ᠨᠣᠮ ᠵᠢᠷᠭᠠᠭᠠᠬᠤ ᠦᠭᠡ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠣᠮ ᠵᠢᠷᠭᠠᠭᠠᠬᠤ ᠦᠭᠡ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

ᠨᠣᠮ ᠵᠢᠷᠭᠠᠭᠠᠬᠤ ᠦᠭᠡ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

2026-02-11

179

                    ᠰᠸᠸᠡᠩᠵᠢᠭᠵᠢᠳ    

     ᠥᠯᠥᠭᠡᠢ ᠨᠤᠲᠤᠭ ᠤ᠋ᠨ ᠬᠥᠮᠦᠨ ᠠᠷᠠᠳ ᠤ᠋ᠨ ᠮᠠᠨᠢ ᠰᠦᠵᠢᠭ ᠪᠢᠰᠢᠷᠡᠯ ᠦ᠋ᠨ ᠳᠠᠯᠠᠯᠭ᠎ᠠ ᠪᠣᠯᠤᠭᠰᠠᠨ ᠰᠢᠷ᠎ᠠ ᠵᠣᠣ ᠰᠦᠮ᠎ᠡ ᠶ᠋ᠢᠨ ᠲᠤᠬᠠᠢ ᠪᠢ ᠣᠢ ᠲᠣᠢ ᠳ᠋ᠤ᠌ ᠣᠷᠣᠵᠤ ᠦᠰᠦᠭ ᠨᠢᠳᠦᠯᠡᠨ ᠰᠤᠷᠭᠠᠭᠤᠯᠢ ᠰᠣᠶᠣᠯ ᠤ᠋ᠨ ᠮᠥᠷ ᠬᠥᠭᠡᠭᠡᠵᠦ ᠡᠬᠢᠯᠡᠭᠰᠡᠨ ᠡᠴᠡ ᠪᠦᠦᠷ ᠲᠦᠦᠷᠬᠡᠨ ᠭᠠᠳᠠᠷᠯᠠᠬᠤ ᠪᠣᠯᠤᠭᠰᠠᠨ ᠶᠤᠮ᠃ ᠰᠢᠷ᠎ᠠ ᠵᠣᠣ ᠰᠦᠮ᠎ᠡ ᠭᠡᠵᠦ ᠴᠣᠭᠴᠢᠨ ᠳᠤᠭᠠᠩ ᠢ᠋ᠶ᠋ᠠᠷ ᠭᠣᠣᠯ ᠴᠡᠭ ᠪᠣᠯᠭᠠᠨ᠂ ᠬᠣᠶᠠᠷ ᠬᠠᠵᠠᠭᠤ᠂ ᠠᠷᠤ ᠪᠠᠷ ᠨᠢ ᠨᠡᠯᠢᠶᠡᠳ ᠠᠷᠪᠢᠨ ᠳᠤᠭᠠᠩ᠂ ᠰᠤᠪᠤᠷᠭ᠎ᠠ ᠪᠠᠢᠷᠢᠯᠠᠭᠰᠠᠨ᠂ ᠭᠠᠳᠠᠭᠤᠷ ᠢ᠋ᠶ᠋ᠠᠨ ᠳᠥᠷᠪᠡᠯᠵᠢᠨ ᠶᠡᠬᠡ ᠤᠯᠠᠭᠠᠨ ᠬᠦᠷᠢᠶ᠎ᠡ ᠲᠡᠢ᠂ ᠰᠦᠮ᠎ᠡ ᠶ᠋ᠢᠨ ᠳᠡᠭᠡᠭᠦᠷ ᠨᠢ ᠲᠠᠭᠲᠠᠭ᠎ᠠ ᠱᠦᠭᠯᠦᠳᠡᠨ ᠨᠢᠰᠦᠭᠰᠡᠨ ᠲᠤᠩ ᠰᠦᠷᠯᠢᠭ ᠶᠡᠬᠡᠮᠰᠦᠭ᠂ ᠦᠵᠡᠰᠬᠦᠯᠡᠩ ᠰᠠᠢᠬᠠᠨ ᠪᠠᠷᠢᠯᠭ᠎ᠠ ᠨᠤᠭᠤᠳ ᠪᠠᠢᠭᠰᠠᠨ ᠨᠢ ᠣᠳᠣ ᠴᠤ᠌ ᠭᠡᠰᠡᠨ ᠲᠣᠳᠣᠬᠠᠨ ᠴᠡᠭᠡᠵᠢᠯᠡᠭᠳᠡᠵᠦ ᠪᠣᠢ᠃ ᠴᠣᠭᠴᠢᠨ ᠳᠤᠭᠠᠩ ᠢ᠋ ᠭᠠᠷᠭᠠᠪᠠᠯ ᠴᠣᠬᠣᠮ ᠶᠠᠮᠠᠷ ᠶᠠᠮᠠᠷ ᠳᠤᠭᠠᠩ ᠪᠠᠢᠳᠠᠭ᠂ ᠬᠡᠳᠦ ᠪᠠᠢᠳᠠᠭ᠂ ᠶᠠᠮᠠᠷ ᠶᠠᠮᠠᠷ ᠪᠤᠷᠬᠠᠳ ᠢ᠋ ᠲᠠᠬᠢᠵᠤ ᠪᠠᠢᠳᠠᠭ ᠢ᠋ ᠲᠡᠷᠡ ᠦᠶ᠎ᠡ ᠳ᠋ᠦ᠍ ᠬᠠᠷᠢᠨ ᠮᠡᠳᠡᠬᠦ ᠦᠭᠡᠢ ᠪᠠᠢᠭᠰᠠᠨ᠃ ᠮᠡᠳᠡᠬᠦ ᠡᠴᠡ ᠤᠷᠢᠳᠤ ᠪᠡᠶ᠎ᠡ ᠶ᠋ᠢᠨ ᠡᠭᠦᠳᠡᠨ ᠠᠰᠠᠷ ᠤ᠋ᠨ ᠳᠥᠷᠪᠡᠨ ᠮᠠᠾᠠᠷᠠᠨᠽᠠ ᠶ᠋ᠢᠨ ᠳᠤᠭᠠᠩ ᠯᠠ ᠴᠡᠭᠡᠵᠢᠨ ᠳ᠋ᠦ᠍ ᠬᠣᠨᠣᠭᠰᠢᠭᠠᠳ ᠪᠠᠢᠳᠠᠭ ᠨᠢ ᠲᠡᠷᠡ ᠳᠤᠭᠠᠩ ᠤ᠋ᠨ ᠠᠳᠠᠭᠠᠷ ᠢ᠋ᠶ᠋ᠠᠷ ᠨᠢ ᠬᠥᠬᠡ ᠲᠩᠷᠢ ᠬᠥᠩᠬᠥᠢᠨ᠂ ᠴᠠᠭᠠᠨ ᠡᠭᠦᠯᠡ ᠡᠪᠬᠡᠷᠡᠯᠳᠦᠨ᠂ ᠳᠥᠷᠪᠡᠨ ᠮᠠᠾᠠᠷᠠᠨᠽᠠ ᠶ᠋ᠢᠨ ᠠᠢᠩᠭᠤᠷᠢ ᠲᠥᠷᠥᠭᠦᠯᠦᠮ᠎ᠡ ᠶᠠᠩᠵᠤ ᠶ᠋ᠢᠨ ᠲᠥᠷᠬᠦ ᠪᠠᠢᠳᠠᠯ ᠯᠠ ᠨᠢᠯᠬ᠎ᠠ ᠪᠠᠯᠴᠢᠷ ᠣᠢ ᠳ᠋ᠤ᠌ ᠭᠦᠨ ᠰᠠᠭᠤᠭᠳᠠᠯ ᠦᠯᠡᠳᠡᠭᠡᠭᠰᠡᠨ ᠦ᠌ ᠬᠢ ᠪᠠᠢᠬ᠎ᠠ᠃ ᠰᠦᠮ᠎ᠡ ᠶ᠋ᠢᠨ ᠠᠷᠤ ᠳ᠋ᠤ᠌ ᠰᠢᠷᠠᠵᠤᠤ ᠰᠤᠮᠤ ᠭᠡᠵᠦ ᠬᠡᠳᠦᠨ ᠮᠥᠷ ᠪᠠᠢᠰᠢᠩ ᠲᠠᠢ ᠠᠯᠪᠠᠨ ᠪᠠᠢᠭᠤᠯᠭ᠎ᠠ ᠪᠠᠢᠭᠰᠠᠨ᠃ ᠰᠦᠮ᠎ᠡ ᠶ᠋ᠢᠨ ᠵᠡᠭᠦᠨ ᠪᠡᠶ᠎ᠡ ᠶ᠋ᠢᠨ ᠶᠡᠬᠡ ᠵᠢᠰᠠ ᠳ᠋ᠤ᠌ ᠰᠢᠷᠠᠵᠤ ᠪᠠᠭ᠎ᠠ ᠰᠤᠷᠭᠠᠭᠤᠯᠢ᠂ ᠵᠡᠭᠦᠨ ᠬᠣᠢᠲᠠᠢ ᠪᠠᠢᠭᠰᠠᠨ ᠷᠠᠰᠠᠩ ᠵᠢᠰᠠ ᠳ᠋ᠤ᠌ ᠡᠮᠨᠡᠯᠭᠡ ᠶ᠋ᠢᠨ ᠬᠣᠷᠢᠶ᠎ᠠ᠂ ᠨᠦᠩᠨᠠᠢ ᠶ᠋ᠢᠨ ᠵᠢᠰᠠ ᠳ᠋ᠤ᠌ ᠮᠠᠯ ᠡᠮᠨᠡᠯᠭᠡ ᠶ᠋ᠢᠨ ᠥᠷᠲᠡᠭᠡ᠂ ᠪᠠᠷᠠᠭᠤᠨ ᠬᠣᠢᠲᠤ ᠪᠡᠶ᠎ᠡ ᠶ᠋ᠢᠨ ᠪᠠᠷᠠᠭᠤᠨ ᠱᠠᠩ ᠳ᠋ᠤ᠌ ᠬᠠᠩᠭᠠᠨ ᠪᠣᠷᠣᠯᠠᠭᠤᠯᠬᠤ ᠬᠤᠷᠰᠢᠶ᠎ᠠ ᠵᠡᠷᠭᠡ ᠶ᠋ᠢᠨ ᠪᠠᠢᠭᠤᠯᠭ᠎ᠠ ᠪᠠᠢᠷᠢᠯᠠᠵᠤ ᠪᠠᠢᠯ᠎ᠠ᠃ ᠮᠠᠨ ᠤ᠋ ᠰᠤᠷᠭᠠᠭᠤᠯᠢ ᠨᠢ ᠶᠠᠭ ᠰᠢᠷ᠎ᠠ ᠵᠣᠣ ᠰᠦᠮ᠎ᠡ ᠶ᠋ᠢᠨ ᠶᠡᠬᠡ ᠵᠢᠰᠠ ᠶ᠋ᠢᠨ ᠬᠦᠷᠢᠶᠡᠨ ᠳ᠋ᠦ᠍ ᠪᠠᠢᠭᠰᠠᠨ ᠲᠤᠯᠠ ᠡᠳᠦᠷ ᠡᠳᠦᠷ ᠰᠤᠷᠭᠠᠭᠤᠯᠢ ᠳ᠋ᠤ᠌ ᠣᠴᠢᠬᠤ᠂ ᠭᠡᠷ ᠲᠡᠭᠡᠨ ᠬᠠᠷᠢᠬᠤ ᠪᠣᠯᠭᠠᠨ ᠰᠦᠮ᠎ᠡ ᠶ᠋ᠢᠨ ᠠᠷᠤ ᠪᠠᠷ ᠪᠤᠶᠤ ᠤᠷᠳᠤᠭᠤᠷ ᠲᠣᠭᠣᠷᠢᠨ ᠶᠠᠪᠤᠳᠠᠭ ᠠ᠋ᠴᠠ ᠮᠠᠮᠠ ᠨᠠᠷ ᠤ᠋ᠨ ᠲᠤᠩ ᠳᠣᠬᠢᠶ᠎ᠠ ᠲᠠᠯᠪᠢᠨ ᠨᠣᠮ ᠤᠩᠰᠢᠬᠤ ᠳᠠᠭᠤᠨ ᠨᠢ ᠬᠦᠷᠲᠡᠯ᠎ᠡ ᠲᠣᠪ ᠲᠣᠳᠣᠬᠠᠨ ᠰᠣᠨᠣᠰᠳᠠᠳᠠᠭ ᠪᠠᠢᠭᠰᠠᠨ᠃ ᠢᠯᠠᠩᠭᠤᠶ᠎ᠠ ᠳᠣᠯᠣᠭᠠᠨ ᠰᠠᠷ᠎ᠠ ᠶ᠋ᠢᠨ ᠮᠠᠨᠢ ᠶ᠋ᠢᠨ ᠬᠤᠷᠠᠯ ᠬᠤᠢ ᠪᠣᠯᠪᠠᠯ ᠬᠡᠦᠬᠡᠳ ᠪᠢᠳᠡᠨ ᠦ᠌ ᠲᠩᠷᠢ ᠡᠷᠭᠢᠳᠡᠭ ᠶᠦᠮ᠃ ᠰᠢᠨ᠎ᠡ ᠶ᠋ᠢ ᠡᠮᠦᠰᠴᠦ ᠴᠠᠮ ᠦᠵᠡᠬᠦ᠂ ᠠᠯᠢᠮ᠎ᠠ ᠵᠢᠮᠢᠰ ᠦ᠋ᠨ ᠳᠡᠯᠭᠡᠭᠦᠷ ᠢ᠋ᠶ᠋ᠡᠷ ᠬᠡᠰᠦᠨ ᠠᠯᠢᠮ᠎ᠠ᠂ ᠰᠢᠬᠢᠷ᠂ ᠲᠠᠷᠪᠤᠰ᠂ ᠵᠢᠮᠢᠰ᠂ ᠠᠮᠲᠠᠲᠤ ᠪᠣᠣᠪᠣ ᠵᠡᠷᠭᠡ ᠶ᠋ᠢ ᠠᠮᠲᠠᠷᠬᠠᠨ ᠢᠳᠡᠬᠦ ᠨᠢ ᠶᠣᠰᠣᠲᠠᠢ ᠵᠢᠷᠭᠠᠯᠲᠠᠢ ᠰᠠᠨᠠᠭᠳᠠᠳᠠᠭ ᠪᠠᠢᠯ᠎ᠠ᠃ ᠲᠡᠷᠡ ᠠᠯᠢᠮ᠎ᠠ ᠵᠢᠮᠢᠰ ᠦ᠋ᠨ ᠦᠨᠦᠷ ᠬᠣᠯᠠ ᠠ᠋ᠴᠠ ᠰᠡᠩᠭᠢᠨᠡᠨ᠂ ᠲᠠᠷᠪᠤᠰ ᠢᠳᠡᠬᠦ ᠳ᠋ᠦ᠍ ᠬᠦᠷᠲᠡᠯ᠎ᠡ ᠴᠠᠭᠠᠨ᠎ᠠ ᠪᠠᠨ ᠲᠡᠢᠮᠦ ᠨᠢᠭᠡ ᠰᠠᠢᠬᠠᠨ ᠦᠨᠦᠷᠲᠦᠳᠡᠭ ᠢ᠋ ᠶᠠᠭᠠᠬᠢᠨ᠎ᠠ? ᠴᠠᠮ ᠦᠵᠡᠵᠦ ᠳᠠᠭᠤᠰᠤᠭᠠᠳ ᠨᠠᠷᠠ ᠰᠢᠩᠭᠡᠬᠦ ᠣᠢᠷᠠᠳᠤᠮᠠᠨᠵᠢᠨ ᠰᠠᠢ ᠭᠡᠷ ᠢ᠋ᠶ᠋ᠡᠨ ᠵᠦᠭᠯᠡᠳᠡᠭ ᠪᠢᠯᠡ᠃ ᠴᠣᠭᠴᠢᠨ ᠳᠤᠭᠠᠩ ᠤ᠋ᠨ ᠤᠷᠢᠳᠤ ᠪᠡᠶ᠎ᠡ ᠳ᠋ᠦ᠍ ᠬᠡᠳᠦᠨ ᠮᠠᠮᠠ ᠨᠠᠷ ᠴᠠᠢᠯᠠᠴᠢᠬᠠᠭᠰᠠᠨ ᠲᠠᠪᠠᠲᠠᠢ ᠵᠣᠭᠣᠭᠳᠠᠵᠤ ᠪᠠᠢᠭ᠎ᠠ ᠶ᠋ᠢ ᠰᠦᠮ᠎ᠡ ᠶ᠋ᠢᠨ ᠣᠩᠭᠣᠢᠯᠲᠠᠲᠠᠶ ᠡᠮᠦᠨ᠎ᠡ ᠬᠠᠭᠠᠯᠭ᠎ᠠ ᠪᠠᠷ ᠰᠣᠨᠢᠭᠤᠴᠢᠯᠠᠨ ᠬᠠᠷᠠᠵᠤ ᠶᠠᠪᠤᠭᠰᠠᠨ ᠮᠠᠨᠢ ᠣᠳᠣ ᠬᠦᠷᠲᠡᠯ᠎ᠡ ᠮᠠᠷᠲᠠᠭᠳᠠᠳᠠᠭ ᠦᠭᠡᠢ ᠨᠢ ᠬᠠᠴᠢᠨ ᠰᠣᠨᠢᠨ ᠠ᠋᠃ 
     ᠬᠠᠷᠢᠨ ᠨᠢᠭᠡ ᠥᠷᠯᠥᠭᠡ ᠰᠤᠷᠭᠠᠭᠤᠯᠢ ᠳ᠋ᠠᠭᠠᠨ ᠢᠷᠡᠬᠦ ᠳ᠋ᠦ᠍ ᠰᠦᠮ᠎ᠡ ᠶ᠋ᠢᠨ ᠬᠦᠷᠢᠶᠡᠨ ᠡᠴᠡ ᠤᠲᠤᠭ᠎ᠠ ᠪᠠᠭᠠᠭᠢᠴᠢᠬᠠᠭᠰᠠᠨ ᠪᠠᠢᠭᠰᠠᠨ ᠨᠢ ᠴᠣᠭᠴᠢᠨ ᠳᠤᠭᠠᠩ ᠵᠤᠯᠠ ᠶ᠋ᠢᠨ ᠭᠠᠯ ᠳ᠋ᠤ᠌ ᠮᠠᠨᠳᠤᠴᠢᠬᠠᠭᠰᠠᠨ ᠪᠠᠢᠵᠠᠢ᠃  ᠪᠠᠢᠷᠢ ᠳ᠋ᠤ᠌ ᠰᠠᠭᠤᠯᠴᠠᠳᠠᠭ ᠵᠢᠭᠠᠯ ᠤ᠋ᠳ ᠥᠴᠥᠭᠡᠳᠦᠷ ᠰᠥᠨᠢ ᠶ᠋ᠢᠨ ᠲᠡᠷᠡ ᠶᠡᠬᠡ ᠭᠠᠯ ᠤᠤ? ᠠᠶᠤᠮᠠᠷ ᠠ᠋ ᠭᠡᠮᠡᠨ ᠶᠠᠷᠢᠵᠠᠭᠠᠨ᠎ᠠ ᠪᠢᠯᠡ᠃ ᠰᠢᠷ᠎ᠠ ᠵᠣᠣ ᠰᠦᠮ᠎ᠡ ᠶ᠋ᠢᠨ ᠬᠠᠮᠤᠭ ᠤ᠋ᠨ ᠲᠣᠮᠣ ᠰᠦᠷᠯᠢᠭ ᠴᠣᠭᠴᠢᠨ ᠳᠤᠭᠠᠩ ᠨᠢ ᠢᠩᠭᠢᠭᠡᠳ ᠰᠦᠢᠳᠴᠦ᠂ ᠲᠡᠳᠦᠢ ᠬᠣᠶᠠᠷ ᠵᠢᠯ ᠪᠣᠯᠤᠯ ᠦᠭᠡᠢ ᠪᠡᠷ ᠰᠣᠶᠣᠯ ᠤ᠋ᠨ ᠬᠤᠪᠢᠰᠬᠠᠯ ᠤ᠋ᠨ ᠤᠯᠠᠭᠠᠨ ᠰᠢᠭᠤᠷᠭᠠᠨ ᠳ᠋ᠤ᠌ ᠦᠯᠡᠳᠡᠭᠰᠡᠨ ᠳᠤᠭᠠᠩ ᠰᠤᠪᠤᠷᠭ᠎ᠠ ᠨᠢ ᠴᠦ᠍ ᠪᠦᠷ ᠡᠪᠳᠡᠭᠳᠡᠨ ᠰᠦᠢᠳᠦᠭᠰᠡᠨ ᠢ᠋ ᠪᠢᠳᠡ ᠨᠢᠳᠦ ᠪᠡᠷ ᠦᠵᠡᠭᠰᠡᠨ ᠶᠦᠮ᠃ ᠮᠥᠨ ᠳᠠᠷᠠᠭᠠᠬᠠᠨ ᠨᠢ ᠰᠢᠷᠠᠵᠤᠤ ᠰᠤᠮᠤ ᠳᠤᠭᠤᠢᠳᠠᠯ᠎ᠠ ᠰᠤᠮᠤ ᠲᠡᠢ ᠬᠠᠮᠲᠤᠷᠠᠨ᠂ ᠰᠤᠮᠤ ᠰᠤᠮᠤ ᠬᠠᠮᠲᠤᠷᠠᠭᠰᠠᠨ ᠶᠡᠬᠡ ᠬᠤᠷᠠᠯ ᠳ᠋ᠤᠨᠢ ᠮᠠᠨ ᠤ᠋ ᠰᠣᠷᠣᠭᠴᠢᠳ ᠢ᠋ ᠴᠦ᠍ ᠳᠤᠭᠤᠢᠳᠠᠯ᠎ᠠ ᠳ᠋ᠤ᠌ ᠠᠪᠠᠴᠢᠵᠤ ᠣᠷᠣᠯᠴᠠᠭᠤᠯᠤᠭᠰᠠᠨ ᠢ᠋ ᠴᠡᠭᠡᠵᠢᠯᠡᠭᠰᠡᠭᠡᠷ᠃ ᠲᠠᠯᠠᠲᠤ ᠪᠠᠷᠢᠭᠠᠳᠠ ᠠ᠋ᠴᠠ ᠢᠷᠡᠭᠰᠡᠨ ᠰᠤᠷᠤᠭᠴᠢ ᠴᠠᠭᠠᠨᠬᠦᠦ᠂ ᠭᠠᠷᠠᠭ ᠤ᠋ᠨ ᠡᠳᠦᠷ ᠲᠦ᠋ᠨᠢ ᠴᠢᠯᠥᠭᠡ ᠵᠠᠪ ᠲᠠᠢ ᠪᠣᠯᠬᠣᠷ ᠲᠠᠩᠳᠠ ᠳᠤᠭᠤᠢᠲᠠᠯ᠎ᠠ ᠪᠠᠷ ᠬᠡᠰᠦᠳᠡᠭ ᠢ᠋ᠶ᠋ᠡᠷ ᠢ᠋ᠶ᠋ᠡᠨ ᠡᠨᠡ ᠬᠥᠮᠦᠰ ᠪᠣᠯ ᠳᠤᠭᠤᠢᠳᠠᠯ᠎ᠠ ᠰᠤᠮᠤ ᠶ᠋ᠢᠨ ᠺᠠᠳ᠋ᠷ ᠤ᠋ᠳ᠂ ᠲᠡᠷᠡ ᠬᠡᠳᠦᠨ ᠬᠥᠬᠡ ᠥᠮᠥᠳᠥ ᠬᠦᠷᠮ᠎ᠡ ᠲᠡᠢ ᠪᠦᠰᠡᠭᠦᠢᠴᠦᠦᠯ ᠨᠢ ᠴᠠᠬᠢᠯᠭᠠᠨ ᠮᠡᠳᠡᠭᠡ ᠶᠠᠪᠤᠭᠤᠯᠳᠠᠭ ᠬᠥᠮᠦᠨ ᠰᠢᠦ ᠭᠡᠵᠦ ᠮᠡᠳᠡᠮᠡᠬᠡᠢᠷᠡᠨ ᠬᠡᠯᠡᠵᠦ ᠪᠠᠢᠭᠰᠠᠨ᠃ ᠰᠢᠷᠠᠵᠤᠤ ᠰᠤᠷᠭᠠᠭᠤᠯᠢ ᠶ᠋ᠢᠨ ᠵᠡᠭᠦᠨ ᠣᠷᠣᠨ ᠤ᠋ ᠪᠠᠭᠰᠢ ᠨᠠᠮᠵᠢᠯᠲᠤ᠂ ᠬᠡᠵᠢᠶᠡᠳᠡ ᠱᠣᠭ ᠭᠠᠷᠭᠠᠬᠤ ᠳᠤᠷᠠᠲᠠᠢ ᠬᠥᠮᠦᠨ᠂ ᠴᠠᠭᠠᠨᠬᠦᠦ ᠪᠠᠭᠠᠰᠤᠨ ᠪᠠᠮᠪᠤ ᠶ᠋ᠢ ᠤᠲᠠᠰᠤ ᠪᠠᠷ ᠤᠶᠠᠵᠤ ᠳᠡᠭᠦᠵᠢᠯᠡᠴᠢᠬᠡᠭᠡᠳ ᠪᠠᠭᠠᠰᠤᠨ ᠪᠠᠮᠪᠤ ᠴᠢ ᠬᠤᠷᠳᠤᠨ ᠤᠤ? ᠪᠠᠭᠠᠲᠤᠷ ᠴᠠᠭᠠᠨᠬᠦᠦ ᠪᠢ ᠬᠤᠷᠳᠤᠨ ᠤᠤ? ᠭᠡᠳ ᠮᠥᠷᠥᠢᠴᠡᠨ ᠭᠦᠶᠦᠵᠦ ᠪᠠᠢᠭᠰᠠᠨ ᠢ᠋ ᠦᠵᠡᠯ᠎ᠡ ᠭᠡᠵᠦ ᠱᠣᠭ ᠭᠠᠷᠭᠠᠨ ᠬᠡᠯᠡᠭᠡᠳ ᠮᠠᠨ ᠢ᠋ ᠡᠯᠢᠭᠡ ᠬᠥᠰᠢᠲᠡᠯ᠎ᠡ ᠢᠨᠢᠶᠡᠯᠭᠡᠳᠡᠭ ᠪᠠᠢᠭᠰᠠᠨ᠃ ᠰᠢᠷᠠᠵᠤᠤ ᠰᠤᠮᠤ ᠳᠤᠭᠤᠢᠲᠠᠯ᠎ᠠ ᠲᠠᠢ ᠬᠠᠮᠲᠤᠷᠠᠭᠰᠠᠨ ᠠ᠋ᠴᠠ ᠰᠤᠮᠤᠨ ᠪᠠᠢᠭᠤᠯᠭ᠎ᠠ᠂ ᠡᠮᠨᠡᠯᠭᠡ ᠶ᠋ᠢᠨ ᠬᠣᠷᠢᠶ᠎ᠠ᠂ ᠮᠠᠯ ᠡᠮᠨᠡᠯᠭᠡ ᠶ᠋ᠢᠨ ᠥᠷᠲᠡᠭᠡ᠂ ᠬᠠᠩᠭᠠᠨ ᠪᠣᠷᠣᠯᠠᠭᠤᠯᠬᠤ ᠬᠤᠷᠰᠢᠶ᠎ᠠ ᠬᠦᠷᠲᠡᠯ᠎ᠡ ᠨᠡᠭᠦᠭᠡᠳ ᠶᠠᠪᠤᠴᠢᠬᠠᠵᠤ ᠰᠢᠷ᠎ᠠ ᠵᠣᠣ ᠳᠡᠭᠡᠷ᠎ᠡ ᠡᠯᠡᠢ ᠬᠣᠯᠠᠶ ᠪᠣᠯᠴᠢᠬᠠᠭᠰᠠᠨ ᠪᠠᠢᠯ᠎ᠠ᠃ ᠬᠣᠵᠢᠮ ᠨᠢ ᠰᠤᠮᠤᠨ ᠤ᠋ ᠭᠡᠷ ᠪᠠᠢᠰᠢᠩ ᠢ᠋ ᠰᠢᠬᠢᠷ ᠦ᠋ᠨ ᠭᠠᠯ ᠡᠵᠡᠯᠡᠨ ᠰᠠᠭᠤᠵᠤ᠂ ᠠᠷᠤ ᠳ᠋ᠤᠨᠢ ᠡᠯᠡᠰᠦ ᠮᠠᠩᠬ᠎ᠠ ᠶ᠋ᠢ ᠥᠭᠡᠷᠡᠴᠢᠯᠡᠬᠦ ᠥᠷᠲᠡᠭᠡ ᠪᠠᠢᠭᠰᠠᠨ ᠢ᠋ᠶ᠋ᠡᠨ  ᠰᠡᠭᠦᠯᠳᠡᠵᠦ ᠮᠥᠨ ᠨᠡᠭᠦᠭᠡᠳ ᠶᠠᠪᠤᠭᠰᠠᠨ ᠪᠢᠯᠡ᠃ ᠰᠢᠷᠠᠵᠤᠤ ᠪᠠᠭ᠎ᠠ ᠰᠤᠷᠭᠠᠭᠤᠯᠢ ᠴᠤ᠌ ᠶᠡᠬᠡ ᠵᠢᠰᠠ ᠶ᠋ᠢᠨ ᠬᠦᠷᠢᠶᠡᠨ ᠡᠴᠡ ᠪᠡᠨ ᠨᠡᠭᠦᠨ ᠭᠠᠷᠴᠤ ᠢᠷᠡᠭᠡᠳ ᠰᠦᠮ᠎ᠡ ᠶ᠋ᠢᠨ ᠪᠠᠷᠠᠭᠤᠨ ᠪᠡᠶ᠎ᠡ ᠳ᠋ᠦ᠍ ᠬᠡᠳᠦᠨ ᠮᠥᠷ ᠪᠠᠢᠰᠢᠩ ᠲᠠᠢ ᠨᠡᠯᠢᠶᠡᠳ ᠵᠢᠯ ᠪᠣᠯᠤᠭᠰᠠᠨ ᠢ᠋ᠶ᠋ᠠᠨ 1975 ᠣᠨ ᠤ᠋ ᠦᠶᠡᠰ ᠴᠡᠷᠢᠭ ᠬᠣᠷᠢᠶᠠᠨ ᠤ᠋ ᠳᠣᠯᠣᠳᠤᠭᠠᠷ ᠰᠤᠮᠤᠨ ᠤ᠋ ᠣᠷᠬᠢᠭᠳᠠᠭᠰᠠᠨ ᠭᠡᠷ ᠢ᠋ ᠰᠡᠯᠪᠢᠵᠦ ᠠᠪᠤᠭᠠᠳ ᠳᠠᠬᠢᠨ ᠨᠡᠭᠦᠨ ᠣᠲᠣᠭᠠᠳ ᠰᠢᠷ᠎ᠠ ᠵᠣᠣ ᠰᠦᠮ᠎ᠡ ᠶ᠋ᠢᠨ ᠣᠷᠣᠢ ᠲᠣᠭᠣᠷᠢᠵᠤ ᠰᠠᠭᠤᠭᠰᠠᠨ ᠬᠡᠳᠦᠬᠡᠨ ᠠᠢᠯ ᠢ᠋ ᠭᠠᠷᠭᠠᠪᠠᠯ ᠶᠣᠰᠣᠲᠠᠢ ᠬᠠᠭᠠᠷᠬᠠᠢ ᠸᠠᠭᠠᠷ ᠲᠣᠭᠣᠰᠬᠠᠨ ᠣᠪᠣᠭ᠎ᠠ᠂ ᠳᠣᠷᠣ ᠲᠡᠳᠦᠢ ᠯᠡ ᠪᠣᠯᠵᠤ ᠬᠣᠴᠣᠷᠤᠭᠰᠠᠨ ᠶᠤᠮ᠃ 
     ᠴᠠᠭ ᠵᠢᠯ ᠰᠠᠢᠵᠢᠷᠠᠨ᠂ ᠲᠥᠷᠥ ᠲᠦᠪᠰᠢᠷᠡᠨ ᠲᠦᠮᠡᠨ ᠠᠮᠤᠭᠤᠯᠠᠩ ᠪᠣᠯᠵᠤ᠂ ᠱᠠᠰᠢᠨ ᠰᠢᠲᠦᠯᠭᠡ ᠪᠤᠷᠬᠠᠨ ᠨᠣᠮ ᠳᠠᠬᠢᠨ ᠬᠦᠨᠳᠦᠳᠬᠡᠭᠳᠡᠨ ᠳᠡᠭᠡᠳᠦᠯᠡᠭᠳᠡᠵᠦ ᠡᠬᠢᠯᠡᠭᠡᠳ ᠨᠠᠰᠤᠲᠠᠢ ᠮᠠᠮᠠ ᠨᠠᠷ ᠤ᠋ᠨ ᠴᠢᠷᠮᠠᠢᠯᠭ᠎ᠠ᠂ ᠨᠠᠮ ᠵᠠᠰᠠᠭ ᠤ᠋ᠨ ᠬᠠᠯᠠᠮᠵᠢ ᠪᠠᠷ ᠬᠣᠶᠠᠷ ᠳᠤᠭᠠᠩ ᠰᠢᠨ᠎ᠡ ᠪᠡᠷ ᠪᠣᠰᠬᠠᠭᠳᠠᠭᠠᠳ ᠬᠤᠷᠠᠯ ᠨᠣᠮ ᠢ᠋ᠶ᠋ᠠᠨ ᠲᠠᠰᠤᠯᠳᠠᠭᠤᠯᠤᠯ ᠦᠭᠡᠢ ᠬᠤᠷᠠᠭᠰᠠᠭᠠᠷ ᠡᠳᠦᠭᠡ ᠳ᠋ᠦ᠍ ᠬᠦᠷᠴᠡᠢ᠃ 
     2006 ᠣᠨ ᠳ᠋ᠤ᠌᠂ ᠰᠢᠷ᠎ᠠ ᠵᠣᠣ ᠰᠦᠮ᠎ᠡ ᠶ᠋ᠢᠨ ᠵᠠᠬᠢᠷᠤᠯ ᠤ᠋ᠨ ᠪᠦᠷᠢᠯᠳᠦᠬᠦᠨ ᠰᠡᠳᠠᠩᠨᠣᠷᠪᠤ ᠭᠤᠸᠠᠢ ᠨᠠᠳᠠ ᠳ᠋ᠤ᠌:《 ᠡᠭᠦᠨ ᠢ᠋ ᠴᠢ ᠨᠢᠭᠡ ᠶᠠᠭᠤᠮ᠎ᠠ ᠪᠣᠯᠭᠠᠭᠠᠳ ᠥᠭᠭᠦᠨ᠎ᠡ ᠤᠤ? 》 ᠭᠡᠵᠦ ᠨᠠᠢᠳᠠᠭᠰᠠᠨ ᠪᠢᠯᠡ᠃ ᠲᠡᠷᠡ ᠨᠢ ᠴᠢᠮᠡᠳ ᠭᠤᠸᠠᠢ ᠶ᠋ᠢᠨ ᠪᠢᠴᠢᠭᠰᠡᠨ 《 ᠰᠢᠷ᠎ᠠ ᠵᠣᠣ ᠰᠦᠮ᠎ᠡ ᠶ᠋ᠢᠨ ᠦᠨᠡᠨ ᠲᠡᠦᠬᠡ ᠣᠷᠣᠰᠢᠪᠠᠢ》 ᠭᠡᠰᠡᠨ ᠨᠣᠣᠷᠠᠭ ᠪᠠᠢᠯ᠎ᠠ᠃ ᠳᠠᠷᠠᠭ᠎ᠠ ᠨᠢ ᠫᠤᠩᠰᠣᠭ ᠭᠤᠸᠠᠢ ᠶ᠋ᠢᠨ ᠰᠢᠷ᠎ᠠ ᠵᠣᠣ ᠰᠦᠮ᠎ᠡ ᠶ᠋ᠢ ᠳᠠᠬᠢᠨ ᠰᠡᠯᠪᠢᠨ ᠵᠠᠰᠠᠭᠰᠠᠨ ᠵᠢᠴᠢ ᠰᠦᠮ᠎ᠡ ᠶ᠋ᠢᠨ ᠠᠵᠤ ᠠᠬᠤᠢ ᠶ᠋ᠢᠨ ᠪᠠᠢᠳᠠᠯ ᠤ᠋ᠨ ᠲᠤᠬᠠᠢ ᠮᠠᠲ᠋ᠧᠷᠢᠶᠠᠯ ᠢ᠋ ᠴᠦ᠍ ᠨᠠᠳᠠ ᠰᠢᠯᠵᠢᠭᠦᠯᠦᠨ ᠥᠭᠭᠦᠭᠰᠡᠨ᠃ 2007 ᠣᠨ ᠳ᠋ᠤ᠌ ᠪᠢ ᠰᠢᠷ᠎ᠠ ᠵᠣᠣ ᠳᠡᠭᠡᠷ᠎ᠡ ᠰᠢᠨᠡᠯᠡᠬᠦ ᠲᠠᠰᠢᠷᠠᠮ ᠢ᠋ᠶ᠋ᠠᠷ ᠬᠡᠳᠦᠨ ᠨᠠᠰᠤᠲᠠᠢ ᠮᠠᠮᠠ ᠨᠠᠷ ᠢ᠋ ᠳᠥᠭᠥᠮ ᠰᠤᠷᠪᠤᠯᠵᠢᠯᠠᠭᠰᠠᠨ ᠮᠠᠨᠢ ᠡᠨᠡ ᠨᠣᠮ ᠢ᠋ ᠨᠠᠢᠷᠠᠭᠤᠯᠬᠤ ᠳ᠋ᠤ᠌ ᠶᠡᠬᠡᠬᠡᠨ ᠪᠣᠷᠣ ᠮᠠᠲ᠋ᠧᠷᠢᠶᠠᠯ ᠪᠣᠯᠤᠭᠰᠠᠨ ᠶᠤᠮ᠃ 
ᠰᠢᠷ᠎ᠠ ᠵᠣᠣ ᠰᠦᠮ᠎ᠡ ᠶ᠋ᠢᠨ ᠲᠤᠬᠠᠢ ᠮᠠᠲ᠋ᠧᠷᠢᠶᠠᠯ ᠮᠠᠨ ᠳ᠋ᠤ᠌ ᠣᠯᠳᠠᠭᠰᠠᠨ ᠨᠢ ᠲᠤᠩ ᠬᠣᠪᠣᠷᠬᠠᠨ ᠶᠤᠮ᠃ ᠲᠡᠢᠮᠦ ᠪᠡᠷ ᠢ᠋ᠶ᠋ᠡᠨ ᠣᠷᠳᠣᠰ ᠬᠣᠲᠠ ᠶ᠋ᠢᠨ ᠳᠠᠩᠰᠠ ᠡᠪᠬᠡᠮᠡᠯ ᠦ᠋ᠨ ᠭᠠᠵᠠᠷ ᠤ᠋ᠨ ᠪᠤᠶᠠᠨ ᠭᠤᠸᠠᠢ ᠵᠢᠴᠢ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ ᠦ᠋ᠨ ᠲᠡᠮᠦᠷᠪᠠᠭᠠᠲᠤᠷ ᠬᠣᠶᠠᠷ ᠨᠥᠬᠥᠷ ᠦ᠋ᠨ ᠨᠠᠢᠷᠠᠭᠤᠯᠤᠭᠰᠠᠨ 《ᠣᠷᠳᠣᠰ ᠤ᠋ᠨ ᠰᠦᠮ᠎ᠡ ᠬᠡᠢᠳ 》 ᠭᠡᠰᠡᠨ ᠨᠣᠮ ᠳ᠋ᠠᠬᠢ ᠰᠢᠷ᠎ᠠ ᠵᠣᠣ ᠰᠦᠮ᠎ᠡ ᠶ᠋ᠢᠨ ᠲᠤᠬᠠᠢ ᠮᠠᠲ᠋ᠧᠷᠢᠶᠠᠯ ᠤ᠋ᠳ ᠢ᠋ ᠠᠰᠢᠭᠯᠠᠨ᠂ ᠴᠢᠮᠡᠳ ᠭᠤᠸᠠᠢ᠂ ᠫᠤᠩᠰᠣᠭ ᠭᠤᠸᠠᠢ ᠶ᠋ᠢᠨ ᠪᠢᠴᠢᠭᠰᠡᠨ ᠨᠣᠣᠷᠠᠭ ᠲᠠᠢ ᠨᠠᠢᠷᠠᠭᠤᠯᠤᠨ᠂ ᠳᠡᠭᠡᠷ᠎ᠡ ᠨᠢ ᠬᠠᠩᠭᠢᠨ ᠬᠤᠰᠢᠭᠤᠨ ᠤ᠋ ᠠᠷᠠᠳ ᠤ᠋ᠨ ᠲᠥᠯᠥᠭᠡᠯᠡᠭᠴᠢᠳ ᠦ᠋ᠨ ᠪᠠᠢᠩᠭᠤ ᠶ᠋ᠢᠨ ᠬᠣᠷᠢᠶᠠᠨ ᠤ᠋ ᠳᠡᠳ᠋ ᠡᠷᠬᠢᠯᠡᠭᠴᠢ ᠪᠠᠢᠭᠰᠠᠨ ᠰᠡᠩᠭᠡ ᠳᠠᠷᠤᠭ᠎ᠠ ᠶ᠋ᠢᠨ ᠡᠮᠬᠢᠳᠬᠡᠭᠰᠡᠨ ᠰᠢᠷ᠎ᠠ ᠵᠣᠣ ᠰᠦᠮ᠎ᠡ ᠶ᠋ᠢᠨ ᠯᠠᠮᠠ ᠪᠠᠢᠭᠰᠠᠨ ᠮᠣᠩᠭᠣᠯ ᠦᠨᠳᠦᠰᠦᠲᠡᠨ ᠦ᠌ ᠣᠷᠴᠢᠨ ᠦᠶ᠎ᠡ ᠶ᠋ᠢᠨ ᠠᠯᠳᠠᠷᠲᠤ ᠰᠢᠯᠦᠭᠴᠢ ᠯᠤᠷᠣᠢᠰᠠᠮᠪᠤ ᠶ᠋ᠢᠨ ᠨᠠᠮᠲᠠᠷ ᠢ᠋ ᠣᠷᠣᠭᠤᠯᠵᠤ᠂ ᠰᠡᠩᠭᠡ ᠲᠡᠳᠡᠨ ᠦ᠌ ᠲᠥᠰᠥᠪᠯᠡᠨ ᠵᠢᠷᠤᠭᠤᠯᠤᠭᠰᠠᠨ ᠰᠦᠮ᠎ᠡ ᠶ᠋ᠢᠨ ᠤᠤᠯ ᠤ᠋ᠨ ᠪᠠᠢᠷᠢᠰᠢᠯ ᠵᠢᠷᠤᠭ ᠢ᠋ ᠲᠤᠰ ᠨᠣᠮ ᠳ᠋ᠤ᠌ ᠳᠠᠭᠠᠯᠳᠤᠭᠤᠯᠤᠭᠰᠠᠨ ᠢ᠋ ᠡᠨᠳᠡ ᠲᠣᠳᠣᠷᠬᠠᠢᠯᠠᠶ᠎ᠠ᠃ 
ᠲᠤᠰ ᠨᠣᠮ ᠤ᠋ᠨ ᠬᠡᠪᠯᠡᠭᠳᠡᠬᠦ ᠵᠢᠴᠢ ᠠᠵᠤ ᠠᠬᠤᠢ ᠶ᠋ᠢᠨ ᠲᠠᠯ᠎ᠠ ᠪᠠᠷ ᠬᠦᠴᠦᠲᠡᠢ ᠳᠡᠮᠵᠢᠯᠭᠡ ᠦᠵᠡᠭᠦᠯᠦᠭᠰᠡᠨ ᠣᠷᠳᠣᠰ ᠬᠣᠲᠠ ᠶ᠋ᠢᠨ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ ᠦ᠋ᠨ ᠰᠠᠴᠤᠷᠠᠯᠲᠤ ᠳᠠᠷᠤᠭ᠎ᠠ ᠵᠢᠴᠢ ᠲᠡᠮᠦᠷᠪᠠᠭᠠᠲᠤᠷ ᠨᠥᠬᠥᠷ ᠲᠦ᠍ ᠴᠢᠩ ᠰᠡᠳᠬᠢᠯ ᠦ᠋ᠨ ᠲᠠᠯᠠᠷᠬᠠᠯ ᠳᠡᠪᠰᠢᠭᠦᠯᠦᠶ᠎ᠡ!
    《 ᠰᠢᠷ᠎ᠠ ᠵᠣᠣ》 ᠬᠡᠮᠡᠬᠦ ᠡᠨᠡ ᠨᠣᠮ ᠢ᠋ ᠨᠠᠢᠷᠠᠭᠤᠯᠤᠨ ᠬᠡᠪᠯᠡᠭᠦᠯᠬᠦ ᠪᠤᠶᠠᠨᠲᠤ ᠦᠢᠯᠡᠰ ᠲᠦ᠍ ᠲᠠᠯ᠎ᠠ ᠲᠠᠯ᠎ᠠ ᠶ᠋ᠢᠨ ᠬᠥᠮᠦᠰ ᠦ᠋ᠨ ᠲᠤᠰᠠ ᠳᠠᠮ ᠢ᠋ ᠬᠦᠷᠲᠡᠭᠰᠡᠨ ᠪᠢᠯᠡ᠃ ᠢᠯᠠᠩᠭᠤᠶ᠎ᠠ ᠰᠢᠷ᠎ᠠ ᠵᠣᠣ ᠰᠦᠮ᠎ᠡ ᠶ᠋ᠢᠨ ᠵᠠᠬᠢᠷᠤᠯ ᠤ᠋ᠨ ᠪᠦᠷᠢᠯᠳᠦᠬᠦᠨ ᠰᠡᠳᠡᠩᠨᠣᠷᠪᠤ ᠭᠤᠸᠠᠢ ᠶ᠋ᠢᠨ ᠣᠢᠭ᠎ᠠ ᠦᠭᠡᠢ ᠬᠦᠴᠦᠯᠡᠨ ᠰᠡᠳᠦᠵᠦ ᠴᠢᠷᠮᠠᠢᠭᠰᠠᠨ᠂ ᠵᠢᠷᠭᠠᠯ ᠤ᠋ᠨ ᠰᠠᠨᠠᠭᠠᠴᠢᠯᠠᠨ ᠲᠤᠰᠠᠯᠠᠯᠴᠠᠭᠰᠠᠨ ᠤ᠋ ᠠᠴᠢ ᠪᠠᠷ ᠶᠠᠭᠤ ᠴᠤ᠌ ᠭᠡᠰᠡᠨ ᠲᠤᠰ ᠨᠣᠮ ᠬᠡᠪᠯᠡᠭᠳᠡᠭᠡᠳ ᠡᠷᠬᠢᠮ ᠲᠠ ᠨᠠᠷ ᠤ᠋ᠨ ᠠᠯᠠᠭᠠᠨ ᠳ᠋ᠤ᠌ ᠳᠡᠯᠭᠡᠭᠳᠡᠨ ᠪᠠᠢᠨ᠎ᠠ᠃  ᠨᠠᠷᠢᠯᠢᠭᠵᠢᠭᠤᠯᠤᠨ ᠪᠢᠴᠢᠬᠦ ᠶᠣᠰᠣᠲᠠᠢ ᠵᠦᠢᠯᠡᠰ ᠠᠷᠪᠢᠨ ᠪᠠᠢᠭᠰᠠᠨ ᠴᠤ᠌ ᠮᠠᠲ᠋ᠧᠷᠢᠶᠠᠯ ᠬᠣᠮᠰᠠ᠂ ᠴᠠᠭ ᠨᠥᠬᠥᠴᠡᠯ ᠦ᠋ᠨ ᠬᠠᠷᠠᠭ᠎ᠠ ᠪᠠᠷ ᠡᠳᠦᠢᠬᠡᠨ ᠢ᠋ ᠡᠮᠬᠢᠯᠡᠨ ᠬᠡᠪᠯᠡᠭᠦᠯᠪᠡ᠃ ᠬᠣᠵᠢᠮ ᠤ᠋ᠨ ᠮᠡᠷᠭᠡᠳ ᠨᠡᠩ ᠪᠠᠶᠠᠯᠢᠭᠵᠢᠭᠤᠯᠤᠨ ᠲᠡᠭᠦᠯᠳᠡᠷᠵᠢᠭᠦᠯᠬᠦ ᠪᠣᠯᠲᠤᠭᠠᠢ ᠭᠡᠰᠡᠨ ᠰᠠᠢᠬᠠᠨ ᠢᠷᠦᠭᠡᠯ ᠢ᠋ ᠳᠡᠪᠰᠢᠭᠦᠯᠦᠶ᠎ᠡ!

         ᠪᠤᠶᠠᠨ ᠤ᠋ ᠦᠢᠯᠡᠰ ᠮᠠᠨᠳᠤᠬᠤ ᠪᠣᠯᠲᠤᠭᠠᠢ !

             ᠰᠢᠷ᠎ᠠ ᠬᠤᠯᠤᠭᠠᠨ᠎ᠠ ᠵᠢᠯ ᠦ᠋ᠨ ᠶᠢᠰᠦᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠤ᠋ ᠥᠯᠵᠡᠢᠲᠦ ᠡᠳᠦᠷ