ᠰᠢᠷ᠎ᠠ ᠵᠤᠤ-ᠰᠢᠷ᠎ᠠ ᠵᠣᠣ ᠰᠦᠮ᠎ᠡ ᠶ᠋ᠢᠨ ᠲᠣᠢᠮᠣ-ᠴᠢᠮᠡᠳ ᠂ ᠫᠣᠩᠰᠣᠭShar juu-Chamd ,PonsgШар жуу-Чамд ,Понсг

ᠰᠣᠶᠣᠯ ᠤ᠋ᠨ ᠥᠪ ᠰᠤᠪᠤᠳ ᠤ᠋ᠨ ᠬᠡᠯᠬᠢᠶ᠎ᠡ
ᠣᠷᠳᠣᠰᠴᠤᠳ ᠪᠣᠯ ᠡᠷᠲᠡ ᠳᠡᠭᠡᠳᠦ ᠦᠶ᠎ᠡ ᠡᠴᠡ ᠪᠡᠨ ᠮᠣᠩᠭᠣᠯ ᠥᠪ ᠰᠣᠶᠣᠯ ᠢ᠋ᠶ᠋ᠠᠨ ᠬᠠᠮᠠᠭᠠᠯᠠᠵᠤ ᠶᠠᠪᠤᠭᠰᠠᠨ ᠮᠣᠩᠭᠣᠯ ᠤ᠋ᠨ ᠨᠢᠭᠡᠨ ᠠᠢᠮᠠᠭ ᠤᠭᠰᠠᠭ᠎ᠠ ᠪᠣᠯᠬᠤ ᠶᠤᠮ᠃ ᠣᠷᠳᠤᠰᠴᠤᠳ ᠴᠢᠩᠭᠢᠰ ᠦ᠋ᠨ ᠨᠠᠢ᠍ᠮᠠᠨ ᠴᠠᠭᠠᠨ ᠣᠷᠳᠣᠨ ᠵᠡᠷᠭᠡ ᠮᠠᠰᠢ ᠣᠯᠠᠨ ᠰᠦᠯᠳᠡ ᠰᠢᠲᠦᠭᠡᠨ ᠢ᠋ᠶ᠋ᠡᠨ ᠲᠠᠰᠤᠯᠳᠠᠯ ᠦᠭᠡᠢ ᠲᠠᠬᠢᠭᠰᠠᠭᠠᠷ ᠢᠷᠡᠵᠦ᠂ ᠡᠯᠪᠡᠭ ᠪᠠᠶᠠᠯᠢᠭ ᠲᠠᠬᠢᠯᠭ᠎ᠠ ᠶ᠋ᠢᠨ ᠰᠣᠶᠣᠯ ᠢ᠋ᠶ᠋ᠠᠨ ᠨᠡᠯᠢᠶᠡᠳ ᠪᠦᠷᠢᠨ ᠪᠦᠲᠦᠨ ᠬᠠᠳᠠᠭᠠᠯᠠᠵᠤ ᠴᠢᠳᠠᠭᠰᠠᠨ ᠪᠠᠢᠨ᠎ᠠ᠃ ᠣᠢᠷ᠎ᠠ ᠶ᠋ᠢᠨ ᠬᠡᠳᠦᠨ ᠵᠠᠭᠤᠨ ᠵᠢᠯ ᠦ᠋ᠨ ᠲᠤᠷᠰᠢ ᠂ ᠲᠡᠳᠡᠨ ᠦ᠌ ᠳᠣᠲᠣᠷ᠎ᠠ ᠠ᠋ᠴᠠ ᠪᠠᠭ᠎ᠠ ᠪᠤᠰᠤ ᠪᠢᠴᠢᠭ ᠰᠣᠶᠣᠯ ᠲᠠᠢ ᠬᠥᠮᠦᠰ ᠭᠠᠷᠴᠤ ᠨᠡᠯᠢᠶᠡᠳ ᠠᠷᠪᠢᠨ ᠪᠢᠴᠢᠭ ᠳᠤᠷᠠᠰᠬᠠᠯ ᠤ᠋ᠨ ᠵᠦᠢᠯ ᠢ᠋ ᠦᠯᠡᠳᠡᠭᠡᠵᠦ ᠬᠣᠴᠣᠷᠭᠠᠵᠠᠢ᠃ ᠡᠭᠦᠨ ᠡᠴᠡ ᠭᠠᠳᠠᠨ᠎ᠠ ᠣᠷᠳᠤᠰᠴᠤᠳ ᠤ᠋ᠨ ᠠᠷᠠᠳ ᠤ᠋ᠨ ᠠᠮᠠᠨ ᠵᠣᠬᠢᠶᠠᠯ᠂ ᠵᠠᠩ ᠦᠢᠯᠡ ᠶ᠋ᠢᠨ ᠰᠣᠶᠣᠯ ᠴᠤ᠌ ᠮᠠᠰᠢ ᠡᠯᠪᠡᠭ ᠪᠠᠶᠠᠯᠢᠭ ᠥᠪᠡᠷᠮᠢᠴᠡ ᠣᠨᠴᠠᠯᠢᠭ ᠲᠠᠢ ᠪᠠᠢᠳᠠᠭ᠃ ᠡᠳᠡᠭᠡᠷ ᠨᠢ ᠪᠦᠷ ᠮᠠᠨ ᠤ᠋ ᠤᠯᠤᠰ ᠦᠨᠳᠦᠰᠦᠲᠡᠨ ᠦ᠌ ᠬᠣᠪᠣᠷ ᠨᠠᠨᠳᠢᠨ ᠥᠪ ᠰᠣᠶᠣᠯ ᠪᠣᠯᠬᠤ ᠶᠤᠮ᠃
ᠥᠩᠭᠡᠷᠡᠭᠰᠡᠨ ᠵᠠᠭᠤᠨ ᠤ᠋ ᠨᠠᠶᠠᠭᠠᠳ ᠣᠨ ᠠ᠋ᠴᠠ ᠨᠠᠭᠠᠰᠢ᠂ ᠣᠷᠳᠣᠰ ᠤ᠋ᠨ ᠤᠯᠠᠮᠵᠢᠯᠠᠯᠲᠤ ᠥᠪ ᠰᠣᠶᠣᠯ ᠢ᠋ ᠱᠠᠯᠠᠪᠳᠠᠨ ᠠᠪᠤᠷᠠᠵᠤ ᠴᠤᠭᠯᠠᠭᠤᠯᠬᠤ ᠠᠵᠢᠯ ᠮᠠᠰᠢ ᠡᠷᠴᠢᠮᠲᠡᠢ ᠶᠠᠪᠤᠭᠳᠠᠵᠤ ᠢᠷᠡᠭᠰᠡᠨ ᠪᠢᠯᠡ᠃ ᠤᠤᠯ ᠤ᠋ᠨ ᠶᠡᠬᠡ ᠵᠣᠣ ᠠᠢᠮᠠᠭ ᠤ᠋ᠨ ᠠᠢᠮᠠᠭ ᠂ ᠬᠣᠰᠢᠭᠤ ᠬᠣᠶᠠᠷ ᠱᠠᠲᠤᠨ ᠤ᠋ ᠮᠣᠩᠭᠣᠯ ᠬᠡᠯᠡ ᠪᠢᠴᠢᠭ ᠦ᠋ᠨ ᠠᠵᠢᠯ ᠤ᠋ᠨ ᠵᠥᠪᠯᠡᠯ᠂ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ᠂ ᠤᠳᠬ᠎ᠠ ᠤᠷᠠᠯᠢᠭ ᠤ᠋ᠨ ᠬᠢᠨ ᠦ᠌ ᠬᠣᠯᠪᠣᠭ᠎ᠠ ᠨᠢ ᠮᠠᠰᠢ ᠣᠯᠠᠨ ᠬᠥᠮᠦᠨ ᠦ᠌ ᠪᠠ ᠪᠣᠳᠠᠰ ᠤ᠋ᠨ ᠬᠦᠴᠦᠨ ᠢ᠋ ᠵᠠᠷᠤᠵᠤ᠂ ᠣᠷᠳᠣᠰ ᠤ᠋ᠨ ᠤᠯᠠᠮᠵᠢᠯᠠᠯᠲᠤ ᠥᠪ ᠰᠣᠶᠣᠯ ᠢ᠋ ᠱᠠᠯᠠᠪᠳᠠᠨ ᠠᠪᠤᠷᠠᠬᠤ ᠲᠠᠯ᠎ᠠ ᠪᠠᠷ ᠮᠠᠰᠢ ᠠᠷᠪᠢᠨ ᠠᠵᠢᠯ ᠬᠢᠵᠦ᠂ ᠦᠯᠡᠮᠵᠢ ᠣᠯᠠᠨ ᠰᠣᠶᠣᠯ ᠤ᠋ᠨ ᠥᠪ ᠬᠥᠷᠥᠩᠭᠡ ᠶ᠋ᠢ ᠠᠪᠤᠷᠠᠵᠤ ᠴᠤᠭᠯᠠᠭᠤᠯᠵᠤ᠂ ᠬᠣᠢᠰᠢᠳᠠ ᠶ᠋ᠢᠨ ᠡᠮᠬᠢᠳᠬᠡᠵᠦ ᠬᠡᠪᠯᠡᠭᠦᠯᠬᠦ ᠠᠵᠢᠯ ᠳ᠋ᠤ᠌ ᠪᠠᠲᠤ ᠰᠠᠭᠤᠷᠢ ᠲᠠᠯᠪᠢᠵᠠᠢ᠃ ᠡᠨᠡ ᠰᠠᠭᠤᠷᠢᠨ ᠳᠡᠭᠡᠷ᠎ᠡ ᠤᠤᠯ ᠤ᠋ᠨ ᠶᠡᠬᠡ ᠵᠣᠣ ᠠᠢᠮᠠᠭ ᠤ᠋ᠨ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ᠂ ᠮᠣᠩᠭᠣᠯ ᠬᠡᠯᠡ ᠪᠢᠴᠢᠭ ᠦ᠋ᠨ ᠠᠵᠢᠯ ᠤ᠋ᠨ ᠵᠥᠪᠯᠡᠯ ᠨᠢ ᠪᠠᠰᠠ ᠠᠷᠪᠠᠭᠠᠳ ᠨᠣᠮ ᠰᠤᠳᠤᠷ ᠢ᠋ ᠡᠮᠬᠢᠳᠬᠡᠵᠦ ᠬᠡᠪᠯᠡᠭᠦᠯᠦᠭᠰᠡᠨ ᠪᠠᠢᠨ᠎ᠠ᠃ ᠡᠳᠡᠭᠡᠷ ᠨᠢ ᠪᠦᠷ ᠳᠠᠩ ᠳᠡᠪᠲᠡᠷ ᠢ᠋ᠶ᠋ᠡᠷ ᠬᠡᠪᠯᠡᠭᠳᠡᠭᠰᠡᠨ ᠪᠣᠯᠬᠣᠷ ᠰᠢᠰᠲ᠋ᠧᠮ ᠦᠭᠡᠢ ᠪᠣᠯᠵᠠᠢ᠃ ᠬᠡᠷᠪᠡ ᠴᠤᠪᠤᠷᠠᠯ ᠨᠣᠮ ᠤ᠋ᠨ ᠮᠠᠶᠢᠭ ᠢ᠋ᠶ᠋ᠠᠷ ᠡᠮᠬᠢᠳᠬᠡᠵᠦ ᠬᠡᠪᠯᠡᠭᠦᠯᠬᠦ ᠳ᠋ᠦ᠍ ᠬᠦᠷᠪᠡᠯ᠂ ᠰᠢᠰᠲ᠋ᠧᠮ ᠲᠡᠢ ᠪᠣᠯᠵᠤ ᠤᠩᠰᠢᠵᠤ ᠠᠰᠢᠭᠯᠠᠬᠤ ᠳ᠋ᠤ᠌ ᠮᠠᠰᠢ ᠳᠥᠭᠥᠮ ᠪᠣᠯᠬᠤ ᠮᠥᠷᠲᠡᠭᠡᠨ ᠰᠣᠶᠣᠯ ᠤ᠋ᠨ ᠬᠤᠷᠠᠮᠳᠤᠭᠤᠯᠤᠯ ᠳ᠋ᠤ᠌ ᠴᠤ᠌ ᠶᠡᠬᠡ ᠠᠰᠢᠭᠲᠠᠢ ᠶᠤᠮ᠃ ᠡᠭᠦᠨ ᠡᠴᠡ ᠪᠣᠯᠵᠤ᠂ ᠪᠢᠳᠡ ᠡᠨᠡ ᠵᠢᠯ ᠡᠴᠡ ᠡᠬᠢᠯᠡᠨ《 ᠣᠷᠳᠣᠰ ᠰᠤᠳᠤᠷ ᠪᠢᠴᠢᠭ ᠦ᠋ᠨ ᠴᠤᠪᠤᠷᠠᠯ ᠪᠢᠴᠢᠭ》ᠢ᠋ ᠡᠮᠬᠢᠳᠬᠡᠵᠦ ᠬᠡᠪᠯᠡᠭᠦᠯᠬᠦ ᠪᠡᠷ ᠲᠣᠭᠲᠠᠪᠠ᠃ ᠮᠠᠨ ᠤ᠋ ᠨᠥᠬᠥᠴᠡᠯ ᠪᠣᠯᠤᠮᠵᠢ ᠪᠠᠨ ᠦᠵᠡᠵᠦ᠂ ᠵᠦᠢᠯ ᠳ᠋ᠦ᠍1——2 ᠨᠣᠮ ᠬᠡᠪᠯᠡᠭᠦᠯᠵᠦ ᠭᠠᠷᠭᠠᠬᠤ ᠪᠠᠷ ᠴᠢᠷᠮᠠᠢᠵᠤ ᠪᠣᠢ᠃ ᠰᠣᠳᠣ ᠶ᠋ᠢ ᠨᠢ ᠰᠣᠩᠭᠣᠨ᠂ ᠰᠢᠭᠠᠷᠤ ᠶ᠋ᠢ ᠨᠢ ᠬᠠᠶᠠᠵᠤ᠂ ᠡᠷᠲᠡᠨ ᠦ᠌ ᠬᠢ ᠶ᠋ᠢ ᠡᠳᠦᠭᠡ ᠳ᠋ᠦ᠍ ᠦᠢᠯᠡᠴᠢᠯᠡᠭᠦᠯᠬᠦ ᠣᠪᠣᠷ ᠢ᠋ᠶ᠋ᠠᠷ ᠤᠯᠠᠮᠵᠢᠯᠠᠯᠲᠤ ᠰᠣᠶᠣᠯ ᠳ᠋ᠤ᠌ ᠪᠠᠨ ᠬᠠᠨᠳᠤᠵᠤ᠂ ᠤᠯᠤᠰ ᠦᠨᠳᠦᠰᠦᠲᠡᠨ ᠦ᠌ ᠪᠡᠨ ᠥᠪ ᠰᠣᠶᠣᠯ ᠢ᠋ ᠵᠠᠯᠭᠠᠮᠵᠢᠯᠠᠵᠤ ᠬᠥᠭᠵᠢᠭᠦᠯᠬᠦ ᠪᠣᠯ ᠪᠢᠳᠡ ᠳᠠᠶᠠᠭᠠᠷ ᠤ᠋ᠨ ᠡᠭᠦᠷᠭᠡ ᠬᠠᠷᠢᠭᠤᠴᠠᠯᠭ᠎ᠠ ᠪᠣᠯᠬᠤ ᠶᠤᠮ᠃ ᠨᠡᠢᠭᠡᠮ ᠨᠡᠢᠲᠡ ᠳ᠋ᠦ᠍ ᠬᠢᠨ ᠮᠠᠨ ᠤ᠋ ᠴᠤᠪᠤᠷᠠᠯ ᠪᠢᠴᠢᠭ ᠨᠠᠢᠷᠠᠭᠤᠯᠵᠤ ᠬᠡᠪᠯᠡᠭᠦᠯᠬᠦ ᠠᠵᠢᠯ ᠳ᠋ᠤ᠌ ᠳᠡᠮᠵᠢᠵᠦ ᠲᠤᠰᠠᠯᠠᠬᠤ ᠶ᠋ᠢ ᠬᠦᠰᠡᠨ ᠨᠠᠢᠳᠠᠶ᠎ᠠ᠃
ᠣᠷᠳᠣᠰ ᠰᠤᠳᠤᠷ ᠪᠢᠴᠢᠭ ᠦ᠋ᠨ ᠴᠤᠪᠤᠷᠠᠯ ᠪᠢᠴᠢᠭ ᠨᠠᠢᠷᠠᠭᠤᠯᠬᠤ ᠺᠣᠮᠢᠰ
2005 ᠤ᠋ ᠶ᠋ᠢᠨ10 ᠰᠠᠷ᠎ᠠ
ᠰᠢᠷ᠎ᠠ ᠵᠣᠣ ᠰᠦᠮ᠎ᠡ ᠶ᠋ᠢᠨ ᠲᠣᠢᠮᠣ
ᠵᠠᠷᠯᠢᠭ ᠢ᠋ᠶ᠋ᠠᠷ ᠰᠣᠶᠣᠷᠬᠠᠭᠰᠠᠨ ᠪᠢᠯᠢᠭ ᠢ᠋ ᠪᠠᠳᠠᠷᠠᠭᠤᠯᠤᠭᠴᠢ ᠰᠢᠷ᠎ᠠ ᠵᠣᠣ ᠰᠦᠮ᠎ᠡ ᠨᠢ ᠣᠷᠳᠣᠰ ᠤ᠋ᠨ ᠥᠨᠳᠥᠷᠯᠢᠭ ᠦ᠋ᠨ ᠬᠠᠩᠭᠢᠨ ᠬᠤᠰᠢᠭᠤᠨ ᠤ᠋ ᠤᠤᠯ ᠤ᠋ᠨ ᠰᠢᠷ᠎ᠠ ᠵᠣᠣ ᠰᠤᠮᠤᠨ ᠤ᠋ ᠤᠯᠠᠭᠠᠨ ᠣᠳᠣ ᠭᠠᠴᠠᠭᠠᠨ ᠤ᠋ ᠲᠠᠤᠯᠠᠢ ᠶ᠋ᠢᠨ ᠠᠮᠠᠨ ᠤ᠋ ᠵᠡᠭᠦᠨ ᠬᠣᠢᠲᠤ ᠲᠠᠪᠰᠠᠩ ᠳ᠋ᠤ᠌ ᠪᠠᠢᠷᠢᠰᠢᠵᠤ ᠪᠠᠢᠳᠠᠭ᠃ ᠰᠢᠷ᠎ᠠ ᠵᠣᠣ ᠰᠦᠮ᠎ᠡ ᠶ᠋ᠢᠨ ᠤᠷᠢᠳᠤ ᠪᠡᠶ᠎ᠡ ᠳ᠋ᠦ᠍ ᠮᠥᠷᠭᠥᠴᠡᠭ ᠦ᠋ᠨ ᠣᠷᠣᠢ ᠭᠡᠵᠦ ᠪᠣᠢ᠃ ᠤᠷᠤᠭᠰᠢ ᠲᠠᠢᠲᠠᠭᠠᠢ ᠶ᠋ᠢᠨ ᠣᠪᠣᠭ᠎ᠠ᠂ ᠵᠡᠭᠦᠨᠲᠡᠢᠬᠡᠨ ᠬᠥᠬᠡ ᠲᠣᠯᠣᠭᠠᠢ ᠬᠠᠷᠠᠭᠳᠠᠳᠠᠭ᠃ ᠰᠢᠷ᠎ᠠ ᠵᠣᠣ ᠰᠦᠮ᠎ᠡ ᠶ᠋ᠢᠨ ᠵᠡᠭᠦᠨ ᠬᠣᠢᠲᠠᠢ ᠮᠣᠳᠣᠨ ᠣᠪᠣᠭ᠎ᠠ᠂ ᠪᠠᠷᠠᠭᠤᠨ ᠬᠣᠢᠨ᠎ᠠ ᠨᠢ ᠬᠠᠳᠠᠨ ᠣᠪᠣᠭ᠎ᠠ ᠪᠣᠢ᠃ ᠰᠢᠷ᠎ᠠ ᠵᠣᠣ ᠰᠦᠮ᠎ᠡ ᠶ᠋ᠢᠨ ᠪᠠᠷᠠᠭᠤᠨ ᠬᠣᠢᠨᠠᠬᠠᠨ ᠬᠠᠳᠬᠤᠵᠤ ᠭᠠᠷᠤᠭᠰᠠᠨ ᠡᠯᠡᠰᠦᠨ ᠬᠤᠰᠢᠭᠤᠨ ᠳ᠋ᠤ᠌ ᠥᠨᠳᠥᠷ ᠤᠯᠠᠭᠠᠨ ᠭᠡᠵᠦ ᠱᠣᠷᠣᠩ ᠮᠠᠩᠬ᠎ᠠ ᠪᠠᠢᠳᠠᠭ᠃ ᠵᠡᠭᠦᠨᠰᠢ ᠬᠠᠲᠤᠨ ᠭᠣᠣᠯ ᠥᠭᠰᠥᠭᠦᠯᠦᠨ ᠬᠠᠷᠠᠪᠠᠯ ᠮᠤᠨᠢ ᠠᠭᠤᠯᠠ ᠬᠥᠬᠡᠷᠡᠨ ᠰᠡᠬᠦᠢᠵᠦ᠂ ᠳᠡᠭᠡᠷᠡᠮ ᠦ᠋ᠨ ᠵᠢᠯᠠᠭ᠎ᠠ ᠮᠡᠲᠦ ᠶ᠋ᠢᠨ ᠭᠣᠣ ᠰᠠᠷᠬᠢᠶᠠᠭ ᠲᠣᠪ ᠲᠣᠳᠣᠬᠠᠨ ᠬᠠᠷᠠᠭᠳᠠᠬᠤ ᠠᠵᠢ᠃ ᠰᠢᠷ᠎ᠠ ᠵᠣᠣ ᠰᠦᠮ᠎ᠡ ᠶ᠋ᠢᠨ ᠵᠡᠭᠦᠨ ᠳᠣᠣᠷ᠎ᠠ ᠠ᠋ᠴᠠ ᠤᠷᠤᠭᠰᠢ ᠬᠣᠢᠰᠢ ᠲᠠᠬᠢᠯᠲᠤ᠂ ᠲᠣᠭᠣᠭᠠᠨ ᠪᠤᠯᠠᠭ ᠮᠡᠲᠦ ᠶ᠋ᠢᠨ ᠣᠨᠳᠣᠷᠣᠭ᠎ᠠ ᠰᠠᠢᠲᠠᠢ ᠭᠣᠷᠣᠬ᠎ᠠ ᠰᠢᠪᠠᠷ ᠴᠠᠢᠳᠠᠮ ᠬᠡᠳᠦᠨ ᠠᠷᠪᠠᠨ ᠭᠠᠵᠠᠷ ᠦᠷᠭᠦᠯᠵᠢᠯᠡᠳᠡᠭ ᠰᠠᠨ᠃ ᠳᠡᠯᠭᠡᠷ ᠵᠤᠨ ᠤ᠋ ᠤᠯᠠᠷᠢᠯ ᠳ᠋ᠤ᠌ ᠡᠨᠡ ᠶᠡᠬᠡ ᠠᠭᠤᠳᠠᠮ ᠴᠠᠢᠳᠠᠮ ᠳ᠋ᠤ᠌ ᠤᠰᠤᠨ ᠤ᠋ ᠰᠢᠪᠠᠭᠤᠳ ᠭᠠᠩᠭᠠᠨᠠᠯᠳᠤᠨ ᠳᠣᠩᠭᠣᠳᠴᠤ᠂ ᠮᠠᠯ ᠰᠦᠷᠦᠭ ᠲᠠᠪᠠᠲᠠᠢ ᠳᠠᠷᠬᠠᠨ ᠢᠳᠡᠰᠢᠯᠡᠭᠰᠡᠨ ᠠᠮᠢᠲᠠᠨ ᠵᠢᠭᠦᠷᠲᠡᠨ ᠦ᠌ ᠨᠠᠢᠷᠠᠯ ᠬᠥᠭᠵᠢᠮ ᠲᠡᠢ ᠵᠢᠷᠭᠠᠯ ᠤ᠋ᠨ ᠣᠷᠣᠨ ᠪᠣᠯᠳᠠᠭ᠃ ᠬᠥᠪᠴᠢ ᠶ᠋ᠢᠨ ᠡᠯᠡᠰᠦ ᠪᠠᠷᠠᠭᠤᠨ ᠬᠣᠢᠨ᠎ᠠ ᠠ᠋ᠴᠠ ᠬᠣᠰᠢᠭᠤᠷᠠᠨ ᠰᠢᠷ᠎ᠠ ᠵᠣᠣ ᠶ᠋ᠢᠨ ᠪᠠᠷᠠᠭᠤᠨ ᠪᠡᠶ᠎ᠡ ᠪᠡᠷ ᠤᠷᠤᠭᠰᠢ ᠳᠠᠭᠠᠷᠢᠨ ᠳᠠᠯᠠᠳ ᠤ᠋ᠨ ᠬᠤᠰᠢᠭᠤᠨ ᠤ᠋ ᠪᠦᠷᠢᠶ᠎ᠡ ᠮᠠᠩᠬ᠎ᠠ ᠲᠤᠯᠳᠠᠭ᠃ ᠠᠷᠤ ᠲᠠᠪᠢᠨ ᠳᠣᠯᠣᠭ᠎ᠠ᠂ ᠥᠪᠥᠷ ᠳᠥᠴᠢ ᠶᠢᠰᠦᠨ ᠬᠤᠰᠢᠭᠤᠨ ᠳ᠋ᠤ᠌ ᠠᠯᠳᠠᠷᠲᠠᠢ᠂ ᠳᠥᠷᠪᠡᠯᠵᠢᠨ ᠶᠡᠬᠡ ᠬᠦᠷᠢᠶ᠎ᠡ ᠲᠡᠢ᠂ ᠳᠤᠮᠳᠠ ᠪᠠᠨ ᠨᠠᠢ᠍ᠮᠠᠨ ᠳᠤᠭᠠᠩ ᠲᠠᠢ᠂ ᠴᠢᠩ ᠰᠦᠰᠦᠭᠲᠦ ᠨᠣᠮ ᠤ᠋ᠨ ᠬᠠᠭᠠᠨ ᠤ᠋ ᠱᠠᠩ ᠲᠠᠢ᠂ ᠪᠠᠷᠠᠭᠤᠨ ᠵᠡᠭᠦᠨ ᠱᠠᠪᠷᠤᠩ ᠪᠠᠭᠰᠢ ᠶ᠋ᠢᠨ ᠣᠷᠳᠣᠨ ᠲᠠᠢ᠂ ᠬᠡᠳᠦ ᠬᠡᠳᠦᠨ ᠵᠢᠰᠠ ᠶ᠋ᠢᠨ ᠬᠦᠷᠢᠶ᠎ᠡ ᠲᠡᠢ᠂ ᠵᠢᠯ ᠦ᠋ᠨ ᠳᠥᠷᠪᠡᠨ ᠤᠯᠠᠷᠢᠯ ᠳ᠋ᠤ᠌ ᠨᠣᠮ ᠬᠤᠷᠠᠯ ᠲᠠᠰᠤᠷᠠᠳᠠᠭ ᠦᠭᠡᠢ᠂ ᠡᠨᠡ ᠬᠦ᠌ ᠰᠢᠷ᠎ᠠ ᠵᠣᠣ ᠰᠦᠮ᠎ᠡ ᠶ᠋ᠢ ᠴᠢᠩ ᠤᠯᠤᠰ ᠦ᠋ᠨ ᠡᠩᠬᠡ ᠠᠮᠤᠭᠤᠯᠠᠩ ᠤ᠋ᠨ ᠭᠤᠴᠢᠨ ᠵᠢᠷᠭᠤᠳᠤᠭᠠᠷ ᠣᠨ(1697) ᠳ᠋ᠤ᠌ ᠬᠠᠯᠬ᠎ᠠ ᠶ᠋ᠢᠨ ᠴᠢᠩ ᠰᠦᠰᠦᠭᠲᠦ ᠨᠣᠮ ᠤ᠋ᠨ ᠬᠠᠭᠠᠨ ᠨᠣᠷᠪᠤᠰᠢᠷᠠᠪ᠂ ᠣᠷᠳᠣᠰ ᠤ᠋ᠨ ᠬᠡᠳᠦᠨ ᠬᠤᠰᠢᠭᠤᠨ ᠤ᠋ ᠸᠠᠩ᠂ ᠪᠡᠢᠯᠡ᠂ ᠪᠠᠢᠰᠠ᠂ ᠬᠦᠩ ᠨᠠᠷ ᠲᠠᠢ ᠬᠠᠮᠲᠤ ᠪᠠᠷ ᠰᠡᠳᠦᠵᠦ ᠬᠠᠯᠬ᠎ᠠ ᠶ᠋ᠢᠨ ᠴᠢᠩ ᠰᠦᠰᠦᠭᠲᠦ ᠨᠣᠮ ᠤ᠋ᠨ ᠬᠠᠭᠠᠨ ᠨᠣᠷᠪᠤᠰᠢᠷᠠᠪ ᠯᠠᠮᠠ ᠤᠳᠤᠷᠢᠳᠴᠤ ᠪᠠᠢᠭᠤᠯᠤᠭᠰᠠᠨ ᠪᠢᠯᠡ᠃ ᠴᠣᠭᠴᠢᠨ ᠳᠤᠭᠠᠩ ᠨᠢ ᠰᠢᠷ᠎ᠠ ᠱᠠᠭᠠᠵᠠᠩ ᠸᠠᠭᠠᠷᠤᠨ ᠳᠡᠭᠡᠪᠦᠷ ᠲᠡᠢ ᠪᠣᠯᠬᠣᠷ ᠰᠢᠷ᠎ᠠ ᠵᠣᠣ ᠭᠡᠮᠡᠨ ᠠᠯᠳᠠᠷᠰᠢᠵᠠᠢ᠃ ᠲᠥᠪᠡᠳ ᠨᠡᠷ᠎ᠡ ᠨᠢ ᠰᠢᠷᠠᠪᠫᠢᠯᠪᠢᠯᠢᠩ᠂ ᠬᠢᠲᠠᠳ ᠢ᠋ᠶ᠋ᠠᠷ ᠭᠤᠸᠠᠩ ᠬᠤᠢ ᠰᠧ(广慧寺) ᠭᠡᠳᠡᠭ᠃ ᠲᠩᠷᠢ ᠲᠡᠳᠬᠦᠭᠴᠢ ᠶ᠋ᠢᠨ ᠦᠶ᠎ᠡ ᠳ᠋ᠦ᠍ ᠵᠠᠷᠯᠢᠭ ᠢ᠋ᠶ᠋ᠠᠷ《 ᠪᠢᠯᠢᠭ ᠢ᠋ ᠪᠠᠳᠠᠷᠠᠭᠤᠯᠤᠭᠴᠢ ᠰᠦᠮ᠎ᠡ》ᠭᠡᠳᠡᠭ ᠨᠡᠷ᠎ᠡ ᠰᠣᠶᠣᠷᠬᠠᠵᠤ ᠂ ᠳᠥᠴᠢᠨ ᠲᠠᠪᠤᠨ ᠯᠠᠮᠠ ᠪᠠᠨᠳᠢ ᠳ᠋ᠤ᠌ ᠬᠢᠶᠠᠪᠤ ᠳᠦᠳᠢᠶᠡ ᠲᠡᠮᠳᠡᠭ ᠣᠯᠭᠣᠵᠤ᠂ ᠳᠦᠳᠢᠶᠡ ᠬᠡᠢᠳ ᠪᠣᠯᠭᠠᠭᠰᠠᠨ ᠪᠠᠢᠨ᠎ᠠ᠃ ᠰᠢᠷ᠎ᠠ ᠵᠣᠣ ᠰᠦᠮ᠎ᠡ ᠪᠣᠯ ᠣᠷᠳᠣᠰ ᠳᠣᠯᠣᠭᠠᠨ ᠬᠤᠰᠢᠭᠤᠨ ᠤ᠋ ᠬᠠᠮᠲᠤ ᠶ᠋ᠢᠨ ᠮᠠᠲᠠᠯ ᠳ᠋ᠠᠬᠢ ᠬᠡᠢᠳ ᠪᠣᠯᠬᠤ ᠤᠴᠢᠷ ᠡᠨᠡ ᠬᠦ᠌ ᠳᠥᠴᠢᠨ ᠲᠠᠪᠤᠨ ᠳᠦᠳᠢᠶᠡ ᠯᠠᠮᠠ ᠶ᠋ᠢ ᠣᠷᠳᠣᠰ ᠤ᠋ᠨ ᠳᠣᠯᠣᠭᠠᠨ ᠬᠤᠰᠢᠭᠤᠨ ᠠ᠋ᠴᠠ ᠬᠤᠪᠢᠶᠠᠨ ᠲᠣᠮᠢᠯᠠᠵᠤ ᠪᠠᠢᠭᠰᠠᠨ ᠢ᠋ᠶ᠋ᠠᠷ ᠦᠯᠦ ᠪᠠᠷᠠᠮ ᠂ ᠹᠦᠩᠯᠦ ᠴᠠᠯᠢᠩ ᠢ᠋ ᠨᠢ ᠴᠦ᠍ ᠳᠣᠯᠣᠭᠠᠨ ᠬᠤᠰᠢᠭᠤᠨ ᠠ᠋ᠴᠠ ᠭᠠᠷᠭᠠᠵᠤ ᠪᠠᠢᠪᠠ᠃ ᠰᠦᠮ᠎ᠡ ᠰᠡᠯᠪᠢᠨ ᠵᠠᠰᠠᠬᠤ ᠵᠠᠷᠤᠳᠠᠯ ᠮᠥᠩᠭᠥ ᠶ᠋ᠢ ᠨᠢ ᠴᠦ᠍ ᠮᠥᠨ ᠳᠣᠯᠣᠭᠠᠨ ᠬᠤᠰᠢᠭᠤᠨ ᠠ᠋ᠴᠠ ᠭᠠᠷᠭᠠᠳᠠᠭ᠃ ᠬᠡᠳᠦᠨ ᠵᠠᠭᠤᠨ ᠵᠢᠯ ᠦ᠋ᠨ ᠲᠤᠷᠰᠢ᠂ ᠰᠢᠷ᠎ᠠ ᠵᠣᠣ ᠰᠦᠮ᠎ᠡ ᠶ᠋ᠢ ᠳᠠᠬᠢᠨ ᠳᠠᠬᠢᠨ ᠥᠷᠭᠡᠳᠬᠡᠨ ᠪᠠᠷᠢᠭᠰᠠᠭᠠᠷ ᠪᠠᠢᠭᠠᠳ ᠢᠷᠭᠡᠨ ᠤᠯᠤᠰ ᠤ᠋ᠨ ᠦᠶ᠎ᠡ ᠪᠣᠯᠬᠤ ᠳ᠋ᠤ᠌ ᠶᠡᠬᠡ ᠪᠠᠭ᠎ᠠ ᠠᠷᠪᠠ ᠭᠠᠷᠤᠢ ᠳᠤᠭᠠᠩ ᠲᠠᠢ᠂ ᠬᠡᠳᠦᠨ ᠵᠠᠭᠤᠨ ᠯᠠᠮᠠ ᠬᠤᠸᠠᠷᠠᠭ ᠲᠠᠢ᠂ ᠴᠢᠭᠤᠯᠭᠠᠨ ᠳ᠋ᠠᠭᠠᠨ ᠠᠯᠳᠠᠷᠲᠠᠢ ᠬᠡᠢᠳ ᠪᠣᠯᠵᠠᠢ᠃
ᠰᠢᠷ᠎ᠠ ᠵᠣᠣ ᠰᠦᠮ᠎ᠡ ᠪᠠᠢᠭᠤᠯᠬᠤ ᠦᠶ᠎ᠡ ᠶ᠋ᠢᠨ ᠬᠣᠰᠢᠭᠤ ᠵᠠᠰᠠᠭ ᠤ᠋ᠨ ᠪᠠᠢᠳᠠᠯ
ᠴᠢᠩ ᠤᠯᠤᠰ ᠤ᠋ᠨ ᠨᠣᠶᠠᠷᠬᠠᠭᠴᠢᠳ ᠣᠷᠳᠣᠰ ᠤ᠋ᠨ ᠬᠦᠴᠦᠨ ᠢ᠋ ᠠᠰᠢᠭᠯᠠᠨ ᠥᠪᠡᠷ ᠦ᠋ᠨ ᠤᠯᠤᠰ ᠲᠥᠷᠥ ᠶ᠋ᠢᠨ ᠳᠠᠢᠰᠤᠨ ᠢ᠋ ᠤᠰᠠᠳᠬᠠᠬᠤ ᠶ᠋ᠢᠨ ᠵᠡᠷᠭᠡ ᠪᠡᠷ ᠣᠷᠳᠣᠰ ᠤ᠋ᠨ ᠬᠦᠴᠦᠨ ᠢ᠋ ᠴᠦ᠍ ᠳᠣᠷᠣᠢᠲᠠᠭᠤᠯᠵᠤ ᠪᠠᠢᠭᠠᠳ᠂1649—1651 ᠣᠨ ᠳ᠋ᠤ᠌ ᠣᠷᠳᠣᠰ ᠢ᠋ ᠵᠡᠭᠦᠨ ᠪᠠᠷᠠᠭᠤᠨ ᠬᠣᠶᠠᠷ ᠭᠠᠷᠯᠠᠭᠰᠠᠨ ᠵᠢᠷᠭᠤᠭᠠᠨ ᠬᠣᠰᠢᠭᠤ ᠬᠤᠪᠢᠶᠠᠭᠰᠠᠨ ᠪᠢᠯᠡ᠃ ᠬᠠᠩᠭᠢᠨ ᠬᠣᠰᠢᠭᠤ ᠨᠢ ᠣᠷᠳᠣᠰ ᠪᠠᠷᠠᠭᠤᠨ ᠭᠠᠷᠤᠨ ᠬᠣᠢᠲᠤ ᠬᠣᠰᠢᠭᠤ ᠬᠡᠮᠡᠭᠳᠡᠨ ᠨᠡᠷᠡᠢᠳᠦᠭᠳᠡᠪᠡ᠃
ᠰᠤᠨᠤᠮ ᠤ᠋ᠨ ᠬᠥᠪᠡᠭᠦᠨ ᠳᠦᠭᠦᠷᠡᠩ᠂1672 ᠣᠨ ᠳ᠋ᠤ᠌ ᠡᠴᠢᠭᠡ ᠶ᠋ᠢᠨ ᠢ᠋ᠶ᠋ᠡᠨ ᠲᠦᠰᠢᠶ᠎ᠡ ᠬᠦᠩ ᠵᠡᠷᠭᠡ ᠶ᠋ᠢ ᠵᠠᠯᠭᠠᠮᠵᠢᠯᠠᠵᠤ᠂ ᠬᠠᠩᠭᠢᠨ ᠬᠤᠰᠢᠭᠤᠨ ᠤ᠋ ᠭᠤᠷᠪᠠᠳᠤᠭᠠᠷ ᠵᠠᠰᠠᠭ ᠪᠣᠯᠵᠠᠢ᠃ ᠡᠩᠬᠡ ᠠᠮᠤᠭᠤᠯᠠᠩ ᠤ᠋ᠨ ᠭᠤᠴᠢᠨ ᠳᠣᠯᠣᠳᠤᠭᠠᠷ ᠣᠨ(1698 ᠣᠨ᠂ ᠰᠢᠷ᠎ᠠ ᠪᠠᠷᠰ ᠵᠢᠯ) ᠳ᠋ᠦ᠍ ᠵᠦᠩᠭᠠᠷ ᠤ᠋ᠨ ᠭᠠᠯᠳᠠᠨ ᠪᠣᠱᠣᠭᠲᠤ ᠶ᠋ᠢ ᠳᠠᠷᠤᠩᠭᠤᠢᠯᠠᠬᠤ ᠳ᠋ᠤ᠌ ᠭᠠᠪᠢᠶ᠎ᠠ ᠲᠠᠢ ᠭᠡᠮᠡᠨ ᠵᠠᠰᠠᠭ ᠪᠠᠢᠰᠠ ᠪᠠᠷ ᠳᠠᠪᠰᠢᠪᠠ᠃ ᠡᠩᠬᠡ ᠠᠮᠤᠭᠤᠯᠠᠩ ᠤ᠋ᠨ ᠳᠥᠴᠢᠨ ᠳᠣᠯᠣᠳᠤᠭᠠᠷ ᠣᠨ(1707 ᠣᠨ᠂ ᠤᠯᠠᠭᠴᠢᠨ ᠭᠠᠬᠠᠢ ᠵᠢᠯ ) ᠳ᠋ᠦ᠍ ᠨᠠᠰᠤ ᠪᠠᠷᠠᠵᠠᠢ ᠃
ᠳᠦᠭᠦᠷᠡᠩ ᠦ᠋ᠨ ᠠᠬᠠᠮᠠᠳ ᠬᠥᠪᠡᠭᠦᠨ ᠰᠡᠷᠡᠩᠷᠡᠰᠢ ᠂1707 ᠣᠨ ᠳ᠋ᠤ᠌ ᠡᠴᠢᠭᠡ ᠶ᠋ᠢᠨ ᠢ᠋ᠶ᠋ᠡᠨ ᠵᠠᠰᠠᠭ ᠪᠡᠢᠰᠡ ᠵᠡᠷᠭᠡ ᠶ᠋ᠢ ᠵᠠᠯᠭᠠᠮᠵᠢᠯᠠᠵᠤ᠂ ᠬᠠᠩᠭᠢᠨ ᠬᠤᠰᠢᠭᠤᠨ ᠤ᠋ ᠳᠥᠷᠪᠡᠳᠦᠭᠡᠷ ᠵᠠᠰᠠᠭ ᠪᠣᠯᠵᠠᠢ᠃ ᠡᠩᠬᠡ ᠠᠮᠤᠭᠤᠯᠠᠩ ᠤ᠋ᠨ ᠲᠠᠪᠢᠨ ᠨᠢᠭᠡᠳᠦᠭᠡᠷ ᠣᠨ(1712 ᠣᠨ᠂ ᠬᠠᠷ᠎ᠠ ᠯᠤᠤ ᠵᠢᠯ) ᠳ᠋ᠦ᠍ ᠨᠠᠰᠤ ᠪᠠᠷᠠᠪᠠ᠃
ᠯᠦᠮᠪᠦ ( ᠳᠦᠭᠦᠷᠡᠩ ᠦ᠋ᠨ ᠬᠣᠶᠠᠳᠤᠭᠠᠷ ᠬᠥᠪᠡᠭᠦᠨ )᠂1712 ᠣᠨ ᠳ᠋ᠤ᠌ ᠠᠬ᠎ᠠ ᠶ᠋ᠢᠨ ᠢ᠋ᠶ᠋ᠡᠨ ᠵᠠᠰᠠᠭ ᠪᠡᠢᠰᠡ ᠵᠡᠷᠭᠡ ᠶ᠋ᠢ ᠵᠠᠯᠭᠠᠮᠵᠢᠯᠠᠵᠤ ᠂ ᠬᠠᠩᠭᠢᠨ ᠬᠤᠰᠢᠭᠤᠨ ᠤ᠋ ᠲᠠᠪᠤᠳᠤᠭᠠᠷ ᠵᠠᠰᠠᠭ ᠪᠣᠯᠵᠠᠢ᠃ ᠡᠩᠬᠡ ᠠᠮᠤᠭᠤᠯᠠᠩ ᠤ᠋ᠨ ᠲᠠᠪᠢᠨ ᠵᠢᠷᠭᠤᠳᠤᠭᠠᠷ ᠣᠨ ( 1717 ᠣᠨ᠂ ᠤᠯᠠᠭᠴᠢᠨ ᠲᠠᠬᠢᠶ᠎ᠠ ᠵᠢᠯ ) ᠳ᠋ᠦ᠍ ᠨᠠᠰᠤ ᠪᠠᠷᠠᠪᠠ᠃ ᠦᠷ᠎ᠡ ᠬᠡᠦᠬᠡᠳ ᠦᠭᠡᠢ᠃
ᠰᠡᠷᠡᠩᠨᠡᠮᠵᠢᠯ ( ᠳᠦᠭᠦᠷᠡᠩ ᠦ᠋ᠨ ᠭᠤᠷᠪᠠᠳᠤᠭᠠᠷ ᠬᠥᠪᠡᠭᠦᠨ) 1717 ᠣᠨ ᠳ᠋ᠤ᠌ ᠠᠬ᠎ᠠ ᠯᠦᠮᠪᠦ ᠶ᠋ᠢᠨ ᠢ᠋ᠶ᠋ᠡᠨ ᠵᠠᠰᠠᠭ ᠪᠡᠢᠰᠡ ᠵᠡᠷᠭᠡ ᠶ᠋ᠢ ᠵᠠᠯᠭᠠᠮᠵᠢᠯᠠᠵᠤ ᠂ ᠬᠠᠩᠭᠢᠨ ᠬᠤᠰᠢᠭᠤᠨ ᠤ᠋ ᠵᠢᠷᠭᠤᠳᠤᠭᠠᠷ ᠵᠠᠰᠠᠭ ᠪᠣᠯᠵᠠᠢ᠃ ᠲᠤᠰ ᠵᠢᠯ ᠳ᠋ᠡᠭᠡᠨ ᠨᠠᠰᠤ ᠪᠠᠷᠠᠵᠠᠢ᠃
ᠴᠠᠸᠠᠩᠪᠠᠯᠵᠤᠤᠷ ( ᠰᠡᠷᠡᠩᠨᠡᠮᠵᠢᠯ ᠦ᠋ᠨ ᠠᠬᠠᠮᠠᠳ ᠬᠥᠪᠡᠭᠦᠨ )1717 ᠣᠨ ᠳ᠋ᠤ᠌ ᠡᠴᠢᠭᠡ ᠶ᠋ᠢᠨ ᠢ᠋ᠶ᠋ᠡᠨ ᠵᠠᠰᠠᠭ ᠪᠡᠢᠰᠡ ᠵᠡᠷᠭᠡ ᠶ᠋ᠢ ᠵᠠᠯᠭᠠᠮᠵᠢᠯᠠᠵᠤ᠂ ᠬᠠᠩᠭᠢᠨ ᠬᠤᠰᠢᠭᠤᠨ ᠤ᠋ ᠳᠣᠯᠣᠳᠤᠭᠠᠷ ᠵᠠᠰᠠᠭ ᠪᠣᠯᠵᠠᠢ᠃ ᠨᠠᠢᠷᠠᠯᠲᠤ ᠲᠥᠪ ᠦ᠋ᠨ ᠠᠷᠪᠠᠨ ᠨᠢᠭᠡᠳᠦᠭᠡᠷ ᠣᠨ(1733) ᠳ᠋ᠤ᠌ ᠲᠡᠭᠦᠨ ᠦ᠌ ᠲᠣᠮᠢᠯᠠᠭᠰᠠᠨ ᠴᠡᠷᠢᠭ ᠨᠢ ᠪᠠᠢᠯᠳᠤᠬᠤ ᠴᠢᠳᠠᠪᠤᠷᠢ ᠪᠠᠷ ᠰᠤᠯᠠ ᠳᠣᠷᠣᠢ ᠤᠴᠢᠷ ᠠ᠋ᠴᠠ ᠵᠠᠰᠠᠭ ᠪᠠᠢᠰᠠ ᠵᠡᠷᠭᠡ ᠶ᠋ᠢ ᠨᠢ ᠬᠠᠰᠤᠵᠤ ᠂ ᠲᠥᠰᠢᠶ᠎ᠡ ᠬᠦᠩ ᠵᠡᠷᠭᠡ ᠲᠡᠢ ᠪᠣᠯᠭᠠᠪᠠ᠃ ᠲᠩᠷᠢ ᠲᠡᠳᠬᠦᠭᠴᠢ ᠶ᠋ᠢᠨ ᠠᠷᠪᠠ ᠶᠢᠰᠦᠳᠦᠭᠡᠷ ᠣᠨ (1754) ᠳ᠋ᠦ᠍ ᠴᠢᠩ ᠤᠯᠤᠰ ᠤ᠋ᠨ ᠲᠠᠪᠠᠭᠠᠴᠢ ᠶ᠋ᠢ ᠳᠠᠯᠠᠢᠭᠰᠠᠨ ᠴᠡᠷᠢᠭ ᠲᠦ᠍ ᠶᠡᠬᠡ ᠬᠡᠮᠵᠢᠶᠡᠨ ᠦ᠌ ᠦᠬᠡᠷ ᠠᠳᠤᠭᠤ ᠲᠡᠮᠡᠭᠡ ᠢᠮᠠᠭ᠎ᠠ ᠬᠦᠷᠭᠡᠭᠰᠡᠨ ᠢ᠋ᠶ᠋ᠡᠷ ᠭᠠᠪᠢᠶ᠎ᠠ ᠪᠠᠢᠭᠤᠯᠵᠤ᠂ ᠵᠠᠰᠠᠭ ᠲᠥᠷᠥ ᠶ᠋ᠢᠨ ᠪᠡᠢᠯᠡ ᠪᠡᠷ ᠳᠠᠪᠰᠢᠵᠠᠢ᠃ ᠲᠩᠷᠢ ᠲᠡᠳᠬᠦᠭᠴᠢ ᠶ᠋ᠢᠨ ᠭᠤᠴᠢᠨ ᠳᠣᠯᠣᠳᠤᠭᠠᠷ ᠣᠨ ( 1772ᠣᠨ ᠂ ᠬᠠᠷ᠎ᠠ ᠯᠤᠤ ᠵᠢᠯ ) ᠳ᠋ᠦ᠍ ᠨᠠᠰᠤ ᠪᠠᠷᠠᠵᠠᠢ᠃
ᠰᠢᠷ᠎ᠠ ᠵᠣᠣ ᠰᠦᠮ᠎ᠡ ᠶ᠋ᠢᠨ ᠪᠠᠷᠢᠯᠭ᠎ᠠ
ᠰᠢᠷ᠎ᠠ ᠵᠣᠣ ᠰᠦᠮ᠎ᠡ ᠶ᠋ᠢᠨ ᠪᠠᠷᠢᠯᠭ᠎ᠠ ᠶ᠋ᠢᠨ ᠣᠨᠴᠠᠯᠢᠭ᠂ ᠬᠡᠪ ᠨᠠᠮᠪᠠ ᠨᠢ ᠬᠢᠲᠠᠳ ᠮᠠᠶᠢᠭ ᠤ᠋ᠨ ᠪᠠ ᠲᠥᠪᠡᠳ ᠮᠠᠶᠢᠭ ᠤ᠋ᠨ ᠬᠢ ᠭᠡᠵᠦ ᠬᠣᠶᠠᠷ ᠵᠦᠢᠯ ᠪᠠᠢᠳᠠᠭ ᠴᠤ᠌ ᠬᠢᠲᠠᠳ ᠮᠠᠶᠢᠭ ᠤ᠋ᠨ ᠰᠦᠮ᠎ᠡ ᠭᠣᠣᠯᠳᠠᠭᠤ ᠪᠠᠢᠭᠰᠠᠨ ᠶᠤᠮ᠃ ᠲᠤᠬᠠᠢ ᠶ᠋ᠢᠨ ᠦᠶ᠎ᠡ ᠳ᠋ᠦ᠍ ᠰᠢᠷ᠎ᠠ ᠵᠣᠣ ᠰᠦᠮ᠎ᠡ ᠨᠢ ᠬᠠᠩᠭᠢᠨ ᠬᠤᠰᠢᠭᠤᠨ ᠳ᠋ᠠᠭᠠᠨ ᠬᠠᠮᠤᠭ ᠤ᠋ᠨ ᠣᠯᠠᠨ ᠳᠤᠭᠠᠩ ᠲᠠᠢ ᠰᠦᠮ᠎ᠡ ᠳ᠋ᠦ᠍ ᠲᠣᠭᠠᠴᠠᠭᠳᠠᠳᠠᠭ ᠪᠠᠢᠵᠠᠢ᠃
ᠰᠢᠷ᠎ᠠ ᠵᠣᠣ ᠰᠦᠮ᠎ᠡ ᠭᠠᠳᠠᠭᠤᠷ ᠢ᠋ᠶ᠋ᠠᠨ ᠵᠡᠭᠦᠨᠰᠢ ᠪᠠᠷᠠᠭᠤᠨᠰᠢ ᠣᠷᠣᠭᠰᠢ ᠬᠣᠢᠰᠢ ᠲᠤᠰ ᠲᠤᠰ133 ᠮᠧᠲ᠋ᠷ ᠤᠷᠲᠤ ᠂3 ᠮᠧᠲ᠋ᠷ ᠥᠷᠭᠡᠨ᠂8 ᠲᠣᠬᠣᠢ ᠥᠨᠳᠥᠷ ᠂ ᠬᠦᠷᠢᠶᠡᠨ ᠦ᠌ ᠣᠷᠣᠢ ᠶ᠋ᠢ ᠨᠢ ᠰᠢᠷ᠎ᠠ ᠸᠠᠭᠠᠷ ᠢ᠋ᠶ᠋ᠠᠷ ᠮᠠᠯᠠᠭᠠᠢᠯᠠᠵᠤ᠂ ᠬᠡᠷᠡᠮ ᠢ᠋ ᠨᠢ ᠤᠯᠠᠭᠠᠨ ᠢ᠋ᠶ᠋ᠠᠷ ᠪᠣᠳᠣᠭᠰᠠᠨ ᠳᠥᠷᠪᠡᠯᠵᠢᠨ ᠤᠯᠠᠭᠠᠨ ᠬᠦᠷᠢᠶ᠎ᠡ ᠲᠡᠢ᠃
ᠰᠢᠷ᠎ᠠ ᠵᠣᠣ ᠰᠦᠮ᠎ᠡ ᠶ᠋ᠢᠨ ᠣᠯᠠᠨ ᠳᠤᠭᠠᠩ ᠤ᠋ᠳ ᠤ᠋ᠨ ᠳᠣᠲᠣᠷ᠎ᠠ ᠬᠠᠮᠤᠭ ᠠ᠋ᠴᠠ ᠰᠦᠷᠯᠢᠭ ᠦᠵᠡᠮᠵᠢ ᠲᠡᠢ᠂ ᠬᠡᠪᠴᠢᠶ᠎ᠡ ᠲᠠᠯᠠᠪᠠᠢ ᠪᠠᠷ ᠬᠠᠮᠤᠭ ᠠ᠋ᠴᠠ ᠶᠡᠬᠡ ᠨᠢ ᠴᠣᠭᠴᠢᠨ ᠳᠤᠭᠠᠩ ᠶᠤᠮ᠃
ᠴᠣᠭᠴᠢᠨ ᠳᠤᠭᠠᠩ ᠨᠢ ᠰᠢᠷ᠎ᠠ ᠱᠠᠭᠠᠵᠠᠩ ᠸᠠᠭᠠᠷᠤᠨ ᠳᠡᠭᠡᠪᠦᠷ ᠲᠡᠢ ᠂ ᠳᠥᠴᠢ ᠶᠢᠰᠦᠨ ᠲᠠᠰᠤᠯᠭ᠎ᠠ ᠶ᠋ᠢᠨ ᠳᠠᠪᠬᠤᠷᠯᠢᠭ ᠲᠠᠢ᠂ ᠬᠢᠲᠠᠳ ᠮᠠᠶᠢᠭ ᠤ᠋ᠨ ᠳᠤᠭᠠᠩ ᠪᠢᠯᠡ᠃ ᠣᠷᠣᠢ ᠳᠡᠭᠡᠷ᠎ᠡ ᠨᠢ ᠬᠣᠶᠠᠷ ᠪᠣᠳᠢ ᠭᠥᠷᠥᠭᠡᠰᠦ ᠲᠣᠭᠯᠠᠭᠰᠠᠨ ᠠᠯᠲᠠᠨ ᠭᠠᠨᠵᠢᠷ᠎ᠠ ᠲᠠᠢ᠂ ᠳᠤᠮᠳᠠ ᠨᠢ ᠨᠠᠢ᠍ᠮᠠᠨ ᠬᠣᠷᠯᠣ ᠲᠠᠢ᠃
ᠽᠡᠨᠢᠳ ᠷᠠᠰᠠᠩ ᠨᠢ ᠴᠣᠭᠴᠢᠨ ᠳᠤᠭᠠᠩ ᠤ᠋ᠨ ᠠᠷᠤ ᠳ᠋ᠤ᠌ ᠪᠠᠢᠷᠢᠰᠢᠵᠤ᠂ ᠬᠣᠷᠢᠨ ᠲᠠᠪᠤᠨ ᠲᠠᠰᠤᠯᠭ᠎ᠠ ᠲᠠᠢ ᠨᠣᠭᠣᠭᠠᠨ ᠱᠠᠭᠠᠵᠠᠩ ᠸᠠᠭᠠᠷᠤᠨ ᠳᠡᠭᠡᠪᠦᠷ ᠲᠡᠢ᠃ ᠮᠥᠨ ᠬᠢᠲᠠᠳ ᠮᠠᠶᠢᠭ ᠤ᠋ᠨ ᠳᠤᠭᠠᠩ ᠪᠢᠯᠡ᠃ ᠡᠮᠦᠨ᠎ᠡ ᠨᠢ ᠬᠣᠶᠠᠷ ᠠᠷᠰᠯᠠᠨ ᠲᠠᠢ᠂ ᠮᠥᠨ ᠴᠦ᠍ ᠭᠣᠮᠪᠣ ᠶ᠋ᠢᠨ ᠳᠤᠭᠠᠩ ᠭᠡᠳᠡᠭ᠃
ᠰᠢᠲᠦᠭᠡᠨ ᠰᠦᠮ᠎ᠡ ᠨᠢ ᠭᠣᠮᠪᠣ ᠶ᠋ᠢᠨ ᠳᠤᠭᠠᠩ ᠤ᠋ᠨ ᠪᠠᠷᠠᠭᠤᠨ ᠲᠠᠯ᠎ᠠ ᠳ᠋ᠤ᠌ ᠪᠣᠢ᠃ ᠪᠠᠷᠢᠯᠭ᠎ᠠ ᠶ᠋ᠢᠨ ᠬᠡᠪ ᠨᠠᠮᠪᠠ ᠨᠢ ᠲᠥᠪᠡᠳ ᠮᠠᠶᠢᠭ ᠤ᠋ᠨ ᠬᠢ᠂ ᠠᠷᠪᠠᠨ ᠬᠣᠶᠠᠷ ᠲᠠᠰᠤᠯᠭ᠎ᠠ ᠲᠠᠢ᠃
ᡀᠠᠮᠣ ᠶ᠋ᠢᠨ ᠳᠤᠭᠠᠩ ᠨᠢ ᠭᠣᠮᠪᠣ ᠶ᠋ᠢᠨ ᠳᠤᠭᠠᠩ ᠤ᠋ᠨ ᠵᠡᠭᠦᠨ ᠲᠠᠯ᠎ᠠ ᠳ᠋ᠤ᠌ ᠪᠠᠢᠷᠢᠰᠢᠳᠠᠭ᠃ ᠵᠢᠷᠭᠤᠭᠠᠨ ᠲᠠᠰᠤᠯᠭ᠎ᠠ ᠶ᠋ᠢᠨ ᠬᠢᠲᠠᠳ ᠮᠠᠶᠢᠭ ᠤ᠋ᠨ ᠳᠤᠭᠠᠩ ᠪᠢᠯᠡ᠃
ᠳ᠋ᠠᠷ᠎ᠠ ᠡᠬᠡ ᠶ᠋ᠢᠨ ᠰᠦᠮ᠎ᠡ ᠨᠢ ᠵᠢᠷᠭᠤᠭᠠᠨ ᠲᠠᠰᠤᠯᠭ᠎ᠠ ᠬᠢᠲᠠᠳ ᠮᠠᠶᠢᠭ ᠤ᠋ᠨ ᠰᠦᠮ᠎ᠡ ᠠᠵᠢ᠃ ᠴᠣᠭᠴᠢᠨ ᠳᠤᠭᠠᠩ ᠤ᠋ᠨ ᠵᠡᠭᠦᠨ ᠲᠠᠯ᠎ᠠ ᠳ᠋ᠤ᠌᠂ ᡀᠠᠮᠣ ᠶ᠋ᠢᠨ ᠳᠤᠭᠠᠩ ᠤ᠋ᠨ ᠡᠮᠦᠨ᠎ᠡ ᠪᠡᠶ᠎ᠡ ᠳ᠋ᠦ᠍ ᠪᠠᠢᠷᠢᠰᠢᠵᠤ ᠪᠣᠢ᠃
ᠷᠠᠰᠠᠩ ᠳᠤᠭᠠᠩ ᠨᠢ ᠳ᠋ᠠᠷ᠎ᠠ ᠡᠬᠡ ᠶ᠋ᠢᠨ ᠰᠦᠮ᠎ᠡ ᠶ᠋ᠢᠨ ᠤᠷᠢᠳᠤ ᠪᠡᠶ᠎ᠡ ᠳ᠋ᠦ᠍ ᠪᠠᠢᠷᠢᠰᠢᠳᠠᠭ ᠠᠷᠪᠠᠨ ᠬᠣᠶᠠᠷ ᠲᠠᠰᠤᠯᠭ᠎ᠠ ᠶ᠋ᠢᠨ ᠲᠥᠪᠡᠳ ᠮᠠᠶᠢᠭ ᠤ᠋ᠨ ᠳᠤᠭᠠᠩ ᠶᠤᠮ᠃ ᠨᠣᠮ ᠰᠤᠷᠴᠤ᠂ ᠪᠤᠳ᠋ᠳ᠋ᠾᠠ ᠶ᠋ᠢᠨ ᠱᠠᠰᠢᠨ ᠤ᠋ ᠭᠣᠣᠯ ᠣᠨᠣᠯ᠂ ᠭᠦᠨ ᠤᠬᠠᠭᠠᠨ ᠢ᠋ ᠶᠠᠷᠢᠯᠴᠠᠨ ᠮᠠᠷᠭᠤᠯᠳᠤᠵᠤ᠂ ᠴᠣᠢᠷᠣ᠎ᠠ ᠬᠠᠶᠠᠯᠴᠠᠳᠠᠭ ᠴᠣᠢᠷᠣ᠎ᠠ ᠷᠠᠰᠠᠩ ᠪᠢᠯᠡ᠃
ᠰᠡᠩᠺᠡᠩ ᠳᠤᠭᠠᠩ ᠨᠢ ᠴᠣᠭᠴᠢᠨ ᠳᠤᠭᠠᠩ ᠤ᠋ᠨ ᠪᠠᠷᠠᠭᠤᠨ ᠲᠠᠯ᠎ᠠ ᠳ᠋ᠤ᠌ ᠪᠠᠢᠷᠢᠰᠢᠳᠠᠭ ᠠᠷᠪᠠᠨ ᠬᠣᠶᠠᠷ ᠲᠠᠰᠤᠯᠭ᠎ᠠ ᠳ᠋ᠤ᠌ ᠲᠥᠪᠡᠳ ᠮᠠᠶᠢᠭ ᠤ᠋ᠨ ᠳᠤᠭᠠᠩ ᠠᠵᠢ᠃
ᠳᠣᠭᠰᠢᠳ ᠤ᠋ᠨ ᠳᠤᠭᠠᠩ ᠨᠢ ᠴᠣᠭᠴᠢᠨ ᠳᠤᠭᠠᠩ ᠤ᠋ᠨ ᠪᠠᠷᠠᠭᠤᠨ ᠡᠮᠦᠨ᠎ᠡ᠂ ᠰᠡᠩᠺᠡᠩ ᠳᠤᠭᠠᠩ ᠤ᠋ᠨ ᠡᠮᠦᠨ᠎ᠡ ᠲᠠᠯ᠎ᠠ ᠳ᠋ᠤ᠌ ᠪᠠᠢᠷᠢᠰᠢᠵᠤ ᠪᠣᠢ᠃ ᠠᠷᠪᠠᠨ ᠬᠣᠶᠠᠷ ᠲᠠᠰᠤᠯᠭ᠎ᠠ ᠶ᠋ᠢᠨ ᠲᠥᠪᠡᠳ ᠮᠠᠶᠢᠭ ᠤ᠋ᠨ ᠳᠤᠭᠠᠩ ᠶᠤᠮ᠃ ᠲᠤᠰ ᠳᠤᠭᠠᠩ ᠳ᠋ᠤ᠌ ᠳᠠᠬᠢᠳᠠᠭ ᠠᠷᠪᠠᠨ ᠳᠣᠭᠰᠢᠳ ᠭᠡᠪᠡᠯ᠂ ᠶᠠᠮᠠᠨᠳᠠᠭ᠎ᠠ᠂ ᠮᠠᡁᠠᠺᠠᠯᠠ ᠂ ᠡᠷᠯᠢᠭ ᠬᠠᠭᠠᠨ᠂ ᠥᠬᠢᠨ ᠲᠩᠷᠢ( ᡀᠠᠮᠣ ᠪᠤᠶᠤ ᠶᠠᠩᠵᠢᠨᡀᠠᠮᠤ ᠂ ᠢᠷᠠᠭᠤ ᠨᠠᠢᠷᠠᠭ ᠤ᠋ᠨ ᠰᠠᠬᠢᠭᠤᠯᠰᠤᠨ ᠴᠤ᠌ ᠭᠡᠳᠡᠭ)᠃ ᠵᠡᠮᠰᠦ᠋ᠷᠦᠩ᠂ ᠪᠢᠰᠮᠠᠨ᠂ ᠲᠠᠪᠤᠨ ᠬᠠᠨ᠂ ᠴᠠᠭᠠᠨ ᠮᠠᠷᠯᠠᠨ᠂ ᠬᠠᠷ᠎ᠠ ᠮᠠᠨᠽᠤᠰᠢᠷᠢ᠂ ᠬᠠᠶᠢᠩᠬᠢᠷᠤᠠ ᠵᠡᠷᠭᠡ ᠪᠣᠢ᠃
ᠳᠥᠷᠪᠡᠯᠵᠢᠨ ᠶᠡᠬᠡ ᠤᠯᠠᠭᠠᠨ ᠬᠦᠷᠢᠶᠡᠨ ᠦ᠌ ᠤᠷᠢᠳᠤ ᠲᠠᠯ᠎ᠠ ᠶ᠋ᠢᠨ ᠬᠡᠷᠡᠮ ᠦ᠋ᠨ ᠲᠡᠭ ᠳᠤᠮᠳᠠ ᠨᠢ ᠠᠷᠪᠠᠨ ᠬᠣᠶᠠᠷ ᠲᠠᠰᠤᠯᠭ᠎ᠠ ᠶ᠋ᠢᠨ ᠮᠠᠬᠠᠷᠠᠨᠽᠠ ᠶ᠋ᠢᠨ ᠳᠤᠭᠠᠩ ᠲᠠᠢ ᠃ ᠳᠣᠲᠣᠷ᠎ᠠ ᠨᠢ ᠴᠠᠭᠠᠨ ᠴᠢᠷᠠᠢ ᠲᠠᠢ ᠶᠣᠯᡁᠣᠷᠰᠥ᠋ᠷᠦᠩ᠂ ᠬᠥᠬᠡ ᠴᠢᠷᠠᠢ ᠲᠠᠢ ᠫᠠᠭᠵᠸᠪᠤ᠂ ᠤᠯᠠᠭᠠᠨ ᠴᠢᠷᠠᠢ ᠲᠠᠢ ᠵᠠᠮᠢᠰᠠᠩ᠂ ᠰᠢᠷ᠎ᠠ ᠴᠢᠷᠠᠢ ᠲᠠᠢ ᠨᠠᠮᠲ᠋ᠥ᠋ᠢᠰᠡᠷᠡᠢ ᠵᠡᠷᠭᠡ ᠶ᠋ᠢᠨ ᠰᠢᠷ᠎ᠠ ᠶ᠋ᠢᠨ ᠱᠠᠰᠢᠨ ᠤ᠋ ᠡᠭᠦᠳᠡ ᠰᠠᠬᠢᠭᠴᠢ᠂ ᠳᠥᠷᠪᠡᠨ ᠮᠠᠬᠠᠷᠠᠨᠽᠠ ᠶ᠋ᠢ ᠳᠠᠬᠢᠳᠠᠭ᠃
ᠮᠠᠬᠠᠷᠠᠨᠽᠠ ᠶ᠋ᠢᠨ ᠳᠤᠭᠠᠩ ᠤ᠋ᠨ ᠬᠣᠶᠠᠷ ᠲᠠᠯ᠎ᠠ ᠳ᠋ᠤᠨᠢ ᠠᠪ ᠠᠳᠠᠯᠢᠬᠠᠨ ᠬᠣᠶᠠᠷ ᠡᠭᠦᠳᠡᠨ ᠦ᠌ ᠠᠰᠠᠷ ᠲᠠᠢ᠂ ᠬᠣᠶᠠᠷ ᠡᠭᠦᠳᠡᠨ ᠠᠰᠠᠷ ᠤ᠋ᠨ ᠠᠷᠤ ᠪᠡᠶ᠎ᠡ ᠳ᠋ᠦ᠍ ᠵᠢᠷᠭᠤᠭ᠎ᠠ ᠵᠢᠷᠭᠤᠭᠠᠨ ᠠᠯᠲᠠ ᠶ᠋ᠢᠨ ᠬᠣᠶᠠᠷ ᠴᠠᠭᠠᠨ ᠰᠤᠪᠤᠷᠭ᠎ᠠ ᠲᠠᠢ᠃
ᠰᠢᠷ᠎ᠠ ᠵᠣᠣ ᠰᠦᠮ᠎ᠡ ᠶ᠋ᠢᠨ ᠤᠯᠠᠭᠠᠨ ᠬᠦᠷᠢᠶᠡᠨ ᠦ᠌ ᠡᠷᠭᠢᠨ ᠲᠣᠭᠣᠷᠢᠨ ᠤ᠋ ᠰᠤᠪᠤᠷᠭ᠎ᠠ᠂ ᠵᠢᠰᠠ᠂ ᠱᠠᠩ᠂ ᠯᠠᠮᠠ ᠨᠠᠷ ᠤ᠋ᠨ ᠣᠷᠣᠨ ᠰᠠᠭᠤᠴᠠ ᠭᠡᠵᠦ ᠪᠢᠰᠢᠭᠦᠢ ᠠᠷᠪᠢᠨ ᠪᠠᠷᠢᠯᠭ᠎ᠠ ᠪᠠᠢᠭᠰᠠᠨ ᠶᠤᠮ᠃ ᠰᠦᠮ᠎ᠡ ᠶ᠋ᠢᠨ ᠠᠰ ᠬᠣᠢᠨ᠎ᠠ ᠠᠷᠪᠠᠨ ᠵᠢᠷᠭᠤᠭᠠᠨ ᠠᠯᠲᠠ ᠶ᠋ᠢᠨ ᠨᠢᠭᠡᠨ ᠴᠠᠭᠠᠨ ᠰᠤᠪᠤᠷᠭ᠎ᠠ ᠲᠠᠢ ᠃ ᠲᠡᠭᠡᠪᠡᠯ ᠰᠦᠮ᠎ᠡ ᠶ᠋ᠢᠨ ᠡᠷᠭᠢᠨ ᠲᠣᠭᠣᠷᠢᠨ ᠳ᠋ᠤ᠌ ᠪᠤᠩᠬᠤᠨ ᠰᠦᠮ᠎ᠡ ᠨᠢᠭᠡ᠂ ᠴᠢᠩ ᠰᠦᠰᠦᠭᠲᠦ ᠨᠣᠮ ᠤ᠋ᠨ ᠬᠠᠭᠠᠨ ᠨᠣᠷᠪᠤᠰᠢᠷᠠᠪ ᠤ᠋ᠨ ᠱᠠᠩ ᠠᠷᠪᠠᠨ ᠲᠠᠰᠤᠯᠭ᠎ᠠ᠂ ᠪᠠᠷᠠᠭᠤᠨ ᠯᠠᠮᠠ ᠶ᠋ᠢᠨ ᠱᠠᠩ ᠠᠷᠪᠠᠨ ᠲᠠᠰᠤᠯᠭ᠎ᠠ᠂ ᠵᠡᠭᠦᠨ ᠯᠠᠮᠠ ᠶ᠋ᠢᠨ ᠱᠠᠩ ᠨᠠᠢ᠍ᠮᠠᠨ ᠲᠠᠰᠤᠯᠭ᠎ᠠ ᠂ ᠶᠡᠬᠡ ᠵᠢᠰᠠ ᠬᠣᠷᠢᠨ ᠲᠠᠪᠤᠨ ᠲᠠᠰᠤᠯᠭ᠎ᠠ᠂ ᠷᠠᠰᠠᠩ ᠵᠢᠰᠠ ᠠᠷᠪᠠ ᠶᠢᠰᠦᠨ ᠲᠠᠰᠤᠯᠭ᠎ᠠ᠂ ᠨᠥᠩᠨᠡᠢ ᠶ᠋ᠢᠨ ᠵᠢᠰᠠ ᠠᠷᠪᠠᠨ ᠲᠠᠪᠤᠨ ᠲᠠᠰᠤᠯᠭ᠎ᠠ᠂ ᠯᠠᠮᠠ ᠨᠠᠷ ᠤ᠋ᠨ ᠣᠷᠣᠨ ᠰᠠᠭᠤᠴᠠ ᠭᠡᠵᠦ ᠵᠠᠭᠤ ᠭᠠᠷᠤᠢ ᠲᠠᠰᠤᠯᠭ᠎ᠠ ᠪᠠᠢᠵᠠᠢ᠃
ᠰᠢᠷ᠎ᠠ ᠵᠣᠣ ᠰᠦᠮ᠎ᠡ ᠶ᠋ᠢᠨ ᠪᠠᠢᠭᠤᠯᠤᠮᠵᠢ
ᠬᠠᠯᠬ᠎ᠠ ᠶ᠋ᠢᠨ ᠰᠠᠢᠨ ᠨᠣᠶᠠᠨ ᠬᠠᠨ ᠠᠢᠮᠠᠭ ᠤ᠋ᠨ ᠴᠢᠩ ᠰᠦᠰᠦᠭᠲᠦ ᠨᠣᠮ ᠤ᠋ᠨ ᠬᠠᠭᠠᠨ ᠨᠣᠷᠪᠤᠰᠢᠷᠷᠪ ᠯᠠᠮᠠ ᠡᠩᠬᠡ ᠠᠮᠤᠭᠤᠯᠠᠩ ᠬᠠᠭᠠᠨ ᠤ᠋ ᠦᠶ᠎ᠡ ᠳ᠋ᠦ᠍ ᠬᠠᠩᠭᠢᠨ ᠬᠤᠰᠢᠭᠤᠨ ᠤ᠋ ᠵᠠᠰᠠᠭ ᠪᠡᠢᠯᠡ ᠶ᠋ᠢᠨ ᠵᠠᠯᠠᠯᠭ᠎ᠠ ᠪᠠᠷ ᠢᠷᠡᠵᠦ᠂ ᠶᠠᠰᠢᠯᠲᠤ ᠶ᠋ᠢᠨ ᠳᠤᠭᠠᠩ᠂ ᠪᠦᠷᠢᠳᠦ ᠶ᠋ᠢᠨ ᠳᠤᠭᠠᠩ᠂ ᠰᠢᠷ᠎ᠠ ᠵᠣᠣ ᠵᠡᠷᠭᠡ ᠭᠤᠷᠪᠠᠨ ᠰᠦᠮ᠎ᠡ ᠶ᠋ᠢ ᠪᠠᠷᠢᠭᠰᠠᠨ ᠤ᠋ ᠳᠠᠷᠠᠭ᠎ᠠ ᠬᠠᠯᠬ᠎ᠠ ᠳ᠋ᠠᠭᠠᠨ ᠪᠤᠴᠠᠬᠤ ᠵᠠᠮ ᠳ᠋ᠠᠭᠠᠨ ᠮᠤᠨᠢ ᠠᠭᠤᠯᠠᠨ ᠳ᠋ᠤ᠌ ᠪᠢᠰᠢᠯᠭᠠᠯ ᠬᠢᠵᠦ ᠪᠠᠢᠭᠰᠠᠨ ᠬᠣᠶᠠᠷ ᠯᠠᠮᠠ ᠲᠠᠢ ᠵᠣᠯᠭᠠᠵᠤ᠂ ᠲᠡᠷᠡ ᠬᠣᠶᠠᠷ ᠯᠠᠮᠠ ᠶ᠋ᠢ ᠲᠣᠮᠢᠯᠠᠵᠤ᠂ ᠰᠢᠷ᠎ᠠ ᠵᠣᠣ ᠶ᠋ᠢᠨ ᠡᠵᠡᠨ ᠯᠠᠮᠠ ᠪᠣᠯᠭᠠᠵᠠᠢ᠃ ᠡᠨᠡ ᠨᠢ ᠰᠢᠷ᠎ᠠ ᠵᠣᠣ ᠰᠦᠮ᠎ᠡ ᠶ᠋ᠢᠨ ᠬᠣᠶᠠᠷ ᠱᠠᠪᠷᠤᠩ ᠤ᠋ᠨ ᠠᠩᠬ᠎ᠠ ᠳᠦᠷᠢ ᠪᠣᠯᠬᠤ ᠶᠤᠮ᠃ ᠶᠡᠷᠦ ᠳ᠋ᠡᠭᠡᠨ ᠪᠠᠷᠠᠭᠤᠨ ᠯᠠᠮᠠ᠂ ᠵᠡᠭᠦᠨ ᠯᠠᠮᠠ ᠭᠡᠳᠡᠭ᠃
ᠲᠤᠰ ᠰᠦᠮ᠎ᠡ ᠳ᠋ᠦ᠍ ᠳᠦᠳᠢᠶᠡ ᠳᠡ ᠯᠠᠮᠠ᠂ ᠳᠡᠳ᠋ ᠳᠦᠳᠢᠶᠡ ᠳᠡ ᠯᠠᠮᠠ᠂ ᠲᠠᠮᠠᠭ᠎ᠠ ᠬᠠᠮᠢᠶᠠᠷᠤᠭᠴᠢ ᠳᠠ ᠳᠡᠮᠴᠢ᠂ ᠳᠡᠳ᠋ ᠳᠡ ᠳᠡᠮᠴᠢ᠂ ᠳᠡ ᠭᠡᠪᠬᠦᠢ᠂ ᠳᠡ ᠤᠮᠵᠠᠳ᠂ ᠳᠠ ᠭᠣᠨᠢᠷ᠂ ᠳᠠ ᠨᠢᠷᠪᠠ᠂ ᠬᠣᠶᠠᠷ ᠵᠠᠢᠰᠠᠩ ᠢ᠋ᠶ᠋ᠠᠷ ᠪᠦᠷᠢᠯᠳᠦᠭᠰᠡᠨ ᠠᠷᠪᠠᠨ ᠽᠤᠭᠲᠤᠢ ᠲᠠᠢ᠃ ᠡᠭᠦᠨ ᠳ᠋ᠦ᠍᠂ ᠲᠠᠮᠠᠭ᠎ᠠ ᠬᠠᠮᠢᠶᠠᠷᠤᠭᠴᠢ ᠳᠠ ᠳᠡᠮᠴᠢ ᠶ᠋ᠢ ᠳᠡᠯᠡᠳ ᠬᠤᠰᠢᠭᠤᠨ ᠤ᠋ ᠯᠠᠮᠠ᠂ ᠳᠡᠳ᠋ ᠳᠡ ᠳᠡᠮᠴᠢ ᠶ᠋ᠢ ᠦᠦᠰᠢᠨ ᠬᠤᠰᠢᠭᠤᠨ ᠤ᠋ ᠯᠠᠮᠠ᠂ ᠳᠦᠳᠢᠶᠡ ᠳᠡ ᠯᠠᠮᠠ ᠶ᠋ᠢ ᠬᠠᠩᠭᠢᠨ ᠬᠤᠰᠢᠭᠤᠨ ᠤ᠋ ᠯᠠᠮᠠ᠂ ᠳᠡᠳ᠋ ᠳᠦᠳᠢᠶᠡ ᠳᠡ ᠯᠠᠮᠠ ᠶ᠋ᠢ ᠵᠢᠶᠦ᠋ᠨ ᠸᠠᠩ ᠬᠤᠰᠢᠭᠤᠨ ᠤ᠋ ᠯᠠᠮᠠ᠂ ᠳᠠ ᠭᠡᠪᠬᠦᠢ ᠶ᠋ᠢ ᠣᠲᠣᠭ ᠬᠤᠰᠢᠭᠤᠨ ᠤ᠋ ᠯᠠᠮᠠ᠂ ᠳᠠ ᠭᠣᠨᠢᠷ ᠢ᠋ ᠵᠡᠭᠦᠨᠭᠠᠷ ᠬᠤᠰᠢᠭᠤᠨ ᠤ᠋ ᠯᠠᠮᠠ᠂ ᠳᠠ ᠤᠮᠵᠠᠳ ᠢ᠋ ᠵᠠᠰᠠᠭ ᠬᠤᠰᠢᠭᠤᠨ ᠤ᠋( ᠤᠤᠯ ᠳ᠋ᠠᠭᠠᠨ ᠵᠡᠭᠦᠨᠭᠠᠷ ᠬᠤᠰᠢᠭᠤᠨ ᠤ᠋ ᠯᠠᠮᠠ ᠰᠠᠭᠤᠳᠠᠭ ᠪᠠᠢᠭᠰᠠᠨ ᠢ᠋ᠶ᠋ᠠᠨ ᠬᠣᠵᠢᠮ ᠨᠢ ᠵᠠᠰᠠᠭ ᠬᠤᠰᠢᠭᠤᠨ ᠤ᠋ ᠯᠠᠮᠠ ᠰᠠᠭᠤᠵᠤ ᠪᠣᠯᠵᠠᠢ) ᠯᠠᠮᠠ ᠲᠤᠰ ᠲᠤᠰ ᠰᠠᠭᠤᠳᠠᠭ ᠪᠠᠢᠵᠠᠢ᠃
ᠢᠷᠭᠡᠨ ᠤᠯᠤᠰ ᠤ᠋ᠨ ᠰᠡᠭᠦᠯᠴᠢ ᠪᠡᠷ ᠬᠣᠶᠠᠷ ᠵᠠᠭᠤ ᠭᠠᠷᠤᠢ ᠯᠠᠮᠠ ᠬᠤᠸᠠᠷᠠᠭ ᠲᠠᠢ ᠪᠠᠢᠪᠠ᠃ ᠰᠢᠷ᠎ᠠ ᠵᠣᠣ ᠰᠦᠮ᠎ᠡ ᠪᠠᠰᠠ ᠬᠣᠷᠢᠨ ᠨᠢᠭᠡᠨ ᠱᠠᠪᠢ ᠨᠠᠷ ᠡᠷᠦᠬᠡ ᠪᠣᠯᠤᠨ ᠳᠥᠴᠢᠨ ᠲᠠᠪᠤᠨ ᠳᠦᠳᠢᠶᠡ ᠯᠠᠮᠠ ᠶ᠋ᠢ ᠳᠠᠭᠠᠭᠰᠠᠨ ᠳᠥᠴᠢᠨ ᠲᠠᠪᠤᠨ ᠱᠠᠪᠢ ᠨᠠᠷ ᠡᠷᠦᠬᠡ ᠲᠡᠢ᠃ ᠡᠳᠡᠭᠡᠷ ᠱᠠᠪᠢ ᠨᠠᠷ ᠡᠷᠦᠬᠡ ᠳ᠋ᠦ᠍ ᠨᠢᠭᠡ ᠮᠡᠢᠷᠡᠨ ᠵᠡᠷᠭᠡ ᠲᠡᠢ ᠵᠠᠢᠰᠠᠩ᠂ ᠬᠣᠶᠠᠷ ᠪᠣᠱᠣᠭᠣ ᠲᠠᠢ᠃ ᠲᠤᠰ ᠰᠦᠮ᠎ᠡ ᠶ᠋ᠢᠨ ᠳᠦᠳᠢᠶᠡ ᠯᠠᠮᠠ ᠶ᠋ᠢᠨ ᠶᠠᠮᠤᠨ ᠳ᠋ᠤ᠌ ᠬᠠᠮᠢᠶᠠᠷᠤᠭᠳᠠᠳᠠᠭ ᠱᠠᠪᠢ ᠬᠡᠢᠳ ᠭᠡᠪᠡᠯ ᠤᠯᠠᠭᠠᠨ ᠡᠷᠭᠢ ᠶ᠋ᠢᠨ ᠰᠦᠮ᠎ᠡ᠂ ᠰᠢᠨᠡᠰᠦᠮ᠎ᠡ᠂ ᠷᠠᠪᠵᠠᠮᠪᠠ ᠶ᠋ᠢᠨ ᠰᠦᠮ᠎ᠡ᠂ ᠪᠦᠷᠢᠳᠦ ᠶ᠋ᠢᠨ ᠳᠤᠭᠠᠩ᠂ ᠶᠠᠰᠢᠯᠲᠤ ᠶ᠋ᠢᠨ ᠳᠤᠭᠠᠩ᠂᠂ ᠪᠢᠯᠢᠭᠦᠨ ᠰᠢᠲᠦᠭᠡᠨ ᠰᠦᠮ᠎ᠡ ᠵᠡᠷᠭᠡ ᠵᠢᠷᠭᠤᠭᠠᠨ ᠰᠦᠮ᠎ᠡ ᠲᠡᠢ ᠪᠠᠢᠪᠠ᠃
ᠰᠢᠷ᠎ᠠ ᠵᠣᠣ ᠰᠦᠮ᠎ᠡ ᠶ᠋ᠢᠨ ᠰᠠᠩ ᠵᠢᠰᠠ
ᠳᠣᠯᠣᠭᠠᠨ ᠬᠤᠰᠢᠭᠤᠨ ᠠ᠋ᠴᠠ ᠡᠵᠡᠨ ᠮᠡᠳᠡᠵᠦ ᠪᠦᠬᠦᠢ ᠰᠢᠷ᠎ᠠ ᠵᠣᠣ ᠰᠦᠮ᠎ᠡ ᠶ᠋ᠢᠨ ᠵᠠᠩᠷᠠᠭ ᠤ᠋ᠨ ᠭᠠᠵᠠᠷ ᠨᠢ ᠡᠷᠭᠢᠨ ᠲᠣᠭᠣᠷᠢᠨ ᠵᠠᠭᠤ ᠬᠣᠷᠢᠨ ᠭᠠᠵᠠᠷ ᠪᠠᠢᠭᠰᠠᠨ ᠠ᠋ᠴᠠ ᠪᠠᠨ ᠪᠠᠭᠠᠰᠴᠤ᠂ ᠵᠡᠭᠦᠨᠰᠢ ᠣᠷᠬᠢᠬᠤ ᠪᠤᠯᠠᠭ ᠬᠦᠷᠲᠡᠯ᠎ᠡ ᠬᠣᠷᠢᠨ ᠭᠠᠵᠠᠷ ᠂ ᠪᠠᠷᠠᠭᠤᠨᠰᠢ ᠶᠡᠬᠡ ᠡᠯᠡᠰᠦᠨ ᠠᠮᠠ ᠬᠦᠷᠲᠡᠯ᠎ᠡ ᠬᠣᠷᠢᠨ ᠭᠠᠵᠠᠷ᠂ ᠬᠣᠢᠰᠢ ᠪᠠᠨ ᠴᠠᠭᠠᠨ ᠡᠯᠡᠰᠦ( ᠰᠢᠷ᠎ᠠ ᠶ᠋ᠢᠨ ᠥᠨᠳᠥᠷ) ᠡᠮᠦᠨᠡᠰᠢ ᠰᠢᠷᠭᠠᠳᠤ ᠶ᠋ᠢᠨ ᠬᠣᠰᠢᠭᠤ ᠬᠦᠷᠲᠡᠯ᠎ᠡ ᠵᠢᠷᠠᠨ ᠭᠠᠵᠠᠷ ᠪᠣᠯᠵᠠᠢ᠃ ᠵᠠᠰᠠᠭ ᠰᠠᠩ ᠤ᠋ᠨ ᠤᠰᠤᠨ ᠲᠠᠷᠢᠶᠠᠨ ᠤ᠋ ᠭᠠᠵᠠᠷ ᠠᠷᠪᠠᠨ ᠴᠢᠩ᠂ ᠵᠢᠯ ᠳ᠋ᠦ᠍ ᠵᠠᠭᠤ ᠬᠣᠷᠢ ᠭᠠᠷᠤᠢ ᠳ᠋ᠠᠨ ᠠᠮᠤ ᠲᠦᠷᠢᠶᠡᠰᠦ ᠬᠤᠷᠢᠶᠠᠳᠠᠭ᠃ ᠵᠢᠰᠠ ᠶ᠋ᠢᠨ ᠪᠤᠭ ᠮᠠᠯ ᠳᠥᠷᠪᠡᠨ ᠮᠢᠩᠭ᠎ᠠ ᠭᠠᠷᠤᠢ᠂ ᠦᠬᠡᠷ ᠭᠤᠷᠪᠠᠨ ᠵᠠᠭᠤ ᠭᠠᠷᠤᠢ᠂ ᠲᠡᠮᠡᠭᠡ ᠠᠷᠪᠠ᠂ ᠮᠣᠷᠢ ᠠᠷᠪᠠᠨ ᠲᠠᠪᠤᠨ ᠲᠣᠯᠣᠭᠠᠢ ᠪᠠᠢᠵᠠᠢ᠃
ᠰᠢᠷ᠎ᠠ ᠵᠣᠣ ᠰᠦᠮ᠎ᠡ ᠶ᠋ᠢᠨ ᠬᠤᠷᠠᠯ ᠨᠣᠮ
ᠰᠢᠷ᠎ᠠ ᠵᠣᠣ ᠰᠦᠮ᠎ᠡ ᠨᠢ ᠴᠠᠭ ᠴᠠᠭ ᠤ᠋ᠨ ᠬᠤᠷᠠᠯ ᠲᠠᠬᠢᠯᠭ᠎ᠠ ᠲᠠᠰᠤᠯᠳᠠᠳᠠᠭ ᠦᠭᠡᠢ᠂ ᠱᠠᠰᠢᠨ ᠤ᠋ ᠠᠵᠢᠯᠯᠠᠭ᠎ᠠ ᠬᠥᠭᠵᠢᠶᠡᠨ ᠲᠡᠢ ᠬᠡᠢᠳ ᠦ᠋ᠨ ᠨᠢᠭᠡ ᠪᠢᠯᠡ᠃ ᠵᠢᠯ ᠪᠦᠷᠢ ᠶ᠋ᠢᠨ ᠪᠢᠯᠢᠭ ᠦ᠋ᠨ ᠤᠯᠠᠷᠢᠯ ᠤ᠋ᠨ ᠨᠠᠮᠤᠷ ᠤ᠋ᠨ ᠡᠬᠢᠨ ᠰᠠᠷ᠎ᠠ ᠶ᠋ᠢᠨ ᠨᠠᠢ᠍ᠮᠠᠨ ᠠ᠋ᠴᠠ ᠠᠷᠪᠠᠨ ᠲᠠᠪᠤᠨ ᠪᠣᠯᠲᠠᠯ᠎ᠠ ᠶᠠᠪᠤᠭᠳᠠᠬᠤ ᠮᠠᠨᠢ ᠷᠢᠯᠦ ᠪᠦᠲᠦᠭᠡᠬᠦ ᠮᠥᠩᠬᠡ ᠮᠠᠨᠢ ᠶ᠋ᠢᠨ ᠬᠤᠷᠠᠯ ᠨᠢ ᠬᠡᠪᠴᠢᠶ᠎ᠡ ᠪᠡᠷ ᠬᠠᠮᠤᠭ ᠤ᠋ᠨ ᠦᠪᠡᠳᠡᠭᠰᠢ ᠶᠡᠬᠡ ᠬᠤᠷᠠᠯ ᠪᠢᠯᠡ᠃ ᠡᠨᠡ ᠬᠤᠷᠠᠯ ᠳᠡᠭᠡᠷ᠎ᠡ ᠶᠡᠬᠡ ᠴᠠᠮ ᠲᠠᠢ᠃ ᠬᠣᠯᠠ ᠣᠢᠷ᠎ᠠ ᠠ᠋ᠴᠠ ᠮᠥᠷᠭᠥᠯᠴᠢᠳ ᠰᠦᠰᠦᠭᠲᠡᠨ ᠨᠠᠷ ᠬᠤᠷᠠᠨ ᠴᠤᠭᠯᠠᠷᠠᠵᠤ ᠳᠠᠭᠠᠳᠬᠠᠯ ᠬᠢᠵᠦ᠂ ᠨᠣᠮ ᠬᠤᠷᠠᠯ ᠬᠤᠷᠠᠭᠤᠯᠵᠤ᠂ ᠰᠦᠰᠦᠭ ᠢ᠋ᠶ᠋ᠡᠨ ᠭᠦᠢᠴᠡᠳᠬᠡᠬᠦ ᠨᠢᠭᠡ ᠲᠠᠯ᠎ᠠ ᠪᠣᠢ ᠭᠡᠬᠦ ᠳ᠋ᠦ᠍ ᠴᠠᠮ ᠪᠥᠵᠢᠭ ᠰᠣᠨᠢᠷᠬᠠᠬᠤ᠂ ᠮᠠᠢᠮᠠᠢ ᠳᠡᠯᠭᠡᠭᠦᠷ ᠬᠡᠰᠦᠬᠦ᠂ ᠪᠥᠬᠡ ᠪᠠᠷᠢᠯᠳᠤᠬᠤ᠂ ᠮᠣᠷᠢ ᠣᠷᠣᠯᠳᠣᠬᠤ᠂ ᠰᠤᠷ ᠬᠠᠷᠪᠤᠬᠤ ᠵᠡᠷᠭᠡ ᠶ᠋ᠢᠨ ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠨᠠᠢᠷ ᠨᠠᠭᠠᠳᠤᠮ ᠦᠵᠡᠬᠦ ᠪᠡᠷ ᠢᠷᠡᠵᠡᠭᠡᠳᠡᠭ ᠨᠢᠭᠡ ᠲᠠᠯ᠎ᠠ ᠴᠤ᠌ ᠪᠣᠢ ᠯᠠ ᠳᠠ᠃ ᠡᠨᠡ ᠬᠤᠷᠠᠯ ᠴᠠᠮ ᠳᠡᠭᠡᠷ᠎ᠡ ᠥᠭᠯᠢᠭᠡ ᠶ᠋ᠢᠨ ᠡᠵᠡᠳ ᠴᠦ᠍ ᠠᠷᠪᠢᠨ ᠴᠤᠭᠯᠠᠷᠠᠵᠤ᠂ ᠲᠤᠩ ᠶᠡᠬᠡ ᠡᠷᠭᠦᠴᠡ ᠪᠠᠷᠢᠴᠠ ᠪᠠᠢᠳᠠᠭ ᠶᠤᠮ᠃
ᠳᠠᠬᠢᠪᠠᠯ ᠴᠠᠭᠠᠨ ᠰᠠᠷ᠎ᠠ ᠶ᠋ᠢᠨ ᠬᠤᠷᠠᠯ᠂ ᠭᠠᠨᠵᠤᠤᠷ ᠤ᠋ᠨ ᠬᠤᠷᠠᠯ᠂ ᠲᠠᠷᠠᠪᠠ ᠶ᠋ᠢᠨ ᠬᠤᠷᠠᠯ ᠵᠡᠷᠭᠡ ᠬᠤᠷᠠᠯ ᠤ᠋ᠳ ᠪᠣᠢ᠃
ᠰᠢᠷ᠎ᠠ ᠵᠣᠣ ᠰᠦᠮ᠎ᠡ ᠰᠠᠷ᠎ᠠ ᠪᠦᠷᠢ ᠶ᠋ᠢᠨ ᠰᠢᠨ᠎ᠡ ᠶ᠋ᠢᠨ ᠬᠣᠶᠠᠷ ᠤ᠋ᠨ ᠲᠠᠬᠢᠯᠭ᠎ᠠ᠂ ᠰᠠᠷ᠎ᠠ ᠪᠦᠷᠢ ᠶ᠋ᠢᠨ ᠠᠷᠪᠠᠨ᠂ ᠬᠣᠷᠢᠨ ᠲᠠᠪᠤᠨ ᠤ᠋ ᠰᠣᠭᠯᠤᠤ ᠪᠠᠨ ᠠᠯᠳᠠᠯ ᠦᠭᠡᠢ ᠬᠤᠷᠠᠳᠠᠭ ᠠ᠋ᠴᠠ ᠭᠠᠳᠠᠨ᠎ᠠ᠂ ᠶᠠᠮᠠᠷ ᠶᠠᠮᠠᠷ ᠬᠤᠷᠠᠯ ᠬᠤᠷᠠᠳᠠᠭ᠂ ᠬᠡᠵᠢᠶ᠎ᠡ ᠬᠤᠷᠠᠳᠠᠭ ᠢ᠋ ᠨᠢ ᠨᠠᠷᠢᠨ ᠰᠢᠭ᠋ ᠲᠣᠳᠣᠷᠠᠭᠤᠯᠵᠤ ᠶᠠᠷᠢᠮᠠᠷ ᠪᠠᠢᠨ᠎ᠠ᠃ ᠡᠳᠦᠭᠡ ᠰᠢᠨ᠎ᠡ ᠵᠢᠯ ᠴᠠᠭᠠᠨ ᠰᠠᠷ᠎ᠠ ᠠ᠋ᠴᠠ ᠨᠢ ᠡᠬᠢᠯᠡᠨ ᠪᠦᠬᠦ ᠵᠢᠯ ᠦ᠋ᠨ ᠬᠤᠷᠠᠯ ᠨᠣᠮ᠂ ᠲᠠᠬᠢᠯᠭ᠎ᠠ ᠶ᠋ᠢ ᠲᠣᠭᠠᠴᠢᠰᠤᠭᠠᠢ᠃
ᠰᠢᠷ᠎ᠠ ᠵᠣᠣ ᠰᠦᠮ᠎ᠡ ᠥᠭᠡᠯᠵᠢᠨ ᠰᠠᠷ᠎ᠠ ᠬᠣᠷᠢᠨ ᠳᠥᠷᠪᠡᠨ ᠳ᠋ᠦ᠍ ᠵᠢᠰᠠ᠂ ᠱᠠᠩ ᠭᠠᠯ ᠢ᠋ᠶ᠋ᠠᠨ ᠲᠠᠬᠢᠬᠤ ᠠ᠋ᠴᠠ ᠡᠬᠢᠯᠡᠨ ᠢᠷᠡᠬᠦ ᠪᠦᠬᠦ ᠵᠢᠯ ᠦ᠋ᠨ ᠨᠣᠮ ᠲᠠᠬᠢᠯᠭ᠎ᠠ ᠶ᠋ᠢᠨ ᠡᠬᠢᠯᠡᠯᠲᠡ ᠶ᠋ᠢᠨ ᠬᠥᠭᠵᠢᠮ ᠢ᠋ᠶ᠋ᠡᠨ ᠡᠷᠭᠦᠴᠢᠬᠡᠬᠦ ᠨᠢ ᠲᠡᠷᠡ᠃ ᠬᠣᠶᠠᠷ ᠶᠢᠰᠦᠨ( ᠭᠤᠴᠢᠨ ᠢ᠋ᠶ᠋ᠠᠷ ᠪᠢᠲᠡᠭᠦᠯᠡᠳᠡᠭ ᠪᠣᠯ ᠪᠢᠲᠡᠭᠦᠨ ᠳ᠋ᠦ᠍) ᠳ᠋ᠦ᠍ ᠬᠠᠭᠤᠴᠢᠨ ᠵᠢᠯ ᠦ᠋ᠨ ᠬᠤᠷᠠᠯ ᠢ᠋ᠶ᠋ᠠᠨ ᠬᠤᠷᠠᠵᠤ᠂ ᠪᠢᠲᠡᠭᠦᠨ ᠦ᠌ ᠪᠦᠲᠦᠨ ᠰᠥᠨᠢ ᠶ᠋ᠢ ᠳᠦᠯᠢᠵᠦ ᠬᠣᠨᠣᠭᠠᠳ᠂ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠥᠷᠯᠥᠭᠡ ᠡᠷᠲᠡ ᠨᠠᠷᠠᠨ ᠮᠠᠨᠳᠤᠬᠤ ᠳ᠋ᠤ᠌ ᠰᠡᠢᠳᠡᠷ ᠡᠷᠭᠦᠳᠡᠭ᠃ ᠲᠡᠭᠡᠭᠡᠳ ᠯᠡ ᠰᠢᠨ᠎ᠡ ᠶ᠋ᠢᠨ ᠵᠣᠯᠭᠠᠯᠲᠠ ᠪᠠᠨ ᠡᠬᠢᠯᠡᠭᠦᠯᠴᠢᠬᠡᠨᠡ᠃ ᠰᠢᠨ᠎ᠡ ᠶ᠋ᠢᠨ ᠨᠢᠭᠡᠨ ᠦ᠌ ᠦᠳᠡ ᠶ᠋ᠢᠨ ᠬᠣᠢᠨ᠎ᠠ ᠨᠢ ᠢᠷᠦᠭᠡᠯ ᠦ᠋ᠨ ᠬᠤᠷᠠᠯ ᠢ᠋ᠶ᠋ᠠᠨ ᠬᠤᠷᠠᠨ᠎ᠠ᠃
ᠰᠢᠨ᠎ᠡ ᠶ᠋ᠢᠨ ᠬᠣᠶᠠᠷ ᠲᠤ᠌ ᠴᠠᠭᠠᠨ ᠰᠠᠷ᠎ᠠ ᠶ᠋ᠢᠨ ᠲᠠᠬᠢᠯᠭ᠎ᠠ ᠲᠠᠢ᠃
ᠰᠢᠨ᠎ᠡ ᠶ᠋ᠢᠨ ᠭᠤᠷᠪᠠᠨ ᠳ᠋ᠤ᠌ ᠪᠠᠷᠠᠭᠤᠨ ᠱᠠᠩ ᠨᠣᠮ ᠢ᠋ᠶ᠋ᠠᠨ ᠱᠠᠩ ᠳ᠋ᠠᠭᠠᠨ ᠤᠩᠰᠢᠴᠢᠬᠠᠭᠠᠳ ᠣᠪᠣᠭᠠᠨ ᠳᠡᠭᠡᠷ᠎ᠡ ᠰᠠᠩ ᠲᠠᠯᠪᠢᠨ ᠬᠦᠵᠢ ᠵᠤᠯᠠ ᠮᠠᠨᠳᠤᠭᠠᠨ᠂ ᠰᠡᠷᠵᠢᠮ ᠡᠷᠭᠦᠳᠡᠭ᠃ ᠤᠵᠠᠭᠤᠷ ᠲᠤ᠌ ᠰᠢᠨ᠎ᠡ ᠶ᠋ᠢᠨ ᠭᠤᠷᠪᠠᠨ ᠳ᠋ᠤ᠌ ᠰᠠᠩᠴᠢᠨ ᠳᠠᠬᠢᠵᠤ᠂ ᠯᠠᠮᠠ ᠨᠠᠷ ᠬᠣᠭᠣᠷᠣᠨᠳᠣ ᠪᠠᠨ ᠪᠥᠬᠡ ᠪᠠᠷᠢᠯᠳᠤᠬᠤ ᠮᠡᠲᠦ ᠶ᠋ᠢᠨ ᠨᠠᠭᠠᠳᠤᠮ ᠡᠭᠦᠰᠬᠡᠳᠡᠭ ᠪᠠᠢᠯ᠎ᠠ᠃
ᠰᠢᠨ᠎ᠡ ᠶ᠋ᠢᠨ ᠨᠠᠢ᠍ᠮᠠᠨ ᠳ᠋ᠤ᠌ ᠴᠠᠭᠠᠨ ᠰᠠᠷ᠎ᠠ ᠶ᠋ᠢᠨ ᠬᠤᠷᠠᠯ ᠡᠬᠢᠯᠡᠴᠢᠬᠡᠳᠡᠭ᠃ ᠰᠢᠨ᠎ᠡ ᠶ᠋ᠢᠨ ᠨᠠᠢ᠍ᠮᠠᠨ ᠳ᠋ᠤ᠌ ᠡᠬᠢᠯᠡᠭᠰᠡᠨ ᠬᠤᠷᠠᠯ ᠨᠢ ᠠᠷᠪᠠᠨ ᠳᠥᠷᠪᠡᠨ ᠬᠦᠷᠦᠭᠡᠳ ᠶᠢᠰᠦᠨ ᠳᠣᠭᠰᠢᠳ ᠬᠤᠷᠠᠵᠤ ᠨᠢᠭᠡ ᠰᠥᠨᠢ ᠳᠦᠯᠢᠭᠡᠳ ᠠᠷᠪᠠᠨ ᠲᠠᠪᠤᠨ ᠳ᠋ᠤ᠌ ᠴᠠᠮ ᠢ᠋ᠶ᠋ᠠᠨ ᠴᠠᠮᠨᠠᠳᠠᠭ( ᠠᠷᠪᠠᠨ ᠲᠠᠪᠤᠨ ᠳ᠋ᠤ᠌ ᠴᠠᠮ ᠴᠠᠮᠨᠠᠬᠤ ᠬᠥᠮᠦᠨ ᠪᠦᠭᠦᠳᠡᠭᠡᠷ ᠢ᠋ᠶ᠋ᠡᠨ ᠪᠦᠲᠦᠨ ᠰᠥᠨᠢ ᠶ᠋ᠢᠨ ᠳᠦᠯᠢᠯᠭᠡ ᠳ᠋ᠦ᠍ ᠣᠷᠣᠯᠴᠠᠳᠠᠭ ᠪᠠᠢᠯ᠎ᠠ᠃ ᠣᠳᠣ ᠴᠠᠭᠠᠨ ᠰᠠᠷ᠎ᠠ ᠶ᠋ᠢᠨ ᠠᠷᠪᠠᠨ ᠲᠠᠪᠤᠨ ᠤ᠋ ᠴᠠᠮ ᠢ᠋ ᠨᠢ ᠪᠠᠷᠤᠭ ᠴᠠᠮᠨᠠᠵᠤ ᠦᠭᠡᠢ)᠃
ᠴᠠᠭᠠᠨ ᠰᠠᠷ᠎ᠠ ᠶ᠋ᠢᠨ ᠠᠷᠪᠠᠨ ᠵᠢᠷᠭᠤᠭᠠᠨ ᠠ᠋ᠴᠠ ᠡᠬᠢᠯᠡᠨ ᠪᠤᠮ ᠳ᠋ᠠᠷ᠎ᠠ (1——2 ᠡᠳᠦᠷ) ᠤᠩᠰᠢᠨ᠎ᠠ᠃
ᠬᠣᠶᠠᠷ ᠰᠠᠷ᠎ᠠ ᠶ᠋ᠢᠨ( ᠣᠷᠳᠣᠰ ᠲᠣᠭᠠᠯᠠᠯ ᠤ᠋ᠨ ᠲᠠᠪᠤᠨ ᠰᠠᠷ᠎ᠠ) ᠰᠢᠨ᠎ᠡ ᠶ᠋ᠢᠨ ᠨᠠᠢ᠍ᠮᠠᠨ ᠠ᠋ᠴᠠ ᠡᠬᠢᠯᠡᠨ ᠭᠠᠨᠵᠤᠤᠷ ᠬᠤᠷᠠᠵᠤ ᠠᠷᠪᠠᠨ ᠲᠠᠪᠤᠨ ᠳ᠋ᠤ᠌ ᠭᠠᠨᠵᠤᠤᠷ ᠢ᠋ᠶ᠋ᠠᠨ ᠵᠠᠯᠭᠠᠭᠠᠳ ᠬᠠᠷ᠎ᠠ ᠰᠢᠷ᠎ᠠ ᠪᠦᠭᠦᠳᠡᠭᠡᠷ ᠨᠡᠢᠯᠡᠨ ᠭᠣᠷᠢᠶ᠎ᠠ ᠡᠷᠭᠢᠳᠡᠭ᠃
ᠳᠥᠷᠪᠡᠨ ᠰᠠᠷ᠎ᠠ ᠶ᠋ᠢᠨ ᠰᠢᠨ᠎ᠡ ᠶ᠋ᠢᠨ ᠨᠢᠭᠡᠨ ᠡᠴᠡ ᠠᠷᠪᠠᠨ ᠲᠠᠪᠤᠨ ᠬᠦᠷᠲᠡᠯ᠎ᠡ ᠲᠠᠷᠠᠪᠠ ᠬᠤᠷᠠᠳᠠᠭ᠃
ᠵᠢᠷᠭᠤᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠡᠴᠡ ᠶᠠᠷᠨᠢ ᠬᠤᠷᠠᠳᠠᠭ᠃ ᠤᠵᠠᠭᠤᠷ ᠲᠤ᠌ ᠪᠣᠯ ᠶᠡᠷᠨᠢ ᠳ᠋ᠦ᠍ ᠰᠠᠭᠤᠭᠰᠠᠨ ᠯᠠᠮᠠ ᠳᠥᠴᠢᠨ ᠲᠠᠪᠤ ᠬᠣᠨᠣᠭ ᠭᠤᠷᠢᠶᠠᠨ ᠠ᠋ᠴᠠ ᠭᠠᠷᠤᠯ ᠦᠭᠡᠢ᠂ ᠤᠯᠠᠭᠠᠨ ᠢᠳᠡᠭᠡᠨ ᠢᠳᠡᠳᠡᠭ ᠦᠭᠡᠢ ᠪᠠᠢᠯ᠎ᠠ᠃
ᠳᠣᠯᠣᠭᠠᠨ ᠰᠠᠷ᠎ᠠ ᠶ᠋ᠢᠨ ᠰᠢᠨ᠎ᠡ ᠶ᠋ᠢᠨ ᠨᠠᠢ᠍ᠮᠠᠨ ᠠ᠋ᠴᠠ ᠡᠬᠢᠯᠡᠨ ᠮᠠᠨᠢ ᠬᠤᠷᠠᠵᠤ᠂ ᠠᠷᠪᠠᠨ ᠳᠥᠷᠪᠡᠨ ᠳ᠋ᠦ᠍ᠨᠢ ᠳᠣᠭᠰᠢᠳ ᠬᠤᠷᠠᠵᠤ᠂ ᠰᠤᠷ ᠢ᠋ᠶ᠋ᠠᠨ ᠵᠠᠯᠠᠭᠠᠳ ᠴᠣᠳᠬᠢᠷ ᠴᠠᠮᠨᠠᠨᠠ᠃ ᠠᠷᠪᠠᠨ ᠲᠠᠪᠤᠨ ᠳ᠋ᠤ᠌ ᠶᠡᠬᠡ ᠴᠠᠮ ᠴᠠᠮᠨᠠᠨᠠ᠃ ᠴᠠᠮ ᠢ᠋ᠶ᠋ᠠᠨ ᠴᠠᠮᠨᠠᠵᠤ ᠳᠠᠭᠤᠰᠤᠭᠠᠳ ᠳᠥᠷᠪᠡᠨ ᠵᠦᠭ ᠲᠦ᠍ ᠮᠠᠩᠷᠠᠯ ᠡᠷᠭᠦᠵᠦ ᠲᠠᠬᠢᠯᠭ᠎ᠠ ᠲᠠᠯᠪᠢᠳᠠᠭ᠃ ᠡᠮᠦᠨ᠎ᠡ ᠬᠠᠭᠠᠯᠭᠠᠨ ᠳ᠋ᠤ᠌ ᠨᠦᠩᠨᠡᠢ ᠶ᠋ᠢᠨ ᠵᠢᠰᠠ ᠲᠠᠬᠢᠯᠭ᠎ᠠ ᠡᠷᠭᠦᠳᠡᠭ᠃ ᠪᠠᠷᠠᠭᠤᠨ ᠬᠠᠭᠠᠯᠭᠠᠨ ᠳ᠋ᠤ᠌ ᠪᠠᠷᠠᠭᠤᠨ ᠱᠠᠩ᠂ ᠵᠡᠭᠦᠨ ᠱᠠᠩ ᠲᠠᠬᠢᠯᠭ᠎ᠠ ᠲᠠᠯᠪᠢᠳᠠᠭ᠃ ᠬᠣᠢᠲᠤ ᠬᠠᠭᠠᠯᠭᠠᠨ ᠳ᠋ᠤ᠌ ᠷᠠᠰᠠᠩ ᠵᠢᠰᠠ ᠲᠠᠬᠢᠯᠭ᠎ᠠ ᠲᠠᠯᠪᠢᠵᠤ᠂ ᠵᠡᠭᠦᠨ ᠬᠠᠭᠠᠯᠭᠠᠨ ᠳ᠋ᠤ᠌ ᠶᠡᠬᠡ ᠵᠢᠰᠠ ᠲᠠᠬᠢᠯᠭ᠎ᠠ ᠲᠠᠯᠪᠢᠳᠠᠭ᠃ ᠳᠥᠷᠪᠡᠨ ᠵᠦᠭ ᠲᠦ᠍ ᠮᠠᠩᠷᠠᠯ ᠡᠷᠭᠦᠵᠦ ᠲᠠᠬᠢᠯᠭ᠎ᠠ ᠲᠠᠯᠪᠢᠬᠤ ᠳ᠋ᠠᠭᠠᠨ ᠮᠠᠢᠳᠠᠷᠢ ᠪᠠᠨ ᠵᠠᠯᠠᠵᠤ ᠭᠣᠷᠢᠶ᠎ᠠ ᠪᠠᠨ ᠡᠷᠭᠢᠳᠡᠭ᠃ ᠴᠠᠮ ᠨᠢ ᠴᠦ᠍ ᠠᠷᠤ ᠠ᠋ᠴᠠ ᠨᠢ ᠳᠠᠭᠠᠵᠤ ᠡᠷᠭᠢᠵᠦ ᠢᠷᠡᠭᠡᠳ ᠰᠦᠮ᠎ᠡ ᠶ᠋ᠢᠨ ᠡᠭᠦᠳᠡᠨ ᠳ᠋ᠦ᠍ ᠴᠠᠮ ᠢ᠋ᠶ᠋ᠠᠨ ᠴᠠᠮᠨᠠᠭᠠᠳ ᠲᠠᠷᠬᠠᠳᠠᠭ᠃
ᠠᠷᠪᠠᠨ ᠵᠢᠷᠭᠤᠭᠠᠨ᠂ ᠠᠷᠪᠠᠨ ᠳᠣᠯᠣᠭᠠᠨ ᠬᠣᠶᠠᠷ ᠡᠳᠦᠷ ᠢᠷᠦᠭᠡᠯ ᠦ᠋ᠨ ᠬᠤᠷᠠᠯ ᠬᠤᠷᠠᠨ᠎ᠠ᠃
ᠳᠣᠯᠣᠭᠠᠨ ᠰᠠᠷ᠎ᠠ ᠶ᠋ᠢᠨ ᠬᠣᠷᠢᠨ ᠳᠣᠯᠣᠭᠠᠨ ᠠ᠋ᠴᠠ ᠬᠣᠷᠢ ᠶᠢᠰᠦᠨ ᠳ᠋ᠦ᠍ ᠶᠡᠬᠡ ᠵᠢᠰᠠ ᠭᠤᠷᠪᠠᠨ ᠡᠳᠦᠷ ᠦ᠋ᠨ ᠪᠦᠲᠦᠭᠡᠯ ᠲᠡᠢ᠃ ᠵᠢᠷᠭᠤᠭᠠᠨ ᠬᠥᠮᠦᠨ ᠵᠠᠯᠠᠯᠭ᠎ᠠ ᠪᠠᠷ ᠬᠦᠷᠴᠦ ᠪᠦᠲᠦᠭᠡᠯ ᠬᠢᠳᠡᠭ᠃
ᠨᠠᠢ᠍ᠮᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠳ᠋ᠦ᠍ ᠲᠠᠯᠠᠯᠠᠭ᠎ᠠ ᠲᠠᠢ᠃
ᠠᠷᠪᠠᠨ ᠰᠠᠷ᠎ᠠ ᠶ᠋ᠢᠨ ᠬᠣᠷᠢᠨ ᠬᠣᠶᠠᠷ ᠤ᠋ᠨ ᠡᠳᠦᠷ ᠰᠤᠪᠠᠭ ᠤ᠋ᠨ ᠳ᠋ᠤᠢᠴᠢᠨ ᠬᠤᠷᠠᠯ ᠲᠠᠢ᠃ ᠥᠩᠭᠡᠷᠡᠭᠰᠡᠨ ᠳ᠋ᠦ᠍ ᠪᠤᠷᠬᠠᠨ ᠪᠠᠭᠤᠭᠰᠠᠨ ᠡᠳᠦᠷ ᠭᠡᠳᠡᠭ᠃
ᠬᠣᠷᠢᠨ ᠲᠠᠪᠤᠨ ᠳ᠋ᠤᠨᠢ ᠽᠤᠩᠺᠠᠸ᠎ᠠ ᠶ᠋ᠢᠨ ᠮᠡᠨᠳᠦᠯᠡᠭᠰᠡᠨ ᠵᠤᠯᠠ ᠶ᠋ᠢᠨ ᠬᠤᠷᠠᠯ ᠲᠠᠢ᠃
ᠠᠷᠪᠠᠨ ᠨᠢᠭᠡᠨ ᠰᠠᠷ᠎ᠠ ᠶ᠋ᠢᠨ ᠠᠷᠪᠠ ᠶᠢᠰᠦᠨ ᠡᠴᠡ ᠭᠣᠮᠪᠣ ᠲᠠᠷᠠᠪᠠ ᠶ᠋ᠢᠨ ᠪᠦᠲᠦᠭᠡᠯ ᠦ᠋ᠨ ᠬᠤᠷᠠᠯ ᠲᠠᠢ᠃ ᠡᠳᠦᠷ ᠰᠥᠨᠢ ᠦᠭᠡᠢ ᠳᠦᠯᠢᠵᠦ ᠬᠤᠷᠠᠭᠠᠳ ᠲᠠᠷᠬᠠᠳᠠᠭ᠃
ᠲᠡᠭᠡᠪᠡᠯ ᠶᠢᠰᠦ ᠡᠬᠢᠯᠡᠭᠰᠡᠨ ᠡᠳᠦᠷ ᠨᠢᠭᠡ ᠡᠳᠦᠷ ᠬᠤᠷᠠᠯ ᠬᠤᠷᠠᠳᠠᠭ᠃
ᠥᠭᠡᠯᠵᠢᠨ ᠰᠠᠷ᠎ᠠ ᠶ᠋ᠢᠨ ᠠᠷᠪᠠᠨ ᠵᠢᠷᠭᠤᠭᠠᠨ ᠳ᠋ᠤ᠌ ᠡᠳᠦᠷ ᠰᠥᠨᠢ ᠬᠣᠶᠠᠷ ᠨᠠᠭᠠᠳᠤᠮ ᠲᠠᠯᠪᠢᠳᠠᠭ ᠪᠠᠢᠯ᠎ᠠ᠃ ᠱᠠᠭ᠎ᠠ ᠨᠢᠰᠠᠯᠬᠤ᠂ ᠮᠣᠳᠣᠨ ᠫᠠᠢ᠂ ᠪᠤᠭᠤ ᠰᠢᠲᠠᠷ᠎ᠠ ᠲᠠᠯᠪᠢᠬᠤ ᠮᠡᠲᠦ ᠶ᠋ᠢᠨ ᠨᠡᠯᠢᠶᠡᠳ ᠴᠢᠯᠥᠭᠡᠲᠡᠢ ᠨᠠᠭᠠᠳᠤᠮ ᠪᠣᠯᠳᠠᠭ ᠪᠠᠢᠭᠰᠠᠨ᠃
