠠᠢ ᠰᠤᠯᠠᠯᠠᠭᠰᠠᠨ ᠭᠡᠵᠦ ᠪᠣᠳᠣᠵᠤ ᠪᠠᠶ᠋ᠢᠨ᠎ᠠ ᠠ !
ᠲᠤᠩᠬᠤ᠄ ᠨᠡᠭᠡᠷᠡᠨ ᠶᠠᠭᠠᠬᠢᠭᠠᠳ ᠡᠶ᠋ᠢᠮᠦ ᠠᠶ᠋ᠢᠬᠤᠪᠲᠤᠷ ᠨᠡᠷ᠎ᠡ ᠲᠡᠢ ᠪᠣᠯᠴᠢᠬᠠᠭᠰᠠᠨ ᠶᠤᠮ ᠪᠣᠢ ?
ᠴᠠᠰᠤᠬᠠᠨ᠄ ᠬᠠᠷᠢᠨ ᠲᠡᠶ᠋ᠢᠮᠦ ᠃ ᠠᠷᠤ ᠶ᠋ᠢᠨ ᠠᠭᠤᠯᠠ ᠶ᠋ᠢᠨ ᠠᠷᠢᠶᠠᠲᠠᠨ ᠪᠠᠰᠠᠷ ᠭᠡᠳ᠃
ᠪᠠᠰᠠᠷ᠄ ᠥ ! ᠮᠠᠺᠲ᠋ᠢᠩ ᠬᠢᠵᠦ ᠪᠠᠶ᠋ᠢᠬᠤ ᠦᠭᠡᠢ ‍ᠦᠦ ᠳᠡ ! ᠠ ! ᠬᠡᠩ ᠬᠡᠩ ᠬᠡᠩ !ᠨᠣᠬᠠᠢ ᠪᠠᠷᠢᠵᠤ ᠠᠪᠳᠠᠭ ᠬᠥᠮᠦᠨ ᠊ᠢ ᠠᠶᠤᠯᠭᠠᠬᠤ ᠭᠡᠳ᠃ ᠠᠷᠤ ᠶ᠋ᠢᠨ ᠠᠭᠤᠯᠠᠨ ᠳ᠋ᠤ᠌ ᠠᠷᠢᠶᠠᠲᠠᠨ ᠪᠠᠰᠠᠷ ᠪᠠᠶ᠋ᠢᠬ᠋᠎ᠠ ᠭᠡᠵᠦ ᠢᠲᠡᠭᠡᠵᠦ ᠪᠠᠶ᠋ᠢᠬ᠋᠎ᠠ ᠴᠠᠭ ᠲᠤ᠌ ᠮᠠᠨ ᠊ᠤ ᠨᠠᠶ᠋ᠢᠵᠠ ᠨᠤᠭᠤᠳ ᠊ᠢ ᠶᠠᠭᠠᠬᠢᠬᠤ ᠴᠤ᠌ ᠦᠭᠡᠢ ᠰᠢᠦ ᠳᠡ ᠂ ᠡᠨᠳᠡ ᠮᠠᠨ ᠊ᠤ ᠨᠠᠶ᠋ᠢᠵᠠ ᠨᠤᠭᠤᠳ ᠊ᠶᠠᠮᠠᠷ ᠴᠤ᠌ ᠠᠶᠤᠯ ᠦᠭᠡᠢ᠂ ᠤᠤᠭᠤᠬᠤ ᠤᠮᠳᠠ ᠢᠳᠡᠬᠦ ᠵᠦᠢᠯ ᠲᠡᠢ᠂ ᠰᠠᠢᠬᠠᠨ ᠠᠮᠢᠳᠤᠷᠠᠵᠤ ᠪᠣᠯᠤᠨ᠎ᠠ᠃
ᠮᠥᠩᠬᠡ᠄ ᠪᠣᠯᠴᠢᠬᠠᠵᠠᠢ ᠳᠠ !
ᠲᠤᠩᠬᠤ᠄ ᠮᠤᠨᠳᠠᠭ ᠰᠢᠦ ᠪᠠᠰᠠᠷ ᠮᠢᠨᠢ !
ᠴᠠᠰᠤᠬᠠᠨ᠄ ᠮᠤᠨᠳᠠᠭ᠃
ᠪᠠᠰᠠᠷ ᠄ ᠥ ! ᠨᠡᠭᠡᠷᠡᠨ᠂ ᠮᠠᠨ ᠊ᠤ ᠡᠨᠡ ᠨᠠᠶ᠋ᠢᠵᠠ ᠠᠪᠤ ᠶ᠋ᠢ ᠪᠡᠨ ᠬᠠᠶ᠋ᠢᠵᠤ ᠶᠠᠪᠤᠭ᠎ᠠ ᠶᠤᠮ ᠠ᠋ ᠃ ᠢᠨᠵᠠᠭᠠᠨ ᠳᠡᠪᠡᠯᠲᠦ ᠬᠦᠦ ᠭᠡᠳᠡᠭ ᠨᠡᠷ᠎ᠡ ᠲᠡᠢ ᠃ ᠪᠣᠯᠤᠭᠰᠠᠨ ᠢᠳᠡᠭᠡᠨ ᠡᠴᠡ ᠠᠮᠰᠠᠯ ᠦᠭᠡᠢ ᠭᠠᠷᠤᠭᠠᠳ᠂ ᠪᠤᠭᠤᠷᠤᠯ ᠠᠪᠤ ᠶ᠋ᠢᠨ ᠢ᠋ᠶ᠋ᠡᠨ ᠦᠭᠡ ᠶ᠋ᠢ ᠰᠣᠨᠣᠰᠤᠭ᠎ᠠ ᠦᠭᠡᠢ᠎ᠡᠴᠡ ᠪᠡᠨ ᠪᠣᠯᠤᠭᠠᠳ᠂ ᠨᠣᠬᠠᠢ ᠪᠣᠯᠤᠭᠠᠳ ᠬᠤᠪᠢᠷᠠᠴᠢᠬᠠᠭᠰᠠᠨ᠃ ᠦᠯᠢᠭᠡᠷ  ᠦ᠋ᠨ ᠭᠣᠣᠯ ᠳᠦᠷᠢ ᠨᠢ ᠰᠢᠳᠡ ᠂ ᠨᠡᠭᠡᠷᠡᠨ᠃
ᠮᠥᠩᠬᠡ᠄ ᠭᠦᠳ᠂ ᠲᠡᠭᠡᠪᠡᠯ ᠪᠢᠳᠡ ᠨᠠᠷ ᠠᠪᠤ ᠲᠠᠢ ᠨᠢ ᠲᠠᠭᠠᠷᠠᠭᠰᠠᠨ ᠰᠢᠲᠠ ᠃
ᠢᠨᠵᠠᠭᠠᠨ ᠬᠦᠦ᠄ ᠬᠥᠪ ᠬᠥᠪ ᠬᠥᠪ᠂᠃( ᠶᠡᠬᠡ ᠰᠠᠨᠳᠦᠷᠠᠭᠰᠠᠨ ᠪᠠᠶ᠋ᠢᠲᠠᠯ ᠲᠠᠢ ᠬᠤᠴᠠᠪᠠ ᠃)
ᠪᠠᠰᠠᠷ᠄ ᠥ ! ᠪᠣᠯᠵᠠᠢ ᠪᠣᠯᠵᠠᠢ ᠬᠥᠶᠢ᠂ ᠬᠤᠷᠳᠤᠨ ᠠᠭᠤᠯᠵᠠᠭᠤᠯᠤᠶ᠎ᠠ ᠬᠥᠶᠢ᠃
ᠢᠨᠵᠠᠭᠠᠨ ᠬᠦᠦ᠄ ᠬᠥᠪ ᠬᠥᠪ
ᠮᠥᠩᠬᠡ ᠲᠤᠩᠬᠤ( ᠵᠡᠷᠭᠡᠪᠡᠷ) ᠬᠡ ᠬᠡ ᠁
ᠮᠥᠩᠬᠡ᠄ ᠲᠠ ᠪᠦᠷ ᠶᠠᠭᠤ ᠪᠣᠯᠤᠭᠰᠠᠨ ᠭᠡᠵᠦ ᠰᠠᠨᠠᠨ᠎ᠠ ᠂ ᠮᠠᠨ ᠊ᠤ ᠪᠠᠰᠠᠷ ᠪᠦᠷ ᠬᠠᠮᠠᠭᠠᠯᠠᠭᠴᠢ ᠪᠠᠭᠠᠲᠤᠷ ᠪᠣᠯᠴᠢᠬᠠᠭᠰᠠᠨ ᠪᠠᠶ᠋ᠢᠭᠰᠠᠨ ᠭᠡᠳ ᠪᠣᠳᠣ᠂ ᠬᠡ ᠬᠡ ᠬᠡ᠃
ᠲᠤᠩᠬᠤ᠄ ᠲᠡᠭᠡᠭᠡᠳ ᠨᠥᠭᠥᠭᠡ ᠢᠨᠵᠠᠭᠠᠨ ᠳᠡᠪᠡᠯ ᠲᠡᠢ ᠬᠦᠦ ᠨᠢ ᠠᠪᠤ ᠲᠠᠢ ᠪᠠᠨ ᠠᠭᠤᠯᠵᠠᠭᠠᠳ᠂ ᠮᠥᠨ ᠦᠯᠢᠭᠡᠷ ᠳᠡᠭᠡᠷ᠎ᠡ ᠪᠡᠨ ᠭᠠᠷᠳᠠᠭ ᠰᠢᠭ᠋   ᠵᠢᠠᠨ ᠬᠠᠭᠠᠨ ᠊ᠤ ᠥᠬᠢᠨ ᠊ᠢ ᠡᠳᠡᠭᠡᠭᠡᠳ᠂ ᠬᠠᠭᠠᠨ ᠰᠠᠭᠤᠭᠠᠳ᠂ ᠠᠮᠤᠷ ᠰᠠᠢᠬᠠᠨ  ᠳ᠋ᠤ᠌ ᠪᠠᠨ ᠵᠢᠷᠭᠠᠭᠰᠠᠨ ᠳᠠ ᠃
ᠠᠷᠸ᠎ᠠ᠄ ᠸᠠ ᠧᠦ ᠂ ᠭᠠᠶ᠋ᠢᠬᠠᠯᠲᠠᠢ ᠠᠳᠠᠯ ᠶᠠᠪᠤᠳᠠᠯ   ᠲᠠᠢ ᠶᠠᠪᠤᠵᠠᠢ ᠃ ᠣᠳᠣ ᠠᠬ᠎ᠠ ᠨᠢ ᠲᠠ ᠨᠠᠷ   ᠊ᠢ ᠪᠡᠨ ᠬᠡᠵᠢᠶ᠎ᠡ ᠴᠦ᠍ ᠣᠷᠬᠢᠵᠤ ᠪᠠᠶ᠋ᠢᠬᠤ ᠦᠭᠡᠢ᠂ ᠶᠠᠮᠠᠷ ᠴᠤ᠌ ᠠᠶᠤᠯ ᠪᠣᠯᠵᠤ ᠮᠡᠳᠡᠬᠦ   ᠪᠡᠷ ᠪᠠᠶ᠋ᠢᠯ᠎ᠠ ᠰᠢᠦ ! ᠠᠬ᠎ᠠ   ᠶ᠋ᠢ ᠪᠡᠨ ᠠᠭᠤᠴᠢᠯᠠᠭᠠᠷᠠᠢ !
ᠮᠥᠩᠬᠡ᠄ ᠬᠡ ᠬᠡ
ᠲᠤᠩᠬᠤ᠄ ᠵᠠ ! ᠠᠷᠸ᠎ᠠ ᠠᠬ᠎ᠠ ᠠ᠋ ᠃ᠬᠢ ᠬᠢ ᠬᠢ !
ᠪᠠᠰᠠᠠᠷ᠄ ᠬᠥᠪ ᠬᠥᠪ
ᠪᠦᠭᠦᠳᠡᠭᠡᠷ᠄ ᠬᠡ ᠬᠡ ᠬᠡ ᠬᠡ ᠁
ᠰᠦᠫᠸᠷ — ᠮᠤᠨᠳᠠᠭ ᠲᠣᠮᠣ ᠬᠦᠴᠦᠷᠬᠡᠭ ᠭᠡᠰᠡᠨ ᠠᠩᠭ᠌ᠯᠢ ᠦᠭᠡ
ᠮᠠᠺᠲ᠋ᠢᠩ— ᠨᠡᠷ᠎ᠡ ᠲᠥᠷᠥ ᠲᠡᠢ ᠶᠡᠬᠡ ᠵᠣᠬᠢᠶᠠᠨ ᠪᠠᠶ᠋ᠢᠭᠤᠯᠤᠯᠲᠠ ᠭᠡᠰᠡᠨ ᠤᠳᠬ᠎ᠠ ᠪᠠᠷ ᠬᠡᠷᠡᠭᠯᠡᠵᠦ ᠪᠠᠶ᠋ᠢᠬ᠋᠎ᠠ ᠠᠩᠭ᠌ᠯᠢ ᠦᠭᠡ ᠃