ᠪᠠᠲᠤ ᠬᠠᠭᠠᠨ 8-07 ᠪᠠᠲᠤ ᠬᠠᠭᠠᠨ ᠤ᠋ ᠵᠡᠭᠦᠳᠦ-ᠰᠢᠭᠤᠷᠭ᠎ᠠ ᠲᠠᠯᠪᠢᠪᠠBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 8-07 ᠪᠠᠲᠤ ᠬᠠᠭᠠᠨ ᠤ᠋ ᠵᠡᠭᠦᠳᠦ-ᠰᠢᠭᠤᠷᠭ᠎ᠠ ᠲᠠᠯᠪᠢᠪᠠBat khaan Бат хаан-ᠷᠣᠮᠠᠨ

ᠪᠠᠲᠤ ᠬᠠᠭᠠᠨ 8-07 ᠪᠠᠲᠤ ᠬᠠᠭᠠᠨ ᠤ᠋ ᠵᠡᠭᠦᠳᠦ-ᠰᠢᠭᠤᠷᠭ᠎ᠠ ᠲᠠᠯᠪᠢᠪᠠBat khaan Бат хаан-ᠷᠣᠮᠠᠨ

ᠠᠩᠭᠢᠯᠠᠯ:ᠲᠤᠭᠤᠵᠢ ᠷᠣᠮᠠᠨ
2025-12-02

141

ᠳᠣᠯᠣᠭ᠎ᠠ ᠂ ᠪᠠᠲᠤ ᠬᠠᠭᠠᠨ ᠤ᠋ ᠵᠡᠭᠦᠳᠦ


ᠲᠦᠢᠮᠡᠷ ᠦ᠋ᠨ ᠳᠥᠯᠥ ᠤᠯᠠᠯᠵᠠᠵᠤ ᠪᠠᠢᠬᠤ ᠳ᠋ᠤ᠌ ᠮᠣᠩᠭᠣᠯᠴᠤᠳ ᠥᠭᠯᠢᠴᠢ ᠡᠴᠡ ᠭᠠᠷᠴᠤ ᠶᠠᠪᠤᠪᠠ᠃ ᠬᠡᠢᠳ ᠢ᠋ ᠵᠦᠭ ᠪᠦᠬᠦᠨ ᠡᠴᠡ ᠰᠢᠲᠠᠭᠠᠭᠰᠠᠨ ᠨᠢ ᠵᠠᠳᠠᠭᠠᠢ ᠭᠠᠯ ᠮᠡᠲᠦ ᠰᠢᠲᠠᠨ᠎ᠠ᠂ ᠯᠠᠮ᠎ᠠ ᠨᠠᠷ ᠭᠦᠶᠦᠯᠳᠦᠨ ᠰᠠᠪᠠ ᠲᠠᠢ ᠠᠷᠢᠬᠢ ᠪᠠ ᠢᠳᠡᠰᠢ ᠪᠣᠯᠤᠨ ᠪᠤᠷᠬᠠᠨ ᠢ᠋ᠶ᠋ᠠᠨ ᠠᠪᠴᠤ ᠭᠠᠷᠭᠠᠨ᠎ᠠ᠂《 ᠣᠷᠣᠰ ᠤ᠋ᠳ ᠤ᠋ᠨ ᠪᠥᠬᠡ ᠨᠠᠷ ᠢ᠋ ᠠᠯᠠᠵᠤ ᠪᠣᠯᠬᠤ ᠦᠭᠡᠢ᠂ ᠭᠣᠮᠣᠳᠠᠭᠠᠵᠤ ᠪᠣᠯᠬᠤ ᠦᠭᠡᠢ 》ᠭᠡᠰᠡᠨ ᠪᠠᠲᠤ ᠬᠠᠭᠠᠨ ᠤ᠋ ᠬᠠᠲᠠᠭᠤ ᠲᠤᠰᠢᠶᠠᠯ ᠤ᠋ᠨ ᠶᠣᠰᠣᠭᠠᠷ ᠮᠣᠩᠭᠣᠯ ᠤ᠋ᠨ ᠴᠡᠷᠢᠭ ᠦ᠋ᠳ ᠯᠠᠮ᠎ᠠ ᠨᠠᠷ ᠲᠸ᠋ ᠭᠠᠷ ᠬᠦᠷᠦᠭᠰᠡᠨ ᠦᠭᠡᠢ᠃ ᠬᠠᠷᠢᠨ ᠵᠠᠭᠤᠲᠤ ᠶ᠋ᠢᠨ ᠨᠣᠶᠠᠨ ᠤ᠋ ᠠᠵᠢᠭ ᠠᠪᠤᠭ᠎ᠠ ᠦᠭᠡᠢ ᠵᠠᠪᠰᠢᠶᠠᠨ ᠲᠣᠬᠢᠶᠠᠯᠳᠤᠬᠤ ᠳ᠋ᠤ᠌ ᠯᠠᠮ᠎ᠠ ᠨᠠᠷ ᠠ᠋ᠴᠠ ᠳᠤᠯᠠᠭᠠᠨ ᠰᠠᠢᠨ ᠬᠤᠪᠴᠠᠰᠤ ᠵᠡᠷᠭᠡ ᠶ᠋ᠢ ᠲᠠᠢᠯᠵᠤ ᠠᠪᠴᠢᠬᠠᠳᠠᠭ ᠪᠠᠢᠪᠠ᠃

ᠪᠠᠲᠤ ᠬᠠᠭᠠᠨ ᠰᠦᠮ᠎ᠡ ᠶ᠋ᠢᠨ ᠬᠠᠭᠤᠴᠢᠨ ᠵᠥᠭᠡᠢ ᠶ᠋ᠢᠨ ᠪᠠᠯ ᠲᠠᠢ ᠠᠷᠢᠬᠢ ᠠ᠋ᠴᠠ ᠪᠣᠯᠵᠤ ᠣᠷᠴᠢᠨ ᠲᠣᠭᠣᠷᠢᠨ ᠳ᠋ᠤ᠌ ᠶᠠᠭᠤ ᠪᠣᠯᠵᠤ ᠪᠠᠢᠭ᠎ᠠ ᠶ᠋ᠢ ᠮᠠᠭᠤ ᠮᠡᠳᠡᠨ᠎ᠡ᠂ ᠶᠡᠬᠡ ᠯᠠᠮ᠎ᠠ ᠶ᠋ᠢᠨ ᠠᠪᠴᠢᠷᠠᠵᠤ ᠥᠭᠭᠦᠭᠰᠡᠨ ᠲᠣᠮᠣ ᠦᠰᠦᠲᠡᠢ ᠳᠡᠪᠡᠯ ᠳ᠋ᠦ᠍ ᠪᠠᠲᠤ ᠬᠠᠭᠠᠨ ᠢ᠋ ᠠᠶᠠᠲᠠᠢ ᠰᠠᠢᠨ ᠣᠷᠢᠶᠠᠬᠤ ᠪᠠᠷ ᠰᠥᠪᠡᠭᠡᠴᠡᠢ ᠪᠠᠭᠠᠲᠤᠷ ᠲᠤᠰᠢᠶᠠᠵᠤ ᠲᠡᠭᠦᠨ ᠢ᠋ ᠡᠪᠡᠰᠦ ᠳᠡᠪᠢᠰᠦᠭᠰᠡᠨ ᠡᠷᠢᠶᠡᠨ ᠪᠣᠳᠣᠭ ᠲᠠᠢ ᠴᠢᠷᠭᠠᠨ ᠳ᠋ᠤ᠌ ᠬᠡᠪᠲᠡᠭᠦᠯᠵᠦ ᠳᠡᠷᠭᠡᠳᠡ ᠣᠷᠢᠶᠠᠯᠲᠠ ᠪᠠᠷ ᠪᠣᠭᠣᠭᠰᠠᠨ ᠶᠥᠯᠳᠦ᠋ᠽ ᠢ᠋ ᠰᠠᠭᠤᠯᠭᠠᠪᠠ᠃

ᠬᠢᠲᠠᠳ ᠥᠬᠢᠨ ᠢ ᠯᠡ ᠾᠧ ᠥᠭᠡᠷ᠎ᠡ ᠠᠴᠢᠶᠠᠨ ᠳᠡᠭᠡᠷ᠎ᠡ ᠳᠣᠯᠣᠳᠤᠭᠠᠷ ᠬᠠᠲᠤᠨ ᠤ᠋ ᠶᠠᠭᠤᠮ᠎ᠠ ᠶ᠋ᠢ ᠬᠠᠷᠠᠵᠤ ᠶᠠᠪᠤᠪᠠ᠃ ᠮᠣᠩᠭᠣᠯ ᠤ᠋ᠨ ᠣᠲ᠋ᠷᠢᠶᠠᠳ᠋ ᠤᠮᠠᠷ᠎ᠠ ᠪᠠ ᠥᠷᠥᠨ᠎ᠡ ᠵᠦᠭ ᠦᠶᠡᠷ ᠮᠡᠲᠦ ᠶᠠᠪᠤᠵᠤ ᠵᠠᠮ ᠳ᠋ᠤ᠌ ᠲᠣᠬᠢᠶᠠᠯᠳᠤᠭᠰᠠᠨ ᠰᠠᠭᠤᠷᠢᠨ ᠲᠣᠰᠬᠣᠨ ᠨᠤᠭᠤᠳ ᠢ᠋ ᠳᠠᠭᠠᠷᠢᠨ ᠥᠩᠭᠡᠷᠡᠪᠡ᠃ ᠪᠠᠢᠯᠳᠤᠭᠴᠢ ᠨᠠᠷ ᠪᠠᠢᠰᠢᠩ ᠪᠦᠷᠢ ᠶ᠋ᠢᠨ ᠡᠪᠳᠡᠷᠬᠡᠢ ᠶ᠋ᠢ ᠤᠩᠬᠢᠯᠠᠨ ᠠᠯᠴᠢᠭᠤᠷ᠂ ᠥᠮᠥᠳᠥ᠂ ᠴᠠᠮᠴᠠ᠂ ᠳᠡᠪᠡᠯ ᠲᠡᠷᠢᠭᠦᠲᠡᠨ ᠢ᠋ ᠰᠡᠭᠰᠦᠷᠴᠦ ᠴᠥᠮ ᠬᠡᠷᠡᠭ ᠲᠡᠢ ᠤᠴᠢᠷ ᠥᠪᠡᠷ ᠦ᠋ᠨ ᠱᠤᠤᠮᠠᠵᠠᠨ ᠳ᠋ᠤ᠌ ᠬᠢᠬᠦ ᠪᠤᠶᠤ ᠣᠲ᠋ᠷᠢᠶᠠᠳ᠋ ᠤ᠋ᠨ ᠬᠣᠢᠨ᠎ᠠ ᠠ᠋ᠴᠠ ᠳᠠᠭᠠᠵᠤ ᠶᠠᠪᠤᠬᠤ ᠠᠴᠢᠶᠠᠨ ᠳ᠋ᠤ᠌ ᠥᠭᠭᠦᠨ᠎ᠡ᠃ ᠮᠣᠩᠭᠣᠯᠴᠤᠳ ᠲᠠᠷᠢᠶᠠᠨ ᠤ᠋ ᠦᠷ᠎ᠡ ᠶ᠋ᠢ ᠳᠡᠭᠡᠷᠡᠮᠳᠡᠨ ᠠᠪᠴᠤ ᠥᠪᠡᠷᠰᠡᠳ ᠦ᠋ᠨ ᠲᠣᠭᠣᠭᠠᠨ ᠳ᠋ᠤ᠌ ᠬᠠᠭᠤᠷᠬᠤ ᠪᠤᠶᠤ ᠴᠢᠨᠠᠬᠤ ᠵᠡᠷᠭᠡ ᠪᠡᠷ ᠭᠠᠯ ᠢ᠋ᠶ᠋ᠠᠨ ᠲᠣᠭᠣᠷᠢᠵᠤ ᠢᠳᠡᠨ᠎ᠡ᠃ ᠥᠷᠯᠥᠭᠡᠨ ᠦ᠌ ( ᠡᠴᠡ ) ᠦᠳᠡ ᠪᠣᠯᠤᠭᠠᠳ ᠪᠠᠢᠬᠤ ᠦᠶ᠎ᠡ ᠳ᠋ᠦ᠍ ᠪᠠᠲᠤ ᠬᠠᠭᠠᠨ ᠮᠡᠳᠡᠷᠡᠯ ᠣᠷᠣᠵᠤ ᠰᠡᠷᠭᠦᠯᠡᠩ ᠭᠡᠭᠴᠢ ᠪᠣᠰᠴᠤ ᠭᠠᠢᠬᠠᠨ ᠬᠠᠷᠠᠨ᠎ᠠ᠃ ᠴᠢᠷᠭᠠᠨ ᠤ᠋ ᠳᠡᠷᠭᠡᠳᠡ ᠨᠢ ᠠᠮᠠᠨ ᠳ᠋ᠤᠨᠢ ᠬᠡᠦᠳᠡᠢ ᠳᠡᠭᠦᠵᠢᠯᠡᠵᠦ ᠤᠶᠠᠭᠰᠠᠨ ᠮᠣᠷᠢ ᠵᠣᠭᠰᠣᠨ᠎ᠠ᠂ ᠴᠠᠰᠤᠨ ᠳᠡᠭᠡᠷ᠎ᠡ ᠸᠠᠨᠳᠧᠦ ᠶ᠋ᠢᠨ ᠦᠷ᠎ᠡ ᠰᠠᠴᠤᠵᠤ ᠪᠥᠭᠡᠮ ᠡᠪᠡᠰᠦ ᠲᠠᠯᠪᠢᠵᠠᠢ᠃ ᠴᠢᠷᠭᠠᠨ ᠳᠣᠲᠣᠷ᠎ᠠ ᠪᠢᠴᠢᠬᠠᠨ ᠡᠬᠡᠨᠡᠷ ᠡᠪᠬᠡᠷᠡᠨ ᠰᠠᠭᠤᠵᠤ ᠦᠰᠦᠲᠡᠢ ᠮᠠᠯᠠᠭᠠᠢ ᠶ᠋ᠢᠨ ᠳᠣᠲᠣᠷ᠎ᠠ ᠠ᠋ᠴᠠ ᠵᠢᠷᠪᠡᠭᠡᠷ ᠨᠢᠳᠦ ᠪᠡᠷ ᠬᠠᠷᠠᠨ᠎ᠠ᠃ ᠪᠠᠲᠤ ᠬᠠᠭᠠᠨ ᠡᠷᠭᠢᠵᠦ ᠬᠠᠷᠠᠪᠠᠯ᠂ ᠬᠣᠯᠠ ᠪᠤᠰᠤ ᠭᠠᠵᠠᠷ ᠨᠠᠷᠠᠰᠤᠨ ᠣᠢ ᠡᠬᠢᠯᠡᠨ᠎ᠡ᠃ ᠪᠠᠯ ᠳᠡᠭᠡᠷ᠎ᠡ ᠭᠠᠯ ᠤ᠋ᠨ ᠤᠲᠤᠭ᠎ᠠ ᠮᠠᠨᠠᠷᠠᠵᠤ ᠣᠯᠠᠨ ᠬᠥᠮᠦᠨ ᠦᠵᠡᠭᠳᠡᠨ ᠮᠣᠷᠢᠨ ᠴᠡᠷᠢᠭ ᠦ᠋ᠳ ᠶᠠᠪᠤᠨ᠎ᠠ᠃ ᠴᠢᠨᠠᠳᠤ ᠲᠣᠰᠬᠣᠨ ᠤ᠋ ᠵᠠᠬ᠎ᠠ ᠦᠵᠡᠭᠳᠡᠬᠦ ᠪᠥᠭᠡᠳ ᠪᠠᠢᠰᠢᠩ ᠤ᠋ᠳ ᠰᠢᠲᠠᠵᠤ ᠪᠣᠢ ᠲᠣᠳᠣᠬᠠᠨ ᠳᠥᠯᠥ ᠬᠠᠷᠠᠭᠳᠠᠨ᠎ᠠ᠃ ᠬᠥᠮᠦᠨ ᠦ᠌ ᠪᠠᠷᠬᠢᠷᠠᠬᠤ᠂ ᠨᠣᠬᠠᠢ ᠶ᠋ᠢᠨ ᠬᠤᠴᠠᠬᠤ ᠲᠣᠳᠣᠬᠠᠨ ᠰᠣᠨᠣᠰᠳᠠᠨ᠎ᠠ᠃
— ᠪᠢᠳᠡ ᠬᠠᠮᠢᠭ᠎ᠠ ᠪᠠᠢᠨ᠎ᠠ? ᠭᠡᠵᠦ ᠪᠠᠲᠤ ᠬᠠᠭᠠᠨ ᠠᠰᠠᠭᠤᠪᠠ᠃ ᠦᠰᠦᠲᠡᠢ ᠮᠠᠯᠠᠭᠠᠢ ᠡᠮᠦᠰᠦᠭᠰᠡᠨ ᠴᠡᠷᠢᠭ ᠬᠥᠳᠡᠯᠦᠯ ᠦᠭᠡᠢ ᠵᠣᠭᠰᠣᠵᠤ ᠤᠷᠤᠭᠤᠯ ᠢ᠋ᠶ᠋ᠠᠨ ᠬᠥᠳᠡᠯᠭᠡᠨ ᠶᠠᠳᠠᠵᠤ᠂
— ᠮᠥᠨᠥᠬᠡᠨ ᠣᠷᠣᠰ ᠤ᠋ᠨ ᠬᠠᠷ᠎ᠠ ᠪᠥᠬᠡ ᠨᠠᠷ ᠤ᠋ᠨ ᠣᠷᠳᠣᠨ ᠢ᠋ ᠰᠢᠲᠠᠭᠠᠳᠠᠭ ᠬᠣᠲᠠ ᠪᠠᠨ ᠭᠠᠷᠤᠭᠠᠳ ᠪᠢᠳᠡ ᠨᠠᠷ ᠡᠳᠦᠷ ᠦ᠋ᠨ ᠢ᠋ᠶ᠋ᠡᠨ ᠲᠠᠪᠰᠢᠯᠲᠠ ᠳ᠋ᠤ᠌ ᠶᠠᠪᠤᠵᠤ ᠪᠠᠢᠨ᠎ᠠ᠃
— ᠡᠨᠡ ᠶᠠᠮᠠᠷ ᠲᠣᠰᠬᠣᠨ ᠭᠡᠭᠴᠢ ᠪᠣᠢ?
— ᠭᠠᠢᠬᠠᠯᠲᠠᠢ ᠲᠣᠰᠬᠣᠨ᠂ ᠣᠷᠣᠰ ᠤ᠋ᠳ ᠪᠠᠭᠤᠵᠤ ᠥᠭᠬᠦ ᠦᠭᠡᠢ ᠰᠦᠬᠡ ᠪᠠᠷᠢᠵᠤ ᠴᠣᠬᠢᠯᠴᠠᠭᠰᠠᠭᠠᠷ ᠮᠠᠨ ᠤ᠋ ᠴᠡᠷᠢᠭ ᠦ᠋ᠳ ᠡᠴᠡ ᠳᠠᠷᠤᠢ ᠣᠯᠠᠨ ᠢ᠋ ᠠᠯᠠᠪᠠ᠂ ᠲᠡᠷᠡ ᠵᠠᠨᠤᠯᠲᠤ ᠡᠲᠡᠭᠡᠳ ᠦ᠋ᠨ ᠬᠣᠢᠨ᠎ᠠ ᠠ᠋ᠴᠠ ᠪᠢᠳᠡ ᠬᠥᠭᠡᠭᠡᠴᠡᠯᠳᠦᠵᠦ ᠶᠠᠪᠤᠨ᠎ᠠ᠃ ᠬᠠᠷᠢᠨ ᠲᠡᠳᠡᠨᠡᠷ ᠦᠯᠦ ᠠᠪᠲᠠᠭᠳᠠᠨ᠎ᠠ ᠭᠡᠭᠴᠢ ᠪᠡᠨ ᠶᠡᠷᠦ ᠬᠠᠷᠠᠬᠤ ᠦᠭᠡᠢ ᠬᠣᠣᠷ ᠢᠳᠡᠭᠰᠡᠨ ᠴᠢᠨᠣ᠎ᠠ ᠮᠡᠲᠦ ᠶᠠᠷᠳᠠᠭᠯᠠᠨ᠎ᠠ᠃
— ᠰᠦᠪᠡᠭᠡᠳᠡᠢ ᠪᠠᠭᠠᠲᠤᠷ ᠬᠠᠮᠢᠭ᠎ᠠ ᠪᠠᠢᠨ᠎ᠠ?
— ᠲᠡᠷᠡ! ᠬᠣᠯᠠ ᠪᠤᠰᠤ ᠭᠠᠯ ᠤ᠋ᠨ ᠳᠡᠷᠭᠡᠳᠡ᠂ ᠲᠡᠨᠳᠡ ᠲᠥᠪᠡᠳ ᠦ᠋ᠨ ᠨᠣᠶᠠᠳ ᠨᠠᠷ ᠤ᠋ᠨ ᠬᠠᠮᠲᠤ ᠪᠠᠢᠨ᠎ᠠ᠂
— ᠳᠠᠭᠤᠳᠠ! ( ᠭᠡᠪᠡᠯ )

ᠴᠡᠷᠢᠭ ᠭᠠᠷ ᠢ᠋ᠶ᠋ᠠᠨ ᠠᠮᠠᠨ ᠳ᠋ᠠᠭᠠᠨ ᠪᠠᠷᠢᠵᠤ᠂
— ᠳᠠᠭᠠᠭᠲᠤᠨ! ᠪᠢᠰᠢᠷᠡᠭᠲᠦᠨ! ᠵᠠᠩᠵᠤᠨ ᠰᠡᠷᠢᠵᠡᠢ ᠭᠡᠵᠦ ᠪᠠᠷᠬᠢᠷᠠᠪᠠ᠃

ᠮᠣᠩᠭᠣᠯ ᠤ᠋ᠨ ᠪᠠᠢᠯᠳᠤᠭᠠᠨ ᠤ᠋ ᠤᠳᠤᠷᠢᠳᠤᠭᠴᠢᠳ ᠲᠦᠷᠭᠡᠨ ᠪᠣᠰᠤᠨ ᠬᠠᠷᠠᠢᠵᠤ ᠴᠢᠷᠭᠠᠨ ᠤ᠋ ᠳᠡᠷᠭᠡᠳᠡ ᠭᠦᠶᠦᠨ ᠬᠦᠷᠴᠦ ᠲᠡᠭᠦᠨ ᠢ᠋ ᠴᠢᠷᠭᠠᠨ ᠠ᠋ᠴᠠ ᠭᠠᠷᠭᠠᠵᠤ᠂ ᠭᠠᠯ ᠳᠡᠭᠡᠷ᠎ᠡ ᠠᠪᠴᠢᠷᠠᠪᠠ᠃ ᠪᠠᠲᠤ ᠬᠠᠭᠠᠨ ᠪᠦᠭᠦᠳᠡ ᠶ᠋ᠢᠨ ᠳᠡᠭᠡᠷ᠎ᠡ ᠡᠴᠡ ᠦᠯᠦ ᠢᠲᠡᠭᠡᠬᠦ ᠰᠢᠨᠵᠢᠲᠡᠢ ᠪᠡᠷ ᠪᠥᠬᠥᠢᠨ᠎ᠡ᠂ ᠲᠡᠭᠡᠭᠡᠳ ᠴᠢᠷᠭᠠᠨ ᠠ᠋ᠴᠠ ᠪᠠᠨ ᠭᠠᠷᠴᠤ ᠬᠠᠨᠴᠤᠢ ᠪᠠᠨ ᠰᠢᠮᠠᠯᠵᠦ ᠭᠠᠯ ᠤ᠋ᠨ ᠳᠡᠷᠭᠡᠳᠡ ᠶᠠᠪᠠᠭᠠᠨ ᠰᠠᠭᠤᠭᠠᠳ ᠰᠢᠪᠠᠷ ᠰᠢᠷᠣᠢ ᠪᠣᠯᠵᠤ ᠬᠠᠷᠠᠯᠠᠭᠰᠠᠨ ᠠᠯᠠᠭ᠎ᠠ ᠪᠠᠨ ᠡᠭᠡᠭᠡᠨ᠎ᠡ᠃ ᠠᠪᠤᠷᠠᠯᠲᠤ ᠬᠥᠮᠦᠨ ᠦ᠌ ᠦᠭᠡ ᠳᠤᠤᠭᠠᠷᠬᠤ ᠶ᠋ᠢ ᠬᠦᠯᠢᠶᠡᠵᠦ᠂ ᠨᠣᠶᠠᠳ ᠰᠢᠳᠠᠷᠴᠤᠳ ᠬᠦᠷᠢᠶᠡᠯᠡᠨ ᠵᠣᠭᠰᠣᠨ᠎ᠠ᠃

ᠪᠠᠲᠤ ᠬᠠᠭᠠᠨ ᠪᠣᠰᠪᠠ᠃ ᠴᠥᠮ ᠪᠠᠢᠷᠢ ᠪᠠᠢᠷᠢᠨ ᠳ᠋ᠠᠭᠠᠨ ᠴᠢᠪ ᠴᠢᠮᠡᠭᠡ ᠦᠭᠡᠢ ᠪᠣᠯᠪᠠ᠃
一 ᠬᠠᠷ᠎ᠠ ᠯᠠᠮ᠎ᠠ ᠨᠠᠷ ᠤ᠋ᠳ ᠨᠠᠳᠠᠳᠤ ᠠᠷᠠᠰᠤ ᠡᠪᠡᠰᠦ ᠪᠡᠷ ᠨᠡᠷᠡᠭᠰᠡᠨ ᠢᠳᠢ( ᠷᠢᠳᠢ ) ᠰᠢᠳᠢ ᠲᠡᠢ ᠤᠮᠳᠠᠭ᠎ᠠ ᠥᠭᠴᠡᠢ᠃ ᠬᠡᠳᠦᠢ ᠲᠡᠢᠮᠦ ᠪᠣᠯᠪᠠᠴᠤ ᠪᠢ ᠦᠬᠦᠭᠰᠡᠨ ᠦᠭᠡᠢ᠂ ᠪᠤᠷᠬᠠᠨ ᠨᠠᠮᠠᠶ᠋ᠢ ᠮᠣᠩᠭᠣᠯ  ᠤ᠋ᠨ ᠠᠯᠳᠠᠷ ᠢ᠋ ᠮᠠᠨᠳᠤᠭᠤᠯᠬᠤ ᠶᠡᠬᠡ ᠬᠡᠷᠡᠭ ᠲᠦ᠍ ᠬᠠᠢᠷᠠᠯᠠᠨ ᠬᠠᠮᠠᠭᠠᠯᠠᠪᠠ᠃ ᠮᠢᠨᠦ ᠰᠦᠨᠡᠰᠦ ᠨᠡᠭᠡᠭᠡᠯᠲᠡ ᠲᠡᠢ ᠠᠮᠠ ᠪᠠᠷ ᠭᠠᠷᠴᠤ ᠮᠢᠨᠦ ᠡᠪᠦᠭᠡ ᠡᠴᠢᠭᠡ ᠠᠷᠢᠭᠤᠨ ᠡᠵᠡᠨ ᠦ᠌ ᠵᠠᠬᠢᠷᠴᠤ ᠪᠠᠢᠭ᠎ᠠ ᠬᠦᠷᠢᠶᠡᠨ ᠦ᠌ ᠬᠢᠵᠠᠭᠠᠷ ᠦᠭᠡᠢ ᠬᠥᠬᠡ ᠣᠭᠲᠠᠷᠭᠤᠢ ᠶ᠋ᠢᠨ ᠳᠣᠲᠣᠷ᠎ᠠ ᠨᠠᠮᠠᠶ᠋ᠢ ᠠᠪᠴᠤ ᠨᠢᠰᠪᠡ᠃ ᠪᠢ ᠪᠠᠰᠠ ᠲᠡᠭᠦᠨ ᠲᠡᠢ ᠤᠴᠠᠷᠠᠪᠠ᠂ ᠴᠥᠮ ᠢ᠋ᠶ᠋ᠡᠷ《 ᠪᠤ 》 ᠭᠡᠵᠦ ᠳᠤᠤᠭᠠᠷᠴᠤ ᠭᠠᠷ ᠢ᠋ᠶ᠋ᠠᠨ ᠬᠠᠪᠰᠤᠷᠴᠤ ᠳᠠᠬᠢᠨ ᠴᠢᠮᠡᠭᠡ ᠦᠭᠡᠢ ᠪᠣᠯᠪᠠ᠃ ᠲᠡᠢᠮᠦ ᠠ᠋! ᠪᠢ ᠲᠡᠭᠦᠨ  ᠢ᠋ ᠦᠵᠡᠯ᠎ᠡ᠂ ᠪᠦᠷ ᠴᠦ᠍ ᠥᠨᠳᠥᠷ ᠪᠣᠯᠤᠭᠰᠠᠨ ᠪᠠ ᠪᠡᠶ᠎ᠡ ᠨᠢ ᠥᠷᠭᠡᠨ ᠪᠣᠯᠵᠤ ᠴᠠᠭᠠᠨ ᠰᠠᠬᠠᠯ ᠨᠢ ᠤᠯᠠᠮ ᠤᠷᠲᠤ ᠪᠣᠯᠤᠨ ᠡᠪᠦᠳᠦᠭ ᠢ᠋ᠶ᠋ᠡᠨ ᠬᠦᠷᠬᠦ ᠳ᠋ᠦ᠍ ᠣᠢᠷᠠᠲᠤᠵᠠᠢ᠂ ᠲᠡᠭᠦᠨ ᠦ᠌ ᠥᠭᠦᠯᠡᠬᠦ ᠨᠢ᠄
一 ᠮᠢᠨᠦ ᠠᠴᠢ ᠬᠦᠦ ᠴᠢ᠂ ᠮᠢᠨᠦ ᠬᠡᠷᠡᠭ ᠢ᠋ ᠰᠠᠢᠨ ᠵᠠᠯᠭᠠᠮᠵᠢᠯᠠᠵᠤ ᠪᠠᠢᠨ᠎ᠠ᠂ ᠠᠯᠲᠠᠨ ᠠᠪᠰᠠᠨ ᠳ᠋ᠤ᠌ ᠬᠢᠵᠦ ᠪᠤᠷᠬᠠᠨ一 ᠭᠠᠯᠳᠠᠨ ᠭᠡᠳᠡᠭ ᠥᠨᠳᠥᠷ ᠠᠭᠤᠯᠠ ᠶ᠋ᠢᠨ ᠳᠣᠣᠷ᠎ᠠ ᠣᠷᠣᠰᠢᠭᠤᠯᠤᠭᠰᠠᠨ ᠮᠢᠨᠦ ᠱᠠᠷᠢᠯ ᠠ᠋ᠴᠠ ᠪᠠᠷᠠᠭᠤᠨ ᠲᠠᠰᠢ ᠶᠠᠪᠤᠵᠤ ᠶᠢᠰᠦᠨ ᠵᠠᠭᠤᠨ ᠶᠡᠷᠡ ᠶᠢᠰᠦᠨ ᠳᠡᠪᠰᠢᠯᠲᠡ ᠶ᠋ᠢ ᠬᠢᠵᠡᠢ᠃ ᠪᠢ ᠴᠥᠮ ᠢ᠋ ᠦᠵᠡᠵᠦ ᠮᠡᠳᠡᠵᠦ ᠪᠠᠢᠨ᠎ᠠ᠃ ᠴᠢ ᠮᠢᠨᠦ ᠪᠠᠭ᠎ᠠ ᠬᠦᠦ ᠺᠶᠥ᠋ᠯᠺᠡᠨ( ᠭᠦᠯᠭᠡᠨ ) ᠬᠠᠭᠠᠨ ᠢ᠋ ᠠᠷᠠᠴᠢᠯᠠᠭᠰᠠᠨ ᠦᠭᠡᠢ᠂ ᠶᠠᠭᠤᠨ ᠳ᠋ᠤ᠌ ᠴᠢ ᠠᠷᠠᠴᠢᠯᠠᠭᠰᠠᠨ ᠦᠭᠡᠢ ᠪᠣᠢ? ᠭᠡᠬᠦ ᠳ᠋ᠦ᠍᠂
— ᠪᠢ ᠴᠢᠨᠦ ᠮᠠᠲᠠᠯ ᠳ᠋ᠤ᠌ ᠪᠠᠢᠨ᠎ᠠ᠂ ᠡᠨᠡ ᠲᠤᠬᠠᠢ ᠮᠢᠨᠦ ᠪᠤᠷᠤᠭᠤ ᠶ᠋ᠢ ᠶᠠᠯᠠᠯᠠᠵᠤ ᠪᠣᠯᠤᠨ᠎ᠠ᠂ ᠪᠢ ᠪᠢᠰᠢᠷᠡᠨ ᠳᠠᠭᠠᠶ᠎ᠠ ᠭᠡᠵᠦ ᠪᠢ ᠬᠠᠷᠢᠭᠤᠯᠪᠠ᠃
一 ᠴᠢᠮ᠎ᠠ ᠶ᠋ᠢ ᠶᠠᠯᠠᠯᠠᠬᠤ ᠳ᠋ᠤ᠌ ᠠᠷᠠᠢ ᠡᠷᠲᠡ ᠪᠠᠢᠨ᠎ᠠ᠂ ᠺᠶᠦ᠋ᠯᠺᠡᠨ( ᠬᠥᠯᠭᠡᠨ) ᠬᠠᠭᠠᠨ ᠤ᠋ ᠦᠬᠦᠬᠦ ᠴᠠᠭ ᠲᠸ᠋ ᠴᠢ ᠬᠣᠯᠠ ᠪᠠᠢᠭᠰᠠᠨ ᠪᠥᠯᠥᠭᠡ ᠭᠡᠵᠦ ᠠᠷᠢᠭᠤᠨ ᠡᠵᠡᠨ ᠬᠠᠷᠢᠭᠤ ᠥᠭᠭᠦᠭᠡᠳ᠂
一 ᠨᠢᠭᠡᠳᠦᠭᠡᠷ ᠲᠦ᠍ ᠪᠢ ᠥᠪᠡᠷ ᠦ᠋ᠨ ᠬᠦᠦ ᠶ᠋ᠢ ᠠᠯᠠᠭᠰᠠᠨ ᠡᠲᠡᠭᠡᠳ ᠢ᠋ ᠶᠠᠯᠠᠯᠠᠬᠤ ᠶᠣᠰᠣᠲᠠᠢ᠂  ᠺᠶᠦ᠋ᠯᠺᠡᠨ( ᠬᠥᠯᠭᠡᠨ) ᠬᠠᠭᠠᠨ ᠣᠳᠣ ᠬᠦᠷᠲᠡᠯ᠎ᠡ ᠨᠠᠳᠠ ᠳᠡᠭᠡᠷ᠎ᠡ ᠨᠢᠭᠡ ᠴᠦ᠍ ᠢᠷᠡᠭᠰᠡᠨ ᠦᠭᠡᠢ᠂ ᠲᠡᠭᠦᠨ ᠦ᠌ ᠰᠦᠨᠡᠰᠦ ᠣᠷᠣᠰ ᠤ᠋ᠨ ᠬᠦᠢᠲᠡᠨ ᠴᠠᠰᠤᠲᠠᠢ ᠲᠠᠯ᠎ᠠ ᠪᠠᠷ ᠶᠠᠪᠤᠵᠤ ᠣᠢ ᠳᠣᠲᠣᠷ᠎ᠠ ᠭᠦᠶᠦᠨ ᠴᠢᠨᠣ᠎ᠠ ᠮᠡᠲᠦ ᠣᠯᠢᠨ᠎ᠠ᠂ ᠰᠥᠨᠢ ᠤᠨᠲᠠᠵᠤ ᠪᠦᠬᠦᠢ ᠮᠣᠩᠭᠣᠯᠴᠤᠳ ᠤ᠋ᠨ ᠳᠤᠮᠳᠠᠭᠤᠷ ᠶᠠᠪᠤᠵᠤ ᠥᠪᠡᠷ ᠢ᠋ ᠪᠡᠨ( ᠨᠢ) ᠠᠯᠠᠭᠰᠠᠨ ᠬᠥᠮᠦᠨ ᠢ᠋ ᠡᠷᠢᠨ᠎ᠡ᠃ ᠺᠶᠦ᠋ᠯᠺᠡᠨ ᠬᠠᠭᠠᠨ ᠤ᠋ ᠰᠦᠨᠡᠰᠦ( ᠨᠢ ) 《 ᠪᠢ ᠠᠯᠳᠠᠷ ᠭᠠᠪᠢᠶ᠎ᠠ ᠪᠠᠢᠭᠤᠯᠬᠤ ᠶ᠋ᠢ ᠬᠦᠰᠡᠭᠰᠡᠨ ᠪᠣᠯᠪᠠᠴᠤ ᠨᠠᠰᠤ ᠵᠠᠯᠠᠭᠤ ᠪᠠᠷ ᠨᠡᠷ᠎ᠡ ᠳ᠋ᠦ᠍ ᠭᠠᠷᠤᠯ ᠦᠭᠡᠢ ᠪᠡᠷ ᠦᠬᠦᠪᠡ᠃ ᠬᠡᠨ ᠴᠦ᠍ ᠵᠠᠯᠠᠭᠤ ᠺᠶᠦ᠋ᠯᠺᠡᠨ ( ᠭᠦᠯᠭᠡᠨ ) ᠬᠠᠭᠠᠨ ᠤ᠋ ᠲᠤᠬᠠᠢ ᠳᠠᠭᠤᠤ ᠦᠯᠦ ᠳᠠᠭᠤᠯᠠᠨ᠎ᠠ ( ᠭᠡᠵᠦ ᠪᠠᠢᠨ᠎ᠠ )᠃ᠮᠣᠩᠭᠣᠯᠴᠤᠳ ᠦᠢᠯᠡᠳᠴᠦ ᠮᠠᠨ ᠤ᠋ ᠳᠠᠢᠰᠤᠨ ᠨᠤᠭᠤᠳ ᠢᠮᠠᠭᠲᠠ ᠶᠠᠷᠢᠯᠴᠠᠬᠤᠢᠴᠠ ᠠᠯᠳᠠᠷᠲᠤ ᠲᠠᠪᠰᠢᠯᠲᠠ ᠨᠤᠭᠤᠳ一 ᠲᠡᠭᠦᠨ ᠢ᠋ᠶ᠋ᠡᠷ ᠮᠠᠨ ᠤ᠋ ᠠᠴᠢ ᠨᠠᠷ ᠪᠠ ᠠᠴᠢ ᠶ᠋ᠢᠨ ᠠᠴᠢ ᠨᠠᠷ ᠪᠠᠷᠳᠠᠮᠨᠠᠬᠤ ᠴᠠᠭ ᠢᠷᠡᠬᠦ ᠡᠴᠡ ᠨᠡᠰᠢ ᠮᠢᠨᠦ ᠰᠡᠳᠬᠢᠯ ᠠᠮᠠᠷᠠᠬᠤ ᠦᠭᠡᠢ ᠭᠡᠵᠦ ᠤᠬᠢᠯᠠᠵᠤ ᠶᠠᠪᠤᠨ᠎ᠠ 》ᠭᠡᠳ ᠪᠠᠲᠤ ᠬᠠᠭᠠᠨ ᠭᠥᠯᠢᠢᠵᠦ ᠳᠠᠭᠤ ᠦᠭᠡᠢ ᠪᠣᠯᠵᠤ᠂ ᠴᠢᠮᠡᠭᠡ ᠠᠨᠢᠷ ᠦᠭᠡᠢ ᠵᠣᠭᠰᠣᠬᠤ ᠪᠠᠢᠯᠳᠤᠭᠠᠨ ᠤ᠋ ᠤᠳᠤᠷᠢᠳᠤᠭᠴᠢᠳ ᠢ᠋ ᠤᠢᠳᠬᠠᠷᠲᠠᠢ ᠬᠠᠷᠠᠴᠠ ᠪᠠᠷ ᠠᠵᠢᠭᠯᠠᠨ᠎ᠠ᠃
— ᠲᠠᠨᠠᠷ ᠠᠷᠢᠭᠤᠨ ᠡᠵᠡᠨ ᠦ᠌ ᠬᠡᠯᠡᠭᠰᠡᠨ ᠢ᠋ ᠰᠣᠨᠣᠰᠪᠠ ᠤᠤ?
— ᠰᠣᠨᠣᠰᠤᠯ᠎ᠠ᠂ ᠪᠠᠰᠠ ᠣᠢᠯᠠᠭᠠᠯ᠎ᠠ ᠭᠡᠵᠦ ᠮᠣᠩᠭᠣᠯᠴᠤᠳ ᠵᠥᠭᠡᠯᠡᠨ ᠳᠠᠭᠤ ᠪᠠᠷ ᠬᠠᠷᠢᠭᠤᠯᠤᠨ᠎ᠠ᠃
— ᠪᠢ ᠠᠭᠤᠤ ᠶᠡᠬᠡ ᠤᠳᠤᠷᠢᠳᠤᠭᠴᠢᠳ ᠢ᠋ᠶ᠋ᠠᠨ《 ᠶᠣᠰᠣᠴᠢᠯᠠᠨ ᠳᠠᠭᠠᠶ᠎ᠠ! ᠪᠢ ᠭᠠᠰᠢᠭᠤᠨ ᠠᠯᠳᠠᠭ᠎ᠠ ᠪᠠᠨ ᠵᠠᠰᠠᠶ᠎ᠠ᠂ ᠺᠶᠦ᠋ᠯᠺᠡᠨ( ᠭᠦᠯᠭᠡᠨ ) ᠬᠠᠭᠠᠨ ᠤ᠋ ᠰᠡᠭᠦᠳᠡᠷ᠂ ᠭᠠᠵᠠᠷ ᠳᠡᠭᠡᠷ᠎ᠡ ᠵᠠᠩᠵᠤᠨ ᠣᠷᠣᠰᠢᠵᠤ᠂ ᠴᠢᠨᠦ ᠲᠩᠷᠢ ᠢᠵᠠᠭᠤᠷᠲᠤ ᠣᠯᠠᠨ ᠴᠡᠷᠢᠭ ᠦ᠋ᠳ ᠲᠦ᠍ ᠪᠠᠭᠲᠠᠬᠤ ᠪᠠᠷ ᠳᠠᠯᠠᠪᠴᠢᠲᠤ ᠮᠣᠷᠢ ᠪᠠᠷ ᠨᠢᠰᠦᠨ ᠣᠴᠢᠨ᠎ᠠ ! 》ᠭᠡᠵᠦ ᠬᠡᠯᠡᠭᠰᠡᠨ᠃

ᠥᠷᠭᠡᠨ ᠮᠣᠩᠭᠣᠯ ᠭᠤᠲᠤᠯ ᠢ᠋ᠶ᠋ᠠᠨ ᠰᠠᠷᠴᠢᠭᠢᠨᠠᠭᠤᠯᠤᠨ ᠰᠥᠪᠡᠭᠡᠲᠡᠢ ᠪᠠᠭᠠᠲᠤᠷ ᠬᠦᠷᠴᠦ ᠢᠷᠡᠭᠡᠳ ᠵᠣᠭᠰᠣᠵᠤ ᠡᠪᠦᠭᠡᠨ ᠵᠠᠩᠵᠤᠨ ᠲᠣᠯᠣᠭᠠᠢ ᠪᠠᠨ ᠳᠣᠬᠢᠵᠤ᠄
一 ᠵᠥᠪ᠁ ᠴᠢᠨᠦ ᠬᠡᠯᠡᠳᠡᠭ ᠵᠥᠪ᠂ ᠪᠢᠳᠡ ᠶᠠᠭ ᠲᠡᠭᠡᠬᠦ ᠪᠣᠯᠤᠨ᠎ᠠ᠃
一 ᠺᠶᠥ᠋ᠯᠺᠡᠨ( ᠭᠦᠯᠭᠡᠨ) ᠬᠠᠭᠠᠨ ᠨᠠᠰᠤ ᠪᠠᠷᠠᠬᠤ ᠡᠳᠦᠷ ᠬᠡᠨ ᠲᠡᠭᠦᠨ ‍ᠦ ᠳᠡᠷᠭᠡᠳᠡ ᠪᠠᠢᠭᠰᠠᠨ ᠪᠣᠢ?
一 ᠲᠦᠮᠡᠲᠦ ᠶ᠋ᠢᠨ ᠨᠣᠶᠠᠨ ᠪᠣᠷᠤᠨᠳᠠᠢ ᠭᠡᠵᠦ ᠪᠦᠭᠦᠳᠡᠭᠡᠷ ᠳᠤᠤᠭᠠᠷᠪᠠ᠃
一 ᠲᠦᠮᠡᠲᠦ ᠶ᠋ᠢᠨ ᠨᠣᠶᠠᠨ ᠪᠣᠷᠤᠨᠳᠠᠢ ᠬᠠᠮᠢᠭ᠎ᠠ ᠪᠠᠢᠨ᠎ᠠ? ᠦᠰᠦ ᠦᠭᠡᠢ ᠪᠥᠭᠡᠳ ᠭᠣᠵᠢᠭᠢᠷ ᠰᠢᠷ᠎ᠠ ᠴᠢᠷᠠᠢᠲᠠᠢ᠂ ᠥᠨᠳᠥᠷ ᠪᠥᠭᠡᠳ ᠪᠥᠭᠲᠥᠷ ᠮᠣᠩᠭᠣᠯ᠂ ᠥᠷᠥᠭᠡᠰᠦᠨ ᠡᠪᠦᠳᠦᠭ ᠳᠡᠭᠡᠷ᠎ᠡ ᠰᠥᠬᠥᠷᠡᠵᠦ᠂
一 ᠲᠡᠷᠡ ᠪᠣᠯ ᠮᠢᠨᠦ ᠪᠤᠷᠤᠭᠤ! ᠪᠢ ᠰᠠᠢᠨ ᠬᠠᠷᠠᠵᠤ ᠵᠠᠪᠳᠤᠭ᠎ᠠ ᠦᠭᠡᠢ! ᠭᠡᠪᠡ᠃

ᠪᠠᠲᠤ ᠬᠠᠭᠠᠨ ᠬᠢᠯᠢᠩᠨᠡᠭᠰᠡᠨ ᠴᠢᠷᠠᠢ ᠪᠠᠷ ᠲᠡᠭᠦᠨ ᠤᠷᠤᠭᠤ ᠣᠢᠷᠠᠲᠤᠨ ᠣᠴᠢᠵᠤ ᠂
一 ᠡᠭᠦᠨ ᠦ᠌ ᠲᠥᠯᠥᠭᠡ ᠴᠢ ᠡᠰᠡᠪᠡᠯ ᠲᠥᠯᠥᠬᠦ ᠬᠡᠷᠡᠭᠲᠡᠢ᠂ ᠡᠰᠡᠪᠡᠯ ᠦᠬᠦᠨ᠎ᠡ! ᠪᠢ ᠴᠢᠮᠠᠲᠤ ᠳᠠᠭᠠᠭᠠᠯᠭᠠᠪᠤᠷᠢ ᠥᠭᠭᠦᠨ᠎ᠡ᠂ ᠴᠢ ᠲᠡᠭᠦᠨ ᠢ᠋ ᠭᠦᠢᠴᠡᠳᠬᠡᠬᠦ ᠡᠴᠡ ᠨᠠᠰᠢ ᠡᠷᠭᠢᠵᠦ ᠦᠯᠦ ᠪᠣᠯᠤᠨ᠎ᠠ᠃ ᠥᠪᠡᠷ ᠦ᠋ᠨ ᠲᠦᠮᠡᠨ ᠴᠡᠷᠢᠭ ᠪᠠ ᠴᠢᠮᠠᠲᠤ ᠬᠠᠮᠢᠶᠠᠷᠤᠭᠳᠠᠬᠤ ᠺᠢᠫᠴᠠᠺ ᠤ᠋ᠳ ᠤ᠋ᠨ ᠬᠠᠮᠲᠤ ᠳᠠᠰᠢ ᠣᠳᠬᠤ ᠪᠣᠯᠤᠨ᠎ᠠ! ᠭᠡᠵᠦ ᠪᠠᠲᠤ ᠬᠠᠭᠠᠨ ᠥᠷᠭᠡᠨ ᠪᠥᠭᠡᠳ ᠪᠠᠷᠲᠠᠭ᠎ᠠ ᠦᠭᠡᠢ ᠴᠠᠰᠤᠨ ᠲᠠᠯ᠎ᠠ ᠶ᠋ᠢ ᠵᠢᠭᠠᠵᠤ᠂
一ᠲᠡᠨᠳᠡ ᠲᠡᠷᠡ ᠬᠠᠷᠠᠯᠠᠵᠤ ᠪᠠᠢᠭ᠎ᠠ ᠣᠢ ᠶ᠋ᠢᠨ ᠴᠢᠨᠠᠳᠤ ᠬᠥᠯᠳᠡᠭᠦᠦ ᠭᠣᠣᠯ ᠳᠡᠭᠡᠷ᠎ᠡ ᠪᠠᠢᠭ᠎ᠠ᠁ ᠭᠡᠲᠡᠯ᠎ᠡ ᠰᠦᠪᠡᠭᠡᠳᠡᠢ ᠪᠠᠭᠠᠲᠤᠷ᠂
一 ᠰᠢᠲ ᠭᠣᠣᠯ ᠭᠡᠳ ᠨᠡᠮᠡᠨ ᠬᠡᠯᠡᠪᠡ᠃
一 ᠰᠢᠲ ᠭᠣᠣᠯ ᠳᠡᠭᠡᠷ᠎ᠡ ᠣᠷᠣᠰ ᠤ᠋ᠨ ᠸᠠᠩ ᠭᠸᠤᠷᠭᠢ ᠪᠠᠢᠯᠳᠤᠭᠠᠨ ᠤ᠋ ᠪᠠᠢᠷᠢ ᠪᠠᠢᠭᠤᠯᠵᠤ ᠪᠠᠢᠨ᠎ᠠ᠃ ᠴᠢ ᠲᠡᠳᠡᠨᠡᠷ ᠢ᠋ ᠳᠠᠢᠯᠠᠵᠤ ᠢᠷ᠎ᠡ᠂ ᠣᠷᠣᠰ ᠤ᠋ᠳ ᠲᠠᠰᠢ ᠳᠠᠭᠠᠷᠢᠬᠤ ᠬᠡᠷᠡᠭᠲᠡᠢ! ᠴᠢᠨᠦ ᠪᠠᠢᠯᠳᠤᠭᠴᠢ ᠨᠠᠷ ᠨᠢᠭᠡᠨ ᠠᠯᠬᠤᠮ ᠴᠤ᠌ ᠭᠡᠳᠡᠷᠭᠦ ᠤᠬᠤᠷᠢᠯ ᠦᠭᠡᠢ ᠲᠡᠳᠡᠨᠡᠷ ᠢ᠋ ᠪᠤᠲᠠ ᠴᠣᠬᠢᠨ᠎ᠠ᠂ ᠴᠢᠨᠦ ᠴᠡᠷᠢᠭ ᠦ᠋ᠳ ᠦ᠋ᠨ ᠡᠮᠦᠨ᠎ᠡ ᠺᠶᠦᠯᠺᠡᠨ( ᠭᠦᠯᠭᠡᠨ) ᠬᠠᠭᠠᠨ ᠤ᠋ ᠰᠦᠨᠡᠰᠦ ᠶᠠᠭᠠᠷᠠᠪᠴᠢᠯᠠᠨ ᠶᠠᠪᠤᠭ᠎ᠠ ᠶ᠋ᠢ ᠮᠡᠳᠡᠲᠦᠭᠡᠢ! ᠴᠢ ᠡᠨᠡᠬᠦ ᠢᠯᠠᠯᠲᠠ ᠪᠠᠷ ᠲᠡᠭᠦᠨ ᠢ᠋ ᠲᠠᠢᠪᠤᠰᠢᠷᠠᠭᠤᠯᠬᠤ ᠬᠡᠷᠡᠭᠲᠡᠢ᠃ ᠲᠡᠷᠡ ᠴᠠᠭ ᠲᠤ᠌ ᠺᠶᠥ᠋ᠯᠺᠡᠨ( ᠭᠦᠯᠭᠡᠨ) ᠬᠠᠭᠠᠨ ᠥᠪᠡᠷ ᠦ᠋ᠨ ᠡᠴᠢᠭᠡ ᠪᠥᠭᠡᠳ ᠮᠢᠨᠦ ᠡᠪᠦᠭᠡ ᠳ᠋ᠦ᠍ ᠣᠴᠢᠵᠤ ᠮᠣᠩᠭᠣᠯ ᠤ᠋ᠨ ᠰᠢᠨ᠎ᠡ ᠢᠯᠠᠯᠲᠠ ᠶ᠋ᠢᠨ ᠲᠤᠬᠠᠢ ᠪᠠᠶᠠᠰᠬᠤᠯᠠᠩᠲᠤ ᠮᠡᠳᠡᠭᠡ ᠶ᠋ᠢ ᠰᠣᠨᠣᠰᠬᠠᠨ᠎ᠠ᠃ ᠬᠡᠷᠪᠡ ᠴᠢ ᠪᠤᠲᠠ ᠴᠣᠬᠢᠭᠳᠠᠵᠤ ᠭᠠᠵᠠᠷ ᠲᠤ᠌ ᠰᠠᠷᠢᠰᠤᠨ ᠪᠠᠭᠪᠠᠭᠠᠢ ᠠᠳᠠᠯᠢ ᠰᠡᠷᠪᠡᠯᠵᠡᠵᠦ ᠪᠠᠢᠬᠤ ᠠᠬᠤᠯ᠎ᠠ ᠺᠶᠥ᠋ᠯᠺᠡᠨ ( ᠬᠥᠯᠭᠡᠨ ) ᠬᠠᠭᠠᠨ ᠤ᠋ ᠰᠦᠨᠡᠰᠦ ᠨᠢᠰᠦᠨ ᠢᠷᠡᠵᠦ ᠴᠢᠨᠦ ᠨᠢᠳᠦᠨ ᠡᠴᠡ ᠴᠢᠰᠤ ᠶ᠋ᠢ ᠴᠢᠨᠢ ᠰᠣᠷᠣᠨ ᠤᠤᠭᠤᠨ᠎ᠠ ᠭᠡᠪᠡ᠃

ᠪᠠᠲᠤ ᠬᠠᠭᠠᠨ ᠳᠤᠭᠤᠢ᠂ ᠲᠡᠭᠦᠨ ᠦ᠌ ᠬᠠᠮᠠᠷ ᠰᠠᠷᠲᠠᠢᠨ᠎ᠠ᠂ ᠬᠦᠴᠦᠲᠡᠢ ᠠᠮᠢᠰᠬᠤᠭᠠᠳᠠᠨ ᠰᠦᠪᠡᠭᠡᠳᠡᠢ ᠪᠠᠭᠠᠲᠤᠷ ᠤᠷᠤᠭᠤ ᠬᠠᠷᠠᠪᠠ᠂ ᠰᠠᠶᠢᠬᠢ ᠡᠷᠭᠢᠵᠦ ᠬᠠᠵᠠᠭᠤ ᠳᠠᠰᠢ ᠬᠠᠷᠠᠭᠠᠳ᠂
— ᠵᠥᠪ ᠵᠥᠪ ᠭᠡᠵᠦ ᠪᠠᠢᠨ ᠪᠠᠢᠨ ᠥᠭᠦᠯᠡᠪᠡ᠃
— ᠡᠨᠡ ᠰᠥᠨᠢ ᠴᠡᠷᠢᠭ( ᠢ᠋ᠶ᠋ᠡᠷ) ᠢ᠋ᠶ᠋ᠡᠨ ᠳᠠᠭᠠᠷᠢᠨ ᠣᠷᠣᠬᠤ ᠳ᠋ᠤ᠌ ᠪᠡᠯᠡᠬᠡᠨ ᠪᠣᠯᠤᠭᠲᠤᠨ᠂ ᠣᠷᠣᠰ ᠡᠬᠡᠨᠡᠷ ᠦ᠋ᠳ ᠢ᠋ ᠡᠷᠢᠵᠦ ᠶᠠᠪᠤᠳᠠᠭ ᠢ᠋ᠶ᠋ᠠᠨ ᠪᠣᠯᠢᠪᠠᠯ ᠵᠣᠬᠢᠨ᠎ᠠ᠂ ᠳᠡᠢᠯᠦᠭᠳᠡᠰᠢ ᠦᠭᠡᠢ ᠪᠢᠳᠡ ᠬᠣᠶᠠᠷ ᠲᠤᠰ ᠲᠤᠰ ᠤ᠋ᠨ ᠲᠤᠭ ᠢ᠋ ᠠᠪᠴᠤ ᠲᠠᠨ ᠤ᠋ ᠮᠥᠷ ᠢ᠋ᠶ᠋ᠡᠷ ᠶᠠᠪᠤᠬᠤ ᠶ᠋ᠢ ᠪᠤᠤ ᠮᠠᠷᠲᠠ᠂ ᠪᠢᠳᠡᠨ ᠳ᠋ᠦ᠍ ᠭᠦᠢᠴᠡᠳᠬᠡᠬᠦ ( ᠭᠦᠢᠴᠡᠭᠳᠡᠬᠦ ) ᠦᠭᠡᠢ ᠶ᠋ᠢ ᠬᠢᠴᠢᠶᠡᠭᠲᠦᠨ᠂ ᠬᠡᠷᠪᠡ ᠭᠦᠢᠴᠡᠳᠬᠡᠪᠡᠯ ( ᠭᠦᠢᠴᠡᠭᠳᠡᠪᠡᠯ ) ᠪᠢᠳᠡ ᠲᠡᠷᠢᠭᠦᠨ ᠪᠠᠢᠯᠳᠤᠨ ᠣᠷᠣᠨ᠎ᠠ᠃
— ᠶᠣᠰᠣᠴᠢᠯᠠᠨ ᠳᠠᠭᠠᠶ᠎ᠠ ᠭᠡᠵᠦ ᠪᠣᠷᠤᠨᠳᠠᠢ ᠳᠣᠷᠣᠭᠰᠢ ᠰᠥᠭᠥᠳᠴᠦ᠂ ᠴᠠᠰᠤ ᠦᠨᠦᠰᠦᠭᠡᠳ ᠪᠣᠰᠴᠤ᠂ ᠲᠠᠰᠢᠶᠠᠨ ᠳ᠋ᠠᠭᠠᠨ ᠵᠡᠭᠦᠭᠰᠡᠨ ᠲᠠᠬᠢᠷ ᠰᠡᠯᠡᠮ᠎ᠡ ᠶ᠋ᠢ ᠭᠠᠷ ᠢ᠋ᠶ᠋ᠠᠷ ᠳᠠᠷᠤᠨ ᠴᠡᠷᠢᠭ ᠦ᠋ᠨ ᠵᠦᠭ ᠭᠦᠶᠦᠨ ᠣᠳᠪᠠ᠃

ᠪᠠᠲᠤ ᠬᠠᠭᠠᠨ ᠰᠦᠪᠡᠭᠡᠳᠡᠢ ᠪᠠᠭᠠᠲᠤᠷ ᠤ᠋ᠨ ᠬᠠᠮᠲᠤ ᠬᠠᠵᠠᠭᠤ ᠳᠠᠰᠢ ᠣᠴᠢᠵᠤ ᠠᠶᠠᠷᠬᠠᠨ ᠶᠠᠷᠢᠯᠴᠠᠪᠠ᠃ ᠰᠦᠪᠡᠭᠡᠳᠡᠢ ᠰᠥᠭᠡᠩᠭᠢ ᠳᠠᠭᠤ ᠪᠠᠷ ᠥᠭᠦᠯᠡᠷᠦᠨ᠂
一 ᠴᠡᠷᠢᠭ ᠦ᠋ᠨ ᠡᠷ᠎ᠡ ᠮᠦᠰᠥ᠋ᠺ ᠬᠡᠳᠦᠢᠪᠡᠷ ᠦᠵᠡᠰᠬᠦᠯᠡᠩᠲᠦ ᠳᠣᠯᠣᠳᠤᠭᠠᠷ ᠣᠳᠣᠨ ᠤ᠋ ᠠᠬ᠎ᠠ ᠪᠣᠯᠪᠠᠴᠤ ᠬᠣᠯᠠᠬᠠᠨ ᠶᠡᠷᠡᠨ ᠶᠢᠰᠦᠨ ᠵᠢᠯ ᠪᠣᠯᠤᠭᠠᠳ ᠡᠷᠭᠢᠬᠦ ᠪᠤᠶᠤ ᠡᠰᠡᠪᠡᠯ ᠪᠦᠷ ᠡᠷᠭᠢᠵᠦ ᠢᠷᠡᠬᠦ ᠦᠭᠡᠢ ᠠᠯᠤᠰ ᠶᠠᠪᠤᠭᠤᠯᠪᠠᠯ ᠳᠡᠭᠡᠷ᠎ᠡ ᠪᠢᠵᠡ? ᠰᠢᠨ᠎ᠡ ᠬᠠᠲᠤᠨ( ᠤ᠋) ᠠᠬ᠎ᠠ ᠳᠡᠭᠦᠦ ᠨᠠᠷ ᠭᠡᠳᠡᠭ ᠴᠢᠨᠢ ᠳᠣᠣᠷᠠᠲᠤ ᠠ᠋ᠴᠠ ᠡᠷᠭᠦᠯ᠂ ᠳᠡᠭᠡᠳᠦ ᠡᠴᠡ ᠪᠡᠯᠡᠭ ᠠᠪᠤᠨ ᠠᠯᠲᠠ ᠮᠥᠩᠭᠥ ᠲᠡᠢ ᠪᠣᠯᠤᠭᠠᠳ ᠰᠢᠨ᠎ᠡ ᠨᠥᠬᠥᠳ ᠲᠡᠢ ᠠᠷᠢᠬᠢᠳᠠᠭᠰᠠᠭᠠᠷ ᠪᠠᠢᠭᠠᠳ ᠤᠳᠠᠯ ᠦᠭᠡᠢ ᠴᠣᠭᠣᠷᠬᠠᠢ ᠲᠤᠯᠤᠮ ᠰᠢᠭ᠋ ᠬᠡᠷᠡᠭ ᠦᠭᠡᠢ ᠠᠮᠢᠲᠠᠨ ᠪᠣᠯᠤᠨ᠎ᠠ ᠪᠢᠵᠡ᠃ ᠠᠶᠤᠯᠲᠠᠢ ᠪᠣᠯᠪᠠᠴᠤ ᠬᠦᠨᠳᠦᠲᠡᠢ᠂ ᠤᠷᠮ᠎ᠠ ᠲᠠᠢ᠂ ᠭᠦᠢᠴᠡᠳᠬᠡᠬᠦ ᠳ᠋ᠦ᠍ ᠬᠡᠴᠡᠭᠦᠦ ᠳᠠᠭᠠᠭᠠᠯᠭᠠᠪᠤᠷᠢ ᠥᠭᠴᠦ ᠶᠠᠪᠤᠭᠤᠯ᠃ ᠵᠠᠭᠤᠨ ᠴᠡᠷᠢᠭ ᠦ᠋ᠨ ᠬᠠᠮᠲᠤ ᠰᠢᠭᠤᠳ ᠰᠢᠲ ᠭᠣᠣᠯ ᠤ᠋ᠨ ᠭᠸᠤᠷᠬᠢ ᠸᠠᠩ ᠤ᠋ᠨ ᠴᠡᠷᠢᠭ ᠦ᠋ᠨ ᠪᠠᠢᠷᠢ ᠤᠷᠤᠭᠤ ᠲᠠᠩᠨᠠᠭᠤᠯ ᠢ᠋ᠶ᠋ᠠᠷ ᠶᠠᠪᠤᠭᠤᠯᠤᠭᠲᠤᠨ᠂ ᠲᠦᠮᠡᠲᠦ ᠶ᠋ᠢᠨ ᠳᠠᠷᠤᠭ᠎ᠠ ᠪᠣᠷᠤᠨᠲᠠᠢ ᠳ᠋ᠤ᠌ ᠮᠡᠳᠡᠭᠳᠡᠯ ᠦᠭᠡᠢ ᠪᠡᠷ ᠶᠠᠪᠤᠭᠤᠯᠤᠭᠠᠷᠠᠢ᠂ ᠲᠡᠭᠡᠵᠦ ᠪᠢᠳᠡ ᠲᠦᠮᠡᠲᠦ ᠶ᠋ᠢᠨ ᠨᠣᠶᠠᠨ ᠪᠣᠷᠤᠨᠲᠠᠢ ᠠ᠋ᠴᠠ ᠲᠤᠰᠢᠶᠠᠯ ᠢ᠋ ᠬᠢᠷᠢ ᠵᠡᠷᠭᠡ ᠭᠦᠢᠴᠡᠳᠬᠡᠬᠦ ᠶ᠋ᠢ ᠨᠢ ᠰᠢᠯᠭᠠᠰᠤᠭᠠᠢ ᠭᠡᠪᠡ᠃

ᠪᠠᠲᠤ ᠬᠠᠭᠠᠨ ᠡᠪᠦᠭᠡᠨ ᠨᠣᠶᠠᠨ ᠤ᠋ ᠥᠭᠡᠳᠡ ᠡᠴᠡ ᠤᠳᠠᠭᠠᠨ ᠰᠢᠷᠳᠡᠵᠦ ᠲᠡᠭᠦᠨ ᠦ᠌ ᠦᠭᠡ ᠶᠠᠮᠠᠷ ᠳᠠᠯᠳᠠ ᠤᠳᠬ᠎ᠠ ᠪᠣᠳᠣᠯᠭ᠎ᠠ ᠲᠠᠢ ᠶ᠋ᠢ ᠣᠢᠯᠠᠭᠠᠬᠤ ᠶ᠋ᠢ ᠡᠷᠡᠮᠡᠯᠵᠡᠨ ᠴᠢᠷᠠᠢ ᠪᠠᠨ ᠪᠠᠷᠤᠢᠯᠭᠠᠨ ᠰᠡᠭᠦᠷᠡᠰᠦᠨ ᠠᠯᠳᠠᠵᠤ᠂
— ᠴᠢ᠂ ᠮᠢᠨᠦ ᠦᠨᠡᠨᠴᠢ ᠵᠠᠷᠤᠴᠠ ᠪᠥᠭᠡᠳ ᠪᠠᠭᠰᠢ᠃ ᠪᠢ ᠲᠡᠷᠡ ᠶᠣᠰᠣᠭᠠᠷ ᠦᠢᠯᠡᠳᠰᠦᠭᠡᠢ᠂ ᠮᠦᠰᠥ᠋ᠺ ᠦ᠋ᠨ ᠬᠠᠮᠲᠤ ᠬᠤᠷᠳᠤᠨ ᠮᠣᠷᠢ ᠪᠠᠨ᠂ ᠪᠠᠷᠢᠭᠳᠠᠭᠰᠠᠨ ᠣᠷᠣᠰ ᠬᠦᠦ ᠳ᠋ᠦ᠍ ᠠᠯᠳᠠᠭᠰᠠᠨ ᠵᠠᠭᠤᠲᠤ ᠶ᠋ᠢᠨ ᠳᠠᠷᠤᠭ᠎ᠠ ᠲᠶᠥ᠋ᠯᠶᠠᠪ — ᠪᠢᠷᠭ᠌ᠸᠨ ᠢ᠋ ᠢᠯᠡᠭᠡᠰᠦᠭᠡᠢ᠂ ᠡᠨᠡ ᠭᠣᠷᠢ ᠦᠭᠡᠢ ᠲᠠᠴᠢᠶᠠᠳᠠᠬᠤ ᠳ᠋ᠠᠭᠠᠨ ᠭᠠᠯᠵᠠᠭᠤᠷᠠᠨ᠎ᠠ ᠪᠢᠵᠡ ᠭᠡᠪᠡ᠃

ᠰᠦᠪᠡᠭᠡᠳᠡᠢ ᠲᠣᠰᠣᠨ᠂
— ᠵᠥᠪ᠂ ᠮᠥᠨ ᠨᠢᠭᠡᠨᠲᠡᠭᠡᠭᠦᠷ ᠣᠷᠣᠰ ᠴᠡᠷᠢᠭ ᠤᠷᠤᠭᠤ ᠭᠸᠤᠷᠬᠢ ᠸᠠᠩ ᠪᠢᠳᠡᠨ ᠢ᠋ ᠬᠠᠷᠠᠬᠠᠨ ᠬᠦᠯᠢᠶᠡᠭᠡ ᠦᠭᠡᠢ ᠪᠦᠬᠦᠢ ᠳ᠋ᠦ᠍᠂ ᠡᠯᠢᠶ᠎ᠡ ᠬᠠᠷᠴᠠᠭᠠᠢ ᠶ᠋ᠢ ᠳᠠᠭᠠᠷᠢᠬᠤ ᠠᠳᠠᠯᠢ ᠳᠣᠪᠲᠣᠯᠤᠨ ᠤᠷᠢᠶ᠎ᠠ ᠬᠠᠰᠬᠢᠷᠬᠤ ᠬᠡᠷᠡᠭᠲᠡᠢ ᠭᠡᠵᠡᠢ᠃

   ᠦᠰᠦᠭ ᠠᠮᠢᠯᠠᠭᠤᠯᠤᠭᠴᠢ᠄ ᠠᠯᠲᠠᠨᠴᠢᠮᠡᠭ 2᠂ ᠬᠦᠦᠳᠠᠭᠠᠭᠤᠯ 2᠂ ᠭᠡᠷᠡᠯ 1᠂ ᠬᠡᠷᠡᠢᠳ ᠂ ᠮᠥᠩᠬᠡᠨᠠᠰᠤᠨ 1᠂ ᠮᠡᠷᠭᠡᠨᠭᠣᠸ᠎ᠠ 1
   ᠬᠢᠨᠠᠭᠴᠢ᠄ ᠪᠠᠶᠠᠨᠴᠡᠴᠡᠭ 1᠂ ᠲ᠂ ᠬᠦᠮᠦᠵᠢᠯᠲᠦ 1
   ᠶᠡᠷᠦᠩᠬᠡᠢ ᠬᠢᠨᠠᠭᠴᠢ᠄ ᠠᠯᠲᠠᠨᠴᠢᠮᠡᠭ 7᠂ ᠠᠷᠢᠭᠤᠨ 7