ᠮᠥᠩᠬᠡ ᠲᠤᠩᠬᠤ 2-02 Мөнх ТунхMunkh Tunkh
ᠮᠥᠩᠬᠡ ᠲᠤᠩᠬᠤ 2ᠳ᠋ᠤᠭᠠᠷ ᠪᠦᠯᠦᠭ2
ᠮᠥᠩᠬᠡ᠄ ᠥ᠁
ᠲᠣᠩᠬᠤ᠄
ᠥ᠁
ᠮᠥᠩᠬᠡ᠄
ᠥ᠁
ᠲᠤᠩᠬᠤ᠄
ᠤᠩ᠁
ᠮᠥᠩᠬᠡ᠄
ᠬᠣᠶᠠᠭᠤᠯᠠ ᠪᠠᠨ ᠤᠭ ᠨᠢ ᠰᠢᠳᠡᠷ᠎ᠡ ᠮᠡᠳᠡᠳᠡᠭ ᠪᠠᠶ᠋ᠢᠭᠰᠠᠨ ᠪᠣᠯ ᠶᠡᠬᠡ ᠭᠣᠶᠣ ᠲᠣᠭᠯᠠᠯᠲᠠ ᠭᠠᠷᠭᠠᠬᠤ ᠨᠢ
ᠡ᠃
ᠲᠤᠩᠬᠤ᠄
ᠬᠠᠷᠢᠨ ᠲᠡᠶ᠋ᠢᠮᠦ
ᠮᠥᠩᠬᠡ
ᠲᠤᠩᠬᠤ( ᠵᠡᠷᠭᠡᠪᠡᠷ)᠄ ᠬᠡ ᠬᠡ ᠬᠡ ᠬᠡ
ᠠᠷᠸ᠎ᠡ᠄
ᠬᠥᠶᠢ᠂ ᠲᠠ ᠬᠣᠶᠠᠷ ᠰᠢᠳᠡᠷ᠎ᠡ ᠲᠣᠭᠯᠠᠵᠤ ᠮᠡᠳᠡᠳᠡᠭ ᠶᠤᠮ ᠊ᠦᠦ?
ᠮᠥᠩᠬᠡ᠄
ᠡᠨᠡ ᠵᠢᠯ ᠪᠢ ᠰᠢᠳᠡᠷ᠎ᠡ ᠲᠣᠭᠯᠠᠵᠤ ᠰᠤᠷᠤᠨ᠎ᠠ ᠬᠢᠴᠢᠬᠡᠭᠰᠡᠨ ᠪᠠᠶ᠋ᠢᠭ᠎ᠠ᠃
ᠲᠤᠩᠬᠤ᠄
ᠲᠠ ᠰᠠᠶ᠋ᠢᠨ ᠮᠡᠳᠡᠳᠡᠭ ᠊ᠦᠦ?
ᠠᠷᠸ᠎ᠡ᠄
ᠠᠬ᠎ᠠ ᠵᠢᠨ ᠬᠢᠨ ᠬᠠᠮᠤᠭ ᠊ᠤᠨ ᠳᠤᠷᠠᠲᠠᠢ ᠲᠣᠭᠯᠠᠭᠠᠮ ᠰᠢᠦ ᠳ᠋ᠠ
ᠮᠥᠩᠬᠡ᠄
ᠸᠠ ᠡᠸᠦ᠂ ᠲᠠ ᠲᠡᠭᠡᠪᠡᠯ ᠪᠢᠳᠡ ᠬᠣᠶᠠᠷ ᠲᠤ᠌ ᠵᠢᠭᠠᠵᠤ ᠥᠭᠴᠦ ᠪᠣᠯᠬᠤ ᠊ᠦᠦ?
ᠠᠶᠸᠡ᠄
ᠪᠣᠯᠣᠯᠭᠦᠢ ᠶᠠᠭᠠᠬᠢᠬᠤᠪ᠂
ᠲᠤᠩᠬᠤ᠄
ᠶᠠᠮᠠᠷ ᠭᠣᠶᠣ ᠶᠤᠮ ᠪᠤᠢ!
ᠠᠷᠸ᠎ᠡ᠄
ᠠᠬ᠎ᠠ ᠨᠢ ᠦᠯᠢᠭᠡᠷ ᠵᠢᠡᠷ ᠠᠶᠠᠯᠠᠭᠠᠳ ᠢᠷᠡᠬᠦ ᠪᠡᠷ ᠨᠢ ᠰᠢᠲᠠᠷ᠎ᠠ ᠵᠢᠨ ᠨᠡᠷᠡᠰ ᠪᠣᠯᠤᠨ ᠨᠡᠭᠦᠳᠡᠯ ᠦ᠋ᠳ ᠊ᠢ ᠵᠢᠭᠠᠵᠤ
ᠥᠭᠭᠦᠶ᠎ᠡ᠂ ᠵᠠ ᠊ᠦᠦ?
ᠮᠥᠩᠬᠡ᠄
ᠲᠣᠬᠢᠷᠠᠯ᠎ᠠ᠂ ᠪᠠᠶᠠᠷᠯᠠᠯ᠎ᠠ ᠠᠷᠸᠡᠠᠬᠠ ᠡ᠂
ᠲᠤᠩᠬᠤ᠄
ᠪᠠᠶᠠᠷᠯᠠᠯ᠎ᠠ
ᠠᠷᠸ᠎ᠡ᠄
ᠲᠠ ᠨᠠᠷ ᠊ᠢ ᠥᠨᠥᠳᠥᠷ ᠶᠠᠮᠠᠷ ᠥᠯᠢᠭᠡᠷ ᠵᠢᠠᠷ ᠠᠶᠠᠯᠠᠭᠤᠯᠬᠤ ᠪᠠᠨ ᠣᠯᠴᠢᠬᠠᠯ᠎ᠠ᠃ ᠮᠤᠨᠳᠠᠭ ᠡᠷᠳᠡᠮ ᠨᠣᠮ
ᠲᠠᠢ᠂ ᠬᠥᠭᠵᠢᠮ ᠰᠠᠶ᠋ᠢᠨ ᠲᠣᠭᠯᠠᠳᠠᠭ᠂ ᠮᠦᠨ ᠰᠢᠲᠠᠷ᠎ᠠ ᠶ᠋ᠢ ᠶᠠᠩᠵᠤ ᠲᠠᠢ ᠮᠤᠨᠳᠠᠭ
ᠲᠣᠭᠯᠠᠳᠠᠭ ᠬᠡᠦᠬᠡᠳ ᠪᠠᠶ᠋ᠢᠭ᠎ᠠ ᠳ᠋ᠠ᠃ ᠲᠡᠷᠡ ᠬᠦᠦ ᠵᠢᠨ ᠥᠯᠢᠭᠡᠷ ᠵᠢᠠᠷ ᠠᠶᠠᠯᠠᠭᠤᠯᠤᠶᠡ᠃
ᠮᠥᠩᠬᠡ᠄
ᠪᠠᠶᠠᠷᠯᠠᠯ᠎ᠠ
ᠲᠤᠩᠬᠤ᠄
ᠪᠠᠶᠠᠷᠯᠠᠯ᠎ᠠ
ᠠᠷᠸ᠎ᠡ᠂
ᠮᠥᠩᠬᠡ( ᠵᠡᠷᠭᠡᠪᠡᠷ) ᠬᠡ ᠬᠡ ᠬᠡ ᠬᠡ ᠬᠡ
ᠮᠥᠩᠬᠡ᠄ ᠰᠠᠶ᠋ᠢᠨ
ᠪᠠᠶ᠋ᠢᠨ᠎ᠠ ᠊ᠦᠦ?
ᠰᠢᠲᠠᠷᠠᠴᠢᠨ
ᠬᠦᠦ᠄ ᠰᠠᠶ᠋ᠢᠨ
᠂ ᠰᠠᠶ᠋ᠢᠨ ᠪᠠᠶ᠋ᠢᠵᠠᠭᠠᠨᠠ
᠊ᠦᠦ? ᠰᠠᠷᠠᠭᠤᠯ
ᠰᠠᠶ᠋ᠢᠬᠠᠨ ᠡᠳᠦᠷ ᠵᠢᠡᠷ ᠬᠠᠮᠢᠭ᠎ᠠ ᠬᠦᠷᠴᠦ ᠶᠠᠪᠤᠨ᠎ᠠ ᠳ᠋ᠠ?
ᠴᠠᠰᠤᠬᠠᠨ᠄
ᠮᠤᠨᠳᠠᠭ ᠡᠷᠳᠡᠮ ᠲᠡᠢ ᠬᠥᠮᠦᠨ ᠡᠨᠳᠡ ᠪᠠᠶ᠋ᠢᠳᠠᠭ ᠭᠡᠰᠡᠨ᠂ᠪᠢᠳᠡ ᠨᠠᠷ ᠠᠭᠤᠯᠵᠠᠵᠤ ᠶᠠᠭᠤᠮ᠎ᠠ ᠰᠤᠷᠬᠤ
ᠭᠡᠵᠦ ᠪᠠᠶ᠋ᠢᠭ᠎ᠠ ᠶᠤᠮ᠃
ᠲᠤᠩᠬᠤ᠄
ᠲᠡᠷᠡ ᠬᠥᠮᠦᠨ ᠲᠠ ᠮᠥᠨ ᠊ᠦᠦ?
ᠰᠢᠲᠠᠷᠠᠴᠢᠨ
ᠬᠦᠦ᠄ ᠥᠪᠡᠷ ᠊ᠢ ᠬᠥᠮᠦᠨ ᠳ᠋ᠦ᠍ ᠡᠷᠳᠡᠮ ᠲᠡᠢ ᠭᠡᠵᠦ ᠬᠥᠮᠦᠨ ᠳ᠋ᠦ᠍ ᠬᠡᠯᠡᠬᠦ ᠵᠣᠬᠢᠰ ᠥᠬᠡᠢ᠂ ᠥᠷᠥᠭᠡᠯ
᠊ᠦᠨ ᠴᠢᠳᠠᠯ ᠊ᠢ ᠬᠠᠷᠢᠨ ᠬᠦᠨᠳᠦᠯᠡᠵᠦ ᠶᠠᠪᠤᠳᠠᠭ ᠬᠦᠦ ᠭᠡᠪᠡᠯ ᠪᠢ ᠮᠥᠨ ᠪᠠᠶ᠋ᠢᠨ᠎ᠠ᠃
ᠮᠥᠩᠬᠡ᠄
ᠸᠠ ᠡᠸᠦ᠂ ᠶᠠᠩᠵᠤ ᠵᠢᠨ ᠤᠷᠠᠨ ᠶᠠᠷᠢᠵᠤ ᠪᠠᠶ᠋ᠢᠨ᠎ᠠ᠂
ᠲᠤᠩᠬᠤ᠄
ᠲᠡᠶ᠋ᠢᠮᠦ ᠪᠠᠶ᠋ᠢᠨ᠎ᠠ ᠰᠢᠦ᠂ ᠶᠣᠰᠣᠲᠠᠢ ᠭᠣᠶᠣ ᠲᠣᠯᠣᠭᠠᠢ ᠬᠣᠯᠪᠣᠵᠤ ᠤᠷᠠᠨ ᠴᠡᠴᠡᠨ ᠶᠠᠷᠢᠳᠠᠭ ᠠᠬ᠎ᠠ
ᠪᠠᠶ᠋ᠢᠨ᠎ᠠ᠃
ᠪᠠᠰᠠᠷ᠄
ᠠᠢ᠂ ᠲᠡᠷᠡ ᠰᠠᠶ᠋ᠢᠬᠠᠨ ᠠᠭᠤᠯᠠᠰ ᠊ᠢ ᠡ᠂ ᠤᠩ᠃
ᠬᠡᠨᠲᠡᠢ
ᠬᠠᠩᠭᠠᠢ ᠰᠠᠶᠢᠨ ᠪ ᠥᠨᠳᠥᠷ ᠰᠠᠶ᠋ᠢᠬᠠᠨ ᠨᠢᠷᠤᠭᠤ ᠨᠤᠭᠤᠳ
ᠬᠤᠶ᠋ᠢᠲᠤ ᠵᠦᠭ ᠊ᠤᠨ ᠴᠢᠮᠡᠭ ᠪᠣᠯᠤᠭᠰᠠᠨ
ᠣᠢ ᠬᠥᠪᠴᠢ
ᠵᠢᠨ ᠠᠭᠤᠯᠠ ᠨᠤᠭᠤᠳ
ᠮᠠᠨᠠᠩ
ᠰᠢᠷᠭ᠎ᠠ ᠨᠣᠮᠢᠨ ᠤ ᠥᠷᠭᠡᠨ ᠶᠡᠬᠡ ᠭᠣᠪᠢ ᠨᠤᠭᠤᠳ
ᠡᠮᠦᠨ᠎ᠡ
ᠵᠦᠭ ᠊ᠦᠨ ᠮᠠᠩᠯᠠᠢ ᠪᠣᠯᠤᠭᠰᠠᠨ ᠡᠯᠡᠰᠦᠨ ᠮᠠᠩᠬᠠᠨ ᠳᠠᠯᠠᠢ ᠨᠤᠭᠤᠳ
ᠡᠨᠡ ᠪᠣᠯ
ᠮᠢᠨᠦ ᠲᠥᠷᠥᠭᠰᠡᠨ ᠨᠤᠲᠤᠭ ᠮᠣᠩᠭᠣᠯ ᠊ᠤᠨ ᠰᠠᠶ᠋ᠢᠬᠠᠨ ᠣᠷᠣᠨ ᠡ᠃
ᠰᠢᠲᠠᠷᠠᠴᠢᠨ
ᠬᠦᠦ᠄ ᠭᠠᠶ᠋ᠢᠬᠠᠯᠲᠠᠢ ᠰᠠᠶ᠋ᠢᠬᠠᠨ ᠰᠢᠯᠦᠭᠯᠡᠵᠦ ᠪᠠᠶ᠋ᠢᠨ᠎ᠠ᠂ ᠭᠠᠩᠭᠠᠩ ᠡᠨᠡ ᠦᠭᠡᠰ ᠊ᠢ ᠴᠢ ᠥᠪᠡᠷ ᠵᠢᠡᠨ
ᠬᠣᠯᠪᠣᠪᠠ ᠊ᠦᠦ?
ᠪᠠᠰᠠᠷ᠄
ᠠ᠂ ᠪᠠᠰᠠᠷ ?ᠪᠢ ᠵᠣᠬᠢᠶᠠᠭᠰᠠᠨ ᠡ᠁
ᠲᠤᠩᠬᠤ᠄ ᠭᠡ ᠭᠡ ᠬᠡ ᠪᠠᠰᠠᠷ ᠡ᠂ ᠶᠠᠭᠠᠬᠢᠬᠤ ᠭᠡᠳ
ᠬᠤᠳᠠᠯ ᠶᠠᠷᠢᠭᠠᠳ ᠪᠠᠶ᠋ᠢᠭ᠎ᠠ ᠶᠤᠮ ᠪᠤᠢ᠂ ᠡᠨᠡ ᠰᠢᠯᠦᠭ ᠴᠢᠨᠢ ᠳᠠᠰᠢᠳᠣᠷᠵᠢ ᠵᠢᠨ ᠨᠠᠴᠤᠭᠳᠣᠷᠵᠢ ᠵᠢᠨ《 ᠮᠢᠨᠦ ᠨᠤᠲᠤᠭ》 ᠭᠡᠳᠡᠭ ᠰᠠᠶ᠋ᠢᠬᠠᠨ
ᠰᠢᠯᠦᠭ ᠰᠢᠦ
ᠳ᠋ᠠ᠃
ᠪᠠᠰᠠᠷ᠄ ᠬᠡ ᠬᠡ ᠬᠡ ᠬᠡ
᠁ᠲᠣᠭᠯᠠᠭᠰᠠᠨ ᠶᠤᠮ ᠠ᠋᠃ ᠪᠦᠷ ᠮᠤᠨᠳᠠᠭ ᠬᠥᠮᠦᠨ ᠊ᠦ ᠵᠣᠬᠢᠶᠠᠭᠰᠠᠨ ᠰᠢᠯᠦᠭ ᠪᠠᠶ᠋ᠢᠬᠤ ᠦᠭᠡᠢ ᠊ᠦᠦ?
ᠮᠥᠩᠬᠡ᠄
ᠠᠬ᠎ᠠ ᠡ ᠲᠠ ᠰᠡᠭᠦᠯ ᠬᠣᠯᠪᠣᠵᠤ ᠶᠠᠷᠢᠵᠤ ᠴᠢᠳᠠᠳᠠᠭ ᠊ᠦᠦ?
ᠰᠢᠲᠠᠷᠠᠴᠢᠨ
ᠬᠦᠦ᠄ ᠰᠡᠭᠦᠯ ᠬᠣᠯᠪᠣᠨ᠎ᠠ ᠭᠡᠳᠡᠭ ᠨᠢ ᠰᠡᠭᠦᠳᠡᠷ ᠵᠢᠡᠨ ᠳᠠᠭᠠᠭᠤᠯᠵᠤ ᠶᠠᠪᠤᠬᠤ ᠲᠠᠢ ᠠᠳᠠᠯᠢ ᠪᠣᠯᠬᠣᠷ
ᠣᠷᠣᠯᠳᠣᠭᠠᠳ ᠨᠢᠭᠡ
ᠦᠵᠡᠶ᠎ᠡ᠃
ᠡᠷᠳᠡᠮ
᠊ᠦᠨ ᠳᠠᠯᠠᠢ ᠶ᠋ᠢ ᠰᠢᠯᠢᠵᠦ ᠪᠠᠷᠠᠳᠠᠭ ᠠ᠋ᠴᠠ ᠬᠣᠶ᠋ᠢᠰᠢ
ᠡᠨᠡ ᠨᠣᠮ
᠊ᠢ ᠰᠢᠮᠡᠲᠡᠨ ᠤᠩᠰᠢᠨ ᠰᠠᠭᠤᠨ᠎ᠠ᠂
ᠬᠥᠮᠦᠨ
᠊ᠦ ᠰᠠᠶ᠋ᠢᠨ ᠊ᠢ ᠲᠠᠨᠢᠵᠤ ᠮᠡᠳᠡᠳᠡᠭ ᠡᠴᠡ ᠬᠣᠶ᠋ᠢᠰᠢ
ᠲᠠ ᠬᠡᠳᠦ
ᠲᠠᠢ ᠰᠣᠨᠵᠢᠨ ᠶᠠᠷᠢᠨ ᠰᠠᠭᠤᠨ᠎ᠠ᠃
ᠮᠥᠩᠬᠡ᠄
ᠬᠠ᠂ ᠲᠣᠯᠣᠭᠠᠢ ᠬᠣᠯᠪᠣᠭᠠᠳ ᠯᠡ᠂ ᠰᠡᠭᠦᠯ ᠬᠣᠯᠪᠣᠭᠠᠳ ᠯᠡ᠂ ᠲᠠ ᠬᠠᠮᠢᠭ᠎ᠠ ᠨᠢ ᠢᠩᠭᠢᠵᠦ ᠶᠠᠷᠢᠵᠤ
ᠰᠤᠷᠤᠭᠰᠠᠨ ᠶᠤᠮ ᠪᠣᠢ?
ᠰᠢᠲᠠᠷᠠᠴᠢᠨ ᠬᠦᠦ᠄
ᠪᠢ ᠭᠤᠷᠪᠠᠨ ᠵᠦᠢᠯ ᠊ᠢ ᠰᠤᠷᠴᠤ ᠮᠡᠳᠡᠵᠦ ᠠᠪᠤᠭᠰᠠᠨ ᠶᠤᠮ᠂ ᠪᠢᠴᠢᠭ ᠦᠰᠦᠭ ᠊ᠦᠨ ᠡᠷᠳᠡᠮ᠂ ᠬᠥᠭᠵᠢᠮ
ᠲᠣᠭᠯᠠᠬᠤ ᠡᠷᠳᠡᠮ᠂ ᠰᠢᠲᠠᠷ᠎ᠠ ᠲᠣᠭᠯᠠᠬᠤ ᠡᠷᠳᠡᠮ᠃
ᠲᠤᠩᠬᠤ᠄
ᠪᠢᠳᠡ ᠨᠠᠷ ᠪᠠᠰᠠ ᠰᠢᠲᠠᠷ᠎ᠠ ᠵᠢᠭᠠᠯᠭᠠᠬᠤ ᠭᠡᠵᠦ ᠪᠠᠶ᠋ᠢᠭ᠎ᠠ᠂
ᠮᠥᠩᠬᠡ᠄
ᠲᠠ ᠡᠶ᠋ᠢᠮᠦ ᠭᠣᠶᠣ ᠰᠢᠯᠦᠭᠯᠡᠳᠡᠭ ᠶᠤᠮ ᠴᠢᠨᠢ ᠬᠡᠳᠦᠭᠦᠯᠡ ᠪᠡᠨ ᠳᠠᠭᠤᠯᠠᠬᠤ ᠊ᠦᠦ?
ᠲᠤᠩᠬᠤ᠄
ᠲᠡᠭᠡᠪᠡᠯ ᠭᠣᠶᠣ ᠪᠠᠶ᠋ᠢᠬᠤ ᠳ᠋ᠠ᠂
ᠴᠠᠰᠤᠬᠠᠨ᠄
ᠰᠠᠶ᠋ᠢᠬᠠᠨ ᠰᠠᠨᠠᠭ᠎ᠠ ᠪᠠᠶ᠋ᠢᠨ᠎ᠠ᠂
ᠰᠢᠲᠠᠷᠠᠴᠢᠨ
ᠬᠦᠦ᠄ ᠪᠢ ᠲᠣᠯᠣᠭᠠᠢ ᠬᠣᠯᠪᠣᠭᠠᠳ ᠲᠠ ᠨᠠᠷ ᠮᠠᠨᠢ
ᠰᠡᠭᠦᠯ ᠬᠣᠯᠪᠣᠭᠠᠳ᠂ ᠰᠠᠶ᠋ᠢᠬᠠᠨ ᠳᠠᠭᠤᠤ ᠪᠣᠯᠬᠤ ᠪᠠᠶ᠋ᠢᠬ᠎ᠠ᠃
ᠪᠠᠰᠠᠷ᠄
ᠤᠩ᠂ ᠡᠨᠡ ᠪᠠᠷᠤᠭ ᠡᠨᠡᠳᠬᠡᠭ ᠺᠢᠨᠤ᠋ ᠪᠣᠯᠴᠢᠬᠠᠪᠠ ᠊ᠤᠤ? ᠶᠠᠭᠠᠬᠢᠴᠢᠬᠠᠪᠠ
᠊ᠦᠦ?
ᠪᠠᠰᠠᠷ᠄ ᠬᠦᠪ
ᠬᠦᠪ ᠬᠦᠪ ᠭᠠᠶ᠋ᠢᠰ ᠠ᠂ ᠬᠡᠳᠦᠭᠦᠯᠡ ᠪᠡᠨ ᠡᠨᠡᠳᠬᠡᠭ ᠳᠠᠭᠤᠤ ᠡᠨᠡ ᠲᠡᠷᠡ ᠶᠠᠪᠤᠭᠳᠠᠬᠤ ᠵᠢᠨ ᠣᠷᠣᠨ ᠳ᠋ᠤ᠌
ᠵᠢᠭᠠᠬᠠᠨ ᠤᠤᠰᠺ ᠭᠡᠪᠡᠯ ᠶᠠᠪᠤᠴᠢᠬᠠᠪᠠᠯ ᠶᠠᠭᠠᠬᠢᠳᠠᠭ ᠶᠤᠮ ᠡᠩ᠃ ᠮᠠᠨ ᠊ᠤ ᠬᠢ ᠡ᠂ ᠪᠢᠳᠡ ᠪᠦᠷ ᠶᠸ᠃
ᠮᠥᠩᠬᠡ᠄
ᠥᠷᠯᠥᠭᠡ ᠰᠢᠳᠦ ᠪᠡᠨ ᠤᠬᠢᠶᠠᠵᠤ᠂ ᠡᠳᠦᠷ ᠡᠬᠢᠯᠡᠳᠡᠭ᠂
ᠭᠠᠭᠴᠠᠭᠠᠷ
ᠭᠠᠷᠬᠤ ᠳ᠋ᠤ᠌ ᠬᠣᠶᠠᠷ ᠲᠠᠯ᠎ᠠ ᠪᠠᠨ ᠠᠵᠢᠭᠯᠠ ᠳ᠋ᠠ
ᠠᠩᠬᠠᠷᠤᠯ
ᠲᠠᠢ ᠬᠢᠴᠢᠶᠡᠨ ᠰᠠᠭᠤᠵᠤ ᠰᠤᠷᠤᠯᠴᠠ ᠳ᠋ᠠ᠂
ᠬᠢᠴᠢᠶᠡᠯ
ᠲᠠᠷᠠᠭᠠᠳ ᠨᠠᠶ᠋ᠢᠵᠠ ᠨᠤᠭᠤᠳ ᠲᠠᠢ ᠪᠠᠨ ᠲᠣᠭᠯᠠ ᠳ᠋ᠠ᠃
ᠰᠢᠲᠠᠷᠠᠴᠢᠨ
ᠬᠦᠦ᠄ ᠬᠣᠨᠢᠨ ᠊ᠤ ᠵᠠᠬ᠎ᠠ ᠊ᠤ ᠰᠠᠭᠤᠪᠠᠯ ᠰᠡᠳᠬᠢᠯ ᠨᠢᠭᠡ ᠰᠡᠷᠭᠦᠨ᠎ᠡ᠂
ᠬᠤᠯᠠ
ᠵᠢᠨ ᠪᠣᠳᠣᠯ ᠵᠢᠠᠷ ᠰᠢᠯᠦᠭ
ᠲᠡᠷᠯᠡᠨ ᠨᠢᠭᠡ ᠰᠡᠷᠭᠦᠨ᠎ᠡ᠂
ᠬᠥᠭᠵᠢᠮ
᠊ᠦᠨ ᠭᠠᠶ᠋ᠢᠬᠠᠮᠰᠢᠭ ᠲᠤ᠌ ᠪᠡᠶᠡᠰᠦᠨ ᠨᠢᠭᠡ ᠰᠡᠷᠭᠦᠨ᠎ᠡ᠂
ᠬᠥᠮᠦᠨ
ᠲᠡᠢ ᠰᠢᠲᠠᠷ᠎ᠠ ᠨᠡᠭᠦᠨ ᠪᠣᠳᠣᠯ ᠨᠢᠭᠡ ᠰᠡᠷᠭᠦᠨ᠎ᠡ᠃
ᠲᠤᠩᠬᠤ᠄
ᠬᠡᠦᠬᠡᠳ ᠊ᠦᠨ ᠡᠳᠦᠷ ᠊ᠦᠳ ᠣᠯᠠᠨ ᠶᠠᠩᠵᠤ ᠵᠢᠨ
ᠬᠡᠦᠬᠡᠳ
ᠪᠦᠬᠦᠨ ᠳ᠋ᠦ᠍ ᠪᠠᠨ
ᠠᠳᠠᠯ ᠶᠠᠪᠤᠳᠠᠯ ᠪᠣᠢ
ᠬᠡᠦᠬᠡᠳ
᠊ᠦᠳ ᠊ᠤᠨ ᠡᠳᠦᠷ ᠊ᠦᠳ ᠣᠯᠠᠨ ᠶᠠᠩᠵᠤ ᠪᠣᠢ
ᠬᠡᠦᠬᠡᠳ
ᠪᠦᠬᠦᠨ ᠳ᠋ᠦ᠍ ᠠᠳᠠᠯ ᠠᠳᠠᠯ ᠶᠠᠪᠤᠳᠠᠯ ᠵᠢᠨ
ᠪᠠᠰᠠᠷ᠄
ᠥ᠂ ᠤᠲ ᠪᠠᠶ᠋ᠢᠨ᠎ᠠ᠂ ᠣᠳᠣ ᠲᠠ ᠨᠠᠷ ᠮᠤᠤᠷ ᠨᠣᠬᠠᠢ ᠬᠣᠶᠠᠷ ᠨᠢ ᠡᠳᠦᠷ ᠊ᠢ
ᠶᠠᠭᠠᠬᠢᠵᠤ ᠥᠩᠭᠡᠷᠡᠭᠡᠳᠡᠭ ᠊ᠢ ᠰᠣᠨᠣᠰᠬᠤ ᠊ᠦᠦ?
ᠲᠤᠩᠬᠤ
ᠶ᠋ᠢ ᠪᠢ ᠬᠢᠴᠢᠶᠡᠯ ᠳ᠋ᠤ᠌
ᠪᠡᠨ ᠶᠠᠪᠤᠬᠤ ᠶ᠋ᠢᠨ ᠠᠷᠤ ᠠ᠋ᠴᠠ ᠨᠢᠭᠡ ᠪᠦᠳᠦᠷᠢᠨ᠎ᠡ᠂
ᠡᠳᠦᠷ
᠊ᠦᠨ ᠬᠣᠭᠣᠯᠠᠨ ᠊ᠤ ᠠᠷᠤ ᠡᠴᠡ ᠭᠡᠷ ᠊ᠦᠨ ᠬᠠᠶᠠᠭᠠᠨ ᠳ᠋ᠤ᠌ ᠬᠦᠶᠦᠯᠳᠦᠨ᠎ᠡ
ᠬᠢᠴᠢᠶᠡᠯ
ᠡᠴᠡ ᠪᠡᠨ ᠢᠷᠡᠬᠦ ᠳ᠋ᠦ᠍ ᠨᠢ ᠡᠷᠬᠡᠯᠡᠨ ᠳᠦᠨᠳᠦᠭᠡᠨᠡᠭᠡᠳ᠂
ᠬᠣᠲᠠ
ᠪᠠᠨ ᠮᠠᠨᠠᠵᠤ ᠭᠡᠷ ᠊ᠦᠨ ᠬᠠᠶᠠᠭᠠᠨ ᠳ᠋ᠤ᠌ ᠴᠢᠩᠬ᠎ᠠ
ᠪᠠᠷ
ᠬᠦᠪ ᠬᠦᠪ
ᠴᠠᠰᠣᠬᠠᠨ᠄
ᠮᠥᠩᠬᠡ ᠶ᠋ᠢ ᠪᠢ ᠬᠢᠴᠢᠶᠡᠯ ᠳ᠋ᠦ᠍ ᠪᠡᠨ ᠶᠠᠪᠤᠬᠤ ᠡᠴᠡ ᠨᠢ ᠡᠮᠦᠨ᠎ᠡ ᠪᠣᠰᠬᠠᠳᠠᠭ᠂
ᠲᠡᠭᠡᠭᠡᠳ
ᠪᠢ ᠪᠥᠭᠡᠷᠡᠩᠬᠡᠢ ᠤᠲᠠᠰᠤ ᠪᠠᠨ ᠪᠠᠷᠢᠭᠠᠳ ᠲᠣᠭᠯᠠᠳᠠᠭ᠂
ᠰᠦ᠋
ᠡᠴᠡ ᠨᠢ ᠤᠤᠭᠤᠭᠠᠳ ᠪᠢ
ᠳᠠᠭᠤᠰᠤᠭᠰᠠᠨ ᠊ᠤ ᠳᠠᠷᠠᠭ᠎ᠠ ᠰᠢᠷᠡᠭᠡᠨ ᠳᠡᠭᠡᠷ᠎ᠡ ᠭᠠᠷᠴᠤ ᠪᠠᠶ᠋ᠢᠭᠠᠳ ᠡᠭᠦᠳᠡ ᠪᠡᠷ ᠭᠠᠷᠬᠤ ᠶ᠋ᠢ ᠨᠢ
ᠬᠠᠷᠠᠵᠤ ᠪᠠᠶ᠋ᠢᠭᠠᠳ ᠪᠦᠭᠦᠳᠡ
ᠶ᠋ᠢ ᠨᠢ ᠤᠨᠠᠭᠠᠳᠠᠭ᠂ ᠶᠠᠭᠠᠬᠢᠨ᠎ᠠ ᠠᠷᠠᠢ ᠯᠠ ᠰᠡᠳᠬᠢᠯ ᠬᠥᠳᠡᠯᠴᠢᠬᠡᠯᠡ᠂ ᠬᠡ ᠬᠡ!
ᠬᠡᠦᠬᠡᠳ ᠊ᠦᠨ
ᠡᠳᠦᠷ ᠊ᠦᠳ ᠤᠯᠠᠨ ᠶᠠᠩᠵᠤ ᠵᠢᠨ
ᠬᠡᠦᠬᠡᠳ
ᠪᠦᠬᠦᠨ ᠳ᠋ᠦ᠍ ᠪᠡᠨ ᠠᠳᠠᠯ ᠶᠠᠪᠤᠳᠠᠯ ᠪᠣᠢ
ᠣᠶ᠋ᠢᠷᠠᠬᠠᠨ
ᠭᠡᠷ ᠲᠡᠢ ᠨᠢ ᠠᠯᠬᠤᠭᠠᠳ ᠰᠤᠷᠭᠠᠭᠤᠯᠢ ᠣᠷᠣᠳᠠᠭ ᠰᠤᠷᠳᠠᠭ ᠮᠤᠨᠳᠠᠭ
ᠬᠣᠯᠠ
ᠭᠡᠷ ᠲᠡᠢ ᠨᠢ ᠭᠡᠷ ᠊ᠦᠨ ᠬᠢᠨ ᠵᠢᠠᠷ ᠬᠦᠷᠭᠡᠭᠦᠯᠵᠦ ᠣᠴᠢᠳᠠᠭ ᠮᠤᠨᠳᠠᠭ
ᠮᠣᠷᠢᠲᠠᠢ
ᠬᠡᠦᠬᠡᠳ ᠊ᠦᠳ ᠱᠣᠭᠰᠢᠭᠤᠯᠵᠤ ᠴᠣᠭᠭᠢᠭᠤᠯᠵᠤ ᠤᠨᠤᠳᠠᠭ ᠬᠡᠦᠬᠡᠳ ᠮᠤᠨᠳᠠᠭ
ᠣᠴᠢᠬᠤ
ᠵᠠᠮ ᠳ᠋ᠤ᠌ ᠪᠠᠨ ᠥᠭᠡᠷ᠎ᠡ ᠴᠤ᠌ ᠬᠢᠴᠢᠶᠡᠯ ᠰᠤᠷᠳᠠᠭ ᠬᠡᠦᠬᠡᠳ ᠮᠤᠨᠳᠠᠭ
ᠬᠢ ᠬᠢ
ᠬᠢ ᠮᠤᠨᠳᠠᠭ ᠬᠡᠦᠬᠡᠳ ᠪᠠᠶ᠋ᠢᠭᠠᠷᠠᠢ!
ᠵᠠ ᠲᠠ
ᠨᠠᠷ ᠲᠤ᠌ ᠪᠠᠨ ᠠᠮᠠᠯᠠᠭᠰᠠᠨ ᠶᠣᠰᠣᠭᠠᠷ ᠵᠢᠠᠨ ᠰᠢᠲᠠᠷ᠎ᠠ ᠵᠢᠭᠠᠵᠤ ᠥᠭᠭᠦᠶ᠎ᠡ!
ᠰᠢᠲᠠᠷ᠎ᠠ
ᠨᠢ ᠵᠢᠷᠠᠨ ᠳᠥᠷᠪᠡᠨ ᠨᠢᠳᠦ ᠲᠠᠢ᠂ ᠭᠤᠴᠢᠨ ᠬᠣᠶᠠᠷ ᠳᠦᠷᠰᠦ ᠲᠡᠢ ᠪᠠᠶ᠋ᠢᠳᠠᠭ᠃
ᠴᠠᠭᠠᠨ
ᠡᠰᠡᠬᠦᠯ᠎ᠡ ᠬᠠᠷ᠎ᠠ ᠥᠩᠭᠡᠨ ᠡᠴᠡ ᠰᠣᠩᠭᠣᠵᠤ ᠲᠣᠭᠯᠠᠨ᠎ᠠ᠂ ᠬᠣᠵᠢᠬᠤ ᠵᠢᠨ ᠲᠤᠯᠠᠳᠠ ᠡᠰᠡᠷᠭᠦ ᠲᠣᠭᠯᠠᠭᠴᠢ
ᠵᠢᠨ ᠵᠢᠡᠨ ᠨᠣᠶᠠᠨ ᠭᠡᠵᠦ ᠨᠡᠷᠡᠯᠡᠭᠰᠡᠨ ᠳᠦᠷᠰᠦ ᠶ᠋ᠢ ᠮᠠᠳᠯᠠᠬᠤ ᠳ᠋ᠤ᠌ ᠬᠠᠩᠭᠠᠯᠲᠠᠢ᠃ ᠰᠢᠲᠠᠷ᠎ᠠ ᠵᠢᠨ
ᠬᠦᠦ ᠵᠢᠨ ᠨᠡᠭᠦᠳᠡᠯ᠄ ᠰᠠᠭᠤᠷᠢᠨ ᠠ᠋ᠴᠠ ᠨᠡᠭᠦᠬᠦ ᠳ᠋ᠦ᠍ ᠪᠡᠨ ᠨᠢᠭᠡ ᠨᠢᠳᠦ ᠪᠡᠷ ᠡᠰᠡᠬᠦᠯ᠎ᠡ ᠬᠣᠶᠠᠷ
ᠨᠢᠳᠦ ᠪᠡᠷ ᠨᠡᠭᠦᠬᠦ ᠪᠣᠯᠤᠮᠵᠢ ᠲᠠᠢ᠃ ᠰᠢᠲᠠᠷ᠎ᠠ ᠢᠳᠡᠬᠦ ᠳ᠋ᠦ᠍ ᠪᠡᠨ ᠬᠠᠵᠠᠭᠠᠢ ᠢᠳᠡᠳᠡᠭ᠂ ᠲᠡᠮᠡᠭᠡᠨ
᠊ᠦ ᠨᠡᠭᠦᠳᠡᠯ᠄ ᠲᠡᠮᠡᠭᠡ ᠨᠢ ᠲᠠᠰᠢᠭᠤ ᠨᠡᠭᠦᠳᠡᠭ᠂ ᠲᠡᠷᠭᠡᠨ ᠊ᠤ ᠨᠡᠭᠦᠳᠡᠯ᠄ ᠲᠡᠷᠭᠡ ᠨᠢ ᠴᠢᠭ ᠵᠢᠡᠷ ᠵᠢᠡᠨ
ᠮᠥᠨ ᠬᠣᠶ᠋ᠢᠰᠢ ᠪᠠᠨ ᠡᠰᠡᠬᠦᠯ᠎ᠡ ᠪᠠᠷᠠᠭᠤᠨ ᠵᠡᠭᠦᠨ ᠭᠡᠰᠡᠨ ᠨᠡᠭᠦᠳᠡᠯ ᠲᠠᠢ᠃
ᠮᠣᠷᠢᠨ
᠊ᠤ ᠨᠡᠭᠦᠳᠡᠯ᠄ ᠮᠣᠷᠢ ᠨᠢ ᠶᠠᠮᠠᠷ ᠴᠤ᠌ ᠰᠢᠳᠡᠷ᠎ᠡ
ᠵᠢᠨ ᠬᠥᠯᠭᠡ ᠶ᠋ᠢ ᠳᠠᠪᠠᠵᠤ ᠭᠠᠷᠬᠤ ᠪᠣᠯᠤᠮᠵᠢ ᠲᠠᠢ ᠪᠥᠭᠡᠳ ᠭᠡᠭᠡᠬᠦ ᠬᠡᠯᠪᠡᠷᠢ ᠪᠡᠷ ᠨᠡᠭᠦᠳᠡᠭ᠃
ᠪᠡᠷᠰᠡ ᠵᠢᠨ ᠨᠡᠭᠦᠳᠡᠯ᠄ ᠪᠡᠷᠰᠡ ᠨᠢ ᠨᠢᠭᠡ ᠶᠣᠰᠣᠨ ᠳ᠋ᠤ᠌ ᠪᠠᠨ ᠲᠡᠮᠡᠭᠡ ᠪᠣᠯᠤᠨ ᠲᠡᠷᠭᠡ ᠶ᠋ᠢ
ᠨᠢᠭᠡᠳᠬᠡᠭᠰᠡᠨ ᠮᠡᠲᠦ ᠬᠦᠴᠦᠷᠬᠡᠭ ᠬᠦᠯᠦᠭ ᠶᠤᠮ᠂ ᠪᠠᠷᠠᠭᠤᠨ ᠵᠡᠭᠦᠨ᠂ᠴᠢᠭ ᠵᠢᠡᠷ ᠵᠢᠡᠨ᠂ ᠮᠥᠨ ᠬᠣᠶ᠋ᠢᠰᠢ
ᠪᠠᠨ᠂ ᠲᠠᠰᠢᠭᠤ ᠨᠡᠭᠦᠬᠦ ᠴᠢᠳᠠᠪᠤᠷᠢ ᠲᠠᠢ᠃ ᠨᠣᠶᠠᠨ ᠊ᠤ ᠨᠡᠭᠦᠳᠡᠯ᠄ ᠨᠣᠶᠠᠨ ᠨᠢ ᠴᠢᠨᠦ ᠬᠠᠮᠠᠭᠠᠯᠠᠬᠤ
ᠶᠣᠰᠣᠲᠠᠢ ᠬᠦᠯᠦᠭ ᠶᠤᠮ᠂ ᠪᠠᠷᠠᠭᠤᠨ ᠵᠡᠭᠦᠨ᠂ ᠴᠢᠭ ᠵᠢᠡᠷ ᠵᠢᠡᠨ᠂ ᠮᠥᠨ ᠬᠣᠶ᠋ᠢᠰᠢ ᠪᠠᠨ᠂ ᠮᠥᠨ ᠲᠠᠰᠢᠭᠤ
ᠨᠡᠭᠦᠨ᠎ᠡ᠃ ᠭᠡᠬᠦ ᠳ᠋ᠦ᠍ ᠪᠡᠨ ᠵᠥᠪᠬᠡᠨ ᠨᠢᠭᠡ ᠨᠢᠭᠡ ᠨᠢᠳᠦ ᠪᠡᠷ ᠨᠡᠭᠦᠬᠦ ᠪᠣᠯᠤᠮᠵᠢ ᠲᠠᠢ᠃