ᠰᠢᠷ᠎ᠠ ᠵᠣᠣ ᠰᠦᠮ᠎ᠡ ᠶ᠋ᠢᠨ ᠴᠠᠮ ᠪᠥᠵᠢᠭ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг
ᠴᠠᠮ ᠪᠣᠯ ᠪᠤᠳ᠋ᠳ᠋ᠾᠠ ᠶ᠋ᠢᠨ ᠱᠠᠰᠢᠨ ᠤ᠋ ᠰᠦᠮ᠎ᠡ ᠬᠡᠢᠳ ᠲᠦ᠍ ᠲᠣᠭᠯᠠᠳᠠᠭ ᠯᠠᠮᠠ ᠶ᠋ᠢᠨ ᠪᠥᠵᠢᠭ᠃ ᠭᠣᠣᠯᠳᠠᠭᠤ ᠠᠳᠠᠯᠢ ᠪᠤᠰᠤ ᠪᠠᠭ᠂ ᠬᠤᠶᠠᠭ᠂ ᠬᠤᠪᠴᠠᠰᠤ ᠡᠮᠦᠰᠴᠦ ᠲᠣᠭᠯᠠᠭᠴᠢᠳ ᠤ᠋ᠨ ᠦᠢᠯᠡ ᠠᠵᠢᠯᠯᠠᠭ᠎ᠠ ᠬᠥᠳᠡᠯᠭᠡᠭᠡᠨ ᠢ᠋ᠶ᠋ᠡᠷ ᠳᠠᠮᠵᠢᠭᠤᠯᠵᠤ ᠪᠤᠳ᠋ᠳ᠋ᠾᠠ ᠶ᠋ᠢᠨ ᠱᠠᠰᠢᠨ ᠤ᠋ ᠨᠣᠮ ᠰᠤᠳᠤᠷ ᠲᠤ᠌ ᠲᠡᠮᠳᠡᠭᠯᠡᠭᠰᠡᠨ ᠪᠣᠳᠢᠰᠠᠳ᠋ᠸ᠎ᠠ ᠨᠠᠷ ᠤ᠋ᠨ ᠲᠡᠦᠬᠡᠨ ᠦᠢᠯᠡ ᠠᠵᠢᠯᠯᠠᠭ᠎ᠠ ᠶ᠋ᠢ ᠲᠤᠰᠬᠠᠳᠠᠭ᠃
ᠰᠢᠷ᠎ᠠ ᠵᠣᠣ ᠰᠦᠮ᠎ᠡ ᠳ᠋ᠦ᠍ ᠵᠢᠯ ᠳ᠋ᠦ᠍ ᠬᠣᠶᠠᠷ ᠤᠳᠠᠭᠠᠨ ᠤ᠋ ᠶᠡᠬᠡ ᠴᠠᠮ ᠲᠠᠢ ᠪᠠᠢᠵᠠᠢ᠃
ᠡᠳᠦᠭᠡ2002 ᠣᠨ ᠤ᠋ ᠮᠠᠨᠢ ᠶ᠋ᠢᠨ ᠬᠤᠷᠠᠯ ᠳᠡᠭᠡᠷ᠎ᠡ ᠰᠢᠷ᠎ᠠ ᠵᠣᠣ ᠰᠦᠮ᠎ᠡ ᠶ᠋ᠢᠨ ᠠᠯᠳᠠᠷ ᠬᠦᠨᠳᠦᠲᠡᠢ ᠪᠠᠷᠠᠭᠤᠨ ᠪᠠᠭᠰᠢ ᠲᠣᠪᠳᠣᠨᠫᠸᠯᠵᠠᠢ ᠶ᠋ᠢᠨ ᠪᠤᠩᠬᠤᠨ ᠰᠤᠪᠤᠷᠭ᠎ᠠ ᠶ᠋ᠢ ᠪᠠᠢᠭᠤᠯᠵᠤ ᠷᠠᠪᠨᠠᠢᠯᠠᠭᠰᠠᠨ ᠨᠠᠢᠷ ᠳᠡᠭᠡᠷ᠎ᠡ ᠲᠣᠭᠯᠠᠭᠰᠠᠨ ᠭᠤᠴᠢᠨ ᠵᠢᠷᠭᠤᠭᠠᠨ ᠴᠠᠮ ᠢ᠋ ᠳᠦᠷᠰᠦ ᠰᠢᠩᠭᠡᠭᠡᠨ ᠲᠡᠮᠳᠡᠭᠯᠡᠭᠰᠡᠨ ᠬᠡᠰᠡᠭ ᠪᠦᠯᠦᠭ ᠡᠴᠡ ᠳᠥᠭᠥᠮ ᠲᠠᠨᠢᠯᠴᠠᠭᠤᠯᠤᠶ᠎ᠠ᠃
ᠡᠳᠡᠭᠡᠷ ᠴᠠᠮ ᠢ᠋ ᠪᠠᠷᠤᠭ ᠨᠢ ᠪᠦᠷ ᠵᠢᠷᠠ ᠳᠠᠯ᠎ᠠ ᠶ᠋ᠢᠨ ᠳᠠᠪᠠᠭ᠎ᠠ ᠶ᠋ᠢ ᠳᠠᠪᠠᠭᠰᠠᠨ ᠨᠠᠰᠤᠲᠠᠢᠴᠤᠳ ᠴᠢᠷᠮᠠᠢᠨ ᠪᠡᠶᠡᠯᠡᠵᠦ ᠲᠡᠦᠬᠡᠨ ᠤᠯᠠ ᠮᠥᠷ ᠪᠣᠯᠭᠠᠨ ᠦᠯᠡᠳᠡᠭᠡᠭᠰᠡᠨ ᠪᠢᠯᠡ᠃
1. ᠲᠣᠳᠬᠠᠨ ᠂ ᠬᠥᠰᠢᠭᠡ ᠮᠡᠳᠡᠭᠦᠯᠦᠭᠴᠢ( ᠬᠣᠶᠠᠷ ᠬᠥᠮᠦᠨ)
ᠲᠣᠭᠯᠠᠭᠰᠠᠨ ᠬᠥᠮᠦᠨ᠂ ᠴᠣᠭᠪᠠᠶᠠᠷ 61 ᠨᠠᠰᠤᠲᠠᠢ᠂ ᠨᠣᠷᠪᠤ 61 ᠨᠠᠰᠤᠲᠠᠢ᠂ ᠠᠭᠤᠯᠭ᠎ᠠ ᠨᠢ᠂ ᠪᠤᠰᠤᠳ ᠴᠠᠮ ᠳ᠋ᠠᠭᠠᠨ ᠭᠠᠵᠠᠷ ᠣᠷᠣᠨ ᠢ᠋ ᠨᠢ ᠪᠠᠢᠴᠠᠭᠠᠨ ᠰᠢᠨᠵᠢᠵᠦ ᠲᠣᠳᠣᠯᠠᠵᠤ ᠪᠠᠢᠭ᠎ᠠ ᠦᠵᠡᠭᠳᠡᠯ᠂ ᠡᠭᠦᠨ ᠢ᠋ ᠪᠠᠰᠠ ᠬᠣᠬᠢᠮᠠᠢ ᠲᠣᠯᠣᠭᠠᠢᠲᠤ ᠭᠡᠳᠡᠭ ᠲᠣᠷᠳᠠᠭ ᠭᠡᠳᠡᠭ ᠴᠣᠢᠵᠢᠨ( ᠪᠤᠷᠬᠠᠨ)᠃
2. ᠠᠵᠠᠷ᠂ ᠪᠠᠨᠵᠠᠷ ( ᠬᠣᠶᠠᠷ ᠬᠥᠮᠦᠨ)
ᠲᠣᠭᠯᠠᠭᠰᠠᠨ ᠬᠥᠮᠦᠨ ᠭᠣᠮᠪᠣ 68 ᠨᠠᠰᠤᠲᠠᠢ᠂ ᠰᠡᠮᠲᠡᠨ 66 ᠨᠠᠰᠤᠲᠠᠢ᠂ ᠠᠭᠤᠯᠭ᠎ᠠ᠂ ᠪᠤᠷᠬᠠᠨ ᠤ᠋ ᠱᠠᠰᠢᠨ ᠳᠡᠯᠭᠡᠷᠡᠬᠦ ᠳ᠋ᠦ᠍ ᠳᠠᠯᠠᠢ ᠠ᠋ᠴᠠ ᠡᠳ᠋ ᠡᠷᠳᠡᠨᠢ ᠰᠢᠭᠦᠨ ᠣᠯᠵᠤ ᠪᠠᠢᠭ᠎ᠠ ᠳᠦᠷᠰᠦᠯᠡᠯ᠂ ᠡᠨᠡᠳᠬᠡᠭ ᠬᠥᠮᠦᠨ ᠭᠡᠵᠢᠭᠡ ᠪᠡᠨ ᠳᠡᠭᠡᠭᠰᠢ ᠪᠠᠭᠤᠵᠤ ᠪᠠᠢᠳᠠᠭ᠃
3. ᠬᠥᠭᠡᠷ( ᠬᠣᠶᠠᠷ ᠬᠥᠮᠦᠨ)
ᠲᠣᠭᠯᠠᠭᠰᠠᠨ ᠬᠥᠮᠦᠨ ᠨᠢᠩᠵᠢᠳ 71 ᠨᠠᠰᠤᠲᠠᠢ᠂ ᠯᠣᠴᠢᠨᠰᠡᠷᠡᠩ 72 ᠨᠠᠰᠤᠲᠠᠢ᠂ ᠠᠭᠤᠯᠭ᠎ᠠ ᠨᠢ᠂ ᠱᠠᠰᠢᠨ ᠢ᠋ ᠬᠠᠮᠠᠭᠠᠯᠠᠵᠤ ᠪᠠᠢᠬᠤ ᠪᠤᠷᠬᠠᠨ ᠤ᠋ ᠳᠦᠷᠰᠦᠯᠡᠯ ᠪᠣᠯᠤᠨ᠎ᠠ᠃
4. ᠯᠣᠸᠠᠹᠠᠢ( ᠬᠣᠶᠠᠷ ᠬᠥᠮᠦᠨ)
ᠲᠣᠭᠯᠠᠭᠰᠠᠨ ᠬᠥᠮᠦᠨ᠂ ᠰᠢᠷᠠᠪ 61 ᠨᠠᠰᠤᠲᠠᠢ᠂ ᠪᠠᠯᠳᠠᠨᠳᠣᠷᠵᠢ 69 ᠨᠠᠰᠤᠲᠠᠢ᠂ ᠠᠭᠤᠯᠭ᠎ᠠ ᠨᠢ᠂ ᡀᠠᠮᠣ( ᠥᠬᠢᠨ ᠲᠩᠷᠢ) ᠶ᠋ᠢᠨ ᠬᠣᠶᠠᠷ ᠬᠡᠦᠬᠡᠨ ᠢ᠋ ᠮᠠᠩᠭᠤᠰ ᠪᠦᠯᠢᠶᠡᠨ ᠠᠪᠠᠴᠢᠭᠰᠠᠨ ᠤ᠋ ᠳᠠᠷᠠᠭ᠎ᠠ ᠬᠡᠦᠬᠡᠨ ᠦ᠌ ᠠᠬ᠎ᠠ ᠨᠢ ᠳᠡᠭᠦᠦ ᠨᠠᠷ ᠢ᠋ᠶ᠋ᠠᠨ ᠠᠪᠤᠷᠠᠬᠤ ᠪᠠᠷ ᠣᠴᠢᠬᠤ ᠦᠭᠡᠢ ᠤᠴᠢᠷ ᠨᠢᠭᠡ ᠬᠡᠦᠬᠡᠨ ᠨᠢ ᠬᠣᠯᠠ ᠯᠠᠭᠤᠰᠠ ᠤᠨᠤᠵᠤ ᠨᠢᠭᠡ ᠨᠢ ᠠᠷᠰᠯᠠᠨ ᠤᠨᠤᠵᠤ ᠠᠬ᠎ᠠ ᠲᠠᠢ ᠪᠠᠨ ᠲᠤᠯᠤᠯᠳᠤᠬᠤ ᠪᠠᠷ ᠢᠷᠡᠭᠰᠡᠨ ᠳ᠋ᠦ᠍ ᠠᠬ᠎ᠠ ᠨᠢ ᠬᠠᠷᠢᠨ ᠬᠣᠶᠠᠷ ᠳᠡᠭᠦᠦ ᠶ᠋ᠢᠨ ᠢ᠋ᠶ᠋ᠡᠨ ᠬᠣᠢᠨ᠎ᠠ ᠠ᠋ᠴᠠ ᠨᠣᠮ ᠤᠩᠰᠢᠵᠤ ᠠᠷᠭ᠎ᠠ ᠰᠦᠪᠡᠭᠴᠢᠯᠡᠵᠦ ᠪᠠᠢᠭᠰᠠᠨ ᠭᠡᠨ᠎ᠡ᠃
5. ᠰᠡᠩᠺᠷᠡᠮ ( ᠬᠣᠶᠠᠷ ᠬᠥᠮᠦᠨ)
ᠲᠣᠭᠯᠠᠭᠰᠠᠨ ᠬᠥᠮᠦᠨ ᠰᠡᠮᠲᠡᠨ 66 ᠨᠠᠰᠤᠲᠠᠢ᠂ ᠴᠣᠭᠪᠠᠶᠠᠷ 61 ᠨᠠᠰᠤᠲᠠᠢ᠂ ᠠᠭᠤᠯᠭ᠎ᠠ ᠨᠢ᠂ ᠰᠡᠭᠡᠱᠦᠳᠢ᠂ ᡀᠠᠮᠣ ( ᠥᠬᠢᠨ ᠲᠩᠷᠢ) ᠶ᠋ᠢᠨ ᠬᠣᠶᠠᠷ ᠬᠡᠦᠬᠡᠨ ᠦ᠌ ᠲᠣᠯᠣᠭᠠᠢ ᠶ᠋ᠢ ᠠᠪᠴᠤ ᠣᠷᠣᠨ ᠳ᠋ᠤᠨᠢ ᠪᠠᠷᠰ ᠤ᠋ᠨ ᠲᠣᠯᠣᠭᠠᠢ ᠶ᠋ᠢ ᠲᠣᠬᠢᠷᠠᠭᠤᠯᠤᠭᠰᠠᠨ ᠳᠦᠷᠰᠦᠯᠡᠯ ᠢ᠋ ᠲᠣᠭᠯᠠᠵᠤ ᠪᠠᠢᠨ᠎ᠠ᠃
6. ᠲᠦᠩᠵᠢᠶᠡᠲᠤ ( ᠬᠣᠶᠠᠷ ᠬᠥᠮᠦᠨ)
ᠲᠣᠭᠯᠠᠭᠰᠠᠨ ᠬᠥᠮᠦᠨ ᠨᠢᠩᠵᠢᠳ 71 ᠨᠠᠰᠤᠲᠠᠢ᠂ ᠷᠠᠸᠠᠳᠢ 65 ᠨᠠᠰᠤᠲᠠᠢ᠂ ᠠᠭᠤᠯᠭ᠎ᠠ ᠨᠢ᠂ ᠥᠬᠢᠨ ᠲᠩᠷᠢ ᠶ᠋ᠢ ᠲᠣᠭᠯᠠᠵᠤ ᠪᠠᠢᠨ᠎ᠠ᠃
7. ᠴᠠᠮ ᠶᠣᠭᠰᠣᠭ ( ᠬᠣᠶᠠᠷ ᠬᠥᠮᠦᠨ)
ᠲᠣᠭᠯᠠᠭᠰᠠᠨ ᠬᠥᠮᠦᠨ ᠯᠣᠴᠢᠨᠰᠡᠷᠡᠩ 72 ᠨᠠᠰᠤᠲᠠᠢ᠂ ᠴᠣᠭᠪᠠᠶᠠᠷ 61 ᠨᠠᠰᠤᠲᠠᠢ᠂ ᠠᠭᠤᠯᠭ᠎ᠠ ᠨᠢ ᠨᠠᠮᠰᠠᠷᠠᠢ᠂ ᠪᠠᠶᠠᠵᠢᠳᠠᠭ ᠡᠷᠳᠡᠨᠢ ᠶ᠋ᠢᠨ ᠬᠤᠯᠤᠭᠠᠨ᠎ᠠ ᠶ᠋ᠢ ᠪᠠᠷᠢᠵᠤ ᠪᠠᠢᠭ᠎ᠠ ᠦᠵᠡᠭᠳᠡᠯ ᠪᠣᠯᠤᠨ᠎ᠠ᠃ ᠪᠠᠰᠠ ᠵᠠᠮᠰᠤᠷᠤᠩ ᠪᠤᠷᠬᠠᠨ ᠢ᠋ ᠬᠠᠮᠠᠭᠠᠯᠠᠵᠤ ᠪᠠᠢᠬᠤ ᠵᠡᠷᠭᠡ ᠦᠵᠡᠭᠳᠡᠯ ᠪᠣᠯᠤᠨ᠎ᠠ᠃
8. ᠪᠤᠭᠤ᠂ ᠰᠤᠭᠤ (ᠬᠣᠶᠠᠷ ᠬᠥᠮᠦᠨ)
ᠲᠣᠭᠯᠠᠭᠰᠠᠨ ᠬᠥᠮᠦᠨ ᠯᠣᠴᠢᠨᠰᠡᠷᠡᠩ 72 ᠨᠠᠰᠤᠲᠠᠢ᠂ ᠴᠣᠭᠪᠠᠶᠠᠷ 19 ᠨᠠᠰᠤᠲᠠᠢ᠂ ᠠᠭᠤᠯᠭ᠎ᠠ ᠨᠢ᠂ ᠲᠠᠯ᠎ᠠ ᠶ᠋ᠢᠨ ᠬᠣᠶᠠᠷ ᠭᠥᠷᠥᠭᠡᠰᠦ ᠲᠠᠪᠠᠲᠠᠢ ᠰᠠᠢᠬᠠᠨ ᠢᠳᠡᠰᠢᠯᠡᠵᠦ ᠰᠠᠨᠠᠭ᠎ᠠ ᠳᠤᠷ᠎ᠠ ᠪᠠᠷ ᠢ᠋ᠶ᠋ᠠᠨ ᠲᠣᠭᠯᠠᠨ ᠨᠠᠭᠠᠳᠴᠤ ᠪᠠᠢᠭ᠎ᠠ ᠦᠵᠡᠭᠳᠡᠯ ᠪᠣᠯᠤᠨ᠎ᠠ᠃
9. ᠡᠪᠦᠭᠡᠨ ᠰᠠᠮᠠᠭᠠᠨ ( ᠬᠣᠶᠠᠷ ᠬᠥᠮᠦᠨ)
ᠲᠣᠭᠯᠠᠭᠰᠠᠨ ᠬᠥᠮᠦᠨ ᠪᠦᠭᠲᠦ ᠡᠪᠦᠭᠡᠨ ᠢ᠋ ᠠᠯᠲᠠᠨᠭᠡᠷᠡᠯ 63 ᠨᠠᠰᠤᠲᠠᠢ᠂ ᠰᠠᠮᠠᠭᠠᠨ ᠢ᠋ ᠭᠣᠨᠴᠣᠭ 79 ᠨᠠᠰᠤᠲᠠᠢ᠃
10. ᠭᠠᠭᠴᠠ ᠪᠤᠭᠤ ( ᠨᠢᠭᠡ ᠬᠥᠮᠦᠨ)
ᠲᠣᠭᠯᠠᠭᠰᠠᠨ ᠬᠥᠮᠦᠨ ᠴᠣᠭᠪᠠᠶᠠᠷ 19 ᠨᠠᠰᠤᠲᠠᠢ᠂ ᠠᠭᠯᠠᠭ ᠭᠠᠵᠠᠷ ᠤ᠋ᠨ ᠭᠠᠭᠴᠠ ᠪᠤᠭᠤ ᠶ᠋ᠢᠨ ᠦᠵᠡᠭᠳᠡᠯ᠃
11. ᠪᠣᠭᠳᠠ ᠴᠠᠭᠠᠨ ᠡᠪᠦᠭᠡᠨ ( ᠨᠢᠭᠡ ᠬᠥᠮᠦᠨ)
ᠲᠣᠭᠯᠠᠭᠰᠠᠨ ᠬᠥᠮᠦᠨ ᠪᠠᠯᠳᠠᠨᠷᠠᠭᠪᠠ 72 ᠨᠠᠰᠤᠲᠠᠢ᠂ ᠬᠣᠶᠠᠷ ᠲᠣᠳᠬᠠᠨ ᠂ ᠠᠵᠠᠷ᠂ ᠪᠠᠨᠵᠠᠷ ᠳᠠᠭᠠᠵᠤ ᠪᠣᠢ᠃
12. ᠪᠠᠷᠰ ᠠᠷᠰᠯᠠᠨ ᠬᠣᠶᠠᠷ ᠶᠡᠬᠡ ᠬᠦᠴᠦᠲᠡᠨ
ᠲᠣᠭᠯᠠᠭᠰᠠᠨ ᠬᠥᠮᠦᠨ ᠪᠦᠷᠢᠨᠳᠣᠭᠲᠠᠬᠤ 48 ᠨᠠᠰᠤᠲᠠᠢ᠂ ᠳᠠᠯᠠᠨᠨᠠᠢᠮᠠ 45 ᠨᠠᠰᠤᠲᠠᠢ᠂ ᠳᠠᠢᠴᠢᠨᠵᠤᠤ ᠶ᠋ᠢᠨ ᠰᠢᠷᠠᠬᠦᠤ 63 ᠨᠠᠰᠤᠲᠠᠢ᠂ ᠪᠠᠭᠠᠲᠤᠷ 66 ᠨᠠᠰᠤᠲᠠᠢ᠂ ᠪᠣᠭᠳᠠ ᠴᠠᠭᠠᠨ ᠡᠪᠦᠭᠡᠨ᠂ ᠠᠵᠠᠷ ᠪᠠᠨᠵᠠᠷ ᠬᠠᠮᠲᠤ ᠲᠣᠭᠯᠠᠵᠤ ᠮᠠᠭᠲᠠᠨ ᠢᠷᠦᠭᠡᠭᠰᠡᠨ ᠨᠢ᠄
ᠤᠸᠮ ᠰᠠᠢᠨ ᠠᠮᠤᠭᠤᠯᠠᠩ ᠲᠠᠨ ᠪᠣᠯᠲᠤᠭᠠᠢ!
ᠪᠦᠭᠳᠦ ᠬᠡᠮᠡᠬᠦ ᠰᠢᠨᠵᠢ ᠪᠢᠯᠢᠭ ᠪᠦᠷᠢᠳᠦᠭᠰᠡᠨ
ᠪᠢᠯᠢᠭ ᠢ᠋ ᠪᠠᠳᠠᠷᠠᠭᠤᠯᠤᠭᠴᠢ ᠰᠢᠷ᠎ᠠ ᠵᠣᠣ ᠰᠦᠮ᠎ᠡ ᠶ᠋ᠢᠨ ᠡᠭᠦᠳᠡᠨ ᠳ᠋ᠦ᠍ᠷ
ᠪᠢᠯᠢᠭᠲᠦ ᠮᠡᠷᠭᠡᠳ ᠬᠤᠷᠠᠨ ᠴᠤᠭᠯᠠᠷᠠᠭᠰᠠᠨ ᠲᠠ ᠪᠦᠬᠦᠨ ᠦ᠌ ᠡᠮᠦᠨ᠎ᠡ
ᠪᠢᠰᠢᠯᠭᠠᠯ ᠪᠦᠲᠦᠭᠡᠭᠰᠡᠨ ᠮᠠᠨ ᠤ᠋ ᠬᠣᠶᠠᠷ ᠪᠣᠯ ᠮᠡᠷᠭᠡᠨ ᠪᠠᠭᠰᠢ ᠶ᠋ᠢᠨ ᠱᠠᠪᠢ ᠪᠢᠯᠡ
ᠴᠠᠰᠤᠲᠤ ᠶᠡᠬᠡ ᠴᠠᠭᠠᠨ ᠠᠭᠤᠯᠠᠨ ᠠ᠋ᠴᠠ
ᠠᠵᠠᠷ ᠪᠠᠨᠵᠠᠷ ᠬᠣᠶᠠᠷ ᠶᠡᠬᠡ ᠬᠦᠴᠦᠲᠦ ᠶ᠋ᠢ ᠠᠪᠴᠢᠷᠠᠬᠤ ᠶ᠋ᠢᠨ ᠲᠤᠯᠠᠳᠠ
ᠣᠯᠬᠤ ᠪᠠ ᠤᠨᠤᠬᠤ ᠶ᠋ᠢᠨ ᠪᠣᠯᠤᠯᠴᠠᠭ᠎ᠠ ᠪᠦᠬᠦᠢ ᠶ᠋ᠢᠨ ᠤᠴᠢᠷ
ᠥᠷᠭᠡᠨ ᠣᠯᠠᠨ ᠬᠠᠷ᠎ᠠ ᠰᠢᠷ᠎ᠠ ᠥᠭᠯᠢᠭᠡ ᠶ᠋ᠢᠨ ᠡᠵᠡᠳ ᠬᠢᠴᠢᠶᠡᠬᠦ ᠬᠡᠷᠡᠭᠲᠡᠢ
ᠬᠠ! ᠬᠠ! ᠬᠠ!
13. ᠽᠢᠩᠹᠤᠩ ( ᠨᠢᠭᠡ ᠬᠥᠮᠦᠨ)
ᠲᠣᠭᠯᠠᠭᠰᠠᠨ ᠬᠥᠮᠦᠨ ᠯᠣᠴᠢᠨᠰᠡᠷᠡᠩ 72 ᠨᠠᠰᠤᠲᠠᠢ᠂ ᠠᠭᠤᠯᠭ᠎ᠠ ᠨᠢ ᠭᠠᠷ ᠲᠠᠭᠠᠨ ᠪᠢᠴᠢᠬᠠᠨ ᠲᠣᠯᠢ ᠪᠠᠷᠢᠵᠤ ᠡᠯ᠎ᠡ ᠵᠦᠢᠯ ᠦ᠋ᠨ ᠲᠥᠪ ᠪᠤᠰᠤ ᠬᠡᠷᠡᠭ ᠶᠠᠪᠤᠳᠠᠯ ᠤ᠋ᠳ ᠢ᠋ ᠰᠢᠭᠦᠨ ᠪᠤᠷᠤᠭᠤ ᠶᠠᠪᠤᠳᠠᠯ ᠬᠢᠭᠰᠡᠳ ᠢ᠋ ᠵᠥᠪ ᠵᠠᠮ ᠢ᠋ᠶ᠋ᠠᠷ ᠵᠢᠯᠣᠭᠣᠳᠴᠤ ᠦᠯᠦ ᠳᠠᠭᠠᠭᠰᠠᠳ ᠢ᠋ ᠬᠤᠪᠢᠯᠭᠠᠨ ᠲᠣᠯᠢ ᠪᠠᠷ ᠲᠣᠯᠢᠳᠠᠵᠤ ᠵᠠᠷᠯᠢᠭ ᠢ᠋ᠶ᠋ᠠᠷ ᠵᠥᠪ ᠵᠠᠮ ᠳ᠋ᠤ᠌ ᠣᠷᠣᠭᠤᠯᠬᠤ ᠪᠤᠶᠤ ᠦᠯᠦ ᠳᠠᠭᠠᠭᠰᠠᠳ ᠢ᠋ ᠶᠠᠯᠠᠯᠠᠨ ᠲᠣᠷᠭᠠᠳᠠᠭ᠂ ᠡᠢᠮᠦ ᠡᠴᠡ ᠬᠥᠮᠦᠰ ᠪᠦᠷ ᠽᠢᠩᠹᠤᠩ ᠳ᠋ᠤ᠌ ᠮᠥᠷᠭᠥᠵᠦ ᠨᠢᠭᠦᠯ ᠵᠣᠪᠠᠯᠠᠩ ᠢ᠋ᠶ᠋ᠠᠨ ᠠᠷᠢᠯᠭᠠᠳᠠᠭ᠃ ᠽᠢᠩᠹᠤᠩ ᠢ᠋ ᠳᠥᠷᠪᠡᠨ ᠭᠡᠪᠬᠦᠢ ᠳᠠᠭᠠᠵᠤ ᠬᠠᠤᠯᠢ ᠴᠠᠭᠠᠵᠠ ᠶ᠋ᠢ ᠪᠠᠷᠢᠮᠲᠠᠯᠠᠵᠤ ᠬᠡᠷᠡᠭᠵᠢᠭᠦᠯᠵᠦ ᠪᠠᠢᠳᠠᠭ ᠡᠷᠯᠢᠭ ᠨᠣᠮᠣᠨ ᠬᠠᠭᠠᠨ ᠪᠢᠯᠡ᠃
14. ᠰᠤᠮᠤᠩᠬᠡᠢ ( ᠨᠢᠭᠡ ᠬᠥᠮᠦᠨ)
ᠲᠣᠭᠯᠠᠭᠰᠠᠨ ᠬᠥᠮᠦᠨ᠂ ᠴᠣᠭᠪᠠᠶᠠᠷ 61 ᠨᠠᠰᠤᠲᠠᠢ᠂ ᠠᠭᠤᠯᠭ᠎ᠠ ᠨᠢ ᠴᠣᠢᠯᠠᠩ ᠤ᠋ᠨ ᠭᠡᠷᠭᠡᠢ᠂ ᠱᠠᠰᠢᠨ ᠢ᠋ ᠬᠠᠮᠠᠭᠠᠯᠠᠵᠤ ᠪᠠᠢᠬᠤ ᠳᠦᠷᠰᠦᠯᠡᠯ ᠪᠣᠯᠤᠨ᠎ᠠ᠃
15. ᠴᠣᠢᠵᠢᠯ ( ᠨᠢᠭᠡ ᠬᠥᠮᠦᠨ)
ᠲᠣᠭᠯᠠᠭᠰᠠᠨ ᠬᠥᠮᠦᠨ ᠵᠣᠷᠳᠤᠩ 70 ᠨᠠᠰᠤᠲᠠᠢ᠂ ᠠᠭᠤᠯᠭ᠎ᠠ ᠨᠢ ᠶᠠᠮᠠᠨᠳᠠᠭ ᠤ᠋ᠨ ᠨᠢᠮ᠎ᠠ ᠴᠢᠮ᠎ᠠ ᠶ᠋ᠢ ᠲᠤᠭᠤᠯᠵᠤ ᠭᠡᠳᠡᠷᠭᠦ ᠪᠡᠨ ᠬᠠᠨᠳᠤᠵᠤ ᠭᠠᠷᠴᠤ ᠢᠷᠡᠳᠡᠭ᠃ ᠲᠤᠰ ᠴᠠᠮ ᠪᠣᠯ ᠡᠷᠯᠢᠭ ᠬᠠᠭᠠᠨ ᠲᠤᠯᠠ ᠬᠥᠮᠦᠰ ᠪᠦᠷ ᠰᠢᠭᠤᠳ ᠤᠴᠠᠷᠠᠵᠤ ᠲᠠᠨᠢᠯᠴᠠᠵᠤ ᠪᠠᠢᠬᠤ ᠨᠢ ᠭᠠᠢ ᠵᠣᠪᠠᠯᠠᠩ ᠢ᠋ᠶ᠋ᠠᠨ ᠠᠷᠢᠯᠭᠠᠵᠤ ᠪᠠᠢᠨ᠎ᠠ ᠭᠡᠳᠡᠭ᠃
16. ᠪᠦᠬᠦ ᠴᠠᠮ ᠭᠠᠷᠴᠤ ᠪᠠᠷᠠᠭᠰᠠᠨ ᠤ᠋ ᠳᠠᠷᠠᠭ᠎ᠠ ᠭᠤᠴᠢᠨ ᠬᠣᠶᠠᠷ ᠶᠡᠬᠡ ᠴᠠᠮ ᠳᠥᠷᠪᠡᠨ ᠡᠷᠪᠡᠢ ᠬᠦᠷᠢᠶᠡᠯᠡᠵᠦ ᠬᠠᠮᠤᠭ ᠰᠡᠭᠦᠯ ᠳ᠋ᠦ᠍ᠨᠢ ᠢᠷᠡᠭᠡᠳᠦᠢ ᠶ᠋ᠢᠨ ᠭᠠᠯᠪᠠ ᠮᠠᠢᠳᠠᠷᠢ ᠪᠤᠷᠬᠠᠨ ᠢ᠋ ᠵᠠᠯᠠᠵᠤ ᠭᠣᠷᠢᠶ᠎ᠠ ᠲᠣᠭᠣᠷᠢᠵᠤ ᠳᠣᠭᠵᠢᠷ ᠬᠠᠶᠠᠭᠠᠳ ᠪᠦᠬᠦ ᠴᠠᠮ ᠤ᠋ᠨ ᠬᠥᠳᠡᠯᠭᠡᠭᠡᠨ ᠲᠡᠭᠦᠰᠦᠨ᠎ᠡ᠃ ᠬᠥᠮᠦᠰ ᠦ᠋ᠨ ᠨᠠᠰᠤᠨ ᠤ᠋ ᠪᠠ ᠪᠤᠰᠤᠳ ᠰᠢᠯᠲᠠᠭᠠᠨ ᠠ᠋ᠴᠠ ᠪᠣᠯᠵᠤ ᠬᠡᠳᠦᠨ ᠴᠠᠮ ᠤ᠋ᠨ ᠦᠵᠡᠭᠳᠡᠯ ᠳᠤᠲᠠᠭᠤ ᠪᠢᠯᠡ᠃
