ᠪᠠᠲᠤ ᠬᠠᠭᠠᠨ 8-20ᠤᠷᠪᠠᠯᠲᠠ ᠶ᠋ᠢᠨ ᠦᠨ᠎ᠡ-ᠰᠢᠭᠤᠷᠭ᠎ᠠ ᠲᠠᠯᠪᠢᠪᠠBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 8-20ᠤᠷᠪᠠᠯᠲᠠ ᠶ᠋ᠢᠨ ᠦᠨ᠎ᠡ-ᠰᠢᠭᠤᠷᠭ᠎ᠠ ᠲᠠᠯᠪᠢᠪᠠBat khaan Бат хаан-ᠷᠣᠮᠠᠨ

ᠪᠠᠲᠤ ᠬᠠᠭᠠᠨ 8-20ᠤᠷᠪᠠᠯᠲᠠ ᠶ᠋ᠢᠨ ᠦᠨ᠎ᠡ-ᠰᠢᠭᠤᠷᠭ᠎ᠠ ᠲᠠᠯᠪᠢᠪᠠBat khaan Бат хаан-ᠷᠣᠮᠠᠨ

ᠠᠩᠭᠢᠯᠠᠯ:ᠲᠤᠭᠤᠵᠢ ᠷᠣᠮᠠᠨ
2025-12-17

70

ᠬᠣᠶᠠᠷ᠂ ᠤᠷᠪᠠᠯᠲᠠ ᠶ᠋ᠢᠨ ᠦᠨ᠎ᠡ


ᠸᠠᠩ ᠭᠯᠧᠪ ᠭᠡᠷ ᠲᠸ᠋ ᠣᠷᠣᠵᠤ ᠢᠷᠡᠭᠡᠳ ᠪᠦᠭᠦᠳᠡ ᠶ᠋ᠢ ᠬᠢᠨᠠᠮᠵᠢᠲᠠᠢ ᠪᠠᠷ ᠬᠠᠷᠠᠪᠠ᠃ ᠪᠠᠲᠤ ᠬᠠᠭᠠᠨ ᠰᠡᠳᠬᠢᠯ ᠬᠠᠩᠭᠠᠮᠵᠢᠲᠠᠢ ᠮᠡᠲᠦ ᠦᠵᠡᠭᠳᠡᠬᠦ ᠪᠠ ᠰᠦᠪᠡᠭᠡᠳᠡᠢ ᠪᠠᠭᠠᠲᠤᠷ ᠶᠡᠷᠦ ᠶ᠋ᠢᠨ ᠪᠠᠢᠳᠠᠯ ᠠ᠋ᠴᠠ ᠪᠠᠨ ᠢᠯᠡᠭᠦᠦ ᠰᠠᠢᠬᠠᠨ ᠵᠠᠩ ᠲᠠᠢ ᠶᠤᠮ ᠰᠢᠭ᠋ ᠰᠠᠨᠠᠭᠳᠠᠪᠠ᠃ ᠸᠠᠩ ᠭᠯᠧᠪ ᠮᠥᠯᠬᠥᠭᠰᠡᠭᠡᠷ ᠶᠠᠪᠤᠵᠤ ᠪᠠᠲᠤ ᠬᠠᠭᠠᠨ ᠤ᠋ ᠳᠡᠷᠭᠡᠳᠡ ᠢᠷᠡᠵᠦ ᠲᠡᠭᠦᠨ ᠦ᠌ ᠡᠮᠦᠨ᠎ᠡ ᠰᠥᠭᠥᠳᠴᠦ ᠮᠥᠷᠭᠥᠪᠡ᠃ ᠪᠠᠲᠤ ᠬᠠᠭᠠᠨ ᠥᠭᠡᠷ᠎ᠡ ᠳᠠᠰᠢ ᠬᠠᠷᠠᠵᠤ ᠪᠠᠢᠪᠠ᠃ ᠸᠠᠩ ᠭᠯᠧᠪ ᠡᠪᠦᠳᠦᠭ ᠳᠡᠭᠡᠷ᠎ᠡ ᠪᠡᠨ ᠬᠦᠯᠢᠶᠡᠭᠰᠡᠭᠡᠷ ᠪᠠᠢᠪᠠ᠃ ᠰᠡᠭᠦᠯ ᠳ᠋ᠦ᠍ᠨᠢ ᠪᠠᠲᠤ ᠬᠠᠭᠠᠨ ᠲᠡᠭᠦᠨ ᠢ᠋ ᠬᠠᠷᠠᠪᠠ᠃
— ᠭᠯᠧᠪ ᠸᠠᠩ ᠴᠢ ᠶᠠᠭᠤ ᠬᠦᠰᠡᠨ᠎ᠡ?
— ᠴᠢ ᠠᠭᠤᠳᠠᠮ ᠰᠠᠨᠠᠭ᠎ᠠ ᠲᠠᠢ᠂ ᠴᠢ ᠥᠭᠯᠢᠭᠡᠴᠢ ᠡᠵᠡᠨ ᠶᠤᠮ᠃ ᠥᠪᠡᠷ ᠦ᠋ᠨ ᠦᠨᠡᠨᠴᠢ ᠪᠣᠭᠣᠯ ᠳ᠋ᠤ᠌ ᠲᠤᠰᠠᠯᠠᠨ᠎ᠠ ᠤᠤ᠁
— ᠴᠢᠮ᠎ᠠ ᠳ᠋ᠤ᠌ ᠶᠠᠭᠤ ᠬᠡᠷᠡᠭ ᠲᠡᠢ ᠪᠣᠢ? ᠭᠡᠵᠦ ᠪᠠᠲᠤ ᠬᠠᠭᠠᠨ ᠳᠠᠬᠢᠨ ᠬᠡᠯᠡᠵᠦ ᠨᠢᠭᠤᠷ ᠢ᠋ᠶ᠋ᠠᠨ ᠦᠷᠴᠢᠢᠯᠭᠡᠨ᠎ᠡ᠃
— ᠰᠣᠳᠣ ᠡᠵᠡᠨ ᠮᠢᠨᠢ ᠠ᠋ ! ᠪᠢ ᠴᠢᠨᠦ ᠶᠡᠬᠡ ᠠᠶᠠᠨ ᠤ᠋ ᠦᠶ᠎ᠡ ᠳ᠋ᠦ᠍ ᠰᠢᠳᠤᠷᠭᠤ ᠠᠯᠪᠠ ᠶ᠋ᠢ ᠵᠠᠯᠭᠠᠭᠤᠯᠵᠤ ᠶᠠᠪᠤᠯ᠎ᠠ᠃ ᠣᠳᠣ ᠴᠢᠨᠦ ᠢᠯᠠᠭᠳᠠᠰᠢ ᠦᠭᠡᠢ ᠶᠡᠬᠡ ᠴᠡᠷᠢᠭ ᠲᠥᠷᠥᠭᠰᠡᠨ ᠨᠤᠲᠤᠭ ᠣᠷᠣᠨ ᠳ᠋ᠠᠭᠠᠨ ᠪᠤᠴᠠᠵᠤ ᠶᠠᠪᠤᠨ᠎ᠠ᠁

ᠸᠠᠩ ᠭᠯᠸᠪ ᠳᠠᠭᠤ ᠦᠭᠡᠢ ᠪᠣᠯᠵᠤ ᠵᠠᠩᠵᠤᠨ ᠤ᠋ ᠬᠥᠳᠡᠯᠭᠡᠭᠡᠨ ᠦᠭᠡᠢ ᠨᠢᠭᠤᠷ ᠢ᠋ ᠠᠵᠢᠭᠯᠠᠨ ᠬᠠᠷᠠᠬᠤ ᠶ᠋ᠢ ᠡᠷᠡᠮᠡᠯᠵᠡᠨ᠎ᠡ᠃
— ᠴᠢ ᠶᠠᠭᠤ ᠬᠦᠰᠡᠵᠦ ᠭᠤᠶᠤᠨ᠎ᠠ?
— ᠴᠢᠮᠠᠲᠤ ᠳᠠᠬᠢᠨ ᠠᠯᠪᠠᠨ ᠵᠠᠯᠭᠠᠭᠤᠯᠵᠤ ᠪᠠᠢᠬᠤ ᠶ᠋ᠢ ᠨᠠᠳᠠᠳᠤ ᠲᠤᠰᠢᠶᠠᠨ᠎ᠠ ᠤᠤ!

ᠪᠠᠲᠤ ᠬᠠᠭᠠᠨ ᠳᠤᠭᠤᠢ ᠪᠣᠯᠪᠠ᠃ ᠸᠠᠩ ᠭᠯᠸᠪ ᠨᠡᠯᠢᠶᠡᠳ ᠵᠣᠷᠢᠭᠰᠢᠵᠤ ᠦᠷᠭᠦᠯᠵᠢᠯᠡᠨ᠄
— ᠴᠢᠨᠦ ᠴᠡᠴᠡᠭᠯᠡᠵᠦ ᠪᠦᠬᠦᠢ ᠲᠠᠯ᠎ᠠ ᠳ᠋ᠤ᠌ ᠪᠢ ᠴᠢᠮᠠᠲᠤ ᠬᠡᠷᠡᠭ ᠦᠭᠡᠢ᠃ ᠭᠡᠲᠡᠯ᠎ᠡ ᠣᠷᠣᠰ ᠤ᠋ᠨ ᠭᠠᠵᠠᠷ ᠨᠤᠲᠤᠭ ᠲᠤ᠌ ᠪᠢ ᠴᠢᠮᠠᠲᠤ ᠮᠠᠰᠢ ᠶᠡᠬᠡ ᠠᠰᠢᠭ ᠲᠠᠢ ᠪᠣᠯᠤᠨ᠎ᠠ᠁ ᠡᠨᠡᠷᠢᠭᠲᠦᠨ! ᠮᠢᠨᠦ ᠰᠢᠳᠤᠷᠭᠤ ᠵᠢᠳᠬᠦᠯ ᠢ᠋ ᠰᠠᠨᠠᠵᠤ ᠨᠠᠮᠠᠶ᠋ᠢ ᠥᠪᠡᠷ ᠦ᠋ᠨ ᠲᠥᠯᠥᠭᠡᠨ ᠦ᠌ ᠲᠦᠰᠢᠮᠡᠯ ᠪᠣᠯᠭᠠᠨ ᠷᠶᠠᠽᠠᠨ ᠳ᠋ᠤ᠌ ᠲᠣᠮᠢᠯᠠᠨ᠎ᠠ ᠤᠤ᠁

ᠸᠠᠩ ᠭᠯᠸᠪ ᠳᠡᠮᠵᠢᠯᠭᠡ ᠶ᠋ᠢ ᠡᠷᠢᠵᠦ ᠰᠦᠪᠡᠭᠡᠳᠡᠢ ᠪᠠᠭᠠᠲᠤᠷ ᠢ᠋ ᠬᠠᠷᠠᠪᠠ᠃ ᠲᠡᠷᠡ ᠦᠯᠦ ᠲᠠᠨᠢᠭᠳᠠᠬᠤ ᠴᠢᠷᠠᠢ ᠭᠠᠷᠭᠠᠵᠤ ᠳᠠᠯᠳᠢᠷᠠᠬᠤ ᠦᠭᠡᠢ ᠨᠢᠳᠦ ᠪᠡᠷ ᠭᠠᠵᠠᠷ ᠰᠢᠷᠳᠡᠵᠦ ᠶᠠᠮᠠᠷ ᠴᠤ᠌ ᠬᠥᠳᠡᠯᠭᠡᠭᠡᠨ ᠦᠭᠡᠢ ᠰᠠᠭᠤᠨ᠎ᠠ᠃ ᠶᠦᠯᠳᠥ᠋ᠽ ᠬᠠᠲᠤᠨ ᠪᠤᠷᠤᠭᠤ ᠳᠠᠰᠢ ᠬᠠᠷᠠᠪᠠ᠃

ᠪᠠᠲᠤ ᠬᠠᠭᠠᠨ ᠬᠡᠯᠡᠬᠦ ᠨᠢ᠄
— ᠬᠡᠨ ᠥᠪᠡᠷ ᠦ᠋ᠨ ᠡᠬᠡ ᠣᠷᠣᠨ ᠠ᠋ᠴᠠ ᠤᠷᠪᠠᠭᠰᠠᠨ ᠪᠣᠯ ᠲᠡᠷᠡ ᠬᠥᠮᠦᠨ ᠦᠨᠡᠨᠴᠢ ᠪᠢᠰᠢ᠂ ᠲᠡᠭᠦᠨ ᠢ᠋ ᠦᠨᠡᠮᠰᠢᠵᠦ ᠪᠣᠯᠬᠤ ᠦᠭᠡᠢ᠂ ᠲᠡᠷᠡ ᠡᠵᠡᠨ ᠡᠴᠡ ᠪᠡᠨ ᠤᠷᠪᠠᠨ᠎ᠠ᠃
— ᠪᠢ ᠴᠢᠮᠠᠲᠤ ᠦᠨᠡᠨᠴᠢ ᠰᠢᠳᠤᠷᠭᠤ ᠪᠠᠢᠭᠰᠠᠨ ᠰᠢᠦ ᠳ᠋ᠠ᠂ ᠪᠢ ᠴᠢᠮᠠᠲᠤ ᠴᠢᠬᠤᠯᠠ ᠠᠯᠪᠠᠨ ᠨᠤᠭᠤᠳ ᠢ᠋ ᠵᠠᠯᠭᠠᠭᠤᠯᠵᠤ ᠥᠭᠭᠦᠭᠰᠡᠨ ᠰᠢᠦ ᠳ᠋ᠠ ᠁ ᠸᠠᠩ ᠭᠸᠤᠷᠭᠢ ᠶ᠋ᠢᠨ ᠴᠡᠷᠢᠭ ᠬᠠᠮᠢᠭ᠎ᠠ ᠪᠠᠢᠭᠰᠠᠨ ᠢ᠋ ᠪᠢ ᠴᠢᠮᠠᠲᠤ ᠵᠢᠭᠠᠵᠤ ᠥᠭᠭᠦᠭᠰᠡᠨ ᠰᠢᠦ ᠳ᠋ᠠ ! ᠭᠡᠵᠦ ᠸᠠᠩ ᠭᠯᠸᠪ ᠭᠠᠯᠵᠠᠭᠤ ᠮᠡᠲᠦ ᠬᠠᠰᠬᠢᠷᠪᠠ᠃
— ᠵᠠ ᠲᠡᠢᠮᠦ ᠁
— ᠪᠢ ᠥᠪᠡᠷ ᠢ᠋ᠶ᠋ᠡᠨ ᠰᠠᠢᠨ ᠳᠤᠷ᠎ᠠ ᠪᠠᠷ ᠢ᠋ᠶ᠋ᠠᠨ ᠴᠢᠮᠠᠲᠤ ᠢᠷᠡᠭᠰᠡᠨ ᠰᠢᠦ ᠳ᠋ᠠ᠂ ᠲᠡᠭᠦᠨ ᠢ᠋ ᠮᠢᠨᠢ ᠪᠣᠳᠣᠭᠠᠴᠢ!
— ᠴᠢ ᠬᠠᠮᠢᠭᠠᠰᠢ ᠪᠠᠨ ᠣᠴᠢᠬᠤ ᠪᠠᠢᠭᠰᠠᠨ ᠶᠤᠮ? ᠣᠷᠣᠰ ᠤ᠋ᠳ ᠴᠢᠮᠠᠶ᠋ᠢ ᠬᠥᠭᠡᠭᠡᠵᠦ᠂ ᠣᠷᠬᠢᠭᠰᠠᠨ ᠺᠢᠫᠴᠠᠺ ᠤ᠋ᠨ ᠲᠠᠯ᠎ᠠ ᠨᠤᠭᠤᠳ ᠨᠠᠳᠠᠳᠤ ᠵᠠᠬᠢᠷᠤᠭᠳᠠᠬᠤ ᠪᠣᠯᠤᠭᠰᠠᠨ ᠪᠢᠰᠢ ᠤᠤ᠃
— ᠭᠡᠪᠡᠴᠦ ᠁

ᠪᠠᠲᠤ ᠬᠠᠭᠠᠨ ᠰᠥᠪᠡᠭᠡᠳᠡᠢ ᠪᠠᠭᠠᠲᠤᠷ ᠲᠠᠰᠢ ᠬᠠᠨᠳᠤᠵᠤ᠂
— ᠮᠢᠨᠦ ᠮᠡᠷᠭᠡᠨ ᠵᠥᠪᠯᠡᠭᠴᠢ ᠠ᠋ ! ᠴᠢ ᠮᠢᠨᠦ ᠶᠡᠬᠡ ᠡᠪᠦᠭᠡ ᠶ᠋ᠢ᠂ ᠬᠡᠷᠬᠢᠨ ᠡᠷᠡᠯᠬᠡᠭ ᠸᠠᠩ ᠬᠠᠭᠠᠨ ᠲᠠᠢ ᠲᠡᠮᠡᠴᠡᠭᠰᠡᠨ ᠲᠤᠬᠠᠢ ᠶ᠋ᠢ ᠨᠠᠳᠠᠳᠤ ᠶᠠᠷᠢᠬᠤ ᠭᠡᠰᠡᠨ ᠰᠢᠦ ᠳ᠋ᠠ ᠭᠡᠬᠦ ᠳ᠋ᠦ᠍᠂ᠰᠥᠪᠡᠭᠡᠳᠡᠢ ᠪᠠᠭᠠᠲᠤᠷ ᠰᠠᠶᠢ ᠰᠡᠷᠢᠭᠰᠡᠨ ᠮᠡᠲᠦ ᠲᠣᠯᠣᠭᠠᠢ ᠪᠠᠨ ᠡᠷᠭᠦᠵᠦ ᠵᠠᠯᠠᠭᠤ ᠵᠠᠩᠵᠤᠨ ᠢ᠋ ᠰᠢᠷᠳᠡᠨ ᠬᠠᠷᠠᠪᠠ᠃ ᠳᠠᠷᠠᠭ᠎ᠠ ᠨᠢ ᠵᠢᠭᠳᠡ ᠠᠮᠤᠷᠯᠢᠩᠭᠤᠢ ᠬᠣᠭᠣᠯᠠᠢ ᠪᠠᠷ ᠶᠠᠷᠢᠬᠤ ᠨᠢ᠄
— ᠮᠥᠩᠬᠡ ᠨᠠᠰᠤᠲᠤ ᠪᠠᠢᠯᠳᠤᠭᠴᠢ᠂ ᠴᠢᠨᠦ ᠠᠯᠳᠠᠷᠲᠠᠢ ᠡᠪᠦᠭᠡ ᠴᠢᠨᠢ ᠬᠡᠷᠡᠢᠳ ᠦ᠋ᠨ ᠸᠠᠩ ᠬᠠᠨ ᠲᠠᠢ ᠪᠠᠢᠯᠳᠤᠵᠤ ᠪᠠᠢᠵᠠᠢ᠂ ᠡᠨᠡ ᠬᠦᠴᠦᠷᠬᠡᠭ ᠦᠨᠳᠦᠰᠦᠲᠡᠨ ᠨᠢ ᠢᠯᠠᠭᠳᠠᠵᠤ ᠳᠡᠢᠯᠦᠭᠳᠡᠭᠰᠡᠨ ᠶᠤᠮ᠃ ᠭᠡᠲᠡᠯ᠎ᠡ ᠵᠣᠷᠢᠭᠲᠤ ᠸᠠᠩ ᠬᠠᠨ ᠪᠠᠭᠤᠵᠤ ᠥᠭᠭᠦᠭᠰᠡᠨ ᠦᠭᠡᠢ ᠪᠢᠯᠡ᠃ ᠲᠡᠷᠡ ᠬᠠᠮᠤᠭ ᠤ᠋ᠨ ᠰᠡᠭᠦᠯ ᠳ᠋ᠦ᠍ ᠦᠯᠡᠳᠡᠭᠰᠡᠨ ᠡᠷᠡᠯᠬᠡᠭ ᠨᠥᠬᠥᠳ ᠢ᠋ᠶ᠋ᠡᠨ ᠴᠤᠭᠯᠠᠭᠤᠯᠵᠤ ᠴᠢᠨᠣ᠎ᠠ ᠮᠡᠲᠦ ᠪᠡᠷ ᠪᠡᠶ᠎ᠡ ᠪᠡᠨ ᠬᠠᠮᠠᠭᠠᠯᠠᠨ ᠪᠠᠢᠯᠳᠤᠵᠠᠢ᠃ ᠲᠡᠷᠡ ᠶᠣᠰᠣᠲᠠᠢ ᠳᠠᠢᠰᠤᠨ ᠪᠠᠢᠵᠠᠢ᠃ ᠴᠢᠨᠦ ᠶᠡᠬᠡ ᠡᠪᠦᠭᠡ ᠲᠡᠭᠦᠨ ᠦ᠌ ᠡᠷᠡᠯᠬᠡᠭ ᠵᠣᠷᠢᠭ ᠢ᠋ ᠮᠠᠭᠲᠠᠵᠤ ᠬᠦᠨᠳᠦᠳᠬᠡᠳᠡᠭ ᠪᠢᠯᠡ᠃
— ᠴᠠᠰᠢ ᠶᠠᠭᠤ ᠪᠣᠯᠤᠭᠰᠠᠨ ᠪᠣᠢ?
— ᠴᠢᠩᠭᠢᠰ ᠬᠠᠭᠠᠨ ᠤ᠋ ᠴᠡᠷᠢᠭ ᠦ᠋ᠳ ᠢᠯᠠᠭᠳᠠᠰᠢ ᠦᠭᠡᠢ ᠪᠠᠢᠭᠰᠠᠨ ᠲᠤᠯᠠ᠂ ᠲᠡᠳᠡᠨ ᠦ᠌ ᠡᠮᠦᠨ᠎ᠡ ᠡᠴᠡ ᠡᠰᠡᠷᠭᠦᠴᠡᠵᠦ ᠪᠣᠯᠬᠤ ᠦᠭᠡᠢ ᠪᠠᠢᠪᠠ᠃ ᠸᠠᠩ ᠬᠠᠨ ᠪᠦᠰᠡᠯᠡᠭᠳᠡᠭᠰᠡᠨ ᠶᠤᠮ᠃ ᠲᠡᠷᠡ ᠬᠠᠮᠤᠭ ᠤ᠋ᠨ ᠰᠡᠭᠦᠯ ᠦ᠋ᠨ ᠰᠢᠳᠠᠷ ᠴᠡᠷᠢᠭ ᠦ᠋ᠳ ᠢ᠋ᠶ᠋ᠡᠨ ᠠᠯᠳᠠᠵᠤ ᠬᠣᠶᠠᠷᠬᠠᠨ ᠪᠣᠭᠣᠯ ᠤ᠋ᠨ ᠬᠠᠮᠲᠤ ᠵᠢᠭᠤᠲᠠᠵᠤ ᠣᠳᠤᠭᠰᠠᠨ ᠶᠤᠮ᠃

ᠪᠠᠲᠤ ᠬᠠᠭᠠᠨ ᠠᠩᠬᠠᠷᠤᠯᠲᠠᠢ ᠪᠠᠷ ᠰᠣᠨᠣᠰᠴᠤ ᠲᠣᠯᠣᠭᠠᠢ ᠪᠠᠨ ᠲᠣᠬᠢᠯᠠᠨ ᠰᠠᠭᠤᠪᠠ᠃ᠶᠦᠯᠦᠳᠥ᠋ᠽ ᠬᠠᠲᠤᠨ ᠣᠢᠷᠠᠲᠤᠨ ᠰᠠᠭᠤᠪᠠ᠃ ᠢ ᠯᠡ ᠾᠧ ᠰᠡᠳᠬᠢᠯ ᠬᠥᠳᠡᠯᠵᠦ ᠭᠠᠷ ᠢ᠋ᠶ᠋ᠠᠨ ᠴᠡᠭᠡᠵᠢᠨ ᠳ᠋ᠡᠭᠡᠨ ᠪᠠᠷᠢᠵᠤ ᠰᠠᠭᠤᠨ᠎ᠠ᠃ ᠸᠠᠩ ᠭᠯᠸᠪ ᠪᠦᠭᠦᠳᠡ ᠶ᠋ᠢ ᠠᠭᠤᠷᠲᠠᠢ ᠪᠠᠷ ᠡᠭᠡᠯᠵᠢᠯᠡᠨ ᠬᠠᠷᠠᠪᠠ᠃
— ᠠᠯᠳᠠᠷᠲᠤ ᠸᠠᠩ ᠬᠠᠨ ᠠᠮᠢ ᠭᠠᠷᠤᠭᠰᠠᠨ ᠤᠤ? ᠭᠡᠬᠦ ᠳ᠋ᠦ᠍᠂ᠰᠥᠪᠡᠭᠡᠲᠡᠢ ᠪᠠᠭᠠᠲᠤᠷ ᠰᠢᠭᠤᠳᠬᠠᠨ ᠬᠡᠯᠡᠪᠡ᠄
— ᠦᠭᠡᠢ᠂ ᠰᠣᠳᠣ ᠮᠢᠨᠢ ! ᠲᠡᠭᠦᠨ ᠦ᠌ ᠪᠣᠭᠣᠯ ᠵᠠᠷᠤᠴᠠ ᠰᠢᠷ᠎ᠠ ᠴᠢᠬᠢᠲᠡᠢ ᠨᠣᠬᠠᠢ ᠨᠢ ᠤᠷᠪᠠᠵᠤ ᠲᠡᠭᠦᠨ ᠢ᠋ ᠤᠨᠲᠠᠵᠤ ᠪᠠᠢᠬᠤ ᠳ᠋ᠤ᠌ ᠮᠢᠷᠠᠵᠤ ᠢᠷᠡᠵᠡᠭᠡᠭᠡᠳ ᠲᠡᠭᠦᠨ ᠢ᠋ ᠠᠯᠠᠵᠤ ᠲᠣᠯᠣᠭᠠᠢ ᠶ᠋ᠢ ᠶᠡᠬᠡ ᠴᠢᠩᠭᠢᠰ ᠬᠠᠭᠠᠨ ᠳ᠋ᠤ᠌ ᠠᠪᠴᠢᠷᠠᠵᠤ ᠥᠭᠭᠦᠭᠰᠡᠨ ᠶᠤᠮ᠃

ᠪᠦᠭᠦᠳᠡ ᠳᠤᠭᠤᠢ ᠪᠣᠯᠪᠠ᠃ ᠰᠥᠪᠡᠭᠡᠲᠡᠢ ᠪᠠᠭᠠᠲᠤᠷ ᠦᠷᠭᠦᠯᠵᠢᠯᠡᠨ ᠶᠠᠷᠢᠬᠤ ᠨᠢ᠄ ᠮᠠᠭᠤ ᠨᠣᠬᠠᠢ ᠨᠤᠭᠤᠳ ᠶᠡᠬᠡ ᠪᠠᠢᠯᠳᠤᠭᠴᠢ ᠶ᠋ᠢᠨ ᠥᠷᠥᠰᠢᠶᠡᠯ ᠢ᠋ ᠬᠦᠯᠢᠶᠡᠬᠦ ᠭᠡᠵᠡᠢ᠃ ᠭᠡᠲᠡᠯ᠎ᠡ ᠲᠡᠷᠡ ᠠᠭᠤᠷᠯᠠᠵᠤ《ᠸᠠᠩ ᠬᠠᠨ ᠢ᠋ ᠬᠦᠴᠦᠷᠬᠡᠭ ᠪᠠᠢᠬᠤ ᠳ᠋ᠤ᠌ ᠲᠠᠨᠠᠷ ᠲᠡᠭᠦᠨ ᠦ᠌ ᠠᠯᠪᠠᠨ ᠵᠠᠯᠭᠠᠭᠤᠯᠵᠤ ᠪᠠᠢᠵᠠᠢ! ᠲᠡᠭᠦᠨ ᠢ᠋ ᠵᠣᠪᠠᠯᠠᠩ ᠳ᠋ᠤ᠌ ᠤᠴᠠᠷᠠᠬᠤ ᠳ᠋ᠤ᠌ ᠨᠢ ᠲᠠᠨᠠᠷ ᠵᠣᠪᠠᠯᠠᠩ ᠢ᠋ ᠠᠰᠢᠭᠯᠠᠵᠠᠢ ! 》 ᠭᠡᠳ ᠰᠡᠴᠡᠨ ᠴᠢᠩᠭᠢᠰ ᠬᠠᠭᠠᠨ ᠤᠷᠪᠠᠭᠴᠢᠳ ᠤ᠋ᠨ ᠨᠢᠷᠤᠭᠤ ᠶ᠋ᠢ ᠬᠤᠭᠤᠯᠵᠤ ᠠᠯᠠᠬᠤ ᠲᠤᠰᠢᠶᠠᠯ ᠢ᠋ ᠥᠭᠴᠡᠢ᠁

ᠪᠠᠲᠤ ᠬᠠᠭᠠᠨ ᠠᠭᠠᠵᠢᠮ ᠢ᠋ᠶ᠋ᠠᠷ ᠡᠷᠭᠢᠵᠦ᠂
— ᠴᠢ ᠲᠤᠭᠤᠯᠪᠠᠤ? ᠭᠡᠵᠦ ᠭᠯᠸᠪ ᠸᠠᠩ ᠳ᠋ᠤ᠌ ᠬᠡᠯᠡᠪᠡ᠃ ᠸᠠᠩ ᠭᠯᠸᠪ ᠵᠠᠩᠵᠤᠨ ᠤ᠋ ᠬᠥᠯ ᠡᠴᠡ ᠵᠠᠭᠤᠷᠠᠵᠤ ᠠᠪᠤᠭᠰᠠᠨ ᠳ᠋ᠤ᠌ ᠪᠠᠲᠤ ᠬᠠᠭᠠᠨ ᠲᠡᠭᠦᠨ ᠢ᠋ ᠢᠰᠬᠦᠯᠦᠨ ᠵᠠᠢᠯᠠᠭᠤᠯᠪᠠ᠃
— ᠴᠢᠨᠦ ᠬᠡᠯᠡᠬᠦ ᠳ᠋ᠡᠭᠡᠨ᠂ ᠴᠢ ᠨᠠᠳᠠᠳᠤ ᠠᠯᠪᠠ ᠵᠠᠯᠭᠠᠭᠤᠯᠵᠤ ᠪᠠᠢᠭᠰᠠᠨ ᠭᠡᠨ᠎ᠡ ᠤᠤ? ᠲᠡᠭᠦᠨ ᠢ᠋ ᠴᠢᠮ᠎ᠠ ᠳ᠋ᠤ᠌ ᠠᠯᠲᠠ ᠪᠠᠷ ᠲᠥᠯᠥᠵᠦ ᠪᠠᠢᠭᠰᠠᠨ ᠶᠤᠮ᠃ ᠴᠢᠨᠦ ᠤᠷᠪᠠᠭᠰᠠᠨ ᠲᠤᠬᠠᠢ ᠳ᠋ᠤ᠌ ᠴᠢᠮᠠᠲᠤ ᠶᠠᠯ᠎ᠠ ᠶ᠋ᠢ ᠡᠳ᠋ᠯᠡᠭᠦᠯᠬᠦ ᠬᠡᠷᠡᠭᠲᠡᠢ᠃

ᠪᠠᠲᠤ ᠬᠠᠭᠠᠨ ᠭᠯᠸᠪ ᠦ᠋ᠨ ᠦᠬᠦᠭᠰᠡᠨ ᠶᠤᠮ ᠰᠢᠭ᠌ ᠬᠥᠬᠡ ᠴᠠᠭᠠᠨ ᠨᠢᠭᠤᠷ ᠢ᠋ ᠭᠢᠯᠦᠢᠵᠦ ᠬᠠᠷᠠᠭᠠᠳ᠂
— ᠰᠠᠢᠨ ᠡᠷ᠎ᠡ ᠦᠬᠦᠬᠦ ᠡᠴᠡ ᠠᠶᠤᠳᠠᠭ ᠦᠭᠡᠢ᠁ ᠭᠡᠵᠦ ᠬᠡᠯᠡᠬᠦ ᠳ᠋ᠦ᠍᠂
— ᠰᠣᠳᠣ ᠮᠢᠨᠢ ᠠ᠋! ᠥᠷᠥᠰᠢᠶᠡᠭᠲᠦᠨ᠁ ᠬᠠᠢᠷᠠᠯᠠᠭᠲᠤᠨ ! ᠭᠡᠵᠦ ᠸᠠᠩ ᠭᠯᠸᠪ ᠤᠭᠤᠬᠢᠯᠠᠨ᠎ᠠ᠃ ᠲᠡᠭᠦᠨ ᠦ᠌ ᠴᠡᠴᠡᠷᠡᠭᠰᠡᠨ ᠵᠢᠵᠢᠭ ᠭᠠᠷ ᠨᠢ ᠪᠠᠲᠤ ᠬᠠᠭᠠᠨ ᠤ᠋ ᠬᠦᠴᠦᠲᠡᠢ ᠪᠠᠷᠤᠭᠠᠷ ᠭᠠᠷ ᠠ᠋ᠴᠠ ᠪᠠᠷᠢᠬᠤ ᠳ᠋ᠤ᠌ ᠪᠠᠲᠤ ᠬᠠᠭᠠᠨ᠂
— ᠵᠠ᠁ ᠠᠮᠢᠳᠤ ᠦᠯᠡᠳᠡᠭᠲᠦᠨ ! ᠭᠡᠪᠡ᠃

ᠸᠠᠩ ᠭᠯᠸᠪ ᠪᠠᠲᠤ ᠬᠠᠭᠠᠨ ᠤ᠋ ᠤᠯᠠᠭᠠᠨ ᠰᠠᠪᠢᠬᠢᠨ ᠭᠤᠲᠤᠯ ᠢ᠋ ᠦᠨᠦᠰᠦᠭᠰᠡᠭᠡᠷ ᠣᠷᠣᠭᠰᠢ ᠤᠨᠠᠪᠠ᠃
— ᠲᠣᠨᠢᠯ ! ᠭᠡᠵᠦ ᠵᠠᠩᠵᠤᠨ ᠡᠷᠡᠰ ᠬᠡᠯᠡᠭᠡᠳ᠂
— ᠠᠷᠠᠫᠱᠠ ! ᠡᠨᠡ ᠸᠠᠩ ᠢ᠋ ᠪᠠᠢᠷᠢ ᠠ᠋ᠴᠠ ᠭᠠᠷᠭᠠᠵᠤ ᠬᠡᠭᠡᠷ᠎ᠡ ᠲᠠᠯ᠎ᠠ ᠳ᠋ᠤ᠌ ᠠᠪᠠᠴᠢᠭᠲᠤᠨ ᠭᠡᠵᠦ ᠰᠢᠳᠠᠷ ᠴᠡᠷᠢᠭ ᠦ᠋ᠳ ᠲᠦ᠍ ᠲᠤᠰᠢᠶᠠᠭᠲᠤᠨ᠃
— ᠪᠢ ᠬᠠᠮᠢᠭ᠎ᠠ ᠣᠴᠢᠬᠤ ᠪᠢᠯᠡ ! ᠨᠠᠮᠠᠶ᠋ᠢ ᠥᠪᠡᠷ ᠲᠡᠢ ᠪᠡᠨ ᠬᠠᠮᠲᠤ ᠠᠪᠴᠤ ᠶᠠᠪᠤᠭᠠᠴᠢ ᠳ᠋ᠠ ᠭᠡᠵᠦ ᠸᠠᠩ ᠭᠯᠸᠪ ᠬᠠᠰᠬᠢᠷᠪᠠ᠃

ᠪᠠᠲᠤ ᠬᠠᠭᠠᠨ ᠪᠤᠷᠤᠭᠤ ᠬᠠᠷᠠᠪᠠ᠃ ᠬᠣᠶᠠᠷ ᠰᠢᠳᠠᠷ ᠴᠡᠷᠢᠭ ᠦ᠋ᠳ ᠲᠡᠢᠴᠢᠭᠢᠨᠡᠵᠦ ᠪᠠᠢᠭ᠎ᠠ ᠭᠯᠸᠪ ᠢ᠋ ᠭᠠᠳᠠᠭᠰᠢ ᠭᠠᠷᠭᠠᠵᠤ ᠢᠷᠡᠪᠡ᠃ ᠠᠷᠠᠫᠱᠠ ᠨᠢ ᠦᠯᠦ ᠲᠠᠨᠢᠭᠳᠠᠬᠤ ᠮᠡᠲᠦ ᠠᠮᠤᠷᠯᠢᠩᠭᠤᠢ ᠴᠢᠷᠠᠢ ᠶ᠋ᠢ ᠭᠠᠷᠭᠠᠵᠤ ᠲᠡᠭᠦᠨ ᠢ᠋ ᠭᠠᠳᠠᠭᠰᠢ ᠭᠠᠷᠭᠠᠭᠠᠳ ᠬᠦᠨᠳᠦ ᠢᠰᠡᠭᠡᠢ ᠡᠭᠦᠳᠡ ᠶ᠋ᠢ ᠪᠠᠭᠤᠯᠭᠠᠪᠠ᠃

ᠣᠨ ᠳᠠᠷᠠᠭᠠᠯᠠᠯ ᠤ᠋ᠨ ᠲᠡᠮᠳᠡᠭᠯᠡᠯ ᠦ᠋ᠨ ᠶᠣᠰᠣᠭᠠᠷ ᠸᠠᠩ ᠭᠯᠸᠪ ᠺᠢᠫᠴᠠᠺ ᠤ᠋ᠨ ᠲᠠᠯ᠎ᠠ ᠪᠠᠷ ᠤᠳᠠᠭᠠᠨ ᠬᠡᠰᠦᠭᠦᠴᠢᠯᠡᠨ ᠶᠠᠪᠤᠭᠠᠳ ᠰᠡᠭᠦᠯ ᠳ᠋ᠦ᠍ᠨᠢ ᠭᠠᠯᠵᠠᠭᠤᠷᠠᠭᠰᠠᠨ ᠶᠤᠮ᠃ ᠲᠡᠭᠦᠨ ᠦ᠌ ᠬᠡᠵᠢᠶ᠎ᠡ ᠦᠬᠦᠭᠰᠡᠨ ᠨᠢ ᠦᠯᠦ ᠮᠡᠳᠡᠭᠳᠡᠨ᠎ᠡ᠃

   ᠦᠰᠦᠭ ᠠᠮᠢᠯᠠᠭᠤᠯᠤᠭᠴᠢ᠄  ᠪᠠᠶᠠᠨᠴᠡᠴᠡᠭ 1 ᠬᠠᠭᠤᠳᠠᠰᠤ᠂ ᠬᠦᠦᠳᠠᠭᠠᠭᠤᠯ 1 ᠬᠠᠭᠤᠳᠠᠰᠤ᠂ ᠡᠷᠳᠡᠨᠢᠭᠣᠸ᠎ᠠ 1 ᠬᠠᠭᠤᠳᠠᠰᠤ᠂ ᠮᠡᠷᠭᠡᠨᠭᠣᠸ᠎ᠠ 1 ᠬᠠᠭᠤᠳᠠᠰᠤ᠂ᠠᠯᠲᠠᠨᠴᠢᠮᠡᠭ 1 ᠬᠠᠭᠤᠳᠠᠰᠤ
   ᠬᠢᠨᠠᠭᠴᠢ᠄ ᠪᠠᠯ 1 ᠬᠠᠭᠤᠳᠠᠰᠤ  
   ᠶᠡᠷᠦᠩᠬᠡᠢ ᠬᠢᠨᠠᠭᠴᠢ᠄  ᠠᠯᠲᠠᠨᠴᠢᠮᠡᠭ 5 ᠬᠠᠭᠤᠳᠠᠰᠤ᠂ ᠠᠷᠢᠭᠤᠨ 5 ᠬᠠᠭᠤᠳᠠᠰᠤ