ᠭᠠᠯᠳᠠᠨ ᠪᠣᠱᠣᠭᠲᠤ ᠬᠠᠭᠠᠨ07ᠳᠣᠯᠣᠳᠤᠭᠠᠷ ᠳᠡᠪᠲᠡᠷ᠂ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠳᠠᠨ ᠪᠣᠱᠣᠭᠲᠤ ᠬᠠᠭᠠᠨ07ᠳᠣᠯᠣᠳᠤᠭᠠᠷ ᠳᠡᠪᠲᠡᠷ᠂ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ

ᠭᠠᠯᠳᠠᠨ ᠪᠣᠱᠣᠭᠲᠤ ᠬᠠᠭᠠᠨ07ᠳᠣᠯᠣᠳᠤᠭᠠᠷ ᠳᠡᠪᠲᠡᠷ᠂ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ

ᠠᠩᠭᠢᠯᠠᠯ:ᠲᠤᠭᠤᠵᠢ ᠷᠣᠮᠠᠨ
2025-12-02

395

ᠭᠠᠯᠳᠠᠨ ᠪᠣᠱᠣᠭᠲᠤ ᠬᠠᠭᠠᠨ-ᠳᠣᠯᠣᠳᠤᠭᠠᠷ ᠳᠡᠪᠲᠡᠷ

ᠳᠣᠯᠣᠳᠤᠭᠠᠷ ᠳᠡᠪᠲᠡᠷ᠂  ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ 

               ᠨᠢᠭᠡ 

ᠭᠠᠯᠳᠠᠨ ᠪᠣᠱᠣᠭᠲᠤ ᠶ᠋ᠢᠨ ᠬᠣᠲᠠ ᠬᠦᠷᠢᠶᠡᠨ ᠦ᠌ ᠵᠦᠭ ᠨᠡᠭᠦᠳᠡᠯ ᠠᠢᠰᠤᠢ᠃ ᠵᠡᠭᠦᠨᠭᠠᠷ ᠤ᠋ᠨ ᠨᠤᠲᠤᠭ ᠢ᠋ᠶ᠋ᠠᠷ ᠳᠠᠭᠠᠷᠢᠵᠤ ᠥᠩᠭᠡᠷᠡᠳᠡᠭ ᠬᠤᠳᠠᠯᠳᠤᠭᠠᠴᠢᠳ᠂ ᠠᠶᠠᠨᠴᠢᠳ ᠪᠤᠰᠤ ᠬᠥᠬᠡᠨᠠᠭᠤᠷ ᠤ᠋ᠨ ᠪᠣᠷᠣ ᠲᠠᠯ᠎ᠠ ᠳ᠋ᠤ᠌ ᠨᠤᠲᠤᠭ ᠲᠠᠢ ᠬᠣᠱᠤᠳ ᠣᠪᠣᠭ ᠤ᠋ᠨ ᠬᠢᠨ ᠪᠠᠢᠯ᠎ᠠ᠃ ᠬᠣᠱᠤᠳ ᠣᠪᠣᠭ ᠤ᠋ᠨ ᠬᠢᠨ ᠬᠠᠷ᠎ᠠ ᠡᠷᠴᠢᠰ ᠮᠥᠷᠡᠨ ᠦ᠌ ᠭᠦᠨ ᠰᠢᠭᠤᠢ ᠳ᠋ᠤ᠌ ᠪᠠᠭᠤᠳᠠᠯᠯᠠᠪᠠ᠃ ᠰᠢᠭᠤᠢ ᠠ᠋ᠴᠠ ᠬᠠᠷ᠎ᠠ ᠲᠤᠷᠢᠶᠠᠬ᠎ᠠ ᠨᠢᠰᠤᠯᠳᠤᠪᠠ᠃ ᠭᠠᠯᠳᠠᠨ ᠳᠤᠷᠠᠨᠳᠠᠬᠤ ᠪᠠᠨ ᠪᠣᠯᠢᠵᠤ᠂
—  ᠬᠠᠲᠤᠨ ᠲᠠ ᠡᠯᠴᠢ ᠵᠠᠷᠤᠵᠤ ᠥᠪᠡᠷ ᠦ᠋ᠨ ᠬᠣᠱᠤᠳ ᠣᠪᠣᠭ ᠤ᠋ᠨ ᠬᠢᠨ ᠢ᠋ᠶ᠋ᠡᠨ ᠳᠠᠭᠤᠳᠠᠭᠰᠠᠨ ᠪᠤᠰᠤ ᠤᠤ? ᠭᠡᠮᠡᠨ ᠦᠵᠡᠰᠬᠦᠯᠡᠩᠲᠦ ᠬᠠᠲᠤᠨ ᠠ᠋ᠴᠠ ᠪᠠᠨ ᠬᠠᠷᠢᠭᠤ ᠱᠠᠭᠠᠷᠳᠠᠪᠠ᠃ ᠠᠨᠤ ᠬᠠᠲᠤᠨ᠂
— ᠬᠠᠭᠠᠨ ᠲᠠᠨ ᠤ᠋ ᠵᠠᠷᠯᠢᠭ ᠦᠭᠡᠢ ᠪᠡᠷ ᠢᠩᠭᠢᠵᠦ ᠶᠠᠭᠠᠬᠢᠵᠤ ᠵᠢᠷᠦᠬᠡᠯᠡᠨ᠎ᠡ ᠭᠡᠮᠡᠨ ᠬᠠᠷᠢᠭᠤᠯᠪᠠ᠃ ᠡᠨᠡ ᠦᠶ᠎ᠡ ᠳ᠋ᠦ᠍ ᠬᠣᠱᠤᠳ ᠣᠪᠣᠭᠲᠠᠨ ᠤ᠋ ᠵᠦᠭ ᠢᠯᠡᠭᠡᠭᠰᠡᠨ ᠡᠯᠴᠢ ᠪᠤᠴᠠᠵᠤ ᠢᠷᠡᠪᠡ᠃ ᠡᠯᠴᠢ ᠵᠠᠬᠢᠳᠠᠯ ᠠᠪᠴᠢᠷᠠᠵᠠᠢ᠃ ᠠᠨᠤ ᠬᠠᠲᠤᠨ ᠵᠠᠬᠢᠳᠠᠯ  ᠢ᠋ ᠠᠪᠴᠤ ᠤᠩᠰᠢᠨ᠎ᠠ᠃
—  ᠪᠢᠳᠡ ᠰᠠᠢᠨ ᠳᠤᠷ᠎ᠠ ᠠ᠋ᠴᠠ ᠪᠠᠨ ᠢᠷᠡᠪᠡ᠃ ᠪᠤᠷᠬᠠᠨ ᠤ᠋ ᠬᠤᠪᠢᠯᠭᠠᠨ ᠭᠠᠯᠳᠠᠨ ᠪᠣᠱᠣᠭᠲᠤ ᠬᠠᠭᠠᠨ ᠲᠠᠨ ᠤ᠋ ᠢᠪᠡᠭᠡᠯ ᠳ᠋ᠦ᠍ ᠪᠠᠭᠲᠠᠬᠤ ᠭᠡᠰᠡᠨ ᠶᠤᠮ᠃ ᠵᠡᠭᠦᠨᠭᠠᠷ ᠤ᠋ᠨ ᠬᠠᠭᠠᠨ ᠤ᠋ ᠰᠠᠩ᠂ ᠰᠦᠮ᠎ᠡ ᠬᠡᠢᠳ ᠦ᠋ᠨ ᠵᠢᠰᠠ ᠶ᠋ᠢᠨ ᠬᠥᠷᠥᠩᠭᠡ ᠳ᠋ᠦ᠍ ᠮᠠᠯ ᠰᠦᠷᠦᠭ ᠢ᠋ᠶ᠋ᠡᠨ ᠲᠤᠰᠢᠶᠠᠬᠤ ᠪᠠᠷ ᠰᠢᠢᠳᠪᠡ᠃ ᠯᠤᠤᠰ ᠤ᠋ᠨ ᠬᠣᠣᠷᠯᠠᠯ ᠠ᠋ᠴᠠ ᠰᠠᠯᠭᠠᠵᠤ ᠬᠠᠢᠷᠠᠯᠠ ᠁ ᠭᠡᠵᠦ ᠥᠷᠥᠰᠢᠶᠡᠯ ᠭᠤᠶᠤᠵᠠᠢ᠃
— ᠸᠴᠢᠷᠲᠤ ᠰᠡᠴᠡᠨ ᠪᠣᠯ ᠨᠡᠷ᠎ᠡ ᠨᠥᠯᠥᠭᠡ ᠲᠡᠢ ᠬᠥᠮᠦᠨ᠃ ᠨᠠᠳᠠᠳᠤ ᠲᠡᠭᠦᠨ ᠦ᠌ ᠠᠯᠪᠠᠲᠤ ᠢᠷᠭᠡᠳ ᠢ᠋ ᠲᠠᠰᠤᠯᠵᠤ ᠬᠤᠷᠢᠶᠠᠬᠤ ᠪᠣᠳᠣᠯ ᠦᠭᠡᠢ ᠪᠢᠯᠡ᠃ ᠬᠡᠷᠡᠭ ᠦ᠋ᠨ ᠡᠵᠡᠨ ᠬᠡᠩᠭᠡᠷᠭᠡ ᠶ᠋ᠢᠨ ᠳᠣᠬᠢᠭᠤᠷ ᠢ᠋ ᠣᠯᠵᠤ ᠴᠡᠭᠡᠷᠯᠡᠭᠦᠯ᠃ ᠥᠷᠲᠡᠭᠡᠨ ᠦ᠌ ᠰᠠᠢᠳ ᠢ᠋ ᠵᠠᠷᠤᠵᠤ ᠬᠣᠱᠤᠳ ᠣᠪᠣᠭᠲᠠᠨ ᠳ᠋ᠤ᠌ ᠤᠰᠤ ᠤᠷᠭᠤᠮᠠᠯ ᠲᠡᠭᠰᠢ ᠪᠡᠯᠴᠢᠭᠡᠷ ᠨᠤᠲᠤᠭ ᠢ᠋ ᠵᠢᠭᠠᠵᠤ ᠰᠠᠭᠤᠷᠢᠰᠢᠭᠤᠯ ᠭᠡᠮᠡᠨ ᠭᠠᠯᠳᠠᠨ ᠬᠠᠭᠠᠨ ᠵᠠᠷᠯᠢᠭ ᠪᠣᠯᠪᠠ᠃
 ᠸᠴᠢᠷᠲᠤ ᠰᠡᠴᠡᠨ ᠦ᠌ ᠠᠯᠪᠠᠲᠤ ᠨᠤᠭᠤᠳ ᠠ᠋ᠴᠠ ᠨᠡᠭᠦᠯᠭᠡᠵᠦ ᠴᠢᠳᠠᠪᠠ ᠤᠤ? ᠭᠡᠵᠦ ᠡᠷᠢᠯᠴᠢ ᠶ᠋ᠢᠨ ᠨᠡᠷ᠎ᠡ ᠪᠡᠷ ᠬᠣᠱᠤᠳ ᠤ᠋ᠨ ᠬᠥᠬᠡᠨᠠᠭᠤᠷ ᠤᠷᠤᠭᠤ ᠶᠠᠪᠤᠭᠤᠯᠤᠭᠰᠠᠨ ᠬᠥᠮᠦᠰ ᠡᠴᠡ ᠰᠠᠪᠳᠠᠨᠵᠠᠯ ᠸᠠᠩ ᠯᠠᠪᠯᠠᠵᠤ ᠪᠠᠢᠬᠤ ᠶ᠋ᠢ ᠮᠠᠯ ᠤ᠋ᠨ ᠡᠷᠢᠯ ᠳ᠋ᠦ᠍ ᠲᠤᠢᠯᠳᠠᠭᠰᠠᠨ ᠨᠤᠲᠤᠭ ᠤ᠋ᠨ ᠬᠠᠷ᠎ᠠ ᠬᠦᠦ ᠬᠠᠭᠠᠨ ᠤ᠋ ᠰᠣᠨᠣᠷ ᠲᠤ᠌ ᠢᠯᠡᠭᠡᠵᠡᠢ᠃
 ᠬᠠᠭᠠᠨ ᠤ᠋ ᠴᠢᠬᠢ ᠰᠣᠨᠣᠷ᠂ ᠨᠢᠳᠦ ᠰᠣᠷᠭᠣᠭ᠂ ᠭᠠᠷ ᠤᠷᠲᠤ ᠪᠠᠢᠳᠠᠭ ᠪᠢᠯᠡ᠃ ᠵᠡᠯᠢᠭᠦᠳ ᠬᠡᠭᠡᠷ᠎ᠡ ᠶ᠋ᠢᠨ ᠡᠪᠡᠰᠦ ᠨᠣᠭᠣᠭ᠎ᠠ᠂ ᠵᠡᠷᠯᠢᠭ ᠠᠳᠤᠭᠤᠰᠤᠨ ᠠᠮᠢᠲᠠᠨ ᠬᠦᠷᠲᠡᠯ᠎ᠡ ᠨᠡᠭᠦᠳᠡᠯᠴᠢᠳ ᠦ᠋ᠨ ᠨᠤᠲᠤᠭ ᠲᠤ᠌ ᠲᠣᠭ᠎ᠠ ᠲᠣᠯᠣᠭᠠᠢ ᠪᠠᠷ ᠢ᠋ᠶ᠋ᠠᠨ ᠬᠡᠳᠦ ᠬᠡᠴᠢᠨᠡᠭᠡᠨ ᠠᠮᠢᠳᠤᠷᠠᠵᠤ ᠪᠠᠢᠳᠠᠭ ᠢ᠋ ᠭᠠᠯᠳᠠᠨ ᠬᠠᠭᠠᠨ ᠭᠠᠳᠠᠷᠯᠠᠳᠠᠭ ᠶᠤᠮ᠃
—  ᠪᠣᠷᠣ ᠲᠠᠯ᠎ᠠ ᠶ᠋ᠢᠨ ᠠᠢᠯ ᠡᠷᠦᠬᠡ ᠨᠦ᠍ᠭᠦᠳ ᠳᠦᠷᠪᠡᠭᠰᠡᠨ ᠶᠦᠮ ᠰᠢᠭ᠋  ᠭᠠᠯᠳᠠᠨ ᠬᠠᠭᠠᠨ ᠤ᠋ ᠴᠠᠢᠵᠠ ᠪᠡᠬᠢᠯᠡᠯᠲᠡ ᠪᠦᠬᠦᠢ ᠬᠠᠷ᠎ᠠ ᠡᠷᠴᠢᠰ ᠭᠣᠣᠯ ᠤᠷᠤᠭᠤ ᠨᠡᠭᠦᠪᠡ᠃ ᠨᠡᠭᠦᠳᠡᠯ ᠬᠥᠷᠪᠡᠭᠡᠳ ᠶᠠᠪᠤᠴᠢᠬᠠᠯ᠎ᠠ᠃ ᠪᠣᠷᠣ ᠲᠠᠯ᠎ᠠ ᠡᠵᠡᠭᠦᠢᠷᠡᠪᠡ᠃ ᠪᠣᠷᠣ ᠲᠠᠯ᠎ᠠ ᠳ᠋ᠤ᠌ ᠰᠢᠪᠠᠭᠤᠨ ᠤ᠋ ᠡᠭᠦᠷ ᠦᠯᠡᠲᠡᠯ᠎ᠡ ᠭᠡᠵᠦ ᠠᠶᠠᠨ ᠵᠠᠮ ᠤ᠋ᠨ  ᠪᠣᠰᠤᠭᠤᠯ ᠤ᠋ᠳ ᠶᠠᠷᠢᠵᠤ ᠪᠠᠢᠬᠤ ᠶ᠋ᠢ ᠡᠷᠢᠯᠴᠢᠨ ᠬᠠᠷ᠎ᠠ ᠬᠦᠦ ᠰᠣᠨᠣᠰᠴᠤ ᠲᠤᠭᠤᠯᠤᠭᠰᠠᠨ ᠪᠠᠢᠪᠠ᠃ ᠭᠠᠯᠳᠠᠨ ᠬᠠᠭᠠᠨ ᠪᠤᠷᠬᠠᠨ ᠤ᠋ ᠨᠢᠳᠦᠨ ᠡᠷᠢᠭᠡ ᠪᠡᠨ ᠢᠮᠡᠷᠦᠨ ᠱᠣᠳᠠᠵᠤ ᠦᠵᠡᠭᠡᠳ ᠭᠤᠷᠪᠠᠨᠲᠠ ᠠᠭᠠᠷ ᠭᠤᠶᠠᠳᠠᠵᠤ ᠲᠣᠮ ᠬᠢᠭᠡᠳ᠂
 — ᠢᠵᠢᠯ ᠮᠥᠷᠡᠨ ᠤᠷᠤᠭᠤ ᠨᠡᠭᠦᠭᠰᠡᠨ ᠨᠡᠭᠦᠳᠡᠯᠴᠢᠳ ᠢ᠋ ᠪᠤᠴᠠᠭᠠᠵᠤ ᠠᠪᠴᠢᠷᠠ᠃ ᠴᠡᠷᠢᠭ ᠬᠥᠳᠡᠯᠭᠡᠵᠦ ᠵᠠᠮ ᠵᠠᠭᠤᠷ᠎ᠠ ᠬᠠᠮᠠᠭᠠᠯᠠᠬᠤ ᠬᠡᠷᠡᠭᠲᠡᠢ ᠭᠡᠮᠡᠨ ᠬᠢᠯᠢ ᠶ᠋ᠢᠨ ᠬᠠᠢᠴᠢ ᠶ᠋ᠢ ᠰᠠᠬᠢᠨ ᠰᠠᠭᠤᠭ᠎ᠠ ᠮᠢᠩᠭᠠᠲᠤ ᠶ᠋ᠢᠨ ᠨᠣᠶᠠᠨ ᠭᠠᠢᠲᠠᠪ ᠪᠠᠭᠠᠲᠤᠷ ᠲᠤ᠌ ᠡᠯᠴᠢ ᠢᠯᠡᠭᠡᠪᠡ᠃
ᠭᠡᠲᠡᠯ᠎ᠡ ᠨᠢᠭᠡᠨᠲᠡ ᠬᠣᠵᠢᠮᠳᠠᠵᠤ ᠨᠡᠭᠦᠳᠡᠯᠴᠢᠳ ᠢᠵᠢᠯ ᠮᠥᠷᠡᠨ ᠬᠦᠷᠦᠭᠰᠡᠨ ᠪᠠᠢᠯ᠎ᠠ᠃ ᠵᠡᠭᠦᠨᠭᠠᠷ ᠤ᠋ᠨ ᠳᠣᠲᠣᠭᠠᠳᠤ ᠳ᠋ᠤ᠌ ᠦᠢᠮᠡᠭᠡᠨ ᠳᠡᠭᠳᠡᠭᠡᠭᠰᠡᠨ ᠨᠢ ᠰᠠᠪᠳᠠᠨᠵᠠᠯ ᠲᠦᠷᠦᠭᠦᠦ ᠲᠡᠢ ᠨᠣᠶᠠᠳ ᠤ᠋ᠨ ᠭᠠᠯᠳᠠᠨ ᠳ᠋ᠤ᠌ ᠬᠠᠨᠳᠤᠭᠰᠠᠨ ᠬᠦᠢᠲᠡᠨ ᠰᠡᠳᠬᠢᠯ ᠦ᠋ᠨ ᠦᠢᠯᠡᠳᠦᠯ ᠪᠥᠯᠥᠭᠡ᠃
 — ᠲᠠᠯ᠎ᠠ ᠨᠤᠲᠤᠭ ᠲᠤ᠌ ᠪᠣᠲᠣᠭᠣ ᠲᠠᠢ ᠢᠩᠭᠡ ᠦᠬᠦᠭᠦᠯᠪᠡ᠃ ᠡᠬᠡ ᠨᠢ ᠦᠬᠦᠭᠰᠡᠨ ᠲᠤᠯᠠ ᠪᠣᠲᠣᠭᠣ ᠲᠡᠷᠡ ᠭᠠᠵᠠᠷ ᠠ᠋ᠴᠠ ᠶᠠᠪᠤᠬᠤ ᠦᠭᠡᠢ ᠡᠷᠭᠢᠯᠳᠦᠨ ᠪᠠᠢᠭᠰᠠᠭᠠᠷ ᠪᠠᠢᠯ᠎ᠠ᠃ ᠪᠢᠳᠡᠨ ᠦ᠌ ᠡᠷᠢᠯᠴᠢᠳ ᠠᠢᠯ ᠤ᠋ᠳ ᠢ᠋ᠶ᠋ᠠᠷ ᠯᠤᠤᠰ ᠤ᠋ᠨ ᠬᠣᠣᠷᠯᠠᠯ ᠪᠣᠯᠪᠠ ᠭᠡᠵᠦ ᠴᠤᠤ ᠲᠠᠷᠬᠠᠭᠠᠪᠠ᠃ ᠯᠤᠤᠰ ᠤ᠋ᠨ ᠬᠣᠣᠷᠯᠠᠯ ᠢ᠋ ᠳᠠᠷᠤᠳᠠᠭ ᠷᠢᠳᠢ ᠰᠢᠳᠢᠲᠦ ᠬᠤᠪᠢᠯᠭᠠᠨ ᠪᠣᠯ ᠭᠠᠯᠳᠠᠨ ᠪᠣᠱᠣᠭᠲᠤ ᠬᠠᠭᠠᠨ ᠮᠥᠨ ᠡᠴᠡ ᠮᠥᠨ ᠭᠡᠮᠡᠨ ᠬᠣᠲᠠ ᠠᠢᠯ ᠤ᠋ᠳ ᠢ᠋ᠶ᠋ᠠᠷ ᠪᠠᠭᠤᠵᠤ ᠮᠣᠷᠳᠠᠬᠤ ᠳᠤᠭᠤᠢᠯᠠᠩ ᠳ᠋ᠠᠭᠠᠨ ᠰᠠᠪᠳᠠᠨᠵᠠᠯ ᠤ᠋ᠨ ᠬᠢᠨ ᠶᠠᠷᠢᠨ᠎ᠠ᠃ ᠦᠬᠦᠭᠰᠡᠨ ᠢᠩᠭᠡ ᠶ᠋ᠢᠨ ᠰᠡᠭ ᠢ᠋ ᠠᠢᠯ ᠤ᠋ᠳ ᠤ᠋ᠨ ᠪᠠᠭᠤᠴᠠᠨ ᠳ᠋ᠤ᠌ ᠠᠪᠠᠴᠢᠵᠤ ᠬᠠᠶᠠᠨ᠎ᠠ᠃ ᠪᠣᠲᠣᠭᠣ ᠨᠢ ᠡᠬᠡ ᠶ᠋ᠢᠨ ᠢ᠋ᠶ᠋ᠡᠨ ᠰᠡᠭ ᠲᠦ᠍ ᠪᠤᠢᠯᠠᠵᠤ ᠡᠷᠭᠢᠨ᠎ᠡ᠃ ᠡᠢᠮᠦ ᠪᠠᠢᠳᠠᠯ ᠲᠠᠢ ᠢᠩᠭᠡ ᠶ᠋ᠢᠨ ᠦᠬᠦᠯ᠂ ᠪᠣᠲᠣᠭᠣ ᠶ᠋ᠢᠨ ᠪᠤᠢᠯᠠᠭᠠᠨ ᠳᠤᠮᠳᠠ ᠬᠣᠱᠤᠳ ᠣᠪᠣᠭ ᠤ᠋ᠨ ᠬᠢᠨ ᠦ᠌ ᠨᠡᠭᠦᠳᠡᠯᠴᠢᠳ ᠭᠠᠯᠳᠠᠨ ᠪᠣᠱᠣᠭᠲᠤ ᠬᠠᠭᠠᠨ ᠢ᠋ ᠵᠣᠷᠢᠵᠠᠢ᠃ ᠰᠠᠪᠳᠠᠨᠵᠠᠯ ᠤ᠋ᠨ ᠥᠳᠥᠭᠡᠭᠰᠡᠨ ᠦᠢᠮᠡᠭᠡᠨ ᠴᠥᠪ ᠦ᠋ᠨ ᠴᠠᠭ ᠤ᠋ᠨ ᠳᠠᠭᠤᠳᠠᠯᠭ᠎ᠠ ᠪᠣᠯᠪᠠ᠃

               ᠬᠣᠶᠠᠷ

   — ᠠᠢᠯ ᠤ᠋ᠳ ᠨᠡᠭᠦᠵᠦ ᠪᠠᠢᠨ᠎ᠠ᠃ ᠬᠣᠱᠤᠳ ᠣᠪᠣᠭ ᠤ᠋ᠨ ᠬᠢᠨ ᠪᠠᠷᠤᠭ ᠨᠡᠭᠦᠭᠡᠳ ᠳᠠᠭᠤᠰᠤᠯ᠎ᠠ ᠭᠡᠵᠦ ᠬᠠᠭᠠᠨ ᠤ᠋ ᠦᠷᠭᠦᠭᠡᠨ ᠳ᠋ᠦ᠍ ᠲᠥᠷᠥ ᠶ᠋ᠢᠨ ᠰᠠᠢᠳ ᠮᠡᠷᠭᠡᠨ ᠠᠢᠯᠠᠳᠪᠠ᠃
— ᠲᠠᠢᠪᠤᠩ ᠠᠮᠤᠭᠤᠯᠠᠩ ᠠᠷᠠᠳ ᠢᠷᠭᠡᠳ ᠨᠤᠲᠤᠭ ᠤᠰᠤ ᠶ᠋ᠢ ᠮᠢᠨᠢ ᠮᠠᠨᠵᠤ ᠶ᠋ᠢᠨ ᠬᠠᠭᠠᠨ ᠤ᠋ ᠭᠠᠷ ᠬᠥᠯ ᠪᠣᠯᠤᠭᠰᠠᠨ ᠰᠠᠪᠳᠠᠨᠵᠠᠯ ᠸᠠᠩ ᠦᠢᠮᠡᠭᠦᠯᠵᠦ ᠢᠳᠬᠠᠪᠠ᠃ ᠪᠢ ᠠᠪᠳᠠᠷ᠎ᠠ ᠪᠠᠨ ᠣᠩᠭᠢᠴᠢᠭᠤᠯᠬᠤ ᠦᠭᠡᠢ᠃ ᠬᠢᠯᠢ ᠶ᠋ᠢᠨ ᠬᠡᠷᠡᠮ ᠦ᠋ᠨ ᠪᠡᠬᠢᠯᠡᠯᠲᠡ ᠳ᠋ᠦ᠍ ᠰᠠᠭᠤᠭ᠎ᠠ ᠭᠠᠯᠳᠠᠮ᠎ᠠ ᠪᠠᠭᠠᠲᠤᠷ ᠢ᠋ ᠬᠦᠷᠲᠡᠯ᠎ᠡ ᠬᠣᠣᠷᠯᠠᠪᠠ᠃ ᠰᠠᠪᠳᠠᠨᠵᠠᠯ ᠠ᠋ᠴᠠ ᠶᠠᠯ᠎ᠠ ᠠᠰᠠᠭᠤᠬᠤ ᠴᠠᠭ ᠪᠣᠯᠤᠯ᠎ᠠ ᠭᠡᠮᠡᠨ ᠭᠠᠯᠳᠠᠨ ᠪᠣᠱᠣᠭᠲᠤ ᠬᠠᠭᠠᠨ ᠵᠠᠷᠯᠢᠭ ᠪᠣᠯᠪᠠ᠃
 ᠶᠠᠭ ᠡᠨᠡ ᠦᠶ᠎ᠡ ᠳ᠋ᠦ᠍ ᠸᠴᠢᠷᠲᠤ ᠰᠡᠴᠡᠨ ᠬᠠᠭᠠᠨ ᠤ᠋ ᠬᠡᠭᠡᠷ᠎ᠡ ᠶ᠋ᠢᠨ ᠦᠷᠭᠦᠭᠡᠨ ᠦ᠌ ᠬᠣᠢᠮᠣᠷ ᠲᠤ᠌ ᠰᠠᠪᠳᠠᠨᠵᠠᠯ ᠳᠠᠭᠠᠭᠤᠯᠢ ᠤ᠋ᠳ ᠤ᠋ᠨ ᠬᠠᠮᠲᠤ ᠴᠠᠷ᠎ᠠ ᠲᠠᠪᠠᠭ ᠲᠠᠢ ᠮᠢᠬ᠎ᠠ ᠢᠳᠡᠵᠦ᠂ ᠰᠠᠷᠬᠤᠳ ᠰᠥᠩᠨᠡᠨ ᠪᠠᠢᠪᠠ᠃ ᠸᠴᠢᠷᠲᠤ ᠰᠡᠴᠡᠨ ᠬᠠᠭᠠᠨ ᠤ᠋ ᠳᠡᠷᠭᠡᠳᠡ ᠴᠡᠸᠡᠩᠷᠠᠪᠳᠠᠨ ᠬᠠᠨ ᠬᠦᠦ ᠰᠠᠭᠤᠨ᠎ᠠ᠃ ᠴᠡᠸᠡᠩᠷᠠᠪᠳᠠᠨ ᠥᠰᠴᠡᠢ᠃
ᠭᠠᠯᠳᠠᠨ ᠢ᠋ ᠬᠠᠭᠠᠨ ᠪᠣᠯᠬᠤ ᠠ᠋ᠴᠠ ᠡᠮᠦᠨᠡᠬᠡᠨ ᠬᠠᠨ ᠬᠦᠦ ᠴᠡᠸᠡᠩᠷᠠᠪᠳᠠᠨ ᠡᠪᠦᠭᠡ ᠡᠴᠢᠭᠡ ᠸᠴᠢᠷᠲᠤ ᠰᠡᠴᠡᠨ ᠬᠠᠭᠠᠨ ᠤ᠋ ᠦᠷᠭᠦᠭᠡᠨ ᠳ᠋ᠦ᠍ ᠢᠷᠡᠵᠡᠢ᠃ ᠸᠴᠢᠷᠲᠤ ᠰᠡᠴᠡᠨ ᠬᠥᠪᠡᠭᠦᠨ ᠳ᠋ᠦ᠍ ᠬᠠᠤᠯᠢ ᠴᠠᠭᠠᠵᠠ᠂ ᠲᠣᠭ᠎ᠠ ᠪᠣᠳᠣᠯᠭ᠎ᠠ᠂ ᠱᠠᠰᠢᠨ ᠤ᠋ ᠲᠡᠦᠬᠡ᠂ ᠮᠣᠩᠭᠣᠯᠴᠤᠳ ᠤ᠋ᠨ ᠤᠭᠰᠠᠭ᠎ᠠ ᠭᠠᠷᠪᠠᠯᠢ᠂ ᠴᠡᠷᠢᠭ ᠦ᠋ᠨ ᠤᠷᠠᠯᠢᠭ ᠵᠢᠭᠠᠵᠤ ᠨᠢᠳᠦ ᠶ᠋ᠢ ᠨᠢ ᠨᠡᠭᠡᠭᠡᠭᠰᠡᠨ ᠪᠥᠯᠥᠭᠡ᠃ ᠸᠴᠢᠷᠲᠤ ᠰᠡᠴᠡᠨ ᠬᠠᠭᠠᠨ ᠪᠤᠭᠤᠷᠤᠯ ᠱᠣᠳᠣᠩ ᠭᠡᠵᠢᠭᠡ ᠪᠡᠷ ᠢ᠋ᠶ᠋ᠡᠨ ᠤᠷᠤᠯᠳᠤᠨ ᠰᠠᠪᠳᠠᠨᠵᠠᠯ ᠸᠠᠩ  ᠢ᠋ ᠰᠢᠷᠲᠡᠨ ᠡᠢᠨ ᠬᠦ᠌ ᠥᠭᠦᠯᠡᠪᠡ᠃
— ᠭᠠᠯᠳᠠᠨ ᠪᠣᠱᠣᠭᠲᠤ ᠬᠣᠱᠤᠳ ᠢᠷᠭᠡᠳ ᠢ᠋ ᠣᠯᠠᠨ ᠢ᠋ᠶ᠋ᠠᠷ ᠨᠡᠭᠦᠯᠭᠡᠵᠦ ᠨᠠᠮᠠᠶ᠋ᠢ ᠢᠳᠡᠵᠦ ᠡᠬᠢᠯᠡᠪᠡ᠃ ᠨᠠᠳᠠᠳᠤ ᠬᠠᠷ᠎ᠠ ᠰᠠᠨᠠᠮᠠᠷ ᠦᠭᠡᠢ ᠰᠠᠨ᠃ ᠰᠡᠩᠭᠡ ᠶ᠋ᠢᠨ ᠬᠥᠪᠡᠭᠦᠨ ᠴᠠᠸᠠᠩᠷᠠᠪᠳᠠᠨ ᠭᠠᠯ ᠤ᠋ᠨ ᠵᠢᠭᠡ ᠲᠤᠯᠠ ᠮᠠᠨ ᠤ᠋ ᠳ᠋ᠤ᠌ ᠥᠰᠴᠦ ᠪᠠᠢᠭ᠎ᠠ ᠨᠢ ᠦᠨᠡᠨ᠃ ᠪᠢ ᠪᠣᠱᠣᠭᠲᠤ ᠬᠠᠭᠠᠨ ᠢ᠋ ᠳᠡᠮᠵᠢᠵᠦ ᠡᠳᠦᠢ ᠬᠦᠷᠦᠭᠰᠡᠨ᠃ ᠤᠷᠤᠭ ᠪᠠᠷᠢᠯᠳᠤᠭᠰᠠᠨ ᠡᠴᠢᠭᠡ ᠪᠡᠨ ᠭᠣᠮᠣᠳᠠᠭᠠᠵᠤ ᠪᠠᠢᠨ᠎ᠠ ᠳᠠ ᠭᠡᠬᠦ ᠶ᠋ᠢ ᠰᠠᠪᠳᠠᠨᠵᠠᠯ ᠰᠣᠨᠣᠰᠴᠤ ᠰᠠᠭᠤᠬᠤ ᠳ᠋ᠠᠭᠠᠨ ᠦᠶ᠎ᠡ ᠦᠶ᠎ᠡ ᠬᠠᠯᠬᠠᠯᠠᠬᠤ ᠮᠡᠲᠦ ᠲᠣᠯᠣᠭᠠᠢ ᠰᠡᠭᠰᠦᠷᠦᠨ᠎ᠡ᠃ ᠰᠠᠪᠳᠠᠨᠵᠠᠯ᠂
— ᠬᠥᠮᠦᠨ ᠦ᠌ ᠳᠣᠲᠣᠷ᠎ᠠ ᠣᠷᠣᠵᠤ ᠦᠵᠡᠭᠰᠡᠨ ᠪᠢᠰᠢ ᠳᠡ᠃ ᠬᠥᠮᠦᠨ ᠦ᠌ ᠡᠷᠢᠶᠡᠨ ᠳᠣᠲᠣᠷ᠎ᠠ ᠪᠠᠨ᠂ ᠮᠣᠭᠠᠢ ᠶ᠋ᠢᠨ ᠡᠷᠢᠶᠡᠨ ᠭᠠᠳᠠᠨ᠎ᠠ ᠪᠠᠨ ᠭᠡᠳᠡᠭ ᠪᠤᠰᠤ ᠤᠤ? ᠬᠠᠲᠤᠨ ᠡᠬᠡ ᠪᠠᠯᠵᠢᠳᠠᠷ᠎ᠠ ᠶ᠋ᠢ ᠴᠦᠯᠡᠭᠰᠡᠨ ᠰᠢᠦ ᠳᠡ᠃ ᠴᠡᠴᠡᠨ᠂ ᠵᠣᠳᠪᠠᠭᠠᠲᠤᠷ ᠬᠣᠶᠠᠷ ᠤ᠋ᠨ ᠶᠠᠯ᠎ᠠ ᠶ᠋ᠢ ᠬᠥᠭᠡᠷᠦᠬᠦᠢ ᠡᠬᠡ ᠳ᠋ᠦ᠍ᠨᠢ ᠳᠤᠬᠤᠵᠠᠢ᠃ ᠪᠠᠯᠵᠢᠳᠠᠷ᠎ᠠ ᠬᠠᠲᠤᠨ ᠤᠬᠢᠯᠠᠭᠰᠠᠭᠠᠷ ᠪᠠᠢᠭᠠᠳ ᠰᠢᠷ᠎ᠠ ᠮᠢᠬ᠎ᠠ ᠲᠠᠢ ᠪᠠᠨ ᠬᠠᠲᠠᠵᠤ ᠦᠬᠦᠭᠰᠡᠨ᠁ ᠭᠡᠮᠡᠨ ᠥᠭᠦᠯᠡᠬᠦ ᠳ᠋ᠦ᠍ ᠸᠴᠢᠷᠲᠤ ᠰᠡᠴᠡᠨ ᠬᠠᠭᠠᠨ ᠥᠳᠬᠡᠨ ᠬᠥᠮᠥᠰᠬᠡ ᠪᠡᠨ ᠰᠡᠷᠪᠡᠯᠵᠡᠭᠦᠯᠦᠨ ᠬᠥᠳᠡᠯᠭᠡᠭᠡᠳ ᠁
— ᠭᠠᠯᠳᠠᠮ᠎ᠠ ᠪᠠᠭᠠᠲᠤᠷ ᠬᠦᠦ ᠶ᠋ᠢ ᠮᠢᠨᠢ ᠦᠵᠦᠮ ᠬᠠᠲᠤᠨ᠂ ᠪᠣᠭᠣᠯ ᠺᠸᠮᠴᠢ ᠬᠣᠶᠠᠷ ᠲᠤ᠌ ᠬᠣᠣᠷᠯᠠᠭᠳᠠᠬᠤ ᠳ᠋ᠤ᠌ ᠭᠠᠯᠳᠠᠨ ᠪᠣᠱᠣᠭᠲᠤ ᠶᠡᠬᠡᠳᠡ ᠡᠮᠭᠡᠨᠢᠨ ᠭᠠᠰᠢᠭᠤᠳᠠᠭᠠᠳ ᠨᠠᠮᠠᠶ᠋ᠢ ᠳᠡᠷᠭᠡᠳᠡ ᠪᠡᠨ ᠠᠪᠠᠴᠢᠨ᠎ᠠ ᠭᠡᠬᠦ ᠪᠡᠷ ᠨᠢ ᠳᠤᠷ᠎ᠠ ᠦᠭᠡᠢᠴᠡᠭᠰᠡᠨ ᠪᠢᠯᠡ᠃ ᠲᠡᠷᠡ ᠴᠠᠭ ᠠ᠋ᠴᠠ ᠬᠣᠢᠰᠢ ᠠᠨᠤ ᠶ᠋ᠢ ᠬᠦᠷᠲᠡᠯ᠎ᠡ ᠨᠠᠭᠠᠰᠢ ᠨᠢ ᠶᠠᠪᠤᠭᠤᠯᠤᠭᠰᠠᠨ ᠦᠭᠡᠢ᠃ ᠶᠡᠬᠡ ᠬᠠᠲᠠᠭᠤ ᠰᠡᠳᠬᠢᠯ ᠲᠡᠢ  ᠶᠤᠮ᠃ ᠭᠡᠬᠦ ᠳ᠋ᠦ᠍ ᠰᠡᠴᠡᠨ ᠬᠠᠭᠠᠨ ᠤ᠋ ᠭᠣᠮᠣᠳᠠᠯ ᠴᠥᠬᠥᠷᠡᠯ ᠦ᠋ᠨ ᠦᠭᠡ ᠶ᠋ᠢ ᠬᠦᠯᠢᠶᠡᠵᠦ ᠪᠠᠢᠭᠰᠠᠨ ᠰᠠᠪᠳᠠᠨᠵᠠᠯ ᠬᠢᠲᠤᠭ᠎ᠠ ᠪᠠᠨ ᠬᠤᠢᠯᠠᠵᠤ ᠪᠥᠰᠡᠨ ᠳ᠋ᠡᠭᠡᠨ ᠬᠠᠪᠴᠢᠭᠤᠯᠪᠠ᠃
   — ᠭᠠᠯᠳᠠᠨ ᠢ᠋ ᠨᠣᠮᠣᠬᠠᠷᠠᠭᠤᠯᠬᠤ ᠭᠡᠪᠡᠯ ᠪᠢ ᠬᠦᠴᠦᠨ ᠲᠤᠰᠠᠯᠠᠵᠤ ᠪᠣᠯᠤᠨ᠎ᠠ ᠰᠢᠦ ᠭᠡᠬᠦ ᠳ᠋ᠦ᠍ ᠤᠭ ᠤ᠋ᠨ ᠬᠠᠰᠢᠷ ᠬᠡᠷᠰᠡᠦ ᠵᠠᠩ ᠲᠠᠢ ᠸᠴᠢᠷᠲᠤ ᠰᠡᠴᠡᠨ ᠬᠠᠭᠠᠨ ᠲᠡᠭᠦᠨ ᠦ᠌ ᠦᠭᠡ ᠶ᠋ᠢ ᠦᠯᠦ ᠲᠣᠭᠣᠨ ᠳᠤᠭᠤᠢ ᠰᠠᠭᠤᠭᠰᠠᠭᠠᠷ ᠥᠩᠭᠡᠷᠡᠭᠦᠯᠵᠡᠢ᠃ ᠰᠠᠪᠳᠠᠨᠵᠠᠯ ᠳᠠᠬᠢᠭᠠᠳ ᠦᠭᠡ ᠬᠡᠯᠡᠯ ᠦᠭᠡᠢ ᠬᠦᠯᠢᠶᠡᠪᠡ᠃
ᠰᠠᠪᠳᠠᠨᠵᠠᠯ ᠤ᠋ᠨ ᠴᠡᠷᠢᠭ ᠦ᠋ᠳ ᠠᠰᠠᠷ ᠮᠠᠢᠬᠠᠨ ᠢ᠋ᠶ᠋ᠠᠨ ᠬᠤᠷᠢᠶᠠᠵᠤ ᠶᠠᠪᠤᠬᠤ ᠳ᠋ᠤ᠌ ᠵᠡᠬᠡᠭᠰᠡᠨ ᠲᠤᠯᠠ ᠲᠡᠷᠡ ᠪᠡᠷ ᠸᠴᠢᠷᠲᠤ ᠰᠡᠴᠡᠨ ᠬᠠᠭᠠᠨ  ᠢ᠋ ᠲᠤᠷᠰᠢᠬᠤ ᠮᠡᠲᠦ᠂
— ᠮᠠᠨᠵᠤ ᠶ᠋ᠢᠨ ᠬᠠᠭᠠᠨ ᠨᠠᠳᠠᠳᠤ ᠵᠢᠶᠦ᠋ᠨ ᠸᠠᠩ ᠴᠣᠯᠠ ᠣᠯᠭᠣᠭᠰᠠᠨ ᠢ᠋ ᠭᠠᠯᠳᠠᠨ ᠪᠣᠱᠣᠭᠲᠤ ᠬᠠᠭᠠᠨ ᠰᠠᠢᠰᠢᠶᠠᠬᠤ ᠦᠭᠡᠢ ᠪᠠᠢᠨ᠎ᠠ᠃ ᠲᠠ ᠴᠡᠷᠢᠭ ᠦ᠋ᠨ ᠬᠥᠯ ᠳ᠋ᠦ᠍ ᠦᠷᠡᠭᠳᠡᠬᠦ ᠡᠴᠡ ᠪᠣᠯᠭᠣᠮᠵᠢᠯᠠᠵᠤ ᠪᠠᠢᠭᠠᠷᠠᠢ᠃ ᠠᠶᠠᠨ ᠵᠠᠮ ᠳ᠋ᠠᠭᠠᠨ ᠥᠯᠵᠡᠢ ᠲᠡᠢ ᠶᠠᠪᠤᠭᠠᠷᠠᠢ ᠭᠡᠵᠦ ᠬᠡᠯᠡᠬᠦ ᠳ᠋ᠦ᠍ ᠸᠴᠢᠷᠲᠤ ᠰᠡᠴᠡᠨ ᠡᠷᠡᠭᠡᠯᠵᠡᠩᠭᠦᠢ ᠪᠣᠯᠵᠤ᠂
— ᠮᠠᠨᠵᠤ ᠶ᠋ᠢᠨ ᠬᠠᠭᠠᠨ ᠡᠩᠬᠡ ᠠᠮᠤᠭᠤᠯᠠᠩ᠂ ᠰᠠᠪᠳᠠᠨᠵᠠᠯ ᠸᠠᠩ  ᠢ᠋ ᠥᠭᠡᠳᠡ ᠨᠢ ᠲᠠᠲᠠᠵᠤ ᠪᠠᠢᠭ᠎ᠠ ᠶᠤᠮ ᠭᠡᠵᠦ ᠬᠠᠷᠠᠮᠰᠠᠩᠭᠤᠢ ᠥᠭᠦᠯᠡᠯ᠎ᠡ᠃
ᠴᠣᠬᠣᠮ ᠳ᠋ᠠᠭᠠᠨ ᠰᠠᠪᠳᠠᠨᠵᠠᠯ ᠪᠣᠯᠪᠠᠰᠤ ᠸᠴᠢᠷᠲᠤ ᠰᠡᠴᠡᠨ ᠬᠠᠭᠠᠨ᠂ ᠮᠠᠨᠵᠤ ᠶ᠋ᠢᠨ ᠬᠠᠭᠠᠨ ᠡᠩᠬᠡ ᠠᠮᠤᠭᠤᠯᠠᠩ ᠤ᠋ᠨ ᠬᠣᠭᠣᠷᠣᠨᠳᠣ ᠳᠠᠪᠬᠢᠭᠰᠠᠭᠠᠷ ᠡᠭᠡᠵᠢᠭᠲᠡᠢ ᠴᠠᠭ ᠢ᠋ ᠬᠦᠯᠢᠶᠡᠵᠦ ᠵᠡᠭᠦᠨᠭᠠᠷ ᠤ᠋ᠨ ᠬᠠᠭᠠᠨ ᠤ᠋ ᠰᠡᠨᠳᠡᠢ ᠳ᠋ᠦ᠍ ᠰᠠᠨᠠᠭᠠᠷᠬᠠᠬᠤ ᠪᠣᠯᠵᠠᠢ᠃

ᠰᠠᠪᠳᠠᠨᠵᠠᠯ ᠬᠠᠯᠬ᠎ᠠ ᠮᠣᠩᠭᠣᠯ ᠤ᠋ᠨ ᠨᠤᠲᠤᠭ ᠢ᠋ᠶ᠋ᠠᠷ ᠳᠠᠮᠵᠢᠨ ᠮᠠᠨᠵᠤ ᠶ᠋ᠢᠨ ᠲᠠᠯ᠎ᠠ ᠶ᠋ᠢᠨ ᠬᠢᠨ ᠲᠡᠢ ᠬᠣᠯᠪᠣᠭ᠎ᠠ ᠰᠦᠯᠪᠡᠭᠡ ᠪᠡᠨ ᠪᠡᠬᠢᠵᠢᠭᠦᠯᠬᠦ ᠪᠡᠷ ᠬᠦᠯᠦᠭ ᠦ᠋ᠨ ᠬᠤᠷᠳᠤᠨ ᠢ᠋ ᠤᠨᠤᠵᠤ ᠶᠠᠪᠤᠭ᠎ᠠ ᠶ᠋ᠢ ᠸᠴᠢᠷᠲᠤ ᠰᠡᠴᠡᠨ ᠭᠠᠳᠠᠷᠯᠠᠵᠤ《 ᠥᠪᠥᠷ ᠮᠣᠩᠭᠣᠯ ᠤ᠋ᠨ ᠴᠠᠬᠠᠷ ᠲᠡᠷᠢᠭᠦᠲᠡᠨ ᠳᠥᠴᠢᠨ ᠶᠢᠰᠦᠨ ᠬᠣᠰᠢᠭᠤ ᠮᠠᠨᠵᠤ ᠳ᠋ᠤ᠌ ᠳᠠᠭᠠᠷ᠎ᠠ ᠣᠷᠣᠭᠰᠠᠨ᠃ ᠣᠳᠣ ᠡᠨᠡ ᠰᠠᠪᠳᠠᠨᠵᠠᠯ ᠵᠡᠭᠥᠨᠭᠠᠷ  ᠢ᠋ ᠨᠦᠬᠡᠯᠡᠬᠦ ᠨᠢ ᠠ᠋᠃ ᠭᠦᠷᠦᠨ ᠤᠯᠤᠰ ᠳᠤᠮᠳᠠ ᠪᠠᠨ ᠨᠦᠬᠡ ᠲᠡᠢ ᠪᠣᠯ ᠶᠠᠭᠤ ᠪᠣᠯᠬᠤ ᠰᠠᠨ ᠪᠢᠯᠡ᠃ ᠡᠷᠬᠡᠪᠰᠢ ᠬᠤᠪᠢᠯᠭᠠᠨ ᠬᠥᠮᠦᠨ ᠪᠣᠯᠬᠤ ᠪᠠᠷ ᠢ᠋ᠶ᠋ᠠᠨ ᠭᠠᠯᠳᠠᠨ ᠨᠠᠳᠠ ᠠ᠋ᠴᠠ ᠳᠤᠲᠠᠭᠤ ᠪᠣᠳᠣᠵᠤ ᠭᠡᠵᠦ ᠤᠤ? ᠨᠠᠳᠠᠳᠤ ᠲᠥᠷᠥᠭᠰᠡᠨ ᠰᠡᠵᠢᠭ ᠭᠠᠯᠳᠠᠨ ᠳ᠋ᠤ᠌ ᠪᠠᠰᠠ ᠪᠣᠢ ᠪᠠᠢᠭ᠎ᠠ ᠪᠣᠢ ᠵ᠋᠎ᠡ᠎ 》ᠭᠡᠮᠡᠨ ᠪᠣᠳᠣᠭᠠᠳ ᠴᠡᠭᠡᠵᠢᠨ ᠦ᠌ ᠭᠦᠨ ᠡᠴᠡ ᠰᠠᠨᠠᠭ᠎ᠠ ᠠᠯᠳᠠᠯ᠎ᠠ᠃
ᠰᠡᠪᠳᠡᠨᠵᠠᠯ  ᠢ᠋ ᠮᠠᠨᠵᠤ ᠨᠤᠭᠤᠳ ᠬᠥᠭᠡᠷᠭᠡᠵᠦ ᠪᠠᠢᠯ᠎ᠠ᠃ ᠮᠠᠨᠵᠤ ᠶ᠋ᠢᠨ ᠲᠠᠩᠨᠠᠭᠤᠯ ᠲᠤᠷᠰᠢᠭᠤᠯ ᠣᠢᠷᠠᠳ ᠨᠤᠲᠤᠭ ᠢ᠋ᠶ᠋ᠠᠷ ᠬᠦᠯᠬᠦᠵᠦ ᠰᠠᠪᠳᠠᠨᠵᠡᠯ ᠮᠡᠲᠦ ᠶ᠋ᠢᠨ ᠤᠷᠪᠠᠭᠴᠢ ᠨᠣᠶᠠᠳ ᠰᠡᠭᠦᠯ ᠢ᠋ᠶ᠋ᠡᠨ ᠰᠠᠷᠪᠠᠯᠵᠠᠭᠤᠯᠵᠤ ᠪᠠᠢᠲᠠᠯ᠎ᠠ ᠮᠠᠨᠵᠤ ᠶ᠋ᠢᠨ ᠬᠠᠭᠠᠨ ᠴᠢᠭᠤᠯᠭᠠᠨ ᠬᠤᠷᠠᠯᠳᠤᠭᠤᠯᠬᠤ ᠨᠡᠷ᠎ᠡ ᠶ᠋ᠢᠨ ᠳᠣᠣᠷ᠎ᠠ᠂ ᠴᠢᠩ ᠤᠯᠤᠰ ᠤ᠋ᠨ ᠬᠠᠤᠯᠢ ᠶ᠋ᠢᠨ ᠳᠣᠣᠷ᠎ᠠ ᠣᠢᠷᠠᠳ᠂ ᠮᠣᠩᠭᠣᠯ᠂ ᠬᠠᠯᠬ᠎ᠠ ᠮᠣᠩᠭᠣᠯ ᠢ᠋ ᠨᠢᠭᠡᠳᠬᠡᠬᠦ ᠪᠡᠷ ᠪᠣᠯᠵᠠᠢ᠃ ᠴᠥᠪ ᠦ᠋ᠨ ᠴᠠᠭ ᠤ᠋ᠨ ᠪᠣᠱᠣᠭ ᠤ᠋ᠨ ᠳᠡᠭᠡᠷ᠎ᠡ ᠣᠢᠷᠠᠳ ᠤ᠋ᠨ ᠠᠮᠢᠳᠤᠷᠠᠯ ᠲᠤᠯᠵᠤ ᠢᠷᠡᠪᠡ᠃

               ᠭᠤᠷᠪᠠ

 ᠭᠠᠯᠳᠠᠨ ᠪᠣᠱᠣᠭᠲᠤ ᠬᠠᠭᠠᠨ ᠵᠡᠭᠦᠨ ᠭᠠᠷ ᠤ᠋ᠨ ᠱᠤ᠌ ᠠ᠋ᠴᠠ ᠡᠷᠢᠭᠡ ᠪᠡᠨ ᠠᠪᠴᠤ ᠭᠤᠷᠪᠠ ᠳᠠᠬᠢᠨ ᠱᠣᠳᠠᠨ ᠬᠤᠪᠢᠶᠠᠵᠤ ᠦᠵᠡᠭᠡᠳ ᠮᠥᠩᠭᠥᠨ ᠠᠶᠠᠭ᠎ᠠ ᠲᠠᠢ ᠴᠠᠢ ᠠ᠋ᠴᠠ ᠵᠣᠭᠣᠭᠯᠠᠪᠠ᠃ ᠡᠷᠢᠭᠡ ᠪᠡᠷ ᠢ᠋ᠶ᠋ᠡᠨ ᠲᠠᠰᠢᠭᠤᠷᠳᠠᠪᠠ᠃ ᠭᠠᠯᠳᠠᠨ ᠶᠡᠬᠡᠳᠡ ᠠᠭᠤᠷᠰᠠᠨ ᠳᠣᠭᠰᠢᠷᠠᠵᠠᠢ᠃
 ᠭᠠᠯᠳᠠᠨ ᠪᠣᠱᠣᠭᠲᠤ ᠬᠠᠭᠠᠨ ᠪᠠᠨᠴᠢᠨ ᠪᠣᠭᠳᠠ ᠶ᠋ᠢᠨ ᠬᠠᠮᠠᠷ ᠤ᠋ᠨ ᠢ᠋ᠶ᠋ᠠᠨ ᠰᠢᠩᠬᠤ ᠲᠦᠷᠬᠢᠵᠦ  ᠳᠣᠮᠨᠠᠭᠰᠠᠨ ᠡᠮ᠎ᠡ ᠬᠥᠮᠦᠨ ᠦ᠌ ᠭᠠᠪᠠᠯᠠ ᠠᠶᠠᠭ᠎ᠠ ᠶ᠋ᠢ ᠰᠡᠨᠳᠡᠢ ᠶ᠋ᠢᠨ ᠣᠢᠷᠠᠯᠴᠠᠭᠠᠬᠢ ᠱᠦᠭᠦᠷ ᠡᠴᠡ ᠭᠠᠷᠭᠠᠵᠤ ᠤᠳᠠᠲᠠᠯ᠎ᠠ ᠬᠠᠷᠠᠵᠤ ᠪᠠᠢᠭᠰᠠᠨ ᠢ᠋ᠶ᠋ᠠᠨ ᠰᠢᠷᠡᠭᠡᠨ ᠳᠡᠭᠡᠷ᠎ᠡ ᠰᠢᠲᠠᠪᠠ᠃
— ᠬᠣᠷᠸ᠎ᠠ ᠴᠢᠨᠢ ᠬᠣᠭᠣᠰᠣᠨ ᠢ᠋ᠶ᠋ᠠᠷ ᠢ᠋ᠶ᠋ᠠᠨ ᠪᠦᠲᠦᠭᠰᠡᠨ ᠶᠤᠮ ᠰᠢᠦ ᠳᠡ ᠭᠡᠮᠡᠨ ᠬᠡᠨ ᠳ᠋ᠦ᠍ ᠴᠤ᠌ ᠶᠤᠮ ᠬᠦᠩᠭᠢᠨᠡᠨ ᠠᠢᠯᠠᠳᠤᠭᠠᠳ ᠡᠷᠢᠭᠡ ᠪᠡᠨ ᠱᠤ᠌ ᠳ᠋ᠠᠭᠠᠨ ᠣᠷᠢᠶᠠᠪᠠ᠃ ᠭᠠᠯᠳᠠᠨ ᠴᠠᠭᠠᠰᠢ ᠨᠢ᠂
—  ᠪᠢ ᠴᠣᠬᠣᠨᠳᠣᠷᠵᠢ ᠬᠣᠩ ᠲᠠᠢᠵᠢ ᠲᠠᠢ ᠪᠠᠢᠯᠳᠤᠬᠤ ᠦᠭᠡᠢ᠃ ᠬᠠᠷᠢᠨ ᠲᠡᠭᠦᠨ ᠦ᠌ ᠴᠡᠷᠢᠭ ᠵᠡᠪᠰᠡᠭ ᠢ᠋ ᠬᠤᠷᠢᠶᠠᠵᠤ ᠥᠪᠡᠷ ᠲᠡᠭᠡᠨ ᠨᠢᠭᠡᠳᠬᠡᠭᠡᠳ ᠮᠠᠨᠵᠤ ᠶ᠋ᠢᠨ ᠬᠠᠭᠠᠨ ᠡᠩᠬᠡ ᠠᠮᠤᠭᠤᠯᠠᠩ ᠠ᠋ᠴᠠ ᠶᠠᠯ᠎ᠠ ᠠᠰᠠᠭᠤᠮᠠᠷ ᠰᠠᠨᠠᠭᠳᠠᠨ᠎ᠠ᠃ ᠮᠣᠩᠭᠣᠯ ᠣᠢᠷᠠᠳ ᠤ᠋ᠨ ᠬᠠᠤᠯᠢ ᠶ᠋ᠢ ᠮᠠᠨᠵᠤ ᠶ᠋ᠢᠨ ᠬᠠᠤᠯᠢ ᠪᠠᠷ ᠡᠷᠬᠡᠰᠢᠶᠡᠬᠦ ᠶ᠋ᠢ ᠬᠡᠵᠢᠶ᠎ᠡ ᠴᠦ᠍ ᠦᠯᠦ ᠵᠥᠪᠰᠢᠶᠡᠷᠡᠨ᠎ᠡ ᠭᠡᠮᠡᠨ ᠭᠠᠪᠠᠯᠠ ᠶ᠋ᠢᠨ ᠶᠠᠰᠤᠨ ᠳᠡᠭᠡᠷ᠎ᠡ ᠭᠠᠷ ᠢ᠋ᠶ᠋ᠠᠨ ᠲᠠᠯᠪᠢᠬᠤ ᠳ᠋ᠤ᠌ ᠲᠣᠮᠣ᠂ ᠵᠢᠵᠢᠭ ᠣᠯᠠᠨ ᠭᠠᠷ ᠲᠡᠭᠦᠨ ᠦ᠌ ᠳᠡᠭᠡᠷ᠎ᠡ ᠳᠠᠪᠬᠤᠷᠯᠠᠪᠠ᠃
 ᠭᠠᠯᠳᠠᠨ ᠪᠣᠱᠣᠭᠲᠤ ᠬᠠᠭᠠᠨ ᠤ᠋ ᠦᠷᠭᠦᠭᠡᠨ ᠳ᠋ᠦ᠍ ᠲᠠᠩᠭᠠᠷᠢᠭ ᠲᠠᠯᠪᠢᠵᠠᠭᠠᠪᠠ᠃ ᠠᠨᠤ ᠬᠠᠲᠤᠨ᠂ ᠳᠠᠨᠵᠢᠯᠠ ᠵᠠᠩᠵᠤᠨ᠂ ᠠᠷᠴᠠ᠂ ᠭᠠᠢᠲᠠᠪ ᠪᠠᠭᠠᠲᠤᠷ᠂ ᠲᠥᠷᠥ ᠶ᠋ᠢᠨ ᠰᠠᠢᠳ ᠮᠡᠷᠭᠡᠨ ᠪᠣᠯᠤᠨ ᠣᠯᠠᠨ ᠪᠠᠭᠠᠲᠤᠷ ᠵᠠᠩᠵᠤᠳ᠂ ᠰᠠᠢᠳ ᠨᠠᠷ ᠭᠠᠷ ᠭᠠᠷ ᠢ᠋ᠶ᠋ᠠᠨ ᠳᠠᠪᠬᠤᠷᠯᠠᠨ ᠪᠡᠶᠡᠰ ᠦ᠋ᠨ ᠥᠭᠡᠳᠡ ᠡᠴᠡ ᠬᠠᠷᠠᠵᠠᠭᠠᠨ᠂ ᠤᠴᠠᠷᠠᠯ ᠳᠦᠭᠦᠷᠡᠩ ᠬᠠᠷᠠᠴᠠ ᠪᠠᠷ ᠰᠢᠷᠲᠡᠵᠡᠭᠡᠨ᠎ᠡ᠃
ᠤᠴᠠᠷᠠᠯ ᠬᠠᠭᠠᠴᠠᠯ ᠤ᠋ᠨ ᠬᠣᠯᠪᠣᠭᠠᠰᠤ ᠶ᠋ᠢ ᠤᠯᠠᠮ ᠵᠤᠵᠠᠭᠠᠳᠬᠠᠨ ᠭᠠᠯᠳᠠᠨ ᠬᠠᠭᠠᠨ᠂
— ᠬᠠᠯᠬ᠎ᠠ ᠣᠢᠷᠠᠳ ᠬᠠᠤᠯᠢ ᠶ᠋ᠢ ᠮᠠᠨᠵᠤ ᠨᠤᠭᠤᠳ ᠬᠦᠴᠦᠨ ᠦᠭᠡᠢ ᠪᠣᠯᠭᠠᠭᠰᠠᠨ᠃ ᠬᠠᠯᠬ᠎ᠠ ᠮᠣᠩᠭᠣᠯ  ᠢ᠋ ᠵᠡᠭᠥᠨᠭᠠᠷ  ᠲᠤ᠌ ᠬᠤᠮᠢᠵᠤ ᠴᠠᠭᠠᠰᠢᠯᠠᠭᠠᠳ ᠮᠠᠨᠵᠤ ᠶ᠋ᠢ ᠰᠥᠭᠦᠳᠦᠭᠦᠯᠬᠦ ᠬᠡᠷᠡᠭᠲᠡᠢ ᠪᠣᠯᠵᠠᠢ᠃ ᠨᠢᠭᠡᠨ ᠲᠤᠭ ᠤ᠋ᠨ ᠳᠣᠣᠷ᠎ᠠ ᠪᠦᠬᠦ ᠴᠡᠷᠢᠭ ᠢ᠋ᠶ᠋ᠡᠨ ᠨᠢᠭᠡᠳᠬᠡᠶ᠎ᠡ᠃ ᠲᠥᠪᠡᠳ ᠦ᠋ᠨ ᠶᠡᠷᠦᠩᠬᠡᠢ ᠰᠠᠢᠳ ᠰᠠᠩᠵᠠᠢᠵᠠᠮᠰᠤ᠂ ᠣᠷᠣᠰ ᠤ᠋ᠨ ᠲᠣᠪᠣᠯᠰᠺ ᠬᠣᠲᠠ ᠶ᠋ᠢᠨ ᠵᠠᠬᠢᠷᠤᠭᠴᠢ ᠰᠥᠮᠡᠷᠤᠺᠥᠸ ᠲᠦ᠍ ᠡᠯᠴᠢ ᠢᠯᠡᠭᠡᠵᠦ ᠲᠤᠰᠠᠯᠠᠮᠵᠢ ᠬᠦᠰᠡᠭᠲᠦᠨ ᠭᠡᠮᠡᠨ ᠠᠰᠠᠷ ᠲᠤ᠌ ᠪᠠᠢᠬᠤ ᠳᠡᠭᠡᠳᠦᠴᠦᠦᠯ᠂ ᠴᠡᠷᠢᠭ ᠦ᠋ᠨ ᠡᠷᠬᠡᠲᠡᠨ᠂ ᠰᠠᠢᠳ ᠨᠣᠶᠠᠳ ᠲᠤ᠌ ᠲᠤᠩᠬᠠᠭᠯᠠᠨ ᠥᠭᠦᠯᠡᠪᠡ᠃
—ᠬᠠᠤᠯᠢ ᠶ᠋ᠢ ᠨᠢ ᠭᠠᠤᠯᠢ ᠪᠣᠯᠭᠠᠵᠤ ᠮᠠᠨᠵᠤ ᠶ᠋ᠢᠨ ᠬᠠᠤᠯᠢ ᠳ᠋ᠤ᠌ ᠡᠷᠬᠡ ᠴᠢᠯᠥᠭᠡ ᠣᠯᠭᠣᠯ᠎ᠠ ᠭᠡᠳᠡᠭ ᠲᠣᠭᠯᠠᠭᠠᠮ ᠮᠡᠷᠭᠡᠨ ᠰᠠᠢᠳ ᠮᠢᠨᠦ ᠭᠣᠣᠯ ᠢ᠋ ᠭᠣᠬᠠᠳᠠᠪᠠ᠃ ᠬᠠᠤᠯᠢ ᠦᠭᠡᠢ ᠤᠯᠤᠰ ᠪᠣᠯ ᠲᠣᠭᠯᠠᠭᠠᠮ ᠤ᠋ᠨ ᠤᠯᠤᠰ ᠪᠢᠯᠡ᠃ ᠲᠣᠭᠯᠠᠭᠠᠮ ᠪᠣᠯᠬᠤ ᠠ᠋ᠴᠠ ᠪᠠᠨ ᠡᠮᠦᠨ᠎ᠡ ᠡᠩᠬᠡ ᠠᠮᠤᠭᠤᠯᠠᠩ ᠤ᠋ᠨ ᠴᠡᠷᠢᠭ ᠦ᠋ᠳ ᠢ᠋ ᠨᠢᠳᠤᠷᠭᠠᠯᠠᠵᠤ ᠨᠤᠭᠤᠰᠤᠯᠠᠬᠤ ᠨᠢ ᠵᠥᠪ ᠭᠡᠵᠦ ᠮᠡᠷᠭᠡᠨ ᠪᠠᠢᠵᠤ ᠶᠠᠳᠠᠨ ᠥᠭᠦᠯᠡᠪᠡ᠃
—ᠮᠣᠩᠭᠣᠯ ᠬᠥᠮᠦᠨ ᠦ᠌ ᠲᠣᠯᠣᠭᠠᠢ ᠶ᠋ᠢ ᠤᠯᠠ ᠳ᠋ᠠᠭᠠᠨ ᠭᠢᠰᠬᠢᠯ᠎ᠡ᠃ ᠡᠨᠡ ᠪᠤᠰᠤᠷᠮᠠᠭ ᠶᠠᠪᠤᠳᠠᠯ  ᠢ᠋ ᠶᠠᠭᠠᠬᠢᠪᠠᠴᠤ ᠦᠯᠦ ᠵᠥᠪᠰᠢᠶᠡᠷᠡᠨ᠎ᠡ᠃ ᠮᠣᠩᠭᠣᠯ ᠬᠥᠮᠦᠨ ᠦ᠌ ᠲᠣᠯᠣᠭᠠᠢ ᠳᠡᠭᠡᠷ᠎ᠡ ᠬᠥᠬᠡ ᠲᠩᠷᠢ ᠡᠴᠡ ᠥᠭᠡᠷ᠎ᠡ ᠶᠠᠭᠤ ᠴᠤ᠌ ᠪᠠᠢᠬᠤ ᠶᠣᠰᠣ ᠦᠭᠡᠢ᠃ ᠮᠠᠨᠵᠤ ᠨᠤᠭᠤᠳ ᠤ᠋ᠨ ᠡᠮᠦᠰᠦᠭᠰᠡᠨ ᠮᠠᠯᠠᠭᠠᠢ ᠶ᠋ᠢ ᠴᠠᠬᠠᠷ ᠲᠡᠷᠢᠭᠦᠲᠡᠨ ᠥᠪᠥᠷᠯᠡᠭᠴᠢ ᠨᠣᠶᠠᠳ ᠠᠪᠴᠤ ᠰᠢᠳᠡᠬᠦ ᠴᠠᠭ ᠪᠣᠯᠵᠠᠢ ᠭᠡᠵᠦ ᠭᠠᠢᠲᠠᠪ ᠪᠠᠭᠠᠲᠤᠷ ᠬᠦᠩᠭᠢᠨᠡᠨ ᠳᠤᠤᠭᠠᠷᠤᠯ᠎ᠠ᠃

               ᠳᠥᠷᠪᠡ

 ᠵᠡᠭᠦᠨᠭᠠᠷ ᠤ᠋ᠨ ᠬᠠᠭᠠᠨᠲᠤ ᠤᠯᠤᠰ ᠭᠠᠯᠳᠠᠨ ᠤ᠋ ᠰᠠᠯᠬᠢᠨ ᠳ᠋ᠤ᠌ ᠬᠤᠢᠯᠠᠷᠠᠨ ᠪᠣᠰᠴᠠᠢ᠃ ᠰᠦᠮ᠎ᠡ ᠳᠤᠭᠠᠩ᠂ ᠬᠣᠲᠠ ᠬᠦᠷᠢᠶ᠎ᠡ᠂ ᠬᠡᠷᠡᠮ ᠴᠠᠢᠵᠠ ᠴᠡᠷᠢᠭ ᠦ᠋ᠳ ᠦ᠋ᠨ ᠠᠷᠤ ᠳ᠋ᠤ᠌ ᠬᠣᠴᠣᠷᠪᠠ᠃
 ᠭᠠᠯᠳᠠᠨ ᠪᠣᠱᠣᠭᠲᠤ ᠬᠠᠭᠠᠨ ᠤ᠋ ᠶᠡᠬᠡ ᠴᠡᠷᠢᠭ ᠠᠯᠲᠠᠢ ᠶ᠋ᠢᠨ ᠪᠠᠯ ᠠ᠋ᠴᠠ ᠬᠥᠳᠡᠯᠵᠦ ᠰᠦᠯᠳᠡ ᠲᠤᠭ ᠢ᠋ᠶ᠋ᠠᠨ ᠨᠠᠮᠢᠷᠠᠭᠤᠯᠤᠨ ᠶᠠᠪᠤᠭᠰᠠᠭᠠᠷ ᠲᠥᠪ ᠬᠠᠯᠬ᠎ᠠ ᠶ᠋ᠢᠨ ᠨᠤᠲᠤᠭ ᠲᠤ᠌ ᠣᠷᠣᠵᠤ ᠢᠷᠡᠬᠦ ᠦᠶ᠎ᠡ ᠳ᠋ᠦ᠍ ᠡᠷᠳᠡᠨᠢ ᠵᠣᠣ ᠬᠡᠮᠡᠬᠦ ᠪᠤᠷᠬᠠᠨ ᠤ᠋ ᠱᠠᠰᠢᠨ ᠤ᠋ ᠬᠡᠢᠳ ᠡᠵᠡᠨ ᠦᠭᠡᠢ ᠪᠠᠢᠯ᠎ᠠ᠃ ᠪᠤᠯᠠᠭᠠᠨ ᠬᠠᠩᠭᠠᠢ ᠶ᠋ᠢᠨ ᠥᠪᠥᠷ ᠲᠦ᠍ ᠣᠷᠣᠰᠢᠬᠤ ᠬᠥᠭᠡᠨ᠎ᠡ ᠬᠠᠭᠠᠨ ᠤ᠋ ᠬᠡᠢᠳ ᠦ᠋ᠨ ᠮᠢᠩᠭᠠᠨ ᠯᠠᠮᠠ ᠬᠤᠷᠠᠯ ᠬᠤᠷᠠᠵᠤ ᠪᠠᠢᠬᠤ ᠲᠠᠢ ᠭᠠᠯᠳᠠᠨ ᠪᠣᠱᠣᠭᠲᠤ ᠬᠠᠭᠠᠨ ᠲᠠᠭᠠᠷᠠᠯᠳᠤᠯ᠎ᠠ᠃ ᠬᠠᠭᠠᠨ ᠬᠤᠷᠠᠯ ᠳᠠᠭᠤᠰᠲᠠᠯ᠎ᠠ ᠴᠢᠩᠨᠠᠵᠠᠢ᠃《 ᠤᠩᠰᠢᠯᠭ᠎ᠠ ᠰᠠᠢᠲᠠᠢ ᠶᠤᠮ》 ᠭᠡᠵᠦ ᠭᠠᠯᠳᠠᠨ ᠪᠣᠱᠣᠭᠲᠤ ᠪᠣᠳᠣᠵᠠᠢ᠃ ᠡᠨᠡ ᠬᠣᠭᠣᠷᠣᠨᠳᠣ ᠵᠡᠭᠥᠨᠭᠠᠷ ᠤ᠋ᠨ ᠶᠡᠬᠡ ᠴᠡᠷᠢᠭ ᠪᠤᠲᠠ ᠰᠥᠭᠡᠭ ᠪᠦᠬᠦᠢ ᠲᠤᠩᠭᠠᠯᠠᠭ ᠴᠠᠰᠤᠲᠤ ᠭᠣᠣᠯ ᠤ᠋ᠨ ᠬᠥᠪᠡᠭᠡᠨ ᠳ᠋ᠦ᠍ ᠪᠠᠭᠤᠳᠠᠯᠯᠠᠵᠠᠢ᠃ ᠬᠥᠭᠯᠡᠷᠡᠨ ᠪᠠᠭᠤᠭᠰᠠᠨ ᠴᠡᠷᠢᠭ ᠦ᠋ᠨ ᠮᠠᠢᠬᠠᠨ᠂  ᠵᠣᠳᠭᠡᠷ  ᠢ᠋ᠶ᠋ᠡᠷ ᠵᠡᠷᠯᠢᠭ ᠡᠪᠡᠰᠦᠲᠦ ᠬᠡᠭᠡᠷ᠎ᠡ ᠲᠠᠯ᠎ᠠ ᠨᠤᠲᠤᠭ ᠢ᠋ ᠪᠢᠲᠡᠭᠦᠦ ᠬᠤᠴᠢᠵᠤ ᠪᠠᠭᠤᠳᠠᠯᠯᠠᠭᠰᠠᠨ ᠲᠤᠯᠠ ᠬᠡᠢᠳ ᠦ᠋ᠨ ᠯᠠᠮᠠ ᠨᠠᠷ ᠠᠶᠤᠨ ᠰᠦᠷᠳᠡᠵᠡᠢ᠃ ᠬᠥᠭᠡᠨ᠎ᠡ ᠬᠠᠭᠠᠨ ᠤ᠋ ᠠᠭᠤᠯᠠᠰ ᠲᠦᠩᠬᠦᠢᠨ᠎ᠡ᠃ ᠬᠤᠷᠠᠯ ᠬᠤᠷᠠᠵᠤ ᠪᠣᠢ ᠯᠠᠮᠠ ᠨᠠᠷ ᠭᠠᠯᠳᠠᠨ ᠪᠣᠱᠣᠭᠲᠤ ᠬᠠᠭᠠᠨ ᠢ᠋ ᠲᠠᠨᠢᠵᠤ ᠳᠠᠭᠤ ᠪᠠᠨ ᠨᠠᠮᠤᠰᠬᠠᠨ ᠨᠠᠮᠤᠰᠬᠠᠭᠰᠠᠭᠠᠷ ᠴᠢᠮᠡᠭᠡ ᠦᠭᠡᠢ ᠪᠣᠯᠤᠨ᠎ᠠ᠃
—ᠪᠢ ᠵᠡᠭᠥᠨᠭᠠᠷ ᠤ᠋ᠨ ᠭᠠᠯᠳᠠᠨ ᠪᠣᠱᠣᠭᠲᠤ ᠪᠠᠢᠨ᠎ᠠ᠃ ᠴᠠᠬᠤᠨᠳᠤᠷᠵᠢ ᠬᠣᠩ ᠲᠠᠢᠵᠢ᠂ ᠴᠡᠷᠢᠭ ᠦ᠋ᠳ ᠲᠡᠢ ᠪᠡᠨ ᠥᠨᠳᠥᠷ ᠭᠡᠭᠡᠨ  ᠢ᠋ ᠠᠪᠤᠭᠠᠳ ᠨᠠᠳᠠ ᠠ᠋ᠴᠠ ᠨᠢᠭᠤᠷ ᠪᠤᠷᠤᠭᠤᠯᠠᠵᠠᠢ᠃ ᠴᠢᠩᠭᠡᠰ ᠬᠠᠭᠠᠨ ᠤ᠋ ᠭᠠᠯ ᠭᠣᠯᠣᠮᠲᠠ ᠠᠷᠢᠭᠤᠨ ᠪᠠᠢᠬᠤ ᠶᠣᠰᠣᠲᠠᠢ᠃ ᠮᠣᠩᠭᠣᠯᠴᠤᠳ ᠨᠢᠭᠡᠨ ᠦ᠌ ᠪᠡᠨ ᠴᠢᠰᠤ ᠶ᠋ᠢ ᠤᠷᠤᠰᠬᠠᠬᠤ ᠶᠣᠰᠣ ᠦᠭᠡᠢ᠃ ᠮᠠᠨᠵᠤ ᠶ᠋ᠢᠨ ᠬᠠᠭᠠᠨ ᠲᠡᠢ ᠪᠠᠢᠯᠳᠤᠬᠤ ᠳ᠋ᠠᠭᠠᠨ ᠬᠥᠮᠦᠨ ᠦ᠌ ᠬᠦᠴᠦ᠂ ᠣᠨᠣᠯᠭ᠎ᠠ ᠨᠠᠳᠠ ᠬᠡᠷᠡᠭ ᠲᠡᠢ ᠲᠤᠯᠠ ᠪᠢ ᠲᠠ ᠨᠠᠷ  ᠢ᠋ ᠴᠡᠷᠢᠭ ᠦ᠋ᠨ ᠠᠯᠪᠠᠨ ᠳ᠋ᠤ᠌ ᠲᠡᠢᠴᠢᠯᠡᠯ᠎ᠡ᠃ ᠬᠡᠨ ᠳᠤᠷ᠎ᠠ ᠦᠭᠡᠢᠴᠡᠨ᠎ᠡ᠃ ᠲᠡᠭᠦᠨ ᠢ᠋ ᠤᠷᠪᠠᠭᠰᠠᠨ ᠳ᠋ᠤ᠌ ᠲᠣᠭᠠᠴᠠᠵᠤ ᠲᠣᠯᠣᠭᠠᠢ ᠦᠭᠡᠢ ᠪᠣᠯᠭᠠᠨ᠎ᠠ ᠭᠡᠵᠦ ᠥᠨᠳᠥᠷ ᠳᠠᠭᠤ ᠪᠠᠷ ᠥᠭᠦᠯᠡᠪᠡ᠃ ᠲᠠᠬᠢᠯᠴᠢ ᠯᠠᠮᠠ᠂
— ᠪᠣᠱᠣᠭᠲᠤ ᠬᠠᠨ ᠲᠠ ᠪᠣᠯ ᠪᠤᠷᠬᠠᠨ ᠤ᠋ ᠱᠠᠪᠢ᠃ ᠥᠨᠳᠥᠷ ᠭᠡᠭᠡᠨ ᠦ᠌ ᠤᠷᠠᠯᠠᠭᠰᠠᠨ ᠪᠤᠷᠬᠠᠳ ᠢ᠋ ᠶᠠᠭᠠᠬᠢᠬᠤ ᠪᠢᠯᠡ ᠭᠡᠵᠦ ᠠᠰᠠᠭᠤᠯ᠎ᠠ᠃ ᠪᠣᠱᠣᠭᠲᠤ ᠬᠠᠭᠠᠨ᠂
—ᠪᠤᠷᠬᠠᠨ ᠪᠣᠯ ᠦᠬᠦᠬᠦ ᠲᠥᠷᠥᠬᠦ ᠶ᠋ᠢᠨ ᠵᠠᠪᠰᠠᠷ ᠵᠠᠢ ᠶᠤᠮ᠃ ᠬᠡᠢᠳ ᠪᠣᠯᠤᠨ ᠪᠤᠷᠬᠠᠨ ᠢ᠋ ᠮᠠᠨᠠᠵᠤ᠂ ᠲᠠᠬᠢᠯᠴᠢ᠂ ᠳᠤᠭᠠᠩᠴᠢ ᠯᠠᠮᠠ᠂ ᠭᠠᠪᠵᠤ᠂ ᠴᠣᠷᠵᠢ᠂ ᠭᠡᠭᠡᠨ ᠨᠦ᠍ᠭᠦᠳ ᠦᠯᠡᠳᠡᠨ᠎ᠡ ᠭᠡᠳ ᠬᠡᠢᠳ ᠡᠴᠡ ᠭᠠᠷᠴᠤ ᠶᠠᠪᠤᠯ᠎ᠠ᠃
ᠬᠡᠢᠳ ᠡᠴᠡ ᠭᠠᠯᠳᠠᠨ ᠬᠠᠭᠠᠨ ᠢ᠋ ᠭᠠᠷᠴᠤ ᠢᠷᠡᠬᠦ ᠵᠠᠭᠤᠷ᠎ᠠ ᠵᠠᠭᠤᠲᠤ᠂ ᠮᠢᠩᠭᠠᠲᠤ ᠴᠡᠷᠢᠭ ᠦ᠋ᠳ ᠦ᠋ᠨ ᠠᠬᠠᠯᠠᠭᠴᠢ ᠨᠠᠷ ᠪᠦᠬᠦ ᠯᠠᠮᠠ ᠶ᠋ᠢ ᠵᠢᠭᠰᠠᠭᠠᠭᠰᠠᠨ ᠪᠠᠢᠪᠠ᠃ ᠨᠢᠭᠡ ᠯᠠᠮᠠ᠂
—  ᠪᠢ ᠬᠥᠮᠦᠨ ᠠᠯᠠᠬᠤ ᠦᠭᠡᠢ ᠭᠡᠳ ᠶᠠᠩᠭᠢᠨᠠᠨ ᠤᠬᠢᠯᠠᠪᠠ᠃
ᠭᠠᠯᠳᠠᠨ ᠬᠠᠭᠠᠨ ᠡᠷᠢᠭᠡ ᠪᠡᠷ ᠢ᠋ᠶ᠋ᠡᠨ ᠠᠭᠠᠷ ᠲᠠᠰᠢᠭᠤᠷᠳᠠᠵᠤ᠂
ᠬᠥᠩᠭᠡᠯᠡ ᠭᠡᠵᠦ ᠲᠤᠰᠢᠶᠠᠪᠠ᠃ ᠵᠠᠭᠤᠲᠤ ᠶ᠋ᠢᠨ ᠠᠬᠠᠯᠠᠭᠴᠢ ᠨᠢᠳᠦ ᠨᠢ ᠳᠦᠷᠯᠡᠢᠵᠦ᠂
ᠶᠠᠭᠤ ᠭᠡᠨ᠎ᠡ᠂᠂᠂᠂ ᠭᠡᠮᠡᠨ ᠳᠦᠯᠡᠢ ᠶᠦᠮ ᠰᠢᠭ᠋ ᠪᠣᠪᠳᠤᠨᠠᠪᠠ᠃ ᠪᠣᠱᠣᠭᠲᠤ ᠬᠠᠨ᠂
ᠨᠠᠭᠠᠳᠤ ᠴᠡᠷᠢᠭ ᠢ᠋ᠶ᠋ᠡᠨ ᠵᠠᠰᠠ᠃ ᠲᠠᠢᠭᠠᠨ ᠪᠣᠯᠤᠭᠰᠠᠨ ᠬᠣᠢᠨ᠎ᠠ ᠬᠥᠮᠦᠨ ᠠᠯᠠᠳᠠᠭ ᠪᠣᠯᠤᠨ᠎ᠠ ᠭᠡᠯ᠎ᠡ᠃
ᠬᠥᠭᠡᠨ᠎ᠡ ᠬᠠᠭᠠᠨ ᠤ᠋ ᠬᠡᠢᠳ ᠦ᠋ᠨ ᠮᠢᠩᠭᠠᠨ ᠯᠠᠮᠠ ᠶ᠋ᠢᠨ ᠨᠡᠯᠢᠶᠡᠳ ᠢ᠋ ᠲᠠᠢᠭᠠᠨ ᠪᠣᠯᠭᠠᠭᠠᠳ ᠠᠷᠪᠠᠲᠤ ᠴᠡᠷᠢᠭ ᠦ᠋ᠨ ᠠᠮᠢ ᠨᠠᠰᠤ ᠶ᠋ᠢ ᠳᠠᠭᠠᠭᠠᠵᠤ᠂ ᠴᠡᠷᠢᠭ ᠦ᠋ᠨ ᠯᠠᠮᠠ ᠪᠣᠯᠵᠤ ᠶᠠᠪᠤᠬᠤ ᠶ᠋ᠢ ᠪᠣᠱᠣᠭᠲᠤ ᠬᠠᠭᠠᠨ ᠲᠤᠰᠢᠶᠠᠪᠠ᠃ ᠨᠢᠭᠡ ᠯᠠᠮᠠ ᠭᠠᠯᠳᠠᠨ ᠢ᠋ ᠬᠠᠷᠠᠵᠤ ᠤᠬᠢᠯᠠᠭᠰᠠᠭᠠᠷ ᠢᠷᠡᠭᠡᠳ᠂
—ᠪᠢ ᠮᠠᠨᠵᠤ ᠶ᠋ᠢᠨ ᠬᠠᠭᠠᠨ ᠳ᠋ᠤ᠌ ᠵᠢᠳᠬᠦᠶ᠎ᠡ ᠭᠡᠵᠦ ᠬᠡᠯᠡᠭᠡᠳ ᠲᠣᠯᠣᠭᠠᠢ ᠪᠠᠨ ᠴᠠᠪᠴᠢᠭᠤᠯᠪᠠ᠃ ᠳᠠᠷᠠᠭ᠎ᠠ ᠶ᠋ᠢᠨ ᠯᠠᠮᠠ ᠪᠣᠱᠣᠭᠲᠤ ᠬᠠᠭᠠᠨ ᠤ᠋ ᠡᠮᠦᠨ᠎ᠡ ᠣᠴᠢᠵᠤ᠂
— ᠲᠠᠨ ᠳ᠋ᠤ᠌ ᠵᠢᠳᠬᠦᠶ᠎ᠡ ᠭᠡᠵᠦ ᠥᠴᠢᠪᠡ᠃ ᠲᠡᠷᠡ ᠯᠠᠮᠠ ᠠᠷᠪᠠᠲᠤ ᠶ᠋ᠢᠨ ᠠᠬᠠᠯᠠᠭᠴᠢ ᠪᠣᠯᠪᠠ᠃

               ᠲᠠᠪᠤ

ᠯᠠᠮᠠ ᠨᠠᠷ  ᠢ᠋ ᠠᠷᠪᠠᠲᠤ᠂ ᠵᠠᠭᠤᠲᠤ᠂ ᠮᠢᠩᠭᠠᠲᠤ ᠪᠠᠷ ᠲᠠᠷᠬᠠᠭᠠᠵᠤ᠂ ᠪᠠᠨᠴᠢᠨ᠌ᠡᠷᠳᠡᠨᠢ ᠶ᠋ᠢᠨ ᠬᠠᠮᠠᠷ ᠤ᠋ᠨ ᠴᠢᠰᠤ ᠲᠦᠷᠬᠢᠭᠰᠡᠨ ᠡᠮ᠎ᠡ ᠬᠥᠮᠦᠨ ᠦ᠌ ᠭᠠᠪᠠᠯᠠ ᠶ᠋ᠢᠨ ᠶᠠᠰᠤ ᠪᠠᠷ ᠠᠳᠢᠰᠯᠠᠵᠤ ᠲᠣᠮ ᠬᠢᠪᠡ᠃ ᠭᠠᠯᠳᠠᠨ ᠬᠠᠭᠠᠨ ᠥᠨᠳᠥᠷ ᠳᠠᠭᠤ ᠪᠠᠷ᠂
—ᠪᠤᠷᠬᠠᠨ ᠤ᠋ ᠨᠣᠮ ᠢ᠋ᠶ᠋ᠠᠷ ᠲᠠ ᠨᠠᠷ ᠬᠣᠢᠲᠤ ᠲᠥᠷᠥᠯ ᠳ᠋ᠡᠭᠡᠨ ᠰᠠᠢᠨ ᠯᠠᠮᠠ ᠪᠣᠯᠵᠤ ᠲᠥᠷᠥᠨ᠎ᠡ᠃ ᠲᠡᠷᠡ ᠰᠠᠢᠬᠠᠨ ᠴᠠᠭ ᠲᠤ᠌ ᠰᠠᠮᠠᠭᠤᠨ ᠴᠠᠭ ᠤ᠋ᠨ ᠶᠠᠪᠤᠳᠠᠯ ᠢ᠋ ᠮᠠᠷᠲᠠᠵᠤ ᠪᠣᠱᠣᠭᠲᠤ ᠬᠠᠭᠠᠨ ᠢ᠋ ᠳᠤᠷᠠᠰᠬᠤ ᠪᠢᠵᠡ᠃ ᠪᠤᠷᠬᠠᠨ ᠳ᠋ᠠᠭᠠᠨ ᠵᠠᠯᠪᠠᠷᠢᠵᠤ ᠶᠠᠪᠤᠭᠲᠤᠨ ᠭᠡᠪᠡ᠃

ᠭᠠᠯᠳᠠᠨ ᠪᠣᠱᠣᠭᠲᠤ ᠬᠠᠭᠠᠨ ᠤ᠋ ᠴᠡᠷᠢᠭ ᠦ᠋ᠨ ᠪᠠᠭᠤᠳᠠᠯ ᠬᠥᠮᠦᠨ ᠮᠠᠯ ᠬᠣᠶᠠᠷ ᠢ᠋ᠶ᠋ᠠᠷ ᠳᠦᠭᠦᠷᠡᠩ ᠪᠠᠢᠯ᠎ᠠ᠃ ᠡᠮᠬᠢ ᠴᠡᠭᠴᠡ ᠪᠦᠬᠦᠢ ᠮᠢᠩᠭᠠᠲᠤ ᠴᠡᠷᠢᠭ ᠦ᠋ᠨ ᠲᠣᠭᠣᠷᠢᠭ ᠳᠤᠮᠳᠠ ᠵᠡᠪᠰᠡᠭ ᠪᠣᠭᠴᠣ ᠶ᠋ᠢᠨ ᠦᠵᠡᠯᠭᠡ ᠪᠣᠯᠵᠤ ᠳᠠᠭᠤᠰᠪᠠ᠃ᠴᠡᠷᠢᠭ ᠪᠦᠷᠢ ᠶ᠋ᠢᠨ ᠵᠣᠳᠭᠡᠷ   ᠲᠦᠳᠡᠬᠡᠨ ᠬᠤᠷᠢᠶᠠᠭᠳᠠᠨ᠂ ᠴᠡᠷᠢᠭ ᠦ᠋ᠳ ᠮᠣᠷᠢ ᠲᠠᠢ ᠪᠠᠨ ᠰᠢᠯᠢ ᠪᠡᠨ ᠳᠠᠷᠤᠨ ᠬᠥᠳᠡᠯᠪᠡ᠃ ᠶᠡᠬᠡ ᠴᠡᠷᠢᠭ ᠦ᠋ᠨ ᠲᠡᠷᠢᠭᠦᠨ ᠳ᠋ᠦ᠍ ᠭᠠᠯᠳᠠᠨ ᠬᠠᠭᠠᠨ᠂ ᠠᠨᠤ ᠬᠠᠲᠤᠨ ᠤ᠋ ᠬᠠᠮᠲᠤ ᠶᠠᠪᠤᠨ᠎ᠠ᠃ ᠲᠣᠷᠭᠠᠨ ᠴᠡᠷᠢᠭ ᠦ᠋ᠳ ᠬᠠᠭᠠᠨ ᠬᠠᠲᠤᠨ ᠬᠣᠶᠠᠷ  ᠢ᠋ ᠳᠤᠮᠳᠠ ᠪᠠᠨ ᠪᠥᠭᠡᠴᠡᠢᠯᠡᠵᠦ ᠪᠠᠷᠠᠭᠤᠨ ᠵᠡᠭᠦᠨ ᠲᠠᠯ᠎ᠠ ᠪᠠᠷ ᠡᠩᠨᠡᠨ᠂ ᠲᠡᠳᠡᠨ ᠦ᠌ ᠳᠤᠮᠳᠠ ᠰᠡᠦᠬᠡ ᠵᠢᠤᠵᠠ ᠲᠡᠷᠭᠡ ᠲᠠᠯ᠎ᠠ ᠨᠤᠲᠤᠭ ᠤ᠋ᠨ ᠬᠥᠷᠥᠰᠥ ᠰᠢᠷᠣᠢ ᠶ᠋ᠢ ᠲᠠᠮᠠᠭᠠᠯᠠᠬᠤ ᠪᠥᠯᠥᠭᠡ᠃
ᠣᠢᠷᠠᠳ ᠠ᠋ᠴᠠ ᠲᠥᠪ ᠬᠠᠯᠬ᠎ᠠ ᠬᠦᠷᠲᠡᠯ᠎ᠡ ᠵᠢᠯ ᠭᠠᠷᠤᠢ ᠠᠶᠠᠯᠠᠵᠤ ᠶᠠᠪᠤᠭ᠎ᠠ ᠲᠤᠯᠠ ᠬᠡᠭᠡᠷ᠎ᠡ ᠲᠤᠬᠠᠯᠠᠬᠤ ᠴᠠᠭ ᠵᠠᠪ ᠪᠠᠭ᠎ᠠ ᠪᠠᠢᠯ᠎ᠠ᠃ ᠴᠠᠬᠤᠨᠳᠣᠷᠵᠢ ᠬᠣᠩ ᠲᠠᠢᠵᠢ ᠶ᠋ᠢ ᠴᠡᠷᠢᠭ ᠢ᠋ᠶ᠋ᠡᠨ ᠳᠠᠭᠠᠭᠤᠯᠤᠨ ᠥᠨᠳᠥᠷ ᠭᠡᠭᠡᠨ ᠵᠠᠨᠠᠪᠠᠽᠠᠷ  ᠢ᠋ ᠲᠡᠮᠡᠭᠡᠨ ᠳ᠋ᠦ᠍ ᠲᠠᠩᠨᠠᠨ ᠣᠳᠤᠭᠰᠠᠨ ᠢ᠋ ᠲᠤᠭᠤᠯᠤᠭᠰᠠᠨ ᠠ᠋ᠴᠠ ᠭᠠᠯᠳᠠᠨ ᠪᠣᠱᠣᠭᠲᠤ ᠶ᠋ᠢᠨ ᠣᠮᠣᠭᠯᠠᠩ ᠠᠷᠠᠨᠰᠢᠨ ᠰᠦ ᠮᠡᠲᠦ ᠲᠠᠪᠠᠷᠠᠨ᠎ᠠ᠃ ᠬᠠᠭᠠᠨ ᠳ᠋ᠤ᠌ ᠵᠠᠭᠠᠲᠤᠨᠠᠭ᠎ᠠ ᠪᠠᠢᠳᠠᠭ ᠪᠢᠯᠡ᠃ ᠲᠡᠢᠮᠦ ᠰᠠᠨᠠᠭ᠎ᠠ ᠶ᠋ᠢ ᠴᠠᠬᠤᠨᠳᠣᠷᠵᠢ ᠰᠠᠲᠤᠵᠠᠢ᠃ ᠪᠣᠱᠣᠭᠲᠤ ᠬᠠᠭᠠᠨ ᠤ᠋ ᠲᠥᠷᠥᠭᠰᠡᠨ ᠳᠡᠭᠦᠦ ᠶ᠋ᠢ ᠬᠣᠩ ᠲᠠᠢᠵᠢ ᠴᠠᠭᠠᠵᠠᠯᠠᠵᠤ ᠬᠣᠷᠣᠭᠠᠭᠰᠠᠨ᠎ᠠ᠋ᠴᠠ ᠪᠣᠯᠵᠤ ᠲᠡᠭᠦᠨ ᠲᠡᠢ ᠲᠤᠯᠤᠯᠳᠤᠬᠤ ᠨᠢᠭᠤᠴᠠ ᠪᠣᠳᠣᠯ ᠭᠠᠯᠳᠠᠨ ᠳ᠋ᠤ᠌ ᠦᠯᠡᠳᠡᠭᠰᠡᠨ  ᠶᠤᠮ᠃

               ᠵᠢᠷᠭᠤᠭ᠎ᠠ

ᠬᠠᠯᠬ᠎ᠠ ᠮᠣᠩᠭᠣᠯ ᠤ᠋ᠨ ᠲᠠᠯ᠎ᠠ ᠨᠤᠲᠤᠭ ᠳᠤᠮᠳᠠᠭᠤᠷ ᠮᠠᠨᠵᠤ ᠶ᠋ᠢᠨ ᠬᠠᠭᠠᠨ ᠡᠩᠬᠡ ᠠᠮᠤᠭᠤᠯᠠᠩ ᠢ᠋ ᠵᠣᠷᠢᠭᠰᠠᠨ ᠡᠯᠴᠢ᠂ ᠪᠠᠷᠠᠭ᠎ᠠ ᠬᠥᠰᠬᠡ᠂ ᠮᠠᠯ ᠲᠠᠪᠠ ᠪᠠᠷ ᠥᠩᠭᠡᠷᠡᠵᠦ ᠣᠳᠳᠠᠭ ᠪᠠᠢᠯ᠎ᠠ᠃ ᠮᠠᠨᠵᠤ ᠨᠤᠭᠤᠳ ᠬᠠᠯᠬ᠎ᠠ ᠮᠣᠩᠭᠣᠯ ᠪᠣᠯᠤᠨ ᠥᠪᠥᠷ ᠮᠣᠩᠭᠣᠯ ᠢ᠋ ᠵᠡᠭᠦᠨᠭᠠᠷ ᠤ᠋ᠨ ᠬᠠᠭᠠᠨᠲᠤ ᠤᠯᠤᠰ ᠲᠤ᠌ ᠵᠣᠷᠴᠢᠬᠤ ᠡᠭᠦᠳᠡ ᠬᠠᠭᠠᠯᠭ᠎ᠠ ᠪᠣᠯᠭᠠᠵᠠᠢ᠃
ᠵᠡᠭᠦᠨᠭᠠᠷ᠎ ᠡᠴᠡ ᠶᠠᠪᠤᠭ᠎ᠠ ᠡᠯᠴᠢ ᠶ᠋ᠢ ᠵᠠᠮ ᠳ᠋ᠤᠨᠢ ᠪᠠᠢᠴᠠᠭᠠᠵᠤ᠂ ᠶᠡᠭᠦᠳᠬᠡᠬᠦ ᠵᠡᠷᠭᠡ ᠪᠡᠷ ᠰᠦᠷᠭᠦᠯᠳᠡᠬᠦ᠂ ᠰᠠᠭᠠᠳ ᠬᠢᠬᠦ ᠶ᠋ᠢ ᠵᠣᠭᠰᠣᠭᠠᠬᠤ ᠵᠣᠷᠢᠯᠭ᠎ᠠ ᠪᠠᠷ ᠣᠢᠷᠠᠳ ᠤ᠋ᠨ ᠬᠠᠭᠠᠨ ᠭᠠᠯᠳᠠᠨ ᠨᠢᠭᠡᠨ ᠵᠦᠢᠯ ᠪᠣᠳᠣᠵᠤ ᠴᠢᠩᠭᠢᠰ ᠬᠠᠭᠠᠨ ᠤ᠋ ᠦᠶ᠎ᠡ ᠶ᠋ᠢᠨ ᠪᠥᠭᠲᠥᠷ ᠮᠣᠩᠭᠣᠯ ᠪᠢᠴᠢᠭ ᠪᠦᠬᠦᠢ ᠵᠢᠷᠦᠬᠡᠨ ᠲᠠᠮᠠᠭ᠎ᠠ ᠪᠠᠨ ᠳᠠᠷᠤᠵᠤ ᠢᠯᠡᠭᠡᠪᠡ᠃ ᠵᠢᠷᠦᠬᠡᠨ ᠲᠠᠮᠠᠭ᠎ᠠ ᠭᠠᠯᠳᠠᠨ ᠬᠠᠭᠠᠨ ᠢ᠋ ᠨᠤᠲᠠᠯᠠᠳᠠᠭ ᠪᠢᠯᠡ᠃ ᠵᠡᠭᠦᠨᠭᠠᠷ ᠤ᠋ᠨ ᠬᠠᠭᠠᠨᠲᠤ ᠤᠯᠤᠰ ᠮᠠᠨᠵᠤ ᠳ᠋ᠤ᠌ ᠥᠷᠢ ᠦᠭᠡᠢ ᠠᠲᠠᠯ᠎ᠠ ᠡᠩᠬᠡ ᠠᠮᠤᠭᠤᠯᠠᠩ ᠥᠷᠢ ᠶ᠋ᠢᠨ ᠳᠠᠷᠤᠮᠲᠠ ᠡᠭᠦᠰᠬᠡᠵᠡᠢ᠃ ᠠᠯᠪᠠᠨ ᠲᠠᠲᠠᠪᠤᠷᠢ ᠭᠤᠪᠴᠢᠭᠤᠷ ᠨᠡᠬᠡᠵᠦ ᠭᠠᠯᠳᠠᠨ  ᠢ᠋ ᠰᠦᠷ ᠬᠦᠴᠦ ᠪᠡᠷ ᠳᠠᠯᠠᠢᠯᠭᠠᠪᠠᠴᠤ ᠣᠢᠷᠠᠳ ᠤ᠋ᠳ ᠮᠠᠨᠵᠤ ᠲᠠᠢ ᠬᠤᠳᠠᠯᠳᠤᠭ᠎ᠠ ᠬᠢᠭᠰᠡᠭᠡᠷ ᠪᠠᠢᠯ᠎ᠠ᠃ ᠮᠠᠨᠵᠤ ᠶ᠋ᠢᠨ ᠬᠠᠭᠠᠨ ᠤ᠋ ᠡᠯᠴᠢ ᠴᠡᠳᠡᠳ ᠬᠡᠮᠡᠬᠦ ᠰᠠᠢᠳ ᠠᠰᠤᠷᠤ ᠶᠡᠬᠡ ᠪᠡᠯᠡᠭ ᠰᠡᠯᠲᠡ ᠲᠡᠢ ᠭᠠᠯᠳᠠᠨ ᠬᠠᠭᠠᠨ ᠳ᠋ᠤ᠌ ᠪᠠᠷᠠᠭᠠᠯᠠᠭᠠᠳ ᠶᠠᠪᠤᠭᠰᠠᠨ ᠤ᠋ ᠳᠠᠷᠠᠭ᠎ᠠ ᠣᠢᠷᠠᠳ ᠤ᠋ᠨ ᠭᠤᠷᠪᠠᠨ ᠵᠠᠭᠤᠨ ᠴᠡᠷᠢᠭ ᠪᠦᠬᠦᠢ ᠨᠦᠰᠡᠷ ᠪᠡᠯᠡᠭ ᠢ᠋ ᠡᠩᠬᠡ ᠠᠮᠤᠭᠤᠯᠠᠩ ᠳ᠋ᠤ᠌ ᠶᠠᠪᠤᠭᠤᠯᠬᠤ ᠳ᠋ᠤ᠌ ᠵᠠᠮ ᠵᠠᠭᠤᠷ᠎ᠠ ᠳ᠋ᠤᠨᠢ ᠲᠦᠰᠢᠶᠡᠲᠦ ᠬᠠᠭᠠᠨ ᠴᠠᠬᠤᠨᠳᠣᠷᠵᠢ ᠴᠡᠷᠢᠭᠯᠡᠨ ᠳᠡᠭᠡᠷᠡᠮᠳᠡᠵᠡᠢ᠃
ᠭᠠᠯᠳᠠᠨ ᠬᠠᠭᠠᠨ ᠲᠥᠷᠥᠭᠰᠡᠨ ᠳᠡᠭᠦᠦ ᠳᠣᠷᠵᠢᠵᠠᠪ ᠢ᠋ᠶ᠋ᠠᠨ ᠡᠨᠡ ᠬᠦ᠌ ᠪᠠᠷᠠᠭ᠎ᠠ ᠬᠥᠰᠬᠡ ᠶ᠋ᠢᠨ ᠠᠬᠠᠯᠠᠭᠴᠢ ᠪᠠᠷ ᠶᠠᠪᠤᠭᠤᠯᠬᠤ ᠳ᠋ᠠᠭᠠᠨ᠂
—  ᠴᠢ ᠵᠠᠷᠤᠴᠠ ᠪᠣᠭᠣᠯ ᠪᠤᠰᠤ᠂ ᠴᠢ ᠵᠡᠭᠦᠨᠭᠠᠷ ᠤ᠋ᠨ ᠶᠡᠬᠡ ᠭᠦᠷᠦᠨ ᠦ᠌ ᠬᠠᠭᠠᠨ ᠤ᠋ ᠭᠠᠷ ᠤ᠋ᠨ ᠲᠦᠰᠢᠮᠡᠯ᠃ ᠵᠠᠮ ᠵᠠᠭᠤᠷ᠎ᠠ ᠶᠠᠮᠠᠷ ᠨᠢᠭᠡᠨ ᠰᠠᠭᠠᠳ ᠲᠣᠳᠬᠠᠷ ᠤᠴᠠᠷᠠᠬᠤ ᠠᠪᠠᠰᠤ ᠠᠯᠲᠠᠨ ᠬᠡᠷᠡᠭᠡ ᠪᠡᠨ ᠡᠷᠭᠦᠵᠦ ᠦᠭᠡ ᠪᠡᠨ ᠬᠡᠯᠡᠵᠦ ᠪᠠᠢ᠃ ᠮᠠᠨᠵᠤ ᠶ᠋ᠢᠨ ᠬᠠᠭᠠᠨ ᠳ᠋ᠤ᠌ ᠰᠥᠭᠥᠳᠦᠯ ᠦᠭᠡᠢ ᠪᠡᠷ ᠪᠢᠴᠢᠭ ᠢ᠋ᠶ᠋ᠡᠨ ᠪᠡᠷᠢ ᠭᠡᠮᠡᠨ ᠠᠢᠯᠠᠳᠴᠠᠢ᠃
   ᠬᠠᠯᠬ᠎ᠠ ᠶ᠋ᠢᠨ ᠲᠠᠯ᠎ᠠ ᠨᠤᠲᠤᠭ ᠲᠤ᠌ ᠭᠡᠨᠡᠳᠲᠡ ᠪᠦᠯᠦᠭ ᠴᠡᠷᠢᠭ ᠦ᠋ᠳ ᠭᠠᠷᠴᠤ ᠢᠷᠡᠪᠡ᠃ ᠴᠠᠭᠠᠨ ᠱᠣᠩᠬᠣᠷ ᠰᠦᠯᠳᠡ ᠲᠤᠭ ᠲᠠᠢ ᠴᠡᠷᠢᠭ ᠦ᠋ᠳ ᠦ᠋ᠨ ᠳᠤᠮᠳᠠ ᠠ᠋ᠴᠠ ᠴᠠᠬᠤᠨᠳᠤᠷᠵᠢ ᠭᠠᠷᠴᠤ᠂
—  ᠵᠡᠭᠥᠨᠭᠠᠷ ᠤ᠋ᠨ ᠣᠢᠷᠠᠳ ᠤ᠋ᠳ ᠬᠠᠯᠬ᠎ᠠ ᠶ᠋ᠢᠨ ᠨᠤᠲᠤᠭ ᠲᠤ᠌ ᠶᠠᠭᠤᠨ ᠳ᠋ᠤ᠌ ᠣᠷᠣᠪᠠ᠃ ᠬᠠᠮᠠᠭᠠᠯᠠᠬᠤ ᠡᠵᠡᠨ ᠦᠭᠡᠢ᠂ ᠬᠠᠳᠬᠤᠯᠳᠤᠨ ᠪᠠᠢᠯᠳᠤᠬᠤ ᠴᠡᠷᠢᠭ ᠦᠭᠡᠢ  ᠶᠤᠮ ᠭᠡᠵᠦ ᠪᠣᠳᠣᠨ᠎ᠠ ᠤᠤ? ᠭᠡᠮᠡᠨ ᠥᠳᠥᠭᠡᠨ ᠬᠠᠳᠬᠤᠵᠤ ᠠᠰᠠᠭᠤᠪᠠ᠃ ᠳᠣᠷᠵᠢᠵᠠᠪ ᠨᠣᠶᠠᠨ᠂
—  ᠵᠡᠭᠦᠨᠭᠠᠷ ᠤ᠋ᠨ ᠬᠠᠭᠠᠨ ᠤ᠋ ᠭᠤᠷᠪᠠᠨ ᠲᠠᠮᠠᠭᠠᠲᠤ ᠡᠪ ᠦ᠋ᠨ ᠪᠢᠴᠢᠭ ᠢ᠋ ᠮᠠᠨᠵᠤ ᠶ᠋ᠢᠨ ᠬᠠᠭᠠᠨ ᠡᠩᠬᠡ ᠠᠮᠤᠭᠤᠯᠠᠩ ᠳ᠋ᠤ᠌ ᠪᠠᠷᠢᠬᠤ ᠪᠠᠷ ᠤᠳᠤᠮᠤᠢ᠃ ᠵᠠᠮ ᠵᠠᠭᠤᠷ᠎ᠠ ᠶ᠋ᠢᠨ ᠬᠠᠯᠬ᠎ᠠ ᠮᠣᠩᠭᠣᠯᠴᠤᠳ ᠰᠠᠳᠠᠭ᠎ᠠ ᠪᠤᠤ ᠪᠣᠯᠲᠤᠭᠠᠢ ᠭᠡᠮᠡᠨ ᠤᠴᠢᠷᠯᠠᠪᠠ᠃ ᠲᠦᠰᠢᠶᠡᠲᠦ ᠬᠠᠭᠠᠨ ᠪᠢ᠂
—  ᠵᠠᠰᠠᠭᠲᠤ ᠬᠠᠭᠠᠨ ᠤ᠋ ᠴᠤᠤ ᠮᠡᠷᠭᠡᠨ ᠢ᠋ ᠬᠠᠭᠠᠨ ᠰᠠᠭᠤᠳᠠᠯ ᠳ᠋ᠤ᠌ ᠵᠠᠯᠠᠵᠤ᠂  ᠸᠠᠩᠴᠣᠭ ᠢ᠋ ᠠᠯᠠᠭᠰᠠᠨ ᠶᠠᠯ᠎ᠠ ᠶ᠋ᠢ ᠭᠠᠯᠳᠠᠨ ᠪᠣᠱᠣᠭᠲᠤ ᠠ᠋ᠴᠠ ᠠᠰᠠᠭᠤᠬᠤ ᠤᠴᠢᠷ ᠲᠠᠢ᠃ ᠸᠠᠩᠴᠣᠭ ᠤ᠋ᠨ ᠬᠥᠮᠦᠰ ᠨᠠᠳᠠ ᠠ᠋ᠴᠠ ᠲᠤᠰᠠᠯᠠᠮᠵᠢ ᠭᠤᠶᠤᠬᠤ ᠳ᠋ᠤ᠌ ᠪᠢ ᠣᠢᠷᠠᠳ ᠤ᠋ᠨ ᠴᠡᠷᠢᠭ ᠲᠡᠢ ᠲᠤᠯᠤᠯᠳᠤᠵᠤ ᠲᠡᠳᠡᠨ ᠢ᠋ ᠪᠤᠲᠠ ᠴᠣᠬᠢᠭᠰᠠᠨ ᠪᠢᠯᠡ᠃ ᠥᠨᠥᠳᠥᠷ ᠵᠡᠪᠰᠡᠭᠲᠦ ᠴᠡᠷᠢᠭ ᠨᠢ ᠮᠢᠨᠦ ᠨᠤᠲᠤᠭ ᠳᠡᠭᠡᠭᠦᠷ ᠶᠠᠭᠤᠨ ᠳ᠋ᠤ᠌ ᠨᠥᠮᠥᠷᠦᠨ ᠳᠠᠪᠬᠢᠯᠳᠤᠳᠠᠭ ᠪᠢᠯᠡ ᠭᠡᠵᠦ ᠠᠰᠠᠭᠤᠭᠠᠳ ᠳᠣᠷᠵᠢᠵᠠᠪ ᠢ᠋ ᠥᠳᠥᠭᠡᠭᠰᠡᠨ ᠪᠠᠢᠳᠠᠯ ᠲᠠᠢ ᠬᠠᠷᠠᠨ᠎ᠠ᠃ ᠳᠣᠷᠵᠢᠵᠠᠪ ᠨᠣᠶᠠᠨ᠂
—  ᠬᠥᠬᠡ ᠮᠣᠩᠭᠣᠯ ᠤ᠋ᠨ ᠦᠷᠡᠰ ᠪᠢᠳᠡ ᠴᠢᠩᠭᠢᠰ ᠬᠠᠭᠠᠨ ᠤ᠋ ᠪᠠᠨ ᠭᠠᠵᠠᠷ ᠨᠤᠲᠤᠭ ᠳᠡᠭᠡᠭᠦᠷ ᠶᠠᠪᠤᠬᠤ ᠳ᠋ᠤ᠌ ᠶᠠᠭᠠᠬᠢᠳᠠᠭ ᠶᠤᠮ᠃ ᠴᠠᠬᠤᠨᠳᠤᠷᠵᠢ ᠲᠠ ᠲᠠᠭᠠᠯᠠᠬᠤ ᠦᠭᠡᠢ ᠪᠠᠢᠭ᠎ᠠ ᠪᠣᠯ ᠪᠢᠳᠡ ᠪᠤᠴᠠᠶ᠎ᠠ ᠭᠡᠮᠡᠨ ᠲᠤᠯᠤᠯᠳᠤᠬᠤ ᠰᠠᠨᠠᠭ᠎ᠠ ᠦᠭᠡᠢ ᠪᠣᠯᠬᠤ ᠪᠠᠨ ᠢᠯᠡᠴᠢᠯᠡᠨ ᠥᠭᠦᠯᠡᠬᠦ ᠳ᠋ᠦ᠍ ᠲᠦᠰᠢᠶᠡᠲᠦ ᠬᠠᠭᠠᠨ ᠤ᠋ ᠴᠡᠷᠢᠭ ᠦ᠋ᠳ ᠭᠤᠸᠠᠭᠴᠢᠨ ᠬᠠᠰᠬᠢᠷᠤᠯᠳᠤᠪᠠ᠃ ᠴᠠᠬᠤᠨᠳᠣᠷᠵᠢ ᠬᠠᠭᠠᠨ᠂
—  ᠣᠢᠷᠠᠳ ᠤ᠋ᠳ ᠢ᠋ ᠵᠡᠭᠡᠷ᠎ᠡ ᠭᠥᠷᠥᠭᠡᠰᠦ ᠰᠢᠭ ᠨᠠᠮᠨᠠᠵᠠᠭᠠᠶ᠎ᠠ ᠭᠡᠵᠦ ᠢᠯᠡᠳᠲᠡ ᠳᠡᠭᠡᠷᠡᠩᠭᠦᠢ ᠬᠠᠰᠬᠢᠷᠤᠭᠠᠳ ᠴᠡᠷᠢᠭ ᠦ᠋ᠨ ᠬᠦᠴᠦ ᠪᠡᠷ ᠭᠠᠯᠳᠠᠨ ᠪᠣᠱᠣᠭᠲᠤ ᠶ᠋ᠢᠨ ᠡᠯᠴᠢ ᠴᠡᠷᠢᠭ ᠦ᠋ᠳ ᠢ᠋ ᠪᠤᠲᠠ ᠴᠣᠬᠢᠵᠤ ᠲᠡᠭᠦᠨ ᠦ᠌ ᠳᠡᠭᠦᠦ ᠳᠣᠷᠵᠢᠵᠠᠪ ᠢ᠋ ᠪᠠᠷᠢᠵᠤ ᠴᠠᠭᠠᠵᠠᠯᠠᠨ ᠬᠣᠷᠣᠭᠠᠵᠠᠢ᠃

               ᠳᠣᠯᠣᠭ᠎ᠠ

—  ᠡᠷᠬᠢᠮ ᠬᠣᠩ  ᠲᠠᠶ᠋ᠢᠵᠢᠲᠠᠨ ᠶᠣᠰᠣ ᠵᠤᠲᠠᠭ ᠲᠠᠢ ᠪᠠᠢᠪᠠᠯ ᠳᠡᠭᠡᠷ᠎ᠡ ᠰᠠᠨ᠃ ᠪᠣᠱᠣᠭᠲᠤ ᠬᠠᠭᠠᠨ ᠲᠠᠨ ᠤ᠋ ᠦᠭᠡ ᠶ᠋ᠢ ᠰᠣᠨᠣᠰᠪᠠᠯ ᠶᠡᠬᠡ ᠬᠢᠯᠢᠩᠨᠡᠬᠦ ᠪᠤᠰᠤ ᠤᠤ? ᠭᠡᠵᠦ ᠳᠣᠷᠵᠢᠵᠠᠪ ᠰᠡᠭᠦᠯᠴᠢ ᠶ᠋ᠢᠨ ᠤᠳᠠᠭ᠎ᠠ ᠥᠭᠦᠯᠡᠭᠡᠳ《 ᠬᠠᠯᠬ᠎ᠠ ᠮᠣᠩᠭᠣᠯᠴᠤᠳ ᠠᠬ᠎ᠠ ᠳᠡᠭᠦᠦᠰ ᠲᠡᠭᠡᠨ ᠵᠢᠲᠥᠭᠡᠷᠬᠡᠵᠦ ᠶᠠᠭᠤ ᠬᠣᠵᠢᠨ᠎ᠠ》 ᠬᠡᠮᠡᠬᠦ ᠪᠣᠳᠣᠯ ᠲᠠᠢ ᠪᠠᠨ ᠬᠠᠯᠢᠵᠤ ᠣᠳᠤᠭᠰᠠᠨ ᠪᠠᠢᠨ᠎ᠠ᠃
    ᠲᠤᠯᠤᠯᠳᠤᠭᠠᠨ ᠤ᠋ ᠲᠠᠯᠠᠪᠠᠢ ᠠ᠋ᠴᠠ ᠭᠤᠷᠪᠠᠨ ᠮᠣᠷᠢᠲᠠᠨ ᠵᠢᠭᠤᠲᠠᠨ ᠭᠠᠷᠴᠤ ᠬᠦᠢᠲᠡᠨ ᠴᠠᠭᠠᠨ ᠲᠠᠯ᠎ᠠ ᠳᠤᠮᠳᠠᠭᠤᠷ ᠶᠠᠳᠠᠷᠠᠵᠤ ᠲᠤᠢᠯᠳᠠᠨ ᠶᠠᠪᠤᠨ᠎ᠠ᠃ ᠲᠡᠳᠡᠨ ᠦ᠌ ᠨᠢᠭᠤᠷ ᠬᠥᠯᠳᠡᠵᠦ ᠲᠣᠯᠪᠣᠲᠠᠵᠠᠢ᠃ ᠲᠡᠳᠡᠭᠡᠷ ᠴᠡᠷᠢᠭ ᠦ᠋ᠳ ᠣᠢᠷᠠᠳ ᠲᠠᠭᠠᠨ ᠢᠷᠡᠵᠡᠢ᠃ ᠭᠠᠯᠳᠠᠨ ᠪᠣᠱᠣᠭᠲᠤ ᠬᠠᠭᠠᠨ ᠤ᠋ ᠡᠮᠦᠨ᠎ᠡ ᠭᠤᠷᠪᠠᠨ ᠴᠡᠷᠢᠭ ᠰᠥᠭᠥᠳᠦᠨ ᠰᠠᠭᠤᠨ᠎ᠠ᠃ ᠨᠢᠭᠡ ᠴᠡᠷᠢᠭ ᠨᠢ᠂
—  ᠲᠠᠨ ᠤ᠋ ᠳᠡᠭᠦᠦ ᠳᠣᠷᠵᠢᠵᠠᠪ ᠢ᠋ ᠴᠠᠬᠤᠨᠳᠤᠷᠵᠢ ᠬᠣᠩ ᠲᠠᠢᠵᠢ ᠠᠯᠠᠪᠠ᠃ ᠲᠡᠷᠡ ᠵᠠᠰᠠᠭᠲᠤ ᠬᠠᠭᠠᠨ ᠤ᠋ ᠴᠤᠤ ᠮᠡᠷᠭᠡᠨ ᠳ᠋ᠦ᠍ ᠲᠤᠰᠠᠯᠠᠭᠰᠠᠨ ᠭᠡᠵᠦ ᠲᠠᠨ ᠳ᠋ᠤ᠌ ᠥᠰᠢᠶᠡᠷᠬᠡᠳᠡᠭ ᠪᠣᠯᠤᠯᠲᠠᠢ ᠭᠡᠮᠡᠨ ᠥᠭᠦᠯᠡᠪᠡ᠃ ᠨᠥᠭᠦᠭᠡ ᠴᠡᠷᠢᠭ ᠨᠢ᠂
—  ᠲᠦᠰᠢᠶᠡᠲᠦ ᠬᠠᠭᠠᠨ ᠤ᠋ ᠴᠡᠷᠢᠭ ᠣᠯᠠᠭᠤᠯᠠ ᠶᠤᠮ ᠭᠡᠮᠡᠨ ᠥᠴᠢᠯ᠎ᠡ᠃
ᠭᠠᠯᠳᠠᠨ ᠪᠣᠱᠣᠭᠲᠤ ᠬᠠᠭᠠᠨ ᠵᠢᠭᠤᠲᠠᠵᠤ ᠢᠷᠡᠭᠰᠡᠨ ᠴᠡᠷᠢᠭ ᠦ᠋ᠳ ᠦ᠋ᠨ ᠦᠭᠡ ᠶ᠋ᠢ ᠰᠣᠨᠣᠰᠤᠭᠰᠠᠨ ᠤ᠋ ᠡᠴᠦᠰ ᠲᠦ᠍ ᠥᠪᠡᠷ ᠦ᠋ᠨ ᠳᠠᠭᠠᠭᠤᠯᠢ ᠬᠢᠶ᠎ᠡ ᠳ᠋ᠦ᠍᠂
—  ᠡᠳᠡᠨ ᠢ᠋ ᠬᠣᠭᠣᠯᠠᠯᠠᠵᠤ ᠠᠮᠠᠷᠠᠭ᠎ᠠ ᠭᠡᠵᠦ ᠲᠤᠰᠢᠶᠠᠭᠠᠳ ᠪᠣᠳᠣᠯ ᠳ᠋ᠤ᠌ ᠠᠪᠲᠠᠭᠰᠠᠨ ᠴᠢᠭ ᠢ᠋ᠶ᠋ᠡᠷ ᠠᠯᠤᠰ ᠤ᠋ᠨ ᠠᠭᠤᠯᠠᠰ ᠢ᠋ ᠬᠠᠷᠠᠵᠤ ᠪᠠᠢᠪᠠ᠃ ᠭᠠᠯᠳᠠᠨ ᠪᠣᠱᠣᠭᠲᠤ ᠬᠠᠭᠠᠨ《 ᠮᠣᠩᠭᠣᠯᠴᠤᠳ ᠬᠣᠭᠣᠷᠣᠨᠳᠣ ᠪᠠᠨ ᠠᠯᠠᠯᠳᠤᠭᠰᠠᠭᠠᠷ ᠡᠳᠦᠢ ᠬᠦᠷᠪᠡ᠃ ᠮᠢᠨᠦ ᠥᠩᠭᠡᠨ ᠳᠡᠭᠡᠷ᠎ᠡ ᠣᠢᠷᠠᠳ ᠬᠠᠯᠬ᠎ᠠ ᠬᠣᠶᠠᠷ ᠡᠪᠯᠡᠷᠡᠬᠦ ᠦᠭᠡᠢ ᠭᠡᠵᠦ ᠤᠤ? ᠮᠠᠨᠵᠤ ᠨᠤᠭᠤᠳ ᠮᠣᠩᠭᠣᠯᠴᠤᠳ  ᠢ᠋ ᠬᠤᠷᠢᠶᠠᠵᠤ ᠬᠤᠮᠢᠬᠤ ᠰᠠᠨᠠᠭ᠎ᠠ ᠲᠠᠢ ᠪᠠᠢᠬᠤ ᠳ᠋ᠤ᠌ ᠥᠪᠥᠷ ᠮᠣᠩᠭᠣᠯ ᠤ᠋ᠨ ᠢ᠋ᠶ᠋ᠠᠨ ᠠᠷᠤ ᠠ᠋ᠴᠠ ᠲᠡᠳᠡᠨ ᠦ᠌ ᠠᠮᠠᠨ ᠳ᠋ᠤ᠌ ᠣᠷᠣᠵᠤ ᠶᠠᠭᠠᠬᠢᠨ ᠪᠣᠯᠤᠨ᠎ᠠ᠃ ᠵᠠᠨᠠᠪᠠᠽᠠᠷ ᠭᠡᠭᠡᠨᠲᠡᠨ ᠤᠷᠠᠯᠠᠨ ᠠ᠋ᠴᠠ ᠪᠠᠨ ᠴᠤᠬᠤᠢᠬᠤ ᠦᠭᠡᠢ ᠶᠦᠮ᠃ ᠪᠣᠭᠳᠠ ᠭᠡᠭᠡᠨ ᠢ᠋ ᠨᠣᠮ ᠢ᠋ᠶ᠋ᠠᠨ ᠪᠢᠰᠢᠯᠭᠠᠭᠰᠠᠭᠠᠷ ᠰᠠᠭᠤᠲᠠᠯ᠎ᠠ ᠳᠡᠭᠦᠦ ᠴᠠᠬᠤᠨᠳᠤᠷᠵᠢ ᠨᠢ ᠵᠣᠷᠢᠭ ᠢ᠋ᠶ᠋ᠠᠷ ᠠᠪᠤᠷᠢᠯᠠᠵᠤ ᠦᠬᠦᠯ ᠦ᠋ᠨ ᠭᠠᠯ ᠨᠣᠴᠣᠭᠠᠵᠤ ᠪᠠᠢᠨ᠎ᠠ᠃ ᠪᠣᠭᠳᠠ ᠭᠡᠭᠡᠨ ᠳ᠋ᠦ᠍ ᠮᠥᠷᠭᠥᠵᠦ ᠰᠠᠨᠠᠭ᠎ᠠ ᠪᠣᠳᠣᠯ ᠢ᠋ ᠨᠢ ᠮᠡᠳᠡᠶ᠎ᠡ》 ᠭᠡᠵᠦ ᠠᠭᠤᠯᠠᠰ ᠲᠡᠢᠰᠢ ᠬᠠᠷᠠᠨ᠎ᠠ᠃ ᠠᠮᠤᠭᠤᠯᠠᠩ ᠶᠡᠬᠡ ᠠᠭᠤᠯᠠᠰ ᠨᠠᠯᠠᠢᠳᠠᠭ ᠢ᠋ᠶ᠋ᠠᠷ ᠢ᠋ᠶ᠋ᠠᠨ ᠨᠠᠯᠠᠢᠵᠤ᠂ ᠲᠦᠩᠬᠦᠢᠭᠰᠡᠨ ᠬᠡᠪ ᠢ᠋ᠶ᠋ᠡᠷ ᠪᠥᠯᠥᠭᠡ᠃

               ᠨᠠᠢ᠍ᠮᠠ
 
ᠭᠠᠯᠳᠠᠨ ᠪᠣᠱᠣᠭᠲᠤ ᠬᠠᠭᠠᠨ᠂ ᠠᠨᠤ ᠬᠠᠲᠤᠨ ᠤ᠋ ᠬᠠᠮᠲᠤ ᠦᠷᠭᠦᠭᠡᠨ ᠳ᠋ᠡᠭᠡᠨ ᠪᠠᠢᠨ᠎ᠠ᠃ ᠭᠠᠯᠳᠠᠨ᠂
—  ᠬᠠᠷᠪᠸᠺ ᠲᠠᠢ ᠲᠤᠯᠤᠯᠳᠤᠬᠤ ᠳ᠋ᠤ᠌ ᠬᠠᠲᠤᠨ ᠲᠠ ᠬᠥᠯ ᠬᠦᠨᠳᠦ ᠪᠠᠢᠭᠰᠠᠨ ᠪᠤᠰᠤ ᠤᠤ? ᠶᠠᠭᠤᠨ ᠳ᠋ᠤ᠌ ᠵᠣᠷᠢᠭ ᠢ᠋ᠶ᠋ᠠᠷ ᠠᠭᠠᠰᠢᠯᠠᠪᠠ᠃ ᠠᠮᠢ ᠪᠠᠨ ᠵᠣᠯᠢᠬᠤ ᠰᠢᠬᠠᠯ᠎ᠠ ᠰᠢᠦ ᠳᠡ ᠭᠡᠵᠦ ᠬᠦᠩᠭᠢᠨᠡᠨ ᠥᠭᠦᠯᠡᠪᠡ᠃ ᠠᠨᠤ᠂
—  ᠲᠡᠭᠡᠲᠡᠯ᠎ᠡ ᠲᠤᠷᠭᠢᠬᠤ ᠶᠤᠮ ᠭᠡᠵᠦ ᠰᠠᠨᠠᠭᠰᠠᠨ ᠦᠭᠡᠢ᠃ ᠤᠭ ᠨᠢ ᠪᠢ ᠬᠠᠭᠠᠨ ᠲᠠᠨ ᠳ᠋ᠤ᠌ ᠪᠠᠰᠠ ᠨᠢᠭᠡ ᠬᠦᠦ ᠲᠥᠷᠥᠭᠦᠯᠵᠦ ᠥᠭᠬᠦ ᠪᠠᠢᠭᠰᠠᠨ ᠶᠤᠮᠰᠠᠨ᠃ ᠳᠠᠩᠴᠤ ᠮᠢᠨᠦ ᠬᠤᠪᠢ ᠳᠤᠲᠠᠯ᠎ᠠ ᠭᠡᠳ ᠠᠮᠠ ᠥᠮᠥᠯᠵᠡᠪᠡ᠃ ᠭᠠᠯᠳᠠᠨ ᠬᠠᠭᠠᠨ
—  ᠶᠠᠭᠠᠬᠢᠭᠠᠳ ᠬᠦᠦ ᠲᠥᠷᠥᠭᠦᠯᠬᠦ ᠶ᠋ᠢ ᠬᠦᠰᠡᠨ᠎ᠡ᠁ ᠭᠡᠵᠦ ᠯᠠᠪᠯᠠᠨ ᠠᠰᠠᠭᠤᠪᠠ᠃ ᠠᠨᠤ ᠬᠠᠲᠤᠨ᠂
—  ᠮᠣᠩᠭᠣᠯᠴᠤᠳ ᠡᠷᠲᠡᠨ ᠡᠴᠡ ᠪᠡᠨ ᠨᠢᠭᠡ ᠬᠦᠦ ᠶ᠋ᠢ ᠦᠭᠡᠢ ᠳ᠋ᠦ᠍ ᠪᠣᠳᠣ᠂ ᠬᠣᠶᠠᠷ ᠬᠦᠦ ᠶ᠋ᠢ ᠨᠢᠭᠡ ᠳ᠋ᠦ᠍ ᠪᠣᠳᠣ ᠭᠡᠮᠡᠨ ᠶᠠᠷᠢᠳᠠᠭ ᠪᠤᠰᠤ ᠤᠤ? ᠭᠡᠬᠦ ᠳ᠋ᠦ᠍ ᠭᠠᠯᠳᠠᠨ ᠪᠣᠱᠣᠭᠲᠤ ᠬᠠᠭᠠᠨ ᠠᠨᠤ ᠬᠠᠲᠤᠨ ᠤ᠋ ᠰᠠᠨᠠᠭ᠎ᠠ ᠶ᠋ᠢ ᠳᠡᠮᠵᠢᠬᠦ ᠮᠡᠲᠦ ᠲᠣᠯᠣᠭᠠᠢ ᠳᠣᠬᠢᠭᠠᠳ ᠬᠠᠲᠤᠨ ᠤ᠋ ᠪᠠᠨ ᠭᠠᠷ ᠢ᠋ ᠠᠳᠬᠤᠨ ᠢᠯᠢᠵᠦ ᠰᠠᠭᠤᠪᠠ᠃
—  ᠮᠠᠨᠵᠤ ᠶ᠋ᠢᠨ ᠬᠠᠭᠠᠨ ᠮᠣᠩᠭᠣᠯᠴᠤᠳ ᠤ᠋ᠨ ᠬᠤᠪᠢ ᠵᠠᠶᠠᠭᠠᠨ ᠤ᠋ ᠲᠥᠯᠥᠭᠡ ᠶᠡᠬᠡ ᠵᠣᠪᠠᠳᠠᠭ ᠪᠣᠯᠵᠠᠢ᠃ ᠰᠠᠪᠳᠠᠨᠪᠠᠯᠵᠢᠷ ᠬᠦᠦ ᠶ᠋ᠢ ᠮᠢᠨᠢ ᠪᠠᠷᠢᠴᠠᠭᠠᠯᠠᠵᠤ ᠪᠠᠶᠠᠨ ᠬᠣᠰᠢᠭᠤ ᠶ᠋ᠢ ᠨᠣᠶᠠᠨ ᠪᠣᠯᠭᠠᠴᠢᠬᠠᠯ᠎ᠠ᠃ ᠮᠠᠨᠵᠤ ᠶ᠋ᠢᠨ ᠭᠤᠸ᠎ᠠ ᠥᠬᠢᠳ ᠡᠴᠡ ᠬᠠᠲᠤᠨ ᠡᠷᠭᠦᠮᠵᠢᠯᠡᠯ᠎ᠡ᠃ ᠮᠠᠨᠵᠤ ᠲᠠᠢ ᠪᠢ ᠤᠷᠤᠭ ᠪᠠᠷᠢᠯᠳᠤᠵᠤ ᠲᠠᠯ᠎ᠠ ᠵᠠᠰᠠᠬᠤ ᠦᠭᠡᠢ᠃ ᠬᠦᠦ ᠪᠡᠨ ᠨᠢᠭᠡ ᠡᠳᠦᠷ ᠠᠪᠬᠤ ᠪᠣᠯᠤᠨ᠎ᠠ ᠭᠡᠮᠡᠨ ᠭᠠᠯᠳᠠᠨ ᠢ᠋ ᠥᠭᠦᠯᠡᠬᠦ ᠳ᠋ᠦ᠍ ᠠᠨᠤ ᠬᠠᠲᠤᠨ᠂
—  ᠬᠠᠭᠠᠨ ᠲᠠ ᠬᠦᠦ ᠪᠡᠨ ᠮᠠᠨᠵᠤ ᠳ᠋ᠤ᠌ ᠠᠯᠳᠠᠴᠢᠬᠠᠯ᠎ᠠ ᠰᠢᠦ ᠳᠡ᠃ ᠪᠠᠷᠢᠴᠠᠭᠠᠨ ᠳ᠋ᠤ᠌ ᠠᠪᠤᠭᠰᠠᠨ ᠭᠡᠮᠡᠨ ᠥᠮᠥᠯᠵᠡᠪᠡ᠃ ᠭᠠᠯᠳᠠᠨ ᠬᠠᠭᠠᠨ᠂
—  ᠰᠠᠪᠳᠠᠨᠪᠠᠯᠵᠢᠷ ᠬᠥᠪᠡᠭᠦᠨ ᠮᠠᠨᠵᠤ ᠶ᠋ᠢ ᠳᠣᠲᠣᠷ᠎ᠠ ᠠ᠋ᠴᠠ ᠨᠢ ᠢᠯᠵᠡᠯᠡᠵᠦ ᠪᠠᠢᠭ᠎ᠠ ᠶᠤᠮ᠃ ᠲᠡᠷᠡ ᠢᠯᠵᠠᠷᠠᠯ ᠲᠣᠮᠣᠷᠠᠭᠰᠠᠭᠠᠷ ᠮᠠᠨᠵᠤ ᠶ᠋ᠢ ᠬᠥᠨᠥᠭᠡᠬᠦ ᠪᠣᠯᠤᠨ᠎ᠠ᠃ ᠲᠡᠷᠡ ᠪᠣᠯᠲᠠᠯ᠎ᠠ ᠬᠦᠯᠢᠶᠡᠬᠦ ᠬᠡᠷᠡᠭᠲᠡᠢ᠃ ᠬᠦᠯᠢᠶᠡᠭᠰᠡᠨ ᠦ᠌ ᠡᠴᠦᠰ ᠲᠦ᠍ ᠤᠴᠢᠷ ᠣᠯᠳᠠᠨ᠎ᠠ᠃ ᠬᠦᠯᠢᠶᠡᠬᠦ ᠶ᠋ᠢᠨ ᠵᠣᠪᠠᠯᠠᠩ ᠢ᠋ ᠬᠠᠲᠤᠨ ᠲᠠ ᠨᠠᠳᠠ ᠲᠠᠢ ᠴᠣᠭ ᠡᠳ᠋ᠯᠡᠵᠦ ᠪᠠᠢᠨ᠎ᠠ ᠭᠡᠵᠦ ᠬᠡᠯᠡᠪᠡ᠃ ᠭᠠᠯᠳᠠᠨ《 ᠮᠠᠨᠵᠤ ᠨᠤᠭᠤᠳ ᠥᠷᠥᠴᠡ ᠢᠰᠬᠦᠯᠪᠡ᠃ ᠦᠷᠦ ᠥᠮᠥᠯᠵᠡᠪᠡ》 ᠭᠡᠮᠡᠨ ᠭᠠᠰᠢᠭᠤᠨ ᠢ᠋ᠶ᠋ᠠᠷ ᠰᠠᠨᠠᠵᠤ᠂
—  ᠬᠠᠲᠤᠨ ᠲᠠ ᠰᠡᠳᠬᠢᠯ ᠢ᠋ᠶ᠋ᠡᠨ ᠪᠤᠤ ᠴᠢᠯᠡᠭᠡ᠃ ᠲᠠᠨ ᠤ᠋ ᠲᠥᠷᠥᠭᠦᠯᠦᠭᠰᠡᠨ ᠬᠥᠪᠡᠭᠦᠳ ᠪᠡᠷᠬᠡ ᠶ᠋ᠢ ᠠᠮᠰᠠᠵᠤ᠂ ᠬᠣᠷᠸ᠎ᠠ ᠶ᠋ᠢ ᠲᠠᠨᠢᠵᠤ ᠶᠠᠪᠤᠭ ᠭᠡᠮᠡᠨ ᠠᠷᠭᠠᠳᠠᠩᠭᠤᠢ ᠥᠭᠦᠯᠡᠪᠡ᠃
ᠠᠨᠤ ᠬᠠᠲᠤᠨ᠂
—  ᠡᠮᠡᠭᠲᠡᠢᠴᠦᠳ ᠦ᠋ᠨ ᠲᠡᠪᠴᠢᠶᠡᠷᠢ ᠪᠠᠷᠠᠭᠳᠠᠳᠠᠭ ᠦᠭᠡᠢ ᠶᠦᠮ ᠭᠡᠵᠦ ᠭᠠᠯᠳᠠᠨ ᠬᠠᠭᠠᠨ ᠤ᠋ ᠦᠭᠡ ᠶ᠋ᠢᠨ ᠬᠠᠷᠢᠭᠤ ᠳ᠋ᠤ᠌ ᠬᠡᠯᠡᠭᠰᠡᠨ ᠨᠢ ᠭᠠᠯᠳᠠᠨ ᠢ᠋ ᠮᠣᠬᠣᠭᠠᠬᠤ ᠪᠤᠰᠤ ᠥᠳᠥᠭᠡᠬᠦ ᠰᠠᠨᠠᠭ᠎ᠠ ᠪᠠᠢᠯ᠎ᠠ᠃ ᠭᠠᠯᠳᠠᠨ ᠪᠠᠶᠠᠰᠤᠯ ᠲᠠᠢ ᠪᠠᠷ᠂
—  ᠪᠤᠷᠬᠠᠨ ᠤ᠋ ᠰᠤᠷᠭᠠᠯ ᠢ᠋ᠶ᠋ᠠᠷ ᠪᠣᠯ ᠠᠷᠭ᠎ᠠ ᠪᠢᠯᠢᠭ ᠨᠢ ᠨᠡᠢᠯᠡᠵᠦ ᠬᠣᠷᠸ᠎ᠠ ᠪᠦᠲᠦᠨ ᠪᠣᠯᠳᠠᠭ᠃ ᠠᠢᠯ ᠭᠡᠷ ᠬᠦᠷᠲᠡᠯ᠎ᠡ ᠠᠷᠭ᠎ᠠ ᠪᠢᠯᠢᠭ ᠪᠤᠶᠤ ᠡᠷ᠎ᠡ ᠡᠮ᠎ᠡ ᠬᠣᠶᠠᠷ ᠠ᠋ᠴᠠ ᠪᠦᠲᠦᠳᠡᠭ᠃ ᠲᠣᠭᠣᠨᠣ ᠪᠦᠲᠦᠨ ᠳᠤᠭᠤᠢ ᠪᠢᠯᠡ᠃ ᠬᠥᠪᠡᠭᠦᠳ ᠬᠠᠨᠠᠲᠤ ᠭᠡᠷ ᠢ᠋ᠶ᠋ᠡᠨ ᠣᠷᠬᠢᠵᠤ ᠪᠠᠳᠠᠷᠠᠵᠤ ᠶᠠᠪᠤᠭ᠎ᠠ ᠪᠤᠰᠤ ᠤᠤ? ᠣᠢᠷᠠᠳ ᠤ᠋ᠨ ᠬᠥᠪᠡᠭᠦᠳ ᠰᠠᠯᠬᠢ ᠲᠠᠲᠠᠭᠤᠯᠤᠨ ᠳᠠᠪᠬᠢᠵᠤ ᠶᠠᠪᠤᠨ᠎ᠠ᠃ ᠨᠣᠮᠣᠬᠠᠨ ᠪᠤᠰᠤ ᠣᠮᠣᠭᠯᠠᠩ ᠬᠥᠪᠡᠭᠦᠳ ᠢ᠋ᠶ᠋ᠡᠷ ᠢ᠋ᠶ᠋ᠡᠨ ᠬᠠᠭᠠᠨ ᠪᠢ ᠪᠠᠬᠠᠷᠬᠠᠨ᠎ᠠ ᠭᠡᠮᠡᠨ ᠥᠭᠦᠯᠡᠪᠡ᠃ ᠠᠨᠤ ᠬᠠᠲᠤᠨ ᠨᠡᠬᠡᠯ ᠬᠠᠲᠠᠭᠤ ᠵᠠᠩ ᠢ᠋ᠶ᠋ᠠᠷ ᠢ᠋ᠶ᠋ᠠᠨ᠂
—  ᠠᠷᠴᠠ ᠬᠦᠵᠢ ᠶ᠋ᠢᠨ ᠦᠨᠦᠷ ᠲᠡᠢ
   ᠠᠷᠢᠭᠤᠨ ᠳᠤᠭᠠᠩ ᠳ᠋ᠠᠭᠠᠨ ᠵᠠᠯᠠᠷᠠᠵᠤ
   ᠠᠰᠤᠷᠤ ᠠᠭᠤᠳᠠᠮ ᠨᠤᠲᠤᠭ ᠢ᠋ᠶ᠋ᠠᠷ
   ᠠᠷᠪᠠᠨᠠᠢᠯᠠᠵᠤ ᠰᠠᠭᠤᠳᠠᠭ ᠪᠣᠭᠳᠠ ᠮᠢᠨᠦ ᠭᠡᠬᠦ ᠳ᠋ᠦ᠍᠂ ᠭᠠᠯᠳᠠᠨ ᠬᠠᠭᠠᠨ ᠡᠷᠢᠭᠡ ᠪᠡᠨ ᠢᠮᠡᠷᠦᠨ ᠵᠣᠯᠪᠣᠭᠠᠲᠤ ᠬᠦᠷᠡᠩ ᠨᠢᠳᠦ ᠪᠡᠷ ᠢ᠋ᠶ᠋ᠡᠨ ᠲᠣᠭᠣᠨᠣ ᠥᠭᠡᠳᠡ ᠬᠠᠷᠠᠪᠠ᠃ ᠲᠣᠭᠣᠨᠣ ᠪᠠᠷ ᠪᠦᠷᠭᠦᠳ ᠦ᠋ᠨ ᠳᠠᠯᠠᠪᠴᠢ ᠴᠤᠬᠤᠢᠵᠤ ᠭᠠᠯᠳᠠᠨ ᠬᠠᠭᠠᠨ ᠤ᠋ ᠮᠠᠩᠨᠠᠢ ᠳ᠋ᠤ᠌ ᠠᠳᠢᠰ ᠲᠠᠯᠪᠢᠬᠤ ᠮᠡᠲᠦ ᠪᠣᠯᠪᠠ᠃ ᠭᠠᠯᠳᠠᠨ ᠪᠣᠱᠣᠭᠲᠤ ᠡᠷᠢᠭᠡ ᠪᠡᠷ ᠢ᠋ᠶ᠋ᠡᠨ ᠠᠭᠠᠷ ᠤᠷᠤᠯᠳᠤᠨ ᠰᠢᠬᠠᠭᠤᠷᠳᠠᠬᠤ ᠳ᠋ᠤ᠌ ᠵᠣᠪᠬᠢᠨ ᠳᠡᠭᠡᠷᠡᠬᠢ ᠮᠡᠩᠭᠡ ᠨᠢ ᠬᠠᠷ᠎ᠠ ᠣᠳᠣ ᠮᠡᠲᠦ ᠬᠥᠳᠡᠯᠦᠨ᠎ᠡ᠃ ᠬᠠᠭᠠᠨ ᠤ᠋ ᠨᠢᠳᠦᠨ ᠳ᠋ᠦ᠍ ᠨᠠᠷᠠ ᠰᠠᠷᠠ ᠪᠠᠢᠨ᠎ᠠ᠃
—  ᠨᠠᠮᠠᠶ᠋ᠢ ᠲᠩᠷᠢ ᠳᠠᠭᠤᠳᠠᠪᠠ ᠭᠡᠮᠡᠨ ᠭᠠᠯᠳᠠᠨ ᠬᠠᠭᠠᠨ ᠢ᠋ ᠡᠷᠡᠮᠡᠬᠡᠢ ᠥᠭᠦᠯᠡᠬᠦ ᠳ᠋ᠦ᠍ ᠬᠠᠷ᠎ᠠ ᠡᠷᠴᠢᠰ ᠮᠥᠷᠡᠨ ᠦ᠌ ᠬᠥᠨᠳᠡᠢ ᠶ᠋ᠢ ᠳᠦᠭᠦᠷᠲᠡᠯ᠎ᠡ ᠰᠡᠲᠡᠷᠲᠦ ᠴᠠᠭᠠᠨ ᠠᠵᠢᠷᠭ᠎ᠠ ᠢᠨᠴᠠᠭᠠᠵᠤ᠂ ᠴᠠᠭᠠᠨ ᠢᠷᠪᠢᠰ ᠬᠣᠷᠮᠣᠢ ᠠ᠋ᠴᠠ ᠡᠭᠦᠳᠡ ᠬᠦᠷᠲᠡᠯ᠎ᠡ ᠰᠤᠨᠢᠶᠠᠪᠠ᠃
ᠭᠠᠯᠳᠠᠨ ᠪᠣᠱᠣᠭᠲᠤ ᠬᠠᠭᠠᠨ ᠢ᠋ ᠴᠠᠭ ᠬᠤᠭᠤᠴᠠᠭᠠᠨ ᠤ᠋ ᠢᠳᠡᠮᠡᠬᠡᠢ ᠬᠥᠬᠡ ᠰᠠᠯᠬᠢ ᠳᠠᠯᠠᠯᠤᠨ ᠳᠠᠭᠤᠳᠠᠵᠤ ᠪᠠᠢᠯ᠎ᠠ᠃
ᠠᠨᠤ ᠰᠡᠴᠡᠨ ᠬᠠᠲᠤᠨ ᠴᠤ᠌ ᠬᠠᠭᠠᠨ  ᠢ᠋ ᠤᠤᠬᠠᠢᠯᠠᠵᠤ᠂
—  ᠪᠦᠷᠭᠦᠳ ᠮᠢᠨᠢ ᠨᠢᠰ! ᠭᠡᠵᠦ ᠴᠠᠭ ᠬᠤᠭᠤᠴᠠᠭ᠎ᠠ ᠶ᠋ᠢ ᠡᠵᠡᠯᠡᠭᠰᠡᠨ ᠣᠶᠤᠨ ᠰᠠᠨᠠᠭ᠎ᠠ ᠶ᠋ᠢ   ᠲᠡᠪᠢᠷᠡᠭᠦᠯᠦᠨ ᠥᠭᠦᠯᠡᠪᠡ᠃

               ᠶᠢᠰᠦ
 
ᠣᠢᠷᠠᠳ ᠤ᠋ᠨ ᠬᠠᠭᠠᠨ ᠤ᠋ ᠴᠡᠷᠢᠭ ᠲᠦ᠍ ᠪᠤᠲᠠ ᠴᠣᠬᠢᠭᠳᠠᠭᠰᠠᠨ ᠸᠴᠢᠷᠳᠤ ᠰᠡᠴᠡᠨ ᠦ᠌ ᠰᠠᠷᠨᠢᠨ ᠪᠤᠲᠠᠷᠠᠭᠰᠠᠨ ᠨᠡᠭᠦᠳᠡᠯ ᠤᠨᠳᠤᠢ ᠰᠤᠨᠳᠤᠢ᠁ ᠨᠡᠭᠦᠳᠡᠯ ᠢᠵᠢᠯ ᠮᠥᠷᠡᠨ ᠬᠦᠷᠴᠦ ᠪᠠᠭᠤᠬᠤ ᠳ᠋ᠤ᠌ ᠺᠢᠷᠭᠢᠽ ᠬᠠᠰᠠᠭ ᠲᠤ᠌ ᠴᠣᠬᠢᠭᠳᠠᠵᠠᠢ᠃ ᠣᠢᠷᠠᠳ ᠤ᠋ᠨ ᠪᠤᠳᠤᠯᠢᠶᠠᠨ ᠢ᠋ ᠬᠣᠱᠤᠳ ᠣᠪᠣᠭᠲᠠᠨ ᠡᠬᠢᠯᠡᠭᠦᠯᠵᠡᠢ᠃
 ᠰᠠᠪᠳᠠᠨᠵᠡᠯ ᠵᠢᠶᠦ᠋ᠨ ᠸᠠᠩ᠂  ᠠᠮᠢᠨᠳᠠᠷ᠎ᠠ ᠬᠣᠶᠠᠷ ᠭᠠᠯᠳᠠᠨ ᠪᠣᠱᠣᠭᠲᠤ ᠬᠠᠭᠠᠨ ᠢ᠋ ᠬᠠᠳᠠᠮ ᠡᠴᠢᠭᠡ ᠸᠴᠢᠷᠲᠤ ᠰᠡᠴᠡᠨ ᠲᠡᠢ ᠮᠠᠭᠤᠲᠠᠯᠴᠠᠭᠤᠯᠬᠤ ᠠᠷᠭ᠎ᠠ ᠰᠡᠳᠦᠵᠦ᠂ ᠴᠤᠤ ᠲᠠᠷᠬᠠᠭᠠᠭᠰᠠᠨ ᠤ᠋ ᠬᠠᠷ᠎ᠠ ᠭᠠᠢ ᠪᠠᠷ ᠬᠠᠭᠠᠷᠠᠯ ᠤ᠋ᠨ ᠡᠭᠦᠳᠡ ᠶ᠋ᠢ ᠳᠡᠯᠭᠡᠵᠦ ᠴᠢᠳᠠᠵᠠᠢ᠃
 ᠬᠣᠱᠤᠳ ᠣᠪᠣᠭ ᠤ᠋ᠨ ᠬᠢᠨ ᠭᠠᠯᠳᠠᠨ ᠤᠷᠤᠭᠤ ᠨᠡᠭᠦᠪᠡ᠃ ᠬᠠᠷᠢᠨ ᠸᠴᠢᠷᠳᠤ ᠰᠡᠴᠡᠨ ᠢᠵᠢᠯ ᠮᠥᠷᠡᠨ ᠲᠡᠢᠰᠢ ᠣᠳᠴᠤ ᠡᠷᠭᠢᠵᠦ ᠪᠤᠴᠠᠬᠤ ᠳ᠋ᠠᠭᠠᠨ ᠳᠡᠭᠡᠷᠡᠮᠳᠡᠭᠦᠯᠦᠭᠰᠡᠨ ᠪᠢᠯᠡ᠃
  ᠸᠴᠢᠷᠳᠤ ᠰᠡᠴᠡᠨ ᠥᠪᠡᠷ ᠦ᠋ᠨ ᠭᠠᠯ ᠤ᠋ᠨ ᠵᠢᠭᠡ ᠬᠦᠦ ᠴᠠᠸᠠᠩᠷᠠᠪᠳᠠᠨ ᠳ᠋ᠤ᠌ ᠬᠠᠳᠠ ᠨᠠᠯᠠᠵᠤ ᠰᠠᠭᠤᠭᠠᠳ ᠬᠡᠯᠡᠪᠡ᠃
—  ᠨᠠᠮᠠᠶ᠋ᠢ ᠰᠠᠢᠨ ᠬᠠᠷᠠ᠂ ᠬᠥᠪᠡᠭᠦᠨ ᠮᠢᠨᠢ᠂ ᠪᠢ ᠭᠠᠯ ᠮᠡᠲᠦ ᠤᠨᠲᠠᠷᠠᠵᠤ ᠪᠠᠢᠨ᠎ᠠ ᠭᠡᠬᠦ ᠳ᠋ᠦ᠍ ᠲᠡᠭᠦᠨ ᠦ᠌ ᠰᠢᠩᠭᠡᠨ ᠪᠤᠭᠤᠷᠤᠯ ᠦᠰᠦ ᠨᠠᠮᠤᠷ ᠴᠠᠭ ᠤ᠋ᠨ ᠭᠢᠯᠭᠠᠨ᠎ᠠ ᠮᠡᠲᠦ ᠰᠠᠯᠬᠢᠨ᠎ᠠ ᠰᠥᠷᠪᠡᠯᠵᠡᠨ ᠬᠡᠢᠰᠦᠨ᠎ᠡ᠃ ᠴᠡᠸᠠᠩᠷᠠᠪᠳᠠᠨ ᠡᠪᠦᠭᠡ ᠡᠴᠢᠭᠡ ᠶ᠋ᠢᠨ ᠢ᠋ᠶ᠋ᠡᠨ ᠦᠬᠦᠯ  ᠢ᠋ ᠬᠠᠷᠠᠵᠤ ᠪᠠᠢᠨ᠎ᠠ᠃ ᠸᠴᠢᠷᠳᠤ ᠰᠡᠴᠡᠨ ᠦ᠌ ᠴᠢᠷᠠᠢ ᠲᠠᠯᠪᠢᠭᠤᠨ ᠭᠡᠭᠡᠨ ᠪᠥᠭᠡᠳ ᠵᠣᠪᠬᠢ ᠳᠡᠭᠡᠷᠡᠬᠢ ᠦᠷᠴᠢᠯᠡᠭᠡ ᠨᠢ ᠨᠢᠳᠦᠨ ᠦ᠌ ᠪᠡᠨ ᠠᠨᠢᠰᠬ᠎ᠠ ᠲᠠᠢ ᠨᠡᠢᠯᠡᠵᠦ ᠲᠡᠭᠦᠨ ᠦ᠌ ᠰᠢᠨᠡ ᠤᠷᠤᠭᠤ ᠬᠣᠪᠢᠯ ᠮᠡᠲᠦ ᠣᠷᠣᠵᠠᠢ᠃ ᠬᠠᠳᠠ ᠨᠤᠭᠤᠳ ᠤ᠋ᠨ ᠬᠣᠭᠣᠷᠣᠨᠳᠣ ᠳᠤᠲᠠᠭᠤ ᠡᠯᠭᠦᠭᠰᠡᠨ ᠣᠨᠢ᠂ ᠲᠣᠭᠣᠨᠣ᠂ ᠬᠡᠪᠲᠡᠭᠰᠡᠨ ᠲᠡᠮᠡᠭᠡ᠂ ᠬᠠᠳᠠᠨ ᠳᠡᠭᠡᠷ᠎ᠡ ᠣᠪᠣᠭᠠᠯᠠᠰᠤᠲᠡᠢ ᠪᠠᠷᠠᠭ᠎ᠠ ᠬᠥᠭᠯᠡᠷᠡᠨ᠎ᠡ᠃ ᠸᠴᠢᠷᠳᠤ ᠰᠡᠴᠡᠨ ᠬᠠᠭᠠᠨ ᠪᠣᠷᠣ ᠲᠠᠯ᠎ᠠ ᠨᠤᠲᠤᠭ ᠲᠠᠭᠠᠨ ᠣᠴᠢᠬᠤ ᠲᠡᠩᠬᠡᠭᠡ ᠦᠭᠡᠢ ᠪᠣᠯᠵᠠᠢ᠃ ᠸᠴᠢᠷᠳᠤ ᠰᠡᠴᠡᠨ ᠬᠠᠭᠠᠨ ᠤ᠋ ᠠᠴᠢ ᠴᠠᠸᠠᠩᠷᠠᠪᠳᠠᠨ ᠡᠪᠦᠭᠡ ᠡᠴᠢᠭᠡ ᠶ᠋ᠢᠨ ᠪᠤᠭᠤᠷᠤᠯ ᠲᠣᠯᠣᠭᠠᠢ ᠶ᠋ᠢ ᠲᠦᠰᠢᠵᠦ ᠳᠦᠷᠡᠯᠵᠡᠨ ᠠᠰᠠᠬᠤ ᠬᠠᠷᠠᠴᠠ ᠪᠠᠷ ᠵᠠᠳᠠᠭᠠᠢ ᠭᠠᠯ ᠰᠢᠷᠳᠡᠵᠦ ᠪᠠᠢᠪᠠ᠃ ᠸᠴᠢᠷᠳᠤ ᠰᠡᠴᠡᠨ ᠵᠢᠭᠡ ᠬᠥᠪᠡᠭᠦᠨ ᠳ᠋ᠡᠭᠡᠨ᠂
—  ᠨᠢᠭᠡ ᠨᠠᠷᠠ ᠲᠠᠢ ᠡᠳᠦᠷ ᠴᠢᠨᠦ ᠴᠠᠭ ᠢᠷᠡᠨ᠎ᠡ᠃ ᠲᠡᠷᠡ ᠴᠠᠭ ᠲᠤ᠌ ᠭᠠᠯᠳᠠᠨ ᠳ᠋ᠤ᠌ ᠮᠢᠨᠦ ᠭᠣᠮᠣᠳᠠᠯ  ᠢ᠋ ᠳᠡᠢᠯᠦᠨ᠎ᠡ ᠭᠡᠮᠡᠨ ᠵᠠᠬᠢᠭᠠᠳ ᠨᠢᠳᠦ ᠪᠡᠨ ᠠᠭᠠᠵᠢᠮᠬᠠᠨ ᠠᠨᠢᠵᠤ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠪᠡ᠃
ᠦᠯᠡᠳᠡᠭᠰᠡᠨ ᠴᠡᠷᠢᠭ ᠦ᠋ᠳ ᠢ᠋ᠶ᠋ᠡᠨ ᠴᠠᠸᠠᠩᠷᠠᠪᠳᠠᠨ ᠬᠠᠨ ᠬᠦᠦ ᠳᠠᠭᠠᠭᠤᠯᠵᠤ ᠭᠠᠯᠳᠠᠨ ᠤ᠋ ᠡᠰᠡᠷᠭᠦ ᠪᠣᠰᠬᠤ ᠪᠠᠷ ᠰᠢᠷᠭᠠᠭᠤ ᠪᠡᠯᠡᠳᠬᠡᠪᠡ᠃   ᠴᠠᠸᠠᠩᠷᠠᠪᠳᠠᠨ ᠴᠡᠷᠢᠭ ᠦ᠋ᠨ ᠬᠦᠷᠢᠶ᠎ᠡ ᠪᠡᠨ ᠪᠣᠷᠣ ᠲᠠᠯ᠎ᠠ ᠳ᠋ᠤ᠌ ᠡᠭᠦᠰᠬᠡᠪᠡ᠃
 — ᠭᠠᠯᠳᠠᠨ ᠢ᠋ ᠥᠷᠥᠰᠢᠶᠡᠬᠦ ᠦᠭᠡᠢ ᠭᠡᠵᠦ ᠴᠠᠸᠠᠩᠷᠠᠪᠳᠡᠨ ᠠᠮᠠᠯᠠᠪᠠ᠃
 
               ᠠᠷᠪᠠ
 
 ᠭᠠᠯᠳᠠᠨ ᠪᠣᠱᠣᠭᠲᠤ ᠬᠠᠭᠠᠨ ᠯᠠᠮᠠ ᠬᠤᠪᠴᠠᠰᠤ ᠲᠠᠢ ᠮᠥᠷᠭᠥᠯᠴᠢᠨ ᠮᠠᠶᠢᠭ ᠢ᠋ᠶ᠋ᠠᠷ ᠲᠦᠪᠭᠦᠨ ᠬᠡᠢᠳ ᠲᠦ᠍ ᠣᠴᠢᠵᠠᠢ᠃ ᠭᠠᠯᠳᠠᠨ ᠬᠠᠭᠠᠨ ᠠᠶᠠᠨ ᠲᠡᠢᠨ ᠳ᠋ᠦ᠍ ᠮᠣᠷᠳᠠᠬᠤ ᠶ᠋ᠢᠨ ᠡᠮᠦᠨ᠎ᠡ ᠬᠣᠪᠲᠣ ᠳ᠋ᠤ᠌ ᠪᠠᠢᠬᠤ ᠳ᠋ᠠᠭᠠᠨ ᠶᠠᠪᠤᠭᠰᠠᠨ ᠪᠢᠯᠡ᠃ ᠥᠨᠳᠥᠷ ᠭᠡᠭᠡᠨ ᠵᠠᠨᠠᠪᠠᠽᠠᠷ ᠰᠦᠮ᠎ᠡ ᠶ᠋ᠢᠨ ᠢ᠋ᠶ᠋ᠡᠨ ᠵᠤᠯᠠ ᠶ᠋ᠢᠨ ᠭᠡᠷᠡᠯ ᠳ᠋ᠦ᠍ ᠴᠠᠭᠠᠨ ᠳ᠋ᠠᠷ᠎ᠠ ᠡᠬᠡ᠂ ᠨᠣᠭᠣᠭᠠᠨ ᠳ᠋ᠠᠷ᠎ᠠ ᠡᠬᠡ ᠪᠡᠨ ᠴᠢᠳᠬᠤᠮᠠᠯᠳᠤᠨ ᠤᠷᠠᠯᠠᠭᠰᠠᠨ ᠢ᠋ᠶ᠋ᠠᠨ ᠠᠵᠢᠭᠯᠠᠨ ᠬᠠᠷᠠᠵᠤ ᠪᠠᠢᠲᠠᠯ᠎ᠠ ᠬᠠᠭᠠᠯᠭᠠᠴᠢ ᠯᠠᠮᠠ ᠣᠷᠣᠵᠤ ᠢᠷᠡᠨ᠎ᠡ᠃ ᠵᠠᠨᠠᠪᠠᠽᠠᠷ ᠭᠡᠭᠡᠨ ᠡᠷᠭᠢᠵᠦ ᠬᠠᠷᠠᠨ᠎ᠠ᠃ ᠯᠠᠮᠠ ᠠᠯᠠᠭ᠎ᠠ ᠬᠠᠪᠰᠤᠷᠪᠠ᠃
— ᠲᠥᠪᠡᠳ ᠡᠴᠡ ᠨᠢᠭᠡᠨ ᠯᠠᠮᠠᠳᠠᠨ ᠢᠷᠡᠯ᠎ᠡ᠃ ᠭᠡᠭᠡᠨᠳᠠᠨ ᠲᠠᠨ ᠳ᠋ᠤ᠌ ᠠᠢᠯᠠᠳᠬᠠᠯ ᠲᠠᠢ ᠭᠡᠨ᠎ᠡ ᠭᠡᠮᠡᠨ ᠣᠴᠢᠵᠤ ᠬᠡᠯᠡᠪᠡ᠃ ᠭᠡᠭᠡᠡᠳᠡᠨ ᠰᠣᠨᠣᠰᠤᠩᠭᠤᠲᠠ᠂
—  ᠤᠷᠤᠭᠤᠯ ᠭᠡᠵᠦ ᠯᠠᠮᠠ ᠳ᠋ᠤ᠌ ᠥᠭᠦᠯᠡᠪᠡ᠃
 ᠭᠠᠳᠠᠨ᠎ᠠ ᠠ᠋ᠴᠠ ᠣᠷᠣᠵᠤ ᠢᠷᠡᠭᠰᠡᠨ ᠯᠠᠮᠠ ᠨᠢᠭᠤᠷ ᠢ᠋ᠶ᠋ᠠᠨ ᠪᠦᠲᠡᠭᠡᠭᠰᠡᠨ ᠣᠷᠬᠢᠮᠵᠢ ᠪᠠᠨ ᠰᠡᠬᠦᠬᠦ ᠳ᠋ᠦ᠍ ᠭᠠᠯᠳᠠᠨ ᠪᠣᠱᠣᠭᠲᠤ ᠶ᠋ᠢᠨ ᠬᠦᠷᠡᠩ ᠨᠢᠳᠦ᠂ ᠭᠦᠷᠡᠭᠡᠷ ᠰᠢᠨᠠ᠂ ᠮᠣᠩᠬᠣᠷ ᠬᠠᠮᠠᠷ ᠬᠠᠷᠠᠭᠳᠠᠪᠠ᠃ ᠲᠡᠭᠦᠨ ᠦ᠌ ᠨᠢᠳᠦᠨ ᠦ᠌ ᠵᠣᠪᠬᠢ ᠳᠡᠭᠡᠷᠡᠬᠢ ᠬᠣᠶᠠᠷ ᠮᠡᠩᠭᠡ ᠢᠷᠪᠠᠯᠵᠠᠨ ᠪᠠᠢᠨ᠎ᠠ᠃
 ᠥᠨᠳᠥᠷ ᠭᠡᠭᠡᠨ ᠵᠠᠨᠠᠪᠠᠽᠠᠷ ᠤ᠋ᠨ ᠴᠢᠷᠠᠢ ᠳ᠋ᠤ᠌ ᠬᠦᠯᠢᠴᠡᠩᠭᠦᠢ ᠢᠨᠢᠶᠡᠮᠰᠦᠭᠯᠡᠯ ᠲᠣᠳᠣᠷᠠᠵᠤ ᠣᠯᠪᠣᠭ ᠳᠡᠭᠡᠷ᠎ᠡ ᠪᠡᠨ ᠵᠠᠪᠢᠯᠠᠨ ᠰᠠᠭᠤᠯ᠎ᠠ᠃ ᠲᠥᠪᠡᠳ ᠦ᠋ᠨ ᠥᠨᠳᠥᠷ ᠠᠭᠤᠯᠠᠨ ᠳ᠋ᠤ᠌ ᠲᠠᠨᠢᠯᠴᠠᠭᠰᠠᠨ ᠭᠠᠯᠳᠠᠨ ᠮᠣᠳᠣᠨ ᠤ᠋ ᠦᠨᠳᠦᠰᠦ  ᠯᠦ᠍ᠭᠡ ᠪᠠᠲᠤ ᠰᠠᠭᠤᠷᠢ ᠲᠠᠢ ᠪᠣᠯᠤᠭᠰᠠᠨ ᠢ᠋ ᠥᠨᠳᠥᠷ ᠭᠡᠭᠡᠨ ᠮᠡᠳᠡᠪᠡ᠃
ᠭᠠᠯᠳᠠᠨ ᠪᠣᠱᠣᠭᠲᠤ ᠡᠷᠢᠭᠡ ᠣᠷᠢᠶᠠᠭᠰᠠᠨ ᠱᠤ᠌ ᠪᠠᠨ ᠵᠣᠷᠢᠭᠤᠳᠠ ᠢᠯᠡ ᠭᠠᠷᠭᠠᠵᠤ ᠥᠨᠳᠥᠷ ᠭᠡᠭᠡᠨ ᠡᠴᠡ ᠠᠳᠢᠰ ᠠᠪᠤᠪᠠ᠃ ᠥᠨᠳᠥᠷ ᠭᠡᠭᠡᠨ ᠦ᠌ ᠭᠠᠷ ᠬᠠᠯᠠᠭᠤᠨ ᠰᠢᠲᠠᠭᠰᠠᠨ ᠬᠡᠪ ᠢ᠋ᠶ᠋ᠡᠷ ᠠᠵᠢ᠃ ᠥᠨᠳᠥᠷ ᠭᠡᠭᠡᠨ ᠤᠭ ᠠ᠋ᠴᠠ ᠬᠠᠯᠠᠭᠤᠨ ᠬᠥᠮᠦᠨ ᠪᠢᠯᠡ᠃
—  ᠪᠣᠭᠳᠠ ᠭᠡᠭᠡᠨᠳᠠᠨ ᠲᠠᠨ ᠤ᠋ ᠯᠠᠭᠱᠠᠨ ᠲᠤᠩᠭᠠᠯᠠᠭ᠂ ᠠᠮᠤᠷ ᠠᠮᠤᠭᠤᠯᠠᠩ ᠠᠢᠯᠠᠳᠴᠤ ᠪᠠᠢᠨ᠎ᠠ ᠤᠤ? ᠭᠡᠮᠡᠨ ᠭᠠᠯᠳᠠᠨ ᠪᠣᠱᠣᠭᠲᠤ ᠮᠡᠨᠳᠦ ᠮᠡᠳᠡᠯ᠎ᠡ᠃
—  ᠪᠤᠷᠬᠠᠨ ᠪᠢᠳᠡ ᠬᠣᠶᠠᠷ  ᠢ᠋ ᠣᠯᠠᠨᠲᠠ ᠤᠴᠠᠷᠠᠭᠤᠯᠤᠯ᠎ᠠ᠃ ᠪᠢᠳᠡᠨ ᠦ᠌ ᠬᠠᠲᠤᠨ ᠡᠬᠡ ᠴᠢᠰᠤᠨ ᠲᠥᠷᠥᠯ ᠤᠴᠢᠷ ᠠ᠋ᠴᠠ ᠪᠤᠷᠬᠠᠨ ᠲᠠᠭᠠᠯᠠᠨ ᠪᠣᠯᠭᠣᠭᠠᠵᠤ ᠪᠠᠢᠭ᠎ᠠ᠂᠂᠂᠂ ᠭᠡᠵᠦ ᠨᠠᠢᠷᠰᠠᠭ ᠳᠣᠲᠣᠨᠣ ᠪᠠᠷ ᠥᠨᠳᠥᠷ ᠭᠡᠭᠡᠨ ᠥᠭᠦᠯᠡᠯ᠎ᠡ᠃ ᠪᠣᠱᠣᠭᠲᠤ ᠬᠠᠭᠠᠨ  ᠢ᠋᠂
—  ᠣᠢᠷᠠᠳ ᠬᠠᠯᠬ᠎ᠠ ᠶ᠋ᠢᠨ ᠬᠣᠭᠣᠷᠣᠨᠳᠣ ᠭᠠᠯ ᠤᠰᠤ ᠬᠠᠷᠰᠢᠬᠤ ᠮᠡᠲᠦ ᠦᠢᠮᠡᠭᠡᠨ ᠰᠠᠮᠠᠭᠤᠨ ᠦᠶ᠎ᠡ ᠦᠶ᠎ᠡ ᠭᠠᠷᠴᠤ ᠪᠠᠢᠭ᠎ᠠ ᠳ᠋ᠤ᠌ ᠰᠡᠳᠬᠢᠯ ᠲᠥᠪᠳᠡᠨ᠎ᠡ ᠭᠡᠵᠦ ᠥᠭᠦᠯᠡᠬᠦ ᠳ᠋ᠦ᠍ ᠥᠨᠳᠥᠷ ᠭᠡᠭᠡᠨ ᠵᠠᠯᠪᠠᠷᠢᠪᠠ᠃ ᠵᠠᠯᠪᠠᠷᠢᠵᠤ ᠪᠠᠢᠬᠤ ᠳ᠋ᠠᠭᠠᠨ᠂
—  ᠮᠠᠨᠵᠤ ᠶ᠋ᠢᠨ ᠬᠠᠭᠠᠨ ᠡᠩᠬᠡ ᠠᠮᠤᠭᠤᠯᠠᠩ ᠳᠣᠯᠣᠨᠨᠠᠭᠤᠷ ᠲᠤ᠌ ᠴᠢᠭᠤᠯᠭᠠᠨ ᠬᠤᠷᠠᠯᠳᠤᠭᠤᠯᠵᠤ ᠵᠡᠭᠦᠨᠭᠠᠷ᠂ ᠬᠠᠯᠬ᠎ᠠ ᠶ᠋ᠢᠨ ᠬᠣᠭᠣᠷᠣᠨᠳᠣ ᠶᠠᠰᠤ ᠬᠠᠶᠠᠯ᠎ᠠ᠃ ᠬᠠᠶᠠᠭᠰᠠᠨ ᠶᠠᠰᠤ ᠪᠣᠯᠭᠠᠨ ᠢ᠋ ᠨᠣᠬᠠᠢ ᠰᠢᠭ᠋ ᠪᠤᠯᠢᠶᠠᠴᠠᠯᠳᠤᠵᠤ ᠬᠡᠮᠬᠡᠯᠳᠦᠬᠦ ᠨᠢ ᠶᠣᠰᠣ ᠦᠭᠡᠢ ᠬᠡᠷᠡᠭ ᠭᠡᠮᠡᠨ ᠲᠦᠪᠰᠢᠨ ᠠᠮᠤᠭᠤᠯᠠᠩ ᠬᠡᠯᠡᠭᠡᠳ ᠭᠠᠯᠳᠠᠨ ᠪᠣᠱᠣᠭᠲᠤ ᠶ᠋ᠢᠨ ᠡᠷᠡᠰᠬᠦᠳ ᠬᠦᠳᠡᠷ ᠴᠢᠷᠠᠢ ᠶ᠋ᠢ ᠰᠢᠷᠳᠡᠪᠡ᠃
—  1640 ᠣᠨ ᠤ᠋ ᠮᠣᠩᠭᠣᠯ ᠣᠢᠷᠠᠳ ᠤ᠋ᠨ ᠴᠢᠭᠤᠯᠭᠠᠨ ᠤ᠋ ᠴᠠᠭᠠᠵᠠ ᠶ᠋ᠢᠨ ᠪᠢᠴᠢᠭ  ᠢ᠋ ᠡᠩᠬᠡ ᠠᠮᠤᠭᠤᠯᠠᠩ ᠬᠠᠭᠠᠨ ᠬᠡᠷᠡᠭᠰᠡᠬᠦ ᠦᠭᠡᠢ ᠪᠣᠯᠭᠠᠬᠤ ᠡᠷᠬᠡ ᠦᠭᠡᠢ ᠭᠡᠵᠦ ᠪᠢ ᠪᠣᠳᠣᠨ᠎ᠠ᠃ ᠪᠣᠭᠳᠠ ᠭᠡᠭᠡᠨᠲᠡᠨ ᠮᠢᠨᠢ ᠬᠠᠯᠬ᠎ᠠ ᠨᠣᠢᠷᠠᠳ ᠬᠣᠶᠠᠷ ᠴᠢᠩᠭᠢᠰ ᠬᠠᠭᠠᠨ ᠤ᠋ ᠰᠠᠳᠤᠨ ᠪᠤᠰᠤ ᠤᠤ? ᠶᠡᠬᠡ ᠮᠣᠩᠭᠣᠯ ᠤᠯᠤᠰ ᠤ᠋ᠨ ᠭᠣᠯᠣᠮᠲᠠ ᠶ᠋ᠢ ᠭᠡᠭᠡᠨᠲᠡᠨ ᠲᠠ ᠪᠢᠳᠡ ᠰᠠᠬᠢᠵᠤ ᠪᠣᠢ ᠪᠣᠯᠬᠣᠷ ᠥᠪᠡᠷ ᠬᠣᠭᠣᠷᠣᠨᠳᠣ ᠪᠠᠨ ᠡᠪᠰᠡᠬᠦ ᠶᠣᠰᠣᠲᠠᠢ ᠭᠡᠵᠦ ᠭᠠᠯᠳᠠᠨ ᠬᠡᠯᠡᠭᠡᠳ《 ᠡᠰᠡ ᠲᠡᠭᠡᠪᠡᠰᠦ ᠥᠪᠥᠷ ᠮᠣᠩᠭᠣᠯ ᠯᠤᠭ᠎ᠠ ᠮᠠᠨᠵᠤ ᠶ᠋ᠢᠨ ᠪᠣᠭᠣᠯ ᠪᠣᠯᠬᠤ ᠨᠢ》ᠭᠡᠵᠦ ᠴᠡᠭᠡᠵᠢᠨ ᠦ᠌ ᠪᠡᠨ ᠮᠢᠬ᠎ᠠ ᠶ᠋ᠢ ᠪᠠᠷᠠᠲᠠᠯ᠎ᠠ ᠪᠣᠳᠣᠭᠰᠠᠨ ᠪᠣᠳᠣᠯ ᠢ᠋ᠶ᠋ᠠᠨ ᠠᠭᠤᠳᠠᠯᠠᠪᠠ᠃ ᠡᠨᠡ ᠰᠠᠴᠠᠭᠤ ᠭᠡᠭᠡᠨᠲᠡᠨ᠂
—  ᠬᠠᠯᠬ᠎ᠠ ᠣᠢᠷᠠᠳ ᠤ᠋ᠨ ᠳᠣᠲᠣᠭᠠᠳᠤ ᠬᠡᠷᠡᠭ ᠲᠦ᠍ ᠮᠠᠨᠵᠤ ᠶ᠋ᠢᠨ ᠬᠠᠭᠠᠨ ᠬᠤᠳᠬᠤᠯᠳᠤᠵᠤ ᠤᠯᠠᠮ ᠢ᠋ᠶ᠋ᠠᠷ ᠬᠠᠭᠠᠷᠠᠯ ᠡᠭᠦᠰᠬᠡᠵᠦ ᠮᠣᠩᠭᠣᠯᠴᠤᠳ ᠤ᠋ᠨ ᠬᠣᠭᠣᠷᠣᠨᠳᠣ ᠢᠯᠭᠠᠭ᠎ᠠ ᠵᠠᠭᠠᠭ ᠭᠠᠷᠭᠠᠯ᠎ᠠ᠃ ᠪᠣᠱᠣᠭᠲᠤ ᠬᠠᠭᠠᠨ ᠲᠠᠨ ᠤ᠋ ᠲᠠᠭᠠᠯᠠᠯ ᠢ᠋ᠶ᠋ᠠᠷ ᠡᠪ  ᠢ᠋ ᠰᠠᠬᠢᠬᠤ ᠴᠠᠭ ᠪᠣᠯᠵᠠᠢ᠃ ᠵᠠᠰᠠᠭᠲᠤ ᠬᠠᠭᠠᠨ ᠤ᠋ ᠨᠤᠲᠤᠭ ᠲᠤ᠌ ᠲᠠᠨ ᠤ᠋ ᠵᠠᠩᠵᠤᠨ ᠳᠠᠨᠵᠢᠯᠠ ᠶ᠋ᠢᠨ ᠴᠡᠷᠢᠭ ᠢ᠋ ᠴᠠᠬᠤᠨᠳᠣᠷᠵᠢ ᠬᠣᠩ ᠲᠠᠢᠵᠢ ᠪᠤᠲᠠ ᠴᠣᠬᠢᠵᠠᠢ᠃ ᠴᠠᠬᠤᠨᠳᠣᠷᠵᠢ ᠪᠣᠯ ᠰᠦᠰᠦᠭ ᠪᠠᠭ᠎ᠠ᠂ ᠬᠠᠷ᠎ᠠ ᠶᠡᠬᠡ᠂ ᠵᠣᠷᠢᠮᠠᠭ ᠮᠤᠢᠬᠤᠷ ᠬᠥᠮᠦᠨ ᠤᠴᠢᠷ ᠭᠡᠭᠡᠨᠲᠡᠨ ᠮᠢᠨᠦ ᠦᠭᠡ ᠶ᠋ᠢ ᠠᠪᠬᠤ ᠦᠭᠡᠢ ᠪᠠᠢᠨ᠎ᠠ᠃ ᠪᠢ ᠲᠡᠭᠦᠨ ᠳ᠋ᠦ᠍ ᠭᠠᠯᠳᠠᠨ ᠪᠣᠱᠣᠭᠲᠤ ᠬᠠᠭᠠᠨ ᠮᠡᠳᠬᠡᠯᠡᠨ ᠵᠢᠳᠬᠦᠯᠦᠭᠰᠡᠭᠡᠷ ᠢᠷᠡᠭᠰᠡᠨ ᠦ᠌ ᠤᠴᠢᠷ  ᠢ᠋ ᠰᠡᠩᠬᠡᠷᠡᠭᠦᠯᠬᠦ ᠶ᠋ᠢ ᠬᠢᠴᠢᠶᠡᠶ᠎ᠡ ᠭᠡᠵᠦ ᠬᠦᠯᠢᠶᠡᠴᠡ ᠲᠡᠢ ᠶᠠᠷᠢᠪᠠ᠃ ᠪᠣᠱᠣᠭᠲᠤ ᠬᠠᠭᠠᠨ᠂
—  ᠮᠠᠨᠤᠰ ᠴᠢᠩᠭᠢᠰ ᠬᠠᠭᠠᠨ ᠤ᠋ ᠭᠣᠯᠣᠮᠲᠠ ᠳ᠋ᠤ᠌ ᠴᠥᠪ ᠰᠠᠭᠤᠯᠭᠠᠵᠤ ᠪᠣᠯᠬᠤ ᠦᠭᠡᠢ᠃ ᠲᠡᠭᠡᠪᠡᠯ ᠪᠤᠷᠬᠠᠨ ᠳ᠋ᠤ᠌ ᠲᠡᠷᠰᠯᠡᠭᠰᠡᠨ ᠬᠡᠷᠡᠭ ᠪᠣᠯᠤᠨ᠎ᠠ᠃ ᠪᠤᠷᠬᠠᠨ ᠲᠠᠢ ᠤᠯᠤᠰ ᠰᠢᠦ᠂ ᠪᠢᠳᠡ ᠁ ᠭᠡᠳ ᠨᠠᠮᠠᠨᠴᠢᠯᠠᠨ ᠵᠠᠯᠪᠠᠷᠢᠪᠠ᠃
 ᠭᠠᠯᠳᠠᠨ ᠪᠣᠱᠣᠭᠲᠤ ᠶ᠋ᠢᠨ ᠨᠢᠳᠦᠨ ᠳ᠋ᠦ᠍ ᠬᠣᠷᠢᠨ ᠨᠢᠭᠡᠨ ᠳ᠋ᠠᠷ᠎ᠠ ᠡᠬᠡ ᠭᠢᠯᠠᠯᠵᠠᠵᠤ ᠪᠠᠢᠪᠠ᠃ ᠭᠠᠯᠳᠠᠨ ᠬᠠᠳᠠ ᠮᠣᠳᠣ ᠪᠦᠬᠦᠢ ᠠᠭᠤᠯᠠ ᠶ᠋ᠢᠨ ᠣᠷᠣᠢ ᠳ᠋ᠤ᠌ ᠪᠠᠷᠢᠭᠰᠠᠨ ᠲᠦᠪᠭᠦᠨ ᠬᠡᠢᠳ ᠦ᠋ᠨ ᠳᠡᠭᠡᠪᠦᠷ ᠳᠡᠭᠡᠷ᠎ᠡ ᠠᠮᠤᠷ ᠠᠮᠤᠭᠤᠯᠠᠩ ᠢ᠋ ᠪᠡᠯᠭᠡᠳᠡᠨ ᠪᠣᠢ ᠡᠷ᠎ᠡ ᠡᠮ᠎ᠡ ᠪᠣᠳᠢ ᠭᠥᠷᠥᠭᠡᠰᠦ ᠡᠭᠦᠷᠢᠳᠡ ᠠᠮᠤᠭᠤᠯᠠᠩ ᠠᠵᠤᠭᠤ᠃ ᠭᠠᠯᠳᠠᠨ ᠪᠣᠱᠣᠭᠲᠤ ᠲᠠᠢ ᠵᠥᠷᠢᠭᠡᠳ ᠬᠠᠭᠠᠯᠭᠠᠴᠢ ᠯᠠᠮᠠ ᠣᠷᠣᠵᠤ ᠢᠷᠡᠭᠰᠡᠨ ᠢ᠋ᠶ᠋ᠡᠨ ᠠᠢᠯᠠᠳᠬᠠᠯ ᠬᠢᠨ᠎ᠡ᠃
— ᠲᠥᠪᠡᠳ ᠯᠠᠮᠠ ᠶ᠋ᠢᠨ ᠳᠠᠭᠠᠭᠤᠯᠢ ᠤ᠋ᠳ ᠮᠥᠷᠭᠥᠯᠴᠢᠳ ᠪᠢᠰᠢ ᠪᠣᠯᠤᠯᠲᠠᠢ᠂ ᠬᠥᠳᠡᠯᠭᠡᠭᠡᠨ ᠬᠤᠷᠳᠤᠨ ᠱᠠᠯᠠᠮᠠᠭᠠᠢ᠂ ᠠᠯᠬᠤᠭ᠎ᠠ ᠭᠢᠰᠬᠢᠭᠡ ᠴᠢᠭᠢᠷᠠᠭ ᠴᠡᠷᠢᠭ ᠦ᠋ᠨ ᠰᠤᠷᠭᠠᠭᠤᠯᠢ ᠬᠢᠭᠰᠡᠨ ᠬᠥᠮᠦᠰ ᠬᠠᠷᠠᠭᠳᠠᠨ᠎ᠠ ᠭᠡᠬᠦ ᠳ᠋ᠦ᠍ ᠥᠨᠳᠥᠷ ᠭᠡᠭᠡᠨ ᠲᠣᠯᠣᠭᠠᠢ ᠳᠣᠬᠢᠵᠤ᠂ ᠭᠦᠨ ᠪᠢᠰᠢᠯᠭᠠᠯ ᠳ᠋ᠤ᠌ ᠠᠪᠲᠠᠭᠰᠠᠨ ᠪᠠᠢᠯ᠎ᠠ᠃ ᠥᠨᠳᠥᠷ ᠭᠡᠭᠡᠨ ᠮᠠᠨᠵᠤ ᠶ᠋ᠢᠨ ᠲᠦᠷᠢᠮᠡᠬᠡᠢᠯᠡᠯ ᠳ᠋ᠦ᠍ ᠳᠤᠷ᠎ᠠ ᠦᠭᠡᠢᠴᠡᠨ᠂ ᠳᠤᠷ᠎ᠠ ᠦᠭᠡᠢᠴᠡᠯ ᠢ᠋ᠶ᠋ᠡᠨ ᠳᠣᠲᠣᠷ ᠬᠥᠮᠦᠨ ᠲᠡᠢ ᠪᠡᠨ ᠬᠤᠪᠢᠶᠠᠯᠴᠠᠨ᠎ᠠ᠃ ᠭᠠᠯᠳᠠᠨ ᠢ᠋ ᠬᠠᠷᠠᠭᠠᠳ ᠥᠨᠳᠥᠷ ᠭᠡᠭᠡᠨ ᠥᠪᠡᠷ ᠦ᠋ᠨ ᠢ᠋ᠶ᠋ᠡᠨ ᠳᠣᠲᠣᠭᠠᠳᠤ ᠳᠤᠷ᠎ᠠ ᠦᠭᠡᠢᠴᠡᠯ ᠢ᠋ ᠮᠡᠳᠡᠷᠡᠵᠡᠢ᠃ ᠮᠣᠩᠭᠣᠯᠴᠤᠳ ᠥᠪᠡᠷ ᠵᠠᠭᠤᠷ᠎ᠠ ᠪᠠᠨ ᠤᠴᠢᠷ ᠢ᠋ᠶ᠋ᠠᠨ ᠣᠯᠤᠯᠴᠠᠨ᠎ᠠ᠃ ᠬᠠᠷᠢᠨ ᠬᠠᠷᠢ ᠮᠠᠨᠵᠤ ᠲᠠᠢ ᠬᠡᠵᠢᠶ᠎ᠡ ᠴᠦ᠍ ᠦᠯᠦ ᠡᠪᠯᠡᠷᠡᠨ᠎ᠡ᠃ ᠭᠠᠯᠳᠠᠨ ᠬᠠᠭᠠᠨ᠂ ᠥᠨᠳᠥᠷ ᠭᠡᠭᠡᠨ ᠨᠠᠷ ᠤ᠋ᠨ ᠪᠣᠳᠣᠯ ᠭᠣᠣᠯ ᠤ᠋ᠨ ᠤᠷᠤᠰᠬᠠᠯ ᠳ᠋ᠤ᠌ ᠴᠢᠳᠬᠤᠬᠤ ᠭᠣᠷᠣᠬ᠎ᠠ ᠮᠡᠲᠦ ᠨᠡᠢᠯᠡᠵᠦ ᠪᠠᠢᠯ᠎ᠠ᠃ ᠪᠣᠱᠣᠭᠲᠤ ᠬᠠᠭᠠᠨ᠂
—  ᠪᠤᠷᠬᠠᠨ ᠤ᠋ ᠰᠤᠷᠭᠠᠯ ᠳ᠋ᠤ᠌ ᠲᠡᠭᠦᠰ ᠢᠲᠡᠭᠡᠭᠰᠡᠨ᠂ ᠭᠦᠨ ᠰᠦᠵᠢᠭᠲᠦ ᠪᠣᠭᠳᠠ ᠯᠠᠮᠠ ᠲᠠᠨ ᠤ᠋ ᠲᠠᠭᠠᠯᠠᠯ ᠳ᠋ᠤ᠌ ᠵᠢᠷᠭᠤᠭᠠᠨ ᠵᠦᠢᠯ ᠬᠠᠮᠤᠭ ᠠᠮᠢᠲᠠᠨ ᠪᠠᠭᠲᠠᠨ᠎ᠠ᠃ ᠲᠡᠳᠡᠨ ᠦ᠌ ᠳᠤᠮᠳᠠ ᠠ᠋ᠴᠠ ᠬᠥᠮᠦᠨ ᠬᠡᠮᠡᠬᠦ ᠬᠣᠶᠠᠷ ᠬᠥᠯᠲᠦ᠂ ᠬᠣᠬᠢᠮᠠᠢ ᠲᠣᠯᠣᠭᠠᠢᠲᠤ ᠨᠢᠭᠦᠯ ᠦᠢᠯᠡᠳᠦᠭᠰᠡᠨ ᠠᠮᠢᠲᠠᠨ ᠭᠠᠢ ᠲᠠᠷᠢᠳᠠᠭ ᠪᠤᠰᠤ ᠤᠤ? ᠰᠠᠮᠠᠭᠤᠨ ᠴᠠᠭ ᠣᠢᠷᠠᠬᠠᠨ ᠲᠤᠯᠠ ᠬᠥᠮᠦᠨ ᠦ ᠨᠢᠭᠦᠯ  ᠢ᠋ ᠠᠷᠢᠭᠤᠰᠬᠠᠵᠤ ᠬᠠᠢᠷᠠᠯᠠ᠃ ᠭᠠᠯᠳᠠᠨ ᠬᠠᠭᠠᠨ ᠰᠡᠨᠳᠡᠢ ᠳ᠋ᠦ᠍ ᠵᠠᠯᠠᠷᠠᠵᠤ ᠴᠢᠰᠤ ᠲᠠᠢ ᠬᠤᠳᠬᠤᠯᠳᠤᠭᠰᠠᠨ ᠲᠤᠯᠠ ᠨᠢᠭᠦᠯ ᠬᠢᠯᠢᠨᠴᠡ ᠪᠡᠨ ᠳᠠᠭᠠᠭᠠᠬᠤ ᠪᠠᠨ ᠪᠣᠯᠢᠪᠠ᠃ ᠲᠡᠭᠡᠪᠡᠴᠦ ᠪᠢ ᠮᠠᠨᠵᠤ ᠶ᠋ᠢ ᠢᠰᠬᠦᠯᠦᠨ᠎ᠡ᠃ ᠬᠠᠯᠬ᠎ᠠ ᠣᠢᠷᠠᠳ  ᠢ᠋ ᠨᠢᠭᠡᠳᠬᠡᠨ᠎ᠡ᠃ ᠴᠡᠬᠤᠨᠳᠤᠷᠵᠢ ᠶ᠋ᠢᠨ ᠬᠢᠯᠢᠩ ᠡᠴᠡ ᠦᠯᠦ ᠰᠣᠴᠢᠨ᠎ᠠ᠃ ᠪᠣᠭᠳᠠ ᠭᠡᠭᠡᠨᠲᠡᠨ ᠪᠡᠶ᠎ᠡ ᠯᠠᠭᠱᠠᠨ ᠲᠤᠩᠭᠠᠯᠠᠭ ᠰᠠᠭᠤᠭᠠᠷᠠᠢ᠃ ᠲᠠ ᠵᠥᠪᠬᠡᠨ ᠥᠪᠡᠷ  ᠢ᠋ ᠪᠡᠨ ᠬᠠᠢᠷᠠᠯᠠᠳᠠᠭ ᠶᠤᠮ ᠰᠢᠦ ᠭᠡᠪᠡ᠃ ᠥᠨᠳᠥᠷ ᠭᠡᠭᠡᠨ᠂
— ᠬᠠᠮᠤᠭ ᠠᠮᠢᠲᠠᠨ  ᠢ᠋ ᠮᠠᠷᠲᠠᠵᠤ᠂ ᠥᠳᠥ ᠰᠢᠪᠠᠵᠢ ᠶ᠋ᠢᠨ ᠬᠣᠭᠣᠯᠠ ᠪᠣᠯᠬᠤ ᠵᠣᠪᠠᠯᠠᠩ ᠢ᠋ᠶ᠋ᠠᠨ ᠬᠠᠢᠷᠠᠯᠠᠬᠤ ᠭᠡᠵᠦ ᠤᠤ? ᠭᠡᠮᠡᠨ ᠠᠰᠠᠭᠤᠪᠠ᠃
 ᠪᠣᠱᠣᠭᠲᠤ ᠬᠠᠭᠠᠨ᠂
— ᠪᠣᠭᠳᠠ ᠯᠠᠮᠠ ᠲᠠᠨ ᠢ᠋ ᠰᠦᠰᠦᠭᠲᠡᠨ ᠨᠦ᠍ᠭᠦᠳ ᠬᠠᠷᠠᠵᠤ ᠵᠠᠯᠪᠠᠷᠢᠵᠤ ᠪᠠᠢᠨ᠎ᠠ᠃ ᠲᠠ ᠲᠡᠭᠡᠬᠦ ᠪᠡᠷ ᠡᠷᠡᠭᠦᠯ ᠣᠷᠣᠰᠢᠬᠤ ᠬᠡᠷᠡᠭᠲᠡᠢ᠃ ᠡᠷᠡᠭᠦᠯ ᠪᠠᠢᠬᠤ ᠶ᠋ᠢᠨ ᠲᠤᠯᠠᠳᠠ ᠴᠡᠬᠤᠨᠳᠤᠷᠵᠢ ᠲᠠᠢ ᠪᠠᠨ ᠬᠡᠯᠡ ᠠᠮᠠ ᠪᠠᠨ ᠣᠯᠤᠯᠴᠠᠵᠤ ᠪᠣᠯᠤᠨ᠎ᠠ ᠰᠢᠦ ᠳᠡ᠃ ᠲᠠᠨ ᠢ᠋ ᠮᠠᠨᠵᠤ ᠶ᠋ᠢᠨ ᠬᠠᠭᠠᠨ ᠠᠰᠢᠭᠯᠠᠬᠤ ᠶ᠋ᠢ ᠪᠣᠳᠣᠨ᠎ᠠ᠃ ᠮᠠᠨᠵᠤ ᠳ᠋ᠤ᠌ ᠶᠠᠭᠠᠬᠢᠵᠤ ᠬᠠᠨᠳᠤᠬᠤ ᠪᠠᠨ ᠨᠠᠳᠠ ᠪᠠᠷ ᠬᠡᠯᠡᠭᠦᠯᠬᠦ ᠶᠠᠭᠤᠨ ᠪᠢᠯᠡ ᠭᠡᠪᠡ᠃
 ᠥᠨᠳᠥᠷ ᠭᠡᠭᠡᠨ ᠵᠠᠨᠠᠪᠠᠽᠠᠷ ᠭᠠᠯᠳᠠᠨ ᠢ᠋ ᠰᠥᠨᠢ ᠬᠤᠭᠤᠰᠯᠠᠨ ᠮᠣᠷᠳᠠᠬᠤ ᠳ᠋ᠤ᠌ ᠰᠠᠷᠢᠳᠠᠭ ᠥᠨᠳᠥᠷ ᠦ᠋ᠨ ᠲᠩᠷᠢ ᠣᠪᠣᠭᠠᠨ ᠳᠡᠭᠡᠷ᠎ᠡ ᠪᠡᠨ ᠦᠯᠡᠳᠡᠪᠡ᠃

               ᠠᠷᠪᠠᠨ ᠨᠢᠭᠡ 

 ᠭᠠᠯᠳᠠᠨ ᠬᠠᠭᠠᠨ ᠤ᠋ ᠬᠥᠲᠥᠴᠢ ᠴᠡᠷᠢᠭ᠂
— ᠲᠦᠰᠢᠶᠡᠲᠦ ᠬᠠᠭᠠᠨ ᠴᠡᠬᠤᠨᠳᠤᠷᠵᠢ ᠵᠡᠭᠦᠨᠭᠠᠷ  ᠲᠤ᠌ ᠳᠣᠪᠲᠣᠯᠬᠤ ᠪᠡᠯᠡᠳᠬᠡᠯ ᠢ᠋ᠶ᠋ᠡᠨ  ᠪᠠᠵᠠᠭᠠᠵᠤ ᠪᠠᠢᠭ᠎ᠠ ᠭᠡᠨ᠎ᠡ᠃ ᠮᠥᠷᠭᠥᠯᠴᠢᠳ ᠦ᠋ᠨ ᠰᠢᠪᠡᠷ ᠢᠪᠢᠷ ᠶᠠᠷᠢᠯᠴᠠᠬᠤ ᠶ᠋ᠢ ᠰᠣᠨᠣᠰᠤᠯ᠎ᠠ ᠭᠡᠪᠡ᠃ ᠭᠠᠯᠳᠠᠨ ᠬᠠᠭᠠᠨ ᠢ᠋ ᠲᠦᠪᠭᠦᠨ ᠬᠡᠢᠳ ᠦ᠋ᠨ ᠭᠣᠷᠢᠶ᠎ᠠ ᠠ᠋ᠴᠠ ᠭᠠᠷᠤᠭ᠎ᠠ ᠦᠭᠡᠢ ᠪᠠᠢᠬᠤ ᠳ᠋ᠤ᠌ ᠡᠯᠴᠢ ᠢᠷᠡᠯ᠎ᠡ᠃
— ᠬᠠᠭᠠᠨ ᠤ᠋ ᠲᠤᠷᠰᠢᠭᠤᠯ ᠠᠯᠠᠭᠳᠠᠵᠠᠢ ᠭᠡᠵᠦ ᠡᠯᠴᠢ ᠬᠡᠯᠡᠪᠡ᠃
— ᠬᠡᠨ ᠠᠯᠠᠭᠰᠠᠨ᠁ ᠭᠡᠵᠦ ᠬᠠᠭᠠᠨ ᠠᠰᠠᠭᠤᠪᠠ᠃
— ᠲᠦᠰᠢᠶᠡᠲᠦ ᠬᠠᠭᠠᠨ ᠤ᠋ ᠴᠡᠷᠢᠭ ᠦ᠋ᠳ ᠁  ᠭᠡᠪᠡ᠃
— ᠭᠠᠭᠴᠠ ᠲᠤᠷᠰᠢᠭᠤᠯ ᠲᠠᠢ ᠵᠢᠭᠤᠷᠠᠯᠳᠤᠵᠤ ᠪᠠᠢᠭ᠎ᠠ ᠪᠣᠯ ᠠᠷᠤ ᠬᠠᠯᠬ᠎ᠠ ᠶ᠋ᠢᠨ  ᠲᠣᠯᠣᠭᠠᠶ᠋ᠢᠲᠠᠨ ᠢ᠋ ᠪᠥᠬᠥᠢᠯᠭᠡᠬᠦ ᠴᠠᠭ ᠪᠣᠯᠵᠠᠢ ᠭᠡᠳ ᠡᠯᠴᠢ ᠵᠠᠷᠤᠵᠤ ᠵᠡᠭᠥᠨᠭᠠᠷ ᠤ᠋ᠨ ᠬᠠᠭᠠᠨᠲᠤ ᠤᠯᠤᠰ ᠲᠤ᠌ ᠪᠠᠢᠯᠳᠤᠭᠠᠨ ᠤ᠋ ᠵᠠᠷᠯᠠᠯ ᠳᠠᠭᠤᠳᠠᠬᠤ ᠵᠠᠷ ᠲᠠᠷᠬᠠᠭ᠎ᠠ ᠭᠡᠪᠡ᠃
 ᠲᠩᠷᠢ ᠣᠪᠣᠭᠠᠨ ᠤ᠋ ᠳᠡᠷᠭᠡᠳᠡ ᠵᠠᠨᠠᠪᠠᠽᠠᠷ ᠭᠡᠭᠡᠨᠲᠡᠨ ᠭᠠᠯᠳᠠᠨ ᠢ᠋ ᠬᠠᠷᠠᠵᠤ ᠵᠣᠭᠰᠣᠬᠤ ᠳ᠋ᠠᠭᠠᠨ《ᠰᠠᠬᠢᠭᠤᠰᠤ ᠳᠣᠭᠰᠢᠷᠠᠵᠠᠢ᠃ ᠭᠠᠯᠳᠠᠨ ᠦᠶᠡᠷ ᠦ᠋ᠨ ᠤᠰᠤ ᠰᠢᠭ᠋ ᠡᠷᠴᠢᠯᠡᠨ ᠪᠠᠭᠤᠨ᠎ᠠ᠃ ᠦᠶᠡᠷ ᠦ᠋ᠨ ᠤᠰᠤ ᠤᠷᠭᠤᠭ᠎ᠠ ᠮᠣᠳᠣ ᠶ᠋ᠢ ᠪᠣᠯᠭᠣ ᠲᠠᠲᠠᠪᠠᠴᠤ ᠲᠦᠳᠡᠭᠡᠨ᠎ᠡ ᠰᠠᠭᠠᠷᠠᠳᠠᠭ ᠪᠤᠰᠤ ᠤᠤ? ᠬᠠᠯᠬ᠎ᠠ ᠮᠣᠩᠭᠣᠯ  ᠢ᠋ ᠭᠠᠯᠳᠠᠨ ᠬᠠᠮᠤᠵᠤ ᠣᠳᠤᠯ᠎ᠠ ᠭᠡᠬᠦ ᠳ᠋ᠦ᠍ ᠬᠠᠮᠢᠭ᠎ᠠᠬᠦᠷᠬᠦ ᠪᠢᠯᠡ᠃ ᠦᠶᠡᠷ ᠠᠮᠠᠷᠬᠠᠨ ᠲᠠᠲᠠᠷᠠᠳᠠᠭ ᠭᠡᠮ ᠲᠡᠢ》 ᠭᠡᠵᠦ ᠪᠣᠳᠣᠨ᠎ᠠ᠃ ᠭᠠᠯᠳᠠᠨ ᠪᠣᠱᠣᠭᠲᠤ ᠬᠠᠭᠠᠨ《 ᠥᠨᠳᠥᠷ ᠭᠡᠭᠡᠨ ᠢ᠋ ᠪᠢ ᠳᠠᠭᠠᠭᠤᠯᠤᠭᠠᠳ ᠶᠠᠪᠤᠯ᠎ᠠ  ᠭᠡᠬᠦ ᠳ᠋ᠦ᠍ ᠴᠠᠬᠤᠨᠳᠣᠷᠵᠢ ᠠᠮᠤᠷ ᠵᠠᠶᠠᠭ᠎ᠠ ᠦᠵᠡᠭᠦᠯᠬᠦ ᠦᠭᠡᠢ᠃ ᠥᠨᠳᠥᠷ ᠭᠡᠭᠡᠨ ᠳᠡᠭᠦᠦ ᠬᠣᠩ ᠲᠠᠢᠵᠢ ᠶ᠋ᠢᠨ ᠢ᠋ᠶ᠋ᠡᠨ ᠬᠠᠲᠠᠭᠤ ᠭᠠᠷ ᠤ᠋ᠨ ᠠᠶ᠎ᠠ ᠶ᠋ᠢ  ᠳᠠᠭᠠᠭᠠᠬᠤ ᠪᠢᠵᠡ ᠠ᠋ 》 ᠭᠡᠵᠦ ᠪᠣᠳᠣᠵᠤ ᠶᠠᠪᠤᠯ᠎ᠠ᠃

               ᠠᠷᠪᠠᠨ ᠬᠣᠶᠠᠷ

ᠬᠠᠯᠬ᠎ᠠ ᠮᠣᠩᠭᠣᠯ ᠤ᠋ᠨ ᠬᠣᠩ ᠲᠠᠢᠵᠢ ᠴᠠᠬᠤᠨᠳᠣᠷᠵᠢ᠂ ᠪᠣᠭᠳᠠ ᠭᠡᠭᠡᠨ ᠬᠣᠶᠠᠷ ᠲᠤ᠌ ᠭᠠᠯᠳᠠᠨ ᠬᠣᠷᠣᠰᠤᠯ ᠡᠪᠦᠷᠯᠡᠭᠰᠡᠨ ᠦᠭᠡᠢ᠃ ᠥᠨᠳᠥᠷ ᠭᠡᠭᠡᠨ ᠦ᠌ ᠦᠷᠭᠦᠭᠡᠨ ᠳ᠋ᠦ᠍ ᠰᠡᠭᠦᠯᠴᠢ ᠶ᠋ᠢᠨ ᠤᠳᠠᠭ᠎ᠠ ᠪᠣᠭᠣᠨᠢᠬᠠᠨ ᠬᠤᠭᠤᠴᠠᠭ᠎ᠠ ᠵᠠᠷᠤᠵᠠᠢ᠃ ᠲᠥᠪᠬᠦᠨ ᠬᠡᠢᠳ ᠦ᠋ᠨ ᠳᠣᠲᠣᠭᠠᠳᠤ ᠬᠠᠷᠰᠢ ᠳ᠋ᠤ᠌ ᠤᠷᠠᠨ ᠪᠦᠲᠦᠭᠡᠯ ᠦ᠋ᠨ ᠠᠮᠢᠳᠤ ᠬᠠᠯᠠᠭᠤᠨ ᠶᠠᠷᠢᠶ᠎ᠠ ᠬᠦᠪᠦᠷᠡᠭᠦᠯᠵᠦ᠂  ᠠᠮᠢᠨ᠎ᠠ ᠪᠦᠰᠡᠭᠦᠢ ᠶ᠋ᠢᠨ ᠮᠥᠩᠬᠡ ᠶ᠋ᠢᠨ ᠳᠦᠷᠢ ᠶ᠋ᠢ ᠬᠠᠷᠠᠵᠤ ᠠᠭᠤᠯᠵᠠᠭᠰᠠᠨ ᠢ᠋ᠶ᠋ᠠᠨ ᠭᠠᠯᠳᠠᠨ ᠰᠡᠭᠦᠯᠴᠢ ᠶ᠋ᠢᠨ ᠤᠳᠠᠭ᠎ᠠ ᠥᠨᠳᠥᠷ ᠭᠡᠭᠡᠨ ᠳ᠋ᠦ᠍ ᠳᠤᠷᠠᠳᠤᠭ᠎ᠠ ᠦᠭᠡᠢ ᠪᠢᠯᠡ᠃ ᠨᠢᠭᠡ ᠮᠣᠩᠭᠣᠯ ᠤ᠋ᠨ ᠰᠠᠯᠬᠢ ᠶ᠋ᠢ ᠬᠣᠶᠠᠷ ᠬᠤᠪᠢᠶᠠᠵᠤ ᠪᠣᠯᠤᠨ᠎ᠠ ᠭᠡᠵᠦ ᠤᠤ? ᠠᠭᠤᠯᠠ ᠶ᠋ᠢᠨ ᠰᠠᠯᠬᠢ ᠪᠠᠷᠠᠭᠤᠨ ᠵᠡᠭᠦᠨ ᠰᠤᠭᠤ ᠪᠠᠷ ᠥᠭᠡᠷ᠎ᠡ ᠥᠭᠡᠷ᠎ᠡ ᠰᠠᠯᠬᠢᠯᠠᠳᠠᠭ ᠭᠡᠵᠦ ᠤᠤ? ᠬᠠᠯᠬ᠎ᠠ ᠮᠣᠩᠭᠣᠯ ᠤ᠋ᠨ ᠨᠤᠲᠤᠭ ᠤᠷᠤᠭᠤ ᠴᠡᠷᠢᠭ ᠦ᠋ᠨ ᠴᠤᠪᠤᠭ᠎ᠠ ᠪᠠᠷ ᠨᠡᠪᠲᠡᠷᠡᠵᠦ ᠣᠷᠣᠭᠰᠠᠨ ᠠ᠋ᠴᠠ ᠬᠣᠢᠰᠢ ᠭᠠᠯᠳᠠᠨ ᠬᠠᠭᠠᠨ ᠡᠯᠳᠡᠪ ᠪᠣᠳᠣᠯ ᠬᠡᠯᠬᠢᠵᠦ ᠥᠩᠭᠡᠷᠡᠭᠰᠡᠨ  ᠢ᠋ ᠡᠷᠭᠢᠴᠡᠭᠦᠯᠦᠨ ᠲᠡᠮᠳᠡᠭᠯᠡᠵᠦ ᠪᠠᠢᠪᠠ᠃
 ᠵᠠᠨᠠᠪᠠᠽᠠᠷ ᠭᠡᠭᠡᠨ ᠭᠠᠯᠳᠠᠨ ᠬᠠᠭᠠᠨ ᠲᠠᠢ ᠤᠯᠤᠰ ᠲᠥᠷᠥ ᠶ᠋ᠢᠨ ᠪᠣᠳᠣᠯᠭ᠎ᠠ ᠶᠠᠷᠢᠬᠤ ᠠ᠋ᠴᠠ ᠢᠮᠠᠭᠲᠠ ᠲᠠᠲᠠᠭᠠᠯᠵᠠᠭᠰᠠᠭᠠᠷ ᠢᠷᠡᠵᠡᠢ᠃《 ᠭᠠᠯᠳᠠᠨ ᠪᠣᠯ ᠶᠡᠬᠡ ᠮᠣᠩᠭᠣᠯ ᠰᠡᠳᠬᠢᠯ ᠲᠡᠢ》 ᠭᠡᠮᠡᠨ ᠪᠣᠭᠳᠠ ᠯᠠᠮᠠ ᠪᠠᠲᠤ ᠨᠤᠲᠠ ᠪᠣᠳᠣᠳᠠᠭ ᠲᠤᠯᠠ ᠭᠠᠯᠳᠠᠨ ᠤ᠋ ᠳᠣᠪᠲᠣᠯᠭᠠᠨ ᠤ᠋ ᠦᠶᠡᠷ ᠲᠦ᠍ ᠤᠷᠤᠰᠴᠤ ᠠᠯᠠᠭ᠎ᠠ ᠪᠣᠯᠬᠤ ᠠ᠋ᠴᠠ ᠡᠮᠢᠶᠡᠳᠡᠭ ᠪᠠᠢᠯ᠎ᠠ᠃
 ᠭᠠᠯᠳᠠᠨ ᠬᠠᠭᠠᠨ ᠪᠣᠯᠬᠤ ᠪᠠᠷ《 ᠥᠨᠳᠥᠷ ᠭᠡᠭᠡᠨᠲᠡᠨ ᠮᠤᠬᠤᠷ ᠰᠦᠰᠦᠭ ᠲᠡᠢ ᠪᠤᠰᠤ ᠭᠦᠨ ᠤᠬᠠᠭᠠᠨᠲᠠᠨ᠂ ᠥᠨᠳᠥᠷ ᠭᠡᠭᠡᠨ ᠦ᠌ ᠪᠣᠳᠣᠯᠭ᠎ᠠ᠂ ᠲᠠᠯᠠᠷᠬᠠᠯ ᠮᠠᠨᠵᠤ ᠶ᠋ᠢᠨ ᠬᠠᠭᠠᠨ ᠳ᠋ᠤ᠌ ᠬᠦᠷᠲᠡᠭᠡᠯ ᠲᠡᠢ᠃ ᠪᠠᠭ᠎ᠠ ᠵᠠᠯᠠᠭᠤ ᠳ᠋ᠠᠭᠠᠨ ᠮᠠᠨᠵᠤ ᠶ᠋ᠢᠨ ᠬᠠᠭᠠᠨ ᠳ᠋ᠤ᠌ ᠸᠴᠢᠷᠳᠠᠷ᠎ᠠ ᠪᠤᠷᠬᠠᠨ ᠪᠦᠲᠦᠭᠡᠵᠦ ᠪᠡᠯᠡᠭᠯᠡᠭᠰᠡᠨ  ᠶᠤᠮᠳᠠᠭ᠃ ᠶᠠᠭᠠᠬᠢᠭᠠᠳ ᠲᠡᠷᠡ ᠬᠦ᠌ ᠠᠩᠬᠠᠨ ᠤ᠋ ᠪᠦᠲᠦᠭᠡᠯ ᠢ᠋ᠶ᠋ᠡᠨ ᠮᠠᠨᠵᠤ ᠶ᠋ᠢᠨ ᠬᠠᠭᠠᠨ ᠳ᠋ᠤ᠌ ᠪᠡᠯᠡᠭᠯᠡᠵᠦ᠂ ᠥᠪᠡᠷ  ᠢ᠋  ᠪᠡᠨ ᠲᠠᠨᠢᠭᠤᠯᠤᠭᠰᠠᠨ ᠶᠤᠮ ᠪᠣᠯ? ᠥᠨᠳᠥᠷ ᠭᠡᠭᠡᠨ  ᠢ᠋ ᠭᠠᠭᠴᠠ ᠬᠦ᠌ ᠮᠠᠨᠵᠤ ᠶ᠋ᠢᠨ ᠬᠠᠭᠠᠨ ᠤ᠋ ᠵᠦᠭ ᠣᠳᠤᠨ᠎ᠠ ᠭᠡᠳᠡᠭ  ᠢ᠋ ᠲᠠᠭᠠᠪᠤᠷᠢᠯᠠᠵᠤ ᠪᠢᠯᠡ》 ᠭᠡᠮᠡᠨ ᠮᠠᠰᠢ ᠭᠠᠢᠬᠠᠨ᠎ᠠ᠃
ᠥᠨᠳᠥᠷ ᠭᠡᠭᠡᠨ ᠵᠠᠨᠠᠪᠠᠽᠠᠷ᠂ ᠣᠢᠷᠠᠳ ᠤ᠋ᠨ ᠪᠣᠱᠣᠭᠲᠤ ᠬᠠᠭᠠᠨ ᠬᠣᠶᠠᠷ ᠤ᠋ᠨ ᠬᠣᠭᠣᠷᠣᠨᠳᠣᠬᠢ ᠶ᠋ᠢᠨ ᠵᠥᠷᠢᠴᠡᠯ ᠳ᠋ᠦ᠍ ᠪᠤᠷᠤᠭᠤᠲᠠᠨ ᠪᠠᠢᠭᠰᠠᠨ ᠦᠭᠡᠢ᠃ ᠥᠨᠳᠥᠷ ᠭᠡᠭᠡᠨ ᠵᠠᠨᠠᠪᠠᠽᠠᠷ ᠤ᠋ᠨ ᠶᠠᠪᠤᠭᠰᠠᠨ ᠵᠦᠭ ᠲᠦ᠍ ᠭᠠᠯᠳᠠᠨ ᠬᠠᠭᠠᠨ ᠶᠠᠪᠤᠵᠤ ᠪᠠᠢᠯ᠎ᠠ᠃ ᠮᠣᠩᠭᠣᠯ ᠤ᠋ᠨ ᠲᠣᠮᠣ ᠬᠤᠲᠤᠭᠲᠠᠨ ᠨᠤᠭᠤᠳ ᠮᠠᠨᠵᠤ ᠶ᠋ᠢᠨ ᠲᠦᠷᠢᠮᠡᠬᠡᠢᠯᠡᠯ ᠦ᠋ᠨ ᠪᠣᠳᠣᠯᠭ᠎ᠠ ᠶ᠋ᠢ  ᠰᠦᠷᠦᠵᠡᠢ᠃ ᠥᠨᠳᠥᠷ ᠭᠡᠭᠡᠨ ᠮᠠᠨᠵᠤ ᠶ᠋ᠢᠨ ᠴᠡᠷᠢᠭ ᠲᠦ᠍ ᠬᠣᠣᠷᠯᠠᠭᠳᠠᠬᠤ ᠦᠭᠡᠢ ᠶ᠋ᠢᠨ ᠲᠤᠯᠠᠳᠠ ᠲᠡᠳᠡᠨ ᠦ᠌ ᠡᠭᠦᠷ ᠲᠦ᠍ ᠲᠠᠢᠪᠤᠩ ᠰᠠᠭᠤᠬᠤ ᠶ᠋ᠢ ᠵᠥᠪ ᠲᠦ᠍ ᠪᠣᠳᠣᠵᠠᠢ᠃ ᠬᠠᠷᠢᠨ ᠭᠠᠯᠳᠠᠨ ᠪᠣᠱᠣᠭᠲᠤ ᠶᠠᠰᠤ ᠪᠠᠨ ᠴᠠᠢᠲᠠᠯ᠎ᠠ ᠦᠵᠡᠯᠴᠡᠬᠦ ᠪᠡᠷ ᠰᠢᠢᠳᠦᠭᠰᠡᠨ ᠪᠠᠢᠪᠠ᠃ ᠥᠷᠢ ᠲᠥᠯᠥᠭᠡᠰᠦ᠂ ᠲᠠᠲᠠᠪᠤᠷᠢ ᠭᠤᠪᠴᠢᠭᠤᠷ ᠨᠡᠬᠡᠳᠡᠭ ᠮᠠᠨᠵᠤ ᠨᠤᠭᠤᠳ ᠪᠦᠷ ᠳᠠᠪᠠᠭᠤᠷᠠᠭᠰᠠᠭᠠᠷ ᠶᠡᠬᠡ ᠴᠠᠭᠠᠵᠠ ᠬᠠᠤᠯᠢ ᠳ᠋ᠤ᠌ ᠬᠠᠯᠳᠠᠭᠰᠠᠨ ᠲᠤᠯᠠ ᠪᠣᠱᠣᠭᠲᠤ ᠬᠠᠭᠠᠨ ᠤ᠋ ᠵᠢᠷᠦᠬᠡ ᠶ᠋ᠢ ᠴᠢᠮᠬᠢᠵᠦ᠂ ᠬᠢᠯᠢᠩ  ᠢ᠋  ᠪᠠᠳᠠᠷᠠᠭᠠᠵᠠᠢ᠃ ᠥᠨᠳᠥᠷ ᠭᠡᠭᠡᠨ ᠮᠠᠨᠵᠤ ᠳ᠋ᠤ᠌ ᠳᠤᠷ᠎ᠠ ᠦᠭᠡᠢ ᠬᠢᠷᠢ ᠨᠢ ᠥᠪᠡᠷ  ᠢ᠋ ᠪᠡᠨ ᠨᠢᠭᠤᠵᠤ ᠠᠮᠢᠳᠤᠷᠠᠬᠤ ᠶ᠋ᠢ ᠬᠦᠰᠡᠬᠦ ᠨᠢ ᠤᠷᠠᠯᠠᠵᠤ ᠳᠠᠭᠤᠰᠤᠭ᠎ᠠ ᠦᠭᠡᠢ ᠪᠤᠷᠬᠠᠳ ᠤ᠋ᠨ ᠨᠥᠯᠥᠭᠡ ᠪᠢᠯᠡ᠃ ᠪᠣᠭᠳᠠ ᠭᠡᠭᠡᠨ ᠳ᠋ᠦ᠍ ᠪᠢᠰᠢᠯᠭᠠᠵᠤ ᠳᠠᠭᠤᠰᠤᠭ᠎ᠠ ᠦᠭᠡᠢ ᠶᠠᠭᠤᠮ᠎ᠠ ᠵᠥᠩᠳᠡᠭᠡᠨ ᠦᠯᠡᠳᠡᠵᠡᠢ᠃ ᠥᠨᠳᠥᠷ ᠭᠡᠭᠡᠨ  ᠢ᠋ ᠡᠷᠭᠢᠭᠦᠯᠵᠦ ᠠᠪᠴᠢᠷᠠᠬᠤ ᠡᠰᠡᠬᠦ ᠪᠡᠨ ᠭᠠᠯᠳᠠᠨ ᠳᠣᠲᠣᠷ ᠭᠠᠯᠳᠠᠨ ᠲᠠᠢ ᠪᠠᠨ ᠲᠡᠷᠰᠯᠡᠯᠳᠦᠵᠦ ᠵᠥᠪᠯᠡᠭᠰᠡᠭᠡᠷ ᠪᠠᠢᠯ᠎ᠠ᠃
 
               ᠠᠷᠪᠠᠨ ᠭᠤᠷᠪᠠ

—  ᠴᠡᠴᠡᠭ ᠦ᠋ᠨ ᠪᠤᠳᠠᠩ ᠳᠤᠮᠳᠠ ᠴᠠᠭᠠᠨ ᠢᠷᠪᠢᠰ ᠨᠠᠳᠠ ᠲᠠᠢ ᠲᠤᠯᠭᠠᠷᠠᠵᠤ ᠥᠭᠡᠳᠡ ᠥᠭᠡᠳᠡ ᠡᠴᠡ ᠪᠡᠨ ᠰᠠᠷᠲᠠᠯᠵᠠᠪᠠ᠃ ᠢᠷᠪᠢᠰ ᠦ᠋ᠨ ᠰᠢᠷ᠎ᠠ ᠲᠤᠶᠠᠭᠠᠲᠤ ᠴᠡᠩᠬᠡᠷ ᠨᠢᠳᠦ ᠠᠭᠠᠵᠢᠮ ᠢ᠋ᠶ᠋ᠠᠷ ᠨᠣᠮᠣᠬᠠᠨ ᠬᠦᠯᠢᠴᠡᠩᠭᠦᠢ ᠪᠣᠯᠪᠠ᠃ ᠢᠷᠪᠢᠰ ᠨᠠᠳᠠᠳᠤ ᠣᠯᠵᠠᠯᠠᠭᠳᠠᠬᠤ ᠨᠢ ᠲᠡᠷᠡ ᠠ᠋᠃ ᠴᠠᠭᠠᠨ ᠢᠷᠪᠢᠰ ᠨᠠᠮᠠᠶ᠋ᠢ ᠳᠠᠭᠠᠵᠤ ᠴᠣᠷᠣᠰ ᠣᠪᠣᠭ ᠤ᠋ᠨ ᠬᠣᠲᠠ ᠬᠦᠷᠢᠶᠡᠨ ᠳ᠋ᠦ᠍ ᠠᠮᠢᠳᠤᠷᠠᠬᠤ ᠳ᠋ᠤ᠌ ᠠᠯᠮᠠᠢᠷᠠᠭᠰᠠᠨ ᠠᠷᠠᠳ ᠢᠷᠭᠡᠳ《 ᠡᠨᠡ ᠠᠷᠢᠶᠠᠲᠠᠨ ᠬᠡᠳᠦᠢ ᠳ᠋ᠦ᠍ ᠮᠠᠯ ᠰᠦᠷᠦᠭ  ᠢ᠋ ᠮᠢᠨᠢ ᠰᠠᠪᠰᠠ ᠲᠠᠢ ᠬᠤᠳᠬᠤᠬᠤ ᠪᠣᠯ ᠭᠡᠵᠦ ᠠᠶᠤᠭᠰᠠᠨ ᠭᠡᠳᠡᠭ ᠁ 》 ᠭᠡᠮᠡᠨ ᠭᠠᠯᠳᠠᠨ ᠲᠡᠮᠳᠡᠭᠯᠡᠪᠡ᠃
 ᠭᠠᠯᠳᠠᠨ ᠬᠠᠭᠠᠨ᠂ ᠠᠨᠤ ᠬᠠᠲᠤᠨ ᠬᠣᠶᠠᠷ  ᠢ᠋ ᠴᠠᠭᠠᠨ ᠢᠷᠪᠢᠰ ᠳᠠᠭᠠᠵᠤ ᠶᠠᠪᠤᠨ᠎ᠠ᠃ ᠴᠡᠷᠢᠭ ᠦ᠋ᠨ ᠪᠡᠬᠢᠯᠡᠯᠲᠡ ᠡᠴᠡ ᠢᠷᠡᠬᠦ ᠳ᠋ᠡᠭᠡᠨ ᠬᠠᠭᠠᠨ ᠴᠠᠭᠠᠨ ᠢᠷᠪᠢᠰ ᠳᠠᠭᠠᠭᠤᠯᠤᠭᠰᠠᠨ ᠪᠠᠢᠵᠠᠢ᠃
 ᠠᠩᠬᠢᠷᠲᠤ ᠨᠠᠭᠤᠷ ᠤ᠋ᠨ ᠬᠥᠪᠡᠭᠡᠨ ᠳ᠋ᠦ᠍ ᠭᠠᠯᠳᠠᠨ ᠪᠣᠱᠣᠭᠲᠤ ᠬᠠᠭᠠᠨ ᠬᠠᠷ᠎ᠠ ᠮᠣᠷᠢ ᠲᠠᠢ᠂ ᠠᠨᠤ ᠬᠠᠲᠤᠨ ᠴᠠᠭᠠᠨ ᠮᠣᠷᠢ ᠲᠠᠢ ᠢᠷᠡᠬᠦ ᠳ᠋ᠦ᠍ ᠨᠠᠭᠤᠷ ᠤ᠋ᠨ ᠣᠰᠤᠨ᠎ᠠ ᠲᠡᠳᠡᠨ ᠦ᠌ ᠳᠦᠷᠢ ᠵᠢᠷᠤᠭ ᠲᠣᠳᠣᠷᠠᠨ᠎ᠠ᠃ ᠯᠠᠮᠠ ᠰᠢᠪᠠᠭᠤ ᠴᠤᠷᠬᠢᠷᠠᠨ ᠨᠠᠭᠤᠷ ᠲᠤ᠌ ᠨᠠᠭᠠᠳᠤᠨ᠎ᠠ᠃ ᠢᠷᠪᠢᠰ ᠦ᠋ᠨ ᠨᠢᠳᠦᠨ ᠳ᠋ᠦ᠍ ᠠᠩᠭᠢᠷ ᠰᠢᠪᠠᠭᠤ ᠶᠡᠷᠦ ᠪᠤᠰᠤ ᠶ᠋ᠢᠨ ᠭᠣᠶᠣᠮᠰᠣᠭ ᠢ᠋ᠶ᠋ᠠᠷ ᠲᠤᠰᠬᠤ ᠠᠵᠢ᠃ ᠭᠠᠯᠳᠠᠨ ᠪᠣᠱᠣᠭᠲᠤ ᠬᠠᠭᠠᠨ ᠰᠠᠨᠠᠭ᠎ᠠ ᠠᠯᠳᠠᠨ᠎ᠠ᠃ ᠠᠶᠠᠨ ᠲᠡᠢᠨ ᠳ᠋ᠦ᠍ ᠮᠣᠷᠢᠯᠠᠬᠤ ᠴᠠᠭ ᠳᠥᠭᠥᠵᠡᠢ᠃ ᠠᠨᠤ ᠬᠠᠲᠤᠨ᠂
—  ᠬᠠᠭᠠᠨ ᠲᠠᠨ ᠳ᠋ᠤ᠌ ᠠᠮᠠᠯᠠᠭᠰᠠᠨ ᠶᠣᠰᠣᠭᠠᠷ ᠬᠦᠦ ᠥᠬᠢᠨ ᠬᠣᠶᠠᠷ ᠲᠥᠷᠥᠭᠦᠯᠵᠦ ᠥᠭᠭᠦᠯ᠎ᠡ᠃ ᠣᠳᠣ ᠬᠠᠲᠤᠨ ᠪᠢ ᠣᠢᠷᠠᠳ ᠤ᠋ᠨ ᠬᠠᠷ᠎ᠠ ᠰᠦᠯᠳᠡ ᠶ᠋ᠢᠨ ᠳᠣᠣᠷ᠎ᠠ ᠵᠡᠪᠰᠡᠭ ᠠᠭᠰᠠᠵᠤ ᠶᠠᠪᠤᠮᠠᠷ ᠪᠠᠢᠨ᠎ᠠ ᠭᠡᠬᠦ ᠳ᠋ᠦ᠍ ᠭᠠᠯᠳᠠᠨ ᠤ᠋ ᠬᠥᠮᠥᠰᠬᠡ ᠨᠢ ᠨᠤᠮᠤᠷᠠᠨ᠂ ᠮᠣᠩᠬᠣᠷᠳᠠᠭᠤ ᠬᠠᠮᠠᠷ᠂ ᠬᠦᠷᠡᠩ ᠨᠢᠳᠦ᠂ ᠥᠷᠭᠡᠨ ᠰᠢᠨᠡ ᠨᠢ ᠰᠠᠯᠬᠢᠨ ᠳ᠋ᠤ᠌  ᠢᠯᠪᠢᠭᠦᠯᠪᠡ᠃ ᠠᠨᠤ᠂ ᠬᠠᠭᠠᠨ ᠨᠥᠬᠥᠷ ᠦ᠋ᠨ ᠢ᠋ᠶ᠋ᠡᠨ ᠮᠥᠷᠥ ᠶ᠋ᠢ ᠨᠠᠯᠠᠵᠤ ᠨᠠᠭᠤᠷ ᠤ᠋ᠨ ᠵᠡᠭᠡᠰᠦᠲᠦ ᠲᠣᠬᠣᠢ ᠳ᠋ᠤ᠌ ᠱᠤᠩᠪᠠᠨ ᠵᠤᠭᠠᠴᠠᠬᠤ ᠠᠩᠭᠢᠷ  ᠢ᠋ ᠬᠠᠷᠠᠨ᠎ᠠ᠃ ᠭᠠᠯᠳᠠᠨ ᠬᠠᠭᠠᠨ᠂
—  ᠴᠠᠸᠠᠩᠷᠠᠪᠳᠠᠨ  ᠢ᠋ ᠪᠦᠷᠢᠮᠦᠰᠦᠨ ᠠᠯᠳᠠᠯ᠎ᠠ᠃ ᠵᠡᠭᠦᠨᠭᠠᠷ ᠤ᠋ᠨ ᠬᠠᠭᠠᠨ ᠤ᠋ ᠥᠷᠭᠥᠭᠡ ᠭᠡᠷ ᠡᠴᠡ ᠬᠥᠨᠳᠡᠢᠷᠡᠵᠦ ᠭᠦᠢᠴᠡᠯ᠎ᠡ ᠭᠡᠬᠦ ᠳ᠋ᠦ᠍ ᠠᠨᠤ ᠬᠠᠲᠤᠨ ᠥᠪᠡᠷ  ᠢ᠋ ᠪᠡᠨ ᠵᠥᠪᠰᠢᠶᠡᠷᠡᠭᠦᠯᠬᠦ ᠰᠠᠨᠠᠭ᠎ᠠ ᠲᠠᠢ ᠬᠡᠯᠡᠭᠰᠡᠨ ᠦᠭᠡ ᠪᠡᠨ ᠵᠠᠯᠭᠠᠵᠤ ᠬᠠᠭᠠᠨ ᠤ᠋ ᠮᠥᠷᠥ ᠶ᠋ᠢ ᠨᠠᠯᠠᠭᠰᠠᠨ ᠴᠢᠭ ᠢ᠋ᠶ᠋ᠡᠷ ᠬᠡᠯᠡᠪᠡ᠃
—  ᠪᠢ ᠴᠠᠸᠠᠩᠷᠠᠪᠳᠠᠨ  ᠢ᠋ ᠮᠡᠳᠡᠬᠦ ᠦᠭᠡᠢ᠂ ᠲᠡᠭᠦᠨ  ᠢ᠋ ᠰᠠᠨᠠᠬᠤ ᠶ᠋ᠢ ᠮᠡᠳᠡᠬᠦ ᠦᠭᠡᠢ ᠭᠡᠮᠡᠨ ᠴᠠᠭᠠᠷᠠᠭᠤᠯᠪᠠ᠃
— ᠲᠡᠷᠭᠡᠯ ᠰᠠᠷᠠ ᠲᠠᠢ ᠰᠥᠨᠢ ᠯᠡ ᠪᠢ ᠵᠢᠷᠮᠦᠰᠦᠯᠡᠳᠡᠭ ᠶᠦᠮ ᠭᠡᠵᠦ ᠡᠷᠬᠡᠯᠡᠩᠭᠦᠢ ᠥᠭᠦᠯᠡᠬᠦ ᠳ᠋ᠦ᠍᠂ ᠭᠠᠯᠳᠠᠨ ᠪᠣᠱᠣᠭᠲᠤ ᠬᠠᠭᠠᠨ ᠭᠡᠷ ᠦ᠋ᠨ ᠪᠠᠷ᠎ᠠ ᠬᠠᠷᠠᠯ ᠦᠭᠡᠢ ᠤᠳᠠᠭᠰᠠᠨ ᠢ᠋ᠶ᠋ᠠᠨ ᠭᠡᠨᠡᠳᠲᠡ ᠰᠠᠨᠠᠪᠠ᠃ ᠮᠡᠳᠡᠭᠡᠵᠢ ᠠᠨᠤ ᠬᠠᠲᠤᠨ ᠵᠣᠷᠢᠭᠤᠳᠠ ᠰᠠᠨᠠᠭᠤᠯᠤᠭᠰᠠᠨ ᠪᠢᠵᠡ᠃
   ᠵᠡᠭᠦᠨᠭᠠᠷ ᠤ᠋ᠨ ᠨᠤᠲᠤᠭ ᠳᠤᠮᠳᠠᠭᠤᠷ ᠴᠠᠸᠠᠩᠷᠠᠪᠳᠠᠨ ᠤ᠋ ᠵᠢᠮ ᠭᠠᠷᠴᠤ᠂ ᠲᠡᠭᠦᠨ  ᠢ᠋ ᠮᠢᠩᠭᠠᠲᠤ ᠴᠡᠷᠢᠭ ᠲᠡᠢ ᠵᠡᠪᠰᠡᠭ ᠲᠡᠢ ᠪᠣᠯᠤᠭᠰᠠᠨ  ᠢ᠋ ᠠᠨᠤ ᠮᠡᠳᠡᠵᠦ ᠪᠠᠢᠯ᠎ᠠ᠃ ᠬᠥᠪᠡᠭᠦᠨ ᠨᠢ ᠭᠠᠯᠳᠠᠨ ᠠ᠋ᠴᠠ ᠵᠢᠭᠤᠲᠠᠵᠤ ᠠᠮᠢᠳᠤᠷᠠᠳᠠᠭ ᠪᠢᠯᠡ᠃
ᠠᠨᠤᠲᠠᠷ᠎ᠠ ᠨᠠᠭᠤᠷ ᠤ᠋ᠨ ᠣᠰᠤᠨ᠎ᠠ ᠤᠰᠤ ᠦᠰᠦᠴᠢᠭᠦᠯᠦᠨ ᠰᠡᠯᠢᠵᠦ ᠴᠠᠭᠠᠨ ᠢᠷᠪᠢᠰ ᠲᠡᠭᠦᠨ ᠦ᠌ ᠬᠥᠳᠡᠯᠭᠡᠭᠡᠨ ᠪᠦᠷᠢ ᠶ᠋ᠢ ᠠᠵᠢᠭᠯᠠᠨ ᠬᠣᠶᠠᠷ ᠬᠥᠯ ᠢ᠋ᠶ᠋ᠡᠨ ᠳᠡᠷᠡᠢᠲᠡᠯ᠎ᠡ ᠵᠢᠭᠢᠵᠦ ᠴᠢᠭᠢᠭ ᠲᠡᠢ ᠬᠥᠬᠡ ᠨᠣᠭᠣᠭ᠎ᠠ ᠶ᠋ᠢ ᠡᠯᠢᠭᠡ ᠪᠡᠷ ᠢ᠋ᠶ᠋ᠡᠨ ᠳᠠᠷᠤᠵᠤ ᠬᠡᠪᠲᠡᠨ᠎ᠡ᠃《 ᠠᠨᠤᠲᠠᠷ᠎ᠠ ᠮᠢᠨᠦ ᠤᠶᠠᠭ᠎ᠠ ᠶ᠋ᠢ ᠳᠠᠭᠠᠷᠠᠭᠤᠯᠳᠠᠭ ᠪᠣᠯᠤᠯᠲᠠᠢ᠃ ᠬᠠᠭᠠᠨ ᠪᠢ ᠡᠮᠡᠰ ᠦ᠋ᠨ ᠢᠷᠠᠭᠤᠬᠠᠨ ᠡᠭᠡᠰᠢᠭᠯᠡᠩᠲᠦ ᠳᠠᠭᠤ ᠶ᠋ᠢ ᠰᠣᠨᠣᠰᠴᠤ ᠭᠤᠸ᠎ᠠ ᠪᠡᠶ᠎ᠡ ᠶ᠋ᠢ ᠲᠠᠭᠠᠯᠠᠬᠤ ᠳᠤᠷᠠᠲᠠᠢ ᠪᠣᠯᠵᠠᠢ᠃ ᠪᠢ ᠪᠤᠷᠬᠠᠨ ᠤ᠋ ᠬᠣᠲᠠ ᡀᠠᠰᠠ ᠤᠷᠤᠭᠤ ᠰᠡᠯᠡᠮ᠎ᠡ ᠠᠳᠬᠤᠵᠤ ᠲᠥᠷᠥ ᠶ᠋ᠢᠨ ᠲᠠᠮᠠᠭ᠎ᠠ ᠪᠠᠷᠢᠭᠰᠠᠨ ᠴᠠᠭ ᠠ᠋ᠴᠠ ᠬᠣᠢᠰᠢ ᠣᠴᠢᠭᠰᠠᠨ ᠦᠭᠡᠢ᠃ ᠡᠨᠡ ᠬᠤᠭᠤᠴᠠᠭᠠᠨ ᠳ᠋ᠤ᠌ ᠳᠠᠯᠠᠢ ᠯᠠᠮᠠ ᠣᠯᠠᠨᠲᠠ ᠢᠷᠡᠵᠦ ᠮᠢᠨᠦ ᠪᠡᠶ᠎ᠡ ᠵᠡᠭᠦᠨᠭᠠᠷ ᠤ᠋ᠨ ᠬᠠᠭᠠᠨ ᠤ᠋ ᠪᠡᠯᠡᠭ ᠢ᠋ ᠪᠠᠭᠰᠢ ᠳ᠋ᠤ᠌ ᠭᠦᠷᠭᠡᠭᠦᠯᠪᠡ 》 ᠭᠡᠵᠦ ᠭᠠᠯᠳᠠᠨ ᠬᠠᠭᠠᠨ ᠪᠣᠳᠣᠵᠤ ᠪᠠᠢᠪᠠ᠃ ᠭᠠᠯᠳᠠᠨ  ᠢ᠋ ᠲᠡᠢᠨ ᠳ᠋ᠦ᠍ ᠶᠠᠪᠤᠭᠰᠠᠨ ᠠᠷᠤ ᠬᠣᠢᠭᠤᠷ ᠠᠨᠤ ᠬᠠᠲᠤᠨ ᠲᠣᠷᠭᠠᠨ ᠴᠡᠷᠢᠭ ᠦ᠋ᠳ ᠦ᠋ᠨ ᠰᠣᠨᠣᠷ ᠰᠡᠷᠡᠮᠵᠢ᠂ ᠪᠠᠢᠯᠳᠤᠭᠠᠨ ᠤ᠋ ᠳᠠᠳᠤᠯᠭ᠎ᠠ ᠰᠤᠷᠭᠠᠭᠤᠯᠢ ᠶ᠋ᠢ ᠪᠡᠶᠡᠴᠢᠯᠡᠨ ᠰᠢᠯᠭᠠᠳᠠᠭ ᠪᠥᠯᠥᠭᠡ᠃ ᠠᠨᠤ ᠬᠠᠲᠤᠨ ᠢ᠋ ᠪᠠᠢᠬᠤ ᠳ᠋ᠤ᠌ ᠭᠠᠯᠳᠠᠨ ᠴᠡᠷᠢᠭ ᠦ᠋ᠨ ᠴᠠᠢᠵᠠ ᠪᠡᠬᠢᠯᠡᠯᠲᠡ᠂ ᠬᠦᠷᠢᠶ᠎ᠡ ᠶ᠋ᠢ ᠲᠡᠷᠡ ᠪᠦᠷᠢ ᠶ᠋ᠢ ᠰᠢᠯᠭᠠᠬᠤ ᠬᠡᠷᠡᠭ ᠦᠭᠡᠢ ᠪᠠᠢᠳᠠᠭ᠃ ᠠᠨᠤ ᠬᠠᠲᠤᠨ ᠣᠮᠣᠭᠯᠠᠩ ᠮᠣᠷᠢ ᠪᠠᠷ ᠳᠠᠪᠬᠢᠵᠤ ᠮᠣᠷᠢᠨ ᠤ᠋ ᠬᠠᠲᠠᠷᠢᠶ᠎ᠠ ᠳ᠋ᠤ᠌ ᠬᠠᠷᠪᠤᠵᠤ ᠨᠡᠮᠨᠡᠨ᠎ᠡ᠃ ᠴᠡᠷᠢᠭ ᠡᠷᠡᠰ ᠠᠨᠤ ᠶ᠋ᠢ ᠬᠠᠷᠠᠬᠤ ᠪᠠᠷ ᠢ᠋ᠶ᠋ᠠᠨ ᠨᠢᠳᠦ᠂ ᠬᠡᠢᠮᠣᠷᠢ ᠨᠢ ᠰᠡᠷᠭᠦᠵᠦ᠂
—  ᠬᠠᠲᠤᠲᠠᠨ ᠣᠷᠣᠯᠳᠣᠬᠤ ᠤᠤ? ᠭᠡᠮᠡᠨ ᠠᠰᠠᠭᠤᠳᠠᠭ ᠪᠠᠢᠯ᠎ᠠ᠃
 ᠴᠠᠭᠠᠨ ᠢᠷᠪᠢᠰ ᠬᠠᠲᠤᠨ ᠠᠪᠠᠬᠠᠢ ᠶ᠋ᠢ ᠵᠡᠭᠡᠰᠦᠲᠦ ᠲᠣᠬᠣᠢ ᠳ᠋ᠤ᠌ ᠨᠢᠭᠤᠭᠳᠠᠬᠤ ᠪᠠᠭ ᠴᠡᠷᠢᠭ ᠡᠴᠡ ᠬᠠᠮᠠᠭᠠᠯᠠᠨ᠂ ᠰᠢᠷ᠎ᠠ ᠨᠢᠳᠦ ᠪᠡᠨ ᠲᠡᠨᠳᠡ ᠡᠴᠡ ᠦᠯᠦ ᠰᠠᠯᠭᠠᠨ᠎ᠠ᠃ ᠭᠠᠯᠳᠠᠨ ᠬᠠᠭᠠᠨ ᠤᠰᠤ ᠳᠤᠰᠤᠯᠠᠭᠤᠯᠤᠨ ᠭᠠᠷᠴᠤ ᠢᠷᠡᠭᠰᠡᠨ ᠠᠨᠤ ᠬᠠᠲᠤᠨ ᠳ᠋ᠤ᠌ ᠬᠠᠨᠳᠤᠵᠤ᠂
—  ᠲᠣᠷᠭᠠᠨ ᠤ᠋ ᠵᠠᠮ ᠵᠡᠭᠦᠨᠭᠠᠷ ᠤ᠋ᠨ ᠬᠠᠭᠠᠨᠲᠤ ᠤᠯᠤᠰ ᠤ᠋ᠨ ᠮᠠᠲᠠᠯ ᠳ᠋ᠤ᠌ ᠪᠦᠷᠢᠨ ᠰᠢᠯᠵᠢᠭᠰᠡᠨ ᠪᠤᠰᠤ ᠤᠤ? ᠲᠣᠷᠭᠠᠨ ᠤ᠋ ᠵᠠᠮ ᠳᠠᠭᠤ ᠳᠡᠭᠡᠷᠡᠮ ᠦ᠋ᠨ ᠪᠦᠯᠦᠭ ᠡᠭᠦᠷᠯᠡᠵᠡᠢ᠃ ᠳᠡᠭᠡᠷᠡᠮᠴᠢᠨ ᠦ᠌ ᠡᠭᠦᠷ  ᠢ᠋ ᠴᠡᠷᠢᠭᠯᠡᠨ ᠤᠰᠠᠳᠬᠠᠬᠤ ᠬᠡᠷᠡᠭᠲᠡᠢ ᠪᠠᠢᠨ᠎ᠠ ᠭᠡᠪᠡᠰᠦ ᠠᠨᠤ ᠬᠠᠲᠤᠨ᠂
—  ᠲᠠ ᠨᠠᠮᠠᠶ᠋ᠢ᠁ ᠭᠡᠵᠦ ᠠᠰᠠᠭᠤᠪᠠ᠃
—  ᠬᠠᠲᠤᠨ ᠲᠠᠨ  ᠢ᠋ ᠠᠪᠴᠤ ᠣᠳᠤᠨ᠎ᠠ᠃
—  ᠬᠥᠪᠡᠭᠦᠨ᠂ ᠥᠬᠢᠨ ᠬᠣᠶᠠᠷ ᠲᠣᠮᠣ ᠪᠣᠯᠤᠯ᠎ᠠ᠃ ᠲᠠᠨ ᠢ᠋ ᠴᠡᠷᠢᠭ ᠦ᠋ᠨ ᠬᠠᠷ᠎ᠠ ᠰᠦᠯᠳᠡ᠂ ᠲᠠᠬᠢᠯᠲᠤ ᠬᠦᠷᠡᠩ ᠪᠦᠷᠭᠦᠳ ᠦ᠋ᠨ ᠰᠠᠯᠬᠢᠨ ᠳ᠋ᠤ᠌ ᠢᠯᠪᠢᠭᠦᠯᠵᠦ ᠶᠠᠪᠤᠪᠠᠰᠤ ᠨᠠᠷᠠᠨ ᠮᠡᠲᠦ ᠢᠪᠡᠭᠡᠯ ᠲᠡᠢ ᠪᠢᠯᠡ᠂ ᠰᠠᠷᠠᠨ ᠮᠡᠲᠦ ᠭᠡᠭᠡ ᠲᠠᠨᠢ ᠨᠠᠳᠠᠳᠤ ᠦᠭᠡᠢᠯᠡᠭᠳᠡᠨ᠎ᠡ᠃ ᠬᠠᠭᠠᠨ ᠲᠠᠨ ᠠ᠋ᠴᠠ ᠬᠣᠯᠠᠳᠬᠤ ᠶ᠋ᠢ ᠦᠯᠦ ᠬᠦᠰᠡᠨ᠎ᠡ᠃
—  ᠠᠨᠤ ᠬᠠᠲᠤᠨ ᠮᠢᠨᠢ ᠪᠠᠷᠠᠭᠤᠨ ᠭᠠᠷ ᠰᠢᠦ᠃ ᠪᠤᠷᠬᠠᠨ ᠴᠢᠮᠠᠶ᠋ᠢ ᠨᠠᠳᠠᠳᠤ ᠵᠠᠶᠠᠭᠠᠭᠰᠠᠨ ᠲᠤᠯᠠ ᠪᠠᠷᠠᠭᠤᠨ ᠲᠠᠯ᠎ᠠ ᠪᠠᠨ ᠬᠠᠲᠤᠨ ᠠᠪᠠᠬᠠᠢ ᠲᠠᠨ ᠳ᠋ᠤ᠌ ᠲᠤᠰᠢᠶᠠᠶ᠎ᠠ᠃ ᠵᠡᠭᠦᠨ ᠲᠠᠯ᠎ᠠ ᠳ᠋ᠤ᠌ ᠳᠠᠨᠵᠢᠯᠠ ᠪᠠᠭᠠᠲᠤᠷ ᠪᠣᠢ᠃ ᠭᠠᠢᠲᠠᠪ᠂ ᠠᠷᠴᠠ ᠪᠠᠭᠠᠲᠤᠷ ᠤ᠋ᠳ ᠪᠠᠷᠠᠭᠤᠨ ᠵᠡᠭᠦᠨ ᠮᠢᠩᠭᠠᠲᠤ ᠴᠡᠷᠢᠭ ᠢ᠋ ᠬᠣᠯᠪᠣᠳᠠᠭ ᠪᠤᠰᠤ ᠤᠤ? ᠳᠡᠭᠡᠷᠡᠮ ᠦ᠋ᠨ ᠪᠦᠯᠦᠭ ᠲᠦ᠍ ᠮᠠᠨᠵᠤ ᠶ᠋ᠢᠨ ᠲᠥᠯᠥᠭᠡᠨ ᠦ᠌ ᠬᠥᠮᠦᠰ ᠪᠠᠢᠭ᠎ᠠ ᠪᠣᠯᠤᠯᠲᠠᠢ᠃ ᠵᠡᠭᠦᠨᠭᠠᠷ ᠢ᠋ ᠳᠣᠲᠣᠷ᠎ᠠ ᠠ᠋ᠴᠠ ᠨᠢ ᠬᠠᠭᠠᠯᠵᠤ ᠰᠦᠢᠳᠬᠡᠬᠦ ᠶ᠋ᠢ ᠲᠡᠳᠡ ᠬᠢᠴᠢᠶᠡᠵᠦ ᠪᠠᠢᠨ᠎ᠠ᠃ ᠴᠡᠷᠢᠭ ᠦ᠋ᠨ ᠬᠦᠴᠦ ᠶ᠋ᠢ ᠰᠡᠯᠪᠢᠵᠦ ᠪᠡᠬᠢᠵᠢᠭᠦᠯᠬᠦ ᠳ᠋ᠦ᠍ ᠬᠠᠲᠤᠨ ᠲᠠᠨ ᠤ᠋ ᠲᠤᠰᠠᠯᠠᠯᠴᠠᠭ᠎ᠠ ᠨᠠᠳᠠᠳᠤ ᠶᠡᠬᠡ ᠬᠡᠷᠡᠭ ᠲᠡᠢ᠃
—  ᠲᠡᠭᠷᠢ ᠲᠠᠨ  ᠢ᠋ ᠢᠪᠡᠭᠡᠭ !

               ᠠᠷᠪᠠᠨ ᠳᠥᠷᠪᠡ

 ᠯᠠᠮᠠ ᠰᠢᠪᠠᠭᠤᠲᠤ ᠨᠠᠭᠤᠷ ᠤ᠋ᠨ ᠠᠩᠭᠢᠷ ᠪᠣᠷᠣᠭ᠎ᠠ ᠬᠤᠷ᠎ᠠ ᠳᠠᠭᠤᠳᠠᠬᠤ ᠯᠤᠭ᠎ᠠ ᠴᠤᠷᠬᠢᠷᠠᠨ ᠭᠠᠩᠭᠠᠨᠠᠵᠤ᠂ ᠰᠤᠨᠢᠶᠠᠵᠤ ᠬᠡᠪᠲᠡᠭᠰᠡᠨ ᠴᠠᠭᠠᠨ ᠢᠷᠪᠢᠰ ᠬᠦᠴᠦᠷᠬᠡᠭ ᠬᠥᠯ ᠢ᠋ᠶ᠋ᠡᠷ ᠭᠠᠵᠠᠷ ᠲᠡᠷᠡᠢᠨ ᠪᠣᠰᠤᠯ᠎ᠠ᠃ ᠠᠩᠭᠢᠷ ᠰᠢᠪᠠᠭᠤ ᠦᠷᠭᠦᠨ ᠨᠢᠰᠦᠯ᠎ᠡ᠃ ᠬᠡᠨ ᠰᠣᠴᠢᠭᠠᠪᠠ ᠭᠡᠬᠦ ᠰᠢᠭ ᠭᠠᠯᠳᠠᠨ᠂ ᠠᠨᠤ ᠬᠣᠶᠠᠷ ᠨᠠᠭᠤᠷ ᠤ᠋ᠨ ᠵᠡᠭᠡᠰᠦ ᠤᠷᠤᠭᠤ ᠰᠢᠷᠳᠡᠨ᠎ᠡ᠃ ᠵᠡᠭᠡᠰᠦ ᠶ᠋ᠢᠨ ᠲᠡᠭ ᠳᠤᠮᠳᠠ ᠰᠠᠪᠳᠠᠨᠵᠠᠯ ᠤ᠋ᠨ ᠢᠯᠡᠭᠡᠭᠰᠡᠨ ᠲᠤᠷᠰᠢᠭᠤᠯ ᠤ᠋ᠳ ᠬᠡᠪᠲᠡᠨ᠎ᠡ᠃ ᠵᠡᠭᠡᠰᠦ ᠦᠯᠦ ᠮᠡᠳᠡᠭ ᠨᠠᠢᠭᠤᠵᠤ ᠬᠥᠳᠡᠯᠦᠨ᠎ᠡ᠃ ᠵᠡᠭᠡᠰᠦ ᠶ᠋ᠢᠨ ᠤᠷᠲᠤ ᠪᠣᠰᠤᠭ᠎ᠠ ᠡᠰᠢ ᠠᠮᠢᠰᠬᠤᠯ ᠭᠦᠨᠵᠡᠭᠡᠢ ᠠᠪᠬᠤ ᠲᠡᠳᠦᠢ ᠳ᠋ᠦ᠍ ᠨᠠᠢᠭᠤᠳᠠᠭ ᠪᠢᠯᠡ᠃
 ᠵᠡᠭᠡᠰᠦ ᠶ᠋ᠢᠨ ᠳᠣᠲᠣᠷ᠎ᠠ ᠠ᠋ᠴᠠ ᠨᠠᠮ ᠭᠦᠮ ᠠᠭᠠᠷ ᠢ᠋ ᠵᠦᠰᠦᠬᠦ ᠯᠦ᠍ᠭᠡ ᠰᠤᠮᠤ ᠱᠦᠩᠭᠢᠨᠡᠨ ᠬᠣᠣᠰ ᠠᠩᠭᠢᠷ ᠤ᠋ᠨ ᠨᠢᠭᠡ ᠨᠢ ᠬᠠᠭᠠᠨ ᠬᠠᠲᠤᠨ ᠬᠣᠶᠠᠷ ᠤ᠋ᠨ ᠳᠡᠷᠭᠡᠳᠡ ᠤᠨᠠᠬᠤ ᠨᠢ ᠲᠡᠷᠡ᠃ ᠠᠨᠤ ᠬᠠᠲᠤᠨ᠂
—  ᠠ᠋ ᠬᠥᠬᠡ ᠲᠩᠷᠢ ᠮᠢᠨᠢ! ᠭᠡᠮᠡᠨ ᠪᠠᠴᠢᠭᠤᠷᠠᠨ ᠳᠠᠭᠤ ᠠᠯᠳᠠᠬᠤ ᠬᠣᠭᠣᠷᠣᠨᠳᠣ ᠴᠠᠭᠠᠨ ᠢᠷᠪᠢᠰ ᠨᠠᠭᠤᠷ ᠤ᠋ᠨ ᠤᠰᠤ ᠤᠷᠤᠭᠤ ᠱᠤᠩᠪᠠᠨ ᠣᠷᠣᠵᠤ ᠤᠷᠲᠤ ᠪᠡᠶ᠎ᠡ ᠨᠢ ᠵᠢᠭᠠᠰᠤ ᠠᠳᠠᠯᠢ ᠭᠣᠯᠪᠠᠯᠵᠠᠨ ᠣᠳᠤᠯ᠎ᠠ᠃ ᠬᠣᠣᠰ ᠠᠩᠭᠢᠷ ᠤ᠋ᠨ ᠨᠢᠭᠡ ᠨᠢ ᠲᠡᠭᠷᠢ ᠶ᠋ᠢᠨ ᠬᠥᠬᠡᠯᠪᠡᠢ ᠬᠣᠭᠣᠰᠣᠨ ᠳᠠᠢᠳᠤ ᠳ᠋ᠤ᠌ ᠠᠯᠠᠭ᠎ᠠ ᠪᠣᠯᠵᠠᠢ᠃ ᠭᠡᠨᠡᠳᠲᠡ ᠮᠥᠨᠥᠬᠢ ᠲᠡᠭᠷᠢ ᠳ᠋ᠦ᠍ ᠠᠭᠤᠰᠤᠭᠰᠠᠨ ᠠᠩᠭᠢᠷ ᠴᠤᠷᠬᠢᠷᠠᠵᠤ ᠬᠠᠰᠬᠢᠷᠤᠭᠰᠠᠭᠠᠷ ᠬᠣᠰᠢᠭᠤ ᠬᠦᠵᠦᠭᠦᠦ ᠨᠢ ᠭᠠᠯᠲᠤ ᠰᠤᠮᠤ ᠮᠡᠲᠦ ᠣᠷᠣᠭᠰᠢ ᠪᠠᠨ ᠨᠠᠷᠢᠰᠴᠤ ᠵᠡᠭᠡᠰᠦ ᠤᠷᠤᠭᠤ ᠠᠯᠠᠭ᠎ᠠ ᠪᠣᠯᠬᠤ ᠳ᠋ᠤ᠌ ᠪᠢᠲᠡᠭᠦᠦ ᠬᠡᠩᠬᠡᠢᠬᠦ ᠳᠠᠭᠤ ᠭᠠᠷᠴᠤ ᠠᠩᠭᠢᠷ ᠤ᠋ᠨ ᠤᠯᠠᠭᠠᠨ ᠰᠢᠷ᠎ᠠ ᠥᠳᠥ ᠭᠠᠯ ᠰᠠᠴᠤᠨ ᠪᠤᠲᠠ ᠦᠰᠦᠷᠬᠦ ᠠᠵᠢ᠃
 ᠭᠠᠯᠳᠠᠨ ᠬᠠᠭᠠᠨ ᠬᠠᠲᠤᠨ ᠤ᠋ ᠬᠠᠮᠲᠤ ᠣᠳᠣᠬᠠᠨ ᠳ᠋ᠠᠭᠠᠨ ᠪᠦᠷᠬᠦᠭ ᠪᠠᠢᠭ᠎ᠠ ᠡᠨᠡ ᠶᠠᠪᠤᠳᠠᠯ ᠢ᠋ ᠠᠩᠬᠠᠷᠤᠯᠲᠠᠢ ᠠᠵᠢᠭᠯᠠᠵᠤ᠂ ᠵᠡᠪᠰᠡᠭ ᠳᠤᠭᠤᠯᠠᠭ᠎ᠠ ᠪᠠᠨ ᠠᠭᠰᠠᠨ ᠠᠶᠤᠯ ᠤ᠋ᠨ ᠥᠭᠡᠳᠡ ᠡᠴᠡ ᠰᠥᠷᠬᠦ ᠳ᠋ᠦ᠍ ᠪᠡᠯᠡᠨ ᠪᠠᠢᠪᠠ᠃
 ᠲᠦᠳᠡ ᠤᠳᠠᠯ ᠦᠭᠡᠢ ᠨᠠᠭᠤᠷ  ᠢ᠋ ᠨᠢᠳᠦ ᠢᠷᠮᠡᠬᠦ ᠵᠠᠭᠤᠷ᠎ᠠ ᠲᠤᠭᠤᠯᠵᠤ ᠣᠳᠤᠭᠰᠠᠨ ᠴᠠᠭᠠᠨ ᠢᠷᠪᠢᠰ ᠰᠤᠮᠤ ᠪᠠᠨ ᠳᠠᠬᠢᠨ ᠡᠭᠰᠢᠭᠡᠭᠡᠳ ᠲᠠᠯᠪᠢᠵᠤ ᠴᠢᠳᠠᠯ ᠦᠭᠡᠢ ᠵᠢᠷᠦᠬᠡᠨ ᠳ᠋ᠡᠭᠡᠨ ᠠᠩᠭᠢᠷ ᠤ᠋ᠨ ᠬᠣᠰᠢᠭᠤ ᠵᠣᠭᠣᠯᠭᠠᠭᠰᠠᠨ ᠵᠠᠭᠤᠲᠤ ᠶ᠋ᠢᠨ ᠠᠬᠠᠯᠠᠭᠴᠢ ᠶ᠋ᠢ ᠵᠠᠭᠤᠵᠤ ᠢᠷᠡᠪᠡ᠃ ᠯᠠᠮᠠ ᠰᠢᠪᠠᠭᠤ ᠲᠠᠢ ᠪᠤᠰᠤ ᠭᠠᠯᠳᠠᠨ ᠬᠠᠭᠠᠨ ᠲᠠᠢ ᠣᠷᠣᠯᠳᠣᠭᠰᠠᠨ ᠲᠤᠷᠰᠢᠭᠤᠯ ᠤ᠋ᠳ ᠦᠵᠡᠭᠡ ᠦᠭᠡᠢ ᠪᠡᠨ ᠦᠵᠡᠵᠦ ᠴᠢᠳᠬᠤᠯᠠᠩ ᠤ᠋ᠨ ᠥᠨᠳᠥᠷ ᠡᠷᠭᠢ ᠶ᠋ᠢᠨ ᠬᠠᠳᠠᠨ ᠨᠤᠷᠠᠩᠭᠢ ᠠ᠋ᠴᠠ ᠮᠣᠷᠢ ᠲᠠᠢ ᠪᠠᠨ ᠨᠢᠰᠴᠦ ᠦᠬᠦᠵᠡᠭᠡᠵᠦ ᠪᠠᠢᠯ᠎ᠠ᠃ ᠲᠡᠳᠡᠨ ᠳ᠋ᠦ᠍ ᠠᠩᠭᠢᠷ ᠤ᠋ᠨ ᠬᠠᠷᠢᠶᠠᠯ ᠬᠦᠷᠴᠡᠢ᠃
ᠭᠠᠯᠳᠠᠨ ᠬᠠᠭᠠᠨ ᠬᠣᠷᠣᠮᠬᠠᠨ ᠵᠠᠭᠤᠷ᠎ᠠ ᠶ᠋ᠢᠨ ᠬᠠᠷᠢᠶᠠᠯ ᠤᠷᠤᠰᠬᠠᠵᠤ ᠥᠩᠭᠡᠷᠡᠬᠦ ᠳ᠋ᠦ᠍᠂
—  ᠰᠠᠪᠳᠠᠨᠵᠠᠯ ᠮᠠᠨᠵᠤ ᠶ᠋ᠢᠨ ᠲᠣᠭᠣᠭᠠᠨ ᠳ᠋ᠤ᠌ ᠣᠷᠣᠵᠠᠢ᠃ ᠠᠪᠠᠭ᠎ᠠ ᠠᠬ᠎ᠠ ᠴᠦᠬᠦᠢ ᠤᠪᠠᠰᠢ ᠶ᠋ᠢᠨ ᠬᠣᠨᠣᠭ ᠤ᠋ᠨ ᠲᠣᠭ᠎ᠠ ᠭᠦᠢᠴᠡᠵᠡᠢ᠃ ᠬᠠᠭᠠᠨ ᠠᠬ᠎ᠠ ᠶ᠋ᠢᠨ ᠬᠥᠪᠡᠭᠦᠨ ᠴᠠᠸᠠᠩᠷᠠᠪᠳᠠᠨ ᠬᠠᠭᠠᠨ ᠰᠠᠭᠤᠳᠠᠯ ᠳ᠋ᠤ᠌ ᠳᠤᠷᠠᠯᠠᠵᠠᠢ᠃ ᠪᠥᠭᠡᠷᠡᠩᠬᠡᠢ ᠬᠣᠷᠸ᠎ᠠ ᠠ᠋? ᠭᠡᠬᠦ ᠳ᠋ᠦ᠍ ᠠᠨᠤ ᠬᠠᠲᠤᠨ᠂
— ᠡᠬᠡ ᠶ᠋ᠢᠨ ᠰᠠᠨᠠᠭ᠎ᠠ ᠦᠷ᠎ᠡ ᠳ᠋ᠦ᠍ ᠪᠢᠯᠡ᠃ ᠦᠷ᠎ᠡ ᠶ᠋ᠢᠨ ᠰᠠᠨᠠᠭ᠎ᠠ ᠬᠠᠳᠠᠨ ᠳ᠋ᠤ᠌ ᠪᠢᠯᠡ᠃ ᠠᠩᠭᠢᠷ ᠰᠢᠪᠠᠭᠤᠨ ᠤ᠋ ᠥᠰᠢᠶ᠎ᠡ ᠶ᠋ᠢ ᠡᠮ᠎ᠡ ᠨᠢ ᠠᠪᠤᠪᠠ᠃ ᠡᠨᠡ ᠣᠷᠴᠢᠯᠠᠩ ᠬᠢᠲᠤᠭ᠎ᠠ ᠶ᠋ᠢᠨ ᠢᠷ ᠳᠡᠭᠡᠷ᠎ᠡ  ᠶᠤᠮ ᠪᠠᠢᠨ᠎ᠠ᠃ ᠬᠠᠭᠠᠨ ᠲᠠᠨ ᠤ᠋ ᠪᠠᠷᠠᠭᠤᠨ ᠭᠠᠷ ᠪᠣᠯᠵᠤ ᠲᠤᠯᠤᠯᠳᠤᠶ᠎ᠠ ᠭᠡᠮᠡᠨ ᠭᠦᠳᠦᠰ ᠰᠢᠯᠤᠭᠤᠨ ᠥᠴᠢᠯ᠎ᠡ᠃ ᠭᠠᠯᠳᠠᠨ ᠬᠠᠭᠠᠨ ᠢᠨᠢᠶᠡᠮᠰᠦᠭᠯᠡᠨ ᠳᠣᠭᠰᠢᠷᠠᠵᠤ᠂
—  ᠨᠠᠷᠠ ᠬᠠᠭᠠᠳᠠᠭ ᠡᠭᠦᠯᠡ ᠭᠡᠵᠦ ᠦᠭᠡᠢ
 ᠨᠠᠰᠤ ᠨᠡᠮᠡᠳᠡᠭ ᠪᠤᠷᠬᠠᠨ ᠭᠡᠵᠦ ᠦᠭᠡᠢ
 ᠨᠠᠮᠠᠶ᠋ᠢ ᠵᠣᠭᠰᠣᠭᠠᠳᠠᠭ ᠠᠯᠪᠢᠨ ᠭᠡᠵᠦ ᠦᠭᠡᠢ
 ᠨᠠᠢ᠍ᠮᠠᠨ ᠵᠣᠪᠬᠢᠰ ᠲᠤ᠌ ᠬᠢᠵᠠᠭᠠᠷ ᠭᠡᠵᠦ ᠦᠭᠡᠢ ᠁ ᠭᠡᠳ ᠦᠬᠦᠯ ᠪᠣᠯᠤᠭᠰᠠᠨ ᠴᠡᠷᠢᠭ ᠦ᠋ᠨ ᠵᠢᠷᠦᠬᠡᠨ ᠡᠴᠡ ᠠᠩᠭᠢᠷ ᠤ᠋ᠨ ᠬᠣᠰᠢᠭᠤ ᠶ᠋ᠢ ᠰᠤᠭᠤ ᠲᠠᠲᠠᠵᠤ᠂《 ᠡᠮ᠎ᠡ ᠠᠮᠢᠲᠠᠨ ᠤ᠋ ᠬᠣᠷᠣᠰᠤᠯ ᠡᠯᠢᠭᠡ ᠶ᠋ᠢ ᠨᠢ ᠰᠦᠪᠡᠯᠡᠵᠡᠢ᠃ ᠠᠩᠭᠢᠷ ᠤ᠋ᠨ ᠰᠤᠮᠤ ᠶ᠋ᠢ ᠪᠠᠰᠠ ᠠᠪᠤᠶ᠎ᠠ》 ᠭᠡᠯ᠎ᠡ᠃ ᠬᠥᠪᠡᠭᠡᠨ ᠦ᠌ ᠨᠠᠭᠠᠨ᠎ᠠ ᠠ᠋ᠴᠠ ᠲᠣᠷᠭᠠᠨ ᠴᠡᠷᠢᠭ ᠦ᠋ᠨ ᠪᠠᠭ ᠭᠠᠷᠴᠤ ᠢᠷᠡᠯ᠎ᠡ᠃ ᠴᠡᠷᠢᠭ ᠦ᠋ᠨ ᠵᠠᠩᠵᠤᠨ ᠳ᠋ᠤ᠌ ᠭᠠᠯᠳᠠᠨ᠂
—  ᠬᠡᠭᠦᠷ ᠢ᠋ ᠤᠰᠤᠨ ᠠ᠋ᠴᠠ ᠬᠣᠯᠠᠳᠤᠭᠤᠯᠵᠤ ᠬᠠᠶᠠ᠃ ᠠᠩᠭᠢᠷ  ᠢ᠋ ᠳᠡᠭᠳᠡᠭᠡᠬᠡᠢ ᠡᠴᠡ ᠨᠢ ᠨᠢᠭᠤᠵᠤ ᠭᠠᠵᠠᠷ ᠯᠤᠤᠰ ᠲᠤ᠌ ᠰᠢᠩᠭᠡᠭᠡ ᠭᠡᠮᠡᠨ ᠲᠤᠰᠢᠶᠠᠪᠠ᠃
—  ᠲᠤᠷᠰᠢᠭᠤᠯ ᠤ᠋ᠳ  ᠢ᠋ ᠨᠡᠬᠡᠬᠦ ᠤᠤ? ᠭᠡᠮᠡᠨ ᠵᠠᠩᠵᠤᠨ ᠢ᠋ ᠠᠰᠠᠭᠤᠬᠤ ᠳ᠋ᠤ᠌᠂
—  ᠲᠤᠷᠰᠢᠭᠤᠯ ᠤ᠋ᠳ ᠤ᠋ᠨ ᠵᠠᠮ ᠮᠤᠬᠤᠷᠳᠠᠭᠰᠠᠨ᠃ ᠴᠡᠷᠢᠭ ᠬᠥᠳᠡᠯᠭᠡᠵᠦ ᠤᠷᠪᠠᠭᠴᠢ ᠴᠥᠬᠦᠢ ᠤᠪᠠᠰᠢ ᠶ᠋ᠢ ᠪᠠᠷᠢᠵᠤ ᠢᠷ᠎ᠡ ᠭᠡᠵᠦ ᠭᠠᠯᠳᠠᠨ ᠬᠠᠭᠠᠨ ᠨᠡᠮᠡᠵᠦ ᠲᠤᠰᠢᠶᠠᠯ᠎ᠠ᠃

               ᠠᠷᠪᠠᠨ ᠲᠠᠪᠤ

 ᠴᠦᠬᠦᠢ ᠤᠪᠠᠰᠢ ᠶ᠋ᠢ ᠬᠠᠷ᠎ᠠ ᠡᠷᠴᠢᠰ ᠮᠥᠷᠡᠨ ᠦ᠌ ᠴᠢᠳᠬᠤᠯᠠᠩ ᠠ᠋ᠴᠠ ᠤᠰᠤ ᠵᠠᠯᠭᠢᠯᠠᠵᠤ ᠪᠠᠢᠬᠤ ᠳ᠋ᠤ᠌ ᠭᠠᠢᠲᠠᠪ ᠪᠠᠭᠠᠲᠤᠷ ᠪᠠᠷᠢᠵᠠᠢ᠃ ᠯᠠᠮᠠ ᠰᠢᠪᠠᠭᠤᠨ ᠤ᠋ ᠨᠠᠭᠤᠷ ᠤ᠋ᠨ ᠡᠷᠭᠢ ᠳ᠋ᠦ᠍ ᠪᠣᠯᠤᠭᠰᠠᠨ ᠠᠩᠭᠢᠷ ᠤ᠋ᠨ ᠦᠬᠦᠯ ᠦ᠋ᠨ ᠪᠤᠷᠤᠭᠤᠲᠠᠨ ᠢ᠋ ᠪᠠᠷᠢᠬᠤ ᠪᠠᠷ ᠭᠠᠢᠳᠠᠪ ᠬᠡᠳᠦᠨ ᠴᠡᠷᠢᠭ ᠦ᠋ᠨ ᠬᠠᠮᠲᠤ ᠣᠳᠴᠠᠢ᠃ ᠡᠷᠡᠦ ᠶ᠋ᠢᠨ ᠰᠠᠬᠠᠯ ᠴᠠᠭᠠᠨ ᠲᠠᠢ ᠬᠣᠯᠢᠯᠳᠤᠭᠰᠠᠨ ᠬᠢᠵᠢᠶᠡᠯᠢ ᠨᠠᠰᠤᠨ ᠤ᠋ ᠲᠡᠷᠡ ᠡᠷ᠎ᠡ ᠶ᠋ᠢ ᠭᠠᠢᠲᠠᠪ᠂
—  ᠨᠡᠷ᠎ᠡ ᠲᠠᠨᠢ ᠬᠡᠨ ᠰᠠᠨ ᠪᠢᠯᠡ? ᠭᠡᠵᠦ ᠠᠰᠠᠭᠤᠬᠤ ᠳ᠋ᠤ᠌ ᠴᠦᠬᠦᠢ ᠤᠪᠠᠰᠢ ᠢᠨᠢᠶᠡᠳᠦ ᠠᠯᠳᠠᠵᠤ᠂
—  ᠨᠠᠮᠠᠶ᠋ᠢ ᠪᠠᠭ᠎ᠠ ᠳ᠋ᠤ᠌ ᠨᠡᠷ᠎ᠡ ᠥᠭᠭᠦᠭᠡ ᠦᠭᠡᠢ ᠶᠦᠮ᠂ ᠠᠭᠤᠯᠠ ᠬᠠᠳᠠ ᠪᠠᠷ ᠠᠩ ᠬᠦᠷᠦᠭᠡ ᠬᠢᠵᠦ ᠶᠠᠪᠤᠭᠰᠠᠭᠠᠷ ᠣᠨᠣᠭᠠᠭᠰᠠᠨ ᠨᠡᠷ᠎ᠡ ᠪᠡᠨ ᠮᠠᠷᠲᠠᠵᠠᠢ᠃ ᠮᠢᠨᠦ ᠨᠡᠷ᠎ᠡ ᠬᠡᠨ ᠳ᠋ᠦ᠍  ᠬᠡᠷᠡᠭ ᠲᠡᠢ  ᠶᠤᠮ ᠭᠡᠵᠦ ᠮᠡᠳᠬᠡᠪᠡ᠃
—  ᠨᠠᠳᠠᠳᠤ ᠬᠡᠷᠡᠭ ᠲᠡᠢ ᠭᠡᠵᠦ ᠭᠠᠢᠲᠠᠪ ᠥᠭᠦᠯᠡᠪᠡ᠃
—  ᠴᠢ ᠬᠡᠨ ᠪᠣᠢ? ᠲᠡᠨᠦᠮᠡᠯ ᠯᠦᠳ᠋ ᠮᠢᠨᠢ ᠭᠡᠳ ᠴᠦᠬᠦᠢ ᠤᠪᠠᠰᠢ ᠤᠯᠠᠭᠠᠨ ᠰᠠᠬᠠᠯ ᠢ᠋ᠶ᠋ᠠᠨ ᠪᠠᠪᠠᠯᠵᠠᠭᠤᠯᠵᠤ ᠬᠡᠯᠡᠪᠡ᠃
—  ᠴᠦᠬᠦᠢ ᠣᠪᠰᠢ ᠶ᠋ᠢ ᠪᠡᠷᠢ ᠭᠡᠵᠦ ᠭᠠᠢᠳᠠᠪ ᠪᠠᠭᠠᠲᠤᠷ ᠴᠡᠷᠢᠭ ᠦ᠋ᠳ ᠲᠡᠭᠡᠨ ᠲᠤᠰᠢᠶᠠᠪᠠ᠃
ᠴᠡᠷᠢᠭ ᠦ᠋ᠳ ᠲᠡᠭᠦᠨ ᠢ᠋ ᠪᠠᠷᠢᠬᠤ ᠭᠡᠵᠦ ᠤᠬᠤᠰᠬᠢᠲᠡᠯ᠎ᠡ ᠴᠢᠳᠬᠤᠯᠠᠩ ᠤ᠋ᠨ ᠵᠠᠬ᠎ᠠ ᠤᠷᠤᠭᠤ ᠴᠦᠬᠦᠢ ᠤᠪᠠᠰᠢ ᠦᠰᠦᠷᠪᠡ᠃ ᠲᠡᠷᠡ ᠳᠣᠣᠷ᠎ᠠ ᠪᠠᠢᠬᠤ ᠬᠠᠪᠲᠠᠭᠠᠢ ᠬᠠᠳᠠᠨ᠎ᠠ ᠲᠡᠷᠡ ᠪᠡᠷ ᠨᠢᠷᠤᠭᠤ ᠪᠠᠷ ᠴᠢᠮᠡᠭᠡ ᠲᠡᠢ ᠤᠨᠠᠵᠤ ᠪᠢᠴᠠᠷᠠᠯ᠎ᠠ᠃
 ᠴᠦᠬᠦᠢ ᠤᠪᠠᠰᠢ ᠶ᠋ᠢᠨ ᠰᠡᠭ ᠢ᠋ ᠭᠠᠢᠲᠠᠪ ᠪᠠᠭᠠᠲᠤᠷ ᠬᠥᠲᠥᠯᠦᠭᠡ ᠮᠣᠷᠢᠨ ᠳ᠋ᠤ᠌ ᠲᠡᠩᠨᠡᠵᠦ ᠠᠴᠢᠭᠠᠳ ᠲᠦᠷᠦᠭᠦᠴᠢ ᠶ᠋ᠢᠨ ᠠᠩᠭᠢᠷ ᠤ᠋ᠨ ᠬᠤᠰᠢᠭᠤᠨ ᠳ᠋ᠤ᠌ ᠰᠦᠯᠪᠡᠭᠦᠯᠦᠭᠰᠡᠨ ᠴᠡᠷᠢᠭ ᠦ᠋ᠨ ᠳᠡᠷᠭᠡᠳᠡ ᠣᠷᠣᠰᠢᠭᠤᠯᠪᠠ᠃ ᠴᠦᠬᠦᠢ ᠤᠪᠠᠰᠢ ᠪᠥᠭᠡᠰᠦ ᠡᠷᠳᠡᠨᠢᠪᠠᠭᠠᠲᠤᠷ ᠬᠣᠩ ᠲᠠᠢᠵᠢ ᠶ᠋ᠢᠨ ᠡᠴᠢᠭᠡ ᠨᠢᠭᠡᠲᠦ ᠳᠡᠭᠦᠦ ᠶᠤᠮ᠃ ᠠᠬ᠎ᠠ ᠶ᠋ᠢ ᠪᠡᠨ ᠲᠩᠷᠢ ᠳ᠋ᠦ᠍ ᠬᠠᠯᠢᠬᠤ ᠳ᠋ᠤ᠌ ᠴᠦᠬᠦᠢ ᠤᠪᠠᠰᠢ ᠬᠠᠭᠠᠨ ᠰᠠᠭᠤᠳᠠᠯ ᠤ᠋ᠨ ᠲᠥᠯᠥᠭᠡ ᠵᠢᠳᠬᠦᠵᠡᠢ᠃ ᠲᠡᠷᠡ ᠪᠡᠷ ᠤᠰᠤᠨ ᠤ᠋ ᠬᠥᠭᠡᠰᠦ ᠯᠦ᠍ᠭᠡ ᠬᠣᠭᠣᠰᠣᠨ ᠵᠦᠢᠯ ᠬᠥᠭᠡᠭᠡᠴᠡᠯᠳᠦᠨ ᠨᠡᠷ᠎ᠡ ᠪᠡᠨ ᠪᠠᠷᠠᠵᠠᠢ᠃ ᠬᠥᠭᠡᠰᠦ ᠪᠡᠷ ᠲᠣᠭᠯᠠᠳᠠᠭ ᠬᠡᠨ ᠪᠠᠢᠬᠤ ᠪᠢᠯᠡ᠃ ᠬᠥᠭᠡᠰᠦ ᠪᠣᠯ ᠬᠥᠭᠡᠰᠦ ᠰᠢᠦ ᠳᠡ᠃ ᠬᠥᠭᠡᠰᠦᠨ ᠪᠥᠮᠪᠥᠯᠢᠭ ᠦ᠋ᠳ ᠴᠦᠬᠦᠢ ᠤᠪᠠᠰᠢ ᠶ᠋ᠢᠨ ᠲᠠᠷᠢᠬᠢ ᠪᠠᠷ ᠳᠦᠭᠦᠷᠴᠦ ᠰᠣᠯᠢᠶᠠᠷᠠᠯ ᠡᠭᠦᠰᠦᠭᠰᠡᠨ ᠪᠠᠢᠵᠠᠢ᠃ ᠲᠡᠷᠡ ᠪᠡᠷ ᠬᠥᠭᠡᠰᠦ ᠰᠢᠭ ᠠᠮᠢᠳᠤᠷᠠᠭᠠᠳ ᠬᠥᠭᠡᠰᠦ ᠰᠢᠭ ᠵᠠᠮᠬᠠᠷᠠᠵᠤ ᠠᠷᠢᠯᠪᠠ᠃
 ᠴᠢᠳᠬᠤᠯᠠᠩ ᠳ᠋ᠤ᠌ ᠬᠥᠭᠡᠰᠦ ᠪᠥᠮᠪᠥᠢᠵᠦ ᠴᠠᠢᠷᠠᠵᠤ ᠶᠡᠬᠡ ᠤᠰᠤᠨ ᠤ᠋ ᠬᠦᠴᠦᠲᠦ ᠤᠷᠤᠰᠬᠠᠯ ᠳ᠋ᠤ᠌ ᠳᠠᠷᠤᠭᠳᠠᠭᠰᠠᠭᠠᠷ ᠪᠠᠢᠳᠠᠭ ᠪᠢᠯᠡ᠃ ᠴᠦᠬᠦᠢ ᠤᠪᠠᠰᠢ ᠶ᠋ᠢ ᠨᠠᠰᠤ ᠡᠴᠦᠰᠯᠡᠬᠦ ᠳ᠋ᠦ᠍ ᠬᠠᠷᠠᠮᠰᠠᠵᠤ ᠬᠠᠯᠬᠠᠯᠠᠬᠤ ᠬᠡᠨ ᠨᠢᠭᠡᠨ ᠦᠭᠡᠢ ᠪᠠᠢᠯ᠎ᠠ᠃ ᠴᠦᠬᠦᠢ ᠤᠪᠠᠰᠢ ᠶ᠋ᠢᠨ ᠦᠬᠦᠯ ᠪᠣᠱᠣᠭᠲᠤ ᠬᠠᠭᠠᠨ ᠤ᠋ ᠰᠠᠨᠠᠭ᠎ᠠ ᠵᠣᠷᠢᠭ ᠢ᠋ ᠴᠡᠪᠡᠷᠰᠢᠭᠦᠯᠦᠨ《 ᠯᠤᠤᠰ ᠤ᠋ᠨ ᠬᠣᠣᠷᠯᠠᠯ》 ᠭᠡᠰᠡᠨ ᠪᠣᠳᠣᠯ  ᠢ᠋ ᠨᠢ ᠭᠦᠨᠵᠡᠭᠡᠢᠷᠡᠭᠦᠯᠵᠡᠢ᠃

               ᠠᠷᠪᠠᠨ ᠵᠢᠷᠭᠤᠭ᠎ᠠ

 ᠬᠠᠰᠠᠭ ᠤ᠋ᠨ ᠬᠠᠷᠪᠸᠺ ᠥᠷᠥᠭᠡᠰᠦᠨ ᠭᠠᠷ ᠢ᠋ᠶ᠋ᠠᠨ ᠨᠡᠬᠡᠬᠦ ᠪᠡᠷ ᠢᠷᠡᠭᠦᠯ ᠳᠣᠯᠣᠭᠠᠨ ᠳ᠋ᠤ᠌ ᠭᠠᠯᠳᠠᠨ ᠬᠠᠭᠠᠨ ᠢ᠋ ᠳᠠᠭᠤᠳᠠᠵᠤ᠂ ᠭᠣᠣᠯ ᠤᠰᠤ᠂ ᠲᠠᠯ᠎ᠠ ᠨᠤᠲᠤᠭ ᠢ᠋ᠶ᠋ᠠᠷ ᠳᠡᠭᠡᠷᠡᠮ ᠲᠣᠨᠣᠭᠤᠯ ᠬᠢᠵᠡᠢ᠃ ᠭᠠᠯᠳᠠᠨ ᠬᠠᠭᠠᠨ ᠤ᠋ ᠦᠷᠭᠦᠭᠡᠨ ᠳ᠋ᠦ᠍ ᠲᠡᠭᠦᠨ ᠦ᠌ ᠲᠡᠮᠦᠷ ᠭᠠᠷ ᠬᠡᠪᠲᠡᠵᠦ ᠪᠠᠢᠪᠠ᠃ ᠶᠠᠭ ᠤᠴᠢᠷ ᠳᠡᠭᠡᠷ᠎ᠡ ᠪᠡᠨ ᠣᠯᠠᠨ ᠵᠢᠯ ᠦ᠋ᠨ ᠡᠮᠦᠨ᠎ᠡ ᠴᠠᠪᠴᠢᠭᠤᠯᠤᠭᠰᠠᠨ ᠠᠮᠢᠳᠤ ᠭᠠᠷ ᠤ᠋ᠨ ᠢ᠋ᠶ᠋ᠠᠨ ᠲᠥᠯᠥᠭᠡ ᠥᠰᠢᠶ᠎ᠡ ᠠᠪᠬᠤ ᠪᠠᠷ ᠬᠠᠷᠪᠸᠺ ᠰᠢᠨᠤᠵᠤ ᠪᠠᠢᠵᠠᠢ᠃
ᠡᠨᠡ ᠶᠠᠪᠤᠳᠠᠯ ᠵᠠᠰᠠᠭᠲᠤ ᠬᠠᠭᠠᠨ ᠤ᠋ ᠨᠤᠲᠤᠭ ᠤᠷᠤᠭᠤ ᠴᠡᠷᠢᠭ ᠢ᠋ᠶ᠋ᠡᠨ ᠢᠯᠡᠭᠡᠭᠰᠡᠨ ᠬᠣᠢᠨ᠎ᠠ ᠪᠣᠯᠤᠭᠰᠠᠨ ᠪᠥᠭᠡᠳ ᠭᠠᠯᠳᠠᠨ ᠤ᠋ ᠣᠮᠣᠭᠯᠠᠩ ᠪᠠᠭᠠᠲᠤᠷ ᠭᠠᠢᠳᠠᠪ᠂ ᠠᠷᠴᠠ ᠬᠣᠶᠠᠭᠤᠯᠠ ᠠᠯᠤᠰ ᠣᠳᠴᠠᠢ᠃ ᠳᠠᠢᠴᠢᠨ ᠪᠠᠭᠠᠲᠤᠷ ᠡᠷᠡᠰ ᠨᠢ ᠲᠡᠢᠨ ᠳ᠋ᠦ᠍ ᠮᠣᠷᠳᠠᠭᠰᠠᠨ ᠬᠣᠢᠨ᠎ᠠ ᠬᠠᠷᠪᠸᠺ ᠡᠵᠡᠭᠦᠢᠴᠢᠯᠡᠵᠦ ᠪᠠᠢᠭ᠎ᠠ ᠳ᠋ᠤ᠌ ᠭᠠᠯᠳᠠᠨ ᠬᠠᠭᠠᠨ ᠤ᠋ ᠳᠤᠷ᠎ᠠ ᠦᠭᠡᠢ
249-254
ᠬᠦᠷᠴᠡᠢ᠃ ᠣᠢᠷᠠᠳ ᠤ᠋ᠨ ᠪᠠᠭᠠᠲᠤᠷ ᠤ᠋ᠳ  ᠢ᠋ ᠪᠠᠰᠤᠵᠤ ᠳᠣᠷᠣᠮᠵᠢᠯᠠᠬᠤ ᠤᠴᠢᠷ ᠦᠭᠡᠢ ᠭᠡᠵᠦ ᠭᠠᠯᠳᠠᠨ ᠪᠣᠳᠣᠵᠤ ᠪᠠᠢᠯ᠎ᠠ᠃
 ᠬᠥᠪᠡᠭᠡ ᠳᠠᠮᠨᠠᠨ ᠬᠠᠰᠠᠭ ᠤ᠋ᠨ ᠬᠠᠷ᠎ᠠ ᠮᠢᠩᠭᠠᠲᠤ ᠵᠣᠭᠰᠣᠵᠠᠢ᠃ ᠣᠢᠷᠠᠳ ᠤ᠋ᠨ ᠬᠠᠭᠠᠨ ᠤ᠋ ᠮᠢᠩᠭᠠᠲᠤ ᠴᠡᠷᠢᠭ ᠦ᠋ᠳ ᠰᠢᠷ᠎ᠠ ᠲᠣᠯᠣᠭᠠᠢ ᠶ᠋ᠢᠨ ᠣᠷᠣᠢ ᠠ᠋ᠴᠠ ᠪᠤᠲᠠᠷᠭᠠᠨᠠᠲᠤ ᠲᠠᠯ᠎ᠠ ᠤᠷᠤᠭᠤ ᠰᠤᠨᠢᠶᠠᠵᠤ ᠵᠢᠭᠰᠠᠵᠠᠢ᠃
 ᠠᠷᠪᠠᠲᠤ ᠶ᠋ᠢᠨ ᠠᠬᠠᠯᠠᠭᠴᠢ ᠴᠡᠷᠢᠭ ᠦ᠋ᠨ ᠪᠣᠭᠴᠣᠨ ᠳ᠋ᠤ᠌ ᠪᠠᠢᠬᠤ ᠬᠣᠣᠰ ᠦᠩᠬᠦᠯᠴᠡᠭ ᠤᠭᠤᠲᠠᠨ ᠳ᠋ᠤ᠌ ᠰᠢᠷᠬ᠎ᠠ ᠡᠮᠨᠡᠳᠡᠭ ᠰᠢᠷᠣᠢ᠂ ᠬᠣᠢᠯᠣᠭ ᠰᠢᠪᠠᠭᠤᠨ ᠤ᠋ ᠶᠠᠰᠤ ᠮᠢᠬ᠎ᠠ ᠶ᠋ᠢᠨ ᠨᠤᠨᠲᠠᠭ ᠡᠮ ᠦ᠋ᠨ ᠪᠡᠯᠡᠳᠦᠮᠡᠯ ᠪᠠᠢᠭ᠎ᠠ ᠡᠰᠡᠬᠦ ᠶ᠋ᠢ ᠰᠢᠯᠭᠠᠪᠠ᠃ ᠴᠡᠷᠢᠭ ᠦ᠋ᠨ ᠪᠣᠭᠴᠣᠨ ᠳ᠋ᠤ᠌ ᠪᠠᠰᠠ ᠬᠠᠷ᠎ᠠ ᠤᠯᠠᠭᠠᠨ ᠥᠩᠭᠡ ᠶ᠋ᠢᠨ ᠵᠤᠰᠤ ᠪᠣᠳᠣᠭ ᠪᠠᠢᠬᠤ ᠪᠥᠭᠡᠳ ᠲᠤᠯᠤᠯᠳᠤᠭᠠᠨ ᠤ᠋ ᠰᠦᠷ ᠢ᠋ ᠨᠡᠮᠡᠬᠦ ᠶ᠋ᠢᠨ ᠲᠤᠯᠠᠳᠠ ᠰᠢᠯᠦᠰᠦ ᠪᠡᠷ ᠢ᠋ᠶ᠋ᠡᠨ ᠨᠣᠷᠭᠠᠵᠤ ᠨᠢᠭᠤᠷ ᠢ᠋ᠶ᠋ᠠᠨ ᠪᠣᠳᠣᠳᠠᠭ ᠵᠠᠩᠰᠢᠯ ᠲᠠᠢ ᠪᠥᠯᠥᠭᠡ᠃
 ᠭᠠᠯᠳᠠᠨ ᠬᠠᠭᠠᠨ ᠤ᠋ ᠠᠷᠤ ᠲᠠᠯ᠎ᠠ ᠳ᠋ᠤ᠌ ᠬᠡᠳᠦ ᠬᠡᠳᠦᠨ ᠪᠦᠷᠭᠦᠳ ᠲᠣᠭᠰᠢᠨ ᠰᠢᠷ᠎ᠠ ᠨᠢᠳᠦ ᠪᠡᠷ ᠭᠠᠵᠠᠷ ᠲᠤ᠌ ᠥᠳᠥ ᠬᠣᠷᠣᠬᠠᠢ ᠮᠡᠲᠦ ᠢᠵᠠᠭᠠᠨᠠᠬᠤ ᠴᠡᠷᠢᠭ ᠦ᠋ᠳ ᠢ᠋ ᠰᠢᠷᠳᠡᠨ᠎ᠡ᠃ ᠬᠠᠷ᠎ᠠ ᠰᠦᠯᠳᠡ ᠶ᠋ᠢᠨ ᠬᠣᠶᠠᠷ ᠪᠦᠷᠭᠦᠳ ᠪᠥᠭᠡᠰᠦ ᠭᠠᠯᠲᠤ ᠰᠢᠷᠣᠢ ᠲᠦᠷᠬᠢᠵᠦ ᠰᠥᠨᠢ ᠶ᠋ᠢᠨ ᠴᠠᠭ ᠲᠤ᠌ ᠬᠡᠷᠡᠯᠳᠦᠵᠦ ᠬᠠᠷᠠᠭᠳᠠᠳᠠᠭ ᠵᠡᠰ ᠲᠣᠨᠣᠭ ᠲᠠᠢ ᠲᠡᠭᠷᠢ ᠶ᠋ᠢᠨ ᠰᠠᠬᠢᠯ ᠲᠠᠢ ᠵᠢᠭᠦᠷᠲᠡᠨ ᠶᠤᠮ᠃
 ᠬᠠᠰᠠᠭ ᠤ᠋ᠨ ᠬᠠᠷ᠎ᠠ ᠮᠢᠩᠭᠠᠲᠤ ᠶ᠋ᠢᠨ ᠠᠬᠠᠯᠠᠭᠴᠢ ᠬᠠᠷᠪᠸᠺ ᠬᠠᠰᠬᠢᠷᠤᠨ᠂
—   ᠪᠠᠷᠠᠭᠤᠨ ᠭᠠᠷ ᠢ᠋ᠶ᠋ᠠᠨ ᠬᠡᠷᠴᠢᠭᠦᠯᠦᠭᠰᠡᠨ ᠦ᠌ ᠲᠥᠯᠥᠭᠡ ᠥᠰᠢᠶ᠎ᠡ ᠵᠠᠩᠭᠢᠳᠴᠤ ᠪᠠᠢᠨ᠎ᠠ᠃ ᠢᠷᠡᠭᠦᠯ ᠲᠤᠯᠤᠯᠳᠤᠭᠠᠨ ᠳ᠋ᠤ᠌ ᠳᠠᠭᠤᠳᠠᠵᠤ ᠪᠠᠢᠨ᠎ᠠ᠃ ᠨᠠᠳᠠᠳᠤ ᠭᠠᠷ ᠪᠣᠢ᠃ ᠪᠢ ᠬᠣᠶᠠᠷ ᠭᠠᠷ ᠢ᠋ᠶ᠋ᠠᠨ ᠲᠠ ᠨᠠᠷ ᠲᠤ᠌ ᠥᠭᠭᠥᠭᠰᠡᠨ᠃ ᠴᠢᠳᠠᠳᠠᠭ ᠶᠤᠮ ᠪᠣᠯ ᠳᠠᠬᠢᠭᠠᠳ ᠮᠢᠨᠦ ᠭᠤᠷᠪᠠᠳᠠᠬᠢ ᠭᠠᠷ  ᠢ᠋ ᠠᠪᠤᠭᠲᠤᠨ ᠭᠡᠯ᠎ᠡ᠃ ᠬᠠᠷᠢᠭᠤ ᠳ᠋ᠤᠨᠢ ᠭᠠᠯᠳᠠᠨ ᠬᠠᠭᠠᠨ᠂
—   ᠡᠴᠢᠭᠡ ᠬᠣᠩ ᠲᠠᠢᠵᠢ ᠶ᠋ᠢᠨ ᠲᠥᠯᠥᠭᠡᠰᠦᠨ ᠳ᠋ᠦ᠍ ᠭᠤᠷᠪᠠᠨ ᠭᠠᠷ ᠪᠠᠭᠠᠳᠠᠨ᠎ᠠ ᠭᠡᠯ᠎ᠡ᠃
ᠬᠠᠷᠪᠸᠺ ᠰᠡᠯᠡᠮ᠎ᠡ ᠪᠡᠷ ᠢ᠋ᠶ᠋ᠡᠨ ᠴᠢᠴᠢᠯᠡᠨ᠂
—   ᠬᠤᠪᠢᠯᠭᠠᠨ ᠯᠠᠮᠠ ᠲᠠ ᠶᠠᠩᠭᠢᠷ ᠰᠤᠯᠲᠠᠨ ᠤ᠋ ᠰᠦᠨᠡᠰᠦ ᠶ᠋ᠢ ᠳᠠᠭᠤᠳᠠᠵᠤ ᠠᠰᠠᠭᠤ᠃ ᠠᠮᠢ ᠶ᠋ᠢ ᠠᠮᠢ ᠪᠠᠷ ᠲᠥᠯᠥᠳᠡᠭ ᠶᠦᠮ ᠭᠡᠵᠦ ᠠᠮᠢᠰᠬᠤᠭᠠᠳᠠᠪᠠ᠃ ᠭᠠᠯᠳᠠᠨ ᠬᠠᠭᠠᠨ ᠲᠡᠭᠦᠨ ᠡᠴᠡ᠂
—   ᠴᠢᠮ᠎ᠠ ᠳ᠋ᠤ᠌ ᠪᠤᠷᠬᠠᠨ ᠪᠠᠢᠭ᠎ᠠ ᠤᠤ? ᠭᠡᠵᠦ ᠠᠰᠠᠭᠤᠪᠠ᠃ ᠬᠠᠷᠪᠸᠺ ᠮᠣᠷᠢ ᠪᠠᠨ ᠲᠡᠪᠴᠢᠨ᠂
—   ᠨᠠᠳᠠᠳᠤ ᠪᠤᠷᠬᠠᠨ ᠪᠠᠢᠬᠤ ᠦᠭᠡᠢ᠃ ᠨᠠᠳᠠᠳᠤ ᠰᠡᠭᠦᠳᠡᠷ ᠪᠠᠢᠭ᠎ᠠ᠃ ᠪᠢ ᠰᠡᠭᠦᠳᠡᠷ ᠢ᠋ᠶ᠋ᠡᠨ ᠬᠠᠷᠠᠭᠠᠳ ᠠᠮᠢᠳᠤ ᠶᠠᠪᠤᠭ᠎ᠠ ᠪᠠᠨ ᠮᠡᠳᠡᠳᠡᠭ᠃ ᠪᠢᠳᠡᠨ ᠦ᠌ ᠡᠴᠢᠭᠡ ᠨᠦ᠍ᠭᠦᠳ ᠦ᠋ᠨ ᠰᠡᠭᠦᠳᠡᠷ ᠠᠯᠠᠭ᠎ᠠ ᠪᠣᠯᠵᠠᠢ᠃ ᠰᠦᠨᠡᠰᠦ᠂ ᠰᠡᠭᠦᠳᠡᠷ ᠦᠭᠡᠢ ᠪᠠᠢᠬᠤ ᠶ᠋ᠢ ᠪᠢ ᠦᠯᠦ ᠬᠦᠰᠡᠨ᠎ᠡ᠃ ᠨᠠᠳᠠ ᠲᠠᠢ ᠲᠤᠯᠤᠯᠳᠤᠬᠤ ᠶ᠋ᠢ ᠬᠦᠰᠡᠭᠰᠡᠨ ᠨᠢ ᠭᠠᠷᠤᠭᠠᠳ ᠢᠷ᠎ᠡ᠃ ᠡᠨᠡ ᠤᠳᠠᠭ᠎ᠠ ᠪᠢ ᠠᠮᠠ ᠭᠠᠷᠴᠤ ᠨᠡᠷ᠎ᠡ ᠳᠠᠭᠤᠳᠠᠬᠤ ᠦᠭᠡᠢ ᠭᠡᠯ᠎ᠡ᠃
 ᠭᠠᠯᠳᠠᠨ ᠬᠠᠭᠠᠨ ᠲᠡᠭᠦᠨ ᠳ᠋ᠦ᠍᠂
—   ᠴᠢᠮᠠᠶ᠋ᠢ ᠰᠡᠭᠦᠳᠡᠷ ᠦᠭᠡᠢ ᠪᠣᠯᠭᠠᠨ᠎ᠠ ᠭᠡᠵᠦ ᠳᠤᠤᠭᠠᠷᠪᠠ᠃
ᠡᠨᠡ ᠦᠶ᠎ᠡ ᠳ᠋ᠦ᠍ ᠭᠠᠯᠳᠠᠨ ᠤ᠋ ᠴᠡᠷᠢᠭ ᠦ᠋ᠳ ᠲᠠᠪᠤᠨ ᠬᠤᠷᠤᠭᠤᠨ ᠤ᠋ ᠥᠨᠳᠡᠭᠡ ᠪᠡᠷ ᠨᠢᠭᠤᠷ ᠢ᠋ᠶ᠋ᠠᠨ ᠠᠷᠴᠢᠭᠰᠠᠨ ᠳ᠋ᠤ᠌ ᠣᠢᠷᠠᠳ ᠴᠡᠷᠢᠭ ᠦ᠋ᠨ ᠨᠢᠭᠤᠷ᠂ ᠬᠠᠴᠠᠷ᠂ ᠬᠠᠮᠠᠷ ᠳᠡᠭᠡᠷ᠎ᠡ ᠪᠡᠨ ᠲᠠᠰᠢᠭᠤ ᠬᠠᠷ᠎ᠠ᠂ ᠤᠯᠠᠭᠠᠨ ᠰᠤᠳᠠᠯ ᠲᠠᠢ ᠪᠣᠯᠪᠠ᠃ ᠭᠡᠨᠡᠳᠲᠡ ᠪᠦᠷᠭᠦᠳ ᠮᠡᠲᠦ ᠴᠤᠢᠯᠡᠨ ᠭᠠᠷᠴᠤ ᠢᠷᠡᠭᠰᠡᠨ ᠪᠠᠭᠠᠲᠤᠷ ᠠᠨᠤ ᠬᠠᠲᠤᠨ ᠪᠥᠯᠥᠭᠡ᠃
ᠭᠠᠯᠳᠠᠨ ᠪᠣᠱᠣᠭᠲᠤ ᠬᠠᠭᠠᠨ ᠤ᠋ ᠪᠠᠷᠤᠭᠠᠷᠳᠠᠭᠤ ᠴᠢᠷᠠᠢ ᠥᠭᠡᠳᠡ ᠰᠢᠷᠳᠡᠬᠦ ᠳ᠋ᠦ᠍ ᠲᠡᠷᠡ ᠪᠡᠷ ᠪᠠᠷᠠᠭᠤᠨ ᠨᠢᠳᠦ ᠶ᠋ᠢ ᠢᠷᠮᠡᠪᠡ᠃ ᠡᠨᠡ ᠪᠣᠯ ᠵᠥᠪᠰᠢᠶᠡᠷᠡᠭᠰᠡᠨ ᠦ᠌ ᠳᠣᠬᠢᠶ᠎ᠠ ᠪᠣᠯᠪᠠ᠃ ᠠᠨᠤ ᠬᠠᠲᠤᠨ ᠮᠣᠷᠢ ᠲᠠᠢ ᠪᠠᠨ ᠡᠷᠭᠢᠴᠡᠨ ᠴᠤᠢᠯᠠᠪᠠ᠃
 ᠢᠷᠡᠭᠦᠯ ᠳᠣᠯᠣᠭᠠᠨ ᠤᠯᠠᠭᠠᠨ ᠲᠣᠭᠣᠰᠣᠨ ᠳ᠋ᠤ᠌ ᠦᠷᠭᠦᠯᠵᠢᠯᠡᠵᠦ ᠨᠢᠳᠦ ᠢᠷᠮᠡᠬᠦ ᠶ᠋ᠢᠨ ᠵᠠᠭᠤᠷ᠎ᠠ ᠲᠡᠭᠦᠰᠬᠡᠯ ᠨᠢ ᠬᠠᠷᠠᠭᠳᠠᠪᠠ᠃ ᠬᠠᠷᠪᠸᠻ ᠤ᠋ᠨ ᠥᠷᠥᠭᠡᠰᠦᠨ ᠭᠠᠷ ᠰᠡᠯᠡᠮ᠎ᠡ ᠲᠡᠢ ᠪᠡᠨ ᠲᠠᠰᠤᠷᠠᠵᠤ ᠤᠨᠠᠯ᠎ᠠ᠃ ᠬᠠᠷᠪᠸᠻ ᠭᠠᠷ ᠦᠭᠡᠢ ᠪᠣᠯᠤᠯ᠎ᠠ᠃
ᠶᠠᠭ ᠡᠨᠡ ᠦᠶ᠎ᠡ ᠳ᠋ᠦ᠍ ᠠᠨᠤ ᠬᠠᠲᠤᠨ ᠡᠮᠡᠭᠲᠡᠢ ᠬᠥᠮᠦᠨ ᠦ᠌ ᠴᠠᠩᠭᠢᠨᠠᠭᠰᠠᠨ ᠴᠠᠷᠢᠭᠤ ᠬᠣᠭᠣᠯᠠᠢ ᠪᠠᠷ᠂
—   ᠮᠣᠩᠭᠣᠯ ᠡᠬᠡᠴᠦᠳ ᠦ᠋ᠨ ᠤᠷᠤᠰᠤᠭᠰᠠᠨ ᠨᠢᠯᠪᠤᠰᠤ ᠦᠨᠡᠲᠡᠢ ᠪᠠᠢᠳᠠᠭ ᠶᠤᠮ᠃ ᠴᠠᠭᠠᠨ ᠰᠦ ᠶ᠋ᠢᠨ ᠨᠡᠬᠡᠯ ᠬᠠᠲᠠᠭᠤ ᠪᠠᠢᠳᠠᠭ ᠶᠤᠮ ᠭᠡᠮᠡᠨ ᠴᠢᠩᠭ᠎ᠠ ᠪᠠᠷ ᠬᠡᠯᠡᠬᠦ ᠳ᠋ᠦ᠍ ᠮᠣᠩᠭᠣᠯ᠂ ᠬᠠᠰᠠᠭ ᠴᠡᠷᠢᠭ ᠦ᠋ᠳ ᠮᠠᠯ ᠭᠠᠢᠬᠠᠵᠤ᠂ ᠴᠡᠯ ᠬᠥᠬᠡᠷᠡᠵᠦ ᠬᠣᠴᠣᠷᠤᠯ᠎ᠠ᠃ ᠬᠠᠰᠠᠭ ᠤ᠋ᠨ ᠬᠠᠷ᠎ᠠ ᠮᠢᠩᠭᠠᠲᠤ ᠡᠨᠡ ᠡᠳᠦᠷ ᠦ᠋ᠨ ᠳᠣᠯᠣᠭᠠᠨ ᠳ᠋ᠤ᠌ ᠬᠣᠬᠢᠷᠠᠯ ᠪᠠᠭᠠᠲᠠᠢ ᠬᠣᠴᠣᠷᠤᠯ᠎ᠠ᠃
 ᠰᠠᠷ᠎ᠠ ᠶ᠋ᠢᠨ ᠳᠠᠷᠠᠭ᠎ᠠ ᠬᠠᠷᠪᠸᠻ ᠬᠣᠶᠠᠷ ᠭᠠᠷ ᠲᠠᠢ ᠺᠢᠷᠭᠢᠽ ᠲᠣᠰᠬᠣᠨ ᠢ᠋ ᠳᠡᠭᠡᠷᠡᠮᠳᠡᠭᠰᠡᠨ ᠪᠠᠢᠯ᠎ᠠ᠃

               ᠠᠷᠪᠠᠨ ᠳᠣᠯᠣᠭ᠎ᠠ
 ᠴᠠᠭᠠᠨ ᠠᠭᠤᠯᠠ ᠶ᠋ᠢᠨ ᠣᠢᠷᠠᠳ ᠤ᠋ᠳ  ᠬᠠᠷᠪᠸᠻ ᠢ᠋ ᠬᠣᠶᠠᠷ ᠭᠠᠷ ᠲᠠᠢ ᠪᠠᠢᠯᠳᠤᠵᠤ ᠶᠠᠪᠤᠭᠰᠠᠨ  ᠢ᠋ ᠬᠠᠷᠠᠭᠠᠳ《  ᠬᠠᠷᠪᠸᠻ ᠮᠥᠨ ᠤᠤ? ᠰᠢᠵᠠᠷᠠᠭᠤᠨ ᠡᠷ᠎ᠡ ᠬᠣᠶᠠᠷ ᠭᠠᠷ ᠠ᠋ᠴᠠ ᠪᠠᠨ ᠰᠠᠯᠤᠭᠰᠠᠨ ᠪᠤᠰᠤ ᠤᠤ? ᠬᠡᠨ ᠭᠠᠷ ᠥᠭᠪᠡ?》 ᠭᠡᠮᠡᠨ ᠣᠨᠢᠰᠣᠭ᠎ᠠ ᠳᠠᠭᠠᠬᠤ ᠶ᠋ᠢ ᠬᠢᠴᠢᠶᠡᠪᠡ᠃ ᠺᠢᠷᠭᠢᠽ ᠲᠣᠰᠬᠣᠨ ᠤ᠋ ᠲᠠᠷᠢᠶᠠᠴᠢᠳ ᠬᠠᠷᠪᠸᠻ ᠠ᠋ᠴᠠ ᠠᠶᠤᠬᠤ ᠳ᠋ᠠᠭᠠᠨ ᠤᠯᠠᠭᠠᠨ ᠪᠤᠭᠤᠳᠠᠢ ᠶ᠋ᠢᠨ ᠨᠡᠷᠡᠮᠡᠯ ᠢ᠋ᠶ᠋ᠡᠨ ᠸᠠᠭᠠᠷ ᠲᠠᠢ ᠨᠢ ᠠᠪᠴᠢᠷᠠᠵᠤ ᠰᠥᠩᠨᠡᠨ᠎ᠡ᠃ ᠬᠠᠷᠪᠸᠻ ᠪᠠᠢᠯᠳᠤᠭᠠᠨ ᠳ᠋ᠤ᠌ ᠳᠣᠯᠢᠩᠭᠠᠷᠰᠢᠵᠤ ᠬᠡᠭᠡᠷ᠎ᠡ ᠶ᠋ᠢᠨ ᠠᠮᠢᠲᠠᠨ ᠰᠢᠭ᠋ ᠪᠣᠯᠤᠭᠰᠠᠨ ᠴᠡᠷᠢᠭ ᠦ᠋ᠳ ᠢ᠋ᠶ᠋ᠡᠨ ᠭᠡᠷ ᠣᠷᠣᠨ ᠳ᠋ᠤ᠌ ᠲᠠᠷᠬᠠᠭᠠᠵᠤ᠂ ᠴᠤᠭᠯᠠᠷᠠᠬᠤ ᠬᠤᠭᠤᠴᠠᠭ᠎ᠠ ᠶ᠋ᠢ ᠰᠠᠷᠠ ᠣᠳᠣ ᠶ᠋ᠢᠨ ᠲᠣᠬᠢᠶᠠᠯ ᠢ᠋ᠶ᠋ᠠᠷ ᠲᠣᠭᠲᠠᠭᠠᠵᠠᠢ᠃ ᠨᠡᠷᠡᠮᠡᠯ ᠦ᠋ᠨ  ᠣᠬᠢ ᠦᠨᠦᠷᠲᠦᠭᠰᠡᠨ ᠰᠢᠪᠠᠷ ᠣᠷᠣᠮᠵᠢ ᠳ᠋ᠤ᠌ ᠬᠠᠷᠪᠸᠻ ᠤ᠋ᠨ ᠰᠢᠷᠠᠳᠠᠭᠰᠠᠨ ᠬᠣᠳᠣᠭᠣᠳᠣ ᠢᠰᠬᠦᠯᠡᠩ ᠳᠠᠷᠠᠰᠤ ᠨᠡᠬᠡᠵᠦ ᠵᠣᠪᠠᠭᠠᠨ᠎ᠠ᠃ ᠬᠠᠷᠪᠸᠻ ᠨᠥᠮᠥᠷᠴᠦ ᠡᠮᠦᠰᠳᠡᠭ ᠴᠠᠮᠴᠠᠨ ᠳ᠋ᠠᠭᠠᠨ ᠬᠣᠯᠪᠣᠭ᠎ᠠ ᠭᠠᠷ ᠬᠢᠯᠭᠡᠵᠦ ᠪᠤᠯᠢᠭᠠᠷᠢ ᠪᠠᠷ ᠴᠡᠭᠡᠵᠢᠨ ᠳ᠋ᠡᠭᠡᠨ ᠪᠡᠬᠢᠯᠡᠭᠦᠯᠵᠦ ᠳᠠᠰᠬᠠᠯ ᠬᠢᠭᠰᠡᠭᠡᠷ ᠲᠣᠬᠣᠢ ᠠ᠋ᠴᠠ ᠤᠷᠤᠭᠰᠢ ᠲᠠᠰᠤᠳᠠᠭᠤᠯᠤᠭᠰᠠᠨ ᠭᠠᠷ ᠢ᠋ᠶ᠋ᠠᠷ ᠢ᠋ᠶ᠋ᠠᠨ ᠠᠶᠠᠭ᠎ᠠ ᠲᠠᠢ ᠪᠠᠨ ᠪᠠᠷᠢᠬᠤ ᠠ᠋ᠴᠠ ᠭᠠᠳᠠᠨ᠎ᠠ ᠵᠢᠳᠠ ᠪᠠᠷ ᠬᠠᠳᠬᠤᠳᠠᠭ ᠪᠣᠯᠵᠠᠢ᠃
 ᠰᠢᠪᠡᠷ ᠣᠷᠣᠮᠵᠢ ᠵᠢᠵᠢᠭ ᠲᠣᠣᠷ ᠤ᠋ᠨ ᠴᠣᠩᠬᠣ ᠲᠠᠢ ᠪᠠᠢᠪᠠ᠃ ᠣᠢᠷᠠᠯᠴᠠᠭᠠᠬᠢ ᠲᠣᠰᠬᠣᠳ ᠠ᠋ᠴᠠ ᠲᠡᠭᠦᠨ ᠦ᠌ ᠴᠡᠷᠢᠭ ᠦ᠋ᠳ ᠬᠣᠭᠣᠯᠠ ᠵᠥᠭᠡᠭᠡᠨ᠎ᠡ᠃ ᠠᠩ ᠤ᠋ᠨ ᠴᠢᠨᠠᠭᠰᠠᠨ ᠮᠢᠬ᠎ᠠ ᠰᠦ  ᠪᠡᠷ ᠬᠣᠭᠣᠯᠠᠯᠠᠳᠠᠭ ᠬᠠᠷᠪᠸᠺ ᠰᠡᠭᠦᠯ ᠳ᠋ᠡᠭᠡᠨ ᠰᠠᠷᠬᠤᠳ ᠵᠣᠭᠣᠭᠯᠠᠬᠤ ᠪᠣᠯᠵᠠᠢ᠃ ᠰᠠᠷᠬᠤᠳ ᠤ᠋ᠨ ᠠᠭᠠᠭ ᠲᠤ᠌ ᠬᠠᠯᠠᠮᠴᠠᠭᠠᠳ ᠢᠷᠡᠬᠦ  ᠪᠡᠷ  ᠢ᠋ᠶ᠋ᠡᠨ ᠬᠠᠷᠪᠸᠺ᠂
—  ᠪᠢ ᠴᠢᠨᠢ ᠮᠣᠩᠭᠣᠯ ᠬᠥᠮᠦᠨ ᠰᠢᠦ ᠳᠡ᠃ ᠨᠠᠮᠠᠶ᠋ᠢ ᠮᠣᠩᠭᠣᠯ ᠴᠢᠰᠤ ᠲᠠᠢ ᠭᠡᠳᠡᠭ  ᠶᠤᠮ᠃ ᠣᠢᠷᠠᠳ ᠤ᠋ᠨ ᠴᠡᠷᠢᠭ  ᠦ᠋ᠳ ᠲᠡᠢ ᠤᠳᠠᠭᠠᠨ ᠵᠢᠯ ᠪᠠᠢᠯᠳᠤᠯ᠎ᠠ᠃ ᠭᠠᠯᠳᠠᠨ ᠬᠠᠭᠠᠨ ᠤ᠋ ᠬᠠᠲᠤᠨ ᠶᠠᠮᠠᠷ ᠡᠷᠡᠮᠡᠬᠡᠢ ᠪᠣᠢ᠂ ᠲᠡᠷᠡ ᠬᠠᠲᠤᠨ  ᠢ᠋ ᠪᠢ ᠣᠯᠵᠠᠯᠠᠵᠤ ᠥᠪᠡᠷ ᠦ᠋ᠨ ᠪᠣᠯᠭᠠᠮᠠᠷ ᠪᠠᠢᠨ᠎ᠠ᠃ᠲᠠᠨᠤᠰ ᠲᠤᠰᠠᠯᠠᠭᠠᠳ ᠥᠭᠭᠦᠭᠡᠴᠢ ᠭᠡᠮᠡᠨ ᠡᠯᠳᠡᠪ  ᠢ᠋ ᠥᠭᠦᠯᠡᠨ᠎ᠡ᠃
ᠬᠠᠷᠪᠸᠺ ᠬᠠᠮᠢᠭ᠎ᠠ ᠨᠢᠭᠤᠭᠳᠠᠵᠤ ᠪᠠᠢᠭ᠎ᠠ ᠶ᠋ᠢ ᠴᠠᠭᠠᠨ ᠠᠭᠤᠯᠠ ᠶ᠋ᠢᠨ ᠣᠢᠷᠠᠳ ᠴᠡᠷᠢᠭ ᠦ᠋ᠨ ᠬᠦᠷᠢᠶᠡᠨ ᠦ᠌ ᠬᠢᠨ ᠲᠠᠩᠨᠠᠭᠰᠠᠭᠠᠷ ᠪᠠᠢᠵᠠᠢ᠃ ᠬᠠᠯᠠᠮᠴᠠᠭᠤ ᠦᠶ᠎ᠡ ᠳ᠋ᠡᠭᠡᠨ ᠬᠠᠷᠪᠸᠺ ᠶᠡᠬᠡᠳᠡ ᠲᠠᠢᠳᠬᠤᠷᠠᠭᠰᠠᠨ ᠪᠠᠢᠳᠠᠭ᠃
—  ᠡᠴᠢᠭᠡ ᠶ᠋ᠢᠨ ᠥᠰᠢᠶ᠎ᠡ ᠶ᠋ᠢ ᠪᠢ ᠠᠪᠤᠭᠰᠠᠨ᠃ᠨᠠᠮᠠᠶ᠋ᠢ ᠠᠳᠤᠭᠤᠰᠤ ᠪᠣᠯᠭᠠᠯ᠎ᠠ᠃ ᠪᠢ ᠠᠳᠤᠭᠤᠰᠤ ᠪᠣᠯᠤᠮᠠᠷ ᠦᠭᠡᠢ ᠪᠠᠢᠨ᠎ᠠ᠃ ᠪᠢ ᠠᠷᠢᠶᠠᠲᠠᠨ ᠪᠠᠢᠮᠠᠷ ᠪᠠᠢᠨ᠎ᠠ᠃ ᠮᠣᠩᠭᠣᠯᠴᠤᠳ ᠤ᠋ᠨ ᠳᠤᠮᠳᠠ ᠥᠪᠡᠷ ᠦ᠋ᠨ ᠬᠥᠮᠦᠨ ᠲᠡᠢ ᠪᠠᠢᠵᠤ ᠴᠣᠷᠣᠰ ᠠᠢᠮᠠᠭ ᠤ᠋ᠨ ᠶᠡᠬᠡ ᠬᠦᠷᠢᠶ᠎ᠡ ᠶ᠋ᠢ ᠡᠵᠡᠯᠡᠪᠡᠯ ᠬᠠᠮᠤᠭ ᠤ᠋ᠨ ᠲᠦᠷᠦᠭᠦᠨ ᠳ᠋ᠦ᠍ ᠬᠠᠭᠠᠨ ᠤ᠋ ᠬᠠᠲᠤᠨ ᠢ᠋ ᠠᠪᠤᠨ᠎ᠠ᠃ᠨᠠᠮᠠᠶ᠋ᠢ ᠶᠠᠮᠠᠷ ᠲᠦᠷᠢᠮᠡᠬᠡᠢ᠂ ᠬᠦᠴᠦ ᠲᠡᠢ ᠪᠣᠯᠬᠤ ᠶ᠋ᠢ ᠲᠡᠷᠡ ᠳᠠᠢᠴᠢᠨ ᠬᠠᠲᠤᠨ ᠳ᠋ᠤ᠌ ᠮᠡᠳᠡᠷᠡᠭᠦᠯᠬᠦ ᠶᠤᠮᠰᠠᠨ ᠭᠡᠮᠡᠨ ᠬᠠᠷᠪᠸᠺ ᠡᠬᠢ ᠠᠳᠠᠭ ᠦᠭᠡᠢ ᠬᠠᠰᠬᠢᠷᠤᠨ᠎ᠠ᠃
—   ᠪᠸᠺ ᠲᠠ ᠲᠠᠢᠪᠤᠩ ᠪᠠᠢᠭᠲᠤᠨ᠃ᠲᠣᠰᠬᠣᠨ ᠤ᠋ ᠳᠣᠲᠣᠷ᠎ᠠ ᠡᠯᠵᠢᠭᠡ ᠬᠥᠲᠥᠯᠦᠭᠰᠡᠨ ᠨᠡᠭᠦᠳᠡᠯᠴᠢᠳ ᠴᠤᠪᠤᠵᠤ ᠶᠠᠪᠤᠨ᠎ᠠ᠃ᠴᠠᠭᠠᠨ ᠠᠭᠤᠯᠠ ᠶ᠋ᠢᠨ ᠳᠣᠮᠣᠭᠲᠤ ᠮᠣᠩᠭᠣᠯᠴᠤᠳ ᠣᠷᠣᠭᠠᠳ ᠢᠷᠡᠭᠰᠡᠨ ᠪᠠᠢᠵᠤ ᠮᠡᠳᠡᠨ᠎ᠡ ᠰᠢᠦ᠃ ᠣᠢᠷᠠᠳ ᠤ᠋ᠨ ᠴᠡᠷᠢᠭ ᠮᠠᠨᠵᠤ ᠲᠠᠢ ᠲᠤᠯᠤᠯᠳᠤᠬᠤ ᠪᠠᠷ ᠶᠠᠪᠤᠵᠤ ᠴᠠᠭᠠᠨ ᠠᠭᠤᠯᠠ ᠶ᠋ᠢᠨ ᠴᠡᠷᠢᠭ ᠦ᠋ᠨ ᠬᠦᠷᠢᠶᠡᠨ ᠦ᠌ ᠳᠠᠢᠴᠢᠳ ᠨᠤᠲᠤᠭ ᠤᠷᠤᠭᠤ ᠪᠠᠨ ᠣᠳᠤᠭᠰᠠᠨ᠃ᠮᠣᠩᠭᠣᠯᠴᠤᠳ ᠡᠷᠭᠢᠭᠡᠳ ᠢᠷᠡᠨ᠎ᠡ᠃ ᠲᠠᠨ ᠤ᠋ ᠬᠦᠴᠦ ᠪᠥᠭᠡᠮᠨᠡᠷᠡᠵᠦ ᠭᠦᠢᠴᠡᠭᠡ ᠦᠭᠡᠢ ᠲᠤᠯᠠ ᠨᠢᠭᠤᠭᠳᠠᠭᠰᠠᠨ ᠬᠡᠪ ᠢ᠋ᠶ᠋ᠡᠷ ᠢ᠋ᠶ᠋ᠡᠨ ᠡᠪᠦᠯᠵᠢᠬᠦ ᠬᠡᠷᠡᠭᠲᠡᠢ ᠭᠡᠵᠦ ᠭᠡᠷ ᠦ᠋ᠨ ᠡᠵᠡᠨ ᠤᠷᠲᠤ ᠰᠠᠬᠠᠯᠲᠤ ᠶ᠋ᠢ ᠥᠴᠢᠬᠦ ᠳ᠋ᠦ᠍ ᠬᠠᠷᠪᠸᠺ ᠮᠤᠬᠤᠷᠳᠠᠪᠠ᠃
ᠲᠡᠮᠦᠷ ᠢ᠋ᠶ᠋ᠡᠷ ᠭᠢᠨᠵᠢᠯᠡᠵᠦ ᠤᠷᠲᠤ ᠮᠣᠳᠣ ᠪᠠᠷ ᠴᠦᠯᠡᠭᠰᠡᠨ ᠮᠣᠳᠣᠨ ᠬᠠᠭᠠᠯᠭᠠᠨ ᠤ᠋ ᠥᠭᠢᠷᠡᠵᠦ ᠮᠠᠭᠤᠳᠠᠭᠰᠠᠨ ᠳᠠᠯᠠᠪᠴᠢ ᠰᠠᠯᠬᠢᠨ ᠳ᠋ᠤ᠌ ᠰᠡᠨᠵᠢᠭᠢᠨᠡᠨ ᠳᠤᠤᠭᠠᠷᠬᠤ ᠳ᠋ᠤ᠌ ᠬᠠᠷᠪᠸᠺ ᠬᠠᠷ᠎ᠠ ᠴᠣᠬᠢᠵᠤ ᠤᠷᠲᠤ ᠰᠠᠬᠠᠯᠲᠤ ᠳ᠋ᠤ᠌᠂
—  ᠬᠠᠭᠠᠯᠭᠠᠨ ᠤ᠋ ᠪᠠᠨ ᠳᠠᠯᠠᠪᠴᠢ ᠶ᠋ᠢ ᠰᠣᠯᠢ ᠭᠡᠵᠦ ᠣᠮᠣᠭᠳᠠᠪᠠ᠃ ᠬᠠᠷᠪᠸᠺ ᠲᠠᠢ ᠴᠣᠭ ᠠᠭᠤᠯᠠ ᠪᠠᠷ ᠭᠡᠷᠦᠨ ᠬᠡᠰᠦᠭᠦᠴᠢᠯᠡᠵᠦ ᠲᠣᠷᠭᠠᠨ ᠤ᠋ ᠵᠠᠮ ᠳᠠᠭᠠᠤ ᠳᠡᠭᠡᠷᠡᠮ ᠲᠣᠨᠣᠭᠤᠯ ᠬᠢᠵᠦ᠂ ᠵᠡᠭᠦᠨᠭᠠᠷ ᠤ᠋ᠨ ᠬᠠᠭᠠᠨᠲᠤ ᠤᠯᠤᠰ ᠲᠤ᠌ ᠤᠤᠯᠭᠠᠯᠠᠨ ᠳᠠᠭᠠᠷᠢᠳᠠᠭ ᠮᠢᠩᠭᠠᠲᠤ ᠶ᠋ᠢᠨ ᠵᠠᠷᠢᠮ ᠨᠢ ᠣᠷᠣᠬᠤ ᠣᠷᠣᠨ ᠦᠭᠡᠢ ᠪᠢᠯᠡ᠃ ᠲᠡᠳᠡ ᠬᠡᠰᠡᠭ ᠪᠤᠰᠠᠭ ᠢ᠋ᠶ᠋ᠠᠷ ᠰᠠᠷᠢ ᠭᠣᠣᠯ ᠤ᠋ᠨ ᠬᠥᠪᠡᠭᠡᠨ ᠦ᠌ ᠲᠣᠰᠬᠣᠳ ᠢ᠋ ᠲᠣᠨᠣᠵᠤ ᠲᠤᠢᠯᠳᠠᠭᠰᠠᠨ ᠶᠠᠳᠠᠭᠤ ᠵᠦᠳᠡᠭᠦᠦ ᠬᠥᠮᠦᠰ ᠢ᠋ ᠠᠶᠤᠯᠭᠠᠨ᠎ᠠ᠃
ᠬᠠᠷᠪᠸᠺ ᠤ᠋ᠨ ᠨᠢᠳᠦ ᠨᠢ ᠨᠣᠭᠣᠭᠠᠨ᠂ ᠤᠯᠠᠭᠠᠨ ᠬᠦᠷᠡᠩ ᠰᠠᠬᠠᠯ ᠨᠢ ᠴᠠᠭᠠᠨ ᠰᠤᠷ ᠲᠠᠢ ᠪᠣᠯᠵᠤ ᠲᠣᠯᠣᠭᠠᠢ ᠪᠠᠨ ᠳᠠᠪᠤᠤ ᠪᠠᠷ ᠪᠢᠲᠡᠭᠦᠯᠡᠵᠦ ᠣᠷᠢᠶᠠᠨ᠎ᠠ᠃ ᠵᠤᠵᠠᠭᠠᠨ ᠮᠣᠳᠣᠨ ᠲᠠᠪᠴᠠᠩ ᠲᠠᠢ ᠰᠢᠷᠡᠭᠡᠨ ᠳᠡᠭᠡᠷ᠎ᠡ ᠸᠠᠭᠠᠷ ᠲᠠᠢ ᠨᠡᠷᠡᠮᠡᠯ ᠲᠠᠯᠪᠢᠬᠤ ᠳ᠋ᠤ᠌ ᠲᠡᠭᠦᠨ ᠦ᠌ ᠬᠠᠷ᠎ᠠ ᠬᠥᠯᠥᠰᠥ ᠴᠢᠳᠬᠤᠨ᠎ᠠ᠃ ᠨᠡᠷᠡᠮᠡᠯ  ᠢ᠋ ᠦᠬᠡᠷ ᠦ᠋ᠨ ᠡᠪᠡᠷ ᠲᠣᠨᠣᠭᠯᠠᠵᠤ᠂ ᠠᠮᠠᠰᠠᠷ ᠢ᠋ ᠵᠡᠰ ᠢ᠋ᠶ᠋ᠡᠷ ᠪᠦᠷᠢᠭᠰᠡᠨ ᠤᠷᠲᠤ ᠮᠤᠰᠬᠢᠶ᠎ᠡ ᠡᠪᠡᠷ ᠠᠶᠠᠭᠠᠨ ᠳ᠋ᠤ᠌ ᠳᠦᠭᠦᠷᠭᠡᠵᠦ ᠤᠷᠲᠤ ᠰᠠᠬᠠᠯᠲᠤ ᠨᠢ ᠬᠠᠷᠪᠸᠺ ᠲᠤ᠌ ᠪᠠᠷᠢᠪᠠ᠃ ᠲᠡᠷᠡ ᠳᠠᠢᠴᠢᠨ ᠡᠷ᠎ᠡ ᠦᠬᠡᠷ ᠦ᠋ᠨ ᠡᠪᠡᠷ ᠠᠶᠠᠭᠠᠨ ᠳ᠋ᠤ᠌ ᠶᠡᠭᠦᠯᠡᠭᠰᠡᠨ ᠰᠠᠷᠬᠤᠳ ᠢ᠋ ᠭᠠᠭᠴᠠ ᠠᠮᠢᠰᠬᠤᠭ᠎ᠠ ᠪᠠᠷ ᠬᠥᠨᠲᠥᠷᠪᠡ᠃

ᠰᠤᠯᠲᠠᠨ ᠤ᠋ ᠰᠢᠯᠲᠦᠭᠡᠨ ᠳ᠋ᠦ᠍ ᠲᠤᠬᠠᠯᠠᠬᠤ ᠳᠤᠷ᠎ᠠ ᠦᠭᠡᠢ ᠬᠠᠷᠪᠸᠻ ᠡᠩ ᠦ᠋ᠨ ᠬᠣᠲᠠ ᠲᠣᠰᠬᠣᠨ ᠢ᠋ᠶ᠋ᠠᠷ ᠬᠡᠰᠦᠭᠦᠴᠢᠯᠡᠨ ᠲᠡᠨᠦᠵᠦ᠂ ᠤᠢᠳᠤᠭᠰᠠᠨ ᠦᠶ᠎ᠡ ᠳ᠋ᠡᠭᠡᠨ ᠳᠤᠮᠳᠠᠳᠤ ᠠᠽᠢᠶ᠎ᠠ ᠳᠠᠶᠠᠭᠠᠷ《 ᠭᠠᠯᠳᠠᠨ ᠬᠠᠭᠠᠨ ᠤ᠋ ᠬᠠᠲᠤᠨ ᠠᠨᠤ ᠬᠡᠮᠡᠬᠦ ᠦᠵᠡᠰᠬᠦᠯᠡᠩ ᠲᠡᠭᠦᠯᠳᠡᠷ᠂ ᠪᠠᠭᠠᠲᠤᠷᠯᠢᠭ ᠡᠮᠡᠭᠲᠡᠢ ᠪᠠᠢᠨ᠎ᠠ᠃ ᠲᠡᠷᠡ ᠪᠦᠰᠡᠭᠦᠢ ᠶ᠋ᠢᠨ ᠳᠠᠢᠴᠢᠨ ᠲᠥᠷᠬᠦ ᠪᠠᠢᠳᠠᠯ᠂ ᠰᠡᠯᠡᠮ᠎ᠡ ᠶ᠋ᠢᠨ ᠡᠷᠳᠡᠮ ᠴᠢᠳᠠᠯ ᠭᠠᠢᠬᠠᠮᠰᠢᠭᠲᠠᠢ》 ᠭᠡᠮᠡᠨ ᠴᠤᠤ ᠲᠠᠷᠬᠠᠭᠠᠪᠠ᠃ ᠮᠥᠨ ᠬᠠᠰᠠᠭ ᠤ᠋ᠨ ᠰᠤᠯᠲᠠᠨ ᠨᠣᠶᠠᠨ ᠲᠡᠭᠦᠨ ᠦ᠌ ᠦᠭᠡᠨ ᠳ᠋ᠦ᠍ ᠢᠲᠡᠭᠡᠵᠦ ᠠᠨᠤ ᠬᠠᠲᠤᠨ ᠢ᠋ ᠨᠢᠳᠦ ᠪᠡᠷ ᠬᠠᠷᠠᠬᠤ ᠶ᠋ᠢ ᠬᠦᠰᠡᠵᠦ ᠪᠠᠢᠯ᠎ᠠ᠃
    ᠬᠠᠷᠪᠸᠻ ᠢ᠋ ᠬᠥᠯᠴᠥᠭᠦᠦ ᠪᠠᠢᠬᠤ ᠳ᠋ᠤ᠌ ᠰᠢᠯᠲᠦᠭᠡᠨ ᠳ᠋ᠦ᠍ ᠠᠪᠠᠴᠢᠪᠠ᠃
—  ᠠᠨᠤ ᠬᠠᠲᠤᠨ ᠶᠠᠮᠠᠷᠰᠢᠤ ᠪᠦᠰᠡᠭᠦᠢ ᠪᠠᠢᠭᠰᠠᠨ ᠢ᠋ ᠬᠡᠯᠡᠭᠡᠳ ᠥᠭ᠃ ᠲᠡᠷᠡ ᠬᠠᠲᠤᠨ ᠤ᠋ ᠦᠵᠡᠰᠬᠦᠯᠡᠩ ᠶᠠᠮᠠᠷ ᠪᠣᠢ? ᠭᠡᠮᠡᠨ ᠰᠤᠯᠲᠠᠨ ᠰᠢᠯᠣᠩᠬᠡᠢᠳᠡᠪᠡ᠃ ᠬᠠᠷᠪᠸᠻ ᠨᠢᠳᠦ ᠪᠡᠨ ᠠᠨᠢᠵᠤ᠂
—   ᠮᠣᠷᠢᠨ ᠳᠡᠭᠡᠷ᠎ᠡ ᠤᠷᠭᠤᠭᠰᠠᠨ ᠬᠤᠰᠤ ᠯᠤᠭ᠎ᠠ ᠤᠷᠠᠨ ᠨᠠᠯᠠᠷᠬᠠᠢ ᠪᠡᠶ᠎ᠡ ᠲᠡᠢ᠂ ᠬᠥᠳᠡᠯᠭᠡᠭᠡᠨ ᠡᠪᠰᠡᠯ ᠨᠢ ᠨᠠᠭᠤᠷ ᠤ᠋ᠨ ᠳᠣᠯᠭᠢᠶᠠᠨ ᠮᠡᠲᠦ ᠨᠠᠮᠢᠯᠵᠠᠭ᠎ᠠ ᠲᠠᠢ᠂ ᠳᠠᠭᠤ ᠬᠣᠭᠣᠯᠠᠢ ᠨᠢ ᠵᠢᠮᠪᠦᠷ ᠦ᠋ᠨ ᠡᠭᠡᠰᠢᠭ ᠯᠦ᠍ᠭᠡ ᠠᠳᠠᠯᠢ ᠤᠶᠠᠩᠭᠠᠯᠢᠭ ᠪᠦᠰᠡᠭᠦᠢ ᠪᠠᠢᠭᠰᠠᠨ᠃ ᠲᠡᠷᠡ ᠠᠨᠤ ᠬᠠᠲᠤᠨ ᠮᠣᠷᠢᠨ ᠳᠡᠭᠡᠷ᠎ᠡ ᠪᠥᠵᠢᠭᠯᠡᠬᠦ ᠮᠡᠲᠦ ᠰᠡᠯᠡᠮᠡᠳᠡᠨ᠎ᠡ᠃ ᠣᠨᠴᠠ ᠭᠠᠷᠮᠠᠭᠠᠢ ᠪᠠᠭᠠᠲᠤᠷ ᠶᠤᠮ ᠪᠢᠯᠡ ᠭᠡᠮᠡᠨ ᠳᠦᠷᠰᠦᠯᠡᠵᠦ ᠶᠠᠳᠠᠨ ᠥᠭᠦᠯᠡᠪᠡ᠃
—   ᠬᠠᠷᠪᠸᠻ ᠴᠢᠮᠠᠶ᠋ᠢ ᠠᠯᠠᠬᠤ ᠪᠠᠷ ᠮᠥᠷᠳᠡᠵᠦ ᠪᠠᠢᠭ᠎ᠠ ᠰᠤᠷᠠᠭ ᠭᠠᠷᠪᠠ᠃ ᠬᠣᠲᠠ ᠲᠣᠰᠬᠣᠨ ᠢ᠋ᠶ᠋ᠠᠷ ᠲᠡᠨᠦᠭᠦᠴᠢᠯᠡᠵᠦ ᠶᠠᠪᠤᠬᠤ ᠶ᠋ᠢᠨ ᠣᠷᠣᠨ ᠳ᠋ᠤ᠌ ᠰᠢᠯᠲᠦᠭᠡᠨ ᠳ᠋ᠦ᠍ ᠵᠠᠯᠠᠷᠠᠵᠤ ᠰᠠᠭᠤᠬᠤ ᠶ᠋ᠢ ᠴᠢᠮ᠎ᠠ ᠳ᠋ᠤ᠌ ᠲᠤᠰᠢᠶᠠᠨ᠎ᠠ᠃ ᠴᠠᠭᠠᠨ ᠠᠭᠤᠯᠠ ᠶ᠋ᠢᠨ ᠣᠢᠷᠠᠳ ᠤ᠋ᠳ ᠶᠠᠮᠠᠷ ᠣᠮᠣᠭᠯᠠᠩ ᠪᠢᠯᠡ᠃ ᠬᠢᠯᠢ ᠬᠠᠢᠴᠢ ᠪᠠᠷ ᠵᠠᠯᠭᠠᠯᠳᠤᠭᠰᠠᠨ ᠣᠢᠷᠠᠳ ᠤ᠋ᠳ ᠳᠣᠪᠲᠣᠯᠤᠨ ᠢᠷᠡᠪᠡᠯ ᠶᠠᠭᠠᠬᠢᠬᠤ ᠪᠢᠯᠡ? ᠭᠡᠮᠡᠨ ᠰᠤᠯᠲᠠᠨ ᠵᠠᠷᠯᠢᠭᠳᠠᠪᠠ᠃ ᠬᠠᠷᠪᠸᠻ ᠶᠣᠣᠵᠠ ᠦᠭᠡᠢ ᠢᠨᠢᠶᠡᠵᠦ᠂
—  ᠬᠠᠲᠤᠨ ᠠᠪᠠᠬᠠᠢ ᠵᠢᠷᠦᠬᠡᠨ ᠳ᠋ᠦ᠍ ᠣᠷᠣᠴᠢᠬᠠᠯ᠎ᠠ ᠭᠡᠵᠦ ᠴᠡᠭᠡᠵᠢ ᠪᠡᠨ ᠳᠠᠷᠤᠪᠠ᠃
—   ᠠᠨᠤ ᠬᠠᠲᠤᠨ ᠪᠣᠯ ᠳᠥᠷᠪᠡᠨ ᠣᠢᠷᠠᠳ ᠤ᠋ᠨ ᠬᠠᠭᠠᠨ ᠤ᠋ ᠵᠢᠩᠳᠠᠭᠠᠨ ᠳ᠋ᠤ᠌ ᠴᠡᠯ ᠵᠠᠯᠠᠭᠤ ᠪᠠᠷ ᠢ᠋ᠶ᠋ᠠᠨ ᠣᠴᠢᠭᠰᠠᠨ ᠳᠣᠮᠣᠭ ᠰᠢᠭ᠋ ᠪᠦᠰᠡᠭᠦᠢ᠃ ᠲᠡᠢᠮᠦ ᠵᠠᠷ ᠲᠤ᠌ ᠭᠠᠷᠤᠭᠰᠠᠨ ᠪᠦᠰᠡᠭᠦᠢ ᠳ᠋ᠦ᠍ ᠭᠠᠷ ᠢ᠋ᠶ᠋ᠠᠨ ᠲᠠᠰᠤᠯᠤᠭᠤᠯᠤᠯ᠎ᠠ᠃ ᠴᠢᠨᠦ ᠪᠤᠵᠠᠷ ᠭᠠᠷ ᠡᠳᠦᠢ ᠳ᠋ᠦ᠍ ᠥᠳᠥ ᠶ᠋ᠢᠨ ᠬᠣᠭᠣᠯᠠ ᠪᠣᠯᠤᠭᠰᠠᠨ᠃ ᠳᠠᠷᠠᠰᠤ ᠵᠣᠭᠣᠭᠯᠠᠬᠤ ᠪᠠᠨ ᠪᠣᠯᠢᠵᠤ ᠴᠡᠷᠢᠭ ᠦ᠋ᠨ ᠵᠠᠩᠵᠤᠨ ᠤ᠋ ᠡᠷᠬᠡ ᠶᠠᠩᠪᠠ ᠶ᠋ᠢ ᠡᠳ᠋ᠯᠡᠵᠦ ᠰᠠᠭᠤᠬᠤ ᠶ᠋ᠢ ᠬᠠᠷᠪᠸᠻ ᠲᠤ᠌ ᠲᠤᠰᠢᠶᠠᠨ᠎ᠠ ᠭᠡᠵᠦ ᠰᠤᠯᠲᠠᠨ ᠬᠡᠯᠡᠪᠡ᠃ ᠬᠠᠷᠪᠸᠻ ᠪᠣᠯ ᠵᠠᠷ ᠲᠠᠢ ᠳᠡᠭᠡᠷᠡᠮᠴᠢᠨ ᠲᠡᠳᠦᠢ ᠦᠭᠡᠢ ᠬᠠᠰᠠᠭ ᠴᠡᠷᠢᠭ ᠦ᠋ᠨ ᠵᠠᠩᠵᠤᠨ ᠶᠤᠮ᠃
—  ᠴᠢ ᠦᠬᠦᠵᠦ ᠦᠯᠦ ᠪᠣᠯᠤᠨ᠎ᠠ᠂ ᠴᠢᠨᠦ ᠦᠬᠦᠯ ᠢ᠋ ᠪᠢ ᠴᠠᠭᠠᠵᠠ ᠪᠠᠷ ᠬᠣᠷᠢᠪᠠ᠃ ᠬᠠᠷᠪᠸᠻ ᠢ᠋ ᠦᠬᠦᠭᠰᠡᠨ ᠪᠠᠢᠪᠠᠯ ᠨᠢᠭᠤᠬᠤ ᠬᠡᠷᠡᠭᠲᠡᠢ᠃ ᠮᠠᠨ ᠤ᠋ ᠬᠠᠰᠠᠭ ᠤ᠋ᠳ ᠴᠢᠮᠠᠶ᠋ᠢ ᠥᠨᠳᠥᠷ ᠦᠨᠡᠯᠡᠳᠡᠭ᠃
—   ᠳᠠᠷᠠᠰᠤ ᠨᠡᠷᠡᠳᠡᠭ ᠬᠢᠲᠠᠳ ᠬᠤᠳᠠᠯᠳᠤᠭᠠᠴᠢᠳ ᠲᠤ᠌ ᠪᠢ ᠣᠷᠣᠩᠨᠠᠮᠠᠷ ᠪᠠᠢᠨ᠎ᠠ᠃ ᠤᠯᠠᠭᠠᠨ ᠪᠤᠭᠤᠳᠠᠢ ᠶ᠋ᠢᠨ ᠲᠠᠷᠢᠶᠠᠯᠠᠩ  ᠢ᠋ ᠨᠠᠳᠠᠳᠤ ᠬᠠᠷᠢᠭᠤᠴᠠᠭᠤᠯᠪᠠᠯ ᠲᠠᠯᠠᠷᠬᠠᠨ᠎ᠠ᠃
—   ᠬᠦᠴᠦᠲᠦ ᠬᠠᠷᠪᠸᠻ ᠵᠠᠩᠵᠤᠨ ᠣᠢᠷᠠᠳ ᠤ᠋ᠨ ᠬᠠᠭᠠᠨ ᠤ᠋ ᠬᠠᠲᠤᠨ ᠳ᠋ᠤ᠌ ᠵᠢᠷᠦᠬᠡ ᠪᠡᠨ ᠥᠭᠴᠡᠢ᠃ ᠵᠢᠷᠦᠬᠡ ᠪᠡᠨ ᠪᠤᠴᠠᠭᠠᠵᠤ ᠠᠪ᠃ ᠳᠤᠮᠳᠠᠳᠤ ᠠᠽᠢᠶ᠎ᠠ ᠶ᠋ᠢᠨ ᠲᠠᠯ᠎ᠠ ᠨᠤᠲᠤᠭ᠂ ᠠᠭᠤᠯᠠᠷᠬᠠᠭ ᠥᠨᠳᠥᠷᠯᠢᠭ ᠲᠦ᠍ ᠴᠢᠮ᠎ᠠ ᠳ᠋ᠤ᠌ ᠲᠣᠬᠢᠷᠠᠬᠤ ᠪᠦᠰᠡᠭᠦᠢ ᠵᠥᠩᠳᠡᠭᠡᠨ ᠪᠣᠢ᠃ ᠲᠡᠨᠳᠡ ᠡᠴᠡ ᠨᠢᠭᠡ ᠶ᠋ᠢ ᠠᠪᠴᠢᠷᠠᠵᠤ ᠴᠢᠨᠦ ᠡᠪᠦᠷ ᠲᠦ᠍ ᠬᠢᠶ᠎ᠡ᠃ ᠴᠢ ᠭᠠᠷ ᠦᠭᠡᠢ ᠪᠤᠰᠤ ᠤᠤ? ᠴᠢᠮ᠎ᠠ ᠳ᠋ᠤ᠌ ᠭᠠᠷ ᠬᠡᠷᠡᠭᠲᠡᠢ᠃
—   ᠰᠤᠯᠲᠠᠨ ᠬᠠᠭᠠᠨ ᠲᠠ ᠥᠷᠥᠰᠢᠶᠡ! ᠲᠠᠪᠤᠨ ᠨᠠᠰᠤ ᠲᠠᠢ ᠳ᠋ᠠᠭᠠᠨ ᠬᠥᠪᠴᠢ ᠪᠡᠨ ᠲᠠᠰᠤᠯᠤᠭᠤᠯᠵᠤ ᠠᠷᠪᠠᠨ ᠭᠤᠷᠪᠠᠨ ᠨᠠᠰᠤᠨ ᠳ᠋ᠠᠭᠠᠨ ᠠᠢᠯ ᠤ᠋ᠨ ᠡᠬᠡᠨᠡᠷ ᠢ᠋ ᠴᠢᠰᠤ ᠠᠯᠳᠠᠭᠤᠯᠵᠤ ᠶᠠᠪᠤᠭᠰᠠᠨ᠃ ᠨᠠᠳᠠᠳᠤ ᠲᠠᠭᠠᠷᠠᠬᠤ ᠡᠬᠡᠨᠡᠷ ᠳᠤᠮᠳᠠᠳᠤ ᠠᠽᠢᠶ᠎ᠠ ᠳ᠋ᠤ᠌ ᠪᠠᠢᠬᠤ ᠦᠭᠡᠢ ᠰᠢᠦ᠃ ᠠᠯᠯᠠᠾ ᠲᠩᠷᠢ ᠮᠡᠳᠡᠨ᠎ᠡ᠃
—   ᠬᠥᠯᠴᠥᠭᠦᠦ ᠬᠠᠷᠪᠸᠺ ᠴᠢ ᠪᠤᠤ ᠲᠣᠩᠭᠣᠰ᠃ ᠴᠢᠨᠦ ᠰᠠᠯᠲᠠᠭᠠᠨ ᠤ᠋ ᠶᠠᠭᠤᠮ᠎ᠠ ᠠᠮᠠᠨ ᠳ᠋ᠠᠭᠠᠨ ᠣᠷᠣᠬᠤ ᠪᠣᠯᠤᠭ᠎ᠠ ᠦᠭᠡᠢ᠃ ᠲᠣᠮᠣ ᠡᠷᠬᠡᠲᠡᠨ ᠬᠦᠰᠡᠳᠡᠭ ᠬᠡᠦᠬᠡᠨ ᠨᠦ᠍ᠭᠦᠳ ᠵᠥᠩᠳᠡᠭᠡᠨ ᠪᠤᠰᠤ ᠤᠤ?
—   ᠰᠤᠯᠲᠠᠨ ᠮᠢᠨᠢ ᠪᠢ ᠳᠡᠷᠡᠰᠦᠨ ᠦ᠌ ᠦᠨᠦᠷ ᠲᠦ᠍ ᠣᠢᠷᠠᠬᠠᠨ ᠪᠠᠢᠮᠠᠷ ᠪᠠᠢᠨ᠎ᠠ᠃ ᠳᠡᠷᠡᠰᠦᠨ ᠦ᠌ ᠦᠨᠦᠷ ᠬᠡᠦᠬᠡᠨ ᠡᠴᠡ ᠢᠯᠡᠭᠦᠦ ᠢᠯᠳᠠᠮ᠂ ᠢᠯᠡᠭᠦᠦ ᠠᠩᠬᠢᠯᠤᠭᠤᠨ ᠪᠢᠯᠡ᠃
—   ᠲᠡᠭᠡᠪᠡᠯ ᠴᠢᠨᠦ ᠵᠢᠷᠦᠬᠡ ᠪᠡᠨ ᠠᠯᠳᠠᠭᠠᠳ ᠪᠠᠢᠭ᠎ᠠ ᠣᠢᠷᠠᠳ ᠤ᠋ᠨ ᠬᠠᠭᠠᠨ ᠤ᠋ ᠠᠨᠤ ᠬᠠᠲᠤᠨ ᠶᠠᠮᠠᠷ ᠪᠣᠯ᠂᠂᠂᠂
—   ᠲᠡᠷᠡ ᠬᠠᠲᠤᠨ ᠲᠩᠷᠢ ᠡᠴᠡ ᠵᠠᠯᠠᠷᠠᠭᠰᠠᠨ ᠪᠢᠵᠡ᠃ ᠲᠡᠭᠦᠨ ᠦ᠌ ᠪᠠᠷ᠎ᠠ ᠶ᠋ᠢ ᠬᠠᠷᠠᠬᠤ ᠦᠭᠡᠢ ᠪᠣᠯ ᠲᠠᠢᠳᠬᠤᠷᠠᠵᠤ ᠴᠢᠳᠠᠰᠢ ᠦᠭᠡᠢ᠃
ᠰᠤᠯᠲᠠᠨ ᠤ᠋ ᠰᠢᠯᠲᠦᠭᠡᠨ ᠢ᠋ ᠥᠨᠳᠥᠷ ᠠᠭᠤᠯᠠ ᠶ᠋ᠢᠨ ᠣᠷᠭᠢᠯ ᠤ᠋ᠨ ᠨᠠᠯᠠᠤ ᠶ᠋ᠢ ᠲᠡᠭᠰᠢᠯᠡᠵᠦ ᠪᠠᠷᠢᠵᠠᠢ᠃ ᠰᠢᠯᠲᠦᠭᠡᠨ ᠦ᠌ ᠨᠢᠭᠡ ᠲᠠᠯ᠎ᠠ ᠨᠢ ᠠᠭᠤᠯᠠ ᠶ᠋ᠢᠨ ᠬᠠᠳᠠᠨ ᠳ᠋ᠤ᠌ ᠰᠢᠭᠢᠳᠦᠭᠰᠡᠨ ᠪᠠᠢᠪᠠ᠃ ᠰᠢᠯᠲᠦᠭᠡᠨ ᠳ᠋ᠦ᠍ ᠬᠦᠷᠬᠦ ᠵᠠᠮ ᠨᠢ ᠠᠯᠤᠰ ᠠ᠋ᠴᠠ ᠥᠭᠰᠥᠬᠡᠷ ᠪᠥᠭᠡᠳ ᠬᠡᠳᠦ ᠬᠡᠳᠦᠨ ᠬᠠᠭᠠᠯᠲᠠ ᠬᠠᠰᠢᠯᠲᠠ ᠶ᠋ᠢ ᠣᠩᠭᠣᠢᠯᠭᠠᠵᠤ ᠨᠦᠰᠡᠷ ᠳᠡ ᠮᠸᠨ ᠬᠠᠭᠠᠯᠭᠠᠨ ᠳ᠋ᠤ᠌ ᠲᠤᠯᠤᠨ᠎ᠠ᠃ ᠬᠠᠭᠠᠯᠭ᠎ᠠ ᠣᠩᠭᠣᠢᠬᠤ ᠦᠭᠡᠢ ᠪᠣᠯ ᠣᠷᠣᠬᠤ ᠠᠷᠭ᠎ᠠ ᠦᠭᠡᠢ ᠪᠢᠯᠡ᠃ ᠲᠡᠷᠡ ᠬᠦ᠌ ᠲᠠᠩᠰᠤᠭ ᠰᠢᠯᠲᠦᠭᠡᠨ ᠳ᠋ᠦ᠍ ᠬᠠᠷᠪᠸᠺ ᠲᠣᠭᠲᠠᠵᠤ ᠴᠢᠳᠠᠬᠤ ᠦᠭᠡᠢ ᠪᠠᠢᠭᠰᠠᠭᠠᠷ ᠨᠢᠭᠡ ᠪᠦᠦᠳᠡᠭᠡᠷ ᠡᠳᠦᠷ ᠮᠣᠷᠢᠨ ᠤ᠋ ᠬᠤᠷᠳᠤ ᠪᠠᠷ ᠳᠠᠪᠬᠢᠵᠤ ᠣᠳᠴᠠᠢ᠃

              ᠠᠷᠪᠠᠨ ᠨᠠᠢ᠍ᠮᠠ

 ᠵᠡᠭᠦᠨᠭᠠᠷ ᠤ᠋ᠨ ᠬᠠᠭᠠᠨᠲᠤ ᠤᠯᠤᠰ ᠤ᠋ᠨ ᠬᠠᠭᠠᠨ ᠤ᠋ ᠶᠡᠬᠡ ᠬᠠᠲᠤᠨ ᠠᠨᠤ ᠶ᠋ᠢᠨ ᠴᠣᠭ ᠵᠢᠪᠬᠤᠭᠠᠯᠢᠭ ᠲᠥᠷᠬᠦ᠂ ᠳᠠᠢᠴᠢᠨ ᠴᠢᠨᠠᠷ ᠠᠯᠯᠠᠾ ᠤ᠋ᠨ ᠦᠨᠡᠨᠴᠢ ᠬᠥᠪᠡᠭᠦᠳ ᠥᠬᠢᠳ ᠦ᠋ᠨ ᠳᠤᠮᠳᠠ ᠠᠯᠢ ᠬᠡᠳᠦᠢᠨᠡᠢ ᠳᠣᠮᠣᠭ ᠪᠣᠯᠤᠭᠰᠠᠨ ᠪᠠᠢᠪᠠ᠃ᠬᠡᠷᠴᠡᠭᠡᠢ ᠬᠠᠷᠪᠸᠺ ᠲᠡᠷᠡ ᠳᠣᠮᠣᠭ ᠢ᠋ ᠤᠯᠠᠮ ᠳᠠᠭᠤᠷᠢᠰᠬᠠᠵᠠᠢ᠃ ᠬᠠᠷᠪᠸᠺ ᠤ᠋ᠨ ᠳᠤᠷᠠᠯᠠᠯ ᠬᠣᠭᠣᠰᠣᠨ ᠮᠥᠷᠲᠡᠭᠡᠨ ᠪᠣᠳᠠᠲᠠᠢ ᠪᠠᠢᠪᠠ᠃ ᠬᠣᠶᠠᠷ ᠭᠠᠷ ᠢ᠋ᠶ᠋ᠠᠨ ᠣᠢᠷᠠᠳ  ᠲᠤ᠌ ᠥᠳᠥ ᠰᠢᠪᠠᠵᠢ ᠶ᠋ᠢᠨ ᠢᠳᠡᠰᠢ ᠪᠣᠯᠭᠠᠭᠰᠠᠨ ᠬᠠᠷᠪᠸᠺ ᠰᠡᠭᠦᠯᠴᠢ ᠶ᠋ᠢᠨ ᠲᠤᠯᠤᠯᠳᠤᠭᠠᠨ ᠠ᠋ᠴᠠ ᠡᠷᠭᠢᠵᠦ ᠢᠷᠡᠭᠰᠡᠨ ᠦ᠌ ᠪᠡᠨ ᠳᠠᠷᠠᠭ᠎ᠠ ᠬᠥᠯᠴᠥᠭᠦᠷᠡᠬᠦ ᠪᠦᠷᠢ ᠳ᠋ᠡᠭᠡᠨ ᠠᠨᠤ ᠬᠠᠲᠤᠨ ᠢ᠋ ᠮᠠᠭᠲᠠᠨ᠎ᠠ᠃ ᠠᠨᠤ ᠬᠠᠲᠤᠨ ᠢ᠋ ᠮᠠᠭᠲᠠᠬᠤ ᠶ᠋ᠢᠨ ᠬᠠᠵᠠᠭᠤ ᠪᠠᠷ ᠵᠦᠬᠡᠨ᠎ᠡ᠃
—   ᠠᠨᠤ ᠶ᠋ᠢ ᠪᠢ ᠢᠷᠡᠭᠦᠯ ᠲᠤᠯᠤᠯᠳᠤᠭᠠᠨ ᠳ᠋ᠤ᠌ ᠳᠠᠭᠤᠳᠠᠨ᠎ᠠ᠃ ᠲᠡᠮᠦᠷ ᠭᠠᠷ ᠤ᠋ᠨ ᠢ᠋ᠶ᠋ᠠᠨ ᠬᠦᠴᠦ ᠶ᠋ᠢ ᠦᠵᠡᠭᠦᠯᠦᠨ᠎ᠡ᠃ ᠲᠡᠷᠡ ᠨᠠᠳᠠ ᠲᠠᠢ ᠲᠤᠯᠤᠯᠳᠤᠵᠤ ᠦᠬᠦᠨ᠎ᠡ᠃ ᠦᠬᠦᠳᠡᠯ ᠪᠣᠯᠤᠭᠰᠠᠨ ᠠᠨᠤ ᠬᠠᠲᠤᠨ ᠢ᠋ ᠪᠢ ᠭᠠᠷ ᠳᠡᠭᠡᠷ᠎ᠡ ᠪᠡᠨ ᠡᠷᠭᠦᠵᠦ ᠠᠭᠤᠯᠠ ᠶ᠋ᠢᠨ ᠣᠷᠣᠢ ᠳ᠋ᠤ᠌ ᠣᠷᠣᠰᠢᠭᠤᠯᠤᠨ᠎ᠠ ᠭᠡᠵᠦ ᠬᠠᠷᠪᠸᠺ  ᠢ᠋ ᠬᠠᠰᠬᠢᠷᠬᠤ ᠳ᠋ᠤ᠌ ᠬᠥᠯᠴᠥᠭᠦᠦ ᠡᠷᠡᠴᠦᠳ  ᠪᠠᠷᠬᠢᠯᠳᠤᠨ᠂
—   ᠡᠮ᠎ᠡ ᠬᠥᠮᠦᠨ ᠢ᠋ ᠳᠣᠯᠣᠭᠠᠨ ᠳ᠋ᠤ᠌ ᠳᠠᠭᠤᠳᠠᠨ᠎ᠠ ᠭᠡᠨ᠎ᠡ᠃ ᠢᠴᠢᠬᠦ ᠨᠢᠭᠤᠷ ᠪᠠᠢᠨ᠎ᠠ ᠤᠤ? ᠦᠬᠦᠭᠰᠡᠨ ᠬᠣᠢᠨ᠎ᠠ ᠨᠢ ᠲᠡᠪᠡᠷᠢᠵᠦ ᠢᠨᠠᠭᠯᠠᠬᠤ ᠶᠤᠮ ᠤᠤ? ᠬᠠᠷᠪᠸᠺ ᠪᠠᠭᠠᠲᠤᠷ ᠰᠠᠷᠬᠤᠳ ᠤ᠋ᠨ ᠠᠭᠠᠭ ᠲᠤ᠌ ᠰᠣᠯᠢᠶᠠᠷᠠᠵᠠᠢ᠃ ᠦᠬᠡᠷ ᠦ᠋ᠨ ᠡᠪᠡᠷ ᠲᠦ᠍ ᠳᠦᠭᠦᠷᠭᠡᠭᠡᠳ ᠨᠠᠭᠠᠳᠤᠬᠢ ᠳ᠋ᠠᠭᠠᠨ ᠴᠢᠳᠬᠤ᠃ ᠴᠢᠳᠬᠤᠭᠠᠳ ᠪᠠᠢ᠃ ᠨᠠᠭᠠᠳᠤ ᠳᠦᠭᠦᠷᠳᠡᠭ ᠦᠭᠡᠢ ᠲᠣᠷᠬ᠎ᠠ ᠪᠠᠨ ᠳᠦᠭᠦᠷᠭᠡᠭᠡᠳ ᠣᠷᠭᠢ᠃ ᠢᠰᠦᠭᠡᠳ ᠬᠡᠪᠲᠡᠵᠦ ᠪᠠᠢᠭ᠃ ᠦᠬᠦᠪᠡᠯ ᠦᠬᠦᠭ  ᠭᠡᠬᠦᠵᠡᠭᠡᠪᠡ᠃ᠬᠠᠷᠪᠸᠺ ᠰᠡᠯᠡᠮ᠎ᠡ ᠪᠡᠨ ᠰᠤᠭᠤ ᠲᠠᠲᠠᠵᠤ ᠬᠠᠰᠬᠢᠷᠤᠨ᠂
—   ᠴᠠᠪᠴᠢᠵᠤ ᠣᠷᠬᠢᠨ᠎ᠠ ᠰᠢᠦ᠃ ᠰᠢᠪᠡᠷ ᠬᠡᠷᠡᠮ ᠦ᠋ᠨ ᠢᠷᠣᠭᠠᠯ ᠳ᠋ᠤ᠌  ᠪᠤᠯᠠᠴᠢᠬᠠᠬᠤ ᠳ᠋ᠤ᠌ ᠬᠡᠨ ᠮᠡᠳᠡᠳᠡᠭ  ᠶᠤᠮ ᠭᠡᠪᠡ᠃ ᠪᠠᠷᠬᠢᠷᠠᠯᠳᠤᠵᠤ ᠪᠠᠢᠭᠰᠠᠨ ᠡᠷᠡᠴᠦᠦᠯ ᠳᠠᠭᠤ ᠪᠠᠨ ᠬᠤᠷᠢᠶᠠᠵᠤ ᠬᠡᠷᠴᠡᠭᠡᠢ ᠬᠠᠷᠪᠸᠺ ᠤ᠋ᠨ ᠨᠣᠭᠣᠭᠠᠨ ᠨᠢᠳᠦᠨ ᠳ᠋ᠦ᠍ ᠣᠯᠵᠠᠯᠠᠭᠳᠠᠪᠠ᠃ ᠤᠯᠠᠭᠠᠨ ᠪᠤᠭᠤᠳᠠᠢ ᠶ᠋ᠢᠨ ᠲᠠᠯᠠᠪᠠᠢ ᠠ᠋ᠴᠠ ᠡᠬᠡᠭᠦᠨ ᠦᠨᠦᠷ ᠰᠡᠩᠭᠢᠨᠡᠨ᠎ᠡ᠃ ᠭᠣᠣᠯ ᠤ᠋ᠨ ᠬᠣᠢᠲᠤ ᠤᠷᠢᠳᠤ ᠬᠠᠪᠴᠢᠯ ᠳ᠋ᠤ᠌ ᠠᠳᠤᠭᠤ ᠳᠣᠷᠭᠢᠨ᠎ᠠ᠃  ᠵᠡᠷᠭᠡᠯᠡᠳᠡᠭᠡᠬᠢ ᠪᠠᠢᠰᠢᠩ ᠳ᠋ᠤ᠌ ᠮᠣᠳᠣᠨ ᠲᠣᠷᠬᠠᠨ ᠳ᠋ᠤ᠌ ᠪᠤᠭᠤᠳᠠᠢ ᠢᠰᠬᠡᠵᠦ ᠪᠦᠯᠢᠬᠦ ᠨᠢ ᠰᠣᠨᠣᠰᠤᠭᠳᠠᠨ᠎ᠠ᠃ ᠬᠠᠰᠠᠭ ᠡᠷᠡᠴᠦᠳ ᠭᠠᠷ ᠬᠠᠳᠤᠭᠤᠷ ᠪᠠᠷᠢᠵᠤ ᠤᠯᠠᠭᠠᠨ ᠪᠤᠭᠤᠳᠠᠢ ᠪᠠᠨ ᠬᠠᠳᠤᠭᠠᠳ ᠰᠢᠭᠤᠳᠠᠢᠯᠠᠵᠤ ᠠᠪᠴᠢᠷᠠᠭᠠᠳ ᠰᠠᠪᠠᠨ᠎ᠠ᠃ ᠰᠠᠢᠲᠤᠷ ᠰᠡᠪᠡᠭᠰᠡᠨ ᠤᠯᠠᠭᠠᠨ ᠪᠤᠭᠤᠳᠠᠢ ᠶ᠋ᠢᠨ ᠬᠠᠯᠢᠰᠤ ᠰᠠᠯᠬᠢᠨ ᠳ᠋ᠤ᠌ ᠬᠡᠢᠰᠦᠨ᠎ᠡ᠃ ᠬᠠᠯᠢᠰᠤ ᠦᠭᠡᠢ ᠪᠣᠯᠤᠭᠰᠠᠨ ᠤᠯᠠᠭᠠᠨ ᠪᠤᠭᠤᠳᠠᠢ ᠶ᠋ᠢᠨ ᠬᠠᠮᠠᠷ  ᠰᠡᠲᠡᠯᠡᠮ᠎ᠡ ᠦᠨᠦᠷ ᠠᠮᠲᠠᠯᠢᠭ ᠲᠠᠭᠠᠲᠠᠢ ᠮᠡᠳᠡᠷᠡᠮᠵᠢ ᠲᠥᠷᠥᠭᠦᠯᠳᠡᠭ ᠪᠠᠢᠯ᠎ᠠ᠃ ᠰᠣᠶᠣᠭ᠎ᠠ ᠲᠠᠢ ᠤᠯᠠᠭᠠᠨ ᠪᠤᠭᠤᠳᠠᠢ ᠤᠯᠠᠮ ᠲᠣᠮᠣᠷᠠᠵᠤ ᠢᠵᠠᠷᠠᠬᠤ ᠶ᠋ᠢᠨ ᠦᠶᠡᠰ ᠠᠢᠷᠠᠭ ᠮᠡᠲᠦ ᠢᠰᠬᠡᠷᠡᠵᠦ ᠥᠰᠴᠢᠬᠦ ᠴᠢᠮᠡᠭᠡ ᠭᠠᠷᠴᠤ᠂ ᠲᠣᠰᠬᠣᠳ ᠳᠤᠮᠳᠠ ᠶᠠᠪᠤᠭ᠎ᠠ ᠡᠷ᠎ᠡ ᠡᠮ᠎ᠡ ᠬᠥᠮᠦᠰ ᠰᠢᠪᠠᠷ ᠬᠡᠷᠡᠮᠲᠦ ᠪᠢᠲᠡᠭᠦᠦ ᠤᠯᠢᠶᠠᠰᠤ ᠲᠠᠷᠢᠭᠰᠠᠨ ᠪᠠᠢᠰᠢᠩ ᠢ᠋ ᠴᠢᠭᠯᠡᠨ᠎ᠡ᠃ ᠲᠣᠷᠬ᠎ᠠ ᠲᠠᠢ ᠤᠯᠠᠭᠠᠨ ᠪᠤᠭᠤᠳᠠᠢ ᠶ᠋ᠢ ᠪᠢᠲᠡᠭᠦᠯᠡᠵᠦ ᠭᠤᠷᠪᠠᠨ ᠰᠠᠷ᠎ᠠ ᠶ᠋ᠢᠨ ᠳᠠᠷᠠᠭ᠎ᠠ ᠵᠠᠳᠠᠯᠤᠨ᠎ᠠ᠃ ᠲᠣᠷᠬ᠎ᠠ ᠨᠢ ᠬᠦᠷᠲᠡᠯ᠎ᠡ ᠢᠰᠦᠭᠰᠡᠨ ᠪᠠᠢᠳᠠᠭ᠃
  ᠺᠢᠷᠭᠢᠽ ᠲᠣᠰᠬᠣᠨ ᠤ᠋ ᠳᠤᠮᠳᠠᠭᠤᠷ ᠡᠯᠵᠢᠭᠡ ᠬᠥᠲᠥᠯᠦᠭᠰᠡᠨ᠂ ᠥᠷᠭᠡᠨ ᠥᠮᠥᠳᠥ ᠲᠡᠢ᠂ ᠲᠣᠭᠣᠷᠴᠣᠭ ᠲᠠᠢ ᠴᠡᠭᠡᠵᠢᠪᠴᠢ ᠪᠡᠨ ᠪᠡᠶ᠎ᠡ ᠳ᠋ᠡᠭᠡᠨ ᠰᠠᠢᠲᠤᠷ ᠪᠡᠬᠢᠯᠡᠵᠦ᠂ ᠣᠯᠣᠮ ᠢ᠋ᠶ᠋ᠠᠷ ᠨᠢ ᠴᠢᠩᠭᠠᠯᠠᠭᠠᠳ ᠭᠤᠲᠤᠮ ᠢ᠋ᠶ᠋ᠠᠷ ᠬᠡᠯᠲᠦᠷᠢᠬᠦ ᠠᠶᠠᠨᠴᠢᠳ ᠢ᠋ ᠬᠠᠰᠢᠶᠠᠨ ᠤ᠋ ᠰᠡᠢᠮᠡᠬᠡᠢ ᠪᠡᠷ ᠬᠠᠷᠠᠪᠠ᠃
 ᠰᠢᠪᠡᠷ ᠪᠠᠢᠰᠢᠩ ᠤ᠋ᠨ ᠨᠠᠶ᠋ᠢᠷᠴᠢᠳ ᠤᠨᠳᠤᠢ ᠰᠤᠨᠳᠤᠢ ᠬᠡᠪᠲᠡᠵᠡᠭᠡᠨ᠎ᠡ᠃ ᠬᠠᠰᠠᠭ ᠡᠷᠡᠴᠦᠳ ᠰᠣᠭᠲᠣᠵᠤ ᠤᠨᠲᠠᠵᠠᠢ᠃ ᠠᠶᠠᠨᠴᠢᠳ ᠤ᠋ᠨ ᠨᠢᠭᠡ ᠨᠢ ᠣᠢᠷᠠᠳ ᠤ᠋ᠨ ᠬᠠᠪᠲᠠᠭᠠᠢ ᠮᠥᠷᠲᠡᠭᠡᠨ ᠶᠡᠦᠳᠡᠨ ᠬᠣᠩᠰᠢᠶᠠᠷ ᠲᠠᠢ ᠭᠤᠲᠤᠯ ᠡᠮᠦᠰᠴᠡᠢ᠃ ᠲᠡᠳᠡ ᠠᠶᠠᠨᠴᠢᠳ ᠪᠤᠰᠤ ᠮᠥᠷᠭᠥᠯᠴᠢᠳ ᠪᠠᠰᠠ ᠪᠢᠰᠢ ᠪᠠᠢᠯ᠎ᠠ᠃ ᠨᠢᠳᠦᠨ ᠦ᠌ ᠬᠠᠷᠠᠴᠠ ᠨᠢ ᠳᠡᠩᠳᠡᠭᠦᠦ ᠬᠢᠨᠠᠭᠰᠠᠨ ᠶᠠᠩᠵᠤ ᠲᠠᠢ ᠠᠵᠢ᠃
 ᠰᠠᠷᠬᠤᠳ ᠤ᠋ᠨ ᠠᠭᠠᠭ ᠲᠤ᠌ ᠨᠠᠮ ᠴᠣᠬᠢᠭᠤᠯᠤᠭᠰᠠᠨ ᠡᠷᠡᠴᠦᠦᠯ ᠢ᠋ ᠬᠠᠷᠪᠸᠺ ᠢᠰᠬᠦᠯᠵᠦ ᠪᠣᠰᠬᠠᠪᠠ᠃
—   ᠲᠣᠰᠬᠣᠨ ᠢ᠋ᠶ᠋ᠠᠷ ᠴᠠᠭᠠᠨ ᠠᠭᠤᠯᠠ ᠶ᠋ᠢᠨ ᠬᠢᠨ ᠳᠦᠭᠦᠷᠴᠡᠢ ᠭᠡᠵᠦ ᠬᠠᠷᠪᠸᠺ ᠬᠡᠯᠡᠪᠡ᠃ ᠲᠡᠳᠡᠨ ᠦ᠌ ᠨᠣᠢᠷᠮᠤᠭ ᠰᠣᠭᠲᠣᠭᠤ ᠨᠢᠳᠦ ᠡᠷᠢᠶᠡᠯᠵᠡᠨ᠎ᠡ᠃ ᠵᠠᠷᠢᠮ ᠨᠢ ᠡᠷᠭᠢᠵᠦ ᠬᠡᠪᠲᠡᠨ᠎ᠡ᠃ ᠭᠡᠷ ᠦ᠋ᠨ ᠡᠵᠡᠨ ᠬᠠᠰᠠᠭ  ᠠ᠋ᠴᠠ ᠬᠠᠷᠪᠸᠺ 《 ᠲᠠᠨ ᠤ᠋ ᠵᠣᠭᠣᠷᠢ ᠵᠠᠢ ᠲᠠᠢ ᠤᠤ?》 ᠭᠡᠵᠦ ᠠᠰᠠᠭᠤᠪᠠ᠃
—   ᠠᠭᠤᠵᠢᠮ᠁ ᠭᠡᠵᠦ ᠤᠷᠲᠤ ᠰᠠᠬᠠᠯ ᠲᠠᠢ ᠡᠵᠡᠨ ᠬᠠᠷᠢᠭᠤᠯᠪᠠ᠃
  ᠬᠠᠷᠪᠸᠺ ᠤ᠋ᠨ ᠭᠠᠷ ᠤ᠋ᠨ ᠬᠥᠳᠡᠯᠭᠡᠭᠡᠨ ᠡᠪᠰᠡᠯ ᠮᠠᠭᠤᠲᠠᠢ ᠪᠢᠯᠡ᠃ ᠪᠠᠷᠠᠭᠤᠨ ᠲᠠᠢᠰᠢ ᠨᠢᠭᠡᠨ ᠭᠡᠮ ᠢ᠋ᠶ᠋ᠡᠷ ᠬᠥᠳᠡᠯᠵᠦ ᠲᠡᠷᠡ ᠭᠡᠮ ᠢ᠋ᠶ᠋ᠡᠷ ᠪᠤᠴᠠᠨ᠎ᠠ᠃ ᠵᠡᠭᠦᠨ ᠲᠡᠢᠰᠢ ᠭᠠᠷ ᠨᠢ ᠨᠢᠭᠡᠨ ᠭᠡᠮ ᠦ᠋ᠨ ᠬᠥᠳᠡᠯᠭᠡᠭᠡᠨ ᠬᠢᠬᠦ ᠨᠢ ᠲᠡᠭᠦᠨ ᠦ᠌ ᠵᠣᠷᠢᠮᠠᠭ᠂ ᠱᠠᠯᠠᠮᠠᠭ ᠪᠠᠢᠳᠠᠯ ᠳ᠋ᠤ᠌ ᠨᠥᠯᠥᠭᠡᠯᠡᠵᠦ ᠠᠭᠤᠷ ᠴᠢᠬᠤᠯ ᠨᠢ ᠪᠠᠷᠠᠨ᠎ᠠ᠃
—  ᠵᠡᠪᠰᠡᠭ ᠢ᠋ᠶ᠋ᠡᠨ ᠠᠪᠴᠤ ᠵᠣᠭᠣᠷᠢᠨ ᠳ᠋ᠤ᠌ ᠨᠢᠭᠤᠭᠳᠠᠵᠠᠭ᠎ᠠ᠃ ᠤᠷᠲᠤ ᠰᠠᠬᠠᠯᠲᠤ ᠴᠢ ᠰᠤᠯᠲᠠᠨ ᠳ᠋ᠤ᠌ ᠬᠡᠯᠡ ᠲᠤᠭᠤᠯᠭ᠎ᠠ᠃ ᠣᠢᠷᠠᠳ ᠤ᠋ᠳ ᠡᠵᠡᠯᠡᠵᠡᠢ᠃ ᠭᠤᠳᠤᠮᠵᠢ ᠶ᠋ᠢᠨ ᠥᠨᠴᠥᠭ ᠪᠤᠯᠤᠩ ᠪᠦᠷᠢ ᠳ᠋ᠦ᠍ ᠡᠯᠵᠢᠭᠡ ᠲᠡᠢ ᠠᠶᠠᠨᠴᠢᠳ ᠪᠠᠢᠨ᠎ᠠ᠃ ᠲᠡᠷᠡ ᠵᠡᠪᠰᠡᠭ ᠲᠡᠢ᠃
ᠳᠣᠮᠣᠭᠲᠤ ᠠᠨᠤ ᠬᠠᠲᠤᠨ ᠤ᠋ ᠭᠠᠷ ᠤ᠋ᠨ ᠴᠡᠷᠢᠭ ᠦ᠋ᠳ ᠪᠡᠬᠢᠯᠡᠯᠲᠡ ᠳ᠋ᠦ᠍ ᠰᠠᠭᠤᠳᠠᠭ ᠶᠤᠮ᠂ ᠨᠠᠮᠠᠶ᠋ᠢ ᠠᠨᠤ ᠶ᠋ᠢ ᠣᠯᠵᠠᠯᠠᠵᠤ ᠠᠪᠴᠢᠷᠠᠬᠤ ᠠ᠋ᠴᠠ ᠡᠮᠦᠨ᠎ᠡ ᠪᠢᠲᠡᠭᠡᠢ ᠠᠮᠢ ᠨᠠᠰᠤ ᠶ᠋ᠢ ᠮᠢᠨᠢ ᠰᠦᠢᠳᠬᠡᠵᠦ ᠣᠷᠭᠢ ᠭᠡᠮᠡᠨ ᠡᠯᠴᠢ ᠵᠠᠷᠤᠵᠠᠢ᠃
 ᠬᠠᠷᠪᠸᠺ ᠤ᠋ᠨ ᠨᠣᠭᠣᠭᠠᠨ ᠨᠢᠳᠦ ᠤᠰᠤᠨ ᠤ᠋ ᠵᠠᠮᠠᠭ ᠰᠢᠭ᠋ ᠵᠢᠭᠤᠷᠠᠯᠳᠤᠭᠰᠠᠨ ᠬᠠᠷᠠᠴᠠ ᠲᠠᠢ ᠪᠠᠢᠭ᠎ᠠ ᠨᠢ ᠭᠥᠯᠴᠤᠬᠥᠷᠡᠯ ᠦ᠋ᠨ ᠭᠠᠢ ᠶᠤᠮ᠃ ᠬᠠᠷᠪᠸᠺ ᠠᠷᠭ᠎ᠠ ᠪᠠᠨ ᠪᠠᠷᠠᠵᠠᠢ᠃ ᠲᠣᠰᠬᠣᠨ ᠠ᠋ᠴᠠ ᠭᠠᠷᠴᠤ ᠶᠠᠪᠤᠬᠤ ᠨᠦᠬᠡ ᠰᠦᠪᠡ ᠣᠳᠣᠬᠠᠨ ᠳ᠋ᠠᠭᠠᠨ ᠪᠣᠳᠣᠭᠳᠠᠬᠤ ᠦᠭᠡᠢ ᠪᠠᠢᠪᠠ᠃ ᠲᠡᠢᠨ ᠳᠣᠯᠣᠭᠠᠨ ᠤ᠋ ᠬᠥᠯ ᠳ᠋ᠦ᠍ ᠲᠤᠢᠯᠳᠠᠵᠤ ᠪᠦᠷ ᠠᠮᠤᠰᠭᠢᠭᠰᠠᠨ ᠬᠠᠰᠠᠭ ᠳᠠᠢᠴᠢᠳ ᠪᠣᠰᠤᠭ᠎ᠠ ᠣᠷᠣᠯᠠᠩ ᠮᠡᠲᠦ ᠬᠠᠷᠪᠸᠺ ᠤ᠋ᠨ ᠠᠮᠠᠨ ᠠ᠋ᠴᠠ ᠭᠠᠷᠬᠤ ᠵᠠᠷᠯᠢᠭ ᠵᠠᠬᠢᠶᠠᠮᠵᠢ ᠶ᠋ᠢ ᠬᠦᠯᠢᠶᠡᠨ᠎ᠡ᠃
—  ᠠᠭᠠᠯᠵᠢ ᠶ᠋ᠢᠨ ᠰᠢᠯᠦᠰᠦ ᠮᠡᠲᠦ ᠲᠣᠣᠷ ᠪᠢᠳᠡᠨ ᠢ᠋ ᠪᠦᠲᠡᠭᠡᠯ᠎ᠡ᠃ ᠲᠣᠣᠷ ᠲᠤ᠌ ᠣᠷᠢᠶᠠᠴᠠᠯᠳᠤᠪᠠ᠃ ᠲᠤᠯᠤᠯᠳᠤᠭᠰᠠᠨ ᠴᠤ᠌ ᠢᠯᠠᠭᠳᠠᠨ᠎ᠠ᠃ ᠤᠯᠠᠭᠠᠨ ᠪᠤᠭᠤᠳᠠᠢ ᠶ᠋ᠢᠨ ᠨᠡᠷᠡᠮᠡᠯ ᠢᠳᠡ ᠣᠷᠭᠢᠯᠵᠤ ᠪᠠᠢᠬᠤ ᠳ᠋ᠤ᠌ ᠭᠡᠳᠡᠰᠦ ᠪᠡᠨ ᠬᠡᠣ᠋ᠯᠡᠭᠦᠯᠬᠦ ᠶᠠᠮᠠᠷ ᠪᠣᠢ? ᠵᠡᠪᠰᠡᠭ ᠢ᠋ᠶ᠋ᠡᠨ ᠠᠭᠰᠠᠵᠤ ᠲᠤᠯᠤᠯᠳᠤᠭᠠᠨ ᠳ᠋ᠤ᠌ ᠦᠬᠦᠭᠰᠡᠨ ᠨᠢ ᠳᠡᠭᠡᠷ᠎ᠡ ᠪᠢᠵᠡ᠃ ᠨᠠᠳᠠᠳᠤ ᠣᠯᠵᠠᠯᠠᠭᠳᠠᠬᠤ ᠢᠴᠢᠬᠡᠪᠲᠤᠷ ᠪᠠᠢᠨ᠎ᠠ᠃ ᠮᠣᠷᠢᠳ ᠪᠡᠯᠴᠢᠭᠡᠷ ᠲᠡᠭᠡᠨ ᠪᠠᠢᠳᠠᠭ᠃ ᠬᠥᠯ ᠦ᠋ᠨ ᠤᠯᠠ ᠪᠠᠷ ᠭᠠᠵᠠᠷ ᠪᠥᠮᠪᠥᠷᠢᠳᠦᠭᠡᠳ ᠬᠡᠳᠦᠢ ᠬᠢᠷᠢ ᠲᠤᠯᠤᠯᠳᠤᠬᠤ ᠶᠤᠮ ᠪᠣᠢ? ᠵᠡᠪᠰᠡᠭ ᠢ᠋ᠶ᠋ᠡᠨ ᠠᠭᠰᠠᠵᠤ ᠲᠤᠯᠤᠯᠳᠤᠬᠤ ᠳ᠋ᠤ᠌ ᠪᠡᠯᠡᠳᠭᠡ ᠭᠡᠵᠦ ᠬᠠᠷᠪᠸᠺ ᠰᠢᠵᠠᠭᠤᠷ ᠵᠠᠭᠤᠵᠤ ᠥᠭᠦᠯᠡᠪᠡ᠃ ᠵᠠᠭᠤᠲᠤ ᠶ᠋ᠢᠨ ᠠᠬᠠᠯᠠᠭᠴᠢ ᠪᠣᠰᠤᠭ᠎ᠠ ᠮᠠᠯᠠᠭᠠᠢᠲᠤ᠂
—  ᠠᠯᠯᠠᠾ ᠪᠢᠳᠡᠨ ᠢ᠋ ᠥᠷᠥᠰᠢᠶᠡᠭ! ᠭᠡᠯ᠎ᠡ᠃
 ᠠᠯᠯᠠᠾ ᠤ᠋ᠨ ᠦᠨᠡᠨᠴᠢ ᠱᠠᠪᠢ ᠨᠠᠷ ᠰᠥᠭᠥᠳᠴᠦ ᠰᠠᠭᠤᠭᠠᠳ ᠲᠩᠷᠢ ᠳ᠋ᠡᠭᠡᠨ ᠮᠥᠷᠭᠥᠪᠡ᠃ ᠲᠩᠷᠢ ᠲᠡᠳᠡᠨ ᠢ᠋ ᠬᠠᠷᠠᠵᠤ ᠪᠠᠢᠭ᠎ᠠ ᠪᠢᠯᠡ᠃
—  ᠭᠢᠨᠳᠠᠨ ᠮᠡᠲᠦ ᠬᠦᠢᠲᠡᠨ ᠬᠣᠩᠭᠢᠯ ᠠ᠋ᠴᠠ ᠭᠠᠷᠴᠠᠭᠠᠶ᠎ᠠ᠃ ᠮᠣᠷᠢᠲᠤ ᠴᠡᠷᠢᠭ ᠦ᠋ᠳ ᠳᠠᠭᠠᠷᠢᠨ ᠢᠷᠡᠪᠡᠯ ᠤᠭᠤᠴᠠ ᠪᠠᠨ ᠨᠡᠢᠯᠡᠭᠦᠯᠦᠨ ᠳᠤᠭᠤᠢᠷᠠᠵᠤ ᠪᠠᠢᠯᠳᠤᠶ᠎ᠠ᠃ ᠳᠤᠭᠤᠢ ᠬᠦᠷᠢᠶ᠎ᠡ ᠪᠡᠨ  ᠰᠡᠲᠡᠯᠡᠭᠦᠯᠵᠦ ᠪᠣᠯᠬᠤ ᠦᠭᠡᠢ᠃ ᠬᠡᠨ ᠨᠢᠭᠡ ᠨᠢ ᠦᠬᠦᠪᠡᠯ ᠰᠡᠲᠡᠷᠬᠡᠢ ᠶ᠋ᠢ ᠨᠥᠬᠥᠵᠦ ᠨᠡᠢᠯᠡᠭᠦᠯᠦᠭᠡᠳ ᠪᠠᠢᠬᠤ ᠶᠤᠮ ᠰᠢᠦ ᠭᠡᠵᠦ ᠬᠠᠷᠪᠸᠺ ᠵᠠᠬᠢᠯ᠎ᠠ᠃
 ᠬᠠᠷᠪᠸᠺ ᠤ᠋ᠨ ᠴᠡᠷᠢᠭ ᠦ᠋ᠳ ᠢ᠋ ᠲᠡᠮᠦᠷ ᠪᠠᠮᠪᠠᠢ ᠲᠠᠢ ᠪᠠᠨ ᠭᠠᠳᠠᠭ᠎ᠠ ᠭᠠᠷᠴᠤ᠂ ᠴᠡᠯᠡᠭᠡᠷ ᠭᠤᠳᠤᠮᠵᠢ ᠪᠠᠷ ᠠᠯᠬᠤᠬᠤ ᠳ᠋ᠤ᠌ ᠬᠣᠶᠠᠷ ᠲᠠᠯ᠎ᠠ ᠶ᠋ᠢᠨ ᠠᠮᠠ ᠶ᠋ᠢ ᠪᠣᠭᠣᠵᠤ ᠴᠠᠭᠠᠨ ᠠᠭᠤᠯᠠ ᠶ᠋ᠢᠨ ᠣᠢᠷᠠᠳ ᠤ᠋ᠳ ᠮᠣᠷᠢ ᠲᠠᠢ ᠪᠠᠨ ᠡᠩᠨᠡᠨ ᠭᠠᠷᠴᠤ ᠢᠷᠡᠪᠡ᠃ ᠬᠠᠰᠠᠭ ᠴᠡᠷᠢᠭ ᠦ᠋ᠳ ᠦᠯᠦ ᠰᠡᠳᠡᠷᠡᠬᠦ ᠲᠣᠭᠣᠷᠢᠭ ᠡᠭᠦᠰᠬᠡᠪᠡ᠃ ᠳᠤᠭᠤᠢ ᠲᠣᠭᠣᠷᠢᠭ ᠳᠣᠣᠷ᠎ᠠ ᠪᠠᠨ ᠡᠷᠭᠢᠨ᠎ᠡ᠃
 ᠴᠠᠭᠠᠨ ᠠᠭᠤᠯᠠ ᠶ᠋ᠢᠨ ᠬᠦᠷᠢᠶᠡᠨ ᠡᠴᠡ ᠮᠢᠩᠭᠠᠲᠤ ᠴᠡᠷᠢᠭ ᠦ᠋ᠨ ᠨᠣᠶᠠᠨ ᠭᠠᠢᠳᠠᠪ ᠪᠠᠭᠠᠲᠤᠷ ᠲᠤ᠌ ᠬᠠᠭᠠᠨ ᠤ᠋ ᠡᠯᠴᠢ《ᠬᠠᠷᠪᠸᠺ   ᠢ᠋ ᠣᠯᠵᠠᠯᠠᠵᠤ᠂ ᠤᠯᠠᠭᠠᠨ ᠪᠤᠭᠤᠳᠠᠢ ᠪᠡᠯᠡᠳᠬᠡᠨ ᠨᠡᠢᠯᠡᠭᠦᠯᠦᠭᠴᠢ ᠺᠢᠷᠭᠢᠽ ᠦ᠋ᠳ ᠦ᠋ᠨ ᠲᠦᠢᠳᠬᠡᠷ  ᠢ᠋ ᠠᠷᠢᠯᠭᠠᠭᠠᠳ ᠴᠣᠷᠣᠰ ᠠᠢᠮᠠᠭ ᠲᠠᠭᠠᠨ ᠢᠷ᠎ᠡ》 ᠭᠡᠮᠡᠨ ᠲᠤᠰᠢᠶᠠᠭᠰᠠᠨ ᠭᠡᠳᠡᠭ  ᠢ᠋ ᠳᠣᠭᠣᠯᠭᠠᠪᠠ᠃ ᠭᠠᠢᠲᠠᠪ ᠲᠤᠷᠰᠢᠭᠤᠯ ᠶᠠᠪᠤᠭᠤᠯᠵᠤ ᠬᠠᠷᠪᠸᠺ ᠤ᠋ᠨ ᠣᠷᠣᠩᠨᠠᠨ ᠨᠢᠭᠤᠭᠳᠠᠵᠤ ᠬᠥᠯᠴᠥᠭᠦᠷᠡᠨ ᠵᠢᠷᠭᠠᠵᠤ ᠪᠠᠢᠭ᠎ᠠ ᠲᠣᠰᠬᠣᠨ  ᠢ᠋ ᠮᠡᠳᠡᠵᠡᠢ᠃
—  ᠬᠠᠷᠪᠸᠺ ᠭᠠᠷᠤᠭᠠᠳ ᠢᠷ᠎ᠡ!
 — ᠲᠡᠷᠡ ᠰᠢᠯᠲᠦᠭᠡᠨ ᠳ᠋ᠦ᠍ ᠮᠣᠷᠢᠯᠠᠭᠰᠠᠨ᠃
—  ᠬᠤᠳᠠᠯ ᠠ᠋᠂ ᠳᠤᠭᠤᠢ ᠬᠦᠷᠢᠶᠡᠨ ᠳᠤᠮᠳᠠ ᠪᠠᠢᠨ᠎ᠠ᠃
—  ᠪᠠᠭᠠᠲᠤᠷ ᠡᠷ᠎ᠡ ᠪᠠᠭᠤᠵᠤ ᠥᠭᠳᠡᠭ ᠦᠭᠡᠢ ᠶᠦᠮ᠃
—  ᠡᠨᠡ ᠤᠷᠲᠤ ᠰᠠᠬᠠᠯᠲᠤ ᠪᠠᠨ ᠠᠪᠴᠠᠭ᠎ᠠ᠂ ᠨᠡᠷᠡᠮᠡᠯ ᠢ᠋ᠶ᠋ᠡᠨ ᠤᠤᠭᠤᠵᠠᠭ᠎ᠠ᠂ ᠬᠠᠷᠪᠸᠺ ᠢ᠋ ᠥᠭ᠃
 ᠮᠣᠷᠢᠲᠤ ᠴᠡᠷᠢᠭ ᠦ᠋ᠳ ᠦ᠋ᠨ ᠠᠷᠤ ᠠ᠋ᠴᠠ ᠤᠷᠲᠤ ᠰᠠᠬᠠᠯᠲᠤ ᠶ᠋ᠢ ᠲᠠᠭᠤᠵᠤ ᠭᠠᠷᠭᠠᠪᠠ᠃ ᠤᠷᠲᠤ ᠰᠠᠬᠠᠯᠲᠤ ᠬᠥᠯ ᠳᠡᠭᠡᠷ᠎ᠡ ᠪᠡᠨ
ᠲᠡᠩᠴᠡᠵᠦ ᠶᠠᠳᠠᠨ᠎ᠠ᠃ ᠳᠤᠭᠤᠢ ᠬᠦᠷᠢᠶᠡᠨ ᠡᠴᠡ ᠲᠡᠷᠡ ᠦᠬᠦᠳᠡᠯ ᠪᠣᠯᠲᠠᠯ᠎ᠠ ᠪᠠᠨ ᠠᠶᠤᠵᠠᠢ᠃ ᠶᠠᠪᠤ ᠭᠡᠵᠦ ᠤᠷᠲᠤ ᠰᠠᠬᠠᠯᠲᠤ ᠶ᠋ᠢᠨ ᠠᠷᠤ ᠠ᠋ᠴᠠ ᠲᠠᠰᠢᠭᠤᠷ ᠢ᠋ᠶ᠋ᠠᠷ ᠬᠠᠳᠬᠤᠬᠤ ᠳ᠋ᠤ᠌ ᠲᠡᠷᠡ ᠪᠡᠷ ᠰᠥᠬᠥᠷᠡᠵᠦ ᠤᠨᠠᠯ᠎ᠠ᠃ ᠬᠠᠰᠠᠭ ᠴᠡᠷᠢᠭ ᠦ᠋ᠨ ᠲᠣᠭᠣᠷᠢᠭ ᠪᠢᠲᠡᠭᠦᠦ ᠬᠡᠪ ᠢ᠋ᠶ᠋ᠡᠷ ᠪᠠᠢᠯ᠎ᠠ᠃ ᠲᠡᠷᠡ ᠲᠣᠭᠣᠷᠢᠭ ᠠ᠋ᠴᠠ ᠬᠡᠨ ᠴᠦ᠍ ᠭᠠᠷᠤᠭᠰᠠᠨ ᠦᠭᠡᠢ᠃


              ᠠᠷᠪᠠ ᠶᠢᠰᠦ

 ᠲᠣᠰᠬᠣᠨ ᠨᠠᠮ ᠭᠦᠮ᠃ ᠰᠢᠪᠡᠷ ᠪᠠᠢᠰᠢᠩ ᠬᠠᠰᠢᠶᠠᠨ ᠠ᠋ᠴᠠ ᠴᠤᠬᠤᠢᠬᠤ ᠮᠠᠯ ᠠᠳᠤᠭᠤᠰᠤ ᠠᠯᠠᠭ᠎ᠠ᠂ ᠲᠣᠰᠬᠣᠨ ᠤ᠋ ᠢᠷᠭᠡᠳ ᠦ᠋ᠨ ᠨᠢᠷᠤᠭᠤᠨ ᠳᠡᠭᠡᠷ᠎ᠡ ᠠᠴᠢᠶ᠎ᠠ ᠪᠣᠯᠵᠤ ᠪᠠᠢᠭᠰᠠᠨ ᠬᠠᠷᠪᠸᠺ ᠢ᠋ ᠪᠠᠷᠢᠭᠳᠠᠪᠠᠯ ᠲᠦᠷ ᠵᠠᠭᠤᠷ᠎ᠠ ᠪᠣᠯᠪᠠᠰᠤ ᠲᠣᠰᠬᠣᠨ ᠤ᠋ ᠢᠷᠭᠡᠳ ᠠᠮᠠᠷᠠᠬᠤ ᠪᠠᠢᠯ᠎ᠠ᠃ ᠮᠢᠩᠭᠠᠲᠤ ᠶ᠋ᠢᠨ ᠨᠣᠶᠠᠨ ᠭᠠᠢᠲᠠᠪ ᠪᠠᠭᠠᠲᠤᠷ ᠴᠡᠯ ᠵᠠᠯᠠᠭᠤ ᠴᠡᠷᠢᠭ ᠳᠡᠮᠪᠡᠷᠢᠯ ᠢ᠋ ᠳᠤᠬᠤᠳᠠᠨ ᠬᠠᠷᠠᠵᠤ《 ᠪᠤᠭᠤᠢᠯᠢ ᠲᠠᠢ ᠤᠤ?》 ᠭᠡᠵᠦ ᠠᠰᠠᠭᠤᠪᠠ᠃ ᠲᠡᠷᠡ ᠴᠡᠷᠢᠭ ᠡᠮᠡᠭᠡᠯ ᠦ᠋ᠨ ᠭᠠᠨᠵᠤᠭ᠎ᠠ ᠶ᠋ᠢ ᠭᠠᠷ ᠢ᠋ᠶ᠋ᠠᠷ ᠴᠣᠬᠢᠪᠠ᠃ ᠭᠠᠨᠵᠤᠭᠠᠯᠠᠭᠠᠨ ᠳ᠋ᠤ᠌ ᠡᠪᠬᠡᠭᠡᠰᠦᠲᠡᠢ ᠪᠤᠭᠤᠢᠯᠢ ᠦᠵᠡᠭᠳᠡᠨ᠎ᠡ᠃
—  ᠴᠢ ᠠᠳᠤᠭᠤᠴᠢᠨ ᠪᠢᠵᠡ ᠳᠡ ᠭᠡᠬᠦ ᠳ᠋ᠦ᠍ ᠳᠡᠮᠪᠡᠷᠢᠯ ᠬᠥᠪᠡᠭᠦᠨ《 ᠲᠡᠢᠮᠦ》 ᠭᠡᠪᠡ᠃
—  ᠣᠷᠣᠭ᠎ᠠ ᠮᠣᠷᠢ ᠪᠤᠭᠤᠢᠯᠢᠳᠠᠵᠤ ᠪᠠᠢᠭᠰᠠᠨ ᠤᠤ?
—  ᠲᠡᠭᠡᠯᠭᠦᠢ ᠶᠠᠭᠠᠬᠢᠬᠤᠪ᠂ ᠮᠣᠷᠢᠨ ᠤ᠋ ᠲᠣᠯᠣᠭᠠᠢ ᠠᠯᠳᠠᠳᠠᠭ ᠦᠭᠡᠢ ᠪᠠᠢᠭᠰᠠᠨ᠃
— ᠰᠡᠭᠦᠯᠴᠢ ᠶ᠋ᠢᠨ ᠢᠷᠡᠭᠦᠯ ᠳᠣᠯᠣᠭᠠᠨ ᠢ᠋ ᠰᠠᠨᠠᠵᠤ ᠪᠠᠢᠨ᠎ᠠ ᠤᠤ? ᠠᠨᠤ ᠬᠠᠲᠤᠨ ᠲᠤᠯᠤᠯᠳᠤᠭᠰᠠᠨ ᠰᠢᠦ ᠳᠡ᠃
—  ᠬᠠᠰᠠᠭ ᠤ᠋ᠨ ᠪᠠᠭᠠᠲᠤᠷ ᠳᠤᠭᠤᠢ ᠬᠦᠷᠢᠶᠡᠨ ᠳ᠋ᠦ᠍ ᠵᠣᠭᠰᠣᠵᠤ ᠪᠠᠢᠨ᠎ᠠ᠃ ᠪᠢ ᠬᠠᠷᠠᠯ᠎ᠠ᠂ ᠥᠷᠭᠡᠨ ᠴᠡᠭᠡᠵᠢ ᠲᠡᠢ᠂ ᠰᠡᠷᠪᠡᠭᠡ ᠨᠢ ᠬᠦᠭᠳᠦᠭᠡᠷ ᠡᠷ᠎ᠡ᠂ ᠳᠦᠷᠢ ᠪᠡᠷ ᠢ᠋ᠶ᠋ᠡᠨ ᠮᠥᠨ᠃
—  ᠲᠡᠭᠦᠨ ᠢ᠋ ᠪᠤᠭᠤᠢᠯᠢᠳᠠ᠃ ᠴᠢ ᠢᠳᠡᠷ ᠵᠠᠯᠠᠭᠤ᠃ ᠲᠡᠷᠡ ᠬᠠᠷᠪᠸᠺ ᠳᠥᠴᠢ ᠭᠠᠷᠤᠭᠰᠠᠨ ᠪᠤᠰᠤ ᠤᠤ? ᠳᠠᠷᠠᠭ᠎ᠠ ᠨᠢ ᠪᠢ ᠲᠤᠰᠢᠶᠠᠯ ᠥᠭᠭᠥᠨ᠎ᠠ᠃
ᠳᠡᠮᠪᠡᠷᠢᠯ ᠬᠥᠪᠡᠭᠦᠨ ᠮᠣᠷᠢ ᠪᠠᠨ ᠭᠤᠶᠠᠳᠠᠨ ᠬᠤᠢᠯᠠᠷᠠᠨ ᠳᠠᠪᠬᠢᠪᠠ᠃ ᠲᠡᠷᠡ ᠪᠡᠷ ᠲᠣᠩᠭᠣᠢᠭᠰᠠᠨ ᠢ᠋ᠶ᠋ᠠᠨ ᠪᠠᠷᠠᠭᠤᠨ ᠭᠠᠷ ᠲᠠᠭᠠᠨ ᠰᠤᠷ ᠤ᠋ᠨ ᠪᠤᠭᠤᠢᠯᠢ ᠪᠠᠷᠢᠵᠠᠢ᠃ ᠬᠠᠰᠠᠭ ᠴᠡᠷᠢᠭ  ᠤ᠋ᠨ ᠳᠤᠭᠤᠢ ᠬᠦᠷᠢᠶᠡᠨ ᠳ᠋ᠦ᠍ ᠣᠢᠷᠠᠲᠤᠨ ᠣᠴᠢᠬᠤ ᠳ᠋ᠤ᠌ ᠤᠯᠠᠩᠭᠠᠰᠤᠭᠰᠠᠨ ᠳᠠᠢᠴᠢᠳ ᠰᠡᠯᠡᠮ᠎ᠡ ᠵᠢᠳᠠ ᠪᠠᠨ ᠪᠠᠷᠢᠵᠠᠭᠠᠨ ᠳᠤᠭᠤᠢᠷᠠᠨ ᠡᠷᠭᠢᠯᠳᠦᠨ᠎ᠡ᠃ ᠳᠡᠮᠪᠡᠷᠢᠯ ᠬᠥᠪᠡᠭᠦᠨ ᠲᠣᠭᠣᠷᠢᠨ ᠳᠠᠪᠬᠢᠯ᠎ᠠ᠃ ᠭᠡᠨᠡᠳᠲᠡ ᠰᠠᠯᠬᠢ ᠲᠠᠲᠠᠭᠤᠯᠤᠨ ᠪᠤᠭᠤᠢᠯᠢ ᠠᠭᠠᠷ ᠲᠤ᠌ ᠭᠤᠯᠠᠰᠴᠤ ᠱ᠌ᠢᠪ ᠱᠠᠪ ᠬᠢᠭᠰᠡᠨ ᠳᠠᠭᠤ ᠭᠠᠷᠤᠯ᠎ᠠ᠃ ᠮᠢᠭᠮᠠᠨᠰᠠᠩᠵᠠᠢ ᠶ᠋ᠢᠨ ᠬᠥᠪᠡᠭᠦᠨ ᠳᠡᠮᠪᠡᠷᠢᠯ ᠦ᠋ᠨ ᠣᠨᠣᠴᠠ ᠲᠠᠢ ᠰᠢᠳᠡᠭᠰᠡᠨ ᠪᠤᠭᠤᠢᠯᠢ ᠬᠠᠷᠪᠸᠻ ᠤ᠋ᠨ ᠴᠡᠭᠡᠵᠢᠨ ᠳ᠋ᠦ᠍ ᠣᠷᠣᠵᠤ ᠲᠡᠮᠦᠷ ᠭᠠᠷ ᠢ᠋ ᠨᠢ ᠲᠡᠪᠬᠡᠳᠡᠨ ᠠᠪᠬᠤ ᠳ᠋ᠤ᠌ ᠳᠡᠮᠪᠡᠷᠢᠯ ᠦ᠋ᠨ ᠵᠦᠭ ᠤᠷᠤᠭᠤ ᠵᠢᠳᠠ ᠢᠰᠬᠡᠷᠪᠡ᠃ ᠣᠨᠣᠪᠴᠢᠲᠠᠢ ᠰᠢᠳᠡᠭᠰᠡᠨ ᠵᠢᠳᠠ ᠳᠡᠮᠪᠡᠷᠢᠯ ᠦ᠋ᠨ ᠮᠣᠷᠢᠨ ᠤ᠋ ᠴᠡᠭᠡᠵᠢᠨ ᠳ᠋ᠦ᠍ ᠵᠣᠭᠣᠭᠳᠠᠪᠠ᠃ ᠳᠡᠮᠪᠡᠷᠢᠯ ᠦ᠋ᠨ ᠲᠤᠭᠤᠯᠠᠭᠠᠨ ᠳ᠋ᠤ᠌ ᠨᠢᠭᠡ ᠵᠢᠳᠠ ᠬᠠᠩ ᠬᠢᠨ ᠭᠠᠵᠠᠷ ᠲᠤ᠌ ᠤᠨᠠᠪᠠ᠃
 ᠣᠢᠷᠠᠳ ᠤ᠋ᠨ ᠮᠣᠷᠢᠲᠤ ᠴᠡᠷᠢᠭ ᠦ᠋ᠳ ᠤᠤᠬᠠᠢᠯᠠᠪᠠ᠃ ᠭᠠᠢᠲᠠᠪ ᠪᠠᠭᠠᠲᠤᠷ ᠥᠨᠳᠥᠷ ᠴᠢᠩᠭ᠎ᠠ ᠳᠠᠭᠤ ᠪᠠᠷ᠂
—  ᠬᠠᠷᠪᠸᠻ ᠢ᠋ ᠠᠪᠤᠯ᠎ᠠ᠃ ᠪᠤᠰᠤᠳ ᠴᠡᠷᠢᠭ ᠦ᠋ᠳ ᠲᠠᠷᠬᠠᠵᠠᠭ᠎ᠠ᠃ ᠬᠡᠷᠪᠡ ᠲᠠᠨᠤᠰ ᠢ᠋ ᠪᠥᠭᠡᠮᠨᠡᠷᠡᠭᠡᠳ ᠪᠠᠢᠪᠠᠯ ᠬᠢᠳᠤᠵᠤ ᠣᠷᠬᠢᠨ᠎ᠠ ᠰᠢᠦ ᠳᠡ ᠭᠡᠯ᠎ᠡ᠃ ᠬᠥᠯᠴᠥᠭᠦᠷᠡᠵᠦ ᠰᠡᠷᠡᠮᠵᠢ ᠠᠯᠳᠠᠭᠰᠠᠨ ᠬᠠᠷᠪᠸᠻ ᠡᠩ ᠰᠠᠴᠠᠭᠤ ᠬᠠᠰᠬᠢᠷᠤᠨ᠂
—  ᠠᠮᠢ ᠪᠠᠨ ᠠᠪᠤᠭᠠᠳ ᠠᠷᠢᠯᠤᠭᠲᠤᠨ᠃ ᠨᠠᠮᠠᠶ᠋ᠢ ᠣᠷᠬᠢᠭᠠᠳ ᠰᠤᠯᠲᠠᠨ ᠳ᠋ᠤ᠌ ᠣᠴᠢᠭᠲᠤᠨ᠃ ᠨᠢᠭᠡ ᠠᠮᠢ ᠪᠠᠷ ᠲᠠᠨᠤᠰ ᠳᠤᠲᠠᠬᠤ ᠦᠭᠡᠢ ᠭᠡᠪᠡ᠃
 ᠡᠨᠡ ᠦᠶ᠎ᠡ ᠳ᠋ᠦ᠍ ᠵᠠᠭᠤᠲᠤ ᠶ᠋ᠢᠨ ᠳᠠᠷᠤᠭ᠎ᠠ ᠳᠡᠮᠪᠡᠷᠢᠯ ᠦ᠋ᠨ ᠮᠣᠷᠢ ᠦᠬᠦᠳᠬᠢᠨ ᠤᠨᠠᠵᠤ ᠤᠷᠤᠭᠤᠯ ᠢ᠋ᠶ᠋ᠠᠷ ᠢ᠋ᠶ᠋ᠠᠨ ᠰᠢᠷᠣᠢ ᠡᠮᠬᠦᠯ᠎ᠡ᠃ ᠮᠣᠷᠢᠨ ᠤ᠋ ᠨᠢᠳᠦᠨ ᠡᠴᠡ ᠲᠤᠩᠭᠠᠯᠠᠭ ᠨᠢᠯᠪᠤᠰᠤ ᠤᠷᠤᠰᠴᠤ ᠶᠡᠬᠡᠳᠡ ᠬᠠᠷᠠᠭᠤᠰᠬᠤ ᠮᠡᠲᠦ ᠰᠠᠮᠰᠠᠢ ᠲᠠᠲᠠᠯ᠎ᠠ᠃ ᠳᠡᠮᠪᠡᠷᠢᠯ ᠲᠦᠳᠡᠬᠡᠨ ᠮᠣᠷᠢ ᠪᠠᠨ ᠶᠡᠭᠦᠯᠡᠪᠡ᠃ ᠡᠨᠡ ᠶᠠᠪᠤᠳᠠᠯ ᠢ᠋ ᠬᠠᠷᠪᠸᠻ ᠲᠣᠭᠣᠮᠵᠢᠷ ᠦᠭᠡᠢ ᠬᠠᠷᠠᠨ᠎ᠠ᠃ ᠬᠠᠷᠪᠸᠻ ᠤ᠋ᠨ ᠪᠡᠶ᠎ᠡ ᠡᠴᠡ ᠪᠤᠭᠤᠢᠯᠢ ᠶ᠋ᠢ ᠠᠪᠴᠠᠢ᠃ ᠲᠡᠷᠡ ᠪᠡᠷ ᠴᠢᠯᠥᠭᠡᠲᠡᠢ ᠪᠣᠯᠵᠠᠢ᠃
—  ᠬᠠᠭᠠᠨ ᠤ᠋ ᠵᠠᠷᠯᠢᠭ ᠢ᠋ᠶ᠋ᠠᠷ ᠴᠢᠮᠠᠶ᠋ᠢ ᠴᠠᠭᠠᠵᠠᠯᠠᠨ᠎ᠠ᠃ ᠬᠠᠷᠪᠸᠻ ᠴᠢ ᠣᠯᠠᠨ ᠤᠳᠠᠭ᠎ᠠ ᠬᠣᠲᠠ ᠳ᠋ᠤ᠌ ᠣᠷᠣᠭᠰᠠᠨ ᠴᠢᠨᠣ᠎ᠠ ᠰᠢᠭ᠋ ᠣᠢᠷᠠᠳ ᠤ᠋ᠨ ᠨᠤᠲᠤᠭ ᠲᠤ᠌ ᠳᠣᠪᠲᠣᠯᠵᠤ ᠬᠥᠮᠦᠨ ᠮᠠᠯ ᠰᠦᠢᠳᠬᠡᠪᠡ᠃ ᠡᠭᠦᠨ ᠦ᠌ ᠲᠥᠯᠥᠭᠡ ᠴᠢᠮ᠎ᠠ ᠠ᠋ᠴᠠ ᠶᠠᠯ᠎ᠠ ᠠᠰᠠᠭᠤᠬᠤ ᠳ᠋ᠤ᠌ ᠪᠠᠭᠠᠳᠠᠨ᠎ᠠ᠃ ᠴᠢᠨᠦ ᠴᠠᠭ ᠳᠠᠭᠤᠰᠤᠭᠰᠠᠨ᠃ ᠠᠨᠤ ᠬᠠᠲᠤᠨ ᠢ᠋ ᠣᠯᠵᠠᠯᠠᠨ᠎ᠠ ᠭᠡᠮᠡᠨ ᠴᠠᠯᠴᠢᠨ᠎ᠠ ᠭᠡᠯ᠎ᠡ᠃ ᠨᠠᠭᠠᠳᠤ ᠬᠡᠯᠡ ᠶ᠋ᠢ ᠴᠢᠨᠢ ᠣᠭᠲᠣᠯᠵᠤ ᠬᠠᠶᠠᠨ᠎ᠠ ᠭᠡᠮᠡᠨ ᠭᠠᠢᠲᠠᠪ ᠰᠢᠷᠦᠭᠦᠬᠡᠨ ᠥᠭᠦᠯᠡᠪᠡ᠃ ᠬᠠᠷᠪᠸᠻ ᠬᠠᠷᠢᠭᠤ ᠳ᠋ᠤᠨᠢ᠂
—  ᠤᠷᠲᠤ ᠰᠠᠬᠠᠯᠲᠤ ᠬᠡᠯᠡ ᠮᠡᠳᠡᠭᠡᠴᠢ ᠪᠠᠢᠬᠤ ᠨᠢ ᠠ᠋ ᠭᠡᠵᠦ ᠠᠭᠳᠤᠢᠨ ᠭᠠᠵᠠᠷ ᠳᠡᠪᠰᠡᠯ᠎ᠡ᠃
—  ᠴᠢ ᠲᠣᠰᠬᠣᠨ ᠤ᠋ ᠭᠡᠮ ᠦᠭᠡᠢ ᠣᠢᠷᠠᠳ ᠤ᠋ᠨ ᠴᠢᠰᠤ ᠤᠷᠤᠰᠬᠠᠬᠤ ᠨᠢ ᠤᠤ? ᠨᠠᠭᠠᠳᠤ ᠪᠣᠭᠣᠯ ᠤ᠋ᠳ ᠲᠠᠨ ᠤ᠋ ᠰᠠᠢᠨ ᠮᠠᠭᠤ ᠶ᠋ᠢ ᠢᠯᠭᠠᠳᠠᠭ ᠶᠤᠮ ᠭᠡᠳ ᠬᠠᠷᠪᠸᠻ ᠲᠤ᠌ ᠮᠣᠷᠢ᠂ ᠰᠡᠯᠡᠮ᠎ᠡ᠂ ᠢᠯᠳᠦ᠂ ᠪᠠᠮᠪᠠᠢ᠂ ᠶᠠᠭᠤ ᠬᠡᠷᠡᠭ ᠲᠡᠢ ᠪᠦᠬᠦᠨ ᠢ᠋ ᠥᠭᠭᠥᠭᠲᠤᠨ ᠭᠡᠪᠡ᠃ ᠬᠠᠷᠪᠸᠻ ᠤ᠋ᠨ ᠨᠣᠭᠣᠭᠠᠨ ᠨᠢᠳᠦᠨ ᠳ᠋ᠦ᠍ ᠬᠥᠷ ᠪᠠᠶᠠᠷ ᠤ᠋ᠨ ᠭᠡᠷᠡᠯ ᠮᠠᠨᠠᠯᠵᠠᠵᠤ᠂ ᠴᠡᠷᠢᠭ ᠬᠠᠪᠲᠠᠭᠠᠢ ᠡᠮᠡᠭᠡᠯ ᠳᠡᠭᠡᠷ᠎ᠡ ᠬᠡᠢ ᠦᠭᠡᠢ ᠦᠰᠦᠷᠦᠨ ᠮᠣᠷᠳᠠᠯ᠎ᠠ᠃ ᠮᠢᠩᠭᠠᠲᠤ ᠶ᠋ᠢᠨ ᠨᠣᠶᠠᠨ ᠭᠠᠢᠲᠠᠪ ᠪᠠᠭᠠᠲᠤᠷ᠂
—  ᠬᠣᠶᠠᠭᠤᠯᠠ ᠪᠠᠨ ᠲᠤᠯᠤᠯᠳᠤᠶ᠎ᠠ᠃ ᠴᠢᠨᠦ ᠵᠣᠷᠢᠭ ᠢ᠋ ᠬᠦᠨᠳᠦᠯᠡᠵᠦ ᠪᠠᠢᠨ᠎ᠠ᠃ ᠴᠢᠮᠠᠶ᠋ᠢ ᠥᠴᠢᠭ ᠦᠭᠡᠢ ᠴᠠᠪᠴᠢᠬᠤ ᠶ᠋ᠢᠨ ᠣᠷᠣᠨ ᠳ᠋ᠤ᠌ ᠬᠡᠢᠮᠣᠷᠢ ᠶ᠋ᠢ ᠲᠠᠨᠢ ᠰᠡᠷᠭᠦᠭᠡᠶ᠎ᠡ ᠭᠡᠰᠡᠨ ᠶᠤᠮ᠃ ᠨᠡᠷ᠎ᠡ ᠪᠡᠨ ᠪᠠᠭᠠᠰᠤᠳᠠᠬᠤ ᠦᠭᠡᠢ ᠪᠢᠵᠡ ᠳᠡ ᠭᠡᠮᠡᠨ ᠦᠲᠦᠭᠡᠩᠬᠦᠢ ᠥᠭᠦᠯᠡᠪᠡ᠃ ᠬᠠᠰᠠᠭ ᠤ᠋ᠨ ᠬᠠᠷᠪᠸᠻ ᠲᠤᠷᠬᠢᠷᠠᠨ ᠰᠢᠷᠤᠩᠬᠠᠢᠯᠠᠵᠤ᠂
—  ᠣᠢᠷᠠᠳ ᠤ᠋ᠳ ᠬᠥᠮᠦᠨᠯᠢᠭ ᠶᠤᠮ ᠭᠡᠭᠴᠢ᠃ ᠨᠠᠮᠠᠶ᠋ᠢ ᠠᠯᠢ ᠡᠷᠲᠡ ᠢᠩᠭᠢᠵᠦ ᠬᠦᠨᠳᠦᠳᠬᠡᠬᠦ ᠪᠠᠢᠭᠰᠠᠨ᠃ ᠭᠡᠲᠡᠯ᠎ᠡ ᠤᠳᠠᠭᠠᠨ ᠵᠢᠯ ᠳᠤᠷ᠎ᠠ ᠦᠭᠡᠢ ᠬᠦᠷᠭᠡᠪᠡ᠃ ᠤᠳᠠᠭᠠᠨ ᠵᠢᠯ ᠰᠢᠦ᠃ ᠠᠨᠤ ᠬᠠᠲᠤᠨ ᠢ᠋ᠶ᠋ᠠᠨ ᠥᠮᠥᠭᠡᠷᠡᠪᠡ᠃ ᠣᠢᠷᠠᠳ ᠡᠷᠡᠴᠦᠦᠯ ᠦ᠋ᠨ ᠰᠠᠬᠢᠭᠤᠰᠤ ᠲᠡᠷᠡ ᠠᠨᠤ ᠬᠠᠲᠤᠨ ᠶᠤᠮ ᠤᠤ? ᠲᠡᠭᠡᠪᠡᠯ ᠰᠠᠬᠢᠭᠤᠰᠤ ᠶ᠋ᠢᠨ ᠢ᠋ᠶ᠋ᠡᠨ ᠲᠥᠯᠥᠭᠡ ᠲᠤᠯᠤᠯᠳᠤᠬᠤ ᠪᠣᠯᠵᠠᠢ ᠳᠠ᠃ ᠪᠢ ᠪᠠᠰᠠ ᠥᠪᠡᠷ ᠦ᠋ᠨ ᠢ᠋ᠶ᠋ᠡᠨ ᠰᠠᠬᠢᠭᠤᠰᠤ ᠶ᠋ᠢᠨ ᠲᠥᠯᠥᠭᠡ ᠲᠤᠯᠤᠯᠳᠤᠨ᠎ᠠ ᠭᠡᠯ᠎ᠡ᠃
 ᠺᠢᠷᠭᠢᠽ ᠲᠣᠰᠬᠣᠨ ᠤ᠋ ᠲᠠᠷᠢᠶᠠᠴᠢᠳ ᠥᠬᠢᠳ ᠬᠡᠦᠬᠡᠨ ᠨᠦ᠍ᠭᠦᠳ ᠲᠤᠯᠤᠯᠳᠤᠭᠠᠨ ᠤ᠋ ᠳᠠᠷᠠᠭ᠎ᠠ ᠠᠶᠤᠵᠤ ᠴᠡᠴᠡᠷᠡᠭᠰᠡᠨ ᠵᠢᠷᠦᠬᠡ ᠪᠡᠨ ᠳᠠᠷᠤᠨ ᠠᠯᠯᠠᠾ ᠲᠩᠷᠢ ᠶ᠋ᠢᠨ ᠥᠷᠥᠰᠢᠶᠡᠯ ᠢ᠋ ᠳᠠᠭᠤᠳᠠᠵᠤ ᠤᠩᠰᠢᠯᠭ᠎ᠠ ᠤᠩᠰᠢᠵᠤ᠂ ᠬᠠᠭᠠᠴᠠᠯ ᠤ᠋ᠨ ᠳᠠᠭᠤᠤ ᠳᠠᠭᠤᠯᠠᠵᠠᠭᠠᠪᠠ᠃ ᠬᠠᠷᠪᠸᠻ ᠦ᠋ᠨ ᠴᠣᠭᠴᠠᠰ ᠢ᠋ ᠯᠠᠯᠤ ᠶ᠋ᠢᠨ ᠰᠢᠲᠦᠯᠭᠡᠲᠡᠨ ᠨᠦ᠍ᠭᠦᠳ ᠠᠪᠴᠤ ᠣᠳᠤᠯ᠎ᠠ᠃ ᠬᠠᠷᠪᠸᠻ ᠦ᠋ᠨ ᠡᠴᠢᠭᠡ ᠶ᠋ᠢᠨ ᠬᠢᠨᠢ ᠱᠠᠷᠢᠯ ᠪᠦᠬᠦᠢ ᠵᠣᠭᠣᠷᠢᠯᠠᠨ ᠣᠬᠣᠭᠰᠠᠨ ᠭᠦᠨ ᠨᠦᠬᠡᠨ ᠳ᠋ᠦ᠍ ᠣᠷᠣᠰᠢᠭᠤᠯᠪᠠ᠃ ᠨᠦᠬᠡᠨ ᠦ᠌ ᠠᠮᠠᠰᠠᠷ ᠢ᠋ ᠴᠢᠯᠠᠭᠤ ᠪᠠᠷ ᠬᠦᠷᠢᠶᠡᠯᠡᠵᠦ ᠣᠯᠠᠨ ᠨᠠᠰᠤᠲᠠᠢ ᠤᠷᠭᠤᠮᠠᠯ ᠲᠠᠷᠢᠭᠰᠠᠨ ᠪᠢᠯᠡ᠃

              ᠬᠣᠷᠢ

 ᠬᠠᠷᠪᠸᠻ  ᠦ᠋ᠨ ᠬᠠᠮᠢᠭ᠎ᠠ ᠣᠷᠣᠩᠨᠠᠵᠤ ᠪᠣᠢ ᠮᠡᠳᠡᠭᠡ ᠶ᠋ᠢ ᠴᠠᠭᠠᠨ ᠠᠭᠤᠯᠠ ᠶ᠋ᠢᠨ ᠣᠢᠷᠠᠳ ᠴᠡᠷᠢᠭ ᠦ᠋ᠨ ᠬᠦᠷᠢᠶᠡᠨ ᠳ᠋ᠦ᠍ ᠥᠭᠭᠦᠭᠰᠡᠨ ᠬᠥᠮᠦᠨ ᠪᠣᠯ ᠤᠷᠲᠤ ᠰᠠᠬᠠᠯᠲᠤ ᠭᠡᠮᠡᠨ ᠨᠡᠷᠡᠯᠡᠭᠳᠡᠭᠰᠡᠨ ᠤᠮᠠᠷ ᠪᠠᠢᠵᠠᠢ᠃ ᠭᠠᠯ ᠤᠰᠤᠨ ᠠ᠋ᠴᠠ ᠴᠤᠴᠠᠳᠠᠭ ᠦᠭᠡᠢ ᠬᠠᠷᠪᠸᠻ ᠦᠬᠦᠪᠡᠯ ᠲᠠᠷᠢᠶᠠᠴᠢᠳ ᠠᠮᠤᠷ ᠲᠠᠢᠪᠤᠩ ᠪᠣᠯᠵᠤ ᠨᠢᠷᠤᠭᠤ ᠨᠢ ᠲᠡᠨᠢᠢᠬᠦ ᠶᠦᠮ ᠭᠡᠮᠡᠨ ᠤᠮᠠᠷ ᠤ᠋ᠨ ᠣᠪᠣᠭ ᠤ᠋ᠨ ᠬᠢᠨ ᠶᠠᠷᠢᠯᠴᠠᠭᠰᠠᠨ ᠠᠲᠠᠯ᠎ᠠ《 ᠬᠡᠨ ᠬᠣᠪ ᠵᠥᠭᠡᠭᠡᠪᠡ》 ᠭᠡᠳᠡᠭ ᠳᠤᠤᠯᠢᠶᠠᠨ ᠲᠠᠷᠬᠠᠭᠠᠪᠠ᠃
ᠵᠡᠭᠦᠨᠭᠠᠷ ᠤ᠋ᠨ ᠬᠠᠭᠠᠨ ᠤ᠋ ᠡᠯᠴᠢ ᠮᠢᠩᠭᠠᠲᠤ ᠴᠡᠷᠢᠭ ᠦ᠋ᠨ ᠵᠠᠩᠵᠤᠨ ᠭᠠᠢᠲᠠᠪ《 ᠢᠮᠠᠭᠲᠠ ᠬᠠᠯᠠᠭᠤᠨ ᠢᠰᠬᠦᠯᠡᠩ ᠶᠠᠪᠤᠳᠠᠭ ᠭᠠᠷ ᠦᠭᠡᠢ ᠪᠠᠭᠠᠲᠤᠷ ᠬᠠᠷᠪᠸᠻ ᠠᠮᠢ ᠪᠠᠨ ᠠᠯᠳᠠᠭᠰᠠᠨ ᠠ᠋ᠴᠠ ᠪᠣᠯᠵᠤ ᠲᠡᠯᠢᠢᠪᠡ᠃ ᠮᠠᠨ ᠤ᠋ ᠭᠠᠯᠳᠠᠨ ᠬᠠᠭᠠᠨ ᠬᠡᠯᠡᠬᠦ ᠳ᠋ᠡᠭᠡᠨ 〈 ᠠᠮᠠ ᠪᠣᠯ ᠵᠦᠩ ᠰᠤᠪᠢᠩ ᠤ᠋ᠨ ᠨᠢᠳᠦ ᠬᠠᠭᠠᠯᠭ᠎ᠠ ᠶᠤᠮ᠂ ᠠᠮᠠ ᠪᠠᠷ ᠶᠣᠷᠣᠯᠠᠪᠠᠯ ᠰᠡᠳᠬᠢᠯ ᠢ᠋ᠶ᠋ᠡᠷ ᠶᠣᠷᠣᠯᠠᠭᠰᠠᠨ ᠠ᠋ᠴᠠ ᠠᠶᠤᠯᠲᠠᠢ᠃ ᠠᠰᠢᠳᠠ ᠶ᠋ᠢᠨ ᠪᠡᠯᠭᠡ ᠡᠴᠡ ᠠᠮᠠᠨ ᠤ᠋ ᠪᠡᠯᠭᠡ ᠭᠡᠳᠡᠭ ᠶᠤᠮ᠃ ᠬᠥᠮᠦᠨ ᠦ᠌ ᠠᠮᠠᠨ ᠠ᠋ᠴᠠ ᠢᠷᠦᠭᠡᠯ ᠬᠠᠷᠢᠶᠠᠯ ᠬᠣᠶᠠᠷ ᠤᠷᠤᠰᠴᠤ ᠪᠠᠢᠳᠠᠭ᠃ ᠢᠷᠦᠭᠡᠯ ᠢ᠋ ᠨᠢ ᠪᠠᠢᠩᠭᠤ ᠬᠡᠯᠡᠵᠦ ᠪᠠᠢᠪᠠᠯ ᠪᠤᠷᠬᠠᠨ ᠳ᠋ᠤ᠌ ᠲᠠᠭᠠᠯᠠᠭᠳᠠᠨ᠎ᠠ᠃ ᠬᠠᠷᠢᠶᠠᠯ ᠤᠷᠤᠰᠬᠠᠵᠤ ᠪᠠᠢᠪᠠᠯ ᠮᠠᠭᠤ ᠵᠦᠭ ᠦ᠋ᠨ ᠰᠠᠪᠳᠠᠭ ᠤ᠋ᠳ ᠣᠯᠵᠠᠯᠠᠨ᠎ᠠ 〉 ᠭᠡᠰᠡᠨ ᠪᠢᠯᠡ᠃
 — ᠬᠠᠷᠪᠸᠻ ᠢ᠋ ᠰᠠᠪᠳᠠᠭ ᠣᠯᠵᠠᠯᠠᠪᠠ᠃ ᠬᠠᠷᠢᠨ ᠤᠮᠠᠷ ᠬᠠᠮᠢᠭ᠎ᠠ ᠪᠠᠢᠨ᠎ᠠ᠃ ᠨᠠᠭᠠᠰᠢ ᠪᠠᠨ ᠬᠦᠷᠦᠭᠡᠳ ᠢᠷ᠎ᠡ ᠭᠡᠵᠦ ᠳᠠᠭᠤᠳᠠᠪᠠ᠃ ᠤᠮᠠᠷ ᠬᠡᠮᠡᠬᠦ ᠡᠷ᠎ᠡ ᠲᠡᠢᠨ ᠦ᠌ ᠵᠠᠷᠯᠠᠨ ᠳᠠᠭᠤᠳᠠᠯᠭ᠎ᠠ ᠠᠪᠤᠭᠰᠠᠨ ᠦᠶ᠎ᠡ ᠳ᠋ᠡᠭᠡᠨ ᠴᠡᠷᠢᠭ ᠪᠣᠯᠳᠠᠭ᠂ ᠪᠤᠰᠤᠳ ᠴᠠᠭ ᠲᠤ᠌ ᠤᠯᠠᠭᠠᠨ ᠪᠤᠭᠤᠳᠠᠢ ᠶ᠋ᠢᠨ ᠲᠠᠷᠢᠶᠠᠯᠠᠩ ᠡᠷᠬᠢᠯᠡᠵᠦ ᠪᠠᠭ᠎ᠠ ᠰᠢᠭ᠋ ᠡᠳ᠋ᠯᠡᠩ ᠭᠠᠵᠠᠷ ᠡᠵᠡᠮᠰᠢᠨ᠎ᠡ᠃ ᠤᠮᠠᠷ ᠨᠢᠭᠡ ᠤᠳᠠᠭ᠎ᠠ ᠶ᠋ᠢᠨ ᠢᠷᠡᠭᠦᠯ ᠲᠤᠯᠤᠯᠳᠤᠭᠠᠨ ᠤ᠋ ᠳᠠᠷᠠᠭ᠎ᠠ ᠭᠠᠯᠳᠠᠨ ᠬᠠᠭᠠᠨ ᠤ᠋ ᠴᠡᠷᠢᠭ ᠲᠦ᠍ ᠣᠯᠵᠠᠯᠠᠭᠳᠠᠵᠠᠢ᠃ ᠤᠮᠠᠷ ᠰᠥᠭᠥᠳᠦᠨ ᠮᠥᠷᠭᠥᠵᠦ ᠠᠯᠯᠠᠾ ᠤ᠋ᠨ ᠨᠡᠷ᠎ᠡ ᠶ᠋ᠢ ᠪᠠᠷᠢᠵᠤ ᠭᠠᠯᠳᠠᠨ ᠠ᠋ᠴᠠ ᠠᠮᠢ ᠭᠤᠶᠤᠭᠰᠠᠨ ᠪᠢᠯᠡ᠃ ᠡᠨᠡ ᠦᠶ᠎ᠡ ᠳ᠋ᠦ᠍ ᠭᠠᠢᠲᠠᠪ ᠪᠠᠭᠠᠲᠤᠷ ᠬᠠᠭᠠᠨ ᠤ᠋ ᠳᠡᠷᠭᠡᠳᠡ ᠪᠠᠢᠵᠠᠢ᠃ ᠭᠠᠢᠲᠠᠪ ᠬᠡᠮᠡᠬᠦ ᠬᠣᠱᠤᠳ ᠡᠷ᠎ᠡ ᠭᠠᠯᠳᠠᠨ ᠳ᠋ᠤ᠌ ᠦᠨᠡᠨᠴᠢ ᠵᠢᠳᠬᠦᠵᠦ ᠨᠠᠶ᠋ᠢᠭᠠᠯ ᠡᠬᠡᠨᠡᠷ ᠲᠡᠢ ᠳᠡᠷ᠎ᠡ ᠨᠡᠢᠯᠡᠭᠦᠯᠦᠭᠰᠡᠨ ᠡᠴᠡ ᠬᠣᠢᠰᠢ ᠨᠠᠢ᠍ᠮᠠᠨ ᠬᠥᠪᠡᠭᠦᠨ ᠲᠡᠢ ᠥᠨᠢᠷ ᠥᠳᠬᠡᠨ ᠠᠢᠯ ᠤ᠋ᠨ ᠡᠵᠡᠨ ᠪᠣᠯᠵᠠᠢ᠃ ᠭᠣᠣᠨᠢ ᠡᠷ᠎ᠡ ᠨᠠᠢ᠍ᠮᠠᠨ ᠬᠥᠪᠡᠭᠦᠨ ᠲᠡᠢ ᠪᠣᠯᠤᠭᠰᠠᠨ ᠳ᠋ᠤ᠌ ᠭᠠᠯᠳᠠᠨ ᠮᠠᠩᠨᠠᠢ ᠲᠡᠨᠢᠢᠵᠦ ᠬᠣᠱᠤᠳ ᠤ᠋ᠨ ᠬᠦᠷᠢᠶᠡᠨ ᠦ᠌ ᠲᠡᠭ ᠳᠤᠮᠳᠠ ᠥᠷᠭᠥᠭᠡ ᠪᠤᠰᠬᠠᠵᠤ ᠥᠭᠴᠡᠢ᠃
  ᠭᠠᠯᠳᠠᠨ ᠬᠠᠭᠠᠨ ᠣᠯᠵᠠᠯᠠᠭᠳᠠᠭᠰᠠᠨ ᠤᠮᠠᠷ ᠤ᠋ᠨ ᠭᠤᠶᠤᠯᠲᠠ ᠶ᠋ᠢ ᠰᠣᠨᠣᠰᠪᠠ᠃ ᠭᠠᠢᠲᠠᠪ ᠪᠠᠭᠠᠲᠤᠷ ᠤᠮᠠᠷ ᠠ᠋ᠴᠠ᠂
—  ᠡᠷᠭᠢᠭᠡᠳ ᠬᠠᠷᠪᠸᠺ ᠲᠠᠢ ᠨᠡᠢᠯᠡᠬᠦ ᠤᠤ? ᠭᠡᠵᠦ ᠠᠰᠠᠭᠤᠪᠠ᠃
ᠤᠮᠠᠷ ᠤᠬᠢᠯᠠᠩᠨᠠᠨ᠂
—  ᠥᠴᠦᠬᠡᠨ ᠪᠣᠭᠣᠯ ᠤ᠋ᠨ ᠠᠮᠢ ᠬᠠᠷᠪᠸᠺ ᠤ᠋ᠨ ᠠᠳᠬᠤᠨ ᠳ᠋ᠤ᠌ ᠰᠢᠦ ᠳᠡ᠃ ᠪᠢ ᠲᠡᠭᠦᠨ ᠡᠴᠡ ᠪᠤᠯᠲᠠᠬᠤ ᠵᠢᠭᠤᠲᠠᠬᠤ ᠠᠷᠭ᠎ᠠ ᠦᠭᠡᠢ ᠭᠡᠮᠡᠨ ᠥᠴᠢᠪᠡ᠃ ᠬᠠᠭᠠᠨ ᠰᠡᠳᠬᠢᠷᠦᠨ᠂
— ᠬᠠᠷᠪᠸᠺ ᠲᠠᠢ ᠣᠢᠷᠠᠬᠠᠨ ᠪᠠᠢᠬᠤ ᠮᠢᠨᠢ᠃ ᠲᠡᠷᠡ ᠶᠠᠭᠤ ᠬᠡᠯᠡᠨ᠎ᠡ᠃ ᠲᠡᠷᠡ ᠶᠠᠭᠤ ᠥᠭᠦᠯᠡᠨ᠎ᠡ᠃ ᠪᠢ ᠲᠡᠭᠦᠨ ᠢ᠋ ᠰᠣᠨᠣᠰᠬᠤ ᠶᠣᠰᠣᠲᠠᠢ᠃ ᠤᠮᠠᠷ ᠴᠢ ᠭᠠᠯᠳᠠᠨ ᠬᠠᠭᠠᠨ ᠤ᠋ ᠴᠢᠬᠢ ᠪᠣᠯ ᠭᠡᠮᠡᠨ ᠲᠤᠰᠢᠶᠠᠪᠠ᠃ ᠭᠠᠢᠲᠠᠪ ᠤ᠋ᠨ ᠨᠢᠳᠦᠨ ᠳ᠋ᠦ᠍ ᠬᠥᠷ ᠪᠠᠶᠠᠰᠤᠯ ᠬᠡᠷᠡᠯᠳᠦᠵᠦ᠂
—  ᠬᠠᠭᠠᠨ ᠤ᠋ ᠵᠠᠷᠯᠢᠭ ᠢ᠋ ᠰᠣᠨᠣᠰᠤᠯ᠎ᠠ᠃ ᠶᠠᠭᠤ ᠭᠡᠮᠡᠷ ᠪᠠᠢᠨ᠎ᠠ ᠳᠠ ᠭᠡᠵᠦ ᠤᠮᠠᠷ ᠠ᠋ᠴᠠ ᠯᠠᠪᠯᠠᠬᠤ ᠳ᠋ᠤ᠌《 ᠪᠢ ᠴᠢᠬᠢ ᠪᠣᠯᠤᠶ᠎ᠠ》 ᠭᠡᠪᠡ᠃
—  ᠴᠢᠬᠢᠨ ᠳ᠋ᠦ᠍ ᠣᠷᠣᠭᠰᠠᠨ ᠢ᠋ᠶ᠋ᠠᠨ ᠬᠠᠳᠠᠭᠠᠯᠠᠵᠤ ᠪᠠᠢ᠃ ᠮᠠᠨ ᠤ᠋ ᠴᠡᠷᠢᠭ ᠦ᠋ᠳ ᠬᠡᠷᠡᠭᠴᠡᠭᠡ ᠭᠠᠷᠪᠠᠯ ᠰᠣᠨᠣᠰᠤᠨ᠎ᠠ᠃ ᠨᠠᠮᠠᠶ᠋ᠢ ᠰᠣᠨᠣᠰᠪᠠ ᠭᠡᠵᠦ ᠪᠣᠳᠣ᠃ ᠴᠢᠮᠠᠶ᠋ᠢ ᠠᠮᠢᠳᠤ ᠦᠯᠡᠳᠡᠭᠡᠪᠡ᠃ ᠡᠴᠡᠭᠰᠡᠨ ᠮᠣᠷᠢ ᠪᠠᠨ ᠬᠥᠲᠥᠯᠦᠭᠡᠳ ᠬᠠᠷᠪᠸᠺ ᠤ᠋ᠨ ᠠᠷᠤ ᠠ᠋ᠴᠠ ᠲᠣᠨᠢᠯ ᠭᠡᠵᠦ ᠭᠠᠯᠳᠠᠨ ᠬᠠᠭᠠᠨ ᠥᠷᠥᠰᠢᠶᠡᠯ ᠦ᠋ᠨ ᠦᠭᠡ ᠬᠡᠯᠡᠪᠡ᠃《 ᠤᠮᠠᠷ ᠮᠡᠲᠦ ᠶ᠋ᠢᠨ ᠲᠠᠷᠢᠶᠠᠴᠢᠳ ᠤ᠋ᠨ ᠨᠢᠷᠤᠭᠤᠨ ᠳᠡᠭᠡᠷ᠎ᠡ ᠬᠠᠷᠪᠸᠺ ᠰᠠᠭᠤᠵᠤ ᠪᠠᠢᠳᠠᠭ ᠠᠵᠢ᠃ ᠲᠡᠭᠦᠨ ᠡᠴᠡ ᠲᠠᠷᠢᠶᠠᠴᠢᠳ ᠵᠠᠯᠬᠠᠵᠠᠢ᠃ ᠬᠠᠷᠪᠸᠺ ᠠ᠋ᠴᠠ ᠰᠠᠯᠬᠤ ᠶ᠋ᠢᠨ ᠲᠤᠯᠠᠳᠠ ᠤᠮᠠᠷ ᠬᠡᠵᠢᠶ᠎ᠡ ᠨᠢᠭᠡᠨ ᠴᠠᠭ ᠲᠤ᠌ ᠣᠢᠷᠠᠳ ᠲᠤ᠌ ᠲᠤᠰᠠᠯᠠᠨ᠎ᠠ᠃ ᠨᠢᠭᠡ ᠬᠥᠮᠦᠨ ᠦ᠌ ᠲᠤᠰᠠ ᠪᠠᠭᠠᠳᠠᠬᠤ ᠦᠭᠡᠢ》 ᠭᠡᠮᠡᠨ ᠭᠠᠯᠳᠠᠨ ᠪᠣᠳᠣᠭᠰᠠᠨ ᠪᠢᠯᠡ᠃
 ᠤᠮᠠᠷ ᠲᠣᠯᠣᠭᠠᠢ ᠳᠡᠭᠡᠷ᠎ᠡ ᠪᠡᠨ ᠲᠠᠯᠪᠢᠭᠰᠠᠨ ᠬᠠᠪᠲᠠᠭᠠᠢ ᠲᠣᠭᠣᠷᠴᠣᠭ ᠢ᠋ ᠰᠣᠯᠢᠵᠤ ᠴᠠᠭᠠᠨ ᠳᠠᠪᠤᠤ ᠪᠠᠷ ᠲᠣᠯᠣᠭᠠᠢ ᠪᠠᠨ ᠪᠠᠭᠯᠠᠵᠤ ᠣᠷᠢᠶᠠᠵᠠᠢ᠃ ᠨᠢᠭᠡᠨᠲᠡ ᠭᠠᠢᠲᠠᠪ ᠪᠠᠭᠠᠲᠤᠷ ᠳᠠᠭᠤᠳᠠᠭᠰᠠᠨ ᠳ᠋ᠤ᠌ ᠲᠡᠷᠡ ᠪᠡᠷ ᠪᠠᠭ᠎ᠠ ᠵᠡᠷᠭᠡ ᠬᠣᠯᠴᠢᠭᠢᠨᠠᠨ ᠣᠴᠢᠯ᠎ᠠ᠃ ᠮᠢᠩᠭᠠᠲᠤ ᠴᠡᠷᠢᠭ ᠦ᠋ᠳ ᠳᠤᠭᠤᠢᠷᠠᠨ ᠬᠦᠷᠢᠶ᠎ᠡ ᠡᠭᠦᠰᠬᠡᠵᠦ ᠵᠣᠭᠰᠣᠵᠠᠢ᠃ ᠳᠤᠭᠤᠢ ᠳᠣᠲᠣᠷ᠎ᠠ ᠤᠮᠠᠷ ᠣᠷᠣᠪᠠ᠃
—  ᠵᠡᠭᠦᠨᠭᠠᠷ ᠤ᠋ᠨ ᠬᠠᠭᠠᠨ ᠤ᠋ ᠰᠠᠩ ᠳ᠋ᠤ᠌ ᠤᠯᠠᠭᠠᠨ ᠪᠤᠭᠤᠳᠠᠢ ᠬᠡᠳᠦᠨ ᠲᠣᠭᠣᠭ᠎ᠠ ᠶ᠋ᠢ ᠨᠡᠢᠯᠡᠭᠦᠯᠵᠦ ᠪᠠᠢᠨ᠎ᠠ ᠭᠡᠵᠦ ᠭᠠᠢᠲᠠᠪ ᠠᠰᠠᠭᠤᠪᠠ᠃ ᠤᠮᠠᠷ ᠬᠡᠮᠡᠬᠦ ᠤᠷᠲᠤ ᠰᠠᠬᠠᠯ ᠲᠠᠢ ᠵᠣᠭᠣᠩᠭᠢ ᠡᠷ᠎ᠡ ᠠᠮᠠ ᠪᠠᠨ ᠥᠮᠥᠯᠵᠡᠭᠦᠯᠦᠨ᠂
—  ᠬᠠᠭᠠᠨ ᠳ᠋ᠤ᠌ ᠠᠮᠠᠯᠠᠭᠰᠠᠨ ᠶᠣᠰᠣᠭᠠᠷ ᠵᠢᠯ ᠳ᠋ᠡᠭᠡᠨ ᠵᠠᠭᠤᠨ ᠲᠣᠭᠣᠭ᠎ᠠ ᠶ᠋ᠢ ᠥᠭᠳᠡᠭ ᠭᠡᠪᠡ᠃ ᠭᠠᠢᠳᠠᠪ ᠪᠠᠭᠠᠲᠤᠷ ᠢᠨᠢᠶᠡᠵᠦ᠂
—  ᠴᠢᠮᠠᠶ᠋ᠢ ᠬᠠᠷᠪᠸᠺ ᠤ᠋ᠨ ᠣᠷᠣᠨ ᠳ᠋ᠤ᠌ ᠮᠢᠩᠭᠠᠲᠤ ᠶ᠋ᠢᠨ ᠨᠣᠶᠠᠨ ᠪᠣᠯᠭᠠᠶ᠎ᠠ᠃ ᠪᠤᠷᠤᠭᠤᠲᠠᠨ ᠢ᠋ ᠭᠡᠰᠬᠡᠪᠡ᠃ ᠲᠡᠭᠡᠬᠦ ᠪᠡᠷ ᠬᠠᠷ᠎ᠠ ᠮᠢᠩᠭᠠᠲᠤ ᠪᠠᠨ ᠠᠪᠴᠤ ᠵᠡᠭᠦᠨᠭᠠᠷ ᠤ᠋ᠨ ᠴᠡᠷᠢᠭ ᠦ᠋ᠨ ᠪᠡᠬᠢᠯᠡᠯᠲᠡ ᠳ᠋ᠦ᠍ ᠳᠠᠷᠤᠢᠬᠠᠨ ᠣᠴᠢ᠃ ᠬᠠᠭᠠᠨ ᠤ᠋ ᠴᠡᠷᠢᠭ ᠦ᠋ᠳ ᠠᠶᠠᠨ ᠲᠡᠢᠨ ᠳ᠋ᠦ᠍ ᠣᠳᠬᠤ ᠪᠠᠷ ᠪᠡᠯᠡᠳᠬᠡᠵᠦ ᠪᠠᠢᠭ᠎ᠠ ᠪᠢᠯᠡ ᠭᠡᠪᠡ᠃
 ᠲᠡᠷᠡᠬᠡᠨ ᠵᠠᠭᠤᠷ᠎ᠠ ᠪᠤᠭᠤᠳᠠᠢ ᠳ᠋ᠤ᠌ ᠳᠤᠷᠠᠲᠠᠢ ᠬᠠᠷ᠎ᠠ ᠲᠤᠷᠯᠢᠶᠠᠬ᠎ᠠ ᠰᠦᠷᠦᠭᠯᠡᠨ ᠨᠢᠰᠴᠦ ᠥᠩᠭᠡᠷᠡᠪᠡ᠃ ᠲᠣᠯᠣᠭᠠᠢ ᠳᠡᠭᠡᠷ᠎ᠡ ᠰᠢᠪᠠᠭᠤᠨ ᠤ᠋ ᠰᠡᠭᠦᠳᠡᠷ ᠲᠣᠰᠤᠯ᠎ᠠ ᠭᠡᠮᠡᠨ ᠣᠢᠷᠠᠳ ᠴᠡᠷᠢᠭ ᠦ᠋ᠳ ᠭᠡᠭᠡᠷᠡᠨ ᠨᠢᠯᠪᠤᠪᠠ᠃ ᠴᠡᠷᠢᠭ ᠦ᠋ᠳ ᠦ᠋ᠨ ᠰᠢᠯᠦᠰᠦ ᠠᠭᠠᠷ  ᠲᠤ᠌ ᠦᠰᠦᠴᠢᠯ᠎ᠡ᠃

—  ᠰᠤᠯᠲᠠᠨ ᠶᠠᠭᠤ ᠭᠡᠬᠦ ᠪᠣᠯ? ᠨᠠᠮᠠᠶ᠋ᠢ᠂᠂᠂᠂
—  ᠲᠡᠷᠡ ᠰᠤᠯᠲᠠᠨ ᠪᠠᠢᠬᠤ ᠪᠠᠨ ᠪᠣᠯᠢᠭᠰᠠᠨ᠃
—  ᠪᠠᠷᠢᠭᠳᠠᠭᠰᠠᠨ ᠤᠤ?
—  ᠠᠯᠠᠭᠳᠠᠭᠰᠠᠨ᠃
—  ᠮᠠᠨ ᠤ᠋ ᠮᠢᠩᠭᠠᠲᠤ ᠬᠠᠮᠢᠭ᠎ᠠ ᠣᠴᠢᠭᠰᠠᠨ ᠪᠣᠢ?
—  ᠴᠠᠭᠠᠨ ᠠᠭᠤᠯᠠ ᠶ᠋ᠢᠨ ᠣᠢᠷᠠᠳ ᠴᠡᠷᠢᠭ ᠦ᠋ᠨ ᠮᠠᠲᠠᠯ ᠳ᠋ᠤ᠌ ᠣᠷᠣᠵᠠᠢ᠃ ᠰᠠᠶᠢᠬᠠᠨ ᠬᠠᠷ᠎ᠠ ᠠᠭᠤᠯᠠ ᠶ᠋ᠢᠨ ᠴᠡᠷᠢᠭ ᠦ᠋ᠳ ᠪᠣᠰᠤᠯᠭ᠎ᠠ ᠭᠠᠷᠭᠠᠵᠤ ᠪᠢ ᠪᠣᠰᠤᠯᠭ᠎ᠠ ᠶ᠋ᠢ ᠳᠠᠷᠤᠯ᠎ᠠ᠃
—  ᠤᠮᠠᠷ ᠪᠢ ᠮᠢᠩᠭᠠᠲᠤ ᠶ᠋ᠢᠨ ᠨᠣᠶᠠᠨ ᠪᠣᠯᠤᠭᠰᠠᠨ ᠤᠤ?
—  ᠲᠡᠭᠡᠭᠰᠡᠨ᠃ ᠴᠡᠷᠢᠭ ᠢ᠋ᠶ᠋ᠡᠨ ᠴᠤᠭᠯᠠᠭᠤᠯᠵᠤ ᠵᠡᠭᠥᠨᠭᠠᠷ ᠤ᠋ᠨ ᠴᠡᠷᠢᠭ ᠦ᠋ᠨ ᠪᠡᠬᠢᠯᠡᠯᠲᠡ ᠳ᠋ᠦ᠍ ᠰᠢᠨ᠎ᠡ ᠪᠡᠷ ᠲᠥᠪᠬᠢᠨᠡᠨ ᠰᠠᠭᠤᠬᠤ ᠪᠣᠯᠤᠯ᠎ᠠ᠃ ᠲᠠᠨᠤᠰ ᠤ᠋ᠨ ᠣᠪᠣᠭ ᠤ᠋ᠨ ᠵᠥᠴᠢ ᠬᠠᠭᠠᠨ ᠲᠡᠨᠳᠡ ᠰᠠᠭᠤᠳᠠᠭ ᠪᠠᠢᠭᠰᠠᠨ ᠭᠡᠯ᠎ᠡ᠃
 ᠤᠮᠠᠷ ᠲᠡᠭᠦᠨ ᠦ᠌ ᠦᠭᠡ ᠶ᠋ᠢ ᠳᠡᠮᠵᠢᠵᠦ᠂
—  ᠬᠠᠷᠪᠸᠺ ᠮᠣᠩᠭᠣᠯ ᠴᠢᠰᠤ ᠲᠠᠢ ᠪᠠᠷ ᠢ᠋ᠶ᠋ᠠᠨ ᠭᠠᠢᠬᠠᠭᠤᠯᠳᠠᠭ ᠪᠠᠢᠪᠠ᠃ ᠪᠢ ᠴᠦ᠍ ᠮᠣᠩᠭᠣᠯ ᠤᠳᠤᠮ ᠤ᠋ᠨ ᠬᠠᠭᠠᠨ ᠤ᠋ ᠣᠪᠣᠭ ᠪᠢᠯᠡ᠃ ᠨᠠᠮᠠᠶ᠋ᠢ ᠠᠯᠯᠠᠾ ᠲᠡᠭᠷᠢ ᠥᠷᠥᠰᠢᠶᠡᠨ᠎ᠡ᠃ ᠲᠡᠭᠷᠢ ᠶ᠋ᠢᠨ ᠲᠠᠭᠠᠯᠠᠯ ᠳ᠋ᠤ᠌ ᠨᠡᠢᠴᠡᠭᠰᠡᠨ ᠳ᠋ᠡᠭᠡᠨ ᠪᠠᠶᠠᠷ ᠲᠠᠢ ᠪᠠᠢᠨ᠎ᠠ᠃ ᠭᠠᠯᠳᠠᠨ ᠪᠣᠱᠣᠭᠲᠤ ᠬᠠᠭᠠᠨ ᠤ᠋ ᠢᠷᠦᠭᠡᠯ ᠦ᠋ᠨ ᠰᠠᠪᠠᠨ ᠳ᠋ᠤ᠌ ᠢᠷᠦᠭᠡᠯ ᠡᠷᠭᠦᠶ᠎ᠡ ᠭᠡᠯ᠎ᠡ᠃

               ᠬᠣᠷᠢᠨ ᠨᠢᠭᠡ

 ᠳᠤᠮᠳᠠᠳᠤ ᠠᠽᠢᠶ᠎ᠠ ᠶ᠋ᠢᠨ ᠶᠡᠬᠡᠩᠬᠢ ᠨᠤᠲᠤᠭ ᠢ᠋ ᠭᠠᠯᠳᠠᠨ ᠡᠷᠬᠡᠰᠢᠶᠡᠵᠦ ᠪᠠᠢᠪᠠ᠃ ᠲᠡᠨᠳᠡ ᠮᠢᠩᠭ᠎ᠠ ᠭᠠᠷᠤᠢ ᠬᠣᠲᠠ ᠪᠠᠯᠭᠠᠳ ᠰᠠᠭᠤᠷᠢᠨ ᠪᠣᠢ᠃ ᠢᠷᠭᠡᠳ ᠨᠢ ᠪᠤᠷᠬᠠᠨ ᠰᠢᠲᠦᠨ᠎ᠡ᠃ᠠᠯᠯᠠᠾ ᠰᠢᠲᠦᠨ᠎ᠡ᠂ ᠾᠷᠢᠰᠲ᠋ᠣᠰ ᠰᠢᠲᠦᠨ᠎ᠡ᠃ᠲᠣᠰᠬᠣᠨ ᠳ᠋ᠤ᠌ ᠭᠤᠷᠪᠠᠨ ᠰᠦᠮ᠎ᠡ ᠪᠠᠢᠬᠤ ᠳ᠋ᠤ᠌ ᠨᠢᠭᠡ ᠨᠢ ᠯᠠᠯᠤ ᠶ᠋ᠢᠨ᠂ ᠨᠥᠭᠦᠭᠡ ᠨᠢ ᠪᠤᠷᠬᠠᠨ ᠤ᠋᠂ ᠳᠠᠷᠠᠭᠠᠬᠢ ᠨᠢ ᠾᠷᠢᠰᠲ᠋ᠣᠰ ᠤ᠋ᠨ ᠬᠢ ᠪᠢᠯᠡ᠃ ᠬᠣᠯᠢᠮᠠᠭ ᠰᠢᠲᠦᠯᠭᠡ ᠭᠡᠵᠦ ᠦᠭᠡᠢ᠃ ᠬᠣᠭᠣᠷᠣᠨᠳᠣ ᠪᠠᠨ ᠠᠷᠠᠯᠵᠢᠶ᠎ᠠ ᠮᠠᠢᠮᠠᠢ ᠬᠢᠵᠦ᠂ ᠲᠡᠯᠢᠢᠵᠦ ᠣᠳᠤᠭᠰᠠᠨ ᠬᠡᠨ ᠨᠢᠭᠡᠨ ᠦ᠌ ᠪᠡᠨ ᠠᠷᠤ ᠠ᠋ᠴᠠ ᠥᠪᠡᠷᠰᠡᠳ ᠦ᠋ᠨ ᠵᠠᠩ ᠵᠠᠩᠰᠢᠯ᠂ ᠠᠬᠤᠢ᠂ ᠪᠤᠷᠬᠠᠨ ᠤ᠋ ᠨᠡᠷ᠎ᠡ ᠶ᠋ᠢᠨ ᠡᠮᠦᠨ᠎ᠡ ᠡᠴᠡ ᠣᠢ ᠭᠠᠰᠢᠭᠤ ᠪᠠᠨ ᠲᠠᠢᠯᠵᠤ᠂ ᠶᠠᠳᠠᠷᠠᠭᠰᠠᠨ ᠢ᠋ᠶ᠋ᠠᠨ ᠳᠡᠮᠵᠢᠵᠦ ᠠᠮᠢᠳᠤᠷᠠᠨ᠎ᠠ᠃ ᠲᠠᠷᠢᠶ᠎ᠠ ᠨᠣᠭᠣᠭ᠎ᠠ ᠶ᠋ᠢᠨ ᠲᠠᠯᠠᠪᠠᠢ᠂ ᠡᠯᠵᠢᠭᠡ ᠯᠠᠭᠤᠰᠠ ᠪᠠᠨ ᠬᠦᠷᠲᠡᠯ᠎ᠡ ᠨᠢᠭᠡᠨ ᠳ᠋ᠡᠭᠡᠨ ᠵᠢᠭᠡᠯᠡᠭᠡ ᠪᠡᠷ ᠡᠵᠡᠮᠰᠢᠭᠦᠯᠵᠦ ᠰᠡᠳᠬᠢᠯ ᠨᠢᠭᠡᠳᠳᠡᠭ ᠪᠠᠢᠯ᠎ᠠ᠃
 ᠮᠢᠩᠭᠠᠲᠤ ᠴᠡᠷᠢᠭ ᠦ᠋ᠨ ᠬᠠᠮᠲᠤ ᠵᠠᠭᠥᠨᠭᠠᠷ ᠤ᠋ᠨ ᠪᠡᠬᠢᠯᠡᠯᠲᠡ ᠳ᠋ᠦ᠍ ᠬᠦᠷᠦᠯᠴᠡᠵᠦ ᠣᠴᠢᠭᠰᠠᠨ ᠤᠮᠠᠷ ᠨᠢᠭᠡᠨ ᠲᠡᠦᠬᠡ ᠶ᠋ᠢ ᠳᠡᠯᠭᠡᠭᠰᠡᠨ  ᠶᠤᠮ᠃ ᠭᠠᠯᠳᠠᠨ ᠬᠠᠭᠠᠨ ᠲᠡᠷᠡ ᠲᠡᠦᠬᠡ ᠶ᠋ᠢ ᠲᠡᠮᠳᠡᠭᠯᠡᠵᠦ ᠠᠪᠤᠭᠰᠠᠨ ᠪᠢᠯᠡ᠃ ᠬᠠᠷᠪᠸᠺ ᠤ᠋ᠨ ᠡᠴᠢᠭᠡ ᠶᠠᠩᠭᠢᠷ ᠰᠤᠯᠲᠠᠨ ᠶᠤᠮ᠃ ᠶᠠᠩᠭᠢᠷ ᠰᠤᠯᠲᠠᠨ ᠤ᠋ ᠡᠴᠢᠭᠡ ᠬᠥᠨᠳᠡᠢ ᠪᠢᠯᠡ᠃ ᠬᠥᠨᠳᠡᠢ ᠲᠠᠷᠢᠶᠠᠴᠢᠨ ᠭᠠᠷᠤᠯᠲᠠᠢ᠃ ᠬᠥᠨᠳᠡᠢ ᠶ᠋ᠢᠨ ᠠᠬ᠎ᠠ ᠳᠡᠭᠦᠦᠰ ᠠᠭᠤᠯᠠ ᠲᠠᠯ᠎ᠠ ᠬᠣᠣᠰᠯᠠᠭᠰᠠᠨ ᠨᠤᠲᠤᠭ ᠲᠤ᠌ ᠭᠣᠣᠯ ᠤ᠋ᠨ ᠠᠢ ᠰᠠᠪᠠ ᠪᠠᠷ ᠲᠠᠷᠢᠶ᠎ᠠ ᠲᠠᠷᠢᠵᠤ᠂ ᠬᠤᠯᠤᠰᠤ ᠣᠪᠢᠶᠠᠰᠤ ᠤᠷᠭᠤᠭᠤᠯᠵᠤ ᠣᠷᠣᠨ ᠪᠠᠢᠷᠢ ᠪᠠᠨ ᠪᠠᠷᠢᠵᠤ ᠠᠮᠢᠳᠤᠷᠠᠳᠠᠭ ᠪᠠᠢᠵᠠᠢ᠃ ᠲᠡᠳᠡᠨ ᠦ᠌ ᠳᠡᠭᠡᠳᠦ ᠡᠪᠦᠭᠡ ᠨᠢ ᠵᠥᠴᠢ ᠶ᠋ᠢᠨ ᠮᠣᠩᠭᠣᠯᠴᠤᠳ ᠠ᠋ᠴᠠ ᠭᠠᠷᠤᠯᠲᠠᠢ ᠶᠤᠮ᠃
 ᠬᠥᠨᠳᠡᠢ ᠲᠠᠷᠢᠶᠠᠴᠢᠨ ᠤ᠋ ᠦᠶ᠎ᠡ ᠳ᠋ᠦ᠍ ᠲᠡᠳᠡᠨ ᠦ᠌ ᠭᠡᠷ ᠪᠦᠯᠢ ᠭᠡᠨᠡᠳᠲᠡ ᠪᠠᠶᠠᠵᠢᠵᠠᠢ᠃ ᠬᠥᠨᠳᠡᠢ ᠠᠷᠭᠤᠮᠠᠭ ᠮᠣᠷᠢ ᠲᠠᠢ᠂ ᠠᠲᠠᠨ ᠲᠡᠮᠡᠭᠡ ᠲᠡᠢ᠂ ᠵᠠᠷᠤᠴᠠ ᠪᠣᠭᠣᠯ ᠤ᠋ᠳ ᠲᠠᠢ ᠪᠣᠯᠵᠤ ᠰᠠᠷᠢ ᠮᠥᠷᠡᠨ ᠦ᠌ ᠬᠥᠪᠡᠭᠡᠨ ᠳ᠋ᠦ᠍ ᠲᠣᠰᠬᠣᠨ ᠪᠠᠢᠭᠤᠯᠪᠠ᠃
 ᠲᠣᠰᠬᠣᠨ ᠢ᠋ ᠬᠥᠨᠳᠡᠢ ᠭᠡᠵᠦ ᠨᠠᠷᠠᠯᠠᠪᠠ᠃ ᠬᠥᠨᠳᠡᠢ ᠶ᠋ᠢᠨ ᠠᠬᠠᠮᠠᠳ ᠬᠥᠪᠡᠭᠦᠨ ᠶᠠᠩᠭᠢᠷ ᠰᠤᠯᠲᠠᠨ ᠵᠡᠪᠰᠡᠭᠯᠡᠭᠰᠡᠨ ᠪᠦᠯᠦᠭ ᠠᠬᠠᠯᠠᠵᠤ᠂ ᠳᠠᠷᠠᠭ᠎ᠠ ᠨᠢ ᠮᠢᠩᠭᠠᠲᠤ ᠶ᠋ᠢᠨ ᠨᠣᠶᠠᠨ ᠪᠣᠯᠵᠤ ᠴᠡᠷᠢᠭ ᠦ᠋ᠨ ᠬᠦᠷᠢᠶ᠎ᠡ ᠡᠭᠦᠰᠬᠡᠵᠡᠢ᠃ ᠪᠠᠭ᠎ᠠ ᠳ᠋ᠠᠭᠠᠨ ᠴᠢᠨᠣ᠎ᠠ ᠬᠥᠬᠥᠵᠦ ᠥᠰᠦᠭᠰᠡᠨ ᠬᠡᠮᠡᠬᠦ ᠳᠣᠮᠣᠭ ᠴᠤᠤ ᠲᠡᠷᠡ ᠦᠶ᠎ᠡ ᠳ᠋ᠦ᠍ ᠲᠠᠷᠬᠠᠵᠤ ᠪᠢᠯᠡ᠃ ᠴᠢᠨᠣ᠎ᠠ ᠬᠥᠬᠥᠭᠰᠡᠨ ᠨᠢ ᠦᠨᠡᠨ ᠴᠤ᠌ ᠪᠢᠵᠡ᠂ ᠬᠤᠳᠠᠯ  ᠴᠤ᠌ ᠪᠢᠵᠡ᠃ ᠶᠠᠩᠭᠢᠷ ᠰᠤᠯᠲᠠᠨ ᠡᠴᠢᠭᠡ ᠶ᠋ᠢᠨ ᠬᠠᠮᠲᠤ ᠠᠯᠲᠠᠢ ᠶ᠋ᠢᠨ ᠬᠢᠵᠠᠭᠠᠷ ᠲᠤ᠌ ᠨᠢᠭᠡᠨ ᠵᠢᠯ ᠢ᠋ ᠦᠳᠡᠵᠦ᠂ ᠲᠠᠷᠳᠠᠭ ᠲᠠᠭᠠᠨ ᠪᠣᠯᠲᠠᠯ᠎ᠠ ᠶᠠᠳᠠᠷᠠᠭᠰᠠᠨ ᠠᠮᠢᠲᠠᠳ ᠪᠤᠴᠠᠵᠤ ᠢᠷᠡᠭᠰᠡᠨ ᠪᠠᠢᠨ᠎ᠠ᠃
 ᠲᠡᠷᠡ ᠵᠤᠨ ᠠᠷᠠᠪ ᠤ᠋ᠨ ᠲᠠᠩᠭᠢᠰ ᠤ᠋ᠨ ᠬᠥᠪᠡᠭᠡ ᠬᠦᠷᠲᠡᠯ᠎ᠡ ᠠᠶᠠᠯᠠᠭᠠᠳ ᠢᠷᠡᠬᠦ ᠳ᠋ᠡᠭᠡᠨ ᠮᠣᠷᠢ ᠤᠨᠤᠵᠤ ᠲᠡᠮᠡᠭᠡ ᠬᠥᠲᠥᠯᠦᠭᠰᠡᠨ ᠪᠠᠢᠪᠠ᠃ ᠤᠮᠠᠷ ᠤ᠋ᠨ ᠦᠭᠡ ᠶ᠋ᠢ ᠰᠣᠨᠣᠰᠴᠤ ᠪᠠᠢᠭᠰᠠᠨ ᠠᠷᠠᠳ ᠤ᠋ᠳ ᠤ᠋ᠨ ᠨᠢᠭᠡ ᠨᠢ《 ᠪᠠᠶᠠᠨ ᠠᠢᠯ ᠲᠠᠯᠬᠢᠵᠠᠢ》 ᠭᠡᠵᠦ ᠲᠠᠭᠠᠮᠠᠭᠯᠠᠪᠠ᠃ ᠨᠥᠭᠦᠭᠡ ᠨᠢ《 ᠠᠯᠲᠠ ᠣᠯᠤᠭᠰᠠᠨ ᠪᠠᠢᠨ᠎ᠠ》 ᠭᠡᠮᠡᠨ ᠪᠣᠳᠣᠪᠠ᠃
 ᠬᠠᠷᠢᠨ ᠠᠯᠢ ᠨᠢ ᠴᠦ᠍ ᠪᠢᠰᠢ ᠪᠠᠢᠯ᠎ᠠ᠃ ᠬᠠᠰᠠᠭ ᠤ᠋ᠳ ᠮᠥᠨ ᠬᠦ᠌ ᠬᠥᠨᠳᠡᠢ ᠶ᠋ᠢᠨ ᠪᠠᠶᠠᠵᠢᠭᠰᠠᠨ ᠲᠡᠦᠬᠡ ᠶ᠋ᠢ ᠳᠠᠭᠠᠬᠤ ᠭᠡᠵᠦ ᠣᠷᠣᠯᠳᠣᠭᠠᠳ ᠴᠢᠳᠠᠭ᠎ᠠ ᠦᠭᠡᠢ᠃ ᠲᠡᠷᠡ ᠲᠡᠦᠬᠡ ᠨᠢᠭᠤᠴᠠ ᠬᠡᠪ ᠢ᠋ᠶ᠋ᠡᠷ ᠬᠣᠴᠣᠷᠤᠭᠰᠠᠨ ᠦᠭᠡᠢ᠃ ᠶᠠᠩᠭᠢᠷ ᠰᠤᠯᠲᠠᠨ ᠠᠮᠢ ᠲᠠᠯᠪᠢᠬᠤ ᠶ᠋ᠢᠨ ᠢ᠋ᠶ᠋ᠡᠨ ᠡᠮᠦᠨ᠎ᠡ ᠵᠠᠳᠠᠯᠵᠠᠢ᠃ ᠴᠡᠭᠡᠵᠢ ᠪᠡᠨ ᠴᠣᠭᠣ ᠴᠠᠪᠴᠢᠭᠤᠯᠤᠭᠰᠠᠨ ᠶᠠᠩᠭᠢᠷ ᠰᠤᠯᠲᠠᠨ ᠮᠠᠰᠢ ᠶᠡᠬᠡ ᠬᠠᠯᠠᠭᠤᠷᠠᠵᠤ ᠲᠣᠰᠬᠣᠨ ᠳ᠋ᠤ᠌ ᠬᠦᠷᠦᠭᠰᠡᠨ ᠪᠠᠢᠨ᠎ᠠ᠃
—  ᠣᠢᠷᠠᠳ ᠤ᠋ᠨ ᠥᠨᠳᠥᠷ ᠠᠭᠤᠯᠠᠨ ᠳ᠋ᠤ᠌ ᠥᠷᠭᠡᠨ ᠬᠥᠨᠳᠡᠢ᠂ ᠠᠭᠤᠵᠢᠮ ᠬᠠᠪᠴᠢᠯ ᠪᠠᠢᠳᠠᠭ ᠶᠤᠮ᠃ ᠡᠴᠢᠭᠡ ᠪᠢᠳᠡ ᠬᠣᠶᠠᠷ ᠲᠡᠨᠳᠡ ᠡᠴᠡ ᠡᠪᠡᠰᠦ ᠤᠷᠭᠤᠮᠠᠯ ᠲᠡᠭᠦᠵᠦ ᠬᠠᠲᠠᠭᠠᠭᠠᠳ ᠨᠦᠳᠦᠵᠦ ᠨᠤᠨᠲᠠᠭᠯᠠᠭᠠᠳ ᠠᠷᠠᠪ ᠲᠤ᠌ ᠬᠤᠳᠠᠯᠳᠤᠵᠤ ᠪᠠᠶᠠᠵᠢᠭᠰᠠᠨ ᠶᠤᠮ ᠭᠡᠵᠡᠢ᠃
—  ᠲᠡᠷᠡ ᠡᠪᠡᠰᠦ ᠶ᠋ᠢᠨ ᠨᠡᠷ᠎ᠡ ᠶ᠋ᠢ ᠮᠡᠳᠡᠬᠦ ᠤᠤ?
—  ᠬᠠᠷ᠎ᠠ ᠡᠪᠡᠰᠦ᠂ ᠮᠠᠭᠠᠯᠢᠩᠭᠤ᠂ ᠵᠡᠷᠯᠢᠭ ᠣᠯᠣᠰᠣ ᠭᠡᠳᠡᠭ᠃ ᠴᠡᠴᠡᠭ ᠨᠢ ᠶᠠᠭᠠᠨ ᠪᠤᠳᠠᠩ ᠲᠠᠢ᠃ ᠰᠠᠨᠠᠮᠰᠠᠷ ᠦᠭᠡᠢ ᠲᠥᠭᠡᠷᠢᠵᠦ ᠶᠠᠪᠤᠭᠰᠠᠭᠠᠷ ᠲᠡᠨᠳᠡ ᠣᠴᠢᠭᠰᠠᠨ ᠶᠤᠮ᠃ ᠵᠡᠭᠡᠷ᠎ᠡ ᠤᠨᠲᠠᠵᠤ ᠪᠠᠢᠪᠠ᠃ ᠡᠴᠢᠭᠡ ᠲᠡᠭᠦᠨ ᠢ᠋ ᠠᠮᠠᠷᠬᠠᠨ ᠠᠯᠠᠵᠤ ᠮᠢᠬ᠎ᠠ ᠶ᠋ᠢ ᠨᠢ ᠰᠢᠷᠠᠵᠤ ᠢᠳᠡᠭᠡᠳ ᠬᠣᠨᠣᠪᠠ᠃ ᠲᠡᠭᠡᠭᠡᠳ ᠶᠠᠭᠤ ᠪᠣᠯᠤᠭᠰᠠᠨ ᠭᠡᠵᠦ ᠪᠣᠳᠣᠨ᠎ᠠ᠃ ᠨᠣᠬᠠᠢ ᠮᠠᠨᠢ ᠦᠬᠦᠴᠢᠬᠡᠭᠰᠡᠨ ᠶᠣᠮᠰᠢᠭ ᠬᠡᠪᠲᠡᠭᠡᠳ ᠪᠠᠢᠯ᠎ᠠ᠃ ᠪᠢᠳᠡ ᠬᠣᠶᠠᠷ ᠪᠠᠰᠠ ᠳᠦᠢᠩᠭᠢᠳᠡᠪᠡ᠃ ᠡᠴᠢᠭᠡ ᠨᠠᠮᠠᠶ᠋ᠢ ᠬᠥᠲᠥᠯᠦᠭᠰᠡᠭᠡᠷ ᠤᠰᠤ ᠲᠠᠢ ᠠᠭᠤᠢ ᠳ᠋ᠤ᠌ ᠣᠷᠣᠩᠨᠠᠵᠤ ᠪᠠᠢᠯ᠎ᠠ᠃ ᠡᠴᠢᠭᠡ ᠨᠣᠬᠠᠢ ᠪᠠᠨ ᠲᠡᠪᠡᠷᠢᠵᠦ ᠢᠷᠡᠪᠡ᠃
—  ᠨᠣᠬᠠᠢ ᠵᠦᠭᠡᠷ ᠪᠠᠢᠭᠰᠠᠨ ᠤᠤ?
—  ᠬᠣᠨᠣᠭ ᠤ᠋ᠨ ᠳᠠᠷᠠᠭ᠎ᠠ ᠬᠤᠴᠠᠵᠤ ᠤᠯᠢᠭᠠᠳ ᠡᠬᠢᠯᠡᠪᠡ᠃
—  ᠵᠡᠭᠡᠷ᠎ᠡ ᠶ᠋ᠢᠨ ᠢ᠋ᠶ᠋ᠡᠨ ᠮᠢᠬ᠎ᠠ ᠶ᠋ᠢ ᠶᠠᠭᠠᠬᠢᠭᠰᠠᠨ ᠪᠣᠢ?
—  ᠠᠪᠴᠢᠷᠠᠭᠠᠳ ᠢᠳᠡᠴᠢᠬᠡᠭᠰᠡᠨ᠃
—  ᠲᠡᠭᠡᠭᠡᠳ᠁
—  ᠡᠴᠢᠭᠡ ᠨᠠᠮᠠᠶ᠋ᠢ ᠶᠠᠭᠠᠨ ᠴᠡᠴᠡᠭ ᠤᠷᠤᠭᠤ ᠶᠠᠪᠤᠭᠤᠯᠪᠠ᠃ ᠴᠢᠨᠣ᠎ᠠ ᠶ᠋ᠢᠨ ᠪᠡᠯᠲᠡᠷᠭᠡ ᠤᠨᠲᠠᠵᠤ ᠪᠠᠢᠪᠠ᠃ ᠲᠡᠪᠡᠷᠢᠵᠦ ᠢᠷᠡᠭᠡᠳ ᠮᠢᠬ᠎ᠠ ᠥᠭᠭᠦᠭᠰᠡᠭᠡᠷ ᠳᠠᠰᠬᠠᠪᠠ᠃ ᠲᠡᠷᠡ ᠶᠠᠭᠠᠨ ᠴᠡᠴᠡᠭ ᠡᠴᠡ ᠲᠡᠭᠦᠵᠦ ᠠᠪᠴᠢᠷᠠᠭᠠᠳ ᠦᠨᠦᠷᠲᠦᠭᠦᠯᠬᠦ ᠪᠡᠷ ᠪᠡᠯᠲᠡᠷᠭᠡ ᠤᠨᠲᠠᠴᠢᠬᠠᠨ᠎ᠠ᠃ ᠨᠣᠬᠠᠢ ᠳ᠋ᠠᠭᠠᠨ ᠦᠨᠦᠷᠲᠦᠭᠦᠯᠪᠡ᠃ ᠮᠥᠨ ᠠᠳᠠᠯᠢ ᠤᠨᠳᠤᠴᠢᠬᠠᠨ᠎ᠠ᠃
—  ᠲᠡᠭᠡᠭᠡᠳ ᠴᠠᠭᠠᠰᠢ ᠪᠠᠨ ᠶᠠᠭᠤ ᠪᠣᠯᠤᠭᠰᠠᠨ ᠢ᠋ᠶ᠋ᠠᠨ ᠬᠤᠷᠳᠤᠨ ᠶᠠᠷᠢᠭᠠᠴᠢ᠃ ᠪᠡᠶ᠎ᠡ ᠲᠠᠨᠢ ᠮᠠᠭᠤ ᠪᠠᠢᠨ᠎ᠠ᠃
—  ᠨᠤᠬᠤᠵᠤ ᠦᠨᠦᠷᠲᠦᠳᠡᠭ ᠨᠤᠨᠲᠠᠭ ᠴᠠᠭᠠᠨ ᠶᠠᠭᠤᠮ᠎ᠠ ᠶ᠋ᠢ ᠬᠤᠳᠠᠯᠳᠤᠭᠠᠴᠢᠳ ᠲᠤ᠌ ᠥᠨᠳᠥᠷ ᠦᠨ᠎ᠡ ᠪᠡᠷ ᠵᠠᠷᠤᠵᠤ ᠪᠠᠢᠬᠤ ᠶ᠋ᠢ ᠡᠴᠢᠭᠡ ᠬᠠᠷᠠᠭᠰᠠᠨ ᠶᠤᠮᠰᠠᠨᠵᠠᠢ᠃ ᠦᠴᠢᠨᠡᠬᠡᠨ ᠡᠪᠡᠰᠦ ᠨᠣᠭᠣᠭ᠎ᠠ᠂ ᠴᠡᠴᠡᠭ ᠲᠡᠭᠦᠵᠦ ᠬᠠᠨᠠᠨ ᠬᠠᠳᠠ ᠳ᠋ᠤ᠌ ᠬᠠᠲᠠᠭᠠᠭᠠᠳ ᠳᠠᠷᠠᠭ᠎ᠠ ᠨᠢ ᠨᠤᠬᠤᠵᠤ ᠨᠤᠨᠲᠠᠭᠯᠠᠭᠠᠳ ᠪᠣᠭᠴᠣᠨ ᠳ᠋ᠠᠭᠠᠨ ᠬᠣᠶᠠᠷᠬᠠᠨ ᠪᠣᠭᠣᠳᠠᠯ ᠲᠠᠢ ᠨᠤᠲᠤᠭ ᠲᠠᠭᠠᠨ ᠣᠴᠢᠭᠰᠠᠨ᠃ ᠠᠵᠠ ᠪᠠᠨ ᠲᠤᠷᠰᠢᠬᠤ ᠪᠠᠷ ᠠᠷᠠᠪ ᠤ᠋ᠨ ᠲᠠᠩᠭᠢᠰ ᠬᠦᠷᠲᠡᠯ᠎ᠡ ᠠᠶᠠᠯᠠᠵᠤ ᠤᠰᠤᠨ ᠪᠣᠭᠣᠮᠲᠠ ᠶ᠋ᠢᠨ ᠬᠤᠳᠠᠯᠳᠤᠭᠠᠴᠢᠳ ᠲᠤ᠌ ᠵᠠᠷᠤᠭᠰᠠᠨ᠃ ᠲᠡᠭᠡᠭᠡᠳ ᠵᠠᠮ ᠳ᠋ᠠᠭᠠᠨ ᠮᠣᠷᠢ᠂ ᠲᠡᠮᠡᠭᠡ ᠬᠤᠳᠠᠯᠳᠤᠵᠤ ᠠᠪᠤᠭᠠᠳ ᠢᠷᠡᠭᠰᠡᠨ᠃
—  ᠲᠠ ᠲᠡᠷᠡ ᠭᠠᠵᠠᠷ ᠢ᠋ᠶ᠋ᠠᠨ ᠵᠢᠭᠠᠵᠤ ᠥᠭᠴᠦ ᠴᠢᠳᠠᠨ᠎ᠠ ᠤᠤ?
—  ᠪᠢ ᠲᠠᠢᠰᠢ ᠪᠠᠨ ᠶᠠᠪᠤᠭᠠᠳ ᠬᠦᠷᠴᠦ ᠴᠢᠳᠠᠯ ᠦᠭᠡᠢ ᠪᠤᠲᠠ ᠴᠣᠬᠢᠭᠤᠯᠤᠭᠰᠠᠭᠠᠷ ᠪᠠᠢᠨ᠎ᠠ᠃ ᠲᠡᠷᠡ ᠨᠤᠲᠤᠭ ᠣᠳᠣ ᠵᠡᠬᠥᠨᠭᠠᠷ ᠲᠤ᠌ ᠪᠠᠢᠭ᠎ᠠ᠃
—  ᠴᠣᠬᠣᠮ ᠬᠠᠮᠢᠭ᠎ᠠ ᠪᠣᠢ? ᠡᠷᠬᠢᠮ ᠰᠤᠯᠲᠠᠨ!
—  ᠠᠭᠤᠯᠠᠨ ᠳ᠋ᠤ᠌᠃ ᠠᠭᠤᠯᠠ ᠶ᠋ᠢᠨ ᠲᠡᠷᠡ ᠬᠠᠪᠴᠢᠯ ᠢ᠋ ᠠᠪᠬᠤ ᠶ᠋ᠢᠨ ᠲᠥᠯᠥᠭᠡ ᠪᠢ ᠪᠠᠢᠯᠳᠤᠳᠠᠭ ᠶᠤᠮ ᠰᠢᠦ ᠳᠡ᠃ ᠨᠢᠳᠦ ᠪᠡᠷ ᠢ᠋ᠶ᠋ᠡᠨ ᠬᠠᠷᠠᠪᠠᠯ ᠪᠢ ᠲᠠᠨᠢᠨ᠎ᠠ᠃ ᠣᠳᠣ ᠳᠠᠩᠴᠤ ᠥᠩᠭᠡᠷᠡᠯ᠎ᠡ᠃
—  ᠲᠠ ᠬᠡᠯᠡᠭᠡᠳ ᠥᠭᠭᠦᠭᠡᠴᠢ ᠳᠡ᠃
—  ᠲᠡᠷᠡ ᠬᠠᠪᠴᠢᠯ ᠢ᠋ ᠣᠯᠪᠠᠯ ᠳᠡᠯᠡᠬᠡᠢ ᠳᠠᠭᠠᠭᠠᠬᠤ ᠦᠭᠡᠢ ᠪᠠᠶᠠᠨ ᠪᠣᠯᠤᠨ᠎ᠠ᠃ ᠠᠯᠲᠠᠢ ᠶ᠋ᠢᠨ ᠠᠭᠤᠯᠠᠨ ᠳ᠋ᠤ᠌ ᠲᠡᠷᠡ ᠬᠠᠪᠴᠢᠯ ᠪᠠᠢᠳᠠᠭ ᠶᠤᠮ᠃
 ᠶᠠᠩᠭᠢᠷ ᠰᠤᠯᠲᠠᠨ ᠠᠮᠢᠰᠬᠤᠯ ᠬᠤᠷᠢᠶᠠᠯ᠎ᠠ᠃ ᠬᠠᠰᠠᠭ ᠴᠡᠷᠢᠭ ᠦ᠋ᠳ ᠪᠡᠶᠡᠰ ᠦ᠋ᠨ ᠥᠭᠡᠳᠡ ᠡᠴᠡ ᠬᠠᠷᠠᠪᠠ᠃ ᠤᠮᠠᠷ ᠭᠡᠨᠡᠳᠲᠡ《 ᠬᠠᠷᠪᠸᠺ ᠬᠠᠮᠢᠭ᠎ᠠ ᠣᠴᠢᠪᠠ》 ᠭᠡᠵᠦ ᠠᠰᠠᠭᠤᠯ᠎ᠠ᠃ ᠲᠡᠭᠦᠨ ᠦ᠌ ᠬᠥᠪᠡᠭᠦᠨ ᠡᠴᠢᠭᠡ ᠶ᠋ᠢ ᠪᠡᠨ ᠠᠮᠢᠰᠬᠤᠯ ᠨᠢ ᠲᠠᠰᠤᠷᠠᠵᠤ ᠪᠠᠢᠬᠤ ᠳ᠋ᠤ᠌ ᠵᠦᠰᠦᠭᠦᠯᠦᠭᠰᠡᠨ ᠭᠠᠷ ᠤ᠋ᠨ ᠢ᠋ᠶ᠋ᠠᠨ ᠰᠢᠷᠬ᠎ᠠ ᠶ᠋ᠢ ᠭᠥᠷᠦᠭᠡᠰᠦᠨ ᠦ᠌ ᠷᠠᠰᠢᠶᠠᠨ ᠢ᠋ᠶ᠋ᠠᠷ ᠱᠠᠪᠰᠢᠵᠤ ᠰᠠᠭᠤᠭᠰᠠᠨ ᠪᠠᠢᠵᠠᠢ᠃
ᠭᠠᠯᠳᠠᠨ ᠬᠠᠭᠠᠨ ᠮᠠᠰᠢᠳᠠ ᠬᠦᠯᠢᠶᠡᠴᠡᠲᠡᠢ ᠪᠣᠳᠣᠯᠬᠢᠯᠠᠵᠤ《 ᠶᠠᠩᠭᠢᠷ ᠰᠤᠯᠲᠠᠨ᠂ ᠬᠠᠷᠪᠸᠺ ᠨᠠᠷ ᠤ᠋ᠨ ᠣᠯᠠᠩᠭᠠᠰᠣᠯ ᠡᠢᠮᠦ ᠤᠴᠢᠷ ᠲᠠᠢ ᠪᠠᠢᠵᠠᠢ᠃ ᠠᠢᠷᠬᠠᠲᠤ ᠬᠠᠪᠴᠢᠯ ᠮᠢᠨᠦ ᠡᠪᠦᠷ ᠲᠦ᠍ ᠪᠠᠢᠨ᠎ᠠ᠃ ᠪᠤᠷᠬᠠᠨ ᠨᠠᠮᠠᠶ᠋ᠢ ᠥᠷᠥᠰᠢᠶᠡᠪᠡ᠃ ᠳᠣᠮᠣᠭ ᠪᠣᠯ ᠳᠣᠮᠣᠭ᠃ ᠳᠣᠮᠣᠭ ᠲᠤ᠌ ᠦᠨᠡᠨ ᠪᠠᠭᠲᠠᠨ᠎ᠠ᠃ ᠡᠨᠡ ᠦᠭᠦᠴᠡ ᠶ᠋ᠢ ᠬᠠᠷ᠎ᠠ ᠰᠠᠨᠠᠭᠠᠲᠠᠳ ᠠᠭᠤᠳᠠᠯᠬᠤ ᠠᠪᠠᠰᠤ ᠭᠠᠢ ᠪᠠᠷᠴᠢᠳ ᠪᠤᠰᠤ ᠤᠤ? ᠮᠠᠩᠰᠢᠭᠤᠷᠠᠵᠤ ᠳᠣᠩᠲᠣᠳᠠᠭ ᠡᠪᠡᠳᠴᠢᠨ ᠲᠠᠷᠬᠠᠭᠠᠵᠤ ᠶᠠᠭᠠᠬᠢᠵᠤ ᠪᠣᠯᠤᠨ᠎ᠠ᠃ ᠡᠨᠡ ᠪᠣᠯ ᠮᠢᠨᠦ ᠨᠢᠭᠤᠴᠠ》 ᠭᠡᠮᠡᠨ ᠯᠠᠮᠠ ᠭᠠᠯᠳᠠᠨ ᠳ᠋ᠠᠭᠠᠨ ᠥᠭᠦᠯᠡᠵᠦ ᠪᠠᠢᠯ᠎ᠠ᠃

ᠣᠢᠷᠠᠳ( ᠷᠣᠮᠠᠨ)

ᠨᠠᠷᠠ ᠰᠢᠩᠭᠡᠭᠰᠡᠨ ᠬᠣᠢᠨ᠎ᠠ ᠪᠠᠨ ᠮᠠᠨᠳᠤᠨ᠎ᠠ 
ᠨᠠᠪᠴᠢ ᠨᠢ ᠭᠠᠩᠳᠠᠭᠰᠠᠨ ᠬᠣᠢᠨ᠎ᠠ ᠪᠠᠨ ᠳᠡᠯᠭᠡᠷᠡᠨ᠎ᠡ
ᠣᠢᠷᠠᠳ ᠤ᠋ᠳ ᠬᠦᠯᠦᠭ ᠦ᠋ᠨ ᠵᠣ ᠳ᠋ᠤ᠌ ᠲᠥᠷᠥᠭᠡᠳ 
ᠣᠢᠷᠠᠳ ᠤ᠋ᠳ ᠨᠠᠢ᠍ᠮᠠᠨ ᠵᠣᠪᠬᠢᠰ ᠲᠤ᠌ ᠤᠳᠤᠮᠤᠢ
ᠰᠠᠪᠠ ᠰᠢᠮ᠎ᠡ ᠶ᠋ᠢᠨ ᠠᠭᠤᠯᠠ ᠠᠯᠲᠠᠢ
ᠰᠠᠷᠠᠨ ᠨᠠᠷᠠᠨ ᠬᠣᠶᠠᠷ ᠳᠠᠭᠠᠭᠤᠯᠢ ᠲᠠᠢ
ᠣᠢᠷᠠᠳ ᠤ᠋ᠳ ᠳᠥᠷᠦᠭᠡᠨ ᠳᠡᠭᠡᠷ᠎ᠡ ᠪᠡᠨ ᠥᠲᠡᠯᠵᠦ
ᠣᠢᠷᠠᠳ ᠤ᠋ᠳ ᠳᠥᠷᠪᠡᠨ ᠴᠢᠰᠤᠨ ᠠ᠋ᠴᠠ ᠪᠦᠲᠦᠨᠡᠮ
 ᠲᠣᠪᠰᠢᠭᠤᠷ ᠤ᠋ᠨ ᠠᠶᠠᠯᠭᠤ ᠬᠥᠰᠬᠡ ᠨᠡᠭᠦᠳᠡᠯ ᠢ᠋ ᠳᠠᠭᠠᠨ ᠤᠷᠤᠰᠴᠤ᠂ ᠲᠩᠷᠢ ᠶ᠋ᠢᠨ ᠪᠤᠳᠠᠩ ᠳ᠋ᠤ᠌ ᠠᠭᠤᠰᠤᠨ᠎ᠠ᠃ ᠳᠥᠷᠪᠡᠨ ᠣᠢᠷᠠᠳ ᠤ᠋ᠨ ᠡᠷᠲᠡᠨ ᠦ᠌ ᠨᠤᠲᠤᠭ ᠲᠣᠭᠣᠰᠣ ᠲᠠᠢ ᠬᠣᠴᠣᠷᠴᠤ ᠢᠩᠭᠡᠨ ᠲᠡᠮᠡᠭᠡ ᠪᠤᠢᠯᠠᠨ᠎ᠠ᠃ ᠲᠡᠮᠡᠭᠡ ᠶ᠋ᠢᠨ ᠨᠤᠲᠤᠭ ᠲᠤ᠌ ᠨᠠᠮᠤᠷ ᠤ᠋ᠨ ᠪᠣᠷᠣᠭ᠎ᠠ ᠴᠠᠢᠷᠠᠵᠤ᠂ ᠬᠡᠦᠬᠡᠳ ᠪᠠᠭᠠᠴᠤᠤᠯ ᠬᠤᠷᠳᠤᠨ ᠬᠦᠯᠦᠭ ᠦ᠋ᠨ ᠵᠣ ᠳ᠋ᠤ᠌ ᠲᠠᠷᠴᠤᠭᠯᠠᠨ ᠳᠠᠪᠬᠢᠵᠠᠭᠠᠨ᠎ᠠ᠃

  ᠦᠰᠦᠭ ᠠᠮᠢᠯᠠᠭᠤᠯᠤᠭᠴᠢ᠄ ᠣᠳᠣᠨᠭᠡᠷᠡᠯ᠂ ᠠᠮᠤᠷᠪᠠᠶᠠᠷ᠂ ᠨᠠᠷᠠᠨᠲᠣᠭᠣᠰ᠂ ᠡᠷᠳᠡᠨᠢᠪᠢᠯᠢᠭ᠂ ᠪᠦᠷᠢᠨᠴᠡᠴᠡᠭ᠂ ᠠ᠊• ᠮᠢᠬᠤᠸᠠᠷ᠂ ᠤᠤᠭᠠᠨᠵᠢᠳ᠂ ᠣᠶᠤᠨᠴᠢᠮᠡᠭ᠂ ᠣᠳᠬᠠᠨᠴᠡᠴᠡᠭ
  ᠬᠢᠨᠠᠭᠴᠢ᠄ ᠠᠨᠢᠷ᠂ ᠤᠤᠭᠠᠨᠵᠢᠳ᠂ ᠨᠠᠷᠠᠨᠲᠣᠭᠤᠰ