1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 2-04 ᠢᠨᠵᠠᠭᠠᠨ ᠳᠡᠪᠡᠯ  ᠲᠡᠢ ᠬᠦᠦ Мөнх тунх-Янзаган дээлтэй хүү

ᠮᠥᠩᠬᠡ ᠲᠤᠩᠬᠤ 2-04 ᠢᠨᠵᠠᠭᠠᠨ ᠳᠡᠪᠡᠯ  ᠲᠡᠢ ᠬᠦᠦ Мөнх тунх-Янзаган дээлтэй хүү

2023-03-24

417

ᠮᠥᠩᠬᠡ ᠲᠤᠩᠬᠤ 2-4-ᠢᠨᠵᠠᠭᠠᠨ ᠳᠡᠪᠡᠯ  ᠲᠡᠢ ᠬᠦᠦ

ᠮᠥᠩᠬᠡ ᠲᠤᠩᠬᠤ2-4- ᠢᠨᠵᠠᠭᠠᠨ ᠳᠡᠪᠡᠯ ᠲᠡᠢ ᠬᠦᠦ

1 ᠮᠥᠩᠬᠡ᠄ ᠵᠠ᠂ ᠬᠡᠳᠦᠭᠦᠯᠡ ᠪᠡᠨ ᠨᠢᠭᠡ ᠰᠠᠢᠬᠠᠨ ᠦᠯᠢᠭᠡᠷ ᠢ᠋ᠶ᠋ᠡᠷ ᠠᠶᠠᠯᠠᠴᠢᠬᠠᠬᠤ ᠊ᠦᠦ ᠳᠡ?

ᠲᠤᠩᠬᠤ᠄ ᠲᠡᠭᠡᠶ᠎ᠡ ᠳᠡ!

ᠮᠥᠩᠬᠡ᠄ ᠠᠢ ᠳᠠ᠂ ᠵᠢᠶᠣᠢᠤᠰᠸ ᠤᠤᠭᠤᠭᠠᠳ ᠯᠠ ᠢᠩᠭᠢᠭᠡᠳ ᠬᠡᠪᠲᠡᠵᠦ ᠪᠠᠶ᠋ᠢᠬᠤ ᠴᠢᠨᠢ ᠠᠮᠢᠳᠤᠷᠠᠯ ᠶᠤᠮ ᠊ᠦᠦ ᠳᠡ! ᠬᠡ ᠬᠡ ᠬᠡ

ᠲᠤᠩᠬᠤ᠄ ᠬᠡ ᠬᠡ! ᠲᠡᠶ᠋ᠢᠮᠦ ᠴᠦ᠍ ᠶᠦ᠍ᠮ ᠊ᠦᠦ?

ᠮᠥᠩᠬᠡ᠄ ᠬᠡ ᠬᠡ ᠬᠡ!

ᠮᠥᠩᠬᠡ᠄ ᠲᠤᠩᠬᠤ ᠠ᠋᠂ ᠪᠢ ᠨᠢᠭᠡ ᠰᠠᠢᠨ ᠡᠷ᠎ᠡ ᠪᠣᠯᠵᠤ ᠭᠤᠴᠢᠨ ᠬᠣᠶᠠᠷ ᠴᠠᠭᠠᠨ ᠯᠣᠩᠬᠣ ᠶ᠋ᠢ ᠨᠢᠭᠡ ᠠᠮᠢᠰᠬᠤᠭ᠎ᠠ ᠪᠠᠷ ᠲᠣᠭᠠᠯᠠᠬᠤ ᠊ᠦᠦ?

ᠲᠤᠩᠬᠤ᠄ ᠵᠠ᠂ ᠲᠡᠭᠡ!

ᠮᠥᠩᠬᠡ᠄ ᠪᠢ ᠨᠢᠭᠡ ᠰᠠᠢᠨ ᠡᠷ᠎ᠡ ᠪᠣᠯᠵᠤ ᠭᠤᠴᠢᠨ ᠬᠣᠶᠠᠷ ᠴᠠᠭᠠᠨ ᠯᠣᠩᠬᠣ ᠶ᠋ᠢ ᠨᠢᠭᠡ ᠠᠮᠢᠰᠬᠤᠭ᠎ᠠ ᠪᠠᠷ ᠲᠣᠭᠠᠯᠠᠶ᠎ᠠ! ᠨᠢᠭᠡ ᠴᠠᠭᠠᠨ ᠯᠣᠩᠬᠣ᠂ ᠬᠣᠶᠠᠷ ᠴᠠᠭᠠᠨ ᠯᠣᠩᠬᠣ᠂ ᠭᠤᠷᠪᠠᠨ ᠴᠠᠭᠠᠨ ᠯᠣᠩᠬᠣ᠂ ᠳᠥᠷᠪᠡᠨ ᠴᠠᠭᠠᠨ ᠯᠣᠩᠬᠣ᠂ ᠲᠠᠪᠤᠨ ᠴᠠᠭᠠᠨ ᠯᠣᠩᠬᠣ ᠵᠢᠷᠭᠤᠭᠠᠨ ᠴᠠᠭᠠᠨ ᠯᠣᠩᠬᠣ᠂ ᠳᠣᠯᠣᠭᠠᠨ ᠴᠠᠭᠠᠨ ᠯᠣᠩᠬᠣ᠂ ᠨᠠᠢ᠍ᠮᠠᠨ ᠴᠠᠭᠠᠨ ᠯᠣᠩᠬᠣ᠂ ᠶᠢᠰᠦᠨ ᠴᠠᠭᠠᠨ ᠯᠣᠩᠬᠣ᠂ ᠠᠷᠪᠠᠨ ᠴᠠᠭᠠᠨ ᠯᠣᠩᠬᠣ᠂ ᠠᠷᠪᠠᠨ ᠨᠢᠭᠡᠨ ᠴᠠᠭᠠᠨ ᠯᠣᠩᠬᠣ᠂ ᠠᠷᠪᠠᠨ ᠬᠣᠶᠠᠷ ᠴᠠᠭᠠᠨ ᠯᠣᠩᠬᠣ᠂ ᠠᠷᠪᠠᠨ ᠭᠤᠷᠪᠠᠨ ᠴᠠᠭᠠᠨ ᠯᠣᠩᠬᠣ᠂ ᠠᠷᠪᠠᠨ ᠳᠥᠷᠪᠡᠨ ᠴᠠᠭᠠᠨ ᠯᠣᠩᠬᠣ᠂ ᠠᠷᠪᠠᠨ ᠲᠠᠪᠤᠨ ᠴᠠᠭᠠᠨ ᠯᠣᠩᠬᠣ᠂ ᠠᠷᠪᠠᠨ ᠵᠢᠷᠭᠤᠭᠠᠨ ᠴᠠᠭᠠᠨ ᠯᠣᠩᠬᠣ᠂ ᠠᠷᠪᠠᠨ ᠳᠣᠯᠣᠭᠠᠨ ᠴᠠᠭᠠᠨ ᠯᠣᠩᠬᠣ᠂ ᠠᠷᠪᠠᠨ ᠨᠠᠢ᠍ᠮᠠᠨ ᠴᠠᠭᠠᠨ ᠯᠣᠩᠬᠣ᠂ ᠠᠷᠪᠠ ᠶᠢᠰᠦᠨ ᠴᠠᠭᠠᠨ ᠯᠣᠩᠬᠣ᠂ ᠬᠣᠷᠢᠨ ᠴᠠᠭᠠᠨ ᠯᠣᠩᠬᠣ᠂ ᠬᠣᠷᠢᠨ ᠨᠢᠭᠡᠨ ᠴᠠᠭᠠᠨ ᠯᠣᠩᠬᠣ᠂ ᠠ᠋! ᠥ᠃

ᠲᠤᠩᠬᠤ᠄ ᠸᠠ ᠧᠦ᠂ ᠣᠶ᠋ᠢᠷᠠᠬᠠᠨ ᠪᠠᠶ᠋ᠢᠯ᠎ᠠ ᠰᠢᠦ᠂

ᠮᠥᠩᠬᠡ᠄ ᠬᠡ ᠬᠡ ᠂ᠬᠠᠷᠢᠨ ᠲᠡᠶ᠋ᠢᠮᠦ ᠠ᠋᠂ ᠠᠷᠸ᠎ᠡ ᠠᠬ᠎ᠠ ᠮᠢᠨᠢ᠂ ᠭᠤᠴᠢᠨ ᠬᠣᠶᠠᠷ ᠴᠠᠭᠠᠨ ᠯᠣᠩᠬᠣ ᠶ᠋ᠢ ᠲᠣᠭᠠᠯᠠᠬᠤ ᠨᠢ ᠠᠮᠢᠰᠬᠤᠯ ᠊ᠤᠨ ᠳᠠᠰᠬᠠᠯ ᠪᠣᠯᠵᠤ ᠥᠭᠳᠡᠭ ᠭᠡᠵᠦ ᠬᠡᠯᠡᠵᠦ ᠪᠠᠶ᠋ᠢᠭᠰᠠᠨ᠃

ᠲᠤᠩᠬᠤ᠄ ᠫᠥᠬᠥ᠂ ᠲᠡᠶ᠋ᠢᠮᠦ ᠊ᠦᠦ᠂ ᠪᠢ ᠨᠢᠭᠡ ᠦᠵᠡᠶ᠎ᠡ!

ᠲᠤᠩᠬᠤ᠄ ᠬᠣᠷᠢᠨ ᠲᠠᠪᠤᠨ ᠴᠠᠭᠠᠨ ᠯᠣᠩᠬᠣ᠂ ᠬᠣᠷᠢᠨ ᠵᠢᠷᠭᠤᠭᠠᠨ ᠴᠠᠭᠠᠨ ᠯᠣᠩᠬᠣ᠂ ᠬᠣᠷᠢᠨ ᠳᠣᠯᠣᠭᠠᠨ ᠴᠠᠭᠠᠨ ᠯᠣᠩᠬᠣ᠂ ᠬᠣᠷᠢᠨ ᠨᠠᠢ᠍ᠮᠠᠨ ᠴᠠᠭᠠᠨ ᠯᠣᠩᠬᠣ᠂ ᠬᠣᠷᠢ ᠶᠢᠰᠦᠨ ᠴᠠᠭᠠᠨ ᠯᠣᠩᠬᠣ᠂ ᠠ! ᠬᠢ ᠬᠢ

ᠮᠥᠩᠬᠡ᠄ ᠫᠥᠬᠥ! ᠮᠠᠨ ᠊ᠤ ᠲᠤᠩᠬᠤ ᠶᠠᠮᠠᠷ ᠮᠤᠨᠳᠠᠭ ᠶᠤᠮ ᠪᠣᠢ! ᠨᠠᠳᠠ ᠠ᠋ᠴᠠ ᠢᠯᠡᠭᠦᠦ ᠮᠤᠨᠳᠠᠭ ᠪᠠᠶ᠋ᠢᠯ᠎ᠠ ᠰᠢᠲᠠ᠂ ᠭᠡᠬᠦ ᠳ᠋ᠦ᠍ ᠪᠡᠨ ᠬᠣᠶᠠᠭᠤᠯᠠ ᠪᠠᠨ ᠭᠤᠴᠢᠨ ᠬᠣᠶᠠᠷ ᠴᠠᠭᠠᠨ ᠯᠣᠩᠬᠣ ᠶ᠋ᠢ ᠨᠢᠭᠡ ᠠᠮᠢᠰᠬᠤᠭ᠎ᠠ ᠪᠠᠷ ᠲᠣᠭᠠᠯᠠᠳᠠᠭ ᠪᠣᠯᠤᠨ᠎ᠠ᠃

ᠲᠤᠩᠬᠤ᠄ ᠬᠢ ᠬᠢ! ᠬᠣᠶᠠᠭᠤᠯᠠ ᠪᠠᠨ ᠵᠠᠪᠠᠯ ᠰᠤᠷᠬᠤ ᠪᠣᠯᠤᠨ᠎ᠠ᠃

ᠪᠠᠰᠠᠷ᠄ ᠵᠠ᠂ ᠡᠨᠡ ᠨᠢᠭᠡ ᠯᠡ ᠡᠪ ᠦᠭᠡᠢ ᠡᠬᠢᠯᠡᠴᠢᠬᠡᠯ᠎ᠡ ᠰᠢᠦ᠂ ᠶᠠᠭᠤ ᠪᠣᠯᠴᠢᠬᠠᠪᠠ? ᠮᠥᠩᠬᠡ ᠠ᠋? ᠲᠤᠩᠬᠤ ᠠ᠋! ᠴᠠᠰᠤᠬᠠᠨ ᠠ᠋!

ᠢᠨᠵᠠᠭᠠᠨ ᠳᠡᠪᠡᠯ ᠲᠡᠢ ᠬᠦᠦ

ᠪᠠᠰᠠᠷ᠄ ᠠ᠋! ᠦᠭᠡᠢ᠂ ᠭᠠᠭᠴᠠᠭᠠᠷ ᠦᠯᠢᠭᠡᠷ ᠊ᠤᠨ ᠠᠶᠠᠯᠠᠯ ᠳ᠋ᠤ᠌ ᠣᠷᠣᠭᠠᠳ ᠢᠷᠡᠴᠢᠬᠡᠯ᠎ᠡ ᠰᠢᠳᠡ ᠠ᠋᠂ ᠦᠨᠡᠨ ᠠ᠋!

ᠡᠷᠲᠡ ᠤᠷᠢᠳᠤ ᠴᠠᠭ ᠲᠤ᠌᠂ ᠢᠨᠵᠠᠭᠠᠨ ᠳᠡᠪᠡᠯ ᠲᠡᠢ ᠬᠦᠦ ᠭᠡᠵᠦ ᠪᠠᠶ᠋ᠢᠵᠠᠢ᠂ ᠡᠴᠢᠭᠡ ᠶ᠋ᠢᠨ ᠢ᠋ᠶ᠋ᠡᠨ ᠬᠠᠮᠲᠤ ᠠᠮᠢᠳᠤᠷᠠᠨ ᠰᠠᠭᠤᠳᠠᠭ ᠪᠠᠶ᠋ᠢᠵᠤ ᠭᠡᠨ᠎ᠡ᠃ ᠨᠢᠭᠡᠨ ᠥᠷᠯᠥᠭᠡ ᠬᠦᠦ ᠡᠴᠢᠭᠡ ᠳ᠋ᠦ᠍ ᠪᠡᠨ᠂᠄ᠵᠠ᠂ ᠠᠪᠤ ᠠ᠋᠂ ᠬᠦᠦ ᠨᠢ ᠠᠩ ᠬᠦᠷᠦᠭᠡ ᠬᠢᠵᠦ ᠶᠠᠪᠤᠮᠠᠷ ᠪᠠᠶ᠋ᠢᠨ᠎ᠠ᠂ ᠮᠠᠷᠭᠠᠰᠢ ᠦᠷ ᠊ᠦᠨ ᠰᠢᠷᠭᠠᠯ ᠭᠡᠭᠡ ᠪᠡᠷ ᠳᠠᠭᠤᠳᠠᠭᠠᠷᠠᠢᠭᠡᠵᠡᠢ᠃ ᠮᠠᠷᠭᠠᠰᠢ ᠶ᠋ᠢᠨ ᠦᠷ ᠊ᠦᠨ ᠰᠢᠷᠭᠠᠯ ᠲᠤᠶᠠᠭᠠᠨ ᠢ᠋ᠶ᠋ᠠᠷ ᠡᠴᠢᠭᠡ ᠨᠢ ᠪᠣᠰᠤᠭᠠᠳ ᠣᠲᠣᠭᠠᠲᠤ ᠭᠠᠯ ᠢ᠋ᠶ᠋ᠠᠨ ᠲᠦᠯᠡᠵᠦ᠂ ᠠᠭᠤᠷ ᠦᠭᠡᠢ ᠤᠯᠠᠭᠠᠨ ᠰᠢᠷᠭᠠᠯ ᠴᠠᠢ ᠪᠠᠨ ᠴᠢᠨᠠᠭᠠᠳ ᠬᠦᠦ ᠪᠡᠨ ᠳᠠᠭᠤᠳᠠᠵᠠᠢ᠃

2 ᠬᠦᠦ ᠶ᠋ᠢ ᠪᠣᠰᠤᠭᠠᠳ ᠴᠠᠢ ᠪᠠᠨ ᠤᠤᠭᠤᠯ ᠦᠭᠡᠢ ᠭᠠᠷᠬᠤ ᠳ᠋ᠤ᠌ ᠨᠢ᠂ ᠡᠴᠢᠭᠡ ᠨᠢ᠄ᠪᠣᠯᠤᠭᠰᠠᠨ ᠢᠳᠡᠭᠡᠨ ᠡᠴᠡ ᠠᠮᠰᠠ!ᠭᠡᠬᠦ ᠳ᠋ᠦ᠍᠂ᠵᠦᠭᠡᠷ ᠠ᠋ ᠂ ᠠᠪᠤ ᠠ᠋!ᠭᠡᠳ ᠭᠠᠷᠤᠭᠠᠳ ᠶᠠᠪᠤᠵᠠᠢ᠃

ᠬᠦᠦ ᠶᠠᠪᠤᠨ ᠶᠠᠪᠤᠭᠰᠠᠭᠠᠷ ᠭᠥᠷᠥᠭᠡᠰᠦ ᠲᠡᠢ ᠲᠠᠭᠠᠷᠠᠯᠳᠤᠨ ᠠᠪᠠᠯᠠᠵᠠᠢ᠃ ᠭᠥᠷᠦᠭᠡᠰᠦᠨ ᠊ᠦ ᠮᠢᠬᠠᠨ ᠠ᠋ᠴᠠ ᠢᠳᠡᠬᠦ ᠭᠡᠰᠡᠨ ᠢ᠋ᠶ᠋ᠡᠨ ᠪᠣᠯᠢᠭᠠᠳ᠂᠂ ᠵᠢᠭᠠᠬᠠᠨ ᠰᠠᠭᠤᠲᠠᠯ᠎ᠠ᠂ ᠭᠡᠨᠡᠳᠲᠡ ᠨᠣᠬᠠᠢ ᠪᠣᠯᠤᠭᠠᠳ ᠬᠤᠪᠢᠷᠠᠴᠢᠬᠠᠪᠠ᠃ ᠬᠦᠦ ᠶ᠋ᠢᠨ ᠪᠣᠳᠣᠯ ᠤᠬᠠᠭᠠᠨ ᠬᠥᠮᠦᠨ ᠊ᠦ ᠬᠢ ᠰᠢᠭ ᠮᠥᠷᠳᠡᠯ᠎ᠡ ᠪᠡᠨ ᠶᠠᠭᠤᠮ᠎ᠠ ᠬᠡᠯᠡᠬᠦ ᠭᠡᠪᠡᠯ ᠨᠣᠬᠠᠢ ᠰᠢᠭ᠋ ᠳᠤᠤᠭᠠᠷᠤᠭᠠᠳ ᠪᠠᠶ᠋ᠢᠵᠤ ᠭᠡᠨ᠎ᠡ᠃

ᠪᠠᠰᠠᠷ᠄ ᠭᠣᠣᠯ ᠪᠠᠭᠠᠲᠤᠷ ᠊ᠢ ᠨᠢ ᠣᠯᠪᠠᠯ᠂ ᠬᠠᠷᠢᠴᠢᠬᠠᠬᠤ ᠪᠣᠯᠪᠠ ᠊ᠤᠤ?

ᠪᠢ ᠣᠳᠣ ᠲᠡᠭᠡᠭᠡᠳ ᠨᠣᠬᠠᠢ ᠪᠣᠯᠭᠠᠨ ᠳᠡᠭᠡᠷ᠎ᠡ ᠣᠴᠢᠭᠠᠳ᠂ ᠴᠢ ᠢᠨᠵᠠᠭᠠᠨ ᠬᠦᠦ ᠮᠥᠨ ᠊ᠦᠦ? ᠭᠡᠳ ᠠᠰᠠᠭᠤᠬᠤ ᠶᠤᠮ ᠊ᠤᠤ? ᠬᠠᠮᠢᠭᠠᠰᠢ ᠪᠠᠨ ᠶᠤᠮ ᠪᠣᠢ? ᠬᠡ ᠬᠡ ᠬᠡ᠂ ᠮᠠᠨ   ᠪ ᠬᠢ ᠠ᠋! ᠢᠷᠡᠭᠡᠴᠢ ᠠ᠋!

ᠲᠤᠩᠬᠤ᠄ ᠢᠩᠭᠢᠬᠦ ᠳ᠋ᠦ᠍ ᠪᠠᠰᠠᠷ ᠮᠢᠨᠢ ᠶᠠᠭᠠᠬᠢᠭᠠᠳ ᠬᠠᠷᠠᠭᠳᠠᠬᠤ ᠦᠭᠡᠢ ᠪᠠᠢᠭ᠎ᠠ ᠶᠤᠮ ᠪᠣᠯ ?

ᠮᠥᠩᠬᠡ᠄ ᠮᠡᠳᠡᠬᠦ ᠦᠭᠡᠢ᠂ ᠲᠣᠭᠯᠠᠵᠤ ᠪᠠᠶ᠋ᠢᠭ᠎ᠠ ᠶᠤᠮ ᠪᠣᠯᠪᠠ ᠊ᠤᠤ?

ᠲᠤᠩᠬᠤ᠄ ᠤᠭ ᠨᠢ ᠡᠶ᠋ᠢᠮᠦ ᠬᠠᠯᠠᠭᠤᠨ ᠳ᠋ᠤ᠌ ᠲᠣᠭᠯᠠᠵᠤ ᠭᠦᠶᠦᠭᠡᠳ ᠪᠠᠶ᠋ᠢᠳᠠᠭ ᠦᠭᠡᠢ ᠯᠡ ᠶᠦ᠍ᠮ ᠳᠡ᠃ ᠬᠠᠯᠠᠭᠤᠴᠢᠬᠠᠬᠤ ᠪᠣᠢ ᠳᠠ!

ᠮᠥᠩᠬᠡ ᠄ ᠨᠡᠭᠡᠷᠡᠨ !

ᠲᠤᠩᠬᠤ ᠄ ᠪᠠᠰᠠᠷ ᠠ᠋!

ᠮᠥᠩᠬᠡ᠄ ᠪᠠᠰᠠᠷ ᠠ᠋!

ᠲᠤᠩᠬᠤ᠄ ᠪᠠᠰᠠᠷ ᠠ᠋!

ᠮᠥᠩᠬᠡ᠄ ᠪᠠᠰᠠᠷ ᠠ᠋!

ᠪᠠᠰᠠᠷ᠄ ᠠᠢ᠂ ᠮᠠᠨ ᠊ᠤ ᠬᠡᠳᠦ ᠨᠠᠮ᠎ᠠ ᠶ᠋ᠢ ᠪᠠᠶ᠋ᠢᠬᠤ ᠦᠭᠡᠢ ᠶ᠋ᠢ ᠠᠩᠵᠠᠭᠠᠷᠠᠬᠤ ᠦᠭᠡᠢ ᠪᠠᠶ᠋ᠢᠭ᠎ᠠ ᠪᠠᠶ᠋ᠢᠬᠤ ᠳᠠ᠂ ᠬᠡᠳᠦᠨ ᠴᠠᠭ ᠣᠴᠤᠶ᠋ᠢᠵᠤ ᠰᠠᠭᠤᠴᠢᠬᠠᠪᠠ? ᠡᠠᠷᠠᠢ ᠤᠳᠠᠭᠠᠳ ᠪᠠᠶ᠋ᠢᠨ᠎ᠠ ᠊ᠦᠦ?ᠦᠭᠡᠢ ᠊ᠦᠦ? ᠥᠩ!ᠡᠨᠳᠡ ᠡᠴᠡ ᠬᠣᠯᠠᠳᠠᠬᠤ ᠪᠠᠷ ᠲᠥᠭᠡᠷᠢᠴᠢᠬᠡᠬᠦ ᠶᠦ᠍ᠮ ᠪᠢᠯᠡ ᠊ᠤᠤ? ᠠᠮᠠ ᠵᠠᠪᠠᠵᠤ ᠪᠠᠶ᠋ᠢᠨ᠎ᠠ᠂ ᠵᠢᠭᠲᠡᠶ᠋ᠢᠬᠡᠨ᠂ ᠶᠠᠭᠠᠬᠢᠳᠠᠭ ᠴᠤ᠌ ᠣᠯᠠᠨ ᠊ᠤ ᠬᠥᠯ ᠪᠠᠷᠠᠭᠠᠳᠠᠶ᠎ᠠ ᠳᠠ᠂ ᠦᠯᠢᠭᠡᠷ ᠊ᠦᠨ ᠬᠢᠨ ᠭᠣᠣᠯ ᠪᠠᠭᠠᠲᠤᠷ ᠲᠠᠢ ᠨᠢ ᠴᠦ᠍ ᠲᠠᠭᠠᠷᠠᠵᠤ ᠮᠠᠭᠠᠳ ᠦᠭᠡᠢ᠃

ᠲᠤᠩᠬᠤ᠄ ᠡᠨᠳᠡ ᠪᠠᠶ᠋ᠢᠭ᠎ᠠ ᠶᠤᠮ ᠪᠣᠯ ᠊ᠦᠦ? ᠪᠠᠰᠠᠷ ᠠ᠋᠂

ᠮᠥᠩᠬᠡ᠄ ᠥ᠂ ᠰᠣᠨᠢᠨ ᠶᠤᠮ ᠳᠠ᠂

ᠲᠤᠩᠬᠤ᠄ ᠶᠠᠭᠠᠬᠢᠭᠰᠠᠨ ᠪᠠᠶ᠋ᠢᠨ᠎ᠠ?

ᠮᠥᠩᠬᠡ᠄ ᠡᠨᠳᠡ ᠶᠠᠭᠤᠮ᠎ᠠ ᠳᠠᠷᠤᠭᠰᠠᠨ ᠶᠤᠮ ᠰᠢᠭ᠋ ᠪᠠᠶ᠋ᠢᠬᠤ ᠶᠤᠮ᠃ ᠡᠨᠡ ᠶ᠋ᠢ ᠬᠠᠷᠠ ᠳᠠ᠂

ᠴᠠᠰᠤᠬᠠᠨ᠄ ᠮᠢᠶᠣᠤ!

ᠲᠤᠩᠬᠤ᠄ ᠲᠡᠶ᠋ᠢᠮᠦ ᠠ᠋᠂ ᠶᠡᠬᠡ ᠶ᠋ᠢ ᠰᠣᠩᠭᠣᠭᠰᠠᠨ ᠪᠠᠶ᠋ᠢᠬᠤ ᠶᠤᠮ᠃ ᠶᠠᠭᠠᠬᠢᠨ᠎ᠠ᠂ ᠪᠠᠰᠠᠷ ᠮᠢᠨᠢ ᠭᠠᠭᠴᠠᠭᠠᠷ ᠢ᠋ᠶ᠋ᠠᠨ ᠶᠠᠪᠤᠴᠢᠬᠠᠭᠰᠠᠨ ᠪᠢᠰᠢ ᠪᠢᠵᠡ ᠳᠡ᠃

ᠮᠥᠩᠬᠡ᠄ ᠬᠢ!

ᠲᠤᠩᠬᠤ᠄ ᠠᠷᠸ᠎ᠡ ᠠᠬ᠎ᠠ ᠬᠠᠮᠢᠭ᠎ᠠ ᠶᠠᠪᠤᠭ᠎ᠠ ᠪᠠᠶ᠋ᠢᠯ᠎ᠠ?

ᠮᠥᠩᠬᠡ᠄ ᠬᠣᠨᠢ ᠪᠠᠨ ᠨᠠᠭᠠᠰᠢᠯᠠᠭᠤᠯᠵᠤ ᠶᠠᠪᠤᠭ᠎ᠠ᠂ ᠶᠠᠭᠠᠬᠢᠨ᠎ᠠ ᠠ᠋?

ᠲᠤᠩᠬᠤ᠄ ᠶᠠᠭᠠᠬᠢᠨ᠎ᠠ ᠠ᠋? ᠪᠠᠰᠠᠷ ᠮᠢᠨᠢ᠃

ᠴᠠᠰᠤᠬᠠᠨ᠄ ᠮᠢᠶᠣᠤ!

ᠪᠠᠰᠠᠷ᠄ ᠦᠨᠡᠭᠡ ᠴᠢᠨᠣ᠎ᠠ ᠲᠠᠤᠯᠠᠢ ᠪᠠᠷᠢᠳᠠᠭ᠂ ᠦᠯᠢᠭᠡᠷ ᠊ᠦᠨ ᠣᠷᠣᠨ ᠢ᠋ᠶ᠋ᠠᠷ᠁ ᠬᠡ ᠬᠡ ᠦᠯᠢᠭᠡᠷ ᠊ᠤᠨ ᠬᠡᠩ ᠬᠡᠩ ᠬᠡᠩ᠂ ᠮᠥᠩᠬᠡ ᠮᠠᠨᠢ ᠪᠠᠶ᠋ᠢᠭᠰᠠᠨ ᠪᠣᠯ ᠪᠠᠰᠠᠷ ᠠ᠋ ᠴᠢ ᠶᠣᠰᠣᠲᠠᠢ ᠬᠥᠭᠡᠷᠦᠬᠦᠨ ᠰᠢᠦ ᠭᠡᠳ ᠯᠡ᠂ ᠲᠤᠩᠬᠤ ᠲᠡᠭᠡᠭᠰᠡᠨ ᠴᠢᠨᠢ ᠪᠠᠰᠠᠷ ᠮᠢᠨᠦ ᠬᠠᠷᠠᠭᠰᠠᠨ ᠬᠠᠮᠤᠭ ᠊ᠤᠨ ᠴᠢᠷᠠᠶ᠋ᠢᠯᠢᠬ ᠨᠣᠬᠠᠢ ᠰᠢᠦ ᠭᠡᠳ ᠯᠡ᠂ ᠲᠡᠭᠡᠩᠭᠦᠲᠡ ᠴᠠᠰᠤᠬᠠᠨ ᠪᠠᠰᠠᠷ ᠠ᠋᠂ ᠪᠠᠶ᠋ᠢᠪ ᠪᠠᠶ᠋ᠢᠪ ᠪᠠᠶ᠋ᠢᠪ ᠪᠠᠶ᠋ᠢᠪ ᠪᠠᠪ᠁ ᠭᠡᠳ᠂ ᠲᠡᠭᠡᠭᠰᠡᠨ ᠨᠢ ᠪᠠᠰᠠᠷ ᠨᠢ ᠡᠰᠡᠷᠭᠦ ᠨᠢ᠂ ᠶᠠᠭᠤ ᠭᠡᠰᠡᠨ ᠪᠢᠯᠡ ᠭᠡᠰᠡᠨ ᠴᠢᠨᠢ ᠰᠢᠭᠤᠳ ᠡᠷᠭᠢᠭᠦᠯᠦᠭᠡᠳ ᠲᠡᠶ᠋ᠢᠪ ᠲᠡᠶ᠋ᠢᠪ ᠲᠡᠶ᠋ᠢᠪ᠁ ᠬᠡᠩ ᠬᠡᠩ ᠬᠡᠩ ᠨᠠᠶ᠋ᠢᠵᠠ ᠨᠠᠷ ᠮᠢᠨᠢ ᠠ᠋

3 ᠬᠥᠪ!

ᠪᠠᠰᠠᠷ᠄ ᠥ᠂ ᠥ᠂ ᠵᠠ ᠵᠠ᠂ ᠬᠠᠷᠠᠩᠭᠤᠢ ᠪᠤᠯᠤᠩ ᠳ᠋ᠤ᠌ ᠴᠢᠮᠡᠭᠡ ᠭᠠᠷᠪᠠ ᠊ᠤᠤ? ᠪᠠᠰᠠᠷ ᠢᠩᠭᠢᠭᠡᠳ ᠳᠠᠭᠤᠰᠤᠭ᠎ᠠ ᠶᠤᠮ ᠪᠠᠶ᠋ᠢᠨ᠎ᠠ ᠯᠠ ᠳᠠ᠃

ᠮᠥᠩᠬᠡ᠄ ᠡᠨᠡ ᠶᠠᠭᠠᠬᠢᠵᠤ ᠠᠵᠢᠯᠯᠠᠳᠠᠭ ᠶᠤᠮ ᠪᠣᠯ ᠠ᠋᠂

ᠲᠤᠩᠬᠤ᠄ ᠬᠠᠷᠢᠨ ᠲᠡᠶ᠋ᠢᠮᠦ ᠠ᠋᠂

ᠮᠥᠩᠬᠡ᠄ ᠶᠠᠭᠠᠬᠢᠨ᠎ᠠ ᠠ᠋᠂ ᠶᠠᠭᠠᠬᠢᠳᠠᠭ ᠪᠢᠯᠡ ᠠ᠋? ᠠᠷᠸ᠎ᠡ ᠠᠬ᠎ᠠ ᠬᠡᠯᠡᠬᠦ ᠳ᠋ᠦ᠍ ᠪᠡᠨ ᠡᠨᠳᠡ ᠪᠣᠯᠵᠤ ᠪᠠᠶ᠋ᠢᠭ᠎ᠠ ᠨᠢᠭᠡ ᠴᠠᠭ ᠪᠣᠯᠭᠠᠨ ᠨᠢ ᠦᠯᠢᠭᠡᠷ ᠲᠦ᠍ ᠨᠢᠭᠡ ᠡᠳᠦᠷ ᠪᠣᠯᠵᠤ ᠪᠠᠶ᠋ᠢᠭ᠎ᠠ ᠲᠠᠢ ᠲᠡᠩᠴᠡᠨ᠎ᠡ ᠭᠡᠵᠦ ᠪᠠᠶ᠋ᠢᠭᠰᠠᠨ᠂

ᠲᠤᠩᠬᠤ᠄ ᠶᠠᠭᠠᠬᠢᠨ᠎ᠠ᠂ ᠲᠡᠭᠡᠪᠡᠯ ᠪᠠᠷᠤᠭ ᠨᠢᠭᠡ ᠡᠳᠦᠷ ᠪᠣᠯᠴᠢᠬᠠᠭᠰᠠᠨ ᠭᠡᠰᠡᠨ ᠦᠭᠡ ᠶᠦ᠍ᠮ ᠪᠠᠶ᠋ᠢᠨ᠎ᠠ ᠰᠢᠲᠠ ᠠ᠋᠂ ᠪᠠᠰᠠᠷ ᠮᠠᠨᠢ ᠭᠠᠶ᠋ᠢᠭᠤᠢ ᠪᠠᠶ᠋ᠢᠭ᠎ᠠ ᠠ᠋᠂ ᠶᠠᠭᠠᠬᠢᠭᠠᠳ ᠣᠯᠤᠭ᠎ᠠ ᠠ᠋᠂ ᠶᠠᠭᠠᠬᠢᠨ᠎ᠠ ᠶᠠᠭᠠᠬᠢᠨ᠎ᠠ ᠂ ᠶᠠᠭᠠᠬᠢᠨ᠎ᠠ ᠠ᠋

ᠪᠠᠰᠠᠷ᠄ ᠠᠭᠤᠴᠢᠯᠠᠭᠠᠷᠠᠢ! ᠠᠭ᠎ᠠ᠂ ᠠᠨᠢᠶ᠎ᠠ᠂ ᠠᠬ᠎ᠠ ᠂ᠡᠭᠡᠴᠢ ᠠ᠋᠂ ᠮᠢᠨᠦ ᠳᠡᠭᠦᠦ᠂ ᠪᠢᠲᠡᠭᠡᠢ ᠠᠶᠤᠯᠭᠠᠭᠠᠳ ᠪᠠᠶ᠋ᠢᠯ ᠳᠠ!

ᠲᠤᠩᠬᠤ᠄ ᠶᠠᠭᠠᠬᠢᠨ᠎ᠠ ᠶᠠᠭᠠᠬᠢᠨ᠎ᠠ᠁

ᠮᠥᠩᠬᠡ᠄ ᠶᠠᠭᠠᠬᠢᠳᠠᠭ ᠪᠢᠯᠡ᠂ ᠶᠠᠭᠠᠬᠢᠳᠠᠭ ᠪᠢᠯᠡ᠂ ᠶᠠᠭᠠᠬᠢᠬᠤ ᠪᠣᠢ?

ᠴᠠᠰᠤᠬᠠᠨ᠄᠃ ᠮᠢ ᠮᠢ ᠮᠢ ᠮᠢᠶᠣᠤ!

ᠪᠠᠰᠠᠷ᠄ ᠠ!

ᠪᠠᠰᠠᠷ᠄ ᠵᠠ ᠪᠠᠶ᠋ᠢᠵᠠ ᠪᠠᠶ᠋ᠢᠵᠠ᠂ ᠪᠠᠢ᠂ ᠠᠷᠠᠢ ᠢᠩᠭᠢᠵᠦ ᠳᠠᠭᠤᠰᠬᠠᠵᠤ ᠪᠣᠯᠬᠤ ᠦᠭᠡᠢ ᠪᠠᠶ᠋ᠢᠬ᠎ᠠ ᠠ᠋᠂ ᠠ! ᠶᠠᠮᠠᠷ ᠰᠣᠯᠣᠩᠭᠣᠰ ᠺᠢᠨᠣ᠋ ᠪᠢᠰᠢ ᠳᠡ᠂ ᠵᠠ! ᠬᠥ ᠬᠥ ᠬᠥ᠃ ᠬᠢ ᠬᠡᠨ ᠪᠣᠢ? ᠲᠠ᠃

ᠪᠠᠰᠠᠷ᠄ ᠥ᠂ ᠬᠥᠭᠡᠷᠦᠬᠦᠢ᠂ ᠨᠥᠭᠥᠭᠡ ᠨᠣᠬᠠᠢ ᠪᠣᠯᠤᠨ ᠬᠤᠪᠢᠷᠠᠴᠢᠬᠠᠭᠰᠠᠨ ᠬᠦᠦ ᠪᠠᠶ᠋ᠢᠨ᠎ᠠ ᠰᠢᠦ ᠳᠡ᠂ ᠰᠠᠢᠨ ᠪᠠᠶ᠋ᠢᠨ᠎ᠠ ᠊ᠤᠤ?

ᠬᠦᠦ᠄ ᠬᠥᠪ ᠬᠥᠪ!

ᠪᠠᠰᠠᠷ᠄ ᠥᠩ? ᠥ᠂ ᠵᠠ ᠵᠠ᠂ ᠢᠩᠭᠢᠵᠦ ᠲᠡᠭᠦᠰᠪᠡᠯ ᠪᠠᠰᠠ ᠰᠣᠨᠢᠨ ᠶᠤᠮ ᠳᠠ᠃

ᠪᠠᠰᠠᠷ ᠫᠣᠲᠸᠺᠠᠰᠧᠲ

ᠪᠠᠰᠠᠷ᠄ ᠬᠡ ᠬᠡ᠂ ᠰᠠᠢᠨ ᠪᠠᠶ᠋ᠢᠴᠠᠭᠠᠨ᠎ᠠ ᠊ᠦᠦ? ᠪᠠᠰᠠᠷ ᠫᠣᠲᠸᠺᠠᠰᠧᠲ ᠡᠬᠢᠯᠡᠵᠦ ᠪᠠᠶ᠋ᠢᠨ᠎ᠠ!

ᠪᠠᠰᠠᠷ᠄ ᠥᠨᠥᠳᠥᠷ ᠲᠠ ᠪᠦᠬᠦᠨ ᠲᠡᠢ ᠪᠡᠨ ᠬᠥᠭᠡᠷᠦᠬᠦᠨ ᠡᠭᠳᠡᠭᠦᠦ ᠲᠡᠢ᠂ ᠪᠠᠳᠢ ᠳᠡᠭᠦᠦ ᠪᠡᠨ ᠠᠭᠤᠯᠵᠠᠭᠤᠯᠵᠤ ᠪᠠᠶ᠋ᠢᠨ᠎ᠠ᠃

ᠵᠠ᠂ ᠪᠠᠳᠢ ᠮᠢᠨᠦ ᠳᠡᠭᠦᠦ᠂ ᠥᠪᠡᠷ ᠊ᠢ ᠪᠡᠨ ᠲᠠᠨᠢᠯᠴᠠᠭᠤᠯᠬᠤ ᠦᠭᠡᠢ ᠊ᠦᠦ?

ᠪᠠᠳᠢ᠄ ᠰᠠᠢᠨ ᠪᠠᠶ᠋ᠢᠨ᠎ᠠ ᠊ᠤᠤ? ᠨᠠᠮ᠎ᠠ ᠶ᠋ᠢ ᠪᠠᠳᠢ ᠭᠡᠳᠡᠭ

ᠪᠠᠰᠠᠷ᠄ ᠥ ᠶᠠ᠂ ᠶᠠᠭᠠᠬᠢᠭᠰᠠᠨ ᠳᠠᠷᠤᠤᠬᠠᠨ ᠪᠠᠶ᠋ᠢᠬᠤ ᠶᠤᠮ᠂ ᠥᠩ᠂ ᠶᠠᠭ ᠢᠩᠭᠢᠬᠦ ᠳ᠋ᠦ᠍ ᠪᠠᠳᠢ ᠳᠡᠭᠦᠦ ᠮᠠᠨᠢ ᠰᠤᠷᠭᠠᠯᠲᠠ ᠬᠢᠭᠡᠳ ᠪᠠᠶ᠋ᠢᠳᠠᠭ ᠭᠡᠯ᠎ᠡ ᠊ᠦᠦ? ᠨᠡᠭᠡᠷᠡᠨ᠃

ᠪᠠᠳᠢ᠄ ᠠ ᠬᠠ᠂ ᠪᠢ ᠥᠪᠡᠷ ᠊ᠦᠨ ᠨᠠᠶ᠋ᠢᠵᠠ ᠊ᠤᠳ ᠲᠤ᠌ ᠪᠠᠨ ᠮᠢᠨᠦ ᠪᠡᠶ᠎ᠡ ᠶ᠋ᠢᠨ ᠠᠶᠤᠯ ᠦᠭᠡᠢ ᠳᠦᠷᠢᠮ ᠊ᠦᠨ ᠲᠠᠯ᠎ᠠ ᠪᠠᠷ ᠵᠢᠭᠠᠳᠠᠭ ᠪᠠᠶ᠋ᠢᠭ᠎ᠠ᠃

ᠪᠠᠰᠠᠷ᠄ ᠬᠥ ᠬᠥ ᠬᠥ᠂ ᠪᠠᠶ᠋ᠢᠵᠠ ᠳᠠ᠂ ᠶᠠᠭᠠᠬᠢᠭᠰᠠᠨ ᠳᠦᠷᠢᠮ ᠭᠡᠰᠡᠨ ᠪᠣᠢ? ᠮᠢᠨᠦ ᠪᠡᠶ᠎ᠡ ᠳ᠋ᠦ᠍ ᠪᠠᠰᠠ ᠳᠦᠷᠢᠮ ᠪᠠᠶ᠋ᠢᠨ᠎ᠠ᠂ ᠥᠩ᠂ ᠵᠢᠭᠠᠬᠠᠨ ᠳᠡᠯᠭᠡᠷᠡᠭᠦᠯᠦᠭᠡᠳ ᠶᠠᠷᠢᠭᠠᠴᠢ ᠂ ᠮᠢᠨᠦ ᠳᠡᠭᠦᠦ!

ᠪᠠᠳᠢ᠄ ᠬᠥᠮᠦᠨ ᠪᠦᠷᠢ ᠳ᠋ᠦ᠍ ᠥᠪᠡᠷ ᠥᠪᠡᠷ ᠊ᠦᠨ ᠭᠡᠰᠡᠨ ᠪᠡᠶ᠎ᠡ ᠪᠠᠶ᠋ᠢᠳᠠᠭ ᠰᠢᠦ ᠳᠡ ᠠᠮᠢᠲᠠᠳ ᠴᠤ᠌ ᠢᠯᠭᠠᠭ᠎ᠠ ᠦᠭᠡᠢ ᠥᠭᠡᠷ᠎ᠡ ᠥᠭᠡᠷ᠎ᠡ ᠬᠡᠯᠪᠡᠷᠢ ᠲᠡᠢ᠂ ᠥᠩᠭᠡ ᠳᠦᠷᠰᠦ ᠲᠡᠢ᠂ ᠥᠪᠡᠷᠰᠡᠳ ᠊ᠦᠨ ᠭᠡᠰᠡᠨ ᠪᠡᠶ᠎ᠡ ᠪᠣᠢ᠂ ᠪᠢᠳᠡᠨ ᠊ᠦ ᠪᠡᠶ᠎ᠡ ᠶ᠋ᠢᠨ ᠪᠦᠬᠦ ᠬᠡᠰᠡᠭ᠂ ᠣᠨᠴᠠᠭᠠᠢ ᠂ ᠭᠡᠬᠦ ᠳ᠋ᠦ᠍ ᠪᠡᠨ ᠵᠠᠷᠢᠮ ᠬᠡᠰᠡᠭ ᠨᠢ ᠵᠥᠪᠬᠡᠨ ᠮᠢᠨᠦ ᠡᠵᠡᠮᠰᠢᠬᠦ ᠬᠤᠪᠢ ᠶ᠋ᠢᠨ ᠬᠡᠰᠡᠭ ᠪᠠᠶ᠋ᠢᠳᠠᠭ᠂ ᠲᠡᠷᠡ ᠬᠤᠪᠢ ᠶ᠋ᠢᠨ ᠬᠡᠰᠡᠭ ᠲᠦ᠍ ᠴᠢᠨᠢ ᠶᠠᠮᠠᠷ ᠴᠤ᠌ ᠦᠶ᠎ᠡ ᠬᠡᠨ ᠬᠡᠨ ᠬᠦᠷᠴᠦ ᠪᠣᠯᠬᠤ᠂ᠪᠣᠯᠬᠤ ᠦᠭᠡᠢ ᠭᠡᠬᠦ ᠳᠦᠷᠢᠮ ᠪᠠᠶ᠋ᠢᠳᠠᠭ ᠶᠤᠮ ᠯᠠ ᠳᠠ᠃

ᠪᠠᠰᠠᠷ᠄ ᠸᠠ᠂ ᠶᠠᠭᠠᠬᠢᠭᠰᠠᠨ ᠬᠥᠭᠡᠷᠦᠬᠦᠨ ᠤᠬᠠᠭᠠᠯᠢᠭ ᠬᠥᠭᠡᠷᠦᠬᠦᠢ ᠶᠦ᠍ᠮ ᠪᠣᠢ ᠳᠠ! ᠵᠠ ᠊ᠦᠦ᠃ ᠥᠩ᠂ ᠶᠠᠭᠠᠬᠢᠭᠰᠠᠨ ᠬᠥᠭᠡᠷᠦᠬᠦᠨ ᠶᠠᠭᠤᠮ᠎ᠠ ᠪᠣᠳᠣᠵᠤ ᠊ᠦᠦ? ᠠᠬ᠎ᠠ ᠶᠣᠰᠣᠲᠠᠢ ᠲᠠᠵᠢ ᠦᠭᠡᠢ ᠤᠬᠠᠭᠠᠯᠢᠭ ᠲᠠᠯ᠎ᠠ ᠲᠠᠢ ᠪᠢᠯᠡ ᠳᠠ᠃ ᠮᠠᠨ ᠊ᠤ ᠰᠣᠨᠣᠰᠤᠭᠴᠢ ᠦᠵᠡᠭᠴᠢᠳ ᠮᠡᠳᠡᠵᠦ ᠪᠠᠶ᠋ᠢᠭ᠎ᠠ ᠪᠠᠶ᠋ᠢᠯᠭᠦᠢ᠂ ᠵᠠ ᠠᠭᠤᠴᠢᠯᠠᠭᠠᠷᠠᠢ! ᠠᠷᠠᠢ ᠵᠢᠭᠠᠬᠠᠨ ᠥᠪᠡᠷ ᠢ᠋ ᠪᠡᠨ ᠳ᠋ᠦ᠋ᠩᠨᠡᠬᠦ ᠭᠡᠬᠦ ᠰᠢᠭ ᠪᠠᠶ᠋ᠢᠨ᠎ᠠ᠂ ᠵᠠ ᠴᠠᠰᠢ ᠨᠢ ᠶᠠᠷᠢ᠂ ᠪᠠᠳᠢ!

ᠪᠠᠳᠢ᠄ ᠵᠠ᠂ ᠪᠢ ᠵᠢᠱ᠌ᠢᠶ᠎ᠡ ᠪᠣᠯᠭᠠᠵᠤ ᠶᠠᠷᠢᠶ᠎ᠠ᠂ ᠳᠣᠲᠣᠨᠣ ᠶ᠋ᠢᠨ ᠬᠥᠮᠦᠰ ᠴᠢᠨᠢ ᠴᠢᠮ᠎ᠠ ᠶ᠋ᠢ ᠬᠠᠶ᠋ᠢᠷᠠᠯᠠᠬᠤ᠂ ᠲᠡᠪᠡᠷᠢᠬᠦ᠂ ᠤᠰᠤᠨ ᠳ᠋ᠤ᠌ ᠣᠷᠣᠭᠤᠯᠬᠤ ᠡᠰᠡᠬᠦᠯ᠎ᠡ ᠡᠮᠴᠢ ᠳ᠋ᠦ᠍ ᠦᠵᠡᠭᠦᠯᠬᠦ ᠡᠴᠡ ᠪᠤᠰᠤᠳ ᠲᠣᠬᠢᠶᠠᠯᠳᠤᠯ ᠳ᠋ᠤ᠌ ᠬᠤᠪᠢ ᠶ᠋ᠢᠨ ᠬᠡᠰᠡᠭ ᠲᠦ᠍ ᠴᠢᠨᠢ ᠬᠦᠷᠬᠦ ᠳ᠋ᠦ᠍ ᠪᠡᠨ ᠵᠠᠪᠠᠯ ᠵᠥᠪᠰᠢᠶᠡᠷᠡᠯ ᠠᠪᠬᠤ ᠬᠡᠷᠡᠭᠲᠡᠢ᠂ ᠡᠨᠡ ᠳᠦᠷᠢᠮ ᠊ᠢ ᠰᠠᠶ᠋ᠢᠲᠤᠷ ᠰᠠᠨᠠᠭᠠᠷᠠᠢ᠂ ᠨᠠᠶ᠋ᠢᠵᠠ ᠨᠠᠷ ᠠ᠋! ᠬᠡᠷᠪᠡ ᠴᠢᠨᠦ ᠬᠤᠪᠢ ᠶ᠋ᠢᠨ ᠬᠡᠰᠡᠭ ᠲᠦ᠍ ᠬᠦᠷᠬᠦ ᠳ᠋ᠦ᠍ ᠪᠡᠨ ᠵᠥᠪᠰᠢᠶᠡᠷᠡᠯ ᠠᠪᠬᠤ ᠦᠭᠡᠢ᠂ ᠴᠢᠮ᠎ᠠ ᠳ᠋ᠤ᠌ ᠳᠠᠭ᠎ᠠ ᠦᠭᠡᠢ ᠮᠡᠳᠡᠷᠡᠮᠵᠢ ᠲᠦᠷᠦᠭᠦᠯᠡᠭᠡᠳ ᠪᠠᠶ᠋ᠢᠪᠠᠯ ᠥᠪᠡᠷ ᠊ᠦᠨ ᠢᠲᠡᠭᠡᠳᠡᠭ ᠬᠥᠮᠦᠨ ᠳ᠋ᠦ᠍ ᠪᠡᠨ ᠵᠠᠪᠠᠯ ᠬᠡᠯᠡᠵᠦ ᠪᠠᠶ᠋ᠢᠭᠠᠷᠠᠢ᠂ ᠴᠢᠨᠦ ᠪᠡᠶ᠎ᠡ ᠪᠣᠯ ᠴᠢᠨᠦ ᠯᠡ ᠪᠡᠶ᠎ᠡ᠂

ᠪᠠᠰᠠᠷ᠄ ᠬᠡᠩ! ᠨᠡᠭᠡᠷᠡᠨ ᠮᠢᠨᠦ ᠪᠡᠶ᠎ᠡ ᠴᠢᠨᠢ ᠵᠥᠪᠬᠡᠨ ᠮᠢᠨᠦ ᠯᠡ ᠪᠡᠶ᠎ᠡ ᠰᠢᠦ ᠳᠡ! ᠪᠢ ᠴᠦ᠍ ᠪᠠᠰᠠ ᠰᠦᠷ ᠲᠡᠢ ᠠᠩᠵᠠᠭᠠᠷᠠᠳᠠᠭ ᠦᠭᠡᠢ ᠪᠠᠶ᠋ᠢᠵᠠᠢ᠂ ᠶᠡᠬᠡ ᠴᠢᠬᠤᠯᠠ ᠵᠦᠢᠯ ᠪᠠᠶ᠋ᠢᠨ᠎ᠠ ᠰᠢᠦ᠂ ᠮᠢᠨᠦ ᠳᠡᠭᠦᠦ ᠲᠡᠭᠡᠭᠡᠳ ᠣᠯᠠᠨ ᠬᠡᠦᠬᠡᠳ ᠊ᠦᠳ ᠲᠦ᠍ ᠵᠢᠭᠠᠨ ᠵᠥᠪᠯᠡᠵᠦ ᠲᠦᠭᠡᠭᠡᠷᠡᠢ! ᠵᠠ ᠊ᠦᠦ?

ᠪᠠᠳᠢ᠄ ᠪᠠᠶᠠᠷᠯᠠᠯ᠎ᠠ᠂ ᠨᠠᠮ᠎ᠠ ᠶ᠋ᠢ ᠤᠷᠢᠵᠤ ᠣᠷᠣᠯᠴᠠᠭᠤᠯᠤᠭᠰᠠᠨ ᠪᠠᠰᠠᠷ ᠠᠬ᠎ᠠ ᠳ᠋ᠤ᠌ ᠪᠠᠨ ᠮᠠᠰᠢ ᠶᠡᠬᠡ ᠪᠠᠶᠠᠷᠯᠠᠯ᠎ᠠ᠃

ᠪᠠᠰᠠᠷ᠄ ᠨᠧᠦ ᠨᠧᠦ ᠨᠧᠦ᠁ ᠴᠢᠮ᠎ᠠ ᠳ᠋ᠤ᠌ ᠪᠠᠶᠠᠷᠯᠠᠯ᠎ᠠ᠃

ᠪᠠᠳᠢ᠄ ᠦᠭᠡᠢ ᠦᠭᠡᠢ ᠦᠭᠡᠢ᠂ ᠲᠠᠨ ᠳ᠋ᠤ᠌ ᠪᠠᠶᠠᠷᠯᠠᠯ᠎ᠠ᠃ ᠪᠠᠰᠠᠷ᠄ ᠨᠧᠦ ᠨᠧᠦ ᠨᠧᠦ ᠴᠢᠮ᠎ᠠ ᠳ᠋ᠤ᠌ ᠪᠠᠶᠠᠷᠯᠠᠯ᠎ᠠ᠃

ᠪᠠᠳᠢ᠄ ᠦᠭᠡᠢ ᠲᠠᠨ ᠳ᠋ᠤ᠌ ᠬᠠᠷᠢᠨ ᠪᠠᠶᠠᠷᠯᠠᠯ᠎ᠠ! ᠪᠠᠰᠠᠷ᠄ ᠨᠧᠦ ᠨᠧᠦ᠁ ᠴᠢᠮ᠎ᠠ ᠳ᠋ᠤ᠌ ᠪᠠᠶᠠᠷᠯᠠᠯ᠎ᠠ᠃

ᠪᠠᠳᠢ᠄ ᠦᠭᠡᠢ ᠦᠭᠡᠢ ᠦᠭᠡᠢ᠂ ᠪᠠᠶᠠᠷᠯᠠᠯ᠎ᠠ ᠲᠠᠨ ᠳ᠋ᠤ᠌᠃

 

ᠲᠠᠢᠯᠪᠤᠷᠢ

ᠵᠢᠶᠣᠢᠤᠰᠸ juice-ᠤᠮᠳᠠᠭᠠᠨ