ᠪᠠᠲᠤ ᠬᠠᠭᠠᠨ 8-08ᠪᠠᠲᠤ ᠶ᠋ᠢᠨ ᠵᠠᠮ-ᠰᠢᠭᠤᠷᠭ᠎ᠠ ᠲᠠᠯᠪᠢᠪᠠBat khaan Бат хаан-ᠷᠣᠮᠠᠨ
ᠨᠠᠢ᠍ᠮᠠ᠂ ᠪᠠᠲᠤ ᠶ᠋ᠢᠨ ᠵᠠᠮ
ᠢᠵᠢᠯ ᠮᠥᠷᠡᠨ ᠦ᠌ ᠡᠬᠡ ᠣᠢ ᠨᠠᠮᠤᠭ ᠢ᠋ᠶ᠋ᠠᠷ ᠣᠷᠣᠰ ᠬᠡᠳᠦᠢᠨ ᠡᠴᠡ ᠨᠤᠲᠤᠭᠯᠠᠭᠰᠠᠭᠠᠷ ᠢᠷᠡᠪᠡ᠃ ᠪᠠᠲᠤ ᠶ᠋ᠢᠨ ᠪᠠᠢᠯᠳᠤᠭᠠᠨ ᠤ᠋ ᠳᠣᠮᠣᠭ ᠲᠡᠨᠳᠡ ᠬᠠᠭᠤᠴᠢᠷᠠᠭ᠎ᠠ ᠦᠭᠡᠢ᠃ ᠪᠠᠲᠤ ᠶ᠋ᠢᠨ ᠶᠠᠪᠤᠭᠰᠠᠨ ᠵᠠᠮ ᠢ᠋ ᠴᠦ᠍ ᠦᠵᠡᠭᠦᠯᠦᠨ᠎ᠡ᠂ ᠲᠡᠨᠳᠡ ᠬᠠᠭᠤᠴᠢᠨ ᠤ᠋ ᠣᠷᠣᠰ ᠪᠣᠢ᠃
( ᠢ᠊᠂ ᠮᠸᠯᠢᠨᠢᠺᠣᠸ — ᠫᠸᠴᠸᠷᠰᠺᠢ 《ᠣᠢ ᠳᠣᠲᠣᠷ᠎ᠠ》)
ᠲᠠᠲ᠋ᠠᠷ ᠴᠡᠷᠢᠭ᠂ ᠸᠯᠠᠳᠢᠮᠢᠷ ᠰᠥᠽᠳᠠᠯᠢᠰᠺ ᠢ᠋ ᠳᠠᠷᠤᠭᠠᠳ ᠭᠤᠷᠪᠠᠨ ᠵᠠᠮ ᠢ᠋ᠶ᠋ᠠᠷ ᠥᠷᠥᠨ᠎ᠡ ᠤᠮᠠᠷ᠎ᠠ ᠵᠦᠭ ᠲᠦ᠍ ᠬᠥᠳᠡᠯᠦᠭᠰᠡᠨ ᠪᠠ ᠲᠦᠮᠡᠲᠦ ᠶ᠋ᠢᠨ ᠳᠠᠷᠤᠭ᠎ᠠ ᠪᠤᠷᠤᠨᠳᠠᠢ ᠶ᠋ᠢᠨ ᠳᠠᠭᠠᠭᠠᠭᠰᠠᠨ ᠨᠢᠭᠡᠨ ᠰᠠᠯᠪᠤᠷᠢ ᠰᠦᠽᠳᠠᠯᠢ᠂ ᠶᠦᠷᠶᠸᠸ᠂ ᠫᠸᠢ᠍ᠶᠡᠰᠯᠡᠸᠯᠢ — ᠰᠺᠨᠢᠶᠡᠲ᠋ᠢᠨ᠂ ᠺᠰᠢᠩ ᠤᠷᠤᠭᠤ ᠴᠢᠭᠯᠡᠪᠡ( ᠺᠠᠯᠶᠠᠽᠢᠨ ᠬᠣᠲᠠ ᠬᠣᠵᠢᠮ ᠠᠷᠪᠠᠨ ᠲᠠᠪᠤᠳᠤᠭᠠᠷ ᠵᠠᠭᠤᠨ ᠳ᠋ᠤ᠌ ᠪᠠᠢᠭᠤᠯᠤᠭᠳᠠᠭᠰᠠᠨ)᠃ ᠲᠡᠨᠳᠡ ᠡᠴᠡ ᠪᠸᠵᠸᠼ᠂ ᠤᠯᠠᠭᠠᠨ ᠳᠠᠪᠠᠭᠠᠨ ᠤ᠋ ᠵᠦᠭ ᠬᠥᠳᠡᠯᠪᠡ᠃
ᠪᠠᠲᠤ ᠬᠠᠭᠠᠨ ᠤ᠋ ᠣᠲ᠋ᠷᠢᠶᠠᠳ᠋ ᠦᠭᠯᠢᠴᠢ ᠬᠣᠲᠠᠨ ᠳ᠋ᠤ᠌ ᠬᠦᠷᠦᠭᠡᠳ ᠴᠠᠰᠢ ᠺᠤᠷᠤᠵᠸᠸᠢ᠍ᠴ ᠭᠣᠣᠯ ᠢ᠋ ᠥᠭᠰᠥᠨ ᠣᠢ ᠰᠢᠭᠤᠢ ᠳ᠋ᠠᠬᠢ ᠺᠣᠢ ᠭᠡᠳᠡᠭ ᠲᠣᠰᠬᠣᠨ ᠬᠦᠷᠪᠡ᠃ ᠶᠡᠬᠡ ᠴᠡᠷᠢᠭ ᠦ᠋ᠨ ᠭᠤᠷᠪᠠᠳᠤᠭᠠᠷ ᠣᠲ᠋ᠷᠢᠶᠠᠳ᠋ ᠮᠢᠢ᠍ᠱᠺᠢᠨ ᠬᠣᠲᠠ ᠶ᠋ᠢ ᠴᠢᠭᠯᠡᠨ ᠶᠠᠪᠤᠵᠤ ᠲᠡᠨᠳᠡ ᠡᠴᠡ ᠣᠢ ᠶ᠋ᠢᠨ ᠵᠠᠮ ᠢ᠋ᠶ᠋ᠠᠷ ᠮᠤᠯᠤᠭᠠ ᠭᠣᠣᠯ ᠤ᠋ᠨ ᠡᠬᠢ ᠥᠭᠡᠳᠡ ᠵᠣᠷᠢᠪᠠ᠃
ᠲᠠᠲ᠋ᠠᠷ ᠤ᠋ᠳ ᠵᠠᠮ ᠳᠠᠭᠠᠤ ᠪᠠᠷᠢᠭᠳᠠᠭᠰᠠᠨ ᠲᠠᠷᠢᠶᠠᠴᠢᠳ ᠢ᠋ ᠭᠠᠯ ᠳ᠋ᠤ᠌ ᠰᠢᠷᠠᠵᠤ ᠲᠠᠷᠴᠢᠯᠠᠵᠤ (ᠲᠠᠷᠴᠢᠯᠭᠠᠵᠤ)᠂ ᠸᠠᠩ ᠭᠸᠤᠷᠬᠢ ᠸᠯᠠᠳᠢᠮᠢᠷ ᠤ᠋ᠨ ᠴᠡᠷᠢᠭ ᠦ᠋ᠨ ᠰᠠᠭᠤᠷᠢ ᠬᠣᠷᠢᠶ᠎ᠠ ᠬᠠᠮᠢᠭ᠎ᠠ ᠪᠠᠢᠭ᠎ᠠ ᠶ᠋ᠢ ᠣᠯᠵᠤ ᠮᠡᠳᠡᠬᠦ ᠶ᠋ᠢ ᠣᠷᠣᠯᠳᠣᠪᠠ᠃
ᠲᠠᠲ᠋ᠠᠷ ᠤ᠋ᠳ ᠤ᠋ᠨ ᠴᠡᠷᠢᠭ ᠦ᠋ᠨ ᠵᠢᠵᠢᠭ ᠰᠠᠯᠪᠤᠷᠢ ᠣᠲ᠋ᠷᠢᠶᠠᠳ᠋ ᠤ᠋ᠳ ᠪᠠᠲᠤ ᠬᠠᠭᠠᠨ ᠤ᠋ ᠲᠤᠰᠢᠶᠠᠯ ᠢ᠋ᠶ᠋ᠠᠷ ᠸᠯᠠᠳᠢᠮᠢᠷ ᠤ᠋ᠨ ᠸᠠᠩᠲᠤ ᠤᠯᠤᠰ ᠤ᠋ᠨ ᠶᠡᠬᠡ ᠨᠤᠲᠤᠭ ᠢ᠋ ᠰᠦᠢᠳᠬᠡᠬᠦ ᠪᠡᠷ ᠳᠠᠷᠤᠨ ᠶᠠᠪᠤᠪᠠ᠃ ᠡᠳᠡᠨᠠᠷ ᠵᠠᠮ ᠳ᠋ᠤ᠌ ᠲᠣᠬᠢᠶᠠᠯᠳᠤᠬᠤ ᠬᠣᠲᠠ ᠲᠣᠰᠬᠣᠨ ᠨᠤᠭᠤᠳ ᠢ᠋ ᠦᠯᠡᠳᠡᠭᠡᠭᠰᠡᠨ ᠦᠭᠡᠢ ᠰᠢᠲᠠᠭᠠᠨ ᠰᠦᠢᠳᠬᠡᠵᠦ ᠶᠠᠪᠤᠯ᠎ᠠ᠃ ᠭᠤᠷᠪᠠᠳᠤᠭᠠᠷ ᠰᠠᠷ᠎ᠠ ᠳ᠋ᠤ᠌ ᠪᠠᠲᠤ ᠬᠠᠭᠠᠨ ᠣᠢ ᠮᠣᠳᠣᠨ ᠳ᠋ᠠᠬᠢ ᠺᠣᠢ ᠲᠣᠰᠬᠣᠨ ᠳ᠋ᠤ᠌ ᠪᠠᠭᠤᠳᠠᠯᠯᠠᠵᠤ ᠪᠠᠢᠪᠠ᠃ ᠡᠨᠳᠡ ᠬᠠᠪᠤᠷ ᠤᠰᠤ ᠪᠠᠷ ᠲᠡᠭᠡᠭᠡᠪᠦᠷᠢᠯᠡᠬᠦ ᠭᠡᠵᠦ ᠪᠡᠯᠡᠳᠬᠡᠭᠰᠡᠨ ᠶᠡᠬᠡ ᠡᠪᠡᠰᠦ ᠶ᠋ᠢ ᠡᠳᠡᠨᠠᠷ ᠣᠯᠤᠭᠰᠠᠨ ᠪᠠᠢᠵᠠᠢ᠃
ᠲᠦᠮᠡᠲᠦ ᠶ᠋ᠢᠨ ᠨᠣᠶᠠᠨ ᠪᠣᠷᠣᠨᠳᠠᠢ ᠪᠸᠵᠸᠼᠺᠸ ᠲᠣᠰᠬᠣᠨ ᠳ᠋ᠤ᠌ ᠰᠠᠭᠤᠵᠤ ᠪᠠᠢᠪᠠ᠂ ᠭᠦᠨ ᠣᠢ ᠳ᠋ᠤ᠌ ᠨᠢᠭᠡᠨ ᠭᠠᠵᠠᠷ ᠶᠡᠬᠡ ᠸᠠᠩ ᠭᠸᠤᠷᠬᠢ ᠶ᠋ᠢᠨ ᠴᠡᠷᠢᠭ ᠦ᠋ᠨ ᠬᠦᠴᠦᠨ ᠴᠤᠭᠯᠠᠷᠠᠨ ᠪᠠᠢᠭ᠎ᠠ ᠶ᠋ᠢ ᠡᠨᠡ ᠬᠣᠶᠠᠷ ᠮᠡᠳᠡᠭᠰᠡᠭᠡᠷ ᠪᠠᠢᠪᠠ᠃
ᠮᠢᠩᠭᠠᠲᠤ ᠶ᠋ᠢᠨ ᠨᠣᠶᠠᠳ ᠤ᠋ᠨ ᠴᠢᠭᠤᠯᠭᠠᠨ ᠳᠡᠭᠡᠷ᠎ᠡ ᠪᠠᠲᠤ ᠬᠠᠭᠠᠨ᠂
— ᠣᠷᠣᠰ ᠤ᠋ᠨ ᠴᠡᠷᠢᠭ ᠤ᠋ᠨ ᠭᠣᠣᠯ ᠬᠦᠴᠦ ᠶ᠋ᠢ ᠪᠢ ᠨᠢᠭᠡᠨ ᠲᠤᠯᠤᠯᠳᠤᠭᠠᠨ ᠢ᠋ᠶ᠋ᠠᠷ ᠳᠠᠷᠤᠨ ᠰᠥᠨᠥᠭᠡᠬᠦ ᠶᠣᠰᠣᠲᠠᠢ᠂ ᠡᠰᠡ ᠲᠡᠭᠡᠪᠡᠯ ᠪᠢᠳᠡ ᠥᠪᠡᠷᠰᠡᠳ ᠢ᠋ᠶ᠋ᠡᠨ ᠡᠨᠡ ᠶᠡᠬᠡ ᠴᠠᠰᠤ᠂ ᠣᠢ ᠶ᠋ᠢᠨ ᠰᠢᠷᠢᠩᠭᠢ ᠨᠠᠮᠤᠭ ᠳᠤᠮᠳᠠ ᠠᠯᠳᠠᠷ ᠦᠭᠡᠢ ᠪᠡᠷ ᠦᠬᠦᠵᠦ ᠦᠷᠡᠭᠳᠡᠨ᠎ᠡ᠃ ᠲᠠᠨᠠᠷ ᠠᠮᠢ ᠪᠡᠶ᠎ᠡ ᠪᠡᠨ ᠬᠠᠢᠷᠠᠯᠠᠯ ᠦᠭᠡᠢ ᠪᠠᠢᠯᠳᠤᠬᠤ ᠬᠡᠷᠡᠭᠲᠡᠢ᠃ ᠣᠷᠣᠰ ᠤ᠋ᠨ ᠡᠨᠡ ᠭᠣᠣᠯ ᠬᠦᠴᠦ ᠶ᠋ᠢ ᠤᠰᠠᠳᠬᠠᠪᠠᠯ ᠥᠭᠡᠷ᠎ᠡ ᠨᠢᠭᠡ ᠴᠦ᠍ ᠠᠶᠤᠯᠲᠠᠢ ᠳᠠᠢᠰᠤᠨ ᠦᠯᠡᠳᠡᠬᠦ ᠦᠭᠡᠢ ᠲᠤᠯᠠ ᠪᠢ ᠣᠷᠣᠰ ᠤ᠋ᠨ ᠪᠦᠬᠦ ᠭᠠᠵᠠᠷ ᠨᠤᠲᠤᠭ ᠤ᠋ᠨ ᠭᠠᠭᠴᠠ ᠡᠵᠡᠨ ᠨᠢ ᠪᠣᠯᠤᠨ᠎ᠠ᠃ ᠤᠷᠲᠤ ᠰᠠᠬᠠᠯ ᠲᠠᠢ ᠪᠠᠭᠠᠪᠠᠭᠠᠢ ᠨᠤᠭᠤᠳ ᠤ᠋ᠨ ᠣᠷᠣᠨ ᠴᠢᠮᠡᠭᠡ ᠲᠠᠰᠤᠷᠠᠨ ᠰᠥᠨᠥᠵᠦ ᠨᠠᠳᠠᠳᠤ ᠨᠢᠳᠦ ᠠᠨᠢᠨ ᠪᠢᠰᠢᠷᠡᠬᠦ ᠶᠠᠪᠤᠳᠠᠯ ᠳᠡᠯᠭᠡᠷᠡᠨ᠎ᠡ᠁ ᠬᠥᠮᠦᠨ ᠪᠦᠬᠦᠨ ᠦ᠌ ᠳᠡᠭᠡᠳᠦᠰ ᠪᠣᠯᠤᠭᠰᠠᠨ ᠮᠢᠨᠦ ᠡᠪᠦᠭᠡ ᠡᠴᠢᠭᠡ《ᠶᠡᠬᠡ ᠪᠣᠭᠳᠠ》ᠢᠩᠭᠢᠵᠦ ᠵᠠᠬᠢᠵᠤ ᠰᠤᠷᠭᠠᠵᠤ ᠪᠠᠢᠭᠰᠠᠨ ᠪᠠ ᠥᠪᠡᠷ ᠢ᠋ᠶ᠋ᠡᠨ ᠴᠦ᠍ ᠲᠡᠭᠡᠵᠦ ᠪᠠᠢᠭᠰᠠᠨ ᠶᠤᠮ᠃ ᠮᠠᠷᠭᠠᠰᠢ ᠮᠣᠩᠭᠣᠯᠴᠤᠳ ᠤ᠋ᠨ ᠨᠡᠷ᠎ᠡ ᠶ᠋ᠢᠨ ᠶᠡᠬᠡ ᠮᠠᠨᠳᠤᠯ ᠪᠣᠯᠬᠤ ᠪᠤᠶᠤ ᠡᠰᠡᠪᠡᠯ ᠶᠡᠬᠡ ᠭᠤᠲᠤᠮᠰᠢᠭᠲᠤ ᠡᠳᠦᠷ ᠪᠣᠯᠤᠨ᠎ᠠ᠃
— ᠭᠤᠲᠤᠮᠰᠢᠭ ᠤ᠋ᠨ ᠡᠳᠦᠷ ᠪᠣᠯᠬᠤ ᠦᠭᠡᠢ! ᠭᠡᠵᠦ ᠮᠢᠩᠭᠠᠨ ᠤ᠋ ᠨᠣᠶᠠᠨ ᠤᠭᠲᠤᠨ ᠬᠠᠷᠢᠭᠤᠯᠪᠠ᠃
— ᠸᠠᠩ ᠭᠸᠤᠷᠬᠢ ᠶ᠋ᠢ ᠳᠠᠷᠤᠭᠠᠳ ᠪᠢᠳᠡ ᠠᠮᠠᠷᠠᠬᠤ ᠦᠭᠡᠢ᠂ ᠪᠢᠳᠡ ᠲᠡᠨᠳᠡ ᠡᠴᠡ ᠣᠷᠣᠰ ᠤ᠋ᠨ ᠬᠠᠮᠤᠭ ᠤ᠋ᠨ ᠪᠠᠶᠠᠨ ᠬᠣᠲᠠ ᠨᠣᠸᠭᠤᠷᠤᠳ᠋ ᠤ᠋ᠨ ᠵᠦᠭ ᠶᠡᠬᠡ ᠵᠠᠮ ᠤᠷᠤᠭᠤ ᠵᠢᠯᠣᠭᠣ ᠪᠠᠨ ᠵᠠᠯᠠᠨ᠎ᠠ᠃ ᠲᠡᠷᠡ ᠵᠦᠭ ᠲᠦ᠍ ᠲᠤᠩ ᠬᠤᠷᠳᠤᠪᠴᠢᠯᠠᠨ ᠳᠣᠪᠲᠣᠯᠵᠤ ᠭᠣᠣᠯ ᠤ᠋ᠨ ᠮᠥᠰᠥ ᠬᠥᠯᠳᠡᠬᠦ ᠶ᠋ᠢᠨ ᠡᠮᠦᠨ᠎ᠡ ᠬᠦᠷᠬᠦ ᠬᠡᠷᠡᠭᠲᠡᠢ ᠭᠡᠪᠡ᠃
— ᠢᠩᠭᠢᠭᠡᠳ ᠶᠠᠭᠠᠬᠢᠬᠤ ᠪᠣᠢ? ᠭᠡᠵᠦ ᠨᠢᠭᠡᠨ ᠮᠢᠩᠭᠠᠨ ᠤ᠋ ᠨᠣᠶᠠᠨ ᠠᠰᠠᠭᠤᠪᠠ᠃
— ᠲᠡᠭᠡᠭᠡᠳ ᠴᠠᠳᠲᠠᠯ᠎ᠠ ᠢᠳᠡᠵᠦ ᠤᠤᠭᠤᠭᠠᠳ᠂ ᠡᠬᠡᠨᠡᠷ ᠦ᠋ᠳ ᠦ᠋ᠨ ᠬᠦᠢᠰᠦᠨ ᠳᠡᠭᠡᠷ᠎ᠡ ᠠᠮᠠᠷᠠᠵᠠᠭᠠᠭᠰᠠᠨ ᠤ᠋ ᠳᠠᠷᠠᠭ᠎ᠠ ᠮᠦᠱᠺᠡᠹᠢ ᠶ᠋ᠢᠨ ᠶᠡᠬᠡᠮᠰᠦᠭ ᠬᠤᠳᠠᠯᠳᠤᠭᠠᠴᠢᠨ ᠤ᠋ ᠨᠤᠲᠤᠭ ᠲᠸ᠋ ᠣᠴᠢᠨ᠎ᠠ᠂ ᠲᠡᠭᠡᠬᠦ ᠳ᠋ᠦ᠍ ᠬᠣᠲᠠ ᠨᠤᠭᠤᠳ ᠨᠤᠸᠭᠤᠷᠤᠳ᠋ ᠠ᠋ᠴᠠ ᠢᠯᠡᠭᠦᠦ ᠪᠠᠶᠠᠯᠢᠭ ᠶᠤᠮ᠃ ᠬᠠᠳ᠋ᠵᠢ ᠷᠡᡁᠢᠮ ᠠ᠋᠂ ᠲᠡᠷᠡ ᠬᠣᠲᠠ ᠨᠤᠭᠤᠳ ᠶᠠᠮᠠᠷ ᠶᠠᠮᠠᠷ ᠨᠡᠷ᠎ᠡ ᠨᠦ᠍ᠭᠦᠳ ᠲᠡᠢ ᠪᠠᠢᠯ᠎ᠠ?
— ᠯᠶᠦ᠋ᠪᠸᠺ᠂ ᠭᠠᠮᠪᠦ᠋ᠷᠭ᠌᠂ ᠪᠷᠶᠦᠬ᠌ᠸᠢ ᠭᠡᠵᠦ ᠠᠶᠠᠷᠬᠠᠨ ᠬᠠᠷᠢᠭᠤᠯᠪᠠ᠃
— ᠮᠥᠨ᠂ ᠮᠥᠨ᠂ ᠪᠢ ᠡᠨᠡ ᠬᠣᠲᠠ ᠨᠤᠭᠤᠳ ᠢ᠋ ᠴᠥᠮ ᠢ᠋ ᠲᠡᠢᠨ ᠦ᠌ ᠪᠡᠨ ᠪᠡᠭᠡᠯᠡᠢ ᠳ᠋ᠦ᠍ ᠬᠢᠨ᠎ᠡ᠃ ᠭᠡᠪᠡᠴᠦ ᠪᠢᠳᠡ ᠤᠷᠢᠳᠠᠪᠡᠷ ᠣᠷᠣᠰ ᠤ᠋ᠨ ᠸᠠᠩ ᠭᠸᠤᠷᠬᠢ ᠶ᠋ᠢ ᠤᠰᠠᠳᠬᠠᠬᠤ ᠬᠡᠷᠡᠭᠲᠡᠢ ᠪᠠᠢᠨ᠎ᠠ᠃
ᠦᠰᠦᠭ ᠠᠮᠢᠯᠠᠭᠤᠯᠤᠭᠴᠢ᠄ ᠮᠡᠷᠭᠡᠨᠭᠣᠣ᠎ᠠ 1᠂ ᠬᠡᠷᠡᠶ᠋ᠢᠳ ᠂ ᠮᠥᠩᠬᠡᠨᠠᠰᠤᠨ 1
ᠶᠡᠷᠦᠩᠬᠡᠢ ᠬᠢᠨᠠᠭᠴᠢ᠄ ᠠᠯᠲᠠᠨᠴᠢᠮᠡᠭ 2᠂ ᠠᠷᠢᠭᠤᠨ 2
