ᠰᠢᠷ᠎ᠠ ᠵᠣᠣ ᠰᠦᠮ᠎ᠡ ᠶ᠋ᠢᠨ ᠡᠪᠳᠡᠭᠳᠡᠭᠰᠡᠨ ᠪᠠ ᠵᠠᠰᠠᠭᠰᠠᠨ-ᠰᠢᠷ᠎ᠠ ᠵᠤᠤ-ᠴᠢᠮᠡᠳ ᠂ ᠫᠣᠩᠰᠣᠭShar juu-Chamd ,PonsgШар жуу-Чамд ,Понсг
ᠰᠢᠷ᠎ᠠ ᠵᠣᠣ ᠰᠦᠮ᠎ᠡ ᠶ᠋ᠢᠨ ᠡᠪᠳᠡᠭᠳᠡᠭᠰᠡᠨ ᠨᠢ
ᠰᠢᠷ᠎ᠠ ᠵᠣᠣ ᠰᠦᠮ᠎ᠡ ᠳᠡᠭᠡᠷ᠎ᠡ ᠵᠠᠭᠤᠨ ᠳ᠋ᠤ᠌ ᠬᠡᠳᠦ ᠤᠳᠠᠭᠠᠨ ᠤ᠋ ᠬᠦᠨᠳᠦ ᠡᠪᠳᠡᠭᠳᠡᠯ ᠰᠦᠢᠳᠦᠯ ᠳ᠋ᠦ᠍ ᠤᠴᠠᠷᠠᠵᠤ᠂ ᠡᠴᠦᠰ ᠲᠡᠭᠡᠨ ᠬᠠᠭᠠᠷᠬᠠᠢ ᠲᠣᠭᠣᠰᠬ᠎ᠠ᠂ ᠬᠡᠯᠲᠡᠷᠬᠡᠢ ᠸᠠᠭᠠᠷ ᠤ᠋ᠨ ᠣᠪᠣᠭ᠎ᠠ ᠲᠡᠳᠦᠢ ᠯᠡ ᠦᠯᠡᠳᠡᠵᠦ ᠬᠣᠴᠣᠷᠤᠭᠰᠠᠨ ᠶᠤᠮ᠃
1922 ᠣᠨ ᠤ᠋ 5 ᠰᠠᠷ᠎ᠠ ᠶ᠋ᠢᠨ 22——26 ᠤ᠋ ᠡᠳᠦᠷ ᠮᠢᠩᠭ᠎ᠠ ᠢᠯᠡᠭᠦᠦ ᠮᠠᠭᠤ ᠬᠤᠯᠠᠭᠠᠢ ᠶ᠋ᠢᠨ ᠳᠡᠭᠡᠷᠡᠮ ᠴᠠᠭᠠᠨ ᠲᠣᠯᠣᠭᠠᠢ᠂ ᠮᠠ᠋ ᡂᠢ ᠶ᠋ᠢᠨ ᠣᠯᠣᠮ ᠢ᠋ᠶ᠋ᠠᠷ ᠬᠠᠲᠤᠨ ᠭᠣᠣᠯ ᠢ᠋ ᠭᠠᠲᠤᠯᠵᠤ ᠰᠢᠷ᠎ᠠ ᠵᠣᠣ ᠳ᠋ᠤ᠌ ᠴᠥᠮᠥᠷᠡᠨ ᠢᠷᠡᠵᠦ᠂ ᠴᠠᠮ ᠤ᠋ᠨ ᠬᠤᠪᠴᠠᠰᠤ᠂ ᠡᠳ᠋ ᠬᠣᠭᠰᠢᠯ᠂ ᠠᠯᠲᠠ ᠮᠥᠩᠭᠥ᠂ ᠮᠣᠷᠢ ᠤᠨᠤᠭ᠎ᠠ ᠶ᠋ᠢ ᠲᠣᠨᠣᠨ ᠳᠡᠭᠡᠷᠡᠮᠳᠡᠵᠦ᠂ ᠰᠦᠮ᠎ᠡ ᠶ᠋ᠢᠨ ᠭᠣᠣᠯ ᠳᠤᠭᠠᠩ᠂ ᠬᠣᠶᠠᠷ ᠵᠢᠭᠦᠷ ᠦ᠋ᠨ ᠰᠦᠮ᠎ᠡ ᠶ᠋ᠢ ᠭᠠᠯᠳᠠᠭᠰᠠᠨ ᠪᠠᠢᠨ᠎ᠠ᠃ ᠬᠠᠮᠤᠭ ᠤ᠋ᠨ ᠲᠣᠮᠣ ᠪᠤᠷᠬᠠᠨ ᠡᠪᠳᠡᠭᠳᠡᠵᠦ᠂ ᠭᠠᠨᠵᠤᠤᠷ ᠵᠡᠷᠭᠡ ᠣᠯᠠᠨ ᠠᠷᠪᠢᠨ ᠦᠨ᠎ᠡ ᠴᠠᠨ᠎ᠠ ᠲᠠᠢ ᠪᠤᠷᠬᠠᠨ ᠨᠣᠮ ᠰᠤᠳᠤᠷ ᠭᠠᠯᠳᠠᠭᠳᠠᠵᠤ ᠦᠷᠡᠭᠳᠡᠭᠰᠡᠨ ᠪᠥᠭᠡᠳ ᠣᠢᠷ᠎ᠠ ᠣᠷᠴᠢᠮ ᠤ᠋ᠨ ᠠᠢᠯ᠂ ᠱᠠᠪᠢ ᠨᠠᠷ ᠡᠷᠦᠬᠡ ᠴᠦ᠍ ᠠᠶᠤᠯ ᠰᠦᠢᠳᠦᠯ ᠳ᠋ᠦ᠍ ᠤᠴᠠᠷᠠᠵᠠᠢ᠃
ᠲᠤᠰ ᠵᠢᠯ ᠦ᠋ᠨ ᠨᠠᠮᠤᠷ᠂ ᠰᠦᠮ᠎ᠡ ᠶ᠋ᠢᠨ ᠣᠷᠴᠢᠮ ᠤ᠋ᠨ ᠠᠢᠯ ᠤ᠋ᠳ ᠰᠦᠮ᠎ᠡ ᠲᠡᠢ ᠭᠠᠵᠠᠷ ᠪᠤᠯᠢᠶᠠᠯᠳᠤᠭᠰᠠᠨ ᠠ᠋ᠴᠠ ᠳᠠ ᠠ᠋ᠴᠠ ᠵᠠᠷᠯᠢᠭ ᠪᠠᠭᠤᠯᠭᠠᠵᠤ ᠰᠦᠮ᠎ᠡ ᠡᠴᠡ ᠵᠡᠭᠦᠨᠰᠢ᠂ ᠪᠠᠷᠠᠭᠤᠨᠰᠢ 2500 ᠠᠯᠬᠤᠮ᠂ ᠤᠷᠤᠭᠰᠢ ᠬᠣᠢᠰᠢ 5000 ᠠᠯᠬᠤᠮ ᠢ᠋ᠶ᠋ᠠᠷ ᠰᠦᠮ᠎ᠡ ᠶ᠋ᠢᠨ ᠵᠠᠩᠷᠠᠭ ᠤ᠋ᠨ ᠭᠠᠵᠠᠷ ᠢ᠋ᠶ᠋ᠠᠷ ᠲᠣᠭᠲᠠᠭᠠᠵᠤ᠂ ᠰᠦᠮ᠎ᠡ ᠶ᠋ᠢ ᠬᠡᠷᠡᠭ ᠡᠭᠦᠰᠬᠡᠯᠡ ᠭᠡᠵᠦ27 ᠮᠠᠯ ᠢ᠋ᠶ᠋ᠠᠷ ᠲᠣᠷᠭᠠᠵᠠᠢ᠃
1941 ᠣᠨ ᠤ᠋10 ᠰᠠᠷ᠎ᠠ ᠶ᠋ᠢᠨ10 ᠳ᠋ᠤ᠌ ᠬᠠᠲᠤᠨ ᠭᠣᠣᠯ ᠤ᠋ᠨ ᠬᠣᠢᠲᠤ ᠲᠠᠯ᠎ᠠ ᠠ᠋ᠴᠠ ᠨᠢᠭᠡ ᠪᠦᠯᠦᠭ ᠳᠡᠭᠡᠷᠡᠮ ᠢᠷᠡᠵᠦ ᠰᠢᠷ᠎ᠠ ᠵᠣᠣ ᠰᠦᠮ᠎ᠡ ᠶ᠋ᠢᠨ ᠳᠥᠴᠢ ᠭᠠᠷᠤᠢ ᠲᠠᠰᠤᠯᠭ᠎ᠠ ᠪᠠᠢᠰᠢᠩ ᠢ᠋ ᠭᠠᠯᠳᠠᠵᠤ ᠳᠥᠴᠢ ᠭᠠᠷᠤᠢ ᠮᠣᠷᠢ᠂ ᠬᠣᠶᠠᠷ ᠵᠠᠭᠤ ᠲᠠᠪᠢᠭᠠᠳ ᠦᠬᠡᠷ᠂ ᠬᠣᠷᠢ ᠭᠠᠷᠤᠢ ᠡᠯᠵᠢᠭᠡ ᠶ᠋ᠢ ᠳᠡᠭᠡᠷᠡᠮᠳᠡᠵᠦ ᠲᠠᠭᠤᠭᠰᠠᠨ ᠪᠥᠭᠡᠳ12 ᠰᠠᠷ᠎ᠠ ᠶ᠋ᠢᠨ29 ᠳ᠋ᠦ᠍ ᠶᠠᠫᠣᠨ ᠳᠡᠭᠡᠷᠡᠮ ᠦ᠋ᠨ ᠨᠢᠭᠡ ᠮᠣᠷᠢᠲᠤ ᠴᠡᠷᠢᠭ ᠠᠩᠭᠢ ᠬᠡᠳᠦ ᠵᠠᠭᠤᠨ ᠬᠥᠮᠦᠨ ᠬᠠᠲᠤᠨ ᠭᠣᠣᠯ ᠢ᠋ ᠭᠡᠲᠦᠯᠵᠦ᠂ ᠰᠢᠷ᠎ᠠ ᠵᠣᠣ ᠣᠷᠴᠢᠮ ᠢ᠋ ᠶᠡᠬᠡ ᠪᠡᠷ
ᠳᠡᠭᠡᠷᠡᠮᠳᠡᠭᠰᠡᠨ ᠪᠥᠭᠡᠳ ᠨᠢᠭᠡ ᠨᠢᠰᠬᠡᠯ ᠢᠷᠡᠵᠦ ᠰᠢᠷ᠎ᠠ ᠵᠣᠣ ᠶ᠋ᠢ ᠪᠥᠮᠪᠥᠭᠡᠳᠡᠵᠦ᠂310 ᠭᠠᠷᠤᠢ ᠲᠠᠰᠤᠯᠭ᠎ᠠ ᠠᠷᠠᠳ ᠤ᠋ᠨ ᠪᠠᠢᠰᠢᠩ ᠢ᠋ ᠭᠠᠯᠳᠠᠵᠤ ᠬᠥᠮᠦᠨ ᠬᠠᠷ᠎ᠠ ᠠᠷᠪᠢᠨ ᠦᠬᠦᠵᠦ1200 ᠭᠠᠷᠤᠢ ᠪᠤᠲᠠ᠂ 5300 ᠭᠠᠷᠤᠢ ᠪᠤᠭ ᠮᠠᠯ ᠢ᠋ ᠳᠡᠭᠡᠷᠡᠮᠳᠡᠵᠦ᠂ ᠶᠡᠬᠡ ᠴᠣᠭᠴᠢᠨ ᠳᠤᠭᠠᠩ᠂ ᠰᠤᠪᠤᠷᠭ᠎ᠠ ᠶ᠋ᠢ ᠫᠤᠤᠳᠠᠵᠤ᠂ 560 ᠰᠠᠭᠤᠯᠠᠭ᠎ᠠ ᠠᠮᠤ ᠳᠡᠭᠡᠷᠡᠮᠳᠡᠨ ᠠᠪᠠᠴᠢᠵᠠᠢ᠃
1964 ᠣᠨ ᠳ᠋ᠤ᠌ ᠴᠣᠭᠴᠢᠨ ᠳᠤᠭᠠᠩ ᠵᠤᠯᠠ ᠶ᠋ᠢᠨ ᠬᠤᠷᠠᠯ ᠳᠡᠭᠡᠷ᠎ᠡ ᠭᠠᠯ ᠠᠯᠳᠠᠭᠳᠠᠵᠤ ᠰᠦᠢᠳᠪᠡ᠃
1967 ᠣᠨ ᠳ᠋ᠤ᠌᠂ ᠰᠣᠶᠣᠯ ᠤ᠋ᠨ ᠬᠤᠪᠢᠰᠬᠠᠯ ᠤ᠋ᠨ ᠤᠯᠠᠭᠠᠨ ᠰᠢᠭᠤᠷᠭᠠᠨ ᠳ᠋ᠤ᠌ ᠦᠯᠡᠳᠡᠭᠰᠡᠨ ᠳᠣᠯᠣᠭᠠᠨ ᠳᠤᠭᠠᠩ᠂ ᠰᠤᠪᠤᠷᠭ᠎ᠠ᠂ ᠤᠯᠠᠭᠠᠨ ᠬᠦᠷᠢᠶ᠎ᠡ᠂ ᠰᠠᠩ ᠵᠢᠰᠠ᠂ ᠯᠠᠮᠠ ᠨᠠᠷ ᠤ᠋ᠨ ᠣᠷᠣᠨ ᠰᠠᠭᠤᠴᠠ ᠪᠠᠷᠤᠭ ᠬᠣᠭ ᠦᠭᠡᠢ ᠪᠣᠯᠲᠠᠯ᠎ᠠ ᠰᠦᠢᠳᠬᠡᠭᠳᠡᠭᠰᠡᠨ ᠶᠦᠮ᠃ ᠰᠦᠮ᠎ᠡ ᠳᠤᠭᠠᠩ ᠢ᠋ ᠨᠤᠷᠠᠭᠠᠭᠠᠳ ᠡᠳ᠋ ᠲᠠᠸᠠᠷ᠂ ᠮᠣᠳᠣ ᠲᠣᠭᠣᠰᠬ᠎ᠠ ᠵᠡᠷᠭᠡ ᠶ᠋ᠢ ᠨᠢ ᠡᠯ᠎ᠡ ᠪᠠᠷᠢᠭᠠᠳᠠ ᠳ᠋ᠤ᠌ ᠬᠤᠪᠢᠶᠠᠨ ᠥᠭᠴᠦ᠂ ᠦᠨ᠎ᠡ ᠥᠷᠲᠡᠭ ᠪᠣᠳᠣᠵᠤ᠂ ᠤᠯᠤᠰ ᠤ᠋ᠨ ᠡᠳ᠋ ᠦ᠋ᠨ ᠵᠠᠰᠠᠭ ᠲᠤ᠌ ᠲᠤᠰᠢᠶᠠᠭᠰᠠᠨ ᠪᠠᠢᠨ᠎ᠠ᠃ ᠲᠤᠬᠠᠢ ᠶ᠋ᠢᠨ ᠦᠶ᠎ᠡ ᠳ᠋ᠦ᠍ ᠰᠢᠷ᠎ᠠ ᠵᠣᠣ ᠰᠤᠮᠤᠨ ᠤ᠋ ᠡᠯᠡᠰᠦ ᠮᠠᠩᠬ᠎ᠠ ᠶ᠋ᠢ ᠥᠭᠡᠷᠡᠴᠢᠯᠡᠬᠦ ᠥᠷᠲᠡᠭᠡ ᠨᠢ ᠰᠦᠮ᠎ᠡ ᠶ᠋ᠢᠨ ᠭᠠᠵᠠᠷ ᠢ᠋ ᠡᠵᠡᠯᠡᠨ ᠰᠠᠭᠤᠵᠠᠢ᠃ ᠶᠡᠬᠡ ᠵᠢᠰᠠ ᠶ᠋ᠢ ᠰᠢᠷ᠎ᠠ ᠵᠣᠣ ᠪᠠᠭ᠎ᠠ ᠰᠤᠷᠭᠠᠭᠤᠯᠢ᠂ ᠷᠠᠰᠠᠩ ᠵᠢᠰᠠ ᠶ᠋ᠢ ᠡᠮᠨᠡᠯᠭᠡ ᠶ᠋ᠢᠨ ᠬᠣᠷᠢᠶ᠎ᠠ᠂ ᠨᠦᠩᠨᠠᠢ ᠵᠢᠰᠠ ᠶ᠋ᠢ ᠮᠠᠯ ᠡᠮᠨᠡᠯᠭᠡ ᠶ᠋ᠢᠨ ᠬᠣᠷᠢᠶ᠎ᠠ᠂ ᠱᠠᠩ ᠢ᠋ ᠬᠠᠩᠭᠠᠨ ᠪᠣᠷᠣᠯᠠᠭᠤᠯᠬᠤ ᠬᠣᠷᠰᠢᠶ᠎ᠠ ᠡᠵᠡᠯᠡᠵᠦ ᠪᠠᠢᠯ᠎ᠠ᠃
1968 ᠣᠨ ᠳ᠋ᠤ᠌ ᠰᠢᠷ᠎ᠠ ᠵᠣᠣ ᠰᠤᠮᠤ ᠶ᠋ᠢ ᠳᠤᠭᠤᠢᠳᠠᠯ᠎ᠠ ᠭᠦᠩᠱᠧ ᠲᠡᠢ ᠨᠡᠢᠯᠡᠭᠦᠯᠦᠭᠡᠳ ᠰᠤᠮᠤ ᠨᠡᠭᠦᠵᠦ ᠶᠠᠪᠤᠭᠠᠳ᠂ ᠳᠣᠣᠷᠠᠬᠢ ᠪᠠᠢᠭᠤᠯᠭ᠎ᠠ ᠨᠤᠭᠤᠳ ᠨᠢ ᠴᠦ᠍ ᠳᠠᠭᠠᠵᠤ ᠰᠢᠯᠵᠢᠵᠡᠢ᠃ ᠮᠥᠨ ᠲᠡᠷᠡ ᠵᠢᠯ ᠳ᠋ᠡᠭᠡᠨ ᠱᠠᠩ ᠵᠢᠰᠠ ᠪᠣᠯᠤᠨ ᠯᠠᠮᠠ ᠨᠠᠷ ᠤ᠋ᠨ ᠬᠡᠰᠡᠭ ᠪᠠᠢᠰᠢᠩ ᠬᠦᠷᠢᠶ᠎ᠡ ᠶ᠋ᠢ ᠴᠦ᠍ ᠪᠠᠭᠤᠯᠭᠠᠨ ᠨᠤᠷᠠᠭᠠᠵᠤ᠂ ᠰᠤᠮᠤᠨ ᠤ᠋ ᠪᠠᠢᠰᠢᠩ ᠢ᠋ ᠰᠢᠬᠢᠷ ᠦ᠋ᠨ ᠭᠠᠯ ( ᠲᠤᠬᠠᠢ ᠶ᠋ᠢᠨ ᠦᠶ᠎ᠡ ᠳ᠋ᠦ᠍ ᠰᠢᠬᠢᠷ ᠡᠪᠡᠰᠦ ᠬᠣᠷᠢᠶᠠᠨ ᠠᠪᠴᠤ ᠪᠣᠷᠣᠯᠠᠭᠤᠯᠬᠤ ᠪᠤᠶᠤ ᠬᠠᠳᠠᠭᠠᠯᠠᠳᠠᠭ ᠪᠠᠢᠪᠠ) ᠳ᠋ᠤ᠌ ᠬᠤᠳᠠᠯᠳᠤᠨ ᠥᠭᠴᠡᠢ᠃ ᠡᠯᠡᠰᠦ ᠮᠠᠩᠬ᠎ᠠ ᠶ᠋ᠢ ᠥᠭᠡᠷᠡᠴᠢᠯᠡᠬᠦ ᠥᠷᠲᠡᠭᠡ ᠴᠦ᠍ ᠭᠡᠷ ᠪᠠᠢᠰᠢᠩ ᠢ᠋ᠶ᠋ᠠᠨ ᠣᠷᠬᠢᠭᠠᠳ ᠶᠠᠪᠤᠵᠤ ᠠᠷᠢᠯᠤᠭᠰᠠᠨ ᠪᠠᠢᠨ᠎ᠠ᠃
ᠰᠢᠷ᠎ᠠ ᠵᠣᠣ ᠰᠦᠮ᠎ᠡ ᠶ᠋ᠢ ᠳᠠᠬᠢᠨ ᠰᠡᠯᠪᠢᠨ ᠵᠠᠰᠠᠭᠰᠠᠨ ᠨᠢ
ᠲᠡᠦᠬᠡᠨ ᠳ᠋ᠦ᠍ ᠭᠠᠷᠤᠭᠠᠳᠤᠢ ᠰᠣᠶᠣᠯ ᠤ᠋ᠨ ᠬᠤᠪᠢᠰᠬᠠᠯ ᠤ᠋ᠨ ᠬᠦᠴᠦᠲᠡᠢ ᠲᠠᠯᠬᠢᠯᠲᠠ ᠶ᠋ᠢ ᠥᠩᠭᠡᠷᠡᠭᠡᠵᠦ᠂ ᠲᠥᠷᠥ ᠲᠦᠪᠰᠢᠷᠡᠨ ᠲᠦᠮᠡᠨ ᠠᠮᠤᠷᠵᠢᠭᠰᠠᠨ ᠰᠢᠨ᠎ᠡ ᠡᠷᠡᠨ ᠲᠡᠢ ᠵᠣᠯᠭᠠᠯ᠎ᠠ᠃ ᠪᠤᠷᠬᠠᠨ ᠨᠣᠮ ᠲᠠᠬᠢᠬᠤ᠂ ᠱᠠᠰᠢᠨ ᠰᠢᠲᠦᠯᠭᠡ ᠴᠢᠯᠥᠭᠡᠲᠡᠢ ᠪᠣᠯᠤᠭᠰᠠᠨ1983 ᠣᠨ( ᠬᠠᠷᠠᠭᠴᠢᠨ ᠭᠠᠬᠠᠢ ᠵᠢᠯ) ᠳ᠋ᠦ᠍ ᠲᠣᠪᠳᠤᠨᠫᠸᠯᠵᠠᠢ ᠲᠦᠷᠦᠭᠦᠲᠡᠢ ᠰᠢᠷ᠎ᠠ ᠵᠣᠣ ᠰᠦᠮ᠎ᠡ ᠶ᠋ᠢᠨ ᠬᠡᠰᠡᠭ ᠯᠠᠮᠠ ᠨᠠᠷ ᠤᠤᠯ ᠤ᠋ᠨ ᠡᠯᠡᠰᠦ ᠮᠠᠩᠬ᠎ᠠ ᠶ᠋ᠢ ᠥᠭᠡᠷᠡᠴᠢᠯᠡᠬᠦ ᠥᠷᠲᠡᠭᠡᠨ ᠦ᠌ ᠠᠯᠪᠠᠨ ᠭᠡᠷ᠂ ᠰᠠᠩ ᠬᠥᠮᠥᠷᠭᠡ ᠶ᠋ᠢ ᠰᠤᠯᠠᠯᠠᠨ ᠠᠪᠴᠤ ᠳᠣᠯᠣᠭᠠᠨ ᠰᠠᠷ᠎ᠠ ᠶ᠋ᠢᠨ ᠮᠠᠨᠢ ᠶ᠋ᠢᠨ ᠬᠤᠷᠠᠯ ᠢ᠋ᠶ᠋ᠠᠨ ᠬᠤᠷᠠᠪᠠ᠃ ᠪᠠᠷᠠᠭᠤᠨ ᠯᠠᠮᠠ ᠲᠤᠪᠳᠤᠨᠫᠸᠯᠵᠡᠢ᠂ ᠰᠤᠩᠷᠤᠢ᠂ ᠵᠣᠷᠳᠣᠩ᠂ ᠲᠤᠤᠬᠠᠢ᠂ ᠨᠠᠮᠰᠢᠳ᠂ ᠨᠢᠩᠵᠢᠳ ᠵᠡᠷᠭᠡ ᠶ᠋ᠢᠨ ᠰᠦᠮ᠎ᠡ ᠶ᠋ᠢᠨ ᠯᠠᠮᠠ ᠨᠠᠷ ᠠᠳᠠᠯᠢ ᠪᠤᠰᠤ ᠪᠤᠷᠬᠠᠨ ᠤ᠋ ᠵᠦᠢᠯᠡᠰ ᠢ᠋ ᠪᠦᠷᠢᠯᠳᠦᠭᠦᠯᠵᠦ᠂ ᠬᠤᠷᠠᠯ ᠢ᠋ᠶ᠋ᠠᠨ ᠡᠬᠢᠯᠡᠵᠦ ᠬᠤᠷᠠᠭᠰᠠᠨ ᠪᠢᠯᠡ᠃ ᠲᠤᠬᠠᠢ ᠶ᠋ᠢᠨ ᠦᠶ᠎ᠡ ᠳ᠋ᠦ᠍᠂ ᠲᠤᠤᠬᠠᠢ ᠭᠡᠪᠬᠦᠢ᠂ ᠰᠤᠩᠷᠤᠢ ᠤᠮᠵᠠᠳ ᠪᠣᠯᠵᠤ ᠪᠠᠢᠭᠰᠠᠨ᠃ ᠰᠤᠩᠷᠤᠢ ᠵᠣᠷᠳᠣᠩ ᠨᠠᠷ ᠭᠡᠷ ᠡᠴᠡ ᠪᠡᠨ ᠠᠮᠤ ᠬᠦᠨᠡᠰᠦ ᠠᠪᠴᠢᠷᠠᠨ ᠬᠤᠷᠠᠯ ᠤ᠋ᠨ ᠴᠠᠪ ᠮᠠᠩᠵᠠ ᠶ᠋ᠢ ᠪᠡᠯᠡᠳᠦᠭᠰᠡᠨ ᠪᠢᠯᠡ᠃
1985 ᠣᠨ ᠳ᠋ᠤ᠌ ᠬᠤᠰᠢᠭᠤᠨ ᠤ᠋ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ ᠡᠴᠡ ᠲᠠᠪᠤᠨ ᠮᠢᠩᠭᠠᠨ ᠲᠥᠭᠥᠷᠢᠭ( ᠬᠣᠶᠠᠷ ᠤᠳᠠᠭ᠎ᠠ ᠨᠡᠢᠯᠡᠭᠡᠳ) ᠳᠡᠮᠵᠢᠵᠦ᠂ ᠰᠤᠩᠷᠤᠢ ᠣᠯᠠᠨ ᠠᠷᠠᠳ ᠠ᠋ᠴᠠ ᠪᠠᠳᠢᠷ ᠪᠠᠷᠢᠵᠤ᠂ ᠶᠡᠬᠡ ᠲᠠᠯ᠎ᠠ ᠲᠣᠭᠣᠰᠬ᠎ᠠ ᠡᠨᠡ ᠲᠡᠷᠡ ᠪᠡᠷ ᠠᠷᠪᠠᠨ ᠬᠣᠶᠠᠷ ᠲᠠᠰᠤᠯᠭ᠎ᠠ ᠶ᠋ᠢᠨ ᠰᠢᠲᠦᠭᠡᠨ ᠰᠦᠮ᠎ᠡ ᠶ᠋ᠢ ᠡᠷᠬᠢᠯᠡᠨ ᠪᠠᠢᠭᠤᠯᠪᠠ᠃ ᠪᠠᠯᠳᠠᠨᠲᠤᠪᠴᠢ ᠶᠢᠰᠤᠨᠵᠢᠩ ᠨᠠᠷ ᠪᠠᠷᠢᠯᠭ᠎ᠠ ᠶ᠋ᠢ ᠤᠷᠠᠯᠠᠨ ᠪᠠᠷᠢᠭᠰᠠᠨ ᠶᠤᠮ᠃ ᠲᠤᠰ ᠵᠢᠯ ᠳ᠋ᠡᠭᠡᠨ ᠴᠠᠮ ᠤ᠋ᠨ ᠬᠤᠪᠴᠠᠰᠤ᠂ ᠮᠠᠯᠠᠭᠠᠢ ᠵᠡᠷᠭᠡ ᠶ᠋ᠢ ᠪᠡᠯᠡᠳᠬᠡᠨ᠂ ᠳᠣᠯᠣᠭᠠᠨ ᠰᠠᠷ᠎ᠠ ᠶ᠋ᠢᠨ ᠮᠠᠨᠢ ᠶ᠋ᠢᠨ ᠬᠤᠷᠠᠯ ᠳᠡᠭᠡᠷ᠎ᠡ ᠴᠠᠮ ᠴᠠᠮᠨᠠᠭᠰᠠᠨ ᠪᠢᠯᠡ᠃
1986 ᠣᠨ (ᠤᠯᠠᠭᠠᠨ ᠪᠠᠷᠰ ᠵᠢᠯ) ᠵᠣᠷᠳᠣᠩ ᠣᠯᠠᠨ ᠠ᠋ᠴᠠ ᠪᠠᠳᠢᠷ ᠪᠠᠷᠢᠵᠤ᠂ ᠭᠠᠭᠴᠠᠭᠠᠷ ᠢ᠋ᠶ᠋ᠠᠨ ᠬᠣᠷᠢᠨ ᠲᠠᠪᠤᠨ ᠲᠠᠰᠤᠯᠭ᠎ᠠ ᠶ᠋ᠢᠨ ᠭᠣᠮᠪᠣ ᠶ᠋ᠢᠨ ᠳᠤᠭᠠᠩ ᠢ᠋ ᠪᠠᠷᠢᠵᠤ ᠡᠬᠢᠯᠡᠭᠦᠯᠦᠭᠡᠳ᠂ 1998 ᠣᠨ ᠳ᠋ᠤ᠌ ᠪᠠᠷᠢᠵᠤ ᠪᠠᠷᠠᠭᠠᠭᠠᠳ᠂ ᠲᠤᠰ ᠵᠢᠯ ᠦ᠋ᠨ ᠳᠣᠯᠣᠭᠠᠨ ᠰᠠᠷ᠎ᠠ ᠶ᠋ᠢᠨ ᠮᠠᠨᠢ ᠶ᠋ᠢᠨ ᠬᠤᠷᠠᠯ ᠢ᠋ᠶ᠋ᠠᠨ ᠡᠨᠡ ᠰᠦᠮ᠎ᠡ ᠳ᠋ᠦ᠍ ᠬᠤᠷᠠᠭᠰᠠᠨ ᠪᠠᠢᠨ᠎ᠠ᠃ ᠲᠤᠰ ᠰᠦᠮ᠎ᠡ ᠶ᠋ᠢᠨ ᠤᠤᠯ ᠨᠡᠷ᠎ᠡ ᠶ᠋ᠢ ᠨᠢ ᠶᠡᠬᠡ ᠵᠣᠣ ᠭᠡᠳᠡᠭ᠃
1997 ᠣᠨ ᠳ᠋ᠤ᠌ ᠶᠡᠬᠡ ᠴᠠᠭᠠᠨ ᠰᠤᠪᠤᠷᠭ᠎ᠠ ᠶ᠋ᠢ ᠰᠤᠩᠷᠤᠢ᠂ ᠭᠣᠩᠴᠤᠭᠪᠠᠯᠳᠠᠨ᠂ ᠰᠠᠳᠠᠩᠨᠣᠷᠪᠤ ᠠᠷᠠᠳ ᠠ᠋ᠴᠠ ᠪᠠᠳᠢᠷ ᠪᠠᠷᠢᠵᠤ᠂ ᠤᠤᠯ ᠤ᠋ᠨ ᠠᠷᠪᠠᠨ ᠵᠢᠷᠭᠤᠭᠠᠨ ᠠᠯᠲᠠ ᠶ᠋ᠢᠨ ᠴᠠᠭᠠᠨ ᠰᠤᠪᠤᠷᠭ᠎ᠠ ᠶ᠋ᠢᠨ ᠣᠷᠣᠨ ᠳᠡᠭᠡᠷ᠎ᠡ ᠪᠠᠭ᠎ᠠ ᠴᠠᠭᠠᠨ ᠰᠤᠪᠤᠷᠭ᠎ᠠ ᠶ᠋ᠢ ᠪᠠᠷᠢᠭᠰᠠᠨ ᠶᠤᠮ᠃
2002 ᠣᠨ ᠳ᠋ᠤ᠌᠂ ᠰᠢᠷ᠎ᠠ ᠵᠣᠣ ᠰᠦᠮ᠎ᠡ ᠶ᠋ᠢᠨ ᠠᠯᠳᠠᠷ ᠬᠦᠨᠳᠦᠲᠡᠢ ᠪᠠᠷᠠᠭᠤᠨ ᠪᠠᠭᠰᠢ ᠲᠣᠪᠳᠤᠨᠫᠸᠯᠵᠡᠢ ᠶ᠋ᠢᠨ ᠱᠠᠪᠢ ᠨᠠᠮᠰᠢᠳ (ᠤᠯᠤᠰ ᠲᠥᠷᠥ ᠶ᠋ᠢᠨ ᠵᠥᠪᠯᠡᠯᠭᠡᠨ ᠦ᠌ ᠭᠡᠰᠢᠭᠦᠨ )᠂ ᠭᠣᠮᠪᠣ ᠶ᠋ᠢᠨ ᠳᠤᠭᠠᠩ ᠤ᠋ᠨ ᠡᠮᠦᠨ᠎ᠡ ᠪᠠᠭ᠎ᠠ ᠴᠠᠭᠠᠨ ᠰᠤᠪᠤᠷᠭ᠎ᠠ ᠶ᠋ᠢ ᠪᠠᠢᠭᠤᠯᠵᠤ ᠲᠡᠭᠦᠰᠬᠡᠭᠡᠳ᠂ ᠲᠤᠰ ᠵᠢᠯ ᠦ᠋ᠨ ᠮᠠᠨᠢ ᠶ᠋ᠢᠨ ᠬᠤᠷᠠᠯ ᠳᠡᠭᠡᠷ᠎ᠡ ᠰᠤᠪᠤᠷᠭ᠎ᠠ ᠪᠦᠲᠦᠭᠡᠭᠰᠡᠨ ᠨᠠᠢᠷ ᠬᠢᠭᠰᠡᠨ ᠪᠢᠯᠡ᠃
1998 ᠣᠨ ᠳ᠋ᠤ᠌ ᠨᠣᠷᠪᠤᠰᠠᠮᠪᠤᠤ ᠵᠣᠭᠣᠰ ᠭᠠᠷᠭᠠᠨ᠂ ᠠᠴᠢ ᠬᠦᠷᠭᠡᠨ ᠪᠠᠪᠤᠳᠣᠷᠵᠢ ᠨᠢ ᠪᠠᠷᠠᠭᠤᠨ ᠱᠠᠩ ᠢ᠋ ᠪᠠᠷᠢᠵᠤ ᠪᠢᠯᠡ᠃ ᠭᠣᠮᠪᠣ ᠶ᠋ᠢᠨ ᠳᠤᠭᠠᠩ ᠤ᠋ᠨ ᠲᠡᠭᠦᠰᠬᠡᠯ ᠳ᠋ᠦ᠍ ᠴᠦ᠍ ᠨᠣᠷᠪᠤᠰᠠᠮᠪᠤᠤ ᠵᠣᠭᠣᠰ ᠬᠠᠨᠳᠢᠪᠯᠠᠨ ᠭᠦᠢᠴᠡᠳᠬᠡᠭᠰᠡᠨ ᠶᠦᠮ᠃
ᠭᠣᠩᠴᠣᠭᠪᠠᠯᠳᠠᠨ ᠶᠡᠬᠡ ᠵᠢᠰᠠ ᠶ᠋ᠢᠨ ᠤᠤᠯ ᠤ᠋ᠨ ᠰᠢᠪᠡᠷ ᠪᠠᠢᠰᠢᠩ ᠢ᠋ ᠲᠣᠭᠣᠰᠬ᠎ᠠ ᠪᠠᠷ ᠭᠠᠳᠠᠷᠯᠠᠵᠤ ᠪᠠᠢᠭᠤᠯᠤᠭᠰᠠᠨ ᠪᠥᠭᠡᠳ ᠰᠢᠲᠦᠭᠡᠨ ᠰᠦᠮ᠎ᠡ ᠶ᠋ᠢᠨ ᠪᠤᠷᠬᠠᠨ ᠤ᠋ ᠥᠷᠥᠭᠡ ᠶ᠋ᠢ ᠴᠦ᠍ ᠵᠣᠭᠣᠰ ᠬᠠᠨᠳᠢᠪᠯᠠᠨ ᠬᠢᠯᠭᠡᠭᠰᠡᠨ ᠶᠦᠮ᠃
ᠰᠦᠮ᠎ᠡ ᠬᠡᠢᠳ ᠢ᠋ᠶ᠋ᠡᠨ ᠳᠠᠬᠢᠨ ᠪᠠᠢᠭᠤᠯᠬᠤ ᠳ᠋ᠤ᠌ ᠨᠣᠷᠪᠤᠰᠠᠮᠪᠤᠤ᠂ ᠰᠤᠩᠷᠤᠢ ᠂ ᠵᠣᠷᠳᠣᠩ᠂ ᠭᠣᠩᠴᠣᠭᠪᠠᠯᠳᠠᠨ᠂ ᠪᠡᠭᠡᠵᠢᠩ ᠦ᠋ᠨ ᠨᠠᠢᠷᠠᠯᠲᠤ ᠨᠠᠢᠷᠠᠮᠳᠠᠬᠤ ᠰᠦᠮ᠎ᠡ ᠶ᠋ᠢᠨ ᠰᠦᠷᠦᠩᠵᠠᠠᠮᠰᠤ ᠵᠡᠷᠭᠡ ᠶ᠋ᠢᠨ ᠯᠠᠮᠠ ᠨᠠᠷ ᠭᠣᠣᠯ ᠪᠣᠯᠵᠤ ᠪᠤᠶᠠᠨ ᠦᠢᠯᠡᠳᠦᠭᠰᠡᠨ ᠪᠥᠭᠡᠳ ᠨᠣᠷᠪᠤᠰᠠᠮᠪᠤᠤ ᠰᠦᠷᠦᠩᠵᠠᠮᠰᠤ ᠬᠣᠶᠠᠷ ᠯᠠᠮᠠ ᠬᠡᠳᠦᠨ ᠠᠷᠪᠠᠨ ᠲᠦᠮᠡᠨ ᠲᠥᠭᠥᠷᠢᠭ ᠦ᠋ᠨ ᠮᠥᠩᠭᠥ ᠵᠠᠷᠤᠴᠠᠭᠤᠯᠤᠨ ᠮᠠᠰᠢ ᠠᠷᠪᠢᠨ ᠪᠤᠷᠬᠠᠨ᠂ ᠨᠣᠮ᠂《ᠭᠠᠨᠵᠤᠤᠷ》 ᠰᠡᠯᠲᠡ ᠶ᠋ᠢ ᠵᠠᠯᠠᠵᠤ ᠠᠪᠴᠢᠷᠠᠵᠠᠢ᠃ ᠮᠠᠭᠤ ᠬᠤᠯᠠᠭᠠᠢ ᠶ᠋ᠢᠨ ᠳᠡᠭᠡᠷᠡᠮ ᠳ᠋ᠦ᠍ ᠲᠠᠯᠬᠢᠳᠠᠭᠳᠠᠬᠤ ᠳ᠋ᠤ᠌ ᠰᠦᠢᠳᠦᠭᠰᠡᠨ ᠪᠤᠷᠬᠠᠨ ᠢ᠋ ᠴᠦ᠍ ᠪᠦᠷᠢᠳᠬᠡᠨ ᠠᠪᠴᠢᠷᠠᠭᠰᠠᠨ ᠪᠢᠯᠡ᠂
ᠪᠤᠶᠠᠨ ᠤ᠋ ᠨᠡᠮᠡᠷᠢ ᠡᠷᠭᠦᠭᠰᠡᠨ ᠬᠥᠮᠦᠰ ᠲᠦ᠍ ᠦᠦᠰᠢᠨ ᠲᠣᠭᠲᠠᠬᠤ᠂ ᠪᠠᠳᠮᠴᠡᠴᠡᠭ᠂ ᠨᠠᠰᠤᠨᠳᠡᠯᠭᠡᠷ᠂ ᠮᠦᠩᠭᠦᠨᠳᠥᠪᠴᠢ᠂ ᠵᠠᠮᠢᠶᠠᠨᠳᠣᠵᠢ ( ᠰᠦᠮ᠎ᠡ ᠶ᠋ᠢᠨ ᠷᠠᠰᠠᠩ ᠯᠠᠮᠠ)᠂ ᠫᠤᠩᠰᠤᠭ᠂ ᠪᠠᠯᠳᠠᠨᠨᠢᠩᠪᠤ᠂ ᠰᠤᠸᠠᠳᠢ᠂ ᠵᠢᠷᠠᠨᠬᠤᠸᠠᠷ᠂ ᠠᠮᠤᠭᠤᠯᠠᠩ᠂ ᠵᠠᠩ ᠱᠤᠸᠠᠩ ᠸᠠᠩ᠂ ᠮᠥᠩᠬᠡᠪᠠᠶᠠᠷ᠂ ᠵᠠᠩ ᠺᠤᠸᠠᠨ᠂ ᠸᠠᠩ ᠴᠧᠩ᠂ ᠭᠣᠣ ᠠᠢ᠂ ᠯᠢ ᠬᠠᠢ ᠴᠢᠩ᠂ ᠠᠯᠲᠠᠨᠪᠤᠤ ( ᠮᠠᠢᠳᠠᠷᠢ ᠶ᠋ᠢᠨ ᠭᠦᠩᠭᠠᠷᠠᠪᠠ ᠶ᠋ᠢ ᠤᠷᠠᠯᠠᠭᠰᠠᠨ ᠬᠥᠮᠦᠨ)᠂ ᠪᠠᠯᠳᠠᠨᠴᠣᠢᠷᠠᠭ᠂ ᠪᠠᠯᠳᠠᠨᠷᠠᠪᠳᠠᠨ( ᠴᠠᠮ ᠤ᠋ᠨ ᠪᠠᠭ ᠢ᠋ ᠬᠢᠭᠰᠡᠨ ᠬᠥᠮᠦᠨ) ᠵᠡᠷᠭᠡ ᠪᠣᠢ᠃
ᠰᠢᠷ᠎ᠠ ᠵᠣᠣ ᠰᠦᠮ᠎ᠡ ᠶ᠋ᠢᠨ ᠣᠳᠣᠬᠢ ᠪᠠᠢᠳᠠᠯ
ᠰᠢᠷ᠎ᠠ ᠵᠣᠣ ᠰᠦᠮ᠎ᠡ ᠡᠳᠦᠭᠡ ᠭᠣᠮᠪᠣ ᠶ᠋ᠢᠨ ᠳᠤᠭᠠᠩ᠂ ᠰᠢᠲᠦᠭᠡᠨ ᠰᠦᠮ᠎ᠡ ᠵᠡᠷᠭᠡ ᠬᠣᠶᠠᠷ ᠰᠦᠮ᠎ᠡ ᠲᠡᠢ᠃ ᠶᠡᠬᠡ ᠵᠢᠰᠠ᠂ ᠪᠠᠷᠠᠭᠤᠨ ᠱᠠᠩ᠂ ᠶᠡᠬᠡ ᠪᠠᠭ᠎ᠠ ᠬᠣᠶᠠᠷ ᠴᠠᠭᠠᠨ ᠰᠤᠪᠤᠷᠭ᠎ᠠ ᠲᠠᠢ᠃ ᠨᠡᠢᠲᠡ ᠶ᠋ᠢᠨ ᠱᠠᠪᠢ ᠨᠠᠷ ᠰᠠᠭᠤᠬᠤ ᠣᠷᠣᠨ ᠵᠢᠷᠭᠤᠭᠠᠨ ᠲᠠᠰᠤᠯᠭ᠎ᠠ᠂ ᠯᠠᠮᠠ ᠨᠠᠷ ᠤ᠋ᠨ ᠥᠪᠡᠷ ᠢ᠋ᠶ᠋ᠡᠨ ᠪᠠᠷᠢᠭᠰᠠᠨ ᠣᠷᠣᠨ ᠭᠡᠷ ᠠᠷᠪᠠᠨ ᠨᠢᠭᠡ ᠪᠣᠢ᠃ ᠡᠳᠦᠭᠡ ᠪᠠᠢᠬᠤ ᠲᠤᠰ ᠰᠦᠮ᠎ᠡ ᠶ᠋ᠢᠨ ᠱᠠᠪᠢ ᠨᠠᠷ ᠯᠠᠮᠠ ᠳᠥᠴᠢᠨ ᠳᠥᠷᠪᠡ ᠪᠣᠢ᠃
ᠡᠳᠦᠭᠡ ᠪᠠᠢᠬᠤ ᠰᠦᠮ᠎ᠡ ᠶ᠋ᠢᠨ ᠭᠠᠵᠠᠷ ᠭᠡᠪᠡᠯ᠂ ᠰᠦᠮ᠎ᠡ ᠲᠣᠭᠣᠷᠢᠭᠰᠠᠨ ᠬᠣᠶᠠᠷ ᠵᠠᠭᠤᠨ ᠮᠦ᠍᠂ ᠰᠦᠮ᠎ᠡ ᠶ᠋ᠢᠨ ᠪᠠᠷᠠᠭᠤᠨ ᠪᠡᠶ᠎ᠡ ᠳ᠋ᠦ᠍ ᠨᠠᠶᠠᠨ ᠮᠦ᠍᠂ ᠬᠠᠷ᠎ᠠ ᠳᠠᠯᠠᠩ ᠳ᠋ᠤ᠌ ᠨᠠᠶᠠᠨ ᠮᠦ᠍᠂ ᠨᠡᠢᠲᠡ ᠭᠤᠷᠪᠠᠨ ᠵᠠᠭᠤ ᠵᠢᠷᠠᠨ ᠮᠦ᠍ ᠪᠠᠢᠨ᠎ᠠ᠃
ᠪᠤᠷᠬᠠᠨ᠂ ᠨᠣᠮ᠂ ᠪᠦᠷᠢᠶ᠎ᠡ ᠪᠢᠰᠬᠢᠭᠦᠷ᠂ ᠴᠠᠩ ᠬᠡᠩᠭᠡᠷᠭᠡ᠂ ᠴᠠᠮ ᠤ᠋ᠨ ᠪᠠᠭ᠂ ᠬᠤᠪᠴᠠᠰᠤ ᠪᠦᠷᠢᠨ ᠲᠥᠬᠥᠷ ᠪᠣᠢ᠃
ᠴᠠᠭ ᠴᠠᠭ ᠤ᠋ᠨ ᠬᠤᠷᠠᠯ ᠢ᠋ᠶ᠋ᠠᠨ ᠠᠯᠳᠠᠯ ᠦᠭᠡᠢ ᠬᠤᠷᠠᠵᠤ᠂ ᠲᠠᠬᠢᠯᠭ᠎ᠠ ᠪᠠᠨ ᠲᠠᠰᠤᠯᠳᠠᠯ ᠦᠭᠡᠢ ᠬᠢᠵᠦ ᠪᠠᠢᠭ᠎ᠠ ᠶ᠋ᠢ ᠬᠤᠷᠠᠯ ᠨᠣᠮ ᠤ᠋ᠨ ᠪᠦᠯᠦᠭ ᠲᠦ᠍ ᠶᠠᠷᠢᠭᠰᠠᠨ ᠲᠤᠯᠠ ᠡᠨᠳᠡ ᠳᠥᠭᠥᠮᠴᠢᠯᠡᠰᠦᠭᠡᠢ᠃
ᠰᠢᠷ᠎ᠠ ᠵᠣᠣ ᠰᠦᠮ᠎ᠡ ᠪᠡᠨ ᠳᠠᠬᠢᠨ ᠪᠠᠷᠢᠭᠰᠠᠨ ᠤ᠋ ᠬᠣᠢᠨ᠎ᠠ ᠷᠠᠰᠠᠩ ᠯᠠᠮᠠ ᠵᠠᠮᠢᠶᠠᠨᠳᠣᠷᠵᠢ᠂ ᠳᠠᠷᠵᠠᠢ ᠨᠠᠷ ᠪᠠᠢᠵᠠᠢ᠃ ᠳᠡ ᠯᠠᠮᠠ ᠰᠤᠩᠷᠤᠢ᠂ ᠭᠡᠪᠬᠦᠢ ᠨᠢ ᠲᠤᠤᠬᠠᠢ᠂ ᠰᠤᠮᠢᠶ᠎ᠠ᠂ ᠨᠢᠩᠵᠢᠳ᠂ ᠳᠡ ᠳᠡᠮᠴᠢ ᠭᠤᠩᠴᠤᠭᠪᠠᠯᠳᠠᠨ ᠨᠠᠷ ᠪᠠᠢᠪᠠ᠃
ᠰᠢᠷ᠎ᠠ ᠵᠣᠣ ᠰᠦᠮ᠎ᠡ ᠶ᠋ᠢᠨ ᠵᠠᠬᠢᠷᠤᠯ ᠤ᠋ᠨ ᠪᠦᠷᠢᠯᠳᠦᠬᠦᠨ ᠳ᠋ᠦ᠍ ᠰᠤᠩᠷᠤᠢ᠂ ᠭᠤᠩᠴᠤᠭᠪᠠᠯᠳᠠᠨ ᠂ ᠨᠠᠮᠰᠢᠳ᠂ ᠨᠢᠩᠵᠢᠳ᠂ ᠰᠤᠩᠳᠤᠢᠵᠠᠪ ᠵᠡᠷᠭᠡ ᠲᠠᠪᠤᠨ ᠯᠠᠮᠠ᠂ ᠳᠡᠭᠡᠷ᠎ᠡ ᠨᠢ ᠮᠠᠯᠴᠢᠨ ᠤ᠋ ᠲᠥᠯᠥᠭᠡᠯᠡᠭᠴᠢ ᠦᠦᠰᠢᠨ ᠲᠣᠭᠲᠠᠬᠤ᠂ ᠭᠠᠴᠠᠭᠠᠨ ᠤ᠋ ᠲᠥᠯᠥᠭᠡᠯᠡᠭᠴᠢ ᠳᠣᠯᠣᠨᠵᠢᠩ ᠵᠡᠷᠭᠡ ᠳᠣᠯᠣᠭᠠᠨ ᠬᠥᠮᠦᠨ ᠪᠠᠢᠵᠠᠢ᠃
ᠡᠳᠦᠭᠡ ᠰᠦᠮ᠎ᠡ ᠶ᠋ᠢᠨ ᠡᠵᠡᠨ ᠯᠠᠮᠠ ᠨᠢ ᠲᠡᠷᠢᠭᠦᠨᠪᠠᠶᠠᠷ (2007 ᠣᠨ ᠤ᠋11 ᠰᠠᠷ᠎ᠠ ᠶ᠋ᠢᠨ1 ᠦ᠌ ᠡᠳᠦᠷ ᠵᠡᠭᠦᠨ ᠯᠠᠮᠠ ᠶ᠋ᠢᠨ ᠠᠷᠪᠠᠨ ᠬᠣᠶᠠᠳᠤᠭᠠᠷ ᠳᠦᠷᠢ ᠪᠡᠷ ᠲᠣᠳᠣᠯᠠᠭᠳᠠᠨ ᠱᠠᠪᠷᠤᠩ ᠤ᠋ᠨ ᠰᠢᠷᠡᠭᠡᠨ ᠳ᠋ᠦ᠍ ᠵᠠᠯᠠᠭᠳᠠᠵᠠᠢ)᠂ ᠷᠠᠰᠠᠩ ᠯᠠᠮᠠ ᠨᠢ ᠪᠠᠯᠵᠤᠤᠷ᠂ ᠳᠠ ᠯᠠᠮᠠ ᠯᠤᠴᠢᠨᠰᠠᠷᠡᠩ᠂ ᠳᠡᠳ᠋ ᠳᠡ ᠯᠠᠮᠠ ᠯᠤᠪᠰᠠᠩᠰᠢᠷᠠᠪ᠂ ᠭᠡᠪᠬᠦᠢ ᠨᠢ ᠰᠠᠳᠠᠩᠨᠣᠷᠪᠤ᠂ ᠤᠮᠵᠠᠳ ᠨᠢ ᠰᠢᠷᠠᠪ ᠪᠣᠯᠤᠨ ᠴᠤᠭᠪᠠᠶᠠᠷ᠂ ᠳᠠ ᠳᠡᠮᠴᠢ ᠶᠡᠷᠡᠨᠲᠡᠢ᠂ ᠰᠦᠮ᠎ᠡ ᠯᠠᠮᠠ ᠨᠢᠩᠵᠢᠳ᠂ ᠨᠢᠷᠪᠠ ᠴᠠᠭᠠᠨᠪᠠᠨᠳᠢ᠂ ᠭᠣᠨᠢᠷ ᠨᠢ ᠭᠣᠮᠪᠣ ᠪᠣᠯᠤᠨ ᠫᠤᠩᠰᠤᠭ ᠵᠡᠷᠭᠡ ᠪᠣᠢ᠃
ᠰᠢᠷ᠎ᠠ ᠵᠣᠣ ᠰᠦᠮ᠎ᠡ ᠶ᠋ᠢᠨ ᠡᠳᠦᠭᠡ ᠶ᠋ᠢᠨ ᠵᠠᠬᠢᠷᠤᠯ ᠤ᠋ᠨ ᠬᠥᠮᠦᠰ ᠭᠡᠪᠡᠯ᠂ ᠯᠤᠴᠢᠨᠰᠠᠷᠡᠩ᠂ ᠰᠠᠳᠠᠩᠨᠣᠷᠪᠤ᠂ ᠶᠡᠷᠡᠨᠲᠡᠢ᠂ ᠭᠣᠮᠪᠣ᠂ ᠵᠢᠷᠭᠠᠯ ᠵᠡᠷᠭᠡ ᠲᠠᠪᠤᠨ ᠯᠠᠮᠠ᠂ ᠳᠡᠭᠡᠷ᠎ᠡ ᠨᠢ ᠭᠠᠴᠠᠭᠠᠨ ᠤ᠋ ᠲᠥᠯᠥᠭᠡᠯᠡᠭᠴᠢ ᠤᠷᠭᠤᠭ᠎ᠠ᠂ ᠮᠠᠯᠴᠢᠨ ᠤ᠋ ᠲᠥᠯᠥᠭᠡᠯᠡᠭᠴᠢ ᠫᠤᠩᠰᠤᠭ ( ᠰᠦᠮ᠎ᠡ ᠶ᠋ᠢᠨ ᠨᠢᠭᠲᠠᠯᠠᠨ ᠪᠣᠳᠣᠭᠴᠢ) ᠨᠠᠷ ᠪᠣᠢ᠃
