ᠲᠣᠪᠳᠣᠨᠫᠸᠯᠵᠡᠢ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠪᠳᠣᠨᠫᠸᠯᠵᠡᠢ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

ᠲᠣᠪᠳᠣᠨᠫᠸᠯᠵᠡᠢ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

2026-02-09

107

ᠲᠣᠪᠳᠣᠨᠫᠸᠯᠵᠡᠢ


       ᠰᠢᠷ᠎ᠠ ᠵᠣᠣ ᠰᠦᠮ᠎ᠡ ᠶ᠋ᠢᠨ ᠪᠠᠷᠠᠭᠤᠨ ᠪᠠᠭᠰᠢ ᠲᠣᠪᠳᠣᠨᠫᠸᠯᠵᠡᠢ᠂ ᠨᠣᠮ ᠤ᠋ᠨ ᠨᠡᠷ᠎ᠡ ᠠᠭᠸᠠᠩᠯᠣᠪᠰᠠᠩᠳᠣᠨᠫᠸᠯᠵᠡᠢ᠂ ᠢᠷᠭᠡᠨ ᠤᠯᠤᠰ ᠤ᠋ᠨ ᠲᠠᠪᠤᠨ ᠣᠨ ᠂ 1916 ᠣᠨ( ᠤᠯᠠᠭᠠᠨ ᠯᠤᠤ ᠵᠢᠯ) ᠳ᠋ᠦ᠍ ᠬᠠᠩᠭᠢᠨ ᠬᠤᠰᠢᠭᠤᠨ ᠤ᠋ ᠰᠢᠷ᠎ᠠ ᠵᠣᠣ ᠶ᠋ᠢᠨ ᠤᠷᠢᠳᠤ ᠪᠡᠶ᠎ᠡ ᠶ᠋ᠢᠨ ᠲᠠᠢᠲᠠᠭᠠᠢ ᠶ᠋ᠢᠨ ᠣᠪᠣᠭᠠᠨ ᠤ᠋ ᠬᠠᠪᠢ ᠶ᠋ᠢᠨ ᠨᠢᠭᠡᠨ ᠮᠠᠯᠴᠢᠨ ᠠᠢᠯ ᠤ᠋ᠨ ᠭᠡᠷ ᠲᠦ᠍ ᠮᠡᠨᠳᠦᠯᠡᠪᠡ᠃ ᠳᠣᠯᠣᠭᠠᠨ ᠨᠠᠰᠤᠨ ᠳ᠋ᠤᠨᠢ ᠰᠢᠷ᠎ᠠ ᠵᠣᠣ ᠰᠦᠮ᠎ᠡ ᠳ᠋ᠦ᠍ ᠱᠠᠪᠷᠤᠩ ᠢ᠋ᠶ᠋ᠠᠷ ᠵᠠᠯᠠᠵᠤ ᠠᠪᠴᠢᠷᠠᠵᠠᠢ᠃ ᠨᠠᠢ᠍ᠮᠠᠨ ᠨᠠᠰᠤᠲᠠᠢ ᠳ᠋ᠠᠭᠠᠨ ᠬᠠᠯᠬ᠎ᠠ ᠶ᠋ᠢᠨ ᠡᠷᠳᠡᠨᠢ ᠵᠣᠣ ᠳ᠋ᠤ᠌ ᠣᠴᠢᠵᠤ ᠪᠤᠳ᠋ᠳ᠋ᠾᠠ ᠶ᠋ᠢᠨ ᠱᠠᠰᠢᠨ ᠤ᠋ ᠨᠣᠮᠯᠠᠯ ᠭᠦᠨ ᠤᠬᠠᠭᠠᠨ ᠢ᠋ ᠰᠢᠰᠲ᠋ᠧᠮ ᠲᠡᠢ ᠰᠤᠷᠤᠯᠴᠠᠵᠠᠢ᠃ ᠲᠡᠷᠡ ᠬᠤᠭᠤᠴᠠᠭᠠᠨ ᠳ᠋ᠠᠭᠠᠨ ᠣᠯᠠᠨ ᠪᠠᠭᠰᠢ ᠬᠤᠸᠠᠷᠠᠭ ᠠ᠋ᠴᠠ ᠪᠤᠷᠬᠠᠨ ᠤ᠋ ᠨᠣᠮᠯᠠᠯ ᠤ᠋ᠨ ᠭᠦᠨ ᠡᠴᠢᠨ᠎ᠡ ᠶᠣᠰᠣ ᠤᠴᠢᠷ᠂ ᠴᠣᠢᠷᠣ᠎ᠠ ᠶ᠋ᠢᠨ ᠤᠬᠠᠭᠠᠨ ᠵᠡᠷᠭᠡ ᠶ᠋ᠢ ᠰᠢᠮᠳᠠᠨ ᠰᠤᠷᠴᠠᠢ᠃ ᠨᠢᠭᠡ ᠰᠡᠳᠬᠢᠯ ᠢ᠋ᠶ᠋ᠡᠷ ᠪᠤᠷᠬᠠᠨ ᠤ᠋ ᠨᠣᠮᠯᠠᠯ ᠳ᠋ᠤ᠌ ᠰᠢᠭᠤᠳᠤᠷᠠᠨ ᠡᠷᠳᠡᠮ ᠨᠣᠮ ᠳ᠋ᠤ᠌ ᠮᠠᠬᠠᠷᠠᠨ ᠪᠠᠢᠲᠠᠯ᠎ᠠ ᠲᠣᠭᠣᠰᠣᠲᠤ ᠶᠢᠷᠲᠢᠨᠴᠦ ᠶ᠋ᠢᠨ ᠬᠡᠷᠡᠭ ᠶᠠᠪᠤᠳᠠᠯ ᠬᠣᠢᠨ᠎ᠠ ᠲᠡᠢᠨ ᠳᠠᠵᠢᠨ ᠦᠢᠮᠡᠭᠡᠨ ᠳᠡᠪᠵᠢᠶᠡᠨ ᠬᠠᠯᠬ᠎ᠠ ᠨᠤᠲᠤᠭ ᠢ᠋  ᠴᠦ᠍ ᠬᠠᠮᠤᠷᠤᠭᠰᠠᠨ ᠠ᠋ᠴᠠ ᠲᠡᠨᠳᠡ ᠦᠷᠭᠦᠯᠵᠢᠯᠡᠨ ᠨᠣᠮ ᠤ᠋ᠨ ᠮᠥᠷ ᠬᠥᠭᠡᠭᠡᠬᠦ ᠳ᠋ᠦ᠍ ᠬᠡᠴᠡᠭᠦᠦ ᠪᠣᠯᠵᠤ᠂ ᠳᠡᠭᠡᠷᠡᠮ ᠲᠣᠨᠣᠭ᠎ᠠ ᠶ᠋ᠢᠨ ᠬᠥᠯ ᠳ᠋ᠦ᠍ ᠳᠠᠭᠠᠷᠢᠭᠳᠠᠬᠤ ᠠᠶᠤᠯ ᠴᠠᠭ ᠦᠷᠭᠦᠯᠵᠢ ᠰᠦᠷᠳᠡᠭᠦᠯᠦᠨ ᠪᠠᠢᠯ᠎ᠠ᠃ ᠪᠠᠷᠠᠭᠤᠨ ᠪᠠᠭᠰᠢ ᠶ᠋ᠢ ᠬᠠᠯᠬ᠎ᠠ ᠳ᠋ᠤ᠌ ᠰᠤᠷᠤᠯᠴᠠᠬᠤ ᠳ᠋ᠤᠨᠢ ᠰᠠᠰᠥᠢ᠍ᠷᠥᠩ ᠦ᠋ᠨ ᠠᠬ᠎ᠠ ᠸᠠᠩᠴᠤᠭ ᠭᠡᠰᠡᠨ ᠬᠥᠮᠦᠨ ᠶᠡᠬᠡ ᠲᠤᠰᠠ ᠬᠦᠷᠭᠡᠭᠰᠡᠨ ᠪᠠᠢᠵᠠᠢ᠃ ᠴᠠᠭ ᠲᠥᠷᠥ ᠶ᠋ᠢᠨ ᠬᠠᠲᠠᠭᠤ ᠪᠡᠷᠬᠡ ᠶ᠋ᠢ ᠭᠡᠢᠲᠡᠯ᠎ᠡ ᠮᠡᠳᠡᠭᠰᠡᠨ ᠲᠡᠳᠡ ᠳᠡᠭᠡᠷᠡᠮ ᠦ᠋ᠨ ᠬᠥᠯ ᠡᠴᠡ ᠵᠠᠢᠯᠠᠭᠤᠯᠤᠨ ᠨᠤᠲᠤᠭ ᠲᠤᠨᠢ ᠮᠡᠨᠳᠦᠬᠡᠨ ᠬᠦᠷᠭᠡᠬᠦ ᠶ᠋ᠢ ᠪᠣᠳᠣᠵᠤ᠂ ᠰᠥᠨᠢ ᠣᠷᠣᠢ ᠶ᠋ᠢ ᠠᠰᠢᠭᠯᠠᠨ ᠠᠶᠠᠯᠠᠵᠤ᠂ ᠬᠥᠮᠦᠨ ᠠᠮᠢᠲᠠᠨ ᠰᠡᠢᠷᠡᠭ᠂ ᠪᠠᠯᠠᠷ ᠮᠠᠩᠬ᠎ᠠ ᠲᠠᠢ ᠭᠠᠵᠠᠷ ᠢ᠋  ᠪᠠᠷᠢᠨ᠂ ᠠᠯᠠᠱᠠ ᠪᠠᠷ ᠳᠠᠮᠵᠢᠨ ᠨᠤᠲᠤᠭ ᠤ᠋ᠨ ᠪᠠᠷ᠎ᠠ ᠶ᠋ᠢ ᠨᠢ ᠬᠠᠷᠠᠭᠤᠯᠤᠭᠰᠠᠨ ᠭᠡᠳᠡᠭ᠃ ᠬᠦᠷᠭᠡᠯᠴᠡᠭᠰᠡᠨ ᠬᠥᠮᠦᠰ ᠳᠣᠲᠣᠷ᠎ᠠ ᠪᠠᠰᠠ ᠨᠢᠭᠡ ᠬᠠᠯᠬ᠎ᠠ ᠪᠠᠢᠭᠰᠠᠨ ᠭᠡᠳᠡᠭ᠃ ᠲᠡᠷᠡ ᠵᠢᠯ ᠲᠣᠪᠳᠣᠨᠫᠸᠯᠵᠠᠢ ᠠᠷᠪᠠᠨ ᠳᠥᠷᠪᠡᠲᠡᠢ ᠬᠡᠨ ᠪᠠᠢᠵᠠᠢ᠃ ᠲᠡᠷᠡ ᠦᠶ᠎ᠡ ᠳ᠋ᠦ᠍ ᠤᠯᠤᠰ ᠤ᠋ᠨ ᠳᠣᠲᠣᠭᠠᠳᠤ ᠳ᠋ᠤ᠌ ᠴᠤ᠌ ᠠᠮᠤᠷ ᠲᠠᠢᠪᠤᠩ ᠪᠢᠰᠢ ᠪᠠᠢᠯ᠎ᠠ᠃ ᠶᠠᠭ ᠤᠯᠤᠰ ᠤ᠋ᠨ ᠳᠣᠲᠣᠭᠠᠳᠤ ᠶ᠋ᠢᠨ ᠨᠢᠭᠡᠳᠦᠭᠡᠷ ᠤᠳᠠᠭᠠᠨ ᠤ᠋ ᠬᠤᠪᠢᠰᠬᠠᠯᠲᠤ ᠲᠡᠢᠨ ᠦ᠌ ᠦᠶ᠎ᠡ ᠪᠠᠢᠭᠰᠠᠨ ᠪᠣᠯᠬᠣᠷ᠂ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠤᠳᠤᠷᠢᠳᠤᠯᠭ᠎ᠠ ᠳᠣᠣᠷ᠎ᠠ᠂ ᠳᠤᠮᠳᠠᠳᠤ ᠤᠯᠤᠰ ᠤ᠋ᠨ ᠡᠪ ᠬᠠᠮᠲᠤ ᠨᠠᠮ ᠪᠣᠯᠤᠨ ᠭᠣᠮᠢᠨᠳᠠᠩ ᠬᠠᠮᠲᠤᠷᠠᠨ ᠠᠵᠢᠯᠯᠠᠭᠰᠠᠨ ᠨᠢᠭᠡᠳᠦᠮᠡᠯ ᠹᠷᠣᠨᠲ ᠢ᠋ᠶ᠋ᠠᠷ ᠰᠠᠭᠤᠷᠢ ᠪᠣᠯᠭᠠᠨ ᠡᠵᠡᠷᠬᠡᠭ ᠲᠦᠷᠢᠮᠡᠬᠡᠢᠲᠡᠨ ᠢ᠋  ᠡᠰᠡᠷᠭᠦᠴᠡᠬᠦ ᠪᠠ ᠹᠧᠣᠳᠠᠯ ᠤ᠋ᠨ ᠴᠡᠷᠢᠭ ᠦ᠋ᠨ ᠡᠷᠬᠡᠲᠡᠨ ᠦ᠌ ᠨᠣᠶᠠᠷᠬᠠᠯ ᠢ᠋  ᠡᠰᠡᠷᠭᠦᠴᠡᠬᠦ ᠨᠢᠭᠡᠨ ᠤᠳᠠᠭᠠᠨ ᠤ᠋ ᠤᠮᠠᠷᠠᠰᠢ ᠳᠠᠢᠯᠠᠭᠰᠠᠨ ᠪᠠᠢᠯᠳᠤᠭᠠᠨ ᠪᠣᠯᠵᠤ ᠪᠠᠢᠪᠠ᠃ ᠴᠠᠭ ᠲᠥᠷᠥ ᠶ᠋ᠢᠨ ᠦᠢᠮᠡᠭᠡᠨ᠂ ᠴᠡᠷᠢᠭ ᠲᠡᠢᠨ ᠦ᠌ ᠬᠥᠯ ᠪᠣᠯᠵᠤ ᠪᠠᠢᠬᠤ ᠳ᠋ᠤ᠌ ᠬᠡᠨ ᠠᠯᠢᠨ ᠨᠢ ᠦᠭᠡᠢ ᠵᠢᠷᠦᠬᠡ ᠪᠡᠨ ᠭᠠᠷ ᠲᠠᠭᠠᠨ ᠪᠠᠷᠢᠨ᠂ ᠥᠨᠥᠳᠥᠷ ᠡᠨᠳᠡ ᠭᠡᠲᠡᠯ᠎ᠡ ᠮᠠᠷᠭᠠᠰᠢ ᠲᠡᠨᠳᠡ ᠭᠡᠳ ᠲᠤᠬ᠎ᠠ ᠲᠠᠪᠠᠲᠠᠢ ᠠᠳᠠᠯ ᠠᠮᠢᠳᠤᠷᠠᠯ ᠬᠢᠬᠦ ᠠᠷᠭ᠎ᠠ ᠦᠭᠡᠢ ᠪᠠᠢᠭᠰᠠᠨ ᠲᠤᠯᠠ ᠰᠦᠮ᠎ᠡ ᠬᠡᠢᠳ ᠴᠦ᠍ ᠭᠡᠳ ᠮᠥᠨ ᠠᠳᠠᠯᠢᠬᠠᠨ ᠲᠡᠢᠨ ᠦ᠌ ᠰᠦᠷᠳᠡᠭᠦᠯᠦᠯ ᠳ᠋ᠦ᠍ ᠠᠪᠲᠠᠵᠤ ᠪᠠᠢᠭᠰᠠᠨ ᠨᠢ ᠮᠡᠳᠡᠭᠡᠵᠢ᠃
       ᠪᠠᠷᠠᠭᠤᠨ ᠪᠠᠭᠰᠢ ᠬᠠᠶᠠ ᠰᠢᠷ᠎ᠠ ᠵᠣᠣ ᠰᠦᠮ᠎ᠡ ᠳᠡᠭᠡᠷ᠎ᠡ ᠪᠡᠨ ᠨᠣᠮ ᠬᠤᠷᠠᠯ ᠬᠤᠷᠠᠵᠤ᠂ ᠶᠡᠬᠡᠩᠬᠢ ᠳ᠋ᠡᠭᠡᠨ ᠬᠥᠨᠳᠡᠯᠡᠨ ᠰᠦᠮ᠎ᠡ ᠳ᠋ᠦ᠍ ᠨᠣᠮ ᠳ᠋ᠤ᠌ ᠰᠠᠭᠤᠵᠤ ᠤᠷᠢᠳ ᠬᠣᠵᠢᠳ ᠠᠷᠪᠠᠭᠠᠳ ᠵᠢᠯ ᠦ᠋ᠨ ᠴᠠᠭ ᠵᠠᠷᠤᠴᠠᠭᠤᠯᠤᠨ ᠰᠢᠮᠳᠠᠵᠤ ᠷᠠᠪᠵᠠᠮᠪᠠ ᠴᠣᠯᠠ ᠬᠦᠷᠲᠡᠭᠰᠡᠨ ᠭᠡᠳᠡᠭ᠃ ᠱᠠᠰᠢᠨ ᠤ᠋ ᠬᠠᠮᠤᠭ ᠤ᠋ᠨ ᠳᠡᠭᠡᠳᠦ ᠴᠣᠯᠠ ᠪᠣᠯᠬᠤ ᠷᠠᠪᠵᠠᠮᠪᠠ ᠴᠣᠯᠠ ᠶ᠋ᠢ ᠬᠦᠷᠲᠡᠭᠰᠡᠨ ᠲᠡᠷᠡ ᠪᠡᠷ ᠨᠢᠭᠡᠨ ᠰᠡᠳᠬᠢᠯ ᠢ᠋ᠶ᠋ᠡᠷ ᠨᠣᠮ ᠡᠷᠳᠡᠮ ᠰᠤᠷᠴᠤ ᠰᠤᠳᠤᠯᠤᠨ ᠵᠢᠳᠬᠦᠳᠡᠭ ᠪᠠᠢᠭᠰᠠᠨ ᠴᠤ᠌ ᠰᠦᠰᠦᠭᠲᠡᠨ ᠠᠷᠠᠳ ᠬᠥᠪᠡᠭᠦᠳ ᠢ᠋ᠶ᠋ᠡᠨ ᠱᠠᠪᠢ ᠪᠣᠯᠭᠠᠨ᠎ᠠ ᠭᠡᠳ ᠪᠠᠢᠨ ᠳᠠᠬᠢᠨ ᠡᠷᠢᠳᠡᠭ ᠨᠢ ᠮᠤᠩ ᠦᠭᠡᠢ᠃ ᠮᠥᠨ ᠡᠨᠡ ᠲᠠᠰᠢᠷᠠᠮ ᠳ᠋ᠤ᠌ ᠬᠣᠶᠠᠷ ᠶᠡᠬᠡ ᠭᠡᠷ ᠦ᠋ᠨ ᠱᠠᠪᠢ ᠬᠥᠮᠦᠵᠢᠭᠦᠯᠦᠨ ᠭᠠᠷᠭᠠᠭᠰᠠᠨ ᠨᠢ ᠨᠢᠩᠵᠢᠳ ᠬᠢᠭᠡᠳ ᠨᠠᠮᠰᠢᠳ ᠪᠢᠯᠡ᠃ ᠡᠳᠦᠭᠡ ᠶᠡᠬᠡ ᠪᠠᠭᠰᠢ ᠶ᠋ᠢᠨ ᠱᠠᠪᠢ ᠨᠢᠩᠵᠢᠳ ᠦ᠋ᠨ ᠲᠤᠬᠠᠢ ᠳᠥᠭᠥᠮ ᠲᠠᠨᠢᠯᠴᠠᠭᠤᠯᠪᠠᠯ ᠡᠢᠮᠦ ᠪᠠᠢᠨ᠎ᠠ᠃
     ᠨᠢᠩᠵᠢᠳ᠄ ᠢᠷᠭᠡᠨ ᠤᠯᠤᠰ ᠤ᠋ᠨ ᠬᠣᠷᠢᠨ ᠲᠠᠪᠤᠨ ᠣᠨ᠂ ᠨᠡᠢᠲᠡ ᠶ᠋ᠢᠨ ᠣᠨ ᠲᠣᠭᠠᠯᠠᠯ ᠤ᠋ᠨ1936 ᠣᠨ( ᠬᠠᠷ᠎ᠠ ᠪᠡᠴᠢᠨ ᠵᠢᠯ) ᠳ᠋ᠦ᠍᠂ ᠰᠢᠷ᠎ᠠ ᠵᠣᠣ ᠶ᠋ᠢᠨ ᠤᠷᠢᠳᠤ ᠪᠡᠶ᠎ᠡ ᠶ᠋ᠢᠨ ᠲᠠᠢᠲᠠᠭᠠᠢ ᠣᠷᠴᠢᠮ ᠤ᠋ᠨ ᠳᠡᠯᠡᠳ ᠪᠦᠷᠢᠩᠭ᠎ᠠ ᠶ᠋ᠢᠨ ᠤᠤᠭᠠᠨ ᠬᠥᠪᠡᠭᠦᠨ ᠪᠣᠯᠤᠨ ᠵᠠᠶᠠᠭᠠᠵᠠᠢ᠃ ᠶᠡᠬᠡ ᠳᠡᠭᠦᠦ ᠴᠢᠮᠡᠳᠨᠤᠷᠪᠤ᠂ ᠥᠬᠢᠨ ᠳᠡᠭᠦᠦ ᠰᠠᠸᠠᠩᠵᠢᠳ᠂ ᠪᠠᠭ᠎ᠠ ᠳᠡᠭᠦᠦ ᠰᠠᠸᠠᠩᠨᠣᠷᠪᠤ ᠭᠡᠵᠦ ᠠᠬ᠎ᠠ ᠳᠡᠭᠦᠦ ᠳᠥᠷᠪᠡᠭᠦᠯᠡ᠃ ᠨᠢᠩᠵᠢᠳ ᠨᠠᠢ᠍ᠮᠠᠨ ᠨᠠᠰᠤᠲᠠᠢ ᠳ᠋ᠠᠭᠠᠨ ᠪᠠᠷᠠᠭᠤᠨ ᠪᠠᠭᠰᠢ ᠳ᠋ᠤ᠌ ᠱᠠᠪᠢ ᠣᠷᠣᠵᠠᠢ᠃ ᠲᠡᠭᠦᠨ ᠢ᠋  ᠶᠠᠭ ᠰᠠᠢᠬᠠᠨ ᠲᠥᠪᠡᠳ ᠨᠣᠮ ᠨᠢᠳᠦᠯᠡᠨ ᠰᠤᠷᠴᠤ ᠪᠠᠢᠲᠠᠯ᠎ᠠ ᠤᠯᠤᠰ ᠤ᠋ᠨ ᠳᠣᠲᠣᠭᠠᠳᠤ ᠶ᠋ᠢᠨ ᠲᠡᠢᠨ ᠭᠡᠲᠡᠯ᠎ᠡ ᠳᠡᠭᠡᠷᠡᠮ᠂ ᠳ᠋ᠣᠣᠯᠢ ᠶ᠋ᠢᠨ ᠬᠥᠯ ᠳᠡᠪᠵᠢᠶᠡᠨ ᠪᠣᠯᠵᠤ᠂ ᠳᠡᠭᠡᠷ᠎ᠡ ᠡᠴᠡ ᠨᠢ ᠶᠠᠫᠣᠨ ᠤ᠋ ᠡᠵᠡᠷᠬᠡᠭ ᠲᠦᠷᠢᠮᠡᠬᠡᠢᠲᠡᠨ ᠲᠦᠷᠢᠨ ᠢᠷᠡᠭᠡᠳ ᠠᠮᠤᠷ ᠵᠢᠮᠤᠷ ᠠᠮᠢᠳᠤᠷᠠᠵᠤ ᠴᠢᠳᠠᠬᠤ ᠦᠭᠡᠢ᠃ ᠰᠤᠷᠤᠯᠭ᠎ᠠ ᠨᠢ ᠠᠯᠳᠠᠭ ᠤᠨᠤᠭ ᠦᠷᠭᠦᠯᠵᠢᠯᠡᠳᠡᠭ ᠪᠣᠯᠪᠠᠴᠤ ᠥᠪᠡᠷ ᠢ᠋ᠶ᠋ᠡᠨ ᠬᠠᠷᠢᠨ ᠴᠢᠯᠥᠭᠡ ᠵᠠᠢ ᠪᠠᠨ ᠠᠰᠢᠭᠯᠠᠨ ᠰᠤᠷᠬᠤ ᠶ᠋ᠢ ᠬᠢᠴᠢᠶᠡᠭᠰᠡᠭᠡᠷ ᠪᠠᠢᠪᠠ᠃ ᠶᠠᠫᠣᠨ ᠳᠡᠭᠡᠷᠡᠮ ᠳ᠋ᠦ᠍ ᠬᠠᠰᠢᠭᠳᠠᠨ ᠪᠠᠭᠰᠢ ᠨᠢ ᠬᠠᠲᠤᠨ ᠭᠣᠣᠯ ᠢ᠋  ᠭᠠᠲᠤᠯᠵᠤ ᠢᠷᠡᠵᠦ ᠴᠢᠳᠠᠬᠤ ᠦᠭᠡᠢ ᠲᠡᠭᠦᠨ ᠢ᠋ ᠬᠡᠳᠦᠨ ᠵᠢᠯ ᠭᠠᠰᠠᠯᠭᠠᠭᠰᠠᠨ ᠭᠡᠳᠡᠭ᠃
     ᠲᠡᠢᠨ ᠳᠡᠪᠵᠢᠶᠡᠨ ᠨᠠᠮᠳᠠᠵᠤ ᠤᠯᠤᠰ ᠣᠷᠣᠨ ᠴᠢᠯᠥᠭᠡᠯᠡᠭᠳᠡᠵᠦ᠂ ᠰᠦᠮ᠎ᠡ ᠬᠡᠢᠳ ᠦ᠋ᠨ ᠱᠠᠰᠢᠨ ᠤ᠋ ᠠᠵᠢᠯᠯᠠᠭ᠎ᠠ ᠴᠤ᠌ ᠬᠡᠪ ᠲᠡᠭᠡᠨ ᠣᠷᠣᠵᠤ ᠰᠡᠷᠭᠦᠪᠡ᠃ ᠨᠢᠩᠵᠢᠳ ᠪᠠᠭᠰᠢ ᠠ᠋ᠴᠠ ᠪᠠᠨ ᠡᠷᠳᠡᠮ ᠨᠣᠮ ᠰᠢᠮᠳᠠᠨ ᠰᠤᠷᠴᠤ ᠡᠯ᠎ᠡ ᠵᠦᠢᠯ ᠦ᠋ᠨ ᠱᠠᠰᠢᠨ ᠤ᠋ ᠠᠵᠢᠯᠯᠠᠭ᠎ᠠ ᠳ᠋ᠤ᠌ ᠢᠳᠡᠪᠬᠢᠯᠡᠨ ᠣᠷᠣᠯᠴᠠᠵᠤ ᠂ ᠠᠭᠤᠯᠵᠠᠷ ᠤ᠋ᠨ ᠭᠡᠭᠡᠨ ᠦ᠌ ᠲᠠᠯᠪᠢᠭᠰᠠᠨ ᠳᠦᠩᠭᠦᠷ ᠦ᠋ᠨ ᠸᠠᠩ ᠳ᠋ᠤ᠌ ᠴᠤ᠌ ᠰᠠᠭᠤᠵᠤ ᠥᠩᠭᠡᠷᠡᠭᠰᠡᠨ ᠪᠢᠯᠡ᠃ ᠵᠠᠰᠠᠭ ᠠ᠋ᠴᠠ ᠱᠠᠰᠢᠨ ᠰᠢᠲᠦᠯᠭᠡ ᠴᠢᠯᠥᠭᠡᠲᠡᠢ᠂ ᠯᠠᠮ᠎ᠠ ᠬᠤᠸᠠᠷᠠᠭ ᠪᠦᠰᠡᠭᠦᠢ ᠭᠡᠷᠭᠡᠢ ᠠᠪᠴᠤ ᠬᠠᠷ᠎ᠠ ᠪᠣᠯᠵᠤ ᠪᠣᠯᠤᠨ᠎ᠠ ᠭᠡᠳ ᠤᠷᠢᠶᠠᠯᠠᠵᠤ ᠪᠠᠢᠭᠰᠠᠨ ᠴᠤ᠌ ᠲᠡᠷᠡ ᠪᠡᠷ ᠨᠢᠭᠡ ᠰᠡᠳᠬᠢᠯ ᠢ᠋ᠶ᠋ᠡᠷ ᠱᠠᠰᠢᠨ ᠭᠡᠳ ᠬᠠᠷ᠎ᠠ ᠪᠣᠯᠵᠤ ᠠᠢᠯ ᠪᠣᠯᠤᠭᠰᠠᠨ ᠦᠭᠡᠢ᠃ ᠭᠡᠲᠡᠯ᠎ᠡ ᠲᠡᠦᠬᠡᠨ ᠳ᠋ᠦ᠍ ᠭᠠᠷᠤᠭᠠᠳᠤᠢ ᠰᠣᠶᠣᠯ ᠤ᠋ᠨ ᠶᠡᠬᠡ ᠬᠤᠪᠢᠰᠬᠠᠯ ᠤ᠋ᠨ ᠤᠯᠠᠭᠠᠨ ᠰᠢᠭᠤᠷᠭ᠎ᠠ ᠳᠡᠭᠳᠡᠭᠡᠳ ᠶᠠᠭᠤᠨ ᠤ᠋ ᠨᠣᠮ ᠰᠤᠷᠬᠤ ᠲᠠᠢ ᠶᠤᠮ᠃ ᠳᠥᠷᠪᠡᠨ ᠬᠠᠭᠤᠴᠢᠨ ᠢ᠋ ᠡᠪᠳᠡᠵᠦ᠂ ᠰᠦᠮ᠎ᠡ ᠬᠡᠢᠳ ᠨᠣᠮ ᠪᠤᠷᠬᠠᠨ᠂ ᠯᠠᠮ᠎ᠠ ᠬᠤᠸᠠᠷᠠᠭ ᠨᠢ ᠴᠥᠮ ᠱᠦᠭᠦᠷᠳᠡᠭᠳᠡᠨ ᠠᠷᠢᠯᠭᠠᠭᠳᠠᠬᠤ ᠡᠲᠡᠭᠡᠳ ᠪᠣᠯᠤᠭᠰᠠᠨ ᠠ᠋ᠴᠠ ᠰᠦᠮ᠎ᠡ ᠬᠡᠢᠳ ᠨᠣᠷᠤᠭᠳᠠᠵᠤ᠂ ᠯᠠᠮ᠎ᠠ ᠬᠤᠸᠠᠷᠠᠭ ᠪᠦᠬᠦᠨ ᠢ᠋ᠶ᠋ᠡᠷ ᠢ᠋ᠶ᠋ᠡᠨ ᠴᠢᠳᠬᠥᠷ ᠱᠤᠯᠤᠮ ᠪᠣᠯᠤᠨ ᠬᠤᠪᠢᠷᠠᠵᠤ᠂ ᠪᠤᠷᠤᠭᠤᠰᠢᠶᠠᠭᠳᠠᠨ ᠲᠡᠮᠡᠴᠡᠭᠳᠡᠬᠦ ᠡᠲᠡᠭᠡᠳ ᠪᠣᠯᠤᠭᠰᠠᠨ ᠪᠠᠢᠨ᠎ᠠ᠃ ᠰᠢᠷ᠎ᠠ ᠵᠣᠣ ᠰᠤᠮᠤ᠂  ᠤᠯᠠᠭᠠᠨ ᠣᠳᠣ  ᠪᠠᠷᠢᠭᠠᠳᠠ ᠳ᠋ᠤ᠌ ᠬᠡᠳᠦ ᠤᠳᠠᠭ᠎ᠠ ᠪᠤᠷᠤᠭᠤᠰᠢᠶᠠᠭᠳᠠᠨ ᠲᠡᠮᠡᠴᠡᠭᠳᠡᠭᠡᠳ ᠬᠣᠵᠢᠮ ᠨᠢ ᠲᠥᠭᠥᠷᠢᠭ ᠲᠡᠭᠡᠨ ᠰᠢᠯᠵᠢᠨ ᠶᠡᠬᠡ ᠪᠠᠭ᠎ᠠ ᠬᠤᠷᠠᠯ ᠴᠤᠭᠯᠠᠭᠠᠨ ᠳ᠋ᠤ᠌ ᠣᠯᠠᠨ ᠤᠳᠠᠭ᠎ᠠ ᠲᠡᠮᠡᠴᠡᠭᠳᠡᠭᠰᠡᠨ ᠢ᠋ ᠬᠡᠯᠡᠬᠦ ᠶᠠᠭᠤᠨ᠃ ᠮᠥᠨ ᠬᠠᠷ᠎ᠠ ᠠᠵᠢᠯ ᠬᠥᠳᠡᠯᠮᠦᠷᠢ ᠳ᠋ᠦ᠍ ᠨᠡᠷ᠎ᠡ ᠵᠢᠭᠠᠭᠳᠠᠨ ᠥᠭᠡᠷᠡᠴᠢᠯᠡᠭᠳᠡᠨ ᠬᠥᠳᠡᠯᠮᠦᠷᠢᠯᠡᠵᠦ ᠬᠡᠳᠦᠨ ᠵᠢᠯ ᠪᠣᠯᠤᠭᠰᠠᠨ ᠢ᠋ᠶ᠋ᠠᠨ ᠶᠡᠬᠡ ᠭᠡᠷ ᠲᠡᠭᠡᠨ ᠬᠣᠨᠢ ᠮᠠᠯ ᠬᠠᠷᠢᠭᠤᠯᠬᠤ ᠪᠣᠯᠤᠭᠰᠠᠨ ᠨᠢ ᠤᠯᠠᠭᠠᠨ ᠰᠢᠭᠤᠷᠭᠠᠨ ᠰᠢᠪᠲᠤᠷᠠᠭᠠᠨ ᠳ᠋ᠠᠭᠠᠨ ᠣᠷᠣᠵᠤ ᠴᠠᠭ ᠲᠥᠷᠥ ᠲᠦᠪᠰᠢᠷᠡᠬᠦ ᠬᠠᠨᠳᠤᠰᠢ ᠲᠠᠢ ᠪᠣᠯᠤᠭᠰᠠᠨ ᠤ᠋ ᠰᠢᠨᠵᠢ ᠪᠠᠢᠵᠠᠢ᠃
     ᠲᠥᠷᠥ ᠲᠦᠪᠰᠢᠷᠡᠨ ᠲᠦᠮᠡᠨ ᠠᠮᠤᠷᠵᠢᠨ᠂ ᠬᠢᠯᠢᠰ ᠢ᠋ᠶ᠋ᠡᠷ ᠠᠪᠲᠠᠭᠰᠠᠨ ᠤᠯᠤᠰ ᠴᠠᠭᠠᠳᠬᠠᠯ ᠢ᠋ᠶ᠋ᠠᠨ ᠣᠯᠵᠤ᠂ ᠨᠠᠮ ᠤ᠋ᠨ ᠱᠠᠰᠢᠨ ᠰᠤᠷᠲᠠᠬᠤᠨ ᠤ᠋ ᠲᠥᠷᠥ ᠶ᠋ᠢᠨ ᠪᠣᠳᠣᠯᠭ᠎ᠠ ᠶ᠋ᠢᠨ ᠲᠤᠶᠠᠭᠠᠯᠠᠯ ᠢ᠋ᠶ᠋ᠠᠷ ᠰᠦᠮ᠎ᠡ ᠬᠡᠢᠳ ᠨᠣᠮ ᠬᠤᠷᠠᠯ ᠢ᠋ᠶ᠋ᠠᠨ ᠰᠡᠷᠭᠦᠭᠡᠵᠦ ᠡᠬᠢᠯᠡᠪᠡ᠃ ᠨᠢᠩᠵᠢᠳ ᠭᠤᠸᠠᠢ ᠬᠠᠮᠤᠭ ᠲᠡᠷᠢᠭᠦᠨ ᠳ᠋ᠦ᠍ ᠰᠢᠷ᠎ᠠ ᠵᠣᠣ ᠰᠦᠮ᠎ᠡ ᠳ᠋ᠡᠭᠡᠨ ᠪᠤᠴᠠᠨ ᠪᠠᠭᠰᠢ ᠪᠣᠯᠤᠨ ᠪᠤᠰᠤᠳ ᠯᠠᠮᠠ ᠨᠠᠷ ᠲᠠᠢ ᠬᠠᠮᠵᠢᠯᠴᠠᠨ᠂ 1983 ᠣᠨ ᠳ᠋ᠤ᠌ ᠡᠯᠡᠰᠦ ᠮᠠᠩᠬ᠎ᠠ ᠶ᠋ᠢ ᠥᠭᠡᠷᠡᠴᠢᠯᠡᠬᠦ ᠥᠷᠲᠡᠭᠡᠨ ᠦ᠌ ᠪᠠᠢᠰᠢᠩ ᠢ᠋  ᠰᠤᠯᠠᠯᠠᠨ ᠰᠣᠶᠣᠯ ᠤ᠋ᠨ ᠬᠤᠪᠢᠰᠬᠠᠯ ᠤ᠋ᠨ ᠳᠠᠷᠠᠭ᠎ᠠ ᠠᠩᠬ᠎ᠠ ᠤᠳᠠᠭ᠎ᠠ ᠮᠠᠨᠢ ᠶ᠋ᠢᠨ ᠬᠤᠷᠠᠯ ᠢ᠋ᠶ᠋ᠠᠨ ᠬᠤᠷᠠᠪᠠ᠃ ᠬᠣᠵᠢᠮ ᠨᠢ ᠰᠢᠲᠦᠭᠡᠨ ᠰᠦᠮ᠎ᠡ᠂ ᠶᠡᠬᠡ ᠰᠦᠮ᠎ᠡ᠂ ᠰᠤᠪᠤᠷᠭ᠎ᠠ ᠡᠨᠡ ᠲᠡᠷᠡ ᠶ᠋ᠢ ᠪᠠᠢᠭᠤᠯᠬᠤ ᠳ᠋ᠤ᠌ ᠬᠢᠷᠢ ᠴᠢᠳᠠᠯ ᠢ᠋ᠶ᠋ᠠᠷ ᠢ᠋ᠶ᠋ᠠᠨ ᠬᠠᠨᠳᠢᠪ ᠡᠷᠭᠦᠵᠦ᠂ ᠰᠦᠮ᠎ᠡ ᠪᠠᠷᠢᠭᠰᠠᠨ ᠤ᠋ ᠳᠠᠷᠠᠭ᠎ᠠ ᠨᠣᠮ ᠰᠤᠳᠤᠷ ᠳᠤᠲᠠᠭᠳᠠᠵᠤ᠂ ᠯᠠᠪᠷᠤᠩ ᠠ᠋ᠴᠠ ᠭᠠᠨᠵᠤᠤᠷ ᠢ᠋  ᠵᠠᠯᠠᠬᠤ ᠪᠠᠷ ᠶᠠᠪᠤᠬᠤ ᠳ᠋ᠤᠨᠢ ᠲᠡᠷᠡ ᠪᠠᠰᠠ ᠣᠷᠣᠯᠴᠠᠵᠤ ᠶᠠᠪᠤᠭᠰᠠᠨ ᠠᠵᠢ᠃
      ᠴᠠᠭ ᠵᠢᠯ ᠰᠠᠢᠵᠢᠷᠠᠨ᠂ ᠬᠥᠮᠦᠨ ᠠᠷᠠᠳ ᠤ᠋ᠨ ᠱᠠᠰᠢᠨ ᠰᠢᠲᠦᠯᠭᠡ᠂ ᠴᠢᠩ ᠰᠦᠰᠦᠭ ᠴᠦ᠍ ᠨᠡᠮᠡᠭᠳᠡᠵᠦ ᠡᠬᠢᠯᠡᠬᠦ ᠶ᠋ᠢ ᠳᠠᠭᠠᠯᠳᠤᠨ ᠲᠡᠷᠡ ᠪᠡᠷ ᠰᠦᠮ᠎ᠡ ᠶ᠋ᠢᠨ ᠢ᠋ᠶ᠋ᠡᠨ ᠴᠠᠭ ᠴᠠᠭ ᠤ᠋ᠨ ᠬᠤᠷᠠᠯ ᠳ᠋ᠤ᠌ ᠣᠰᠤᠯᠳᠠᠯ ᠦᠭᠡᠢ ᠣᠷᠣᠯᠴᠠᠵᠤ ᠢᠷᠡᠭᠰᠡᠨ ᠢ᠋ᠶ᠋ᠡᠷ ᠦᠯᠦ ᠪᠠᠷᠠᠮ᠂  ᠰᠦᠰᠦᠭᠲᠡᠨ ᠠᠷᠠᠳ ᠤ᠋ᠨ ᠭᠡᠷ ᠲᠡᠭᠡᠨ ᠲᠠᠬᠢᠯᠭ᠎ᠠ ᠬᠢᠯᠭᠡᠬᠦ᠂ ᠨᠣᠮ ᠪᠤᠶᠠᠨ ᠦᠢᠯᠡᠳᠦᠭᠦᠯᠬᠦ᠂ ᠬᠤᠷᠢᠮ ᠨᠠᠢᠷ ᠤ᠋ᠨ ᠨᠣᠮ ᠤ᠋ᠨ ᠪᠠᠭᠰᠢ ᠪᠠᠷ ᠵᠠᠯᠠᠭᠳᠠᠬᠤ ᠮᠡᠲᠦ ᠪᠡᠷ ᠶᠠᠭᠠᠷᠠᠬᠤ ᠪᠣᠯᠤᠭᠰᠠᠨ ᠪᠠᠢᠪᠠ᠃ ᠶᠠᠭ ᠢᠩᠭᠢᠭᠡᠳ ᠱᠠᠰᠢᠨ ᠨᠣᠮ ᠤ᠋ᠨ ᠦᠢᠯᠡᠰ ᠲᠡᠭᠡᠨ ᠶᠠᠭᠠᠷᠠᠯᠲᠠᠢ ᠪᠠᠢᠬᠤ ᠳ᠋ᠤᠨᠢ ᠬᠠᠢᠷᠠᠲᠤ ᠡᠵᠢ ᠨᠢ ᠪᠤᠷᠬᠠᠨ ᠪᠣᠯᠵᠤ ᠲᠡᠷᠡ ᠪᠡᠷ ᠬᠡᠳᠦᠨ ᠳᠡᠭᠦᠦ ᠨᠠᠷ ᠲᠠᠢ ᠪᠠᠨ ᠨᠣᠮ ᠪᠤᠶᠠᠨ ᠢ᠋ ᠨᠢ ᠰᠠᠢᠨ ᠬᠢᠵᠦ᠂ ᠪᠤᠷᠬᠠᠨ ᠡᠵᠢ ᠳ᠋ᠡᠭᠡᠨ ᠵᠠᠭᠤᠨ ᠲᠠᠷᠪᠠ ᠤᠩᠰᠢᠭᠰᠠᠨ ᠭᠡᠳᠡᠭ᠃ ᠲᠡᠳᠦᠢ ᠤᠳᠠᠯ ᠦᠭᠡᠢ᠂1988 ᠣᠨ ᠳ᠋ᠤ᠌ ᠬᠦᠨᠳᠦᠲᠦ ᠪᠠᠭᠰᠢ ᠨᠢ ᠴᠦ᠍ ᠲᠠᠭᠠᠯᠠᠯ ᠲᠡᠭᠦᠰᠴᠦ᠂ ᠲᠡᠭᠦᠨ ᠢ᠋ ᠨᠡᠩ ᠭᠦᠨ ᠭᠣᠮᠣᠳᠠᠯ ᠭᠠᠰᠢᠭᠤᠳᠠᠯ ᠳ᠋ᠤ᠌ ᠤᠨᠠᠭᠠᠭᠰᠠᠨ ᠭᠡᠳᠡᠭ ᠶᠦᠮ᠃ ᠨᠢᠩᠵᠢᠳ ᠮᠠᠮᠠ ᠶ᠋ᠢ ᠪᠠᠭᠰᠢ ᠪᠠᠨ ᠬᠦᠨᠳᠦ ᠡᠪᠡᠳᠴᠢᠨ ᠲᠡᠢ ᠪᠠᠢᠬᠤ ᠳ᠋ᠤᠨᠢ ᠰᠠᠢᠬᠠᠨ ᠠᠰᠠᠷᠠᠵᠤ᠂ ᠨᠣᠮ ᠪᠤᠶᠠᠨ ᠢ᠋ ᠨᠢ ᠰᠠᠢᠨ ᠬᠢᠬᠦ ᠪᠡᠷ ᠴᠢᠷᠮᠠᠢᠨ ᠵᠢᠳᠬᠦᠭᠰᠡᠨ ᠭᠡᠵᠦ ᠬᠥᠮᠦᠰ ᠬᠡᠯᠡᠯᠴᠡᠵᠡᠭᠡᠨ᠎ᠠ ᠪᠢᠯᠡ᠃
      ᠡᠳᠦᠭᠡ ᠲᠡᠷᠡ ᠪᠡᠷ ᠳᠠᠯᠠ ᠶ᠋ᠢ ᠵᠣᠭᠣᠭᠯᠠᠵᠤ ᠨᠠᠶᠠ ᠶ᠋ᠢᠨ ᠳᠠᠪᠠᠭ᠎ᠠ ᠶ᠋ᠢ ᠳᠥᠭᠥᠭᠰᠡᠨ ᠴᠦ᠍ ᠰᠦᠮ᠎ᠡ ᠶ᠋ᠢᠨ ᠬᠤᠷᠠᠯ ᠨᠣᠮ ᠠ᠋ᠴᠠ ᠥᠭᠰᠥᠭᠦᠯᠦᠨ ᠴᠠᠮ ᠴᠠᠮᠨᠠᠬᠤ ᠳ᠋ᠤᠨᠢ ᠬᠦᠷᠲᠡᠯ᠎ᠡ ᠵᠢᠳᠬᠦᠭᠰᠡᠭᠡᠷ ᠪᠣᠢ᠃
    ᠪᠠᠷᠠᠭᠤᠨ ᠪᠠᠭᠰᠢ ᠶ᠋ᠢᠨ ᠦᠢᠯᠡ ᠬᠡᠷᠡᠭ ᠢ᠋  ᠲᠣᠭᠠᠴᠢᠬᠤ ᠳ᠋ᠤ᠌ ᠨᠥᠭᠦᠭᠡ ᠨᠢᠭᠡ ᠭᠠᠷ ᠤ᠋ᠨ ᠱᠠᠪᠢ ᠨᠠᠮᠰᠢᠳ ᠨᠠᠰᠤᠲᠠᠨ ᠢ᠋  ᠥᠭᠦᠯᠡᠬᠦ ᠦᠭᠡᠢ ᠥᠩᠭᠡᠷᠡᠵᠦ ᠦᠯᠦ ᠪᠣᠯᠤᠨ᠎ᠠ ᠃
     ᠨᠠᠮᠰᠢᠳ ᠄ ᠢᠷᠭᠡᠨ ᠤᠯᠤᠰ ᠤ᠋ᠨ ᠠᠷᠪᠠᠨ ᠳᠥᠷᠪᠡᠨ ᠣᠨ᠂ ᠨᠡᠢᠲᠡ ᠶ᠋ᠢᠨ ᠣᠨ ᠲᠣᠭᠠᠯᠠᠯ ᠤ᠋ᠨ 1925 ᠣᠨ( ᠬᠥᠬᠡᠭᠴᠢᠨ ᠦᠬᠡᠷ ᠵᠢᠯ) ᠳ᠋ᠦ᠍ ᠣᠷᠳᠣᠰ ᠴᠤᠭᠯᠠᠭᠠᠨ ᠤ᠋ ᠳᠡᠯᠡᠳ ᠬᠤᠰᠢᠭᠤᠨ ᠤ᠋ ᠬᠠᠷᠠᠭᠠᠨᠠᠲᠤ ᠶ᠋ᠢᠨ ᠰᠢᠷ᠎ᠠ ᠵᠦᠯᠭᠡ ᠭᠡᠰᠡᠨ ᠭᠠᠵᠠᠷ ᠨᠢᠭᠡᠨ ᠮᠠᠯᠴᠢᠨ ᠠᠢᠯ ᠤ᠋ᠨ ᠪᠠᠭ᠎ᠠ ᠬᠥᠪᠡᠭᠦᠨ ᠪᠣᠯᠤᠨ ᠵᠠᠶᠠᠭᠠᠵᠠᠢ᠃ ᠠᠬ᠎ᠠ ᠳᠡᠭᠦᠦ ᠳᠥᠷᠪᠡᠭᠦᠯᠡ᠂ ᠶᠡᠬᠡ ᠠᠬ᠎ᠠ ᠲᠣᠭᠲᠠᠮᠠᠯ᠂ ᠬᠣᠶᠠᠳᠤᠭᠠᠷ ᠠᠬ᠎ᠠ ᠷᠠᠰᠢᠵᠠᠮᠰᠤ ( ᠯᠠᠮᠠ)᠂ ᠭᠤᠷᠪᠠᠳᠤᠭᠠᠷ ᠠᠬ᠎ᠠ ᠦᠨᠢᠷᠲᠣᠭᠲᠠᠬᠤ ᠭᠡᠳᠡᠭ᠃ ᠠᠬ᠎ᠠ ᠶ᠋ᠢ ᠨᠢ ᠬᠠᠷᠠᠭᠠᠨᠠᠲᠤ ᠶ᠋ᠢᠨ ᠰᠦᠮ᠎ᠡ ᠳ᠋ᠦ᠍ ᠱᠠᠪᠢ ᠪᠣᠯᠭᠠᠬᠤ ᠳ᠋ᠤ᠌ ᠲᠡᠭᠦᠨ ᠢ᠋  ᠴᠦ᠍ ᠳᠠᠭᠠᠭᠤᠯᠤᠨ ᠠᠪᠠᠴᠢᠵᠤ ᠰᠠᠭᠤᠯᠭᠠᠵᠠᠢ᠃ ᠲᠡᠷᠡ ᠦᠶᠡᠰ ᠳᠡᠭᠡᠷᠡᠮ ᠲᠤᠨᠤᠭ᠎ᠠ ᠬᠡᠴᠡᠭᠦᠦ ᠰᠠᠮᠠᠭᠤᠷᠠᠵᠤ ᠪᠠᠢᠭᠰᠠᠨ ᠪᠣᠯᠬᠣᠷ ᠬᠥᠮᠦᠰ ᠪᠦᠷ ᠳᠥᠷᠪᠡᠨ ᠳᠤᠲᠠᠭᠠᠵᠤ ᠡᠬᠢᠯᠡᠭᠰᠡᠨ ᠳ᠋ᠦ᠍ ᠲᠡᠳᠡᠨ ᠦ᠌ ᠬᠢᠨ ᠴᠦ᠍ ᠮᠠᠯ ᠢ᠋ᠶ᠋ᠠᠨ ᠳᠠᠭᠤᠨ ᠬᠥᠳᠡᠭᠡ ᠲᠥᠭᠥᠷᠢᠭ ᠦ᠋ᠨ ᠴᠠᠪᠴᠢᠷ ᠲᠤ᠌ ᠳᠤᠲᠠᠭᠠᠨ ᠬᠦᠷᠴᠡᠢ᠃ ᠳᠣᠯᠣᠭᠠᠨ ᠬᠦᠵᠦᠭᠦᠲᠦ ᠠᠷᠪᠢᠨᠬᠡᠰᠢᠭ ᠭᠡᠳᠡᠭ ᠬᠠᠢᠷ᠎ᠠ ᠶ᠋ᠢᠨ ᠵᠠᠬᠢᠷᠤᠭᠴᠢ ᠲᠡᠳᠡᠨ ᠦ᠌ ᠬᠦᠷᠭᠡᠨ ᠠᠬ᠎ᠠ ᠪᠣᠯᠬᠤ ᠤᠴᠢᠷ ᠲᠡᠳᠡᠨ ᠦ᠌ ᠳ᠋ᠦ᠍ ᠰᠠᠭᠤᠵᠤ ᠪᠠᠢᠭᠰᠠᠨ ᠢ᠋ᠶ᠋ᠠᠨ᠂ ᠤᠯᠠᠮ ᠴᠢᠨᠠᠭᠰᠢ ᠪᠠᠯᠠᠷ ᠬᠤᠳᠳᠤᠭ ᠲᠤ᠌ ᠳᠤᠲᠠᠭᠠᠵᠤ ᠶᠠᠪᠤᠭᠠᠳ ᠳᠡᠭᠡᠷᠡᠮ ᠲᠤᠨᠤᠭᠠᠨ ᠤ᠋ ᠰᠤᠷᠠᠭ ᠠᠷᠠᠢ ᠨᠠᠮᠳᠠᠬᠤ ᠪᠠᠷ ᠳᠠᠬᠢᠨ ᠴᠠᠪᠴᠢᠷ ᠲᠤ᠌ ᠪᠤᠴᠠᠵᠤ ᠢᠷᠡᠵᠡᠢ᠃ ᠮᠥᠨ ᠲᠦᠳᠡᠯ ᠦᠭᠡᠢ ᠪᠠᠷᠠᠭᠤᠨ ᠪᠠᠭᠰᠢ ᠳ᠋ᠤ᠌ ᠦᠷ᠎ᠡ ᠱᠠᠪᠢ ᠪᠣᠯᠭᠠᠨ ᠥᠭᠭᠦᠭᠰᠡᠨ ᠨᠢ ᠪᠠᠷᠠᠭᠤᠨ ᠪᠠᠭᠰᠢ ᠲᠡᠳᠡ ᠬᠣᠶᠠᠭᠤᠯᠠ ᠶ᠋ᠢᠨ ᠥᠨᠢᠳᠡ ᠶ᠋ᠢᠨ ᠪᠠᠷᠢᠯᠳᠤᠯᠭ᠎ᠠ ᠪᠠᠢᠵᠠᠢ᠃ ᠰᠢᠷ᠎ᠠ ᠵᠣᠣ ᠰᠦᠮ᠎ᠡ ᠳ᠋ᠦ᠍ ᠢᠷᠡᠭᠡᠳ ᠳᠡᠮᠡᠢ ᠬᠡᠳᠦᠨ ᠵᠢᠯ ᠪᠣᠯᠤᠯ ᠦᠭᠡᠢ᠂ ᠪᠠᠭᠰᠢ ᠨᠢ ᠳᠠᠬᠢᠭᠠᠳ ᠬᠥᠨᠳᠡᠯᠡᠨ ᠰᠦᠮ᠎ᠡ ᠳ᠋ᠦ᠍ ᠨᠣᠮ ᠳ᠋ᠤ᠌ ᠰᠠᠭᠤᠬᠤ ᠪᠠᠷ ᠶᠠᠪᠤᠵᠠᠢ᠃ ᠴᠢᠪ ᠭᠡᠮᠡᠨ ᠶᠠᠫᠣᠨ ᠲᠦᠷᠢᠮᠡᠬᠡᠢᠯᠡᠨ ᠣᠷᠣᠵᠤ ᠢᠷᠡᠭᠡᠳ ᠪᠤᠭᠤᠲᠤ ᠶ᠋ᠢ ᠡᠵᠡᠯᠡᠨ ᠬᠠᠲᠤᠨ ᠭᠣᠣᠯ ᠢ᠋ ᠴᠠᠭᠳᠠᠨ ᠬᠣᠷᠢᠭᠰᠠᠨ ᠠ᠋ᠴᠠ ᠪᠠᠭᠰᠢ ᠨᠢ ᠲᠡᠨᠳᠡ ᠬᠡᠳᠦᠨ ᠵᠢᠯ ᠬᠣᠷᠢᠭᠳᠠᠵᠠᠢ᠃ ᠨᠠᠭᠠᠨ᠎ᠠ ᠨᠢ ᠬᠣᠴᠣᠷᠤᠭᠰᠠᠨ ᠲᠡᠷᠡ ᠪᠡᠷ ᠢᠳᠡᠬᠦ ᠬᠣᠭᠣᠯᠠ ᠪᠡᠷ ᠴᠦ᠍ ᠬᠣᠮᠰᠠᠳᠠᠨ᠂ ᠣᠮᠪᠣ ᠨᠢᠷᠪᠠ ᠨᠢ ᠴᠦ᠍ ᠪᠠᠨᠲᠤᠤ ᠶ᠋ᠢᠨ ᠲᠠᠯᠬ᠎ᠠ ᠪᠠᠷ ᠬᠣᠭᠣᠯᠠᠯᠠᠨ ᠭᠠᠴᠢᠭ ᠲᠡᠪᠡᠳᠡᠭᠦᠬᠡᠨ ᠣᠨᠳᠣᠷᠤᠯᠭ᠎ᠠ ᠲᠠᠢ ᠪᠣᠯᠤᠭᠰᠠᠨ ᠠ᠋ᠴᠠ ᠠᠷᠭ᠎ᠠ ᠪᠤᠰᠤ ᠠᠷᠤ ᠭᠡᠷ ᠲᠡᠭᠡᠨ ᠬᠠᠷᠢᠵᠠᠢ᠃ ᠡᠨᠡ ᠭᠤᠷᠪᠠ ᠳᠥᠷᠪᠡᠨ ᠵᠢᠯ ᠦ᠋ᠨ ᠬᠣᠭᠣᠷᠣᠨᠳᠣ ᠯᠠᠮᠠ ᠠᠬ᠎ᠠ ᠪᠠᠨ ᠳᠠᠭᠠᠵᠤ ᠳᠠᠪᠤᠰᠤᠨ ᠵᠠᠬ᠎ᠠ ᠠ᠋ᠴᠠ ᠳᠠᠪᠤᠰᠤ ᠠᠴᠢᠬᠤ ᠪᠠᠷ ᠶᠠᠪᠤᠬᠤ ᠳ᠋ᠤᠨᠢ ᠳᠠᠭᠠᠵᠤ ᠶᠠᠪᠤᠭᠰᠠᠨ ᠭᠡᠳᠡᠭ᠃ ᠲᠡᠢᠨ ᠦ᠌ ᠭᠠᠯ ᠤᠨᠲᠠᠷᠠᠵᠤ ᠤᠯᠤᠰ ᠣᠷᠣᠨ ᠴᠢᠯᠥᠭᠡᠯᠡᠭᠳᠡᠭᠰᠡᠨ ᠦ᠌ ᠳᠠᠷᠠᠭ᠎ᠠ᠂ ᠱᠠᠰᠢᠨ ᠰᠢᠲᠦᠯᠭᠡ ᠴᠦ᠍ ᠲᠠᠪᠠᠲᠠᠢ ᠠᠭᠤᠵᠢᠮ ᠣᠷᠴᠢᠨ ᠲᠠᠢ ᠪᠣᠯᠵᠤ᠂ ᠯᠠᠮᠠ ᠨᠠᠷ ᠢ᠋  ᠬᠠᠷ᠎ᠠ ᠪᠣᠯᠵᠤ ᠭᠡᠷ ᠡᠷᠦᠬᠡ ᠪᠠᠢᠭᠤᠯᠬᠤ ᠶ᠋ᠢ ᠤᠷᠢᠶᠠᠯᠠᠭᠰᠠᠨ ᠴᠤ᠌ ᠲᠡᠷᠡ ᠪᠡᠷ ᠰᠦᠮ᠎ᠡ ᠳ᠋ᠡᠭᠡᠨ ᠦᠯᠡᠳᠡᠵᠦ᠂ ᠪᠠᠭᠰᠢ ᠶ᠋ᠢᠨ ᠢ᠋ᠶ᠋ᠡᠨ ᠳᠡᠷᠭᠡᠳᠡ ᠬᠣᠴᠣᠷᠤᠭᠰᠠᠨ ᠪᠠᠢᠯ᠎ᠠ᠃ 1953 ᠣᠨ ᠳ᠋ᠤ᠌ ᠠᠭᠤᠯᠵᠠᠷ ᠤ᠋ᠨ ᠭᠡᠭᠡᠨ ᠬᠠᠩᠭᠢᠨ ᠬᠤᠰᠢᠭᠤᠨ ᠳ᠋ᠤ᠌ ᠳᠦᠩᠭᠦᠷ ᠦ᠋ᠨ ᠸᠠᠩ ᠲᠠᠯᠪᠢᠬᠤ ᠳ᠋ᠤᠨᠢ ᠣᠴᠢᠵᠤ ᠣᠷᠣᠯᠴᠠᠵᠠᠢ᠃
     ᠰᠣᠶᠣᠯ ᠤ᠋ᠨ ᠬᠤᠪᠢᠰᠬᠠᠯ ᠤ᠋ᠨ ᠤᠯᠠᠭᠠᠨ ᠰᠢᠭᠤᠷᠭᠠᠨ ᠤᠯᠤᠰ ᠳᠠᠶᠠᠭᠠᠷ ᠪᠣᠰᠬᠤ ᠳ᠋ᠤ᠌᠂ ᠰᠦᠮ᠎ᠡ ᠬᠡᠢᠳ ᠡᠪᠳᠡᠭᠳᠡᠨ ᠪᠠᠭᠰᠢ ᠱᠠᠪᠢ᠂ ᠯᠠᠮᠠ ᠬᠤᠸᠠᠷᠠᠭ᠂ ᠪᠦᠭᠦᠳᠡᠭᠡᠷ ᠴᠢᠳᠬᠥᠷ ᠱᠤᠯᠤᠮ ᠪᠣᠯᠵᠤ᠂ ᠨᠠᠮᠰᠢᠳ ᠴᠤ᠌ ᠮᠠᠭᠤ ᠡᠲᠡᠭᠡᠳ ᠲᠣᠪᠳᠤᠨᠫᠸᠯᠵᠠᠢ ᠶ᠋ᠢᠨ ᠨᠣᠬᠠᠢ ᠶ᠋ᠢᠨ ᠭᠤᠶ᠎ᠠ ᠭᠡᠮᠡᠨ ᠪᠤᠷᠤᠭᠤᠰᠢᠶᠠᠭᠳᠠᠵᠤ᠂ ᠬᠤᠷᠠᠯ ᠴᠢᠭᠤᠯᠭᠠᠨ ᠳ᠋ᠤ᠌ ᠬᠡᠳᠦᠨ ᠮᠠᠯ ᠤ᠋ᠨ ᠡᠵᠡᠨ ᠨᠠᠷ ᠲᠠᠢ ᠪᠤᠷᠤᠭᠤᠰᠢᠶᠠᠨ ᠰᠢᠭᠦᠮᠵᠢᠯᠡᠭᠦᠯᠬᠦ ᠪᠡᠨ ᠵᠣᠭᠰᠣᠬᠤ ᠦᠭᠡᠢ ᠪᠠᠢᠯ᠎ᠠ᠃ ᠳᠠᠷᠠᠭ᠎ᠠ ᠨᠢ ᠲᠡᠮᠡᠴᠡᠯ ᠨᠡᠩ ᠬᠤᠷᠴᠠᠳᠤᠨ《 ᠥᠪᠥᠷ ᠮᠣᠩᠭᠣᠯ ᠤ᠋ᠨ ᠠᠷᠠᠳ ᠤ᠋ᠨ ᠨᠠᠮ》ᠢ᠋  ᠮᠠᠯᠲᠠᠵᠤ ᠡᠬᠢᠯᠡᠭᠰᠡᠨ ᠳ᠋ᠦ᠍ ᠲᠡᠷᠡ ᠪᠡᠷ ᠮᠥᠨ ᠲᠡᠭᠦᠨ ᠳ᠋ᠦ᠍ᠨᠢ ᠠᠪᠲᠠᠨ ᠲᠤᠰᠠᠭᠠᠷᠯᠠᠭᠳᠠᠨ ᠬᠣᠷᠢᠭᠳᠠᠯ᠎ᠠ᠃ ᠰᠤᠪᠠᠭ ᠮᠠᠯᠲᠠᠵᠤ ᠬᠠᠰᠢᠯᠭ᠎ᠠ ᠵᠠᠰᠠᠬᠤ ᠮᠡᠲᠦ ᠶ᠋ᠢᠨ ᠬᠦᠨᠳᠦ ᠬᠠᠷ᠎ᠠ ᠠᠵᠢᠯ ᠳ᠋ᠤ᠌ ᠵᠢᠭᠠᠭᠳᠠᠨ᠂ ᠬᠥᠮᠦᠰ ᠦ᠋ᠨ ᠬᠢᠨᠠᠯᠲᠠ ᠳᠣᠣᠷ᠎ᠠ ᠬᠥᠳᠡᠯᠮᠦᠷᠢᠯᠡᠳᠡᠭ ᠪᠠᠢᠪᠠ᠃ ᠮᠥᠨ ᠲᠡᠷᠡ ᠬᠤᠭᠤᠴᠠᠭᠠᠨ ᠳ᠋ᠤ᠌ ᠨᠠᠰᠤᠲᠠᠢ ᠡᠵᠢ ᠨᠢ ᠬᠦᠨᠳᠦ ᠡᠪᠡᠳᠴᠢᠯᠡᠭᠰᠡᠨ ᠭᠡᠰᠡᠨ ᠳᠠᠭᠤᠳᠠᠯᠭ᠎ᠠ ᠢᠷᠡᠵᠡᠢ᠃ ᠲᠡᠭᠡᠭᠡᠳ ᠬᠢᠨᠠᠯᠲᠠ ᠬᠠᠮᠢᠶᠠᠷᠤᠯᠲᠠ ᠶ᠋ᠢᠨ ᠬᠥᠮᠦᠰ ᠲᠦ᠍ ᠴᠢᠯᠥᠭᠡ ᠬᠡᠯᠡᠭᠡᠳ ᠨᠢᠭᠡ ᠬᠢᠨᠠᠯᠲᠠ ᠶ᠋ᠢᠨ ᠬᠥᠮᠦᠨ ᠦ᠌ ᠳᠠᠭᠠᠯᠲᠠ ᠲᠠᠢ ᠪᠠᠷ ᠭᠡᠷ ᠲᠡᠭᠡᠨ ᠬᠠᠷᠢᠵᠤ ᠡᠵᠢ ᠳ᠋ᠡᠭᠡᠨ ᠬᠠᠮᠤᠭ ᠡᠴᠦᠰ ᠦ᠋ᠨ ᠤᠳᠠᠭ᠎ᠠ ᠪᠠᠨ ᠵᠣᠯᠭᠠᠵᠠᠢ᠃ ᠡᠵᠢ ᠨᠢ ᠴᠦ᠍ ᠬᠠᠢᠷᠠᠲᠠᠢ ᠬᠥᠪᠡᠭᠦᠨ ᠦ᠌ ᠪᠡᠨ ᠬᠢᠨᠠᠯᠲᠠ ᠶ᠋ᠢᠨ ᠬᠥᠮᠦᠨ ᠲᠡᠢ ᠢᠷᠡᠭᠰᠡᠨ ᠢ᠋  ᠨᠢ ᠦᠵᠡᠭᠡᠳ ᠰᠡᠳᠬᠢᠯ ᠡᠮᠵᠡᠭᠯᠡᠨ ᠵᠣᠪᠠᠭᠰᠠᠨ ᠯᠠ ᠪᠠᠢᠯᠭᠦᠢ᠃ ᠮᠥᠨ ᠲᠡᠭᠡᠭᠡᠳ ᠬᠦᠨᠳᠦ ᠨᠦᠰᠡᠷᠬᠡᠨ ᠠᠭᠤᠷ ᠠᠮᠢᠰᠬᠤᠯ ᠳᠤᠮᠳᠠ ᠬᠣᠶᠠᠷ ᠬᠣᠨᠣᠭᠠᠳ ᠪᠤᠴᠠᠭᠰᠠᠨ ᠪᠠᠢᠵᠠᠢ᠃
     1983 ᠣᠨ ᠳ᠋ᠤ᠌ ᠲᠣᠪᠳᠣᠨᠫᠸᠯᠵᠠᠢ ᠨᠠᠷ ᠢ᠋ᠶ᠋ᠠᠷ ᠲᠦᠷᠦᠭᠦᠯᠡᠭᠦᠯᠦᠭᠰᠡᠨ ᠯᠠᠮᠠ ᠨᠠᠷ ᠡᠯᠡᠰᠦ ᠮᠠᠩᠬ᠎ᠠ ᠶ᠋ᠢ ᠥᠭᠡᠷᠡᠴᠢᠯᠡᠬᠦ ᠥᠷᠲᠡᠭᠡᠨ ᠦ᠌ ᠭᠡᠷ ᠢ᠋  ᠰᠤᠯᠠᠯᠠᠨ ᠠᠪᠴᠤ᠂ ᠰᠣᠶᠣᠯ ᠤ᠋ᠨ ᠬᠤᠪᠢᠰᠬᠠᠯ ᠤ᠋ᠨ ᠳᠠᠷᠠᠭᠠᠬᠢ ᠠᠩᠬᠠᠳᠠᠭᠴᠢ ᠤᠳᠠᠭ᠎ᠠ ᠮᠠᠨᠢ ᠶ᠋ᠢᠨ ᠬᠤᠷᠠᠯ ᠢ᠋ᠶ᠋ᠠᠨ ᠬᠢᠬᠦ ᠳ᠋ᠦ᠍ᠨᠢ ᠨᠠᠮᠰᠢᠳ ᠪᠡᠶ᠎ᠡ ᠭᠠᠷ ᠣᠷᠣᠯᠴᠠᠨ ᠨᠠᠰᠤᠲᠠᠢ ᠪᠠᠭᠰᠢ ᠳ᠋ᠠᠭᠠᠨ ᠳᠠᠮ ᠪᠣᠯᠵᠤ ᠶᠠᠪᠤᠭᠰᠠᠨ ᠨᠢ ᠮᠡᠳᠡᠭᠡᠵᠢ ᠪᠢᠯᠡ᠃
     ᠪᠠᠷᠠᠭᠤᠨ ᠪᠠᠭᠰᠢ ᠨᠢ 1987 ᠣᠨ ᠤ᠋ ᠦᠶᠡᠰ ᠬᠥᠳᠡᠯᠭᠡᠭᠡᠨ ᠳ᠋ᠦ᠍ ᠬᠠᠷᠠᠲᠠᠢ ᠠᠪᠲᠠᠭᠰᠠᠨ ᠤ᠋ ᠭᠠᠷ ᠢ᠋ᠶ᠋ᠠᠷ ᠮᠠᠬᠠᠪᠣᠳ ᠪᠡᠶ᠎ᠡ ᠨᠢ ᠴᠢᠯᠡᠭᠡᠷᠬᠡᠵᠦ ᠡᠪᠡᠳᠴᠢᠨ ᠳ᠋ᠦ᠍ ᠬᠦᠨᠳᠦ ᠨᠡᠷᠪᠡᠭᠳᠡᠨ ᠪᠠᠢᠬᠤ ᠳ᠋ᠤᠨᠢ ᠨᠠᠮᠰᠢᠳ ᠨᠢᠩᠵᠢᠳ ᠮᠡᠲᠦ ᠶ᠋ᠢᠨ ᠱᠠᠪᠢ ᠨᠠᠷ ᠨᠢ ᠪᠠᠢᠬᠤ ᠶ᠋ᠢᠨ ᠢ᠋ᠶ᠋ᠡᠨ ᠬᠢᠷᠢ ᠪᠡᠷ ᠬᠠᠯᠠᠭᠤᠨ ᠳᠤᠯᠠᠭᠠᠨ ᠠᠰᠠᠷᠠᠨ ᠳᠡᠭᠡᠭᠰᠢ ᠳᠤᠲᠠᠭᠰᠠᠨ ᠪᠢᠯᠡ᠃ ᠨᠠᠮᠰᠢᠳ ᠮᠠᠮᠠ ᠲᠡᠷᠡ ᠬᠦ᠌ ᠮᠢᠬ᠎ᠠ ᠱᠥᠯᠥ᠂ ᠡᠳ᠋ ᠪᠣᠳᠠᠰ ᠲᠤᠩ ᠬᠣᠪᠣᠷ ᠪᠠᠢᠭᠰᠠᠨ ᠴᠠᠭ ᠦᠶ᠎ᠡ ᠳ᠋ᠦ᠍ ᠴᠦ᠍ ᠭᠡᠰᠡᠨ ᠪᠣᠯᠬᠤ ᠴᠢᠳᠠᠬᠤ ᠪᠠᠷ ᠢ᠋ᠶ᠋ᠠᠨ ᠪᠠᠭ᠎ᠠ ᠰᠠᠭ᠎ᠠ ᠱᠥᠯᠦᠨ ᠦ᠌ ᠮᠢᠬ᠎ᠠ ᠣᠯᠵᠤ ᠪᠠᠭᠰᠢ ᠳ᠋ᠠᠭᠠᠨ ᠱᠥᠯᠥ ᠤᠰᠤ ᠤᠤᠭᠤᠯᠭᠠᠨ᠂ ᠬᠢᠷᠢ ᠳ᠋ᠡᠭᠡᠨ ᠠᠮᠲᠠ ᠰᠢᠮᠳᠠ ᠲᠠᠢ᠂ ᠬᠣᠭᠣᠯᠠ ᠤᠮᠳᠠ ᠲᠥᠬᠥᠭᠡᠷᠦᠨ᠂ ᠪᠠᠭᠰᠢ ᠶ᠋ᠢᠨ ᠢ᠋ᠶ᠋ᠡᠨ ᠢᠳᠡᠬᠦ ᠳᠤᠷᠠᠲᠠᠢ ᠭᠦᠨᠴᠡᠭ ᠢ᠋  ᠵᠣᠭᠣᠭᠯᠠᠭᠤᠯᠵᠤ᠂ ᠨᠢᠮᠪᠠᠢ ᠠᠰᠠᠷᠠᠨ ᠰᠤᠪᠢᠯᠠᠵᠤ ᠪᠤᠷᠬᠠᠨ ᠪᠣᠯᠭᠠᠭᠰᠠᠨ᠃ ᠬᠣᠵᠢᠮ ᠨᠢ 2002 ᠣᠨ ᠳ᠋ᠤ᠌ ᠨᠠᠮᠰᠢᠳ ᠶᠡᠬᠡᠬᠡᠨ ᠵᠣᠭᠣᠰ ᠵᠠᠷᠤᠴᠠᠭᠤᠯᠤᠨ ᠭᠣᠮᠪᠣ ᠶ᠋ᠢᠨ ᠳᠤᠭᠠᠩ ᠤ᠋ᠨ ᠡᠮᠦᠨ᠎ᠡ ᠴᠠᠭᠠᠨ ᠰᠤᠪᠤᠷᠭ᠎ᠠ ᠴᠣᠭᠴᠠᠯᠠᠨ᠂ ᠪᠡᠭᠡᠵᠢᠩ ᠦ᠋ᠨ ᠰᠦᠷᠦᠩᠵᠠᠮᠰᠤ ᠮᠠᠮᠠ ᠶ᠋ᠢᠨ ᠬᠠᠨᠳᠢᠪᠯᠠᠭᠰᠠᠨ ᠪᠤᠷᠬᠠᠨ ᠤ᠋ ᠭᠡᠳᠡᠰᠦᠨ ᠳᠣᠲᠣᠷ᠎ᠠ ᠪᠠᠭᠰᠢ ᠶ᠋ᠢᠨ ᠢ᠋ᠶ᠋ᠡᠨ ᠱᠠᠷᠢᠯ ᠢ᠋ ᠰᠠᠪᠠᠯᠠᠨ ᠭᠠᠨᠵᠤᠤᠷ ᠨᠣᠮ ᠤ᠋ᠨ ᠬᠠᠮᠲᠤ ᠰᠤᠪᠤᠷᠭᠠᠨ ᠳᠣᠲᠣᠷ᠎ᠠ ᠱᠦᠩᠰᠢᠭᠯᠡᠨ ᠳᠠᠬᠢᠬᠰᠠᠨ ᠭᠡᠳᠡᠭ᠃ ᠡᠨᠡ ᠲᠤᠬᠠᠢ ᠨᠠᠰᠤᠲᠠᠢ ᠪᠤᠭᠤᠷᠤᠯᠴᠤᠤᠯ᠂ ᠪᠠᠭᠰᠢ ᠪᠠᠨ ᠰᠠᠢᠬᠠᠨ ᠠᠰᠠᠷᠠᠵᠤ ᠪᠤᠷᠬᠠᠨ ᠪᠣᠯᠭᠠᠭᠠᠳ ᠰᠤᠪᠤᠷᠭ᠎ᠠ ᠪᠣᠰᠬᠠᠵᠤ ᠥᠭᠭᠦᠨ᠎ᠡ ᠭᠡᠭᠴᠢ ᠦᠨᠡᠬᠡᠷ ᠠᠮᠠᠷ ᠦᠭᠡᠢ᠂ ᠴᠣᠬᠣᠮ ᠴᠤ᠌ ᠦᠷ᠎ᠡ ᠱᠠᠪᠢ ᠪᠣᠯᠤᠭᠰᠠᠨ ᠨᠢᠳᠡᠷ ᠲᠡᠭᠡᠨ ᠬᠦᠷᠦᠯ᠎ᠡ ᠭᠡᠮᠡᠨ ᠠᠮᠠ ᠳᠠᠮᠵᠢᠨ ᠮᠠᠭᠲᠠᠵᠠᠭᠠᠨ᠎ᠠ ᠪᠢᠯᠡ᠃
     ᠳᠠᠬᠢᠪᠠᠯ ᠨᠠᠮᠰᠢᠳ ᠮᠠᠮᠠ ᠶᠡᠷᠡᠨ ᠬᠡᠳᠦᠨ ᠣᠨ ᠳ᠋ᠤ᠌ ᠠᠯᠠᠱᠠ ᠶ᠋ᠢᠨ ᠳᠥᠭᠥᠮ ᠦ᠋ᠨ ᠰᠦᠮ᠎ᠡ ᠳ᠋ᠦ᠍ ᠭᠦᠮᠪᠦᠨ ᠦ᠌ ᠵᠣᠰᠢ ᠭᠡᠭᠡᠨ ᠦ᠌ ᠳᠦᠩᠭᠦᠷ ᠦ᠋ᠨ ᠸᠠᠩ ᠳ᠋ᠤ᠌ ᠰᠠᠭᠤᠭᠰᠠᠨ ᠪᠠ ᠯᠠᠪᠷᠤᠩ ᠳ᠋ᠤ᠌ ᠳᠥᠴᠢᠨ ᠲᠦᠮᠡᠨ ᠬᠥᠮᠦᠨ ᠦ᠌ ᠳᠦᠩᠭᠦᠷ ᠦ᠋ᠨ ᠸᠠᠩ ᠳ᠋ᠤ᠌ ᠰᠠᠭᠤᠭᠰᠠᠨ ᠢ᠋ᠶ᠋ᠠᠨ ᠮᠠᠰᠢ ᠡᠷᠬᠢᠮᠨᠡᠨ ᠶᠠᠷᠢᠳᠠᠭ ᠪᠠᠢᠯ᠎ᠠ᠃ ᠢᠯᠠᠩᠭᠤᠶ᠎ᠠ ᠯᠠᠪᠷᠤᠩ ᠤ᠋ᠨ ᠳᠦᠩᠭᠦᠷ ᠦ᠋ᠨ ᠸᠠᠩ ᠤ᠋ᠨ ᠬᠥᠮᠦᠨ ᠣᠯᠠᠨ᠂ ᠬᠤᠷᠠᠯ ᠤ᠋ᠨ ᠲᠠᠯᠠᠪᠤᠷ ᠤ᠋ᠨ ᠦᠪᠡᠳᠡᠭᠰᠢ ᠶᠡᠬᠡ ᠶ᠋ᠢ ᠡᠨᠡ ᠨᠠᠰᠤᠨ ᠳ᠋ᠠᠭᠠᠨ ᠦᠵᠡᠭᠡᠳᠦᠢ ᠭᠡᠮᠡᠨ ᠱᠠᠭᠰᠢᠷᠠᠬᠤ ᠠᠵᠢ᠃ ᠳᠥᠴᠢᠨ ᠲᠦᠮᠡᠨ ᠬᠥᠮᠦᠨ ᠦ᠌ ᠪᠠᠭᠲᠠᠵᠤ ᠰᠢᠩᠭᠡᠬᠦ ᠭᠠᠵᠠᠷ ᠭᠡᠭᠴᠢ ᠬᠡᠳᠦᠢ ᠠᠭᠤᠳᠠᠮ ᠲᠠᠯ᠎ᠠ ᠪᠠᠢᠭᠰᠠᠨ ᠭᠡᠵᠦ ᠰᠠᠨᠠᠨ᠎ᠠ᠃ ᠲᠡᠷᠡ ᠠᠭᠤᠳᠠᠮ ᠲᠡᠨᠢᠭᠦᠨ ᠲᠠᠯ᠎ᠠ ᠳ᠋ᠤ᠌᠂ ᠲᠦᠮᠡ ᠪᠣᠮᠠᠨ ᠠᠮᠢᠲᠠᠨ ᠪᠠᠭᠰᠢᠷᠠᠨ ᠠᠷᠬᠠᠯᠵᠠᠵᠤ᠂ ᠥᠭᠯᠢᠭᠡ ᠶ᠋ᠢᠨ ᠡᠵᠡᠳ ᠦ᠋ᠨ ᠥᠭᠭᠦᠭᠰᠡᠨ ᠡᠷᠭᠦᠴᠡ ᠪᠠᠷᠢᠴᠠ ᠶ᠋ᠢ ᠲᠡᠭᠡᠭᠡᠬᠦ ᠪᠡᠷ ᠲᠠᠯᠠᠪᠠᠢ ᠶ᠋ᠢᠨ ᠳᠤᠮᠳᠠᠭᠤᠷ ᠦᠯᠡᠳᠡᠭᠡᠭᠰᠡᠨ ᠬᠣᠩᠭᠢᠯ ᠢ᠋ᠶ᠋ᠠᠷ ᠵᠠᠳᠠᠭᠠᠢ ᠮᠠᠰᠢᠨ ᠠᠯᠭᠤᠷ ᠤᠷᠤᠭᠰᠢᠯᠠᠬᠤ ᠳ᠋ᠤ᠌ ᠬᠥᠮᠦᠰ ᠮᠥᠩᠭᠥ ᠪᠤᠶᠤ ᠠᠷᠠᠳ ᠤ᠋ᠨ ᠵᠣᠭᠣᠰ ᠢ᠋ᠶ᠋ᠠᠨ ᠬᠠᠳᠠᠭ ᠤ᠋ᠨ ᠨᠢᠭᠡ ᠦᠵᠦᠭᠦᠷ ᠲᠦ᠍ ᠪᠣᠭᠣᠭᠠᠳ ᠮᠠᠰᠢᠨ ᠤ᠋ ᠵᠦᠭ ᠰᠢᠳᠡᠯᠡᠵᠦ ᠡᠬᠢᠯᠡᠬᠦ ᠳ᠋ᠦ᠍ ᠬᠣᠯᠠ ᠶ᠋ᠢᠨ ᠬᠥᠮᠦᠰ ᠦ᠋ᠨ ᠰᠢᠳᠡᠭᠰᠡᠨ ᠮᠥᠩᠭᠥ ᠶ᠋ᠢ ᠲᠤᠰᠤᠭᠰᠠᠨ ᠭᠠᠵᠠᠷ ᠤ᠋ᠨ ᠬᠢᠨᠢ ᠬᠥᠮᠦᠨ ᠳᠠᠬᠢᠨ ᠤᠷᠤᠭᠰᠢ ᠳᠥᠬᠥᠭᠦᠯᠦᠨ ᠰᠢᠳᠡᠵᠦ ᠪᠦᠲᠦᠨ ᠲᠠᠯᠠᠪᠠᠢ ᠶᠣᠰᠣᠲᠠᠢ ᠬᠠᠳᠠᠭ ᠤ᠋ᠨ ᠨᠠᠮᠢᠷᠠᠭᠠᠨ ᠪᠣᠯᠤᠭᠠᠳ ᠣᠨᠴᠠ ᠶ᠋ᠢᠨ ᠭᠠᠢᠬᠠᠮᠰᠢᠭ ᠰᠠᠢᠬᠠᠨ ᠦᠵᠡᠭᠳᠡᠯ ᠪᠣᠯᠤᠭᠰᠠᠨ᠃ ᠲᠡᠷᠡ ᠠᠷᠪᠢᠨ ᠮᠥᠷᠭᠥᠯᠴᠢᠨ ᠰᠦᠰᠦᠭᠲᠡᠨ ᠠᠷᠠᠳ᠂ ᠯᠠᠮᠠ ᠬᠤᠸᠠᠷᠠᠭ᠂ ᠴᠢᠩ ᠰᠦᠰᠦᠭ ᠲᠡᠭᠡᠨ ᠬᠥᠲᠥᠯᠦᠭᠳᠡᠨ᠂ ᠬᠠᠳᠠᠭ ᠲᠤ᠌ ᠪᠣᠭᠣᠭᠰᠠᠨ ᠬᠡᠰᠡᠭ ᠲᠡᠢ ᠮᠥᠩᠭᠥ᠂ ᠬᠤᠢᠯᠠᠭᠰᠠᠨ ᠵᠠᠭᠤᠲᠤ᠂ ᠬᠡᠳᠦᠨ ᠵᠠᠭᠤᠲᠤ ᠶ᠋ᠢᠨ ᠳᠡᠪᠢᠰᠬᠡᠷ ᠢ᠋  ᠴᠦ᠍ ᠬᠣᠪᠢᠨ ᠳ᠋ᠠᠭᠠᠨ ᠦᠯᠡᠳᠡᠭᠡᠭᠡᠳ ᠠᠪᠬᠤ ᠬᠥᠮᠦᠨ ᠶᠡᠷᠦ ᠦᠭᠡᠢ᠃ ᠭᠠᠭᠴᠠ ᠬᠡᠯᠡᠬᠦ ᠡᠴᠡ ᠬᠡᠰᠡᠭ ᠲᠡᠢ ᠮᠥᠩᠭᠥ ᠲᠣᠯᠣᠭᠠᠢ ᠲᠡᠷᠢᠭᠦᠨ ᠳ᠋ᠦ᠍ᠨᠢ ᠲᠤᠰᠬᠤ ᠠ᠋ᠴᠠ ᠯᠠ ᠬᠢᠴᠢᠶᠡᠬᠦ ᠨᠢ ᠪᠣᠢ᠃ ᠴᠣᠬᠣᠮ ᠴᠤ᠌ ᠦᠨᠡᠨ ᠭᠣᠣᠯ ᠠ᠋ᠴᠠ ᠪᠠᠨ ᠰᠦᠰᠦᠭᠯᠡᠨ ᠬᠠᠮᠢᠭ᠎ᠠ ᠬᠣᠯᠠ ᠠ᠋ᠴᠠ ᠬᠤᠷᠠᠨ ᠢᠷᠡᠵᠡᠭᠡᠭᠰᠡᠨ ᠬᠥᠮᠦᠨ ᠶᠦᠮ ᠪᠢᠯᠡ ᠳᠠ ᠭᠡᠵᠦ ᠭᠠᠢᠬᠠᠨ ᠱᠠᠭᠰᠢᠷᠠᠵᠤ ᠪᠠᠢᠭᠰᠠᠨ ᠳᠠ᠃
     ᠡᠳᠦᠭᠡ ᠨᠠᠮᠰᠢᠳ ᠨᠠᠰᠤᠲᠠᠨ ᠰᠦᠮ᠎ᠡ ᠬᠡᠢᠳ ᠦ᠋ᠨ ᠢ᠋ᠶ᠋ᠡᠨ ᠴᠠᠭ ᠴᠠᠭ ᠤ᠋ᠨ ᠬᠤᠷᠠᠯ᠂ ᠲᠠᠬᠢᠯᠭ᠎ᠠ ᠦᠢᠯᠡ ᠳ᠋ᠦ᠍ ᠣᠰᠤᠯᠳᠠᠯ ᠦᠭᠡᠢ ᠣᠷᠣᠯᠴᠠᠬᠤ ᠶ᠋ᠢᠨ ᠳᠠᠭᠠᠤ᠂ ᠪᠠᠷᠠᠭᠤᠨ ᠱᠠᠩ ᠤ᠋ᠨ ᠢ᠋ᠶ᠋ᠠᠨ ᠬᠤᠷᠠᠯ ᠲᠠᠬᠢᠯᠭ᠎ᠠ ᠶ᠋ᠢ ᠴᠦ᠍ ᠴᠠᠭ ᠴᠠᠭ ᠲᠤᠨᠢ᠂ ᠶᠣᠰᠣᠴᠢᠯᠠᠨ ᠭᠦᠢᠴᠡᠳᠬᠡᠭᠰᠡᠭᠡᠷ ᠪᠣᠢ᠃ ᠲᠡᠭᠦᠨᠴᠢᠯᠡᠨ ᠬᠥᠳᠡᠭᠡ ᠭᠠᠳᠠᠭ᠎ᠠ᠂ ᠬᠠᠲᠤᠨ ᠲᠡᠷᠲᠡᠭᠡ᠂ ᠬᠣᠯᠠ ᠣᠢᠷ᠎ᠠ ᠶ᠋ᠢᠨ ᠰᠦᠰᠦᠭᠲᠡᠨ ᠨᠠᠷ ᠤ᠋ᠨ ᠠᠯᠲᠠᠨᠭᠡᠷᠡᠯ ᠤᠩᠰᠢᠭᠤᠯᠬᠤ᠂ ᠨᠣᠮ ᠪᠤᠶᠠᠨ ᠬᠢᠯᠭᠡᠬᠦ᠂ ᠪᠤᠷᠬᠠᠨ ᠨᠣᠮ ᠳᠠᠬᠢᠭᠤᠯᠬᠤ ᠮᠡᠲᠦ ᠶ᠋ᠢᠨ ᠱᠠᠰᠢᠨ ᠤ᠋ ᠦᠢᠯᠡ ᠳ᠋ᠦ᠍ ᠠᠮᠵᠢᠯ ᠪᠣᠯᠤᠯᠴᠠᠭ᠎ᠠ ᠪᠠᠨ ᠦᠵᠡᠨ᠂ ᠬᠥᠮᠦᠨ ᠠᠷᠠᠳ᠂ ᠠᠮᠢᠲᠠᠨ ᠵᠢᠷᠭᠤᠭᠠᠨ ᠵᠦᠢᠯ ᠦ᠋ᠨ ᠪᠤᠶᠠᠨ ᠤ᠋ ᠦᠢᠯᠡᠰ ᠲᠦ᠍ ᠵᠢᠳᠬᠦᠨ ᠶᠠᠪᠤᠭᠰᠠᠭᠠᠷ ᠠ᠋᠃
ᠰᠠᠢᠨ ᠰᠠᠨᠠᠭᠠᠨ ᠤ᠋ ᠦᠵᠦᠭᠦᠷ ᠰᠦ ᠭᠡᠳᠡᠭᠴᠢᠯᠡᠨ᠂ ᠮᠠᠨᠢ ᠲᠣᠭᠠᠯᠠᠵᠤ ᠰᠠᠢᠨ ᠦᠢᠯᠡ ᠳ᠋ᠦ᠍ ᠲᠤᠰᠠᠯᠠᠵᠤ ᠶᠠᠪᠤᠭᠰᠠᠨ ᠤ᠋ ᠬᠢᠨᠢ ᠬᠠᠷᠢᠭᠤ ᠪᠢᠯᠡ ᠤᠤ᠂ ᠨᠠᠰᠤᠲᠠᠨ ᠭᠤᠸᠠᠢ ᠡᠳᠦᠭᠡ ᠨᠢᠭᠡᠨᠲᠡ ᠨᠠᠶᠠᠨ ᠨᠠᠰᠤᠨ ᠤ᠋ ᠥᠨᠳᠥᠷ ᠳᠠᠪᠠᠭ᠎ᠠ ᠶ᠋ᠢ ᠳᠠᠪᠠᠭᠰᠠᠨ ᠴᠤ᠌ ᠯᠠᠭᠱᠠᠨ ᠲᠤᠩᠭᠠᠯᠠᠭ᠂ ᠱᠠᠰᠢᠨ ᠤ᠋ ᠦᠢᠯᠡᠰ ᠦ᠋ᠨ ᠥᠭᠡᠳᠡ ᠡᠰᠡᠷᠡᠭ ᠲᠦ᠍ ᠰᠦᠰᠦᠭ ᠪᠠᠲᠤ᠂ ᠰᠦᠰᠦᠭᠲᠡᠨ ᠣᠯᠠᠨ ᠤ᠋ ᠬᠠᠯᠠᠭᠤᠨ ᠲᠤᠰᠠ ᠳᠠᠮ ᠳ᠋ᠤ᠌ ᠰᠡᠳᠬᠢᠯ ᠲᠡᠨᠢᠭᠡᠷ ᠢ᠋ᠶ᠋ᠡᠷ ᠰᠠᠳᠤᠨ ᠲᠥᠷᠥᠯ᠂ ᠦᠷ᠎ᠡ ᠠᠴᠢ ᠨᠠᠷ ᠤ᠋ᠨ ᠢ᠋ᠶ᠋ᠠᠨ ᠬᠠᠯᠠᠮᠵᠢ ᠠᠰᠠᠷᠠᠯ ᠳ᠋ᠤ᠌ ᠥᠶᠥᠭ ᠲᠠᠪᠠᠲᠠᠢᠬᠠᠨ ᠢ᠋ᠶ᠋ᠠᠷ ᠥᠲᠡᠯ᠎ᠡ ᠨᠠᠰᠤ ᠪᠠᠨ ᠥᠩᠭᠡᠷᠡᠭᠡᠨᠡᠮ ᠪᠥᠯᠥᠭᠡ᠃
     ᠨᠠᠢ᠍ᠮᠠᠨ ᠵᠠᠮ ᠤ᠋ᠨ ᠴᠡᠷᠢᠭ᠂ ᠭᠣᠮᠢᠨᠳᠠᠩ ᠤ᠋ᠨ ᠴᠡᠷᠢᠭ᠂ ᠶᠠᠫᠣᠨ ᠴᠡᠷᠢᠭ᠂ ᠨᠤᠲᠤᠭ ᠤ᠋ᠨ ᠴᠡᠷᠢᠭ᠂ ᠳ᠋ᠣᠣᠯᠢ ᠳᠡᠭᠡᠷᠡᠮ ᠬᠡᠯᠬᠢᠯᠳᠦᠨ ᠰᠦᠯᠵᠢᠯᠳᠦᠵᠦ᠂ ᠳᠠᠷᠢ ᠶ᠋ᠢᠨ ᠦᠨᠦᠷ᠂ ᠲᠡᠢᠨ ᠦ᠌ ᠤᠲᠤᠭ᠎ᠠ ᠲᠤᠨᠤᠷᠠᠭᠰᠠᠨ ᠣᠨ ᠵᠢᠯ ᠦ᠋ᠳ ᠥᠩᠭᠡᠷᠡᠵᠦ᠂ ᠡᠬᠡ ᠣᠷᠣᠨ ᠴᠢᠯᠥᠭᠡᠯᠡᠯᠲᠡ ᠪᠡᠨ ᠣᠯᠵᠤ᠂ ᠬᠥᠮᠦᠨ ᠠᠷᠠᠳ ᠠᠮᠤᠷ ᠲᠠᠢᠪᠤᠩ ᠠᠵᠤ ᠲᠥᠷᠥᠨ ᠠᠮᠢᠳᠤᠷᠠᠬᠤ ᠪᠣᠯᠤᠯ᠎ᠠ᠃ ᠰᠢᠷ᠎ᠠ ᠵᠣᠣ ᠰᠦᠮ᠎ᠡ ᠱᠠᠰᠢᠨ ᠤ᠋ ᠬᠡᠪ ᠦ᠋ᠨ ᠠᠵᠢᠯᠯᠠᠭ᠎ᠠ ᠪᠠᠨ ᠥᠷᠨᠢᠭᠦᠯᠵᠦ᠂ ᠪᠠᠷᠠᠭᠤᠨ ᠪᠠᠭᠰᠢ ᠮᠥᠨ ᠱᠠᠰᠢᠨ ᠨᠣᠮ ᠤ᠋ᠨ ᠦᠢᠯᠡᠰ ᠲᠦ᠍ ᠭᠠᠭᠴᠠ ᠰᠡᠳᠬᠢᠯ ᠢ᠋ᠶ᠋ᠡᠷ ᠵᠢᠳᠬᠦᠨ ᠪᠠᠢᠯ᠎ᠠ᠃
    ᠶᠢᠷᠲᠢᠨᠴᠦ ᠶ᠋ᠢᠨ ᠬᠡᠷᠡᠭ ᠶᠠᠪᠤᠳᠠᠯ᠂ ᠴᠠᠭ ᠲᠥᠷᠥ ᠶ᠋ᠢᠨ ᠤᠯᠠᠷᠢᠯ ᠬᠤᠪᠢᠰᠤᠯ ᠢ᠋ ᠬᠡᠨ ᠲᠥᠰᠦᠭᠡᠯᠡᠵᠦ ᠮᠡᠳᠡᠬᠦ ᠪᠢᠯᠡ? ᠲᠡᠦᠬᠡᠨ ᠳ᠋ᠦ᠍ ᠭᠠᠷᠤᠭᠠᠳᠤᠢ ᠰᠣᠶᠣᠯ ᠤ᠋ᠨ ᠶᠡᠬᠡ ᠬᠤᠪᠢᠰᠬᠠᠯ ᠤ᠋ᠨ ᠰᠠᠯᠬᠢ ᠰᠢᠭᠤᠷᠭᠠᠨ ᠬᠥᠪᠴᠢ ᠶ᠋ᠢᠨ ᠮᠠᠩᠬᠠᠨ ᠤ᠋ ᠬᠥᠪᠡᠭᠡᠨ ᠳ᠋ᠡᠬᠢ ᠰᠢᠷ᠎ᠠ ᠵᠣᠣ ᠰᠦᠮ᠎ᠡ ᠶ᠋ᠢ ᠴᠤ᠌ ᠦᠯᠡᠳᠡᠭᠡᠭᠰᠡᠨ ᠦᠭᠡᠢ᠃ ᠰᠤᠷᠭᠠᠭᠤᠯᠢ ᠬᠢᠴᠢᠶᠡᠯ ᠵᠣᠭᠰᠣᠵᠤ᠂ ᠰᠤᠮᠤ ᠨᠢᠭᠡᠳᠦᠯ ᠨᠢ ᠭᠦᠩᠱᠧ᠂ ᠵᠠᠰᠠᠭ ᠤ᠋ᠨ ᠣᠷᠳᠣᠨ ᠨᠢ ᠬᠤᠪᠢᠰᠬᠠᠯ ᠤ᠋ᠨ ᠸᠸᠢᠢᠶᠦᠸᠠᠠᡁᠦᠢ ᠪᠣᠯᠤᠨ ᠰᠣᠯᠢᠭᠳᠠᠵᠤ᠂ ᠤᠯᠤᠰ ᠤ᠋ᠨ ᠺᠠᠲᠠᠷ  ᠠ᠋ᠴᠠ ᠮᠠᠯᠴᠢᠨ ᠠᠷᠠᠳ ᠬᠦᠷᠲᠡᠯ᠎ᠡ᠂ ᠰᠣᠶᠣᠯ ᠲᠠᠢ ᠴᠤ᠌ ᠲᠡᠷᠡ᠂ ᠪᠢᠴᠢᠭ ᠦ᠋ᠨ ᠪᠠᠯᠠᠢ ᠴᠤ᠌ ᠲᠡᠷᠡ᠂ ᠪᠦᠭᠦᠳᠡᠭᠡᠷ ᠢ᠋ᠶ᠋ᠡᠨ ᠬᠠᠷᠢᠲᠤᠨ ᠳ᠋ᠠᠭᠠᠨ᠂ ᠡᠨᠡ ᠪᠠᠢᠯᠳᠤᠬᠤ ᠠᠩᠭᠢ ᠭᠡᠲᠡᠯ᠎ᠡ᠂ ᠲᠡᠷᠡ ᠪᠠᠢᠯᠳᠤᠬᠤ ᠠᠩᠭᠢ ᠭᠡᠰᠡᠨ ᠤᠯᠠᠭᠠᠨ ᠲᠡᠮᠳᠡᠭ ᠵᠡᠭᠦᠵᠡᠭᠡᠨ᠂ ᠳᠥᠷᠪᠡᠨ ᠬᠠᠭᠤᠴᠢᠨ ᠢ᠋ ᠡᠪᠳᠡᠨ᠎ᠡ ᠭᠡᠲᠡᠯ᠎ᠡ᠂ ᠮᠠᠯ ᠤ᠋ᠨ ᠡᠵᠡᠨ᠂ ᠪᠠᠶᠠᠨ ᠮᠠᠯᠴᠢᠨ᠂ ᠲᠡᠷᠰᠯᠡᠭᠦᠦ᠂ ᠮᠠᠭᠤ ᠡᠲᠡᠭᠡᠳ᠂ ᠪᠠᠷᠠᠭᠤᠨᠲᠠᠨ ᠢ᠋ ᠪᠤᠷᠤᠭᠤᠰᠢᠶᠠᠨ ᠰᠢᠭᠦᠮᠵᠢᠯᠡᠨ᠎ᠡ ᠭᠡᠳ ᠬᠥᠯ ᠪᠤᠯᠵᠠᠭᠠᠨ᠂ ᠰᠤᠷᠭᠠᠭᠤᠯᠢ ᠰᠤᠮᠤ᠂ ᠬᠦᠷᠢᠶ᠎ᠡ ᠬᠠᠰᠢᠶ᠎ᠠ᠂ ᠭᠡᠷ ᠦ᠋ᠨ ᠳᠣᠲᠣᠷ᠎ᠠ ᠭᠠᠳᠠᠨ᠎ᠠ ᠦᠭᠡᠢ ᠶᠡᠬᠡ ᠥᠰᠥᠭᠲᠦ ᠰᠣᠨᠢᠨ ᠪᠢᠴᠢᠵᠦ ᠡᠯᠭᠦᠭᠰᠡᠨ ᠪᠠᠢᠯ᠎ᠠ᠃ ᠰᠦᠮ᠎ᠡ ᠳᠤᠭᠠᠩ᠂ ᠪᠤᠷᠬᠠᠨ ᠲᠠᠬᠢᠯ᠂ ᠨᠣᠮ ᠰᠤᠳᠤᠷ ᠪᠦᠬᠦᠨ ᠢ᠋ᠶ᠋ᠡᠷ ᠢ᠋ᠶ᠋ᠡᠨ ᠡᠪᠳᠡᠭᠳᠡᠬᠦ ᠡᠲᠡᠭᠡᠳ ᠪᠣᠯᠤᠨ ᠰᠦᠢᠳᠴᠦ᠂ ᠯᠠᠮᠠ ᠬᠤᠸᠠᠷᠠᠭ ᠴᠥᠮ ᠢ᠋ᠶ᠋ᠡᠷ ᠢ᠋ᠶ᠋ᠡᠨ ᠲᠡᠮᠡᠴᠡᠭᠳᠡᠬᠦ ᠡᠲᠡᠭᠡᠳ ᠪᠣᠯᠤᠨ ᠬᠤᠪᠢᠷᠠᠯ᠎ᠠ᠃ ᠨᠠᠰᠤᠲᠠᠢᠴᠤᠤᠯ ᠪᠤᠷᠬᠠᠨ ᠠ᠋! ᠡᠵᠡᠨ ᠮᠢᠨᠢ! ᠭᠡᠵᠦ ᠤᠤᠯᠭ᠎ᠠ ᠠᠯᠳᠠᠵᠤ ᠬᠡᠯᠡᠴᠢᠬᠡᠭᠡᠳ ᠠᠮᠠ ᠪᠠᠨ ᠪᠠᠷᠢᠨ ᠵᠢᠷᠦᠬᠡ ᠲᠦᠭᠰᠢᠨ ᠪᠠᠢᠭᠰᠠᠨ ᠨᠢ ᠮᠤᠩ ᠦᠭᠡᠢ᠃ ᠪᠠᠷᠠᠭᠤᠨ ᠪᠠᠭᠰᠢ  ᠴᠤ᠌ ᠲᠡᠮᠡᠴᠡᠭᠳᠡᠬᠦ ᠡᠴᠡ ᠬᠡᠯᠲᠦᠷᠢᠵᠦ ᠴᠢᠳᠠᠬᠤ ᠦᠭᠡᠢ ᠨᠢ ᠮᠡᠳᠡᠭᠡᠵᠢ᠃ ᠨᠢᠭᠡᠨ ᠡᠳᠦᠷ᠂ ᠡᠷᠢᠩᠭᠡ ᠱᠠᠨᠲᠠᠪ ᠢ᠋ ᠨᠢ ᠡᠮᠦᠰᠦᠭᠦᠯᠦᠨ ᠬᠤᠩᠬ᠎ᠠ ᠳᠠᠮᠠᠷᠤ ᠶ᠋ᠢ ᠨᠢ ᠪᠠᠷᠢᠭᠤᠯᠤᠨ᠂ ᠡᠷᠢᠭᠡ ᠶ᠋ᠢ ᠨᠢ ᠬᠦᠵᠦᠭᠦᠨ ᠳ᠋ᠦ᠍ᠨᠢ ᠵᠡᠭᠦᠯᠭᠡᠨ᠂ ᠰᠢᠯᠢᠨ ᠬᠦᠵᠦᠭᠦᠨ ᠳ᠋ᠦ᠍ᠨᠢ ᠴᠢᠳᠬᠥᠷ ᠱᠤᠯᠤᠮ ᠭᠡᠰᠡᠨ ᠫᠠᠢᠰᠠ ᠬᠠᠳᠬᠤᠵᠤ᠂ ᠨᠢᠭᠡ ᠪᠦᠯᠦᠭ ᠲᠡᠮᠡᠴᠡᠭᠳᠡᠬᠦ ᠡᠲᠡᠭᠡᠳ ᠦ᠋ᠨ ᠬᠠᠮᠲᠤ ᠬᠠᠳᠠᠨ ᠣᠪᠣᠭᠠᠨ ᠤ᠋ ᠵᠡᠭᠦᠨ ᠬᠣᠢᠲᠠᠢ ᠠᠢᠯ ᠤ᠋ᠨ ᠭᠠᠳᠠᠨ᠎ᠠ ᠪᠦᠬᠦ ᠪᠠᠷᠢᠭᠠᠳᠠ ᠶ᠋ᠢᠨ ᠲᠡᠮᠡᠴᠡᠯ ᠦ᠋ᠨ ᠬᠤᠷᠠᠯ ᠳ᠋ᠤ᠌ ᠪᠥᠬᠥᠢᠯᠭᠡᠨ ᠲᠡᠮᠡᠴᠡᠯ᠎ᠡ᠃ ᠬᠥᠮᠦᠰ《 ᠮᠠᠤ ᠵᠦᠰᠢ ᠲᠦᠮᠡᠨ ᠨᠠᠰᠤᠯᠠᠲᠤᠭᠠᠢ!》《 ᠡᠪ ᠬᠠᠮᠲᠤ ᠨᠠᠮ ᠮᠠᠨᠳᠤᠲᠤᠭᠠᠢ!》《 ᠦᠭᠡᠢᠭᠦᠦ ᠠᠩᠭᠢ ᠶ᠋ᠢᠨ ᠳᠠᠷᠤᠩᠭᠤᠢᠯᠠᠬᠤ ᠵᠠᠰᠠᠭ ᠮᠠᠨᠳᠤᠲᠤᠭᠠᠢ!》《 ᠠᠯᠢᠪᠠ ᠴᠢᠳᠬᠥᠷ ᠱᠤᠯᠤᠮ ᠢ᠋ ᠴᠣᠬᠢᠨ ᠤᠨᠠᠭᠠᠶ᠎ᠠ!》《×× ᠶ᠋ᠢ ᠴᠣᠬᠢᠨ ᠤᠨᠠᠭᠠᠶ᠎ᠠ》 ᠭᠡᠬᠦ ᠮᠡᠲᠦ ᠪᠡᠷ ᠥᠨᠳᠥᠷ ᠳᠠᠭᠤᠨ ᠢ᠋ᠶ᠋ᠠᠷ ᠤᠷᠢᠶ᠎ᠠ ᠬᠠᠰᠬᠢᠷᠤᠨ᠂ ᠨᠢᠭᠡ  ᠨᠢᠭᠡ ᠪᠡᠷ ᠲᠠᠢᠰᠠᠨ ᠳ᠋ᠤ᠌ ᠭᠠᠷᠴᠤ ᠲᠡᠮᠡᠴᠡᠭᠳᠡᠬᠦ ᠡᠲᠡᠭᠡᠳ ᠦ᠋ᠨ ᠡᠮᠦᠨ᠎ᠡ ᠬᠦᠷᠴᠦ ᠶᠠᠯ᠎ᠠ ᠨᠢᠭᠦᠯ ᠢ᠋ ᠨᠢ ᠲᠣᠭᠠᠴᠢᠨ ᠪᠤᠷᠤᠭᠤᠰᠢᠶᠠᠨ ᠰᠢᠭᠦᠮᠵᠢᠯᠡᠪᠡ᠃ ᠶᠡᠷᠦ ᠶ᠋ᠢᠨ ᠦᠶ᠎ᠡ ᠳ᠋ᠦ᠍ ᠶᠠᠭᠤᠮ᠎ᠠ ᠪᠣᠯᠭᠠᠨ ᠢ᠋ ᠮᠡᠳᠡᠭᠰᠡᠨ ᠰᠢᠭ᠂ ᠬᠥᠮᠦᠨ ᠦ᠌ ᠠᠮᠠ ᠳᠠᠭᠠᠭᠤᠯᠤᠨ《 ᠤᠤᠬᠠᠢ!》·《 ᠲᠡᠢᠮᠦ ᠰᠢᠦ!》 ᠭᠡᠵᠦ ᠬᠥᠪᠰᠥᠷᠳᠡᠬᠦ ᠳᠤᠷᠠᠲᠠᠢ ᠨᠢᠭᠡ ᠨᠢ ᠬᠥᠮᠦᠨ ᠣᠯᠠᠨ ᠤ᠋ ᠲᠦᠢᠪᠡᠭᠡᠨ ᠳ᠋ᠦ᠍ ᠰᠠᠭᠭᠠᠭᠰᠠᠨ ᠯᠠ ᠬᠡᠷᠡᠭ ᠪᠢᠵᠡ᠃《 ᠪᠢ ᠬᠡᠯᠡᠶ᠎ᠡ᠂ ᠪᠢ ᠬᠡᠯᠡᠶ᠎ᠡ!》 ᠭᠡᠵᠦ ᠭᠠᠷ ᠡᠷᠭᠦᠨ ᠮᠡᠳᠡᠭᠦᠯᠦᠭᠡᠳ᠂ ᠪᠠᠷᠠᠭᠤᠨ ᠪᠠᠭᠰᠢ ᠶ᠋ᠢᠨ ᠡᠮᠦᠨ᠎ᠡ ᠣᠴᠢᠵᠤ ᠠᠷᠤ ᠡᠮᠦᠨ᠎ᠡ᠂ ᠬᠠᠵᠠᠭᠤ ᠬᠠᠪᠢᠷᠭ᠎ᠠ ᠳ᠋ᠤᠨᠢ ᠭᠠᠷᠴᠤ ᠰᠢᠨᠵᠢᠵᠦ ᠰᠢᠨᠵᠢᠭᠡᠳ᠄《 ᠬᠥᠶᠢ! ᠡᠨᠡ ᠴᠢᠨᠢ ᠶᠠᠮᠠᠷ ᠰᠠᠢᠬᠠᠨ ᠯᠠᠮᠠ ᠶᠤᠮ? ᠬᠠᠮᠢᠭ᠎ᠠ ᠭᠠᠵᠠᠷ ᠤ᠋ᠨ ᠭᠡᠭᠡᠨ ᠪᠣᠯᠴᠢᠬᠠᠪᠠ? ᠬᠤᠪᠴᠠᠰᠤ ᠵᠠᠰᠠᠯ ᠨᠢ ᠶᠠᠮᠠᠷ ᠰᠠᠢᠬᠠᠨ ᠵᠣᠬᠢᠷᠠᠴᠢᠬᠠᠭᠰᠠᠨ ᠶᠤᠮ?》 ᠭᠡᠵᠦ ᠪᠣᠳᠣᠯ ᠳ᠋ᠠᠭᠠᠨ ᠶᠡᠬᠡ ᠰᠠᠢᠨ ᠪᠤᠷᠤᠭᠤᠰᠢᠶᠠᠯ᠎ᠠ ᠭᠡᠵᠦ ᠪᠣᠳᠣᠭᠰᠠᠨ ᠶᠠᠭᠤ ᠮᠠᠭᠠᠳ᠂ ᠬᠡᠳᠦᠨ ᠵᠠᠭᠤᠨ ᠬᠥᠮᠦᠨ ᠦ᠌ ᠡᠮᠦᠨ᠎ᠡ ᠭᠠᠷᠤᠭᠠᠳ ᠪᠠᠯᠠᠭᠳᠠᠭᠠᠳ ᠶᠠᠭᠤ ᠬᠡᠯᠡᠬᠦ ᠪᠡᠨ ᠣᠯᠬᠤ ᠪᠠᠨ ᠪᠣᠯᠢᠭᠰᠠᠨ ᠨᠢ ᠲᠡᠷᠡ ᠤᠤ? ᠶᠠᠭᠤ ᠴᠤ᠌ ᠭᠡᠰᠡᠨ ᠮᠠᠭᠲᠠᠭᠠᠯ ᠤᠤ? ᠶᠥᠭᠡᠳᠡᠯ ᠤᠤ? ᠡᠢᠮᠦ ᠬᠡᠳᠦᠨ ᠦᠭᠡ ᠬᠡᠯᠡᠴᠢᠬᠡᠭᠡᠳ ᠲᠠᠢᠰᠠᠨ ᠠ᠋ᠴᠠ ᠣᠮᠣᠭ ᠲᠡᠭᠦᠯᠳᠡᠷ ᠪᠠᠭᠤᠬᠤ ᠳ᠋ᠤᠨᠢ ᠵᠠᠷᠢᠮ ᠨᠢ ᠢᠨᠢᠶᠡᠳᠦ ᠪᠡᠨ ᠪᠣᠭᠣᠵᠤ ᠴᠢᠳᠠᠬᠤ ᠦᠭᠡᠢ ᠲᠡᠰᠬᠡᠯ ᠦᠭᠡᠢ ᠭᠢᠰ ᠭᠣᠰ ᠢᠨᠢᠶᠡᠴᠢᠬᠡᠭᠡᠳ ᠬᠦᠨᠳᠦ ᠨᠦᠰᠡᠷ ᠬᠤᠷᠠᠯ ᠤ᠋ᠨ ᠲᠠᠯᠠᠪᠠᠢ ᠶ᠋ᠢᠨ ᠠᠭᠤᠷ ᠠᠮᠢᠰᠬᠤᠯ ᠢ᠋ ᠡᠪᠳᠡᠭᠰᠡᠨ ᠢ᠋ ᠶᠠᠭᠠᠬᠢᠨ᠎ᠠ? ᠶᠡᠬᠡ ᠪᠠᠭ᠎ᠠ ᠬᠡᠪᠴᠢᠶᠡᠨ ᠦ᠌ ᠲᠡᠮᠡᠴᠡᠯ᠂ ᠪᠤᠷᠤᠭᠤᠰᠢᠶᠠᠨ ᠰᠢᠭᠦᠮᠵᠢᠯᠡᠯ ᠦ᠋ᠨ ᠬᠤᠷᠠᠯ ᠳ᠋ᠤ᠌ ᠳᠤᠲᠠᠬᠤ ᠦᠭᠡᠢ ᠲᠡᠮᠡᠴᠡᠭᠦᠯᠵᠦ ᠪᠤᠷᠤᠭᠤᠰᠢᠶᠠᠯᠭᠠᠵᠤ ᠂《 ᠴᠢᠳᠬᠥᠷ ᠱᠤᠯᠤᠮ》᠂《 ᠥᠪᠥᠷ ᠠᠷᠠᠳ ᠤ᠋ᠨ ᠨᠠᠮᠲᠠᠨ》 ᠭᠡᠬᠦ ᠮᠡᠲᠦ ᠶ᠋ᠢᠨ ᠣᠯᠠᠨ ᠮᠠᠯᠠᠭᠠᠢ ᠵᠡᠭᠦᠵᠦ᠂ ᠳᠡᠭᠦᠦ ᠬᠤᠸᠠᠨᠲᠠᠢ ᠶ᠋ᠢᠨ ᠬᠢᠨᠢ ᠪᠠᠢᠳᠠᠭ ᠲᠠᠯᠠᠲᠤ ᠪᠠᠷᠢᠭᠠᠳᠠ ᠳ᠋ᠤ᠌ ᠰᠢᠯᠵᠢᠭᠦᠯᠦᠭᠳᠡᠯ᠎ᠠ᠃ ᠳᠡᠭᠦᠦ ᠶ᠋ᠢᠨ ᠬᠢᠨᠢ ᠬᠣᠶᠠᠷ ᠬᠡᠦᠬᠡᠳ ᠰᠢᠷ᠎ᠠ ᠵᠣᠣ ᠰᠤᠷᠭᠠᠭᠤᠯᠢ ᠳ᠋ᠤ᠌ ᠪᠢᠴᠢᠭ ᠦᠵᠡᠵᠦ ᠪᠠᠢᠬᠤ ᠳ᠋ᠤ᠌᠂ ᠬᠡᠦᠬᠡᠳ ᠦ᠋ᠳ᠄《 ᠬᠣᠢᠨ᠎ᠠ ᠠ᠋ᠴᠠ ᠢᠷᠡᠭᠰᠡᠨ ᠬᠤᠸᠠᠨᠳᠡᠢ ᠲᠠᠢᠵᠢ᠂ ᠬᠣᠶᠠᠷ ᠬᠡᠦᠬᠡᠳ ᠨᠢ ᠰᠤᠷᠭᠠᠭᠤᠯᠢ ᠳ᠋ᠤ᠌ ᠪᠠᠢᠳᠠᠭ ᠲᠠᠢᠵᠢ》 ᠭᠡᠬᠦᠴᠢᠯᠡᠨ ᠪᠠᠷᠬᠢᠷᠠᠵᠠᠭᠠᠭᠰᠠᠨ ᠪᠠᠢᠯ᠎ᠠ᠃ ᠠᠪᠠᠭ᠎ᠠ ᠮᠠᠮᠠ ᠨᠢ ᠴᠢᠳᠬᠥᠷ ᠱᠤᠯᠤᠮ ᠪᠣᠯᠤᠨ ᠬᠤᠪᠢᠷᠠᠬᠤ ᠳ᠋ᠤ᠌ ᠡᠳᠡᠭᠡᠷ ᠦᠷ᠎ᠡ ᠠᠴᠢ ᠨᠠᠷ  ᠲᠤᠨᠢ ᠴᠤ᠌ ᠶᠠᠮᠠᠷ ᠯᠠ ᠰᠠᠢᠬᠠᠨ ᠪᠠᠢᠬᠤ ᠪᠣᠢ? ᠬᠤᠸᠠᠨᠲᠠᠢ ᠶ᠋ᠢᠨ ᠶᠡᠬᠡ ᠬᠥᠪᠡᠭᠦᠨ ᠰᠦᠷᠦᠩᠺᠡᠷ᠂ ᠬᠡᠦᠬᠡᠨ ᠦᠨᠢᠷᠪᠤᠶᠠᠨ ᠨᠢ ᠴᠦ᠍ ᠬᠡᠴᠢᠨᠡᠨ ᠶᠡᠬᠡ ᠰᠡᠳᠬᠢᠯ ᠦ᠋ᠨ ᠰᠢᠨᠠᠯᠭᠠᠯ ᠲᠠᠢ ᠪᠠᠢᠭᠰᠠᠨ ᠢ᠋ ᠪᠡᠶ᠎ᠡ ᠪᠡᠷ ᠢ᠋ᠶ᠋ᠡᠨ ᠥᠩᠭᠡᠷᠡᠭᠰᠡᠨ ᠬᠥᠮᠦᠨ ᠯᠡ ᠰᠠᠢᠨ ᠮᠡᠳᠡᠬᠦ ᠪᠠᠢᠬᠤ ᠳᠠ᠃ ᠭᠡᠪᠡᠴᠦ ᠰᠠᠢᠨ ᠬᠥᠮᠦᠨ ᠦ᠌ ᠦᠷ᠎ᠡ᠂ ᠰᠥᠳᠥ ᠭᠡᠭᠦᠦ ᠶ᠋ᠢᠨ ᠤᠨᠠᠭ᠎ᠠ ᠶᠤᠮ ᠬᠣᠢᠨ᠎ᠠ᠂ ᠭᠡᠷ ᠦ᠋ᠨ ᠰᠤᠷᠭᠠᠯ ᠰᠠᠢᠲᠠᠢ ᠲᠡᠳᠡ ᠣᠯᠠᠨ ᠢ᠋ ᠳᠠᠭᠠᠵᠤ ᠳᠡᠷᠪᠡᠭᠰᠡᠨ ᠦᠭᠡᠢ᠂ ᠬᠥᠳᠡᠯᠮᠦᠷᠢ ᠪᠡᠷ ᠥᠭᠡᠷᠡᠴᠢᠯᠡᠭᠳᠡᠬᠦ ᠪᠤᠶᠤ ᠪᠤᠷᠤᠭᠤᠰᠢᠶᠠᠨ ᠰᠢᠭᠦᠮᠵᠢᠯᠡᠭᠦᠯᠦᠭᠡᠳ ᠢᠷᠡᠬᠦ ᠳ᠋ᠦ᠍ᠨᠢ ᠪᠤᠷᠤᠭᠤ ᠨᠢᠳᠦ ᠪᠡᠷ ᠬᠠᠷᠠᠭᠰᠠᠨ ᠦᠭᠡᠢ᠂ ᠬᠠᠯᠠᠭᠤᠨ ᠬᠦᠢᠲᠡᠨ ᠢ᠋ ᠨᠢ ᠲᠡᠩᠴᠡᠭᠦᠯᠦᠨ᠂ ᠲᠡᠷᠡ ᠴᠠᠭ ᠤ᠋ᠨ ᠶᠠᠭᠤᠮ᠎ᠠ ᠬᠡᠦᠮ᠎ᠡ ᠬᠣᠪᠣᠷ ᠪᠠᠢᠳᠠᠯ ᠳᠣᠣᠷ᠎ᠠ ᠪᠣᠯᠬᠤ ᠴᠢᠨᠡᠭᠡ ᠪᠡᠷ ᠢ᠋ᠶ᠋ᠡᠨ ᠰᠠᠢᠬᠠᠨ ᠠᠰᠠᠷᠠᠵᠤ ᠳᠡᠭᠡᠭᠰᠢ ᠳᠤᠲᠠᠭᠰᠠᠨ ᠭᠡᠳᠡᠭ  ᠶᠤᠮ᠃
ᠦᠨᠡᠨ ᠢ᠋ᠶ᠋ᠡᠷ ᠢ᠋ᠶ᠋ᠡᠨ ᠶᠠᠪᠤᠪᠠᠯ ᠦᠬᠡᠷ ᠲᠡᠷᠭᠡ ᠪᠡᠷ ᠲᠠᠤᠯᠠᠢ ᠭᠦᠢᠴᠡᠨ᠎ᠡ ᠭᠡᠳᠡᠭᠴᠢᠯᠡᠨ᠂ ᠦᠨᠡᠨ ᠦ᠌ ᠦᠦᠷ ᠴᠠᠢᠵᠤ᠂ ᠰᠠᠮᠠᠭᠤᠷᠠᠯ ᠵᠦᠭᠰᠢᠷᠡᠨ᠂ ᠬᠢᠯᠢᠰ ᠪᠤᠷᠤᠭᠤ ᠬᠡᠷᠡᠭ ᠴᠠᠭᠠᠳᠬᠠᠭᠳᠠᠨ᠂ ᠳᠡᠭᠦᠦ ᠬᠤᠸᠠᠨᠲᠠᠢ ᠶ᠋ᠢᠨ ᠢ᠋ᠶ᠋ᠡᠨ ᠭᠠᠷ  ᠲᠤ᠌ ᠬᠣᠷᠢ ᠰᠢᠬᠠᠮ ᠵᠢᠯ ᠰᠠᠭᠤᠭᠰᠠᠨ ᠪᠠᠷᠠᠭᠤᠨ ᠪᠠᠭᠰᠢ ᠴᠦ᠍ ᠦᠨᠡᠨ ᠴᠠᠭᠠᠨ ᠢ᠋ᠶ᠋ᠠᠨ ᠣᠯᠵᠤ᠂ ᠰᠦᠮ᠎ᠡ ᠬᠡᠢᠳ ᠲᠡᠭᠡᠨ ᠪᠤᠴᠠᠯ᠎ᠠ᠃ ᠰᠦᠮ᠎ᠡ ᠬᠡᠢᠳ ᠭᠡᠬᠦ ᠡᠴᠡ ᠬᠡᠳᠦᠨ ᠣᠪᠣᠭ᠎ᠠ ᠬᠠᠭᠠᠷᠬᠠᠢ ᠲᠣᠭᠣᠰᠬᠠᠨ ᠤ᠋ ᠣᠪᠣᠭ᠎ᠠ ᠯᠠ ᠪᠠᠢᠭᠰᠠᠨ᠃ ᠭᠡᠰᠡᠨ ᠴᠦ᠍ ᠰᠡᠳᠬᠢᠯ ᠦ᠋ᠨ ᠰᠢᠷᠬᠠᠯᠠᠯ᠂ ᠤᠳᠠᠭᠠᠨ ᠵᠢᠯ ᠦ᠋ᠨ ᠨᠦᠰᠡᠷ ᠳᠠᠷᠤᠯᠲᠠ ᠨᠢ ᠬᠥᠩᠭᠡᠷᠡᠭᠰᠡᠨ ᠪᠠᠷᠠᠭᠤᠨ ᠪᠠᠭᠰᠢ ᠡᠯᠡᠰᠦ ᠮᠠᠩᠬ᠎ᠠ ᠶ᠋ᠢ ᠥᠭᠡᠷᠡᠴᠢᠯᠡᠬᠦ ᠥᠷᠲᠡᠭᠡᠨ ᠦ᠌ ᠭᠡᠷ ᠢ᠋ ᠰᠤᠯᠠᠯᠠᠨ ᠠᠪᠴᠤ᠂ ᠰᠤᠩᠷᠤᠢ᠂ ᠵᠣᠷᠳᠣᠩ᠂ ᠲᠤᠤᠬᠠᠢ᠂ ᠨᠠᠮᠰᠢᠳ᠂ ᠨᠢᠩᠵᠢᠳ ᠮᠡᠲᠦ ᠶ᠋ᠢᠨ ᠨᠢᠭᠡ ᠪᠦᠯᠦᠭ ᠯᠠᠮᠠ ᠨᠠᠷ ᠤ᠋ᠨ ᠢ᠋ᠶ᠋ᠠᠨ ᠬᠠᠮᠲᠤ ᠰᠣᠶᠣᠯ ᠤ᠋ᠨ ᠬᠤᠪᠢᠰᠬᠠᠯ ᠢ᠋ ᠥᠩᠭᠡᠷᠡᠭᠡᠭᠰᠡᠨ ᠦ᠌ ᠳᠠᠷᠠᠭᠠᠬᠢ ᠠᠩᠬᠠᠨ ᠤ᠋ ᠮᠠᠨᠢ ᠶ᠋ᠢᠨ ᠬᠤᠷᠠᠯ ᠢ᠋ᠶ᠋ᠠᠨ ᠬᠤᠷᠠᠯ᠎ᠠ᠃ ᠲᠡᠳᠡᠨ ᠦ᠌ ᠬᠤᠷᠠᠯ ᠨᠣᠮ ᠳ᠋ᠤ᠌ ᠵᠠᠷᠤᠴᠠᠭᠤᠯᠳᠠᠭ ᠬᠡᠷᠡᠭᠰᠡᠯ ᠭᠡᠵᠦ ᠡᠨᠳᠡ ᠲᠡᠨᠳᠡ ᠪᠡᠨ ᠨᠢᠭᠤᠵᠤ ᠳᠠᠯᠳᠠᠯᠠᠵᠤ ᠪᠠᠢᠵᠤ ᠠᠪᠴᠤ ᠭᠠᠷᠤᠭᠰᠠᠨ ᠬᠡᠳᠦᠨ ᠨᠣᠮ᠂ ᠬᠤᠩᠬ᠎ᠠ ᠳᠠᠮᠠᠷᠤ᠂ ᠪᠤᠷᠬᠠᠨ ᠲᠠᠬᠢᠯ ᠲᠡᠳᠦᠢ ᠯᠡ ᠪᠠᠢᠭᠰᠠᠨ ᠪᠣᠯᠪᠠᠴᠤ ᠪᠦᠬᠦᠨ ᠢ᠋ᠶ᠋ᠡᠷ ᠢ᠋ᠶ᠋ᠡᠨ ᠬᠥᠳᠡᠯᠦᠯᠴᠡᠨ ᠡᠨᠳᠡ ᠲᠡᠨᠳᠡ ᠡᠴᠡ ᠪᠤᠷᠬᠠᠨ ᠨᠣᠮ᠂ ᠲᠠᠬᠢᠯ ᠤ᠋ᠨ ᠬᠡᠷᠡᠭᠰᠡᠯ ᠦ᠋ᠨ ᠵᠦᠢᠯᠡᠰ ᠴᠤᠭᠯᠠᠭᠤᠯᠵᠤ᠂ ᠰᠣᠩᠷᠤᠢ ᠮᠠᠮᠠ ᠨᠠᠷ ᠲᠡᠷᠢᠭᠦᠯᠡᠨ ᠠᠷᠠᠳ ᠠ᠋ᠴᠠ ᠪᠠᠳᠢᠷ ᠪᠠᠷᠢᠬᠤ ᠲᠠᠢ᠂ ᠬᠤᠰᠢᠭᠤᠨ ᠤ᠋ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ ᠦ᠋ᠨ ᠳᠡᠮᠵᠢᠯᠭᠡ ᠲᠡᠢ ᠪᠡᠷ 1985 ᠣᠨ ᠳ᠋ᠤ᠌ ᠠᠷᠪᠠᠨ ᠬᠣᠶᠠᠷ ᠲᠠᠰᠤᠯᠭ᠎ᠠ ᠶ᠋ᠢᠨ ᠰᠢᠲᠦᠭᠡᠨ ᠰᠦᠮ᠎ᠡ ᠪᠡᠨ ᠪᠠᠢᠭᠤᠯᠤᠨ ᠠᠪᠤᠭᠠᠳ᠂ ᠶᠠᠭᠤ ᠴᠦ᠍ ᠭᠡᠰᠡᠨ᠂ ᠪᠠᠭ᠎ᠠ ᠴᠤ᠌ ᠪᠣᠯᠤᠭ᠂ ᠥᠪᠡᠷ ᠦ᠋ᠨ ᠭᠡᠰᠡᠨ ᠬᠤᠷᠠᠯ ᠬᠤᠷᠠᠬᠤ ᠰᠦᠮ᠎ᠡ ᠲᠡᠢ ᠪᠣᠯᠤᠭᠰᠠᠨ ᠨᠢ ᠪᠠᠷᠠᠭᠤᠨ ᠪᠠᠭᠰᠢ ᠲᠡᠳᠡᠨ ᠦ᠌ ᠶᠡᠬᠡ ᠪᠠᠶᠠᠷ ᠲᠠᠢ ᠤᠴᠢᠷ ᠪᠠᠢᠯ᠎ᠠ᠃
ᠱᠠᠰᠢᠨ ᠤ᠋ ᠠᠵᠢᠯᠯᠠᠭ᠎ᠠ ᠴᠢᠯᠥᠭᠡᠲᠡᠢ ᠪᠣᠯᠵᠤ᠂ ᠠᠶᠤᠬᠤ ᠰᠣᠴᠢᠬᠤ ᠵᠦᠢᠯ ᠦᠭᠡᠢ ᠪᠡᠷ ᠪᠤᠷᠬᠠᠨ ᠨᠣᠮ ᠢ᠋ᠶ᠋ᠠᠨ ᠳᠠᠬᠢᠵᠤ᠂ ᠬᠤᠷᠠᠯ ᠬᠤᠢ ᠪᠠᠨ ᠬᠤᠷᠠᠵᠤ᠂ ᠰᠦᠵᠢᠭ ᠰᠡᠳᠬᠢᠯ ᠢ᠋ᠶ᠋ᠡᠨ ᠲᠠᠢᠪᠤᠩ ᠢᠯᠡᠳᠬᠡᠵᠦ ᠴᠢᠳᠠᠬᠤ ᠪᠣᠯᠤᠭᠰᠠᠨ ᠳ᠋ᠠᠭᠠᠨ ᠭᠡᠮ ᠦᠭᠡᠢ ᠪᠠᠶᠠᠷᠯᠠᠵᠠᠭᠠᠭᠰᠠᠨ ᠨᠠᠰᠤᠲᠠᠢ ᠮᠠᠮᠠ ᠨᠠᠷ ᠪᠡᠶ᠎ᠡ ᠶ᠋ᠢᠨ ᠠᠷᠬᠠᠭ᠂ ᠮᠠᠬᠠᠪᠣᠳ ᠤ᠋ᠨ ᠡᠮᠵᠡᠭᠯᠡᠯ ᠢ᠋ᠶ᠋ᠡᠨ ᠦᠯᠦ ᠬᠠᠢᠬᠤᠷᠤᠨ᠂ ᠵᠢᠷᠠ ᠳᠠᠯᠠ ᠬᠦᠷᠦᠭᠰᠡᠨ ᠨᠠᠰᠤ ᠪᠠᠨ ᠮᠠᠷᠲᠠᠪᠠ ᠤᠤ ᠭᠡᠯᠲᠡᠢ ᠪᠡᠷ ᠨᠣᠮ ᠭᠦᠷᠢᠮ ᠦᠢᠯᠡᠳᠬᠦ᠂ ᠮᠠᠢᠳᠠᠷᠢ ᠡᠷᠭᠢᠬᠦ᠂ ᠰᠤᠷ ᠵᠠᠯᠠᠬᠤ᠂ ᠴᠠᠮ ᠴᠠᠮᠨᠠᠬᠤ ᠮᠡᠲᠦ ᠶ᠋ᠢᠨ ᠠᠯᠢ ᠪᠠᠢᠭᠰᠠᠨ ᠬᠤᠷᠠᠯ ᠱᠠᠰᠢᠨ ᠤ᠋ ᠦᠢᠯᠡ ᠳ᠋ᠦ᠍ ᠲᠤᠲᠠᠯ ᠦᠭᠡᠢ ᠣᠷᠤᠯᠴᠠᠵᠠᠭᠠᠬᠤ ᠨᠢ ᠴᠢᠩ ᠦᠨᠡᠨ ᠰᠦᠰᠦᠭ ᠡᠴᠡ ᠯᠡ ᠪᠣᠯᠤᠭᠰᠠᠨ ᠪᠠᠢᠬ᠎ᠠ᠃  
ᠰᠦᠮ᠎ᠡ ᠬᠡᠢᠳ ᠦ᠋ᠨ ᠤᠴᠢᠷ ᠶᠠᠪᠤᠳᠠᠯ ᠬᠡᠪ ᠦ᠋ᠨ ᠪᠠᠢᠳᠠᠯ ᠳ᠋ᠠᠭᠠᠨ ᠣᠷᠣᠭᠠᠳ᠂ ᠴᠠᠭ ᠴᠠᠭ ᠤ᠋ᠨ ᠬᠤᠷᠠᠯ ᠨᠣᠮ ᠢ᠋ᠶ᠋ᠠᠨ ᠡᠮᠬᠢ ᠲᠢᠭ ᠲᠡᠢ ᠬᠤᠷᠠᠵᠤ᠂ ᠬᠣᠯᠠ ᠣᠢᠷ᠎ᠠ ᠠ᠋ᠴᠠ ᠨᠠᠰᠤᠲᠠᠢ ᠮᠠᠮᠠ ᠨᠠᠷ ᠨᠢᠭᠡ ᠬᠣᠶᠠᠷ ᠢ᠋ᠶ᠋ᠠᠷ ᠨᠡᠮᠡᠭᠳᠡᠬᠦ ᠳ᠋ᠦ᠍ ᠬᠠᠶᠠ ᠨᠢᠭᠡ ᠬᠣᠶᠠᠷ ᠵᠢᠭᠠᠯ ᠪᠠᠨᠳᠢ  ᠴᠤ᠌ ᠨᠡᠮᠡᠭᠳᠡᠵᠦ ᠪᠠᠢᠭᠰᠠᠨ᠃ ᠶᠠᠭ ᠡᠢᠮᠦ ᠪᠤᠷᠬᠠᠨ ᠱᠠᠰᠢᠨ ᠳᠡᠯᠭᠡᠷᠡᠨ ᠰᠡᠷᠭᠦᠵᠦ᠂ ᠮᠠᠮᠠ ᠨᠠᠷ ᠤ᠋ᠨ ᠮᠠᠩᠨᠠᠢ ᠲᠡᠨᠢᠭᠡᠷ ᠪᠣᠯᠤᠭᠰᠠᠨ ᠦᠶ᠎ᠡ ᠳ᠋ᠦ᠍ ᠤᠳᠠᠭᠠᠨ ᠵᠢᠯ ᠴᠢᠳᠬᠥᠷ ᠱᠤᠯᠤᠮ ᠢ᠋ᠶ᠋ᠠᠷ ᠠᠪᠲᠠᠨ᠂ ᠪᠡᠶ᠎ᠡ ᠰᠡᠳᠬᠢᠯ ᠦ᠋ᠨ ᠳᠠᠪᠬᠤᠷ ᠰᠢᠨᠠᠯᠤᠯ ᠳ᠋ᠤ᠌ ᠲᠠᠷᠴᠢᠯᠠᠭᠰᠠᠨ ᠪᠠᠷᠠᠭᠤᠨ ᠪᠠᠭᠰᠢ ᠶ᠋ᠢᠨ ᠮᠠᠬᠠᠪᠣᠳ ᠪᠡᠶ᠎ᠡ ᠠᠷᠬᠠᠭ ᠤᠵᠢᠭ ᠲᠦ᠍ ᠣᠷᠢᠶᠠᠭᠳᠠᠨ ᠬᠦᠨᠳᠦ ᠡᠪᠡᠳᠴᠢᠯᠡᠵᠡᠢ᠃ ᠰᠠᠳᠤᠨ ᠲᠥᠷᠥᠯ᠂ ᠯᠠᠮᠠ ᠱᠠᠪᠢ ᠦᠭᠡᠢ ᠴᠢᠷᠮᠠᠢᠨ ᠡᠮᠨᠡᠭᠦᠯᠵᠦ᠂ ᠳᠡᠭᠡᠳᠦᠯᠡᠨ ᠠᠰᠠᠷᠠᠭᠰᠠᠨ ᠪᠣᠯᠪᠠᠴᠤ ᠲᠡᠩᠬᠡᠯ ᠠᠪᠤᠭᠰᠠᠨ ᠦᠭᠡᠢ᠂ 1988 ᠣᠨ ᠳ᠋ᠤ᠌ ᠶᠢᠷᠲᠢᠨᠴᠦ ᠡᠴᠡ ᠬᠠᠯᠢᠵᠠᠢ᠃ ᠨᠠᠰᠤᠨ ᠰᠡᠭᠦᠳᠡᠷ ᠳᠠᠯᠠᠨ ᠳᠥᠷᠪᠡᠲᠡᠢ ᠪᠥᠯᠥᠭᠡ᠃ 
2002 ᠣᠨ ᠳ᠋ᠤ᠌᠂ ᠦᠷ᠎ᠡ ᠱᠠᠪᠢ ᠨᠠᠮᠰᠢᠳ ᠮᠠᠮᠠ ᠨᠠᠷ᠂ ᠭᠣᠮᠪᠣ ᠶ᠋ᠢᠨ ᠳᠤᠭᠠᠩ ᠤ᠋ᠨ ᠡᠮᠦᠨ᠎ᠡ ᠴᠠᠭᠠᠨ ᠰᠤᠪᠤᠷᠭ᠎ᠠ ᠴᠣᠭᠴᠠᠯᠠᠨ᠂ ᠪᠠᠷᠠᠭᠤᠨ ᠪᠠᠭᠰᠢ ᠶ᠋ᠢᠨ ᠴᠢᠨᠳᠠᠷ ᠢ᠋ ᠱᠦᠩᠰᠢᠭᠯᠡᠨ ᠳᠠᠬᠢᠬᠰᠠᠨ ᠶᠤᠮ᠃ ᠪᠠᠷᠠᠭᠤᠨ ᠪᠠᠭᠰᠢ᠂ ᠷᠠᠪᠵᠠᠮᠪᠠ ᠲᠣᠪᠳᠤᠨᠫᠸᠯᠵᠠᠢ ᠶ᠋ᠢᠨ ᠰᠢᠷ᠎ᠠ ᠵᠣᠣ ᠰᠦᠮ᠎ᠡ ᠵᠢᠴᠢ ᠪᠤᠷᠬᠠᠨ ᠱᠠᠰᠢᠨ ᠤ᠋ ᠦᠢᠯᠡᠰ ᠲᠦ᠍ ᠦᠵᠡᠭᠦᠯᠦᠭᠰᠡᠨ ᠳᠠᠷᠬᠠᠨ ᠵᠢᠳᠬᠦᠯ᠂ ᠥᠭᠭᠢᠶᠡᠮᠦᠷ ᠲᠤᠰᠠ᠂ ᠨᠦᠮᠵᠦᠭᠲᠦ ᠪᠤᠶᠠᠨ ᠢ᠋ ᠰᠢᠷ᠎ᠠ ᠵᠣᠣ ᠶ᠋ᠢᠨ ᠯᠠᠮᠠ ᠬᠤᠸᠠᠷᠠᠭ᠂ ᠨᠤᠲᠤᠭ ᠤᠰᠤᠨ ᠤ᠋ ᠦᠢ ᠲᠦᠮᠡᠨ ᠰᠦᠰᠦᠭᠲᠡᠨ ᠮᠥᠷᠭᠥᠯᠴᠢᠨ ᠥᠨᠢᠳᠡ ᠳᠤᠷᠠᠰᠤᠨ ᠴᠡᠭᠡᠵᠢᠯᠡᠭᠰᠡᠭᠡᠷ ᠪᠠᠢᠨ᠎ᠠ᠃