ᠰᠢᠷ᠎ᠠ ᠵᠣᠣ ᠰᠦᠮ᠎ᠡ ᠶ᠋ᠢᠨ ᠲᠤᠬᠠᠢ ᠮᠠᠭᠲᠠᠭᠠᠯ ᠳᠠᠭᠤᠤ ᠰᠢᠯᠦᠭ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠷ᠎ᠠ ᠵᠣᠣ ᠰᠦᠮ᠎ᠡ ᠶ᠋ᠢᠨ ᠲᠤᠬᠠᠢ ᠮᠠᠭᠲᠠᠭᠠᠯ ᠳᠠᠭᠤᠤ ᠰᠢᠯᠦᠭ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

ᠰᠢᠷ᠎ᠠ ᠵᠣᠣ ᠰᠦᠮ᠎ᠡ ᠶ᠋ᠢᠨ ᠲᠤᠬᠠᠢ ᠮᠠᠭᠲᠠᠭᠠᠯ ᠳᠠᠭᠤᠤ ᠰᠢᠯᠦᠭ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

2026-02-05

216

ᠰᠢᠷ᠎ᠠ ᠵᠣᠣ ᠰᠦᠮ᠎ᠡ ᠶ᠋ᠢᠨ ᠲᠤᠬᠠᠢ ᠮᠠᠭᠲᠠᠭᠠᠯ ᠳᠠᠭᠤᠤ ᠰᠢᠯᠦᠭ


       ᠣᠷᠳᠣᠰ ᠳᠣᠯᠣᠭᠠᠨ ᠬᠤᠰᠢᠭᠤᠨ ᠤ᠋ ᠬᠠᠮᠲᠤ ᠶ᠋ᠢᠨ ᠮᠠᠲᠠᠯ ᠳ᠋ᠠᠬᠢ ᠴᠢᠭᠤᠯᠭᠠᠨ ᠰᠦᠮ᠎ᠡ ᠪᠣᠯᠬᠤ ᠰᠢᠷ᠎ᠠ ᠵᠣᠣ ᠨᠢ ᠪᠠᠷᠢᠯᠭ᠎ᠠ ᠶ᠋ᠢᠨ ᠬᠡᠪ ᠨᠠᠮᠪᠠ᠂ ᠨᠣᠮ ᠪᠢᠰᠢᠯᠭᠠᠯ ᠤ᠋ᠨ ᠭᠦᠨ ᠨᠠᠷᠢᠨ ᠢ᠋ᠶ᠋ᠠᠷ ᠢ᠋ᠶ᠋ᠠᠨ ᠠᠷᠤ ᠥᠪᠥᠷ ᠮᠣᠩᠭᠣᠯ ᠣᠷᠣᠨ ᠳ᠋ᠤ᠌ ᠮᠠᠰᠢ ᠠᠯᠳᠠᠷᠲᠠᠢ ᠪᠢᠯᠡ᠃ ᠲᠡᠭᠦᠨᠴᠢᠯᠡᠨ ᠰᠢᠷ᠎ᠠ ᠵᠣᠣ ᠶ᠋ᠢᠨ ᠲᠤᠬᠠᠢ ᠳᠠᠭᠤᠤ ᠰᠢᠯᠦᠭ ᠴᠦ᠍ ᠪᠢᠰᠢᠭᠦᠢ ᠣᠯᠠᠨ ᠪᠠᠢᠳᠠᠭ᠃ ᠠᠷᠠᠳ ᠤ᠋ᠨ ᠳᠤᠮᠳᠠ ᠡᠢᠮᠦ ᠨᠢᠭᠡᠨ ᠳᠠᠭᠤᠤ ᠥᠷᠭᠡᠨ ᠲᠠᠷᠬᠠᠵᠤ᠂ ᠣᠳᠣ ᠪᠣᠯᠲᠠᠯ᠎ᠠ ᠤᠯᠠᠮᠵᠢᠯᠠᠭᠳᠠᠨ ᠳᠠᠭᠤᠯᠠᠭᠳᠠᠭᠰᠠᠭᠠᠷ ᠪᠠᠢᠭ᠎ᠠ ᠶ᠋ᠢ ᠡᠨᠳᠡ ᠲᠡᠮᠳᠡᠭᠯᠡᠨ ᠲᠣᠯᠢᠯᠠᠭᠤᠯᠤᠶ᠎ᠠ᠃ ᠡᠨᠡ ᠳᠠᠭᠤᠤ ᠳ᠋ᠤ᠌᠄
          ᠳᠤᠭᠤᠢ ᠤᠯᠠᠭᠠᠨ ᠬᠦᠷᠢᠶ᠎ᠡ ᠲᠡᠢ
          ᠳᠤᠮᠳᠠ ᠪᠠᠨ ᠨᠠᠢ᠍ᠮᠠᠨ ᠳᠤᠭᠠᠩ ᠲᠠᠢ
          ᠳᠤᠭᠤᠢ ᠬᠣᠶᠠᠷ ᠬᠠᠭᠠᠯᠭ᠎ᠠ ᠲᠠᠢ
          ᠲᠤᠩ ᠪᠦᠷᠢᠶ᠎ᠡ ᠶ᠋ᠢᠨ ᠳᠣᠬᠢᠶ᠎ᠠ ᠲᠠᠢ᠂
               ᠠᠷᠤ ᠬᠦᠷᠢᠶ᠎ᠡ ᠳᠡᠪᠰᠡᠭ ᠲᠡᠢ
               ᠠᠯᠲᠠᠨ ᠭᠠᠨᠵᠤᠤᠷ ᠰᠢᠲᠦᠭᠡᠨ ᠲᠡᠢ
               ᠠᠷᠪᠠᠨ ᠰᠠᠷ᠎ᠠ ᠶ᠋ᠢᠨ ᠬᠤᠷᠠᠯ ᠲᠠᠢ
               ᠠᠷᠢᠶᠠᠪᠠᠯᠤ ᠶ᠋ᠢᠨ ᠭᠣᠮᠰᠠᠯ ᠲᠠᠢ᠂
          ᠡᠭᠴᠡᠰ ᠭᠤᠷᠪᠠᠨ ᠰᠤᠪᠤᠷᠭ᠎ᠠ ᠲᠠᠢ
          ᠡᠵᠡᠨ ᠵᠢᠷᠭᠤᠭᠠᠨ ᠵᠠᠰᠠᠭ ᠲᠠᠢ
          ᠡᠵᠡᠨ ᠬᠣᠶᠠᠷ ᠰᠢᠲᠦᠭᠡᠨ ᠲᠡᠢ( ᠪᠠᠷᠠᠭᠤᠨ ᠵᠡᠭᠦᠨ ᠯᠠᠮᠠ)
          ᠡᠷᠳᠡᠨᠢ ᠶ᠋ᠢᠨ ᠴᠠᠭᠠᠨ ᠠᠷᠰᠯᠠᠨ ᠲᠠᠢ᠂
               ᠵᠠᠭᠠᠨ ᠨᠠᠢ᠍ᠮᠠᠨ ᠬᠣᠰᠢᠭᠤ ᠲᠠᠢ
               ᠽᠠᠨᠳᠠᠨ ᠳᠥᠷᠪᠡᠨ ᠲᠤᠯᠭᠠᠭᠤᠷᠢ ᠲᠠᠢ
               ᠵᠠᠶᠢᠭ ᠪᠠᠷᠢᠭᠰᠠᠨ ᠭᠡᠰᠬᠦᠢ ᠲᠡᠢ
               ᠵᠠᠬ᠎ᠠ ᠳᠥᠷᠪᠡᠨ ᠬᠠᠶᠠᠩ ᠲᠠᠢ᠂
          ᠲᠠᠷᠢᠮᠠᠯ ᠲᠠᠪᠤᠨ ᠲᠣᠭᠣᠷᠢᠭ ᠲᠠᠢ
          ᠲᠠᠯ᠎ᠠ ᠶ᠋ᠢᠨ ᠴᠠᠢᠳᠠᠮ ᠪᠡᠯᠴᠢᠭᠡᠷ ᠲᠡᠢ
          ᠲᠠᠪᠢᠨ ᠲᠠᠪᠤᠨ ᠭᠡᠯᠦᠩ ᠲᠡᠢ
          ᠲᠠᠢᠪᠤᠩ ᠴᠠᠭ ᠤ᠋ᠨ ᠬᠤᠷᠠᠯ ᠲᠠᠢ᠂
               ᠪᠡᠴᠢᠨ ᠵᠢᠯ ᠦ᠋ᠨ ᠬᠠᠪᠤᠷ ᠤ᠋ᠨ ᠰᠠᠷ᠎ᠠ
               ᠳᠥᠷᠪᠡᠨ ᠴᠠᠭ ᠢ᠋ᠶ᠋ᠠᠷ ᠲᠠᠢᠪᠤᠩ ᠪᠠᠢᠨ᠎ᠠ
               ᠪᠦᠭᠲᠦ ᠶ᠋ᠢᠨ ᠰᠢᠷ᠎ᠠ ᠵᠣᠣ ᠶ᠋ᠢᠨ ᠱᠠᠪᠢ ᠨᠠᠷ
               ᠪᠦᠭᠦᠳᠡᠭᠡᠷ ᠳᠠᠶᠠᠭᠠᠷ ᠠᠮᠤᠭᠤᠯᠠᠩ ᠪᠠᠢᠨ᠎ᠠ᠃
         ᠨᠠᠢ᠍ᠮᠠᠨ ᠲᠦᠮᠡᠨ ᠬᠤᠸᠠᠷᠠᠭ ᠲᠠᠢ
         ᠨᠠᠷᠢᠨ ᠬᠤᠷᠠᠯ ᠤ᠋ᠨ ᠵᠠᠶᠢᠭ ᠲᠠᠢ( ᠬᠠᠤᠯᠢ ᠶ᠋ᠢ ᠬᠡᠯᠡᠨ᠎ᠡ)
         ᠨᠠᠰᠤ ᠪᠦᠷᠢᠨ ᠤᠷᠲᠤ ᠲᠠᠢ
         ᠨᠠᠰᠤ ᠵᠠᠯᠠᠭᠤ ᠰᠢᠲᠦᠭᠡᠨ ᠲᠡᠢ᠂
               ᠭᠠᠩ ᠪᠦᠷᠢᠶ᠎ᠡ ᠪᠡᠨ ᠲᠠᠲᠠᠯ᠎ᠠ
               ᠭᠠᠨᠵᠤᠤᠷ ᠳ᠋ᠠᠨᠵᠤᠤᠷ ᠢ᠋ᠶ᠋ᠠᠨ ᠬᠤᠷᠠᠯ᠎ᠠ
               ᠭᠠᠰᠠᠯᠤᠭᠰᠠᠨ ᠳᠠᠢᠰᠤᠨ ᠢ᠋ ᠴᠣᠬᠢᠵᠤ
               ᠭᠠ ᠶ᠋ᠢᠨ ᠦᠰᠦᠭ ᠢ᠋ᠶ᠋ᠡᠷ ᠳᠠᠷᠤᠯ᠎ᠠ ᠭᠡᠵᠦ ᠨᠡᠢᠳᠡᠮ ᠦᠷᠭᠦᠯᠵᠢ ᠳᠠᠭᠤᠯᠠᠳᠠᠭ᠃
       ᠰᠢᠷ᠎ᠠ ᠵᠣᠣ ᠬᠡᠢᠳ ᠦ᠋ᠨ ᠳᠠᠭᠤᠤ ᠨᠠᠢ᠍ᠮᠠᠨ ᠪᠠᠳᠠᠭ ᠭᠡᠵᠦ ᠲᠦᠮᠡᠨ ᠦ᠌ ᠳᠤᠮᠳᠠ ᠲᠠᠷᠬᠠᠵᠤ ᠪᠠᠢᠪᠠᠴᠤ ᠰᠡᠭᠦᠯ ᠦ᠋ᠨ ᠬᠣᠶᠠᠷ ᠪᠠᠳᠠᠭ ᠢ᠋ ᠮᠡᠳᠡᠬᠦ ᠬᠥᠮᠦᠨ ᠴᠥᠭᠡᠨ ᠠᠵᠢ᠃
       ᠣᠷᠳᠣᠰ ᠤ᠋ᠨ ᠠᠯᠳᠠᠷᠲᠤ ᠳᠥᠷᠪᠡᠨ ᠰᠢᠯᠦᠭᠴᠢᠨ ( ᠢᠰᠢᠳᠠᠨᠽᠠᠨᠸᠠᠩᠵᠢᠯ᠂ ᠯᠣᠷᠣᠢᠰᠠᠮᠪᠤ ᠂ ᠭᠡᠰᠢᠭᠪᠠᠲᠤ᠂ ᠠᠮᠤᠷᠵᠢᠷᠭᠠᠯ)  ᠤ ᠨᠢᠭᠡ ᠪᠣᠯᠬᠤ ᠠᠮᠤᠷᠵᠢᠷᠭᠠᠯ ᠰᠢᠷ᠎ᠠ ᠵᠣᠣ ᠶ᠋ᠢᠨ ᠲᠤᠬᠠᠢ ᠰᠢᠯᠦᠭᠯᠡᠬᠦ ᠳ᠋ᠡᠭᠡᠨ᠄
       ᠰᠢᠷ᠎ᠠ ᠡᠯᠢᠭᠡ ᠬᠡᠮᠡᠭᠳᠡᠬᠦ ᠰᠢᠯᠢ ᠶ᠋ᠢᠨ ᠡᠩᠭᠡᠷ ᠲᠦ᠍
       ᠰᠢᠷ᠎ᠠ ᠨᠣᠭᠣᠭᠠᠨ ᠳᠡᠭᠡᠪᠦᠷ ᠲᠡᠢ ᠰᠠᠢᠬᠠᠨ ᠰᠦᠮ᠎ᠡ ᠪᠠᠢᠨ᠎ᠠ᠂
       ᠰᠢᠷ᠎ᠠ ᠶ᠋ᠢᠨ ᠱᠠᠰᠢᠨ ᠳᠡᠯᠭᠡᠷᠡᠭᠰᠡᠨ ᠠᠴᠢ ᠬᠦᠴᠦᠨ ᠳ᠋ᠦ᠍
       ᠰᠢᠷ᠎ᠠ ᠬᠠᠷ᠎ᠠ ᠠᠳᠢᠰᠳᠠᠨ ᠳ᠋ᠤ᠌ ᠰᠢᠲᠦᠭᠳᠡᠵᠦ ᠪᠠᠢᠨ᠎ᠠ ᠭᠡᠵᠡᠢ᠃
       ᠳᠠᠬᠢᠪᠠᠯ ᠪᠠᠰᠠ ᠨᠢᠭᠡ ᠰᠢᠷ᠎ᠠ ᠵᠣᠣ ᠰᠦᠮ᠎ᠡ ᠶ᠋ᠢᠨ ᠮᠠᠭᠲᠠᠭᠠᠯ ᠭᠡᠰᠡᠨ ᠰᠢᠯᠦᠭ ᠪᠣᠢ( ᠵᠣᠬᠢᠶᠠᠭᠴᠢ ᠨᠢ ᠲᠣᠳᠣᠷᠬᠠᠢ ᠦᠭᠡᠢ)᠃ ᠲᠤᠰ ᠰᠢᠯᠦᠭ ᠲᠦ᠍᠄
       ᠴᠣᠭᠲᠤ ᠪᠠᠷᠠᠢᠪᠤᠩ ᠶᠡᠬᠡ ᠬᠡᠢᠳ ᠦ᠋ᠨ ᠳᠦᠷᠰᠦ ᠪᠡᠷ
       ᠴᠣᠭᠴᠠᠯᠠᠵᠤ ᠪᠠᠢᠭᠤᠯᠤᠭᠰᠠᠨ ᠰᠠᠢᠬᠠᠨ ᠬᠡᠢᠳ
       ᠴᠣᠭᠲᠤ ᠲᠡᠭᠦᠰ ᠴᠢᠨᠳᠠᠮᠤᠨᠢ ᠶ᠋ᠢ ᠪᠡᠨ
       ᠴᠤᠬᠠᠭ ᠡᠷᠳᠡᠨᠢ ᠪᠣᠯᠭᠠᠨ ᠰᠢᠲᠦᠶ᠎ᠡ᠃
             ᠰᠠᠷᠠᠨ ᠠᠰᠠᠷ ᠰᠢᠵᠢᠷ ᠠᠯᠲᠠᠨ ᠳᠡᠭᠡᠪᠦᠷ ᠲᠡᠢ
             ᠱᠠᠭᠠᠵᠠᠩ ᠸᠠᠭᠠᠷ ᠮᠢᠩᠭᠠᠨ ᠵᠠᠭᠠᠨ ᠤ᠋ ᠬᠣᠩᠰᠢᠶᠠᠷ ᠲᠠᠢ
             ᠰᠢᠷ᠎ᠠ ᠶ᠋ᠢᠨ ᠱᠠᠰᠢᠨ ᠤ᠋ ᠬᠤᠸᠠᠷᠠᠭ ᠤ᠋ᠳ ᠴᠤᠭᠯᠠᠵᠤ
             ᠰᠠᠶ᠎ᠠ ᠣᠯᠠᠨ ᠮᠥᠷᠭᠥᠯᠴᠢᠨ ᠰᠦᠰᠦᠭᠯᠡᠵᠦ ᠬᠤᠷᠠᠪᠠᠢ᠃ 
       ᠵᠢᠮᠢᠰ ᠴᠡᠴᠡᠭ ᠵᠦᠢᠯ ᠦ᠋ᠨ ᠰᠢᠪᠠᠭᠤᠳ
       ᠵᠢᠷᠭᠢᠨ ᠳᠣᠩᠭᠣᠳᠤᠭᠰᠠᠨ ᠣᠷᠣᠨ
       ᠵᠢᠷᠭᠤᠭᠠᠨ ᠵᠦᠢᠯᠲᠦ ᠠᠮᠢᠲᠠᠨ ᠢ᠋
       ᠵᠢᠷᠭᠠᠨ ᠳᠡᠯᠭᠡᠷᠡᠭᠦᠯᠦᠭᠰᠡᠨ ᠣᠷᠣᠨ᠂
             ᠠᠷᠤ ᠬᠠᠩᠭᠠᠢ ᠶ᠋ᠢᠨ ᠰᠢᠯᠢ ᠳᠡᠭᠡᠷ᠎ᠡ
             ᠠᠯᠲᠠᠨ ᠮᠠᠩᠬᠠᠨ ᠤ᠋ ᠬᠥᠪᠡᠭᠡᠨ ᠳᠡᠭᠡᠷ᠎ᠡ
             ᠠᠯᠢ ᠰᠠᠢᠬᠠᠨ ᠳᠡᠨᠵᠢᠨ ᠳᠡᠭᠡᠷ᠎ᠡ
             ᠠᠯᠳᠠᠷᠲᠤ ᠪᠣᠭᠳᠠ ᠶ᠋ᠢᠨ ᠬᠡᠢᠳ ᠪᠠᠢᠨ᠎ᠠ᠃
       ᠡᠬᠢ ᠶ᠋ᠢᠨ ᠳᠥᠷᠪᠡᠨ ᠣᠮᠰᠠᠳ ᠲᠠᠢ
       ᠡᠷᠭᠢᠭᠦᠯᠭᠡᠨ ᠳᠥᠷᠪᠡᠨ ᠬᠦᠷᠳᠦ ᠲᠡᠢ
       ᠡᠷᠭᠢ ᠶ᠋ᠢᠨ ᠬᠣᠷᠢᠨ ᠪᠦᠷᠢᠶ᠎ᠡ ᠲᠡᠢ
       ᠢᠳᠡᠷ ᠯᠤᠤ ᠶ᠋ᠢᠨ ᠳᠠᠭᠤ ᠲᠠᠢ ᠭᠡᠵᠦ ᠰᠢᠯᠦᠭᠯᠡᠭᠰᠡᠨ ᠪᠠᠢᠳᠠᠭ᠃