ᠰᠢᠷ᠎ᠠ ᠵᠣᠣ ᠰᠦᠮ᠎ᠡ ᠶ᠋ᠢᠨ ᠴᠣᠢᠷᠣ᠎ᠠ ᠬᠠᠶᠠᠯᠴᠠᠭᠠᠨ ᠵᠢᠴᠢ ᠡᠮ ᠡᠮᠨᠡᠯᠭᠡ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠷ᠎ᠠ ᠵᠣᠣ ᠰᠦᠮ᠎ᠡ ᠶ᠋ᠢᠨ ᠴᠣᠢᠷᠣ᠎ᠠ ᠬᠠᠶᠠᠯᠴᠠᠭᠠᠨ ᠵᠢᠴᠢ ᠡᠮ ᠡᠮᠨᠡᠯᠭᠡ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

ᠰᠢᠷ᠎ᠠ ᠵᠣᠣ ᠰᠦᠮ᠎ᠡ ᠶ᠋ᠢᠨ ᠴᠣᠢᠷᠣ᠎ᠠ ᠬᠠᠶᠠᠯᠴᠠᠭᠠᠨ ᠵᠢᠴᠢ ᠡᠮ ᠡᠮᠨᠡᠯᠭᠡ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг

2026-02-04

99

ᠰᠢᠷ᠎ᠠ ᠵᠣᠣ ᠰᠦᠮ᠎ᠡ ᠶ᠋ᠢᠨ ᠴᠣᠢᠷᠣ᠎ᠠ ᠬᠠᠶᠠᠯᠴᠠᠭᠠᠨ ᠵᠢᠴᠢ ᠡᠮ ᠡᠮᠨᠡᠯᠭᠡ


       ᠰᠢᠷ᠎ᠠ ᠵᠣᠣ ᠰᠦᠮ᠎ᠡ ᠳ᠋ᠦ᠍ ᠭᠠᠵᠠᠷ  ᠭᠠᠵᠠᠷ ᠤ᠋ᠨ ᠡᠷᠳᠡᠮᠲᠡᠨ ᠮᠡᠷᠭᠡᠳ ᠬᠤᠷᠠᠨ ᠴᠤᠭᠯᠠᠷᠠᠵᠤ᠂ ᠡᠷᠳᠡᠮ ᠨᠣᠮ᠂ ᠪᠤᠷᠬᠠᠨ ᠤ᠋ ᠣᠨᠣᠯ᠂ ᠶᠢᠷᠲᠢᠨᠴᠦ ᠶ᠋ᠢᠨ ᠶᠣᠰᠣ ᠵᠦᠢ᠂ ᠭᠦᠨ ᠤᠬᠠᠭᠠᠨ ᠤ᠋ ᠲᠤᠬᠠᠢ ᠲᠠᠩᠳᠠ ᠰᠢᠭᠦᠮᠵᠢᠯᠡᠨ ᠶᠠᠷᠢᠯᠴᠠᠳᠠᠭ ᠪᠠᠢᠵᠠᠢ᠃ ᠡᠳᠡᠭᠡᠷ ᠶᠠᠷᠢᠯᠴᠠᠭᠠᠨ᠂ ᠨᠣᠮ ᠬᠠᠶᠠᠯᠴᠠᠭᠠᠨ ᠨᠢ ᠬᠡᠢᠳ ᠦ᠋ᠨ ᠯᠠᠮᠠ ᠨᠠᠷ ᠲᠤ᠌ ᠳᠤᠲᠠᠭᠳᠠᠵᠤ ᠪᠣᠯᠣᠰᠢ ᠦᠭᠡᠢ ᠱᠠᠰᠢᠨ ᠤ᠋ ᠭᠦᠨ ᠤᠬᠠᠭᠠᠨ ᠤ᠋ ᠬᠢᠴᠢᠶᠡᠯ ᠪᠣᠯᠵᠤ ᠂ ᠱᠠᠪᠢ ᠨᠠᠷ ᠤ᠋ᠨ ᠪᠤᠳ᠋ᠳ᠋ᠾᠠ ᠶ᠋ᠢᠨ ᠱᠠᠰᠢᠨ ᠤ᠋ ᠲᠤᠬᠠᠢ ᠣᠢᠯᠠᠭᠠᠵᠤ᠂ ᠪᠤᠷᠬᠠᠨ ᠤ᠋ ᠣᠨᠣᠯ᠂ ᠨᠣᠮ ᠤ᠋ᠨ ᠮᠡᠳᠡᠯᠭᠡ ᠵᠡᠷᠭᠡ ᠶ᠋ᠢ ᠡᠵᠡᠮᠰᠢᠬᠦ ᠳ᠋ᠦ᠍ ᠰᠦᠨ ᠦ᠌ ᠲᠡᠵᠢᠭᠡᠯ ᠪᠣᠯᠳᠠᠭ ᠪᠠᠢᠪᠠ᠃ ᠰᠢᠷ᠎ᠠ ᠵᠣᠣ ᠰᠦᠮ᠎ᠡ ᠶ᠋ᠢᠨ ᠪᠠᠷᠠᠭᠤᠨ ᠪᠠᠭᠰᠢ ᠲᠣᠪᠳᠣᠨᠫᠸᠯᠵᠡᠢ ᠪᠣᠯ ᠴᠣᠢᠷᠣ᠎ᠠ ᠶ᠋ᠢᠨ ᠤᠬᠠᠭᠠᠨ᠂ ᠪᠤᠷᠬᠠᠨ ᠤ᠋ ᠣᠨᠣᠯ ᠮᠡᠳᠡᠯᠭᠡ ᠳ᠋ᠦ᠍ ᠭᠦᠨ ᠨᠡᠪᠲᠡᠷᠡᠭᠰᠡᠨ ᠪᠢᠰᠢᠯᠭᠠᠯ ᠰᠠᠢᠲᠠᠢ ᠬᠥᠮᠦᠨ ᠪᠠᠢᠭᠰᠠᠨ ᠲᠤᠯᠠ ᠬᠣᠯᠠ ᠣᠢᠷ᠎ᠠ ᠳ᠋ᠠᠭᠠᠨ ᠠᠯᠳᠠᠷᠰᠢᠵᠤ᠂ ᠭᠦᠮᠪᠦᠨ ᠂ ᠮᠥᠩᠬᠡ ᠵᠣᠣ ᠂ ᠠᠷᠤ ᠬᠦᠷᠢᠶ᠎ᠡ᠂ ᠳᠥᠷᠪᠡᠨ ᠰᠢᠷ᠎ᠠ ᠬᠡᠢᠳ ᠢ᠋ᠶ᠋ᠡᠷ ᠲᠣᠭᠣᠷᠢᠵᠤ᠂ ᠪᠠᠳᠺᠠᠷ ᠵᠣᠣ ᠳᠡᠭᠡᠷ᠎ᠡ ᠣᠷᠳᠣᠰ ᠤ᠋ᠨ ᠰᠢᠭᠤᠷᠭᠠᠨ ᠲᠠᠮᠪᠠᠷᠠᠯ ᠭᠡᠮᠡᠨ ᠠᠯᠳᠠᠷᠰᠢᠭᠰᠠᠨ ᠂ ᠴᠣᠢᠷᠣ᠎ᠠ ᠶ᠋ᠢᠨ ᠤᠬᠠᠭᠠᠨ ᠳ᠋ᠤ᠌ ᠨᠡᠪᠲᠡᠷᠡᠭᠰᠡᠨ ᠂ ᠠᠯᠳᠠᠷ ᠬᠦᠨᠳᠦᠲᠡᠢ ᠤᠯᠠᠭᠠᠨ ᠡᠷᠭᠢ ᠰᠦᠮ᠎ᠡ ᠶ᠋ᠢᠨ ᠳᠡᠮᠪᠡᠷᠡᠯ ᠪᠠᠭᠰᠢ ᠲᠣᠪᠳᠣᠨᠫᠸᠯᠵᠡᠢ ᠶ᠋ᠢᠨ ᠤᠬᠠᠭᠠᠨ ᠮᠡᠳᠡᠯᠭᠡ ᠶ᠋ᠢ ᠭᠦᠨ᠎ᠡ ᠪᠢᠰᠢᠷᠡᠵᠦ᠂ ᠡᠴᠦᠰ ᠲᠡᠭᠡᠨ ᠰᠢᠷ᠎ᠠ ᠵᠣᠣ ᠰᠦᠮ᠎ᠡ ᠳᠡᠭᠡᠷ᠎ᠡ ᠬᠥᠯ ᠲᠣᠭᠲᠠᠨ ᠰᠠᠭᠤᠵᠤ᠂ ᠥᠲᠡᠯ᠎ᠡ ᠨᠠᠰᠤ ᠪᠠᠨ ᠡᠴᠦᠰᠯᠡᠭᠦᠯᠦᠭᠰᠡᠨ ᠶᠦᠮ᠃
       ᠪᠤᠯᠠᠭ ᠤ᠋ᠨ ᠤᠰᠤ ᠮᠡᠲᠦ ᠤᠷᠤᠰᠤᠮ᠎ᠠ ᠠᠰᠠᠭᠤᠯᠲᠠ ᠬᠠᠷᠢᠭᠤᠯᠲᠠ ᠶ᠋ᠢᠨ ᠬᠡᠯᠪᠡᠷᠢ ᠪᠡᠷ《 ᠶᠢᠷᠲᠢᠨᠴᠦ ᠶ᠋ᠢᠨ ᠭᠤᠷᠪᠠ》《 ᠶᠢᠷᠲᠢᠨᠴᠦ ᠶ᠋ᠢᠨ ᠳᠥᠷᠪᠡ》 ᠶ᠋ᠢᠨ ᠡᠭᠦᠰᠬᠡᠯ ᠬᠥᠭᠵᠢᠯ ᠦ᠋ᠨ ᠲᠤᠬᠠᠢ ᠨᠣᠮ ᠬᠠᠶᠠᠯᠴᠠᠭᠰᠠᠨ ᠰᠤᠷᠭᠠᠯ ᠰᠢᠯᠦᠭ ᠦ᠋ᠳ ᠪᠤᠳ᠋ᠳ᠋ᠾᠠ ᠶ᠋ᠢᠨ ᠱᠠᠰᠢᠨ ᠤ᠋ ᠴᠢᠨᠠᠷ ᠪᠦᠬᠦᠢ ᠬᠥᠮᠦᠨ ᠪᠣᠯᠤᠨ ᠵᠢᠶᠠᠭᠠᠭᠰᠠᠳ ᠤ᠋ᠨ ᠪᠣᠳᠣᠵᠤ ᠰᠡᠳᠬᠢᠬᠦ᠂ ᠦᠢᠯᠡᠳᠬᠦ᠂ ᠳᠦᠷᠢᠮᠯᠡᠬᠦ ᠲᠡᠷᠡᠴᠢᠯᠡᠨ ᠬᠥᠮᠦᠰ ᠦ᠋ᠨ ᠲᠥᠷᠥᠬᠦ᠂ ᠦᠬᠦᠬᠦ᠂ ᠡᠪᠡᠳᠬᠦ᠂ ᠥᠲᠡᠯᠬᠦ ᠣᠷᠴᠢᠯᠠᠩ ᠤ᠋ᠨ ᠵᠢᠮ᠎ᠡ ᠶᠣᠰᠣᠨ ᠳ᠋ᠤ᠌ ᠳ᠋ᠦᠩᠨᠡᠯᠲᠡ ᠪᠠ ᠰᠢᠭᠦᠮᠵᠢᠯᠡᠯ ᠦ᠋ᠨ ᠴᠢᠨᠠᠷᠲᠠᠢ ᠰᠤᠷᠭᠠᠯ ᠪᠣᠯᠤᠨ ᠰᠢᠩᠭᠡᠵᠦ ᠠᠮᠢᠯᠠᠯ ᠢ᠋ᠶ᠋ᠠᠨ ᠣᠯᠤᠭᠰᠠᠨ ᠪᠠᠢᠳᠠᠭ᠃
    《 ᠰᠠᠨᠰᠠᠷ ᠳᠡᠯᠡᠬᠡᠢ ᠶ᠋ᠢᠨ ᠪᠦᠲᠦᠭᠰᠡᠨ ᠢᠵᠠᠭᠤᠷ ᠨᠥᠬᠥᠴᠡᠯ》 ᠭᠡᠳᠡᠭ ᠰᠡᠳᠦᠪ ᠢ᠋ᠶ᠋ᠡᠷ ᠴᠣᠢᠷᠣ᠎ᠠ ᠪᠤᠯᠢᠶᠠᠯᠳᠤᠭᠰᠠᠨ ᠲᠤᠬᠠᠢ ᠳᠥᠭᠥᠮ ᠰᠡᠢᠷᠡᠭᠦᠯᠪᠡᠯ᠄
       ᠠᠰᠠᠭᠤᠭᠰᠠᠨ ᠨᠢ᠄
     《ᠰᠠᠨᠰᠠᠷ ᠳᠡᠯᠡᠬᠡᠢ ᠶ᠋ᠢᠨ ᠪᠦᠲᠦᠭᠰᠡᠨ ᠢᠵᠠᠭᠤᠷ ᠨᠥᠬᠥᠴᠡᠯ ᠨᠢ ᠶᠠᠭᠤ ᠪᠣᠢ?》
       ᠬᠠᠷᠢᠭᠤᠯᠤᠭᠰᠠᠨ ᠨᠢ᠄
     《 ᠰᠠᠨᠰᠠᠷ ᠳᠡᠯᠡᠬᠡᠢ ᠶ᠋ᠢᠨ ᠪᠦᠲᠦᠭᠰᠡᠨ ᠢᠵᠠᠭᠤᠷ ᠨᠥᠬᠥᠴᠡᠯ ᠨᠢ ᠠᠷᠭ᠎ᠠ ᠪᠢᠯᠢᠭ᠂ ᠲᠠᠪᠤᠨ ᠮᠠᠬᠠᠪᠣᠳ ᠪᠣᠯᠠᠢ᠃》
        ᠠᠰᠠᠭᠤᠭᠰᠠᠨ ᠨᠢ᠄
     《ᠶᠠᠭᠤ ᠶ᠋ᠢ ᠠᠷᠭ᠎ᠠ᠂ ᠪᠢᠯᠢᠭ? ᠲᠠᠪᠤᠨ ᠮᠠᠬᠠᠪᠣᠳ ᠭᠡᠭᠴᠢ ᠶᠠᠭᠤ ᠪᠣᠢ? ᠵᠢᠱ᠌ᠢᠶ᠎ᠡ ᠨᠢ?》
       ᠬᠠᠷᠢᠭᠤᠯᠤᠭᠰᠠᠨ ᠨᠢ᠄
     《 ᠠᠷᠭ᠎ᠠ ᠨᠢ ᠭᠡᠭᠡᠨ᠂ ᠭᠡᠷᠡᠯᠲᠡᠢ᠂ ᠬᠠᠯᠠᠭᠤᠨ ᠵᠦᠢᠯ ᠢ᠋ ᠬᠡᠯᠡᠨ᠎ᠡ᠂ ᠪᠢᠯᠢᠭ ᠨᠢ ᠪᠦᠳᠡᠭᠢ᠂ ᠬᠠᠷᠠᠩᠭᠤᠢ ᠬᠦᠢᠲᠡᠨ ᠵᠦᠢᠯ  ᠢ᠋ ᠬᠡᠯᠡᠨ᠎ᠡ᠂ ᠵᠢᠱ᠌ᠢᠶ᠎ᠡ ᠨᠢ ᠨᠠᠷᠠ᠂ ᠭᠠᠯ᠂ ᠠᠯᠢᠪᠠ ᠭᠡᠭᠡ ᠭᠡᠷᠡᠯ ᠪᠦᠬᠦᠨ ᠴᠥᠮ ᠠᠷᠭ᠎ᠠ ᠪᠣᠯᠤᠨ᠎ᠠ᠃ ᠰᠠᠷᠠᠨ᠂ ᠤᠰᠤ᠂ ᠠᠯᠢᠪᠠ ᠪᠦᠳᠡᠭᠢ ᠬᠠᠷᠠᠩᠭᠤᠢ ᠪᠦᠬᠦᠨ ᠴᠥᠮ ᠪᠢᠯᠢᠭ ᠪᠣᠯᠤᠨ᠎ᠠ᠃ ᠠᠯᠢᠪᠠ ᠳᠡᠭᠡᠷ᠎ᠡ ᠲᠠᠯ᠎ᠠ᠂ ᠵᠡᠭᠦᠨ ᠲᠠᠯ᠎ᠠ᠂ ᠡᠮᠦᠨ᠎ᠡ ᠲᠠᠯ᠎ᠠ ᠪᠦᠷ ᠠᠷᠭ᠎ᠠ᠂ ᠠᠯᠢᠪᠠ ᠳᠣᠣᠷ᠎ᠠ ᠲᠠᠯ᠎ᠠ᠂ ᠠᠷᠤ ᠲᠠᠯ᠎ᠠ᠂ ᠪᠠᠷᠠᠭᠤᠨ ᠲᠠᠯ᠎ᠠ ᠪᠦᠬᠦᠨ ᠪᠢᠯᠢᠭ ᠪᠣᠯᠤᠨ᠎ᠠ᠃
       ᠲᠠᠪᠤᠨ ᠮᠠᠬᠠᠪᠣᠳ ᠪᠣᠯᠪᠠᠰᠤ ᠰᠢᠷᠣᠢ᠂ ᠤᠰᠤ᠂ ᠭᠠᠯ᠂ ᠬᠡᠢ᠂ ᠲᠡᠮᠦᠷ ᠪᠣᠯᠤᠨ᠎ᠠ᠃ ᠰᠠᠨᠰᠠᠷ ᠳᠡᠯᠡᠬᠡᠢ ᠶ᠋ᠢᠨ ᠲᠦᠮᠡᠨ ᠪᠣᠳᠠᠰ ᠴᠥᠮ ᠠᠷᠭ᠎ᠠ ᠪᠢᠯᠢᠭ᠂᠂ ᠲᠠᠪᠤᠨ ᠮᠠᠬᠠᠪᠣᠳ ᠢ᠋ᠶ᠋ᠠᠷ ᠪᠦᠷᠢᠯᠳᠦᠭᠰᠡᠨ ᠪᠢᠯᠡ᠃
       ᠵᠢᠱ᠌ᠢᠶᠡᠯᠡᠪᠡᠯ ᠲᠩᠷᠢ ᠢᠨᠣ ᠠᠷᠭ᠎ᠠ᠂ ᠭᠠᠵᠠᠷ ᠠᠨᠤ ᠪᠢᠯᠢᠭ᠂ ᠬᠡᠷᠪᠡ ᠲᠩᠷᠢ᠂ ᠭᠠᠵᠠᠷ ᠬᠣᠶᠠᠷ ᠦᠭᠡᠢ᠃ ᠠᠯᠢᠪᠠ ᠡᠷ᠎ᠡ ᠡᠮ᠎ᠡ ᠲᠠᠴᠢᠶᠠᠬᠤ ᠦᠭᠡᠢ ᠪᠣᠯ ᠦᠷ᠎ᠡ ᠦᠨᠳᠦᠰᠦ ᠭᠠᠷᠬᠤ ᠦᠭᠡᠢ᠂ ᠬᠡᠷᠪᠡ ᠠᠷᠭ᠎ᠠ ᠪᠢᠯᠢᠭ ᠬᠣᠶᠠᠷ ᠵᠦᠢᠯ ᠦ᠋ᠨ ᠴᠠᠬᠢᠯᠭᠠᠨ ᠬᠠᠷᠰᠢᠯᠳᠤᠬᠤ ᠦᠭᠡᠢ ᠪᠣᠯᠪᠠᠰᠤ ᠭᠢᠯᠪᠢᠭᠡᠨ ᠭᠠᠷᠴᠤ ᠠᠶᠤᠩᠭ᠎ᠠ ᠳᠤᠤᠭᠠᠷᠬᠤ ᠦᠭᠡᠢ ᠪᠣᠯᠠᠢ᠃》
       ᠠᠰᠠᠭᠤᠭᠰᠠᠨ ᠨᠢ᠄
     《 ᠣᠷᠴᠢᠯᠠᠩ ᠤ᠋ᠨ ᠳᠥᠷᠪᠡᠨ ᠳᠠᠯᠠᠢ ᠭᠡᠭᠴᠢ ᠶᠠᠭᠤᠨ?》
       ᠬᠠᠷᠢᠭᠤᠯᠤᠭᠰᠠᠨ ᠨᠢ᠄
     《 ᠲᠥᠷᠥᠬᠦ᠂ ᠡᠪᠡᠳᠬᠦ᠂ ᠥᠲᠡᠯᠬᠦ᠂ ᠦᠬᠦᠬᠦ ᠢᠨᠣ ᠣᠷᠴᠢᠯᠠᠩ ᠤ᠋ᠨ ᠲᠥᠷᠥᠭᠰᠡᠨ ᠪᠦᠬᠦᠨ ᠦ᠌ ᠳᠥᠷᠪᠡᠨ ᠶᠡᠬᠡ ᠭᠠᠰᠠᠯᠠᠩ ᠤ᠋ᠨ ᠳᠠᠯᠠᠢ ᠪᠣᠯᠠᠢ》 ᠭᠡᠵᠡᠢ᠃
        ᠡᠭᠦᠨ ᠡᠴᠡ ᠭᠠᠳᠠᠨ᠎ᠠ ᠪᠠᠰᠠ ᠶᠡᠬᠡ ᠠᠷᠪᠢᠨ ᠤᠳᠬ᠎ᠠ ᠠᠭᠤᠯᠭ᠎ᠠ ᠪᠠᠷ ᠴᠣᠢᠷᠣ᠎ᠠ ᠪᠤᠯᠢᠶᠠᠯᠳᠤᠳᠠᠭ ᠪᠠᠢᠨ᠎ᠠ᠃
        ᠵᠢᠱ᠌ᠢᠶᠡᠯᠡᠪᠡᠯ᠄
       ᠳᠥᠷᠪᠡᠨ ᠮᠥᠩᠬᠡ᠂ ᠳᠥᠷᠪᠡᠨ ᠬᠡᠪᠡᠷᠡᠭ᠂ ᠳᠥᠷᠪᠡᠨ ᠦᠭᠡᠢ᠂ ᠳᠥᠷᠪᠡᠨ ᠰᠠᠢᠨ᠂ ᠳᠥᠷᠪᠡᠨ ᠮᠠᠭᠤ᠂ ᠳᠥᠷᠪᠡᠨ ᠳᠡᠯᠭᠡᠷᠡᠬᠦ᠂ ᠳᠥᠷᠪᠡᠨ ᠪᠠᠭᠤᠷᠠᠬᠤ᠂ ᠳᠥᠷᠪᠡᠨ ᠣᠯᠠᠨ᠂ ᠳᠥᠷᠪᠡᠨ ᠴᠥᠭᠡᠨ᠂ ᠳᠥᠷᠪᠡᠨ ᠪᠡᠷᠬᠡ᠂ ᠳᠥᠷᠪᠡᠨ ᠬᠢᠯᠪᠠᠷ᠂ ᠳᠥᠷᠪᠡᠨ ᠤᠳᠠᠭᠠᠨ᠂ ᠳᠥᠷᠪᠡᠨ ᠲᠦᠷᠭᠡᠨ᠂ ᠳᠥᠷᠪᠡᠨ ᠦᠨᠡᠨ᠂ ᠳᠥᠷᠪᠡᠨ ᠬᠤᠳᠠᠯ᠂ ᠳᠥᠷᠪᠡᠨ ᠠᠮᠤᠷ᠂ ᠳᠥᠷᠪᠡᠨ ᠵᠣᠪᠠᠭᠤᠷᠢ᠂ ᠳᠥᠷᠪᠡᠨ ᠦᠯᠦ ᠲᠠᠰᠤᠷᠠᠬᠤ᠂ ᠳᠥᠷᠪᠡᠨ ᠠᠪᠬᠤ᠂ ᠳᠥᠷᠪᠡᠨ ᠦᠯᠦ ᠲᠣᠭᠠᠴᠢᠬᠤ᠂ ᠳᠥᠷᠪᠡᠨ ᠭᠡᠭᠡᠬᠦ᠂ ᠳᠥᠷᠪᠡᠨ ᠲᠤᠰᠠᠲᠠᠢ᠂ ᠳᠥᠷᠪᠡᠨ ᠵᠥᠪ᠂ ᠳᠥᠷᠪᠡᠨ ᠪᠤᠷᠤᠭᠤ᠂ ᠳᠥᠷᠪᠡᠨ ᠲᠠᠷᠠᠬᠤ᠂ ᠳᠥᠷᠪᠡᠨ ᠬᠠᠲᠠᠭᠤ᠂ ᠳᠥᠷᠪᠡᠨ ᠵᠥᠭᠡᠯᠡᠨ ᠵᠡᠷᠭᠡ ᠪᠡᠷ ᠭᠤᠷᠪᠠᠨ ᠬᠠᠷᠰᠢ᠂ ᠭᠤᠷᠪᠠᠨ ᠰᠠᠢᠨ᠂ ᠭᠤᠷᠪᠠᠨ ᠬᠥᠬᠡ ᠶᠢᠷᠲᠢᠨᠴᠦ ᠶ᠋ᠢᠨ ᠳᠥᠷᠪᠡᠨ ᠴᠠᠭᠠᠨ᠂ ᠳᠥᠷᠪᠡᠨ ᠬᠠᠷ᠎ᠠ᠂ ᠳᠥᠷᠪᠡᠨ ᠬᠥᠬᠡ᠂ ᠳᠥᠷᠪᠡᠨ ᠨᠣᠭᠣᠭᠠᠨ᠂ ᠳᠥᠷᠪᠡᠨ ᠤᠯᠠᠭᠠᠨ ᠵᠡᠷᠭᠡ ᠪᠡᠷ ᠣᠬᠣᠷ ᠠᠪᠰᠠᠷᠬᠠᠨ ᠳᠥᠷᠪᠡ᠂ ᠳᠥᠷᠪᠡ ᠪᠡᠷ ᠱᠠᠲᠤ ᠪᠣᠯᠭᠠᠨ ᠵᠣᠬᠢᠶᠠᠭᠰᠠᠨ ᠰᠤᠷᠭᠠᠯ ᠰᠢᠯᠦᠭ ᠲᠤᠩ ᠣᠯᠠᠨ ᠪᠠᠢᠳᠠᠭ᠃
       ᠳᠠᠬᠢᠪᠠᠯ ᠰᠢᠷ᠎ᠠ ᠵᠣᠣ ᠰᠦᠮ᠎ᠡ ᠶ᠋ᠢᠨ ᠯᠠᠮᠠ ᠪᠠᠭᠰᠢ ᠨᠠᠷ ᠡᠮ ᠡᠮᠨᠡᠯᠭᠡ ᠶ᠋ᠢᠨ ᠲᠠᠯ᠎ᠠ ᠪᠠᠷ ᠴᠤ᠌ ᠨᠡᠯᠢᠶᠡᠳ ᠣᠷᠣᠯᠳᠣᠯᠭ᠎ᠠ ᠲᠠᠢ ᠪᠢᠯᠡ᠃ ᠲᠤᠬᠠᠢ ᠶ᠋ᠢᠨ ᠦᠶ᠎ᠡ ᠶ᠋ᠢᠨ ᠡᠮ ᠡᠮᠨᠡᠯᠭᠡ ᠶ᠋ᠢᠨ ᠨᠥᠬᠥᠴᠡᠯ ᠠᠨᠠᠢ᠂ ᠡᠮ ᠳᠠᠩ ᠬᠣᠪᠣᠷ ᠪᠠᠢᠭᠰᠠᠨ ᠲᠡᠷᠡ ᠴᠠᠭ ᠦᠶ᠎ᠡ ᠳ᠋ᠦ᠍᠂ ᠠᠷᠠᠳ ᠣᠯᠠᠨ ᠢ᠋ ᠡᠪᠡᠳᠴᠢᠨ ᠵᠣᠪᠠᠯᠠᠩ ᠠ᠋ᠴᠠ ᠰᠠᠯᠭᠠᠵᠤ᠂ ᠠᠷᠬᠠᠭ ᠰᠢᠨᠠᠯᠤᠯ ᠠ᠋ᠴᠠ ᠭᠡᠲᠦᠯᠭᠡᠵᠦ ᠪᠠᠢᠭᠰᠠᠨ ᠨᠢ ᠦᠨᠡᠨ᠃
      ᠪᠠᠷᠠᠭᠤᠨ ᠯᠠᠮᠠ ᠲᠣᠪᠳᠣᠨᠫᠸᠯᠵᠡᠢ᠂ ᠵᠡᠭᠦᠨ ᠯᠠᠮᠠ ᠭᠣᠩᠴᠣᠭᠳᠠᠮᠪᠠᠵᠠᠮᠰᠤ᠂ ᠳᠠᠨᠽᠠᠨ᠂ ᠪᠠᠯᠵᠢ᠂ ᠫᠠᠭᠳᠠᠭᠠᠷ ᠳᠠᠨᠽᠠᠨ᠂ ᠳᠣᠷᠵᠢᠷᠠᠪᠳᠠᠨ ᠨᠠᠷ ᠲᠤᠬᠠᠢ ᠶ᠋ᠢᠨ ᠦᠶ᠎ᠡ ᠳ᠋ᠡᠭᠡᠨ ᠦᠢ ᠲᠦᠮᠡᠨ ᠮᠠᠯᠴᠢᠨ ᠠᠷᠠᠳ ᠢ᠋ ᠡᠪᠡᠳᠴᠢᠨ ᠡᠮᠭᠡᠭ᠂ ᠮᠠᠬᠠᠪᠣᠳ ᠤ᠋ᠨ ᠰᠢᠨᠠᠯᠭᠠᠯ ᠠ᠋ᠴᠠ ᠰᠠᠯᠭᠠᠨ᠂ ᠠᠮᠢ ᠨᠠᠰᠤ ᠶ᠋ᠢ ᠨᠢ ᠬᠠᠮᠠᠭᠠᠯᠠᠵᠤ ᠪᠠᠢᠭᠰᠠᠨ᠃ ᠢᠯᠠᠩᠭᠤᠶ᠎ᠠ ᠴᠢᠯᠥᠭᠡᠯᠡᠭᠳᠡᠭᠰᠡᠨ ᠦ᠌ ᠳᠠᠷᠠᠭ᠎ᠠ ᠪᠤᠭᠤᠲᠤ ᠬᠣᠲᠠ ᠶ᠋ᠢᠨ ᠮᠣᠩᠭᠣᠯ ᠬᠢᠲᠠᠳ ᠡᠮᠨᠡᠯᠭᠡ ᠶ᠋ᠢᠨ ᠬᠣᠷᠢᠶ᠎ᠠ ᠶ᠋ᠢ ᠡᠭᠦᠳᠡᠨ ᠪᠠᠢᠭᠤᠯᠤᠭᠰᠠᠨ ᠭᠣᠩᠴᠤᠭᠰᠠᠮᠪᠤᠤ ᠪᠣᠯ ᠵᠢᠷᠦᠬᠡᠨ ᠡᠪᠡᠳᠴᠢᠨ ᠵᠡᠷᠭᠡ ᠶ᠋ᠢ ᠡᠮᠨᠡᠬᠦ ᠲᠠᠯ᠎ᠠ ᠪᠠᠷ ᠲᠣᠩ ᠶᠡᠬᠡ ᠨᠥᠯᠥᠭᠡ ᠲᠤᠰᠬᠠᠯ ᠭᠠᠷᠭᠠᠭᠰᠠᠨ ᠠᠯᠳᠠᠷᠲᠤ ᠡᠮᠴᠢ ᠪᠥᠭᠡᠳ ᠡᠳᠦᠭᠡ ᠴᠦ᠍ ᠭᠡᠰᠡᠨ ᠨᠤᠲᠤᠭ ᠤᠰᠤᠨ ᠤ᠋ ᠪᠠᠨ ᠬᠥᠮᠦᠨ ᠠᠷᠠᠳ ᠲᠤ᠌ ᠡᠮ ᠳᠠᠩ ᠥᠭᠴᠦ᠂ ᠡᠪᠡᠳᠴᠢᠨ ᠡᠮᠭᠡᠭ  ᠢ᠋ ᠨᠢ ᠡᠳᠡᠭᠡᠷᠡᠭᠦᠯᠵᠦ᠂ ᠠᠴᠢ ᠲᠤᠰᠠ ᠪᠠᠨ ᠬᠦᠷᠭᠡᠭᠰᠡᠭᠡᠷ ᠪᠠᠢᠨ᠎ᠠ᠃