ᠪᠠᠲᠤ ᠬᠠᠭᠠᠨ 8-19ᠳᠠᠬᠢᠭᠠᠳ ᠬᠡᠭᠡᠷ᠎ᠡ ᠲᠠᠯ᠎ᠠ ᠳ᠋ᠤ᠌ ᠢᠷᠡᠪᠡ-ᠰᠢᠭᠤᠷᠭ᠎ᠠ ᠲᠠᠯᠪᠢᠪᠠBat khaan Бат хаан-ᠷᠣᠮᠠᠨ
ᠠᠷᠪᠠ ᠶᠢᠰᠦ ᠂ ᠳᠠᠬᠢᠭᠠᠳ ᠬᠡᠭᠡᠷ᠎ᠡ ᠲᠠᠯ᠎ᠠ ᠳ᠋ᠤ᠌ ᠢᠷᠡᠪᠡ
ᠬᠠᠳ᠋ᠵᠢ ᠷᠠᡁᠢᠮ ᠤ᠋ᠨ ᠪᠢᠴᠢᠬᠦ ᠨᠢ᠄《ᠰᠠᠢᠨ ᠰᠠᠢᠬᠠᠨ ᠤ᠋ ᠡᠷᠬᠢᠮ ᠨᠢ ᠳᠠᠷᠤᠢ ᠤᠴᠠᠷᠠᠬᠤ ᠶ᠋ᠢᠨ ᠰᠠᠢᠨ ! ᠬᠥᠮᠦᠨ ᠦ᠌ ᠳᠡᠭᠡᠳᠦ ᠵᠢᠷᠭᠠᠯ ᠨᠢ ᠨᠤᠲᠤᠭ ᠣᠷᠣᠨ ᠳ᠋ᠠᠭᠠᠨ ᠲᠤᠩᠭᠠᠯᠠᠭ ᠭᠣᠷᠣᠬ᠎ᠠ ᠶ᠋ᠢᠨ ᠳᠡᠷᠭᠡᠳᠡ ᠭᠡᠷ ᠣᠷᠣᠨ ᠲᠠᠢ ᠪᠠᠢᠬᠤ ᠶᠠᠪᠤᠳᠠᠯ ᠮᠥᠨ ! ᠬᠡᠨ ᠦᠷᠭᠦᠯᠵᠢ ᠬᠠᠷᠢ ᠶ᠋ᠢᠨ ᠭᠦᠷᠦᠨ ᠶ᠋ᠢᠠᠷ ᠬᠡᠰᠦᠭᠦᠯᠴᠢᠯᠡᠨ ᠶᠠᠪᠤᠬᠤ ᠪᠣᠯ ᠲᠡᠷᠡ ᠥᠭᠡᠳᠡᠯᠡᠯ ᠦᠭᠡᠢ ᠦᠬᠦᠬᠦ ᠪᠣᠯᠤᠨ᠎ᠠ ! ᠁》
ᠮᠣᠩᠭᠣᠯ ᠤ᠋ᠨ ᠴᠡᠷᠢᠭ ᠨᠢ ᠦᠶᠡᠷᠯᠡᠭᠰᠡᠨ ᠥᠷᠭᠡᠨ ᠤᠷᠤᠰᠬᠠᠯ ᠮᠡᠲᠦ ᠲᠠᠰᠤᠷᠠᠯᠲᠠ ᠦᠭᠡᠢ ᠪᠡᠷ ᠴᠤᠪᠤᠷᠠᠨ ᠺᠢᠫᠴᠠᠺ ᠤ᠋ᠨ ᠲᠠᠯ᠎ᠠ ᠨᠤᠭᠤᠳ ᠢ᠋ᠶ᠋ᠠᠷ ᠡᠮᠦᠨ᠎ᠡ ᠵᠦᠭ ᠢ᠋ ᠴᠢᠭᠯᠡᠨ ᠶᠠᠪᠤᠨ᠎ᠠ᠃ ᠲᠠᠯ᠎ᠠ ᠶ᠋ᠢᠨ ᠵᠠᠮ ᠤ᠋ᠳ ᠲᠠᠢ ᠠᠳᠠᠯᠢ ᠳᠠᠭᠤᠰᠤᠰᠢ ᠦᠭᠡᠢ᠂ ᠨᠢᠭᠡᠨ ᠬᠡᠪ ᠦ᠋ᠨ ᠠᠶᠠᠯᠭᠤ ᠶ᠋ᠢ ᠱᠤᠤᠭᠢᠯᠳᠤᠨ ᠬᠥᠭᠵᠢᠯᠳᠦᠵᠦ ᠳᠠᠭᠤᠯᠠᠯᠳᠤᠨ ᠥᠷᠭᠡᠨ ᠶᠡᠬᠡ ᠲᠠᠯ᠎ᠠ ᠪᠠᠷ ᠳᠠᠪᠬᠢᠬᠤ ᠮᠣᠷᠢᠲᠠᠢ ᠬᠥᠮᠦᠰ ᠦ᠋ᠨ ᠳᠡᠭᠡᠷ᠎ᠡ ᠡᠴᠡ ᠨᠢᠳᠦ ᠭᠢᠯᠪᠠᠮ᠎ᠠ ᠬᠤᠷᠴᠠ ᠬᠠᠯᠠᠭᠤᠨ ᠰᠢᠷ᠎ᠠ ᠨᠠᠷᠠᠨ ᠬᠥᠬᠡ ᠮᠥᠩᠭᠥᠨ ᠡᠭᠦᠳᠡ ᠪᠡᠨ ᠨᠡᠭᠡᠭᠡᠵᠦ ᠣᠭᠲᠠᠷᠭᠤᠢ ᠶ᠋ᠢᠨ ᠭᠦᠨ ᠡᠴᠡ ᠳᠣᠷᠣᠭᠰᠢ ᠬᠠᠷᠠᠨ᠎ᠠ᠃ ᠳᠠᠭᠢ ᠲᠠᠢ ᠲᠤᠷᠠᠩᠬᠠᠢ ᠮᠣᠷᠢᠳ ᠨᠢ ᠲᠠᠯ᠎ᠠ ᠭᠠᠵᠠᠷ ᠤ᠋ᠨ ᠡᠪᠡᠰᠦᠨ ᠦ᠌ ᠠᠩᠬᠠᠨ ᠤ᠋ ᠨᠣᠭᠣᠭᠠᠬᠠᠨ ᠰᠥᠯ ᠲᠡᠰᠢ ᠰᠢᠨᠤᠬᠠᠢ ᠪᠠᠷ ᠳᠠᠪᠰᠢᠯᠠᠬᠤ ᠠᠵᠢ᠃ ᠬᠠᠪᠤᠷ ᠤ᠋ᠨ ᠬᠣᠩᠭᠣᠷ ᠰᠠᠯᠬᠢᠨ ᠳ᠋ᠤ᠌ ᠡᠪᠡᠰᠦ ᠰᠢᠷᠠᠯᠵᠢ ᠶ᠋ᠢᠨ ᠦᠨᠦᠷ ᠬᠠᠩᠬᠤᠯᠲᠠᠯ᠎ᠠ ᠦᠯᠢᠶᠡᠬᠦ ᠪᠤᠶᠤ ᠲᠡᠭᠦᠨ ᠦ᠌ ᠵᠠᠪᠰᠠᠷ ᠲᠸ᠋ ᠠᠷᠢᠶᠠᠲᠠᠨ ᠠᠮᠢᠲᠠᠨ ᠨᠤᠭᠤᠳ ᠤ᠋ᠨ ᠢᠳᠡᠰᠢ ᠪᠣᠯᠵᠤ ᠡᠨᠳᠡ ᠲᠡᠨᠳᠡ ᠦᠭᠡᠢ ᠬᠡᠪᠲᠡᠬᠦ ᠬᠡᠭᠦᠷ ᠦ᠋ᠳ ᠦ᠋ᠨ ᠦᠮᠡᠬᠡᠢᠷᠡᠵᠦ ᠪᠠᠭᠠᠭᠢᠭᠰᠠᠨ ᠮᠠᠭᠤᠬᠠᠢ ᠦᠨᠦᠷ ᠦᠨᠦᠷᠲᠦᠨ᠎ᠡ᠃
ᠠᠭᠤᠯᠠ ᠬᠥᠪᠡᠭᠡᠨ ᠦ᠌ ᠪᠠᠯ ᠬᠠᠵᠠᠭᠤ ᠪᠠ ᠨᠠᠮᠬᠠᠨ ᠳᠥᠷᠥᠯᠵᠢ ᠬᠤᠸᠠ ᠨᠤᠭᠤᠳ ᠢ᠋ ᠨᠢ ᠬᠠᠢᠯᠵᠤ ᠪᠦᠬᠦᠢ ᠴᠠᠰᠤᠨ ᠬᠥᠷ ᠦ᠋ᠳ ᠪᠠ ᠬᠠᠪᠤᠷ ᠤ᠋ᠨ ᠤᠳᠠᠭᠠᠨ ᠨᠠᠰᠤ ᠦᠭᠡᠢ ᠵᠢᠵᠢᠭ ᠨᠠᠭᠤᠷ ᠤ᠋ᠳ ᠭᠢᠯᠪᠡᠯᠵᠡᠨ ᠬᠠᠷᠠᠭᠳᠠᠬᠤ ᠬᠥᠨᠳᠡᠢ ᠨᠤᠭᠦᠳ ᠢ᠋ᠶ᠋ᠡᠷ ᠰᠣᠯᠢᠭᠳᠠᠨ᠎ᠠ᠃ ᠲᠡᠳᠡᠭᠡᠷ ᠦ᠋ᠨ ᠳᠡᠭᠡᠭᠦᠷ ᠨᠤᠭᠤᠰᠤ ᠰᠢᠪᠠᠭᠤ ᠨᠤᠭᠤᠳ ᠮᠥᠩᠭᠥ ᠮᠡᠲᠦ ᠭᠢᠯᠠᠯᠵᠠᠬᠤ ᠪᠠ ᠬᠤᠨ ᠭᠠᠯᠠᠭᠤ ᠨᠤᠭᠤᠳ ᠪᠥᠭᠡᠮ ᠪᠥᠭᠡᠮ ᠢ᠋ᠶ᠋ᠡᠷ ᠢ᠋ᠶ᠋ᠡᠨ ᠨᠢᠰᠦᠨ ᠶᠠᠪᠤᠨ᠎ᠠ᠃
ᠣᠲ᠋ᠷᠢᠶᠠᠳ᠋ ᠤ᠋ᠳ ᠪᠡᠶ᠎ᠡ ᠪᠡᠶ᠎ᠡ ᠡᠴᠡ ᠪᠡᠨ ᠬᠣᠯᠠᠳᠴᠠᠭᠠᠵᠤ ᠠᠯᠢ ᠰᠠᠢᠨ ᠡᠪᠡᠰᠦ ᠨᠣᠭᠣᠭ᠎ᠠ ᠲᠠᠢ ᠭᠠᠵᠠᠷ ᠤ᠋ᠳ ᠢ᠋ ᠰᠣᠩᠭᠣᠨ ᠪᠤᠳᠠᠭᠠᠯᠠᠬᠤ ᠠᠵᠢ᠃
ᠪᠠᠲᠤ ᠬᠠᠭᠠᠨ᠂ ᠰᠢᠨ᠎ᠡ ᠮᠣᠷᠢᠳ ᠠᠪᠴᠢᠷᠠᠬᠤ ᠶ᠋ᠢ ᠱᠠᠭᠠᠷᠳᠠᠪᠠ᠃ ᠲᠡᠭᠦᠨ ᠦ᠌ ᠡᠷᠬᠡᠨ ᠳ᠋ᠦ᠍ ᠠᠪᠲᠠᠭᠳᠠᠭᠰᠠᠨ ᠺᠢᠫᠴᠠᠺ ᠤ᠋ᠨ ᠬᠠᠭᠠᠳ ᠰᠢᠯᠢᠳᠡᠭ ᠰᠠᠢᠨ ᠮᠣᠷᠢ᠂ ᠭᠡᠭᠦᠦ ᠨᠡᠢᠯᠡᠭᠰᠡᠨ ᠠᠳᠤᠭᠤ ᠶ᠋ᠢ ᠰᠦᠷᠦᠭ ᠰᠦᠷᠦᠭ ᠢ᠋ᠶ᠋ᠡᠷ ᠨᠢ ᠬᠥᠭᠡᠭᠡᠨ ᠠᠪᠴᠢᠷᠠᠪᠠ᠃ ᠨᠢᠭᠡᠨ ᠰᠦᠷᠦᠭ ᠦ᠋ᠨ ᠳᠣᠲᠣᠷ᠎ᠠ ᠨᠢ ᠴᠠᠰᠤᠨ ᠴᠠᠭᠠᠨ ᠠᠵᠢᠷᠭ᠎ᠠ ᠶᠠᠪᠤᠨ᠎ᠠ᠃ ᠡᠭᠦᠨ ᠢ᠋ ᠪᠠᠲᠤ ᠬᠠᠭᠠᠨ ᠠᠩᠬ᠎ᠠ ᠲᠡᠢᠨ ᠳ᠋ᠦ᠍ ᠮᠣᠷᠳᠠᠬᠤ ᠳ᠋ᠠᠭᠠᠨ ᠤᠨᠤᠵᠤ ᠶᠠᠪᠤᠭᠰᠠᠨ ᠶᠤᠮ᠃ ᠵᠠᠩᠵᠤᠨ ᠷᠶᠠᠽᠠᠨ ᠢ᠋ ᠠᠪᠤᠭᠰᠠᠨ ᠤ᠋ ᠳᠠᠷᠠᠭ᠎ᠠ ᠪᠠᠷ ᠠᠷᠠᠪ ᠤ᠋ᠨ ᠠᠷᠭᠤᠮᠠᠭ ᠲᠡᠷᠡ ᠮᠣᠷᠢ ᠶ᠋ᠢ ᠭᠠᠮᠨᠠᠵᠤ ᠺᠢᠫᠴᠠᠺ ᠤ᠋ᠨ ᠬᠠᠭᠠᠳ ᠢ᠋ ᠬᠠᠮᠠᠭᠠᠯᠠᠨ ᠬᠠᠳᠠᠭᠠᠯᠠᠵᠤ ᠪᠠᠢᠬᠤ ᠶ᠋ᠢ ᠲᠤᠰᠢᠶᠠᠭᠰᠠᠨ ᠶᠤᠮ᠃
ᠪᠠᠲᠤ ᠬᠠᠭᠠᠨ ᠮᠥᠩᠭᠥᠨ ᠪᠤᠭᠤᠷᠤᠯ ᠠᠺᠴᠢᠶᠠᠨ ᠢ᠋ ᠰᠡᠯᠭᠦᠵᠦ ᠮᠣᠷᠳᠠᠭᠠᠳ ᠪᠡᠶ᠎ᠡ ᠬᠠᠮᠠᠭᠠᠯᠠᠬᠤ《ᠦᠯᠦ ᠢᠯᠠᠭᠳᠠᠭᠴᠢ 》 ᠵᠠᠭᠤᠨ ᠤ᠋ ᠪᠠ ᠴᠥᠭᠡᠨ ᠲᠣᠭᠠᠨ ᠤ᠋ ᠪᠠᠷ᠎ᠠ ᠪᠣᠯᠤᠭᠴᠢᠳ ᠤ᠋ᠨ ᠬᠠᠮᠲᠤ ᠲᠠᠯ᠎ᠠ ᠶ᠋ᠢᠨ ᠭᠣᠣᠯ ᠤ᠋ᠨ ᠡᠷᠭᠢ ᠳᠡᠭᠡᠷ᠎ᠡ ᠤᠷᠢᠳ ᠠ᠋ᠴᠠ ᠰᠣᠩᠭᠣᠵᠤ ᠪᠡᠯᠡᠳᠬᠡᠭᠰᠡᠨ ᠭᠠᠵᠠᠷ ᠢ᠋ᠶ᠋ᠠᠨ ᠲᠦᠷᠦᠭᠦᠯᠡᠨ ᠳᠠᠪᠬᠢᠵᠤ ᠣᠳᠪᠠ᠃
ᠡᠷᠭᠢᠨ ᠲᠣᠭᠣᠷᠢᠨ ᠬᠠᠭᠤᠴᠢᠨ ᠪᠤᠯᠠᠰᠢ ᠨᠤᠭᠤᠳ ᠪᠦᠬᠦᠢ ᠬᠥᠨᠳᠡᠢ ᠳ᠋ᠦ᠍ ᠠᠯᠲᠠ ᠮᠡᠲᠦ ᠰᠢᠷ᠎ᠠ ᠠᠷᠠᠰᠤ ᠶ᠋ᠢ ᠪᠣᠰᠬᠠᠵᠠᠢ᠃ ᠲᠡᠭᠦᠨ ᠦ᠌ ᠳᠡᠷᠭᠡᠳᠡ ᠨᠢ ᠬᠠᠭᠠᠨ ᠤ᠋ ᠳᠣᠯᠣᠭᠠᠨ ᠬᠠᠲᠤᠨ ᠤ᠋ ᠮᠠᠢᠬᠠᠨ ᠨᠤᠭᠤᠳ ᠳᠠᠬᠢᠨ ᠦᠵᠡᠭᠳᠡᠬᠦ ᠪᠣᠯᠪᠠ᠃
ᠵᠠᠩᠵᠤᠨ ᠤ᠋ ᠬᠠᠮᠤᠭ ᠤ᠋ᠨ ᠬᠦᠨᠳᠦᠲᠡᠢ ᠶᠡᠬᠡ ᠬᠠᠲᠤᠨ ᠪᠣᠷᠣᠭᠴᠢᠨ ᠤ᠋ ᠮᠠᠢᠬᠠᠨ ᠠ᠋ᠴᠠ ᠡᠬᠢᠯᠡᠨ ᠮᠠᠢᠬᠠᠨ ᠪᠦᠷᠢ ᠳ᠋ᠦ᠍ ᠳᠡᠰ ᠳᠠᠷᠠᠭᠠᠯᠠᠨ ᠣᠷᠣᠭᠰᠠᠨ ᠪᠠ ᠬᠠᠲᠤᠨ ᠪᠦᠷᠢ ᠳ᠋ᠦ᠍ ᠪᠠᠭᠤᠪᠴᠢ ᠨᠤᠭᠤᠳ᠂ ᠬᠦᠵᠦᠭᠦᠨ ᠦ᠌ ᠭᠣᠶᠣᠯᠠᠯ᠂ ᠪᠦᠯᠡᠵᠡᠩ᠂ ᠦᠨᠡᠲᠦ ᠬᠢᠯᠢᠩ ᠪᠠ ᠲᠣᠷᠭ᠎ᠠ ᠵᠡᠷᠭᠡ ᠶ᠋ᠢ ᠪᠡᠯᠡᠭᠯᠡᠨ ᠥᠭᠪᠡ᠃ ᠬᠠᠲᠤᠳ ᠨᠢ ᠴᠥᠮ ᠭᠤᠶᠤᠬᠤ ᠪᠠ ᠤᠬᠢᠯᠠᠬᠤ᠂ ᠭᠠᠰᠠᠯᠬᠤ ᠵᠡᠷᠭᠡ ᠪᠡᠷ ᠲᠡᠭᠦᠨ ᠢ᠋ ᠥᠪᠡᠷ ᠳᠡᠭᠡᠷ᠎ᠡ ᠪᠡᠨ ᠦᠯᠡᠳᠡᠭᠡᠬᠦ ᠶ᠋ᠢ ᠡᠷᠡᠮᠡᠯᠵᠡᠬᠦ ᠠᠵᠢ᠃ ᠭᠡᠪᠡᠴᠦ ᠪᠠᠲᠤ ᠬᠠᠭᠠᠨ ᠲᠡᠳᠡᠨ ᠦ᠌ ᠦᠭᠡ ᠶ᠋ᠢ ᠰᠣᠨᠣᠰᠬᠤ ᠦᠭᠡᠢ ᠶᠠᠪᠤᠭᠰᠠᠭᠠᠷ ᠪᠠᠭ᠎ᠠ ᠣᠳᠬᠠᠨ ᠬᠠᠲᠤᠨ ᠶᠦᠯᠳᠥ᠋ᠽ ᠦ᠋ᠨ ᠰᠠᠭᠤᠬᠤ ᠳᠣᠯᠣᠳᠤᠭᠠᠷ ᠮᠠᠢᠬᠠᠨ ᠳ᠋ᠤ᠌ ᠬᠦᠷᠦᠯᠴᠡᠨ ᠢᠷᠡᠵᠦ ᠺᠢᠫᠴᠠᠺ ᠤ᠋ᠨ ᠬᠠᠭᠠᠳ ᠤ᠋ᠨ ᠠᠪᠴᠢᠷᠠᠭᠰᠠᠨ ᠠᠢᠷᠠᠭ ᠤᠤᠭᠤᠬᠤ ᠶ᠋ᠢ ᠬᠦᠰᠡᠵᠡᠢ᠃
ᠮᠠᠢᠬᠠᠨ ᠤ᠋ ᠡᠭᠦᠳᠡᠨ ᠳ᠋ᠦ᠍ ᠬᠡᠷᠡᠮ ᠦ᠋ᠨ ᠬᠠᠨ᠎ᠠ ᠶ᠋ᠢ ᠡᠪᠳᠡᠯᠡᠬᠦ ᠪᠠᠭᠠᠵᠢ ᠶ᠋ᠢ ᠬᠢᠳᠡᠭ ᠶᠡᠬᠡ ᠪᠠᠷᠢᠯᠭᠠᠴᠢ᠂ ᠲᠣᠮᠣ ᠪᠡᠶ᠎ᠡ ᠲᠡᠢ ᠯᠢ ᠲᠤᠩ ᠫᠤᠤ ᠪᠠ ᠵᠠᠯᠠᠭᠤ ᠭᠣᠶᠣᠮᠰᠣᠭ ᠳᠡᠭᠵᠢᠨ ᠮᠦᠰᠥ᠋ᠺ ᠲᠠᠢᠵᠢ ᠨᠠᠷ ᠡᠪᠦᠳᠦᠭ ᠢ᠋ᠶ᠋ᠡᠨ ᠨᠤᠭᠤᠯᠵᠤ ᠬᠦᠨᠳᠦᠳᠬᠡᠨ ᠵᠣᠭᠰᠣᠵᠤ ᠪᠠᠢᠪᠠ᠃ ᠲᠡᠷᠡᠬᠦ ᠬᠢᠲᠠᠳ ᠨᠢ ᠠᠯᠲᠠ ᠪᠠᠷ ᠯᠤᠤ ᠨᠡᠬᠡᠵᠦ ᠣᠶᠣᠭᠰᠠᠨ ᠥᠷᠭᠡᠨ ᠲᠣᠷᠭᠠᠨ ᠬᠤᠪᠴᠠᠰᠤ ᠶ᠋ᠢ ᠡᠮᠦᠰᠴᠦ᠂ ᠲᠣᠭᠣᠰ ᠰᠢᠪᠠᠭᠤᠨ ᠤ᠋ ᠤᠷᠲᠤ ᠥᠳᠥ ᠪᠦᠬᠦᠢ ᠪᠠᠭ᠎ᠠ ᠴᠡᠩᠬᠡᠷ ᠲᠣᠭᠣᠷᠴᠣᠭ ᠢ᠋ ᠳᠤᠬᠤᠨ ᠳᠡᠭᠡᠷ᠎ᠡ ᠪᠡᠨ ᠲᠠᠯᠪᠢᠭᠰᠠᠨ ᠪᠠᠢᠨ᠎ᠠ᠃
ᠳᠣᠯᠣᠳᠤᠭᠠᠷ ᠬᠠᠲᠤᠨ ᠤ᠋ ᠵᠠᠯᠠᠭᠤ ᠳᠡᠭᠦᠦ ᠨᠢ᠂ ᠠᠯᠲᠠᠨ ᠪᠦᠰᠡ ᠪᠠ ᠳ᠋ᠠᠮᠠᠰᠰᠺ ᠤ᠋ᠨ ᠭᠠᠩ ᠢ᠋ᠶ᠋ᠠᠷ ᠬᠢᠭᠰᠡᠨ ᠲᠠᠬᠢᠷ ᠰᠡᠯᠡᠮ᠎ᠡ ᠪᠣᠯᠣᠳ ᠠᠯᠠᠭ ᠡᠷᠢᠶᠡᠨ ᠮᠠᠯᠠᠭᠠᠢ ᠲᠠᠢ ᠦᠨ᠎ᠡ ᠪᠦᠬᠦᠢ ᠡᠨᠡᠳᠬᠡᠭ ᠦ᠋ᠨ ᠡᠷᠳᠡᠨᠢ ᠶ᠋ᠢᠨ ᠴᠢᠯᠠᠭᠤ ᠪᠠᠳᠮᠠᠷᠠᠭ᠎ᠠ ᠭᠢᠯᠠᠯᠵᠠᠭᠤᠯᠤᠨ ᠵᠣᠭᠰᠣᠵᠤ ᠪᠠᠢᠪᠠ᠃ ᠵᠠᠩᠵᠤᠨ ᠲᠡᠷᠡ ᠬᠣᠶᠠᠷ ᠢ᠋ ᠲᠦᠷᠭᠡᠨ ᠵᠠᠭᠤᠷ᠎ᠠ ᠬᠠᠷᠠᠭᠠᠳ ᠲᠡᠭᠦᠨ ᠦ᠌ ᠨᠢᠭᠤᠷ ᠴᠢᠷᠠᠢ ᠶᠡᠷᠦ ᠬᠤᠪᠢᠷᠠᠭᠰᠠᠨ ᠦᠭᠡᠢ ᠲᠠᠢᠪᠤᠩ ᠢ᠋ᠶ᠋ᠠᠷ᠂
— ᠶᠡᠬᠡ ᠪᠠᠷᠢᠯᠭᠠᠴᠢ ᠯᠢ ᠲᠤᠩ ᠫᠤᠤ ! ᠴᠢᠮᠠᠶ᠋ᠢ ᠪᠢ ᠳᠠᠭᠤᠳᠠᠭᠰᠠᠨ ᠶᠤᠮ᠂ ᠴᠢ ᠶᠠᠪᠤᠵᠤ ᠡᠨᠡ ᠵᠣᠷᠢᠭᠲᠠᠢ ᠴᠡᠷᠢᠭ ᠦ᠋ᠨ ᠬᠥᠮᠦᠨ ᠪᠠ ᠵᠠᠭᠤᠨ ᠰᠢᠳᠠᠷ ᠴᠡᠷᠢᠭ ᠦ᠋ᠳ ᠦ᠋ᠨ ᠬᠠᠮᠠᠭᠠᠯᠠᠯᠲᠠ ᠶ᠋ᠢᠨ ᠳᠣᠣᠷ᠎ᠠ ᠢᠵᠢᠯ ᠮᠥᠷᠡᠨ ᠢ᠋ ᠮᠢᠨᠦ ᠴᠡᠷᠢᠭ ᠦ᠋ᠳ ᠦ᠋ᠨ ᠭᠠᠲᠤᠯᠵᠤ ᠭᠠᠷᠤᠭᠰᠠᠨ ᠭᠠᠵᠠᠷ ᠲᠸ᠋ ᠬᠦᠷᠦᠯᠴᠡᠨ ᠣᠴᠢᠬᠤ ᠬᠡᠷᠡᠭᠲᠡᠢ᠂ ᠲᠡᠨᠳᠡ ᠦᠷᠡᠺᠡ ᠭᠡᠳᠡᠭ ᠢᠳ᠋ ᠰᠢᠳ᠋( ᠷᠢᠳᠢ ᠰᠢᠳᠢ) ᠲᠡᠢ ᠠᠭᠤᠯᠠ ᠪᠠᠢᠬ᠎ᠠ ( ᠪᠠᠶ᠋ᠢᠬᠤ )᠃ ᠴᠢ ᠢᠵᠢᠯ ᠮᠥᠷᠡᠨ ᠢ᠋ ᠤᠷᠤᠭᠤᠳᠠᠨ ᠶᠠᠪᠤᠵᠤ ᠲᠡᠭᠦᠨ ᠦ᠌ ᠡᠷᠭᠢ ᠶ᠋ᠢ ᠰᠠᠢᠲᠤᠷ ᠦᠵᠡᠰᠦᠭᠡᠢ᠃ ᠮᠢᠨᠦ ᠠᠶᠠᠨ ᠤ᠋ ᠣᠷᠳᠣᠨ ᠢ᠋ ᠬᠠᠮᠢᠭ᠎ᠠ ᠪᠠᠷᠢᠪᠠᠯ ᠬᠠᠮᠤᠭ ᠤ᠋ᠨ ᠨᠡᠢᠯᠡᠮᠵᠢᠲᠡᠢ ᠪᠣᠯᠬᠤ ᠶ᠋ᠢ ᠣᠯᠤᠭᠲᠤᠨ᠃ ᠲᠡᠷᠡᠬᠦ ᠣᠷᠳᠣᠨ ᠤ᠋ ᠱᠠᠲᠤ ᠭᠢᠰᠬᠢᠭᠦᠷ ᠦ᠋ᠳ ᠲᠦ᠍ ᠬᠦᠷᠲᠡᠯ᠎ᠡ ᠳᠠᠯᠠᠢ ᠶ᠋ᠢᠨ ᠬᠥᠯᠭᠡ ᠣᠩᠭᠣᠴᠠ ᠨᠤᠭᠤᠳ ᠢᠷᠡᠵᠦ ᠵᠣᠭᠰᠣᠵᠤ ᠪᠣᠯᠬᠤ ᠪᠠ ᠲᠡᠭᠦᠨ ᠦ᠌ ᠳᠡᠭᠡᠪᠦᠷ ᠦ᠋ᠨ ᠣᠷᠣᠢ ᠳᠡᠭᠡᠷ᠎ᠡ ᠡᠴᠡ ᠲᠥᠷᠥᠭᠰᠡᠨ ᠨᠤᠲᠤᠭ ᠤ᠋ᠨ ᠲᠠᠯ᠎ᠠ ᠨᠤᠭᠤᠳ ᠬᠠᠷᠠᠭᠳᠠᠵᠤ ᠪᠠᠢᠬᠤ ᠬᠢᠭᠡᠳ ᠲᠡᠳᠦᠢ ᠯᠡ ᠬᠣᠯᠠ ᠦᠭᠡᠢ ᠭᠡᠭᠦᠦ ᠠᠳᠤᠭᠤ ᠪᠡᠯᠴᠢᠬᠦ ᠤᠷᠭᠤᠴᠠ ᠡᠪᠡᠰᠦ ᠲᠡᠢ ᠡᠢᠮᠦ ᠭᠠᠵᠠᠷ ᠢ᠋ ᠡᠷᠢᠵᠦ ᠣᠯᠬᠤ ᠬᠡᠷᠡᠭᠲᠡᠢ᠃ ᠲᠡᠷᠡ ᠣᠷᠳᠣᠨ᠂ ᠲᠠᠯ᠎ᠠ ᠶ᠋ᠢᠨ ᠳᠡᠭᠡᠷᠡᠮᠴᠢᠳ ᠦ᠋ᠨ ᠳᠣᠪᠲᠣᠯᠤᠨ ᠳᠠᠭᠠᠷᠢᠵᠤ ᠪᠣᠯᠬᠤ ᠢᠯᠡ ᠴᠠᠭᠠᠨ ᠭᠠᠵᠠᠷ ᠪᠠᠢᠭᠤᠯᠤᠭᠳᠠᠭᠠ ᠦᠭᠡᠢ ᠪᠠᠢᠬᠤ ᠶᠣᠰᠣᠲᠠᠢ᠃ ᠲᠡᠢᠮᠦ ᠶ᠋ᠢᠨ ᠲᠤᠯᠠ ᠮᠥᠷᠡᠨ ᠰᠠᠯᠠᠭ᠎ᠠ ᠨᠤᠭᠤᠳ ᠢ᠋ᠶ᠋ᠠᠷ ᠬᠦᠷᠢᠶᠡᠯᠡᠭᠳᠡᠭᠰᠡᠨ ᠠᠷᠠᠯ ᠢ᠋ ᠡᠷᠢᠵᠦ ᠣᠯᠤᠭᠲᠤᠨ ᠭᠡᠵᠦ ᠪᠠᠲᠤ ᠬᠠᠭᠠᠨ ᠥᠭᠦᠯᠡᠬᠦ ᠳ᠋ᠦ᠍᠂
— ᠰᠣᠨᠣᠰᠴᠤ ᠪᠢᠰᠢᠷᠡᠨ ᠵᠠᠷᠯᠢᠭ ᠤ᠋ᠨ ᠶᠣᠰᠣᠭᠠᠷ ᠪᠣᠯᠲᠤᠭᠠᠢ ᠭᠡᠵᠦ ᠯᠢ ᠲᠤᠩ ᠫᠤᠤ ᠬᠠᠷᠢᠭᠤ ᠲᠠᠯᠪᠢᠪᠠ᠃
— ᠮᠢᠨᠦ ᠣᠷᠳᠣᠨ ᠪᠣᠯ ᠶᠢᠷᠲᠢᠨᠴᠦ ᠶ᠋ᠢᠨ ᠵᠢᠷᠦᠬᠡ ᠪᠠ ᠲᠣᠯᠣᠭᠠᠢ ᠨᠢ ᠪᠣᠯᠤᠨ᠎ᠠ᠃ ᠮᠢᠨᠦ ᠲᠤᠰᠢᠶᠠᠯ ᠤ᠋ᠳ ᠪᠣᠯ ᠬᠤᠷᠳᠤᠨ ᠰᠤᠮᠤ ᠮᠡᠲᠦ ᠪᠦᠬᠦ ᠭᠦᠷᠦᠨ ᠨᠤᠭᠦᠳ ᠲᠦ᠍ ᠨᠢᠰᠦᠨ ᠲᠠᠷᠠᠨᠠ᠃ ᠬᠠᠷ᠎ᠠ ᠬᠦᠷᠦᠮ᠎ᠡ ( ? ) ᠶ᠋ᠢᠨ ᠶᠡᠬᠡ ᠬᠠᠭᠠᠨ ᠢ᠋ ᠪᠢ ᠲᠣᠮᠢᠯᠠᠨ᠎ᠠ᠃ ᠡᠷᠬᠡᠨ ᠳ᠋ᠡᠭᠡᠨ ᠣᠷᠣᠭᠤᠯᠵᠤ ᠠᠪᠤᠭᠰᠠᠨ ᠦᠨᠳᠦᠰᠦᠲᠡᠨ ᠨᠠᠷ ᠤ᠋ᠨ ᠬᠣᠲᠠ ᠨᠤᠭᠤᠳ ᠲᠸ᠋ ᠥᠪᠡᠷ ᠦ᠋ᠨ ᠲᠥᠯᠥᠭᠡᠨ ᠦ᠌ ᠬᠥᠮᠦᠰ ᠢ᠋ ᠰᠠᠭᠤᠯᠭᠠᠨ᠎ᠠ᠃ ᠳᠣᠷᠣᠨ᠎ᠠ ᠳ᠋ᠠᠬᠢᠨ ᠤ᠋ ᠪᠠ ᠥᠷᠥᠨ᠎ᠡ ᠳ᠋ᠠᠬᠢᠨ ᠤ᠋ ᠭᠠᠵᠠᠷ ᠨᠤᠲᠤᠭ ᠮᠢᠨᠦ ᠡᠷᠬᠡ ᠶ᠋ᠢᠨ ᠳᠣᠣᠷ᠎ᠠ ᠵᠠᠬᠢᠷᠤᠭᠳᠠᠨ᠎ᠠ᠁ ᠲᠡᠭᠡᠪᠡᠯ ᠶᠡᠬᠡ ᠴᠢᠩᠭᠢᠰ ᠬᠠᠭᠠᠨ ᠤ᠋ ᠨᠠᠳᠠᠳᠤ ᠳᠠᠭᠠᠭᠠᠯᠭᠠᠭᠰᠠᠨ ᠭᠡᠷᠢᠶᠡᠰ ᠦᠭᠡ ᠨᠢ ᠰᠠᠶᠢ ᠪᠡᠶᠡᠯᠡᠭᠳᠡᠨ᠎ᠡ ! ᠭᠡᠵᠦ ᠪᠠᠲᠤ ᠬᠠᠭᠠᠨ ᠥᠭᠦᠯᠡᠬᠦ ᠳ᠋ᠦ᠍ ᠯᠢ ᠲᠤᠩ ᠫᠤᠤ ᠳᠠᠬᠢᠨ ᠬᠠᠷᠢᠭᠤᠯᠪᠠ᠃
— ᠰᠣᠨᠣᠰᠴᠤ ᠪᠢᠰᠢᠷᠡᠨ᠂ ᠵᠠᠷᠯᠢᠭ ᠤ᠋ᠨ ᠶᠣᠰᠣᠭᠠᠷ ᠪᠣᠯᠲᠤᠭᠠᠢ !
— ᠲᠡᠢᠮᠦ ᠪᠣᠯᠤᠨ᠎ᠠ! ᠴᠢ ᠲᠡᠷᠡ ᠠᠯᠲᠠᠨ ᠣᠷᠳᠣᠨ ᠤ᠋ ᠳᠡᠭᠡᠪᠦᠷ ᠦ᠋ᠨ ᠳᠡᠭᠡᠷ᠎ᠡ ᠡᠴᠡ ᠶᠢᠷᠲᠢᠨᠴᠦ ᠶ᠋ᠢᠨ ᠬᠦᠵᠦᠭᠦᠨ ᠳ᠋ᠦ᠍ ᠴᠠᠯᠮ᠎ᠠ ᠶ᠋ᠢ ᠬᠠᠶᠠᠵᠤ ᠲᠡᠭᠦᠨ ᠢ᠋ ᠬᠦᠴᠦᠨ ᠴᠠᠬᠢᠷᠠᠭ ᠭᠠᠷ ᠢ᠋ᠶ᠋ᠠᠷ ᠢ᠋ᠶ᠋ᠠᠨ ᠪᠣᠭᠣᠵᠤ ᠲᠠᠲᠠᠨ᠎ᠠ ! ᠭᠡᠵᠦ ᠰᠦᠪᠡᠭᠡᠳᠡᠢ ᠪᠠᠭᠠᠲᠤᠷ ᠬᠡᠯᠡᠪᠡ᠃
ᠪᠠᠲᠤ ᠬᠠᠭᠠᠨ ᠮᠦᠰᠥ᠋ᠺ ᠦ᠋ᠨ ᠨᠠᠷᠠᠨ ᠳ᠋ᠤ᠌ ᠲᠦᠯᠡᠭᠳᠡᠭᠰᠡᠨ ᠤᠢᠳᠬᠠᠷᠲᠠᠢ ᠴᠢᠷᠠᠢ ᠶ᠋ᠢ ᠬᠠᠷᠠᠭᠠᠳ᠂
— ᠵᠠ ᠴᠢ ᠪᠠᠷᠢᠯᠭᠠᠴᠢ ᠯᠢ ᠲᠤᠩ ᠫᠤᠤ ᠶ᠋ᠢ ᠬᠠᠮᠠᠭᠠᠯᠠᠬᠤ ᠵᠠᠭᠤᠨ ᠤ᠋ ᠨᠣᠶᠠᠨ ᠪᠣᠯᠤᠨ᠎ᠠ᠃ ᠣᠷᠳᠣᠨ ᠢ᠋ ᠪᠠᠷᠢᠬᠤ ᠭᠠᠵᠠᠷ ᠢ᠋ ᠬᠡᠵᠢᠶ᠎ᠡ ᠲᠡᠷᠡ ᠣᠯᠵᠤ ᠠᠪᠤᠭᠠᠳ ᠠᠩᠬᠠᠨ ( ᠬᠠᠷᠠᠭᠤᠯ ᠤ᠋ᠨ ᠪᠠᠢᠷᠢ) ᠤ᠋ ᠮᠠᠨᠠᠭᠠᠨ ᠤ᠋ ᠱᠣᠪᠣᠭᠣᠷ ᠪᠠᠷᠢᠵᠤ ᠲᠡᠭᠦᠰᠦᠭᠰᠡᠨ ᠴᠠᠭ ᠲᠤ᠌ ᠴᠢ ᠨᠠᠳᠠᠳᠤ ᠡᠯᠴᠢ ᠶ᠋ᠢ ᠶᠠᠪᠤᠭᠤᠯᠤᠭᠲᠤᠨ᠃ ᠲᠡᠭᠡᠬᠦ ᠳ᠋ᠦ᠍ ᠪᠢ ᠥᠪᠡᠷ ᠢ᠋ᠶ᠋ᠡᠨ ᠬᠦᠷᠦᠯᠴᠡᠨ ᠣᠴᠢᠨ᠎ᠠ᠃ ᠡᠨᠡ ᠣᠷᠳᠣᠨ ᠨᠢ ᠤᠷᠢᠳᠤ ᠡᠮᠦᠨ᠎ᠡ ᠪᠠᠷᠢᠭᠳᠠᠭᠰᠠᠨ ᠶᠠᠮᠠᠷ ᠨᠢᠭᠡᠨ ᠣᠷᠳᠣᠨ ᠪᠦᠭᠦᠳᠡ ᠡᠴᠡ ᠨᠢ ᠳᠡᠭᠡᠷ᠎ᠡ ᠪᠠᠢᠪᠠᠯ ᠵᠣᠬᠢᠨ᠎ᠠ ᠭᠡᠵᠦ ᠥᠭᠦᠯᠡᠪᠡ᠃
— ᠣᠢᠯᠠᠭᠠᠵᠤ ᠪᠠᠢᠨ᠎ᠠ᠂ ᠡᠷᠬᠡᠰᠢᠶᠡᠯ ᠢ᠋ ᠴᠢᠨᠢ ᠳᠠᠭᠠᠵᠤ ᠪᠠᠢᠨ᠎ᠠ ! ᠭᠡᠵᠦ ᠮᠦᠰᠥ᠋ᠺ ᠥᠭᠦᠯᠡᠪᠡ᠃
— ᠥᠨᠥᠳᠥᠷ ᠮᠣᠷᠳᠠᠭᠲᠤᠨ ! ᠭᠡᠵᠦ ᠪᠠᠲᠤ ᠬᠠᠭᠠᠨ ᠬᠡᠯᠡᠭᠡᠳ ᠮᠠᠢᠬᠠᠨ ᠳ᠋ᠤ᠌ ᠣᠷᠣᠵᠤ ᠣᠳᠪᠠ᠃ ᠲᠡᠭᠦᠨ ᠦ᠌ ᠬᠣᠢᠨ᠎ᠠ ᠠ᠋ᠴᠠ ᠵᠠᠩᠵᠤᠨ ᠤ᠋ ᠬᠠᠢᠷᠠᠲᠠᠢ ᠳᠡᠭᠦᠦ ᠱᠸᠢ᠌ᠪᠠᠨᠢ᠂ ᠢᠯᠠᠭᠳᠠᠰᠢ ᠦᠭᠡᠢ ᠨᠣᠶᠠᠨ ᠰᠦᠪᠡᠭᠡᠳᠡᠢ ᠪᠠᠭᠠᠲᠤᠷ ᠪᠠ ᠣᠨ ᠳᠠᠷᠠᠭᠠᠯᠠᠯ ᠤ᠋ᠨ ᠪᠢᠴᠢᠭ ᠢ᠋ ᠬᠥᠲᠥᠯᠦᠭᠴᠢ ᠬᠠᠳ᠋ᠵᠢ ᠷᠠᠾᠢᠮ ᠨᠠᠷ ᠣᠷᠣᠪᠠ᠃
ᠠᠯᠲᠠᠨ ᠴᠡᠴᠡᠭ ᠢ᠋ᠶ᠋ᠡᠷ ᠡᠷᠢᠶᠡᠯᠡᠭᠰᠡᠨ ᠰᠢᠷ᠎ᠠ ᠬᠤᠪᠴᠠᠰᠤ ᠡᠮᠦᠰᠦᠭᠰᠡᠨ ᠬᠤᠪᠠᠬᠠᠢ ᠴᠠᠭᠠᠨ ᠴᠢᠷᠠᠢᠲᠠᠢ᠂ ᠨᠢᠳᠦ ᠪᠡᠨ ᠶᠡᠬᠡᠪᠡᠷ ᠣᠨᠢᠯᠭᠠᠭᠰᠠᠨ ᠶᠦᠯᠳᠥ᠋ᠽ ᠬᠠᠲᠤᠨ ᠨᠢ ᠪᠠᠲᠤ ᠬᠠᠭᠠᠨ ᠢ᠋ ᠤᠭᠲᠤᠨ ᠬᠦᠯᠢᠶᠡᠵᠦ ᠠᠪᠤᠪᠠ᠃ ᠲᠡᠷᠡ ᠪᠡᠷ ᠰᠥᠬᠥᠷᠡᠵᠦ ᠳᠣᠷᠣᠭᠰᠢ ᠤᠨᠠᠭᠠᠳ ᠪᠠᠲᠤ ᠬᠠᠭᠠᠨ ᠤ᠋ ᠤᠯᠠᠭᠠᠨ ᠰᠠᠪᠢᠬᠢᠨ ᠭᠤᠲᠤᠯ ᠢ᠋ ᠦᠨᠦᠰᠪᠡ᠃ ᠡᠨᠡ ᠭᠤᠲᠤᠯ ᠨᠢ ᠠᠯᠠᠭᠳᠠᠭᠰᠠᠨ ᠸᠠᠩ ᠭᠸᠤᠷᠬᠢ ᠶ᠋ᠢᠨ ᠬᠥᠯ ᠡᠴᠡ ᠲᠠᠢᠯᠵᠤ ᠠᠪᠤᠭᠰᠠᠨ ᠭᠤᠲᠤᠯ ᠠᠵᠢ᠃ ᠬᠢᠲᠠᠳ ᠡᠮᠡᠭᠲᠡᠢ ᠢ ᠯᠡ ᠾᠧ᠂ ᠭᠤᠢᠪᠢᠵᠤ ᠪᠠᠢᠭ᠎ᠠ ᠶᠦᠯᠳᠦᠢ᠍ᠽ ᠬᠠᠲᠤᠨ ᠢ᠋ ᠳᠡᠭᠡᠭᠰᠢ ᠨᠢ ᠡᠷᠭᠦᠵᠦ ᠲᠤᠰᠠᠯᠠᠭᠰᠠᠭᠠᠷ ᠣᠷᠣᠨ ᠤ᠋ ᠳᠡᠷᠭᠡᠳᠡ ᠠᠪᠴᠢᠷᠠᠪᠠ᠃
— ᠪᠠᠭ᠎ᠠ ᠬᠠᠲᠤᠨ ᠤ᠋ ᠪᠡᠶ᠎ᠡ ᠮᠠᠭᠤ ᠪᠠᠢᠨ᠎ᠠ᠃ ᠲᠡᠷᠡ ᠪᠡᠷ ᠣᠳᠣ ᠲᠠᠨ ᠠ᠋ᠴᠠ ᠮᠡᠳᠡᠭᠡ ᠠᠪᠤᠭᠰᠠᠨ ᠦᠭᠡᠢ ᠤᠳᠠᠵᠤ ᠮᠠᠰᠢ ᠶᠡᠬᠡᠪᠡᠷ ᠤᠢᠳᠬᠠᠷᠯᠠᠵᠤ ᠵᠣᠪᠠᠭᠰᠠᠨ ᠲᠤᠯᠠ᠂ ᠣᠳᠣ ᠲᠠᠮᠢᠷ ᠲᠡᠩᠬᠡᠭᠡ ᠪᠡᠨ ᠪᠠᠷᠠᠵᠤ ᠪᠠᠷᠤᠭ ᠶᠠᠪᠤᠵᠤ ᠴᠢᠳᠠᠬᠤ ᠦᠭᠡᠢ ᠪᠠᠢᠨ᠎ᠠ᠃ ᠲᠡᠭᠦᠨ ᠦ᠌ ᠲᠠᠮᠢᠷ ᠲᠡᠩᠬᠡᠭᠡ ᠶ᠋ᠢ ᠡᠭᠡᠭᠦᠯᠵᠦ ᠴᠢᠳᠠᠬᠤ ᠴᠢᠳᠠᠯᠲᠠᠢ ᠰᠠᠢᠨ ᠡᠮᠴᠢ ᠨᠠᠷ ᠬᠡᠷᠡᠭ ᠲᠡᠢ ᠪᠠᠢᠨ᠎ᠠ ! ᠭᠡᠵᠦ ᠬᠢᠲᠠᠳ ᠡᠮᠡᠭᠲᠡᠢ ᠥᠭᠦᠯᠡᠵᠡᠢ᠃
— ᠡᠨᠡ ᠬᠤᠳᠠᠯ᠂ ᠪᠢ ᠥᠪᠡᠷ ᠢ᠋ᠶ᠋ᠡᠨ ᠡᠵᠡᠨ ᠳᠡᠭᠡᠳᠦᠰ ᠦ᠋ᠨ ᠠᠮᠤᠷ ᠮᠡᠨᠳᠦ ᠶᠠᠪᠤᠵᠤ ᠢᠷᠡᠭᠰᠡᠨ ᠢ᠋ ᠦᠵᠡᠮᠡᠭᠴᠡ ᠳᠠᠭᠤᠤ ᠳᠠᠭᠤᠯᠠᠵᠤ ᠦᠯᠢᠭᠡᠷ ᠲᠣᠭᠣᠵᠢ ᠶᠠᠷᠢᠵᠤ ᠠᠵᠢᠯ ᠲᠥᠷᠥᠯ ᠢ᠋ᠶ᠋ᠡᠷ ᠤᠷᠤᠯᠳᠤᠵᠤ ᠴᠢᠳᠠᠬᠤ ᠪᠣᠯᠤᠨ᠎ᠠ ᠭᠡᠵᠦ ᠶᠦᠯᠳᠤᠢ᠍ᠽ ᠬᠠᠲᠤᠨ ᠠᠶᠠᠷᠬᠠᠨ ᠢ᠋ᠶ᠋ᠠᠷ ᠥᠭᠦᠯᠡᠵᠦ ᠨᠢᠳᠦᠨ ᠦ᠌ ᠬᠠᠷᠠᠴᠠ ᠶ᠋ᠢ ᠳᠣᠷᠣᠭᠰᠢ ᠨᠢ ᠪᠠᠭᠤᠯᠭᠠᠪᠠ᠃
ᠪᠠᠲᠤ ᠬᠠᠭᠠᠨ ᠶᠦᠯᠳᠤᠢ᠍ᠽ ᠬᠠᠲᠤᠨ ᠤ᠋ ᠳᠡᠷᠭᠡᠳᠡ ᠬᠡᠪᠢᠰ ᠳᠡᠭᠡᠷ᠎ᠡ ᠰᠠᠭᠤᠪᠠ᠃ ᠭᠠᠳᠠᠨ᠎ᠠ ᠠ᠋ᠴᠠ ᠣᠷᠣᠵᠤ ᠢᠷᠡᠭᠰᠡᠨ ᠪᠠᠭᠤᠷᠴᠢ ᠨᠣᠭᠣᠭᠠᠨ ᠲᠣᠷᠭᠠᠨ ᠠᠯᠴᠢᠭᠤᠷ ᠢ᠋ ᠲᠡᠭᠦᠨ ᠳ᠋ᠦ᠍ ᠥᠭᠪᠡ᠃ ᠪᠠᠲᠤ ᠬᠠᠭᠠᠨ᠂ ᠣᠷᠣᠰ ᠤ᠋ᠨ ᠬᠣᠲᠠ ᠨᠤᠭᠤᠳ ᠠ᠋ᠴᠠ ᠳᠡᠭᠡᠷᠡᠮᠳᠡᠨ ᠠᠪᠤᠭᠰᠠᠨ ᠵᠢᠵᠢᠭ ᠠᠯᠲᠠᠨ ᠵᠠᠭᠠᠯᠮᠠᠢ᠂ ᠵᠢᠵᠢᠭ ᠠᠯᠲᠠᠨ ᠭᠣᠣ ᠨᠤᠭᠤᠳ᠂ ᠡᠭᠡᠮᠦᠭ᠂ ᠬᠦᠵᠦᠭᠦᠨ ᠦ᠌ ᠴᠢᠮᠡᠭ᠂ ᠪᠠᠭᠤᠪᠴᠢ ᠪᠣᠯᠤᠨ ᠪᠠᠰᠠ ᠪᠤᠰᠤ ᠶ᠋ᠢᠨ ᠦᠨ᠎ᠡ ᠪᠦᠬᠦᠢ ᠵᠦᠢᠯ ᠦ᠋ᠳ ᠢ᠋ ᠬᠡᠪᠢᠰ ᠳᠡᠭᠡᠷ᠎ᠡ ᠠᠰᠬᠠᠵᠤ ᠪᠠᠢᠪᠠ᠃ ᠬᠢᠲᠠᠳ ᠡᠮᠡᠭᠲᠡᠢ ᠲᠡᠷᠡ ᠶᠠᠭᠤᠮᠠᠰ ᠢ᠋ ᠪᠦᠭᠦᠳᠡ ᠶ᠋ᠢ ᠳᠡᠰ ᠳᠠᠷᠠᠭᠠᠯᠠᠨ ᠠᠪᠴᠤ ᠠᠯᠠᠭᠠᠨ ᠳᠡᠭᠡᠷ᠎ᠡ ᠪᠡᠨ ᠲᠠᠯᠪᠢᠵᠤ ᠥᠪᠡᠷ ᠦ᠋ᠨ ᠡᠵᠡᠨ ᠡᠮᠡᠭᠲᠡᠢ ᠳ᠋ᠡᠭᠡᠨ ᠦᠵᠡᠭᠦᠯᠦᠨ᠎ᠡ᠃ ᠶᠦᠯᠳᠤᠢ᠍ᠽ ᠬᠠᠲᠤᠨ ᠰᠣᠨᠢᠷᠬᠠᠯ ᠦᠭᠡᠢ ᠪᠡᠷ ᠬᠠᠷᠠᠵᠤ ᠪᠠᠢᠭᠠᠳ᠂
— ᠶᠡᠬᠡ ᠵᠠᠩᠵᠤᠨ ᠪᠢ ᠶᠡᠬᠡᠳᠡ ᠪᠠᠶᠠᠷᠯᠠᠪᠠ᠃ ᠴᠥᠮ ᠮᠠᠰᠢ ᠰᠠᠢᠬᠠᠨ ᠶᠠᠭᠤᠮ᠎ᠠ ᠪᠠᠢᠨ᠎ᠠ᠃ ᠭᠡᠪᠡᠴᠦ ᠪᠢ ᠴᠢᠨᠦ ᠥᠷᠥᠰᠢᠶᠡᠯ ᠢ᠋ ᠬᠦᠯᠢᠶᠡᠵᠦ ᠠᠪᠬᠤ ᠭᠠᠪᠢᠶ᠎ᠠ ᠦᠭᠡᠢ ᠶᠤᠮ ᠳ᠋ᠠ ( ᠭᠡᠪᠡ᠃ )
ᠶᠦᠯᠳᠥ᠋ᠽ ᠬᠠᠲᠤᠨ ᠤ᠋ ᠴᠢᠮᠠᠷᠬᠠᠢ ᠳ᠋ᠠᠭᠠᠨ ᠬᠦᠷᠲᠡᠯ᠎ᠡ ᠵᠤᠷᠠᠢᠭᠰᠠᠨ ᠤᠷᠲᠤ ᠬᠠᠷ᠎ᠠ ᠬᠥᠮᠥᠰᠬᠡ ᠲᠡᠢ ᠣᠸ᠎ᠠ ᠲᠦᠷᠬᠢᠭᠰᠡᠨ ᠨᠢᠭᠤᠷ ᠴᠢᠷᠠᠢ ᠨᠢ ᠤᠢᠳᠬᠠᠷ ᠲᠠᠢ ᠪᠠ ᠭᠡᠷᠡᠯ ᠦᠭᠡᠢ ᠬᠡᠪ ᠢ᠋ᠶ᠋ᠡᠷ ᠪᠠᠢᠪᠠ᠃ᠲᠡᠷᠡ ᠨᠢᠭᠡᠨ ᠪᠠᠭᠠᠬᠠᠨ ᠮᠥᠩᠭᠥᠨ ᠲᠣᠯᠢ ᠦᠵᠡᠮᠡᠭᠴᠡ ᠰᠠᠶᠢ ᠰᠡᠷᠭᠦᠵᠦ ᠢᠷᠡᠭᠡᠳ ᠭᠠᠷ ᠲᠠᠭᠠᠨ ᠠᠪᠴᠤ ᠭᠢᠯᠠᠭᠠᠨᠠᠭᠰᠠᠨ ᠥᠩᠭᠡᠲᠡᠢ ᠲᠠᠯ᠎ᠠ ᠶ᠋ᠢ ᠨᠢ ᠠᠩᠬᠠᠷᠤᠯᠲᠠᠢ ᠪᠠᠷ ᠬᠠᠷᠠᠭᠠᠳ᠄
— ᠪᠢ ᠣᠳᠣ ᠡᠢᠮᠦ ᠪᠣᠯᠤᠭᠰᠠᠨ ᠶᠤᠮ ᠪᠠᠢᠨ᠎ᠠ! ᠤᠷᠢᠳᠤ ᠪᠢ ᠡᠳᠦᠷ ᠦ᠋ᠨ ᠲᠤᠷᠰᠢ ᠳ᠋ᠤ᠌ ᠬᠡᠭᠡᠷ᠎ᠡ ᠲᠠᠯ᠎ᠠ ᠪᠠᠷ ᠬᠡᠰᠦᠭᠦᠴᠢᠯᠡᠨ ᠶᠠᠪᠤᠳᠠᠭ ᠪᠠᠢᠬᠤ ᠳ᠋ᠤ᠌ ᠴᠢᠷᠠᠢ ᠮᠢᠨᠢ ᠨᠠᠷᠠᠨ ᠳ᠋ᠤ᠌ ᠲᠦᠯᠡᠭᠳᠡᠵᠦ ᠠᠯᠲᠠᠨ ᠰᠢᠷ᠎ᠠ ᠥᠩᠭᠡᠲᠡᠢ ᠪᠠᠢᠳᠠᠭ ᠪᠢᠯᠡ᠃
— ᠴᠢ ᠣᠳᠣ ᠴᠤ᠌ ᠭᠡᠰᠡᠨ ᠡᠨᠡ ᠴᠢᠳᠠᠮᠠᠭᠠᠢ ᠢ ᠯᠡ ᠾᠧ ᠶ᠋ᠢ ᠨᠢᠭᠤᠷ ᠲᠠᠭᠠᠨ ᠪᠣᠳᠣᠭ ᠳᠦᠷᠭᠢᠭᠦᠯᠬᠦ ᠦᠭᠡᠢ ᠪᠡᠷ ᠶᠠᠪᠤᠵᠤ ᠴᠢᠳᠠᠨ᠎ᠠ ᠭᠡᠵᠦ ᠪᠠᠲᠤ ᠬᠠᠭᠠᠨ ᠬᠠᠷᠢᠭᠤᠯᠤᠭᠠᠳ᠂
— ᠴᠢᠮᠠᠲᠤ ᠶᠠᠮᠠᠷ ᠨᠢᠭᠡᠨ ᠬᠦᠰᠡᠯᠲᠡ ᠪᠠᠢᠨ᠎ᠠ ᠤᠤ? ᠪᠠᠢᠪᠠᠯ ᠨᠠᠳᠠᠳᠤ ᠬᠡᠯᠡᠯ ᠳ᠋ᠠ !( ᠭᠡᠬᠦ ᠳ᠋ᠦ᠍ ) ᠬᠠᠲᠤᠨ ᠬᠡᠯᠡᠪᠡ᠄
— ᠨᠠᠳᠠᠳᠤ ᠭᠠᠭᠴᠠᠬᠠᠨ ᠭᠤᠶᠤᠯᠲᠠ ᠪᠠᠢᠨ᠎ᠠ᠂ ᠲᠡᠷᠡ ᠴᠢᠮᠠᠲᠤ ᠥᠴᠦᠬᠡᠨ ᠵᠦᠢᠯ ᠶᠤᠮ᠃ ᠴᠢᠨᠦ ᠣᠲ᠋ᠷᠢᠶᠠᠳ᠋ ᠲᠤ᠌ ᠨᠢᠭᠡᠨ ᠡᠪᠦᠭᠡᠨ ᠪᠠᠢᠳᠠᠭ᠂ ᠲᠡᠭᠦᠨ ᠦ᠌ ᠦᠵᠡᠮᠵᠢ ᠦᠭᠡᠢ ᠴᠢᠷᠠᠢ ᠠ᠋ᠴᠠ ᠪᠣᠯᠵᠤ ᠪᠢ ᠣᠯᠠᠨᠲᠠ ᠲᠠᠮᠢᠷ ᠲᠡᠩᠬᠡᠭᠡ ᠪᠡᠨ ᠠᠯᠳᠠᠨ᠎ᠠ᠃ ᠲᠡᠭᠦᠨ ᠢ᠋ ᠲᠤᠰᠢᠶᠠᠵᠤ ᠰᠢᠭᠨᠡᠺ ᠬᠣᠲᠠ ᠳ᠋ᠤ᠌ ᠪᠤᠴᠠᠭᠠᠨ᠎ᠠ ᠤᠤ᠂ ᠲᠡᠭᠡᠪᠡᠯ ᠮᠢᠨᠦ ᠰᠡᠳᠬᠢᠯ ᠠᠮᠠᠷᠠᠨ᠎ᠠ᠃
— ᠬᠡᠷᠪᠡ ᠲᠡᠷᠡ ᠡᠪᠦᠭᠡᠨ ᠦ᠌ ᠮᠠᠭᠤ ᠨᠢᠳᠦᠲᠡᠢ ᠪᠣᠯᠤᠭᠠᠳ ᠴᠢᠮᠠᠲᠤ ᠡᠯᠳᠡᠪ ᠡᠪᠡᠳᠴᠢᠨ ᠢ᠋ ᠤᠴᠠᠷᠠᠭᠤᠯᠵᠤ ᠪᠠᠢᠭ᠎ᠠ ᠪᠣᠯ ᠪᠢ ᠲᠡᠭᠦᠨ ᠢ᠋ ᠣᠢᠷ᠎ᠠ ᠶ᠋ᠢᠨ ᠱᠠᠯᠪᠠᠭ ᠲᠸ᠋ ᠬᠢᠵᠦ ᠵᠢᠪᠦᠭᠦᠯᠦᠨ ᠠᠯᠠᠬᠤ ᠶ᠋ᠢ ᠲᠤᠰᠢᠶᠠᠨ᠎ᠠ᠃ ᠡᠨᠡ ᠡᠪᠦᠭᠡᠨ ᠦ᠌ ᠨᠡᠷ᠎ᠡ ᠨᠢ ᠬᠡᠨ ᠪᠣᠢ? ᠲᠡᠭᠦᠨ ᠢ᠋ ᠬᠠᠮᠢᠭ᠎ᠠ ᠠ᠋ᠴᠠ ᠣᠯᠬᠤ ᠪᠣᠢ?
— ᠦᠭᠡᠢ! ᠲᠡᠭᠦᠨ ᠳ᠋ᠦ᠍ ᠮᠠᠭᠤ ᠶ᠋ᠢ ᠪᠢᠲᠡᠭᠡᠢ ᠬᠢ᠃ ᠠᠭᠤᠵᠢᠮ ᠪᠣᠯᠤᠭᠠᠳ ᠥᠭᠯᠢᠭᠡᠴᠢ ᠪᠣᠯᠭᠠᠭᠲᠤᠨ! ᠬᠡᠪᠢᠰ ᠪᠦᠷᠬᠦᠭᠰᠡᠨ ᠳᠥᠷᠪᠡᠨ ᠮᠣᠷᠢ ᠶ᠋ᠢ ᠲᠡᠭᠦᠨ ᠳ᠋ᠦ᠍ ᠪᠡᠯᠡᠭ ᠪᠣᠯᠭᠠᠨ ᠥᠭᠭᠦᠭᠲᠦᠨ᠂ ᠨᠢᠭᠡ ᠴᠥ᠍ ᠡᠳᠦᠷ ᠰᠠᠭᠠᠲᠠᠯ ᠦᠭᠡᠢ ᠪᠡᠷ ᠨᠤᠲᠤᠭ ᠲᠠᠭᠠᠨ ᠪᠤᠴᠠᠵᠤ ᠶᠠᠪᠤᠭᠲᠤᠨ ᠭᠡᠵᠦ ᠲᠤᠰᠢᠶᠠᠭᠲᠤᠨ! ᠲᠡᠭᠦᠨ ᠢ᠋ ᠨᠠᠽᠠᠷ— ᠺᠢᠶᠡᠷᠢᠽᠧᠺ ᠭᠡᠵᠦ ᠨᠡᠷᠡᠢᠳᠬᠦ ᠪᠣᠯᠠᠢ᠃ ᠲᠡᠷᠡ ᠪᠡᠷ ᠢᠯᠠᠭᠳᠠᠰᠢ ᠦᠭᠡᠢ ᠰᠦᠪᠡᠭᠡᠳᠡᠢ ᠪᠠᠭᠠᠲᠤᠷ ᠢ᠋ ᠪᠠᠷᠠᠭᠠᠳᠠᠨ ᠶᠠᠪᠤᠵᠤ ᠲᠡᠭᠦᠨ ᠦ᠌ ᠰᠡᠷᠢᠭᠦᠯ ᠦ᠋ᠨ ᠲᠠᠬᠢᠶ᠎ᠠ ᠶ᠋ᠢ ᠬᠠᠷᠠᠭᠠᠯᠵᠠᠳᠠᠭ ᠪᠢᠯᠡ( ᠭᠡᠪᠡ᠃)
— ᠪᠢᠰᠢᠷᠡᠭᠲᠦᠨ᠂ ᠳᠠᠭᠠᠭᠲᠤᠨ ᠭᠡᠵᠦ ᠰᠦᠪᠡᠭᠡᠳᠡᠢ ᠪᠠᠭᠠᠲᠤᠷ ᠥᠭᠦᠯᠡᠭᠡᠳ ᠴᠠᠰᠢ᠂
—ᠤᠳᠬᠤᠨ ᠬᠠᠲᠤᠨ ᠶᠦᠯᠳᠥ᠋ᠽ ᠦ᠋ᠨ ᠬᠦᠰᠡᠯᠲᠡ ᠨᠢ ᠨᠠᠳᠠᠳᠤ ᠲᠤᠰᠢᠶᠠᠯ ᠶᠤᠮ᠁ ᠪᠢ ᠲᠡᠷᠡᠬᠦ ᠡᠪᠦᠭᠡᠨ ᠢ᠋ ᠲᠠᠬᠢᠶ᠎ᠠ᠂ ᠲᠡᠮᠡᠭᠡᠨ ᠬᠥᠰᠬᠡ ᠪᠠ ᠬᠣᠶᠠᠷ ᠺᠧᠳ᠋ᠵᠡᠪ ᠦ᠋ᠨ ᠬᠠᠮᠲᠤ ᠪᠤᠴᠠᠭᠠᠶ᠎ᠠ᠃ ᠲᠡᠷᠡ ᠣᠷᠣᠰ ᠤ᠋ᠨ ᠬᠣᠲᠠ ᠠ᠋ᠴᠠ ᠣᠯᠵᠤ ᠴᠤᠭᠯᠠᠭᠤᠯᠤᠭᠰᠠᠨ ᠠᠷᠢᠭᠤᠨ ᠣᠯᠵᠠ ᠪᠠᠨ ᠠᠴᠢᠵᠤ ᠭᠡᠷ ᠲᠡᠭᠡᠨ ᠠᠪᠠᠴᠢᠬᠤ ᠪᠢᠵᠡ ᠠ᠋ ( ᠭᠡᠪᠡ )᠃
ᠦᠰᠦᠭ ᠠᠮᠢᠯᠠᠭᠤᠯᠤᠭᠴᠢ᠄ ᠭᠡᠷᠡᠯ 1 ᠬᠠᠭᠤᠳᠠᠰᠤ᠂ ᠡᠷᠳᠡᠨᠢᠭᠣᠸ᠎ᠠ 1 ᠬᠠᠭᠤᠳᠠᠰᠤ᠂ ᠰᠣᠳᠤᠯᠲᠦ 1 ᠬᠠᠭᠤᠳᠠᠰᠤ᠂ ᠠᠯᠲᠠᠨᠴᠢᠮᠡᠭ 1 ᠬᠠᠭᠤᠳᠠᠰᠤ᠂ ᠬᠡᠷᠡᠶ᠋ᠢᠳ ᠂ ᠮᠥᠩᠬᠡᠨᠠᠰᠤᠨ 1 ᠬᠠᠭᠤᠳᠠᠰᠤ
ᠬᠢᠨᠠᠭᠴᠢ᠄ ᠪᠠᠯ 2 ᠬᠠᠭᠤᠳᠠᠰᠤ᠂ ᠲ᠂ ᠬᠦᠮᠦᠵᠢᠯᠲᠦ 1 ᠬᠠᠭᠤᠳᠠᠰᠤ᠂ ᠪᠠᠶᠠᠨᠴᠡᠴᠡᠭ 1 ᠬᠠᠭᠤᠳᠠᠰᠤ᠂ ᠭᠡᠷᠡᠯ 1 ᠬᠠᠭᠤᠳᠠᠰᠤ
ᠶᠡᠷᠦᠩᠬᠡᠢ ᠬᠢᠨᠠᠭᠴᠢ᠄ ᠠᠯᠲᠠᠨᠴᠢᠮᠡᠭ 5 ᠬᠠᠭᠤᠳᠠᠰᠤ᠂ ᠠᠷᠢᠭᠤᠨ 5 ᠬᠠᠭᠤᠳᠠᠰᠤ
