ᠪᠠᠲᠤ ᠬᠠᠭᠠᠨ 8-21ᠣᠷᠣᠰ ᠨᠤᠲᠤᠭ ᠳᠠᠬᠢᠨ ᠰᠡᠷᠭᠦᠨ ᠪᠣᠰᠬᠠᠭᠳᠠᠵᠤ ᠪᠠᠢᠨ᠎ᠠ-ᠰᠢᠭᠤᠷᠭ᠎ᠠ ᠲᠠᠯᠪᠢᠪᠠBat khaan Бат хаан-ᠷᠣᠮᠠᠨ
ᠬᠣᠷᠢᠨ ᠨᠢᠭᠡ᠂ ᠣᠷᠣᠰ ᠨᠤᠲᠤᠭ ᠳᠠᠬᠢᠨ ᠰᠡᠷᠭᠦᠨ ᠪᠣᠰᠬᠠᠭᠳᠠᠵᠤ ᠪᠠᠢᠨ᠎ᠠ
ᠭᠤᠷᠪᠠᠳᠤᠭᠠᠷ ᠰᠠᠷ᠎ᠠ ᠳ᠋ᠤ᠌ ᠫᠸᠷᠤᠢ᠍ᠨᠣᠸ ᠤ᠋ᠨ ᠰᠢᠭᠤᠢ ᠳ᠋ᠤ᠌ ᠬᠥᠮᠦᠨ ᠠᠮᠢᠲᠠᠨ ᠦᠭᠡᠢ ᠪᠠ ᠠᠨᠢᠷ ᠴᠢᠮᠡᠭᠡ ᠦᠭᠡᠢ ᠪᠠᠢᠵᠠᠢ᠃ ᠷᠶᠡᠽᠡᠨ ᠦ᠌ ᠸᠠᠩ ᠤ᠋ᠨ ᠳᠠᠭᠤᠳᠠᠯᠭ᠎ᠠ ᠪᠠᠷ ᠶᠠᠪᠤᠭᠰᠠᠨ ᠴᠡᠷᠢᠭ ᠦ᠋ᠳ ᠦ᠋ᠨ ᠲᠤᠬᠠᠢ ᠰᠣᠨᠣᠰᠪᠠᠯ ᠰᠥᠽᠳᠠᠯᠢ ᠶ᠋ᠢᠨ ᠳᠡᠷᠭᠡᠳᠡ ᠪᠠ ᠪᠸᠷᠸᠨ᠋ᠳ᠋ᠸᠶᠸᠸ ᠦ᠋ᠨ ᠨᠠᠮᠤᠭ ᠤ᠋ᠳ ᠲᠸ᠋ ᠪᠠ ᠰᠢᠲ ᠪᠠ ᠮᠤᠯᠤᠭᠠ ᠭᠣᠣᠯ ᠤ᠋ᠳ ᠤ᠋ᠨ ᠬᠥᠪᠡᠭᠡᠨ ᠳᠡᠭᠡᠷ᠎ᠡ ᠪᠠᠢᠯᠳᠤᠵᠤ ᠪᠠᠢᠭ᠎ᠠ ᠭᠡᠯᠴᠡᠨ᠎ᠡ᠃ ᠪᠤᠴᠠᠵᠤ ᠢᠷᠡᠬᠦ ᠪᠣᠯᠪᠠᠤ? ᠳᠠᠢᠰᠤᠨ ᠨᠤᠭᠤᠳ ᠡᠨᠡᠷᠢᠯ ᠦᠭᠡᠢ ᠲᠤᠯᠠ ᠬᠡᠨ ᠢ᠋ ᠴᠦ᠍ ᠠᠮᠢᠳᠤ ᠪᠠᠷ ᠦᠯᠡᠳᠡᠭᠡᠳᠡᠭ ᠦᠭᠡᠢ ᠶᠤᠮ᠁
ᠲᠠᠲ᠋ᠠᠷ ᠤ᠋ᠳ ᠤ᠋ᠨ ᠡᠪᠳᠡᠯᠡᠵᠦ ᠰᠦᠢᠳᠬᠡᠭᠰᠡᠨ ᠲᠣᠰᠬᠣᠨ ᠤ᠋ ᠰᠢᠲᠠᠭᠰᠠᠨ ᠪᠠᠢᠰᠢᠩ ᠤ᠋ᠳ ᠤ᠋ᠨ ᠣᠷᠣᠨ ᠳ᠋ᠤ᠌ ᠭᠠᠭᠴᠠᠬᠦ ᠰᠢᠪᠡᠷ ᠵᠤᠤᠬ᠎ᠠ ᠨᠤᠭᠤᠳ ᠪᠠ ᠬᠠᠷ᠎ᠠ ᠲᠣᠷᠲᠣᠭ ᠨᠡᠭᠦᠷᠡᠰᠦ ᠪᠣᠯᠤᠭᠰᠠᠨ ᠡᠪᠳᠡᠷᠬᠡᠢ ᠬᠡᠮᠬᠡᠷᠬᠡᠢ ᠦᠯᠡᠳᠡᠭᠳᠡᠯ ᠦ᠋ᠳ ᠪᠥᠭᠡᠮ ᠪᠥᠭᠡᠮ ᠢ᠋ᠶ᠋ᠡᠷ ᠬᠡᠪᠲᠡᠬᠦ ᠦᠵᠡᠭᠳᠡᠨ᠎ᠡ᠃ ᠵᠥᠪᠬᠡᠨ ᠨᠠᠭᠤᠷ ᠤ᠋ᠨ ᠲᠡᠨᠳᠡᠬᠢ ᠵᠠᠬ᠎ᠠ ᠶ᠋ᠢᠨ ᠬᠡᠳᠦᠨ ᠵᠢᠵᠢᠭ ᠪᠠᠢᠰᠢᠩ ᠤ᠋ᠳ ᠥᠨᠥᠴᠢᠷᠡᠵᠦ᠂ ᠪᠡᠶ᠎ᠡ ᠪᠡᠶ᠎ᠡ ᠳ᠋ᠡᠭᠡᠨ ᠰᠢᠬᠠᠴᠠᠯᠳᠤᠨ ᠦᠵᠡᠭᠳᠡᠵᠦ ᠪᠠᠢᠪᠠ᠃
ᠲᠡᠨᠳᠡ ᠠᠮᠢᠳᠤ ᠪᠠᠷ ᠦᠯᠡᠳᠡᠭᠰᠡᠨ ᠬᠡᠦᠬᠡᠳ ᠦ᠋ᠳ ᠰᠢᠪᠭᠠᠷᠠᠯᠳᠤᠨ ᠪᠠᠢᠬᠤ ᠠᠵᠢ᠃ ᠲᠡᠳᠡᠨ ᠢ᠋ ᠲᠤᠢᠯ ᠤ᠋ᠨ ᠶᠡᠬᠡᠪᠡᠷ ᠲᠤᠷᠠᠭᠰᠠᠨ ᠼᠪᠶᠠᠭ᠎ᠠ ᠶ᠋ᠢᠨ ᠡᠬᠡᠨᠡᠷ ᠪᠠ ᠪᠠᠰᠠ ᠬᠣᠶᠠᠷ ᠭᠡᠷ ᠣᠷᠣᠨ ᠦᠭᠡᠢ ᠴᠢᠪᠠᠭᠠᠨᠴᠠ ᠨᠠᠷ ᠲᠡᠷᠡ ᠬᠡᠦᠬᠡᠳ ᠦ᠋ᠳ ᠢ᠋ ᠠᠰᠠᠷᠠᠵᠤ ᠪᠠᠢᠨ᠎ᠠ᠃ ᠲᠡᠳᠡᠨᠡᠷ ᠡᠳᠦᠷ ᠪᠦᠷᠢ ᠨᠠᠭᠤᠷ ᠢ᠋ ᠲᠣᠣᠷ ᠢ᠋ᠶ᠋ᠠᠷ ᠱᠦᠭᠦᠷᠳᠡᠵᠦ ᠴᠤᠷᠬᠠᠢ ᠪᠠ ᠵᠣ ᠲᠠᠢ ᠵᠢᠭᠠᠰᠤ ᠪᠠᠷᠢᠵᠤ ᠠᠪᠴᠢᠷᠠᠵᠤ᠂ ᠪᠠᠰᠠ ᠨᠠᠷᠠᠰᠤᠨ ᠮᠣᠳᠣᠨ ᠤ᠋ ᠬᠣᠯᠲᠣᠰᠣ ᠨᠤᠭᠤᠳ ᠢ᠋ᠶ᠋ᠠᠷ ᠬᠣᠭᠣᠯᠠᠯᠠᠵᠤ ᠪᠠᠢᠬᠤ ᠪᠢᠯᠡ᠃
ᠬᠠᠪᠤᠷ ᠤ᠋ᠨ ᠬᠤᠷᠴᠠ ᠨᠠᠷᠠ᠂ ᠬᠡᠳᠦᠨ ᠵᠠᠭᠤᠨ ᠨᠠᠰᠤᠲᠠᠢ ᠣᠢ ᠶ᠋ᠢ ᠳᠠᠷᠤᠭᠰᠠᠨ ᠴᠠᠰᠤ ᠶ᠋ᠢ ᠬᠠᠢᠯᠤᠭᠤᠯᠵᠠᠢ᠃ ᠫᠸᠷᠦᠨᠣᠸ ᠤ᠋ᠨ ᠰᠢᠭᠤᠢ ᠶ᠋ᠢ ᠡᠷᠭᠢᠨ ᠲᠣᠭᠣᠷᠢᠨ ᠶᠠᠪᠠᠭᠠᠨ ᠪᠠ ᠮᠣᠷᠢ ᠲᠠᠢ ᠠᠯᠢ ᠪᠠᠷ ᠴᠤ᠌ ᠶᠠᠪᠤᠵᠤ ᠪᠣᠯᠬᠤ ᠦᠭᠡᠢ ᠪᠣᠯᠵᠠᠢ᠃ ᠰᠢᠪᠠᠭᠤ ᠨᠤᠭᠤᠳ ᠡᠪ ᠨᠢᠭᠡᠳᠦᠯᠲᠡᠢ ᠰᠦᠷᠦᠭ ᠦ᠋ᠳ ᠢ᠋ᠶ᠋ᠡᠷ ᠢ᠋ᠶ᠋ᠡᠨ ᠨᠢᠰᠦᠨ ᠢᠷᠡᠵᠡᠭᠡᠵᠦ ᠢᠰᠬᠡᠷᠬᠦ ᠳᠠᠭᠤᠯᠠᠬᠤ ᠪᠠ ᠬᠠᠷᠢᠯᠴᠠᠨ ᠳᠠᠭᠤᠳᠠᠯᠴᠠᠵᠤ ᠪᠠᠢᠨ᠎ᠠ᠃ ᠠᠯᠠᠭ ᠲᠣᠩᠰᠢᠭᠤᠯ ᠤ᠋ᠳ ᠮᠣᠳᠣᠨ ᠤ᠋ ᠭᠣᠣᠯ ᠡᠰᠢ ᠨᠤᠭᠦᠳ ᠢ᠋ ᠳᠣᠩᠰᠢᠵᠤ 《 ᠴᠣᠭ᠂ ᠴᠣᠭ》ᠭᠡᠵᠦ ᠬᠠᠰᠬᠢᠷᠴᠠᠭᠠᠨᠠ᠃
ᠳᠥᠷᠪᠡᠳᠦᠭᠡᠷ ᠰᠠᠷ᠎ᠠ ᠶ᠋ᠢᠨ ᠡᠬᠢᠨ ᠢ᠋ᠶ᠋ᠡᠷ ᠲᠦᠷᠦᠭᠦᠴᠢ ᠶ᠋ᠢᠨ ᠳᠦᠷᠪᠡᠭᠴᠢᠳ ᠣᠩᠭᠣᠴᠠ ᠵᠠᠪᠢ ᠪᠠᠷ ᠨᠠᠭᠤᠷ ᠢ᠋ ᠭᠠᠲᠤᠯᠵᠤ ᠢᠷᠡᠪᠡ᠃ ᠲᠠᠲ᠋ᠠᠷ ᠤ᠋ᠳ ᠲᠡᠳᠡᠨ ᠢ᠋ ᠲᠤᠭᠤᠯᠬᠤ ᠮᠠᠭᠠᠳ ᠦᠭᠡᠢ ᠭᠡᠵᠦ ᠠᠶᠤᠭᠰᠠᠨ ᠬᠡᠪ ᠢ᠋ᠶ᠋ᠡᠷ ᠢ᠋ᠶ᠋ᠡᠨ ᠲᠡᠳᠡᠨᠡᠷ ᠵᠢᠭᠠᠰᠤᠴᠢᠨ ᠴᠢᠪᠠᠭᠠᠨᠴᠠ ᠨᠠᠷ ᠲᠤ᠌ ᠰᠢᠪᠡᠭᠡᠨᠡᠨ ᠬᠡᠯᠡᠬᠦ ᠨᠢ᠄
一 ᠲᠡᠳᠡᠨ ᠦ᠌ ᠳᠣᠲᠣᠷ᠎ᠠ ᠠ᠋ᠴᠠ ᠣᠯᠠᠩᠬᠢ ᠨᠢ ᠵᠠᠮ ᠤ᠋ᠳ ᠢ᠋ᠶ᠋ᠠᠷ ᠬᠡᠷᠦᠵᠦ ᠶᠠᠪᠤᠭᠰᠠᠭᠠᠷ ᠪᠠᠢᠨ᠎ᠠ᠃ ᠭᠡᠪᠡᠴᠦ ᠪᠣᠳᠣᠪᠠᠯ ᠲᠡᠳᠡᠨ ᠦ᠌ ᠭᠣᠣᠯ ᠬᠦᠴᠦᠨ᠂ ᠵᠡᠷᠯᠢᠭ ᠲᠠᠯ᠎ᠠ ᠳ᠋ᠤ᠌ ᠣᠴᠢᠬᠤ ᠪᠠᠷ ᠶᠠᠪᠤᠵᠠᠢ᠃ ᠣᠳᠣ ᠲᠡᠳᠡᠨ ᠦ᠌ ᠰᠡᠭᠦᠯ ᠦ᠋ᠨ ᠣᠲ᠋ᠷᠢᠶᠠᠲ ᠤ᠋ᠳ ᠮᠥᠨ ᠲᠠᠰᠢ ᠪᠠᠨ ᠬᠥᠳᠡᠯᠵᠡᠢ᠃ ᠬᠠᠷᠢᠨ ᠪᠢᠳᠡ ᠲᠠᠨ ᠤ᠋ ᠡᠨᠳᠡ ᠪᠠᠭᠤᠬᠤ ᠰᠠᠨᠠᠭ᠎ᠠ ᠲᠠᠢ ᠪᠠᠢᠨ᠎ᠠ᠃ ᠡᠨᠳᠡ ᠲᠠᠷᠢᠶ᠎ᠠ ᠲᠠᠷᠢᠬᠤ ᠳ᠋ᠤ᠌᠁ ᠪᠢᠲᠡᠭᠡᠢ ᠲᠠᠲᠠᠭᠠᠯᠵᠠᠭᠲᠤᠨ ! ᠡᠨᠳᠡ ᠪᠢᠳᠡᠨ ᠳ᠋ᠦ᠍ ᠲᠠᠭᠠᠯᠠᠮᠵᠢᠲᠠᠢ ᠰᠠᠢᠬᠠᠨ᠂ ᠶᠡᠬᠡ ᠵᠠᠮ ᠠ᠋ᠴᠠ ᠬᠣᠯᠠ ᠵᠠᠢᠲᠠᠢ᠂ ᠲᠠᠢᠪᠤᠩ ᠴᠤ᠌ ᠪᠠᠢᠨ᠎ᠠ᠃ ᠪᠠᠰᠠ ᠨᠠᠭᠤᠷ ᠤ᠋ᠨ ᠳᠣᠲᠣᠷ᠎ᠠ ᠵᠢᠭᠠᠰᠤ ᠴᠤ᠌ ᠪᠠᠢᠭ᠎ᠠ᠁ ᠰᠡᠷᠢᠭᠦᠨ ᠴᠠᠭ ᠤ᠋ᠨ ᠲᠠᠷᠢᠶ᠎ᠠ ᠮᠢᠨᠢ ᠤᠷᠭᠤᠨ᠎ᠠ᠃ ᠮᠠᠨ ᠤ᠋ ᠬᠣᠭᠣᠯᠠ ᠶ᠋ᠢ ᠬᠡᠨ ᠴᠦ᠍ ᠪᠤᠯᠢᠶᠠᠬᠤ ᠦᠭᠡᠢ ᠳ᠋ᠠ ᠭᠡᠪᠡ᠃
ᠳᠦᠷᠪᠡᠭᠰᠡᠨ ᠬᠥᠮᠦᠰ ᠴᠥᠭᠡᠨ ᠴᠥᠭᠡᠨ ᠢ᠋ᠶ᠋ᠡᠷ ᠢ᠋ᠶ᠋ᠡᠨ ᠢᠷᠡᠬᠦ ᠪᠣᠯᠪᠠ᠃ ᠬᠠᠪᠤᠷ ᠤ᠋ᠨ ᠤᠰᠤ ᠲᠠᠲᠠᠷᠠᠵᠤ᠂ ᠵᠠᠮ ᠬᠠᠲᠠᠵᠤ ᠢᠷᠡᠬᠦ ᠳ᠋ᠦ᠍ ᠲᠡᠭᠦᠨᠴᠢᠯᠡᠨ ᠲᠦᠷᠦᠭᠦᠴᠢ ᠶ᠋ᠢᠨ ᠮᠣᠷᠢᠳ ᠴᠤ᠌ ᠢᠷᠡᠭᠰᠡᠨ ᠪᠥᠭᠡᠳ ᠡᠴᠡᠵᠦ ᠵᠦᠳᠡᠷᠡᠭᠰᠡᠨ ᠪᠠ ᠲᠠᠬᠢᠷᠠᠵᠤ ᠨᠣᠣᠷᠠᠭᠰᠠᠨ ᠪᠣᠯᠪᠠᠴᠤ ᠠᠨᠵᠢᠰᠤ᠂ ᠲᠠᠩᠨᠠᠭᠤᠷ ᠠᠪᠴᠢᠷᠠᠵᠠᠢ᠃
ᠫᠸᠷᠦᠨᠤᠸ ᠤ᠋ᠨ ᠰᠢᠭᠤᠢ ᠳ᠋ᠤ᠌ ᠬᠥᠭᠵᠢᠯᠲᠡᠢ ᠪᠣᠯᠪᠠ᠃ ᠰᠦᠬᠡ ᠶ᠋ᠢᠨ ᠴᠠᠪᠴᠢᠬᠤ ᠴᠢᠮᠡᠭᠡ᠂ ᠵᠠᠷᠢᠮ ᠪᠢᠯᠵᠤᠤᠬᠠᠢ ᠳᠤᠩᠰᠢᠭᠤᠯ ᠠᠯᠠᠭ ᠳᠠᠭᠤ ᠰᠢᠪᠠᠭᠤᠳ ᠤ᠋ᠨ ᠳᠠᠭᠤ ᠲᠠᠢ ᠠᠪᠴᠠᠯᠳᠤᠵᠤ ᠬᠣᠣᠰᠯᠠᠭᠠᠳ ᠭᠠᠴᠤᠷ᠎ᠠ ᠮᠣᠳᠣᠨ ᠤ᠋ ᠴᠠᠭᠠᠨ ᠲᠠᠭᠠᠷᠢᠳᠠᠰᠤ ᠡᠨᠳᠡ ᠲᠡᠨᠳᠡ ᠣᠪᠣᠭᠠᠯᠠᠭᠳᠠᠵᠤ ᠦᠵᠡᠭᠳᠡᠨ᠎ᠡ᠃ ᠨᠢᠭᠡ ᠵᠦᠭ ᠡᠴᠡ ᠦᠯᠦ ᠮᠡᠳᠡᠭᠳᠡᠨ ᠦᠰᠦᠷᠬᠡᠭ ᠨᠣᠬᠠᠳ ᠭᠦᠶᠦᠨ ᠢᠷᠡᠵᠦ᠂ ᠡᠳᠦᠷᠵᠢᠨ ᠰᠥᠨᠢᠵᠢᠨ ᠪᠣᠭᠣᠷᠯᠠᠬᠤ ᠪᠣᠯᠪᠠ᠃
ᠲᠠᠲ᠋ᠠᠷ ᠤ᠋ᠳ ᠤ᠋ᠨ ᠲᠤᠬᠠᠢ ᠤᠯᠠᠮ ᠢ᠋ᠶ᠋ᠠᠷ ᠪᠠᠭ᠎ᠠ ᠶᠠᠷᠢᠬᠤ ᠪᠣᠯᠪᠠ᠃ ᠡᠷᠡᠴᠦᠳ ᠴᠠᠰᠢ ᠶᠠᠭᠤ ᠪᠣᠯᠬᠤ ᠪᠣᠢ? ᠭᠡᠵᠦ ᠶᠠᠷᠢᠵᠠᠭᠠᠵᠤ ᠵᠥᠪᠯᠡᠯᠳᠦᠵᠡᠭᠡᠵᠦ ᠪᠠᠢᠪᠠ᠃ᠲᠠᠲ᠋ᠠᠷ ᠤ᠋ᠳ ᠤᠷᠢᠳᠤ ᠺᠢᠫᠴᠠᠺ ᠤ᠋ᠳ ᠤ᠋ᠨ ᠬᠡᠷᠬᠢᠭᠰᠡᠨ ᠲᠡᠢ ᠠᠳᠠᠯᠢ ᠵᠡᠷᠯᠢᠭ ᠲᠠᠯ᠎ᠠ ᠳ᠋ᠤ᠌ ᠵᠠᠢᠯᠠᠵᠤ ᠣᠷᠣᠭᠠᠳ᠂ ᠣᠷᠣᠰ ᠣᠷᠣᠨ ᠳ᠋ᠤ᠌ ᠪᠤᠴᠠᠵᠤ ᠢᠷᠡᠬᠦ ᠦᠭᠡᠢ ᠭᠡᠵᠦ ᠪᠦᠭᠦᠳᠡᠭᠡᠷ ᠪᠣᠳᠣᠵᠤ ᠪᠠᠢᠵᠠᠢ᠃
ᠥᠨᠳᠥᠷ ᠪᠡᠶ᠎ᠡ ᠲᠡᠢ᠂ ᠬᠡᠯᠬᠢᠶ᠎ᠡ ᠲᠡᠢ ᠶᠠᠰᠤ ᠮᠡᠲᠦ ᠲᠤᠷᠠᠩᠬᠠᠢ ᠨᠢᠭᠡᠨ ᠡᠮᠡᠭᠲᠡᠢ ᠢᠷᠡᠵᠦ᠂ ᠲᠡᠷᠡ ᠮᠥᠨ ᠲᠤᠷᠠᠵᠤ ᠡᠴᠡᠭᠰᠡᠨ ᠪᠥᠭᠡᠳ ᠶᠠᠪᠤᠵᠤ ᠥᠭᠬᠦ ᠦᠭᠡᠢ ᠨᠢᠭᠡ ᠦᠨᠢᠶ᠎ᠡ ᠶ᠋ᠢ ᠬᠡᠯᠡᠵᠦ ᠪᠠᠢᠪᠠ᠃ ᠡᠭᠦᠨ ᠳ᠋ᠦ᠍ ᠬᠠᠮᠤᠭ ᠶᠠᠰᠤ ᠨᠢ ᠭᠠᠳᠠᠭᠰᠢ ᠪᠠᠨ ᠬᠡᠷᠵᠡᠢᠵᠦ ᠪᠠᠢᠪᠠ᠃ ᠡᠮᠡᠰ ᠦ᠋ᠳ ᠲᠡᠷᠡ ᠤᠯᠠᠭᠠᠭᠴᠢ ᠦᠨᠢᠶ᠎ᠡ ᠶ᠋ᠢ ᠲᠣᠭᠣᠷᠢᠨ ᠵᠣᠭᠰᠣᠵᠤ ᠳᠠᠪᠤᠤ ᠮᠡᠲᠦ ᠤᠨᠵᠢᠵᠤ ᠪᠠᠢᠭ᠎ᠠ ᠬᠠᠲᠠᠭᠰᠠᠨ ᠳᠠᠯᠠᠩ ᠢ᠋ ᠵᠢᠭᠠᠵᠤ ᠲᠣᠯᠣᠭᠠᠢ ᠪᠠᠨ ᠰᠡᠭᠰᠦᠷᠴᠡᠭᠡᠨᠡ᠃ ᠬᠠᠷᠢᠨ ᠦᠨᠢᠶᠡᠨ ᠦ᠌ ᠡᠵᠡᠨ ᠡᠮᠡᠭᠲᠡᠢ᠂ ᠭᠤᠲᠤᠷᠠᠬᠤ ᠦᠭᠡᠢ ᠪᠡᠷ ᠬᠡᠯᠡᠭᠰᠡᠨ ᠨᠢ᠄
— ᠨᠠᠮᠠᠶ᠋ᠢ ᠲᠡᠵᠢᠭᠡᠭᠴᠢ ᠡᠨᠡ ᠪᠣᠯᠤᠨ᠎ᠠ ! ᠬᠠᠪᠤᠷ ᠤ᠋ᠨ ᠨᠣᠭᠣᠭᠠᠨ ᠳ᠋ᠤ᠌ ᠵᠠᠰᠠᠷᠠᠨ᠎ᠠ᠃ ᠪᠢ ᠡᠨᠳᠡ ᠬᠠᠮᠢᠭ᠎ᠠ ᠶᠠᠮᠠᠷ ᠨᠣᠭᠣᠭ᠎ᠠ ᠤᠷᠭᠤᠬᠤ᠁ ᠭᠠᠵᠠᠷ ᠪᠦᠬᠦᠨ ᠢ᠋ ᠮᠡᠳᠡᠨ᠎ᠡ ᠭᠡᠪᠡ᠃
— ᠡᠨᠳᠡᠬᠢ ᠶ᠋ᠢᠨ ᠡᠮᠡᠭᠲᠡᠢ ᠭᠡᠵᠢ ᠤᠤ?
— ᠲᠡᠭᠡᠬᠦ ᠦᠭᠡᠢ ᠶᠠᠭᠠᠬᠢᠬᠤᠪ᠃ ᠮᠢᠨᠦ ᠪᠠᠢᠰᠢᠩ ᠤ᠋ᠨ ᠵᠤᠤᠬ᠎ᠠ ᠲᠡᠷᠡ ᠪᠠᠢᠨ᠎ᠠ᠃ ᠬᠠᠷ᠎ᠠ ᠪᠠᠭ᠎ᠠ ᠠ᠋ᠴᠠ ᠪᠠᠨ ᠡᠨᠳᠡ ᠥᠰᠦᠭᠰᠡᠨ ᠶᠤᠮ᠃
— ᠵᠠ᠂ ᠴᠢ ᠪᠠᠢᠵᠠ᠂ ᠥᠨᠥᠬᠢ ᠤᠫᠠᠯᠸᠨᠢᠬ᠎ᠠ ᠪᠢᠯᠡ ᠤᠤ? ᠭᠡᠵᠦ ᠼᠪᠶᠠᠭ᠎ᠠ ᠶ᠋ᠢᠨ ᠬᠣᠴᠣᠷᠤᠮᠠᠯ ᠭᠡᠷᠭᠡᠢ ᠬᠠᠰᠬᠢᠷᠴᠤ ᠪᠥᠭᠡᠮ ᠬᠥᠮᠦᠰ ᠦ᠋ᠨ ᠳᠤᠮᠳᠠ ᠠ᠋ᠴᠠ ᠭᠦᠶᠦᠨ ᠭᠠᠷᠪᠠ᠃ ᠲᠡᠷᠡ ᠬᠣᠶᠠᠷ ᠡᠮᠡᠭᠲᠡᠢ ᠲᠡᠪᠡᠷᠢᠯᠳᠦᠵᠦ ᠮᠥᠷᠥ ᠮᠥᠷᠥ ᠪᠡᠨ ᠲᠤᠯᠵᠠᠭᠠᠨ ᠴᠢᠩᠭ᠎ᠠ ᠪᠠᠷ ᠤᠬᠢᠯᠠᠵᠠᠭᠠᠵᠤ ᠪᠠᠢᠪᠠ᠃
— ᠤᠫᠠᠯᠸᠨᠢᠬ᠎ᠠ ᠴᠢᠨᠦ ᠭᠣᠶᠣᠮᠰᠣᠭ ᠰᠠᠢᠬᠠᠨ ᠴᠢᠷᠠᠢ ᠶᠠᠭᠠᠬᠢᠬᠤᠪ ᠳ᠋ᠠ ( ᠶᠠᠭᠠᠬᠢᠪᠠ ᠳ᠋ᠠ ? ) ᠭᠡᠵᠦ ᠨᠢᠭᠡ ᠡᠮᠡᠭᠲᠡᠢ ᠥᠭᠦᠯᠡᠭᠡᠳ ᠪᠠᠰᠠ ᠨᠢᠭᠡ ᠡᠮᠡᠭᠲᠡᠢ᠂
一 ᠴᠢᠨᠦ ᠭᠡᠷ ᠦ᠋ᠨ ᠬᠠᠷ᠎ᠠ ᠬᠥᠮᠦᠨ ᠴᠢᠨᠢ ᠬᠠᠮᠢᠭ᠎ᠠ ᠪᠣᠢ? ᠪᠠᠢᠵᠠ᠂ ᠪᠥᠮᠪᠥᠭᠡ ᠶ᠋ᠢᠨ ᠳᠣᠣᠷ᠎ᠠ ᠨᠢᠭᠡᠨ ᠭᠠᠵᠠᠷ ᠲᠸ᠋
ᠬᠡᠪᠲᠡᠵᠦ ᠪᠠᠢᠭ᠎ᠠ ᠪᠢᠵᠡ? ᠭᠡᠵᠦ ᠤᠬᠢᠯᠠᠨ ᠥᠭᠦᠯᠡᠨ᠎ᠡ᠃
ᠲᠡᠳᠡ᠂ ᠲᠣᠰᠬᠣᠳ ᠤ᠋ᠨ ᠴᠡᠷᠢᠭ ᠦ᠋ᠨ ᠦᠢᠯᠡᠰ ᠲᠦ᠍ ᠣᠨᠣᠭᠳᠠᠨ ᠶᠠᠪᠤᠭᠰᠠᠨ ᠪᠦᠭᠦᠳᠡ ᠶ᠋ᠢᠨ ᠲᠤᠬᠠᠢ ᠰᠢᠮᠳᠠᠨ ᠠᠰᠠᠭᠤᠵᠠᠭᠠᠬᠤ ᠪᠣᠯᠪᠠᠴᠤ᠂ ᠶᠠᠭᠤ ᠶ᠋ᠢ ᠴᠥ᠍ ᠣᠯᠢᠭᠲᠠᠢ ᠰᠠᠢᠨ ᠢ᠋ᠶ᠋ᠠᠷ ᠶᠠᠷᠢᠬᠤ ᠦᠭᠡᠢ ᠪᠠᠢᠭᠰᠠᠨ ᠨᠢ᠄
— ᠲᠤᠭᠤᠯᠪᠠᠯ ᠸᠠᠯᠤ᠂ ᠰᠢᠲ ᠭᠣᠣᠯ ᠤ᠋ᠨ ᠬᠥᠪᠡᠭᠡᠨ ᠳᠡᠭᠡᠷ᠎ᠡ ᠠᠯᠠᠭᠳᠠᠭᠰᠠᠨ ᠭᠡᠬᠦ ᠪᠠ ᠸᠠᠯᠤ ᠰᠦᠽᠳ᠋ᠠᠯᠢ ᠶ᠋ᠢᠨ ᠲᠡᠨᠳᠡ ᠮᠠᠨ ᠤ᠋ ᠬᠢᠨ ᠦ᠌ ᠲᠠᠯ᠎ᠠ ᠶ᠋ᠢᠨ ᠬᠥᠮᠦᠰ ᠦ᠋ᠨ ᠳᠤᠮᠳᠠ ᠦᠯᠡᠳᠡᠭᠰᠡᠨ ᠪᠤᠶᠤ ᠲᠣᠷᠣᠫᠺᠠ ᠭᠠᠪᠰᠢᠭᠠᠢ ᠰᠠᠢᠨ ᠡᠷ᠎ᠡ ᠪᠣᠯᠤᠭᠰᠠᠨ ᠪᠣᠯᠪᠠᠴᠤ ᠲᠡᠭᠦᠨ ᠢ᠋ ᠲᠠᠲ᠋ᠠᠷ ᠤ᠋ᠨ ᠰᠤᠮᠤ ᠮᠥᠨ ᠤᠨᠠᠭᠠᠵᠤ ᠣᠷᠬᠢᠭᠰᠠᠨ ᠪᠢᠵᠡ ᠳ᠋ᠠ ᠭᠡᠵᠦ ᠶᠠᠷᠢᠵᠠᠭᠠᠨ᠎ᠠ᠃
ᠲᠠᠪᠤᠳᠤᠭᠠᠷ ᠰᠠᠷ᠎ᠠ ᠳ᠋ᠤ᠌ ᠲᠣᠷᠣᠫᠺᠠ ᠲᠣᠰᠬᠣᠨ ᠳ᠋ᠤ᠌ ᠶᠠᠪᠠᠭᠠᠨ ᠡᠷᠡᠭᠦᠯ ᠡᠩᠬᠡ ᠢᠷᠡᠭᠰᠡᠨ ᠪᠠ ᠬᠠᠷᠢᠨ ᠥᠰᠴᠦ᠂ ᠶᠠᠰᠤᠷᠬᠠᠭ ᠪᠣᠯᠤᠭᠰᠠᠨ ᠪᠥᠭᠡᠳ ᠬᠣᠭᠣᠯᠠ ᠤᠮᠳᠠ ᠦᠭᠡᠢ ᠶᠡᠬᠡ ᠤᠳᠠᠭᠰᠠᠨ ᠪᠠᠢᠨ᠎ᠠ᠃ ᠪᠠᠰᠠ ᠥᠪᠡᠷ ᠦ᠋ᠨ ᠬᠢᠨᠢ ᠡᠴᠢᠭᠡ᠂ ᠡᠬᠡ᠂ ᠠᠬ᠎ᠠ᠂ ᠡᠭᠡᠴᠢ ᠨᠠᠷ ᠠᠮᠢᠳᠤ ᠪᠠᠢᠬᠤ ᠡᠰᠡᠬᠦ ᠪᠠ ᠲᠡᠳᠡᠨ ᠦ᠌ ᠰᠤᠷᠠᠭ ᠢ᠋ ᠬᠠᠮᠢᠭ᠎ᠠ ᠠ᠋ᠴᠠ ᠢᠷᠡᠬᠦ ( ᠡᠷᠢᠬᠦ ) ᠲᠤᠬᠠᠢ ᠪᠦᠭᠦᠳᠡ ᠡᠴᠡ ᠰᠢᠮᠳᠠᠨ ᠠᠰᠠᠭᠤᠵᠤ ᠪᠠᠢᠨ᠎ᠠ᠃ ᠥᠪᠡᠷ ᠦ᠋ᠨ ᠢ᠋ᠶ᠋ᠡᠨ ᠲᠤᠬᠠᠢ ᠪᠠ ᠮᠥᠨ ᠲᠠᠲ᠋ᠠᠷ ᠤ᠋ᠨ ᠪᠣᠯᠤᠮᠵᠢ ᠶ᠋ᠢᠨ ᠰᠠᠢᠨ ᠮᠣᠷᠢᠲᠠᠢ ᠪᠠᠢᠭᠰᠠᠨ ᠲᠤᠬᠠᠢ᠂ ᠲᠡᠭᠦᠨᠴᠢᠯᠡᠨ ᠲᠡᠳᠡᠨ ᠦ᠌ ᠲᠣᠬᠢᠶᠠᠯᠳᠤᠭᠰᠠᠨ ᠪᠤᠷᠤᠭᠤ ᠨᠣᠮᠲᠠᠨ ᠨᠠᠷ ᠬᠥᠭᠡᠭᠡᠭᠰᠡᠨ ᠲᠤᠬᠠᠢ ᠶᠠᠷᠢᠵᠤ ᠪᠠᠢᠨ᠎ᠠ᠃ᠲᠡᠭᠡᠭᠡᠳ ᠮᠣᠷᠢ ᠨᠢ ᠵᠢᠯᠠᠭ᠎ᠠ ᠶ᠋ᠢ ᠬᠠᠷᠠᠢᠵᠤ ᠬᠥᠯ ᠠᠯᠳᠠᠭᠠᠳ ᠬᠣᠶᠠᠷ ᠬᠥᠯ ᠢ᠋ᠶ᠋ᠡᠨ ᠬᠤᠭᠤᠯᠤᠭᠤᠯᠤᠭᠰᠠᠨ ᠪᠠ ᠵᠢᠴᠢ ᠲᠣᠷᠣᠫᠺᠠ ᠥᠪᠡᠷ ᠢ᠋ᠶ᠋ᠡᠨ ᠳᠥᠩᠭᠡᠵᠢ ᠠᠮᠢ ᠭᠠᠷᠴᠤ ᠰᠡᠢᠷᠡᠭ ᠰᠢᠭᠤᠢ ᠳᠣᠲᠣᠷ᠎ᠠ ᠮᠥᠯᠬᠥᠵᠦ ᠣᠷᠣᠭᠰᠠᠨ ᠲᠤᠯᠠ ᠲᠡᠭᠦᠨ ᠢ᠋ ᠲᠠᠲ᠋ᠠᠷ ᠤ᠋ᠳ ᠣᠯᠤᠭᠰᠠᠨ ᠦᠭᠡᠢ᠃
ᠮᠥᠨ ᠲᠡᠷᠡ ᠡᠳᠦᠷ ᠯᠢᠬᠠᠷᠢ— ᠺᠦᠳ᠋ᠷᠶᠠᠱ ᠺᠢᠫᠴᠠᠺ ᠤ᠋ᠨ ᠨᠢᠭᠡ ᠮᠣᠷᠢ ᠪᠠᠷ ᠢᠷᠡᠭᠰᠡᠨ ᠪᠥᠭᠡᠳ ᠸᠧᠱᠨ᠋ᠶᠡᠩᠺᠡ ᠶ᠋ᠢᠨ ᠦᠬᠦᠭᠰᠡᠨ ᠲᠤᠬᠠᠢ ᠶ᠋ᠢ ᠲᠣᠷᠣᠫᠺᠠ ᠠ᠋ᠴᠠ ᠮᠡᠳᠡᠭᠡᠳ᠂ ᠮᠣᠷᠢᠨ ᠠ᠋ᠴᠠ ᠪᠠᠨ ᠭᠠᠵᠠᠷ ᠲᠸ᠋ ᠪᠠᠭᠤᠨ ᠬᠠᠷᠠᠢᠵᠤ ᠤᠳᠠᠲᠠᠯ᠎ᠠ ᠲᠡᠢᠵᠢᠭᠢᠨᠡᠵᠦ ᠪᠠᠷᠬᠢᠷᠠᠵᠤ ᠪᠠᠢᠬᠤ ᠳ᠋ᠤ᠌ ᠡᠮᠡᠭᠡᠳ᠂ ᠲᠡᠭᠦᠨ ᠢ᠋ ᠦᠷᠦ ᠡᠪᠡᠳᠴᠦ ᠰᠤᠷᠭᠠᠮᠵᠢᠯᠠᠬᠤ ᠪᠠ ᠤᠰᠤ ᠠᠰᠬᠠᠵᠤ ᠪᠠᠢᠭᠰᠠᠨ ᠳ᠋ᠤ᠌ ᠯᠢᠬᠠᠷᠢ ᠵᠣᠷᠢᠵᠤ ᠵᠢᠳᠬᠦᠵᠦ ᠬᠡᠯᠡᠭᠰᠡᠨ ᠨᠢ᠄
— ᠬᠡᠨ ᠦ᠌ ᠲᠤᠯᠠ ᠣᠳᠣ ᠪᠢ ᠠᠮᠢᠳᠤ ᠶᠠᠪᠤᠬᠤ ᠪᠣᠢ? ᠡᠩᠬᠦᠷᠡᠢ ᠥᠬᠢᠨ ᠦᠭᠡᠢ ᠪᠡᠷ ᠡᠨᠡ ᠶᠢᠷᠲᠢᠨᠴᠦ ᠴᠥ᠍ ᠨᠠᠳᠠᠳᠤ ᠰᠠᠢᠬᠠᠨ ᠪᠤᠰᠤ! ᠭᠡᠵᠦ ᠪᠠᠢᠪᠠ᠃ ᠳᠠᠷᠠᠭ᠎ᠠ ᠨᠢ ᠲᠡᠷᠡ ᠤᠳᠠᠲᠠᠯ᠎ᠠ ᠬᠡᠪᠲᠡᠵᠦ᠂ ᠴᠢᠮᠡᠭᠡ ᠦᠭᠡᠢ ᠪᠣᠳᠣᠯ ᠪᠣᠯᠤᠨ ᠪᠣᠰᠴᠤ᠂ ᠳᠡᠷᠭᠡᠳᠡ ᠭᠠᠵᠠᠷ ᠲᠸ᠋ ᠰᠠᠭᠤᠵᠤ ᠪᠠᠢᠭᠰᠠᠨ ᠲᠣᠷᠣᠫᠺᠠ ᠳ᠋ᠤ᠌ ᠶᠠᠭᠠᠷᠠᠯ ᠦᠭᠡᠢ ᠲᠠᠢᠪᠤᠩ ᠪᠠ ᠬᠠᠲᠠᠭᠤ ᠵᠣᠷᠢᠭᠲᠠᠢ ᠪᠠᠷ ᠬᠡᠯᠡᠬᠦ ᠨᠢ᠄
— ᠪᠠᠭ᠎ᠠ ᠵᠠᠯᠠᠭᠤ ᠮᠢᠨᠢ ᠰᠣᠨᠣᠰ ! ᠮᠢᠨᠦ ᠮᠡᠳᠡᠭᠰᠡᠨ ᠵᠦᠢᠯ ᠪᠣᠯ ᠡᠢᠮᠦ ᠪᠠᠢᠨ᠎ᠠ᠃ ᠲᠠᠲ᠋ᠠᠷ ᠤ᠋ᠨ ᠬᠦᠴᠦᠨ ᠶᠠᠪᠤᠵᠤ ᠵᠠᠢᠯᠠᠭᠰᠠᠨ ᠪᠣᠯᠪᠠᠴᠤ ᠪᠢᠳᠡᠨ ᠢ᠋ ᠬᠥᠳᠡᠯᠬᠦ ᠦᠭᠡᠢ ᠶ᠋ᠢᠨ ᠲᠤᠯᠠ ᠮᠠᠨ ᠤ᠋ ᠡᠷᠡᠴᠦᠳ ᠬᠠᠷᠠᠭᠠᠯᠵᠠᠵᠤ ᠪᠠᠢᠬᠤ ᠪᠠᠷ ᠲᠠᠲ᠋ᠠᠷ ᠤ᠋ᠨ ᠣᠲ᠋ᠷᠢᠶᠠᠳ᠋ ᠤ᠋ᠳ ᠶᠡᠬᠡ ᠬᠣᠲᠠ ᠨᠤᠭᠤᠳ ᠲᠸ᠋ ᠬᠣᠴᠣᠷᠤᠭᠰᠠᠨ ᠪᠠᠢᠨ᠎ᠠ᠃ ᠷᠶᠠᠽᠠᠨ ᠤ᠋ ᠰᠢᠨ᠎ᠡ ᠸᠠᠩ ᠢᠩᠭᠧᠡᠷᠢ ᠢᠩᠭᠧᠡᠷᠸᠸᠢᠴ᠂ ᠴᠸᠷᠨᠢᠭᠣᠸ ᠠ᠋ᠴᠠ ᠫᠧᠺᠧᠶᠡᠰᠯᠡᠸᠯᠢ ᠳ᠋ᠦ᠍ ᠢᠷᠡᠪᠡ᠃ ᠲᠡᠷᠡ ᠣᠳᠣ ᠲᠦᠢᠮᠡᠷᠳᠡᠭᠦᠯᠦᠭᠰᠡᠨ ᠷᠶᠠᠽᠠᠨ ᠤ᠋ ᠣᠷᠣᠨ ᠳ᠋ᠤ᠌ ᠲᠡᠨᠳᠡ ᠥᠷᠥᠭᠡᠯᠡᠵᠦ ᠰᠠᠭᠤᠬᠤ ᠪᠠ ᠴᠡᠷᠢᠭ ᠢ᠋ ᠴᠤᠭᠯᠠᠭᠤᠯᠵᠤ ᠪᠠᠢᠨ᠎ᠠ᠃ ᠪᠢ ᠸᠠᠩ ᠳ᠋ᠤ᠌ ᠨᠠᠢᠳᠠᠪᠤᠷᠢ ᠪᠦᠬᠦᠢ ᠵᠠᠯᠠᠭᠤ ᠡᠷᠡᠴᠦᠳ ᠢ᠋ ᠠᠪᠴᠢᠷᠠᠬᠤ ᠪᠠᠷ ᠠᠮᠠᠯᠠᠭᠰᠠᠨ ᠶᠤᠮ᠃
ᠡᠷᠭᠢᠨ ᠲᠣᠭᠣᠷᠢᠨ ᠬᠡᠦᠬᠡᠳ ᠦ᠋ᠳ ᠠᠮᠠᠨ ᠳ᠋ᠠᠭᠠᠨ ᠬᠤᠷᠤᠭᠤ ᠪᠠᠨ ᠬᠢᠵᠦ ᠵᠣᠭᠰᠣᠭᠠᠳ᠂ ᠯᠢᠬᠠᠷᠢ ᠪᠠ ᠲᠡᠭᠦᠨ ᠦ᠌ ᠡᠮᠦᠰᠴᠦ ᠶᠠᠪᠤᠭ᠎ᠠ ᠺᠢᠫᠴᠠᠺ ᠤ᠋ᠨ ᠡᠷᠢᠶᠡᠨ ᠥᠮᠥᠳᠥ ᠬᠢᠭᠡᠳ ᠺᠢᠫᠴᠠᠺ ᠤ᠋ᠨ ᠣᠷᠣᠢᠪᠴᠢ ᠮᠠᠯᠠᠭᠠᠢ ᠶ᠋ᠢ ᠭᠠᠢᠬᠠᠵᠤ ᠪᠠᠢᠨ᠎ᠠ᠃
— ᠬᠠᠷᠠᠪᠠᠤ? ᠬᠡᠦᠬᠡᠳ ᠦ᠋ᠳ ᠪᠠᠭ᠎ᠠ ᠪᠠᠢᠨ᠎ᠠ᠃ ᠡᠳᠡ ᠪᠠᠰᠠ ᠥᠭᠡᠳᠡᠯᠡᠭᠦᠯᠬᠦ ᠪᠠ ᠲᠡᠵᠢᠭᠡᠬᠦ ᠬᠡᠷᠡᠭᠲᠡᠢ ᠪᠠᠢᠨ᠎ᠠ᠃ ᠡᠴᠢᠭᠡ ᠨᠦ᠍ᠭᠦᠳ ᠨᠢ ᠴᠥᠮ ᠪᠠᠢᠯᠳᠤᠭᠠᠨ ᠳ᠋ᠤ᠌ ᠦᠬᠦᠵᠡᠢ᠃ ᠣᠳᠣ ᠪᠢᠳᠡ ᠦᠯᠦ ᠳᠠᠭᠠᠭᠴᠢᠳ ᠤ᠋ᠨ ᠶᠣᠰᠣᠭᠠᠷ ᠲᠠᠲ᠋ᠠᠷ ᠤ᠋ᠳ ᠲᠠᠢ ᠶᠠᠷᠢᠬᠤ ᠳ᠋ᠠᠭᠠᠨ ᠶᠠᠷᠢᠬᠤ ᠪᠠ ᠨᠠᠢᠷᠠᠮᠳᠠᠯ ᠢ᠋ ᠭᠦᠢᠴᠡᠳᠬᠡᠨ᠎ᠡ᠁ ᠬᠠᠷᠢᠨ ᠳᠠᠷᠠᠭ᠎ᠠ ᠨᠢ᠁ ᠳᠠᠩᠰᠠ ᠪᠠᠨ ᠪᠣᠳᠣᠵᠠᠭᠠᠨᠠ ! ᠸᠠᠩ ᠢᠩᠬ᠌ᠸᠨᠷᠢ ᠢᠩᠭᠧᠡᠷᠧᠸᠢᠴ ᠥᠪᠡᠷ ᠢ᠋ᠶ᠋ᠡᠨ ᠲᠡᠭᠡᠵᠦ ᠴᠡᠷᠢᠭ ᠦ᠋ᠳ ᠲᠡᠭᠡᠨ ᠬᠡᠯᠡᠭᠰᠡᠨ ᠶᠤᠮ᠃
— ᠪᠢ ᠴᠢᠮ᠎ᠠ ᠲᠠᠢ ᠶᠠᠪᠤᠨ᠎ᠠ ᠭᠡᠵᠦ ᠲᠣᠷᠣᠫᠺᠠ ᠰᠢᠢᠳᠴᠡᠢ᠃ᠲᠡᠷᠡ ᠬᠣᠶᠠᠷ ᠲᠡᠳᠦᠢ ᠯᠡ ᠤᠳᠠᠭᠰᠠᠨ ᠦᠭᠡᠢ᠂ ᠫᠧᠷᠦ᠋ᠨᠣᠸ ᠤ᠋ᠨ ᠰᠢᠭᠤᠢ ᠶ᠋ᠢ ᠣᠷᠬᠢᠵᠤ ᠶᠠᠪᠤᠵᠠᠢ᠃ ᠲᠡᠳᠡ ᠣᠢ ᠮᠣᠳᠣᠨ ᠤ᠋ ᠴᠢᠯᠥᠭᠡ ᠪᠡᠷ ᠶᠠᠪᠤᠵᠤ ᠪᠠᠢᠬᠤ ᠳ᠋ᠤ᠌ ᠲᠣᠰᠬᠣᠨ ᠳ᠋ᠤ᠌ ᠬᠡᠷᠬᠢᠨ ᠰᠦᠬᠡ ᠶ᠋ᠢᠨ ᠴᠠᠪᠴᠢᠯᠠᠬᠤ ᠴᠢᠮᠡᠭᠡ ᠪᠠ ᠳ᠋ᠦᠨᠵᠡ ᠮᠣᠳᠣ ᠨᠤᠭᠤᠳ ᠢ᠋ ᠴᠠᠪᠴᠢᠮᠠᠯ ᠪᠠᠷᠢᠯᠭ᠎ᠠ ᠨᠤᠭᠤᠳ ᠳᠡᠭᠡᠷ᠎ᠡ ᠲᠠᠯᠪᠢᠵᠤ ᠪᠠᠢᠭ᠎ᠠ ᠡᠮᠡᠭᠡᠯ( ᠡᠮᠡᠭᠡᠨ) ᠨᠤᠭᠦᠳ ᠦ᠋ᠨ ᠬᠠᠰᠬᠢᠷᠬᠤ ᠳᠠᠭᠤ᠂ ᠠᠭᠠᠳᠠᠷ ᠪᠣᠷᠣᠭᠠᠨ ᠤ᠋ ᠡᠮᠦᠨ᠎ᠡ ᠨᠠᠮ ᠭᠦᠮ ᠪᠣᠯᠤᠭᠰᠠᠨ ᠨᠣᠭᠣᠭᠠᠨ ᠰᠢᠪᠠᠭᠤᠳ ( ᠤ᠋ᠨ ᠳᠠᠭᠤ ᠶ᠋ᠢ ) ᠤᠳᠠᠭᠠᠨ ᠢ᠋ᠶ᠋ᠠᠷ ᠰᠣᠨᠣᠰᠴᠤ ᠪᠠᠢᠪᠠ᠃
ᠯᠢᠬᠠᠷᠢ ᠵᠣᠭᠰᠣᠵᠤ ᠰᠦᠬᠡ ᠶ᠋ᠢᠨ ᠴᠢᠮᠡᠭᠡ ᠳᠤᠭᠤᠯᠳᠠᠬᠤ ᠫᠧᠷᠦ᠋ᠨᠣᠸ ᠤ᠋ᠨ ᠰᠢᠭᠤᠢ ᠶ᠋ᠢᠨ ᠵᠦᠭ ᠲᠦ᠍ ᠭᠠᠷ ᠢ᠋ᠶ᠋ᠠᠷ ᠢ᠋ᠶ᠋ᠠᠨ ᠵᠢᠭᠠᠵᠤ ᠬᠡᠯᠡᠭᠰᠡᠨ ᠨᠢ᠄
— ᠣᠷᠣᠰ ᠳᠠᠬᠢᠨ ᠪᠠᠢᠭᠤᠯᠤᠭᠳᠠᠵᠤ ᠪᠠᠢᠨ᠎ᠠ! ᠭᠡᠪᠡ᠃
ᠦᠰᠦᠭ ᠠᠮᠢᠯᠠᠭᠤᠯᠤᠭᠴᠢ᠄ ᠬᠡᠷᠡᠶ᠋ᠢᠳ ᠂ ᠮᠥᠩᠬᠡᠨᠠᠰᠤᠨ 1 ᠬᠠᠭᠤᠳᠠᠰᠤ᠂ ᠬᠦᠦᠳᠠᠭᠠᠭᠤᠯ 1 ᠬᠠᠭᠤᠳᠠᠰᠤ᠂ ᠮᠡᠷᠭᠡᠨᠭᠣᠸ᠎ᠠ 1 ᠬᠠᠭᠤᠳᠠᠰᠤ᠂ ᠪᠠᠶᠠᠨᠴᠡᠴᠡᠭ 1 ᠬᠠᠭᠤᠳᠠᠰᠤ᠂ ᠭᠡᠷᠡᠯ 1 ᠬᠠᠭᠤᠳᠠᠰᠤ
ᠬᠢᠨᠠᠭᠴᠢ᠄ ᠲ᠂ ᠬᠦᠮᠦᠵᠢᠯᠲᠦ1 ᠬᠠᠭᠤᠳᠠᠰᠤ᠂ ᠪᠠᠯ 1 ᠬᠠᠭᠤᠳᠠᠰᠤ
ᠶᠡᠷᠦᠩᠬᠡᠢ ᠬᠢᠨᠠᠭᠴᠢ᠄ ᠠᠯᠲᠠᠨᠴᠢᠮᠡᠭ 5 ᠬᠠᠭᠤᠳᠠᠰᠤ᠂ ᠠᠷᠢᠭᠤᠨ 5 ᠬᠠᠭᠤᠳᠠᠰᠤ
