ᠪᠠᠲᠤ ᠬᠠᠭᠠᠨ 8-09 ᠣᠢ ᠶ᠋ᠢᠨ ᠰᠢᠷᠢᠩᠭᠢ ᠳᠣᠲᠣᠭᠤᠷ-ᠰᠢᠭᠤᠷᠭ᠎ᠠ ᠲᠠᠯᠪᠢᠪᠠBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 8-09 ᠣᠢ ᠶ᠋ᠢᠨ ᠰᠢᠷᠢᠩᠭᠢ ᠳᠣᠲᠣᠭᠤᠷ-ᠰᠢᠭᠤᠷᠭ᠎ᠠ ᠲᠠᠯᠪᠢᠪᠠBat khaan Бат хаан-ᠷᠣᠮᠠᠨ

ᠪᠠᠲᠤ ᠬᠠᠭᠠᠨ 8-09 ᠣᠢ ᠶ᠋ᠢᠨ ᠰᠢᠷᠢᠩᠭᠢ ᠳᠣᠲᠣᠭᠤᠷ-ᠰᠢᠭᠤᠷᠭ᠎ᠠ ᠲᠠᠯᠪᠢᠪᠠBat khaan Бат хаан-ᠷᠣᠮᠠᠨ

ᠠᠩᠭᠢᠯᠠᠯ:ᠲᠤᠭᠤᠵᠢ ᠷᠣᠮᠠᠨ
2025-12-04

158

ᠶᠢᠰᠦ ᠂ ᠣᠢ ᠶ᠋ᠢᠨ ᠰᠢᠷᠢᠩᠭᠢ ᠳᠣᠲᠣᠭᠤᠷ


᠁ ᠣᠢ ᠳᠤᠮᠳᠠᠭᠤᠷ ᠶᠠᠪᠤᠬᠤ ᠳ᠋ᠤ᠌ ᠬᠠᠷᠠᠩᠭᠤᠢ᠂ ᠵᠦᠯᠭᠡ ᠳᠡᠭᠡᠭᠦᠷ ᠶᠠᠪᠤᠬᠤ ᠳ᠋ᠤ᠌ ᠨᠠᠮᠤᠭ ᠲᠠᠢ᠃

(ᠬᠠᠭᠤᠴᠢᠨ ᠤ᠋ ᠦᠯᠢᠭᠡᠷ ᠡᠴᠡ)

ᠵᠠᠭᠤᠲᠤ ᠶ᠋ᠢᠨ ᠳᠠᠷᠤᠭ᠎ᠠ ᠲᠶᠥ᠋ᠯᠶᠡᠪ — ᠪᠢᠷᠭᠧᠨ᠂ ᠵᠠᠩᠵᠤᠨ ᠤ᠋ ᠰᠠᠨᠠᠮᠰᠠᠷ ᠦᠭᠡᠢ ᠡᠷᠭᠦᠮᠵᠢᠯᠡᠭᠰᠡᠨ ᠤᠳᠬᠤᠨ ᠶᠦᠯᠳᠥ᠋ᠽ ᠦ᠋ᠨ ᠠᠬ᠎ᠠ ᠮᠦᠰᠥ᠋ᠺ ᠲᠠᠢᠵᠢ ᠬᠣᠶᠠᠷ ᠤᠳᠠᠲᠠᠯ᠎ᠠ ᠵᠥᠪᠯᠡᠵᠦ᠂ ᠨᠡᠷ᠎ᠡ ᠠᠯᠳᠠᠷ ᠢ᠋ ᠣᠯᠬᠤ ᠪᠠ ᠰᠦᠪᠡᠭᠡᠳᠡᠢ ᠪᠠᠭᠠᠲᠤᠷ ᠲᠤ᠌ ᠵᠣᠷᠢᠭ ᠴᠢᠳᠠᠯ ᠢ᠋ᠶ᠋ᠠᠨ ᠭᠠᠢᠬᠠᠭᠳᠠᠬᠤ ᠪᠠᠷ ᠰᠢᠢᠳᠪᠦᠷᠢᠯᠡᠵᠦ ᠠᠵᠠ ᠵᠢᠷᠭᠠᠯ ᠢ᠋ᠶ᠋ᠠᠨ ᠦᠵᠡᠬᠦ ᠭᠡᠳ ᠡᠨᠡ ᠬᠣᠶᠠᠷ᠂ ᠣᠷᠣᠰ ᠤ᠋ᠨ ᠦᠯᠦ ᠲᠠᠨᠢᠬᠤ ᠪᠢᠲᠡᠭᠦᠦ ᠣᠢ ᠮᠣᠳᠣ ᠤᠷᠤᠭᠤ ᠣᠷᠣᠭᠰᠢ ᠳᠠᠪᠰᠢᠨ ᠣᠷᠣᠪᠠ᠃ ᠠᠶᠠᠨ ᠲᠡᠢᠨ ᠳ᠋ᠦ᠍ ᠬᠠᠯᠠ ᠦᠵᠡᠭᠰᠡᠨ ᠲᠶᠥ᠋ᠯᠶᠡᠪ — ᠪᠢᠷᠭᠧᠨ ᠤᠳᠤᠷᠢᠳᠤᠨ ᠶᠠᠪᠤᠪᠠ᠃ ᠮᠦᠰᠥ᠋ᠺ ᠲᠠᠢᠵᠢ ᠰᠢᠨ᠎ᠡ ᠠᠬᠠᠮᠠᠳ ᠨᠥᠬᠥᠷ ᠦ᠋ᠨ ᠢ᠋ᠶ᠋ᠡᠨ ᠰᠠᠨᠠᠭᠤᠯᠤᠭᠰᠠᠨ᠂ ᠬᠡᠯᠡᠭᠰᠡᠨ ᠪᠦᠭᠦᠳᠡ ᠶ᠋ᠢ ᠳᠠᠭᠠᠵᠤ ᠵᠥᠪᠰᠢᠶᠡᠷᠡᠨ᠎ᠡ᠃
— ᠲᠤᠩ ᠰᠠᠢᠬᠠᠨ ᠪᠠᠢᠨ᠎ᠠ! ᠴᠡᠷᠢᠭ᠂ ᠲᠡᠢᠨ ᠦ᠌ ᠶᠠᠪᠤᠳᠠᠯ ᠳ᠋ᠤ᠌ ᠦᠷᠭᠦᠯᠵᠢ ᠪᠠᠭᠰᠢ ᠮᠢᠨᠢ ᠪᠣᠯᠵᠤ ᠶᠠᠪᠤᠭᠠᠷᠠᠢ ᠭᠡᠪᠡ᠃ ᠲᠡᠳᠡᠨᠡᠷ ᠲᠠᠩᠨᠠᠭᠤᠯ ᠢ᠋ ᠶᠠᠪᠤᠭᠤᠯᠤᠨ ᠡᠵᠡᠯᠡᠭᠳᠡᠭᠡ ᠦᠭᠡᠢ ᠪᠠᠢᠭ᠎ᠠ ᠣᠷᠣᠰ ᠤ᠋ᠨ ᠲᠣᠭᠣᠷᠢᠨ ᠨᠤᠲᠤᠭ ᠤ᠋ᠨ ᠭᠦᠨ ᠳ᠋ᠦ᠍ ᠨᠡᠪᠲᠡᠷᠡᠨ ᠣᠷᠣᠭᠤᠯᠵᠤ ᠸᠠᠩ ᠤ᠋ᠨ ᠭᠣᠣᠯ ᠴᠡᠷᠢᠭ ᠦ᠋ᠨ ᠬᠦᠷᠢᠶ᠎ᠡ ᠶ᠋ᠢ ᠡᠷᠢᠵᠦ ᠣᠯᠬᠤ ᠬᠡᠷᠡᠭᠲᠡᠢ ᠪᠠᠢᠵᠠᠢ᠃ ᠺᠣᠢ ᠳ᠋ᠠᠬᠢ ᠪᠠᠲᠤ ᠬᠠᠭᠠᠨ᠂ ᠪᠸᠵᠸᠼᠺᠸ ᠲᠡᠬᠢ ᠲᠦᠮᠡᠲᠦ ᠶ᠋ᠢᠨ ᠨᠣᠶᠠᠨ ᠪᠣᠷᠤᠨᠳᠠᠢ ᠨᠠᠷ ᠲᠶᠥ᠋ᠯᠶᠡᠪ— ᠪᠢᠷᠭᠸᠨ ᠡᠴᠡ ᠮᠡᠳᠡᠭᠡ ᠢᠷᠡᠬᠦ ᠶ᠋ᠢ ᠬᠦᠯᠢᠶᠡᠵᠦ ᠪᠠᠢᠪᠠ᠃

ᠡᠷᠲᠡ ᠤᠷᠢᠳᠤ ᠶ᠋ᠢᠨ ᠭᠠᠴᠤᠷ᠎ᠠ ᠮᠣᠳᠣᠲᠤ ᠥᠷᠭᠡᠨ ᠣᠢ ᠡᠷᠭᠢᠨ ᠲᠣᠭᠣᠷᠢᠨ ᠳ᠋ᠤ᠌ ᠨᠠᠪᠲᠠᠷᠠᠰᠢ ᠦᠭᠡᠢ ᠭᠦᠨ᠂ ᠲᠡᠭᠦᠨ ᠦ᠌ ᠳᠤᠮᠳᠠᠬᠢ ᠵᠠᠮ ᠬᠠᠷᠭᠤᠢ ᠪᠦᠬᠦᠨ ᠨᠢ ᠴᠥᠮ ᠢᠵᠢᠯ ᠪᠡᠷᠬᠡᠲᠡᠢ᠃ ᠣᠢ ᠮᠣᠳᠣᠨ ᠳᠣᠲᠣᠷ᠎ᠠ ᠠ᠋ᠴᠠ ᠪᠠᠷᠢᠭᠳᠠᠭᠰᠠᠨ ᠭᠥᠷᠦᠭᠡᠴᠢᠳ᠄《ᠴᠢ ᠶᠠᠭᠤ ᠠᠰᠠᠭᠤᠭᠠᠳ ᠪᠠᠢᠭ᠎ᠠ ᠶᠤᠮ ᠪᠣᠢ?》 ᠭᠡᠬᠦ ᠵᠡᠷᠭᠡ ᠣᠢᠯᠠᠭᠠᠮᠵᠢ ᠮᠠᠭᠤᠲᠠᠢ ᠦᠭᠡᠰ ᠢ᠋ ᠶᠠᠷᠢᠵᠤ ᠶᠠᠷᠳᠠᠭᠯᠠᠨ᠄
— ᠪᠢᠳᠡ ᠪᠥᠭᠯᠡᠭᠦᠦ ᠭᠠᠵᠠᠷ ᠰᠠᠭᠤᠳᠠᠭ ᠲᠤᠯᠠ ᠮᠡᠳᠡᠬᠦ ᠴᠦ᠍ ᠶᠠᠭᠤᠮ᠎ᠠ ᠦᠭᠡᠢ᠂ ᠰᠣᠨᠣᠰᠤᠭ᠎ᠠ ᠴᠤ᠌ ᠦᠭᠡᠢ᠂ ᠦᠵᠡᠭᠡ ᠴᠦ᠍ ᠦᠭᠡᠢ ! 》ᠭᠡᠵᠦ ᠵᠣᠷᠢᠮᠠᠭ ᠢ᠋ᠶ᠋ᠠᠷ ᠬᠠᠷᠢᠭᠤᠯᠤᠨ᠎ᠠ᠃

ᠲᠠᠲ᠋ᠠᠷ ᠤ᠋ᠳ ᠪᠠᠷᠢᠭᠳᠠᠭᠰᠠᠨ ᠭᠥᠷᠦᠭᠡᠴᠢᠳ ᠦ᠋ᠨ ᠵᠥᠷᠢᠭᠦᠳ ᠠᠭᠠᠰᠢ ᠶ᠋ᠢ ᠴᠡᠭᠡᠷᠯᠡᠭᠦᠯᠬᠦ ᠶ᠋ᠢᠨ ᠲᠤᠯᠠᠳᠠ ᠨᠢᠴᠦᠭᠦᠯᠡᠨ ᠳᠠᠩ ᠰᠦᠯᠵᠢᠮᠡᠯ ᠱᠠᠬᠠᠢ ᠲᠠᠢ ᠨᠢ ᠣᠷᠬᠢᠵᠤ ᠪᠠᠢᠪᠠ᠃ ᠲᠡᠳᠡᠨᠡᠷ ᠮᠣᠳᠣ ᠤᠷᠤᠭᠤ ᠭᠦᠶᠦᠨ ᠬᠣᠯᠠ ᠣᠴᠢᠵᠤ ᠵᠣᠭᠰᠣᠵᠤ ᠳᠡᠪᠬᠡᠴᠡᠨ ᠲᠠᠴᠢᠭᠢᠨᠠᠨ ᠲᠠᠲ᠋ᠠᠷ ᠤ᠋ᠳ ᠢ᠋ ᠡᠯᠳᠡᠪ ᠮᠠᠭᠤᠬᠠᠢ ᠪᠠᠷ ᠳᠣᠬᠢᠵᠤ ᠡᠭᠳᠡᠭᠦᠴᠡᠭᠦᠯᠦᠨ ᠳᠣᠷᠣᠮᠵᠢᠯᠠᠪᠠ᠃ ᠮᠣᠷᠢᠲᠠᠢ ᠬᠣᠶᠠᠷ ᠲᠠᠲ᠋ᠠᠷ ᠴᠡᠷᠢᠭ ᠠᠭᠤᠷᠯᠠᠵᠤ᠂ ᠴᠠᠪᠴᠢᠵᠤ ᠠᠯᠠᠬᠤ ᠭᠡᠵᠦ ᠨᠠᠭᠤᠷ ᠤ᠋ᠨ ᠮᠥᠰᠥᠨ ᠳᠡᠭᠡᠭᠦᠷ ᠬᠥᠭᠡᠭᠡᠴᠡᠯᠳᠦᠨ ᠶᠠᠪᠤᠲᠠᠯ᠎ᠠ᠂ ᠮᠥᠰᠥᠨ ᠦ᠌ ᠬᠠᠷᠠᠵᠠ ᠤᠷᠤᠭᠤ ᠴᠥᠮᠥᠷᠡᠨ ᠣᠷᠣᠵᠤ ᠮᠣᠷᠢᠳ ᠤ᠋ᠨ ᠬᠠᠮᠲᠤ ᠵᠢᠪᠪᠦᠵᠦ ᠦᠬᠦᠪᠡ᠃ ᠨᠢᠴᠦᠭᠦᠯᠡᠭᠳᠡᠭᠰᠡᠨ ᠠᠩᠴᠢᠳ ᠲᠠᠤᠯᠠᠢ ᠮᠡᠲᠦ ᠳᠡᠭᠳᠡᠭᠰᠡᠭᠡᠷ ᠣᠢ ᠶ᠋ᠢᠨ ᠭᠦᠨ ᠳ᠋ᠦ᠍ ᠠᠯᠠᠭ᠎ᠠ ᠪᠣᠯᠪᠠ᠃

ᠣᠷᠣᠰ ᠤ᠋ᠨ ᠣᠢ ᠶ᠋ᠢᠨ ᠮᠣᠳᠣᠨ ᠳᠣᠲᠣᠷ᠎ᠠ ᠡᠷᠭᠢᠨ ᠲᠣᠭᠣᠷᠢᠨ ᠠᠶᠤᠯ ᠵᠠᠨᠤᠯ ᠲᠣᠭᠣᠷᠢᠵᠤ ᠪᠠᠢᠭ᠎ᠠ ᠲᠤᠯᠠ ᠠᠯᠬᠤᠮ ᠪᠦᠷᠢ ᠶ᠋ᠢ ᠪᠣᠯᠭᠣᠮᠵᠢᠯᠠᠨ ᠰᠡᠷᠭᠡᠢᠯᠡᠬᠦ ᠬᠡᠷᠡᠭᠲᠡᠢ ᠪᠣᠯᠬᠤ ᠶ᠋ᠢ ᠲᠶᠥ᠋ᠯᠶᠡᠪ— ᠪᠢᠷᠭᠸᠨ᠂ ᠮᠦᠰᠥ᠋ᠺ ᠬᠣᠶᠠᠷ ᠣᠢᠯᠠᠭᠠᠵᠤ ᠠᠪᠤᠪᠠ᠃

ᠲᠶᠥ᠋ᠯᠶᠡᠪ— ᠪᠢᠷᠭᠸᠨ ᠴᠡᠷᠢᠭ ᠦ᠋ᠨ ᠬᠠᠮᠲᠤ ᠵᠠᠮ ᠤ᠋ᠨ ᠪᠡᠯᠴᠢᠭᠡᠷ ᠳᠡᠭᠡᠷ᠎ᠡ ᠦᠯᠡᠳᠡᠵᠦ᠂ ᠮᠦᠰᠥ᠋ᠺ ᠠᠷᠪᠠᠭᠠᠳ ᠮᠣᠷᠢᠨ ᠴᠡᠷᠢᠭ ᠢ᠋ ᠳᠠᠭᠠᠭᠤᠯᠤᠨ ᠬᠠᠢᠭᠤᠯ ᠲᠠᠩᠨᠠᠭᠤᠯ ( ᠳ᠋ᠤ᠌) ᠮᠣᠷᠳᠠᠪᠠ᠃ ᠰᠢᠭᠤᠷᠭ᠎ᠠ ᠰᠠᠯᠬᠢ ᠰᠢᠷᠦᠭᠦᠰᠴᠦ ᠵᠠᠮ ᠢ᠋ ᠴᠠᠰᠤ ᠳᠠᠷᠤᠭᠰᠠᠭᠠᠷ ᠪᠠᠢᠪᠠ᠃ ᠶᠠᠪᠤᠭᠰᠠᠭᠠᠷ ᠪᠠᠢᠲᠠᠯ᠎ᠠ ᠣᠢᠷᠠᠬᠠᠨ ᠨᠣᠬᠠᠢ ᠬᠤᠴᠠᠬᠤ ᠰᠣᠨᠣᠰᠳᠠᠪᠠ᠃ ᠮᠦᠰᠦ᠌ᠺ ᠮᠣᠷᠢ ᠪᠠᠨ ᠬᠠᠮᠲᠤ ᠶᠠᠪᠤᠭᠴᠢᠳ ᠲᠠᠭᠠᠨ ᠣᠷᠬᠢᠭᠠᠳ ᠥᠪᠡᠷ ᠢ᠋ᠶ᠋ᠡᠨ ᠰᠡᠮᠬᠡᠨ ᠣᠷᠣᠭᠰᠢ ᠪᠠᠨ ᠶᠠᠪᠤᠭᠰᠠᠭᠠᠷ ᠪᠠᠢᠲᠠᠯ᠎ᠠ ᠬᠠᠰᠢᠶᠠᠨ ᠤ᠋ ᠳᠦᠷᠰᠦ ᠪᠠᠢᠳᠠᠯ ᠬᠠᠷᠠᠭᠳᠠᠭᠠᠳ ᠲᠠᠷᠠᠬᠠᠢ ᠤᠶᠠᠭᠠᠲᠠᠢ ᠮᠣᠷᠢᠳ ᠲᠣᠳᠣᠷᠠᠨ ᠦᠵᠡᠭᠳᠡᠪᠡ᠂ ᠡᠨᠡ ᠨᠢ ᠣᠷᠣᠰ ᠤ᠋ᠳ ᠤ᠋ᠨ ᠪᠣᠭᠣᠮᠲᠠ ᠪᠠᠢᠵᠠᠢ᠃ ᠮᠦᠰᠦ᠋ᠺ ᠠᠶᠠᠷᠬᠠᠨ ᠭᠡᠳᠡᠷᠭᠦ ᠡᠷᠭᠢᠵᠦ ᠲᠶᠦ᠋ᠯᠶᠡᠪ— ᠪᠢᠷᠬ᠌ᠸᠨ ᠤᠷᠤᠭᠤ ᠳᠠᠪᠬᠢᠨ ᠶᠠᠪᠤᠯ᠎ᠠ᠃ ᠲᠶᠦ᠋ᠯᠶᠡᠪ— ᠪᠢᠷᠬ᠌ᠸᠨ ᠳᠠᠷᠤᠢ ᠪᠣᠷᠣᠨᠲᠠᠢ ᠳ᠋ᠤ᠌ ᠡᠯᠴᠢ ᠶᠠᠪᠤᠭᠤᠯᠤᠭᠠᠳ ᠥᠪᠡᠷ ᠢ᠋ᠶ᠋ᠡᠨ ᠴᠡᠷᠢᠭ ᠦ᠋ᠳ ᠦ᠋ᠨ ᠬᠠᠮᠲᠤ ᠭᠦᠨ ᠣᠢ ᠳ᠋ᠤ᠌ ᠬᠣᠷᠭᠣᠳᠠᠵᠤ ᠪᠣᠷᠣᠨᠲᠠᠢ ᠶ᠋ᠢ ᠬᠦᠯᠢᠶᠡᠵᠦ ᠪᠠᠢᠪᠠ᠃ ᠦᠳᠡᠰᠢ ᠶ᠋ᠢᠨ ᠬᠢᠷᠢ ᠳ᠋ᠦ᠍ ᠬᠠᠷᠢᠭᠤ ᠢᠷᠡᠪᠡ᠃ ᠪᠣᠭᠣᠮᠲᠠ ᠶ᠋ᠢ ᠰᠣᠴᠢᠭᠠᠵᠤ ᠰᠠᠨᠳᠤᠷᠭᠠᠯ ᠦᠭᠡᠢ ᠬᠦᠯᠢᠶᠡᠵᠦ ᠪᠠᠢᠬᠤ ᠶ᠋ᠢ ᠲᠤᠰᠢᠶᠠᠵᠠᠢ᠃

ᠲᠡᠳᠦᠢ ᠤᠳᠠᠯ ᠦᠭᠡᠢ ᠪᠣᠷᠣᠲᠠᠢ ᠶ᠋ᠢᠨ ᠲᠡᠷᠢᠭᠦᠨ ᠦ᠌ ᠵᠠᠭᠤᠲᠤ ᠬᠦᠷᠦᠯᠴᠡᠨ ᠢᠷᠡᠭᠡᠳ ᠲᠡᠳᠡᠨᠡᠷ ᠪᠣᠭᠣᠮᠲᠠ ᠶ᠋ᠢ ᠪᠦᠰᠡᠯᠡᠨ ᠳᠠᠭᠠᠷᠢᠨ ᠣᠷᠣᠵᠤ ᠮᠣᠷᠢᠳ ᠢ᠋ ᠪᠤᠯᠢᠶᠠᠨ᠂ ᠨᠣᠢᠷᠮᠤᠭᠯᠠᠨ ᠰᠠᠭᠤᠵᠠᠭᠠᠭᠰᠠᠨ ᠮᠠᠨᠠᠭᠠᠴᠢᠳ ᠨᠦᠬᠡᠨ ᠭᠡᠷ ᠡᠴᠡ ᠪᠡᠨ ᠭᠦᠶᠦᠯᠳᠦᠨ ᠭᠠᠷᠬᠤ ᠳ᠋ᠤᠨᠢ ᠴᠥᠮ ᠢ᠋ ᠴᠠᠪᠴᠢᠯᠠᠨ ᠠᠯᠠᠪᠠ᠃ ᠬᠣᠶᠠᠷᠬᠠᠨ ᠴᠡᠷᠢᠭ ᠠᠮᠢᠳᠤ ᠪᠠᠷᠢᠭᠳᠠᠵᠤ ᠦᠯᠡᠳᠡᠪᠡ᠃ ᠦᠭᠡ ᠠᠰᠠᠭᠤᠬᠤ ᠳ᠋ᠤ᠌ ᠬᠠᠷᠢᠭᠤᠯᠬᠤ ᠦᠭᠡᠢ᠂ ᠲᠣᠯᠣᠭᠠᠢ ᠳ᠋ᠠᠬᠢ ᠦᠰᠦ ᠪᠡᠨ ᠵᠤᠯᠭᠠᠭᠠᠵᠤ ᠭᠠᠰᠠᠯᠤᠨ᠎ᠠ᠃ ᠵᠥᠪᠬᠡᠨ ᠴᠡᠷᠢᠭ ᠦ᠋ᠨ ᠵᠠᠩᠭᠢ ᠳ᠋ᠷᠦᠽᠢᠨ ‍ᠤ᠋ ᠬᠠᠷᠠᠭᠤᠯ ᠤ᠋ᠨ ᠭᠠᠵᠠᠷ ᠭᠡᠵᠦ ᠬᠡᠯᠡᠪᠡ᠃ ᠦᠬᠦᠭᠴᠢᠳ ᠦ᠋ᠨ ᠠᠯᠢ ᠨᠢ ᠴᠣᠬᠣᠮ ᠴᠡᠷᠢᠭ ᠦ᠋ᠨ ᠵᠠᠩᠭᠢ ᠳ᠋ᠷᠦᠽᠢᠨ ᠪᠣᠯᠬᠤ ᠶ᠋ᠢ ᠲᠡᠳᠡᠨᠡᠷ ᠮᠡᠳᠡᠵᠦ ᠴᠢᠳᠠᠭᠰᠠᠨ ᠦᠭᠡᠢ᠃ ᠴᠥᠮ ᠢᠯᠴᠢ ᠬᠣᠪᠴᠠᠰᠤᠲᠠᠢ᠂ ᠪᠣᠭᠣᠨᠢ ᠨᠡᠬᠡᠢ ᠳᠡᠪᠡᠯ᠂ ᠱᠠᠬᠠᠢ ᠡᠮᠦᠰᠦᠭᠰᠡᠨ ᠬᠥᠮᠦᠰ᠂ ᠬᠣᠷᠢᠨ ᠬᠥᠮᠦᠨ ᠲᠡᠢ ᠨᠢᠭᠡᠨ ᠬᠥᠮᠦᠨ (ᠪᠠᠢᠯᠳᠤᠬᠤ) ᠡᠨᠡ ᠲᠡᠩᠴᠡᠭᠦᠷᠢ ᠦᠭᠡᠢ ᠪᠠᠢᠯᠳᠤᠭᠠᠨ ᠳ᠋ᠤ᠌ ᠦᠬᠦᠵᠦ ᠦᠷᠡᠭᠳᠡᠭᠰᠡᠨ ᠪᠠᠢᠯ᠎ᠠ᠃

ᠪᠣᠷᠣᠨᠲᠠᠢ ᠲᠡᠷᠡ ᠪᠣᠭᠣᠮᠲᠠ ᠳᠡᠭᠡᠷ᠎ᠡ ᠳᠠᠪᠬᠢᠨ ᠢᠷᠡᠬᠦ ᠳ᠋ᠦ᠍ ᠨᠢ ᠨᠢᠭᠡ ᠴᠦ᠍ ᠠᠮᠢᠳᠤ ᠣᠷᠣᠰ ᠦᠭᠡᠢ ᠪᠠᠢᠯ᠎ᠠ᠃ ᠪᠣᠷᠣᠨᠲᠠᠢ ᠠ᠋ᠴᠠ ᠺᠤᠢ ᠲᠣᠰᠬᠣᠨ ᠳ᠋ᠤ᠌ ᠪᠠᠢᠭ᠎ᠠ ᠪᠠᠲᠤ ᠬᠠᠭᠠᠨ ᠳ᠋ᠤ᠌ ᠡᠯᠴᠢ ᠨᠤᠭᠦᠳ ᠢ᠋ ᠢᠯᠡᠭᠡᠵᠦ᠂ ᠪᠣᠭᠣᠮᠲᠠ ᠶ᠋ᠢᠨ ᠣᠷᠴᠢᠮ ᠤ᠋ᠨ ᠬᠡᠰᠡᠭᠡᠭᠳᠡᠨ (ᠬᠡᠰᠡᠭ ᠲᠡᠭᠡᠨ᠂ ᠭᠢᠰᠭᠢᠭᠳᠡᠨ ?) ᠲᠠᠷᠠᠳᠠᠭ ᠪᠣᠯᠤᠭᠰᠠᠨ ᠠ᠋ᠴᠠ ᠦᠵᠡᠬᠦ ᠳ᠋ᠦ᠍ ᠣᠢᠷᠠᠯᠴᠠᠭ᠎ᠠ ᠸᠠᠩ ᠬᠸᠤᠷᠬᠢ ᠶ᠋ᠢᠨ ᠴᠡᠷᠢᠭ ᠪᠠᠭᠤᠳᠠᠯᠯᠠᠵᠤ ᠪᠠᠢᠭ᠎ᠠ ᠪᠣᠯᠤᠯᠲᠠᠢ᠂ ᠪᠢ ᠥᠷᠯᠥᠭᠡ ᠪᠣᠯᠲᠠᠯ᠎ᠠ ᠬᠦᠯᠢᠶᠡᠭᠡᠳ ᠦᠷ ᠢ᠋ᠶ᠋ᠡᠷ ᠴᠠᠰᠢ ᠬᠥᠳᠡᠯᠦᠨ᠎ᠡ ᠭᠡᠵᠦ ᠮᠡᠳᠡᠭᠡᠯᠡᠵᠡᠢ᠃

ᠰᠥᠨᠢ ᠲᠤᠷᠰᠢ ᠮᠦᠰᠦ᠋ᠺ ᠭᠤᠷᠪᠠᠨ ᠮᠣᠷᠢᠲᠠᠨ ᠤ᠋ ᠬᠠᠮᠲᠤ ᠳᠠᠬᠢᠨ ᠰᠤᠷᠪᠤᠯᠵᠢᠯᠠᠬᠤ ᠪᠠᠷ ᠭᠠᠷᠤᠭᠠᠳ ᠤᠳᠠᠯ ᠦᠭᠡᠢ ᠬᠥᠯᠳᠡᠭᠰᠡᠨ ᠭᠣᠣᠯ ᠤ᠋ᠨ ᠡᠷᠭᠢ ᠪᠠᠷ ᠬᠠᠭᠠᠯᠪᠤᠷᠢᠯᠠᠭᠳᠠᠭᠰᠠᠨ ᠨᠢᠭᠡᠨ ᠲᠠᠯᠠᠪᠠᠢ ᠳ᠋ᠤ᠌ ᠣᠢᠷᠠᠲᠤᠨ ᠢᠷᠡᠪᠡ᠃ ᠡᠬᠢᠨ ᠦ᠌ ᠨᠥᠭᠦᠭᠡ ᠡᠷᠭᠢ ᠡᠴᠡ ᠬᠠᠭᠤᠴᠢᠨ ᠮᠣᠳᠣᠨ ᠰᠦᠮ᠎ᠡ ᠲᠡᠢ ᠰᠠᠭᠤᠷᠢᠨ ᠦᠷᠭᠦᠯᠵᠢᠯᠡᠨ ᠬᠠᠷᠠᠭᠳᠠᠵᠤ ᠲᠡᠨᠳᠡ ᠮᠣᠷᠢᠲᠠᠢ ᠶᠠᠪᠠᠭᠠᠨ ᠬᠥᠮᠦᠰ ᠶᠠᠪᠤᠬᠤ ᠪᠠ ᠰᠢᠨ᠎ᠡ ᠴᠠᠭᠠᠨ ᠪᠠᠷᠢᠯᠭ᠎ᠠ ᠨᠤᠭᠤᠳ ᠣᠯᠠᠨ ᠬᠠᠷᠠᠭᠳᠠᠵᠤ ᠪᠠᠢᠪᠠ᠃

ᠡᠨᠡ ᠪᠣᠯ ᠸᠠᠩ ᠭᠧᠦᠷᠬᠢ ᠶ᠋ᠢᠨ ᠪᠠᠢᠯᠳᠤᠭᠠᠨ ᠤ᠋ ᠬᠦᠷᠢᠶ᠎ᠡ ᠯᠠᠪ ᠮᠥᠨ ᠭᠡᠵᠦ ᠮᠦᠰᠥ᠋ᠺ ᠪᠣᠳᠣᠭᠠᠳ᠂ ᠭᠠᠴᠤᠷ᠎ᠠ ᠮᠣᠳᠣ ᠶ᠋ᠢᠨ ᠳᠤᠮᠳᠠ ᠨᠢᠭᠤᠭᠳᠠᠨ ᠬᠦᠯᠢᠶᠡᠵᠡᠭᠡᠵᠦ ᠪᠠᠢᠲᠠᠯ᠎ᠠ ᠣᠢ ᠶ᠋ᠢᠨ ᠴᠣᠭᠣᠷᠤᠬᠠᠢ ᠶ᠋ᠢᠨ ᠳᠡᠭᠡᠭᠦᠷ ᠣᠷᠣᠢ ᠶ᠋ᠢᠨ ᠪᠦᠷᠦᠢ ᠰᠤᠭᠤᠨᠠᠭᠯᠠᠵᠤ ᠰᠢᠭᠤᠷᠭ᠎ᠠ ᠴᠥ᠍ ᠨᠡᠮᠡᠭᠳᠡᠪᠡ᠃ ᠮᠥᠩᠭᠥᠨ ᠬᠠᠪᠢᠷᠭᠠᠨ ᠰᠠᠷᠠ ᠭᠠᠴᠤᠷ᠎ᠠ ᠮᠣᠳᠣᠨ ᠤ᠋ ᠣᠷᠣᠢ ᠳᠡᠭᠡᠷ᠎ᠡ ᠡᠴᠡ ᠥᠩᠭᠡᠢᠬᠦ ᠳ᠋ᠦ᠍ ᠲᠡᠨᠳᠡ ᠴᠥᠮ ᠨᠠᠮ ᠭᠦᠮ ᠪᠣᠯᠪᠠ᠃ ᠡᠨᠳᠡ ᠲᠡᠨᠳᠡ ᠬᠠᠶᠠ ᠨᠢᠭᠡ ᠭᠠᠯ ᠤ᠋ᠨ ᠳᠥᠯᠥ ᠰᠦᠮᠡᠯᠵᠡᠨ ᠠᠯᠤᠰ ᠲᠸ᠋ ᠭᠠᠭᠴᠠ ᠬᠣᠶᠠᠷ ᠨᠣᠬᠠᠢ ᠬᠤᠴᠠᠨ᠎ᠠ᠃ ᠭᠠᠯ ᠤ᠋ᠨ ᠭᠡᠷᠡᠯ ᠡᠭᠡᠯᠵᠢᠯᠡᠨ ᠠᠭᠠᠵᠢᠮ ᠢ᠋ᠶ᠋ᠠᠷ ᠤᠨᠲᠠᠷᠠᠵᠠᠭᠠᠪᠠ᠃

ᠲᠣᠰᠬᠣᠨ ᠤ᠋ ᠳᠤᠮᠳᠠᠭᠤᠷ ᠶᠠᠪᠤᠵᠤ ᠥᠩᠭᠡᠷᠡᠬᠦ ᠭᠡᠵᠦ ᠵᠣᠷᠢᠭᠯᠠᠭᠰᠠᠨ ᠮᠦᠰᠥ᠋ᠺ ᠰᠡᠮᠬᠡᠨ ᠮᠣᠷᠳᠠᠨ ᠠᠯᠭᠤᠷ ᠶᠠᠪᠤᠵᠤ ᠬᠠᠷᠠᠩᠭᠤᠢ ᠳ᠋ᠤ᠌ ᠥᠩᠭᠡᠢᠨ ᠱᠠᠭᠠᠢᠵᠤ ᠪᠡᠬᠢᠯᠡᠯᠲᠡ ᠰᠢᠪᠡᠭᠡ ᠶ᠋ᠢ ᠶᠠᠭᠠᠬᠢᠵᠤ ᠪᠠᠢᠭᠤᠯᠤᠭᠰᠠᠨ᠂ ᠬᠠᠮᠢᠭ᠎ᠠ ᠨᠢ ᠳᠠᠭᠠᠷᠢᠨ ᠣᠷᠣᠪᠠᠯ ᠳᠡᠭᠡᠷ᠎ᠡ ᠪᠣᠯᠬᠤ ᠶ᠋ᠢ ᠮᠡᠳᠡᠬᠦ ᠶ᠋ᠢ ᠴᠢᠷᠮᠠᠢᠪᠠ᠃

ᠭᠡᠨᠡᠳᠲᠡ ᠬᠠᠷᠠᠩᠭᠤᠢ ᠠ᠋ᠴᠠ ᠬᠥᠮᠦᠨ ᠦ᠌ ᠳᠠᠭᠤ ᠰᠣᠨᠣᠰᠳᠠᠭᠠᠳ ᠨᠢᠭᠡᠨ ᠥᠨᠳᠥᠷ ᠬᠥᠮᠦᠨ ᠮᠠᠰᠢ ᠲᠦᠷᠭᠡᠨ ᠢ᠋ᠶ᠋ᠡᠷ ᠤᠭᠲᠤᠨ ᠢᠷᠡᠵᠦ ᠶᠠᠪᠤᠯ᠎ᠠ᠃ ᠮᠦᠰᠥ᠋ᠺ ᠮᠣᠷᠢ ᠶ᠋ᠢ ᠡᠷᠭᠢᠭᠦᠯᠵᠦ ᠨᠥᠬᠥᠳ ᠤᠷᠤᠭᠤ ᠪᠠᠨ ᠳᠠᠪᠬᠢᠪᠠ᠂ ᠬᠣᠢᠨ᠎ᠠ ᠠ᠋ᠴᠠ ᠨᠢ ᠨᠡᠬᠡᠵᠦ ᠶᠠᠪᠤᠭ᠎ᠠ ᠪᠠᠢᠬᠤ ᠭᠡᠵᠦ ᠠᠶᠤᠪᠠᠴᠤ ᠣᠢ ᠳᠣᠲᠣᠷ᠎ᠠ ᠣᠷᠣᠭᠰᠠᠨ ᠬᠣᠢᠨ᠎ᠠ ᠪᠠᠨ ᠴᠥᠮ ᠨᠠᠮ ᠭᠦᠮ ᠪᠠᠢᠵᠠᠢ᠃

ᠪᠣᠷᠤᠨᠲᠠᠢ ᠣᠲ᠋ᠷᠢᠶᠠᠳ᠋ ᠢ᠋ᠶ᠋ᠠᠨ ᠮᠦᠰᠥ᠋ᠺ ᠦ᠋ᠨ ᠣᠯᠤᠭᠰᠠᠨ ᠰᠠᠭᠤᠷᠢᠨ ᠳᠠᠰᠢ ᠤᠯᠠᠮ ᠣᠢᠷᠠᠲᠤᠭᠤᠯᠪᠠ᠃ ᠴᠡᠷᠢᠭ ᠦ᠋ᠳ ᠪᠦᠬᠦᠢᠯᠡ ᠰᠥᠨᠢ ᠶ᠋ᠢᠨ ᠲᠤᠷᠰᠢ ᠮᠣᠷᠢᠳ ᠤ᠋ᠨ ᠳᠡᠷᠭᠡᠳᠡ ᠴᠠᠰᠤᠨ ᠳᠡᠭᠡᠷ᠎ᠡ ᠰᠠᠭᠤᠵᠠᠭᠠᠪᠠ᠃

ᠰᠥᠨᠢ ᠰᠠᠯᠬᠢ ᠳᠡᠭᠳᠡᠨ ᠥᠳᠬᠡᠨ ᠴᠠᠰᠤ ᠣᠷᠣᠪᠠ᠃ ᠰᠠᠯᠬᠢ ᠱᠤᠤᠭᠢᠵᠤ ᠭᠠᠴᠤᠷ᠎ᠠ ᠮᠣᠳᠣᠨ ᠤ᠋ ᠣᠷᠣᠢ ᠭᠠᠩᠬᠤᠨ ᠱᠠᠭᠢᠨ᠎ᠠ᠃ ᠰᠢᠭᠤᠷᠭᠠᠨ ᠳ᠋ᠤ᠌ ᠦᠷ ᠴᠠᠢᠬᠤ ᠬᠢᠷᠢ ᠳ᠋ᠦ᠍《ᠮᠣᠷᠢᠳ ᠳᠠᠭᠠᠨ ᠬᠡᠳᠦᠨ ᠠᠳᠬᠤ ᠪᠤᠳᠠᠭ᠎ᠠ ᠥᠭᠴᠦ ᠵᠡᠪᠰᠡᠭ ᠢ᠋ ᠰᠢᠯᠭᠠᠭᠲᠤᠨ᠂ ᠨᠢᠯᠬ᠎ᠠ ᠬᠡᠦᠬᠡᠳ ᠦᠳᠡᠯᠡᠬᠦ (ᠥᠲᠡᠯᠬᠦ) ᠪᠣᠯᠲᠠᠯ᠎ᠠ ᠤᠳᠠᠭᠠᠨ ᠢ᠋ᠶ᠋ᠠᠷ ᠡᠨᠳᠡ ᠪᠢᠳᠡ ᠪᠠᠢᠯᠳᠤᠨ᠎ᠠ᠂ ᠬᠠᠷᠢᠨ ᠭᠡᠳᠡᠷᠭᠦ ᠪᠤᠴᠠᠬᠤ ᠦᠭᠡᠢ ᠰᠢᠦ》 ᠭᠡᠵᠦ ᠲᠤᠰᠢᠶᠠᠵᠠᠢ᠃

  ᠦᠰᠦᠭ ᠠᠮᠢᠯᠠᠭᠤᠯᠤᠭᠴᠢ᠄ ᠪᠠᠶᠠᠨᠴᠡᠴᠡᠭ 2᠂ ᠬᠦᠦᠳᠠᠭᠠᠭᠤᠯ 1᠂ ᠮᠡᠷᠭᠡᠨᠭᠣᠸ᠎ᠠ 1
  ᠶᠡᠷᠦᠩᠬᠡᠢ ᠬᠢᠨᠠᠭᠴᠢ᠄ ᠠᠯᠲᠠᠨᠴᠢᠮᠡᠭ 4᠂ ᠠᠷᠢᠭᠤᠨ 4