ᠪᠠᠲᠤ ᠬᠠᠭᠠᠨ 8-18ᠦᠯᠦ ᠵᠠᠬᠢᠷᠤᠭᠳᠠᠬᠤ ᠶ᠋ᠢᠨ ᠭᠣᠯᠣᠮᠲᠠ ᠶ᠋ᠢ ᠤᠨᠲᠠᠷᠠᠭᠠᠭᠲᠤᠨ-ᠰᠢᠭᠤᠷᠭ᠎ᠠ ᠲᠠᠯᠪᠢᠪᠠBat khaan Бат хаан-ᠷᠣᠮᠠᠨ
ᠠᠷᠪᠠᠨ ᠨᠠᠢ᠍ᠮᠠ ᠂ ᠦᠯᠦ ᠵᠠᠬᠢᠷᠤᠭᠳᠠᠬᠤ ᠶ᠋ᠢᠨ ᠭᠣᠯᠣᠮᠲᠠ ᠶ᠋ᠢ ᠤᠨᠲᠠᠷᠠᠭᠠᠭᠲᠤᠨ
ᠮᠠᠨ ᠤ᠋ ᠡᠬᠡ ᠣᠷᠣᠨ ᠤ᠋ ᠠᠯᠳᠠᠷ ᠬᠦᠨᠳᠦ ᠶ᠋ᠢᠨ ᠲᠥᠯᠥᠭᠡ ᠪᠢ ᠠᠶᠤᠬᠤ ᠦᠭᠡᠢ᠃ ᠬᠡᠷᠪᠡ ᠲᠡᠢᠮᠦ ᠠᠶᠤᠯ ᠲᠣᠬᠢᠶᠠᠯᠳᠤᠭᠰᠠᠨ ᠬᠣᠢᠴᠢ ᠦᠶ᠎ᠡ ᠶ᠋ᠢᠨ ᠬᠥᠮᠦᠰ ᠳᠡᠢᠯᠦᠨ᠎ᠡ᠃
( ᠠᠯᠸᠺᠰᠸᠢ ᠲᠤᠯᠰᠲ᠋ᠤᠢ《ᠽᠮᠸᠢ ᠲᠦᠭᠠᠷᠢᠨ 》 )
ᠬᠠᠳ᠋ᠵᠢ ᠷᠠᠾᠢᠮ ᠤ᠋ᠨ ᠪᠢᠴᠢᠭᠰᠡᠨ ᠨᠢ᠄《ᠤᠢᠳᠬᠠᠷ ᠲᠠᠢ ᠪᠣᠯᠪᠠᠴᠤ ᠪᠠᠰᠠ ᠠᠯᠳᠠᠷᠲᠠᠢ ᠭᠡᠵᠡᠢ᠃ ᠬᠠᠭᠤᠳᠠᠰᠤ ᠶ᠋ᠢ ᠪᠢᠴᠢᠬᠦ ᠳ᠋ᠦ᠍ ᠭᠠᠷ ᠮᠢᠨᠢ ᠲᠦᠪᠡᠭᠲᠡᠢ ᠵᠠᠬᠢᠷᠤᠭᠳᠠᠨ᠎ᠠ᠁ 》
ᠲᠠᠲ᠋ᠠᠷ ᠤ᠋ᠨ ᠴᠡᠷᠢᠭ᠂ ᠣᠷᠣᠰ ᠭᠠᠵᠠᠷ ᠠ᠋ᠴᠠ ᠺᠢᠫᠴᠠᠺ ᠤ᠋ᠨ ᠬᠡᠭᠡᠷ᠎ᠡ ᠲᠠᠯ᠎ᠠ ᠳ᠋ᠤ᠌ ᠬᠦᠷᠬᠦ ᠪᠡᠷ ᠬᠡᠳᠦᠨ ᠴᠤᠪᠤᠭ᠎ᠠ ᠪᠣᠯᠤᠨ ᠬᠥᠳᠡᠯᠵᠡᠢ᠃ ᠲᠠᠲ᠋ᠠᠷ ᠤ᠋ᠳ ᠵᠠᠮ ᠳ᠋ᠠᠭᠠᠨ ᠬᠣᠲᠠ ᠨᠤᠭᠤᠳ ᠢ᠋ ᠡᠵᠡᠯᠡᠨ ᠤᠰᠠᠳᠬᠠᠵᠤ᠂ ᠲᠣᠰᠬᠣᠳ ᠢ᠋ ᠳᠡᠭᠡᠷᠡᠮᠳᠡᠨ ᠰᠢᠲᠠᠭᠠᠵᠤ᠂ ᠲᠡᠨᠳᠡᠬᠢ ᠶ᠋ᠢᠨ ᠬᠥᠮᠦᠨ ᠢ᠋ ᠠᠯᠠᠭᠰᠠᠭᠠᠷ ᠪᠠᠢᠵᠠᠢ᠃ ᠲᠤᠷᠵᠤᠺ᠂ ᠲᠸᠸᠷᠢ ᠸᠤᠯᠤᠺ᠂ ᠳ᠋ᠮᠢᠲ᠋ᠷᠤᠸ ᠵᠡᠷᠭᠡ ᠬᠣᠲᠠ ᠪᠦᠷᠢᠮᠦᠰᠦᠨ ᠡᠪᠳᠡᠯᠡᠭᠳᠡᠭᠰᠡᠨ ᠪᠣᠯᠠᠢ᠃ ᠲᠠᠲ᠋ᠠᠷ ᠤ᠋ᠳ ᠲᠡᠨᠳᠡ ᠰᠠᠭᠤᠷᠢᠰᠢᠨ ᠰᠠᠭᠤᠬᠤ ᠶ᠋ᠢ ᠪᠣᠳᠣᠬᠤ ᠦᠭᠡᠢ ᠲᠤᠯᠠ ᠶᠠᠭᠤ ᠶ᠋ᠢ ᠴᠦ᠍ ᠬᠠᠢᠷᠠᠯᠠᠵᠤ ᠭᠠᠮᠨᠠᠬᠤ ᠦᠭᠡᠢ᠂ ᠶᠠᠭᠤ ᠶ᠋ᠢ ᠴᠦ᠍ ᠬᠠᠳᠠᠭᠠᠯᠠᠵᠤ ᠬᠠᠮᠠᠭᠠᠯᠠᠬᠤ ᠦᠭᠡᠢ ᠠᠵᠢ᠃ ᠣᠷᠣᠰ ᠤ᠋ᠳ ᠲᠠᠲ᠋ᠠᠷ ᠤ᠋ᠨ ᠠᠶᠤᠮᠰᠢᠭᠲᠠᠢ ᠶ᠋ᠢ ᠰᠠᠨᠠᠵᠤ ᠶᠠᠪᠤᠭ !
ᠡᠪᠡᠰᠦ ᠶᠡᠷᠦ ᠦᠭᠡᠢ᠂ ᠲᠠᠲ᠋ᠠᠷ ᠤ᠋ᠨ ᠮᠣᠷᠢᠳ ᠲᠤᠷᠠᠵᠤ ᠦᠬᠦᠵᠡᠭᠡᠨᠡ᠃ ᠲᠡᠳᠡ ᠤᠰᠤᠨ ᠳ᠋ᠤ᠌ ᠡᠪᠳᠡᠭᠳᠡᠭᠰᠡᠨ ᠪᠠ ᠰᠢᠪᠡᠷ ᠲᠡᠢ ᠵᠥᠭᠡᠯᠡᠨ ᠵᠠᠮ ᠤ᠋ᠳ ᠢ᠋ᠶ᠋ᠠᠷ ᠶᠠᠪᠤᠬᠤ ᠠᠵᠢ᠃ ᠲᠣᠬᠢᠶᠠᠯᠳᠤᠬᠤ ᠭᠣᠣᠯ ᠭᠣᠷᠣᠬ᠎ᠠ ᠨᠤᠭᠤᠳ ᠴᠠᠰᠤᠲᠠᠢ ᠡᠪᠦᠯ ᠦ᠋ᠨ ᠰᠡᠭᠦᠯ ᠳ᠋ᠦ᠍ ᠦᠶᠡᠷᠯᠡᠵᠡᠢ᠃ ᠬᠠᠮᠢᠭ᠎ᠠ ᠠ᠋ᠴᠠ ᠴᠤ᠌ ᠣᠯᠣᠮ ᠭᠠᠷᠴᠠ ᠣᠯᠳᠠᠬᠤ ᠦᠭᠡᠢ ᠲᠤᠯᠠ ᠰᠢᠭᠤᠳ ᠱᠤᠩᠪᠠᠭᠤᠯᠵᠤ ᠭᠠᠷᠬᠤ ᠠ᠋ᠴᠠ ᠥᠭᠡᠷ᠎ᠡ ᠠᠷᠭ᠎ᠠ ᠦᠭᠡᠢ ᠪᠠᠢᠪᠠ᠃ ᠶᠠᠳᠠᠷᠠᠭᠰᠠᠨ ᠮᠣᠷᠢᠳ ᠨᠢ ᠲᠦᠷᠭᠡᠨ ᠪᠠ ᠶᠡᠬᠡ ᠤᠰᠤᠲᠠᠢ ᠤᠷᠤᠰᠬᠠᠯ ᠳ᠋ᠤ᠌ ᠠᠪᠲᠠᠭᠳᠠᠵᠤ ᠤᠰᠤᠨ ᠳ᠋ᠤ᠌ ᠣᠷᠣᠵᠤ ᠦᠬᠦᠭᠰᠡᠭᠡᠷ ᠪᠠᠢᠨ᠎ᠠ᠃ ᠬᠠᠯᠴᠠᠷᠬᠠᠢ ᠳᠡᠪᠡᠯ ᠦ᠋ᠳ᠂ ᠴᠢᠰᠤᠲᠠᠢ ᠬᠤᠪᠴᠠᠰᠤ ᠨᠤᠭᠤᠳ᠂ ᠤᠯᠠ ᠦᠭᠡᠢ ᠬᠠᠭᠤᠴᠢᠨ ᠤᠷᠠᠩᠬᠠᠢ ᠭᠤᠲᠤᠯ ᠤ᠋ᠳ ᠂ ᠡᠪᠳᠡᠷᠬᠡᠢ ᠰᠠᠪᠠ ᠨᠤᠭᠤᠳ ᠂ ᠪᠥᠰ ᠳᠠᠪᠤᠤ ᠶ᠋ᠢᠨ ᠲᠠᠰᠤᠷᠬᠠᠢ ᠨᠤᠭᠤᠳ᠂ ᠬᠠᠭᠠᠷᠬᠠᠢ ᠮᠣᠳᠣᠨ ᠠᠶᠠᠭ᠎ᠠ ᠨᠤᠭᠤᠳ᠂ ᠬᠠᠲᠠᠩᠬᠠᠢ ᠠᠷᠠᠰᠤᠨ ᠲᠡᠷᠭᠡᠨ ᠦ᠌ ᠲᠣᠨᠣᠭ ᠵᠡᠷᠭᠡ ᠲᠠᠲ᠋ᠠᠷ ᠤ᠋ᠳ ᠤ᠋ᠨ ᠰᠢᠨᠤᠬᠠᠢ ᠬᠠᠷᠠᠮᠴᠢ ᠭᠠᠷ ᠲᠤ᠌ ᠳᠠᠭᠠᠷᠢᠯᠳᠤᠭᠰᠠᠨ ᠶᠠᠭᠤᠮ᠎ᠠ ᠪᠦᠬᠦᠨ ᠢ᠋ᠶ᠋ᠡᠷ ᠳᠦᠭᠦᠷᠭᠡᠭᠳᠡᠭᠰᠡᠨ ᠰᠢᠭᠤᠳᠠᠢ ᠬᠡᠦᠳᠡᠢ᠂ ᠲᠠᠭᠠᠷ ᠳᠠᠮᠫᠤᠤ ᠨᠤᠭᠤᠳ ᠢ᠋ ᠠᠴᠢᠭᠰᠠᠨ ᠴᠢᠷᠭ᠎ᠠ ᠨᠤᠭᠤᠳ ᠵᠠᠮ ᠳᠡᠭᠡᠭᠦᠷ ᠡᠨᠳᠡ ᠲᠡᠨᠳᠡ ᠦᠭᠡᠢ ᠬᠡᠪᠲᠡᠬᠦ ᠦᠵᠡᠭᠳᠡᠨ᠎ᠡ᠃
ᠡᠨᠡ ᠪᠦᠬᠦ ᠵᠦᠢᠯᠡᠰ ᠢ᠋ ᠲᠠᠷᠢᠶᠠᠴᠢᠨ ᠨᠠᠷ ᠠ᠋ᠴᠠ ᠪᠤᠯᠢᠶᠠᠨ ᠠᠪᠤᠭᠰᠠᠨ ᠮᠣᠷᠢ ᠴᠢᠷᠴᠦ ᠶᠠᠪᠤᠪᠠ᠃ ᠮᠠᠰᠢ ᠣᠯᠠᠨ ᠪᠥᠭᠡᠳ ᠢᠳᠡᠮᠡᠬᠡᠢ ᠲᠠᠲ᠋ᠠᠷ ᠤ᠋ᠨ ᠣᠷᠳᠣᠨ ᠳ᠋ᠤ᠌ ᠡᠪᠡᠰᠦ ᠲᠠᠷᠢᠶ᠎ᠠ ᠠᠯᠢᠨ ᠴᠤ᠌ ᠬᠦᠷᠦᠯᠴᠡᠬᠦ ᠦᠭᠡᠢ ᠳᠤᠲᠠᠮᠠᠭ ᠠᠵᠢ᠃ ᠥᠯᠥᠰᠬᠦᠯᠡᠩ ᠬᠣᠭᠣᠰᠣᠨ ᠲᠤᠷᠠᠩᠬᠠᠢ ᠬᠡᠷᠵᠡᠢᠭᠰᠡᠨ ᠬᠠᠪᠢᠷᠭ᠎ᠠ ᠲᠠᠢ ᠮᠣᠷᠢᠳ᠂ ᠴᠢᠷᠭ᠎ᠠ ᠶ᠋ᠢ ᠠᠷᠠᠢ ᠭᠡᠵᠦ ᠴᠢᠷᠬᠦ ᠦᠵᠡᠭᠳᠡᠨ᠎ᠡ᠃ ᠡᠨᠡ ᠮᠣᠷᠢᠳ ᠨᠢ ᠬᠠᠵᠠᠭᠤ ᠭᠠᠵᠠᠷ ᠤ᠋ᠳ ᠲᠤ᠌ ᠬᠥᠯ ᠢ᠋ᠶ᠋ᠡᠷ ᠢ᠋ᠶ᠋ᠡᠨ ᠳᠡᠭᠡᠭᠰᠢ ᠪᠡᠨ ᠬᠠᠷᠠᠵᠤ ᠥᠩᠬᠥᠷᠢᠨ ᠤᠨᠠᠭᠠᠳ ᠳᠠᠬᠢᠨ ᠪᠣᠰᠬᠤ ᠬᠦᠴᠦᠨ ᠲᠡᠩᠬᠡᠭᠡ ᠦᠭᠡᠢ ᠪᠣᠯᠤᠨ᠎ᠠ᠃ ᠣᠯᠵᠠᠯᠠᠭᠳᠠᠭᠰᠠᠨ ᠡᠷᠡᠴᠦᠳ ᠨᠢ ᠲᠡᠷᠡᠬᠦ ᠮᠣᠷᠢᠳ ᠢ᠋ ᠪᠤᠰᠬᠠᠬᠤ ᠶ᠋ᠢ ᠣᠷᠣᠯᠳᠣᠪᠠᠴᠤ ᠵᠠᠷᠢᠮ ᠨᠢ ᠰᠡᠭᠦᠯ ᠡᠴᠡ ᠨᠢ᠂ ᠵᠠᠷᠢᠮ ᠨᠢ ᠮᠥᠷᠦᠨ ᠡᠴᠡ ᠨᠢ ᠡᠷᠭᠦᠬᠦ ᠪᠣᠯᠪᠠᠴᠤ ᠲᠡᠳᠡᠨ ᠢ᠋ ᠲᠡᠵᠢᠭᠡᠵᠦ ᠪᠠᠢᠭᠰᠠᠨ ᠮᠣᠷᠢᠳ ᠢᠳᠡᠰᠢ ᠦᠭᠡᠢ ᠶ᠋ᠢᠨ ᠤᠯᠠᠮ ᠠ᠋ᠴᠠ ᠴᠢᠳᠠᠯ ᠲᠡᠩᠬᠡᠭᠡ ᠪᠡᠨ ᠠᠯᠳᠠᠵᠤ ᠬᠡᠴᠢᠨᠡᠨ ᠦᠷᠦ ᠡᠪᠡᠳᠦᠮᠡᠷ ᠪᠣᠯᠤᠭᠠᠳ ᠬᠡᠪᠲᠡᠵᠦ ᠪᠠᠢᠬᠤ ᠶ᠋ᠢ ᠬᠠᠷᠠᠭᠠᠳ ᠵᠠᠷᠢᠮ ᠳ᠋ᠠᠭᠠᠨ ᠤᠬᠢᠯᠠᠯᠳᠤᠨᠠ᠃ ᠮᠣᠩᠭᠣᠯᠴᠤᠳ ᠶᠠᠮᠠᠷ ᠴᠤ᠌ ᠠᠵᠢᠭ ᠬᠡᠨᠡᠭ ᠦᠭᠡᠢ ᠢᠰᠬᠡᠷᠴᠡᠬᠡᠵᠦ ᠲᠡᠷᠭᠡ ᠲᠡᠢ ᠠᠴᠢᠶ᠎ᠠ ᠨᠤᠭᠤᠳ ᠢ᠋ᠶ᠋ᠠᠨ ᠬᠡᠪ ᠢ᠋ᠶ᠋ᠡᠷ ᠨᠢ ᠬᠠᠶᠠᠬᠤ ᠨᠢ ᠣᠯᠠᠨᠲᠠᠢ᠃
ᠲᠠᠲ᠋ᠠᠷ ᠤ᠋ᠨ ᠴᠡᠷᠢᠭ ᠦ᠋ᠨ ᠨᠢᠭᠡᠨ ᠬᠡᠰᠡᠭ ᠨᠢ ᠺᠤᠽᠧᠯᠰᠺᠡ ᠶ᠋ᠢᠨ ᠬᠡᠷᠡᠮ ᠦ᠋ᠨ ᠳᠡᠷᠭᠡᠳᠡ ᠲᠡᠨᠳᠡ ᠨᠡᠯᠢᠶᠡᠳ ᠰᠠᠭᠠᠳᠠᠪᠠ᠃ ᠡᠨᠡ ᠬᠣᠲᠠ ᠨᠢ ᠠᠷᠠᠯᠵᠢᠶ᠎ᠠ ᠮᠠᠢᠮᠠᠢ᠂ ᠦᠢᠮᠡᠭᠡᠨ ᠱᠤᠤᠭᠢᠶᠠᠨ ᠶᠡᠬᠡᠲᠡᠢ ᠪᠠ ᠲᠠᠯ᠎ᠠ ᠶ᠋ᠢᠨ ᠬᠢᠯᠢ ᠬᠢᠵᠠᠭᠠᠷ ᠳᠡᠭᠡᠷ᠎ᠡ ᠣᠷᠣᠰᠢᠬᠤ ᠪᠥᠭᠡᠳ ᠣᠷᠣᠰ ᠤ᠋ᠨ ᠬᠠᠷᠠᠭᠤᠯ ᠤ᠋ᠨ ᠫᠣᠰᠲ ᠪᠢᠯᠡ᠁ ᠡᠨᠳᠡᠬᠢ ᠲᠠᠲ᠋ᠠᠷ ᠤ᠋ᠨ ᠴᠡᠷᠢᠭ ᠦ᠋ᠳ ᠢ᠋ ᠭᠦᠶᠦᠭ ᠬᠠᠭᠠᠨ ᠳᠠᠷᠤᠭᠠᠯᠠᠨ ᠶᠠᠪᠤᠵᠠᠢ᠃ ᠲᠡᠷᠡ ᠭᠠᠷᠮᠠᠭᠠᠢ ᠢᠯᠠᠯᠲᠠ ᠤ᠋ᠳ ᠢ᠋ᠶ᠋ᠠᠷ ᠢ᠋ᠶ᠋ᠠᠨ ᠠᠯᠳᠠᠷ ᠨᠡᠷ᠎ᠡ ᠣᠯᠬᠤ ᠶ᠋ᠢ ᠬᠦᠰᠡᠬᠦ ᠪᠣᠯᠪᠠᠴᠤ ᠪᠤᠰᠤᠳ ᠴᠡᠷᠢᠭ ᠦ᠋ᠨ ᠳᠠᠷᠤᠭ᠎ᠠ ᠨᠠᠷ ᠬᠡᠵᠢᠶ᠎ᠡ ᠢᠮᠠᠭᠲᠠ ᠲᠡᠭᠦᠨ ᠦ᠌ ᠤᠷᠢᠳ ᠣᠷᠣᠭᠰᠠᠨ ᠪᠠᠢᠳᠠᠭ ᠶᠤᠮ᠃
ᠫᠤᠽᠸᠯᠰᠺᠡ ᠶ᠋ᠢᠨ ᠪᠦᠰᠡᠯᠡᠯᠲᠡ ᠨᠢ ᠨᠡᠯᠢᠶᠡᠳ ᠤᠳᠠᠭᠠᠰᠢᠷᠠᠵᠠᠢ᠃
ᠬᠣᠲᠠ ᠶ᠋ᠢᠨ ᠢᠷᠭᠡᠳ ᠨᠢ ᠪᠣᠭᠣᠨᠢ ᠰᠡᠯᠡᠮ᠎ᠡ ᠨᠤᠭᠦᠳ ᠢ᠋ᠶ᠋ᠡᠷ ᠵᠡᠪᠰᠡᠭᠯᠡᠵᠦ ᠵᠣᠷᠢᠭᠲᠠᠢ ᠡᠷᠡᠯᠬᠡᠭ ᠢ᠋ᠶ᠋ᠡᠷ ᠪᠠᠢᠯᠳᠤᠵᠤ ᠪᠠᠢᠪᠠ᠃ ᠵᠠᠷᠢᠮ ᠰᠥᠨᠢ ᠳ᠋ᠡᠭᠡᠨ ᠭᠠᠳᠠᠭᠰᠢ ᠭᠠᠷᠴᠤ ᠠᠮᠠᠷᠠᠵᠤ ᠪᠠᠢᠭᠰᠠᠨ ᠲᠠᠲ᠋ᠠᠷ ᠤ᠋ᠳ ᠢ᠋ ᠠᠯᠠᠵᠤ ᠬᠡᠷᠡᠮ ᠦ᠋ᠨ ᠬᠠᠨ᠎ᠠ ᠳᠡᠭᠡᠷ᠎ᠡ ᠭᠠᠷᠴᠤ ᠢᠷᠡᠬᠦ ᠶ᠋ᠢ ᠣᠷᠣᠯᠳᠣᠬᠤ ᠬᠡᠨ ᠪᠦᠭᠦᠳᠡ ᠶ᠋ᠢ ᠵᠣᠷᠢᠭᠲᠠᠢ ᠪᠠᠷ ᠨᠢᠴᠤᠭᠠᠨ ᠪᠤᠴᠠᠭᠠᠳᠠᠭ ᠠᠵᠢ᠃
ᠺᠢᠫᠴᠠᠺ ᠤ᠋ᠨ ᠲᠠᠯ᠎ᠠ ᠳᠠᠰᠢ ᠶᠠᠪᠤᠵᠤ ᠪᠠᠢᠭ᠎ᠠ ᠲᠠᠲ᠋ᠠᠷ ᠤ᠋ᠨ ᠪᠤᠰᠤᠳ ᠤᠲ᠋ᠷᠢᠶᠠᠳ᠋ ᠤ᠋ᠳ ᠲᠡᠭᠦᠨ ᠦ᠌ ᠳᠡᠷᠭᠡᠳᠡᠭᠦᠷ ᠶᠠᠪᠤᠵᠤ ᠥᠩᠭᠡᠷᠡᠭᠰᠡᠨ ᠢ᠋ ᠭᠦᠶᠦᠭ ᠬᠠᠭᠠᠨ ᠦᠵᠡᠭᠰᠡᠨ ᠶᠤᠮ᠃ᠲᠡᠭᠦᠨ ᠦ᠌ ᠴᠡᠷᠢᠭ ᠦ᠋ᠳ ᠨᠢ ᠬᠡᠴᠡᠭᠦᠦ ᠬᠦᠨᠳᠦ ᠪᠡᠬᠢᠯᠡᠯᠲᠡ ᠡᠴᠡ ᠪᠡᠷᠬᠡᠰᠢᠶᠡᠵᠡᠭᠡᠵᠦ ᠣᠷᠣᠰ ᠤ᠋ᠨ ᠨᠠᠮᠤᠭ ᠤ᠋ᠳ ᠠ᠋ᠴᠠ ᠲᠦᠷᠭᠡᠨ ᠢ᠋ᠶ᠋ᠡᠷ ᠵᠠᠢᠯᠠᠵᠤ ᠵᠡᠷᠯᠢᠭ ᠲᠠᠯ᠎ᠠ ᠶ᠋ᠢᠨ ᠴᠢᠯᠥᠭᠡᠲᠡᠢ ᠠᠭᠤᠳᠠᠮ ᠳ᠋ᠤ᠌ ᠣᠴᠢᠬᠤ ᠶ᠋ᠢ ᠡᠷᠡᠮᠡᠯᠵᠡᠬᠦ ᠪᠣᠯᠪᠠ᠃ ᠭᠦᠶᠦᠭ ᠬᠠᠭᠠᠨ ᠪᠦᠰᠡᠯᠡᠯᠲᠡ ᠶ᠋ᠢ ᠣᠷᠬᠢᠬᠤ ᠶ᠋ᠢ ᠰᠢᠢᠳᠪᠦᠷᠢᠯᠡᠵᠡᠢ᠃ ᠡᠨᠡ ᠲᠤᠬᠠᠢ ᠪᠠᠲᠤ ᠬᠠᠭᠠᠨ ᠰᠣᠨᠣᠰᠴᠤ ᠲᠡᠷᠡ ᠳᠠᠷᠤᠢ ᠢᠷᠡᠭᠡᠳ ᠮᠥᠨ ᠬᠣᠲᠠ ᠶ᠋ᠢ ᠥᠪᠡᠷ ᠦ᠋ᠨ《ᠦᠯᠦ ᠢᠯᠠᠭᠳᠠᠭᠴᠢ 》 ᠨᠠᠷ ᠢ᠋ᠶ᠋ᠠᠷ ᠪᠦᠰᠡᠯᠡᠭᠦᠯᠵᠡᠢ᠃ ᠰᠥᠪᠡᠭᠡᠳᠡᠢ ᠪᠠᠭᠠᠲᠤᠷ ᠤ᠋ᠨ《ᠭᠠᠯᠵᠠᠭᠤ ᠲᠠᠢ 》 ᠴᠡᠷᠢᠭ᠂ ᠭᠦᠶᠦᠭ ᠬᠠᠭᠠᠨ ᠤ᠋ ᠤᠲ᠋ᠷᠢᠶᠠᠳ᠋ ᠤ᠋ᠨ ᠪᠤᠴᠠᠬᠤ ᠵᠠᠮ ᠢ᠋ ᠪᠣᠭᠣᠵᠤ ᠲᠡᠭᠦᠨ ᠢ᠋ ᠡᠭᠡᠭᠦᠯᠵᠦ ᠫᠤᠽᠸᠯᠰᠺᠠ ᠶ᠋ᠢᠨ ᠬᠡᠷᠡᠮ ᠳᠠᠰᠢ ᠬᠥᠭᠡᠭᠡᠨ ᠢᠷᠡᠭᠦᠯᠪᠡ᠃
ᠡᠨᠡ ᠬᠣᠲᠠ ᠨᠢ ᠪᠠᠭ᠎ᠠ ᠨᠠᠰᠤ ᠲᠠᠢ ᠸᠠᠩ ᠸᠠᠰᠢᠯᠢᠺᠤ ᠳ᠋ᠤ᠌ ᠬᠠᠮᠢᠶᠠᠷᠤᠭᠳᠠᠨ ᠪᠠᠢᠪᠠ᠃ ᠬᠣᠲᠠ ᠬᠠᠮᠠᠭᠠᠯᠠᠭᠴᠢᠳ ᠨᠢ ᠲᠡᠰᠪᠦᠷᠢ ᠲᠡᠢ ᠪᠡᠷ ᠪᠠᠢᠯᠳᠤᠵᠤ ᠲᠠᠲ᠋ᠠᠷ ᠤ᠋ᠳ ᠢ᠋ᠶ᠋ᠠᠷ ᠴᠠᠪᠴᠢᠯᠠᠵᠤ ᠪᠠᠢᠪᠠ᠃ ᠪᠠᠷᠢᠭᠳᠠᠵᠤ ᠣᠯᠵᠠᠯᠠᠭᠳᠠᠭᠰᠠᠨ ᠴᠡᠷᠢᠭ ᠦ᠋ᠳ ᠦ᠋ᠨ ᠶᠠᠷᠢᠬᠤ ᠨᠢ᠄
— ᠮᠠᠨ ᠤ᠋ ᠸᠠᠩ ᠪᠣᠯ ᠨᠢᠯᠬ᠎ᠠ ᠬᠡᠦᠬᠡᠳ ᠶᠤᠮ ! ᠪᠢᠳᠡ ᠡᠬᠡ ᠣᠷᠣᠨ ᠤ᠋ ᠦᠨᠡᠨᠴᠢ ᠬᠥᠪᠡᠭᠦᠳ ᠪᠣᠯᠬᠤ ᠲᠤᠯᠠ ᠬᠠᠮᠤᠭ ᠤ᠋ᠨ ᠰᠡᠭᠦᠯ ᠦ᠋ᠨ ᠬᠥᠮᠦᠨ ᠬᠦᠷᠲᠡᠯ᠎ᠡ ᠪᠡᠨ ᠵᠠᠨᠴᠢᠯᠳᠤᠨᠠ᠃ ᠰᠠᠢᠨ ᠠᠯᠳᠠᠷ ᠨᠡᠷ᠎ᠡ ᠶ᠋ᠢ ᠶᠢᠷᠲᠢᠨᠴᠦ ᠳᠡᠭᠡᠷ᠎ᠡ ᠦᠯᠡᠳᠡᠭᠡᠬᠦ ᠶ᠋ᠢᠨ ᠲᠤᠯᠠ ᠪᠢᠳᠡ᠂ ᠬᠡᠷᠪᠡ ᠬᠡᠷᠡᠭ ᠲᠡᠢ ᠪᠣᠯ ᠦᠬᠦᠨ᠎ᠡ᠃
ᠲᠠᠲ᠋ᠠᠷ ᠤ᠋ᠳ ᠳᠥᠴᠢᠨ ᠶᠢᠰᠦᠨ ᠬᠣᠨᠣᠭ ᠤ᠋ᠨ ᠲᠤᠷᠰᠢ ᠺᠤᠽᠸᠯᠰᠺᠠ ᠶ᠋ᠢ ᠪᠦᠰᠡᠯᠡᠵᠦ ᠬᠣᠲᠠ ᠶ᠋ᠢᠨ ᠵᠣᠷᠢᠭᠲᠠᠢ ᠬᠠᠮᠠᠭᠠᠯᠠᠭᠴᠢᠳ ᠢ᠋ ᠶᠠᠭᠠᠬᠢᠵᠤ ᠴᠤ᠌ ᠴᠢᠳᠠᠭᠰᠠᠨ ᠦᠭᠡᠢ ᠪᠣᠯᠠᠢ᠃ ᠢᠳᠬᠠᠨ ᠶᠠᠷᠢᠬᠤ ᠪᠠ ᠪᠠᠲᠤᠯᠠᠨ ᠲᠠᠩᠭᠠᠷᠢᠭᠯᠠᠬᠤ ᠬᠢᠭᠡᠳ ᠠᠶᠤᠯᠭᠠᠨ ᠰᠦᠷᠳᠡᠭᠦᠯᠬᠦ ᠠᠯᠢᠨ ᠨᠢ ᠪᠣᠯᠪᠠᠴᠤ ᠬᠣᠲᠠ ᠶ᠋ᠢᠨ ᠢᠷᠭᠡᠳ ᠦ᠋ᠨ ᠪᠠᠲᠤ ᠬᠠᠲᠠᠭᠤᠵᠢᠯ ᠢ᠋ ᠪᠠᠭᠤᠷᠠᠭᠤᠯᠵᠤ ᠴᠢᠳᠠᠭᠰᠠᠨ ᠦᠭᠡᠢ᠃ ᠡᠴᠦᠰ ᠲᠤᠨᠢ ᠺᠤᠽᠸᠯᠰᠺᠠ ᠬᠣᠲᠠ ᠶ᠋ᠢᠨ ᠬᠡᠷᠡᠮ ᠦ᠋ᠨ ᠬᠠᠨ᠎ᠠ ᠨᠤᠭᠤᠳ ᠨᠢ ᠬᠡᠷᠡᠮ ᠡᠪᠳᠡᠯᠡᠬᠦ ᠮᠠᠰᠢᠨ ᠨᠤᠭᠤᠳ ᠤ᠋ᠨ ᠬᠦᠴᠦᠲᠡᠢ ᠴᠣᠬᠢᠯᠲᠠ ᠳᠣᠣᠷ᠎ᠠ ᠠᠪᠲᠠᠭᠳᠠᠵᠤ ᠡᠪᠳᠡᠷᠡᠪᠡ᠃ ᠬᠣᠲᠠ ᠶ᠋ᠢᠨ ᠢᠷᠭᠡᠳ ᠨᠢ ᠬᠢᠲᠤᠭ᠎ᠠ ᠪᠠᠨ ᠪᠠᠷᠢᠵᠤ ᠭᠠᠷᠳᠠᠨ ᠬᠢᠳᠤᠯᠴᠠᠵᠤ ᠣᠷᠣᠵᠠᠭᠠᠪᠠ᠃ ᠲᠡᠳᠡᠨᠡᠷ ᠭᠠᠯᠵᠠᠭᠤᠷᠠᠭᠰᠠᠨ ᠮᠡᠲᠦ ᠡᠷᠡᠯᠬᠡᠭ ᠵᠣᠷᠢᠭᠲᠠᠢ ᠪᠠᠷ ᠪᠠᠢᠯᠳᠤᠵᠠᠢ᠃
ᠳᠥᠷᠪᠡᠨ ᠮᠢᠩᠭᠠᠨ ᠲᠠᠲ᠋ᠠᠷ ᠤ᠋ᠳ ᠨᠢᠭᠡᠨ ᠡᠳᠦᠷ ᠦ᠋ᠨ ᠳᠣᠲᠣᠷ᠎ᠠ ᠠᠯᠠᠭᠳᠠᠵᠠᠢ᠃ ᠡᠳᠡᠨᠠᠷ ᠤ᠋ᠨ ᠬᠠᠮᠲᠤ ᠦᠬᠦᠭᠰᠡᠨ ᠺᠤᠽᠸᠯᠰᠺᠠ ᠶ᠋ᠢᠨ ᠬᠣᠲᠠ ᠶ᠋ᠢᠨ ᠬᠠᠮᠠᠭᠠᠯᠠᠭᠴᠢᠳ ᠪᠠᠰᠠ ᠬᠡᠪᠲᠡᠵᠡᠭᠡᠨ᠎ᠡ᠃ ᠪᠠᠲᠤ ᠬᠠᠭᠠᠨ ᠡᠬᠡᠨᠡᠷ᠂ ᠬᠡᠦᠬᠡᠨ᠂ ᠨᠢᠯᠬ᠎ᠠ ᠨᠢᠷᠠᠢ ᠬᠡᠦᠬᠡᠳ ᠦ᠋ᠳ ᠠᠯᠢ ᠶ᠋ᠢ ᠴᠥ᠍ ᠦᠯᠡᠳᠡᠭᠡᠬᠦ ᠦᠭᠡᠢ ᠪᠡᠷ ᠪᠦᠭᠦᠳᠡ ᠶ᠋ᠢ ᠬᠠᠢᠷ᠎ᠠ ᠭᠠᠮ ᠦᠭᠡᠢ ᠪᠡᠷ ᠴᠠᠪᠴᠢᠯᠠᠨ ᠠᠯᠠᠬᠤ ᠶ᠋ᠢ ᠲᠤᠰᠢᠶᠠᠵᠠᠢ᠃
— ᠬᠣᠣᠷ ᠬᠥᠨᠥᠭᠡᠯᠲᠡᠢ ᠬᠣᠲᠠ ᠪᠠᠢᠨ᠎ᠠ! ᠲᠡᠭᠦᠨ ᠳ᠋ᠦ᠍ ᠳᠡᠯᠡᠬᠡᠢ ᠶᠢᠷᠲᠢᠨᠴᠦ ᠶ᠋ᠢᠨ ᠨᠢᠭᠤᠷ ᠴᠢᠷᠠᠢ ᠳᠡᠭᠡᠷ᠎ᠡ ᠡᠴᠡ ᠠᠷᠴᠢᠵᠤ ᠠᠷᠢᠯᠭᠠᠬᠤ ᠬᠡᠷᠡᠭᠲᠡᠢ᠃ ᠬᠡᠷᠪᠡ ᠡᠨᠡᠬᠦ ᠠᠶᠤᠮᠰᠢᠭ ᠦᠭᠡᠢ ᠠᠯᠠᠨ ᠬᠢᠳᠤᠭᠴᠢ ᠳᠡᠭᠡᠷᠡᠮᠴᠢᠨ ᠨᠠᠷ ᠢ᠋ ᠶᠠᠯ᠎ᠠ ᠵᠢᠮᠡᠯᠡᠯ ᠦᠭᠡᠢ ᠪᠡᠷ ᠣᠷᠬᠢᠪᠠᠯ ᠡᠨᠳᠡ ᠡᠷᠬᠡᠰᠢᠶᠡᠯ ᠢ᠋ ᠦᠯᠦ ᠳᠠᠭᠠᠬᠤ ᠪᠠ ᠨᠢᠭᠤᠴᠠ ᠠᠷᠭ᠎ᠠ ᠶᠠᠪᠤᠭᠤᠯᠤᠯᠭ᠎ᠠ ᠨᠤᠭᠤᠳ ᠤ᠋ᠨ ᠦᠷᠭᠦᠯᠵᠢᠳᠡ ᠶ᠋ᠢᠨ ᠭᠠᠯ ᠭᠣᠯᠣᠮᠲᠠ ᠨᠣᠴᠣᠵᠤ ᠪᠠᠢᠬᠤ ᠪᠣᠯᠤᠨ᠎ᠠ᠃ ᠲᠡᠭᠡᠪᠡᠯ ᠪᠣᠯᠭᠠᠷᠢ ᠨᠤᠭᠤᠳ᠂ ᠮᠤᠷᠳᠠᠸ ᠤ᠋ᠳ ᠪᠠ ᠷᠶᠠᠽᠠᠨᠴᠤᠳ᠂ ᠸᠯᠠᠳᠢᠮᠢᠷ ᠪᠣᠯᠤᠨ ᠪᠠᠰᠠ ᠪᠤᠰᠤ ᠬᠣᠲᠠ ᠪᠦᠭᠦᠳᠡᠭᠡᠷ ᠢ᠋ᠶ᠋ᠡᠨ ᠡᠪᠳᠡᠷᠬᠡᠢ ᠵᠠᠷ ᠵᠡᠪᠰᠡᠭ ᠦ᠋ᠳ ᠢ᠋ᠶ᠋ᠡᠨ ᠬᠤᠷᠴᠠᠯᠠᠵᠤ ᠮᠢᠨᠦ ᠴᠡᠷᠢᠭ ᠦ᠋ᠨ ᠴᠠᠰᠢ ᠪᠠᠷᠠᠭᠤᠨ ᠵᠦᠭ ᠲᠸ᠋ ᠠᠪᠴᠤ ᠶᠠᠪᠤᠬᠤ ᠦᠶᠡᠰ ᠲᠦ᠍ ᠠᠷᠤ ᠨᠢᠷᠤᠭᠤᠨ ᠠ᠋ᠴᠠ ᠴᠣᠬᠢᠬᠤ ᠳ᠋ᠤ᠌ ᠪᠡᠯᠡᠳᠬᠡᠬᠦ ᠪᠣᠯᠤᠨ᠎ᠠ᠃ ᠳᠡᠯᠡᠬᠡᠢ ᠶᠢᠷᠲᠢᠨᠴᠦ ᠶ᠋ᠢ ᠳᠣᠩᠰᠣᠯᠭᠠᠭᠴᠢ ᠴᠢᠩᠭᠢᠰ ᠬᠠᠭᠠᠨ ᠠ᠋ᠴᠠ ᠪᠠᠲᠤᠯᠠᠭᠳᠠᠭᠰᠠᠨ ᠮᠢᠨᠦ ᠠᠷᠢᠭᠤᠨ ᠲᠥᠷᠥ ᠶ᠋ᠢᠨ ᠡᠮᠦᠨ᠎ᠡ ᠡᠴᠡ ᠡᠰᠡᠷᠭᠦᠴᠡᠯ ᠢ᠋ ᠦᠵᠡᠭᠦᠯᠦᠭᠰᠡᠨ ᠬᠡᠨ ᠴᠦ᠍ ᠶᠠᠯ᠎ᠠ ᠵᠢᠮᠡᠯᠡᠯ ᠦᠭᠡᠢ ᠪᠡᠷ ᠦᠯᠡᠳᠡᠬᠦ ᠦᠭᠡᠢ ᠭᠡᠳᠡᠭ ᠢ᠋ ᠬᠡᠷᠴᠡᠭᠡᠢ ᠮᠠᠭᠤ ᠣᠷᠣᠰ ᠤ᠋ᠳ ᠮᠡᠳᠡᠵᠦ ᠪᠠᠢᠭ᠃
ᠬᠡᠷᠪᠡ ᠣᠷᠣᠰ ᠤ᠋ᠳ ᠠᠵᠤ ᠲᠥᠷᠥᠵᠦ ᠠᠮᠢᠳᠤᠷᠠᠬᠤ ᠶ᠋ᠢ ᠬᠦᠰᠡᠬᠦ ᠶᠤᠮ ᠪᠣᠯ ᠲᠡᠳᠡ ᠨᠠᠳᠠᠳᠤ ᠪᠢᠰᠢᠷᠡᠵᠦ ᠪᠠᠭᠤᠵᠤ ᠥᠭᠬᠦ ᠶᠣᠰᠣᠲᠠᠢ! ᠭᠡᠵᠦ ᠪᠠᠲᠤ ᠬᠠᠭᠠᠨ ᠥᠭᠦᠯᠡᠵᠡᠢ᠃
ᠪᠠᠲᠤ ᠬᠠᠭᠠᠨ ᠤ᠋ ᠰᠢᠳᠠᠷ ᠴᠡᠷᠢᠭ ᠦ᠋ᠳ᠂ ᠪᠠᠭ᠎ᠠ ᠨᠠᠰᠤ ᠲᠠᠢ ᠸᠠᠩ ᠸᠠᠰᠢᠯᠢᠺᠦ ᠶ᠋ᠢ ᠰᠢᠲᠠᠵᠤ ᠪᠦᠬᠦᠢ ᠬᠣᠲᠠ ᠪᠠᠷ ᠳᠦᠭᠦᠷᠡᠩ ᠶᠠᠪᠤᠵᠤ ᠡᠷᠢᠭᠰᠡᠨ ᠪᠣᠯᠪᠠᠴᠤ ᠣᠯᠵᠤ ᠴᠢᠳᠠᠭᠰᠠᠨ ᠦᠭᠡᠢ᠃ ᠨᠢᠯᠬ᠎ᠠ ᠸᠠᠩ ᠴᠠᠰᠤᠨ ᠳᠣᠲᠣᠷ᠎ᠠ ᠵᠢᠪᠪᠦᠵᠦ ᠦᠬᠦᠭᠰᠡᠨ ᠭᠡᠵᠦ ᠵᠠᠷᠢᠮ ᠬᠥᠮᠦᠰ ᠪᠠᠲᠤᠯᠠᠨ ᠬᠡᠯᠡᠨ᠎ᠡ᠃
ᠪᠠᠲᠤ ᠬᠠᠭᠠᠨ ᠡᠨᠳᠡ ᠭᠠᠭᠴᠠᠬᠠᠨ ᠴᠤ᠌ ᠢᠯᠡᠭᠦᠦ ᠡᠳᠦᠷ ᠰᠠᠭᠠᠲᠤᠭᠰᠠᠨ ᠦᠭᠡᠢ ᠴᠡᠷᠢᠭ ᠢ᠋ᠶ᠋ᠡᠨ ᠠᠪᠴᠤ ᠺᠢᠫᠴᠠᠺ ᠤ᠋ᠨ ᠬᠡᠭᠡᠷ᠎ᠡ ᠲᠠᠯ᠎ᠠ ᠲᠡᠰᠢ ᠶᠠᠪᠤᠪᠠ᠃ ᠳᠠᠭᠤ ᠱᠤᠤᠭᠢᠶᠠᠨ ᠲᠠᠢ ᠪᠠ ᠬᠥᠮᠦᠨ ᠣᠯᠠᠨ ᠲᠠᠢ ᠺᠤᠽᠸᠯᠰᠺ ᠬᠣᠲᠠ ᠶ᠋ᠢᠨ ᠣᠷᠣᠨ ᠳ᠋ᠤ᠌ ᠦᠨᠡᠰᠦ ᠨᠣᠷᠮ᠎ᠠ ᠪᠠ ᠡᠪᠳᠡᠷᠬᠡᠢ ᠬᠡᠮᠬᠡᠷᠬᠡᠢ ᠴᠢᠯᠠᠭᠤ ᠦᠯᠡᠳᠡᠪᠡ᠃ ᠢᠯᠠᠭᠳᠠᠵᠤ ᠳᠡᠢᠯᠦᠭᠳᠡᠭᠰᠡᠨ ᠪᠠ ᠡᠪᠳᠡᠯᠡᠭᠳᠡᠵᠦ ᠪᠤᠲᠠ ᠴᠣᠬᠢᠭᠳᠠᠭᠰᠠᠨ ᠦᠬᠦᠵᠦ ᠰᠥᠨᠥᠵᠦ ᠪᠠᠢᠭ᠎ᠠ ᠣᠷᠣᠰ ᠤ᠋ᠨ ᠭᠠᠵᠠᠷ ᠨᠤᠲᠤᠭ ᠬᠣᠢᠨ᠎ᠠ ᠬᠣᠴᠣᠷᠪᠠ᠃
《ᠣᠷᠣᠰ ᠭᠦᠷᠦᠨ ᠬᠡᠵᠢᠶ᠎ᠡ ᠴᠦ᠍ ᠥᠪᠡᠷ ᠦ᠋ᠨ ᠰᠢᠷᠬ᠎ᠠ ᠶ᠋ᠢ ᠠᠨᠠᠭᠠᠵᠤ ᠴᠢᠳᠠᠬᠤ ᠦᠭᠡᠢ᠂ ᠬᠡᠵᠢᠶᠡᠳᠡ ᠴᠦ᠍ ᠬᠥᠯ ᠳᠡᠭᠡᠷ᠎ᠡ ᠪᠡᠨ ᠪᠣᠰᠬᠤ ᠦᠭᠡᠢ ᠶᠤᠮ᠃ ᠮᠢᠨᠦ ᠡᠷᠬᠡ ᠳᠤᠷ᠎ᠠ ᠡᠢᠮᠦ ᠪᠠᠢᠨ᠎ᠠ 》ᠭᠡᠵᠦ ᠪᠠᠲᠤ ᠬᠠᠭᠠᠨ ᠬᠡᠯᠡᠭᠰᠡᠨ ᠪᠢᠯᠡ᠃
ᠦᠰᠦᠭ ᠠᠮᠢᠯᠠᠭᠤᠯᠤᠭᠴᠢ᠄ ᠠᠯᠲᠠᠨᠴᠢᠮᠡᠭ 1 ᠬᠠᠭᠤᠳᠠᠰᠤ᠂ ᠡᠷᠳᠡᠨᠢᠭᠣᠸ᠎ᠠ 1 ᠬᠠᠭᠤᠳᠠᠰᠤ᠂ ᠡᠵᠡᠨ᠎ᠡ 1᠂ ᠤᠰᠬᠠᠯ 1᠂ ᠬᠦᠦᠳᠠᠭᠠᠭᠤᠯ 1
ᠶᠡᠷᠦᠩᠬᠡᠢ ᠬᠢᠨᠠᠭᠴᠢ᠄ ᠠᠯᠲᠠᠨᠴᠢᠮᠡᠭ 5᠂ ᠠᠷᠢᠭᠤᠨ 5
