ᠮᠥᠩᠬᠡ ᠲᠤᠩᠬᠤ 2-03-ᠠᠷᠰᠯᠠᠩᠲᠠᠢ ᠮᠡᠷᠭᠡᠨ ᠬᠠᠭᠠᠨМөнх тунх-арслантай мэргэн хаан
ᠮᠥᠩᠬᠡ ᠲᠤᠩᠬᠤ 2-03-ᠠᠷᠰᠯᠠᠩᠲᠠᠢ ᠮᠡᠷᠭᠡᠨ ᠬᠠᠭᠠᠨ
ᠮᠥᠩᠬᠡ᠄
ᠥᠩ᠂ ᠬᠡᠶ᠋ᠢᠮᠣᠷᠢ᠂ ᠬᠡᠶ᠋ᠢᠮᠣᠷᠢ!
ᠲᠤᠩᠬᠤ᠄᠄
ᠬᠡᠢ ᠲᠡᠢ ᠮᠣᠷᠢ ᠭᠡᠵᠦ ᠪᠠᠶ᠋ᠢᠳᠠᠭ ᠶᠤᠮ ᠪᠢᠯᠡ ᠊ᠤᠤ?
ᠮᠥᠩᠬᠡ᠄
ᠡᠨᠡ ᠬᠡᠢ ᠳᠡᠭᠡᠷ᠎ᠡ ᠢᠩᠭᠢᠭᠡᠳ ᠠᠭᠠᠷ ᠳᠡᠭᠡᠷ᠎ᠡ ᠳᠠᠪᠬᠢᠳᠠᠭ ᠮᠣᠷᠢ ᠭᠡᠵᠦ ᠪᠠᠶ᠋ᠢᠳᠠᠭ ᠶᠤᠮ ᠊ᠦᠦ?
ᠲᠤᠩᠬᠤ᠄
ᠡᠰᠡᠬᠦᠯ᠎ᠡ ᠬᠡᠢ ᠪᠡᠷ ᠪᠦᠲᠦᠭᠰᠡᠨ ᠮᠣᠷᠢ ᠪᠠᠶ᠋ᠢᠳᠠᠭ ᠶᠤᠮ ᠪᠣᠯ ᠊ᠦᠦ?
ᠮᠥᠩᠬᠡ᠄
ᠥᠩ! ᠵᠠ᠂ ᠲᠡᠭᠡᠪᠡᠯ ᠡᠨᠡ ᠶ᠋ᠢ ᠰᠣᠨᠣᠰᠴᠤ ᠪᠠᠶ᠋ᠢᠭᠠᠷᠠᠢ᠂ ᠵᠦᠭᠡᠷ
ᠬᠡᠢ ᠪᠠᠶ᠋ᠢᠪᠠᠯ ᠶᠠᠭᠠᠬᠢᠬᠤ ᠊ᠦᠦ?
ᠲᠤᠩᠬᠤ᠄
ᠬᠢ ᠬᠢ ᠬᠢ᠂ ᠶᠠᠭᠤ ᠭᠡᠰᠡᠨ ᠦᠭᠡ ᠶᠦ᠍ᠮ ᠪᠣᠢ?
ᠮᠥᠩᠬᠡ᠄
ᠦᠭᠡᠢ ᠶᠠᠭᠠᠬᠢᠬᠤᠪ ᠳᠠ᠂ ᠮᠣᠷᠢ ᠪᠠᠶ᠋ᠢᠭ᠎ᠠ ᠦᠭᠡᠢ ᠪᠠᠶ᠋ᠢᠪᠠᠯ ᠶᠠᠭᠠᠬᠢᠬᠤ ᠪᠣᠢ ᠭᠡᠵᠦ ᠪᠠᠶ᠋ᠢᠬᠤ ᠦᠭᠡᠢ ᠊ᠦᠦ᠂
ᠵᠦᠭᠡᠷ ᠯᠡ ᠲᠡᠶ᠋ᠢᠮᠦ ᠬᠡᠢ ᠶ᠋ᠢᠨ ᠮᠣᠷᠢ ᠂ ᠭᠡᠳ ᠪᠦᠷ ᠪᠠᠶ᠋ᠢᠬᠤ ᠦᠭᠡᠢ᠃
ᠲᠤᠩᠬᠤ᠄
ᠶᠣᠣ᠂ ᠬᠢ ᠬᠢ ᠬᠠ ᠬᠠ᠂ ᠠ! ᠶᠣᠣ!
ᠮᠥᠩᠬᠡ᠄
ᠠᠷᠸ᠎ᠡ ᠠᠬ᠎ᠠ ᠠ᠋!
ᠠᠷᠸ᠎ᠡ᠄
ᠶᠠᠭᠠᠬᠢᠭᠰᠠᠨ ᠮᠢᠨᠦ ᠳᠡᠭᠦᠦ?
ᠮᠥᠩᠬᠡ᠄
ᠡᠨᠡ ᠬᠡᠶ᠋ᠢᠮᠣᠷᠢ ᠭᠡᠵᠦ ᠶᠠᠭ ᠶᠠᠭᠤ ᠭᠡᠰᠡᠨ ᠦᠭᠡ ᠶᠦ᠍ᠮ ᠪᠣᠢ
ᠠᠷᠸ᠎ᠡ᠄
ᠠ᠂ ᠮᠣᠩᠭᠣᠯᠴᠤᠳ ᠮᠣᠷᠢ ᠪᠠᠨ ᠳᠡᠭᠡᠳᠦᠯᠡᠵᠦ ᠢᠷᠡᠭᠰᠡᠨ ᠠᠷᠠᠳ ᠲᠦᠮᠡᠨ ᠪᠣᠯᠬᠣᠷ ᠴᠣᠭ ᠵᠢᠪᠬᠤᠭ᠎ᠠ ᠮᠣᠷᠢᠨ ᠳ᠋ᠤ᠌
ᠰᠢᠩᠭᠡᠭᠰᠡᠨ ᠭᠡᠵᠦ ᠦᠵᠡᠳᠡᠭ ᠶᠦ᠍ᠮ᠂ᠮᠢᠨᠦ ᠳᠡᠭᠦᠦ ᠨᠠᠷ ᠭᠤᠷᠪᠠᠨ ᠴᠢᠨᠳᠠᠮᠤᠨᠢ ᠡᠷᠳᠡᠨᠢ ᠨᠢᠷᠤᠭᠤᠨ ᠳᠡᠭᠡᠷ᠎ᠡ ᠪᠡᠨ
ᠲᠠᠯᠪᠢᠭᠰᠠᠨ ᠮᠣᠷᠢᠨ ᠊ᠤ ᠵᠢᠷᠤᠭ ᠊ᠢ ᠬᠠᠷᠠᠵᠤ ᠪᠠᠶ᠋ᠢᠭᠰᠠᠨ ᠊ᠦᠦ?
ᠲᠤᠩᠬᠤ᠄
ᠠ ᠲᠡᠶ᠋ᠢᠮᠦ᠂ ᠮᠠᠨ ᠊ᠤ ᠳ᠋ᠤ᠌ ᠪᠠᠶ᠋ᠢᠳᠠᠭ ᠰᠢᠦ ᠳᠡ᠂
ᠠᠷᠸ᠎ᠡ᠄
ᠶᠠᠭ ᠵᠥᠪ᠂ ᠲᠡᠷᠡ ᠶ᠋ᠢ ᠬᠡᠶ᠋ᠢᠮᠣᠷᠢ ᠭᠡᠵᠦ ᠪᠠᠰᠠ ᠨᠡᠷᠡᠯᠡᠳᠡᠭ ᠶᠦ᠍ᠮ᠃
ᠮᠥᠩᠬᠡ᠄᠂
ᠠ᠂ ᠲᠡᠭᠡᠪᠡᠯ ᠲᠡᠷᠡ ᠵᠢᠷᠤᠭ ᠲᠤ᠌ ᠪᠠᠶ᠋ᠢᠳᠠᠭ ᠶᠤᠮ ᠪᠠᠶ᠋ᠢᠨ᠎ᠠ ᠰᠢᠳᠡ᠂ ᠲᠡᠶ᠋ᠢᠮᠦ ᠠ᠋ ?
ᠠᠷᠸ᠎ᠡ᠄
ᠲᠡᠭᠦᠨ ᠡᠴᠡ ᠤᠯᠪᠠᠭᠠᠯᠠᠨ ᠬᠡᠶ᠋ᠢᠮᠣᠷᠢ ᠭᠡᠳᠡᠭ ᠨᠢ ᠴᠣᠭ ᠵᠢᠪᠬᠤᠯᠠᠩ ᠲᠠᠢ ᠪᠠᠶ᠋ᠢᠬᠤ ᠶ᠋ᠢ ᠬᠡᠯᠡᠳᠡᠭ ᠶᠦ᠍ᠮ
᠃
ᠮᠥᠩᠬᠡ᠄
ᠬᠠ ᠬᠠ᠂ ᠮᠢᠨᠦ ᠪᠣᠳᠣᠯ ᠱᠠᠯ ᠮᠠᠩᠭᠠᠷ ᠶᠤᠮ ᠠ᠋᠂ ᠪᠢ ᠯᠡ ᠨᠥᠬᠥᠭᠡ ᠨᠢᠭᠡ ᠬᠡᠢ ᠲᠠᠢ ᠯᠠ ᠮᠣᠷᠢ ᠶᠠᠪᠤᠭᠠᠳ ᠪᠠᠶ᠋ᠢᠳᠠᠭ
ᠶᠤᠮ ᠪᠣᠯ ᠊ᠦᠦ ᠭᠡᠵᠦ ᠪᠣᠳᠣᠭᠰᠠᠨ ᠰᠢᠳᠡ᠃
ᠮᠥᠩᠬᠡ
ᠠᠷᠸ᠎ᠡ᠄( ᠵᠡᠷᠭᠡᠪᠡᠷ) ᠬᠡ ᠬᠡ ᠬᠡ !
ᠠᠷᠸ᠎ᠡ᠄
ᠵᠠ᠂ ᠨᠣᠮ ᠮᠠᠨᠢ ᠪᠡᠯᠡᠨ ᠪᠣᠯᠴᠢᠬᠠᠯ᠎ᠠ᠂ ᠠᠶᠠᠯᠠᠴᠢᠬᠠᠬᠤ ᠊ᠦᠦ?
ᠲᠤᠩᠬᠤ᠄
ᠲᠡᠭᠡᠶ᠎ᠡ!
ᠮᠥᠩᠬᠡ᠄
ᠧᠦ ᠶᠧ!
ᠪᠠᠰᠠᠷ᠄
ᠬᠥᠪ ᠬᠥᠪ
ᠠᠷᠰᠯᠠᠩᠲᠠᠢ
ᠮᠡᠷᠭᠡᠨ ᠬᠠᠭᠠᠨ
ᠡᠷᠲᠡ
ᠤᠷᠢᠳᠤ ᠴᠠᠭ ᠲᠤ᠌᠂ ᠠᠷᠤ ᠪᠠᠷ ᠳᠦᠭᠦᠷᠡᠩ ᠠᠢ ᠲᠦᠮᠡᠨ ᠠᠳᠤᠭᠤ ᠲᠠᠢ᠂ ᠡᠷᠲᠡ ᠤᠷᠢᠳᠤ ᠴᠠᠭ ᠲᠤ᠌ ᠠᠷᠤ ᠪᠠᠷ ᠳᠦᠭᠦᠷᠡᠩ
ᠠᠢ ᠲᠦᠮᠡᠨ ᠠᠳᠤᠭᠤ ᠲᠠᠢ᠂ ᠥᠪᠥᠷ ᠢ᠋ᠶ᠋ᠡᠷ ᠳᠦᠭᠦᠷᠡᠩ ᠦᠢ ᠲᠦᠮᠡᠨ ᠠᠳᠤᠭᠤ ᠲᠠᠢ᠂ ᠦᠢ ᠲᠦᠮᠡᠨ ᠠᠳᠤᠭᠤ ᠲᠠᠢ᠂
ᠮᠠᠨ ᠊ᠤ ᠬᠢ ᠠ᠋᠂ ᠦᠢ ᠲᠦᠮᠡᠨ ᠭᠡᠳ ᠯᠡ ᠪᠠᠶ᠋ᠢᠨ᠎ᠠ ᠳᠠ᠂ ᠪᠠᠶᠠᠷᠯᠠᠯ᠎ᠠ !
ᠠᠷᠰᠯᠠᠩᠲᠠᠢ
ᠮᠡᠷᠭᠡᠨ ᠬᠠᠭᠠᠨ ᠭᠡᠵᠦ ᠪᠠᠶ᠋ᠢᠵᠤ ᠭᠡᠨ᠎ᠡ᠂ ᠲᠡᠷᠡ ᠬᠠᠭᠠᠨ ᠊ᠤ ᠬᠢ ᠠᠳᠤᠭᠤ ᠪᠠᠨ ᠬᠣᠩᠭᠣᠷ ᠳᠦᠭᠦᠷᠴᠦ ᠪᠠᠶ᠋ᠢᠪᠠᠯ
ᠪᠦᠷᠢᠨ᠂ ᠬᠣᠩᠬᠣᠷ ᠳᠦᠭᠦᠷᠭᠡᠬᠦ ᠦᠭᠡᠢ ᠪᠣᠯ ᠳᠤᠲᠠᠭᠤ ᠭᠡᠵᠦ ᠦᠵᠡᠳᠡᠭ ᠪᠠᠶ᠋ᠢᠵᠠᠢ ᠃ ᠪᠠᠰᠠ ᠠᠷᠳᠠᠭ ᠬᠦᠷᠡᠩ
ᠮᠣᠷᠢ ᠲᠠᠢ ᠶᠤᠮ ᠰᠠᠨᠵᠠᠢ᠃ ᠲᠡᠭᠡᠲᠡᠯ᠎ᠡ ᠨᠢᠭᠡ ᠡᠳᠦᠷ ᠠᠳᠤᠭᠤ ᠨᠢ ᠬᠣᠩᠬᠣᠷ ᠳᠦᠭᠦᠷᠭᠡᠬᠦ ᠦᠭᠡᠢ ᠪᠠᠶ᠋ᠢᠵᠤ
ᠭᠡᠨ᠎ᠡ᠂ ᠶᠠᠮᠠᠷ ᠤᠴᠢᠷ ᠠ᠋ᠴᠠ ᠡᠶ᠋ᠢᠮᠦ ᠪᠣᠯᠪᠠ ᠭᠡᠵᠦ ᠪᠤᠳᠤᠲᠠᠯ᠎ᠠ ᠭᠤᠷᠪᠠᠨ ᠴᠢᠨᠣ᠎ᠠ ᠢᠳᠡᠵᠦ ᠭᠡᠵᠦ ᠰᠠᠨᠠᠭᠠᠳ
ᠬᠦᠷᠡᠭᠴᠢ ᠭᠡᠭᠦᠦ ᠡᠴᠡ ᠨᠢ ᠭᠠᠷᠤᠭᠰᠠᠨ ᠬᠦᠷᠡᠩ ᠮᠣᠷᠢ ᠪᠠᠷ ᠬᠥᠭᠡᠭᠡᠵᠦ ᠶᠠᠪᠤᠭᠤᠯᠬᠤ ᠪᠠᠷ ᠰᠢᠢᠳᠦᠭᠡᠳ ᠭᠡᠷ ᠲᠦ᠍ ᠪᠡᠨ
ᠢᠷᠡᠪᠡ᠃ ᠲᠡᠷᠡ ᠭᠤᠷᠪᠠᠨ ᠴᠢᠨᠣ᠎ᠠ ᠶ᠋ᠢᠨ ᠨᠢᠭᠡ ᠨᠢ ᠶᠡᠬᠡ ᠮᠡᠷᠭᠡᠨ ᠴᠢᠨᠣ᠎ᠠ ᠪᠠᠶ᠋ᠢᠳᠠᠭ ᠶᠤᠮ ᠰᠠᠨᠵᠠᠢ᠃
ᠮᠥᠩᠬᠡ᠄
ᠵᠠ᠂ ᠣᠳᠣ ᠬᠡᠳᠦᠭᠦᠯᠡ ᠪᠡᠨ ᠶᠠᠭᠠᠬᠢᠬᠤ ᠪᠣᠢ?
ᠲᠤᠩᠬᠤ᠄
ᠬᠠᠷᠢᠨ ᠲᠡᠶ᠋ᠢᠮᠦ ᠠ᠋᠂ ᠶᠠᠭᠠᠬᠢᠬᠤ ᠪᠣᠢ?
ᠮᠥᠩᠬᠡ᠄
ᠠ᠂ ᠴᠢᠨᠣ᠎ᠠ ᠦ᠋ᠳ ᠊ᠢ ᠠᠷᠰᠯᠠᠩᠲᠠᠢ ᠮᠡᠷᠭᠡᠨ ᠬᠠᠭᠠᠨ ᠠᠪᠠᠯᠠᠬᠤ ᠭᠡᠳ ᠪᠠᠶ᠋ᠢᠳᠠᠭ᠂ ᠴᠢᠨᠣ᠎ᠠ ᡂᠨ ᠊ᠢ ᠠᠪᠤᠷᠠᠬᠤ
ᠭᠡᠬᠦ ᠪᠡᠷ ᠬᠠᠷᠢᠨ ᠴᠢᠨᠣ᠎ᠠ ᡂᠨ ᠮᠠᠨᠢ ᠪᠤᠷᠤᠭᠤ ᠵᠦᠢᠯ ᠬᠢᠭᠡᠳ ᠪᠠᠶ᠋ᠢᠳᠠᠭ᠂ ᠶᠠᠭᠠᠬᠢᠬᠤ ᠪᠣᠢ?
ᠲᠤᠩᠬᠤ᠄
ᠭᠡᠬᠦ ᠳ᠋ᠦ᠍ ᠪᠡᠨ ᠶᠠᠭᠠᠬᠢᠵᠤ ᠪᠠᠶ᠋ᠢᠵᠤ ᠪᠠᠶ᠋ᠢᠭᠠᠳ ᠴᠤ᠌ ᠭᠡᠰᠡᠨ ᠠᠪᠤᠷᠠᠵᠤ ᠪᠣᠯᠬᠤ ᠪᠠᠶ᠋ᠢᠯᠭᠦᠢ ᠳᠡ᠂ ᠨᠢᠭᠡ
ᠪᠤᠷᠤᠭᠤ ᠵᠦᠢᠯ ᠬᠢᠯ᠎ᠡ ᠭᠡᠳ ᠤᠷᠭᠢᠴᠢᠬᠠᠵᠤ ᠪᠣᠯᠬᠤ ᠦᠭᠡᠢ ᠰᠢᠦ ᠳᠡ᠂ ᠲᠡᠶ᠋ᠢᠮᠦ ᠊ᠦᠦ?
ᠴᠠᠰᠤᠬᠠᠨ᠄
ᠲᠡᠶ᠋ᠢᠮᠦ ᠰᠢᠦ᠂ ᠬᠡᠳᠦᠭᠦᠯᠡ ᠪᠡᠨ ᠶᠠᠭᠠᠬᠢᠵᠤ ᠠᠷᠰᠯᠠᠩᠲᠠᠢ ᠮᠡᠷᠭᠡᠨ ᠬᠠᠭᠠᠨ ᠊ᠢ ᠢᠳᠬᠠᠬᠤ ᠦᠦ?
ᠮᠥᠩᠬᠡ᠄
ᠲᠡᠭᠡᠭᠰᠡᠨ ᠴᠦ᠍ ᠭᠡᠰᠡᠨ ᠴᠢᠨᠣ᠎ᠠ ᡂᠨ ᠳᠠᠬᠢᠭᠠᠳ ᠯᠠ ᠠᠳᠤᠭᠤ ᠤᠷᠤᠭᠤ ᠳᠠᠭᠠᠷᠢᠪᠠᠯ ᠶᠠᠭᠠᠬᠢᠬᠤ ᠪᠣᠢ?
ᠪᠠᠰᠠᠷ᠄
ᠵᠠ᠂ ᠴᠢᠨᠣ᠎ᠠ ᡂᠨ ᠊ᠢ ᠨᠠᠳᠠ ᠳ᠋ᠤ᠌ ᠳᠠᠭᠠᠭᠠᠯᠭᠠᠴᠢᠬᠠ ᠠ᠋ ᠂ ᠪᠢ ᠣᠴᠢᠵᠤ ᠠᠭᠤᠯᠵᠠᠶ᠎ᠠ᠃
ᠲᠤᠩᠬᠤ᠄
ᠶᠠᠭᠠᠬᠢᠵᠤ ᠳᠠ!ᠪᠠᠰᠠᠷ ᠮᠢᠨᠢ᠂ ᠠᠶᠤᠯᠲᠠᠢ ᠰᠢᠦ ᠳᠡ᠃
ᠪᠠᠰᠠᠷ᠄
ᠪᠢ ᠴᠢᠨᠢ ᠪᠠᠰᠠ ᠴᠢᠨᠣ᠎ᠠ ᠶ᠋ᠢᠨ ᠤᠳᠤᠮ ᠲᠠᠢ ᠠᠮᠢᠲᠠᠨ ᠰᠢᠦ ᠳᠡ᠃ ᠵᠠ ᠪᠠᠷᠤᠭ ᠯᠠ ᠴᠢᠨᠣ᠎ᠠ ᠶᠤᠮ ᠊ᠦᠦ ᠳᠡ !
ᠮᠥᠩᠬᠡ᠄
ᠬᠠ ᠬᠠ ᠬᠠ ᠬᠠ᠂ ᠭᠡᠬᠦ ᠳ᠋ᠦ᠍ ᠪᠡᠨ ᠪᠣᠯᠭᠣᠮᠵᠢ ᠬᠡᠵᠢᠶᠡᠳᠡ ᠢᠯᠡᠭᠦᠳᠡᠬᠦ ᠦᠭᠡᠢ ᠰᠢᠦ ᠳᠡ ᠃
ᠴᠠᠰᠤᠬᠠᠨ᠄
ᠵᠠ᠂ ᠨᠠᠳᠠ ᠳ᠋ᠤ᠌ ᠨᠢᠭᠡ ᠠᠷᠭ᠎ᠠ ᠪᠠᠶ᠋ᠢᠨ᠎ᠠ᠂ ᠪᠠᠰᠠᠷ ᠮᠢᠨᠢ ᠪᠠᠭ ᠵᠡᠭᠦᠭᠡᠳ ᠴᠢᠨᠣ᠎ᠠ ᡂᠨ ᠲᠡᠢ ᠪᠡᠨ ᠠᠭᠤᠯᠵᠠ᠂
ᠪᠢᠳᠡ ᠬᠡᠳᠦ ᠠᠷᠰᠯᠠᠩᠲᠠᠢ ᠮᠡᠷᠭᠡᠨ ᠬᠠᠭᠠᠨ ᠊ᠢ ᠢᠳᠬᠠᠬᠤ ᠶ᠋ᠢ ᠣᠷᠣᠯᠳᠣᠶ᠎ᠠ᠃
ᠮᠥᠩᠬᠡ᠄
ᠥᠩ᠂ ᠵᠠ ᠲᠡᠭᠡᠶ᠎ᠡ!
ᠲᠤᠩᠬᠤ᠄
ᠪᠣᠯᠭᠣᠮᠵᠢ ᠲᠠᠢ ᠪᠠᠢᠭᠠᠷᠠᠢ᠂ ᠪᠠᠰᠠᠷᠬᠠᠨ ᠮᠢᠨᠢ
ᠪᠠᠰᠠᠷ᠄
ᠬᠡ ᠬᠡ ᠬᠡ᠂ᠰᠡᠭᠦᠯ ᠊ᠤᠨ ᠦᠶ᠎ᠡ ᠳ᠋ᠦ᠍ ᠥᠪᠡᠷ ᠲᠦ᠍ ᠪᠡᠨ ᠪᠦᠷ ᠠᠶᠠᠭᠦᠢ ᠢᠲᠡᠭᠡᠯ ᠲᠡᠢ ᠪᠣᠯᠤᠭᠠᠳ ᠪᠠᠶ᠋ᠢᠭ᠎ᠠ᠂
ᠠ᠂ ᠭᠠᠶ᠋ᠢᠭᠤᠢ ᠪᠠᠶ᠋ᠢᠬ᠎ᠠ ᠠ᠋᠃
ᠮᠥᠩᠬᠡ᠄
ᠰᠠᠢᠨ ᠪᠠᠶ᠋ᠢᠨ᠎ᠠ ᠊ᠤᠤ? ᠲᠠ !
ᠬᠠᠭᠠᠨ᠄
ᠵᠠ᠂ ᠰᠠᠢᠨ ᠪᠠᠶ᠋ᠢᠵᠠᠭᠠᠨᠠ ᠊ᠦᠦ? ᠬᠠᠮᠢᠭ᠎ᠠ ᠬᠦᠷᠴᠦ ᠶᠠᠪᠤᠭ᠎ᠠ
ᠬᠡᠦᠬᠡᠳ ᡂᠨ ᠪᠣᠢ?
ᠲᠤᠩᠬᠤ᠄
ᠪᠢᠳᠡ ᠬᠡᠳᠦ ᠡᠨᠡᠭᠦᠷ ᠠᠶᠠᠯᠠᠵᠤ ᠶᠠᠪᠤᠭ᠎ᠠ ᠶᠤᠮ ᠠ᠋᠂
ᠴᠠᠰᠤᠬᠠᠨ᠄
ᠲᠡᠭᠡᠭᠡᠳ ᠲᠠᠨ ᠳ᠋ᠤ᠌ ᠶᠠᠮᠠᠷ ᠨᠢᠭᠡ ᠠᠰᠠᠭᠤᠳᠠᠯ ᠭᠠᠷᠤᠭᠰᠠᠨ ᠪᠣᠯᠪᠠ ᠊ᠤᠤ ? ᠭᠡᠳ᠂ ᠭᠠᠷᠤᠭᠰᠠᠨ ᠪᠣᠯ ᠲᠤᠰᠠᠯᠠᠬᠤ ᠰᠠᠨᠠᠭ᠎ᠠ ᠲᠠᠢ
ᠬᠠᠭᠠᠨ᠄
ᠵᠠ᠂ ᠠᠰᠠᠭᠤᠳᠠᠯ ᠭᠠᠷᠤᠭᠰᠠᠨ ᠊ᠢ ᠲᠠ ᠨᠠᠷ ᠶᠠᠭᠠᠬᠢᠵᠤ ᠮᠡᠳᠡᠪᠡ?
ᠴᠠᠰᠤᠬᠠᠨ᠄
ᠠ᠂ ᠡᠨᠡ ᠬᠠᠪᠢ ᠶ᠋ᠢ ᠬᠠᠷᠢᠨ ᠶᠡᠬᠡ ᠴᠢᠨᠣ᠎ᠠ ᠲᠠᠢ ᠭᠠᠵᠠᠷ ᠭᠡᠵᠦ ᠰᠣᠨᠣᠰᠤᠭᠰᠠᠨ ᠶᠤᠮ᠂
ᠬᠠᠭᠠᠨ᠄
ᠥ᠂ ᠲᠡᠶ᠋ᠢᠮᠦ ᠪᠠᠶ᠋ᠢᠨ᠎ᠠ ᠪᠣᠢ ᠃
ᠪᠠᠰᠠᠷ᠄
ᠵᠠ᠂ ᠰᠠᠢᠨ ᠪᠠᠶ᠋ᠢᠵᠠᠭᠠᠨᠠ ᠊ᠦᠦ?
ᠴᠢᠨᠣ᠎ᠠ᠄
ᠬᠦᠢ ᠬᠡᠨ ᠪᠣᠢ᠂ ᠬᠥᠶᠢ ᠬᠥᠶᠢ ᠬᠥᠶᠢ᠂
ᠪᠠᠰᠠᠷ᠄
ᠮᠠᠨ ᠊ᠤ ᠬᠢ ᠠ᠋᠂ ᠮᠠᠨ ᠊ᠤ ᠬᠢ ᠠ᠋᠂ ᠲᠠᠶ᠋ᠢᠪᠤᠰᠢᠷᠠᠭᠠᠷᠠᠢ! ᠠ᠂ ᠪᠠᠰᠠᠷᠠᠨᠳᠠᠢ ᠮᠡᠷᠭᠡᠨ᠂
ᠥ ᠪᠢᠰᠢ ᠠᠢ᠂ ᠪᠢᠰᠢ᠂ ᠪᠠᠰᠠᠷᠴᠦᠨ ᠴᠢᠨᠣ᠎ᠠ ᠪᠠᠶ᠋ᠢᠨ᠎ᠠ᠂ ᠪᠠᠰᠠᠷᠴᠦᠨ᠃
ᠨᠢᠭᠡᠳᠡᠬᠢ
ᠴᠢᠨᠣ᠎ᠠ᠄ ᠪᠠᠰᠠᠷᠴᠣᠨ ᠴᠢᠨᠣ᠎ᠠ᠂ ᠠ ᠵᠥᠪ ᠵᠥᠪ᠂ ᠥᠭᠡᠷ᠎ᠡ ᠠᠮᠢᠲᠠᠨ ᠶᠤᠮ ᠊ ᠪᠣᠯᠪᠠ ᠊ᠤᠤ ? ᠭᠡᠵᠦ ᠬᠠᠷᠠᠯ᠎ᠠ᠃
ᠪᠠᠰᠠᠷ᠄
ᠶᠠᠭᠤ ᠭᠡᠵᠦ ᠳᠡ ᠂ ᠠᠬᠠᠨ ᠳᠡᠭᠦᠦᠰ ᠮᠢᠨᠢ᠂ ᠲᠥᠷᠥᠯ ᠨᠢᠭᠡᠲᠡᠨ ᡂᠨ ᠮᠢᠨᠢ᠂ ᠪᠢ ᠴᠢᠨᠣ᠎ᠠ ᠪᠠᠶ᠋ᠢᠨ᠎ᠠ᠃
ᠬᠣᠶᠠᠳᠠᠬᠢ
ᠴᠢᠨᠣ᠎ᠠ᠄ ᠡᠩ᠂ ᠴᠢ ᠴᠢᠨᠣ᠎ᠠ ᠪᠠᠶ᠋ᠢᠲᠠᠯ᠎ᠠ ᠠᠮᠠ ᠴᠢᠨᠢ ᠶᠠᠭᠠᠬᠢᠭᠠᠳ ᠬᠥᠳᠡᠯᠬᠦ ᠦᠭᠡᠢ ᠪᠠᠶ᠋ᠢᠨ᠎ᠠ?
ᠪᠠᠰᠠᠷ᠄
ᠠ᠂ ᠡᠨᠡ ᠊ᠦᠦ ? ᠪᠢ ᠥᠷᠯᠥᠭᠡ ᠠᠮᠠ ᠪᠠᠨ ᠤᠬᠢᠶᠠᠭᠠ ᠦᠭᠡᠢ ᠶᠦ᠍ᠮ ᠠ᠋᠂ ᠬᠡ
ᠬᠡ᠂ ᠲᠠ ᠬᠡᠳᠦ ᠶ᠋ᠢ ᠬᠦᠨᠳᠦᠯᠡᠭᠡᠳ ᠮᠠᠭᠤᠬᠠᠢ ᠦᠨᠦᠷᠲᠦᠭᠦᠯᠴᠢᠬᠡᠬᠦ ᠦᠭᠡᠢ ᠶᠤᠮᠰᠠᠨ ᠭᠡᠳ ᠠᠮᠠ ᠪᠠᠨ ᠨᠡᠭᠡᠭᠡᠬᠦ
ᠦᠭᠡᠢ ᠪᠠᠶ᠋ᠢᠨ᠎ᠠ᠃
ᠬᠣᠶᠠᠳᠠᠬᠢ
ᠴᠢᠨᠣ᠎ᠠ᠄ ᠲᠡᠭᠡᠪᠡᠯ ᠨᠢᠳᠦ ᠴᠢᠨᠢ ᠶᠠᠭᠠᠬᠢᠭᠠᠳ ᠠᠨᠢᠪᠴᠢᠬᠤ ᠦᠭᠡᠢ ᠪᠠᠶ᠋ᠢᠨ᠎ᠠ?
ᠪᠠᠰᠠᠷ᠄
ᠠ᠂ ᠡᠨᠡ ᠊ᠦᠦ᠂ ᠡᠶ᠋ᠢᠮᠦ ᠬᠡᠶ᠋ᠢᠮᠣᠷᠢ ᠲᠠᠢ ᠠᠮᠢᠲᠠᠳ ᠊ᠢ ᠬᠠᠷᠠᠵᠤ ᠪᠠᠶ᠋ᠢᠭ᠎ᠠ ᠶᠤᠮ ᠴᠢᠨᠢ ᠨᠢᠭᠡ ᠴᠦ᠍ ᠬᠣᠷᠣᠮ
ᠠᠯᠳᠠᠵᠤ ᠠᠨᠢᠪᠴᠢᠬᠤ ᠦᠭᠡᠢ ᠭᠡᠵᠦ ᠬᠢᠴᠢᠶᠡᠭᠰᠡᠨ ᠊ᠦ ᠬᠢ ᠶᠦ᠍ᠮ ᠠ᠋᠃
ᠨᠢᠭᠡᠳᠡᠬᠢ
ᠴᠢᠨᠣ᠎ᠠ᠄ ᠥ᠂ ᠶᠠᠭᠠᠬᠢᠭᠰᠠᠨ ᠰᠠᠢᠬᠠᠨ ᠬᠦᠨᠳᠦᠯᠡᠵᠦ ᠪᠠᠶ᠋ᠢᠬᠤ ᠶᠤᠮ᠂ ᠠᠯᠢᠪ᠂ ᠬᠠᠮᠲᠤ ᠶᠠᠪᠤᠶ᠎ᠠ᠂
ᠪᠠᠰᠠᠷ᠄ ᠪᠠᠶᠠᠷᠯᠠᠯ᠎ᠠ!
ᠬᠣᠶᠠᠳᠠᠬᠢ
ᠴᠢᠨᠣ᠎ᠠ᠄ ᠥ ᠂ ᠥᠩ᠂ᠪᠠᠶ᠋ᠢᠵᠠ!
ᠪᠠᠰᠠᠷ᠄
ᠡᠸᠦᠰ ᠨᠠᠶ᠋ᠢᠳ!
ᠲᠤᠩᠬᠤ᠄
ᠲᠡᠭᠡᠬᠦ ᠪᠡᠷ ᠲᠠ ᠲᠡᠷᠡ ᠴᠢᠨᠣ᠎ᠠ ᡂᠨ ᠊ᠢ ᠥᠷᠥᠰᠢᠶᠡᠵᠦ ᠪᠣᠯᠬᠤ ᠦᠭᠡᠢ ᠭᠡᠵᠦ ᠊ᠦᠦ?
ᠬᠠᠭᠠᠨ᠄
ᠪᠤᠷᠤᠭᠤ ᠵᠦᠢᠯ ᠬᠢᠭᠰᠡᠨ ᠨᠢ ᠲᠡᠳᠡ ᠪᠢᠰᠢ ᠭᠡᠵᠦ ᠊ᠦᠦ? ᠪᠢ ᠶᠠᠭᠠᠬᠢᠬᠤ ᠪᠠᠷ ᠢ᠋ᠶ᠋ᠠᠨ
ᠥᠷᠥᠰᠢᠶᠡᠬᠦ ᠶᠣᠰᠣᠲᠠᠢ ᠪᠢᠯᠡ?
ᠴᠠᠰᠤᠬᠠᠨ᠄
ᠲᠡᠳᠡ ᠨᠢᠭᠡ ᠤᠳᠠᠭ᠎ᠠ ᠠᠯᠳᠠᠵᠠᠢ᠂ ᠲᠡᠭᠡᠯ᠎ᠡ ᠭᠡᠳ ᠠᠯᠠᠨ᠎ᠠ ᠭᠡᠳᠡᠭ ᠬᠡᠲᠦᠷᠬᠡᠢ ᠪᠢᠰᠢ ᠭᠡᠵᠦ ᠊ᠦᠦ? ᠠᠷᠰᠯᠠᠩᠲᠠᠢ ᠮᠡᠷᠭᠡᠨ ᠬᠠᠭᠠᠨᠲᠠᠨ ᠮᠢᠨᠢ!
ᠲᠤᠩᠬᠤ᠄
ᠠᠭᠤᠴᠢᠯᠠᠬᠤ ᠭᠡᠳᠡᠭ ᠠᠭᠤᠷᠯᠠᠬᠤ ᠠ᠋ᠴᠠ ᠢᠯᠡᠭᠦᠦ ᠬᠡᠴᠡᠭᠦᠦ ᠭᠡᠵᠦ ᠪᠢ ᠰᠣᠨᠣᠰᠴᠤ ᠪᠠᠶ᠋ᠢᠭᠰᠠᠨ ᠶᠤᠮ ᠯᠠ ᠳᠠ᠂
ᠲᠠᠨ ᠳ᠋ᠤ᠌ ᠴᠤ᠌ ᠭᠡᠰᠡᠨ ᠬᠡᠴᠡᠭᠦᠦ ᠪᠠᠶ᠋ᠢᠭ᠎ᠠ ᠪᠠᠶ᠋ᠢᠬ᠎ᠠ᠂ ᠭᠡᠬᠦ ᠳ᠋ᠦ᠍ ᠪᠡᠨ ᠲᠡᠳᠡᠨ ᠳ᠋ᠦ᠍ ᠳᠠᠬᠢᠭᠠᠳ ᠨᠢᠭᠡ
ᠪᠣᠯᠤᠮᠵᠢ ᠣᠯᠭᠣᠪᠠᠯ ᠶᠠᠭᠠᠬᠢᠬᠤ ᠦᠦ? ᠣᠶ᠋ᠢᠯᠠᠭᠠᠭᠠᠳ ᠠᠭᠤᠴᠢᠯᠠᠵᠤ
ᠪᠣᠯᠬᠤ ᠦᠭᠡᠢ ᠭᠡᠵᠦ ᠦᠦ?
ᠬᠠᠭᠠᠨ᠄
ᠵᠠ᠂ ᠪᠠᠯᠴᠢᠷ ᠲᠠ ᠨᠠᠷ ᠊ᠤᠨ ᠦᠭᠡ ᠵᠢᠷᠦᠬᠡᠨ ᠳ᠋ᠦ᠍ ᠣᠷᠣᠪᠠ᠂ ᠠᠬ᠎ᠠ ᠨᠢ ᠡᠨᠡ ᠤᠳᠠᠭ᠎ᠠ ᠳ᠋ᠤ᠌ ᠠᠭᠤᠴᠢᠯᠠᠶ᠎ᠠ᠂
ᠭᠡᠬᠦ ᠳ᠋ᠦ᠍ ᠪᠡᠨ ᠳᠠᠬᠢᠨ ᠮᠢᠨᠦ ᠠᠳᠤᠭᠤᠨ ᠳ᠋ᠤ᠌ ᠣᠷᠣᠪᠠᠯ ᠦᠦ᠁
ᠮᠥᠩᠬᠡ᠄
ᠲᠡᠷᠡ ᠲᠠᠯ᠎ᠠ ᠳᠡᠭᠡᠷ᠎ᠡ ᠲᠠ ᠰᠠᠨᠠᠭ᠎ᠠ ᠵᠣᠪᠠᠯᠲᠠ ᠦᠭᠡᠢ᠂ ᠪᠢᠳᠡ ᠲᠠᠨ ᠳ᠋ᠤ᠌ ᠲᠤᠰᠠᠯᠠᠬᠤ ᠪᠣᠯᠤᠨ᠎ᠠ ᠃
ᠮᠥᠩᠬᠡ᠄
ᠬᠥᠥᠭ᠂ ᠲᠡᠨᠳᠡ ᠭᠠᠯ ᠲᠦᠯᠡᠭᠰᠡᠨ ᠪᠠᠶ᠋ᠢᠨ᠎ᠠ ᠊ᠦᠦ ᠳᠡ ?
ᠲᠤᠩᠬᠤ᠄
ᠲᠡᠶ᠋ᠢᠮᠦ ᠪᠠᠶ᠋ᠢᠨ᠎ᠠ᠂ ᠲᠡᠶ᠋ᠢᠮᠦ ᠪᠠᠶ᠋ᠢᠬᠤ ᠰᠢᠭ᠋ ᠪᠠᠶ᠋ᠢᠨ᠎ᠠ
ᠴᠠᠰᠤᠬᠠᠨ᠄
ᠶᠠᠭᠠᠬᠢᠨ᠎ᠠ᠂ ᠶᠠᠭᠤ ᠪᠣᠯᠵᠤ ᠪᠠᠶ᠋ᠢᠭ᠎ᠠ ᠶᠤᠮ ᠪᠣᠯ ᠳᠠ ?
ᠲᠤᠩᠬᠤ᠄
ᠪᠠᠰᠠᠷ ᠮᠢᠨᠢ ᠵᠦᠭᠡᠷ ᠪᠠᠶ᠋ᠢᠬ᠎ᠠ ᠠ᠋
ᠮᠥᠩᠬᠡ᠄
ᠶᠠᠭᠠᠬᠢᠨ᠎ᠠ᠂ ᠪᠠᠰᠠᠷ ᠊ᠢ ᠮᠠᠨᠢ ᠳᠠᠭᠠᠷᠢᠯᠲᠠ ᠬᠢᠵᠦ ᠪᠠᠶ᠋ᠢᠭ᠎ᠠ ᠪᠢᠰᠢ ᠳᠡ
ᠲᠤᠩᠬᠤ᠄
ᠶᠠᠭᠠᠬᠢᠨ᠎ᠠ?
ᠮᠥᠩᠬᠡ᠄
ᠠᠯᠢᠪ᠂ ᠪᠦᠭᠦᠳᠡᠭᠡᠷ ᠢ᠋ᠶ᠋ᠡᠨ ᠣᠴᠢᠵᠠᠭᠠᠶ᠎ᠠ!
ᠮᠥᠩᠬᠡ
ᠲᠤᠩᠬᠤ᠄ ᠠ⁈
ᠪᠠᠰᠠᠷ᠄
᠊ ᠥ᠂ ᠸᠠ ᠸᠠ ᠸᠠ !( ᠴᠢᠨᠣ᠎ᠠ ᠶ᠋ᠢ ᠳᠠᠭᠤᠷᠢᠶᠠᠨ ᠣᠯᠢᠵᠤ ᠪᠠᠶ᠋ᠢᠬᠤ ᠳᠠᠭᠤ)
ᠴᠢᠨᠣ᠎ᠠ᠄
ᠬᠠ ᠬᠠ ᠬᠠ ᠬᠠ᠂ ᠴᠢᠨᠣ᠎ᠠ ᠲᠡᠭᠡᠵᠦ ᠤᠯᠢᠳᠠᠭ ᠦᠭᠡᠢ ᠶᠦ᠍ᠮ ᠠ᠋᠂ ᠮᠢᠨᠦ ᠳᠡᠭᠦᠦ᠂
ᠬᠣᠶᠠᠳᠠᠬᠢ
ᠴᠢᠨᠣ᠎ᠠ᠄ ᠬᠥᠶᠢ᠂ ᠬᠡᠨ ᠪᠣᠢ?
ᠮᠥᠩᠬᠡ᠄
ᠪᠠᠰᠠᠷ ᠠ᠋᠂ ᠪᠢᠳᠡᠨ ᠊ᠦ ᠬᠣᠢᠨ᠎ᠠ ᠣᠷᠣᠭᠠᠷᠠᠢ!
ᠨᠢᠭᠡᠳᠡᠬᠢ
ᠴᠢᠨᠣ᠎ᠠ᠄ ᠪᠠᠰᠠᠷ ᠴᠢᠨᠣ᠎ᠠ ᠪᠢᠳᠡᠨ ᠦ᠌ ᠠᠷᠤ ᠳ᠋ᠤ᠌ ᠣᠷᠣᠭᠠᠷᠠᠢ!
ᠮᠥᠩᠬᠡ
ᠲᠤᠩᠬᠤ᠄( ᠵᠡᠷᠭᠡᠪᠡᠷ)᠄ ᠠ⁈
ᠮᠥᠩᠬᠡ᠄
ᠲᠠ ᠬᠡᠳᠦ ᠮᠠᠨᠢ ᠡᠨᠳᠡ ᠬᠥᠮᠦᠨ ᠠᠷᠠᠳ ᡂᠨ ᠲᠡᠢ ᠣᠶ᠋ᠢᠷᠠᠬᠠᠨ ᠪᠠᠶ᠋ᠢᠬᠰᠠᠨ ᠠ᠋ᠴᠠ ᠬᠠᠩᠭᠠᠢ ᠶ᠋ᠢᠨ ᠠᠭᠤᠯᠠ ᠤᠰᠤ
ᠳᠤᠮᠳᠠ ᠪᠠᠨ ᠪᠠᠶ᠋ᠢᠭᠰᠠᠨ ᠨᠢ ᠢᠯᠡᠭᠦᠦ ᠳᠡᠭᠡᠷ᠎ᠡ ᠪᠢᠰᠢ ᠭᠡᠵᠦ ᠊ᠦᠦ?
ᠨᠢᠭᠡᠳᠡᠬᠢ
ᠴᠢᠨᠣ᠎ᠠ᠄ ᠦᠭᠡᠢ᠂ ᠲᠡᠭᠡᠭᠡᠳ ᠲᠡᠷᠡ ᠠᠷᠰᠯᠠᠩᠲᠠᠢ ᠮᠡᠷᠭᠡᠨ ᠬᠠᠭᠠᠨ ᠴᠢᠨᠢ ᠦᠢ ᠲᠦᠮᠡᠨ ᠠᠳᠤᠭᠤ ᠲᠠᠢ ᠶᠤᠮ ᠪᠠᠶ᠋ᠢᠵᠤ
ᠪᠠᠶ᠋ᠢᠭᠠᠳ ᠬᠡᠳᠦ ᠰᠦᠷᠴᠢᠭᠢᠨᠡᠭᠡᠳ ᠪᠠᠶ᠋ᠢᠭ᠎ᠠ ᠪᠢᠰᠢ ᠊ᠦᠦ᠂ ᠠᠢ
ᠲᠤᠩᠬᠤ᠄
ᠶᠠᠭᠤ ᠭᠡᠵᠦ ᠳᠡ᠂ ᠴᠢᠨᠣ᠎ᠠ ᠠᠬ᠎ᠠ ᠮᠢᠨᠢ᠂ ᠠᠷᠰᠯᠠᠩᠲᠠᠢ ᠮᠡᠷᠭᠡᠨ ᠬᠠᠭᠠᠨ ᠲᠡᠷᠡ ᠣᠯᠠᠨ ᠠᠳᠤᠭᠤ ᠶ᠋ᠢ ᠠᠷᠠᠴᠢᠯᠠᠵᠤ
ᠬᠠᠮᠠᠭᠠᠯᠠᠨ᠂ ᠥᠪᠡᠷ ᠊ᠤᠨ ᠬᠦᠴᠦ ᠬᠥᠳᠡᠯᠮᠦᠷᠢ ᠪᠡᠷ ᠢ᠋ᠶ᠋ᠡᠨ ᠪᠣᠢ ᠪᠣᠯᠭᠠᠭᠰᠠᠨ ᠶᠤᠮ ᠰᠢᠦ ᠳᠡ᠂
ᠴᠠᠰᠤᠬᠠᠨ᠄
ᠬᠦᠴᠦ ᠬᠥᠳᠡᠯᠮᠦᠷᠢ ᠪᠡᠷ ᠢ᠋ᠶ᠋ᠡᠨ ᠣᠯᠤᠭᠰᠠᠨ ᠪᠠᠶᠠᠯᠢᠭ ᠊ᠢ ᠨᠢ ᠬᠡᠳᠦ ᠶᠡᠬᠡ ᠪᠠᠶ᠋ᠢᠨ᠎ᠠ ᠭᠡᠳ ᠵᠥᠪᠰᠢᠶᠡᠷᠡᠯ
ᠦᠭᠡᠢ ᠠᠪᠬᠤ ᠡᠷᠬᠡ ᠬᠡᠨ ᠳ᠋ᠦ᠍ ᠴᠦ᠍ ᠪᠠᠶ᠋ᠢᠬᠤ ᠦᠭᠡᠢ ᠰᠢᠦ ᠳᠡ᠂
ᠬᠣᠶᠠᠳᠠᠬᠢ
ᠴᠢᠨᠣ᠎ᠠ᠄ ᠳᠡᠭᠦᠦ ᠨᠠᠷ ᠠᠷᠭ᠎ᠠ ᠦᠭᠡᠢ ᠵᠥᠪ ᠬᠡᠯᠡᠯ᠎ᠡ᠂ ᠪᠢᠳᠡ ᠠᠭᠤᠯᠠ ᠲᠠᠯ᠎ᠠ ᠳ᠋ᠤ᠌ ᠪᠠᠨ᠂ ᠵᠡᠷᠯᠢᠭ ᠪᠠᠶ᠋ᠢᠭᠠᠯᠢ
ᠳᠤᠮᠳᠠ ᠪᠠᠨ ᠰᠠᠢᠬᠠᠨ ᠠᠮᠢᠳᠤᠷᠠᠶ᠎ᠠ ᠳᠠ᠃ ᠳᠡᠭᠦᠦ ᠨᠠᠷ ᠲᠤ᠌ ᠪᠠᠨ ᠭᠢᠯᠠᠶ᠋ᠢᠯᠠ!
ᠨᠢᠭᠡᠳᠡᠬᠢ
ᠴᠢᠨᠣ᠎ᠠ᠄ ᠪᠠᠶᠠᠷᠯᠠᠯ᠎ᠠ!
ᠭᠤᠷᠪᠠᠳᠠᠬᠢ
ᠴᠢᠨᠣ᠎ᠠ᠄ ᠪᠢᠳᠡᠨ ᠊ᠢ ᠠᠪᠤᠷᠠᠭᠰᠠᠨ ᠳ᠋ᠤ᠌ ᠪᠠᠶᠠᠷᠯᠠᠯ᠎ᠠ!
ᠲᠤᠩᠬᠤ᠄
ᠲᠠ ᠨᠠᠷ ᠲᠤ᠌ ᠪᠠᠨ ᠴᠤ᠌ ᠭᠡᠰᠡᠨ ᠪᠠᠶᠠᠷᠯᠠᠯ᠎ᠠ!
ᠬᠣᠶᠠᠳᠠᠬᠢ
ᠴᠢᠨᠣ᠎ᠠ᠄ ᠪᠠᠰᠠᠷ ᠴᠢᠨᠣ᠎ᠠ ᠮᠢᠨᠦ ᠳᠡᠭᠦᠦ᠂ ᠠ ᠬᠠ ᠬᠠ! ᠡᠨᠡ ᠬᠥᠭᠡᠷᠦᠬᠦᠨ᠂ ᠠᠬ᠎ᠠ ᠶ᠋ᠢᠨ
ᠳᠡᠭᠦᠦ ᠴᠢᠨᠣ᠎ᠠ ᠶ᠋ᠢᠨ ᠤᠳᠤᠮ ᠲᠠᠢ ᠪᠠᠨ ᠰᠠᠨᠠᠵᠤ ᠶᠠᠪᠤᠭᠠᠷᠠᠢ᠂ ᠰᠠᠢᠬᠠᠨ ᠰᠡᠳᠬᠢᠯ ᠲᠡᠢ᠂ ᠵᠣᠷᠢᠭ ᠲᠠᠢ ᠳᠡᠭᠦᠦ
ᠰᠢᠦ᠂
ᠪᠠᠰᠠᠷ᠄
ᠨᠠᠮ᠎ᠠ ᠶ᠋ᠢ ᠪᠢᠲᠡᠭᠡᠢ ᠣᠬᠢᠯᠠᠭᠤᠯᠴᠢᠬᠠᠬᠤ ᠭᠡᠳ ᠪᠠᠢ ᠯᠠ ᠳᠠ᠂ ᠵᠦᠭᠡᠷ ᠯᠡ ᠡᠷᠭᠢᠵᠦ ᠬᠠᠷᠠᠯ ᠦᠭᠡᠢ ᠶᠠᠪᠤᠭᠠᠷᠠᠢ᠂
ᠬᠡ ᠬᠡ ᠬᠡ