ᠰᠢᠷ᠎ᠠ ᠵᠣᠣ ᠰᠦᠮ᠎ᠡ ᠳ᠋ᠡᠬᠢ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠠᠵᠢᠯᠯᠠᠭᠠᠨ ᠤ᠋ ᠴᠠᠭ-ᠰᠢᠷ᠎ᠠ ᠵᠤᠤ-ᠴᠢᠮᠡᠳ ᠂ ᠫᠣᠩᠰᠣᠭShar juu-Chamd ,PonsgШар жуу
ᠰᠢᠷ᠎ᠠ ᠵᠣᠣ ᠰᠦᠮ᠎ᠡ ᠳ᠋ᠡᠬᠢ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠠᠵᠢᠯᠯᠠᠭᠠᠨ ᠤ᠋ ᠴᠠᠭ
ᠰᠢᠷ᠎ᠠ ᠵᠣᠣ ᠰᠦᠮ᠎ᠡ ᠨᠢ ᠬᠣᠷᠢᠳᠤᠭᠠᠷ ᠵᠠᠭᠤᠨ ᠤ᠋ ᠬᠣᠷᠢᠭᠠᠳ ᠣᠨ ᠳ᠋ᠤ᠌ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠠᠵᠢᠯᠯᠠᠭᠠᠨ ᠤ᠋ ᠭᠣᠣᠯ ᠭᠠᠵᠠᠷ ᠤ᠋ᠨ ᠨᠢᠭᠡ ᠪᠣᠯᠵᠤ ᠪᠠᠢᠭᠰᠠᠨ ᠶᠤᠮ᠃ ᠲᠤᠰ ᠰᠦᠮ᠎ᠡ ᠶ᠋ᠢᠨ ᠱᠠᠪᠢ ᠯᠣᠷᠣᠢᠰᠠᠮᠪᠤ᠂ ᠴᠣᠢᠮᠰᠤᠨ ᠵᠡᠷᠭᠡ ᠠᠷᠪᠠᠭᠠᠳ ᠬᠥᠮᠦᠨ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠢᠳᠡᠪᠬᠢᠲᠡᠢ ᠠᠵᠢᠯᠯᠠᠭᠴᠢ ᠪᠠᠢᠭᠰᠠᠨ ᠪᠥᠭᠡᠳ ᠬᠠᠯᠬ᠎ᠠ ᠠ᠋ᠴᠠ ᠰᠢᠨᠡᠯᠡᠮ᠎ᠡ ᠶ᠋ᠢᠨ ᠴᠡᠷᠢᠭ ᠲᠦ᠍ ᠫᠤᠤ ᠰᠤᠮᠤ ᠵᠥᠭᠡᠭᠡᠪᠦᠷᠢᠯᠡᠵᠦ ᠪᠠᠢᠵᠠᠢ᠃ ᠯᠣᠷᠣᠢᠰᠠᠮᠪᠤ ᠪᠣᠯ ᠮᠣᠩᠭᠣᠯ ᠦᠨᠳᠦᠰᠦᠲᠡᠨ ᠦ᠌ ᠣᠷᠴᠢᠨ ᠦᠶ᠎ᠡ ᠶ᠋ᠢᠨ ᠠᠷᠠᠳᠴᠢᠯᠠᠭᠰᠠᠨ ᠰᠢᠯᠦᠭᠴᠢ ᠮᠥᠷᠲᠡᠭᠡᠨ ᠬᠤᠪᠢᠰᠬᠠᠯᠴᠢ ᠶᠤᠮ᠃ ᠲᠡᠭᠦᠨ ᠦ᠌ ᠰᠢᠯᠦᠭ ᠨᠢ ᠹᠧᠣᠳᠠᠯ ᠬᠠᠭᠤᠴᠢᠨ ᠶᠣᠰᠣ ᠶ᠋ᠢ ᠴᠢᠩᠭ᠎ᠠ ᠪᠤᠷᠤᠭᠤᠰᠢᠶᠠᠵᠤ᠂ ᠰᠠᠢᠨ ᠰᠠᠢᠬᠠᠨ ᠰᠢᠨ᠎ᠡ ᠠᠮᠢᠳᠤᠷᠠᠯ ᠢ᠋ ᠬᠦᠰᠡᠨ ᠮᠥᠷᠥᠭᠡᠳᠦᠭᠰᠡᠨ ᠠᠷᠠᠳᠴᠢᠯᠠᠭᠰᠠᠨ ᠦᠵᠡᠯ ᠰᠠᠨᠠᠭ᠎ᠠ ᠪᠠᠷ ᠪᠢᠯᠬᠠᠮ᠎ᠠ ᠪᠠᠢᠳᠠᠭ᠃《 ᠭᠢᠨᠳᠠᠨ ᠤ᠋ ᠬᠠᠨ᠎ᠠ ᠶ᠋ᠢᠨ ᠰᠢᠯᠦᠭ》 ᠨᠢ ᠲᠡᠭᠦᠨ ᠦ᠌ ᠬᠠᠮᠤᠭ ᠠ᠋ᠴᠠ ᠠᠯᠳᠠᠷᠲᠠᠢ᠂ ᠲᠥᠯᠥᠭᠡᠯᠡᠭᠴᠢ ᠪᠦᠲᠦᠭᠡᠯ ᠨᠢ ᠪᠣᠯᠬᠤ ᠶᠤᠮ᠃
ᠯᠣᠷᠣᠢᠰᠠᠮᠪᠤ ᠶ᠋ᠢᠨ ᠲᠡᠷᠡ ᠬᠦ᠌᠄
ᠤᠷᠢᠳᠤ ᠰᠢᠯᠢ ᠶ᠋ᠢᠨ ᠣᠷᠣᠢ ᠳᠡᠭᠡᠷ᠎ᠡ ᠭᠠᠷᠴᠤ ᠬᠠᠷᠠᠬᠤᠯᠠᠷ ᠬᠥᠶᠢ
ᠤᠯᠠᠭᠠᠨ ᠨᠠᠮ ᠤ᠋ᠨ ᠠᠷᠠᠳ ᠲᠦᠮᠡᠨ ᠪᠤᠴᠠᠯᠵᠤ ᠪᠠᠢᠨ᠎ᠠ ᠬᠥᠶᠢ
ᠪᠥᠭᠳᠦ ᠶ᠋ᠢᠨ ᠰᠢᠷ᠎ᠠ ᠵᠣᠣ ᠪᠦᠭᠦᠳᠡ ᠮᠠᠨ ᠤ᠋ ᠵᠢᠰᠦᠯᠡᠭᠰᠡᠨ ᠳ᠋ᠡᠭᠡᠨ ᠰᠠᠢᠨ
ᠪᠥᠭᠲᠦᠭᠡᠷ ᠬᠠᠷ᠎ᠠ ᠭᠠᠢ ᠯᠠᠨ ᠫᠤᠤ ᠪᠠᠨ ᠡᠭᠦᠷᠦᠭᠰᠡᠨ ᠳ᠋ᠡᠭᠡᠨ ᠰᠠᠢᠨ ᠭᠡᠰᠡᠨ ᠰᠢᠯᠦᠭ ᠲᠡᠭᠡᠨ ᠬᠤᠪᠢᠰᠬᠠᠯ ᠤ᠋ᠨ ᠥᠷᠨᠢᠯᠲᠡ ᠶ᠋ᠢ ᠮᠠᠭᠲᠠᠵᠤ ᠵᠡᠪᠰᠡᠭ ᠠᠳᠬᠤᠬᠤ ᠶ᠋ᠢ ᠤᠷᠢᠶᠠᠯᠠᠭᠰᠠᠨ ᠪᠠᠢᠳᠠᠭ᠃
ᠯᠣᠷᠣᠢᠰᠠᠮᠪᠤ ᠦᠷᠭᠦᠯᠵᠢ《 ᠲᠠᠨᠤᠰ ᠵᠠᠯᠠᠭᠤ ᠪᠠᠭᠠᠴᠤᠳ ᠳᠡᠮᠡᠢ ᠶᠠᠭᠤᠮ᠎ᠠ ᠮᠡᠳᠡᠬᠦ ᠦᠭᠡᠢ ᠪᠠᠢᠨ᠎ᠠ᠂ ᠭᠡᠪᠡᠴᠦ ᠲᠠᠨᠤᠰ ᠯᠠᠪ ᠦᠵᠡᠬᠦ ᠶᠦᠮ᠂ ᠤᠳᠠᠯ ᠦᠭᠡᠢ ᠨᠡᠢᠭᠡᠮ ᠳᠡᠯᠡᠬᠡᠢ ᠬᠥᠮᠦᠨ ᠪᠦᠬᠦᠨ ᠡᠷᠬᠡ ᠲᠡᠭᠰᠢ᠂ ᠲᠡᠢᠨ ᠳᠠᠵᠢᠨ ᠦᠭᠡᠢ᠂ ᠦᠢᠮᠡᠭᠡᠨ ᠰᠠᠮᠠᠭᠤᠨ ᠦᠭᠡᠢ ᠶᠢᠷᠲᠢᠨᠴᠦ ᠬᠦᠷᠴᠦ ᠢᠷᠡᠬᠦ ᠶᠦᠮ》 ᠭᠡᠵᠦ ᠶᠠᠷᠢᠵᠤ ᠪᠠᠢᠵᠠᠢ᠃
ᠬᠤᠪᠢᠰᠬᠠᠯᠲᠤ ᠨᠠᠮ ᠤ᠋ᠨ ᠬᠥᠳᠡᠯᠭᠡᠭᠡᠨ ᠦ᠌ ᠥᠷᠨᠢᠯᠲᠡ ᠬᠥᠭᠵᠢᠯᠲᠡ ᠨᠢ ᠭᠣᠮᠢᠨᠳᠠᠩ ᠤ᠋ᠨ ᠲᠡᠷᠰᠯᠡᠭᠦᠴᠦᠳ ᠪᠣᠯᠤᠨ ᠲᠤᠬᠠᠢ ᠶ᠋ᠢᠨ ᠦᠶ᠎ᠡ ᠶ᠋ᠢᠨ ᠶᠡᠬᠡ ᠵᠣᠣ ᠴᠢᠭᠤᠯᠭᠠᠨ ᠪᠠ ᠬᠣᠰᠢᠭᠤ ᠨᠤᠭᠤᠳ ᠤ᠋ᠨ ᠸᠠᠩ ᠨᠣᠶᠠᠳ ᠤ᠋ᠨ ᠨᠣᠶᠠᠷᠬᠠᠯ ᠳ᠋ᠤ᠌ ᠬᠦᠨᠳᠦ ᠰᠦᠷᠡᠬᠡᠢ ᠰᠦᠷᠳᠡᠭᠦᠯᠦᠯ ᠪᠣᠯᠤᠭᠰᠠᠨ ᠪᠠᠢᠨ᠎ᠠ᠃
1926 ᠣᠨ ᠤ᠋ ᠭᠠᠯ ᠲᠠᠬᠢᠬᠤ ᠦᠶ᠎ᠡ ᠯᠣᠷᠣᠢᠰᠠᠮᠪᠤ ᠵᠡᠷᠭᠡ ᠭᠣᠣᠯ ᠪᠣᠯᠬᠤ ᠬᠥᠮᠦᠰ ᠴᠢᠯᠠᠭᠤᠨ ᠣᠪᠣᠭᠠᠨ ᠤ᠋ ᠣᠷᠴᠢᠮ ᠠᠢᠯ ᠳ᠋ᠤ᠌ ᠪᠠᠢᠲᠠᠯ᠎ᠠ ᠦᠬᠡᠷ ᠠᠮᠤᠭᠤᠯᠠᠩ ᠲᠦᠷᠦᠭᠦᠲᠡᠢ ᠠᠷᠪᠠᠨ ᠨᠢᠭᠡᠨ ᠴᠡᠷᠢᠭ ᠢᠷᠡᠵᠦ ᠯᠣᠷᠣᠢᠰᠠᠮᠪᠤ ᠂ ᠴᠣᠢᠮᠰᠤᠨ᠂ ᠳᠠᠮᠪᠢᠨᠢᠩᠷᠤᠩ᠂ ᠳᠠᠮᠷᠢᠨ ᠳᠥᠷᠪᠡᠨ ᠬᠥᠮᠦᠨ ᠢ᠋ ᠪᠠᠷᠢᠪᠴᠢᠯᠠᠵᠤ ᠬᠣᠰᠢᠭᠤ ᠶᠠᠮᠤᠨ ᠳ᠋ᠤ᠌ ᠬᠦᠷᠭᠡᠭᠰᠡᠨ ᠪᠠ ᠪᠤᠰᠤᠳ ᠢ᠋ ᠨᠢ ᠬᠣᠶᠠᠷ ᠰᠠᠭᠤᠯᠠᠭ᠎ᠠ ᠮᠣᠷᠢᠨ ᠪᠣᠷᠳᠣᠭ᠎ᠠ ᠪᠠᠷ ᠶᠠᠯᠠᠯᠠᠭᠰᠠᠨ ᠪᠠᠢᠨ᠎ᠠ᠃
ᠯᠣᠷᠣᠢᠰᠠᠮᠪᠤ ᠪᠠᠷᠢᠪᠴᠢᠯᠠᠭᠳᠠᠵᠤ ᠲᠡᠷᠡ ᠴᠠᠭ ᠤ᠋ᠨ ᠪᠠᠢᠳᠠᠯ ᠢ᠋ᠶ᠋ᠠᠨ ᠲᠡᠮᠳᠡᠭᠯᠡᠬᠦ ᠳ᠋ᠡᠭᠡᠨ᠄
ᠲᠡᠷᠢᠭᠦᠯᠡᠭᠰᠡᠨ ᠠᠮᠤᠭᠤᠯᠠᠩ ᠲᠡᠭ ᠳᠤᠮᠳᠠ ᠶ᠋ᠢᠨ ᠬᠢᠷᠢ ᠶᠠ
ᠲᠡᠭᠦᠨᠴᠢᠯᠡᠨ ᠳᠠᠷᠠᠭᠠᠯᠠᠭᠰᠠᠨ ᠵᠠᠭᠤᠨᠨᠠᠰᠤᠨ ᠭᠣᠣᠯ ᠰᠢᠭ᠋ ᠶᠠ
ᠲᠡᠮᠡᠭᠡᠨ ᠳ᠋ᠦ᠍ ᠳᠤᠷᠠᠯᠠᠭᠰᠠᠨ ᠴᠣᠯᠮᠣᠨ ᠱ᠌ᠢᠵᠠᠩ ᠭᠡᠷᠭᠡᠨ ᠶᠠ
ᠲᠡᠮᠲᠡᠴᠢᠵᠦ ᠪᠠᠷᠠᠳᠠᠭᠰᠠᠨ ᠪᠦᠷᠢᠨᠪᠡᠨᠽᠡᠷ ᠱᠠᠯᠢᠭ ᠶᠠ
ᠪᠠᠭ᠎ᠠ ᠴᠡᠷᠢᠭ ᠪᠠᠳᠠᠷᠠᠩᠭᠤᠢ ᠶ᠋ᠢᠨ ᠪᠠᠭᠠᠲᠤᠷ ᠶᠠᠩᠵᠤ ᠶᠠ
ᠪᠠᠷᠢᠨ ᠠᠪᠤᠭᠰᠠᠨ ᠬᠠᠷ᠎ᠠ ᠮᠣᠷᠢᠨ ᠳ᠋ᠤ᠌ ᠳᠤᠷᠠᠯᠠᠭᠰᠠᠨ ᠨᠢ ᠢᠯᠡ ᠶᠠ
ᠪᠠᠰᠠ ᠳᠡᠯᠢᠮ ᠳ᠋ᠦ᠍ ᠣᠷᠣᠯᠴᠠᠭᠰᠠᠨ ᠪᠠᠲᠤᠳᠣᠷᠵᠢ ᠭᠣᠩᠳᠣᠣ( ᠭᠦᠨᠳᠦᠭᠦᠨ) ᠶᠠ
ᠪᠠᠯᠠᠷ ᠳᠤᠮᠳᠠ ᠳᠠᠭᠠᠯᠳᠤᠭᠰᠠᠨ ᠬᠣᠶᠠᠷ ᠴᠡᠷᠢᠭ ᠬᠥᠭᠡᠷᠦᠬᠦᠢ ᠶᠠ
ᠬᠠᠮᠲᠤᠷᠠᠵᠤ ᠣᠷᠣᠯᠴᠠᠭᠰᠠᠨ ᠰᠢᠳᠢ ᠶ᠋ᠢᠨ ᠰᠡᠳᠬᠢᠯ ᠳᠣᠣᠷ᠎ᠠ ᠶᠠ
ᠬᠠᠮᠤᠷᠴᠤ ᠬᠤᠷᠢᠶᠠᠭᠰᠠᠨ ᠲᠠᠪᠤᠨ ᠲᠡᠮᠡᠭᠡ ᠲᠠᠷᠭᠤᠨ ᠶᠠ
ᠬᠠᠮᠠᠷ ᠦᠭᠡᠢ ᠲᠠᠪᠢᠽᠢ ᠦᠨᠦᠷ ᠬᠠᠩᠭᠢ ᠴᠢᠩᠭ᠎ᠠ ᠪᠠᠷᠠᠭ᠎ᠠ ᠶᠠ
ᠬᠠᠪᠢᠷᠭ᠎ᠠ ᠳ᠋ᠤᠨᠢ ᠠᠯᠲᠠᠨᠭᠡᠷᠡᠯ ᠳᠤᠮᠳᠠᠭᠤᠷ ᠠᠯᠲᠠ ᠶ᠋ᠢᠨ ᠬᠢᠷᠢ ᠶᠠ ᠭᠡᠵᠦ ᠢᠷᠡᠭᠰᠡᠨ ᠬᠥᠮᠦᠰ ᠦ᠋ᠨ ᠵᠢᠰᠦ ᠴᠢᠷᠠᠢ ᠪᠡᠶ᠎ᠡ ᠪᠢᠯᠳᠠᠷ ᠠ᠋ᠴᠠ ᠪᠣᠳᠣᠯ ᠰᠡᠳᠬᠢᠯ ᠢ᠋ ᠰᠢᠨᠵᠢᠨ ᠵᠠᠳᠠᠯᠵᠤ ᠲᠣᠯᠣᠭᠠᠢ ᠰᠡᠭᠦᠯ ᠬᠣᠯᠪᠣᠵᠤ ᠳᠦᠷᠰᠦᠯᠡᠨ ᠰᠢᠭᠦᠮᠵᠢᠯᠡᠭᠰᠡᠨ ᠪᠠᠢᠨ᠎ᠠ᠃
ᠯᠣᠷᠣᠢᠰᠠᠮᠪᠤ ᠨᠠᠷ ᠢ᠋ ᠬᠡᠳᠦᠢᠪᠡᠷ ᠭᠠᠪᠠ ᠳᠥᠩᠭᠡ ᠣᠷᠣᠭᠤᠯᠵᠤ ᠶᠠᠯᠠᠯᠠᠨ ᠲᠠᠮᠤᠯᠠᠭᠰᠠᠨ ᠴᠣ ᠲᠡᠳᠡᠨ ᠦ᠌ ᠡᠰᠡᠷᠭᠦᠴᠡᠯ ᠦ᠋ᠨ ᠲᠡᠮᠡᠴᠡᠯ ᠦ᠋ᠨ ᠵᠣᠷᠢᠭ ᠢ᠋ ᠨᠢ ᠮᠣᠬᠣᠭᠣᠵᠤ ᠴᠢᠳᠠᠭᠰᠠᠨ ᠦᠭᠡᠢ᠃
ᠮᠣᠩᠭᠣᠯ ᠤ᠋ᠨ ᠣᠷᠴᠢᠨ ᠦᠶ᠎ᠡ ᠶ᠋ᠢᠨ ᠤᠷᠠᠨ ᠵᠣᠬᠢᠶᠠᠯ ᠤ᠋ᠨ ᠲᠡᠦᠬᠡᠨ ᠳ᠋ᠦ᠍ ᠬᠤᠪᠢᠰᠬᠠᠯᠲᠤ ᠠᠭᠤᠯᠭ᠎ᠠ ᠪᠠᠷ ᠣᠨᠴᠠᠭᠠᠢ ᠪᠠᠢᠷᠢ᠂ ᠦᠨᠡᠯᠡᠯᠲᠡ ᠶ᠋ᠢ ᠣᠯᠤᠭᠰᠠᠨ《 ᠭᠢᠨᠳᠠᠨ ᠤ᠋ ᠬᠠᠨ᠎ᠠ ᠶ᠋ᠢᠨ ᠰᠢᠯᠦᠭ》 ᠲᠦ᠍᠄
ᠪᠠᠷᠰ ᠵᠢᠯ ᠦ᠋ᠨ ᠪᠠᠶᠠᠷ ᠬᠥᠭᠵᠢᠮ ᠤᠯᠠᠮ ᠪᠠᠳᠠᠷᠠ
ᠪᠠᠭᠤᠷᠠᠭᠰᠠᠨ ᠬᠥᠭᠰᠢᠳ ᠦ᠋ᠨ ᠵᠣᠷᠢᠭ ᠪᠠᠳᠠᠷᠠ
ᠪᠠᠭ᠎ᠠ ᠵᠠᠯᠠᠭᠤᠴᠤᠳ ᠤ᠋ᠨ ᠬᠡᠢ ᠮᠣᠷᠢ ᠪᠠᠳᠠᠷᠠ
ᠪᠠᠰᠠ ᠭᠠᠩᠭᠤᠨ ᠡᠮᠡᠭᠲᠡᠢᠴᠦᠳ ᠦ᠋ᠨ ᠬᠦᠰᠡᠯ ᠪᠠᠳᠠᠷᠠ
ᠪᠠᠶᠠᠷ ᠴᠡᠩᠭᠡᠯ ᠦᠷᠭᠦᠯᠵᠢᠳᠡ ᠥᠨᠢᠳᠡ ᠪᠠᠳᠠᠷᠠ
ᠪᠠᠰᠠ ᠮᠠᠨ ᠤ᠋ ᠨᠠᠮ ᠤ᠋ᠨ ᠶᠣᠰᠣ ᠤᠯᠠᠮ ᠪᠠᠳᠠᠷᠠ
ᠪᠠᠷᠢᠭᠳᠠᠭᠰᠠᠨ ᠪᠢᠳᠡ ᠨᠠᠷ ᠤ᠋ᠨ ᠨᠡᠷ᠎ᠡ ᠪᠠᠳᠠᠷᠠ
ᠪᠠᠶᠠᠳ ᠨᠣᠶᠠᠳ ᠨᠠᠷ ᠤ᠋ᠨ ᠬᠦᠰᠡᠭᠰᠡᠨ ᠨᠢ ᠬᠠᠨᠤᠭᠲᠤᠨ ᠭᠡᠵᠡᠢ᠃
ᠯᠣᠷᠣᠢᠰᠠᠮᠪᠤ (1882—1938) ᠪᠣᠯ ᠮᠣᠩᠭᠣᠯ ᠦᠨᠳᠦᠰᠦᠲᠡᠨ ᠦ᠌ ᠣᠷᠴᠢᠨ ᠦᠶ᠎ᠡ ᠶ᠋ᠢᠨ ᠰᠢᠯᠢᠳᠡᠭ ᠰᠢᠯᠦᠭᠴᠢᠨ ᠦ᠌ ᠨᠢᠭᠡ᠂ ᠬᠡᠳᠦᠢᠪᠡᠷ ᠲᠡᠭᠦᠨ ᠦ᠌ ᠰᠡᠳᠦᠭᠰᠡᠨ ᠦᠢᠯᠡ ᠶ᠋ᠢᠨ ᠲᠤᠬᠠᠢ ᠪᠦᠷᠢᠨ ᠭᠦᠢᠴᠡᠳ ᠡᠮᠬᠢᠳᠬᠡᠨ ᠴᠤᠭᠯᠠᠭᠤᠯᠵᠤ ᠴᠢᠳᠠᠭᠠᠳᠤᠢ ᠪᠣᠯᠪᠠᠴᠤ ᠣᠯᠠᠨ ᠠᠷᠪᠢᠨ ᠰᠢᠯᠦᠭ ᠨᠢ ᠦᠨᠳᠦᠰᠦᠲᠡᠨ ᠦ᠌ ᠪᠡᠨ ᠤᠷᠠᠨ ᠵᠣᠬᠢᠶᠠᠯ ᠬᠤᠪᠢᠰᠬᠠᠯ ᠤ᠋ᠨ ᠲᠡᠦᠬᠡᠨ ᠬᠠᠭᠤᠳᠠᠰᠤᠨ ᠳ᠋ᠤ᠌ ᠠᠯᠳᠠᠷ ᠨᠡᠷ᠎ᠡ ᠪᠡᠨ ᠲᠡᠮᠳᠡᠭᠯᠡᠭᠦᠯᠵᠦ ᠴᠢᠳᠠᠭᠰᠠᠨ ᠶᠤᠮ᠃
