ᠲᠠᠢᠬᠠᠷ ᠴᠢᠯᠠᠭᠤᠨ ᠤ ᠳᠣᠮᠣᠭТайхар чулууны домог
ᠲᠠᠢᠬᠠᠷ ᠴᠢᠯᠠᠭᠤᠨ ᠤ ᠳᠣᠮᠣᠭ
ᠠᠷᠤᠬᠠᠩᠭᠠᠢ ᠠᠢᠮᠠᠭ ᠤᠨ ᠶᠡᠬᠡᠲᠠᠮᠢᠷ ᠰᠤᠮᠤᠨ ᠳᠤ ᠤᠷᠤᠰᠢᠬᠤ ᠡᠨᠡᠬᠦ ᠴᠢᠯᠠᠭᠤ ᠨᠢ ᠡᠵᠡᠭᠦᠢ
ᠲᠠᠯ᠎ᠠ ᠳᠤ ᠬᠦᠮᠦᠨ ᠠᠪᠴᠢᠷᠠᠭᠠᠳ ᠲᠠᠯᠪᠢᠴᠢᠬᠠᠭᠰᠠᠨ ᠶᠤᠮ ᠰᠢᠭ᠋ ᠪᠠᠢᠳᠠᠭ ᠢᠶᠠᠷ ᠢᠶᠠᠨ ᠬᠦᠮᠦᠰ ᠦᠨ
ᠠᠩᠬᠠᠷᠤᠯ ᠢ ᠭᠣᠢᠳᠠ ᠲᠠᠲᠠᠳᠠᠭ᠃ ᠥᠨᠳᠥᠷ ᠢᠶᠡᠷ ᠢᠶᠡᠨ 8 ᠮᠧᠲ᠋ᠷ ᠡᠨᠡ ᠴᠢᠯᠠᠭᠤ ᠨᠢ ᠦᠶ᠎ᠡ ᠦᠶ᠎ᠡ ᠶᠢᠨ
ᠲᠡᠦᠬᠡ ᠶᠢ ᠥᠪᠡᠷ ᠳᠡᠭᠡᠷ᠎ᠡ ᠪᠡᠨ ᠬᠠᠳᠠᠭᠠᠯᠠᠳᠠᠭ ᠭᠡᠯᠲᠡᠢ᠃ 2000 ᠊ᠭᠠᠳ ᠵᠢᠯ ᠦᠨ ᠲᠡᠷᠲᠡᠭᠡᠬᠢ ᠲᠦᠷᠦᠭ᠂ ᠤᠢᠭᠤᠷᠵᠢᠨ
ᠪᠢᠴᠢᠭ ᠢᠶᠡᠷ ᠲᠤᠬᠠᠢ ᠶᠢᠨ ᠦᠶ᠎ᠡ ᠶᠢᠨ ᠠᠮᠢᠳᠤᠷᠠᠯ ᠤᠨ ᠬᠡᠪ ᠮᠠᠶ᠋ᠢᠭ ᠢ ᠵᠢᠷᠤᠵᠤ ᠦᠯᠡᠳᠡᠭᠡᠨ
ᠪᠢᠴᠢᠭᠰᠡᠨ ᠡᠴᠡ ᠭᠠᠳᠠᠨ᠎ᠠ ᠲᠠ ᠪᠢᠳᠡᠨ ᠦ ᠠᠪᠤ᠂ ᠡᠵᠢ ᠶᠢᠨ ᠦᠯᠡᠳᠡᠭᠡᠭᠰᠡᠨ 1975 ᠡᠩᠬᠡᠲᠠᠢᠪᠤᠩ ᠮᠥᠩᠬᠡ ᠬᠣᠶᠠᠷ ᠡᠭᠦᠷᠢᠳᠡ ᠭᠡᠬᠦ
ᠮᠡᠲᠦ ᠣᠯᠠᠨ ᠰᠣᠨᠢᠷᠬᠠᠯᠲᠠᠢ ᠪᠢᠴᠢᠭᠡᠰᠦ ᠶᠢ ᠠᠭᠤᠯᠠᠳᠠᠭ᠃
ᠡᠨᠡᠬᠦ ᠰᠣᠨᠢᠷᠬᠠᠯᠲᠠᠢ ᠴᠢᠯᠠᠭᠤᠨ ᠤ ᠲᠤᠬᠠᠢ ᠳᠣᠮᠣᠭ ᠦᠭᠦᠯᠡᠶ᠎ᠡ᠃
ᠡᠷᠲᠡ ᠳᠡᠭᠡᠷ᠎ᠡ ᠴᠠᠭ ᠲᠤ ᠠᠪᠤᠷᠭᠤ ᠲᠣᠮᠣ ᠮᠣᠭᠠᠢ ᠬᠤᠳᠠᠩᠨᠠᠭᠠᠰᠤ ᠭᠠᠷᠴᠤ ᠢᠷᠡᠨ ᠬᠦᠮᠦᠨ
ᠠᠮᠢᠲᠠᠨ ᠢ ᠠᠯᠠᠵᠤ ᠢᠳᠡᠨ᠂ ᠭᠠᠵᠠᠷ ᠨᠤᠲᠤᠭ ᠢ ᠰᠦᠢᠷᠡᠭᠦᠯᠵᠦ ᠭᠠᠩ ᠭᠠᠴᠢᠭ᠂ ᠥᠯᠥᠰᠬᠦᠯᠡᠩ ᠵᠣᠪᠠᠯᠠᠩ ᠪᠤᠢ
ᠪᠣᠯᠵᠠᠢ᠃
ᠨᠤᠲᠤᠭ ᠤᠨ ᠠᠷᠠᠳ ᠲᠦᠮᠡᠨ ᠤᠯᠤᠰ ᠤᠨ ᠰᠠᠢᠨ
ᠪᠥᠬᠡ᠂ ᠠᠪᠤᠷᠭᠤ ᠪᠡᠶ᠎ᠡ ᠳᠦ ᠪᠦᠬᠡᠪᠢᠯᠢᠭᠲᠦ ᠭᠡᠭᠴᠢ ᠳᠦ ᠬᠡᠯᠡ ᠬᠦᠷᠭᠡᠭᠦᠯᠵᠦ ᠠᠪᠤᠷᠭᠤ ᠲᠣᠮᠣ ᠮᠣᠭᠠᠢ ᠶᠢ
ᠳᠠᠷᠤᠵᠤ᠂ ᠠᠶᠤᠯ ᠠᠴᠠ ᠥᠪᠡᠷᠰᠡᠳ ᠢ ᠨᠢ ᠠᠪᠤᠷᠠᠬᠤ ᠶᠢ ᠬᠦᠰᠡᠭᠰᠡᠨ ᠪᠠᠢᠵᠤ᠃ ᠪᠦᠬᠡᠪᠢᠯᠢᠭᠲᠦ ᠪᠣᠯ ᠮᠠᠰᠢ
ᠲᠤᠰᠠᠴᠢ ᠥᠷᠦᠪᠴᠢ ᠰᠡᠳᠬᠢᠯ ᠲᠡᠢ ᠬᠦᠮᠦᠨ ᠪᠠᠢᠭᠰᠠᠨ ᠲᠤᠯᠠ ᠠᠷᠠᠳ ᠢᠷᠭᠡᠳ ᠢ ᠠᠶᠤᠯ ᠠᠴᠠ ᠠᠪᠤᠷᠠᠬᠤ ᠶᠢᠨ
ᠲᠤᠯᠠᠳᠠ ᠠᠯᠢ ᠪᠠᠢᠳᠠᠭ ᠢᠶᠠᠷ ᠢᠶᠠᠨ ᠶᠠᠭᠠᠷᠠᠨ ᠭᠡᠷ ᠡᠴᠡ ᠪᠡᠨ ᠭᠠᠷᠴᠠᠢ᠃ ᠢᠩᠭᠢᠭᠡᠳ ᠪᠤᠯᠠᠭᠠᠨ
ᠠᠭᠤᠯᠠ ᠶᠢᠨ ᠴᠢᠯᠠᠭᠤᠨ ᠨᠤᠭᠤᠳ ᠠᠴᠠ ᠨᠢᠭᠡ ᠲᠣᠮᠣᠬᠠᠨ ᠴᠢᠯᠠᠭᠤ ᠪᠤᠯᠭᠤᠯᠤᠭᠠᠳ ᠡᠭᠦᠷᠴᠦ ᠮᠣᠭᠠᠢ ᠶᠢᠨ ᠵᠦᠭ ᠤᠷᠤᠭᠤ ᠶᠠᠪᠤᠯ᠎ᠠ᠃
ᠴᠢᠯᠠᠭᠤ ᠲᠡᠭᠦᠨ ᠦ ᠬᠤᠪᠢ ᠳᠤ ᠶᠡᠬᠡᠳᠡ ᠬᠦᠨᠳᠦ
ᠪᠠᠢᠭᠰᠠᠨ ᠲᠤᠯᠠ ᠵᠠᠮ ᠳᠤ ᠪᠠᠨ ᠠᠮᠠᠷᠠᠵᠤ ᠨᠢᠭᠡᠨ ᠠᠭᠤᠯᠠᠨ ᠳᠡᠭᠡᠷ᠎ᠡ ᠰᠠᠭᠤᠵᠤ ᠠᠮᠠᠷᠠᠪᠠ᠃ ᠲᠡᠭᠦᠨ ᠦ
ᠰᠠᠭᠤᠭᠰᠠᠨ ᠤᠤᠯ ᠨᠢ ᠰᠠᠨᠳᠠᠯᠢ ᠰᠢᠭ᠋ ᠳᠥᠷᠪᠡᠯᠵᠢᠨ ᠣᠷᠣᠢ ᠲᠠᠢ ᠲᠤᠯᠠ ᠠᠯᠲᠠᠨ ᠰᠠᠨᠳᠠᠯᠢ ᠭᠡᠵᠦ
ᠨᠡᠷᠡᠯᠡᠵᠡᠢ᠃ ᠢᠩᠭᠢᠭᠡᠳ ᠴᠢᠯᠠᠭᠤ ᠶᠢ ᠪᠠᠨ ᠠᠪᠤᠭᠠᠳ ᠪᠣᠰᠬᠤ ᠳᠤ ᠪᠠᠨ ᠭᠠᠵᠠᠷ ᠲᠤᠯᠵᠤ ᠰᠢᠦ ᠱᠠ ᠭᠡᠵᠦ
ᠠᠭᠤᠯᠭ᠎ᠠ ᠠᠯᠠᠳᠠᠭᠰᠠᠨ ᠳᠤ ᠲᠡᠷᠡ ᠲᠠᠯ᠎ᠠ ᠭᠠᠵᠠᠷ ᠢ ᠰᠢᠦ ᠱᠠ ᠲᠠᠯ᠎ᠠ ᠭᠡᠵᠦ ᠨᠡᠷᠡᠯᠡᠬᠦ ᠪᠣᠯᠪᠠ᠃
ᠭᠠᠷ ᠢᠶᠠᠷ ᠢᠶᠠᠨ ᠭᠠᠵᠠᠷ ᠲᠤᠯᠤᠭᠰᠠᠨ ᠳᠤ ᠲᠡᠷᠡ ᠬᠦ᠌ ᠲᠤᠯᠤᠭᠰᠠᠨ ᠭᠠᠷ ᠤᠨ ᠬᠢ ᠨᠢ ᠬᠤᠷᠤᠭᠤᠨ ᠤ ᠮᠥᠷ ᠢᠶᠡᠷ 5 ᠬᠡᠰᠡᠭ ᠠᠭᠤᠯᠠ ᠡᠭᠦᠰᠴᠡᠢ᠃ ᠲᠡᠷᠡ 5 ᠠᠭᠤᠯᠠ ᠶᠢ 5 ᠲᠡᠭᠡᠭ ᠭᠡᠵᠦ ᠨᠡᠷᠡᠯᠡᠪᠡ᠃
ᠢᠩᠭᠢᠭᠡᠳ ᠰᠠᠢᠨ ᠡᠷ᠎ᠡ ᠪᠦᠬᠡᠪᠢᠯᠢᠭᠲᠦ ᠮᠣᠭᠠᠢ
ᠭᠠᠷᠴᠤ ᠢᠷᠡᠭᠰᠡᠨ ᠬᠤᠳᠳᠤᠭ ᠤᠨ ᠳᠡᠭᠡᠷ᠎ᠡ ᠣᠴᠢᠵᠤ ᠮᠣᠭᠠᠢ ᠲᠠᠢ ᠬᠡᠳᠦᠨ ᠡᠳᠦᠷ ᠨᠣᠴᠣᠯᠳᠤᠭᠰᠠᠨ ᠤ
ᠡᠴᠦᠰ ᠲᠦ ᠢᠯᠠᠨ ᠳᠡᠢᠯᠵᠦ ᠮᠣᠭᠠᠢ ᠶᠢᠨ ᠲᠣᠯᠣᠭᠠᠢ ᠳᠡᠭᠡᠷ᠎ᠡ ᠥᠨᠥᠬᠢ ᠠᠪᠴᠢᠷᠠᠭᠰᠠᠨ ᠴᠢᠯᠠᠭᠤ ᠶᠢ ᠪᠠᠨ
ᠳᠠᠷᠤᠭᠰᠠᠨ ᠨᠢ ᠥᠨᠥᠬᠢ ᠠᠯᠳᠠᠷᠲᠤ ᠲᠠᠢᠬᠠᠷ ᠴᠢᠯᠠᠭᠤ ᠶᠤᠮᠰᠠᠨᠵᠡᠢ᠃ ᠭᠡᠲᠡᠯ᠎ᠡ ᠮᠣᠭᠠᠢ ᠴᠢᠯᠠᠭᠤᠨ ᠤ
ᠳᠣᠣᠷ᠎ᠠ ᠠᠴᠠ ᠭᠠᠷᠬᠤ ᠭᠡᠲᠡᠯ᠎ᠡ ᠪᠦᠬᠡᠪᠢᠯᠢᠭᠲᠦ ᠣᠪᠰᠣᠢᠯᠠᠨ ᠥᠪᠡᠷ ᠦᠨ ᠬᠠᠢᠷᠠᠲᠠᠢ ᠨᠤᠮᠤ ᠰᠤᠮᠤ ᠪᠠᠨ
ᠴᠢᠯᠠᠭᠤᠨ ᠳᠡᠭᠡᠷ᠎ᠡ ᠨᠢ ᠲᠠᠯᠪᠢᠭᠰᠠᠨ ᠳᠤ ᠮᠣᠭᠠᠢ ᠬᠥᠳᠡᠯᠬᠦ ᠪᠡᠨ ᠪᠠᠢᠪᠠ᠃ ᠥᠨᠳᠥᠷ ᠭᠠᠵᠠᠷ ᠠᠴᠠ ᠲᠠᠢᠬᠠᠷ
ᠴᠢᠯᠠᠭᠤᠨ ᠤ ᠳᠡᠭᠡᠷ᠎ᠡ ᠨᠤᠮᠤ ᠰᠤᠮᠤ ᠬᠠᠷᠠᠭᠳᠠᠳᠠᠭ ᠭᠡᠯᠴᠡᠳᠡᠭ᠃
ᠭᠡᠲᠡᠯ᠎ᠡ ᠪᠠᠰᠠ ᠮᠣᠭᠠᠢ ᠮᠠᠰᠢ ᠤᠷᠲᠤ᠂ ᠰᠡᠭᠦᠯ ᠢᠶᠡᠷ ᠢᠶᠡᠨ ᠬᠦᠮᠦᠰ ᠢ ᠣᠷᠢᠶᠠᠯᠭᠠᠵᠤ ᠠᠯᠠᠭᠠᠳ
ᠪᠠᠢᠭᠰᠠᠨ ᠲᠤᠯᠠ ᠪᠦᠬᠡᠪᠢᠯᠢᠭᠲᠦ ᠨᠢᠭᠡᠨ ᠠᠭᠤᠯᠠ ᠶᠢᠨ ᠣᠷᠣᠢ ᠶᠢ ᠠᠪᠠᠴᠢᠵᠤ ᠰᠡᠭᠦᠯᠡᠨ ᠳᠡᠭᠡᠷ᠎ᠡ ᠨᠢ
ᠲᠠᠯᠪᠢᠭᠰᠠᠨ ᠳᠤ ᠮᠣᠭᠠᠢ ᠶᠢᠨ ᠠᠶᠤᠯ ᠳᠠᠭᠤᠰᠴᠤ ᠠᠷᠠᠳ ᠢᠷᠭᠡᠳ ᠦᠬᠦᠯ ᠮᠥᠬᠥᠯ ᠦᠨ ᠠᠶᠤᠯ ᠠᠴᠠ
ᠠᠪᠤᠷᠠᠭᠳᠠᠵᠠᠢ᠃ ᠲᠡᠷᠡ ᠬᠦ᠌ ᠵᠢᠵᠢᠭ ᠠᠭᠤᠯᠠ ᠶᠢᠨ
ᠣᠷᠣᠢ ᠨᠢ ᠲᠠᠢᠬᠠᠷ ᠴᠢᠯᠠᠭᠤᠨ ᠠᠴᠠ 5 ᠺᠢᠯᠣᠮᠧᠲ᠋ᠷ ᠵᠠᠢ ᠳᠤ ᠤᠷᠤᠰᠢᠬᠤ ᠪᠥᠭᠡᠳ ᠮᠣᠭᠠᠢ ᠶᠢᠨ ᠲᠣᠯᠣᠭᠠᠢ ᠨᠡᠷ᠎ᠡ ᠲᠡᠢ ᠪᠣᠯᠵᠠᠢ᠃
ᠡᠨᠡ ᠪᠦᠬᠦ ᠭᠠᠵᠠᠷ ᠤᠳ ᠣᠳᠣ ᠠᠷᠤᠬᠠᠩᠭᠠᠢ ᠠᠢᠮᠠᠭ ᠤᠨ ᠶᠡᠬᠡᠲᠠᠮᠢᠷ ᠰᠤᠮᠤᠨ ᠳᠤ ᠣᠷᠣᠰᠢᠳᠠᠭ ᠶᠤᠮ᠃
