ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ < ᠭᠤᠲᠠᠭᠠᠷ ᠪᠦᠯᠦᠭ 6–7> Бүлжхэн хатан– [монгол] Дамбын Төрбат <гутгар бүлэг 6–7> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ < ᠭᠤᠲᠠᠭᠠᠷ ᠪᠦᠯᠦᠭ 6–7> Бүлжхэн хатан– [монгол] Дамбын Төрбат <гутгар бүлэг 6–7>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ < ᠭᠤᠲᠠᠭᠠᠷ ᠪᠦᠯᠦᠭ 6–7> Бүлжхэн хатан– [монгол] Дамбын Төрбат <гутгар бүлэг 6–7>

ᠠᠩᠭᠢᠯᠠᠯ:ᠲᠤᠭᠤᠵᠢ ᠷᠣᠮᠠᠨ
2026-01-12

177


                6
       ᠲᠤᠯᠭᠠᠨ ᠳ᠋ᠠᠭᠠᠨ ᠭᠠᠯ ᠲᠠᠢ᠂ ᠲᠠᠪᠠᠭ ᠲᠠᠭᠠᠨ ᠢᠳᠡᠭᠡ ᠲᠡᠢ ᠶᠡᠬᠡ ᠭᠡᠷ ᠨᠠᠢᠷ ᠬᠤᠷᠢᠮ ᠪᠣᠯᠬᠤ ᠭᠡᠵᠦ ᠪᠣᠢ ᠮᠡᠲᠦ ᠥᠩᠭᠡ ᠵᠢᠰᠦ ᠲᠡᠢ ᠬᠡᠳᠦᠢ ᠴᠦ᠍ ᠴᠤᠪᠤᠨ ᠢᠷᠡᠵᠦ ᠬᠤᠷᠠᠨ ᠰᠠᠭᠤᠬᠤ ᠶᠡᠬᠡᠰ ᠨᠣᠶᠠᠳ ᠦᠯᠦ ᠳᠤᠤᠭᠠᠷᠴᠤ ᠠᠪᠠᠢ᠃ ᠬᠠᠭᠠᠨ ᠤ᠋ ᠪᠠᠷᠠᠭᠤᠨ ᠭᠠᠷ ᠲᠠᠯ᠎ᠠ ᠳ᠋ᠤ᠌ ᠲᠠᠢᠴᠢᠭᠤᠳ ᠤ᠋ᠨ ᠠᠮᠪᠠᠭᠠᠢ ᠬᠠᠭᠠᠨ᠂ ᠮᠡᠷᠭᠢᠳ ᠦ᠋ᠨ ᠳᠣᠲᠣᠷ ᠪᠢᠯᠭᠡ ᠴᠢᠬᠢᠨ᠂ ᠲᠡᠭᠡᠭᠡᠳ ᠪᠠᠰᠤᠳ᠂ ᠬᠣᠩᠭᠢᠷᠠᠳ ᠤ᠋ᠨ ᠨᠣᠶᠠᠳ ᠳᠠᠷᠠᠭᠠᠯᠠᠨ ᠰᠠᠭᠤᠵᠠᠢ᠃ ᠬᠠᠷ᠎ᠠ ᠴᠠᠭᠠᠨ ᠳᠠᠭᠤ ᠦᠭᠡᠢ ᠠᠭᠠᠳ ᠬᠡᠨ ᠬᠡᠨ ᠦ᠌ ᠬᠢᠨᠢ ᠨᠢᠳᠦᠨ ᠳ᠋ᠦ᠍ ᠪᠣᠯᠭᠣᠮᠵᠢᠯᠠᠯ᠂ ᠰᠡᠷᠡᠮᠵᠢᠯᠡᠯ ᠪᠣᠢ᠃ ᠵᠡᠭᠦᠨ ᠲᠠᠯ᠎ᠠ ᠪᠠᠷ ᠥᠬᠢᠨᠪᠠᠷᠬᠠᠭ ᠲᠡᠷᠢᠭᠦᠯᠡᠵᠦ᠂ ᠪᠠᠷᠳᠠᠨᠪᠠᠭᠠᠲᠤᠷ ᠤᠳᠠᠭᠠᠯᠠᠵᠤ᠂ ᠬᠠᠨ ᠬᠦᠦ ᠨᠦ᠍ᠭᠦᠳ ᠬᠢᠭᠡᠳ ᠨᠠᠰᠤᠨ ᠳ᠋ᠤ᠌ ᠬᠦᠷᠦᠭᠰᠡᠨ ᠠᠴᠢ᠂ ᠵᠢᠭᠡ ᠨᠠᠷ ᠵᠠᠪᠢᠯᠠᠨ ᠲᠤᠬᠠᠯᠠᠪᠠ᠃ ᠬᠠᠪᠤᠯ ᠬᠠᠭᠠᠨ ᠪᠤᠭᠤᠷᠤᠯ ᠪᠦᠷᠭᠦᠳ ᠰᠢᠭ ᠬᠥᠮᠥᠰᠬᠡ ᠡᠷᠭᠦᠨ ᠴᠢᠭᠤᠯᠤᠭᠰᠠᠨ ᠨᠣᠶᠠᠳ ᠢ᠋ ᠠᠯᠵᠢᠶᠠᠩᠭᠤᠢ ᠨᠢᠳᠦ ᠪᠡᠷ ᠲᠣᠭᠲᠠᠭᠤᠨ ᠬᠠᠷᠠᠵᠤ᠂  
       — ᠡᠷᠬᠢᠮ ᠨᠣᠶᠠᠳ ᠠ᠋᠂ ᠡᠨᠳᠡ ᠴᠤᠭᠯᠠᠭᠰᠠᠨ ᠤᠴᠢᠷ ᠢ᠋ ᠡᠯᠴᠢ ᠶ᠋ᠢᠨ ᠠᠮᠠᠨ ᠠ᠋ᠴᠠ ᠰᠣᠨᠣᠰᠴᠤ ᠪᠣᠯᠭᠣᠭ᠎ᠠ ᠭᠡᠪᠡᠯ ᠡᠭᠦᠳᠡ ᠣᠩᠭᠣᠢᠵᠤ᠂ ᠬᠠᠪᠲᠠᠰᠤ ᠳᠥᠩᠭᠡ ᠲᠡᠢ ᠦᠭᠡ ᠨᠣᠶᠠᠨ ᠢ᠋ ᠣᠷᠣᠭᠤᠯᠵᠤ ᠢᠷᠡᠬᠦ ᠳ᠋ᠦ᠍ ᠥᠬᠢᠨᠪᠠᠷᠬᠠᠭ ᠳᠤᠷ᠎ᠠ ᠦᠭᠡᠢᠴᠡᠨ᠂ 
       — ᠡᠯᠴᠢ ᠪᠡᠨ ᠬᠠᠳᠠ᠁ ᠭᠡᠬᠦ ᠳ᠋ᠦ᠍ ᠬᠠᠭᠠᠨᠲᠠᠨ ᠲᠠᠢᠪᠤᠩ᠂ 
       — ᠲᠥᠷᠥ ᠶ᠋ᠢᠨ ᠡᠯᠴᠢ ᠪᠡᠷ ᠮᠡᠯᠲᠡᠭ ᠬᠢᠶ᠎ᠡ ᠶ᠋ᠢ ᠢᠯᠡᠭᠡᠭᠰᠡᠨ ᠪᠢᠯᠡ ᠭᠡᠵᠦ ᠥᠭᠦᠯᠡᠭᠡᠳ ᠰᠠᠨᠠᠭ᠎ᠠ ᠠᠯᠳᠠᠯ᠎ᠠ᠃ ᠥᠬᠢᠨᠪᠠᠷᠬᠠᠭ ᠲᠡᠰᠴᠦ ᠶᠠᠳᠠᠨ᠂ 
       — ᠲᠡᠭᠡᠭᠡᠳ ᠲᠡᠷᠡ ᠡᠯᠴᠢ ᠴᠢᠨᠢ ᠬᠠᠮᠢᠭ᠎ᠠ ᠪᠠᠢᠭ᠎ᠠ ᠶᠤᠮ ᠪᠣᠢ? ᠱᠠᠭᠠᠢ ᠮᠥᠯᠵᠢᠬᠦ ᠬᠢᠲᠤᠭ᠎ᠠ ᠦᠭᠡᠢ᠂ ᠰᠢᠪᠡ ᠬᠠᠷᠪᠤᠬᠤ ᠨᠤᠮᠤ ᠦᠭᠡᠢ ᠣᠯᠵᠠᠨ ᠤ᠋ ᠬᠠᠷᠠᠴᠤ ᠶ᠋ᠢ ᠣᠷᠣᠭᠤᠯᠵᠤ ᠤᠷᠲᠤ ᠥᠷᠭᠥᠭᠡ ᠶᠠᠭᠤᠨ ᠳ᠋ᠤ᠌ ᠪᠤᠵᠠᠷᠯᠠᠨ᠎ᠠ ᠭᠡᠪᠡ᠃ ᠦᠷᠭᠦᠭᠡᠨ ᠳ᠋ᠦ᠍ ᠠᠨᠢᠷ ᠭᠦᠮ ᠪᠣᠯᠤᠯ᠎ᠠ᠃ ᠶᠡᠬᠡ ᠲᠤᠯᠭᠠᠨ ᠳ᠋ᠤ᠌ ᠬᠥᠭᠵᠢᠯᠲᠡᠢ ᠳᠦᠷᠡᠯᠵᠡᠬᠦ ᠭᠠᠯ ᠯᠠ ᠭᠠᠭᠴᠠᠭᠠᠷ ᠢ᠋ᠶ᠋ᠠᠨ ᠠᠮᠢᠳᠤ ᠮᠡᠲᠦ ᠨᠢᠭᠡ ᠬᠣᠷᠣᠮ ᠥᠩᠭᠡᠷᠡᠪᠡ᠃  ᠥᠬᠢᠨᠪᠠᠷᠬᠠᠭ ᠪᠠᠢᠵᠤ ᠶᠠᠳᠠᠨ ᠬᠤᠲᠤᠭᠲᠤ ᠮᠣᠩᠬᠣᠷ ᠢ᠋ ᠬᠠᠷᠠᠯ᠎ᠠ᠃ ᠳᠤᠮᠳᠠ ᠨᠢ ᠪᠠᠷ᠎ᠠ ᠰᠦᠷ ᠲᠡᠭᠦᠰ ᠪᠠᠷᠳᠠᠨᠪᠠᠭᠠᠲᠤᠷ ᠪᠠᠢᠭᠰᠠᠭᠠᠷ ᠠᠲᠠᠯ᠎ᠠ ᠳᠠᠪᠠᠭᠤᠯᠤᠨ ᠬᠠᠷᠠᠬᠤ ᠶ᠋ᠢ ᠠᠵᠢᠭᠠᠳ ᠬᠠᠪᠤᠯ ᠬᠠᠭᠠᠨ ᠤ᠋ ᠵᠢᠷᠦᠬᠡ ᠪᠠᠵᠠᠯᠠᠪᠠ᠃ ᠬᠦᠦ ᠨᠦᠭᠦᠳ ᠮᠢᠨᠢ ᠬᠣᠭᠣᠷᠣᠨᠳᠣ ᠪᠠᠨ ᠲᠠᠩᠭᠠᠷᠢᠭ ᠲᠠᠰᠤᠷᠠᠭᠰᠠᠨ ᠶᠤᠮ ᠪᠢᠰᠢ ᠪᠢᠵᠡ ᠳᠡ ᠭᠡᠬᠦ ᠭᠤᠨᠢᠭᠲᠤ ᠪᠣᠳᠣᠯ ᠬᠠᠷᠪᠤᠨ ᠣᠷᠣᠵᠤ ᠢᠷᠡᠬᠦ ᠦᠶᠡᠰ ᠡᠯ᠎ᠡ ᠳᠠᠭᠠᠪᠤᠷᠢ ᠶ᠋ᠢ ᠪᠠᠲᠤᠯᠠᠬᠤ ᠮᠡᠲᠦ ᠬᠤᠲᠤᠭᠲᠤ ᠮᠣᠩᠬᠣᠷ᠂ 
       — ᠮᠡᠯᠲᠡᠭ ᠬᠠᠮᠢᠭ᠎ᠠ ᠪᠣᠢ? ᠭᠡᠯ᠎ᠡ᠃ 
       ᠬᠠᠪᠤᠯ ᠬᠠᠭᠠᠨ ᠲᠦᠭᠰᠢᠭᠦᠷᠢᠲᠦ ᠳᠠᠭᠠᠭᠠᠮᠠᠯ ᠦᠨᠡᠨ ᠪᠠᠢᠵᠤ ᠮᠡᠳᠡᠬᠦ ᠪᠣᠯᠤᠭᠰᠠᠨ ᠳ᠋ᠤ᠌ ᠲᠤᠢᠯ ᠠ᠋ᠴᠠ ᠬᠠᠷᠠᠮᠰᠠᠵᠤ᠂ ᠬᠠᠮᠤᠭ ᠮᠣᠩᠭᠣᠯ ᠢ᠋ ᠪᠦᠲᠦᠨ ᠠᠪᠴᠤ ᠶᠠᠪᠤᠬᠤ ᠭᠡᠵᠦ ᠵᠢᠷᠠᠨ ᠵᠢᠯ ᠵᠢᠳᠬᠦᠭᠰᠡᠨ ᠴᠢᠰᠤ᠂ ᠬᠥᠯᠥᠰᠥ᠂ ᠨᠠᠰᠤ᠂ ᠨᠢᠯᠪᠤᠰᠤ ᠪᠦᠭᠦᠳᠡ ᠦᠨᠡᠰᠦ ᠴᠢᠨᠳᠠᠷᠤᠤ ᠮᠡᠲᠦ ᠠᠷᠢᠯᠤᠨ ᠣᠳᠬᠤ ᠶ᠋ᠢ ᠮᠡᠳᠡᠷᠡᠪᠡ᠃ ᠠᠯᠲᠠᠨ ᠤᠯᠤᠰ ᠢ᠋ ᠢᠯᠳᠦ ᠦᠭᠡᠢ ᠪᠠᠭᠤᠯᠭᠠᠵᠤ ᠠᠪᠤᠭᠰᠠᠨ ᠥᠨᠥ ᠶᠡᠬᠡ ᠪᠠᠶᠠᠷ᠂ ᠺᠢᠳᠡᠨ ᠭᠦᠷᠦᠨ ᠦ᠌ ᠰᠡᠭᠦᠯᠴᠢ ᠶ᠋ᠢᠨ ᠶᠡᠬᠡ ᠬᠥᠮᠦᠨ ᠶᠸᠯᠢᠦᠢ ᠳᠠᠰᠢ ᠶ᠋ᠢ ᠨᠤᠲᠤᠭᠯᠠᠬᠤ ᠰᠠᠨᠠᠭ᠎ᠠ ᠲᠠᠢ ᠢᠷᠡᠬᠦ ᠳ᠋ᠦ᠍ ᠤᠬᠠᠭᠠᠨ ᠤ᠋ ᠬᠥᠯᠭᠡ ᠳᠡᠭᠡᠷ᠎ᠡ ᠪᠣᠳᠣᠯ ᠤ᠋ᠨ ᠪᠤᠲᠠ ᠳᠠᠪᠠᠭᠤ ᠨᠡᠭᠦᠭᠰᠡᠨ ᠬᠥᠷ ᠬᠥᠭᠵᠢᠶᠡᠨ᠂ ᠬᠣᠷᠵᠠᠬᠤᠰ ᠪᠣᠶᠣᠷᠤᠭ ᠲᠤ᠌ ᠢᠯᠮ᠎ᠠ ᠬᠠᠲᠤᠨ ᠤ᠋ ᠰᠤᠷᠠᠭ ᠢ᠋ ᠭᠠᠷᠭᠠᠵᠤ ᠲᠤᠰᠠ ᠶ᠋ᠢ ᠦᠵᠡᠭᠦᠯᠬᠦ ᠭᠡᠰᠡᠨ ᠬᠦᠰᠡᠯᠡᠩ ᠲᠠᠯᠠᠭᠠᠷ ᠪᠣᠯᠵᠠᠢ᠃ ᠡᠪᠦᠭᠡᠨ ᠬᠠᠭᠠᠨ ᠤ᠋ ᠪᠤᠭᠤᠷᠤᠯ ᠬᠥᠮᠥᠰᠬᠡ ᠬᠠᠷᠠᠴᠠ ᠪᠠᠨ ᠪᠦᠲᠡᠭᠡᠨ ᠪᠠᠭᠤᠵᠤ᠂ ᠤᠷᠲᠤ ᠴᠠᠭᠠᠨ ᠰᠠᠬᠠᠯ ᠨᠢ ᠡᠩᠭᠡᠷ ᠢ᠋ᠶ᠋ᠡᠨ ᠪᠦᠷᠬᠦᠨ ᠤᠨᠵᠢᠢᠵᠤ᠂ ᠨᠢᠭᠡ ᠯᠡ ᠪᠠᠭᠤᠷᠠᠢ᠂ ᠳᠣᠷᠣᠢ ᠪᠣᠯᠪᠠ᠃ ᠲᠡᠷᠡ ᠪᠡᠷ ᠳᠣᠲᠣᠷ᠎ᠠ ᠪᠠᠨ ᠪᠠᠰᠠ ᠬᠥᠮᠦᠨ ᠢ᠋ ᠬᠦᠯᠢᠶᠡᠵᠦ ᠪᠠᠢᠯ᠎ᠠ᠃ ᠡᠨᠡ ᠨᠢ ᠲᠥᠷᠥ ᠶ᠋ᠢᠨ ᠬᠣᠷᠴᠢ ᠬᠥᠩᠬᠥᠷ ᠪᠣᠯᠠᠢ᠃ ᠶᠡᠷᠦ ᠠᠯᠢᠪᠠ ᠦᠢᠯᠡ ᠳ᠋ᠦ᠍ ᠲᠡᠦᠬᠡ ᠶ᠋ᠢᠨ ᠭᠡᠷᠡᠴᠢ ᠪᠡᠷ ᠪᠠᠢᠯᠭᠠᠬᠤ ᠶ᠋ᠢ ᠬᠠᠪᠤᠯ ᠬᠠᠭᠠᠨ ᠶᠡᠬᠡᠳᠡ ᠴᠢᠬᠤᠯᠠᠴᠢᠯᠠᠬᠤ ᠠᠵᠢ᠃ ᠥᠬᠢᠨᠪᠠᠷᠬᠠᠭ ᠶᠠᠭᠠᠷᠠᠨ ᠥᠨᠳᠡᠯᠵᠡᠵᠦ᠂ ᠬᠤᠷᠠᠭᠰᠠᠨ ᠣᠯᠠᠨ ᠢ᠋ ᠰᠠᠯᠪᠠᠯᠵᠠᠨ ᠠᠵᠢᠭᠠᠳ᠂ 
       — ᠮᠡᠯᠲᠡᠭ ᠬᠢᠶ᠎ᠡ ᠬᠠᠮᠢᠭ᠎ᠠ ᠪᠣᠢ? ᠭᠡᠮᠡᠨ ᠳᠠᠪᠲᠠᠪᠠ᠃ ᠡᠨᠡ ᠳᠠᠭᠤᠨ ᠳ᠋ᠤ᠌《ᠴᠢ ᠯᠡ ᠮᠡᠳᠡᠨ᠎ᠡ》 ᠭᠡᠬᠦ ᠥᠩᠭᠡ ᠠᠶᠠᠯᠭᠤ ᠳᠠᠪᠠᠮᠠᠭᠠᠢᠯᠠᠬᠤ《ᠴᠢ ᠠᠯᠠᠴᠢᠬᠠᠭᠰᠠᠨ ᠪᠠᠢᠵᠤ ᠴᠤ᠌ ᠮᠡᠳᠡᠨ᠎ᠡ》 ᠬᠡᠮᠡᠭᠰᠡᠨ ᠭᠦᠵᠢᠷ ᠠᠪᠢᠶ᠎ᠠ ᠲᠦᠷᠢᠮᠡᠬᠡᠢ ᠰᠣᠨᠣᠰᠳᠠᠨ᠎ᠠ᠃ ᠬᠠᠪᠤᠯ ᠬᠠᠭᠠᠨ ᠥᠳᠬᠡᠨ ᠬᠥᠮᠥᠰᠬᠡ ᠪᠡᠨ ᠰᠦᠷᠪᠡᠭᠡᠰᠬᠢᠯᠭᠡᠨ ᠬᠠᠷᠠᠵᠤ᠂ 
       — ᠬᠣᠷᠴᠢ ᠶ᠋ᠢ ᠬᠦᠯᠢᠶᠡᠶ᠎ᠡ! ᠬᠡᠮᠡᠯ᠎ᠡ᠃ ᠳᠠᠪᠬᠤᠷ ᠤᠬᠠᠭᠠᠨ ᠳ᠋ᠠᠭᠠᠨ ᠵᠢᠭᠠᠯ ᠬᠥᠪᠡᠭᠦᠨ ᠢ᠋ ᠪᠣᠳᠣᠯ ᠰᠠᠨᠠᠭ᠎ᠠ ᠪᠠᠨ ᠴᠡᠭᠴᠡᠯᠡᠭ ᠭᠡᠵᠦ ᠲᠣᠭᠠᠴᠠᠵᠠᠢ᠃ ᠲᠠᠨᠢᠬᠤ ᠦᠭᠡᠢ ᠣᠯᠠᠨ ᠤ᠋ ᠰᠢᠪᠦᠭᠡ ᠰᠢᠭ ᠬᠠᠷᠠᠴᠠ ᠳᠤᠮᠳᠠ ᠤᠷᠢ ᠭᠠᠭᠴᠠᠭᠠᠷ ᠪᠦᠯᠲᠡᠭᠡᠨᠡᠵᠦ ᠰᠠᠭᠤᠬᠤ ᠵᠢᠭᠠᠯ ᠬᠥᠪᠡᠭᠦᠨ ᠪᠠᠷᠢᠴᠠ ᠠᠯᠳᠠᠵᠤ ᠰᠠᠨᠳᠤᠷᠴᠤ ᠮᠡᠳᠡᠨ᠎ᠡ ᠭᠡᠵᠦ ᠪᠣᠳᠣᠵᠠᠢ᠃ ᠶᠡᠷᠦ ᠥᠪᠡᠷ ᠢ᠋ ᠪᠡᠨ ᠬᠡᠷᠡᠭ ᠲᠦ᠍ ᠬᠢᠴᠢᠬᠡᠵᠦ ᠴᠣ ᠪᠣᠯᠤᠨ᠎ᠠ ᠭᠡᠵᠦ ᠪᠣᠯᠭᠣᠮᠵᠢᠯᠠᠪᠠ᠃ ᠴᠢᠩᠭᠢᠭᠡᠳ ᠪᠢᠴᠢᠬᠠᠨ ᠦᠭᠡ ᠨᠣᠶᠠᠨ ᠢ᠋ ᠬᠠᠷᠠᠪᠠᠯ ᠲᠡᠷᠡ ᠠᠶᠤᠭᠰᠠᠨ᠂ ᠡᠮᠢᠶᠡᠭᠰᠡᠨ ᠰᠢᠨᠵᠢ ᠦᠭᠡᠢ ᠠᠵᠢ᠃《᠁ ᠠᠷᠭ᠎ᠠ ᠦᠭᠡᠢ ᠯᠡ ᠰᠢᠭᠢᠷ᠎ᠡ ᠲᠡᠢ ᠡᠷ᠎ᠡ ᠠ᠋》 ᠭᠡᠵᠦ ᠬᠠᠢᠷᠠᠯᠠᠬᠤ᠂ ᠪᠠᠬᠠᠷᠬᠠᠬᠤ ᠶ᠋ᠢᠨ ᠳᠤᠮᠳᠠ ᠪᠣᠳᠣᠵᠤ ᠰᠠᠭᠤᠲᠠᠯ᠎ᠠ ᠤᠶᠠᠭ᠎ᠠ ᠲᠠᠢ ᠮᠣᠷᠢᠳ ᠦᠷᠭᠦᠨ ᠬᠤᠢᠯᠠᠷᠠᠵᠤ《ᠬᠠᠶᠢ ᠬᠥᠶᠢ》 ᠭᠡᠬᠦ ᠳᠠᠭᠤᠨ ᠭᠠᠷᠤᠯ᠎ᠠ᠃ ᠥᠬᠢᠨᠪᠠᠷᠬᠠᠭ ᠳᠣᠭᠣᠭᠢ ᠲᠠᠢ ᠮᠤᠰᠢᠯᠵᠠᠨ᠂ 
       — ᠲᠥᠷᠥ ᠶ᠋ᠢᠨ ᠬᠣᠷᠴᠢ ᠮᠣᠷᠢᠯᠠᠪᠠ ᠭᠡᠬᠦ ᠳ᠋ᠦ᠍ ᠬᠤᠲᠤᠭᠲᠤ ᠮᠣᠩᠬᠣᠷ ᠤᠤᠬᠠᠢ ᠶ᠋ᠢᠨ ᠲᠠᠰᠤ ᠰᠢᠭᠦᠷᠡᠨ ᠠᠪᠴᠤ᠂ 
       — ᠬᠠᠯᠠᠭᠤᠨ ᠵᠤᠨ ᠢ᠋ᠶ᠋ᠠᠷ ᠦᠰᠦ ᠲᠡᠢ ᠳᠡᠪᠡᠯ ᠡᠮᠦᠰᠦᠨ᠎ᠡ᠃ ᠬᠠᠮᠤᠭ ᠮᠣᠩᠭᠣᠯ ᠤ᠋ᠨ ᠲᠦᠮᠡᠨ ᠰᠦᠷᠦᠭ ᠪᠠᠢᠬᠤ ᠳ᠋ᠤ᠌ ᠬᠠᠷ᠎ᠠ ᠰᠠᠷᠯᠤᠭ ᠲᠠᠩᠳᠠ ᠤᠨᠤᠨ᠎ᠠ᠃ ᠵᠠᠶᠠᠭ᠎ᠠ ᠮᠠᠭᠤ ᠲᠠᠢ ᠴᠤ᠌ ᠬᠣᠷᠴᠢ ᠠ᠋ ᠳᠠ ᠬᠡᠮᠡᠪᠡ᠃ ᠬᠠᠪᠤᠯ ᠬᠠᠭᠠᠨ ᠴᠢᠮᠡᠭᠡ ᠦᠭᠡᠢ ᠬᠠᠷᠠᠵᠤ ᠬᠠᠷᠠᠵᠤ᠂ 
       — ᠬᠥᠮᠦᠨ ᠢ᠋ ᠭᠠᠳᠠᠨ᠎ᠠ ᠠ᠋ᠴᠠ ᠨᠢ ᠪᠢᠰᠢ᠂ ᠳᠣᠲᠣᠷ᠎ᠠ ᠠ᠋ᠴᠠ ᠨᠢ ᠬᠠᠷᠠᠵᠤ ᠰᠤᠷᠤᠭᠤᠰᠢᠲᠠᠢ ᠭᠡᠯ᠎ᠡ᠃ ᠶᠡᠷᠦ ᠲᠡᠭᠦᠨ ᠦ᠌ ᠰᠣᠯᠢᠶ᠎ᠠ᠂ ᠭᠠᠵᠢᠭᠤ ᠬᠥᠮᠦᠨ ᠮᠡᠲᠦ ᠶᠠᠪᠤᠳᠠᠭ ᠲᠤᠨᠢ ᠬᠠᠪᠤᠯ ᠲᠠᠯ᠎ᠠ ᠲᠠᠢ ᠪᠠᠢᠬᠤ ᠪᠥᠯᠥᠭᠡ᠃ ᠬᠠᠭᠠᠨ ᠦᠬᠦᠵᠦ ᠪᠣᠯᠤᠨ᠎ᠠ᠃ ᠬᠠᠲᠠᠭᠠᠨ ᠯᠤᠭ᠎ᠠ ᠬᠠᠨ ᠬᠥᠪᠡᠭᠦᠳ ᠴᠦ᠍  ᠣᠯᠵᠠᠯᠠᠭᠳᠠᠨ ᠡᠷᠡᠰᠳᠡᠵᠦ ᠪᠣᠯᠤᠨ᠎ᠠ᠃ ᠬᠠᠷᠢᠨ ᠲᠥᠷᠥ ᠶ᠋ᠢᠨ ᠬᠣᠷᠴᠢ᠂ ᠴᠡᠭᠡᠵᠢᠨ ᠳ᠋ᠡᠭᠡᠨ ᠰᠤᠳᠤᠷ ᠪᠠᠷᠢᠨᠲᠠᠭ ᠲᠠᠢ ᠪᠠᠢᠬᠤ ᠳ᠋ᠤ᠌ ᠠᠯᠠᠭᠤᠯᠵᠤ ᠴᠤ᠌ ᠦᠯᠦ ᠪᠣᠯᠬᠤ ᠠᠪᠠᠢ᠃ ᠡᠢᠮᠦ ᠶ᠋ᠢᠨ ᠤᠴᠢᠷ ᠬᠠᠯᠠᠭᠤᠨ ᠵᠤᠨ ᠢ᠋ᠶ᠋ᠠᠷ ᠦᠰᠦ ᠲᠡᠢ ᠳᠡᠪᠡᠯ ᠡᠮᠦᠰᠴᠦ᠂ ᠰᠣᠯᠵᠢᠷ ᠬᠤᠸᠠ ᠰᠠᠷᠯᠤᠭ ᠤᠨᠤᠵᠤ᠂ ᠤᠬᠠᠭᠠᠨ ᠬᠡᠯᠲᠡᠭᠡᠢ ᠮᠡᠲᠦ ᠶᠠᠪᠤᠬᠤ ᠨᠢ ᠵᠥᠪ ᠭᠡᠵᠦ ᠪᠣᠳᠣᠨ᠎ᠠ᠃ ᠡᠢᠨ ᠶᠡᠬᠡ ᠦᠷᠭᠦᠭᠡᠨ ᠳ᠋ᠦ᠍ ᠨᠠᠮ ᠭᠦᠮ ᠪᠣᠯᠬᠤ ᠳ᠋ᠤ᠌ ᠬᠥᠩᠬᠥᠷ ᠬᠣᠷᠴᠢ ᠰᠡᠷ ᠰᠦᠷ ᠬᠢᠨ ᠣᠷᠣᠵᠤ ᠢᠷᠡᠪᠡ᠃ ᠲᠡᠷᠡ ᠪᠡᠷ ᠬᠠᠲᠠᠪᠴᠢᠨ ᠠ᠋ᠴᠠ ᠬᠣᠢᠮᠣᠷ ᠬᠦᠷᠲᠡᠯ᠎ᠡ ᠬᠠᠷᠠᠵᠤ᠂ 
       — ᠬᠠᠭᠠᠳ ᠶᠡᠬᠡᠰ ᠦ᠋ᠨ ᠲᠦᠮᠡᠨ ᠠᠮᠤᠭᠤᠯᠠᠩ ᠢ᠋ ᠡᠷᠢᠶ᠎ᠡ ᠭᠡᠳ ᠰᠥᠭᠥᠳᠦᠨ᠂ ᠭᠤᠷᠪᠠᠨᠲᠠ ᠮᠥᠷᠭᠥᠭᠰᠡᠨ ᠢ᠋ᠶ᠋ᠡᠨ ᠰᠠᠭᠤᠭ᠎ᠠ ᠴᠢᠭ ᠲᠡᠭᠡᠨ ᠮᠥᠯᠬᠥᠵᠦ ᠦᠷᠭᠦᠭᠡᠨ ᠦ᠌ ᠪᠠᠷᠠᠭᠤᠨ ᠳᠣᠣᠷ᠎ᠠ ᠳᠠᠪᠠᠯᠠᠨ ᠰᠠᠭᠤᠯ᠎ᠠ᠃ ᠴᠢᠩᠭᠢᠭᠡᠳ ᠰᠠᠶᠢ ᠪᠦᠭᠦᠳᠡ ᠶ᠋ᠢ ᠲᠣᠭᠲᠠᠭᠠᠨ ᠠᠩᠵᠠᠭᠠᠷᠠᠵᠤ᠂ 
       — ᠲᠩᠷᠢ ᠥᠷᠥᠰᠢᠶᠡ᠂ ᠬᠠᠭᠠᠨ ᠲᠥᠷᠥ ᠶ᠋ᠢᠨ ᠲᠠᠪᠤᠨ ᠡᠷᠳᠡᠨᠢ ᠴᠢᠭᠤᠯᠴᠢᠬᠠᠭᠰᠠᠨ ᠪᠠᠢᠵᠠᠢ ᠬᠡᠮᠡᠪᠡ᠃᠃ ᠲᠡᠷᠡ ᠬᠠᠪᠤᠯ ᠬᠠᠭᠠᠨ ᠤ᠋ ᠲᠥᠷᠥ ᠶ᠋ᠢᠨ ᠳᠣᠯᠣᠭᠠᠨ ᠡᠷᠳᠡᠨᠢ ᠡᠰᠡ ᠪᠦᠷᠢᠳᠴᠡᠢ ᠭᠡᠮᠡᠨ ᠠᠢᠯᠠᠳᠴᠤ᠂ 
       — ᠲᠠᠨ ᠳ᠋ᠤ᠌ ᠳᠥᠷᠪᠡᠨ ᠡᠷᠳᠡᠨᠢ ᠪᠠᠢᠨ᠎ᠠ᠃ ᠭᠤᠷᠪᠠ ᠨᠢ ᠳᠤᠲᠠᠭᠤ ᠰᠠᠨᠵᠠᠢ᠁ ᠭᠡᠵᠦ ᠥᠭᠦᠯᠡᠭᠰᠡᠨ ᠶᠠᠪᠤᠳᠠᠯ ᠪᠣᠢ ᠶᠤᠮ᠃ ᠡᠯ᠎ᠡ ᠦᠭᠡ ᠪᠠᠨ ᠯᠠ ᠬᠡᠯᠡᠵᠦ ᠪᠠᠢᠨ᠎ᠠ ᠳᠠ ᠭᠡᠮᠡᠨ ᠪᠣᠳᠣᠭᠠᠳ ᠬᠠᠭᠠᠨ ᠬᠠᠪᠤᠯ ᠲᠠᠯᠪᠢᠭᠤᠨ ᠮᠢᠰᠢᠯᠵᠡᠵᠦ᠂ 
       — ᠲᠥᠷᠥ ᠶ᠋ᠢᠨ ᠬᠣᠷᠴᠢ ᠵᠠᠯᠠᠷᠠᠪᠠ᠃ ᠬᠤᠷᠠᠯᠳᠠᠢ ᠪᠠᠨ ᠡᠬᠢᠯᠡᠰᠦ! ᠭᠡᠳ ᠬᠠᠪᠲᠠᠰᠤᠨ ᠳᠥᠩᠭᠡ ᠲᠡᠢ ᠦᠭᠡ ᠨᠣᠶᠠᠨ ᠤᠷᠤᠭᠤ ᠬᠠᠷᠠᠵᠤ᠂
       — ᠠᠢᠯᠠᠳᠬ᠎ᠠ! ᠭᠡᠪᠡ᠃ ᠲᠠᠲᠠᠷ ᠲᠠᠲ᠋ᠠᠷ ᠬᠥᠪᠡᠭᠦᠨ ᠰᠢᠵᠢᠶᠡᠷ ᠦᠭᠡᠢ ᠵᠠᠩ ᠢ᠋ᠶ᠋ᠠᠷ᠂ 
       — ᠮᠡᠯᠲᠡᠭ ᠬᠢᠶ᠎ᠡ ᠨᠠᠮᠠᠶ᠋ᠢ ᠶᠠᠪᠤᠶ᠎ᠠ ᠭᠡᠮᠡᠨ ᠥᠪᠡᠷ ᠢ᠋ᠶ᠋ᠡᠨ ᠬᠠᠨᠢ ᠲᠠᠲᠠᠭᠰᠠᠨ ᠪᠢᠯᠡ᠁ ᠭᠡᠳ ᠭᠦᠨᠵᠡᠭᠡᠢ ᠰᠠᠨᠠᠭ᠎ᠠ ᠠᠯᠳᠠᠯ᠎ᠠ᠃ ᠬᠦᠦ ᠶ᠋ᠢᠨ ᠨᠢᠳᠦᠨ ᠳ᠋ᠦ᠍ ᠭᠤᠨᠢᠭ ᠤ᠋ᠨ ᠮᠠᠨᠠᠨ ᠰᠠᠭᠤᠵᠤ᠂ ᠬᠣᠨᠣᠭ ᠤ᠋ᠨ ᠡᠳᠦᠷ ᠦ᠋ᠳ ᠦ᠋ᠨ ᠲᠡᠷᠲᠡᠭᠡᠬᠢ ᠳᠦᠷᠢ ᠵᠢᠷᠤᠭ ᠢ᠋ ᠲᠣᠳᠣᠷᠠᠭᠤᠯᠤᠨ ᠬᠠᠷᠠᠬᠤ ᠰᠢᠭ᠋ ᠪᠣᠯᠪᠠ᠃ 
       ᠁ ᠮᠡᠯᠲᠡᠭ ᠬᠢᠶ᠎ᠡ ᠶᠠᠮᠠᠷ ᠨᠢᠭᠡᠨ ᠳᠠᠯᠳᠠ ᠶ᠋ᠢᠨ ᠵᠦᠩ ᠰᠤᠪᠢᠨ ᠳ᠋ᠤ᠌ ᠬᠠᠳᠬᠤᠭᠤᠯᠤᠭᠰᠠᠨ ᠮᠡᠲᠦ ᠬᠡᠳᠦᠨ ᠬᠡᠦᠬᠡᠳ ᠢ᠋ᠶ᠋ᠡᠨ ᠪᠠᠢᠨ ᠪᠠᠢᠨ ᠦᠨᠦᠰᠴᠦ ᠦᠩᠭᠡᠵᠦ ᠠᠪᠠᠢ᠃ ᠲᠡᠳᠡ ᠨᠢ ᠮᠥᠨᠥᠬᠡᠨ ᠬᠠᠪᠤᠯ ᠬᠠᠭᠠᠨ ᠤ᠋ ᠥᠭᠴᠢᠯᠭᠡᠭᠰᠡᠨ ᠮᠥᠰᠥᠨ ᠰᠢᠬᠢᠷ᠂ ᠴᠢᠪᠠᠭ᠎ᠠ ᠰᠡᠯᠲᠡ ᠶ᠋ᠢᠨ ᠠᠮᠲᠠᠨ ᠳ᠋ᠤ᠌ ᠣᠷᠣᠵᠤ ᠬᠤᠷᠤᠭᠤ ᠪᠠᠨ ᠳᠣᠯᠢᠶᠠᠯᠠᠨ ᠪᠠᠢᠪᠠ᠃ ᠲᠣᠮᠣ ᠨᠢ ᠲᠣᠭᠣᠳᠣᠭ ᠲᠣᠭᠣᠳᠣᠭ ᠬᠢᠨ ᠭᠦᠶᠦᠵᠦ ᠮᠣᠷᠢ ᠶ᠋ᠢ ᠨᠢ ᠡᠮᠡᠭᠡᠯᠯᠡ᠂ 
       — ᠠᠪᠤ ᠠ᠋᠂ ᠬᠠᠨ ᠬᠣᠯᠠ ᠶ᠋ᠢ ᠲᠠᠨᠢ ᠡᠮᠡᠭᠡᠯᠯᠡᠴᠢᠬᠡᠯ᠎ᠡ ᠭᠡᠵᠡᠢ᠃ ᠮᠡᠯᠲᠡᠭ ᠥᠪᠡᠷ ᠦ᠋ᠨ ᠨᠡᠷ᠎ᠡ ᠶ᠋ᠢᠨ ᠭᠤᠷᠪᠠᠬᠠᠨ ᠮᠣᠷᠢ ᠲᠠᠢ ᠶᠤᠮ᠃ ᠲᠡᠷᠡ ᠪᠡᠷ ᠬᠠᠨ ᠬᠣᠯᠠ ᠭᠡᠮᠡᠨ ᠥᠪᠡᠷ ᠢ᠋ᠶ᠋ᠡᠨ ᠴᠣᠯᠠ ᠬᠠᠢᠷᠠᠯᠠᠭᠰᠠᠨ ᠥᠨᠳᠥᠷ ᠮᠤᠨᠳᠠᠭ᠎ᠠ ᠲᠠᠢ᠂ ᠬᠥᠩᠭᠡᠨ ᠬᠥᠯ ᠲᠡᠢ ᠮᠣᠷᠢ ᠪᠠᠨ ᠲᠥᠷᠥ ᠶ᠋ᠢᠨ ᠠᠯᠪᠠᠨ ᠳ᠋ᠤ᠌ ᠤᠨᠤᠬᠤ ᠪᠣᠯᠠᠢ᠃ ᠮᠡᠯᠲᠡᠭ ᠬᠢᠶ᠎ᠡ ᠳ᠋ᠦ᠍ ᠬᠠᠩᠭᠠᠯ ᠬᠠᠯᠢᠭᠤᠨ ᠭᠡᠵᠦ ᠪᠠᠰᠠ ᠨᠢᠭᠡ ᠮᠣᠷᠢ ᠪᠣᠢ ᠶᠤᠮ᠃ ᠰᠤᠭᠤ ᠴᠢᠬᠢ ᠨᠢ ᠦᠷᠭᠦᠯᠵᠢ ᠪᠣᠰᠤᠭ᠎ᠠ ᠰᠣᠷᠲᠣᠭᠣ ᠲᠠᠢ ᠬᠠᠯᠢᠭᠤᠨ ᠮᠣᠷᠢ ᠶ᠋ᠢ ᠡᠷ᠎ᠡ ᠶ᠋ᠢᠨ ᠠᠯᠪᠠᠨ ᠳ᠋ᠤ᠌ ᠤᠨᠤᠬᠤ ᠠᠵᠢ᠃ ᠡᠷ᠎ᠡ ᠶ᠋ᠢᠨ ᠠᠯᠪᠠ ᠭᠡᠮᠡᠨ ᠮᠠᠨᠢ ᠬᠥᠮᠦᠨ ᠠᠪᠠ ᠬᠣᠮᠣᠷᠭ᠎ᠠ᠂ ᠠᠩ ᠬᠦᠷᠦᠭᠡ ᠶ᠋ᠢ ᠬᠡᠯᠡᠨ᠎ᠡ᠃ ᠬᠠᠷᠢᠨ ᠪᠣᠷᠣᠣᠬᠠᠢ ᠮᠡᠲᠦ ᠪᠦᠳᠦᠭᠦᠨ ᠬᠥᠯ ᠲᠡᠢ᠂ ᠰᠢᠩᠭᠡᠨ ᠰᠡᠭᠦᠯ ᠲᠡᠢ ᠪᠦᠭᠡᠭᠡᠨ ᠮᠣᠷᠢ ᠶ᠋ᠢ ᠬᠠᠱᠠᠩ ᠰᠢᠷᠭ᠎ᠠ ᠬᠡᠮᠡᠬᠦ ᠠᠭᠠᠳ ᠭᠡᠷ ᠦ᠋ᠨ ᠠᠯᠪᠠᠨ ᠳ᠋ᠤ᠌ ᠤᠨᠤᠬᠤ ᠠᠪᠠᠢ᠃ ᠶᠡᠷᠦ ᠲᠡᠭᠦᠨ ᠦ᠌ ᠶᠡᠬᠡ ᠬᠦᠦ ᠲᠣᠵᠢᠭ᠂ ᠳᠤᠮᠳᠠ ᠬᠦᠦ ᠲᠣᠪᠠᠭᠤᠴᠢ ᠡᠳᠦᠷᠵᠢᠨ ᠨᠣᠣᠯᠠᠵᠤ ᠢᠷ ᠢ᠋ ᠨᠢ ᠪᠠᠷᠠᠵᠤ ᠭᠠᠯ ᠢ᠋ ᠨᠢ ᠪᠥᠬᠥᠭᠡᠭᠰᠡᠨ ᠠᠳᠤᠭᠤᠰᠤ ᠶᠤᠮ᠃ ᠭᠡᠷ ᠦ᠋ᠨ ᠠᠯᠪᠠ ᠬᠡᠮᠡᠬᠦ ᠨᠢ᠂ ᠪᠤᠯᠠᠭ ᠠ᠋ᠴᠠ ᠲᠠᠰᠢᠮᠠᠭ ᠢ᠋ᠶ᠋ᠠᠷ ᠤᠰᠤ ᠠᠪᠬᠤ᠂ ᠬᠦᠷᠢᠶ᠎ᠡ ᠡᠪᠦᠯᠵᠢᠶᠡᠨ ᠡᠴᠡ ᠠᠷᠭᠠᠯ ᠲᠠᠲᠠᠬᠤ ᠲᠡᠳᠦᠢ ᠪᠣᠯᠠᠢ᠃ ᠡᠢᠨ ᠲᠥᠷᠥ ᠶ᠋ᠢᠨ ᠠᠯᠪᠠᠨ ᠳ᠋ᠤ᠌ ᠬᠠᠨ ᠬᠣᠯᠠ ᠪᠠᠨ ᠤᠨᠤᠵᠤ ᠮᠣᠷᠳᠠᠭᠰᠠᠨ ᠪᠥᠯᠥᠭᠡ᠃ ᠨᠢᠳᠦᠨ ᠳ᠋ᠦ᠍ ᠳᠤᠯᠠᠭᠠᠬᠠᠨ ᠲᠣᠵᠢᠭ ᠬᠥᠪᠡᠭᠦᠨ ᠠᠪᠤ ᠪᠠᠨ ᠲᠦᠰᠢᠵᠦ ᠮᠣᠷᠳᠠᠭᠤᠯᠤᠨ᠂ 
       — ᠬᠠᠭᠠᠨ ᠡᠵᠡᠨ ᠦ᠌ ᠡᠯᠴᠢ᠂ ᠬᠠᠨ ᠬᠣᠯᠠ ᠮᠣᠷᠢ ᠲᠠᠢ᠁ ᠭᠡᠮᠡᠨ ᠠᠯᠢᠶᠠᠯᠠᠬᠤ ᠳ᠋ᠤ᠌ ᠮᠡᠯᠲᠡᠭ ᠲᠤᠩ ᠴᠣ ᠪᠠᠶᠠᠷᠲᠠᠶ᠎ᠠ ᠮᠡᠷ ᠮᠡᠷ ᠢᠨᠢᠶᠡᠳᠦ ᠠᠯᠳᠠᠵᠤ᠂
       — ᠬᠣᠷᠴᠢ ᠪᠣᠯᠬᠤ ᠨᠢ᠁ ᠬᠡᠮᠡᠭᠰᠡᠨ ᠢ᠋ᠶ᠋ᠡᠨ ᠵᠤᠯᠠᠢ ᠳᠡᠭᠡᠷ᠎ᠡ ᠨᠢ ᠦᠨᠦᠷᠯᠡᠵᠦ᠂ 
       — ᠭᠡᠷ ᠢ᠋ᠶ᠋ᠡᠨ ᠰᠠᠢᠨ ᠬᠠᠷᠠᠵᠤ ᠪᠠᠢᠭᠠᠷᠠᠢ! ᠭᠡᠰᠡᠨ ᠠᠪᠠᠢ᠃ ᠴᠢᠩᠭᠢᠭᠡᠳ ᠰᠠᠯᠬᠢ ᠰᠥᠷᠦᠨ ᠰᠢᠷᠭᠠᠭᠤᠬᠠᠨ ᠬᠠᠲᠠᠷᠢᠭᠤᠯᠬᠤ ᠳ᠋ᠤ᠌ ᠬᠠᠨ ᠬᠣᠯᠠ ᠶ᠋ᠢᠨ ᠬᠤᠷ ᠳᠡᠯ ᠰᠤᠭᠰᠠᠯᠵᠠᠨ᠂ ᠪᠥᠭᠡᠷᠡᠩᠬᠡᠢ ᠬᠣᠨᠳᠣᠯᠠᠢ ᠪᠥᠮᠪᠥᠯᠵᠡᠨ ᠪᠠᠢᠵᠤ ᠪᠢᠯᠡ᠃ ᠤᠰᠤᠨ ᠤ᠋ ᠤᠷᠤᠰᠬᠠᠯ ᠮᠡᠲᠦ ᠳᠡᠯᠭᠡᠭᠦᠯᠬᠦ ᠬᠦᠯᠦᠭ ᠦ᠋ᠨ ᠳᠡᠷᠭᠡᠳᠡ ᠦᠭᠡ ᠨᠣᠶᠠᠨ ᠤ᠋ ᠤᠨᠤᠭᠰᠠᠨ ᠰᠠᠭᠠᠷᠠᠯ ᠦᠷᠢᠶ᠎ᠡ ᠰᠠᠷᠪᠠᠢᠲᠠᠯ᠎ᠠ ᠪᠠᠨ ᠴᠣᠭᠭᠢᠵᠤ ᠪᠠᠢᠯ᠎ᠠ᠃ ᠡᠭᠦᠨ ᠢ᠋ ᠦᠵᠡᠭᠰᠡᠨ ᠮᠡᠯᠲᠡᠭ ᠬᠢᠶ᠎ᠡ ᠶ᠋ᠢᠨ ᠪᠠᠳᠬ᠎ᠠ ᠰᠢᠪᠠᠭᠰᠠᠨ ᠬᠠᠷ᠎ᠠ ᠴᠢᠷᠠᠢ ᠳ᠋ᠤ᠌ ᠴᠠᠭᠠᠨ ᠴᠠᠢᠯᠭᠠᠨ ᠰᠡᠳᠬᠢᠯ ᠦ᠋ᠨ ᠭᠡᠨᠡᠨ ᠪᠠᠬᠠᠷᠬᠠᠯ ᠲᠣᠳᠣᠷᠠᠵᠤ᠂ 
       — ᠵᠠ ᠶᠠᠮᠠᠷ ᠪᠠᠢᠨ᠎ᠠ? ᠭᠡᠮᠡᠨ ᠭᠠᠢᠬᠠᠭᠤᠯᠬᠤ ᠳ᠋ᠤ᠌ ᠬᠥᠪᠡᠭᠦᠨ ᠦᠨᠡᠨ ᠰᠡᠳᠬᠢᠯ ᠡᠴᠡ ᠪᠢᠰᠢᠷᠡᠨ᠂ 
       — ᠠᠷᠭ᠎ᠠ ᠦᠭᠡᠢ ᠯᠡ ᠲᠥᠷᠥ ᠶ᠋ᠢᠨ ᠠᠯᠪᠠᠨ ᠳ᠋ᠤ᠌ ᠤᠨᠤᠬᠤ ᠬᠦᠯᠦᠭ ᠶᠦᠮ ᠠ᠋ ᠭᠡᠪᠡᠯ ᠡᠪᠦᠭᠡᠨ ᠬᠢᠶ᠎ᠡ ᠬᠡᠦᠬᠡᠳ ᠮᠡᠲᠦ ᠪᠠᠶᠠᠷᠯᠠᠨ ᠰᠡᠭᠡᠬᠡᠯᠵᠡᠵᠦ᠂ 
       — ᠬᠠᠨ ᠬᠣᠯᠠ ᠶᠤᠮ ᠴᠢᠨᠢ᠁ ᠭᠡᠳ ᠮᠣᠷᠢ ᠪᠠᠨ ᠲᠠᠰᠢᠭᠤᠷᠳᠠᠨ ᠳᠥᠷᠦᠭᠡᠨ ᠳᠡᠭᠡᠷ᠎ᠡ ᠪᠡᠨ ᠥᠨᠳᠡᠢᠵᠡᠢ᠃ ᠬᠥᠭᠵᠢᠯᠲᠡᠢ ᠶᠠᠪᠤᠬᠤ ᠳ᠋ᠤ᠌ ᠵᠠᠮ ᠪᠣᠭᠣᠨᠢ ᠪᠠᠢᠳᠠᠭ᠃ ᠲᠣᠬᠣᠮ ᠢ᠋ᠶ᠋ᠠᠨ ᠬᠣᠶᠠᠷᠲᠠ ᠳᠡᠪᠢᠰᠴᠦ᠂ ᠳᠡᠪᠡᠯ ᠢ᠋ᠶ᠋ᠡᠨ ᠮᠥᠨ ᠲᠡᠳᠦᠢ ᠥᠷᠥᠭᠡᠯᠳᠡᠵᠦ ᠬᠣᠨᠣᠭᠯᠠᠭᠠᠳ ᠭᠤᠷᠪᠠᠳᠠᠬᠢ ᠡᠳᠦᠷ ᠦ᠋ᠨ ᠣᠷᠣᠰᠢᠯ ᠵᠠᠷᠯᠠᠬᠤ ᠦᠷ ᠦ᠋ᠨ ᠲᠠᠪᠤᠨ ᠵᠢᠩ ᠢ᠋ᠶ᠋ᠡᠷ ᠤᠷᠲᠤ ᠪᠠᠯᠭᠠᠰᠤᠨ ᠬᠠᠷᠰᠢ ᠶ᠋ᠢᠨ ᠰᠤᠪᠤᠳᠤᠨ ᠪᠠᠷ᠎ᠠ ᠶ᠋ᠢ ᠬᠠᠷᠠᠵᠠᠢ᠃ ᠬᠡᠷᠡᠢᠳ ᠠᠢᠮᠠᠭ ᠤ᠋ᠨ ᠬᠢᠯᠢ ᠶ᠋ᠢᠨ ᠳᠡᠭᠡᠰᠦ ᠰᠠᠬᠢᠭᠰᠠᠨ ᠬᠠᠷᠠᠭᠤᠯ ᠬᠠᠳᠠᠲᠤ ᠥᠨᠳᠥᠷ ᠦ᠋ᠨ ᠣᠷᠣᠢ ᠳ᠋ᠤ᠌ ᠲᠦᠳᠡᠭ ᠠᠰᠠᠭᠠᠨ ᠳᠣᠬᠢᠶ᠎ᠠ ᠥᠭᠴᠦ᠂ ᠲᠦᠳᠡᠬᠡᠨ ᠤᠷᠲᠤ ᠪᠠᠯᠭᠠᠰᠤᠨ ᠴᠢᠭ ᠡᠴᠡ ᠠᠷᠪᠠᠭᠠᠳ ᠮᠣᠷᠢᠲᠠᠨ ᠳᠣᠪᠲᠣᠯᠭᠠᠨ ᠢᠷᠡᠪᠡ᠃ ᠬᠣᠷᠵᠠᠬᠤᠰ ᠪᠣᠶᠣᠷᠤᠭ ᠤ᠋ᠨ ᠠᠷᠰᠯᠠᠨ ᠪᠠᠷᠰ ᠰᠢᠭ᠋ ᠰᠦᠷ ᠰᠦᠯᠳᠡ ᠲᠡᠭᠦᠯᠳᠡᠷ ᠬᠣᠶᠠᠷ ᠬᠥᠪᠡᠭᠦᠨ ᠠᠮᠠᠳᠠᠨ ᠢᠷᠡᠭᠰᠡᠨ ᠨᠢ ᠡᠨᠡ ᠠᠵᠢ᠃ ᠳᠠᠢ ᠲᠡᠮᠦᠷ ᠲᠣᠭᠲᠠᠵᠤ ᠶᠠᠳᠠᠨ ᠲᠦᠬᠦᠭᠡᠯᠵᠡᠬᠦ ᠮᠣᠷᠢ ᠪᠠᠨ ᠲᠡᠳᠡᠨ᠂ 
       — ᠬᠡᠳᠦ ᠨᠤᠲᠤᠭ ᠬᠠᠮᠢᠭ᠎ᠠ ᠪᠣᠢ? ᠭᠡᠬᠦ ᠳ᠋ᠦ᠍ ᠮᠠᠯᠲᠠᠭ ᠬᠢᠶ᠎ᠡ᠂ 
       — ᠬᠠᠮᠤᠭ ᠮᠣᠩᠭᠣᠯ ᠤ᠋ᠨ ᠬᠠᠭᠠᠨ ᠬᠠᠪᠤᠯ ᠤ᠋ᠨ ᠡᠯᠴᠢ ᠶᠠᠪᠤᠵᠤ ᠪᠠᠢᠨ᠎ᠠ ᠬᠡᠮᠡᠵᠡᠢ᠃ ᠪᠤᠬ᠎ᠠ ᠲᠡᠮᠦᠷ᠂ 
       — ᠬᠡᠨ ᠭᠡᠳᠡᠭ ᠡᠯᠴᠢ ᠪᠣᠢ? ᠲᠠ᠁ ᠭᠡᠪᠡᠯ ᠮᠠᠯᠲᠠᠭ ᠬᠢᠶ᠎ᠡ ᠬᠠᠨ ᠬᠣᠯᠠ ᠶ᠋ᠢᠨ ᠢ᠋ᠶ᠋ᠡᠨ ᠵᠣ ᠬᠣᠲᠣᠯᠵᠠᠲᠠᠯ᠎ᠠ ᠬᠥᠨᠳᠡᠯᠢᠳᠴᠦ᠂ 
       — ᠮᠢᠨᠦ ᠨᠡᠷ᠎ᠡ ᠮᠡᠯᠲᠡᠭ᠂ ᠬᠣᠲᠣᠯᠠ ᠨᠣᠶᠠᠨ ᠤ᠋ ᠰᠢᠳᠠᠷ ᠵᠠᠭᠤᠲᠤ ᠶ᠋ᠢᠨ ᠲᠡᠷᠢᠭᠦᠨ ᠲᠤᠭᠴᠢ ᠪᠢᠯᠡ ᠬᠡᠮᠡᠬᠦ ᠳ᠋ᠦ᠍ ᠬᠠᠨ ᠬᠥᠪᠡᠭᠦᠳ ᠤᠴᠢᠷ ᠪᠢᠲᠡᠭᠦᠯᠢᠭ ᠢ᠋ᠶ᠋ᠡᠷ ᠬᠠᠷᠠᠴᠠ ᠰᠣᠯᠢᠯᠴᠠᠭᠠᠳ᠂ ᠲᠠᠢ ᠲᠡᠮᠦᠷ ᠦᠭᠡ ᠨᠣᠶᠠᠨ ᠤᠷᠤᠭᠤ ᠳᠠᠭ᠎ᠠ ᠦᠭᠡᠢ ᠰᠠᠵᠢᠨ᠂ 
       — ᠡᠨᠡ ᠬᠥᠮᠦᠨ ᠶᠠᠭᠤᠨ ᠳ᠋ᠤ᠌ ᠢᠷᠡᠪᠡ ᠭᠡᠵᠡᠢ᠃ ᠮᠠᠯᠲᠠᠭ ᠬᠢᠶ᠎ᠡ ᠫᠡᠷ ᠫᠡᠷ ᠢᠨᠢᠶᠡᠨ᠂ 
       — ᠨᠣᠶᠠᠨ ᠪᠣᠶᠣᠷᠤᠭ ᠲᠤ᠌ ᠬᠤᠷᠳᠤᠨ ᠬᠡᠯᠡ ᠬᠦᠷᠭᠡᠬᠦ ᠤᠴᠢᠷ ᠲᠠᠢ ᠶᠤᠮ ᠰᠠᠨ᠃ ᠬᠠᠨ ᠬᠥᠪᠡᠭᠦᠳ ᠬᠢᠯᠢ ᠶ᠋ᠢᠨ ᠳᠡᠭᠡᠰᠦ ᠰᠣᠶᠣᠷᠬᠠᠨ᠎ᠠ ᠤᠤ? ᠭᠡᠬᠦ ᠳ᠋ᠦ᠍ ᠬᠣᠶᠠᠷ ᠬᠥᠪᠡᠭᠦᠨ ᠬᠠᠷᠢᠭᠤ ᠡᠰᠡ ᠳᠤᠤᠭᠠᠷᠴᠤ ᠮᠣᠷᠢᠳ ᠢ᠋ᠶ᠋ᠠᠨ ᠲᠠᠰᠢᠭᠤᠷᠳᠠᠨ ᠲᠦᠷᠦᠭᠦᠯᠡᠵᠦ ᠳᠠᠪᠬᠢᠵᠠᠢ᠃ ᠤᠷᠲᠤ ᠪᠠᠯᠭᠠᠰᠤᠨ ᠦᠯᠦ ᠨᠡᠭᠦᠬᠦ ᠰᠠᠭᠤᠷᠢᠨ ᠥᠷᠭᠥᠭᠡ ᠲᠤᠯᠠ ᠲᠣᠬᠢᠯᠢᠭ ᠲᠠᠩᠰᠤᠭ ᠰᠠᠨᠵᠠᠢ᠃ ᠬᠠᠮᠤᠭ ᠮᠣᠩᠭᠣᠯ ᠤ᠋ᠨ ᠬᠠᠪᠤᠯ ᠬᠠᠭᠠᠨ ᠤ᠋ ᠡᠯᠴᠢ ᠶ᠋ᠢ ᠬᠣᠷᠵᠠᠬᠤᠰ ᠪᠣᠶᠣᠷᠤᠭ ᠶᠣᠰᠣ ᠲᠥᠷᠥ ᠲᠡᠢ ᠤᠭᠲᠤᠨ ᠠᠪᠴᠤ᠂ 
       — ᠲᠩᠷᠢ ᠳ᠋ᠦ᠍ ᠨᠢᠰᠬᠦ ᠰᠢᠪᠠᠭᠤᠳ ᠠ᠋ᠴᠠ ᠰᠤᠷᠠᠭ ᠬᠦᠯᠢᠶᠡᠵᠦ᠂ ᠲᠡᠷᠭᠡᠨ ᠳ᠋ᠦ᠍ ᠬᠥᠯᠯᠡᠬᠦ ᠱᠠᠷ ᠤ᠋ᠳ ᠠ᠋ᠴᠠ ᠵᠠᠮ ᠠᠰᠠᠭᠤᠬᠤ ᠰᠢᠬᠠᠵᠤ ᠰᠠᠭᠤᠭ᠎ᠠ ᠪᠢᠯᠡ ᠪᠢ᠃ ᠬᠠᠪᠤᠯ ᠨᠣᠶᠠᠨ ᠨᠠᠳᠠ ᠶᠠᠭᠤ ᠬᠡᠯᠡᠭᠦᠯᠪᠡ! ᠠᠢᠯᠠᠳᠬᠠᠨ ᠰᠣᠶᠣᠷᠬ᠎ᠠ ᠭᠡᠵᠡᠢ᠃ ᠮᠠᠯᠲᠠᠭ ᠬᠢᠶ᠎ᠡ ᠣᠷᠣᠭᠰᠢ ᠳᠠᠪᠰᠢᠨ ᠰᠥᠭᠥᠳᠴᠦ᠂ 
       — ᠲᠡᠦᠬᠡᠲᠦ ᠬᠡᠷᠡᠢᠳ ᠦ᠋ᠨ ᠡᠵᠡᠨ ᠪᠣᠶᠤᠷᠤᠭ ᠲᠠᠨ ᠤ᠋ ᠰᠣᠨᠣᠷ  ᠲᠤ᠌ ᠲᠦᠷᠭᠡᠨ ᠬᠦᠷᠭᠡ ᠭᠡᠵᠦ ᠡᠵᠡᠨ ᠨᠠᠮᠠᠶ᠋ᠢ ᠢᠯᠡᠭᠡᠪᠡ᠁ ᠭᠡᠳ ᠰᠢᠯᠦᠰᠦ ᠪᠡᠨ ᠵᠠᠯᠭᠢᠨ ᠴᠢᠮᠡᠭᠡ ᠲᠠᠰᠤᠷᠠᠬᠤ ᠳ᠋ᠤ᠌ ᠤᠷᠲᠤ ᠪᠠᠯᠭᠠᠰᠤᠨ ᠳ᠋ᠤ᠌ ᠠᠨᠢᠷ ᠬᠦᠮᠬᠡᠨ ᠪᠣᠯᠤᠯ᠎ᠠ᠃ ᠬᠣᠷᠵᠠᠬᠤᠰ ᠪᠣᠶᠣᠷᠤᠭ ᠬᠠᠨ ᠬᠥᠪᠡᠭᠦᠨ ᠢ᠋ᠶ᠋ᠡᠨ᠂ ᠳᠠᠷᠠᠭ᠎ᠠ ᠨᠢ ᠭᠤᠸ᠎ᠠ ᠵᠠᠯᠠᠭᠤ ᠬᠠᠲᠤᠳ ᠢ᠋ᠶ᠋ᠠᠨ ᠲᠣᠭᠣᠷᠢᠭᠤᠯᠤᠨ ᠬᠠᠷᠠᠵᠤ᠂ 
       — ᠠᠢᠯᠠᠳᠬ᠎ᠠ! ᠡᠳᠡ ᠨᠠᠰᠤ ᠳᠠᠷᠤᠬᠤ ᠳ᠋ᠤ᠌ ᠲᠣᠬᠣᠢ ᠲᠦᠰᠢᠬᠦ᠂ ᠮᠡᠰᠡ ᠳᠠᠷᠤᠬᠤ ᠳ᠋ᠤ᠌ ᠲᠣᠯᠣᠭᠠᠢ ᠲᠦᠰᠢᠬᠦ ᠦᠷᠡᠰ ᠪᠢᠯᠡ᠃ ᠴᠢ ᠠᠢᠯᠠᠳᠬ᠎ᠠ ᠭᠡᠪᠡ᠃ ᠮᠠᠯᠲᠠᠭ ᠬᠢᠶ᠎ᠡ᠂ 
       — ᠥᠯᠵᠡᠢ ᠪᠤᠰᠤ ᠰᠤᠷᠠᠭ ᠡᠪᠦᠷᠲᠦᠯᠡᠵᠦ ᠢᠷᠡᠭᠰᠡᠨ ᠳ᠋ᠦ᠍ ᠥᠷᠥᠰᠢᠶᠡᠨ ᠰᠣᠶᠣᠷᠬ᠎ᠠ᠃ ᠬᠠᠮᠤᠭ ᠮᠣᠩᠭᠣᠯ ᠤ᠋ᠨ ᠬᠠᠭᠠᠨ ᠬᠠᠪᠤᠯ ᠠᠯᠲᠠᠨ ᠤᠯᠤᠰ ᠤ᠋ᠨ ᠡᠵᠡᠨ ᠦᠵᠢᠮᠡᠢ ᠬᠠᠭᠠᠨ ᠤ᠋ ᠳ᠋ᠤ᠌ ᠮᠣᠷᠢᠯᠠᠭᠠᠳ ᠢᠷᠡᠭᠰᠡᠨ ᠪᠣᠯᠠᠢ᠃ ᠶᠡᠬᠡ ᠪᠣᠶᠣᠷᠣᠭ ᠲᠠᠨ ᠤ᠋ ᠲᠥᠷᠥ ᠶ᠋ᠢᠨ ᠬᠠᠲᠤᠨ ᠢᠯᠮ᠎ᠠ᠂ ᠲᠥᠷᠥᠭᠰᠡᠨ ᠬᠥᠪᠡᠭᠦᠨ ᠲᠣᠷᠯᠣᠭ ᠲᠣᠭᠣᠷᠢᠯ ᠬᠣᠶᠠᠷ ᠳᠠᠭᠤᠲᠤ ᠨᠠᠢᠷ  ᠲᠤ᠌ ᠨᠢᠯᠪᠤᠰᠤ ᠲᠠᠢ᠂ ᠵᠢᠮᠢᠰᠲᠦ ᠲᠦᠭᠡᠯ ᠳ᠋ᠦ᠍ ᠤᠢᠳᠬᠠᠷ ᠲᠠᠢ ᠰᠠᠭᠤᠨ᠎ᠠ ᠭᠡᠨ᠎ᠡ᠃ ᠵᠣᠯᠪᠣᠭᠠᠲᠤ ᠬᠥᠪᠡᠭᠦᠨ ᠲᠣᠷᠯᠣᠭ ᠲᠤᠭᠤᠷᠢᠯ ᠵᠣᠷᠢᠭᠤᠳᠠ ᠠᠷᠰᠯᠠᠨ ᠬᠠᠭᠠᠨ ᠳ᠋ᠤ᠌ ᠪᠠᠷᠠᠯᠬᠠᠵᠤ《ᠲᠤᠭᠤᠯᠭ᠎ᠠ ᠪᠠᠷ ᠴᠢᠳᠬᠤᠭᠰᠠᠨ ᠬᠣᠶᠠᠷ ᠱᠠᠬᠠᠢ ᠲᠠᠢ ᠶᠤᠮ ᠰᠠᠨ᠂ ᠲᠤᠤᠯᠠ ᠶ᠋ᠢᠨ ᠤᠰᠤᠨ ᠳ᠋ᠤ᠌ ᠰᠢᠷᠭᠢᠭᠡ ᠦᠭᠡᠢ ᠪᠣᠯ ᠶᠠᠪᠤᠭᠤᠯ》 ᠭᠡᠵᠦ ᠬᠡᠯᠡᠭᠦᠯᠪᠡ ᠭᠡᠨ᠎ᠡ᠃ ᠡᠢᠨ ᠥᠭᠦᠯᠡᠭᠡᠳ ᠮᠡᠯᠲᠡᠭ ᠬᠢᠶ᠎ᠡ ᠠᠯᠠᠭ᠎ᠠ ᠬᠠᠪᠰᠤᠷᠤᠨ ᠴᠢᠮᠡᠭᠡ ᠦᠭᠡᠢ ᠮᠡᠬᠦᠢᠬᠦ ᠳ᠋ᠦ᠍ ᠬᠤᠷᠵᠠᠬᠤᠰ ᠪᠣᠶᠣᠷᠤᠭ ᠬᠠᠷᠠᠵᠤ ᠬᠠᠷᠠᠵᠤ᠂ 
       — ᠪᠢ ᠳᠤᠭᠤᠯᠪᠠ! ᠭᠡᠳ ᠲᠡᠢ ᠲᠡᠮᠦᠷ ᠤᠷᠤᠭᠤ ᠬᠠᠷᠠᠵᠤ᠂ 
       — ᠬᠦᠦ ᠴᠢ ᠡᠯᠴᠢ ᠨᠦ᠍ᠭᠦᠳ ᠢ᠋ ᠰᠠᠢᠬᠠᠨ ᠠᠮᠠᠷᠠᠭ᠎ᠠ! ᠭᠡᠮᠡᠨ ᠥᠭᠦᠯᠡᠭᠡᠳ ᠪᠠᠷᠰ ᠤ᠋ᠨ ᠠᠷᠠᠰᠤᠨ ᠲᠦᠰᠢᠯᠭᠡ ᠲᠡᠢ ᠵᠠᠪᠳᠤᠩ ᠳ᠋ᠠᠭᠠᠨ ᠪᠣᠳᠣᠯ ᠳ᠋ᠤ᠌ ᠠᠪᠲᠠᠭᠰᠠᠭᠠᠷ ᠬᠣᠴᠣᠷᠴᠤ ᠠᠪᠠᠢ᠃ ᠬᠠᠷᠢᠨ ᠵᠠᠯᠠᠭᠤ ᠰᠢᠪᠡᠭᠴᠢᠨ ᠡᠮ᠎ᠡ ᠡᠯᠴᠢᠰ ᠢ᠋ ᠤᠷᠢᠵᠤ ᠣᠷᠣᠭᠤᠯᠤᠭᠰᠠᠨ ᠲᠠᠩᠬᠢᠮ ᠨᠢ ᠬᠡᠭᠡᠨᠴᠢᠷ ᠠᠭᠠᠳ ᠠᠭᠤᠵᠢᠮ ᠶᠤᠮ᠃ ᠲᠡᠨᠳᠡ ᠨᠠᠩᠭᠢᠶᠠᠳ ᠵᠦᠭ ᠦ᠋ᠨ ᠳᠠᠷᠠᠰᠤ᠂ ᠰᠠᠷᠲᠠᠭᠤᠯ ᠤᠯᠤᠰ ᠤ᠋ᠨ ᠵᠢᠮᠢᠰᠦᠨ ᠡᠴᠡ ᠡᠯᠪᠡᠭ ᠶᠠᠭᠤᠮ᠎ᠠ ᠪᠠᠢᠭᠰᠠᠨ ᠦᠭᠡᠢ ᠪᠢᠯᠡ᠃ ᠮᠠᠯᠲᠠᠭ ᠬᠢᠶ᠎ᠡ ᠶ᠋ᠢᠨ ᠪᠠᠷᠵᠠᠭᠠᠷ ᠬᠠᠷ᠎ᠠ ᠨᠢᠭᠤᠷ  ᠲᠤ᠌ ᠪᠠᠶᠠᠷ ᠲᠣᠳᠣᠷᠠᠵᠤ᠂ 
       — ᠡᠷ᠎ᠡ ᠬᠥᠮᠦᠨ ᠦ᠌ ᠵᠢᠷᠭᠠᠯ ᠡᠬᠡᠨᠡᠷ ᠦ᠋ᠨ ᠡᠵᠡᠭᠦᠢ ᠳ᠋ᠦ᠍ ᠭᠡᠵᠦ ᠡᠨᠡ ᠳᠡ ᠬᠦ᠃ ᠬᠦᠷᠲᠡᠭᠡᠳ ᠪᠠᠢᠳᠠᠭ ᠬᠡᠷᠡᠭ ᠠ᠋ ᠭᠡᠮᠡᠨ ᠫᠡᠷ ᠫᠡᠷ ᠢᠨᠢᠶᠡᠵᠡᠢ᠃ ᠁ ᠬᠦᠦ ᠶ᠋ᠢᠨ ᠨᠢᠳᠦ ᠰᠦᠮᠡᠢᠨ ᠪᠦᠦᠳᠡᠢᠵᠦ᠂ ᠠᠷᠠᠮᠠᠭ ᠲᠠᠷᠠᠮᠠᠭᠬᠠᠨ ᠠᠲᠠᠯ᠎ᠠ ᠪᠠᠨ ᠤᠷᠲᠤ ᠰᠣᠷᠮᠤᠤᠰᠤ ᠨᠢ ᠨᠢᠭᠤᠷ ᠢ᠋ᠶ᠋ᠠᠨ ᠪᠦᠲᠡᠭᠡᠵᠦ ᠪᠠᠭᠤᠯ᠎ᠠ᠃ ᠬᠠᠭᠠᠨ ᠦᠷᠭᠦᠭᠡᠨ ᠳ᠋ᠦ᠍ ᠨᠠᠮ ᠭᠦᠮ ᠪᠣᠯᠵᠠᠢ᠃ ᠥᠬᠢᠨᠪᠠᠷᠬᠠᠭ ᠬᠣᠭᠣᠯᠠᠢ ᠵᠠᠰᠠᠨ ᠨᠠᠮ ᠭᠦᠮ ᠢ᠋ ᠦᠷᠭᠦᠭᠡᠵᠦ᠂ 
       — ᠶᠠᠷᠢ᠂ ᠶᠠᠷᠢ! ᠭᠡᠬᠦ ᠳ᠋ᠦ᠍ ᠦᠭᠡ ᠨᠣᠶᠠᠨ ᠬᠠᠷᠢᠭᠤ ᠬᠣᠭᠣᠯᠠᠢ ᠵᠠᠰᠠᠭᠠᠳ᠂ 
       — ᠨᠠᠳᠠ ᠳ᠋ᠤ᠌ ᠬᠡᠴᠡᠭᠦᠦ ᠪᠠᠢᠨ᠎ᠠ᠂ ᠨᠣᠶᠠᠨᠲᠠᠨ ᠠ᠋᠁ ᠭᠡᠪᠡᠯ ᠥᠬᠢᠨᠪᠠᠷᠬᠠᠭ ᠤ᠋ᠨ  ᠲᠦᠷᠡᠰ ᠬᠢᠨ ᠠᠭᠤᠷᠰᠠᠬᠤ ᠶ᠋ᠢ ᠬᠠᠪᠤᠯ ᠠᠩᠵᠠᠭᠠᠷᠠᠵᠤ᠂ 
       — ᠬᠦᠦ ᠮᠢᠨᠢ᠂ ᠲᠡᠰᠦᠭᠡᠳ ᠪᠦᠭᠦᠳᠡ ᠶ᠋ᠢ ᠨᠢᠭᠡᠳ ᠨᠢᠭᠡᠨ ᠦᠭᠡᠢ ᠶᠠᠷᠢ! ᠭᠡᠪᠡ᠃ 
       — ᠨᠡᠮᠡᠷᠢ ᠬᠠᠴᠢᠷ ᠦᠭᠡᠢ ᠠᠢᠯᠠᠳᠬ᠎ᠠ! ᠭᠡᠵᠦ ᠥᠬᠢᠨᠪᠠᠷᠬᠠᠭ ᠰᠢᠷᠦᠭᠦᠯᠡᠬᠦ ᠳ᠋ᠦ᠍ ᠬᠣᠲᠣᠯᠠ ᠨᠣᠶᠠᠨ ᠠᠩᠬ᠎ᠠ ᠤᠳᠠᠭ᠎ᠠ ᠠᠮᠠ ᠨᠡᠭᠡᠭᠡᠵᠦ᠂ 
       — ᠬᠠᠨ ᠠᠬ᠎ᠠ ᠲᠠ ᠲᠣᠭᠲᠠᠵᠤ ᠠᠢᠯᠠᠳ! ᠡᠨᠡ ᠬᠦᠦ ᠣᠯᠠᠨ ᠬᠠᠷᠴᠠᠭᠠᠢ ᠳ᠋ᠤ᠌ ᠡᠭᠡᠷᠡᠭᠳᠡᠭᠰᠡᠨ ᠪᠣᠯᠵᠣᠮᠣᠷ ᠮᠡᠲᠦ ᠪᠠᠢᠭᠰᠠᠨ ᠪᠤᠰᠤ ᠤᠤ? ᠬᠡᠮᠡᠵᠡᠢ᠃ ᠦᠷᠭᠦᠭᠡᠨ ᠳ᠋ᠦ᠍ ᠬᠠᠷᠢᠭᠤ ᠬᠦᠯᠢᠶᠡᠨ ᠠᠨᠢᠷ ᠬᠤᠷᠢᠶᠠᠪᠠ᠃ 

                 
       — ᠲᠡᠮᠦᠵᠢᠨ᠂ ᠲᠡᠮᠦᠵᠢᠨ ᠦᠭᠡ! ᠭᠡᠵᠦ ᠤᠴᠢᠷ ᠦᠭᠡᠢ ᠴᠢᠩᠭ᠎ᠠ ᠬᠠᠰᠬᠢᠷᠬᠤ ᠳᠠᠭᠤᠨ ᠢ᠋ᠶ᠋ᠠᠷ ᠬᠥᠪᠡᠭᠦᠨ ᠰᠡᠷᠡᠵᠡᠢ᠃ ᠮᠥᠨᠥᠬᠡᠨ ᠡᠯᠴᠢ ᠶ᠋ᠢᠨ ᠬᠣᠨᠣᠭᠯᠠᠵᠤ ᠠᠭᠰᠠᠨ ᠠᠭᠤᠵᠢᠮ ᠲᠠᠩᠬᠢᠮ ᠳ᠋ᠤ᠌ ᠴᠢᠮᠡᠭᠡ ᠦᠭᠡᠢ ᠠᠭᠠᠳ ᠴᠣᠩᠬᠣ ᠪᠠᠷ ᠲᠤᠰᠬᠤ ᠰᠠᠷᠠᠨ ᠤ᠋ ᠭᠡᠷᠡᠯ ᠮᠣᠳᠣᠨ ᠵᠢᠶᠠᠰᠠᠨ ᠤ᠋ ᠬᠢᠲᠠᠳ ᠬᠡ ᠶ᠋ᠢ ᠨᠠᠩᠭᠢᠶᠠᠳ ᠬᠡᠪᠢᠰᠦᠨ ᠳᠡᠭᠡᠷ᠎ᠡ ᠰᠡᠭᠦᠳᠡᠷ ᠢ᠋ᠶ᠋ᠡᠷ ᠤᠷᠠᠯᠠᠬᠤ ᠪᠣᠯᠠᠢ᠃ 
       — ᠲᠡᠮᠦᠵᠢᠨ᠁ ᠲᠡᠮᠦᠵᠢᠨ᠁ 
       — ᠮᠡᠯᠲᠡᠭ ᠭᠤᠸᠠᠢ! 
       — ᠲᠡᠮᠦᠵᠢᠨ ᠦᠭᠡ! 
       — ᠮᠡᠯᠲᠡᠭ ᠠ᠋! ᠭᠡᠮᠡᠨ ᠴᠢᠩᠭ᠎ᠠ ᠬᠠᠰᠬᠢᠷᠪᠠᠯ ᠰᠠᠶᠢ ᠳᠠᠪ ᠬᠢᠨ ᠰᠡᠷᠡᠵᠦ᠂ 
       — ᠶᠣᠬᠣ᠂ ᠬᠠᠷ᠎ᠠ ᠳᠠᠷᠤᠵᠤ ᠵᠡᠭᠦᠳᠦᠯᠡᠭᠡᠳ᠁ ᠭᠡᠵᠦ ᠠᠮᠢᠰᠬᠤᠭᠠᠳᠠᠨ ᠥᠭᠦᠯᠡᠭᠰᠡᠨ ᠢ᠋ᠶ᠋ᠡᠨ ᠳᠡᠷ᠎ᠡ ᠪᠡᠨ ᠲᠣᠬᠣᠢᠯᠳᠠᠵᠤ ᠥᠨᠳᠡᠢᠭᠡᠳ᠂ 
       — ᠦᠭᠡ ᠨᠣᠶᠠᠨᠲᠠᠨ ᠠ᠋᠂ ᠭᠠᠳᠠᠭ᠎ᠠ ᠬᠠᠭᠠᠯᠭᠠᠨ ᠳᠡᠭᠡᠷ᠎ᠡ ᠬᠠᠷᠠᠭᠤᠯ ᠮᠠᠨᠠᠭ᠎ᠠ ᠲᠠᠯᠪᠢᠭᠰᠠᠨ ᠪᠣᠯᠪᠠ ᠤᠤ? ᠭᠡᠵᠦ ᠭᠡᠨᠡᠳᠲᠡ ᠠᠰᠠᠭᠤᠪᠠ᠃ ᠦᠭᠡ ᠨᠣᠶᠠᠨ ᠤ᠋ ᠰᠡᠳᠬᠢᠯ ᠰᠡᠷᠢᠭᠦᠦ ᠲᠠᠲᠠᠬᠤ ᠰᠢᠭ᠋ ᠪᠣᠯᠵᠤ ᠥᠷᠥᠭᠡᠯᠳᠡᠵᠦ ᠨᠥᠮᠥᠷᠦᠭᠰᠡᠨ ᠳᠡᠪᠡᠯ ᠢ᠋ᠶ᠋ᠡᠨ ᠥᠪᠡᠷ ᠦ᠋ᠨ ᠡᠷᠬᠡ ᠦᠭᠡᠢ ᠲᠡᠳᠡᠨ᠂ 
       — ᠬᠠᠷᠠᠭᠤᠯ ᠪᠣᠢ᠂ ᠪᠣᠢ ᠭᠡᠵᠦ ᠬᠡᠯᠡᠬᠦ ᠶ᠋ᠢ ᠨᠢ ᠨᠤᠲᠠᠯᠠᠨ᠂ ᠴᠣᠩᠬᠣᠨ ᠴᠠᠭᠠᠭᠤᠷ ᠨᠤᠮᠤ ᠰᠠᠭᠠᠳᠠᠭ ᠠᠭᠰᠠᠭᠰᠠᠨ ᠰᠥᠨᠢ ᠶ᠋ᠢᠨ ᠮᠠᠨᠠᠭ᠎ᠠ ᠬᠣᠭᠣᠯᠠᠢ ᠵᠠᠰᠠᠨ ᠥᠩᠭᠡᠷᠡᠵᠡᠢ᠃ ᠮᠡᠯᠲᠡᠭ ᠬᠢᠶ᠎ᠡ ᠲᠦᠭᠰᠢᠭᠦᠷᠢ ᠲᠡᠢ ᠪᠣᠳᠣᠯ ᠳ᠋ᠤ᠌ ᠡᠭᠡᠷᠡᠭᠳᠡᠪᠡ ᠪᠣᠯᠤᠯᠲᠠᠢ ᠬᠡᠰᠡᠭ ᠴᠢᠮᠡᠭᠡ ᠠᠯᠳᠠᠷᠠᠬᠤ ᠳ᠋ᠤ᠌ ᠬᠥᠪᠡᠭᠦᠨ᠂ 
       — ᠶᠣᠬᠣ ᠭᠡᠵᠦ᠁ ᠭᠡᠮᠡᠨ ᠰᠢᠪᠡᠨᠡᠵᠦ ᠣᠷᠣ ᠪᠠᠨ ᠱᠠᠷᠵᠢᠭᠢᠨᠠᠭᠤᠯᠤᠨ ᠥᠨᠳᠡᠢᠯ᠎ᠡ᠃ ᠲᠡᠭᠦᠨ ᠦ᠌ ᠳᠠᠭᠤᠨ ᠳ᠋ᠤ᠌ ᠶᠠᠮᠠᠷ ᠨᠢᠭᠡᠨ ᠢᠷᠣ᠎ᠠ᠂ ᠰᠤᠪᠢᠨ ᠰᠦᠮᠡᠯᠵᠡᠵᠦ ᠪᠠᠢᠪᠠ᠃ ᠴᠣᠩᠬᠣ ᠪᠠᠷ ᠲᠤᠰᠤᠭᠰᠠᠨ ᠵᠢᠪᠡᠬᠡᠢ ᠰᠠᠷᠠᠨ ᠤ᠋ ᠴᠠᠭᠠᠳᠤᠬᠢ ᠳᠡᠰ ᠬᠠᠷᠠᠩᠭᠤᠢ ᠠ᠋ᠴᠠ᠂ 
       — ᠬᠦᠦ ᠴᠢᠮᠠᠶ᠋ᠢ ᠬᠡᠷᠡᠭ ᠦᠭᠡᠢ ᠳᠠᠭᠠᠭᠤᠯᠵᠠᠢ᠁ ᠭᠡᠰᠡᠨ ᠢ᠋ᠶ᠋ᠡᠨ ᠬᠡᠦᠬᠡᠳ ᠦ᠋ᠨ ᠰᠡᠳᠬᠢᠯ ᠵᠣᠪᠠᠭᠠᠭᠠᠳ ᠶᠠᠭᠠᠬᠢᠬᠤ ᠪᠣᠢ ᠭᠡᠵᠦ ᠪᠣᠳᠣᠪᠠ ᠪᠣᠯᠤᠯᠲᠠᠢ᠂ 
       — ᠵᠠ᠂ ᠤᠨᠲᠠ᠂ ᠤᠨᠲᠠ! ᠬᠡᠮᠡᠵᠦ ᠠᠪᠠᠢ᠃ ᠦᠭᠡ ᠬᠥᠪᠡᠭᠦᠨ ᠦ᠌ ᠰᠡᠳᠬᠢᠯ ᠲᠠᠪᠠ ᠦᠭᠡᠢ ᠪᠣᠯᠵᠤ ᠨᠣᠢᠷ ᠬᠤᠯᠵᠢᠨ ᠪᠦᠬᠦᠯᠢ ᠰᠥᠨᠢᠵᠢᠨ ᠡᠷᠭᠢᠵᠦ ᠬᠥᠷᠪᠡᠪᠡ᠃ ᠬᠠᠷ᠎ᠠ ᠦᠷ ᠢ᠋ᠶ᠋ᠡᠷ ᠰᠡᠷᠡᠵᠦ ᠮᠠᠯᠲᠠᠭ ᠬᠢᠶ᠎ᠡ ᠶ᠋ᠢ ᠪᠣᠶᠤᠷᠤᠭ  ᠲᠤ᠌ ᠪᠠᠷᠠᠯᠬᠠᠬᠤ ᠪᠠᠷ ᠶᠠᠪᠤᠨ ᠶᠠᠪᠤᠲᠠᠯ᠎ᠠ ᠬᠠᠷᠠᠭ᠎ᠠ ᠦᠯᠦ ᠰᠠᠯᠭᠠᠵᠤ ᠪᠢᠯᠡ᠃ ᠨᠠᠰᠤᠵᠢᠭᠤ ᠬᠢᠶ᠎ᠡ ᠥᠴᠥᠭᠡᠳᠦᠷ ᠬᠣᠷᠵᠠᠬᠤᠰ ᠲᠤ᠌ ᠰᠢᠳᠠᠷᠯᠠᠨ ᠠᠢᠯᠠᠳᠬᠠᠯ ᠡᠷᠭᠦᠭᠡᠳ ᠢᠷᠡᠭᠰᠡᠨ ᠡᠴᠡ ᠬᠣᠢᠰᠢ ᠪᠠᠷᠢᠭᠰᠠᠨ ᠲᠠᠯᠪᠢᠭᠰᠠᠨ ᠢ᠋ᠶ᠋ᠠᠨ ᠮᠠᠷᠲᠠᠵᠤ᠂ ᠬᠡᠯᠡᠭᠰᠡᠨ ᠶᠠᠷᠢᠭᠰᠠᠨ ᠢ᠋ᠶ᠋ᠠᠨ ᠬᠣᠯᠢᠵᠤ ᠬᠤᠳᠬᠤᠭᠠᠳ ᠨᠢᠭᠡ ᠯᠡ ᠲᠠᠢᠪᠤᠩ ᠪᠢᠰᠢ ᠪᠣᠯᠵᠠᠢ᠃ ᠲᠡᠷᠡ ᠪᠡᠷ ᠣᠯᠠᠨ ᠵᠢᠯ ᠦ᠋ᠨ ᠠᠶᠠᠨ ᠲᠡᠢᠨ ᠳ᠋ᠦ᠍ ᠣᠩᠭᠣᠵᠤ ᠭᠠᠩᠳᠠᠭᠰᠠᠨ ᠬᠤᠢ ᠲᠠᠢ ᠰᠡᠯᠡᠮ᠎ᠡ ᠪᠡᠨ ᠠᠪᠴᠤ ᠵᠡᠭᠦᠭᠰᠡᠨ ᠢ᠋ᠶ᠋ᠡᠨ ᠤᠷᠲᠤ ᠪᠠᠷ ᠰᠠᠨᠠᠭ᠎ᠠ ᠠᠯᠲᠠᠨ ᠬᠥᠪᠡᠭᠦᠨ ᠢ᠋ ᠬᠠᠷᠠᠵᠤ᠂ 
       — ᠦᠭᠡ ᠨᠣᠶᠠᠨ ᠮᠢᠨᠢ᠂ ᠪᠤᠷᠬᠠᠨ ᠳ᠋ᠠᠭᠠᠨ ᠵᠠᠯᠪᠠᠷᠢᠵᠤ ᠪᠠᠢᠭᠠᠷᠠᠢ! ᠭᠡᠯ᠎ᠡ᠃ ᠴᠢᠩᠭᠢᠭᠡᠳ ᠭᠠᠷᠴᠤ ᠣᠳᠴᠤ᠂ ᠬᠦᠨᠳᠦ ᠬᠥᠯ ᠦ᠋ᠨ ᠠᠯᠬᠤᠭ᠎ᠠ ᠴᠠᠭᠠᠰᠢᠯᠠᠪᠠ᠃ ᠤᠴᠢᠷ ᠪᠢᠲᠡᠭᠦᠯᠢᠭ ᠡᠯ᠎ᠡ ᠦᠭᠡᠨ ᠳ᠋ᠦ᠍ ᠬᠦᠯᠢᠭᠳᠡᠵᠦ ᠪᠠᠷᠢᠭᠳᠠᠭᠰᠠᠨ ᠬᠥᠪᠡᠭᠦᠨ ᠭᠠᠳᠠᠭᠰᠢ ᠭᠠᠭᠴᠠ ᠠᠯᠬᠤᠭᠰᠠᠨ ᠦᠭᠡᠢ ᠪᠢᠯᠡ᠃ ᠪᠠᠭ᠎ᠠ ᠦᠳᠡ ᠥᠩᠭᠡᠷᠡᠵᠦ ᠪᠦᠷ ᠶᠡᠬᠡ ᠦᠳᠡ ᠬᠡᠯᠪᠡᠢᠭᠰᠡᠨ ᠴᠦ᠍ ᠮᠡᠯᠲᠡᠭ ᠬᠢᠶ᠎ᠡ ᠢᠷᠡᠭᠰᠡᠨ ᠦᠭᠡᠢ ᠠᠵᠢ᠃ ᠴᠢᠷᠠᠢ ᠭᠤᠸ᠎ᠠ᠂ ᠨᠢᠷᠤᠭᠤ ᠲᠡᠭᠰᠢ ᠪᠦᠰᠡᠭᠦᠢ ᠬᠣᠭᠣᠯᠠ ᠵᠥᠭᠡᠭᠡᠵᠦ᠂ ᠴᠠᠢ ᠳᠥᠭᠥᠭᠦᠯᠪᠡᠴᠦ ᠬᠠᠷ᠎ᠠ ᠴᠠᠭᠠᠨ ᠳᠠᠭᠤ ᠦᠭᠡᠢ ᠠᠪᠠᠢ᠃ — ᠮᠥᠨᠳᠥᠷ᠂ ᠵᠣᠭᠣᠭ ᠪᠡᠷᠢ᠃ 
       — ᠮᠥᠨᠳᠥᠷ᠂ ᠴᠠᠢ ᠥᠭ! ᠭᠡᠵᠦ ᠬᠠᠷᠠᠭᠤᠯ ᠡᠷᠡᠰ ᠵᠠᠷᠯᠢᠭᠳᠠᠨ ᠵᠠᠩᠳᠤᠷᠪᠠᠴᠤ ᠥᠬᠢᠨ ᠦ᠌ ᠠᠮᠠᠨ ᠠ᠋ᠴᠠ ᠦᠭᠡ ᠡᠰᠡ ᠤᠨᠠᠵᠠᠢ᠃ ᠣᠷᠣᠢ ᠶ᠋ᠢᠨ ᠵᠣᠭᠣᠭ ᠲᠤ᠌ ᠴᠢᠨᠠᠭᠰᠠᠨ ᠮᠢᠬ᠎ᠠ ᠲᠠᠯᠪᠢᠯ᠎ᠠ᠃ ᠱᠥᠯᠦᠨ ᠳ᠋ᠦ᠍ ᠰᠠᠴᠤᠭᠰᠠᠨ ᠪᠤᠳᠠᠭ᠎ᠠ ᠠᠶᠠᠭᠠᠯᠠᠨ ᠣᠷᠣᠵᠤ ᠢᠷᠡᠬᠦ ᠳ᠋ᠦ᠍ ᠦᠭᠡ ᠬᠥᠪᠡᠭᠦᠨ᠂ 
       — ᠮᠠᠯᠲᠠᠭ ᠬᠢᠶ᠎ᠡ ᠬᠠᠮᠢᠭ᠎ᠠ ᠣᠴᠢᠪᠠ? ᠭᠡᠬᠦ ᠳ᠋ᠦ᠍ ᠰᠢᠪᠡᠭᠴᠢᠨ ᠡᠮ᠎ᠡ ᠨᠢᠭᠡ ᠶᠡᠬᠡ ᠲᠣᠮᠣ ᠬᠠᠷᠠᠭᠠᠳ ᠲᠣᠯᠣᠭᠠᠢ ᠰᠡᠭᠰᠦᠷᠦᠨ ᠡᠷᠭᠢᠲᠡᠯ᠎ᠡ ᠦᠭᠡ ᠬᠥᠪᠡᠭᠦᠨ ᠳᠠᠯᠤ ᠳᠠᠷᠤᠨ ᠤᠨᠵᠢᠢᠭᠰᠠᠨ ᠪᠦᠳᠦᠭᠦᠨ ᠬᠠᠷ᠎ᠠ ᠦᠰᠦᠨ ᠡᠴᠡ ᠨᠢ ᠰᠢᠭᠦᠷᠡᠨ ᠠᠪᠴᠤ ᠳᠡᠷᠭᠡᠳᠡ ᠪᠡᠨ ᠰᠠᠭᠤᠯᠭᠠᠨ᠂ 
       — ᠮᠡᠯᠲᠡᠭ ᠬᠠᠮᠢᠭ᠎ᠠ ᠣᠴᠢᠪᠠ? ᠭᠡᠯ᠎ᠡ᠃ ᠭᠤᠸ᠎ᠠ ᠴᠢᠷᠠᠢ ᠨᠢ ᠬᠤᠪᠠᠬᠠᠢ ᠴᠠᠢᠵᠤ ᠲᠣᠯᠣᠭᠠᠢ ᠰᠡᠭᠰᠦᠷᠦᠨ ᠪᠣᠰᠬᠤ ᠭᠡᠵᠦ ᠵᠢᠳᠬᠦᠬᠦ ᠳ᠋ᠦ᠍ ᠦᠭᠡ ᠬᠣᠭᠤᠯᠠᠨ᠎ᠠ ᠲᠠᠯᠪᠢᠭᠰᠠᠨ ᠤᠢᠰᠤᠨ ᠡᠰᠢ ᠲᠡᠢ ᠬᠢᠲᠤᠭ᠎ᠠ ᠰᠢᠭᠦᠷᠡᠨ ᠠᠪᠴᠤ ᠠᠩᠭᠢᠷ ᠴᠠᠭᠠᠨ ᠴᠡᠭᠡᠵᠢᠨ ᠳ᠋ᠦ᠍ᠨᠢ ᠲᠤᠯᠭᠠᠨ᠂ 
       — ᠮᠡᠯᠲᠡᠭ ᠬᠠᠮᠢᠭ᠎ᠠ ᠣᠴᠢᠪᠠ? ᠭᠡᠬᠦ ᠳ᠋ᠦ᠍ ᠬᠣᠶᠠᠷ ᠨᠢᠳᠦ ᠨᠢ ᠪᠦᠯᠲᠡᠭᠡᠨᠡᠨ᠂ ᠬᠣᠭᠣᠯᠠᠢ ᠨᠢ ᠬᠡᠷᠵᠢᠭᠢᠨᠡᠬᠦ ᠡᠴᠡ ᠥᠭᠡᠷ᠎ᠡ ᠠᠪᠢᠶ᠎ᠠ ᠡᠰᠡ ᠭᠠᠷᠴᠠᠢ᠃《ᠬᠡᠯᠡ ᠦᠭᠡᠢ ᠠᠮᠢᠲᠠᠨ ᠪᠠᠢᠬᠤ ᠨᠢ᠁》 ᠭᠡᠵᠦ ᠦᠭᠡ ᠬᠥᠪᠡᠭᠦᠨ ᠦᠷᠦ ᠡᠪᠡᠳᠦᠩᠭᠦᠢ ᠪᠣᠳᠣᠭᠠᠳ ᠬᠢᠲᠤᠭ᠎ᠠ ᠪᠠᠨ ᠲᠠᠯᠪᠢᠭᠰᠠᠨ ᠢ᠋ᠶ᠋ᠠᠨ ᠠᠯᠠᠭ ᠨᠢᠳᠦ ᠶ᠋ᠢ ᠨᠢ ᠲᠠᠯᠲᠠᠷᠢᠲᠠᠯ᠎ᠠ ᠡᠭᠴᠡᠯᠡᠨ ᠰᠢᠷᠳᠡᠵᠦ᠂ 
       — ᠮᠡᠳᠡᠬᠦ ᠦᠭᠡᠢ ᠤᠤ? ᠭᠡᠬᠦ ᠳ᠋ᠦ᠍ ᠬᠡᠯᠡ ᠦᠭᠡᠢ ᠭᠤᠸ᠎ᠠ ᠥᠬᠢᠨ《ᠮᠡᠳᠡᠬᠦ ᠦᠭᠡᠢ》 ᠭᠡᠵᠦ ᠪᠥᠩᠵᠢᠭᠢᠨᠡᠲᠡᠯ᠎ᠡ ᠲᠣᠯᠣᠭᠠᠢ ᠰᠡᠭᠰᠦᠷᠦᠯ᠎ᠡ᠃ ᠦᠨᠡᠬᠡᠷ ᠲᠡᠷᠡ ᠬᠡᠯᠡ ᠦᠭᠡᠢ ᠶᠦᠮ ᠰᠠᠨᠵᠠᠢ᠃ ᠠᠷᠭ᠎ᠠ ᠪᠠᠷᠠᠭᠰᠠᠨ ᠦᠭᠡ ᠠᠳᠬᠤ ᠳᠦᠭᠦᠷᠡᠩ ᠬᠠᠷ᠎ᠠ ᠦᠰᠦ ᠶ᠋ᠢ ᠨᠢ ᠲᠠᠯᠪᠢᠬᠤ ᠳ᠋ᠤ᠌ ᠦᠷᠭᠦᠭᠰᠡᠨ ᠵᠡᠭᠡᠷ᠎ᠡ ᠰᠢᠭ ᠲᠠᠷ ᠬᠢᠨ ᠪᠣᠰᠤᠭᠠᠳ᠂ ᠬᠡᠭᠡᠷ᠎ᠡ ᠶ᠋ᠢᠨ ᠴᠡᠴᠡᠭ ᠦ᠋ᠨ ᠠᠩᠬᠢᠯᠤᠭᠤᠨ ᠦᠨᠦᠷ ᠳᠤᠮᠳᠠ ᠬᠥᠪᠡᠭᠦᠨ ᠢ᠋ ᠣᠷᠬᠢᠭᠠᠳ ᠰᠦᠷ ᠰᠡᠷ ᠬᠢᠨ ᠭᠠᠷᠴᠤ ᠣᠳᠴᠠᠢ᠃ ᠬᠦᠢᠲᠡ ᠳᠠᠭᠠᠭᠠᠭᠰᠠᠨ ᠲᠠᠩᠰᠤᠭ ᠲᠠᠩᠬᠢᠮ ᠳ᠋ᠤ᠌ ᠦᠭᠡ ᠭᠠᠭᠴᠠᠭᠠᠷ ᠦᠯᠡᠳᠡᠵᠦ ᠠᠪᠠᠢ᠃ ᠬᠣᠭᠣᠯᠠ ᠤᠮᠳᠠ ᠳ᠋ᠤ᠌ ᠬᠣᠭᠣᠯᠠᠢ ᠳᠠᠪᠠᠬᠤ ᠦᠭᠡᠢ ᠭᠡᠭᠡᠯᠵᠡᠨ ᠪᠠᠢᠲᠠᠯ᠎ᠠ ᠮᠡᠯᠲᠡᠭ ᠬᠢᠶ᠎ᠡ ᠴᠢᠷᠠᠢ ᠮᠠᠭᠤ ᠲᠠᠢ ᠣᠷᠣᠵᠤ ᠢᠷᠡᠯ᠎ᠡ᠃ ᠬᠥᠪᠡᠭᠦᠨ ᠡᠬᠢᠯᠡᠭᠡᠳ ᠠᠩᠵᠠᠭᠠᠷᠠᠭᠰᠠᠨ ᠦᠭᠡᠢ᠂ 
      — ᠬᠣᠭᠣᠯᠠ ᠬᠥᠷᠥᠴᠢᠬᠡᠯ᠎ᠡ ᠳᠡ᠁ ᠭᠡᠲᠡᠯ᠎ᠡ ᠮᠠᠯᠲᠠᠭ ᠬᠢᠶ᠎ᠡ ᠳᠥᠷᠪᠡᠨ ᠬᠦᠴᠦᠲᠡᠨ ᠰᠡᠢᠯᠦᠭᠰᠡᠨ ᠮᠣᠳᠣᠨ ᠢᠰᠡᠷᠡᠢ ᠳᠡᠭᠡᠷ᠎ᠡ ᠶᠠᠭᠬᠢᠲᠠᠯ᠎ᠠ ᠰᠠᠭᠤᠵᠤ᠂  
       — ᠬᠣᠭᠣᠯᠠ ᠲᠠᠢ᠂ ᠮᠠᠨᠠᠭ᠎ᠠ ᠲᠠᠢ ᠪᠣᠯᠤᠭᠠᠳ ᠪᠠᠢᠨ᠎ᠠ ᠠ᠋᠂ ᠬᠦᠦ ᠮᠢᠨᠢ᠁ ᠭᠡᠳ ᠭᠠᠷ ᠢ᠋ᠶ᠋ᠠᠨ ᠰᠠᠯᠠᠭᠠᠪᠴᠢᠯᠠᠨ ᠳᠡᠷᠡᠯᠡᠵᠦ᠂ ᠠᠲᠠᠷ ᠰᠢᠷᠲᠡᠨ ᠭᠦᠨ ᠪᠣᠳᠣᠯ ᠳ᠋ᠤ᠌ ᠳᠠᠷᠤᠭᠳᠠᠯ᠎ᠠ᠃ ᠦᠭᠡ ᠨᠣᠶᠠᠨ ᠲᠡᠭᠦᠨ ᠦ᠌ ᠬᠠᠭᠤᠴᠢᠨ ᠴᠤ᠌ ᠭᠡᠯ᠎ᠡ ᠬᠤᠷᠴᠠ ᠰᠡᠯᠡᠮ᠎ᠡ ᠶ᠋ᠢ ᠨᠢ ᠬᠤᠷᠢᠶᠠᠵᠤ᠂ ᠬᠤᠶᠠᠭ ᠳᠤᠭᠤᠯᠠᠭ᠎ᠠ ᠶ᠋ᠢ ᠪᠦᠰᠡ ᠲᠡᠢ ᠨᠢ ᠲᠠᠢᠯᠵᠤ ᠨᠥᠮᠥᠭᠡᠯᠡᠭᠰᠡᠨ ᠢ᠋ ᠰᠠᠶᠢ ᠯᠠ ᠠᠩᠵᠠᠭᠠᠷᠠᠵᠤ ᠵᠢᠷᠦᠬᠡ ᠨᠢ ᠫᠠᠯ ᠬᠢᠪᠡ᠃ ᠴᠢᠩᠭᠢᠭᠡᠳ ᠣᠪᠣᠯᠵᠠᠨ ᠢᠷᠡᠭᠰᠡᠨ ᠠᠮᠢᠰᠬᠤᠭ᠎ᠠ ᠪᠠᠨ ᠳᠠᠷᠤᠵᠤ ᠶᠠᠳᠠᠨ᠂ 
       — ᠮᠡᠯᠲᠡᠭ ᠭᠤᠸᠠᠢ᠂ ᠶᠠᠭᠤ ᠪᠣᠯᠤᠭᠠᠳ ᠪᠠᠢᠨ᠎ᠠ ᠳᠠ ᠭᠡᠬᠦ ᠳ᠋ᠦ᠍ ᠲᠡᠷᠡ ᠪᠡᠷ ᠤᠳᠠᠲᠠᠯ᠎ᠠ ᠴᠣᠩᠬᠣ ᠪᠠᠷ ᠮᠡᠯᠲᠡᠢᠬᠦ ᠦᠳᠡᠰᠢ ᠶ᠋ᠢᠨ ᠲᠩᠷᠢ ᠰᠢᠷᠳᠡᠨ ᠪᠠᠢᠭᠰᠠᠨ ᠢ᠋ᠶ᠋ᠠᠨ᠂ 
       — ᠬᠡᠴᠡᠭᠦᠦ ᠶᠠᠭᠤᠮ᠎ᠠ ᠪᠣᠯᠵᠤ ᠪᠠᠢᠨ᠎ᠠ! ᠨᠠᠳᠠ ᠠ᠋ᠴᠠ ᠴᠢᠮᠠᠶ᠋ᠢ ᠨᠡᠬᠡᠪᠡ᠃ ᠬᠣᠷᠵᠠᠬᠤᠰ ᠪᠣᠶᠣᠷᠤᠭ ᠤ᠋ᠨ ᠰᠠᠨᠠᠭ᠎ᠠ ᠨᠢ ᠪᠦᠯᠵᠢᠭᠡᠨ ᠬᠠᠲᠤᠨ ᠲᠠ ᠬᠣᠶᠠᠷ ᠢ᠋ᠶ᠋ᠠᠷ ᠲᠣᠷᠯᠣᠭ ᠲᠣᠭᠣᠷᠢᠯ᠂ ᠢᠯᠮ᠎ᠠ ᠬᠠᠲᠤᠨ ᠢ᠋ ᠰᠣᠯᠢᠵᠤ ᠠᠪᠬᠤ ᠪᠣᠯᠤᠯᠲᠠᠢ᠁ ᠭᠡᠬᠦ ᠳ᠋ᠦ᠍ ᠦᠭᠡ ᠬᠥᠪᠡᠭᠦᠨ ᠦ᠌ ᠬᠡᠯᠡ ᠲᠠᠲᠠᠴᠢᠬᠤ ᠰᠢᠭ᠋ ᠪᠣᠯᠵᠠᠢ᠃ ᠭᠡᠨᠡᠳᠲᠡ ᠪᠠᠶᠠᠷᠯᠠᠵᠤ ᠳᠣᠭᠳᠣᠯᠤᠭᠰᠠᠨ ᠨᠢ ᠪᠣᠢ᠃ ᠶᠡᠬᠡ ᠪᠠᠶᠠᠷ ᠤ᠋ᠨ ᠢᠯᠴᠢᠨ᠎ᠡ ᠳᠣᠲᠣᠷ ᠬᠠᠭᠤᠷᠠᠢᠰᠢᠵᠤ᠂ ᠠᠮᠠ ᠴᠠᠩᠭᠠᠬᠤ ᠰᠢᠭ᠋ ᠪᠣᠯᠳᠠᠭ ᠠᠵᠤᠭᠤ᠃ ᠲᠡᠭᠡᠭᠰᠡᠨ ᠢ᠋ᠶ᠋ᠡᠨ ᠢᠵᠢᠢ ᠨᠢ ᠪᠣᠳᠣᠭᠳᠠᠵᠤ᠂ ᠬᠣᠲᠣᠯᠠ ᠨᠣᠶᠠᠨ ᠢ᠋ ᠰᠡᠮᠬᠡᠨ ᠬᠠᠷᠠᠳᠠᠭ ᠬᠠᠢᠷ᠎ᠠ ᠶ᠋ᠢᠨ ᠬᠠᠷᠠᠴᠠ ᠨᠢ ᠦᠵᠡᠭᠳᠡᠬᠦ ᠰᠢᠭ ᠪᠣᠯᠪᠠ᠃ ᠥᠨᠥ ᠪᠠᠶᠠᠷ ᠢ᠋ ᠲᠡᠷᠡ ᠬᠠᠷᠠᠴᠠ ᠦᠷᠭᠦᠭᠡᠵᠦ᠂ ᠰᠡᠳᠬᠢᠯ ᠨᠢ ᠡᠯᠦᠢ ᠬᠤᠯᠤᠢ ᠡᠵᠡᠨ ᠦᠭᠡᠢ ᠮᠡᠲᠦ ᠬᠠᠩᠬᠠᠢᠯ᠎ᠠ᠃ 
       — ᠬᠣᠷᠵᠠᠬᠤᠰ ᠪᠣᠶᠣᠷᠤᠭ ᠲᠤ᠌ ᠪᠤᠷᠤᠭᠤ ᠠᠯᠠᠭ᠎ᠠ! ᠴᠢᠮ᠎ᠠ ᠳ᠋ᠤ᠌ ᠴᠤ᠌ ᠪᠤᠷᠤᠭᠤ ᠠᠯᠠᠭ᠎ᠠ! ᠴᠢᠮᠠᠶ᠋ᠢ ᠳᠠᠭᠠᠭᠤᠯᠵᠤ ᠢᠷᠡᠭᠰᠡᠨ ᠪᠢ ᠪᠤᠷᠤᠭᠤ ᠲᠠᠢ ᠶ᠋ᠢᠨ ᠤᠴᠢᠷ ᠶᠠᠯ᠎ᠠ ᠪᠠᠨ ᠡᠭᠦᠷᠦᠭᠡᠳ ᠴᠢᠨᠦ ᠪᠠᠷᠢᠴᠠᠭᠠᠨ ᠳ᠋ᠤ᠌ ᠦᠯᠡᠳᠡᠶ᠎ᠡ᠃ ᠴᠢ ᠶᠠᠪᠤᠰᠤ! ᠭᠡᠵᠡᠢ᠃ ᠡᠨᠡ ᠦᠶᠡᠰ ᠬᠡᠷᠡᠢᠳ ᠦ᠋ᠨ ᠳᠠᠢᠴᠢᠨ ᠡᠷᠡᠰ ᠰᠠᠯᠬᠢ ᠲᠠᠲᠠᠭᠤᠯᠤᠨ ᠣᠷᠣᠵᠤ ᠢᠷᠡᠭᠡᠳ ᠦᠭᠡ ᠨᠣᠶᠠᠨ ᠤ᠋ ᠬᠥᠯ ᠳᠣᠣᠷ᠎ᠠ ᠡᠮᠡᠭᠡᠯ ᠬᠠᠵᠠᠭᠠᠷ ᠢ᠋ ᠨᠢ ᠬᠠᠷ ᠶᠠᠷ ᠬᠢᠲᠡᠯ᠎ᠡ ᠬᠠᠶᠠᠴᠢᠬᠠᠪᠠ᠃ ᠲᠡᠳᠡ ᠶᠠᠭᠤ ᠴᠣ ᠳᠤᠤᠭᠠᠷᠬᠤ ᠦᠭᠡᠢ ᠵᠣᠭᠰᠣᠬᠤ ᠨᠢ ᠦᠭᠡ ᠶ᠋ᠢᠨ ᠭᠠᠷᠬᠤ ᠶ᠋ᠢ ᠬᠦᠯᠢᠶᠡᠨ᠎ᠡ ᠪᠣᠯᠤᠯᠲᠠᠢ᠃ ᠬᠥᠪᠡᠭᠦᠨ ᠭᠠᠢᠬᠠᠰᠢ ᠲᠠᠰᠤᠷᠠᠨ ᠮᠡᠯᠲᠡᠭ ᠬᠢᠶ᠎ᠡ ᠤᠷᠤᠭᠤ ᠬᠠᠷᠠᠪᠠᠯ᠂ 
       — ᠦᠭᠡ ᠨᠣᠶᠠᠨ ᠲᠠ ᠶᠠᠪᠤᠵᠤ ᠦᠵᠡ᠃ ᠮᠢᠨᠦ ᠬᠠᠨ ᠬᠣᠯᠠ ᠶ᠋ᠢ ᠤᠨᠤᠭᠠᠷᠠᠢ! ᠭᠡᠵᠡᠢ᠃ 
       ᠁ ᠡᠢᠨ ᠥᠭᠦᠯᠡᠭᠡᠳ ᠦᠭᠡ ᠬᠥᠪᠡᠭᠦᠨ ᠬᠠᠭᠠᠨ ᠦᠷᠭᠦᠭᠡᠨ ᠳ᠋ᠦ᠍ ᠴᠢᠭᠤᠯᠤᠭᠰᠠᠨ ᠣᠯᠠᠨ ᠢ᠋ ᠲᠣᠭᠣᠷᠢᠭᠤᠯᠤᠨ ᠬᠠᠷᠠᠯ᠎ᠠ᠃ ᠥᠬᠢᠨᠪᠠᠷᠬᠠᠭ ᠬᠥᠪᠡᠭᠦᠳ ᠦ᠋ᠨ ᠠᠬᠠᠮᠠᠳ ᠨᠢ ᠲᠤᠯᠠ ᠢᠮᠠᠭᠲᠠ ᠰᠠᠯᠬᠢ ᠬᠠᠭᠠᠯᠵᠤ ᠦᠭᠡ ᠡᠬᠢᠯᠡᠳᠡᠭ ᠵᠠᠶᠢᠭ ᠲᠠᠭᠠᠨ᠂ 
       — ᠶᠠᠭᠤᠨ ᠶᠡᠬᠡ ᠰᠦᠷ ᠵᠠᠷ ᠪᠣᠯᠤᠨ᠎ᠠ ᠪᠢᠯᠡ᠃ ᠬᠠᠨ ᠬᠥᠪᠡᠭᠦᠳ ᠴᠢᠭᠤᠯᠵᠤ᠂ ᠬᠠᠮᠤᠭ ᠮᠣᠩᠭᠣᠯ ᠲᠤᠷᠭᠢᠬᠤ ᠲᠣᠮᠣ ᠵᠦᠢᠯ ᠡᠨᠡ ᠮᠥᠨ ᠭᠡᠵᠦ ᠤᠤ! ᠬᠡᠮᠡᠪᠡ᠃ ᠬᠤᠲᠤᠭᠲᠤ ᠮᠣᠩᠬᠣᠷ ᠳᠠᠮᠵᠢᠨ ᠤᠤᠬᠠᠢᠯᠠᠵᠤ᠂ 
       — ᠲᠠᠲᠠᠪᠤᠷᠢ ᠡᠮ᠎ᠡ᠂ ᠣᠯᠵᠠᠨ ᠤ᠋ ᠪᠠᠨᠳᠢ ᠬᠣᠶᠠᠷ ᠤ᠋ᠨ ᠲᠤᠬᠠᠢ ᠰᠠᠨᠵᠠᠢ᠃ ᠶᠡᠬᠡᠰ ᠳᠡᠭᠡᠳᠦᠰ ᠴᠠᠭ ᠢ᠋ᠶ᠋ᠠᠨ ᠪᠠᠷᠠᠨ ᠠᠵᠢᠯ ᠢ᠋ᠶ᠋ᠠᠨ ᠠᠯᠳᠠᠵᠤ ᠴᠤᠭᠯᠠᠭᠰᠠᠨ ᠨᠢ ᠢᠯᠡᠭᠦᠴᠡ ᠪᠣᠯᠵᠠᠢ ᠭᠡᠬᠦ ᠳ᠋ᠦ᠍ ᠬᠤᠯᠠᠨ ᠪᠠᠭᠠᠲᠤᠷ ᠤᠳᠠᠭᠠᠯᠠᠨ ᠲᠦᠷᠢᠵᠦ᠂ 
       — ᠴᠣᠬᠣᠮ ᠠ᠋᠂ ᠴᠣᠬᠣᠮ! ᠲᠦᠭᠰᠢᠨ ᠶᠠᠷᠢᠵᠤ᠂ ᠱᠠᠭᠰᠢᠨ ᠵᠥᠪᠯᠡᠭᠡᠳ ᠪᠠᠢᠬᠤ ᠵᠦᠢᠯ ᠥᠭᠡᠷ᠎ᠡ ᠦᠭᠡᠢ ᠠᠵᠢ᠃ ᠡᠨᠡ ᠮᠠᠭᠤ ᠨᠢᠰᠤᠬᠠᠢ ᠬᠦᠦ ᠡᠬᠡ ᠪᠡᠨ ᠬᠥᠲᠥᠯᠦᠭᠡᠳ ᠬᠣᠷᠵᠠᠬᠤᠰ  ᠲᠤ᠌ ᠣᠴᠢᠪᠠᠯ ᠪᠣᠯᠬᠤ ᠪᠢᠰᠢ ᠤᠤ ᠬᠡᠮᠡᠪᠡ᠃ ᠬᠠᠪᠤᠯ ᠬᠠᠭᠠᠨ ᠤ᠋ ᠣᠯᠠᠨ ᠢ᠋ ᠦᠵᠡᠭᠰᠡᠨ ᠴᠢᠯᠠᠭᠤᠨ ᠵᠢᠷᠦᠬᠡ ᠦᠢᠷᠡᠨ ᠡᠮᠲᠡᠷᠡᠵᠦ ᠪᠠᠢᠬᠤ ᠨᠢ ᠮᠡᠳᠡᠷᠡᠭᠳᠡᠵᠦ ᠠᠪᠠᠢ᠃ ᠲᠡᠭᠦᠨ ᠦ᠌ ᠵᠢᠷᠭᠤᠭᠠᠨ ᠰᠠᠢᠬᠠᠨ ᠬᠥᠪᠡᠭᠦᠳ ᠲᠠᠩᠭᠠᠷᠢᠭ ᠲᠠᠰᠤᠷᠠᠵᠤ᠂ ᠥᠪᠡᠷ ᠬᠣᠭᠣᠷᠣᠨᠳᠣ ᠪᠠᠨ ᠮᠡᠷᠡᠯᠴᠡᠬᠦ ᠪᠣᠯᠤᠭᠰᠠᠨ ᠢ᠋ ᠲᠡᠷᠡ ᠮᠡᠳᠡᠷᠡᠵᠦ ᠶᠠᠪᠤᠭᠰᠠᠨ ᠪᠣᠯ ᠮᠡᠳᠡᠵᠦ ᠠᠪᠬᠤ ᠨᠢ ᠡᠨᠡ ᠡᠳᠦᠷ ᠠᠪᠠᠢ᠃ ᠡᠪ ᠢ᠋ ᠰᠠᠬᠢᠵᠤ᠂ ᠵᠥᠪ ᠢ᠋ ᠪᠣᠳᠣᠵᠤ ᠶᠠᠪᠤᠳᠠᠭ ᠬᠠᠲᠠᠭᠠᠨ ᠬᠥᠪᠡᠭᠦᠨ ᠡᠴᠡ ᠬᠣᠢᠰᠢ ᠡᠯ᠎ᠡ ᠬᠠᠭᠠᠷᠠᠯ ᠢ᠋ ᠨᠠᠭᠠᠬᠤ ᠴᠠᠪᠠᠤ᠂ ᠵᠦᠢᠬᠦ ᠦᠭᠡ ᠦᠯᠦ ᠣᠯᠳᠠᠬᠤ ᠪᠣᠯᠵᠠᠢ᠃ ᠬᠠᠪᠤᠯ ᠬᠠᠭᠠᠨ ᠪᠠᠷᠠᠭᠤᠨ ᠭᠠᠷ ᠢ᠋ᠶ᠋ᠠᠨ ᠡᠷᠭᠦᠨ ᠨᠠᠮ ᠭᠦᠮ ᠢ᠋ ᠲᠣᠭᠲᠠᠭᠠᠵᠤ᠂ 
       — ᠬᠥᠪᠡᠭᠦᠨ ᠴᠢ ᠭᠠᠷᠴᠤ ᠪᠠᠢ! ᠭᠡᠬᠦ ᠳ᠋ᠦ᠍ ᠬᠣᠲᠣᠯᠠ ᠨᠣᠶᠠᠨ᠂ 
       — ᠬᠦᠯᠢᠶᠡᠰᠦ ᠶ᠋ᠢ ᠨᠢ ᠲᠠᠢᠯᠵᠤ ᠭᠡᠷ ᠲᠦ᠋ᠨᠢ ᠬᠠᠷᠢᠭᠤᠯ! ᠬᠡᠮᠡᠭᠰᠡᠨ ᠨᠢ ᠬᠡᠷᠡᠭᠦᠯ ᠦ᠋ᠨ ᠣᠴᠢ ᠪᠣᠯᠤᠨ ᠦᠰᠦᠷᠴᠦ ᠥᠬᠢᠨᠪᠠᠷᠬᠠᠭ ᠢ᠋ ᠳᠡᠮᠵᠢᠳᠡᠭ ᠬᠠᠨ ᠬᠥᠪᠡᠭᠦᠳ ᠠᠮᠠ ᠠᠮᠠᠨ ᠳ᠋ᠠᠭᠠᠨ ᠱᠤᠤᠭᠢᠯᠳᠤᠪᠠ᠃ 
       — ᠶᠠᠯᠠᠲᠠᠨ ᠬᠥᠮᠦᠨ ᠢ᠋ ᠶᠠᠭᠤᠨ ᠤ᠋ ᠤᠴᠢᠷ ᠰᠤᠯᠠᠯᠠᠬᠤ ᠪᠢᠯᠡ᠃ 
       — ᠬᠠᠷᠢᠨ ᠪᠦᠯᠵᠢᠭᠡᠨ ᠬᠠᠲᠤᠨ ᠢ᠋ ᠨᠡᠮᠡᠵᠦ ᠭᠠᠪᠠᠯᠠᠬᠤ ᠶᠣᠰᠣᠲᠠᠢ ᠪᠤᠰᠤ ᠤᠤ? 
       — ᠬᠣᠶᠠᠭᠤᠯᠠ ᠶ᠋ᠢ ᠨᠣᠬᠠᠢ ᠰᠠᠭᠤᠳᠠᠯ ᠢ᠋ᠶ᠋ᠠᠷ ᠬᠦᠯᠢᠵᠦ᠂ ᠭᠠᠬᠠᠢ ᠴᠠᠭ  ᠲᠤ᠌ ᠭᠠᠷᠭᠠᠵᠤ ᠶᠠᠪᠤᠭᠤᠯᠪᠠᠯ ᠲᠠᠭᠠᠷᠠᠨ᠎ᠠ᠁ ᠭᠡᠵᠡᠢ᠃ ᠬᠠᠪᠤᠯ ᠬᠠᠭᠠᠨ ᠤ᠋ ᠴᠢᠬᠢᠨ ᠳ᠋ᠦ᠍ ᠡᠯ᠎ᠡ ᠦᠭᠡᠰ ᠨᠢᠭᠡᠨ ᠶᠡᠬᠡ ᠳᠦᠩᠭᠢᠨᠡᠭᠡᠨ ᠪᠣᠯᠤᠨ ᠰᠣᠨᠣᠰᠳᠠᠵᠤ ᠳᠥᠷᠪᠡᠨ ᠬᠥᠯ ᠢ᠋ ᠨᠢ ᠠᠷᠰᠯᠠᠨ ᠰᠡᠢᠯᠦᠨ ᠰᠠᠭᠤᠷᠢᠯᠠᠭᠤᠯᠵᠤ᠂ ᠳᠥᠷᠪᠡᠯᠵᠢᠨ ᠲᠦᠰᠢᠯᠭᠡ ᠶ᠋ᠢ ᠨᠢ ᠪᠠᠷᠰ ᠤ᠋ᠨ ᠠᠷᠠᠰᠤ ᠪᠠᠷ ᠪᠦᠷᠢᠭᠰᠡᠨ ᠬᠠᠭᠠᠨ ᠰᠡᠨᠳᠡᠢ ᠨᠢ ᠤᠭᠯᠠᠭᠤᠷᠭ᠎ᠠ ᠪᠠᠷ ᠢ᠋ᠶ᠋ᠠᠨ ᠱᠠᠵᠢᠭᠢᠨᠠᠨ ᠶᠠᠵᠢᠬᠢᠨᠠᠵᠤ ᠪᠠᠢᠬᠤ ᠰᠢᠭ᠋ ᠰᠠᠨᠠᠭᠳᠠᠪᠠ᠃ ᠶᠡᠷᠦ ᠶᠢᠰᠦᠨ ᠲᠠᠲ᠋ᠠᠷ ᠤ᠋ᠳ ᠡᠷᠯᠢᠭ ᠦ᠋ᠨ ᠡᠯᠴᠢ ᠮᠡᠲᠦ ᠰᠤᠷ ᠪᠣᠯᠤᠭᠰᠠᠨ ᠭᠠᠭᠴᠠ ᠬᠦᠦ ᠶ᠋ᠢ ᠨᠢ ᠠᠯᠠᠴᠢᠬᠠᠵᠠᠢ᠃ ᠬᠠᠲᠠᠭᠠᠨ ᠤ᠋ ᠲᠤᠯᠬ᠎ᠠ (ᠲᠡᠰᠪᠦᠷᠢ ᠲᠡᠪᠴᠢᠶᠡᠷᠢ) ᠲᠡᠢ ᠦᠭᠡ᠂ ᠲᠦᠰᠢᠭ ᠲᠡᠢ ᠰᠠᠨᠠᠭ᠎ᠠ ᠲᠤᠩ ᠶᠡᠬᠡ ᠦᠭᠡᠢᠯᠡᠭᠳᠡᠪᠡ᠃ ᠡᠪᠦᠭᠡᠨ ᠬᠠᠭᠠᠨ ᠤᠨᠠᠴᠢᠬᠠᠬᠤ ᠦᠭᠡᠢ ᠶ᠋ᠢ ᠬᠢᠴᠢᠶᠡᠨ ᠲᠣᠬᠣᠢᠪᠴᠢ ᠪᠠᠨ ᠲᠠᠰᠤ ᠠᠳᠬᠤᠵᠤ᠂ 
       — ᠴᠢᠮᠡᠭᠡ ᠦᠭᠡᠢ! ᠭᠡᠯ᠎ᠡ᠃ ᠬᠠᠪᠤᠯ ᠤ᠋ᠨ ᠪᠤᠭᠤᠷᠤᠯ ᠬᠥᠮᠥᠰᠬᠡ ᠴᠡᠴᠡᠷᠬᠢᠯᠡᠵᠦ᠂ ᠡᠩᠭᠡᠷ ᠪᠦᠷᠬᠦᠨ ᠤᠨᠵᠢᠢᠭᠰᠠᠨ ᠴᠠᠭᠠᠨ ᠰᠠᠬᠠᠯ ᠨᠢ ᠰᠡᠭᠰᠡᠯᠵᠡᠲᠡᠯ᠎ᠡ ᠤᠷᠤᠭᠤᠯ ᠢ᠋ᠶ᠋ᠠᠨ ᠬᠡᠮᠡᠯᠢᠨ ᠪᠠᠢᠪᠠ᠃ ᠶᠡᠬᠡᠳᠡ ᠬᠢᠯᠢᠩᠨᠡᠭᠰᠡᠨ ᠬᠡᠷᠡᠭ ᠪᠣᠯᠠᠢ᠃ ᠲᠡᠭᠡᠭᠡᠳ ᠴᠦ᠍ ᠲᠠᠢᠴᠢᠭᠤᠳ ᠤ᠋ᠨ ᠠᠮᠪᠠᠭᠠᠢ᠂ ᠮᠡᠷᠭᠢᠳ ᠦ᠋ᠨ ᠳᠣᠲᠣᠷ ᠪᠢᠯᠭᠡ ᠴᠢᠬᠢᠨ ᠰᠡᠯᠲᠡ ᠡᠴᠡ ᠰᠠᠨᠠᠭ᠎ᠠ ᠵᠣᠪᠠᠵᠤ ᠰᠠᠭᠤᠪᠠ᠃ ᠵᠦᠪᠦ᠋ ᠠᠷᠪᠠᠨ ᠨᠠᠢ᠍ᠮᠠᠨ ᠠᠢᠮᠠᠭ ᠤ᠋ᠨ ᠵᠢᠷᠦᠬᠡ ᠨᠢ᠂ ᠲᠠᠷᠢᠬᠢ ᠨᠢ ᠪᠣᠯᠤᠭᠰᠠᠨ ᠬᠠᠮᠤᠭ ᠮᠣᠩᠭᠣᠯ ᠬᠠᠨᠯᠢᠭ ᠡᠢᠨ ᠳᠣᠲᠣᠷ᠎ᠠ ᠠ᠋ᠴᠠ ᠪᠠᠨ ᠦᠲᠦᠭᠰᠡᠨ ᠥᠷᠥᠮ᠎ᠡ ᠮᠡᠲᠦ ᠪᠣᠯᠤᠭᠰᠠᠨ ᠨᠢ ᠲᠡᠳᠡᠨ ᠳ᠋ᠦ᠍ ᠶᠠᠭᠠᠬᠢᠪᠠᠴᠤ ᠳᠠᠭ᠎ᠠ ᠲᠠᠢ ᠡᠰᠡ ᠰᠠᠨᠠᠭᠳᠠᠬᠤ ᠪᠢᠵᠡ᠃ ᠬᠠᠪᠤᠯ ᠬᠠᠭᠠᠨ ᠬᠣᠭᠣᠯᠠᠢ ᠵᠠᠰᠠᠨ ᠫᠠᠷᠭᠢᠶ᠎ᠠ ᠪᠦᠳᠦᠭᠦᠨ ᠳᠠᠭᠤ ᠪᠠᠷ᠂ 
       — ᠲᠠ ᠨᠠᠷ ᠰᠢᠭᠤᠳᠠᠢ ᠳ᠋ᠤ᠌ ᠬᠢᠭᠰᠡᠨ ᠢᠮᠠᠭᠠᠨ ᠤ᠋ ᠡᠪᠡᠷ ᠮᠡᠲᠦ ᠪᠣᠯᠵᠠᠢ᠃ ᠬᠥᠪᠴᠢ ᠵᠢᠷᠭᠤᠭᠠᠨ ᠵᠦᠢᠯ ᠠᠮᠢᠲᠠᠨ ᠤ᠋ ᠲᠥᠷᠥᠯ ᠡᠴᠡ ᠬᠥᠮᠦᠨ ᠪᠣᠯᠵᠤ ᠲᠥᠷᠥᠬᠦ ᠨᠢ ᠡᠳᠦᠷ ᠦ᠋ᠨ ᠣᠳᠣ ᠰᠢᠭ᠋ ᠭᠡᠯᠴᠡᠳᠡᠭ ᠪᠢᠯᠡ᠃ ᠬᠠᠷ᠎ᠠ ᠲᠣᠯᠣᠭᠠᠢᠲᠤ ᠬᠥᠮᠦᠨ ᠪᠣᠯᠵᠤ ᠲᠥᠷᠥᠭᠰᠡᠨ ᠣᠯᠠᠨ ᠠ᠋ᠴᠠ ᠬᠠᠭᠠᠨ ᠤᠷᠤᠭ ᠢ᠋ ᠣᠯᠵᠤ ᠮᠡᠨᠳᠦᠯᠡᠬᠦ ᠨᠢ ᠵᠡᠭᠦᠨ ᠦ᠌ ᠦᠵᠦᠭᠦᠷ ᠲᠦ᠍ ᠪᠤᠭᠤᠳᠠᠢ ᠲᠣᠭᠲᠠᠵᠤ ᠦᠯᠡᠳᠡᠬᠦ ᠶ᠋ᠢᠨ ᠠᠳᠠᠯᠢ ᠪᠢᠯᠡ᠃ ᠬᠣᠷᠸ᠎ᠠ ᠶᠢᠷᠲᠢᠨᠴᠦ   ᠳ᠋ᠦ᠍ ᠬᠣᠪᠣᠷ ᠵᠠᠶᠠᠭ᠎ᠠ ᠶ᠋ᠢ ᠣᠯᠵᠤ᠂ ᠬᠣᠪᠣᠷ ᠣᠳᠣ ᠶ᠋ᠢ ᠰᠠᠨᠳᠠᠢᠯᠠᠵᠤ ᠲᠥᠷᠥᠭᠰᠡᠨ ᠠᠲᠠᠯ᠎ᠠ ᠶᠠᠭᠤᠨ ᠳ᠋ᠤ᠌ ᠲᠠ ᠨᠠᠷ ᠶᠠᠰᠤ ᠪᠤᠯᠢᠶᠠᠯᠳᠤᠬᠤ ᠨᠣᠬᠠᠢ ᠮᠡᠲᠦ ᠬᠠᠷ  ᠶᠠᠷ  ᠬᠢᠨ᠎ᠡ ? ᠬᠠᠨ ᠬᠥᠪᠡᠭᠦᠳ ᠡᠢᠨ ᠠᠪᠠᠰᠤ ᠬᠠᠮᠤᠭ ᠮᠣᠩᠭᠣᠯ ᠶᠠᠭᠠᠬᠢᠨ ᠤᠯᠤᠰ ᠰᠢᠭ᠋ ᠤᠯᠤᠰ ᠪᠠᠢᠬᠤ ᠪᠢᠯᠡ᠃ ᠬᠠᠮᠤᠭ ᠢᠲᠡᠭᠡᠯ ᠨᠠᠢᠳᠠᠪᠤᠷᠢ ᠮᠢᠨᠢ ᠬᠠᠲᠠᠭᠠᠨ ᠬᠦᠦ ᠲᠡᠢ ᠴᠣᠭ ᠪᠤᠯᠢᠶᠠᠭᠳᠠᠭᠰᠠᠨ ᠮᠡᠲᠦ᠂ ᠪᠤᠯᠠᠰᠢᠯᠠᠭᠳᠠᠭᠰᠠᠨ ᠮᠡᠲᠦ ᠰᠠᠨᠠᠭᠳᠠᠵᠤ ᠪᠠᠢᠨ᠎ᠠ᠃ ᠠᠮᠠᠨ ᠤ᠋ ᠵᠥᠪ ᠲᠡᠢ ᠭᠠᠭᠴᠠ ᠬᠦᠦ ᠶ᠋ᠢ ᠮᠢᠨᠢ ᠠᠲᠠᠭᠠᠲᠠᠨ ᠠᠯᠠᠭᠰᠠᠨ ᠠᠵᠢ᠃ ᠮᠢᠨᠦ ᠰᠡᠳᠬᠢᠯ ᠶᠡᠬᠡ ᠵᠣᠪᠠᠵᠤ ᠪᠠᠢᠨ᠎ᠠ᠃ ᠬᠠᠭᠠᠨ ᠭᠡᠷ ᠲᠡᠭᠡᠨ ᠬᠠᠭᠠᠨ ᠨᠡᠷ᠎ᠡ ᠲᠡᠢ ᠣᠪᠣᠢᠵᠤ ᠰᠠᠭᠤᠬᠤ ᠳ᠋ᠤ᠌ ᠲᠠ ᠨᠠᠷ ᠡᠢᠨ ᠵᠠᠩᠨᠠᠵᠤ᠂ ᠵᠠᠮᠪᠠᠷᠠᠭ᠎ᠠ ᠦᠭᠡᠢᠳᠡᠵᠦ ᠪᠠᠢᠨ᠎ᠠ᠃ ᠬᠠᠳᠠᠨ ᠭᠡᠷ ᠲᠡᠭᠡᠨ ᠣᠴᠢᠵᠤ ᠬᠠᠭᠠᠨ ᠣᠷᠣ ᠪᠠᠨ ᠣᠷᠬᠢᠵᠤ ᠬᠡᠮᠡᠨ᠎ᠡ ᠭᠠᠵᠠᠷ ᠪᠤᠯᠭᠢᠵᠤ᠂ ᠲᠡᠭᠷᠢ ᠬᠥᠮᠥᠷᠢᠬᠦ ᠠᠵᠢ᠃ ᠣᠳᠣ ᠶᠠᠪᠤᠵᠠᠭ᠎ᠠ! ᠭᠡᠯ᠎ᠡ᠃ ᠬᠠᠨ ᠬᠥᠪᠡᠭᠦᠳ ᠶᠠᠭᠤ ᠴᠤ᠌ ᠡᠰᠡ ᠳᠤᠤᠭᠠᠷᠪᠠ᠃ ᠬᠠᠭᠠᠨ ᠡᠴᠢᠭᠡ ᠶ᠋ᠢᠨ ᠡᠨᠡ ᠮᠡᠲᠦ ᠠᠭᠤᠷᠰᠠᠨ ᠬᠢᠯᠢᠩᠨᠡᠵᠦ ᠪᠠᠢᠬᠤ ᠶ᠋ᠢ ᠲᠡᠳᠡ ᠡᠰᠡ ᠦᠵᠡᠵᠡᠢ᠃ 
       — ᠬᠠᠭᠠᠨ ᠲᠠ ᠲᠣᠭᠲᠠᠵᠤ ᠠᠢᠯᠠᠳ! ᠭᠡᠮᠡᠨ ᠲᠠᠢᠴᠢᠭᠤᠳ ᠤ᠋ᠨ ᠠᠮᠪᠠᠭᠠᠢ ᠡᠪ ᠢ᠋ ᠰᠠᠬᠢᠭᠠᠳ᠂ 
       — ᠦᠭᠡ ᠬᠥᠪᠡᠭᠦᠨ ᠢ᠋ ᠬᠣᠲᠣᠯᠠ ᠨᠣᠶᠠᠨ ᠤ᠋ ᠮᠠᠲᠠᠯ ᠳ᠋ᠤ᠌ ᠥᠭᠬᠦ ᠨᠢ ᠵᠥᠪ ᠪᠢᠵᠡ᠃ ᠬᠠᠷᠢᠨ ᠮᠠᠯᠲᠠᠭ ᠬᠢᠶ᠎ᠡ ᠶ᠋ᠢ ᠶᠠᠯ᠎ᠠ ᠶᠠᠩᠬᠠᠨ ᠠ᠋ᠴᠠ ᠰᠠᠯᠭᠠᠵᠤ ᠠᠪᠬᠤ ᠲᠠᠯ᠎ᠠ ᠪᠠᠷ ᠳᠣᠣᠷ᠎ᠠ ᠳᠣᠣᠷ᠎ᠠ ᠪᠠᠨ ᠴᠢᠷᠮᠠᠢᠪᠠᠯ ᠶᠠᠮᠠᠷ ᠪᠣᠯ? ᠭᠡᠪᠡᠯ ᠳᠣᠲᠣᠷ ᠪᠢᠯᠭᠡ᠂  
       — ᠥᠪᠡᠷ ᠦ᠋ᠨ ᠡᠬᠡᠨᠡᠷ ᠢ᠋ᠶ᠋ᠡᠨ ᠬᠥᠮᠦᠨ ᠳ᠋ᠦ᠍ ᠠᠯᠳᠠᠴᠢᠬᠠᠭᠠᠳ᠂ ᠥᠷᠥᠭᠡᠯ ᠦ᠋ᠨ ᠬᠢᠶ᠎ᠡ ᠶ᠋ᠢ ᠪᠠᠷᠢᠴᠠᠭᠠᠨ ᠳ᠋ᠤ᠌ ᠠᠪᠳᠠᠭ ᠨᠢ ᠶᠠᠭᠤ ᠪᠢᠯᠡ ᠭᠡᠵᠦ ᠭᠠᠢᠬᠠᠰᠢᠷᠠᠨ ᠠᠵᠢ᠃ ᠶᠡᠷᠦ ᠦᠨᠡᠨ ᠶᠦ᠍ᠮ᠃  ᠡᠨᠡ ᠬᠢᠷᠢ ᠥᠬᠢᠨᠪᠠᠷᠬᠠᠭ ᠰᠦᠷ ᠰᠡᠷ ᠬᠢᠨ ᠪᠣᠰᠴᠤ᠂ ᠬᠠᠭᠠᠨ ᠳ᠋ᠤ᠌ ᠴᠢᠮᠡᠭᠡ ᠦᠭᠡᠢ ᠮᠡᠬᠦᠢᠬᠦ  ᠳ᠋ᠦ᠍ ᠬᠤᠲᠤᠭᠲᠤ ᠮᠣᠩᠬᠣᠷ᠂ ᠬᠤᠯᠠᠨ ᠪᠠᠭᠠᠲᠤᠷ ᠨᠠᠷ ᠵᠤᠳᠠᠭ ᠶᠣᠰᠣᠯᠠᠭᠠᠳ ᠭᠠᠷᠴᠤ ᠣᠳᠤᠯ᠎ᠠ᠃ ᠭᠡᠷ ᠦ᠋ᠨ ᠨᠢᠭᠡᠨ ᠲᠠᠯ᠎ᠠ ᠣᠩᠭᠣᠢᠨ ᠦᠯᠡᠳᠡᠭᠰᠡᠨ ᠨᠢ ᠬᠠᠪᠤᠯ ᠬᠠᠭᠠᠨ ᠳ᠋ᠤ᠌ ᠲᠥᠷᠥ ᠶ᠋ᠢᠨ ᠨᠢᠭᠡᠨ ᠲᠠᠯ᠎ᠠ ᠡᠵᠡᠭᠦᠢᠷᠡᠬᠦ ᠰᠢᠭ ᠰᠠᠨᠠᠭᠳᠠᠪᠠ᠃ ᠪᠠᠷᠳᠠᠨᠪᠠᠭᠠᠲᠤᠷ᠂ 
       — ᠬᠠᠭᠠᠨ ᠡᠴᠢᠭᠡ ᠮᠢᠨᠢ! ᠮᠠᠯᠲᠠᠭ ᠬᠢᠶ᠎ᠡ ᠪᠣᠯ ᠬᠠᠷᠠᠴᠤ ᠬᠥᠮᠦᠨ ᠪᠢᠯᠡ᠃ ᠪᠢᠳᠡᠨ ᠦ᠌ ᠲᠥᠯᠥᠭᠡ ᠠᠮᠢ ᠪᠠᠨ ᠥᠭᠬᠦ ᠨᠢ ᠶᠣᠰᠣ ᠶᠤᠮ᠃ ᠬᠠᠷᠢᠨ ᠲᠠᠲᠠᠪᠤᠷᠢ ᠴᠣ ᠭᠡᠯ᠎ᠡ ᠬᠣᠲᠣᠯᠠ ᠨᠣᠶᠠᠨ ᠲᠠᠢ ᠬᠣᠷᠮᠣᠢ ᠬᠣᠯᠪᠣᠭᠰᠠᠨ ᠡᠮ᠎ᠡ ᠠᠮᠢᠲᠠᠨ ᠠᠯᠲᠠᠨ ᠤᠷᠤᠭ ᠲᠤ᠌ ᠡᠰᠡ ᠭᠡᠬᠦ ᠳ᠋ᠦ᠍ ᠠᠮᠢᠨ ᠤᠷᠤᠭ ᠲᠤ᠌ ᠪᠠᠭᠲᠠᠬᠤ ᠠ᠋ᠴᠠ ᠥᠭᠡᠷ᠎ᠡ ᠦᠭᠡ ᠦᠭᠡᠢ ᠪᠣᠯᠤᠨ᠎ᠠ᠃ ᠪᠣᠯᠭᠣᠭᠠᠨ ᠰᠣᠶᠣᠷᠬ᠎ᠠ! ᠭᠡᠵᠦ ᠨᠠᠮᠳᠠᠭᠤᠬᠠᠨ ᠥᠭᠦᠯᠡᠬᠦ ᠳ᠋ᠦ᠍ ᠬᠣᠲᠣᠯᠠ ᠰᠠᠨᠠᠭ᠎ᠠ ᠠᠯᠲᠠᠨ᠂ 
       — ᠥᠴᠦᠬᠡᠨ ᠮᠢᠨᠦ ᠠᠯᠳᠠᠭ᠎ᠠ ᠶᠡᠬᠡ ᠬᠠᠭᠠᠨ ᠡᠴᠢᠭᠡ ᠲᠠᠨ ᠢ᠋ ᠴᠢᠯᠡᠭᠡᠷᠬᠡᠵᠦ ᠪᠣᠢ ᠳ᠋ᠤ᠌ ᠭᠡᠮᠰᠢᠪᠡᠴᠦ ᠪᠠᠷᠠᠬᠤ ᠦᠭᠡᠢ ᠪᠠᠢᠨ᠎ᠠ ᠭᠡᠪᠡᠯ ᠬᠠᠪᠤᠯ ᠬᠠᠭᠠᠨ᠂ 
       — ᠬᠣᠷᠵᠠᠬᠤᠰ ᠪᠣᠶᠣᠷᠤᠭ ᠲᠤ᠌ ᠪᠢ ᠲᠤᠰᠠ ᠶ᠋ᠢ ᠦᠵᠡᠭᠦᠯᠵᠦ ᠬᠡᠯᠡ ᠶ᠋ᠢ ᠬᠦᠷᠭᠡᠭᠦᠯᠦᠭᠰᠡᠨ ᠪᠢᠯᠡ᠃ ᠭᠡᠲᠡᠯ᠎ᠡ ᠮᠢᠨᠦ ᠡᠯᠴᠢ ᠶ᠋ᠢ ᠪᠠᠷᠢᠴᠠᠭᠠᠨ ᠳ᠋ᠤ᠌ ᠠᠪᠴᠤ᠂ ᠮᠢᠨᠦ ᠬᠦᠦ ᠶ᠋ᠢᠨ ᠲᠠᠲᠠᠪᠤᠷᠢ ᠬᠠᠲᠤᠨ ᠢ᠋ ᠨᠡᠬᠡᠬᠦ ᠨᠢ ᠵᠦᠢ ᠳ᠋ᠦ᠍ ᠨᠡᠢᠴᠡᠬᠦ ᠤᠤ? ᠭᠡᠮᠡᠨ ᠰᠢᠳᠦ ᠵᠠᠭᠤᠨ ᠥᠭᠦᠯᠡᠬᠦ ᠳ᠋ᠦ᠍ ᠲᠠᠰᠤ ᠵᠢᠮᠢᠢᠭᠰᠡᠨ ᠤᠷᠤᠭᠤᠯ ᠤ᠋ᠨ ᠬᠢᠨᠢ ᠵᠠᠪᠰᠠᠷ ᠢ᠋ᠶ᠋ᠠᠷ ᠴᠢᠰᠤ ᠲᠠᠢ ᠬᠥᠭᠡᠰᠦ ᠰᠠᠬᠠᠷᠠᠵᠤ᠂ ᠲᠣᠯᠢᠭᠠᠷ ᠴᠠᠭᠠᠨ ᠴᠢᠷᠠᠢ ᠨᠢ ᠵᠣᠪᠬᠢᠨ ᠠ᠋ᠴᠠ ᠪᠠᠨ ᠡᠬᠢᠯᠡᠨ ᠬᠥᠬᠡᠷᠡᠭᠡᠳ ᠡᠬᠢᠯᠡᠵᠡᠢ᠃ 
       — ᠢᠵᠢᠢ᠁ ᠢᠵᠢᠢ᠂ ᠬᠠᠲᠤᠨ ᠠ᠋! 
       — ᠶᠠᠭᠠᠬᠢᠪᠠ᠂ ᠶᠠᠭᠤ ᠪᠣᠯᠪᠠ? —ᠬᠠᠭᠠᠨ ᠡᠴᠢᠭᠡ ᠶ᠋ᠢᠨ ᠪᠡᠶ᠎ᠡ ᠴᠢᠯᠡᠭᠡᠷᠬᠡᠪᠡ᠁ ᠭᠡᠮᠡᠨ ᠱᠤᠤᠭᠢᠯᠳᠤᠨ ᠣᠷᠳᠣᠨ ᠤ᠋ ᠠᠶᠠᠭᠠᠴᠢᠨ ᠰᠢᠪᠡᠭᠴᠢᠨ ᠨᠠᠷ ᠡᠭᠦᠷ ᠢ᠋ᠶ᠋ᠡᠨ ᠡᠪᠳᠡᠭᠦᠯᠦᠭᠰᠡᠨ ᠰᠢᠷᠭᠤᠯᠵᠢ ᠰᠢᠭ᠋᠃ ᠬᠠᠶᠠᠭ᠎ᠠ ᠬᠠᠳᠬᠤᠨ ᠠᠮᠢᠳᠤᠷᠠᠵᠤ ᠠᠭᠰᠠᠨ ᠪᠥᠬᠡ ᠵᠠᠢᠷᠠᠩ ᠵᠠᠯᠠᠵᠤ ᠲᠡᠷᠡ ᠣᠷᠣᠢ ᠪᠠᠨ ᠬᠡᠢ ᠮᠣᠷᠢ ᠯᠤᠨᠳᠠᠭ᠎ᠠ ᠳᠠᠭᠤᠳᠠᠭᠤᠯᠵᠤ ᠠᠪᠠᠢ᠃ ᠡᠯ᠎ᠡ ᠰᠦᠷᠯᠢᠭ ᠶᠣᠰᠣᠯᠠᠯ ᠠ᠋ᠴᠠ ᠪᠦᠭᠦᠳᠡ ᠯᠡ ᠰᠡᠳᠬᠢᠯ ᠦ᠋ᠨ ᠰᠡᠭᠦᠳᠡᠷ ᠲᠡᠢ ᠲᠠᠷᠠᠵᠠᠭᠠᠵᠠᠢ᠃ ᠥᠬᠢᠨᠪᠠᠷᠬᠠᠭ ᠲᠡᠷᠢᠭᠦᠲᠡᠨ ᠬᠠᠨ ᠬᠥᠪᠡᠭᠦᠳ ᠬᠠᠭᠠᠨ ᠡᠴᠢᠭᠡ ᠶ᠋ᠢᠨ ᠯᠠᠭᠱᠠᠨ ᠴᠢᠯᠡᠭᠡᠷᠬᠡᠭᠰᠡᠨ ᠨᠢ ᠬᠣᠲᠣᠯᠠ ᠨᠣᠶᠠᠨ ᠤ᠋ ᠬᠣᠷᠮᠣᠢ ᠶ᠋ᠢᠨ ᠶᠠᠪᠤᠳᠠᠯ ᠠ᠋ᠴᠠ ᠪᠣᠯᠪᠠ ᠭᠡᠮᠡᠨ ᠢᠲᠡᠭᠡᠭᠰᠡᠨ ᠨᠢ ᠪᠣᠢ᠃ ᠲᠡᠳᠡ᠂ 
       — ᠡᠴᠢᠭᠡ ᠶ᠋ᠢᠨ ᠡᠨᠡᠯᠦᠩ ᠰᠢᠨᠡᠯᠤᠩ(ᠡᠨᠡᠯᠦᠨ ᠰᠢᠨᠠᠯᠤᠨ) ᠴᠢᠮ᠎ᠠ ᠠ᠋ᠴᠠ ᠪᠣᠯᠪᠠ᠃ ᠤᠷᠤᠭ ᠤ᠋ᠨ ᠬᠣᠭᠣᠷᠣᠨᠳᠣ ᠢᠯᠳᠦ ᠵᠥᠷᠢᠭᠦᠯᠦᠯᠲᠡᠢ ᠪᠢᠰᠢ! ᠶᠢᠰᠦᠨ ᠲᠠᠲ᠋ᠠᠷ ᠠ᠋ᠴᠠ ᠶᠠᠯ᠎ᠠ ᠠᠰᠠᠭᠤᠨ᠎ᠠ᠁ ᠭᠡᠯᠴᠡᠭᠡᠳ ᠮᠣᠷᠳᠠᠨ ᠳᠠᠪᠬᠢᠵᠠᠢ᠃ ᠢᠳᠡᠷᠮᠡᠭ ᠡᠷᠡᠰ ᠦ᠋ᠨ ᠬᠦᠴᠦᠷᠬᠡᠭ ᠮᠣᠷᠢᠳ ᠤ᠋ᠨ ᠲᠣᠭᠣᠰᠣ ᠬᠣᠲᠣᠯᠠ ᠶ᠋ᠢᠨ ᠴᠡᠭᠡᠵᠢᠨ ᠳ᠋ᠦ᠍ ᠮᠠᠨᠠᠷᠠᠨ ᠦᠯᠡᠳᠡᠪᠡ᠃ ᠭᠠᠢ ᠲᠠᠷᠢᠭᠰᠠᠨ ᠨᠢ ᠦᠨᠡᠨ ᠴᠦ᠍ ᠵᠠᠢ ᠪᠣᠯᠭᠠᠵᠤ ᠪᠤᠴᠠᠭᠠᠶ᠎ᠠ ᠭᠡᠵᠦ ᠪᠣᠳᠣᠬᠤ ᠦᠭᠡᠢ ᠯᠡ ᠪᠠᠢᠯ᠎ᠠ᠃  
       ᠲᠠᠢᠴᠢᠭᠤᠳ ᠤ᠋ᠨ ᠠᠮᠪᠠᠭᠠᠢ ᠬᠠᠭᠠᠨ ᠤᠭ ᠤ᠋ᠨ ᠲᠦᠪᠰᠢᠨ ᠵᠠᠩ ᠢ᠋ᠶ᠋ᠠᠷ᠂ 
       — ᠬᠠᠭᠠᠨ ᠬᠠᠪᠤᠯ ᠤᠬᠠᠭᠠᠨ ᠠᠯᠳᠠᠪᠠ᠃ ᠰᠡᠭᠡᠭᠡ ᠣᠷᠣᠲᠠᠯ᠎ᠠ ᠬᠦᠦ ᠴᠢ ᠳᠡᠷᠭᠡᠳᠡ ᠨᠢ ᠪᠠᠢᠬᠤ ᠨᠢ ᠵᠦᠢ ᠳ᠋ᠦ᠍ ᠨᠡᠢᠴᠡᠬᠦ ᠪᠢᠵᠡ ᠬᠡᠮᠡᠵᠡᠢ᠃ ᠬᠠᠷᠢᠨ ᠳᠣᠲᠣᠷ ᠪᠢᠯᠭᠡ᠂  
       — ᠡᠬᠡ ᠬᠦᠦ ᠬᠣᠶᠠᠷ ᠢ᠋ ᠥᠭᠬᠦ ᠨᠢ ᠬᠠᠶᠠᠭ᠎ᠠ ᠨᠡᠢᠯᠡᠭᠰᠡᠨ ᠠᠢᠮᠠᠭ ᠤ᠋ᠳ ᠤ᠋ᠨ ᠠᠮᠤᠷ ᠠᠮᠤᠭᠤᠯᠠᠩ ᠣᠷᠣᠰᠢᠬᠤ ᠳ᠋ᠤ᠌ ᠥᠯᠵᠡᠢ ᠪᠡᠨ ᠥᠭᠬᠦ ᠪᠢᠵᠡ ᠠ᠋ ᠭᠡᠵᠡᠢ᠃  
       ᠬᠣᠯᠠ ᠶ᠋ᠢᠨ ᠠᠢᠮᠠᠭ ᠤ᠋ᠨ ᠬᠢᠨ ᠶᠠᠪᠤᠴᠢᠬᠠᠵᠤ ᠬᠠᠷᠠᠬᠠᠨ ᠡᠰᠡ ᠴᠢᠳᠠᠪᠠ᠃ ᠣᠢᠷ᠎ᠠ ᠵᠠᠭᠤᠷ᠎ᠠ ᠬᠦᠷᠢᠶ᠎ᠡ ᠡᠭᠦᠰᠬᠡᠨ ᠪᠠᠭᠤᠳᠠᠯᠯᠠᠵᠤ ᠡᠪᠦᠭᠡᠨ ᠬᠠᠭᠠᠨ ᠤ᠋ ᠪᠡᠶ᠎ᠡ ᠯᠠᠭᠱᠠᠨ ᠳ᠋ᠤ᠌ ᠰᠠᠨᠠᠭ᠎ᠠ ᠵᠣᠪᠠᠨᠢᠨ ᠰᠤᠷᠠᠭ ᠲᠠᠯᠪᠢᠵᠤ ᠠᠪᠠᠢ᠃ ᠣᠷᠣᠢ ᠲᠡᠢᠰᠢ ᠬᠠᠪᠤᠯ ᠬᠠᠭᠠᠨ ᠰᠡᠷᠭᠦᠵᠦ᠂ ᠬᠠᠨ ᠲᠤᠯᠭ᠎ᠠ ᠬᠠᠩ ᠬᠢᠲᠡᠯ᠎ᠡ ᠨᠢᠭᠡ ᠶᠡᠬᠡ ᠰᠠᠨᠠᠭ᠎ᠠ ᠠᠯᠳᠠᠭᠰᠠᠨ ᠢ᠋ᠶ᠋ᠠᠨ ᠨᠢᠳᠦ ᠪᠡᠨ ᠠᠯᠭᠤᠷᠬᠠᠨ ᠨᠡᠭᠡᠭᠡᠪᠡ᠃ ᠴᠢᠩᠭᠢᠬᠦ ᠳ᠋ᠦ᠍ ᠪᠦᠷᠦᠩ ᠪᠠᠷᠤᠩ ᠬᠠᠷᠠᠭᠠᠨ ᠳ᠋ᠤ᠌ ᠨᠢ ᠲᠣᠯᠣᠭᠠᠢ ᠲᠦᠰᠢᠨ ᠬᠠᠵᠠᠭᠤᠯᠳᠠᠰᠬᠢᠵᠤ ᠰᠠᠭᠤᠭᠰᠠᠨ ᠥᠬᠢᠨᠪᠠᠷᠬᠠᠭ ᠬᠥᠪᠡᠭᠦᠨ ᠨᠢ ᠡᠬᠢᠯᠡᠨ ᠲᠤᠰᠴᠠᠢ᠃ ᠤᠨᠠᠭᠠᠨ ᠮᠠᠷᠢᠶ᠎ᠠ ᠰᠢᠭᠤᠭᠳᠠᠭ᠎ᠠ ᠦᠭᠡᠢ ᠬᠠᠩᠬᠠᠷ ᠰᠠᠢᠬᠠᠨ ᠡᠷ᠎ᠡ ᠶᠦᠮ᠃ ᠡᠪᠦᠭᠡᠨ ᠠᠭᠤᠯᠠ ᠶ᠋ᠢᠨ ᠨᠠᠯᠠᠭᠠᠷ ᠪᠠᠯ ᠳᠥᠰᠢᠨ ᠬᠡᠪᠲᠡᠵᠦ ᠪᠣᠢ ᠮᠡᠲᠦ ᠥᠶᠥᠭ ᠰᠠᠢᠬᠠᠨ ᠰᠠᠨᠠᠭᠳᠠᠵᠤ ᠠᠪᠠᠢ᠃ ᠨᠥᠭᠦᠭᠡ ᠭᠠᠷ ᠲᠠᠯ᠎ᠠ ᠳ᠋ᠤ᠌ ᠪᠠᠷᠳᠠᠨᠪᠠᠭᠠᠲᠤᠷ ᠮᠡᠭᠰᠢᠨ ᠤᠬᠢᠯᠠᠵᠤ ᠪᠠᠢᠬᠤ ᠪᠥᠯᠥᠭᠡ᠃ ᠭᠠᠳᠠᠨ᠎ᠠ ᠠ᠋ᠴᠠ ᠨᠢ ᠬᠠᠷᠠᠬᠤ ᠳ᠋ᠤ᠌ ᠪᠠᠷ᠎ᠠ ᠰᠦᠷ ᠶᠡᠬᠡ ᠲᠡᠢ ᠴᠦ᠍ ᠳᠣᠲᠣᠷ᠎ᠠ ᠪᠠᠨ ᠤᠶᠠᠬᠠᠨ ᠠᠮᠢᠲᠠᠨ ᠠᠰᠬᠠᠷᠠᠲᠠᠯ᠎ᠠ ᠤᠬᠢᠯᠠᠵᠤ ᠰᠠᠭᠤᠯ᠎ᠠ᠃ ᠲᠡᠭᠦᠨ ᠦ᠌ ᠳᠣᠣᠷ᠎ᠠ ᠬᠤᠲᠤᠭᠲᠤ ᠮᠣᠩᠬᠣᠷ ᠳᠡᠰ ᠦ᠋ᠨ ᠰᠠᠭᠤᠳᠠᠯ ᠳ᠋ᠤ᠌ ᠰᠠᠭᠤᠭᠰᠠᠨ ᠪᠦᠷᠭᠦᠳ ᠮᠡᠲᠦ ᠰᠡᠷᠪᠡᠯᠵᠡᠨ ᠪᠠᠢᠬᠤ ᠠᠵᠢ᠃ ᠶᠡᠷᠦ ᠬᠡᠳᠦᠢᠨ ᠦ᠌ ᠳᠠᠢᠴᠢᠨ ᠴᠣᠭᠯᠢᠭ ᠶᠠᠩᠵᠤ ᠪᠠᠷ ᠢ᠋ᠶ᠋ᠠᠨ ᠥᠲᠡᠯᠬᠦ ᠬᠥᠮᠦᠨ ᠶᠦᠮ᠃ ᠵᠦᠰᠦᠬᠦ ᠠᠯᠮᠠᠰ ᠮᠡᠲᠦ ᠴᠠᠭ ᠬᠤᠭᠤᠴᠠᠭ᠎ᠠ ᠶ᠋ᠢ ᠳᠣᠭᠣᠯᠤᠭᠰᠠᠭᠠᠷ ᠮᠥᠨ ᠬᠦ ᠠᠯᠮᠠᠰ ᠰᠢᠭ᠋ ᠢ᠋ᠶ᠋ᠡᠨ ᠵᠢᠷᠦᠬᠡ ᠲᠡᠢ ᠪᠣᠯᠴᠢᠬᠠᠬᠤ ᠪᠣᠢ ᠳᠠ ᠭᠡᠵᠦ ᠪᠦᠦᠷ ᠲᠦᠦᠷᠬᠡᠨ ᠪᠣᠳᠣᠵᠠᠢ᠃ ᠲᠡᠭᠦᠨ ᠢ᠋ ᠤᠳᠠᠭᠠᠯᠠᠵᠤ ᠬᠤᠯᠠᠨ ᠪᠠᠭᠠᠲᠤᠷ ᠰᠠᠭᠤᠨ᠎ᠠ᠃ ᠠᠬ᠎ᠠ ᠶ᠋ᠢᠨ ᠦᠭᠡᠨ ᠡᠴᠡ ᠬᠤᠷᠤᠭᠤ ᠵᠥᠷᠢᠬᠦ ᠦᠭᠡᠢ ᠶᠠᠪᠤᠬᠤ ᠬᠥᠮᠦᠨ ᠪᠢᠯᠡ᠃ ᠶᠡᠷᠦ ᠬᠤᠲᠤᠭᠲᠤ ᠮᠣᠩᠬᠣᠷ ᠬᠠᠷ᠎ᠠ ᠨᠢᠯᠬ᠎ᠠ ᠠ᠋ᠴᠠ ᠨᠢ ᠬᠥᠲᠥᠯᠵᠦ ᠥᠰᠬᠡᠭᠰᠡᠨ ᠶᠦᠮ᠃ ᠪᠤᠭᠤᠷᠤᠯ ᠰᠤᠷ ᠣᠷᠣᠭᠰᠠᠨ ᠬᠣᠢᠨ᠎ᠠ ᠨᠢ ᠴᠦ᠍ ᠳᠠᠭᠠᠭᠤᠯᠤᠨ ᠳᠠᠪᠬᠢᠬᠤ ᠠᠵᠢ᠃ ᠢᠯᠳᠦ ᠶ᠋ᠢᠨ ᠢᠷ ᠤᠷᠤᠭᠤ ᠠᠪᠠᠴᠢᠭᠠᠳ ᠬᠢᠴᠢᠬᠡᠬᠦ ᠪᠣᠢ ᠳᠠ ᠭᠡᠵᠦ ᠰᠡᠳᠬᠢᠯ ᠰᠡᠮᠡᠷᠡᠬᠦ ᠠᠪᠠᠢ᠃  
       ᠡᠪᠦᠭᠡᠨ ᠬᠠᠮᠤᠭ ᠤ᠋ᠨ ᠬᠠᠢᠷᠠᠲᠠᠢ ᠬᠦᠦ ᠪᠡᠨ ᠨᠢᠳᠦ ᠪᠡᠷ ᠢ᠋ᠶ᠋ᠡᠨ ᠬᠠᠢᠪᠠ᠃ ᠲᠡᠷᠡ ᠨᠢ ᠥᠬᠢᠨᠪᠠᠷᠬᠠᠭ ᠤ᠋ᠨ ᠳᠣᠣᠷ᠎ᠠ᠂ ᠵᠥᠪ ᠭᠠᠷ ᠲᠠᠯ᠎ᠠ ᠳ᠋ᠤ᠌ ᠰᠠᠭᠤᠬᠤ ᠬᠣᠲᠣᠯᠠ ᠨᠣᠶᠠᠨ ᠪᠥᠯᠥᠭᠡ᠃ ᠤᠷᠤᠭ ᠤ᠋ᠨ ᠳᠤᠮᠳᠠ ᠣᠵᠢᠭ ᠮᠠᠷᠭᠤᠭᠠᠨ ᠤ᠋ ᠵᠠᠩᠭᠢᠯᠠᠭ᠎ᠠ ᠡᠭᠦᠰᠦᠭᠰᠡᠨ ᠨᠢ ᠮᠢᠨᠦ ᠪᠤᠷᠤᠭᠤ ᠭᠡᠮᠡᠨ ᠪᠠᠲᠤ ᠨᠤᠲᠠ ᠪᠣᠳᠣᠭᠰᠠᠨ ᠲᠡᠷᠡ ᠪᠡᠷ ᠵᠣᠪᠬᠢ ᠨᠢ ᠪᠠᠭᠤᠵᠤ ᠭᠦᠢᠴᠡᠵᠡᠢ᠃ ᠤᠭ ᠨᠢ ᠬᠠᠪᠤᠯ ᠬᠠᠭᠠᠨ ᠵᠢᠷᠭᠤᠭᠠᠨ ᠬᠦᠦ ᠳᠤᠮᠳᠠ ᠠ᠋ᠴᠠ ᠣᠷᠣ ᠰᠠᠭᠤᠬᠤ ᠮᠠᠭᠠᠳ ᠭᠡᠮᠡᠨ ᠰᠠᠨᠠᠵᠤ᠂ ᠬᠠᠢᠷ᠎ᠠ ᠨᠢ ᠳᠣᠲᠣᠷ᠎ᠠ ᠪᠠᠨ ᠬᠠᠯᠠ ᠨᠢ ᠭᠠᠳᠠᠨ᠎ᠠ ᠪᠠᠨ ᠶᠠᠪᠤᠭᠰᠠᠨ ᠰᠠᠨᠵᠠᠢ᠃ ᠭᠡᠲᠡᠯ᠎ᠡ ᠶᠢᠰᠦᠨ ᠲᠠᠲ᠋ᠠᠷ ᠤ᠋ᠨ ᠡᠮ᠎ᠡ ᠲᠡᠢ ᠢᠷᠦᠭᠡᠯ ᠦᠭᠡᠢ ᠵᠠᠶᠠᠭᠠᠨ ᠳ᠋ᠤ᠌ ᠰᠦᠯᠵᠢᠯᠳᠦᠨ ᠶᠡᠬᠡ ᠬᠤᠪᠢ ᠵᠠᠶᠠᠭ᠎ᠠ ᠲᠠᠯᠠᠭᠠᠷ ᠥᠩᠭᠡᠷᠡᠵᠡᠢ᠃ 
       ᠲᠡᠭᠦᠨ ᠦ᠌ ᠬᠣᠷᠮᠣᠢ ᠲᠦᠰᠢᠨ ᠲᠣᠳᠣᠢᠨ ᠰᠠᠭᠤᠨ᠎ᠠ᠃ ᠭᠠᠯ ᠳ᠋ᠤ᠌ ᠣᠷᠣᠬᠤ ᠠ᠋ᠴᠠ ᠪᠤᠴᠠᠬᠤ ᠦᠭᠡᠢ ᠵᠠᠯᠠᠭᠤ ᠨᠠᠰᠤ ᠲᠤᠯᠠ ᠬᠠᠭᠠᠨ ᠠᠪᠤ ᠦᠬᠦᠬᠦ ᠦᠭᠡᠢ ᠶᠦᠮ ᠰᠢᠭ ᠪᠣᠳᠣᠵᠤ ᠬᠠᠭᠤᠷᠠᠢ ᠵᠣᠪᠬᠢ ᠲᠠᠢ ᠪᠠᠢᠬᠤ ᠠᠵᠤᠭᠤ᠃ ᠵᠢᠷᠭᠤᠭᠠᠨ ᠰᠠᠢᠬᠠᠨ ᠬᠦᠦ ᠵᠠᠶᠠᠭᠠᠵᠠᠢ᠃ ᠲᠩᠷᠢ ᠲᠡᠭᠦᠨ ᠡᠴᠡ ᠶᠠᠭᠤ ᠪᠠᠨ ᠴᠤ᠌ ᠬᠠᠷᠠᠮᠨᠠᠭᠰᠠᠨ ᠦᠭᠡᠢ ᠠᠵᠢ᠃ ᠭᠡᠲᠡᠯ᠎ᠡ ᠬᠠᠪᠤᠯ ᠥᠪᠡᠷ ᠢ᠋ᠶ᠋ᠡᠨ ᠬᠠᠷᠢᠨ ᠮᠠᠭᠤ ᠵᠠᠶᠠᠭ᠎ᠠ᠂ ᠮᠠᠭᠤᠬᠠᠢ ᠬᠡᠷᠡᠭᠦᠯ ᠡᠴᠡ ᠬᠥᠪᠡᠭᠦᠳ ᠢ᠋ᠶ᠋ᠡᠨ ᠬᠠᠷᠠᠮᠨᠠᠨ ᠬᠠᠮᠠᠭᠠᠯᠠᠵᠤ ᠴᠢᠳᠠᠭᠰᠠᠨ ᠦᠭᠡᠢ ᠠᠯᠳᠠᠭᠰᠠᠨ ᠪᠠᠢᠪᠠ᠃ ᠬᠠᠪᠤᠯ ᠡᠢᠨ ᠬᠠᠷᠠᠵᠤ ᠬᠠᠷᠠᠵᠤ᠂ 
       — ᠲᠠ ᠵᠢᠷᠭᠤᠭ᠎ᠠ ᠨᠠᠮᠠᠶ᠋ᠢ ᠠᠯᠠᠨ ᠠᠯᠳᠠᠪᠠ᠁ ᠭᠡᠯ᠎ᠡ ᠃ ᠬᠠᠨ ᠬᠥᠪᠡᠭᠦᠳ ᠶᠠᠭᠤ ᠴᠣ ᠡᠰᠡ ᠳᠤᠤᠭᠠᠷᠴᠤ᠂ ᠬᠠᠷᠯᠢ ᠺᠤ ᠬᠠᠲᠤᠨ ᠮᠥᠩᠭᠥᠨ ᠠᠶᠠᠭ᠎ᠠ ᠲᠠᠢ ᠰᠦ ᠪᠠᠯᠭᠤᠭᠤᠯᠬᠤ ᠳ᠋ᠤ᠌ ᠬᠠᠭᠠᠨ ᠬᠡᠳᠦ ᠲᠣᠮᠣ ᠣᠭᠣᠴᠢᠭᠠᠳ᠂  
       — ᠪᠣᠯᠤᠨ᠎ᠠ ᠭᠡᠰᠡᠨ ᠢ᠋ᠶ᠋ᠡᠨ ᠡᠷᠡᠭᠦᠯ ᠬᠥᠮᠦᠨ ᠮᠡᠲᠦ ᠥᠨᠳᠡᠢᠨ ᠰᠠᠭᠤᠵᠤ᠂《ᠬᠥᠬᠡ ᠲᠩᠷᠢ ᠨᠠᠳᠠ ᠳᠣᠯᠣᠭᠠᠨ ᠰᠠᠢᠬᠠᠨ ᠬᠦᠦ ᠰᠣᠶᠣᠷᠬᠠᠭᠰᠠᠨ ᠠᠲᠠᠯ᠎ᠠ ᠡᠳᠦᠭᠡ ᠲᠠ ᠨᠠᠷ ᠳᠣᠯᠣᠭᠠᠨ ᠵᠣᠪᠠᠯᠠᠩ ᠪᠣᠯᠵᠤ ᠨᠠᠳᠠ ᠱᠦᠭᠯᠡᠵᠡᠢ᠃ ᠬᠣᠲᠣᠯᠠ ᠴᠢ ᠠᠯᠳᠠᠭᠰᠠᠨ! ᠲᠡᠷᠡ ᠡᠮ᠎ᠡ ᠲᠡᠢ ᠲᠣᠯᠣᠭᠠᠢ ᠬᠣᠯᠪᠣᠭ᠎ᠠ ᠦᠭᠡᠢ ᠪᠣᠯ ᠶᠡᠬᠡ ᠣᠷᠣ ᠵᠠᠯᠭᠠᠬᠤ ᠪᠠᠢᠪᠠ᠃ ᠣᠳᠣ ᠪᠢ ᠬᠡᠨ ᠳ᠋ᠡᠭᠡᠨ ᠡᠨᠡ ᠤᠯᠤᠰ ᠤ᠋ᠨ ᠵᠠᠶᠠᠭ᠎ᠠ ᠶ᠋ᠢ ᠳᠠᠭᠠᠳᠬᠠᠨ᠎ᠠ ᠪᠢᠯᠡ ᠳᠠ》 ᠭᠡᠵᠦ ᠭᠤᠨᠢᠭ ᠲᠠᠢ ᠥᠭᠦᠯᠡᠬᠦ ᠳ᠋ᠦ᠍ ᠥᠬᠢᠨᠪᠠᠷᠬᠠᠭ᠂ ᠬᠤᠲᠤᠭᠲᠤ ᠮᠣᠩᠬᠣᠷ ᠬᠣᠶᠠᠷ ᠬᠣᠷᠣᠮᠬᠠᠨ ᠬᠠᠷᠠᠴᠠ ᠰᠣᠯᠢᠯᠴᠠᠭᠠᠳ ᠠᠪᠤᠪᠠ᠃ ᠲᠡᠳᠡ ᠶᠡᠬᠡ ᠣᠷᠣ ᠰᠠᠭᠤᠬᠤ ᠶ᠋ᠢ ᠰᠠᠨᠠᠭᠠᠷᠬᠠᠵᠤ ᠬᠣᠲᠣᠯᠠ ᠶ᠋ᠢ ᠲᠠᠯ᠎ᠠ ᠲᠠᠯ᠎ᠠ ᠠ᠋ᠴᠠ ᠨᠢ ᠮᠡᠷᠡᠳᠡᠭ ᠴᠦ᠍ ᠪᠠᠢᠵᠤ ᠮᠡᠳᠡᠬᠦ ᠪᠢᠯᠡ᠃ ᠶᠡᠷᠦ ᠲᠤᠩ ᠮᠠᠭᠠᠳ ᠦᠭᠡᠢ ᠶᠦᠮ᠃ ᠲᠠᠮᠢᠷᠳᠠᠭᠣᠬᠠᠨ ᠣᠶᠤᠨ ᠤᠬᠠᠭᠠᠨ ᠳ᠋ᠤ᠌ ᠲᠠᠷᠠᠮᠳᠠᠭᠤᠬᠠᠨ ᠡᠢᠮᠦ ᠪᠣᠳᠣᠯ ᠰᠦᠮᠡᠯᠵᠡᠬᠦ ᠳ᠋ᠦ᠍ ᠡᠪᠦᠭᠡᠨ ᠬᠠᠭᠠᠨ ᠬᠣᠲᠣᠯᠠ ᠶ᠋ᠢ ᠥᠮᠥᠭᠡᠷᠡᠬᠦ ᠰᠠᠨᠠᠭ᠎ᠠ ᠲᠥᠷᠥᠵᠦ᠂ 
       — ᠬᠣᠲᠣᠯᠠ ᠴᠢ ᠲᠡᠷᠡ ᠮᠠᠭᠤ ᠬᠦᠦ ᠪᠡᠨ ᠠᠪᠤᠭᠠᠳ ᠶᠠᠪᠤ ᠳᠠ! ᠬᠠᠭᠠᠨ ᠪᠢᠳᠡᠨ ᠦ᠌ ᠲᠥᠯᠥᠭᠡ ᠬᠠᠷᠠᠴᠤᠰ ᠦᠬᠦᠬᠦ ᠨᠢ ᠵᠢᠮ᠎ᠡ ᠶᠦᠮ ᠬᠣᠢᠨ᠎ᠠ᠂ ᠮᠡᠯᠲᠡᠭ ᠬᠢᠶ᠎ᠡ ᠶ᠋ᠢ ᠣᠷᠭᠢ! ᠬᠠᠷᠢᠨ ᠬᠡᠷᠡᠢᠳ ᠲᠡᠢ ᠬᠡᠷᠡᠯᠳᠦᠵᠦ ᠪᠦᠦ ᠲᠡᠮᠡᠴᠡ ᠭᠡᠯ᠎ᠡ᠃ ᠴᠢᠩᠭᠢᠭᠡᠳ ᠠᠭᠤᠯᠠ ᠬᠠᠩᠭᠠᠢ ᠰᠢᠭ᠋ ᠵᠢᠷᠭᠤᠭᠠᠨ ᠰᠠᠢᠬᠠᠨ ᠬᠦᠦ ᠪᠡᠨ 
       — ᠲᠡᠢᠮᠦ ᠠᠪᠠᠰᠤ ᠴᠢ ᠴᠦ᠍ ᠪᠢᠰᠢ᠂ ᠪᠢ ᠴᠦ᠍ ᠪᠢᠰᠢ᠁ ᠥᠬᠢᠨᠪᠠᠷᠬᠠᠭ ᠪᠦᠷ ᠪᠢᠰᠢ᠃ ᠬᠣᠯᠪᠣᠭᠠᠲᠠᠨ ᠠᠢᠮᠠᠭ ᠤ᠋ᠨ ᠲᠡᠷᠢᠭᠦᠨ ᠪᠠᠢᠭᠰᠠᠨ ᠨᠢ ᠤᠨᠤᠬᠤ ᠪᠢᠵᠡ ᠬᠡᠮᠡᠪᠡ᠃ 
       — ᠲᠡᠢᠮᠦ ᠴᠦ᠍ ᠪᠢᠵᠡ᠃ 
       — ᠲᠠᠪᠠ ᠲᠠᠢ ᠮᠣᠷᠢᠯᠠᠭᠠᠷᠠᠢ! 
       — ᠲᠠᠪᠠ ᠲᠠᠢ ᠮᠣᠷᠢᠯᠠᠭᠠᠷᠠᠢ! ᠭᠡᠬᠦ ᠳ᠋ᠦ᠍ ᠶᠢᠰᠦᠭᠡᠢ ᠬᠥᠪᠡᠭᠦᠨ ᠬᠠᠨ ᠡᠴᠢᠭᠡ ᠶ᠋ᠢᠨ ᠢ᠋ᠶ᠋ᠡᠨ ᠵᠢᠷᠣᠭ᠎ᠠ ᠴᠠᠪᠢᠳᠠᠷ ᠮᠣᠷᠢᠨ ᠤ᠋ ᠴᠤᠯᠪᠤᠭᠤᠷ ᠥᠭᠴᠦ᠂ ᠲᠡᠷᠡ ᠬᠣᠶᠠᠷ ᠠᠭᠤᠯᠠ ᠶ᠋ᠢᠨ ᠤᠷᠤᠭᠤ ᠲᠡᠷᠭᠡᠭᠦᠯᠦᠨ ᠪᠠᠭᠤᠵᠠᠢ᠃ ᠬᠣᠲᠣᠯᠠ ᠨᠣᠶᠠᠨ ᠬᠣᠯᠠ ᠶ᠋ᠢᠨ ᠬᠣᠯᠠ ᠳ᠋ᠤ᠌ ᠴᠡᠩᠬᠡᠷᠯᠡᠨ ᠰᠦᠮᠡᠯᠵᠡᠭᠴᠢ ᠠᠭᠤᠯᠠᠰ ᠤ᠋ᠨ ᠦᠩᠭᠡᠨ᠎ᠡ ᠬᠣᠶᠠᠷ ᠪᠠᠷᠠᠭᠠᠨ ᠳᠦᠷᠰᠦ ᠠᠭᠤᠰᠤᠨ ᠰᠢᠩᠭᠡᠲᠡᠯ᠎ᠡ ᠤᠳᠠᠭᠠᠨ ᠬᠠᠷᠠᠪᠠ᠃ ᠴᠢᠩᠭᠢᠭᠡᠳ᠂ 
       — ᠦᠭᠡ ᠨᠣᠶᠠᠨᠲᠠᠨ ᠠ᠋᠂ ᠶᠠᠪᠤᠶ᠎ᠠ ᠳᠠ! ᠭᠡᠮᠡᠨ ᠮᠣᠷᠳᠠᠵᠤ ᠨᠠᠮᠤᠷᠵᠢᠶ᠎ᠠ ᠤᠷᠤᠭᠤ ᠪᠠᠨ ᠰᠡᠪᠡᠯᠵᠡᠲᠡᠯ᠎ᠡ ᠠᠯᠬᠤᠭᠤᠯᠵᠤ ᠠᠪᠠᠢ᠃ ᠲᠦᠩᠬᠡᠯᠢᠭ ᠭᠣᠷᠣᠬᠠᠨ ᠤ᠋ ᠰᠣᠯᠣᠭᠠᠢ ᠲᠠᠯ᠎ᠠ ᠶ᠋ᠢᠨ ᠳᠡᠨᠵᠢ ᠳᠡᠭᠡᠷ᠎ᠡ ᠬᠢ ᠨᠠᠮᠤᠷᠵᠢᠶᠠᠨ ᠤ᠋ ᠬᠥᠯ ᠳ᠋ᠦ᠍ ᠪᠥᠷᠲᠥᠯᠵᠡᠨ ᠵᠣᠭᠰᠣᠭᠰᠠᠨ ᠪᠠᠷ᠎ᠠ ᠮᠥᠨᠥᠬᠢ ᠬᠣᠶᠠᠷ ᠤ᠋ᠨ ᠪᠠᠷ᠎ᠠ ᠪᠠᠷ ᠨᠠᠭᠠᠰᠢᠯᠠᠬᠤ ᠶ᠋ᠢ ᠦᠵᠡᠭᠡᠳ ᠦᠭᠡ᠂ 
       — ᠡᠵᠢ! ᠭᠡᠮᠡᠨ ᠬᠠᠰᠬᠢᠷᠤᠭᠰᠠᠨ ᠢ᠋ᠶ᠋ᠠᠨ ᠬᠦᠢ ᠭᠡᠬᠦ ᠶ᠋ᠢᠨ ᠵᠠᠪᠳᠤᠯ ᠥᠭᠭᠦᠯ ᠦᠭᠡᠢ ᠬᠠᠷᠪᠤᠨ ᠴᠢᠪᠬᠠᠳᠠᠵᠤ ᠣᠳᠴᠠᠢ᠃ ᠬᠣᠲᠣᠯᠠ ᠨᠣᠶᠠᠨ ᠰᠢᠷᠦᠭᠦᠬᠡᠨ ᠶᠥᠷᠭᠡᠭᠦᠯᠵᠦ ᠬᠦᠷᠪᠡᠯ ᠪᠦᠯᠵᠢᠭᠡᠨ ᠬᠠᠲᠤᠨ ᠠᠰᠬᠠᠷᠠᠲᠠᠯ᠎ᠠ ᠤᠬᠢᠯᠠᠨ᠂ 
       — ᠮᠠᠭᠤ ᠰᠤᠷᠠᠭ ᠴᠢᠬᠢ ᠳᠡᠯᠡᠰᠦᠭᠡᠳ ᠡᠨᠡ ᠪᠣᠯᠤᠯ᠎ᠠ᠃ ᠤᠷᠲᠤ ᠬᠠᠷᠭᠤᠢ ᠶ᠋ᠢᠨ ᠦᠵᠦᠭᠦᠷ ᠲᠦ᠍ ᠤᠰᠤᠨ ᠨᠢᠳᠦᠯᠡᠵᠦ ᠲᠤᠰᠤᠭᠰᠠᠨ ᠢ᠋ ᠥᠷᠥᠰᠢᠶᠡ ᠨᠣᠶᠠᠨᠲᠠᠨ ᠮᠢᠨᠢ ᠭᠡᠬᠦ ᠳ᠋ᠦ᠍ ᠬᠣᠲᠣᠯᠠ ᠨᠣᠶᠠᠨ ᠰᠡᠳᠬᠢᠯ ᠤᠶᠠᠷᠠᠨ ᠨᠢᠯᠬᠠᠷᠠᠵᠤ ᠮᠣᠷᠢᠨ ᠠ᠋ᠴᠠ ᠪᠠᠨ ᠪᠠᠭᠤᠭᠠᠳ ᠬᠥᠲᠥᠯᠵᠦ ᠠᠯᠬᠤᠪᠠ᠃ ᠦᠭᠡ ᠨᠣᠶᠠᠨ᠂ ᠢᠵᠢᠢ ᠬᠠᠲᠤᠨ ᠳ᠋ᠠᠭᠠᠨ ᠦᠨᠡᠨ ᠤᠴᠢᠷ ᠤ᠋ᠨ ᠵᠠᠬ᠎ᠠ ᠰᠡᠵᠢᠭᠦᠷ ᠢ᠋ ᠴᠤᠬᠤᠢᠯᠭᠠᠭᠰᠠᠨ ᠪᠣᠯᠤᠯᠲᠠᠢ ᠪᠦᠯᠵᠢᠭᠡᠨ ᠦ᠌ ᠰᠠᠢᠬᠠᠨ ᠬᠠᠷ᠎ᠠ ᠨᠢᠳᠦ ᠳᠦᠷᠯᠡᠯᠵᠡᠨ᠂ 
       — ᠨᠣᠶᠠᠨ ᠲᠠ ᠶᠠᠭᠤ ᠭᠡᠵᠦ ᠰᠣᠶᠣᠷᠬᠠᠨ᠎ᠠ ᠪᠣᠯ ᠭᠡᠬᠦ ᠳ᠋ᠦ᠍ ᠬᠣᠲᠣᠯᠠ ᠶᠠᠭᠤ ᠭᠡᠵᠦ ᠬᠡᠯᠡᠬᠦ ᠪᠡᠨ ᠮᠡᠳᠡᠬᠦ ᠦᠭᠡᠢ ᠴᠢᠮᠡᠭᠡ ᠦᠭᠡᠢ ᠶᠠᠪᠤᠵᠤ ᠶᠠᠪᠤᠵᠤ᠂ 
       — ᠪᠦᠯᠵᠢᠭᠡᠨ ᠮᠢᠨᠢ᠂ ᠴᠢᠨᠦ ᠵᠢᠷᠦᠬᠡ ᠰᠡᠳᠬᠢᠯ ᠮᠡᠳᠡᠲᠦᠭᠡᠢ! ᠬᠡᠮᠡᠪᠡ᠃ ᠪᠦᠯᠵᠢᠭᠡᠨ ᠬᠠᠲᠤᠨ ᠬᠦᠦ ᠪᠡᠨ ᠠᠳᠬᠠᠭᠰᠠᠨ᠂ ᠭᠤᠶᠤᠭᠰᠠᠨ᠂ ᠤᠴᠢᠷᠯᠠᠭᠰᠠᠨ ᠬᠠᠷᠠᠴᠠ ᠪᠠᠷ ᠰᠢᠷᠳᠡᠭᠰᠡᠨ ᠢ᠋ᠶ᠋ᠡᠨ ᠳᠤᠯᠠᠭᠠᠬᠠᠨ ᠦᠳᠡᠰᠢ ᠠᠲᠠᠯ᠎ᠠ ᠪᠠᠨ ᠲᠠᠭᠠᠷᠠᠭᠰᠠᠨ ᠮᠡᠲᠦ ᠬᠣᠶᠠᠷ ᠭᠠᠷ ᠢ᠋ᠶ᠋ᠠᠨ ᠵᠥᠷᠢᠭᠦᠯᠵᠦ ᠤᠤᠵᠢᠨ ᠤ᠋ ᠪᠠᠨ ᠬᠠᠨᠴᠤᠢ ᠳ᠋ᠤ᠌ ᠰᠢᠷᠭᠤᠭᠤᠯᠵᠠᠢ᠃ ᠦᠭᠡ ᠲᠡᠷᠡ ᠯᠠ ᠬᠠᠷᠠᠴᠠ ᠶ᠋ᠢ ᠬᠠᠨᠢᠯᠠᠭᠰᠠᠨ ᠨᠣᠶᠠᠨ ᠠ᠋ᠴᠠ ᠨᠢ ᠢᠯᠡᠭᠦᠦ ᠮᠡᠳᠡᠷᠡᠨ ᠤᠩᠰᠢᠵᠤ᠂ 
       — ᠬᠣᠲᠣᠯᠠ ᠨᠣᠶᠠᠨ ᠲᠠᠨ ᠳ᠋ᠤ᠌ ᠭᠢᠯᠠᠢᠵᠤ ᠶᠠᠪᠤᠳᠠᠭ ᠪᠢᠯᠡ᠂ ᠪᠢ᠃ ᠠᠢᠯ ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠬᠤ ᠶᠠᠯ᠎ᠠ ᠶᠠᠩᠬᠠᠨ ᠠ᠋ᠴᠠ ᠬᠠᠲᠤᠨ ᠢᠵᠢᠢ ᠶ᠋ᠢ ᠮᠢᠨᠢ ᠰᠠᠯᠭᠠᠵᠤ ᠬᠠᠶᠠᠭᠠᠨ ᠳ᠋ᠠᠭᠠᠨ ᠠᠪᠤᠭᠰᠠᠨ ᠳ᠋ᠤ᠌ ᠲᠠᠯᠠᠷᠬᠠᠨ᠎ᠠ᠃ ᠲᠠᠲᠠᠷ ᠡᠮ᠎ᠡ ᠶ᠋ᠢ ᠲᠠᠲᠠᠪᠤᠷᠢ ᠬᠠᠲᠤᠨ ᠪᠣᠯᠭᠠᠭᠰᠠᠨ ᠨᠢ ᠭᠠᠢ ᠪᠣᠯᠵᠤ ᠨᠣᠶᠠᠨ ᠲᠠᠨ ᠤ᠋ ᠶᠡᠬᠡ ᠣᠷᠣ ᠰᠠᠭᠤᠬᠤ ᠶᠡᠬᠡ ᠬᠤᠪᠢ ᠲᠠᠯᠠᠭᠠᠷ ᠪᠣᠯᠤᠭᠰᠠᠨ ᠢ᠋ ᠰᠠᠶᠢ ᠰᠣᠨᠣᠰᠪᠠ᠂ ᠪᠢ᠃ ᠢᠵᠢᠢ ᠮᠢᠨᠢ ᠲᠠᠨ ᠢ᠋ ᠪᠠᠷᠠᠳᠠᠵᠤ ᠶᠠᠪᠤᠬᠤ ᠳ᠋ᠤ᠌ ᠶᠠᠭᠤᠨ᠎ᠠ ᠠᠯᠵᠠᠬᠤ ᠠᠵᠢ᠃ ᠬᠠᠷᠢᠨ ᠪᠢ ᠶᠢᠰᠦᠨ ᠲᠠᠲ᠋ᠠᠷ ᠤ᠋ᠨ ᠵᠦᠭ ᠲᠡᠮᠡᠴᠡᠰᠦᠭᠡᠢ! ᠬᠡᠮᠡᠪᠡ᠃ ᠪᠦᠯᠵᠢᠭᠡᠨ ᠬᠠᠲᠤᠨ《ᠪᠠᠢᠭ!》 ᠭᠡᠵᠦ ᠡᠰᠡ ᠬᠡᠯᠡᠭᠰᠡᠨ ᠠᠲᠠᠯ᠎ᠠ ᠠᠰᠬᠠᠷᠠᠲᠠᠯ᠎ᠠ ᠤᠬᠢᠯᠠᠵᠤ ᠪᠢᠯᠡ᠃ ᠡᠢᠨ ᠠᠨᠢᠷ ᠴᠢᠮᠡᠭᠡ ᠦᠭᠡᠢ ᠬᠠᠷᠭᠤᠢ ᠳ᠋ᠠᠭᠠᠨ᠂ ᠠᠵᠢᠨ ᠳᠥᠵᠢᠨ ᠠᠯᠬᠤᠯᠠᠭᠰᠠᠭᠠᠷ ᠵᠢᠵᠢᠭ ᠦᠷᠭᠦᠭᠡᠨ ᠳ᠋ᠦ᠍ ᠣᠷᠣᠵᠠᠭᠠᠭᠰᠠᠨ ᠠᠭᠠᠳ ᠭᠤᠷᠪᠠᠨ ᠬᠠᠯᠠᠭᠤᠨ ᠠᠮᠢ ᠰᠥᠨᠢᠵᠢᠨ ᠶᠠᠷᠢᠯᠴᠠᠵᠤ ᠬᠣᠨᠣᠵᠠᠢ᠃ 
       ᠴᠢᠩᠭᠢᠭᠡᠳ ᠳᠡᠯᠡᠭᠡ ᠬᠤᠷᠠᠭ᠎ᠠ ᠠᠯᠠᠨ ᠭᠠᠨᠵᠤᠭᠠᠯᠠᠭᠤᠯᠵᠤ᠂ ᠲᠡᠯᠮᠡᠨ ᠰᠢᠷᠭ᠎ᠠ ᠮᠣᠷᠢ ᠪᠠᠨ ᠤᠨᠤᠭᠤᠯᠵᠤ᠂ ᠬᠥᠮᠦᠨ ᠠᠮᠢᠲᠠᠨ ᠲᠤᠭ ᠨᠤᠢᠷᠤᠨ ᠳ᠋ᠠᠭᠠᠨ ᠳᠤᠭᠵᠢᠷᠠᠵᠤ ᠠᠭᠰᠠᠨ ᠦᠷ ᠴᠦᠷ ᠢ᠋ᠶ᠋ᠡᠷ ᠶᠢᠰᠦᠨ ᠲᠠᠲ᠋ᠠᠷ ᠤ᠋ᠨ ᠲᠡᠮᠦᠵᠢᠨ ᠦᠭᠡ ᠶ᠋ᠢ ᠬᠥᠬᠡ ᠪᠤᠢᠷ ᠤ᠋ᠨ ᠵᠦᠭ ᠦᠳᠡᠵᠦ ᠠᠪᠠᠢ᠃  

          ᠦᠰᠦᠭ ᠠᠮᠢᠯᠠᠭᠤᠯᠤᠭᠴᠢ᠄ ᠠᠯᠲᠠᠨᠴᠡᠴᠡᠭ᠂ ᠠᠯᠲᠠᠨᠴᠢᠮᠡᠭ᠂ ᠮᠥᠩᠭᠥᠨ᠂ ᠨᠠᠷᠠᠨᠲᠤᠶᠠᠭ᠎ᠠ᠂ 
                         ᠪᠤᠤ ᠸᠧᠨ ᠬᠤᠸᠠ᠂ ᠪᠠᠯ᠂ ᠤᠷᠠᠨᠴᠢᠮᠡᠭ᠂  ᠣᠶᠤᠨᠴᠢᠮᠡᠭ᠂ ᠠᠷᠢᠭᠤᠨ᠂ 
                         ᠠ᠋ ᠭᠤᠸ᠎ᠠ᠂ ᠰᠤᠳᠤᠯᠲᠤ᠂ ᠪᠠᠶᠠᠨᠴᠡᠴᠡᠭ᠂ ᠬᠡᠷᠡᠢᠳ·ᠵᠤᠯᠠ᠂ ᠡᠷᠴᠢᠨ᠂ 
                         ᠬᠡᠷᠡᠢᠳ·ᠮᠥᠩᠬᠡᠨᠠᠰᠤᠨ᠂ ᠭᠡᠷᠡᠯ 
             ᠬᠢᠨᠠᠭᠴᠢ᠄ ᠣᠳᠬᠠᠨᠰᠣ᠎ᠠ᠂ ᠨᠠᠷᠠᠨ᠂ ᠭᠠᠷᠮ᠎ᠠ ᠂ ᠪᠠᠶᠠᠨᠴᠡᠴᠡᠭ᠂ ᠪᠠᠯ᠂ 
                        ᠬᠡᠷᠡᠢᠳ·ᠮᠥᠩᠬᠡᠨᠠᠰᠤᠨ᠂ ᠡᠭᠦᠯᠡᠩᠬᠤᠸᠠᠷ᠂ ᠬᠡᠷᠡᠢᠳ·ᠵᠤᠯᠠ᠂ 
                        ᠤᠷᠠᠨᠴᠢᠮᠡᠭ᠂ ᠰᠡᠬᠡᠭᠡᠷᠡᠯ