ᠯᠣᠷᠣᠢᠰᠠᠮᠪᠤ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠯᠣᠷᠣᠢᠰᠠᠮᠪᠤ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

ᠯᠣᠷᠣᠢᠰᠠᠮᠪᠤ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

2026-02-08

115


                            ᡀᠤᠨᠥ᠋ᠪᠰᠠᠩᠬᠡᠨᠢᠩᠪᠤ

          ᠨᠢᠭᠡ᠂  ᠯᠣᠷᠣᠢᠰᠠᠮᠪᠤ  ᠶ᠋ᠢᠨ ᠭᠡᠷ ᠦ᠋ᠨ ᠪᠠᠢᠳᠠᠯ ᠪᠣᠯᠤᠨ ᠪᠠᠭ᠎ᠠ ᠵᠠᠯᠠᠭᠤ ᠨᠠᠰᠤᠨ ᠤ᠋ ᠬᠢᠨᠢ ᠦᠶ᠎ᠡ

      ᠯᠣᠷᠣᠢᠰᠠᠮᠪᠤ ᠪᠣᠯ ᠣᠷᠳᠣᠰ ᠴᠢᠭᠤᠯᠭᠠᠨ ᠤ᠋ ᠪᠠᠷᠠᠭᠤᠨ ᠭᠠᠷ ᠤ᠋ᠨ ᠬᠣᠢᠲᠤ ᠬᠤᠰᠢᠭᠤᠨ( ᠬᠠᠩᠭᠢᠨ ᠬᠣᠰᠢᠭᠤ)  ᠦ᠌ ᠪᠦᠭᠳᠦ ᠶ᠋ᠢᠨ ᠰᠢᠷ᠎ᠠ ᠵᠣᠣ ᠠ᠋ᠴᠠ ᠬᠣᠢᠰᠢ ᠬᠣᠷᠢᠭᠠᠳ ᠭᠠᠵᠠᠷ ᠬᠣᠯᠠ ᠪᠠᠢᠳᠠᠭ ᠳᠠᠭᠠᠨ᠎ᠠ ᠶ᠋ᠢᠨ ᠳᠠᠯᠠᠩ ᠭᠡᠳᠡᠭ ᠭᠠᠵᠠᠷ ᠤ᠋ᠨ ᠬᠥᠮᠦᠨ ᠶᠦᠮ ( ᠣᠳᠣ ᠶ᠋ᠢᠨ ᠰᠢᠷᠠᠵᠣᠣ ᠰᠤᠮᠤᠨ ᠤ᠋ ᠤᠯᠠᠭᠠᠨ ᠣᠳᠣ ᠭᠠᠴᠠᠭ᠎ᠠ)᠃ ᠪᠠᠳᠠᠷᠠᠭᠤᠯᠲᠤ ᠲᠥᠷᠥ ᠶ᠋ᠢᠨ ᠨᠠᠢ᠍ᠮᠠᠳᠤᠭᠠᠷ ᠣᠨ (1882 ᠣᠨ) ᠳ᠋ᠤ᠌ ᠬᠠᠩᠭᠢᠨ ᠬᠤᠰᠢᠭᠤᠨ ᠤ᠋ ᠲᠤᠰᠠᠯᠠᠭᠴᠢ ᠲᠠᠢᠵᠢ ᠰᠡᠷᠡᠩᠳᠣᠷᠵᠢ ᠶ᠋ᠢᠨ ᠭᠡᠷ ᠲᠦ᠍ ᠮᠡᠨᠳᠦᠯᠡᠵᠡᠢ᠃ ᠡᠭᠡᠴᠢ ᠠᠬ᠎ᠠ ᠳᠡᠭᠦᠦ ᠳᠥᠷᠪᠡᠭᠦᠯᠡ᠃ ᠡᠭᠡᠴᠢ ᠨᠢ ᠬᠦᠩᠰᠡᠯᠮ᠎ᠠ᠂ ᠫᠡᠯᠮᠡᠵᠢᠳ᠂ ᠠᠬ᠎ᠠ ᠨᠢ ᠫᠦᠩᠰᠥᠭᠷᠢᠨᠴᠢᠨ᠃ ᠯᠣᠷᠣᠢᠰᠠᠮᠪᠤ ᠪᠣᠯ ᠬᠠᠮᠤᠭ ᠪᠠᠭ᠎ᠠ ᠳᠡᠭᠦᠦ ᠨᠢ ᠪᠢᠯᠡ᠃
     ᠲᠤᠬᠠᠢ ᠶ᠋ᠢᠨ ᠦᠶ᠎ᠡ ᠳ᠋ᠦ᠍ ᠯᠣᠷᠣᠢᠰᠠᠮᠪᠤ ᠶ᠋ᠢᠨ ᠭᠡᠷ ᠨᠢ ᠠᠳᠤᠭᠤ ᠮᠠᠯ ᠲᠠᠢ᠂ ᠠᠵᠤ ᠠᠮᠢᠳᠤᠷᠠᠯ ᠨᠢ ᠬᠦᠷᠦᠯᠴᠡᠬᠦᠢᠴᠡ ᠴᠢᠨᠡᠭᠡᠯᠢᠭ ᠮᠠᠯᠴᠢᠨ ᠠᠢᠯ ᠪᠠᠢᠵᠠᠢ᠃ ᠠᠬ᠎ᠠ ᠫᠦᠩᠰᠥᠭᠷᠢᠨᠴᠢᠨ ᠨᠢ ᠬᠠᠷ᠎ᠠ ᠬᠥᠮᠦᠨ ᠪᠣᠯᠬᠣᠷ ᠠᠢᠯ ᠭᠡᠷ ᠪᠣᠯᠵᠤ ᠠᠵᠤ ᠲᠥᠷᠥᠨ ᠤᠳᠤᠮ ᠤᠭᠰᠠᠭ᠎ᠠ ᠪᠠᠨ ᠵᠠᠯᠭᠠᠮᠵᠢᠯᠠᠵᠠᠢ᠃ ᠳᠡᠭᠦᠦ ᠯᠣᠷᠣᠢᠰᠠᠮᠪᠤ ᠨᠢ ᠬᠠᠷᠠᠬᠠᠨ ᠪᠠᠭ᠎ᠠ ᠠ᠋ᠴᠠ ᠪᠠᠨ ᠯᠠᠮᠠ ᠪᠣᠯᠵᠤ᠂ ᠰᠢᠷ᠎ᠠ ᠵᠣᠣ ᠰᠦᠮ᠎ᠡ ᠶ᠋ᠢᠨ ᠵᠡᠭᠦᠨ ( ᠭᠡᠭᠡᠨ) ᠯᠠᠮᠠ ᠳ᠋ᠤ᠌ ᠱᠠᠪᠢᠯᠠᠵᠠᠢ᠃ ᠡᠭᠦᠳᠡ ᠡᠷᠦᠬᠡ ᠨᠢ ᠦᠶ᠎ᠡ ᠤᠯᠠᠷᠢᠨ ᠲᠠᠢᠵᠢ᠂ ᠲᠤᠰᠠᠯᠠᠭᠴᠢ ᠰᠠᠭᠤᠵᠤ ᠪᠠᠢᠭᠰᠠᠨ ᠪᠣᠯᠬᠣᠷ ᠠᠵᠤ ᠠᠮᠢᠳᠤᠷᠠᠯ ᠨᠢ ᠡᠯᠪᠡᠭ ᠳᠡᠯᠪᠡᠭ ᠲᠤᠯᠠ ᠯᠣᠷᠣᠢᠰᠠᠮᠪᠤ ᠪᠠᠭ᠎ᠠ ᠠ᠋ᠴᠠ ᠪᠠᠨ ᠭᠡᠷ ᠲᠡᠭᠡᠨ ᠪᠢᠴᠢᠭ ᠦᠵᠡᠵᠦ᠂ ᠨᠣᠮ ᠰᠤᠳᠤᠷ ᠲᠠᠢ ᠣᠢᠷᠠᠳᠬᠤ ᠨᠥᠬᠥᠴᠡᠯ ᠲᠡᠢ ᠪᠣᠯᠵᠠᠢ᠃ ᠡᠨᠡ ᠨᠢ ᠲᠡᠭᠦᠨ ᠦ᠌ ᠬᠣᠵᠢᠮ ᠤ᠋ᠨ ᠬᠢᠨᠢ ᠡᠷᠳᠡᠮ ᠰᠣᠶᠣᠯ ᠳ᠋ᠤ᠌ ᠰᠢᠮᠳᠠᠵᠤ ᠰᠤᠷᠤᠯᠴᠠᠬᠤ ᠳ᠋ᠤ᠌ ᠪᠠᠲᠤ ᠪᠡᠬᠢ ᠰᠠᠭᠤᠷᠢ ᠶ᠋ᠢ ᠲᠠᠯᠪᠢᠭᠰᠠᠨ ᠪᠠᠢᠵᠠᠢ᠃ 
      ᠯᠣᠷᠣᠢᠰᠠᠮᠪᠤ ᠪᠠᠭ᠎ᠠ ᠠ᠋ᠴᠠ ᠪᠠᠨ ᠭᠡᠷ ᠲᠡᠭᠡᠨ ᠮᠣᠩᠭᠣᠯ ᠪᠢᠴᠢᠭ ᠵᠢᠭᠠᠯᠭᠠᠨ ᠰᠤᠷᠴᠤ᠂ ᠡᠷᠳᠡᠮ ᠰᠣᠶᠣᠯ ᠰᠤᠷᠴᠤ ᠣᠷᠣᠯᠳᠣᠭᠰᠠᠨ ᠠ᠋ᠴᠠ ᠣᠶᠤᠨ ᠤᠬᠠᠭᠠᠨ᠂ ᠤᠭᠤᠷᠠᠭ ᠲᠠᠷᠢᠬᠢ᠂ ᠣᠢ ᠪᠢᠯᠢᠭ ᠨᠢ ᠨᠡᠭᠡᠭᠡᠭᠳᠡᠵᠡᠢ᠃ ᠲᠡᠷᠡ ᠪᠠᠭ᠎ᠠ ᠳ᠋ᠠᠭᠠᠨ ᠮᠠᠰᠢ ᠠᠷᠪᠢᠨ ᠮᠣᠩᠭᠣᠯ ᠠᠷᠠᠳ ᠤ᠋ᠨ ᠦᠯᠢᠭᠡᠷ ᠲᠡᠦᠬᠡ ᠶ᠋ᠢ ᠤᠩᠰᠢᠵᠤ ᠲᠤᠭᠤᠯᠤᠭᠰᠠᠨ ᠢ᠋ᠶ᠋ᠠᠷ ᠦᠯᠦ ᠪᠠᠷᠠᠮ ᠪᠠᠰᠠ ᠰᠡᠢᠷᠡᠭᠦᠯᠦᠨ ᠬᠠᠭᠤᠯᠵᠤ ᠲᠠᠯᠪᠢᠳᠠᠭ ᠪᠠᠢᠵᠠᠢ᠃ ᠬᠣᠵᠢᠮ ᠨᠢ ᠲᠡᠷᠡ ᠯᠠᠮᠠ ᠪᠣᠯᠵᠤ ᠰᠢᠷ᠎ᠠ ᠶ᠋ᠢᠨ ᠱᠠᠰᠢᠨ ᠤ᠋ ᠰᠤᠷᠭᠠᠯ ᠨᠣᠮ ᠢ᠋ ᠰᠤᠷᠴᠤ ᠪᠢᠰᠢᠯᠭᠠᠭᠰᠠᠨ ᠤ᠋ ᠬᠠᠮᠲᠤ ᠮᠣᠩᠭᠣᠯ ᠨᠣᠮ ᠪᠢᠴᠢᠭ ᠢ᠋ᠶ᠋ᠡᠨ ᠦᠷᠭᠦᠯᠵᠢᠯᠡᠨ ᠰᠢᠮᠳᠠᠨ ᠰᠤᠷᠤᠯᠴᠠᠵᠤ᠂ ᠮᠣᠩᠭᠣᠯ ᠤᠳᠬ᠎ᠠ ᠤᠶᠠᠩᠭ᠎ᠠ᠂ ᠰᠢᠯᠦᠭ᠂ ᠳᠠᠭᠤᠤ᠂ ᠤᠷᠠᠨ ᠵᠣᠬᠢᠶᠠᠯ ᠲᠡᠦᠬᠡ ᠱᠠᠰᠲᠢᠷ ᠢ᠋ ᠰᠤᠷᠴᠤ ᠰᠤᠳᠤᠯᠵᠤ᠂ ᠡᠷᠳᠡᠮ ᠰᠣᠶᠣᠯ ᠳ᠋ᠤ᠌ ᠮᠠᠰᠢ ᠳᠤᠷ᠎ᠠ ᠪᠠᠬᠠᠲᠠᠢ ᠪᠠᠢᠵᠠᠢ᠃ ᠲᠡᠷᠡ ᠥᠪᠡᠷ ᠦ᠋ᠨ ᠰᠤᠷᠤᠭᠰᠠᠨ ᠢ᠋ᠶ᠋ᠠᠨ ᠦᠢᠯᠡᠳᠦᠯᠭᠡᠵᠢᠭᠦᠯᠦᠨ᠂ ᠲᠥᠪᠡᠳ ᠮᠣᠩᠭᠣᠯ ᠬᠡᠯᠡ ᠪᠡᠷ ᠱᠠᠰᠢᠨ ᠲᠥᠷᠥ ᠶ᠋ᠢᠨ ᠲᠤᠬᠠᠢ ᠰᠤᠷᠭᠠᠯ ᠪᠤᠶᠤ ᠮᠣᠩᠭᠣᠯ ᠰᠢᠯᠦᠭ ᠳᠠᠭᠤᠤ ᠨᠠᠢᠷᠠᠭᠤᠯᠤᠨ ᠵᠣᠬᠢᠶᠠᠯ ᠪᠦᠲᠦᠭᠡᠯ ᠢ᠋ᠶ᠋ᠡᠨ ᠪᠢᠴᠢᠵᠦ ᠡᠬᠢᠯᠡᠭᠰᠡᠨ ᠪᠠᠢᠨ᠎ᠠ᠃
     ᠪᠤᠭᠤᠷᠤᠯᠴᠤᠳ ᠤ᠋ᠨ ᠡᠷᠭᠢᠴᠡᠭᠦᠯᠦᠨ ᠶᠠᠷᠢᠭᠰᠠᠨ ᠢ᠋ᠶ᠋ᠠᠷ ᠪᠣᠯ ᠯᠣᠷᠣᠢᠰᠠᠮᠪᠤ ᠲᠥᠷᠥᠯᠬᠢ ᠰᠡᠴᠡᠨ ᠰᠡᠷᠭᠦᠯᠡᠩ᠂ ᠣᠢ ᠪᠢᠯᠢᠭ ᠬᠤᠷᠴᠠ᠂ ᠵᠠᠩ ᠠᠭᠠᠰᠢ ᠬᠥᠩᠭᠡᠮᠰᠦᠭ ᠳᠠᠷᠤᠤ᠂ ᠡᠶᠡᠯᠳᠡᠭ ᠨᠣᠮᠣᠬᠠᠨ᠂ ᠠᠰᠪᠤᠷ ᠴᠠᠭᠠᠪᠤᠷ᠂ ᠴᠣᠭ ᠵᠢᠪᠬᠤᠭ᠎ᠠ ᠲᠡᠭᠦᠯᠳᠡᠷ᠂ ᠮᠠᠰᠢ ᠬᠥᠷ ᠨᠠᠢᠷᠲᠠᠢ ᠬᠥᠮᠦᠨ ᠪᠠᠢᠭᠰᠠᠨ ᠭᠡᠨ᠎ᠡ᠃ ᠲᠡᠷᠡ ᠪᠠᠭ᠎ᠠ ᠬᠡᠦᠬᠡᠳ ᠡᠴᠡ ᠥᠲᠡᠭᠦᠰ ᠵᠠᠯᠠᠭᠤ ᠭᠡᠵᠦ ᠢᠯᠭᠠᠯ ᠦᠭᠡᠢ ᠵᠣᠭᠣᠭ ᠲᠠᠭᠠᠷᠠᠯᠴᠠᠨ ᠡᠨᠡ ᠲᠡᠷᠡ ᠶ᠋ᠢ ᠬᠦᠦᠷᠨᠢᠯᠳᠦᠨ ᠵᠤᠭᠠᠯᠠᠵᠤ ᠶᠠᠪᠤᠳᠠᠭ᠃ ᠠᠵᠢᠯ ᠠᠮᠢᠳᠤᠷᠠᠯ ᠤ᠋ᠨ ᠳᠤᠮᠳᠠ ᠶᠠᠮᠠᠷ ᠨᠢᠭᠡᠨ ᠢᠨᠢᠶᠡᠳᠦᠮ ᠱᠣᠭᠲᠠᠢ᠂ ᠰᠣᠨᠢᠷᠬᠠᠯᠲᠠᠢ ᠬᠠᠴᠢᠨ ᠰᠣᠨᠢᠨ ᠬᠡᠷᠡᠭ ᠤᠴᠢᠷ ᠰᠣᠨᠣᠰᠬᠤ ᠪᠤᠶᠤ ᠲᠣᠬᠢᠶᠠᠯᠳᠤᠬᠤ ᠪᠦᠷᠢ ᠲᠡᠷᠡ ᠳᠠᠷᠤᠢ ᠰᠢᠯᠦᠭ ᠵᠣᠬᠢᠶᠠᠵᠤ᠂ ᠵᠦᠢᠷᠯᠡᠨ ᠵᠦᠢᠴᠢᠯᠡᠵᠦ᠂ ᠰᠠᠢᠨ ᠰᠠᠢᠬᠠᠨ ᠢ᠋ ᠨᠢ ᠮᠠᠭᠲᠠᠨ ᠰᠠᠢᠰᠢᠶᠠᠵᠤ᠂ ᠮᠠᠭᠤ ᠮᠠᠭᠤᠬᠠᠢ ᠶ᠋ᠢ ᠨᠢ ᠶᠣᠵᠣᠯᠠᠨ ᠱᠣᠭᠯᠠᠵᠤ᠂ ᠰᠡᠳᠬᠢᠯ ᠢ᠋ᠶ᠋ᠡᠨ ᠢᠯᠡᠳᠬᠡᠨ᠂ ᠰᠠᠨᠠᠭ᠎ᠠ ᠪᠠᠨ ᠠᠭᠤᠳᠠᠯᠵᠤ᠂ ᠪᠤᠰᠤᠳ ᠣᠯᠠᠨ ᠤ᠋ ᠳᠤᠷᠠᠰᠢᠯ ᠠᠩᠬᠠᠷᠤᠯ  ᠢ᠋ ᠲᠠᠲᠠᠵᠤ᠂ ᠣᠯᠠᠨ ᠤ᠋ ᠪᠠᠨ ᠬᠠᠮᠲᠤ ᠵᠤᠭᠠᠯᠠᠳᠠᠭ ᠪᠠᠢᠵᠠᠢ᠃
     ᠲᠤᠬᠠᠢ ᠶ᠋ᠢᠨ ᠦᠶ᠎ᠡ ᠳ᠋ᠦ᠍ ᠲᠡᠭᠦᠨ ᠦ᠌ ᠮᠠᠰᠢ ᠠᠷᠪᠢᠨ ᠰᠣᠨᠢᠷᠬᠠᠯᠲᠠᠢ ᠰᠢᠯᠦᠭ ᠳᠠᠭᠤᠤ ᠠᠮᠠ ᠪᠠᠷ ᠪᠤᠶᠤ ᠪᠢᠴᠢᠭ ᠢ᠋ᠶ᠋ᠡᠷ ᠳᠠᠷᠬᠠᠨ ᠳᠡᠯᠭᠡᠷᠡᠵᠦ ᠪᠠᠢᠪᠠ᠃ ᠮᠥᠨ ᠯᠣᠷᠣᠢᠰᠠᠮᠪᠤ ᠴᠣᠢᠮᠰᠤᠨ ᠬᠠᠮᠲᠤ ᠨᠥᠬᠥᠳ ᠬᠣᠭᠣᠷᠣᠨᠳᠣ ᠪᠠᠨ ᠬᠠᠷᠢᠯᠴᠠᠨ ᠱᠣᠭᠯᠠᠨ ᠰᠢᠯᠦᠭᠯᠡᠳᠡᠭ ᠪᠠᠢᠭᠰᠠᠨ ᠠᠵᠢ᠃ ᠡᠨᠳᠡ ᠲᠡᠳᠡᠨ ᠦ᠌ ᠰᠢᠯᠦᠭᠯᠡᠭᠰᠡᠨ ᠡᠴᠡ ᠬᠣᠶᠠᠷ ᠪᠠᠳᠠᠭ ᠢ᠋ ᠰᠡᠢᠷᠡᠭᠦᠯᠦᠨ ᠰᠣᠨᠢᠷᠬᠠᠭᠤᠯᠤᠶ᠎ᠠ᠃ ᠴᠣᠢᠮᠰᠤᠨ᠂  ᠯᠣᠷᠣᠢᠰᠠᠮᠪᠤ  ᠶ᠋ᠢ᠄
        《ᠬᠡᠢᠳ ᠦ᠋ᠨ ᠠᠴᠢ ᠪᠠᠷ ᠯᠠᠮᠠ ᠰᠢᠦ
         ᠬᠡᠭᠡᠷ ᠭᠦᠶᠦᠬᠦ ᠨᠢ ᠴᠢᠨᠣ᠎ᠠ ᠰᠢᠦ
        ᠪᠢᠷ ᠦ᠋ᠨ ᠠᠴᠢ ᠪᠠᠷ ᠮᠡᠷᠭᠡᠨ ᠰᠢᠦ
        ᠪᠡᠷᠭᠡᠨ ᠦ᠌ ᠪᠡᠨ ᠠᠴᠢ ᠪᠠᠷ ᠨᠣᠮᠣᠬᠠᠨ ᠰᠢᠦ》 ᠭᠡᠵᠦ ᠰᠢᠯᠦᠭᠯᠡᠭᠰᠡᠨ ᠪᠠᠢᠬᠤ ᠳ᠋ᠤ᠌ ᠯᠣᠷᠣᠢᠰᠠᠮᠪᠤ ᠬᠠᠷᠢᠭᠤ ᠳ᠋ᠤᠨᠢ᠄
      《ᠰᠢᠷᠢᠭᠢ ᠳᠠᠭᠠᠭᠰᠠᠨ ᠮᠡᠯᠡᠬᠡᠢ ᠰᠢᠭ
        ᠰᠢᠩᠰᠢᠵᠦ ᠭᠦᠶᠦᠭᠰᠡᠨ ᠨᠣᠬᠠᠢ ᠰᠢᠭ᠋
        ᠰᠢᠯᠢᠨ ᠳ᠋ᠦ᠍ ᠰᠢᠭᠢᠳᠦᠭᠰᠡᠨ ᠱᠠᠯᠵᠠ ᠰᠢᠭ᠋
        ᠰᠢᠨᠵᠢ ᠮᠠᠭᠤᠲᠠᠢ ᠪᠠᠷᠠᠭ᠎ᠠ ᠪᠠᠢᠨ᠎ᠠ᠃》᠁ ᠭᠡᠵᠦ ᠴᠣᠢᠮᠰᠤᠨ ᠢ᠋ ᠮᠠᠭᠤᠰᠢᠶᠠᠨ ᠰᠢᠯᠦᠭᠯᠡᠭᠰᠡᠨ ᠪᠠᠢᠵᠠᠢ᠃
      ᠯᠣᠷᠣᠢᠰᠠᠮᠪᠤ ᠯᠠᠮᠠ ᠪᠣᠯᠪᠠᠴᠤ ᠰᠦᠮ᠎ᠡ ᠬᠡᠢᠳ ᠡᠴᠡ ᠪᠡᠨ ᠭᠠᠷᠳᠠᠭ ᠦᠭᠡᠢ ᠪᠢᠰᠢ᠂ ᠬᠠᠷᠢᠨ ᠦᠷᠭᠦᠯᠵᠢ ᠨᠢᠭᠡᠨ ᠰᠢᠷᠭ᠎ᠠ ᠮᠣᠷᠢ ᠤᠨᠤᠵᠤ ᠭᠡᠷ ᠪᠠ ᠰᠦᠮ᠎ᠡ ᠶ᠋ᠢᠨ ᠬᠣᠭᠣᠷᠣᠨᠳᠣ ᠨᠠᠭᠠᠰᠢ ᠴᠠᠭᠠᠰᠢ ᠶᠠᠪᠤᠳᠠᠭ᠃ ᠰᠦᠮ᠎ᠡ ᠳ᠋ᠡᠭᠡᠨ ᠣᠴᠢᠪᠠᠯ ᠯᠠᠮᠠ ᠪᠣᠯᠵᠤ᠂ ᠭᠡᠷ ᠲᠡᠭᠡᠨ ᠢᠷᠡᠪᠡᠯ ᠠᠢᠯ ᠭᠡᠷ ᠦ᠋ᠨ ᠠᠵᠤ ᠠᠮᠢᠳᠤᠷᠠᠯ᠂ ᠠᠪᠬᠤ ᠥᠭᠬᠦ ᠡᠴᠡ ᠠᠯᠢᠪᠠ ᠵᠦᠢᠯ ᠢ᠋ᠶ᠋ᠡᠨ ᠡᠷᠬᠢᠯᠡᠨ ᠬᠠᠮᠢᠶᠠᠷᠴᠤ ᠡᠵᠡᠨ ᠮᠡᠳᠡᠵᠦ ᠲᠥᠪᠬᠢᠨᠡᠭᠦᠯᠦᠨ ᠲᠣᠬᠢᠷᠠᠭᠤᠯᠳᠠᠭ ᠪᠠᠢᠭᠰᠠᠨ ᠪᠠ ᠠᠳᠤᠭᠤ ᠮᠠᠯ ᠢ᠋ᠶ᠋ᠠᠨ ᠬᠦᠷᠲᠡᠯ᠎ᠡ ᠥᠪᠡᠷ ᠢ᠋ᠶ᠋ᠡᠨ ᠠᠳᠤᠭᠤᠯᠠᠨ ᠬᠠᠷᠢᠭᠤᠯᠳᠠᠭ ᠪᠠᠢᠵᠠᠢ᠃
    ᠯᠣᠷᠣᠢᠰᠠᠮᠪᠤ ᠶ᠋ᠢᠨ ᠪᠠᠭ᠎ᠠ ᠵᠠᠯᠠᠭᠤ ᠶ᠋ᠢᠨ ᠦᠶ᠎ᠡ ᠪᠣᠯ ᠶᠠᠭ ᠰᠠᠢᠬᠠᠨ ᠮᠠᠨᠵᠤ ᠶ᠋ᠢᠨ ᠲᠥᠷᠥ ᠶ᠋ᠢᠨ ᠰᠡᠭᠦᠯᠴᠢ ᠶ᠋ᠢᠨ ᠦᠶ᠎ᠡ᠂ ᠪᠠᠳᠠᠷᠠᠭᠤᠯᠲᠤ ᠲᠥᠷᠥ᠂ ᠬᠡᠪᠲᠦ ᠶᠣᠰᠣᠲᠤ ᠶ᠋ᠢᠨ ᠦᠶ᠎ᠡ ᠪᠠᠢᠵᠤ᠂ ᠳᠠᠷᠤᠢ ᠬᠣᠶᠠᠷ ᠮᠢᠩᠭᠠᠨ ᠣᠨ ᠤ᠋ ᠬᠠᠷᠠᠩᠭᠤᠢ ᠹᠧᠣᠳᠠᠯ ᠤ᠋ᠨ ᠨᠡᠢᠭᠡᠮ ᠦ᠋ᠨ ᠡᠴᠦᠰᠯᠡᠯ ᠦ᠋ᠨ ᠴᠠᠭ ᠬᠤᠭᠤᠴᠠᠭ᠎ᠠ ᠮᠥᠨ᠃ ᠹᠧᠣᠳᠠᠯ ᠤ᠋ᠨ ᠡᠵᠡᠷᠬᠡᠭᠴᠢᠳ᠂ ᠭᠠᠵᠠᠷ ᠤ᠋ᠨ ᠡᠵᠡᠨ ᠸᠠᠩ ᠬᠦᠩ ᠦ᠋ᠨ ᠳᠠᠷᠤᠯᠠᠯ ᠮᠥᠯᠵᠢᠯ ᠲᠤᠢᠯ ᠳ᠋ᠠᠭᠠᠨ ᠬᠦᠷᠴᠦ ᠨᠡᠢᠭᠡᠮ ᠨᠡᠢᠲᠡ ᠪᠡᠷ ᠢᠯᠵᠢᠷᠡᠨ ᠳᠣᠷᠣᠢᠲᠠᠭᠰᠠᠨ ᠴᠠᠭ ᠦᠶ᠎ᠡ ᠪᠠᠢᠯ᠎ᠠ᠃ ᠯᠣᠷᠣᠢᠰᠠᠮᠪᠤ ᠵᠠᠯᠠᠭᠤ ᠪᠠᠭ᠎ᠠ ᠶ᠋ᠢᠨ ᠦᠶ᠎ᠡ ᠳ᠋ᠡᠭᠡᠨ ᠲᠡᠷᠡ ᠬᠦ᠌ ᠬᠠᠭᠤᠴᠢᠨ ᠤ᠋ ᠹᠧᠣᠳᠠᠯ ᠬᠠᠷᠠᠩᠭᠤᠢ ᠨᠡᠢᠭᠡᠮ ᠦ᠋ᠨ ᠪᠠᠢᠭᠤᠯᠤᠯ  ᠢ᠋ ᠦᠵᠡᠨ ᠶᠠᠳᠠᠵᠤ᠂ ᠵᠢᠭᠰᠢᠨ ᠬᠣᠷᠣᠰᠴᠤ᠂ ᠡᠷᠬᠡ ᠴᠢᠯᠥᠭᠡ ᠶ᠋ᠢ ᠲᠡᠮᠡᠴᠡᠨ ᠣᠯᠬᠤ ᠶ᠋ᠢ ᠵᠣᠷᠢᠵᠤ᠂ ᠰᠠᠢᠨ ᠰᠠᠢᠬᠠᠨ ᠬᠦᠰᠡᠯᠡᠩᠲᠦ ᠴᠠᠭ ᠦᠶ᠎ᠡ ᠶ᠋ᠢ ᠬᠦᠰᠡᠨ ᠮᠥᠷᠥᠭᠡᠳᠳᠡᠭ ᠪᠠᠢᠵᠠᠢ᠃ ᠲᠤᠬᠠᠢ ᠶ᠋ᠢᠨ ᠦᠶ᠎ᠡ ᠳ᠋ᠦ᠍ ᠬᠥᠮᠦᠨ ᠲᠥᠷᠥᠯᠬᠢᠲᠡᠨ ᠦ᠌ ᠡᠷᠬᠢᠮ ᠴᠢᠨᠠᠷ ᠤ᠋ᠨ ᠦᠨᠡᠨᠴᠢ ᠠᠷᠢᠭᠤᠨ ᠢᠨᠠᠭ ᠳᠤᠷᠠᠯᠠᠯ ᠨᠢ ᠡᠯᠡᠭ ᠳᠣᠭᠣᠭᠢ ᠪᠣᠯᠵᠤ᠂ ᠹᠧᠣᠳᠠᠯ ᠶᠣᠰᠣᠨ ᠳ᠋ᠤ᠌ ᠬᠦᠨᠳᠦᠳᠬᠡᠭᠳᠡᠬᠦ ᠦᠭᠡᠢ᠂ ᠶᠡᠷᠦ ᠡᠴᠡ ᠨᠡᠢᠭᠡᠮ ᠨᠡᠢᠲᠡ ᠪᠡᠷ ᠢ᠋ᠶ᠋ᠡᠨ ᠡᠷᠬᠡ ᠴᠢᠯᠥᠭᠡᠲᠦ ᠢᠨᠠᠭ ᠳᠤᠷᠠᠯᠠᠯ ᠢ᠋ ᠢᠴᠢᠭᠦᠷᠢᠲᠡᠢ ᠪᠡᠷ ᠦᠵᠡᠵᠦ ᠪᠠᠢᠪᠠ᠃ ᠲᠡᠷᠡ ᠡᠨᠡ ᠬᠦ᠌ ᠹᠧᠣᠳᠠᠯ ᠶᠣᠰᠣᠨ ᠤ᠋ ᠵᠤᠷᠰᠢᠯ  ᠢ᠋ ᠡᠪᠳᠡᠵᠦ᠂ ᠢᠯᠠᠩᠭᠤᠶ᠎ᠠ ᠨᠢᠭᠡᠨ ᠯᠠᠮᠠ ᠬᠥᠮᠦᠨ ᠦ᠌《 ᠰᠠᠬᠢᠯ ᠰᠠᠨᠸᠠᠷ》 ᠢ᠋ᠶ᠋ᠠᠨ ᠦᠯᠦ ᠬᠠᠢᠬᠤᠷᠤᠨ ᠡᠷᠬᠡ ᠴᠢᠯᠥᠭᠡᠲᠦ ᠦᠨᠡᠨᠴᠢ ᠠᠷᠢᠭᠤᠨ ᠢᠨᠠᠭ ᠳᠤᠷᠠᠯᠠᠯ ᠢ᠋ ᠬᠦᠰᠡᠭᠰᠡᠨ ᠰᠡᠳᠬᠢᠯᠭᠡ ᠪᠡᠨ ᠢᠯᠡᠳᠬᠡᠭᠰᠡᠨ ᠰᠢᠯᠦᠭ ᠪᠢᠴᠢᠵᠦ ᠥᠩᠭᠡᠷᠡᠵᠡᠢ᠃ ᠡᠨᠳᠡ ᠯᠣᠷᠣᠢᠰᠠᠮᠪᠤ ᠦᠷᠭᠦᠯᠵᠢ ᠮᠣᠷᠢ ᠤᠨᠤᠨ ᠠᠳᠤᠭᠤ ᠬᠠᠷᠢᠭᠤᠯᠵᠤ ᠶᠠᠪᠤᠬᠤ ᠳ᠋ᠠᠭᠠᠨ ᠲᠤᠬᠠᠢ ᠶ᠋ᠢᠨ ᠦᠶ᠎ᠡ ᠶ᠋ᠢᠨ ᠨᠢᠭᠡᠨ ᠵᠢᠨᠵᠢ ᠭᠡᠳᠡᠭ ᠮᠠᠯᠴᠢᠨ ᠬᠡᠦᠬᠡᠨ ( ᠪᠦᠰᠡᠭᠦᠢ) ᠶ᠋ᠢ ᠮᠠᠭᠲᠠᠨ ᠰᠢᠯᠦᠭᠯᠡᠭᠰᠡᠨ《 ᠵᠢᠨᠵᠢ ᠬᠡᠦᠬᠡᠨ》 ᠭᠡᠳᠡᠭ ᠰᠢᠯᠦᠭ ᠡᠴᠡ ᠡᠰᠢ ᠲᠠᠲᠠᠪᠠᠯ
        ᠠᠯᠠᠭ ᠨᠤᠭᠤᠰᠤ ᠠᠯᠲᠠᠨ ᠲᠠᠬᠢᠶ᠎ᠠ ᠵᠢᠷᠭᠢᠯᠳᠦᠨ᠎ᠡ ᠬᠦ
        ᠠᠭᠲᠠ ᠮᠣᠷᠢᠨ ᠰᠠᠢᠪᠤᠷ ᠵᠢᠷᠣᠭ᠎ᠠ ᠪᠥᠮᠪᠥᠷᠢᠨ᠎ᠡ ᠬᠦ
        ᠭᠱᠠᠨ ᠵᠠᠭᠤᠷ᠎ᠠ ᠰᠠᠨᠠᠭᠰᠠᠨ ᠭᠠᠵᠠᠷ ᠬᠦᠷᠦᠯᠴᠡᠨ᠎ᠡ ᠬᠦ
        ᠠᠮᠤᠷ ᠮᠡᠨᠳᠦ ᠠᠰᠠᠭᠤᠯᠴᠠᠭᠰᠠᠭᠠᠷ ᠮᠢᠰᠢᠶᠡᠯᠴᠡᠨ᠎ᠡ ᠬᠦ
         ᠁
         ᠁
        ᠴᠢᠮᠡᠭ ᠵᠠᠰᠠᠯ ᠬᠤᠪᠴᠠᠳ ᠢ᠋ᠶ᠋ᠠᠷ ᠪᠦᠷᠢᠨ ᠪᠠᠢᠨ᠎ᠠ ᠬᠦ
        ᠴᠡᠪᠡᠷ ᠠᠷᠢᠭᠤᠨ ᠪᠠᠢᠳᠠᠯ ᠰᠢᠨᠵᠢ ᠪᠡᠷ ᠲᠡᠭᠰᠢ ᠪᠠᠢᠨ᠎ᠠ ᠬᠦ
        ᠴᠡᠩᠭᠡᠯᠳᠦᠬᠦ ᠶ᠋ᠢᠨ ᠰᠡᠳᠬᠢᠯ ᠢ᠋ᠶ᠋ᠡᠷ ᠴᠢᠩᠳᠠ ᠪᠠᠢᠨ᠎ᠠ ᠬᠦ
        ᠴᠢᠮ᠎ᠠ ᠳ᠋ᠤ᠌ ᠬᠦᠷᠬᠦ ᠬᠥᠮᠦᠨ ᠭᠡᠭᠴᠢ ᠦᠭᠡᠢ ᠪᠠᠢᠨ᠎ᠠ ᠬᠦ》 ᠭᠡᠵᠦ ᠴᠢᠩ ᠦᠨᠡᠨ ᠰᠡᠳᠬᠢᠯ ᠡᠴᠡ ᠪᠡᠨ ᠮᠠᠭᠲᠠᠵᠤ᠂ ᠬᠠᠢᠷ᠎ᠠ ᠳᠤᠷᠠᠯᠠᠯ ᠤ᠋ᠨ ᠬᠢᠵᠠᠭᠠᠯᠠᠰᠢ ᠦᠭᠡᠢ ᠭᠦᠨ ᠰᠡᠳᠬᠢᠯᠭᠡ ᠪᠡᠨ ᠢᠯᠡᠳᠬᠡᠭᠰᠡᠨ ᠠᠵᠢ᠃
    ᠲᠡᠷᠡ ᠮᠠᠯᠴᠢᠨ ᠲᠦᠮᠡᠨ ᠦ᠌ ᠳᠤᠮᠳᠠ ᠪᠣᠳᠠᠲᠤ ᠠᠮᠢᠳᠤᠷᠠᠯ ᠳ᠋ᠤ᠌ ᠭᠦᠨᠵᠡᠭᠡᠢᠷᠡᠨ ᠠᠵᠢᠯ ᠬᠥᠳᠡᠯᠮᠦᠷᠢ ᠳ᠋ᠦ᠍ ᠣᠷᠣᠯᠴᠠᠳᠠᠭ ᠪᠣᠯᠬᠣᠷ ᠦᠵᠡᠯ ᠰᠠᠨᠠᠭ᠎ᠠ ᠬᠠᠢᠷ᠎ᠠ ᠰᠡᠳᠬᠢᠯᠭᠡ ᠨᠢ ᠪᠣᠷᠣᠭᠵᠢᠭᠤᠨ ᠪᠠᠢᠵᠤ᠂ ᠦᠵᠡᠯᠲᠡ ᠲᠠᠨᠢᠯᠲᠠ ᠵᠢᠴᠢ ᠵᠣᠬᠢᠶᠠᠯ ᠪᠦᠲᠦᠭᠡᠯ ᠨᠢ ᠪᠤᠰᠤᠳᠴᠢ ᠠᠬᠤᠢᠴᠢ ᠦᠵᠡᠯ ᠪᠠ ᠭᠦᠨ ᠤᠬᠠᠭᠠᠯᠢᠭ ᠪᠠᠢᠳᠠᠭ᠃

 ᠬᠣᠶᠠᠷ᠂ ᠯᠣᠷᠣᠢᠰᠠᠮᠪᠤ ᠶ᠋ᠢᠨ ᠢᠳᠡᠷ ᠨᠠᠰᠤᠨ ᠤ᠋ ᠦᠶ᠎ᠡ

      ᠯᠣᠷᠣᠢᠰᠠᠮᠪᠤ ᠢᠳᠡᠷ ᠨᠠᠰᠤᠨ ᠤ᠋ ᠦᠶ᠎ᠡ ᠳ᠋ᠡᠭᠡᠨ ᠮᠣᠩᠭᠣᠯ ᠲᠥᠪᠡᠳ ᠪᠢᠴᠢᠭ ᠲᠦ᠍ ᠭᠦᠨ ᠨᠡᠪᠲᠡᠷᠡᠵᠦ᠂ ᠣᠶᠤᠨ ᠤᠬᠠᠭᠠᠨ ᠣᠢ ᠪᠢᠯᠢᠭ ᠨᠢ ᠨᠡᠭᠡᠭᠡᠭᠳᠡᠨ᠂ ᠬᠠᠷᠠᠭ᠎ᠠ ᠰᠣᠨᠣᠷ ᠨᠢ ᠥᠨᠳᠥᠷᠵᠢᠭᠡᠳ ᠦᠵᠡᠯᠲᠡ ᠲᠠᠨᠢᠯᠲᠠ ᠨᠢ ᠳᠡᠭᠡᠭᠰᠢᠯᠡᠵᠦ᠂ ᠰᠣᠶᠣᠯ ᠭᠡᠭᠡᠷᠡᠯ ᠢ᠋ᠶ᠋ᠡᠷ ᠬᠠᠷᠠᠩᠭᠤᠢ ᠬᠣᠴᠣᠷᠤᠩᠭᠤᠢ ᠶ᠋ᠢ ᠥᠭᠡᠷᠡᠴᠢᠯᠡᠬᠦ ᠶ᠋ᠢᠨ ᠲᠥᠯᠥᠭᠡ᠂ᠲᠤᠬᠠᠢ ᠶ᠋ᠢᠨ ᠦᠶ᠎ᠡ ᠶ᠋ᠢᠨ ᠨᠡᠢᠭᠡᠮ ᠦ᠋ᠨ ᠣᠨᠴᠠᠯᠢᠭ ᠲᠤ᠌ ᠲᠣᠬᠢᠷᠠᠭᠰᠠᠨ ᠱᠠᠰᠢᠨ ᠨᠣᠮ ᠤ᠋ᠨ ᠰᠤᠷᠭᠠᠯ ᠦᠭᠡᠰ ᠢ᠋ᠶ᠋ᠡᠷ ᠡᠰᠢ ᠪᠠᠷᠢᠮᠲᠠ ᠪᠣᠯᠭᠠᠵᠤ ᠴᠡᠭᠡᠵᠢᠯᠡᠬᠦ ᠳ᠋ᠦ᠍ ᠳᠥᠭᠥᠮ ᠬᠢᠯᠪᠠᠷ ᠰᠢᠯᠦᠭ ᠦ᠋ᠨ ᠬᠡᠯᠪᠡᠷᠢ ᠶ᠋ᠢᠨ ᠵᠣᠬᠢᠶᠠᠯ ᠤ᠋ᠳ ᠢ᠋ ᠪᠢᠴᠢᠵᠦ ᠬᠥᠮᠦᠰ ᠢ᠋ ᠰᠡᠩᠬᠡᠷᠡᠭᠦᠯᠦᠨ ᠤᠬᠠᠭᠠᠷᠠᠭᠤᠯᠵᠤ ᠪᠠᠢᠯ᠎ᠠ᠃ ᠬᠥᠮᠦᠰ《 ᠯᠣᠷᠣᠢᠰᠠᠮᠪᠤ ᠶ᠋ᠢᠨ ᠰᠤᠷᠭᠠᠯ》 ᠬᠡᠮᠡᠬᠦ ᠨᠡᠷ᠎ᠡ ᠲᠡᠢ ᠲᠤᠰᠬᠠᠢ ᠳᠡᠪᠲᠡᠷ ᠪᠣᠯᠭᠠᠨ ᠬᠠᠭᠤᠯᠤᠨ ᠲᠠᠷᠬᠠᠭᠠᠵᠤ᠂ ᠣᠷᠳᠣᠰ᠂ ᠤᠷᠠᠳ ᠨᠤᠲᠤᠭ ᠤ᠋ᠨ ᠣᠯᠠᠨ ᠲᠦᠮᠡᠨ ᠦ᠌ ᠳᠤᠮᠳᠠ ᠡᠳᠡᠭᠡᠷ ᠰᠢᠯᠦᠭ ᠥᠷᠭᠡᠨ ᠢ᠋ᠶ᠋ᠡᠷ ᠳᠡᠯᠭᠡᠷᠡᠵᠦ ᠤᠯᠠᠮᠵᠢᠯᠠᠭᠳᠠᠵᠠᠢ᠃ ᠡᠨᠳᠡ《 ᠯᠣᠷᠣᠢᠰᠠᠮᠪᠤ ᠶ᠋ᠢᠨ ᠰᠤᠷᠭᠠᠯ ᠰᠢᠯᠦᠭ》 ᠡᠴᠡ ᠵᠢᠱ᠌ᠢᠶ᠎ᠡ ᠳᠤᠷᠠᠳᠪᠠᠯ᠄
          《 ᠬᠠᠪᠤᠷ ᠨᠠᠮᠤᠷ ᠬᠡᠮᠡᠭᠰᠡᠭᠡᠷ ᠳᠥᠷᠪᠡᠨ ᠴᠠᠭ ᠢ᠋  ᠥᠩᠭᠡᠷᠡᠭᠡᠨ
            ᠬᠠᠨᠢ ᠨᠥᠬᠥᠷ ᠬᠡᠮᠡᠭᠰᠡᠭᠡᠷ ᠨᠢᠭᠡ ᠨᠠᠰᠤ ᠶ᠋ᠢ ᠦᠳᠡᠯᠭᠡᠨ
            ᠬᠠᠷ᠎ᠠ ᠴᠠᠭᠠᠨ ᠦᠢᠯᠡ ᠶ᠋ᠢᠨ ᠦᠷ᠎ᠡ ᠬᠣᠢᠨᠠᠴᠢᠯᠠᠨ ᠳᠠᠭᠠᠬᠤ ᠶ᠋ᠢ
            ᠬᠠᠮᠤᠭ ᠬᠥᠮᠦᠨ ᠮᠠᠲᠠᠯ ᠦᠭᠡᠢ ᠶᠠᠪᠤᠬᠤ ᠪᠤᠶᠤ ᠬᠠᠢᠷᠬᠠᠨ》
         《 ᠠᠰᠢᠭ ᠥᠩᠭᠡ ᠠᠷᠢᠬᠢ ᠬᠢᠯᠢᠩ ᠳᠥᠷᠪᠡᠨ ᠴᠢᠩᠳᠠ ᠴᠡᠭᠡᠷᠯᠡᠯ ᠢ᠋ 
           ᠠᠭᠢᠷ ᠮᠡᠩᠳᠡ ᠶᠠᠭᠠᠷᠠᠤ ᠦᠢᠯᠡᠳᠦᠭᠴᠢᠳ ᠣᠯᠠᠨ ᠪᠠᠢᠨ᠎ᠠ
           ᠠᠩᠬᠠᠨ ᠳ᠋ᠠᠭᠠᠨ ᠠᠮᠲᠠᠲᠠᠢᠬᠠᠨ ᠬᠠᠨᠤᠯ ᠳᠤᠷ᠎ᠠ ᠶ᠋ᠢ ᠳᠠᠷᠤᠪᠠᠴᠤ
           ᠠᠯᠤᠰ ᠲᠠᠭᠠᠨ ᠠᠮᠢᠨ ᠰᠦᠨᠡᠰᠦ ᠶ᠋ᠢ ᠲᠥᠭᠡᠷᠢᠭᠦᠯᠬᠦ ᠶ᠋ᠢᠨ ᠪᠤᠳᠠᠩ ᠮᠥᠨ》 ᠭᠡᠵᠦ ᠬᠥᠮᠦᠰ ᠦ᠋ᠨ ᠠᠷᠢᠬᠢ ᠳᠠᠷᠠᠰᠤ᠂ ᠥᠩᠭᠡ ᠮᠥᠩᠭᠥᠨ ᠳ᠋ᠦ᠍ ᠰᠢᠨᠤᠵᠤ ᠶᠠᠪᠤᠬᠤ ᠪᠠ ᠠᠭᠤᠷ ᠬᠢᠯᠢᠩ ᠳ᠋ᠡᠭᠡᠨ ᠪᠠᠷᠢᠭᠳᠠᠨ ᠠᠵᠢᠯ ᠦᠢᠯᠡ ᠪᠡᠨ ᠰᠠᠭᠠᠲᠠᠭᠠᠵᠤ ᠶᠠᠪᠤᠬᠤ ᠶ᠋ᠢ ᠵᠢᠮᠡᠯᠡᠨ ᠳᠣᠩᠭᠣᠳᠴᠤ᠂ ᠲᠡᠭᠦᠨ ᠦ᠌ ᠠᠰᠢᠭ ᠬᠣᠣᠷ ᠢ᠋ ᠰᠢᠭᠦᠮᠵᠢᠯᠡᠨ ᠥᠭᠦᠯᠡᠵᠡᠢ᠃
      ᠪᠠᠰᠠ᠄
         《 ᠢᠳᠡᠷ ᠪᠠᠭ᠎ᠠ ᠨᠠᠰᠤᠨ ᠳᠡᠭᠡᠷ᠎ᠡ ᠡᠷᠳᠡᠮ ᠨᠣᠮ ᠢ᠋ ᠰᠤᠷᠪᠠᠯ
           ᠡᠨᠡ ᠬᠤᠪᠢ ᠶ᠋ᠢᠨ ᠦᠢᠯᠡᠰ ᠲᠣᠷ ᠲᠤᠰᠠ ᠨᠡᠮᠡᠷᠢ ᠪᠣᠯᠤᠮᠤᠢ᠃
           ᠡᠭᠡᠨᠡᠭᠲᠡ ᠰᠤᠷᠲᠠᠯ ᠦᠭᠡᠢ ᠨᠢᠭᠡᠨ ᠨᠠᠰᠤ ᠶ᠋ᠢ ᠪᠠᠷᠠᠭᠴᠢᠳ
           ᠡᠷᠡᠮᠰᠢᠬᠦᠢ ᠶ᠋ᠢᠨ ᠶᠡᠬᠡ ᠣᠮᠣᠭ ᠠᠶᠠᠨ ᠳ᠋ᠠᠭᠠᠨ ᠲᠥᠷᠥᠮᠦᠢ᠃

           ᠡᠷᠳᠡᠮᠲᠡᠨ ᠪᠠ ᠣᠶᠤᠨᠲᠠᠨ ᠤ᠋ ᠶᠠᠩᠵᠤ ᠪᠠᠢᠳᠠᠯ ᠰᠢᠨᠵᠢ ᠶ᠋ᠢ
           ᠡᠯᠢᠭᠡᠰᠡᠭ ᠪᠥᠭᠡᠳ ᠬᠥᠩᠭᠡᠮᠰᠦᠭᠯᠡᠨ ᠠᠪᠤᠷᠢᠯᠠᠬᠤ ᠭᠠᠢᠬᠠᠯᠲᠠᠢ
           ᠡᠷᠳᠡᠮ ᠦᠭᠡᠢ ᠡᠭᠡᠯ ᠦ᠋ᠳ ᠦ᠋ᠨ ᠬᠡᠬᠦᠯᠵᠡᠬᠦ ᠶ᠋ᠢ ᠦᠵᠡᠪᠡᠯ
           ᠡᠯᠮᠡᠭ ᠦᠭᠡᠢ ᠡᠪᠡᠷ ᠢ᠋ᠶ᠋ᠡᠨ ᠰᠡᠵᠢᠬᠦ ᠯᠦ᠍ᠭᠡ ᠠᠳᠠᠯᠢ》 ᠭᠡᠵᠦ ᠬᠥᠮᠦᠰ ᠢ᠋ ᠬᠠᠷᠠᠬᠠᠨ ᠪᠠᠭ᠎ᠠ ᠡᠴᠡ ᠪᠡᠨ ᠡᠷᠳᠡᠮ ᠮᠡᠳᠡᠯᠭᠡ ᠶ᠋ᠢ ᠰᠤᠷᠴᠤ ᠡᠵᠡᠮᠰᠢᠬᠦ ᠬᠡᠷᠡᠭᠲᠡᠢ᠃ ᠡᠨᠡ ᠨᠢ ᠥᠨᠥ ᠪᠠ ᠬᠣᠢᠴᠢ ᠳ᠋ᠤᠷ ᠡᠨᠡ ᠪᠡᠶ᠎ᠡ ᠪᠠ ᠣᠯᠠᠨ ᠳ᠋ᠤ᠌ ᠠᠴᠢ ᠲᠤᠰᠠ ᠲᠠᠢ᠂ ᠨᠡᠢᠭᠡᠮ ᠳᠡᠭᠡᠷ᠎ᠡ ᠰᠣᠶᠣᠯ ᠪᠣᠯᠪᠠᠰᠤᠨ ᠦᠭᠡᠢ ᠡᠷᠬᠡ ᠳᠤᠷ᠎ᠠ ᠪᠠᠷ ᠮᠤᠩᠬᠠᠷᠠᠨ ᠶᠠᠪᠤᠭᠴᠢᠳ ᠢ᠋  ᠦᠨᠡᠨ ᠳ᠋ᠡᠭᠡᠨ《 ᠦᠬᠡᠷ ᠠᠳᠤᠭᠤᠰᠤ ᠠ᠋ᠴᠠ ᠢᠯᠭᠠᠯ ᠠᠨᠤ ᠶᠠᠭᠤᠨ》 ᠭᠡᠵᠦ ᠰᠢᠭᠦᠮᠵᠢᠯᠡᠨ ᠬᠥᠮᠦᠵᠢᠭᠦᠯᠵᠡᠢ᠃ ᠯᠣᠷᠣᠢᠰᠠᠮᠪᠤ ᠡᠨᠡ ᠦᠶ᠎ᠡ ᠳ᠋ᠦ᠍ ᠰᠢᠷ᠎ᠠ ᠵᠣᠣ ᠰᠦᠮ᠎ᠡ ᠶ᠋ᠢᠨ ᠪᠢᠴᠢᠭᠡᠴᠢ ᠰᠠᠭᠤᠵᠤ ᠪᠠᠢᠭᠰᠠᠨ ᠪᠠ ᠰᠡᠭᠦᠯ ᠳ᠋ᠦ᠍ᠨᠢ ᠪᠡᠢᠯᠡ ᠶ᠋ᠢᠨ ᠵᠣᠣ ᠲᠦᠳᠢᠶ᠎ᠡ ᠲᠡᠢ ᠰᠦᠮ᠎ᠡ ᠪᠣᠯᠬᠤ ᠳ᠋ᠤ᠌ ᠪᠠᠰᠠ ᠪᠢᠴᠢᠭᠡᠴᠢ ᠪᠣᠯᠵᠤ ᠪᠠᠢᠵᠠᠢ᠃
        19 ᠳ᠋ᠦ᠍ᠭᠡᠷ ᠵᠠᠭᠤᠨ ᠤ᠋ ᠰᠡᠭᠦᠯᠴᠢ ᠪᠠ20 ᠳ᠋ᠤᠭᠠᠷ ᠵᠠᠭᠤᠨ ᠤ᠋ ᠡᠬᠢᠨ ᠦ᠌ ᠦᠶ᠎ᠡ ᠳ᠋ᠦ᠍ ᠳᠡᠯᠡᠬᠡᠢ ᠶᠢᠷᠲᠢᠨᠴᠦ ᠠᠮᠤᠷ ᠲᠠᠢᠪᠤᠩ ᠪᠢᠰᠢ ᠪᠣᠯᠵᠤ᠂ ᠳᠡᠯᠡᠬᠡᠢ ᠶ᠋ᠢᠨ ᠣᠯᠠᠨ ᠤᠯᠤᠰ ᠲᠤ᠌ ᠮᠠᠰᠢ ᠠᠷᠪᠢᠨ ᠬᠤᠪᠢᠷᠠᠯᠲᠠ ᠭᠠᠷᠤᠭᠰᠠᠨ ᠪᠠ ᠮᠠᠨ ᠤ᠋ ᠤᠯᠤᠰ ᠣᠷᠣᠨ ᠳ᠋ᠤ᠌ ᠪᠠᠰᠠ ᠮᠠᠰᠢ ᠠᠷᠪᠢᠨ ᠬᠡᠷᠡᠭ ᠬᠤᠪᠢᠰᠤᠯ ᠭᠠᠷᠴᠤ ᠪᠠᠢᠵᠠᠢ᠃1912 ᠣᠨ ᠳ᠋ᠤ᠌ ᠮᠠᠨᠵᠤ ᠴᠢᠩ ᠤᠯᠤᠰ ᠮᠥᠬᠥᠵᠦ᠂ ᠰᠦᠨ ᠵᠦᠩ ᠱᠠᠨ ᠳᠤᠮᠳᠠᠳᠤ ᠢᠷᠭᠡᠨ ᠤᠯᠤᠰ ᠢ᠋  ᠪᠠᠢᠭᠤᠯᠵᠤ᠂1917 ᠣᠨ ᠳ᠋ᠤ᠌ ᠣᠷᠣᠰ ᠲᠤ᠌ ᠯᠧᠨᠢᠨ ᠦ᠌ ᠤᠳᠤᠷᠢᠳᠤᠭᠰᠠᠨ ᠠᠷᠪᠠᠨ ᠰᠠᠷ᠎ᠠ ᠶ᠋ᠢᠨ ᠬᠤᠪᠢᠰᠬᠠᠯ ᠡᠭᠦᠰᠦᠭᠰᠡᠨ ᠪᠣᠢ ᠳᠤᠮᠳᠠᠳᠤ ᠤᠯᠤᠰ ᠤ᠋ᠨ1919 ᠣᠨ ᠳ᠋ᠤ᠌ ᠲᠠᠪᠤᠨ ᠰᠠᠷ᠎ᠠ ᠳᠥᠷᠪᠡᠨ ᠦ᠌ ᠵᠠᠯᠠᠭᠤᠴᠤᠳ ᠤ᠋ᠨ ᠬᠥᠳᠡᠯᠭᠡᠭᠡᠨ ᠵᠢᠴᠢ1921 ᠦ᠌ ᠳ᠋ᠦ᠍ ᠳᠤᠮᠳᠠᠳᠤ ᠤᠯᠤᠰ ᠤ᠋ᠨ ᠡᠪ ᠬᠠᠮᠲᠤ ᠨᠠᠮ ᠪᠠᠢᠭᠤᠯᠤᠭᠳᠠᠭᠰᠠᠨ ᠵᠡᠷᠭᠡ ᠶᠡᠬᠡ ᠬᠡᠷᠡᠭ ᠶᠠᠪᠤᠳᠠᠯ ᠡᠭᠦᠰᠦᠭᠰᠡᠨ ᠪᠠᠢᠳᠠᠭ᠃
       ᠨᠤᠲᠤᠭ ᠣᠷᠣᠨ ᠳ᠋ᠤ᠌ ᠠᠪᠴᠤ ᠬᠡᠯᠡᠪᠡᠯ1900 ᠣᠨ ᠳ᠋ᠤ᠌《 ᠶᠡᠬᠡ ᠵᠣᠣ ᠣᠷᠳᠣᠰ ᠪᠠᠷᠠᠭᠤᠨ ᠭᠠᠷ ᠤ᠋ᠨ ᠡᠮᠦᠨᠡᠲᠦ ᠬᠣᠰᠢᠭᠤ ᠪᠠ ᠳᠤᠮᠳᠠᠳᠤ ᠬᠤᠰᠢᠭᠤᠨ ᠳ᠋ᠤ᠌( ᠳᠤᠭᠤᠢᠯᠠᠩ) ᠪᠠᠢᠭᠤᠯᠤᠭᠳᠠᠵᠤ᠂ ᠬᠠᠷᠢ ᠶ᠋ᠢᠨ ᠰᠤᠷᠭᠠᠯ ᠢ᠋  ᠡᠰᠡᠷᠭᠦᠴᠡᠭᠰᠡᠨ ᠬᠥᠳᠡᠯᠭᠡᠭᠡᠨ ᠥᠷᠨᠢᠵᠦ᠂ ᠬᠠᠷᠢ ᠶ᠋ᠢᠨ ᠤᠷᠲᠤ ᠬᠠᠷᠰᠢ( ᠬᠠᠷᠢ ᠤᠯᠤᠰ ᠤ᠋ᠨ ᠱᠠᠰᠢᠨ ᠤ᠋ ᠰᠤᠷᠭᠠᠯ ᠤ᠋ᠨ ᠬᠦᠷᠢᠶᠡᠯᠡᠩ) ᠭᠡᠷ ᠪᠠᠢᠰᠢᠩ ᠢ᠋  ᠡᠪᠳᠡᠵᠦ᠂ ᠰᠤᠷᠭᠠᠯᠲᠠᠨ  ᠢ᠋  ᠠᠯᠠᠭᠰᠠᠨ》 ᠬᠡᠷᠡᠭ ᠶᠠᠪᠤᠳᠠᠯ ᠭᠠᠷᠴᠤ ᠥᠩᠭᠡᠷᠡᠵᠡᠢ᠃1902 ᠣᠨ ᠳ᠋ᠤ᠌《 ᠮᠠᠨᠵᠤ ᠴᠢᠩ ᠡᠴᠡ ᠤᠯᠠᠭᠠᠨᠴᠠᠪ᠂ ᠶᠡᠬᠡ ᠵᠣᠣ ᠳ᠋ᠤ᠌ ᠭᠠᠵᠠᠷ ᠲᠠᠯᠪᠢᠵᠤ᠂ ᠶᠡᠬᠡ ᠪᠡᠷ ᠠᠲᠠᠷ ᠬᠠᠭᠠᠯᠪᠤᠷᠢᠯᠠᠭᠰᠠᠨ ᠳ᠋ᠤ᠌ ᠣᠯᠠᠨ ᠲᠦᠮᠡᠨ ᠪᠣᠰᠤᠯᠴᠠᠵᠤ ᠡᠰᠡᠷᠭᠦᠴᠡᠭᠰᠡᠨ ᠪᠠ ᠲᠤᠬᠠᠢ ᠶ᠋ᠢᠨ ᠦᠶ᠎ᠡ ᠶ᠋ᠢᠨ ᠶᠡᠬᠡ ᠵᠣᠣ ᠠᠢᠮᠠᠭ ᠤ᠋ᠨ ᠴᠢᠭᠤᠯᠭᠠᠨ ᠳᠠᠷᠤᠭ᠎ᠠ ᠶ᠋ᠢᠨ ᠲᠤᠰᠢᠶᠠᠯ ᠢ᠋ᠶ᠋ᠠᠨ ᠤᠭᠴᠠᠷᠠᠭᠤᠯᠤᠭᠳᠠᠭᠰᠠᠨ ᠪᠠᠢᠨ᠎ᠠ》᠃ ᠭᠡᠪᠡᠴᠦ ᠣᠷᠳᠣᠰ ᠨᠤᠲᠤᠭ ᠤ᠋ᠨ ᠡᠯ᠎ᠡ ᠬᠤᠰᠢᠭᠤᠨ ᠳ᠋ᠤ᠌ ᠠᠲᠠᠷ ᠬᠠᠭᠠᠯᠪᠤᠷᠢᠯᠠᠬᠤ ᠶ᠋ᠢ ᠡᠰᠡᠷᠭᠦᠴᠡᠬᠦ ᠲᠡᠮᠡᠴᠡᠯ ᠳᠤᠭᠤᠢᠯᠠᠩ ᠤ᠋ᠨ ᠪᠣᠰᠤᠯᠭ᠎ᠠ ᠭᠠᠵᠠᠷ ᠰᠠᠢ ᠦᠭᠡᠢ ᠥᠷᠨᠢᠵᠦ ᠪᠠᠢᠭᠰᠠᠨ ᠪᠢᠯᠡ᠃1910 ᠣᠨ ᠤ᠋ ᠳᠣᠯᠣᠳᠤᠭᠠᠷ ᠰᠠᠷ᠎ᠠ ᠳ᠋ᠤ᠌《 ᠰᠢᠨᠠᠯᠠᠮ᠎ᠠ ᠶ᠋ᠢᠨ ᠵᠢᠷᠠ ᠭᠠᠷᠤᠢ ᠠᠭᠲᠠ ᠪᠠᠷ ᠭᠣᠣᠯᠯᠠᠭᠰᠠᠨ ᠣᠷᠳᠣᠰ ᠤ᠋ᠨ ᠪᠠᠷᠠᠭᠤᠨ ᠭᠠᠷ ᠤ᠋ᠨ ᠡᠮᠦᠨᠡᠲᠦ ᠬᠣᠰᠢᠭᠤ ᠠᠷᠪᠠᠨ ᠨᠢᠭᠡᠨ ᠳᠤᠭᠤᠢᠯᠠᠩ ᠪᠣᠯᠵᠤ ᠵᠠᠰᠠᠭ ᠴᠠᠭᠳᠤᠷᠰᠠᠷᠠᠩ ᠪᠠ ᠸᠠᠩᠴᠤᠭᠷᠠᠪᠳᠤᠨ ᠲᠠᠢ ᠬᠤᠷᠴᠠ ᠲᠡᠮᠡᠴᠡᠯ ᠶᠠᠪᠤᠭᠤᠯᠵᠠᠢ》᠃ ᠡᠴᠦᠰ ᠲᠦ᠍ ᠴᠠᠭᠳᠤᠷᠰᠠᠷᠠᠩ ᠠᠷᠭ᠎ᠠ ᠪᠤᠰᠤ ᠳᠤᠭᠤᠢᠯᠠᠩ ᠤ᠋ᠨ ᠱᠠᠭᠠᠷᠳᠠᠯᠭ᠎ᠠ ᠶ᠋ᠢ ᠬᠦᠯᠢᠶᠡᠵᠦ᠂ ᠭᠠᠵᠠᠷ ᠨᠤᠲᠤᠭ ᠢ᠋ᠶ᠋ᠠᠨ ᠬᠤᠳᠠᠯᠳᠤᠬᠤ ᠪᠠᠨ ᠪᠣᠯᠢᠵᠤ᠂ ᠭᠠᠢᠯᠢ ᠭᠤᠪᠴᠢᠭᠤᠷ ᠢ᠋  ᠪᠠᠭᠠᠰᠬᠠᠨ᠂ ᠬᠠᠲᠤᠨ ᠨᠠᠷᠠᠨᠭᠡᠷᠡᠯ ᠦ᠋ᠨ ᠰᠠᠳᠤᠷ ᠰᠠᠮᠠᠭᠤᠨ ᠦᠢᠯᠡ ᠠᠵᠢᠯᠯᠠᠭ᠎ᠠ ᠶ᠋ᠢ ᠵᠣᠭᠰᠣᠭᠠᠵᠤ᠂ ᠸᠠᠩ ᠬᠦᠩ ᠦ᠋ᠨ ᠳᠦᠷᠢᠮ ᠲᠣᠭᠲᠠᠭᠠᠯ ᠢ᠋ ᠰᠢᠨᠡᠳᠬᠡᠵᠦ ᠴᠢᠩᠭᠠᠳᠬᠠᠭᠰᠠᠨ ᠶᠤᠮ᠃ ᠪᠠᠰᠠ1914 ᠣᠨ ᠳ᠋ᠤ᠌ ᠦᠦᠰᠢᠨ ᠬᠤᠰᠢᠭᠤᠨ ᠤ᠋ ᠳᠤᠭᠤᠢᠯᠠᠩ ᠨᠢ ᠰᠢᠨᠠᠯᠠᠮ᠎ᠠ ᠶ᠋ᠢᠨ ᠤᠳᠤᠷᠢᠳᠤᠯᠭ᠎ᠠ ᠳᠣᠣᠷ᠎ᠠ᠂ ᠪᠤᠷᠬᠠᠨ ᠳ᠋ᠤ᠌ ᠮᠥᠷᠭᠥᠬᠦ ᠪᠡᠷ ᠶᠠᠪᠤᠵᠤ ᠪᠠᠢᠭᠰᠠᠨ ᠦᠦᠰᠢᠨ ᠸᠠᠩ ᠴᠠᠭᠳᠤᠷᠰᠠᠷᠠᠩ ᠤ᠋ᠨ ᠹᠦᠵᠢᠨ ᠨᠠᠷᠠᠨᠭᠡᠷᠡᠯ ᠢ᠋  ᠪᠦᠰᠡᠯᠡᠵᠦ ᠠᠪᠤᠭᠠᠳ ᠨᠠᠷᠠᠨᠭᠡᠷᠡᠯ ᠢ᠋  ᠮᠣᠳᠣᠨ ᠶᠠᠩᠭᠠᠷᠴᠠᠭ ᠡᠮᠡᠭᠡᠯ ᠳᠡᠭᠡᠷ᠎ᠡ ᠤᠨᠤᠭᠤᠯᠵᠤ ᠠᠢᠯ ᠣᠯᠠᠨ ᠢ᠋  ᠲᠣᠭᠣᠷᠢᠭᠤᠯᠵᠤ ᠲᠡᠭᠦᠨ ᠦ᠌ ᠰᠠᠳᠤᠷ ᠰᠠᠮᠠᠭᠤᠨ ᠶᠠᠪᠤᠳᠠᠯ᠂ ᠵᠢᠰᠤᠷ ᠵᠠᠯᠢᠬᠠᠢ ᠬᠥᠮᠦᠰ ᠢ᠋  ᠬᠦᠨᠳᠦᠳᠬᠡᠨ ᠬᠡᠷᠡᠭᠯᠡᠨ᠂ ᠭᠣᠣᠯᠴᠢ ᠰᠢᠳᠤᠷᠭᠤ ᠬᠥᠮᠦᠰ ᠢ᠋ ᠬᠣᠣᠷᠯᠠᠵᠤ᠂ ᠠᠷᠠᠳ ᠣᠯᠠᠨ ᠢ᠋  ᠭᠠᠯ ᠤᠰᠤᠨ ᠤ᠋ ᠭᠠᠰᠢᠭᠤᠨ ᠵᠣᠪᠠᠯᠠᠩ ᠳ᠋ᠤ᠌ ᠤᠴᠠᠷᠠᠭᠤᠯᠤᠭᠰᠠᠨ ᠶᠠᠯᠠᠲᠤ ᠠᠵᠢᠯᠯᠠᠭ᠎ᠠ ᠶ᠋ᠢ ᠢᠯᠡᠴᠢᠯᠡᠭᠰᠡᠨ ᠬᠡᠷᠡᠭ ᠶᠠᠪᠤᠳᠠᠯ ᠵᠠᠯᠭᠠᠭ᠎ᠠ ᠵᠠᠯᠭᠠᠭ᠎ᠠ ᠪᠠᠷ ᠭᠠᠷᠴᠤ ᠪᠠᠢᠵᠠᠢ᠃ ᠡᠢᠮᠦᠷᠬᠦ ᠤᠷᠢᠳᠤ ᠡᠮᠦᠨ᠎ᠡ ᠭᠠᠷᠤᠭ᠎ᠠ ᠦᠭᠡᠢ ᠬᠠᠴᠢᠨ ᠰᠣᠨᠢᠨ ᠬᠡᠷᠡᠭ ᠤᠴᠢᠷ ᠨᠢ ᠰᠦᠮ᠎ᠡ ᠬᠡᠢᠳ ᠦ᠋ᠨ ᠬᠤᠭᠤᠴᠠᠭ᠎ᠠ ᠲᠠᠢ ᠬᠤᠷᠠᠯ ᠬᠤᠢ ᠪᠤᠶᠤ ᠴᠠᠮ ᠨᠠᠢᠷ ᠤ᠋ᠨ ᠴᠤᠭᠯᠠᠭᠠᠨ ᠵᠡᠷᠭᠡ ᠪᠡᠷ ᠳᠠᠮᠵᠢᠨ ᠬᠠᠩᠭᠢᠨ ᠨᠤᠲᠤᠭ ᠲᠤ᠌ ᠤᠯᠠᠮᠵᠢᠯᠠᠭᠳᠠᠨ ᠰᠣᠨᠣᠰᠳᠠᠵᠤ᠂ ᠯᠣᠷᠣᠢᠰᠠᠮᠪᠤ ᠮᠡᠲᠦ ᠶ᠋ᠢᠨ ᠠᠵᠢᠭᠯᠠᠭᠴᠢ᠂ ᠰᠣᠨᠢᠷᠬᠠᠭᠴᠢ ᠶ᠋ᠢᠨ ᠭᠣᠣᠯ ᠶᠠᠷᠢᠯᠴᠠᠬᠤ ᠰᠡᠳᠦᠪ ᠪᠣᠯᠵᠤ ᠪᠠᠢᠵᠠᠢ᠃ ᠪᠠᠢᠳᠠᠯ ᠢ᠋  ᠣᠢᠯᠠᠭᠠᠬᠤ ᠨᠠᠰᠤᠲᠠᠢ ᠪᠤᠭᠤᠷᠤᠯᠴᠤᠳ ᠤ᠋ᠨ ᠲᠠᠨᠢᠯᠴᠠᠭᠤᠯᠬᠤ ᠪᠠᠷ《 ᠲᠡᠳᠡᠭᠡᠷ ᠤᠯᠠᠭᠠᠨ ᠨᠠᠮᠲᠠᠨ ᠪᠣᠯ ᠰᠥᠨᠢ ᠳ᠋ᠡᠭᠡᠨ ᠯᠡ ᠠᠵᠢᠯᠯᠠᠭ᠎ᠠ ᠬᠢᠳᠡᠭ ᠪᠠᠢᠯ᠎ᠠ᠃ ᠯᠣᠷᠣᠢᠰᠠᠮᠪᠤ ᠭᠡᠵᠦ ᠬᠥᠮᠦᠨ ᠬᠣᠯᠠ ᠣᠢᠷ᠎ᠠ ᠶ᠋ᠢᠨ ᠴᠢᠮᠡᠭᠡ ᠶ᠋ᠢ ᠪᠦᠷ ᠰᠠᠢᠨ ᠮᠡᠳᠡᠳᠡᠭ ᠪᠠᠢᠯ᠎ᠠ》 ᠭᠡᠵᠡᠭᠡᠳᠡᠭ᠃
     ᠯᠣᠷᠣᠢᠰᠠᠮᠪᠤ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠡᠳᠡᠭᠡᠷ ᠬᠡᠷᠡᠭ ᠬᠤᠪᠢᠰᠤᠯ ᠠ᠋ᠴᠠ ᠳᠡᠯᠡᠬᠡᠢ ᠶᠢᠷᠲᠢᠨᠴᠦ ᠶ᠋ᠢᠨ ᠬᠥᠭᠵᠢᠯᠲᠡ ᠬᠤᠪᠢᠰᠤᠯᠲᠠ ᠶ᠋ᠢ ᠨᠠᠷᠢᠨ ᠰᠢᠨᠵᠢᠨ ᠲᠠᠨᠢᠵᠤ᠂ ᠰᠢᠨ᠎ᠡ ᠬᠡᠷᠡᠭ ᠪᠣᠳᠠᠰ ᠤ᠋ᠨ ᠬᠥᠭᠵᠢᠯᠲᠡ ᠶ᠋ᠢᠨ ᠠᠮᠢᠯᠠᠯ ᠤ᠋ᠨ ᠬᠦᠴᠦᠨ ᠦ᠌ ᠢᠯᠠᠭᠳᠠᠰᠢ ᠦᠭᠡᠢ ᠶ᠋ᠢ ᠣᠯᠵᠤ ᠲᠠᠨᠢᠭᠠᠳ᠂ ᠤᠷᠤᠭᠰᠢᠯᠠᠯᠲᠠ ᠲᠠᠪᠰᠢᠯᠲᠠ ᠶ᠋ᠢᠨ ᠵᠠᠮ ᠢ᠋  ᠡᠷᠢᠯᠬᠢᠯᠡᠵᠦ᠂ ᠡᠵᠡᠷᠬᠡᠭ ᠲᠦᠷᠢᠮᠡᠬᠡᠢ ᠶᠣᠰᠣ ᠶ᠋ᠢ ᠲᠦᠯᠬᠢᠨ ᠤᠨᠠᠭᠠᠵᠤ᠂ ᠡᠷᠬᠡ ᠴᠢᠯᠥᠭᠡ ᠶ᠋ᠢ ᠲᠡᠮᠡᠴᠡᠨ ᠣᠯᠬᠤ ᠶ᠋ᠢ ᠵᠣᠷᠢᠵᠤ ᠪᠢᠯᠡ᠃
     1913 ᠣᠨ ᠤ᠋ ᠵᠢᠷᠭᠤᠳᠤᠭᠠᠷ ᠰᠠᠷ᠎ᠠ ᠳ᠋ᠤ᠌《 ᠮᠣᠩᠭᠣᠯ ᠤᠯᠤᠰ ᠤ᠋ᠨ ᠴᠡᠷᠢᠭ ᠣᠷᠣᠰ ᠤ᠋ᠨ ᠶᠡᠬᠡ ᠫᠣᠤᠲᠤ ᠴᠡᠷᠢᠭ ᠦ᠋ᠨ ᠬᠠᠪᠰᠤᠷᠤᠯᠭ᠎ᠠ ᠪᠠᠷ᠂ ᠸᠠᠩ ᠤ᠋ᠨ ᠵᠣᠣ ᠶ᠋ᠢᠨ ᠸᠠᠩᠳᠠᠠᠨᠨᠢᠮ᠎ᠠ ᠳᠠᠯᠠᠳ ᠬᠤᠰᠢᠭᠤᠨ ᠤ᠋ ᠪᠠᠶᠠᠨ ᠬᠦᠩ ( 白彦公)᠂ ᠬᠠᠩᠭᠢᠨ ᠬᠤᠰᠢᠭᠤᠨ ᠤ᠋ ᠴᠣᠯᠮᠣᠨ᠂ ᠬᠢᠷᠢᠨ ᠮᠣᠵᠢ ᠶ᠋ᠢᠨ ᠪᠤᠤ ᠽᠠᠢ ᠱᠠᠨ ᠵᠡᠷᠭᠡ ᠴᠡᠷᠢᠭ ᠳᠠᠭᠠᠭᠤᠯᠤᠨ ᠶᠡᠬᠡ ᠵᠣᠣ ᠠᠢᠮᠠᠭ ᠤ᠋ᠨ ᠤᠮᠠᠷᠠᠲᠤ ᠵᠠᠬ᠎ᠠ ᠶ᠋ᠢ ᠳᠠᠢᠯᠠᠭᠰᠠᠨ ᠪᠠᠢᠨ᠎ᠠ》᠃ ᠢᠩᠭᠢᠭᠡᠳ ᠬᠠᠲᠤᠨ ᠭᠣᠣᠯ ᠰᠢᠷ᠎ᠠ ᠵᠣᠣ ᠳ᠋ᠤ᠌ ᠬᠦᠷᠬᠦ ᠳ᠋ᠦ᠍ ᠯᠣᠷᠣᠢᠰᠠᠮᠪᠤ ᠣᠷᠳᠣᠰ ᠤ᠋ᠨ ᠳᠤᠭᠤᠢᠯᠠᠩ ᠤ᠋ᠨ ᠬᠥᠳᠡᠯᠭᠡᠭᠡᠨ ᠦ᠌ ᠤᠳᠤᠷᠢᠳᠤᠭᠴᠢ ᠪᠣᠯᠬᠤ ᠸᠠᠩᠳᠠᠨᠨᠢᠮ᠎ᠠ( ᠪᠠᠨᠳᠢᠳᠠ ᠯᠠᠮᠠ) ᠲᠠᠢ ᠲᠠᠨᠢᠯᠴᠠᠭᠰᠠᠨ ᠪᠠᠢᠨ᠎ᠠ᠃
      1919 ᠣᠨ ᠳ᠋ᠤ᠌ ᠰᠢᠨᠡᠯᠡᠮ᠎ᠡ ᠨᠢᠭᠤᠴᠠ ᠪᠠᠷ ᠰᠢᠷ᠎ᠠ ᠵᠣᠣ ᠳ᠋ᠤ᠌ ᠢᠷᠡᠬᠦ ᠳ᠋ᠦ᠍ ᠯᠣᠷᠣᠢᠰᠠᠮᠪᠤ ᠬᠡᠳᠦᠨᠲᠡ ᠵᠣᠯᠭᠠᠵᠤ ᠥᠩᠭᠡᠷᠡᠵᠡᠢ᠃ ᠠᠷᠠᠳ ᠤ᠋ᠨ ᠳᠤᠭᠤᠢᠯᠠᠩ ᠤ᠋ᠨ ᠬᠥᠳᠡᠯᠭᠡᠭᠡᠨ ᠨᠢ ᠰᠢᠯᠦᠭᠴᠢ ᠯᠣᠷᠣᠢᠰᠠᠮᠪᠤ ᠶ᠋ᠢᠨ ᠦᠵᠡᠯ ᠰᠠᠨᠠᠭ᠎ᠠ ᠶ᠋ᠢ ᠬᠦᠨᠳᠦ ᠨᠥᠯᠥᠭᠡᠯᠡᠭᠰᠡᠨ ᠡᠴᠡ ᠲᠡᠭᠦᠨ ᠦ᠌ ᠣᠶᠤᠨ ᠰᠠᠨᠠᠭᠠᠨ ᠤ᠋ ᠶᠢᠷᠲᠢᠨᠴᠦ ᠳ᠋ᠦ᠍ ᠴᠢᠬᠤᠯᠠ ᠡᠷᠭᠢᠯᠲᠡ ᠭᠠᠷᠴᠤ᠂ ᠬᠤᠪᠢᠰᠬᠠᠯᠲᠤ ᠬᠥᠳᠡᠯᠭᠡᠭᠡᠨ ᠳ᠋ᠦ᠍ ᠡᠬᠢᠯᠡᠵᠦ ᠣᠷᠣᠯᠴᠠᠭᠰᠠᠨ ᠪᠠᠢᠨ᠎ᠠ᠃
     1925 ᠣᠨ ᠤ᠋ ᠨᠠᠢ᠍ᠮᠠᠳᠤᠭᠠᠷ ᠰᠠᠷ᠎ᠠ ᠳ᠋ᠤ᠌᠂《 ᠰᠢᠨᠠᠯᠠᠮ᠎ᠠ ᠳᠡᠯᠡᠬᠡᠢ ᠶ᠋ᠢᠨ ᠭᠤᠷᠪᠠᠳᠤᠭᠠᠷ ᠢᠨᠲ᠋ᠸᠷᠨᠠᠽᠢᠤᠨᠠᠯ  ᠤ᠋ᠨ ᠵᠢᠭᠠᠪᠤᠷᠢ ᠪᠠᠷ ᠤᠯᠤᠰ ᠲᠠᠭᠠᠨ ᠪᠤᠴᠠᠵᠤ ᠢᠷᠡᠭᠡᠳ᠂ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠤᠮᠠᠷᠠᠲᠤ ᠣᠷᠣᠨ  ᠤ᠋ ᠵᠥᠪᠯᠡᠯ ᠦ᠋ᠨ ᠬᠠᠷᠢᠭᠤᠴᠠᠯᠭᠠᠲᠠᠨ ᠯᠢ ᠳᠡ ᠵᠣᠣ᠂ ᠵᠣᠣ ᠱᠢ ᠶᠠᠨ ᠤ᠋ ᠰᠢᠭᠤᠳ ᠳᠡᠮᠵᠢᠯᠭᠡ ᠳᠣᠣᠷ᠎ᠠ᠂1925 ᠣᠨ ᠤ᠋ ᠠᠷᠪᠠᠳᠤᠭᠠᠷ ᠰᠠᠷ᠎ᠠ ᠶ᠋ᠢᠨ12 ᠤ᠋ᠨ ᠡᠳᠦᠷ ᠴᠢᠭᠤᠯᠤᠯᠲᠤ ᠬᠠᠭᠠᠯᠭ᠎ᠠ ᠳ᠋ᠤ᠌ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠠᠩᠬᠠᠳᠤᠭᠠᠷ ᠤᠳᠠᠭᠠᠨ ᠤ᠋ ᠲᠥᠯᠥᠭᠡᠯᠡᠭᠴᠢᠳ ᠦ᠋ᠨ ᠶᠡᠬᠡ ᠬᠤᠷᠠᠯ  ᠢ᠋ ᠬᠤᠷᠠᠯᠳᠤᠭᠤᠯᠵᠤ ᠰᠢᠨᠡᠯᠡᠮ᠎ᠡ ᠲᠥᠪ ᠬᠣᠷᠢᠶᠠᠨ ᠤ᠋ ᠬᠡᠷᠡᠭᠵᠢᠭᠦᠯᠦᠭᠴᠢ ᠭᠡᠰᠢᠭᠦᠨ᠂ ᠸᠠᠩᠳᠠᠨᠨᠢᠮ᠎ᠠ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠰᠸᠯᠢᠩ ᠢ᠋ᠶ᠋ᠡᠷ ᠰᠣᠩᠭᠣᠭᠳᠠᠵᠠᠢ》᠃  ᠴᠢᠭᠤᠯᠤᠯᠲᠤ ᠬᠠᠭᠠᠯᠭ᠎ᠠ ᠳ᠋ᠤ᠌ ᠪᠣᠯᠤᠭᠰᠠᠨ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠪᠠᠢᠭᠤᠯᠤᠭᠳᠠᠬᠤ ᠬᠤᠷᠠᠯ ᠳᠡᠭᠡᠷ᠎ᠡ᠂ ᠮᠣᠩᠭᠣᠯ ᠤᠯᠤᠰ ᠠ᠋ᠴᠠ ᠢᠷᠡᠵᠦ ᠵᠢᠯᠣᠭᠣᠳᠴᠤ ᠪᠠᠢᠭᠰᠠᠨ ᠳ᠋ᠠᠮᠪᠠᠳᠣᠷᠵᠢ ᠢᠯᠡᠳᠬᠡᠯ ᠳ᠋ᠡᠭᠡᠨ ᠭᠣᠣᠯᠳᠠᠭᠤ ᠠᠷᠠᠳ ᠤ᠋ᠨ ᠨᠠᠮ ᠤ᠋ᠨ ᠴᠢᠨᠠᠷ ᠪᠠ ᠡᠭᠦᠷᠭᠡ ᠶ᠋ᠢ ᠲᠠᠨᠢᠯᠴᠠᠭᠤᠯᠵᠤ᠂ ᠥᠪᠥᠷ ᠮᠣᠩᠭᠣᠯ ᠳ᠋ᠤ᠌ ᠠᠷᠠᠳ ᠤ᠋ᠨ ᠨᠠᠮ ᠪᠠᠢᠭᠤᠯᠵᠤ ᠂ ᠥᠪᠥᠷ ᠮᠣᠩᠭᠣᠯ ᠤ᠋ᠨ ᠠᠷᠠᠳ ᠲᠦᠮᠡᠨ ᠢ᠋  ᠹᠧᠣᠳᠠᠯᠢᠰᠮ ᠪᠠ ᠴᠡᠷᠢᠭ ᠦ᠋ᠨ ᠡᠷᠬᠡᠲᠡᠨ ᠦ᠌ ᠬᠠᠷᠭᠢᠰ ᠬᠡᠷᠴᠡᠭᠡᠢ ᠨᠣᠶᠠᠷᠬᠠᠯ ᠳᠠᠷᠤᠯᠠᠯ ᠠ᠋ᠴᠠ ᠴᠢᠯᠥᠭᠡᠯᠡᠵᠦ᠂ ᠴᠢᠨᠠᠭᠰᠢᠳᠠ ᠬᠥᠭᠵᠢᠭᠦᠯᠦᠨ ᠮᠠᠨᠳᠤᠭᠤᠯᠬᠤ ᠲᠤᠬᠠᠢ ᠤᠷᠢᠶᠠᠯᠠᠵᠠᠢ᠃ ᠶᠡᠬᠡ ᠬᠤᠷᠠᠯ ᠠ᠋ᠴᠠ ᠬᠣᠵᠢᠮ ᠤ᠋ᠨ ᠠᠵᠢᠯ ᠤ᠋ᠨ ᠲᠤᠬᠠᠢ ᠪᠠᠢᠷᠢᠯᠠᠭᠤᠯᠬᠤ ᠳ᠋ᠠᠭᠠᠨ᠂ ᠡᠭᠦᠨ ᠡᠴᠡ ᠬᠣᠢᠰᠢ ᠭᠣᠣᠯᠳᠠᠭᠤ ᠠᠷᠠᠳ ᠣᠯᠠᠨ  ᠢ᠋ ᠳᠠᠢᠴᠢᠯᠠᠵᠤ᠂ ᠬᠤᠪᠢᠰᠬᠠᠯ ᠤ᠋ᠨ ᠴᠡᠷᠢᠭ  ᠢ᠋ ᠪᠠᠢᠭᠤᠯᠵᠤ᠂ ᠠᠷᠠᠳ ᠲᠦᠮᠡᠨ  ᠢ᠋ ᠨᠡᠢᠳᠡᠮ ᠵᠡᠪᠰᠡᠭᠯᠡᠵᠦ᠂ ᠭᠣᠮᠢᠨᠳᠠᠩ ᠪᠠ ᠹᠧᠣᠳᠠᠯ ᠤ᠋ᠨ ᠲᠡᠷᠰᠯᠡᠭᠦᠦ ᠨᠣᠶᠠᠷᠬᠠᠯ ᠢ᠋ ᠤᠰᠠᠳᠬᠠᠵᠤ᠂ ᠠᠷᠠᠳ ᠲᠦᠮᠡᠨ ᠳ᠋ᠦ᠍ ᠡᠷᠬᠡ ᠴᠢᠯᠥᠭᠡ ᠣᠯᠭᠣᠬᠤ ᠲᠡᠮᠡᠴᠡᠯ ᠢ᠋ ᠶᠠᠪᠤᠭᠤᠯᠬᠤ ᠬᠡᠷᠡᠭᠲᠡᠢ ᠭᠡᠵᠡᠢ᠃ ᠲᠤᠰ ᠬᠤᠷᠠᠯ ᠳ᠋ᠤ᠌ ᠯᠣᠷᠣᠢᠰᠠᠮᠪᠤ ᠪᠡᠶ᠎ᠡ ᠪᠡᠷ ᠣᠷᠣᠯᠴᠠᠵᠤ ᠢᠷᠡᠭᠡᠳ ᠪᠦᠭᠳᠦ ᠶ᠋ᠢᠨ ᠰᠢᠷ᠎ᠠ ᠵᠣᠣ ᠳᠡᠭᠡᠷ᠎ᠡ ᠠᠷᠠᠳ ᠤ᠋ᠨ ᠨᠠᠮ ᠤ᠋ᠨ ᠡᠭᠦᠷ  ᠢ᠋ ᠪᠠᠢᠭᠤᠯᠵᠤ᠂ ᠡᠭᠦᠷ ᠬᠣᠷᠢᠶ᠎ᠠ ᠶ᠋ᠢᠨ ᠳᠠᠷᠤᠭ᠎ᠠ ᠶ᠋ᠢᠨ ᠲᠤᠰᠢᠶᠠᠯ  ᠢ᠋ ᠡᠭᠦᠷᠭᠡᠯᠡᠵᠡᠢ᠃
      ᠵᠠᠷᠢᠮ ᠪᠤᠭᠤᠷᠤᠯᠴᠤᠳ ᠤ᠋ᠨ ᠬᠡᠯᠡᠬᠦ ᠪᠡᠷ᠂  ᠯᠣᠷᠣᠢᠰᠠᠮᠪᠤ ᠂ ᠴᠣᠢᠮᠰᠤᠨ ᠵᠡᠷᠭᠡ ᠪᠠᠰᠠ ᠵᠦᠩᠭᠠᠷ ᠬᠤᠰᠢᠭᠤᠨ ᠤ᠋ ᠲᠠᠢᠵᠢ ᠵᠠᠭᠠᠬᠦᠦ  (奇子俊) ᠲᠡᠢ ᠬᠠᠮᠲᠤ ᠳᠠ ᠬᠦᠷᠢᠶ᠎ᠡ (ᠤᠯᠠᠭᠠᠨᠪᠠᠭᠠᠲᠤᠷ) ᠣᠷᠣᠵᠤ᠂ ᠬᠤᠪᠢᠰᠬᠠᠯ ᠤ᠋ᠨ ᠬᠣᠯᠪᠣᠭ᠎ᠠ ᠠᠪᠤᠭᠰᠠᠨ ᠪᠠ ᠮᠣᠩᠭᠣᠯ ᠤᠯᠤᠰ ᠠ᠋ᠴᠠ ᠫᠤᠤ ᠵᠡᠪᠰᠡᠭ ᠠᠪᠴᠢᠷᠠᠵᠤ ᠡᠯ᠎ᠡ ᠬᠤᠰᠢᠭᠤᠨ ᠤ᠋ ᠳᠤᠭᠤᠢᠯᠠᠩ ᠤ᠋ᠨ ᠨᠥᠬᠥᠳ ᠲᠡᠭᠡᠨ ᠲᠦᠭᠡᠭᠡᠭᠰᠡᠨ ᠭᠡᠵᠦ ᠪᠠᠢᠨ᠎ᠠ᠃1926 ᠣᠨ( ᠤᠯᠠᠭᠠᠨ ᠪᠠᠷᠰ ᠵᠢᠯ) ᠦ᠋ᠨ ᠨᠢᠭᠡᠳᠦᠭᠡᠷ ᠰᠠᠷ᠎ᠠ᠂ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠲᠥᠪ ᠬᠣᠷᠢᠶ᠎ᠠ ᠴᠢᠭᠤᠯᠤᠯᠲᠤ ᠬᠠᠭᠠᠯᠭ᠎ᠠ ᠠ᠋ᠴᠠ ᠪᠤᠭᠤᠲᠤ ᠳ᠋ᠤ᠌ ᠰᠢᠯᠵᠢᠵᠦ ᠢᠷᠡᠵᠡᠢ᠃ ᠸᠠᠩᠳᠠᠨᠨᠢᠮ᠎ᠠ ᠮᠣᠩᠭᠣᠯ ᠬᠣᠰᠢᠭᠤ ᠨᠤᠭᠤᠳ ᠤ᠋ᠨ ᠠᠷᠠᠳ ᠤ᠋ᠨ ᠴᠡᠷᠢᠭ ᠢ᠋  ᠪᠣᠯᠪᠠᠰᠤᠷᠠᠭᠤᠯᠬᠤ ᠭᠠᠵᠠᠷ ᠤ᠋ᠨ ᠳᠡᠳ᠋ ᠳᠠᠷᠤᠭ᠎ᠠ ᠂ᠰᠤᠢᠶᠤᠸᠠᠨ ᠤ᠋ ᠮᠣᠩᠭᠣᠯ ᠬᠣᠰᠢᠭᠤ ᠨᠤᠭᠤᠳ ᠠᠷᠠᠳ ᠤ᠋ᠨ ᠴᠡᠷᠢᠭ  ᠢ᠋ ᠵᠠᠬᠢᠷᠬᠤ ᠰᠸᠯᠢᠩ ᠪᠣᠯᠵᠠᠢ᠃1926 ᠣᠨ ᠤ᠋ ᠳᠣᠯᠣᠳᠤᠭᠠᠷ ᠰᠠᠷ᠎ᠠ ᠳ᠋ᠤ᠌《 ᠰᠢᠨᠠᠯᠠᠮ᠎ᠠ ᠪᠤᠭᠤᠲᠤ ᠳ᠋ᠤ᠌ ᠮᠣᠩᠭᠣᠯ ᠵᠠᠯᠠᠭᠤᠴᠤᠳ ᠤ᠋ᠨ ᠪᠣᠯᠪᠠᠰᠤᠷᠠᠯ ᠤ᠋ᠨ ᠰᠤᠷᠭᠠᠭᠤᠯᠢ ᠪᠠᠢᠭᠤᠯᠵᠤ᠂ ᠬᠤᠪᠢᠰᠬᠠᠯ ᠤ᠋ᠨ ᠣᠨᠣᠯ  ᠢ᠋ ᠤᠯᠠᠮᠵᠢᠯᠠᠨ᠂ ᠬᠤᠪᠢᠰᠬᠠᠯᠲᠤ ᠬᠥᠳᠡᠯᠭᠡᠭᠡᠨ ᠢ᠋ᠶ᠋ᠡᠨ ᠥᠷᠨᠢᠭᠦᠯᠬᠦ ᠳ᠋ᠦ᠍ ᠭᠣᠣᠯ ᠬᠦᠴᠦᠨ ᠢ᠋ᠶ᠋ᠡᠨ ᠬᠥᠮᠦᠵᠢᠭᠦᠯᠵᠦ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠨᠢᠭᠡᠳᠦᠭᠡᠷ ᠰᠠᠯᠪᠤᠷᠢ ᠠᠩᠭᠢ ᠶ᠋ᠢ ᠪᠠᠢᠭᠤᠯᠵᠤ᠂  ᠸᠠᠩᠳᠠᠨᠨᠢᠮ᠎ᠠ ᠰᠸᠯᠢᠩ ᠪᠣᠯᠵᠤ᠂ ᠰᠢᠨᠡᠯᠡᠮ᠎ᠡ ᠠᠷᠪᠠᠨ ᠬᠣᠶᠠᠳᠤᠭᠠᠷ ᠬᠣᠷᠢᠶᠠᠨ ᠳᠠᠷᠤᠭ᠎ᠠ ᠪᠣᠯᠵᠤ᠂ ᠭᠤᠷᠪᠠᠨ ᠵᠠᠭᠤ ᠭᠠᠷᠤᠢ ᠴᠡᠷᠢᠭ ᠪᠠᠢᠯᠳᠤᠭᠴᠢ ᠶ᠋ᠢ ᠪᠣᠯᠪᠠᠰᠤᠷᠠᠭᠤᠯᠤᠭᠰᠠᠨ ᠪᠠᠢᠨ᠎ᠠ》᠃ ᠡᠨᠡ ᠬᠦ᠌ ᠬᠤᠭᠤᠴᠠᠭᠠᠨ ᠳ᠋ᠤ᠌ ᠯᠣᠷᠣᠢᠰᠠᠮᠪᠤ ᠂ ᠸᠠᠩᠳᠠᠨᠨᠢᠮ᠎ᠠ ᠠ᠋ᠴᠠ ᠢᠷᠡᠭᠦᠯᠦᠭᠰᠡᠨ ᠨᠢᠭᠡᠨ ᠬᠤᠪᠢ ᠨᠢᠭᠤᠴᠠ ᠵᠠᠬᠢᠳᠠᠯ  ᠢ᠋ ᠬᠦᠯᠢᠶᠡᠨ ᠠᠪᠴᠠᠢ᠃ ᠸᠠᠩᠳᠠᠨᠨᠢᠮ᠎ᠠ ᠠ᠋ᠴᠠ ᠢᠷᠡᠭᠦᠯᠦᠭᠰᠡᠨ ᠨᠢᠭᠤᠴᠠ ᠵᠠᠬᠢᠳᠠᠯ ᠤ᠋ᠨ ᠠᠭᠤᠯᠭ᠎ᠠ ᠨᠢ《 ᠰᠢᠷ᠎ᠠ ᠵᠣᠣ ᠰᠦᠮ᠎ᠡ ᠶ᠋ᠢᠨ ᠨᠥᠬᠥᠷ ᠯᠣᠷᠣᠢᠰᠠᠮᠪᠤ ᠪᠢᠳᠡ ᠬᠣᠶᠠᠭᠤᠯᠠ ᠶ᠋ᠢ ᠪᠤᠭᠤᠲᠤ ᠬᠦᠷᠴᠦ ᠢᠷᠡᠨ᠎ᠡ ᠤᠤ? ᠳᠣᠲᠣᠭᠠᠳᠤ ᠶᠠᠷᠢᠯᠴᠠᠬᠤ ᠤᠴᠢᠷ ᠪᠠᠢᠨ᠎ᠠ᠃》 ᠭᠡᠰᠡᠨ ᠢ᠋ ᠯᠣᠷᠣᠢᠰᠠᠮᠪᠤ ᠂ ᠴᠣᠢᠮᠰᠤᠨ ᠬᠣᠶᠠᠷ ᠭᠠᠷᠲᠠᠭᠠᠳ᠂ ᠳᠠᠷᠤᠢ ᠪᠡᠶ᠎ᠡ ᠪᠡᠷ ᠢ᠋ᠶ᠋ᠡᠨ ᠪᠤᠭᠤᠲᠤ ᠣᠷᠣᠵᠤ᠂  ᠸᠠᠩᠳᠠᠨᠨᠢᠮ᠎ᠠ ᠲᠠᠢ ᠨᠢᠭᠤᠷᠳᠠᠵᠤ ᠤᠴᠠᠷᠠᠭᠰᠠᠨ ᠳ᠋ᠤ᠌᠂   ᠸᠠᠩᠳᠠᠨᠨᠢᠮ᠎ᠠ᠄《 ᠣᠳᠣ ᠮᠠᠨ ᠤ᠋ ᠠᠷᠤ ᠮᠣᠩᠭᠣᠯ ᠠᠷᠠᠳ ᠤ᠋ᠨ ᠨᠠᠮ ᠤ᠋ᠨ ᠬᠤᠪᠢᠰᠬᠠᠯ ᠬᠢᠵᠦ ᠪᠠᠢᠨ᠎ᠠ᠃ ᠡᠢᠮᠦ ᠡᠴᠡ ᠮᠢᠨᠦ ᠪᠡᠶ᠎ᠡ ᠴᠦ᠍ ᠮᠥᠨ ᠲᠡᠨᠳᠡ ᠬᠣᠯᠪᠣᠭ᠎ᠠ ᠪᠦᠬᠦᠢ ᠲᠤᠯᠠ ᠣᠳᠣ ᠮᠠᠨ ᠤ᠋ ᠣᠷᠳᠣᠰ ᠴᠢᠭᠤᠯᠭᠠᠨ ᠤ᠋ ᠣᠯᠠᠨ ᠬᠤᠰᠢᠭᠤᠨ ᠳᠣᠲᠣᠷ᠎ᠠ ᠠ᠋ᠴᠠ ᠪᠠᠰᠠ ᠡᠨᠡ ᠠᠵᠢᠯ  ᠢ᠋ ᠡᠭᠦᠰᠬᠡᠬᠦ ᠭᠡᠵᠦ ᠪᠣᠢ᠃ ᠡᠭᠦᠨ ᠳ᠋ᠦ᠍ ᠲᠠᠨ ᠤ᠋ ᠬᠤᠰᠢᠭᠤᠨ ᠳ᠋ᠤ᠌ ᠪᠣᠯ ᠳᠡᠮᠡᠢ ᠨᠢᠭᠲᠠ ᠲᠠᠨᠢᠯ ᠲᠠᠢᠵᠢ ᠦᠭᠡᠢ ᠪᠣᠯᠬᠣᠷ ᠲᠠᠨ ᠤ᠋ ᠬᠣᠶᠠᠷ ᠨᠥᠬᠥᠷ  ᠢ᠋ ᠬᠦᠰᠡᠨ ᠡᠷᠡᠮᠡᠯᠵᠡᠨ ᠳᠣᠲᠣᠭᠠᠳᠤ ᠵᠠᠬᠢᠳᠠᠯ ᠬᠦᠷᠭᠡᠭᠰᠡᠨ ᠶᠦᠮ᠃ ᠡᠷᠬᠢᠮ ᠦ᠋ᠳ ᠮᠢᠨᠢ ᠬᠣᠰᠢᠭᠤ ᠨᠤᠲᠤᠭ ᠳᠣᠲᠣᠷ᠎ᠠ ᠪᠠᠨ ᠨᠠᠮ ᠤ᠋ᠨ ᠠᠵᠢᠯ ᠳ᠋ᠤ᠌ ᠴᠢᠷᠮᠠᠢᠨ ᠵᠢᠳᠬᠦᠬᠦ ᠬᠥᠮᠦᠨ ᠪᠠᠢᠪᠠᠯ ᠰᠡᠮᠬᠡᠨ ᠢ᠋ᠶ᠋ᠡᠷ ᠡᠯᠰᠡᠨ ᠬᠥᠳᠡᠯᠭᠡᠬᠦ ᠶ᠋ᠢ ᠨᠠᠢᠳᠠᠶ᠎ᠠ》 ᠭᠡᠰᠡᠨ ᠳ᠋ᠦ᠍ ᠲᠡᠳᠡᠨ ᠰᠡᠳᠬᠢᠯ ᠨᠢᠭᠡᠲᠡᠢ ᠪᠦᠷᠢᠨ ᠵᠥᠪᠰᠢᠶᠡᠷᠡᠵᠦ ᠶᠠᠷᠢᠯᠴᠠᠨ ᠲᠣᠭᠲᠠᠭᠠᠳ᠂ ᠬᠤᠪᠢᠰᠬᠠᠯᠲᠤ ᠬᠦᠴᠦᠨ ᠦ᠌ ᠪᠣᠯᠪᠠᠰᠤᠷᠠᠯ ᠤ᠋ᠨ ᠠᠩᠭᠢ ᠳ᠋ᠤ᠌ ᠣᠷᠣᠯᠴᠠᠵᠠᠢ᠃ ᠲᠡᠭᠡᠭᠡᠳ《 ᠨᠠᠮ ᠤ᠋ᠨ ᠲᠥᠪ ᠬᠣᠷᠢᠶᠠᠨ ᠠ᠋ᠴᠠ ᠪᠢᠳᠡᠨ ᠳ᠋ᠦ᠍ ᠰᠢᠷ᠎ᠠ ᠵᠣᠣ ᠠ᠋ᠴᠠ ᠪᠣᠷᠣ ᠲᠣᠬᠣᠢ ᠬᠦᠷᠲᠡᠯᠡᠬᠢ ᠡᠨᠡ ᠭᠠᠵᠠᠷ ᠣᠷᠣᠨ ᠳ᠋ᠤ᠌ ᠴᠡᠷᠢᠭ ᠡᠯᠰᠡᠬᠦ ᠪᠠᠲᠤ ᠢᠲᠡᠭᠡᠮᠵᠢ ᠶ᠋ᠢᠨ ᠪᠢᠴᠢᠭ ᠣᠯᠭᠣᠨ ᠦᠭᠭᠦᠭᠰᠡᠨ ᠢ᠋  ᠬᠦᠯᠢᠶᠡᠨ ᠠᠪᠤᠭᠠᠳ ᠨᠤᠲᠤᠭ ᠲᠠᠭᠠᠨ ᠪᠤᠴᠠᠭᠰᠠᠨ ᠶᠤᠮ》 ᠭᠡᠵᠡᠢ᠃ ᠢᠩᠭᠢᠭᠡᠳ ᠯᠣᠷᠣᠢᠰᠠᠮᠪᠤ ᠂ ᠴᠣᠢᠮᠰᠤᠨ ᠨᠠᠷ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠴᠡᠷᠢᠭ ᠡᠯᠰᠡᠬᠦ ᠠᠵᠢᠯᠯᠠᠭ᠎ᠠ ᠪᠠᠨ ᠨᠤᠲᠤᠭ ᠣᠷᠣᠨ ᠳ᠋ᠠᠭᠠᠨ ᠡᠬᠢᠯᠡᠵᠦ ᠥᠷᠨᠢᠭᠦᠯᠵᠡᠢ᠃
     ᠲᠤᠬᠠᠢ ᠶ᠋ᠢᠨ ᠦᠶ᠎ᠡ ᠶ᠋ᠢᠨ ᠰᠢᠷ᠎ᠠ ᠵᠣᠣ ᠶ᠋ᠢᠨ ᠠᠷᠠᠳ ᠤ᠋ᠨ ᠨᠠᠮ ᠤ᠋ᠨ ᠡᠭᠦᠷ ᠬᠣᠷᠢᠶ᠎ᠠ ᠶ᠋ᠢᠨ ᠭᠡᠰᠢᠭᠦᠨ ᠪᠣᠯ ᠯᠣᠷᠣᠢᠰᠠᠮᠪᠤ᠂  ᠴᠣᠢᠮᠰᠤᠨ᠂  ᠳᠠᠮᠪᠢᠨᠢᠩᠷᠤᠩ᠂  ᠳᠠᠮᠷᠢᠨ ᠂ ᠭᠦᠯᠦᠭᠪᠠᠭᠠᠲᠤᠷ ᠵᠡᠷᠭᠡ ᠪᠠᠢᠵᠠᠢ᠃ ᠲᠡᠳᠡ ᠬᠠᠲᠤᠨ ᠭᠣᠣᠯ ᠤ᠋ᠨ ᠨᠠᠭᠠᠨ᠎ᠠ ᠴᠠᠭᠠᠨ᠎ᠠ᠂ ᠣᠳᠣ ᠶ᠋ᠢᠨ ᠤᠷᠠᠳ  ᠤ᠋ᠨ ᠡᠮᠦᠨᠡᠲᠦ ᠬᠣᠰᠢᠭᠤ᠂  ᠦᠶᠦᠸᠡᠨ  ᠵᠡᠷᠭᠡ ᠭᠠᠵᠠᠷ ᠴᠡᠷᠢᠭ ᠮᠣᠷᠢ ᠡᠯᠰᠡᠵᠦ ᠡᠬᠢᠯᠡᠭᠰᠡᠨ ᠶᠦᠮ᠃
      1926 ᠣᠨ ᠤ᠋ ᠨᠠᠢ᠍ᠮᠠᠳᠤᠭᠠᠷ ᠰᠠᠷ᠎ᠠ ᠳ᠋ᠤ᠌《 ᠵᠠᠰᠠᠭ ᠬᠤᠰᠢᠭᠤᠨ ᠤ᠋ ᠵᠠᠰᠠᠭ ᠴᠢᠭᠤᠯᠭᠠᠨ ᠲᠡᠷᠢᠭᠦᠨ ᠳᠠᠷᠤᠭ᠎ᠠ ᠱᠠᠭᠳᠠᠷᠵᠠᠪ ᠳᠣᠲᠣᠭᠠᠳᠤ ᠨᠠᠮ ᠤ᠋ᠨ ᠲᠥᠪ ᠬᠣᠷᠢᠶ᠎ᠠ ᠪᠠ ᠰᠢᠨᠠᠯᠠᠮ᠎ᠠ ᠶ᠋ᠢ ᠵᠣᠴᠢᠯᠠᠭᠰᠠᠨ ᠪᠥᠭᠡᠳ ᠪᠠᠰᠠ ᠲᠠᠨᠢᠯᠴᠠᠭᠤᠯᠬᠤ ᠪᠢᠴᠢᠭ ᠭᠠᠷᠭᠠᠨ ᠥᠭᠴᠦ ᠣᠯᠠᠨ ᠬᠤᠰᠢᠭᠤᠨ ᠤ᠋ ᠣᠯᠠᠨ ᠳᠠᠪᠬᠤᠷᠭᠠᠲᠠᠨ ᠪᠦᠷ ᠳᠣᠲᠣᠭᠠᠳᠤ ᠨᠠᠮ ᠤ᠋ᠨ ᠠᠵᠢᠯᠯᠠᠭ᠎ᠠ ᠶ᠋ᠢ ᠳᠡᠮᠵᠢᠬᠦ ᠬᠡᠷᠡᠭᠲᠡᠢ ᠭᠡᠵᠦ ᠱᠠᠭᠠᠷᠳᠠᠭᠰᠠᠨ ᠪᠠᠢᠨ᠎ᠠ᠃
      1926 ᠣᠨ ᠤ᠋ ᠠᠷᠪᠠᠳᠤᠭᠠᠷ ᠰᠠᠷ᠎ᠠ ᠶ᠋ᠢᠨ16 ᠤ᠋ ᠡᠳᠦᠷ᠂ ᠳᠣᠲᠣᠭᠠᠳᠤ ᠨᠠᠮ ᠤ᠋ᠨ ᠲᠥᠪ ᠬᠣᠷᠢᠶ᠎ᠠ ᠣᠲᠣᠭ ᠬᠤᠰᠢᠭᠤᠨ ᠤ᠋ ᠶᠡᠲᠤ ᠴᠠᠭᠠᠨ ᠨᠠᠭᠤᠷ ᠲᠤ᠌ ᠶᠡᠬᠡ ᠵᠣᠣ ᠴᠢᠭᠤᠯᠭᠠᠨ ᠤ᠋ ᠳᠣᠲᠣᠭᠠᠳᠤ᠂ ᠨᠠᠮ ᠤ᠋ᠨ ᠠᠩᠬᠠᠳᠤᠭᠠᠷ ᠤᠳᠠᠭᠠᠨ ᠤ᠋ ᠲᠥᠯᠥᠭᠡᠯᠡᠭᠴᠢᠳ ᠦ᠋ᠨ ᠬᠤᠷᠠᠯᠳᠤᠭᠠᠨ  ᠢ᠋  ᠬᠤᠷᠠᠯᠳᠤᠭᠤᠯᠵᠠᠢ᠃
ᠳᠣᠲᠣᠭᠠᠳᠤ ᠨᠠᠮ ᠤ᠋ᠨ ᠲᠥᠪ ᠬᠣᠷᠢᠶᠠᠨ ᠤ᠋ ᠨᠠᠷᠢᠨ ᠪᠢᠴᠢᠭ ᠦ᠋ᠨ ᠳᠠᠷᠤᠭ᠎ᠠ ᠮᠠᠷᠰᠠ( ᠭᠦᠸᠧ ᠳ᠋ᠣᠣ ᠹᠦ )᠂ ᠵᠥᠪᠯᠡᠯᠲᠦ ᠶ᠋ᠢᠨ ᠡᠯᠴᠢᠨ ᠰᠠᠢᠳ( ᠡᠪ ᠬᠠᠮᠲᠤ ᠶ᠋ᠢᠨ ᠢᠨᠲ᠋ᠸᠷᠨᠠᠽᠢᠤᠨᠠᠯ ᠤ᠋ᠨ ᠲᠥᠯᠥᠭᠡᠯᠡᠭᠴᠢ ᠹᠥᠯᠢᠮ)᠂ ᠮᠣᠩᠭᠣᠯ ᠠᠷᠠᠳ ᠤᠯᠤᠰ ᠠ᠋ᠴᠠ ᠡᠯᠴᠢᠨ ᠰᠠᠢᠳ ᠤᠴᠠᠷᠠᠬᠤ( ᠡᠪ ᠬᠠᠮᠲᠤ ᠶ᠋ᠢᠨ ᠢᠨᠲ᠋ᠸᠷᠨᠠᠽᠢᠤᠨᠠᠯ ᠤ᠋ᠨ ᠲᠥᠯᠥᠭᠡᠯᠡᠭᠴᠢ) ᠵᠡᠷᠭᠡ ᠬᠥᠮᠦᠨ ᠣᠲᠣᠭ ᠬᠤᠰᠢᠭᠤᠨ ᠳ᠋ᠤ᠌ ᠬᠦᠷᠴᠦ ᠬᠤᠷᠠᠯ ᠳ᠋ᠤ᠌ ᠣᠷᠣᠯᠴᠠᠵᠠᠢ》᠃
     ᠲᠤᠰ ᠬᠤᠷᠠᠯ ᠳ᠋ᠤ᠌ ᠯᠣᠷᠣᠢᠰᠠᠮᠪᠤ ᠴᠣᠢᠮᠰᠤᠨ ᠨᠠᠷ  ᠢ᠋  ᠳᠠᠭᠤᠳᠠᠭᠰᠠᠨ ᠪᠣᠯᠬᠣᠷ᠂  ᠯᠣᠷᠣᠢᠰᠠᠮᠪᠤ ᠰᠢᠷ᠎ᠠ ᠵᠣᠣ ᠠ᠋ᠴᠠ ᠬᠡᠳᠦᠨ ᠨᠠᠮᠲᠠᠨ ᠢ᠋ᠶ᠋ᠠᠨ ᠳᠠᠭᠠᠭᠤᠯᠵᠤ ᠮᠣᠷᠢ ᠤᠨᠤᠭ᠎ᠠ ᠲᠠᠢ ᠣᠲᠣᠭ ᠬᠣᠰᠢᠭᠤ ᠬᠦᠷᠴᠦ ᠲᠡᠳᠡᠨ ᠲᠡᠢ ᠵᠣᠯᠭᠠᠯᠳᠤᠵᠠᠢ᠃《 ᠤᠤᠯ ᠶᠠᠷᠢᠯᠴᠠᠭᠰᠠᠨ ᠲᠥᠯᠥᠪᠯᠡᠭᠡ ᠨᠦ᠍ᠭᠦᠳ ᠶᠣᠰᠣᠭᠠᠷ ᠪᠥᠭᠡᠳ ᠪᠠᠰᠠ ᠮᠠᠨ ᠳ᠋ᠤ᠌ ᠠᠷᠪᠠᠨ ᠯᠢᠶᠡᠨᠵᠦ ᠫᠤᠤ ᠦᠭᠭᠦᠭᠰᠡᠨ    ᠢ᠋  ᠬᠦᠯᠢᠶᠡᠨ ᠠᠪᠤᠭᠠᠳ ᠬᠤᠷᠠᠯ ᠲᠠᠷᠬᠠᠵᠤ ᠬᠣᠢᠰᠢ ᠪᠤᠴᠠᠵᠤ᠂ ᠣᠲᠣᠭ ᠤ᠋ᠨ ᠤᠯᠠᠭᠠᠨᠵᠢᠷᠢᠮ ᠳ᠋ᠤ᠌ ᠬᠦᠷᠴᠦ ᠢᠷᠡᠲᠡᠯ᠎ᠡ᠂ ᠮᠠᠨ ᠤ᠋ ᠬᠤᠰᠢᠭᠤᠨ ᠤ᠋ ᠲᠠᠢᠵᠢ ᠰᠠᠩᠵᠠᠢ( ᠰᠢᠨ᠎ᠡ ᠯᠠᠮᠠ ᠰᠠᠳᠠᠩᠨᠣᠷᠪᠤ ᠭᠡᠳᠡᠭ) ᠤᠭᠲᠤᠨ ᠣᠴᠢᠵᠤ( ᠪᠢ ᠴᠦ᠍ ᠮᠥᠨ ᠡᠳᠡᠭᠡᠷ ᠨᠠᠮ ᠤ᠋ᠨ ᠠᠵᠢᠯ ᠤ᠋ᠨ ᠬᠥᠮᠦᠰ ᠲᠡᠢ ᠠᠭᠤᠯᠵᠠᠬᠤ ᠤᠴᠢᠷ ᠲᠠᠢ ᠶᠤᠮ᠃ ᠣᠳᠣ ᠲᠠ ᠨᠠᠷ ᠤ᠋ᠨ ᠬᠡᠯᠡᠬᠦ ᠪᠡᠷ ᠪᠣᠯ ᠮᠠᠨ ᠤ᠋ ᠬᠤᠰᠢᠭᠤᠨ ᠳ᠋ᠤ᠌ ᠢᠷᠡᠬᠦ ᠪᠢᠵᠡ? ᠪᠢ ᠡᠨᠳᠡ ᠡᠴᠡ ᠪᠤᠴᠠᠶ᠎ᠠ) ᠭᠡᠵᠦ ᠬᠡᠯᠡᠭᠰᠡᠨ》 ᠭᠡᠵᠡᠢ᠃ ᠴᠣᠢᠮᠰᠤᠨ ᠤ᠋ ᠨᠠᠮᠲᠠᠷ ᠲᠤ᠌ ᠲᠡᠮᠳᠡᠭᠯᠡᠭᠰᠡᠨ ᠢ᠋ᠶ᠋ᠡᠷ ᠪᠣᠯ᠂ ᠪᠢᠳᠡ ᠳᠠᠷᠠᠭ᠎ᠠ ᠡᠳᠦᠷ ᠨᠢ ᠨᠠᠭᠠᠰᠢ ᠶᠠᠪᠤᠵᠤ ᠬᠣᠷᠣᠭᠠᠨᠴᠠᠢᠳᠠᠮ ᠳ᠋ᠤ᠌ ᠬᠦᠷᠴᠦ ᠢᠷᠡᠬᠦ ᠳ᠋ᠦ᠍ ᠬᠠᠩᠭᠢᠨ ᠬᠤᠰᠢᠭᠤᠨ ᠤ᠋ ᠬᠣᠰᠢᠭᠤ ᠶᠠᠮᠤᠨ ᠤ᠋ ᠲᠣᠮᠢᠯᠠᠯᠭ᠎ᠠ ᠪᠠᠷ ᠪᠢᠴᠢᠭᠡᠴᠢ ᠳᠤᠭᠠᠷᠵᠠᠪ ᠲᠡᠳᠡ ᠨᠠᠷ  ᠢ᠋  ᠲᠤᠰᠬᠠᠢᠯᠠᠨ ᠬᠣᠰᠢᠭᠤ ᠣᠷᠳᠣᠨ ᠳᠡᠭᠡᠷ᠎ᠡ ᠤᠷᠢᠵᠠᠢ᠃ ᠲᠡᠳᠡᠨ ᠲᠡᠢ ᠨᠣᠶᠠᠨ ᠲᠦᠰᠢᠮᠡᠳ ᠮᠥᠨ ᠬᠦ᠌ ᠵᠥᠪᠯᠡᠬᠦ ᠴᠢᠬᠤᠯᠠ ᠤᠴᠢᠷ ᠪᠣᠢ ᠭᠡᠵᠦ ᠤᠷᠢᠭᠰᠠᠨ ᠠ᠋ᠴᠠ ᠲᠡᠳᠡ ᠠᠷᠭ᠎ᠠ ᠪᠤᠰᠤ ᠬᠣᠰᠢᠭᠤ ᠶᠠᠮᠤᠨ ᠳᠡᠭᠡᠷ᠎ᠡ ᠣᠴᠢᠵᠤ ᠨᠣᠶᠠᠨ ᠲᠦᠰᠢᠮᠡᠳ ᠲᠡᠢ ᠤᠴᠠᠷᠠᠵᠠᠢ᠃ ᠨᠣᠶᠠᠳ ᠲᠦᠰᠢᠮᠡᠳ ᠨᠠᠷ᠄《 ᠡᠳᠡᠭᠡᠷ ᠠᠷᠠᠳ ᠤ᠋ᠨ ᠨᠠᠮ ᠤ᠋ᠨ ᠨᠢᠭᠡ ᠪᠦᠯᠦᠭ ᠬᠥᠮᠦᠰ   ᠢ᠋  ᠲᠠ ᠨᠠᠷ ᠲᠡᠨᠡᠭᠦᠷ ᠰᠢᠷ᠎ᠠ ᠵᠣᠣ ᠳᠡᠭᠡᠷ᠎ᠡ ᠠᠪᠠᠴᠢᠨ ᠪᠠᠭᠤᠯᠭᠠᠵᠤ ᠪᠠᠢᠨ᠎ᠠ ᠤᠤ? ᠪᠢᠳᠡ ᠡᠨᠳᠡ ᠠᠭᠠᠵᠢᠮ ᠶᠠᠷᠢᠯᠴᠠᠭᠠᠳ ᠳᠠᠷᠠᠭ᠎ᠠ ᠪᠠᠷ ᠲᠤᠰᠬᠠᠢᠯᠠᠨ ᠣᠴᠢᠵᠤ ᠵᠥᠪᠯᠡᠰᠦᠭᠡᠢ》 ᠭᠡᠵᠦ ᠲᠡᠳᠡᠨ ᠳ᠋ᠦ᠍ ᠰᠢᠭᠦᠰᠦ ᠰᠠᠷᠬᠤᠳ ᠲᠠᠯᠪᠢᠵᠤ ᠵᠣᠴᠢᠯᠠᠭᠠᠳ ᠪᠠᠰᠠ《 ᠬᠤᠰᠢᠭᠤᠨ ᠤ᠋ ᠪᠠᠨ ᠪᠠᠢᠳᠠᠯ  ᠢ᠋  ᠦᠵᠡᠵᠦ ᠨᠠᠮ ᠤ᠋ᠨ ᠠᠵᠢᠯ  ᠢ᠋  ᠥᠷᠨᠢᠭᠦᠯᠬᠦ ᠶ᠋ᠢ ᠲᠥᠯᠥᠪᠯᠡᠨ ᠲᠣᠭᠲᠠᠭᠠᠭᠠᠷᠠᠢ》 ᠭᠡᠳ ᠲᠠᠮᠠᠭ᠎ᠠ ᠳᠠᠷᠤᠭᠰᠠᠨ ᠢᠲᠡᠭᠡᠮᠵᠢ ᠶ᠋ᠢᠨ ᠪᠢᠴᠢᠭ ᠲᠤᠰᠢᠶᠠᠭᠰᠠᠨ  ᠢ᠋  ᠲᠡᠳᠡ ᠬᠦᠯᠢᠶᠡᠨ ᠠᠪᠴᠤ᠂ ᠮᠥᠨ ᠨᠠᠮ ᠤ᠋ᠨ ᠠᠵᠢᠯᠲᠠᠨ ᠪᠥᠭᠡᠳ ᠲᠥᠪ ᠬᠣᠷᠢᠶᠠᠨ ᠤ᠋ ᠨᠥᠬᠥᠳ ᠲᠡᠢ ᠬᠠᠮᠲᠤ ᠬᠡᠢᠳ ᠰᠢᠷ᠎ᠠ ᠵᠣᠣ ᠳᠡᠭᠡᠷ᠎ᠡ ᠪᠡᠨ ᠣᠴᠢᠭᠠᠳ ᠰᠠᠷ᠎ᠠ ᠰᠢᠬᠠᠮ ᠰᠠᠭᠤᠵᠠᠭᠠᠵᠠᠢ᠃ ᠢᠩᠭᠢᠵᠦ ᠪᠠᠢᠲᠠᠯ᠎ᠠ ᠪᠠᠰᠠ ᠶᠠᠮᠠᠷ ᠨᠢᠭᠡᠨ ᠡᠷᠢᠨ ᠤᠴᠢᠷ ᠪᠠᠢᠭᠰᠠᠨ  ᠢ᠋  ᠮᠡᠳᠡᠭᠰᠡᠨ ᠦᠭᠡᠢ᠂ ᠣᠯᠠᠨ ᠢ᠋ᠶ᠋ᠠᠷ ᠢ᠋ᠶ᠋ᠠᠨ ᠤᠷᠠᠳ ᠤ᠋ᠨ ᠪᠠᠷᠠᠭᠤᠨ ᠬᠤᠰᠢᠭᠤᠨ ᠤ᠋ ᠤᠷᠲᠤ ᠭᠣᠣᠯ ᠤ᠋ᠨ ᠰᠦᠮ᠎ᠡ ᠳᠡᠭᠡᠷ᠎ᠡ ᠣᠴᠢᠵᠤ ᠰᠠᠭᠤᠨ᠎ᠠ ᠭᠡᠬᠦᠯᠡᠷ ᠯᠣᠷᠣᠢᠰᠠᠮᠪᠤ᠂ᠴᠣᠢᠮᠰᠤᠨ ᠮᠥᠨ ᠳᠠᠭᠠᠯᠳᠤᠨ ᠬᠠᠲᠤᠨ ᠭᠣᠣᠯ ᠭᠡᠲᠦᠯᠦᠨ ᠤᠷᠲᠤ ᠭᠣᠣᠯ ᠤ᠋ᠨ ᠰᠦᠮ᠎ᠡ ᠳᠡᠭᠡᠷ᠎ᠡ ᠠᠵᠢᠯᠯᠠᠵᠤ ᠪᠠᠢᠲᠠᠯ᠎ᠠ ᠭᠣᠮᠢᠨᠳᠠᠩ ᠤ᠋ᠨ ᠨᠢᠭᠡ ᠪᠦᠯᠦᠭ ᠣᠷᠭᠣᠳᠠᠭᠤᠯ ᠬᠤᠯᠠᠭᠠᠢ ᠰᠢ ᠹᠧᠢ ᠭᠡᠭᠴᠢ ᠶ᠋ᠢᠨ ᠴᠡᠷᠢᠭ ᠲᠡᠳᠡᠨ   ᠢ᠋   ᠬᠤᠮᠢᠷᠠᠨ ᠴᠣᠬᠢᠭᠰᠠᠨ ᠪᠠᠢᠨ᠎ᠠ᠃ ᠲᠡᠳᠡ᠂ ᠲᠡᠨᠳᠡ ᠪᠡᠨ ᠰᠠᠭᠤᠬᠤ ᠪᠠᠨ ᠪᠠᠢᠵᠤ ᠦᠶᠦᠸᠡᠨ ᠦ᠌ ᠵᠦᠭ ᠮᠥᠷᠳᠡᠨ ᠳᠣᠯᠣᠭᠠᠨᠰᠡᠵᠢᠭ ᠭᠡᠳᠡᠭ ᠭᠠᠵᠠᠷ ᠬᠦᠷᠦᠭᠰᠡᠨ ᠳ᠋ᠦ᠍《 ᠤᠯᠠᠭᠠᠨ ᠨᠠᠮ ᠤ᠋ᠨ ᠲᠥᠪ ᠬᠣᠷᠢᠶᠠᠨ ᠤ᠋ ᠳᠠᠷᠤᠭ᠎ᠠ ᠰᠠᠷᠠᠩᠳᠣᠩᠷᠤᠪ ᠭᠡᠭᠴᠢ ᠬᠥᠮᠦᠨ ᠪᠠᠰᠠ ᠨᠢᠭᠡᠨ ᠣᠷᠣᠰ ᠨᠥᠬᠥᠷ ᠲᠡᠢ ᠬᠣᠶᠠᠭᠤᠯᠠ ᠨᠢᠭᠡ ᠮᠠᠰᠢᠨ ᠲᠡᠷᠭᠡ ᠫᠤᠤ ᠲᠡᠭᠡᠭᠡᠵᠦ ᠶᠠᠪᠤᠭᠠᠳ ᠶᠡᠬᠡ ᠵᠠᠮ ᠳᠡᠭᠡᠷ᠎ᠡ ᠤᠴᠠᠷᠠᠭᠠᠳ᠂( ᠣᠳᠣ ᠮᠠᠨ ᠤ᠋ ᠲᠥᠪ ᠬᠣᠷᠢᠶ᠎ᠠ ᠢᠷᠭᠠᠢ ᠬᠣᠲᠠ ᠵᠦᠭ ᠨᠡᠭᠦᠵᠦ ᠣᠴᠢᠨ᠎ᠠ᠃ ᠲᠠᠨ ᠤ᠋ ᠬᠡᠳᠦᠭᠦᠯᠡ ᠪᠡᠨ ᠬᠦᠷᠦᠭᠡᠳ ᠣᠴᠢᠪᠠᠯ ᠰᠠᠢᠨ ᠪᠢᠯᠡ᠂ ᠪᠢᠳᠡ ᠲᠡᠨᠳᠡ ᠤᠴᠠᠷᠠᠶ᠎ᠠ) ᠭᠡᠵᠦ ᠬᠡᠯᠡᠭᠡᠳ ᠪᠢᠳᠡ ᠬᠣᠶᠠᠷ ᠲᠤ᠌ ᠠᠷᠪᠠᠨ ᠯᠢᠶᠡᠨᠵᠦ ᠫᠤᠤ ᠥᠭᠭᠦᠭᠡᠳ ᠰᠠᠯᠤᠯᠴᠠᠭᠰᠠᠨ ᠪᠢᠯᠡ》 ᠭᠡᠵᠡᠢ᠃ ᠡᠨᠡ ᠦᠶ᠎ᠡ ᠳ᠋ᠦ᠍ ᠰᠢᠷ᠎ᠠ ᠵᠣᠣ ᠶ᠋ᠢᠨ ᠳᠤᠭᠤᠢᠯᠠᠩ ᠤ᠋ᠨ ᠬᠥᠳᠡᠯᠭᠡᠭᠡᠨ ᠶᠡᠬᠡ ᠥᠷᠨᠢᠨ ᠬᠥᠭᠵᠢᠵᠦ᠂ ᠮᠠᠰᠢ ᠠᠷᠪᠢᠨ ᠨᠤᠲᠤᠭ ᠤ᠋ᠨ ᠵᠠᠯᠠᠭᠤᠴᠤᠳ ᠣᠷᠣᠯᠴᠠᠵᠤ ᠬᠤᠪᠢᠰᠬᠠᠯᠲᠤ ᠨᠠᠮ ᠤ᠋ᠨ ᠴᠡᠷᠢᠭ ᠦ᠋ᠨ ᠲᠣᠭ᠎ᠠ ᠬᠣᠶᠠᠷ ᠵᠠᠭᠤ ᠭᠠᠷᠤᠢ ᠪᠣᠯᠵᠤ ᠨᠡᠮᠡᠭᠳᠡᠵᠡᠢ᠃ ᠪᠠᠰᠠ ᠪᠤᠭᠤᠷᠤᠯᠴᠤᠳ ᠤ᠋ᠨ ᠲᠠᠨᠢᠯᠴᠠᠭᠤᠯᠬᠤ ᠪᠠᠷ ᠡᠨᠡ ᠦᠶ᠎ᠡ ᠳ᠋ᠦ᠍ ᠯᠣᠷᠣᠢᠰᠠᠮᠪᠤ ᠥᠪᠡᠷ ᠦ᠋ᠨ ᠠᠷᠠᠳ ᠤ᠋ᠨ ᠬᠤᠪᠢᠰᠬᠠᠯᠲᠤ ᠨᠠᠮ ᠤ᠋ᠨ ᠴᠡᠷᠢᠭ ᠢ᠋ᠶ᠋ᠡᠨ ᠮᠠᠭᠲᠠᠨ ᠳᠠᠭᠤᠯᠠᠭᠰᠠᠨ ᠰᠢᠯᠦᠭ ᠳᠠᠭᠤᠤ ᠵᠣᠬᠢᠶᠠᠵᠤ ᠥᠩᠭᠡᠷᠡᠭᠰᠡᠨ ᠪᠥᠭᠡᠳ ᠲᠡᠷᠡ ᠨᠢ ᠳᠠᠷᠬᠠᠨ ᠳᠡᠯᠭᠡᠷᠡᠵᠦ ᠪᠠᠢᠵᠠᠢ᠃ ᠠᠷᠠᠳ ᠤ᠋ᠨ ᠠᠮᠠᠨ ᠶᠠᠷᠢᠶᠠᠨ ᠳ᠋ᠤ᠌ ᠤᠯᠠᠮᠵᠢᠯᠠᠭᠳᠠᠨ ᠶᠠᠷᠢᠭᠳᠠᠵᠤ ᠪᠠᠢᠭᠰᠠᠨ ᠠ᠋ᠴᠠ ᠨᠢ ᠨᠢᠭᠡ ᠪᠠᠳᠠᠭ  ᠢ᠋  ᠰᠡᠢᠷᠡᠭᠦᠯᠪᠡᠯ᠄
       《 ᠤᠷᠲᠤ ᠰᠢᠯᠢ ᠶ᠋ᠢᠨ ᠣᠷᠣᠢ ᠳᠡᠭᠡᠷ᠎ᠡ ᠭᠠᠷᠴᠤ ᠬᠠᠷᠠᠬᠤᠯᠠᠷ ᠬᠦ
          ᠤᠯᠠᠭᠠᠨ ᠨᠠᠮ ᠤ᠋ᠨ ᠠᠷᠠᠳ ᠲᠦᠮᠡᠨ ᠪᠤᠴᠠᠯᠵᠤ ᠪᠠᠢᠨ᠎ᠠ ᠰᠢᠦ ᠬᠦ
           ᠁ ᠁
          ᠪᠦᠭᠳᠦ ᠶ᠋ᠢᠨ ᠰᠢᠷ᠎ᠠ ᠵᠣᠣ ᠪᠦᠭᠦᠳᠡ ᠮᠠᠨ  ᠢ᠋  ᠵᠢᠰᠦᠯᠡᠭᠰᠡᠨ ᠳ᠋ᠡᠭᠡᠨ ᠰᠠᠢᠨ
       ᠪᠥᠭᠵᠢᠭᠡᠷ ᠬᠠᠷ᠎ᠠ ᠭᠠᠢ ᠯᠠᠨ ᠫᠤᠤ( ᠯᠢᠶᠡᠨᠵᠦ) ᠪᠡᠨ ᠡᠭᠦᠷᠦᠭᠰᠡᠨ ᠳ᠋ᠡᠭᠡᠨ ᠰᠠᠢᠨ》᠁ ᠭᠡᠵᠦ ᠠᠷᠠᠳ ᠤ᠋ᠨ ᠬᠤᠪᠢᠰᠬᠠᠯᠲᠤ ᠨᠠᠮ ᠤ᠋ᠨ ᠴᠡᠷᠢᠭ ᠦ᠋ᠨ ᠥᠷᠨᠢᠨ ᠬᠥᠭᠵᠢᠵᠦ ᠥᠭᠡᠳᠡᠯᠡᠨ ᠪᠠᠢᠭ᠎ᠠ ᠪᠠᠨ ᠮᠠᠭᠲᠠᠨ ᠰᠢᠯᠦᠭᠯᠡᠭᠰᠡᠨ ᠦ᠌ ᠬᠠᠮᠲᠤ ᠡᠵᠡᠷᠬᠡᠭ ᠲᠦᠷᠢᠮᠡᠬᠡᠢ ᠹᠧᠣᠳᠠᠯ ᠨᠣᠶᠠᠷᠠᠬᠠᠭᠴᠢᠳ  ᠢ᠋  ᠲᠦᠯᠬᠢᠨ ᠤᠨᠠᠭᠠᠬᠤ ᠳ᠋ᠤ᠌《 ᠭᠠᠢ ᠯᠠᠨ ᠫᠤᠤ ᠪᠠᠨ ᠡᠭᠦᠷᠦᠭᠰᠡᠨ ᠳ᠋ᠡᠭᠡᠨ ᠰᠠᠢᠨ》 ᠭᠡᠵᠦ ᠵᠡᠪᠰᠡᠭᠲᠦ ᠲᠡᠮᠡᠴᠡᠯ ᠢ᠋ᠶ᠋ᠡᠷ ᠲᠥᠷᠥ ᠶ᠋ᠢᠨ ᠡᠷᠬᠡ ᠶ᠋ᠢ ᠲᠡᠮᠡᠴᠡᠨ ᠣᠯᠬᠤ ᠶ᠋ᠢ ᠤᠷᠢᠶᠠᠯᠠᠵᠤ ᠤᠬᠠᠭᠤᠯᠤᠭᠰᠠᠨ ᠪᠠᠢᠨ᠎ᠠ᠃
       ᠬᠤᠪᠢᠰᠬᠠᠯ ᠤ᠋ᠨ ᠬᠥᠳᠡᠯᠭᠡᠭᠡᠨ ᠢ᠋ᠶ᠋ᠡᠨ ᠠᠩᠬ᠎ᠠ ᠡᠬᠢᠯᠡᠵᠦ ᠥᠷᠨᠢᠭᠦᠯᠵᠦ ᠪᠠᠢᠬᠤ ᠦᠶ᠎ᠡ ᠳ᠋ᠡᠭᠡᠨ ᠤᠴᠠᠷᠠᠭᠰᠠᠨ ᠣᠯᠠᠨ  ᠳᠦ ᠤᠬᠠᠭᠤᠯᠭ᠎ᠠ ᠬᠢᠭᠰᠡᠨ ᠪᠠᠢᠳᠠᠯ  ᠢ᠋ ᠳᠥᠭᠥᠮ ᠲᠠᠨᠢᠯᠴᠠᠭᠤᠯᠪᠠᠯ᠂ ᠲᠡᠭᠦᠨ ᠦ᠌ ᠠᠴᠢ ᠪᠡᠷᠢ ᠡᠩᠬᠡᠯᠪᠡᠭ  ᠦ᠋ᠨ ᠬᠡᠯᠡᠬᠦ ᠪᠡᠷ᠄《 ᠲᠠᠨᠤᠰ ᠵᠠᠯᠠᠭᠤ ᠪᠠᠭᠠᠴᠤᠳ ᠳᠡᠮᠡᠢ ᠶᠠᠭᠤᠮ᠎ᠠ ᠮᠡᠳᠡᠬᠦ ᠦᠭᠡᠢ ᠪᠠᠢᠨ᠎ᠠ᠃ ᠭᠡᠪᠡᠴᠦ ᠲᠡᠳᠡᠨᠦᠰ ᠯᠠᠪ ᠦᠵᠡᠬᠦ ᠶᠦᠮ᠂ ᠤᠳᠠᠯ ᠦᠭᠡᠢ ᠨᠡᠢᠭᠡᠮ ᠳᠡᠯᠡᠬᠡᠢ ᠬᠥᠮᠦᠨ ᠪᠦᠬᠦᠨ ᠡᠷᠬᠡ ᠲᠡᠭᠰᠢ᠂ ᠲᠡᠢᠨ ᠳᠠᠵᠢᠨ ᠦᠭᠡᠢ᠂ ᠦᠢᠮᠡᠭᠡᠨ ᠰᠠᠮᠠᠭᠤᠨ ᠦᠭᠡᠢ ᠴᠠᠭ ᠶᠢᠷᠲᠢᠨᠴᠦ ᠬᠦᠷᠴᠦ ᠢᠷᠡᠬᠦ ᠶᠦᠮ 》 ᠭᠡᠵᠦ ᠶᠠᠷᠢᠳᠠᠭ ᠪᠠᠢᠭᠰᠠᠨ ᠪᠠ ᠯᠣᠷᠣᠢᠰᠠᠮᠪᠤ ᠲᠠᠢ ᠬᠠᠮᠲᠤ ᠠᠷᠠᠳ ᠤ᠋ᠨ ᠨᠠᠮ ᠤ᠋ᠨ ᠴᠡᠷᠢᠭ ᠲᠦ᠍ ᠶᠠᠪᠤᠵᠤ ᠪᠠᠢᠭᠰᠠᠨ ᠭᠣᠮᠪᠣ ᠯᠠᠮᠠ ᠶ᠋ᠢᠨ ᠣᠯᠭᠣᠨ ᠦᠭᠭᠦᠭᠰᠡᠨ ᠮᠠᠲ᠋ᠧᠷᠢᠶᠠᠯ ᠳ᠋ᠤ᠌᠄《 ᠣᠷᠣᠰ ᠲᠤ᠌ ᠬᠤᠪᠢᠰᠬᠠᠯ ᠡᠭᠦᠰᠴᠡᠢ᠂ ᠯᠧᠨᠢᠨ ᠭᠡᠵᠦ ᠠᠮᠠᠷ ᠦᠭᠡᠢ ᠬᠥᠮᠦᠨ ᠭᠠᠷᠴᠠᠢ᠂ ᠲᠡᠷᠡ ᠨᠢᠭᠡᠨᠲᠡ ᠬᠠᠭᠤᠴᠢᠨ ᠪᠠᠢᠭᠤᠯᠤᠯ  ᠢ᠋ ᠡᠪᠳᠡᠵᠦ ᠨᠤᠷᠠᠭᠠᠭᠠᠳ ᠰᠢᠨ᠎ᠡ ᠨᠡᠢᠭᠡᠮ  ᠢ᠋  ᠪᠠᠢᠭᠤᠯᠵᠠᠢ᠃ ᠠᠷᠤ ᠮᠣᠩᠭᠣᠯ ᠴᠢᠯᠥᠭᠡᠯᠡᠭᠳᠡᠭᠰᠡᠨ ᠦ᠌ ᠳᠠᠷᠠᠭ᠎ᠠ᠂ ᠠᠷᠠᠳ ᠲᠦᠮᠡᠨ ᠡᠷᠬᠡ ᠴᠢᠯᠥᠭᠡᠲᠡᠢ ᠪᠣᠯᠤᠭᠰᠠᠨ᠂ ᠴᠣᠢᠪᠠᠯᠰᠠᠩ ᠮᠠᠨ  ᠢ᠋ ᠵᠡᠪᠰᠡᠭ ᠬᠡᠷᠡᠭᠯᠡᠯ ᠵᠡᠷᠭᠡ ᠪᠡᠷ ᠲᠤᠰᠠᠯᠠᠬᠤ ᠪᠣᠯᠤᠭᠰᠠᠨ᠃ ᠮᠠᠨ ᠤ᠋ ᠤᠯᠤᠰ ᠴᠤ᠌ ᠤᠳᠠᠯ ᠦᠭᠡᠢ ᠲᠡᠷᠡ ᠮᠡᠲᠦ ᠪᠣᠯᠬᠤ ᠪᠣᠯᠤᠨ᠎ᠠ᠃ ᠡᠵᠡᠷᠬᠡᠭ ᠨᠣᠶᠠᠳ  ᠢ᠋ ᠲᠦᠯᠬᠢᠨ ᠤᠨᠠᠭᠠᠵᠤ᠂ ᠰᠢᠨ᠎ᠡ ᠨᠡᠢᠭᠡᠮ  ᠢ᠋ ᠪᠠᠢᠭᠤᠯᠤᠶ᠎ᠠ! ᠠᠷᠠᠳ ᠤ᠋ᠨ ᠡᠷᠬᠡ ᠵᠠᠰᠠᠭ  ᠢ᠋ ᠪᠠᠢᠭᠤᠯᠵᠤ᠂ ᠮᠣᠩᠭᠣᠯ ᠤᠭᠰᠠᠭᠠᠲᠠᠨ ᠢ᠋ᠶ᠋ᠠᠨ ᠮᠠᠨᠳᠤᠭᠤᠯᠵᠤ᠂ ᠣᠷᠣᠨ ᠨᠤᠲᠤᠭ ᠢ᠋ᠶ᠋ᠠᠨ ᠬᠠᠮᠠᠭᠠᠯᠠᠵᠤ᠂ ᠡᠷᠬᠡ ᠴᠢᠯᠥᠭᠡᠲᠡᠢ ᠪᠤᠯᠵᠠᠭᠠᠶ᠎ᠠ᠃ ᠬᠡᠨ ᠤᠷᠤᠭᠰᠢᠯᠠᠪᠠᠯ ᠬᠡᠨ ᠲᠠᠪᠰᠢᠬᠤ᠂ ᠳᠠᠷᠤᠯᠠᠯ ᠮᠥᠯᠵᠢᠯ ᠦᠭᠡᠢ᠂ ᠲᠡᠢᠨ ᠳᠠᠵᠢᠨ ᠦᠭᠡᠢ᠂ ᠡᠩᠬᠡ ᠰᠠᠢᠬᠠᠨ ᠴᠠᠭ ᠦᠶ᠎ᠡ ᠬᠦᠷᠴᠦ ᠢᠷᠡᠬᠦ ᠶᠦᠮ ᠭᠡᠵᠦ ᠯᠧᠨᠢᠨ ᠦ᠌ ᠤᠬᠠᠭᠤᠯᠭ᠎ᠠ ᠶ᠋ᠢ ᠬᠢᠵᠦ ᠪᠠᠢᠭᠰᠠᠨ》 ᠭᠡᠰᠡᠨ ᠪᠠᠢᠯ᠎ᠠ᠃
      ᠬᠤᠪᠢᠰᠬᠠᠯᠲᠤ ᠨᠠᠮ ᠤ᠋ᠨ ᠬᠥᠳᠡᠯᠭᠡᠭᠡᠨ ᠦ᠌ ᠥᠷᠨᠢᠯᠲᠡ ᠬᠥᠭᠵᠢᠯᠲᠡ ᠨᠢ ᠭᠣᠮᠢᠨᠳᠠᠩ ᠤ᠋ᠨ ᠲᠡᠷᠰᠯᠡᠭᠦᠴᠦᠳ ᠪᠣᠯᠤᠨ ᠲᠤᠬᠠᠢ ᠶ᠋ᠢᠨ ᠦᠶ᠎ᠡ ᠶ᠋ᠢᠨ ᠶᠡᠬᠡ ᠵᠣᠣ ᠴᠢᠭᠤᠯᠭᠠᠨ ᠪᠠ ᠬᠠᠷᠢᠶᠠᠲᠤ ᠬᠤᠰᠢᠭᠤᠨ ᠤ᠋ ᠸᠠᠩ ᠨᠣᠶᠠᠳ ᠤ᠋ᠨ ᠨᠣᠶᠠᠷᠬᠠᠯ  ᠢ᠋ ᠬᠦᠨᠳᠦ ᠰᠦᠷᠳᠡᠭᠦᠯᠵᠡᠢ᠃ ᠳᠤᠮᠳᠠᠳᠤ ᠢᠷᠭᠡᠨ ᠤᠯᠤᠰ ᠤ᠋ᠨ15 ᠳ᠋ᠤᠭᠠᠷ ᠣᠨ(1926 ᠣᠨ ᠳ᠋ᠤ᠌)  ᠤ᠋ ᠨᠠᠮᠤᠷ ᠤ᠋ᠨ ᠳᠤᠮᠳᠠ ᠰᠠᠷ᠎ᠠ ᠶ᠋ᠢᠨ28 ᠤ᠋ ᠡᠳᠦᠷ᠂ ᠦᠦᠰᠢᠨ ᠵᠠᠰᠠᠭ ᠲᠡᠭᠦᠰ ᠠᠮᠤᠭᠤᠯᠠᠩ ᠠ᠋ᠴᠠ ᠴᠢᠭᠤᠯᠭᠠᠨ ᠳᠡᠳ᠋ ᠳᠠᠷᠤᠭ᠎ᠠ ᠠᠯᠲᠠᠨᠸᠴᠢᠷ ᠲᠦ᠍ ᠥᠭᠭᠦᠭᠰᠡᠨ ᠶᠠᠭᠠᠷᠠᠤ ᠮᠡᠳᠡᠭᠦᠯᠦᠯᠲᠡ ᠳ᠋ᠦ᠍᠄《᠁ ᠶᠠᠭᠠᠷᠠᠪᠴᠢᠯᠠᠨ ᠮᠡᠳᠡᠭᠦᠯᠬᠦ ᠢᠨᠣ᠂ ᠰᠠᠶᠢᠬᠠᠨ ᠲᠠ ᠵᠠᠩᠵᠤᠨ ᠵᠠᠰᠠᠭ ᠵᠢᠶᠦ᠋ᠨ ᠸᠠᠩ ᠵᠥᠨᠥᠭ ᠨᠣᠶᠠᠨ ᠤ᠋ ᠭᠠᠵᠠᠷ ᠢᠯᠡᠭᠡᠷ᠎ᠡ ᠢᠷᠡᠭᠰᠡᠨ ᠵᠠᠬᠢᠳᠠᠯ ᠳ᠋ᠤᠷ᠂ ᠮᠥᠨᠥᠬᠡᠨ ᠭᠠᠳᠠᠭᠠᠳᠤ ᠶᠡᠬᠡ ᠰᠦ᠍ ᠯᠢᠶᠠᠨ( ᠵᠥᠪᠯᠡᠯᠲᠦ ᠬᠣᠯᠪᠣᠭᠠᠲᠤ ᠤᠯᠤᠰ) ᠤᠯᠤᠰ ᠤ᠋ᠨ ᠡᠯᠴᠢᠨ ᠰᠠᠢᠳ ᠹᠥᠯᠢᠮ ᠂ ᠭᠠᠳᠠᠭᠠᠳᠤ ᠮᠣᠩᠭᠣᠯ ᠤᠯᠤᠰ ᠤ᠋ᠨ ᠡᠯᠴᠢᠨ ᠰᠠᠢᠳ ᠸᠴᠢᠷᠤᠪ ᠲᠠᠨ ᠪᠠ ᠪᠠᠰᠠ ᠳᠣᠲᠣᠭᠠᠳᠤ ᠮᠣᠩᠭᠣᠯ ᠤ᠋ᠨ ᠨᠠᠮ ᠤ᠋ᠨ ᠲᠥᠪ ᠬᠣᠷᠢᠶᠠᠨ ᠤ᠋ ᠳᠠᠷᠤᠭ᠎ᠠ ᠲᠡᠷᠢᠭᠦᠯᠡᠭᠴᠢᠳ ᠨᠠᠷ ᠮᠠᠨ ᠤ᠋ ᠭᠠᠵᠠᠷ ᠬᠦᠷᠴᠦ ᠢᠷᠡᠭᠡᠳ ᠮᠡᠳᠡᠭᠳᠡᠨ ᠥᠭᠦᠯᠡᠬᠦ ᠨᠢ ( ᠪᠢᠳᠡ ᠨᠠᠷ ᠭᠤᠷᠪᠠᠨ ᠵᠠᠭᠤ ᠭᠠᠷᠤᠢ ᠮᠣᠩᠭᠣᠯ ᠮᠣᠷᠢᠲᠤ ᠴᠡᠷᠢᠭ ᠲᠡᠢ ᠢᠷᠡᠪᠡ᠃ ᠮᠥᠨᠥᠬᠡᠨ ᠮᠠᠨ ᠤ᠋ ᠰᠸᠯᠢᠩ ᠦ᠋ᠨ ᠬᠠᠮᠲᠤ ᠪᠤᠭᠤᠲᠤ ᠳ᠋ᠤ᠌ ᠮᠣᠩᠭᠣᠯ ᠴᠡᠷᠢᠭ ᠡᠯᠰᠡᠨ ᠪᠦᠷᠢᠳᠬᠡᠵᠦ᠂ ᠶᠡᠬᠡ ᠵᠣᠣ ᠴᠢᠭᠤᠯᠭᠠᠨ ᠳ᠋ᠤ᠌ ᠢᠷᠡᠬᠦ ᠪᠡᠷ ᠲᠣᠭᠲᠠᠮᠵᠢᠯᠠᠵᠤ ᠪᠠᠢᠭᠰᠠᠨ ᠶᠣᠰᠣᠭᠠᠷ ᠵᠣᠷᠢᠨ ᠶᠠᠪᠤᠵᠤ᠂ ᠲᠠᠨ ᠤ᠋ ᠪᠠ ᠴᠢᠭᠤᠯᠭᠠᠨ ᠤ᠋ ᠣᠯᠠᠨ ᠬᠤᠰᠢᠭᠤᠨ ᠳ᠋ᠤᠷ ᠣᠴᠢᠵᠤ ᠨᠣᠶᠠᠳ ᠲᠦᠰᠢᠮᠡᠳ ᠯᠦ᠍ᠭᠡ ᠨᠢᠭᠤᠷ ᠤᠴᠠᠷᠠᠯᠳᠤᠵᠤ ᠨᠠᠢᠷᠠᠮᠳᠠᠬᠤ ᠲᠤᠯᠠ ᠴᠢᠭᠤᠯᠭᠠᠨ ᠤ᠋ ᠲᠡᠷᠢᠭᠦᠨ ᠲᠠᠨ ᠤ᠋ ᠭᠠᠵᠠᠷ ᠠ᠋ᠴᠠ ᠬᠠᠷᠢᠶᠠᠲᠤ ᠬᠤᠰᠢᠭᠤᠨ ᠳ᠋ᠠᠭᠠᠨ ᠤᠬᠠᠭᠤᠯᠤᠨ ᠶᠠᠪᠤᠭᠤᠯᠵᠤ᠂ ᠮᠣᠩᠭᠣᠯ ᠤᠭᠰᠠᠭᠠᠲᠠᠨ  ᠢ᠋  ᠲᠡᠳᠬᠦᠨ ᠲᠡᠩᠬᠡᠷᠡᠭᠦᠯᠵᠦ᠂ ᠵᠢᠷᠤᠮᠲᠤ ᠰᠠᠢᠨ ᠰᠠᠨᠠᠭ᠎ᠠ ᠪᠠᠷ ᠶᠠᠪᠤᠵᠤ ᠪᠣᠢ ᠪᠢᠳᠡ ᠨᠠᠷ  ᠢ᠋  ᠡᠳᠦᠭᠡᠬᠢ ᠴᠠᠭ ᠤ᠋ᠨ ᠰᠠᠮᠠᠭᠤᠨ ᠳ᠋ᠤ᠌ ᠲᠠᠰᠢᠶᠠᠷᠠᠨ ᠡᠨᠳᠡᠭᠦᠷᠡᠵᠦ ᠰᠡᠵᠢᠭᠯᠡᠨ ᠰᠡᠷᠭᠡᠢᠯᠡᠬᠦ ᠤᠴᠢᠷ ᠣᠭᠲᠣ ᠦᠭᠡᠢ ᠶᠠᠪᠤᠳᠠᠯ  ᠢ᠋ ᠤᠷᠢᠳᠴᠢᠯᠠᠨ ᠤᠬᠠᠭᠤᠯᠵᠤ ᠮᠡᠳᠡᠭᠳᠡᠪᠡᠯ ᠡᠷᠬᠢᠮ ᠰᠠᠢᠨ᠃ ᠡᠢᠮᠦ ᠶ᠋ᠢᠨ ᠲᠤᠯᠠ ᠡᠯ᠎ᠡ ᠥᠭᠦᠯᠡᠬᠦ ᠪᠠ ᠶᠠᠪᠤᠬᠤ ᠠᠨᠤ ᠨᠡᠢᠯᠡᠯᠴᠡᠬᠦ ᠲᠥᠯᠥᠪᠲᠡᠢ ᠪᠣᠯᠬᠤᠯ᠎ᠠ᠂ ᠬᠦᠷᠬᠦᠯ᠎ᠡ ᠭᠦᠨ ᠰᠠᠷᠠᠭᠤᠯ ᠳ᠋ᠤᠷ ᠲᠣᠯᠢᠳᠠᠵᠤ᠂ ᠬᠠᠷᠠᠭᠠᠯᠵᠠᠨ ᠬᠠᠮᠠᠭᠠᠯᠠᠬᠤ ᠪᠣᠯᠪᠠᠤ) ᠭᠡᠮᠡᠨ ᠬᠦᠷᠴᠦ ᠢᠷᠡᠵᠦᠬᠦᠢ᠃ ᠮᠥᠨ ᠳᠠᠷᠤᠢ ᠭᠠᠳᠠᠭᠠᠳᠤ ᠤᠯᠤᠰ ᠤ᠋ᠨ ᠰᠠᠢᠳ ᠤ᠋ᠳ ᠪᠠ ᠳᠣᠲᠣᠭᠠᠳᠤ ᠮᠣᠩᠭᠣᠯ ᠤ᠋ᠨ ᠨᠠᠮ ᠤ᠋ᠨ ᠲᠥᠪ ᠬᠣᠷᠢᠶᠠᠨ ᠤ᠋ ᠳᠠᠷᠤᠭ᠎ᠠ ᠲᠡᠷᠢᠭᠦᠯᠡᠭᠴᠢᠳ ᠬᠡᠮᠡᠭᠴᠢ ᠨᠠᠷ ᠥᠪᠡᠷ ᠪᠤᠰᠤᠳ ᠣᠯᠠᠨ ᠴᠢᠭᠤᠯᠭᠠᠨ᠂ ᠬᠤᠰᠢᠭᠤᠨ ᠤ᠋ ᠬᠥᠮᠦᠰ ᠲᠦ᠍ ᠭᠤᠷᠪᠠᠨ ᠵᠠᠭᠤ ᠭᠠᠷᠤᠢ ᠬᠥᠮᠦᠰ ᠴᠥᠮ ᠬᠤᠷᠴᠠ ᠵᠡᠪᠰᠡᠭ ᠲᠡᠢ᠂ ᠮᠠᠨ ᠤ᠋ ᠬᠤᠰᠢᠭᠤᠨ ᠤ᠋ ᠭᠠᠨᠵᠤᠤᠷ ᠰᠦᠮ᠎ᠡ ( ᠦᠦᠰᠢᠨ ᠵᠣᠣ) ᠳᠡᠭᠡᠷ᠎ᠡ ᠬᠦᠷᠴᠦ ᠢᠷᠡᠭᠡᠳ᠂ ᠵᠠᠰᠠᠭ᠂ ᠲᠤᠰᠠᠯᠠᠭᠴᠢ ᠲᠦᠰᠢᠮᠡᠳ ᠪᠢᠳᠡᠨ  ᠢ᠋  ᠡᠳᠦᠷ ᠰᠥᠨᠢ ᠦᠭᠡᠢ ᠰᠢᠬᠠᠷᠳᠠᠭᠤᠯᠤᠨ( ᠰᠢᠬᠠᠮᠳᠠᠭᠤᠯᠤᠨ) ᠪᠦᠷᠢᠳᠬᠡᠵᠦ ᠢᠷᠡᠭᠦᠯᠦᠭᠡᠳ ᠲᠤᠩ ᠴᠤ᠌ ᠴᠢᠯᠥᠭᠡ ᠵᠠᠪᠰᠠᠷ ᠣᠯᠭᠣᠬᠤ ᠦᠭᠡᠢ ᠥᠭᠦᠯᠡᠵᠡᠭᠡᠬᠦ ᠨᠢ᠄( ᠡᠳᠦᠭᠡ ᠭᠠᠳᠠᠭᠠᠳᠤ ᠤᠯᠠᠭᠠᠨ ᠣᠷᠣᠰ ᠤᠯᠤᠰ ᠪᠠ ᠳᠣᠲᠣᠭᠠᠳᠤ ᠮᠣᠩᠭᠣᠯ ᠤ᠋ᠨ ᠠᠷᠠᠳ ᠬᠤᠪᠢᠰᠬᠠᠯᠲᠤ ᠨᠠᠮ ᠪᠢᠳᠡ ᠨᠠᠷ ᠬᠠᠷᠢᠯᠴᠠᠨ ᠬᠣᠯᠪᠣᠭ᠎ᠠ ᠨᠠᠢᠷᠠᠮᠳᠠᠯ ᠲᠠᠢ ᠪᠣᠯᠵᠤ᠂ ᠤᠯᠤᠰ ᠤ᠋ᠨ ᠪᠠᠢᠳᠠᠯ ᠶᠡᠬᠡ ᠰᠠᠮᠠᠭᠤᠨ ᠤ᠋ ᠣᠴᠢᠷ᠎ᠠ᠂ ᠠᠷᠠᠳ ᠤ᠋ᠨ ᠡᠷᠬᠡ ᠠᠰᠢᠭ  ᠢ᠋  ᠪᠠᠢᠭᠤᠯᠵᠤ᠂ ᠮᠣᠩᠭᠣᠯ ᠤᠭᠰᠠᠭᠠᠲᠠᠨ ᠢ᠋ᠶ᠋ᠠᠨ ᠮᠠᠨᠳᠤᠭᠤᠯᠵᠤ᠂ ᠨᠤᠲᠤᠭ ᠣᠷᠣᠨ ᠢ᠋ᠶ᠋ᠠᠨ ᠬᠠᠮᠠᠭᠠᠯᠠᠵᠤ ᠡᠷᠬᠡ ᠴᠢᠯᠥᠭᠡ ᠲᠡᠢ ᠪᠣᠯᠭᠠᠬᠤ ᠲᠤᠯᠠ ᠬᠠᠷᠢᠯᠴᠠᠨ ᠲᠠᠮᠠᠭ᠎ᠠ ᠬᠣᠯᠪᠣᠨ ᠳᠠᠷᠤᠭᠰᠠᠨ ᠭᠡᠷ᠎ᠡ ᠪᠢᠴᠢᠭ ᠠᠪᠤᠯᠴᠠᠮᠤᠢ) ᠭᠡᠮᠡᠨ ᠴᠡᠷᠢᠭ ᠦ᠋ᠨ ᠰᠦᠷ ᠬᠦᠴᠦᠨ ᠢ᠋ᠶ᠋ᠡᠷ ᠰᠦᠷᠳᠡᠭᠦᠯᠬᠦ ᠲᠤᠯᠠ ᠵᠠᠰᠠᠭ᠂ ᠲᠤᠰᠠᠯᠠᠭᠴᠢ ᠪᠢᠳᠡ ᠨᠠᠷ ᠲᠤᠢᠯ ᠢ᠋ᠶ᠋ᠠᠷ ᠭᠠᠴᠢᠭᠳᠠᠨ ᠪᠠᠷᠬᠡᠳᠤᠯᠴᠠᠵᠤ᠂ ᠤᠷᠢᠳ ᠢ᠋ᠶ᠋ᠠᠷ ᠰᠠᠯᠤᠯᠴᠠᠬᠤ ᠶ᠋ᠢ ᠰᠠᠨᠠᠵᠤ᠂ ᠵᠠᠰᠠᠭ ᠤ᠋ᠨ ᠲᠠᠮᠠᠭ᠎ᠠ ᠳᠠᠷᠤᠭᠰᠠᠨ ᠭᠡᠷ᠎ᠡ ᠪᠢᠴᠢᠭ ᠠᠪᠤᠯᠴᠠᠵᠤ ᠲᠦᠷ ᠥᠩᠭᠡᠷᠡᠭᠦᠯᠪᠡ᠃ ᠪᠠᠰᠠ ᠮᠠᠨ ᠤ᠋ ᠬᠤᠰᠢᠭᠤᠨ ᠤ᠋ ᠣᠯᠠᠨ ᠲᠠᠢᠵᠢ ᠬᠠᠷᠠᠴᠤᠰ ᠲᠤᠷ ᠵᠠᠭᠤᠭᠠᠳ ᠬᠤᠷᠴᠠ ᠵᠡᠪᠰᠡᠭ ᠥᠭᠴᠦ ᠳᠤᠭᠤᠢᠯᠠᠩ ᠤ᠋ᠨ ᠬᠦᠴᠦᠨ  ᠢ᠋  ᠪᠠᠳᠠᠷᠠᠭᠤᠯᠤᠨ ᠰᠠᠮᠠᠭᠤᠨ  ᠢ᠋  ᠳᠡᠭᠳᠡᠭᠦᠯᠪᠡ᠃ ᠵᠢᠴᠢ ᠲᠡᠳᠡ ᠨᠠᠷ ᠣᠲᠣᠭ ᠬᠤᠰᠢᠭᠤᠨ ᠤ᠋  ᠶᠠᠲᠤ ᠴᠠᠭᠠᠨ ᠨᠠᠭᠤᠷ ᠳᠡᠭᠡᠷ᠎ᠡ᠂ ᠲᠥᠪ ᠬᠣᠷᠢᠶ᠎ᠠ ᠪᠠᠢᠭᠤᠯᠤᠮᠵᠢ ᠭᠡᠮᠡᠨ ᠶᠠᠪᠤᠭᠰᠠᠨ ᠶᠠᠪᠤᠳᠠᠯ ᠤ᠋ᠳ  ᠢ᠋  ᠬᠠᠮᠲᠤ ᠭᠠᠷᠭᠠᠵᠤ᠂ ᠬᠠᠷᠢᠶᠠᠲᠤ ᠴᠢᠭᠤᠯᠭᠠᠨ ᠤ᠋ ᠲᠡᠷᠢᠭᠦᠨ ᠨᠠᠷ ᠤ᠋ᠨ ᠭᠠᠵᠠᠷ ᠨᠢᠭᠡᠨ ᠠᠳᠠᠯᠢ ᠶᠠᠭᠠᠷᠠᠪᠴᠢᠯᠠᠨ ᠮᠡᠳᠡᠭᠦᠯᠪᠡᠢ》 ᠭᠡᠰᠡᠨ ᠪᠠᠢᠨ᠎ᠠ᠃
      ᠬᠠᠩᠭᠢᠨ ᠵᠠᠰᠠᠭ᠂ ᠴᠢᠭᠤᠯᠭᠠᠨ ᠳᠡᠳ᠋ ᠳᠠᠷᠤᠭ᠎ᠠ ᠠᠯᠲᠠᠨᠧᠴᠢᠷ ᠲᠤᠰ ᠮᠡᠳᠡᠭᠦᠯᠦᠯᠲᠡ ᠶ᠋ᠢ ᠣᠯᠤᠭᠰᠠᠨ ᠤ᠋ ᠳᠠᠷᠠᠭ᠎ᠠ᠂ ᠨᠡᠩ ᠴᠦ᠍ ᠠᠶᠤᠨ ᠰᠠᠨᠳᠤᠷᠴᠤ᠂ ᠠᠷᠠᠳ ᠣᠯᠠᠨ ᠠ᠋ᠴᠠ ᠲᠡᠷᠰᠯᠡᠨ᠂ ᠲᠡᠷᠰᠯᠡᠭᠦᠦ ᠨᠣᠶᠠᠷᠬᠠᠯ ᠢ᠋ᠶ᠋ᠠᠨ ᠬᠠᠮᠠᠭᠠᠯᠠᠬᠤ ᠶ᠋ᠢᠨ ᠲᠤᠰᠠᠳᠠ᠂ ᠦᠷᠭᠦᠯᠵᠢᠯᠡᠨ ᠬᠣᠶᠠᠷ ᠢᠵᠠᠭᠤᠷᠲᠠᠨ ᠤ᠋ ᠠᠷᠭ᠎ᠠ ᠪᠠᠨ ᠬᠡᠷᠡᠭᠯᠡᠨ ᠨᠢᠭᠡ ᠲᠠᠯ᠎ᠠ ᠪᠠᠷ ᠬᠠᠩᠭᠢᠨ ᠬᠤᠰᠢᠭᠤᠨ ᠤ᠋ ᠠᠷᠠᠳ ᠤ᠋ᠨ ᠨᠠᠮ ᠤ᠋ᠨ ᠲᠦᠷᠦᠭᠦᠦ᠂ ᠯᠣᠷᠣᠢᠰᠠᠮᠪᠤ ᠲᠠᠢ ᠨᠢᠭᠡᠳᠴᠦ ᠨᠡᠢᠯᠡᠨ ᠨᠠᠢᠷᠠᠮᠳᠠᠬᠤ ᠪᠠᠷ ᠪᠣᠯᠵᠤ᠂ ᠲᠡᠳᠡᠨ ᠢ᠋  ᠳᠡᠮᠵᠢᠬᠦ ᠪᠡᠷ ᠲᠠᠮᠠᠭ᠎ᠠ ᠳᠠᠷᠤᠭᠰᠠᠨ ᠪᠠᠲᠤ ᠢᠲᠡᠭᠡᠮᠵᠢ ᠶ᠋ᠢᠨ ᠪᠢᠴᠢᠭ ᠪᠢᠴᠢᠵᠦ ᠮᠡᠬᠡᠯᠡᠭᠰᠡᠨ ᠪᠠ ᠨᠥᠭᠦᠭᠡ ᠲᠠᠯ᠎ᠠ ᠪᠠᠷ ᠰᠢᠨ᠎ᠡ ᠪᠡᠷ ᠥᠷᠨᠢᠨ ᠮᠠᠨᠳᠤᠭᠰᠠᠨ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠬᠥᠳᠡᠯᠭᠡᠭᠡᠨ ᠢ᠋ ᠰᠡᠷᠭᠡᠢᠯᠡᠨ ᠳᠠᠷᠤᠩᠭᠤᠢᠯᠠᠬᠤ ᠶ᠋ᠢᠨ ᠲᠥᠯᠥᠭᠡ ᠲᠥᠯᠥᠪᠯᠡᠭᠡ ᠠᠵᠢᠯᠯᠠᠭ᠎ᠠ ᠪᠠ ᠲᠦᠷᠭᠡᠳᠬᠡᠭᠰᠡᠨ ᠪᠠᠢᠨ᠎ᠠ᠃ ᠲᠡᠷᠡ1926 ᠣᠨ ᠤ᠋ ᠨᠠᠮᠤᠷ ᠵᠠᠯᠭᠠᠭ᠎ᠠ ᠵᠠᠯᠭᠠᠭ᠎ᠠ ᠪᠠᠷ ᠴᠢᠭᠤᠯᠭᠠᠨ ᠲᠡᠷᠢᠭᠦᠨ ᠱᠠᠭᠳᠠᠷᠵᠠᠪ ᠲᠤ᠌ ᠵᠠᠬᠢᠳᠠᠯ ᠪᠢᠴᠢᠵᠦ ᠠᠷᠭ᠎ᠠ ᠪᠠᠷᠢᠯ ᠢ᠋ᠶ᠋ᠠᠨ ᠡᠷᠭᠦᠭᠰᠡᠨ ᠪᠠᠢᠨ᠎ᠠ᠃
     ᠳᠤᠮᠳᠠᠳᠤ ᠢᠷᠭᠡᠨ ᠤᠯᠤᠰ ᠤ᠋ᠨ15 ᠳ᠋ᠤᠭᠠᠷ ᠣᠨ(1926 ᠣᠨ) ᠤ᠋ ᠨᠠᠢ᠍ᠮᠠᠳᠤᠭᠠᠷ ᠰᠠᠷ᠎ᠠ ᠳ᠋ᠤ᠌ ᠴᠢᠭᠤᠯᠭᠠᠨ ᠳᠡᠳ᠋ ᠳᠠᠷᠤᠭ᠎ᠠ ᠬᠠᠩᠭᠢᠨ ᠵᠠᠰᠠᠭ ᠠᠯᠲᠠᠨᠧᠴᠢᠷ ᠡᠴᠡ ᠴᠢᠭᠤᠯᠭᠠᠨ ᠲᠡᠷᠢᠭᠦᠨ ᠱᠠᠭᠳᠠᠷᠵᠠᠪ ᠲᠤ᠌ ᠥᠭᠭᠦᠭᠰᠡᠨ ᠵᠠᠬᠢᠳᠠᠯ ᠳ᠋ᠠᠭᠠᠨ᠄《 ᠮᠠᠨ ᠤ᠋ ᠴᠢᠭᠤᠯᠭᠠᠨ ᠬᠣᠰᠢᠭᠤ ᠪᠠᠷᠤᠭ ᠬᠠᠭᠤᠴᠢᠨ ᠬᠡᠪ ᠢ᠋ᠶ᠋ᠡᠷ ᠪᠣᠢ ᠪᠣᠯᠪᠠᠴᠤ᠂ ᠵᠠᠷᠢᠮ ᠨᠢᠭᠡ ᠬᠣᠶᠠᠷ ᠬᠣᠰᠢᠭᠤ ᠠᠷᠠᠳ ᠤ᠋ᠨ ᠨᠠᠮ ᠬᠡᠮᠡᠬᠦ ᠳ᠋ᠦ᠍ᠷ ᠨᠡᠢᠯᠡᠯᠳᠦᠭᠡᠳ᠂ ᠡᠳᠦᠭᠡ ᠶᠠᠨ ᠰᠢ ᠱᠠᠨ ᠤ᠋ ᠴᠡᠷᠢᠭ ᠲᠦ᠍ᠷ ᠤᠴᠠᠷᠠᠵᠤ ᠪᠡᠷᠬᠡᠲᠦᠭᠡᠳ᠂ ᠳᠠᠬᠢᠨ ᠬᠠᠭᠤᠴᠢᠨ ᠵᠠᠮ ᠢ᠋ᠶ᠋ᠠᠷ ᠮᠣᠷᠳᠠᠨ ᠪᠦᠬᠦᠢ ᠪᠠ ᠸᠠᠩᠳᠠᠨᠨᠢᠮ᠎ᠠ ᠠᠷᠠᠳ ᠤ᠋ᠨ ᠴᠡᠷᠢᠭ  ᠢ᠋  ᠵᠠᠬᠢᠷᠬᠤ ᠰᠸᠯᠢᠩ ᠪᠣᠯᠪᠠᠢ ᠭᠡᠮᠡᠨ ᠮᠠᠨ ᠤ᠋ ᠳᠠ ᠶ᠋ᠢᠨ ᠭᠠᠵᠠᠷ ᠠ᠋ᠴᠠ ᠵᠠᠷᠯᠠᠨ ᠢᠷᠡᠵᠦ ᠪᠣᠢ᠂ ᠲᠡᠭᠦᠨ ᠦ᠌ ᠪᠡᠶ᠎ᠡ ᠡᠨᠡ ᠬᠡᠳᠦᠨ ᠡᠳᠦᠷ ᠪᠤᠭᠤᠲᠤ ᠠ᠋ᠴᠠ ᠮᠢᠩᠭᠠᠨ ᠵᠡᠪᠰᠡᠭ ᠲᠡᠭᠡᠭᠡᠵᠦ ᠬᠡᠳᠦᠨ ᠵᠠᠭᠤᠨ ᠴᠡᠷᠢᠭ ᠲᠡᠢ ᠮᠠᠨ ᠤ᠋ ᠳᠠ ᠶ᠋ᠢᠨ( ᠵᠠᠰᠠᠭ ᠬᠣᠰᠢᠭᠤ) ᠬᠤᠰᠢᠭᠤᠨ᠎ᠠ ᠢᠷᠡᠵᠦ ᠪᠣᠢ ᠬᠡᠮᠡᠮᠦᠢ᠃ ᠡᠨᠡ ᠢᠨᠣ ᠶᠠᠮᠠᠷ ᠤᠴᠢᠷ ᠪᠣᠯᠬᠤ ᠪᠣᠯᠵᠣᠰᠢ ᠦᠭᠡᠢ ᠮᠡᠲᠦ᠃ ᠵᠢᠴᠢ ᠮᠠᠨ ᠤ᠋ ᠣᠯᠠᠨ ᠵᠠᠰᠠᠭ ᠤ᠋ᠳ ᠨᠡᠷ᠎ᠡ ᠵᠡᠷᠭᠡ ᠨᠡᠢᠯᠡᠵᠦ ᠲᠠᠮᠠᠭ᠎ᠠ ᠬᠣᠯᠪᠣᠨ ᠳᠠᠷᠤᠵᠤ᠂ ᠡᠨᠡ ᠮᠡᠲᠦ ᠠᠷᠠᠳ ᠨᠠᠮ ᠪᠣᠯᠬᠤ ᠵᠠᠷᠯᠠᠯ  ᠢ᠋  ᠳᠠᠭᠠᠵᠤ ᠣᠭᠲᠣ ᠦᠯᠦ ᠴᠢᠳᠠᠬᠤ ᠭᠡᠮᠡᠨ ᠮᠣᠩᠭᠣᠯ ᠲᠥᠪᠡᠳ ᠦ᠋ᠨ ᠶᠠᠮᠤᠨ᠂ ᠲᠥᠷᠥ ᠶ᠋ᠢᠨ ᠵᠥᠪᠯᠡᠯ᠂ ᠬᠠᠭᠤᠷᠠᠢ ᠵᠠᠮ ᠤ᠋ᠨ ᠴᠡᠷᠢᠭ ᠦ᠋ᠨ ᠶᠠᠮᠤᠨ᠂ ᠬᠣᠯᠠᠳᠠᠬᠢᠨ  ᠢ᠋ ᠲᠣᠭᠲᠠᠨᠢᠭᠤᠯᠬᠤ ᠳ᠋ᠦᠲ᠋ᠦᠩ ᠨᠠᠷ ᠲᠤ᠌ ᠲᠤᠰ ᠲᠤᠰ ᠡᠷᠭᠦᠨ ᠮᠡᠳᠡᠭᠦᠯᠦᠭᠰᠡᠨ ᠪᠢᠯᠡ》 ᠭᠡᠵᠡᠢ᠃ ᠴᠢᠭᠤᠯᠭᠠᠨ ᠳᠡᠳ᠋ ᠳᠠᠷᠤᠭ᠎ᠠ ᠠᠯᠲᠠᠨᠧᠴᠢᠷ ᠵᠠᠰᠠᠭ ᠲᠥᠷᠥ ᠶ᠋ᠢᠨ ᠪᠡᠢᠯᠡ᠂ ᠴᠢᠭᠤᠯᠭᠠᠨ ᠲᠡᠷᠢᠭᠦᠨ ᠳ᠋ᠡᠭᠡᠨ ᠢᠷᠭᠡᠨ ᠤᠯᠤᠰ ᠤ᠋ᠨ15 ᠳ᠋ᠤᠭᠠᠷ ᠣᠨ(1926 ᠣᠨ) ᠤ᠋ ᠶᠢᠰᠦᠳᠦᠭᠡᠷ ᠰᠠᠷ᠎ᠠ ᠶ᠋ᠢᠨ ᠰᠢᠨ᠎ᠡ ᠶ᠋ᠢᠨ ᠳᠣᠯᠣᠭᠠᠨ ᠤ᠋ ᠵᠠᠬᠢᠳᠠᠯ ᠳ᠋ᠠᠭᠠᠨ ᠪᠠᠰᠠ《 ᠰᠠᠢᠬᠠᠨ ᠲᠡᠮᠡᠭᠡᠲᠦ ᠶ᠋ᠢᠨ ᠵᠢᠩ ᠡᠴᠡ ᠢᠷᠡᠭᠦᠯᠦᠭᠰᠡᠨ ᠪᠢᠴᠢᠭ ᠦ᠋ᠨ ᠳᠣᠲᠣᠷ᠎ᠠ᠂ ᠦᠦᠰᠢᠨ ᠵᠠᠰᠠᠭ ᠤ᠋ᠨ ᠭᠠᠵᠠᠷ᠎ᠠ ᠰᠢᠨᠡᠯᠡᠮ᠎ᠡ ᠨᠠᠷ ᠰᠠᠮᠠᠭᠤᠷᠠᠯ ᠳᠡᠭᠳᠡᠭᠡᠵᠦ᠂ ᠣᠯᠠᠨ ᠢᠷᠭᠡᠨ ᠢ᠋  ᠵᠣᠪᠠᠭᠠᠵᠤ ᠪᠠᠢᠮᠤᠢ ᠬᠡᠮᠡᠮᠦ᠂ ᠡᠭᠦᠨ ᠢ᠋  ᠮᠠᠨ ᠤ᠋ ᠭᠠᠵᠠᠷ ᠠ᠋ᠴᠠ ᠴᠡᠷᠢᠭ ᠭᠠᠷᠭᠠᠵᠤ ᠠᠷᠢᠯᠭᠠᠬᠤ ᠲᠤᠯᠠ ᠡᠷᠬᠢᠮ ᠳᠡᠳ᠋ ᠴᠢᠭᠤᠯᠭᠠᠨ ᠳᠠᠷᠤᠭ᠎ᠠ ᠲᠠ ᠬᠠᠷᠢᠶᠠᠲᠤ ᠴᠡᠷᠢᠭ ᠦ᠋ᠨ ᠬᠣᠷᠢᠶᠠᠨ ᠳ᠋ᠠᠭᠠᠨ ᠲᠤᠰᠢᠶᠠᠵᠤ ᠲᠦᠰᠢᠮᠡᠯ ᠴᠡᠷᠢᠭ ᠭᠠᠷᠭᠠᠵᠤ ᠬᠦᠴᠦᠨ ᠬᠠᠪᠰᠤᠷᠭᠠᠵᠤ ᠮᠠᠭᠤ ᠶ᠋ᠢ ᠠᠷᠢᠯᠭᠠᠰᠤᠭᠠᠢ ᠭᠡᠮᠡᠨ ᠢᠷᠡᠵᠦᠬᠦᠢ᠃ ᠪᠠᠰᠠ ᠣᠢᠷ᠎ᠠ ᠶ᠋ᠢᠨ ᠬᠡᠳᠦᠨ ᠡᠳᠦᠷ ᠡᠴᠡ ᠣᠲᠣᠭ ᠤ᠋ᠨ ᠴᠠᠭᠠᠨ ᠨᠠᠭᠤᠷ ᠠ᠋ᠴᠠ ᠨᠠᠮ ᠤ᠋ᠨ ᠬᠥᠮᠦᠰ ᠬᠡᠮᠡᠬᠦ ᠬᠤᠷᠴᠠ ᠵᠡᠪᠰᠡᠭ ᠲᠡᠢ ᠠᠷᠪᠠ ᠬᠣᠷᠢᠨ ᠬᠥᠮᠦᠨ ᠮᠠᠨ ᠤ᠋( ᠬᠠᠩᠭᠢᠨ) ᠬᠤᠰᠢᠭᠤᠨ ᠤ᠋ ᠳᠠᠪᠤᠰᠤᠨ ᠵᠠᠬ᠎ᠠ ᠪᠠᠷ ᠵᠡᠭᠦᠨ ᠬᠣᠢᠰᠢ ᠥᠩᠭᠡᠷᠡᠨ ᠶᠠᠪᠤᠵᠤ᠂ ᠵᠠᠮ ᠵᠠᠭᠤᠷ᠎ᠠ ᠮᠣᠷᠢ ᠪᠡᠷᠢᠯᠡᠨ ᠠᠪᠴᠤ ᠶᠠᠪᠤᠨ ᠠᠮᠤᠢ ᠭᠡᠮᠡᠨ ᠮᠡᠳᠡᠭᠡ ᠮᠡᠳᠡᠭᠦᠯᠦᠨ ᠢᠷᠡᠵᠦ ᠪᠣᠢ᠂ ᠡᠭᠦᠨ ᠳ᠋ᠦ᠍ᠷ ᠬᠢᠨᠠᠪᠠᠰᠤ ᠡᠢᠨ ᠬᠦ᠌ ᠰᠠᠮᠠᠭᠤᠷᠠᠯ ᠤ᠋ᠨ ᠬᠥᠮᠦᠰ ᠳᠤᠷ᠎ᠠ ᠪᠠᠷ ᠳᠡᠪᠬᠡᠷᠦᠨ ᠶᠠᠪᠤᠭᠰᠠᠭᠠᠷ ᠤᠯᠠᠮ ᠠᠷᠪᠢᠳᠴᠤ᠂ ᠤᠬᠠᠪᠤᠷᠢ ᠦᠭᠡᠢ ᠠᠷᠠᠳ ᠢ᠋  ᠦᠷᠪᠢᠰᠬᠡᠨ ᠳᠡᠭᠳᠡᠭᠡᠵᠦ᠂ ᠶᠠᠮᠠᠷ ᠲᠤᠷ ᠬᠦᠷᠦᠭᠦᠯᠬᠦ ᠪᠣᠯᠣᠰᠢ ᠦᠭᠡᠢ ᠲᠤᠯᠠ ᠪᠢᠳᠡᠨ ᠦ᠌ ᠬᠣᠶᠠᠷ ᠬᠣᠰᠢᠭᠤ ᠴᠡᠷᠢᠭ ᠢ᠋ᠶ᠋ᠡᠨ ᠪᠡᠯᠡᠳᠬᠡᠵᠦ ᠬᠦᠴᠦᠨ ᠨᠡᠢᠯᠡᠵᠦ ᠨᠤᠲᠤᠭ ᠣᠷᠣᠨ ᠠᠷᠠᠳ ᠲᠦᠮᠡᠨ ᠢ᠋ᠶ᠋ᠡᠨ ᠬᠠᠮᠠᠭᠠᠯᠠᠨ᠂ ᠵᠠᠩ ᠵᠢᠷᠤᠮ ᠢ᠋ᠶ᠋ᠠᠨ ᠰᠠᠬᠢᠨ ᠶᠠᠪᠤᠭᠤᠯᠪᠠᠰᠤ ᠵᠣᠬᠢᠮᠤᠢ》 ᠭᠡᠵᠡᠢ᠃ ᠰᠢᠷ᠎ᠠ ᠵᠣᠣ ᠶ᠋ᠢᠨ ᠭᠡᠭᠡᠨ ᠯᠠᠮᠠ ᠲᠣᠪᠳᠤᠨᠫᠸᠯᠵᠠᠢ ᠶ᠋ᠢᠨ ᠬᠡᠯᠡᠬᠦ ᠪᠡᠷ᠄《 ᠤᠯᠠᠭᠠᠨ ᠨᠠᠮ ᠡᠬᠢᠯᠡᠵᠦ ᠪᠠᠢᠭᠤᠯᠤᠭᠳᠠᠨ ᠪᠠᠢᠭ᠎ᠠ ᠦᠶ᠎ᠡ ᠳ᠋ᠦ᠍ ᠪᠦᠬᠦ ᠬᠠᠩᠭᠢᠨ ᠬᠣᠰᠢᠭᠤ ᠪᠠᠷ ᠢ᠋ᠶ᠋ᠠᠨ ᠪᠦᠷ ᠳᠠᠭᠠᠵᠤ ᠥᠭᠬᠦ ᠪᠡᠷ ᠪᠣᠯᠤᠭᠰᠠᠨ ᠶᠤᠮ᠃ ᠭᠡᠪᠡᠴᠦ ᠲᠡᠳᠡᠭᠡᠷ ᠡᠷᠬᠡ ᠰᠦᠷ ᠪᠤᠯᠢᠶᠠᠯᠳᠤᠨ ᠨᠡᠷ᠎ᠡ ᠲᠡᠮᠡᠴᠡᠭᠴᠢᠳ ᠱᠣᠣᠵᠠᠩ( ᠬᠠᠷᠠᠭᠤᠯ ᠤ᠋ᠨ ᠳᠠᠷᠤᠭ᠎ᠠ) ᠰᠠᠸᠠᠩᠳᠣᠷᠵᠢ᠂ ᠱ᠌ᠢᠵᠠᠩ ᠪᠠᠶᠠᠷᠮᠠᠩᠨᠠᠢ᠂ ᠹᠦᠭᠤᠸᠠᠨ ᠦᠭᠡᠢ ᠠᠮᠤᠭᠤᠯᠠᠩ᠂ ᠰᠠᠩᠵᠠᠢ ᠵᠡᠷᠭᠡ ᠬᠥᠮᠦᠰ ᠦᠷᠭᠦᠯᠵᠢ ᠳᠡᠭᠡᠭᠰᠢ ᠳᠣᠷᠣᠭᠰᠢ ᠰᠦᠯᠪᠡᠭᠡᠯᠳᠡᠨ ᠬᠡᠷᠡᠭ ᠰᠡᠳᠦᠵᠦ ᠡᠴᠦᠰ ᠲᠦ᠍ ᠤᠷᠪᠠᠵᠠᠢ》 ᠭᠡᠪᠡ᠃
       1926 ᠣᠨ ᠤ᠋ ᠡᠪᠦᠯ᠂ ᠭᠠᠯ ᠲᠠᠬᠢᠬᠤ ᠶ᠋ᠢᠨ ᠦᠶ᠎ᠡ ᠪᠡᠷ᠂  ᠯᠣᠷᠣᠢᠰᠠᠮᠪᠤ ᠵᠡᠷᠭᠡ ᠭᠣᠣᠯ ᠪᠣᠯᠬᠤ ᠬᠥᠮᠦᠰ ᠰᠢᠷ᠎ᠠ ᠵᠣᠣ ᠶ᠋ᠢᠨ ᠰᠦᠮ᠎ᠡ ᠶ᠋ᠢᠨ ᠠᠷᠤ ᠳ᠋ᠠᠬᠢ ᠴᠢᠯᠠᠭᠤᠨ ᠣᠪᠣᠭ᠎ᠠ ᠭᠡᠬᠦ ᠭᠠᠵᠠᠷ ᠳᠠᠮᠪᠢᠨᠢᠩᠷᠤᠩ ᠤ᠋ᠨ ᠥᠯᠵᠡᠢᠪᠠᠲᠤ ᠶ᠋ᠢᠨ ᠭᠡᠷ ᠲᠦ᠍ ᠰᠠᠭᠤᠵᠤ ᠪᠠᠢᠲᠠᠯ᠎ᠠ᠂ ᠬᠤᠰᠢᠭᠤᠨ ᠤ᠋ ᠵᠠᠷᠯᠢᠭ ᠭᠡᠵᠦ᠂ ᠦᠬᠡᠷ ᠠᠮᠤᠭᠤᠯᠠᠩ  ᠲᠦᠷᠦᠭᠦᠲᠡᠢ ᠠᠷᠪᠠᠨ ᠬᠡᠳᠦᠨ ᠴᠡᠷᠢᠭ ᠣᠴᠢᠵᠤ ᠫᠤᠤ ᠰᠤᠮᠤ ᠶ᠋ᠢ ᠨᠢ ᠬᠣᠷᠢᠶᠠᠨ ᠲᠡᠳᠡᠨ ᠢ᠋ ᠠᠯᠠᠨ᠎ᠠ ᠭᠡᠵᠦ ᠠᠶᠤᠯᠭᠠᠨ ᠰᠦᠷᠳᠡᠭᠦᠯᠵᠦ᠂ ᠡᠴᠦᠰ ᠲᠦ᠍ ᠯᠣᠷᠣᠢᠰᠠᠮᠪᠤ᠂ ᠴᠣᠢᠮᠰᠠᠨ᠂ ᠳᠠᠮᠪᠢᠨᠢᠩᠷᠤᠩ᠂ ᠳᠠᠮᠷᠢᠨ ᠳᠥᠷᠪᠡ ᠶ᠋ᠢ ᠪᠠᠷᠢᠪᠴᠢᠯᠠᠵᠤ ᠬᠣᠰᠢᠭᠤ ᠶᠠᠮᠤᠨ ᠳ᠋ᠤ᠌ ᠬᠦᠷᠭᠡᠭᠰᠡᠨ ᠪᠠ ᠪᠤᠰᠤᠳ ᠬᠥᠮᠦᠰ ᠢ᠋ᠶ᠋ᠡᠷ ᠲᠤᠰ ᠲᠤᠰ ᠬᠣᠶᠠᠷ ᠰᠠᠭᠤᠯᠠᠭ᠎ᠠ ᠮᠣᠷᠢᠨ ᠪᠣᠷᠳᠣᠭ᠎ᠠ ᠶᠠᠯᠠᠯᠠᠨ ᠠᠪᠴᠤ ᠰᠢᠢᠳᠬᠡᠭᠰᠡᠨ ᠪᠠᠢᠨ᠎ᠠ᠃ ᠯᠣᠷᠣᠢᠰᠠᠮᠪᠤ ᠪᠠᠷᠢᠪᠴᠢᠯᠠᠭᠳᠠᠬᠤ ᠲᠡᠷᠡ ᠴᠠᠭ ᠤ᠋ᠨ ᠪᠠᠢᠳᠠᠯ ᠢ᠋ᠶ᠋ᠠᠨ ᠲᠡᠮᠳᠡᠭᠯᠡᠬᠦ ᠳ᠋ᠡᠭᠡᠨ᠄
     ᠲᠡᠷᠢᠭᠦᠯᠡᠭᠰᠡᠨ ᠠᠮᠤᠭᠤᠯᠠᠩ ᠲᠢᠭ ᠳᠤᠮᠳᠠ ᠶ᠋ᠢᠨ ᠬᠢᠷᠢ ᠶᠠ
     ᠲᠡᠭᠦᠨᠴᠢᠯᠡᠨ ᠳᠠᠷᠠᠭᠠᠯᠠᠭᠰᠠᠨ  ᠵᠠᠭᠤᠨᠠᠰᠤᠠ ᠭᠣᠣᠯ ᠰᠢᠭ᠋ ᠶᠠ
     ᠲᠡᠮᠡᠭᠡᠨ ᠳ᠋ᠦ᠍ᠷ ᠳᠤᠷᠠᠯᠠᠭᠰᠠᠨ ᠴᠣᠯᠮᠣᠨ ᠱ᠌ᠢᠵᠠᠩ ᠭᠡᠷᠭᠡᠨ ᠶᠠ
     ᠲᠡᠮᠲᠡᠴᠢᠵᠦ ᠪᠠᠷᠠᠳᠠᠭᠰᠠᠨ ᠪᠦᠷᠢᠨᠪᠠᠨᠽᠠᠷ ᠱᠠᠯᠢᠭ ᠶᠠ᠃
     ᠪᠠᠭ᠎ᠠ ᠴᠡᠷᠢᠭ ᠪᠠᠳᠠᠷᠠᠩᠭᠤᠢ ᠶ᠋ᠢᠨ ᠪᠠᠭᠠᠲᠤᠷ ᠶᠠᠩᠵᠤ ᠶᠠ
     ᠪᠠᠷᠢᠨ ᠠᠪᠤᠭᠰᠠᠨ ᠬᠠᠷ᠎ᠠ ᠮᠣᠷᠢᠨ ᠳ᠋ᠤ᠌ ᠳᠤᠷᠠᠯᠠᠭᠰᠠᠨ ᠨᠢ ᠢᠯᠡ ᠶᠠ
     ᠪᠠᠰᠠ ᠳᠡᠯᠢᠮ ᠳ᠋ᠦ᠍ ᠣᠷᠣᠯᠴᠠᠭᠰᠠᠨ ᠪᠠᠲᠤᠳᠣᠷᠵᠢ  ᠭᠣᠩᠲᠤᠤ(  ᠬᠦᠨᠳᠡᠭᠦᠨ)ᠶᠠ
     ᠪᠠᠯᠠᠷ ᠳᠤᠮᠳᠠ ᠳᠠᠭᠠᠯᠳᠤᠭᠰᠠᠨ ᠬᠣᠶᠠᠷ ᠴᠡᠷᠢᠭ ᠬᠥᠭᠡᠷᠦᠬᠦᠢ ᠶᠠ᠃
     ᠬᠠᠮᠲᠤᠷᠠᠵᠤ ᠣᠷᠣᠯᠴᠠᠭᠰᠠᠨ  ᠰᠡᠳᠢ ᠶ᠋ᠢᠨ ᠰᠡᠳᠬᠢᠯ ᠳᠣᠣᠷ᠎ᠠ ᠶᠠ᠂
     ᠬᠠᠮᠤᠷᠴᠤ ᠬᠤᠷᠢᠶᠠᠭᠰᠠᠨ ᠲᠠᠪᠤᠨ ᠲᠡᠮᠡᠭᠡ ᠲᠠᠷᠭᠤᠨ ᠶᠠ
     ᠬᠠᠮᠠᠷ ᠦᠭᠡᠢ ᠲᠠᠪᠢᠽᠢ ᠦᠨᠦᠷ( ᠥᠨᠢᠷ) ᠬᠠᠩᠭᠢ ᠴᠢᠩᠭ᠎ᠠ ᠶᠠ
     ᠬᠠᠪᠢᠷᠭ᠎ᠠ ᠳ᠋ᠤᠨᠢ ᠠᠯᠲᠠᠨᠭᠡᠷᠡᠯ ᠳᠤᠮᠳᠠᠭᠤᠷ ᠠᠯᠲᠠ ᠶ᠋ᠢᠨ ᠬᠢᠷᠢ ᠶᠠ ᠭᠡᠵᠦ ᠲᠡᠳᠡᠭᠡᠷ ᠪᠠᠷᠢᠪᠴᠢᠯᠠᠬᠤ ᠪᠠᠷ ᠢᠷᠡᠭᠰᠡᠨ ᠬᠥᠮᠦᠰ ᠦ᠋ᠨ ᠵᠢᠰᠦ ᠴᠢᠷᠠᠢ᠂ ᠪᠡᠶ᠎ᠡ ᠪᠢᠯᠳᠠᠷ ᠠ᠋ᠴᠠ ᠡᠬᠢᠯᠡᠨ ᠪᠣᠳᠣᠯ ᠰᠡᠳᠬᠢᠯ ᠢ᠋ ᠨᠢ ᠬᠦᠷᠲᠡᠯ᠎ᠡ ᠭᠦᠨᠵᠡᠭᠡᠢ ᠰᠢᠨᠵᠢᠨ ᠵᠠᠳᠠᠯᠵᠤ᠂ ᠲᠣᠯᠣᠭᠠᠢ ᠲᠠᠭᠠᠷᠠᠭᠤᠯᠤᠨ ᠰᠡᠭᠦᠯ ᠬᠣᠯᠪᠣᠵᠤ᠂ ᠳᠦᠷᠰᠦᠯᠡᠨ ᠲᠡᠮᠳᠡᠭᠯᠡᠵᠦ ᠰᠢᠭᠦᠮᠵᠢᠯᠡᠨ ᠲᠣᠭᠠᠴᠢᠭᠰᠠᠨ ᠪᠠᠢᠨ᠎ᠠ᠃
       ᠬᠠᠩᠭᠢᠨ ᠶᠠᠮᠤᠨ ᠠ᠋ᠴᠠ᠄《 ᠡᠩᠬᠡ ᠰᠠᠢᠬᠠᠨ ᠬᠤᠰᠢᠭᠤᠨ ᠤ᠋ ᠠᠮᠤᠷ ᠲᠦᠪᠰᠢᠨ ᠪᠠᠢᠭᠰᠠᠨ ᠢᠷᠭᠡᠨ ᠲᠦᠮᠡᠨ ᠢ᠋ ᠬᠥᠭᠰᠡᠭᠡᠨ ᠬᠥᠳᠡᠯᠭᠡᠵᠦ᠂ᠡᠵᠡᠨ ᠪᠣᠭᠣᠯ ᠤ᠋ᠨ ᠦᠨᠡᠨ ᠵᠢᠷᠤᠮ ᠢ᠋ ᠰᠠᠮᠠᠭᠤᠷᠠᠭᠤᠯᠤᠨ᠂ ᠠᠷᠠᠳ ᠤ᠋ᠨ ᠨᠠᠮᠲᠠᠨ ᠭᠡᠬᠦ ᠶᠣᠰᠣ ᠪᠤᠰᠤ ᠶ᠋ᠢᠨ ᠣᠪᠲᠠᠨ ᠵᠠᠯᠢᠳᠠᠨ ᠨᠡᠢᠯᠡᠯᠳᠦᠨ᠂ ᠬᠠᠩᠭᠢᠨ ᠵᠠᠰᠠᠭ ᠲᠠᠢ ᠡᠰᠡᠷᠭᠦᠴᠡᠯᠳᠦᠭᠰᠡᠨ ᠶᠠᠯᠠᠲᠠᠨ ᠢ᠋ ᠠᠷᠠᠳ ᠲᠦᠮᠡᠨ ᠳ᠋ᠦ᠍ ᠴᠡᠭᠡᠷᠯᠡᠯ ᠪᠣᠯᠭᠠᠨ᠎ᠠ》
ᠭᠡᠵᠦ ᠲᠡᠳᠡᠨ ᠢ᠋ ᠭᠠᠪᠠ ᠳᠥᠩᠭᠡ ᠲᠡᠢ ᠨᠥᠬᠥᠷᠯᠡᠭᠦᠯᠵᠦ ᠴᠢᠩᠳᠠ ᠬᠠᠷᠠᠵᠤ᠂ ᠬᠠᠷ᠎ᠠ ᠭᠡᠷ ᠲᠦ᠍ ᠬᠣᠷᠢᠵᠤ᠂ ᠤᠳᠠᠭ᠎ᠠ ᠪᠦᠷᠢ ᠬᠠᠷ᠎ᠠ ᠲᠠᠰᠢᠭᠤᠷ ᠤ᠋ᠨ ᠠᠮᠲᠠ ᠪᠠᠷ ᠴᠡᠭᠡᠷᠯᠡᠯ ᠪᠣᠯᠭᠠᠨ ᠵᠠᠯᠬᠠᠭᠠᠨ ᠰᠢᠢᠳᠬᠡᠵᠦ ᠲᠠᠮᠤᠯᠠᠭᠰᠠᠨ ᠴᠣ ᠡᠵᠡᠷᠬᠡᠭ ᠲᠦᠷᠢᠮᠡᠬᠡᠢ ᠶᠣᠰᠣ᠂ ᠬᠠᠷᠭᠢᠰ ᠹᠧᠣᠳᠠᠯ ᠤ᠋ᠨ ᠳᠠᠷᠤᠯᠠᠯ ᠮᠥᠯᠵᠢᠯ᠂ ᠬᠠᠩᠭᠢᠨ ᠶᠠᠮᠤᠨ ᠤ᠋ ᠳᠠᠷᠤᠩᠭᠤᠢᠯᠠᠯ ᠢ᠋ ᠡᠰᠡᠷᠭᠦᠴᠡᠬᠦ ᠲᠡᠮᠡᠴᠡᠯ ᠦ᠋ᠨ ᠵᠣᠷᠢᠭ ᠢ᠋ ᠨᠢ ᠮᠣᠬᠣᠭᠠᠵᠤ ᠴᠢᠳᠠᠭᠰᠠᠨ ᠦᠭᠡᠢ᠃ ᠲᠡᠳᠡ ᠬᠣᠷᠣᠰᠤᠭᠰᠠᠨ ᠰᠡᠳᠬᠢᠯᠭᠡ ᠪᠡᠨ ᠰᠡᠷᠭᠦᠭᠡᠬᠦ ᠶ᠋ᠢᠨ ᠲᠥᠯᠥᠭᠡ ᠰᠢᠯᠦᠭ ᠪᠢᠴᠢᠵᠦ᠂ ᠡᠳᠦᠷ ᠰᠥᠨᠢ ᠶ᠋ᠢ ᠥᠩᠭᠡᠷᠡᠭᠦᠯᠳᠡᠭ ᠪᠠᠢᠵᠠᠢ᠃ ᠯᠣᠷᠣᠢᠰᠠᠮᠪᠤ ᠭᠢᠨᠳᠠᠨ ᠤ᠋ ᠬᠠᠨ᠎ᠠ ᠳᠡᠭᠡᠷ᠎ᠡ᠄ 
       《 ᠪᠠᠶᠠᠷ ᠴᠡᠩᠭᠡᠯ ᠦᠷᠭᠦᠯᠵᠢᠳᠡ ᠥᠷᠨᠢᠨ ᠪᠠᠳᠠᠷᠠ
        ᠪᠠᠰᠠ ᠮᠠᠨ ᠤ᠋ ᠨᠠᠮ ᠤ᠋ᠨ ᠶᠣᠰᠣ ᠤᠯᠠᠮ ᠪᠠᠳᠠᠷᠠ
        ᠪᠠᠷᠢᠭᠳᠠᠭᠰᠠᠨ ᠪᠢᠳᠡ ᠨᠠᠷ ᠤ᠋ᠨ ᠨᠡᠷ᠎ᠡ ᠪᠠᠳᠠᠷᠠ
         ᠪᠠᠶᠠᠨ ᠨᠣᠶᠠᠳ ᠤ᠋ᠨ ᠬᠦᠰᠡᠭᠰᠡᠨ ᠨᠢ ᠬᠠᠨᠤᠭᠲᠤᠨ》 ᠭᠡᠵᠦ ᠰᠢᠯᠦᠭᠯᠡᠨ ᠪᠢᠴᠢᠭᠰᠡᠨ ᠪᠠᠢᠳᠠᠭ᠃ ᠡᠨᠡ ᠨᠢ ᠳᠠᠷᠤᠢ《 ᠭᠢᠨᠳᠠᠨ ᠤ᠋ ᠬᠠᠨ᠎ᠠ ᠶ᠋ᠢᠨ ᠰᠢᠯᠦᠭ》 ᠪᠣᠯᠤᠨ᠎ᠠ᠃  ᠯᠣᠷᠣᠢᠰᠠᠮᠪᠤ ᠭᠢᠨᠳᠠᠨ ᠳ᠋ᠤ᠌ ᠰᠠᠭᠤᠵᠤ᠂ ᠠᠰᠠᠭᠤᠨ ᠰᠢᠭᠦᠭᠳᠡᠬᠦ ᠬᠤᠭᠤᠴᠠᠭᠠᠨ ᠳ᠋ᠠᠭᠠᠨ ᠨᠢᠭᠡᠨ ᠪᠢᠴᠢᠭᠡᠴᠢ ᠶ᠋ᠢᠨ ᠡᠬᠡᠨᠡᠷ᠂ ᠶᠠᠮᠤᠨ ᠤ᠋ ᠣᠯᠠᠨ ᠨᠣᠶᠠᠳ ᠪᠢᠴᠢᠭᠡᠴᠢ ᠨᠠᠷ ᠤ᠋ᠨ ᠤ᠋ ᠲᠤᠬᠠᠢ ᠶᠣᠵᠣᠯᠠᠨ ᠳᠦᠷᠰᠦᠯᠡᠵᠦ ᠵᠣᠬᠢᠶᠠᠭᠰᠠᠨ ᠰᠢᠯᠦᠭ ᠪᠢᠴᠢᠵᠡᠢ᠃ᠳᠤᠮᠳᠠ᠂ ᠨᠠᠭᠠᠨ᠎ᠠ ᠴᠠᠭᠠᠨ᠎ᠠ ᠨᠢ ᠭᠦᠶᠦᠵᠦ ᠵᠢᠰᠤᠷᠳᠠᠨ ᠬᠣᠪ ᠵᠥᠭᠡᠭᠡᠵᠦ ᠪᠠᠢᠭᠰᠠᠨ ᠢ᠋ ᠨᠢᠳᠦ ᠪᠡᠷ ᠦᠵᠡᠨ ᠲᠡᠭᠦᠨ ᠦ᠌ ᠲᠤᠬᠠᠢ ᠶᠣᠵᠣᠯᠠᠨ ᠳᠦᠷᠰᠦᠯᠡᠵᠦ ᠵᠣᠬᠢᠶᠠᠭᠰᠠᠨ ᠰᠢᠯᠦᠭ ᠪᠢᠴᠢᠵᠡᠢ᠃ ᠠᠷᠠᠳ ᠤ᠋ᠨ ᠳᠤᠮᠳᠠ ᠤᠯᠠᠮᠵᠢᠯᠠᠭᠳᠠᠭᠰᠠᠨ《 ᠶᠠᠮᠤᠨ ᠰᠢᠶᠠᠨᠱᠧᠩ ᠦ᠋ᠨ ᠵᠢᠷᠦᠬᠡ》 ᠭᠡᠰᠡᠨ ᠰᠢᠯᠦᠭ ᠡᠴᠡ ᠡᠰᠢ ᠲᠠᠲᠠᠪᠠᠯ᠄
      《 ᠶᠠᠭᠠᠨ ᠬᠤᠨᠳᠠᠨ ᠠᠯᠴᠢᠭᠤᠷ ᠲᠠᠢ
      ᠶᠠᠩᠬᠠᠨ ᠡᠮ᠎ᠡ ᠶ᠋ᠢᠨ ᠰᠢᠨᠵᠢ ᠲᠡᠢ
      ᠶᠠᠩᠵᠤ ᠰᠢᠨᠵᠢ ᠲᠡᠭᠰᠢᠬᠡᠨ
      ᠶᠠᠮᠤᠨ ᠰᠢᠶᠠᠨᠱᠧᠩ ᠦ᠋ᠨ ᠵᠢᠷᠦᠬᠡ ᠪᠠᠢᠨ᠎ᠠ
      ᠰᠡᠭᠦᠲᠡᠬᠡᠷ ᠨᠠᠷᠢᠬᠠᠨ ᠪᠡᠶ᠎ᠡ ᠲᠡᠢ
      ᠰᠦᠨᠳᠡᠭᠡᠷ ᠬᠣᠶᠠᠷ ᠬᠠᠴᠠᠷ ᠲᠠᠢ
      ᠰᠥᠰᠥ ᠵᠢᠷᠦᠬᠡ ᠶ᠋ᠢ ᠠᠪᠤᠭᠴᠢ
      ᠰᠦᠭ ᠰᠢᠮ᠎ᠡ ᠶ᠋ᠢᠨ ᠲᠤᠯᠤᠮ ᠪᠠᠢᠨ᠎ᠠ
      ᠃᠃ ᠃᠃》 ᠭᠡᠵᠦ ᠲᠡᠷᠡ ᠡᠬᠡᠨᠡᠷ ᠦ᠋ᠨ ᠵᠢᠰᠦ ᠴᠢᠷᠠᠢ ᠪᠠ ᠪᠡᠶ᠎ᠡ ᠪᠠᠢᠳᠠᠯ ᠢ᠋ ᠳᠦᠷᠰᠦᠯᠡᠨ ᠥᠭᠦᠯᠡᠭᠰᠡᠨ ᠪᠠ ᠶᠠᠮᠤᠨ ᠤ᠋ ᠨᠣᠶᠠᠳ ᠪᠢᠴᠢᠭᠡᠴᠢ ᠯᠦ᠍ᠭᠡ ᠶ᠋ᠢᠨ ᠡᠪ ᠨᠠᠢᠷᠲᠠᠢ  ᠡᠶᠡᠯᠳᠦᠨ ᠣᠷᠣᠰᠢᠭᠰᠠᠨ ᠦᠨᠡᠨ ᠬᠦ᠌ ᠪᠠᠢᠳᠠᠯ ᠢ᠋《 ᠰᠥᠰᠥ ᠵᠢᠷᠦᠬᠡ ᠶ᠋ᠢ ᠠᠪᠤᠭᠴᠢ᠂ ᠰᠦᠭ ᠰᠢᠮ᠎ᠡ ᠶ᠋ᠢᠨ ᠲᠤᠯᠤᠮ ᠪᠠᠢᠨ᠎ᠠ》ᠭᠡᠵᠦ ᠰᠢᠭᠦᠮᠵᠢᠯᠡᠨ ᠵᠦᠬᠡᠵᠡᠢ᠃
     1927 ᠣᠨ ᠤ᠋ ᠵᠢᠷᠭᠤᠳᠤᠭᠠᠷ ᠰᠠᠷ᠎ᠠ ᠳ᠋ᠤ᠌  ᠯᠣᠷᠣᠢᠰᠠᠮᠪᠤ ᠬᠠᠩᠭᠢᠨ ᠬᠤᠰᠢᠭᠤᠨ ᠤ᠋ ᠶᠠᠮᠤᠨ ᠳ᠋ᠤ᠌ ᠬᠠᠭᠠᠰ ᠵᠢᠯ ᠢᠯᠡᠭᠦᠦ ᠬᠣᠷᠢᠭᠳᠠᠵᠤ ᠬᠦᠨᠳᠦ ᠶᠠᠯᠠᠯᠠᠭᠳᠠᠨ ᠮᠠᠯ ᠮᠥᠩᠭᠥ ᠪᠡᠷ ᠲᠣᠷᠭᠠᠭᠳᠠᠵᠤ ᠵᠠᠭᠤᠨ ᠪᠠᠨᠰᠠ ᠴᠣᠬᠢᠭᠤᠯᠤᠨ ᠭᠤᠷᠪᠠᠨ ᠪᠤᠲᠠ᠂ ᠭᠤᠷᠪᠠᠨ ᠴᠠᠢ ᠪᠠᠷ ᠶᠠᠯᠠᠯᠠᠭᠤᠯᠤᠭᠠᠳ ᠰᠠᠶᠢ ᠭᠢᠨᠳᠠᠨ ᠠ᠋ᠴᠠ ᠰᠤᠯᠠᠯᠠᠭᠳᠠᠨ ᠭᠠᠷᠴᠠᠢ᠃ ᠡᠨᠡ ᠦᠶ᠎ᠡ ᠳ᠋ᠦ᠍   ᠯᠣᠷᠣᠢᠰᠠᠮᠪᠤ ᠶ᠋ᠢᠨ ᠭᠡᠷ ᠦ᠋ᠨ ᠬᠢᠨᠢ ᠭᠤᠷᠪᠠᠨ ᠪᠤᠲᠠ  ᠴᠤ᠌ ᠭᠠᠷᠭᠠᠵᠤ ᠳᠡᠢᠯᠬᠦ ᠦᠭᠡᠢ ᠪᠠᠢᠭᠰᠠᠨ ᠲᠤᠯᠠ ᠱᠠᠪᠢ ᠸᠠᠩᠴᠢᠨᠴᠢᠮᠡᠳ ᠨᠢᠭᠡ ᠲᠡᠮᠡᠭᠡ ᠲᠤᠰᠠᠯᠠᠭᠰᠠᠨ ᠪᠠᠢᠵᠠᠢ᠃ ᠬᠠᠩᠭᠢᠨ ᠶᠠᠮᠤᠨ ᠰᠢᠷ᠎ᠠ ᠵᠣᠣ ᠶ᠋ᠢᠨ ᠯᠤᠷᠤᠢᠰᠠᠮᠪᠤ ᠪᠠᠷ ᠲᠦᠷᠦᠭᠦᠯᠡᠭᠦᠯᠦᠭᠰᠡᠨ ᠳᠤᠭᠤᠢᠯᠠᠩ ᠤ᠋ᠨ ᠬᠥᠳᠡᠯᠭᠡᠭᠡᠨ ᠦ᠌ ᠭᠣᠣᠯᠯᠠᠭᠴᠢ ᠬᠥᠮᠦᠰ ᠢ᠋ ᠪᠠᠷᠢᠪᠴᠢᠯᠠᠨ ᠳᠠᠷᠤᠩᠭᠤᠢᠯᠠᠭᠳᠠᠭᠰᠠᠨ ᠤ᠋ ᠬᠠᠮᠲᠤ ᠪᠠᠰᠠ ᠬᠤᠰᠢᠭᠤᠨ ᠤ᠋ ᠪᠤᠰᠤᠳ ᠭᠠᠵᠠᠷ ᠳᠠᠬᠢ ᠤᠯᠠᠭᠠᠨ ᠨᠠᠮᠲᠠᠨ  ᠬᠤᠩᠳᠠᠩ( ᠤᠯᠠᠭᠠᠨ ᠨᠠᠮ) ᠲᠠᠢᠵᠢ ᠰᠧᠸᠠᠩ᠃᠃ ᠵᠡᠷᠭᠡ ᠬᠥᠮᠦᠰ ᠢ᠋ ᠪᠠᠷᠢᠪᠴᠢᠯᠠᠨ ᠶᠠᠯᠠᠳᠠᠵᠤ᠂ ᠡᠷᠡᠭᠦᠳᠡᠨ ᠳᠠᠷᠤᠩᠭᠤᠢᠯᠠᠵᠠᠢ᠃  ᠢᠩᠭᠢᠭᠡᠳ ᠵᠠᠷᠢᠮ ᠨᠢ ᠤᠷᠪᠠᠨ ᠲᠡᠷᠰᠯᠡᠵᠦ ᠶᠠᠮᠤᠨ ᠳ᠋ᠤ᠌ ᠪᠠᠭᠤᠨ ᠥᠭᠭᠦᠭᠡᠳ ᠬᠠᠩᠭᠢᠨ ᠤ᠋ ᠳᠤᠭᠤᠢᠯᠠᠩ ᠤ᠋ᠨ ᠬᠥᠳᠡᠯᠭᠡᠭᠡᠨ ᠳᠠᠷᠤᠩᠭᠤᠢᠯᠠᠭᠳᠠᠪᠠ᠃
        1927⁓1930 ᠣᠨ ᠤ᠋ ᠬᠤᠭᠤᠴᠠᠭᠠᠨ ᠳ᠋ᠤ᠌ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠠ᠋ᠴᠠ ᠤᠷᠪᠠᠭᠰᠠᠨ ᠰᠡᠷᠡᠩᠳᠤᠩᠷᠤᠪ᠂ ᠰᠠᠢᠨᠪᠠᠶᠠᠷ ᠡᠯᠳᠡᠪ ᠦ᠋ᠨ ᠠᠷᠭ᠎ᠠ ᠬᠡᠮᠵᠢᠶ᠎ᠡ ᠠᠪᠴᠤ ᠰᠢᠨᠠᠯᠠᠮ᠎ᠠ ᠪᠠ ᠰᠢᠨᠠᠯᠠᠮ᠎ᠠ ᠶ᠋ᠢᠨ ᠤᠳᠤᠷᠢᠳᠤᠭᠰᠠᠨ ᠠᠷᠪᠠᠨ ᠬᠣᠶᠠᠳᠤᠭᠠᠷ ᠬᠣᠷᠢᠶ᠎ᠠ ᠶ᠋ᠢ ᠤᠰᠠᠳᠬᠠᠬᠤ ᠪᠠᠷ ᠣᠷᠣᠯᠳᠣᠭᠰᠠᠨ ᠪᠣᠯᠪᠠᠴᠤ ᠰᠢᠨᠠᠯᠠᠮ᠎ᠠ ᠡᠷᠡᠰ ᠲᠡᠮᠡᠴᠡᠯ ᠭᠡᠭᠰᠡᠭᠡᠷ ᠢᠷᠡᠵᠡᠢ᠃1930 ᠣᠨ ᠤ᠋ ᠨᠢᠭᠡᠳᠦᠭᠡᠷ ᠰᠠᠷ᠎ᠠ ᠳ᠋ᠤ᠌《 ᠰᠢᠨᠡᠯᠡᠮ᠎ᠡ ᠮᠣᠩᠭᠣᠯ ᠵᠠᠩᠰᠢᠯ ᠢ᠋ᠶ᠋ᠠᠷ ᠴᠡᠷᠢᠭ ᠲᠡᠭᠡᠨ ᠴᠢᠯᠥᠭᠡ ᠲᠠᠯᠪᠢᠨ ᠭᠡᠷ ᠭᠡᠷ ᠲᠦ᠋ᠨᠢ ᠬᠠᠷᠢᠭᠤᠯᠵᠤ ᠥᠪᠡᠷ ᠢ᠋ᠶ᠋ᠡᠨ ᠬᠡᠳᠦᠬᠡᠨ ᠬᠠᠮᠠᠭᠠᠯᠠᠭᠠᠴᠢ ᠴᠡᠷᠢᠭ ᠲᠡᠢ ᠦᠯᠡᠳᠡᠭᠡᠳ᠂ ᠭᠤᠴᠢᠨ ᠨᠢᠭᠡᠨ ᠦ᠌ ᠰᠥᠨᠢ ᠳᠠᠢᠰᠤᠨ ᠳ᠋ᠤ᠌ ᠬᠣᠣᠷᠯᠠᠭᠳᠠᠵᠠᠢ》᠃ ᠬᠠᠩᠭᠢᠨ ᠬᠤᠰᠢᠭᠤᠨ ᠤ᠋ ᠪᠠ ᠦᠦᠰᠢᠨ ᠬᠤᠰᠢᠭᠤᠨ ᠤ᠋ ᠳᠤᠭᠤᠢᠯᠠᠩ ᠤ᠋ᠨ ᠬᠥᠳᠡᠯᠭᠡᠭᠡᠨ ᠵᠢᠴᠢ ᠣᠷᠳᠣᠰ ᠴᠢᠭᠤᠯᠭᠠᠨ ᠳ᠋ᠠᠬᠢ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠠᠵᠢᠯᠯᠠᠭ᠎ᠠ ᠡᠨᠡ ᠮᠡᠲᠦ ᠪᠡᠷ ᠳᠠᠷᠤᠩᠭᠤᠢᠯᠠᠭᠳᠠᠨ ᠳᠠᠷᠤᠭᠳᠠᠵᠤ ᠢᠯᠡ ᠪᠡᠷ ᠠᠵᠢᠯᠯᠠᠭ᠎ᠠ ᠬᠢᠬᠦ ᠪᠡᠨ ᠵᠣᠭᠰᠣᠭᠰᠠᠨ ᠪᠢᠯᠡ᠃
       ᠯᠣᠷᠣᠶ᠋ᠢᠰᠠᠮᠪᠤ ᠬᠠᠩᠭᠢᠨ ᠶᠠᠮᠤᠨ ᠳ᠋ᠤ᠌ ᠠᠯᠠᠭᠳᠠᠭᠰᠠᠨ ᠦᠭᠡᠢ ᠶ᠋ᠢᠨ ᠰᠢᠯᠲᠠᠭᠠᠨ ᠭᠡᠪᠡᠯ᠂ ᠲᠤᠬᠠᠢ ᠶ᠋ᠢᠨ ᠦᠶ᠎ᠡ ᠳ᠋ᠦ᠍《 ᠪᠦᠬᠦ ᠬᠠᠩᠭᠢᠨ ᠬᠣᠰᠢᠭᠤ ᠪᠠᠷ ᠢ᠋ᠶ᠋ᠠᠨ ᠠᠷᠠᠳ ᠤ᠋ᠨ ᠬᠤᠪᠢᠰᠬᠠᠯᠲᠤ ᠨᠠᠮ ᠳ᠋ᠤ᠌ ᠣᠷᠣᠵᠤ ᠥᠭᠬᠦ ᠪᠡᠷ ᠬᠡᠯᠡᠯᠴᠡᠵᠦ ᠪᠠᠢᠭᠰᠠᠨ ᠪᠠ ᠳᠠᠬᠢᠪᠠᠯ ᠣᠷᠣᠯᠴᠠᠭᠰᠠᠳ ᠤ᠋ᠨ ᠲᠦᠷᠦᠭᠦᠦ ᠲᠣᠯᠣᠭᠠᠢ ᠶ᠋ᠢᠨ ᠣᠯᠠᠩᠬᠢ ᠨᠢ ᠲᠤᠰᠠᠯᠠᠭᠴᠢ ᠲᠠᠢᠵᠢ ᠨᠠᠷ ᠲᠠᠢ ᠬᠣᠯᠪᠣᠭᠳᠠᠵᠤ ᠪᠠᠢᠭᠰᠠᠨ ᠠ᠋ᠴᠠ ᠬᠠᠩᠭᠢᠨ ᠨᠣᠶᠠᠨ ᠠᠯᠠᠵᠤ ᠴᠢᠳᠠᠭᠰᠠᠨ ᠦᠭᠡᠢ》 ᠭᠡᠵᠡᠢ᠃
      ᠯᠣᠷᠣᠶ᠋ᠢᠰᠠᠮᠪᠤ ᠭᠢᠨᠳᠠᠨ ᠠ᠋ᠴᠠ ᠰᠤᠯᠠᠯᠠᠭᠳᠠᠭᠰᠠᠨ ᠤ᠋ ᠳᠠᠷᠠᠭ᠎ᠠ᠂ ᠳᠡᠭᠡᠷᠡᠬᠢ ᠶ᠋ᠢᠨ ᠳᠠᠷᠤᠯᠲᠠ᠂ ᠳᠡᠷᠭᠡᠳᠡᠬᠢ ᠶ᠋ᠢᠨ ᠬᠤᠤᠪᠢᠯᠳᠤᠯᠭ᠎ᠠ ᠭᠠᠳᠠᠨᠠᠬᠢ ᠶ᠋ᠢᠨ ᠰᠢᠬᠠᠯᠲᠠ᠂ ᠳᠣᠲᠣᠭᠠᠳᠤ ᠳ᠋ᠠᠬᠢ ᠤᠷᠪᠠᠯᠲᠠ ᠵᠡᠷᠭᠡ ᠰᠢᠯᠲᠠᠭᠠᠨ ᠠ᠋ᠴᠠ ᠭᠠᠳᠠᠭᠠᠳᠤ ᠳᠣᠲᠣᠭᠠᠳᠤ ᠲᠠᠢ ᠬᠣᠯᠪᠣᠭ᠎ᠠ ᠰᠦᠯᠪᠡᠭᠡ ᠲᠠᠰᠤᠷᠠᠭᠰᠠᠨ ᠪᠠ ᠨᠠᠰᠤ ᠪᠠᠰᠠ ᠠᠬᠢᠭᠰᠠᠨ ᠪᠣᠯᠬᠣᠷ ᠢᠯᠡ ᠪᠡᠷ ᠳᠡᠮᠡᠢ ᠬᠥᠳᠡᠯᠭᠡᠭᠡᠨ ᠬᠢᠭᠰᠡᠨ ᠦᠭᠡᠢ᠂ ᠬᠠᠩᠭᠢᠨ ᠳᠡᠯᠡᠳ ᠬᠣᠶᠠᠷ ᠬᠤᠰᠢᠭᠤᠨ ᠤ᠋ ᠮᠠᠲᠠᠯ ᠳ᠋ᠠᠬᠢ ᠳᠠᠯᠠᠳ ᠤ᠋ᠨ ᠷᠠᠰᠢᠴᠣᠢᠯᠠᠩ ᠬᠡᠮᠡᠬᠦ ᠬᠡᠢᠳ ᠦ᠋ᠨ ᠭᠡᠪᠬᠦᠢ ᠨᠡᠷ᠎ᠡ ᠵᠡᠭᠦᠵᠦ᠂ ᠭᠣᠣᠯᠳᠠᠭᠤ ᠭᠡᠷ ᠲᠡᠭᠡᠨ ᠰᠠᠭᠤᠵᠤ ᠨᠡᠢᠭᠡᠮ ᠦ᠋ᠨ ᠪᠠᠢᠳᠠᠯ ᠰᠢᠨᠵᠢ ᠶ᠋ᠢ ᠠᠵᠢᠭᠯᠠᠵᠤ ᠪᠠᠢᠵᠠᠢ᠃ ᠲᠤᠬᠠᠢ ᠶ᠋ᠢᠨ ᠦᠶ᠎ᠡ ᠳ᠋ᠦ᠍ ᠡᠢᠮᠦ ᠨᠢᠭᠡᠨ ᠰᠢᠯᠦᠭ ᠲᠠᠷᠬᠠᠵᠤ ᠪᠠᠢᠪᠠ᠃ ᠲᠡᠷᠡ ᠰᠢᠯᠦᠭ ᠲᠦ᠍᠄《 ᠲᠠᠨ ᠤ᠋ ᠰᠦᠮ᠎ᠡ ᠶ᠋ᠢᠨ  ᠯᠣᠷᠣᠶ᠋ᠢᠰᠠᠮᠪᠤ ᠲᠠᠮᠲᠤᠭ  ᠴᠤ᠌ ᠦᠭᠡᠢ ᠰᠢᠦ᠂ ᠲᠠᠮᠠᠭ᠎ᠠ ᠶ᠋ᠢᠨ ᠴᠢᠨᠢ ᠲᠠᠪᠤᠨ ᠵᠢᠩᠬᠢᠨᠢ ᠲᠡᠩᠨᠡᠵᠦ ᠪᠠᠢᠨ᠎ᠠ ᠰᠢᠦ ᠳ᠋ᠢᠩ᠃᠃》 ᠭᠡᠵᠦ ᠪᠠᠢᠪᠠ᠃ ᠡᠨᠡ ᠰᠢᠯᠦᠭ ᠢ᠋ ᠴᠣᠬᠣᠮ ᠬᠡᠨ ᠪᠢᠴᠢᠵᠦ ᠵᠣᠬᠢᠶᠠᠭᠳᠠᠭᠰᠠᠨ ᠢ᠋ ᠲᠣᠳᠣᠯᠠᠵᠤ ᠳᠡᠢᠯᠦᠭᠰᠡᠨ ᠦᠭᠡᠢ᠃ ᠲᠡᠷᠡ ᠦᠶ᠎ᠡ ᠳ᠋ᠦ᠍ ᠬᠠᠩᠭᠢᠨ ᠬᠤᠰᠢᠭᠤᠨ ᠤ᠋ ᠬᠠᠲᠤᠨ ᠭᠣᠣᠯ ᠤ᠋ᠨ ᠤᠯᠠᠭᠠᠨᠮᠤᠳᠤᠨ( ᠣᠳᠣᠬᠢ ᠬᠠᠩᠭᠢᠨᠨᠠᠭᠤᠷ ᠰᠢᠶᠠᠩ ᠤ᠋ᠨ ᠤᠯᠠᠭᠠᠨᠮᠤᠳᠤᠨ ᠲᠣᠰᠬᠣᠨ) ᠤ᠋ ᠬᠠᠩᠭᠢᠨ ᠮᠢᠨᠲᠤᠸᠠᠨ ᠤ᠋ ᠱᠣᠣᠵᠠᠩ( ᠬᠠᠷᠠᠭᠤᠯ ᠤ᠋ᠨ ᠳᠠᠷᠤᠭ᠎ᠠ)ᠰᠡᠸᠠᠩᠳᠣᠷᠵᠢ ᠂ ᠮᠡᠢᠷᠡᠨ ᠮᠥᠩᠬᠡ ᠬᠣᠶᠠᠷ ᠡᠷᠬᠡ ᠪᠤᠯᠢᠶᠠᠯᠳᠤᠨ ᠨᠡᠷ᠎ᠡ ᠲᠡᠮᠡᠴᠡᠬᠦ ᠶ᠋ᠢᠨ ᠬᠠᠮᠲᠤ ᠤᠷᠠᠨ ᠭᠡᠳᠡᠭ ᠡᠬᠡᠨᠡᠷ( ᠮᠥᠩᠬᠡ ᠶ᠋ᠢᠨ ᠡᠬᠡᠨᠡᠷ) ᠢ᠋ ᠪᠤᠯᠢᠶᠠᠯᠳᠤᠭᠰᠠᠨ ᠬᠡᠷᠡᠭ ᠭᠠᠷᠴᠤ᠂ ᠣᠷᠣᠨ ᠨᠤᠲᠤᠭ ᠲᠤ᠌ ᠶᠡᠬᠡ ᠱᠤᠤᠭᠢᠶᠠᠨ ᠳᠦᠷᠭᠢᠭᠡᠨ ᠪᠣᠯᠵᠠᠢ᠃ ᠡᠨᠡ ᠬᠦ᠌ ᠬᠡᠷᠡᠭ ᠤᠴᠢᠷ ᠤ᠋ᠨ ᠲᠤᠬᠠᠢ  ᠯᠣᠷᠣᠶ᠋ᠢᠰᠠᠮᠪᠤ ᠲᠤᠰᠬᠠᠢᠯᠠᠨ ᠰᠢᠯᠦᠭ ᠳᠠᠭᠤᠤ ᠵᠣᠬᠢᠶᠠᠵᠤ ᠥᠩᠭᠡᠷᠡᠵᠡᠢ᠃《 ᠱᠣᠣᠵᠠᠩ ᠰᠡᠸᠠᠩᠳᠣᠷᠵᠢ》 ᠭᠡᠳᠡᠭ ᠰᠢᠯᠦᠭ ᠲᠦ᠍᠄ 
《 ᠰᠣᠯᠢᠶᠠᠷᠠᠭᠰᠠᠨ ᠴᠠᠭ  ᠤᠨ ᠪᠠᠢᠳᠠᠯ ᠢᠯᠡ ᠪᠠᠢᠨ᠎ᠠ ᠰᠢᠤ ᠳ᠋ᠢᠩ
ᠰᠤᠷᠠᠭ ᠢ ᠴᠢᠨᠢ ᠰᠣᠨᠣᠰᠪᠠᠯ ᠰᠤᠯᠠᠷᠠᠭᠰᠠᠨ ᠪᠠᠢᠨ᠎ᠠ ᠰᠢᠤ ᠳ᠋ᠢᠩ
  ᠰᠤᠷᠮᠠᠭᠠᠶ ᠬᠤᠯᠠᠭᠠᠶ ᠰᠠᠸᠠᠩᠳᠣᠷᠵᠢ ᠱᠤᠤᠵᠠᠩ ᠪᠣᠯᠪᠠᠴᠤ ᠳ᠋ᠢᠩ
ᠰᠤᠳᠠᠯ ᠢ ᠴᠢᠨᠢ ᠬᠠᠳᠬᠤᠪᠠᠯ ᠴᠤᠪᠤᠯᠡᠬᠦᠶ ᠳ᠋ᠢᠩ
ᠤᠯᠠᠭᠠᠨᠮᠣᠳᠣᠨ ᠤ ᠬᠠᠩᠭᠢᠨ ᠮᠢᠨᠳᠤᠸᠠᠨ ᠤᠷᠤᠭᠤᠳᠠᠵᠤ ᠪᠠᠢᠨ᠎ᠠ ᠤᠤ ᠳ᠋ᠢᠩ  
  ᠤᠷᠠᠨ ᠡᠬᠡᠨᠡᠷ ᠵᠠᠩᠵᠤᠯᠠᠵᠢᠷᠠᠶ ᠮᠣᠷᠳᠠᠵᠤ ᠪᠠᠢᠨ᠎ᠠ ᠦᠦ ᠳ᠋ᠢᠩ
  ᠤᠷᠰᠢᠭ ᠲᠠᠲᠠᠵᠤ ᠡᠭᠦᠰᠭᠡᠬᠦ ᠶᠢ ᠦᠵᠡᠬᠦᠯᠡᠷ ᠳ᠋ᠢᠩ
ᠤᠳᠠᠯ ᠦᠭᠡᠢ ᠲᠣᠯᠣᠭᠠᠶ ᠶᠢ ᠴᠢᠨᠢ ᠬᠠᠵᠠᠯᠠᠬᠦᠶ ᠳ᠋ᠢᠩ ᠭᠡᠬᠦ ᠮᠡᠲᠦ ᠲᠤᠬᠠᠶ ᠶᠢᠨ ᠦᠶ᠎ᠡ ᠶᠢᠨ ᠴᠠᠭ ᠤᠨ
 ᠪᠠᠢᠳᠠᠯ ᠤᠨ ᠰᠠᠮᠠᠭᠤᠷᠠᠯ ᠪᠠ ᠴᠡᠷᠢᠭ ᠦᠨ ᠡᠷᠬᠡᠲᠡᠨ ᠪᠠᠶᠠᠳ ᠨᠣᠶᠠᠳ ᠤᠨ ᠡᠷᠬᠡ ᠰᠦᠷ ᠲᠡᠮᠡᠴᠡᠨ᠂ ᠨᠡᠷ᠎ᠡ ᠠᠰᠢᠭ ᠪᠤᠯᠢᠶᠠᠯᠳᠤᠭᠰᠠᠨ᠂ ᠬᠤᠯᠠᠭᠠᠶ ᠳᠡᠭᠡᠷᠡᠮ ᠬᠢᠵᠦ ᠠᠷᠠᠳ ᠢᠷᠭᠡᠳ ᠲᠤ ᠬᠥᠨᠥᠭᠡᠯ ᠭᠠᠮᠰᠢᠭ ᠤᠴᠠᠷᠠᠭᠤᠯᠤᠭᠰᠠᠨ᠂ ᠡᠬᠡᠨᠡᠷ ᠪᠠᠷᠢᠶᠠᠳ ᠢ
ᠡᠵᠡᠯᠡᠨ ᠨᠣᠵᠢᠳᠯᠠᠭᠰᠠᠨ ᠰᠢᠪᠰᠢᠭᠲᠦ ᠦᠢᠯᠡ ᠠᠵᠢᠯᠯᠠᠭ᠎ᠠ ᠶᠢ ᠢᠯᠡᠴᠢᠯᠡᠨ ᠪᠤᠷᠤᠭᠤᠰᠢᠶᠠᠵᠤ ᠰᠢᠭᠦᠮᠵᠢᠯᠡᠨ ᠵᠢᠮᠡᠯᠡᠭᠰᠡᠨ ᠪᠠᠢᠨ᠎ᠠ᠃
ᠢᠩᠭᠢᠵᠦ ᠰᠢᠯᠦᠭᠯᠡᠭᠰᠡᠨ ᠰᠢᠯᠦᠭ ᠨᠢ ᠰᠡᠭᠦᠯ ᠳᠡᠭᠡᠨ ᠳᠠᠭᠤᠤ ᠪᠣᠯᠵᠤ ᠥᠷᠭᠡᠨ ᠢᠶᠡᠷ ᠤᠯᠠᠮᠵᠢᠯᠠᠭᠳᠠᠵᠤ  ᠪᠠᠢᠵᠠᠢ᠃
1933~1935 ᠣᠨ ᠤ ᠬᠣᠭᠤᠴᠠᠭᠠᠨ ᠳᠤ  ᠦᠦᠰᠢᠨ᠂ ᠤᠲᠤᠭ ᠬᠣᠰᠢᠭᠤ ᠬᠣᠭᠣᠷᠣᠨᠳᠣ ᠪᠠᠨ ᠭᠠᠵᠠᠷ ᠪᠤᠯᠢᠶᠠᠯᠳᠤᠵᠤ᠂ ᠬᠤᠪᠢ ᠬᠤᠪᠢᠨ ᠤ ᠦᠵᠡᠯ ᠵᠣᠷᠢᠯᠲᠠ ᠠᠴᠠ ᠡᠭᠦᠰᠦᠨ ᠵᠢᠭᠤᠷᠠᠯᠳᠤᠭᠠᠨ ᠲᠠᠶ ᠰᠠᠪᠠ ᠭᠠᠵᠠᠷ ᠲᠠᠬᠢ ᠠᠢᠯ ᠡᠷᠦᠬᠡ ᠶᠢ ᠰᠢᠲᠠᠭᠠᠨ ᠲᠦᠯᠡᠵᠤ᠂ ᠠᠳᠤᠭᠤ ᠮᠠᠯ ᠢ ᠨᠢ ᠳᠡᠭᠡᠷᠡᠮᠳᠡᠨ ᠪᠤᠯᠢᠶᠠᠵᠤ ᠬᠠᠷᠢᠯᠴᠠᠨ ᠠᠯᠠᠯᠳᠤᠨ ᠨᠢᠲᠤᠯᠣᠯᠳᠤᠭᠠᠳ ᠲᠦᠢᠯ ᠦᠨ ᠶᠡᠬᠡ ᠰᠦᠢᠳ ᠭᠠᠮᠰᠢᠭ ᠪᠣᠯᠤᠭᠰᠠᠨ《 ᠦᠦᠰᠢᠨ ᠣᠲᠤᠭ ᠤᠨ ᠬᠡᠷᠡᠭ》 ᠦᠨ ᠲᠤᠬᠠᠶ ᠯᠤᠷᠣᠢᠰᠠᠮᠪᠤ ᠲᠤᠰᠬᠠᠶ ᠵᠣᠬᠢᠶᠠᠯ ᠪᠢᠴᠢᠵᠦ᠂ᠲᠤᠬᠠᠶ ᠶᠢᠨ ᠦᠶ᠎ᠡ ᠶᠢᠨ ᠬᠡᠷᠡᠭ ᠶᠠᠪᠤᠳᠠᠯ ᠤᠨ ᠡᠭᠦᠰᠦᠭᠰᠡᠨ ᠤᠴᠢᠷ ᠰᠢᠯᠲᠠᠭᠠᠨ᠂ ᠶᠡᠬᠡ ᠰᠦᠶᠳᠦᠯ ᠳᠦ ᠤᠴᠠᠷᠠᠭᠰᠠᠨ ᠦᠷ᠎ᠡ ᠳ᠋ᠦᠩ ᠵᠢᠴᠢ ᠬᠡᠷᠡᠭ ᠤᠴᠢᠷ ᠠᠰᠠᠭᠤᠳᠠᠯ ᠤᠨ ᠮᠥᠨ ᠴᠢᠨᠠᠷ ᠢ ᠲᠣᠳᠣᠷᠬᠠᠶ ᠵᠢᠭᠠᠨ ᠭᠠᠷᠭᠠᠵᠤ᠂ ᠲᠤᠰ ᠬᠡᠷᠡᠭ ᠢ ᠡᠰᠡᠷᠭᠦᠴᠡᠭᠰᠡᠨ ᠦᠵᠡᠯᠲᠡ ᠪᠡᠨ ᠢᠯᠡᠳᠬᠡᠭᠰᠡᠨ ᠪᠠᠢᠨ᠎ᠠ᠃ᠲᠤᠰ ᠵᠣᠬᠢᠶᠠᠯ ᠳᠦ:
《 ᠴᠠᠭᠠᠨ ᠰᠠᠷ᠎ᠠ ᠶᠢᠨ ᠰᠢᠨ᠎ᠡ ᠶᠢᠨ ᠳᠥᠷᠪᠡᠨ ᠯᠤᠭ ᠬᠦᠢᠲᠡᠨ ᠲᠩᠷᠢ ᠪᠠᠢᠨ᠎ᠠ 
ᠴᠠᠭᠯᠠᠰᠢ ᠦᠭᠡᠢ ᠲᠩᠷᠢ ᠶᠢ ᠳᠠᠷᠤᠩᠭᠤᠢᠯᠠᠳᠠᠭ ᠤᠲᠤᠭ ᠬᠣᠰᠢᠭᠤᠨ ᠴᠡᠷᠢᠭ ᠪᠠᠢᠨ᠎ᠠ᠂
ᠴᠡᠩᠪᠠ ᠬᠡᠷᠡᠮ ᠳᠦ ᠴᠤᠭᠯᠠᠵᠤ ᠢᠷᠡᠭᠡᠳ ᠨᠢᠯᠳᠠᠯᠲᠠᠭ ᠳᠠᠢᠰᠤᠨ ᠪᠠᠢᠨ᠎ᠠ
ᠴᠠᠭ ᠦᠨ ᠵᠠᠭᠤᠷ᠎ᠠ ᠬᠡᠮᠡᠷᠲᠡᠶ ᠣᠯᠠᠨ ᠬᠦ ᠲᠦᠮᠡᠨ ᠢ ᠰᠦᠶᠳᠬᠡᠭᠰᠡᠨ ᠪᠠᠢᠨ᠎ᠠ 
 ᠦᠦᠰᠢᠨ ᠣᠲᠤᠭ ᠬᠣᠶᠠᠷ ᠬᠣᠰᠢᠭᠤ ᠦᠬᠦᠯ ᠪᠣᠯᠬᠤ ᠡᠲᠡᠭᠡᠳ ᠪᠠᠢᠨ᠎ᠠ ᠳᠠᠢᠰᠤᠨ ᠪᠠᠢᠨ᠎ᠠ
ᠦᠨᠳᠦᠰᠦ ᠪᠠᠨ ᠲᠠᠰᠤᠯᠬᠤ ᠶᠢ ᠥᠴᠦᠬᠡᠨ ᠴᠦ ᠬᠠᠮᠢᠶᠠᠷᠬᠤ ᠦᠭᠡᠢ ᠲᠡᠷᠡ ᠴᠦ ᠪᠠᠰᠠ ᠭᠠᠢᠭᠤᠶ ᠪᠠᠢᠨ᠎ᠠ
ᠦᠷ᠎ᠡ ᠶᠢᠨ ᠦᠷ᠎ᠡ ᠳᠦ ᠥᠰ ᠪᠣᠯᠪᠠᠯ ᠲᠡᠷᠡ ᠴᠤᠬᠤᠮ ᠬᠡᠴᠡᠭᠦᠦ ᠪᠠᠢᠨ᠎ᠠ ᠭᠡᠮᠡᠷ》 ᠭᠡᠵᠦ  ᠦᠦᠰᠢᠨ
ᠣᠲᠤᠭ ᠤᠨ ᠵᠢᠭᠤᠷᠠᠯᠳᠤᠭᠠᠨ ᠤ ᠣᠷᠭᠢᠯ ᠪᠣᠯᠤᠭᠰᠠᠨ ᠴᠠᠭ ᠦᠶ᠎ᠡ ᠶᠢ ᠳᠤᠷᠠᠳᠴᠤ᠂ ᠬᠠᠷᠢᠯᠴᠠᠨ《 ᠳᠠᠷᠤᠩᠭᠣᠢᠯᠠᠵᠤ》᠂
《 ᠨᠢᠲᠤᠯᠤᠯᠳᠤᠭᠠᠳ 》᠂ 《 ᠴᠠᠭ ᠵᠠᠭᠤᠷ᠎ᠠ ᠶᠢᠨ ᠬᠡᠮᠡᠷᠲᠡᠶ ᠣᠯᠠᠨ ᠬᠦ ᠲᠦᠮᠡᠨ ᠢ ᠰᠦᠶᠳᠬᠡᠭᠰᠡᠨ》 ᠦᠨᠡᠨ ᠪᠠᠢᠳᠠᠯ ᠢ
ᠲᠡᠮᠳᠡᠭᠯᠡᠵᠡᠶ ᠃ᠰᠢᠯᠦᠭ ᠦᠨ ᠡᠴᠦᠰ ᠲᠦ ᠪᠠᠰᠠ:
《 ᠮᠠᠨ ᠤ ᠮᠣᠩᠭᠣᠯ ᠨᠢᠭᠡᠨ ᠰᠡᠳᠬᠢᠯ ᠨᠢᠭᠡᠨ ᠢᠶᠡᠨ  ᠪᠠᠢᠲᠠᠯ᠎ᠠ
ᠮᠠᠰᠢ ᠲᠦᠷᠭᠡᠨ ᠡᠪᠳᠡᠷᠡᠬᠦ ᠢᠨᠤ ᠦᠨᠡᠬᠡᠷ ᠭᠠᠢᠬᠠᠯᠲᠠ  
ᠬᠡᠷᠡᠭ ᠶᠦᠭᠡᠨ ᠦᠯᠦ ᠬᠢᠨᠠᠨ ᠥᠨᠳᠥᠷ ᠰᠡᠳᠬᠢᠯ ᠪᠠᠷᠢᠭᠠᠳ  
ᠬᠡᠯᠬᠢᠶ᠎ᠡ ᠪᠠ ᠠᠰᠢᠳᠠ ᠶᠢ ᠮᠡᠳᠡᠬᠦ ᠦᠭᠡᠢ ᠣᠷᠬᠢᠭᠠᠳ 
ᠠᠯᠠᠬᠤ ᠪᠠ ᠨᠢᠲᠤᠯᠬᠤ ᠶᠢ ᠠᠰᠢᠭ ᠬᠡᠮᠡᠨ ᠰᠠᠨᠠᠪᠠᠯ 
ᠠᠯᠤᠰ ᠲᠠᠭᠠᠨ ᠬᠣᠭᠣᠰᠣᠷᠠᠵᠤ ᠭᠠᠭᠴᠠ ᠪᠣᠯᠵᠤ ᠪᠣᠯᠤᠮᠤᠶ᠂ 
ᠣᠲᠤᠭ  ᠦᠦᠰᠢᠨ ᠬᠣᠶᠠᠷ ᠭᠡᠭᠴᠢ ᠬᠡᠷᠡᠭ ᠶᠠ
ᠣᠯᠠᠨ ᠲᠦᠮᠡᠨ  ᠠᠮᠢᠲᠠᠨ ᠤ ᠦᠢᠯᠡ ᠭᠡᠭᠴᠢ  ᠤ᠌ᠤ ?》 ᠭᠡᠵᠦ ᠵᠣᠬᠢᠶᠠᠯ ᠢᠶᠠᠨ ᠬᠤᠷᠢᠶᠠᠩᠭᠤᠢᠯᠠᠨ ᠲᠡᠭᠦᠰᠬᠡᠭᠰᠡᠨ ᠪᠠᠢᠨ᠎ᠠ᠃
   《 ᠣᠲᠤᠭ  ᠦᠦᠰᠢᠨ ᠬᠣᠶᠠᠷ ᠭᠡᠭᠴᠢ ᠬᠡᠷᠡᠭ》 ᠪᠣᠯ ᠮᠠᠨ ᠤ ᠮᠣᠩᠭᠣᠯᠴᠤᠳ ᠬᠣᠭᠣᠷᠣᠨᠳᠣ ᠪᠠᠨ ᠮᠠᠰᠢ ᠲᠦᠷᠭᠡᠨ
ᠡᠪᠳᠡᠷᠡᠯᠴᠡᠨ ᠮᠠᠭᠤᠳᠠᠯᠴᠠᠭᠰᠠᠨ ᠠᠴᠠ ᠪᠣᠯᠤᠭᠰᠠᠨ《 ᠣᠯᠠᠨ ᠲᠦᠮᠡᠨ ᠠᠮᠢᠲᠠᠨ ᠤ ᠦᠢᠯᠡ》 ᠭᠠᠶ ᠵᠣᠪᠠᠯᠠᠩ ᠮᠥᠨ᠃ᠡᠨᠡ
ᠪᠣᠯ《 ᠠᠯᠪᠠ ᠶᠢᠨ ᠤᠯᠤᠰ》᠂《 ᠠᠷᠠᠯ ᠤᠨ ᠯᠠᠮᠠ》 ᠵᠡᠷᠭᠡ ᠠᠰᠢᠭ ᠨᠡᠷ᠎ᠡ ᠶᠢᠨ ᠲᠥᠯᠥᠭᠡ ᠠᠯᠠᠵᠤ ᠨᠢᠲᠤᠯᠤᠭᠰᠠᠨ ᠠᠴᠠ
 ᠪᠣᠯᠤᠭᠰᠠᠨ ᠭᠡᠵᠦ ᠵᠣᠬᠢᠶᠠᠯᠴᠢ ᠥᠪᠡᠷᠮᠢᠴᠡ ᠦᠵᠡᠯᠲᠡ ᠲᠠᠨᠢᠯᠲᠠ ᠪᠡᠨ ᠭᠦᠨᠵᠡᠭᠡᠶ ᠢᠯᠡᠳᠬᠡᠵᠡᠶ᠃ ᠯᠤᠷᠣᠢᠰᠠᠮᠪᠤ ᠶᠢᠨ ᠡᠨᠡ ᠬᠦ 
ᠵᠣᠬᠢᠶᠠᠯ ᠨᠢ ᠶᠠᠭ ᠡᠨᠡ ᠬᠡᠷᠡᠭ ᠶᠠᠪᠤᠳᠠᠯ ᠭᠠᠷᠤᠭᠰᠠᠨ ᠴᠠᠭ ᠦᠶ᠎ᠡ ᠳᠦ ᠪᠢᠴᠢᠭᠳᠡᠭᠰᠡᠨ ᠶᠤᠮ᠃᠂ ᠡᠨᠡ ᠨᠢ ᠲᠡᠭᠦᠨ ᠦ ᠨᠠᠰᠤ ᠪᠠᠷᠠᠬᠤ 
ᠠᠴᠡ ᠡᠮᠦᠨᠡᠬᠢ ᠬᠣᠶᠠᠷ ᠭᠤᠷᠪᠠᠨ ᠵᠢᠯ ᠦᠨ ᠶᠠᠪᠤᠳᠠᠯ ᠪᠣᠯᠤᠨ᠎ᠠ᠃ 
1937 ᠣᠨ ᠤ ᠠᠷᠪᠠᠳᠤᠭᠠᠷ ᠰᠠᠷ᠎ᠠ ᠳᠤ ᠶᠠᠫᠣᠨ ᠬᠦᠶ ᠰᠦᠶ ᠶᠢ ᠡᠵᠡᠯᠡᠭᠰᠡᠨ ᠦ ᠳᠠᠷᠠᠭ᠎ᠠ ᠪᠤᠭᠤᠲᠤ ᠶᠢ ᠲᠦᠷᠢᠮᠡᠬᠡᠢᠯᠡᠨ
ᠡᠵᠡᠯᠡᠵᠦ᠂ ᠭᠣᠮᠢᠨᠳᠠᠩ ᠤᠨ ᠡᠯ᠎ᠡ ᠣᠷᠭᠤᠳᠠᠭᠤᠯ ᠴᠡᠷᠢᠭ ᠶᠡᠬᠡ ᠵᠤᠤ ᠳᠤ ᠤᠬᠤᠷᠢᠵᠤ ᠣᠷᠣᠭᠠᠳ ᠳᠠᠯᠠᠳ᠂ ᠬᠠᠩᠭᠢᠨ᠂
ᠵᠦᠩᠭᠠᠷ ᠤᠨ ᠨᠡᠢᠭᠡᠮ ᠦᠨ  ᠪᠠᠢᠳᠠᠯ ᠶᠡᠬᠡ ᠪᠠᠷ ᠰᠠᠮᠠᠭᠤᠷᠠᠭᠰᠠᠨ ᠪᠠᠢᠨ᠎ᠠ᠃1937 ᠣᠨ ᠤ ᠠᠷᠪᠠᠨ ᠨᠢᠭᠡᠳᠦᠭᠡᠷ ᠰᠠᠷ᠎ᠠ ᠳᠤ
ᠶᠠᠫᠣᠨ ᠬᠠᠩᠭᠢᠨ ᠬᠣᠰᠢᠭᠤ ᠶᠢ ᠡᠵᠡᠯᠡᠵᠦ᠂ ᠶᠡᠬᠡ ᠵᠣᠤ ᠴᠢᠭᠤᠯᠭᠠᠨ ᠤ ᠳᠡᠳ᠋ ᠳᠠᠷᠤᠭ᠎ᠠ ᠬᠠᠩᠭᠢᠨ ᠵᠠᠰᠠᠭ ᠠᠯᠳᠠᠨᠸᠴᠢᠷ ᠢ ᠪᠤᠭᠤᠲᠤ
ᠳᠤ ᠠᠪᠠᠴᠢᠵᠤ ᠬᠢᠵᠠᠭᠠᠷᠯᠠᠪᠠ᠃1938 ᠣᠨ ᠪᠣᠯᠬᠤ ᠳᠤ ᠶᠠᠫᠣᠨ ᠡᠵᠡᠷᠬᠡᠭ ᠲᠦᠷᠢᠮᠡᠬᠡᠢᠲᠡᠨ ᠬᠠᠩᠭᠢᠨ ᠬᠣᠰᠢᠭᠤᠨ ᠤ ᠬᠠᠲᠤᠨ
ᠭᠤᠤᠯ ᠳᠠᠭᠠᠤ ᠣᠷᠣᠨ ᠢ ᠲᠦᠷᠢᠮᠡᠬᠡᠢᠯᠡᠨ ᠳᠠᠭᠠᠷᠢᠵᠠᠶ᠃ᠨᠤᠲᠤᠭ ᠣᠷᠣᠨ ᠳᠤ ᠪᠠᠰᠠ ᠳ᠋ᠣᠯᠢ ᠳᠡᠭᠡᠷᠡᠮ ᠦᠨ ᠰᠠᠮᠠᠭᠤᠷᠠᠯ
ᠭᠠᠷᠤᠭᠰᠠᠨ ᠳᠤ ᠰᠠᠭᠤᠭᠠᠯᠢ ᠠᠷᠠᠳ ᠢᠷᠭᠡᠨ ᠰᠠᠮᠠᠭᠤᠷᠠᠯ ᠠᠴᠠ ᠵᠠᠢᠯᠠᠵᠤ ᠪᠠᠷᠠᠭᠤᠨᠰᠢ ᠪᠠᠯᠠᠷ ᠡᠯᠡᠰᠦᠨ ᠳᠤ ᠨᠡᠭᠦᠵᠡᠭᠡᠵᠡᠶ᠃
ᠯᠤᠷᠦᠢᠰᠠᠮᠪᠤ ᠶᠢᠨ ᠭᠡᠷ ᠦᠨ ᠬᠢᠨ ᠴᠦ ᠬᠥᠳᠡᠭᠡ ᠳᠤᠭᠠᠩ ᠳᠦ ᠨᠡᠭᠦᠵᠦ ᠣᠷᠣᠬᠤ ᠳᠤ ᠬᠢᠵᠢᠭ ᠡᠪᠡᠳᠴᠢᠨ ᠶᠡᠬᠡ ᠪᠡᠷ ᠳᠡᠯᠭᠡᠷᠡᠵᠦ᠂ 
ᠠᠷᠪᠠᠨ ᠲᠠᠪᠤᠲᠠᠶ ᠵᠢᠴᠢ ᠦᠨᠡᠨᠯᠪᠠᠷᠢᠯ ᠨᠢ ᠦᠭᠡᠢ ᠪᠣᠯᠤᠭᠰᠠᠨ ᠡᠴᠠ ᠰᠠᠨᠠᠭᠠᠨ ᠤ ᠵᠣᠪᠠᠯᠠᠩ ᠪᠠ ᠪᠠᠰᠠ ᠬᠢᠵᠢᠭ ᠡᠪᠡᠳᠴᠢᠨ
ᠳᠠᠪᠬᠤᠷᠯᠠᠨ ᠠᠯᠢ ᠠᠯᠢ ᠪᠠᠷ ᠨᠠᠰᠤ ᠪᠠᠷᠠᠵᠠᠶ᠃ᠲᠤᠬᠠᠶ ᠶᠢᠨ ᠦᠶ᠎ᠡ ᠳᠦ ᠰᠠᠶ᠋ᠢ ᠲᠠᠪᠢᠨ ᠵᠢᠷᠭᠤᠭᠠᠨ ᠨᠠᠰᠤᠲᠠᠶ ᠪᠢᠯᠡ᠃ᠭᠡᠪᠡᠴᠦ
ᠲᠡᠷᠡ ᠨᠠᠰᠤ ᠪᠠᠷᠠᠳᠠᠯ᠎ᠠ᠂ ᠨᠠᠮ ᠠᠴᠠ ᠡᠭᠦᠷᠭᠡᠯᠡᠭᠦᠯᠦᠨ ᠥᠭᠭᠦᠭᠰᠡᠨ ᠴᠡᠷᠢᠭ ᠡᠯᠰᠡᠬᠦ ᠳᠤᠮᠳᠠᠳᠤ ᠶᠢᠨ ᠪᠥᠬᠥᠳᠡ ᠠᠯᠪᠠᠨ ᠪᠢᠴᠢᠭ
ᠢᠶᠠᠨ ᠦᠬᠦᠳᠡᠯ᠎ᠡ ᠪᠠᠨ ᠳᠠᠷᠤᠵᠤ ᠬᠠᠨᠢ ᠨᠥᠬᠥᠷ ᠴᠦᠢᠮᠰᠤᠨ ᠳᠠᠭᠠᠨ ᠬᠠᠳᠠᠭᠠᠯᠠᠭᠤᠯᠤᠭᠰᠠᠨ ᠪᠠᠢᠨ᠎ᠠ᠃
ᠮᠠᠨ ᠦ ᠮᠣᠩᠭᠣᠯ ᠦᠨᠳᠦᠰᠦᠲᠡᠨ ᠤ ᠨᠢᠭᠡᠨ ᠡᠷᠳᠡᠮᠲᠡᠨ᠂ ᠤᠷᠳᠣᠰ ᠨᠤᠲᠤᠭ ᠤᠨ ᠤᠷᠠᠨ ᠰᠠᠢᠬᠠᠨᠴᠢ᠂ ᠬᠠᠩᠭᠢᠨ
ᠬᠣᠰᠢᠭᠤᠨ ᠤ ᠨᠢᠭᠡ ᠠᠪᠢᠶᠠᠰ ᠪᠢᠯᠢᠭ ᠲᠡᠶ ᠰᠢᠯᠦᠭᠴᠢ᠂ ᠠᠷᠠᠳᠴᠢᠯᠠᠭᠰᠠᠨ ᠬᠤᠪᠢᠰᠬᠠᠯ ᠤᠨ ᠨᠢᠭᠡᠨ ᠭᠠᠷᠮᠠᠭᠠᠢᠯᠠᠭᠴᠢ ᠢᠩᠭᠢᠭᠡᠳ 
ᠠᠯᠲᠠᠨ ᠳᠡᠯᠡᠬᠡᠶ ᠡᠴᠡ ᠥᠨᠢᠳᠡ ᠠᠩᠭᠢᠵᠢᠷᠠᠪᠠ᠃

ᠭᠤᠷᠪᠠ᠂  ᠯᠣᠷᠣᠢᠰᠠᠮᠪᠤ  ᠶ᠋ᠢᠨ ᠮᠠᠨ ᠳ᠋ᠤ᠌ ᠦᠭᠭᠦᠭᠰᠨ ᠦᠯᠡᠳᠡᠭᠡᠯ

      ᠯᠣᠷᠣᠢᠰᠠᠮᠪᠤ ᠠᠰᠪᠤᠷ ᠴᠠᠭᠠᠪᠤᠷ ᠠᠭᠠᠰᠢ ᠵᠠᠩ ᠢ᠋ᠶ᠋ᠠᠷ ᠢ᠋ᠶ᠋ᠠᠨ ᠠᠬ᠎ᠠ ᠳᠡᠭᠦᠦ ᠨᠥᠬᠥᠳ ᠲᠡᠢ ᠪᠡᠨ ᠨᠥᠬᠥᠷᠯᠡᠵᠦ᠂ ᠠᠵᠢᠯᠴᠢ ᠪᠣᠷᠣᠭᠵᠢᠭᠤᠨ ᠠᠮᠢᠳᠤᠷᠠᠯ ᠤ᠋ᠨ ᠰᠤᠷᠲᠠᠯ ᠢ᠋ᠶ᠋ᠠᠷ ᠠᠷᠠᠳ ᠣᠯᠠᠨ ᠲᠠᠢ ᠪᠠᠨ ᠪᠦᠯᠬᠦᠮᠳᠡᠨ᠂ ᠤᠷᠠᠨ ᠠᠪᠢᠶᠠᠰᠯᠢᠭ ᠰᠢᠯᠦᠭ ᠵᠣᠬᠢᠶᠠᠯ ᠢ᠋ᠶ᠋ᠠᠷ ᠢ᠋ᠶ᠋ᠠᠨ ᠦᠢ ᠣᠯᠠᠨ ᠮᠠᠯᠴᠢᠨ ᠲᠦᠮᠡᠨ ᠢ᠋ᠶ᠋ᠡᠨ ᠤᠬᠠᠭᠤᠯᠤᠨ ᠰᠡᠩᠬᠡᠷᠡᠭᠦᠯᠵᠦ᠂ ᠤᠷᠤᠭᠰᠢᠯᠠᠭᠰᠠᠨ ᠳᠠᠪᠰᠢᠩᠭᠤᠢ ᠬᠤᠪᠢᠰᠬᠠᠯᠲᠤ ᠬᠥᠳᠡᠯᠭᠡᠭᠡᠨ ᠢ᠋ᠶ᠋ᠡᠷ ᠢ᠋ᠶ᠋ᠡᠨ ᠥᠷᠭᠡᠨ ᠲᠦᠮᠡᠨ ᠢ᠋ᠶ᠋ᠡᠨ ᠤᠷᠢᠶᠠᠯᠠᠨ ᠲᠡᠢᠴᠢᠯᠡᠵᠢ᠃ ᠬᠠᠷᠠᠩᠭᠤᠢ ᠹᠧᠣᠳᠠᠯ ᠤ᠋ᠨ ᠨᠢᠭᠦᠯᠲᠦ ᠮᠠᠭᠤᠬᠠᠢ ᠬᠠᠷᠭᠢᠰ ᠬᠡᠷᠴᠡᠭᠡᠢ ᠠᠵᠢᠯᠯᠠᠭ᠎ᠠ ᠶ᠋ᠢ ᠬᠠᠢᠷ᠎ᠠ ᠨᠠᠢᠷ ᠦᠭᠡᠢ ᠢᠯᠡᠴᠢᠯᠡᠨ ᠪᠤᠷᠤᠭᠤᠰᠢᠶᠠᠵᠤ᠂ ᠬᠠᠩᠭᠢᠨ ᠨᠣᠶᠠᠳ ᠤ᠋ᠨ ᠪᠠᠯᠠᠮᠠᠳ ᠬᠡᠷᠴᠡᠭᠡᠢ ᠳᠠᠷᠤᠩᠭᠤᠢᠯᠠᠯ  ᠢ᠋ ᠰᠢᠳᠦ ᠵᠠᠭᠤᠨ ᠬᠠᠲᠠᠭᠤᠵᠢᠨ ᠲᠡᠰᠪᠦᠷᠢᠯᠡᠵᠦ᠂ ᠬᠠᠢᠷ᠎ᠠ ᠬᠣᠷᠣᠰᠤᠯ ᠲᠣᠳᠣᠷᠬᠠᠢ ᠪᠠᠢᠵᠤ᠂ ᠬᠣᠷᠸ᠎ᠠ ᠲᠦᠮᠡᠨ ᠳ᠋ᠡᠭᠡᠨ ᠡᠷᠬᠢᠮ ᠠᠯᠳᠠᠷ ᠢ᠋ᠶ᠋ᠠᠨ ᠳᠠᠭᠤᠷᠢᠰᠤᠭᠤᠯᠤᠭᠰᠠᠨ ᠶᠤᠮ᠃ ᠮᠥᠨ ᠴᠦ᠍ ᠬᠥᠮᠦᠨ ᠠᠷᠠᠳ ᠢ᠋ᠶ᠋ᠠᠨ ᠰᠣᠶᠣᠨ ᠭᠡᠭᠡᠷᠡᠭᠦᠯᠬᠦ ᠪᠡᠷ ᠬᠦᠴᠦᠯᠡᠨ ᠴᠢᠷᠮᠠᠢᠵᠤ᠂ ᠦᠨᠡᠲᠦ ᠰᠤᠷᠭᠠᠯ ᠰᠢᠭᠦᠮᠵᠢ ᠪᠡᠨ ᠬᠠᠢᠷᠠᠯᠠᠨ᠂ ᠡᠷᠬᠢᠮ ᠡᠷᠬᠢᠮ ᠵᠣᠬᠢᠶᠠᠯ ᠢ᠋ᠶ᠋ᠠᠨ ᠲᠦᠮᠡᠨ ᠣᠯᠠᠨ ᠳ᠋ᠠᠭᠠᠨ ᠳᠡᠭᠡᠳᠦᠯᠡᠨ ᠡᠷᠭᠦᠭᠰᠡᠨ ᠪᠠᠢᠨ᠎ᠠ᠃
      ᠯᠣᠷᠣᠢᠰᠠᠮᠪᠤ  ᠬᠡᠳᠦᠢᠪᠡᠷ ᠥᠪᠡᠷ ᠦ᠋ᠨ ᠬᠤᠪᠢᠰᠬᠠᠯᠲᠤ ᠲᠡᠮᠡᠴᠡᠯ ᠦ᠋ᠨ ᠢᠯᠠᠯᠲᠠ ᠪᠠᠨ ᠨᠢᠳᠦ ᠪᠡᠷ ᠢ᠋ᠶ᠋ᠡᠨ ᠣᠯᠵᠤ ᠦᠵᠡᠭᠰᠡᠨ ᠦᠭᠡᠢ ᠪᠣᠯᠪᠠᠴᠤ᠂ ᠦᠨᠡᠨ ᠶᠣᠰᠣ ᠶ᠋ᠢ ᠪᠠᠷᠢᠮᠲᠠᠯᠠᠨ ᠲᠡᠮᠡᠴᠡᠵᠦ ᠡᠷᠬᠡ ᠲᠡᠭᠰᠢ ᠶ᠋ᠢ ᠬᠦᠰᠡᠮᠵᠢᠯᠡᠨ᠂ ᠳᠠᠷᠤᠯᠠᠯ ᠮᠥᠯᠵᠢᠯ  ᠢ᠋ ᠡᠰᠡᠷᠭᠦᠴᠡᠨ᠂ ᠦᠨᠡᠨ ᠶᠣᠰᠣ ᠡᠴᠦᠰ ᠦ᠋ᠨ ᠡᠴᠦᠰ ᠲᠡᠭᠡᠨ ᠢᠯᠠᠯᠲᠠ ᠣᠯᠬᠤ ᠪᠠᠲᠤ ᠢᠲᠡᠭᠡᠯ  ᠢ᠋  ᠡᠪᠦᠷᠯᠡᠭᠰᠡᠭᠡᠷ ᠪᠠᠢᠵᠤ ᠠᠮᠢᠰᠬᠤᠯ ᠬᠤᠷᠢᠶᠠᠵᠠᠢ᠃ ᠭᠡᠪᠡᠴᠦ ᠲᠡᠦᠬᠡ ᠶᠠᠭ ᠲᠡᠭᠦᠨ ᠦ᠌ ᠠᠮᠢᠳᠤ ᠰᠡᠷᠡᠭᠦᠨ ᠪᠠᠢᠬᠤ ᠳ᠋ᠠᠭᠠᠨ ᠮᠠᠭᠠᠳᠯᠠᠨ ᠵᠢᠱ᠌ᠢᠭᠰᠡᠨ᠄《 ᠡᠷᠬᠡ ᠴᠢᠯᠥᠭᠡᠲᠦ ᠡᠩᠬᠡ ᠲᠠᠢᠪᠤᠩ ᠨᠡᠢᠭᠡᠮ ᠯᠠᠪ ᠬᠦᠷᠴᠦ ᠢᠷᠡᠬᠦ ᠶᠦᠮ᠃ ᠮᠠᠨᠤᠰ ᠦᠵᠡᠵᠦ ᠴᠢᠳᠠᠬᠤ ᠦᠭᠡᠢ ᠮᠠᠭᠠᠳ ᠦᠭᠡᠢ ᠂ᠲᠠᠨᠤᠰ ᠵᠠᠯᠠᠭᠤ ᠪᠠᠭᠠᠴᠤᠳ ᠯᠠᠪᠲᠠᠢ ᠦᠵᠡᠬᠦ ᠶᠦᠮ》 ᠭᠡᠰᠡᠨ  ᠢ᠋  ᠪᠠᠲᠤ ᠨᠤᠲᠠᠲᠠᠢ ᠭᠡᠷᠡᠴᠢᠯᠡᠪᠡ᠃
      ᠯᠣᠷᠣᠢᠰᠠᠮᠪᠤ ᠪᠣᠯ ᠤᠷᠤᠭᠰᠢᠯᠠᠭᠰᠠᠨ ᠦᠵᠡᠯ ᠰᠠᠨᠠᠭ᠎ᠠ ᠲᠠᠢ ᠳᠠᠪᠰᠢᠩᠭᠤᠢ ᠰᠡᠬᠡᠭᠡᠲᠡᠨ᠂ ᠦᠵᠡᠯᠲᠡ ᠲᠠᠨᠢᠯᠲᠠ ᠨᠢ ᠥᠨᠳᠥᠷ ᠠᠬᠤᠢᠴᠢ ᠪᠣᠳᠠᠰᠴᠢ ᠦᠵᠡᠯᠲᠡᠨ᠂ ᠬᠠᠷᠠᠩᠭᠤᠢ ᠹᠧᠣᠳᠠᠯ ᠤ᠋ᠨ ᠨᠡᠢᠭᠡᠮ  ᠢ᠋ ᠡᠰᠡᠷᠭᠦᠴᠡᠵᠦ᠂ ᠡᠷᠬᠡ ᠴᠢᠯᠥᠭᠡᠨ ᠦ᠌ ᠲᠥᠯᠥᠭᠡ ᠲᠡᠮᠡᠴᠡᠭᠰᠡᠨ ᠠᠷᠠᠳᠴᠢᠯᠠᠭᠰᠠᠨ ᠬᠤᠪᠢᠰᠬᠠᠯᠴᠢ ᠮᠥᠨ ᠭᠡᠳᠡᠭ  ᠢ᠋ ᠲᠡᠭᠦᠨ ᠦ᠌ ᠬᠤᠪᠢᠰᠬᠠᠯᠲᠤ ᠬᠥᠳᠡᠯᠭᠡᠭᠡᠨ ᠦ᠌ ᠦᠢᠯᠡ ᠠᠵᠢᠯᠯᠠᠭ᠎ᠠ ᠪᠠ ᠲᠡᠮᠡᠴᠡᠯ ᠦ᠋ᠨ ᠦᠢᠯᠡᠳᠦᠯᠭᠡ ᠭᠡᠷᠡᠴᠢᠯᠡᠵᠦ ᠪᠠᠢᠨ᠎ᠠ᠃ ᠯᠣᠷᠣᠢᠰᠠᠮᠪᠤ ᠪᠣᠯ ᠮᠣᠩᠭᠣᠯ ᠦᠨᠳᠦᠰᠦᠲᠡᠨ ᠦ᠌ ᠰᠣᠶᠣᠯ ᠪᠣᠯᠪᠠᠰᠤᠨ ᠪᠠ ᠢᠯᠠᠩᠭᠤᠶ᠎ᠠ ᠣᠷᠳᠣᠰ ᠤ᠋ᠨ ᠤᠳᠬ᠎ᠠ ᠵᠣᠬᠢᠶᠠᠯ ᠤ᠋ᠨ ᠬᠠᠭᠤᠳᠠᠰᠤᠨ ᠳ᠋ᠤ᠌ ᠴᠢᠮᠠᠯᠠᠰᠢ ᠦᠭᠡᠢ ᠨᠡᠮᠡᠷᠢ ᠬᠠᠨᠳᠢᠪ ᠢ᠋ᠶ᠋ᠠᠨ ᠡᠷᠭᠦᠭᠰᠡᠨ ᠠᠯᠳᠠᠷᠲᠤ ᠰᠢᠯᠦᠭᠴᠢ ᠭᠡᠳᠡᠭ  ᠢ᠋ ᠲᠡᠭᠦᠨ ᠦ᠌ ᠵᠣᠬᠢᠶᠠᠯ ᠪᠦᠲᠦᠭᠡᠯ ᠨᠢ ᠮᠠᠨ ᠳ᠋ᠤ᠌ ᠦᠵᠡᠭᠦᠯᠦᠭᠡᠳ ᠪᠠᠢᠨ᠎ᠠ᠂ ᠬᠡᠯᠡᠭᠡᠳ ᠪᠠᠢᠨ᠎ᠠ᠃ ᠮᠥᠨ ᠴᠦ᠍ ᠬᠣᠢᠴᠢ ᠦᠶ᠎ᠡ ᠶ᠋ᠢᠨ ᠬᠢᠨ ᠳ᠋ᠡᠭᠡᠨ ᠦᠯᠡᠳᠡᠭᠡᠨ ᠥᠭᠭᠦᠭᠰᠡᠨ ᠨᠠᠨᠳᠢᠨ ᠥᠪ ᠮᠥᠷᠲᠡᠭᠡᠨ ᠮᠣᠩᠭᠣᠯ ᠲᠦᠮᠡᠨ ᠦ᠌ ᠰᠤᠷᠤᠯᠴᠠᠬᠤ ᠦᠯᠢᠭᠡᠷ ᠳᠠᠭᠤᠷᠢᠶᠠᠯ ᠪᠣᠯᠬᠤ ᠰᠠᠨ᠃
    ᠬᠠᠩᠭᠢᠨ ᠳ᠋ᠤ᠌ ᠪᠣᠯᠤᠭᠰᠠᠨ ᠯᠣᠷᠣᠢᠰᠠᠮᠪᠤ ᠪᠠᠷ ᠲᠦᠷᠦᠭᠦᠯᠡᠭᠦᠯᠦᠭᠰᠡᠨ ᠠᠷᠠᠳ ᠤ᠋ᠨ ᠬᠤᠪᠢᠰᠬᠠᠯᠲᠤ ᠨᠠᠮ ᠤ᠋ᠨ ᠳᠤᠭᠤᠢᠯᠠᠩ ᠤ᠋ᠨ ᠬᠥᠳᠡᠯᠭᠡᠭᠡᠨ ᠨᠢ ᠬᠡᠳᠦᠢᠪᠡᠷ ᠳᠠᠷᠤᠩᠭᠤᠢᠯᠠᠭᠳᠠᠨ ᠢᠯᠠᠭᠳᠠᠭᠰᠠᠨ ᠪᠣᠯᠪᠠᠴᠤ ᠲᠡᠷᠡ ᠨᠢ ᠪᠦᠬᠦᠢᠯᠡ ᠣᠷᠳᠣᠰ ᠠᠷᠠᠳ ᠲᠦᠮᠡᠨ ᠦ᠌ ᠴᠢᠯᠥᠭᠡᠯᠡᠯᠲᠡ ᠪᠠ ᠢᠯᠠᠩᠭᠤᠶ᠎ᠠ ᠬᠠᠩᠭᠢᠨ ᠨᠤᠲᠤᠭ ᠤ᠋ᠨ ᠠᠷᠠᠳ ᠲᠦᠮᠡᠨ ᠦ᠌ ᠢᠷᠡᠭᠡᠳᠦᠢ ᠶ᠋ᠢᠨ ᠴᠢᠯᠥᠭᠡᠯᠡᠯᠲᠡ ᠶ᠋ᠢᠨ ᠦᠢᠯᠡᠰ ᠲᠦ᠍ ᠭᠠᠪᠢᠶ᠎ᠠ ᠵᠢᠳᠬᠦᠯ ᠬᠤᠪᠢ ᠨᠡᠮᠡᠷᠢ ᠦᠵᠡᠭᠦᠯᠦᠭᠰᠡᠨ ᠨᠢ ᠳᠠᠮᠵᠢᠭ ᠦᠭᠡᠢ᠃ ᠯᠣᠷᠣᠢᠰᠠᠮᠪᠤ ᠬᠥᠮᠦᠨ ᠦ᠌ ᠶᠢᠷᠲᠢᠨᠴᠦ ᠳ᠋ᠦ᠍ ᠬᠡᠳᠦᠢᠪᠡᠷ ᠲᠠᠪᠢᠨ ᠵᠢᠷᠭᠤᠭᠠᠨ ᠬᠠᠪᠤᠷ ᠨᠠᠮᠤᠷ  ᠢ᠋ ᠥᠩᠭᠡᠷᠡᠭᠦᠯᠦᠭᠰᠡᠨ ᠪᠣᠯᠪᠠᠴᠤ ᠡᠨᠡ ᠬᠦ᠌ ᠲᠠᠪᠢᠨ ᠵᠢᠷᠭᠤᠭᠠᠨ ᠵᠢᠯ ᠨᠢ ᠭᠡᠷᠡᠯ ᠰᠠᠴᠤᠷᠠᠩᠭᠤᠢ ᠲᠠᠪᠢᠨ ᠵᠢᠷᠭᠤᠭᠠᠨ ᠵᠢᠯ ᠪᠣᠯᠤᠨ᠎ᠠ᠃ ᠢᠯᠠᠩᠭᠤᠶ᠎ᠠ ᠲᠡᠭᠦᠨ ᠦ᠌ ᠰᠢᠯᠦᠭ ᠵᠣᠬᠢᠶᠠᠯ ᠨᠢ ᠣᠷᠴᠢᠨ ᠦᠶ᠎ᠡ ᠶ᠋ᠢᠨ ᠤᠷᠠᠨ ᠵᠣᠬᠢᠶᠠᠯ ᠤ᠋ᠨ ᠲᠡᠦᠬᠡᠨ ᠳ᠋ᠦ᠍ ᠵᠣᠬᠢᠬᠤ ᠬᠤᠪᠢ ᠨᠡᠮᠡᠷᠢ ᠦᠵᠡᠭᠦᠯᠦᠭᠰᠡᠨ ᠶᠦᠮ᠃ ᠲᠡᠭᠦᠨ ᠦ᠌ ᠡᠨᠡ ᠵᠢᠳᠬᠦᠯ ᠨᠢ ᠮᠣᠩᠭᠣᠯ ᠤ᠋ᠨ ᠤᠷᠠᠨ ᠵᠣᠬᠢᠶᠠᠯ ᠤ᠋ᠨ ᠲᠡᠦᠬᠡᠨ ᠳ᠋ᠦ᠍ ᠮᠥᠩᠬᠡ ᠲᠡᠮᠳᠡᠭᠯᠡᠭᠳᠡᠬᠦ ᠶᠣᠰᠣᠲᠠᠢ᠃ ᠮᠥᠨ ᠴᠦ᠍ ᠮᠠᠨ ᠤ᠋ ᠮᠣᠩᠭᠣᠯ ᠦᠨᠳᠦᠰᠦᠲᠡᠨ ᠦ᠌ ᠤᠷᠠᠨ ᠵᠣᠬᠢᠶᠠᠯ ᠤ᠋ᠨ ᠬᠥᠭᠵᠢᠯ ᠦ᠋ᠨ ᠲᠡᠦᠬᠡᠨ ᠳ᠋ᠦ᠍ ᠵᠣᠬᠢᠬᠤ ᠪᠠᠢᠷᠢ ᠰᠠᠭᠤᠷᠢ ᠲᠠᠢ ᠵᠣᠬᠢᠶᠠᠯᠴᠢ ᠶ᠋ᠢᠨ ᠨᠢᠭᠡ ᠨᠢ ᠪᠣᠯᠬᠤ ᠶ᠋ᠢ ᠦᠨᠡᠯᠡᠬᠦ ᠶᠣᠰᠣᠲᠠᠢ᠃
      ᠲᠡᠷᠡ ᠪᠡᠷ ᠸᠠᠩᠳᠠᠨᠨᠢᠮ᠎ᠠ ᠰᠢᠨᠠᠯᠠᠮ᠎ᠠ ᠵᠡᠷᠭᠡ ᠣᠷᠳᠣᠰ ᠤ᠋ᠨ ᠳᠤᠭᠤᠢᠯᠠᠩ ᠤ᠋ᠨ ᠬᠤᠪᠢᠰᠬᠠᠯᠲᠤ ᠬᠥᠳᠡᠯᠭᠡᠭᠡᠨ ᠦ᠌ ᠭᠠᠪᠰᠢᠭᠠᠢ ᠲᠦᠷᠦᠭᠦᠴᠦᠳ ᠦ᠋ᠨ ᠨᠢᠭᠡ ᠨᠢ ᠪᠣᠯᠵᠤ ᠲᠡᠦᠬᠡᠨ ᠬᠠᠭᠤᠳᠠᠰᠤᠨ ᠳ᠋ᠤ᠌ ᠠᠯᠳᠠᠷ ᠨᠡᠷ᠎ᠡ ᠪᠡᠨ ᠮᠠᠨᠳᠤᠭᠤᠯᠤᠭᠰᠠᠨ ᠤ᠋ ᠬᠠᠮᠲᠤ᠂ ᠢᠰᠢᠳᠠᠨᠽᠠᠨᠸᠠᠩᠵᠢᠯ᠂ ᠬᠡᠰᠢᠬᠪᠠᠲᠤ᠂᠂᠂᠂ ᠵᠡᠷᠭᠡ ᠶ᠋ᠢᠨ ᠣᠷᠳᠣᠰ ᠤ᠋ᠨ ᠠᠯᠳᠠᠷᠲᠤ ᠵᠣᠬᠢᠶᠠᠯᠴᠢ᠂ ᠠᠷᠠᠳ ᠤ᠋ᠨ ᠢᠷᠠᠭᠤ ᠨᠠᠢᠷᠠᠭᠴᠢᠳ ᠤ᠋ᠨ ᠨᠢᠭᠡ ᠨᠢ ᠪᠣᠯᠵᠤ ᠡᠷᠭᠦᠨ ᠳᠡᠭᠡᠳᠦᠯᠡᠭᠳᠡᠵᠦ ᠪᠠᠢᠨ᠎ᠠ᠃ ᠲᠡᠭᠦᠨ ᠦ᠌ ᠲᠡᠳᠡᠭᠡᠷ ᠢᠷᠠᠭᠤ ᠰᠠᠢᠬᠠᠨ ᠵᠣᠬᠢᠶᠠᠯ ᠪᠦᠲᠦᠭᠡᠯ ᠨᠢ ᠮᠣᠩᠭᠣᠯ ᠦᠨᠳᠦᠰᠦᠲᠡᠨ ᠦ᠌ ᠰᠣᠶᠣᠯ ᠤ᠋ᠨ ᠥᠪ ᠦ᠋ᠨ ᠭᠡᠷᠡᠯᠲᠦ ᠰᠤᠪᠤᠳ ᠤ᠋ᠨ ᠣᠪᠣᠭᠠᠨ ᠳ᠋ᠤ᠌ ᠥᠪᠡᠷ ᠦ᠋ᠨ ᠭᠡᠷᠡᠯ ᠭᠢᠯᠪᠠᠭ᠎ᠠ ᠪᠠᠨ ᠰᠠᠴᠤᠷᠠᠭᠤᠯᠤᠭᠰᠠᠭᠠᠷ ᠪᠠᠢᠨ᠎ᠠ᠃