ᠪᠠᠲᠤ ᠬᠠᠭᠠᠨ 8-17ᠢᠩᠨᠠᠴ一ᠺᠷᠸᠰᠲ ᠦ᠋ᠨ ᠳᠡᠷᠭᠡᠳᠡᠬᠢ ᠵᠣᠭᠰᠣᠯᠲᠠ-ᠰᠢᠭᠤᠷᠭ᠎ᠠ ᠲᠠᠯᠪᠢᠪᠠBat khaan Бат хаан-ᠷᠣᠮᠠᠨ
ᠠᠷᠪᠠᠨ ᠳᠣᠯᠣᠭ᠎ᠠ ᠂ ᠢᠩᠨᠠᠴ—ᠺᠷᠸᠰᠲ ᠦ᠋ᠨ ᠳᠡᠷᠭᠡᠳᠡᠬᠢ ᠵᠣᠭᠰᠣᠯᠲᠠ
ᠬᠠᠳ᠋ᠵᠢ ᠷᠠᡁᠢᠮ ᠪᠢᠴᠢᠬᠦ ᠨᠢ᠄《᠁ ᠪᠢ ᠡᠷᠭᠢᠨ ᠲᠣᠭᠣᠷᠢᠨ ᠳ᠋ᠤ ᠦᠬᠦᠯ ᠊ᠢ ᠦᠵᠡᠪᠡ᠃ ᠵᠢᠳᠠ ᠰᠡᠯᠡᠮ᠎ᠡ ᠪᠠ ᠰᠤᠮᠤ ᠨᠤᠭᠤᠳ ᠣᠳᠣᠬᠠᠨ ᠳ᠋ᠠᠭᠠᠨ ᠨᠠᠮᠠᠶ᠋ᠢ ᠥᠷᠥᠰᠢᠶᠡᠵᠦ ᠠᠭᠤᠴᠢᠯᠠᠭᠰᠠᠨ ᠪᠠᠢᠨ᠎ᠠ᠃ ᠭᠡᠪᠡᠴᠦ ᠠᠶᠤᠯᠲᠤ ᠬᠣᠣᠷ ᠬᠥᠨᠥᠭᠡᠯ ᠦ᠋ᠨ ᠬᠤᠷᠴᠠ ᠦᠵᠦᠭᠦᠷ ᠨᠢ ᠮᠢᠨᠦ ᠳᠡᠭᠡᠷ᠎ᠡ ᠡᠴᠡ ᠤᠨᠵᠢᠢᠬᠤ ᠬᠡᠪ ᠢ᠋ᠶ᠋ᠡᠷ ᠪᠠᠢᠨ᠎ᠠ᠃ ᠡᠨᠡ ᠦᠵᠦᠭᠦᠷ ᠮᠢᠨᠦ ᠣᠭᠲᠣ ᠶ᠋ᠢᠨ ᠰᠠᠨᠠᠮᠰᠠᠷ ᠦᠭᠡᠢ ᠪᠠᠢᠬᠤ ᠴᠠᠭ ᠲᠤ᠌ ᠨᠠᠳᠠ ᠶ᠋ᠢ ᠰᠦᠯᠪᠡᠴᠢᠬᠡᠨᠡ ᠭᠡᠳᠡᠭ ᠢ᠋ ᠪᠢ ᠮᠡᠳᠡᠭᠰᠡᠭᠡᠷ ᠪᠠᠢᠨ᠎ᠠ᠁》
ᠬᠠᠳ᠋ᠵᠢ ᠷᠡᡁᠢᠮ ᠬᠠᠪᠢᠷᠭᠠᠨ ᠰᠠᠷᠠᠨ ᠤ᠋ ᠪᠦᠳᠡᠭᠢ ᠭᠡᠷᠡᠯ ᠳ᠋ᠦ᠍ ᠬᠡᠳᠦᠨ ᠮᠢᠩᠭᠠᠨ ᠲᠠᠲ᠋ᠠᠷ ᠤ᠋ᠳ ᠤ᠋ᠨ ᠶᠠᠪᠤᠵᠤ ᠥᠩᠭᠡᠷᠡᠭᠰᠡᠨ ᠮᠣᠳᠣᠨ ᠳᠣᠲᠣᠷᠠᠬᠢ ᠵᠠᠮ ᠢ᠋ᠶ᠋ᠠᠷ ᠰᠠᠮᠨᠠᠨ ᠶᠠᠪᠤᠪᠠ᠃ ᠮᠣᠷᠢᠳ ᠤ᠋ᠨ ᠭᠢᠰᠬᠢᠯᠡᠵᠦ ᠰᠡᠢᠷᠡᠭ ᠪᠣᠯᠭᠠᠭᠰᠠᠨ ᠴᠠᠰᠤᠨ ᠳ᠋ᠤ᠌ ᠲᠡᠭᠦᠨ ᠦ᠌ ᠬᠥᠯ ᠨᠢ ᠭᠤᠯᠭᠤᠵᠤ ᠴᠥᠮᠥᠷᠡᠨ ᠰᠢᠭᠢᠳᠦᠨᠡ᠃ ᠬᠠᠳ᠋ᠵᠢ ᠷᠡᡁᠢᠮ ᠵᠠᠮ ᠤ᠋ᠨ ᠪᠠᠯᠴᠢᠷ ᠳᠡᠭᠡᠷ᠎ᠡ ᠢᠷᠡᠭᠡᠳ ᠥᠪᠡᠷ ᠦ᠋ᠨ ᠨᠡᠷ᠎ᠡ ᠶ᠋ᠢ ᠰᠣᠨᠣᠰᠪᠠ᠃
ᠨᠢᠭᠡᠨ ᠬᠥᠮᠦᠨ ᠲᠡᠭᠦᠨ ᠢ᠋ ᠳᠠᠭᠤᠳᠠᠵᠤ ᠪᠠᠢᠪᠠ᠃ ᠳᠥᠷᠪᠡᠨ ᠮᠣᠷᠢᠲᠠᠢ ᠬᠥᠮᠦᠰ ᠦᠵᠡᠭᠳᠡᠪᠡ᠃ ᠲᠡᠳᠡᠭᠡᠷ ᠦ᠋ᠨ ᠨᠢᠭᠡ ᠨᠢ ᠲᠡᠭᠦᠨ ᠦ᠌ ᠲᠣᠯᠪᠣ ᠲᠠᠢ ᠪᠠᠷᠰ ᠭᠡᠳᠡᠭ ᠮᠣᠷᠢ ᠶ᠋ᠢ ᠵᠢᠯᠣᠭᠣ ᠠ᠋ᠴᠠ ᠨᠢ ᠬᠥᠲᠥᠯᠵᠦ ᠶᠠᠪᠤᠨ᠎ᠠ᠃ ᠡᠨᠡ ᠨᠢ ᠠᠷᠠᠫᠱᠠ ᠪᠠ ᠪᠤᠰᠤᠳ ᠨᠢ ᠲᠠᠲ᠋ᠠᠷ ᠴᠡᠷᠢᠭ ᠦ᠋ᠳ ᠪᠠᠢᠪᠠ᠃ ᠠᠷᠠᠫᠱᠠ ᠮᠣᠷᠢᠳ ᠠ᠋ᠴᠠ ᠪᠠᠨ ᠪᠠᠭᠤᠵᠤ ᠬᠠᠳ᠋ᠵᠢ ᠷᠡᡁᠢᠮ ᠦ᠋ᠨ ᠭᠠᠷ ᠢ᠋ ᠦᠨᠦᠰᠦᠭᠡᠳ ᠲᠡᠷᠡ ᠭᠠᠷ ᠢ᠋ᠶ᠋ᠠᠷ ᠨᠢ ᠨᠢᠳᠦᠨ ᠳᠡᠭᠡᠭᠦᠷ ᠢ᠋ᠶ᠋ᠡᠨ ᠠᠷᠴᠢᠪᠠ᠃
— ᠪᠢ ᠴᠢᠨᠦ ᠨᠠᠢᠵᠢ ᠨᠥᠬᠥᠷ ᠲᠤᠯᠠ ᠠᠶᠤᠯ ᠤ᠋ᠨ ᠳᠣᠲᠣᠷ᠎ᠠ ᠴᠢᠮᠠᠶ᠋ᠢ ᠣᠷᠬᠢᠵᠤ ᠴᠢᠳᠠᠭᠰᠠᠨ ᠦᠭᠡᠢ᠃ ᠴᠢᠨᠦ ᠮᠣᠷᠢ ᠡᠵᠡᠨ ᠦᠭᠡᠢ ᠪᠡᠷ ᠮᠣᠩᠭᠣᠯ ᠤ᠋ᠨ ᠤᠲ᠋ᠷᠢᠶᠠᠳ᠋ ᠤ᠋ᠨ ᠳᠤᠮᠳᠠ ᠭᠦᠶᠦᠵᠦ ᠶᠠᠪᠤᠭᠰᠠᠨ ᠢ᠋ ᠵᠠᠩᠵᠤᠨ ᠬᠠᠷᠠᠵᠤ ᠲᠠᠨᠢᠭᠠᠳ ᠨᠠᠳᠠ ᠶ᠋ᠢ ᠡᠷᠭᠢᠨ ᠶᠠᠪᠤᠵᠤ ᠴᠢᠨᠦ ᠬᠡᠭᠦᠷ ᠢ᠋ ᠣᠯᠵᠤ ᠢᠷᠡᠬᠦ ᠶ᠋ᠢ ᠲᠤᠰᠢᠶᠠᠪᠠ᠃ ᠬᠡᠷᠪᠡ ᠴᠢ ᠣᠷᠣᠰ ᠤ᠋ᠳ ᠲᠠᠢ ᠳᠠᠭᠠᠷᠢᠯᠳᠤᠭᠰᠠᠨ ᠪᠣᠯ ᠴᠢᠮᠠᠶ᠋ᠢ ᠣᠭᠲᠣᠯᠵᠤ ᠠᠯᠠᠬᠤ ᠰᠠᠨ ᠪᠢᠵᠡ ᠭᠡᠪᠡ᠃
— ᠣᠷᠣᠰ ᠤ᠋ᠳ ᠪᠢᠳᠡ ᠪᠦᠬᠦᠨ ᠲᠡᠢ ᠠᠳᠠᠯᠢᠬᠠᠨ ᠬᠥᠮᠦᠰ ᠶᠤᠮ᠃ ᠪᠢ ᠰᠢᠷᠬᠠᠲᠤᠭᠰᠠᠨ ᠣᠷᠣᠰ ᠲᠤ᠌ ᠲᠤᠰᠠᠯᠠᠵᠤ ᠲᠡᠳᠡᠭᠡᠷ ᠦ᠋ᠨ ᠬᠡᠭᠦᠷ ᠢ᠋ ᠣᠷᠣᠰᠢᠭᠤᠯᠬᠤ ᠳᠠᠭᠤᠤ ᠨᠤᠭᠤᠳ ᠢ᠋ ᠰᠣᠨᠣᠰᠪᠠ᠃ ᠲᠡᠳᠡᠨᠡᠷ ᠨᠠᠳᠠ ᠳ᠋ᠤ᠌ ᠮᠠᠭᠤ ᠬᠢᠭᠰᠡᠨ ᠦᠭᠡᠢ᠂ ᠬᠤᠪᠢ ᠵᠠᠶᠠᠭ᠎ᠠ ᠪᠠ ᠨᠥᠬᠥᠷ ᠬᠣᠶᠠᠷ ᠨᠠᠮᠠᠶ᠋ᠢ ᠳᠠᠬᠢᠨ ᠬᠥᠨᠥᠭᠡᠯ ᠦ᠋ᠨ ᠬᠤᠳᠳᠤᠭ ᠠ᠋ᠴᠠ ᠭᠠᠷᠭᠠᠵᠤ ᠠᠪᠤᠪᠠ᠃ ᠬᠠᠳ᠋ᠵᠢ ᠷᠡᡁᠢᠮ ᠢ᠋ ᠲᠣᠯᠪᠣ ᠲᠠᠢ ᠪᠠᠷᠰ ᠮᠣᠷᠢᠨ ᠳ᠋ᠠᠭᠠᠨ ᠮᠣᠷᠳᠠᠬᠤ ᠳ᠋ᠤᠨᠢ ᠠᠷᠠᠫᠱᠠ ᠳᠥᠷᠥᠭᠡ ᠶ᠋ᠢ ᠪᠠᠷᠢᠵᠤ ᠲᠤᠰᠠᠯᠠᠪᠠ᠃
ᠣᠷᠣᠰ ᠤ᠋ᠨ ᠬᠣᠢᠲᠤ ᠵᠦᠭ ᠪᠠᠶᠠᠯᠢᠭ ᠨᠡᠢᠰᠯᠡᠯ ᠨᠤᠸᠭᠤᠷᠤᠳ᠋ ᠢ᠋ ᠴᠢᠭᠯᠡᠨ ᠮᠣᠩᠭᠣᠯ ᠤ᠋ᠨ ᠴᠡᠷᠢᠭ ᠦ᠋ᠳ ᠪᠦᠬᠦᠯᠢ ᠰᠥᠨᠢ ᠳ᠋ᠡᠭᠡᠨ ᠥᠷᠯᠥᠭᠡ ᠪᠣᠯᠲᠠᠯ᠎ᠠ ᠶᠠᠪᠤᠵᠠᠢ᠃ ᠭᠡᠲᠡᠯ᠎ᠡ᠂ ᠡᠳᠦᠷ ᠳᠤᠮᠳᠠ ᠶ᠋ᠢᠨ ᠦᠶ᠎ᠡ ᠪᠦᠷᠢᠮᠦᠰᠦᠨ ᠤᠷᠤᠭᠰᠢ ᠪᠠᠨ ᠶᠠᠪᠤᠵᠤ ᠪᠣᠯᠬᠤ ᠦᠭᠡᠢ ᠪᠣᠯᠪᠠ᠃ ᠮᠣᠷᠢᠳ ᠨᠢ ᠦᠷᠭᠦᠯᠵᠢ ᠬᠦᠵᠦᠭᠦᠨ ᠳ᠋ᠡᠭᠡᠨ ᠲᠤᠯᠲᠠᠯ᠎ᠠ ᠰᠡᠢᠷᠡᠭ ᠴᠠᠰᠤᠨ ᠳ᠋ᠤ᠌ ᠴᠥᠮᠥᠷᠡᠨ ᠣᠷᠣᠨ᠎ᠠ᠃ ᠰᠠᠶᠢᠬᠠᠨ ᠳᠠᠷᠳᠠᠩ ᠪᠠᠢᠭᠰᠠᠨ ᠵᠠᠮ ᠤ᠋ᠳ ᠢ᠋ ᠳᠤᠯᠠᠭᠠᠨ ᠠᠮᠢᠰᠬᠤᠯ ᠲᠠᠢ ᠤᠯᠠᠷᠢᠯ ᠨᠢ ᠣᠷᠭᠢᠯᠤᠨ ᠤᠷᠤᠰᠬᠤ ᠭᠣᠷᠣᠬ᠎ᠠ ᠨᠤᠭᠤᠳ ᠪᠣᠯᠭᠠᠵᠠᠢ᠃ ᠮᠣᠷᠢᠳ ᠨᠢ ᠤᠨᠠᠵᠤ ᠪᠠᠢᠪᠠ᠃ ᠬᠥᠮᠦᠰ ᠲᠡᠳᠡᠭᠡᠷ ᠢ᠋ ᠡᠷᠭᠦᠵᠦ ᠪᠣᠰᠬᠠᠬᠤ ᠭᠡᠵᠦ ᠬᠠᠮᠤᠭ ᠬᠦᠴᠦ ᠴᠢᠳᠠᠯ ᠢ᠋ᠶ᠋ᠠᠨ ᠪᠠᠷᠠᠵᠠᠭᠠᠨᠠ᠃ ᠣᠯᠵᠠᠯᠠᠭᠳᠠᠭᠰᠠᠨ ᠣᠷᠣᠰ ᠵᠠᠮᠴᠢᠨ ᠨᠠᠷ《ᠵᠠᠮ ᠨᠢ ᠴᠢᠨᠠᠭᠰᠢᠯᠠᠬᠤ ᠳᠣᠳᠣᠮ ᠤᠯᠠᠮ ᠮᠠᠭᠤ ᠪᠣᠯᠬᠤ ᠪᠠ ᠲᠠᠪᠢᠨ ᠡᠳᠦᠷ ᠦ᠋ᠨ ᠲᠤᠷᠰᠢ ᠦᠶᠡᠷᠯᠡᠭᠰᠡᠨ ᠭᠣᠣᠯ ᠤ᠋ᠳ ᠤ᠋ᠨ ᠤᠰᠤ ᠨᠢ ᠳᠠᠯᠠᠢ ᠳ᠋ᠤ᠌ ᠣᠷᠣᠲᠠᠯ᠎ᠠ ᠢᠯᠡ ᠵᠠᠮ ᠤ᠋ᠳ ᠢ᠋ᠶ᠋ᠠᠷ ᠣᠭᠲᠣ ᠶᠠᠪᠤᠵᠤ ᠪᠣᠯᠬᠤ ᠦᠭᠡᠢ ᠪᠣᠯᠤᠨ᠎ᠠ 》ᠭᠡᠵᠦ ᠬᠡᠯᠡᠵᠦ ᠶᠠᠪᠤᠪᠠ᠃
ᠪᠠᠲᠤ ᠬᠠᠭᠠᠨ ᠮᠠᠰᠢ ᠶᠡᠬᠡ ᠠᠭᠤᠷᠲᠠᠢ ᠶᠠᠪᠤᠪᠠ᠃ ᠲᠡᠷᠡ ᠨᠠᠮᠤᠭ ᠳᠣᠲᠣᠷ᠎ᠠ ᠴᠥᠮᠥᠷᠡᠨ ᠤᠨᠠᠭᠰᠠᠨ ᠴᠡᠷᠢᠭ ᠦ᠋ᠳ ᠢ᠋ ᠦᠵᠡᠭᠡᠳ᠂ ᠠᠮᠠ ᠪᠠᠨ ᠶᠡᠬᠡᠪᠡᠷ ᠠᠩᠭᠠᠢᠵᠤ ᠴᠢᠩᠭ᠎ᠠ ᠪᠠᠷ ᠢᠨᠢᠶᠡᠭᠰᠡᠨ ᠨᠢᠭᠡᠨ ᠣᠷᠣᠰ ᠢ᠋ ᠥᠪᠡᠷ ᠢ᠋ᠶ᠋ᠡᠨ ᠴᠠᠪᠴᠢᠨ ᠠᠯᠠᠵᠠᠢ᠃
— ᠵᠣᠷᠢᠭᠲᠠᠢ ᠪᠠ ᠲᠡᠰᠪᠦᠷᠢᠲᠡᠢ ᠬᠥᠮᠦᠨ ᠳ᠋ᠦ᠍ ᠰᠠᠭᠠᠳ ᠪᠠᠢᠬᠤ ᠦᠭᠡᠢ᠃ ᠵᠠᠮᠴᠢᠨ ᠨᠠᠷ ᠪᠢᠳᠡᠨ ᠢ᠋ ᠬᠣᠣᠷᠯᠠᠬᠤ ᠶ᠋ᠢᠨ ᠲᠤᠯᠠ ᠵᠣᠷᠢᠭᠤᠳᠠ ᠡᠨᠡ ᠨᠠᠮᠤᠭ ᠲᠤ᠌ ᠣᠷᠣᠭᠤᠯᠤᠨ ᠢᠷᠡᠪᠡ᠃ ᠭᠡᠪᠡᠴᠦ ᠪᠢᠳᠡ ᠲᠡᠳᠡᠨ ᠡᠴᠡ ᠬᠦᠴᠦᠲᠡᠢ ᠪᠠ ᠵᠠᠯᠢ ᠲᠠᠢ ᠪᠣᠯᠤᠨ᠎ᠠ᠃ ᠪᠢᠳᠡ ᠬᠤᠳᠠᠯᠳᠤᠭ᠎ᠠ ᠮᠠᠢᠮᠠᠢ ᠪᠠᠷ ᠠᠯᠳᠠᠷ ᠲᠠᠢ ᠨᠤᠸᠭᠤᠷᠤᠳ᠋ ᠲᠤ᠌ ᠬᠦᠷᠦᠯᠴᠡᠨ ᠣᠴᠢᠨ᠎ᠠ! ᠭᠡᠵᠦ ᠪᠠᠲᠤ ᠬᠠᠭᠠᠨ ᠬᠡᠯᠡᠵᠦ ᠪᠠᠢᠪᠠ᠃
ᠴᠡᠷᠢᠭ ᠦ᠋ᠳ ᠴᠢᠩᠭ᠎ᠠ ᠴᠢᠩᠭ᠎ᠠ ᠪᠠᠷ ᠦᠭᠡ ᠥᠭᠦᠯᠡᠯᠭᠡ ᠶ᠋ᠢ ᠭᠠᠷᠭᠠᠵᠤ ᠡᠬᠢᠯᠡᠪᠡ᠂ ᠵᠠᠮ ᠤ᠋ᠨ ᠨᠢᠭᠡᠨ ᠪᠠᠯᠴᠢᠷ ᠳᠡᠭᠡᠷ᠎ᠡ ᠭᠤᠷᠪᠠᠨ ᠬᠥᠮᠦᠨ ᠦ᠌ ᠥᠨᠳᠥᠷ ᠦ᠋ᠨ ᠬᠢᠷᠢ ᠲᠡᠢ ᠤᠷᠲᠤ ᠮᠣᠳᠣᠨ ᠵᠠᠭᠠᠯᠮᠠᠢ ᠶ᠋ᠢ ᠰᠠᠭᠤᠯᠭᠠᠵᠤ ᠲᠠᠯᠪᠢᠭᠰᠠᠨ ᠤ᠋ ᠳᠡᠷᠭᠡᠳᠡ ᠴᠡᠷᠢᠭ ᠦ᠋ᠳ ᠵᠣᠭᠰᠣᠪᠠ᠃ ᠴᠡᠷᠢᠭ ᠦ᠋ᠳ ᠮᠣᠷᠢᠳ ᠢ᠋ᠶ᠋ᠠᠨ ᠠᠮᠠᠷᠠᠭᠤᠯᠬᠤ ᠶ᠋ᠢᠨ ᠲᠤᠯᠠᠳᠠ ᠮᠣᠷᠢᠳ ᠠ᠋ᠴᠠ ᠪᠠᠨ ᠪᠠᠭᠤᠵᠠᠭᠠᠵᠠᠢ᠃
ᠰᠥᠪᠡᠭᠡᠲᠡᠢ ᠪᠠᠭᠠᠲᠤᠷ ᠢᠳᠤᠭᠠᠨ ᠺᠸᠷᠢᠨᠺᠸᠢ— ᠽᠠᠲᠠᠨ ᠢ᠋ ᠳᠠᠭᠤᠳᠠᠭᠤᠯᠵᠤ ᠰᠠᠬᠢᠭᠤᠰᠤ ᠪᠤᠷᠬᠠᠨ ᠠ᠋ᠴᠠ ᠪᠠᠨ ᠠᠪᠤᠷᠠᠯᠳᠠᠬᠤ ᠶ᠋ᠢ ᠵᠥᠪᠯᠡᠨ ᠬᠡᠯᠡᠪᠡ᠃ ᠲᠡᠷᠡ᠂ ᠬᠦᠢᠲᠡᠨ ᠴᠠᠭ ᠤ᠋ᠨ ᠤᠯᠠᠷᠢᠯ ᠳ᠋ᠤ᠌ ᠤᠷᠲᠤ ᠦᠰᠦ ᠨᠢ ᠰᠢᠷᠢᠯᠳᠦᠨ ᠤᠷᠭᠤᠭᠰᠠᠨ ᠵᠢᠵᠢᠭᠬᠡᠨ ᠬᠠᠷ᠎ᠠ ᠮᠣᠷᠢ ᠶ᠋ᠢ ᠤᠨᠤᠭᠠᠳ ᠢᠷᠡᠪᠡ᠃ᠲᠡᠷᠡᠬᠦ ᠢᠳᠤᠭᠠᠨ ᠪᠠᠲᠤ ᠬᠠᠭᠠᠨ ᠢ᠋ ᠦᠵᠡᠮᠡᠭᠴᠡ ᠲᠠᠯ᠎ᠠ ᠬᠡᠩᠭᠡᠷᠭᠡ ᠪᠡᠨ ᠳᠡᠯᠡᠳᠴᠦ ᠡᠮᠡᠭᠡᠯ ᠳᠡᠭᠡᠷ᠎ᠡ ᠪᠡᠨ ᠦᠰᠦᠷᠴᠦ ᠤᠩᠰᠢᠯᠭ᠎ᠠ ᠨᠤᠭᠤᠳ ᠪᠠ ᠳᠠᠭᠤᠳᠠᠯᠭ᠎ᠠ ᠨᠤᠭᠤᠳ ᠢ᠋ᠶ᠋ᠠᠨ ᠬᠠᠰᠬᠢᠷᠤᠨ ᠬᠡᠯᠡᠨ᠎ᠡ᠃ ᠡᠭᠦᠨ ᠡᠴᠡ ᠪᠠᠲᠤ ᠬᠠᠭᠠᠨ ᠠᠰᠠᠭᠤᠪᠠ᠄
— ᠪᠢ ᠣᠷᠣᠭᠰᠢ ᠪᠠᠨ ᠶᠠᠪᠤᠬᠤ ᠤᠤ᠂ ᠨᠣᠸᠭᠤᠷᠤᠳ᠋ ᠲᠤ᠌ ᠨᠠᠳᠠᠳᠤ ᠠᠵᠠ ᠣᠯᠳᠠᠬᠤ ᠨᠢ ᠤᠤ᠂ ᠡᠰᠡᠬᠦᠯ᠎ᠡ ᠪᠢ ᠲᠡᠨᠳᠡ ᠦᠬᠦᠬᠦ ᠨᠢ ᠤᠤ ? ᠡᠭᠦᠯᠡ ᠶ᠋ᠢᠨ ᠴᠠᠭᠠᠳᠤᠬᠢ ᠲᠩᠷᠢ ᠨᠠᠷ ᠠ᠋ᠴᠠ ᠠᠰᠠᠭᠤᠭᠲᠤᠨ ᠭᠡᠬᠦ ᠳ᠋ᠦ᠍ ᠢᠳᠤᠭᠠᠨ ᠮᠥᠷᠦᠨ ᠳᠡᠭᠡᠭᠦᠷ ᠢ᠋ᠶ᠋ᠡᠨ ᠪᠠᠭᠠᠪᠠᠭᠠᠢ ᠶ᠋ᠢᠨ ᠠᠷᠠᠰᠤ ᠨᠥᠮᠥᠷᠦᠭᠰᠡᠨ ᠪᠠ ᠰᠢᠪᠠᠭᠤᠨ ᠤ᠋ ᠲᠣᠯᠣᠭᠠᠢ ᠨᠤᠭᠤᠳ ᠢ᠋ ᠤᠶᠠᠭᠰᠠᠨ ᠣᠷᠣᠢᠪᠴᠢ ᠮᠠᠯᠠᠭᠠᠢ ᠶ᠋ᠢ ᠡᠮᠦᠰᠦᠭᠰᠡᠨ ᠺᠸᠷᠢᠨᠺᠸᠢ— ᠽᠠᠲᠠᠨ ᠮᠣᠷᠢᠨ ᠠ᠋ᠴᠠ ᠪᠠᠨ ᠦᠰᠦᠷᠴᠦ ᠪᠠᠭᠤᠭᠠᠳ ᠳᠡᠪᠬᠡᠴᠡᠨ ᠪᠥᠵᠢᠭᠯᠡᠭᠰᠡᠭᠡᠷ ᠲᠣᠭᠣᠷᠢᠨ ᠭᠦᠶᠦᠵᠦ ᠶᠠᠪᠤᠲᠠᠯ᠎ᠠ ᠭᠡᠨᠡᠳᠲᠡ ᠬᠡᠳᠦᠬᠡᠨ ᠠᠯᠬᠤᠮ ᠦᠰᠦᠷᠴᠦ ᠴᠠᠭᠠᠨ ᠭᠠᠵᠠᠷ ᠲᠸ᠋ ᠤᠷᠭᠤᠵᠤ ᠪᠠᠢᠭᠰᠠᠨ ᠭᠠᠭᠴᠠ ᠥᠨᠳᠥᠷ ᠨᠠᠷᠠᠰᠤᠨ ᠮᠣᠳᠣ ᠲᠡᠰᠢ ᠭᠦᠶᠦᠨ᠎ᠡ᠃
— ᠪᠢ ᠡᠭᠦᠯᠡ ᠲᠡᠢ ᠶᠠᠷᠢᠶ᠎ᠠ᠂ ᠬᠣᠯᠠ ᠶ᠋ᠢ ᠬᠠᠷᠠᠶ᠎ᠠ! ᠲᠩᠷᠢ ᠪᠦᠭᠦᠳᠡ ᠶ᠋ᠢ ᠮᠡᠳᠡᠨ᠎ᠡ᠂ ᠲᠩᠷᠢ ᠪᠦᠭᠦᠳᠡ ᠶ᠋ᠢ ᠬᠡᠯᠡᠨ᠎ᠡ! ᠭᠡᠵᠦ ᠬᠠᠰᠬᠢᠷᠪᠠ᠃
ᠲᠡᠷᠡᠬᠦ ᠢᠳᠤᠭᠠᠨ ᠬᠢᠯᠪᠠᠷᠬᠠᠨ ᠢ᠋ᠶ᠋ᠠᠷ ᠠᠪᠠᠷᠢᠵᠤ ᠨᠠᠷᠠᠰᠤᠨ ᠮᠣᠳᠣᠨ ᠤ᠋ ᠣᠷᠣᠢ ᠳᠡᠭᠡᠷ᠎ᠡ ᠭᠠᠷᠤᠭᠠᠳ ᠳᠡᠭᠦᠵᠢᠩᠨᠡᠬᠦ ᠳ᠋ᠦ᠍ ᠨᠠᠷᠠᠰᠤ ᠨᠢ ᠠᠭᠠᠵᠢᠮ ᠢ᠋ᠶ᠋ᠠᠷ ᠬᠠᠵᠠᠭᠤ ᠳᠠᠰᠢ ᠪᠠᠨ ᠨᠠᠢᠭᠤᠵᠤ ᠢᠷᠡᠪᠡ᠃
— ᠪᠣᠯᠭᠣᠮᠵᠢᠯᠠᠭᠲᠤᠨ! ᠪᠣᠰᠢᠭᠣ ᠪᠠᠭᠤ! ᠭᠡᠵᠦ ᠮᠣᠩᠭᠣᠯᠴᠤᠳ ᠬᠠᠰᠬᠢᠷᠴᠠᠭᠠᠪᠠ᠃
ᠨᠠᠷᠠᠰᠤ ᠨᠢ ᠤᠯᠠᠮ ᠲᠦᠷᠭᠡᠨ ᠬᠠᠵᠠᠢᠭᠰᠠᠭᠠᠷ ᠰᠡᠭᠦᠯ ᠳ᠋ᠦ᠍ᠨᠢ ᠤᠨᠠᠪᠠ᠃ ᠢᠳᠤᠭᠠᠨ ᠴᠠᠰᠤᠨ ᠳᠡᠭᠡᠷ᠎ᠡ ᠤᠨᠠᠵᠤ ᠲᠡᠭᠦᠨ ᠦ᠌ ᠳᠣᠣᠷ᠎ᠠ ᠪᠠᠢᠭᠰᠠᠨ ᠮᠥᠰᠥ ᠶ᠋ᠢ ᠴᠥᠮᠥᠯᠵᠦ ᠪᠤᠯᠠᠩᠭᠢᠷ ᠲᠠᠢ ᠤᠰᠤᠨ ᠳ᠋ᠤ᠌ ᠵᠢᠪᠪᠦᠵᠦ ᠣᠷᠣᠪᠠ᠃ ᠲᠡᠷᠡ ᠵᠢᠭᠤᠷᠠᠯᠳᠤᠭᠰᠠᠨ ᠬᠠᠷ᠎ᠠ ᠰᠢᠪᠠᠷ ᠲᠤ᠌ ᠭᠥᠭᠦᠭᠳᠡᠵᠦ ᠳᠣᠷᠣᠭᠰᠢ ᠪᠠᠨ ᠣᠷᠣᠬᠤ ᠲᠤᠯᠠ ᠰᠠᠮᠭᠠᠷᠳᠠᠨ ᠭᠠᠷ ᠬᠥᠯ ᠢ᠋ᠶ᠋ᠡᠷ ᠢ᠋ᠶ᠋ᠡᠨ ᠴᠣᠬᠢᠯᠠᠨ᠎ᠠ᠃
— ᠴᠠᠯᠮ᠎ᠠ ᠨᠤᠭᠤᠳ ᠢ᠋ ᠠᠪᠴᠢᠷᠠᠭᠲᠤᠨ! ᠲᠡᠭᠦᠨ ᠳ᠋ᠦ᠍ ᠴᠠᠯᠮ᠎ᠠ ᠬᠠᠶᠠᠭᠲᠤᠨ ! ᠭᠡᠵᠦ ᠰᠦᠪᠡᠭᠡᠳᠡᠢ ᠪᠠᠭᠠᠲᠤᠷ ᠬᠠᠰᠬᠢᠷᠤᠭᠠᠳ᠂ ᠮᠣᠷᠢᠨ ᠤ᠋ ᠪᠠᠨ ᠡᠮᠡᠭᠡᠯ ᠦ᠋ᠨ ᠪᠦᠭᠦᠷᠭᠡ ᠡᠴᠡ ᠴᠠᠯᠮ᠎ᠠ ᠶ᠋ᠢ ᠲᠠᠢᠯᠵᠤ ᠠᠪᠤᠭᠠᠳ ᠵᠡᠭᠦᠨ ᠭᠠᠷ ᠢ᠋ᠶ᠋ᠠᠷ ᠢ᠋ᠶ᠋ᠠᠨ ᠰᠤᠷᠮᠠᠭᠠᠢ ᠭᠠᠪᠰᠢᠭᠠᠢ ᠪᠠᠷ ᠬᠠᠶᠠᠪᠠ᠃ ᠠᠷᠭᠠᠮᠵᠢ ᠶ᠋ᠢᠨ ᠦᠵᠦᠭᠦᠷ ᠨᠢ ᠢᠳᠤᠭᠠᠨ ᠳ᠋ᠤ᠌ ᠬᠦᠷᠦᠭᠰᠡᠨ ᠦᠭᠡᠢ ᠲᠤᠯᠠ ᠰᠦᠪᠡᠭᠡᠳᠡᠢ ᠪᠠᠭᠠᠲᠤᠷ ᠠᠷᠭᠠᠮᠵᠢ ᠶ᠋ᠢ ᠳᠠᠬᠢᠨ ᠣᠷᠢᠶᠠᠵᠤ᠂ ᠵᠢᠪᠪᠦᠵᠦ ᠪᠦᠬᠦᠢ ᠺᠸᠷᠢᠨᠺᠸᠢ— ᠽᠠᠳᠠᠨ ᠳᠠᠰᠢ ᠮᠣᠷᠢ ᠪᠠᠨ ᠣᠢᠷᠠᠲᠤᠭᠤᠯᠤᠨ ᠥᠭᠪᠡ᠃ ᠲᠡᠭᠦᠨ ᠦ᠌ ᠰᠢᠷᠭᠠᠯ ᠮᠣᠷᠢ ᠨᠢ ᠡᠪᠦᠳᠦᠭ ᠲᠦ᠍ ᠪᠡᠨ ᠬᠦᠷᠲᠡᠯ᠎ᠡ ᠴᠠᠰᠤᠨ ᠳ᠋ᠤ᠌ ᠰᠢᠭᠢᠳᠴᠦ ᠪᠣᠯᠭᠣᠮᠵᠢᠲᠠᠢ ᠪᠠᠷ ᠠᠯᠬᠤᠯᠠᠨ᠎ᠠ᠃ ᠰᠦᠪᠡᠭᠡᠳᠡᠢ ᠪᠠᠭᠠᠲᠤᠷ ᠳᠠᠬᠢᠨ ᠴᠠᠯᠮ᠎ᠠ ᠪᠠᠨ ᠬᠠᠶᠠᠭᠠᠳ ᠲᠡᠭᠦᠨ ᠦ᠌ ᠦᠵᠦᠭᠦᠷ ᠨᠢ ᠢᠳᠤᠭᠠᠨ ᠤ᠋ ᠲᠣᠯᠣᠭᠠᠢ ᠶ᠋ᠢ ᠤᠨᠤᠵᠤ ᠴᠣᠬᠢᠪᠠ᠃ ᠲᠡᠷᠡ᠂ ᠴᠠᠯᠮ᠎ᠠ ᠶ᠋ᠢ ᠭᠠᠷ ᠢ᠋ᠶ᠋ᠠᠷ ᠢ᠋ᠶ᠋ᠠᠨ ᠪᠠᠷᠢᠵᠤ ᠠᠪᠤᠪᠠᠴᠤ ᠤᠯᠠᠮ ᠢ᠋ᠶ᠋ᠠᠷ ᠬᠠᠷ᠎ᠠ ᠰᠢᠪᠡᠷ ᠤᠷᠤᠭᠤ ᠵᠢᠪᠪᠦᠪᠡ᠃ ᠰᠦᠪᠡᠭᠡᠳᠡᠢ ᠪᠠᠭᠠᠲᠤᠷ ᠤ᠋ᠨ ᠮᠣᠷᠢ ᠨᠢ ᠳᠠᠬᠢᠨ ᠨᠢᠭᠡᠨ ᠠᠯᠬᠤᠮ ᠤᠷᠤᠭᠰᠢ ᠪᠠᠨ ᠭᠢᠰᠬᠢᠭᠡᠳ ᠭᠡᠨᠡᠳᠲᠡ ᠪᠠᠰᠠ ᠴᠥᠮᠥᠷᠡᠵᠦ ᠣᠷᠣᠪᠠ᠃ ᠰᠦᠪᠡᠭᠡᠳᠡᠢ ᠪᠠᠭᠠᠲᠤᠷ ᠮᠣᠷᠢᠨ ᠠ᠋ᠴᠠ ᠪᠠᠨ ᠪᠠᠭᠤᠬᠤ ᠶ᠋ᠢ ᠡᠷᠡᠮᠡᠯᠵᠡᠵᠦ ᠭᠡᠳᠡᠷᠭᠦ ᠪᠡᠨ ᠨᠠᠯᠠᠵᠤ ᠢᠷᠡᠮᠡᠭᠴᠡ ᠮᠥᠰᠥ ᠨᠢ ᠬᠠᠭᠠᠷᠠᠵᠤ ᠮᠣᠷᠢ ᠨᠢ ᠲᠦᠷᠭᠡᠨ ᠢ᠋ᠶ᠋ᠡᠷ ᠳᠣᠷᠣᠭᠰᠢ ᠬᠥᠪᠪᠦᠵᠦ ᠭᠦᠨ( ᠬᠥᠯ ) ᠢ᠋ᠶ᠋ᠡᠷ ᠢ᠋ᠶ᠋ᠡᠨ ᠴᠣᠬᠢᠯᠠᠨ ᠴᠠᠪᠴᠢᠯᠠᠬᠤ ᠪᠣᠯᠪᠠᠴᠤ ᠤᠯᠠᠮ ᠢ᠋ᠶ᠋ᠠᠷ ᠰᠢᠭᠢᠳᠴᠦ ᠣᠷᠣᠪᠠ᠃
— ᠦᠯᠦ ᠢᠯᠠᠭᠳᠠᠭᠴᠢ ᠵᠢᠪᠪᠦᠵᠦ ᠪᠠᠢᠨ᠎ᠠ ! ᠲᠦᠷᠭᠡᠨ ᠲᠤᠰᠠᠯᠠᠭᠲᠤᠨ ! ᠭᠡᠵᠦ ᠮᠣᠩᠭᠣᠯᠴᠤᠳ ᠣᠷᠢᠯᠠᠯᠳᠤᠪᠠ᠃ ᠬᠡᠳᠦᠨ ᠮᠣᠩᠭᠣᠯ ᠬᠥᠭᠰᠢᠨ ᠵᠠᠩᠵᠤᠨ ᠤ᠋ ᠵᠢᠪᠪᠦᠵᠦ ᠪᠦᠬᠦᠢ ᠭᠠᠵᠠᠷ ᠲᠤ᠌ ᠥᠪᠡᠷᠰᠡᠳ ᠢ᠋ᠶ᠋ᠡᠨ ᠪᠣᠯᠭᠣᠮᠵᠢᠯᠠᠭᠰᠠᠭᠠᠷ ᠲᠠᠯ᠎ᠠ ᠲᠠᠯ᠎ᠠ ᠠ᠋ᠴᠠ ᠨᠢ ᠣᠢᠷᠠᠲᠤᠵᠤ ᠢᠷᠡᠪᠡ᠃ ᠬᠠᠷ᠎ᠠ ᠴᠠᠯᠮ᠎ᠠ ᠨᠤᠭᠤᠳ ᠠᠭᠠᠷ ᠲᠤ᠌ ᠲᠦᠷᠭᠡᠨ ᠢ᠋ᠶ᠋ᠡᠷ ᠬᠡᠢᠰᠴᠦ ᠰᠦᠪᠡᠭᠡᠳᠡᠢ ᠪᠠᠭᠠᠲᠤᠷ ᠤ᠋ᠨ ᠡᠷᠭᠦᠭᠰᠡᠨ ᠭᠠᠷ ᠪᠠ ᠬᠦᠵᠦᠭᠦᠦ ᠶ᠋ᠢ ᠣᠷᠢᠶᠠᠨ ᠠᠪᠤᠪᠠ᠃ ᠮᠣᠩᠭᠣᠯᠴᠤᠳ ᠪᠦᠬᠦᠢᠯᠡ ᠬᠦᠴᠦ ᠪᠡᠨ ᠰᠢᠪᠬᠠᠨ ᠥᠪᠡᠷ ᠦ᠋ᠨ ᠳᠠᠷᠤᠭ᠎ᠠ ᠶ᠋ᠢ ᠴᠢᠷᠴᠦ ᠲᠠᠲᠠᠨ᠎ᠠ᠃ ᠴᠠᠯᠮ᠎ᠠ ᠨᠢ ᠲᠠᠲᠠᠭᠳᠠᠵᠤ ᠨᠤᠮᠤ ᠶ᠋ᠢᠨ ᠬᠥᠪᠴᠢ ᠮᠡᠲᠦ ᠰᠢᠯᠤᠭᠤᠬᠠᠨ ᠪᠣᠯᠪᠠ᠃
— ᠮᠣᠷᠢ ᠶ᠋ᠢ ᠠᠪᠤᠷᠠᠬᠤ ᠬᠡᠷᠡᠭᠲᠡᠢ᠂ ᠮᠢᠨᠦ ᠰᠢᠷᠭᠠᠯ ᠮᠣᠷᠢ ᠶ᠋ᠢ ᠠᠪᠤᠷᠠᠭᠲᠤᠨ ! ᠭᠡᠵᠦ ᠰᠦᠪᠡᠭᠡᠳᠡᠢ ᠪᠠᠭᠠᠲᠤᠷ ᠬᠠᠰᠬᠢᠷᠤᠨ᠎ᠠ᠃ᠮᠣᠩᠭᠣᠯᠴᠤᠳ ᠨᠢ ᠰᠦᠪᠡᠭᠡᠳᠡᠢ ᠪᠠᠭᠠᠲᠤᠷ ᠢ᠋ ᠵᠠᠮ ᠳᠡᠭᠡᠷ᠎ᠡ ᠲᠠᠲᠠᠵᠤ ᠭᠠᠷᠭᠠᠪᠠ᠃ ᠲᠡᠭᠦᠨ ᠦ᠌ ᠰᠢᠷᠭᠠᠯ ᠮᠣᠷᠢ ᠨᠢ ᠬᠦᠵᠦᠭᠦᠨ ᠳ᠋ᠡᠭᠡᠨ ᠬᠦᠷᠲᠡᠯ᠎ᠡ ᠵᠢᠪᠪᠤᠵᠤ ᠲᠣᠯᠣᠭᠠᠢ ᠨᠢ ᠳᠥᠩᠭᠡᠵᠢ ᠨᠠᠮᠤᠭ ᠤ᠋ᠨ ᠳᠡᠭᠡᠷ᠎ᠡ ᠴᠤᠬᠤᠢᠵᠤ ᠪᠠᠢᠭᠠᠳ ᠬᠡᠳᠦ ᠳᠣᠷᠭᠢᠨ ᠬᠥᠮᠦᠨ ᠬᠠᠰᠬᠢᠷᠬᠤ ᠮᠡᠲᠦ ᠠᠶᠤᠮᠰᠢᠭᠲᠠᠢ ᠳᠠᠭᠤ ᠪᠠᠷ ᠢᠨᠴᠠᠭᠠᠭᠠᠳ᠁ ᠲᠣᠯᠣᠭᠠᠢ ᠨᠢ ᠦᠵᠡᠭᠳᠡᠬᠦ ᠦᠭᠡᠢ ᠪᠣᠯᠪᠠ᠃ ᠰᠢᠨᠤᠬᠠᠢ ᠨᠠᠮᠤᠭ ᠤ᠋ᠨ ᠬᠣᠶᠠᠷ ᠢᠳᠡᠰᠢ ᠡᠴᠡ ᠶᠠᠮᠠᠷ ᠴᠤ᠌ ᠮᠣᠷᠢ( ᠮᠥᠷ) ᠦᠯᠡᠳᠡᠭᠰᠡᠨ ᠦᠭᠡᠢ᠃ ᠭᠠᠭᠴᠠᠬᠦ ᠢᠳᠤᠭᠠᠨ ᠤ᠋ ᠵᠢᠪᠪᠤᠵᠣ ᠣᠷᠣᠭᠰᠠᠨ ᠬᠠᠷ᠎ᠠ ᠴᠣᠨᠣᠭ ᠤ᠋ᠨ ᠳᠡᠭᠡᠷ᠎ᠡ ᠲᠠᠯ᠎ᠠ ( ᠳ᠋ᠤ᠌ ) ᠬᠡᠩᠭᠡᠷᠭᠡ ᠴᠠᠢᠷᠠᠵᠤ ᠦᠵᠡᠭᠳᠡᠨ ᠪᠠᠢᠯ᠎ᠠ᠃
ᠮᠣᠩᠭᠣᠯᠴᠤᠳ ᠰᠢᠪᠡᠷ ᠪᠣᠯᠤᠭᠰᠠᠨ ᠰᠦᠪᠡᠭᠡᠳᠡᠢ ᠪᠠᠭᠠᠲᠤᠷ ᠢ᠋ ᠠᠷᠠᠢ ᠭᠡᠵᠦ ᠪᠠᠷᠢᠵᠤ ᠪᠠᠢᠨ᠎ᠠ᠃ ᠲᠡᠷᠡ ᠮᠣᠷᠢᠨ ᠲᠠᠰᠢ ᠪᠠᠨ ᠳᠠᠪᠰᠢᠯᠠᠨ ᠬᠠᠰᠬᠢᠷᠬᠤ ᠨᠢ᠂
— ᠰᠢᠷᠭᠠᠯ ᠮᠢᠨᠢ ! ᠴᠢ ᠨᠠᠮᠠᠶ᠋ᠢ ᠬᠡᠵᠢᠶ᠎ᠡ ᠢᠮᠠᠭᠲᠠ ᠠᠶᠤᠯ ᠠ᠋ᠴᠠ ᠭᠠᠷᠭᠠᠵᠤ ᠠᠪᠳᠠᠭ ᠪᠢᠯᠡ ! ᠴᠢ ᠦᠷᠭᠦᠯᠵᠢ ᠰᠡᠴᠡᠨ ᠮᠡᠷᠭᠡᠨ ᠵᠥᠪᠯᠡᠬᠦ ᠮᠢᠨᠢ ᠪᠠᠢᠭᠰᠠᠨ ᠪᠢᠯᠡ᠃ᠪᠢ ᠶᠠᠭᠠᠬᠢᠵᠤ ᠴᠢᠮᠠᠶ᠋ᠢ ᠦᠭᠡᠢ ᠪᠡᠷ ᠬᠣᠴᠣᠷᠬᠤ ᠪᠢᠯᠡ ! ᠬᠠᠷᠢᠶᠠᠯᠳᠤ ᠮᠠᠭᠤ ᠣᠷᠣᠰ ᠤ᠋ᠨ ᠭᠠᠵᠠᠷ᠁ ᠭᠡᠪᠡ᠃
ᠡᠪᠦᠭᠡᠨ ᠨᠠᠰᠤᠲᠠᠢ ᠮᠣᠩᠭᠣᠯᠴᠤᠳ ᠮᠣᠷᠢᠨ ᠠ᠋ᠴᠠ ᠪᠠᠨ ᠪᠠᠭᠤᠵᠤ ᠥᠪᠡᠷ ᠦ᠋ᠨ ᠳᠠᠭᠠᠭᠠᠮᠠᠯ ᠢ᠋ ᠬᠦᠷᠢᠶᠡᠯᠡᠨ ᠴᠢᠭᠴᠢᠡᠯᠳᠥᠵᠤ ᠪᠥᠭᠡᠮᠨᠡᠷᠡᠨ ᠲᠡᠭᠦᠨ ᠢ᠋ ᠭᠠᠵᠠᠷ ᠲᠤ᠌ ᠬᠠᠨᠳᠤᠭᠤᠯᠤᠨ ᠰᠠᠭᠤᠯᠭᠠᠭᠠᠳ᠂
— ᠢᠩᠭᠢᠵᠦ ᠰᠠᠭᠤᠭᠲᠤᠨ᠂ ᠪᠠᠰᠠ ᠲᠠᠰᠢ ᠪᠠᠨ ᠳᠠᠬᠢᠨ ᠪᠢᠲᠡᠭᠡᠢ ᠬᠠᠷᠠᠭᠲᠤᠨ ! ᠡᠨᠳᠡ ᠬᠠᠷᠢᠶᠠᠯᠳᠤ ᠮᠠᠭᠤ ᠭᠠᠵᠠᠷ ᠪᠠᠢᠨ᠎ᠠ ! ᠣᠷᠣᠰ ᠤ᠋ᠨ ᠬᠠᠷ᠎ᠠ ᠮᠠᠩᠭᠤᠰ ᠤ᠋ᠳ ᠴᠢᠰᠤᠲᠤ ᠢᠳᠡᠰᠢ ᠶ᠋ᠢ ᠡᠷᠢᠵᠦ ᠲᠡᠨᠳᠡ ᠵᠣᠷᠢᠭᠲᠤ ᠭᠡᠷᠭᠡᠢ ᠺᠸᠷᠢᠨᠺᠸᠢ—ᠽᠠᠳᠠᠨ ᠢ᠋ ᠵᠠᠯᠭᠢᠪᠠ᠃ ᠲᠡᠳᠡ ᠴᠢᠨᠦ ᠴᠡᠴᠡᠨ ᠪᠥᠭᠡᠳ ᠴᠤᠴᠠᠰᠢ ᠦᠭᠡᠢ ᠮᠣᠷᠢ ᠶ᠋ᠢ ᠬᠥᠨᠥᠭᠡᠪᠡ᠃ ᠪᠢᠳᠡ ᠡᠨᠳᠡ ᠵᠣᠭᠰᠣᠵᠤ ᠭᠡᠳᠡᠷᠭᠦ ᠪᠡᠨ ᠪᠤᠴᠠᠬᠤ ᠶᠣᠰᠣᠲᠠᠢ ᠪᠠᠢᠨ᠎ᠠ᠃ ᠲᠡᠷᠡ ᠲᠣᠮᠣ ᠵᠠᠭᠠᠯᠮᠠᠢ ᠶ᠋ᠢ ᠬᠠᠷᠠᠪᠠᠤ? ᠲᠡᠭᠦᠨ ᠢ᠋ ᠣᠷᠣᠰ ᠤ᠋ᠳ᠂ ᠥᠪᠡᠷ ᠦ᠋ᠨ ᠪᠥᠬᠡ ᠨᠠᠷ ᠤ᠋ᠨ ᠬᠡᠭᠦᠷ ᠦ᠋ᠨ ᠪᠤᠯᠠᠰᠢᠨ ᠳᠡᠭᠡᠷ᠎ᠡ ᠲᠠᠯᠪᠢᠳᠠᠭ ᠶᠤᠮ᠃ ᠡᠨᠳᠡ ᠵᠠᠮ ᠢ᠋ᠶ᠋ᠠᠷ ᠶᠠᠪᠤᠭᠰᠠᠨ ᠴᠥᠭᠡᠨ ᠪᠤᠰᠤ ᠬᠥᠮᠦᠨ᠂ ᠳᠡᠭᠡᠷᠡᠮᠴᠢᠨ ᠢᠭᠡᠨ᠋ᠴ ᠦ᠋ᠨ ᠭᠠᠷ ᠲᠤ᠌ ᠦᠷᠡᠭᠳᠡᠭᠰᠡᠨ ᠪᠥᠭᠡᠳ ᠢᠭᠡᠨ᠋ᠴ ᠪᠣᠯ ᠥᠪᠡᠷ ᠦ᠋ᠨ ᠠᠯᠠᠭᠰᠠᠨ ᠬᠥᠮᠦᠰ ᠢ᠋ ᠨᠠᠮᠤᠭ ᠲᠤ᠌ ᠬᠠᠶᠠᠳᠠᠭ ᠪᠠᠢᠭᠰᠠᠨ᠁ ᠪᠢᠳᠡᠨ ᠳ᠋ᠦ᠍ ᠪᠠᠶᠠᠨ ᠨᠤᠸᠭᠤᠷᠤᠳ᠋ ᠬᠡᠷᠡᠭ ᠦᠭᠡᠢ ᠭᠡᠵᠦ ᠵᠠᠩᠵᠤᠨ ᠳ᠋ᠤ᠌ ᠬᠡᠯᠡᠭᠲᠦᠨ! ᠭᠡᠳᠡᠷᠭᠦ ᠪᠡᠨ ᠪᠤᠴᠠᠵᠠᠭᠠᠶ᠎ᠠ! ᠥᠭᠡᠷ᠎ᠡ ᠪᠤᠰᠤᠳ ᠮᠣᠷᠢᠳ ᠴᠢᠮᠠᠲᠤ ᠪᠠᠰᠠ ᠰᠢᠳᠤᠷᠭᠤ ᠪᠠᠷ ᠵᠢᠳᠬᠦᠨ᠎ᠡ᠃ ᠳᠤᠷᠠᠲᠠᠢ ᠪᠠᠨ ᠰᠣᠩᠭᠣᠨ ᠠᠪᠤᠭᠲᠤᠨ ! ᠭᠡᠵᠦ ᠰᠥᠪᠡᠭᠡᠲᠡᠢ ᠪᠠᠭᠠᠲᠤᠷ ᠮᠥᠷᠥ ᠪᠡᠨ ᠬᠥᠳᠡᠯᠭᠡᠵᠦ ᠮᠣᠩᠭᠣᠯᠴᠤᠳ ᠢ᠋ ᠴᠠᠰᠢ ᠪᠣᠯᠭᠠᠨ ᠪᠣᠰᠤᠭᠠᠳ᠂ ᠨᠠᠮᠤᠭ ᠲᠡᠰᠢ ᠡᠷᠭᠢᠵᠦ ᠬᠠᠷᠠᠯ ᠦᠭᠡᠢ ᠪᠡᠷ ᠬᠠᠮᠤᠭ ᠤ᠋ᠨ ᠣᠢᠷ᠎ᠠ ᠪᠠᠢᠭᠰᠠᠨ ᠮᠣᠷᠢ ᠶ᠋ᠢ ᠤᠨᠤᠵᠤ ᠪᠠᠲᠤ ᠬᠠᠭᠠᠨ ᠤ᠋ ᠳᠡᠭᠡᠷ᠎ᠡ ᠣᠴᠢᠪᠠ᠃ ᠵᠠᠩᠵᠤᠨ᠂ ᠬᠥᠯᠥᠰᠥ ᠪᠠ ᠨᠢᠯᠡᠠᠭᠳᠠᠭᠰᠠᠨ ᠰᠢᠪᠠᠷ ᠠ᠋ᠴᠠ ᠪᠣᠯᠤᠭᠰᠠᠨ ᠪᠠᠷᠠᠭᠠᠨ ᠪᠣᠯᠤᠭᠰᠠᠨ ᠪᠣᠷᠣ ᠴᠣᠬᠣᠷ ᠠᠵᠢᠷᠭ᠎ᠠ ᠪᠠᠨ ᠴᠤᠯᠪᠤᠭᠤᠷ ᠠ᠋ᠴᠠ ᠪᠠᠷᠢᠨ ᠵᠣᠭᠰᠣᠭᠠᠳ ᠬᠠᠷ᠎ᠠ ᠲᠠᠯᠬᠠᠨ ᠤ᠋ ᠬᠠᠲᠠᠭᠤ ᠬᠠᠯᠢᠰᠤ ᠶ᠋ᠢ ᠢᠳᠡᠭᠦᠯᠵᠦ ᠪᠠᠢᠪᠠ᠃
ᠰᠥᠪᠡᠭᠡᠲᠡᠢ ᠪᠠᠭᠠᠲᠤᠷ ᠮᠣᠷᠢᠨ ᠠ᠋ᠴᠠ ᠪᠠᠨ ᠪᠠᠭᠤᠵᠤ ᠪᠠᠲᠤ ᠬᠠᠭᠠᠨ ᠤ᠋ ᠬᠥᠯ ᠦ᠋ᠨ ᠳᠡᠷᠭᠡᠳᠡ ᠶᠠᠪᠠᠭᠠᠨ ᠰᠠᠭᠤᠪᠠ᠃ ᠮᠢᠩᠭᠠᠲᠤ ᠶ᠋ᠢᠨ ᠳᠠᠷᠤᠭ᠎ᠠ ᠨᠠᠷ᠂ ᠰᠢᠬᠠᠴᠠᠯᠳᠤᠨ ᠬᠦᠷᠢᠶᠡᠯᠡᠵᠦ ᠪᠦᠭᠦᠳᠡᠭᠡᠷ ᠴᠢᠮᠡᠭᠡ ᠦᠭᠡᠢ᠂ ᠲᠡᠳᠡᠨ ᠦ᠌ ᠳᠠᠭᠠᠭᠠᠮᠠᠯ ᠤ᠋ᠳ ᠶᠠᠭᠤ ᠶ᠋ᠢ ᠰᠢᠢᠳᠪᠦᠷᠢᠯᠡᠬᠦ ᠶ᠋ᠢ ᠶᠡᠬᠡᠳᠡ ᠴᠢᠩᠨᠠᠨ ᠪᠠᠢᠬᠤ ᠳ᠋ᠤ᠌ ᠪᠠᠲᠤ ᠬᠠᠭᠠᠨ ᠤ᠋ ᠬᠡᠯᠡᠭᠰᠡᠨ ᠨᠢ᠄
— ᠨᠠᠮᠠᠶ᠋ᠢ ᠲᠣᠭᠲᠠᠭᠠᠵᠤ ᠴᠢᠳᠠᠬᠤ ᠶᠠᠭᠤ ᠴᠥ᠍ ᠣᠳᠣ ᠪᠣᠯᠲᠠᠯ᠎ᠠ ᠪᠠᠢᠭᠰᠠᠨ ᠦᠭᠡᠢ᠂ ᠮᠢᠨᠦ ᠴᠡᠷᠢᠭ ᠬᠣᠭᠣᠰᠣᠨ ᠴᠦᠯ ᠢ᠋ ᠲᠤᠭᠤᠯᠵᠤ ᠶᠡᠬᠡ ᠤᠰᠤᠲᠠᠢ ᠢᠵᠢᠯ ᠮᠥᠷᠡᠨ ᠵᠡᠷᠭᠡ ᠶᠡᠬᠡ ᠮᠥᠷᠡᠨ ᠨᠤᠭᠦᠳ ᠢ᠋ ᠭᠠᠲᠤᠯᠵᠤ ᠭᠠᠷᠭᠠᠭᠰᠠᠨ ᠶᠤᠮ᠃ ᠣᠳᠣ ᠣᠷᠣᠰ ᠤ᠋ᠨ ᠬᠣᠣᠷᠲᠤ ᠮᠠᠩᠭᠤᠰ ᠤ᠋ᠳ᠂ ᠮᠥᠷᠡᠨ ᠦ᠌ ᠤᠰᠤ ᠦᠶᠡᠷᠯᠡᠵᠦ ᠵᠠᠮ ᠲᠠᠢ ᠭᠠᠵᠠᠷ ᠢ᠋ ᠨᠠᠭᠤᠷ ᠪᠣᠯᠭᠠᠬᠤ ᠳ᠋ᠤ᠌ ᠮᠢᠨᠦ ᠪᠦᠬᠦ ᠳᠠᠢᠴᠢᠨ ᠢ᠋ ᠬᠥᠨᠥᠭᠡᠬᠦ ᠶ᠋ᠢ ᠬᠦᠰᠡᠵᠦ ᠪᠠᠢᠨ᠎ᠠ᠃ ᠪᠢ ᠭᠡᠳᠡᠷᠭᠦ ᠪᠡᠨ ᠪᠤᠴᠠᠨ᠎ᠠ᠃ ᠪᠢᠳᠡ ᠺᠢᠫᠴᠠᠺ ᠤ᠋ᠨ ᠬᠡᠭᠡᠷ᠎ᠡ ᠲᠠᠯ᠎ᠠ ᠳ᠋ᠤ᠌ ᠠᠮᠠᠷᠬᠠᠨ ᠶᠠᠪᠤᠨ᠎ᠠ ( ᠭᠡᠪᠡ᠃)
— ᠭᠡᠳᠡᠷᠭᠦ ᠪᠡᠨ! ᠬᠡᠭᠡᠷ᠎ᠡ ᠲᠠᠯ᠎ᠠ ᠳ᠋ᠤ᠌ ᠣᠴᠢᠭᠲᠤᠨ! ᠭᠡᠵᠦ ᠮᠣᠩᠭᠣᠯᠴᠤᠳ ᠬᠠᠰᠬᠢᠷᠤᠯᠳᠤᠪᠠ! ᠤᠬᠤᠭᠳᠠᠵᠤ ᠲᠦᠩᠬᠢᠭᠳᠡᠭᠰᠡᠨ ᠪᠠᠷᠠᠭᠠᠨ ᠵᠠᠮ ᠢ᠋ᠶ᠋ᠠᠷ ᠴᠤᠪᠤᠷᠠᠨ ᠶᠠᠪᠤᠭ᠎ᠠ ᠴᠡᠷᠢᠭ ᠳᠠᠶᠠᠭᠠᠷ ᠲᠸ᠋ ᠪᠠᠶᠠᠷᠲᠠᠢ ᠦᠭᠡ ᠴᠤᠤᠷᠢᠶᠠᠲᠤᠵᠠᠢ᠃
ᠦᠰᠦᠭ ᠠᠮᠢᠯᠠᠭᠤᠯᠤᠭᠴᠢ᠄ ᠤᠰᠬᠠᠯ 1 ᠬᠠᠭᠤᠳᠠᠰᠤ᠂ ᠰᠤᠳᠤᠯᠲᠦ 1 ᠬᠠᠭᠤᠳᠠᠰᠤ᠂ᠮᠡᠷᠭᠡᠨᠭᠣᠣ᠎ᠠ 2 ᠬᠠᠭᠤᠳᠠᠰᠤ᠂ ᠬᠦᠦᠳᠠᠭᠠᠭᠤᠯ 1 ᠬᠠᠭᠤᠳᠠᠰᠤ᠂ ᠬᠡᠷᠡᠶ᠋ᠢᠳ ᠂ ᠮᠥᠩᠬᠡᠨᠠᠰᠤᠨ 1 ᠬᠠᠭᠤᠳᠠᠰᠤ
ᠬᠢᠨᠠᠭᠴᠢ᠄ ᠪᠠᠶᠠᠨᠴᠡᠴᠡᠭ 5ᠬᠠᠭᠤᠳᠠᠰᠤ
ᠶᠡᠷᠦᠩᠬᠡᠢ ᠬᠢᠨᠠᠭᠴᠢ᠄ ᠠᠯᠲᠠᠨᠴᠢᠮᠡᠭ 6 ᠬᠠᠭᠤᠳᠠᠰᠤ᠂ ᠠᠷᠢᠭᠤᠨ6ᠬᠠᠭᠤᠳᠠᠰᠤ
ᠰᠡᠭᠦᠯ ᠤ᠋ᠨ ᠢᠯᠡᠭᠡᠭᠰᠡᠨ ᠢ᠋ ᠬᠡᠷᠡᠭᠯᠡᠭᠡᠷᠡᠢ᠃
