ᠳᠠᠮᠪᠢᠵᠠᠯᠰᠠᠨ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠮᠪᠢᠵᠠᠯᠰᠠᠨ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

ᠳᠠᠮᠪᠢᠵᠠᠯᠰᠠᠨ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

2026-02-10

127


     ᠰᠢᠷ᠎ᠠ ᠵᠣᠣ ᠰᠦᠮ᠎ᠡ ᠶ᠋ᠢᠨ ᠵᠡᠭᠦᠨ ᠱᠠᠪᠷᠤᠩ ᠳᠠᠮᠪᠢᠵᠠᠯᠰᠠᠨ᠂ ᠢᠷᠭᠡᠨ ᠤᠯᠤᠰ ᠤ᠋ᠨ ᠠᠷᠪᠠᠨ ᠲᠠᠪᠤᠨ ᠣᠨ᠂ ᠨᠡᠢᠲᠡ ᠶ᠋ᠢᠨ ᠣᠨ ᠲᠣᠭᠠᠯᠠᠯ ᠤ᠋ᠨ 1926 ᠣᠨ( ᠤᠯᠠᠭᠠᠨ ᠪᠠᠷᠰ ᠵᠢᠯ) ᠳ᠋ᠦ᠍ ᠮᠡᠨᠳᠦᠯᠡᠵᠡᠢ᠃ ᠳᠣᠯᠣᠭᠠᠨ ᠨᠠᠰᠤᠨ ᠳ᠋ᠠᠭᠠᠨ ᠰᠢᠷ᠎ᠠ ᠵᠣᠣ ᠰᠦᠮ᠎ᠡ ᠶ᠋ᠢᠨ ᠵᠡᠭᠦᠨ ᠱᠠᠪᠷᠤᠩ ᠢ᠋ᠶ᠋ᠠᠷ ᠵᠠᠯᠠᠭᠳᠠᠵᠤ ᠢᠷᠡᠭᠡᠳ ᠵᠦᠩᠨᠡᠢ ᠪᠠᠭᠰᠢ ᠳ᠋ᠤ᠌ ᠱᠠᠪᠢᠯᠠᠨ ᠰᠤᠷᠴᠠᠢ᠃ ᠵᠦᠩᠨᠡᠢ ᠪᠠᠭᠰᠢ ᠶ᠋ᠢᠨ ᠭᠠᠷ ᠳᠣᠣᠷ᠎ᠠ ᠬᠠᠮᠲᠤ ᠱᠠᠪᠢᠯᠠᠵᠤ ᠪᠠᠢᠭᠰᠠᠳ ᠲᠤ᠌ ᠰᠤᠩᠷᠤᠢ᠂ ᠳᠠᠷᠵᠠᠢ ᠂ ᠯᠤᠪᠰᠠᠩᠰᠢᠷᠠᠪ ᠂ ᠲᠣᠪᠴᠢᠨᠰᠡᠩᠭᠡ( ᠵᠠᠮᠢᠶᠠᠨᠳᠣᠷᠵᠢ)ᠨᠠᠷ ᠪᠣᠢ᠃ ᠳᠠᠮᠪᠢᠵᠠᠯᠰᠠᠨ ᠬᠠᠷᠠᠬᠠᠨ ᠪᠠᠭ᠎ᠠ ᠡᠴᠡ ᠪᠡᠨ ᠣᠢ ᠪᠢᠯᠢᠭ ᠰᠠᠢᠲᠠᠢ᠃ ᠰᠢᠷ᠎ᠠ ᠵᠣᠣ ᠳ᠋ᠤ᠌ ᠵᠠᠯᠠᠭᠳᠠᠵᠤ ᠵᠦᠩᠨᠡᠢ ᠪᠠᠭᠰᠢ ᠶ᠋ᠢᠨ ᠱᠠᠪᠢ ᠪᠣᠯᠤᠭᠠᠳ ᠪᠢᠴᠢᠭ ᠨᠣᠮ ᠨᠢᠳᠦᠯᠡᠨ᠂ ᠡᠷᠳᠡᠮ ᠮᠡᠳᠡᠯᠭᠡ ᠰᠢᠮᠳᠠᠨ ᠰᠤᠷᠤᠯᠴᠠᠵᠤ ᠪᠠᠢᠲᠠᠯ᠎ᠠ ᠶᠠᠫᠣᠨ ᠳᠡᠭᠡᠷᠡᠮᠴᠦᠳ ᠲᠦᠷᠢᠮᠡᠬᠡᠢᠯᠡᠨ ᠣᠷᠣᠵᠤ ᠢᠷᠡᠭᠡᠳ ᠪᠤᠭᠤᠲᠤ ᠶ᠋ᠢ ᠡᠵᠡᠯᠡᠨ᠂ ᠪᠠᠢᠨ ᠪᠠᠢᠨ ᠬᠠᠲᠤᠨ ᠭᠣᠣᠯ ᠳᠠᠭᠠᠤ ᠪᠤᠯᠢᠶᠠᠨ ᠳᠡᠭᠡᠷᠡᠮᠳᠡᠵᠦ ᠂ ᠤᠯᠠᠮ ᠪᠠᠢᠭᠰᠠᠭᠠᠷ ᠬᠠᠲᠤᠨ ᠤ᠋ ᠲᠡᠷᠲᠡᠭᠡ ᠪᠠᠢᠭᠰᠠᠨ ᠰᠢᠷ᠎ᠠ ᠵᠣᠣ ᠣᠷᠴᠢᠮ ᠢ᠋ ᠴᠦ᠍ ᠲᠦᠢᠪᠡᠭᠡᠨ ᠲᠡᠭᠡᠷᠮᠡᠳᠡᠵᠦ ᠲᠦᠷᠢᠨ ᠣᠷᠣᠵᠤ ᠢᠷᠡᠵᠡᠢ᠃ ᠳᠠᠮᠪᠢᠵᠠᠯᠰᠠᠨ ᠪᠠᠭᠰᠢ ᠵᠦᠩᠨᠡᠢ᠂ ᠯᠤᠪᠰᠠᠩᠰᠢᠷᠠᠪ ᠨᠠᠷ ᠤ᠋ᠨ ᠬᠠᠮᠲᠤ ᠰᠦᠮ᠎ᠡ ᠶ᠋ᠢᠨ ᠪᠠᠷᠠᠭᠤᠨ ᠬᠣᠢᠨᠠᠬᠢ ᠡᠯᠡᠰᠦᠨ ᠳᠣᠲᠣᠷᠠᠬᠢ ᠰᠢᠪᠡᠭ᠂ ᠪᠥᠭᠡᠷᠡᠯᠵᠢᠭᠡᠨ᠎ᠡ᠂ ᠰᠣᠯᠢ ᠰᠢᠪᠡᠭ᠂ ᠡᠪᠡᠰᠦ ᠬᠤᠯᠤᠰᠤ ᠪᠠᠭᠰᠢᠷᠠᠨ ᠤᠷᠭᠤᠭᠰᠠᠨ ᠣᠯᠠᠨ ᠳᠥᠭᠥᠮ ᠰᠤᠵᠠᠭ ᠲᠠᠢ ᠵᠢᠭᠠᠯ ᠳ᠋ᠤ᠌ ᠰᠠᠭᠤᠵᠤ ᠪᠠᠢᠭᠰᠠᠨ ᠢ᠋ᠶ᠋ᠠᠨ ᠶᠠᠫᠣᠨ ᠳᠡᠭᠡᠷᠡᠮᠴᠦᠳ ᠲᠦ᠍ ᠰᠡᠷᠡᠭᠳᠡᠬᠦ ᠠᠶᠤᠯ ᠪᠣᠯᠤᠭᠰᠠᠨ ᠳ᠋ᠤ᠌ ᠦᠷᠭᠦᠯᠵᠢᠯᠡᠨ ᠳᠣᠲᠣᠭᠰᠢᠯᠠᠵᠤ᠂ ᠱᠤᠨᠤᠭᠤᠵᠢ ᠳ᠋ᠤ᠌ ᠳᠤᠲᠠᠭᠠᠵᠤ ᠬᠦᠷᠦᠭᠡᠳ ᠮᠣᠩᠭᠣᠯ ᠭᠡᠷ  ᠢ᠋ᠶ᠋ᠡᠨ ᠪᠠᠷᠢᠭᠠᠳ᠂ ᠨᠣᠮ ᠢ᠋ᠶ᠋ᠠᠨ ᠰᠤᠷᠴᠤ ᠰᠠᠭᠤᠭᠰᠠᠨ ᠭᠡᠳᠡᠭ᠃ ᠴᠡᠷᠢᠭ ᠲᠡᠢᠨ ᠦ᠌ ᠬᠥᠯ ᠪᠣᠯᠤᠭᠰᠠᠨ ᠮᠣᠩᠭᠣᠯ ᠨᠤᠲᠤᠭ ᠤ᠋ᠨ ᠲᠤᠬᠠᠢ ᠶ᠋ᠢᠨ ᠴᠠᠭ ᠤ᠋ᠨ ᠣᠷᠴᠢᠨ ᠠᠬᠤᠢ ᠶ᠋ᠢ ᠬᠡᠨ ᠪᠦᠬᠦᠨ ᠲᠥᠰᠦᠭᠡᠯᠡᠨ ᠮᠡᠳᠡᠵᠦ ᠪᠣᠯᠬᠣᠷ ᠪᠠᠢᠯ᠎ᠠ᠃ ᠪᠥᠰ ᠪᠠᠷᠠᠭ᠎ᠠ ᠴᠤᠬᠠᠭ᠂ ᠠᠮᠤ ᠬᠦᠨᠡᠰᠦ ᠴᠦ᠍ ᠬᠣᠮᠰᠠᠳᠠᠭᠤ ᠶ᠋ᠢᠨ ᠳᠡᠭᠡᠷ᠎ᠡ ᠲᠡᠢᠨ ᠡᠴᠡ ᠠᠶᠤᠵᠤ ᠳᠥᠷᠪᠡᠨ᠂ ᠰᠠᠭᠠᠯᠢ ᠰᠦ ᠪᠡᠨ ᠴᠦ᠍ ᠲᠣᠬᠢᠲᠠᠢ ᠪᠠᠷᠢᠵᠤ ᠴᠢᠳᠠᠬᠤ ᠦᠭᠡᠢ ᠨᠢ ᠲᠤᠩ ᠬᠡᠴᠡᠭᠦᠦ᠃ ᠰᠥᠨᠢ ᠦᠳᠡᠰᠢ ᠳ᠋ᠧᠩ ᠵᠤᠯᠠ ᠦᠭᠡᠢ᠂ ᠨᠣᠬᠠᠢ ᠪᠠᠨ ᠬᠣᠷᠢᠵᠤ ᠳᠠᠭᠤᠨ ᠴᠢᠮᠡᠭᠡ ᠭᠠᠷᠭᠠᠬᠤ ᠠ᠋ᠴᠠ ᠦᠬᠦᠨ ᠠᠶᠤᠵᠠᠭᠠᠨ᠂ ᠶᠣᠰᠣᠲᠠᠢ ᠠᠮᠤᠷ ᠲᠠᠪᠠᠲᠠᠢ ᠤᠨᠲᠠᠵᠤ ᠴᠢᠳᠠᠬᠤ ᠦᠭᠡᠢ ᠵᠢᠷᠦᠬᠡ ᠪᠡᠨ ᠭᠠᠷ ᠲᠠᠭᠠᠨ ᠪᠠᠷᠢᠭᠰᠠᠨ ᠡᠳᠦᠷ ᠬᠣᠨᠣᠭ ᠤ᠋ᠳ ᠢ᠋ ᠥᠩᠭᠡᠷᠡᠭᠡᠵᠦ ᠪᠠᠢᠭᠰᠠᠨ ᠠᠵᠢ᠃
     ᠡᠬᠡ ᠣᠷᠣᠨ ᠴᠢᠯᠥᠭᠡᠯᠡᠯᠲᠡ ᠪᠡᠨ ᠣᠯᠵᠤ᠂ ᠰᠦᠮ᠎ᠡ ᠬᠡᠢᠳ ᠦ᠋ᠨ ᠱᠠᠰᠢᠨ ᠤ᠋ ᠦᠢᠯᠡ ᠬᠡᠪ ᠶᠣᠰᠣᠭᠠᠷ ᠶᠠᠪᠤᠭᠳᠠᠬᠤ ᠪᠣᠯᠪᠠ᠃ ᠳᠠᠮᠪᠢᠵᠠᠯᠰᠠᠨ ᠬᠤᠷᠠᠯ ᠨᠣᠮ ᠭᠡᠬᠦ ᠮᠡᠲᠦᠴᠢᠯᠡᠨ ᠶᠠᠭᠠᠷᠠᠯᠲᠠᠢ ᠪᠣᠯᠪᠠᠴᠤ ᠰᠦᠰᠦᠭ ᠰᠡᠳᠬᠢᠯ ᠢ᠋ᠶ᠋ᠡᠨ ᠭᠦᠢᠴᠡᠳᠬᠡᠨ ᠱᠠᠰᠢᠨ ᠤ᠋ ᠮᠥᠷ ᠲᠦ᠍ ᠵᠢᠳᠬᠦᠬᠦ ᠨᠢ ᠤᠷᠮ᠎ᠠ ᠪᠠᠶᠠᠷᠲᠠᠢ ᠪᠠᠢᠭᠰᠠᠨ ᠢ᠋ ᠥᠭᠦᠯᠡᠬᠦ ᠶᠠᠭᠤᠨ᠃ ᠶᠠᠭ ᠡᠨᠡ ᠤᠨᠢᠨ ᠳᠡᠭᠡᠷ᠎ᠡ ᠳᠠᠮᠪᠢᠵᠠᠯᠰᠠᠨ ᠬᠦᠨᠳᠦ ᠡᠪᠡᠳᠴᠢᠨ ᠳ᠋ᠦ᠍ ᠨᠡᠷᠪᠡᠭᠳᠡᠵᠦ ᠳᠡᠭᠡᠷ᠎ᠡ ᠨᠢ ᠲᠤᠬᠠᠢ ᠶ᠋ᠢᠨ ᠦᠶ᠎ᠡ ᠶ᠋ᠢᠨ ᠡᠮ ᠡᠮᠨᠡᠯᠭᠡ ᠶ᠋ᠢᠨ ᠨᠥᠬᠥᠴᠡᠯ ᠮᠠᠭᠤ ᠵᠡᠷᠭᠡ ᠶ᠋ᠢᠨ ᠰᠢᠯᠲᠠᠭᠠᠨ ᠠ᠋ᠴᠠ ᠪᠣᠯᠵᠤ᠂ ᠡᠳᠦᠢ ᠲᠡᠳᠦᠢ ᠡᠮ ᠳᠠᠩ ᠤᠤᠭᠤᠭᠰᠠᠨ ᠪᠣᠯᠪᠠᠴᠤ ᠵᠠᠰᠠᠯ ᠠᠪᠤᠭᠰᠠᠨ ᠦᠭᠡᠢ ᠪᠡᠷ 1959 ᠣᠨ ᠳ᠋ᠤ᠌ ᠲᠠᠭᠠᠯᠠᠯ ᠲᠡᠭᠦᠰᠴᠡᠢ᠃ ᠨᠠᠰᠤᠨ ᠰᠡᠭᠦᠳᠡᠷ ᠭᠤᠴᠢᠨ ᠳᠥᠷᠪᠡᠲᠡᠢ ᠬᠡᠨ ᠪᠥᠯᠥᠭᠡ᠃ ᠡᠳᠦᠭᠡ ᠳᠠᠮᠪᠢᠵᠠᠯᠰᠠᠨ ᠲᠠᠢ ᠵᠦᠩᠨᠡᠢ ᠪᠠᠭᠰᠢ ᠶ᠋ᠢᠨ ᠱᠠᠪᠢ ᠪᠣᠯᠤᠨ ᠴᠣᠭ ᠰᠤᠷᠴᠤ ᠬᠣᠵᠢᠮ ᠨᠢ ᠰᠢᠷ᠎ᠠ ᠵᠣᠣ ᠰᠦᠮ᠎ᠡ ᠶ᠋ᠢᠨ ᠱᠠᠰᠢᠨ ᠤ᠋ ᠦᠢᠯᠡ ᠳ᠋ᠦ᠍` ᠵᠢᠳᠬᠦᠯ ᠲᠡᠢ ᠶᠠᠪᠤᠭᠰᠠᠨ ᠬᠠᠮᠲᠤ ᠰᠤᠷᠤᠯᠭᠠᠲᠠᠨ᠂ ᠦᠶ᠎ᠡ ᠶ᠋ᠢᠨ ᠨᠠᠢᠵᠠᠳ ᠠ᠋ᠴᠠ ᠬᠡᠳᠦ ᠶ᠋ᠢ ᠨᠢ ᠳᠠᠭᠠᠯᠳᠤᠭᠤᠯᠤᠨ ᠳᠥᠭᠥᠮ ᠲᠠᠨᠢᠯᠴᠠᠭᠤᠯᠤᠶ᠎ᠠ᠃
     ᠰᠤᠩᠷᠤᠢ᠄ ᠢᠷᠭᠡᠨ ᠤᠯᠤᠰ ᠤ᠋ᠨ ᠠᠷᠪᠠᠨ ᠬᠣᠶᠠᠷ ᠣᠨ᠂ ᠨᠡᠢᠲᠡ ᠶ᠋ᠢᠨ ᠣᠨ ᠲᠣᠭᠠᠯᠠᠯ ᠤ᠋ᠨ 1923 ᠣᠨ( ᠬᠠᠷᠠᠭᠴᠢᠨ ᠭᠠᠬᠠᠢ ᠵᠢᠯ) ᠳ᠋ᠦ᠍ ᠲᠥᠷᠥᠵᠡᠢ᠃ ᠵᠢᠰᠦᠨ ᠨᠠᠰᠤᠨ ᠳ᠋ᠠᠭᠠᠨ ᠵᠦᠩᠨᠡᠢ ᠪᠠᠭᠰᠢ ᠳ᠋ᠤ᠌ ᠱᠠᠪᠢᠯᠠᠨ ᠡᠷᠳᠡᠮ ᠨᠣᠮ ᠰᠤᠷᠴᠤ ᠡᠬᠢᠯᠡᠵᠡᠢ᠃ ᠬᠠᠭᠤᠴᠢᠨ ᠨᠡᠢᠭᠡᠮ ᠤᠰᠠᠳᠴᠤ᠂ ᠰᠢᠨ᠎ᠡ ᠨᠡᠢᠭᠡᠮ ᠢᠷᠡᠯ᠎ᠡ᠃ ᠰᠤᠩᠷᠤᠢ ᠮᠠᠮᠠ ᠰᠦᠮ᠎ᠡ ᠬᠡᠢᠳ ᠲᠡᠭᠡᠨ ᠱᠠᠰᠢᠨ ᠤ᠋ ᠦᠢᠯᠡ ᠬᠡᠷᠡᠭ ᠲᠡᠭᠡᠨ ᠵᠢᠳᠬᠦᠨ ᠪᠠᠢᠲᠠᠯ᠎ᠠ ᠰᠣᠶᠣᠯ ᠤ᠋ᠨ ᠶᠡᠬᠡ ᠬᠤᠪᠢᠰᠬᠠᠯ ᠤ᠋ᠨ ᠤᠯᠠᠭᠠᠨ ᠰᠢᠭᠤᠷᠭᠠᠨ ᠳᠡᠭᠳᠡᠵᠦ ᠳᠥᠷᠪᠡᠨ ᠬᠠᠭᠤᠴᠢᠨ ᠢ᠋ ᠡᠪᠳᠡᠵᠦ ᠰᠦᠮ᠎ᠡ ᠬᠡᠢᠳ ᠨᠤᠷᠠᠭᠠᠭᠳᠠᠨ ᠪᠤᠷᠬᠠᠨ ᠲᠠᠬᠢᠯ ᠨᠣᠮ ᠰᠤᠳᠤᠷ ᠢ᠋ ᠭᠠᠯᠳᠠᠵᠤ ᠯᠠᠮᠠ ᠬᠤᠸᠠᠷᠠᠭ ᠨᠢ ᠴᠦ᠍ ᠵᠦᠭ ᠵᠦᠭ ᠲᠡᠭᠡᠨ ᠳᠠᠷᠬᠠᠨ ᠪᠤᠲᠠᠷᠠᠵᠢ᠃ ᠰᠤᠩᠷᠤᠢ ᠭᠤᠸᠠᠢ ᠡᠷᠦᠬᠡ ᠠᠮᠠ ᠨᠢ ᠬᠠᠷᠢᠶᠠᠯᠠᠭᠳᠠᠬᠤ ᠬᠣᠶᠠᠳᠤᠭᠠᠷ ᠦᠢᠯᠡᠳᠪᠦᠷᠢᠯᠡᠯ ᠦ᠋ᠨ ᠪᠠᠭ᠎ᠠ ᠪᠠᠷᠢᠭᠠᠳᠠ ᠶ᠋ᠢᠨ ᠰᠠᠩ ᠬᠠᠮᠢᠶᠠᠷᠤᠭᠴᠢ ᠶ᠋ᠢᠨ ᠠᠯᠪᠠ ᠭᠦᠢᠴᠡᠳᠬᠡᠨ ᠨᠡᠯᠢᠶᠡᠳ ᠵᠢᠯ ᠪᠣᠯᠤᠭᠰᠠᠨ ᠢ᠋ᠶ᠋ᠠᠨ ᠲᠥᠷᠥ ᠲᠦᠪᠰᠢᠷᠡᠨ ᠰᠠᠮᠠᠭᠤᠷᠠᠯ ᠢ᠋ ᠵᠦᠭᠰᠢᠷᠡᠭᠦᠯᠵᠦ ᠱᠠᠰᠢᠨ ᠰᠢᠲᠦᠯᠭᠡ ᠴᠢᠯᠥᠭᠡᠲᠡᠢ ᠪᠣᠯᠤᠭᠰᠠᠨ ᠳ᠋ᠤ᠌ ᠳᠠᠬᠢᠨ ᠬᠤᠷᠠᠯ ᠨᠣᠮ ᠢ᠋ᠶ᠋ᠠᠨ ᠡᠬᠢᠯᠡᠭᠦᠯᠬᠦ ᠪᠡᠷ ᠢᠳᠡᠪᠬᠢᠲᠡᠢ ᠰᠡᠳᠦᠵᠦ ᠪᠡᠶᠡᠴᠢᠯᠡᠨ ᠵᠢᠳᠬᠦᠪᠡ᠃
     ᠰᠤᠩᠷᠤᠢ ᠮᠠᠮᠠ 1985 ᠣᠨ ᠳ᠋ᠤ᠌ ᠣᠯᠠᠨ ᠲᠠᠯ᠎ᠠ ᠶ᠋ᠢᠨ ᠳᠡᠮᠵᠢᠯᠭᠡ ᠲᠡᠢ ᠪᠡᠷ ᠰᠢᠲᠦᠭᠡᠨ ᠰᠦᠮ᠎ᠡ ᠪᠡᠨ ᠪᠤᠰᠬᠠᠭᠰᠠᠨ ᠠ᠋ᠴᠠ ᠨᠠᠰᠢᠬᠢ ᠬᠣᠷᠢ ᠰᠢᠬᠠᠮ ᠵᠢᠯ ᠦ᠋ᠨ ᠲᠤᠷᠰᠢ ᠭᠣᠮᠪᠣ ᠶ᠋ᠢᠨ ᠳᠤᠭᠠᠩ᠂ ᠶᠡᠬᠡ ᠴᠠᠭᠠᠨ ᠰᠤᠪᠤᠷᠭ᠎ᠠ ᠵᠡᠷᠭᠡ ᠪᠡᠨ ᠪᠤᠰᠬᠠᠬᠤ ᠵᠡᠷᠭᠡ ᠪᠤᠶᠠᠨᠲᠤ ᠦᠢᠯᠡ ᠳ᠋ᠦ᠍ ᠨᠡᠮᠡᠷᠢ ᠬᠠᠨᠳᠢᠪ ᠡᠷᠭᠦᠨ ᠵᠢᠳᠬᠦᠯ ᠢ᠋ᠶ᠋ᠡᠨ ᠦᠵᠡᠭᠦᠯᠵᠦ ᠶᠠᠪᠤᠭᠰᠠᠨ ᠪᠢᠯᠡ᠃ ᠰᠤᠩᠷᠤᠢ ᠮᠠᠮᠠ ᠨᠠᠶᠠᠨ ᠨᠠᠰᠤᠨ ᠤ᠋ ᠥᠨᠳᠥᠷ ᠳᠠᠪᠠᠭ᠎ᠠ ᠶ' ᠢ᠋ ᠳᠠᠪᠠᠭᠠᠳ ᠲᠠᠭᠠᠯᠠᠯ ᠲᠡᠭᠦᠰᠦᠭᠰᠡᠨ ᠶᠦᠮ᠃
     ᠲᠣᠪᠴᠢᠨᠰᠡᠩᠭᠡ( ᠵᠠᠮᠢᠶᠠᠨᠳᠣᠷᠵᠢ)᠄ ᠢᠷᠭᠡᠨ ᠤᠯᠤᠰ ᠤ᠋ᠨ ᠠᠷᠪᠠᠨ ᠬᠣᠶᠠᠷ ᠣᠨ᠂ 1923 ᠣᠨ( ᠬᠠᠷᠠᠭᠴᠢᠨ ᠭᠠᠬᠠᠢ ᠵᠢᠯ) ᠳ᠋ᠦ᠍ ᠲᠥᠷᠥᠵᠡᠢ᠃ ᠨᠠᠢ᠍ᠮᠠᠨ ᠨᠠᠰᠤᠨ ᠳ᠋ᠠᠭᠠᠨ ᠰᠢᠷ᠎ᠠ ᠵᠣᠣ ᠰᠦᠮ᠎ᠡ ᠶ᠋ᠢᠨ ᠵᠦᠩᠨᠡᠢ ᠪᠠᠭᠰᠢ ᠳ᠋ᠤ᠌ ᠱᠠᠪᠢᠯᠠᠨ ᠰᠤᠷᠤᠯᠴᠠᠪᠠ᠃ ᠬᠣᠵᠢᠮ ᠨᠢ ᠷᠠᠰᠠᠩ ᠯᠠᠮᠠ ᠪᠣᠯᠵᠤ ᠪᠠᠢᠭᠰᠠᠨ ᠢ᠋ᠶ᠋ᠠᠨ ᠮᠡᠷᠭᠡᠨ ᠰᠦᠮ᠎ᠡ ᠳ᠋ᠦ᠍ ᠭᠡᠭᠡᠨ ᠢ᠋ᠶ᠋ᠡᠷ ᠵᠠᠯᠠᠭᠳᠠᠨ ᠶᠠᠪᠤᠭᠠᠳ ᠲᠡᠨᠳᠡ ᠪᠡᠨ ᠮᠠᠰᠢ ᠶᠡᠬᠡ ᠨᠣᠮ ᠡᠷᠳᠡᠮ ᠲᠡᠢ᠂ ᠨᠡᠷ᠎ᠡ ᠬᠦᠨᠳᠦᠲᠡᠢ ᠭᠢᠯᠠᠷᠠᠭᠤᠯᠵᠤ ᠶᠠᠪᠤᠭᠰᠠᠨ ᠢ᠋ᠶ᠋ᠠᠨ ᠨᠠᠶᠠᠨ ᠬᠡᠳᠦ ᠬᠦᠷᠴᠦ ᠲᠠᠭᠠᠯᠠᠯ ᠲᠡᠭᠦᠰᠴᠡᠢ᠃
     ᠳᠠᠷᠵᠠᠢ᠄ ᠢᠷᠭᠡᠨ ᠤᠯᠤᠰ ᠤ᠋ᠨ ᠠᠷᠪᠠᠨ ᠣᠨ ᠨᠡᠢᠲᠡ ᠶ᠋ᠢᠨ ᠣᠨ ᠲᠣᠭᠠᠯᠠᠯ ᠤ᠋ᠨ 1921 ᠣᠨ( ᠴᠠᠭᠠᠭᠴᠢᠨ ᠲᠠᠬᠢᠶ᠎ᠠ ᠵᠢᠯ) ᠳ᠋ᠦ᠍ ᠲᠥᠷᠥᠭᠰᠡᠨ ᠬᠥᠮᠦᠨ᠃ ᠵᠢᠰᠦᠨ ᠨᠠᠰᠤᠨ ᠳ᠋ᠠᠭᠠᠨ ᠰᠢᠷ᠎ᠠ ᠵᠣᠣ ᠰᠦᠮ᠎ᠡ ᠳ᠋ᠦ᠍ ᠵᠦᠩᠨᠡᠢ ᠪᠠᠭᠰᠢ ᠶ᠋ᠢᠨ ᠱᠠᠪᠢ ᠪᠣᠯᠤᠨ ᠰᠤᠷᠤᠯᠴᠠᠪᠠ᠃ 1950 ᠣᠨ ᠳ᠋ᠤ᠌ ᠬᠠᠩᠭᠢᠨ ᠬᠤᠰᠢᠭᠤᠨ ᠤ᠋ ᠠᠭᠤᠯᠵᠠᠷ ᠤ᠋ᠨ ᠭᠡᠭᠡᠨ ᠳᠦᠩᠭᠦᠷ ᠦ᠋ᠨ ᠸᠠᠩ ᠲᠠᠯᠪᠢᠬᠤ ᠳ᠋ᠤ᠌ ᠣᠷᠣᠯᠴᠠᠵᠤ ᠥᠩᠭᠡᠷᠡᠭᠰᠡᠨ ᠪᠢᠯᠡ᠃ ᠵᠠᠮᠢᠶᠠᠨᠳᠤᠷᠵᠢ ᠮᠡᠷᠭᠡᠨ ᠰᠦᠮ᠎ᠡ ᠳ᠋ᠦ᠍ ᠭᠡᠭᠡᠨ ᠢ᠋ᠶ᠋ᠡᠷ ᠵᠠᠯᠠᠭᠳᠠᠨ ᠶᠠᠪᠤᠭᠰᠠᠨ ᠤ᠋ ᠳᠠᠷᠠᠭ᠎ᠠ᠂ ᠳᠠᠷᠵᠠᠢ ᠷᠠᠰᠠᠩ ᠯᠠᠮᠠ ᠪᠣᠯᠤᠭᠰᠠᠨ ᠶᠤᠮ᠃
     ᠯᠤᠪᠰᠠᠩᠰᠢᠷᠠᠪ ( ᠮᠡᠷᠭᠡᠨᠪᠠᠭᠠᠲᠤᠷ )᠄ 1926 ᠣᠨ ( ᠤᠯᠠᠭᠠᠨ ᠪᠠᠷᠰ ᠵᠢᠯ) ᠲᠥᠷᠥᠭᠰᠡᠨ ᠬᠥᠮᠦᠨ᠃ ᠳᠣᠯᠣᠭᠠᠨ ᠨᠠᠰᠤᠨ ᠳ᠋ᠠᠭᠠᠨ ᠵᠦᠩᠨᠡᠢ ᠪᠠᠭᠰᠢ ᠳ᠋ᠤ᠌ ᠱᠠᠪᠢ ᠣᠷᠣᠵᠤ᠂ ᠳ᠋ᠣᠣᠯᠢ ᠳᠡᠭᠡᠷᠡᠮ ᠦ᠋ᠨ ᠬᠥᠯ ᠡᠴᠡ ᠵᠠᠢᠯᠠᠨ ᠪᠠᠭᠰᠢ ᠪᠠᠨ ᠳᠠᠭᠠᠵᠤ ᠵᠠᠭᠠᠯ᠂ ᠱᠤᠨᠤᠭᠤᠵᠢ ᠳ᠋ᠤ᠌ ᠳᠤᠲᠠᠭᠠᠨ ᠬᠦᠷᠴᠦ᠂ ᠮᠣᠩᠭᠣᠯ ᠭᠡᠷ ᠪᠤᠰᠬᠠᠨ ᠰᠤᠷᠤᠯᠴᠠᠵᠤ ᠪᠠᠢᠭᠰᠠᠨ ᠪᠢᠯᠡ᠃ 1950 ᠣᠨ ᠳ᠋ᠤ᠌ ᠠᠭᠤᠯᠵᠠᠷ ᠤ᠋ᠨ ᠭᠡᠭᠡᠨ ᠦ᠌ ᠳᠦᠩᠭᠦᠷ ᠦ᠋ᠨ ᠸᠠᠩ ᠳ᠋ᠤ᠌ ᠰᠠᠭᠤᠵᠤ ᠥᠩᠭᠡᠷᠡᠵᠡᠢ᠃ 1953 ᠣᠨ ᠳ᠋ᠤ᠌ ᠤᠯᠤᠰ ᠤ᠋ᠨ ᠠᠵᠢᠯ ᠳ᠋ᠤ᠌ ᠣᠷᠣᠯᠴᠠᠨ᠂ ᠬᠣᠶᠠᠳᠤᠭᠠᠷ ᠨᠤᠲᠤᠭ᠂ ᠳᠥᠷᠪᠡᠳᠦᠭᠡᠷ ᠨᠤᠲᠤᠭ ᠲᠤ᠌ ᠠᠵᠢᠯᠯᠠᠵᠤ ᠪᠠᠢᠭᠠᠳ 1980 ᠣᠨ ᠳ᠋ᠤ᠌ ᠠᠵᠢᠯ ᠤ᠋ᠨ ᠠᠮᠠᠷᠠᠯᠲᠠ ᠪᠠᠨ ᠠᠪᠤᠭᠰᠠᠨ ᠤ᠋ ᠳᠠᠷᠠᠭ᠎ᠠ ᠳᠠᠬᠢᠨ ᠰᠢᠷ᠎ᠠ ᠵᠣᠣ ᠰᠦᠮ᠎ᠡ ᠳ᠋ᠦ᠍ ᠢᠷᠡᠵᠦ ᠯᠠᠮᠠ ᠪᠣᠯᠵᠤ᠂ ᠨᠣᠮ ᠱᠠᠰᠢᠨ ᠤ᠋ ᠦᠢᠯᠡ ᠳ᠋ᠦ᠍ ᠣᠷᠣᠯᠴᠠᠵᠤ ᠶᠠᠪᠤᠭ᠎ᠠ ᠶᠤᠮ᠃ ᠲᠡᠭᠦᠨ ᠦ᠌ ᠶᠡᠬᠡ ᠬᠥᠪᠡᠭᠦᠨ ᠲᠠᠪᠢᠨᠲᠠᠢ ᠨᠢ ᠴᠡᠷᠢᠭ ᠦ᠋ᠨ ᠠᠯᠪᠠᠨ ᠳ᠋ᠤ᠌ ᠶᠠᠪᠤᠵᠤ᠂ ᠳᠠᠷᠠᠭ᠎ᠠ ᠨᠢ ᠨᠤᠲᠤᠭ ᠣᠷᠣᠨ ᠳ᠋ᠤ᠌ ᠰᠢᠯᠵᠢᠨ ᠠᠵᠢᠯ ᠤ᠋ᠨ ᠬᠤᠪᠢᠶᠠᠷᠢ ᠠᠪᠴᠤ ᠠᠵᠢᠯᠯᠠᠭᠰᠠᠨ᠃ ᠬᠡᠳᠦᠨ ᠬᠡᠦᠬᠡᠨ ᠨᠢ ᠴᠥᠮ ᠰᠠᠢᠬᠠᠨ ᠠᠢᠯ ᠭᠡᠷ ᠪᠣᠯᠤᠯᠴᠠᠭᠰᠠᠨ᠂ ᠯᠤᠪᠰᠠᠩᠰᠢᠷᠠᠪ ᠮᠠᠮᠠ ᠡᠳᠦᠭᠡ ᠰᠢᠷ᠎ᠠ ᠵᠣᠣ ᠰᠦᠮ᠎ᠡ ᠶ᠋ᠢᠨ ᠨᠠᠢᠳᠠᠨ ᠯᠠᠮᠠ ᠪᠣᠯᠵᠤ ᠬᠤᠷᠠᠯ ᠨᠣᠮ ᠮᠡᠲᠦ ᠶ᠋ᠢᠨ ᠱᠠᠰᠢᠨ ᠤ᠋ ᠦᠢᠯᠡ ᠳ᠋ᠦ᠍ ᠬᠦᠴᠦᠨ ᠢ᠋ᠶ᠋ᠡᠨ ᠰᠢᠪᠬᠠᠨ ᠪᠣᠢ᠃
     ᠪᠠᠯᠵᠤᠤᠷ᠄ ᠢᠷᠭᠡᠨ ᠤᠯᠤᠰ ᠤ᠋ᠨ ᠠᠷᠪᠠᠨ ᠵᠢᠷᠭᠤᠭᠠᠨ ᠣᠨ᠂ ᠨᠡᠢᠲᠡ ᠶ᠋ᠢᠨ ᠣᠨ ᠲᠣᠭᠠᠯᠠᠯ ᠤ᠋ᠨ 1927 ᠣᠨ ᠳ᠋ᠤ᠌( ᠤᠯᠠᠭᠴᠢᠨ ᠲᠠᠤᠯᠠᠢ ᠵᠢᠯ) ᠳ᠋ᠦ᠍ ᠲᠥᠷᠥᠵᠡᠢ᠃ ᠳᠣᠯᠣᠭᠠᠨ ᠨᠠᠰᠤᠨ ᠳ᠋ᠠᠭᠠᠨ ᠰᠢᠷ᠎ᠠ ᠵᠣᠣ ᠰᠦᠮ᠎ᠡ ᠳ᠋ᠦ᠍ ᠱᠠᠪᠢᠯᠠᠨ ᠰᠠᠭᠤᠵᠤ᠂ ᠦᠦᠰᠢᠨ ᠭᠡᠨᠳᠤᠨ ᠭᠡᠰᠡᠨ ᠪᠠᠭᠰᠢ ᠠ᠋ᠴᠠ ᠪᠢᠴᠢᠭ ᠨᠣᠮ ᠰᠤᠷᠴᠤ ᠪᠠᠢᠪᠠ᠃ ᠠᠷᠪᠠ ᠵᠢᠰᠦᠲᠡᠢ ᠳ᠋ᠡᠭᠡᠨ ᠭᠦᠮᠪᠦᠨ ᠳ᠋ᠦ᠍ ᠬᠦᠷᠴᠦ ᠬᠣᠶᠠᠷ ᠵᠢᠯ ᠰᠤᠷᠤᠯᠴᠠᠭᠰᠠᠨ ᠪᠢᠯᠡ᠃ ᠲᠡᠭᠦᠨ ᠦ᠌ ᠳᠠᠷᠠᠭ᠎ᠠ ᠯᠠᠪᠷᠤᠩ ᠳ᠋ᠤ᠌ ᠪᠠᠰᠠ ᠭᠤᠷᠪᠠᠨ ᠵᠢᠯ ᠰᠤᠷᠤᠯᠴᠠᠵᠠᠢ᠃ ᠭᠦᠮᠪᠦᠨ ᠳ᠋ᠦ᠍ ᠰᠤᠷᠤᠯᠴᠠᠬᠤ ᠬᠤᠭᠤᠴᠠᠭᠠᠨ ᠳ᠋ᠠᠭᠠᠨ ᠪᠠᠨᠴᠢᠨ ᠪᠣᠭᠳᠠ ᠶ᠋ᠢᠨ ᠳᠦᠩᠭᠦᠷ ᠦ᠋ᠨ ᠸᠠᠩ ᠳ᠋ᠤ᠌ ᠰᠠᠭᠤᠵᠤ ᠥᠩᠭᠡᠷᠡᠭᠰᠡᠨ ᠶᠦᠮ᠃
ᠤᠯᠤᠰ ᠴᠢᠯᠥᠭᠡᠯᠡᠭᠳᠡᠨ᠂ ᠬᠠᠭᠤᠴᠢᠨ ᠲᠥᠷᠥ ᠨᠤᠷᠠᠵᠤ᠂ ᠰᠢᠨ᠎ᠡ ᠨᠡᠢᠭᠡᠮ ᠲᠡᠢ ᠵᠣᠯᠭᠠᠯ᠎ᠠ᠃ ᠴᠢᠯᠥᠭᠡᠯᠡᠭᠳᠡᠭᠰᠡᠨ ᠦ᠌ ᠳᠠᠷᠠᠭ᠎ᠠ᠂ ᠲᠥᠷᠥ ᠵᠠᠰᠠᠭ ᠠ᠋ᠴᠠ ᠯᠠᠮᠠ ᠨᠠᠷ ᠬᠠᠷ᠎ᠠ ᠪᠣᠯᠬᠤ ᠶ᠋ᠢ ᠤᠷᠢᠶᠠᠯᠠᠭᠰᠠᠨ ᠳ᠋ᠤ᠌ ᠪᠠᠯᠵᠤᠤᠷ ᠭᠤᠸᠠᠢ ᠴᠤ᠌ ᠤᠷᠢᠶᠠᠯᠠᠭ᠎ᠠ ᠶ᠋ᠢ ᠳᠠᠭᠠᠨ ᠭᠡᠷᠭᠡᠢ ᠪᠣᠭᠲᠣᠯᠠᠨ ᠡᠷᠦᠬᠡ ᠭᠡᠷ ᠪᠤᠰᠬᠠᠨ ᠰᠠᠭᠤᠭᠠᠳ ᠲᠥᠷᠥ ᠶ᠋ᠢᠨ ᠡᠭᠦᠳᠡ ᠲᠠᠲᠠᠬᠤ ᠬᠦᠦ ᠲᠡᠢ᠂ ᠲᠥᠷᠥᠯ ᠦ᠋ᠨ ᠡᠭᠦᠳᠡ ᠲᠠᠲᠠᠬᠤ ᠬᠡᠦᠬᠡᠨ ᠲᠡᠢ ᠥᠨᠢᠷ ᠥᠳᠬᠡᠨ ᠠᠢᠯ ᠪᠣᠯᠤᠭᠰᠠᠨ ᠶᠤᠮ᠃ ᠶᠡᠬᠡ ᠬᠥᠪᠡᠭᠦᠨ ᠳᠠᠯᠠᠨᠲᠠᠢ ᠨᠢ ᠤᠯᠤᠰ ᠤ᠋ᠨ ᠺᠠᠲᠠᠷ ᠬᠣᠶᠠᠳᠤᠭᠠᠷ ᠬᠥᠪᠡᠭᠦᠨ ᠳᠠᠯᠠᠨᠪᠠᠶᠠᠷ ᠨᠢ ᠠᠷᠠᠳ ᠤ᠋ᠨ ᠪᠠᠭᠰᠢ ᠪᠣᠯᠤᠨ ᠭᠢᠯᠠᠷᠠᠭᠤᠯᠵᠤ᠂ ᠬᠡᠳᠦᠨ ᠬᠡᠦᠬᠡᠨ ᠨᠢ ᠴᠦ᠍ ᠵᠣᠯ ᠵᠢᠷᠭᠠᠯᠲᠠᠢ ᠠᠢᠯ ᠭᠡᠷ ᠪᠣᠯᠤᠭᠠᠳ ᠠᠴᠢ ᠵᠢᠭᠡ ᠵᠢᠭᠡᠨᠴᠢᠷ ᠢ᠋ᠶ᠋ᠡᠨ ᠴᠦ᠍ ᠦᠵᠡᠭᠡᠳ ᠪᠠᠢᠭ᠎ᠠ᠃ ᠨᠡᠩ ᠢᠯᠠᠩᠭᠤᠶ᠎ᠠ ᠪᠠᠭ᠎ᠠ ᠬᠥᠪᠡᠭᠦᠨ ᠵᠢᠷᠭᠠᠯ ᠨᠢ ᠡᠴᠢᠭᠡ ᠶ᠋ᠢᠨ ᠦᠢᠯᠡᠰ ᠢ᠋ ᠵᠠᠯᠭᠠᠮᠵᠢᠯᠠᠨ᠂ ᠱᠠᠰᠢᠨ ᠤ᠋ ᠮᠥᠷ ᠬᠥᠭᠡᠭᠡᠵᠦ᠂ ᠨᠣᠮ ᠤᠩᠰᠢᠯᠭ᠎ᠠ ᠳ᠋ᠠᠭᠠᠨ ᠴᠢᠷᠮᠠᠢᠯᠭ᠎ᠠ ᠲᠠᠢ ᠶᠠᠪᠤᠵᠤ᠂ ᠡᠳᠦᠭᠡ ᠰᠢᠷ᠎ᠠ ᠵᠣᠣ ᠰᠦᠮ᠎ᠡ ᠶ᠋ᠢᠨ ᠬᠠᠮᠢᠶᠠᠷᠤᠯᠲᠠ ᠶ᠋ᠢᠨ ᠵᠥᠪᠯᠡᠯ ᠦ᠋ᠨ ᠬᠠᠮᠤᠭ ᠤ᠋ᠨ ᠵᠠᠯᠠᠭᠤ ᠪᠦᠷᠢᠯᠳᠦᠬᠦᠨ ᠨᠢ ᠪᠣᠯᠤᠭᠠᠳ ᠪᠠᠢᠭ᠎ᠠ ᠶᠤᠮ᠃
     ᠰᠣᠶᠣᠯ ᠤ᠋ᠨ ᠬᠤᠪᠢᠰᠬᠠᠯ ᠤ᠋ᠨ ᠳᠠᠷᠠᠭ᠎ᠠ ᠪᠠᠯᠵᠤᠤᠷ ᠮᠠᠮᠠ᠂ ᠰᠢᠷ᠎ᠠ ᠵᠣᠣ ᠰᠦᠮ᠎ᠡ ᠪᠡᠨ ᠰᠡᠷᠭᠦᠭᠡᠨ ᠪᠠᠢᠭᠤᠯᠬᠤ ᠳ᠋ᠤ᠌ ᠪᠡᠶ᠎ᠡ ᠭᠠᠷ ᠣᠷᠣᠯᠴᠠᠵᠤ ᠶᠠᠪᠤᠭᠰᠠᠨ ᠲᠡᠳᠦᠢ ᠦᠭᠡᠢ᠂ ᠬᠤᠷᠠᠯ ᠨᠣᠮ᠂ ᠲᠠᠬᠢᠯᠭ᠎ᠠ ᠶᠣᠰᠣᠯᠠᠯ ᠵᠡᠷᠭᠡ ᠶ᠋ᠢᠨ ᠱᠠᠰᠢᠨ ᠤ᠋ ᠦᠢᠯᠡ ᠳ᠋ᠦ᠍ ᠢᠳᠡᠪᠬᠢᠯᠡᠨ ᠵᠢᠳᠬᠦᠵᠦ ᠶᠠᠪᠤᠭᠰᠠᠨ ᠤ᠋ ᠬᠢᠨᠢ ᠨᠢᠭᠡ ᠪᠢᠯᠡ᠃ ᠲᠡᠷᠡ ᠪᠡᠷ ᠡᠳᠦᠭᠡ ᠰᠢᠷ᠎ᠠ ᠵᠣᠣ ᠰᠦᠮ᠎ᠡ ᠶ᠋ᠢᠨ ᠨᠠᠬᠤᠨ ᠯᠠᠮᠠ ᠶ᠋ᠢᠨ ᠨᠢᠭᠡ᠂ ᠨᠠᠶᠠᠨ ᠨᠠᠰᠤ ᠶ᠋ᠢᠨ ᠥᠨᠳᠥᠷ ᠳᠠᠪᠠᠭ᠎ᠠ ᠶ᠋ᠢ ᠳᠠᠪᠠᠭᠰᠠᠨ ᠴᠤ᠌ ᠥᠲᠡᠯ᠎ᠡ ᠨᠠᠰᠤᠨ ᠤ᠋ ᠢᠯᠴᠢ ᠭᠡᠷᠡᠯ ᠢ᠋ᠶ᠋ᠡᠨ ᠰᠦᠮ᠎ᠡ ᠱᠠᠰᠢᠨ ᠤ᠋ ᠪᠠᠨ ᠦᠢᠯᠡᠰ ᠦ᠋ᠨ ᠲᠥᠯᠥᠭᠡ ᠰᠢᠪᠬᠠᠨ ᠵᠢᠳᠬᠦᠯᠡᠭᠰᠡᠭᠡᠷ ᠠ᠋!