ᠰ᠂ ᠲᠡᠮᠦᠷ
ᠴᠤᠢᠷ ᠠᠭᠤᠯᠠ ᠶᠢᠨ ᠵᠢᠯᠠᠭᠠᠨ ᠳ᠋ᠡᠬᠢ ᠭᠠᠯᠳᠤ ᠳᠡᠷᠭᠡᠨ ᠦ ᠵᠢᠵᠢᠭᠬᠡᠨ ᠦᠷᠳᠡᠭᠡ ᠤᠯᠠᠨ ᠵᠢᠯ ᠤᠨ ᠳᠤᠷᠰᠢ ᠳᠤ ᠦᠭᠡᠷᠡᠴᠢᠯᠡᠭᠳᠡᠵᠤ ᠰᠢᠨᠡᠴᠢᠯᠡᠭᠳᠡᠭᠰᠡᠨ ᠶᠠᠭᠤᠮ᠎ᠠ ᠦᠭᠡᠢ ᠭᠡᠯᠳᠡᠢ ᠶᠠᠩᠵᠤᠨ ᠳ᠋ᠠᠭᠠᠨ ᠯᠠ ᠪᠠᠢᠭᠰᠠᠭᠠᠷ ᠪᠠᠢᠪᠠ᠃ ᠬᠠᠷᠢᠨ ᠤᠷᠳᠤ ᠭᠦᠷᠰᠢ ᠡᠴᠡ ᠢᠷᠡᠭᠰᠡᠨ ᠨᠢᠭᠡᠨ ᠦᠨᠳᠦᠷ ᠳᠤᠷᠠᠩᠬᠠᠢ ᠡᠷ᠎ᠡ ᠰᠠᠮᠠᠭᠠᠨ ᠪᠤᠯᠤᠨ ᠬᠦᠦ ᠳᠠᠢ ᠪᠠᠨ ᠭᠤᠷᠪᠠᠭᠤᠯᠠ ᠡᠨᠳᠡ ᠠᠮᠢᠳᠤᠷᠠᠭᠰᠠᠭᠠᠷ ᠢᠷᠡᠭᠰᠡᠨ ᠶᠤᠮ᠃ ᠴᠤᠬᠤᠮ ᠬᠡᠵᠢᠶ᠎ᠡ ᠢᠷᠡᠭᠰᠡᠨ ᠢ ᠨᠢ ᠬᠦᠮᠦᠰ ᠪᠠᠷᠤᠭ ᠮᠠᠷᠳᠠᠵᠤ ᠤᠷᠬᠢᠵᠠᠢ᠃ ᠭᠡᠷ ᠦᠨ ᠡᠵᠡᠨ ᠦ ᠨᠡᠷ᠎ᠡ ᠶᠢ ᠨᠢ ᠴᠤ᠌ ᠮᠡᠳᠡᠳᠡᠭ ᠦᠭᠡᠢ ᠪᠤᠯᠬᠤᠷ ᠢᠶᠠᠨ ᠵᠦᠭᠡᠷ ᠯᠠ ᠦᠨᠳᠦᠷ ᠭᠡᠵᠡᠭᠡᠳᠡᠭ᠃ ᠦᠨᠳᠦᠷ ᠳ᠋ᠦᠩᠵᠡᠨ ᠮᠤᠳᠤ ᠪᠠᠷ ᠨᠠᠮᠬᠠᠨ ᠵᠢᠵᠢᠭ ᠪᠠᠢᠰᠢᠩ ᠪᠤᠰᠬᠠᠭᠰᠠᠨ ᠪᠠᠢᠯ᠎ᠠ᠃ ᠳᠡᠬᠦᠨ ᠳ᠋ᠡᠭᠡᠨ ᠨᠠᠷᠢᠬᠠᠨ ᠰᠢᠯᠪᠢ ᠳᠠᠢ ᠰᠢᠷᠠᠮᠠᠨ ᠡᠬᠡᠨᠡᠷ ᠪᠤᠯᠤᠨ ᠬᠦᠯ ᠳᠦ ᠤᠷᠤᠵᠤ ᠪᠠᠢᠭ᠎ᠠ ᠬᠦᠦ ᠳᠠᠢ ᠪᠠᠨ ᠬᠠᠮᠳᠤ ᠠᠮᠢᠳᠤᠷᠠᠵᠤ ᠡᠬᠢᠯᠡᠭᠰᠡᠨ ᠡᠴᠡ ᠬᠤᠢᠰᠢ ᠤᠯᠠᠨ ᠵᠢᠯ ᠪᠤᠯᠵᠠᠢ᠃
ᠳᠡᠳᠡ ᠭᠡᠷ ᠦᠨ ᠢᠶᠡᠨ ᠬᠠᠵᠠᠭᠤ ᠳᠤ ᠭᠠᠵᠠᠷ ᠬᠠᠭᠠᠯᠪᠤᠷᠢᠯᠠᠨ ᠬᠦᠷᠢᠶᠠᠯᠠᠵᠦ ᠨᠤᠭᠤᠭᠠᠨ ᠤ ᠭᠠᠵᠠᠷ ᠭᠠᠷᠭᠠᠭᠰᠠᠨ ᠪᠢᠯᠡ᠃ ᠭᠤᠤᠯᠳᠠᠭᠤ ᠪᠠᠢᠴᠠᠢ ᠳᠦᠮᠦᠰᠦ ᠳᠠᠷᠢᠨ ᠬᠤᠳᠠᠯᠳᠤᠵᠤ ᠠᠮᠢᠳᠤᠷᠠᠨ᠎ᠠ᠃ ᠳᠠᠷᠢᠶᠠᠨ ᠳᠡᠭᠡᠷ᠎ᠡ ᠪᠠᠨ ᠡᠬᠡᠨᠡᠷ ᠨᠢ ᠬᠦᠦ ᠪᠡᠨ ᠳᠠᠭᠠᠭᠤᠯᠴᠢᠬᠠᠭᠰᠠᠨ ᠠᠵᠢᠯᠯᠠᠵᠤ ᠪᠠᠢᠳᠠᠭ᠃
ᠬᠠᠷᠢᠨ ᠦᠨᠳᠦᠷ ᠡᠳᠤᠷ ᠯᠠ ᠪᠤᠯᠪᠠᠯ ᠭᠦᠷᠵᠡ ᠮᠦᠷᠦᠯᠡᠭᠡᠳ ᠳᠡᠮᠦᠷ ᠵᠠᠮ ᠳᠠᠭᠠᠭᠰᠠᠨ ᠬᠠᠭᠤᠴᠢᠨ ᠴᠠᠭ ᠤᠨ ᠳᠡᠮᠡᠭᠡᠨ ᠵᠢᠩ ᠤᠨ ᠵᠠᠮ ᠢᠶᠠᠷ ᠤᠷᠤᠭᠠᠳ ᠠᠯᠬᠤᠴᠢᠬᠠᠨᠠ᠃ ᠳᠡᠭᠡᠭᠡᠳ ᠳᠡᠷᠡᠬᠦ ᠬᠠᠭᠤᠴᠢᠨ ᠵᠦᠷᠢᠭ ᠵᠠᠮ ᠤᠨ ᠢᠶᠠᠨ ᠪᠠᠷᠠᠭᠤᠨ ᠬᠠᠵᠠᠭᠤ ᠪᠠᠷ ᠡᠳᠤᠷᠵᠢᠨ ᠡᠨᠳᠡ ᠳᠡᠨᠳᠡ ᠦᠭᠡᠢ ᠤᠯᠠᠨ ᠠᠷᠪᠢᠨ ᠨᠦᠬᠡ ᠤᠬᠤᠳᠠᠭ᠃ ᠡᠬᠢᠨ ᠳ᠋ᠡᠭᠡᠨ ᠬᠦᠮᠦᠰ ᠶᠡᠬᠡᠯ᠎ᠡ ᠭᠠᠢᠬᠠᠳᠠᠭ ᠪᠠᠢᠪᠠ᠃ ᠰᠡᠭᠦᠯ ᠳ᠋ᠡᠭᠡᠨ ᠭᠠᠵᠠᠷ ᠰᠢᠷᠤᠢ ᠰᠡᠨᠳᠡᠴᠢᠭᠡᠳ ᠤᠩᠭᠤᠢᠭᠰᠠᠨ ᠬᠠᠷ᠎ᠠ ᠨᠦᠬᠡ ᠤᠬᠤᠭᠠᠳ ᠪᠠᠢᠳᠠᠭ ᠲᠤ ᠨᠢ ᠳᠤᠷ᠎ᠠ ᠦᠭᠡᠢᠴᠡᠳᠡᠭ ᠪᠤᠯᠵᠠᠢ᠃
ᠦᠨᠳᠦᠷ ᠬᠦᠮᠦᠰ ᠦᠨ ᠳᠤᠷ᠎ᠠ ᠦᠭᠡᠢᠴᠠᠯ ᠢ ᠬᠠᠢᠬᠤᠷᠤᠯ ᠦᠭᠡᠢ ᠨᠦᠬᠡ ᠪᠡᠨ ᠤᠬᠤᠳᠠᠭ ᠢᠶᠠᠷ ᠢᠶᠠᠨ ᠤᠬᠤᠭᠰᠠᠭᠠᠷ ᠯᠠ ᠪᠠᠢᠪᠠ᠃ ᠬᠠᠷᠢᠨ ᠤᠷᠢ ᠤᠷᠤᠮᠠᠭᠴᠠ ᠳᠡᠳᠡᠭᠡᠷ ᠨᠦᠬᠡ ᠨᠤᠭᠦᠳ ᠳᠡᠭᠡᠨ ᠮᠤᠳᠤᠨ ᠤ ᠰᠠᠯᠠᠭ᠎ᠠ ᠨᠠᠮᠠᠭ᠎ᠠ ᠰᠠᠭᠤᠯᠭᠠᠨ ᠳᠠᠷᠢᠵᠤ ᠡᠬᠢᠯᠡᠵᠡᠢ᠃ « ᠥ ᠬᠦᠭᠡᠷᠦᠬᠦᠢ᠂ ᠢᠩᠬᠢᠬᠦ ᠪᠠᠢᠭᠰᠠᠨ ᠶᠤᠮ ᠤᠤ? »ᠭᠡᠰᠡᠨ ᠶᠠᠩᠵᠤᠳᠠᠢ ᠬᠦᠮᠦᠰ ᠴᠤ᠌ ᠳᠤᠷ᠎ᠠ ᠦᠬᠡᠢᠯᠡᠬᠦ ᠪᠡᠨ ᠪᠤᠯᠢᠵᠤ ᠳᠡᠭᠦᠨ ᠢ ᠳᠤᠷ᠎ᠠ ᠪᠡᠷ ᠨᠢ ᠨᠦᠬᠡ ᠶᠢ ᠨᠢ ᠤᠬᠤᠭᠤᠯᠳᠠᠭ ᠪᠤᠯᠪᠠ᠃
ᠤᠯᠠᠨ ᠵᠢᠯ ᠦᠩᠭᠡᠷᠡᠵᠦ ᠤᠯᠠᠨ ᠴᠤ᠌ ᠨᠦᠬᠡ ᠤᠬᠤᠨ ᠤᠯᠠᠨ ᠴᠤ᠌ ᠮᠤᠳᠤ ᠳᠠᠷᠢᠵᠠᠢ᠃ ᠮᠤᠳᠤᠳ ᠤᠨ ᠵᠠᠷᠢᠮ ᠨᠢ ᠤᠷᠭᠤᠵᠤ ᠠᠮᠢᠳᠤᠷᠠᠨ ᠵᠠᠷᠢᠮ ᠨᠢ ᠬᠠᠳᠠᠵᠤ ᠬᠤᠪᠬᠠᠢᠷᠠᠨ ᠦᠬᠦᠳᠡᠭ᠃ ᠦᠨᠳᠦᠷ ᠠᠯᠢ ᠶᠢ ᠨᠢ ᠬᠠᠮᠢᠶᠠᠷᠤᠯ ᠦᠭᠡᠢ ᠤᠷᠬᠢᠵᠤ ᠴᠠᠰᠢ ᠪᠠᠨ ᠳᠠᠪᠰᠢᠨ ᠳᠠᠬᠢᠨ ᠦᠭᠡᠷ᠎ᠡ ᠭᠠᠵᠠᠷ ᠰᠢᠨ᠎ᠡ ᠪᠡᠷ ᠨᠦᠬᠡ ᠤᠬᠤᠨ ᠮᠤᠳᠤ ᠪᠠᠨ ᠳᠠᠷᠢᠨ᠎ᠠ᠃ ᠭᠠᠭᠴᠠ ᠭᠠᠢᠬᠠᠭᠤᠰᠢᠳᠠᠢ ᠨᠢ ᠬᠤᠭᠤᠯᠠᠢ ᠰᠤᠵᠠᠭ ᠢ ᠳᠠᠭᠠᠭᠰᠠᠨ ᠨᠦᠭᠦᠭᠡ ᠯᠠ ᠪᠠᠯᠠᠷᠬᠠᠢᠰᠢᠭᠰᠠᠨ ᠵᠦᠷᠢᠭ ᠵᠠᠮ ᠤᠨ ᠢᠶᠠᠨ ᠪᠠᠷᠠᠭᠤᠨ ᠳᠠᠯ᠎ᠠ ᠳᠤ ᠳᠠᠷᠢᠬᠤ ᠠᠴᠠ ᠪᠢᠰᠢ ᠵᠡᠭᠦᠨ ᠳᠠᠯ᠎ᠠ ᠳᠤ ᠨᠢ ᠭᠠᠷᠬᠤ ᠴᠤ᠌ ᠦᠭᠡᠢ᠃ ᠵᠠᠮ ᠢᠶᠠᠨ ᠳᠠᠭᠠᠨ ᠤᠷᠤᠭᠰᠢ ᠪᠠᠨ ᠬᠤᠢᠰᠢ ᠪᠠᠨ ᠶᠠᠪᠤᠵᠤ ᠡᠨᠳᠡ ᠳᠡᠨᠳᠡ ᠤᠷᠭᠤᠭᠰᠠᠨ ᠭᠠᠭᠴᠠ ᠭᠠᠭᠴᠠᠬᠠᠨ ᠵᠡᠷᠯᠢᠭ ᠬᠠᠢᠯᠠᠰᠤ ᠨᠤᠭᠤᠳ ᠤᠨ ᠪᠠᠷᠠᠭᠤᠨ ᠳᠠᠯ᠎ᠠ ᠪᠠᠷ ᠨᠦᠬᠡ ᠪᠡᠨ ᠤᠬᠤᠨ ᠮᠤᠳᠤ ᠪᠠᠨ ᠳᠠᠷᠢᠳᠠᠭ ᠨᠢ ᠨᠡᠨᠭ ᠭᠠᠢᠬᠠᠭᠤᠰᠢᠳᠠᠢ᠃
« ᠤᠷᠭᠤᠭ᠎ᠠ ᠮᠤᠳᠤᠨ ᠤ ᠤᠢᠷ᠎ᠠ ᠬᠠᠪᠢ ᠳᠤ ᠳᠠᠷᠢᠪᠠᠯ ᠮᠤᠳᠤ ᠨᠢ ᠠᠮᠢᠳᠤᠷᠠᠨ ᠤᠷᠭᠤᠬᠤ ᠨᠢ ᠢᠯᠡᠭᠦᠦ ᠰᠠᠢᠨ ᠪᠠᠢᠳᠠᠭ ᠶᠤᠮ ᠪᠠᠢᠯᠭᠦᠢ ᠳ᠋ᠠ »ᠬᠡᠮᠡᠨ ᠬᠦᠮᠦᠰ ᠰᠤᠨᠢᠷᠬᠠᠳᠠᠭ ᠪᠤᠯᠪᠠᠴᠤ ᠰᠠᠨᠠᠭᠠᠨ ᠳ᠋ᠠᠭᠠᠨ ᠨᠢᠭᠡ ᠶᠡᠬᠡ ᠠᠪᠬᠤ ᠪᠠᠨ ᠪᠤᠯᠢᠭᠰᠠᠨ ᠪᠠᠢᠯ᠎ᠠ᠃
ᠰᠡᠭᠦᠯ ᠳ᠋ᠤᠨᠢ ᠬᠦᠦ ᠨᠢ ᠦᠰᠦᠨ ᠳᠤᠰᠠ ᠳᠤ ᠤᠷᠤᠵᠤ ᠡᠬᠡ ᠪᠡᠨ ᠠᠮᠠᠷᠠᠭᠠᠨ ᠳᠠᠷᠢᠶᠠᠨ ᠳᠡᠭᠡᠷ᠎ᠡ ᠪᠠᠨ ᠠᠵᠢᠯᠯᠠᠳᠠᠭ ᠪᠤᠯᠵᠠᠢ᠃ ᠦᠨᠳᠦᠷ ᠮᠦᠨ ᠯᠠ ᠨᠦᠬᠡ ᠪᠡᠨ ᠤᠬᠤᠨ ᠮᠤᠳᠤ ᠪᠠᠨ ᠳᠠᠷᠢᠭᠰᠠᠭᠠᠷ ᠪᠠᠢᠪᠠ᠃ ᠤᠳᠤ ᠳᠡᠷᠡ ᠭᠡᠷ ᠡᠴᠡ ᠪᠡᠨ ᠶᠡᠬᠡ ᠬᠤᠯᠠ ᠶᠠᠪᠤᠨ ᠨᠦᠭᠦᠭᠡ ᠠᠵᠢᠯ ᠢᠶᠠᠨ ᠬᠢᠳᠡᠭ ᠪᠤᠯᠵᠠᠢ᠃ ᠬᠡᠳᠤᠢᠪᠡᠷ ᠨᠠᠰᠤ ᠶᠠᠪᠤᠵᠤ ᠳᠠᠮᠢᠷ ᠳᠡᠩᠬᠡᠬᠡ ᠨᠢ ᠰᠤᠯᠠᠷᠠᠭᠰᠠᠨ ᠴᠤ᠌ ᠬᠠᠯᠠᠰᠢᠷᠠᠵᠤ ᠬᠤᠢᠷᠭᠤᠰᠢᠯ ᠦᠭᠡᠢ ᠪᠡᠷ ᠨᠦᠬᠡ ᠪᠡᠨ ᠤᠬᠤᠵᠤ ᠮᠤᠳᠤ ᠪᠠᠨ ᠳᠠᠷᠢᠬᠤ ᠠᠵᠢᠯ ᠢᠶᠠᠨ ᠦᠷᠭᠦᠯᠵᠢᠯᠡᠨ ᠬᠢᠭᠰᠡᠭᠡᠷ ᠯᠠ ᠪᠠᠢᠪᠠ᠃
« ᠶᠠᠭᠤᠨ ᠤ ᠳᠦᠯᠦᠭᠡ ᠢᠩᠬᠢᠳᠡᠭ ᠪᠤᠯ? »ᠭᠡᠵᠤ ᠬᠦᠮᠦᠰ ᠠᠩᠬᠠᠨ ᠳ᠋ᠠᠭᠠᠨ ᠭᠠᠢᠬᠠᠳᠠᠭ ᠪᠠᠢᠭᠰᠠᠨ ᠪᠤᠯᠪᠠᠴᠤ ᠤᠳᠤᠬᠠᠨ ᠳ᠋ᠠᠭᠠᠨ ᠳᠦᠵᠢᠷᠡᠭᠰᠡᠨ ᠪᠠᠢᠪᠠ᠃ ᠦᠨᠳᠦᠷ ᠡᠴᠡ ᠠᠰᠠᠭᠤᠬᠤ ᠳᠤ ᠦᠭᠡᠳᠡ ᠡᠴᠡ ᠨᠢ ᠬᠠᠷᠠᠨ ᠢᠨᠢᠶᠡᠮᠰᠦᠭᠯᠡᠬᠦ ᠡᠴᠡ ᠪᠢᠰᠢ ᠶᠠᠭᠤ ᠴᠤ᠌ ᠬᠡᠯᠡᠳᠡᠭ ᠦᠭᠡᠢ ᠪᠠᠢᠯ᠎ᠠ᠃
ᠠᠭᠤᠯᠠ ᠶᠢ ᠴᠠᠰᠤ ᠳᠠᠷᠤᠵᠤ᠂ ᠡᠷ᠎ᠡ ᠶᠢ ᠨᠠᠰᠤ ᠳᠠᠷᠤᠨ᠎ᠠ ᠭᠡᠭᠴᠢ ᠪᠡᠷ ᠦᠨᠳᠦᠷ ᠦᠳᠡᠯᠡᠵᠤ ᠡᠪᠦᠭᠡᠷᠡᠨ ᠳᠠᠷᠳᠠᠭ ᠳᠠᠭᠠᠨ ᠳᠤᠯᠤᠭᠰᠠᠨ ᠴᠤ᠌ ᠮᠦᠨ ᠬᠢᠳᠠᠭ᠌ ᠢᠶᠠᠨ ᠬᠢᠨ ᠵᠢᠳᠬᠦᠭᠰᠠᠭᠡᠷ ᠯᠠ ᠶᠠᠪᠤᠨ᠎ᠠ᠃ ᠨᠢᠬᠡ ᠡᠳᠤᠷ ᠦᠨᠳᠦᠷ ᠡᠴᠡ ᠨᠠᠰᠤ ᠪᠠᠷ ᠨᠡᠯᠢᠶᠠᠳ ᠳᠡᠭᠦᠦ ᠬᠦᠭᠡᠷᠦᠬᠦᠢ ᠮᠠᠭᠤ ᠰᠠᠮᠠᠭᠠᠨ ᠨᠢ ᠬᠦᠨᠳᠦ ᠪᠡᠷ ᠡᠪᠡᠳᠴᠢᠯᠡᠨ ᠬᠡᠪᠳᠡᠷᠢ ᠳᠦ ᠤᠷᠤᠪᠠ᠃ ᠳᠡᠭᠡᠭᠡᠳ ᠤᠳᠠᠭᠰᠠᠨ ᠴᠤ᠌ ᠦᠭᠡᠢ ᠬᠤᠷᠸ᠎ᠠ ᠶᠢ ᠤᠷᠬᠢᠨ ᠦᠨᠡᠨ ᠦ ᠭᠠᠵᠠᠷ ᠢᠶᠠᠨ ᠵᠤᠷᠢᠵᠠᠢ᠃
ᠦᠨᠳᠦᠷ ᠭᠠᠰᠢᠭᠤᠳᠠᠯ ᠢᠶᠠᠨ ᠢᠯᠡᠳᠬᠡᠨ ᠪᠦᠷᠢᠯᠦᠭᠡᠴᠢ ᠶᠢᠨ ᠢᠶᠠᠨ ᠱᠠᠷᠢᠯ ᠢ ᠬᠡᠳᠤ ᠬᠤᠨᠤᠭ ᠰᠠᠬᠢᠨ ᠰᠠᠭᠤᠭᠠᠳ ᠨᠦᠭᠦᠭᠡ ᠵᠦᠷᠢᠭ ᠵᠠᠮ ᠤᠨ ᠢᠶᠠᠨ ᠤᠢᠷᠠᠯᠴᠠᠭᠠᠬᠢ ᠨᠢᠭᠡᠨ ᠭᠠᠭᠴᠠ ᠮᠤᠳᠤᠨ ᠤ ᠪᠠᠷᠠᠭᠤᠨ ᠳᠠᠯ᠎ᠠ ᠳᠤ ᠠᠪᠠᠴᠢᠨ ᠤᠷᠤᠰᠢᠭᠤᠯᠵᠠᠢ᠃
ᠮᠠᠷᠭᠠᠰᠢ ᠠᠴᠠ ᠨᠢ ᠦᠨᠳᠦᠷ ᠰᠠᠮᠠᠭᠠᠨ ᠢᠶᠠᠨ ᠤᠷᠤᠰᠢᠭᠤᠯᠤᠭᠰᠠᠨ ᠭᠠᠭᠴᠠ ᠮᠤᠳᠤᠨ ᠤ ᠪᠠᠨ ᠬᠠᠵᠠᠭᠤ ᠳᠤ ᠤᠴᠢᠨ ᠨᠦᠬᠡ ᠮᠤᠳᠤᠨ ᠤ ᠪᠠᠨ ᠠᠵᠢᠯ ᠢᠶᠠᠨ ᠬᠢᠨ ᠴᠠᠰᠢ ᠪᠠᠨ ᠳᠠᠪᠰᠢᠵᠤ ᠡᠬᠢᠯᠡᠭᠰᠡᠨ ᠪᠠᠢᠯ᠎ᠠ᠃
« ᠤᠳᠤ ᠳᠠ ᠠᠮᠠᠷᠠ᠂ ᠡᠨᠡ ᠠᠵᠢᠯ ᠢᠶᠠᠨ ᠬᠢᠯᠭᠡᠨ ᠦᠭᠡᠢ᠂ ᠡᠳᠤᠢ ᠬᠦᠷᠴᠢᠭᠡᠭᠡᠳ᠂᠂᠂᠂ »ᠭᠡᠵᠤ ᠬᠦᠮᠦᠰ ᠢᠳᠬᠠᠭᠰᠠᠨ ᠴᠤ᠌ ᠬᠦᠮᠦᠨ ᠦ ᠦᠭᠡ ᠶᠢ ᠠᠪᠤᠯ ᠦᠭᠡᠢ ᠬᠢᠳᠡᠭ ᠢᠶᠡᠨ ᠬᠢᠭᠰᠡᠭᠡᠷ ᠯᠠ ᠪᠠᠢᠪᠠ᠃ ᠬᠡᠳᠡᠯ᠎ᠡ ᠨᠢᠭᠡ ᠤᠷᠤᠢ ᠦᠨᠳᠦᠷ ᠬᠠᠷᠢᠵᠤ ᠢᠷᠡᠭᠰᠡᠨ ᠦᠭᠡᠢ᠃ ᠳᠠᠷᠠᠭ᠎ᠠ ᠦᠷᠯᠦᠭᠡ ᠬᠦᠦ ᠨᠢ ᠬᠦᠮᠦᠰ ᠳᠠᠢ ᠬᠠᠮᠳᠤ ᠡᠷᠢᠵᠤ ᠶᠠᠪᠤᠭᠰᠠᠭᠠᠷ ᠨᠢᠭᠡᠨ ᠳᠤᠳᠠᠭᠤ ᠤᠬᠤᠭᠰᠠᠨ ᠨᠦᠬᠡᠨ ᠦ ᠬᠠᠵᠠᠭᠤ ᠠᠴᠠ ᠦᠨᠳᠦᠷ ᠢ ᠤᠯᠵᠤ ᠠᠪᠴᠠᠢ᠃
ᠦᠨᠳᠦᠷ ᠢ ᠭᠡᠷ ᠳᠤ ᠨᠢ ᠠᠪᠴᠢᠷᠠᠪᠠ᠃ ᠡᠪᠤᠭᠡᠨ ᠬᠡᠳᠤᠢᠪᠡᠷ ᠰᠡᠷᠭᠦᠵᠤ ᠰᠡᠬᠡᠭᠰᠡᠨ ᠪᠤᠯᠪᠠᠴᠤ ᠨᠢᠭᠡᠨᠳᠡ ᠪᠤᠯᠬᠤ ᠪᠠᠨ ᠪᠠᠢᠭᠰᠠᠨ ᠢᠶᠠᠨ ᠮᠡᠳᠡᠭᠡᠳ ᠬᠦᠦ ᠪᠡᠨ ᠤᠷᠤᠨ ᠤ ᠪᠠᠨ ᠬᠠᠵᠠᠭᠤ ᠳᠤ ᠳᠠᠭᠤᠳᠠᠨ ᠠᠪᠴᠢᠷᠠᠵᠤ ᠪᠤᠰᠤᠳ ᠬᠦᠮᠦᠰ ᠦᠨ ᠭᠠᠷᠬᠤ ᠶᠢ ᠬᠦᠰᠡᠵᠡᠢ᠃
ᠬᠦᠮᠦᠰ ᠪᠦᠷ ᠭᠠᠷᠤᠭᠰᠠᠨ ᠤ ᠬᠤᠢᠨ᠎ᠠ ᠡᠪᠦᠭᠡᠨ᠂
- ᠠᠪᠤ ᠶ᠋ᠢᠨ ᠬᠢᠨᠢ ᠨᠦᠬᠡ ᠤᠬᠤᠵᠤ ᠮᠤᠳᠤ ᠲᠠᠷᠢᠳᠠᠭ ᠨᠢ ᠤᠴᠢᠷ ᠲᠠᠢ ᠶᠤᠮ ᠰᠢᠦ᠂ ᠣᠳᠣ᠌ ᠴᠢᠮ᠎ᠠ ᠳᠤ ᠬᠡᠯᠡᠵᠦ ᠥᠭᠭᠦᠶ᠎ᠡ᠂ ᠬᠠᠷᠢᠨ ᠬᠦᠦ ᠮᠢᠨᠢ ᠵᠠᠯᠭᠠᠭᠠᠳ ᠬᠢᠬᠦ ᠬᠡᠷᠡᠭᠲᠡᠢ ᠭᠡᠵᠡᠢ᠃ ᠡᠪᠦᠭᠡᠨ ᠤᠬᠤᠷᠬᠠᠢ ᠳ᠋ᠠᠭᠠᠨ ᠰᠢᠷᠭᠢᠮᠡᠷ ᠪᠣᠯᠣᠭᠰᠠᠨ ᠨᠢᠳᠦ ᠪᠡᠨ ᠠᠨᠢᠬᠤ ᠳᠤ ᠵᠣᠪᠬᠢ ᠶ᠋ᠢ ᠨᠢ ᠳᠠᠭᠠᠨ ᠨᠢᠯᠪᠤᠰᠤ ᠪᠥᠮᠪᠥᠷᠢᠪᠡ᠃ ᠬᠦᠦ ᠨᠢ ᠨᠢᠯᠪᠤᠰᠤ ᠶ᠋ᠢ ᠨᠢ ᠠᠷᠴᠢᠵᠤ ᠥᠭᠭᠦᠴᠢᠭᠡᠭᠡᠳ ᠴᠢᠮᠡᠭᠡ ᠦᠭᠡᠢ ᠵᠣᠨᠰᠣᠨᠠ᠃ ᠠᠪᠤ ᠨᠢ ᠲᠦᠷ ᠠᠮᠠᠷᠠᠭᠰᠠᠨ ᠪᠣᠯᠣᠯᠲᠠᠢ ᠨᠢᠳᠦ ᠪᠡᠨ ᠵᠠᠪᠰᠠᠷᠯᠠᠵᠤ ᠳᠣᠷᠣᠢ ᠰᠤᠯᠠᠪᠲᠤᠷ ᠳᠠᠭᠤᠨ ᠢᠶᠠᠷ ᠨᠢᠭᠡᠨ ᠤᠴᠢᠷ ᠢ ᠶᠠᠷᠢᠵᠤ ᠡᠬᠢᠯᠡᠵᠡᠢ᠃
ᠬᠦᠷᠢᠶᠡᠨ ᠡᠴᠡ ᠬᠥᠭᠡᠭᠡᠭᠳᠡᠭᠰᠡᠨ ᠭᠠᠮᠢᠩ ᠴᠡᠷᠢᠭ ᠤᠳ ᠤᠷᠤᠭ᠍ᠰᠢ ᠪᠠᠨ ᠡᠳᠦᠷ ᠰᠦᠨᠢ ᠦᠭᠡᠢ ᠴᠣᠪᠤᠷᠠᠵᠤ ᠪᠠᠢᠪᠠ᠃ ᠭᠡᠬᠦ ᠳ᠋ᠡᠭᠡᠨ ᠲᠡᠳᠡ ᠵᠠᠮ ᠳ᠋ᠠᠭᠠᠨ ᠵᠦᠭᠡᠷ ᠶᠠᠪᠤᠭᠰᠠᠨ ᠦᠭᠡᠢ᠃ ᠣᠯᠠᠨ ᠠ᠋ᠴᠠ ᠪᠠᠨ ᠳᠠᠰᠤᠷᠠᠨ ᠣᠢᠷᠠᠬᠠᠨ ᠠᠢᠯ ᠢ ᠳᠡᠭᠡᠷᠡᠮᠳᠡᠭᠰᠡᠨ ᠠᠷᠪᠠᠭᠠᠳ ᠭᠠᠮᠢᠩ ᠲᠥᠭᠡᠷᠢᠵᠡᠢ᠃ ᠡᠩᠨᠡᠭᠡ ᠪᠡᠨ ᠬᠦᠢᠴᠡᠵᠦ ᠠᠪᠬᠤ ᠪᠠᠷ ᠬᠣᠭᠣᠯᠠᠢ ᠳᠠᠭᠠᠨ ᠲᠡᠮᠡᠭᠡᠨ ᠵᠢᠩ ᠦᠨ ᠬᠠᠭᠤᠴᠢᠨ ᠵᠠᠮ ᠢᠶᠠᠷ ᠱᠣᠭᠰᠢᠭ᠎ᠠ ᠪᠠᠷ ᠤᠷᠤᠭᠰᠢᠯᠠᠨ᠎ᠠ᠃
ᠭᠡᠨᠡᠳᠳᠡ ᠭᠠᠷ ᠳᠠᠭᠠᠨ ᠪᠦᠳᠦᠭᠦᠨ ᠪᠦᠳᠦᠭᠦᠨ ᠳᠠᠰᠢᠭᠤᠷ ᠳᠠᠯᠠᠢᠭᠰᠠᠨ ᠠᠷᠪᠠᠭᠠᠳ ᠮᠤᠷᠢᠳᠠᠨ ᠠᠭᠤᠯᠠᠨ ᠤ ᠤᠷᠤᠢ ᠳᠡᠭᠡᠷ᠎ᠡ ᠭᠠᠷᠴᠤ ᠢᠷᠡᠭᠰᠡᠨ ᠢᠶᠡᠨ ᠳᠡᠳᠡᠨ ᠢ ᠤᠤᠯᠭᠠᠯᠠᠨ ᠳᠠᠭᠠᠷᠢᠪᠠ᠃ ᠳᠠᠷᠤᠭᠠᠯᠠᠨ ᠶᠠᠪᠤᠵᠤ ᠪᠠᠢᠭᠰᠠᠨ ᠭᠠᠮᠢᠩ ᠬᠡᠷᠡᠭ ᠪᠢᠰᠢ ᠪᠤᠯᠵᠤ ᠪᠠᠢᠭ᠎ᠠ ᠶᠢ ᠤᠢᠯᠭᠠᠭᠠᠳ ᠴᠦᠩᠬᠦ ᠶᠢ ᠨᠢ ᠡᠭᠦᠷᠴᠤ ᠶᠠᠪᠤᠭ᠎ᠠ ᠦᠨᠳᠦᠷ ᠴᠡᠷᠢᠭ ᠢᠶᠡᠨ ᠬᠠᠵᠠᠭᠤᠳᠡᠬᠢ ᠵᠢᠯᠠᠭᠠᠨ ᠳᠤ ᠤᠴᠢᠵᠤ ᠨᠢᠭᠤ ᠭᠡᠵᠡᠢ᠃
ᠦᠨᠳᠦᠷ ᠴᠡᠷᠢᠭ ᠪᠤᠵᠢᠭᠢᠨᠠᠭᠠᠨ ᠢ ᠳᠠᠯᠢᠮᠳᠠᠭᠤᠯᠤᠨ ᠵᠠᠯᠠᠭᠤ ᠨᠠᠰᠤᠨ ᠤ ᠬᠠᠷ᠎ᠠ ᠢᠳᠡ ᠪᠡᠷ ᠬᠠᠷᠠᠢᠯᠭᠠᠭᠰᠠᠭᠠᠷ ᠤᠢᠷᠠᠬᠠᠨ ᠰᠤᠵᠢᠭ ᠤᠷᠤᠭᠤ ᠤᠷᠤᠵᠤ ᠨᠢᠭᠤᠭᠳᠠᠳᠠᠯᠠ ᠮᠤᠷᠢᠳᠠᠳ ᠮᠤᠷᠢᠨ ᠠᠴᠠ ᠪᠠᠨ ᠦᠰᠦᠷᠴᠤ ᠪᠠᠭᠤᠨ ᠭᠠᠮᠢᠩ ᠤᠳ ᠤᠨ ᠡᠭᠦᠷᠭᠡ ᠴᠦᠩᠬᠦ ᠨᠤᠭᠦᠳ ᠢ ᠪᠤᠯᠢᠶᠠᠵᠤ ᠡᠬᠢᠯᠡᠪᠡ᠃ ᠠᠶᠤᠵᠤ ᠪᠠᠯᠢᠳᠠᠭᠰᠠᠨ ᠭᠠᠮᠢᠩ ᠤᠳ ᠶᠠᠭᠠᠬᠢᠵᠤ ᠴᠤ᠌ ᠴᠢᠳᠠᠯ ᠦᠭᠡᠢ ᠶᠠᠭᠤᠮ᠎ᠠ ᠪᠠᠨ ᠳᠡᠭᠡᠷᠡᠮᠳᠡᠭᠦᠯᠵᠤ ᠪᠠᠢᠯ᠎ᠠ᠃ ᠬᠠᠷᠢᠨ ᠭᠠᠮᠢᠩ ᠤᠨ ᠳᠠᠷᠤᠭ᠎ᠠ ᠭᠠᠷ ᠫᠤᠤ ᠪᠠᠨ ᠭᠠᠷᠭᠠᠳᠠᠯ᠎ᠠ ᠨᠢᠭᠡᠨ ᠡᠷ᠎ᠡ ᠪᠦᠳᠦᠭᠦᠨ ᠳᠠᠰᠢᠭᠤᠷ ᠢᠶᠠᠷ ᠢᠶᠠᠨ ᠳᠤᠬᠤᠨ ᠳᠡᠭᠡᠷ᠎ᠡ ᠨᠢ ᠳᠡᠯᠡᠰᠪᠡ᠃ ᠭᠠᠮᠢᠩ ᠤᠨ ᠳᠠᠷᠤᠭ᠎ᠠ ᠨᠠᠮ ᠤᠨᠠᠵᠠᠢ᠃
ᠡᠨᠡ ᠤᠴᠢᠷ ᠬᠤᠷᠤᠮᠬᠠᠨ ᠵᠠᠭᠤᠷ᠎ᠠ ᠪᠤᠯᠵᠤ ᠦᠩᠬᠡᠷᠡᠪᠡ᠃ ᠭᠠᠮᠢᠩ ᠤᠨ ᠳᠠᠷᠤᠭ᠎ᠠ ᠦᠬᠦᠭᠰᠠᠨ ᠪᠤᠯᠤᠯᠳᠠᠢ ᠭᠤᠯᠳᠤᠢᠨ ᠬᠡᠪᠳᠡᠨ᠎ᠡ᠃ ᠳᠡᠳᠡ ᠳᠡᠭᠦᠨ ᠳᠡᠭᠡᠷ᠎ᠡ ᠭᠡᠰᠡᠭ ᠪᠦᠭᠡᠮᠨᠡᠷᠡᠯᠳᠦᠭᠰᠡᠨ ᠢᠶᠡᠨ ᠮᠤᠷᠢᠨ ᠳ᠋ᠠᠭᠠᠨ ᠮᠤᠷᠳᠠᠵᠤ ᠭᠠᠮᠢᠩ ᠤᠳ ᠢ ᠳᠠᠭᠤᠨ ᠪᠠᠷᠠᠭᠤᠨᠰᠢ ᠶᠠᠪᠤᠪᠠ᠃
ᠦᠨᠳᠦᠷ ᠴᠡᠷᠢᠭ ᠳᠡᠳᠡᠨ ᠢ ᠳᠠᠯᠳᠠ ᠤᠷᠤᠳᠠᠯ᠎ᠠ ᠨᠢ ᠬᠠᠷᠠᠵᠤ ᠬᠡᠪᠳᠡᠯ᠎ᠡ᠃ ᠭᠡᠨᠡᠳᠳᠡ ᠰᠡᠭᠡᠭᠡ ᠤᠷᠤᠵᠤ ᠳᠠᠷᠤᠭ᠎ᠠ ᠳᠡᠭᠡᠷ᠎ᠡ ᠪᠠᠨ ᠳᠡᠭᠳᠡᠵᠤ ᠤᠴᠢᠪᠠᠯ ᠦᠨᠦᠬᠢ ᠨᠢ ᠨᠢᠭᠡᠨᠳᠡ ᠠᠮᠢᠰᠬᠤᠯ ᠬᠤᠷᠢᠶᠠᠭᠰᠠᠨ ᠪᠠᠢᠪᠠ᠃ ᠶᠠᠭᠠᠬᠢᠬᠤ ᠪᠠᠨ ᠤᠯᠬᠤ ᠦᠭᠡᠢ ᠳᠡᠭᠡᠨᠡᠭᠡᠯᠵᠡᠵᠤ ᠳᠦᠷ ᠵᠤᠭᠰᠤᠭᠰᠠᠨ ᠢᠶᠠᠨ ᠮᠦᠷᠦ ᠶᠢ ᠨᠢ ᠳᠠᠷᠤᠵᠤ ᠪᠠᠢᠭ᠎ᠠ ᠬᠦᠨᠳᠦ ᠴᠦᠩᠬᠦ ᠪᠡᠨ ᠪᠠᠭᠤᠯᠭᠠᠯ᠎ᠠ᠃ ᠠᠮᠠᠰᠠᠷ ᠢ ᠨᠢ ᠳᠠᠢᠯᠠᠵᠤ ᠦᠵᠠᠪᠠᠯ ᠳᠦᠭᠦᠷᠡᠨᠭ ᠠᠯᠳᠠ ᠮᠦᠨᠭᠭᠦ ᠡᠷᠳᠡᠨᠢᠰ ᠪᠠᠢᠪᠠ᠃
« ᠡᠨᠡ ᠶᠢ ᠴᠢᠨᠢ ᠤᠳᠤ ᠶᠠᠭᠠᠬᠢᠳᠠᠭ ᠪᠢᠯᠡ? » ᠬᠡᠮᠡᠨ ᠦᠨᠳᠦᠷ ᠴᠡᠷᠢᠭ ᠳᠠᠷᠤᠭ᠎ᠠ ᠪᠠᠨ ᠨᠢᠭᠡ ᠬᠠᠷᠠᠵᠤ ᠡᠷᠳᠡᠨᠢᠰ ᠢ ᠨᠢᠭᠡ ᠬᠠᠷᠠᠨ᠎ᠠ᠃ ᠳᠦᠳᠡᠭᠡᠯᠵᠠᠰᠬᠢᠭ᠍ᠰᠡᠨ ᠳᠡᠷᠡ ᠠᠷᠭ᠎ᠠ ᠦᠭᠡᠢ ᠪᠤᠰᠤᠳ ᠤᠨ ᠢᠶᠠᠨ ᠶᠠᠪᠤᠭᠰᠠᠨ ᠵᠦᠭ ᠳᠤ ᠠᠯᠬᠤᠪᠠ᠃ ᠬᠤᠷᠳᠤᠯᠠᠨ ᠶᠠᠪᠤᠭᠰᠠᠭᠠᠷ ᠨᠢᠭᠡᠨ ᠭᠠᠭᠴᠠ ᠬᠠᠢᠯᠠᠰᠤᠨ ᠤ ᠬᠠᠵᠠᠭᠤ ᠪᠠᠷ ᠦᠨᠭᠡᠷᠡᠳᠡᠯᠡ ᠠᠮᠢᠳᠠᠨ ᠤᠬᠤᠭᠰᠠᠨ ᠪᠤᠯᠤᠯᠳᠠᠢ ᠤᠩᠭᠤᠢᠭᠰᠠᠨ ᠬᠠᠷ᠎ᠠ ᠨᠦᠬᠡ ᠳᠠᠭᠠᠷᠠᠯᠳᠤᠵᠠᠢ᠃
ᠡᠭᠴᠡ ᠳᠤᠷᠤᠭᠰᠢ ᠪᠠᠨ ᠤᠬᠤᠭᠳᠠᠭᠰᠠᠨ ᠳᠡᠷᠡᠬᠦ ᠨᠦᠬᠡᠨ ᠳᠦ ᠴᠦᠩᠬᠦ ᠳᠠᠢ ᠡᠳ᠋ ᠡᠷᠳᠡᠨᠢᠰ ᠢᠶᠡᠨ ᠬᠢᠵᠤ ᠳᠡᠭᠡᠷ᠎ᠡ ᠡᠴᠡ ᠨᠢ ᠰᠢᠷᠤᠢ ᠪᠠᠷ ᠪᠤᠯᠠᠴᠢᠬᠠᠭᠠᠳ ᠪᠤᠰᠪᠠ᠃ ᠤᠢᠷ᠎ᠠ ᠵᠠᠭᠤᠷ᠎ᠠ ᠶᠢ ᠠᠵᠢᠨ ᠭᠦᠨ ᠠᠮᠢᠰᠬᠤᠭ᠎ᠠ ᠠᠪᠤᠭᠰᠠᠨ ᠢᠶᠠᠨ « ᠤᠷᠤᠭᠰᠢ ᠪᠠᠨ ᠤᠷᠤᠭᠤᠳᠠᠭᠰᠠᠨ ᠬᠤᠭᠤᠯᠡᠢ ᠵᠢᠯᠠᠭ᠎ᠠ᠂ ᠵᠢᠨᠭ ᠤᠨ ᠵᠠᠮ᠂ ᠭᠠᠭᠴᠠᠭᠠᠷ ᠤᠷᠭᠤᠭᠰᠠᠨ ᠬᠠᠢᠯᠠᠰᠤᠨ ᠤ ᠪᠠᠷᠠᠭᠤᠨ ᠳᠠᠯ᠎ᠠ ᠳᠤ » ᠭᠡᠵᠤ ᠰᠢᠪᠡᠭᠡᠨᠡᠭᠰᠡᠨ ᠢᠶᠡᠨ ᠰᠢᠢᠳᠮᠡᠭ ᠡᠷᠭᠢᠯ᠎ᠡ᠃
ᠳᠡᠷᠡ ᠳᠦᠷᠭᠡᠪᠴᠢᠯᠡᠨ ᠶᠠᠪᠤᠭᠰᠠᠭᠠᠷ ᠨᠦᠭᠦᠭᠡᠳᠦᠭᠦᠯᠡ ᠶᠢᠨ ᠢᠶᠠᠨ ᠪᠠᠷ᠎ᠠ ᠶᠢ ᠬᠠᠷᠠᠪᠠ᠃ ᠨᠢᠭᠤᠭᠳᠠᠰᠬᠢᠨ ᠠᠷᠤ ᠠᠴᠠ ᠨᠢ ᠳᠠᠭᠠᠵᠤ ᠶᠠᠪᠤᠳᠠᠯ᠎ᠠ ᠮᠤᠷᠢᠳᠠᠳ ᠳᠡᠳᠡᠨ ᠢ ᠡᠩᠨᠡᠭᠡᠨ ᠳᠦ ᠨᠢ ᠤᠢᠷᠠᠳᠤᠭᠤᠯᠵᠤ ᠦᠭᠭᠦᠮᠡᠭᠴᠡ ᠪᠡᠨ ᠳᠠᠪᠬᠢᠯᠳᠤᠨ ᠠᠷᠢᠯᠵᠠᠢ᠃
ᠦᠨᠳᠦᠷ ᠶᠠᠷᠢᠵᠤ ᠪᠠᠷᠠᠭᠠᠳ ᠭᠠᠯ ᠨᠢ ᠤᠨᠳᠠᠷᠠᠭᠰᠠᠨ ᠨᠢᠳᠤ ᠪᠠᠷ ᠢᠶᠠᠨ ᠬᠦᠦ ᠪᠡᠨ ᠤᠳᠠᠭᠠᠨ ᠰᠢᠷᠳᠡᠭᠡᠳ ᠄
– ᠡᠢᠮᠤ ᠯᠠ ᠤᠴᠢᠷ ᠪᠤᠯᠤᠭᠰᠠᠨ ᠶᠤᠮ ᠳ᠋ᠠ ᠭᠡᠳ ᠨᠢᠳᠤ ᠪᠠᠨ ᠠᠨᠢᠵᠠᠢ᠃
ᠳᠡᠭᠦᠨ ᠡᠴᠡ ᠬᠡᠳᠦᠬᠡᠨ ᠬᠤᠨᠤᠭ ᠤᠨ ᠳᠠᠷᠠᠭ᠎ᠠ ᠬᠦᠦ ᠨᠢ ᠠᠪᠤ ᠶᠢᠨ ᠢᠶᠠᠨ ᠠᠵᠢᠯ ᠢ ᠵᠠᠯᠭᠠᠨ ᠠᠪᠴᠤ ᠬᠢᠬᠦ ᠪᠤᠯᠤᠭᠰᠠᠨ ᠪᠠᠢᠯ᠎ᠠ᠃
С.ТӨМӨР
Чойр уулын жалган дахь галт тэрэгний жижигхэн өртөө олон жилийн туршид өөрчлөгдөж шинэчлэгдсэн юмгүй гэлтэй янзандаа л байсаар байв. Харин урд хөршөөс ирсэн нэгэн өндөр туранхай эр самган болон хүүтэйгээ гурвуул энд амьдарсаар ирсэн юм. Чухам хэзээ ирснийг нь хүмүүс бараг мартаж орхижээ. Гэрийн эзний нэрийг нь ч мэддэггүй болохоороо зүгээр л “Өндөр” гэцгээдэг. Өндөр дүнзэн модоор намхан жижиг байшин босгосон байлаа. Түүндээ нарийхан шилбэтэй шарман эхнэр болон хөлд орж байгаа хүүтэйгээ хамт амьдарч эхэлснээс хойш олон жил болжээ.
Тэд гэрийнхээ хажууд газар хагалбарлан хашаалж голдуу байцаа, төмс тарин худалдаж амьдарна. Ногооны талбай дээрээ эхнэр нь хүүгээ дагуулчихсан ажиллаж байгаа харагддаг юм.
Харин Өндөр өдөр болгон хүрз мөрлөөд төмөр зам дагасан хуучин цагийн тэмээн жингийн замаар ороод алхчихна. Тэгээд тэрхүү хуучин зөрөг замын баруун хажуугаар өдөржин энд тэндгүй газар сэндийчэн нүхлээд явдаг Өндөрийг эхэндээ хүмүүс ихээ гайхдаг байв. Сүүлдээ газар шороо сэндийчээд онгойсон хар нүх ухаад байдагт нь дургүйцдэг болжээ.
Өндөр хүмүүсийн дургүйцлийг хайхралгүй нүхээ ухдагаараа ухсаар л байв. Харин урь ормогц тэдгээр нүхнүүддээ модны салаа намаа суулган тарьж эхэлжээ. “-Өө хөөрхий, ингэх байсан юм уу?” гэсээр ч хүмүүс дургүйцэхээ больж түүнийг дураар нь нүхийг нь ухуулдаг болов.
Олон жил өнгөрч, олон ч нүх ухан, олон ч мод тарьжээ. Моддын зарим нь ургаж амьдран, зарим нь ч хатаж хувхайран үхчидэг. Өндөр алийг нь ч тоолгүйгээр цаашаа давшин дахин өөр газар шинээр нүх ухан модоо тарина. Ганц гайхууштай нь хоолой судгийг дагасан нөгөө л балархайшсан зөрөг замынхаа баруун талд тарихаас биш зүүн талд нь гарах ч үгүй. Замаа даган урагшаа хойшоогоо явж энд тэнд ургасан ганц ганцхан зэрлэг хайлаасны баруун талаар нүхээ ухан модоо тарьдаг нь нэн гайхууштай.
“-Ургаа модны ойр хавьд таривал мод нь амьдран ургах нь илүү сайн байдаг юм байлгүй дээ” хэмээн хүмүүс өөр хоорондоо ярилцан сониучирхдог боловч төдөлгүй Өндөрийн мод тарихыг тоохоо байжээ.
Хүү нь өсөж тусад орон ээжийгээ амраан ногооны талбай дээрээ ажилладаг болжээ. Өндөр мөн л нүхээ ухан модоо тарьсаар байв. . Хэдийгээр нас явж тамир тэнхээ нь суларсан ч, тэр гэрээсээ их хол явж халширч хойргошилгүйгээр нүх ухаж модоо тарьдаг болжээ.
“Юуны төлөө ингэдэг юм бол” гэж хүмүүс анхандаа гайхдаг байсан боловч яваандаа дөжирсэн байв. Өндөрөөс асуухад өөдөөс нь харан инээмсэглэхээс биш юу ч хэлдэггүй байлаа.
Уулыг цас дарж, эрийг нас дарна гэгчээр өндөр өтөлж өвгөрөн тартагтаа тулсан ч мөн хийдгээ хийж зүтгэсээр л явна. Өндөрөөс насаар олон дүү хөөрхий муу самган нь хүндээр өвчлөн хэвтэрт оров. Тэгээд удсан ч үгүй хорвоог орхин үнэний газраа зорьжээ.
Өндөр гашуудлаа илтгэн талийгаачийнхаа шарилыг хэд хоног сахин суугаад нөгөө зөрөг замынхаа ойролцоох нэгэн ганц модны баруун талд оршуулжээ.
Маргаашаас нь Өндөр самганаа оршуулсан ганц модныхоо хажууд очин нүх ухан мод тарих ажлаа цааш нь үргэлжлүүлжээ.
“Одоо та амар, энэ ажлаа хийх хэрэггүй, бие чинь дийлэхгүй...” гэж хүмүүс ятгасан ч Өндөр үгийг нь авалгүй хийдгээ хийсээр л байв. Гэтэл нэг орой өндөр харьж ирсэнгүй. Маргааш өглөө хүү нь хүмүүстэй эрэлд гарч говийн цаадхи манханы хормойд дутуу ухсан нүхний хажуугаас ангаж цангаж, тамир тэнхэлгүй болсон Өндөрийг олж авчээ.
Өндөрийг гэрт нь авчрав. Өвгөн хэдийвэр сэргэж сэхсэн боловч нэгэнт болохоо байснаа мэдээд хүүгээ хажуудаа дуудан бусад хүмүүсийг гарахыг хүсчээ.
Хүмүүс гарсны хойно өвгөн “-Аавын чинь нүх ухаж мод тарьдаг нь учиртай юм шүү, одоо чамд хэлж өгье. Харин хүү минь залгаад мод тарих хэрэгтэй гэжээ”. Өвгөн ухархайдаа ширгэмээр болсон нүдээ анихад доод зовхийг нь даган нулимс бөмбөрөв. Хүү нь нулимсыг нь арчин чимээгүй зогсоно. Аав нь түр амарсан бололтой нүдээ алгуурхан нээж тамиргүй сулавтар дуугаар нэгэн учрыг ярьж эхэллээ.
...Хүрээнээс хөөгдсөн гамин цэргүүд урагшаа өдөр шөнөгүй цуварч байв. Гэхдээ тэд замдаа зүгээр явсангүй. Ойролцоохи айлуудыг дээрэмдэн тонож явсан арваад гамингууд олноосоо тасран төөрчээ. Тэд бусдыгаа гүйцэхээр хоолой даган жингийн хуучин жимээр шогшоогоороо урагшилна.
Гэнэт том том ташуур далайсан арваад морьтон уулын орой дээр гарч ирснээ тэднийг уулгалан дайрав. Ахлаж явсан гамин хэрэг биш болж байгааг ойлгоод богцыг нь үүрч яваа өндөр цэргээ хажуу дахь жалганд очиж богцоо нуу гэжээ.
Өндөр цэрэг бужигнааныг далимдуулан залуу насны хар идээр харайлгасаар ойрхон судаг руу орж нуугдтал морьтон эрчүүд мориноосоо үсэрч буун гамингуудын ачаа барааг булааж эхлэв. Айж балмагдсан гамингууд яаж ч чадалгүй хамаг ачаагаа дээрэмдүүлчихлээ. Гамингийн дарга гар буугаа гарган гохыг нь дарж амжаагүй байтал нэгэн эр бүдүүн ташуураараа духан тушаа нь дэлсэв. Гамингийн дарга нам уналаа.
Энэ “тулаан” хоромхон зуур болж өнгөрөв. Гамингийн дарга үхсэн бололтой гулдайн хэвтэнэ. Тэд түүн дээр хэсэг бөөгнөрөлдсөнөө мориндоо мордож гамингуудыг туун баруун тийш явав.
Өндөр цэрэг тэднийг далд ортол нь харж хэвтлээ. Гэнэт сэхээ орж дарга дээрээ дэгдэж очвол өнөөх нь нэгэнт амьсгал хураасан байв. Яахаа мэдэхгүй тээнэгэлзэж түр зогссоноо мөрийг нь дарж байгаа хүнд цүнхээ буулгалаа. Амсрыг нь тайлж үзвэл дүүрэн алт мөнгө эрдэнэс байв.
“Энийг чинь одоо яадаг билээ?” хэмээн өндөр цэрэг даргаа нэг харж эрдэнэсийг нэг харна. Тэр бусдынхаа явсан зүгт бөгтөгнөн яаран шогшин алхлав. Хурдлан явсаар нэгэн өнчин хайлаасны хажуугаар өнгөртөл амьтан ухсан бололтой онгойсон хар нүх тааралджээ.
Эгц доошоо шахуу ухагдсан тэрхүү нүхэнд цүнхтэй эрдэнэсээ хийж дээрээс нь шороогоор булчихаад босов оо. Ойр зуурыг ажин гүн амьсгаа авснаа “урагшаа уруудсан хоолой жалга, жингийн зам, ганцаар ургасан хайлсны баруун талд ”гэж шивгэнэснээ шийдмэг эргэлээ.
Тэр гүйж шогшсоор явсаар гамин цэргүүдийнхээ барааг харав. Нуугдасхийн араас нь дагаж явтал морьтон эрс тэднийг гамингуудад нь ойртуулж өгмөгцөө давхилдан арилжээ.
Өндөр яриагаа дуусгаад гал нь унтарсан нүдээрээ хүүгээн удаан ширтээд “Ийм л учир болсон юм даа, эрдэнэсээ олсон сон бол...” гээд нүдээ аньжээ .
Түүнээс хэдхэн хоногийн дараа хүү нь аавынхаа мод тарьдаг ажлыг үргэлжлүүлэн хийх болжээ.