ᠪᠦᠭᠲᠤ ᠶ᠋ᠢᠨ ᠰᠢᠷ᠎ᠠ ᠵᠣᠣ ᠭᠡᠳᠡᠭ ᠨᠡᠷᠡᠢᠳᠦᠯ ᠦ᠋ᠨ ᠲᠤᠬᠠᠢ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠭᠲᠤ ᠶ᠋ᠢᠨ ᠰᠢᠷ᠎ᠠ ᠵᠣᠣ ᠭᠡᠳᠡᠭ ᠨᠡᠷᠡᠢᠳᠦᠯ ᠦ᠋ᠨ ᠲᠤᠬᠠᠢ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

ᠪᠦᠭᠲᠤ ᠶ᠋ᠢᠨ ᠰᠢᠷ᠎ᠠ ᠵᠣᠣ ᠭᠡᠳᠡᠭ ᠨᠡᠷᠡᠢᠳᠦᠯ ᠦ᠋ᠨ ᠲᠤᠬᠠᠢ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

2026-02-06

180

         ᠬᠠᠯᠬ᠎ᠠ ᠶ᠋ᠢᠨ ᠴᠢᠩ ᠰᠦᠰᠦᠭᠲᠦ ᠨᠣᠮ ᠤ᠋ᠨ ᠬᠠᠭᠠᠨ ᠨᠣᠷᠪᠤᠰᠢᠷᠠᠪ ᠬᠠᠩᠭᠢᠨ ᠵᠠᠰᠠᠭ ᠨᠣᠶᠠᠨ ᠤ᠋ ᠵᠠᠯᠠᠯᠭ᠎ᠠ ᠪᠠᠷ ᠢᠷᠡᠭᠡᠳ ᠡᠯ᠎ᠡ ᠭᠠᠵᠠᠷ ᠲᠣᠭᠣᠷᠢᠨ ᠰᠦᠮ᠎ᠡ ᠪᠠᠢᠭᠤᠯᠬᠤ ᠭᠠᠵᠠᠷ ᠢ᠋ᠶ᠋ᠠᠨ ᠰᠢᠨᠵᠢᠵᠦ᠂ ᠣᠳᠣ ᠶ᠋ᠢᠨ ᠪᠦᠷᠢᠳᠦ ᠶ᠋ᠢᠨ ᠳᠤᠭᠠᠩ ᠪᠠᠢᠬᠤ ᠭᠠᠵᠠᠷ ᠨᠢᠭᠡ ᠵᠢᠵᠢᠭ ᠰᠤᠮᠤ ᠬᠠᠳᠬᠤᠭᠠᠳ ᠲᠠᠯᠪᠢᠭᠰᠠᠨ  ᠢ᠋ ᠨᠢ ᠨᠢᠭᠡ ᠲᠠᠤᠯᠠᠢ ᠠᠪᠴᠤ ᠶᠠᠪᠤᠵᠠᠢ᠃ ᠨᠢᠭᠡ ᠭᠠᠩᠭ᠎ᠠ ᠶ᠋ᠢᠨ ᠠᠮᠠᠨ ᠳ᠋ᠤ᠌ ᠤᠯᠠᠭᠠᠨ ᠫᠠᠢᠰᠠ ᠬᠠᠶᠠᠭᠰᠠᠨ ᠳ᠋ᠤ᠌ ᠡᠨᠡ ᠭᠠᠵᠠᠷ  ᠢ᠋ ᠬᠥᠮᠦᠰ ᠬᠣᠵᠢᠮ ᠨᠢ ᠤᠯᠠᠭᠠᠨ ᠵᠡᠪᠡ ᠭᠡᠮᠡᠨ ᠨᠡᠷᠡᠢᠳᠴᠦ᠂ ᠬᠥᠬᠡ ᠫᠠᠢᠰᠠ ᠬᠠᠶᠠᠭᠰᠠᠨ ᠭᠠᠵᠠᠷ  ᠢ᠋ ᠨᠢ ᠬᠥᠮᠦᠰ ᠬᠥᠬᠡ ᠱᠠᠯᠠ ᠭᠡᠮᠡᠨ ᠨᠡᠷᠡᠢᠳᠦᠭᠰᠡᠨ ᠭᠡᠳᠡᠭ᠃ ᠥᠨᠥ ᠲᠠᠤᠯᠠᠢ ᠶᠡᠬᠡ ᠮᠠᠩᠬ᠎ᠠ ᠶ᠋ᠢ ᠲᠤᠭᠤᠯᠵᠤ ( ᠡᠨᠡ ᠡᠯᠡᠰᠦᠨ ᠠᠮᠠ ᠶ᠋ᠢ ᠬᠥᠮᠦᠰ ᠬᠣᠵᠢᠮ ᠨᠢ ᠲᠠᠤᠯᠠᠢ ᠶ᠋ᠢᠨ ᠠᠮᠠ ᠭᠡᠮᠡᠨ ᠨᠡᠷᠡᠢᠳᠵᠡᠢ) ᠣᠳᠣ ᠶ᠋ᠢᠨ ᠰᠢᠷ᠎ᠠ ᠵᠣᠣ ᠰᠦᠮ᠎ᠡ ᠪᠠᠢᠭ᠎ᠠ ᠭᠠᠵᠠᠷ ᠥᠨᠥ ᠰᠤᠮᠤ ᠪᠠᠨ ᠬᠠᠶᠠᠭᠠᠳ ᠶᠠᠪᠤᠵᠠᠢ᠃ ᠨᠣᠷᠪᠤᠰᠢᠷᠠᠪ ᠭᠡᠭᠡᠨ ᠲᠠᠤᠯᠠᠢ ᠰᠤᠮᠤ ᠬᠠᠶᠠᠭᠰᠠᠨ ᠭᠠᠵᠠᠷ ᠤ᠋ᠨ ᠣᠢᠷᠠᠬᠠᠨ ᠪᠠᠢᠭ᠎ᠠ ᠨᠢᠭᠡ ᠠᠢᠯ ᠳ᠋ᠤ᠌ ᠬᠦᠷᠦᠭᠰᠡᠨ ᠳ᠋ᠦ᠍ ᠭᠡᠷ ᠦ᠋ᠨ ᠡᠵᠡᠨ ᠪᠦᠭᠲᠦ ᠡᠪᠦᠭᠡᠨ᠂ ᠰᠠᠮᠠᠭᠠᠨ ᠲᠠᠢ ᠪᠠᠨ ᠬᠠᠯᠠᠭᠤᠨ ᠢ᠋ᠶ᠋ᠠᠷ ᠤᠭᠲᠤᠵᠤ ᠳᠣᠯᠣᠭᠠᠨ ᠮᠠᠯ ᠢ᠋ᠶ᠋ᠠᠨ ᠲᠦᠮᠡ ᠴᠠᠭᠠᠨ ᠮᠢᠩᠭᠠᠨ ᠬᠠᠷ᠎ᠠ ᠭᠡᠵᠦ ᠰᠦ ᠰᠠᠭᠠᠯᠢ ᠪᠠᠨ ᠪᠡᠯᠡᠳᠬᠡᠵᠦ ᠬᠦᠨᠳᠦᠳᠬᠡᠨ ᠵᠣᠴᠢᠯᠠᠭᠰᠠᠨ ᠳ᠋ᠤ᠌ ᠨᠣᠷᠪᠤᠰᠢᠷᠠᠪ ᠭᠡᠭᠡᠨ ᠡᠨᠡ ᠠᠢᠯ ᠤ᠋ᠨ ᠪᠡᠯᠭᠡᠲᠡᠢ ᠰᠠᠢᠨ ᠢᠷᠦᠭᠡᠯ ᠪᠣᠯᠤᠨ ᠲᠤᠰ ᠭᠠᠵᠠᠷ ᠤ᠋ᠨ ᠥᠩᠭᠡ ᠦᠵᠡᠮᠵᠢ ᠶ᠋ᠢ ᠱᠠᠭᠰᠢᠷᠠᠨ ᠮᠠᠭᠲᠠᠵᠤ᠂ ᠡᠨᠳᠡ ᠰᠦᠮ᠎ᠡ ᠪᠠᠢᠭᠤᠯᠬᠤ ᠪᠠᠷ ᠵᠣᠷᠢᠭ ᠰᠢᠢᠳᠦᠭᠡᠳ ᠰᠢᠷ᠎ᠠ ᠵᠣᠣ ᠰᠦᠮ᠎ᠡ ᠶ᠋ᠢ ᠪᠠᠢᠭᠤᠯᠤᠭᠰᠠᠨ ᠭᠡᠳᠡᠭ᠃ ᠲᠡᠭᠡᠭᠡᠳ ᠪᠦᠭᠲᠦ ᠡᠪᠦᠭᠡᠨ ᠦ᠌ ᠨᠡᠷ᠎ᠡ ᠪᠡᠷ ᠪᠦᠭᠲᠦ ᠶ᠋ᠢᠨ ᠰᠢᠷ᠎ᠠ ᠵᠣᠣ ᠭᠡᠮᠡᠨ ᠨᠡᠷᠡᠢᠳᠦᠯ᠎ᠡ ᠭᠡᠳᠡᠭ ᠶᠦᠮ᠃ ᠵᠠᠷᠢᠮ ᠨᠢ ᠡᠪᠦᠭᠡᠨ ᠦ᠌ ᠨᠡᠷ᠎ᠡ ᠶ᠋ᠢ ᠪᠡᠬᠡᠲᠡᠢ ᠭᠡᠵᠦ ᠬᠡᠯᠡᠳᠡᠭ ᠴᠦ᠍ ᠪᠣᠢ᠃

ᠭᠠᠪᠵᠤ ᠶ᠋ᠢᠨ ᠭᠣᠣ

       ᠰᠢᠷ᠎ᠠ ᠵᠣᠣ ᠰᠦᠮ᠎ᠡ ᠶ᠋ᠢᠨ ᠪᠠᠷᠠᠭᠤᠨ ᠡᠮᠦᠨ᠎ᠡ ᠨᠢᠭᠡ ᠭᠠᠪᠵᠤ ᠶ᠋ᠢᠨ ᠭᠣᠣ ᠭᠡᠵᠦ ᠪᠣᠢ᠃ ᠤᠯᠠᠮᠵᠢᠯᠠᠯ ᠶᠠᠷᠢᠶᠠᠨ ᠳ᠋ᠤ᠌ ᠨᠢᠭᠡ ᠯᠠᠮᠠ ᠭᠦᠮᠪᠦᠨ ᠮᠥᠩᠬᠡ ᠵᠣᠣ ᠪᠠᠷ ᠰᠤᠷᠤᠯᠴᠠᠨ ᠶᠠᠪᠤᠵᠤ ᠭᠠᠪᠵᠤ ᠶ᠋ᠢᠨ ᠮᠢᠨᠳᠠᠭ ᠣᠯᠵᠤ ᠢᠷᠡᠭᠡᠳ ᠰᠢᠷ᠎ᠠ ᠵᠣᠣ ᠶ᠋ᠢᠨ ᠪᠠᠷᠠᠭᠤᠨ ᠡᠮᠦᠨᠡᠬᠡᠨ ᠰᠠᠭᠤᠵᠤ ᠦᠨᠢᠶ᠎ᠡ ᠰᠠᠭᠠᠨ ᠰᠦ ᠰᠠᠭᠠᠯᠢ ᠪᠠᠷᠢᠵᠤ᠂ ᠰᠢᠷ᠎ᠠ ᠵᠣᠣ ᠰᠦᠮ᠎ᠡ ᠶ᠋ᠢᠨ ᠰᠦ ᠰᠠᠭᠠᠯᠢ ᠶ᠋ᠢ ᠬᠠᠩᠭᠠᠳᠠᠭ ᠪᠠᠢᠭᠰᠠᠨ ᠲᠤᠯᠠ ᠲᠡᠷᠡ ᠭᠣᠣ ᠶ᠋ᠢ ᠨᠢ ᠭᠠᠪᠵᠤ ᠶ᠋ᠢᠨ ᠭᠣᠣ ᠭᠡᠵᠦ ᠨᠡᠷᠡᠢᠳᠬᠦ ᠪᠣᠯᠵᠠᠢ᠃ ᠣᠳᠣ ᠴᠣ ᠭᠡᠳ ᠨᠠᠰᠤᠲᠠᠢᠴᠤᠤᠯ ᠲᠡᠨᠳᠡᠬᠢ ᠶ᠋ᠢ ᠭᠠᠪᠵᠤ ᠶ᠋ᠢᠨ ᠭᠣᠣ ᠭᠡᠵᠦ ᠬᠡᠯᠡᠳᠡᠭ ᠶᠦᠮ᠃