ᠲᠠᠢᠬᠠᠷ ᠴᠢᠯᠠᠭᠤТайхар чулуу
ᠲᠠᠢᠬᠠᠷ ᠴᠢᠯᠠᠭᠤ
ᠳᠡᠯᠡᠬᠡᠢ ᠳᠦ ᠪᠢ
ᠲᠥᠭᠡᠷᠢᠯᠡ ᠭᠡᠵᠦ ᠪᠣᠳᠣᠬᠤ ᠳᠤ ᠂
ᠳᠡᠪᠡᠯ ᠦᠨ ᠢᠶ᠋ᠡᠨ
ᠲᠣᠪᠴᠢ ᠪᠣᠯᠭᠠᠬᠤ ᠭᠠᠭᠴᠠ ᠴᠢᠯᠠᠭᠤ ᠲᠠᠢᠬᠠᠷ ᠂
ᠳᠡᠷᠭᠡᠳᠡᠭᠦᠷ ᠨᠢ
ᠳᠠᠪᠬᠢᠵᠤ ᠥᠩᠭᠡᠷᠡᠬᠦ ᠳᠦ ᠪᠡᠨ ᠂
ᠳᠥᠷᠥᠭᠡ
ᠮᠤᠯᠲᠤᠯᠳᠠᠭ ᠣᠯᠠᠨ ᠴᠢᠯᠠᠭᠤᠨ ᠤ ᠨᠢᠭᠡ ᠲᠠᠢᠬᠠᠷ ᠠ᠋ ᠂
ᠯᠤᠤ ᠶ᠋ᠢᠨ ᠬᠡᠲᠦ
ᠤᠷᠤᠰᠬᠠᠯ ᠭᠣᠣᠯ ᠤᠨ ᠢᠶ᠋ᠠᠨ ᠲᠣᠬᠣᠢ ᠳᠤ ᠂
ᠯᠤᠤᠰ ᠤᠨ ᠬᠠᠭᠠᠨ
ᠨᠢ ᠲᠠᠮᠠᠭ᠎ᠠ ᠪᠠᠨ ᠵᠠᠯᠠᠭᠰᠠᠨ ᠶᠤᠮ ᠭᠡᠯᠲᠡᠢ ᠂
ᠮᠠᠭᠤ ᠢᠷᠣ᠎ᠠ ᠶ᠋ᠢ
ᠦᠭᠡᠢ ᠬᠢᠭᠰᠡᠨ ᠬᠦᠴᠦᠲᠡᠨ ᠂
ᠮᠣᠶ᠋ᠢᠬᠤᠷᠯᠠᠵᠤ
ᠡᠪᠦᠳᠦᠭᠯᠡᠭᠰᠡᠨ ᠣᠮᠣᠭ ᠢᠶ᠋ᠠᠨ ᠳᠠᠷᠤᠭᠰᠠᠨ ᠶᠤᠮ ᠭᠡᠯᠲᠡᠢ ᠂
ᠤᠰᠤᠨ ᠤ ᠬᠠᠭᠠᠨ
ᠲᠤᠩᠭᠠᠯᠠᠭ ᠲᠦ ᠲᠤᠬᠠᠯᠠᠭᠰᠠᠨ ᠴᠢᠯᠠᠭᠤ ᠲᠠᠢᠬᠠᠷ ᠠ᠋ ᠂
ᠤᠷᠠᠨ ᠪᠠᠶ᠋ᠢᠭᠠᠯᠢ
ᠪᠠᠨ ᠲᠤᠩᠬᠠᠭᠯᠠᠭᠰᠠᠨ ᠴᠢᠯᠠᠭᠤ ᠲᠠᠢᠬᠠᠷ ᠠ᠋ ᠂
ᠬᠤᠷᠳᠤ ᠶᠡᠬᠡᠲᠡᠢ
ᠲᠠᠮᠢᠷ ᠤᠨ ᠤᠷᠤᠰᠬᠠᠯ ᠰᠥᠷᠦᠨ ᠴᠢᠩᠭᠠᠷᠠᠵᠤ ᠂
ᠬᠤᠪᠢ ᠵᠠᠶᠠᠭ᠎ᠠ
ᠶᠡᠬᠡᠲᠡᠢ ᠲᠦᠮᠡᠨ ᠦ ᠳᠤᠷᠠᠰᠬᠠᠯ ᠳᠦᠭᠦᠷᠡᠩ ᠭᠠᠩᠭᠠᠷᠠᠵᠤ ᠂
ᠬᠥᠬᠡ ᠲᠡᠭᠷᠢ ᠶ᠋ᠢᠨ
ᠳᠣᠣᠷ᠎ᠠ ᠲᠦᠷᠦᠭᠦᠯᠡᠭᠰᠡᠨ ᠪᠥᠬᠡ ᠰᠢᠭ᠌ ᠭᠠᠭᠴᠠᠭᠠᠷ ᠲᠣᠷᠤᠶ᠋ᠢᠬᠰᠠᠨ ᠂
ᠬᠦᠯᠦᠭ ᠰᠢᠷᠡᠭᠡ
ᠬᠥᠨᠳᠡᠢ ᠳᠦ ᠵᠠᠩᠵᠤᠨ ᠲᠤᠭ ᠰᠢᠭ᠋ ᠪᠣᠰᠤᠭ᠎ᠠ ᠵᠠᠶᠠᠭᠠᠭᠰᠠᠨ ᠂
ᠤᠰᠤᠨ ᠭᠠᠯᠪᠠ ᠶ᠋ᠢᠨ
ᠬᠥᠯ ᠦᠭᠡᠢ ᠢᠷᠣᠭᠠᠷ ᠲᠦ ᠵᠢᠪᠦᠯᠡ ᠴᠦ᠍ ᠂
ᠤᠷᠤᠰᠴᠤ
ᠦᠷᠡᠭᠳᠡᠭᠡ ᠨᠢ ᠦᠭᠡᠢ ᠭᠠᠵᠠᠷ ᠤᠨ ᠪᠣᠰᠤᠭ᠎ᠠ ᠴᠢᠯᠠᠭᠤ ᠲᠠᠢᠬᠠᠷ ᠠ᠋ ᠂
ᠤᠬᠠᠭᠠᠨᠲᠤ ᠠᠷᠠᠳ ᠤᠨ
ᠬᠥᠯᠭᠡᠨ ᠢᠷᠦᠭᠡᠯ ᠳᠦ ᠬᠥᠪᠦᠯᠡ ᠴᠦ᠍ ᠂
ᠤᠷᠭᠤᠵᠤ ᠨᠢᠰᠦᠭᠡ
ᠦᠭᠡᠢ ᠦᠨᠡᠨ ᠦ ᠬᠥᠰᠢᠶ᠎ᠡ ᠴᠢᠯᠠᠭᠤ ᠲᠠᠢᠬᠠᠷ ᠠ᠋ ᠂
ᠥᠷᠭᠡᠨ ᠲᠦᠮᠡᠨ ᠦ
ᠨᠥᠮᠥᠭ ᠰᠤᠷᠭᠠᠯ ᠢ ᠣᠭᠣᠷᠴᠤ ᠬᠡᠮᠡᠨ ᠂
ᠥᠭᠭᠢᠶᠡᠮᠦᠷ
ᠠᠴᠢᠲᠠᠨ ᠤ ᠳᠣᠮᠣᠭ ᠴᠢᠳᠠᠯ ᠢ ᠮᠠᠷᠲᠠᠵᠤ ᠬᠡᠮᠡᠨ ᠂
ᠥᠯᠮᠡᠢ ᠳ᠋ᠤᠨᠢ
ᠰᠡᠷᠵᠢᠮ ᠳᠥᠪᠵᠢᠮ ᠣᠪᠣᠭᠠᠷᠠᠯᠠ ᠴᠤ᠌ ᠂
ᠥᠯᠢᠢᠵᠦ
ᠥᠩᠭᠡᠶ᠋ᠢᠬᠦ ᠰᠢᠬᠦᠮ ᠬᠦᠳᠦᠩ ᠴᠣᠷᠣᠶ᠋ᠢᠯᠠ ᠴᠤ᠌ ᠂
ᠬᠤᠭᠤᠷ ᠤᠨ
ᠲᠡᠪᠬᠡ ᠰᠢᠭ᠌ ᠤᠶᠠᠩᠭ᠎ᠠ ᠤᠷᠤᠰᠬᠠᠯ ᠰᠠᠮᠨᠠᠵᠤ ᠡᠷᠭᠦᠭᠰᠡᠨ ᠂
ᠬᠤᠷ ᠰᠠᠯᠬᠢᠨ ᠳᠤ
ᠲᠣᠷᠲᠣᠭ ᠲᠣᠭᠣᠰᠣ ᠪᠠᠨ ᠰᠢᠯᠭᠡᠭᠡᠭᠰᠡᠨ ᠂
ᠭᠠᠷᠬᠤ ᠳᠥᠷᠥᠭᠡ
ᠦᠭᠡᠢ ᠳᠣᠭᠰᠢᠨ ᠭᠠᠵᠠᠷ ᠤᠨ ᠣᠩᠭᠣᠨ ᠴᠢᠯᠠᠭᠤ ᠲᠠᠢᠬᠠᠷ ᠂
ᠭᠠᠨᠵᠤᠭ᠎ᠠ ᠵᠢᠷᠢᠮ
ᠦᠨ ᠣᠯᠣᠶ᠋ᠢᠷ ᠦᠭᠡᠢ ᠳᠡᠯᠡᠬᠡᠢ ᠶ᠋ᠢᠨ ᠡᠮᠨᠢᠭ ᠴᠢᠯᠠᠭᠤ ᠲᠠᠢᠬᠠᠷ ᠠ᠋ ᠂
ᠴᠠᠭᠠᠨ ᠳᠠᠪᠠᠭᠠᠨ ᠤ
ᠥᠨᠳᠥᠷ ᠡᠴᠡ ᠪᠠᠷᠠᠯᠠᠬᠤ ᠳᠤ ᠂
ᠴᠠᠬᠤᠯᠠᠢ ᠶ᠋ᠢᠨ
ᠳᠡᠪᠢᠭᠴᠢ ᠢᠰᠢᠭᠡ ᠡᠴᠡ ᠰᠡᠬᠡᠭᠡᠷᠡᠬᠦ ᠳᠦ ᠂
ᠠᠷᠤ ᠶ᠋ᠢᠨ
ᠰᠠᠶ᠋ᠢᠬᠠᠨ ᠬᠠᠩᠭᠠᠢ ᠶ᠋ᠢᠨ ᠢᠶ᠋ᠠᠨ ᠠᠭᠲᠠᠷᠠᠭᠠ ᠭᠡᠮᠡᠷ ᠣᠩᠭᠣᠨ ᠴᠢᠯᠠᠭᠤ ᠂
ᠠᠯᠳᠠᠭᠤᠯ ᠶᠡᠬᠡ
ᠲᠠᠮᠢᠷ ᠤᠨ ᠢᠶ᠋ᠠᠨ ᠠᠷᠭᠠᠮᠵᠢᠶ᠎ᠠ ᠭᠡᠮᠡᠷ ᠡᠮᠵᠡᠭ ᠴᠢᠯᠠᠭᠤ ᠂
ᠵᠠᠭᠤ ᠵᠠᠭᠤᠨ ᠤ
ᠬᠢᠨ ᠦ ᠳᠣᠮᠣᠭ ᠲᠡᠩᠨᠡᠭᠰᠡᠨ ᠬᠠᠲᠤᠨ ᠴᠢᠯᠠᠭᠤ ᠂
ᠵᠢᠷᠦᠬᠡ ᠵᠢᠷᠦᠬᠡᠨ
ᠦ ᠤᠶᠠᠩᠭ᠎ᠠ ᠨᠡᠶ᠋ᠢᠳᠬᠡᠭᠰᠡᠨ ᠬᠠᠲᠤᠨ ᠴᠢᠯᠠᠭᠤ ᠂
ᠵᠥᠷᠢᠵᠦ ᠮᠠᠷᠲᠠᠬᠤ
ᠶ᠋ᠢᠨ ᠠᠷᠭ᠎ᠠ ᠦᠭᠡᠢ ᠬᠠᠷᠠᠭ᠎ᠠ ᠪᠤᠯᠢᠶᠠᠭᠰᠠᠨ ᠴᠠᠮᠢᠨ ᠴᠢᠯᠠᠭᠤ ᠂
ᠵᠥᠪᠬᠡᠨ ᠭᠤᠷᠪᠠᠨ
ᠲᠠᠮᠢᠷ ᠲᠦ ᠪᠠᠨ ᠯᠠ ᠨᠢᠭᠡ ᠵᠠᠶᠠᠭᠠᠭᠰᠠᠨ ᠰᠣᠳᠣᠨ ᠴᠢᠯᠠᠭᠤ ᠂
ᠳᠡᠯᠡᠬᠡᠢ ᠳᠦ ᠪᠢ
ᠲᠥᠭᠡᠷᠢᠯᠡ ᠲᠣᠭᠣᠷᠢᠯᠠ ᠭᠡᠵᠦ ᠪᠣᠳᠣᠬᠤ ᠳᠤ ᠂
ᠳᠡᠪᠡᠯ ᠦᠨ ᠢᠶ᠋ᠡᠨ
ᠲᠣᠪᠴᠢ ᠶ᠋ᠢ ᠯᠠ ᠣᠯᠬᠤ ᠭᠠᠭᠴᠠ ᠴᠢᠯᠠᠭᠤ ᠮᠢᠨᠢ ᠲᠠᠢᠬᠠᠷ ᠠ᠋ ᠂
ᠳᠡᠷᠭᠡᠳᠡᠭᠦᠷ ᠨᠢ
ᠳᠠᠪᠬᠢᠭᠤᠯᠵᠤ ᠳᠡᠷᠪᠡᠭᠦᠯᠵᠦ ᠥᠩᠭᠡᠷᠡᠬᠦ ᠳᠦ ᠪᠡᠨ ᠂
ᠳᠥᠷᠥᠭᠡ
ᠠᠮᠠᠷᠠᠭᠠᠳᠠᠭ ᠣᠯᠠᠨ ᠣᠯᠠᠨ ᠴᠢᠯᠠᠭᠤᠨ ᠤ ᠬᠠᠭᠠᠨ ᠴᠢᠯᠠᠭᠤ ᠮᠢᠨᠢ ᠲᠠᠢᠬᠠᠷ ᠠ᠋ ᠃
ᠲᠠᠢᠬᠠᠷ ᠴᠢᠯᠠᠭᠤ ᠶᠢᠨ ᠲᠤᠬᠠᠢ

ᠠᠷᠤᠬᠠᠩᠭᠠᠢ ᠠᠢᠮᠠᠭ ᠤᠨ ᠶᠡᠬᠡᠲᠠᠮᠢᠷ ᠰᠤᠮᠤ ᠶᠢᠨ
ᠨᠤᠲᠤᠭ ᠲᠤ ᠴᠡᠴᠡᠷᠯᠢᠭ ᠬᠣᠲᠠ ᠠᠴᠠ 22 ᠺᠢᠯᠣᠮᠧᠲ᠋ᠷ ᠲᠤ ᠬᠣᠢᠳᠤ ᠲᠠᠮᠢᠷ ᠭᠣᠣᠯ ᠤᠨ ᠵᠠᠬ᠎ᠠ ᠳᠤ ᠪᠠᠢᠳᠠᠭ᠃ ᠲᠠᠢᠬᠠᠷ ᠴᠢᠯᠠᠭᠤᠨ ᠤ
ᠥᠨᠳᠦᠷ ᠨᠢ 18 ᠮᠧᠲ᠋ᠷ ᠪᠥᠭᠡᠳ ᠪᠣᠷᠵᠢᠨ
ᠴᠢᠯᠠᠭᠤᠨ ᠠᠴᠠ ᠪᠦᠲᠦᠭᠰᠡᠨ ᠴᠣᠬᠢᠶ᠎ᠠ ᠶᠤᠮ᠃ ᠲᠠᠮᠢᠷ ᠤᠨ ᠭᠣᠣᠯ ᠬᠣᠢᠳᠤ ᠡᠷᠭᠢ ᠶᠢᠨ ᠢᠶᠡᠨ ᠪᠣᠷᠵᠢᠨ
ᠬᠣᠰᠢᠭᠤ ᠶᠢ ᠣᠯᠠᠨ ᠰᠠᠶ᠎ᠠ ᠵᠢᠯ ᠦᠨ ᠲᠤᠷᠰᠢ ᠡᠪᠳᠡᠨ ᠡᠯᠡᠭᠡᠭᠰᠡᠭᠡᠷ ᠳᠤᠮᠳᠠᠭᠤᠷ ᠨᠢ ᠲᠠᠰᠤᠯᠵᠤ ᠡᠨᠡ
ᠴᠣᠬᠢᠭ᠎ᠠ ᠶᠢ ᠡᠭᠦᠰᠬᠡᠵᠡᠢ᠃
ᠲᠠᠢᠬᠠᠷ ᠴᠢᠯᠠᠭᠤᠨ ᠳᠤ ᠲᠦᠷᠦᠭ᠂ ᠤᠢᠭᠤᠷ᠂ ᠮᠣᠩᠭᠣᠯ᠂ ᠲᠦᠪᠡᠳ᠂ ᠮᠠᠨᠵᠤ᠂ ᠬᠢᠲᠠᠳ ᠵᠡᠷᠭᠡ ᠡᠷᠲᠡ
ᠡᠳᠦᠭᠡ ᠶᠢᠨ ᠣᠯᠠᠨ ᠤᠯᠤᠰ ᠦᠨᠳᠦᠰᠦᠲᠡᠨ ᠦ ᠬᠡᠯᠡ ᠪᠡᠷ ᠪᠢᠴᠢᠭᠰᠡᠨ 7-17ᠳ᠋ᠤᠭᠠᠷ ᠵᠠᠭᠤᠨ ᠤ ᠦᠶ᠎ᠡ ᠶᠢᠨ 150 ᠭᠠᠷᠤᠢ ᠪᠢᠴᠢᠭᠡᠰᠦ ᠪᠠᠢᠳᠠᠭ ᠪᠣᠯᠪᠠᠴᠤ ᠣᠨ ᠵᠢᠯ
ᠥᠩᠭᠡᠷᠡᠬᠦ ᠲᠤᠰᠤᠮ ᠤᠯᠠᠮ ᠪᠦᠳᠡᠭᠢᠷᠡᠵᠦ ᠪᠠᠯᠠᠷᠴᠢ ᠪᠠᠢᠨ᠎ᠠ᠃ ᠪᠢᠴᠢᠭᠡᠰᠦ ᠶᠢᠨ 70 ᠣᠷᠴᠢᠮ ᠨᠢ ᠮᠣᠩᠭᠣᠯ ᠦᠰᠦᠭ ᠢᠶᠡᠷ ᠪᠢᠴᠢᠭᠰᠡᠨ
ᠪᠠᠢᠳᠠᠭ ᠪᠠ 15-17ᠳ᠋ᠤᠭᠠᠷ ᠵᠠᠭᠤᠨ ᠤ
ᠦᠶ᠎ᠡ ᠶᠢᠨ ᠮᠣᠩᠭᠣᠯ ᠤᠨ ᠲᠥᠷᠥ ᠶᠢᠨ ᠵᠢᠳᠬᠦᠯᠲᠡᠨ ᠣᠢᠷᠠᠳ ᠤᠨ ᠬᠤᠤᠬᠠᠢ ᠳᠠᠶᠤ᠂ ᠬᠠᠯᠬ᠎ᠠ ᠶᠢᠨ ᠴᠣᠭᠲᠤ
ᠬᠤᠩᠲᠠᠢᠵᠢ ᠶᠢᠨ ᠨᠡᠷᠡᠰ ᠤᠩᠰᠢᠭᠳᠠᠳᠠᠭ ᠪᠠᠢᠨ᠎ᠠ᠃ ᠮᠥᠨ 1722 ᠣᠨ ᠳᠤ ᠳᠠᠢᠴᠢᠨ ᠤᠯᠤᠰ ᠤᠨ
ᠡᠩᠬᠡ-ᠠᠮᠤᠭᠤᠯᠠᠩ ᠤᠨ ᠶᠠᠮᠠᠷ ᠨᠢᠭᠡᠨ ᠪᠢᠴᠢᠭ ᠵᠠᠷᠯᠢᠭ ᠢ ᠷᠠᠪᠳᠠᠨ ᠢᠶᠠᠷ ᠬᠦᠷᠭᠡᠭᠦᠯᠦᠭᠰᠡᠨ ᠲᠤᠬᠠᠢ
ᠪᠢᠴᠢᠭᠡᠰᠦ ᠪᠤᠢ᠃ ᠲᠠᠢᠬᠠᠷ ᠴᠢᠯᠠᠭᠤᠨ ᠳᠤ ᠪᠢᠴᠢᠭ ᠰᠡᠢᠯᠵᠦ ᠦᠯᠡᠳᠡᠭᠡᠭᠰᠡᠨ ᠬᠦᠮᠦᠨ ᠨᠡᠷ᠎ᠡ ᠪᠡᠨ
ᠪᠢᠴᠢᠳᠡᠭ ᠪᠠᠢᠭᠰᠠᠨ ᠤ ᠳᠡᠭᠡᠷ᠎ᠡ ᠠᠯᠳᠠᠷ ᠴᠣᠯᠠ᠂ ᠬᠡᠨ ᠦ ᠬᠠᠷᠢᠶᠠᠲᠤ ᠪᠣᠯᠬᠤ ᠪᠠᠨ ᠲᠡᠮᠳᠡᠭᠯᠡᠭᠰᠡᠨ
ᠪᠠᠢᠳᠠᠭ᠃ ᠡᠨᠡ ᠨᠢ ᠣᠷᠴᠢᠨ ᠦᠶ᠎ᠡ ᠳᠦ ᠬᠦᠷᠲᠡᠯ᠎ᠡ ᠥᠪᠯᠡᠭᠳᠡᠵᠦ 《 ...ᠮᠣᠩᠭᠣᠯ ᠤᠯᠤᠰ ᠤᠨ ᠶᠡᠬᠡ ᠰᠤᠷᠭᠠᠭᠤᠯᠢ ᠤᠨ ᠲᠡᠷᠡ
ᠡᠨᠡ ᠠᠩᠭᠢ ..》 ᠭᠡᠬᠦ ᠮᠡᠲᠦ ᠪᠡᠷ ᠨᠡᠷ᠎ᠡ
ᠬᠠᠶ᠋ᠢᠭ ᠢᠶᠠᠨ ᠦᠯᠡᠳᠡᠭᠡᠭᠰᠡᠭᠡᠷ ᠯᠠ ᠪᠠᠢᠭ᠎ᠠ ᠪᠥᠭᠡᠳ ᠡᠨᠡ ᠨᠢ ᠤᠷᠢᠳᠤ ᠡᠮᠦᠨᠡᠬᠢ ᠴᠠᠭ ᠦᠶ᠎ᠡ ᠳᠦ
ᠪᠢᠴᠢᠭᠳᠡᠨ ᠦᠯᠡᠳᠡᠭᠰᠡᠨ ᠪᠢᠴᠢᠭᠡᠰᠦ ᠨᠦᠭᠦᠳ ᠪᠦᠳᠡᠭᠢᠷᠡᠨ ᠠᠯᠠᠭ᠎ᠠ ᠪᠣᠯᠬᠤ ᠳᠤ ᠶᠡᠬᠡᠬᠡᠨ ᠨᠥᠯᠦᠭᠡᠯᠡᠵᠦ
ᠪᠠᠢᠭ᠎ᠠ ᠪᠢᠯᠡ᠃
ᠲᠠᠢᠬᠠᠷ ᠴᠢᠯᠠᠭᠤ ᠡᠭᠦᠰᠦᠭᠰᠡᠨ ᠳᠣᠮᠣᠭ ᠠᠴᠠ ᠦᠵᠡᠪᠡᠯ ᠬᠠᠩᠭᠠᠢ ᠶᠢᠨ ᠭᠣᠣᠯ ᠨᠢᠷᠤᠭᠤ ᠶᠢ
ᠪᠠᠷᠠᠭᠤᠨ ᠲᠡᠰᠢ ᠳᠠᠪᠠᠵᠤ ᠵᠠᠭ ᠪᠠᠢᠳᠠᠷ ᠶᠢᠨ ᠭᠣᠣᠯ ᠬᠦᠷᠬᠦ ᠵᠠᠮ ᠳᠤ ᠨᠢᠭᠡ ᠠᠭᠤᠵᠢᠮ ᠬᠥᠨᠳᠡᠢ
ᠤᠷᠤᠭᠤᠳᠠᠳᠠᠭ ᠪᠠᠢᠪᠠ᠃ ᠡᠨᠡ ᠬᠥᠨᠳᠡᠢ ᠪᠡᠷ ᠠᠪᠤᠷᠭᠤ ᠮᠣᠭᠠᠢ ᠶᠠᠪᠤᠵᠤ᠂ ᠡᠭ ᠦᠨ ᠳᠠᠪᠠᠭᠠᠨ ᠤ ᠡᠮᠦᠨᠡᠬᠢ
ᠭᠤᠷᠪᠠᠨ ᠠᠩᠭᠠᠷᠬᠠᠢ ᠬᠠᠷᠠᠩᠭᠤᠢ ᠬᠠᠪᠴᠢᠯ ᠳᠤᠮᠳᠠᠭᠤᠷ ᠳᠠᠭᠠᠷᠢᠵᠤ ᠬᠠᠩᠭᠠᠢ ᠶᠢᠨ ᠭᠣᠣᠯ ᠨᠢᠷᠤᠭᠤ ᠶᠢ
ᠠᠷᠯᠠᠨ ᠶᠠᠪᠤᠭᠰᠠᠭᠠᠷ ᠶᠡᠬᠡ ᠲᠠᠮᠢᠷ ᠤᠷᠤᠭᠤᠳᠠᠨ ᠲᠠᠢᠬᠠᠷ ᠴᠢᠯᠠᠭᠤ ᠪᠠᠢᠳᠠᠭ ᠤᠨ ᠳᠣᠣᠷ᠎ᠠ ᠨᠢᠭᠡ ᠶᠡᠬᠡ
ᠨᠦᠬᠡᠨ ᠳᠦ ᠣᠷᠣᠴᠢᠬᠠᠭᠰᠠᠨ ᠭᠡᠨ᠎ᠡ᠃ ᠡᠭᠦᠨ ᠢ ᠮᠡᠳᠡᠭᠰᠡᠨ ᠨᠤᠲᠤᠭ ᠤᠨ ᠨᠡᠷᠡᠲᠡᠢ᠂ ᠪᠢᠷ᠎ᠠ ᠲᠠᠢ ᠪᠥᠬᠡ
ᠲᠠᠢᠬᠠᠷ ᠭᠡᠭᠴᠢ ᠬᠦᠮᠦᠨ ᠲᠣᠮᠣ ᠴᠣᠬᠢᠶ᠎ᠠ ᠠᠪᠴᠢᠷᠠᠵᠤ ᠲᠠᠭᠯᠠᠨ ᠣᠯᠠᠨ ᠠᠮᠢᠲᠠᠨ ᠢ ᠠᠪᠤᠷᠠᠭᠰᠠᠨ ᠭᠡᠳᠡᠭ᠃

